Historical corpus of the Mongolian language

Letter of Dalai Bagatur

Reconstruction, not a copy of the monument: the Mongolian-script text is generated automatically from the transcription in modern Unicode spelling. The orthography of pre-classical documents differed; consult the facsimile and the edition.
Back to the text
1
ᠥᠭᠡᠯᠡᠳ ᠦᠨ ᠳᠠᠯᠠᠢ ᠲᠠᠶᠢᠵᠢ ᠶᠢᠨ ᠪᠢᠴᠢᠭ ᠮᠣᠩᠭᠣᠯ ᠤᠨ ᠵᠢᠷᠭᠤᠭᠠᠨ ᠳᠤ ᠥᠭᠪᠡ
ögeled-ün dalai tayiji-yin bičig mongγol-un jirγuγan-du ögbe.
2
ᠲᠠᠨ ᠤ ᠲᠡᠨᠳᠡᠴᠡ ᠰᠠᠯᠠᠷ ᠬᠢᠭᠡᠳ ᠪᠢᠨᠲᠦ ᠬᠣᠶᠠᠷ ᠤᠨ ᠤᠴᠢᠷ ᠲᠤᠷ ᠬᠡᠯᠡᠯᠴᠡᠭᠡ ᠢᠷᠡᠭᠰᠡᠨ ᠡᠯᠴᠢᠲᠡᠢ ᠪᠢᠳᠡᠨ ᠦ ᠡᠯᠴᠢ ᠲᠤᠭᠴᠢ ᠵᠠᠶᠢᠰᠠᠩ ᠪᠣᠱᠤᠭᠲᠤ ᠵᠢᠨᠣᠩ ᠤᠨ ᠡᠯᠴᠢ ᠮᠠᠯᠠᠢ ᠬᠠᠱᠠᠬ ᠠ ᠲᠠᠢ ᠬᠡᠯᠡᠯᠴᠡᠭᠰᠡᠨ ᠢᠨᠦ ᠮᠠᠯᠠᠢ ᠬᠠᠱᠠᠬ ᠠ ᠶᠢᠨ ᠦᠭᠡ ᠢᠨᠦ ᠰᠠᠯᠠᠷ ᠪᠢᠳᠨ ᠬᠣᠶᠠᠷ ᠲᠠᠨ ᠤ ᠡᠮᠦᠨ᠎ᠡ ᠵᠡᠷᠭᠡᠴᠡᠵᠢ ᠬᠡᠯᠡᠯᠴᠡᠶ᠎ᠡ
tan-u tendeče salar kiged bintü qoyar-un učir-tur kelelčege iregsen elčitei biden-ü elči tuγči jayisang, bošuγtu jinong-un elči malai qašaq-a-tai kelelčegsen inü, malai qašaq-a-yin üge inü, salar bidаn qoyar tan-u emün-e jergečeji kelelčey-e.
3
ᠲᠠ ᠬᠣᠶᠠᠷ ᠡᠯᠴᠢ ᠪᠢᠳᠡᠨ ᠦ ᠦᠨᠡᠨ ᠬᠤᠳᠠᠯ ᠢ ᠢᠯᠭᠠᠵᠤ ᠥᠭᠭᠦᠭᠳᠡᠬᠦᠢ ᠬᠡᠮᠡᠨ ᠥᠭᠦᠯᠡᠭᠰᠡᠨ ᠳᠦᠷ ᠲᠠ ᠨᠣᠮ ᠪᠤᠷᠬᠠᠨ ᠬᠢᠭᠡᠳ ᠰᠦᠮ᠎ᠡ ᠡᠪᠳᠡᠭᠰᠡᠨ ᠪᠦᠭᠦᠳᠡ ᠶᠢ ᠮᠡᠳᠡᠵᠢ ᠬᠡᠯᠡᠯᠴᠡᠬᠦ ᠪᠠᠶᠢᠲᠠᠯᠠ ᠡᠳᠦᠷ ᠰᠠᠷ᠎ᠠ ᠵᠢᠯ ᠢ ᠲᠠᠩᠭᠤᠳ ᠤᠨ ᠨᠣᠶᠠᠨ ᠮᠡᠳᠡᠬᠦ ᠲᠡᠭᠦᠨ ᠢ ᠬᠦᠯᠢᠶ᠎ᠡ ᠬᠡᠮᠡᠭᠰᠡᠨ ᠦᠭᠡ ᠳᠦᠷ ᠰᠢᠯᠲᠠᠭᠯᠠᠵᠤ ᠬᠠᠷᠢᠵᠤ ᠣᠳᠪᠠ ᠬᠡᠮᠡᠮᠦᠢ
ta qoyar elči biden-ü ünen qudal-i ilγaju öggügdeküi kemen ögülegsen-dür ta nom burqan kiged süm-e ebdegsen bügüde-yi medeji kelelčekü bayitala edür sar-a jil-i tangγud-un noyan medekü tegün-i küliy-e kemegsen üge-dür siltaγlaju qariju odba kememüi.
4
ᠲᠠᠨ ᠢ ᠬᠠᠷᠢᠭᠤ ᠳᠤ ᠮᠠᠯᠠᠢ ᠬᠠᠱᠠᠬ ᠠ ᠶᠢᠨ ᠦᠭᠡ ᠡᠰᠡ ᠪᠥᠭᠡᠰᠦ ᠰᠠᠯᠠᠷ ᠪᠢᠳᠡ ᠲᠠᠨ ᠤ ᠡᠮᠦᠨ᠎ᠡ ᠬᠡᠯᠡᠯᠴᠡᠶ᠎ᠡ ᠡᠰᠡ ᠪᠥᠭᠡᠰᠦ ᠪᠦᠭᠦᠳᠡᠭᠡᠷ ᠬᠠᠮᠲᠤ ᠶᠠᠪᠤᠵᠤ ᠨᠣᠮ ᠪᠤᠷᠬᠠᠨ ᠬᠢᠭᠡᠳ ᠰᠦᠮ᠎ᠡ ᠡᠪᠳᠡᠭᠰᠡᠨ ᠪᠦᠭᠦᠳᠡ ᠶᠢ ᠦᠵᠡᠶ᠎ᠡ ᠬᠡᠮᠡᠨ ᠥᠭᠦᠯᠡᠭᠰᠡᠨ ᠳᠦᠷ ᠲᠠᠨ ᠤ ᠡᠯᠴᠢ ᠡᠰᠡ ᠪᠣᠯᠤᠭᠰᠠᠨ ᠤ ᠬᠣᠶᠢᠨᠠ ᠮᠠᠯᠠᠢ ᠬᠠᠱᠠᠬ ᠠ ᠶᠢᠨ ᠦᠭᠡ ᠢᠨᠦ ᠲᠠ ᠱᠠᠵᠢᠨ ᠲᠥᠷᠦ ᠶᠢᠨ ᠲᠤᠯᠠ ᠶᠠᠪᠤᠭᠰᠠᠨ ᠪᠤᠰᠤ
tan-i qariγu-du malai qašaq-a-yin üge, ese bögesü salar bide tan-u emün-e kelelčey-e, ese bögesü bügüdeger qamtu yabuju nom burqan kiged süm-e ebdegsen bügüde-yi üjey-e kemen ögülegsen-dür, tan-u elči ese boluγsan-u qoyina malai qašaq-a-yin üge inü, ta šajin törü-yin tula yabuγsan busu.
5
ᠰᠠᠯᠠᠷ ᠠᠴᠠ ᠢᠳᠡᠰᠢ ᠢᠳᠡᠬᠦ ᠶᠢᠨ ᠲᠤᠯᠠ ᠢᠷᠡᠭᠰᠡᠨ ᠪᠠᠶᠢᠨᠠᠢ ᠬᠡᠮᠡᠨ ᠥᠭᠦᠯᠡᠭᠡᠳ ᠬᠠᠷᠢᠭᠰᠠᠨ ᠤᠴᠢᠷ ᠪᠢᠳᠡᠨ ᠢ ᠲᠡᠷᠡ ᠪᠥᠯᠦᠭᠡ ᠬᠡᠮᠡᠮᠦᠢ
salar-ača idesi idekü-yin tula iregsen bayinai kemen ögüleged qariγsan učir biden-i tere bölüge kememüi.
6
ᠡᠳᠦᠭᠡ ᠪᠣᠱᠤᠭᠲᠤ ᠵᠢᠨᠣᠩ ᠤᠨ ᠦᠭᠡ ᠲᠦᠮᠡᠨ ᠨᠢᠭᠡ ᠮᠢᠩᠭᠠᠨ ᠢᠯᠡᠭᠦᠦ ᠪᠣᠲᠢ ᠨᠣᠮ ᠰᠦᠮ᠎ᠡ ᠪᠠᠶᠢᠰᠢᠩ ᠮᠢᠩᠭᠠᠨ ᠭᠠᠷᠤᠨ ᠢ ᠲᠦᠢᠮᠡᠷᠢᠳᠴᠦ ᠡᠪᠳᠡᠪᠡ ᠬᠡᠮᠡᠮᠦᠢ
edüge bošuγtu jinong-un üge tümen nige mingγan ilegüü boti nom, süm-e bayising, mingγan γarun-i tüimeridčü, ebdebe kememüi.
7
ᠲᠡᠭᠦᠨ ᠢ ᠦᠨᠡᠨ ᠬᠤᠳᠠᠯ ᠢ ᠢᠨᠦ ᠮᠡᠳᠡᠬᠦ ᠶᠢᠨ ᠲᠤᠯᠠ ᠡᠳᠦᠭᠡ ᠲᠠᠨ ᠤ ᠡᠯᠴᠢ ᠯᠤᠭ᠎ᠠ ᠪᠢᠳᠡᠨ ᠤ ᠡᠯᠴᠢ ᠬᠠᠮᠲᠤ ᠶᠠᠪᠤᠵᠤ ᠤᠵᠡᠪᠡᠰᠦ ᠮᠡᠳᠡᠬᠦ ᠪᠤᠢ ᠶ᠎ᠠ
tegün-i ünen qudal-i inü medekü-yin tula edüge tan-u elči-luγ-a biden-u elči qamtu yabuju ujebesü medekü bui y-a.
8
ᠵᠠᠷᠤᠳᠠᠨ ᠢ ᠰᠠᠶᠢᠨ ᠮᠠᠭᠤ ᠦᠢᠯᠡ ᠶᠢᠨ ᠢᠯᠭᠠᠯ ᠮᠡᠳᠡᠬᠦ ᠬᠦᠮᠦᠨ ᠶᠠᠪᠤᠪᠠᠰᠤ ᠶᠠᠮᠪᠠᠷ ᠪᠠ ᠦᠢᠯᠡ ᠳᠦᠷ ᠵᠣᠬᠢᠰᠲᠠᠢ ᠪᠣᠯᠤᠮᠤᠶᠤ
jarudan-i sayin maγu üile-yin ilγal medekü kümün yabubasu yambar-ba üile-dür jokistai bolumuyu.