Letter of Güüshi 1645a
Reconstruction, not a copy of the monument: the Mongolian-script text is generated automatically from the transcription in modern Unicode spelling. The orthography of pre-classical documents differed; consult the facsimile and the edition.
2
ᠬᠠᠭᠠᠨ ᠤ ᠬᠦᠨᠳᠦ ᠵᠠᠰᠠᠭ ᠤᠨ ᠠᠯᠲᠠᠨ ᠪᠤᠭᠤᠯᠠᠭ᠎ᠠ ᠬᠣᠶᠠᠷ ᠢ ᠬᠣᠣᠰᠯᠠᠨ ᠪᠠᠷᠢᠯᠳᠤᠭᠤᠯᠬᠤᠢ ᠰᠠᠶᠢᠨ ᠦᠶᠢᠯᠡᠳᠪᠦᠷᠢ ᠶᠢ ᠡᠷᠲᠡᠨ ᠦ ᠶᠣᠰᠤᠭᠠᠷ ᠭᠡᠭᠡᠭᠡᠨ ᠳᠡᠭᠡᠨ ᠠᠶᠢᠯᠠᠳᠳᠤᠭᠰᠠᠨ ᠤ ᠲᠤᠯᠠ
qaγan-u kündü jasaγ-un altan buγulaγ-a qoyar-i qooslan barilduγulqui sayin üyiledbüri-yi erten-ü yosuγar gegegen-degen ayiladduγsan-u tula.
4
ᠰᠠᠶᠢᠨ ᠦᠶᠢᠯᠡᠨ ᠦ ᠪᠤᠳᠠᠨ ᠢ ᠦᠯᠡᠮᠵᠢ ᠠᠮᠠᠭᠦᠯᠬᠦᠢ ᠮᠥᠷᠡᠨ ᠦ ᠤᠷᠤᠰᠤᠯ ᠮᠡᠲᠦ ᠠᠶᠢᠯᠠᠳᠲᠤᠭᠠᠢ
sayin üyilen-ü budan-i ülemji amagülküi mören-ü urusul metü ayiladtuγai.
7
ᠸᠴᠢᠷ ᠲᠦ ᠰᠠᠭᠤᠷᠢᠨ ᠤ ᠪᠤᠷᠬᠠᠨ ᠤ ᠬᠤᠪᠢᠯᠭᠠᠨ ᠬᠡᠶᠢᠳ ᠡᠴᠡ ᠡᠷᠭᠦᠪᠡ
včir-tü saγurin-u burqan-u qubilγan keyid-eče ergübe.
8
ᠬᠦᠰᠢ ᠬᠠᠭᠠᠨ ᠶᠡᠬᠡ ᠪᠤᠶᠠᠨ ᠤ ᠴᠣᠭ ᠵᠢᠪᠬᠤᠯᠠᠩ ᠢᠶᠠᠷ ᠢᠯᠡᠲᠡ ᠦᠯᠡᠭᠰᠡᠨ ᠬᠠᠮᠤᠭ ᠵᠦᠭ ᠳᠠᠬᠢᠨ ᠤ ᠡᠵᠡᠨ ᠳᠠᠶᠢᠴᠢᠩ ᠤᠯᠤᠰ ᠤᠨ ᠬᠠᠭᠠᠨ ᠤ ᠭᠡᠭᠡᠨ᠎ᠡ ᠡᠷᠭᠦᠪᠡ
(küsi qaγan) yeke buyan-u čoγ jibqulang-iyar ilete ülegsen, qamuγ jüg dakin-u ejen dayičing ulus-un qaγan-u gegen-e ergübe.
9
ᠱᠠᠰᠢᠨ ᠪᠠᠷᠢᠭᠴᠢ ᠨᠣᠮ ᠤᠨ ᠬᠠᠭᠠᠨ ᠬᠦᠨᠳᠦᠯᠡᠬᠦᠢ ᠰᠡᠳᠬᠢᠯ ᠢᠶᠡᠷ ᠥᠴᠢᠷ ᠦᠨ
šasin bariγči nom-un qaγan kündüleküi sedkil-iyer öčir-ün.
10
ᠡᠳᠦᠭᠡ ᠬᠥᠯᠲᠢ ᠪᠤᠶᠠ ᠤ ᠴᠣᠭ ᠢᠶᠠᠷ ᠡᠭᠦᠳᠦᠭᠰᠡᠨ ᠡᠷᠳᠡᠨᠢ ᠪᠡᠶ ᠡ ᠳᠦ
edüge költi buya-u čoγ-iyar egüdügsen erdeni bey-e-dü.
12
ᠬᠢᠲᠠᠳ ᠤᠨ ᠬᠠᠭᠠᠨ ᠤ ᠠᠶᠤᠯ ᠦᠭᠡᠢ ᠠᠷᠰᠯᠠᠨ ᠳᠤ ᠲᠠᠪᠴᠠᠩ ᠳᠤᠷ ᠰᠠᠭᠤᠵᠤ
kitad-un qaγan-u ayul-ügei arslan-du tabčang-dur saγuju.
14
ᠬᠠᠷᠠᠴᠤᠯ ᠪᠦᠭᠦᠳᠡ ᠶᠢ ᠠᠰᠠᠷᠠᠬᠤᠢ ᠥᠷᠦᠰᠢᠶᠡᠬᠦᠢ ᠪᠠᠢ ᠮᠠᠨᠳᠤᠭᠤᠯᠵᠤ
qaračul bügüde-yi asaraqui örüsiyeküi bai manduγulju.
16
ᠬᠦᠷᠳᠦᠨ ᠣᠷᠴᠢᠭᠤᠯᠤᠬᠤᠢ ᠶᠢᠨ ᠬᠠᠨ ᠣᠷᠤᠨ ᠴᠣᠭᠲᠠᠶᠠ ᠪᠦᠲᠦᠪᠡ ᠬᠡᠮᠡᠬᠦ ᠰᠠᠶᠢᠨ ᠠᠯᠳᠠᠷ ᠢ ᠰᠣᠨᠤᠰᠤᠭᠰᠠᠨ ᠢᠶᠠᠷ ᠨᠠᠷᠰᠢ ᠰᠡᠳᠬᠢᠯ ᠦᠨ ᠤᠳᠠᠨ ᠵᠢᠷᠭᠠᠯᠠᠩ ᠢ ᠣᠯᠤᠭᠰᠠᠨ ᠮᠡᠲᠦ
kürdün orčiγuluqui-yin qan orun čoγtay-a bütübe kemekü sayin aldar-i sonusuγsan-iyar % narsi sedkil-ün udan jirγalang-i oluγsan metü.
18
ᠡᠨᠳᠡ ᠪᠢᠳᠡ ᠮᠡᠨᠳᠦ ᠪᠣᠯᠤᠭᠠᠳ ᠪᠤᠷᠬᠠᠨ ᠤ ᠱᠠᠰᠢᠨ ᠢ ᠬᠦᠨᠳᠦᠯᠡᠨ ᠰᠠᠶᠢᠨ ᠲᠥᠷᠦ ᠶᠢ ᠡᠮᠬᠦᠯᠬᠦ ᠦᠶᠢᠯᠡᠨ ᠳᠦᠷ ᠬᠢᠴᠢᠶᠡᠨ ᠠᠮᠤ
ende bide mendü boluγad, burqan-u šasin-i kündülen sayin törü-yi emkülkü üyilen-dür kičiyen amu.
19
ᠡᠳᠦᠭᠡ ᠮᠡᠨᠳᠦ ᠠᠰᠠᠭᠤᠷ᠎ᠠ ᠵᠠᠶᠠᠭᠴᠢ ᠤᠪᠠᠰᠢ ᠡᠬᠢᠯᠡᠨ ᠡᠯᠴᠢ ᠢᠯᠡᠭᠡᠵᠡᠮ
edüge mendü asaγur-a jayaγči ubasi ekilen elči ilegejem.
20
ᠬᠣᠶᠠᠷ ᠲᠥᠷᠦ ᠶᠢᠨ ᠰᠠᠶᠢᠨ ᠰᠤᠷᠭᠠᠭᠤᠯᠢ ᠦᠵᠦᠭᠦᠯᠬᠦᠢ ᠰᠣᠶᠤᠷᠬᠠᠯ ᠢ ᠦᠵᠢᠮᠦ
qoyar törü-yin sayin surγaγuli üjügülküi soyurqal-i üjimü.
23
ᠤᠯᠠᠭᠠᠨ ᠨᠣᠬᠠᠢ ᠵᠢᠯ ᠦᠨ ᠬᠠᠪᠤᠷ ᠤᠨ ᠳᠤᠮᠳᠠᠳᠤ ᠰᠠᠷ᠎ᠠ ᠶᠢᠨ ᠰᠠᠶᠢᠨ ᠡᠳᠦᠷ᠎ᠡ ᠡᠷᠭᠦᠪᠡ
ulaγan noqai jil-ün qabur-un dumdadu sara-yin sayin edür-e ergübe.