Letter of Güüshi 1652a
Reconstruction, not a copy of the monument: the Mongolian-script text is generated automatically from the transcription in modern Unicode spelling. The orthography of pre-classical documents differed; consult the facsimile and the edition.
1
ᠭᠦᠦᠰᠢ ᠬᠠᠭᠠᠨ ᠤ ᠪᠢᠴᠢᠭ ᠤᠤᠮ ᠰᠤᠸᠠᠰᠳᠢ ᠦᠯᠡᠮᠵᠢ ᠶᠡᠬᠡ ᠪᠤᠶᠠᠨ ᠤ ᠬᠦᠴᠦᠨ ᠢᠶᠡᠷ ᠲᠩᠷᠢ ᠶᠢᠨ ᠵᠠᠶᠠᠭᠠᠭᠰᠠᠨ ᠬᠦᠮᠦᠨ ᠦ ᠡᠷᠬᠡᠲᠦ ᠳᠡᠭᠡᠳᠦ ᠬᠠᠭᠠᠨ ᠤ ᠭᠡᠭᠡᠨ᠎ᠡ
güüsi qaγan-u bičig % uum % suvasdi ülemji yeke buyan-u küčün-iyer tngri-yin jayaγaγsan kümün-ü erketü degedü qaγan-u gegen-e.
2
ᠱᠠᠰᠢᠨ ᠬᠢᠭᠡᠳ ᠠᠮᠢᠲᠠᠨ ᠤ ᠠᠮᠤᠭᠤᠯᠠᠩ ᠲᠤᠰᠠ ᠢ ᠬᠦᠰᠡᠬᠦᠢ ᠦᠦᠲᠦ ᠱᠠᠰᠢᠨ ᠢ ᠪᠠᠷᠢᠭᠴᠢ ᠨᠣᠮ ᠤᠨ ᠬᠠᠭᠠᠨ ᠪᠢᠴᠢᠭ ᠪᠠᠷᠢᠪᠠ
šasin kiged amitan-u amuγulang tusa-i küseküi % üütü šasin-i bariγči nom-un qaγan bičig bariba.
3
ᠡᠳᠦᠭᠡ ᠣᠯᠠᠨ ᠠᠮᠢᠲᠠᠨ ᠢ ᠬᠤᠪᠢ ᠵᠠᠶᠠᠭ᠎ᠠ ᠪᠡᠶ᠎ᠡ ᠾᠡᠯᠡᠨ ᠰᠡᠳᠬᠢᠯ ᠦᠯᠦ ᠵᠣᠬᠢᠯᠳᠤᠬᠤᠢ ᠵᠦᠭ ᠢ ᠲᠡᠶᠢᠨ ᠪᠥᠭᠡᠳ ᠢᠯᠭᠠᠵᠤ ᠬᠣᠶᠠᠷ ᠶᠣᠰᠤᠨ ᠤ ᠰᠠᠶᠢᠨ ᠦᠶᠢᠯᠡᠰ ᠢ ᠬᠣᠲᠠᠯᠠ ᠳᠠ ᠲᠦᠭᠡᠭᠰᠡᠭᠡᠷ ᠠᠵᠤ ᠵᠠᠷᠯᠠᠭ ᠪᠢᠴᠢᠭ ᠪᠡᠯᠡᠭ ᠬᠦᠷᠦᠭᠰᠡᠨ᠎ᠡ ᠪᠠᠶᠠᠰᠪᠠ
edüge olan amitan-i qubi jayaγ-a bey-e helen sedkil ülü jokilduqui jüg-i teyin böged ilγaju qoyar yosun-u sayin üyiles-i qotala-da tügegseger aju jarlaγ bičig beleg kürügsen-e bayasba.
4
ᠡᠨᠳᠡ ᠮᠡᠨᠳᠦ ᠠᠮᠤᠷ ᠢᠶᠠᠷ ᠢᠯᠠᠭᠤᠭᠰᠠᠨ ᠤ ᠱᠠᠰᠢ ᠬᠢᠭᠡᠳ ᠱᠠᠰᠢᠨ ᠪᠠᠷᠢᠭᠴᠢᠳ ᠢ ᠲᠠᠬᠢᠵᠤ ᠠᠮᠢᠲᠠᠨ᠎ᠠ ᠲᠤᠰᠠᠯᠠᠬᠤ ᠠᠷᠭ ᠠ ᠶᠢ ᠬᠢᠴᠢᠶᠡᠭᠰᠡᠭᠡᠷ ᠪᠠᠢ
ende mendü amur-iyar ilaγuγsan-u šasi kiged šasin bariγčid-i takiju amitan-a tusalaqu arγ-a-yi kičiyegseger bai.
5
ᠬᠠᠮᠤᠭ ᠢ ᠮᠡᠳᠡᠭᠴᠢ ᠳᠠᠯᠠᠢ ᠯᠠᠮᠠ ᠨᠣᠶᠤᠳᠠᠷ ᠥᠭᠡᠳᠡ ᠪᠣᠯᠬᠤ ᠤᠴᠢᠷ ᠢ ᠲᠤᠰᠠᠯᠠ ᠬᠡᠮᠡᠭᠰᠡᠨ ᠲᠡᠷᠡ ᠮᠡᠲᠦ
qamuγ-i medegči dalai lam-a % noyudar ögede bolqu učir-i tusala kemegsen tere metü.
7
ᠪᠣᠭᠳᠠ ᠪᠠᠶᠠᠨ ᠡᠷᠳᠡᠨᠢ ᠢᠬᠢᠯᠡᠨ ᠪᠢᠳᠡ ᠯᠠᠮᠠ ᠥᠭᠯᠢᠭᠡ ᠶᠢᠨ ᠡᠵᠡᠨ ᠪᠦᠭᠦᠳᠡᠭᠡᠷ ᠭᠤᠷᠪᠠᠨ ᠵᠢᠯ ᠪᠣᠯᠤᠭᠠᠳ ᠲᠥᠪᠡᠳ ᠦᠨ ᠱᠠᠰᠢ ᠬᠢᠭᠡᠳ ᠠᠮᠢᠲᠠᠨ ᠤ ᠲᠤᠰᠠ ᠶᠢᠨ ᠲᠤᠯᠠ ᠥᠨᠳᠦᠷ ᠥᠭᠡᠳᠡ ᠪᠣᠯ ᠬᠡᠮᠡᠨ ᠵᠠᠯᠪᠠᠷᠢᠭᠰᠠᠨ ᠳᠤᠷ ᠭᠤᠷᠪᠠᠨ ᠵᠢᠯ ᠪᠣᠯᠤᠭᠠᠳ ᠥᠭᠡᠳᠡ ᠪᠣᠯᠤᠶ᠎ᠠ ᠬᠡᠮᠡᠨ ᠵᠠᠷᠯᠢᠭ ᠪᠣᠯᠤᠭᠰᠠᠨ ᠪᠠᠢ
boγda bayan erdeni ikilen bide lam-a öglige-yin ejen bügüdeger γurban jil boluγad töbed-ün šasi kiged amitan-u tusa-yin tula % öndür ögede bol kemen jalbariγsan-dur γurban jil boluγad ögede boluy-a kemen jarliγ boluγsan bai.
8
ᠶᠡᠬᠡ ᠬᠠᠭᠠᠨ ᠪᠡᠷ ᠳᠡᠭᠡᠭᠰᠢ ᠥᠨᠳᠦᠷ ᠥᠭᠡᠳᠡ ᠪᠣᠯᠬᠤᠢ ᠳᠤᠷ ᠲᠤᠰᠠᠯᠠᠬᠤᠢ ᠳᠤᠷ ᠡᠵᠡᠨ ᠪᠤᠰᠤ ᠦᠯᠦ ᠲᠦᠳᠡᠭᠡᠬᠦᠢ ᠶᠢᠨ ᠵᠦᠶᠢᠯ ᠠᠯᠢᠪᠠ ᠦᠭᠡᠨ ᠢ ᠡᠯᠴᠢ ᠮᠡᠳᠡᠭᠦᠯᠲᠦᠭᠡᠢ
yeke qaγan ber degegsi % öndür ögede bolqui-dur tusalaqui-dur ejen busu ülü tüdegeküi-yin jüyil aliba ügen-i elči medegültügei.
9
ᠪᠢᠴᠢᠭ ᠦᠨ ᠪᠡᠯᠡᠭ ᠲᠦ ᠬᠤᠶᠠᠭ ᠳᠤᠭᠤᠯᠭ᠎ᠠ ᠰᠡᠯᠡᠮ᠎ᠡ ᠲᠡᠭᠦᠨ ᠰᠠᠭᠠᠳᠠᠭ ᠵᠠᠭᠤᠨ ᠴᠡᠩᠮᠡ ᠲᠠᠪᠢᠨ ᠮᠣᠷᠢ ᠪᠠᠢ
bičig-ün beleg-tü quyaγ duγulγ-a, selem-e tegün saγadaγ, jaγun čengme tabin mori bai.
10
ᠤᠰᠤᠨ ᠯᠤᠤ ᠵᠢᠯ ᠦᠨ ᠭᠤᠷᠪᠠᠨ ᠰᠠᠷ᠎ᠠ ᠶᠢᠨ ᠰᠠᠶᠢᠨ ᠡᠳᠦᠷ ᠳᠠᠮ ᠤᠨ ᠰᠠᠨᠠᠯ ᠪᠦᠲᠦᠭᠰᠡᠨ ᠶᠡᠬᠡ ᠵᠢᠷᠭᠠᠯᠠᠩᠲᠤ ᠠᠴᠠ ᠪᠠᠷᠢᠪᠠ
usun luu jil-ün γurban sara-yin sayin edür dam-un sanal bütügsen yeke jirγalangtu-ača bariba.