Letter of Erke Bagatur
Reconstruction, not a copy of the monument: the Mongolian-script text is generated automatically from the transcription in modern Unicode spelling. The orthography of pre-classical documents differed; consult the facsimile and the edition.
2
ᠤᠸᠠ ᠰᠤᠸᠠᠰᠳᠢ ᠠᠯᠢ ᠳᠥᠷᠪᠡᠨ ᠲᠢᠪ ᠮᠡᠲᠦ ᠲᠠᠪᠤᠨ ᠥᠩᠭᠡ ᠤᠯᠤᠰ ᠢ ᠡᠵᠡᠯᠡᠭᠰᠡᠨᠡ ᠠᠭᠤᠯᠠᠰ ᠤᠨ ᠬᠠᠭᠠᠨ ᠰᠦᠮᠡᠷ ᠠᠭᠤᠯᠠ ᠮᠡᠲᠦ ᠪᠣᠭᠳᠠ ᠶᠢᠨ ᠠᠯᠲᠠᠨ ᠪᠢᠶ ᠡ ᠳᠦ ᠠᠯᠢᠮᠠᠳ ᠤᠨ ᠰᠠᠶᠢᠨ ᠦᠶᠡᠯᠡᠰ ᠦᠨ ᠦᠷᠡᠰ ᠢᠯᠡᠷᠬᠡᠢ ᠥᠨᠳᠷ ᠪᠣᠯᠭᠠᠭᠴᠢᠳ ᠠᠷᠢᠭᠤᠨ ᠬᠣᠶᠠᠷ ᠶᠣᠰᠤᠨ ᠤ ᠨᠠᠷᠠᠨ ᠰᠠᠷᠠᠨ ᠮᠡᠲᠦ ᠣᠷᠤᠭᠤᠯᠤᠭᠴᠢ ᠡᠵᠡᠨ ᠪᠣᠭᠳᠠ ᠶᠢᠨ ᠭᠡᠭᠡᠨ᠎ᠡ ᠡᠨᠡ ᠲᠦᠷᠡ ᠴᠠᠭ ᠰᠠᠮᠠᠭᠤ ᠪᠣᠯᠤᠭᠠᠳ ᠡᠷᠬᠡ ᠶᠡᠬᠡ ᠲᠦ ᠰᠡᠴᠡᠨ ᠬᠠᠭᠠᠨ ᠤ ᠲᠥᠷᠦ ᠡᠪᠳᠡᠷᠡᠭᠰᠡᠨ ᠬᠣᠶᠢᠨᠠ ᠡᠨᠡ ᠪᠦᠭᠦᠳᠡ ᠠᠬ᠎ᠠ ᠳᠡᠭᠦᠭᠡᠨ ᠰᠠᠨᠠᠭᠠᠳ ᠥᠯᠡᠰᠦᠨ ᠤᠮᠳᠠᠭᠠᠰᠴᠤ ᠢᠷᠡᠪᠡ ᠪᠢ
uwa suwasdi ali dörben tib metü tabun öngge ulus-i ejelegsen-e aγulas-un qaγan sümer aγula metü boγda-yin altan biy-e-dü alimad-un sayin üyeles-ün üres ilerkei öndеr bolγaγčidа ariγun qoyar yosun-u naran saran metü oruγuluγči ejen boγda-yin gegen-e ene türe čaγ samaγu boluγad, erke yeke-tü sečen qaγan-u törü ebderegsen qoyin-a ene bügüde aq-a degügen sanaγad ölesün umdaγasču irebe bi.
3
ᠡᠯᠳᠡᠪ ᠠᠯᠢᠪᠠ ᠵᠦᠢᠯ ᠢᠶᠡᠷ ᠶᠡᠬᠡ ᠪᠠᠭ ᠠ ᠪᠠᠷ ᠬᠠᠶᠢᠷᠠᠯᠠᠵᠤ ᠥᠷᠦᠱᠢᠶᠡᠬᠦᠢ ᠶᠢ ᠡᠵᠡᠨ ᠪᠣᠭᠳᠠ ᠭᠡᠭᠡᠨ ᠡ ᠳᠡᠭᠡᠨ ᠠᠶᠢᠯᠠᠳᠴᠤ ᠪᠣᠯᠤᠮᠤᠯᠠ
eldeb aliba jüil-iyer yeke baγ-a-bar qayiralaju örüšiyeküi-yi ejen boγda gegen-e-degen ayiladču bolumula.
4
ᠠᠶᠢᠯᠠᠳᠬᠠᠯ ᠰᠠᠪᠠᠭ᠎ᠠ ᠦᠭᠡᠢ ᠪᠣᠯᠪᠠᠴᠤ ᠠᠯᠢ ᠵᠥᠪ ᠪᠣᠯᠤᠭᠰᠠᠨ ᠤ ᠰᠠᠳᠤᠨ ᠰᠡᠳᠬᠢᠭᠡᠳ ᠲᠡᠭᠦᠨ ᠦ ᠠᠶᠢᠯᠠᠳᠲᠤᠭᠠᠢ ᠭᠡᠭᠡᠨ ᠳᠡᠭᠡᠨ ᠪᠣᠭᠳᠠ ᠡᠵᠡᠨ ᠮᠠᠨ ᠢ ᠡᠭᠦᠨ ᠢ ᠡᠷᠬᠡ ᠪᠠᠭᠠᠲᠤᠷ ᠵᠢᠨᠣᠩ ᠡᠵᠡᠨ ᠪᠣᠭᠳᠠ ᠶᠢᠨ ᠭᠡᠭᠡᠨ᠎ᠡ ᠪᠢᠴᠢᠭ ᠶᠠᠪᠤᠭᠤᠯᠪᠠᠢ
ayiladqal sabaγ-a ügei bolbaču ali jöb boluγsan-u sadun sedkiged tegün-ü ayiladtuγai gegen-degen boγda ejen man-i egün-i erke baγatur jinong ejen boγda-yin gegen-e bičig yabuγulbai.