Letter of Erke Bagatur 1682
Reconstruction, not a copy of the monument: the Mongolian-script text is generated automatically from the transcription in modern Unicode spelling. The orthography of pre-classical documents differed; consult the facsimile and the edition.
3
ᠡᠰᠷᠦᠨ ᠲᠩᠷᠢ ᠮᠡᠲᠦ ᠳᠡᠭᠡᠳᠦ ᠪᠣᠭᠳᠠ ᠡᠵᠡᠨ ᠢ ᠥᠯᠮᠡᠶᠢᠨ ᠳᠡᠷᠭᠡᠳᠡ ᠠᠶᠢᠯᠠᠳᠬᠠᠪᠠ
esrün tngri metü degedü boγda ejen-i ölmeyin dergede ayiladqaba.
4
ᠴᠠᠭ ᠤᠨ ᠡᠪᠳᠡᠷᠡᠯ ᠪᠣᠯᠤᠭᠰᠠᠨ ᠳᠤ ᠥᠯᠦᠰᠦᠨ ᠤᠨᠳᠠᠭᠠᠰᠤᠨ ᠢᠷᠡᠭᠡᠳ ᠴᠠᠭᠯᠠᠰᠢ ᠦᠭᠡᠢ ᠳᠡᠭᠡᠳᠦ ᠡᠵᠡᠨ ᠢ ᠳᠤᠯᠠᠭᠠᠨ ᠰᠤᠭᠤᠤ
čaγ-un ebderel boluγsan-du ölüsün undaγasun ireged čaγlasi ügei degedü ejen-i dulaγan suγuu.
6
ᠴᠠᠰᠤᠨ ᠳᠤ ᠠᠪᠲᠠᠭᠰᠠᠨ ᠬᠦᠮᠦᠨ ᠳᠤᠯᠠᠭᠠᠨ ᠭᠠᠵᠠᠷ ᠣᠯᠤᠭᠰᠠᠨ ᠮᠡᠲᠦ ᠵᠠᠬ᠎ᠠ ᠬᠦᠮᠦᠨ ᠯᠦᠭᠡ ᠲᠦᠰᠢᠨ ᠪᠠᠶᠢᠲᠠᠯ᠎ᠠ ᠴᠠᠭᠠᠵᠢ ᠵᠠᠰᠠᠭ ᠦᠯᠦ ᠮᠡᠳᠡᠬᠦ ᠬᠡᠰᠡᠭ ᠶᠠᠳᠠᠭᠤ ᠤᠯᠤᠰ ᠠᠳᠤᠭᠤ ᠠᠪᠤᠭᠰᠠᠨ ᠢ ᠭᠡᠮᠰᠢᠨ ᠲᠥᠯᠦᠬᠦᠢᠨ ᠲᠤᠯᠠ ᠬᠠᠪᠢᠶ᠎ᠠ ᠦᠭᠡᠢ ᠬᠦᠮᠦᠨ ᠡᠷᠳᠡᠨᠢ ᠬᠣᠰᠢᠭᠤᠴᠢ ᠶᠢᠨ ᠢᠳᠡᠭᠰᠡᠨ ᠬᠦᠮᠦᠨ ᠪᠠ ᠬᠤᠶᠠᠭ ᠲᠡᠷᠢᠭᠦᠲᠡᠨ ᠢ ᠬᠠᠨ ᠡᠵᠡᠨ ᠢ ᠭᠡᠭᠡᠨ᠎ᠡ ᠬᠦᠷᠭᠡᠬᠦᠯᠡ ᠪᠠᠷᠠᠮ᠎ᠠ ᠬᠡᠮᠡᠨ ᠨᠢᠭᠦᠯᠡᠰᠬᠦ ᠪᠣᠯᠪᠤᠤ ᠭᠡᠵᠢ ᠬᠠᠶᠢᠷᠠᠲᠤ ᠠᠮᠢᠨ ᠢᠶᠠᠨ ᠦᠬᠦᠯ ᠡᠴᠡ ᠠᠷᠭᠠᠯᠠᠬᠤ ᠮᠡᠲᠦ ᠠᠪᠴᠢ ᠦᠷᠭᠦᠭᠰᠡᠨ ᠪᠦᠯᠦᠭᠡ
časun-du abtaγsan kümün dulaγan γajar oluγsan metü jaq-a kümün-lüge tüsin bayitala čaγaji jasaγ ülü medekü keseg yadaγu ulus aduγu abuγsan-i gemsin tölüküin tula qabiy-a ügei kümün erdeni qosiγuči-yin idegsen kümün ba quyaγ terigüten-i qan ejen-i gegen-e kürgeküle barama kemen nigüleskü bolbuu geji qayiratu amin-iyan ükül-eče arγalaqu metü abči ürgügsen bülüge.
7
ᠬᠠᠷᠢᠭᠤ ᠵᠠᠷᠯᠢᠭ ᠲᠣᠳᠤᠷᠬᠠᠢ ᠡᠰᠡ ᠢᠷᠡᠭᠡᠳ ᠳᠠᠯᠠᠢ ᠬᠤᠩ ᠲᠠᠶᠢᠵᠢ ᠳᠤ ᠪᠢᠴᠢᠭ ᠬᠦᠷᠭᠡ ᠬᠡᠮᠡᠭᠰᠡᠨ ᠳᠦ ᠲᠩᠷᠢ ᠮᠡᠲᠦ ᠳᠡᠭᠡᠳᠦ ᠡᠵᠡᠨ ᠢ ᠵᠠᠷᠯᠢᠭ ᠪᠠᠭᠤᠭᠰᠠᠨ ᠢ ᠳᠠᠪ ᠳᠡᠭᠡᠷ᠎ᠡ ᠠᠬ᠎ᠠ ᠶᠡᠬᠡ ᠳᠠᠯᠠᠢ ᠬᠤᠩ ᠲᠠᠶᠢᠵᠢ ᠳᠤ ᠬᠦᠷᠭᠡᠯᠦᠭᠡ ᠪᠢᠳᠡ
qariγu jarliγ todurqai es-e ireged dalai qung tayiji-du bičig kürge kemegsen-dü tngri metü degedü ejen-i jarliγ baγuγsan-i dab deger-e aq-a yeke dalai qung tayiji-du kürgelüge bide.
8
ᠲᠡᠷᠡ ᠬᠠᠷᠢᠭᠤ ᠦᠳᠲᠡᠷ ᠢᠷᠡᠲᠦᠭᠡᠶᠢᠨ ᠢ ᠬᠡᠮᠡᠨ ᠰᠠᠨᠠᠨ ᠪᠠᠶᠢᠲᠠᠯ᠎ᠠ ᠤᠳᠠᠵᠢ ᠢᠷᠡᠪᠡ
tere qariγu üdter iretügeyin-i kemen sanan bayitala udaji irebe.
9
ᠲᠡᠭᠦᠨ ᠢ ᠢᠷᠡᠮᠡᠭᠴᠡ ᠳᠡᠭᠡᠳᠦ ᠡᠵᠡᠨ ᠢ ᠭᠡᠭᠡᠨ᠎ᠡ ᠠᠶᠢᠯᠠᠳᠬᠠᠭᠠ ᠢᠯᠡᠭᠡᠪᠡ ᠪᠢ
tegün-i iremegče degedü ejen-i gegen-e ayiladqaγ-a ilegebe bi.
10
ᠠᠬᠠᠯᠠᠭᠴᠢ ᠳᠠᠯᠠᠢ ᠬᠤᠩ ᠲᠠᠶᠢᠵᠢᠶᠢᠨ ᠮᠠᠨ ᠳᠤ ᠢᠯᠡᠭᠡᠭᠰᠡᠨ ᠦᠭᠡ ᠢᠨᠦ
aqalaγči dalai qung tayijiyin man-du ilegegsen üge inü.
11
ᠠᠯᠢᠶ ᠠ ᠪᠠᠷ ᠶᠠᠪᠤᠭᠰᠠᠨ ᠪᠥᠬᠦᠨ ᠬᠢᠭᠡᠳ ᠣᠷᠳᠤᠰ ᠤᠨ ᠠᠳᠤᠭᠤ ᠪᠦᠲᠦᠭᠡᠬᠦ ᠪᠢᠴᠢᠭ ᠢᠷᠡᠵᠢ ᠬᠡᠮᠡᠭᠰᠡᠨ ᠳᠦ ᠠᠯᠳᠠᠷᠰᠢᠭᠰᠠᠨ ᠳᠡᠭᠡᠳᠦ ᠡᠵᠡᠨ ᠢ ᠵᠠᠷᠯᠢᠭ ᠠᠴᠠ ᠭᠠᠷᠬᠤ ᠪᠡᠷᠬᠡ ᠬᠡᠮᠡᠨ ᠰᠠᠨᠠᠪᠠ ᠴᠤ ᠠᠳᠤᠭᠤ ᠠᠪᠤᠭᠰᠠᠨ ᠤᠯᠤᠰ ᠤᠨ ᠡᠮ᠎ᠡ ᠦᠷᠡᠨ ᠪᠡᠶ ᠡ ᠡᠴᠡ ᠥᠪᠡᠷ᠎ᠡ ᠶᠠᠭᠤᠮ᠎ᠠ ᠦᠭᠡᠶᠢᠨ ᠲᠤᠯᠠ ᠡᠷᠲᠡᠨ ᠡᠴᠡ ᠪᠡᠶ ᠡ ᠯᠦᠭᠡ ᠮᠢᠨᠦ ᠢᠯᠭᠠᠯ ᠦᠭᠡᠢ ᠬᠠᠮᠲᠤ ᠥᠰᠦᠭᠰᠡᠨ
aliy-a-bar yabuγsan bökün kiged ordus-un aduγu bütügekü bičig ireji kemegsen-dü aldarsiγsan degedü ejen-i jarliγ-ača γarqu berke kemen sanaba ču aduγu abuγsan ulus-un em-e üren bey-e-eče öber-e yaγuma ügeyin tula erten-eče bey-e-lüge minü ilγal ügei qamtu ösügsen.
12
ᠡᠨᠡ ᠵᠣᠪᠠᠩ ᠮᠡᠩᠳᠡᠨᠢᠬᠦ ᠦᠢᠯᠡ ᠳᠦ ᠮᠢᠨᠦ ᠰᠡᠭᠦᠳᠡᠷ ᠮᠡᠲᠦ ᠪᠣᠯᠤᠭᠰᠠᠨ
ene jobang mengdenikü üile-dü minü següder metü boluγsan.
13
ᠡᠴᠢᠭᠡ ᠡᠬᠡ ᠡᠴᠡ ᠢᠨᠠᠭᠰᠢ ᠬᠠᠶᠢᠷᠠᠲᠤ ᠰᠠᠶᠢᠳ ᠢᠶᠠᠨ ᠭᠠᠭᠴᠠ ᠬᠣᠶᠠᠷ ᠮᠠᠯ ᠠᠴᠠ ᠡᠷᠬᠡ ᠦᠭᠡᠢ ᠶᠠᠳᠠᠨ ᠴᠢᠳᠠᠨ ᠵᠠᠭᠤᠨ ᠮᠣᠷᠢᠨ ᠪᠣᠯᠭᠠᠨ ᠬᠦᠷᠭᠡᠪᠡ ᠪᠢ
ečige eke-eče inaγsi qayiratu sayid-iyan γaγča qoyar mal-ača erke ügei yadan čidan jaγun morin bolγan kürgebe bi.
14
ᠡᠷᠳᠡᠨᠢ ᠬᠣᠰᠢᠤᠴᠢ ᠯᠤᠭ᠎ᠠ ᠬᠠᠮᠲᠤ ᠶᠠᠪᠤᠭᠰᠠᠨ ᠪᠥᠬᠦᠨ ᠡᠵᠡᠨ ᠢ ᠵᠠᠷᠯᠢᠭ ᠪᠠᠭᠤᠭᠰᠠᠨ ᠢ ᠰᠣᠨᠤᠰᠤᠭᠠᠳ ᠵᠢᠯᠢᠶᠢᠵᠢ ᠤᠳᠠᠵᠢ
erdeni qosiuči-luγ-a qamtu yabuγsan bökün ejen-i jarliγ baγuγsan-i sonusuγad jiliyiji udaji.
16
ᠡᠵᠡᠨ ᠢ ᠵᠦᠭ ᠳᠦ ᠵᠦᠭ ᠲᠦ ᠪᠤᠷᠤᠭᠤ ᠰᠠᠨᠠᠭᠰᠠᠨ ᠬᠦᠮᠦᠨ ᠢ ᠲᠤᠯᠠ ᠬᠤᠳᠠᠯ ᠠᠶᠢᠯᠠᠳᠬᠠᠬᠤ ᠮᠢᠨᠤ ᠦᠭᠡᠢ
ejen-i jüg-dü [=jüg-tü] buruγu sanaγsan kümün-i tula qudal ayiladqaqu minu ügei.
17
ᠡᠨᠡᠷᠢᠨ ᠨᠢᠭᠦᠯᠡᠰᠦᠭᠴᠢ ᠳᠡᠭᠡᠳᠦ ᠪᠣᠭᠳᠠ ᠡᠵᠡᠨ ᠢ ᠭᠡᠭᠡᠨ ᠠᠶᠢᠯᠠᠳ ᠤᠨ ᠡᠭᠦᠨᠴᠡ ᠬᠣᠶᠢᠲᠤ ᠰᠠᠶᠢᠨ ᠮᠠᠭᠤ
enerin nigülesügči degedü boγda ejen-i gegen ayilad-un egünče qoyitu sayin maγu.
21
ᠡᠪᠳᠡᠷᠡᠭᠰᠡᠨ ᠲᠥᠷᠦᠪᠡᠨ ᠣᠯᠤᠭᠰᠠᠨ ᠮᠡᠲᠦ ᠪᠠᠶᠠᠰᠬᠤᠯᠠᠩ ᠲᠤ ᠪᠣᠯᠬᠤ ᠪᠦᠯᠦᠭᠡ ᠪᠢ
ebderegsen törüben oluγsan metü bayasqulang-tu bolqu bülüge bi.