Letter of Güüshi 1652
Reconstruction, not a copy of the monument: the Mongolian-script text is generated automatically from the transcription in modern Unicode spelling. The orthography of pre-classical documents differed; consult the facsimile and the edition.
1
ᠰᠳᠠᠨᠵᠢᠨ ᠡᠷᠬᠡᠲᠦ ᠢᠯᠠᠭᠤᠭᠰᠠᠨ ᠬᠠᠮᠤᠭ ᠢ ᠮᠡᠳᠡᠭᠴᠢ ᠳᠦᠷ ᠮᠥᠷᠭᠦᠮᠦ
% sdanjin erketü ilaγuγsan qamuγ-i medegči-dür mörgümü.
2
ᠠᠰᠷᠤᠨ ᠬᠤᠷᠮᠤᠰᠲᠤ ᠶᠢᠨ ᠢᠪᠡᠭᠡᠯ ᠢᠶᠡᠷ ᠶᠢᠷᠲᠢᠨᠴᠦ ᠳᠦᠷ ᠲᠩᠷᠢ ᠮᠡᠲᠦ ᠲᠥᠷᠦᠭᠡᠳ ᠡᠨᠡ ᠳᠡᠯᠡᠬᠡ ᠶᠢᠨ ᠬᠦᠴᠦᠲᠡᠨ ᠢ ᠰᠦᠷ ᠢᠶᠡᠷ ᠳᠠᠷᠤᠨ ᠬᠠᠮᠤᠭ ᠢ ᠵᠢᠷᠭᠠᠯᠠᠩ ᠳᠤᠷ ᠵᠢᠯᠤᠭᠠᠳᠤᠭᠴᠢ ᠡᠷᠭᠢᠨ ᠬᠦᠴᠦᠨ ᠦ ᠬᠦᠷᠳᠦᠨ ᠦ ᠣᠷᠴᠢᠭᠤᠯᠤᠭᠴᠢ ᠡᠶ ᠡ ᠪᠡᠷ ᠵᠠᠰᠠᠭᠴᠢ ᠬᠠᠭᠠᠨ ᠤ ᠭᠡᠭᠡᠨ᠎ᠡ
asrun qurmustu-yin ibegel-iyer yirtinčü-dür tngri metü törüged, ene deleke-yin küčüten-i sür-iyer darun qamuγ-i jirγalang-dur jiluγaduγči ergin küčün-ü kürdün-ü orčiγuluγči ey-e-ber jasaγči qaγan-u gegen-e.
3
ᠡᠷᠳᠡᠨᠢ ᠱᠠᠰᠢᠨ ᠪᠠᠷᠢᠭᠴᠢ ᠨᠣᠮ ᠤᠨ ᠬᠠᠭᠠᠨ ᠤ ᠠᠴᠢ ᠰᠳᠠᠨᠵᠢᠨ ᠠᠶᠢᠯᠠᠳᠬᠠᠯ ᠡᠷᠭᠦᠪᠡ
erdeni šasin bariγči nom-un qaγan-u ači sdanjin ayiladqal ergübe.
4
ᠡᠷᠲᠡ ᠡᠨᠡ ᠽᠠᠮᠪᠤᠲᠢᠪ ᠤᠨ ᠣᠷᠤᠨ ᠳᠤᠷ ᠪᠤᠷᠬᠠᠨ ᠪᠠᠭᠰᠢ ᠥᠭᠡᠳᠡ ᠪᠣᠯᠤᠭᠰᠠᠨ ᠴᠠᠭ ᠲᠤᠷ ᠡᠨᠡᠳᠬᠡᠭ ᠦᠨ ᠷᠣᠪᠠ ᠭᠡᠷᠪᠡ ᠬᠠᠭᠠᠨ ᠬᠢᠭᠡᠳ ᠮᠡᠭᠡᠳᠡ ᠲᠡᠷᠢᠭᠦᠲᠡᠨ ᠣᠷᠤᠳ ᠲᠤᠷ ᠡᠨᠡ ᠪᠠ ᠬᠣᠶᠢᠳᠤ ᠶᠢᠨ ᠲᠤᠯᠠᠳᠠ ᠡᠷᠳᠢᠨᠢ ᠨᠣᠮ ᠤᠨ ᠭᠤᠷᠪᠠᠨ ᠬᠦᠷᠳᠦᠨ ᠢ ᠣᠷᠴᠢᠭᠤᠯᠠᠭᠠᠳ ᠡᠯᠳᠡᠪ ᠣᠯᠠᠨ ᠵᠦᠶᠢᠯ ᠠᠮᠢᠲᠠᠨ ᠢ ᠬᠣᠶᠠᠷ ᠵᠠᠶᠠᠭᠠᠨ ᠳᠤᠷ ᠠᠪᠤᠷᠠᠭᠰᠠᠨ ᠮᠡᠲᠦ ᠬᠠᠨ ᠬᠤᠷᠮᠤᠰᠲᠠ ᠲᠡᠭᠷᠢ ᠳᠦᠷ ᠠᠳᠠᠯᠢ ᠡᠨᠡ ᠶᠢᠷᠲᠢᠨᠴᠦ ᠶᠢᠨ ᠦᠶᠢᠯᠡᠨ ᠪᠦᠭᠦᠳᠡ ᠲᠡᠭᠦᠰᠦᠨ ᠪᠥᠭᠡᠲᠡᠯ᠎ᠡ
erte ene % zambutib-un orun-dur burqan baγsi ögede boluγsan čaγ-tur enedkeg-ün % roba % gerbe qaγan kiged megede terigüten % orud-tur ene ba qoyidu-yin tulada erdini nom-un γurban kürdün-i orčiγulaγad eldeb olan jüyil amitan-i qoyar jayaγan-dur aburaγsan metü qan qurmusta tegri-dür adali, ene yirtinčü-yin üyilen bügüde tegüsün bögetele.
5
ᠬᠠᠮᠤᠭ ᠠᠮᠢᠲᠠᠨ ᠤ ᠲᠤᠰᠠ ᠶᠢᠨ ᠲᠤᠯᠠᠳᠠ ᠬᠣᠨᠰᠢᠮ ᠪᠣᠰᠢ ᠰᠠᠳᠤ ᠳᠠᠯᠠᠢ ᠯᠠᠮ ᠠ ᠶᠢ ᠵᠠᠯᠠᠵᠤ
qamuγ amitan-u tusa-yin tulada qonsim bosi sadu dalai lam-a-yi jalaju.
6
ᠬᠠᠷᠠᠩᠬᠤᠢ ᠶᠢ ᠭᠡᠶᠢᠭᠦᠯᠦᠭᠴᠢ ᠨᠠᠷᠠᠨ ᠮᠡᠲᠦ ᠪᠣᠭᠳᠠ ᠽᠣᠩᠭᠾᠠᠪᠠ ᠶᠢᠨ ᠱᠠᠰᠢᠨ ᠢ ᠮᠠᠨᠳᠤᠭᠤᠯᠤᠭᠰᠠᠨ ᠡᠨᠡ ᠴᠠᠭ ᠲᠤᠷ
qarangqui-yi geyigülügči naran metü bogda zongghaba-yin šasin-i manduγuluγsan ene čaγ-tur.
7
ᠭᠠᠶᠢᠬᠠᠮᠰᠢᠭ ᠡᠨᠡ ᠱᠠᠰᠢᠨ ᠳᠤᠷ ᠤᠴᠠᠷᠠᠯᠳᠤᠭᠰᠠᠨ ᠠᠮᠢᠲᠠᠨ ᠶᠡᠬᠡ ᠬᠡᠰᠢᠭ ᠲᠡᠢ ᠪᠣᠯᠪᠠᠢ
γayiqamsiγ ene šasin-dur učaralduγsan amitan yeke kesig-tei bolbai.
10
ᠠᠯᠳᠠᠨ ᠪᠡᠶ ᠡ ᠶᠢᠨ ᠭᠡᠭᠡᠨ ᠮᠠᠨᠳᠠᠯ ᠠᠮᠤᠭᠤᠯᠠᠩ ᠢᠶᠠᠷ ᠠᠪᠠᠢ ᠵᠠ
aldan bey-e-yin gegen mandal amuγulang-iyar abai-j-a.
11
ᠠᠨᠤᠪᠠᠳ ᠳᠡᠪᠲᠡ ᠳᠠᠯᠠᠢ ᠮᠡᠲᠦ ᠬᠡᠰᠢᠭ ᠪᠦᠭᠦᠳᠡ ᠳᠦᠷ ᠬᠦᠷᠲᠡᠨ ᠠᠲᠠᠯ᠎ᠠ
anubad debte dalai metü kesig bügüde-dür kürten atala.
12
ᠠᠶ᠎ᠠ ᠮᠢᠨᠦ ᠪᠡᠶ ᠡ ᠳᠦᠷ ᠬᠡᠰᠢᠭ ᠡᠨᠡ ᠬᠦᠷᠲᠡᠭᠰᠡᠨ ᠦ ᠲᠤᠯᠠᠳᠠ ᠳᠡᠭᠡᠷ᠎ᠡ ᠠᠶᠢᠯᠠᠳᠬᠠᠪᠠᠢ
ay-a minü bey-e-dür kesig en-e kürtegsen-ü tulada deger-e ayiladqabai.
16
ᠲᠡᠭᠦᠨ ᠢ ᠬᠣᠶᠢᠨᠠ ᠬᠣᠶᠢᠬᠤᠢ ᠤᠷᠪᠠᠬᠤᠢ ᠴᠠᠭ ᠲᠤ ᠬᠠᠲᠠᠭᠤ ᠵᠥᠭᠡᠯᠡᠨ ᠢᠶᠡᠷ ᠬᠦᠴᠦᠨ ᠢᠶᠡᠨ ᠥᠭᠪᠡᠢ ᠪᠢ
tegün-i qoyin-a qoyiqui urbaqui čaγ-tu qataγu jögelen-iyer küčün-iyen ögbei bi.
17
ᠲᠠᠬᠢᠶ᠎ᠠ ᠵᠢᠯ ᠳᠦᠷ ᠡᠨᠡ ᠠᠯᠲᠠᠨ ᠵᠠᠮ ᠤᠨ ᠪᠡᠯᠡᠭ ᠮᠡᠲᠦ ᠮᠢᠨᠠᠢ ᠡᠯᠴᠢ ᠬᠦᠷᠦᠭᠰᠡᠨ ᠪᠢᠯᠡᠡ
takiy-a jil-dür ene altan jam-un beleg metü minai elči kürügsen bile-e.