Letter of Dalai Bagatur
Reconstruction, not a copy of the monument: the Mongolian-script text is generated automatically from the transcription in modern Unicode spelling. The orthography of pre-classical documents differed; consult the facsimile and the edition.
1
ᠥᠭᠡᠯᠡᠳ ᠦᠨ ᠳᠠᠯᠠᠢ ᠪᠠᠭᠠᠲᠤᠷ ᠲᠠᠶᠢᠵᠢ ᠶᠢᠨ ᠠᠶᠢᠯᠠᠳᠬᠠᠭᠰᠠᠨ ᠪᠢᠴᠢᠭ ᠦᠨ ᠵᠢᠰᠡ ᠮᠣᠩᠭᠣᠯ ᠤᠨ ᠵᠤᠷᠭᠠᠨ ᠳᠤ ᠥᠭᠪᠡ
ögeled-ün dalai baγatur tayiji-yin ayiladqaγsan bičig-ün jise mongγol-un jurγan-du ögbe.
3
ᠬᠠᠭᠲᠤ ᠪᠤᠷᠤᠭᠤ ᠶᠠᠪᠤᠭᠰᠠᠨ ᠢ ᠲᠤᠯᠠ ᠴᠠᠭᠠᠵᠢ ᠶᠢᠨ ᠶᠣᠰᠤᠭᠠᠷ ᠬᠠᠭᠲᠤᠢ ᠶᠢ ᠥᠭᠴᠦ ᠢᠯᠡᠭᠡᠭᠰᠡᠨ ᠪᠦᠯᠦᠭᠡ
qaγtu buruγu yabuγsan-i tula čaγaji-yin yosuγar qaγtui-yi ögčü ilegegsen bülüge.
8
ᠪᠠᠭᠠᠲᠤᠷ ᠡᠷᠬᠡ ᠵᠢᠨᠣᠩ ᠳᠤ ᠨᠡᠶᠢᠯᠡᠭᠦᠯᠦᠭᠡᠳ ᠪᠥᠬᠦᠨ ᠢ ᠢᠯᠡᠭᠡᠶ᠎ᠡ ᠭᠡᠵᠢ ᠪᠠᠶᠢᠲᠠᠯ᠎ᠠ ᠪᠠᠭᠠᠲᠤᠷ ᠡᠷᠬᠡ ᠵᠢᠨᠣᠩ ᠪᠥᠬᠦᠨ ᠬᠢᠭᠡᠳ ᠣᠷᠳᠤᠰ ᠠᠴᠠ ᠠᠪᠤᠭᠰᠠᠨ ᠠᠳᠤᠭᠤᠨ ᠢ ᠤᠴᠢᠷ ᠢ ᠬᠠᠭᠠᠨ ᠤ ᠭᠡᠭᠡᠨ ᠳᠦ ᠵᠥᠪ ᠢᠶᠡᠨ ᠠᠶᠢᠯᠠᠳᠬᠠᠨᠠᠢ ᠪᠢ ᠬᠡᠮᠡᠭᠰᠡᠨ ᠢ ᠲᠤᠯᠠ ᠪᠢᠳᠡ ᠴᠦ ᠬᠠᠷᠢᠭᠤ ᠡᠰᠡ ᠢᠯᠡᠭᠡᠭᠰᠡᠨ ᠪᠦᠯᠦᠭᠡ
baγatur erke jinong-du neyilegülüged bökün-i ilegey-e geji bayitala baγatur erke jinong bökün kiged ordus-ača abuγsan aduγun-i učir-i qaγan-u gegen-dü jöb-iyen ayiladqanai bi kemegsen-i tula bide čü qariγu ese ilegegsen bülüge.
9
ᠡᠳᠦᠭᠡ ᠡᠨᠡ ᠡᠯᠴᠢ ᠪᠡᠷ ᠬᠠᠭᠲᠤ ᠶᠢᠨ ᠬᠥᠪᠡᠭᠦᠨ ᠬᠢᠭᠡᠳ ᠪᠥᠬᠦᠨ ᠢ ᠣᠷᠳᠤᠰ ᠤᠨ ᠠᠳᠤᠭᠤᠨ ᠯᠤᠭ᠎ᠠ ᠰᠡᠯᠲᠡᠰ ᠢ ᠴᠠᠭᠠᠵᠢ ᠶᠢᠨ ᠶᠣᠰᠤᠭᠠᠷ ᠥᠭᠴᠦ ᠢᠯᠡᠭᠡ ᠯᠦᠭᠡ
edüge ene elči-ber qaγtu-yin köbegün kiged bökün-i ordus-un aduγun-luγ-a seltes-i čaγaji-yin yosuγar ögčü ilege-lüge.
10
ᠡᠷᠳᠡᠨᠢ ᠬᠣᠰᠢᠭᠤᠴᠢ ᠶᠢᠨ ᠨᠤᠲᠤᠭ ᠢ ᠬᠤᠷᠢᠶᠠᠵᠤ ᠠᠪᠤᠭᠲᠤᠨ ᠬᠡᠮᠡᠭᠰᠡᠨ ᠢ ᠣᠴᠢᠷ
erdeni qosiγuči-yin nutuγ-i quriyaju abuγtun kemegsen-i očir.
11
ᠡᠷᠳᠡᠨᠢ ᠬᠣᠰᠢᠭᠤᠴᠢ ᠪᠢᠳᠡᠨ ᠳᠦ ᠬᠠᠪᠢᠶ᠎ᠠ ᠦᠭᠡᠢ ᠬᠡᠮᠡᠨ ᠲᠠᠨ ᠤ ᠡᠯᠴᠢ ᠳᠦᠷ ᠤᠴᠢᠷ ᠢ ᠥᠭᠦᠯᠡᠭᠰᠡᠨ ᠪᠦᠯᠦᠭᠡ
erdeni qosiγuči biden-dü qabiy-a ügei kemen tan-u elči-dür učir-i ögülegsen bülüge.
12
ᠪᠠᠭᠠᠲᠤᠷ ᠡᠷᠬᠡ ᠵᠢᠨᠣᠩ ᠶᠢᠨ ᠨᠤᠲᠤᠭ ᠤᠨ ᠤᠴᠢᠷ ᠲᠠᠨ ᠤ ᠲᠦᠰᠢᠮᠡᠳ ᠯᠦᠭᠡ ᠵᠥᠪᠯᠡᠯᠳᠦᠵᠦ ᠨᠢᠭᠡ ᠦᠶ᠎ᠡ ᠲᠡᠨᠳᠡ ᠪᠠᠶᠢᠭᠰᠠᠨ ᠠᠵᠤᠭᠤ
baγatur erke jinong-yin nutuγ-un učir tan-u tüsimed-lüge jöbleldüjü nige üy-e tende bayiγsan ajuγu.
13
ᠪᠢᠳᠡᠨ ᠳᠦᠷ ᠥᠪᠡᠷ᠎ᠡ ᠰᠠᠨᠠᠬᠤ ᠶᠠᠪᠤᠳᠠᠯ ᠪᠤᠢ ᠬᠡᠮᠡᠭᠴᠢ ᠲᠡᠷᠡ ᠶᠠᠮᠪᠠᠷ ᠶᠠᠪᠤᠳᠠᠯ ᠪᠤᠢ ᠬᠡᠮᠡᠨ ᠤᠰᠤᠨ ᠨᠣᠬᠠᠢ ᠵᠢᠯ ᠦᠨ ᠳᠥᠲᠦᠭᠡᠷ ᠰᠠᠷ ᠠ ᠶᠢᠨ ᠰᠢᠨ᠎ᠡ ᠳᠦ ᠬᠥᠬᠡ ᠨᠠᠭᠤᠷ ᠠᠴᠠ ᠪᠢᠴᠢᠪᠡᠢ
biden-dür öbere sanaqu yabudal bui kemegči tere yambar yabudal bui kemen usun noqai jil-ün dötüger sar-a-yin sine-dü köke naγur-ača bičibei.