Letter of Dalai qan 1695
Reconstruction, not a copy of the monument: the Mongolian-script text is generated automatically from the transcription in modern Unicode spelling. The orthography of pre-classical documents differed; consult the facsimile and the edition.
1
ᠵᠤᠨ ᠤ ᠲᠡᠷᠢᠭᠦᠨ ᠰᠠᠷ᠎ᠠ ᠬᠣᠷᠢᠨ ᠨᠢᠭᠡᠨ ᠳᠠᠯᠠᠢ ᠬᠠᠨ ᠤ ᠠᠶᠢᠯᠠᠳᠬᠠᠬᠤ ᠪᠢᠴᠢᠭ ᠱᠠᠵᠢᠨ ᠢ ᠪᠠᠷᠢᠭᠴᠢ ᠳᠠᠯᠠᠢ ᠬᠠᠭᠠᠨ ᠤ ᠪᠢᠴᠢᠭ
jun-u terigün sar-a: qorin nigen dalai qan-u ayiladqaqu bičig: šajin-i bariγči dalai qaγan-u bičig.
3
ᠠᠮᠢᠲᠠᠨ ᠢ ᠠᠰᠠᠷᠠᠯ ᠢᠶᠠᠷ ᠲᠡᠳᠬᠦᠭᠴᠢ ᠶᠡᠬᠡ ᠬᠠᠭᠠᠨ ᠢ ᠭᠡᠭᠡᠨ ᠠᠮᠤᠭᠤᠯᠠᠩ ᠠᠴᠠ
amitan-i asaral-iyar tedkügči yeke qaγan-i gegen amuγulang-ača.
5
ᠪᠡᠯᠡᠭ ᠭᠤᠴᠢᠨ ᠯᠠᠩ ᠮᠥᠩᠭᠦᠢᠨ ᠮᠥᠩᠭᠦ ᠶᠢᠨ ᠨᠢᠭᠡ ᠮᠳᠣᠸᠠᠩ ᠮᠣᠸᠠ
beleg γučin lang mönggüin[=mönggü-yin] nige mdowang mowa.
6
ᠨᠠᠢᠮᠠᠨ ᠲᠣᠷᠭ ᠠ ᠲᠠᠢ ᠰᠣᠭᠤᠷ ᠬᠠᠭᠰᠠᠨ ᠰᠣᠶᠤᠷᠬᠠᠭᠰᠠᠨ ᠬᠦᠷᠴᠦ ᠢᠷᠡᠭᠰᠡᠨ ᠢ ᠲᠤᠯᠠ ᠰᠡᠳᠬᠢᠯ ᠪᠠᠶᠠᠰᠪᠠ
naiman torγ-a-tai soγur qaγsan[=soyurqaγsan] kürčü iregsen-i tula sedkil bayasba.
7
ᠳᠠᠯᠠᠢ ᠪᠯᠠᠮ᠎ᠠ ᠲᠡᠨᠳᠡ ᠥᠭᠡᠳᠡ ᠪᠣᠯᠤᠭᠰᠠᠨ ᠠᠴᠠ ᠠᠪᠤᠨ ᠢᠨᠠᠭᠱᠢ ᠡᠪᠦᠭᠡ ᠡᠴᠡ ᠦᠶ ᠡ ᠶᠢᠨ ᠦᠶ ᠡ ᠳᠦᠷ ᠲᠥᠷᠥᠡ ᠱᠠᠵᠢᠨ ᠨᠢᠭᠡᠳᠦᠭᠰᠡᠨ ᠤᠴᠢᠷ ᠢ ᠰᠡᠳᠬᠢᠯ ᠳᠠᠭᠠᠨ ᠰᠡᠲᠬᠢᠯ ᠳᠡᠭᠡᠨ ᠲᠣᠭᠲᠠᠭ ᠰᠠᠭᠠᠷ ᠲᠣᠭᠲᠠᠭᠠᠭᠰᠠᠭᠠᠷ ᠪᠤᠢ
dalai blama tende ögede boluγsan-ača abun inaγši ebüge-eče üy-e-yin üy-e-dür törö-e šajin nigedügsen učir-i sedkil-daγan[=setkil-degen] toγtaγ saγar[=toγtaγaγsaγar] bui.
8
ᠪᠣᠱᠣᠭ ᠲᠤ ᠶᠢᠨ ᠠᠬᠤ ᠶᠣᠰᠤᠨ ᠵᠠᠷᠯᠠᠭ ᠪᠣᠯᠤᠭᠰᠠᠨ ᠢ ᠰᠡᠳᠬᠢᠯ ᠳᠦᠷ ᠮᠠᠭᠳᠠᠯᠪᠠ
bošoγ tu-yin aqu yosun jarlaγ boluγsan-i sedkil-dür maγdalba.
9
ᠳᠠᠯᠠᠢ ᠪᠯᠠᠮ᠎ᠠ ᠬᠢᠭᠡᠳ ᠲᠡᠭᠦᠨ ᠢ ᠡᠱᠢ ᠪᠡᠷ ᠪᠣᠯᠭᠠᠭᠰᠠᠨ ᠢ ᠵᠠᠷᠯᠢᠭ ᠤᠨ ᠶᠣᠰᠤᠭᠠᠷ ᠱᠠᠵᠢᠨ
dalai blama kiged tegün-i eši-ber bolγaγsan-i jarliγ-un yosuγar šajin.
11
ᠪᠠᠰᠠ ᠴᠤ ᠰᠤᠷᠭᠠᠯ ᠵᠠᠷᠯᠢᠶ ᠢ ᠲᠠᠰᠤᠷᠠᠯ ᠦᠭᠡᠢ ᠰᠣᠶᠤᠷᠬᠠᠭᠳᠠᠬᠤᠢ
basa ču surγal jarliy-i tasural ügei soyurqaγdaqui.
12
ᠪᠡᠯᠡᠭ ᠦᠨ ᠲᠣᠶᠠ ᠲᠤᠰᠠᠭᠠᠷ ᠲᠣᠳᠠᠳᠤᠭᠰᠠᠨ ᠯᠤᠭ᠎ᠠ ᠰᠡᠯᠲᠡ ᠬᠠᠪᠤᠷ ᠤᠨ ᠲᠡᠷᠢᠭᠦᠨ ᠰᠠᠷ᠎ᠠ ᠶᠢᠨ ᠨᠠᠢᠮᠠᠨ ᠰᠢᠨ᠎ᠡ ᠰᠠᠶᠢᠨ ᠡᠳᠦᠷ᠎ᠡ ᠡᠷᠭᠦᠪᠡ ᠡᠩᠬᠡ ᠠᠮᠤᠭᠤᠯᠠᠩ ᠤᠨ ᠭᠤᠴᠢᠨ ᠳᠥᠷᠪᠡᠳᠦᠭᠡᠷ ᠣᠨ
beleg-ün toy-a tusaγar todaduγsan-luγ-a selte qabur-un terigün sara-yin naiman sin-e sayin edür-e ergübe: engke amuγulang-un γučin dörbedüger on.
14
ᠳᠠᠯᠠᠢ ᠬᠠᠨ ᠤ ᠠᠶᠢᠯᠠᠳᠬᠠᠬᠤ ᠡᠨᠡ ᠨᠢᠭᠡᠨ ᠪᠢᠴᠢᠭ ᠢ ᠭᠠᠳᠠᠭᠠᠳᠤ ᠮᠣᠩᠭᠣᠯ ᠤᠨ ᠲᠥᠷᠥ ᠶᠢ ᠵᠠᠰᠠᠬᠤ ᠶᠠᠪᠤᠳᠠᠯ ᠤᠨ ᠶᠠᠮᠤᠨ ᠤ ᠳᠡᠳ ᠲᠦᠰᠢᠮᠡᠯ ᠮᠠᠮᠫᠢ
dalai qan-u ayiladqaqu ene nigen bičig-i γadaγadu mongγol-un törö-yi jasaqu yabudal-un yamun-u ded tüsimel mampi.
18
ᠲᠡᠮᠳᠡᠭᠯᠡᠭᠴᠢ ᠲᠦᠰᠢᠮᠡᠯ ᠮᠡᠨᠳᠡᠰᠦᠨ ᠳᠦᠷ ᠣᠷᠴᠢᠭᠤᠯ ᠬᠡᠮᠡᠨ ᠲᠤᠰᠢᠶᠠᠵᠤ ᠥᠭᠭᠦᠭᠰᠡᠨ ᠢ
temdeglegči tüsimel mendesün-dür orčiγul kemen tusiyaju öggügsen-i.
20
ᠲᠥᠪᠡᠳ ᠪᠢᠴᠢᠭ ᠢ ᠰᠤᠷᠶᠠᠭᠴᠢ ᠵᠠᠰᠠᠭ ᠤᠨ ᠪᠯᠠᠮ᠎ᠠ ᠳᠠᠮᠪᠠ ᠰᠡᠷᠵᠢ
töbed bičig-i suryaγči jasaγ-un blam-a damba serji.
21
ᠲᠥᠪᠡᠳ ᠪᠢᠴᠢᠭ ᠢ ᠰᠤᠷᠶᠠᠭᠴᠢ ᠳᠡᠳ ᠲᠦᠰᠢᠮᠡᠯ ᠪᠠᠲᠤᠯᠠᠢ ᠯᠤᠭ᠎ᠠ ᠬᠠᠮᠲᠤ ᠣᠷᠴᠢᠭᠤᠯᠤᠶᠠᠳ
töbed bičig-i suryaγči ded tüsimel batulai-luγ-a qamtu orčiγuluyad.
33
ᠬᠠᠮᠲᠤ ᠬᠡᠯᠡᠯᠴᠡᠵᠦ ᠠᠶᠢᠯᠠᠳᠬᠠᠲᠤᠭᠠᠢ ᠬᠡᠮᠡᠭᠰᠡᠨ ᠢ ᠬᠦᠨᠳᠦᠳᠡ ᠳᠠᠭᠠᠵᠤ
qamtu kelelčejü ayiladqatuγai kemegsen-i kündüde daγaju.
35
ᠭᠠᠳᠠᠭᠠᠳᠤ ᠮᠣᠩᠭᠣᠯ ᠤᠨ ᠲᠥᠷᠥ ᠶᠢ ᠵᠠᠰᠠᠬᠤ ᠶᠠᠪᠤᠳᠠᠯ ᠤᠨ ᠶᠠᠮᠤᠨ ᠤ ᠢᠯᠭᠠᠭᠴᠢ ᠲᠦᠰᠢᠮᠡᠯ ᠮᠠᠨᠳᠦ ᠳᠦᠷ
γadaγadu mongγol-un törö-yi jasaqu yabudal-un yamun-u ilγaγči tüsimel mandü-dür.
36
ᠲᠡᠮᠳᠡᠭᠯᠡᠭᠴᠢ ᠲᠦᠰᠢᠮᠡᠯ ᠮᠡᠨᠳᠡᠰᠦᠨ ᠦᠵᠡᠵᠦ ᠲᠤᠰᠢᠶᠠᠵᠤ ᠥᠭᠪᠡ
temdeglegči tüsimel mendesün üjejü tusiyaju ögbe: