Letter of Erke Bagatur 1691a
Reconstruction, not a copy of the monument: the Mongolian-script text is generated automatically from the transcription in modern Unicode spelling. The orthography of pre-classical documents differed; consult the facsimile and the edition.
1
ᠥᠭᠡᠯᠡᠳ ᠦᠨ ᠪᠠᠭᠠᠲᠤᠷ ᠡᠷᠬᠡ ᠵᠢᠨᠣᠩ ᠤᠨ ᠠᠶᠢᠯᠠᠳᠬᠠᠬᠤ ᠪᠢᠴᠢᠭ
ögeled-ün baγatur erke jinong-un ayiladqaqu bičig.
3
ᠳᠡᠯᠡᠬᠡᠢ ᠳᠠᠬᠢᠨ ᠤ ᠡᠰᠡᠷᠤᠠ ᠳᠡᠭᠡᠳᠦ ᠮᠠᠨᠵᠤᠰᠢᠷᠢ ᠶᠢᠨ ᠬᠤᠪᠢᠯᠭᠠᠨ ᠲᠡᠭᠦᠰ ᠠᠤᠭ᠎ᠠ ᠬᠦᠴᠦᠲᠦ ᠲᠡᠩᠰᠡᠯ ᠦᠭᠡᠢ ᠭᠠᠢᠶᠢᠬᠠᠮᠰᠢᠭ ᠲᠤ ᠡᠵᠡᠨ ᠢ ᠥᠯᠮᠢᠶᠢᠨ ᠳᠡᠷᠭᠡᠳᠡ ᠠᠶᠢᠯᠠᠳᠬᠠᠪᠠ ᠡᠨᠡ ᠨᠠᠰᠤᠨ ᠢ ᠵᠢᠷᠭᠠᠬᠤ ᠵᠣᠪᠠᠬᠤ ᠤᠴᠢᠷ ᠢ ᠳᠡᠭᠡᠳᠦ ᠡᠵᠡᠨ ᠢ ᠭᠡᠭᠡᠨ᠎ᠡ ᠠᠶᠢᠯᠠᠳᠬᠠᠭᠰᠠᠨ ᠠᠴᠠ ᠢᠨᠠᠭᠰᠢ ᠰᠡᠳᠬᠢᠯ ᠮᠢᠨᠢ ᠠᠮᠤᠷ ᠪᠡᠶ᠎ᠡ ᠮᠢᠨᠢ ᠵᠢᠷᠭᠠᠨ ᠰᠠᠭᠤᠯᠠᠢ ᠲᠡᠶᠢᠭᠡᠲᠡᠯᠡ ᠬᠠᠯᠬ᠎ᠠ ᠲᠦᠰᠢᠶᠡᠲᠦ ᠬᠠᠭᠠᠨ ᠭᠠᠯᠳᠠᠨ ᠪᠣᠱᠣᠭᠲᠤ ᠬᠣᠶᠠᠷ ᠠᠯᠠᠯᠴᠠᠬᠤ ᠳᠤ ᠪᠢ ᠤᠷᠢᠳᠤ ᠥᠰᠢᠶ ᠡ ᠪᠡᠨ ᠰᠠᠨᠠᠵᠤ ᠲᠦᠰᠢᠶᠡᠲᠦ ᠬᠠᠭᠠᠨ ᠯᠤᠭ᠎ᠠ ᠨᠥᠬᠦᠴᠡᠰᠦ ᠭᠡᠵᠢ ᠰᠠᠨᠠᠭᠰᠠᠨ ᠰᠠᠨᠠᠭᠠᠪᠠᠨ ᠬᠡᠯᠡᠵᠢ ᠢᠯᠡᠭᠡᠪᠡ ᠪᠢ ᠬᠡᠯᠡᠭᠰᠡᠨ ᠦᠭᠡ ᠮᠢᠨᠢ ᠭᠠᠯᠳᠠᠨ ᠪᠣᠱᠣᠭᠲᠤ ᠶᠢᠨ ᠠᠷᠭ᠎ᠠ ᠶᠡᠬᠡ ᠨᠥᠬᠦᠳ ᠢᠨᠦ ᠳᠠᠶᠢᠰᠤᠨ ᠳᠤ ᠳᠠᠳᠤᠮᠠᠭᠠᠢ
delekei dakin-u eseru-a degedü manjusiri-yin qubilγan tegüs auγ-a küčütü, tengsel ügei γaiyiqamsiγ-tu ejen-i ölmiyin dergede ayiladqaba, ene nasun-i jirγaqu jobaqu učir-i degedü ejen-i gegen-e ayiladqaγsan-ača inaγsi sedkil mini amur bey-e mini jirγan saγulai teyigetele qalq-a tüsiyetü qaγan g’aldan bošoγtu qoyar alalčaqu-du, bi uridu ösiy-e-ben sanaju tüsiyetü qaγan-luγ-a nöküčesü geji sanaγsan sanaγaban keleji ilegebe bi, kelegsen üge mini g’aldan bošoγtu-yin arγ-a yeke, nöküd inü dayisun-du dadumaγai.
4
ᠲᠠ ᠤᠷᠢᠳᠠᠨᠢ ᠡᠩᠬᠡ ᠲᠥᠷᠦᠪᠡᠷ ᠶᠠᠪᠤᠭᠰᠠᠨ ᠢ ᠲᠤᠯᠠ ᠳᠠᠶᠢᠰᠤᠨ ᠢ ᠤᠴᠢᠷ ᠮᠡᠳᠡᠬᠦ ᠦᠭᠡᠢ ᠪᠤᠢ ᠵᠠ
ta uridani engke törüber yabuγsan-i tula dayisun-i učir medekü ügei bui-j-a.
5
ᠪᠢᠳᠡᠨᠢ ᠨᠤᠲᠤᠭ ᠬᠣᠯᠠᠶᠢᠨ ᠲᠤᠯᠠᠳᠠ ᠲᠠᠨᠢ ᠭᠦᠶᠢᠴᠡᠬᠦ ᠬᠡᠴᠢᠭᠦᠦ ᠮᠠᠨᠢ ᠬᠦᠯᠢᠶᠡᠭᠲᠦᠨ ᠭᠡᠵᠦ ᠬᠡᠯᠡᠯᠡᠢ ᠪᠢᠳᠡ
bideni nutuγ qolayin tulada tani güyičekü kečigüü mani küliyegtün gejü kelelei bide.
6
ᠲᠡᠶᠢᠭᠡᠲᠡᠯᠡ ᠮᠠᠨᠢ ᠤᠷᠢᠳ ᠶᠠᠪᠤᠬᠤ ᠭᠠᠯᠳᠠᠨ ᠪᠣᠱᠣᠭᠲᠤ ᠶᠢᠨ ᠳᠡᠭᠦᠭᠢ ᠠᠯᠠᠭᠠᠳ ᠵᠠᠬ᠎ᠠ ᠨᠤᠲᠤᠭ ᠭᠢᠨᠢ ᠠᠪᠤᠭᠠᠳ ᠭᠡᠳᠡᠷᠭᠦ ᠤᠷᠪᠠᠵᠤ ᠥᠪᠡᠷ ᠦᠨ ᠭᠠᠵᠠᠷ ᠲᠠᠭᠠᠨ ᠢᠷᠡᠵᠦ ᠪᠠᠶᠢᠲᠠᠯ᠎ᠠ ᠪᠢᠳᠡ ᠨᠡᠶᠢᠯᠡᠯᠴᠢᠪᠡ
teyigetele mani urid yabuqu, g’aldan bošoγtu-yin degügi alaγad, jaq-a nutuγ-gini abuγad gedergü urbaju öber-ün γajar taγan irejü bayitala, bide neyilelčibe.
7
ᠪᠦᠭᠦᠳᠡ ᠨᠥᠬᠦᠳ ᠢᠨᠦ ᠲᠠᠷᠬᠠᠵᠤ ᠰᠠᠮᠠᠭᠤ ᠪᠠᠶᠢᠬᠤ ᠳᠤ ᠪᠢᠳᠡ ᠬᠡᠯᠡᠪᠡ ᠡᠰᠡ ᠭᠡᠬᠦᠯ᠎ᠡ ᠨᠥᠬᠦᠳ ᠢᠶᠡᠨ ᠴᠤᠭᠯᠠᠭᠤᠯᠵᠤ ᠬᠢᠴᠢᠶᠡᠨ ᠪᠠᠶᠢᠯᠲᠠᠢ ᠡᠰᠡ ᠭᠡᠬᠦᠯ᠎ᠡ ᠥᠪᠡᠷ ᠣᠲᠤᠭᠴᠢᠨ ᠤ ᠳᠦᠷᠪᠡᠵᠦ ᠬᠤᠲᠤᠭᠲᠤ ᠡᠬᠢᠯᠡᠨ ᠪᠦᠭᠦᠳᠡ ᠳᠤᠲᠠᠭᠠᠵᠤ ᠳᠡᠭᠡᠳᠦ ᠡᠵᠡᠨ ᠢ ᠲᠡᠮᠡᠴᠡᠵᠦ ᠤᠳᠠᠴᠢ ᠦᠯᠦ ᠪᠠᠶᠢᠨᠤ
bügüde nöküd inü tarqaju samaγu bayiqu-du bide kelebe, ese geküle nöküd-iyen čuγlaγulju kičiyen bayiltai, ese geküle öber otuγčin-u dürbejü qutuγtu ekilen bügüde dutaγaju degedü ejen-i temečejü udači ülü bayinu.
8
ᠲᠡᠳᠡᠨ ᠢ ᠬᠣᠶᠢᠨ ᠠ ᠠᠴᠠ ᠶᠠᠪᠤᠯᠲᠠᠢ ᠲᠠᠨᠢ ᠡᠨᠡ ᠪᠠᠶᠢᠳᠠᠯ ᠢᠶᠠᠷ ᠪᠢᠳᠡ ᠶᠠᠭᠤᠮ᠎ᠠ ᠴᠢᠳᠠᠬᠤ ᠦᠭᠡᠢ ᠭᠡᠵᠢ ᠵᠢᠷᠭᠤᠭᠠᠨ ᠳᠣᠯᠤᠭᠠᠨ ᠦᠶ᠎ᠡ ᠮᠡᠳᠡᠭᠦᠯᠪᠡ ᠪᠢᠳᠡ
teden-i qoyin-a-ača yabultai, tani ene bayidal-iyar bide yaγuma čidaqu ügei geji jirγuγan doluγan üy-e medegülbe bide.
10
ᠭᠠᠯᠳᠠᠨ ᠪᠣᠰᠣᠭᠲᠤ ᠭᠡᠨᠡᠲᠡ ᠢᠷᠡᠭᠡᠳ ᠲᠡᠳᠡᠨ ᠢ ᠳᠠᠷᠤᠭᠳᠠᠭᠰᠠᠨ ᠢ ᠲᠡᠷᠡ ᠠᠷᠭ᠎ᠠ ᠦᠭᠡᠢ ᠪᠣᠯᠤᠭᠠᠳ ᠪᠢ ᠬᠠᠷᠢᠵᠤ ᠢᠷᠡᠲᠡᠯ᠎ᠡ ᠤᠷᠢᠳᠠ ᠳᠡᠭᠳᠡᠬᠡᠢ ᠮᠡᠷᠭᠡᠨ ᠠᠬᠠᠢ ᠭᠢ ᠣᠳᠤᠵᠤ ᠤᠷᠪᠠᠭᠰᠠᠨ ᠢᠨᠳᠠᠮᠤᠨᠢ ᠡᠷᠬᠡ ᠨᠣᠶᠠᠨ ᠢ ᠡᠮ᠎ᠡ ᠭᠠᠯᠳᠠᠨ ᠪᠣᠰᠣᠭᠲᠤ ᠶᠢᠨ ᠴᠡᠷᠢᠭ ᠦᠨ ᠵᠠᠮ ᠳᠡᠭᠡᠷ᠎ᠡ ᠪᠠᠶᠢᠵᠤ ᠳᠠᠶᠢᠰᠤᠨ ᠢᠷᠡᠪᠡ ᠳᠤᠲᠠᠭᠠᠭᠲᠤᠨ ᠭᠡᠵᠦ ᠬᠡᠯᠡᠲᠡᠯ᠎ᠡ ᠪᠣᠯᠤᠯ ᠦᠭᠡᠢ ᠮᠠᠨᠢ ᠢᠯᠡᠭᠡᠰᠡᠨ ᠤᠯᠤᠰ ᠢ ᠠᠯᠠᠵᠠᠮ ᠭᠡᠬᠦᠳᠦ ᠡᠳᠦᠢ ᠲᠡᠳᠦᠢ ᠠᠮᠢ ᠬᠦᠨᠡᠰᠦ ᠤᠨᠤᠯᠭ᠎ᠠ ᠠᠪᠤᠭᠰᠠᠨ ᠮᠠᠨᠢ ᠲᠡᠷᠡ
g’aldan bosoγtu genete ireged teden-i daruγdaγsan-i tere arγ-a ügei boluγad bi qariju iretele urida degdekei mergen aqai-gi oduju urbaγsan indamuni erke noyan-i em-e g’aldan bosoγtu-yin čerig-ün jam deger-e bayiju dayisun irebe dutaγaγtun gejü keletele bolul ügei mani ilegesen ulus-i alajam geküdü edüi tedüi ami künesü unulγ-a abuγsan mani tere.
11
ᠶᠡᠷᠦ ᠬᠦᠮᠦᠨ ᠢ ᠰᠠᠨᠠᠭᠠᠨ ᠲᠦᠰᠢᠭᠰᠡᠨ ᠢᠶᠡᠨ ᠦᠢᠯᠡ ᠪᠦᠲᠦᠲᠦᠭᠡᠢ ᠭᠡᠵᠦ ᠰᠠᠨᠠᠲᠠᠯ ᠦᠯᠦ ᠪᠠᠶᠢᠨᠤ
yerü kümün-i sanaγan tüsigsen-iyen üile bütütügei gejü sanatal ülü bayinu.
12
ᠮᠠᠨᠢ ᠬᠡᠰᠢᠭ ᠪᠠᠭ᠎ᠠ ᠬᠠᠯᠬ ᠠ ᠶᠢᠨ ᠶᠠᠪᠤᠳᠠᠯ ᠰᠠᠮᠠᠭᠤ ᠪᠣᠯᠵᠢ ᠳᠠᠷᠤᠭᠳᠠᠪᠠ
mani kesig baγ-a qalq-a-yin yabudal samaγu bolji daruγdaba.
14
ᠳᠡᠭᠡᠳᠦ ᠲᠩᠷᠢ ᠮᠡᠲᠦ ᠭᠠᠶᠢᠬᠠᠮᠰᠢᠭ ᠲᠤ ᠡᠵᠡᠨ ᠨᠠᠮᠠᠶᠢ ᠡᠶᠢᠮᠢ ᠶᠡᠬᠡᠳᠡ ᠥᠷᠦᠰᠢᠶᠡᠭᠰᠡᠨ ᠬᠣᠶᠢᠨᠠ ᠳᠷᠤᠳᠤ ᠪᠠᠭ᠎ᠠ ᠮᠠᠭᠤ ᠬᠦᠮᠦᠨ ᠪᠢ ᠦᠬᠦᠨ ᠡᠷᠭᠦᠲᠡᠯ᠎ᠡ ᠳᠡᠭᠡᠳᠦ ᠡᠵᠡᠨ ᠢ ᠳᠠᠯᠠᠢ ᠪᠯᠠᠮ᠎ᠠ ᠬᠣᠶᠠᠷ ᠤᠨ ᠨᠢᠭᠦᠯᠡᠰᠬᠦᠢ ᠳᠦ ᠰᠢᠲᠦᠵᠢ ᠠᠮᠤᠷ ᠶᠠᠪᠤᠰᠤ ᠭᠡᠵᠦ ᠰᠠᠨᠠᠳᠠᠭ ᠪᠢ ᠪᠣᠭᠰᠢᠷᠭ᠎ᠠ ᠨᠠᠷᠠᠨ ᠤ ᠬᠦᠴᠦᠪᠡᠷ ᠵᠢᠷᠭᠢᠨᠡᠮ ᠭᠡᠭᠴᠢ ᠦᠯᠢᠭᠡᠷ ᠮᠡᠲᠦ ᠭᠠᠶᠢᠬᠠᠮᠰᠢᠭ ᠲᠤ ᠡᠵᠡᠨ ᠢ ᠰᠦᠷ ᠵᠠᠯᠢ ᠳᠤ ᠲᠦᠰᠢᠵᠢ ᠰᠡᠳᠬᠢᠯ ᠮᠢᠨᠢ ᠨᠤᠲᠠᠳᠢ ᠪᠡᠶ᠎ᠡ ᠮᠢᠨᠢ ᠠᠮᠤᠷ ᠪᠠᠶᠢᠲᠠᠯ᠎ᠠ ᠶᠡᠬᠡ ᠬᠡᠦᠬᠡᠳ ᠮᠢᠨᠢ ᠪᠠᠲᠤ ᠦᠭᠡᠢ ᠪᠣᠯᠤᠭᠠᠳ ᠳᠠᠷᠤᠶᠢᠳᠤ ᠯᠤᠪᠰᠠᠩ ᠭᠦᠮᠪᠦ ᠠᠷᠠᠪᠳᠠᠨ ᠦᠭᠡᠢ ᠪᠣᠯᠵᠢ ᠰᠡᠳᠬᠢᠯ ᠮᠢᠨᠢ ᠵᠣᠪᠤᠵᠤ ᠪᠠᠶᠢᠲᠠᠯ᠎ᠠ
degedü tngri metü γayiqamsiγ-tu ejen namayi eyimi yekede örüsiyegsen qoyina, dоrudu baγ-a maγu kümün bi ükün ergütele degedü ejen-i dalai blam-a qoyar-un nigülesküi-dü sitüji amur yabusu gejü sanadaγ bi boγsirγ-a naran-u küčüber jirginem gegči üliger metü γayiqamsiγ-tu ejen-i sür jali-du tüsiji sedkil mini nutadi bey-e mini amur bayitala yeke keüked mini batu ügei boluγad daruyidu lubsang gümbü arabdan ügei bolji sedkil mini jobuju bayitala.
15
ᠭᠠᠶᠢᠬᠠᠮᠰᠢᠭ ᠲᠤ ᠡᠵᠡᠨ ᠢ ᠨᠢᠭᠦᠯᠡᠰᠦᠭᠰᠡᠨ ᠰᠤᠷᠭᠠᠯ ᠵᠠᠷᠯᠢᠭ ᠡᠪᠳᠡᠷᠡᠭᠰᠡᠨ ᠤᠯᠤᠰᠢ ᠰᠡᠯᠪᠢᠨ ᠡᠮᠭᠡᠨᠢᠭᠰᠡᠨ ᠰᠡᠳᠬᠢᠯ ᠢ ᠠᠮᠠᠷᠠᠭᠤᠯᠬᠤ ᠮᠡᠲᠦ ᠵᠠᠷᠯᠢᠭ ᠪᠠᠭᠤᠰᠠᠨ ᠳᠤ ᠰᠡᠳᠬᠢᠯ ᠮᠢᠨᠢ ᠲᠡᠷᠡ ᠬᠣᠶᠠᠷ ᠢ ᠡᠳᠡᠭᠡᠭᠰᠡᠨ ᠡᠴᠡ ᠦᠯᠡᠮᠵᠢ ᠪᠠᠶᠠᠰᠤᠭᠠᠳ ᠡᠵᠡᠨ ᠢ ᠵᠠᠷᠯᠢᠭ ᠢᠶᠠᠷ ᠪᠡᠶ᠎ᠡ ᠮᠢᠨᠤ ᠯᠤᠪᠰᠠᠩ ᠭᠦᠮᠪᠦ ᠠᠷᠠᠪᠳᠠᠨ ᠢ ᠨᠤᠲᠤᠭᠲᠤ ᠣᠳᠴᠤ ᠡᠵᠡᠨ ᠢ ᠵᠠᠷᠯᠢᠭ ᠵᠠᠬᠢᠶ᠎ᠠ ᠰᠣᠨᠤᠰᠵᠤ ᠢᠷ᠎ᠡ ᠭᠡᠵᠦ ᠭᠠᠪᠴᠣᠶᠢᠭᠢ ᠢᠯᠡᠭᠡᠪᠡ ᠪᠢ
γayiqamsiγ-tu ejen-i nigülesügsen surγal jarliγ ebderegsen ulusi selbin emgenigsen sedkil-i amaraγulqu metü, jarliγ baγusan-du, sedkil mini tere qoyar-i edegegsen-eče ülemji bayasuγad, ejen-i jarliγ-iyar bey-e minu lubsang gümbü arabdan-i nutuγtu odču ejen-i jarliγ jakiy-a sonusju ire gejü g’abčoyigi ilegebe bi.
16
ᠭᠠᠶᠢᠬᠠᠮᠰᠢᠭ ᠲᠤ ᠳᠡᠭᠡᠳᠦ ᠡᠵᠡᠨ ᠢ ᠰᠦᠯᠳᠡ ᠳᠦ ᠲᠦᠰᠢᠵᠢ ᠭᠠᠷ ᠭᠠᠵᠠᠷ᠎ᠠ ᠬᠥᠯ ᠬᠥᠰᠦᠷᠦ ᠵᠢᠷᠭᠠᠨ ᠰᠠᠭᠤᠲᠠᠯ᠎ᠠ ᠬᠠᠨᠳᠤ ᠲᠠᠶᠢᠵᠢ ᠬᠠᠷ᠎ᠠ ᠮᠥᠷᠲᠦ ᠪᠠᠶᠢᠲᠠᠨᠢ ᠲᠦᠰᠢᠮᠡᠯ ᠲᠡᠶᠢᠭᠡᠨ ᠳᠡᠭᠡᠳᠦ ᠡᠵᠡᠨ ᠢ ᠶᠣᠰᠤᠲᠤ ᠬᠡᠷᠡᠮ ᠡᠪᠳᠡᠭᠡᠳ
γayiqamsiγ-tu degedü ejen-i sülde-dü tüsiji, γar γajar-a köl kösürü jirγan saγutala qandu tayiji qara mörtü bayitani tüsimel teyigen degedü ejen-i yosutu kerem ebdeged.
17
ᠳᠡᠷᠭᠡᠳᠡ ᠠᠬ᠎ᠠ ᠪᠣᠯᠵᠢ ᠪᠠᠶᠢᠭᠰᠠᠨ ᠮᠢᠨᠢ ᠳᠡᠭᠦᠨᠠᠷ ᠢ ᠢᠳᠡᠭᠡᠳ ᠲᠡᠯ ᠬᠡᠯᠡᠲᠦ ᠳᠦᠩᠰᠢ ᠠᠯᠠᠭᠰᠢ
dergede aq-a bolji bayiγsan mini degünar-i ideged, tel keletü düngsi alaγsi.
18
ᠲᠡᠷᠡ ᠪᠦᠭᠦᠳᠡ ᠶᠠᠯᠢᠶᠢᠨ ᠲᠤᠰ ᠲᠤ ᠨᠠᠮᠠᠶᠢ ᠶᠠᠯᠠᠯᠠᠬᠤ ᠶᠡᠬᠡ ᠵᠥᠪ ᠪᠢᠯᠡ
tere bügüde yaliyin tus-tu namayi yalalaqu yeke jöb bile.
19
ᠲᠡᠶᠢᠮᠢ ᠤᠴᠢᠷ ᠢ᠎ᠠ ᠠᠶᠢᠯᠠᠳᠵᠤ ᠪᠠᠶᠢᠲᠠᠯ᠎ᠠ ᠳᠡᠭᠡᠳᠦ ᠭᠠᠶᠢᠬᠠᠮᠰᠢᠭ ᠲᠤ ᠡᠵᠡᠨ ᠨᠠᠮᠠᠶᠢ ᠶᠡᠬᠡᠳᠡ ᠨᠢᠭᠦᠯᠡᠰᠵᠦ ᠤᠤᠴᠢᠯᠠᠭᠰᠠᠨ ᠰᠡᠳᠬᠢᠯ ᠮᠢᠨᠢ ᠠᠮᠠᠷᠠᠵᠤ ᠭᠤᠷᠪᠠ ᠰᠥᠭᠡᠳᠦᠨ ᠶᠢᠰᠦ ᠮᠥᠷᠭᠦᠪᠡ ᠪᠢ
teyimi učir-i-a ayiladju bayitala, degedü γayiqamsiγ-tu ejen namayi yekede nigülesjü uučilaγsan sedkil mini amaraju γurba sögedün yisü mörgübe bi.
20
ᠭᠠᠯᠳᠠᠨ ᠪᠣᠱᠣᠭᠲᠤ ᠵᠠᠷᠢᠮ ᠰᠣᠨᠤᠰᠳᠠᠬᠤ ᠳᠤ ᠴᠡᠷᠢᠭ ᠮᠣᠷᠳᠤᠭᠰᠠᠨ ᠪᠢᠲᠦᠷ ᠵᠠᠷᠢᠮ ᠰᠣᠨᠤᠰᠳᠠᠬᠤ ᠳᠤ ᠮᠤᠤᠵᠢᠷᠠᠭᠰᠠᠨ ᠪᠢᠲᠦ ᠰᠣᠨᠤᠰᠲᠤᠾᠢ
g’aldan bošoγtu jarim sonusdaqu-du čerig morduγsan bitür jarim sonusdaqu-du muujiraγsan bitü sonustuhi.
21
ᠶᠠᠮᠠᠷᠠᠪᠠ ᠦᠢᠯᠡ ᠮᠡᠳᠡᠰᠢ ᠦᠭᠡᠢ ᠬᠡᠷᠪᠡ ᠮᠠᠨᠢ ᠲᠡᠭᠦᠭᠡᠷ ᠴᠡᠷᠢᠭ ᠢᠷᠡᠬᠦᠯ᠎ᠡ ᠭᠠᠵᠠᠷ ᠤᠨ ᠨᠣᠶᠣᠳ ᠵᠠᠷᠯᠢᠭ ᠦᠭᠡᠢ ᠮᠠᠨᠢ ᠬᠡᠷᠡᠮ ᠣᠷᠤᠭᠤᠯᠬᠤ ᠦᠭᠡᠢ
yamaraba üile medesi ügei, kerbe mani tegüger čerig ireküle γajar-un noyod jarliγ ügei mani kerem oruγulqu ügei.
22
ᠪᠢᠳᠡ ᠰᠠᠨᠠᠭᠠᠪᠠᠷ ᠵᠠᠷᠯᠢᠭ ᠦᠭᠡᠢ ᠬᠡᠷᠡᠮ ᠣᠷᠤᠨ ᠴᠢᠳᠠᠬᠤ ᠦᠭᠡᠢ ᠡᠨᠡ ᠤᠴᠢᠷ ᠢ ᠵᠥᠪ ᠪᠤᠷᠤᠭᠤᠭᠢ ᠢᠯᠭᠠᠬᠤ ᠵᠤᠷᠭᠠᠨ ᠢ ᠰᠠᠶᠢᠳ ᠲᠤ ᠮᠡᠳᠡᠭᠦᠯᠦᠨᠡᠮ ᠪᠢᠳᠡ
bide sanaγabar jarliγ ügei kerem orun čidaqu ügei, ene učir-i jöb buruγugi ilγaqu jurγan-i sayid-tu medegülünem bide.
24
ᠭᠠᠶᠢᠬᠠᠮᠰᠢᠭ ᠲᠤ ᠡᠵᠡᠨ ᠢ ᠰᠦᠯᠳᠡ ᠳᠦ ᠰᠢᠲᠦᠵᠢ ᠰᠠᠭᠤᠭᠰᠠᠨ ᠳᠠᠭᠠᠨ ᠡᠮ ᠪᠦᠲᠦᠨ ᠬᠣᠳᠤ ᠬᠣᠳᠤᠭᠤᠳᠤ ᠴᠠᠳᠬᠤᠯᠠᠩ ᠠᠮᠤᠷ ᠰᠠᠭᠤᠯᠠᠢ ᠪᠢ
γayiqamsiγ-tu ejen-i sülde-dü sitüji saγuγsan daγan em bütün qodu [qoduγudu] čadqulang amur saγulai bi.
25
ᠬᠠᠷᠢ ᠬᠠᠯᠤᠳ ᠠᠬ᠎ᠠ ᠳᠡᠭᠦᠦ ᠪᠦᠭᠦᠳᠡ ᠨᠠᠮᠠᠶᠢ ᠳᠡᠭᠡᠳᠦ ᠡᠵᠡᠨ ᠢ ᠥᠯᠵᠡᠢ ᠪᠡᠷ ᠵᠢᠨᠣᠩ ᠳᠤ ᠮᠤᠩᠳᠠᠯ ᠴᠥᠯᠳᠡᠯ ᠦᠭᠡᠢ ᠵᠢᠷᠭᠠᠵᠤ ᠭᠡᠵᠢ ᠬᠡᠯᠡᠳᠡᠭ ᠪᠢᠯᠡ
qari qalud aq-a degüü bügüde namayi degedü ejen-i öljei-ber jinong-du mungdal čöldel ügei jirγaju geji keledeg bile.
26
ᠦᠷᠡᠨ ᠮᠢᠨᠢ ᠦᠭᠡᠢ ᠪᠣᠯᠤᠭᠰᠠᠨ ᠳᠤ ᠪᠠᠷᠤᠳ ᠢᠯᠡᠭᠡᠵᠦ ᠨᠣᠮ ᠬᠢᠰᠦ ᠭᠡᠵᠦ ᠰᠠᠨᠠᠪᠠᠵᠢᠭᠢ ᠭᠠᠷᠲᠤ ᠮᠢᠨᠢ ᠶᠠᠭᠤᠮᠠᠨ ᠦᠭᠡᠢ ᠶᠢᠨ ᠲᠤᠯᠠᠳᠠ ᠬᠠᠷ᠎ᠠ ᠲᠣᠯᠤᠭᠤᠶᠢᠲᠠᠨ ᠢ ᠡᠬᠡ ᠮᠡᠲᠦ ᠠᠰᠠᠷᠠᠵᠤ ᠬᠠᠮᠤᠭ ᠪᠦᠭᠦᠳᠡ ᠶᠢ ᠲᠣᠯᠢ ᠮᠡᠲᠦ ᠲᠣᠳᠤᠷᠬᠠᠶ᠎ᠠ ᠠᠶᠢᠯᠠᠳᠵᠤ ᠪᠠᠶᠢᠬᠤ ᠳᠤ
üren mini ügei boluγsan-du barud ilegejü nom kisü gejü sanabajigi, γartu mini yaγuman ügei-yin tulada qara toluγuyitan-i eke metü asaraju, qamuγ bügüde-yi toli metü todurqay-a ayiladju bayiqu-du.
27
ᠭᠠᠶᠢᠬᠠᠮᠰᠢᠭ ᠲᠤ ᠳᠡᠭᠡᠳᠦ ᠡᠵᠡᠨ ᠢ ᠥᠯᠮᠢ ᠶᠢᠨ ᠳᠡᠷᠭᠡᠳᠡ ᠦᠭᠡᠢ ᠵᠥᠪ ᠢᠶᠡᠨ ᠠᠶᠢᠯᠠᠳᠬᠠᠨᠠᠮ ᠪᠢ
γayiqamsiγ-tu degedü ejen-i ölmi-yin dergede ügei jöb-iyen ayiladqanam bi.
28
ᠠᠯᠢᠪᠠ ᠠᠶᠢᠯᠠᠳᠬᠠᠯ ᠤᠨ ᠤᠴᠢᠷ ᠢ ᠵᠢᠷᠭᠤᠳᠤᠭᠠᠷ ᠰᠠᠷᠠᠶᠢᠨ ᠪᠤᠶᠠᠨ ᠲᠤ ᠡᠳᠦᠷ ᠠᠯᠠᠰᠠ ᠶᠢᠨ ᠤᠯᠠᠨ ᠪᠤᠯᠠᠭ ᠠᠴᠠ ᠡᠷᠭᠦᠪᠡ
aliba ayiladqal-un učir-i jirγuduγar sarayin buyan-tu edür alasa-yin ulan bulaγ-ača ergübe.