Historical corpus of the Mongolian language

A Mongolian Version Of Twelve Deeds Of Buddha

Reconstruction, not a copy of the monument: the Mongolian-script text is generated automatically from the transcription in modern Unicode spelling. The orthography of pre-classical documents differed; consult the facsimile and the edition.
Back to the text
01a
ᠠᠷᠪᠠᠨ ᠬᠣᠶᠠᠷ ᠵᠣᠬᠢᠶᠠᠩᠭᠤᠢ ᠣᠷᠣᠱᠢᠪᠠ
Arban qoyar jokiyangγui orošiba.
01b
ᠨᠥᠭᠦᠭᠡ ᠳᠡᠪᠲᠡᠷ ᠨᠢᠭᠡᠨ ᠨᠣᠮ ᠤᠨ ᠬᠦᠷᠳᠦᠨ ᠢ ᠣᠷᠴᠢᠭᠤᠯᠬᠤ ᠶᠢ ᠦᠵᠡᠬᠦ ᠬᠡᠵᠢᠶ᠎ᠡ ᠪᠣᠯᠬᠤ ᠬᠡᠮᠡᠨ ᠰᠡᠳᠬᠢᠨ ᠰᠠᠭᠤᠭᠰᠠᠨ ᠳᠤᠷ ᠤᠴᠢᠷ ᠴᠠᠭ ᠢ ᠮᠡᠳᠡᠭᠴᠢ ᠴᠢᠨᠡᠭᠡᠨ ᠢ ᠮᠡᠳᠡᠭᠴᠢ ᠵᠥᠪᠯᠡᠬᠦ ᠶᠢ ᠮᠡᠳᠡᠭᠴᠢ ᠲᠡᠷᠡ ᠶᠡᠬᠡ ᠪᠣᠭᠳᠠ ᠶᠡᠬᠡ ᠳᠠᠯᠠᠢ ᠳᠤᠷ ᠠᠳᠠᠯᠢ ᠴᠠᠭ ᠢ ᠦᠯᠦ ᠥᠩᠭᠡᠷᠡᠭᠦᠯᠦᠭᠴᠢ ᠶᠢᠨ ᠲᠤᠯᠠᠳᠠ ᠶᠢᠷᠲᠢᠨᠴᠦ ᠪᠠ ᠶᠢᠷᠲᠢᠨᠴᠦ ᠳᠡᠴᠡ ᠨᠥᠭᠴᠢᠭᠰᠡᠨ ᠬᠠᠮᠤᠭ ᠨᠣᠮ ᠤᠳ ᠲᠤᠷ ᠪᠤᠰᠤᠳ ᠤᠨ ᠢᠯᠳᠠᠷ ᠢ ᠦᠯᠦ ᠬᠠᠷᠠᠬᠤ ᠪᠥᠭᠡᠰᠦ ᠪᠡᠷ ᠡᠴᠦᠰ ᠲᠥᠷᠦᠯᠲᠡᠨ ᠪᠣᠳᠢᠰᠲᠸ ᠨᠠᠷ ᠬᠠᠲᠤᠳ ᠤᠨ ᠳᠣᠲᠤᠷ᠎ᠠ ᠪᠦᠬᠦᠢ ᠳᠦᠷ ᠬᠠᠮᠤᠭ ᠠᠷᠪᠠᠨ ᠵᠦᠭ ᠦᠨ ᠪᠤᠷᠬᠠᠨ ᠨᠤᠭᠤᠳ ᠲᠠ ᠬᠤᠭᠤᠷ ᠤᠨ ᠳᠠᠭᠤᠨ ᠠᠴᠠ ᠨᠣᠮ ᠤᠨ ᠬᠠᠭᠠᠯᠭ ᠠ ᠶᠢᠨ
Nögüge: debter. nigen: Nom-un kürdün-i orčiγu:lqu-yi üjekü kejiy-e: bolqu keme:n sedkin saγu:γsan-dur učir čaγ-i medegči, činege:n-i medegči, jöblekü-yi medegči tere yeke boγda yeke dalai-dur adali čaγ-i ülü önggeregü:lügči-yi:n tulada yirtinčü ba yirtinčü-deče nögčigsen qamuγ nom-u:d-tur busud-un ildar-i ülü qaraqu böge:sü ber ečüs törülten Bodistv-nar qatud-un dotur-a büküi-dür qamuγ arban jüg-ün burqan-nuγu:d-ta quγu:r-un daγu:n-a:ča nom-un qaγa:lγ-a-yi:n
02a
ᠨᠥᠭᠦᠭᠡ ᠳᠡᠪᠲᠡᠷ ᠬᠣᠶᠠᠷ ᠳᠦᠷᠢ ᠪᠡᠷ ᠳᠤᠷᠠᠳᠬᠠᠨ ᠦᠶᠢᠯᠡᠳᠬᠡᠬᠦᠢ ᠲᠥᠷᠦ ᠠᠵᠤᠭᠤᠢ ᠲᠡᠭᠦᠨᠢ ᠪᠡᠷ ᠡᠶᠢᠨ ᠤᠬᠠᠭᠳᠠᠬᠤᠢ ᠪᠣᠳᠢᠰᠲᠸ ᠡᠯᠳᠡᠪ ᠡᠷᠳᠡᠨᠢ ᠱᠢᠭᠢᠳᠬᠡᠭᠰᠡᠨ ᠳᠤᠸᠠᠵᠠ ᠱᠢᠬᠦᠷ ᠪᠠᠨᠵᠢᠳ ᠬᠢᠭᠡᠳ ᠢ ᠡᠯᠭᠦᠭᠰᠡᠨ ᠰᠤᠪᠤᠳ ᠡᠷᠢᠬᠡ ᠬᠢᠭᠡᠳ ᠡᠯᠳᠡᠪ ᠬᠣᠩᠬᠣᠰ ᠢ ᠤᠨᠵᠢᠭᠤᠯᠤᠭᠰᠠᠨ ᠡᠯᠳᠡᠪ ᠰᠠᠶᠢᠨ ᠦᠨᠦᠷᠲᠦ ᠬᠦᠵᠢᠰ ᠦᠷᠭᠦᠯᠵᠢ ᠦᠨᠦᠰᠳᠡᠨ ᠠᠬᠤᠢ ᠥᠩᠭᠡ ᠦᠨᠦᠷ ᠰᠠᠶᠢᠲᠤ ᠡᠯᠳᠡᠪ ᠴᠡᠴᠡᠭ ᠳᠡᠯᠭᠡᠷᠡᠨ ᠪᠠᠶᠢᠬᠤᠢ ᠯᠢᠨᠬᠤ᠎ᠠ ᠴᠡᠴᠡᠭ ᠢᠶᠡᠷ ᠴᠢᠮᠡᠭᠲᠦ ᠨᠠᠭᠤᠷ ᠤᠨ ᠳᠣᠲᠤᠷ᠎ᠠ ᠬᠤᠨ ᠭᠠᠯᠠᠭᠤᠨ ᠲᠡᠷᠢᠭᠦᠲᠡᠨ ᠡᠯᠳᠡᠪ ᠱᠢᠪᠠᠭᠤᠳ ᠢᠶᠠᠷ ᠳᠦᠭᠦᠷᠴᠦ ᠰᠣᠨᠣᠰᠬᠤ ᠮᠡᠲᠦ ᠰᠠᠶᠢᠬᠠᠨ ᠳᠠᠭᠤᠨ ᠢᠶᠠᠷ ᠳᠣᠩᠭᠤᠳᠤᠨ ᠠᠬᠤᠢ ᠠᠷᠴᠢᠮᠠᠯ ᠲᠣᠯᠢ ᠳᠤᠷ ᠠᠳᠠᠯᠢ ᠠᠷᠢᠭᠤᠨ ᠳᠡᠯᠡᠬᠡᠢ ᠳᠦᠷ ᠠᠮᠢᠲᠠᠨ ᠤ ᠬᠥᠷᠡᠭ ᠪᠡᠶ ᠡ ᠶᠢ ᠦᠵᠡᠭᠦᠯᠬᠦᠢ ᠭᠠᠶᠢᠬᠠᠮᠱᠢᠭ ᠰᠠᠶᠢᠨ ᠬᠠᠭᠠᠯᠭ᠎ᠠ ᠴᠣᠩᠬᠣᠰ ᠲᠤ ᠳᠡᠭᠡᠳᠦ ᠰᠠᠶᠢᠨᠣᠷᠳᠣ ᠬᠠᠷᠱᠢ ᠶᠢᠨ ᠳᠣᠲᠤᠷ᠎ᠠ ᠲᠩᠷᠢ ᠨᠡᠷ ᠦᠨ ᠥᠩᠭᠡᠲᠦ ᠬᠠᠴᠠᠯᠢᠨᠳᠠᠬᠠ ᠳᠤᠷ ᠠᠳᠠᠯᠢ ᠵᠥᠭᠡᠯᠡᠨ ᠬᠥᠪᠰᠡᠭ ᠣᠷᠣᠨ ᠳᠤᠷ ᠯᠠᠭᠱᠠᠨ ᠨᠠᠢᠷᠠᠭ ᠢᠶᠠᠷ ᠴᠢᠮᠡᠭᠳᠡᠵᠦ ᠪᠠᠳᠠᠷᠠᠨ ᠪᠦᠬᠦ ᠪᠡᠶ ᠡ ᠲᠦ
Nögüge: debter. qoyar: düri-be:r duradqan üyi:ledkeküi törü ajuγu:i:. Tegü:ni ber eyi:n uqaγdaqui. Bodistv eldeb erdeni šigi:dkegsen duvaja šikür banjid ki:ge:d-i elgügsen subud erike ki:ge:d eldeb qongqos-i unjiγu:luγsan eldeb sayi:n ünürtü küjis ürgülji ünüsden aqui. Öngge ünür sayi:tu eldeb čečeg delgeren bayi:qui linqu-a čečeg-iye:r čimegtü naγu:r-un dotur-a qun γalaγu:n terigü:ten eldeb šibaγu:d-iya:r dügü:rčü sonosqu metü sayi:qan daγu:n-iya:r dongγudun aqui. Arčimal toli-dur adali ariγu:n delekei-dür amitan-u köreg bey-e-yi üjegü:lküi γayi:qamšiγ sayi:n qaγa:lγ-a čongqos-tu dege:dü sayi:nordo qarši-yi:n dotur-a tngri-ner-ün önggetü Kačalindaka-dur adali jöge:len köbseg oron-dur lagšan nairaγ-iya:r čimegdejü badaran bükü bey-e-tü
02b
ᠪᠣᠳᠢᠰᠲᠸ ᠲᠩᠷᠢ ᠨᠡᠷ ᠦᠨ ᠥᠬᠢᠳ ᠡᠴᠡ ᠪᠡᠷ ᠦᠯᠡᠮᠵᠢ ᠭᠣᠤ᠎ᠠ ᠦᠵᠡᠰᠬᠦᠯᠡᠩᠲᠡᠨ ᠬᠠᠲᠤᠳ ᠢᠶᠠᠷ ᠬᠠᠮᠤᠭ ᠵᠦᠭ ᠡᠴᠡ ᠬᠦᠷᠢᠶᠡᠯᠡᠭᠦᠯᠵᠦ ᠪᠢᠪᠠ ᠪᠢᠯᠢᠷ ᠴᠣᠭᠤᠷ ᠬᠡᠩᠭᠡᠷᠭᠡ ᠲᠡᠷᠢᠭᠦᠲᠡᠨ ᠡᠯᠳᠡᠪ ᠬᠤᠭᠤᠷ ᠳᠠᠭᠤᠨ ᠳᠤᠷ ᠮᠡᠷᠭᠡᠨ ᠭᠠᠨᠳᠠᠷᠸᠢ ᠶᠢᠨ ᠥᠬᠢᠳ ᠦᠨ ᠳᠠᠭᠤᠨ ᠠᠴᠠ ᠪᠡᠷ ᠢᠷᠠᠭᠤ ᠳᠠᠭᠤᠲᠠᠨ ᠥᠬᠢᠳ ᠢᠶᠡᠷ ᠭᠤᠯᠵᠤ ᠵᠢᠷᠭᠠᠨ ᠪᠦᠬᠦ ᠶᠢᠨ ᠵᠠᠭᠤᠷ᠎ᠠ ᠠᠷᠪᠠᠨ ᠵᠦᠭ ᠦᠨ ᠪᠤᠷᠬᠠᠨ ᠨᠤᠭᠤᠳ ᠤᠨ ᠠᠳᠢᠰᠲᠢᠳ ᠢᠶᠠᠷ ᠲᠡᠳᠡᠭᠡᠷ ᠬᠤᠭᠤᠷ ᠤᠨ ᠳᠠᠭᠤᠨ ᠠᠴᠠ ᠪᠣᠳᠢᠰᠲᠸ ᠢ ᠳᠤᠷᠠᠳᠬᠠᠬᠤᠢ ᠡᠳᠡᠭᠡᠷ ᠱᠢᠯᠦᠭ ᠦᠳ ᠦᠭᠡᠰ ᠭᠠᠷᠪᠠᠢ ᠨᠠᠰᠤᠳᠠ ᠢᠲᠡᠭᠡᠯ ᠦᠭᠡᠢ ᠡᠳᠡᠭᠡᠷ ᠠᠮᠢᠲᠠᠨ ᠢ ᠦᠵᠡᠵᠦ ᠭᠬᠢᠷ ᠦᠭᠡᠢ ᠳᠡᠭᠡᠳᠦ ᠬᠤᠲᠤᠭ ᠢ ᠲᠡᠭᠦᠰ ᠲᠤᠭᠤᠯᠵᠤ ᠠᠮᠢᠲᠠᠨ ᠢ ᠲᠥᠷᠦᠬᠦᠢ ᠥᠲᠡᠯᠬᠦᠢ ᠵᠣᠪᠠᠯᠠᠩ ᠤᠳ ᠠᠴᠠ ᠲᠣᠨᠢᠯᠭᠠᠰᠤᠭᠠᠢ ᠬᠡᠮᠡᠨ ᠭᠤᠶᠤᠯᠭ᠎ᠠ ᠴᠢ ᠶᠡᠬᠡ ᠪᠠᠭᠠᠲᠤᠷ ᠲᠡᠶᠢᠮᠦ ᠬᠤᠲᠤᠭ ᠢ ᠡᠷᠲᠡ ᠤᠷᠢᠳᠠ ᠲᠡᠭᠦᠪᠡᠷ ᠪᠤᠶᠠᠨ ᠢ ᠦᠲᠡᠷᠯᠡᠨ ᠳᠡᠭᠡᠳᠦ ᠡᠨᠡ ᠪᠠᠯᠭᠠᠰᠤᠨ ᠠᠴᠠ ᠭᠠᠷᠴᠤ ᠪᠦᠷᠦᠨ ᠳᠡᠭᠡᠳᠦ ᠠᠷᠱᠢ ᠨᠠᠷ᠎ᠠ ᠶᠠᠪᠤᠭᠳᠠᠭᠰᠠᠨ ᠲᠡᠶᠢᠮᠦ ᠣᠷᠣᠨ ᠳᠤᠷ ᠠᠰᠤᠷᠤ ᠰᠠᠶᠢᠲᠤᠷ ᠣᠷᠣᠱᠢᠨ ᠰᠠᠭᠤᠵᠤ ᠰᠠᠴᠠᠯᠠᠯ ᠦᠭᠡᠢ ᠢᠯᠠᠭᠤᠭᠰᠠᠳ ᠤᠨ
Bodistv tngri-ner-ün ökid-e:če ber ülemji γou-a üjeskülengten qatud-iya:r qamuγ jüg-e:če küriye:legü:ljü biba, bilir, čoγu:r, kenggerge terigü:ten eldeb quγu:r daγu:n-dur mergen gandarvi-yi:n ökid-ün daγu:n-a:ča ber iraγu: daγu:tan ökid-iye:r γu:lju jirγan bükü-yi:n jaγu:r-a arban jüg-ün burqan-nuγu:d-un adistid-iya:r tedege:r quγu:r-un daγu:n-a:ča Bodistv-i duradqaqui edege:r šilüg-ü:d üges γarbai. Nasuda itegel ügei edege:r amitan-i üjejü gkir ügei dege:dü qutuγ-i tegüs tuγu:lju amitan-i törüküi ötelküi jobalang-u:d-a:ča tonilγasuγai keme:n γuyulγ-a či. Yeke baγa:tur teyi:mü qutuγ-i erte urida tegü:be:r buyan-i üterlen dege:dü ene balγasun-a:ča γarču bürün. Dege:dü arši-nar-a yabuγdaγsan teyi:mü oron-dur asuru sayi:tur orošin saγu:ju sačalal ügei ilaγu:γsad-un
03a
ᠨᠥᠭᠦᠭᠡ ᠳᠡᠪᠲᠡᠷ ᠭᠤᠷᠪᠠᠨ ᠪᠢᠯᠭᠡ ᠪᠢᠯᠢᠭ ᠢ ᠲᠥᠷᠦᠭᠦᠯᠦᠨ ᠰᠣᠶᠤᠷᠬ᠎ᠠ ᠠᠮᠢᠲᠠᠨ᠎ᠠ ᠲᠤᠰᠠᠶᠢᠨ ᠲᠤᠯᠠ ᠪᠣᠳᠢ ᠬᠤᠲᠤᠭ ᠢ ᠡᠷᠢᠬᠦᠢ ᠳᠡᠭᠡᠨ ᠠᠩᠬ᠎ᠠ ᠤᠷᠢᠳᠠ ᠠᠮᠣᠭᠠ ᠳᠠᠷᠱᠢ ᠪᠤᠷᠬᠠᠨ ᠠᠴᠠ ᠲᠡᠷᠢᠭᠦᠯᠡᠨ ᠠᠯᠣᠬᠠᠬᠠᠷ ᠪᠤᠷᠬᠠᠨ ᠳᠤᠷ ᠬᠦᠷᠲᠡᠯᠡ ᠡᠩ ᠣᠯᠠᠨ ᠪᠤᠷᠬᠠᠨ ᠨᠤᠭᠤᠳ ᠲᠠ ᠡᠯᠳᠡᠪ ᠢᠶᠡᠷ ᠲᠠᠬᠢᠵᠤ ᠳᠢᠪᠠᠩᠬᠠᠷ᠎ᠠ ᠪᠤᠷᠬᠠᠨ᠎ᠠ ᠸᠢᠶᠠᠭᠢᠷᠢᠳ ᠥᠭᠲᠡᠯᠦᠭᠡ ᠥᠭᠯᠢᠭᠡ ᠳᠦᠷ ᠪᠠᠭᠠᠲᠤᠷ ᠴᠢ ᠴᠠᠨᠳᠢᠷ᠎ᠠ ᠪᠢᠷᠠᠪᠢ ᠬᠢᠭᠡᠳ ᠲᠡᠭᠦᠨᠴᠢᠯᠡᠨ ᠸᠢᠰᠸᠠᠨᠲᠠᠷᠢ ᠨᠡᠷᠡᠲᠦ ᠬᠠᠭᠠᠨ ᠪᠣᠯᠤᠨ ᠲᠥᠷᠦᠭᠰᠡᠨ ᠳᠦᠷ ᠢᠶᠡᠨ ᠲᠡᠪᠴᠢᠬᠦᠢ᠎ᠡ ᠪᠡᠷᠬᠡ ᠲᠡᠷᠢᠭᠦᠨ ᠡᠮ᠎ᠡ ᠬᠥᠪᠡᠭᠦᠨ ᠲᠡᠷᠢᠭᠦᠲᠡᠨ ᠨᠠᠢ ᠠᠴᠠ ᠬᠠᠶᠢᠷᠠᠯᠠᠭᠳᠠᠬᠤᠢ ᠶᠢ ᠪᠡᠷ ᠬᠠᠶᠢᠷᠠᠯᠠᠯ ᠦᠭᠡᠢ ᠲᠡᠪᠴᠢᠯᠦᠭᠡ ᠳᠡᠭᠡᠳᠦ ᠬᠤᠲᠤᠭ ᠢ ᠣᠯᠵᠤ ᠬᠤᠲᠤᠭᠲᠠᠨ ᠤ ᠡᠳ ᠢᠶᠡᠷ ᠠᠮᠢᠲᠠᠨ ᠢ ᠬᠤᠷᠢᠶᠠᠰᠤᠭᠠᠢ ᠬᠡᠮᠡᠨ ᠣᠯᠠᠨ ᠬᠥᠯᠲᠢ ᠭᠠᠯᠠᠪ ᠤᠳ ᠲᠤᠷ ᠲᠡᠷᠡ ᠮᠡᠲᠦ ᠥᠭᠯᠢᠭᠡ ᠥᠭᠭᠦᠭᠰᠡᠨ ᠢᠶᠡᠨ ᠳᠤᠷᠠᠳᠤᠨ ᠰᠡᠳᠬᠢᠲᠦᠭᠡᠢ ᠬᠤᠲᠤᠭᠲᠠᠨ ᠤ ᠡᠳ ᠢᠶᠡᠷ ᠬᠤᠷᠢᠶᠠᠬᠤᠢ ᠴᠠᠭ ᠢᠨᠤ ᠡᠳᠦᠭᠡ ᠪᠣᠯᠵᠤ ᠠᠮᠤᠢ ᠬᠡᠵᠢᠶ᠎ᠡ ᠬᠠᠱᠢ ᠴᠠᠷᠤᠮᠠᠨᠳᠢ ᠨᠡᠷᠡᠲᠦ ᠪᠣᠯᠤᠨ ᠲᠥᠷᠦᠭᠰᠡᠨ ᠳᠦᠷ ᠬᠦᠰᠡᠯ ᠦᠨ
Nögüge: debter. γurban: bilge bilig-i törügü:lün soyurq-a. Amitan-a tusayi:n tula bodi qutuγ-i eriküi-dege:n angq-a urida Amoga darši burqan-a:ča terigü:len Alokakar burqan-dur kürtele eng olan burqan-nuγu:d-ta eldeb-iye:r takiju Dibangkar-a burqan-a viyagirid ögtelüge:. Öglige-dür baγa:tur či Čandir-a birabi ki:ge:d tegü:nčilen Visvantari neretü qaγa:n bolun törügsen-dür-iye:n tebčiküi-e berke terigü:n em-e köbegü:n terigü:ten nai-a:ča qayi:ralaγdaqui-yi ber qayi:ralal ügei tebčilüge. Dege:dü qutuγ-i olju qutuγtan-u ed-iye:r amitan-i quriya:suγai keme:n olan költi galab-u:d-tur tere metü öglige öggügsen-iye:n duradun sedkitügei. Qutuγtan-u ed-iye:r quriya:qui čaγ inu edüge: bolju amui. Kejiy-e: Kaši Čarumandi neretü bolun törügsen-dür küsel-ün
03b
ᠲᠠᠴᠢᠶᠠᠩᠭᠤᠢ ᠶᠢ ᠲᠠᠷᠬᠠᠭ᠎ᠠ ᠡᠳᠦᠭᠦᠢ᠎ᠡ ᠪᠡᠷ ᠠᠭᠯᠠᠭ ᠲᠤᠷ ᠬᠢᠨᠠᠷᠢ ᠶᠢᠨ ᠥᠬᠢᠨ᠎ᠡ ᠢᠷᠡᠭᠳᠡᠵᠦ ᠡᠯᠳᠡᠪᠴᠢᠯᠡᠨ ᠱᠢᠷᠢᠯᠴᠡᠭᠳᠡᠭᠰᠡᠨ ᠳᠦᠷ ᠠᠷᠢᠭᠤᠨ ᠰᠠᠭᠰᠠᠪᠠᠳ ᠢᠶᠠᠨ ᠡᠰᠡ ᠪᠤᠯᠢᠭᠳᠠᠯᠤᠭ᠎ᠠ ᠴᠢ ᠲᠡᠭᠦᠨ ᠳᠦᠷ ᠮᠠᠭᠤᠢ ᠵᠠᠶᠠᠭᠠᠨ ᠢ ᠲᠠᠰᠤᠯᠵᠤ ᠳᠡᠭᠡᠳᠦ ᠲᠥᠷᠦᠯ ᠬᠢᠭᠡᠳ ᠦᠬᠦᠯ ᠦᠭᠡᠢ ᠷᠠᠱᠢᠶᠠᠨ ᠤ ᠬᠠᠭᠠᠯᠭ ᠠ ᠳᠤᠷ ᠠᠮᠢᠲᠠᠨ ᠢ ᠣᠷᠤᠭᠤᠯᠰᠤᠭᠠᠢ ᠬᠡᠮᠡᠨ ᠣᠯᠠᠨ ᠭᠠᠯᠠᠪ ᠤᠳ ᠲᠤᠷ ᠲᠡᠷᠡ ᠮᠡᠲᠦ ᠰᠠᠭᠰᠠᠪᠠᠳ ᠰᠠᠬᠢᠭᠰᠠᠨ ᠢᠶᠠᠨ ᠳᠤᠷᠠᠳᠤᠨ ᠰᠡᠳᠬᠢᠲᠦᠭᠡᠢ ᠴᠠᠭ ᠢᠨᠤ ᠡᠳᠦᠭᠡ ᠪᠣᠯᠵᠤ ᠠᠮᠤᠢ ᠬᠦᠯᠢᠴᠡᠭᠴᠢ ᠪᠣᠯᠤᠨ ᠲᠥᠷᠦᠭᠰᠡᠨ ᠳᠦᠷ ᠡᠷᠡᠭᠦ ᠦᠭᠡᠢ ᠦᠶᠡᠰ ᠢᠶᠡᠨ ᠣᠭᠲᠠᠯᠳᠠᠪᠠᠰᠤ ᠪᠡᠷ ᠢᠲᠡᠭᠡᠯ ᠴᠢ ᠬᠢᠯᠢᠩᠯᠡᠭᠰᠡᠨ ᠦᠭᠡᠢ ᠥᠲᠡᠭᠡ ᠪᠣᠯᠤᠭᠰᠠᠨ ᠳᠤᠷ ᠢᠶᠠᠨ ᠠᠮᠢᠨ ᠠᠪᠤᠷᠠᠭᠰᠠᠨ ᠬᠦᠮᠦᠨ᠎ᠡ ᠭᠥᠷᠦᠭᠡᠴᠢ ᠶᠢ ᠤᠳᠤᠷᠢᠳᠴᠤ ᠠᠯᠠᠭᠤᠯᠤᠭᠰᠠᠨ ᠳᠤᠷ ᠪᠡᠷ ᠮᠠᠭᠤᠢᠯᠠᠭᠰᠠᠨ ᠦᠭᠡᠢ ᠠᠮᠢᠲᠠᠨ ᠤ ᠤᠷᠢᠩ ᠢ ᠠᠮᠤᠷᠯᠢᠭᠤᠯᠵᠤ ᠪᠦᠷ ᠦᠨ ᠤᠷᠢᠩ ᠤᠨ ᠤᠶᠢᠯᠭᠠᠨ ᠠᠴᠠ ᠭᠡᠲᠦᠯᠭᠡᠵᠦ ᠬᠦᠯᠢᠴᠡᠩᠭᠦᠢ ᠳᠦᠷ ᠵᠣᠬᠢᠶᠠᠰᠤᠭᠠᠢ ᠬᠡᠮᠡᠨ ᠲᠡᠷᠡ ᠮᠡᠲᠦ ᠨᠠᠰᠤ ᠬᠦᠯᠢᠴᠡᠭᠰᠡᠨ ᠢᠶᠡᠨ ᠳᠤᠷᠠᠳᠤᠨ ᠰᠡᠳᠬᠢᠲᠦᠭᠡᠢ ᠬᠢᠯᠢᠩ ᠢᠶᠡᠷ ᠬᠢᠮᠤᠷᠠᠯᠳᠤᠬᠤᠨ ᠢ ᠠᠮᠤᠷᠯᠢᠭᠤᠯᠬᠤᠢ ᠴᠠᠭ ᠢᠨᠤ ᠡᠳᠦᠭᠡ ᠪᠦᠢ
tačiya:ngγui-yi tarqaγ-a: edügü:i-e ber aγlaγ-tur kinari-yi:n ökin-e iregdejü eldebčilen širilčegdegsen-dür ariγu:n saγsabad-iya:n ese buliγdaluγ-a: či. Tegü:n-dür maγu:i jayaγa:n-i tasulju dege:dü törül ki:ge:d ükül ügei rašiya:n-u qaγa:lγ-a-dur amitan-i oruγu:lsuγai keme:n olan galab-u:d-tur tere metü saγsabad sakiγsan-iya:n duradun sedkitügei. Čaγ inu edüge: bolju amui. Küličegči bolun törügsen-dür eregü: ügei üyes-iye:n oγtaldaba:su ber itegel či kilinglegsen ügei ötege boluγsan-dur-iya:n amin aburaγsan kümü:n-e görüge:či-yi uduridču alaγu:luγsan-dur ber maγu:ilaγsan ügei amitan-u uring-i amurliγu:lju bür-ün. Uring-un uyi:lγan-a:ča getülgejü küličenggüi-dür jokiya:suγai keme:n tere metü nasu küličegsen-iye:n duradun sedkitügei. Kiling-iye:r kimuralduqun-i amurliγu:lqui čaγ inu edüge: büi.
04a
ᠨᠥᠭᠦᠭᠡ ᠳᠡᠪᠲᠡᠷ ᠳᠥᠷᠪᠡᠨ ᠮᠣᠷᠢᠨ ᠤ ᠬᠠᠭᠠᠨ ᠪᠣᠯᠤᠭᠰᠠᠨ ᠳᠤᠷ ᠡᠮ᠎ᠡ ᠮᠠᠩᠭᠤᠰ ᠨᠤᠭᠤᠳ ᠲᠠ ᠪᠠᠷᠢᠭᠳᠠᠭᠰᠠᠨ ᠬᠤᠳᠠᠯᠳᠤᠴᠢᠳ ᠢ ᠬᠢᠴᠢᠶᠡᠩᠭᠦᠢ ᠪᠡᠷ ᠠᠪᠤᠷᠠᠭᠠᠳ ᠡᠷᠳᠢᠨᠢ ᠵᠠᠪᠬᠠᠭᠰᠠᠨ ᠳᠤᠷ ᠢᠶᠠᠨ ᠪᠡᠷ ᠶᠡᠬᠡ ᠳᠠᠯᠠᠢ ᠶᠢ ᠱᠢᠷᠭᠢᠭᠦᠯᠦᠨ ᠬᠢᠴᠢᠶᠡᠭᠰᠡᠨ ᠢᠶᠡᠷ ᠦᠶᠢᠯᠡ ᠪᠡᠨ ᠪᠦᠲᠦᠭᠡᠯᠦᠭᠡ ᠴᠢ ᠲᠡᠷᠡ ᠮᠡᠲᠦ ᠬᠢᠴᠢᠶᠡᠩᠭᠦ ᠶᠢᠨ ᠣᠩᠭᠣᠴᠠ ᠶᠢ ᠬᠢᠴᠢᠶᠡᠨ ᠰᠡᠯᠪᠢᠵᠦ ᠰᠠᠨᠰᠠᠷ ᠤᠨ ᠳᠠᠯᠠᠢ ᠠᠴᠠ ᠠᠮᠢᠲᠠᠨ ᠢ ᠭᠡᠲᠦᠯᠭᠡᠰᠦᠭᠡᠢ ᠬᠡᠮᠡᠨ ᠣᠯᠠᠨ ᠭᠠᠯᠠᠪ ᠤᠳ ᠲᠤᠷ ᠬᠢᠴᠢᠶᠡᠭᠰᠡᠨ ᠢᠶᠡᠨ ᠳᠤᠷᠠᠳᠲᠤᠭᠠᠢ ᠳᠥᠷᠪᠡᠨ ᠮᠥᠷᠡᠨ ᠳᠦᠷ ᠤᠨᠠᠭᠰᠠᠳ ᠢ ᠭᠠᠷᠭᠠᠬᠤᠢ ᠴᠠᠭ ᠢᠨᠤ ᠡᠳᠦᠭᠡ ᠪᠣᠯᠵᠤ ᠠᠮᠤᠢ ᠠᠷᠱᠢ ᠪᠣᠯᠤᠭᠰᠠᠨ ᠳᠤᠷ ᠢᠶᠠᠨ ᠶᠡᠬᠡ ᠳᠠᠯᠠᠢ ᠶᠢᠨ ᠳᠣᠲᠤᠷ ᠠ ᠠᠴᠠ ᠬᠤᠳᠠᠯᠳᠤᠴᠢᠨ ᠢ ᠳᠢᠶᠠᠨ ᠤ ᠬᠦᠴᠦᠨ ᠢᠶᠡᠷ ᠠᠪᠤᠷᠠᠪᠠᠢ ᠬᠠᠨ ᠦᠭᠡᠢ ᠤᠯᠤᠰ ᠲᠤᠷ ᠠᠷᠪᠠᠨ ᠪᠤᠶᠠᠨ ᠲᠤ ᠦᠶᠢᠯᠡᠰ ᠢᠶᠡᠷ ᠠᠮᠢᠲᠠᠨ ᠢ ᠢᠮᠠᠭᠲᠠ ᠡᠰᠷᠤ ᠠ ᠶᠢᠨ ᠬᠤᠲᠤᠭ ᠲᠤᠷ ᠵᠣᠬᠢᠶᠠᠪᠠᠢ ᠴᠢ ᠪᠢᠴᠢᠨ ᠳᠦᠷ ᠠᠳᠠᠯᠢ ᠪᠠᠶᠢᠳᠠᠯ ᠦᠭᠡᠢ ᠰᠡᠳᠬᠢᠯ ᠢ ᠪᠠᠶᠢᠭᠤᠯᠤᠷ ᠤᠨ ᠲᠡᠷᠡ ᠮᠡᠲᠦ ᠤᠳᠤᠷᠢᠭᠤᠯᠰᠤᠨ ᠴᠢ ᠤᠷᠢᠳᠠ ᠨᠢᠰᠸᠠᠨᠢᠰ ᠢ ᠡᠮᠪᠦᠷᠡᠭᠦᠯᠦᠷ ᠦᠨ ᠳᠢᠶᠠᠨ ᠢ ᠪᠢᠱᠢᠯᠭᠠᠯᠤᠭ᠎ᠠ ᠬᠡᠨ ᠦ ᠲᠤᠯᠠᠳᠠ ᠡᠭᠦᠷᠢ ᠬᠣᠯᠠ ᠪᠢᠱᠢᠯᠭᠠᠭᠰᠠᠨ ᠢᠶᠠᠨ ᠳᠤᠷᠠᠳᠤᠨ ᠰᠡᠳᠬᠢᠲᠦᠭᠡᠢ ᠨᠢᠰᠸᠠᠨᠢᠰ᠎ᠠ ᠭᠤᠲᠠᠭᠠᠭᠳᠠᠭᠰᠠᠨ ᠢ ᠠᠮᠤᠷᠯᠢᠭᠤᠯᠬᠤᠢ ᠴᠠᠭ ᠢᠨᠤ ᠪᠣᠯᠵᠤ ᠠᠮᠤᠢ
Nögüge: debter. dörben: Morin-u qaγa:n boluγsan-dur em-e mangγus-nuγu:d-ta bariγdaγsan qudaldučid-i kičiye:nggüi-be:r aburaγa:d erdini jabqaγsan-dur-iya:n ber yeke dalai-yi širgigü:lün kičiye:gsen-iye:r üyi:le-be:n bütüge:lüge: či. Tere metü kičiye:nggü-yi:n ongγoča-yi kičiye:n selbijü sansar-un dalai-a:ča amitan-i getülgesügei keme:n olan galab-u:d-tur kičiye:gsen-iye:n duradtuγai. Dörben mören-dür unaγsad-i γarγaqui čaγ inu edüge: bolju amui. Arši boluγsan-dur-iya:n yeke dalai-yi:n dotur-a-a:ča qudaldučin-i diyan-u küčün-iye:r aburabai. Qan ügei ulus-tur arban buyan-tu üyi:les-iye:r amitan-i imaγta Esru-a-yi:n qutuγ-tur jokiya:bai či. Bičin-dür adali bayi:dal ügei sedkil-i bayi:γu:lur-un. Tere metü uduriγu:lsun či urida nisvanis-i embüregü:lür-ün diyan-i bišilγaluγ-a:. Ken-ü tulada egü:ri qola bišilγaγsan-iya:n duradun sedkitügei. Nisvanis-a γutaγa:γdaγsan-i amurliγu:lqui čaγ inu bolju amui.
04b
ᠪᠢᠷᠠᠮᠠᠨ ᠪᠣᠯᠤᠭᠰᠠᠨ ᠳᠤᠷ ᠢᠶᠠᠨ ᠮᠣᠳᠤᠨ ᠤ ᠨᠠᠪᠴᠢᠨ ᠤ ᠲᠣᠭᠠᠨ ᠢ ᠪᠠᠷᠢᠭᠠᠳ ᠡᠨᠳᠡᠯ ᠦᠭᠡᠭᠦᠢ᠎ᠡ ᠮᠡᠳᠡᠵᠦ ᠨᠥᠬᠦᠷ ᠢᠶᠡᠨ ᠪᠠᠶᠠᠰᠬᠠᠪᠠᠢ ᠮᠠᠬ᠎ᠠ ᠪᠣᠳᠢ ᠪᠣᠯᠤᠭᠰᠠᠨ ᠳᠤᠷ ᠢᠶᠠᠨ ᠬᠠᠭᠠᠨ ᠲᠡᠷᠢᠭᠦᠲᠡᠨ ᠨᠥᠬᠦᠳ ᠢ ᠪᠤᠷᠤᠭᠤ ᠦᠵᠡᠯ ᠡᠴᠡ ᠬᠠᠷᠢᠭᠤᠯᠵᠤ ᠦᠨᠡᠨ ᠦᠵᠡᠯ ᠳᠦᠷ ᠪᠠᠷᠢᠯᠳᠤᠭᠤᠯᠤᠯᠠᠭ᠎ᠠ ᠴᠢ ᠲᠡᠷᠡ ᠮᠡᠲᠦ ᠮᠤᠩᠬᠠᠭ᠎ᠠ ᠪᠦᠷᠢᠭᠳᠡᠭᠰᠡᠨ ᠠᠮᠢᠲᠠᠨ᠎ᠠ ᠦᠨᠡᠨ ᠦᠵᠡᠯᠲᠦ ᠨᠣᠮ ᠤᠨ ᠨᠢᠳᠦᠨ ᠢ ᠥᠭᠰᠦᠭᠡᠢ ᠬᠡᠮᠡᠨ ᠣᠯᠠᠨ ᠭᠠᠯᠠᠪ ᠤᠳ ᠲᠤᠷ ᠪᠢᠯᠢᠭ ᠢ ᠪᠢᠱᠢᠯᠭᠠᠭᠰᠠᠨ ᠢᠶᠠᠨ ᠳᠠᠭᠠᠨ ᠳᠤᠷᠠᠳᠤᠨ ᠰᠡᠳᠬᠢᠲᠦᠭᠡᠢ ᠮᠤᠩᠬᠠᠭ ᠢᠶᠠᠷ ᠲᠥᠭᠥᠷᠢᠭᠰᠡᠳ ᠢ ᠭᠡᠲᠦᠯᠭᠡᠬᠦᠢ ᠴᠠᠭ ᠢᠨᠤ ᠡᠳᠦᠭᠡ ᠪᠣᠯᠵᠤ ᠠᠮᠤᠢ ᠮᠤᠩᠬᠠᠭ᠎ᠠ ᠲᠡᠩᠴᠢᠷᠡᠭᠦᠯᠳᠡᠵᠦ ᠭᠤᠷᠪᠠᠨ ᠶᠢᠷᠲᠢᠨᠴᠦ ᠳᠡᠬᠢᠨ ᠥᠲᠡᠯᠬᠦᠢ ᠡᠪᠡᠳᠬᠦᠢ ᠦᠬᠦᠬᠦᠢ ᠪᠡᠷ ᠲᠦᠯᠡᠭᠳᠡᠵᠦ ᠠᠪᠤᠷᠠᠭᠴᠢ ᠦᠭᠡᠢ ᠣᠷᠴᠢᠯᠠᠩ ᠳᠤᠷ ᠣᠷᠴᠢᠬᠤᠨ ᠶᠠᠮᠪᠠᠷ ᠬᠤᠮᠬᠠᠨ ᠳᠤᠷ ᠣᠷᠤᠭᠰᠠᠨ ᠵᠥᠭᠡᠢ ᠮᠡᠲᠦ ᠰᠠᠨᠰᠠᠷ ᠣᠷᠣᠱᠢᠯ ᠦᠭᠡᠢ ᠨᠠᠮᠤᠷ ᠤᠨ ᠴᠠᠭ ᠲᠠᠬᠢ ᠡᠭᠦᠯᠡᠨ ᠮᠡᠲᠦ ᠠᠮᠢᠲᠠᠨ ᠤ ᠲᠥᠷᠦᠬᠦᠢ ᠦᠬᠦᠬᠦᠢ ᠪᠦᠵᠢᠭᠴᠢ ᠬᠦᠮᠦᠨ ᠦ ᠭᠠᠷ ᠮᠡᠲᠦ ᠠᠮᠢᠲᠠᠨ ᠤ ᠠᠮᠢᠨ ᠣᠭᠲᠠᠷᠭᠤᠢ ᠳᠤᠷ ᠭᠢᠯᠪᠡᠯᠬᠦᠢ ᠭᠢᠯᠪᠡᠯᠭᠡᠨ ᠮᠡᠲᠦ ᠦᠳᠲᠡᠷ᠎ᠡ ᠣᠳᠤᠮᠤᠢ ᠤᠷᠤᠭᠤ ᠲᠦᠷᠭᠡᠨ᠎ᠡ ᠤᠷᠤᠰᠬᠤᠢ ᠤᠰᠤᠨ ᠮᠡᠲᠦ
Biraman boluγsan-dur-iya:n modun-u nabčin-u toγa:n-i bariγa:d endel ügegü:i-e medejü nökür-iye:n bayasqabai. Maq-a bodi boluγsan-dur-iya:n qaγa:n terigü:ten nöküd-i buruγu: üjel-e:če qariγu:lju ünen üjel-dür barilduγu:lulaγ-a: či. Tere metü mungqaγ-a bürigdegsen amitan-a ünen üjeltü nom-un nidün-i ögsügei keme:n olan galab-u:d-tur bilig-i bišilγaγsan-iya:n daγan duradun sedkitügei. Mungqaγ-iya:r tögö:rigsed-i getülgeküi čaγ inu edüge: bolju amui. Mungqaγ-a tengčiregü:ldejü γurban yirtinčü dekin ötelküi, ebedküi, üküküi-ber tülegdejü aburaγči ügei orčilang-dur orčiqun. Yambar qumqan-dur oruγsan jögei metü sansar orošil ügei namur-un čaγ-taki egü:len metü amitan-u törüküi üküküi büjigči kümü:n-ü γar metü amitan-u amin oγtarγui-dur gilbelküi gilbelge:n metü üdter-e odumui. Uruγu: türgen-e urusqui usun metü
05a
ᠨᠥᠭᠦᠭᠡ ᠳᠡᠪᠲᠡᠷ ᠲᠠᠪᠤᠨ ᠪᠣᠯᠬᠤᠢ ᠬᠤᠷᠢᠴᠠᠬᠤᠢ ᠮᠤᠩᠬᠠᠭ ᠤᠨ ᠡᠷᠬᠡ ᠪᠡᠷ ᠠᠮᠢᠲᠠᠨ ᠪᠣᠯᠤᠮᠤᠢ ᠬᠦᠮᠦᠨ ᠲᠩᠷᠢ ᠬᠢᠭᠡᠳ ᠭᠤᠷᠪᠠᠨ ᠮᠠᠭᠤᠢ ᠵᠠᠶᠠᠭᠠᠨ ᠯᠤᠭ᠎ᠠ ᠦᠯᠦ ᠮᠡᠳᠡᠬᠦᠢ ᠮᠤᠩᠬᠠᠭ ᠢᠶᠠᠷ ᠲᠠᠪᠤᠨ ᠲᠥᠷᠦᠯ ᠳᠦᠷ ᠣᠷᠴᠢᠶᠤ ᠠᠳᠠᠯᠢᠳᠬᠠᠪᠠᠰᠤ ᠴᠠᠭᠤᠷᠠᠭᠤᠯᠴᠢ ᠶᠢᠨ ᠣᠷᠴᠢᠭᠤᠯᠬᠤᠢ ᠬᠦᠷᠳᠦᠨ ᠮᠡᠲᠦ ᠳᠡᠭᠡᠳᠦ ᠰᠠᠶᠢᠨ ᠥᠩᠭᠡ ᠳᠠᠭᠤᠨ ᠬᠢᠭᠡᠳ ᠦᠨᠦᠷ ᠠᠮᠲᠠᠨ ᠲᠡᠭᠦᠨᠴᠢᠯᠡᠨ ᠬᠦᠷᠲᠡᠬᠦᠢ ᠵᠢᠷᠭᠠᠯᠠᠩ ᠢᠶᠠᠷ ᠨᠠᠰᠤᠳᠠ ᠵᠢᠷᠭᠠᠭᠠᠳ ᠭᠥᠷᠦᠭᠡᠴᠢ ᠶᠢᠨ ᠲᠣᠤᠷ ᠲᠤᠷ ᠲᠣᠷᠤᠭᠰᠠᠨ ᠪᠢᠴᠢᠨ ᠮᠡᠲᠦ ᠮᠠᠭᠤᠢ ᠴᠠᠭ ᠤᠨ ᠬᠣᠷᠢᠭ ᠠ ᠳᠠ ᠮᠠᠭᠠᠳ ᠪᠠᠷᠢᠭᠳᠠᠨ ᠪᠤᠢ ᠬᠦᠰᠡᠬᠦᠢ ᠵᠢᠷᠭᠠᠯᠠᠩ ᠤᠳ ᠢᠯᠳᠦ ᠳᠦᠷ ᠬᠣᠤᠷᠤ ᠳᠤᠷ ᠠᠳᠠᠯᠢ ᠣᠯᠠᠨ ᠬᠣᠤᠷ ᠲᠤ ᠵᠣᠪᠠᠯᠠᠩ ᠤᠳ ᠢ ᠲᠥᠷᠦᠭᠦᠯᠦᠭᠴᠢ ᠪᠦᠢ ᠵᠡᠭᠦᠳᠡᠨ ᠶᠡᠯᠪᠢ ᠵᠡᠷᠭᠡᠯᠡᠬᠦᠢ ᠳᠦᠷ ᠪᠡ ᠠᠳᠠᠯᠢ ᠥᠩᠭᠡᠷᠡᠭᠦᠯᠳᠡᠵᠦ ᠡᠴᠦᠰ ᠲᠦᠷ ᠮᠠᠭᠠᠳ ᠠᠷᠭᠠᠳᠠᠭᠴᠢ ᠪᠤᠢ ᠵᠠᠯᠠᠭᠤ ᠢᠳᠡᠷ ᠡᠯᠡᠭᠦᠷ ᠳᠣᠷᠢᠭᠤᠨ ᠪᠦᠬᠦᠢ ᠳᠦᠷ ᠢᠶᠡᠨ ᠵᠠᠳ ᠲᠠ ᠪᠤᠰᠤᠳ ᠲᠠ ᠲᠠᠭᠠᠯᠠᠭᠤᠯᠤᠨ ᠠᠭᠰᠠᠨ ᠪᠡᠷ ᠥᠲᠡᠯᠵᠦ ᠨᠠᠰᠤᠨ ᠳᠤᠷ ᠬᠦᠷᠦᠭᠰᠡᠨ ᠳᠦᠷ ᠥᠪᠡᠷ ᠦᠨ ᠤᠷᠤᠭ᠎ᠠ ᠪᠡᠷ ᠲᠡᠪᠴᠢᠭᠳᠡᠨ ᠪᠦᠢ ᠡᠳ ᠲᠦ ᠲᠠᠸᠠᠷ ᠲᠤ ᠵᠠᠯᠠᠭᠤ
Nögüge: debter. tabun: bolqui quričaqui mungqaγ-un erke-be:r amitan bolumui. Kümü:n tngri ki:ge:d γurban maγu:i jayaγa:n-luγ-a: ülü medeküi mungqaγ-iya:r tabun törül-dür orčiyu. Adalidqaba:su čaγu:raγu:lči-yi:n orčiγu:lqui kürdün metü dege:dü sayi:n öngge daγu:n ki:ge:d ünür, amtan tegü:nčilen kürteküi jirγalang-iya:r nasu/da/ jirγaγa:d görüge:či-yi:n tour-tur toruγsan bičin metü maγu:i čaγ-un qoriγ-a-da maγad bariγdan bui. Küseküi jirγalang-u:d ildü-dür, qouru-dur adali olan qour-tu jobalang-u:d-i törügü:lügči büi. Jegü:den yelbi jergeleküi-dür be adali önggeregü:ldejü ečüs-tür maγad arγadaγči bui. Jalaγu: ider elegü:r doriγu:n büküi-dür-iye:n jad-ta busud-ta taγa:laγu:lun aγsan ber öteljü nasun-dur kürügsen-dür öbe:r-ün uruγ-a ber tebčigden büi. Ed-tü tavar-tu jalaγu:
05b
ᠪᠦᠬᠦᠢ ᠳᠦᠷ ᠢᠶᠡᠨ ᠡᠭᠦᠨ᠎ᠡ ᠲᠡᠭᠦᠨ᠎ᠡ ᠬᠦᠨᠳᠦᠯᠡᠨ ᠠᠭᠰᠠᠨ ᠪᠡᠷ ᠡᠳ ᠲᠠᠸᠠᠷ ᠢᠶᠠᠨ ᠪᠠᠷᠠᠵᠤ ᠡᠭᠦᠷᠡᠵᠢᠪᠡᠰᠦ ᠡᠷᠬᠯᠢᠭ ᠬᠠᠭᠠᠨ ᠮᠡᠲᠦ ᠪᠦᠭᠦᠳᠡᠨ᠎ᠡ ᠱᠢᠭᠤᠯᠠᠭᠳᠠᠨ ᠪᠤᠢ ᠠᠳᠠᠯᠢᠳᠬᠠᠪᠠᠰᠤ ᠥᠪᠦᠯ ᠦᠨ ᠴᠠᠭ ᠲᠠᠬᠢ ᠬᠡᠢ ᠬᠤᠷ᠎ᠠ ᠠᠯᠢ ᠪᠠ ᠮᠣᠳ ᠨᠠᠪᠴᠢᠨ ᠢ ᠬᠣᠬᠢᠷᠠᠭᠤᠯᠤᠮᠤᠢ ᠲᠡᠭᠦᠨᠴᠢᠯᠡᠨ ᠡᠪᠡᠴᠢᠨ ᠵᠣᠪᠠᠯᠠᠩ ᠪᠡᠷ ᠠᠮᠢᠲᠠᠨ ᠤ ᠥᠩᠭᠡ ᠴᠢᠷᠠᠢ ᠶᠢ ᠪᠤᠯᠢᠵᠤ ᠱᠢᠩᠲᠠᠷᠠᠭᠤᠯᠤᠨ ᠪᠤᠢ ᠬᠠᠮᠤᠭ ᠮᠥᠷᠡᠳ ᠭᠠᠭᠴᠠ ᠳᠠᠯᠠᠢ ᠳᠤᠷ ᠴᠢᠳᠬᠤᠬᠤᠢ ᠮᠡᠲᠦ ᠬᠠᠮᠤᠭ ᠢᠶᠠᠷ ᠭᠠᠭᠴᠠ ᠦᠬᠦᠯ ᠦᠨ ᠠᠮᠠᠨ ᠳᠤᠷ ᠣᠷᠤᠮᠤᠢ ᠬᠠᠶᠢᠷᠠᠨ ᠰᠠᠶᠢᠳ ᠠᠴᠠ ᠬᠠᠯᠠᠭᠠᠷ ᠡᠷᠬᠡ ᠦᠭᠡᠢ ᠬᠠᠭᠠᠴᠠᠭᠤᠯᠳᠠᠵᠤ ᠭᠠᠭᠴᠠᠭᠠᠷ ᠣᠳᠴᠤ ᠬᠠᠷᠢᠵᠤ ᠦᠯᠦ ᠵᠣᠯᠭᠠᠯᠳᠤᠭᠤᠯᠤᠮᠤᠢ ᠲᠡᠶᠢᠮᠦ ᠲᠡᠶᠢᠮᠦ ᠨᠡᠩ ᠣᠯᠠᠨ ᠵᠠᠭᠤᠨ ᠵᠣᠪᠠᠯᠠᠩᠲᠤ ᠲᠡᠳᠡᠭᠡᠷ ᠠᠮᠢᠲᠠᠨ ᠢ ᠲᠣᠨᠢᠯᠭᠠᠰᠤᠭᠠᠢ ᠬᠡᠮᠡᠨ ᠡᠷᠲᠡ ᠤᠷᠢᠳᠠ ᠳᠡᠭᠡᠳᠦ ᠬᠤᠲᠤᠭ ᠢ ᠭᠤᠶᠤᠭᠰᠠᠨ ᠢᠶᠠᠷ ᠳᠤᠷᠠᠳᠤᠨ ᠰᠡᠳᠬᠢᠲᠦᠭᠡᠢ ᠳᠡᠭᠡᠳᠦ ᠬᠠᠷᠱᠢ ᠳᠠᠴᠠᠭᠠᠨ ᠮᠠᠭᠠᠳ ᠭᠠᠷᠬᠤᠢ ᠴᠠᠭ ᠴᠢᠨᠤ ᠪᠣᠯᠵᠤ ᠠᠮᠤᠢ ᠡᠭᠦᠳᠦᠭᠰᠡᠨ ᠪᠦᠭᠦᠳᠡ ᠮᠥᠩᠬᠡ ᠪᠤᠰᠤ ᠭᠢᠯᠪᠡᠯᠭᠡᠨ ᠪᠠ ᠬᠤᠮᠠᠬᠢ ᠭᠡᠷ ᠲᠦᠷ ᠠᠳᠠᠯᠢ ᠦᠳᠲᠡᠷ ᠡᠪᠳᠡᠷᠡᠭᠴᠢ ᠪᠦᠢ ᠡᠭᠦᠳᠦᠭᠰᠡᠨ ᠪᠦᠭᠦᠳᠡ
büküi-dür-iye:n egü:n-e tegü:n-e kündülen aγsan ber ed tavar-iya:n baraju egü:rejibe:sü erklig qaγa:n metü bügüden-e šiγu:laγdan bui. Adalidqaba:su öbül-ün čaγ-taki kei qur-a ali ba mod nabčin-i qokiraγu:lumui. Tegü:nčilen ebečin jobalang ber amitan-u öngge čirai-yi buliju šingtaraγu:lun bui. Qamuγ möred γaγča dalai-dur čidququi metü qamuγ-iya:r γaγča ükül-ün aman-dur orumui. Qayi:ran sayi:d-a:ča qalaγar erke ügei qaγačaγu:ldaju γaγčaγa:r odču qariju ülü jolγalduγu:lumui. Teyi:mü teyi:mü neng olan jaγu:n jobalangtu tedege:r amitan-i tonilγasuγai keme:n erte urida dege:dü qutuγ-i γuyuγsan-iya:r duradun sedkitügei. Dege:dü qarši-dačaγa:n maγad γarqui čaγ činu bolju amui. Egü:dügsen bügüde möngke busu gilbelge:n ba qumaki ger-tür adali üdter ebderegči büi. Egü:dügsen bügüde
06a
ᠨᠥᠭᠦᠭᠡ ᠳᠡᠪᠲᠡᠷ ᠵᠢᠷᠭᠤᠭᠠᠨ ᠬᠠᠪᠢᠶ᠎ᠠ ᠦᠭᠡᠢ ᠭᠠᠳᠠᠯᠢ ᠮᠣᠳᠤᠨ ᠪᠠ ᠬᠣᠭᠣᠰᠤᠨ ᠠᠯᠠᠭ ᠠ ᠪᠠᠷ ᠬᠥᠪᠡᠭᠦᠬᠡᠳ ᠢ ᠠᠷᠭᠠᠳᠠᠬᠤᠢ ᠮᠡᠲᠦ ᠡᠭᠦᠳᠦᠭᠰᠡᠨ ᠪᠦᠭᠦᠳᠡ ᠱᠢᠯᠲᠠᠭᠠᠨ ᠨᠥᠬᠦᠴᠡᠯᠳᠦᠭᠴᠢ ᠯᠦᠭᠡ ᠨᠢᠭᠡᠨ ᠨᠢᠭᠡᠨ ᠦ ᠱᠢᠯᠲᠠᠭᠠᠨ ᠪᠣᠯᠤᠯᠴᠠᠵᠤ ᠪᠣᠯᠤᠭᠰᠠᠨ ᠪᠤᠢ ᠠᠳᠠᠯᠢᠳᠬᠠᠪᠠᠰᠤ ᠰᠦᠷᠴᠢᠬᠦᠢ ᠰᠦᠷᠴᠢᠭᠳᠡᠬᠦᠢ ᠮᠣᠳᠤᠨ ᠳᠤᠷ ᠭᠠᠷ ᠤᠨ ᠬᠢᠴᠢᠶᠡᠯ ᠯᠦᠭᠡ ᠭᠤᠷᠪᠠᠨ ᠬᠠᠮᠲᠤᠳᠤᠭᠰᠠᠨ ᠢᠶᠠᠷ ᠭᠠᠯ ᠭᠠᠷᠪᠠᠰᠤ ᠪᠡᠷ ᠳᠠᠷᠤ ᠳᠡᠭᠡᠷ᠎ᠡ ᠲᠦᠷᠢᠳᠴᠦ ᠣᠳᠤᠶᠤ ᠲᠡᠭᠦᠨᠢ ᠬᠠᠮᠢᠭ ᠠ ᠠᠴᠠ ᠢᠷᠡᠵᠦ ᠬᠠᠮᠢᠭ᠎ᠠ ᠣᠳᠪᠠᠢ ᠨᠢ ᠬᠡᠮᠡᠨ ᠡᠷᠢᠪᠡᠰᠦ ᠪᠡᠷ ᠬᠠᠮᠤᠭ ᠵᠦᠭ ᠵᠣᠪᠬᠢᠰ ᠠᠴᠠ ᠦᠯᠦ ᠣᠯᠳᠠᠶᠤ ᠲᠡᠭᠦᠨᠴᠢᠯᠡᠨ ᠴᠣᠭᠴᠠᠰ ᠢᠵᠠᠭᠤᠷ ᠣᠷᠣᠨ ᠬᠢᠭᠡᠳ ᠦᠨ ᠨᠥᠬᠦᠴᠡᠯᠳᠦᠭᠴᠢ ᠠᠨᠤ ᠮᠤᠩᠬᠠᠭ ᠬᠤᠷᠢᠴᠠᠬᠤᠢ ᠦᠶᠢᠯᠡᠯᠦᠭᠡ ᠣᠯᠠᠨ ᠴᠢᠭᠤᠯᠤᠭᠰᠠᠨ ᠠᠴᠠ ᠠᠮᠢᠲᠠᠨ ᠬᠡᠮᠡᠨ ᠨᠡᠷᠡᠶᠢᠳᠪᠡᠰᠦ ᠪᠡᠷ ᠦᠨᠡᠨ ᠳᠦᠷ ᠠᠮᠢᠲᠠᠨ ᠬᠡᠮᠡᠭᠳᠡᠬᠦ ᠶᠢ ᠪᠡᠷ ᠦᠯᠦ ᠣᠯᠳᠠᠶᠤ ᠲᠡᠷᠡ ᠮᠡᠲᠦ ᠱᠢᠯᠲᠠᠭᠠᠨ ᠨᠥᠬᠦᠴᠡᠯᠳᠦᠭᠴᠢ ᠴᠢᠭᠤᠯᠤᠭᠰᠠᠨ ᠠᠴᠠ ᠪᠣᠯᠤᠭᠰᠠᠨ ᠬᠠᠮᠤᠭ ᠨᠣᠮ ᠤᠳ ᠣᠭᠲᠠᠷᠭᠤ ᠶᠢᠨ ᠴᠢᠨᠠᠷ ᠲᠤ ᠪᠦᠬᠦᠢ ᠶᠢ ᠳᠢᠪᠠᠩᠬᠠᠷ᠎ᠠ ᠪᠤᠷᠬᠠᠨ ᠦᠵᠡᠭᠦᠯᠦᠭᠡᠳ ᠲᠤᠭᠤᠯᠤᠯᠠᠭ᠎ᠠ ᠴᠢ ᠪᠦᠭᠦᠳᠡ ᠶᠢ ᠲᠡᠭᠦᠨᠴᠢᠯᠡᠨ ᠲᠤᠭᠤᠯᠭᠠᠨ ᠰᠣᠶᠤᠷᠬ᠎ᠠ ᠲᠩᠷᠢ ᠬᠦᠮᠦᠨ ᠲᠡᠷᠢᠭᠦᠲᠡᠨ ᠢ
Nögüge: debter. jirγuγa:n: qabiy-a: ügei gadali modun ba qoγo:sun alaγ-a-ba:r köbegü:ked-i arγadaqui metü egü:dügsen bügüde šiltaγa:n nöküčeldügči-lüge: nigen nigen-ü šiltaγa:n bolulčaju boluγsan bui. Adalidqaba:su sürčiküi sürčigdeküi modun-dur γar-un kičiye:l-lüge: γurban qamtuduγsan-iya:r γal γarba:su ber daru dege:r-e türidčü oduyu. Tegü:ni qamiγ-a:-a:ča irejü qamiγ-a: odbai ni keme:n eribe:sü ber qamuγ jüg jobkis-a:ča ülü oldayu. Tegü:nčilen čoγčas ijaγu:r oron ki:ge:d-ün nöküčeldügči anu mungqaγ quričaqui üyi:lelüge: Olan čiγu:luγsan-a:ča amitan keme:n nereyi:dbe:sü ber ünen-dür amitan keme:gdekü-yi ber ülü oldayu. Tere metü šiltaγa:n nöküčeldügči čiγu:luγsan-a:ča boluγsan qamuγ nom-u:d oγtarγu-yi:n činar-tu büküi-yi Dibangkar-a burqan üjegü:lüge:d tuγu:lulaγ-a:. Či bügüde-yi tegü:nčilen tuγu:lγan soyurq-a. Tngri kümü:n terigü:ten-i
06b
ᠬᠡᠮᠡᠬᠦ ᠨᠡᠩ ᠣᠯᠠᠨ ᠳᠤᠷᠠᠳᠬᠠᠬᠤᠢ ᠱᠢᠯᠦᠭ ᠦᠳ ᠦᠭᠡᠰ ᠭᠠᠷᠪᠠᠰᠤ ᠲᠡᠨᠳᠡᠴᠡ ᠪᠣᠳᠢᠰᠲᠸ ᠳᠥᠷᠪᠡᠨ ᠵᠦᠶᠢᠯ ᠨᠣᠮ ᠤᠨ ᠬᠠᠭᠠᠯᠭᠠᠰ ᠢ ᠢᠯᠡᠲᠡ ᠪᠣᠯᠭᠠᠵᠤ ᠬᠠᠲᠤᠳ ᠤᠨ ᠠᠶᠢᠮᠠᠭ ᠢ ᠪᠣᠯᠪᠠᠰᠤᠨ ᠪᠣᠯᠭᠠᠨ ᠦᠶᠢᠯᠡᠳᠦᠭᠡᠳ ᠭᠡᠷ ᠲᠡᠴᠡ ᠭᠠᠷᠬᠤᠢ ᠴᠠᠭ ᠪᠣᠯᠤᠭᠰᠠᠨ ᠳᠤᠷ ᠲᠦᠱᠢᠳ ᠲᠩᠷᠢ ᠶᠢᠨ ᠭᠠᠵᠠᠷ᠎ᠠ ᠱᠢᠷᠢᠳᠢᠤ᠎ᠠ ᠨᠡᠷᠡᠲᠦ ᠲᠩᠷᠢ ᠶᠢᠨ ᠬᠥᠪᠡᠭᠦᠨ ᠣᠯᠠᠨ ᠮᠢᠩᠭᠠᠨ ᠲᠩᠷᠢ ᠨᠥᠬᠦᠳ ᠢᠶᠡᠷ ᠢᠶᠡᠨ ᠨᠢᠭᠡᠨ᠎ᠡ ᠬᠦᠮᠦᠨ ᠤᠨᠲᠠᠬᠤᠢ ᠴᠠᠭ ᠲᠤᠷ ᠢᠷᠡᠵᠦ ᠳᠤᠷᠠᠳᠬᠠᠨ ᠱᠢᠯᠦᠭ ᠢᠶᠡᠷ ᠥᠴᠢᠷ ᠦᠨ ᠬᠠᠲᠤᠳ ᠤᠨ ᠠᠶᠢᠮᠠᠭ ᠢᠶᠠᠷ ᠬᠦᠷᠡᠭᠡᠯᠡᠭᠦᠯᠵᠦ ᠶᠢᠷᠲᠢᠨᠴᠦ ᠳᠡᠬᠢᠨ ᠯᠦᠭᠡ ᠠᠳᠠᠯᠢ ᠶᠢ ᠪᠡᠷ ᠦᠵᠡᠭᠦᠯᠪᠡᠢ ᠲᠡᠳᠡᠨ ᠢ ᠳᠠᠭᠠᠨ ᠰᠤᠷᠤᠯᠴᠠᠭᠤᠯᠬᠤ ᠶᠢᠨ ᠲᠤᠯᠠᠳᠠ ᠭᠡᠷ ᠲᠡᠴᠡ ᠭᠠᠷᠬᠤᠢ ᠴᠠᠭ ᠴᠢᠨᠤ ᠡᠳᠦᠭᠡ ᠪᠣᠯᠵᠤ ᠠᠮᠤᠢ ᠪᠤᠷᠬᠠᠨ ᠪᠣᠯᠬᠤᠢ ᠶᠢ ᠴᠢᠨᠤ ᠦᠵᠡᠶ᠎ᠡ ᠬᠡᠮᠡᠨ ᠪᠤᠳᠠᠪᠠᠬᠰ᠎ᠠ ᠨᠣᠮ ᠤᠳ ᠢ ᠴᠢᠨᠦ ᠰᠣᠨᠣᠰᠤᠶ᠎ᠠ ᠬᠡᠮᠡᠨ ᠪᠦᠷᠢᠨ ᠲᠩᠷᠢ ᠠᠰᠤᠷᠢ ᠯᠤᠤ ᠭᠠᠨᠳᠠᠷᠸᠢ ᠪᠦᠭᠦᠳᠡᠭᠡᠷ ᠴᠢᠮᠠᠶᠢ ᠬᠠᠷᠠᠨ ᠬᠦᠯᠢᠴᠡᠨ ᠰᠠᠭᠤᠨ ᠠᠮᠤᠢ ᠰᠣᠨᠣᠰᠬᠤᠢ᠎ᠠ ᠰᠠᠶᠢᠨ ᠵᠥᠭᠡᠯᠡᠨ ᠢᠷᠠᠭᠤ ᠳᠠᠭᠤᠲᠤ ᠳᠢᠪᠠᠩᠬᠠᠷ᠎ᠠ ᠪᠤᠷᠬᠠᠨ ᠤ ᠸᠢᠶᠠᠭᠢᠷᠢᠳ ᠢ ᠳᠤᠷᠠᠳᠤᠨ ᠰᠣᠶᠤᠷᠬ᠎ᠠ ᠲᠡᠭᠦᠨᠴᠢᠯᠡᠨ ᠡᠰᠡ ᠡᠨᠳᠡᠭᠰᠡᠨ
keme:kü neng olan duradqaqui šilüg-ü:d üges γarba:su tendeče Bodistv dörben jüyi:l nom-un qaγa:lγas-i ilete bolγaju qatud-un ayi:maγ-i bolba:sun bolγan üyi:ledüge:d ger-teče γarqui čaγ boluγsan-dur Tüšid tngri-yi:n γajar-a Širidiu-a neretü tngri-yi:n köbegü:n olan mingγan tngri nöküd-iye:r-iye:n nigen-e kümü:n untaqui čaγ-tur irejü duradqan šilüg-iye:r öčir-ün. Qatud-un ayi:maγ-iya:r kürege:legü:ljü yirtinčü dekin-lüge: adali-yi ber üjegü:lbei. Teden-i daγan surulčaγu:lqu-yi:n tulada ger-teče γarqui čaγ činu edüge: bolju amui. Burqan bolqui-yi činu üjey-e keme:n Budabaks-a nom-u:d-i činü sonosuy-a keme:n bürin tngri, asuri, luu, gandarvi bügüdege:r čimayi qaran küličen saγu:n amui. Sonosqui-a sayi:n jöge:len iraγu: daγu:tu Dibangkar-a burqan-u Viyagirid-i duradun soyurq-a. Tegü:nčilen ese endegsen
07a
ᠨᠥᠭᠦᠭᠡ ᠳᠡᠪᠲᠡᠷ ᠳᠣᠯᠤᠭᠠᠨ ᠪᠤᠷᠬᠠᠨ ᠤ ᠳᠠᠭᠤᠨ ᠢ ᠠᠯᠳᠠᠷᠱᠢᠭᠤᠯᠤᠨ ᠰᠣᠶᠤᠷᠬ᠎ᠠ ᠬᠡᠮᠡᠬᠦᠢ ᠲᠡᠷᠢᠭᠦᠲᠡᠨ ᠢᠶᠡᠷ ᠳᠤᠷᠠᠳᠬᠠᠨ ᠥᠴᠢᠪᠡᠢ ᠲᠡᠨᠳᠡᠴᠡ ᠲᠡᠷᠡ ᠶᠡᠬᠡ ᠪᠣᠭᠳᠠ ᠥᠨᠳᠦᠷ ᠤᠷᠤᠭᠤ ᠤᠷᠤᠰᠬᠤᠢ ᠤᠰᠤᠨ ᠳᠤᠷ ᠠᠳᠠᠯᠢ ᠥᠪᠡᠷ᠎ᠡ ᠪᠤᠰᠤᠳ ᠲᠠ ᠳᠤᠷᠠᠳᠬᠠᠭᠤᠯᠬᠤᠢ ᠶᠢ ᠦᠯᠦ ᠬᠡᠷᠡᠭᠯᠡᠬᠦ ᠪᠡᠷ ᠪᠥᠭᠡᠰᠦ ᠶᠢᠷᠲᠢᠨᠴᠦ ᠳᠡᠬᠢᠨ ᠦ ᠲᠥᠷᠦ ᠳᠦᠷ ᠠᠳᠠᠯᠢ ᠠᠪᠤᠷᠢᠯᠠᠵᠤ ᠤᠳᠤᠷᠢᠳᠤᠷ ᠤᠨ ᠲᠡᠶᠢᠨ ᠳᠤᠷᠠᠳᠬᠠᠭᠤᠯᠤᠭᠠᠳ ᠰᠠᠴᠠ ᠡᠷᠲᠡᠨ ᠦ ᠰᠤᠷᠮᠠᠭᠠᠢ ᠶᠡᠬᠡ ᠨᠢᠭᠦᠯᠡᠰᠬᠦᠢ ᠰᠡᠳᠬᠢᠯ᠎ᠡ ᠬᠥᠳᠡᠯᠭᠡᠭᠳᠡᠵᠦ ᠰᠤᠳᠠᠳᠠᠨᠢ ᠬᠠᠭᠠᠨ᠎ᠠ ᠡᠳᠡᠭᠡᠷ ᠵᠡᠭᠦᠳᠦᠨ ᠢ ᠦᠵᠡᠭᠦᠯᠪᠡᠢ ᠦᠳᠡ ᠴᠠᠭ ᠲᠤᠷ ᠪᠣᠳᠢᠰᠲᠸ ᠠᠯ ᠬᠠᠷᠰ᠎ᠠ ᠳᠡᠭᠡᠯ ᠡᠮᠦᠰᠴᠦ ᠬᠠᠮᠤᠭ ᠲᠩᠷᠢ ᠨᠡᠷ ᠦᠨ ᠠᠶᠢᠮᠠᠭ ᠢᠶᠠᠷ ᠬᠦᠷᠡᠭᠡᠯᠡᠭᠦᠯᠵᠦ ᠭᠠᠷᠴᠤ ᠣᠳᠤᠨ ᠪᠦᠬᠦᠢ ᠶᠢ ᠵᠡᠭᠦᠳᠦᠯᠡᠭᠦᠯᠪᠡᠰᠦ ᠰᠤᠳᠠᠳᠠᠨᠢ ᠬᠠᠭᠠᠨ ᠰᠡᠷᠢᠭᠡᠳ ᠰᠠᠴᠠ ᠳᠡᠷᠭᠡᠳᠡ ᠪᠦᠬᠦ ᠬᠤᠨᠳᠠᠬᠢ ᠠᠴᠠ ᠬᠥᠪᠡᠭᠦᠨ ᠬᠠᠲᠤᠳ ᠤᠨ ᠳᠣᠲᠤᠷ᠎ᠠ ᠪᠤᠶᠤᠭᠤ ᠬᠡᠮᠡᠨ ᠠᠰᠠᠭᠪᠠᠰᠤ ᠪᠤᠢ ᠬᠡᠮᠡᠨ ᠥᠭᠦᠯᠡᠪᠡᠢ ᠲᠡᠨᠳᠡᠴᠡ ᠡᠳᠦᠷ ᠴᠠᠶᠢᠭᠰᠠᠨ ᠳᠤᠷ ᠰᠡᠳᠬᠢᠷ ᠦᠨ ᠡᠨᠡ ᠴᠦ ᠬᠥᠪᠡᠭᠦᠨ ᠭᠡᠷ ᠲᠡᠴᠡ ᠭᠠᠷᠬᠤ ᠶᠢᠨ ᠪᠡᠯᠭᠡ ᠪᠦᠶᠦ ᠵ᠎ᠡ
Nögüge: debter. doluγa:n: burqan-u daγu:n-i aldaršiγu:lun soyurq-a keme:küi terigü:ten-iye:r duradqan öčibei. Tendeče tere yeke boγda öndür uruγu: urusqui usun-dur adali öbe:r-e busud-ta duradqaγu:lqui-yi ülü kereglekü ber böge:sü yirtinčü dekin-ü törü-dür adali aburilaju uduridur-un. Teyi:n duradqaγu:luγa:d sača erten-ü surmaγai yeke nigü:lesküi sedkil-e ködelgegdejü Sudadani qaγa:n-a edege:r jegü:dün-i üjegü:lbei. Üde čaγ-tur Bodistv al kars-a dege:l emüsčü qamuγ tngri-ner-ün ayi:maγ-iya:r kürege:legü:ljü γarču odun büküi-yi jegü:dülegü:lbe:sü Sudadani qaγa:n serige:d sača dergede bükü kundaki-a:ča köbegü:n qatud-un dotur-a buyuγu: keme:n asaγba:su bui keme:n ögülebei. Tendeče edür čayi:γsan-dur sedkir-ün: Ene čü köbegü:n ger-teče γarqu-yi:n belge büyü j-e
07b
ᠬᠡᠮᠡᠨ ᠰᠡᠳᠬᠢᠵᠦ ᠬᠠᠪᠤᠷ ᠨᠠᠮᠤᠷ ᠲᠤᠷ ᠬᠦᠶᠢᠲᠡᠨ ᠬᠠᠯᠠᠭᠤᠨ ᠵᠥᠪᠯᠡᠬᠦᠢ ᠵᠤᠨ ᠳᠤᠷ ᠰᠡᠷᠢᠭᠦᠨ ᠡᠪᠦᠯ ᠳᠦᠷ ᠳᠤᠯᠠᠭᠠᠨ ᠭᠤᠷᠪᠠᠨ ᠵᠦᠶᠢᠯ ᠳᠠᠪᠬᠤᠷ ᠬᠡᠶᠢᠳ ᠢ ᠡᠭᠦᠳᠬᠡᠭᠦᠯᠵᠦ ᠲᠠᠪᠤᠨ ᠵᠠᠭᠤᠨ ᠬᠦᠮᠦᠨ᠎ᠡ ᠳᠠᠭᠠᠭᠳᠠᠬᠤᠢ ᠭᠢᠴᠬᠢᠭᠦᠷ ᠢ ᠵᠠᠷᠢᠮ ᠪᠡᠷ᠎ᠡ ᠭᠠᠵᠠᠷ᠎ᠠ ᠰᠣᠨᠣᠰᠳᠠᠬᠤᠢ ᠳᠠᠭᠤᠲᠤ ᠶᠢ ᠡᠭᠦᠳᠬᠡᠭᠦᠯᠪᠡᠢ ᠪᠠᠰᠠ ᠪᠡᠷ ᠰᠠᠨᠠᠭᠴᠢᠳ ᠲᠠ ᠰᠠᠨᠠᠭᠤᠯᠪᠠᠰᠤ ᠬᠡᠷ ᠪᠡᠷ ᠭᠡᠷ ᠲᠡᠴᠡ ᠭᠠᠷᠬᠤ ᠪᠣᠯᠪᠠᠰᠤ ᠮᠠᠩᠭᠠᠯ ᠬᠠᠭᠠᠯᠭ ᠠ ᠠᠴᠠ ᠭᠠᠷᠬᠤ ᠬᠡᠮᠡᠭᠳᠡᠵᠦ ᠲᠡᠷᠡ ᠬᠠᠭᠠᠯᠭ ᠠ ᠶᠢ ᠪᠡᠷ ᠲᠠᠪᠤᠨ ᠵᠠᠭᠤᠨ ᠬᠦᠮᠦᠨ᠎ᠡ ᠲᠦᠯᠬᠢᠪᠡᠰᠦ ᠦᠯᠦ ᠨᠡᠭᠡᠭᠳᠡᠬᠦ ᠵᠠᠷᠢᠮ ᠪᠡᠷ᠎ᠡ ᠭᠠᠵᠠᠷ᠎ᠠ ᠰᠣᠨᠣᠰᠳᠠᠬᠤᠢ ᠳᠠᠭᠤᠲᠤ ᠶᠢ ᠪᠡᠷ ᠡᠭᠦᠳᠬᠡᠭᠦᠯᠪᠡᠢ ᠰᠣᠷᠢᠨᠵᠠᠨ ᠭᠦᠷᠦ ᠲᠡᠮᠦᠷ ᠲᠦᠷ ᠠᠳᠠᠯᠢ ᠬᠦᠮᠦᠨ ᠦ ᠳᠤᠷᠠᠨ ᠢ ᠮᠠᠱᠢᠳᠠ ᠰᠣᠷᠤᠭᠴᠢ ᠡᠯᠳᠡᠪ ᠬᠤᠭᠤᠷ ᠳᠠᠭᠤᠨ ᠢ ᠦᠷᠭᠦᠯᠵᠢ ᠲᠠᠰᠤᠷᠠᠯ ᠦᠭᠡᠢ ᠦᠶᠢᠯᠡᠳᠬᠡᠪᠡᠢ ᠲᠡᠶᠢᠨ ᠠᠲᠠᠯᠠ ᠨᠢᠭᠡᠨ ᠴᠠᠭ ᠲᠤᠷ ᠪᠣᠳᠢᠰᠲᠸ ᠡᠨᠡ ᠡᠳᠦᠷ ᠪᠢ ᠴᠡᠴᠡᠭᠯᠢᠭ ᠲᠦᠷ ᠤᠶᠢᠳᠬᠠᠷᠯᠠᠨ ᠣᠳᠰᠤᠭᠠᠢ ᠬᠡᠮᠡᠨ ᠵᠢᠯᠤᠭᠠᠳᠠᠭᠴᠢ ᠰᠠᠷᠠᠲᠢ ᠳᠠ ᠥᠭᠦᠯᠡᠪᠡᠰᠦ ᠰᠤᠳᠠᠳᠠᠨᠢ ᠬᠠᠭᠠᠨ ᠰᠣᠨᠣᠰᠴᠤ ᠡᠨᠡ ᠡᠳᠦᠷ ᠡᠴᠡ ᠳᠣᠯᠤᠳᠤᠭᠠᠷ ᠡᠳᠦᠷ ᠲᠦᠷ ᠬᠦᠷᠲᠡᠯᠡ ᠠᠷ ᠵᠡᠮᠳᠡᠭ ᠠᠮᠠᠩᠭᠠᠯ ᠮᠠᠭᠤᠢ ᠪᠡᠯᠭᠡᠰ ᠢ ᠠᠷᠢᠯᠭᠠᠵᠤ ᠥᠯᠵᠡᠢᠲᠦ
keme:n sedkijü qabur namur-tur küyi:ten qalaγu:n jöbleküi, jun-dur serigü:n, ebül-dür dulaγa:n, γurban jüyi:l dabqur keyi:d-i egü:dkegü:ljü tabun jaγu:n kümü:n-e daγa:γdaqui gičkigü:r-i jarim be:r-e γajar-a sonosdaqui daγu:tu-yi egü:dkegü:lbei. Basa ber sanaγčid-ta sanaγu:lba:su ker ber ger-teče γarqu bolba:su Manggal qaγa:lγ-a-a:ča γarqu keme:gdejü tere qaγa:lγ-a-yi ber tabun jaγu:n kümü:n-e tülkibe:sü ülü nege:gdekü. Jarim be:r-e γajar-a sonosdaqui daγu:tu-yi ber egü:dkegü:lbei. Sorinjan gürü temür-tür adali kümü:n-ü duran-i mašida soruγči eldeb quγu:r daγu:n-i ürgülji tasural ügei üyi:ledkebei. Teyi:n atala nigen čaγ-tur Bodistv ene edür bi čečeglig-tür uyi:dqarlan odsuγai keme:n jiluγa:daγči Sarati-da ögülebe:sü Sudadani qaγa:n sonosču ene edür-e:če doluduγa:r edür-tür kürtele ar jemdeg amanggal maγu:i belges-i arilγaju öljeitü
08a
ᠨᠥᠭᠦᠭᠡ ᠳᠡᠪᠲᠡᠷ ᠨᠠᠢᠮᠠᠨ ᠬᠤᠲᠤᠭᠲᠤ ᠦᠵᠡᠬᠦᠢ᠎ᠡ ᠰᠠᠶᠢᠨ ᠡᠳ ᠢ ᠨᠢᠳᠦᠨ ᠦ ᠢᠯᠡᠲᠡ ᠪᠣᠯᠭᠠᠳᠬᠤᠨ ᠬᠡᠮᠡᠨ ᠵᠠᠰᠠᠭᠤᠯᠪᠠᠢ ᠲᠡᠨᠳᠡᠴᠡ ᠳᠣᠯᠤᠳᠤᠭᠠᠷ ᠡᠳᠦᠷ ᠲᠦᠷ ᠪᠣᠳᠢᠰᠲᠸ ᠨᠥᠬᠦᠳ ᠦᠨ ᠠᠶᠢᠮᠠᠭ ᠢᠶᠠᠷ ᠶᠡᠬᠡᠳᠡ ᠴᠢᠮᠡᠵᠦ ᠳᠣᠷᠤᠨᠠᠳᠤ ᠬᠠᠭᠠᠯᠭ ᠠ ᠪᠠᠷ ᠭᠠᠷᠴᠤ ᠴᠡᠴᠡᠭᠯᠢᠭ ᠲᠦᠷ ᠣᠳᠬᠤᠢ ᠲᠡᠷᠭᠡᠭᠦᠷ ᠲᠦᠷ ᠠᠷᠢᠭᠤᠨ ᠣᠷᠣᠨ ᠳᠠᠬᠢ ᠨᠢᠭᠡᠨ ᠲᠩᠷᠢ ᠶᠢᠨ ᠬᠥᠪᠡᠭᠦᠨ ᠡᠪᠦᠭᠡᠨ ᠪᠣᠯᠤᠨ ᠬᠤᠪᠢᠯᠵᠤ ᠢᠷᠡᠭᠰᠡᠨ ᠢ ᠪᠣᠳᠢᠰᠲᠸ ᠦᠵᠡᠵᠦ ᠮᠡᠳᠡᠭᠡᠳ ᠰᠠᠷᠠᠲᠢ ᠠᠴᠠ ᠠᠰᠠᠭᠤᠷ ᠤᠨ ᠦᠰᠦᠨ ᠢᠶᠡᠨ ᠰᠠᠬᠠᠯ ᠢᠶᠠᠨ ᠴᠠᠶᠢᠵᠤ ᠦᠯᠡᠮᠵᠢ ᠮᠠᠱᠢ ᠪᠥᠬᠡᠶᠢᠭᠰᠡᠨ ᠠᠮᠠᠨ ᠳᠠᠬᠢᠱᠢᠳᠦᠨ ᠢᠶᠡᠨ ᠪᠠᠷᠠᠵᠤ ᠠᠰᠤᠷᠤ ᠮᠠᠱᠢ ᠰᠠᠷᠢᠰᠤᠯᠠᠭᠰᠠᠨ ᠰᠤᠳᠠᠯ ᠭᠦᠷᠡᠯ ᠢᠯᠡ ᠪᠣᠯᠵᠤ ᠰᠣᠷᠪᠢ ᠪᠡᠷᠢᠭᠡ ᠱᠢᠲᠦᠭᠰᠡᠨ ᠢᠭ ᠢᠭ ᠬᠡᠮᠡᠨ ᠬᠠᠨᠢᠭᠠᠵᠤ ᠢᠷᠬᠢᠷᠠᠬᠤᠢ ᠳᠠᠭᠤᠲᠤ ᠡᠨᠡ ᠶᠠᠭᠤᠨ ᠪᠤᠢ ᠬᠡᠮᠡᠨ ᠠᠰᠠᠭᠪᠠᠰᠤ ᠰᠠᠷᠠᠲᠢ ᠥᠭᠦᠯᠡᠷ ᠦᠨ ᠦᠯᠡᠮᠵᠢ ᠢᠳᠡᠷ ᠴᠠᠭ ᠳᠠᠬᠢ ᠡᠷᠳᠡᠮ ᠢᠶᠡᠨ ᠪᠠᠷᠠᠵᠤ ᠥᠪᠡᠷ ᠦᠨ ᠤᠷᠤᠭ᠎ᠠ ᠪᠡᠷ ᠱᠢᠭᠤᠯᠠᠭᠳᠠᠭᠰᠠᠨ ᠦᠬᠦᠯ ᠳᠦᠷ ᠣᠶᠢᠷ᠎ᠠ ᠪᠣᠯᠤᠭᠰᠠᠨ ᠥᠲᠡᠯᠬᠦᠢ ᠬᠡᠮᠡᠭᠳᠡᠬᠦ ᠡᠨᠡ ᠪᠦᠢ ᠬᠡᠮᠡᠪᠡᠰᠦ ᠪᠣᠳᠢᠰᠲᠸ ᠥᠭᠦᠯᠡᠷ ᠦᠨ ᠡᠭᠦᠨᠦ ᠤᠷᠤᠭ ᠤᠨ ᠤᠳᠤᠮ ᠳᠤᠷ ᠡᠶᠢᠨ ᠪᠣᠯᠤᠮᠤ ᠤᠤ ᠡᠰᠡ ᠪᠥᠭᠡᠰᠦ ᠭᠠᠵᠠᠷ
Nögüge: debter. naiman: qutuγtu üjeküi-e sayi:n ed-i nidün-ü ilete bolγadqun keme:n jasaγu:lbai. Tendeče doluduγa:r edür-tür Bodistv nöküd-ün ayi:maγ-iya:r yekede čimejü dorunadu qaγa:lγ-a-ba:r γarču čečeglig-tür odqui tergegü:r-tür ariγu:n oron daki nigen tngri-yi:n köbegü:n ebügen bolun qubilju iregsen-i Bodistv üjejü medege:d Sarati-a:ča asaγu:r-un: Üsün-iye:n saqal-iya:n čayi:ju ülemji maši bökeyi:gsen aman dakišidün-iye:n baraju asuru maši sarisulaγsan sudal gürel ile bolju sorbi berige: šitügsen iγ iγ keme:n qaniγa:ju irkiraqui daγu:tu ene yaγu:n bui keme:n asaγba:su Sarati ögüler-ün: Ülemji ider čaγ daki erdem-iye:n baraju öbe:r-ün uruγ-a ber šiγu:laγdaγsan ükül-dür oyi:r-a boluγsan ötelküi keme:gdekü ene büi keme:be:sü Bodistv ögüler-ün: Egü:nü uruγ-un udum-dur eyi:n bolumu uu. Ese böge:sü γajar
08b
ᠤᠰᠤᠨ ᠤ ᠲᠥᠷᠦ ᠦᠦ ᠪᠦᠢ ᠬᠡᠮᠡᠪᠡᠰᠦ ᠰᠠᠷᠠᠲᠢ ᠥᠭᠦᠯᠡᠷ ᠦᠨ ᠲᠩᠷᠢ ᠮᠢᠨᠦ᠎ᠡ ᠲᠡᠶᠢᠨ ᠪᠤᠰᠤ ᠪᠤᠢ ᠳᠡᠭᠡᠳᠦ ᠡᠴᠢᠭᠡ ᠡᠬᠡ ᠴᠢᠨᠦ ᠲᠡᠷᠢᠭᠦᠯᠡᠨ ᠳᠡᠯᠡᠬᠡᠢ ᠳᠡᠬᠢᠨ ᠠᠮᠢᠲᠠᠨ ᠡᠯᠡ ᠪᠦᠭᠦᠳᠡᠨ᠎ᠡ ᠲᠡᠭᠱᠢ ᠬᠦᠷᠲᠡᠬᠦᠢ ᠲᠥᠷᠦ ᠪᠦᠢ ᠬᠡᠮᠡᠪᠡᠰᠦ ᠪᠣᠳᠢᠰᠲᠸ ᠥᠭᠦᠯᠡᠷ ᠦᠨ ᠬᠠᠮᠤᠭ ᠢᠶᠠᠷ ᠪᠡᠷ ᠨᠡᠢ ᠡᠨᠡ ᠮᠥᠷ ᠡᠴᠡ ᠭᠠᠷᠴᠤ ᠵᠠᠶᠢᠯᠠᠨ ᠦᠯᠦ ᠴᠢᠳᠠᠬᠤ ᠪᠥᠭᠡᠰᠦ ᠬᠠᠯᠠᠭᠠᠷ ᠵᠠᠭᠤᠷ᠎ᠠ ᠵᠠᠯᠠᠭᠤ ᠪᠠᠨ ᠵᠢᠭᠠᠵᠤ ᠭᠠᠶᠢᠬᠠᠯᠳᠤᠨ ᠵᠢᠷᠭᠠᠯᠳᠤᠨ ᠤ ᠬᠡᠷᠡᠭ ᠢᠨᠦ ᠨᠠᠳᠤᠷ ᠶᠠᠭᠤᠨ ᠪᠤᠢ ᠲᠡᠷᠭᠡᠨ ᠢ ᠬᠠᠷᠢᠭᠤᠯ ᠰᠠᠷᠠᠲᠢ᠎ᠠ ᠲᠡᠭᠦᠨ ᠡᠴᠡ ᠲᠣᠨᠢᠯᠬᠤᠢ ᠤᠳᠬ ᠠ ᠶᠢ ᠭᠠᠭᠴᠠᠭᠠᠷ ᠰᠠᠭᠤᠵᠤ ᠰᠡᠳᠬᠢᠰᠦᠭᠡᠢ ᠬᠡᠮᠡᠨ ᠬᠠᠷᠢᠵᠤ ᠬᠠᠷᠱᠢ ᠳᠤᠷ ᠢᠶᠠᠨ ᠣᠷᠤᠪᠠᠢ ᠲᠡᠨᠳᠡᠴᠡ ᠪᠠᠰᠠ ᠨᠢᠭᠡᠨ ᠴᠠᠭ ᠲᠤᠷ ᠲᠡᠭᠦᠨᠴᠢᠯᠡᠨ ᠡᠮᠦᠨ ᠡ ᠳᠦ ᠬᠠᠭᠠᠯᠭ ᠠ ᠪᠠᠷ ᠭᠠᠷᠴᠤ ᠣᠳᠬᠤᠢ ᠲᠡᠷᠭᠡᠭᠦᠷ ᠦᠨ ᠳᠡᠷᠭᠡᠳᠡ ᠡᠨᠡᠯᠦᠨ ᠱᠢᠨᠠᠯᠤᠨ ᠬᠡᠪᠲᠡᠬᠦᠢ ᠡᠪᠡᠴᠢᠨ ᠬᠦᠮᠦᠨ ᠢ ᠦᠵᠡᠵᠦ ᠠᠰᠠᠭᠤᠷ ᠤᠨ ᠥᠩᠭᠡ ᠴᠢᠷᠠᠢ ᠪᠠᠨ ᠠᠯᠳᠠᠵᠤ ᠦᠰᠦᠨ ᠢᠶᠡᠨ ᠰᠡᠪᠰᠦᠶᠢᠭᠰᠡᠨ ᠦᠲᠡᠯᠡ ᠦᠲᠡᠯᠡ ᠠᠮᠢᠰᠬᠤᠨ ᠶᠠᠳᠠᠨ ᠣᠩᠭᠣᠯᠢᠵᠤ ᠦᠯᠡᠮᠵᠢ ᠠᠰᠤᠷᠤ ᠮᠠᠱᠢ ᠲᠤᠷᠤᠭᠰᠠᠨ ᠪᠤᠷᠲᠠᠭ ᠲᠤᠷ ᠪᠤᠳᠤᠯᠢᠵᠤ ᠪᠣᠰᠬᠤᠢ ᠬᠦᠴᠦᠨ ᠪᠠᠷᠠᠭᠰᠠᠨ
usun-u törü üü büi keme:be:sü Sarati ögüler-ün: Tngri minü-e: teyi:n busu bui. Dege:dü ečige eke činü terigü:len delekei dekin amitan ele bügüden-e tegši kürteküi törü büi keme:be:sü Bodistv ögüler-ün: Qamuγ-iya:r ber nei ene mör-e:če γarču jayi:lan ülü čidaqu böge:sü qalaγar jaγu:r-a jalaγu:-ba:n jiγa:ju γayi:qaldun jirγaldun-u kereg inü nadur yaγu:n bui. Tergen-i qariγu:l Sarati-a Tegü:n-e:če tonilqui udq-a-yi γaγčaγa:r saγu:ju sedkisügei keme:n qariju qarši-dur-iya:n orubai. Tendeče basa nigen čaγ-tur tegü:nčilen emün-e-dü qaγa:lγ-a-ba:r γarču odqui tergegü:r-ün dergede enelün šinalun kebteküi ebečin kümü:n-i üjejü asaγu:r-un. Öngge čirai-ba:n aldaju üsün-iye:n sebsüyi:gsen ütele ütele amisqun yadan ongγoliju ülemji asuru maši turuγsan burtaγ-tur buduliju bosqui küčün baraγsan
09a
ᠨᠥᠭᠦᠭᠡ ᠳᠡᠪᠲᠡᠷ ᠶᠢᠰᠦᠨ ᠬᠡᠭᠡᠯᠢ ᠪᠡᠨ ᠨᠠᠷᠢᠳᠴᠤ ᠭᠡᠨᠦᠭᠴᠢ ᠡᠨᠡ ᠶᠠᠭᠤᠨ ᠪᠤᠢ ᠬᠡᠮᠡᠨ ᠠᠰᠠᠭᠪᠠᠰᠤ ᠰᠠᠷᠠᠲᠢ ᠥᠭᠦᠯᠡᠷ ᠦᠨ ᠡᠷᠬᠡᠲᠡᠨ ᠦ ᠬᠦᠴᠦᠨ ᠱᠢᠨᠲᠠᠷᠠᠵᠤ ᠡᠪᠡᠳᠬᠦᠢ ᠬᠠᠳᠬᠤᠯᠠᠬᠤᠢ ᠪᠠᠷ ᠵᠣᠪᠠᠭᠤᠯᠳᠠᠵᠤ ᠡᠷᠬᠯᠢᠭ ᠬᠠᠭᠠᠨ ᠤ ᠵᠦᠭ ᠲᠦᠷ ᠵᠦᠭᠯᠡᠭᠰᠡᠨ ᠡᠪᠡᠳᠴᠢᠨ ᠬᠡᠮᠡᠭᠳᠡᠬᠦ ᠡᠨᠡ ᠪᠦᠢ ᠬᠡᠮᠡᠨ ᠥᠭᠦᠯᠡᠪᠡᠰᠦ ᠪᠣᠳᠢᠰᠲᠸ ᠥᠭᠦᠯᠡᠷ ᠦᠨ ᠡᠯᠡᠭᠦᠷ ᠲᠡᠬᠢ ᠵᠢᠷᠭᠠᠯᠠᠩ ᠪᠠ ᠵᠡᠭᠦᠳᠡᠨ ᠮᠡᠲᠦ ᠡᠨᠡᠯᠬᠦᠢ ᠪᠡᠷ ᠳᠠᠭᠤᠰᠬᠤᠢ᠎ᠠ ᠪᠡᠷᠬᠡ ᠮᠠᠱᠢ ᠠᠶᠤᠯᠲᠤ ᠡᠶᠢᠮᠦ ᠶᠢ ᠦᠵᠡᠵᠦ ᠮᠡᠷᠭᠡᠳ ᠬᠡᠷᠬᠢᠵᠦ ᠡᠨᠳᠡ ᠵᠢᠷᠭᠠᠯᠠᠩ ᠢ ᠲᠠᠭᠠᠯᠠᠬᠤᠢ ᠰᠡᠳᠬᠢᠯ ᠢ ᠲᠥᠷᠦᠭᠦᠯᠬᠦ ᠬᠡᠮᠡᠨ ᠥᠭᠦᠯᠡᠵᠦ ᠲᠡᠷᠭᠡᠨ ᠢ ᠬᠠᠷᠢᠭᠤᠯ ᠰᠠᠷᠠᠲᠢ ᠠ ᠬᠡᠮᠡᠨ ᠬᠠᠷᠢᠵᠤ ᠬᠠᠷᠱᠢ ᠳᠤᠷ ᠢᠶᠠᠨ ᠣᠷᠤᠪᠠᠢ ᠲᠡᠨᠳᠡᠴᠡ ᠪᠠᠰᠠ ᠨᠢᠭᠡᠨ ᠴᠠᠭ ᠲᠤᠷ ᠲᠡᠭᠦᠨᠴᠢᠯᠡᠨ ᠥᠷᠦᠨ ᠡ ᠳᠦ ᠬᠠᠭᠠᠯᠭ ᠠ ᠪᠠᠷ ᠭᠠᠷᠴᠤ ᠣᠳᠬᠤᠢ ᠳᠤᠷ ᠡᠰᠷᠤᠠ ᠲᠩᠷᠢ ᠦᠬᠦᠭᠰᠡᠨ ᠬᠦᠮᠦᠨ ᠪᠣᠯᠤᠨ ᠬᠤᠪᠢᠯᠵᠤ ᠵᠠᠷᠢᠮ ᠠᠨᠤ ᠤᠶᠢᠯᠠᠨ ᠵᠠᠷᠢᠮ ᠠᠨᠤ ᠡᠪᠴᠡᠭᠦᠪᠡᠨ
Nögüge: debter. yisün: kege:li-be:n nari:dču genügči ene yaγu:n bui keme:n asaγba:su Sarati ögüler-ün: Erketen-ü küčün šintaraju ebedküi qadqulaqui-ba:r jobaγu:ldaju erklig qaγa:n-u jüg-tür jüglegsen ebedčin keme:gdekü ene büi keme:n ögülebe:sü Bodistv ögüler-ün elegü:r teki jirγalang ba jegü:den metü enelküi ber daγu:squi-a berke maši ayultu eyi:mü-yi üjejü merged kerkijü ende jirγalang-i taγa:laqui sedkil-i törügü:lkü keme:n ögülejü tergen-i qariγu:l Sarati a keme:n qariju qarši-dur-iya:n orubai. Tendeče basa nigen čaγ-tur tegü:nčilen örün-e-dü qaγa:lγ-a-ba:r γarču odqui-dur Esrua tngri ükügsen kümü:n bolun qubilju jarim anu uyi:lan jarim anu ebčegü:be:n
09b
ᠳᠡᠯᠡᠳᠳᠦᠨ ᠵᠠᠷᠢᠮ ᠠᠨᠤ ᠦᠰᠦᠨ ᠢᠶᠡᠨ ᠴᠤᠴᠠᠯᠤᠨ ᠵᠠᠷᠢᠮ ᠠᠨᠤ ᠪᠡᠶ ᠡ ᠶᠢ ᠠᠨᠤ ᠠᠪᠰᠠᠨ ᠳᠤ ᠣᠷᠤᠭᠤᠯᠤᠨ ᠵᠠᠷᠢᠮ ᠠᠨᠤ ᠦᠬᠦᠳᠡᠯ ᠳᠦᠷ ᠠᠪᠴᠤ ᠣᠳᠬᠤᠢ ᠲᠡᠷᠢᠭᠦᠲᠡᠨ ᠢ ᠦᠵᠡᠭᠦᠯᠦᠭᠰᠡᠨ ᠳᠦᠷ ᠲᠡᠭᠦᠨ ᠢ ᠦᠵᠡᠵᠦ ᠬᠠᠨ ᠬᠥᠪᠡᠭᠦᠨ ᠰᠠᠷᠠᠲᠢ ᠠᠴᠠ ᠠᠰᠠᠭᠤᠷ ᠤᠨ ᠦᠯᠦ ᠬᠥᠳᠡᠯᠦᠨ ᠭᠡᠳᠡᠷᠭᠦ ᠬᠡᠪᠲᠡᠵᠦ ᠣᠯᠠᠨ᠎ᠠ ᠳᠠᠩ ᠳᠤᠷ ᠡᠷᠭᠦᠭᠦᠯᠦᠭᠰᠡᠨ ᠦᠰᠦᠨ ᠢᠶᠡᠨ ᠴᠤᠴᠠᠯᠵᠤ ᠡᠯᠳᠡᠪᠴᠢᠯᠡᠨ ᠤᠭᠢᠯᠠᠭᠠᠳ ᠠᠷᠠᠳ ᠢᠶᠠᠷ ᠳᠠᠭᠠᠭᠤᠯᠤᠭᠰᠠᠨ ᠠᠰᠤᠷᠤ ᠣᠯᠠᠨ ᠢᠶᠠᠷ ᠬᠦᠷᠢᠶᠡᠯᠡᠭᠦᠯᠵᠦ ᠠᠪᠴᠤ ᠣᠳᠬᠤᠢ ᠡᠨᠡ ᠶᠠᠭᠤᠨ ᠪᠤᠢ ᠬᠡᠮᠡᠨ ᠠᠰᠠᠭᠪᠠᠰᠤ ᠰᠠᠷᠠᠲᠢ ᠥᠭᠦᠯᠡᠷ ᠦᠨ ᠤᠷᠤᠭᠱᠢᠳᠠ ᠡᠴᠢᠭᠡ ᠡᠬᠡ ᠲᠡᠷᠢᠭᠦᠲᠡᠨ ᠦᠷᠢ ᠰᠠᠳᠤᠳ ᠡᠳ ᠲᠠᠸᠠᠷ ᠬᠢᠭᠡᠳ ᠢ ᠦᠯᠦ ᠣᠯᠵᠤ ᠦᠵᠡᠬᠦᠢ ᠦᠬᠦᠪᠡᠢ ᠬᠡᠮᠡᠬᠦ ᠡᠨᠡ ᠪᠦᠢ ᠬᠡᠮᠡᠪᠡᠰᠦ ᠪᠣᠳᠢᠰᠲᠸ ᠥᠭᠦᠯᠡᠷ ᠦᠨ ᠥᠲᠡᠯᠬᠦᠢ ᠨᠣᠮᠲᠤ ᠶᠢ ᠵᠠᠯᠠᠭᠤ ᠬᠡᠮᠡᠨ ᠡᠪᠡᠳᠬᠦᠢ ᠨᠣᠮᠲᠤ ᠶᠢ ᠡᠯᠡᠭᠦᠷ ᠬᠡᠮᠡᠨ ᠦᠬᠦᠬᠦᠢ ᠨᠣᠮᠲᠤ ᠶᠢ ᠠᠮᠢᠳᠤ ᠬᠡᠮᠡᠨ ᠰᠡᠳᠬᠢᠭᠰᠡᠨ ᠦ ᠭᠠᠪᠢᠶ᠎ᠠ ᠢᠨᠤ ᠠᠯᠢ ᠪᠤᠢ ᠲᠠᠬᠢ ᠥᠲᠡᠯᠬᠦᠢ ᠦᠬᠦᠬᠦᠢ ᠦᠭᠡᠢ ᠪᠥᠭᠡᠰᠦ ᠪᠡᠷ ᠲᠠᠪᠤᠨ ᠴᠣᠭᠴᠠᠰ ᠢ ᠮᠢᠨᠦᠭᠡᠢ ᠬᠡᠮᠡᠨ ᠡᠵᠡᠯᠡᠭᠰᠡᠨ ᠢᠶᠡᠷ ᠳᠠᠭᠤᠰᠬᠤᠢ᠎ᠠ ᠪᠡᠷᠬᠡ ᠲᠡᠳᠡ ᠵᠣᠪᠠᠯᠠᠩ ᠤᠳ
deleddün jarim anu üsün-iye:n čučalun jarim anu bey-e-yi anu absan-du oruγu:lun jarim anu üküdel-dür abču odqui terigü:ten-i üjegü:lügsen-dür tegü:n-i üjejü qan köbegü:n Sarati-a:ča asaγu:r-un: Ülü ködelün gedergü kebtejü olan-a dang-dur ergügü:lügsen üsün-iye:n čučalju eldebčilen ugi:laγa:d arad-iya:r daγaγu:luγsan asuru olan-iya:r küriye:legü:ljü abču odqui ene yaγu:n bui keme:n asaγba:su Sarati ögüler-ün: Uruγšida ečige eke terigü:ten üri sadud ed tavar ki:ge:d-i ülü olju üjeküi. Ükübei keme:kü ene büi keme:be:sü Bodistv ögüler-ün: Ötelküi nomtu-yi jalaγu: keme:n ebedküi nomtu-yi elegü:r keme:n üküküi nomtu-yi amidu keme:n sedkigsen-ü γabiy-a: inu ali bui. Taki ötelküi üküküi ügei böge:sü ber tabun čoγčas-i minügei keme:n ejelegsen-iye:r daγu:squi-a berke tede jobalang-u:d
10a
ᠨᠥᠭᠦᠭᠡ ᠳᠡᠪᠲᠡᠷ ᠠᠷᠪᠠᠨ ᠳᠠᠭᠠᠵᠤ ᠶᠠᠪᠤᠬᠤ ᠶᠢ ᠴᠤ ᠶᠠᠭᠤᠨ ᠥᠭᠦᠯᠡᠲᠡᠯᠡ ᠬᠠᠷᠢᠨ ᠵᠢᠯᠤᠭᠠᠳ ᠰᠠᠷᠠᠲᠢ ᠠ ᠭᠠᠱᠢᠭᠤᠨ ᠵᠣᠪᠠᠯᠠᠩ ᠠᠴᠠ ᠲᠣᠨᠢᠯᠬᠤᠢ ᠭᠠᠶᠢᠬᠠᠮᠱᠢᠭ ᠠᠷᠭ ᠠ ᠶᠢ ᠡᠷᠢᠰᠦᠭᠡᠢ ᠬᠡᠮᠡᠨ ᠬᠠᠷᠢᠵᠤ ᠬᠠᠷᠱᠢ ᠳᠤᠷ ᠢᠶᠠᠨ ᠣᠷᠤᠪᠠᠢ ᠲᠡᠨᠳᠡᠴᠡ ᠪᠠᠰᠠ ᠨᠢᠭᠡᠨ ᠴᠠᠭ ᠲᠤᠷ ᠦᠮᠡᠳᠦ ᠬᠠᠭᠠᠯᠭ ᠠ ᠪᠠᠷ ᠭᠠᠷᠴᠤ ᠣᠳᠬᠤᠢ ᠲᠡᠷᠭᠡᠭᠦᠷ ᠲᠦᠷ ᠨᠢᠭᠡᠨ ᠲᠣᠶᠢᠨ ᠬᠦᠮᠦᠨ ᠢ ᠦᠵᠡᠵᠦ ᠤᠷᠢᠳᠤ ᠶᠣᠰᠤᠭᠠᠷ ᠮᠡᠳᠡᠭᠡᠳ ᠰᠠᠷᠠᠲᠢ ᠠᠴᠠ ᠠᠰᠠᠭᠤᠷ ᠤᠨ ᠠᠮᠤᠷᠯᠢᠩᠭᠤᠢ ᠠᠴᠠ ᠪᠡᠷ ᠠᠮᠤᠷᠯᠢᠭᠰᠠᠨ ᠰᠡᠳᠬᠢᠯ ᠢᠶᠡᠷ ᠶᠠᠪᠤᠷ ᠤᠨ ᠨᠢᠳᠦᠨ ᠢᠶᠡᠨ ᠬᠠᠪᠠᠷ ᠤᠨ ᠦᠵᠦᠭᠦᠷ ᠲᠦᠷ ᠪᠠᠭᠤᠯᠤᠭᠰᠠᠨ ᠠᠯ ᠬᠠᠷᠰ᠎ᠠ ᠡᠮᠦᠰᠴᠦ ᠬᠠᠷ᠎ᠠ ᠪᠠᠳᠢᠷ ᠪᠠᠷᠢᠭᠰᠠᠨ ᠣᠮᠤᠭ ᠦᠭᠡᠢ ᠠᠮᠤᠷ ᠯᠢᠩᠭᠤᠢ ᠶᠠᠪᠤᠳᠠᠯ ᠲᠤ ᠡᠨᠡ ᠬᠡᠨ ᠪᠣᠯᠪᠠᠢ ᠬᠡᠮᠡᠨ ᠠᠰᠠᠭᠪᠠᠰᠤ ᠰᠠᠷᠠᠲᠢ ᠥᠭᠦᠯᠡᠷ ᠦᠨ ᠲᠩᠷᠢ ᠮᠢᠨᠦ᠎ᠡ ᠡᠨᠡ ᠬᠡᠮᠡᠪᠡᠰᠦ ᠲᠠᠴᠢᠶᠠᠩᠭᠤ ᠶᠢᠨ ᠵᠢᠷᠭᠠᠯᠠᠩ ᠢ ᠲᠡᠪᠴᠢᠵᠦ ᠳᠡᠭᠡᠳᠦ ᠠᠮᠤᠷᠯᠢᠭᠰᠠᠨ ᠬᠤᠲᠤᠭ ᠢ ᠡᠷᠢᠷ ᠦᠨ ᠭᠠᠭᠴᠠ ᠪᠢᠨᠸᠠᠳ ᠲᠤᠷ ᠳᠤᠯᠳᠤᠶᠢᠳᠤᠭ ᠴᠢ ᠲᠣᠶᠢᠨ ᠬᠡᠮᠡᠭᠳᠡᠬᠦ ᠡᠨᠡ ᠪᠦᠢ
Nögüge: debter. arban: daγaju yabuqu-yi ču yaγu:n ögületele qarin jiluγa:d Sarati a γašiγu:n jobalang-a:ča tonilqui γayi:qamšiγ arγ-a-yi erisügei keme:n qariju qarši-dur-iya:n orubai. Tendeče basa nigen čaγ-tur ümedü qaγa:lγ-a-ba:r γarču odqui tergegü:r-tür nigen toyin kümü:n-i üjejü uridu yosuγa:r medege:d Sarati-a:ča asaγu:r-un: Amurlingγui-a:ča ber amurliγsan sedkil-iye:r yabur-un nidün-iye:n qabar-un üjügü:r-tür baγu:luγsan al kars-a emüsčü qar-a badir bariγsan omuγ ügei amur-lingγui yabudal-tu ene ken bolbai keme:n asaγba:su Sarati ögüler-ün: Tngri minü-e: ene keme:be:sü tačiya:ngγu-yi:n jirγalang-i tebčijü dege:dü amurliγsan qutuγ-i erir-ün. γaγča binvad-tur dulduyi:duγ-či toyin keme:gdekü ene büi
10b
ᠬᠡᠮᠡᠪᠡᠰᠦ ᠪᠣᠳᠢᠰᠲᠸ ᠥᠭᠦᠯᠡᠷ ᠦᠨ ᠦᠨᠡᠨ ᠰᠠᠶᠢᠲᠤᠷ ᠥᠭᠦᠯᠡᠪᠡᠢ ᠴᠢ ᠪᠢ ᠪᠡᠷ ᠡᠭᠦᠨᠢ ᠬᠦᠰᠡᠮᠦᠢ ᠠᠬᠤᠢ᠎ᠠ ᠬᠢᠯᠪᠠᠷ ᠡᠴᠦᠰ ᠲᠦᠷ ᠬᠤᠲᠤᠭ ᠢ ᠣᠯᠭᠠᠭᠤᠯᠤᠭᠴᠢ ᠥᠪᠡᠷ ᠲᠦᠷ ᠪᠠ ᠪᠤᠰᠤᠳ ᠲᠠ ᠲᠤᠰᠠᠲᠤ ᠲᠣᠶᠢᠨ ᠪᠣᠯᠬᠤᠢ ᠶᠢ ᠡᠷᠲᠡᠨ ᠦ ᠬᠤᠲᠤᠭᠲᠠᠨ᠎ᠠ ᠰᠠᠶᠢᠱᠢᠶᠠᠭᠳᠠᠭᠰᠠᠨ ᠲᠥᠷᠦ ᠪᠦᠢ ᠬᠡᠮᠡᠨ ᠲᠣᠶᠢᠨ ᠤ ᠵᠦᠭ ᠲᠦᠷ ᠵᠢᠯᠤᠭᠠᠪᠠᠨ ᠲᠠᠲᠠᠭᠤᠯᠵᠤ ᠠᠷᠢᠭᠤᠨ ᠸᠢᠨᠠᠢ ᠶᠢᠨ ᠶᠠᠪᠤᠳᠠᠯ ᠢ ᠬᠡᠯᠡᠯᠳᠦᠵᠦ ᠭᠡᠷ ᠲᠡᠴᠡ ᠭᠡᠷ ᠦᠭᠡᠢ ᠭᠠᠷᠬᠤᠢ ᠶᠢ ᠬᠦᠰᠡᠵᠦ ᠬᠠᠷᠢᠵᠤ ᠬᠠᠷᠱᠢ ᠳᠤᠷ ᠢᠶᠠᠨ ᠣᠷᠤᠪᠠᠢ ᠲᠡᠷᠡ ᠴᠠᠭ ᠲᠤᠷ ᠲᠡᠭᠦᠨᠴᠡ ᠪᠡᠷ ᠪᠤᠰᠤ ᠬᠤᠨ ᠭᠠᠯᠠᠭᠤᠨ ᠲᠡᠷᠢᠭᠦᠲᠡᠨ ᠦᠯᠦ ᠳᠣᠩᠭᠤᠳᠤᠨ ᠲᠡᠷᠢᠭᠦᠪᠡᠨ ᠳᠠᠷᠤᠵᠤ ᠠᠬᠤᠢ ᠬᠢᠭᠡᠳ ᠴᠡᠭᠡᠯ ᠨᠠᠭᠤᠳ ᠱᠢᠷᠭᠢᠵᠦ ᠣᠢ ᠮᠣᠳ ᠠᠴᠠ ᠨᠠᠪᠴᠢᠨ ᠴᠡᠴᠡᠭ ᠦᠯᠦ ᠳᠡᠯᠭᠡᠷᠡᠭᠡᠳ ᠡᠯᠳᠡᠪ ᠬᠤᠭᠤᠷ ᠤᠨ ᠴᠢᠪᠬᠠᠰᠤᠨ ᠲᠠᠰᠤᠷᠠᠵᠤ ᠪᠢᠯᠢᠷ ᠬᠡᠩᠭᠡᠷᠭᠡ ᠬᠠᠭᠠᠷᠠᠭᠠᠳ ᠬᠠᠮᠤᠭ ᠬᠦᠮᠦᠨ ᠪᠡᠷ ᠳᠤᠷᠠᠨ ᠭᠤᠲᠤᠵᠤ ᠲᠡᠩᠴᠢᠷᠡᠵᠦ ᠥᠯ ᠱᠢᠮ᠎ᠡ ᠦᠭᠡᠢ ᠪᠣᠯᠤᠭᠰᠠᠨ ᠪᠡᠯᠭᠡᠰ ᠢ ᠦᠵᠡᠵᠦ ᠰᠤᠳᠠᠳᠠᠨᠢ ᠬᠠᠭᠠᠨ ᠪᠡᠷ ᠰᠡᠳᠬᠢᠯᠲᠦ ᠪᠣᠯᠵᠤ ᠰᠡᠳᠬᠢᠷ ᠦᠨ
keme:be:sü Bodistv ögüler-ün: Ünen sayi:tur ögülebei či. Bi ber egü:ni küsemüi. Aqui-a kilbar ečüs-tür qutuγ-i olγaγu:luγči öbe:r-tür ba busud-ta tusatu toyin bolqui-yi erten-ü qutuγtan-a sayi:šiya:γdaγsan törü büi keme:n toyin-u jüg-tür jiluγa:ba:n tataγu:lju ariγu:n vinai-yi:n yabudal-i keleldüjü ger-teče ger ügei γarqui-yi küsejü qariju qarši-dur-iya:n orubai. Tere čaγ-tur tegü:nče ber busu qun γalaγu:n terigü:ten ülü dongγudun terigü:be:n daruju aqui ki:ge:d čege:l naγu:d širgijü oi mod-a:ča nabčin čečeg ülü delgerege:d eldeb quγu:r-un čibqasun tasuraju bilir kenggerge qaγaraγa:d qamuγ kümü:n ber duran γutuju tengčirejü öl šim-e ügei boluγsan belges-i üjejü Sudadani qaγa:n ber sedkiltü bolju sedkir-ün.
11a
ᠨᠥᠭᠦᠭᠡ ᠠᠷᠪᠠᠨ ᠨᠢᠭᠡᠨ ᠡᠳᠦᠭᠡ ᠴᠦ ᠬᠥᠪᠡᠭᠦᠨ ᠢ ᠬᠢᠴᠢᠶᠡᠵᠦ ᠰᠠᠬᠢᠬᠤᠢ ᠴᠠᠭ ᠪᠣᠯᠪᠠᠢ ᠠᠬᠤᠭᠤ ᠬᠡᠮᠡᠨ ᠰᠡᠳᠬᠢᠵᠦ ᠭᠠᠳᠠᠭᠤᠨ ᠥᠨᠳᠦᠷ ᠪᠠᠲᠤ ᠬᠣᠲᠣᠨ ᠪᠠᠷᠢᠭᠤᠯᠵᠤ ᠭᠦᠨ ᠠᠭᠤᠢ ᠬᠠᠭᠤᠷᠭᠠᠯ ᠢ ᠪᠡᠷ ᠡᠷᠦᠭᠦᠯᠪᠡᠢ ᠬᠠᠭᠠᠯᠭ᠎ᠠ ᠬᠠᠭᠠᠯᠭᠠᠰ ᠢ ᠪᠡᠷ ᠬᠢᠴᠢᠶᠡᠨ ᠪᠠᠲᠤᠯᠠᠵᠤ ᠶᠡᠬᠡ ᠳᠠᠭᠤᠨ ᠠᠨᠢᠰᠳᠠᠬᠤ ᠪᠠᠷ ᠪᠣᠯᠭᠠᠪᠠᠢ ᠪᠠᠭᠠᠲᠤᠷ ᠬᠤᠶᠠᠭ ᠲᠠᠨ ᠢᠶᠠᠷ ᠪᠠᠷᠢᠭᠤᠯᠵᠤ ᠪᠡᠯᠴᠢᠷ ᠪᠡᠯᠴᠢᠷ ᠲᠦᠷ ᠴᠡᠷᠢᠭ ᠦᠳ ᠢ ᠪᠠᠶᠢᠭᠤᠯᠪᠠᠢ ᠬᠥᠪᠡᠭᠦᠨ ᠢ ᠣᠶᠢᠱᠢᠶᠠᠬᠤᠢ ᠥᠬᠢᠳ ᠢᠶᠡᠷ ᠪᠢᠪᠠ ᠪᠢᠯᠢᠷ ᠬᠡᠩᠭᠡᠷᠭᠡ ᠴᠢᠩᠭᠢᠯ ᠴᠠᠮᠬᠤᠭ ᠲᠡᠷᠢᠭᠦᠲᠡᠨ ᠢ ᠦᠯᠦ ᠲᠠᠰᠤᠯᠤᠨ ᠦᠶᠢᠯᠡᠳᠬᠡᠭᠦᠯᠵᠦ ᠴᠢᠳᠠᠬᠤ ᠠᠴᠠ ᠬᠥᠪᠡᠭᠦᠨ ᠢ ᠰᠤᠭᠤᠷᠠᠭᠤᠯᠤᠳᠬᠤᠨ ᠬᠡᠮᠡᠨ ᠬᠠᠲᠤᠳ ᠤᠨ ᠠᠶᠢᠮᠠᠭ᠎ᠠ ᠪᠡᠷ ᠰᠡᠷᠡᠭᠦᠯᠪᠡᠢ ᠲᠡᠶᠢᠨ ᠠᠲᠠᠯᠠ ᠨᠢᠭᠡᠨ ᠴᠠᠭ ᠲᠤᠷ ᠬᠥᠪᠡᠭᠦᠨ ᠯᠦᠭᠡ ᠨᠢᠭᠡᠨ ᠣᠷᠣᠨ ᠳᠤᠷ ᠪᠦᠬᠦ ᠭᠣᠪᠢᠬᠠ ᠶᠢᠨ ᠵᠡᠭᠦᠳᠡᠨ ᠳᠦᠷ ᠭᠠᠵᠠᠷ ᠬᠥᠳᠡᠯᠬᠦᠢ ᠥᠪᠡᠷ ᠦᠨ ᠦᠰᠦᠨ ᠢᠶᠡᠨ ᠢᠰᠦᠬᠦᠢ ᠲᠡᠷᠢᠭᠦᠲᠡᠨ ᠢ ᠵᠡᠭᠦᠳᠦᠯᠡ ᠵᠦ ᠰᠡᠳᠬᠢᠯ ᠲᠦ ᠪᠣᠯᠵᠤ ᠰᠡᠷᠢᠭᠦᠯᠦᠭᠡᠳ ᠰᠠᠴᠠ
Nögüge: arban nigen: Edüge: čü köbegü:n-i kičiye:jü sakiqui čaγ bolbai aquγu: keme:n sedkijü γadaγu:n öndür batu qoton bariγu:lju gün aγui qaγu:rγal-i ber erügü:lbei. Qaγa:lγ-a qaγa:lγas-i ber kičiye:n batulaju yeke daγu:n anisdaqu-ba:r bolγabai. Baγa:tur quyaγ-tan-iya:r bariγu:lju belčir belčir-tür čerig-ü:d-i bayi:γu:lbai. Köbegü:n-i oyi:šiya:qui ökid-iye:r biba, bilir, kenggerge, činggil, čamquγ terigü:ten-i ülü tasulun üyi:ledkegü:ljü čidaqu-a:ča köbegü:n-i suγu:raγu:ludqun keme:n qatud-un ayi:maγ-a ber seregü:lbei. Teyi:n atala nigen čaγ-tur köbegü:n-lüge: nigen oron-dur bükü Gobika-yi:n jegü:den-dür γajar ködelküi öbe:r-ün üsün-iye:n isüküi terigü:ten-i jegü:düle-jü sedkil-tü bolju serigü:lüge:d sača
11b
ᠪᠣᠳᠢᠰᠲᠸ ᠲᠤᠷ ᠵᠡᠭᠦᠳᠡᠨ ᠢᠶᠡᠨ ᠥᠭᠦᠯᠡᠵᠦ ᠥᠭᠪᠡᠰᠦ ᠪᠣᠳᠢᠰᠲᠸ ᠥᠭᠦᠯᠡᠷ ᠦᠨ ᠭᠠᠵᠠᠷ ᠲᠡᠷᠢᠭᠦᠲᠡᠨ ᠬᠥᠳᠡᠯᠦᠭᠰᠡᠨ ᠬᠡᠮᠡᠪᠡᠰᠦ ᠲᠩᠷᠢ ᠲᠡᠷᠢᠭᠦᠲᠡᠨ᠎ᠡ ᠲᠠᠬᠢᠭᠳᠠᠬᠤᠢ ᠪᠡᠯᠭᠡ ᠪᠦᠢ ᠦᠰᠦᠨ ᠢᠰᠦᠬᠦᠢ ᠬᠡᠮᠡᠪᠡᠰᠦ ᠨᠢᠰᠸᠠᠨᠢᠰ ᠤᠨ ᠲᠣᠤᠷ ᠢ ᠲᠠᠮᠲᠤᠯᠬᠤᠢ ᠪᠡᠯᠭᠡ ᠪᠦᠢ ᠨᠠᠷᠠᠨ ᠰᠠᠷᠠᠨ ᠲᠡᠷᠢᠭᠦᠲᠡᠨ ᠤᠨᠠᠬᠤᠢ ᠬᠡᠮᠡᠪᠡᠰᠦ ᠬᠠᠮᠤᠭ ᠭᠡᠮ ᠦᠳ ᠢ ᠳᠠᠷᠤᠵᠤ ᠬᠠᠮᠤᠭ᠎ᠠ ᠲᠠᠬᠢᠭᠳᠠᠬᠤᠢ ᠪᠣᠯᠬᠤ ᠪᠤᠢ ᠦᠶᠡᠰ ᠴᠢᠮᠡᠭ ᠤᠨᠠᠬᠤᠢ ᠬᠡᠮᠡᠪᠡᠰᠦ ᠦᠳᠲᠡᠷ ᠡᠷ᠎ᠡ ᠬᠦᠮᠦᠨ ᠪᠣᠯᠬᠤ ᠶᠢᠨ ᠪᠡᠯᠭᠡ ᠪᠦᠢ ᠮᠢᠨᠤ ᠲᠢᠲᠢᠮ ᠤᠨᠠᠬᠤᠢ ᠬᠡᠮᠡᠪᠡᠰᠦ ᠪᠢ ᠯᠠᠭᠰᠠᠨ ᠢᠶᠠᠷ ᠴᠢᠮᠡᠭᠳᠡᠬᠦ ᠶᠢᠨ ᠪᠡᠯᠭᠡ ᠪᠦᠢ ᠵᠤᠯᠠ ᠪᠠᠯᠭᠠᠰᠤᠨ ᠤ ᠭᠠᠳᠠᠨ᠎ᠠ ᠭᠠᠷᠴᠤ ᠬᠠᠷᠠᠩᠭᠤᠢ ᠪᠣᠯᠤᠭᠰᠠᠨ ᠬᠡᠮᠡᠪᠡᠰᠦ ᠮᠤᠩᠬᠠᠭ ᠢ ᠠᠷᠢᠯᠭᠠᠵᠤ ᠪᠢᠯᠢᠭ ᠢ ᠲᠥᠷᠦᠭᠦᠯᠬᠦ ᠶᠢᠨ ᠪᠡᠯᠭᠡ ᠪᠦᠢ ᠭᠣᠪᠢᠬᠠ ᠴᠢᠮᠠᠳᠤᠷ ᠮᠠᠭᠤᠢ ᠪᠡᠯᠭᠡ ᠶᠠᠭᠤᠬᠠᠨ ᠪᠡᠷ ᠦᠭᠡᠢ ᠪᠦᠢ ᠰᠡᠳᠬᠢᠯ ᠢᠶᠡᠨ ᠠᠮᠤᠵᠤ ᠤᠮᠲᠠ ᠡᠶᠢᠮᠦ ᠰᠠᠶᠢᠨ ᠵᠡᠭᠦᠳᠡᠨ ᠪᠡᠷ ᠣᠯᠠᠨ ᠲᠥᠷᠦᠯ ᠨᠦᠭᠦᠳ ᠲᠦᠷ ᠪᠤᠶᠠᠨ ᠢ ᠬᠤᠷᠢᠶᠠᠭᠰᠠᠳ ᠲᠠ ᠪᠣᠯᠤᠶᠤ ᠬᠡᠮᠡᠨ ᠥᠭᠦᠯᠡᠪᠡᠢ ᠪᠠᠰᠠ ᠪᠡᠷ ᠶᠠᠰᠣᠨᠳᠠᠷᠢ ᠯᠤᠭ᠎ᠠ ᠬᠠᠮᠲᠤ ᠪᠦᠬᠦᠢ ᠳᠦᠷ
Bodistv-tur jegü:den-iye:n ögülejü ögbe:sü Bodistv ögüler-ün: γajar terigü:ten ködelügsen keme:be:sü tngri terigü:ten-e takiγdaqui belge büi. Üsün isüküi keme:be:sü nisvanis-un tour-i tamtulqui belge büi. Naran saran terigü:ten unaqui keme:be:sü qamuγ gem-ü:d-i daruju qamuγ-a takiγdaqui bolqu bui. Üyes čimeg unaqui keme:be:sü üdter er-e kümü:n bolqu-yi:n belge büi. Minu titim unaqui keme:be:sü bi lagsan-iya:r čimegdekü-yi:n belge büi. Jula balγasun-u γadan-a γarču qarangγui boluγsan keme:be:sü mungqaγ-i arilγaju bilig-i törügü:lkü-yi:n belge büi. Gobika čimadur maγu:i belge yaγu:qan ber ügei büi. Sedkil-iye:n amuju umta. Eyi:mü sayi:n jegü:den ber olan törül-nügü:d-tür buyan-i quriya:γsad-ta boluyu keme:n ögülebei. Basa ber Yasondari-luγ-a: qamtu büküi-dür
12a
ᠨᠥᠭᠦᠭᠡ ᠠᠷᠪᠠᠨ ᠬᠣᠶᠠᠷ ᠶᠠᠰᠣᠨᠳᠠᠷᠢ ᠪᠡᠷ ᠵᠡᠭᠦᠳᠦᠯᠡᠷ ᠦᠨ ᠱᠢᠳᠦᠨ ᠢᠶᠡᠨ ᠤᠨᠠᠭᠳᠠᠨ ᠰᠠᠷ᠎ᠠ ᠲᠩᠷᠢ ᠬᠥᠰᠡᠷ᠎ᠡ ᠤᠨᠠᠵᠤ ᠣᠳᠤᠳ ᠤᠭᠢᠯᠠᠯᠳᠤᠬᠤᠢ ᠲᠡᠷᠢᠭᠦᠲᠡᠨ ᠢ ᠵᠡᠭᠦᠳᠦᠯᠡᠵᠦ ᠪᠦᠷ ᠦᠨ ᠰᠡᠳᠬᠢᠷᠦᠨ ᠠᠮᠠᠷᠠᠭ ᠰᠠᠶᠢᠨ ᠡᠵᠡᠨ ᠡᠴᠡᠭᠡᠨ ᠠᠩᠭᠢᠵᠢᠷᠠᠬᠤᠢ ᠵᠣᠪᠠᠯᠠᠩ ᠪᠣᠯᠬᠤ ᠪᠣᠯᠪᠠᠭᠤ ᠬᠡᠮᠡᠨ ᠠᠶᠤᠵᠤ ᠮᠡᠩᠳᠡᠵᠦ ᠪᠣᠳᠢᠰᠲᠸ ᠲᠤᠷ ᠥᠴᠢᠪᠡᠰᠦ ᠪᠣᠳᠢᠰᠲᠸ ᠥᠭᠦᠯᠡᠷ ᠦᠨ ᠱᠢᠳᠦᠨ ᠤᠨᠠᠪᠠ ᠬᠡᠮᠡᠪᠡᠰᠦ ᠪᠡᠷ ᠠᠮᠠᠨ ᠳᠤᠷ ᠴᠢᠨᠤ ᠲᠡᠭᠦᠰ ᠪᠦᠢ ᠰᠠᠷᠠ ᠪᠡᠷ ᠣᠭᠲᠠᠷᠭᠤᠢ ᠳᠤᠷ ᠠᠭᠰᠠᠭᠠᠷ ᠬᠦ ᠪᠦᠢ ᠪᠥᠭᠡᠲᠡᠯᠡ ᠲᠡᠷᠡ ᠮᠡᠲᠦ ᠣᠭᠴᠠᠮ ᠬᠣᠭᠣᠰᠤᠨ ᠵᠡᠭᠦᠳᠦᠨ ᠳᠦᠷ ᠰᠠᠶᠢᠨ ᠮᠢᠨᠤ ᠦᠨᠡᠳᠬᠡ ᠵᠦ ᠪᠠᠰᠠ ᠶᠠᠬᠢᠨ ᠠᠶᠤᠲᠠᠯᠠ ᠪᠤᠢ ᠬᠡᠮᠡᠨ ᠥᠭᠦᠯᠡᠪᠡ ᠲᠡᠨᠳᠡ ᠥᠭᠦᠯᠡᠷ ᠦᠨ ᠠᠪᠤᠷᠢ ᠳᠠ ᠠᠮᠢᠲᠠᠨ ᠢ ᠠᠶᠤᠯ ᠠᠴᠠ ᠭᠠᠷᠭᠠᠨ ᠰᠤᠷᠤᠭᠰᠠᠨ ᠭᠠᠶᠢᠬᠠᠮᠱᠢᠭ ᠲᠡᠷᠡ ᠪᠣᠭᠳᠠ ᠬᠠᠮᠤᠭ ᠬᠠᠲᠤᠳ ᠢᠶᠠᠨ ᠦᠨᠡᠨ ᠢᠶᠡᠷ ᠵᠡᠭᠦᠳᠦᠯᠡᠭᠰᠡᠨ ᠢ ᠪᠡᠷ ᠬᠣᠯᠠ ᠪᠤᠰᠤᠴᠠᠷ ᠲᠠᠶᠢᠯᠵᠤ ᠬᠠᠮᠤᠭ ᠤᠨ ᠭᠠᠱᠢᠭᠤᠨ ᠢ ᠲᠠᠷᠬᠠᠭᠤᠯᠤᠨ ᠦᠶᠢᠯᠡᠳᠪᠡᠢ ᠲᠡᠭᠦᠨᠦ ᠬᠣᠶᠢᠨ᠎ᠠ ᠪᠣᠳᠢᠰᠲᠸ ᠳᠡᠭᠡᠳᠦ ᠶᠡᠬᠡ ᠡᠷᠡᠰ ᠦᠨ ᠭᠡᠷ ᠲᠡᠴᠡ ᠭᠠᠷᠬᠤᠢ ᠴᠠᠭ ᠲᠠᠬᠢ ᠦᠵᠡᠭᠳᠡᠬᠦᠢ
Nögüge: arban qoyar: Yasondari ber jegü:düler-ün: šidün-iye:n unaγdan sar-a tngri köser-e unaju odud ugi:lalduqui terigü:ten-i jegü:dülejü bür-ün sedkirün. Amaraγ sayi:n ejen-e:čege:n anggijiraqui jobalang bolqu bolbaγu: keme:n ayuju mengdejü Bodistv-tur öčibe:sü Bodistv ögüler-ün: Šidün unaba keme:be:sü ber aman-dur činu tegüs büi. Sara ber oγtarγui-dur aγsaγa:r kü büi böge:tele tere metü oγčam qoγo:sun jegü:dün-dür sayi:n minu ünedke-jü basa ya:kin ayutala bui keme:n ögülebe. Tende ögüler-ün aburi-da amitan-i ayul-a:ča γarγan suruγsan γayi:qamšiγ tere boγda qamuγ qatud-iya:n ünen-iye:r jegü:dülegsen-i ber qola busučar tayi:lju qamuγ-un γašiγu:n-i tarqaγu:lun üyi:ledbei. Tegü:nü qoyi:n-a Bodistv dege:dü yeke eres-ün ger-teče γarqui čaγ-taki üjegdeküi
12b
ᠵᠡᠭᠦᠳᠦᠨ ᠦ ᠶᠣᠰᠤᠪᠠᠷ ᠵᠡᠭᠦᠳᠦᠨ ᠦᠵᠡᠷ ᠦᠨ ᠶᠡᠬᠡ ᠳᠡᠯᠡᠬᠡᠢ ᠶᠢ ᠳᠡᠪᠦᠰᠬᠡᠷᠯᠡᠵᠦ ᠰᠦᠮᠢᠷ ᠠᠭᠤᠯᠠ ᠶᠢ ᠳᠡᠷᠡᠯᠡᠬᠦᠢ ᠭᠠᠷ ᠢᠶᠠᠷ ᠬᠥᠯ ᠢᠶᠡᠷ ᠳᠥᠷᠪᠡᠨ ᠶᠡᠬᠡ ᠳᠠᠯᠠᠢ ᠶᠢ ᠬᠤᠳᠬᠤᠬᠤᠢ ᠶᠡᠬᠡ ᠭᠡᠷᠡᠯ ᠢ ᠲᠠᠯᠪᠢᠵᠤ ᠶᠢᠷᠲᠢᠨᠴᠦ ᠳᠡᠬᠢᠬᠠᠷᠠᠩᠭᠤᠰ ᠢ ᠠᠷᠢᠯᠭᠠᠬᠤᠢ ᠭᠠᠵᠠᠷ ᠠᠴᠠ ᠭᠠᠭᠴᠠ ᠱᠢᠬᠦᠷ ᠭᠠᠷᠴᠤ ᠬᠠᠮᠤᠭ ᠶᠢᠷᠲᠢᠨᠴᠦ ᠶᠢ ᠪᠦᠷᠢᠬᠦᠢ ᠲᠡᠷᠢᠭᠦᠲᠡᠨ ᠢ ᠵᠡᠭᠦᠳᠦᠯᠡᠵᠦ ᠰᠡᠳᠬᠢᠷ ᠦᠨ ᠡᠳᠦᠭᠡ ᠴᠦ ᠡᠭᠦᠷᠢ ᠦᠯᠦ ᠤᠳᠠᠨ ᠳᠡᠭᠡᠷ᠎ᠡ ᠦᠭᠡᠢ ᠳᠡᠭᠡᠳᠦ ᠬᠤᠲᠤᠭ ᠢ ᠣᠯᠬᠤ ᠶᠢᠨ ᠪᠡᠯᠭᠡ ᠪᠣᠯᠪᠠᠢ ᠬᠡᠮᠡᠨ ᠪᠠᠶᠠᠰᠤᠨ ᠰᠡᠳᠬᠢᠵᠦ ᠪᠠᠰᠠ ᠪᠡᠷ ᠰᠡᠳᠬᠢᠷ ᠦᠨ ᠬᠠᠭᠠᠨ ᠡᠴᠢᠭᠡ ᠳᠡᠴᠡᠭᠡᠨ ᠦᠭᠡ ᠦᠭᠡᠢ ᠣᠳᠪᠠᠰᠤ ᠪᠢ ᠠᠴᠢ ᠦᠭᠡᠢ ᠪᠣᠯᠤᠭᠰᠠᠨ ᠪᠣᠯᠤᠭᠤᠵᠠᠭᠠᠢ ᠬᠡᠮᠡᠨ ᠰᠡᠳᠬᠢᠵᠦ ᠬᠦᠮᠦᠨ ᠪᠦᠭᠦᠳᠡ ᠤᠮᠲᠠᠭᠰᠠᠨ ᠤ ᠬᠣᠶᠢᠨᠠ ᠭᠠᠭᠴᠠᠭᠠᠷ ᠡᠴᠢᠭᠡ ᠶᠦᠭᠡᠨ ᠬᠠᠷᠱᠢ ᠳᠤᠷ ᠣᠳᠴᠤ ᠳᠣᠲᠤᠷ᠎ᠠ ᠰᠠᠭᠤᠯᠤᠭᠠᠳ ᠰᠠᠴᠠ ᠭᠡᠷ ᠦᠨ ᠳᠣᠲᠤᠷ᠎ᠠ ᠭᠡᠭᠡᠭᠡᠨ ᠭᠡᠷᠡᠯ ᠢᠶᠡᠷ ᠳᠦᠭᠦᠷᠪᠡᠢ ᠲᠡᠨᠳᠡᠴᠡ ᠬᠠᠭᠠᠨ ᠰᠡᠷᠢᠵᠦ ᠶᠠᠭᠤᠨ ᠡᠨᠡ ᠨᠠᠷᠠᠨ ᠤᠷᠭᠤᠪᠠᠭᠤ ᠬᠡᠮᠡᠨ ᠠᠰᠠᠭᠪᠠᠰᠤ ᠬᠤᠨᠳᠢᠬᠢ ᠥᠭᠦᠯᠡᠷ ᠦᠨ ᠲᠩᠷᠢ ᠡ ᠡᠵᠢᠶ ᠡ ᠳᠡ
jegü:dün-ü yosuba:r jegü:dün üjer-ün: Yeke delekei-yi debüskerlejü Sümir aγu:la-yi dereleküi. γar-iya:r köl-iye:r dörben yeke dalai-yi qudququi yeke gerel-i talbiju yirtinčü dekiqarangγus-i arilγaqui γajar-a:ča γaγča šikür γarču qamuγ yirtinčü-yi büriküi terigü:ten-i jegü:dülejü sedkir-ün: Edüge: čü egü:ri ülü udan dege:r-e ügei dege:dü qutuγ-i olqu-yi:n belge bolbai keme:n bayasun sedkijü basa ber sedkir-ün qaγa:n ečige-dečege:n üge ügei odba:su bi ači ügei boluγsan boluγu:jaγa:i keme:n sedkijü kümü:n bügüde umtaγsan-u qoyi:na γaγčaγa:r ečige-yüge:n qarši-dur odču dotur-a saγu:luγa:d sača ger-ün dotur-a gegege:n gerel-iye:r dügü:rbei. Tendeče qaγa:n serijü yaγu:n ene naran urγubaγu: keme:n asaγba:su Kundiki ögüler-ün: Tngri e: ejiy-e:-de
13a
ᠨᠥᠭᠦᠭᠡ ᠠᠷᠪᠠᠨ ᠭᠤᠷᠪᠠᠨ ᠵᠠᠷᠢᠮ ᠰᠥᠨᠢ ᠪᠡᠷ ᠪᠣᠯᠤᠭ᠎ᠠ ᠡᠳᠦᠭᠦᠢ ᠬᠡᠮᠡᠭᠳᠡᠵᠦ ᠲᠡᠨᠳᠡᠴᠡ ᠠᠷᠪᠠᠨ ᠵᠦᠭ ᠲᠦᠷ ᠦᠵᠡᠪᠡᠰᠦ ᠯᠢᠨᠬᠤ᠎ᠠ ᠨᠢᠳᠦᠲᠦ ᠶᠢ ᠦᠵᠡᠵᠦ ᠬᠠᠭᠠᠨ ᠪᠣᠰᠤᠨ ᠬᠦᠰᠡᠪᠡᠰᠦ ᠪᠡᠷ ᠬᠥᠪᠡᠭᠦᠨ ᠦ ᠴᠣᠭ᠎ᠠ ᠳᠠᠷᠤᠭᠳᠠ ᠵᠤ ᠪᠣᠰᠤᠨ ᠶᠠᠳᠠᠪᠠᠢ ᠲᠡᠨᠳᠡᠴᠡ ᠲᠡᠷᠡ ᠴᠠᠭ ᠲᠤᠷ ᠪᠣᠳᠢᠰᠲᠸ ᠲᠠᠬᠢᠬᠤᠢ ᠬᠦᠨᠳᠦᠯᠡᠬᠦᠢ ᠰᠡᠳᠬᠢᠯ ᠢᠶᠡᠷ ᠬᠠᠭᠠᠨ ᠡᠴᠢᠭᠡ ᠶᠦᠭᠡᠨ ᠡᠮᠦᠨᠡ ᠣᠳᠴᠤ ᠥᠴᠢᠷ ᠦᠨ ᠲᠩᠷᠢ ᠮᠢᠨᠦ᠎ᠡ ᠰᠣᠨᠣᠰᠤᠨ ᠰᠣᠶᠤᠷᠬ᠎ᠠ ᠬᠠᠮᠤᠭ ᠠᠮᠢᠲᠠᠨ ᠢ ᠠᠪᠤᠷᠠᠬᠤ ᠶᠢᠨ ᠲᠤᠯᠠ ᠭᠡᠷ ᠲᠡᠴᠡ ᠭᠠᠷᠬᠤ ᠴᠠᠭ ᠮᠢᠨᠤ ᠪᠣᠯᠵᠤ ᠠᠮᠤᠢ ᠡᠴᠢᠭᠡ ᠮᠢᠨᠦ ᠬᠠᠮᠤᠭ ᠢ ᠮᠡᠳᠡᠭᠴᠢ ᠶᠢᠨ ᠬᠤᠲᠤᠭ ᠢ ᠲᠤᠭᠤᠯᠤᠭᠰᠠᠨ ᠳᠤᠷ ᠬᠠᠷᠢᠵᠤ ᠡᠴᠢᠭᠡ ᠳᠦᠷ ᠢᠶᠡᠨ ᠢᠷᠡᠰᠦᠭᠡᠢ ᠪᠢ ᠬᠠᠭᠠᠨ ᠡᠴᠢᠭᠡ ᠲᠡᠷᠢᠭᠦᠯᠡᠨ ᠬᠠᠮᠤᠭ ᠤᠷᠤᠭ ᠤᠨ ᠬᠠᠮᠤᠭ ᠬᠠᠷᠠᠯᠢᠭ ᠨᠥᠬᠦᠳ ᠪᠦᠭᠦᠳᠡ ᠶᠢᠨ ᠰᠡᠳᠬᠢᠯ ᠢ ᠪᠦᠱᠢ ᠪᠣᠯᠭᠠᠵᠤ ᠣᠳᠤᠭᠰᠠᠨ ᠭᠡᠮ ᠢᠶᠡᠨ ᠨᠠᠮᠠᠨᠴᠢᠯᠠᠮᠤᠢ ᠵᠠᠯᠢᠷᠠᠨ ᠰᠣᠶᠤᠷᠬ᠎ᠠ ᠬᠡᠮᠡᠨ ᠣᠳᠬᠤᠢ᠎ᠠ ᠪᠥᠭᠡᠳ ᠲᠤᠭᠤᠷᠪᠢᠵᠤ ᠠᠮᠠᠨ ᠠᠯᠳᠠᠨ ᠥᠭᠦᠯᠡᠭᠰᠡᠨ ᠢ ᠰᠤᠳᠠᠳᠠᠨᠢ ᠬᠠᠭᠠᠨ ᠰᠣᠨᠣᠰᠴᠤ ᠭᠠᠱᠢᠭᠤᠨ
Nögüge: arban γurban: jarim söni ber boluγ-a: edügü:i keme:gdejü tendeče arban jüg-tür üjebe:sü linqu-a nidütü-yi üjejü qaγa:n bosun küsebe:sü ber köbegü:n-ü čoγ-a daruγda-ju bosun yadabai. Tendeče tere čaγ-tur Bodistv takiqui kündüleküi sedkil-iye:r qaγa:n ečige-yüge:n emüne odču öčir-ün: Tngri minü-e: sonosun soyurq-a. Qamuγ amitan-i aburaqu-yi:n tula ger-teče γarqu čaγ minu bolju amui. Ečige minü qamuγ-i medegči-yi:n qutuγ-i tuγu:luγsan-dur qariju ečige-dür-iye:n iresügei bi. Qaγa:n ečige terigü:len qamuγ uruγ-un qamuγ qaraliγ nöküd bügüde-yi:n sedkil-i büši bolγaju oduγsan gem-iye:n namančilamui. Jaliran soyurq-a keme:n odqui-a böge:d tuγu:rbiju aman aldan ögülegsen-i Sudadani qaγa:n sonosču γašiγu:n
13b
ᠨᠢᠯᠪᠤᠰᠤ ᠪᠠᠷ ᠬᠠᠬᠠᠵᠤ ᠥᠭᠦᠯᠡᠷ ᠦᠨ ᠬᠥᠪᠡᠭᠦᠨ ᠮᠢᠨᠦ ᠴᠢᠮᠠᠳᠠ ᠭᠡᠷ ᠲᠡᠴᠡ ᠭᠠᠷᠬᠤ ᠶᠢᠨ ᠬᠡᠷᠡᠭ ᠢᠨᠦ ᠶᠠᠭᠤᠨ ᠪᠤᠢ ᠥᠭᠦᠯᠡᠲᠦᠭᠡᠢ ᠥᠭᠰᠦᠭᠡᠢ ᠪᠢ ᠡᠯ ᠤᠯᠤᠰ ᠡᠷᠳᠡᠨᠢᠲᠦ ᠬᠠᠷᠱᠢ ᠪᠠᠨ ᠡᠵᠡᠨ ᠦᠭᠡᠢ ᠪᠣᠯᠭᠠᠵᠤ ᠭᠠᠭᠴᠠᠭᠠᠷ ᠣᠳᠴᠤ ᠬᠠᠮᠢᠭ᠎ᠠ ᠠᠰᠤᠭᠠᠢ ᠬᠡᠮᠡᠮᠦᠢ ᠴᠢ ᠬᠡᠮᠡᠪᠡᠰᠦ ᠲᠡᠨᠳᠡᠴᠡ ᠪᠣᠳᠢᠰᠲᠸ ᠰᠣᠨᠣᠰᠬᠤᠢ᠎ᠠ ᠰᠠᠶᠢᠨ ᠵᠥᠭᠡᠯᠡᠨ ᠦᠭᠡ ᠪᠡᠷ ᠤᠳᠬ᠎ᠠ ᠬᠠᠲᠠᠭᠤᠢ᠎ᠠ ᠥᠴᠢᠷ ᠦᠨ ᠥᠲᠡᠯᠬᠦᠢ ᠡᠪᠡᠳᠬᠦᠢ ᠦᠬᠦᠬᠦᠢ ᠡᠴᠡ ᠲᠣᠨᠢᠯᠵᠤ ᠦᠯᠦ ᠲᠥᠷᠦᠬᠦᠢ ᠦᠯᠦ ᠥᠲᠡᠯᠬᠦᠢ ᠦᠯᠦ ᠡᠪᠡᠳᠬᠦᠢ ᠦᠯᠦ ᠦᠬᠦᠬᠦᠢ ᠡᠳᠡ ᠳᠥᠷᠪᠡᠨ ᠢ ᠬᠠᠭᠠᠨ ᠡᠴᠢᠭᠡ ᠮᠢᠨᠦ ᠨᠠᠳᠤᠷ ᠥᠭᠭᠦᠨ ᠰᠣᠶᠤᠷᠬ᠎ᠠ ᠬᠡᠮᠡᠨ ᠥᠴᠢᠪᠡᠰᠦ ᠬᠠᠭᠠᠨ ᠥᠭᠦᠯᠡᠷ ᠦᠨ ᠭᠠᠯᠠᠪ ᠤᠳ ᠲᠤᠷ ᠬᠦᠷᠲᠡᠯᠡ ᠨᠠᠰᠤᠯᠠᠬᠤᠨ ᠬᠠᠲᠠᠭᠤᠵᠢᠯᠲᠤ ᠠᠷᠱᠢ ᠨᠠᠷ ᠪᠡᠷ ᠦᠬᠦᠨ ᠪᠥᠭᠡᠲᠡᠯᠡ ᠦᠯᠦ ᠥᠲᠡᠯᠬᠦᠢ ᠦᠯᠦ ᠦᠬᠦᠬᠦᠢ ᠲᠡᠷᠢᠭᠦᠲᠡᠨ ᠢ ᠥᠭᠬᠦᠢ ᠡᠷᠬᠡ ᠨᠠᠳᠤᠷ ᠬᠠᠮᠢᠭ᠎ᠠ ᠪᠤᠢ ᠬᠡᠮᠡᠪᠡᠰᠦ ᠪᠣᠳᠢᠰᠲᠸ ᠥᠭᠦᠯᠡᠷ ᠦᠨ ᠬᠠᠭᠠᠨ ᠡᠴᠢᠭᠡ ᠮᠢᠨᠦ ᠡ ᠲᠡᠶᠢᠨ ᠪᠣᠯᠪᠠᠰᠤ ᠦᠬᠦᠭᠰᠡᠨ ᠦ ᠬᠣᠶᠢᠨᠠ ᠦᠯᠦ ᠲᠥᠷᠦᠬᠦᠢ ᠨᠢᠭᠡᠬᠡᠨ ᠪᠡ ᠱᠢᠳᠢ ᠶᠢ ᠥᠭᠭᠦᠨ
nilbusu-ba:r qaqaju ögüler-ün: Köbegü:n minü čimada ger-teče γarqu-yi:n kereg inü yaγu:n bui ögületügei. Ögsügei bi. El ulus erdenitü qarši-ba:n ejen ügei bolγaju γaγčaγa:r odču qamiγ-a: asuγai keme:müi či keme:be:sü tendeče Bodistv sonosqui-a sayi:n jöge:len üge-be:r udq-a qataγu:i-a öčir-ün: Ötelküi, ebedküi, üküküi-e:če tonilju ülü törüküi, ülü ötelküi, ülü ebedküi, ülü üküküi ede dörben-i qaγa:n ečige minü nadur öggün soyurq-a keme:n öčibe:sü qaγa:n ögüler-ün: Galab-u:d-tur kürtele nasulaqun. Qataγu:jiltu arši-nar ber ükün böge:tele ülü ötelküi, ülü üküküi terigü:ten-i ögküi erke nadur qamiγ-a: bui keme:be:sü Bodistv ögüler-ün: Qaγa:n ečige minü e: teyi:n bolba:su ükügsen-ü qoyi:na ülü törüküi nigeken be šidi-yi öggün
14a
ᠨᠥᠭᠦᠭᠡ ᠠᠷᠪᠠᠨ ᠳᠥᠷᠪᠡᠨ ᠰᠣᠶᠤᠷᠬᠠᠪᠠᠰᠤ ᠡᠯᠡ ᠦᠯᠦ ᠭᠠᠷᠤᠨ ᠬᠠᠷᠱᠢ ᠳᠤᠷ ᠰᠠᠭᠤᠰᠤᠭᠠᠢ ᠬᠡᠮᠡᠬᠦ ᠣᠯᠠᠨ ᠠᠪᠤᠷᠠᠬᠤᠢ ᠨᠢᠭᠦᠯᠡᠰᠬᠦᠢ ᠬᠢᠭᠡᠳ ᠦᠨᠡᠨ ᠦᠭᠡ ᠳᠡ ᠳᠠᠷᠤᠭᠳᠠᠵᠤ ᠰᠤᠳᠠᠳᠠᠨᠢ ᠬᠠᠭᠠᠨ ᠥᠴᠦᠭᠦᠬᠡᠨ ᠪᠡᠷ ᠬᠠᠭᠠᠴᠠᠨ ᠶᠠᠳᠠᠨ ᠪᠥᠭᠡᠲᠡᠯᠡ ᠡᠷᠬᠡ ᠦᠭᠡᠢ ᠣᠳᠲᠤᠭᠠᠢ ᠬᠡᠮᠡᠨ ᠠᠮᠠᠨ ᠠᠯᠳᠠᠨ ᠥᠭᠦᠯᠡᠷ ᠦᠨ ᠨᠢᠭᠦᠯᠡᠰᠬᠦᠢ ᠰᠡᠳᠬᠢᠯ ᠦᠨ ᠨᠤᠮᠤᠨ ᠳᠤᠷ ᠴᠢᠨᠤ ᠣᠨᠤᠬᠤᠢ ᠬᠠᠲᠠᠭᠤᠢ ᠲᠤ ᠦᠭᠡ ᠶᠢᠨ ᠰᠤᠮᠤᠨ ᠢ ᠳᠦᠭᠦᠷᠭᠡᠵᠦ ᠬᠠᠷᠪᠤᠭᠰᠠᠨ ᠢᠶᠠᠷ ᠵᠢᠷᠦᠬᠡᠨ ᠮᠢᠨᠦ ᠡᠪᠡᠳᠪᠡᠰᠦ ᠪᠡᠷ ᠠᠮᠢᠲᠠᠨ ᠢ ᠲᠣᠨᠢᠯᠭᠠᠨ ᠦᠶᠢᠯᠡᠳᠬᠦᠢ ᠳᠦᠷ ᠴᠢᠨᠦ ᠳᠠᠭᠠᠨ ᠪᠠᠶᠠᠰᠤᠨ ᠰᠡᠳᠬᠢᠰᠦᠭᠡᠢ ᠰᠡᠳᠬᠢᠯ ᠴᠢᠨᠦ ᠪᠦᠲᠦᠬᠦ ᠪᠣᠯᠲᠤᠭᠠᠢ ᠬᠡᠮᠡᠨ ᠠᠮᠠᠨ ᠠᠯᠳᠠᠭᠰᠠᠨ ᠳᠤᠷ ᠪᠣᠳᠢᠰᠲᠸ ᠬᠠᠷᠢᠵᠤ ᠬᠡᠨ᠎ᠡ ᠪᠡᠷ ᠦᠯᠦ ᠰᠡᠷᠢᠭᠦᠯᠦᠨ ᠢᠷᠡᠵᠦ ᠣᠷᠣᠨ ᠳᠤᠷ ᠢᠶᠠᠨ ᠣᠷᠤᠪᠠᠢ ᠲᠡᠨᠳᠡᠴᠡ ᠡᠳᠦᠷ ᠴᠠᠶᠢᠭᠰᠠᠨ ᠳᠤᠷ ᠰᠤᠳᠠᠳᠠᠨᠢ ᠬᠠᠭᠠᠨ ᠬᠠᠮᠤᠭ ᠰᠠᠬᠢᠯᠢᠭ ᠤᠳ ᠢ ᠴᠢᠭᠤᠯᠭᠠᠵᠤ ᠲᠡᠷᠡ ᠱᠢᠯᠲᠠᠭᠠᠨ ᠢ ᠥᠭᠦᠯᠡᠵᠦ ᠥᠭᠪᠡᠰᠦ ᠰᠠᠬᠢᠯᠢᠭ ᠤᠳ ᠥᠭᠦᠯᠡᠷ ᠦᠨ ᠲᠩᠷᠢ ᠮᠢᠨᠦ᠎ᠡ ᠪᠦᠦ ᠭᠠᠰᠠᠯᠲᠤᠭᠠᠢ ᠰᠠᠬᠢᠯᠢᠭ ᠤᠳ ᠪᠢᠳᠠ ᠣᠯᠠᠨ ᠪᠤᠢ ᠬᠠᠮᠤᠭ ᠢᠶᠠᠷ ᠪᠣᠯᠵᠤ ᠭᠠᠭᠴᠠ
Nögüge: arban dörben: soyurqaba:su ele ülü γarun qarši-dur saγu:suγai keme:kü olan aburaqui nigü:lesküi ki:ge:d ünen üge-de daruγdaju Sudadani qaγa:n öčügü:ken ber qaγačan yadan böge:tele erke ügei odtuγai keme:n aman aldan ögüler-ün: nigü:lesküi sedkil-ün numun-dur činu onuqui qataγu:i-tu üge-yi:n sumun-i dügü:rgejü qarbuγsan-iya:r jirüken minü ebedbe:sü ber amitan-i tonilγan üyi:ledküi-dür činü daγan bayasun sedkisügei. Sedkil činü bütükü boltuγai keme:n aman aldaγsan-dur Bodistv qariju ken-e ber ülü serigü:lün irejü oron-dur-iya:n orubai. Tendeče edür čayi:γsan-dur Sudadani qaγa:n qamuγ Sakiliγ-u:d-i čiγu:lγaju tere šiltaγa:n-i ögülejü ögbe:sü Sakiliγ-u:d ögüler-ün: Tngri minü-e: büü γasaltuγai. Sakiliγ-u:d bida olan bui. Qamuγ-iya:r bolju γaγča
14b
ᠢᠮᠠᠶᠢ ᠰᠠᠬᠢᠵᠤ ᠶᠠᠬᠢᠨ ᠲᠠᠯᠪᠢᠵᠤ ᠢᠯᠡᠬᠦᠨ ᠪᠢᠳᠠ ᠬᠡᠮᠡᠨ ᠳᠥᠷᠪᠡᠨ ᠬᠠᠭᠠᠯᠭᠠᠰ ᠤᠨ ᠴᠤᠭᠤᠷᠭ᠎ᠠ ᠴᠢᠭᠲᠠᠭᠠᠰᠢ ᠪᠠᠲᠤᠯᠠᠵᠤ ᠬᠠᠭᠠᠯᠭ᠎ᠠ ᠳᠤᠲᠤᠮ ᠳᠤᠷ ᠮᠠᠬ᠎ᠠ ᠨᠠᠭᠨᠢ ᠶᠢᠨ ᠬᠦᠴᠦᠲᠡᠨ ᠲᠠᠪᠤᠭᠠᠳ ᠵᠠᠭᠤᠨ ᠰᠠᠬᠢᠯᠢᠭ ᠤᠳ ᠵᠠᠯᠠᠭᠤᠰ ᠢ ᠲᠠᠪᠤᠭᠠᠳ ᠵᠠᠭᠤᠨ ᠲᠡᠷᠭᠡᠨ ᠴᠡᠷᠢᠭᠲᠡᠨ ᠲᠡᠷᠭᠡᠨ ᠳᠤᠲᠤᠮ ᠳᠤᠷ ᠲᠠᠪᠤᠭᠠᠳ ᠵᠠᠭᠤᠨ ᠶᠠᠪᠠᠭᠠᠨ ᠴᠡᠷᠢᠭ ᠳᠠᠭᠠᠭᠤᠯᠰᠤᠲᠠᠨ ᠢ ᠲᠦᠱᠢᠵᠦ ᠵᠡᠰᠡᠭᠦᠯᠦᠨ ᠰᠠᠬᠢᠭᠤᠯᠪᠠᠢ ᠰᠠᠬᠢᠯᠢᠭ ᠤᠳ ᠤᠨ ᠥᠲᠡᠭᠦᠰ ᠠᠨᠤ ᠭᠤᠷᠪᠠᠯᠵᠢᠨ ᠳᠥᠷᠪᠡᠯᠵᠢᠨ ᠪᠣᠭᠣᠮ ᠤᠳ ᠢ ᠪᠠᠷᠢᠵᠤ ᠰᠤᠳᠠᠳᠠᠨᠢ ᠬᠠᠭᠠᠨ ᠲᠠᠪᠤᠨ ᠵᠠᠭᠤᠨ ᠰᠠᠬᠢᠯᠢᠭ ᠤᠳ ᠤᠨ ᠵᠠᠯᠠᠭᠤᠰ ᠯᠤᠭ᠎ᠠ ᠨᠢᠭᠡᠨ᠎ᠡ ᠵᠠᠭᠠᠨ ᠮᠣᠷᠢᠨ ᠬᠥᠯᠭᠡᠯᠡᠵᠦ ᠬᠠᠷᠱᠢ ᠶᠢᠨ ᠣᠷᠴᠢᠨ ᠵᠡᠰᠡᠪᠡᠢ ᠪᠢᠷᠠᠵᠠᠪᠠᠳᠢ ᠭᠠᠤᠲᠠᠮᠢ ᠪᠡᠷ ᠶᠡᠬᠡ ᠵᠤᠯᠠᠰ ᠢ ᠱᠢᠲᠠᠭᠤᠯᠵᠤ ᠶᠡᠬᠡ ᠭᠡᠷᠡᠯᠲᠦ ᠡᠷᠳᠢᠨᠢᠰ ᠢ ᠳᠡᠭᠡᠷ᠎ᠡ ᠣᠭᠲᠠᠷᠭᠤᠢ ᠳᠤᠷ ᠡᠯᠭᠦᠭᠦᠯᠵᠦ ᠭᠡᠭᠡᠨ ᠡᠳᠦᠷ ᠮᠡᠲᠦ ᠪᠣᠯᠭᠠᠪᠠᠢ ᠠᠢ ᠡᠵᠡᠨ ᠬᠥᠪᠡᠭᠦᠨ ᠢ ᠰᠤᠭᠤᠷᠠᠭᠤᠯᠤᠳᠬᠤᠨ ᠬᠡᠮᠡᠨ ᠨᠠᠷᠢᠨ ᠥᠬᠢᠳ ᠢᠶᠡᠷ ᠨᠠᠭᠠᠳᠤᠨ ᠳᠠᠭᠤᠨ ᠢ ᠦᠷᠭᠦᠯᠵᠢ ᠦᠯᠦ ᠲᠠᠰᠤᠯᠭᠠᠨ ᠦᠶᠢᠯᠡᠳᠬᠡᠭᠦᠯᠦᠭᠡᠳ ᠬᠠᠭᠠᠯᠭᠠᠰ ᠪᠡᠯᠴᠢᠷ ᠳᠤᠲᠤᠮ ᠳᠤᠷ ᠭᠡᠲᠡᠭᠦᠯ ᠳᠠᠷᠤᠭ᠎ᠠ ᠢᠯᠡᠵᠦ ᠬᠡᠨ ᠵᠡᠰᠡᠮᠦᠢ
imayi sakiju ya:kin talbiju ile:kün bida keme:n dörben qaγa:lγas-un čuγu:rγ-a čiγtaγasi batulaju qaγa:lγ-a dutum-dur maq-a nagni-yi:n küčüten tabuγa:d jaγu:n Sakiliγ-u:d jalaγu:s-i tabuγa:d jaγu:n tergen čerigten tergen dutum-dur tabuγa:d jaγu:n yabaγan čerig daγaγu:lsutan-i tüšijü jesegü:lün sakiγu:lbai. Sakiliγ-u:d-un ötegüs anu γurbaljin dörbeljin boγom-u:d-i bariju Sudadani qaγa:n tabun jaγu:n Sakiliγ-u:d-un jalaγu:s-luγ-a: nigen-e jaγa:n morin kölgelejü qarši-yi:n orčin jesebei. Birajabadi Gautami ber yeke julas-i šitaγu:lju yeke gereltü erdinis-i dege:r-e oγtarγui-dur elgügü:ljü gege:n edür metü bolγabai. Ai ejen köbegü:n-i suγu:raγu:ludqun keme:n nari:n ökid-iye:r naγa:dun daγu:n-i ürgülji ülü tasulγan üyi:ledkegü:lüge:d qaγa:lγas belčir dutum-dur getegü:l daruγ-a ile:jü ken jesemüi.
15a
ᠨᠥᠭᠦᠭᠡ ᠠᠷᠪᠠᠨ ᠲᠠᠪᠤᠨ ᠬᠡᠨ ᠵᠡᠰᠡᠮᠦᠢ ᠬᠡᠮᠡᠨ ᠠᠰᠠᠭᠬᠠᠭᠤᠯᠵᠤ ᠰᠠᠶᠢᠲᠤᠷ ᠵᠡᠰᠡᠳᠬᠦᠨ ᠬᠡᠮᠡᠨ ᠳᠠᠭᠤᠳᠠᠭᠤᠯᠵᠤ ᠦᠲᠦ ᠴᠦ ᠬᠦᠮᠦᠨ᠎ᠡ ᠦᠨᠡᠨ ᠬᠦ ᠭᠠᠷᠤᠨ ᠶᠠᠳᠠᠬᠤ ᠮᠡᠲᠦ ᠪᠡᠬᠢᠯᠡᠭᠦᠯ ᠪᠡᠢ ᠲᠡᠨᠳᠡᠬᠢ ᠥᠭᠦᠯᠡᠷ ᠦᠨ ᠳᠡᠭᠡᠳᠦ ᠰᠤᠳᠠᠳᠠᠨᠢ ᠬᠠᠭᠠᠨ ᠲᠡᠩᠭᠡᠷᠯᠢᠭ ᠪᠣᠭᠳᠠ ᠬᠥᠪᠡᠭᠦᠨ ᠢᠶᠡᠨ ᠲᠡᠪᠴᠢᠵᠦ ᠭᠠᠷᠬᠤᠢ᠎ᠠ ᠬᠡᠮᠡᠨ ᠰᠡᠳᠬᠢᠵᠦ ᠲᠡᠷᠡ ᠮᠡᠲᠦ ᠬᠠᠲᠠᠭᠤᠢ᠎ᠠ ᠪᠠᠲᠤᠯᠠᠵᠤ ᠲᠡᠮᠦᠷ ᠬᠣᠷᠢᠶᠠᠨ ᠠᠴᠠ ᠦᠯᠡᠭᠦᠢ ᠪᠣᠯᠭᠠᠪᠠᠰᠤ ᠪᠡᠷ ᠲᠡᠭᠦᠨᠦ ᠪᠤᠶᠠᠨ ᠢᠶᠠᠷ ᠲᠩᠷᠢ ᠨᠡᠷ ᠴᠢᠭᠤᠯᠵᠤ ᠭᠠᠷᠭᠠᠬᠤᠢ ᠠᠷᠭ ᠠ ᠶᠢ ᠡᠶᠡᠲᠦᠯᠳᠦᠮᠦᠢ ᠲᠡᠨᠳᠡᠴᠡ ᠠᠯᠢ ᠴᠠᠭ ᠲᠤᠷ ᠪᠣᠳᠢᠰᠲᠸ ᠢ ᠭᠡᠷ ᠲᠡᠴᠡ ᠭᠠᠷᠬᠤᠢ ᠴᠠᠭ ᠪᠣᠯᠤᠭᠰᠠᠨ ᠲᠡᠷᠡ ᠴᠠᠭ ᠲᠤᠷ ᠪᠠᠨᠴᠠᠬᠢ ᠲᠡᠷᠢᠭᠦᠲᠡᠨ ᠬᠣᠷᠢᠨ ᠨᠠᠢᠮᠠᠨ ᠶᠡᠬᠡ ᠴᠢᠳᠬᠦᠳ ᠦᠨ ᠬᠦᠷᠡᠭᠡᠨ ᠢ ᠲᠡᠷᠢᠭᠦᠯᠡᠭᠴᠢᠳ ᠲᠠᠪᠤᠨ ᠵᠠᠭᠤᠨ ᠬᠠᠷᠢᠨᠢ ᠶᠢᠨ ᠬᠥᠪᠡᠭᠦᠳ ᠯᠦᠭᠡ ᠨᠢᠭᠡᠨ᠎ᠡ ᠴᠢᠭᠤᠯᠵᠤ ᠥᠭᠦᠯᠡᠯᠳᠦᠷ ᠦᠨ ᠡᠨᠡ ᠰᠥᠨᠢ ᠪᠣᠳᠢᠰᠲᠸ ᠭᠡᠷ ᠲᠡᠴᠡ ᠮᠠᠭᠠᠳ ᠭᠠᠷᠤᠶᠤ ᠲᠠᠬᠢᠯ ᠦᠶᠢᠯᠡᠳ ᠦᠨ ᠣᠳᠤᠶ᠎ᠠ ᠬᠡᠮᠡᠯᠳᠦᠪᠡᠢ ᠳᠥᠷᠪᠡᠨ ᠮᠠᠬᠠᠷᠠᠵᠠ ᠲᠩᠷᠢ ᠨᠡᠷ ᠪᠡᠷ ᠨᠥᠬᠦᠳ ᠢᠶᠡᠷ ᠢᠶᠡᠨ ᠨᠢᠭᠡᠨ᠎ᠡ ᠠᠳᠠᠬᠠᠸᠠᠨᠲᠢ ᠪᠠᠯᠭᠠᠰᠤᠨ ᠳᠤᠷ ᠴᠢᠭᠤᠯᠵᠤ
Nögüge: arban tabun: ken jesemüi keme:n asaγqaγu:lju sayi:tur jesedkün keme:n daγu:daγu:lju ütü čü kümü:n-e ünen kü γarun yadaqu metü bekilegü:l-bei. Tende[ki] ögüler-ün: Dege:dü Sudadani qaγa:n tenggerlig boγda köbegü:n-iye:n tebčijü γarqui-a keme:n [sedkijü] tere metü qataγu:i-a batulaju temür qoriya:n-a:ča ülegü:i bolγaba:su ber tegü:nü buyan-iya:r tngri-ner čiγu:lju γarγaqui arγ-a-yi eyetüldümüi. Tendeče ali čaγ-tur Bodistv[-i] ger-teče γarqui čaγ boluγsan tere čaγ-tur Bančaki terigü:ten qorin naiman yeke čidküd-ün kürege:n-i terigü:legčid tabun jaγu:n Qarini-[yi:n] köbegü:d-lüge: nigen-e čiγu:lju ögüleldür-ün: Ene söni Bodistv ger-teče maγad γaruyu. Takil üyi:led-[ün] oduy-a keme:ldübei. Dörben maqaraja tngri-ner ber nöküd-iye:r-iye:n nigen-e Adakavanti balγasun-dur čiγu:lju
15b
ᠴᠢᠳᠬᠦᠳ ᠦᠨ ᠠᠶᠢᠮᠠᠭ᠎ᠠ ᠥᠭᠦᠯᠡᠷ ᠦᠨ ᠲᠠ ᠪᠣᠳᠢᠰᠲᠸ ᠤᠨ ᠤᠨᠤᠬᠤ ᠮᠣᠷᠢᠨ ᠤ ᠬᠥᠯ ᠡᠴᠡ ᠡᠷᠭᠦᠳᠬᠦᠨ ᠪᠠ ᠤᠷᠢᠳᠠ ᠮᠥᠷ ᠵᠠᠰᠠᠨ ᠶᠠᠪᠤᠰᠤᠭᠠᠢ ᠬᠡᠮᠡᠨ ᠥᠭᠦᠯᠡᠯᠳᠦᠪᠡᠢ ᠲᠩᠷᠢ ᠨᠡᠷ ᠦᠨ ᠡᠷᠬᠡᠲᠦ ᠬᠤᠷᠮᠤᠰᠲᠠ ᠲᠩᠷᠢ ᠪᠡᠷ ᠢᠰᠲᠢᠷᠢᠶᠠᠰᠲᠢᠷᠢᠰ ᠲᠠᠬᠢᠨ ᠲᠩᠷᠢ ᠨᠡᠷ ᠲᠦᠷ ᠥᠭᠦᠯᠡᠷ ᠦᠨ ᠨᠥᠬᠦᠳ ᠡ ᠡᠨᠡ ᠰᠥᠨᠢ ᠪᠣᠳᠢᠰᠲᠸ ᠭᠡᠷ ᠲᠡᠴᠡ ᠮᠠᠭᠠᠳ ᠭᠠᠷᠬᠤᠢ ᠴᠠᠭ ᠪᠣᠯᠵᠤ ᠪᠦᠬᠦᠢ ᠳᠦᠷ ᠰᠤᠳᠠᠳᠠᠨᠢ ᠬᠠᠭᠠᠨ ᠰᠠᠬᠢᠯᠢᠭ ᠤᠳ ᠤᠨ ᠠᠶᠢᠮᠠᠭ ᠢᠶᠠᠷ ᠰᠠᠬᠢᠵᠤ ᠪᠠᠰᠠᠷ ᠪᠠᠯᠭᠠᠰᠤᠨ ᠢ ᠪᠠᠲᠤᠳᠠ ᠪᠠᠷᠢᠭᠤᠯᠵᠤ ᠬᠣᠲᠣᠨ ᠤ ᠬᠠᠭᠠᠯᠭᠠᠰ ᠢ ᠬᠠᠲᠠᠭᠤᠢ᠎ᠠ ᠬᠠᠭᠠᠭᠤᠯᠵᠤ ᠠᠮᠤᠢ ᠪᠣᠳᠢᠰᠲᠸ ᠤᠨ ᠰᠡᠳᠬᠢᠯ ᠢ ᠪᠦᠲᠦᠭᠡᠬᠦ ᠶᠢᠨ ᠲᠤᠯᠠᠳᠠ ᠲᠠᠬᠢᠯ ᠦᠶᠢᠯᠡᠳᠦᠨ ᠣᠳᠤᠶ᠎ᠠ ᠬᠡᠮᠡᠨ ᠥᠭᠦᠯᠡᠪᠡᠰᠦ ᠲᠡᠨᠳᠡᠴᠡ ᠰᠠᠨᠲᠠ ᠮᠠᠲᠢ ᠨᠡᠷᠡᠲᠦ ᠲᠩᠷᠢ ᠶᠢᠨ ᠬᠥᠪᠡᠭᠦᠨ ᠥᠭᠦᠯᠡᠷ ᠦᠨ ᠪᠢ ᠬᠠᠪᠢᠯᠢᠭ ᠪᠠᠯᠭᠠᠰᠤᠨ ᠳᠠᠬᠢᠨ ᠢ ᠤᠮᠲᠠᠷᠠᠭᠤᠯᠰᠤᠭᠠᠢ ᠬᠡᠮᠡᠪᠡ ᠯᠠᠯᠢᠲᠠ ᠸᠢᠶᠤᠬ᠎ᠠ ᠨᠡᠷᠡᠲᠦ ᠲᠩᠷᠢ ᠶᠢᠨ ᠬᠥᠪᠡᠭᠦᠨ ᠪᠢ ᠮᠣᠷᠢᠨ ᠲᠡᠷᠢᠭᠦᠲᠡᠨ ᠦ ᠳᠠᠭᠤᠨ ᠢ ᠪᠦᠦ ᠰᠣᠨᠣᠰᠳᠠ ᠭᠤᠯᠰᠤᠭᠠᠢ ᠬᠡᠮᠡᠪᠡ ᠸᠢᠶᠤᠬ ᠠ ᠮᠠᠲᠢ ᠨᠡᠷᠡᠲᠦ ᠲᠩᠷᠢ ᠶᠢᠨ ᠬᠥᠪᠡᠭᠦᠨ ᠪᠢ ᠣᠳᠬᠤᠢ ᠮᠥᠷ ᠳᠡᠭᠡᠷ᠎ᠡ ᠡᠷᠳᠢᠨᠢ ᠬᠡᠶᠢᠳ ᠦᠨ
čidküd-ün ayi:maγ-a ögüler-ün: Ta Bodistv-un unuqu morin-u köl-e:če ergüdkün. Ba urida mör jasan yabusuγai keme:n ögüleldübei. Tngri-ner-ün erketü Qurmusta tngri ber Istiriyastiris-takin tngri-ner-tür ögüler-ün: Nöküd e: ene söni Bodistv ger-teče maγad γarqui čaγ bolju büküi-dür Sudadani qaγa:n Sakiliγ-u:d-un ayi:maγ-iya:r sakiju Basar balγasun-i batuda bariγu:lju qoton-u qaγa:lγas-i qataγu:i-a qaγa:γu:lju amui. Bodistv-un sedkil-i bütüge:kü-yi:n tulada takil üyi:ledün oduy-a keme:n ögülebe:sü tendeče Santa-mati neretü tngri-yi:n köbegü:n ögüler-ün: Bi Kabiliγ balγasun dakin-i umtaraγu:lsuγai keme:be. Lalita viyuq-a neretü tngri-yi:n köbegü:n bi morin terigü:ten-ü daγu:n-i büü sonosda-γu:lsuγai keme:be. Viyuq-a-mati neretü tngri-yi:n köbegü:n bi odqui mör dege:r-e erdini keyid-ün
16a
ᠨᠥᠭᠦᠭᠡ ᠠᠷᠪᠠᠨ ᠵᠢᠷᠭᠤᠭᠠᠨ ᠳᠣᠲᠤᠷ᠎ᠠ ᠢᠰᠪᠤᠷᠢᠷ ᠡᠷᠳᠢᠨᠢ ᠶᠢᠨ ᠭᠡᠷᠡᠯ ᠪᠣᠯᠭᠠᠰᠤᠭᠠᠢ ᠬᠡᠮᠡᠪᠡ ᠬᠤᠷᠮᠤᠰ ᠲᠠ ᠲᠩᠷᠢ ᠪᠢ ᠬᠠᠭᠠᠯᠭ᠎ᠠ ᠨᠡᠭᠡᠰᠦᠭᠡᠢ ᠬᠡᠮᠡᠪᠡ ᠳᠠᠷᠮ ᠠ ᠴᠠᠷᠢ ᠨᠡᠷ ᠡ ᠲᠦ ᠲᠩᠷᠢ ᠶᠢᠨ ᠬᠥᠪᠡᠭᠦᠨ ᠪᠢ ᠬᠠᠲᠤᠳ ᠤᠨ ᠠᠶᠢᠮᠠᠭ ᠢ ᠢᠴᠡᠷᠢᠯᠡᠭᠦᠯᠰᠦᠭᠡᠢ ᠬᠡᠮᠡᠪᠡ ᠰᠠᠨᠴᠣᠳᠠᠬ ᠢ ᠨᠡᠷ ᠡ ᠲᠦ ᠲᠩᠷᠢ ᠶᠢᠨ ᠬᠥᠪᠡᠭᠦᠨ ᠪᠢ ᠪᠣᠳᠢᠰᠲᠸ ᠢ ᠣᠷᠣᠨ ᠠᠴᠠ ᠪᠣᠰᠬᠠᠰᠤᠭᠠᠢ ᠬᠡᠮᠡᠪᠡ ᠲᠡᠭᠦᠨᠴᠢᠯᠡᠨ ᠯᠤᠤᠰ ᠤᠨ ᠬᠠᠳ ᠪᠡᠷ ᠪᠠ ᠴᠢᠨᠳᠠᠨ ᠡᠭᠦᠯᠡᠳ ᠡᠴᠡ ᠤᠷᠤᠭᠠᠰᠠᠷᠢ ᠴᠢᠨᠳᠠᠨ ᠤ ᠥᠷᠦᠪᠲᠡᠰᠦᠨ ᠦ ᠬᠤᠷᠠᠰ ᠢ ᠣᠷᠤᠭᠤᠯᠰᠤᠭᠠᠢ ᠬᠡᠮᠡᠨ ᠡᠶᠡᠲᠦᠯᠳᠦᠪᠡᠢ
Nögüge: arban jirγuγa:n: dotur-a isburir erdini-yi:n gerel bolγasuγai keme:be. Qurmus-ta tngri bi qaγa:lγ-a nege:sügei keme:be. Darm-a-čari ner-e-tü tngri-yi:n köbegü:n bi qatud-un ayi:maγ-i ičerilegü:lsügei keme:be. Sančodak-i ner-e-tü tngri-yi:n köbegü:n bi Bodistv-i oron-a:ča bosqasuγai keme:be. Tegü:nčilen luus-un qad ber ba čindan egü:led-e:če urugasari čindan-u örübtesün-ü quras-i oruγu:lsuγai keme:n eyetüldübei.
16b
ᠲᠡᠷᠡ ᠴᠠᠭ ᠲᠤᠷ ᠪᠣᠳᠢᠰᠲᠸ ᠡᠷᠲᠡᠨ ᠦ ᠪᠤᠷᠬᠠᠨ ᠨᠤᠭᠤᠳ ᠤᠨ ᠶᠠᠪᠤᠳᠠᠯ ᠢ ᠰᠡᠳᠬᠢᠵᠦ ᠠᠮᠢᠲᠠᠨ᠎ᠠ ᠲᠤᠰᠠ ᠦᠶᠢᠯᠡᠳᠬᠦᠢ ᠶᠢ ᠬᠦ ᠳᠠᠭᠠᠨ ᠳᠤᠷᠠᠳᠤᠨ ᠰᠡᠳᠬᠢᠨ ᠪᠦᠬᠦᠢ ᠳᠦᠷ ᠡᠷᠲᠡᠨ ᠦ ᠳᠥᠷᠪᠡᠨ ᠵᠦᠶᠢᠯ ᠢᠷᠦᠭᠡᠷ ᠢ ᠢᠯᠡᠲᠡ ᠳᠤᠷᠠᠳᠪᠠᠢ ᠳᠥᠷᠪᠡᠨ ᠠᠯᠢ ᠪᠤᠢ ᠬᠡᠮᠡᠪᠡᠰᠦ ᠰᠠᠨᠰᠠᠷ ᠲᠤᠷ ᠨᠢᠰᠸᠠᠨᠢᠰ ᠤᠨ ᠬᠦᠯᠢᠶᠡᠰᠦᠨ᠎ᠡ ᠬᠦᠯᠢᠭᠳᠡᠭᠰᠡᠨ ᠠᠮᠢᠲᠠᠨ ᠢ ᠠᠯᠳᠠᠷᠠᠭᠤᠯᠰᠤᠭᠠᠢ ᠪᠢ ᠪᠢᠯᠢᠭ ᠦᠨ ᠨᠢᠳᠦᠨ ᠢᠶᠡᠷ ᠮᠤᠩᠬᠠᠭ ᠤᠨ ᠬᠠᠷᠠᠩᠭᠤᠢ ᠶᠢ ᠭᠡᠶᠢᠭᠦᠯᠰᠦᠭᠡᠢ ᠪᠢ
Tere čaγ-tur Bodistv erten-ü burqan-nuγu:d-un yabudal-i sedkijü amitan-a tusa üyi:ledküi-yi kü daγan duradun sedkin büküi-dür erten-ü dörben jüyi:l irüge:r-i ilete duradbai. Dörben ali bui keme:be:sü sansar-tur nisvanis-un küliye:sün-e küligdegsen amitan-i aldaraγu:lsuγai bi. Bilig-ün nidün-iye:r mungqaγ-un qarangγui-yi geyi:gü:lsügei bi.
17a
ᠨᠥᠭᠦᠭᠡ ᠠᠷᠪᠠᠨ ᠳᠣᠯᠤᠭᠠᠨ ᠪᠤᠷᠤᠭᠤ ᠮᠥᠷ ᠲᠦᠷ ᠣᠷᠤᠭᠰᠠᠨ ᠮᠠᠭᠤᠢ ᠦᠵᠡᠯᠲᠡᠨ ᠢ ᠬᠤᠲᠤᠭᠲᠠᠨ ᠤ ᠮᠥᠷ ᠢᠶᠡᠷ ᠭᠡᠲᠦᠯᠭᠡᠰᠦᠭᠡᠢ ᠪᠢ ᠬᠡᠮᠡᠨ ᠰᠡᠳᠬᠢᠭᠴᠢ ᠣᠮᠤᠭ ᠢ ᠢᠨᠤ ᠱᠢᠩᠲᠠᠷᠠᠭᠤᠯᠤᠨ ᠦᠶᠢᠯᠡᠳᠰᠦᠭᠡᠢ ᠪᠢ ᠡᠨᠡ ᠲᠡᠷᠡ ᠶᠢᠷᠲᠢᠨᠴᠦ ᠳᠦᠷ ᠢᠷᠡᠨ ᠣᠳᠤᠨ ᠣᠷᠴᠢᠭᠴᠢ ᠲᠠᠰᠤᠷᠠᠯ ᠦᠭᠡᠢ ᠰᠠᠨᠰᠠᠷ ᠢ ᠠᠮᠤᠷᠯᠢᠩᠭᠤᠢ ᠨᠣᠮ ᠢ ᠨᠣᠮᠯᠠᠵᠤ ᠠᠮᠤᠷᠯᠢᠭᠤᠯᠰᠤᠭᠠᠢ ᠪᠢ ᠬᠡᠮᠡᠬᠦ ᠳᠥᠷᠪᠡᠨ ᠵᠦᠶᠢᠯᠲᠦ ᠢᠷᠦᠭᠡᠷ ᠢ ᠢᠯᠡᠲᠡ ᠳᠤᠷᠠᠳᠴᠤ ᠪᠦᠬᠦᠢ ᠳᠦᠷ ᠲᠡᠨᠳᠡᠴᠡ ᠲᠡᠷᠡ ᠬᠦ ᠨᠢᠭᠡᠨ ᠭᠰᠠᠨ ᠳᠤᠷ ᠳᠠᠷᠮ ᠠ ᠴᠠᠷᠢ ᠨᠡᠷᠡᠲᠦ ᠲᠩᠷᠢ ᠶᠢᠨ ᠬᠥᠪᠡᠭᠦᠨ ᠠᠷᠢᠭᠤᠨ ᠣᠷᠣᠨ ᠳᠠᠬᠢᠲᠩᠷᠢ ᠶᠢᠨ ᠬᠥᠪᠡᠭᠦᠳ ᠯᠦᠭᠡ ᠨᠢᠭᠡᠨ᠎ᠡ ᠢᠷᠡᠵᠦ ᠬᠠᠲᠤᠳ ᠤᠨ ᠠᠶᠢᠮᠠᠭ ᠢ ᠢᠴᠡᠷᠢ ᠣᠳᠬᠤ ᠮᠡᠲᠦ ᠪᠣᠯᠭᠠᠵᠤ ᠥᠭᠦᠯᠡᠷ ᠦᠨ ᠳᠡᠯᠭᠡᠷᠡᠭᠰᠡᠨ ᠯᠢᠨᠬᠤ ᠠ ᠶᠢᠨ ᠨᠠᠪᠴᠢᠨ ᠳᠤᠷ ᠠᠳᠠᠯᠢ ᠨᠢᠳᠦᠲᠦ ᠴᠢ ᠦᠬᠦᠳᠡᠯ ᠦᠨ ᠳᠤᠮᠳᠠ ᠰᠠᠭᠤᠷ ᠤᠨ ᠪᠠᠶᠠᠰᠬᠤᠯᠠᠩ ᠬᠡᠷᠬᠢᠨ ᠲᠥᠷᠦᠮᠦᠢ ᠬᠡᠮᠡᠨ ᠲᠩᠷᠢ ᠨᠡᠷ᠎ᠡ ᠲᠡᠷᠡ ᠮᠡᠲᠦ ᠳᠤᠷᠠᠳᠬᠠᠭᠳᠠᠵᠤ ᠪᠣᠳᠢᠰᠲᠸ ᠲᠡᠶᠢᠨ ᠬᠠᠲᠤᠳ ᠤᠨ ᠠᠶᠢᠮᠠᠭ ᠢ ᠦᠵᠡᠪᠡᠰᠦ ᠵᠠᠷᠢᠮ ᠤᠳ ᠠᠨᠤ ᠳᠡᠭᠡᠯ ᠦᠭᠡᠢ ᠨᠢᠴᠦᠭᠦᠨ ᠵᠠᠷᠢᠮ ᠤᠳ
Nögüge: arban doluγa:n: Buruγu: mör-tür oruγsan maγu:i üjelten-i qutuγtan-u mör-iye:r getülgesügei bi keme:n sedkigči omuγ-i inu šingtaraγu:lun üyi:ledsügei bi. Ene tere yirtinčü-dür iren odun orčiγči tasural ügei sansar-i amurlingγui nom-i nomlaju amurliγu:lsuγai bi keme:kü dörben jüyi:ltü irüge:r-[i] ilete duradču büküi-dür tendeče tere kü nigen gsan-dur Darm-a-čari neretü tngri-yi:n köbegü:n ariγu:n oron dakitngri-yi:n köbegü:d-lüge: nigen-e irejü qatud-un ayi:maγ-i ičeri odqu metü bolγaju ögüler-ün: Delgeregsen linqu-a-yi:n nabčin-dur adali nidütü či üküdel-ün dumda saγu:r-un. Bayasqulang kerkin törümüi keme:n tngri-ner-e tere metü duradqaγdaju Bodistv teyi:n qatud-un ayi:maγ-i üjebe:sü jarim-u:d anu dege:l ügei ničügün, jarim-u:d
17b
ᠠᠨᠤ ᠦᠰᠦᠨ ᠠᠯᠳᠠᠷᠠᠵᠤ ᠰᠠᠪᠰᠤᠶᠢᠬᠤᠨ ᠵᠠᠷᠢᠮ ᠤᠳ ᠠᠨᠤ ᠴᠢᠮᠡᠭ ᠦᠭᠡᠢ ᠠᠨᠵᠠᠷᠬᠤᠨ ᠵᠠᠷᠢᠮ ᠤᠳ ᠠᠨᠤ ᠥᠩᠭᠡ ᠴᠢᠷᠠᠢ ᠦᠭᠡᠢ ᠱᠢᠷᠠᠯᠠᠬᠤᠨ ᠵᠠᠷᠢᠮ ᠤᠳ ᠠᠨᠤ ᠠᠮᠠᠨ ᠠᠴᠠ ᠱᠢᠯᠦᠰᠦᠨ ᠴᠤᠪᠤᠷᠢᠬᠤᠨ ᠵᠠᠷᠢᠮ ᠤᠳ ᠠᠨᠤ ᠱᠢᠳᠦᠨ ᠢᠶᠡᠨ ᠬᠠᠪᠢᠷᠬᠤᠨ ᠵᠠᠷᠢᠮ ᠤᠳ ᠠᠨᠤ ᠬᠤᠭᠤᠷ ᠲᠤᠷ ᠵᠠᠭᠤᠷᠠᠬᠤᠨ ᠵᠠᠷᠢᠮ ᠤᠳ ᠠᠨᠤ ᠭᠡᠳᠡᠷᠭᠦ ᠤᠨᠠᠵᠤ ᠠᠯᠴᠠᠶᠢᠬᠤᠨ ᠲᠡᠷᠢᠭᠦᠲᠡᠨ ᠡᠯᠳᠡᠪ ᠵᠢᠭᠡᠷᠭᠡᠮᠱᠢᠭ ᠢ ᠦᠵᠡᠵᠦ ᠥᠭᠦᠯᠡᠷ ᠦᠨ ᠡᠮ᠎ᠡ ᠮᠠᠩᠭᠤᠰ ᠤᠨ ᠳᠤᠮᠳᠠ ᠠᠨᠤ ᠮᠠᠭᠤᠢ ᠣᠶᠢᠲᠠᠨ ᠲᠠᠴᠢᠶᠠᠨ ᠱᠢᠨᠤᠬᠠᠶᠢᠷᠠᠭᠰᠠᠳ ᠠᠷᠤᠭ ᠲᠤᠷ ᠬᠠᠭᠠᠭᠳᠠᠭᠰᠠᠨ ᠱᠢᠪᠠᠭᠤᠨ ᠮᠡᠲᠦ ᠮᠠᠭᠠᠳ ᠲᠣᠨᠢᠯᠬᠤᠢ ᠬᠡᠵᠢᠶ᠎ᠡ ᠪᠣᠯᠬᠤ ᠨᠢ ᠬᠡᠮᠡᠭᠡᠳ ᠲᠡᠨᠳᠡᠴᠡ ᠪᠠᠰᠠ ᠪᠣᠳᠢᠰᠲᠸ ᠡᠨᠡ ᠨᠣᠮ ᠤᠨ ᠬᠠᠭᠠᠯᠭ ᠠ ᠶᠢᠨ ᠭᠡᠷᠡᠯ ᠢᠶᠡᠷ ᠬᠠᠲᠤᠳ ᠤᠨ ᠠᠶᠢᠮᠠᠭ ᠢ ᠱᠢᠨᠵᠢᠯᠡᠵᠦ ᠠᠮᠢᠲᠠᠨ᠎ᠠ ᠲᠤᠰᠠᠶᠢᠨ ᠲᠤᠯᠠᠳᠠ ᠥᠭᠦᠯᠡᠷ ᠦᠨ ᠡᠳᠡᠨ᠎ᠡ ᠬᠥᠪᠡᠭᠦᠬᠡᠨ ᠠᠮᠢᠲᠠᠨ ᠠᠯᠠᠭᠳᠠᠶᠤ ᠬᠦᠮᠦᠨ ᠠᠯᠠᠬᠤᠢ ᠭᠠᠵᠠᠷ ᠲᠤᠷ ᠠᠳᠠᠯᠢ ᠡᠳᠡᠨ᠎ᠡ ᠬᠥᠪᠡᠭᠦᠬᠡᠨ ᠠᠮᠢᠲᠠᠨ ᠱᠢᠭᠤᠳᠠᠭᠤᠯᠳᠠᠶᠤ ᠪᠤᠷᠲᠠᠭ ᠢᠶᠠᠷ ᠳᠦᠭᠦᠷᠦᠭᠰᠡᠨ ᠬᠡᠪᠡᠬᠡᠨ ᠰᠠᠪᠠ ᠶᠢ ᠮᠤᠩᠬᠠᠭ ᠢᠶᠠᠷ ᠦᠯᠦ ᠤᠬᠠᠨ ᠬᠤᠷᠢᠴᠠᠬᠤᠢ ᠳᠤᠷ ᠠᠳᠠᠯᠢ
anu üsün aldaraju sabsuyi:qun jarim-u:d anu čimeg ügei anja:rqun jarim-u:d anu öngge čirai ügei širalaqun jarim-u:d anu aman-a:ča šilüsün čuburiqun jarim-u:d anu šidün-iye:n qabirqun, jarim-u:d anu quγu:r-tur jaγu:raqun, jarim-u:d anu gedergü unaju alčayi:qun terigü:ten eldeb jigergemšig-i üjejü ögüler-ün: Em-e mangγus-un dumda anu maγu:i oyi:tan tačiya:n šinuqayi:raγsad aruγ-tur qaγa:γdaγsan šibaγu:n metü maγad tonilqui kejiy-e: bolqu ni kemege:d tendeče basa Bodistv ene nom-un qaγa:lγ-a-yi:n gerel-iye:r qatud-un ayi:maγ-i šinjilejü amitan-a tusayi:n tulada ögüler-ün: Eden-e köbegü:ken amitan alaγdayu. Kümü:n alaqui γajar-tur adali eden-e köbegü:ken amitan šiγu:daγu:ldayu. Burtaγ-iya:r dügü:rügsen kebeken saba-yi mungqaγ-iya:r ülü uqan quričaqui-dur adali
18a
ᠨᠥᠭᠦᠭᠡ ᠠᠷᠪᠠᠨ ᠨᠠᠢᠮᠠᠨ ᠬᠡᠮᠡᠬᠦᠢ ᠡᠴᠡ ᠲᠡᠷᠢᠭᠦᠯᠡᠵᠦ ᠡᠳᠡᠨ᠎ᠡ ᠬᠥᠪᠡᠭᠦᠬᠡᠳ ᠠᠮᠢᠲᠠᠨ ᠢᠳᠡᠭᠳᠡᠶᠦ ᠡᠮ᠎ᠡ ᠮᠠᠩᠭᠤᠰ᠎ᠠ ᠬᠤᠳᠠᠯᠳᠤᠭᠴᠢᠳ ᠢᠳᠡᠭᠳᠡᠭᠰᠡᠨ ᠳᠦᠷ ᠠᠳᠠᠯᠢ ᠬᠡᠮᠡᠬᠦᠢ ᠳᠦᠷ ᠬᠦᠷᠲᠡᠯᠡ ᠭᠤᠴᠢᠨ ᠬᠣᠶᠠᠷ ᠵᠦᠶᠢᠯ ᠠᠳᠠᠯᠢᠳᠬᠠᠬᠤᠢ ᠤᠳᠬᠠᠰ ᠢᠶᠠᠷ ᠬᠠᠲᠤᠳ ᠤᠨ ᠠᠶᠢᠮᠠᠭ ᠢ ᠦᠨᠡᠨ ᠢᠶᠡᠷ ᠰᠠᠶᠢᠲᠤᠷ ᠣᠨᠤᠵᠤ ᠬᠠᠳᠠᠵᠤ ᠥᠪᠡᠷ ᠦᠨ ᠪᠠ ᠪᠤᠰᠤᠳ ᠤᠨ ᠪᠡᠶ ᠡ ᠶᠢ ᠡᠨᠡ ᠬᠦ ᠮᠡᠲᠦ ᠪᠤᠷᠲᠠᠭ ᠴᠢᠨᠠᠷᠲᠤ ᠪᠦᠬᠦ ᠶᠢ ᠰᠡᠳᠬᠢᠵᠦ ᠥᠭᠦᠯᠡᠷ ᠦᠨ ᠬᠤᠷᠢᠴᠠᠬᠤ ᠶᠢᠨ ᠤᠰᠤᠨ ᠢᠶᠠᠷ ᠵᠦᠬᠢᠳᠬᠡᠭᠳᠡᠵᠦ ᠦᠶᠢᠯᠡᠳᠦᠭᠰᠡᠨ ᠵᠠᠶᠠᠭᠠᠨ ᠤ ᠲᠠᠷᠢᠶᠠᠨ ᠠᠴᠠ ᠲᠥᠷᠦᠭᠰᠡᠨ ᠠᠷᠠᠰᠤᠨ ᠱᠢᠷᠪᠦᠰᠦᠨ ᠮᠢᠬᠠᠨ ᠢᠶᠠᠷ ᠲᠣᠷᠯᠠᠭᠳᠠᠭᠰᠠᠨ ᠬᠦᠮᠦᠨ ᠳᠦᠷ ᠠᠳᠠᠯᠢ ᠡᠨᠡ ᠨᠢᠭᠡᠨ ᠪᠡᠶ ᠡ ᠳᠦᠷ ᠨᠢᠯᠪᠤᠰᠤᠨ ᠨᠢᠰᠤᠨ ᠤᠰᠤᠨ ᠬᠢᠭᠡᠳ ᠴᠢᠰᠤᠨ ᠥᠭᠡᠰᠦᠨ ᠪᠤᠷᠲᠠᠭ ᠢᠶᠠᠷ ᠳᠦᠭᠦᠷᠦᠭᠰᠡᠨ ᠪᠣᠳᠠᠲᠤ ᠶᠢ ᠦᠵᠡᠭᠡᠳ ᠪᠥᠭᠡᠲᠡᠯᠡ ᠮᠡᠷᠭᠡᠳ ᠬᠡᠨ ᠵ᠎ᠡ ᠡᠨᠡ ᠪᠤᠷᠲᠠᠭ ᠪᠡᠶ ᠡ ᠶᠢ ᠳᠠᠶᠢᠰᠤᠨ ᠳᠤᠷ ᠠᠳᠠᠯᠢ ᠦᠯᠦ ᠰᠡᠳᠬᠢᠨ ᠬᠤᠷᠢᠴᠠᠮ ᠬᠡᠮᠡᠬᠦ ᠲᠠᠬᠢ ᠶᠠᠭᠤᠨ ᠦᠭᠡ ᠬᠡᠮᠡᠨ ᠥᠭᠦᠯᠡᠵᠦ ᠪᠣᠳᠢᠰᠲᠸ ᠲᠡᠷᠡ ᠮᠡᠲᠦ ᠪᠡᠶ ᠡ ᠳᠦᠷ ᠪᠡᠶ ᠡ ᠶᠢ ᠳᠠᠭᠠᠨ
Nögüge: arban naiman: keme:küi-e:če terigü:lejü eden-e köbegü:ked amitan idegdeyü. Em-e mangγus-a qudalduγčid idegdegsen-dür adali keme:küi-dür kürtele γučin qoyar jüyi:l adalidqaqui udqas-iya:r qatud-un ayi:maγ-i ünen-iye:r sayi:tur onuju qadaju öbe:r-ün ba busud-un bey-e-yi ene kü metü burtaγ činartu bükü-yi sedkijü ögüler-ün: Quričaqu-yi:n usun-iya:r jükidkegdejü üyi:ledügsen jayaγa:n-u tariya:n-a:ča törügsen arasun širbüsün miqan-iya:r torlaγdaγsan kümü:n-dür adali ene nigen bey-e-dür nilbusun, nisun, usun ki:ge:d čisun öge:sün burtaγ-iya:r dügü:rügsen bodatu-yi üjege:d böge:tele merged ken j-e. Ene burtaγ bey-e-yi dayi:sun-dur adali ülü sedkin quričam keme:kü taki yaγu:n üge keme:n ögülejü Bodistv tere metü bey-e-dür bey-e-yi daγan
18b
ᠳᠤᠷᠠᠳᠬᠤᠢ ᠬᠡᠮᠡᠬᠦ ᠳᠢᠶᠠᠨ ᠳᠤᠷ ᠰᠡᠳᠬᠢᠯ ᠢᠶᠡᠨ ᠠᠭᠤᠯᠵᠤ ᠪᠦᠬᠦ ᠲᠡᠷᠡ ᠴᠠᠭ ᠲᠤᠷ ᠣᠭᠲᠠᠷᠭᠤᠢ ᠳᠤᠷ ᠪᠦᠬᠦᠨ ᠲᠩᠷᠢ ᠶᠢᠨ ᠬᠥᠪᠡᠭᠦᠳ ᠲᠩᠷᠢ ᠶᠢᠨ ᠬᠥᠪᠡᠭᠦᠨ ᠳᠠᠷᠮ ᠠ ᠴᠠᠷᠢ ᠳᠤᠷ ᠥᠭᠦᠯᠡᠷ ᠦᠨ ᠪᠣᠳᠢᠰᠲᠸ ᠬᠠᠲᠤᠳ ᠤᠨ ᠠᠶᠢᠮᠠᠭ ᠪᠠᠰᠠ ᠪᠠᠰᠠ ᠦᠵᠡᠨ ᠠᠮᠤᠢ ᠬᠠᠲᠤᠳ ᠲᠠ ᠬᠠᠷᠢᠭᠤᠯᠳᠠᠬᠤᠢ ᠪᠦᠦ ᠪᠣᠯᠲᠤᠭᠠᠢ ᠬᠡᠮᠡᠪᠡᠰᠦ ᠳᠠᠷᠮ ᠠ ᠴᠠᠷᠢ ᠥᠭᠦᠯᠡᠷ ᠦᠨ ᠡᠨᠡ ᠪᠣᠭᠳᠠ ᠡᠷᠲᠡ ᠤᠷᠢᠳᠠ ᠠᠴᠠ ᠪᠡᠷ ᠬᠠᠲᠤᠳ ᠲᠠ ᠡᠰᠡ ᠢᠯᠠᠭᠳᠠᠭᠰᠠᠨ ᠢ ᠲᠠ ᠢᠯᠡᠲᠡ ᠮᠡᠳᠡᠨ ᠪᠥᠭᠡᠲᠡᠯᠡ ᠡᠳᠦᠭᠡ ᠲᠥᠷᠦᠯ ᠦᠨ ᠡᠴᠦᠰ ᠪᠣᠯᠤᠭᠰᠠᠨ ᠳᠤᠷ ᠦᠯᠦ ᠲᠠᠴᠢᠶᠠᠬᠤᠢ ᠶᠢ ᠲᠠᠬᠢ ᠶᠠᠭᠤᠨ ᠥᠭᠦᠯᠡᠲᠡᠯᠡ ᠬᠡᠮᠡᠪᠡ ᠲᠡᠨᠳᠡᠴᠡ ᠪᠣᠳᠢᠰᠲᠸ ᠬᠠᠲᠤᠳ ᠤᠨ ᠠᠶᠢᠮᠠᠭ ᠢ ᠲᠡᠶᠢᠨ ᠮᠠᠭᠠᠳ ᠢᠶᠠᠷ ᠱᠢᠨᠵᠢᠯᠡᠨ ᠪᠠᠷᠠᠵᠤ ᠠᠯᠭᠤᠴᠠᠭᠠᠷ ᠡᠷᠳᠢᠨᠢ ᠲᠣᠤᠷ ᠢ ᠡᠷᠭᠦᠵᠦ ᠬᠠᠷᠱᠢ ᠶᠢᠨ ᠳᠡᠭᠡᠷ᠎ᠡ ᠭᠠᠷᠴᠤ ᠪᠦᠷ ᠦᠨ ᠳᠣᠷᠤᠨᠠ ᠵᠦᠭ ᠬᠠᠨᠳᠤᠵᠤ ᠬᠠᠮᠤᠭ ᠪᠤᠷᠬᠠᠨ ᠨᠤᠭᠤᠳ ᠲᠠ ᠵᠣᠷᠢᠨ ᠮᠥᠷᠭᠦᠵᠦ ᠪᠦᠷ ᠦᠨ ᠳᠡᠭᠡᠭᠱᠢ ᠳᠡ ᠦᠵᠡᠪᠡᠰᠦ ᠳᠡᠭᠡᠷ᠎ᠡ ᠬᠥᠬᠡ ᠣᠭᠲᠠᠷᠭᠤᠢ ᠳᠤᠷ ᠨᠡᠩ ᠣᠯᠠᠨ ᠲᠩᠷᠢ ᠯᠤᠤᠰ ᠶᠠᠬᠰᠠᠰ ᠲᠡᠷᠢᠭᠦᠲᠡᠨ ᠪᠦᠭᠦᠳᠡᠭᠡᠷ ᠨᠡᠩ ᠣᠯᠠᠨ ᠲᠠᠬᠢᠯ ᠤᠨ
duradqui keme:kü diyan-dur sedkil-iye:n aγu:lju bükü tere čaγ-tur oγtarγui-dur bükün tngri-yi:n köbegü:d tngri-yi:n köbegü:n Darm-a-čari-dur ögüler-ün: Bodistv qatud-un ayi:maγ basa basa üjen amui. Qatud-ta qariγu:ldaqui büü boltuγai keme:be:sü Darm-a-čari ögüler-ün: Ene boγda erte urida-a:ča ber qatud-ta ese ilaγdaγsan-i ta ilete meden böge:tele edüge: törül-ün ečüs boluγsan-dur ülü tačiya:qui-yi taki yaγu:n ögületele keme:be. Tendeče Bodistv qatud-un ayi:maγ-i teyi:n maγad-iya:r šinjilen baraju alγučaγar erdini tour-i ergüjü qarši-yi:n dege:r-e γarču bür-ün. Doruna jüg qanduju qamuγ burqan-nuγu:d-ta jorin mörgüjü bür-ün. Dege:gši-de üjebe:sü dege:r-e köke oγtarγui-dur neng olan tngri luus yaksas terigü:ten bügüdege:r neng olan takil-un
19a
ᠨᠥᠭᠦᠭᠡ ᠠᠷᠪᠠᠨ ᠶᠢᠰᠦᠨ ᠡᠳ ᠢ ᠪᠠᠷᠢᠵᠤ ᠪᠣᠳᠢᠰᠲᠸ ᠢ ᠬᠦᠯᠢᠶᠡᠨ ᠪᠦᠬᠦ ᠶᠢ ᠦᠵᠡᠵᠦ ᠲᠡᠨᠳᠡᠬᠡᠨ᠎ᠡ ᠪᠥᠭᠡᠳ ᠪᠣᠳᠢᠰᠲᠸ ᠴᠠᠨᠠᠬ ᠢ ᠤᠷᠢᠵᠤ ᠥᠭᠦᠯᠡᠷ ᠦᠨ ᠴᠠᠨᠠᠬ᠎ᠠ ᠡᠨᠡ ᠰᠥᠨᠢ ᠰᠡᠰᠢᠭ ᠦᠭᠡᠢ ᠦᠶᠢᠯᠡ ᠮᠢᠨᠦ ᠪᠦᠲᠦᠮᠦᠢ ᠦᠯᠦ ᠲᠠᠲᠠᠭᠠᠯᠵᠠᠨ ᠮᠣᠷᠢᠨ ᠤ ᠬᠠᠭᠠᠨ ᠬᠠᠨᠲᠠᠭ ᠢ ᠦᠳᠲᠡᠷ ᠴᠢᠮᠡᠵᠦ ᠥᠭᠲᠦᠭᠡᠢ ᠨᠠᠳᠤᠷ ᠬᠡᠮᠡᠨ ᠥᠭᠦᠯᠡᠪᠡᠰᠦ ᠴᠠᠨᠠᠬ ᠥᠴᠢᠷ ᠦᠨ ᠤᠷᠲᠤᠭᠤᠯᠢ ᠠᠨᠢᠰᠬᠠᠲᠤ ᠳᠡᠯᠭᠡᠷᠡᠭᠰᠡᠨ ᠯᠢᠨᠬᠤ ᠠ ᠶᠢᠨ ᠨᠠᠪᠴᠢᠨ ᠳᠤᠷ ᠠᠳᠠᠯᠢ ᠨᠢᠳᠦᠲᠦ ᠪᠤᠶᠠᠨ ᠤ ᠰᠠᠷᠠ ᠳᠠ ᠳᠡᠯᠭᠡᠷᠡᠭᠦᠯᠳᠡᠭᠰᠡᠨ ᠦᠵᠡᠰᠬᠦᠯᠡᠩᠲᠦ ᠬᠤᠮᠤᠳᠠ ᠴᠡᠴᠡᠭ ᠨᠢᠭᠤᠷᠲᠤ ᠨᠠᠷᠠᠨ ᠤ ᠭᠡᠷᠡᠯ᠎ᠡ ᠨᠣᠭᠳᠠᠭᠰᠠᠨ ᠭᠢᠯᠪᠡᠯᠦᠨ ᠪᠦᠬᠦ ᠠᠯᠲᠠᠨ ᠠᠭᠤᠯᠠ ᠳᠤᠷ ᠠᠳᠠᠯᠢ ᠴᠣᠭᠲᠤ ᠪᠡᠶ ᠡ ᠲᠦ ᠴᠣᠭᠲᠤ ᠦᠵᠡᠰᠬᠦᠯᠡᠩᠲᠦ ᠵᠠᠭᠠᠳ ᠤᠨ ᠬᠠᠭᠠᠨ ᠤ ᠶᠠᠪᠤᠳᠠᠯ ᠯᠤᠭᠠ ᠡᠶᠢᠮᠦ ᠰᠥᠨᠢ ᠡᠳᠦᠭᠡ ᠬᠠᠮᠢᠭ᠎ᠠ ᠣᠳᠤᠮᠤ ᠬᠡᠮᠡᠨ ᠥᠴᠢᠪᠡᠰᠦ ᠪᠣᠳᠢᠰᠲᠸ ᠥᠭᠦᠯᠡᠷ ᠦᠨ ᠠᠮᠢᠨ ᠪᠡᠶ ᠡ ᠪᠡᠨ ᠪᠡᠷ ᠦᠯᠦ ᠬᠠᠶᠢᠷᠠᠯᠠᠨ ᠠᠰᠠᠩᠬᠢ ᠭᠠᠯᠠᠪ ᠤᠳ ᠲᠤᠷ ᠵᠢᠷᠭᠤᠭᠠᠨ ᠪᠠᠷᠠᠮᠢᠳ ᠢ ᠪᠦᠲᠦᠭᠡᠨ ᠶᠠᠪᠤᠯᠤᠭ᠎ᠠ ᠡᠳᠦᠭᠡ ᠠᠮᠢᠲᠠᠨ ᠢ ᠭᠡᠲᠦᠯᠭᠡᠬᠦ ᠶᠢᠨ ᠲᠤᠯᠠᠳᠠ
Nögüge: arban yisün: ed-i bariju Bodistv-i küliye:n bükü-yi üjejü tendeken-[e] böge:d Bodistv Čanak-i uriju ögüler-ün: Čanak-a ene söni sesig ügei üyi:le minü bütümüi. Ülü tataγaljan morin-u qaγa:n Kantag-i üdter čimejü ögtügei nadur keme:n ögülebe:sü Čanak öčir-ün: Urtuγu:li anisqatu delgeregsen linqu-a-yi:n nabčin-dur adali nidütü buyan-u sara-da delgeregü:ldegsen üjeskülengtü kumuda čečeg niγu:rtu naran-u gerel-e noγdaγsan gilbelün bükü altan aγu:la-dur adali čoγtu bey-e-tü čoγtu üjeskülengtü jaγa:d-un qaγa:n-u yabudal-luγa: Eyi:mü söni edüge: qamiγ-a: odumu keme:n öčibe:sü Bodistv ögüler-ün amin bey-e-be:n ber ülü qayi:ralan Asangki galab-u:d-tur jirγuγa:n baramid-i bütüge:n yabuluγ-a:. Edüge: amitan-i getülgekü-yi:n tulada
19b
ᠦᠬᠦᠯ ᠦᠭᠡᠢ ᠷᠠᠱᠢᠶᠠᠨ ᠢ ᠡᠷᠢᠨ ᠣᠳᠤᠮᠤᠢ ᠬᠡᠮᠡᠪᠡᠰᠦ ᠴᠠᠨᠠᠬ ᠥᠭᠦᠯᠡᠷ ᠦᠨ ᠨᠣᠶᠠᠨ ᠮᠢᠨᠤ ᠴᠢᠮᠠᠶᠢ ᠲᠥᠷᠦᠭᠰᠡᠨ ᠳᠦᠷ ᠦᠵᠡᠮᠡᠷᠴᠢᠨ ᠮᠡᠷᠭᠡᠨ ᠪᠢᠷᠠᠮᠠᠨ ᠪᠠᠭᠱᠢ ᠨᠠᠷ ᠵᠠᠭᠤᠨ ᠪᠤᠶᠠᠨ ᠤ ᠯᠠᠭᠰᠠᠨᠲᠤ ᠡᠨᠡ ᠬᠥᠪᠡᠭᠦᠨ ᠳᠥᠷᠪᠡᠨ ᠳᠸᠢᠪ ᠦᠨ ᠡᠷᠬᠡᠲᠦ ᠴᠠᠬᠷᠠᠸᠠᠷᠲᠢ ᠬᠠᠨ ᠪᠣᠯᠬᠤ ᠬᠡᠷ ᠪᠡᠷ ᠭᠡᠷ ᠲᠦᠷ ᠦᠯᠦ ᠰᠠᠭᠤᠨ ᠭᠠᠷᠪᠠᠰᠤ ᠦᠬᠦᠯ ᠦᠭᠡᠢ ᠬᠤᠲᠤᠭ ᠢ ᠣᠯᠬᠤ ᠬᠡᠮᠡᠨ ᠥᠭᠦᠯᠡᠭᠰᠡᠨ ᠪᠦᠶᠦ ᠵ᠎ᠡ ᠲᠡᠶᠢᠨ ᠪᠡᠷ ᠪᠥᠭᠡᠰᠦ ᠲᠤᠰᠠᠶᠢ ᠰᠡᠳᠬᠢᠵᠦ ᠥᠭᠦᠯᠡᠬᠦ ᠶᠢ ᠥᠴᠦᠬᠡᠨ ᠰᠣᠨᠣᠰᠤᠨ ᠰᠣᠶᠤᠷᠬ᠎ᠠ ᠬᠡᠮᠡᠨ ᠥᠭᠦᠯᠡᠷ ᠦᠨ ᠡᠳᠦᠭᠡᠳ ᠲᠦᠷ ᠡᠨᠳᠡ ᠨᠢᠭᠡᠨ ᠨᠢᠭᠡᠨ ᠠᠮᠢᠲᠠᠨ ᠭᠥᠷᠦᠭᠡᠰᠦᠨ ᠦ ᠠᠷᠠᠰᠤᠨ ᠮᠣᠳᠤᠨ ᠤ ᠳᠤᠷᠤᠰᠤᠨ ᠲᠡᠷᠢᠭᠦᠲᠡᠨ ᠢ ᠡᠮᠦᠰᠴᠦ ᠪᠡᠶ ᠡ ᠶᠢᠨ ᠳᠠᠭᠤᠰᠬᠤᠢ᠎ᠠ ᠪᠡᠷᠬᠡ ᠡᠯᠳᠡᠪ ᠵᠣᠪᠠᠯᠠᠩᠲᠤ ᠶᠠᠪᠤᠳᠠᠯ ᠢᠶᠠᠷ ᠬᠠᠲᠠᠭᠤᠵᠢᠨ ᠶᠠᠪᠤᠵᠤ ᠲᠩᠷᠢ ᠨᠡᠷ ᠦᠨ ᠵᠢᠷᠭᠠᠯᠠᠩ ᠢ ᠡᠷᠢᠨ ᠪᠥᠭᠡᠲᠡᠯᠡ ᠨᠣᠶᠠᠨ ᠮᠢᠨᠤ ᠴᠢᠮᠠ ᠳᠤᠷ ᠲᠡᠷᠡ ᠮᠡᠲᠦ ᠬᠢᠴᠢᠶᠡᠯ ᠦᠭᠡᠭᠦᠢ᠎ᠡ ᠠᠪ ᠠᠯᠢ ᠬᠣᠲᠣᠯᠠ ᠰᠠᠶᠢᠨ ᠥᠪᠡᠰᠦ ᠪᠡᠨ ᠪᠣᠯᠵᠤ ᠢᠷᠡᠨ ᠠᠮᠤᠢ ᠪᠠᠰᠠ ᠪᠡᠷ ᠨᠠᠰᠤᠨ ᠳᠤᠷ ᠬᠦᠷᠦᠭᠡ ᠡᠳᠦᠭᠦᠢ ᠠᠮᠤ ᠢᠳᠡᠷ ᠴᠠᠭ ᠲᠤᠷ
ükül ügei rašiya:n-i erin odumui keme:be:sü Čanak ögüler-ün: Noyan minu čimayi törügsen-dür üjemerčin mergen biraman baγši-nar jaγu:n buyan-u lagsantu ene köbegü:n dörben dvib-ün erketü Čakravarti qan bolqu. Ker ber ger-tür ülü saγu:n γarba:su ükül ügei qutuγ-i olqu keme:n ögülegsen büyü j-e. Teyi:n ber böge:sü tusayi sedkijü ögülekü-yi öčü:ken sonosun soyurq-a keme:n ögüler-ün: Edüge:d-tür ende nigen nigen amitan görüge:sün-ü arasun modun-u durusun terigü:ten-i emüsčü bey-e-yi:n daγu:squi-a berke eldeb jobalangtu yabudal-iya:r qataγu:jin yabuju tngri-ner-ün jirγalang-i erin böge:tele noyan minu čima-dur tere metü kičiye:l ügegü:i-e ab ali qotola sayi:n öbe:sü-be:n bolju iren amui. Basa ber nasun-dur kürüge: edügü:i amu. Ider čaγ-tur
20a
ᠨᠥᠭᠦᠭᠡ ᠬᠣᠷᠢᠨ ᠴᠠᠬᠷᠠᠸᠠᠷᠲᠢ ᠬᠠᠭᠠᠨ ᠤ ᠵᠢᠷᠭᠠᠯᠠᠩ ᠢᠶᠠᠷ ᠵᠢᠷᠭᠠᠵᠤ ᠥᠲᠡᠯᠦᠭᠰᠡᠨ ᠳᠦᠷ ᠭᠡᠷ ᠲᠡᠴᠡᠭᠡᠨ ᠭᠠᠷᠴᠤ ᠬᠠᠲᠠᠭᠤᠵᠢᠬᠤ ᠤ ᠬᠡᠮᠡᠨ ᠵᠠᠯᠪᠠᠷᠢᠨ ᠥᠴᠢᠮᠦᠢ ᠪᠢ ᠬᠡᠮᠡᠨ ᠥᠭᠦᠯᠡᠪᠡᠰᠦ ᠪᠣᠳᠢᠰᠲᠸ ᠥᠭᠦᠯᠡᠷ ᠦᠨ ᠴᠠᠨᠠᠬ ᠠ ᠡᠷᠲᠡ ᠤᠷᠢᠳᠠ ᠠᠴᠠ ᠨᠠᠳᠤᠷ ᠡᠰᠡ ᠵᠢᠷᠭᠠᠭᠳᠠᠭᠰᠠᠨ ᠬᠦᠰᠡᠬᠦᠢ ᠵᠢᠷᠭᠠᠯᠠᠩ ᠨᠢᠭᠡᠬᠡᠨ ᠪᠡᠷ ᠦᠭᠡᠢ ᠪᠦᠢ ᠡᠳᠡᠭᠡᠷ ᠵᠢᠷᠭᠠᠯᠠᠩ ᠤᠳ ᠪᠦᠭᠦᠳᠡ ᠨᠠᠮᠤᠷ ᠤᠨ ᠡᠭᠦᠯᠡᠨ ᠳᠦᠷ ᠠᠳᠠᠯᠢ ᠣᠷᠣᠱᠢᠯ ᠦᠭᠡᠢ ᠡᠪᠳᠡᠷᠡᠭᠴᠢ ᠪᠦᠢ ᠬᠣᠤᠷᠤ ᠶᠢᠨ ᠨᠠᠪᠴᠢᠨ ᠳᠤᠷ ᠠᠳᠠᠯᠢ ᠵᠣᠪᠠᠯᠠᠩ ᠢ ᠲᠥᠷᠦᠭᠦᠯᠦᠭᠴᠢ ᠪᠦᠢ ᠶᠡᠯᠸᠢ ᠳᠦᠷ ᠠᠳᠠᠯᠢ ᠠᠷᠭᠠᠳᠠᠭᠴᠢ ᠪᠤᠢ ᠬᠤᠵᠢᠷ ᠲᠤ ᠤᠰᠤᠨ ᠳᠤᠷ ᠠᠳᠠᠯᠢ ᠦᠯᠦ ᠬᠠᠨᠭᠠᠭᠴᠢ ᠪᠤᠶᠤ ᠪᠡᠷᠲᠡᠭᠴᠢᠨ ᠠᠮᠢᠲᠠᠨ᠎ᠠ ᠳᠡᠭᠡᠵᠢᠯᠡᠨ ᠱᠢᠲᠦᠭᠳᠡᠭᠰᠡᠨ ᠬᠤᠲᠤᠭᠲᠠᠨ ᠮᠡᠷᠭᠡᠳ ᠲᠡ ᠮᠠᠭᠤᠱᠢᠶᠠᠨ ᠭᠡᠭᠡᠭᠳᠡᠭᠰᠡᠨ ᠪᠦᠶᠦ ᠬᠡᠮᠡᠨ ᠥᠭᠦᠯᠡᠵᠦ ᠣᠳᠤᠨ ᠪᠥᠭᠡᠳ ᠲᠤᠭᠤᠷᠪᠢᠭᠰᠠᠨ ᠲᠡᠷᠡ ᠴᠠᠭ ᠲᠤᠷ ᠴᠠᠨᠠᠬ ᠭᠠᠱᠢᠭᠤᠨ ᠵᠣᠪᠠᠯᠠᠩ᠎ᠠ ᠳᠠᠷᠤᠭᠳᠠᠵᠤ ᠳᠡᠭᠡᠷ᠎ᠡ ᠳᠠᠭᠤᠪᠠᠷ ᠭᠠᠱᠢᠭᠤᠳᠠᠨ ᠳᠠᠭᠤᠳᠠᠨ ᠬᠠᠶᠢᠯᠠᠵᠤ ᠤᠭᠢᠯᠠᠨ ᠡᠨᠡᠯᠦᠨ ᠱᠢᠨᠠᠯᠤᠨ ᠡᠴᠢᠭᠢᠳᠴᠦ ᠥᠭᠦᠯᠡᠷ ᠦᠨ ᠡᠵᠡᠨ ᠮᠢᠨᠦ ᠴᠢ ᠣᠳᠪᠠᠰᠤ ᠡᠯᠡ
Nögüge: qorin: Čakravarti qaγa:n-u jirγalang-iya:r jirγaju ötelügsen-dür ger-tečege:n γarču qataγu:jiqu u: keme:n jalbarin öčimüi bi keme:n ögülebe:sü Bodistv ögüler-ün: Čanak a: erte urida-a:ča nadur ese jirγaγdaγsan küseküi jirγalang nigeken ber ügei büi. Edege:r jirγalang-u:d bügüde namur-un egü:len-dür adali orošil ügei ebderegči büi. Qouru-yi:n nabčin-dur adali jobalang-i törügü:lügči büi. Yelvi-dür adali arγadaγči bui. Qujir-tu usun-dur adali ülü qanγaγči buyu. Bertegčin amitan-a dege:jilen šitügdegsen qutuγtan merged-te maγu:šiya:n gege:gdegsen büyü keme:n ögülejü odun böge:d tuγu:rbiγsan tere čaγ-tur Čanak γašiγu:n jobalang-a daruγdaju dege:r-e daγu:ba:r γašiγu:dan daγu:dan qayi:laju ugi:lan enelün šinalun ečigidčü ögüler-ün: Ejen minü či odba:su ele
20b
ᠬᠠᠭᠠᠨ ᠡᠴᠢᠭᠡ ᠴᠢᠨᠦ ᠭᠠᠱᠢᠭᠤᠨ ᠵᠣᠪᠠᠯᠠᠩ ᠢᠶᠠᠷ ᠮᠥᠨ ᠳᠡᠭᠡᠷ᠎ᠡ ᠬᠠᠯᠠᠭᠤᠨ ᠠᠮᠢᠨ ᠠᠴᠠᠭᠠᠨ ᠪᠡᠷ ᠬᠠᠭᠠᠴᠠᠭᠠᠳ ᠬᠠᠮᠤᠭ ᠬᠠᠲᠤᠳ ᠨᠥᠬᠦᠳ ᠴᠢᠨᠦ ᠪᠡᠷ ᠭᠠᠭᠴᠠ ᠨᠠᠮᠠᠶᠢ ᠪᠡᠷ ᠦᠭᠡᠢ᠎ᠡ ᠭᠠᠷᠭᠠᠶᠤ ᠣᠯᠠᠨ ᠨᠣᠶᠠᠳ ᠬᠢᠭᠡᠳ ᠣᠯᠠᠨ ᠢᠷᠭᠡᠨ ᠣᠷᠭᠣᠨ ᠪᠦᠭᠦᠳᠡ ᠶᠢᠨ ᠠᠪᠤᠷᠠᠭᠴᠢ ᠢᠲᠡᠭᠡᠯ ᠢᠪᠡᠭᠡᠯ ᠦᠭᠡᠢ ᠪᠣᠯᠤᠨ ᠣᠳᠤᠮᠤᠢ ᠡᠯᠡ ᠡᠳᠡᠨ ᠢ ᠡᠨᠡᠷᠢᠨ ᠥᠷᠦᠱᠢᠶᠡᠨ ᠦᠯᠦᠬᠦ ᠰᠡᠳᠬᠢᠮᠦᠶᠦ ᠶᠠᠭᠤᠨ ᠬᠡᠮᠡᠪᠡᠰᠦ ᠪᠣᠳᠢᠰᠲᠸ ᠥᠭᠦᠯᠡᠷ ᠦᠨ ᠴᠠᠨᠠᠬ ᠠ ᠲᠡᠭᠦᠨᠦ ᠬᠦ ᠲᠤᠯᠠᠳᠠ ᠲᠥᠷᠦᠬᠦᠢ ᠥᠲᠡᠯᠬᠦᠢ ᠡᠪᠡᠳᠬᠦᠢ ᠦᠬᠦᠬᠦᠢ ᠵᠣᠪᠠᠯᠠᠩᠲᠠᠨ ᠢᠲᠡᠭᠡᠯ ᠢᠪᠡᠭᠡᠯ ᠦᠭᠡᠭᠦᠨ ᠡᠳᠡᠭᠡᠷ ᠠᠮᠢᠲᠠᠨ ᠢ ᠠᠪᠤᠷᠠᠬᠤ ᠶᠢᠨ ᠲᠤᠯᠠᠳᠠ ᠮᠠᠭᠠᠳ ᠪᠥᠭᠡᠳ ᠭᠡᠷ ᠲᠡᠴᠡᠭᠡᠨ ᠭᠠᠷᠤᠮᠤᠢ ᠪᠢ ᠬᠡᠮᠡᠪᠡᠰᠦ ᠴᠠᠨᠠᠬ ᠥᠭᠦᠯᠡᠷ ᠦᠨ ᠲᠩᠷᠢ ᠮᠢᠨᠦ ᠡ ᠲᠡᠳᠦᠢ ᠢᠶᠡᠷ ᠲᠡᠪᠴᠢᠵᠦ ᠣᠳᠬᠤ ᠢᠨᠤ ᠶᠠᠭᠤᠨ ᠬᠡᠮᠡᠪᠡᠰᠦ ᠪᠣᠳᠢᠰᠲᠸ ᠥᠭᠦᠯᠡᠷ ᠦᠨ ᠸᠴᠢᠷ ᠤᠨ ᠠᠶᠤᠩᠭ᠎ᠠ ᠬᠢᠭᠡᠳ ᠵᠢᠳᠠ ᠰᠤᠮᠤᠨ ᠤ ᠬᠤᠷ᠎ᠠ ᠣᠷᠤᠪᠠᠰᠤ ᠪᠡᠷ ᠲᠥᠮᠦᠭᠡ ᠬᠢᠭᠡᠳ ᠳᠥᠷᠦᠮ᠎ᠡ ᠲᠡᠮᠦᠷ ᠯᠦᠭᠡ ᠠᠶᠤᠬᠤ ᠮᠡᠲᠦ ᠭᠢᠯᠪᠡᠯᠭᠡᠨ ᠪᠡᠷ ᠪᠠᠳᠠᠷᠠᠨ ᠪᠦᠬᠦ
qaγa:n ečige činü γašiγu:n jobalang-iya:r mön dege:r-e qalaγu:n amin-a:čaγa:n ber qaγačaγa:d qamuγ qatud nöküd činü ber γaγča namayi ber ügei-e γarγayu. Olan noyad ki:ge:d olan irgen orγon bügüde-yi:n aburaγči itegel ibege:l ügei bolun odumui. Ele eden-i enerin örüšiye:n ülükü sedkimüyü yaγu:n keme:be:sü Bodistv ögüler-ün: Čanak a: tegü:nü kü tulada törüküi, ötelküi, ebedküi, üküküi jobalangtan itegel ibege:l ügegü:n edege:r amitan-i aburaqu-yi:n tulada maγad böge:d ger-tečege:n γarumui bi keme:be:sü Čanak ögüler-ün: Tngri minü e: tedüi-iye:r tebčijü odqu inu yaγu:n keme:be:sü Bodistv ögüler-ün: Včir-un ayungγ-a ki:ge:d jida sumun-u qur-a oruba:su ber tömüge ki:ge:d dörüm-e temür-lüge: ayuqu metü gilbelge:n ber badaran bükü
21a
ᠨᠥᠭᠦᠭᠡ ᠬᠣᠷᠢᠨ ᠨᠢᠭᠡᠨ ᠠᠭᠤᠯᠠ ᠬᠠᠳᠠᠰ ᠢ ᠲᠡᠷᠢᠭᠦᠨ ᠳᠡᠭᠡᠨ ᠪᠠᠭᠤᠭᠳᠠᠪᠠᠰᠤ ᠪᠡᠷ ᠭᠡᠷ ᠲᠦᠷ ᠠᠬᠤᠢ ᠰᠡᠳᠬᠢᠯ ᠢ ᠡᠳᠦᠭᠡ ᠦᠯᠦ ᠡᠭᠦᠰᠬᠡᠬᠦ ᠪᠢ ᠬᠡᠮᠡᠨ ᠥᠭᠦᠯᠡᠭᠰᠡᠨ ᠲᠡᠷᠡ ᠴᠠᠭ ᠲᠤᠷ ᠬᠥᠬᠡ ᠣᠭᠲᠠᠷᠭᠤᠢ ᠳᠤᠷ ᠴᠢᠭᠤᠯᠤᠭᠰᠠᠨ ᠲᠩᠷᠢ ᠨᠡᠷ ᠪᠢᠱᠢᠷᠡᠨ ᠪᠠᠶᠠᠰᠴᠤ ᠲᠩᠷᠢ ᠨᠡᠷ ᠦᠨ ᠴᠡᠴᠡᠭ ᠦᠳ ᠰᠠᠴᠤᠵᠤ ᠱᠢᠯᠦᠭᠯᠡᠨ ᠥᠭᠦᠯᠡᠯᠳᠦᠷ ᠦᠨ ᠬᠠᠲᠤᠳ ᠤᠨ ᠱᠢᠪᠠᠷ ᠤᠨ ᠳᠣᠲᠤᠷ ᠠ ᠬᠢ ᠪᠣᠳᠢᠰᠲᠸ ᠯᠢᠨᠬᠤ᠎ᠠ ᠭᠬᠢᠷ᠎ᠡ ᠦᠯᠦ ᠬᠠᠯᠳᠠᠭᠤᠯᠤᠭᠠᠳ ᠣᠶᠢᠨ ᠤ ᠴᠡᠴᠡᠭ ᠢ ᠳᠡᠯᠭᠡᠷᠡᠭᠦᠯᠪᠡᠢ ᠠᠮᠢᠲᠠᠨ ᠢ ᠲᠠᠴᠢᠶᠠᠪᠠᠰᠤ ᠪᠡᠷ ᠸᠢᠰᠠᠢ ᠳᠤᠷ ᠦᠯᠦ ᠲᠠᠴᠢᠶᠠᠭᠴᠢ ᠰᠠᠶᠢᠨ ᠣᠶᠤᠲᠤ ᠡᠨᠡ ᠡᠳᠦᠷ ᠦᠯᠡᠬᠦ ᠪᠣᠯᠬᠤ ᠦᠯᠡᠬᠦ ᠪᠣᠯᠲᠤᠭᠠᠢ ᠬᠡᠮᠡᠯᠳᠦᠬᠦ ᠳᠠᠭᠤᠨ ᠪᠣᠯᠪᠠᠢ ᠲᠡᠨᠳᠡᠴᠡ ᠰᠠᠨᠲᠠ ᠮᠠᠲᠢ ᠬᠢᠭᠡᠳ ᠯᠠᠯᠢᠲᠠ ᠸᠢᠶᠤᠬ᠎ᠠ ᠨᠡᠷ ᠡ ᠲᠡᠨ ᠲᠩᠷᠢ ᠶᠢᠨ ᠬᠥᠪᠡᠭᠦᠳ ᠪᠣᠳᠢᠰᠲᠸ ᠤᠨ ᠦᠨᠡᠨ ᠢ ᠤᠬᠠᠵᠤ ᠬᠠᠪᠠᠯᠢᠭ ᠪᠠᠯᠭᠠᠰᠤᠨ ᠳᠠᠬᠢᠬᠠᠮᠤᠭ ᠬᠦᠮᠦᠨ ᠪᠦᠭᠦᠳᠡ ᠶᠢ ᠤᠮᠲᠠᠷᠠᠭᠤᠯᠵᠤ ᠬᠠᠮᠤᠭ ᠳᠠᠭᠤᠨ ᠪᠦᠭᠦᠳᠡ ᠶᠢ ᠦᠯᠦ ᠰᠣᠨᠣᠰᠳᠠᠬᠤᠢ ᠪᠣᠯᠭᠠᠪᠠᠢ ᠲᠡᠨᠳᠡᠴᠡ ᠪᠣᠳᠢᠰᠲᠸ ᠬᠦᠮᠦᠨ ᠪᠦᠭᠦᠳᠡ ᠤᠮᠲᠠᠷᠠᠵᠤ ᠬᠥᠭ ᠳᠠᠭᠤᠨ ᠵᠢᠮᠴᠦ
Nögüge: qorin nigen: aγu:la qadas-i terigü:n-dege:n baγu:γdaba:su ber ger-tür aqui sedkil-i edüge: ülü egü:skekü bi keme:n ögülegsen tere čaγ-tur köke oγtarγui-dur čiγu:luγsan tngri-ner biširen bayasču tngri-ner-ün čečeg-ü:d sačuju šilüglen ögüleldür-ün: Qatud-un šibar-un dotur-a-ki Bodistv linqu-a gkir-e ülü qaldaγu:luγa:d oyi:n-u čečeg-i delgeregü:lbei. Amitan-i tačiya:ba:su ber visai-dur ülü tačiya:γči sayi:n oyutu ene edür ülekü bolqu ülekü boltuγai keme:ldükü daγu:n bolbai. Tendeče Santa mati ki:ge:d Lalita-viyuq-a ner-e-ten tngri-yi:n köbegü:d Bodistv-un ünen-i uqaju Kabaliγ balγasun dakiqamuγ kümü:n bügüde-yi umtaraγu:lju qamuγ daγu:n bügüde-yi ülü sonosdaqui bolγabai. Tendeče Bodistv kümü:n bügüde umtaraju kög daγu:n jimčü
21b
ᠵᠠᠷᠢᠮ ᠰᠥᠨᠢ ᠪᠣᠯᠵᠤ ᠪᠤᠰ ᠣᠳᠤᠨ ᠤᠷᠭᠤᠭᠰᠠᠨ ᠢ ᠤᠬᠠᠵᠤ ᠴᠠᠨᠠᠬ ᠲᠤᠷ ᠥᠭᠦᠯᠡᠷ ᠦᠨ ᠴᠠᠨᠠᠬ ᠠ ᠡᠳᠦᠭᠡ ᠴᠦ ᠴᠠᠭ ᠪᠣᠯᠵᠤ ᠠᠮᠤᠢ ᠮᠣᠷᠢᠨ ᠢ ᠠᠪᠴᠤ ᠢᠷᠡᠵᠦ ᠥᠭᠲᠦᠭᠡᠢ ᠨᠠᠳᠤᠷ ᠬᠡᠮᠡᠪᠡᠰᠦ ᠲᠡᠷᠡ ᠴᠠᠭ ᠲᠤᠷ ᠴᠠᠨᠠᠬ ᠨᠢᠳᠦᠨ ᠢᠶᠡᠨ ᠨᠢᠯᠪᠤᠰᠤᠪᠠᠷ ᠳᠦᠭᠦᠷᠭᠡᠵᠦ ᠥᠭᠦᠯᠡᠷ ᠦᠨ ᠬᠠᠭᠠᠯᠭ᠎ᠠ ᠰᠠᠬᠢᠭᠰᠠᠨ ᠳᠥᠷᠪᠡᠨ ᠠᠶᠢᠮᠠᠭ ᠴᠡᠷᠢᠭ ᠦᠳ ᠪᠠ ᠬᠠᠭᠠᠨ ᠬᠠᠮᠤᠭ ᠰᠠᠬᠢᠯᠢᠭ ᠤᠳ ᠬᠢᠭᠡᠳ ᠨᠣᠶᠠᠳ ᠪᠠ ᠬᠠᠮᠤᠭ ᠬᠠᠲᠤᠳ ᠤᠨ ᠠᠶᠢᠮᠠᠭ ᠪᠡᠷ ᠤᠮᠲᠠᠷᠠᠵᠤ ᠭᠠᠭᠴᠠ ᠨᠠᠳᠤᠷ ᠭᠠᠱᠢᠭᠤᠨ ᠵᠣᠪᠠᠯᠠᠩ ᠪᠣᠯᠪᠠᠢ ᠬᠡᠮᠡᠨ ᠤᠭᠢᠯᠠᠨ ᠪᠦᠬᠦᠢ ᠳᠦᠷ ᠳᠥᠷᠪᠡᠨ ᠮᠠᠬᠠᠷᠠᠵᠠ ᠲᠩᠷᠢ ᠨᠡᠷ ᠥᠪᠡᠷ ᠦᠨ ᠨᠥᠬᠦᠳ ᠢᠶᠡᠷ ᠢᠶᠡᠨ ᠨᠢᠭᠡᠨ᠎ᠡ ᠡᠯᠳᠡᠪ ᠲᠠᠬᠢᠯ ᠤᠨ ᠡᠳ ᠢ ᠪᠡᠯᠡᠳᠴᠦ ᠢᠷᠡᠵᠦ ᠬᠠᠪᠠᠯᠢᠭ ᠪᠠᠯᠭᠠᠰᠤᠨ ᠤ ᠳᠥᠷᠪᠡᠨ ᠵᠦᠭ ᠲᠦᠷ ᠬᠦᠯᠢᠴᠡᠨ ᠪᠠᠶᠢᠪᠠᠢ ᠡᠰᠷᠤᠠ ᠬᠤᠷᠮᠤᠰᠲᠠ ᠲᠡᠷᠢᠭᠦᠲᠡᠨ ᠬᠠᠮᠤᠭ ᠲᠩᠷᠢ ᠯᠤᠤᠰ ᠶᠠᠬᠰᠠᠰ ᠭᠠᠨᠳᠠᠷᠸᠢᠰ ᠤᠨ ᠠᠶᠢᠮᠠᠭ ᠪᠦᠭᠦᠳᠡᠭᠡᠷ ᠬᠥᠬᠡ ᠣᠭᠲᠠᠷᠭᠤᠢ ᠪᠠᠷ ᠢᠷᠡᠵᠦ ᠡᠳᠦᠭᠡ ᠭᠠᠷᠬᠤᠢ ᠴᠠᠭ ᠴᠢᠨᠤ ᠪᠣᠯᠵᠤ ᠠᠮᠤᠢ ᠬᠡᠮᠡᠨ ᠵᠦᠭ ᠵᠦᠭ ᠡᠴᠡ ᠳᠤᠷᠠᠳᠬᠠᠨ ᠥᠴᠢᠪᠡᠢ
jarim söni bolju Bus odun urγuγsan-i uqaju Čanak-tur ögüler-ün: Čanak a: edüge: čü čaγ bolju amui. Morin-i abču irejü ögtügei nadur keme:be:sü tere čaγ-tur Čanak nidün-iye:n nilbusuba:r dügü:rgejü ögüler-ün: Qaγa:lγ-a sakiγsan dörben ayi:maγ čerig-ü:d ba qaγa:n qamuγ Sakiliγ-u:d ki:ge:d noyad ba qamuγ qatud-un ayi:maγ ber umtaraju γaγča nadur γašiγu:n jobalang bolbai keme:n ugi:lan büküi-dür dörben maqaraja tngri-ner öbe:r-ün nöküd-iye:r-iye:n nigen-e eldeb takil-un ed-i beledčü irejü Kabaliγ balγasun-u dörben jüg-tür küličen bayi:bai. Esrua Qurmusta terigü:ten qamuγ tngri luus yaksas gandarvis-un ayi:maγ bügüdege:r köke oγtarγui-ba:r irejü edüge: γarqui čaγ činu bolju amui keme:n jüg jüg-e:če duradqan öčibei.
22a
ᠨᠥᠭᠦᠭᠡ ᠬᠣᠷᠢᠨ ᠬᠣᠶᠠᠷ ᠲᠡᠨᠳᠡᠴᠡ ᠪᠣᠳᠢᠰᠲᠸ ᠴᠠᠨᠠᠬ ᠲᠤᠷ ᠥᠭᠦᠯᠡᠷ ᠦᠨ ᠴᠠᠨᠠᠬ᠎ᠠ ᠲᠩᠷᠢ ᠨᠡᠷ ᠡᠨᠡ ᠮᠡᠲᠦ ᠴᠢᠭᠤᠯᠵᠤ ᠢᠷᠡᠭᠰᠡᠨ ᠢ ᠪᠡᠷ ᠦᠵᠡᠵᠦ ᠪᠥᠭᠡᠲᠡᠯᠡ ᠶᠠᠬᠢᠨ ᠲᠡᠶᠢᠨ ᠲᠠᠲᠠᠭᠠᠯᠵᠠᠵᠤ ᠦᠯᠦ ᠪᠣᠯᠤᠮᠤᠢ ᠴᠢ ᠡᠳᠦᠭᠡ ᠴᠦ ᠪᠦᠦ ᠪᠥᠭᠡᠳ ᠲᠠᠲᠠᠭᠠᠯᠵᠠ ᠬᠡᠮᠡᠭᠳᠡᠵᠦ ᠲᠡᠨᠳᠡᠴᠡ ᠴᠠᠨᠠᠬ ᠪᠣᠳᠢᠰᠲᠸ ᠤᠨ ᠰᠤᠤ ᠵᠠᠯᠢ ᠴᠣᠭ ᠵᠢᠪᠬᠤᠯᠠᠩ ᠬᠢᠭᠡᠳ ᠡᠷᠲᠡᠨ ᠦ ᠢᠷᠦᠭᠡᠷ ᠦᠨ ᠬᠦᠴᠦᠨ᠎ᠡ ᠳᠠᠷᠤᠭᠳᠠᠭᠠᠳ ᠪᠠᠰᠠ ᠪᠡᠷ ᠥᠪᠡᠷ ᠢᠶᠡᠨ ᠬᠠᠷᠢᠨ ᠤ ᠭᠠᠭᠴᠠ ᠪᠣᠯᠤᠭᠰᠠᠨ ᠢᠶᠠᠷ ᠶᠠᠭᠤᠪᠠ ᠬᠢᠵᠦ ᠶᠠᠳᠠᠨ ᠤᠭᠢᠯᠠᠨ ᠤᠭᠢᠯᠠᠨ ᠮᠣᠷᠢᠨ ᠤ ᠬᠠᠭᠠᠨ ᠢ ᠲᠣᠬᠤᠵᠤ ᠠᠪᠴᠢᠷᠠᠵᠤ ᠪᠣᠳᠢᠰᠲᠸ ᠲᠤᠷ ᠤᠨᠤᠭᠤᠯᠤᠭᠰᠠᠨ ᠳᠤᠷ ᠪᠣᠳᠢᠰᠲᠸ ᠰᠡᠳᠬᠢᠷ ᠦᠨ ᠪᠢ ᠬᠡᠳᠦᠢ ᠪᠡᠷ ᠶᠢᠷᠲᠢᠨᠴᠦ ᠳᠡᠬᠢᠨ ᠦ ᠡᠴᠢᠭᠡ ᠪᠣᠯᠤᠭᠠᠳ ᠤᠳᠤᠷᠢᠭᠤᠯᠰᠤᠨ ᠢᠲᠡᠭᠡᠯ ᠪᠣᠯᠪᠠᠰᠤ ᠪᠡᠷ ᠶᠢᠷᠲᠢᠨᠴᠦ ᠳᠦᠷ ᠡᠴᠢᠭᠡ ᠡᠬᠡ ᠬᠡᠮᠡᠪᠡᠰᠦ ᠠᠮᠢᠲᠠᠨ ᠤ ᠪᠠᠭᠱᠢ ᠳᠤᠷ ᠠᠳᠠᠯᠢ ᠰᠣᠶᠤᠨ ᠰᠤᠷᠭᠠᠨ ᠦᠶᠢᠯᠡᠳᠦᠭᠴᠢ ᠡᠰᠷᠤᠠ ᠳᠤᠷ ᠠᠳᠠᠯᠢ ᠢᠮᠠᠭᠲᠠ ᠲᠤᠰᠠᠶᠢ ᠰᠡᠳᠬᠢᠭᠴᠢ ᠶᠡᠬᠡ ᠠᠴᠢᠲᠤ ᠶᠢᠨ ᠲᠤᠯᠠᠳᠠ ᠡᠰᠡ ᠠᠭᠤᠯᠵᠠᠵᠤ ᠭᠠᠷᠪᠠᠰᠤ ᠶᠣᠰᠤᠨ ᠳᠤᠷ ᠠᠳᠠᠯᠢ ᠪᠤᠰᠤ ᠪᠤᠢ
Nögüge: qorin qoyar: Tendeče Bodistv Čanak-tur ögüler-ün: Čanak-a tngri-ner ene metü čiγu:lju iregsen-i ber üjejü böge:tele ya:kin teyi:n tataγaljaju ülü bolumui. Či edüge: čü büü böge:d tataγalja keme:gdejü tendeče Čanak Bodistv-un suu jali čoγ jibqulang ki:ge:d erten-ü irüge:r-ün küčün-e daruγdaγa:d basa ber öbe:r-iye:n qarin-u γaγča boluγsan-iya:r yaγu:ba ki:jü yadan ugi:lan ugi:lan morin-[u] qaγa:n-i toquju abčiraju Bodistv-tur unuγu:luγsan-dur Bodistv sedkir-ün: Bi kedüi ber yirtinčü dekin-ü ečige boluγa:d uduriγu:lsun itegel bolba:su ber yirtinčü-dür ečige eke keme:be:sü amitan-u baγši-dur adali soyun surγan üyi:ledügči Esrua-dur adali imaγta tusayi sedkigči yeke ačitu-yi:n tulada ese aγu:ljaju γarba:su yosun-dur adali busu bui.
22b
ᠬᠡᠮᠡᠨ ᠰᠤᠳᠠᠳᠠᠨᠢ ᠬᠠᠭᠠᠨ ᠬᠠᠮᠢᠭ᠎ᠠ ᠪᠦᠬᠦ ᠲᠡᠷᠡ ᠵᠦᠭ ᠲᠦᠷ ᠣᠳᠪᠠᠰᠤ ᠰᠤᠳᠠᠳᠠᠨᠢ ᠬᠠᠭᠠᠨ ᠪᠡᠷ ᠨᠣᠶᠢᠷ᠎ᠠ ᠳᠠᠷᠤᠭᠳᠠᠵᠤ ᠡᠰᠡ ᠰᠡᠷᠢᠭᠰᠡᠨ ᠳᠦᠷ ᠪᠣᠳᠢᠰᠲᠸ ᠡᠴᠢᠭᠡ ᠶᠦᠭᠡᠨ ᠬᠥᠯ ᠳᠦᠷ ᠮᠥᠷᠭᠦᠵᠦ ᠥᠭᠦᠯᠡᠷ ᠦᠨ ᠠᠯᠢ ᠲᠡᠷᠡ ᠥᠲᠡᠯᠬᠦᠢ ᠡᠪᠡᠳᠬᠦᠢ ᠦᠬᠦᠬᠦᠢ ᠬᠢᠭᠡᠳ ᠠᠮᠠᠷᠠᠭ ᠦᠷᠢ ᠰᠠᠳᠤᠨ ᠠᠴᠠ ᠠᠩᠭᠢᠵᠢᠷᠠᠬᠤᠢ ᠠᠶᠤᠯᠲᠤ ᠵᠣᠪᠠᠯᠠᠩ ᠦᠭᠡᠢ ᠪᠣᠯᠤᠭᠰᠠᠨ ᠪᠥᠭᠡᠰᠦ ᠠᠯᠢ ᠪᠡᠷ ᠡᠴᠢᠭᠡ ᠡᠬᠡ ᠶᠦᠭᠡᠨ ᠲᠡᠪᠴᠢᠨ ᠰᠡᠳᠬᠢᠬᠦ ᠪᠢ ᠲᠡᠭᠦᠪᠡᠷ ᠥᠷᠦᠱᠢᠶᠡᠬᠦᠢ ᠰᠡᠳᠬᠢᠯ ᠪᠥᠭᠡᠰᠦ ᠪᠡᠷ ᠨᠠᠳᠤᠷ ᠲᠡᠶᠢᠮᠦᠨ ᠢ ᠮᠠᠭᠠᠳ ᠲᠣᠨᠢᠯᠭᠠᠬᠤ ᠶᠢᠨ ᠲᠤᠯᠠᠳᠠ ᠪᠢ ᠲᠡᠪᠴᠢᠬᠦᠢ᠎ᠡ ᠪᠡᠷᠬᠡ ᠤᠷᠤᠭ ᠢᠶᠠᠨ ᠦᠯᠦ ᠲᠠᠴᠢᠶᠠᠨ ᠲᠡᠪᠴᠢᠵᠦ ᠬᠦᠮᠦᠨ ᠦᠭᠡᠢ ᠣᠢ ᠳᠤᠷ ᠭᠠᠷᠤᠮᠤᠢ ᠪᠢ ᠡᠶᠢᠨ ᠴᠢᠭᠤᠯᠤᠭᠰᠠᠨ ᠠᠮᠢᠲᠠᠨ ᠪᠦᠭᠦᠳᠡᠭᠡᠷ ᠡᠴᠦᠰ ᠲᠦᠷ ᠮᠠᠭᠠᠳ ᠬᠠᠭᠠᠴᠠᠬᠤᠢ ᠲᠥᠷᠦ ᠪᠦᠢ ᠡᠭᠦᠨᠢ ᠰᠡᠳᠬᠢᠵᠦ ᠬᠠᠭᠠᠨ ᠡᠴᠢᠭᠡ ᠮᠢᠨᠦ ᠡᠨᠡᠯᠦᠨ ᠭᠠᠰᠠᠯᠤᠨ ᠪᠦᠦ ᠰᠡᠳᠬᠢᠲᠦᠭᠡᠢ ᠬᠡᠮᠡᠨ ᠥᠭᠦᠯᠡᠵᠦ ᠭᠤᠷᠪᠠᠨ ᠲᠠ ᠲᠣᠭᠣᠷᠢᠵᠤ ᠣᠳᠤᠨ ᠲᠤᠭᠤᠷᠪᠢᠭᠰᠠᠨ ᠲᠡᠷᠡ ᠴᠠᠭ ᠲᠤᠷ ᠬᠠᠪᠠᠯᠢᠭ ᠪᠠᠯᠭᠠᠰᠤᠨ ᠢ ᠰᠠᠬᠢᠨ ᠠᠭᠰᠠᠨ ᠨᠢᠭᠡᠨ ᠲᠩᠷᠢ ᠠᠰᠤᠷᠤᠬᠠᠨ ᠮᠠᠱᠢ
keme:n Sudadani qaγa:n qamiγ-a: bükü tere jüg-tür odba:su Sudadani qaγa:n ber noyi:r-a daruγdaju ese serigsen-dür Bodistv ečige-yüge:n köl-dür mörgüjü ögüler-ün: Ali tere ötelküi, ebedküi, üküküi ki:ge:d amaraγ üri sadun-a:ča anggijiraqui ayultu jobalang ügei boluγsan böge:sü ali ber ečige eke-yüge:n tebčin sedkikü bi. Tegü:be:r örüšiye:küi sedkil böge:sü ber nadur teyi:mün-i maγad tonilγaqu-yi:n tulada bi tebčiküi-e berke uruγ-iya:n ülü tačiya:n tebčijü kümü:n ügei oi-dur γarumui bi. Eyi:n čiγu:luγsan amitan bügüdege:r ečüs-tür maγad qaγačaqui törü büi. Egü:ni sedkijü qaγa:n ečige minü enelün γasalun büü sedkitügei keme:n ögülejü γurban-ta toγo:riju odun tuγu:rbiγsan tere čaγ-tur Kabaliγ balγasun-i sakin aγsan nigen tngri asuruqan maši
23a
ᠨᠥᠭᠦᠭᠡ ᠬᠣᠷᠢᠨ ᠭᠤᠷᠪᠠᠨ ᠡᠨᠡᠯᠦᠨ ᠱᠢᠨᠠᠯᠤᠨ ᠭᠠᠰᠠᠯᠤᠨ ᠨᠢᠭᠦᠯ ᠣᠳᠬᠤ ᠮᠡᠲᠦ ᠤᠭᠢᠯᠠᠵᠤ ᠥᠭᠦᠯᠡᠷ ᠦᠨ ᠬᠡᠷ ᠪᠡᠷ ᠣᠳᠬᠤᠢ ᠡᠯᠡ ᠪᠣᠯᠪᠠᠰᠤ ᠴᠢ ᠲᠩᠷᠢ ᠮᠢᠨᠦ ᠡᠨᠡ ᠪᠠᠯᠭᠠᠰᠤᠨ ᠪᠡᠷ ᠡᠳᠦᠢ ᠬᠦ ᠬᠣᠭᠣᠰᠤᠨ ᠪᠣᠯᠵᠤ ᠣᠳᠤᠮᠤᠢ ᠰᠣᠨᠣᠰᠬᠤᠢ᠎ᠠ ᠰᠠᠶᠢᠬᠠᠨ ᠬᠠᠲᠤᠳ ᠤᠨ ᠳᠠᠭᠤᠨ ᠪᠡᠷ ᠦᠯᠦ ᠰᠣᠨᠣᠰᠳᠠᠨ ᠰᠠᠶᠢᠨ ᠦᠨᠦᠷᠲᠦ ᠲᠩᠷᠢ ᠨᠡᠷ ᠦᠨ ᠬᠦᠵᠢ ᠪᠡᠷ ᠲᠠᠰᠤᠷᠠᠮᠤᠢ ᠴᠠᠬᠷᠠᠸᠠᠷᠲᠢ ᠬᠠᠭᠠᠨ ᠪᠣᠯᠬᠤ ᠬᠡᠮᠡᠨ ᠥᠭᠦᠯᠡᠭᠰᠡᠨ ᠠᠯᠢ ᠲᠡᠷᠡ ᠠᠷᠱᠢ ᠨᠠᠷ ᠤᠨ ᠦᠭᠡ ᠪᠡᠷ ᠬᠤᠳᠠᠯ ᠪᠣᠯᠪᠠᠢ ᠬᠠᠪᠠᠯᠢᠭᠲᠤ ᠬᠡᠮᠡᠭᠳᠡᠭᠰᠡᠨ ᠪᠡᠷ ᠥᠯᠵᠡᠢ ᠬᠤᠲᠤᠭ ᠠᠴᠠᠭᠠᠨ ᠤᠬᠤᠷᠠᠵᠤ ᠰᠠᠬᠢᠯᠢᠭ ᠤᠳ ᠤᠨ ᠠᠯᠲᠠᠨ ᠤᠷᠤᠭ ᠪᠡᠷ ᠲᠠᠰᠤᠷᠠᠨ ᠣᠳᠤᠮᠤᠢ ᠬᠠᠮᠢᠭ᠎ᠠ ᠪᠡᠷ ᠬᠠᠮᠢᠭ᠎ᠠ ᠪᠡᠷ ᠣᠳᠪᠠᠰᠤ ᠬᠤᠲᠤᠭ ᠲᠤ ᠴᠢᠮᠠᠶᠢ ᠶᠤᠭᠠᠨ ᠪᠢ ᠴᠦ ᠳᠠᠭᠠᠨ ᠣᠳᠤᠮᠤᠢ ᠵ᠎ᠠ ᠲᠡᠶᠢᠨ ᠪᠡᠷ ᠪᠥᠭᠡᠰᠦ ᠶᠡᠬᠡ ᠨᠢᠭᠦᠯᠡᠰᠬᠦᠢ ᠰᠡᠳᠬᠢᠯ ᠢᠶᠡᠨ ᠡᠭᠦᠰᠬᠡᠵᠦ ᠪᠦᠷ ᠦᠨ ᠬᠠᠷᠢᠵᠤ ᠡᠨᠡ ᠬᠠᠷᠱᠢ ᠶᠢ ᠦᠵᠡᠨ ᠰᠣᠶᠤᠷᠬ᠎ᠠ ᠬᠡᠮᠡᠨ ᠥᠴᠢᠪᠡᠰᠦ ᠲᠡᠨᠳᠡᠴᠡ ᠪᠣᠳᠢᠰᠲᠸ ᠰᠣᠨᠣᠰᠬᠤᠢ᠎ᠠ ᠰᠠᠶᠢᠬᠠᠨ ᠦᠭᠡ ᠪᠡᠷ ᠥᠭᠦᠯᠡᠷ ᠦᠨ
Nögüge: qorin γurban: enelün šinalun γasalun nigül odqu metü ugi:laju ögüler-ün: Ker ber odqui ele bolba:su či tngri minü ene balγasun ber edüi kü qoγo:sun bolju odumui. Sonosqui-a sayi:qan qatud-un daγu:n ber ülü sonosdan sayi:n ünürtü tngri-ner-ün küji ber tasuramui. Čakravarti qaγa:n bolqu keme:n ögülegsen ali tere arši-nar-un üge ber qudal bolbai. Kabaliγtu keme:gdegsen ber öljei qutuγ-a:čaγa:n uquraju Sakiliγ-u:d-un altan uruγ ber tasuran odumui. Qamiγ-a: ber qamiγ-a: ber odba:su qutuγ-tu čimayi-yuγa:n bi čü daγan odumui j-a. Teyi:n ber böge:sü yeke nigü:lesküi sedkil-iye:n egü:skejü bür-ün. Qariju ene qarši-yi üjen soyurq-a keme:n öčibe:sü tendeče Bodistv sonosqui-a sayi:qan üge-be:r ögüler-ün:
23b
ᠲᠥᠷᠦᠬᠦᠢ ᠥᠲᠡᠯᠬᠦᠢ ᠦᠬᠦᠬᠦᠢ ᠶᠢ ᠡᠴᠦᠯᠭᠡᠭᠰᠡᠨ ᠳᠡᠭᠡᠳᠦ ᠪᠣᠳᠢ ᠬᠤᠲᠤᠭ ᠢ ᠡᠰᠡ ᠣᠯᠲᠠᠯᠠ ᠠᠬᠤᠢ ᠰᠠᠭᠤᠬᠤᠢ ᠠᠮᠤᠬᠤ ᠶᠢᠨ ᠲᠤᠯᠠᠳᠠ ᠬᠠᠷᠢᠵᠤ ᠬᠠᠪᠢᠯᠢᠭ ᠲᠤᠷ ᠦᠯᠦ ᠣᠷᠤᠬᠤ ᠪᠢ ᠬᠡᠮᠡᠨ ᠥᠭᠦᠯᠡᠨ ᠪᠦᠬᠦᠢ ᠳᠦᠷ ᠳᠥᠷᠪᠡᠨ ᠮᠠᠬᠠᠷᠠᠵᠠ ᠨᠤᠭᠤᠳ ᠮᠣᠷᠢᠨ ᠤ ᠳᠥᠷᠪᠡᠨ ᠬᠥᠯ ᠡᠴᠡ ᠡᠷᠭᠦᠪᠡᠢ ᠡᠰᠷᠤᠠ ᠬᠤᠷᠮᠤᠰᠲᠠ ᠤᠷᠢᠳᠠ ᠮᠥᠷ ᠤᠳᠤᠷᠢᠳᠤᠨ ᠶᠠᠪᠤᠪᠠᠢ ᠲᠡᠭᠦᠨ ᠡᠴᠡ ᠪᠤᠰᠤ ᠲᠩᠷᠢ ᠯᠤᠤᠰ ᠲᠡᠷᠢᠭᠦᠲᠡᠨ ᠦ ᠠᠶᠢᠮᠠᠭ ᠢᠶᠠᠷ ᠬᠣᠲᠠᠯᠠᠭᠠᠷ ᠬᠣᠶᠢᠨᠠ ᠠᠴᠠ ᠳᠠᠭᠠᠯᠳᠤᠨ ᠶᠠᠪᠤᠵᠤ ᠲᠩᠷᠢ ᠨᠡᠷ ᠦᠨ ᠨᠠᠭᠠᠳᠤᠨ ᠢᠶᠠᠷ ᠨᠠᠭᠠᠳᠬᠠᠭᠤᠯᠵᠤ ᠬᠥᠬᠡ ᠣᠭᠲᠠᠷᠭᠤᠢ ᠪᠠᠷ ᠬᠠᠯᠢᠵᠤ ᠣᠳᠤᠷ ᠤᠨ ᠴᠠᠨᠠᠬ ᠪᠡᠷ ᠪᠣᠳᠢᠰᠲᠸ ᠬᠢᠭᠡᠳ ᠲᠩᠷᠢ ᠨᠡᠷ ᠦᠨ ᠬᠦᠴᠦᠨ ᠢᠶᠡᠷ ᠣᠭᠲᠠᠷᠭᠤᠢ ᠪᠠᠷ ᠬᠦ ᠳᠠᠭᠠᠯᠳᠤᠪᠠᠢ ᠲᠡᠷᠡ ᠴᠠᠭ ᠲᠤᠷ ᠬᠥᠬᠡ ᠣᠭᠲᠠᠷᠭᠤᠢ ᠠᠴᠠ ᠲᠩᠷᠢ ᠨᠡᠷ ᠦᠨ ᠥᠬᠢᠳ ᠮᠠᠭᠲᠠᠨ ᠥᠭᠦᠯᠡᠷ ᠦᠨ ᠥᠭᠯᠢᠭᠡ ᠶᠢᠨ ᠶᠡᠬᠡ ᠣᠷᠣᠨ ᠡᠨᠡ ᠪᠣᠭᠳᠠ ᠡᠷᠲᠡᠨ ᠡᠴᠡ ᠵᠢᠷᠭᠤᠭᠠᠨ ᠪᠠᠷᠠᠮᠢᠳ ᠢ ᠡᠷᠡᠯ ᠦᠭᠡᠭᠦᠢ᠎ᠡ ᠡᠭᠦᠷᠢ ᠤᠷᠲᠤ ᠳᠠ ᠦᠶᠢᠯᠡᠳᠦᠭᠰᠡᠨ ᠢᠶᠡᠷ ᠣᠯᠤᠮᠤᠢ ᠡᠳᠦᠭᠡ ᠦᠬᠦᠯ ᠦᠭᠡᠢ ᠬᠤᠲᠤᠭ ᠢ ᠢᠯᠠᠭᠤᠭᠰᠠᠳ ᠤᠨ ᠬᠥᠪᠡᠭᠦᠨ ᠨᠠᠷᠠᠨ ᠤᠷᠭᠤᠵᠤ ᠬᠣᠶᠠᠷ ᠲᠦᠶᠢᠳᠦᠭᠴᠢ ᠬᠠᠷᠠᠩᠭᠤᠢ ᠶᠢᠨ ᠠᠶᠢᠮᠠᠭ ᠢ ᠲᠠᠷᠬᠠᠭᠠᠵᠤ
Törüküi ötelküi üküküi-yi ečülgegsen dege:dü bodi qutuγ-i ese oltala aqui saγu:qui amuqu-yi:n tulada qariju Kabiliγ-tur ülü oruqu bi keme:n ögülen büküi-dür dörben maqaraja-nuγu:d morin-u dörben köl-e:če ergübei. Esrua Qurmusta urida mör uduridun yabubai. Tegü:n-e:če busu tngri luus terigü:ten-ü ayi:maγ-iya:r qotalaγa:r qoyi:na-a:ča daγaldun yabuju tngri-ner-ün naγa:dun-iya:r naγa:dqaγu:lju köke oγtarγui-ba:r qaliju odur-un: Čanak ber Bodistv ki:ge:d tngri-ner-ün küčün-iye:r oγtarγui-ba:r kü daγaldubai. Tere čaγ-tur köke oγtarγui-a:ča tngri-ner-ün ökid maγtan ögüler-ün: Öglige-yi:n yeke oron ene boγda erten-e:če jirγuγa:n baramid-i erel ügegü:i-e egü:ri urtu-da üyi:ledügsen-iye:r olumui edüge: ükül ügei qutuγ-i ilaγu:γsad-un köbegü:n naran urγuju qoyar tüyi:dügči qarangγui-yi:n ayi:maγ-i tarqaγa:ju
24a
ᠨᠥᠭᠦᠭᠡ ᠬᠣᠷᠢᠨ ᠳᠥᠷᠪᠡᠨ ᠪᠤᠷᠤᠭᠤ ᠦᠵᠡᠯᠲᠡᠨ ᠦ ᠣᠳᠤᠳ ᠢ ᠳᠠᠷᠤᠭᠠᠳ ᠦᠭᠡᠢ ᠪᠣᠯᠭᠠᠮᠤᠢ ᠱᠢᠮᠨᠤᠰ ᠤᠨ ᠰᠠᠷᠠ ᠶᠢᠨ ᠭᠡᠷᠡᠯ ᠢ ᠬᠡᠮᠡᠬᠦᠢ ᠲᠡᠷᠢᠭᠦᠲᠡᠨ ᠨᠡᠩ ᠣᠯᠠᠨ ᠵᠦᠶᠢᠯ ᠠᠳᠠᠯᠢᠳᠬᠠᠬᠤᠢ ᠪᠠᠷ ᠮᠠᠭᠲᠠᠪᠠᠢ ᠲᠡᠷᠡ ᠴᠠᠭ ᠲᠤᠷ ᠪᠣᠳᠢᠰᠲᠸ ᠤᠨ ᠭᠠᠷᠬᠤ ᠲᠡᠷᠡ ᠰᠥᠨᠢ ᠪᠥᠭᠡᠳ ᠷᠠᠬᠤᠯᠢ ᠪᠠᠳᠢᠷ᠎ᠠ ᠡᠬᠡ ᠶᠢᠨ ᠤᠮᠠᠢ ᠳᠤᠷ ᠣᠷᠤᠪᠠᠢ ᠲᠡᠨᠳᠡᠴᠡ ᠪᠣᠳᠢᠰᠲᠸ ᠬᠠᠷᠱᠢ ᠳᠠᠴᠠ ᠭᠠᠷᠤᠭᠰᠠᠨ ᠰᠥᠨᠢ ᠰᠠᠬᠢᠯᠢᠭ ᠤᠳ ᠤᠨ ᠭᠠᠵᠠᠷ ᠬᠢᠭᠡᠳ ᠬᠣᠷᠣᠳᠠ ᠮᠠᠯ ᠮᠢᠭ ᠢ ᠠᠨᠤᠮᠢ ᠨᠡᠷ ᠡ ᠲᠡᠨ ᠤᠯᠤᠰ ᠢ ᠲᠤᠭᠤᠯᠵᠤ ᠵᠢᠷᠭᠤᠭᠠᠨ ᠪᠡᠷ ᠡ ᠶᠢᠨ ᠴᠢᠭᠠᠨ᠎ᠠ ᠬᠦᠷᠦᠭᠰᠡᠨ ᠳᠦᠷ ᠡᠳᠦᠷ ᠴᠠᠶᠢᠪᠠᠢ ᠲᠡᠨᠳᠡᠴᠡ ᠪᠣᠳᠢᠰᠲᠸ ᠬᠠᠨᠲᠢᠭ ᠠᠭᠲᠠ ᠠᠴᠠᠭᠠᠨ ᠪᠠᠭᠤᠵᠤ ᠳᠡᠯᠡᠬᠡᠢ ᠶᠢ ᠳᠡᠪᠦᠰᠬᠡᠷᠯᠡᠨ ᠰᠠᠭᠤᠵᠤ ᠲᠡᠨᠳᠡ ᠡᠯᠡ ᠢᠷᠡᠭᠰᠡᠳ ᠲᠩᠷᠢ ᠯᠤᠤᠰ ᠶᠠᠬᠰᠠᠰ ᠠᠰᠤᠷᠢ ᠲᠡᠷᠢᠭᠦᠲᠡᠨ ᠬᠠᠮᠤᠭ ᠴᠢᠭᠤᠯᠤᠭᠰᠠᠨ ᠢ ᠵᠦᠭ ᠵᠦᠭ ᠲᠠᠷᠬᠠᠭᠤᠯᠤᠨ ᠪᠠᠷᠠᠭᠰᠠᠨ ᠤ ᠬᠣᠶᠢᠨ᠎ᠠ ᠴᠠᠨᠠᠬ ᠲᠤᠷ ᠥᠭᠦᠯᠡᠷ ᠦᠨ ᠡᠨᠳᠡᠴᠡ ᠬᠠᠷᠢᠵᠤ ᠣᠳ ᠴᠠᠨᠠᠬ ᠴᠢ ᠡᠨᠡ ᠴᠢᠮᠡᠭ ᠬᠢᠭᠡᠳ ᠬᠠᠨᠲᠢᠭ ᠠᠭᠲᠠ ᠶᠢ ᠡᠴᠢᠭᠡ ᠬᠠᠭᠠᠨ ᠳᠤᠷ ᠠᠪᠴᠤ ᠣᠳᠴᠤ ᠥᠭᠭᠦᠭᠡᠳ ᠡᠨᠡᠯᠭᠡᠭᠦᠯᠦᠭᠰᠡᠨ ᠢᠶᠡᠨ ᠨᠠᠮᠠᠨᠴᠢᠯᠠᠮᠤᠢ ᠬᠡᠮᠡᠲᠦᠭᠡᠢ
Nögüge: qorin dörben: buruγu: üjelten-ü odud-i daruγa:d ügei bolγamui. Šimnus-un sara-yi:n gerel-i keme:küi terigü:ten neng olan jüyi:l adalidqaqui-ba:r maγtabai. Tere čaγ-tur Bodistv-un γarqu tere söni böge:d Raquli-badir-a eke-yi:n umai-dur orubai. Tendeče Bodistv qarši-dača γaruγsan söni Sakiliγ-u:d-un γajar ki:ge:d Koroda, Mal, Mig-i, Anumi ner-e-ten ulus-i tuγu:lju jirγuγa:n be:r-e-yi:n čiγa:n-a kürügsen-dür edür čayi:bai. Tendeče Bodistv Kantig aγta-a:čaγa:n baγu:ju delekei-yi debüskerlen saγu:ju tende ele iregsed tngri luus yaksas asuri terigü:ten qamuγ čiγu:luγsan-i jüg jüg tarqaγu:lun baraγsan-u qoyi:n-a Čanak-tur ögüler-ün: Endeče qariju od Čanak či ene čimeg ki:ge:d Kantig aγta-yi ečige qaγa:n-dur abču odču öggüge:d enelgegü:lügsen-iye:n namančilamui keme:tügei.
24b
ᠭᠠᠭᠴᠠᠭᠠᠷ ᠠᠭᠯᠠᠭ ᠲᠤᠷ ᠬᠠᠲᠠᠭᠤᠵᠢᠵᠤ ᠭᠠᠶᠢᠬᠠᠮᠱᠢᠭ ᠪᠣᠳᠢ ᠬᠤᠲᠤᠭ ᠢ ᠲᠤᠭᠤᠯᠤᠭᠰᠠᠨ ᠳᠤᠷ ᠭᠠᠱᠢᠭᠤᠨ ᠵᠣᠪᠠᠯᠠᠩ ᠢ ᠠᠮᠤᠷᠯᠢᠭᠤᠯᠤᠷ ᠤᠨ ᠬᠠᠷᠢᠵᠤ ᠡᠴᠢᠭᠡ ᠳᠦᠷ ᠢᠶᠡᠨ ᠢᠷᠡᠰᠦᠭᠡᠢ ᠬᠡᠮᠡᠪᠡᠰᠦ ᠲᠡᠨᠳᠡᠴᠡ ᠴᠠᠨᠠᠬ ᠨᠢᠳᠦᠪᠡᠨ ᠨᠢᠯᠪᠤᠰᠤ ᠪᠠᠷ ᠳᠦᠭᠦᠷᠭᠡᠵᠦ ᠥᠭᠦᠯᠡᠷ ᠦᠨ ᠠᠷᠰᠯᠠᠨ ᠬᠢᠭᠡᠳ ᠳᠣᠭᠱᠢᠨ ᠠᠷᠢᠶᠠᠲᠠᠨ ᠢᠶᠠᠷ ᠳᠦᠭᠦᠷᠦᠭᠰᠡᠨ ᠠᠭᠯᠠᠭ ᠣᠷᠣᠨ ᠳᠤᠷ ᠡᠨᠳᠡ ᠨᠥᠬᠦᠷ ᠦᠭᠡᠢ ᠬᠠᠷᠢᠨ ᠤ ᠭᠠᠭᠴᠠᠭᠠᠷ ᠬᠡᠷᠬᠡᠨ ᠰᠠᠭᠤᠮᠤᠢ ᠴᠢ ᠬᠡᠮᠡᠨ ᠥᠭᠦᠯᠡᠪᠡᠰᠦ ᠪᠣᠳᠢᠰᠲᠸ ᠥᠭᠦᠯᠡᠷ ᠦᠨ ᠲᠥᠷᠦᠷ ᠦᠨ ᠭᠠᠭᠴᠠᠭᠠᠷ ᠲᠥᠷᠦᠶᠦ ᠦᠬᠦᠷ ᠦᠨ ᠪᠡᠷ ᠭᠠᠭᠴᠠᠭᠠᠷ ᠦᠬᠦᠶᠦ ᠵᠣᠪᠠᠯᠠᠩ ᠢ ᠪᠡᠷ ᠭᠠᠭᠴᠠᠭᠠᠷ ᠳᠠᠭᠠᠬᠤ ᠡᠯᠡ ᠪᠣᠯᠪᠠᠰᠤ ᠣᠷᠴᠢᠯᠠᠩ ᠳᠤᠷ ᠨᠥᠬᠦᠷ ᠬᠡᠮᠡᠭᠳᠡᠬᠦ ᠬᠠᠮᠢᠭ᠎ᠠ ᠪᠤᠢ ᠬᠡᠮᠡᠪᠡᠰᠦ ᠴᠠᠨᠠᠬ ᠥᠭᠦᠯᠡᠷ ᠦᠨ ᠬᠠᠷᠢᠵᠤ ᠭᠠᠭᠴᠠᠭᠠᠷ ᠣᠳᠪᠠᠰᠤ ᠪᠢ ᠬᠠᠭᠠᠨ ᠲᠡᠷᠢᠭᠦᠲᠡᠨ ᠪᠦᠭᠦᠳᠡᠭᠡᠷ ᠭᠠᠷᠭᠠᠵᠤ ᠢᠯᠡᠪᠡ ᠬᠡᠮᠡᠨ ᠬᠣᠷᠤᠰᠴᠤ ᠬᠠᠯᠠᠭᠤᠨ ᠠᠮᠢᠨ ᠠᠴᠠᠭᠠᠨ ᠬᠠᠭᠠᠴᠠᠭᠤᠯᠳᠠᠬᠤᠢ᠎ᠠ ᠰᠡᠰᠢᠭ ᠦᠭᠡᠢ ᠪᠣᠳᠢᠰᠲᠸ ᠥᠭᠦᠯᠡᠷ ᠦᠨ ᠲᠡᠶᠢᠨ ᠪᠦᠦ ᠰᠡᠳᠬᠢ ᠴᠠᠨᠠᠬ᠎ᠠ ᠨᠠᠮᠠᠶᠢ ᠴᠢᠮᠠ ᠳᠠᠴᠠ ᠠᠰᠠᠭᠤᠷ ᠤᠨ ᠬᠣᠲᠠᠯᠠᠭᠠᠷ ᠴᠢᠮᠠᠶᠢ ᠲᠠᠭᠠᠯᠠᠵᠤ ᠠᠯᠢ ᠪᠡᠷ ᠦᠭᠡ ᠶᠢ ᠥᠭᠦᠯᠡᠯᠳᠦᠬᠦᠢ ᠪᠣᠯᠬᠤ ᠬᠡᠮᠡᠭᠳᠡᠵᠦ
γaγčaγa:r aγlaγ-tur qataγu:jiju γayi:qamšiγ bodi qutuγ-i tuγu:luγsan-dur γašiγu:n jobalang-i amurliγu:lur-un. Qariju ečige-dür-iye:n iresügei keme:be:sü tendeče Čanak nidübe:n nilbusu-ba:r dügü:rgejü ögüler-ün: Arslan ki:ge:d doγšin ariya:tan-iya:r dügü:rügsen aγlaγ oron-dur ende nökür ügei qarin-u γaγčaγa:r kerken saγu:mui či keme:n ögülebe:sü Bodistv ögüler-ün: Törür-ün γaγčaγa:r törüyü. Ükür-ün ber γaγčaγa:r üküyü. Jobalang-i ber γaγčaγa:r daγa:qu ele bolba:su orčilang-dur nökür keme:gdekü qamiγ-a: bui keme:be:sü Čanak ögüler-ün: Qariju γaγčaγa:r odba:su bi qaγa:n terigü:ten bügüdege:r γarγaju ile:be keme:n qorusču qalaγu:n amin-a:čaγa:n qaγačaγu:ldaqui-a sesig ügei. Bodistv ögüler-ün: Teyi:n büü sedki. Čanak-a: namayi čima-da:ča asaγu:r-un. Qotalaγa:r čimayi taγa:laju ali ber üge-yi ögüleldüküi bolqu keme:gdejü
25a
ᠨᠥᠭᠦᠭᠡ ᠬᠣᠷᠢᠨ ᠲᠠᠪᠤᠨ ᠲᠡᠨᠳᠡᠴᠡ ᠴᠠᠨᠠᠬ ᠡᠷᠬᠡ ᠦᠭᠡᠢ ᠪᠣᠯᠳᠠᠷ ᠤᠨ ᠭᠠᠱᠢᠭᠤᠨ ᠳᠠᠭᠤ ᠪᠠᠷ ᠬᠠᠶᠢᠯᠠᠵᠤ ᠬᠠᠩᠱᠢᠶᠠᠷ ᠲᠤᠷ ᠨᠢᠯᠪᠤᠰᠤᠨ ᠬᠠᠯᠭᠤᠷᠢᠭᠤᠯᠵᠤ ᠬᠠᠷᠢᠨ ᠬᠠᠷᠢᠨ ᠪᠣᠳᠢᠰᠲᠸ ᠢ ᠬᠠᠯᠠᠶᠢᠵᠤ ᠬᠠᠭᠠᠨ ᠤ ᠬᠠᠷᠱᠢ ᠳᠤᠷ ᠬᠠᠷᠢᠪᠠᠢ ᠲᠡᠨᠳᠡᠴᠡ ᠭᠤᠷᠪᠠᠨ ᠶᠢᠷᠲᠢᠨᠴᠦ ᠶᠢᠨ ᠢᠲᠡᠭᠡᠯ ᠣᠯᠠᠨ ᠵᠠᠭᠤᠨ ᠪᠤᠶᠠᠨ ᠢᠶᠠᠷ ᠪᠦᠲᠦᠭᠰᠡᠨ ᠠᠯᠲᠠᠨ ᠥᠩᠭᠡᠲᠦ ᠪᠠᠷᠠᠭᠤᠨ ᠭᠠᠷ ᠢᠶᠠᠷ ᠤᠳᠪᠠᠯᠠ ᠴᠡᠴᠡᠭ ᠲᠦᠷ ᠠᠳᠠᠯᠢ ᠭᠢᠯᠪᠡᠯᠦᠨ ᠪᠦᠬᠦ ᠢᠯᠳᠦ ᠪᠡᠷ ᠷᠠᠱᠢᠸᠠᠷ ᠤᠨ ᠥᠩᠭᠡᠲᠦ ᠦᠵᠡᠰᠬᠦᠯᠡᠩᠲᠦ ᠭᠣᠤ᠎ᠠ ᠦᠰᠦᠨ ᠢᠶᠡᠨ ᠣᠭᠲᠠᠯ ᠵᠤ ᠣᠭᠲᠠᠷᠭᠤᠢ ᠳᠤᠷ ᠣᠭᠣᠷᠴᠤ ᠢᠯᠡᠭᠡᠭᠰᠡᠨ ᠢ ᠭᠤᠴᠢᠨ ᠭᠤᠷᠪᠠᠨ ᠲᠩᠷᠢ ᠶᠢᠨ ᠭᠠᠵᠠᠷ ᠲᠠᠬᠢᠨ ᠲᠩᠷᠢ ᠨᠡᠷ ᠠᠪᠴᠤ ᠣᠳᠴᠤ ᠡᠵᠢᠶ᠎ᠡ ᠬᠦᠷᠲᠡᠯᠡ ᠦᠰᠦᠨ ᠳᠦᠶᠢᠯᠦᠭᠰᠡᠨ ᠴᠠᠭ ᠤᠨ ᠲᠠᠬᠢᠯᠢ ᠪᠡᠷ ᠦᠶᠢᠯᠡᠳᠦᠨ ᠠᠮᠤᠢ ᠲᠡᠨᠳᠡ ᠪᠡᠷ ᠨᠢᠭᠡᠨ ᠰᠤᠪᠤᠷᠭᠠᠨ ᠪᠣᠰᠬᠠᠵᠤ ᠡᠵᠢᠶ᠎ᠡ ᠬᠦᠷᠲᠡᠯᠡ ᠦᠰᠦᠨ ᠳᠦᠶᠢᠯᠦᠭᠰᠡᠨ ᠰᠤᠪᠤᠷᠭᠠᠨ ᠬᠡᠮᠡᠨ ᠨᠡᠷᠡᠶᠢᠳᠦᠮᠦᠢ ᠲᠡᠨᠳᠡ ᠥᠭᠦᠯᠡᠷ ᠦᠨ ᠬᠡᠨ ᠲᠡᠷᠡ ᠡᠳᠦᠭᠡ ᠳᠦᠷ ᠦᠰᠦᠨ ᠢᠶᠡᠨ ᠢᠯᠳᠦ ᠪᠡᠷ ᠣᠭᠲᠠᠯᠤᠭᠰᠠᠨ ᠮᠡᠲᠦ ᠠᠯᠢ ᠴᠠᠭ ᠲᠤᠷ ᠱᠢᠮᠨᠤᠰ ᠤᠨ ᠠᠶᠢᠮᠠᠭ ᠢ ᠮᠠᠶᠢᠳᠠᠷᠢ ᠰᠡᠳᠬᠢᠯ ᠢᠶᠡᠷ ᠱᠢᠲᠦᠵᠦ ᠸᠴᠢᠷ ᠪᠠᠷᠢᠭᠤᠷᠲᠤ ᠪᠡᠯᠭᠡ ᠪᠢᠯᠢᠭ ᠦᠨ
Nögüge: qorin tabun: tendeče Čanak erke ügei boldar-un. γašiγu:n daγu:-ba:r qayi:laju qangšiya:r-tur nilbusun qalγuriγu:lju qarin qarin Bodistv-i qalayi:ju qaγa:n-u qarši-dur qaribai. Tendeče γurban yirtinčü-yi:n itegel olan jaγu:n buyan-iya:r bütügsen altan önggetü baraγu:n γar-iya:r udbala čečeg-tür adali gilbelün bükü ildü-be:r rašivar-un önggetü üjeskülengtü γou-a üsün-iye:n oγtal-ju oγtarγui-dur oγo:rču ilegegsen-i γučin γurban tngri-yi:n γajar takin tngri-ner abču odču ejiy-e: kürtele üsün düyi:lügsen čaγ-un takili ber üyi:ledün amui. Tende ber nigen suburγan bosqaju ejiy-e: kürtele Üsün düyi:lügsen suburγan keme:n nereyi:dümüi. Tende ögüler-ün: Ken tere edüge:-dür üsün-iye:n ildü-be:r oγtaluγsan metü ali čaγ-tur šimnus-un ayi:maγ-i Mayidari sedkil-iye:r šitüjü včir bariγu:rtu belge bilig-ün
25b
ᠬᠤᠷᠴᠠ ᠢᠯᠳᠦ ᠪᠡᠷ ᠨᠢᠰᠸᠠᠨᠢᠰ ᠢ ᠦᠨᠳᠦᠰᠦᠨ ᠰᠡᠯᠲᠡ ᠶᠢ ᠣᠭᠲᠠᠯᠵᠤ ᠭᠠᠷᠭᠠᠬᠤ ᠠᠢ ᠮᠠᠭᠠᠳ ᠲᠡᠶᠢᠨ ᠦᠰᠦᠨ ᠢᠶᠡᠨ ᠳᠦᠶᠢᠯᠵᠦ ᠪᠣᠳᠢᠰᠲᠸ ᠰᠡᠳᠬᠢᠷ ᠦᠨ ᠡ ᠡᠳᠦᠭᠡ ᠪᠢ ᠲᠣᠶᠢᠨ ᠪᠣᠯᠵᠤ ᠬᠠᠷᠰ᠎ᠠ ᠳᠡᠭᠡᠯ ᠢ ᠡᠰᠡ ᠡᠮᠦᠰᠪᠡᠰᠦ ᠲᠣᠶᠢᠨ ᠤ ᠶᠣᠰᠤᠲᠤ ᠪᠤᠰᠤ ᠪᠤᠢ ᠠᠯ ᠱᠢᠷᠠ ᠬᠠᠷᠰ᠎ᠠ ᠳᠡᠭᠡᠯ ᠪᠣᠯᠪᠠᠰᠤ ᠶᠠᠭᠤᠨ ᠳᠡᠯᠢ ᠬᠡᠮᠡᠨ ᠰᠡᠳᠬᠢᠭᠰᠡᠨ ᠰᠡᠳᠬᠢᠯ ᠢ ᠠᠨᠤ ᠠᠷᠢᠭᠤᠨ ᠣᠷᠣᠨ ᠳᠠᠬᠢ ᠲᠩᠷᠢ ᠨᠡᠷ ᠤᠬᠠᠵᠤ ᠨᠢᠭᠡᠨ ᠲᠩᠷᠢ ᠶᠢᠨ ᠬᠥᠪᠡᠭᠦᠨ ᠭᠥᠷᠦᠭᠡᠴᠢ ᠪᠣᠯᠤᠨ ᠬᠤᠪᠢᠯᠵᠤ ᠬᠠᠷᠰ᠎ᠠ ᠳᠡᠭᠡᠯ ᠡᠮᠦᠰᠴᠦ ᠶᠠᠪᠤᠬᠤ ᠶᠢ ᠪᠣᠳᠢᠰᠲᠸ ᠦᠵᠡᠵᠦ ᠥᠭᠦᠯᠡᠷ ᠦᠨ ᠨᠥᠬᠦᠷ᠎ᠡ ᠪᠢᠳᠠ ᠬᠣᠶᠠᠭᠤᠯᠠ ᠳᠡᠭᠡᠯ ᠢᠶᠡᠨ ᠠᠷᠠᠯᠵᠢᠶ᠎ᠠ ᠬᠡᠮᠡᠪᠡᠰᠦ ᠲᠡᠷᠡ ᠪᠡᠷ ᠠᠷᠠᠯᠵᠢᠵᠤ ᠥᠭᠴᠦ ᠣᠭᠲᠠᠷᠭᠤᠢ ᠪᠠᠷ ᠬᠠᠯᠢᠵᠤ ᠠᠪᠴᠤ ᠣᠳᠪᠠᠢ ᠲᠡᠨᠳᠡ ᠪᠡᠷ ᠨᠢᠭᠡᠨ ᠰᠤᠪᠤᠷᠭᠠᠨ ᠪᠣᠰᠬᠠᠵᠤ ᠡᠵᠢᠶ ᠡ ᠳᠡ ᠬᠠᠷᠰ᠎ᠠ ᠳᠡᠭᠡᠯ ᠠᠪᠤᠭᠰᠠᠨ ᠰᠤᠪᠤᠷᠭᠠᠨ ᠬᠡᠮᠡᠨ ᠨᠡᠷᠡᠶᠢᠳᠦᠮᠦᠢ ᠠᠯᠢ ᠴᠠᠭ ᠲᠤᠷ ᠪᠣᠳᠢᠰᠲᠸ ᠦᠰᠦᠨ ᠢᠶᠡᠨ ᠳᠦᠶᠢᠯᠵᠦ ᠬᠠᠷᠰ᠎ᠠ ᠡᠮᠦᠰᠦᠭ ᠰᠡᠨ ᠲᠡᠷᠡ ᠴᠠᠭ ᠲᠤᠷ ᠣᠭᠲᠠᠷᠭᠤᠢ ᠳᠠᠬᠢᠵᠠᠭᠤᠨ ᠮᠢᠩᠭᠠᠨ ᠲᠩᠷᠢ ᠨᠡᠷ ᠰᠠᠷᠸᠠ ᠠᠷᠲᠠᠱᠢᠳᠢ ᠬᠥᠪᠡᠭᠦᠨ ᠲᠣᠶᠢᠨ ᠪᠣᠯᠪᠠ ᠬᠡᠮᠡᠨ ᠳᠠᠭᠠᠨ ᠪᠠᠶᠠᠰᠤᠯᠴᠠᠭᠰᠠᠨ ᠲᠡᠷᠡ ᠳᠠᠭᠤᠨ ᠮᠥᠨ ᠳᠡᠭᠡᠷ᠎ᠡ ᠠᠯᠳᠠᠷᠱᠢᠵᠤ
qurča ildü-be:r nisvanis-i ündüsün selte-yi oγtalju γarγaqu ai maγad. Teyi:n üsün-iye:n düyi:ljü Bodistv sedkir-ün: E edüge: bi toyin bolju kars-a dege:l-i ese emüsbe:sü toyin-u yosutu busu bui. Al šira kars-a dege:l bolba:su yaγu:n de:li keme:n sedkigsen sedkil-i anu ariγu:n oron daki tngri-ner uqaju nigen tngri-yi:n köbegü:n görüge:či bolun qubilju kars-a dege:l emüsčü yabuqu-yi Bodistv üjejü ögüler-ün: Nökür-e bida qoyaγu:la dege:l-iye:n araljiy-a keme:be:sü tere ber araljiju ögčü oγtarγui-ba:r qaliju abču odbai. Tende ber nigen suburγan bosqaju ejiy-e:-de kars-a dege:l abuγsan suburγan keme:n nereyi:dümüi. Ali čaγ-tur Bodistv üsün-iye:n düyi:ljü kars-a emüsüg-sen tere čaγ-tur oγtarγui dakijaγu:n mingγan tngri-ner Sarva artašidi köbegü:n toyin bolba keme:n daγan bayasulčaγsan tere daγu:n mön dege:r-e aldaršiju
26a
ᠨᠥᠭᠦᠭᠡ ᠬᠣᠷᠢᠨ ᠵᠢᠷᠭᠤᠭᠠᠨ ᠠᠬᠠᠨᠢᠰᠲᠠ ᠳᠤᠷ ᠬᠦᠷᠲᠡᠯᠡ ᠰᠣᠨᠣᠰᠳᠠᠪᠠᠢ ᠲᠡᠨᠳᠡᠴᠡ ᠠᠯᠢ ᠴᠠᠭ ᠲᠤᠷ ᠪᠣᠳᠢᠰᠲᠸ ᠭᠡᠷ ᠲᠡᠴᠡ ᠭᠠᠷᠤᠭᠰᠠᠨ ᠲᠡᠷᠡ ᠭᠰᠠᠨ ᠳᠤᠷ ᠲᠩᠷᠢ ᠡᠴᠡ ᠴᠡᠴᠡᠭ ᠦᠳ ᠣᠷᠤᠵᠤ ᠳᠡᠯᠡᠬᠡᠢ ᠭᠠᠵᠠᠷ ᠳᠡᠩᠰᠡᠯᠦᠭᠰᠡᠨ ᠳᠦᠷ ᠬᠠᠮᠤᠭ ᠬᠠᠲᠤᠳ ᠪᠦᠭᠦᠳᠡᠭᠡᠷ ᠨᠤᠲᠠᠯᠠᠵᠤ ᠤᠮᠲᠠᠭᠰᠠᠨ ᠨᠣᠶᠢᠷ ᠠᠴᠠᠭᠠᠨ ᠭᠡᠶᠡᠭᠴᠦ ᠭᠡᠨᠡᠳᠲᠡ ᠰᠡᠷᠢᠵᠦ ᠪᠣᠰᠴᠤ ᠪᠣᠳᠢᠰᠲᠸ ᠢ ᠦᠵᠡᠪᠡᠰᠦ ᠬᠣᠲᠣᠯᠠ ᠬᠡᠶᠢᠳ ᠲᠦᠷ ᠦᠭᠡᠢ ᠪᠣᠯᠳᠠᠵᠤ ᠬᠤᠲᠤᠭᠲᠤ ᠶᠢ ᠣᠯᠤᠨ ᠶᠠᠳᠠᠵᠤ ᠬᠣᠲᠠᠯᠠᠭᠠᠷ ᠨᠢᠭᠡᠨ᠎ᠡ ᠬᠠᠮᠲᠤᠳᠴᠤ ᠬᠣᠬᠣᠢ ᠬᠠᠯᠠᠭ ᠬᠡᠮᠡᠨ ᠤᠭᠢᠯᠠᠯᠳᠤᠪᠠᠢ ᠨᠢᠭᠡᠨ ᠨᠢᠭᠡᠨ ᠠᠨᠤ ᠠᠶ᠎ᠠ ᠬᠥᠪᠡᠭᠦᠨ ᠮᠢᠨᠦ ᠨᠢᠭᠡᠨ ᠨᠢᠭᠡᠨ ᠠᠨᠤ ᠠᠶ᠎ᠠ ᠠᠬᠠ ᠮᠢᠨᠤ ᠨᠢᠭᠡᠨ ᠨᠢᠭᠡᠨ ᠠᠨᠤ ᠠᠶ᠎ᠠ ᠡᠵᠡᠨ ᠮᠢᠨᠦ ᠨᠢᠭᠡᠨ ᠨᠢᠭᠡᠨ ᠠᠨᠤ ᠠᠶ᠎ᠠ ᠨᠣᠶᠠᠨ ᠮᠢᠨᠤ ᠬᠡᠮᠡᠨ ᠤᠭᠢᠯᠠᠨ ᠬᠠᠶᠢᠯᠠᠨ ᠤᠷᠢᠬᠤᠢ ᠦᠬᠦᠳᠬᠦᠨ ᠦᠰᠦᠨ ᠢᠶᠡᠨ ᠢᠰᠦᠬᠦᠢ ᠡᠨᠡᠯᠦᠨ ᠱᠢᠨᠠᠯᠤᠨ ᠭᠠᠰᠠᠯᠬᠤᠢ ᠡᠪᠴᠡᠭᠦᠪᠡᠨ ᠡᠪᠦᠳᠦᠭ ᠢᠶᠡᠨ ᠳᠡᠯᠡᠳᠬᠦᠢ ᠨᠢᠭᠤᠷ ᠢᠶᠠᠨ ᠬᠢᠮᠤᠰᠤ ᠪᠠᠷ ᠮᠠᠭᠠᠵᠢᠬᠤᠢ ᠨᠢᠭᠦᠯ ᠣᠳᠬᠤ ᠮᠡᠲᠦ ᠳᠠᠭᠤᠳᠠᠬᠤᠢ ᠪᠡᠯ ᠢᠶᠡᠨ ᠰᠦᠪᠡᠭᠡᠪᠡᠨ ᠳᠠᠷᠤᠬᠤᠢ ᠪᠡᠶᠡᠪᠡᠨ ᠬᠥᠰᠡᠷ᠎ᠡ ᠨᠢᠰᠠᠯᠬᠤᠢ ᠬᠥᠳᠡᠭᠡ ᠳᠦᠷ ᠬᠣᠴᠣᠷᠤᠭᠰᠠᠨ ᠵᠢᠭᠠᠳ ᠮᠡᠲᠦ ᠬᠥᠷᠪᠡᠨ ᠳᠡᠭᠦᠯᠢᠨ ᠤᠭᠢᠯᠠᠬᠤᠢ
Nögüge: qorin jirγuγa:n: Akanista-dur kürtele sonosdabai. Tendeče ali čaγ-tur Bodistv ger-teče γaruγsan tere gsan-dur tngri-e:če čečeg-ü:d oruju delekei γajar dengselügsen-dür qamuγ qatud bügüdege:r nutalaju umtaγsan noyi:r-a:čaγa:n geye:gčü genedte serijü bosču Bodistv-i üjebe:sü qotola keyid-tür ügei boldaju qutuγtu-yi olun yadaju qotalaγa:r nigen-e qamtudču qoqoi qalaγ keme:n ugi:laldubai. Nigen nigen anu ay-a köbegü:n minü, nigen nigen anu ay-a aqa minu, nigen nigen anu ay-a ejen minü, nigen nigen anu ay-a noyan minu keme:n ugi:lan qayi:lan uriqui üküdkün üsün-iye:n isüküi enelün šinalun γasalqui ebčegü:be:n ebüdüg-iye:n deledküi niγu:r-iya:n kimusu-ba:r maγa:jiqui nigül odqu metü daγu:daqui. Bel-iye:n sübegebe:n daruqui. Beyebe:n köser-e nisalqui ködege:-dür qočoruγsan jiγad metü körben degü:lin ugi:laqui
26b
ᠲᠡᠷᠡ ᠳᠠᠭᠤᠨ ᠢ ᠰᠤᠳᠣᠳᠠᠨᠢ ᠬᠠᠭᠠᠨ ᠰᠣᠨᠣᠰᠴᠤ ᠶᠠᠭᠤᠨ ᠳᠠᠭᠤᠨ ᠪᠣᠯᠪᠠᠢ ᠬᠡᠮᠡᠨ ᠠᠰᠠᠭᠪᠠᠰᠤ ᠰᠠᠬᠢᠯᠢᠭ ᠤᠳ ᠮᠡᠳᠡᠵᠦ ᠥᠭᠦᠯᠡᠷ ᠦᠨ ᠬᠥᠪᠡᠭᠦᠨ ᠢ ᠬᠠᠲᠤᠳ ᠤᠨ ᠳᠣᠲᠤᠷ᠎ᠠ ᠦᠭᠡᠢ ᠬᠡᠮᠡᠯᠳᠦᠮᠦᠢ ᠬᠡᠮᠡᠪᠡᠰᠦ ᠲᠡᠨᠳᠡᠴᠡ ᠰᠤᠳᠣᠳᠠᠨᠢ ᠬᠠᠭᠠᠨ ᠭᠠᠱᠢᠭᠤᠨ ᠵᠣᠪᠠᠯᠠᠩ ᠢᠶᠠᠷ ᠥᠷᠦ ᠵᠢᠷᠦᠬᠡᠪᠡᠨ ᠬᠢᠰᠤᠬᠤᠢ ᠮᠡᠲᠦ ᠡᠪᠡᠳᠪᠡᠰᠦ ᠪᠡᠷ ᠬᠠᠲᠠᠮᠱᠢᠨ ᠬᠠᠲᠠᠭᠤᠵᠢᠵᠤ ᠦᠳᠲᠡᠷ ᠦᠳᠲᠡᠷ ᠬᠠᠭᠠᠯᠭᠠᠰ ᠢᠶᠠᠨ ᠬᠠᠲᠠᠭᠤᠯᠵᠤ ᠬᠠᠮᠤᠭ ᠵᠦᠭ ᠲᠦᠷ ᠡᠷᠢᠭᠦᠯᠪᠡᠰᠦ ᠪᠡᠷ ᠡᠰᠡ ᠣᠯᠤᠭᠰᠠᠨ ᠲᠡᠷᠡ ᠴᠠᠭ ᠲᠤᠷ ᠪᠷᠠᠵᠠᠪᠠᠲᠢ ᠭᠠᠤᠳᠠᠮᠢ ᠦᠬᠦᠳᠬᠦᠨ ᠤᠷᠤᠭᠤ ᠤᠨᠠᠵᠤ ᠦᠯᠡᠮᠵᠢ ᠮᠠᠱᠢ ᠭᠠᠰᠠᠯᠤᠨ ᠬᠥᠪᠡᠭᠦᠨ ᠢ ᠮᠢᠨᠦ ᠡᠷᠢᠭᠦᠯᠦᠨ ᠰᠣᠶᠤᠷᠬ᠎ᠠ ᠲᠩᠷᠢ ᠮᠢᠨᠦ ᠬᠡᠮᠡᠨ ᠤᠭᠢᠯᠠᠪᠠᠢ ᠲᠡᠨᠳᠡᠴᠡ ᠰᠤᠳᠣᠳᠠᠨᠢ ᠬᠠᠭᠠᠨ ᠤᠷᠢᠶᠠᠷᠬᠤᠨ ᠪᠢᠱᠢᠭᠤᠨ ᠴᠢᠳᠠᠬᠤᠨ ᠣᠳᠤᠭᠰᠠᠨ ᠮᠥᠷ ᠢ ᠲᠠᠨᠢᠬᠤᠨ ᠠᠷᠠᠳ ᠢ ᠢᠷᠡᠭᠦᠯᠵᠦ ᠳᠠᠭᠤᠨ ᠪᠠᠷᠢᠭᠤᠯᠤᠷ ᠤᠨ ᠦᠵᠡᠮᠡᠷᠴᠢᠨ ᠣᠲᠠᠴᠢᠨ ᠪᠦᠭᠦᠳᠡᠭᠡᠷ ᠮᠠᠩᠭᠠᠯ ᠬᠠᠭᠠᠯᠭ ᠠ ᠠᠴᠠ ᠮᠠᠭᠠᠳ ᠭᠠᠷᠬᠤ ᠬᠡᠮᠡᠭᠰᠡᠨ ᠶᠣᠰᠤᠭᠠᠷ ᠡᠷᠢᠨ ᠣᠳᠤᠳᠬᠤᠨ ᠬᠡᠵᠢᠶ ᠡ ᠳᠡ ᠬᠥᠪᠡᠭᠦᠨ ᠢ ᠡᠰᠡ ᠣᠯᠲᠠᠯᠠ ᠲᠡᠵᠢᠶ ᠡ ᠳᠡ ᠬᠠᠷᠢᠵᠤ ᠪᠦᠦ ᠢᠷᠡᠳᠬᠦᠨ ᠬᠡᠮᠡᠨ ᠳᠥᠷᠪᠡᠨ ᠵᠦᠭ ᠲᠦᠷ ᠠᠷᠠᠳ ᠢ ᠠᠭᠤᠯᠭᠠᠪᠠᠢ ᠲᠡᠨᠳᠡᠴᠡ ᠮᠠᠩᠭᠠᠯ ᠬᠠᠭᠠᠯᠭ ᠠ ᠪᠠᠷ ᠣᠳᠤᠭᠰᠠᠨ ᠨᠣᠶᠠᠳ ᠴᠡᠴᠡᠭ ᠣᠷᠤᠭᠰᠠᠨ ᠢ ᠦᠵᠡᠵᠦ
tere daγu:n-i Sudodani qaγa:n sonosču yaγu:n daγu:n bolbai keme:n asaγba:su Sakiliγ-u:d medejü ögüler-ün köbegü:n-i qatud-un dotur-a ügei keme:ldümüi keme:be:sü tendeče Sudodani qaγa:n γašiγu:n jobalang-iya:r örü jirükebe:n kisuqui metü ebedbe:sü ber qatamšin qataγu:jiju üdter üdter qaγa:lγas-iya:n qataγu:lju qamuγ jüg-tür erigü:lbe:sü ber ese oluγsan tere čaγ-tur Brajabati Gaudami üküdkün uruγu: unaju ülemji maši γasalun köbegü:n-i minü erigü:lün soyurq-a. Tngri minü keme:n ugi:labai. Tendeče Sudodani qaγa:n uriya:rqun bišiγu:n čidaqun oduγsan mör-i taniqun arad-i iregü:ljü daγu:n bariγu:lur-un. Üjemerčin otačin bügüdege:r Manggal qaγa:lγ-a-a:ča maγad γarqu keme:gsen yosuγa:r erin odudqun. Kejiy-e:-de köbegü:n-i ese oltala tejiy-e:-de qariju büü iredkün keme:n dörben jüg-tür arad-i aγu:lγabai. Tendeče Manggal qaγa:lγ-a-ba:r oduγsan noyad čečeg oruγsan-i üjejü
27a
ᠨᠥᠭᠦᠭᠡ ᠬᠣᠷᠢᠨ ᠳᠣᠯᠤᠭᠠᠨ ᠡᠭᠦᠪᠡᠷ ᠣᠳᠤᠭᠰᠠᠨ ᠠᠵᠤᠭᠤᠢ ᠬᠡᠮᠡᠨ ᠴᠢᠨᠠᠭᠱᠢᠳᠠ ᠲᠦᠷᠭᠡᠨ᠎ᠡ ᠣᠳᠪᠠᠰᠤ ᠴᠢᠭᠠᠨ ᠠᠴᠠ ᠨᠢᠭᠡᠨ ᠲᠩᠷᠢ ᠶᠢᠨ ᠬᠥᠪᠡᠭᠦᠨ ᠪᠣᠳᠢᠰᠲᠸ ᠤᠨ ᠬᠠᠱᠢ ᠳᠡᠭᠡᠯ ᠢ ᠲᠡᠷᠢᠭᠦᠨ ᠳᠡᠭᠡᠷᠡᠪᠡᠨ ᠡᠷᠭᠦᠵᠦ ᠣᠭᠲᠠᠷᠭᠤᠢ ᠪᠠᠷ ᠣᠳᠬᠤᠢ ᠶᠢ ᠦᠵᠡᠵᠦ ᠬᠥᠪᠡᠭᠦᠨ ᠦ ᠳᠡᠭᠡᠯ ᠢ ᠲᠡᠷᠡ ᠠᠪᠴᠤ ᠣᠳᠤᠮᠤᠢ ᠬᠡᠷ ᠡᠯᠡ ᠪᠣᠯᠪᠠᠢ ᠬᠡᠮᠡᠨ ᠡᠷᠦᠵᠦ ᠣᠳᠪᠠᠰᠤ ᠴᠢᠭᠠᠨ ᠠᠴᠠ ᠴᠠᠨᠠᠬ ᠬᠠᠨᠲᠢᠭ ᠠᠭᠲᠠ ᠶᠢ ᠬᠥᠲᠡᠯᠵᠦ ᠢᠷᠡᠬᠦ ᠶᠢ ᠦᠵᠡᠵᠦ ᠴᠠᠨᠠᠬ ᠲᠡᠷᠡ ᠠᠶᠢᠰᠤᠢ ᠲᠡᠷᠡ ᠠᠶᠢᠰᠤᠢ ᠴᠠᠨᠠᠬ ᠯᠦᠭᠡ ᠬᠡᠯᠡᠯᠳᠦᠶ᠎ᠡ ᠬᠡᠮᠡᠨ ᠠᠭᠤᠯᠭᠠᠭᠤᠯᠤᠭᠠᠳ ᠬᠦᠷᠴᠦ ᠬᠡᠷ ᠪᠣᠯᠤᠭᠰᠠᠨ ᠱᠢᠯᠲᠠᠭᠠᠨ ᠢ ᠬᠡᠯᠡᠯᠳᠦᠵᠦ ᠡᠳᠦᠭᠡ ᠪᠡ ᠣᠳᠴᠤ ᠬᠠᠷᠢᠭᠤᠯᠤᠨ ᠴᠢᠳᠠᠬᠤ ᠤᠤ ᠬᠡᠮᠡᠨ ᠠᠰᠠᠭᠪᠠᠰᠤ ᠴᠠᠨᠠᠬ ᠥᠭᠦᠯᠡᠷ ᠦᠨ ᠬᠠᠮᠤᠭ ᠢ ᠮᠡᠳᠡᠭᠴᠢ ᠶᠢᠨ ᠬᠤᠲᠤᠭ ᠢ ᠡᠰᠡ ᠣᠯᠲᠠᠯᠠ ᠬᠠᠷᠢᠵᠤ ᠪᠠᠯᠭᠠᠰᠤᠨ ᠳᠤᠷ ᠦᠯᠦ ᠣᠷᠤᠬᠤ ᠬᠡᠮᠡᠨ ᠬᠠᠮᠤᠭ ᠲᠩᠷᠢ ᠨᠡᠷ ᠦᠨ ᠢᠯᠡᠲᠡ ᠬᠠᠲᠠᠭᠤᠢ᠎ᠠ ᠠᠮᠠᠨ ᠠᠯᠳᠠᠵᠤ ᠠᠮᠤᠢ ᠣᠳᠪᠠᠰᠤ ᠪᠡᠷ ᠬᠠᠷᠢᠭᠤᠯᠤᠨ ᠦᠯᠦ ᠴᠢᠳᠠᠬᠤ ᠬᠡᠮᠡᠨ ᠳᠡᠯᠭᠡᠷᠡᠩᠭᠦᠢ᠎ᠡ ᠥᠭᠦᠯᠡᠵᠦ ᠥᠭᠴᠦ ᠬᠠᠨᠲᠢᠭ ᠠᠭᠲᠠ ᠶᠢ ᠬᠥᠲᠡᠯᠦᠭᠡᠳ ᠬᠠᠷᠱᠢ ᠳᠤᠷ ᠣᠷᠤᠵᠤ ᠣᠳᠪᠠᠰᠤ ᠰᠤᠳᠣᠳᠠᠨᠢ ᠬᠠᠭᠠᠨ ᠲᠡᠭᠦᠨ ᠢ ᠦᠵᠡᠵᠦ ᠥᠭᠦᠯᠡᠷ ᠦᠨ ᠭᠠᠭᠴᠠᠬᠠᠨ ᠡᠷ᠎ᠡ ᠪᠣᠭᠳᠠ
Nögüge: qorin doluγa:n: egü:be:r oduγsan ajuγu:i keme:n činaγšida türgen-e odba:su čiγa:n-a:ča nigen tngri-yi:n köbegü:n Bodistv-un kaši dege:l-i terigü:n dege:rebe:n ergüjü oγtarγui-ba:r odqui-yi üjejü köbegü:n-ü dege:l-i tere abču odumui. Ker ele bolbai keme:n erüjü odba:su čiγa:n-a:ča Čanak Kantig aγta-yi köteljü irekü-yi üjejü Čanak tere ayi:sui tere ayi:sui Čanak-lüge: keleldüy-e keme:n aγu:lγaγu:luγa:d kürčü ker boluγsan šiltaγa:n-i keleldüjü edüge: be odču qariγu:lun čidaqu uu keme:n asaγba:su Čanak ögüler-ün: Qamuγ-i medegči-yi:n qutuγ-i ese oltala qariju balγasun-dur ülü oruqu keme:n qamuγ tngri-ner-ün ilete qataγu:i-a aman aldaju amui. Odba:su ber qariγu:lun ülü čidaqu keme:n delgerenggüi-e ögülejü ögčü Kantig aγta-yi kötelüge:d qarši-dur oruju odba:su Sudodani qaγa:n tegü:n-i üjejü ögüler-ün: γaγčaqan er-e boγda
27b
ᠬᠥᠪᠡᠭᠦᠨ ᠢ ᠮᠢᠨᠦ ᠭᠠᠷᠬᠤᠢ ᠳᠤᠷ ᠨᠠᠳᠤᠷ ᠦᠯᠦ ᠥᠭᠦᠯᠡᠨ ᠭᠠᠭᠴᠠᠭᠠᠷ ᠶᠠᠮᠪᠠᠷ ᠭᠠᠵᠠᠷ᠎ᠠ ᠲᠠᠯᠪᠢᠵᠤ ᠬᠠᠷᠢᠵᠤ ᠥᠪᠡᠷ ᠢᠶᠡᠨ ᠢᠷᠡᠪᠡᠢ ᠴᠢ ᠲᠡᠨᠳᠡᠴᠡ ᠴᠠᠨᠠᠬ ᠰᠥᠭᠦᠳᠴᠦ ᠲᠡᠶᠢᠨ ᠬᠡᠮᠡᠨ ᠬᠠᠭᠠᠨ᠎ᠠ ᠥᠴᠢᠷ ᠦᠨ ᠲᠩᠷᠢ ᠮᠢᠨᠦ ᠰᠣᠨᠣᠰᠤᠨ ᠰᠣᠶᠤᠷᠬᠠᠪᠠᠰᠤ ᠲᠡᠷᠡ ᠱᠢᠯᠲᠠᠭᠠᠨ ᠢ ᠪᠣᠭᠣᠯ ᠥᠴᠢᠰᠦ ᠠᠯᠢ ᠴᠠᠭ ᠲᠤᠷ ᠰᠥᠨᠢ ᠳᠦᠯᠢ ᠪᠣᠯᠵᠤ ᠪᠦᠬᠦᠢ ᠳᠦᠷ ᠠᠯᠢ ᠪᠠ ᠶᠡᠬᠡ ᠥᠴᠦᠬᠡᠨ ᠪᠦᠭᠦᠳᠡᠭᠡᠷ ᠤᠨᠲᠠᠷᠠᠭᠰᠠᠨ ᠳᠤᠷ ᠠᠳᠠᠯᠢᠳᠬᠠᠪᠠᠰᠤ ᠨᠢᠭᠴᠤ ᠪᠠᠶᠢᠭᠰᠠᠨ ᠡᠭᠦᠯᠡᠳ ᠮᠡᠲᠦ ᠠᠬᠠᠰ ᠲᠠᠬᠢ ᠲᠩᠷᠢ ᠨᠡᠷ ᠳᠦᠭᠦᠷᠴᠦ ᠢᠷᠡᠪᠡᠢ ᠬᠠᠮᠤᠭ ᠲᠩᠷᠢ ᠨᠡᠷ ᠢ ᠴᠢᠭᠤᠯᠤᠭᠰᠠᠨ ᠳᠤᠷ ᠬᠠᠷᠱᠢ ᠳᠠᠴᠠ ᠭᠠᠷᠴᠤ ᠪᠣᠳᠢᠰᠲᠸ ᠬᠠᠨᠲᠢᠭ ᠠᠭᠲᠠ ᠶᠢ ᠠᠪᠴᠢᠷ᠎ᠠ ᠬᠡᠮᠡᠭᠰᠡᠨ ᠳᠦᠷ ᠬᠠᠶᠢᠯᠠᠵᠤ ᠳᠠᠭᠤᠳᠠᠵᠤ ᠤᠷᠢᠪᠠᠰᠤ ᠪᠡᠷ ᠪᠢ ᠲᠩᠷᠢ ᠨᠡᠷ ᠨᠣᠶᠢᠷ ᠢ ᠪᠠᠭᠤᠯᠪᠠᠬᠤ ᠲᠠᠬᠢ ᠪᠡᠷ ᠪᠣᠳᠢᠰᠲᠸ ᠴᠣᠭ ᠢᠶᠠᠷ ᠳᠠᠷᠤᠪᠠᠬᠤ ᠲᠡᠶᠢᠨ ᠳᠠᠭᠤᠳᠠᠨ ᠬᠠᠶᠢᠯᠠᠨ ᠤᠩᠱᠢᠪᠠᠰᠤ ᠪᠡᠷ ᠲᠠᠬᠢ ᠨᠢᠭᠡᠬᠡᠨ ᠪᠡᠷ ᠰᠡᠷᠢᠭᠴᠢ ᠦᠭᠡᠢ ᠬᠠᠨᠲᠢᠭ ᠠᠭᠲᠠ ᠪᠡᠷ ᠢᠩᠭᠠᠯᠵᠢᠭᠠᠵᠤ ᠭᠠᠵᠠᠷ ᠢ ᠬᠥᠯ ᠢᠶᠡᠷ ᠢᠶᠡᠨ ᠴᠠᠪᠴᠢᠵᠤ ᠬᠠᠷᠱᠢ ᠳᠠᠭᠤᠷᠢᠰᠲᠠᠯᠠ ᠬᠦᠩᠭᠢᠷᠢᠰᠬᠡᠪᠡᠰᠦ ᠪᠡᠷ ᠬᠠᠮᠤᠭ ᠠᠴᠠ ᠨᠢᠭᠡᠬᠡᠨ ᠪᠡᠷ ᠡᠰᠡ ᠰᠡᠷᠢᠪᠡᠢ ᠬᠠᠮᠤᠭ ᠲᠩᠷᠢ ᠨᠡᠷ ᠪᠦᠭᠦᠳᠡᠭᠡᠷ ᠬᠠᠭᠠᠵᠤ ᠭᠠᠭᠴᠠ ᠴᠠᠨᠠᠬ ᠨᠠᠮᠠᠶᠢ ᠬᠠᠯᠠᠭᠠᠷ ᠠᠪᠴᠢᠷᠠᠭᠤᠯᠵᠤ ᠬᠠᠨᠲᠢᠭ
köbegü:n-i minü γarqui-dur nadur ülü ögülen γaγčaγa:r yambar γajar-a talbiju qariju öbe:r-iye:n irebei či. Tendeče Čanak sögüdčü teyi:n keme:n qaγa:n-a öčir-ün: Tngri minü sonosun soyurqaba:su tere šiltaγa:n-i boγo:l öčisü. Ali čaγ-tur söni düli bolju büküi-dür ali ba yeke öčü:ken bügüdege:r untaraγsan-dur adalidqaba:su niγču bayi:γsan egü:led metü Akas-taki tngri-ner dügü:rčü irebei. Qamuγ tngri-ner-i čiγu:luγsan-dur qarši-dača γarču Bodistv Kantig aγta-yi abčir-a keme:gsen-dür qayi:laju daγu:daju uriba:su ber bi tngri-ner noyi:r-i baγu:lbaqu, taki ber Bodistv čoγ-iya:r darubaqu. Teyi:n daγu:dan qayi:lan ungšiba:su ber taki nigeken ber serigči ügei. Kantig aγta ber ingγaljiγa:ju γajar-i köl-iye:r-iye:n čabčiju qarši daγu:ristala künggiriskebe:sü ber qamuγ-a:ča nigeken ber ese seribei. Qamuγ tngri-ner bügüdege:r qaγa:ju γaγča Čanak namayi qalaγar abčiraγu:lju Kantig
28a
ᠨᠥᠭᠦᠭᠡ ᠬᠣᠷᠢᠨ ᠨᠠᠢᠮᠠᠨ ᠠᠭᠲᠠ ᠶᠢ ᠬᠠᠮᠤᠭ ᠤᠨ ᠢᠲᠡᠭᠡᠯ᠎ᠡ ᠤᠨᠤᠭᠤᠯᠪᠠᠢ ᠳᠥᠷᠪᠡᠨ ᠮᠠᠬᠠᠷᠠᠵᠠ ᠲᠩᠷᠢ ᠨᠡᠷ ᠠᠭᠲᠠ ᠶᠢᠨ ᠳᠥᠷᠪᠡᠨ ᠬᠥᠯ ᠡᠴᠡ ᠡᠷᠭᠦᠪᠡᠢ ᠳᠥᠷᠪᠡᠨ ᠨᠢᠭᠤᠷᠲᠤ ᠡᠰᠷᠤᠠ ᠬᠢᠭᠡᠳ ᠬᠤᠷᠮᠤᠰᠲᠠ ᠳᠥᠷᠪᠡᠨ ᠵᠦᠭ ᠡᠴᠡ ᠬᠠᠭᠠᠯᠭᠠᠰ ᠨᠡᠭᠡᠪᠡᠢ ᠬᠠᠮᠤᠭ ᠵᠦᠭ ᠲᠦᠷ ᠭᠡᠷᠡᠯ ᠲᠠᠯᠪᠢᠵᠤ ᠬᠠᠷᠠᠩᠭᠤᠢ ᠪᠦᠲᠡᠮ ᠢ ᠭᠡᠶᠢᠭᠦᠯᠵᠦ ᠭᠠᠶᠢᠬᠠᠮᠱᠢᠭ ᠲᠩᠷᠢ ᠨᠡᠷ ᠦᠨ ᠬᠥᠭ ᠢᠶᠡᠷ ᠨᠠᠭᠠᠳᠬᠠᠭᠤᠯᠵᠤ ᠬᠠᠯᠢᠵᠤ ᠣᠭᠲᠠᠷᠭᠤᠢ ᠪᠠᠷ ᠣᠳᠪᠠᠢ ᠬᠡᠮᠡᠨ ᠣᠳᠤᠭᠰᠠᠨ ᠱᠢᠯᠲᠠᠭᠠᠨ ᠢ ᠬᠠᠭᠠᠨ ᠰᠣᠨᠣᠰᠴᠤ ᠦᠬᠦᠳᠬᠦᠵᠦ ᠤᠷᠤᠭᠤ ᠤᠨᠠᠪᠠᠢ ᠣᠶᠢᠷᠠᠭᠤᠨ ᠣᠷᠴᠢᠨ ᠪᠠᠶᠢᠬᠤᠨ ᠰᠠᠬᠢᠯᠢᠭ ᠤᠳ ᠤᠰᠤᠨ ᠦᠰᠦᠷᠴᠦ ᠰᠡᠷᠭᠦᠭᠡᠨ ᠦᠶᠢᠯᠡᠳᠪᠡᠢ ᠠᠯᠢ ᠪᠡᠷ ᠡᠷᠳᠡᠮ ᠦᠳ ᠲᠦᠷ ᠡᠨᠳᠡᠯ ᠦᠭᠡᠢ ᠠᠮᠢᠲᠠᠨ ᠤ ᠢᠲᠡᠭᠡᠯ ᠬᠥᠪᠡᠭᠦᠨ ᠮᠢᠨᠦ ᠠᠬᠤᠢ ᠤᠯᠤᠰ ᠢᠷᠭᠡᠨ ᠢᠶᠡᠨ ᠲᠡᠪᠴᠢᠵᠦ ᠠᠩᠭᠢᠳᠠ ᠥᠪᠡᠷ᠎ᠡ ᠬᠠᠮᠢᠭ᠎ᠠ ᠣᠳᠪᠠᠢ ᠴᠢ ᠣᠯᠠᠨ ᠡᠳᠦᠷ ᠵᠡᠰᠡᠨ ᠶᠠᠪᠤᠵᠤ ᠣᠳᠬᠤᠢ ᠳᠤᠷ ᠴᠢᠨᠤ ᠤᠮᠲᠠᠷᠠᠭᠰᠠᠨ ᠬᠡᠮᠡᠨ ᠥᠪᠡᠷ ᠦᠨ ᠪᠡᠶ ᠡ ᠪᠡᠨ ᠰᠥᠭᠡᠨ ᠰᠥᠭᠡᠨ ᠤᠭᠢᠯᠠᠨ ᠤᠭᠢᠯᠠᠨ ᠪᠠᠰᠠ ᠠᠰᠠᠭᠤᠷ ᠤᠨ ᠲᠡᠨᠳᠡ ᠭᠠᠭᠴᠠᠭᠠᠷ ᠬᠡᠷᠬᠡᠨ ᠬᠣᠴᠣᠷᠪᠠᠢ ᠲᠡᠭᠦᠨᠡᠴᠡ ᠪᠤᠰᠤ ᠪᠠᠰᠠ ᠶᠠᠭᠤᠨ ᠥᠭᠦᠯᠡᠪᠡᠢ ᠲᠡᠳᠦᠢ ᠦᠦ ᠦᠯᠦ ᠢᠷᠡᠬᠦ ᠦᠦ ᠳᠡᠯᠭᠡᠷᠡᠩᠭᠦᠢ᠎ᠡ ᠪᠠᠰᠠ ᠥᠭᠦᠯᠡᠨ ᠬᠡᠮᠡᠭᠳᠡᠵᠦ
Nögüge: qorin naiman: aγta-yi qamuγ-un itegel-e unuγu:lbai. Dörben maqaraja tngri-ner aγta-yi:n dörben köl-e:če ergübei. Dörben niγu:rtu Esrua ki:ge:d Qurmusta dörben jüg-e:če qaγa:lγas nege:bei. Qamuγ jüg-tür gerel talbiju qarangγui bütem-i geyi:gü:ljü γayi:qamšiγ tngri-ner-ün kög-iye:r naγa:dqaγu:lju qaliju oγtarγui-ba:r odbai keme:n oduγsan šiltaγa:n-i qaγa:n sonosču üküdküjü uruγu: unabai. Oyi:raγu:n orčin bayi:qun Sakiliγ-u:d usun üsürčü sergüge:n üyi:ledbei. Ali ber erdem-ü:d-tür endel ügei amitan-u itegel köbegü:n minü aqui ulus irgen-iye:n tebčijü anggida öbe:r-e qamiγ-a: odbai či. Olan edür jesen yabuju odqui-dur činu umtaraγsan keme:n öbe:r-ün bey-e-be:n sögen sögen ugi:lan ugi:lan basa asaγu:r-un: Tende γaγčaγa:r kerken qočorbai. Tegü:ne:če busu basa yaγu:n ögülebei. Tedüi üü ülü irekü üü delgerenggüi-e basa ögülen keme:gdejü
28b
ᠣᠳᠤᠷ ᠤᠨ ᠠᠭᠤᠯᠵᠠᠨ ᠣᠳᠤᠭᠰᠠᠨ ᠣᠳᠴᠤ ᠥᠭᠦᠯᠡᠵᠦ ᠢᠯᠡᠭᠡᠭᠰᠡᠨ ᠦᠭᠡ ᠶᠢ ᠲᠡᠭᠦᠰ ᠥᠭᠦᠯᠡᠵᠦ ᠥᠭᠴᠦ ᠥᠴᠦᠭᠦᠬᠡᠨ ᠭᠠᠱᠢᠭᠤᠨ ᠢ ᠰᠤᠭᠤᠷᠠᠭᠤᠯᠪᠠᠢ ᠲᠡᠨᠳᠡᠴᠡ ᠴᠠᠨᠠᠬ ᠬᠠᠭᠠᠨ ᠯᠤᠭ᠎ᠠ ᠲᠡᠳᠦᠢ ᠬᠡᠯᠡᠯᠳᠦᠵᠦ ᠲᠡᠭᠦᠨᠴᠢᠯᠡᠨ ᠬᠠᠲᠤᠳ ᠤᠨ ᠳᠣᠲᠤᠷ᠎ᠠ ᠣᠳᠪᠠᠰᠤ ᠭᠣᠪᠢᠬᠠ ᠪᠣᠳᠢᠰᠲᠸ ᠤᠨ ᠴᠢᠮᠡᠭ ᠬᠢᠭᠡᠳ ᠬᠠᠨᠲᠢᠭ ᠠᠭᠲᠠ ᠶᠢ ᠦᠵᠡᠵᠦ ᠦᠬᠦᠳᠬᠦᠵᠦ ᠭᠠᠵᠠᠷ ᠲᠤᠷ ᠤᠷᠤᠭᠤ ᠤᠨᠠᠭᠰᠠᠨ ᠳᠤᠷ ᠬᠠᠮᠤᠭ ᠬᠠᠲᠤᠳ ᠨᠥᠬᠦᠳ ᠢᠨᠦ ᠬᠠᠶᠢᠷᠠᠨ ᠬᠣᠶᠠᠷ ᠰᠠᠶᠢᠳ ᠢ ᠬᠠᠮᠲᠤ ᠠᠯᠳᠠᠬᠤᠢ ᠪᠣᠯᠪᠠ ᠬᠡᠮᠡᠨ ᠤᠭᠢᠯᠠᠨ ᠤᠭᠢᠯᠠᠨ ᠰᠡᠷᠢᠭᠦᠨ ᠤᠰᠤᠨ ᠦᠰᠦᠷᠪᠡᠰᠦ ᠭᠣᠪᠢᠬᠠ ᠦᠬᠦᠳᠬᠦᠭᠰᠡᠨ ᠡᠴᠡ ᠥᠴᠦᠬᠡᠨ ᠳᠡᠯᠦᠷᠡᠵᠦ ᠪᠣᠰᠴᠤ ᠠᠭᠲᠠ ᠶᠢᠨ ᠬᠦᠵᠦᠭᠦᠨ ᠲᠡᠪᠡᠷᠢᠵᠦ ᠡᠵᠡᠨ ᠢᠶᠡᠨ ᠰᠠᠶᠢᠨ ᠢ ᠳᠤᠷᠠᠳᠴᠤ ᠡᠯᠳᠡᠪ ᠢᠶᠡᠷ ᠭᠠᠱᠢᠭᠤᠳᠠᠵᠤ ᠥᠭᠦᠯᠡᠷ ᠦᠨ ᠠᠯᠲᠠᠨ ᠥᠩᠭᠡᠲᠦ ᠪᠡᠶ ᠡ ᠲᠦ ᠷᠠᠱᠢᠸᠠᠷ ᠤᠨ ᠥᠩᠭᠡᠲᠦ ᠦᠰᠦᠲᠦ ᠠᠷᠢᠭᠤᠨ ᠲᠡᠷᠭᠡᠯ ᠰᠠᠷᠠᠨ ᠨᠢᠭᠤᠷᠲᠤ ᠠᠬᠠᠰ ᠲᠠᠬᠢ ᠣᠳᠤᠨ ᠮᠡᠲᠦ ᠱᠢᠳᠦᠲᠦ ᠦᠯᠦ ᠦᠵᠡᠭᠳᠡᠬᠦᠢ ᠤᠰᠨᠢᠷᠲᠤ ᠣᠷᠣᠨ ᠯᠠᠭᠰᠠᠨ ᠪᠡᠯᠭᠡ ᠲᠦ ᠥᠷᠭᠡᠨ ᠨᠢᠮᠭᠡᠨ ᠬᠡᠯᠡᠲᠦ ᠤᠯᠠᠭᠠᠨ ᠪᠢᠮᠪᠠ ᠤᠷᠤᠯᠲᠤ ᠦᠭᠡ ᠠᠶᠠᠯᠭᠤ ᠤᠷᠠᠲᠤ ᠦᠵᠡᠯ ᠭᠢᠴᠬᠢᠯ ᠵᠣᠬᠢᠰᠲᠤ ᠤᠷᠠᠨ ᠡᠰᠷᠤᠠ ᠳᠠᠭᠤᠲᠤ ᠦᠯᠦ ᠡᠨᠳᠡᠬᠦᠢ
odur-un. Aγu:ljan oduγsan odču ögülejü ilege:gsen üge-yi tegüs ögülejü ögčü öčügü:ken γašiγu:n-i suγu:raγu:lbai. Tendeče Čanak qaγa:n-luγ-a: tedüi keleldüjü tegü:nčilen qatud-un dotur-a odba:su Gobika Bodistv-un čimeg ki:ge:d Kantig aγta-yi üjejü üküdküjü γajar-tur uruγu: unaγsan-dur qamuγ qatud nöküd inü qayi:ran qoyar sayi:d-i qamtu aldaqui bolba keme:n ugi:lan ugi:lan serigü:n usun üsürbe:sü Gobika üküdkügsen-e:če öčü:ken delürejü bosču aγta-yi:n küjügü:n teberijü ejen-iye:n sayi:n-i duradču eldeb-iye:r γašiγu:daju ögüler-ün: Altan önggetü bey-e-tü rašivar-un önggetü üsütü ariγu:n tergel saran niγu:rtu Akas taki odun metü šidütü. Ülü üjegdeküi usnirtu oron lagsan belge-tü örgen nimgen keletü ulaγa:n bimba uru:ltu üge ayalγu: uratu üjel gičkil jokistu uran Esrua daγu:tu ülü endeküi
29a
ᠨᠥᠭᠦᠭᠡ ᠬᠣᠷᠢᠨ ᠶᠢᠰᠦᠨ ᠪᠢᠯᠢᠭᠲᠦ ᠦᠵᠡᠰᠬᠦᠯᠡᠩ ᠭᠣᠤ᠎ᠠ ᠪᠡᠶ ᠡ ᠲᠦ ᠠᠮᠢᠲᠠᠨ ᠢ ᠪᠠᠶᠠᠰᠬᠠᠬᠤᠢ ᠪᠤᠶᠠᠨᠲᠤ ᠠᠷᠱᠢ ᠨᠠᠷ ᠢ ᠳᠠᠭᠠᠭᠤᠯᠬᠤᠢ ᠡᠷᠳᠡᠮᠲᠦ ᠠᠪᠤᠭᠰᠠᠨ ᠳᠠᠭᠠᠭᠰᠠᠨ ᠡᠵᠡᠨ ᠢ ᠮᠢᠨᠦ ᠠᠩᠭᠢᠳᠠ ᠬᠠᠮᠢᠭ᠎ᠠ ᠬᠦᠷᠭᠡᠵᠦ ᠢᠷᠡᠪᠡ ᠬᠡᠮᠡᠨ ᠡᠮᠦᠰᠦᠭᠰᠡᠨ ᠴᠢᠮᠡᠭ ᠦᠳ ᠢᠶᠡᠨ ᠲᠠᠶᠢᠯᠵᠤ ᠦᠰᠦᠨ ᠢᠶᠡᠨ ᠵᠢᠰᠦᠨ ᠢᠶᠡᠨ ᠢᠰᠦᠵᠦ ᠤᠨᠠᠨ ᠪᠣᠰᠤᠨ ᠦᠬᠦᠳᠬᠦᠵᠦ ᠤᠩᠱᠢᠨ ᠳᠠᠭᠤᠳᠠᠨ ᠤᠭᠢᠯᠠᠵᠤ ᠥᠷᠦᠷᠬᠡᠬᠦᠢ ᠦᠭᠡᠢ ᠴᠠᠨᠠᠬ ᠴᠢ ᠣᠳᠬᠤᠢ ᠳᠤᠷ ᠮᠠᠨᠠ ᠥᠭᠦᠯᠡᠵᠦ ᠥᠭᠭᠦᠭᠰᠡᠨ ᠪᠥᠭᠡᠰᠦ ᠡᠵᠡᠨ ᠢᠶᠡᠨ ᠬᠣᠶᠢᠨᠠ ᠠᠴᠠ ᠡᠶᠢᠨ ᠬᠦ ᠦᠯᠦ ᠬᠣᠴᠣᠷᠬᠤ ᠪᠥᠯᠦᠭᠡ ᠪᠢ ᠬᠠᠮᠤᠭ ᠠᠴᠠ ᠪᠠᠲᠤᠯᠠᠭᠰᠠᠨ ᠬᠠᠭᠠᠯᠭ ᠠ ᠲᠤ ᠬᠠᠷᠱᠢ ᠳᠠᠴᠠ ᠬᠡᠷᠬᠡᠨ ᠭᠠᠷᠭᠠᠪᠠ ᠴᠢ ᠬᠠᠷᠢᠨ ᠤ ᠭᠠᠭᠴᠠᠭᠠᠷ ᠠᠪᠴᠤ ᠣᠳᠴᠤ ᠬᠠᠮᠢᠭ᠎ᠠ ᠲᠠᠯᠪᠢᠵᠤ ᠢᠷᠡᠪᠡ ᠴᠢ ᠠᠶ᠎ᠠ ᠡᠵᠡᠨ ᠮᠢᠨᠦ ᠴᠢᠮᠠᠶᠢ ᠣᠳᠤᠭᠤᠯᠤᠭᠠᠳ ᠠᠰᠤᠷᠤ ᠣᠯᠠᠨ ᠴᠢᠭᠤᠯᠤᠨ ᠠᠭᠰᠠᠨ ᠬᠠᠪᠠᠯᠢᠭ ᠠᠯᠢᠪᠠ ᠥᠯᠵᠡᠢ ᠬᠤᠲᠤᠭ ᠠᠴᠠ ᠠᠩᠭᠢᠵᠢᠷᠠᠵᠤ ᠠᠭᠯᠠᠭ ᠬᠡᠭᠡᠷ ᠲᠦᠷ ᠠᠳᠠᠯᠢ ᠪᠣᠯᠪᠠᠢ ᠨᠢ ᠭᠠᠳᠠᠭᠤᠨ ᠠᠯᠲᠠᠨ ᠢᠶᠠᠷ ᠲᠣᠤᠷᠯᠠᠵᠤ ᠬᠠᠮᠤᠭ ᠡᠷᠳᠢᠨᠢᠰ ᠢᠶᠡᠷ ᠴᠢᠮᠡᠭᠳᠡᠭᠰᠡᠨ ᠭᠠᠶᠢᠬᠠᠮᠱᠢᠭ ᠭᠢᠯᠪᠡᠯᠦᠨ ᠪᠦᠬᠦ ᠬᠠᠷᠱᠢᠰ ᠴᠢᠨᠤ ᠬᠠᠷᠠᠷᠠᠵᠤ ᠭᠡᠷᠡᠯ ᠦᠭᠡᠢ ᠪᠣᠯᠪᠠᠢ ᠨᠢ ᠳᠡᠯᠭᠡᠷᠡᠵᠦ ᠪᠠᠶᠢᠨ ᠠᠭᠰᠠᠨ ᠴᠡᠴᠡᠭ ᠦᠳ ᠪᠡᠷ ᠲᠡᠨᠳᠡ ᠳᠣᠩᠭᠤᠳᠤᠨ ᠠᠭᠰᠠᠨ ᠱᠢᠪᠠᠭᠤᠬᠠᠳ ᠪᠡᠷ ᠲᠩᠷᠢ ᠳᠦᠷ ᠬᠠᠷᠪᠠᠬᠤ ᠭᠠᠵᠠᠷ ᠲᠤᠷ ᠣᠷᠣᠪᠠᠬᠤ
Nögüge: qorin yisün: biligtü üjesküleng γou-a bey-e-tü amitan-i bayasqaqui buyantu arši-nar-i daγaγu:lqui erdemtü abuγsan daγaγsan ejen-i minü anggida qamiγ-a: kürgejü irebe keme:n emüsügsen čimeg-ü:d-iye:n tayi:lju üsün-iye:n jisün-iye:n isüjü unan bosun üküdküjü ungšin daγu:dan ugi:laju örürkeküi ügei Čanak či odqui-dur mana ögülejü öggügsen böge:sü ejen-iye:n qoyi:na-a:ča eyi:n kü ülü qočorqu bölüge: bi. Qamuγ-a:ča batulaγsan qaγa:lγ-a-tu qarši-da:ča kerken γarγaba či. Qarin-u γaγčaγa:r abču odču qamiγ-a: talbiju irebe či. Ay-a ejen minü čimayi oduγu:luγa:d asuru olan čiγu:lun aγsan Kabaliγ aliba öljei qutuγ-a:ča anggijiraju aγlaγ kege:r-tür adali bolbai ni. γadaγu:n altan-iya:r tourlaju qamuγ erdinis-iye:r čimegdegsen γayi:qamšiγ gilbelün bükü qaršis činu qararaju gerel ügei bolbai ni. Delgerejü bayi:n aγsan čečeg-ü:d ber tende dongγudun aγsan šibaγu:qad ber tngri-dür qarbaqu γajar-tur orobaqu
29b
ᠲᠡᠳᠡ ᠪᠡᠷ ᠦᠯᠦ ᠦᠵᠡᠭᠳᠡᠮ ᠨᠢ ᠦᠵᠡᠰᠬᠦᠯᠡᠩᠲᠡᠨ ᠢᠷᠠᠭᠤ ᠳᠠᠭᠤᠲᠠᠨ ᠤᠷᠲᠤᠳᠠ ᠳᠠᠷᠪᠠᠯᠵᠠᠬᠤᠢ ᠳᠡᠭᠡᠯᠲᠡᠨ ᠤᠷᠢᠳᠠ ᠪᠠᠶᠠᠰᠬᠤᠯᠠᠩ ᠢ ᠲᠥᠷᠦᠭᠦᠯᠦᠨ ᠠᠭᠰᠠᠳ ᠪᠡᠷ ᠡᠳᠦᠭᠡ ᠤᠭᠢᠯᠠᠯᠳᠤᠬᠤ ᠶᠢᠨ ᠨᠥᠬᠦᠷ ᠪᠣᠯᠪᠠᠢ ᠨᠢ ᠴᠢᠲᠢᠷᠢ ᠡᠷᠳᠢᠨᠢᠰ ᠦᠨ ᠴᠢᠮᠡᠭᠲᠡᠨ ᠬᠠᠲᠤᠳ ᠤᠨ ᠴᠢᠮᠡᠭ ᠠᠨᠤ ᠴᠢᠰᠤᠨ ᠨᠢᠯᠪᠤᠰᠤᠨ ᠦᠵᠡᠭᠳᠡᠮᠦᠢ ᠴᠢᠬᠢᠨ ᠳᠦᠷ ᠵᠣᠬᠢᠰᠲᠤ ᠬᠤᠭᠤᠷ ᠤᠨ ᠳᠠᠭᠤᠨ ᠤᠷᠪᠠᠵᠤ ᠴᠢᠩᠭᠢᠨᠠᠬᠤᠢ ᠤᠶᠢ ᠳᠠᠭᠤᠨ ᠰᠣᠨᠣᠰᠳᠠᠮᠤᠢ ᠬᠠᠮᠤᠭ ᠢ ᠲᠤᠭᠤᠯᠤᠭᠰᠠᠨ ᠴᠢᠮᠠᠳᠠ ᠬᠠᠶᠢᠭᠤ ᠵᠣᠪᠠᠯᠠᠩ ᠴᠦ ᠶᠠᠭᠤᠨ ᠪᠣᠯᠤᠮ ᠬᠠᠮᠤᠭ ᠤᠨ ᠢᠲᠡᠭᠡᠯ ᠴᠢᠮᠠᠳᠤᠷ ᠱᠢᠲᠦᠭᠰᠡᠨ ᠭᠠᠱᠢᠭᠤᠨ ᠵᠣᠪᠠᠯᠠᠩᠲᠠᠨ ᠪᠢᠳᠠ ᠶᠠᠬᠢᠰᠤᠭᠠᠢ ᠬᠠᠭᠠᠨ ᠡᠴᠢᠭᠡ ᠬᠠᠲᠤᠨ ᠡᠬᠡ ᠴᠢᠨᠦ ᠭᠠᠱᠢᠭᠤᠨ ᠢᠶᠠᠷ ᠨᠥᠭᠴᠢᠬᠦᠢ ᠡᠴᠡ ᠪᠣᠯᠤᠮᠤᠢ ᠬᠠᠮᠤᠭ ᠬᠠᠲᠤᠳ ᠬᠠᠷᠠᠴᠤᠰ ᠬᠠᠭᠠᠷᠠᠬᠤᠢ ᠠᠴᠠ ᠪᠣᠯᠤᠮᠤᠢ ᠵᠢᠷᠦᠬᠡᠨ ᠮᠠᠨᠤ ᠠᠮᠢᠲᠠᠨ ᠢ ᠦᠯᠦ ᠠᠯᠠᠭᠴᠢᠯᠠᠨ ᠠᠪᠤᠷᠢ ᠳᠠ ᠨᠢᠭᠦᠯᠡᠰᠦᠭᠴᠢ ᠨᠣᠶᠠᠨ ᠮᠢᠨᠤ ᠠᠯᠢᠨ ᠢᠶᠠᠷ ᠮᠠᠨᠢ ᠲᠡᠪᠴᠢᠵᠦ ᠠᠭᠯᠠᠭ ᠲᠤᠷ ᠭᠡᠭᠡᠵᠦ ᠶᠣᠷᠴᠢᠢᠪᠠ ᠴᠢ ᠬᠡᠮᠡᠬᠦ ᠲᠡᠷᠢᠭᠦᠲᠡᠨ ᠠᠰᠤᠷᠤ ᠳᠠᠭᠤᠰᠬᠤᠢ᠎ᠠ ᠪᠡᠷᠬᠡ ᠥᠷᠦ ᠵᠢᠷᠦᠬᠡᠨ ᠡᠪᠡᠳᠬᠦ ᠮᠡᠲᠦ ᠡᠯᠳᠡᠪ ᠢᠶᠡᠷ ᠥᠭᠦᠯᠡᠵᠦ ᠦᠵᠡᠨ ᠶᠠᠳᠠᠬᠤ ᠮᠡᠲᠦ ᠠᠪᠤᠷᠢᠯᠠᠵᠤ ᠭᠠᠰᠠᠯᠤᠨ ᠠᠪᠠᠰᠤ ᠴᠠᠨᠠᠬ ᠥᠭᠦᠯᠡᠷ ᠦᠨ ᠳᠡᠯᠢᠭᠡᠲᠦ ᠪᠦᠦ ᠭᠠᠰᠠᠯ ᠭᠣᠪᠢᠬᠠ ᠳᠡᠭᠡᠳᠦ
tede ber ülü üjegdem ni. Üjeskülengten iraγu: daγu:tan: urtuda darbaljaqui dege:lten urida bayasqulang-i törügü:lün aγsad ber edüge: ugi:lalduqu-yi:n nökür bolbai ni. Čitiri erdinis-ün čimegten qatud-un čimeg anu čisun nilbusun üjegdemüi. Čikin-dür jokistu quγu:r-un daγu:n urbaju: čingginaqui uyi: daγu:n sonosdamui. Qamuγ-i tuγu:luγsan čimada qayi:γu jobalang čü yaγu:n bolum. Qamuγ-un itegel čimadur šitügsen γašiγu:n jobalangtan bida ya:kisuγai. Qaγa:n ečige qatun eke činü γašiγu:n-iya:r nögčiküi-e:če bolumui. Qamuγ qatud qaračus qaγaraqui-a:ča bolumui jirüken manu. Amitan-i ülü alaγčilan aburi-da nigü:lesügči noyan minu alin-iya:r mani tebčijü aγlaγ-tur gege:jü yorčiiba či. keme:kü terigü:ten asuru daγu:squi-a berke örü jirüken ebedkü metü eldeb-iye:r ögülejü üjen yadaqu metü aburilaju γasalun aba:su Čanak ögüler-ün: Delige:tü büü γasal Gobika dege:dü
30a
ᠨᠥᠭᠦᠭᠡ ᠭᠤᠴᠢᠨ ᠪᠢᠯᠢᠭᠲᠦ ᠪᠣᠳᠢᠰᠲᠸ ᠲᠡᠭᠦᠰ ᠲᠤᠭᠤᠯᠤᠭᠰᠠᠨ ᠪᠤᠷᠬᠠᠨ ᠪᠣᠯᠵᠤ ᠲᠩᠷᠢ ᠨᠡᠷ ᠢ ᠳᠠᠭᠠᠭᠤᠯᠵᠤ ᠡᠨᠳᠡ ᠢᠷᠡᠬᠦ ᠬᠡᠷ ᠲᠡᠶᠢᠮᠦ ᠬᠡᠮᠡᠪᠡᠰᠦ ᠪᠣᠳᠢᠰᠲᠸ ᠭᠡᠷ ᠲᠡᠴᠡ ᠭᠠᠷᠬᠤᠢ ᠳᠤᠷ ᠲᠩᠷᠢ ᠨᠡᠷ ᠬᠡᠷ ᠬᠦᠨᠳᠦᠯᠡᠵᠦ ᠲᠠᠬᠢᠯ ᠦᠶᠢᠯᠡᠳᠦᠭᠰᠡᠨ ᠢ ᠬᠡᠳᠦᠨ ᠡᠳᠦᠷ ᠥᠭᠦᠯᠡᠵᠦ ᠬᠠᠮᠢᠭ᠎ᠠ ᠪᠠᠷᠠᠬᠤ ᠤᠨᠤᠯᠭ᠎ᠠ ᠪᠡᠷ ᠢᠨᠦ ᠲᠡᠭᠦᠨ ᠦ ᠬᠦᠴᠦᠨ ᠢᠶᠡᠷ ᠦᠵᠡᠲᠡᠯᠡ ᠲᠩᠷᠢ ᠨᠡᠷ ᠲᠦᠷ ᠲᠥᠷᠦᠭᠰᠡᠨ ᠢᠶᠡᠷ ᠤᠨᠤᠭᠴᠢ ᠡᠵᠡᠨ ᠢ ᠪᠤᠷᠬᠠᠨ ᠪᠣᠯᠬᠤᠢ᠎ᠠ ᠦᠳᠲᠡᠷ ᠳᠡᠭᠡᠷ᠎ᠡ ᠪᠥᠭᠡᠳ ᠦᠯᠦᠬᠦ ᠪᠦᠢ ᠤᠴᠢᠷᠠᠯᠳᠤᠵᠤ ᠪᠠᠶᠠᠰᠤᠯᠴᠠᠭᠰᠠᠨ ᠲᠠ ᠪᠡᠷ ᠤᠲᠤ ᠳᠡᠯᠢᠮ᠎ᠡ ᠭᠡᠷᠭᠡᠢ ᠪᠤᠰᠤ ᠤᠳᠤᠷᠢᠭᠤᠯᠰᠤᠨ ᠲᠡᠭᠦᠨ ᠯᠦᠭᠡ ᠠᠳᠠᠯᠢ ᠦᠨᠡᠨ ᠪᠣᠯᠤᠮᠤᠢ ᠵ᠎ᠠ ᠬᠡᠮᠡᠨ ᠰᠡᠳᠬᠢᠮᠦ ᠪᠢ ᠲᠡᠭᠦᠪᠡᠷ ᠭᠠᠰᠠᠯᠬᠤᠢ ᠪᠠᠨ ᠲᠠᠯᠪᠢᠵᠤ ᠲᠡᠭᠦᠨ ᠳᠦᠷ ᠳᠠᠭᠠᠨ ᠪᠠᠶᠠᠰᠤᠯᠴᠠᠪᠠᠰᠤ ᠳᠡᠭᠡᠳᠦ ᠬᠤᠲᠤᠭ ᠢ ᠪᠦᠲᠦᠭᠡᠬᠦᠢ᠎ᠡ ᠲᠡᠷᠡ ᠢᠨᠦ ᠳᠡᠭᠡᠳᠦ ᠦᠯᠦᠬᠦ ᠪᠦᠢ ᠬᠡᠮᠡᠬᠦ ᠮᠡᠲᠦᠰ ᠲᠡᠶᠢᠮᠦ ᠲᠡᠶᠢᠮᠦ ᠦᠭᠡᠰ ᠢ ᠪᠣᠳᠢᠰᠲᠸ ᠤᠨ ᠬᠦᠴᠦᠨ ᠢᠶᠡᠷ ᠥᠭᠦᠯᠡᠵᠦ ᠬᠠᠭᠠᠨ ᠲᠡᠷᠢᠭᠦᠲᠡᠨ ᠬᠠᠮᠤᠭ ᠬᠠᠲᠤᠳ ᠤᠨ ᠭᠠᠱᠢᠭᠤᠨ ᠵᠣᠪᠠᠯᠠᠩ ᠢ ᠰᠤᠭᠤᠷᠠᠭᠤᠯᠤᠨ ᠠᠪᠠᠢ ᠠᠯᠢ ᠴᠠᠭ ᠲᠤᠷ ᠭᠣᠪᠢᠬᠠ ᠲᠡᠷᠢᠭᠦᠲᠡᠨ ᠬᠠᠮᠤᠭ ᠬᠠᠲᠤᠳ ᠶᠡᠬᠡ ᠤᠶᠢ ᠳᠠᠭᠤᠨ ᠲᠠᠯᠪᠢᠭᠰᠠᠨ ᠲᠡᠷᠡ ᠴᠠᠭ ᠲᠤᠷ ᠬᠠᠨᠲᠢᠭ ᠠᠭᠲᠠ ᠪᠡᠷ
Nögüge: γučin: biligtü Bodistv tegüs tuγu:luγsan burqan bolju tngri-ner-i daγaγu:lju ende irekü ker teyi:mü keme:be:sü Bodistv ger-teče γarqui-dur tngri-ner ker kündülejü takil üyi:ledügsen-i kedün edür ögülejü qamiγ-a: baraqu. Unulγ-a ber inü tegü:n-ü küčün-iye:r üjetele tngri-ner-tür törügsen-iye:r unuγči ejen-i burqan bolqui-a üdter dege:r-e böge:d ülükü büi. Učiralduju bayasulčaγsan ta ber utu delim-e gergei busu uduriγu:lsun tegü:n-lüge: adali ünen bolumui j-a keme:n sedkimü bi. Tegü:be:r γasalqui-ba:n talbiju tegü:n-dür daγan bayasulčaba:su dege:dü qutuγ-i bütüge:küi-e tere inü dege:dü ülükü büi keme:kü metüs teyi:mü teyi:mü üges-i Bodistv-un küčün-iye:r ögülejü qaγa:n terigü:ten qamuγ qatud-un γašiγu:n jobalang-i suγuraγu:lun abai. Ali čaγ-tur Gobika terigü:ten qamuγ qatud yeke uyi: daγu:n talbiγsan tere čaγ-tur Kantig aγta ber
30b
ᠡᠵᠡᠨ ᠢᠶᠡᠨ ᠭᠠᠱᠢᠭᠤᠨ ᠳᠤᠷ ᠳᠠᠭᠤᠰᠤᠨ ᠶᠠᠳᠠᠨ ᠦᠬᠦᠯ ᠶᠡᠭᠦᠳᠬᠡᠵᠦ ᠦᠵᠡᠲᠡᠯᠡ ᠭᠤᠴᠢᠨ ᠭᠤᠷᠪᠠᠨ ᠲᠩᠷᠢ ᠨᠡᠷ ᠲᠦᠷ ᠲᠥᠷᠦᠵᠦ ᠬᠤᠪᠢᠯᠭᠠᠨ ᠪᠡᠯᠭᠡᠰ ᠢ ᠪᠡᠷ ᠦᠵᠡᠭᠦᠯᠪᠡᠢ ᠭᠡᠬᠦ ᠲᠡᠨᠳᠡᠴᠡ ᠡᠭᠦᠷᠢ ᠡᠰᠡ ᠪᠣᠯᠤᠭᠰᠠᠨ ᠳᠤᠷ ᠪᠣᠳᠢᠰᠲᠸ ᠤᠨ ᠴᠢᠮᠡᠭ ᠢ ᠮᠠᠬ ᠠ ᠨᠠᠮᠢ ᠲᠡᠷᠢᠭᠦᠲᠡᠨ ᠰᠠᠬᠢᠯᠢᠭ ᠤᠳ ᠡᠷᠭᠦᠪᠡᠰᠦ ᠪᠡᠷ ᠡᠰᠡ ᠳᠠᠭᠠᠭᠳᠠᠵᠤ ᠪᠷᠠᠵᠠᠪᠠᠲᠢ ᠭᠠᠤᠲᠠᠮᠢ ᠡᠨᠡ ᠴᠢᠮᠡᠭ ᠢ ᠦᠵᠡᠬᠦ ᠳᠤᠲᠤᠮ ᠰᠡᠳᠬᠢᠯ ᠳᠦᠷ ᠭᠠᠱᠢᠭᠤᠨ ᠲᠥᠷᠦᠮᠦᠢ ᠬᠡᠮᠡᠨ ᠨᠢᠳᠦᠨ ᠦ ᠡᠴᠢᠨ᠎ᠡ ᠨᠠᠭᠤᠷ ᠤᠨ ᠳᠣᠲᠤᠷ᠎ᠠ ᠣᠷᠣᠱᠢᠭᠤᠯᠪᠠᠢ ᠡᠵᠢᠶ ᠡ ᠳᠡ ᠪᠡᠷ ᠴᠢᠮᠡᠭ ᠦᠨ ᠨᠠᠭᠤᠷ ᠬᠡᠮᠡᠨ ᠨᠡᠷᠡᠶᠢᠳᠦᠮᠦᠢ ᠲᠡᠨᠳᠡ ᠥᠭᠦᠯᠡᠷ ᠦᠨ ᠪᠣᠳᠢᠰᠲᠸ ᠯᠤᠤᠰ ᠤᠨ ᠬᠠᠭᠠᠨ ᠳᠠᠯᠠᠢ ᠳᠤᠷ ᠣᠳᠤᠭᠰᠠᠨ ᠢᠶᠠᠷ ᠰᠠᠬᠢᠯᠢᠭ ᠤᠳ ᠢᠵᠠᠭᠤᠷᠲᠠᠨ ᠤ ᠨᠠᠭᠤᠷ ᠤᠨ ᠤᠰᠤᠨ ᠲᠠᠲᠠᠷᠠᠵᠤ ᠬᠠᠪᠠᠯᠢᠭ ᠤᠨ ᠵᠢᠷᠭᠠᠯᠠᠩ ᠤᠨ ᠯᠢᠨᠬᠤ᠎ᠠ ᠣᠩᠭᠤᠭᠰᠠᠨ ᠢᠶᠠᠷ ᠡᠯ ᠤᠯᠤᠰ ᠤᠨ ᠵᠥᠭᠡᠢ ᠶᠢᠨ ᠠᠶᠢᠮᠠᠭ ᠭᠠᠱᠢᠭᠤᠳᠠᠨ ᠭᠠᠰᠠᠯᠪᠠᠢ ᠬᠠᠮᠤᠭ ᠶᠢᠷᠲᠢᠨᠴᠦ ᠳᠡᠬᠢᠨ᠎ᠡ ᠬᠠᠮᠤᠭ ᠠᠴᠠ ᠬᠢᠴᠢᠶᠡᠭᠡᠵᠦ ᠡᠷᠦᠭᠳᠡᠬᠦᠢ ᠬᠠᠨ ᠣᠷᠣᠨ ᠢᠶᠠᠨ ᠬᠠᠶᠢᠷᠠᠯᠠᠯ ᠦᠭᠡᠢ ᠨᠢᠯᠪᠤᠰᠤᠨ ᠠᠴᠠ ᠪᠡᠷ ᠴᠢᠨᠠᠷᠤ ᠰᠡᠳᠬᠢᠵᠦ ᠲᠡᠶᠢᠨ ᠪᠥᠭᠡᠳ ᠲᠡᠪᠴᠢᠵᠦ ᠳᠡᠭᠡᠳᠦ ᠣᠶᠤᠲᠤ ᠰᠤᠳᠣᠳᠠᠨᠢ ᠶᠢᠨ ᠬᠥᠪᠡᠭᠦᠨ
ejen-iye:n γašiγu:n-dur daγu:sun yadan ükül yegü:dkejü üjetele γučin γurban tngri-ner-tür törüjü qubilγa:n belges-i ber üjegü:lbei gekü. Tendeče egü:ri ese boluγsan-dur Bodistv-un čimeg-i Maq-a-nami terigü:ten Sakiliγ-u:d ergübe:sü ber ese daγaγdaju Brajabati Gautami ene čimeg-i üjekü dutum sedkil-dür γašiγu:n törümüi keme:n nidün-ü ečin-e naγu:r-un dotur-a orošiγu:lbai. Ejiy-e:-de ber Čimeg-ün naγu:r keme:n nereyi:dümüi. Tende ögüler-ün: Bodistv luus-un qaγa:n dalai-dur oduγsan-iya:r Sakiliγ-u:d ijaγu:rtan-u naγu:r-un usun tataraju Kabaliγ-un jirγalang-un linqu-a ongγuγsan-iya:r el ulus-un jögei-yi:n ayi:maγ γašiγu:dan γasalbai. Qamuγ yirtinčü dekin-e qamuγ-a:ča kičiye:ge:jü erügdeküi. Qan oron-iya:n qayi:ralal ügei nilbusun-a:ča ber činaru sedkijü teyi:n böge:d tebčijü dege:dü oyutu Sudodani-yi:n köbegü:n
31a
ᠨᠥᠭᠦᠭᠡ ᠭᠤᠴᠢᠨ ᠨᠢᠭᠡᠨ ᠥᠪᠡᠷ ᠢᠶᠡᠨ ᠭᠠᠷᠴᠤ ᠪᠤᠰᠤᠳ ᠤᠨ ᠪᠠᠭᠱᠢ ᠪᠣᠯᠵᠤ ᠶᠠᠪᠤᠷ᠎ᠠ ᠬᠦᠷᠪᠡᠢ ᠠᠷᠪᠠᠨ ᠬᠣᠶᠠᠷ ᠵᠣᠬᠢᠶᠠᠩᠭᠤᠢ ᠦᠶᠢᠯᠡᠰ ᠡᠴᠡ ᠲᠣᠶᠢᠨ ᠪᠣᠯᠵᠤ ᠭᠡᠷ ᠲᠡᠴᠡ ᠭᠠᠷᠤᠭᠰᠠᠨ ᠨᠡᠷᠡᠲᠦ ᠵᠢᠷᠭᠤᠳᠤᠭᠠᠷ ᠪᠥᠯᠥᠭ ᠲᠡᠷᠡ ᠴᠠᠭ ᠲᠤᠷ ᠪᠣᠳᠢᠰᠲᠸ ᠲᠩᠷᠢ ᠶᠢᠨ ᠬᠥᠪᠡᠭᠦᠨ ᠭᠥᠷᠦᠭᠡᠴᠢ ᠪᠡᠶ ᠡ ᠲᠦ ᠡᠴᠡ ᠠᠪᠤᠭᠰᠠᠨ ᠬᠠᠷᠰ᠎ᠠ ᠳᠡᠭᠡᠯ ᠢ ᠡᠮᠦᠰᠴᠦ ᠲᠣᠶᠢᠨ ᠬᠦᠮᠦᠨ ᠦ ᠤᠰᠬᠠᠯ ᠨᠣᠮᠤᠬᠠᠨ ᠠᠮᠤᠷᠯᠢᠭᠰᠠᠨ ᠭᠣᠤ᠎ᠠ ᠶᠠᠪᠤᠳᠠᠯ ᠢᠶᠠᠷ ᠶᠠᠪᠤᠨ ᠪᠦᠬᠦ ᠶᠢ ᠰᠠᠬᠢ ᠨᠡᠷᠡᠲᠦ ᠪᠢᠷᠠᠮᠠᠨ ᠦᠵᠡᠵᠦ ᠢᠳᠡᠭᠡᠨ ᠳᠦᠷ ᠬᠦᠷᠡᠵᠦ ᠵᠣᠴᠢᠯᠠᠨ ᠲᠠᠬᠢᠪᠠᠢ ᠲᠡᠭᠦᠨᠴᠢᠯᠡᠨ ᠪᠠᠳᠮᠢ ᠸᠠᠢᠷᠤᠴᠠᠨᠢ ᠸᠢᠭᠢᠨᠳᠠᠨᠳᠢ ᠶᠢᠨ ᠬᠥᠪᠡᠭᠦᠨ ᠪᠠᠷᠬᠠᠨᠢ ᠨᠡᠷ ᠡ ᠲᠡᠨ ᠪᠢᠷᠠᠮᠠᠨ ᠨᠤᠭᠤᠳ ᠪᠡᠷ ᠥᠪᠡᠷ ᠦᠨ ᠥᠪᠡᠷ ᠦᠨ ᠣᠷᠣᠨ ᠳᠤᠷ ᠢᠶᠠᠨ ᠪᠣᠳᠢᠰᠲᠸ ᠢ ᠬᠦᠷᠡᠵᠦ ᠵᠣᠴᠢᠯᠠᠨ ᠲᠠᠬᠢᠪᠠᠢ ᠲᠡᠨᠳᠡᠴᠡ ᠪᠣᠳᠢᠰᠲᠸ ᠵᠥᠪ ᠵᠥᠪ ᠣᠳᠤᠭᠠᠳ ᠸᠠᠶᠢᠰᠠᠯᠢ ᠪᠠᠯᠭᠠᠰᠤᠨ ᠳᠤᠷ ᠬᠦᠷᠦᠭᠰᠡᠨ ᠲᠡᠷᠡ ᠴᠠᠭ ᠲᠤᠷ ᠠᠷᠠᠲᠠᠬᠠᠯᠮᠢ ᠨᠡᠷᠡᠲᠦ ᠠᠷᠱᠢ ᠭᠤᠷᠪᠠᠨ ᠵᠠᠭᠤᠳ ᠲᠠ ᠱᠢᠷᠠᠸᠠᠭ ᠲᠢᠳᠱᠢ ᠨᠡᠷ᠎ᠡ ᠶᠠᠭᠤᠨ ᠪᠡᠷ ᠦᠭᠡᠢ ᠣᠷᠣᠨ ᠢ ᠪᠦᠲᠦᠭᠡᠬᠦ ᠨᠣᠮ ᠢ ᠨᠣᠮᠯᠠᠨ ᠪᠦᠬᠦᠢ ᠳᠦᠷ ᠪᠣᠳᠢᠰᠲᠸ ᠢ
Nögüge: γučin nigen: öbe:r-iye:n γarču busud-un baγši bolju yabur-a kürbei. Arban qoyar jokiya:ngγui üyi:les-e:če toyin bolju ger-teče γaruγsan neretü jirγuduγa:r bölög. Tere čaγ-tur Bodistv tngri-yi:n köbegü:n görüge:či bey-e-tü-e:če abuγsan kars-a dege:l-i emüsčü toyin kümü:n-ü usqal nomuqan amurliγsan γou-a yabudal-iya:r yabun bükü-yi Saki neretü biraman üjejü idege:n-dür kürejü jočilan taqibai. Tegü:nčilen Badmi Vairučani Vigindandi-yi:n köbegü:n Barkani ner-e-ten biraman-nuγu:d ber öbe:r-ün öbe:r-ün oron-dur-iya:n Bodistv-i kürejü jočilan takibai. Tendeče Bodistv jöb jöb oduγa:d Vayisali balγasun-dur kürügsen tere čaγ-tur Aratakalmi neretü arši γurban jaγu:d-ta Širavag tidši ner-e yaγu:n ber ügei oron-i bütüge:kü nom-i nomlan büküi-dür Bodistv-i
31b
ᠢᠷᠡᠬᠦᠢ ᠶᠢ ᠠᠢ ᠬᠣᠯᠠ ᠠᠴᠠ ᠦᠵᠡᠵᠦ ᠭᠠᠷ ᠢᠶᠠᠷ ᠢᠶᠠᠨ ᠨᠥᠬᠦᠳ ᠲᠡᠭᠡᠨ ᠦᠵᠡᠭᠦᠯᠵᠦ ᠥᠭᠦᠯᠡᠷ ᠦᠨ ᠡᠭᠦᠨᠦ ᠪᠡᠶ ᠡ ᠶᠢ ᠦᠵᠡᠳ ᠬᠦᠨ ᠬᠡᠮᠡᠨ ᠥᠭᠦᠯᠡᠪᠡᠰᠦ ᠬᠣᠲᠣᠯᠠᠭᠠᠷ ᠦᠵᠡᠵᠦ ᠭᠠᠶᠢᠬᠠᠯᠳᠤᠵᠤ ᠤᠭᠲᠤᠵᠤ ᠠᠪᠴᠤ ᠰᠠᠭᠤᠯᠭᠠᠪᠠᠢ ᠲᠡᠨᠳᠡᠴᠡ ᠪᠣᠳᠢᠰᠲᠸ ᠥᠭᠦᠯᠡᠷ ᠦᠨ ᠠᠷᠠᠲᠠᠬᠠᠯᠮᠢ ᠠᠷᠱᠢ ᠠ ᠠᠷᠢᠭᠤᠨ ᠶᠠᠪᠤᠳᠠᠯ ᠢᠶᠠᠷ ᠶᠠᠪᠤᠮᠤᠢ ᠴᠢ ᠬᠡᠮᠡᠪᠡᠰᠦ ᠭᠠᠤᠲᠠᠮ ᠲᠣᠶᠢᠨ ᠠ ᠶᠠᠪᠤᠮᠤ ᠪᠢ ᠴᠢ ᠪᠡᠷ ᠪᠦᠲᠦᠬᠦᠢ᠎ᠡ ᠬᠢᠯᠪᠠᠷ ᠡᠨᠡ ᠮᠥᠷ ᠲᠦᠷ ᠣᠷᠤᠵᠤ ᠶᠠᠪᠤᠪᠠᠰᠤ ᠦᠳᠲᠡᠷ ᠬᠤᠲᠤᠭ ᠢ ᠣᠯᠬᠤ ᠴᠢ ᠬᠡᠮᠡᠪᠡᠰᠦ ᠪᠣᠳᠢᠰᠲᠸ ᠰᠡᠳᠬᠢᠷ ᠦᠨ ᠨᠠᠳᠤᠷ ᠰᠦᠰᠦᠭ ᠲᠡᠷᠢᠭᠦᠲᠡᠨ ᠦ ᠲᠠᠪᠤᠨ ᠡᠷᠬᠡ ᠶᠢ ᠪᠢᠱᠢᠯᠭᠠᠬᠤᠢ ᠮᠥᠷ ᠨᠠᠳᠤᠷ ᠪᠤᠢ ᠲᠡᠶᠢᠨ ᠪᠡᠷ ᠪᠥᠭᠡᠰᠦ ᠪᠤᠰᠤᠳ ᠢ ᠣᠷᠤᠯᠴᠠᠭᠤᠯᠬᠤ ᠶᠢᠨ ᠲᠤᠯᠠᠳᠠ ᠪᠢᠱᠢᠯᠭᠠᠰᠤᠭᠠᠢ ᠪᠢ ᠬᠡᠮᠡᠨ ᠠᠷᠠᠲᠠᠬᠠᠯᠮᠢ ᠶᠢᠨ ᠨᠣᠮ ᠢ ᠰᠣᠨᠣᠰ ᠴᠤ ᠭᠠᠭᠴᠠᠭᠠᠷ ᠠᠭᠯᠠᠭ ᠲᠤᠷ ᠣᠳᠴᠤ ᠪᠢᠱᠢᠯᠭᠠᠪᠠᠰᠤ ᠬᠢᠯᠪᠠᠷᠬᠠᠨ᠎ᠠ ᠲᠤᠭᠤᠯᠵᠤ ᠠᠷᠠᠲᠠᠬᠠᠯᠮᠢ ᠳᠠ ᠥᠭᠦᠯᠡᠷ ᠦᠨ ᠠᠷᠠᠲᠠᠬᠠᠯᠮᠢ ᠠᠷᠱᠢ ᠠ ᠴᠢᠨᠤ ᠲᠤᠭᠤᠯᠤᠭᠰᠠᠨ ᠲᠡᠷᠡ ᠨᠣᠮ ᠢ ᠪᠢ ᠪᠡᠷ ᠲᠤᠭᠤᠯᠪᠠᠢ ᠬᠡᠮᠡᠨ ᠥᠭᠦᠯᠡᠪᠡᠰᠦ ᠠᠷᠠᠲᠠᠬᠠᠯᠮᠢ ᠠᠷᠱᠢ ᠦᠯᠡᠮᠵᠢ ᠮᠠᠱᠢ ᠪᠠᠶᠠᠰᠤᠭᠠᠳ ᠲᠠᠬᠢᠯ ᠲᠠᠪᠢᠭ ᠦᠶᠢᠯᠡᠳᠴᠦ ᠥᠭᠦᠯᠡᠷ ᠦᠨ ᠶᠠᠮᠪᠠᠷ ᠪᠢᠳᠠ ᠬᠣᠶᠠᠷ ᠤᠨ ᠲᠤᠭᠤᠯᠤᠭᠰᠠᠨ ᠲᠡᠷᠡ ᠮᠥᠷ ᠢ ᠪᠤᠰᠤᠳ ᠲᠤᠷ ᠲᠤᠭᠤᠯᠭᠠᠵᠤ ᠪᠣᠯᠤᠮᠤᠢ ᠵ᠎ᠠ
ireküi-yi ai qola-a:ča üjejü γar-iya:r-iya:n nöküd-tege:n üjegü:ljü ögüler-ün: Egü:nü bey-e-yi üjed-kün keme:n ögülebe:sü qotolaγa:r üjejü γayi:qalduju uγtuju abču saγu:lγabai. Tendeče Bodistv ögüler-ün: Aratakalmi arši a: ariγu:n yabudal-iya:r yabumui či keme:be:sü Gautam toyin a: yabumu bi. Či ber bütüküi-e kilbar ene mör-tür oruju yabuba:su üdter qutuγ-i olqu či keme:be:sü Bodistv sedkir-ün: Nadur süsüg terigü:ten-ü tabun erke-yi bišilγaqui mör nadur bui. Teyi:n ber böge:sü busud-i orulčaγu:lqu-yi:n tulada bišilγasuγai bi keme:n Aratakalmi-yi:n nom-i sonos-ču γaγčaγa:r aγlaγ-tur odču bišilγaba:su kilbarqan-a tuγu:lju Aratakalmi-da ögüler-ün: Aratakalmi arši a: činu tuγu:luγsan tere nom-i bi ber tuγu:lbai keme:n ögülebe:sü Aratakalmi arši ülemji maši bayasuγa:d takil tabiγ üyi:ledčü ögüler-ün: Yambar bida qoyar-un tuγu:luγsan tere mör-i busud-tur tuγu:lγaju bolumui j-a.
32a
ᠨᠥᠭᠦᠭᠡ ᠭᠤᠴᠢᠨ ᠬᠣᠶᠠᠷ ᠲᠡᠭᠦᠪᠡᠷ ᠬᠣᠶᠠᠭᠤᠯᠠ ᠪᠣᠯᠵᠤ ᠡᠳᠡᠨ ᠢ ᠤᠳᠤᠷᠢᠳᠤᠶ᠎ᠠ ᠬᠡᠮᠡᠭᠳᠡᠵᠦ ᠲᠡᠭᠦᠨᠴᠢᠯᠡᠨ ᠬᠦ ᠦᠶᠢᠯᠡᠳᠪᠡᠢ ᠲᠡᠨᠳᠡᠴᠡ ᠪᠣᠳᠢᠰᠲᠸ ᠰᠡᠳᠬᠢᠷ ᠦᠨ ᠠᠷᠠᠲᠠᠬᠠᠯᠮᠢ ᠶᠢᠨ ᠡᠨᠡ ᠨᠣᠮ ᠪᠡᠷ ᠮᠠᠭᠠᠳ ᠭᠠᠷᠭᠠᠨ ᠴᠢᠳᠠᠬᠤᠢ ᠮᠥᠷ ᠪᠤᠰᠤ ᠪᠤᠢ ᠪᠤᠰᠤ ᠨᠢᠭᠡᠨ ᠮᠥᠷ ᠢ ᠡᠷᠢᠰᠦᠭᠡᠢ ᠬᠡᠮᠡᠨ ᠥᠭᠦᠯᠡᠵᠦ ᠮᠠᠭᠠᠳᠠ ᠤᠯᠤᠰ ᠤᠨ ᠪᠠᠨᠳᠠᠪ ᠨᠡᠷᠡᠲᠦ ᠠᠭᠤᠯᠠ ᠬᠠᠮᠢᠭ᠎ᠠ ᠪᠦᠬᠦ ᠲᠡᠨᠳᠡ ᠣᠳᠴᠤ ᠭᠠᠭᠴᠠᠭᠠᠷ ᠰᠠᠭᠤᠭᠰᠠᠨ ᠳᠤᠷ ᠬᠠᠮᠤᠭ ᠲᠩᠷᠢ ᠨᠡᠷ ᠢᠷᠡᠵᠦ ᠰᠠᠬᠢᠨ ᠰᠠᠭᠤᠵᠤ ᠲᠠᠬᠢᠯ ᠲᠠᠪᠢᠭ ᠢ ᠦᠶᠢᠯᠡᠳᠪᠡᠢ ᠠᠯᠢ ᠴᠠᠭ ᠲᠤᠷ ᠡᠳᠦᠷ ᠴᠠᠶᠢᠭᠰᠠᠨ ᠲᠡᠷᠡ ᠴᠠᠭ ᠲᠤᠷ ᠰᠠᠮᠳᠠᠪᠰ ᠬᠢᠭᠡᠳ ᠬᠠᠷᠰ᠎ᠠ ᠳᠡᠭᠡᠯ ᠢᠶᠡᠨ ᠡᠮᠦᠰᠴᠦ ᠪᠠᠳᠢᠷ ᠠᠶᠠᠭ ᠠ ᠪᠠᠨ ᠪᠠᠷᠢᠵᠤ ᠬᠠᠯᠠᠭᠤᠨ ᠤᠰᠤᠲᠤ ᠶᠢᠨ ᠬᠠᠭᠠᠯᠭ ᠠ ᠠᠴᠠ ᠭᠠᠷᠴᠤ ᠤᠰᠬᠠᠯ ᠨᠣᠮᠤᠬᠠᠨ ᠡᠷᠬᠡᠲᠡᠨ ᠠᠮᠤᠷᠯᠢᠭᠰᠠᠨ ᠦᠵᠡᠵᠦ ᠬᠠᠨᠤᠱᠢ ᠦᠭᠡᠢ ᠵᠣᠬᠢᠰᠲᠤ ᠭᠣᠤ᠎ᠠ ᠶᠠᠪᠤᠳᠠᠯ ᠢᠶᠠᠷ ᠷᠠᠵᠠᠭᠷᠠᠭ ᠶᠡᠬᠡ ᠪᠠᠯᠭᠠᠰᠤᠨ ᠳᠤᠷ ᠣᠷᠤᠵᠤ ᠪᠢᠨᠸᠠᠳ ᠭᠤᠶᠤᠨ ᠶᠠᠪᠤᠬᠤᠢ ᠳᠤᠷ ᠠᠷᠴᠢᠮᠠᠯ ᠠᠯᠲᠠᠨ ᠳᠤᠷ ᠠᠳᠠᠯᠢ ᠥᠩᠭᠡᠲᠦ ᠦᠵᠡᠵᠦ ᠦᠯᠦ ᠬᠠᠨᠠᠬᠤᠢ ᠪᠡᠶ ᠡ ᠲᠦ ᠶᠢ ᠷᠠᠵᠠᠭᠷᠠᠭ ᠪᠠᠯᠭᠠᠰᠤᠨ ᠳᠠᠬᠢᠨ ᠦᠵᠡᠵᠦ ᠠᠰᠤᠷᠤ ᠮᠠᠱᠢ ᠭᠠᠶᠢᠬᠠᠵᠤ ᠡᠨᠡ ᠬᠡᠨ ᠪᠣᠯᠪᠠᠢ ᠡᠨᠡ ᠰᠠᠪ ᠶᠢᠷᠲᠢᠨᠴᠦ ᠶᠢᠨ ᠡᠵᠡᠨ ᠡᠰᠷᠤᠠ ᠤᠤ ᠰᠠᠴᠢ ᠶᠢᠨ ᠡᠵᠡᠨ ᠬᠤᠷᠮᠤᠰᠲᠠ ᠤᠤ ᠠᠳᠠᠬᠠᠸᠠᠨᠲᠢ ᠶᠢᠨ ᠡᠵᠡᠨ
Nögüge: γučin qoyar: Tegü:be:r qoyaγu:la bolju eden-i uduriduy-a keme:gdejü tegü:nčilen kü üyi:ledbei. Tendeče Bodistv sedkir-ün Aratakalmi-yi:n ene nom ber maγad γarγan čidaqui mör busu bui. Busu nigen mör-i erisügei keme:n ögülejü Magada ulus-un Bandab neretü aγu:la qamiγ-a: bükü tende odču γaγčaγa:r saγu:γsan-dur qamuγ tngri-ner irejü sakin saγu:ju takil tabiγ-i üyi:ledbei. Ali čaγ-tur edür čayi:γsan tere čaγ-tur samdabs ki:ge:d kars-a dege:l-iye:n emüsčü badir ayaγ-a-ba:n bariju qalaγu:n usutu-yi:n qaγa:lγ-a-a:ča γarču usqal nomuqan erketen amurliγsan üjejü qanuši ügei jokistu γou-a yabudal-iya:r Rajagraγ yeke balγasun-dur oruju binvad γuyun yabuqui-dur arčimal altan-dur adali önggetü üjejü ülü qanaqui bey-e-tü-yi Rajagraγ balγasun dakin üjejü asuru maši γayi:qaju ene ken bolbai. Ene sab yirtinčü-yi:n ejen Esrua uu Sači-yi:n ejen Qurmusta uu Adakavanti-yi:n ejen
32b
ᠸᠠᠶᠢᠱᠢᠷᠠᠸᠠᠨᠢ ᠤᠤ ᠠᠷᠢᠭᠤᠢ ᠳᠠᠬᠢᠠᠭᠯᠠᠭ ᠲᠠᠬᠢ ᠲᠩᠷᠢ ᠦᠦ ᠪᠦᠢ ᠬᠡᠮᠡᠨ ᠭᠠᠶᠢᠬᠠᠯᠳᠤᠵᠤ ᠪᠦᠷ ᠦᠨ ᠬᠡᠪᠢᠳᠡ ᠳᠦᠷ ᠪᠠᠰᠠᠷ ᠲᠤᠷ ᠪᠠᠭᠲᠠᠨ ᠶᠠᠳᠠᠬᠤᠨ ᠭᠡᠷ ᠦᠨ ᠳᠡᠭᠡᠷ ᠡᠴᠡ ᠦᠵᠡᠪᠡᠢ ᠭᠡᠷ ᠲᠡᠴᠡ ᠦᠯᠦ ᠭᠠᠷᠤᠨ ᠱᠢᠯᠢᠭᠤᠷᠬᠠᠬᠤᠨ ᠭᠡᠷ ᠦᠨ ᠡᠭᠦᠳᠡᠨ ᠲᠣᠲᠣᠭ ᠠ ᠠᠴᠠ ᠱᠢᠭᠠᠭᠠᠪᠠᠢ ᠬᠤᠪᠢᠯᠭᠠᠬᠤᠢ ᠳᠤᠷ ᠠᠮᠠᠷᠠᠭ ᠬᠤᠳᠠᠯᠳᠤᠴᠢᠨ ᠬᠤᠳᠠᠯᠳᠤᠪᠠᠨ ᠲᠠᠯᠪᠢᠵᠤ ᠭᠠᠶᠢᠬᠠᠪᠠᠢ ᠳᠠᠷᠠᠰᠤᠨ᠎ᠠ ᠠᠮᠠᠷᠠᠭ ᠳᠠᠷᠠᠰᠤᠴᠢᠨ ᠳᠠᠷᠠᠰᠤᠪᠠᠨ ᠲᠠᠯᠪᠢᠵᠤ ᠳᠠᠭᠠᠪᠠᠢ ᠪᠦᠬᠦ ᠵᠦᠭ ᠡᠴᠡ ᠴᠢᠭᠤᠯᠵᠤ ᠢᠷᠡᠭᠰᠡᠨ ᠪᠦᠭᠦᠳᠡᠭᠡᠷ ᠠᠯᠠᠭᠠᠪᠠᠨ ᠬᠠᠮᠲᠤᠳᠬᠠᠵᠤ ᠭᠠᠶᠢᠬᠠᠬᠤ ᠶᠢ ᠤᠯᠠᠮ ᠤᠯᠠᠮ ᠪᠢᠮᠪᠠᠰᠠᠷᠢ ᠬᠠᠭᠠᠨ ᠰᠣᠨᠣᠰᠴᠤ ᠥᠨᠳᠦᠷ ᠬᠠᠷᠱᠢ ᠳᠡᠭᠡᠷ ᠡᠴᠡᠭᠡᠨ ᠦᠵᠡᠵᠦ ᠦᠯᠡᠮᠵᠢ ᠮᠠᠱᠢ ᠭᠠᠶᠢᠬᠠᠵᠤ ᠥᠭᠦᠯᠡᠷ ᠦᠨ ᠡᠨᠡ ᠶᠡᠬᠡ ᠪᠣᠭᠳᠠ ᠳᠠ ᠲᠠᠬᠢᠯ ᠲᠠᠪᠢᠭ ᠢ ᠬᠦᠨᠳᠦᠯᠡᠨ ᠦᠶᠢᠯᠡᠳᠦᠶ᠎ᠡ ᠬᠠᠮᠢᠭ᠎ᠠ ᠣᠳᠬᠤᠢ ᠢᠨᠤ ᠦᠵᠡᠳᠬᠦᠨ ᠬᠡᠮᠡᠨ ᠲᠡᠭᠦᠨᠴᠢᠯᠡᠨ ᠦᠵᠡᠭᠦᠯᠪᠡᠰᠦ ᠠᠭᠤᠯᠠᠰ ᠤᠨ ᠬᠠᠭᠠᠨ ᠪᠠᠨᠳᠠᠪ ᠨᠡᠷᠡᠲᠦ ᠠᠭᠤᠯᠠ ᠳᠤᠷ ᠣᠳᠤᠭᠰᠠᠨ ᠢ ᠪᠢᠮᠪᠠᠰᠠᠷᠢ ᠬᠠᠭᠠᠨ ᠮᠡᠳᠡᠵᠦ ᠬᠣᠶᠢᠨᠠ ᠠᠴᠠ ᠢᠨᠤ ᠳᠠᠷᠤᠯᠴᠠᠨ ᠳᠠᠭᠠᠨ ᠣᠳᠴᠤ ᠦᠵᠡᠪᠡᠰᠦ ᠡᠪᠡᠰᠦᠨ ᠳᠡᠪᠦᠰᠬᠡᠷ ᠲᠦᠷ ᠭᠢᠯᠪᠡᠯᠦᠨ ᠴᠣᠭᠲᠠᠢ᠎ᠠ ᠰᠠᠭᠤᠭᠰᠠᠨ ᠢ ᠦᠵᠡᠵᠦ ᠪᠦᠷ ᠦᠨ ᠠᠮᠲᠤᠷᠢᠨ ᠬᠥᠯᠭᠡᠨ ᠡᠴᠡᠭᠡᠨ ᠪᠠᠭᠤᠵᠤ ᠠᠳᠠᠭ ᠲᠤᠷ ᠢᠨᠤ ᠮᠥᠷᠭᠦᠪᠡᠢ ᠪᠠᠶᠠᠰᠤᠭᠰᠠᠨ
Vayiširavani uu ariγu:i dakiaγlaγ-taki tngri üü büi keme:n γayi:qalduju bür-ün. Kebide-dür Basar-tur baγtan yadaqun ger-ün dege:r-e:če üjebei. Ger-teče ülü γarun šiliγu:rqaqun ger-ün egü:den totoγ-a-a:ča šiγaγa:bai. Qubilγaqui-dur amaraγ qudaldučin qudalduba:n talbiju γayi:qabai. Darasun-a amaraγ darasučin darasuba:n talbiju daγabai. Bükü jüg-e:če čiγu:lju iregsen bügüdege:r alaγaba:n qamtudqaju γayi:qaqu-yi ulam ulam Bimbasari qaγa:n sonosču öndür qarši dege:r-e:čege:n üjejü ülemji maši γayi:qaju ögüler-ün: Ene yeke boγda-da takil tabiγ-i kündülen üyi:ledüy-e. Qamiγ-a: odqui inu üjedkün keme:n tegü:nčilen üjegü:lbe:sü aγu:las-un qaγa:n Bandab neretü aγu:la-dur oduγsan-i Bimbasari qaγa:n medejü qoyi:na-a:ča inu darulčan daγan odču üjebe:sü ebesün debüsker-tür gilbelün čoγtai-a saγu:γsan-i üjejü bür-ün. Amturin kölgen-e:čege:n baγu:ju adaγ-tur inu mörgübei. Bayasuγsan
33a
ᠨᠥᠭᠦᠭᠡ ᠭᠤᠴᠢᠨ ᠭᠤᠷᠪᠠᠨ ᠵᠠᠩ ᠢᠶᠠᠷ ᠡᠰᠡᠷᠭᠦ ᠲᠡᠰᠡᠷᠭᠦ ᠪᠠᠶᠠᠰᠬᠤᠯᠠᠩᠲᠤ ᠦᠭᠡᠰ ᠢ ᠥᠭᠦᠯᠡᠯᠳᠦᠪᠡᠢ ᠲᠡᠨᠳᠡᠴᠡ ᠪᠠᠰᠠ ᠪᠢᠮᠪᠠᠰᠠᠷᠢ ᠬᠠᠭᠠᠨ ᠲᠡᠶᠢᠨ ᠬᠡᠮᠡᠨ ᠪᠣᠳᠢᠰᠲᠸ ᠲᠤᠷ ᠥᠭᠦᠯᠡᠷ ᠦᠨ ᠲᠡᠩᠭᠡᠯ ᠦᠭᠡᠢ ᠪᠠᠶᠠᠰᠬᠤᠯᠠᠩ ᠢ ᠲᠥᠷᠦᠭᠦᠯᠦᠭᠴᠢ ᠳᠡᠭᠡᠳᠦ ᠪᠣᠭᠳᠠ ᠬᠡᠨ ᠦ ᠬᠥᠪᠡᠭᠦᠨ ᠪᠦᠶᠦ ᠴᠢ ᠬᠥᠪᠡᠭᠦᠮᠡᠷᠬᠦᠢ ᠡᠶᠢᠮᠦ ᠵᠠᠯᠠᠭᠤ ᠳᠤᠷ ᠢᠶᠠᠨ ᠬᠦᠮᠦᠨ ᠦᠭᠡᠢ ᠣᠢ ᠳᠤᠷ ᠶᠠᠬᠢᠨ ᠰᠠᠭᠤᠮᠤᠢ ᠴᠢ ᠭᠦᠷ ᠤᠯᠤᠰ ᠤᠨ ᠮᠢᠨᠤ ᠵᠠᠷᠢᠮ ᠢ ᠮᠡᠳᠡᠵᠦ ᠬᠦᠰᠡᠬᠦᠢ ᠵᠢᠷᠭᠠᠯᠠᠩ ᠢᠶᠠᠷ ᠵᠢᠷᠭᠠᠪᠠᠰᠤ ᠶᠠᠭᠤᠨ ᠬᠡᠮᠡᠨ ᠥᠭᠦᠯᠡᠪᠡᠰᠦ ᠪᠣᠳᠢᠰᠲᠸ ᠰᠣᠨᠣᠰᠬᠤᠢ᠎ᠠ ᠰᠠᠶᠢᠬᠠᠨ ᠳᠠᠭᠤᠪᠠᠷ ᠥᠭᠦᠯᠡᠷ ᠦᠨ ᠶᠡᠬᠡ ᠬᠠᠭᠠᠨ᠎ᠠ ᠰᠤᠳᠣᠳᠠᠨᠢ ᠶᠢᠨ ᠬᠥᠪᠡᠭᠦᠨ ᠪᠦᠶᠦ ᠪᠢ ᠶᠢᠷᠲᠢᠨᠴᠦ ᠶᠢᠨ ᠡᠨᠡ ᠵᠢᠷᠭᠠᠯᠠᠩ ᠪᠦᠭᠦᠳᠡ ᠶᠡᠯᠸᠢ ᠳᠦᠷ ᠠᠳᠠᠯᠢ ᠭᠦᠩ ᠲᠤᠰᠬᠠᠵᠤ ᠶᠡᠬᠡ ᠭᠠᠯ ᠳᠤᠷ ᠠᠳᠠᠯᠢ ᠲᠦᠯᠡᠭᠴᠢ ᠪᠦᠢ ᠤᠷᠢᠳᠠ ᠡᠷᠢᠷ ᠦᠨ ᠵᠣᠪᠠᠭᠤᠯᠤᠶᠤ ᠣᠯᠤᠨ ᠶᠠᠳᠠᠷᠤᠨ ᠳᠦᠯᠡᠰ ᠲᠦᠯᠡᠭᠳᠡᠵᠦ ᠣᠯᠪᠠᠰᠤ ᠪᠡᠷ ᠦᠯᠦ ᠪᠣᠯᠢᠯᠠᠬᠤᠢ ᠪᠡᠷ ᠣᠯᠠᠨ ᠵᠣᠪᠠᠯᠠᠩ ᠤᠳ ᠢ ᠲᠥᠷᠦᠭᠦᠯᠦᠶᠦ ᠭᠠᠱᠢᠭᠤᠨ ᠢ ᠤᠤᠵᠤ ᠳᠦᠯᠡᠳ ᠤᠮᠳᠠᠰᠬᠤᠢ ᠮᠡᠲᠦ ᠬᠠᠮᠤᠭ ᠲᠩᠷᠢ ᠬᠦᠮᠦᠨ ᠦ ᠡᠳ ᠪᠦᠭᠦᠳᠡ ᠶᠢ ᠬᠠᠮᠲᠤᠳᠬᠠᠵᠤ ᠭᠠᠭᠴᠠ ᠬᠦᠮᠦᠨ ᠦᠭᠡᠢ ᠪᠣᠯᠭᠠᠪᠠᠰᠤ ᠪᠡᠷ ᠬᠠᠨᠠᠬᠤᠢ ᠪᠣᠯᠢᠯᠠᠬᠤᠢ ᠰᠡᠳᠬᠢᠯ ᠦᠯᠦ
Nögüge: γučin γurban: jang-iya:r esergü tesergü bayasqulangtu üges-i ögüleldübei. Tendeče basa Bimbasari qaγa:n teyi:n keme:n Bodistv-tur ögüler-ün: Tenggel ügei bayasqulang-i törügü:lügči dege:dü boγda ken-ü köbegü:n büyü či. Köbegü:merküi eyi:mü jalaγu:-dur-iya:n kümü:n ügei oi-dur ya:kin saγu:mui či. Gür ulus-un minu jarim-i medejü küseküi jirγalang-iya:r jirγaba:su yaγu:n keme:n ögülebe:sü Bodistv sonosqui-a sayi:qan daγu:ba:r ögüler-ün: Yeke qaγa:n-a: Sudodani-yi:n köbegü:n büyü bi. Yirtinčü-yi:n ene jirγalang bügüde yelvi-dür adali güng tusqaju yeke γal-dur adali tülegči büi. Urida erir-ün jobaγu:luyu. Olun yadarun düles tülegdejü olba:su ber ülü bolilaqui ber olan jobalang-u:d-i törügü:lüyü. γašiγu:n-i uuju düled umda:squi metü qamuγ tngri kümü:n-ü ed bügüde-yi qamtudqaju γaγča kümü:n ügei bolγaba:su ber qan[a]qui bolilaqui sedkil ülü
33b
ᠲᠥᠷᠦᠶᠦ ᠲᠡᠭᠦᠨ᠎ᠡ ᠡᠷᠬᠡᠱᠢᠭᠳᠡᠵᠦ ᠶᠡᠬᠡ ᠬᠠᠭᠠᠨ ᠠ ᠲᠡᠷᠢᠭᠦᠯᠡᠱᠢ ᠦᠭᠡᠢ ᠴᠠᠭ ᠠᠴᠠ ᠡᠵᠢᠶ᠎ᠡ ᠬᠦᠷᠲᠡᠯᠡ ᠲᠡᠷᠭᠡᠨ ᠦ ᠬᠦᠷᠳᠦᠨ ᠮᠡᠲᠦ ᠣᠷᠴᠢᠵᠤ ᠣᠷᠴᠢᠯᠠᠩ ᠤᠨ ᠲᠡᠷᠡ ᠬᠢᠵᠠᠭᠠᠷ᠎ᠠ ᠭᠠᠷ ᠤᠨ ᠶᠠᠳᠠᠨ ᠵᠣᠪᠠᠶᠤ ᠬᠦᠰᠡᠬᠦᠢ ᠵᠢᠷᠭᠠᠯᠠᠩ ᠢ ᠦᠯᠦ ᠬᠦᠰᠡᠮᠦᠢ ᠪᠢ ᠬᠦᠰᠡᠪᠡᠰᠦ ᠡᠴᠦᠰ ᠲᠦᠷ ᠮᠠᠭᠤᠢ ᠳᠤᠷ ᠤᠨᠠᠭᠠᠭᠴᠢ ᠶᠢᠨ ᠲᠤᠯᠠ ᠬᠦᠷᠳᠦᠨ ᠣᠷᠴᠢᠭᠤᠯᠤᠭᠴᠢ ᠶᠢᠨ ᠵᠢᠷᠭᠠᠯᠠᠩ ᠢ ᠲᠡᠪᠴᠢᠵᠦ ᠬᠦᠮᠦᠨ ᠦᠭᠡᠢ ᠣᠢ ᠳᠤᠷ ᠢᠷᠡᠪᠡᠢ ᠪᠢ ᠬᠡᠮᠡᠨ ᠳᠡᠯᠭᠡᠷᠡᠩᠭᠦᠢ᠎ᠡ ᠥᠭᠦᠯᠡᠪᠡᠰᠦ ᠪᠢᠮᠪᠠᠰᠠᠷᠢ ᠬᠠᠭᠠᠨ ᠥᠭᠦᠯᠡᠷ ᠦᠨ ᠶᠡᠬᠡ ᠬᠠᠭᠠᠨ ᠤ ᠤᠷᠤᠭ ᠲᠤᠷ ᠲᠥᠷᠦᠭᠰᠡᠨ ᠶᠢᠷᠲᠢᠨᠴᠦ ᠶᠢᠨ ᠵᠢᠷᠭᠠᠯᠠᠩ ᠢ ᠲᠡᠪᠴᠢᠭᠰᠡᠨ ᠴᠢᠮᠠᠶᠢ ᠡᠰᠡ ᠲᠠᠨᠢᠵᠤ ᠥᠭᠦᠯᠡᠭᠰᠡᠨ ᠡᠷᠡᠬᠦᠢ ᠪᠡᠨ ᠨᠠᠮᠠᠨᠴᠢᠯᠠᠮᠤᠢ ᠵᠠᠯᠢᠷᠠᠨ ᠰᠣᠶᠤᠷᠬ᠎ᠠ ᠤᠴᠢᠷᠠᠬᠤᠢ᠎ᠠ ᠪᠡᠷᠬᠡ ᠴᠢᠨᠤ ᠮᠡᠲᠦ ᠤᠯᠤᠰ ᠲᠤᠷ ᠮᠢᠨᠤ ᠢᠷᠡᠵᠦ ᠰᠠᠭᠤᠬᠤ ᠣᠯᠬᠤᠢ᠎ᠠ ᠪᠡᠷᠬᠡ ᠡᠨᠡ ᠣᠯᠵᠠ ᠣᠯᠵᠠ ᠶᠢᠨ ᠳᠡᠭᠡᠳᠦ ᠶᠢ ᠣᠯᠪᠠᠢ ᠪᠢ ᠳᠡᠭᠡᠳᠦ ᠬᠤᠲᠤᠭ ᠢ ᠣᠯᠤᠭᠰᠠᠨ ᠳᠤᠷ ᠲᠡᠭᠦᠨ ᠦ ᠪᠡᠷ ᠬᠤᠪᠢ ᠠᠴᠠ ᠮᠠᠨ᠎ᠠ ᠰᠣᠶᠤᠷᠬ᠎ᠠ ᠬᠡᠮᠡᠨ ᠲᠡᠷᠢᠭᠦ ᠪᠡᠷ ᠢᠶᠡᠨ ᠬᠥᠯ ᠳᠦᠷ ᠢᠨᠦ ᠮᠥᠷᠭᠦᠵᠦ ᠳᠡᠪᠰᠡᠷᠢᠨ ᠲᠣᠭᠣᠷᠢᠵᠤ ᠬᠠᠷᠢᠪᠠᠢ ᠲᠡᠷᠡ ᠴᠠᠭ ᠲᠤᠷ ᠤᠳᠢᠷᠠᠬᠢ
törüyü. Tegü:n-e erkešigdejü yeke qaγa:n a: terigü:leši ügei čaγ-a:ča ejiy-e: kürtele tergen-ü kürdün metü orčiju orčilang-un tere kijaγa:r-a γar-un yadan jobayu. Küseküi jirγalang-i ülü küsemüi bi. Küsebe:sü ečüs-tür maγu:i-dur unaγaγči-yi:n tula kürdün orčiγu:luγči-yi:n jirγalang-i tebčijü kümü:n ügei oi-dur irebei bi keme:n delgerenggüi-e ögülebe:sü Bimbasari qaγa:n ögüler-ün: Yeke qaγa:n-u uruγ-tur törügsen yirtinčü-yi:n jirγalang-i tebčigsen čimayi ese taniju ögülegsen ereküi-be:n namančilamui jaliran soyurq-a. Učiraqui-a berke činu metü ulus-tur minu irejü saγu:qu olqui-a berke ene olja olja-yi:n dege:dü-yi olbai bi. Dege:dü qutuγ-i oluγsan-dur tegü:n-ü ber qubi-a:ča man-a soyurq-a keme:n terigü:-be:r-iye:n köl-dür inü mörgüjü debserin toγo:riju qaribai. Tere čaγ-tur Udiraki
34a
ᠨᠥᠭᠦᠭᠡ ᠭᠤᠴᠢᠨ ᠳᠥᠷᠪᠡᠨ ᠠᠷᠱᠢ ᠪᠡᠷ ᠲᠡᠷᠡ ᠬᠦ ᠭᠠᠵᠠᠷ ᠲᠤᠷ ᠳᠣᠯᠤᠭᠠᠨ ᠵᠠᠭᠤᠳ ᠲᠠ ᠲᠢᠳᠱᠢ ᠨᠡᠷ᠎ᠡ ᠰᠡᠳᠬᠢᠬᠦᠢ ᠦᠭᠡᠢ ᠰᠡᠳᠬᠢᠬᠦᠢ ᠦᠭᠡᠢ ᠪᠤᠰᠤ ᠶᠢᠨ ᠮᠥᠷ ᠢ ᠦᠵᠡᠭᠦᠯᠦᠨ ᠨᠣᠮᠯᠠᠨ ᠪᠦᠬᠦ ᠶᠢ ᠪᠣᠳᠢᠰᠲᠸ ᠦᠵᠡᠵᠦ ᠰᠡᠳᠬᠢᠷ ᠦᠨ ᠡᠨᠡ ᠤᠳᠢᠷᠠᠬᠢ ᠠᠷᠱᠢ ᠣᠯᠠᠨ ᠬᠦᠮᠦᠨ᠎ᠡ ᠬᠦᠨᠳᠦᠯᠡᠭᠳᠡᠨ ᠠᠮᠤᠢ ᠡᠭᠦᠨᠡᠴᠡ ᠪᠡᠷ ᠢᠯᠠᠩᠭᠤᠢ᠎ᠠ ᠦᠯᠡᠬᠦ ᠪᠦᠬᠦᠢ ᠶᠢ ᠤᠬᠠᠭᠤᠯᠤᠭᠠᠳ ᠪᠠᠰᠠ ᠪᠡᠷ ᠴᠤᠪᠤᠷᠢᠯᠲᠤ ᠳᠢᠶᠠᠨ ᠢ ᠲᠥᠷᠢᠳᠬᠡᠬᠦ ᠶᠢᠨ ᠲᠤᠯᠠᠳᠠ ᠡᠭᠦᠨᠢ ᠪᠠᠭᠱᠢ ᠡᠷᠡᠨ ᠪᠣᠯᠭᠠᠵᠤ ᠤᠪᠠᠳᠢᠰ ᠢ ᠢᠨᠤ ᠠᠪᠰᠤᠭᠠᠢ ᠬᠡᠮᠡᠨ ᠰᠡᠳᠬᠢᠵᠦ ᠤᠷᠢᠳᠤᠴᠢᠯᠠᠨ ᠬᠦ ᠦᠶᠢᠯᠡᠳᠴᠦ ᠬᠢᠯᠪᠠᠷ᠎ᠠ ᠪᠥᠭᠡᠳ ᠨᠣᠮ ᠢ ᠢᠨᠤ ᠲᠤᠭᠤᠯᠵᠤ ᠬᠣᠶᠠᠭᠤᠯᠠ ᠪᠣᠯᠵᠤ ᠲᠢᠳᠱᠢ ᠨᠡᠷ᠎ᠡ ᠢᠨᠦ ᠨᠣᠮᠯᠠᠵᠤ ᠥᠭᠪᠡᠢ ᠲᠡᠨᠳᠡᠴᠡ ᠪᠣᠳᠢᠰᠲᠸ ᠤᠳᠢᠷᠠᠬᠢ ᠠᠷᠱᠢ ᠳᠤᠷ ᠥᠭᠦᠯᠡᠷ ᠦᠨ ᠡᠭᠦᠨᠡᠴᠡ ᠪᠠᠰᠠ ᠳᠡᠭᠡᠳᠦ ᠮᠥᠷ ᠪᠦᠶᠦ ᠬᠦ ᠬᠡᠮᠡᠪᠡᠰᠦ ᠭᠠᠤᠲᠠᠮ ᠲᠣᠶᠢᠨ᠎ᠠ ᠦᠭᠡᠢ ᠬᠡᠮᠡᠪᠡᠢ ᠪᠣᠳᠢᠰᠲᠸ ᠥᠭᠦᠯᠡᠷ ᠦᠨ ᠲᠡᠶᠢᠨ ᠪᠥᠭᠡᠰᠦ ᠡᠨᠡ ᠮᠥᠷ ᠴᠢᠨᠦ ᠮᠠᠭᠠᠳ ᠭᠠᠷᠬᠤᠢ ᠨᠢᠷᠸᠠᠨ ᠤ ᠬᠤᠲᠤᠭ ᠢ ᠣᠯᠭᠠᠭᠤᠯᠤᠨ ᠴᠢᠳᠠᠭᠴᠢ ᠮᠥᠷ ᠪᠤᠰᠤ ᠪᠤᠢ ᠡᠭᠦᠨᠡᠴᠡ ᠪᠤᠰᠤ ᠮᠥᠷ ᠢ ᠡᠷᠢᠰᠦᠭᠡᠢ ᠬᠡᠮᠡᠨ ᠥᠭᠦᠯᠡᠵᠦ ᠥᠪᠡᠷ᠎ᠡ ᠣᠳᠪᠠᠢ ᠲᠡᠷᠡ ᠴᠠᠭ ᠲᠤᠷ ᠪᠠᠨᠴᠠᠬᠢ ᠬᠤᠸᠠᠷᠠᠭ ᠤᠳ ᠤᠳᠢᠷᠠᠬᠢ ᠠᠷᠱᠢ ᠠᠴᠠ ᠨᠣᠮ ᠰᠣᠨᠣᠰᠤᠨ ᠪᠦᠬᠦᠨ ᠡᠶᠢᠨ ᠰᠡᠳᠬᠢᠷ ᠦᠨ
Nögüge: γučin dörben: arši ber tere kü γajar-tur doluγa:n jaγu:d-ta Tidši ner-e sedkiküi ügei sedkiküi ügei busu-yi:n mör-i üjegü:lün nomlan bükü-yi Bodistv üjejü sedkir-ün: ene Udiraki arši olan kümü:n-e kündülegden amui. Egü:ne:če ber ilangγui-a ülekü büküi-yi uqaγu:luγa:d basa ber čuburiltu diyan-i töridkekü-yi:n tulada egü:ni baγši eren bolγaju ubadis-i inu absuγai keme:n sedkijü uridučilan kü üyi:ledčü kilbar-a böge:d nom-i inu tuγu:lju qoyaγu:la bolju Tidši ner-e inü nomlaju ögbei. Tendeče Bodistv Udiraki arši-dur ögüler-ün: Egü:ne:če basa dege:dü mör büyü kü keme:be:sü Gautam toyin-a ügei keme:bei. Bodistv ögüler-ün: Teyi:n böge:sü ene mör činü maγad γarqui nirvan-u qutuγ-i olγaγu:lun čidaγči mör busu bui. Egü:ne:če busu mör-i erisügei keme:n ögülejü öbe:r-e odbai. Tere čaγ-tur bančaki quvaraγ-u:d Udiraki arši-a:ča nom sonosun bükün eyi:n sedkir-ün:
34b
ᠡᠨᠡ ᠭᠠᠤᠲᠠᠮ ᠲᠣᠶᠢᠨ ᠡᠨᠡ ᠮᠥᠷ ᠢ ᠬᠢᠯᠪᠠᠷ᠎ᠠ ᠪᠥᠭᠡᠳ ᠲᠤᠭᠤᠯᠤᠭᠰᠠᠨ ᠢᠶᠠᠷ ᠴᠤ ᠡᠭᠦᠨ ᠡᠴᠡ ᠪᠡᠷ ᠳᠡᠭᠡᠳᠦ ᠮᠥᠷ ᠢ ᠣᠯᠬᠤᠢ᠎ᠠ ᠰᠠᠭᠠᠷ ᠦᠭᠡᠢ ᠪᠦᠢ ᠭᠡᠮᠱᠢᠶᠡᠷ ᠦᠨ ᠪᠣᠯᠤᠭᠤᠵᠠᠢ ᠪᠢᠳᠠᠨ ᠳᠤᠷ ᠬᠡᠮᠡᠨ ᠥᠭᠦᠯᠡᠯᠳᠦᠵᠦ ᠪᠣᠳᠢᠰᠲᠸ ᠢ ᠳᠠᠭᠠᠯᠳᠤᠪᠠᠢ ᠲᠡᠷᠡ ᠮᠡᠲᠦ ᠪᠣᠳᠢᠰᠲᠸ ᠬᠡᠵᠢᠶ᠎ᠡ ᠳᠤᠷᠠᠨ ᠲᠠᠭᠠᠯᠠᠲᠠᠯᠠ ᠷᠠᠵᠠᠭᠷᠠᠭ ᠪᠠᠯᠭᠠᠰᠤᠨ ᠳᠤᠷ ᠠᠵᠤ ᠲᠠᠪᠤᠨ ᠪᠠᠨᠴᠠᠬᠢ ᠯᠤᠭ᠎ᠠ ᠨᠢᠭᠡᠨ᠎ᠡ ᠮᠠᠭᠠᠳᠠ ᠤᠯᠤᠰ ᠢ ᠪᠢᠳᠤᠨ ᠶᠠᠪᠤᠭᠠᠳ ᠭᠠᠶ᠎ᠠ ᠨᠡᠷᠡᠲᠦ ᠠᠭᠤᠯᠠ ᠳᠤᠷ ᠣᠳᠬᠤᠢ ᠮᠥᠷ ᠲᠦᠷ ᠣᠨ ᠤ ᠬᠤᠷᠢᠮ ᠬᠤᠷᠢᠮᠯᠠᠭᠴᠢᠳ ᠲᠠ ᠤᠷᠢᠭᠳᠠᠵᠤ ᠤᠷᠢᠳᠤ ᠶᠣᠰᠤᠭᠠᠷ ᠢᠳᠡᠭᠡᠯᠡᠵᠦ ᠭᠠᠶ᠎ᠠ ᠠᠭᠤᠯᠠ ᠶᠢᠨ ᠦᠵᠦᠭᠦᠷ᠎ᠡ ᠲᠠᠷᠬᠠᠭᠳᠠᠬᠤᠨ ᠳᠤᠷ ᠣᠷᠤᠯᠳᠤᠭᠰᠠᠨ ᠲᠡᠷᠡ ᠴᠠᠭ ᠲᠤᠷ ᠤᠷᠢᠳᠠ ᠠᠴᠠ ᠡᠰᠡ ᠰᠣᠨᠣᠰᠤᠭᠰᠠᠨ ᠡᠰᠡ ᠤᠬᠠᠭᠰᠠᠨ ᠭᠤᠷᠪᠠᠨ ᠠᠳᠠᠯᠢᠳᠬᠠᠯ ᠢ ᠢᠯᠡᠲᠡ ᠪᠣᠯᠭᠠᠪᠠᠢ ᠭᠤᠷᠪᠠᠨ ᠠᠯᠢ ᠪᠤᠢ ᠬᠡᠮᠡᠪᠡᠰᠦ ᠪᠡᠶ᠎ᠡ ᠰᠡᠳᠬᠢᠯ ᠢᠶᠡᠨ ᠬᠦᠰᠡᠬᠦᠢ ᠵᠢᠷᠭᠠᠯᠠᠩ ᠠᠴᠠ ᠠᠭᠯᠠᠭ ᠡᠰᠡ ᠪᠣᠯᠭᠠᠵᠤ ᠬᠦᠰᠡᠬᠦᠢ ᠵᠢᠷᠭᠠᠯᠠᠩ ᠢ ᠬᠦᠰᠡᠨ ᠲᠠᠭᠠᠯᠠᠨ ᠰᠡᠳᠬᠢᠨ ᠪᠥᠭᠡᠲᠡᠯᠡ ᠭᠠᠭᠴᠠ ᠵᠣᠪᠠᠭᠤᠯᠬᠤ ᠶᠢᠨ ᠲᠡᠳᠦᠢᠬᠡᠨ ᠢᠶᠡᠷ ᠬᠤᠲᠤᠭᠲᠠᠨ ᠤ ᠪᠢᠯᠭᠡ ᠪᠢᠯᠢᠭ ᠢ ᠡᠷᠢᠭᠴᠢ ᠠᠳᠠᠯᠢᠳᠬᠠᠪᠠᠰᠤ ᠰᠦᠷᠴᠢᠭᠳᠡᠬᠦᠢ ᠰᠦᠷᠴᠢᠬᠦᠢ ᠨᠣᠶᠢᠲᠠᠨ ᠮᠣᠳᠤᠨ ᠢ ᠤᠰᠤᠨ ᠳᠤᠷ ᠨᠣᠷᠭᠠᠵᠤ
ene Gautam toyin ene mör-i kilbar-a böge:d tuγu:luγsan-iya:r ču egü:n-e:če ber dege:dü mör-i olqui-a saγa:r ügei büi. Gemšiye:r-ün boluγu:jai bidan-dur keme:n ögüleldüjü Bodistv-i daγaldubai. Tere metü Bodistv kejiy-e: duran taγa:latala Rajagraγ balγasun-dur aju tabun bančaki-luγ-a: nigen-e Magada ulus-i bidun yabuγa:d Gay-a neretü aγu:la-dur odqui mör-tür on-u qurim qurimlaγčid-ta uriγdaju uridu yosuγa:r idege:lejü Gay-a aγu:la-yi:n üjügü:r-e tarqaγdaqun-dur orulduγsan tere čaγ-tur urida-a:ča ese sonosuγsan, ese uqaγsan γurban adalidqal-i ilete bolγabai. γurban ali bui keme:be:sü bey-e sedkil-iye:n küseküi jirγalang-a:ča aγlaγ ese bolγaju küseküi jirγalang-i küsen taγa:lan sedkin böge:tele γaγča jobaγu:lqu-yi:n tedüiken-iye:r qutuγtan-u bilge bilig-i erigči adalidqaba:su sürčigdeküi sürčiküi noyi:tan modun-i usun-dur norγaju
35a
ᠨᠥᠭᠦᠭᠡ ᠭᠤᠴᠢᠨ ᠲᠠᠪᠤᠨ ᠭᠠᠯ ᠡᠷᠢᠬᠦᠢ ᠳᠦᠷ ᠠᠳᠠᠯᠢ ᠪᠠᠰᠠ ᠪᠡᠶᠡᠪᠡᠨ ᠬᠦᠰᠡᠬᠦᠢ ᠵᠢᠷᠭᠠᠯᠠᠩ ᠠᠴᠠ ᠠᠭᠯᠠᠭ ᠪᠣᠯᠭᠠᠪᠠᠰᠤ ᠪᠡᠷ ᠰᠡᠳᠬᠢᠯ ᠢᠶᠡᠷ ᠬᠦᠰᠡᠬᠦᠢ ᠵᠢᠷᠭᠠᠯᠠᠩ ᠢ ᠬᠦᠰᠡᠨ ᠲᠠᠭᠠᠯᠠᠨ ᠰᠡᠳᠬᠢᠨ ᠭᠠᠭᠴᠠ ᠵᠣᠪᠠᠭᠤᠯᠬᠤ ᠶᠢᠨ ᠲᠡᠳᠦᠢᠬᠡᠨ ᠢᠶᠡᠷ ᠬᠤᠲᠤᠭ ᠢ ᠡᠷᠢᠬᠦᠢ ᠤᠰᠤᠨ ᠳᠤᠷ ᠡᠰᠡ ᠨᠣᠷᠭᠠᠭᠰᠠᠨ ᠬᠣᠶᠠᠷ ᠨᠣᠶᠢᠲᠠᠨ ᠮᠣᠳᠤᠨ ᠠᠴᠠ ᠭᠠᠯ ᠡᠷᠢᠬᠦᠢ ᠳᠦᠷ ᠠᠳᠠᠯᠢ ᠪᠠᠰᠠ ᠪᠡᠶ᠎ᠡ ᠰᠡᠳᠬᠢᠯ ᠢᠶᠡᠨ ᠬᠦᠰᠡᠬᠦᠢ ᠵᠢᠷᠭᠠᠯᠠᠩ ᠠᠴᠠ ᠠᠭᠯᠠᠭ ᠪᠣᠯᠭᠠᠭᠠᠳ ᠬᠦᠰᠡᠬᠦᠢ ᠵᠢᠷᠭᠠᠯᠠᠩ ᠢ ᠬᠦᠰᠡᠬᠦᠢ ᠪᠡᠷ ᠦᠭᠡᠢ ᠲᠠᠭᠠᠯᠠᠬᠤᠢ ᠪᠡᠷ ᠦᠭᠡᠢ ᠰᠡᠳᠬᠢᠬᠦᠢ ᠪᠡᠷ ᠦᠭᠡᠢ ᠢᠶᠡᠷ ᠵᠣᠪᠠᠯᠠᠩ ᠢ ᠵᠣᠪᠠᠯᠠᠩ ᠦᠯᠦ ᠬᠡᠮᠡᠨ ᠬᠠᠲᠠᠭᠤᠵᠢᠵᠤ ᠬᠤᠲᠤᠭᠲᠠᠨ ᠤ ᠮᠥᠷ ᠢ ᠡᠷᠢᠭᠴᠢ ᠰᠦᠷᠴᠢᠭᠳᠡᠬᠦᠢ ᠰᠦᠷᠴᠢᠬᠦᠢ ᠬᠣᠶᠠᠷ ᠬᠣᠭᠣᠰᠤᠨ ᠮᠣᠳᠤᠨ ᠢᠶᠠᠷ ᠭᠠᠯ ᠡᠷᠢᠬᠦᠢ ᠳᠦᠷ ᠠᠳᠠᠯᠢ ᠬᠡᠮᠡᠨ ᠤᠬᠠᠵᠤ ᠲᠡᠷᠡ ᠮᠡᠲᠦ ᠪᠣᠳᠢᠰᠲᠸ ᠭᠠᠶ᠎ᠠ ᠠᠭᠤᠯᠠ ᠳᠤᠷ ᠬᠡᠵᠢᠶ ᠡ ᠳᠡ ᠳᠤᠷᠠᠨ ᠬᠠᠨᠠᠲᠠᠯᠠ ᠰᠠᠭᠤᠵᠤ ᠲᠡᠨᠳᠡᠴᠡ ᠪᠣᠰᠴᠤ ᠬᠥᠯ ᠢᠶᠡᠷ ᠢᠶᠡᠨ ᠢᠷᠭᠡᠨ ᠪᠢᠳᠤᠨ ᠶᠠᠪᠤᠭᠠᠳ ᠤᠷᠤᠪᠢᠯᠤ ᠠ ᠶᠢᠨ ᠰᠠᠭᠤᠬᠤ ᠪᠠᠯᠭᠠᠰᠤᠨ ᠬᠠᠮᠢᠭ᠎ᠠ ᠪᠦᠬᠦ ᠲᠡᠷᠡ ᠵᠦᠭ ᠣᠳᠪᠠᠰᠤ ᠲᠡᠨᠳᠡ ᠨᠢᠭᠡᠨ ᠭᠡᠭᠡᠭᠡᠨ ᠠᠷᠢᠭᠤᠨ ᠤᠰᠤᠲᠤ ᠭᠡᠮ ᠭᠬᠢᠷ ᠨᠤᠭᠤᠳ ᠢ ᠤᠭᠢᠶᠠᠬᠤᠢ ᠮᠡᠲᠦ ᠡᠯᠳᠡᠪ ᠴᠡᠴᠡᠭ ᠢᠶᠡᠷ ᠴᠢᠮᠡᠭᠲᠦ ᠡᠰᠡᠷᠭᠦ ᠦᠵᠡᠵᠦ ᠢᠨᠡᠭᠡᠬᠦᠢ ᠮᠡᠲᠦ ᠠᠯᠢᠷᠰᠤᠨ
Nögüge: γučin tabun: γal eriküi-dür adali. Basa beyebe:n küseküi jirγalang-a:ča aγlaγ bolγaba:su ber sedkil-iye:r küseküi jirγalang-i küsen taγa:lan sedkin γaγča jobaγu:lqu-yi:n tedüiken-iye:r qutuγ-i eriküi usun-dur ese norγaγsan qoyar noyi:tan modun-a:ča γal eriküi-dür adali. Basa bey-e sedkil-iye:n küseküi jirγalang-a:ča aγlaγ bolγaγa:d küseküi jirγalang-i küseküi ber ügei taγa:laqui ber ügei, sedkiküi ber ügei-iye:r jobalang-i jobalang ülü keme:n qataγu:jiju qutuγtan-u mör-i erigči sürčigdeküi sürčiküi qoyar qoγo:sun modun-iya:r γal eriküi-dür adali keme:n uqaju tere metü Bodistv Gay-a aγu:la-dur kejiy-e:-de duran qan[a]tala saγu:ju tendeče bosču köl-iye:r-iye:n irgen bidun yabuγa:d Urubilu-a-yi:n saγu:qu balγasun qamiγ-a: bükü tere jüg odba:su tende nigen gegege:n ariγu:n usutu gem gkir-nuγu:d-i ugiya:qui metü eldeb čečeg-iye:r čimegtü esergü üjejü inege:küi metü alirsun
35b
ᠨᠣᠭᠤᠭᠠᠨ ᠳᠣᠯᠭᠢᠰᠴᠤ ᠠᠭᠯᠠᠭᠴᠢᠨ ᠢ ᠢᠷᠡᠭᠦᠯᠵᠦ ᠠᠭᠤᠯᠬᠤᠢ ᠮᠡᠲᠦ ᠮᠣᠳᠤᠨ ᠤ ᠭᠡᠱᠢᠭᠦᠳ ᠬᠥᠳᠡᠯᠵᠦ ᠮᠥᠷ ᠲᠦᠷ ᠶᠠᠪᠤᠬᠤᠨ ᠢ ᠳᠠᠯᠠᠯᠠᠬᠤ ᠮᠡᠲᠦ ᠡᠯᠳᠡᠪ ᠱᠢᠪᠠᠭᠤᠬᠠᠳ ᠳᠣᠩᠭᠤᠳᠴᠤ ᠡᠴᠡᠭᠰᠡᠳ ᠦᠨ ᠰᠡᠳᠬᠢᠯ ᠢ ᠠᠮᠤᠭᠤᠯᠬᠤᠢ ᠮᠡᠲᠦ ᠦᠷ ᠡ ᠲᠡᠨ ᠮᠣᠳ ᠡᠬᠡᠶᠦᠵᠦ ᠥᠯᠦᠰᠴᠦ ᠢᠷᠡᠭᠰᠡᠳ ᠢ ᠵᠣᠴᠢᠯᠠᠬᠤᠢ ᠮᠡᠲᠦ ᠥᠪᠡᠷ ᠦᠨ ᠪᠡᠷ ᠬᠡᠷᠡᠭ ᠲᠦᠷ ᠵᠣᠬᠢᠰᠲᠤ ᠣᠶᠢᠷᠠᠭᠤᠨ ᠱᠢᠯᠲᠡᠭᠡᠨ ᠪᠠᠯᠭᠠᠳᠤ ᠨᠠᠢ ᠠᠴᠠ ᠪᠡᠷ ᠨᠠᠶᠢᠷᠲᠤ ᠨᠠᠢᠷᠠᠨᠵᠠ ᠮᠥᠷᠡᠨ ᠢ ᠦᠵᠡᠵᠦ ᠦᠯᠡᠮᠵᠢ ᠮᠠᠱᠢ ᠪᠠᠶᠠᠰᠴᠤ ᠰᠡᠳᠬᠢᠷ ᠦᠨ ᠳᠣᠲᠤᠷ᠎ᠠ ᠦᠨᠡᠨ ᠢᠶᠡᠷ ᠠᠭᠤᠯᠤᠭᠴᠢᠳ ᠲᠠ ᠦᠨᠡᠨ ᠵᠣᠬᠢᠰᠲᠤ ᠣᠷᠣᠨ ᠪᠤᠢ ᠪᠢ ᠪᠡᠷ ᠡᠨᠳᠡ ᠠᠵᠤ ᠲᠠᠷᠬᠠᠭᠳᠠᠬᠤᠨ ᠢ ᠪᠦᠲᠦᠭᠡᠨ ᠣᠷᠤᠯᠳᠤᠰᠤᠭᠠᠢ ᠬᠡᠮᠡᠨ ᠰᠡᠳᠬᠢᠵᠦ ᠪᠠᠰᠠ ᠰᠡᠳᠬᠢᠷ ᠦᠨ ᠡᠳᠦᠭᠡᠳ ᠲᠦᠷ ᠡᠨᠳᠡ ᠮᠠᠭᠤᠢ ᠲᠠᠷᠨᠢ ᠶᠢ ᠦᠶᠢᠯᠡᠳᠬᠦᠢ ᠢᠳᠡᠭᠡᠨ ᠣᠭᠤᠭᠠᠲᠠ ᠦᠯᠦ ᠢᠳᠡᠬᠦᠢ ᠡᠳᠦᠢ ᠲᠡᠳᠦᠢᠬᠡᠨ ᠢᠳᠡᠬᠦᠢ ᠱᠢᠪᠠᠭᠤᠨ ᠤ ᠢᠳᠡᠵᠦ ᠭᠡᠭᠡᠭᠰᠡᠨ ᠳᠦᠷ ᠳᠤᠯᠳᠤᠶᠢᠳᠬᠤᠢ ᠦᠬᠡᠷ ᠬᠢᠭᠡᠳ ᠲᠠᠬᠢᠶ ᠠ ᠶᠢᠨ ᠲᠥᠷᠦ ᠶᠠᠪᠤᠳᠠᠯ ᠢᠶᠠᠷ ᠶᠠᠪᠤᠬᠤᠢ ᠦᠰᠦᠨ ᠢᠶᠡᠨ ᠰᠠᠬᠠᠯ ᠢᠶᠠᠨ ᠢᠰᠬᠡᠬᠦᠢ ᠵᠠᠷᠢᠮ ᠤᠳ ᠦᠰᠦᠨ ᠢᠶᠡᠨ ᠢᠰᠦᠬᠦᠢ ᠭᠠᠯ ᠬᠢᠭᠡᠳ ᠰᠡᠷᠡᠭᠡ ᠶᠢ ᠳᠤᠯᠳᠤᠶᠢᠳᠬᠤᠢ
noγuγa:n dolgisču aγlaγčin-i iregü:ljü aγu:lqui metü modun-u gešigü:d ködeljü mör-tür yabuqun-i dalalaqu metü eldeb šibaγu:qad dongγudču ečegsed-ün sedkil-i amuγu:lqui metü ür-e-ten mod ekeyüjü ölüsčü iregsed-i jočilaqui metü öbe:r-ün ber kereg-tür jokistu oyi:raγu:n šiltege:n balγadu nai-a:ča ber nayi:rtu Nairanja mören-i üjejü ülemji maši bayasču sedkir-ün: Dotur-a ünen-iye:r aγu:luγčid-ta ünen jokistu oron bui. Bi ber ende aju tarqaγdaqun-i bütüge:n oruldusuγai keme:n sedkijü basa sedkir-ün edüge:d-tür ende maγu:i tarni-yi üyi:ledküi idege:n oγuγa:ta ülü ideküi edüi tedüiken ideküi šibaγu:n-u idejü gege:gsen-dür dulduyi:dqui üker ki:ge:d takiy-a:-yi:n törü yabudal-iya:r yabuqui üsün-iye:n saqal-iya:n iskeküi jarim-u:d üsün-iye:n isüküi γal ki:ge:d serege:-yi dulduyi:dqui.
36a
ᠨᠥᠭᠦᠭᠡ ᠭᠤᠴᠢᠨ ᠵᠢᠷᠭᠤᠭᠠᠨ ᠭᠠᠯ ᠮᠠᠨᠳᠠᠯ ᠢ ᠲᠦᠯᠡᠬᠦᠢ ᠡᠰᠷᠤᠠ ᠲᠡᠷᠢᠭᠦᠲᠡᠨ ᠶᠢᠷᠲᠢᠨᠴᠦ ᠶᠢᠨ ᠲᠩᠷᠢ ᠨᠡᠷ ᠲᠦᠷ ᠢᠲᠡᠭᠡᠬᠦᠢ ᠲᠡᠷᠢᠭᠦᠲᠡᠨ ᠢᠲᠡᠭᠡᠯ ᠪᠤᠰᠤ ᠶᠢ ᠢᠲᠡᠭᠡᠯ ᠬᠡᠮᠡᠨ ᠤᠬᠠᠵᠤ ᠮᠥᠷ ᠪᠤᠰᠤ ᠶᠢ ᠮᠥᠷ ᠬᠡᠮᠡᠨ ᠡᠨᠳᠡᠭᠦᠷᠡᠵᠦ ᠡᠯᠳᠡᠪ ᠵᠣᠪᠠᠯᠠᠩᠲᠤ ᠦᠶᠢᠯᠡᠰ ᠢᠶᠡᠷ ᠳᠡᠭᠡᠳᠦ ᠲᠥᠷᠦᠯ ᠬᠢᠭᠡᠳ ᠲᠣᠨᠢᠯᠬᠤᠢ ᠬᠤᠲᠤᠭ ᠢ ᠪᠦᠲᠦᠭᠡᠮᠦᠢ ᠬᠡᠮᠡᠨ ᠡᠷᠡᠮᠱᠢᠬᠦᠨ ᠲᠠᠭᠠᠯᠠᠯᠲᠠᠨ ᠲᠡᠷᠰ ᠨᠣᠮᠲᠠᠨ ᠢ ᠭᠡᠰᠡᠭᠡᠬᠦ ᠶᠢᠨ ᠲᠤᠯᠠᠳᠠ ᠪᠠ ᠰᠠᠮᠠᠳᠢ ᠳᠢᠶᠠᠨ ᠪᠦᠬᠦᠢᠲᠡᠨ ᠲᠩᠷᠢ ᠨᠡᠷ᠎ᠡ ᠢᠯᠠᠩᠭᠤᠢ᠎ᠠ ᠦᠯᠡᠭᠰᠡᠨ ᠳᠢᠶᠠᠨ ᠢ ᠦᠵᠡᠭᠦᠯᠵᠦ ᠰᠦᠰᠦᠯᠭᠡᠭᠦᠯᠬᠦ ᠶᠢᠨ ᠲᠤᠯᠠᠳᠠ ᠥᠪᠡᠷ ᠦᠨ ᠬᠦᠴᠦᠨ ᠡᠷᠳᠡᠮ ᠢ ᠤᠬᠠᠭᠤᠯᠤᠷ ᠤᠨ ᠡᠳᠡᠨ ᠡᠴᠡ ᠦᠯᠡᠭᠦᠢ ᠠᠰᠤᠷᠤ ᠳᠠᠭᠤᠰᠬᠤᠢ᠎ᠠ ᠪᠡᠷᠬᠡ ᠬᠠᠲᠠᠭᠤᠵᠢᠯ ᠢ ᠵᠢᠷᠭᠤᠭᠠᠨ ᠣᠳ ᠬᠠᠲᠠᠭᠤᠵᠢᠰᠤᠭᠠᠢ ᠬᠡᠮᠡᠨ ᠰᠡᠳᠬᠢᠵᠦ ᠲᠡᠨᠳᠡ ᠴᠡ ᠪᠣᠳᠢᠰᠲᠸ ᠡᠰᠡ ᠲᠥᠪᠱᠢᠳᠬᠡᠭᠰᠡᠨ ᠭᠠᠵᠠᠷ ᠲᠤᠷ ᠲᠥᠪᠱᠢᠨ᠎ᠡ ᠵᠠᠪᠢᠯᠠᠨ ᠰᠠᠭᠤᠵᠤ ᠥᠪᠡᠷ ᠦᠨ ᠡᠨᠡ ᠪᠡᠶ ᠡ ᠶᠢ ᠰᠡᠳᠬᠢᠯ ᠢᠶᠡᠷ ᠪᠣᠭᠣᠵᠤ ᠱᠢᠬᠠᠪᠠᠢ ᠲᠡᠶᠢᠨ ᠪᠣᠭᠣᠵᠤ ᠱᠢᠬᠠᠭᠰᠠᠨ ᠢᠶᠠᠷ ᠡᠪᠦᠯ ᠦᠨ ᠴᠠᠭ ᠤᠨ ᠵᠥᠭᠡᠬᠡᠨ ᠰᠥᠨᠢ ᠮᠠᠩᠯᠠᠢ ᠠᠴᠠ ᠰᠤᠭᠤ ᠳᠠᠴᠠ ᠬᠥᠯᠡᠰᠦᠨ ᠭᠠᠷᠬᠤᠢ ᠢᠨᠤ ᠠᠳᠠᠯᠢᠳᠬᠠᠪᠠᠰᠤ ᠮᠠᠱᠢ ᠬᠦᠴᠦᠲᠦ ᠬᠦᠮᠦᠨ ᠮᠠᠱᠢ ᠬᠦᠴᠦ ᠥᠴᠦᠬᠡᠨ ᠬᠦᠮᠦᠨ ᠢ ᠬᠣᠭᠣᠯᠠᠢ ᠠᠴᠠ ᠪᠠᠷᠢᠵᠤ ᠭᠡᠳᠡᠷᠭᠦ ᠱᠢᠬᠠᠬᠤᠢ ᠮᠡᠲᠦ ᠲᠡᠨᠳᠡᠴᠡ ᠪᠣᠳᠢᠰᠲᠸ ᠣᠭᠲᠠᠷᠭᠤᠢ ᠯᠤᠭ᠎ᠠ
Nögüge: γučin jirγuγa:n: γal mandal-i tüleküi Esrua terigü:ten yirtinčü-yi:n tngri-ner-tür itegeküi terigü:ten itegel busu-yi itegel keme:n uqaju mör busu-yi mör keme:n endegü:rejü eldeb jobalangtu üyi:les-iye:r dege:dü törül ki:ge:d tonilqui qutuγ-i bütüge:müi keme:n eremšikün taγa:laltan ters nomtan-i gesege:kü-yi:n tulada ba samadi diyan büküiten tngri-ner-e ilangγui-a ülegsen diyan-i üjegü:ljü süsülgegü:lkü-yi:n tulada öbe:r-ün küčün erdem-i uqaγu:lur-un. Eden-e:če ülegü:i asuru daγu:squi-a berke qataγu:jil-i jirγuγa:n od qataγu:jisuγai keme:n sedkijü tende-če Bodistv ese töbšidkegsen γajar-tur töbšin-e jabilan saγu:ju öbe:r-ün ene bey-e-yi sedkil-iye:r boγo:ju šiqabai. Teyi:n boγo:ju šiqaγsan-iya:r ebül-ün čaγ-un jöge:ken söni manglai-a:ča suγu-dača kölesün γarqui inu adalidqaba:su maši küčütü kümü:n maši küčü öčü:ken kümü:n-i qoγo:lai-a:ča bariju gedergü šiqaqui metü tendeče Bodistv oγtarγui-luγ-a:
36b
ᠰᠠᠴᠠᠯᠠᠯᠳᠤᠬᠤᠢ ᠳᠢᠶᠠᠨ ᠳᠤᠷ ᠲᠡᠭᠱᠢ ᠠᠭᠤᠯᠤᠭᠰᠠᠨ ᠠᠴᠠ ᠠᠮᠠᠨ ᠬᠠᠪᠠᠷ ᠠᠴᠠ ᠠᠭᠤᠷ ᠶᠠᠪᠤᠬᠤ ᠤᠰᠠᠳᠴᠤ ᠬᠣᠶᠠᠷ ᠴᠢᠬᠢᠨ ᠦ ᠨᠦᠬᠡᠨ ᠡᠴᠡ ᠶᠡᠬᠡ ᠳᠠᠭᠤᠨ ᠭᠠᠷᠤᠷ ᠤᠨ ᠶᠠᠮᠪᠠᠷ ᠲᠡᠮᠦᠷᠴᠢ ᠶᠢᠨ ᠶᠡᠬᠡ ᠬᠥᠭᠡᠷᠭᠡ ᠶᠢ ᠬᠥᠭᠡᠷᠭᠡᠬᠦ ᠮᠡᠲᠦ ᠲᠡᠨᠳᠡᠴᠡ ᠪᠠᠰᠠ ᠬᠦ ᠣᠭᠲᠠᠷᠭᠤᠢ ᠯᠤᠭ᠎ᠠ ᠰᠠᠴᠠᠯᠠᠯᠳᠤᠬᠤᠢ ᠳᠢᠶᠠᠨ ᠳᠤᠷ ᠦᠯᠡᠮᠵᠢ ᠲᠡᠭᠱᠢ ᠠᠭᠤᠯᠤᠭᠰᠠᠨ ᠢᠶᠠᠷ ᠠᠮᠠᠨ ᠬᠠᠪᠠᠷ ᠴᠢᠬᠢᠨ ᠦ ᠨᠦᠬᠡᠳ ᠡᠴᠡ ᠪᠡᠷ ᠠᠭᠤᠷ ᠶᠠᠪᠤᠬᠤ ᠤᠰᠠᠳᠴᠤ ᠳᠡᠭᠡᠷ᠎ᠡ ᠲᠣᠯᠤᠭᠠᠢ ᠪᠠᠷ ᠭᠠᠷᠤᠷ ᠤᠨ ᠠᠳᠠᠯᠢᠳᠬᠠᠪᠠᠰᠤ ᠬᠦᠴᠦᠲᠦ ᠬᠦᠮᠦᠨ᠎ᠡ ᠮᠣᠬᠤᠳᠠᠭ ᠵᠢᠳᠠ ᠪᠠᠷ ᠬᠠᠳᠬᠤᠭᠳᠠᠬᠤ ᠮᠡᠲᠦ ᠮᠠᠭᠤᠢ ᠳᠠᠭᠤᠨ ᠭᠠᠷᠪᠠᠢ ᠲᠡᠷᠡ ᠴᠠᠭ ᠲᠤᠷ ᠲᠦᠱᠢᠳ ᠲᠩᠷᠢ ᠶᠢᠨ ᠭᠠᠵᠠᠷ ᠠᠴᠠ ᠢᠷᠡᠭᠰᠡᠨ ᠨᠢᠭᠡᠨ ᠲᠩᠷᠢ ᠶᠢᠨ ᠬᠥᠪᠡᠭᠦᠨ ᠲᠡᠭᠦᠨᠢ ᠦᠵᠡᠵᠦ ᠠᠶ᠎ᠠ ᠰᠠᠷᠸᠠ ᠠᠷᠲᠠᠱᠢᠳᠢ ᠪᠣᠳᠢᠰᠲᠸ ᠦᠬᠦᠬᠦᠢ ᠡᠴᠡ ᠪᠣᠯᠤᠮᠤᠢ ᠬᠡᠮᠡᠨ ᠱᠢᠯᠦᠭᠯᠡᠨ ᠥᠭᠦᠯᠡᠷ ᠦᠨ ᠬᠦᠮᠦᠨ ᠦ ᠡᠷᠬᠡᠲᠦ ᠰᠠᠬᠢᠯᠢᠭ ᠤᠳ ᠤᠨ ᠬᠥᠪᠡᠭᠦᠨ ᠲᠤᠰᠠᠲᠤ ᠰᠡᠳᠬᠢᠯ ᠢᠶᠡᠨ ᠪᠡᠷ ᠲᠡᠭᠦᠰᠦᠭᠡ ᠡᠳᠦᠭᠦᠢ᠎ᠡ ᠵᠣᠪᠠᠯᠠᠩᠲᠤ ᠭᠤᠷᠪᠠᠨ ᠶᠢᠷᠲᠢᠨᠴᠦ ᠳᠡᠬᠢᠨ ᠢ ᠢᠲᠡᠭᠡᠯ ᠦᠭᠡᠢ ᠪᠣᠯᠭᠠᠵᠤ ᠢᠲᠡᠭᠡᠯ ᠮᠠᠨᠤ ᠡᠳᠦᠢᠬᠡᠨ ᠢᠶᠡᠷ ᠨᠥᠭᠴᠢᠬᠦ ᠪᠦᠦ ᠪᠣᠯᠲᠤᠭᠠᠢ ᠠᠶ᠎ᠠ ᠠᠮᠢᠲᠠᠨ ᠤ ᠵᠢᠷᠦᠬᠡᠨ ᠴᠢᠩ ᠦᠶᠢᠯᠡ ᠲᠦ ᠤᠷᠢᠳᠠ
sačalalduqui diyan-dur tegši aγu:luγsan-a:ča aman qabar-a:ča aγu:r yabuqu usadču qoyar čikin-ü nüken-e:če yeke daγu:n γarur-un. Yambar temürči-yi:n yeke köge:rge-yi köge:rgekü metü. Tendeče basa kü oγtarγui-luγ-a: sačalalduqui diyan-dur ülemji tegši aγu:luγsan-iya:r aman qabar čikin-ü nüked-e:če ber aγu:r yabuqu usadču dege:r-e toluγai-ba:r γarur-un. Adalidqaba:su küčütü kümü:n-e moqudaγ jida-ba:r qadquγdaqu metü maγu:i daγu:n γarbai. Tere čaγ-tur Tüšid tngri-yi:n γajar-a:ča iregsen nigen tngri-yi:n köbegü:n tegü:ni üjejü ay-a Sarva-artašidi Bodistv üküküi-e:če bolumui keme:n šilüglen ögüler-ün: Kümü:n-ü erketü Sakiliγ-u:d-un köbegü:n tusatu sedkil-iye:n ber tegüsüge: edügü:i-e jobalangtu γurban yirtinčü dekin-i itegel ügei bolγaju itegel manu edüiken-iye:r nögčikü büü boltuγai. Ay-a amitan-u jirüken čing üyi:le-tü urida
37a
ᠨᠥᠭᠦᠭᠡ ᠭᠤᠴᠢᠨ ᠳᠣᠯᠤᠭᠠᠨ ᠲᠦᠱᠢᠳ ᠲᠡᠴᠡ ᠢᠷᠡᠬᠦᠢ ᠳᠦᠷ ᠢᠶᠡᠨ ᠳᠡᠭᠡᠳᠦ ᠨᠣᠮ ᠢᠶᠠᠷ ᠲᠠᠨᠢ ᠵᠣᠴᠢᠯᠠᠨ ᠤᠷᠢᠰᠤᠭᠠᠢ ᠬᠡᠮᠡᠨ ᠥᠭᠦᠯᠡᠭᠰᠡᠨ ᠦᠭᠡ ᠴᠢᠨᠦ ᠡᠳᠦᠭᠡ ᠠᠯᠢ ᠬᠡᠮᠡᠨ ᠥᠭᠦᠯᠡᠵᠦ ᠮᠥᠨ ᠳᠡᠭᠡᠷ᠎ᠡ ᠭᠤᠴᠢᠨ ᠭᠤᠷᠪᠠᠨ ᠲᠩᠷᠢ ᠨᠡᠷ ᠦᠨ ᠳᠣᠲᠤᠷ᠎ᠠ ᠣᠳᠴᠤ ᠮᠠᠬᠠᠮᠠᠶᠢ ᠬᠠᠲᠤᠨ᠎ᠠ ᠲᠡᠷᠡ ᠱᠢᠯᠲᠠᠭᠠᠨ ᠢ ᠲᠡᠭᠦᠰ ᠥᠭᠦᠯᠡᠵᠦ ᠥᠭᠪᠡᠰᠦ ᠮᠠᠬᠠᠮᠠᠶᠢ ᠬᠠᠲᠤᠨ ᠲᠡᠭᠦᠨᠢ ᠰᠣᠨᠣᠰᠤᠭᠠᠳ ᠰᠠᠴᠠ ᠲᠩᠷᠢ ᠨᠡᠷ ᠦᠨ ᠥᠬᠢᠳ ᠢᠶᠡᠷ ᠬᠦᠷᠢᠶᠡᠯᠡᠭᠦᠯᠵᠦ ᠢᠷᠡᠵᠦ ᠪᠣᠳᠢᠰᠲᠸ ᠢ ᠲᠡᠷᠡ ᠮᠡᠲᠦ ᠲᠤᠷᠤᠵᠤ ᠦᠬᠦᠭᠰᠡᠨ ᠳᠦᠷ ᠠᠳᠠᠯᠢ ᠪᠣᠯᠤᠭᠰᠠᠨ ᠢ ᠦᠵᠡᠵᠦ ᠨᠢᠯᠪᠤᠰᠤᠪᠠᠷ ᠴᠠᠴᠠᠵᠤ ᠥᠭᠦᠯᠡᠷ ᠦᠨ ᠠᠶ᠎ᠠ ᠯᠤᠮᠪᠢᠨᠢ ᠶᠢᠨ ᠴᠡᠴᠡᠭᠯᠢᠭ ᠲᠦᠷ ᠲᠥᠷᠦᠭᠰᠡᠨ ᠳᠦᠷ ᠳᠥᠷᠪᠡᠨ ᠵᠦᠭ ᠲᠦᠷ ᠳᠣᠯᠤᠭᠠᠳ ᠲᠠ ᠠᠯᠬᠤᠵᠤ ᠲᠥᠷᠦᠯ ᠦᠨ ᠮᠢᠨᠦ ᠡᠴᠦᠰ ᠡᠨᠡ ᠪᠦᠢ ᠬᠡᠮᠡᠨ ᠥᠭᠦᠯᠡᠭᠰᠡᠨ ᠦᠭᠡ ᠴᠢᠨᠦ ᠪᠡᠷ ᠬᠤᠳᠠᠯ ᠪᠣᠯᠪᠠᠢ ᠶᠢᠷᠲᠢᠨᠴᠦ ᠳᠦᠷ ᠪᠤᠷᠬᠠᠨ ᠪᠣᠯᠬᠤ ᠬᠡᠮᠡᠨ ᠥᠭᠦᠯᠡᠭᠰᠡᠨ ᠠᠷᠱᠢ ᠨᠠᠷ ᠤᠨ ᠦᠭᠡ ᠪᠡᠷ ᠬᠤᠳᠠᠯ ᠪᠣᠯᠪᠠᠢ ᠴᠠᠬᠷᠠᠸᠠᠷᠲᠢ ᠬᠠᠭᠠᠨ ᠤ ᠵᠢᠷᠭᠠᠯᠠᠩ ᠪᠡᠷ ᠡᠰᠡ ᠬᠦᠷᠲᠡᠵᠦ ᠬᠤᠲᠤᠭ ᠢ ᠪᠡᠷ ᠣᠯᠤᠨ ᠶᠠᠳᠠᠨ ᠬᠣᠴᠣᠷᠬᠤᠢ ᠴᠢ ᠠᠶ᠎ᠠ ᠬᠥᠪᠡᠭᠦᠨ ᠢᠶᠡᠨ ᠠᠮᠢᠨ ᠢ ᠠᠪᠤᠷᠠᠷ ᠤᠨ ᠬᠡᠨ ᠳᠦᠷ ᠵᠠᠯᠪᠠᠷᠢᠨ ᠥᠴᠢᠰᠦᠭᠡᠢ ᠪᠢ ᠬᠥᠪᠡᠭᠦᠨ ᠦ ᠮᠢᠨᠦ ᠠᠮᠢᠨ ᠢ ᠥᠭᠭᠦᠭᠴᠢ ᠬᠡᠨ ᠪᠡ ᠡᠨᠳᠡ ᠪᠤᠶᠤᠭᠤ ᠡᠯᠡ ᠬᠡᠮᠡᠨ ᠥᠷᠦ ᠵᠢᠷᠦᠬᠡᠨ ᠡᠪᠡᠳᠬᠦ ᠮᠡᠲᠦ ᠥᠭᠦᠯᠡᠵᠦ
Nögüge: γučin doluγa:n: Tüšid-teče ireküi-dür-iye:n dege:dü nom-iya:r tani jočilan urisuγai keme:n ögülegsen üge činü edüge: ali keme:n ögülejü mön dege:r-e γučin γurban tngri-ner-ün dotur-a odču Maqamayi qatun-a tere šiltaγa:n-i tegüs ögülejü ögbe:sü Maqamayi qatun tegü:ni sonosuγa:d sača tngri-ner-ün ökid-iye:r küriye:legü:ljü irejü Bodistv-i tere metü turuju ükügsen-dür adali boluγsan-i üjejü nilbusuba:r čačaju ögüler-ün: Ay-a Lumbini-yi:n čečeglig-tür törügsen-dür dörben jüg-tür doluγa:d-ta alquju törül-ün minü ečüs ene büi keme:n ögülegsen üge činü ber qudal bolbai. Yirtinčü-dür burqan bolqu keme:n ögülegsen arši-nar-un üge-be:r qudal bolbai. Čakravarti qaγa:n-u jirγalang ber ese kürtejü qutuγ-i ber olun yadan qočorqui či. Ay-a köbegü:n-iye:n amin-i aburar-un. Ken-dür jalbarin öčisügei bi. Köbegü:n-ü minü amin-i öggügči ken be ende buyuγu: ele keme:n örü jirüken ebedkü metü ögülejü
37b
ᠤᠭᠢᠯᠠᠨ ᠪᠦᠬᠦᠢ ᠳᠦᠷ ᠪᠣᠳᠢᠰᠲᠸ ᠥᠭᠦᠯᠡᠷ ᠦᠨ ᠦᠰᠦᠨ ᠢᠶᠡᠨ ᠵᠢᠰᠦᠨ ᠢᠶᠡᠨ ᠢᠰᠦᠵᠦ ᠥᠷᠦ ᠵᠢᠷᠦᠬᠡᠨ ᠡᠪᠡᠳᠬᠦ ᠮᠡᠲᠦ ᠤᠭᠢᠯᠠᠵᠤ ᠦᠬᠦᠳᠬᠦᠨ ᠭᠠᠵᠠᠷ ᠲᠤᠷ ᠬᠥᠷᠪᠡᠵᠦ ᠦᠳᠲᠡᠷ ᠦᠲᠡᠷ ᠬᠥᠪᠡᠭᠦᠨ ᠢᠶᠡᠨ ᠲᠤᠯᠠ ᠤᠭᠢᠯᠠᠭᠴᠢ ᠬᠡᠨ ᠪᠦᠢ ᠴᠢ ᠬᠡᠮᠡᠪᠡᠰᠦ ᠮᠠᠬᠠᠮᠠᠶᠢ ᠬᠠᠲᠤᠨ ᠥᠭᠦᠯᠡᠷ ᠦᠨ ᠠᠶ᠎ᠠ ᠸᠴᠢᠷ ᠮᠡᠲᠦ ᠬᠡᠭᠡᠯᠢ ᠳᠦᠷ ᠢᠶᠡᠨ ᠠᠷᠪᠠᠨ ᠰᠠᠷᠠ ᠡᠷᠭᠦᠭᠰᠡᠨ ᠠᠴᠢᠲᠤ ᠡᠬᠡ ᠴᠢᠨᠦ ᠪᠦᠶᠦ ᠪᠢ ᠠᠮᠠᠷᠠᠭ ᠬᠥᠪᠡᠭᠦᠨ ᠢᠶᠡᠨ ᠲᠤᠯᠠᠳᠠ ᠭᠠᠰᠠᠯᠤᠮᠤ ᠪᠢ ᠬᠡᠮᠡᠪᠡᠰᠦ ᠪᠣᠳᠢᠰᠲᠸ ᠡᠬᠡ ᠶᠦᠭᠡᠨ ᠰᠡᠳᠬᠢᠯ ᠢ ᠠᠮᠤᠭᠤᠯᠤᠨ ᠥᠭᠦᠯᠡᠷ ᠦᠨ ᠠᠶᠤᠯ ᠦᠭᠡᠢ ᠪᠣᠯᠲᠤᠭᠠᠢ ᠡᠬᠡ ᠮᠢᠨᠦ ᠠᠯᠢ ᠲᠡᠷᠡ ᠮᠢᠨᠦ ᠥᠭᠦᠯᠡᠭᠰᠡᠨ ᠪᠠ ᠠᠷᠱᠢ ᠶᠢᠨ ᠥᠭᠦᠯᠡᠭᠰᠡᠨ ᠦᠭᠡ ᠶᠢᠨ ᠠᠴᠢ ᠦᠷ ᠡ ᠶᠢ ᠦᠳᠲᠡᠷ ᠳᠡᠭᠡᠷ᠎ᠡ ᠦᠵᠡᠭᠦᠯᠰᠦ ᠥᠷᠭᠡᠨ ᠶᠡᠬᠡ ᠳᠠᠯᠠᠢ ᠵᠠᠭᠤᠨ ᠵᠦᠶᠢᠯ ᠢᠶᠡᠷ ᠪᠤᠲᠠᠷᠠᠬᠤ ᠥᠨᠳᠦᠷ ᠰᠦᠮᠢᠷ ᠤᠰᠤᠨ ᠤ ᠤᠷᠤᠰᠳᠠᠬᠤ ᠤᠷᠭᠤᠮᠠᠯ ᠨᠠᠷᠠᠨ ᠰᠠᠷᠠᠨ ᠭᠠᠵᠠᠷ ᠲᠤᠷ ᠤᠨᠠᠬᠤ ᠪᠣᠯᠪᠠᠰᠤ ᠪᠡᠷ ᠦᠯᠦ ᠦᠬᠦᠬᠦ ᠪᠢ ᠲᠡᠭᠦᠪᠡᠷ ᠪᠦᠦ ᠭᠠᠰᠠᠯᠲᠤᠭᠠᠢ ᠡᠬᠡ ᠮᠢᠨᠦ ᠦᠯᠦ ᠤᠳᠠᠨ ᠪᠤᠷᠬᠠᠨ ᠪᠣᠯᠬᠤ ᠶᠢ ᠦᠵᠡᠬᠦ ᠴᠢ ᠬᠡᠮᠡᠨ ᠥᠭᠦᠯᠡᠪᠡᠰᠦ ᠮᠠᠬᠠᠮᠠᠶᠢ ᠬᠠᠲᠤᠨ ᠦᠯᠡᠮᠵᠢ ᠮᠠᠱᠢ ᠪᠢᠱᠢᠷᠡᠨ ᠪᠠᠶᠠᠰᠴᠤ ᠲᠩᠷᠢ ᠨᠡᠷ ᠦᠨ ᠮᠠᠨᠳᠠᠷᠢᠭ ᠴᠡᠴᠡᠭ ᠦᠳ ᠢ ᠰᠠᠴᠤᠵᠤ ᠭᠤᠷᠪᠠᠨ ᠲᠠ ᠲᠣᠭᠣᠷᠢᠵᠤ ᠥᠪᠡᠷᠦᠨ ᠣᠷᠣᠨ ᠳᠤᠷ ᠢᠶᠠᠨ ᠠᠵᠢᠷᠠᠪᠠᠢ
ugi:lan büküi-dür Bodistv ögüler-ün: üsün-iye:n jisün-iye:n isüjü örü jirüken ebedkü metü ugi:laju üküdkün γajar-tur körbejü üdter üter köbegü:n-iye:n tula ugi:laγči ken büi či keme:be:sü Maqamayi qatun ögüler-ün: Ay-a včir metü kege:li-dür-iye:n arban sara ergügsen ačitu eke činü büyü bi. Amaraγ köbegü:n-iye:n tulada γasalumu bi keme:be:sü Bodistv eke-yüge:n sedkil-i amuγu:lun ögüler-ün: Ayul ügei boltuγai eke minü ali tere minü ögülegsen ba arši-yi:n ögülegsen üge-yi:n ači ür-e-yi üdter dege:r-e üjegü:lsü. Örgen yeke dalai jaγu:n jüyi:l-iye:r butaraqu öndür Sümir usun-u urusdaqu urγumal naran saran γajar-tur unaqu bolba:su ber ülü ükükü bi tegü:be:r büü γasaltuγai eke minü. Ülü udan burqan bolqu-yi üjekü či keme:n ögülebe:sü Maqamayi qatun ülemji maši biširen bayasču tngri-ner-ün mandarig čečeg-ü:d-i sačuju γurban-ta toγo:riju öbe:rün oron-dur-iya:n ajirabai.
38a
ᠨᠥᠭᠦᠭᠡ ᠭᠤᠴᠢᠨ ᠨᠠᠢᠮᠠᠨ ᠲᠡᠨᠳᠡᠴᠡ ᠪᠠᠰᠠ ᠪᠣᠳᠢᠰᠲᠸ ᠰᠡᠳᠬᠢᠷ ᠦᠨ ᠴᠥᠭᠡᠬᠡᠨ ᠢᠳᠡᠭᠡᠨ ᠢᠳᠡᠭᠰᠡᠨ ᠢᠶᠡᠷ ᠬᠤᠲᠤᠭ ᠢ ᠣᠯᠤᠮ ᠬᠡᠮᠡᠭᠴᠢᠳ ᠲᠡᠳᠡᠨ ᠦ ᠲᠤᠯᠠᠳᠠ ᠪᠢ ᠪᠡᠷ ᠶᠡᠬᠡ ᠢᠳᠡᠭᠡᠨ ᠢ ᠦᠯᠦ ᠢᠳᠡᠨ ᠡᠳᠦᠷ ᠲᠦᠷ ᠠᠷᠴᠠ ᠶᠢᠨ ᠨᠢᠭᠡᠬᠡᠨ ᠦᠷ᠎ᠡ ᠪᠠ ᠨᠢᠭᠡᠨ ᠲᠤᠲᠤᠷᠭᠠᠨ ᠲᠡᠷᠢᠭᠦᠲᠡᠨ ᠢ ᠢᠳᠡᠰᠦᠭᠡᠢ ᠬᠡᠮᠡᠨ ᠰᠡᠳᠬᠢᠭᠰᠡᠨ ᠲᠡᠷᠡ ᠴᠠᠭ ᠲᠤᠷ ᠲᠩᠷᠢ ᠨᠡᠷ ᠲᠡᠷᠡ ᠤᠳᠬ ᠠ ᠶᠢ ᠤᠬᠠᠵᠤ ᠪᠣᠳᠢᠰᠲᠸ ᠤᠨ ᠳᠡᠷᠭᠡᠳᠡ ᠢᠷᠡᠵᠦ ᠥᠭᠦᠯᠡᠷ ᠦᠨ ᠬᠡᠨ ᠪᠡᠷ ᠬᠦᠮᠦᠨ ᠦ ᠪᠡᠳᠦᠭᠦᠨ ᠢᠳᠡᠭᠡᠨ ᠢ ᠦᠯᠦ ᠢᠳᠡᠬᠦ ᠪᠥᠭᠡᠰᠦ ᠪᠢᠳᠠ ᠲᠩᠷᠢ ᠨᠡᠷ ᠦᠨ ᠢᠳᠡᠭᠡᠨ ᠢ ᠪᠡᠶ ᠡ ᠶᠢᠨ ᠱᠢᠷᠠ ᠦᠰᠦᠳ ᠦᠨ ᠨᠦᠬᠡᠨ ᠡᠴᠡ ᠣᠷᠤᠭᠤᠯᠰᠤᠭᠠᠢ ᠪᠠ ᠠᠪᠤᠨ ᠰᠣᠶᠤᠷᠬ᠎ᠠ ᠬᠡᠮᠡᠨ ᠥᠭᠦᠯᠡᠪᠡᠰᠦ ᠪᠣᠳᠢᠰᠲᠸ ᠥᠭᠦᠯᠡᠷ ᠦᠨ ᠢᠳᠡᠭᠡᠨ ᠪᠦᠦ ᠢᠳᠡᠰᠦᠭᠡᠢ ᠬᠡᠮᠡᠨ ᠠᠮᠠᠨ ᠠᠯᠳᠠᠵᠤ ᠪᠥᠭᠡᠲᠡᠯᠡ ᠪᠠᠰᠠ ᠲᠩᠷᠢ ᠨᠡᠷ ᠦᠨ ᠢᠳᠡᠭᠡᠨ ᠦ ᠬᠦᠴᠦᠨ ᠢ ᠪᠡᠶ ᠡ ᠳᠦᠷ ᠢᠶᠡᠨ ᠣᠷᠤᠭᠤᠯᠪᠠᠰᠤ ᠡᠯᠡ ᠢᠳᠡᠭᠡᠨ ᠡᠰᠡ ᠢᠳᠡᠭᠰᠡᠨ ᠮᠢᠨᠦ ᠬᠤᠳᠠᠯ ᠪᠣᠯᠤᠶᠤ ᠠᠯᠢ ᠲᠡᠷᠡ ᠬᠤᠳᠠᠯ ᠢᠶᠠᠷ ᠶᠢᠷᠲᠢᠨᠴᠦ ᠳᠡᠬᠢᠨ ᠢ ᠠᠷᠭᠠᠳᠠᠭᠰᠠᠨ ᠪᠣᠯᠤᠶᠤ ᠬᠤᠳᠠᠯ ᠢᠶᠠᠷ ᠬᠤᠲᠤᠭ ᠠᠴᠠ ᠣᠭᠠᠭᠠᠷᠠᠶᠤ ᠬᠤᠳᠠᠯ ᠢᠶᠠᠷ ᠮᠠᠭᠤᠢ ᠳᠤᠷ ᠣᠷᠤᠶᠤ ᠬᠡᠮᠡᠨ ᠤᠷᠢᠳᠤ ᠠᠮᠠᠨ ᠠᠯᠳᠠᠭᠰᠠᠭᠠᠷ ᠠᠩᠬ᠎ᠠ ᠤᠷᠢᠳᠠ ᠡᠳᠦᠷ ᠲᠦᠷ
Nögüge: γučin naiman: Tendeče basa Bodistv sedkir-ün čöge:ken idege:n idegsen-iye:r qutuγ-i olum keme:gčid teden-ü tulada bi ber yeke idege:n-i ülü iden edür-tür arča-yi:n nigeken ür-e ba nigen tuturγan terigü:ten-i idesügei keme:n sedkigsen tere čaγ-tur tngri-ner tere udq-a-yi uqaju Bodistv-un dergede irejü ögüler-ün: Ken ber kümü:n-ü bedügü:n idege:n-i ülü idekü böge:sü bida tngri-ner-ün idege:n-i bey-e-yi:n šira üsüd-ün nüken-e:če oruγu:lsuγai ba abun soyurq-a keme:n ögülebe:sü Bodistv ögüler-ün: Idege:n büü idesügei keme:n aman aldaju böge:tele basa tngri-ner-ün idege:n-ü küčün-i bey-e-dür-iye:n oruγu:lba:su ele idege:n ese idegsen minü qudal boluyu. Ali tere qudal-iya:r yirtinčü dekin-i arγadaγsan boluyu. Qudal-iya:r qutuγ-a:ča oγaγa:rayu. Qudal-iya:r maγu:i-dur oruyu keme:n uridu aman aldaγsaγa:r angq-a urida edür-tür
38b
ᠠᠷᠴᠠ ᠶᠢᠨ ᠨᠢᠵᠢᠭᠡᠳ ᠦᠷ᠎ᠡ ᠲᠡᠭᠦᠨ ᠦ ᠬᠣᠶᠢᠨᠠ ᠨᠢᠵᠢᠭᠡᠳ ᠲᠤᠲᠤᠷᠭᠠᠨ ᠲᠡᠭᠦᠨ ᠦ ᠬᠣᠶᠢᠨᠠ ᠨᠢᠵᠢᠭᠡᠳ ᠬᠦᠨᠵᠢᠳ ᠲᠡᠷᠢᠭᠦᠲᠡᠨ ᠢ ᠢᠳᠡᠪᠡᠢ ᠲᠡᠭᠦᠨᠦ ᠬᠣᠶᠢᠨᠠ ᠢᠳᠡᠭᠡᠨ ᠦᠯᠦ ᠢᠳᠡᠭᠴᠢᠳ ᠦᠨ ᠲᠤᠯᠠ ᠲᠡᠶᠢᠨ ᠪᠥᠭᠡᠳ ᠡᠰᠡ ᠢᠳᠡᠭᠰᠡᠨ ᠢᠶᠡᠷ ᠲᠤᠷᠤᠪᠠᠢ ᠮᠠᠱᠢ ᠲᠤᠷᠤᠪᠠᠢ ᠦᠯᠡᠮᠵᠢ ᠮᠠᠱᠢ ᠲᠤᠷᠤ ᠪᠠᠢ ᠲᠡᠶᠢᠨ ᠲᠤᠷᠤᠵᠤ ᠲᠡᠷᠢᠭᠦᠨ ᠦ ᠠᠷᠠᠰᠤᠨ ᠶᠠᠰᠤᠨ ᠬᠠᠲᠠᠵᠤ ᠬᠠᠲᠠᠭᠰᠠᠨ ᠬᠠᠪᠠᠭ ᠮᠡᠲᠦ ᠨᠢᠳᠦᠨ ᠳᠣᠲᠤᠭᠱᠢ ᠱᠢᠷᠭᠢᠵᠦ ᠭᠦᠨ ᠬᠤᠳᠳᠤᠭ ᠤᠨ ᠢᠷᠤᠭᠠᠷ᠎ᠠ ᠦᠵᠡᠭᠳᠡᠬᠦᠢ ᠣᠳᠤᠨ ᠮᠡᠲᠦ ᠨᠢᠷᠤᠭᠤᠨ ᠤ ᠶᠠᠰᠤᠨ ᠳᠡᠭᠡᠰᠦᠨ ᠭᠥᠷᠦᠭᠰᠡᠨ ᠮᠡᠲᠦ ᠭᠠᠷ ᠬᠥᠯ ᠦᠨ ᠦᠶᠡᠰ ᠠᠲᠤᠷᠢᠵᠤ ᠠᠰᠢᠲᠠᠬᠠ ᠨᠣᠭᠤᠭᠠᠨ ᠤ ᠦᠶ᠎ᠡ ᠮᠡᠲᠦ ᠬᠠᠪᠢᠷᠭ ᠠ ᠶᠢᠨ ᠶᠠᠰᠤᠨ ᠢᠯᠡ ᠡᠷᠪᠡᠶᠢᠵᠦ ᠬᠠᠷᠬᠠᠲᠠ ᠨᠡᠷᠡᠲᠦ ᠠᠮᠢᠳᠤ ᠶᠢᠨ ᠬᠠᠪᠢᠷᠭ᠎ᠠ ᠪᠠ ᠡᠪᠳᠡᠷᠡᠭᠰᠡᠨ ᠭᠡᠷ ᠦᠨ ᠳᠡᠭᠡᠯᠪᠦᠷ ᠮᠡᠲᠦ ᠪᠣᠯᠵᠤ ᠲᠤᠷᠤᠭᠰᠠᠨ ᠢ ᠳᠡᠷᠭᠡᠳᠡᠭᠦᠨ ᠪᠦᠬᠦᠨ ᠢᠷᠭᠡᠨ ᠦᠵᠡᠵᠦ ᠥᠭᠦᠯᠡᠯᠳᠦᠷ ᠦᠨ ᠬᠠᠶᠢᠷᠠᠨ ᠡᠭᠦᠨᠦ ᠦᠵᠡᠰᠬᠦᠯᠡᠩᠲᠦ ᠥᠩᠭᠡ ᠴᠢᠷᠠᠢ ᠢᠨᠤ ᠭᠤᠲᠤᠵᠤ ᠬᠠᠷᠢ ᠬᠠᠪ ᠬᠠᠷ᠎ᠠ ᠪᠣᠯᠪᠠᠢ ᠨᠢ ᠬᠡᠮᠡᠨ ᠥᠭᠦᠯᠡᠯᠳᠦᠬᠦ ᠪᠣᠯᠪᠠ ᠲᠡᠶᠢᠨ ᠲᠤᠷᠤᠵᠤ ᠦᠯᠡᠮᠵᠢ ᠮᠠᠱᠢ ᠲᠤᠷᠤᠵᠤ ᠪᠥᠭᠡᠲᠡᠯᠡ ᠵᠢᠷᠭᠤᠭᠠᠨ ᠣᠳ ᠡᠰᠡ ᠪᠣᠯᠲᠠᠯᠠ ᠢᠳᠡᠭᠡᠨ ᠢ ᠵᠥᠪ ᠵᠥᠪ
arča-yi:n nijige:d ür-e tegü:n-ü qoyi:na nijige:d tuturγan tegü:n-ü qoyi:na nijige:d künjid terigü:ten-i idebei. Tegü:nü qoyi:na idege:n ülü idegčid-ün tula teyi:n böge:d ese idegsen-iye:r turubai maši turubai. Ülemji maši turu-bai. Teyi:n turuju terigü:n-ü arasun yasun qataju qataγsan qabaγ metü nidün dotuγši širgijü gün qudduγ-un iruγa:r-a üjegdeküi odun metü niruγu:n-u yasun dege:sün görügsen metü γar köl-ün üyes aturiju asitaka noγuγa:n-u üy-e metü qabirγ-a-yi:n yasun ile erbeyi:jü karkata neretü amidu-yi:n qabirγ-a ba ebderegsen ger-ün dege:lbür metü bolju turuγsan-i dergedegü:n bükün irgen üjejü ögüleldür-ün: Qayi:ran egü:nü üjeskülengtü öngge čirai inu γutuju qari qab qar-a bolbai ni keme:n ögüleldükü bolba. Teyi:n turuju ülemji maši turuju böge:tele jirγuγa:n od ese boltala idege:n-i jöb jöb
39a
ᠨᠥᠭᠦᠭᠡ ᠭᠤᠴᠢᠨ ᠶᠢᠰᠦᠨ ᠪᠠᠭᠤᠷᠠᠭᠤᠯᠬᠤᠢ ᠠᠴᠠ ᠪᠤᠰᠤ ᠨᠡᠮᠡᠬᠦᠢ ᠶᠢ ᠰᠡᠳᠬᠢᠭᠰᠡᠨ ᠪᠡᠷ ᠦᠭᠡᠢ ᠲᠤᠷᠤᠵᠤ ᠬᠦᠴᠦᠨ ᠦᠭᠡᠢ ᠢᠶᠡᠷ ᠤᠨᠠᠪᠠᠰᠤ ᠪᠡᠷ ᠪᠠᠰᠠ ᠪᠣᠰᠴᠤ ᠵᠠᠪᠢᠯᠠᠨ ᠰᠠᠭᠤᠪᠠᠢ ᠨᠠᠷᠠᠨ᠎ᠠ ᠴᠢᠯᠭᠡᠭᠳᠡᠪᠡᠰᠦ ᠪᠡᠷ ᠬᠡᠢ᠎ᠡ ᠬᠡᠶᠢᠰᠬᠡᠭᠳᠡᠪᠡᠰᠦ ᠪᠡᠷ ᠱᠢᠮᠠᠷᠭ᠎ᠠ ᠬᠤᠷ ᠠ ᠳᠠ ᠱᠢᠷᠪᠢᠭᠳᠡᠪᠡᠰᠦ ᠪᠡᠷ ᠱᠢᠮᠤᠭᠤᠯ ᠰᠣᠨᠠ ᠳᠠ ᠢᠳᠡᠭᠳᠡᠪᠡᠰᠦ ᠪᠡᠷ ᠨᠡᠮᠦᠷᠢ ᠳᠠᠯᠳᠠ ᠦᠯᠦ ᠡᠷᠢᠬᠦᠢ ᠡᠴᠡ ᠭᠠᠷ ᠢᠶᠠᠨ ᠳᠠᠯᠳᠠᠯᠠᠭᠰᠠᠨ ᠪᠡᠷ ᠦᠭᠡᠢ ᠬᠡᠳ ᠪᠡ ᠲᠡᠷᠡ ᠣᠷᠣᠨ ᠳᠤᠷ ᠢᠷᠡᠭᠰᠡᠨ ᠦᠬᠡᠷᠴᠢ ᠬᠣᠨᠢᠴᠢ ᠲᠦᠯᠡᠭᠡᠴᠢ ᠬᠥᠪᠡᠭᠦᠬᠡᠳ ᠦᠵᠡᠵᠦ ᠦᠬᠦᠳᠡᠯ ᠳᠡᠬᠢᠴᠢᠳᠬᠦᠷ ᠢ ᠦᠵᠡ ᠦᠬᠦᠳᠡᠯ ᠳᠡᠬᠢᠴᠢᠳᠬᠦᠷ ᠢ ᠦᠵᠡ ᠬᠡᠮᠡᠨ ᠮᠣᠳᠤᠨ ᠤ ᠤᠩᠭᠠᠷᠢᠯ ᠢ ᠢᠮᠡᠷᠴᠦ ᠠᠮᠠᠨ ᠬᠠᠪᠠᠷ ᠴᠢᠬᠢᠨ ᠦ ᠨᠦᠬᠡᠳ ᠡᠴᠡ ᠰᠦᠪᠡᠯᠡᠵᠦ ᠡᠨᠡ ᠲᠡᠷᠡ ᠡᠲᠡᠭᠡᠳ ᠭᠠᠷᠭᠠᠪᠠᠰᠤ ᠪᠠ ᠬᠣᠶᠠᠷ ᠴᠢᠬᠢᠨ ᠡᠴᠡ ᠮᠣᠳᠤᠨ ᠳᠦᠷᠦᠵᠦ ᠡᠷᠭᠦᠪᠡᠰᠦ ᠪᠡᠷ ᠨᠢᠭᠤᠷ ᠲᠤᠷ ᠱᠢᠷᠤᠭᠠᠢ ᠪᠤᠷᠲᠠᠭ ᠢ ᠰᠠᠴᠤᠪᠠᠰᠤ ᠪᠠ ᠪᠣᠳᠢᠰᠲᠸ ᠰᠦᠮᠢᠷ ᠠᠭᠤᠯᠠ ᠮᠡᠲᠦ ᠦᠯᠦ ᠬᠥᠳᠡᠯᠦᠨ ᠠᠵᠤ ᠥᠴᠦᠭᠦᠭᠡᠬᠡᠨ ᠪᠡ ᠰᠡᠳᠬᠢᠯ ᠢᠶᠡᠨ ᠬᠥᠳᠡᠯᠭᠡᠭ ᠰᠡᠨ ᠦᠭᠡᠢ ᠪᠣᠳᠢᠰᠲᠸ ᠤᠨ ᠲᠡᠷᠡ ᠮᠡᠲᠦ ᠦᠨᠡᠨ ᠢ ᠲᠩᠷᠢ ᠲᠡᠷᠢᠭᠦᠲᠡᠨ ᠦᠵᠡᠵᠦ ᠦᠯᠡᠮᠵᠢ ᠮᠠᠱᠢ ᠪᠢᠱᠢᠷᠡᠨ ᠰᠦᠰᠦᠯᠵᠦ ᠦᠷᠭᠦᠯᠵᠢ ᠲᠠᠬᠢᠯ ᠲᠠᠪᠢᠭ ᠦᠶᠢᠯᠡᠳᠴᠦ ᠣᠭᠲᠠᠷᠭᠤᠢ ᠯᠤᠭ᠎ᠠ ᠰᠠᠴᠠ
Nögüge: γučin yisün: baγu:raγu:lqui-a:ča busu nemeküi-yi sedkigsen ber ügei turuju küčün ügei-iye:r unaba:su ber basa bosču jabilan saγu:bai. Naran-a čilge:gdebe:sü ber kei-e keyi:skegdebe:sü ber šimarγ-a qur-a-da širbigdebe:sü ber šimuγu:l sona-da idegdebe:sü ber nemüri dalda ülü eriküi-e:če γar-iya:n daldalaγsan ber ügei. Ked be tere oron-dur iregsen ükerči qoniči tülege:či köbegü:ked üjejü üküdel dekičidkür-i üje üküdel dekičidkür-i üje keme:n modun-u ungγaril-i imerčü aman qabar čikin-ü nüked-e:če sübelejü ene tere etege:d γarγaba:su ba qoyar čikin-e:če modun dürüjü ergübe:sü ber niγu:r-tur širuγai burtaγ-i sačuba:su ba Bodistv Sümir aγu:la metü ülü ködelün aju. Öčügü:geken be sedkil-iye:n ködelgeg-sen ügei. Bodistv-un tere metü ünen-i tngri terigü:ten üjejü ülemji maši biširen süsüljü ürgülji takil tabiγ üyi:ledčü oγtarγui-luγ-a: sača
39b
ᠰᠡᠳᠬᠢᠯ ᠲᠦ ᠶᠢᠨ ᠣᠭᠲᠠᠷᠭᠤᠢ ᠯᠤᠭ᠎ᠠ ᠰᠠᠴᠠ ᠳᠢᠶᠠᠨ ᠢ ᠪᠢᠱᠢᠯᠭᠠᠬᠤᠢ ᠮᠡᠳᠡᠵᠦ ᠪᠢᠳᠠ ᠪᠡᠷ ᠲᠡᠭᠦᠨᠴᠢᠯᠡᠨ ᠪᠣᠯᠬᠤ ᠪᠣᠯᠲᠤᠭᠠᠢ ᠬᠡᠮᠡᠨ ᠬᠤᠲᠤᠭ ᠪᠡᠷ ᠭᠤᠶᠤᠨ ᠠᠪᠠᠢ ᠲᠡᠨᠳᠡᠴᠡ ᠪᠣᠳᠢᠰᠲᠸ ᠢ ᠶᠡᠬᠡ ᠲᠣᠶᠢᠨ ᠶᠡᠬᠡ ᠲᠣᠶᠢᠨ ᠬᠡᠮᠡᠭᠡᠷ ᠦᠨ ᠮᠠᠬ᠎ᠠ ᠱᠢᠷᠠᠮᠠᠨᠢ ᠬᠡᠮᠡᠨ ᠨᠡᠷᠡᠶᠢᠳᠪᠡᠢ ᠲᠡᠷᠡ ᠴᠠᠭ ᠲᠤᠷ ᠰᠤᠳᠣᠳᠠᠨᠢ ᠬᠠᠭᠠᠨ ᠰᠤᠪᠷᠠᠪᠣᠳᠢ ᠬᠠᠭᠠᠨ ᠬᠣᠶᠠᠭᠤᠯᠠ ᠪᠣᠳᠢᠰᠲᠸ ᠢ ᠲᠡᠶᠢᠨ ᠪᠡᠷᠬᠡ ᠡᠴᠡ ᠬᠠᠲᠠᠭᠤᠵᠢᠨ ᠠᠮᠤᠢ ᠬᠡᠮᠡᠬᠦ ᠶᠢ ᠮᠡᠳᠡᠵᠦ ᠦᠷᠭᠦᠯᠵᠢ ᠦᠵᠡᠭᠦᠯᠦᠨ ᠠᠷᠠᠨ ᠠᠭᠤᠯᠭᠠᠨ ᠠᠵᠤ ᠨᠢᠭᠡᠨ ᠨᠢᠭᠡᠨ ᠳᠦᠷ ᠢᠶᠡᠨ ᠬᠡᠯᠡᠴᠢᠯᠡᠯᠳᠦᠨ ᠠᠪᠠᠢ ᠠᠯᠢ ᠴᠠᠭ ᠲᠤᠷ ᠪᠣᠳᠢᠰᠲᠸ ᠬᠠᠲᠠᠭᠤᠵᠢᠨ ᠲᠡᠷᠢᠭᠦᠯᠡᠭᠰᠡᠨ ᠴᠠᠭ ᠠᠴᠠ ᠴᠢᠪᠢᠯᠲᠦ ᠱᠢᠮᠨᠤ ᠢᠷᠡᠵᠦ ᠴᠥᠯᠡ ᠬᠠᠭᠠᠯᠭ᠎ᠠ ᠡᠷᠢᠷ ᠦᠨ ᠪᠣᠳᠢᠰᠲᠸ ᠤᠨ ᠳᠡᠷᠭᠡᠳᠡ ᠡᠴᠡ ᠬᠠᠭᠠᠴᠠᠯ ᠦᠭᠡᠢ ᠠᠪᠠᠰᠤ ᠪᠡᠷ ᠴᠥᠯᠡ ᠬᠠᠭᠠᠯᠭ᠎ᠠ ᠣᠯᠤᠨ ᠶᠠᠳᠠᠵᠤ ᠡᠮᠦᠨᠡ ᠢᠨᠦ ᠢᠷᠡᠵᠦ ᠵᠥᠭᠡᠯᠡᠨ ᠦᠭᠡ ᠪᠡᠷ ᠠᠷᠭᠠᠳᠠᠨ ᠥᠭᠦᠯᠡᠷ ᠦᠨ ᠬᠥᠪᠡᠭᠦᠨ᠎ᠡ ᠠᠮᠢᠲᠠᠨ᠎ᠠ ᠬᠠᠶᠢᠷᠠᠯᠠᠭᠳᠠᠬᠤ ᠠᠮᠢᠨ ᠪᠤᠢ ᠠᠮᠢᠨ ᠢᠶᠠᠷ ᠨᠣᠮ ᠤᠨ ᠦᠶᠢᠯᠡ ᠶᠢ ᠪᠦᠲᠦᠭᠡᠮᠦᠢ ᠠᠮᠢᠳᠤ ᠳᠤᠷ ᠢᠶᠠᠨ ᠪᠤᠶᠠᠨᠲᠤ ᠶᠢ ᠪᠦᠲᠦᠭᠡᠪᠡᠰᠦ ᠬᠣᠶᠢᠨᠠ ᠲᠡᠭᠦᠨ ᠳᠦᠷ ᠭᠡᠮᠱᠢᠭᠦᠷᠢ ᠦᠭᠡᠢ ᠥᠩᠭᠡ ᠴᠢᠷᠠᠢ ᠪᠠᠨ ᠭᠤᠲᠤᠵᠤ ᠦᠬᠦᠬᠦᠢ ᠳᠦᠷ ᠣᠶᠢᠷ᠎ᠠ ᠪᠣᠯᠵᠤ ᠠᠮᠤᠢ
sedkil-tü-yi:n oγtarγui-luγ-a: sača diyan-i bišilγaqui medejü bida ber tegü:nčilen bolqu boltuγai keme:n qutuγ ber γuyun abai. Tendeče Bodistv-i yeke toyin yeke toyin keme:ge:r-ün: Maq-a širamani keme:n nereyi:dbei. Tere čaγ-tur Sudodani qaγa:n Subrabodi qaγa:n qoyaγu:la Bodistv-i teyi:n berke-e:če qataγu:jin amui keme:kü-yi medejü ürgülji üjegü:lün aran aγu:lγan aju. Nigen nigen-dür-iye:n kelečileldün abai. Ali čaγ-tur Bodistv qataγu:jin terigü:legsen čaγ-a:ča čibiltü šimnu irejü čöle: qaγa:lγ-a erir-ün: Bodistv-un dergede-e:če qaγačal ügei aba:su ber čöle: qaγa:lγ-a olun yadaju emüne inü irejü jöge:len üge-be:r arγadan ögüler-ün: Köbegü:n-e: amitan-a qayi:ralaγdaqu amin bui. Amin-iya:r nom-un üyi:le-yi bütüge:müi. Amidu-dur-iya:n buyantu-yi bütüge:be:sü qoyi:na tegü:n-dür gemšigü:ri ügei öngge čirai-ba:n γutuju üküküi-dür oyi:r-a bolju amui.
40a
ᠨᠥᠭᠦᠭᠡ ᠳᠥᠴᠢᠨ ᠦᠬᠦᠬᠦ ᠶᠢᠨ ᠱᠢᠯᠲᠠᠭᠠᠨ ᠮᠢᠩᠭᠠᠪᠠᠷ ᠦᠯᠡᠬᠦᠢ ᠠᠮᠢᠳᠤᠷᠠᠬᠤ ᠶᠢᠨ ᠱᠢᠯᠲᠠᠭᠠᠨ ᠨᠢᠭᠡᠬᠡᠨ ᠪᠡᠷ ᠦᠭᠡᠢ ᠪᠦᠢ ᠬᠠᠲᠠᠭᠤᠵᠢᠬᠤᠢ ᠠᠴᠠ ᠪᠣᠰᠴᠤ ᠥᠭᠯᠢᠭᠡ ᠥᠭ ᠭᠠᠯ ᠮᠠᠨᠳᠠᠯ ᠢᠶᠠᠷ ᠲᠠᠬᠢᠯ ᠢ ᠦᠶᠢᠯᠡᠳ ᠲᠡᠷᠡ ᠮᠥᠨᠳᠡ ᠶᠡᠬᠡ ᠪᠤᠶᠠᠨ ᠪᠤᠰᠤᠭᠤ ᠪᠤᠢ ᠬᠠᠲᠠᠭᠤᠵᠢᠭᠰᠠᠨ ᠤ ᠰᠠᠶᠢᠨ ᠢᠨᠤ ᠠᠯᠢ ᠪᠤᠢ ᠬᠡᠮᠡᠨ ᠥᠭᠦᠯᠡᠪᠡᠰᠦ ᠪᠣᠳᠢᠰᠲᠸ ᠥᠭᠦᠯᠡᠷ ᠦᠨ ᠨᠢᠭᠦᠯ ᠬᠢᠯᠢᠨᠴᠡᠰ ᠦᠨ ᠢᠵᠠᠭᠤᠷᠲᠤ ᠴᠢ ᠥᠪᠡᠷ ᠦᠨ ᠲᠤᠰᠠᠶᠢᠨ ᠲᠤᠯᠠ ᠢᠷᠡᠵᠦ ᠠᠮᠤᠢ ᠥᠪᠡᠷ ᠲᠦᠷ ᠢᠶᠡᠨ ᠪᠤᠶᠠᠨ ᠢ ᠬᠡᠷᠡᠭᠯᠡᠬᠦᠢ ᠰᠡᠳᠬᠢᠯ ᠥᠴᠦᠭᠦᠬᠡᠨ ᠪᠡᠷ ᠦᠭᠡᠢ ᠴᠢᠪᠢᠯᠲᠦ ᠱᠢᠮᠨᠤ ᠬᠡᠳ ᠪᠡ ᠥᠪᠡᠷ ᠲᠦᠷ ᠪᠤᠶᠠᠨ ᠢ ᠡᠷᠢᠭᠴᠢ ᠲᠡᠭᠦᠨ᠎ᠡ ᠲᠡᠷᠡ ᠦᠭᠡ ᠶᠢ ᠥᠭᠦᠯᠡᠬᠦ ᠶᠣᠰᠤᠲᠤ ᠠᠮᠢᠳᠤ ᠶᠢᠨ ᠡᠴᠦᠰ ᠦᠬᠦᠬᠦᠢ ᠪᠦᠢ ᠦᠯᠦ ᠦᠬᠦᠬᠦ ᠬᠡᠮᠡᠨ ᠦᠯᠦ ᠰᠡᠳᠬᠢᠮᠦ ᠪᠢ ᠠᠷᠢᠭᠤᠨ ᠶᠠᠪᠤᠳᠠᠯ ᠳᠤᠷ ᠣᠷᠤᠨ ᠪᠠᠷᠠᠵᠤ ᠨᠥᠭᠦᠭᠡᠳᠡ ᠢᠴᠤᠨ ᠦᠯᠦ ᠦᠶᠢᠯᠡᠳᠬᠦ ᠪᠢ ᠮᠢᠨᠤ ᠬᠢᠴᠢᠶᠡᠩᠭᠦᠢ ᠶᠢ ᠬᠠᠷᠢᠭᠤᠯᠤᠨ ᠴᠢᠳᠠᠭᠴᠢ ᠶᠢᠷᠲᠢᠨᠴᠦ ᠳᠦᠷ ᠪᠦᠬᠦᠢ ᠶᠢ ᠡᠰᠡ ᠦᠵᠡᠪᠡᠢ ᠪᠢ ᠲᠠᠴᠢᠶᠠᠬᠤᠢ ᠳᠤᠷᠠᠨ ᠭᠤᠲᠤᠬᠤᠢ ᠬᠤᠷᠢᠴᠠᠬᠤᠢ ᠠᠶᠤᠬᠤᠢ ᠤᠮᠲᠠᠷᠠᠬᠤᠢ ᠲᠡᠭᠦᠳᠡᠱᠢᠶᠡᠬᠦᠢ ᠬᠢᠯᠢᠩᠯᠡᠬᠦᠢ ᠪᠤᠴᠠᠬᠤᠢ ᠣᠯᠵᠠ ᠡᠷᠢᠬᠦᠢ ᠥᠪᠡᠷ ᠢᠶᠡᠨ ᠮᠠᠭᠲᠠᠵᠤ ᠪᠤᠰᠤᠳ ᠢ ᠳᠣᠷᠤᠮᠵᠢᠯᠠᠬᠤᠢ ᠮᠠᠭᠤᠢ ᠳᠤᠷ ᠤᠨᠠᠭᠠᠬᠤᠢ ᠡᠳᠡᠭᠡᠷ ᠴᠡᠷᠢᠭ ᠢ ᠴᠢᠨᠦ
Nögüge: döčin: Ükükü-yi:n šiltaγa:n mingγaba:r üleküi amiduraqu-yi:n šiltaγa:n nigeken ber /ügei/ büi. Qataγu:jiqui-a:ča bosču öglige ög. γal mandal-iya:r takil-i üyi:led. Tere mönde yeke buyan busuγu: bui. Qataγu:jiγsan-u sayi:n inu ali bui keme:n ögülebe:sü Bodistv ögüler-ün: Nigül kilinčes-ün ijaγu:rtu či öbe:r-ün tusayi:n tula irejü amui. Öbe:r-tür-iye:n buyan-i keregleküi sedkil öčügü:ken ber ügei čibiltü šimnu ked be öbe:r-tür buyan-i erigči tegü:n-e tere üge-yi ögülekü yosutu. Amidu-yi:n ečüs üküküi büi. Ülü ükükü keme:n ülü sedkimü bi. Ariγu:n yabudal-dur orun baraju nögüge:de ičun ülü üyi:ledkü bi. Minu kičiye:nggüi-yi qariγu:lun čidaγči yirtinčü-dür büküi-yi ese üjebei bi. Tačiya:qui duran γutuqui quričaqui ayuqui umtaraqui tegüdešiye:küi kilingleküi bučaqui olja eriküi öbe:r-iye:n maγtaju busud-i dorumjilaqui maγu:i-dur unaγa:qui edege:r čerig-i činü
40b
ᠳᠤᠷᠠᠳᠬᠤᠢ ᠮᠡᠳᠡᠷᠡᠬᠦᠢ ᠪᠢᠯᠢᠭ ᠢᠶᠡᠷ ᠢᠶᠡᠨ ᠲᠤᠷᠬᠠᠷᠤ ᠪᠢᠱᠢᠯᠭᠠᠨ ᠰᠠᠬᠢᠪᠠᠰᠤ ᠡᠯᠡ ᠮᠠᠭᠤᠢ ᠰᠡᠳᠬᠢᠯᠲᠦ ᠴᠢ ᠨᠠᠮᠠᠶᠢ ᠶᠠᠬᠢᠨ ᠴᠢᠳᠠᠬᠤ ᠡᠰᠡ ᠲᠦᠯᠡᠭᠰᠡᠨ ᠰᠠᠪᠠ ᠤᠰᠤᠨ ᠮᠡᠲᠦ ᠡᠪᠳᠡᠷᠡᠵᠦ ᠣᠳᠬᠤ ᠪᠥᠭᠡᠳ ᠦᠯᠦᠬᠦ ᠪᠦᠢ ᠬᠠᠳᠬᠤᠯᠳᠤᠭᠠᠨ ᠳᠤᠷ ᠮᠥᠨᠳᠡ ᠦᠬᠦᠪᠡᠰᠦ ᠬᠢᠯᠢᠰ ᠭᠠᠷᠲᠠᠵᠤ ᠠᠭᠰᠠᠨ ᠪᠡᠷ ᠶᠠᠭᠤᠨ ᠲᠤᠰᠠ ᠦᠭᠡ ᠶᠢᠨ ᠬᠡᠷᠡᠭ ᠴᠢᠨᠦ ᠡᠰᠡ ᠪᠦᠲᠦᠪᠡᠢ ᠦᠬᠦᠭᠰᠡᠨ ᠡᠴᠡ ᠦᠯᠡᠬᠦ ᠪᠣᠯᠪᠠᠢ ᠴᠢ ᠬᠡᠮᠡᠪᠡᠰᠦ ᠴᠢᠪᠢᠯᠲᠦ ᠱᠢᠮᠨᠤ ᠦᠯᠡᠮᠵᠢ ᠮᠠᠱᠢ ᠭᠠᠱᠢᠭᠤᠳᠠᠵᠤ ᠤᠭᠢᠯᠠᠨ ᠤᠭᠢᠯᠠᠨ ᠣᠷᠣᠨ ᠳᠤᠷ ᠢᠶᠠᠨ ᠬᠠᠷᠢᠢᠪᠠ ᠲᠡᠨᠳᠡᠴᠡ ᠠᠯᠢ ᠴᠠᠭ ᠲᠤᠷ ᠵᠢᠷᠭᠤᠭᠠᠨ ᠣᠨ ᠲᠡᠭᠦᠰᠦᠭᠰᠡᠨ ᠲᠡᠷᠡ ᠴᠠᠭ ᠲᠤᠷ ᠪᠣᠳᠢᠰᠲᠸ ᠰᠡᠳᠬᠢᠷ ᠦᠨ ᠡᠨᠡ ᠮᠥᠷ ᠪᠡᠷ ᠵᠣᠪᠠᠯᠠᠩ ᠢ ᠮᠠᠭᠠᠳ ᠭᠠᠷᠭᠠᠨ ᠴᠢᠳᠠᠬᠤ ᠮᠥᠷ ᠪᠤᠰᠤ ᠪᠤᠢ ᠮᠤᠩᠬᠠᠭ ᠠᠮᠢᠲᠠᠨ ᠤ ᠮᠤᠨᠤᠭᠰᠠᠨ ᠮᠥᠷ ᠢ ᠮᠣᠬᠤᠭᠠᠬᠤ ᠶᠢᠨ ᠲᠤᠯᠠᠳᠠ ᠲᠡᠳᠡᠨ ᠡᠴᠡ ᠨᠡᠩ ᠦᠯᠡᠭᠦᠢ ᠳᠠᠭᠤᠰᠬᠤᠢ᠎ᠠ ᠪᠡᠷᠬᠡ ᠬᠠᠲᠠᠭᠤᠵᠢᠯ ᠢᠶᠠᠷ ᠲᠡᠳᠡᠨ ᠦ ᠲᠥᠷᠦ ᠶᠢ ᠲᠦᠷᠢᠳᠬᠡᠨ ᠪᠠᠷᠠᠪᠠᠢ ᠪᠢ ᠡᠳᠦᠭᠡ ᠪᠢ ᠡᠭᠦᠨᠡᠴᠡ ᠪᠤᠰᠤ ᠠᠯᠢ ᠴᠠᠭ ᠲᠤᠷ ᠡᠴᠢᠭᠡ ᠶᠦᠭᠡᠨ ᠴᠡᠴᠡᠭᠯᠢᠭ ᠳᠡᠬᠢ ᠴᠠᠮᠪᠤ ᠮᠣᠳᠤᠨ ᠤ ᠰᠡᠭᠦᠳᠡᠷ ᠲᠦᠷ ᠰᠠᠭᠤᠵᠤ ᠲᠡᠶᠢᠨ ᠪᠥᠭᠡᠳ ᠲᠡᠭᠦᠰᠬᠡᠨ ᠦᠶᠢᠯᠡᠳᠦᠭᠰᠡᠨ ᠳᠥᠷᠪᠡᠨ ᠰᠠᠮᠠᠳᠢ ᠳᠢᠶᠠᠨ ᠬᠡᠮᠡᠪᠡᠰᠦ ᠪᠣᠳᠢ ᠬᠤᠲᠤᠭ ᠤᠨ
duradqui medereküi bilig-iye:r-iye:n turqaru bišilγan sakiba:su ele maγu:i sedkiltü či namayi ya:kin čidaqu. Ese tülegsen saba usun metü ebderejü odqu böge:d ülükü büi. Qadqulduγa:n-dur mönde ükübe:sü kilis γartaju aγsan ber yaγu:n tusa üge-yi:n kereg činü ese bütübei. Ükügsen-e:če ülekü bolbai či keme:be:sü čibiltü šimnu ülemji maši γašiγu:daju ugi:lan ugi:lan oron-dur-iya:n qariiba. Tendeče ali čaγ-tur jirγuγa:n on tegüsügsen tere čaγ-tur Bodistv sedkir-ün: Ene mör ber jobalang-i maγad γarγan čidaqu mör busu bui. Mungqaγ amitan-u munuγsan mör-i moquγa:qu-yi:n tulada teden-e:če neng ülegü:i daγu:squi-a berke qataγu:jil-iya:r teden-ü törü-yi türidken barabai bi. Edüge: bi egü:ne:če busu ali čaγ-tur ečige-yüge:n čečeglig deki čambu modun-u segü:der-tür saγu:ju teyi:n böge:d tegüsken üyi:ledügsen dörben samadi diyan keme:be:sü bodi qutuγ-un
41a
ᠨᠥᠭᠦᠭᠡ ᠳᠥᠴᠢᠨ ᠨᠢᠭᠡᠨ ᠮᠥᠷ ᠪᠦᠶᠦ ᠡᠳᠦᠭᠡ ᠲᠡᠷᠡ ᠮᠥᠷ ᠢ ᠪᠦᠲᠦᠭᠡᠬᠦᠢ᠎ᠡ ᠡᠨᠡ ᠪᠡᠶ ᠡ ᠳᠦᠷ ᠬᠦᠴᠦᠨ ᠦᠭᠡᠢ ᠶᠢᠨ ᠲᠤᠯᠠᠳᠠ ᠡᠨᠳᠡ ᠪᠦᠲᠦᠭᠡᠨ ᠦᠯᠦ ᠴᠢᠳᠠᠭᠠᠳ ᠡᠨᠡ ᠪᠡᠶᠡᠪᠡᠷ ᠪᠣᠳᠢ ᠵᠢᠷᠦᠬᠡᠨ ᠳᠦᠷ ᠡᠰᠡ ᠣᠳᠪᠠᠰᠤ ᠪᠢ ᠬᠣᠶᠢᠳᠤ ᠴᠠᠭ ᠤᠨ ᠠᠮᠢᠲᠠᠨ᠎ᠠ ᠲᠤᠰᠠᠶᠢ ᠡᠰᠡ ᠦᠶᠢᠯᠡᠳᠦᠭᠰᠡᠨ ᠪᠣᠯᠬᠤ ᠶᠢᠨ ᠲᠤᠯᠠ ᠢᠳᠡᠭᠡᠨ ᠶᠡᠬᠡ ᠳᠡ ᠢᠳᠡᠵᠦ ᠪᠡᠶ ᠡ ᠳᠦᠷ ᠬᠦᠴᠦᠨ ᠣᠷᠤᠭᠤᠯᠵᠤ ᠲᠡᠨᠳᠡᠴᠡ ᠪᠣᠳᠢ ᠵᠢᠷᠦᠬᠡᠨ ᠳᠦᠷ ᠣᠳᠰᠤᠭᠠᠢ ᠬᠡᠮᠡᠨ ᠰᠡᠳᠬᠢᠵᠦ ᠲᠡᠨᠳᠡᠴᠡ ᠪᠣᠳᠢᠰᠲᠸ ᠲᠡᠷᠡ ᠣᠷᠣᠨ ᠠᠴᠠ ᠪᠣᠰᠴᠤ ᠡᠳᠦᠭᠡ ᠪᠢ ᠪᠤᠷᠠᠮ ᠱᠢᠬᠢᠷ ᠲᠡᠷᠢᠭᠦᠲᠡᠨ ᠬᠦᠴᠦᠲᠦ ᠴᠢᠪᠢᠭᠢᠨ ᠢᠳᠡᠭᠡᠨ ᠢ ᠢᠳᠡᠮᠦᠢ ᠬᠡᠮᠡᠨ ᠪᠦᠭᠦᠳᠡᠨ᠎ᠡ ᠰᠣᠨᠣᠰᠬᠠᠨ ᠥᠭᠦᠯᠡᠭᠰᠡᠨ ᠢ ᠲᠠᠪᠤᠨ ᠪᠠᠨᠴᠠᠬᠢ ᠨᠥᠬᠦᠳ ᠰᠣᠨᠣᠰᠴᠤ ᠰᠡᠳᠬᠢᠷ ᠦᠨ ᠡᠨᠡ ᠭᠠᠤᠲᠠᠮ ᠲᠣᠶᠢᠨ ᠡᠶᠢᠮᠦ ᠣᠷᠣᠨ ᠳᠤᠷ ᠡᠶᠢᠮᠦ ᠮᠥᠷ ᠢᠶᠡᠷ ᠡᠶᠢᠮᠦ ᠬᠠᠲᠠᠭᠤᠵᠢᠯ ᠢᠶᠠᠷ ᠬᠤᠲᠤᠭᠲᠠᠨ ᠤ ᠪᠢᠯᠭᠡ ᠪᠢᠯᠢᠭ ᠢ ᠲᠤᠭᠤᠯᠤᠨ ᠶᠠᠳᠠᠵᠤ ᠡᠳᠦᠭᠡ ᠢᠳᠡᠭᠡᠨ ᠶᠡᠬᠡᠳᠡ ᠢᠳᠡᠵᠦ ᠶᠠᠭᠤᠨ ᠢ ᠲᠤᠭᠤᠯᠰᠤᠭᠠᠢ ᠬᠡᠮᠡᠮᠦᠢ ᠡᠨᠡ ᠬᠡᠮᠡᠨ ᠳᠤᠷᠠᠨ ᠬᠣᠴᠣᠷᠴᠤ ᠬᠡᠮᠡᠵᠦ ᠸᠠᠷᠠᠨᠠᠰᠠ ᠪᠠᠯᠭᠠᠰᠤᠨ ᠤ ᠢᠷᠱᠢᠪᠲᠠᠨ ᠨᠡᠷᠡᠲᠦ ᠭᠥᠷᠦᠭᠡᠰᠦ ᠲᠦ ᠣᠢ ᠳᠤᠷ ᠰᠠᠭᠤᠷ᠎ᠠ ᠣᠳᠪᠠᠢ ᠲᠡᠨᠳᠡᠬᠢᠨ ᠥᠭᠦᠯᠡᠯᠳᠦᠷ ᠦᠨ ᠠᠮᠤᠭᠤᠯᠠᠩ ᠲᠤ ᠵᠢᠷᠭᠠᠯᠠᠩᠲᠤ
Nögüge: döčin nigen: mör büyü. Edüge: tere mör-i bütüge:küi-e ene bey-e-dür küčün ügei-yi:n tulada ende bütüge:n ülü čidaγa:d ene beyebe:r bodi jirüken-dür ese odba:su bi qoyi:du čaγ-un amitan-a tusayi ese üyi:ledügsen bolqu-yi:n tula idege:n yeke-de idejü bey-e-dür küčün oruγu:lju tendeče bodi jirüken-dür odsuγai keme:n sedkijü tendeče Bodistv tere oron-a:ča bosču edüge: bi buram šikir terigü:ten küčütü čibigin idege:n-i idemüi keme:n bügüden-e sonosqan ögülegsen-i tabun bančaki nöküd sonosču sedkir-ün: Ene Gautam toyin eyi:mü oron-dur eyi:mü mör-iye:r eyi:mü qataγu:jil-iya:r qutuγtan-u bilge bilig-i tuγu:lun yadaju edüge: idege:n yekede idejü yaγu:n-i tuγu:lsuγai keme:müi ene keme:n duran qočorču keme:jü Varanasa balγasun-u Iršibtan neretü görüge:sü-tü oi-dur saγu:r-a odbai. Tendekin ögüleldür-ün: Amuγulang-tu jirγalangtu
41b
ᠳᠢᠶᠠᠨ ᠢᠶᠠᠷ ᠠᠪᠤᠭᠠᠳ ᠪᠤᠷᠬᠠᠨ ᠪᠣᠯᠬᠤᠢ ᠶᠢ ᠦᠯᠦ ᠲᠠᠴᠢᠶᠠᠭᠠᠨ ᠠᠯᠢ ᠲᠡᠷᠡ ᠪᠤᠰᠤᠳ ᠢ ᠤᠷᠢᠯᠴᠠᠭᠤᠯᠬᠤ ᠶᠢᠨ ᠲᠤᠯᠠᠳᠠ ᠠᠰᠤᠷᠤ ᠳᠠᠭᠤᠰᠬᠤᠢ᠎ᠠ ᠪᠡᠷᠬᠡ ᠬᠠᠲᠠᠭᠤᠵᠢᠬᠤᠢ ᠭᠠᠶᠢᠬᠠᠮᠱᠢᠭ ᠪᠤᠰᠤᠭᠤ ᠲᠩᠷᠢ ᠬᠦᠮᠦᠨ ᠦ ᠡᠷᠬᠡᠲᠡᠨ᠎ᠡ ᠲᠡᠪᠡᠷᠢᠵᠦ ᠤᠬᠠᠷᠠᠵᠤ ᠥᠰᠬᠡᠭᠳᠡᠭᠰᠡᠨ ᠲᠡᠶᠢᠨ ᠪᠡᠷ ᠬᠠᠲᠠᠭᠤᠵᠢᠨ ᠳᠠᠭᠤᠰᠬᠤᠢ ᠢᠨᠤ ᠲᠡᠷᠢᠭᠦᠪᠡᠷ ᠮᠥᠷᠭᠦᠭᠳᠡᠬᠦᠢ ᠶᠣᠰᠤᠲᠤ ᠪᠤᠰᠤᠭᠤ ᠠᠷᠪᠠᠨ ᠬᠣᠶᠠᠷ ᠵᠣᠬᠢᠶᠠᠩᠭᠤᠢ ᠦᠶᠢᠯᠡᠰ ᠡᠴᠡ ᠪᠡᠷᠬᠡ ᠡᠴᠡ ᠬᠠᠲᠠᠭᠤᠵᠢᠭᠰᠠᠨ ᠨᠡᠷᠡᠲᠦ ᠳᠣᠯᠤᠳᠤᠭᠠᠷ ᠪᠥᠯᠥᠭ ᠲᠡᠨᠳᠡᠴᠡ ᠪᠣᠳᠢᠰᠲᠸ ᠠᠯᠢ ᠴᠠᠭ ᠲᠤᠷ ᠵᠢᠷᠭᠤᠭᠠᠨ ᠣᠳ ᠲᠡᠭᠦᠰᠴᠦ ᠪᠣᠰᠤᠭᠰᠠᠨ ᠳᠤᠷ ᠰᠡᠳᠬᠢᠷ ᠦᠨ ᠦᠬᠦᠳᠡᠯ ᠳᠦᠷ ᠣᠭᠣᠷᠤᠭᠰᠠᠨ ᠣᠷᠯᠢᠶᠠᠰᠤᠨ ᠢ ᠡᠷᠢᠵᠦ ᠳᠡᠭᠡᠯ ᠬᠢᠰᠦᠭᠡᠢ ᠬᠡᠮᠡᠨ ᠰᠡᠳᠬᠢᠭᠰᠡᠨ ᠳᠦᠷ ᠰᠤᠴᠠᠲᠢ ᠨᠡᠷᠡᠲᠡᠢ ᠥᠬᠢᠨ ᠦ ᠱᠢᠪᠡᠭᠴᠢᠨ ᠳᠠᠷᠢ ᠨᠡᠷᠡᠲᠡᠢ ᠦᠬᠦᠵᠦ ᠰᠠᠷᠮ ᠠ ᠶᠢᠨ ᠣᠯᠵᠢᠨ ᠢᠶᠠᠷ ᠥᠷᠯᠢᠳᠴᠦ ᠦᠬᠦᠳᠡᠯ ᠳᠦᠷ ᠣᠭᠣᠷᠤᠭᠰᠠᠨ ᠢ ᠦᠵᠡᠵᠦ ᠵᠡᠭᠦᠨ ᠬᠥᠯ ᠢᠶᠡᠷ ᠭᠢᠴᠬᠢᠵᠦ ᠪᠠᠷᠠᠭᠤᠨ ᠭᠠᠷ ᠢᠶᠠᠷ ᠲᠠᠲᠠᠵᠤ ᠠᠪᠤᠭᠰᠠᠨ ᠲᠡᠷᠡ ᠴᠠᠭ ᠲᠤᠷ ᠭᠠᠵᠠᠷ ᠤᠨ ᠳᠡᠭᠡᠷ᠎ᠡ ᠬᠥᠩᠳᠡᠢ᠎ᠡ ᠠᠬᠤᠨ ᠲᠩᠷᠢ ᠨᠡᠷ ᠥᠭᠦᠯᠡᠯᠳᠦᠷ ᠦᠨ ᠴᠠᠬᠷᠠᠸᠠᠷᠲᠢ ᠬᠠᠭᠠᠨ ᠤ
diyan-iya:r abuγa:d burqan bolqui-yi ülü tačiya:γa:n ali tere busud-i urilčaγu:lqu-yi:n tulada asuru daγu:squi-a berke qataγu:jiqui γayi:qamšiγ busuγu:. Tngri kümü:n-ü erketen-e teberijü uqaraju öskegdegsen teyi:n ber qataγu:jin daγu:squi inu terigü:be:r mörgügdeküi yosutu busuγu. Arban qoyar jokiya:ngγui üyi:les-e:če berke-e:če qataγu:jiγsan neretü doluduγa:r bölög. Tendeče Bodistv ali čaγ-tur jirγuγa:n od tegüsčü bosuγsan-dur sedkir-ün. Üküdel-dür oγo:ruγsan orliya:sun-i erijü dege:l ki:sügei keme:n sedkigsen-dür Sučati neretei ökin-ü šibegčin Dari neretei üküjü Sarm-a-yi:n oljin-iya:r örlidčü üküdel-dür oγo:ruγsan-i üjejü jegü:n köl-iye:r gičkijü baraγu:n γar-iya:r tataju abuγsan tere čaγ-tur γajar-un dege:r-e köngdei-e aqun tngri-ner ögüleldür-ün: Čakravarti qaγa:n-u
42a
ᠨᠥᠭᠦᠭᠡ ᠳᠥᠴᠢᠨ ᠬᠣᠶᠠᠷ ᠵᠢᠷᠭᠠᠯᠠᠩ ᠢ ᠲᠡᠪᠴᠢᠵᠦ ᠦᠬᠦᠳᠡᠯ ᠳᠡᠬᠢ ᠣᠷᠯᠢᠶᠠᠰᠤᠨ ᠳᠤᠷ ᠪᠥᠬᠡᠶᠢᠬᠦ ᠢᠨᠦ ᠭᠠᠶᠢᠬᠠᠮᠱᠢᠭ ᠨᠢ ᠭᠠᠶᠢᠬᠠᠭᠳᠠᠬᠤ ᠦᠯᠦᠬᠦ ᠪᠦᠢ ᠬᠡᠮᠡᠨ ᠭᠠᠶᠢᠬᠠᠯᠳᠤᠬᠤ ᠲᠡᠷᠡ ᠳᠠᠭᠤᠨ ᠤᠯᠠᠮ ᠮᠥᠨ ᠳᠡᠭᠡᠷ᠎ᠡ ᠠᠬᠠᠨᠢᠱᠲᠠ ᠳᠤᠷ ᠬᠦᠷᠲᠡᠯᠡ ᠰᠣᠨᠣᠰᠴᠤ ᠲᠡᠭᠦᠨᠴᠢᠯᠡᠨ ᠬᠦ ᠭᠠᠶᠢᠬᠠᠯᠳᠤᠵᠤ ᠮᠠᠭᠲᠠᠯᠳᠤᠪᠠᠢ ᠲᠡᠨᠳᠡᠴᠡ ᠪᠣᠳᠢᠰᠲᠸ ᠡᠳᠦᠭᠡ ᠡᠭᠦᠨᠢ ᠤᠭᠢᠶᠠᠨ ᠤᠰᠤᠨ ᠪᠣᠯᠪᠠᠰᠤ ᠶᠠᠭᠤᠨ ᠬᠡᠮᠡᠨ ᠰᠡᠳᠬᠢᠭᠦᠯᠦᠭᠡᠳ ᠰᠠᠴᠠ ᠲᠩᠷᠢ ᠨᠡᠷ ᠠᠯᠠᠭᠠᠪᠠᠷ ᠭᠠᠵᠠᠷ ᠳᠡᠯᠡᠳᠴᠦ ᠨᠠᠭᠤᠷ ᠢ ᠦᠵᠡᠭᠦᠯᠦᠭᠰᠡᠨ ᠳᠦᠷ ᠤᠰᠤᠨ ᠣᠯᠪᠠᠢ ᠤᠭᠢᠶᠠᠬᠤᠢ ᠭᠦᠷᠦ ᠪᠣᠯᠪᠠᠰᠤ ᠶᠠᠭᠤᠨ ᠬᠡᠮᠡᠨ ᠰᠡᠳᠬᠢᠭᠰᠡᠨ ᠢ ᠬᠤᠷᠮᠤᠰᠲᠠ ᠲᠩᠷᠢ ᠤᠬᠠᠵᠤ ᠬᠠᠪᠲᠠᠭᠠᠢ ᠭᠦᠷᠦ ᠶᠢ ᠪᠡᠷ ᠦᠵᠡᠭᠦᠯᠵᠦ ᠬᠤᠷᠮᠤᠰᠲᠠ ᠪᠢ ᠤᠭᠢᠶᠠᠵᠤ ᠥᠭᠰᠦᠭᠡᠢ ᠬᠡᠮᠡᠪᠡᠰᠦ ᠭᠡᠷ ᠲᠡᠴᠡ ᠭᠠᠷᠤᠭᠰᠠᠨ ᠥᠪᠡᠷ ᠦᠨ ᠦᠶᠢᠯᠡ ᠪᠡᠨ ᠥᠪᠡᠰᠦᠪᠡᠨ ᠦᠶᠢᠯᠡᠳᠬᠦᠢ ᠶᠢ ᠤᠬᠠᠭᠤᠯᠬᠤ ᠶᠢᠨ ᠲᠤᠯᠠ ᠡᠰᠡ ᠪᠣᠯᠵᠤ ᠥᠪᠡᠷ ᠢᠶᠡᠨ ᠤᠭᠢᠶᠠᠪᠠᠢ ᠡᠵᠢᠶ᠎ᠡ ᠬᠦᠷᠲᠡᠯᠡ ᠪᠡᠷ ᠠᠯᠠᠭᠠᠨ ᠤ ᠨᠠᠭᠤᠷ ᠬᠡᠮᠡᠨ ᠨᠡᠷᠡᠶᠢᠳᠦᠮᠦᠢ ᠲᠡᠨᠳᠡᠴᠡ ᠪᠣᠳᠢᠰᠲᠸ ᠣᠯᠵᠢᠨ ᠢ ᠤᠭᠢᠶᠠᠵᠤ ᠴᠢᠯᠡᠵᠦ ᠪᠦᠷᠦᠨ ᠭᠠᠷᠤᠨ ᠲᠤᠭᠤᠷᠪᠢᠭᠰᠠᠨ ᠳᠤᠷ ᠨᠠᠭᠠᠨᠠᠢ ᠶᠢᠨ ᠴᠢᠪᠢᠯ ᠲᠦ ᠱᠢᠮᠨᠤ ᠨᠢᠭᠡᠨ ᠥᠨᠳᠦᠷ ᠡᠷᠭᠢ ᠪᠣᠯᠭᠠᠨ ᠬᠤᠪᠢᠯᠭᠠᠭᠰᠠᠨ ᠳᠤᠷ ᠪᠣᠳᠢᠰᠲᠸ ᠡᠭᠦᠨᠢ ᠦᠵᠡᠵᠦ ᠥᠪᠡᠷ ᠦᠨ ᠬᠤᠪᠢᠯᠭᠠᠨ ᠬᠦᠴᠦᠨ ᠢᠶᠡᠷ ᠭᠠᠷᠤᠨ ᠴᠢᠳᠠᠪᠠᠰᠤ ᠪᠡᠷ
Nögüge: döčin qoyar: jirγalang-i tebčijü üküdel deki orliya:sun-dur bökeyi:kü inü γayi:qamšiγ ni γayi:qaγdaqu ülükü büi keme:n γayi:qalduqu tere daγu:n ulam mön dege:r-e Akaništa-dur kürtele sonosču tegü:nčilen kü γayi:qalduju maγtaldubai. Tendeče Bodistv edüge: egü:ni ugiya:n usun bolba:su yaγu:n keme:n sedkigü:lüge:d sača tngri-ner alaγaba:r γajar deledčü naγu:r-i üjegü:lügsen-dür usun olbai. Ugiya:qui gürü bolba:su yaγu:n keme:n sedkigsen-i qurmusta tngri uqaju qabtaγai gürü-yi ber üjegü:ljü Qurmusta bi ugiya:ju ögsügei keme:be:sü ger-teče γaruγsan öbe:r-ün üyi:le-be:n öbe:sübe:n üyi:ledküi-yi uqaγu:lqu-yi:n tula ese bolju öbe:r-iye:n ugiya:bai. Ejiy-e: kürtele ber Alaγan-u naγu:r keme:n nereyi:dümüi. Tendeče Bodistv oljin-i ugiya:ju čilejü bürün. γarun tuγu:rbiγsan-dur naγanai-/yi:n/ čibil-tü šimnu nigen öndür ergi bolγan qubilγaγsan-dur Bodistv egü:ni üjejü öbe:r-ün qubilγa:n küčün-iye:r γarun čidaba:su ber
42b
ᠪᠤᠰᠤᠳ ᠲᠠ ᠲᠤᠰᠠᠶᠢ ᠰᠡᠳᠬᠢᠵᠦ ᠲᠡᠷᠡ ᠨᠠᠭᠤᠷ ᠤᠨ ᠬᠢᠵᠠᠭᠠᠷ᠎ᠠ ᠪᠦᠬᠦ ᠬᠠᠬᠤᠪᠢ ᠨᠡᠷᠡᠲᠦ ᠮᠣᠳᠤᠨ ᠳᠤᠷ ᠠᠬᠤ ᠥᠬᠢᠨ ᠲᠩᠷᠢ ᠳᠦᠷ ᠥᠭᠦᠯᠡᠷ ᠦᠨ ᠮᠣᠳᠤᠨ ᠤ ᠭᠡᠱᠢᠭᠦᠨ ᠢ ᠨᠠᠳᠤᠷ ᠳᠣᠷᠤᠭᠱᠢ ᠪᠣᠯᠭᠠᠵᠤ ᠥᠭ ᠬᠡᠮᠡᠪᠡᠰᠦ ᠲᠡᠭᠦᠨᠴᠢᠯᠡᠨ ᠪᠥᠬᠡᠶᠢᠯᠭᠡᠵᠦ ᠥᠭᠭᠦᠭᠰᠡᠨ ᠢ ᠲᠠᠲᠠᠵᠤ ᠭᠠᠷᠴᠤ ᠮᠥᠨ ᠮᠣᠳᠤᠨ ᠤ ᠳᠣᠤᠷ᠎ᠠ ᠰᠠᠭᠤᠵᠤ ᠳᠡᠭᠡᠯ ᠢᠶᠡᠨ ᠣᠶᠤᠪᠠᠢ ᠲᠡᠭᠦᠨᠢ ᠡᠵᠢᠶ᠎ᠡ ᠬᠦᠷᠲᠡᠯᠡ ᠪᠡᠷ ᠲᠡᠶᠢᠨ ᠣᠷᠯᠢᠶᠠᠰᠤᠨ ᠢ ᠣᠶᠤᠭᠰᠠᠨ ᠭᠠᠵᠠᠷ ᠬᠡᠮᠡᠨ ᠨᠡᠷᠡᠶᠢᠳᠦᠮᠦᠢ ᠲᠡᠷᠡ ᠴᠠᠭ ᠲᠤᠷ ᠠᠷᠢᠭᠤᠨ ᠣᠷᠣᠨ ᠳᠠᠬᠢ ᠨᠢᠷᠮᠠᠯᠢ ᠪᠠᠷᠠᠪᠠ ᠨᠡᠷᠡᠲᠦ ᠲᠩᠷᠢ ᠶᠢᠨ ᠬᠥᠪᠡᠭᠦᠨ ᠲᠩᠷᠢ ᠨᠡᠷ ᠦᠨ ᠠᠯᠲᠠᠨ ᠥᠩᠭᠡᠲᠦ ᠠᠯ ᠱᠢᠷᠠ ᠬᠠᠷᠰ ᠠ ᠶᠢ ᠥᠭᠭᠦᠨ ᠥᠴᠢᠭᠰᠡᠨ ᠢ ᠪᠡᠷ ᠠᠪᠤᠨ ᠰᠣᠶᠤᠷᠬᠠᠪᠠᠢ ᠠᠯᠢ ᠴᠠᠭ ᠲᠤᠷ ᠶᠡᠬᠡ ᠡᠮᠬᠦᠲᠦ ᠢᠳᠡᠭᠡᠨ ᠢ ᠢᠳᠡᠰᠦᠭᠡᠢ ᠬᠡᠮᠡᠭᠰᠡᠨ ᠲᠡᠷᠡ ᠴᠠᠭ ᠲᠤᠷ ᠪᠣᠳᠢᠰᠲᠸ ᠤᠷᠢᠳᠠ ᠪᠡᠷᠬᠡ ᠡᠴᠡ ᠬᠠᠲᠠᠭᠤᠵᠢᠨ ᠲᠡᠷᠢᠭᠦᠯᠡᠭᠰᠡᠨ ᠡᠴᠡ ᠪᠣᠳᠢᠰᠲᠸ ᠲᠡᠷᠢᠭᠦᠯᠡᠨ ᠲᠠᠪᠤᠨ ᠪᠠᠨᠴᠠᠬᠢ ᠲᠣᠶᠢᠳ ᠲᠠ ᠠᠷᠴᠠ ᠶᠢᠨ ᠦᠷ᠎ᠡ ᠲᠡᠷᠢᠭᠦᠲᠡᠨ ᠢ ᠯᠠᠪ ᠪᠠᠷᠢᠨ ᠠᠭᠰᠠᠨ ᠨᠠᠨᠳᠠᠪᠠᠯᠢ ᠲᠡᠷᠢᠭᠦᠲᠡᠨ ᠠᠷᠪᠠᠨ ᠥᠬᠢᠳ ᠶᠡᠬᠡ ᠡᠮᠬᠦᠲᠦ ᠢᠳᠡᠭᠡᠯᠡᠭᠳᠡᠭᠰᠡᠨ ᠢᠶᠡᠷ ᠪᠡᠶ ᠡ ᠶᠢᠨ ᠬᠦᠴᠦᠨ ᠣᠷᠤᠵᠤ ᠪᠠᠯᠭᠠᠳ ᠲᠤᠷ ᠪᠢᠨᠸᠠᠳ ᠭᠤᠶᠤᠨ ᠣᠷᠤᠭᠰᠠᠨ ᠳᠤᠷ
busud-ta tusayi sedkijü tere naγu:r-un kijaγa:r-a bükü Kakubi neretü modun-dur aqu ökin tngri-dür ögüler-ün: Modun-u gešigü:n-i nadur doruγši bolγaju ög keme:be:sü tegü:nčilen bökeyi:lgejü öggügsen-i tataju γarču mön modun-u dour-a saγu:ju dege:l-iye:n oyubai. Tegü:ni ejiy-e: kürtele ber teyi:n orliya:sun-i oyuγsan γajar keme:n nereyi:dümüi. Tere čaγ-tur ariγu:n oron daki Nirmali-baraba neretü tngri-yi:n köbegü:n tngri-ner-ün altan önggetü al šira kars-a-yi öggün öčigsen-i ber abun soyurqabai. Ali čaγ-tur yeke emkütü idege:n-i idesügei keme:gsen tere čaγ-tur Bodistv urida berke-e:če qataγu:jin terigü:legsen-e:če Bodistv terigü:len tabun bančaki toyid-ta arča-yi:n ür-e terigü:ten-i lab barin aγsan Nandabali terigü:ten arban ökid yeke emkütü idege:le/g/degsen-iye:r bey-e-yi:n küčün oruju balγad-tur binvad γuyun oruγsan-dur
43a
ᠨᠥᠭᠦᠭᠡ ᠳᠥᠴᠢᠨ ᠭᠤᠷᠪᠠᠨ ᠲᠡᠨᠳᠡᠴᠡ ᠲᠡᠷᠢᠭᠦᠯᠡᠵᠦ ᠪᠦᠭᠦᠳᠡ ᠢᠷᠭᠡᠨ ᠴᠣᠭᠲᠤ ᠭᠣᠤ᠎ᠠ ᠲᠣᠶᠢᠨ ᠬᠡᠮᠡᠨ ᠥᠭᠦᠯᠡᠬᠦ ᠪᠣᠯᠪᠠ ᠪᠠᠰᠠ ᠮᠥᠨ ᠬᠠᠲᠠᠭᠤᠵᠢᠬᠤᠢ ᠴᠠᠭ ᠲᠤᠷ ᠱᠢᠯᠲᠡᠭᠡᠨ ᠦ ᠬᠦᠮᠦᠨ ᠨᠠᠨᠳᠢ ᠨᠠᠨᠳᠢᠪᠠᠯᠢ ᠨᠡᠷ ᠡ ᠲᠡᠨ ᠥᠬᠢᠳ ᠡᠳᠦᠷ ᠲᠦᠷ ᠨᠠᠢᠮᠠᠨ ᠵᠠᠭᠤᠨ ᠪᠢᠷᠠᠮᠠᠨ ᠨᠤᠭᠤᠳ ᠲᠠ ᠴᠠᠢ ᠪᠠᠷᠢᠵᠤ ᠮᠢᠨᠤ ᠢᠳᠡᠭᠡᠨ ᠢ ᠢᠳᠡᠭᠰᠡᠨ ᠢᠶᠡᠷ ᠳᠡᠭᠡᠷ᠎ᠡ ᠦᠭᠡᠢ ᠦᠨᠡᠨ ᠲᠡᠭᠦᠰ ᠲᠤᠭᠤᠯᠤᠭᠰᠠᠨ ᠪᠤᠷᠬᠠᠨ ᠪᠣᠯᠬᠤ ᠪᠣᠯᠲᠤᠭᠠᠢ ᠬᠡᠮᠡᠨ ᠬᠤᠲᠤᠭ ᠭᠤᠶᠤᠭᠰᠠᠨ ᠠᠵᠤᠭᠤ ᠠᠯᠢ ᠴᠠᠭ ᠲᠤᠷ ᠪᠣᠳᠢᠰᠲᠸ ᠰᠠᠮᠲᠠᠪᠰ ᠬᠢᠭᠡᠳ ᠬᠠᠷᠰ᠎ᠠ ᠳᠡᠭᠡᠯ ᠢ ᠡᠮᠦᠰᠴᠦ ᠱᠢᠨᠠᠶᠠᠨᠢ ᠶᠢᠨ ᠪᠠᠯᠭᠠᠰᠤᠨ ᠳᠤᠷ ᠪᠢᠨᠸᠠᠳ ᠭᠤᠶᠤᠨ ᠣᠷᠤᠭᠰᠠᠨ ᠲᠡᠷᠡ ᠴᠠᠭ ᠲᠤᠷ ᠣᠯᠠᠨ ᠲᠩᠷᠢ ᠨᠡᠷ ᠨᠠᠨᠳᠢ ᠨᠠᠨᠳᠢᠪᠠᠯᠢ ᠨᠡᠷᠡᠲᠡᠨ ᠥᠬᠢᠳ ᠲᠡ ᠥᠭᠦᠯᠡᠷ ᠦᠨ ᠠᠯᠢ ᠲᠡᠷᠡ ᠲᠠᠨ ᠤ ᠤᠷᠢᠳᠠ ᠬᠤᠲᠤᠭ ᠭᠤᠶᠤᠭᠰᠠᠨ ᠲᠡᠷᠡ ᠦᠶᠢᠯᠡ ᠡᠳᠦᠭᠡ ᠪᠦᠲᠦᠬᠦᠢ ᠪᠣᠯᠪᠠ ᠪᠣᠳᠢᠰᠲᠸ ᠲᠤᠷ ᠴᠢᠪᠢᠭᠢᠨ ᠬᠦᠴᠦᠲᠦ ᠪᠢᠨᠸᠠᠳ ᠢᠶᠠᠨ ᠪᠠᠷᠢ ᠬᠡᠮᠡᠨ ᠥᠭᠦᠯᠡᠭᠰᠡᠨ ᠢ ᠲᠡᠳᠡ ᠥᠬᠢᠳ ᠰᠣᠨᠣᠰᠴᠤ ᠦᠯᠡᠮᠵᠢ ᠮᠠᠱᠢ ᠪᠠᠶᠠᠰᠤᠭᠠᠳ ᠮᠠᠨᠠᠭᠠᠷᠱᠢ ᠢᠨᠤ ᠶᠠᠭᠠᠷᠠᠵᠤ ᠮᠢᠩᠭᠠᠨ ᠦᠨᠢᠭᠡᠨ ᠦ ᠰᠦᠨ ᠢ ᠰᠠᠭᠠᠵᠤ ᠲᠠᠪᠤᠨ ᠵᠠᠭᠤᠨ ᠦᠨᠢᠭᠡᠨ᠎ᠡ ᠤᠭᠤᠯᠭᠠᠪᠠᠰᠤ ᠲᠠᠪᠤᠨ ᠵᠠᠭᠤᠨ ᠠᠴᠠ ᠬᠣᠶᠠᠷ
Nögüge: döčin γurban: Tendeče terigü:lejü bügüde irgen čoγtu γou-a toyin keme:n ögülekü bolba. Basa mön qataγu:jiqui čaγ-tur šiltege:n-ü kümü:n Nandi Nandibali ner-e-ten ökid edür-tür naiman jaγu:n biraman-nuγu:d-ta čai bariju minu idege:n-i idegsen-iye:r dege:r-e ügei ünen tegüs tuγu:luγsan burqan bolqu boltuγai keme:n qutuγ γuyuγsan ajuγu:. Ali čaγ-tur Bodistv samtabs ki:ge:d kars-a dege:l-i emüsčü Šinayani-yi:n balγasun-dur binvad γuyun oruγsan tere čaγ-tur olan tngri-ner Nandi Nandibali nereten ökid-te ögüler-ün: Ali tere tan-u urida qutuγ γuyuγsan tere üyi:le edüge: bütüküi bolba. Bodistv-tur čibigin küčütü binvad-iya:n bari keme:n ögülegsen-i tede ökid sonosču ülemji maši bayasuγa:d manaγarši inu yaγa:raju mingγan ünige:n-ü sün-i saγa:ju tabun jaγu:n ünige:n-e uγu:lγaba:su tabun jaγu:n-a:ča qoyar
43b
ᠵᠠᠭᠤᠨ ᠲᠠᠪᠢᠨ᠎ᠠ ᠬᠣᠶᠠᠷ ᠵᠠᠭᠤᠨ ᠲᠠᠪᠢᠨ ᠠᠴᠠ ᠵᠠᠭᠤᠨ᠎ᠠ ᠵᠠᠭᠤᠨ ᠠᠴᠠ ᠲᠠᠪᠢᠨ᠎ᠠ ᠲᠠᠪᠢᠨ ᠠᠴᠠ ᠬᠣᠷᠢᠨ ᠲᠠᠪᠤᠨ᠎ᠠ ᠤᠤᠯᠭᠠᠵᠤ ᠰᠠᠭᠠᠭᠰᠠᠨ ᠰᠦᠨ ᠳᠦᠷ ᠪᠤᠷᠠᠮ ᠱᠢᠬᠢᠷ ᠬᠢᠭᠡᠳ ᠢ ᠬᠣᠯᠢᠵᠤ ᠲᠤᠲᠤᠷᠭᠠᠨ ᠠᠮᠤᠰᠤᠨ ᠴᠢᠨᠠᠭᠰᠠᠨ ᠳᠤᠷ ᠥᠯᠵᠡᠢᠲᠦ ᠤᠲᠠᠰᠤᠨ ᠬᠢᠭᠡᠳ ᠯᠠᠪᠠᠢ ᠯᠢᠨᠬᠤ᠎ᠠ ᠲᠡᠷᠢᠭᠦᠲᠡᠨ ᠥᠯᠵᠡᠢ ᠲᠦ ᠬᠤᠲᠤᠭᠲᠤ ᠪᠡᠯᠭᠡᠰ ᠭᠠᠷᠤᠭᠰᠠᠨ ᠢ ᠦᠵᠡᠵᠦ ᠰᠡᠳᠬᠢᠷ ᠦᠨ ᠡᠳᠡ ᠪᠡᠯᠭᠡᠰ ᠪᠣᠯᠤᠭᠰᠠᠨ ᠢᠶᠠᠷ ᠪᠣᠳᠢᠰᠲᠸ ᠡᠭᠦᠨᠢ ᠢᠳᠡᠭᠦᠯᠦᠭᠡᠳ ᠪᠤᠷᠬᠠᠨ ᠪᠣᠯᠬᠤᠢ᠎ᠠ ᠰᠡᠰᠢᠭ ᠦᠭᠡᠢ ᠬᠡᠮᠡᠨ ᠪᠠᠶᠠᠰᠴᠤ ᠴᠡᠴᠡᠭ ᠬᠢᠭᠡᠳ ᠰᠠᠶᠢᠨ ᠦᠨᠦᠷᠲᠦ ᠤᠰᠤᠨ ᠰᠠᠴᠤᠵᠤ ᠪᠦᠷᠦᠨ ᠤᠲᠠᠷᠢ ᠨᠡᠷᠡᠲᠡᠢ ᠱᠢᠪᠡᠭᠴᠢᠨ ᠢᠶᠡᠨ ᠵᠠᠷᠤᠵᠤ ᠴᠢ ᠣᠳᠴᠤ ᠶᠡᠬᠡ ᠪᠢᠷᠠᠮᠠᠨ ᠢ ᠡᠨᠳᠡ ᠢᠷᠡᠭᠦᠯᠦᠨ ᠥᠴᠢᠲᠦᠭᠡᠢ ᠪᠠ ᠢᠳᠡᠭᠡᠨ ᠢ ᠠᠷᠢᠭᠤᠢ᠎ᠠ ᠰᠠᠬᠢᠰᠤᠭᠠᠢ ᠬᠡᠮᠡᠨ ᠥᠭᠦᠯᠡᠪᠡᠰᠦ ᠰᠠᠶᠢᠨ ᠰᠠᠶᠢᠨ ᠡᠱᠢ ᠮᠢᠨᠦ ᠲᠡᠶᠢᠨ ᠬᠢᠰᠦᠭᠡᠢ ᠬᠡᠮᠡᠨ ᠪᠢᠷᠠᠮᠠᠨ ᠢ ᠡᠷᠢᠨ ᠠᠯᠢᠪᠠ ᠵᠦᠭ ᠣᠳᠪᠠᠰᠤ ᠪᠢᠷᠠᠮᠠᠨ ᠦᠭᠡᠢ ᠮᠥᠨ ᠪᠣᠳᠢᠰᠲᠸ ᠢ ᠦᠵᠡᠵᠦ ᠬᠠᠷᠢᠵᠤ ᠢᠷᠡᠵᠦ ᠥᠬᠢᠨ᠎ᠡ ᠥᠭᠦᠯᠡᠷ ᠦᠨ ᠪᠢᠷᠠᠮᠠᠨ ᠦᠭᠡᠢ ᠨᠢᠭᠡᠨ ᠴᠣᠭᠲᠤ ᠭᠣᠤ᠎ᠠ ᠲᠣᠶᠢᠨ ᠪᠤᠢ ᠬᠡᠮᠡᠪᠡᠰᠦ ᠥᠬᠢᠨ ᠥᠭᠦᠯᠡᠷ ᠦᠨ ᠲᠡᠷᠡ ᠪᠥᠭᠡᠳ ᠶᠡᠬᠡ ᠪᠢᠷᠠᠮᠠᠨ ᠪᠤᠢ ᠢᠷᠡᠭᠦᠯ ᠦᠨ ᠥᠴᠢ ᠬᠡᠮᠡᠨ
jaγu:n tabin-a, qoyar jaγu:n tabin-a:ča jaγu:n-a, jaγu:n-a:ča tabin-a, tabin-a:ča qorin tabun-a uulγaju saγa:γsan sün-dür buram šikir ki:ge:d-i qoliju tuturγan amusun činaγsan-dur öljeitü utasun ki:ge:d labai linqu-a terigü:ten öljei-tü qutuγtu belges γaruγsan-i üjejü sedkir-ün: Ede belges boluγsan-iya:r Bodistv egü:ni idegü:lüge:d burqan bolqui-a sesig ügei keme:n bayasču čečeg ki:ge:d sayi:n ünürtü usun sačuju bürün. Utari neretei šibegčin-iye:n jaruju či odču yeke biraman-i ende iregü:lün öčitügei. Ba idege:n-i ariγu:i-a sakisuγai keme:n ögülebe:sü sayi:n sayi:n eši minü teyi:n ki:sügei keme:n biraman-i erin aliba jüg odba:su biraman ügei mön Bodistv-i üjejü qariju irejü ökin-e ögüler-ün: Biraman ügei nigen čoγtu γou-a toyin bui keme:be:sü ökin ögüler-ün: Tere böge:d yeke biraman bui. Iregü:l-ün öči keme:n
44a
ᠨᠥᠭᠦᠭᠡ ᠳᠥᠴᠢᠨ ᠳᠥᠷᠪᠡᠨ ᠢᠯᠡᠵᠦ ᠥᠴᠢᠵᠦ ᠢᠷᠡᠭᠦᠯᠦᠭᠰᠡᠨ ᠳᠦᠷ ᠬᠦᠨᠳᠦᠯᠡᠨ ᠳᠡᠪᠦᠰᠬᠡᠷ ᠲᠦᠷ ᠰᠠᠭᠤᠯᠵᠤ ᠰᠦᠲᠦ ᠠᠮᠤᠰᠤᠨ ᠢ ᠠᠯᠲᠠᠨ ᠰᠠᠪᠠ ᠳᠤᠷ ᠳᠦᠭᠦᠷᠭᠡᠵᠦ ᠮᠥᠷᠭᠦᠵᠦ ᠢᠳᠡᠭᠦᠯᠦᠨ ᠥᠴᠢᠭᠰᠡᠨ ᠳᠦᠷ ᠪᠣᠳᠢᠰᠲᠸ ᠥᠭᠦᠯᠡᠷ ᠦᠨ ᠥᠬᠢᠨ᠎ᠡ ᠢᠳᠡᠭᠡᠨ ᠢ ᠴᠢᠨᠦ ᠠᠪᠤᠯᠤᠭ᠎ᠠ ᠪᠢ ᠠᠯᠲᠠᠨ ᠰᠠᠪᠠ ᠶᠢᠨ ᠬᠡᠷᠡᠭ ᠨᠠᠳᠤᠷ ᠦᠭᠡᠢ ᠪᠦᠢ ᠠᠪᠴᠤ ᠬᠠᠷᠢᠲᠤᠭᠠᠢ ᠬᠡᠮᠡᠨ ᠥᠭᠦᠯᠡᠪᠡᠰᠦ ᠥᠬᠢᠨ ᠥᠭᠦᠯᠡᠷ ᠦᠨ ᠶᠡᠬᠡ ᠲᠣᠶᠢᠨ ᠠ ᠥᠭᠭᠦᠨ ᠪᠠᠷᠠᠯᠤᠭᠠᠢ ᠶᠠᠮᠪᠠᠷ ᠲᠠᠭᠠᠯᠠᠬᠤᠢ ᠪᠡᠷ ᠦᠶᠢᠯᠡᠳᠦᠨ ᠰᠣᠶᠤᠷᠬ᠎ᠠ ᠬᠡᠮᠡᠨ ᠥᠴᠢᠪᠡᠰᠦ ᠲᠡᠨᠳᠡᠴᠡ ᠪᠣᠳᠢᠰᠲᠸ ᠲᠡᠷᠡ ᠪᠢᠨᠸᠠᠳ ᠢ ᠠᠪᠤᠭᠠᠳ ᠱᠢᠨᠠᠶᠠᠨᠢ ᠪᠠᠯᠭᠠᠰᠤᠨ ᠠᠴᠠ ᠭᠠᠷᠴᠤ ᠣᠳᠴᠤ ᠡᠳᠦᠷ ᠦᠨ ᠢᠳᠡᠭᠡᠨ ᠦ ᠴᠠᠭ ᠪᠣᠯᠤᠭᠰᠠᠨ ᠳᠤᠷ ᠨᠠᠶᠢᠷᠠᠨᠵᠠ ᠮᠥᠷᠡᠨ ᠳᠦᠷ ᠬᠦᠷᠴᠦ ᠬᠠᠷᠰ᠎ᠠ ᠳᠡᠭᠡᠯ ᠪᠢᠨᠸᠠᠳ ᠢᠳᠡᠭᠡᠨ ᠢ ᠮᠥᠷᠡᠨ ᠦ ᠬᠢᠵᠠᠭᠠᠷ᠎ᠠ ᠲᠠᠯᠪᠢᠵᠤ ᠪᠡᠶ᠎ᠡ ᠤᠭᠢᠶᠠᠨ ᠤᠰᠤᠨ ᠳᠤᠷ ᠣᠷᠤᠭᠰᠠᠨ ᠲᠡᠷᠡ ᠴᠠᠭ ᠲᠤᠷ ᠲᠩᠷᠢ ᠨᠡᠷ ᠡᠯᠳᠡᠪ ᠴᠡᠴᠡᠭ ᠦᠳ ᠰᠠᠴᠤᠵᠤ ᠡᠯᠳᠡᠪ ᠰᠠᠶᠢᠨ ᠦᠨᠦᠷᠲᠦ ᠤᠰᠤᠨ ᠢᠶᠠᠷ ᠪᠣᠳᠢᠰᠲᠸ ᠤᠨ ᠪᠡᠶ ᠡ ᠶᠢ ᠤᠭᠢᠶᠠᠨ ᠥᠴᠢᠪᠡᠢ ᠤᠭᠢᠶᠠᠭᠰᠠᠨ ᠤᠰᠤᠨ ᠢ ᠮᠥᠨ ᠲᠩᠷᠢ ᠨᠡᠷ ᠲᠠᠬᠢᠯ ᠤᠨ ᠱᠢᠲᠦᠭᠡᠨ ᠪᠣᠯᠭᠠᠷ ᠤᠨ ᠥᠪᠡᠷ ᠦᠨ ᠥᠪᠡᠷ ᠦᠨ ᠣᠷᠣᠨ ᠳᠤᠷ ᠢᠶᠠᠨ ᠠᠪᠴᠤ ᠣᠳᠪᠠᠢ ᠦᠰᠦᠨ ᠰᠠᠬᠠᠯ ᠢ
Nögüge: döčin dörben: ile:jü öčijü iregü:lügsen-dür kündülen debüsker-tür saγu:lju sütü amusun-i altan saba-dur dügü:rgejü mörgüjü idegü:lün öčigsen-dür Bodistv ögüler-ün: Ökin-e: idege:n-i činü abuluγ-a: bi. Altan saba-yi:n kereg nadur ügei büi. Abču qarituγai keme:n ögülebe:sü ökin ögüler-ün: Yeke toyin a: öggün baraluγa:i. Yambar taγa:laqui ber üyi:ledün soyurq-a keme:n öčibe:sü tendeče Bodistv tere binvad-i abuγa:d Šinayani balγasun-a:ča γarču odču edür-ün idege:n-ü čaγ boluγsan-dur Nayi:ranja mören-dür kürčü kars-a dege:l binvad idege:n-i mören-ü kijaγa:r-a talbiju bey-e ugiya:n usun-dur oruγsan tere čaγ-tur tngri-ner eldeb čečeg-ü:d sačuju eldeb sayi:n ünürtü usun-iya:r Bodistv-un bey-e-yi ugiya:n öčibei. Ugiya:γsan usun-i mön tngri-ner takil-un šitüge:n bolγar-un: öbe:r-ün öbe:r-ün oron-dur-iya:n abču odbai. Üsün saqal-i
44b
ᠨᠠᠨᠳᠢ ᠨᠠᠨᠳᠢᠪᠠᠯᠢ ᠨᠡᠷᠡᠲᠡᠨ ᠥᠬᠢᠳ ᠰᠤᠪᠤᠷᠭᠠᠨ ᠪᠣᠰᠬᠠᠵᠤ ᠲᠠᠬᠢᠬᠤ ᠶᠢᠨ ᠲᠤᠯᠠ ᠠᠪᠤᠯᠤᠭ᠎ᠠ ᠲᠡᠨᠳᠡᠴᠡ ᠪᠣᠳᠢᠰᠲᠸ ᠤᠰᠤᠨ ᠠᠴᠠ ᠭᠠᠷᠴᠤ ᠰᠠᠭᠤᠬᠤᠢ᠎ᠠ ᠰᠡᠳᠬᠢᠵᠦ ᠨᠠᠶᠢᠷᠠᠨᠵᠠ ᠮᠥᠷᠡᠨ ᠢ ᠦᠵᠡᠪᠡᠰᠦ ᠲᠡᠨᠳᠡ ᠪᠦᠬᠦ ᠯᠤᠤ ᠶᠢᠨ ᠥᠬᠢᠨ ᠭᠠᠵᠠᠷ ᠳᠣᠤᠷ ᠠ ᠠᠴᠠ ᠭᠠᠷᠴᠤ ᠢᠷᠡᠵᠦ ᠠᠷᠰᠯᠠᠨ ᠲᠤ ᠡᠷᠳᠢᠨᠢ ᠲᠠᠪᠴᠠᠩ ᠬᠤᠪᠢᠯᠭᠠᠵᠤ ᠰᠠᠭᠤᠯᠤᠨ ᠥᠴᠢᠭᠰᠡᠨ ᠳᠦᠷ ᠲᠡᠨᠳᠡ ᠰᠠᠭᠤᠵᠤ ᠡᠭᠡᠴᠢ ᠳᠥᠢ ᠬᠣᠶᠠᠷ ᠥᠬᠢᠳ ᠢ ᠦᠯᠡᠮᠵᠢ ᠮᠠᠱᠢ ᠨᠢᠭᠦᠯᠡᠰᠬᠦᠢ ᠰᠡᠳᠬᠢᠯ ᠢᠶᠡᠷ ᠰᠦᠲᠦ ᠠᠮᠤᠰᠤᠨ ᠢ ᠬᠡᠷᠡᠭ ᠢᠶᠡᠷ ᠢᠳᠡᠨ ᠰᠣᠶᠤᠷᠬᠠᠵᠤ ᠠᠯᠲᠠᠨ ᠰᠠᠪᠠ ᠶᠢ ᠨᠠᠶᠢᠷᠠᠨᠴᠠ ᠮᠥᠷᠡᠨ ᠳᠦᠷ ᠣᠭᠣᠷᠪᠠᠢ ᠲᠡᠭᠦᠨᠦ ᠱᠢᠯᠲᠠᠭᠠᠨ ᠢᠶᠠᠷ ᠲᠣᠶᠢᠨ ᠬᠦᠮᠦᠨ ᠬᠡᠮᠡᠪᠡᠰᠦ ᠲᠩᠷᠢ ᠬᠦᠮᠦᠨ᠎ᠡ ᠲᠠᠬᠢᠭᠳᠠᠬᠤᠢ ᠯᠠᠪ ᠤᠨ ᠣᠷᠣᠨ ᠪᠤᠶᠤ ᠪᠤᠰᠤᠳ ᠲᠠ ᠥᠭᠯᠢᠭᠡ ᠥᠭᠭᠦᠭᠴᠢ ᠥᠭᠯᠢᠭᠡᠴᠢ ᠪᠤᠰᠤ ᠶᠢ ᠤᠬᠠᠭᠤᠯᠤᠭᠠᠳ ᠪᠠᠰᠠ ᠪᠡᠷ ᠪᠤᠷᠬᠠᠨ ᠤ ᠡᠳ ᠢ ᠬᠡᠨ ᠪᠠ ᠦᠯᠦ ᠱᠢᠩᠭᠡᠬᠦ ᠶᠢᠨ ᠲᠤᠯᠠ ᠵᠣᠷᠢᠵᠤ ᠪᠠᠷᠢᠮᠲᠠᠯᠠᠬᠤᠢ ᠦᠭᠡᠢ ᠰᠡᠳᠬᠢᠯ ᠢᠶᠡᠷ ᠤᠰᠤᠨ ᠳᠤᠷ ᠣᠭᠣᠷᠤᠭᠰᠠᠨ ᠢ ᠰᠠᠭᠠᠷ᠎ᠠ ᠨᠡᠷᠡᠲᠦ ᠯᠤᠤᠰ ᠤᠨ ᠬᠠᠭᠠᠨ ᠮᠥᠨ ᠳᠡᠭᠡᠷ᠎ᠡ ᠢᠷᠡᠵᠦ ᠲᠠᠬᠢᠭᠳᠠᠬᠤ ᠶᠣᠰᠤᠲᠤ ᠬᠡᠮᠡᠨ ᠲᠠᠬᠢᠯ ᠤᠨ ᠱᠢᠲᠦᠭᠡᠨ ᠪᠣᠯᠭᠠᠨ ᠠᠪᠤᠭᠰᠠᠨ ᠢ ᠬᠤᠷᠮᠤᠰᠲᠠ ᠲᠩᠷᠢ ᠸᠴᠢᠷ ᠬᠣᠱᠢᠭᠤᠲᠤ ᠭᠠᠷᠤᠳᠢ ᠪᠣᠯᠤᠨ ᠬᠤᠪᠢᠯᠵᠤ ᠪᠤᠯᠢᠨ ᠲᠤᠭᠤᠷᠪᠢᠭᠰᠠᠨ ᠳᠤᠷ ᠪᠤᠯᠢᠨ ᠶᠠᠳᠠᠵᠤ
Nandi, Nandibali nereten ökid suburγan bosqaju takiqu-yi:n tula abuluγ-a:. Tendeče Bodistv usun-a:ča γarču saγu:qui-a sedkijü Nayiranja mören-i üjebe:sü tende bükü luu-yi:n ökin γajar dour-a-a:ča γarču irejü arslan-tu erdini tabčang qubilγaju saγu:lun öčigsen-dür tende saγu:ju egeči döi qoyar ökid-i ülemji maši nigü:lesküi sedkil-iye:r sütü amusun-i kereg-iye:r iden soyurqaju altan saba-yi Nayi:ranča mören-dür oγo:rbai. Tegü:nü šiltaγa:n-iya:r toyin kümü:n keme:be:sü tngri kümü:n-e takiγdaqui lab-un oron buyu. Busud-ta öglige öggügči ögligeči busu-yi uqaγu:luγa:d basa ber burqan-u ed-i ken ba ülü šinggekü-yi:n tula joriju barimtalaqui ügei sedkil-iye:r usun-dur oγo:ruγsan-i Sagar-a neretü luus-un qaγa:n mön dege:r-e irejü takiγdaqu yosutu keme:n takil-un šitüge:n bolγan abuγsan-i Qurmusta tngri včir qošiγu:tu garudi bolun qubilju bulin tuγu:rbiγsan-dur bulin yadaju
45a
ᠨᠥᠭᠦᠭᠡ ᠳᠥᠴᠢᠨ ᠲᠠᠪᠤᠨ ᠵᠠᠯᠪᠠᠷᠢᠵᠤ ᠭᠤᠶᠤᠭᠰᠠᠨ ᠳᠤᠷ ᠥᠭᠲᠡᠵᠦ ᠭᠤᠴᠢᠨ ᠭᠤᠷᠪᠠᠨ ᠲᠩᠷᠢ ᠶᠢᠨ ᠭᠠᠵᠠᠷ᠎ᠠ ᠠᠪᠴᠤ ᠣᠳᠴᠤ ᠲᠠᠬᠢᠭᠠᠳ ᠡᠵᠢᠶ᠎ᠡ ᠬᠦᠷᠲᠡᠯᠡ ᠪᠡᠷ ᠣᠨ ᠤ ᠴᠠᠭ ᠤᠨ ᠲᠠᠬᠢᠯ ᠢ ᠦᠶᠢᠯᠡᠳᠦᠨ ᠠᠮᠤᠢ ᠰᠠᠭᠤᠭᠰᠠᠨ ᠲᠠᠪᠴᠠᠩ ᠢ ᠲᠠᠬᠢᠯ ᠤᠨ ᠱᠢᠲᠦᠭᠡᠨ ᠪᠣᠯᠭᠠᠨ ᠮᠥᠨ ᠯᠤᠤ ᠶᠢᠨ ᠥᠬᠢᠨ ᠠᠪᠤᠯᠤᠭ᠎ᠠ ᠪᠣᠳᠢᠰᠲᠸ ᠲᠡᠶᠢᠨ ᠰᠦᠲᠦ ᠠᠮᠤᠰᠤᠨ ᠢ ᠢᠳᠡᠭᠦᠯᠦᠭᠡᠳ ᠰᠠᠴᠠ ᠪᠤᠶᠠᠨ ᠬᠢᠭᠡᠳ ᠪᠢᠯᠭᠡ ᠪᠢᠯᠢᠭ ᠦᠨ ᠬᠦᠴᠦᠨ ᠢᠶᠡᠷ ᠪᠡᠶ᠎ᠡ ᠢᠨᠦ ᠤᠷᠢᠳᠤ ᠶᠣᠰᠤᠭᠠᠷ ᠯᠠᠭᠰᠠᠨ ᠨᠠᠶᠢᠷᠠᠭ ᠢᠶᠠᠷ ᠴᠢᠮᠡᠭᠳᠡᠵᠦ ᠲᠣᠭᠣᠷᠢᠨ ᠠᠯᠲᠠᠨ ᠭᠡᠷᠡᠯᠲᠦ ᠪᠣᠯᠪᠠᠢ ᠲᠡᠨᠳᠡᠬᠢᠨ ᠥᠭᠦᠯᠡᠷ ᠦᠨ ᠶᠠᠮᠪᠠᠷ ᠪᠣᠯᠤᠷ ᠰᠠᠪᠠ ᠳᠤᠷ ᠳᠠᠪᠲᠠᠮᠠᠯ ᠠᠯᠲᠠᠨ ᠲᠦᠰᠦᠷᠦᠭᠰᠡᠨ ᠮᠡᠲᠦ ᠪᠤᠶᠠᠨ ᠤ ᠬᠦᠴᠦᠨ ᠢᠶᠡᠷ ᠰᠦᠲᠦ ᠠᠮᠤᠰᠤᠨ ᠢ ᠢᠳᠡᠭᠦᠯᠦᠭᠡᠳ ᠰᠠᠴᠠ ᠲᠡᠭᠦᠨᠦ ᠪᠡᠶ᠎ᠡ ᠴᠠᠮᠪᠤ ᠮᠥᠷᠡᠨ ᠦ ᠠᠯᠲᠠᠨ ᠳᠤᠷ ᠠᠳᠠᠯᠢ ᠪᠣᠯᠤᠨ ᠣᠳᠴᠤ ᠡᠳᠦᠭᠡ ᠪᠣᠳᠢ ᠮᠣᠳᠤᠨ ᠤ ᠳᠡᠷᠭᠡᠳᠡ ᠣᠳᠰᠤᠭᠠᠢ ᠬᠡᠮᠡᠨ ᠲᠤᠭᠤᠷᠪᠢᠨ ᠠᠮᠤᠢ ᠲᠡᠨᠳᠡᠴᠡ ᠪᠣᠳᠢᠰᠲᠸ ᠱᠢᠮᠨᠤᠰ ᠠᠴᠠ ᠲᠡᠶᠢᠨ ᠪᠥᠭᠡᠳ ᠦᠯᠡᠵᠦ ᠭᠠᠷᠬᠤ ᠶᠢᠨ ᠲᠤᠯᠠᠳᠠ ᠠᠷᠪᠠᠨ ᠵᠢᠷᠭᠤᠭᠠᠨ ᠳᠦᠷᠢᠲᠦ ᠭᠠᠵᠠᠷ ᠤᠨ ᠵᠦᠭ ᠲᠦᠷ ᠪᠣᠳᠢ ᠮᠣᠳᠤᠨ ᠬᠠᠮᠢᠭ᠎ᠠ ᠪᠦᠬᠦ
Nögüge: döčin tabun: jalbariju γuyuγsan-dur ögtejü γučin γurban tngri-yi:n γajar-a abču odču takiγa:d ejiy-e: kürtele ber on-u čaγ-un takil-i üyi:ledün amui. Saγu:γsan tabčang-i takil-un šitüge:n bolγan mön luu-yi:n ökin abuluγ-a:. Bodistv teyi:n sütü amusun-i idegü:lüge:d sača buyan ki:ge:d bilge bilig-ün küčün-iye:r bey-e inü uridu yosuγa:r lagsan nayi:raγ-iya:r čimegdejü toγo:rin altan gereltü bolbai. Tendekin ögüler-ün yambar bolur saba-dur dabtamal altan tüsürügsen metü buyan-u küčün-iye:r sütü amusun-i idegü:lüge:d sača tegü:nü bey-e Čambu mören-ü altan-dur adali bolun odču edüge: bodi modun-u dergede odsuγai keme:n tuγu:rbin amui. Tendeče Bodistv šimnus-a:ča teyi:n böge:d ülejü γarqu-yi:n tulada arban jirγuγa:n düritü γajar-un jüg-tür bodi modun qamiγ-a: bükü
45b
ᠲᠡᠷᠡ ᠵᠦᠭ ᠲᠦᠷ ᠶᠡᠬᠡ ᠡᠷᠡᠰ ᠦᠨ ᠦᠯᠦ ᠬᠥᠳᠥᠯᠬᠦᠢ ᠶᠠᠪᠤᠳᠠᠯ ᠡᠷᠬᠡᠲᠡᠨ ᠦ ᠲᠠᠬᠢᠯ ᠤᠨ ᠮᠣᠳᠤᠨ ᠮᠡᠲᠦ ᠶᠢᠨ ᠶᠠᠪᠤᠳᠠᠯ ᠰᠦᠮᠢᠷ ᠠᠭᠤᠯᠠ ᠳᠤᠷ ᠠᠳᠠᠯᠢ ᠬᠦᠨᠳᠦ ᠵᠢᠪᠬᠤᠯᠠᠩᠲᠤ ᠶᠠᠪᠤᠳᠠᠯ ᠬᠡᠮᠡᠬᠦᠢ ᠡᠴᠡ ᠨᠢᠷᠸᠠᠨ ᠤ ᠪᠠᠯᠭᠠᠰᠤᠨ ᠳᠤᠷ ᠣᠳᠬᠤᠢ ᠶᠠᠪᠤᠳᠠᠯ ᠬᠡᠮᠡᠬᠦᠢ ᠳᠦᠷ ᠬᠦᠷᠲᠡᠯᠡ ᠲᠠᠪᠢᠨ ᠵᠢᠷᠭᠤᠭᠠᠨ ᠵᠦᠶᠢᠯ ᠶᠠᠪᠤᠳᠠᠯ ᠢᠶᠠᠷ ᠪᠣᠳᠢ ᠵᠢᠷᠦᠬᠡᠨ ᠳᠦᠷ ᠣᠳᠤᠨ ᠲᠤᠭᠤᠷᠪᠢᠭᠰᠠᠨ ᠲᠡᠷᠡ ᠴᠠᠭ ᠲᠤᠷ ᠬᠡᠢ ᠶᠢᠨ ᠡᠭᠦᠯᠡᠳ ᠦᠨ ᠲᠩᠷᠢ ᠶᠢᠨ ᠬᠥᠪᠡᠭᠦᠳ ᠨᠠᠶᠢᠷᠠᠨᠵᠠ ᠮᠥᠷᠡᠨ ᠡᠴᠡ ᠪᠣᠳᠢ ᠵᠢᠷᠦᠬᠡᠨ ᠳᠦᠷ ᠬᠦᠷᠲᠡᠯᠡ ᠣᠳᠬᠤᠢ ᠮᠥᠷ ᠢ ᠠᠷᠢᠭᠤᠨ᠎ᠠ ᠰᠠᠶᠢᠲᠤᠷ ᠠᠷᠴᠢᠵᠤ ᠱᠢᠭᠦᠷᠴᠦ ᠡᠯᠳᠡᠪ ᠰᠠᠶᠢᠨ ᠦᠨᠦᠷᠲᠡᠨ ᠤᠰᠤᠨ ᠢ ᠰᠠᠴᠤᠵᠤ ᠡᠯᠳᠡᠪ ᠴᠡᠴᠡᠭ ᠦᠳ ᠢ ᠳᠡᠯᠭᠡᠨ ᠰᠠᠴᠤᠪᠠᠢ ᠲᠡᠷᠡ ᠴᠠᠭ ᠲᠤᠷ ᠭᠤᠷᠪᠠᠨ ᠮᠢᠩᠭᠠᠨ ᠶᠢᠷᠲᠢᠨᠴᠦ ᠳᠡᠬᠢ ᠠᠭᠤᠯᠠᠰ ᠤᠨ ᠮᠣᠳᠤᠨ ᠦᠵᠦᠭᠦᠳ ᠪᠦᠭᠦᠳᠡ ᠪᠣᠳᠢ ᠵᠢᠷᠦᠬᠡᠨ ᠦ ᠵᠦᠭ ᠪᠥᠬᠦᠶᠢᠵᠦ ᠲᠡᠷᠡ ᠡᠳᠦᠷ ᠲᠥᠷᠦᠭᠰᠡᠨ ᠬᠥᠪᠡᠭᠦᠬᠡᠳ ᠪᠦᠭᠦᠳᠡ ᠪᠣᠳᠢ ᠵᠢᠷᠦᠬᠡᠨ ᠦ ᠵᠦᠭ ᠲᠦᠷ ᠳᠡᠷᠡᠯᠡᠪᠡᠢ ᠠᠮᠠᠷᠠᠮᠠᠭ ᠶᠢᠷᠲᠢᠨᠴᠦ ᠳᠡᠬᠢᠲᠩᠷᠢ ᠶᠢᠨ ᠬᠥᠪᠡᠭᠦᠳ ᠨᠠᠶᠢᠷᠠᠨᠵᠠ ᠮᠥᠷᠡᠨ ᠪᠣᠳᠢ ᠵᠢᠷᠦᠬᠡᠨ
tere jüg-tür yeke eres-ün ülü ködölküi yabudal erketen-ü takil-un modun metü-yi:n yabudal Sümir aγu:la-dur adali kündü jibqulangtu yabudal keme:küi-e:če nirvan-u balγasun-dur odqui yabudal keme:küi-dür kürtele tabin jirγuγa:n jüyi:l yabudal-iya:r bodi jirüken-dür odun tuγu:rbiγsan tere čaγ-tur kei-yi:n egü:led-ün tngri-yi:n köbegü:d Nayiranja mören-e:če bodi jirüken-dür kürtele odqui mör-i ariγu:n-a sayi:tur arčiju šigü:rčü eldeb sayi:n ünürten usun-i sačuju eldeb čečeg-ü:d-i delgen sačubai. Tere čaγ-tur γurban mingγan yirtinčü deki aγu:las-un modun üjügü:d bügüde bodi jirüken-ü jüg böküyi:jü tere edür törügsen köbegü:ked bügüde bodi jirüken-ü jüg-tür derelebei. Amaramaγ yirtinčü dekitngri-yi:n köbegü:d Nayi:ranja mören bodi jirüken
46a
ᠨᠥᠭᠦᠭᠡ ᠳᠥᠴᠢᠨ ᠵᠢᠷᠭᠤᠭᠠᠨ ᠬᠣᠶᠠᠷ ᠤᠨ ᠵᠠᠭᠤᠷ ᠠ ᠲᠤ ᠮᠥᠷ ᠦᠨ ᠪᠠᠷᠠᠭᠤᠨ ᠵᠡᠭᠦᠨ ᠡᠲᠡᠭᠡᠳ ᠨᠢᠭᠡᠨ ᠭᠦᠷᠦᠰ ᠲᠦᠷ ᠬᠦᠷᠲᠡᠯᠡ ᠳᠣᠯᠤᠭᠠᠨ ᠡᠷᠳᠢᠨᠢᠰ ᠢᠶᠡᠷ ᠪᠦᠲᠦᠭᠰᠡᠨ ᠳᠣᠯᠤᠭᠠᠨ ᠳᠠᠯ᠎ᠠ ᠮᠣᠳᠤᠨ ᠲᠤᠷᠤᠭ ᠥᠨᠳᠦᠷ ᠰᠡᠦᠬᠡ ᠶᠢᠨ ᠳᠡᠭᠡᠷ᠎ᠡ ᠲᠩᠷᠢ ᠨᠡᠷ ᠦᠨ ᠡᠳ ᠢᠶᠡᠷ ᠪᠦᠲᠦᠭᠰᠡᠨ ᠳᠤᠸᠠᠵᠠ ᠱᠢᠬᠦᠷ ᠪᠠᠨᠵᠢᠳ ᠴᠣᠮᠤᠷᠯᠢᠭ ᠤᠳ ᠢ ᠤᠷᠠᠨ᠎ᠠ ᠰᠠᠶᠢᠲᠤᠷ ᠵᠡᠷᠭᠡᠯᠡᠭᠦᠯᠵᠦ ᠬᠣᠭᠣᠴᠠ ᠲᠤᠷᠤᠭ ᠬᠣᠭᠣᠴᠠ ᠲᠤᠷᠤᠭ ᠤᠨ ᠵᠠᠪᠰᠠᠷᠲᠠᠢ᠎ᠠ ᠢᠨᠤ ᠵᠥᠪ ᠵᠥᠪ ᠥᠨᠳᠦᠷ ᠡᠷᠳᠢᠨᠢ ᠶᠢᠨ ᠰᠡᠦᠬᠡ ᠳᠦᠷ ᠡᠯᠳᠡᠪ ᠡᠷᠳᠢᠨᠢᠰ ᠢ ᠤᠨᠵᠢᠭᠤᠯᠤᠭᠰᠠᠨ ᠳᠠᠯ᠎ᠠ ᠮᠣᠳᠤᠨ ᠵᠡᠷᠭᠡᠯᠡᠨ ᠪᠠᠶᠢᠭᠤᠯᠪᠠᠢ ᠬᠣᠱᠢᠭᠠᠳ ᠳᠠᠯᠠ ᠮᠣᠳᠤᠳ ᠤᠨ ᠵᠠᠭᠤᠷ᠎ᠠ ᠵᠠᠭᠤᠷ᠎ᠠ ᠬᠦᠵᠢᠲᠦ ᠤᠰᠤᠨ ᠢᠶᠠᠷ ᠳᠦᠭᠦᠷᠦᠭᠰᠡᠨ ᠠᠯᠲᠠᠨ ᠬᠤᠮᠠᠬᠢ ᠳᠡᠪᠦᠰᠦᠭᠰᠡᠨ ᠨᠠᠭᠤᠷ ᠲᠤᠷ ᠤᠳᠪᠠᠯ᠎ᠠ ᠲᠡᠷᠢᠭᠦᠲᠡᠨ ᠴᠡᠴᠡᠭ ᠦᠳ ᠢᠶᠡᠷ ᠴᠢᠮᠡᠵᠦ ᠸᠠᠶᠢᠳᠤᠷᠢ ᠡᠷᠳᠢᠨᠢ ᠭᠢᠴᠬᠢᠭᠦᠷᠲᠦ ᠶᠢᠨ ᠳᠣᠲᠤᠷ᠎ᠠ ᠡᠯᠳᠡᠪ ᠥᠩᠭᠡ ᠳᠠᠭᠤᠨ ᠰᠠᠶᠢᠲᠠᠨ ᠱᠢᠪᠠᠭᠤᠬᠠᠳ ᠢᠶᠠᠷ ᠳᠦᠭᠦᠷᠦᠭᠰᠡᠨ ᠢ ᠪᠣᠯᠭᠠᠪᠠᠢ ᠨᠠᠢᠮᠠᠨ ᠲᠦᠮᠡᠨ ᠲᠩᠷᠢ ᠶᠢᠨ ᠥᠬᠢᠳ ᠬᠦᠵᠢ ᠲᠦ ᠤᠰᠤᠨ ᠰᠠᠴᠤᠵᠤ ᠨᠠᠢᠮᠠᠨ ᠲᠦᠮᠡᠨ ᠲᠩᠷᠢ ᠶᠢᠨ ᠥᠬᠢᠳ ᠲᠩᠷᠢ ᠨᠡᠷ ᠦᠨ ᠦᠨᠦᠷᠲᠦ ᠴᠡᠴᠡᠭ ᠦᠳ ᠰᠠᠴᠤᠪᠠᠢ
Nögüge: döčin jirγuγa:n: qoyar-un jaγu:r-a-tu mör-ün baraγu:n jegü:n etege:d nigen gürüs-tür kürtele doluγa:n erdinis-iye:r bütügsen doluγa:n dal-a modun turuγ öndür seüke-yi:n dege:r-e tngri-ner-ün ed-iye:r bütügsen duvaja šikür banjid čomurliγ-u:d-i uran-a sayi:tur jergelegü:ljü qoγoča turuγ qoγoča turuγ-un jabsartai-a inu jöb jöb öndür erdini-yi:n seüke-dür eldeb erdinis-i unjiγu:luγsan dal-a modun jergelen bayi:γu:lbai. Qošiγa:d dala modud-un jaγu:r-a jaγu:r-a küjitü usun-iya:r dügü:rügsen altan qumaki debüsügsen naγu:r-tur udbal-a terigü:ten čečeg-ü:d-iye:r čimejü vayiduri erdini gičkigü:rtü-yi:n dotur-a eldeb öngge daγu:n sayi:tan šibaγu:qad-iya:r dügü:rügsen-i bolγabai. Naiman tümen tngri-yi:n ökid küji-tü usun sačuju naiman tümen tngri-yi:n ökid tngri-ner-ün ünürtü čečeg-ü:d sačubai.
46b
ᠳᠠᠯ᠎ᠠ ᠮᠣᠳᠤᠳ ᠤᠨ ᠡᠮᠦᠨ᠎ᠡ ᠨᠢᠵᠢᠭᠡᠳ ᠡᠷᠳᠢᠨᠢ ᠬᠢᠪ ᠢᠶᠡᠷ ᠴᠢᠮᠡᠭᠲᠦ ᠵᠡᠳᠬᠦᠭᠡᠷ ᠲᠠᠯᠪᠢᠵᠤ ᠵᠡᠳᠬᠦᠭᠡᠷ ᠳᠤᠲᠤᠮ ᠳᠤᠷ ᠠᠭᠠᠷᠤ ᠴᠢᠨᠳᠠᠨ ᠲᠡᠷᠢᠭᠦᠲᠡᠨ ᠴᠠᠭ ᠴᠠᠭ ᠲᠤᠷ ᠲᠦᠯᠡᠬᠦᠢ ᠬᠦᠵᠢᠰ ᠢ ᠪᠠᠷᠢᠭᠰᠠᠨ ᠲᠩᠷᠢ ᠶᠢᠨ ᠥᠬᠢᠳ ᠬᠦᠵᠢ ᠠᠶᠠᠭ᠎ᠠ ᠪᠠᠷᠢᠨ ᠪᠠᠶᠢᠵᠤ ᠲᠠᠪᠤᠨ ᠲᠦᠮᠡᠨ ᠲᠩᠷᠢ ᠶᠢᠨ ᠥᠬᠢᠳ ᠲᠩᠷᠢ ᠨᠡᠷ ᠦᠨ ᠬᠤᠭᠤᠷ ᠳᠠᠭᠤᠨ ᠤ ᠬᠥᠭ ᠵᠣᠬᠢᠶᠠᠵᠤ ᠪᠠᠶᠢᠨ ᠪᠦᠬᠦ ᠲᠡᠷᠡ ᠴᠠᠭ ᠲᠤᠷ ᠲᠡᠨᠳᠡᠴᠡ ᠪᠣᠳᠢᠰᠲᠸ ᠬᠠᠮᠤᠭ ᠶᠢᠷᠲᠢᠨᠴᠦ ᠶᠢ ᠬᠥᠳᠡᠯᠭᠡᠵᠦ ᠨᠠᠶᠤᠳ ᠬᠥᠯᠲᠢ ᠵᠦᠶᠢᠯᠲᠡᠨ ᠶᠡᠬᠡ ᠭᠡᠷᠡᠯ ᠨᠦᠭᠦᠳ ᠢ ᠲᠠᠯᠪᠢᠵᠤ ᠵᠠᠭᠤᠨ ᠮᠢᠩᠭᠠᠨ ᠵᠦᠶᠢᠯᠲᠡᠨ ᠬᠤᠭᠤᠷ ᠳᠠᠭᠤᠨ ᠢ ᠴᠢᠩᠭᠢᠯᠵᠠᠭᠤᠯᠵᠤ ᠡᠯᠳᠡᠪ ᠴᠡᠴᠡᠭ ᠦᠨ ᠬᠤᠷᠠᠰ ᠢ ᠣᠷᠤᠭᠤᠯᠵᠤ ᠣᠯᠠᠨ ᠮᠢᠩᠭᠠᠨ ᠥᠩᠭᠡᠲᠡᠨ ᠲᠠᠬᠢᠯ ᠤᠨ ᠲᠠᠯᠪᠢᠯ ᠳᠠᠯᠪᠠᠯᠵᠠᠭᠤᠯᠵᠤ ᠬᠥᠯᠲᠢ ᠨᠠᠶᠤᠳ ᠶᠡᠬᠡ ᠬᠥᠭᠥᠷᠭᠡᠰ ᠢ ᠬᠦᠩᠭᠢᠷᠢᠰᠬᠡᠭᠦᠯᠵᠦ ᠵᠠᠭᠠᠨ ᠮᠣᠷᠢᠨ ᠲᠡᠷᠢᠭᠦᠲᠡᠨ ᠢ ᠳᠠᠭᠤᠳᠠᠭᠤᠯᠵᠤ ᠲᠣᠭᠤᠰ ᠲᠣᠲᠢ ᠬᠡᠬᠦᠭᠡᠢ ᠰᠠᠷᠢᠬ ᠴᠢᠸᠠᠴᠢᠸᠠᠭ ᠲᠣᠭᠤᠰ ᠲᠡᠷᠢᠭᠦᠲᠡᠨ ᠡᠯᠳᠡᠪ ᠱᠢᠪᠠᠭᠤᠳ ᠳᠡᠪᠰᠡᠷᠢᠨ ᠲᠣᠭᠣᠷᠢᠨ ᠪᠦᠬᠦᠢ ᠯᠦᠭᠡ ᠨᠢᠭᠡᠨ᠎ᠡ ᠨᠡᠩ ᠣᠯᠠᠨ ᠵᠠᠭᠤᠨ ᠮᠢᠩᠭᠠᠨ ᠰᠡᠳᠬᠢᠵᠦ ᠦᠯᠦ ᠲᠡᠰᠲᠡᠬᠦᠢ ᠰᠡᠳᠬᠢᠯ ᠦᠨ ᠸᠢᠰᠠᠢ ᠠᠴᠠ ᠨᠥᠭᠴᠢᠭᠰᠡᠨ ᠲᠡᠶᠢᠮᠦᠨ ᠲᠡᠶᠢᠮᠦᠨ ᠥᠯᠵᠡᠢᠲᠦ ᠬᠤᠲᠤᠭᠲᠤ
Dal-a modud-un emün-e nijige:d erdini kib-iye:r čimegtü jedküger talbiju jedküger dutum-dur agaru čindan terigü:ten čaγ čaγ-tur tüleküi küjis-i bariγsan tngri-yi:n ökid küji ayaγ-a barin bayi:ju tabun tümen tngri-yi:n ökid tngri-ner-ün quγu:r daγu:n-u kög jokiya:ju bayi:n bükü tere čaγ-tur tendeče Bodistv qamuγ yirtinčü-yi ködelgejü nayud költi jüyi:lten yeke gerel-nügü:d-i talbiju jaγu:n mingγan jüyi:lten quγu:r daγu:n-i činggiljaγu:lju eldeb čečeg-ün quras-i oruγu:lju olan mingγan önggeten takil-un talbil dalbaljaγu:lju költi nayud yeke kögö:rges-i künggiriskegü:ljü jaγa:n morin terigü:ten-i daγu:daγu:lju toγus toti kekügei sarik čivačivag toγus terigü:ten eldeb šibaγu:d debserin toγo:rin büküi-lüge: nigen-e neng olan jaγu:n mingγan sedkijü ülü testeküi sedkil-ün visai-a:ča nögčigsen teyi:mün teyi:mün öljeitü qutuγtu
47a
ᠨᠥᠭᠦᠭᠡ ᠳᠥᠴᠢᠨ ᠳᠣᠯᠤᠭᠠᠨ ᠴᠢᠮᠡᠭ ᠢᠶᠡᠷ ᠴᠢᠮᠡᠵᠦ ᠪᠣᠳᠢ ᠵᠢᠷᠦᠬᠡᠨ ᠳᠦᠷ ᠠᠵᠢᠷᠠᠨ ᠰᠣᠶᠤᠷᠬᠠᠪᠠᠢ ᠲᠡᠷᠡ ᠴᠠᠭ ᠲᠤᠷ ᠭᠤᠷᠪᠠᠨ ᠮᠢᠩᠭᠠᠨ ᠶᠡᠬᠡ ᠮᠢᠩᠭᠠᠨ ᠶᠢᠷᠲᠢᠨᠴᠦ ᠶᠢᠨ ᠡᠵᠡᠨ ᠸᠠᠰᠠᠸᠠᠷᠲᠢ ᠨᠡᠷᠡᠲᠦ ᠶᠡᠬᠡ ᠡᠰᠷᠤᠠ ᠬᠠᠮᠤᠭ ᠡᠰᠷᠤᠠ ᠨᠥᠬᠦᠳ ᠢᠶᠡᠨ ᠤᠷᠢᠵᠤ ᠥᠭᠦᠯᠡᠷ ᠦᠨ ᠨᠥᠬᠦᠳ᠎ᠡ ᠬᠢᠴᠢᠶᠡᠭᠡᠯ ᠦᠨ ᠬᠤᠶᠠᠭ ᠢ ᠡᠮᠦᠰᠴᠦ ᠪᠣᠳᠢᠰᠲᠸ ᠨᠠᠷ ᠤᠨ ᠶᠠᠪᠤᠳᠠᠯ ᠢ ᠲᠡᠭᠦᠰᠬᠡᠨ ᠦᠶᠢᠯᠡᠳᠦᠭᠰᠡᠨ ᠤᠶᠢᠳᠬᠠᠷ ᠦᠭᠡᠢ ᠰᠡᠳᠬᠢᠯᠲᠦ ᠶᠡᠬᠡ ᠪᠣᠳᠢᠰᠲᠸ ᠪᠤᠷᠬᠠᠨ ᠤ ᠬᠠᠮᠤᠭ ᠨᠣᠮ ᠢ ᠲᠡᠭᠦᠰᠬᠡᠬᠦ ᠶᠢᠨ ᠲᠤᠯᠠᠳᠠ ᠪᠣᠳᠢ ᠵᠢᠷᠦᠬᠡᠨ ᠳᠦᠷ ᠣᠳᠴᠤ ᠠᠮᠤᠢ ᠣᠳᠴᠤ ᠲᠡᠭᠦᠨ᠎ᠡ ᠲᠠᠬᠢᠯ ᠢ ᠦᠶᠢᠯᠡᠳ ᠬᠡᠮᠡᠨ ᠱᠢᠯᠦᠭᠯᠡᠨ ᠥᠭᠦᠯᠡᠷ ᠦᠨ ᠲᠡᠭᠦᠨ᠎ᠡ ᠬᠡᠨ ᠢᠲᠡᠭᠡᠵᠦ ᠲᠠᠬᠢᠯ ᠢ ᠦᠶᠢᠯᠡᠳᠪᠡᠰᠦ ᠲᠡᠭᠦᠨ ᠳᠦᠷ ᠮᠠᠭᠤᠢ ᠲᠥᠷᠦᠯ ᠦᠨ ᠠᠶᠤᠯ ᠦᠯᠦ ᠪᠣᠯᠤᠶᠤ ᠲᠩᠷᠢ ᠨᠡᠷ ᠦᠨ ᠵᠢᠷᠭᠠᠯᠠᠩ ᠢ ᠬᠦᠷᠲᠡᠵᠦ ᠡᠰᠷᠤ ᠶᠢᠨ ᠳᠡᠭᠡᠳᠦ ᠶᠢᠷᠲᠢᠨᠴᠦ ᠳᠦᠷ ᠲᠥᠷᠦᠬᠦ ᠪᠣᠯᠤᠶᠤ ᠲᠩᠷᠢ ᠨᠡᠷ ᠲᠦᠷ ᠪᠠ ᠲᠠᠬᠢ ᠳᠡᠯᠡᠬᠡᠢ ᠳᠦᠷ ᠳᠡᠭᠡᠷ᠎ᠡ ᠣᠭᠲᠠᠷᠭᠤᠢ ᠳᠤᠷ ᠪᠠ ᠲᠠᠬᠢ ᠬᠠᠷᠱᠢᠰ ᠲᠤᠷ ᠲᠡᠭᠦᠨ ᠯᠦᠭᠡ ᠠᠳᠠᠯᠢ ᠬᠡᠨ ᠪᠠ ᠦᠭᠡᠢ ᠲᠡᠭᠦᠪᠡᠷ ᠲᠡᠭᠦᠨ᠎ᠡ ᠲᠠᠬᠢᠯ ᠢ ᠦᠶᠢᠯᠡᠳᠦᠳᠬᠦᠨ ᠬᠡᠮᠡᠨ ᠥᠭᠦᠯᠡᠵᠦ ᠡᠨᠡ ᠭᠤᠷᠪᠠᠨ ᠮᠢᠩᠭᠠᠨ ᠶᠡᠬᠡ ᠮᠢᠩᠭᠠᠨ ᠶᠢᠷᠲᠢᠨᠴᠦ ᠪᠦᠭᠦᠳᠡ ᠶᠢ ᠭᠦᠷᠦ ᠬᠢᠭᠤᠷᠮᠠᠭ ᠦᠭᠡᠢ ᠠᠯᠠᠭᠠᠨ ᠮᠡᠲᠦ ᠲᠡᠭᠱᠢ
Nögüge: döčin doluγa:n: čimeg-iye:r čimejü bodi jirüken-dür ajiran soyurqabai. Tere čaγ-tur γurban mingγan yeke mingγan yirtinčü-yi:n ejen Vasavarti neretü yeke Esrua qamuγ esrua nöküd-iye:n uriju ögüler-ün: Nöküd-e: kičiye:ge:l-ün quyaγ-i emüsčü, Bodistv-nar-un yabudal-i tegüsken üyi:ledügsen uyi:dqar ügei sedkiltü yeke Bodistv burqan-u qamuγ nom-i tegüskekü-yi:n tulada bodi jirüken-dür odču amui. Odču tegü:n-e takil-i üyi:led keme:n šilüglen ögüler-ün: Tegü:n-e ken itegejü takil-i üyi:ledbe:sü tegü:n-dür maγu:i törül-ün ayul ülü boluyu. Tngri-ner-ün jirγalang-i kürtejü Esru-yi:n dege:dü yirtinčü-dür törükü boluyu. Tngri-ner-tür ba taki delekei-dür dege:r-e oγtarγui-dur ba taki qaršis-tur tegü:n-lüge: adali ken ba ügei tegü:be:r tegü:n-e takil-i üyi:ledüdkün keme:n ögülejü ene γurban mingγan yeke mingγan yirtinčü bügüde-yi gürü kiγu:rmaγ ügei alaγan metü tegši
47b
ᠪᠣᠯᠭᠠᠵᠤ ᠮᠠᠨᠢ ᠰᠤᠪᠤᠳ ᠸᠠᠶᠢᠳᠤᠷᠢ ᠲᠡᠷᠢᠭᠦᠲᠡᠨ ᠡᠷᠳᠢᠨᠢᠰ ᠢᠶᠡᠷ ᠴᠢᠮᠡᠵᠦ ᠬᠦᠷᠲᠡᠬᠦᠢ᠎ᠡ ᠵᠥᠭᠡᠯᠡᠨ ᠳᠤᠷᠠᠨ ᠳᠤᠷ ᠵᠣᠬᠢᠰᠲᠤ ᠪᠣᠯᠭᠠᠪᠠᠢ ᠪᠤᠰᠤ ᠪᠡᠷ ᠶᠠᠮᠪᠠᠷ ᠡᠨᠡ ᠶᠢᠷᠲᠢᠨᠴᠦ ᠶᠢ ᠴᠢᠮᠡᠭᠰᠡᠨ ᠮᠡᠲᠦ ᠲᠡᠭᠦᠨᠴᠢᠯᠡᠨ ᠠᠷᠪᠠᠨ ᠵᠦᠭ ᠲᠦᠷ ᠪᠦᠬᠦ ᠡᠰᠷᠤᠠ ᠬᠤᠷᠮᠤᠰᠲᠠ ᠲᠡᠷᠢᠭᠦᠲᠡᠨ ᠶᠢᠷᠲᠢᠨᠴᠦ ᠰᠠᠬᠢᠭᠴᠢᠳ ᠪᠦᠭᠦᠳᠡᠭᠡᠷ ᠲᠡᠭᠦᠨᠴᠢᠯᠡᠨ ᠬᠦ ᠥᠪᠡᠷ ᠦᠨ ᠥᠪᠡᠷ ᠦᠨ ᠪᠤᠷᠬᠠᠨ ᠤ ᠤᠯᠤᠰ ᠢ ᠤᠷᠠᠨ᠎ᠠ ᠰᠠᠶᠢᠲᠤᠷ ᠴᠢᠮᠡᠵᠦ ᠨᠢᠭᠡᠨ ᠨᠢᠭᠡᠨ ᠳᠦᠷ ᠲᠦᠶᠢᠳᠬᠡᠷ ᠦᠭᠡᠢ ᠡᠰᠡᠷᠭᠦ ᠲᠡᠰᠡᠷᠭᠦ ᠦᠵᠡᠭᠳᠡᠭᠦᠯᠬᠦᠢ ᠪᠣᠯᠭᠠᠨ ᠭᠡᠶᠢᠭᠦᠯᠪᠡᠢ ᠪᠣᠳᠢ ᠵᠢᠷᠦᠬᠡᠨ ᠢ ᠰᠠᠬᠢᠭᠴᠢ ᠤᠳᠭᠠᠯᠢ ᠮᠤᠳᠭᠠᠯᠢ ᠲᠡᠷᠢᠭᠦᠯᠡᠨ ᠠᠷᠪᠠᠨ ᠵᠢᠷᠭᠤᠭᠠᠨ ᠲᠩᠷᠢ ᠨᠡᠷ ᠪᠡᠷ ᠪᠣᠳᠢ ᠵᠢᠷᠦᠬᠡᠨ ᠦ ᠭᠠᠳᠠᠭᠤᠨ ᠨᠠᠶᠠᠨ ᠪᠡᠷ ᠡ ᠳᠦᠷ ᠬᠦᠷᠲᠡᠯᠡ ᠳᠣᠯᠤᠭᠠᠨ ᠳᠠᠪᠬᠤᠷ ᠳᠣᠯᠤᠭᠠᠨ ᠡᠷᠳᠢᠨᠢᠰ ᠢᠶᠡᠷ ᠪᠦᠲᠦᠭᠰᠡᠨ ᠰᠡᠦᠬᠡ ᠶᠢ ᠲᠣᠭᠣᠷᠢᠨ ᠵᠡᠷᠭᠡᠯᠡᠭᠦᠯᠦᠭᠰᠡᠨ ᠦ ᠳᠡᠭᠡᠷ᠎ᠡ ᠡᠯᠳᠡᠪ ᠡᠷᠳᠢᠨᠢᠰ ᠢ ᠲᠣᠤᠷᠯᠠᠭᠰᠠᠨ ᠳᠣᠯᠤᠭᠠᠨ ᠳᠠᠪᠬᠤᠷ ᠳᠠᠯ᠎ᠠ ᠮᠣᠳᠤᠨ ᠢ ᠵᠡᠷᠭᠡᠯᠡᠭᠦᠯᠪᠡᠢ ᠵᠠᠭᠤᠷ᠎ᠠ ᠵᠠᠭᠤᠷ᠎ᠠ ᠠᠨᠤ ᠡᠷᠳᠢᠨᠢ ᠬᠢᠭᠡᠳ ᠬᠣᠩᠬᠣᠰ ᠤᠨ ᠤᠯᠵᠢᠭᠠᠰ ᠤᠨᠵᠢᠯᠭᠠᠰ ᠡᠯᠭᠦᠵᠦ ᠡᠯᠳᠡᠪ ᠡᠷᠳᠢᠨᠢ ᠱᠢᠭᠢᠳᠬᠡᠭᠰᠡᠨ ᠳᠠᠪᠲᠠᠮᠠᠯ ᠠᠯᠲᠠᠨ ᠬᠢᠰᠠᠷ ᠢ ᠪᠠᠶᠢᠭᠤᠯᠵᠤ ᠠᠯᠲᠠᠨ ᠯᠢᠨᠬᠤᠰ ᠢ ᠵᠡᠷᠭᠡᠯᠡᠪᠡᠢ ᠲᠡᠭᠦᠨᠴᠢᠯᠡᠨ ᠠᠷᠪᠠᠨ ᠵᠦᠭ ᠦᠨ
bolγaju mani subud vayiduri terigü:ten erdinis-iye:r čimejü kürteküi-e jöge:len duran-dur jokistu bolγabai. Busu ber yambar ene yirtinčü-yi čimegsen metü tegü:nčilen arban jüg-tür bükü Esrua Qurmusta terigü:ten yirtinčü sakiγčid bügüdege:r tegü:nčilen kü öbe:r-ün öbe:r-ün burqan-u ulus-i uran-a sayi:tur čimejü nigen nigen-dür tüyi:dker ügei esergü tesergü üjegdegü:lküi bolγan geyi:gü:lbei. Bodi jirüken-i sakiγči Udgali Mudgali terigü:len arban jirγuγa:n tngri-ner ber bodi jirüken-ü γadaγu:n nayan be:r-e-dür kürtele doluγa:n dabqur doluγa:n erdinis-iye:r bütügsen seüke-yi toγo:rin jergelegü:lügsen-ü dege:r-e eldeb erdinis-i tourlaγsan doluγa:n dabqur dal-a modun-i jergelegü:lbei. Jaγu:r-a jaγu:r-a anu erdini ki:ge:d qongq96os-un uljiγas [= unjilγas] elgüjü eldeb erdini šigidkegsen dabtamal altan kisar-i bayi:γu:lju altan linqus-i jergelebei. Tegü:nčilen arban jüg-ün
48a
ᠨᠥᠭᠦᠭᠡ ᠳᠥᠴᠢᠨ ᠨᠠᠢᠮᠠᠨ ᠶᠢᠷᠲᠢᠨᠴᠦ ᠤᠯᠤᠰ ᠲᠤᠷ ᠬᠡᠳᠦᠢ ᠪᠦᠬᠦ ᠠᠪ ᠠᠯᠢ ᠴᠢᠮᠡᠭ ᠪᠦᠭᠦᠳᠡ ᠪᠣᠳᠢ ᠵᠢᠷᠦᠬᠡᠨ ᠳᠦᠷ ᠦᠵᠡᠭᠳᠡᠵᠦ ᠪᠣᠳᠢ ᠵᠢᠷᠦᠬᠡᠨ ᠳᠡᠬᠢᠴᠢᠮᠡᠭ ᠦᠳ ᠪᠡᠷ ᠲᠡᠳᠡᠭᠡᠷ ᠤᠯᠤᠰ ᠲᠤᠷ ᠦᠵᠡᠭᠳᠡᠬᠦᠢ ᠪᠣᠯᠭᠠᠪᠠᠢ ᠪᠠᠰᠠ ᠪᠡᠷ ᠪᠣᠳᠢ ᠮᠣᠳᠤᠨ ᠳᠤᠷ ᠠᠬᠤᠨ ᠸᠢᠨᠤ ᠪᠠᠯᠭᠤ ᠰᠤᠮᠠᠨᠢ ᠣᠴᠣᠮᠠᠲᠢ ᠨᠡᠷ ᠡ ᠲᠡᠨ ᠳᠥᠷᠪᠡᠨ ᠥᠬᠢᠨ ᠲᠩᠷᠢ ᠪᠡᠷ ᠨᠠᠶᠠᠨ ᠳᠠᠯ᠎ᠠ ᠮᠣᠳᠤᠨ ᠲᠤᠷᠤᠭ ᠥᠨᠳᠦᠷ ᠪᠣᠳᠢ ᠮᠣᠳᠤᠨ ᠤ ᠣᠷᠴᠢᠨ ᠡᠯᠳᠡᠪ ᠡᠷᠳᠢᠨᠢᠰ ᠦᠨ ᠮᠣᠳ ᠲᠡᠷᠢᠭᠦᠲᠡᠨ ᠢ ᠲᠡᠭᠦᠨᠴᠢᠯᠡᠨ ᠬᠦ ᠴᠢᠮᠡᠵᠦ ᠦᠵᠡᠵᠦ ᠦᠯᠦ ᠬᠠᠨᠠᠬᠤᠢ ᠮᠡᠲᠦ ᠪᠣᠯᠭᠠᠪᠠᠢ ᠲᠡᠷᠡ ᠮᠡᠲᠦ ᠪᠣᠳᠢ ᠵᠢᠷᠦᠬᠡᠨ ᠳᠡᠬᠢᠲᠡᠳᠡᠭᠡᠷ ᠴᠢᠮᠡᠭ ᠦᠳ ᠢ ᠲᠩᠷᠢ ᠯᠤᠤᠰ ᠲᠡᠷᠢᠭᠦᠲᠡᠨ ᠲᠡᠳᠡ ᠡᠯᠡ ᠴᠢᠭᠤᠯᠤᠭᠰᠠᠳ ᠦᠵᠡᠵᠦ ᠦᠯᠡᠮᠵᠢ ᠮᠠᠱᠢ ᠭᠠᠶᠢᠬᠠᠵᠤ ᠥᠭᠦᠯᠡᠯᠳᠦᠷ ᠦᠨ ᠠᠳᠠᠯᠢᠳᠬᠠᠱᠢ ᠦᠭᠡᠢ ᠪᠤᠶᠠᠨ ᠤ ᠱᠢᠯᠲᠠᠭᠠᠨ ᠠᠴᠢ ᠦᠷ ᠡ ᠡᠴᠡ ᠪᠣᠯᠤᠭᠰᠠᠨ ᠡᠨᠡ ᠮᠡᠲᠦ ᠠᠰᠤᠷᠤ ᠰᠠᠶᠢᠨ ᠰᠠᠶᠢᠨ ᠬᠡᠮᠡᠨ ᠥᠭᠦᠯᠡᠭᠰᠡᠨ ᠳᠡᠭᠡᠷ᠎ᠡ ᠥᠭᠦᠯᠡᠵᠦ ᠥᠪᠡᠷ ᠦᠨ ᠥᠪᠡᠷ ᠦᠨ ᠣᠷᠣᠳ ᠢᠶᠠᠨ ᠦᠬᠦᠳᠡᠯ ᠳᠦᠷ ᠦᠯᠢᠬᠦᠢ ᠰᠡᠳᠬᠢᠯ ᠲᠥᠷᠦᠭᠦᠯᠪᠡᠢ ᠲᠡᠷᠡ ᠴᠠᠭ ᠲᠤᠷ ᠪᠣᠳᠢᠰᠲᠸ ᠤᠨ ᠪᠡᠶ ᠡ ᠡᠴᠡ ᠲᠠᠯᠪᠢᠭᠰᠠᠨ ᠦᠵᠦᠭᠦᠯᠡᠯ ᠦᠭᠡᠢ ᠠᠰᠤᠷᠤ ᠠᠷᠢᠭᠤᠨ ᠭᠬᠢᠷ ᠦᠭᠡᠢ ᠭᠡᠷᠡᠯ ᠢᠶᠡᠷ ᠬᠠᠮᠤᠭ ᠠᠮᠢᠲᠠᠨ ᠤ ᠪᠡᠶ᠎ᠡ ᠰᠡᠳᠬᠢᠯ ᠢ
Nögüge: döčin naiman:] yirtinčü ulus-tur kedüi bükü ab ali čimeg bügüde bodi jirüken-dür üjegdejü bodi jirüken dekičimeg-ü:d ber tedege:r ulus-tur üjegdeküi bolγabai. Basa ber bodi modun-dur aqun Vinu, Balgu, Sumani, Očomati ner-e-ten dörben ökin tngri ber nayan dal-a modun turuγ öndür bodi modun-u orčin eldeb erdinis-ün mod terigü:ten-i tegü:nčilen kü čimejü üjejü ülü qan[a]qui metü bolγabai. Tere metü bodi jirüken dekitedege:r čimeg-ü:d-i tngri luus terigü:ten tede ele čiγu:luγsad üjejü ülemji maši γayi:qaju ögüleldür-ün: Adalidqaši ügei buyan-u šiltaγa:n ači ür-e-e:če boluγsan ene metü asuru sayi:n sayi:n keme:n ögülegsen dege:r-e ögülejü öbe:r-ün öbe:r-ün orod-iya:n üküdel-dür üliküi sedkil törügü:lbei. Tere čaγ-tur Bodistv-un bey-e-e:če talbiγsan üjügü:lel ügei asuru ariγu:n gkir ügei gerel-iye:r qamuγ amitan-u bey-e sedkil-i
48b
ᠰᠡᠷᠭᠦᠭᠡᠨ ᠦᠶᠢᠯᠡᠳᠴᠦ ᠬᠠᠮᠤᠭ ᠨᠢᠰᠸᠠᠨᠢᠰ ᠢ ᠠᠮᠤᠷᠯᠢᠭᠤᠯᠵᠤ ᠰᠡᠳᠬᠢᠯ ᠳᠦᠷ ᠪᠠᠶᠠᠰᠬᠤᠯᠠᠩ ᠵᠢᠷᠭᠠᠯᠠᠩ ᠢ ᠲᠥᠷᠦᠭᠦᠯᠦᠨ ᠦᠶᠢᠯᠡᠳᠪᠡᠢ ᠡᠷᠬᠡᠲᠡᠨ ᠳᠤᠲᠠᠭᠤ ᠠᠮᠢᠲᠠᠨ ᠤ ᠡᠷᠬᠡᠲᠡᠨ ᠠᠨᠤ ᠲᠡᠭᠦᠰᠴᠦ ᠡᠷᠬᠡᠲᠡᠨ ᠦ ᠸᠢᠰᠠᠢ ᠨᠤᠭᠤᠳ ᠢ ᠬᠦᠷᠲᠡᠬᠦᠢ ᠪᠣᠯᠭᠠᠭᠰᠠᠨ ᠲᠡᠷᠡ ᠭᠡᠷᠡᠯ ᠢᠶᠡᠷ ᠬᠠᠯᠢᠬᠢ ᠨᠡᠷᠡᠲᠦ ᠯᠤᠤᠰ ᠤᠨ ᠬᠠᠭᠠᠨ ᠤ ᠣᠷᠣᠨ ᠢ ᠭᠡᠶᠢᠭᠦᠯᠦᠭᠰᠡᠨ ᠳᠦᠷ ᠲᠡᠭᠦᠨᠢ ᠦᠵᠡᠵᠦ ᠬᠠᠯᠢᠬᠢ ᠨᠡᠷᠡᠲᠦ ᠯᠤᠤᠰ ᠤᠨ ᠬᠠᠭᠠᠨ ᠨᠥᠬᠦᠳ ᠲᠡᠭᠡᠨ ᠥᠭᠦᠯᠡᠷ ᠦᠨ ᠨᠥᠬᠦᠳ ᠡ ᠳᠤᠷᠠᠳᠤᠮᠤᠢ ᠪᠢ ᠡᠷᠲᠡ ᠨᠥᠭᠴᠢᠭᠰᠡᠨ ᠬᠠᠷᠭᠠᠰᠤᠨᠳᠢ ᠬᠠᠨᠠᠬᠠᠮᠤᠨᠢ ᠬᠠᠱᠢᠪ ᠲᠡᠷᠢᠭᠦᠲᠡᠨ ᠭᠤᠷᠪᠠᠨ ᠰᠠᠶᠢᠪᠠᠷ ᠣᠳᠤᠭᠰᠠᠨ ᠪᠤᠷᠬᠠᠨ ᠪᠤᠷᠬᠠᠨ ᠪᠣᠯᠬᠤᠢ ᠴᠠᠭ ᠲᠤᠷ ᠪᠡᠷ ᠡᠨᠡ ᠮᠡᠲᠦ ᠭᠡᠷᠡᠯ ᠪᠣᠯᠵᠤ ᠡᠨᠡ ᠣᠷᠣᠨ ᠢ ᠭᠡᠶᠢᠭᠦᠯᠵᠦ ᠪᠥᠯᠦᠭᠡ ᠡᠳᠦᠭᠡ ᠪᠡᠷ ᠡᠶᠢᠮᠦ ᠭᠡᠷᠡᠯ ᠪᠣᠯᠵᠤ ᠯᠤᠤᠰ ᠤᠨ ᠪᠢᠳᠠᠨ ᠤ ᠠᠶᠤᠯ ᠵᠣᠪᠠᠯᠠᠩ ᠪᠦᠭᠦᠳᠡ ᠠᠮᠤᠷᠯᠢᠭᠰᠠᠨ ᠢᠶᠠᠷ ᠴᠦ ᠮᠠᠭᠠᠳ ᠢᠶᠠᠷ ᠠᠮᠢᠲᠠᠨ ᠤ ᠤᠳᠤᠷᠢᠭᠤᠯᠰᠤᠨ ᠢᠲᠡᠭᠡᠯ ᠪᠣᠳᠢ ᠵᠢᠷᠦᠬᠡᠨ ᠳᠦᠷ ᠪᠤᠷᠬᠠᠨ ᠪᠣᠯᠬᠤ ᠶᠢᠨ ᠪᠡᠯᠭᠡ ᠪᠤᠢ ᠲᠡᠭᠦᠨ᠎ᠡ ᠲᠠᠬᠢᠯ ᠲᠠᠪᠢᠭ ᠦᠶᠢᠯᠡᠳᠦᠨ ᠣᠳᠤᠶ᠎ᠠ ᠬᠡᠮᠡᠨ ᠰᠤᠸᠠᠷᠨ ᠠ ᠪᠢᠷᠠᠪᠢ ᠨᠡᠷᠡᠲᠡᠢ ᠬᠠᠲᠤᠳ ᠥᠬᠢᠳ ᠨᠥᠬᠦᠳ ᠢᠶᠡᠷ ᠢᠶᠡᠨ ᠨᠢᠭᠡᠨ᠎ᠡ ᠡᠯᠳᠡᠪ ᠲᠠᠬᠢᠯ ᠤᠨ
sergüge:n üyi:ledčü qamuγ nisvanis-i amurliγu:lju sedkil-dür bayasqulang jirγalang-i törügü:lün üyi:ledbei. Erketen dutaγu: amitan-u erketen anu tegüsčü erketen-ü visai-nuγu:d-i kürteküi bolγaγsan tere gerel-iye:r Kaliki neretü luus-un qaγa:n-u oron-i geyi:gü:lügsen-dür tegü:ni üjejü Kaliki neretü luus-un qaγa:n nöküd-tege:n ögüler-ün: Nöküd e: duradumui bi erte nögčigsen Kargasundi Kanakamuni, Kašib terigü:ten γurban sayi:bar oduγsan burqan burqan bolqui čaγ-tur ber ene metü gerel bolju ene oron-i geyi:gü:ljü bölüge:. Edüge: ber eyi:mü gerel bolju luus-un bidan-u ayul jobalang bügüde amurliγsan-iya:r čü maγad-iya:r amitan-u uduriγu:lsun itegel bodi jirüken-dür burqan bolqu-yi:n belge bui. Tegü:n-e takil tabiγ üyiledün oduy-a keme:n Suvarn-a-birabi neretei qatud ökid nöküd-iye:r-iye:n nigen-e eldeb takil-un
49a
ᠨᠥᠭᠦᠭᠡ ᠳᠥᠴᠢᠨ ᠶᠢᠰᠦᠨ ᠡᠳ ᠢ ᠠᠪᠤᠭᠠᠳ ᠣᠳᠴᠤ ᠪᠣᠳᠢᠰᠲᠸ ᠤᠨ ᠬᠥᠯ ᠳᠦᠷ ᠬᠦᠨᠳᠦᠯᠡᠨ ᠮᠥᠷᠭᠦᠵᠦ ᠪᠠᠶᠠᠰᠬᠤᠢ ᠪᠢᠱᠢᠷᠡᠬᠦᠢ ᠰᠡᠳᠬᠢᠯ ᠢᠶᠡᠷ ᠲᠠᠬᠢᠭᠠᠳ ᠤᠷᠢᠳᠤ ᠪᠤᠷᠬᠠᠨ ᠨᠤᠭᠤᠳ ᠢ ᠦᠵᠡᠭᠰᠡᠨ ᠵᠣᠷᠢᠭ ᠢᠶᠠᠷ ᠳᠡᠯᠭᠡᠷᠡᠩᠭᠦᠢ᠎ᠡ ᠮᠠᠭᠲᠠᠵᠤ ᠬᠤᠲᠤᠭ ᠪᠡᠷ ᠭᠤᠶᠤᠪᠠᠢ ᠲᠡᠨᠳᠡᠴᠡ ᠪᠣᠳᠢᠰᠲᠸ ᠰᠡᠳᠬᠢᠷ ᠦᠨ ᠡᠷᠲᠡᠨ ᠦ ᠲᠡᠳᠡᠭᠡᠷ ᠲᠡᠭᠦᠨᠴᠢᠯᠡᠨ ᠢᠷᠡᠭᠰᠡᠳ ᠶᠠᠮᠪᠠᠷ ᠳᠡᠪᠦᠰᠬᠡᠷ ᠲᠦᠷ ᠰᠠᠭᠤᠵᠤ ᠦᠨᠡᠨ ᠲᠡᠭᠦᠰ ᠲᠤᠭᠤᠯᠤᠭᠰᠠᠨ ᠪᠣᠳᠢ ᠬᠤᠲᠤᠭ ᠢ ᠲᠤᠭᠤᠯᠤᠯᠠᠭ᠎ᠠ ᠬᠡᠮᠡᠨ ᠥᠴᠢᠪᠡᠰᠦ ᠡᠪᠡᠰᠦᠨ ᠳᠡᠪᠦᠰᠬᠡᠷ ᠲᠦᠷ ᠰᠠᠭᠤᠵᠤ ᠳᠡᠭᠡᠷ᠎ᠡ ᠦᠭᠡᠢ ᠦᠨᠡᠨ ᠲᠡᠭᠦᠰ ᠲᠤᠭᠤᠯᠤᠭᠰᠠᠨ ᠪᠣᠳᠢ ᠬᠤᠲᠤᠭ ᠢ ᠲᠤᠭᠤᠯᠤᠭᠰᠠᠨ ᠢ ᠦᠵᠡᠪᠡᠢ ᠲᠡᠨᠳᠡᠴᠡ ᠠᠷᠢᠭᠤᠨ ᠣᠷᠣᠨ ᠳᠠᠬᠢ ᠲᠩᠷᠢ ᠶᠢᠨ ᠬᠥᠪᠡᠭᠦᠨ ᠪᠣᠳᠢᠰᠲᠸ ᠤᠨ ᠰᠡᠳᠬᠢᠯ ᠢ ᠰᠡᠳᠬᠢᠯ ᠢᠶᠡᠷ ᠢᠶᠡᠨ ᠤᠬᠠᠵᠤ ᠶᠡᠬᠡ ᠡᠷ᠎ᠡ ᠪᠣᠭᠳᠠ ᠠ ᠬᠡᠷ ᠴᠢᠨᠤ ᠤᠬᠠᠭᠰᠠᠨ ᠲᠡᠭᠦᠨᠴᠢᠯᠡᠨ ᠪᠦᠶᠦ ᠬᠡᠮᠡᠨ ᠥᠭᠦᠯᠡᠭᠰᠡᠨ ᠳᠦᠷ ᠪᠣᠳᠢᠰᠲᠸ ᠮᠥᠷ ᠦᠨ ᠪᠠᠷᠠᠭᠤᠨ ᠡᠲᠡᠭᠡᠳ ᠪᠠᠶᠢᠵᠤ ᠰᠤᠸᠠᠰᠲᠢᠭ ᠨᠡᠷᠡᠲᠦ ᠬᠦᠮᠦᠨ ᠲᠣᠭᠤᠰ ᠤᠨ ᠬᠦᠵᠦᠭᠦᠨ ᠳᠦᠷ ᠠᠳᠠᠯᠢ ᠰᠡᠳᠬᠢᠯ ᠳᠦᠷ ᠵᠣᠬᠢᠰᠲᠤ ᠥᠩᠭᠡ ᠦᠨᠦᠷ ᠰᠠᠶᠢᠲᠤ ᠳᠡᠪᠰᠡᠷᠬᠦᠢ᠎ᠡ ᠣᠷᠤᠩᠭᠢᠲᠤ ᠬᠠᠴᠠᠯᠢᠨᠳᠢᠬᠠ ᠳᠤᠷ ᠠᠳᠠᠯᠢ ᠬᠦᠷᠲᠡᠬᠦᠢ ᠳᠦᠷ ᠵᠥᠭᠡᠯᠡᠨ
Nögüge: döčin yisün: ed-i abuγa:d odču Bodistv-un köl-dür kündülen mörgüjü bayasqui bišireküi sedkil-iye:r takiγa:d uridu burqan-nuγu:d-i üjegsen joriγ-iya:r delgerenggüi-e maγtaju qutuγ ber γuyubai. Tendeče Bodistv sedkir-ün: Erten-ü tedege:r tegü:nčilen iregsed yambar debüsker-tür saγu:ju ünen tegüs tuγu:luγsan bodi qutuγ-i tuγu:lulaγ-a: keme:n öčibe:sü ebesün debüsker-tür saγu:ju dege:r-e ügei ünen tegüs tuγu:luγsan bodi qutuγ-i tuγu:luγsan-i üjebei. Tendeče ariγu:n oron daki tngri-yi:n köbegü:n Bodistv-un sedkil-i sedkil-iye:r-iye:n uqaju yeke er-e boγda a: ker činu uqaγsan tegü:nčilen büyü keme:n ögülegsen-dür Bodistv mör-ün baraγu:n etege:d bayi:ju Suvastig neretü kümü:n toγus-un küjügü:n-dür adali sedkil-dür jokistu öngge ünür sayi:tu debserküi-e orunggitu Kačalindika-dur adali kürteküi-dür jöge:len
49b
ᠡᠪᠡᠰᠦᠨ ᠢ ᠬᠠᠳᠤᠨ ᠪᠦᠬᠦᠢ ᠶᠢ ᠦᠵᠡᠵᠦ ᠪᠦᠷ ᠦᠨ ᠮᠥᠷ ᠡᠴᠡ ᠪᠤᠯᠵᠢᠨ ᠭᠠᠷᠴᠤ ᠡᠪᠡᠰᠦᠨ ᠬᠠᠳᠤᠭᠴᠢ ᠬᠠᠮᠢᠭ᠎ᠠ ᠪᠦᠬᠦ ᠲᠡᠨᠳᠡ ᠣᠳᠴᠤ ᠬᠣᠲᠠᠯᠠ ᠶᠢ ᠮᠡᠳᠡᠭᠦᠯᠦᠨ ᠦᠶᠢᠯᠡᠳᠬᠦᠢ ᠲᠡᠷᠢᠭᠦᠲᠡᠨ ᠵᠢᠷᠤᠨ ᠳᠥᠷᠪᠡᠨ ᠵᠦᠶᠢᠯᠲᠦ ᠳᠠᠭᠤᠨ ᠤ ᠪᠥᠯᠥᠭ ᠢᠶᠡᠷ ᠱᠢᠯᠦᠭᠯᠡᠨ ᠥᠭᠦᠯᠡᠷ ᠦᠨ ᠰᠤᠸᠠᠰᠲᠢᠭ ᠡᠪᠡᠰᠦᠨ ᠢ ᠨᠠᠳᠤᠷ ᠦᠳᠲᠡᠷ ᠥᠭ ᠡᠪᠡᠰᠦᠨ ᠢᠶᠡᠷ ᠡᠨᠡ ᠡᠳᠦᠷ ᠶᠡᠬᠡ ᠲᠤᠰᠠ ᠪᠦᠲᠦᠶᠦ ᠴᠡᠷᠢᠭ ᠰᠡᠯᠲᠡ ᠱᠢᠮᠨᠤᠰ ᠤᠨ ᠠᠶᠢᠮᠠᠭ ᠢ ᠳᠠᠷᠤᠵᠤ ᠦᠨᠡᠨ ᠠᠮᠤᠷᠯᠢᠭᠰᠠᠨ ᠪᠣᠳᠢ ᠬᠤᠲᠤᠭ ᠢ ᠣᠯᠤᠶᠤ ᠪᠢ ᠲᠡᠭᠦᠪᠡᠷ ᠰᠤᠸᠠᠰᠲᠢᠭ ᠡᠪᠡᠰᠦᠨ ᠥᠭ ᠴᠠᠭᠯᠠᠱᠢ ᠦᠭᠡᠢ ᠪᠤᠶᠠᠨ ᠤ ᠬᠦᠴᠦᠲᠦ ᠪᠣᠯᠬᠤ ᠴᠢ ᠲᠡᠭᠦᠨ ᠢᠶᠡᠷ ᠮᠠᠭᠤ ᠶᠢᠨ ᠱᠢᠯᠲᠠᠭᠠᠨ ᠦᠯᠦ ᠪᠣᠯᠤᠨ ᠳᠡᠭᠡᠳᠦ ᠤᠳᠤᠷᠢᠭᠤᠯᠰᠤᠨ ᠪᠡᠷ ᠪᠣᠯᠬᠤ ᠴᠢ ᠬᠡᠮᠡᠨ ᠠᠰᠤᠷᠤ ᠰᠣᠨᠣᠰᠬᠤᠢ᠎ᠠ ᠰᠠᠶᠢᠨ ᠲᠤᠰᠠᠲᠤ ᠦᠭᠡ ᠶᠢ ᠰᠣᠨᠣᠰᠴᠤ ᠰᠤᠸᠠᠰᠲᠢᠭ ᠦᠯᠡᠮᠵᠢ ᠮᠠᠱᠢ ᠪᠢᠱᠢᠷᠡᠨ ᠪᠠᠶᠠᠰᠴᠤ ᠦᠵᠡᠰᠬᠦᠯᠡᠩᠲᠦ ᠭᠣᠤ᠎ᠠ ᠠᠰᠤᠷᠤ ᠠᠷᠢᠭᠤᠨ ᠵᠥᠭᠡᠯᠡᠨ ᠡᠪᠡᠰᠦᠨ ᠢ ᠠᠶ ᠠ ᠳᠤᠷ ᠢᠶᠠᠨ ᠪᠠᠷᠢᠵᠤ ᠡᠮᠦᠨᠡ ᠢᠷᠡᠵᠦ ᠪᠠᠶᠠᠰᠤᠭᠰᠠᠨ ᠰᠡᠳᠬᠢᠯ ᠢᠶᠡᠷ ᠥᠭᠦᠯᠡᠷ ᠦᠨ ᠬᠡᠷ ᠪᠡᠷ ᠮᠢᠨᠤ ᠡᠨᠡ ᠡᠪᠡᠰᠦᠨ ᠢᠶᠡᠷ ᠡᠷᠲᠡᠨ ᠦ ᠪᠤᠷᠬᠠᠨ ᠨᠤᠭᠤᠳ ᠤᠨ ᠮᠥᠷ ᠢ ᠣᠯᠬᠤᠢ ᠡᠯᠡ ᠪᠣᠯᠪᠠᠰᠤ
ebesün-i qadun büküi-yi üjejü bür-ün. Mör-e:če buljin γarču ebesün qaduγči qamiγ-a: bükü tende odču qotala-yi medegü:lün üyi:ledküi terigü:ten jirun dörben jüyi:ltü daγu:n-u bölög-iye:r šilüglen ögüler-ün: Suvastig ebesün-i nadur üdter ög. Ebesün-iye:r ene edür yeke tusa bütüyü. Čerig selte šimnus-un ayi:maγ-i daruju ünen amurliγsan bodi qutuγ-i oluyu bi. Tegü:be:r Suvastig ebesün ög. Čaγlaši-ügei buyan-u küčütü bolqu či tegü:n-iye:r maγu:-yi:n šiltaγa:n ülü bolun dege:dü uduriγu:lsun ber bolqu či keme:n asuru sonosqui-a sayi:n tusatu üge-yi: sonosču Suvastig ülemji maši biširen bayasču üjeskülengtü γou-a asuru ariγu:n jöge:len ebesün-i ay-a-dur-iya:n bariju emüne irejü bayasuγsan sedkil-iye:r ögüler-ün: Ker ber minu ene ebesün-iye:r erten-ü burqan-nuγu:d-un mör-i olqui ele bolba:su
50a
ᠨᠥᠭᠦᠭᠡ ᠲᠠᠪᠢᠨ ᠳᠠᠯᠠᠢ ᠡᠷᠳᠡᠮᠲᠦ ᠮᠢᠨᠦ ᠡᠭᠦᠨᠢ ᠠᠪᠤᠨ ᠰᠣᠶᠤᠷᠬᠠᠵᠤ ᠨᠠᠮᠠᠶᠢ ᠪᠡᠷ ᠳᠡᠭᠡᠳᠦ ᠬᠤᠲᠤᠭ ᠢ ᠣᠯᠭᠠᠭᠤᠯᠤᠨ ᠰᠣᠶᠤᠷᠬ᠎ᠠ ᠬᠡᠮᠡᠨ ᠥᠭᠦᠯᠡᠪᠡᠰᠦ ᠪᠣᠳᠢᠰᠲᠸ ᠥᠭᠦᠯᠡᠷ ᠦᠨ ᠰᠤᠸᠠᠰᠲᠢᠭ ᠣᠯᠠᠨ ᠭᠠᠯᠠᠪ ᠤᠳ ᠲᠤᠷ ᠪᠡᠷᠬᠡ ᠦᠶᠢᠯᠡᠰ ᠢ ᠡᠰᠡ ᠦᠶᠢᠯᠡᠳᠴᠦ ᠭᠠᠭᠴᠠ ᠡᠪᠡᠰᠦᠨ ᠳᠡᠪᠦᠰᠦᠭᠰᠡᠨ ᠢᠶᠡᠷ ᠣᠯᠬᠤᠢ᠎ᠠ ᠪᠡᠷᠬᠡ ᠬᠤᠲᠤᠭ ᠢ ᠣᠯᠬᠤ ᠪᠤᠰᠤ ᠪᠤᠢ ᠠᠯᠢ ᠴᠠᠭ ᠲᠤᠷ ᠬᠣᠶᠠᠷ ᠴᠢᠭᠤᠯᠭᠠᠨ ᠢ ᠳᠦᠭᠦᠷᠭᠡᠭᠰᠡᠨ ᠲᠡᠷᠡ ᠴᠠᠭ ᠲᠤᠷ ᠪᠤᠷᠬᠠᠨ ᠨᠤᠭᠤᠳ ᠲᠠ ᠪᠤᠷᠬᠠᠨ ᠪᠣᠯᠬᠤ ᠬᠡᠮᠡᠨ ᠸᠢᠶᠠᠭᠢᠷᠢᠳ ᠥᠭᠲᠡᠬᠦ ᠪᠣᠯᠤᠶᠤ ᠰᠤᠸᠠᠰᠲᠢᠭ ᠬᠡᠷ ᠪᠡᠷ ᠮᠢᠨᠤ ᠬᠤᠲᠤᠭ ᠢ ᠵᠢᠭᠲᠤᠷᠢᠭᠤᠯᠪᠠᠰᠤ ᠪᠣᠯᠬᠤ ᠪᠥᠭᠡᠰᠦ ᠠᠮᠢᠲᠠᠨ ᠢ ᠬᠤᠷᠢᠶᠠᠵᠤ ᠠᠪᠤᠭᠠᠳ ᠥᠭᠬᠦᠢ᠎ᠡ ᠰᠡᠰᠢᠭ ᠦᠭᠡᠢ ᠬᠡᠵᠢᠶ᠎ᠡ ᠪᠤᠷᠬᠠᠨ ᠪᠣᠯᠵᠤ ᠠᠮᠢᠲᠠᠨ᠎ᠠ ᠨᠣᠮᠯᠠᠬᠤ ᠶᠢ ᠰᠣᠨᠣᠰᠪᠠᠰᠤ ᠴᠢ ᠲᠡᠨᠳᠡ ᠢᠷᠡᠵᠦ ᠨᠣᠮ ᠢ ᠰᠣᠨᠣᠰ ᠭᠬᠢᠷ ᠲᠦᠶᠢᠳᠦᠭᠴᠢ ᠴᠢᠨᠦ ᠠᠷᠢᠯᠬᠤ ᠪᠣᠯᠬᠤ ᠬᠡᠮᠡᠨ ᠥᠭᠦᠯᠡᠵᠦ ᠠᠰᠤᠷᠤ ᠪᠠᠶᠠᠰᠬᠤᠯᠠᠩ ᠰᠡᠳᠬᠢᠯ ᠢᠶᠡᠷ ᠥᠭᠭᠦᠭᠰᠡᠨ ᠡᠪᠡᠰᠦᠨ ᠢ ᠠᠯᠲᠠᠨ ᠭᠠᠷ ᠢᠶᠠᠷ ᠤᠭᠲᠤᠨ ᠠᠪᠴᠤ ᠠᠯᠢ ᠲᠡᠷᠡ ᠪᠣᠳᠢᠰᠲᠸ ᠤᠨ ᠢᠯᠡᠲᠡ ᠲᠤᠭᠤᠯᠵᠤ ᠪᠤᠷᠬᠠᠨ ᠪᠣᠯᠬᠤᠢ ᠭᠠᠵᠠᠷ ᠬᠡᠮᠡᠪᠡᠰᠦ ᠭᠤᠷᠪᠠᠨ ᠶᠢᠷᠲᠢᠨᠴᠦ ᠶᠢᠨ ᠳᠤᠮᠳᠠ ᠴᠢᠩ ᠪᠠᠲᠤ ᠵᠢᠷᠦᠬᠡᠲᠦ ᠸᠴᠢᠷ ᠴᠢᠨᠠᠷ ᠲᠤ ᠡᠪᠳᠡᠷᠡᠱᠢ ᠦᠭᠡᠢ ᠬᠠᠮᠢᠭ᠎ᠠ ᠪᠦᠬᠦ ᠲᠡᠷᠡ ᠵᠦᠭ ᠲᠦᠷ ᠠᠷᠰᠯᠠᠨ ᠬᠢᠭᠡᠳ
Nögüge: tabin: dalai erdemtü minü egü:ni abun soyurqaju namayi ber dege:dü qutuγ-i olγaγu:lun soyurq-a keme:n ögülebe:sü Bodistv ögüler-ün: Suvastig olan galab-u:d-tur berke üyi:les-i ese üyi:ledčü γaγča ebesün debüsügsen-iye:r olqui-a berke qutuγ-i olqu busu bui. Ali čaγ-tur qoyar čiγu:lγan-i dügü:rgegsen tere čaγ-tur burqan-nuγu:d-ta burqan bolqu keme:n viyagirid ögtekü boluyu. Suvastig ker ber minu qutuγ-i jiγturiγu:lba:su bolqu böge:sü amitan-i quriya:ju abuγa:d ögküi-e sesig ügei kejiy-e: burqan bolju amitan-a nomlaqu-yi sonosba:su či tende irejü nom-i sonos. Gkir tüyi:dügči činü arilqu bolqu keme:n ögülejü asuru bayasqulang sedkil-iye:r öggügsen ebesün-i altan γar-iya:r uγtun abču ali tere Bodistv-un ilete tuγu:lju burqan bolqui γajar keme:be:sü γurban yirtinčü-yi:n dumda čing batu jirüketü včir činar-tu ebdereši-ügei qamiγ-a: bükü tere jüg-tür arslan ki:ge:d
50b
ᠭᠠᠯᠠᠭᠤᠳ ᠤᠨ ᠬᠠᠭᠠᠨ ᠤ ᠶᠠᠪᠤᠳᠠᠯ ᠢᠶᠠᠷ ᠶᠠᠪᠤᠵᠤ ᠣᠳᠪᠠᠢ ᠬᠠᠮᠤᠭ ᠲᠩᠷᠢ ᠯᠤᠤᠰ ᠲᠡᠷᠢᠭᠦᠲᠡᠨ ᠪᠦᠭᠦᠳᠡᠭᠡᠷ ᠠᠰᠤᠷᠤ ᠮᠠᠱᠢ ᠪᠠᠶᠠᠰᠤᠯᠴᠠᠵᠤ ᠠᠯᠠᠭᠠᠪᠠᠨ ᠬᠠᠮᠲᠤᠳᠬᠠᠵᠤ ᠡᠳᠦᠭᠡ ᠴᠦ ᠡᠨᠡ ᠡᠳᠦᠷ ᠱᠢᠮᠨᠤᠰ ᠤᠨ ᠠᠶᠢᠮᠠᠭ ᠢ ᠳᠠᠷᠤᠵᠤ ᠪᠤᠷᠬᠠᠨ ᠮᠠᠭᠠᠳ ᠪᠣᠯᠬᠤ ᠬᠡᠮᠡᠨ ᠪᠣᠳᠢ ᠮᠣᠳᠤᠨ ᠤ ᠳᠡᠷᠭᠡᠳᠡ ᠬᠦᠷᠦᠭᠰᠡᠨ ᠳᠦᠷ ᠲᠡᠷᠡ ᠴᠠᠭ ᠲᠤᠷ ᠬᠠᠮᠤᠭ ᠲᠩᠷᠢ ᠨᠡᠷ ᠦᠨ ᠬᠥᠪᠡᠭᠦᠳ ᠬᠢᠭᠡᠳ ᠬᠠᠮᠤᠭ ᠪᠣᠳᠢᠰᠲᠸ ᠨᠠᠷ ᠪᠦᠭᠦᠳᠡᠭᠡᠷ ᠨᠢᠭᠡᠨ ᠪᠦᠷᠢ ᠠᠨᠤ ᠥᠪᠡᠷ᠎ᠡ ᠥᠪᠡᠷ᠎ᠡ ᠶᠣᠰᠤᠲᠠᠨ ᠪᠤᠰᠤ ᠪᠤᠰᠤ ᠡᠳ ᠢᠶᠡᠷ ᠡᠭᠦᠳᠦᠭᠰᠡᠨ ᠨᠠᠢᠮᠠᠨ ᠲᠦᠮᠡᠨ ᠪᠣᠳᠢ ᠮᠣᠳᠤᠨ ᠢ ᠠᠳᠠᠯᠢ ᠪᠤᠰᠤ ᠴᠢᠮᠡᠭ ᠦᠳ ᠢᠶᠡᠷ ᠦᠵᠡᠬᠦ ᠭᠠᠶᠢᠬᠠᠬᠤ ᠮᠡᠲᠦ ᠴᠢᠮᠡᠵᠦ ᠮᠣᠳᠤᠨ ᠳᠤᠲᠤᠮ ᠤᠨ ᠳᠣᠤᠷ᠎ᠠ ᠨᠢᠵᠢᠭᠡᠳ ᠠᠷᠰᠯᠠᠨ ᠲᠤ ᠲᠠᠪᠴᠠᠩ ᠢ ᠪᠡᠷ ᠪᠡᠯᠡᠳᠪᠡᠢ ᠲᠡᠨᠳᠡᠴᠡ ᠪᠣᠳᠢᠰᠲᠸ ᠭᠠᠶᠢᠬᠠᠯ ᠵᠣᠬᠢᠶᠠᠬᠤᠢ ᠨᠡᠷᠡᠲᠦ ᠳᠢᠶᠠᠨ ᠳᠤᠷ ᠲᠡᠭᠱᠢ ᠣᠷᠤᠯᠳᠤᠭᠠᠳ ᠰᠠᠴᠠ ᠯᠠᠭᠰᠠᠨ ᠨᠠᠶᠢᠷᠠᠭ ᠢᠶᠠᠷ ᠴᠢᠮᠡᠭᠳᠡᠭᠰᠡᠨ ᠪᠡᠶ ᠡ ᠲᠦ ᠪᠣᠳᠢᠰᠲᠸ ᠮᠣᠳᠤᠨ ᠳᠤᠲᠤᠮ ᠤᠨ ᠳᠣᠤᠷ᠎ᠠ ᠠᠷᠰᠯᠠᠨᠲᠤ ᠲᠠᠪᠴᠠᠩ ᠳᠤᠷ ᠰᠠᠭᠤᠭᠰᠠᠨ ᠢ ᠦᠵᠡᠭᠳᠡᠭᠦᠯᠵᠦ ᠲᠡᠳᠡ ᠪᠦᠭᠦᠳᠡᠭᠡᠷ ᠪᠡᠷ ᠮᠢᠨᠤ ᠲᠠᠪᠴᠠᠩ ᠳᠤᠷ ᠰᠠᠭᠤᠵᠤ ᠠᠮᠤᠢ ᠬᠡᠮᠡᠨ ᠰᠡᠳᠬᠢᠬᠦᠢ ᠡᠴᠡ ᠪᠤᠰᠤ ᠪᠤᠰᠤ ᠲᠠᠪᠴᠠᠩ ᠳᠤᠷ ᠰᠠᠭᠤᠭᠰᠠᠨ ᠪᠤᠰᠤ ᠪᠤᠢ ᠬᠡᠮᠡᠨ ᠰᠡᠳᠬᠢᠪᠡᠢ
γalaγu:d-un qaγa:n-u yabudal-iya:r yabuju odbai. Qamuγ tngri luus terigü:ten bügüdege:r asuru maši bayasulčaju alaγaba:n qamtudqaju edüge: čü ene edür šimnus-un ayi:maγ-i daruju burqan maγad bolqu keme:n bodi modun-u dergede kürügsen-dür tere čaγ-tur qamuγ tngri-ner-ün köbegü:d ki:ge:d qamuγ Bodistv-nar bügüdege:r nigen büri anu öbe:r-e öbe:r-e yosutan busu busu ed-iye:r egü:dügsen naiman tümen bodi modun-i adali busu čimeg-ü:d-iye:r üjekü γayi:qaqu metü čimejü modun dutum-un dour-a nijige:d arslan-tu tabčang-i ber beledbei. Tendeče Bodistv γayi:qal jokiya:qui neretü diyan-dur tegši orulduγa:d sača lagsan nayi:raγ-iya:r čimegdegsen bey-e-tü Bodistv modun dutum-un dour-a arslantu tabčang-dur saγu:γsan-i üjegdegü:ljü tede bügüdege:r ber minu tabčang-dur saγu:ju amui keme:n sedkiküi-e:če busu busu tabčang-dur saγu:γsan busu bui keme:n sedkibei.
51a
ᠨᠥᠭᠦᠭᠡ ᠲᠠᠪᠢᠨ ᠨᠢᠭᠡᠨ ᠬᠡᠷ ᠲᠡᠳᠡᠨ ᠦ ᠰᠡᠳᠬᠢᠯ ᠳᠦᠷ ᠠᠳᠠᠯᠢ ᠵᠢᠷᠭᠤᠭᠠᠨ ᠵᠦᠶᠢᠯ ᠳᠡᠬᠢ ᠠᠮᠢᠲᠠᠨ᠎ᠠ ᠪᠡᠷ ᠲᠡᠭᠦᠨᠴᠢᠯᠡᠨ ᠬᠦ ᠦᠵᠡᠭᠳᠡᠭᠦᠯᠪᠡᠢ ᠲᠡᠶᠢᠨ ᠪᠡᠷ ᠪᠥᠭᠡᠰᠦ ᠳᠣᠤᠷ ᠠ ᠳᠤ ᠲᠠᠭᠠᠯᠠᠯᠲᠠᠨ ᠨᠢᠭᠡᠨ ᠬᠡᠳᠦᠨ ᠠᠮᠢᠲᠠᠨ ᠤ ᠦᠵᠡᠯ ᠳᠦᠷ ᠦᠵᠡᠭᠳᠡᠷ ᠦᠨ ᠪᠣᠳᠢᠰᠲᠸ ᠨᠢᠭᠡᠨ ᠦᠭᠦᠷᠭᠡ ᠡᠪᠡᠰᠦᠨ ᠪᠠᠷᠢᠵᠤ ᠪᠣᠳᠢ ᠮᠣᠳᠤᠨ ᠢ ᠳᠣᠯᠤᠭᠠᠨ ᠲᠠ ᠲᠣᠭᠣᠷᠢᠵᠤ ᠡᠪᠡᠰᠦᠨ ᠦ ᠦᠵᠦᠭᠦᠷ ᠢ ᠳᠣᠲᠤᠭᠱᠢ ᠳᠠ ᠬᠠᠨᠳᠤᠭᠤᠯ ᠤᠨ ᠳᠡᠪᠢᠰᠴᠦ ᠠᠷᠰᠯᠠᠨ ᠬᠢᠭᠡᠳ ᠠᠯᠪᠠᠭᠤᠳ ᠲᠡᠷᠢᠭᠦᠲᠡᠨ ᠦ ᠬᠣᠷᠢᠨ ᠲᠠᠪᠤᠨ ᠦᠵᠡᠯ ᠢᠶᠡᠷ ᠵᠡᠭᠦᠨ ᠡᠲᠡᠭᠡᠳ ᠬᠠᠨᠳᠤᠨ ᠪᠡᠶᠡ ᠪᠡᠨ ᠱᠢᠳᠤᠷᠭᠤ ᠳᠠ ᠵᠠᠯᠠᠵᠤ ᠵᠠᠪᠢᠯᠠᠨ ᠰᠠᠭᠤᠵᠤ ᠳᠤᠷᠠᠳᠬᠤᠢ ᠶᠢ ᠢᠯᠡᠲᠡ ᠪᠣᠯᠭᠠᠵᠤ ᠥᠭᠦᠯᠡᠷ ᠦᠨ ᠡᠨᠡ ᠣᠷᠣᠨ ᠳᠤᠷ ᠪᠡᠶ᠎ᠡ ᠮᠢᠨᠦ ᠬᠠᠲᠠᠪᠠᠰᠤ ᠪᠡᠷ ᠮᠢᠬᠠᠨ ᠠᠷᠠᠰᠤᠨ ᠶᠠᠰᠤᠨ ᠠᠩᠭᠢᠵᠢᠷᠠᠪᠠᠰᠤ ᠪᠡᠷ ᠣᠯᠠᠨ ᠭᠠᠯᠠᠪ ᠤᠳ ᠲᠤᠷ ᠣᠯᠬᠤᠢ᠎ᠠ ᠪᠡᠷᠬᠡ ᠬᠤᠲᠤᠭ ᠢ ᠡᠰᠡ ᠣᠯᠲᠠᠯᠠ ᠡᠨᠡ ᠣᠷᠣᠨ ᠠᠴᠠ ᠦᠯᠦ ᠬᠥᠳᠥᠯᠬᠦ ᠪᠢ ᠬᠡᠮᠡᠨ ᠥᠭᠦᠯᠡᠵᠦ ᠵᠠᠪᠢᠯᠠᠨ ᠰᠠᠭᠤᠭᠰᠠᠨ ᠢ ᠦᠵᠡᠭᠳᠡᠪᠡᠢ ᠪᠣᠳᠢᠰᠲᠸ ᠲᠡᠶᠢᠨ ᠪᠣᠳᠢ ᠵᠢᠷᠦᠬᠡᠨ ᠳᠦᠷ ᠰᠠᠭᠤᠭᠰᠠᠨ ᠳᠤᠷ ᠠᠮᠠᠷᠠᠮᠠᠭ ᠶᠢᠷᠲᠢᠨᠴᠦ ᠶᠢᠨ ᠲᠩᠷᠢ ᠨᠡᠷ ᠳᠥᠷᠪᠡᠨ ᠵᠦᠭ ᠡᠴᠡ ᠲᠣᠳᠬᠣᠷᠢᠳᠤᠭᠴᠢᠨ ᠢ ᠰᠠᠬᠢᠷ ᠤᠨ ᠪᠠᠶᠢᠪᠠᠢ ᠲᠡᠨᠳᠡᠴᠡ ᠪᠣᠳᠢᠰᠲᠸ ᠪᠣᠳᠢᠰᠲᠸ ᠢ ᠳᠤᠷᠠᠳᠬᠠᠬᠤᠢ ᠨᠡᠷᠡᠲᠦ
Nögüge: tabin nigen: Ker teden-ü sedkil-dür adali jirγuγa:n jüyi:l deki amitan-a ber tegü:nčilen kü üjegdegü:lbei. Teyi:n ber böge:sü dour-a-du taγa:laltan nigen kedün amitan-u üjel-dür üjegder-ün. Bodistv nigen ügü:rge ebesün bariju bodi modun-i doluγa:n ta toγo:riju ebesün-ü üjügü:r-i dotuγši-da qanduγu:l-un debisčü arslan ki:ge:d albaγu:d terigü:ten-ü qorin tabun üjel-iye:r jegü:n etege:d qandun beye-be:n šidurγu-da jalaju jabilan saγu:ju duradqui-yi ilete bolγaju ögüler-ün: Ene oron-dur bey-e minü qataba:su ber miqan arasun yasun anggijiraba:su ber olan galab-u:d-tur olqui-a berke qutuγ-i ese oltala ene oron-a:ča ülü ködölkü bi keme:n ögülejü jabilan saγu:γsan-i üjegdebei. Bodistv teyi:n bodi jirüken-dür saγu:γsan-dur amaramaγ yirtinčü-yi:n tngri-ner dörben jüg-e:če todqoriduγčin-i sakir-un bayi:bai. Tendeče Bodistv Bodistv-i duradqaqui neretü
51b
ᠭᠡᠷᠡᠯ ᠢ ᠲᠠᠯᠪᠢᠵᠤ ᠠᠷᠪᠠᠨ ᠵᠦᠭ ᠦᠨ ᠣᠭᠲᠠᠷᠭᠤ ᠶᠢᠨ ᠬᠢᠵᠠᠭᠠᠷ ᠳᠣᠷᠤᠨᠠ ᠪᠦᠬᠦ ᠪᠤᠷᠬᠠᠨ ᠨᠤᠭᠤᠳ ᠤᠨ ᠤᠯᠤᠰ ᠲᠠᠬᠢ ᠪᠣᠳᠢᠰᠲᠸ ᠨᠠᠷ ᠢ ᠳᠤᠷᠠᠳᠬᠠᠭᠰᠠᠨ ᠢᠶᠠᠷ ᠳᠣᠷᠤᠨ᠎ᠠ ᠵᠦᠭ ᠡᠴᠡ ᠵᠢᠷᠭᠠᠯᠠᠩ ᠢ ᠵᠣᠬᠢᠶᠠᠭᠴᠢ ᠨᠡᠷᠡᠲᠦ ᠪᠣᠳᠢᠰᠲᠸ ᠲᠣᠭᠠᠨ ᠠᠴᠠ ᠨᠥᠭᠴᠢᠭᠰᠡᠨ ᠪᠣᠳᠢᠰᠲᠸ ᠨᠠᠷ ᠯᠤᠭ᠎ᠠ ᠨᠢᠭᠡᠨ᠎ᠡ ᠪᠣᠳᠢᠰᠲᠸ ᠢ ᠲᠠᠬᠢᠬᠤ ᠶᠢᠨ ᠲᠤᠯᠠᠳᠠ ᠢᠷᠡᠵᠦ ᠬᠠᠮᠤᠭ ᠪᠤᠷᠬᠠᠨ ᠤ ᠤᠯᠤᠰ ᠢ ᠭᠠᠭᠴᠠ ᠬᠡᠰᠡᠭ ᠸᠠᠶᠢᠳᠤᠷᠢ ᠡᠷᠳᠢᠨᠢ ᠮᠡᠲᠦ ᠪᠣᠯᠭᠠᠵᠤ ᠲᠠᠪᠤᠨ ᠮᠥᠷ ᠲᠡᠬᠢ ᠠᠮᠢᠲᠠᠨ ᠤ ᠡᠮᠦᠨᠡ ᠪᠡᠷ ᠨᠢᠵᠢᠭᠡᠳ ᠪᠣᠳᠢᠰᠲᠸ ᠪᠣᠳᠢ ᠮᠣᠳᠤᠨ ᠤ ᠳᠣᠤᠷ᠎ᠠ ᠰᠠᠭᠤᠭᠰᠠᠨ ᠢ ᠦᠵᠡᠭᠦᠯᠪᠡᠢ ᠲᠡᠭᠦᠨᠴᠢᠯᠡᠨ ᠡᠮᠦᠨᠡ ᠡᠴᠡ ᠡᠷᠳᠢᠨᠢ ᠶᠢᠨ ᠱᠢᠬᠦᠷ ᠳᠠᠪᠬᠤᠴᠠᠭᠤᠯᠤᠭᠰᠠᠨ ᠨᠡᠷᠡᠲᠦ ᠪᠣᠳᠢᠰᠲᠸ ᠢᠷᠡᠵᠦ ᠭᠠᠭᠴᠠ ᠱᠢᠬᠦᠷ ᠢᠶᠡᠷ ᠬᠠᠮᠤᠭ ᠨᠥᠬᠦᠳ ᠦᠨ ᠬᠦᠷᠢᠭᠡᠨ ᠢ ᠪᠦᠷᠢᠨ ᠪᠠᠶᠢᠭᠤᠯᠪᠠᠢ ᠥᠷᠦᠨ ᠡᠴᠡ ᠡᠷᠬᠡᠲᠡᠨ ᠦ ᠲᠣᠤᠷ ᠨᠡᠷᠡᠲᠦ ᠪᠣᠳᠢᠰᠲᠸ ᠢᠷᠡᠵᠦ ᠭᠠᠭᠴᠠ ᠲᠣᠤᠷ ᠢᠶᠠᠷ ᠬᠠᠮᠤᠭ ᠴᠠᠬᠠᠷ ᠪᠦᠭᠦᠳᠡ ᠶᠢ ᠴᠢᠮᠡᠭᠰᠡᠨ ᠢ ᠬᠤᠪᠢᠯᠭᠠᠪᠠᠢ ᠤᠮᠠᠷ ᠠ ᠠᠴᠠ ᠵᠣᠬᠢᠶᠠᠬᠤ ᠶᠢᠨ ᠬᠠᠭᠠᠨ ᠨᠡᠷᠡᠲᠦ ᠪᠣᠳᠢᠰᠲᠸ ᠢᠷᠡᠵᠦ ᠬᠠᠮᠤᠭ ᠪᠤᠷᠬᠠᠨ ᠨᠤᠭᠤᠳ ᠤᠨ ᠤᠯᠤᠰ ᠤᠨ ᠬᠥᠷᠦᠭ ᠢ ᠬᠤᠪᠢᠯᠭᠠᠵᠤ ᠦᠵᠡᠭᠦᠯᠪᠡᠢ
gerel-i talbiju arban jüg-ün oγtarγu-yi:n kijaγa:r doruna bükü burqan-nuγu:d-un ulus-taki Bodistv-nar-i duradqaγsan-iya:r dorun-a jüg-e:če Jirγalang-i jokiya:γči neretü Bodistv toγa:n-a:ča nögčigsen Bodistv-nar-luγ-a: nigen-e Bodistv-i takiqu-yi:n tulada irejü qamuγ burqan-u ulus-i γaγča keseg vayiduri erdini metü bolγaju tabun mör-teki amitan-u emüne-be:r nijige:d Bodistv bodi modun-u dour-a saγu:γsan-i üjegü:lbei. Tegü:nčilen emüne-e:če Erdini-yi:n šikür dabqučaγu:luγsan neretü Bodistv irejü γaγča šikür-iye:r qamuγ nöküd-ün kürige:n-i bürin bayi:γu:lbai. Örün-e:če Erketen-ü tour neretü Bodistv irejü γaγča tour-iya:r qamuγ čaqar bügüde-yi čimegsen-i qubilγabai. Umar-a-a:ča Jokiya:qu-yi:n qaγa:n neretü Bodistv irejü qamuγ burqan-nuγu:d-un ulus-un körüg-i qubilγaju üjegü:lbei.
52a
ᠨᠥᠭᠦᠭᠡ ᠲᠠᠪᠢᠨ ᠬᠣᠶᠠᠷ ᠳᠣᠷᠤᠨᠠ ᠡᠮᠦᠨ ᠡᠴᠡ ᠭᠤᠨᠠᠮᠠᠲᠢ ᠨᠡᠷᠡᠲᠦ ᠪᠣᠳᠢᠰᠲᠸ ᠢᠷᠡᠵᠦ ᠬᠠᠮᠤᠭ ᠡᠷᠳᠡᠮ ᠦᠳ ᠦᠨ ᠬᠥᠷᠦᠭ ᠢ ᠵᠣᠬᠢᠶᠠᠭᠳᠠᠭᠰᠠᠨ ᠳᠠᠪᠬᠤᠷ ᠬᠡᠶᠢᠳ ᠢ ᠬᠤᠪᠢᠯᠭᠠᠵᠤ ᠦᠵᠡᠭᠦᠯᠪᠡᠢ ᠡᠮᠦᠨᠡ ᠥᠷᠦᠨ ᠡᠴᠡ ᠡᠷᠳᠢᠨᠢ ᠭᠠᠷᠬᠤᠢ ᠨᠡᠷᠡᠲᠦ ᠪᠣᠳᠢᠰᠲᠸ ᠢᠷᠡᠵᠦ ᠡᠷᠳᠢᠨᠢ ᠶᠢᠨ ᠪᠠᠶᠤᠮᠠᠷᠠᠭ ᠴᠢᠮᠡᠭ ᠢ ᠦᠵᠡᠭᠦᠯᠪᠡᠢ ᠥᠷᠦᠨᠡ ᠤᠮᠠᠷ ᠠᠴᠠ ᠳᠠᠪᠬᠤᠴᠠᠭᠤᠯᠤᠭᠰᠠᠨ ᠡᠭᠦᠯᠡᠨ ᠯᠤᠤ ᠶᠢᠨ ᠡᠭᠡᠱᠢᠭ ᠳᠠᠭᠤᠨ ᠨᠡᠷᠡᠲᠦ ᠪᠣᠳᠢᠰᠲᠸ ᠢᠷᠡᠵᠦ ᠠᠭᠠᠷᠤ ᠶᠢᠨ ᠡᠭᠦᠯᠡᠳ ᠡᠴᠡ ᠤᠷᠤᠭᠠᠰᠠᠷᠢ ᠴᠢᠨᠳᠠᠨ ᠤ ᠬᠤᠷᠠᠰ ᠢ ᠣᠷᠤᠭᠤᠯᠪᠠᠢ ᠤᠮᠠᠷ᠎ᠠ ᠳᠣᠷᠤᠨᠠ ᠠᠴᠠ ᠠᠯᠲᠠᠨ ᠲᠣᠤᠷ ᠢᠶᠠᠷ ᠴᠢᠮᠡᠭᠲᠦ ᠨᠡᠷᠡᠲᠦ ᠪᠣᠳᠢᠰᠲᠸ ᠢᠷᠡᠵᠦ ᠲᠡᠳᠡᠭᠡᠷ ᠭᠡᠷ ᠦᠨ ᠣᠷᠴᠢᠨ ᠯᠠᠭᠰᠠᠨ ᠢᠶᠠᠷ ᠴᠢᠮᠡᠭ ᠲᠦ ᠪᠣᠳᠢᠰᠲᠸ ᠢ ᠬᠤᠪᠢᠯᠭᠠᠪᠠᠢ ᠳᠣᠤᠷ ᠠᠴᠠ ᠷᠠᠳᠨᠠ ᠭᠠᠷᠪᠢ ᠨᠡᠷᠡᠲᠦ ᠪᠣᠳᠢᠰᠲᠸ ᠢᠷᠡᠵᠦ ᠠᠯᠲᠠᠨ ᠯᠢᠨᠬᠤᠰ ᠢ ᠦᠵᠡᠭᠳᠡᠭᠦᠯᠪᠡᠢ ᠳᠡᠭᠡᠷ ᠡᠴᠡ ᠣᠭᠲᠠᠷᠭᠤ ᠶᠢᠨ ᠰᠠᠩ ᠨᠡᠷᠡᠲᠦ ᠪᠣᠳᠢᠰᠲᠸ ᠲᠣᠭᠠᠨ ᠠᠴᠠ ᠨᠥᠭᠴᠢᠭᠰᠡᠨ ᠨᠥᠬᠦᠳ ᠪᠣᠳᠢᠰᠲᠸ ᠨᠠᠷ ᠯᠤᠭ᠎ᠠ ᠨᠢᠭᠡᠨ᠎ᠡ ᠢᠷᠡᠵᠦ ᠤᠷᠢᠳᠠ ᠠᠴᠠ ᠡᠰᠡ ᠦᠵᠡᠭᠳᠡᠭᠰᠡᠨ ᠴᠡᠴᠡᠭ ᠬᠦᠵᠢ ᠱᠢᠬᠦᠷ ᠬᠢᠭᠡᠳ ᠦᠨ ᠬᠤᠷ ᠠ ᠶᠢ ᠣᠷᠤᠭᠤᠯᠪᠠᠢ ᠲᠡᠶᠢᠨ ᠬᠤᠪᠢᠯᠭᠠᠭᠰᠠᠨ ᠲᠡᠳᠡ ᠡᠯᠡ ᠲᠠᠬᠢᠯ ᠤᠨ
Nögüge: tabin qoyar: Doruna emün-e:če Gunamati neretü Bodistv irejü qamuγ erdem-ü:d-ün körüg-i jokiya:γdaγsan dabqur keyi:d-i qubilγaju üjegü:lbei. Emüne örün-e:če Erdini γarqui neretü Bodistv irejü erdini-yi:n bayumarag čimeg-i üjegü:lbei. Örüne umar-a:ča dabqučaγu:luγsan egü:len luu-yi:n egešig daγu:n neretü Bodistv irejü agaru-yi:n egü:led-e:če urugasari čindan-u quras-i oruγu:lbai. Umar-a doruna-a:ča altan tour-iya:r čimegtü neretü Bodistv irejü tedege:r ger-ün orčin lagsan-iya:r čimeg-tü Bodistv-i qubilγabai. Dour-a:ča Radna-garbi neretü Bodistv irejü altan linqus-i üjegdegü:lbei. Dege:r-eče Oγtarγu-yi:n sang neretü Bodistv toγa:n-a:ča nögčigsen nöküd Bodistv-nar-luγ-a: nigen-e irejü urida-a:ča ese üjegdegsen čečeg küji šikür ki:ge:d-ün qur-a-yi oruγu:lbai. Teyi:n qubilγaγsan tede ele takil-un
52b
ᠡᠳ ᠳᠤᠲᠤᠮ ᠠᠴᠠ ᠪᠤᠰᠤᠳ ᠤᠨ ᠰᠡᠰᠢᠭ ᠢ ᠲᠠᠷᠬᠠᠭᠠᠬᠤ ᠶᠢᠨ ᠲᠤᠯᠠ ᠪᠣᠳᠢᠰᠲᠸ ᠤᠨ ᠣᠯᠠᠨ ᠲᠥᠷᠦᠯ ᠨᠤᠭᠤᠳ ᠤᠨ ᠬᠤᠷᠢᠶᠠᠵᠤ ᠢᠷᠡᠭᠰᠡᠨ ᠪᠤᠶᠠᠨ ᠤ ᠱᠢᠯᠲᠠᠭᠠᠨ ᠢ ᠤᠬᠠᠭᠤᠯ ᠬᠤᠢ ᠪᠤᠰᠤ ᠪᠤᠰᠤ ᠱᠢᠯᠦᠭ ᠦᠳ ᠦᠭᠡᠰ ᠭᠠᠷᠴᠤ ᠪᠦᠭᠦᠳᠡ ᠶᠢ ᠪᠣᠳᠢ ᠬᠤᠲᠤᠭ ᠲᠤᠷ ᠳᠤᠷᠠᠱᠢᠭᠤᠯᠪᠠᠢ ᠲᠡᠭᠦᠨᠡᠴᠡ ᠪᠡᠷ ᠪᠤᠰᠤ ᠲᠡᠳᠡ ᠪᠣᠳᠢᠰᠲᠸ ᠨᠠᠷ ᠯᠤᠭ᠎ᠠ ᠳᠡᠭᠡᠷᠡᠴᠡ ᠢᠷᠡᠬᠦᠨ ᠪᠣᠳᠢᠰᠲᠸ ᠨᠠᠷ ᠪᠡᠷ ᠲᠡᠭᠦᠨᠴᠢᠯᠡᠨ ᠪᠣᠳᠢᠰᠲᠸ ᠢ ᠲᠠᠬᠢᠷ ᠤᠨ ᠲᠡᠳᠡᠨ ᠦ ᠬᠤᠪᠢᠯᠭᠠᠨ ᠢ ᠪᠡᠷ ᠡᠶᠢᠨ ᠤᠬᠠᠭᠳᠠᠬᠤᠢ ᠣᠯᠠᠨ ᠵᠦᠶᠢᠯ ᠬᠣᠭᠣᠯᠠᠢ ᠡᠷᠢᠬᠡᠰ ᠢ ᠤᠨᠵᠢᠭᠤᠯᠵᠤ ᠣᠭᠲᠠᠷᠭᠤᠢ ᠠᠴᠠ ᠲᠩᠷᠢ ᠳᠣᠩᠭᠤᠳᠬᠤᠢ ᠮᠡᠲᠦ ᠢᠷᠡᠬᠦᠢ ᠣᠭᠲᠠᠷᠭᠤᠢ ᠠᠴᠠ ᠴᠡᠴᠡᠭ ᠦᠨ ᠬᠡᠶᠢᠳ ᠢ ᠦᠵᠡᠭᠦᠯᠵᠦ ᠣᠷᠣᠢ ᠶᠢᠨ ᠴᠢᠮᠡᠭ ᠢ ᠤᠨᠵᠢᠭᠤᠯᠵᠤ ᠢᠷᠡᠬᠦᠢ ᠭᠬᠢᠷ ᠦᠭᠡᠢ ᠲᠣᠨᠢᠯᠬᠤᠢ ᠬᠠᠭᠠᠯᠭ ᠠ ᠶᠢ ᠥᠭᠦᠯᠡᠵᠦ ᠬᠢᠰᠠᠷᠢ ᠠᠷᠰᠯᠠᠨ ᠮᠡᠲᠦ ᠬᠦᠷᠬᠢᠷᠡᠵᠦ ᠢᠷᠡᠬᠦᠢ ᠰᠣᠨᠢᠨ ᠡᠰᠡ ᠦᠵᠡᠭᠳᠡᠭᠰᠡᠨ ᠴᠡᠴᠡᠭ ᠦᠳ ᠢ ᠰᠠᠴᠤᠵᠤ ᠰᠦᠷᠦᠭ ᠦᠨ ᠮᠠᠩᠯᠠᠶᠢᠴᠢᠯᠠᠨ ᠦᠷᠬᠢᠷᠡᠵᠦ ᠢᠷᠡᠬᠦᠢ ᠲᠡᠷᠢᠭᠦᠪᠡᠨ ᠪᠡᠶᠡᠪᠡᠨ ᠮᠢᠩᠭᠠᠨ ᠥᠩᠭᠡᠲᠦ ᠪᠣᠯᠭᠠᠵᠤ ᠲᠣᠭᠤᠰᠴᠢᠯᠠᠨ ᠣᠭᠲᠠᠷᠭᠤᠢ ᠠᠴᠠ ᠬᠠᠶᠢᠯᠠᠵᠤ ᠢᠷᠡᠬᠦᠢ ᠰᠠᠶᠢᠪᠠᠷ ᠣᠳᠤᠭᠰᠠᠨ ᠤ ᠬᠥᠪᠡᠭᠦᠨ ᠦ ᠰᠠᠶᠢᠨ ᠢ ᠥᠭᠦᠯᠡᠵᠦ ᠰᠠᠷᠠᠨ ᠮᠡᠲᠦ ᠣᠭᠲᠠᠷᠭᠤᠢ ᠠᠴᠠ ᠭᠡᠶᠢᠭᠦᠯᠵᠦ ᠢᠷᠡᠬᠦᠢ
ed dutum-a:ča busud-un sesig-i tarqaγa:qu-yi:n tula Bodistv-un olan törül-nuγu:d-un quriya:ju iregsen buyan-u šiltaγa:n-i uqaγu:l-qui busu busu šilüg-ü:d üges γarču bügüde-yi bodi qutuγ-tur durašiγu:lbai. Tegü:ne:če ber busu tede Bodistv-nar-luγ-a: dege:reče irekün Bodistv-nar ber tegü:nčilen Bodistv-i takir-un. Teden-ü qubilγa:n-i ber eyi:n uqaγdaqui. Olan jüyi:l qoγo:lai erikes-i unjiγu:lju oγtarγui-a:ča tngri dongγudqui metü ireküi. Oγtarγui-a:ča čečeg-ün keyid-i üjegü:ljü oroi-yi:n čimeg-i unjiγu:lju ireküi gkir ügei tonilqui qaγa:lγ-a-yi ögülejü kisari arslan metü kürkirejü ireküi. Sonin ese üjegdegsen čečeg-ü:d-i sačuju sürüg-ün manglayi:čilan ürkirejü ireküi. Terigü:be:n beyebe:n mingγan önggetü bolγaju toγusčilan oγtarγui-a:ča qayi:laju ireküi sayi:ba:r oduγsan-u köbegü:n-ü sayi:n-i ögülejü saran metü oγtarγui-a:ča geyi:gü:ljü ireküi
53a
ᠨᠥᠭᠦᠭᠡ ᠲᠠᠪᠢᠨ ᠭᠤᠷᠪᠠᠨ ᠱᠢᠨᠡ ᠨᠠᠷᠠᠨ ᠮᠡᠲᠦ ᠭᠡᠷᠡᠯ ᠨᠦᠭᠦᠳ ᠢ ᠲᠠᠯᠪᠢᠵᠤ ᠱᠢᠮᠨᠤᠰ ᠤᠨ ᠣᠷᠣᠳ ᠢ ᠪᠦᠷᠬᠢᠭᠳᠡᠭᠦᠯᠵᠦ ᠢᠷᠡᠬᠦᠢ ᠲᠡᠭᠦᠨᠡᠴᠡ ᠪᠡᠷ ᠪᠤᠰᠤ ᠲᠤᠶᠠᠰ ᠲᠣᠤᠷ ᠢ ᠪᠠᠷᠢᠵᠤ ᠳᠡᠯᠡᠬᠡᠢ ᠶᠢ ᠬᠥᠯ ᠢᠶᠡᠷ ᠢᠶᠡᠨ ᠬᠥᠳᠡᠯᠭᠡᠵᠦ ᠢᠷᠡᠬᠦᠢ ᠠᠭᠤᠯᠠᠰ ᠤᠨ ᠬᠠᠭᠠᠨ ᠢ ᠭᠠᠷ ᠢᠶᠠᠷ ᠢᠶᠠᠨ ᠡᠷᠭᠦᠵᠦ ᠠᠬᠠᠰ ᠲᠤᠷ ᠪᠠᠶᠢᠵᠤ ᠴᠡᠴᠡᠭ ᠦᠳ ᠰᠠᠴᠤᠬᠤᠢ ᠵᠠᠷᠢᠮ ᠤᠳ ᠡᠯᠳᠡᠪ ᠲᠠᠬᠢᠯ ᠤᠨ ᠮᠣᠳᠤᠨ ᠡᠷᠭᠦᠵᠦ ᠵᠠᠪᠰᠠᠷᠲᠠᠢ᠎ᠠ ᠪᠣᠳᠢᠰᠲᠸ ᠲᠤᠷ ᠦᠵᠡᠭᠦᠯᠦᠨ ᠢᠷᠡᠬᠦᠢ ᠲᠡᠷᠢᠭᠦᠨ ᠳᠦᠷ ᠢᠶᠡᠨ ᠳᠥᠷᠪᠡᠨ ᠳᠠᠯᠠᠢ ᠶᠢ ᠡᠷᠭᠦᠵᠦ ᠳᠡᠯᠡᠬᠡᠢ ᠳᠦᠷ ᠦᠨᠦᠷ ᠲᠦ ᠤᠰᠤᠨ ᠰᠠᠴᠤᠬᠤᠢ ᠨᠢᠭᠡᠨ ᠨᠢᠭᠡᠨ ᠡᠰᠷᠤᠠ ᠬᠤᠷᠮᠤᠰ ᠲᠠ ᠶᠢᠨ ᠪᠡᠶᠡᠪᠡᠷ ᠨᠢᠭᠦᠯᠡᠰᠬᠦᠢ ᠠᠰᠠᠷᠠᠬᠤᠢ ᠶᠢ ᠥᠭᠦᠯᠡᠵᠦ ᠢᠷᠡᠬᠦᠢ ᠪᠤᠰᠤ ᠪᠡᠷ ᠴᠡᠴᠡᠭ ᠵᠢᠮᠢᠰᠲᠦ ᠮᠣᠳᠤᠨ ᠤ ᠳᠣᠲᠤᠷ᠎ᠠ ᠪᠣᠳᠢᠰᠲᠸ ᠨᠠᠷ ᠰᠠᠭᠤᠭᠰᠠᠨ ᠢ ᠪᠠᠷᠢᠵᠤ ᠢᠷᠡᠬᠦᠢ ᠪᠤᠨᠳᠠᠷᠢᠭ ᠯᠢᠨᠬᠤ᠎ᠠ ᠬᠢᠭᠡᠳ ᠦᠨ ᠬᠢᠰᠠᠷ ᠲᠤᠷ ᠪᠤᠷᠬᠠᠨᠲᠤ ᠨᠠᠭᠤᠷ ᠢ ᠡᠷᠭᠦᠵᠦ ᠢᠷᠡᠬᠦᠢ ᠪᠡᠶᠡᠪᠡᠨ ᠣᠭᠲᠠᠷᠭᠤᠢ ᠳᠤᠷ ᠬᠡᠰᠡᠭ ᠬᠡᠰᠡᠭ ᠰᠠᠴᠤᠬᠤᠢ ᠰᠠᠴᠤᠭᠤᠯᠤᠭᠠᠳ ᠴᠡᠴᠡᠭ ᠡᠷᠢᠬᠡ ᠪᠣᠯᠤᠨ ᠬᠤᠪᠢᠯᠬᠤᠢ ᠬᠤᠪᠢᠯᠵᠤ ᠭᠤᠷᠪᠠᠨ ᠮᠢᠩᠭᠠᠨ ᠶᠢᠷᠲᠢᠨᠴᠦ ᠳᠡᠬᠢ ᠬᠣᠲᠣᠯᠠ ᠪᠤᠷᠬᠠᠨ ᠢ ᠤᠯᠤᠰ ᠢ ᠳᠦᠭᠦᠷᠭᠡᠬᠦᠢ ᠡᠴᠦᠰ ᠴᠠᠭ ᠲᠠᠬᠢ ᠭᠠᠯ ᠮᠡᠲᠦ ᠨᠢᠳᠦᠨ ᠢᠶᠡᠷ ᠡᠪᠳᠡᠷᠡᠭᠦᠯᠬᠦᠢ ᠪᠠᠶᠢᠭᠤᠯᠬᠤᠢ ᠶᠢ ᠦᠵᠡᠭᠦᠯᠬᠦᠢ ᠪᠠᠰᠠᠪᠡᠷ ᠪᠡᠶᠡᠨ ᠡᠴᠡ
Nögüge: tabin γurban: šine naran metü gerel-nügü:d-i talbiju šimnus-un orod-i bürkigdegü:ljü ireküi tegü:ne:če ber busu tuyas tour-i bariju delekei-yi köl-iye:r-iye:n ködelgejü ireküi aγu:las-un qaγa:n-i γar-iya:r-iya:n ergüjü akas-tur bayi:ju čečeg-ü:d sačuqui jarim-u:d eldeb takil-un modun ergüjü jabsartai-a Bodistv-tur üjegü:lün ireküi. Terigü:n-dür-iye:n dörben dalai-yi ergüjü delekei-dür ünür-tü usun sačuqui nigen nigen Esrua Qurmus-ta-yi:n beyebe:r nigü:lesküi asaraqui-yi ögülejü ireküi. Busu ber čečeg jimistü modun-u dotur-a Bodistv-nar saγu:γsan-i bariju ireküi bundarig linqu-a ki:ge:d-ün kisar-tur burqantu naγu:r-i ergüjü ireküi beyebe:n oγtarγui-dur keseg keseg sačuqui. Sačuγu:luγa:d čečeg erike bolun qubilqui. Qubilju γurban mingγan yirtinčü deki qotola burqan-i ulus-i dügü:rgeküi. Ečüs čaγ-taki γal metü nidün-iye:r ebderegü:lküi bayi:γu:lqui-yi üjegü:lküi. Basaber beyen-e:če
53b
ᠣᠯᠠᠨ ᠨᠣᠮ ᠢ ᠰᠣᠨᠣᠰᠬᠠᠵᠤ ᠪᠠᠷᠠᠱᠢ ᠦᠭᠡᠢ ᠠᠮᠢᠲᠠᠨ ᠤ ᠲᠠᠴᠢᠶᠠᠩᠭᠤᠢ ᠶᠢ ᠲᠠᠷᠬᠠᠭᠤᠯᠤᠨ ᠢᠷᠡᠬᠦᠢ ᠣᠯᠠᠨ ᠰᠤᠳᠤᠷ ᠨᠤᠭᠤᠳ ᠢ ᠦᠰᠦᠳ ᠦᠨ ᠨᠦᠬᠡᠰ ᠢᠶᠡᠷ ᠤᠷᠢᠵᠤ ᠣᠶᠢᠨ ᠪᠢᠯᠢᠭ ᠢᠶᠡᠷ ᠣᠮᠤᠷᠬᠠᠭᠴᠢᠳ ᠢ ᠴᠥᠬᠡᠭᠦᠯᠦᠨ ᠢᠷᠡᠬᠦᠢ ᠠᠭᠤᠯᠠᠰ ᠤᠨ ᠬᠠᠭᠠᠨ ᠢ ᠬᠡᠩᠭᠡᠷᠭᠡᠴᠢᠯᠡᠨ ᠳᠡᠯᠡᠳᠴᠦ ᠠᠷᠪᠠᠨ ᠵᠦᠭ ᠲᠦᠷ ᠪᠣᠳᠢᠰᠲᠸ ᠡᠨᠡ ᠰᠥᠨᠢ ᠪᠤᠷᠬᠠᠨ ᠪᠣᠯᠤᠶᠤ ᠬᠡᠮᠡᠨ ᠲᠤᠩᠭᠠᠬᠤᠢ ᠲᠡᠶᠢᠮᠦ ᠲᠡᠶᠢᠮᠦ ᠬᠦᠴᠦᠨ ᠬᠤᠪᠢᠯᠭᠠᠨᠲᠠᠨ ᠲᠣᠭᠠᠨ ᠠᠴᠠ ᠨᠥᠭᠴᠢᠭᠰᠡᠨ ᠪᠣᠳᠢᠰᠲᠸ ᠨᠠᠷ ᠪᠣᠳᠢᠰᠲᠸ ᠢ ᠲᠠᠬᠢᠷ ᠤᠨ ᠲᠡᠷᠡ ᠮᠡᠲᠦ ᠬᠤᠪᠢᠯᠭᠠᠨ ᠤ ᠨᠠᠭᠠᠳᠤᠨ ᠢᠶᠠᠷ ᠨᠠᠭᠠᠳᠴᠤ ᠢᠷᠡᠪᠡᠢ ᠲᠡᠨᠳᠡᠬᠢᠨ ᠥᠭᠦᠯᠡᠷ ᠦᠨ ᠠᠯᠢ ᠲᠡᠷᠡ ᠪᠣᠳᠢ ᠵᠢᠷᠦᠬᠡᠨ ᠳᠦᠷ ᠵᠣᠬᠢᠶᠠᠭᠰᠠᠨ ᠬᠥᠷᠦᠭ ᠴᠢᠮᠡᠭ ᠨᠠᠭᠠᠳᠤᠨ ᠢ ᠨᠠᠶᠤᠳ ᠬᠥᠯᠲᠢ ᠭᠠᠯᠠᠪ ᠤᠳ ᠲᠤᠷ ᠵᠠᠭᠤᠨ ᠬᠡᠯᠡᠨ ᠢᠶᠡᠷ ᠬᠡᠯᠡᠵᠦ ᠪᠠᠷᠠᠨ ᠬᠡᠨ ᠴᠢᠳᠠᠬᠤ ᠲᠡᠶᠢᠨ ᠪᠡᠷ ᠪᠥᠭᠡᠰᠦ ᠴᠢᠳᠠᠭᠴᠢ ᠶᠢᠨ ᠡᠷᠬᠡᠲᠦ ᠳᠡ ᠲᠠᠬᠢᠯ ᠦᠶᠢᠯᠡᠳᠦᠨ ᠡᠰᠡ ᠢᠷᠡᠭᠰᠡᠨ ᠴᠢᠪᠢᠯᠲᠦ ᠱᠢᠮᠨᠤ ᠴᠡᠷᠢᠭ ᠢᠶᠡᠷ ᠢᠶᠡᠨ ᠨᠢᠭᠡᠨ᠎ᠡ ᠢᠴᠡᠭᠰᠡᠨ ᠡᠴᠡ ᠡᠴᠢᠨ᠎ᠡ ᠨᠦᠬᠡᠨ ᠳᠦᠷ ᠨᠢᠭᠤᠭᠰᠠᠨ ᠮᠡᠲᠦ ᠠᠵᠤ ᠬᠡᠮᠡᠯᠳᠦᠪᠡᠢ ᠠᠷᠪᠠᠨ ᠬᠣᠶᠠᠷ ᠵᠣᠬᠢᠶᠠᠩᠭᠤᠢ ᠦᠶᠢᠯᠡᠰ ᠡᠴᠡ ᠪᠣᠳᠢ ᠵᠢᠷᠦᠬᠡᠨ ᠳᠦᠷ ᠣᠳᠴᠤ ᠷᠢᠳᠢ ᠬᠤᠪᠢᠯᠭᠠᠨ ᠢ ᠦᠵᠡᠭᠦᠯᠦᠭᠰᠡᠨ ᠨᠡᠷᠡᠲᠦ ᠨᠠᠢᠮᠠᠳᠤᠭᠠᠷ ᠪᠥᠯᠥᠭ
olan nom-i sonosqaju baraši-ügei amitan-u tačiya:ngγui-yi tarqaγu:lun ireküi. Olan sudur-nuγu:d-i üsüd-ün nükes-iye:r uriju oyi:n bilig-iye:r omurqaγčid-i čökegü:lün ireküi. Aγu:las-un qaγa:n-i kenggergečilen deledčü arban jüg-tür Bodistv ene söni burqan boluyu keme:n tungγa:qui. Teyi:mü teyi:mü küčün qubilγa:ntan toγa:n-a:ča nögčigsen Bodistv-nar Bodistv-i takir-un. Tere metü qubilγa:n-u naγa:dun-iya:r naγa:dču irebei. Tendekin ögüler-ün: Ali tere bodi jirüken-dür jokiya:γsan körüg čimeg naγa:dun-i nayud költi galab-u:d-tur jaγu:n kelen-iye:r kelejü baran ken čidaqu. Teyi:n ber böge:sü čidaγči-yi:n erketü-de takil üyi:ledün ese iregsen čibiltü šimnu čerig-iye:r-iye:n nigen-e ičegsen-e:če ečin-e nüken-dür niγu:γsan metü aju keme:ldübei. Arban qoyar jokiya:ngγui üyi:les-e:če Bodi jirüken-dür odču ridi qubilγa:n-i üjegü:lügsen neretü naimaduγa:r bölög.
54a
ᠨᠥᠭᠦᠭᠡ ᠲᠠᠪᠢᠨ ᠳᠥᠷᠪᠡᠨ ᠲᠡᠨᠳᠡᠴᠡ ᠪᠣᠳᠢᠰᠲᠸ ᠰᠡᠳᠬᠢᠷ ᠦᠨ ᠡᠳᠦᠭᠡ ᠪᠢ ᠠᠮᠠᠷᠠᠮᠠᠭ ᠶᠢᠷᠲᠢᠨᠴᠦ ᠶᠢᠨ ᠡᠵᠡᠨ ᠢᠨᠦ ᠴᠢᠪᠢᠯᠲᠦ ᠱᠢᠮᠨᠤ ᠳᠠ ᠡᠰᠡ ᠮᠡᠳᠡᠭᠦᠯᠵᠦ ᠪᠤᠷᠬᠠᠨ ᠪᠣᠯᠪᠠᠰᠤ ᠲᠡᠷᠡ ᠰᠡᠳᠬᠢᠷ ᠦᠨ ᠪᠢ ᠡᠰᠡ ᠮᠡᠳᠡᠵᠦ ᠬᠣᠴᠣᠷᠪᠠᠢ ᠮᠡᠳᠡᠭᠰᠡᠨ ᠪᠥᠭᠡᠰᠦ ᠲᠡᠭᠦᠨᠦ ᠪᠤᠷᠬᠠᠨ ᠪᠣᠯᠬᠤᠢ ᠴᠥᠯᠡᠭᠡ ᠢᠨᠦ ᠬᠠᠮᠢᠭ᠎ᠠ ᠪᠥᠯᠦᠭᠡ ᠬᠡᠮᠡᠨ ᠣᠮᠤᠷᠬᠠᠨ ᠰᠡᠳᠬᠢᠬᠦ ᠲᠡᠭᠦᠪᠡᠷ ᠣᠮᠤᠭ ᠢ ᠱᠢᠩᠲᠠᠷᠠᠭᠤᠯᠤᠭᠠᠳ ᠠᠮᠠᠷᠠᠮᠠᠭ ᠶᠢᠷᠲᠢᠨᠴᠦ ᠶᠢᠨ ᠪᠤᠰᠤ ᠪᠡᠷ ᠲᠩᠷᠢ ᠨᠡᠷ ᠢ ᠨᠣᠮᠤᠬᠠᠳᠬᠠᠭᠠᠳ ᠱᠢᠮᠨᠤᠰ ᠤᠨ ᠪᠡᠷ ᠳᠣᠲᠤᠷ᠎ᠠ ᠪᠦᠬᠦᠨ ᠤᠷᠢᠳᠠ ᠪᠤᠶᠠᠨ ᠤ ᠦᠨᠳᠦᠰᠦᠨ ᠢ ᠲᠥᠷᠦᠭᠦᠯᠦᠭᠰᠡᠳ ᠲᠡ ᠲᠤᠰᠠᠶᠢ ᠦᠶᠢᠯᠡᠳᠳᠦᠭᠰᠡᠨ ᠪᠣᠯᠤᠶᠤ ᠬᠡᠮᠡᠨ ᠰᠡᠳᠬᠢᠵᠦ ᠠᠨᠢᠰᠬ᠎ᠠ ᠵᠠᠭᠤᠷᠠᠬᠢ ᠣᠷᠣᠨ ᠯᠠᠭᠰᠠᠨ ᠠᠴᠠ ᠬᠠᠮᠤᠭ ᠱᠢᠮᠨᠤᠰ ᠤᠨ ᠮᠠᠨᠳᠠᠯ ᠢ ᠡᠪᠳᠡᠬᠦᠢ ᠨᠡᠷᠡᠲᠦ ᠭᠡᠷᠡᠯ ᠭᠠᠷᠭᠠᠵᠤ ᠭᠤᠷᠪᠠᠨ ᠶᠢᠷᠲᠢᠨᠴᠦ ᠳᠦᠷ ᠬᠠᠮᠤᠭ᠎ᠠ ᠦᠵᠡᠭᠳᠡᠭᠦᠯᠵᠦ ᠱᠢᠮᠨᠤᠰ ᠤᠨ ᠭᠠᠵᠠᠷ ᠪᠦᠭᠦᠳᠡ ᠶᠢ ᠪᠦᠷᠬᠢᠭᠳᠡᠭᠦᠯᠦᠭᠡᠳ ᠬᠠᠮᠤᠭ ᠠᠴᠠ ᠬᠥᠳᠡᠯᠪᠡᠢ ᠬᠥᠳᠡᠯᠭᠡᠭᠰᠡᠨ ᠲᠡᠷᠡ ᠭᠡᠷᠡᠯ ᠡᠴᠡ ᠡᠳᠡᠭᠡᠷ ᠱᠢᠯᠦᠭ ᠦᠳ ᠦᠭᠡᠰ ᠭᠠᠷᠪᠠᠢ ᠬᠠᠷᠱᠢ ᠳᠠᠴᠠᠭᠠᠨ ᠭᠠᠷᠴᠤ ᠣᠯᠠᠨ ᠪᠡᠷᠬᠡ ᠬᠠᠲᠠᠭᠤᠵᠢᠯ ᠢᠶᠠᠷ ᠰᠤᠳᠣᠳᠠᠨᠢ ᠶᠢᠨ ᠬᠥᠪᠡᠭᠦᠨ ᠪᠣᠳᠢ ᠬᠤᠲᠤᠭ ᠢ ᠪᠦᠲᠦᠭᠡᠷ ᠦᠨ ᠪᠣᠳᠢ ᠮᠣᠳᠤᠨ ᠤ ᠳᠣᠤᠷ᠎ᠠ ᠰᠠᠭᠤᠵᠤ ᠥᠪᠡᠷ ᠢᠶᠡᠨ
Nögüge: tabin dörben: Tendeče Bodistv sedkir-ün. Edüge: bi amaramaγ yirtinčü-yi:n ejen inü čibiltü šimnu-da ese medegü:ljü burqan bolba:su tere sedkir-ün. Bi ese medejü qočorbai. Medegsen böge:sü tegü:nü burqan bolqui čölege: inü qamiγ-a: bölüge: keme:n omurqan sedkikü. Tegü:be:r omuγ-i šingtaraγu:luγa:d amaramaγ yirtinčü-yi:n busu ber tngri-ner-i nomuqadqaγa:d šimnus-un ber dotur-a bükün urida buyan-u ündüsün-i törügü:lügsed-te tusayi üyi:leddügsen boluyu keme:n sedkijü anisq-a jaγu:raki oron lagsan-a:ča qamuγ šimnus-un mandal-i ebdeküi neretü gerel γarγaju γurban yirtinčü-dür qamuγ-a: üjegdegü:ljü šimnus-un γajar bügüde-yi bürkigdegü:lüge:d qamuγ-a:ča ködelbei. Ködelgegsen tere gerel-e:če edege:r šilüg-ü:d üges γarbai. Qarši-dačaγa:n γarču olan berke qataγu:jil-iya:r Sudodani-yi:n köbegü:n bodi qutuγ-i bütüge:r-ün. Bodi modun-u dour-a saγu:ju öbe:r-iye:n
54b
ᠲᠣᠨᠢᠯᠵᠤ ᠪᠤᠰᠤᠳ ᠢ ᠪᠡᠷ ᠲᠣᠨᠢᠯᠭᠠᠭᠤᠯᠤᠷ ᠤᠨ ᠨᠣᠮ ᠤᠨ ᠬᠤᠷ ᠠ ᠶᠢ ᠣᠷᠤᠭᠤᠯᠤᠮᠤᠢ ᠭᠤᠷᠪᠠᠨ ᠮᠠᠭᠤᠢ ᠵᠠᠶᠠᠭᠠᠳ ᠢ ᠬᠣᠭᠣᠰᠤᠨ ᠪᠣᠯᠭᠠᠵᠤ ᠬᠦᠮᠦᠨ ᠲᠩᠷᠢ ᠨᠡᠷ ᠦᠨ ᠪᠠᠯᠭᠠᠳ ᠢ ᠳᠦᠭᠦᠷᠭᠡᠮᠦᠢ ᠱᠢᠮᠨᠤᠰ ᠤᠨ ᠴᠡᠷᠢᠭ ᠦᠳ ᠬᠦᠴᠦᠨ ᠢᠶᠡᠨ ᠪᠠᠭᠤᠷᠠᠵᠤ ᠪᠤᠷᠤᠭᠤᠳᠬᠤᠢ ᠭᠠᠵᠠᠷ ᠢᠶᠠᠨ ᠪᠡᠷ ᠵᠠᠪᠬᠠᠷᠠᠮᠤᠢ ᠡᠳᠦᠭᠡ ᠴᠢᠪᠢᠯᠲᠦ ᠮᠠᠭᠤᠢ ᠴᠢ ᠡᠳᠦᠷ ᠰᠥᠨᠢ ᠦᠯᠦ ᠬᠡᠮᠡᠨ ᠬᠢᠴᠢᠶᠡᠭᠳᠡᠬᠦᠢ ᠴᠢᠮᠠᠳᠠ ᠬᠡᠮᠡᠬᠦᠢ ᠳᠠᠭᠤᠨ ᠭᠠᠷᠤᠭᠠᠳ ᠪᠠᠰᠠ ᠪᠡᠷ ᠴᠢᠪᠢᠯᠲᠦ ᠱᠢᠮᠨᠤ ᠶᠢᠨ ᠵᠡᠭᠦᠳᠦᠨ ᠳᠦᠷ ᠣᠷᠳᠣ ᠬᠠᠷᠱᠢ ᠪᠠᠨ ᠬᠠᠷᠠᠩᠭᠤᠢ ᠪᠠᠷ ᠪᠦᠷᠢᠭᠳᠡᠬᠦᠢ ᠪᠡᠶᠡᠪᠡᠨ ᠱᠢᠷᠤᠭᠠᠢ ᠪᠠᠷ ᠳᠠᠷᠤᠭᠳᠠᠬᠤᠢ ᠠᠶᠤᠵᠤ ᠬᠣᠲᠣᠯᠠ ᠵᠦᠭ ᠲᠦᠷ ᠪᠤᠷᠤᠭᠤᠯᠠᠬᠤᠢ ᠨᠥᠬᠦᠳ ᠠᠨᠤ ᠬᠣᠬᠣᠢ ᠬᠣᠬᠣᠢ ᠡᠴᠢᠭᠡ ᠮᠠᠨᠤ ᠬᠡᠮᠡᠨ ᠤᠶᠢ ᠲᠠᠯᠪᠢᠬᠤᠢ ᠬᠣᠲᠣᠯᠠ ᠴᠢᠮᠡᠭ ᠦᠳ ᠢᠨᠦ ᠬᠤᠭᠤᠷᠠᠵᠤ ᠤᠨᠠᠬᠤᠢ ᠲᠡᠷᠢᠭᠦᠲᠡᠨ ᠭᠤᠴᠢᠨ ᠬᠣᠶᠠᠷ ᠵᠦᠶᠢᠯᠲᠦ ᠮᠠᠭᠤᠢ ᠵᠡᠭᠦᠳᠦᠨ ᠵᠡᠭᠦᠳᠦᠯᠡᠵᠦ ᠰᠡᠷᠢᠭᠡᠳ ᠰᠠᠴᠠ ᠦᠯᠡᠮᠵᠢ ᠮᠠᠱᠢ ᠠᠶᠤᠵᠤ ᠵᠦᠳᠡᠵᠦ ᠬᠠᠮᠤᠭ ᠨᠥᠬᠦᠳ ᠢᠶᠡᠨ ᠴᠢᠭᠤᠯᠭᠠᠵᠤ ᠥᠭᠦᠯᠡᠷ ᠦᠨ ᠯᠠᠭᠱᠠᠨ ᠴᠢᠮᠡᠭ ᠲᠦ ᠰᠠᠬᠢᠯᠢᠭ ᠤᠳ ᠤᠨ ᠬᠥᠪᠡᠭᠦᠨ ᠪᠤᠷᠬᠠᠨ ᠪᠣᠯᠵᠤ ᠮᠢᠨᠤ ᠭᠠᠵᠠᠷ ᠢ ᠬᠣᠭᠣᠰᠤᠨ ᠪᠣᠯᠭᠠᠶᠤ ᠬᠡᠮᠡᠨ ᠥᠪᠡᠳᠡᠭᠱᠢ ᠭᠡᠷᠡᠯ ᠡᠴᠡ ᠮᠠᠭᠤᠢ ᠳᠠᠭᠤᠨ ᠭᠠᠷᠴᠤ ᠵᠡᠭᠦᠳᠦᠨ ᠪᠡᠷ ᠮᠢᠨᠦ
tonilju busud-i ber tonilγaγu:lur-un. Nom-un qur-a-yi oruγu:lumui. γurban maγu:i jayaγa:d-i qoγo:sun bolγaju kümü:n tngri-ner-ün balγad-i dügü:rgemüi. Šimnus-un čerig-ü:d küčün-iye:n baγu:raju buruγu:dqui γajar-iya:n ber jabqaramui. Edüge: čibiltü maγu:i či edür söni ülü keme:n kičiye:gdeküi čimada keme:küi daγu:n γaruγa:d basa ber čibiltü šimnu-yi:n jegü:dün-dür ordo qarši-ba:n qarangγui-ba:r bürigdeküi beyebe:n širuγai-ba:r daruγdaqui. Ayuju qotola jüg-tür buruγu:laqui nöküd anu qoqoi qoqoi ečige manu keme:n uyi: talbiqui. Qotola čimeg-ü:d inü quγuraju unaqui terigü:ten γučin qoyar jüyi:ltü maγu:i jegü:dün jegü:dülejü serige:d sača ülemji maši ayuju jüdejü qamuγ nöküd-iye:n čiγu:lγaju ögüler-ün: Lagšan čimeg-tü Sakiliγ-u:d-un köbegü:n burqan bolju minu γajar-i qoγo:sun bolγayu keme:n öbedegši gerel-e:če maγu:i daγu:n γarču jegü:dün ber minü
55a
ᠨᠥᠭᠦᠭᠡ ᠲᠠᠪᠢᠨ ᠲᠠᠪᠤᠨ ᠮᠠᠭᠤᠢ ᠪᠣᠯᠪᠠ ᠲᠡᠭᠦᠪᠡᠷ ᠴᠡᠷᠢᠭ ᠢᠶᠡᠷ ᠢᠶᠡᠨ ᠣᠳᠴᠤ ᠪᠢᠳᠠ ᠪᠤᠷᠬᠠᠨ ᠪᠣᠯᠤᠭᠴᠢ ᠲᠡᠷᠡ ᠲᠣᠶᠢᠨ ᠢ ᠡᠷᠦᠰᠦᠨ ᠦᠭᠡᠢ᠎ᠡ ᠭᠠᠷᠭᠠᠷ ᠤᠨ ᠪᠦᠦ ᠪᠥᠭᠡᠳ ᠲᠠᠲᠠᠭᠠᠯᠵᠠᠳᠬᠤᠨ ᠣᠳᠤᠶ᠎ᠠ ᠬᠡᠮᠡᠨ ᠥᠭᠦᠯᠡᠪᠡᠰᠦ ᠰᠠᠷᠲᠠᠸᠠᠬᠢ ᠨᠡᠷᠡᠲᠦ ᠬᠥᠪᠡᠭᠦᠨ ᠢᠨᠦ ᠥᠭᠦᠯᠡᠷ ᠦᠨ ᠣᠣ ᠲᠡᠶᠢᠨ ᠡᠯᠡ ᠪᠣᠯᠪᠠᠰᠤ ᠡᠴᠢᠭᠡ ᠮᠢᠨᠦ ᠣᠳᠪᠠᠰᠤ ᠪᠡᠷ ᠳᠣᠷᠤᠶᠢᠲᠠᠬᠤ ᠶᠢᠨ ᠪᠡᠯᠭᠡ ᠪᠦᠢ ᠣᠳᠴᠤ ᠳᠣᠷᠤᠶᠢᠲᠠᠨ ᠠᠲᠠᠯᠠ ᠮᠥᠨ ᠳᠡ ᠡᠰᠡ ᠣᠳᠪᠠᠰᠤ ᠦᠯᠦᠬᠦ ᠰᠠᠶᠢᠨ ᠪᠤᠢ ᠬᠡᠮᠡᠪᠡᠰᠦ ᠱᠢᠮᠨᠤ ᠥᠭᠦᠯᠡᠷ ᠦᠨ ᠬᠠᠮᠤᠭ ᠢᠶᠠᠷ ᠬᠦᠷᠴᠦ ᠬᠠᠭᠠᠪᠠᠰᠤ ᠭᠠᠭᠴᠠ ᠲᠣᠶᠢᠨ ᠢ ᠶᠠᠬᠢᠨ ᠦᠯᠦ ᠴᠢᠳᠠᠬᠤ ᠬᠡᠮᠡᠪᠡᠰᠦ ᠰᠠᠷᠲᠠᠸᠠᠬᠢ ᠥᠭᠦᠯᠡᠷ ᠦᠨ ᠠᠰᠤᠷᠤ ᠠᠭᠤᠯᠢᠬᠠᠨ ᠣᠯᠠᠨ ᠴᠢᠭᠤᠯᠪᠠᠰᠤ ᠪᠡᠷ ᠠᠢ ᠭᠠᠭᠴᠠ ᠪᠠᠭᠠᠲᠤᠷᠠ ᠲᠣᠪᠷᠠᠭ ᠮᠡᠲᠦ ᠪᠣᠯᠭᠠᠭᠳᠠᠶᠤ ᠭᠠᠯᠲᠤ ᠬᠣᠷᠤᠬᠠᠢ ᠭᠤᠷᠪᠠᠨ ᠶᠢᠷᠲᠢᠨᠴᠦ ᠳᠦᠭᠦᠷᠪᠡᠰᠦ ᠪᠡᠷ ᠭᠠᠭᠴᠠ ᠨᠠᠷᠠᠨ ᠤ ᠭᠡᠷᠡᠯ᠎ᠡ ᠳᠠᠷᠤᠭᠳᠠᠬᠤ ᠪᠣᠯᠤᠶᠤ ᠲᠡᠭᠦᠪᠡᠷ ᠡᠷᠳᠡᠮᠲᠡᠨ ᠯᠦᠭᠡ ᠦᠯᠦ ᠮᠡᠯᠵᠡᠨ ᠲᠡᠶᠢᠨ ᠡᠴᠢᠭᠡ ᠮᠢᠨᠦ ᠡᠰᠡ ᠣᠳᠪᠠᠰᠤ ᠰᠠᠶᠢᠨ ᠬᠡᠮᠡᠨ ᠢᠳᠬᠠᠪᠠᠰᠤ ᠪᠡᠷ ᠬᠥᠪᠡᠭᠦᠨ ᠢᠶᠡᠨ ᠦᠭᠡᠰ ᠲᠦᠷ ᠦᠯᠦ ᠣᠷᠣᠨ ᠦᠯᠡᠮᠵᠢ ᠪᠠᠭᠠᠲᠤᠷ ᠬᠦᠴᠦᠲᠡᠨ ᠦᠵᠡᠱᠢ ᠦᠭᠡᠢ ᠳᠣᠭᠱᠢᠨ ᠴᠢᠷᠠᠢ ᠲᠠᠨ ᠦᠯᠳᠦ ᠵᠢᠳᠠ ᠡᠯᠳᠡᠪ ᠮᠡᠰᠡᠰ ᠪᠠᠷᠢᠭᠰᠠᠨ ᠤᠷᠢᠳᠠ ᠲᠩᠷᠢ
Nögüge: tabin tabun: maγu:i bolba. Tegü:be:r čerig-iye:r-iye:n odču bida burqan boluγči tere toyin-i erüsün ügei-e γarγar-un büü böge:d tataγaljadqun oduy-a keme:n ögülebe:sü Sartavaki neretü köbegü:n inü ögüler-ün: Oo teyi:n ele bolba:su ečige minü odba:su ber doruyi:taqu-yi:n belge büi. Odču doruyi:tan atala mön-de ese odba:su ülükü sayi:n bui keme:be:sü šimnu ögüler-ün: Qamuγ-iya:r kürčü qaγa:ba:su γaγča toyin-i ya:kin ülü čidaqu keme:be:sü Sartavaki ögüler-ün: Asuru aγu:liqan olan čiγu:lba:su ber ai γaγča baγa:tura tobraγ metü bolγaγdayu. γaltu qoruqai γurban yirtinčü dügü:rbe:sü ber γaγča naran-u gerel-e daruγdaqu boluyu. Tegü:be:r erdemten-lüge: ülü meljen teyi:n ečige minü ese odba:su sayi:n keme:n idqaba:su ber köbegü:n-iye:n üges-tür ülü oron ülemji baγa:tur küčüten üješi ügei doγšin čirai-tan üldü jida eldeb meses bariγsan urida tngri
55b
ᠬᠦᠮᠦᠨ᠎ᠡ ᠡᠰᠡ ᠦᠵᠡᠭᠳᠡᠭᠰᠡᠨ ᠴᠣᠩᠬᠤᠷ ᠮᠠᠩᠬᠠᠷ ᠮᠠᠩᠯᠠᠢᠲᠠᠨ ᠴᠤᠳᠤᠷ ᠪᠤᠳᠤᠷ ᠮᠠᠷᠢᠶᠠᠲᠠᠨ ᠳᠠᠷᠪᠠᠭᠠᠷ ᠶᠡᠬᠡ ᠠᠮᠠᠲᠠᠨ ᠳᠠᠯᠤ ᠳᠤᠷ ᠡᠪᠴᠡᠭᠦᠨ ᠳᠦᠷ ᠨᠢᠭᠤᠷᠲᠠᠨ ᠴᠦᠩᠬᠡᠶᠢᠭᠰᠡᠨ ᠥᠨᠳᠦᠷ ᠬᠠᠪᠠᠷᠲᠠᠨ ᠴᠣᠭᠱᠢᠭᠰᠠᠨ ᠭᠠᠯ ᠮᠡᠲᠦ ᠨᠢᠳᠦᠲᠡᠨ ᠢᠷᠵᠠᠶᠢᠭᠰᠠᠨ ᠮᠦᠷᠢᠭᠦ ᠱᠢᠳᠦᠲᠡᠨ ᠢᠯᠳᠦ ᠪᠦᠭᠢ ᠴᠢᠬᠢᠲᠡᠨ ᠰᠡᠷᠢᠭᠡ ᠱᠢᠪᠡᠭᠡᠨ ᠳᠦᠷ ᠠᠳᠠᠯᠢ ᠱᠢᠷᠪᠡᠶᠢᠭᠰᠡᠨ ᠱᠢᠷᠠ ᠦᠰᠦᠲᠡᠨ ᠤᠨᠵᠢᠭᠠᠢ ᠤᠷᠲᠤ ᠤᠷᠤᠯᠲᠠᠨ ᠤᠯᠠᠭᠠᠨ ᠵᠢᠯᠠᠪᠠᠯᠵᠠᠭᠰᠠᠨ ᠬᠡᠯᠡᠲᠡᠨ ᠮᠠᠲᠠᠷ ᠭᠠᠷᠤᠳᠢ ᠬᠣᠱᠢᠭᠤᠲᠠᠨ ᠮᠠᠬᠢ ᠦᠬᠡᠷ ᠲᠣᠯᠤᠭᠠᠢᠲᠠᠨ ᠵᠠᠭᠠᠨ ᠮᠣᠷᠢᠨ ᠦᠨᠡᠭᠡᠨ ᠵᠠᠷᠢᠮ ᠤᠳ ᠠᠷᠰᠯᠠᠨ ᠪᠠᠷᠰ ᠲᠡᠷᠢᠭᠦᠲᠡᠨ ᠲᠡᠷᠢᠭᠦᠨ ᠦᠭᠡᠢᠲᠡᠨ ᠲᠡᠷᠢᠭᠦᠨ ᠣᠯᠠᠲᠠᠨ ᠲᠡᠭᠦᠨᠴᠢᠯᠡᠨ ᠭᠠᠷ ᠬᠥᠯ ᠣᠯᠠᠲᠠᠨ ᠬᠥᠯ ᠦᠨ ᠭᠠᠷ ᠤᠨ ᠦᠶᠡᠰ ᠲᠦᠷ ᠭᠦᠷᠡᠶᠢᠲᠡᠯᠡ ᠮᠣᠭᠠᠢ ᠣᠷᠢᠶᠠᠭᠰᠠᠳ ᠬᠠᠪᠠᠷ ᠠᠮᠠᠨ ᠤ ᠨᠦᠬᠡᠳ ᠡᠴᠡ ᠬᠠᠷ᠎ᠠ ᠨᠣᠭᠠᠳ ᠮᠣᠭᠠᠢ ᠶᠢ ᠭᠠᠷᠭᠠᠬᠤᠨ ᠲᠤᠯᠤᠮ ᠨᠠᠮᠤᠭ᠎ᠠ ᠬᠡᠭᠡᠯᠢᠲᠡᠨ ᠬᠡᠭᠡᠯᠢ ᠳᠦᠷ ᠢᠶᠡᠨ ᠠᠮᠠᠨ ᠱᠢᠳᠦᠲᠡᠨ ᠬᠣᠬᠢᠮᠠᠢ ᠶᠠᠰᠤᠨ ᠪᠡᠶ ᠡ ᠲᠡᠨ ᠬᠤᠷᠤᠭᠤᠳ ᠢᠶᠠᠷ ᠲᠣᠯᠤᠭᠠᠳ ᠢᠶᠠᠷ ᠡᠷᠢᠬᠡᠲᠡᠨ ᠵᠠᠷᠢᠮ ᠤᠳ ᠪᠦᠬᠦᠯᠢ ᠬᠦᠮᠦᠨ ᠢ ᠵᠠᠯᠭᠢᠬᠤᠨ ᠵᠠᠷᠢᠮ ᠤᠳ ᠪᠥᠭᠡᠷ᠎ᠡ ᠡᠯᠢᠭᠡ ᠢᠳᠡᠬᠦᠨ ᠬᠤᠲᠤ ᠪᠢᠰ ᠢ ᠳᠠᠭᠤᠲᠠᠨ ᠬᠤᠯᠤ ᠬᠤᠯᠤ ᠮᠠᠭᠤᠢ ᠠᠶᠠᠯᠭᠤᠲᠠᠨ ᠠᠯᠠᠭ ᠪᠤᠯᠠᠭ ᠥᠩᠭᠡᠲᠡᠨ
kümü:n-e ese üjegdegsen čongqur mangqar manglaitan čudur budur mariya:tan darbaγar yeke amatan dalu-dur ebčegü:n-dür niγu:rtan čüngkeyi:gsen öndür qabartan čoγšiγsan γal metü nidüten irjayi:γsan mürigü šidüten ildü bügi čikiten serige: šibegen-dür adali širbeyi:gsen šira üsüten unjiγai urtu uru:ltan ulaγa:n jilabaljaγsan keleten matar garudi qošiγu:tan maki üker toluγaitan jaγa:n, morin, ünege:n jarim-u:d arslan bars terigü:ten terigü:n ügeiten terigü:n olatan tegü:nčilen γar köl olatan köl-ün γar-un üyes-tür güreyi:tele moγai oriya:γsad qabar aman-u nüked-e:če qar-a noγad moγai-yi γarγaqun tulum namuγ-a kege:liten kege:li-dür-iye:n aman šidüten qokimai yasun bey-e-ten quruγu:d-iya:r toluγad-iya:r eriketen jarim-u:d büküli kümü:n-i jalgiqun jarim-u:d böge:r-e elige idekün Qutu bis-i daγu:tan qulu qulu maγu:i ayalγu:tan alaγ bulaγ önggeten
56a
ᠨᠥᠭᠦᠭᠡ ᠲᠠᠪᠢᠨ ᠵᠢᠷᠭᠤᠭᠠᠨ ᠠᠶᠤᠬᠤ ᠮᠡᠲᠦ ᠪᠡᠶ ᠡ ᠲᠡᠨ ᠭᠤᠷᠪᠠᠨ ᠮᠢᠩᠭᠠᠨ ᠶᠢᠷᠲᠢᠨᠴᠦ ᠳᠡᠬᠢ ᠬᠣᠲᠣᠯᠠ ᠱᠢᠮᠨᠤᠰ ᠨᠤᠭᠤᠳ ᠢ ᠴᠢᠭᠤᠯᠭᠠᠪᠠᠢ ᠬᠣᠷᠤᠲᠤ ᠮᠠᠭᠤᠢ ᠠᠭᠤᠷ ᠠᠨᠤ ᠬᠤᠷ ᠠ ᠲᠤ ᠬᠠᠷ᠎ᠠ ᠡᠭᠦᠯᠡᠳ ᠮᠡᠲᠦ ᠬᠤᠷᠴᠠ ᠢᠷᠲᠡᠨ ᠮᠡᠰᠡᠰ ᠠᠨᠤ ᠬᠣᠭᠣᠰᠤᠨ ᠳᠤᠷ ᠭᠢᠯᠪᠡᠯᠬᠦᠢ ᠭᠢᠯᠪᠡᠯᠭᠡᠨ ᠮᠡᠲᠦ ᠰᠦᠷᠡᠬᠦᠢ ᠬᠠᠰᠬᠢᠷᠬᠤᠢ ᠳᠠᠭᠤᠨ ᠳᠤᠷ ᠢᠨᠤ ᠰᠦᠮᠢᠷ ᠠᠭᠤᠯᠠ ᠪᠡᠷ ᠬᠥᠳᠡᠯᠬᠦ ᠮᠡᠲᠦ ᠲᠦᠪᠢᠭᠢᠨᠡᠬᠦᠢ ᠬᠥᠯᠭᠡᠳ ᠦᠨ ᠠᠨᠢᠷ ᠠᠨᠤ ᠳᠦᠭᠡᠷᠢᠭᠡᠢ ᠳᠡᠯᠡᠬᠡᠢ ᠶᠢ ᠬᠠᠭᠠᠯᠬᠤᠢ ᠮᠡᠲᠦ ᠬᠢᠵᠦ ᠢᠷᠡᠵᠦ ᠳᠡᠭᠡᠷ᠎ᠡ ᠳᠣᠤᠷ᠎ᠠ ᠳᠥᠷᠪᠡᠨ ᠵᠦᠭ ᠲᠦᠷ ᠨᠠᠶᠠᠨ ᠪᠡᠷ ᠡ ᠳᠦᠷ ᠬᠦᠷᠲᠡᠯᠡ ᠴᠢᠯᠦᠭᠡ ᠵᠠᠪᠰᠠᠷ ᠦᠭᠡᠢ ᠲᠣᠭᠣᠷᠢᠨ ᠪᠦᠵᠢᠨ ᠪᠠᠶᠢᠵᠤ ᠪᠠᠷᠢ ᠬᠦᠯᠢ ᠴᠠᠪᠴᠢ ᠬᠡᠮᠡᠨ ᠪᠠᠷᠬᠢᠷᠠᠬᠤᠢ ᠮᠠᠭᠤᠢ ᠳᠠᠭᠤᠨ ᠢᠶᠠᠷ ᠠᠶᠤᠭᠤᠯᠬᠤᠢ ᠬᠤᠷᠴᠠ ᠮᠡᠰᠡᠰ ᠢᠶᠡᠷ ᠵᠣᠷᠢᠵᠤ ᠬᠤᠷᠳᠤᠨ᠎ᠠ ᠪᠣᠰ ᠬᠡᠮᠡᠨ ᠠᠶᠤᠭᠤᠯᠬᠤᠢ ᠠᠭᠤᠯᠠ ᠬᠠᠳᠠᠰ ᠢ ᠡᠷᠭᠦᠵᠦ ᠣᠭᠣᠷᠬᠤᠢ ᠠᠴᠠ ᠬᠢᠵᠦ ᠠᠶᠤᠭᠤᠯᠬᠤᠢ ᠬᠡᠭᠡᠯᠢ ᠪᠡᠨ ᠬᠠᠭ᠎ᠠ ᠲᠠᠲᠠᠵᠤ ᠭᠡᠳᠡᠯ ᠢᠶᠡᠨ ᠦᠵᠡᠭᠦᠯᠵᠦ ᠠᠶᠤᠭᠤᠯᠬᠤᠢ ᠨᠢᠭᠤᠷ ᠤᠨ ᠨᠦᠬᠡᠳ ᠡᠴᠡ ᠮᠣᠭᠠᠢ ᠭᠠᠷᠭᠠᠬᠤᠢ ᠨᠢᠳᠦᠨ ᠢᠶᠡᠨ ᠤᠷᠤᠯ ᠢᠶᠠᠨ ᠣᠷᠴᠢᠭᠤᠯᠬᠤᠢ ᠠᠮᠠᠨ ᠱᠢᠳᠦᠨ ᠢᠶᠡᠨ ᠢᠷᠵᠠᠶᠢᠯᠭᠠᠵᠤ ᠠᠪ ᠬᠡᠮᠡᠨ ᠰᠣᠴᠢᠭᠤᠯᠵᠤ ᠠᠶᠤᠭᠤᠯᠬᠤᠢ ᠠᠭᠤᠷᠢᠭᠰᠠᠨ ᠥᠮᠥᠷᠢᠭᠰᠡᠨ
Nögüge: tabin jirγuγa:n: ayuqu metü bey-e-ten γurban mingγan yirtinčü deki qotola šimnus-nuγu:d-i čiγu:lγabai. Qoru/tu/ maγu:i aγu:r anu qur-a-tu qar-a egü:led metü qurča irten meses anu qoγo:sun-dur gilbelküi gilbelge:n metü süreküi qaskirqui daγu:n-dur inu Sümir aγu:la ber ködelkü metü tübigineküi kölged-ün anir anu dügerigei delekei-yi qaγalqui metü ki:jü irejü dege:r-e dour-a dörben jüg-tür nayan be:r-e-dür kürtele čilüge: jabsar ügei toγo:rin büjin bayi:ju bari küli čabči keme:n barkiraqui maγu:i daγu:n-iya:r ayuγu:lqui qurča meses-iye:r joriju qurdun-a bos keme:n ayuγu:lqui aγu:la qadas-i ergüjü oγo:rqui-a:ča ki:jü ayuγu:lqui kege:li-be:n qaγ-a tataju gedel-iye:n üjegü:ljü ayuγu:lqui niγu:r-un nüked-e:če moγai γarγaqui nidün-iye:n uru:l-iya:n orčiγu:lqui aman šidün-iye:n irjayi:lγaju ab keme:n sočiγu:lju ayuγu:lqui aγu:riγsan ömö:rigsen
56b
ᠡᠮᠡᠭᠡᠳ ᠠᠯᠠᠭᠠᠪᠠᠨ ᠡᠪᠴᠡᠭᠦᠪᠡᠨ ᠳᠡᠯᠡᠳᠴᠦ ᠠᠬ᠎ᠠ ᠵᠠᠬ᠎ᠠ ᠮᠢᠨᠤ ᠠᠯᠠᠭᠳᠠᠪᠠ ᠠᠢ ᠴᠢ ᠪᠣᠰᠴᠤ ᠪᠤᠷᠤᠭᠤᠳ ᠬᠡᠮᠡᠨ ᠠᠷᠭᠠᠳᠠᠬᠤᠢ ᠲᠡᠷᠢᠭᠦᠲᠡᠨ ᠡᠯᠳᠡᠪ ᠮᠠᠭᠤᠢ ᠠᠶᠤᠯᠲᠤ ᠦᠶᠢᠯᠡᠰ ᠢᠶᠡᠷ ᠪᠣᠳᠢᠰᠲᠸ ᠲᠤᠷ ᠶᠡᠬᠡ ᠬᠣᠤᠷ ᠢ ᠦᠶᠢᠯᠡᠳᠦᠨ ᠲᠤᠭᠤᠷᠪᠢᠪᠠᠰᠤ ᠪᠡᠷ ᠱᠢᠯᠲᠠᠭᠠᠨ ᠠᠴᠠ ᠪᠣᠯᠤᠭᠰᠠᠨ ᠬᠠᠮᠤᠭ ᠨᠣᠮ ᠤᠳ ᠢ ᠵᠡᠭᠦᠳᠦᠨ ᠶᠡᠯᠪᠢ ᠮᠡᠲᠦ ᠬᠡᠮᠡᠨ ᠦᠨᠡᠨ ᠢᠶᠡᠷ ᠤᠬᠠᠭᠰᠠᠨ ᠰᠠᠬᠢᠯᠢᠭ ᠤᠳ ᠤᠨ ᠬᠥᠪᠡᠭᠦᠨ ᠦ ᠪᠡᠶ ᠡ ᠶᠢᠨ ᠱᠢᠷ᠎ᠠ ᠦᠰᠦᠨ ᠢ ᠪᠡᠷ ᠬᠥᠳᠡᠯᠭᠡᠨ ᠶᠠᠳᠠᠪᠠᠢ ᠲᠡᠭᠦᠨᠢ ᠦᠵᠡᠵᠦ ᠴᠢᠪᠢᠯ ᠲᠦ ᠱᠢᠮᠨᠤ ᠥᠭᠦᠯᠡᠷ ᠦᠨ ᠡᠨᠡ ᠲᠣᠶᠢᠨ ᠢ ᠶᠠᠮᠪᠠᠷ ᠢᠶᠠᠷ ᠳᠣᠷᠤᠶᠢᠲᠠᠭᠤᠯᠤᠨ ᠦᠶᠢᠯᠡᠳᠬᠦ ᠪᠢᠳᠠ ᠬᠡᠮᠡᠨ ᠥᠭᠦᠯᠡᠭᠰᠡᠨ ᠳᠦᠷ ᠠᠯᠢ ᠲᠡᠷᠡ ᠴᠢᠪᠢᠯᠲᠦ ᠱᠢᠮᠨᠤ ᠶᠢᠨ ᠮᠢᠩᠭᠠᠨ ᠬᠥᠪᠡᠭᠦᠳ ᠲᠡᠴᠡ ᠢᠨᠦ ᠪᠣᠳᠢᠰᠲᠸ ᠲᠤᠷ ᠰᠦᠰᠦᠯᠬᠦᠨ ᠰᠠᠷᠲᠠᠸᠠᠬᠢ ᠲᠡᠷᠢᠭᠦᠲᠡᠨ ᠱᠢᠮᠨᠤ ᠶᠢᠨ ᠪᠠᠷᠠᠭᠤᠨ ᠡᠲᠡᠭᠡᠳ ᠪᠠᠶᠢᠨ ᠦᠯᠦ ᠰᠦᠰᠦᠯᠬᠦᠨ ᠵᠡᠭᠦᠨ ᠡᠲᠡᠭᠡᠳ ᠪᠠᠶᠢᠵᠤ ᠠᠭᠰᠠᠳ ᠲᠠᠴᠠ ᠪᠠᠷᠠᠭᠤᠨ ᠡᠲᠡᠭᠡᠳ ᠬᠢ ᠰᠠᠷᠲᠠᠸᠠᠬᠢ ᠥᠭᠦᠯᠡᠷ ᠦᠨ ᠠᠷᠰᠯᠠᠨ ᠵᠠᠭᠠᠨ ᠯᠤᠤ ᠤᠮᠠᠷᠲᠠᠭᠰᠠᠨ ᠢ ᠠᠢ ᠡᠰᠡ ᠰᠡᠷᠢᠭᠦᠯᠪᠡᠰᠦ ᠵᠣᠬᠢᠬᠤᠢ ᠳᠤᠷ ᠠᠳᠠᠯᠢ ᠲᠡᠭᠦᠨᠴᠢᠯᠡᠨ ᠬᠦᠮᠦᠨ ᠦ ᠡᠷᠬᠡᠲᠦ ᠶᠢ ᠠᠮᠤᠷᠯᠢᠵᠤ ᠪᠦᠬᠦᠢ ᠳᠦᠷ ᠲᠡᠶᠢᠨ ᠡᠰᠡ ᠬᠥᠳᠡᠯᠭᠡᠪᠡᠰᠦ ᠰᠠᠶᠢᠨ ᠠᠬᠤ ᠤᠤ ᠬᠡᠮᠡᠨ ᠥᠭᠦᠯᠡᠪᠡᠰᠦ ᠵᠡᠭᠦᠨ ᠡᠲᠡᠭᠡᠳ ᠡᠴᠡ ᠳᠤᠷᠮᠠᠲᠢ ᠥᠭᠦᠯᠡᠷ ᠦᠨ
emeged alaγaba:n ebčegü:be:n deledčü aq-a jaq-a minu alaγdaba. Ai či bosču buruγu:d keme:n arγadaqui terigü:ten eldeb maγu:i ayultu üyi:les-iye:r Bodistv-tur yeke qour-i üyi:ledün tuγu:rbiba:su ber šiltaγa:n-a:ča boluγsan qamuγ nom-u:d-i jegü:dün yelbi metü keme:n ünen-iye:r uqaγsan Sakiliγ-u:d-un köbegü:n-ü bey-e-yi:n šir-a üsün-i ber ködelgen yadabai. Tegü:ni üjejü čibil-tü šimnu ögüler-ün: Ene toyin-i yambar-iya:r doruyi:taγu:lun üyi:ledkü bida keme:n ögülegsen-dür ali tere čibiltü šimnu-yi:n mingγan köbegü:d-teče inü Bodistv-tur süsülkün Sartavaki terigü:ten šimnu-yi:n baraγu:n etege:d bayi:n ülü süsülkün jegü:n etege:d bayi:ju aγsad-tača baraγu:n etege:d-ki Sartavaki ögüler-ün: Arslan jaγa:n luu umartaγsan-i ai ese serigü:lbe:sü jokiqui-dur adali. Tegü:nčilen kümü:n-ü erketü-yi amurliju büküi-dür teyi:n ese ködelgebe:sü sayi:n aqu uu keme:n ögülebe:sü jegü:n etege:d-e:če Durmati ögüler-ün:
57a
ᠨᠥᠭᠦᠭᠡ ᠲᠠᠪᠢᠨ ᠳᠣᠯᠤᠭᠠᠨ ᠪᠠᠲᠤ ᠬᠠᠲᠠᠭᠤ ᠮᠣᠳ ᠪᠡᠷ ᠪᠠᠶᠢᠨ ᠮᠢᠨᠤ ᠭᠢᠯᠢᠢᠭᠰᠡᠨ ᠢᠶᠡᠷ ᠬᠠᠭᠠᠷᠠᠨ ᠪᠥᠭᠡᠲᠡᠯᠡ ᠲᠡᠭᠦᠪᠡᠷ ᠮᠢᠨᠤ ᠭᠢᠯᠢᠢᠭᠰᠡᠨ ᠢᠶᠡᠷ ᠡᠨᠡ ᠲᠣᠶᠢᠨ ᠲᠡᠶᠢᠨ ᠠᠮᠢᠳᠤᠷᠠᠬᠤᠢ ᠡᠷᠬᠡ ᠬᠦᠴᠦᠨ ᠬᠠᠮᠢᠭ᠎ᠠ ᠪᠤᠢ ᠬᠡᠮᠡᠪᠡ ᠪᠠᠷᠠᠭᠤᠨ ᠡᠲᠡᠭᠡᠳ ᠡᠴᠡ ᠮᠠᠳᠤᠨᠢᠷᠭᠣᠰ ᠢ ᠥᠭᠦᠯᠡᠷ ᠦᠨ ᠭᠢᠯᠢᠢᠭᠰᠡᠨ ᠢᠶᠡᠷ ᠮᠣᠳᠤᠨ ᠬᠠᠭᠠᠷᠠᠮ ᠬᠡᠮᠡᠨ ᠬᠢᠩ ᠦᠭᠡᠢ ᠥᠭᠦᠯᠡᠭᠰᠡᠨ ᠦᠭᠡ ᠴᠢᠨᠦ ᠳᠤᠷᠠᠨ ᠬᠠᠶᠢᠷᠠᠨ ᠬᠡᠷ ᠪᠡᠷ ᠰᠦᠮᠢᠷ ᠠᠭᠤᠯᠠ ᠬᠠᠭᠠᠷᠠᠪᠠᠰᠤ ᠪᠡᠷ ᠬᠡᠨ ᠡᠭᠦᠨᠦ ᠡᠮᠦᠨᠡ ᠡᠴᠡ ᠭᠢᠯᠢᠢᠨ ᠴᠢᠳᠠᠬᠤ ᠬᠡᠮᠡᠪᠡᠰᠦ ᠪᠠᠰᠠ ᠵᠡᠭᠦᠨ ᠡᠲᠡᠭᠡᠳ ᠡᠴᠡ ᠰᠠᠲᠠᠪᠠᠬᠤ ᠥᠭᠦᠯᠡᠷ ᠦᠨ ᠵᠠᠭᠤᠨ ᠭᠠᠷ ᠳᠤᠲᠤᠮ ᠢᠶᠠᠷ ᠵᠠᠭᠤᠭᠠᠳ ᠰᠤᠮᠤᠨ ᠬᠠᠷᠪᠤᠪᠠᠰᠤ ᠡᠨᠡ ᠲᠣᠶᠢᠨ ᠤ ᠪᠡᠶ᠎ᠡ ᠡᠪᠳᠡᠷᠡᠭᠦᠯᠬᠦᠢ ᠰᠡᠰᠢᠭ ᠦᠭᠡᠢ ᠡᠴᠢᠭᠡ ᠪᠦᠦ ᠲᠠᠲᠠᠭᠠᠯᠵᠠ ᠶᠠᠪᠤᠶ᠎ᠠ ᠬᠡᠮᠡᠪᠡ ᠪᠠᠷᠠᠭᠤᠨ ᠡᠲᠡᠭᠡᠳ ᠡᠴᠡ ᠰᠤᠪᠤᠳᠢ ᠥᠭᠦᠯᠡᠷ ᠦᠨ ᠲᠡᠭᠦᠨ ᠳᠦᠷ ᠬᠦᠷᠪᠡᠰᠦ ᠵᠠᠭᠤᠨ ᠭᠠᠷ ᠴᠢᠨᠤ ᠲᠡᠭᠦᠨᠦ ᠪᠡᠶ ᠡ ᠶᠢᠨ ᠱᠢᠷᠠ ᠦᠰᠦᠨ ᠯᠦᠭᠡ ᠢᠯᠭᠠᠯ ᠶᠠᠭᠤᠨ ᠵ᠎ᠠ ᠠᠬᠤ ᠲᠡᠳᠦᠢ ᠲᠣᠭᠠᠲᠠᠨ ᠵᠢᠳᠠ ᠪᠠᠷᠢᠪᠠᠰᠤ ᠪᠡᠷ ᠲᠡᠷᠡ ᠴᠢᠳᠠᠭᠴᠢᠳᠠ ᠬᠣᠤᠷ ᠬᠦᠷᠭᠡᠨ ᠦᠯᠦ ᠴᠢᠳᠠᠬᠤ ᠬᠡᠷ ᠬᠡᠮᠡᠪᠡᠰᠦ ᠶᠢᠷᠲᠢᠨᠴᠦ ᠡᠴᠡ ᠨᠥᠭᠴᠢᠭᠰᠡᠨ ᠭᠡᠮ ᠦᠭᠡᠢ ᠮᠠᠶᠢᠳᠠᠷᠢ ᠰᠡᠳᠬᠢᠯ ᠢ
Nögüge: tabin doluγan: Batu qataγu: mod ber bayi:n minu giliigsen-iye:r qaγaran böge:tele tegü:be:r minu giliigsen-iye:r ene toyin teyi:n amiduraqui erke küčün qamiγ-a: bui keme:be. Baraγu:n etege:d-e:če Madunirgos-i ögüler-ün: Giliigsen-iye:r modun qaγaram keme:n king ügei ögülegsen üge činü duran qayi:ran. Ker ber Sümir aγu:la qaγaraba:su ber ken egü:nü emüne-e:če giliin čidaqu keme:be:sü basa jegü:n etege:d-e:če Satabaqu ögüler-ün: Jaγu:n γar dutum-iya:r jaγu:γa:d sumun qarbuba:su ene toyin-u bey-e ebderegü:lküi sesig ügei ečige büü tataγalja yabuy-a keme:be. Baraγu:n etege:d-e:če Subudi ögüler-ün: Tegü:n-dür kürbe:sü jaγu:n γar činu tegü:nü bey-e-yi:n šira üsün-lüge: ilγal yaγu:n j-a aqu. Tedüi toγa:tan jida bariba:su ber tere čidaγčida qour kürgen ülü čidaqu. Ker keme:be:sü yirtinčü-e:če nögčigsen gem ügei mayidari sedkil-i
57b
ᠪᠢᠱᠢᠯᠭᠠᠨ ᠴᠢᠳᠠᠭᠴᠢ ᠳᠠ ᠬᠣᠤᠷ᠎ᠠ ᠮᠡᠰ᠎ᠡ ᠭᠠᠯ ᠪᠡᠷ ᠦᠯᠦ ᠴᠢᠳᠠᠬᠤ ᠬᠣᠤᠷᠲᠠᠢ᠎ᠠ ᠣᠭᠣᠷᠤᠭᠰᠠᠨ ᠮᠡᠰᠡ ᠪᠡᠷ ᠴᠡᠴᠡᠭ ᠪᠣᠯᠤᠨ ᠤᠨᠠᠶᠤ ᠬᠡᠮᠡᠪᠡᠰᠦ ᠪᠠᠰᠠ ᠵᠡᠭᠦᠨ ᠡᠲᠡᠭᠡᠳ ᠡᠴᠡ ᠠᠨᠢᠸᠠᠷᠲᠢ ᠥᠭᠦᠯᠡᠷ ᠦᠨ ᠲᠦᠶᠢᠮᠡᠷ ᠭᠠᠯ ᠲᠦᠯᠡᠭᠡᠨ ᠡᠴᠡ ᠦᠯᠦ ᠮᠢᠲᠠᠶᠤ ᠲᠦᠯᠬᠢᠵᠦ ᠬᠠᠷᠪᠤᠭᠰᠠᠨ ᠰᠤᠮᠤᠨ ᠵᠠᠭᠤᠷ ᠠ ᠠᠴᠠ ᠦᠯᠦ ᠬᠠᠷᠢᠶᠤ ᠤᠷᠤᠭᠤ ᠪᠠᠭᠤᠯᠭᠠᠭᠰᠠᠨ ᠠᠶᠤᠩᠭ᠎ᠠ ᠣᠭᠲᠠᠷᠭᠤᠢ ᠳᠤᠷ ᠦᠯᠦ ᠪᠠᠶᠢᠶᠤ ᠥᠰᠲᠦ ᠰᠠᠬᠢᠯᠢᠭᠲᠠᠢ ᠶᠢ ᠡᠰᠡ ᠳᠠᠷᠤᠵᠤ ᠬᠠᠷᠢᠲᠠᠯᠠ ᠶᠠᠭᠤᠨ ᠬᠡᠮᠡᠪᠡᠰᠦ ᠪᠠᠷᠠᠭᠤᠨ ᠡᠲᠡᠭᠡᠳ ᠡᠴᠡ ᠳᠠᠷᠮᠠᠷᠠᠲᠢ ᠥᠭᠦᠯᠡᠷ ᠦᠨ ᠨᠣᠶᠢᠲᠠᠨ ᠲᠦᠯᠡᠭᠡᠨ ᠯᠦᠭᠡ ᠤᠴᠢᠷᠠᠪᠠᠰᠤ ᠭᠠᠯ ᠪᠡᠷ ᠰᠥᠨᠡᠶᠦ ᠣᠨᠤᠭᠳᠠᠭᠰᠠᠨ ᠬᠠᠳᠠᠨ ᠳᠤᠷ ᠤᠴᠢᠷᠠᠪᠠᠰᠤ ᠰᠤᠮᠤᠨ ᠪᠡᠷ ᠬᠠᠷᠢᠶᠤ ᠭᠠᠵᠠᠷ ᠲᠤᠷ ᠬᠦᠷᠪᠡᠰᠦ ᠠᠶᠤᠩᠭ᠎ᠠ ᠪᠡᠷ ᠮᠤᠬᠤᠷᠳᠠᠶᠤ ᠬᠠᠯᠠᠭᠠᠷ ᠬᠤᠲᠤᠭ ᠢ ᠡᠰᠡ ᠣᠯᠲᠠᠯᠠ ᠡᠨᠡ ᠦᠯᠦ ᠬᠠᠷᠢᠶᠤ ᠲᠡᠭᠦᠪᠡᠷ ᠬᠠᠷᠢᠶ᠎ᠠ ᠡᠴᠢᠭᠡ ᠮᠢᠨᠦ ᠳᠡᠭᠡᠷ᠎ᠡ ᠣᠭᠲᠠᠷᠭᠤᠢ ᠳᠤᠷ ᠵᠢᠷᠤᠭ ᠵᠢᠷᠤᠬᠠᠢ ᠬᠢᠭᠡᠳ ᠬᠡᠢ ᠨᠠᠷᠠᠨ ᠰᠠᠷᠠ ᠶᠢ ᠰᠠᠯᠮ ᠠ ᠪᠠᠷ ᠬᠡᠨ ᠬᠦᠯᠢᠨ ᠴᠢᠳᠠᠬᠤ ᠪᠣᠯᠪᠠᠰᠤ ᠪᠡᠷ ᠪᠣᠳᠢᠰᠲᠸ ᠢ ᠪᠣᠳᠢ ᠵᠢᠷᠦᠬᠡᠨ ᠡᠴᠡ ᠪᠣᠰᠬᠠᠵᠤ ᠬᠥᠳᠡᠯᠭᠡᠨ ᠦᠯᠦ ᠴᠢᠳᠠᠬᠤ ᠬᠡᠮᠡᠬᠦ ᠲᠡᠷᠢᠭᠦᠲᠡᠨ ᠢᠶᠡᠷ ᠱᠢᠮᠨᠤ ᠶᠢᠨ ᠮᠢᠩᠭᠠᠨ ᠬᠥᠪᠡᠭᠦᠳ ᠠᠨᠤ ᠵᠦᠭ ᠵᠦᠭ ᠡᠴᠡ ᠴᠠᠭᠠᠭᠠᠨ ᠢ
bišilγan čidaγči-da qour-a mes-e γal ber ülü čidaqu. Qourtai-a oγo:ruγsan mese ber čečeg bolun unayu keme:be:sü basa jegü:n etege:d-e:če Anivarti ögüler-ün: Tüyi:mer γal tülege:n-e:če ülü mitayu. Tülkijü qarbuγsan sumun jaγu:r-a-a:ča ülü qariyu. Uruγu: baγu:lγaγsan ayungγ-a oγtarγui-dur ülü bayi:yu. Östü sakiliγtai-yi ese daruju qaritala yaγu:n keme:be:sü baraγu:n etege:d-e:če Darmarati ögüler-ün: Noyi:tan tülege:n-lüge: učiraba:su γal ber söneyü. Onuγdaγsan qadan-dur učiraba:su sumun ber qariyu. γajar-tur kürbe:sü ayungγ-a ber muqurdayu. Qalaγar qutuγ-i ese oltala ene ülü qariyu. Tegü:be:r qariy-a: ečige minü dege:r-e oγtarγui-dur jiruγ jiruqai ki:ge:d kei naran sara-yi salm-a-ba:r ken külin čidaqu bolba:su be:r Bodistv-i bodi jirüken-e:če bosqaju ködelgen ülü čidaqu keme:kü terigü:ten-iye:r šimnu-yi:n mingγan köbegü:d anu jüg jüg-e:če čaγaγa:n-i
58a
ᠨᠥᠭᠦᠭᠡ ᠲᠠᠪᠢᠨ ᠨᠠᠢᠮᠠᠨ ᠲᠠᠭᠠᠯᠠᠭᠴᠢᠳ ᠠᠨᠤ ᠪᠣᠳᠢᠰᠲᠸ ᠢ ᠮᠠᠭᠲᠠᠵᠤ ᠡᠴᠢᠭᠡ ᠶᠦᠭᠡᠨ ᠰᠠᠭᠠᠳᠠᠭᠠᠭᠤᠯᠤᠨ ᠥᠭᠦᠯᠡᠪᠡᠢ ᠬᠠᠷ ᠠ ᠶᠢ ᠲᠠᠭᠠᠯᠠᠭᠴᠢᠳ ᠪᠣᠳᠢᠰᠲᠸ ᠢ ᠳᠠᠭᠠᠷᠢᠵᠤ ᠡᠴᠢᠭᠡ ᠶᠦᠭᠡᠨ ᠱᠢᠲᠠᠭᠠᠨ ᠥᠭᠦᠯᠡᠭᠰᠡᠨ ᠳᠦᠷ ᠪᠠᠳᠢᠷ᠎ᠠ ᠱᠢᠨ᠎ᠠ ᠨᠡᠷᠡᠲᠦ ᠱᠢᠮᠨᠤᠰᠤᠨ ᠬᠦᠷᠡᠭᠡᠨ ᠢ ᠲᠡᠷᠢᠭᠦᠯᠡᠭᠴᠢ ᠨᠣᠶᠠᠨ ᠢᠨᠤ ᠴᠢᠪᠢᠯᠲᠦ ᠱᠢᠮᠨᠤ ᠳᠠ ᠥᠭᠦᠯᠡᠷ ᠦᠨ ᠬᠡᠨ ᠲᠡᠷᠡ ᠴᠢᠮᠠᠶᠢ ᠳᠠᠭᠠᠭᠴᠢ ᠬᠤᠷᠮᠤᠰᠲᠠ ᠲᠡᠷᠢᠭᠦᠲᠡᠨ ᠪᠡᠷ ᠲᠡᠭᠦᠨ᠎ᠡ ᠮᠥᠷᠭᠦᠮᠦᠢ ᠴᠢᠮᠠᠶᠢ ᠦᠯᠦ ᠳᠠᠭᠠᠭᠴᠢ ᠡᠰᠷᠤᠠ ᠲᠡᠷᠢᠭᠦᠲᠡᠨ ᠢ ᠥᠭᠦᠯᠡᠲᠡᠯᠡ ᠶᠠᠭᠤᠨ ᠰᠡᠴᠡᠨ ᠪᠢᠯᠢᠭᠲᠡᠨ ᠬᠦᠴᠦᠲᠡᠨ ᠬᠥᠪᠡᠭᠦᠳ ᠴᠢᠨᠦ ᠲᠡᠭᠦᠨ᠎ᠡ ᠪᠥᠬᠡᠶᠢᠮᠦᠢ ᠭᠠᠳᠠᠭᠤᠨ ᠨᠠᠶᠠᠨ ᠪᠡᠷ᠎ᠡ ᠲᠤᠷᠤᠭ ᠪᠠᠶᠢᠨ ᠪᠦᠬᠦ ᠭᠠᠳᠠᠭᠠᠳᠤ ᠣᠯᠠᠩᠬᠢ ᠶᠠᠬᠰᠠᠰ ᠨᠤᠭᠤᠳ ᠲᠡᠭᠦᠨ᠎ᠡ ᠮᠥᠷᠭᠦᠮᠦᠢ ᠡᠶᠢᠮᠦ ᠴᠡᠷᠢᠭ ᠡᠴᠡ ᠪᠡᠷ ᠴᠥᠬᠡᠷᠡᠬᠦ ᠦᠭᠡᠢ ᠢᠶᠡᠷ ᠡᠨᠡ ᠰᠥᠨᠢ ᠮᠠᠭᠠᠳ ᠪᠢᠳᠠᠨ ᠢ ᠳᠠᠷᠤᠬᠤ ᠡᠨᠡ ᠲᠡᠶᠢᠨ ᠬᠠᠮᠢᠭ᠎ᠠ ᠴᠡᠷᠢᠭ ᠬᠦᠷᠦᠭᠰᠡᠨ ᠭᠠᠵᠠᠷ᠎ᠠ ᠲᠡᠨᠳᠡ ᠡᠯᠵᠢᠭᠡᠨ ᠦᠨᠡᠭᠡᠨ ᠤᠭᠤᠯᠢ ᠶᠢᠨ ᠲᠠᠨ ᠤ ᠮᠠᠭᠤᠢ ᠢᠷᠤ᠎ᠠ ᠳᠠᠭᠤᠨ ᠭᠠᠷᠭᠠᠨ ᠠᠮᠤᠢ ᠳᠠᠷᠤᠭᠳᠠᠬᠤ ᠶᠢᠨ ᠪᠡᠯᠭᠡ ᠪᠦᠢ ᠬᠠᠷᠢᠶ᠎ᠠ ᠪᠢᠳᠠ ᠬᠡᠮᠡᠨ ᠪᠣᠳᠢᠰᠲᠸ ᠢ ᠮᠠᠭᠲᠠᠨ ᠱᠢᠮᠨᠤ ᠶᠢ ᠬᠠᠷᠢᠭᠤᠯᠤᠨ ᠳᠡᠯᠭᠡᠷᠡᠩᠭᠦᠢ᠎ᠡ ᠥᠭᠦᠯᠡᠭᠰᠡᠨ ᠳᠦᠷ ᠲᠡᠨᠳᠡᠴᠡ ᠪᠤᠰᠤ ᠨᠢᠭᠡᠨ ᠱᠢᠮᠨᠤ ᠶᠢᠨ ᠬᠥᠪᠡᠭᠦᠨ ᠲᠡᠷᠡ ᠦᠭᠡ ᠶᠢ
Nögüge: tabin naiman: taγa:laγčid anu Bodistv-i maγtaju ečige-yüge:n saγa:daγaγu:lun ögülebei. Qar-a-yi taγa:laγčid Bodistv-i daγa:riju ečige-yüge:n šitaγa:n ögülegsen-dür Badir-a šin-a neretü šimnusun küregen-i terigü:legči noyan inu čibiltü šimnu-da ögüler-ün: Ken tere čimayi daγaγči Qurmusta terigü:ten ber tegü:n-e mörgümüi. Čimayi ülü daγaγči Esrua terigü:ten-i ögületele yaγu:n sečen biligten küčüten köbegü:d činü tegü:n-e bökeyi:müi. γadaγu:n nayan be:r-e turuγ bayi:n bükü γadaγa:du olangki yaksas-nuγu:d tegü:n-e mörgümüi. Eyi:mü čerig-e:če ber čökerekü ügei-iye:r ene söni maγad bidan-i daruqu ene teyi:n qamiγ-a: čerig kürügsen γajar-a tende eljigen ünege:n uγu:li-yi:n tan-u maγu:i iru-a daγu:n γarγan amui. Daruγdaqu-yi:n belge büi qariy-a: bida keme:n Bodistv-i maγtan šimnu-yi qariγu:lun delgerenggüi-e ögülegsen-dür tendeče busu nigen šimnu-yi:n köbegü:n tere üge-yi
58b
ᠮᠠᠱᠢ ᠦᠯᠦ ᠲᠠᠭᠠᠯᠠᠨ ᠨᠢᠳᠦᠪᠡᠨ ᠤᠯᠠᠶᠢᠵᠤ ᠥᠭᠦᠯᠡᠷ ᠦᠨ ᠭᠠᠭᠴᠠ ᠴᠢ ᠡᠨᠡ ᠲᠣᠶᠢᠨ ᠢ ᠭᠠᠶᠢᠬᠠᠨ ᠪᠠᠷᠠᠱᠢ ᠦᠭᠡᠢ ᠣᠯᠠᠨ ᠲᠠ ᠮᠠᠭᠲᠠᠪᠠᠰᠤ ᠪᠡᠷ ᠭᠠᠭᠴᠠᠭᠠᠷ ᠲᠡᠷᠡ ᠶᠠᠭᠤᠨ ᠴᠢᠳᠠᠬᠤ ᠭᠠᠷᠴᠤ ᠡᠰᠡ ᠬᠦ ᠦᠵᠡᠪᠡᠢ ᠴᠢ ᠪᠢᠳᠠᠨ ᠤ ᠴᠡᠷᠢᠭ ᠦᠳ ᠢ ᠬᠡᠮᠡᠪᠡᠰᠦ ᠮᠠᠷ ᠠ ᠪᠢᠷ ᠠ ᠮᠠᠷᠳᠠᠬᠢ ᠱᠢᠮᠨᠤ ᠶᠢᠨ ᠬᠥᠪᠡᠭᠦᠨ ᠥᠭᠦᠯᠡᠷ ᠦᠨ ᠶᠢᠷᠲᠢᠨᠴᠦ ᠳᠦᠷ ᠨᠠᠷᠠᠨ ᠰᠠᠷᠠᠨ ᠠᠷᠰᠯᠠᠨ ᠬᠢᠭᠡᠳ ᠶᠡᠷᠦ ᠴᠠᠬᠷᠠᠸᠠᠳ ᠤᠨ ᠬᠠᠭᠠᠨ ᠳᠤᠷ ᠨᠥᠬᠦᠷ ᠦᠯᠦ ᠬᠡᠷᠡᠭᠯᠡᠶᠦ ᠲᠡᠭᠦᠨᠴᠢᠯᠡᠨ ᠪᠣᠳᠢ ᠬᠤᠲᠤᠭ ᠲᠤᠷ ᠮᠠᠭᠠᠳ ᠣᠷᠤᠯᠳᠤᠭᠰᠠᠨ ᠳᠡᠭᠡᠳᠦ ᠪᠣᠳᠢᠰᠲᠸ ᠨᠠᠷ᠎ᠠ ᠨᠥᠬᠦᠷ ᠶᠠᠭᠤᠨ ᠬᠡᠷᠡᠭ ᠬᠡᠮᠡᠨ ᠥᠭᠦᠯᠡᠯᠳᠦᠨ ᠪᠦᠬᠦᠢ ᠳᠦᠷ ᠲᠡᠨᠳᠡᠴᠡ ᠪᠣᠳᠢᠰᠲᠸ ᠱᠢᠮᠨᠤᠰ ᠤᠨ ᠬᠦᠴᠦᠨ ᠢ ᠱᠢᠨᠲᠠᠷᠠᠭᠤᠯᠬᠤ ᠶᠢᠨ ᠲᠤᠯᠠᠳᠠ ᠵᠠᠭᠤᠨ ᠨᠠᠪᠴᠢᠲᠤ ᠳᠡᠯᠭᠡᠷᠡᠭᠰᠡᠨ ᠯᠢᠨᠬᠤ᠎ᠠ ᠮᠡᠲᠦ ᠭᠡᠷᠡᠯ ᠲᠦ ᠨᠢᠭᠤᠷ ᠢᠶᠠᠨ ᠮᠦᠱᠢᠶᠡᠵᠦ ᠪᠠᠷᠠᠭᠤᠨ ᠭᠠᠷ ᠢᠶᠠᠷ ᠥᠪᠡᠷ ᠦᠨ ᠦᠰᠦᠨ ᠢ ᠪᠢᠯᠢᠪᠡᠰᠦ ᠱᠢᠮᠨᠤᠰ ᠤᠨ ᠨᠢᠳᠦᠨ ᠳᠦᠷ ᠥᠪᠡᠷ ᠦᠨ ᠨᠥᠬᠦᠳ ᠪᠣᠳᠢᠰᠲᠸ ᠲᠤᠷ ᠣᠷᠤᠵᠤ ᠥᠭᠭᠦᠭᠰᠡᠨ ᠢ ᠦᠵᠡᠭᠳᠡᠭᠡᠳ ᠪᠠᠰᠠ ᠪᠡᠷ ᠪᠣᠳᠢᠰᠲᠸ ᠤᠨ ᠭᠠᠷ ᠲᠤᠷ ᠢᠯᠳᠦ ᠪᠠᠷᠢᠭᠰᠠᠨ ᠢ ᠦᠵᠡᠭᠳᠡᠵᠦ ᠦᠯᠡᠮᠵᠢ ᠮᠠᠱᠢ ᠠᠶᠤᠵᠤ ᠡᠮᠦᠨᠡᠭᠱᠢᠳᠡ ᠪᠤᠷᠤᠭᠤᠳᠪᠠᠢ ᠪᠠᠰᠠ ᠦᠵᠡᠪᠡᠰᠦ ᠶᠠᠭᠤᠪᠡᠷ ᠪᠤᠰᠤ ᠠᠵᠤᠭᠤᠢ
maši ülü taγa:lan nidübe:n ulayi:ju ögüler-ün: γaγča či ene toyin-i γayi:qan baraši-ügei olan-ta maγtaba:su ber γaγčaγa:r tere yaγu:n čidaqu. γarču ese kü üjebei či. Bidan-u čerig-ü:d-i keme:be:sü Mar-a-bir-a-mardaki šimnu-yi:n köbegü:n ögüler-ün: Yirtinčü-dür naran saran arslan ki:ge:d yerü Čakravad-un qaγa:n-dur nökür ülü keregleyü. Tegü:nčilen bodi qutuγ-tur maγad orulduγsan dege:dü Bodistv-nar-a nökür yaγu:n kereg keme:n ögüleldün büküi-dür tendeče Bodistv šimnus-un küčün-i šintaraγu:lqu-yi:n tulada jaγu:n nabčitu delgeregsen linqu-a metü gerel-tü niγu:r-iya:n müšiye:jü baraγu:n γar-iya:r öbe:r-ün üsün-i bilibe:sü šimnus-un nidün-dür öbe:r-ün nöküd Bodistv-tur oruju öggügsen-i üjegdege:d basa ber Bodistv-un γar-tur ildü bariγsan-i üjegdejü ülemji maši ayuju emünegšide buruγu:dbai. Basa üjebe:sü yaγu:ber busu ajuγu:i.
59a
ᠨᠥᠭᠦᠭᠡ ᠲᠠᠪᠢᠨ ᠶᠢᠰᠦᠨ ᠬᠡᠮᠡᠨ ᠬᠠᠷᠢᠵᠤ ᠢᠷᠡᠵᠦ ᠬᠥᠭ ᠬᠦᠯᠢ ᠴᠠᠪᠴᠢ ᠬᠡᠮᠡᠬᠦ ᠬᠠᠲᠠᠭᠤ ᠮᠠᠭᠤᠢ ᠳᠠᠭᠤᠨ ᠭᠠᠷᠭᠠᠵᠤ ᠠᠭᠤᠯᠠ ᠬᠠᠳᠠ ᠭᠦᠷᠦ ᠠᠯᠤᠬ᠎ᠠ ᠢᠯᠳᠦ ᠵᠢᠳᠠ ᠸᠴᠢᠷ ᠠᠶᠤᠩᠭ᠎ᠠ ᠲᠥᠮᠦᠭᠡ ᠬᠦᠷᠳᠦᠨ ᠲᠡᠷᠢᠭᠦᠲᠡᠨ ᠠᠶᠤᠬᠤ ᠮᠡᠲᠦ ᠮᠡᠰᠡᠰ ᠢ ᠬᠤᠷ᠎ᠠ ᠮᠡᠲᠦ ᠣᠷᠤᠭᠤᠯ ᠪᠠᠢ ᠲᠡᠶᠢᠨ ᠣᠷᠤᠭᠤᠯᠤᠭᠰᠠᠨ ᠲᠡᠳᠡ ᠪᠦᠭᠦᠳᠡ ᠶᠢ ᠲᠡᠳᠡ ᠴᠣᠮᠤᠷᠯᠢᠭ ᠢᠶᠠᠷ ᠴᠢᠮᠡᠭᠰᠡᠨ ᠣᠷᠳᠣ ᠬᠠᠷᠱᠢ ᠪᠣᠯᠭᠠᠵᠤ ᠵᠠᠷᠢᠮ ᠤᠳ ᠢ ᠡᠯᠳᠡᠪ ᠴᠡᠴᠡᠭ ᠪᠣᠯᠭᠠᠨ ᠬᠤᠪᠢᠯᠭᠠᠪᠠᠢ ᠵᠠᠷᠢᠮ ᠤᠳ ᠢ ᠡᠷᠢᠬᠡᠰ ᠦᠨ ᠤᠨᠵᠢᠯᠭᠠᠰ ᠪᠣᠯᠭᠠᠵᠤ ᠪᠣᠳᠢ ᠮᠣᠳᠤᠨ ᠢ ᠴᠢᠮᠡᠵᠦ ᠪᠣᠳᠢᠰᠲᠸ ᠲᠤᠷ ᠲᠠᠬᠢᠯ ᠪᠣᠯᠤᠭᠰᠠᠨ ᠢ ᠦᠵᠡᠭᠳᠡᠭᠦᠯᠪᠡᠢ ᠲᠡᠭᠦᠨᠢ ᠦᠵᠡᠵᠦ ᠴᠢᠪᠢᠯ ᠲᠦ ᠱᠢᠮᠨᠤ ᠣᠨᠴᠠ ᠤᠷᠢᠨ ᠨᠠᠢᠳᠠᠬᠤ ᠰᠡᠳᠬᠢᠯ᠎ᠡ ᠳᠦᠯᠡᠳ ᠲᠡ ᠳᠥᠷᠲᠡᠵᠦ ᠥᠭᠦᠯᠡᠷ ᠦᠨ ᠠᠢ ᠬᠥᠪᠡᠭᠦᠨ ᠪᠣᠰ ᠪᠣᠰ ᠪᠣᠰᠴᠤ ᠪᠦᠷ ᠦᠨ ᠬᠠᠭᠠᠨ ᠤ ᠵᠢᠷᠭᠠᠯᠠᠩ ᠢᠶᠠᠷ ᠵᠢᠷᠭᠠᠭᠳᠠᠬᠤᠢ ᠪᠤᠢ ᠴᠢᠮᠠᠳᠠ ᠴᠢᠨᠤ ᠲᠡᠳᠦᠢᠬᠡᠨ ᠪᠤᠶᠠᠨ ᠢᠶᠠᠷ ᠲᠣᠨᠢᠯᠬᠤᠢ ᠬᠤᠲᠤᠭ ᠢ ᠣᠯᠤᠨ ᠬᠠᠮᠢᠭ᠎ᠠ ᠴᠢᠳᠠᠬᠤ ᠬᠡᠮᠡᠪᠡᠰᠦ ᠪᠣᠳᠢᠰᠲᠸ ᠴᠢᠩ ᠤᠰᠬᠠᠯ ᠠᠭᠠᠯᠢ ᠪᠠᠷ ᠰᠣᠨᠣᠰᠬᠤᠢ᠎ᠠ ᠰᠠᠶᠢᠬᠠᠨ ᠳᠠᠭᠤᠪᠠᠷ ᠥᠭᠦᠯᠡᠷ ᠦᠨ ᠴᠢᠪᠢᠯ ᠲᠦ ᠴᠢ ᠪᠦᠷᠦᠨ ᠠᠮᠠᠷᠠᠮᠠᠭ ᠤᠨ ᠡᠷᠬᠡᠲᠦ ᠪᠣᠯᠤᠷᠤᠨ ᠴᠢ ᠭᠡᠮ ᠦᠭᠡᠢ ᠭᠠᠭᠴᠠᠬᠠᠨ ᠥᠭᠯᠢᠭᠡ ᠶᠢᠨ ᠬᠦᠴᠦᠨ ᠪᠦᠢ
Nögüge: tabin yisün: keme:n qariju irejü kög küli čabči keme:kü qataγu: maγu:i daγu:n γarγaju aγu:la qada gürü aluq-a ildü jida, včir ayungγ-a tömüge kürdün terigü:ten ayuqu metü meses-i qur-a metü oruγu:l-bai. Teyi:n oruγu:luγsan tede bügüde-yi tede čomurliγ-iya:r čimegsen ordo qarši bolγaju jarim-u:d-i eldeb čečeg bolγan qubilγabai. Jarim-u:d-i erikes-ün unjilγas bolγaju bodi modun-i čimejü Bodistv-tur takil boluγsan-i üjegdegü:lbei. Tegü:ni üjejü čibil-tü šimnu onča urin naidaqu sedkil-e düled-te dörtejü ögüler-ün: Ai köbegü:n bos bos bosču bür-ün. Qaγa:n-u jirγalang-iya:r jirγaγdaqui bui čimada. Činu tedüiken buyan-iya:r tonilqui qutuγ-i olun qamiγ-a: čidaqu keme:be:sü Bodistv čing usqal aγa:li-ba:r sonosqui-a sayi:qan daγu:ba:r ögüler-ün: Čibil-tü či bürün amaramaγ-un erketü bolurun či. Gem ügei γaγčaqan öglige-yi:n küčün büi.
59b
ᠪᠢ ᠬᠡᠮᠡᠪᠡᠰᠦ ᠲᠣᠭᠠᠨ ᠠᠴᠠ ᠨᠥᠭᠴᠢᠭᠰᠡᠨ ᠠᠰᠠᠩᠬᠢ ᠭᠠᠯᠠᠪ ᠤᠳ ᠲᠤᠷ ᠠᠮᠢᠲᠠᠨ᠎ᠠ ᠲᠤᠰᠠᠶᠢᠨ ᠲᠤᠯᠠᠳᠠ ᠣᠭᠲᠠᠯᠤᠨ ᠲᠡᠷᠢᠭᠦᠪᠡᠨ ᠡᠳᠬᠡᠨ ᠡᠳᠬᠡᠨ ᠮᠢᠬᠠᠨ ᠢᠶᠠᠨ ᠠᠪᠤᠨ ᠠᠪᠤᠨ ᠢᠯ ᠤᠯᠤᠰ ᠡᠮ᠎ᠡ ᠬᠥᠪᠡᠭᠦᠨ ᠲᠡᠷᠢᠭᠦᠲᠡᠨ ᠨᠡᠩ ᠣᠯᠠᠨ ᠵᠠᠭᠤᠨ ᠮᠢᠩᠭᠠᠨ ᠨᠠᠶᠤᠳ ᠭᠡᠮ ᠦᠭᠡᠢ ᠥᠭᠯᠢᠭᠡ ᠶᠢ ᠥᠭᠭᠦᠭᠰᠡᠨ ᠪᠦᠶᠦ ᠪᠢ ᠬᠡᠮᠡᠪᠡᠰᠦ ᠱᠢᠮᠨᠤ ᠥᠭᠦᠯᠡᠷ ᠦᠨ ᠮᠢᠨᠤ ᠭᠠᠭᠴᠠᠬᠠᠨ ᠭᠡᠮ ᠦᠭᠡᠢ ᠥᠭᠯᠢᠭᠡ ᠶᠢᠨ ᠭᠡᠷ᠎ᠡ ᠴᠢ ᠪᠦᠢ ᠴᠢ ᠬᠡᠳᠦᠢ ᠪᠡᠷ ᠦᠶᠢᠯᠡᠳᠳᠦᠭᠰᠡᠨ ᠬᠡᠮᠡᠨ ᠥᠭᠦᠯᠡᠵᠦ ᠪᠡᠷ ᠶᠠᠭᠤᠨ ᠲᠤᠰᠠ ᠲᠡᠭᠦᠨ ᠳᠦᠷ ᠭᠡᠷ᠎ᠡ ᠬᠡᠨ ᠪᠦᠢ ᠭᠠᠷᠲᠠᠪᠠᠢ ᠴᠢ ᠬᠡᠮᠡᠪᠡᠰᠦ ᠲᠡᠨᠳᠡᠴᠡ ᠪᠣᠳᠢᠰᠲᠸ ᠬᠠᠮᠤᠭ ᠵᠦᠭ ᠳᠡᠬᠢ ᠱᠢᠮᠨᠤᠰ ᠤᠨ ᠳᠦᠭᠡᠷᠢᠭᠡᠢ ᠶᠢ ᠠᠰᠠᠷᠠᠬᠤᠢ ᠨᠢᠭᠦᠯᠡᠰᠬᠦᠢ ᠰᠡᠳᠬᠢᠯ ᠢᠶᠡᠷ ᠦᠵᠡᠵᠦ ᠠᠶᠤᠬᠤᠢ ᠮᠢᠲᠠᠬᠤᠢ ᠦᠭᠡᠢ ᠲᠤᠭᠤᠷᠪᠢᠯ ᠢᠶᠠᠷ ᠯᠠᠪᠠᠢ ᠲᠡᠷᠢᠭᠦᠲᠡᠨ ᠣᠯᠠᠨ ᠮᠠᠩᠭᠠᠯ ᠪᠡᠯᠭᠡᠰᠲᠦ ᠴᠠᠭ ᠦᠭᠡᠢ ᠣᠯᠠᠨ ᠪᠤᠶᠠᠨ ᠢᠶᠠᠷ ᠪᠦᠲᠦᠭᠰᠡᠨ ᠪᠠᠷᠠᠭᠤᠨ ᠭᠠᠷ ᠢᠶᠠᠷ ᠪᠡᠶ ᠡ ᠶᠢᠨ ᠪᠦᠬᠦ ᠵᠦᠭ ᠢ ᠪᠢᠯᠢᠵᠦ ᠠᠨᠢᠷ ᠵᠣᠬᠢᠰᠲᠠᠢ᠎ᠠ ᠭᠠᠵᠠᠷ ᠢ ᠳᠡᠯᠡᠳᠴᠦ ᠥᠭᠦᠯᠡᠷ ᠦᠨ ᠬᠠᠮᠤᠭ ᠤᠨ ᠱᠢᠲᠦᠭᠡᠨ ᠡᠨᠡ ᠳᠡᠯᠡᠬᠡᠢ ᠶᠠᠪᠤᠬᠤᠨ ᠦᠯᠦ ᠶᠠᠪᠤᠬᠤᠨ ᠢ ᠠᠯᠠᠭᠴᠢᠯᠠᠬᠤ ᠦᠭᠡᠢ ᠮᠢᠨᠤ ᠭᠡᠷ᠎ᠡ
Bi keme:be:sü toγa:n-a:ča nögčigsen asangki galab-u:d-tur amitan-a tusayi:n tulada oγtalun terigü:be:n edken edken miqan-iya:n abun abun il ulus em-e köbegü:n terigü:ten neng olan jaγu:n mingγan nayud gem ügei öglige-yi öggügsen büyü bi keme:be:sü šimnu ögüler-ün: Minu γaγčaqan gem ügei öglige-yi:n ger-e či büi. Či kedüi ber üyi:leddügsen keme:n ögülejü ber yaγu:n tusa. Tegü:n-dür ger-e ken büi γartabai či keme:be:sü tendeče Bodistv qamuγ jüg deki šimnus-un dügerigei-yi asaraqui nigü:lesküi sedkil-iye:r üjejü ayuqui mitaqui ügei tuγu:rbil-iya:r labai terigü:ten olan manggal belgestü čaγ ügei olan buyan-iya:r bütügsen baraγu:n γar-iya:r bey-e-yi:n bükü jüg-i bilijü anir jokistai-a γajar-i deledčü ögüler-ün: Qamuγ-un šitüge:n ene delekei yabuqun ülü yabuqun-i alaγčilaqu ügei minu ger-e
60a
ᠨᠥᠭᠦᠭᠡ ᠵᠢᠷᠠᠨ ᠡᠨᠡ ᠪᠡᠷ ᠦᠨᠡᠨ ᠪᠥᠭᠡᠰᠦ ᠡᠨᠳᠡ ᠭᠡᠷ᠎ᠡ ᠮᠢᠨᠦ ᠴᠢ ᠪᠣᠯ ᠬᠡᠮᠡᠨ ᠥᠭᠦᠯᠡᠭᠦᠯᠦᠭᠡᠳ ᠰᠠᠴᠠ ᠡᠨᠡ ᠶᠡᠬᠡ ᠳᠡᠯᠡᠬᠡᠢ ᠵᠢᠷᠭᠤᠭᠠᠨ ᠵᠦᠶᠢᠯ ᠢᠶᠡᠷ ᠬᠥᠳᠡᠯᠵᠦ ᠶᠡᠬᠡ ᠳᠠᠭᠤᠨ ᠪᠡᠷ ᠰᠣᠨᠣᠰᠳᠠᠪᠠᠢ ᠲᠡᠨᠳᠡᠴᠡ ᠭᠤᠷᠪᠠᠨ ᠮᠢᠩᠭᠠᠨ ᠶᠢᠷᠲᠢᠨᠴᠦ ᠶᠢᠨ ᠭᠠᠵᠠᠷ ᠤᠨ ᠥᠬᠢᠨ ᠲᠩᠷᠢ ᠶᠠᠰᠣᠳᠠᠷᠢ ᠵᠠᠭᠤᠨ ᠬᠥᠯᠲᠢ ᠥᠬᠢᠨ ᠲᠩᠷᠢ ᠨᠡᠷ ᠢᠶᠡᠷ ᠬᠦᠷᠢᠶᠡᠯᠡᠭᠦᠯᠵᠦ ᠪᠣᠳᠢᠰᠲᠸ ᠳᠠᠴᠠ ᠠᠰᠤᠷᠤ ᠪᠠ ᠬᠣᠯᠠ ᠪᠤᠰᠤ ᠭᠠᠵᠠᠷ ᠠᠴᠠ ᠵᠠᠷᠢᠮ ᠪᠡᠶ ᠡ ᠪᠡᠨ ᠭᠠᠷᠭᠠᠵᠤ ᠠᠯᠠᠭᠠᠪᠠᠨ ᠬᠠᠮᠲᠤᠳᠬᠠᠵᠤ ᠥᠭᠦᠯᠡᠷ ᠦᠨ ᠲᠡᠷᠡ ᠲᠡᠭᠦᠨᠴᠢᠯᠡᠨ ᠪᠥᠯᠦᠭᠡ ᠶᠡᠬᠡ ᠪᠣᠭᠳᠠ᠎ᠠ ᠲᠡᠷᠡ ᠲᠡᠭᠦᠨᠴᠢᠯᠡᠨ ᠦᠨᠡᠨ ᠶᠠᠮᠪᠠᠷ ᠴᠢᠨᠤ ᠥᠭᠦᠯᠡᠭᠰᠡᠨ ᠮᠡᠲᠦ ᠲᠡᠭᠦᠨ ᠳᠦᠷ ᠭᠡᠷ᠎ᠡ ᠪᠢ ᠪᠦᠶᠦ ᠲᠡᠶᠢᠨ ᠪᠡᠷ ᠪᠥᠭᠡᠰᠦ ᠲᠩᠷᠢ ᠯᠦᠭᠡ ᠨᠢᠭᠡᠨ᠎ᠡ ᠬᠠᠮᠤᠭ ᠶᠢᠷᠲᠢᠨᠴᠦ ᠳᠡᠬᠢᠨ ᠦ ᠦᠯᠢᠭᠡᠷ ᠭᠡᠷ᠎ᠡ ᠢᠨᠦ ᠴᠢ ᠬᠦ ᠦᠯᠦ ᠬᠦ ᠪᠦᠢ ᠬᠡᠮᠡᠨ ᠨᠡᠩ ᠣᠯᠠᠨ ᠵᠦᠶᠢᠯ ᠢᠶᠡᠷ ᠪᠣᠳᠢᠰᠲᠸ ᠢ ᠮᠠᠭᠲᠠᠵᠤ ᠨᠡᠩ ᠣᠯᠠᠨ ᠵᠦᠶᠢᠯ ᠢᠶᠡᠷ ᠱᠢᠮᠨᠤ ᠶᠢ ᠰᠥᠬᠡᠵᠦ ᠲᠡᠨᠳᠡᠬᠡᠨ᠎ᠡ ᠪᠥᠭᠡᠳ ᠦᠯᠦ ᠦᠵᠡᠭᠳᠡᠨ ᠣᠳᠪᠠᠢ ᠠᠯᠢ ᠴᠠᠭ ᠲᠤᠷ ᠲᠡᠷᠡ ᠦᠭᠡ ᠰᠣᠨᠣᠰᠤᠭᠰᠠᠨ ᠲᠡᠷᠡ ᠴᠠᠭ ᠲᠤᠷ ᠠᠷᠭ᠎ᠠ ᠵᠠᠯᠢᠲᠤ ᠴᠡᠷᠢᠭ ᠢᠶᠡᠷ ᠢᠶᠡᠨ ᠨᠢᠭᠡᠨ᠎ᠡ ᠠᠷᠰᠯᠠᠨ ᠤ ᠳᠠᠭᠤᠨ ᠢ ᠰᠣᠨᠣᠰᠤᠭᠰᠠᠨ ᠦᠨᠡᠭᠡᠨ ᠳᠦᠷ
Nögüge: jiran: ene ber ünen böge:sü ende ger-e minü či bol keme:n ögülegü:lüge:d sača ene yeke delekei jirγuγa:n jüyi:l-iye:r ködeljü yeke daγu:n ber sonosdabai. Tendeče γurban mingγan yirtinčü-yi:n γajar-un ökin tngri Yasodari jaγu:n költi ökin tngri-ner-iye:r küriye:legü:ljü Bodistv-dača asuru ba qola busu γajar-a:ča jarim bey-e-be:n γarγaju alaγaba:n qamtudqaju ögüler-ün: Tere tegü:nčilen bölüge:. Yeke boγda-a tere tegü:nčilen ünen. Yambar činu ögülegsen metü tegü:n-dür ger-e bi büyü. Teyi:n ber böge:sü tngri-lüge: nigen-e qamuγ yirtinčü dekin-ü üliger ger-e inü či kü ülü kü büi keme:n neng olan jüyi:l-iye:r Bodistv-i maγtaju neng olan jüyi:l-iye:r šimnu-yi sökejü tendeken-e böge:d ülü üjegden odbai. Ali čaγ-tur tere üge sonosuγsan tere čaγ-tur arγ-a jalitu čerig-iye:r-iye:n nigen-e arslan-u daγu:n-i sonosuγsan ünegen-dür
60b
ᠠᠳᠠᠯᠢ ᠠᠶᠤᠵᠤ ᠮᠡᠩᠳᠡᠵᠦ ᠨᠢᠭᠡᠨ ᠨᠢᠭᠡᠨ ᠡᠴᠡᠭᠡᠨ ᠪᠤᠷᠤᠭᠤᠶᠢᠯᠪᠠᠢ ᠲᠡᠨᠳᠡᠴᠡ ᠴᠢᠪᠢᠯᠲᠦ ᠱᠢᠮᠨᠤ ᠦᠯᠡᠮᠵᠢ ᠮᠠᠱᠢ ᠭᠠᠱᠢᠭᠤᠳᠠᠵᠤ ᠢᠳᠡᠭᠰᠡᠨ ᠡᠴᠡ ᠪᠠᠰᠠᠪᠡᠷ ᠢᠴᠡᠷᠢ ᠪᠡᠨ ᠲᠠᠯᠪᠢᠵᠤ ᠨᠥᠬᠦᠳ ᠲᠡᠭᠡᠨ ᠥᠭᠦᠯᠡᠷ ᠦᠨ ᠶᠠᠭᠤᠨ ᠳᠤᠷ ᠶᠠᠭᠠᠷᠠᠵᠤ ᠲᠠᠷᠬᠠᠮᠤᠢ ᠲᠠ ᠡᠶᠢᠮᠦ ᠵᠠᠯᠠᠭᠤ ᠬᠦᠮᠦᠨ ᠢ ᠠᠯᠠᠵᠤ ᠣᠳᠪᠠᠰᠤ ᠰᠠᠶᠢᠬᠠᠨ ᠪᠤᠰᠤᠭᠤ ᠤᠷᠠᠨ ᠠᠷᠭ ᠠ ᠪᠠᠷ ᠪᠣᠰᠬᠠᠵᠤ ᠤᠳᠤᠷᠢᠳᠴᠤ ᠣᠳᠤᠶ᠎ᠠ ᠬᠡᠮᠡᠨ ᠥᠭᠦᠯᠡᠵᠦ ᠥᠪᠡᠷ ᠦᠨ ᠥᠬᠢᠳ ᠲᠡᠭᠡᠨ ᠥᠭᠦᠯᠡᠷ ᠦᠨ ᠥᠬᠢᠳ ᠮᠢᠨᠦ ᠲᠠ ᠣᠳᠴᠤ ᠥᠴᠦᠬᠡᠨ ᠵᠠᠯᠠᠭᠤ ᠲᠡᠷᠡ ᠲᠣᠶᠢᠨ ᠢ ᠥᠪᠡᠷ ᠦᠨ ᠥᠪᠡᠷ ᠦᠨ ᠡᠷᠳᠡᠮ ᠢᠶᠡᠨ ᠦᠵᠡᠭᠦᠯᠵᠦ ᠤᠳᠤᠷᠢᠳᠴᠤ ᠠᠪᠴᠤ ᠢᠷᠡᠳᠬᠦᠨ ᠬᠡᠮᠡᠪᠡᠰᠦ ᠲᠡᠨᠳᠡᠴᠡ ᠥᠬᠢᠳ ᠢᠨᠦ ᠪᠡᠷ ᠮᠡᠷᠭᠡᠮᠱᠢᠶᠡᠵᠦ ᠲᠡᠶᠢᠨ ᠬᠢᠰᠦᠭᠡᠢ ᠡᠴᠢᠭᠡ ᠮᠢᠨᠦ ᠬᠡᠮᠡᠨ ᠥᠭᠦᠯᠡᠵᠦ ᠪᠣᠳᠢᠰᠲᠸ ᠤᠨ ᠳᠡᠷᠭᠡᠳᠡ ᠣᠳᠴᠤ ᠡᠯᠳᠡᠪᠴᠢᠯᠡᠨ ᠱᠢᠷᠢᠯᠴᠡᠨ ᠠᠪᠤᠷᠢᠯᠠᠷ ᠤᠨ ᠵᠠᠷᠢᠮ ᠤᠳ ᠠᠨᠤ ᠢᠴᠡᠭᠰᠡᠨ ᠪᠣᠯᠵᠤ ᠵᠠᠷᠢᠮ ᠤᠳ ᠠᠨᠤ ᠨᠢᠭᠤᠷ ᠢᠶᠠᠨ ᠪᠦᠷᠬᠦᠵᠦ ᠦᠵᠡᠭᠦᠯᠪᠡᠢ ᠵᠠᠷᠢᠮ ᠤᠳ ᠠᠨᠤ ᠪᠦᠷᠬᠦᠭᠳᠡᠬᠦ ᠦᠭᠡᠢ ᠪᠣᠯᠵᠤ ᠵᠠᠷᠢᠮ ᠤᠳ ᠠᠨᠤ ᠪᠤᠯᠲᠠᠶᠢᠭᠰᠠᠨ ᠬᠥᠬᠦ ᠪᠡᠨ ᠦᠵᠡᠭᠦᠯᠪᠡᠢ ᠨᠢᠭᠡᠨ ᠨᠢᠭᠡᠨ ᠠᠨᠤ ᠨᠢᠭᠤᠷ ᠢᠶᠠᠨ ᠨᠢᠭᠤᠭᠰᠠᠨ ᠪᠣᠯᠵᠤ ᠨᠢᠭᠡᠨ ᠨᠢᠳᠦᠪᠡᠷ ᠦᠵᠡᠬᠦᠢ ᠲᠡᠭᠦᠨᠴᠢᠯᠡᠨ
adali ayuju mengdejü nigen nigen-e:čege:n buruγu:yi:lbai. Tendeče čibiltü šimnu ülemji maši γašiγu:daju idegsen-e:če basaber ičeri-be:n talbiju nöküd-tege:n ögüler-ün: Yaγu:n-dur yaγa:raju tarqamui ta. Eyi:mü jalaγu: kümü:n-i alaju odba:su sayi:qan busuγu:. Uran arγ-a-ba:r bosqaju uduridču oduy-a keme:n ögülejü öbe:r-ün ökid-tege:n ögüler-ün: Ökid minü ta odču öčü:ken jalaγu: tere toyin-i öbe:r-ün öbe:r-ün erdem-iye:n üjegü:ljü uduridču abču iredkün keme:be:sü tendeče ökid inü ber mergemšiye:jü teyi:n ki:sügei ečige minü keme:n ögülejü Bodistv-un dergede odču eldebčilen širilčen aburilar-un. Jarim-u:d anu ičegsen bolju jarim-u:d anu niγu:r-iya:n bürküjü üjegü:lbei. Jarim-u:d anu bürkügdekü ügei bolju jarim-u:d anu bultayi:γsan kökü-be:n üjegü:lbei. Nigen nigen anu niγu:r-iya:n niγu:γsan bolju nigen nidübe:r üjeküi. Tegü:nčilen.
61a
ᠨᠥᠭᠦᠭᠡ ᠵᠢᠷᠠᠨ ᠨᠢᠭᠡᠨ ᠬᠤᠷᠤᠭᠤᠪᠠᠷ ᠤᠷᠤᠯ ᠢᠶᠠᠨ ᠢᠮᠯᠡᠬᠦᠢ ᠴᠡᠴᠡᠭ ᠴᠢᠮᠡᠭ ᠦᠳ ᠢ ᠣᠭᠣᠷᠬᠤᠢ ᠳᠤᠷ ᠬᠦᠷᠲᠡᠯᠡ ᠭᠤᠴᠢᠨ ᠬᠣᠶᠠᠷ ᠵᠦᠶᠢᠯ ᠬᠠᠲᠤᠳ ᠤᠨ ᠬᠤᠷᠢᠴᠠᠭᠤᠯᠤᠨ ᠱᠢᠷᠢᠯᠴᠡᠬᠦᠢ ᠠᠪᠤᠷᠢ ᠶᠢ ᠦᠵᠡᠭᠦᠯᠪᠡᠰᠦ ᠪᠡᠷ ᠲᠡᠨᠳᠡ ᠪᠣᠳᠢᠰᠲᠸ ᠬᠡᠳᠦᠢᠬᠡᠨ ᠪᠡᠷ ᠬᠤᠪᠢᠰᠬᠤᠢ ᠦᠭᠡᠢ ᠲᠡᠶᠢᠨ ᠰᠦᠮᠢᠷ ᠠᠭᠤᠯᠠ ᠮᠡᠲᠦ ᠦᠯᠦ ᠬᠥᠳᠡᠯᠦᠨ ᠤᠷᠭᠤᠮᠠᠯ ᠨᠠᠷᠠᠨ ᠮᠡᠲᠦ ᠭᠢᠯᠪᠡᠯᠦᠨ ᠲᠡᠷᠭᠡᠯ ᠰᠠᠷᠠᠨ ᠮᠡᠲᠦ ᠠᠮᠤᠷᠯᠢᠨ ᠳᠡᠯᠭᠡᠷᠡᠭᠰᠡᠨ ᠯᠢᠨᠬᠤ᠎ᠠ ᠮᠡᠲᠦ ᠲᠡᠮᠳᠡᠭᠲᠡᠢ᠎ᠡ ᠮᠥᠱᠢᠶᠡᠵᠦ ᠰᠠᠭᠤᠬᠤᠢ ᠶᠢ ᠦᠵᠡᠵᠦ ᠠᠨᠠᠨᠳᠠᠲᠢ ᠨᠡᠷᠡᠲᠡᠢ ᠥᠬᠢᠨ ᠢᠨᠦ ᠲᠡᠷᠢᠭᠦᠯᠡᠨ ᠲᠡᠳᠡᠭᠡᠷ ᠥᠬᠢᠳ ᠢᠨᠦ ᠲᠠᠴᠢᠶᠠᠩᠭᠤ ᠶᠢᠨ ᠭᠠᠯ᠎ᠠ ᠬᠠᠮᠤᠭ ᠠᠴᠠ ᠮᠠᠱᠢ ᠳᠥᠷᠲᠡᠵᠦ ᠶᠠᠭᠤ ᠪᠠ ᠬᠢᠬᠦᠢ ᠪᠡᠨ ᠦᠯᠦ ᠮᠡᠳᠡᠨ ᠰᠣᠭᠲᠠᠭᠰᠠᠨ ᠳᠤᠷ ᠠᠳᠠᠯᠢ ᠪᠣᠯᠵᠤ ᠳᠦᠯᠡᠳᠲᠡ ᠱᠢᠷᠢᠯᠴᠡᠷ ᠦᠨ ᠬᠡᠢ᠎ᠡ ᠬᠥᠳᠡᠯ ᠭᠡᠭᠳᠡᠭᠰᠡᠨ ᠮᠣᠳᠤᠨ ᠤ ᠭᠡᠱᠢᠭᠦᠳ ᠮᠡᠲᠦ ᠦᠶᠡᠰ ᠢᠶᠡᠨ ᠬᠥᠳᠡᠯᠭᠡᠵᠦ ᠪᠦᠵᠢᠭ ᠲᠦᠷ ᠬᠠᠪᠰᠠᠵᠤ ᠬᠣᠱᠤᠭᠯᠠᠵᠤ ᠷ ᠤᠨ ᠬᠠᠪᠤᠷ ᠤᠨ ᠰᠠᠶᠢᠨ ᠴᠠᠭ ᠪᠣᠯᠵᠤ ᠢᠷᠡᠭᠰᠡᠨ ᠳᠦᠷ ᠬᠠᠮᠤᠭ ᠮᠣᠳ ᠴᠡᠴᠡᠭᠯᠡᠵᠦ ᠪᠦᠬᠦᠢ ᠳᠦᠷ ᠭᠠᠶᠢᠬᠠᠮᠱᠢᠭ ᠯᠠᠭᠰᠠᠨ ᠲᠤ ᠴᠢᠮᠠᠯᠤᠭ᠎ᠠ ᠬᠠᠮᠲᠤᠳᠴᠤ ᠵᠢᠷᠭᠠᠶ᠎ᠠ ᠬᠡᠮᠡᠨ ᠢᠷᠡᠪᠡᠢ ᠪᠢᠳᠠ ᠲᠡᠷᠭᠡᠯ ᠰᠠᠷᠠᠨ ᠨᠢᠭᠤᠷᠲᠠᠨ ᠳᠡᠯᠭᠡᠷᠡᠭᠰᠡᠨ ᠯᠢᠨᠬᠤ᠎ᠠ ᠨᠢᠳᠦᠲᠡᠨ ᠲᠩᠷᠢ ᠨᠡᠷ ᠦᠨ ᠳᠤᠷᠠᠨ ᠢ ᠪᠤᠯᠢᠭᠴᠢ ᠲᠡᠭᠦᠰ ᠲᠥᠷᠦᠯᠬᠢᠲᠡᠨ ᠪᠦᠶᠦ ᠪᠠ
Nögüge: jiran nigen: quruγu:ba:r uru:l-iya:n imleküi čečeg čimeg-ü:d-i oγo:rqui-dur kürtele γučin qoyar jüyi:l qatud-un quričaγu:lun širilčeküi aburi-yi üjegü:lbe:sü ber tende Bodistv kedüiken ber qubisqui ügei. Teyi:n Sümir aγu:la metü ülü ködelün urγumal naran metü gilbelün tergel saran metü amurlin delgeregsen linqu-a metü temdegtei-e möšiye:jü saγu:qui-yi üjejü Anandati neretei ökin inü terigü:len tedege:r ökid inü tačiya:ngγu-yi:n γal-a qamuγ-a:ča maši dörtejü yaγu: ba ki:küi-be:n ülü meden soγtaγsan-dur adali bolju düledte širilčer-ün. Kei-e ködel-gegdegsen modun-u gešigü:d metü üyes-iye:n ködelgejü büjig-tür qabsaju qošuγlaju r-un. Qabur-un sayi:n čaγ bolju iregsen-dür qamuγ mod čečeglejü büküi-dür γayi:qamšiγ lagsan-tu čimaluγ-a: qamtudču jirγay-a keme:n irebei bida. Tergel saran niγu:rtan delgeregsen linqu-a nidüten tngri-ner-ün duran-i buliγči tegüs törülkiten büyü ba.
61b
ᠴᠢᠨᠳᠠᠨ ᠠᠴᠠ ᠰᠠᠶᠢᠨ ᠦᠨᠦᠷᠲᠡᠨ ᠴᠢᠲᠢᠷᠢ ᠡᠷᠳᠢᠨᠢᠰ ᠢᠶᠡᠷ ᠴᠢᠮᠡᠭᠳᠡᠨ ᠴᠢᠨᠤ ᠮᠢᠨᠤ ᠵᠠᠯᠠᠭᠤ ᠳᠠᠭᠠᠨ ᠵᠢᠷᠭᠠᠯᠳᠤᠶ᠎ᠠ ᠬᠡᠮᠡᠵᠦ ᠢᠷᠡᠪᠡᠢ ᠪᠢᠳᠠ ᠪᠣᠯᠤᠭᠰᠠᠨ ᠪᠢᠮᠪᠠ ᠤᠷᠤᠯ ᠲᠠᠨ ᠪᠦᠯᠲᠡᠶᠢᠭᠰᠡᠨ ᠴᠢᠭᠢᠷᠠᠭ ᠬᠥᠬᠥᠲᠡᠨ ᠬᠦᠶᠢᠰᠦᠨ ᠳᠦᠷ ᠳᠠᠪᠬᠤᠷ ᠬᠥᠪᠴᠢᠲᠡᠨ ᠬᠦᠰᠡᠭᠳᠡᠬᠦᠢ ᠮᠠᠨᠢ ᠦᠵᠡᠨ ᠰᠣᠶᠤᠷᠬ᠎ᠠ ᠪᠣᠳᠢ ᠬᠤᠲᠤᠭ ᠢ ᠪᠦᠲᠦᠭᠡᠬᠦᠢ᠎ᠡ ᠪᠡᠷᠬᠡ ᠪᠤᠷᠬᠠᠨ ᠪᠣᠯᠤᠮᠤᠢ ᠬᠡᠮᠡᠨ ᠪᠦᠦ ᠠᠷᠢᠶ᠎ᠠ ᠪᠣᠯᠵᠠᠪᠠᠰᠤ ᠪᠡᠷ ᠪᠢᠳᠠ ᠤᠴᠢᠷᠠᠬᠤᠢ᠎ᠠ ᠪᠡᠷᠬᠡ ᠪᠣᠯᠤᠭᠰᠠᠨ ᠳᠤᠷ ᠢᠷᠡ ᠵᠢᠷᠭᠠᠯᠳᠤᠶ᠎ᠠ ᠡᠳᠦᠭᠡ ᠦᠵᠡᠵᠦ ᠡᠳ ᠦᠨ ᠰᠠᠩ ᠢ ᠮᠤᠩᠬᠠᠭ ᠬᠦᠮᠦᠨ ᠦᠯᠦ ᠮᠡᠳᠡᠨ ᠲᠡᠪᠴᠢᠭᠰᠡᠨ ᠳᠦᠷ ᠠᠳᠠᠯᠢ ᠤᠴᠢᠷᠠᠵᠤ ᠭᠣᠤ᠎ᠠ ᠥᠬᠢᠬᠡᠳ ᠯᠦᠭᠡ ᠦᠯᠦ ᠵᠢᠷᠭᠠᠯᠳᠤᠬᠤᠢ ᠪᠡᠷ ᠲᠡᠭᠦᠨ ᠳᠦᠷ ᠠᠳᠠᠯᠢ ᠬᠡᠮᠡᠬᠦ ᠲᠡᠷᠢᠭᠦᠲᠡᠨ ᠡᠯᠳᠡᠪ ᠢᠶᠡᠷ ᠬᠣᠱᠤᠭᠯᠠᠵᠤ ᠭᠰᠠᠨ ᠳᠤᠷ ᠲᠡᠨᠳᠡᠴᠡ ᠪᠣᠳᠢᠰᠲᠸ ᠴᠢᠩ ᠣᠷᠣᠱᠢᠩᠭᠤᠢ ᠡᠷᠬᠡᠲᠡᠨ ᠡᠰᠡ ᠡᠨᠳᠡᠭᠦᠷᠡᠭᠰᠡᠨ ᠮᠥᠱᠢᠶᠡᠬᠦᠢ ᠵᠠᠩ ᠢᠶᠠᠷ ᠮᠢᠲᠠᠬᠤᠢ ᠦᠭᠡᠢ ᠮᠤᠩᠬᠠᠭ ᠲᠡᠷᠢᠭᠦᠲᠡᠨ ᠨᠢᠰᠸᠠᠨᠢᠰ ᠠᠴᠠ ᠠᠩᠭᠢᠵᠢᠷᠠᠭᠰᠠᠨ ᠡᠰᠷᠤᠠ ᠬᠢᠭᠡᠳ ᠬᠠᠯᠠᠪᠢᠩᠬᠠ ᠶᠢᠨ ᠳᠠᠭᠤᠨ ᠠᠴᠠ ᠪᠡᠷ ᠦᠯᠡᠮᠵᠢ ᠳᠡᠭᠡᠳᠦ ᠳᠤᠷᠠᠨ ᠳᠤᠷ ᠵᠣᠬᠢᠰᠲᠤ ᠳᠠᠭᠤᠨ ᠢᠶᠠᠷ ᠥᠭᠦᠯᠡᠷ ᠦᠨ ᠡᠶᠢᠮᠦ ᠲᠠᠴᠢᠶᠠᠩᠭᠤᠢ ᠵᠣᠪᠠᠯᠠᠩ ᠤᠨ ᠦᠨᠳᠦᠰᠦᠨ ᠪᠦᠢ ᠡᠳᠡ ᠮᠤᠩᠬᠠᠭ ᠤᠳ ᠢ
Čindan-a:ča sayi:n ünürten čitiri erdinis-iye:r čimegden činu minu jalaγu:-daγa:n jirγalduy-a keme:jü irebei bida. Boluγsan bimba uru:l-tan bülteyi:gsen čigi:raγ kököten küyi:sün-dür dabqur köbčiten küsegdeküi mani üjen soyurq-a. Bodi qutuγ-i bütüge:küi-e berke burqan bolumui keme:n büü ariy-a. Boljaba:su ber bida učiraqui-a berke. Boluγsan-dur ire jirγalduy-a edüge. Üjejü ed-ün sang-i mungqaγ kümü:n ülü meden tebčigsen-dür adali učiraju γou-a ökiked-lüge: ülü jirγalduqui ber tegü:n-dür adali keme:kü terigü:ten eldeb-iye:r qošuγlaju γsan-dur tendeče Bodistv čing orošingγui erketen ese endegü:regsen möšiye:küi jang-iya:r mitaqui ügei mungqaγ terigü:ten nisvanis-a:ča anggijiraγsan Esrua ki:ge:d Kalabingka-yi:n daγu:n-a:ča ber ülemji dege:d[ü] duran-dur jokistu daγu:n-iya:r ögüler-ün: Eyi:mü tačiya:ngγui jobalang-un ündüsün büi. Ede mungqaγ-u:d-i
62a
ᠨᠥᠭᠦᠭᠡ ᠵᠢᠷᠠᠨ ᠬᠣᠶᠠᠷ ᠭᠡᠮ ᠳᠦᠷ ᠣᠷᠤᠭᠤᠯᠤᠭᠴᠢ ᠪᠤᠢ ᠬᠤᠵᠢᠷᠲᠤ ᠤᠰᠤᠨ ᠤᠤᠵᠤ ᠳᠦᠯᠡᠰ ᠤᠮᠳᠠᠭᠠᠰᠬᠤᠢ ᠮᠡᠲᠦ ᠭᠣᠤ᠎ᠠ ᠬᠠᠲᠤᠳ ᠲᠠ ᠵᠢᠷᠭᠠᠯᠳᠤᠪᠠᠰᠤ ᠪᠡᠷ ᠲᠡᠭᠦᠨᠴᠢᠯᠡᠨ ᠬᠦ ᠪᠦᠢ ᠶᠡᠯᠸᠢ ᠪᠡᠷ ᠬᠤᠪᠢᠯᠭᠠᠭᠳᠠᠭᠰᠠᠨ ᠥᠬᠢᠬᠡᠳ ᠮᠡᠲᠦ ᠶᠡᠷᠦ ᠦᠵᠡᠰᠬᠦᠯᠡᠩᠲᠡᠨ ᠪᠥᠭᠡᠰᠦ ᠪᠡᠷ ᠬᠠᠪᠢᠶ᠎ᠠ ᠦᠭᠡᠢ ᠴᠢᠨᠤ ᠨᠢᠳᠦᠨ ᠤᠰᠤᠨ ᠤ ᠴᠥᠪᠦᠷᠢᠭᠦᠨ ᠪᠦᠢ ᠴᠢᠭᠢᠷᠠᠭ ᠬᠥᠬᠦ ᠥᠭᠡᠰᠦ ᠲᠦ ᠬᠦᠵᠦᠭᠦᠨ ᠪᠦᠢ ᠣᠷᠣᠢ ᠠᠴᠠ ᠬᠥᠯ ᠦᠨ ᠤᠯᠠ ᠳᠤᠷ ᠬᠦᠷᠲᠡᠯᠡ ᠣᠯᠠᠨ ᠴᠢᠰᠤᠨ ᠥᠭᠡᠰᠦᠨ ᠢᠶᠡᠷ ᠳᠦᠭᠦᠷᠦᠭᠰᠡᠨ ᠪᠦᠢ ᠶᠢᠰᠦᠨ ᠨᠦᠬᠡᠳ ᠦᠨ ᠬᠠᠭᠠᠯᠭ ᠠ ᠠᠴᠠ ᠶᠡᠷᠦ ᠪᠤᠷᠲᠠᠭ ᠤᠳ ᠴᠤᠪᠤᠷᠢᠨ ᠪᠤᠢ ᠠᠢ ᠮᠢᠬ᠎ᠠ ᠴᠢᠰᠤᠨ ᠲᠡᠷᠢᠭᠦᠲᠡᠨ ᠪᠤᠷᠲᠠᠭ ᠦᠭᠡᠢ ᠠᠷᠢᠭᠤᠨ ᠲᠩᠷᠢ ᠨᠡᠷ ᠦᠨ ᠥᠬᠢᠳ ᠦᠨ ᠪᠡᠶ ᠡ ᠪᠡᠷ ᠠᠩᠭᠢᠵᠢᠷᠠᠵᠤ ᠣᠳᠬᠤ ᠶᠢᠨ ᠲᠤᠯᠠᠳᠠ ᠠᠷᠭᠠᠳᠠᠨ ᠬᠠᠭᠤᠷᠠᠭᠴᠢ ᠪᠤᠢ ᠲᠡᠳᠡᠨ ᠦ ᠮᠡᠲᠦ ᠦᠵᠡᠰᠬᠦᠯᠡᠩᠲᠡᠨ ᠢᠶᠡᠷ ᠶᠢᠷᠲᠢᠨᠴᠦ ᠳᠦᠭᠦᠷᠴᠦ ᠲᠡᠩ ᠭᠠᠯᠠᠪ ᠤᠳ ᠲᠠ ᠬᠠᠮᠲᠤ ᠠᠪᠠᠰᠤ ᠪᠡᠷ ᠠᠷᠢᠭᠤᠨ ᠭᠡᠭᠡᠨ ᠣᠭᠲᠠᠷᠭᠤᠢ ᠳᠤᠷ ᠠᠳᠠᠯᠢ ᠠᠷᠢᠭᠤᠨ ᠰᠡᠳᠬᠢᠯ ᠲᠦ ᠨᠠᠳᠤᠷ ᠬᠤᠷᠢᠴᠠᠬᠤᠢ ᠦᠭᠡᠢ ᠬᠡᠮᠡᠬᠦ ᠲᠡᠷᠢᠭᠦᠲᠡᠨ ᠢ ᠳᠡᠯᠭᠡᠷᠡᠩᠭᠦᠢ᠎ᠡ ᠥᠭᠦᠯᠡᠭᠰᠡᠨ ᠳᠦᠷ ᠲᠠᠴᠢᠶᠠᠩᠭᠤ ᠶᠢᠨ ᠭᠠᠯ ᠬᠠᠮᠤᠭ ᠠᠴᠠ ᠮᠠᠱᠢ ᠳᠥᠷᠳᠡᠭᠰᠡᠨ ᠲᠡᠳᠡᠭᠡᠷ ᠥᠬᠢᠳ ᠦᠨ
Nögüge: jiran qoyar: gem-dür oruγu:luγči bui. Qujirtu usun uuju düles umdaγa:squi metü γou-a qatud-ta jirγalduba:su ber tegü:nčilen kü büi. Yelvi-be:r qubilγaγdaγsan ökiked metü yerü üjeskülengten böge:sü ber qabiy-a: ügei činu nidün usun-u čöbürigü:n büi. Čigi:raγ kökü öge:sü-tü küjügü:n büi. Oroi-a:ča köl-ün ula-dur kürtele olan čisun öge:sün-iye:r dügü:rügsen büi. Yisün nüked-ün qaγa:lγ-a-a:ča yerü burtaγ-u:d čuburin bui. Ai miq-a čisun terigü:ten burtaγ ügei ariγu:n tngri-ner-ün ökid-ün bey-e-be:r anggijiraju odqu-yi:n tulada arγadan qaγu:raγči bui. Teden-ü metü üjeskülengten-iye:r yirtinčü dügü:rčü teng galab-u:d-ta qamtu aba:su ber ariγu:n gege:n oγtarγui-dur adali ariγu:n sedkil-tü nadur quričaqui ügei keme:kü terigü:ten-i delgerenggüi-e ögülegsen-dür tačiya:ngγu-yi:n γal qamuγ-a:ča maši dördegsen tedege:r ökid-ün
62b
ᠲᠠᠴᠢᠶᠠᠩᠭᠤᠢ ᠠᠨᠤ ᠪᠣᠳᠢᠰᠲᠸ ᠤᠨ ᠨᠢᠭᠦᠯᠡᠰᠬᠦᠢ ᠰᠡᠳᠬᠢᠯ ᠦᠨ ᠵᠥᠭᠡᠬᠡᠨ ᠢᠶᠡᠷ ᠰᠥᠨᠦᠭᠦᠯᠳᠡᠭᠰᠡᠨ ᠮᠡᠲᠦ ᠪᠣᠯᠵᠤ ᠠᠶᠤᠵᠤ ᠢᠴᠡᠵᠦ ᠠᠯᠠᠭᠠᠪᠠᠨ ᠬᠠᠮᠲᠤᠳᠬᠠᠵᠤ ᠥᠭᠦᠯᠡᠷ ᠦᠨ ᠭᠠᠶᠢᠬᠠᠮᠱᠢᠭ ᠭᠬᠢᠷ ᠦᠭᠡᠢ ᠯᠢᠨᠬᠤ ᠠ ᠳᠤᠷ ᠠᠳᠠᠯᠢ ᠨᠢᠭᠤᠷᠲᠤ ᠭᠠᠯ ᠤᠨ ᠭᠡᠷᠡᠯ᠎ᠡ ᠨᠣᠭᠳᠠᠭᠰᠠᠨ ᠠᠯᠲᠠᠨ ᠠᠭᠤᠯᠠ ᠳᠤᠷ ᠠᠳᠠᠯᠢ ᠪᠡᠶ ᠡ ᠲᠦ ᠥᠪᠡᠷ ᠦᠨ ᠪᠠ ᠪᠤᠰᠤᠳ ᠢ ᠲᠣᠨᠢᠯᠭᠠᠰᠤᠭᠠᠢ ᠬᠡᠮᠡᠨ ᠬᠦᠰᠡᠭᠰᠡᠨ ᠡᠷᠲᠡᠨ ᠦ ᠬᠦᠰᠡᠯ ᠴᠢᠨᠦ ᠡᠨᠡ ᠡᠳᠦᠷ ᠪᠦᠲᠦᠬᠦ ᠪᠣᠯᠲᠤᠭᠠᠢ ᠬᠡᠮᠡᠨ ᠮᠠᠭᠲᠠᠵᠤ ᠳᠡᠪᠰᠡᠷᠢᠨ ᠲᠣᠭᠣᠷᠢᠨ ᠲᠠᠪᠢᠭᠯᠠᠵᠤ ᠬᠠᠷᠢᠭᠠᠳ ᠡᠴᠢᠭᠡ ᠶᠦᠭᠡᠨ ᠬᠥᠯ ᠳᠦᠷ ᠰᠥᠭᠦᠳᠴᠦ ᠥᠭᠦᠯᠡᠷ ᠦᠨ ᠡᠴᠢᠭᠡ ᠮᠢᠨᠦ ᠡ ᠬᠦᠮᠦᠨ ᠲᠩᠷᠢ ᠨᠡᠷ ᠦᠨ ᠲᠡᠷᠡ ᠤᠳᠤᠷᠢᠭᠤᠯᠰᠤᠨ ᠡᠨᠡ ᠭᠤᠷᠪᠠᠨ ᠶᠢᠷᠲᠢᠨᠴᠦ ᠶᠢᠨ ᠭᠡᠮ ᠢ ᠦᠵᠡᠭᠰᠡᠨ ᠢᠶᠡᠷ ᠡᠶᠢᠨ ᠢᠨᠡᠭᠡᠨ ᠠᠷᠭᠠᠳᠠᠪᠠᠰᠤ ᠪᠡᠷ ᠬᠠᠲᠤᠳ ᠲᠠ ᠦᠯᠦ ᠡᠷᠬᠡᠱᠢᠭᠳᠡᠶᠦ ᠡᠶᠢᠮᠦ ᠶᠢᠨ ᠲᠤᠯᠠᠳᠠ ᠬᠢᠯᠢᠩ ᠢᠶᠡᠨ ᠠᠮᠤᠷᠯᠢᠭᠤᠯᠪᠠᠰᠤ ᠰᠠᠶᠢᠨ ᠬᠡᠮᠡᠨ ᠥᠭᠦᠯᠡᠭᠰᠡᠨ ᠢ ᠰᠣᠨᠣᠰᠤᠭᠠᠳ ᠰᠠᠴᠠ ᠬᠢᠯᠢᠩᠯᠡᠵᠦ ᠥᠬᠢᠳ ᠲᠡᠭᠡᠨ ᠥᠭᠦᠯᠡᠷ ᠦᠨ ᠲᠡᠶᠢᠨ ᠦᠯᠦ ᠤᠬᠠᠬᠤᠨ ᠮᠤᠩᠬᠠᠭ ᠤᠳ ᠲᠠ ᠲᠡᠭᠦᠨ᠎ᠡ ᠬᠤᠷᠢᠴᠠᠬᠤᠢ ᠦᠶᠢᠯᠡᠰ ᠢ ᠡᠰᠡᠬᠦ ᠦᠶᠢᠯᠡᠳᠪᠡᠦ ᠲᠠ ᠶᠠᠭᠤᠨ ᠤ ᠲᠤᠯᠠᠳᠠ ᠠᠷᠭᠠᠳᠠᠨ ᠶᠠᠳᠠᠪᠠᠢ ᠲᠠ ᠬᠡᠮᠡᠪᠡᠰᠦ ᠥᠬᠢᠳ ᠢᠨᠦ ᠥᠭᠦᠯᠡᠷ ᠦᠨ
tačiya:ngγui anu Bodistv-un nigü:lesküi sedkil-ün jögeken-iye:r sönügü:ldegsen metü bolju ayuju ičejü alaγaba:n qamtudqaju ögüler-ün: γayi:qamšiγ gkir ügei linqu-a-dur adali niγu:rtu γal-un gerel-e noγdaγsan altan aγu:la-dur adali bey-e-tü öbe:r-ün ba busud-i tonilγasuγai keme:n küsegsen erten-ü küsel činü ene edür bütükü boltuγai keme:n maγtaju debserin toγo:rin tabiγlaju qariγa:d ečige-yüge:n köl-dür sögüdčü ögüler-ün: Ečige minü e: kümü:n tngri-ner-ün tere uduriγu:lsun ene γurban yirtinčü-yi:n gem-i üjegsen-iye:r eyi:n inege:n arγadaba:su ber qatud-ta ülü erkešigdeyü. Eyi:mü-yi:n tulada kiling-iye:n amurliγu:lba:su sayi:n keme:n ögülegsen-i sonosuγa:d sača kilinglejü ökid-tege:n ögüler-ün: Teyi:n ülü uqaqun mungqaγ-u:d ta tegü:n-e quričaqui üyi:les-i esekü üyi:ledbeü: ta. Yaγu:n-u tulada arγadan yadabai ta keme:be:sü ökid inü ögüler-ün:
63a
ᠨᠥᠭᠦᠭᠡ ᠵᠢᠷᠠᠨ ᠭᠤᠷᠪᠠᠨ ᠱᠢᠯᠤᠭᠤᠨ ᠵᠢᠯᠮᠠᠭᠠᠨ ᠳᠤᠷ ᠬᠤᠷᠢᠴᠠᠬᠤᠢ ᠦᠭᠡᠢ ᠱᠢᠷᠢᠭᠦᠨ ᠬᠠᠲᠠᠭᠤ ᠳᠤᠷ ᠬᠢᠯᠢᠩᠯᠡᠬᠦ ᠦᠭᠡᠢ ᠦᠯᠦ ᠮᠤᠩᠬᠠᠭᠤᠷᠠᠭᠤᠯᠳᠠᠬᠤ ᠪᠢᠯᠢᠭᠲᠦ ᠶᠢᠨ ᠲᠤᠯᠠᠳᠠ ᠥᠴᠦᠭᠦᠬᠡᠨ ᠬᠡᠨ᠎ᠡ ᠪᠡᠷ ᠬᠥᠳᠡᠯᠭᠡᠨ ᠴᠢᠳᠠᠭᠳᠠᠬᠤ ᠪᠤᠰᠤ ᠪᠤᠢ ᠲᠣᠭ᠎ᠠ ᠲᠣᠮᠱᠢ ᠦᠭᠡᠢ ᠪᠣᠳᠢᠰᠲᠸ ᠨᠠᠷ ᠲᠣᠩ ᠣᠭᠲᠠᠷᠭᠤᠢ ᠠᠴᠠ ᠴᠡᠴᠡᠭ ᠡᠷᠢᠬᠡᠰ ᠢᠶᠡᠷ ᠲᠠᠬᠢᠮᠤᠢ ᠲᠡᠳᠡᠭᠡᠷ ᠡᠰᠷᠤᠠ ᠬᠤᠷᠮᠤᠰᠲᠠ ᠱᠢᠮᠨᠤᠰ ᠢᠵᠠᠭᠤᠷᠲᠠᠨ ᠪᠡᠷ ᠲᠡᠭᠦᠨ᠎ᠡ ᠮᠥᠷᠭᠦᠨ ᠲᠠᠬᠢᠮᠤᠢ ᠣᠯᠠᠨ ᠭᠠᠯᠠᠪ ᠤᠳ ᠲᠤᠷ ᠲᠥᠷᠦ ᠶᠠᠪᠤᠳᠠᠯ ᠢᠶᠠᠨ ᠪᠢᠱᠢᠯᠭᠠᠭᠰᠠᠨ ᠣᠰᠠᠯ ᠪᠤᠰᠤ ᠲᠡᠷᠡ ᠪᠣᠭᠳᠠ ᠡᠨᠡ ᠡᠳᠦᠷ ᠪᠥᠭᠡᠳ ᠪᠤᠷᠬᠠᠨ ᠪᠣᠯᠤᠮᠤᠢ ᠡᠶᠢᠮᠦ ᠶᠡᠬᠡ ᠬᠦᠴᠦᠲᠦ ᠲᠡᠭᠦᠨ ᠢ ᠢᠯᠠᠭᠤᠨ ᠶᠠᠳᠠᠬᠤ ᠶᠢᠨ ᠲᠤᠯᠠᠳᠠ ᠡᠴᠢᠭᠡ ᠮᠢᠨᠦ ᠣᠷᠣᠨ ᠳᠤᠷ ᠢᠶᠠᠨ ᠠᠵᠢᠷᠠᠪᠠᠰᠤ ᠰᠠᠶᠢᠨ ᠬᠡᠮᠡᠨ ᠥᠭᠦᠯᠡᠪᠡᠰᠦ ᠪᠡᠷ ᠴᠢᠪᠢᠯ ᠲᠦ ᠱᠢᠮᠨᠤ ᠤᠷᠢᠨ ᠨᠠᠶᠢᠳᠠᠩᠭᠤ ᠶᠢᠨ ᠭᠠᠯ᠎ᠠ ᠳᠥᠷᠳᠡᠭᠦᠯᠵᠦ ᠡᠰᠡᠬᠦ ᠬᠠᠷᠢᠢᠪᠠ ᠲᠡᠨᠳᠡᠴᠡ ᠲᠡᠷᠡ ᠴᠠᠭ ᠲᠤᠷ ᠱᠢᠷᠢᠬᠢᠨᠢ ᠲᠡᠷᠢᠭᠦᠲᠡᠨ ᠮᠣᠳᠤᠨ ᠤ ᠨᠠᠢᠮᠠᠨ ᠥᠬᠢᠨ ᠲᠩᠷᠢ ᠨᠡᠷ ᠠᠳᠠᠯᠢᠳᠬᠠᠬᠤᠢ ᠪᠡᠷ ᠪᠣᠳᠢᠰᠲᠸ ᠤᠨ ᠥᠯᠵᠡᠢ ᠬᠤᠲᠤᠭ ᠢ ᠱᠢᠲᠠᠭᠠᠨ ᠮᠠᠭᠲᠠᠷ ᠤᠨ ᠠᠷᠢᠯᠤᠭᠰᠠᠨ
Nögüge: jiran γurban: Šiluγu:n jilmaγan-dur quričaqui ügei širigü:n qataγu:-dur kilinglekü ügei ülü mungqaγuraγu:ldaqu biligtü-yi:n tulada öčügü:ken ken-e ber ködelgen čidaγdaqu busu bui. Toγ-a: tomši ügei Bodistv-nar tong oγtarγui-a:ča čečeg erikes-iye:r takimui. Tedege:r Esrua Qurmusta šimnus ijaγu:rtan ber tegü:n-e mörgün takimui. Olan galab-u:d-tur törü yabudal-iya:n bišilγaγsan osal busu tere boγda ene edür böge:d burqan bolumui. Eyi:mü yeke küčütü tegü:n-i ilaγu:n yadaqu-yi:n tulada ečige minü oron-dur-iya:n ajiraba:su sayi:n keme:n ögülebe:sü ber čibil-tü šimnu urin nayi:dangγu-yi:n γal-a dördegü:ljü esekü qariiba. Tendeče tere čaγ-tur Širikini terigü:ten modun-u naiman ökin tngri-ner adalidqaqui ber Bodistv-un öljei qutuγ-i šitaγa:n maγtar-un: Ariluγsan
63b
ᠠᠷᠢᠭᠤᠨ ᠠᠮᠢᠳᠤ ᠴᠢ ᠠᠬᠠᠰ ᠲᠠᠬᠢ ᠱᠢᠨᠡ ᠰᠠᠷᠠᠨ ᠳᠤᠷ ᠠᠳᠠᠯᠢ ᠦᠵᠡᠰᠬᠦ ᠯᠡᠩ ᠲᠦ ᠪᠦᠶᠦ ᠬᠡᠮᠡᠬᠦᠢ ᠡᠴᠡ ᠳᠡᠭᠡᠳᠦ ᠠᠮᠢᠳᠤ ᠴᠢ ᠡᠳᠦᠭᠡ ᠴᠦ ᠦᠯᠦ ᠤᠳᠠᠨ ᠲᠡᠭᠦᠰ ᠠᠷᠪᠠᠨ ᠬᠣᠶᠠᠷ ᠬᠦᠴᠦᠲᠦ ᠪᠣᠯᠵᠤ ᠢᠷᠡᠬᠦ ᠣᠯᠵᠠ ᠶᠢ ᠰᠠᠶᠢᠲᠤᠷ ᠣᠯᠪᠠᠢ ᠴᠢ ᠬᠡᠮᠡᠬᠦᠢ ᠳᠦᠷ ᠬᠦᠷᠲᠡᠯᠡ ᠠᠷᠪᠠᠨ ᠵᠢᠷᠭᠤᠭᠠᠨ ᠵᠦᠶᠢᠯ ᠠᠳᠠᠯᠢᠳᠬᠠᠬᠤᠢ ᠪᠡᠷ ᠪᠣᠳᠢᠰᠲᠸ ᠤᠨ ᠥᠯᠵᠡᠢ ᠬᠤᠲᠤᠭ ᠢ ᠱᠢᠲᠠᠭᠤᠯᠤᠨ ᠮᠠᠭᠲᠠᠨ ᠥᠭᠦᠯᠡᠪᠡᠢ ᠲᠡᠨᠳᠡᠴᠡ ᠠᠷᠢᠭᠤᠨ ᠣᠷᠣᠨ ᠳᠠᠬᠢᠲᠩᠷᠢ ᠶᠢᠨ ᠬᠥᠪᠡᠭᠦᠳ ᠱᠢᠮᠨᠤ ᠶᠢᠨ ᠣᠮᠤᠭ ᠢ ᠱᠢᠩᠲᠠᠷᠠᠭᠤᠯᠬᠤ ᠶᠢᠨ ᠲᠤᠯᠠᠳᠠ ᠥᠭᠦᠯᠡᠷ ᠦᠨ ᠣᠢ ᠴᠢᠪᠢᠯᠲᠦ ᠱᠢᠮᠨᠤᠰ ᠴᠢ ᠥᠲᠡᠭᠦ ᠲᠣᠭᠤᠷᠤᠭᠤᠨ ᠮᠡᠲᠦ ᠱᠢᠨᠲᠠᠷᠠᠵᠤ ᠠᠮᠤᠢ ᠥᠲᠡᠭᠦ ᠦᠬᠡᠷ ᠱᠢᠪᠠᠷᠳᠠᠭᠰᠠᠨ ᠮᠡᠲᠦ ᠥᠪᠡᠷ ᠦᠨ ᠬᠦᠴᠦᠨ ᠠᠯᠳᠠᠵᠤ ᠠᠮᠤᠢ ᠬᠡᠮᠡᠬᠦᠢ ᠡᠴᠡ ᠴᠢᠪᠢᠯ ᠲᠦ ᠴᠢ ᠭᠠᠷ ᠬᠥᠯ ᠢᠶᠡᠨ ᠣᠭᠲᠠᠯᠤᠭᠰᠠᠨ ᠮᠡᠲᠦ ᠬᠠᠮᠤᠭ ᠬᠦᠴᠦᠨ ᠡᠴᠡ ᠮᠣᠬᠤᠷᠠᠵᠤ ᠠᠮᠤᠢ ᠬᠡᠮᠡᠬᠦᠢ ᠳᠦᠷ ᠬᠦᠷᠲᠡᠯᠡ ᠠᠷᠪᠠᠨ ᠵᠢᠷᠭᠤᠭᠠᠨ ᠵᠦᠶᠢᠯ ᠢᠶᠡᠷ ᠣᠮᠤᠭ ᠬᠦᠴᠦᠨ ᠢ ᠢᠨᠦ ᠱᠢᠩᠲᠠᠷᠠᠭᠤᠯᠤᠨ ᠥᠭᠦᠯᠡᠪᠡᠢ ᠲᠡᠭᠦᠨᠴᠢᠯᠡᠨ ᠪᠣᠳᠢ ᠬᠤᠲᠤᠭ ᠤᠨ ᠲᠠᠪᠢᠭᠴᠢᠳ ᠲᠩᠷᠢ ᠨᠡᠷ ᠪᠡᠷ ᠱᠢᠮᠨᠤ ᠶᠢ ᠬᠠᠷᠢᠭᠤᠯᠤᠨ
ariγu:n amidu či Akas-taki šine saran-dur adali üjeskü-leng-tü büyü keme:küi-e:če dege:dü amidu či edüge: čü ülü udan tegüs arban qoyar küčütü bolju irekü olja-yi sayi:tur olbai či keme:küi-dür kürtele arban jirγuγa:n jüyi:l adalidqaqui ber Bodistv-un öljei qutuγ-i šitaγu:lun maγtan ögülebei. Tendeče ariγu:n oron dakitngri-yi:n köbegü:d šimnu-yi:n omuγ-i šingtaraγu:lqu-yi:n tulada ögüler-ün: Oi čibiltü šimnus či ötegü toγuruγu:n metü šintaraju amui. Ötegü üker šibardaγsan metü öbe:r-ün küčün aldaju amui keme:küi-e:če čibil-tü či γar köl-iye:n oγtaluγsan metü qamuγ küčün-e:če moquraju amui keme:küi-dür kürtele arban jirγuγa:n jüyi:l-iye:r omuγ küčün-i inü šingtaraγu:lun ögülebei. Tegü:nčilen bodi qutuγ-un tabiγčid tngri-ner ber šimnu-yi qariγu:lun
64a
ᠨᠥᠭᠦᠭᠡ ᠵᠢᠷᠠᠨ ᠳᠥᠷᠪᠡᠨ ᠥᠭᠦᠯᠡᠷ ᠦᠨ ᠴᠢᠪᠢᠯᠲᠦ ᠴᠢ ᠴᠢᠨᠠᠳᠤ ᠳᠠᠶᠢᠰᠤᠨ᠎ᠠ ᠳᠠᠷᠤᠭᠳᠠᠵᠤ ᠦᠭᠡᠢ᠎ᠡ ᠭᠠᠷᠭᠠᠭᠳᠠᠭᠰᠠᠨ ᠮᠡᠲᠦ ᠴᠢᠩ ᠡᠨᠡ ᠰᠥᠨᠢ ᠪᠣᠳᠢᠰᠲᠸ ᠲᠠ ᠳᠠᠷᠤᠭᠳᠠᠵᠤ ᠦᠭᠡᠢ᠎ᠡ ᠭᠠᠷᠭᠠᠭᠳᠠᠬᠤ ᠴᠢ ᠠᠢ ᠴᠢᠪᠢᠯᠲᠦ ᠴᠢ ᠠᠷᠰᠯᠠᠨ᠎ᠠ ᠲᠣᠰᠳᠠᠭᠰᠠᠨ ᠦᠨᠡᠭᠡᠨ ᠮᠡᠲᠦ ᠠᠢ ᠡᠨᠡ ᠰᠥᠨᠢ ᠪᠣᠳᠢᠰᠲᠸ ᠲᠠ ᠦᠬᠦᠭᠦᠯᠳᠡᠬᠦ ᠪᠣᠯᠬᠤ ᠴᠢ ᠬᠡᠮᠡᠬᠦᠢ ᠡᠴᠡ ᠴᠢᠪᠢᠯᠲᠦ ᠴᠢ ᠠᠭᠤᠯᠠ ᠶᠢᠨ ᠣᠷᠭᠢᠯ ᠳᠤᠷ ᠠᠶᠤᠩᠭ᠎ᠠ ᠪᠠᠭᠤᠭᠳᠠᠭᠰᠠᠨ ᠮᠡᠲᠦ ᠠᠢ ᠡᠨᠡ ᠰᠥᠨᠢ ᠪᠢᠳᠢᠰᠲᠸ ᠲᠠ ᠡᠮᠪᠦᠷᠡᠭᠦᠯᠳᠡᠬᠦ ᠴᠢ ᠬᠡᠮᠡᠬᠦᠢ ᠳᠦᠷ ᠬᠦᠷᠲᠡᠯᠡ ᠠᠷᠪᠠᠨ ᠵᠢᠷᠭᠤᠭᠠᠨ ᠵᠦᠶᠢᠯ ᠢᠶᠡᠷ ᠬᠠᠷᠢᠭᠤᠯᠤᠨ ᠥᠭᠦᠯᠡᠪᠡᠰᠦ ᠪᠡᠷ ᠴᠢᠪᠢᠯ ᠲᠦ ᠱᠢᠮᠨᠤᠰ ᠦᠯᠦ ᠬᠠᠷᠢᠨ ᠳᠦᠯᠡᠲᠡ ᠬᠢᠯᠢᠩᠯᠡᠵᠦ ᠴᠢᠩ ᠬᠠᠲᠠᠭᠤ ᠦᠭᠡ ᠪᠡᠷ ᠡᠨᠡ ᠲᠣᠶᠢᠨ ᠢ ᠴᠢᠷᠴᠦ ᠠᠪᠴᠤ ᠣᠳᠤᠶ᠎ᠠ ᠬᠡᠮᠡᠨ ᠥᠭᠦᠯᠡᠪᠡᠰᠦ ᠴᠢᠩ ᠳᠠ ᠬᠠᠲᠠᠭᠤᠳᠠ ᠥᠭᠦᠯᠡᠷ ᠦᠨ ᠪᠣᠳᠢᠰᠲᠸ ᠣᠭᠲᠠᠷᠭᠤᠢ ᠳᠤᠷ ᠡᠯᠳᠡᠪ ᠵᠢᠷᠤᠭ ᠵᠢᠷᠤᠪᠠᠰᠤ ᠪᠣᠯᠬᠤᠢ ᠤᠯᠠᠭᠠᠷ ᠪᠣᠳᠠ ᠦᠭᠡᠢ ᠬᠡᠢ ᠶᠢ ᠪᠠᠷᠢᠵᠤ ᠤᠶᠠᠬᠤᠢ ᠣᠭᠲᠠᠷᠭᠤᠢ ᠳᠠᠬᠢ ᠨᠠᠷᠠᠨ ᠰᠠᠷᠠ ᠶᠢ ᠤᠨᠠᠭᠠᠨ ᠴᠢᠳᠠᠪᠠᠰᠤ ᠪᠡᠷ ᠣᠯᠠᠨ ᠲᠣᠭᠠᠨ ᠠᠴᠠ ᠨᠥᠭᠴᠢᠭᠰᠡᠳ ᠲᠡ ᠴᠢᠭᠤᠯᠪᠠᠰᠤ ᠪᠡᠷ ᠨᠠᠮᠠᠶᠢ ᠶᠢ ᠥᠴᠦᠬᠡᠨ ᠪᠡᠷ
Nögüge: jiran dörben:] ögüler-ün: Čibiltü či činadu dayi:sun-a daruγdaju ügei-e γarγaγdaγsan metü čing ene söni Bodistv-ta daruγdaju ügei-e γarγaγdaqu či. Ai čibiltü či arslan-a tosdaγsan ünegen metü. Ai ene söni Bodistv-ta ükügü:ldekü bolqu či keme:küi-e:če čibiltü či aγu:la-yi:n orgil-dur ayungγ-a baγu:γdaγsan metü. Ai ene söni bidistv-ta embüregü:ldekü či keme:küi-dür kürtele arban jirγuγa:n jüyi:l-iye:r qariγu:lun ögülebe:sü ber čibil-tü šimnus ülü qarin dülete kilinglejü čing qataγu: üge-be:r ene toyin-i čirčü abču oduy-a keme:n ögülebe:sü čing-da qataγu:da ögüler-ün: Bodistv oγtarγui-dur eldeb jiruγ jiruba:su bolqui. Ulaγar boda ügei kei-yi bariju uyaqui. Oγtarγui daki naran sara-yi unaγan čidaba:su ber olan toγa:n-a:ča nögčigsed-te čiγu:lba:su ber namayi-yi öčü:ken ber
64b
ᠬᠥᠳᠡᠯᠭᠡᠨ ᠦᠯᠦ ᠴᠢᠳᠠᠬᠤ ᠬᠡᠮᠡᠨ ᠥᠭᠦᠯᠡᠭᠰᠡᠨ ᠳᠦᠷ ᠪᠣᠳᠢᠰᠲᠸ ᠤᠨ ᠦᠨᠡᠨ ᠦᠭᠡ ᠶᠢᠨ ᠬᠦᠴᠦᠨ ᠢᠶᠡᠷ ᠮᠡᠷᠭᠡᠮᠱᠢᠭᠰᠡᠨ ᠴᠢᠪᠢᠯ ᠲᠦ ᠱᠢᠮᠨᠤ ᠶᠢᠨ ᠮᠠᠲᠠᠷ ᠲᠡᠷᠢᠭᠦᠲᠦ ᠲᠤᠭ ᠢᠨᠤ ᠬᠤᠭᠤᠷᠠᠵᠤ ᠮᠠᠱᠢ ᠳᠣᠭᠱᠢᠨ ᠱᠢᠮᠨᠤᠰ ᠤᠨ ᠴᠡᠷᠢᠭ ᠦᠳ ᠠᠨᠤ ᠮᠠᠩ ᠠᠯᠳᠠᠨ ᠠᠷᠪᠠᠨ ᠵᠦᠭ ᠲᠦᠷ ᠪᠤᠷᠤᠭᠤᠢᠯᠠᠪᠠᠢ ᠤᠨᠤᠯᠭ᠎ᠠ ᠬᠥᠯᠭᠡᠨ ᠡᠴᠡᠭᠡᠨ ᠠᠩᠭᠢᠵᠢᠷᠠᠵᠤ ᠣᠳᠬᠤᠢ ᠮᠥᠷ ᠢᠶᠡᠨ ᠪᠡᠷ ᠵᠠᠪᠬᠠᠷᠠᠪᠠᠢ ᠥᠪᠡᠷ ᠵᠠᠭᠤᠷᠠᠪᠠᠨ ᠪᠤᠯᠭᠠᠯᠳᠤᠵᠤ ᠤᠭᠢᠯᠠᠯᠳᠤᠨ ᠡᠪᠴᠡᠭᠦᠪᠡᠨ ᠳᠡᠯᠡᠳᠪᠡᠢ ᠡᠷᠡᠮᠱᠢᠭᠰᠡᠨ ᠴᠢᠪᠢᠯ ᠲᠦ ᠲᠡᠨᠳᠡᠴᠡ ᠡᠶᠢᠨ ᠬᠥᠪᠡᠭᠦᠨ ᠶᠦᠭᠡᠨ ᠦᠭᠡ ᠶᠢ ᠡᠰᠡ ᠠᠪᠤᠭᠰᠠᠨ ᠢᠶᠠᠷ ᠡᠶᠢᠮᠦ ᠵᠣᠪᠠᠯᠠᠩ ᠳᠤᠷ ᠣᠷᠤᠪᠠᠢ ᠬᠡᠮᠡᠨ ᠡᠷᠡᠭᠦᠪᠡᠨ ᠲᠤᠯᠵᠤ ᠭᠠᠰᠠᠯᠪᠠᠢ ᠲᠡᠷᠡ ᠴᠠᠭ ᠲᠤᠷ ᠲᠩᠷᠢ ᠯᠤᠤᠰ ᠬᠢᠭᠡᠳ ᠦᠨ ᠲᠡᠷᠢᠭᠦᠯᠡᠭᠴᠢ ᠡᠷᠬᠡᠲᠡᠨ ᠠᠨᠤ ᠪᠦᠭᠦᠳᠡᠭᠡᠷ ᠲᠡᠩᠬᠡᠯ ᠦᠭᠡᠢ ᠢᠯᠠᠭᠤᠭᠰᠠᠨ ᠬᠡᠮᠡᠨ ᠪᠣᠳᠢᠰᠲᠸ ᠲᠤᠷ ᠲᠩᠷᠢ ᠨᠡᠷ ᠦᠨ ᠲᠠᠬᠢᠯ ᠢᠶᠠᠷ ᠲᠠᠬᠢᠪᠠᠢ ᠲᠡᠷᠡ ᠴᠠᠭ ᠲᠤᠷ ᠱᠢᠮᠨᠤ ᠢᠵᠠᠭᠤᠷᠲᠠᠨ ᠤ ᠳᠣᠲᠤᠷ ᠠ ᠠᠴᠠ ᠲᠡᠨᠳᠡ ᠪᠣᠳᠢᠰᠲᠸ ᠤᠨ ᠦᠨᠡᠨ ᠦ ᠬᠦᠴᠦᠨ ᠢ ᠦᠵᠡᠭᠰᠡᠳ ᠭᠤᠴᠢᠨ ᠵᠢᠷᠭᠤᠭᠠᠨ ᠬᠥᠯᠲᠢ ᠬᠣᠷᠢᠨ ᠳᠥᠷᠪᠡᠨ ᠨᠠᠶᠤᠳ ᠱᠢᠮᠨᠤ ᠨᠤᠭᠤᠳ ᠲᠤᠭᠤᠯᠤᠭᠰᠠᠨ ᠪᠣᠳᠢ ᠬᠤᠲᠤᠭ ᠲᠤᠷ ᠰᠡᠳᠬᠢᠯ ᠡᠭᠦᠰᠬᠡᠪᠡᠢ ᠲᠡᠨᠳᠡᠬᠢᠨ ᠥᠭᠦᠯᠡᠷ ᠦᠨ ᠦᠵᠡᠭᠳᠡᠬᠦᠨ ᠢ ᠵᠡᠭᠦᠳᠦᠨ ᠶᠡᠯᠸᠢ ᠮᠡᠲᠦ ᠦᠨᠡᠨ ᠢᠶᠡᠷ ᠤᠬᠠᠵᠤ ᠲᠡᠶᠢᠨ ᠪᠦᠬᠦᠢ ᠶᠢ ᠦᠯᠦ ᠤᠬᠠᠨ ᠪᠢ ᠬᠡᠮᠡᠨ ᠣᠮᠤᠷᠬᠠᠭᠴᠢᠳ ᠢ ᠥᠷᠦᠷᠬᠡᠵᠦ ᠠᠰᠠᠷᠠᠨ ᠰᠡᠳᠬᠢᠭᠰᠡᠨ ᠢᠶᠡᠷ
ködelgen ülü čidaqu keme:n ögülegsen-dür Bodistv-un ünen üge-yi:n küčün-iye:r mergemšigsen čibil-tü šimnu-yi:n matar terigü:tü tuγ inu quγuraju maši doγšin šimnus-un čerig-ü:d anu mang aldan arban jüg-tür buruγuilabai Unulγ-a kölgen-e:čege:n anggijiraju odqui mör-iye:n ber jabqarabai. Öbe:r jaγu:raba:n bulγalduju ugi:laldun ebčegü:be:n deledbei. Eremšigsen čibil-tü tendeče eyi:n köbegü:n-yüge:n üge-yi ese abuγsan-iya:r eyi:mü jobalang-dur orubai keme:n eregü:be:n tulju γasalbai. Tere čaγ-tur tngri luus ki:ge:d-ün terigü:legči erketen anu bügüdege:r tengkel ügei ilaγu:γsan keme:n Bodistv-tur tngri-ner-ün takil-iya:r takibai. Tere čaγ-tur šimnu ijaγu:rtan-u dotur-a-a:ča tende Bodistv-un ünen-ü küčün-i üjegsed γučin jirγuγa:n költi qorin dörben nayud šimnu-nuγu:d tuγu:luγsan bodi qutuγ-tur sedkil egü:skebei. Tendekin ögüler-ün: Üjegdekün-i jegü:dün yelvi metü ünen-iye:r uqaju teyi:n büküi-yi ülü uqan bi keme:n omurqaγčid-i örürkejü asaran sedkigsen-iye:r
65a
ᠨᠥᠭᠦᠭᠡ ᠵᠢᠷᠠᠨ ᠲᠠᠪᠤᠨ ᠭᠠᠷ ᠲᠠᠭᠠᠨ ᠢᠯᠳᠦ ᠮᠡᠰᠡ ᠶᠢ ᠪᠠᠷᠢᠭᠰᠠᠨ ᠦᠭᠡᠢ ᠭᠠᠳᠠᠭᠤᠨ ᠴᠡᠷᠢᠭ ᠢᠶᠡᠷ ᠬᠦᠷᠢᠶᠡᠯᠡᠭᠦᠯᠦᠭᠰᠡᠨ ᠦᠭᠡᠢ ᠭᠠᠭᠴᠠᠭᠠᠷ ᠱᠢᠮᠨᠤᠰ ᠤᠨ ᠠᠶᠢᠮᠠᠭ ᠢ ᠳᠠᠷᠤᠭᠰᠠᠨ ᠭᠠᠶᠢᠬᠠᠭᠳᠠᠬᠤᠢ ᠠᠴᠠ ᠭᠠᠶᠢᠬᠠᠭᠳᠠᠬᠤ ᠦᠯᠦ ᠬᠦ ᠪᠦᠢ ᠠᠷᠪᠠᠨ ᠬᠣᠶᠠᠷ ᠵᠣᠬᠢᠶᠠᠩ ᠭᠤᠢ ᠦᠶᠢᠯᠡᠰ ᠡᠴᠡ ᠱᠢᠮᠨᠤᠰ ᠢ ᠨᠣᠮᠤᠬᠠᠳᠬᠠᠭᠰᠠᠨ ᠨᠡᠷᠡᠲᠦ ᠶᠢᠰᠦᠳᠦᠭᠡᠷ ᠪᠥᠯᠥᠭ ᠭᠠᠶᠢᠬᠠᠮᠱᠢᠭ ᠪᠤᠷᠬᠠᠨ ᠤ ᠠᠷᠪᠠᠨ ᠬᠣᠶᠠᠷ ᠵᠣᠬᠢᠶᠠᠩᠭᠤᠢ ᠬᠡᠮᠡᠭᠳᠡᠬᠦ ᠦᠶᠢᠯᠡᠰ ᠢ ᠢᠨᠦ ᠣᠯᠠᠨ ᠮᠣᠩᠭᠣᠯ ᠢᠷᠭᠡᠨ ᠤᠬᠠᠬᠤ ᠲᠤᠭᠤᠯᠬᠤ ᠪᠣᠯᠲᠤᠭᠠᠢ ᠬᠡᠮᠡᠨ ᠤᠷᠢᠳᠤ ᠣᠯᠠᠨ ᠲᠥᠷᠦᠯ ᠨᠤᠭᠤᠳ ᠲᠤᠷ ᠤᠳᠤᠷᠢᠭᠤᠯᠰᠤᠨ ᠢ ᠰᠠᠱᠢᠨ ᠳᠤᠷ ᠣᠯᠠᠨ ᠦᠶᠢᠯᠡ ᠦᠶᠢᠯᠡᠳᠦᠭᠰᠡᠨ ᠪᠣᠳᠢᠰᠲᠸ ᠢᠵᠠᠭᠤᠷ ᠲᠠᠢ ᠡᠰᠡᠨᠲᠡᠮᠦᠷ ᠭᠣᠩ ᠬᠢᠤ ᠶᠢᠨ ᠦᠨᠡᠨ ᠴᠢᠩ ᠰᠡᠳᠬᠢᠯ ᠢᠶᠡᠷ ᠪᠠᠰᠠ ᠪᠠᠰᠠ ᠳᠤᠷᠠᠳᠬᠠᠨ ᠥᠭᠦᠯᠡᠭᠳᠡᠭᠰᠡᠨ ᠢᠶᠡᠷ ᠨᠣᠮ ᠢ ᠭᠡᠶᠢᠭᠦᠯᠦᠭᠴᠢ ᠶᠢᠨ ᠨᠡᠷ ᠡ ᠪᠡᠷ ᠢᠨᠦ ᠴᠣᠰᠭᠢ ᠣᠳᠰᠡᠷ ᠬᠡᠮᠡᠨ ᠠᠯᠳᠠᠷᠱᠢᠭᠰᠠᠨ ᠪᠠᠭᠱᠢ ᠶᠢᠨ ᠪᠠᠭᠱᠢ ᠲᠡᠷᠡ ᠪᠣᠭᠳᠠ ᠶᠢᠨ ᠪᠠᠶᠢᠭᠤᠯᠤᠭᠰᠠᠨ ᠲᠥᠪᠡᠳᠴᠢᠨ ᠭᠣᠤᠯ ᠪᠢᠴᠢᠭ ᠢ ᠰᠠᠬᠢᠯᠢᠭ ᠤᠳ ᠤᠨ ᠲᠣᠶᠢᠨ ᠱᠢᠰᠷᠠᠪ ᠱᠢᠩᠭᠢ ᠪᠤᠷᠬᠠᠨ ᠤ ᠪᠣᠳᠢ ᠰᠡᠳᠬᠢᠯ ᠡᠭᠦᠰᠬᠡᠭᠰᠡᠨ ᠡᠴᠡ ᠲᠡᠷᠢᠭᠦᠯᠡᠵᠦ ᠵᠠᠷᠯᠢᠭ ᠬᠤᠷᠢᠶᠠᠭᠰᠠᠨ ᠳᠤᠷ ᠬᠦᠷᠲᠡᠯᠡ ᠴᠣᠭᠤᠯᠢᠳᠴᠤ ᠭᠠᠷᠭᠠᠵᠤ ᠣᠷᠴᠢᠭᠤᠯᠤᠭᠠᠳ ᠪᠠᠰᠠ ᠪᠡᠷ ᠢᠵᠠᠭᠤᠷ ᠤᠨ ᠰᠤᠳᠤᠷ ᠬᠢᠭᠡᠳ ᠯᠦᠭᠡ ᠲᠣᠬᠢᠶᠠᠯ ᠳᠤᠭᠤᠯᠵᠤ ᠮᠣᠩᠭᠣᠯᠴᠢᠯᠠᠨ ᠣᠷᠴᠢᠭᠤᠯᠵᠤ ᠣᠷᠣᠱᠢᠭᠤᠯᠪᠠᠢ
Nögüge: jiran tabun: γar-taγa:n ildü mese-yi bariγsan ügei γadaγu:n čerig-iye:r küriye:legü:lügsen ügei γaγčaγa:r šimnus-un ayi:maγ-i daruγsan γayi:qaγdaqui-a:ča γayi:qaγdaqu ülü kü büi. Arban qoyar jokiya:ng-γui üyi:les-e:če šimnus-i nomuqadqaγsan neretü yisüdüge:r bölög. γayi:qamšiγ burqan-u arban qoyar jokiya:ngγui keme:gdekü üyi:les-i inü olan mongγol irgen uqaqu tuγu:lqu boltuγai keme:n uridu olan törül-nuγu:d-tur uduriγu:lsun-i sašin-dur olan üyi:le üyi:ledügsen Bodistv ijaγu:r-tai Esentemür γong qiu-yi:n ünen čing sedkil-iye:r basa basa duradqan ögülegdegsen-iye:r nom-i geyi:gü:lügči-yi:n ner-e-be:r inü Čosgi- Odser keme:n aldaršiγsan baγši-yi:n baγši tere boγda-yi:n bayi:γu:luγsan töbedčin γoul bičig-i sakiliγ-u:d-un toyin Šisrab-šinggi burqan-u bodi sedkil egü:skegsen-e:če terigü:lejü jarliγ quriya:γsan-dur kürtele čoγu:lidču γarγaju orčiγu:luγa:d basa ber ijaγu:r-un sudur ki:ge:d-lüge: tokiya:l-duγu:lju mongγolčilan orčiγu:lju orošiγu:lbai.