Historical corpus of the Mongolian language

The Mongolian Inscription In Memory Of Prince Hindü

Reconstruction, not a copy of the monument: the Mongolian-script text is generated automatically from the transcription in modern Unicode spelling. The orthography of pre-classical documents differed; consult the facsimile and the edition.
Back to the text
1
ᠢ ᠶᠡᠬᠡ ᠮᠣᠩᠭᠣᠯ ᠤᠯᠤᠰ ᠲᠤᠷ ᠢᠢ ᠵᠷᠯᠭ ᠢᠶᠠᠷ ᠱᠢ ᠨᠢᠩ ᠢᠢᠢ ᠣᠩ ᠢᠨᠳᠦ ᠳᠡ ᠢᠸ ᠪᠠᠶᠢᠭᠤᠯᠳᠠᠭᠰᠠᠨ ᠪᠢᠢ ᠲᠠᠰ ᠪᠤᠶᠤ
I. Yeke Mongγol ulus-tur II. jrlγ-iya:r Ši ning III. ong Indü-de IV. bayi:γu:ldaγsan bii tas buyu.
2
ᠵᠷᠯᠭ ᠢᠶᠠᠷ ᠳᠠᠢ ᠥᠨ ᠶᠡᠬᠡ ᠮᠣᠩᠭᠣᠯ ᠤᠯᠤᠰ ᠤᠨ ᠱᠢ ᠨᠢᠩ ᠣᠩ ᠢᠨᠳᠦ ᠳᠡ ᠪᠠᠶᠢᠭᠤᠯᠳᠠᠭᠰᠠᠨ ᠪᠢᠢ ᠲᠠᠰ ᠪᠤᠶᠤ
01. Jrlγ-iya:r Dai ön yeke Mongγol ulus-un Ši ning ong Indü-de bayi:γu:ldaγsan bii tas buyu.
3
ᠵᠷᠯᠭ ᠢᠶᠠᠷ ᠵᠤᠩᠰᠤ ᠱᠢᠩᠤᠨ ᠰᠠᠮᠵᠢᠩ ᠤᠢ ᠰᠤᠤ ᠶᠢ ᠪᠢᠢ ᠲᠠᠰ ᠤᠨ ᠠᠶᠠᠯᠭᠤᠰ ᠢ ᠵᠣᠬᠢᠶᠠᠭᠤᠯᠪᠠᠢ
02. Jrlγ-iya:r jungsu šingun samjing Ui-suu-yi bii tas-un ayalγus-i joqiya:γu:lbai.
4
ᠲᠢᠩ ᠭᠤᠢ ᠭᠤᠩ ᠱᠢᠬᠡᠨ ᠳᠠᠢ ᠬᠡᠤᠱᠢ ᠵᠠᠩ ᠬᠢ ᠶᠢ ᠪᠢᠴᠢᠭᠦᠯᠪᠡᠢ
Ting gui gung šiken dai keuši Jang ki-yi bičigü:lbei.
5
ᠵᠤᠩᠰᠤ ᠱᠢᠩᠤᠨ ᠶᠢᠤᠵᠢᠩ ᠴᠢᠩᠢᠩ ᠪᠠᠢ ᠶᠢ ᠮᠠᠩᠯᠠᠢ ᠶᠢᠨ ᠦᠰᠦᠭ ᠢ ᠪᠢᠴᠢᠭᠦᠯᠪᠡᠢ
Jungsu šingun yiujing Činging bai-yi manglai-yi:n üsüg-i bičigü:lbei.
6
ᠵᠤᠩᠱᠤ ᠱᠢᠩᠤᠨ ᠰᠣᠣᠵᠢᠩ ᠡᠰᠡᠨᠪᠤᠬ ᠠ ᠶᠢ ᠮᠣᠩᠭᠣᠯᠴᠢᠯᠠᠨ ᠣᠷᠴᠢᠭᠤᠯᠤᠭᠠᠳ ᠤᠢᠭᠤᠷᠴᠢᠯᠠᠨ ᠪᠢᠴᠢᠭᠦᠯᠪᠡᠢ
Jungšu šingun soojing Esenbuq-a-yi mongγolčilan orčiγu:luγa:d uiγurčilan bičigü:lbei.
7
ᠮᠥᠩᠬᠡ ᠲᠩᠷᠢ ᠶᠢᠨ ᠢᠪᠡᠭᠡᠯᠢᠪᠡᠷ ᠶᠡᠬᠡ ᠮᠣᠩᠭᠣᠯ ᠤᠯᠤᠰ ᠤᠨ ᠬᠠᠨ ᠢ ᠨᠠᠷᠪᠠᠢ ᠶᠢ ᠨᠢᠭᠡᠳᠬᠡᠭᠦᠯᠦᠨ ᠵᠠᠶᠠᠭᠳᠠᠭᠰᠠᠪᠠᠷ ᠳᠡᠯᠡᠬᠡᠢ ᠶᠢᠨ ᠡᠵᠡᠨ ᠴᠢᠩᠭᠢᠰ ᠬᠠᠭᠠᠨ ᠲᠩᠷᠢ ᠶᠢᠨ ᠵᠣᠷᠢᠭ ᠢ ᠳᠠᠭᠠᠨ ᠦᠮᠡᠳᠦ ᠭᠠᠵᠠᠷ ᠠᠴᠠ ᠶᠡᠬᠡ ᠦᠶᠢᠯᠡ ᠶᠢ ᠪᠦᠲᠦᠭᠡᠨ ᠠᠯᠲᠠᠨ ᠪᠡᠶᠡᠪᠡᠷ ᠤᠯᠤᠰ ᠬᠠᠮᠤᠨ ᠠᠶᠠᠯᠠᠨ ᠶᠠᠪᠤᠭᠰᠠᠨ ᠳᠥᠲᠦᠭᠡᠷ ᠣᠨ ᠳᠤᠷ ᠤᠢᠭᠤᠳᠤᠨ ᠬᠠᠨ ᠢᠨᠤ ᠪᠠᠷᠵᠤᠭ ᠠᠷᠳ ᠢᠳᠤᠭ ᠬᠤᠳ ᠮᠡᠳᠡᠯᠦᠨ ᠢᠷᠭᠡᠨ ᠢᠶᠡᠨ ᠠᠪᠤᠭᠠᠳ ᠣᠷᠤᠵᠤ ᠰᠤᠤ ᠲᠤ ᠴᠢᠩᠭᠢᠰ ᠬᠠᠭᠠᠨ ᠢ ᠳᠠᠭᠠᠨ ᠪᠠᠷᠠᠭᠤᠨ ᠡᠲᠡᠭᠡᠳ ᠰᠠᠷᠲᠠᠭᠴᠢᠨ ᠠᠶᠠᠨ ᠠᠶᠠᠯᠠᠨ ᠶᠠᠪᠤᠵᠤ ᠵᠦᠪ ᠵᠦᠭᠢᠶᠡᠷ ᠬᠦᠴᠦ ᠥᠭᠭᠦᠨ ᠤᠯᠤᠰ ᠬᠠᠮᠤᠯᠳᠤᠭᠰᠠᠨ ᠤ ᠱᠢᠯᠲᠠᠭᠠᠪᠠᠷ ᠣᠯᠠᠨ ᠴᠠ ᠳᠣᠲᠤᠨ᠎ᠠ ᠰᠣᠶᠤᠷᠬᠠᠭᠳᠠᠭᠰᠠᠨ ᠠᠵᠤᠭᠤ
03. Möngke tngri-yi:n ibege:liber yeke Mongγol ulus-un qan-i narbai-yi nigedkegü:lün jaya:γdaγsaba:r delekei-yi:n ejen 04. Činggis qaγa:n tngri-yi:n joriγ-i daγan ümedü γajar-a:ča yeke üyi:le-yi bütüge:n altan beyebe:r ulus qamun ayalan yabuγsan dötüge:r on-dur Uiγudun qan inu Barjuγ Ard Iduγ-qud medelün irgen-iye:n abuγa:d oruju 05. suu-tu 06. Činggis qaγa:n-i daγan baraγu:n etege:d sartaγčin ayan ayalan yabuju jüb jügiye:r küčü öggün ulus qamulduγsan-u šiltaγa:bar olan-ča dotun-a soyurqaγdaγsan ajuγu:.
8
ᠬᠣᠶᠢᠨ᠎ᠠ ᠬᠠᠳ ᠬᠠᠳ ᠤᠨ ᠴᠠᠭ ᠲᠤᠷ ᠪᠡᠷ ᠢᠳᠤᠭ ᠬᠤᠳ ᠤᠨ ᠰᠠᠶᠢᠪᠠᠷ ᠣᠷᠤᠵᠤ ᠤᠯᠤᠰ ᠤᠨ ᠡᠮᠦᠨ᠎ᠡ ᠬᠦᠴᠦ ᠥᠭᠭᠦᠭᠰᠡᠨ ᠵᠡᠷᠭᠡ ᠶᠢ ᠢᠨᠦ ᠳᠡᠭᠡᠵᠢᠯᠡᠨ ᠰᠣᠶᠤᠷᠬᠠᠵᠤ ᠠᠨᠳᠠ ᠬᠤᠳᠠ ᠤᠷᠤᠭ ᠪᠠᠷᠢᠯᠳᠤᠭᠰᠠᠨ ᠠᠴᠠ ᠡᠵᠢᠶ᠎ᠡ ᠬᠦᠷᠲᠡᠯᠡ ᠡᠭᠦᠷᠢ ᠤᠷᠲᠤ ᠳᠠ ᠰᠣᠶᠤᠷᠬᠠᠭᠳᠠᠬᠤ ᠱᠢᠯᠲᠠᠭᠠᠨ ᠬᠡᠮᠡᠪᠡᠰᠦ ᠢᠳᠤᠭ ᠬᠤᠳ ᠥᠪᠡᠷ ᠦᠨ ᠲᠦᠱᠢᠮᠡᠯ ᠢᠶᠡᠷ ᠢᠶᠡᠨ ᠢᠷᠡᠭᠡᠢ ᠦᠳᠦᠭᠦᠢ ᠦᠶᠢᠯᠡᠰ ᠢ ᠤᠷᠢᠳᠠ ᠪᠥᠭᠡᠳ ᠤᠬᠠᠵᠤ ᠲᠩᠷᠢ ᠶᠢᠨ ᠵᠣᠷᠢᠭ ᠢ ᠳᠠᠭᠠᠨ ᠶᠠᠪᠤᠭᠰᠠᠪᠠᠷ ᠪᠣᠯᠪᠠᠢ ᠵ᠎ᠠ
Qoyi:n-a qad qad-un čaγ-tur ber Iduγ-qud-un sayi:ba:r oruju ulus-un emün-e küčü öggügsen jerge-yi inü dege:jilen soyurqaju anda 07. quda uruγ barilduγsan-a:ča ejiy-e: kürtele egü:ri urtu-da soyurqaγdaqu šiltaγa:n keme:be:sü Iduγ-qud öbe:r-ün tüšimel-iye:r-iye:n irege:i-üdügü:i üyi:les-i urida böge:d uqaju tngri-yi:n joriγ-i daγan yabuγsaba:r bolbai j-a.
9
ᠡᠳᠦᠭᠡ ᠵᠤᠩᠰᠤ ᠱᠢᠩᠤᠨ ᠪᠢᠩᠵᠠᠩ ᠣᠷᠣᠨ ᠤ ᠤᠷᠢᠳᠤᠰ ᠤᠨ ᠤᠵᠠᠭᠤᠷ ᠪᠠᠷᠢᠯᠳᠤᠵᠤ ᠢᠷᠡᠭᠰᠡᠨ ᠢ ᠵᠡᠷᠭᠡᠪᠡᠷ ᠥᠭᠦᠯᠡᠶ᠎ᠡ
Edüge: jungsu šingun bingjang oron-u uridus-un ujaγu:r barilduju iregsen-i jergebe:r 08. ögüley-e.
10
ᠵᠢ ᠵᠢᠩ ᠬᠣᠷᠢᠨ ᠬᠣᠶᠠᠳᠤᠭᠠᠷ ᠣᠨ ᠳᠥᠷᠪᠡᠨ ᠰᠠᠷ ᠠ ᠳᠤᠷ ᠵᠷᠯᠭ ᠢᠶᠠᠷ ᠪᠢ ᠤᠢ ᠰᠤᠤ ᠶᠢ ᠪᠢᠩᠵᠠᠩ ᠣᠷᠣᠨ ᠤ ᠤᠷᠢᠳᠤᠰ ᠤᠨ ᠬᠡᠭᠦᠷ ᠲᠦᠷ ᠪᠠᠶᠢᠭᠤᠯᠳᠠᠬᠤ ᠪᠢᠢ ᠲᠠᠰ ᠤᠨ ᠠᠶᠠᠯᠭᠤᠰ ᠢ ᠵᠣᠬᠢᠶᠠᠲᠤᠭᠠᠢ ᠬᠡᠮᠡᠭᠰᠡᠨ ᠳᠦᠷ ᠵᠣᠬᠢᠶᠠᠨ ᠡᠭᠦᠰᠬᠡᠵᠦ ᠳᠠᠭᠤᠰᠤᠭᠠᠢ ᠦᠳᠦᠭᠦᠢ᠎ᠡ ᠪᠠᠰᠠ ᠭᠡᠮᠴᠠᠰ ᠪᠢᠴᠢᠭ ᠢᠶᠡᠷ ᠳᠤᠷᠠᠳᠬᠠᠷ ᠤᠨ ᠳᠡᠭᠡᠳᠦᠰ᠎ᠡ ᠣᠷᠣᠨ ᠤ ᠴᠢᠩ ᠦᠨᠡᠨ ᠢᠶᠡᠷ ᠬᠦᠴᠦ ᠥᠭᠭᠦᠭᠰᠡᠨ ᠵᠡᠷᠭᠡ ᠶᠢ ᠤᠬᠠᠪᠠᠰᠤ ᠤᠷᠢᠳᠤᠰ᠎ᠠ ᠢᠨᠤ ᠣᠩ ᠨᠡᠷ᠎ᠡ ᠨᠡᠮᠡᠭᠳᠡᠬᠦ ᠪᠦᠢ ᠬᠡᠮᠡᠨ ᠵᠤᠩᠰᠤ ᠱᠢᠩᠤᠨ ᠨᠣᠶᠠᠳ ᠢᠶᠠᠷ ᠥᠴᠢᠭᠦᠯᠪᠡᠰᠦ ᠡᠴᠢᠭᠡ ᠢᠨᠦ ᠢᠨᠳᠦ ᠳᠡ ᠱᠢ ᠨᠢᠩ ᠣᠩ ᠨᠡᠷ᠎ᠡ ᠰᠣᠶᠤᠷᠬᠠᠵᠤ ᠥᠭᠪᠡᠢ
Ji jing qorin qoyaduγa:r on dörben sar-a-dur 09. jrlγ-iya:r bi Ui suu-yi bingjang oron-u uridus-un kegü:r-tür bayi:γu:ldaqu bii tas-un ayalγus-i joqiya:tuγai keme:gsen-dür joqiya:n egü:skejü daγu:suγa:i üdügü:i-e basa gemčas bičig-iye:r duradqar-un dege:düs-e oron-u čing ünen-iye:r küčü öggügsen jerge-yi uqaba:su uridus-a inu ong ner-e nemegdekü büi keme:n 10. jungsu šingun noyad-iya:r öčigü:lbe:sü ečige inü Indü-de Ši ning ong ner-e soyurqaju ögbei.
11
ᠮᠥᠨ ᠣᠨ ᠵᠢᠷᠭᠤᠭᠠᠨ ᠰᠠᠷᠠ ᠳᠤᠷ ᠪᠠᠰᠠ ᠪᠢ ᠤᠢ ᠰᠤᠤ ᠶᠢ ᠪᠢᠢ ᠲᠠᠰ ᠤᠨ ᠠᠶᠠᠯᠭᠤᠰ ᠢ ᠵᠣᠬᠢᠶᠠᠭᠤᠯᠤᠨ ᠵᠠᠨᠬᠢ ᠪᠠᠷ ᠪᠢᠴᠢᠭᠦᠯᠦᠨ ᠴᠢᠩᠢᠩ ᠪᠠᠢ ᠪᠠᠷ ᠮᠠᠩᠯᠠᠢ ᠶᠢᠨ ᠶᠡᠬᠡ ᠦᠰᠦᠭ ᠢ ᠪᠢᠴᠢᠭᠦᠯᠦᠨ ᠡᠰᠡᠨᠪᠤᠬ ᠠ ᠶᠢ ᠮᠣᠩᠭᠣᠯᠴᠢᠯᠠᠨ ᠣᠷᠴᠢᠭᠤᠯᠤᠭᠠᠳ ᠪᠢᠴᠢᠭᠦᠯᠲᠦᠭᠡᠢ ᠬᠡᠮᠡᠨ ᠵᠷᠯᠭ ᠪᠣᠯᠤᠭᠰᠠᠨ ᠤ ᠱᠢᠯᠲᠠᠭᠠᠪᠠᠷ ᠪᠢ ᠤᠢ ᠰᠤᠤ ᠤᠯᠠᠮ ᠴᠠ ᠪᠣᠯᠭᠠᠪᠠᠰᠤ ᠪᠢᠩᠵᠠᠩ ᠣᠷᠣᠨ ᠤᠵᠠᠭᠤᠷ ᠪᠠᠷᠠᠭᠤᠨ ᠡᠲᠡᠭᠡᠳ ᠪᠢᠰ ᠪᠠᠯᠢᠭ᠎ᠠ ᠨᠤᠨᠲᠤᠭ ᠲᠤ ᠤᠵᠠᠭᠤᠷ ᠲᠠᠨ ᠤ ᠤᠷᠤᠭ ᠠᠵᠤᠭᠤ
Mön on jirγuγa:n sara-dur basa bi Ui suu-yi bii tas-un ayalγus-i joqiyaγu:lun Janki-ba:r bičigü:lün Činging bai-ba:r manglai-yi:n yeke üsüg-i bičigü:lün Esenbuq-a-yi mongγolčilan orčiγu:luγa:d bičigü:ltügei keme:n 11. jrlγ boluγsan-u šiltaγa:bar bi Ui suu ulam-ča bolγaba:su bingjang oron ujaγu:r baraγu:n etege:d Bis baliγ-a nuntuγ-tu ujaγu:r-tan-u uruγ ajuγu:.
12
ᠡᠯᠢᠨᠴᠦᠭ ᠢᠨᠦ ᠬᠠᠷ᠎ᠠ ᠤᠢᠭᠤᠳ ᠤᠨ ᠭᠠᠵᠠᠷ᠎ᠠ ᠪᠦᠬᠦᠢ ᠳᠦᠷ ᠢᠳᠤᠭ ᠬᠤᠳ ᠲᠠ ᠬᠠᠯᠬᠠᠨᠯᠢᠭ ᠲᠣᠲᠣᠭ ᠨᠡᠷ᠎ᠡ ᠥᠭᠲᠡᠵᠦ ᠨᠣᠶᠠᠯᠠᠨ ᠶᠠᠪᠤᠭᠰᠠᠨ ᠠᠵᠤᠭᠤ
Elinčüg inü Qar-a Uiγud-un γajar-a büküi-dür Iduγ-qud-ta Qalqanliγ totoγ ner-e ögtejü noyalan yabuγsan ajuγu:.
13
ᠬᠠᠯᠬᠠᠨ ᠬᠡᠮᠡᠪᠡᠰᠦ ᠭᠡᠷᠢᠰᠬᠡ ᠮᠡᠲᠦ ᠭᠠᠵᠢᠭᠤ ᠳᠠᠶᠢᠰᠤᠨ ᠢ ᠬᠠᠯᠬᠠᠯᠠᠵᠤ ᠬᠠᠷᠢᠭᠤᠯᠬᠤ ᠶᠢ ᠬᠡᠮᠡᠶᠦ
Qalqan keme:be:sü geriske metü γajiγu: dayi:sun-i 12. qalqalaju qariγu:lqu-yi keme:yü.
14
ᠲᠣᠲᠣᠭ ᠬᠡᠮᠡᠪᠡᠰᠦ ᠥᠲᠥᠭᠦᠰ ᠦᠨ ᠬᠤᠢᠯᠣᠭᠤ ᠨᠡᠷ᠎ᠡ ᠢᠨᠦ ᠠᠵᠤᠭᠤ
Totoγ keme:be:sü ötögüs-ün quiloγu ner-e inü ajuγu:.
15
ᠰᠤᠤ ᠲᠤ ᠴᠢᠩᠭᠢᠰ ᠬᠠᠭᠠᠨ ᠲᠦᠷ ᠦᠨ ᠤᠯᠤᠰ ᠬᠠᠮᠤᠨ ᠶᠠᠪᠤᠬᠤᠢ ᠳᠤᠷ ᠮᠥᠨ ᠬᠠᠯᠬᠠᠨᠯᠢᠭ ᠬᠠᠷ᠎ᠠ ᠲᠣᠲᠣᠭ ᠢᠳᠤᠭ ᠬᠤᠳ ᠲᠤᠷ ᠰᠦᠳᠬᠦᠨ ᠳᠤᠷᠠᠳᠬᠠᠵᠤ ᠰᠤᠤ ᠲᠤ ᠴᠢᠩᠭᠢᠰ ᠬᠠᠭᠠᠨ ᠤ ᠡᠷ ᠡ ᠶᠢ ᠦᠯᠦ ᠵᠣᠪᠠᠭᠠᠨ ᠠᠭᠲᠠ ᠶᠢ ᠦᠯᠦ ᠬᠥᠯᠦᠷᠭᠡᠨ ᠰᠠᠶᠢᠪᠠᠷ ᠣᠷᠤᠵᠤ ᠬᠦᠴᠦ ᠥᠭᠭᠦᠭᠰᠡᠪᠡᠷ ᠰᠣᠶᠤᠷᠬᠠᠭᠳᠠᠵᠤ ᠢᠷᠭᠡᠨ ᠵᠠᠰᠠᠭᠤᠯᠤᠨ ᠲᠦᠱᠢᠭᠳᠡᠪᠡᠰᠦ ᠡᠭᠡᠨᠡᠭᠲᠡ ᠳᠡᠭᠡᠳᠦᠰ᠎ᠡ ᠠᠴᠢᠯᠠᠨ ᠬᠦᠴᠦ ᠥᠭᠬᠦ ᠶᠢ ᠡᠷᠬᠢᠯᠡᠨ ᠤᠯᠤᠰ᠎ᠠ ᠬᠣᠤᠷ ᠲᠤ ᠦᠶᠢᠯᠡᠰ ᠢ ᠡᠲᠡᠨ ᠲᠤᠰ ᠠ ᠲᠤ ᠶᠢ ᠶᠠᠪᠤᠭᠤᠯᠤᠭᠰᠠᠪᠠᠷ ᠣᠯᠠᠨ᠎ᠠ ᠮᠠᠱᠢ ᠰᠠᠶᠢᠱᠢᠶᠠᠭᠳᠠᠭᠰᠠᠨ ᠠᠵᠤᠭᠤ ᠡᠨᠡ ᠠᠶᠠᠨ ᠢᠮᠠᠶᠢ ᠸᠤᠩᠱᠢᠩᠯᠠᠷ ᠤᠨ ᠱᠢ ᠰᠡᠨ ᠳᠠᠢᠸᠤ ᠱᠠᠮᠱᠢ ᠳᠢᠩᠴᠤ ᠬᠢᠩᠴᠤᠩᠰᠤ ᠱᠢᠩᠤᠨ ᠶᠢᠤᠵᠢᠩ ᠸᠠᠨ ᠶᠠᠩ ᠭᠦᠨ ᠭᠤᠩ ᠨᠡᠷ᠎ᠡ ᠰᠣᠶᠤᠷᠬᠠᠵᠤ ᠥᠭᠭᠦᠭᠡᠳ ᠭᠡᠷᠭᠡᠢ ᠢᠨᠦ ᠲᠠᠭᠠᠢ ᠬᠤᠨᠴᠤᠢ ᠲᠤᠭᠠᠨ ᠬᠤᠰ ᠨᠡᠷᠡᠲᠦ ᠤᠢᠭᠤᠳ ᠤᠨ ᠭᠠᠵᠠᠷ᠎ᠠ ᠪᠦᠬᠦᠢ ᠳᠦᠷ ᠢᠳᠤᠭ ᠬᠤᠳ ᠲᠠ ᠠᠨᠠ ᠲᠡᠭᠷᠢᠮ ᠨᠡᠷ᠎ᠡ ᠥᠭᠲᠡᠭᠰᠡᠨ ᠠᠵᠤᠭᠤ ᠡᠨᠡ ᠠᠶᠠᠨ ᠸᠠᠨ ᠶᠠᠩ ᠭᠦᠨ ᠸᠤᠱᠢᠨ ᠨᠡᠷ᠎ᠡ ᠰᠣᠶᠤᠷᠬᠠᠵᠤ ᠥᠭᠪᠡᠢ
13. Suu-tu 14. Činggis qaγa:n tür-ün ulus qamun yabuqui-dur mön qalqanliγ Qar-a totoγ Iduγ-qud-tur südkün duradqaju 15. Suu-tu 16. Činggis qaγa:n-u er-e-yi ülü jobaγa:n aγta-yi ülü kölürgen sayi:ba:r oruju küčü öggügsebe:r soyurqaγdaju irgen jasaγu:lun tüšigdebe:sü egenegte dege:düs-e ačilan küčü ögkü-yi erkilen ulus-a qour-tu üyi:les-i eten tus-a-tu-yi yabuγu:luγsaba:r olan-a maši sayi:šiya:γdaγsan ajuγu: Ene ayan imayi vungšinglar-un 17. ši-sen daivu Šamši dingču qingčungsu šingun yiujing van yang gün gung ner-e soyurqaju öggüge:d gergei inü Taγai qunčui Tuγan qus neretü Uiγud-un γajar-a büküi-dür Iduγ-qud-ta Ana tegrim ner-e ögtegsen ajuγu: Ene ayan Van yang gün vušin ner-e soyurqaju 18. ögbei.
16
ᠡᠪᠦᠭᠡ ᠢᠨᠦ ᠠᠲᠠᠢᠪᠤᠬ᠎ᠠ ᠬᠠᠲᠠᠭᠤ ᠵᠣᠷᠢᠭ ᠲᠤ ᠪᠠᠭᠠᠲᠤᠷ ᠵᠢᠷᠦᠬᠡ ᠲᠦ ᠪᠦᠬᠦ ᠶᠢᠨ ᠱᠢᠯᠲᠠᠭᠠᠪᠠᠷ ᠠᠳᠠ ᠲᠤ ᠦᠶᠢᠯᠡ ᠳᠦᠷ ᠤᠴᠢᠷᠠᠪᠠᠰᠤ ᠪᠡᠷ ᠬᠠᠲᠠᠭᠤ ᠵᠣᠷᠢᠭ ᠢᠶᠠᠨ ᠦᠯᠦ ᠬᠠᠷᠢᠭᠤᠯᠤᠨ ᠠᠭᠰᠠᠨ ᠠᠵᠤᠭᠤ ᠬᠣᠶᠢᠨ᠎ᠠ ᠡᠯᠢᠨᠴᠦᠭ ᠢᠨᠦ ᠬᠠᠷ᠎ᠠ ᠶᠢᠤᠵᠢᠩ ᠡᠪᠡᠳᠴᠢᠨ ᠬᠦᠷᠲᠡᠵᠦ ᠠᠯᠵᠠᠩᠭᠤ ᠪᠣᠯᠤᠭᠰᠠᠨ ᠳᠤᠷ ᠬᠥᠪᠡᠭᠦᠳ ᠢᠶᠡᠨ ᠢᠷᠡᠭᠦᠯᠵᠦ ᠭᠡᠷᠢᠶᠡᠰ ᠦᠭᠡ ᠲᠠᠯᠪᠢᠷ ᠤᠨ ᠲᠠ ᠦᠯᠦ ᠤᠨᠲᠤᠭᠠᠢᠳᠠᠨ ᠨᠠᠰᠤᠳᠠ ᠤᠷᠤᠭᠱᠢ ᠵᠢᠭᠳᠦᠨ ᠬᠢᠴᠢᠭᠡᠨ ᠶᠠᠪᠤᠬᠤ ᠶᠢ ᠡᠷᠬᠢᠯᠡᠭᠡᠳ ᠤᠷᠢᠳᠠᠰ ᠤᠨ ᠰᠠᠶᠢᠨ ᠨᠡᠷ ᠡ ᠶᠢ ᠪᠦᠦ ᠭᠤᠲᠤᠭᠠᠳᠬᠤᠨ ᠬᠡᠮᠡᠭᠳᠡᠭᠰᠡᠨ ᠦ ᠲᠤᠯᠠ ᠮᠥᠨ ᠠᠲᠠᠢᠪᠤᠬ᠎ᠠ ᠪᠢᠩᠵᠠᠩ ᠦᠶᠢᠯᠡᠳᠲᠡᠬᠦ ᠬᠡᠨ ᠦᠶᠢᠯᠡᠰ ᠢ ᠦᠯᠦ ᠦᠶᠢᠯᠡᠳᠦᠨ ᠴᠢᠳᠠᠬᠤᠢ ᠴᠠ ᠭᠦᠶᠢᠴᠡᠭᠡᠨ ᠦᠶᠢᠯᠡᠳᠦᠭᠰᠡᠨ ᠠᠵᠤᠭᠤ
Ebüge inü Ataibuq-a qataγu: joriγ-tu baγa:tur jirüke-tü bükü-yi:n šiltaγaba:r ada-tu üyi:le-dür učiraba:su ber qataγu: joriγ-iya:n ülü qariγu:lun aγsan ajuγu: Qoyi:n-a elinčüg inü Qar-a yiujing ebedčin kürtejü alja:ngγu: boluγsan-dur köbegü:d-iye:n iregü:ljü geriye:s üge talbir-un: 19. Ta ülü untuγaidan nasuda uruγši jigdün kičige:n yabuqu-yi erkilege:d uridas-un sayi:n ner-e-yi büü γutuγa:dqun keme:gdegsen-ü tula mön Ataibuq-a bingjang üyi:ledtekü ken üyi:les-i ülü üyi:ledün čidaqui-ča güyi:čege:n üyi:ledügsen ajuγu:.
17
ᠬᠣᠶᠢᠨ᠎ᠠ ᠳᠤᠸ᠎ᠠ ᠪᠤᠰᠮ ᠠ ᠲᠠᠨ ᠬᠥᠪᠡᠭᠦᠳ ᠪᠤᠯᠭ᠎ᠠ ᠪᠣᠯᠪᠠᠰᠤ ᠮᠥᠨ ᠠᠲᠠᠢᠪᠤᠬ᠎ᠠ ᠬᠣᠴᠬᠠᠷ ᠢᠳᠤᠭ ᠬᠤᠳ ᠢ ᠳᠠᠭᠠᠨ ᠶᠡᠬᠡ ᠲᠥᠷᠦ ᠶᠢᠨ ᠡᠮᠦᠨ᠎ᠡ ᠬᠦᠴᠦ ᠥᠭᠭᠦᠨ ᠶᠠᠪᠤᠭᠠᠳ ᠪᠤᠯᠭ ᠠ ᠶᠢ ᠪᠤᠷᠴᠢᠭᠰᠠᠨ ᠤ ᠬᠣᠶᠢᠨ᠎ᠠ ᠪᠠᠰᠠ ᠤᠢᠭᠤᠳ ᠤᠨ ᠭᠠᠵᠠᠷ᠎ᠠ ᠪᠢᠰ ᠪᠠᠯᠢᠭ ᠲᠤᠷ ᠴᠡᠷᠢᠭ ᠠᠶᠠᠨ ᠤ ᠦᠶᠢᠯᠡ ᠵᠡᠳᠬᠦᠷ ᠪᠣᠯᠤᠭᠠᠳ ᠤᠯᠤᠰ ᠢᠷᠭᠡᠨ ᠲᠣᠭᠲᠠᠭᠠᠨ ᠶᠠᠳᠠᠵᠤ ᠳᠤᠮᠳᠤᠭᠠᠯᠵᠠᠭᠰᠠᠨ ᠳᠤᠷ ᠬᠠᠷ᠎ᠠ ᠬᠣᠴᠣ ᠳᠤᠷ ᠨᠡᠭᠦᠵᠦ ᠢᠷᠡᠭᠡᠳ ᠬᠣᠲᠣᠳ ᠪᠠᠯᠠᠭᠠᠳ ᠨᠡᠮᠡᠨ ᠪᠣᠰᠬᠠᠵᠤ ᠬᠣᠷᠤᠭᠠᠨ ᠪᠠ ᠶᠣᠭᠤᠷᠭᠠᠰ ᠡᠷᠦᠭᠦᠯᠦᠨ ᠨᠦᠳᠦᠭᠦᠯᠵᠦ ᠤᠯᠤᠰ ᠢᠶᠠᠷ ᠢᠶᠠᠨ ᠪᠣᠯᠵᠤ ᠭᠠᠭᠴᠠ ᠵᠣᠷᠢᠭ ᠢᠶᠠᠷ ᠬᠣᠲᠣᠨ ᠪᠡᠬᠢᠯᠡᠨ ᠱᠢᠲᠦᠭᠡᠯᠡᠯᠳᠦᠨ ᠪᠦᠬᠦᠢ ᠳᠦᠷ ᠳᠤᠤ ᠠ ᠲᠠᠨ ᠬᠥᠪᠡᠭᠦᠳ ᠠᠷᠪᠠᠨ ᠬᠣᠶᠠᠷ ᠲᠦᠮᠡᠳ ᠴᠡᠷᠢᠭᠦᠳ ᠢᠶᠡᠷ ᠬᠣᠲᠣᠨ ᠤ ᠴᠠᠭᠠᠳᠠ ᠬᠦᠷᠴᠦ ᠪᠦᠷᠢᠨ ᠬᠠᠳᠬᠤᠯᠳᠤᠬᠤᠢ ᠳᠤᠷ ᠮᠥᠨ ᠠᠲᠠᠢᠪᠤᠬ᠎ᠠ ᠦᠬᠦᠬᠦᠢᠪᠡᠨ ᠦᠯᠦ ᠲᠠᠯᠭᠠᠨ ᠶᠡᠬᠡ ᠲᠥᠷᠦ ᠶᠢ ᠰᠡᠳᠬᠢᠵᠦ ᠪᠡᠶᠡᠩᠭᠡᠳᠦᠨ ᠱᠢᠲᠦᠭᠡᠯᠡᠯᠳᠦᠨ ᠬᠠᠳᠬᠤᠯᠳᠤᠭᠠᠳ ᠣᠯᠠᠨ ᠴᠠ ᠤᠷᠤᠭᠱᠢ ᠶᠠᠪᠤᠵᠤ ᠲᠡᠮᠳᠡᠭᠲᠡᠢ᠎ᠡ ᠬᠦᠴᠦ ᠥᠭᠭᠦᠭᠰᠡᠨ ᠦ ᠱᠢᠯᠲᠠᠭᠠᠪᠠᠷ ᠢᠮᠠᠶᠢ ᠢᠲᠡᠭᠡᠯᠲᠦ ᠲᠤᠭ ᠲᠤ ᠴᠡᠷᠢᠭᠦᠳ ᠦᠨ ᠨᠣᠶᠠᠨ ᠪᠣᠯᠭᠠᠨ ᠲᠦᠱᠢᠭᠡᠳ ᠳᠠᠷᠬᠠᠨ ᠨᠡᠷ᠎ᠡ ᠪᠡᠷ ᠥᠭᠭᠦᠭᠰᠡᠨ ᠠᠵᠤᠭᠤ
Qoyi:n-a Duv-a Busm-a-tan 20. köbegü:d bulγ-a bolba:su mön Ataibuq-a Qočqar Iduγ-qud-i daγan yeke törü-yi:n emün-e küčü öggün yabuγa:d bulγ-a-yi burčiγsan-u qoyi:n-a basa Uiγud-un γajar-a Bis-baliγ-tur čerig ayan-u üyi:le jedkür boluγa:d ulus irgen toγtaγa:n yadaju dumduγaljaγsan-dur 21. Qar-a qočo-dur negü:jü irege:d qotod balaγad nemen bosqaju qoruγa:n ba yoγurγas erügü:lün nüdügü:ljü ulus-iya:r-iya:n bolju γaγča joriγ-iya:r qoton bekilen šitüge:leldün büküi-dür Duu-a-tan köbegü:d arban qoyar tümed čerigü:d-iye:r qoton-u čaγa:da kürčü bürin qadqulduqui-dur 22. mön Ataibuq-a üküküibe:n ülü talγan yeke törü-yi sedkijü beyenggedün šitüge:leldün qadqulduγa:d olan-ča uruγši yabuju temdegtei-e küčü öggügsen-ü šiltaγa:ba:r imayi itegeltü tuγ-tu čerigü:d-ün noyan bolγan tüšige:d darqan ner-e ber öggügsen ajuγu:.
18
ᠬᠣᠶᠢᠨ᠎ᠠ ᠢᠳᠤᠭ ᠬᠤᠳ ᠳᠡᠭᠡᠷ᠎ᠡ ᠠᠭᠤᠯᠵᠠᠨ ᠭᠠᠷᠴᠤ ᠢᠷᠡᠪᠡᠰᠦ ᠮᠥᠨ ᠠᠲᠠᠢᠪᠤᠬ᠎ᠠ ᠠᠭᠷᠤᠭ ᠢᠶᠠᠨ ᠠᠪᠤᠭᠠᠳ ᠳᠠᠭᠠᠨ ᠢᠷᠡᠬᠦᠢ ᠳᠦᠷ ᠵᠣᠪᠠᠯᠠᠩ ᠤᠳ ᠢ ᠦᠯᠦ ᠲᠠᠯᠭᠠᠨ ᠵᠠᠭᠤᠷ᠎ᠠ ᠪᠡᠷᠬᠡ ᠴᠥᠯ ᠨᠦᠭᠦᠳ ᠢ ᠲᠤᠭᠤᠯᠤᠭᠠᠳ ᠶᠤᠩᠵᠠᠩ ᠳᠤᠷ ᠬᠦᠷᠪᠡᠰᠦ ᠭᠠᠵᠠᠷ ᠤᠰᠤᠨ ᠤ ᠨᠠᠶᠢᠷ ᠵᠣᠬᠢᠰ ᠲᠤ ᠠᠮᠤᠨ ᠬᠦᠨᠡᠰᠦᠨ ᠡᠯᠪᠡᠭ ᠲᠦ ᠶᠢᠨ ᠲᠤᠯᠠ ᠳᠣᠲᠤᠷᠠᠭᠠᠨ ᠣᠶᠢᠱᠢᠶᠠᠵᠤ ᠣᠷᠣᠱᠢᠨ ᠶᠤᠩᠵᠠᠩ᠎ᠠ ᠨᠤᠨᠲᠤᠭᠯᠠᠭᠰᠠᠨ ᠠᠵᠤᠭᠤ ᠮᠥᠨ ᠠᠲᠠᠢᠪᠤᠬ᠎ᠠ ᠵᠥᠪ ᠡᠰ᠎ᠡ ᠪᠣᠯᠤᠭᠰᠠᠨ ᠤ ᠬᠣᠶᠢᠨ᠎ᠠ ᠠᠩᠬ᠎ᠠ ᠤᠷᠢᠳᠠ ᠶᠠ ᠵᠤᠩ ᠳᠠᠢᠸᠤ ᠰᠠᠩᠣᠨ ᠢᠶᠠᠷ ᠱᠢᠬᠡᠨ ᠴᠢ ᠬᠡᠤᠱᠢ ᠨᠡᠷ᠎ᠡ ᠨᠡᠮᠡᠵᠦ ᠥᠭᠭᠦᠭᠡᠳ ᠳᠠᠷᠤᠢ ᠳᠤᠷ ᠪᠠᠰᠠ ᠵᠢᠩ ᠸᠤᠩ ᠳᠠᠢᠸᠤ ᠭᠠᠮᠵᠤ ᠱᠢᠩᠤᠨ ᠰᠠᠮᠵᠢᠩ ᠪᠣᠯᠭᠠᠭᠠᠳ ᠤᠳᠠᠭᠠᠷᠠᠨ ᠪᠠᠰᠠ ᠬᠦ ᠱᠢ ᠰᠠᠨ ᠳᠠᠢᠸᠤ ᠰᠠᠮᠱᠢ ᠱᠢᠩᠤᠨ ᠶᠢᠤᠵᠢᠩ ᠨᠡᠷ᠎ᠡ ᠨᠡᠮᠡᠵᠦ ᠥᠭᠴᠦᠭᠦ ᠡᠨᠡ ᠠᠶᠠᠨ ᠪᠠᠰᠠ ᠶᠤᠩᠯᠤ ᠳᠠᠢᠸᠤ ᠭᠠᠮᠵᠤ ᠱᠢᠩᠤᠨ ᠪᠢᠩᠵᠠᠩ ᠵᠢᠩᠱᠢ ᠵᠤᠤ ᠭᠤᠢ ᠵᠤᠢ ᠸᠤᠩ ᠱᠢᠨ ᠭᠤᠢ ᠭᠤᠩ ᠨᠡᠷ᠎ᠡ ᠨᠡᠮᠡᠵᠦ ᠥᠭᠭᠦᠭᠡᠳ ᠵᠥᠪ ᠡᠰ᠎ᠡ ᠪᠣᠯᠤᠭᠰᠠᠨ ᠭᠡᠷᠭᠡᠢ ᠢᠨᠦ ᠰᠤᠮᠠᠭ᠎ᠠ ᠬᠠᠳᠤᠮ ᠡᠬᠡ ᠢᠨᠦ ᠲᠠᠭᠠᠢ ᠬᠤᠨᠴᠤᠢ ᠳᠠ ᠰᠣᠶᠤᠷᠬᠠᠵᠤ ᠥᠭᠭᠦᠭᠰᠡᠨ ᠨᠡᠷ ᠡ ᠶᠢᠨ ᠶᠣᠰᠤᠭᠠᠷ ᠨᠡᠷ᠎ᠡ ᠨᠡᠮᠡᠵᠦ ᠥᠭᠪᠡᠢ
Qoyi:n-a Iduγ-qud 23. dege:r-e aγu:ljan γarču irebe:sü mön Ataibuq-a aγruγ-iya:n abuγa:d daγan ireküi-dür jobalang-u:d-i ülü talγan jaγu:r-a berke čöl-nügü:d-i tuγu:luγa:d Yungjang-dur kürbe:sü γajar usun-u nayi:r joqis-tu amun künesün elbeg-tü-yi:n tula doturaγa:n oyi:šiya:ju orošin Yungjang-a 24. nuntuγlaγsan ajuγu: Mön Ataibuq-a jöb es-e boluγsan-u qoyi:n-a angq-a urida ya jung daivu sangon-iya:r šiken či keuši ner-e nemejü öggüge:d darui-dur basa Jing vung daivu γamju šingun samjing bolγaγa:d udaγa:ran basa kü ši san daivu Samši šingun yiujing ner-e 25. nemejü ögčügü: Ene ayan basa yunglu daivu γamju šingun bingjang jingši juu gui jui vung Šin-gui gung ner-e nemejü öggüge:d jöb es-e boluγsan gergei inü Sumaγ-a qadum eke inü Taγai qunčui-da soyurqaju öggügsen ner-e-yi:n yosuγa:r ner-e nemejü ögbei.
19
ᠬᠣᠶᠢᠨ᠎ᠠ ᠱᠢᠨ ᠭᠤᠢ ᠲᠠᠢ ᠸᠤᠱᠢᠨ ᠨᠡᠷ᠎ᠡ ᠥᠭᠴᠦᠭᠦ
Qoyi:n-a Šin gui tai vušin 26. ner-e ögčügü:.
20
ᠬᠥᠪᠡᠭᠦᠳ ᠢᠨᠦ ᠭᠤᠷᠪᠠᠨ ᠠᠵᠤᠭᠤ
Köbegü:d inü γurban ajuγu:.
21
ᠶᠡᠬᠡᠮᠡᠳ ᠢᠨᠦ ᠲᠡᠷᠬᠦᠨ ᠪᠤᠬ᠎ᠠ ᠳᠡᠳ ᠢᠨᠦ ᠠᠯᠢᠨᠪᠤᠬ᠎ᠠ ᠭᠤᠲᠤᠭᠠᠷ ᠢᠨᠤ ᠢᠨᠳᠦ ᠬᠡᠮᠡᠪᠡᠰᠦ ᠪᠢᠩᠵᠠᠩ ᠣᠷᠣᠨ ᠤ ᠡᠴᠢᠭᠡ ᠢᠨᠦ ᠠᠵᠤᠭᠤ
Yekemed inü Terkün-buq-a, ded inü Alinbuq-a γutuγa:r inu Indü keme:be:sü bingjang oron-u ečige inü ajuγu:.
22
ᠮᠥᠨ ᠢᠨᠳᠦ ᠡᠰᠡᠨ ᠪᠦᠬᠦᠢ ᠳᠦᠷ ᠢᠶᠡᠨ ᠨᠠᠰᠤ ᠬᠥᠪᠡᠭᠦᠳ ᠢᠶᠡᠨ ᠰᠣᠶᠤᠨ ᠰᠤᠷᠭᠠᠷ ᠤᠨ ᠲᠠ ᠬᠥᠪᠡᠭᠦᠬᠡᠳ ᠨᠠᠰᠤᠨ ᠥᠴᠦᠭᠦᠬᠡᠨ ᠠᠯᠢ ᠪᠠ ᠵᠣᠪᠠᠯᠠᠩᠤᠳ ᠢ ᠡᠰ᠎ᠡ ᠦᠵᠡᠪᠡᠢ
Mön Indü esen büküi-dür-iye:n nasu köbegü:d-iye:n soyun surγar-un: Ta köbegü:ked nasun öčügü:ken ali-ba jobalangu:d-i es-e 27. üjebei.
23
ᠲᠠᠷᠢᠶᠠᠨ ᠤ ᠦᠶᠢᠯᠡ ᠶᠢ ᠡᠷᠬᠢᠯᠡᠵᠦ ᠵᠦᠪ ᠵᠦᠭᠢᠶᠡᠷ ᠢᠶᠡᠨ ᠠᠮᠠᠨ ᠬᠣᠭᠣᠯᠠᠢ ᠲᠡᠵᠢᠭᠡᠨ ᠬᠠᠲᠠᠭᠤᠵᠢᠭᠠᠳ ᠴᠢᠳᠠᠬᠤᠢ ᠴᠠ ᠰᠠᠶᠢᠨ ᠦᠶᠢᠯᠡ ᠦᠶᠢᠯᠡᠳᠴᠦ ᠮᠠᠭᠤᠢ ᠦᠶᠢᠯᠡ ᠪᠦᠦ ᠪᠥᠭᠡᠳ ᠦᠶᠢᠯᠡᠳᠦᠳᠬᠦᠨ
Tariya:n-u üyi:le-yi erkilejü jüb jügiye:r-iye:n aman qoγo:lai tejige:n qataγu:jiγa:d čidaqui-ča sayi:n üyi:le üyi:ledčü maγu:i üyi:le büü böge:d üyi:ledüdkün.
24
ᠡᠴᠢᠭᠡ ᠡᠬᠡ ᠳᠡ ᠲᠥᠷᠦᠭᠦᠯᠳᠡᠭᠰᠡᠨ ᠪᠠ ᠲᠡᠵᠢᠶᠡᠭᠳᠡᠭᠰᠡᠨ ᠠᠴᠢ ᠶᠢ ᠮᠠᠱᠢ ᠬᠦᠨᠳᠦ ᠳᠡ ᠰᠡᠳᠬᠢᠵᠦ ᠶᠠᠪᠤᠭᠠᠳ ᠠᠬ᠎ᠠ ᠳᠡᠭᠦ ᠬᠦᠮᠦᠨ ᠯᠦᠭᠡ ᠪᠣᠳᠤᠷᠠᠯᠳᠤᠪᠠᠰᠤ ᠡᠷᠬᠡ ᠣᠮᠤᠭ ᠢᠶᠠᠨ ᠦᠯᠦ ᠵᠢᠭᠠᠨ ᠥᠪᠡᠷ ᠡᠴᠡ ᠳᠣᠷᠤᠳᠤᠰ ᠥᠴᠦᠬᠡᠳ ᠢ ᠪᠦᠦ ᠪᠠᠰᠤᠮᠵᠢᠯᠠᠨ ᠥᠪᠡᠷ ᠡᠴᠡᠭᠡᠨ ᠡᠷᠳᠡᠮ ᠲᠦ ᠰᠠᠶᠢᠳ ᠯᠤᠭ᠎ᠠ ᠠᠬ᠎ᠠ ᠳᠡᠭᠦ ᠪᠠᠷᠢᠯᠳᠤ
Ečige eke-de törügü:ldegsen ba tejiye:gdegsen ači-yi maši [kü]ndü-de sedkijü yabuγa:d aq-a degü: kümü:n-lüge: boduralduba:su erke 28. omuγ-iya:n ülü jiγa:n öbe:r-e:če dorudus öčü:ked-i büü basumjilan öbe:r-e:čege:n erdem-tü sayi:d-luγ-a: aq-a degü: barildu.
25
ᠬᠡᠷ ᠪᠡ ᠳᠡᠭᠡᠳᠦᠰ᠎ᠡ ᠰᠣᠶᠤᠷᠬᠠᠭᠳᠠᠵᠤ ᠣᠷᠠᠯᠠᠭᠤᠯᠳᠠᠪᠠᠰᠤ ᠪᠡᠶᠡᠪᠡᠨ ᠠᠷᠢᠭᠤᠨ᠎ᠠ ᠰᠠᠬᠢᠵᠤ ᠬᠢᠴᠢᠭᠡᠨ ᠤᠷᠤᠭᠱᠢ ᠵᠢᠭᠳᠦᠨ ᠶᠠᠪᠤᠭᠠᠳ ᠴᠢᠩ ᠦᠨᠡᠨ ᠵᠣᠷᠢᠭ ᠢᠶᠠᠷ ᠳᠡᠭᠡᠳᠦᠰ᠎ᠡ ᠠᠴᠢᠯᠠᠨ ᠬᠦᠴᠦ ᠥᠭᠬᠦᠢᠪᠡᠨ ᠡᠷᠬᠢᠯᠡᠨ ᠢᠷᠭᠡᠨ ᠢ ᠥᠪᠡᠷ ᠦᠨ ᠬᠥᠪᠡᠭᠦᠨ ᠱᠢᠪᠠᠭᠤᠨ ᠮᠡᠲᠦ ᠲᠠᠭᠠᠯᠠᠵᠤ ᠶᠠᠪᠤᠪᠠᠰᠤ ᠲᠠ ᠡᠷᠡᠭᠦ ᠬᠣᠤᠷ ᠲᠤᠷ ᠦᠯᠦ ᠣᠷᠤᠭᠠᠳ ᠮᠣᠨ᠎ᠠ ᠮᠣᠨ᠎ᠠ ᠬᠣᠶᠢᠨ᠎ᠠ ᠰᠠᠶᠢᠨ ᠨᠡᠷ᠎ᠡ ᠲᠠᠨᠤ ᠡᠭᠦᠷᠢᠳᠡ ᠠᠯᠳᠠᠷᠱᠢᠭᠤᠯᠳᠠᠮᠤᠢ ᠵ᠎ᠠ
Ker-be 29. dege:düs-e soyurqaγdaju oralaγu:ldaba:su beyebe:n ariγu:n-a saqiju kičige:n uruγši jigdün yabuγa:d čing ünen joriγ-iya:r dege:düs-e ačilan küčü ögküibe:n erkilen irgen-i öbe:r-ün köbegü:n šibaγu:n metü taγa:laju yabuba:su ta eregü: qour-tur ülü oruγa:d mon-a mon-a qoyi:n-a 30. sayi:n ner-e tanu egü:ride aldaršiγu:ldamui j-a.
26
ᠡᠳᠡᠭᠡᠷ ᠦᠭᠡᠰ ᠬᠡᠮᠡᠪᠡᠰᠦ ᠲᠠᠨ᠎ᠠ ᠤᠬᠠᠭᠳᠠᠬᠤ ᠪᠤᠢ ᠬᠡᠮᠡᠭᠰᠡᠨ ᠠᠵᠤᠭᠤ
Edege:r üges keme:be:sü tan-a uqaγdaqu bui keme:gsen ajuγu:.
27
ᠮᠥᠨ ᠱᠢ ᠨᠢᠩ ᠣᠩ ᠢᠨᠳᠦ ᠡᠭᠡᠨᠡᠭᠲᠡ ᠴᠢᠩ ᠦᠨᠡᠨ ᠵᠣᠷᠢᠭ ᠢᠶᠠᠨ ᠪᠡᠶᠡ ᠶᠢ ᠠᠴᠠᠨ ᠪᠣᠯᠭᠠᠨ ᠡᠷᠬᠢᠯᠡᠵᠦ ᠶᠠᠪᠤᠬᠤ ᠶᠢᠨ ᠲᠤᠯᠠ ᠭᠠᠵᠠᠷᠯᠢᠭ ᠡᠯᠡ ᠢᠷᠭᠡᠨ ᠢᠮᠠᠶᠢ ᠬᠦᠨᠳᠦᠯᠡᠨ ᠠᠭᠰᠠᠨ ᠠᠵᠤᠭᠤ
Mön Ši ning ong Indü egenegte čing ünen joriγ-iya:n beye-yi ača:n bolγan erkilejü yabuqu-yi:n tula γajarliγ ele irgen imayi kündülen aγsan ajuγu:.
28
ᠬᠣᠶᠢᠨ᠎ᠠ ᠵᠢ ᠰᠦᠨ ᠬᠣᠶᠠᠳᠤᠭᠠᠷ ᠣᠨ ᠬᠤᠪᠢ ᠰᠠᠷᠠ ᠶᠢᠨ ᠠᠷᠪᠠᠨ ᠳᠥᠷᠪᠡᠨ᠎ᠡ ᠡᠪᠡᠳᠴᠢᠨ ᠬᠦᠷᠲᠡᠵᠦ ᠵᠥᠪ ᠵᠢᠷᠤᠨ ᠨᠠᠰᠤᠨ ᠳᠤᠷ ᠢᠶᠠᠨ ᠲᠩᠷᠢ ᠶᠢᠨ ᠵᠠᠶᠠᠭᠠᠨ᠎ᠠ ᠭᠦᠶᠢᠴᠡᠭᠳᠡᠪᠡᠰᠦ ᠶᠠᠰᠤᠨ ᠢᠨᠤ ᠶᠤᠩᠵᠠᠩ ᠤᠨ ᠵᠡᠭᠦᠨ ᠡᠲᠡᠭᠡᠳ ᠭᠦᠨ ᠮᠥᠷᠡᠨ ᠦ ᠬᠢᠵᠠᠭᠠᠷ᠎ᠠ ᠣᠷᠣᠱᠢᠭᠤᠯᠤᠭᠰᠠᠨ ᠠᠵᠤᠭᠤ
Qoyi:n-a 31. Ji-sün qoyaduγa:r on qubi sara-yi:n arban dörben-e ebedčin kürtejü jöb jirun nasun-dur-iya:n tngri-yi:n jayaγa:n-a güyi:čegdebe:sü yasun inu Yungjang-un jegü:n etege:d Gün mören-ü qijaγa:r-a orošiγu:luγsan ajuγu:.
29
ᠢᠮᠠᠳᠠ ᠠᠩᠬ᠎ᠠ ᠤᠷᠢᠳᠠ ᠸᠤᠩ ᠬᠦᠨ ᠳᠠᠢᠸᠤ ᠯᠢᠪᠤ ᠶᠢᠨ ᠯᠠᠩᠵᠤᠩ ᠨᠡᠷ᠎ᠡ ᠰᠣᠶᠤᠷᠬᠠᠵᠤ ᠥᠭᠭᠦᠭᠡᠳ ᠳᠠᠷᠤᠢ ᠵᠤᠩ ᠰᠤᠨ ᠳᠠᠢᠸᠤ ᠯᠢᠪᠤ ᠶᠢᠨ ᠱᠢᠯᠠᠩ ᠨᠡᠷ᠎ᠡ ᠨᠡᠮᠡᠵᠦ ᠥᠭᠭᠦᠭᠡᠳ ᠤᠳᠠᠭᠠᠷᠠᠨ ᠪᠠᠰᠠ ᠭᠠ ᠶᠢ ᠳᠠᠢᠸᠤ ᠯᠢᠪᠤ ᠶᠢᠨ ᠴᠠᠩᠰᠤ ᠨᠡᠷ᠎ᠡ ᠨᠡᠮᠡᠭᠡᠳ ᠪᠠᠰᠠ ᠱᠢ ᠳᠢᠢ ᠳᠠᠢᠸᠤ ᠰᠠᠮᠱᠢ ᠱᠢᠩᠤᠨ ᠶᠢᠤᠵᠢᠩ ᠪᠣᠯᠭᠠᠭᠠᠳ ᠪᠠᠰᠠ ᠶᠤᠩᠯᠤ ᠳᠠᠢᠸᠤ ᠭᠠᠮᠵᠤ ᠱᠢᠩᠤᠨ ᠪᠢᠩᠵᠠᠩ ᠪᠣᠯᠭᠠᠭᠠᠳ ᠪᠠᠰᠠ ᠭᠢ ᠭᠤᠢ ᠭᠤᠩ ᠨᠡᠷ᠎ᠡ ᠨᠡᠮᠡᠵᠦ ᠥᠭᠴᠦᠭᠦ
Imada angq-a urida vung kün daivu libu- 32. yi:n langjung ner-e soyurqaju öggüge:d darui Jung sun daivu libu-yi:n šilang ner-e nemejü öggüge:d udaγa:ran basa ga yi daivu libu-yi:n čangsu ner-e nemege:d basa ši dii daivu Samši šingun yiujing bolγaγa:d basa yunglu daivu γamju šingun bingjang bolγaγa:d basa Gi gui gung 33. ner-e nemejü ögčügü:.
30
ᠦᠯᠦ ᠤᠳᠠᠨ ᠳᠠᠷᠤᠢ ᠳᠤᠷ ᠪᠠᠰᠠ ᠱᠢ ᠨᠢᠩ ᠣᠩ ᠨᠡᠷ᠎ᠡ ᠰᠣᠶᠤᠷᠬᠠᠵᠤ ᠥᠭᠭᠦᠭᠡᠳ ᠬᠠᠨᠯᠢᠮ ᠥᠨ ᠦ ᠨᠣᠶᠠᠳ ᠢᠶᠠᠷ ᠱᠢᠲᠢᠤ ᠬᠡᠮᠡᠬᠦ ᠱᠢᠯᠦᠭ ᠲᠦ ᠰᠥᠨ ᠪᠢᠴᠢᠭᠦᠯᠵᠦ ᠥᠭᠭᠦᠭᠡᠳ ᠱᠢ ᠨᠢᠩ ᠣᠩ ᠤᠨ ᠸᠤᠱᠢᠨ ᠢᠨᠤ ᠪᠤᠶᠠᠨᠵᠢᠨ ᠬᠡᠮᠡᠪᠡᠰᠦ ᠬᠥᠳᠡᠨ ᠡᠵᠡᠨ ᠦ ᠣᠷ᠎ᠠ ᠰᠠᠭᠤᠭᠰᠠᠨ ᠭᠢᠩ ᠣᠩ ᠤᠨ ᠪᠠᠭᠱᠢ ᠤᠬᠠᠷᠢ ᠶᠢᠨ ᠥᠬᠢᠨ ᠢᠨᠦ ᠠᠵᠤᠭᠤ
Ülü udan darui-dur basa Ši ning ong ner-e soyurqaju öggüge:d qanlim-ön-ü noyad-iya:r šitiu keme:kü šilüg-tü 34. sön bičigü:ljü öggüge:d Ši ning ong-un vušin inu Buyanjin keme:be:sü Köden ejen-ü or-a saγu:γsan Ging ong-un baγši Uqari-yi:n ökin inü ajuγu:.
31
ᠠᠩᠬ᠎ᠠ ᠤᠷᠢᠳᠠ ᠸᠤᠩᠱᠢᠩᠯᠠᠷ ᠤᠨ ᠳᠠᠢ ᠬᠢᠩ ᠬᠡᠨ ᠭᠦᠨ ᠪᠣᠯᠭᠠᠨ ᠨᠥᠭᠦᠭᠡ ᠳᠡ ᠸᠠᠨ ᠶᠠᠩ ᠭᠦᠨ ᠭᠦᠨ ᠨᠡᠷ᠎ᠡ ᠥᠭᠭᠦᠭᠡᠳ ᠭᠤᠲᠤᠭᠠᠷ ᠲᠠ ᠭᠦᠨ ᠸᠤᠱᠢᠨ ᠪᠠ ᠭᠦᠨ ᠲᠠᠢ ᠸᠤᠱᠢᠨ ᠭᠢ ᠭᠤᠢ ᠲᠠᠢ ᠸᠤᠱᠢᠨ ᠨᠡᠷ᠎ᠡ ᠥᠭᠭᠦᠭᠡᠳ ᠵᠥᠪ ᠡᠰ᠎ᠡ ᠪᠣᠯᠤᠭᠰᠠᠨ ᠤ ᠬᠣᠶᠢᠨ᠎ᠠ ᠡᠨᠡ ᠠᠶᠠᠨ ᠪᠠᠰᠠ ᠱᠢ ᠨᠢᠩ ᠣᠩ ᠸᠤᠱᠢᠨ ᠨᠡᠷ᠎ᠡ ᠰᠣᠶᠤᠷᠬᠠᠵᠤ ᠥᠭᠪᠡᠢ
Angq-a urida vungšinglar-un Dai qing ken gün bolγan nögüge:-de Van yang gün gün ner-e öggüge:d γutuγa:r- 35. ta Gün vušin ba Gün tai vušin Gi gui tai vušin ner-e öggüge:d jöb es-e boluγsan-u qoyi:n-a ene ayan basa Ši ning ong vušin ner-e soyurqaju ögbei.
32
ᠮᠥᠨ ᠱᠢ ᠨᠢᠩ ᠣᠩ ᠲᠠᠢ ᠸᠤᠱᠢᠨ ᠵᠢ ᠵᠢᠩ ᠠᠷᠪᠠᠨ ᠨᠠᠢᠮᠠᠳᠤᠭᠠᠷ ᠣᠨ ᠵᠢᠷᠭᠤᠭᠠᠨ ᠰᠠᠷᠠ ᠶᠢᠨ ᠠᠷᠪᠠᠨ ᠳᠥᠷᠪᠡᠨ᠎ᠡ ᠵᠥᠪ ᠳᠠᠯᠠᠨ ᠳᠣᠯᠤᠭᠠᠨ ᠨᠠᠰᠤᠨ ᠳᠤᠷ ᠢᠶᠠᠨ ᠡᠪᠡᠳᠴᠢᠨ ᠢᠶᠡᠷ ᠦᠭᠡᠢ ᠪᠣᠯᠵᠤᠭᠤ ᠢᠮᠠᠳᠠ ᠴᠠ ᠵᠢᠷᠭᠤᠭᠠᠨ ᠬᠥᠪᠡᠭᠦᠳ ᠲᠥᠷᠦᠭᠰᠡᠨ ᠠᠵᠤᠭᠤ
Mön Ši ning ong tai vušin Ji jing arban naimaduγa:r on jirγuγa:n sara-yi:n 36. arban dörben-e jöb dalan doluγa:n nasun-dur-iya:n ebedčin-iye:r ügei boljuγu: Imada-ča jirγuγa:n köbegü:d törügsen ajuγu:.
33
ᠶᠡᠬᠡᠮᠡᠳ ᠢᠨᠦ ᠪᠣᠯᠣᠳᠪᠤᠬ᠎ᠠ ᠳᠡᠳ ᠢᠨᠦ ᠵᠤᠩᠱᠤ ᠱᠢᠩᠤᠨ ᠪᠢᠩᠵᠠᠩ ᠷᠣᠨ ᠭᠤᠲᠤᠭᠠᠷ ᠢᠨᠤ ᠪᠤᠶᠠᠨ ᠳᠥᠲᠦᠭᠡᠷ ᠢᠨᠦ ᠪᠠᠶᠠᠨ ᠰᠤᠤ ᠵᠢᠤ ᠶᠢᠨ ᠲᠤᠩᠵᠢ ᠪᠣᠯᠤᠭᠰᠠᠨ ᠠᠵᠤᠭᠤ
Yekemed inü Bolodbuq-a, ded inü Jungšu šingun bingjang ¼ron, γutuγa:r inu Buyan, dötüge:r inü Bayan Suu jiu-yi:n tungji boluγsan ajuγu:.
34
ᠲᠠᠪᠳᠤᠭᠠᠷ ᠢᠨᠤ ᠲᠤᠭᠯᠤᠭ ᠡᠳᠦᠭᠡᠳ ᠲᠦᠷ ᠢᠱᠢᠨ᠎ᠠ ᠴᠥᠯᠭᠡ ᠶᠢᠨ ᠰᠤᠩᠭᠣᠨ ᠵᠢᠷᠭᠤᠳᠤᠭᠠᠷ ᠢᠨᠤ ᠳᠡᠷᠪᠢᠰ ᠴᠦᠮᠦᠢ ᠥᠨ ᠦ ᠰᠡᠮ ᠥᠨ ᠪᠦᠢ
Tabduγa:r inu 37. Tuγluγ edüge:d-tür Išin-a čölge-yi:n sunggon, jirγuduγa:r inu Derbis čümüi ön-ü sem ön büi.
35
ᠠᠴᠢ ᠬᠥᠪᠡᠭᠦᠨ ᠢᠨᠦ ᠲᠠᠪᠤᠨ ᠠᠵᠤᠭᠤ
Ači köbegü:n inü tabun ajuγu:.
36
ᠪᠤᠬ᠎ᠠ ᠭᠠᠮᠵᠤ ᠴᠥᠯᠭᠡ ᠶᠢᠨ ᠸᠤᠪᠤᠨ ᠮᠠᠩᠯᠠᠢᠪᠤᠬ᠎ᠠ ᠭᠠᠮᠵᠤ ᠭᠣᠩᠸᠤ ᠪᠠᠢᠵᠤ ᠬᠢᠩ ᠶᠠᠮᠱᠢ ᠥᠨ ᠦ ᠲᠦᠱᠢᠬᠦᠨ ᠶᠣᠯᠪᠤᠬ᠎ᠠ ᠭᠡᠮ ᠰᠢᠤ ᠭᠤᠢ ᠱᠢ ᠸᠤᠤ ᠶᠢᠨ ᠰᠠᠮᠭᠤᠨ ᠵᠠᠮᠤᠴᠢ ᠮᠥᠨ ᠪᠢᠩᠵᠠᠩ ᠷᠣᠨ ᠬᠡᠮᠡᠪᠡᠰᠦ ᠱᠢ ᠨᠢᠩ ᠣᠩ ᠤᠨ ᠳᠡᠳ ᠬᠥᠪᠡᠭᠦᠨ ᠢᠨᠦ ᠠᠵᠤᠭᠤ
Buq-a γamju čölge-yi:n vubun Manglaibuq-a γamju gongvu Baiju qing yamši ön-ü tüšikün, Yolbuq-a gem siu gui ši vuu-yi:n samgun 38. Jamuči, mön bingjang ¼ron keme:be:sü Ši ning ong-un ded köbegü:n inü ajuγu:.
37
ᠲᠦᠷ ᠦᠨ ᠦᠶᠢᠯᠡ ᠳᠦᠷ ᠪᠠᠷᠢᠯᠳᠤᠷ ᠤᠨ ᠵᠢᠱᠢᠩ ᠱᠡᠱᠢᠨ ᠴᠡ ᠳᠠᠢ ᠰᠢᠨᠤᠩᠰᠢ ᠶᠢᠨ ᠭᠢᠩᠯᠢ ᠦ ᠲᠠᠶ ᠶᠢᠨ ᠭᠡᠮᠴᠠ ᠦᠱᠢ ᠯᠢᠪᠤ ᠶᠢᠨ ᠥᠨ ᠤᠢᠯᠠᠩ ᠪᠢᠩᠪᠤ ᠶᠢᠨ ᠯᠠᠩᠵᠤᠩ ᠪᠣᠯᠤᠭᠠᠳ ᠮᠥᠨ ᠪᠤ ᠶᠢᠨ ᠱᠢᠯᠠᠩ ᠢᠭᠳᠤᠷᠢᠭᠤᠯᠵᠤ ᠶᠠᠪᠤᠭᠠᠳ ᠬᠤᠤ ᠨᠠᠮ ᠵᠡᠰᠢ ᠭᠡᠩ ᠳᠤᠩ ᠭᠤᠷᠪᠠᠨ ᠳᠠᠤ ᠯᠡᠮᠸᠠᠩᠰᠢ ᠶᠢᠨ ᠸᠤᠱᠢ ᠲᠦᠱᠢᠭᠳᠡᠭᠡᠳ ᠳᠠᠢᠳᠤᠯᠤ ᠶᠢᠨ ᠳᠠᠷᠤᠭᠠᠴᠢ ᠵᠤᠩᠰᠦ ᠰᠣᠣ ᠱᠢ ᠯᠠᠩᠵᠤᠩ ᠯᠢᠪᠤ ᠴᠠᠩᠰᠤ ᠱᠢᠩᠤᠨ ᠰᠠᠮᠶᠢ ᠳᠠᠢᠳᠤ ᠯᠢᠤᠱᠤ ᠬᠠᠷᠠᠵᠠᠩ ᠱᠢᠩᠤᠨ ᠰᠠᠮᠵᠢᠩ ᠰᠥᠨᠵᠢᠩ ᠥᠨ ᠦ ᠲᠤᠩᠵᠢ ᠪᠠᠰᠠ ᠳᠠᠢᠳᠤᠯᠤ ᠶᠢᠨ ᠳᠠᠷᠤᠭᠠᠴᠢ ᠦᠱᠢ ᠲᠠᠶ ᠶᠢᠨ ᠵᠢᠱᠦ ᠴᠦᠮᠤᠢ ᠥᠨ ᠦ ᠲᠤᠩᠵᠢ ᠵᠤᠩᠰᠤ ᠱᠢᠩᠤᠨ ᠶᠢᠤᠵᠢᠩ ᠪᠣᠯᠤᠭᠠᠳ ᠳᠠᠷᠤᠢ ᠳᠤᠷ ᠳᠡᠭᠡᠭᠱᠢ ᠢᠭᠳᠤᠷᠢᠭᠤᠯᠵᠤ ᠪᠢᠩᠵᠠᠩ ᠪᠣᠯᠭᠠᠨ ᠲᠦᠱᠢᠭᠳᠡᠭᠡᠳ ᠤᠳᠠᠭᠠᠷᠠᠨ ᠪᠠᠰᠠ ᠭᠤᠷᠪᠠᠨ ᠲᠠ ᠦᠶᠡᠯᠡᠨ ᠳᠡᠭᠡᠭᠱᠢ ᠢᠭᠳᠤᠷᠢᠭᠤᠯᠤᠨ ᠰᠣᠶᠤᠷᠬᠠᠭᠳᠠᠵᠤ ᠵᠤᠩᠱᠤ ᠱᠢᠩᠤᠨ ᠠᠬᠠᠯᠠᠬᠤ ᠪᠢᠩᠵᠠᠩ ᠲᠦᠱᠢᠭᠳᠡᠭᠡᠳ ᠶᠢᠨ ᠰᠢᠩ ᠶᠤᠩᠯᠤ ᠳᠠᠢᠸᠤ ᠰᠠᠩᠣᠨ ᠥᠭᠲᠡᠵᠦ ᠶᠠᠪᠤᠭᠠᠳ ᠳᠠᠷᠤᠢ ᠳᠤᠷ ᠪᠠᠰᠠ ᠭᠢᠮᠰᠢ ᠭᠣᠩᠯᠤ ᠳᠠᠢᠸᠤ ᠰᠠᠩᠣᠨ ᠨᠡᠮᠡᠵᠦ ᠥᠭᠭᠦᠭᠡᠳ ᠬᠠᠰ ᠨᠢᠰᠠᠨ ᠪᠡᠷ ᠰᠤᠪᠤᠳᠤ ᠵᠢᠰᠦᠨ ᠠᠯᠲᠠᠨ ᠪᠦᠰ᠎ᠡ ᠰᠣᠶᠤᠷᠬᠠᠭᠳᠠᠪᠠᠢ
Tür-ün üyi:le-dür barildur-un jišing šešin-če dai sinungsi-yi:n gingli Ü tay-yi:n gemča üši, libu-yi:n ön uilang bingbu-yi:n langjung boluγa:d mön bu-yi:n šilang iγduriγu:lju 39. yabuγa:d Quu nam Jesi Geng dung γurban dau lemvangsi-yi:n vuši tüšigdege:d Daidulu-yi:n daruγači jungsü soo ši langjung, libu čangsu šingun samyi Daidu liušu, Qarajang šingun samjing, sönjing ön-ü tungji, basa Daidulu-yi:n daruγači üši tay-yi:n jišü, čümui ön-ü tungji, 40. jungsu šingun yiujing boluγa:d darui-dur dege:gši iγduriγu:lju bingjang bolγan tüšigdege:d udaγa:ran basa γurban-ta üyelen dege:gši iγduriγu:lun soyurqaγdaju jungšu šingun aqalaqu bingjang tüšigdege:d yin sing yunglu daivu sangon ögtejü yabuγa:d darui-dur basa gimsi gonglu daivu 41. sangon nemejü öggüge:d qas nisan ber subudu jisün altan büs-e soyurqaγdabai.
38
ᠪᠢ ᠵ᠎ᠡ ᠤᠢ ᠰᠤᠤ ᠪᠢᠩᠵᠠᠩ ᠣᠷᠣᠨ ᠯᠤᠭ᠎ᠠ ᠨᠢᠭᠡᠨ ᠶᠠᠮᠤᠨ ᠳᠤᠷ ᠡᠭᠦᠷᠢ ᠣᠳ ᠬᠠᠮᠲᠤ ᠨᠡᠶᠢᠲᠡ ᠰᠣᠶᠤᠷᠬᠠᠭᠳᠠᠵᠤ ᠦᠶᠢᠯᠡ ᠬᠠᠳᠠᠭᠠᠯᠠᠨ ᠲᠦᠱᠢᠭᠳᠡᠭᠰᠡᠨ ᠴᠡ ᠪᠣᠯᠭᠠᠪᠠᠰᠤ ᠠᠭᠠᠯᠢ ᠢᠨᠤ ᠵᠢᠪᠬᠤᠯᠠᠩ ᠳᠡᠭᠡᠷ᠎ᠡ ᠣᠶᠢᠨ ᠢᠨᠤ ᠭᠡᠭᠡᠭᠡᠨ ᠤᠯᠤᠰ ᠤᠨ ᠶᠡᠬᠡ ᠦᠶᠢᠯᠡ ᠳᠦᠷ ᠳᠠᠳᠮᠠᠭᠠᠢ ᠪᠦᠬᠦ ᠶᠢᠨ ᠱᠢᠯᠲᠠᠭᠠᠪᠠᠷ ᠳᠣᠲᠤᠷ᠎ᠠ ᠪᠠ ᠭᠠᠳᠠᠨ᠎ᠠ ᠦᠶᠢᠯᠡ ᠳᠦᠷ ᠲᠦᠱᠢᠭᠳᠡᠭᠰᠡᠨ ᠳᠦᠷ ᠵᠥᠪ ᠶᠠᠪᠤᠭᠰᠠᠨ ᠰᠠᠶᠢᠨ ᠨᠡᠷ᠎ᠡ ᠢᠨᠦ ᠣᠯᠠᠨ᠎ᠠ ᠲᠡᠮᠳᠡᠭᠲᠡᠢ᠎ᠡ ᠤᠬᠠᠭᠳᠠᠭᠰᠠᠪᠠᠷ ᠰᠤᠤ ᠲᠤ ᠬᠠᠭᠠᠨ ᠰᠣᠶᠤᠷᠬᠠᠵᠤ ᠢᠮᠠᠶᠢ ᠲᠤᠯᠬᠤ ᠨᠡᠷ ᠡ ᠳᠦᠷ ᠬᠦᠷᠭᠡᠭᠡᠳ ᠤᠯᠤᠰ ᠤᠨ ᠶᠡᠬᠡ ᠦᠶᠢᠯᠡ ᠶᠢ ᠬᠠᠳᠠᠭᠠᠯᠠᠭᠤᠯᠵᠤ ᠦᠳᠡ ᠮᠠᠨᠠᠭᠠᠷ ᠬᠡᠭᠦᠳᠡᠯ ᠦᠭᠡᠢ ᠠᠯᠲᠠᠨ ᠴᠢᠷᠠᠢ ᠳᠤᠷ ᠣᠷᠠᠨ ᠭᠠᠷᠤᠨ ᠶᠠᠪᠤᠵᠤ ᠠᠰᠠᠷᠠᠭᠳᠠᠭᠠᠳ ᠥᠪᠡᠷ ᠦᠨ ᠪᠡᠶᠡ ᠬᠠᠳ ᠲᠠ ᠨᠡᠷ᠎ᠡ ᠪᠡᠷ ᠰᠣᠶᠤᠷᠬᠠᠯ ᠤᠷᠢᠳᠤᠰ ᠲᠤᠷ ᠢᠶᠠᠨ ᠪᠠ ᠣᠩ ᠨᠡᠷ᠎ᠡ ᠬᠢᠭᠡᠳ ᠰᠣᠶᠤᠷᠬᠠᠭᠤᠯᠵᠤ ᠬᠡᠮᠡᠪᠡᠰᠦ ᠭᠠᠭᠴᠠ ᠨᠢᠭᠡᠨ ᠥᠳᠦᠷ ᠦᠨ ᠬᠢᠴᠢᠭᠡᠯ ᠬᠠᠲᠠᠭᠤᠵᠢᠯ ᠢᠶᠠᠷ ᠭᠦᠶᠢᠴᠡᠭᠰᠡᠨ ᠪᠤᠰᠤ ᠡᠭᠡᠨᠡᠭᠲᠡ ᠤᠶᠢᠳᠬᠠᠷᠢ ᠦᠭᠡᠢ ᠦᠵᠦᠭᠦᠯᠦᠨ ᠬᠦᠴᠦ ᠥᠭᠭᠦᠭᠰᠡᠪᠡᠷ ᠡᠶᠢᠨ ᠰᠣᠶᠤᠷᠬᠠᠭᠳᠠᠪᠠᠢ ᠵ᠎ᠠ
Bi j-e Ui suu bingjang Oron-luγ-a: nigen yamun-dur egü:ri od qamtu neyi:te soyurqaγdaju üyi:le qadaγalan tüšigdegsen-če bolγaba:su aγa:li inu jibqulang dege:r-e oyi:n inu gegege:n ulus-un yeke 42. üyi:le-dür dadmaγai bükü-yi:n šiltaγa:ba:r dotur-a ba γadan-a üyi:le-dür tüšigdegsen-dür jöb yabuγsan sayi:n ner-e inü olan-a temdegtei-e uqaγdaγsaba:r 43. suu-tu 44. qaγa:n soyurqaju imayi tulqu ner-e-dür kürgege:d ulus-un yeke üyi:le-yi qadaγalaγu:lju üde manaγar kegüdel ügei 45. altan čirai-dur oran γarun yabuju asaraγdaγa:d öbe:r-ün beye qad-ta ner-e ber soyurqal uridus-tur-iya:n ba ong ner-e ki:ge:d soyurqaγu:lju keme:be:sü γaγča nigen ödür-ün kičige:l qataγu:jil-iya:r güyi:čegsen busu egenegte uyi:dqari ügei üjügü:lün küčü öggügsebe:r eyi:n soyurqaγdabai j-a.
39
ᠬᠠᠭᠠᠨ ᠡᠵᠡᠨ ᠮᠠᠨᠤ ᠣᠷᠣᠨ ᠢ ᠡᠨᠡ ᠮᠡᠲᠦ ᠪᠡᠯᠭᠡᠲᠡᠢ᠎ᠡ ᠰᠣᠶᠤᠷᠬᠠᠨ ᠬᠦᠴᠦ ᠥᠭᠭᠦᠭᠰᠡᠨ ᠵᠡᠷᠭᠡ ᠶᠢ ᠢᠨᠦ ᠤᠵᠠᠭᠤᠷ ᠴᠠ ᠦᠵᠦᠭᠦᠷ ᠲᠦᠷ ᠬᠦᠷᠲᠡᠯᠡ ᠪᠢᠴᠢᠭᠦᠯᠵᠦ ᠪᠢᠢ ᠲᠠᠰ ᠲᠤᠷ ᠴᠣᠭᠤᠯᠭᠠᠭᠤᠯᠬᠤ ᠱᠢᠯᠲᠠᠭᠠᠨ ᠬᠡᠮᠡᠪᠡᠰᠦ ᠤᠷᠤᠭᠱᠢᠳᠠ ᠳᠦᠷᠢ ᠳᠦᠷᠰᠦ ᠪᠣᠯᠭᠠᠵᠤ ᠣᠯᠠᠨ ᠲᠦᠱᠢᠮᠡᠯ ᠢ ᠬᠣᠮᠤᠭᠠᠯᠵᠠᠭᠤᠯᠬᠤ ᠶᠢᠨ ᠲᠤᠯᠠ ᠪᠤᠶᠤ ᠵ᠎ᠠ
46. Qaγa:n ejen manu Oron-i ene metü belgetei-e soyurqan küčü öggügsen jerge-yi inü ujaγu:r-ča üjügü:r-tür kürtele bičigü:ljü bii tas-tur čoγu:lγaγu:lqu šiltaγa:n keme:be:sü uruγšida düri dürsü bolγaju olan tüšimel-i qomuγaljaγu:lqu-yi:n tula buyu j-a.
40
ᠪᠢ ᠥᠴᠦᠭᠦᠬᠡᠨ ᠪᠣᠭᠣᠯ ᠲᠦᠱᠢᠮᠡᠯ ᠤᠢ ᠰᠤᠤ ᠦᠯᠦ ᠴᠢᠳᠠᠬᠤ ᠪᠤᠳᠠᠭᠤ ᠣᠶᠢᠲᠤ ᠬᠦᠮᠦᠨ ᠪᠥᠭᠡᠲᠡᠯᠡ ᠤᠷᠢᠳᠠ ᠲᠣᠪᠴᠢᠶᠠᠨ ᠵ᠎ᠠ ᠬᠠᠳᠠᠭᠠᠯᠠᠭᠰᠠᠨ ᠠᠴᠠ ᠱᠢᠯᠲᠠᠭᠠᠯᠠᠨ ᠶᠠᠳᠠᠵᠤ ᠠᠶᠤᠭᠠᠳ ᠡᠮᠢᠭᠡᠳ ᠪᠢᠢ ᠲᠠᠰ ᠤᠨ ᠠᠶᠠᠯᠭᠤᠰ ᠢ ᠱᠢᠯᠦᠭ ᠰᠡᠯᠲᠡ ᠵᠣᠬᠢᠶᠠᠵᠤ ᠨᠥᠭᠴᠢᠭᠰᠡᠨ ᠤᠷᠢᠳᠤᠰ ᠤᠨ ᠠᠨᠤ ᠨᠡᠷ ᠡ ᠶᠢ ᠢᠷᠡᠨ ᠣᠳᠤᠨ ᠶᠠᠪᠤᠬᠤ ᠮᠥᠷ ᠳᠡᠭᠡᠷ᠎ᠡ ᠪᠠᠶᠢᠭᠤᠯᠬᠤ ᠱᠢᠯᠲᠠᠭᠠᠨ ᠬᠡᠮᠡᠪᠡᠰᠦ ᠳᠡᠭᠡᠳᠦᠰ ᠦᠨ ᠬᠦᠨᠳᠦ ᠠᠴᠢ ᠶᠢ ᠪᠦᠱᠢᠷᠡᠨ ᠰᠡᠳᠬᠢᠵᠦ ᠡᠳᠦᠭᠦᠯᠦᠨ ᠠᠯᠳᠠᠷᠱᠢᠭᠤᠯᠤᠭᠠᠳ ᠬᠣᠶᠢᠳᠤᠰ ᠢ ᠪᠡᠷ ᠬᠣᠮᠤᠭᠠᠯᠵᠠᠭᠤᠯᠬᠤᠢ᠎ᠠ ᠪᠤᠶᠤ ᠵ᠎ᠠ
Bi öčügü:ken boγo:l tüšimel Ui suu ülü čidaqu budaγu: oyi:tu 47. kümü:n böge:tele urida tobčiya:n j-a qadaγalaγsan-a:ča šiltaγa:lan yadaju ayuγa:d emige:d bii tas-un ayalγus-i šilüg selte joqiya:ju nögčigsen uridus-un anu ner-e-yi iren odun yabuqu mör dege:r-e bayi:γu:lqu šiltaγa:n keme:be:sü 48. dege:düs-ün kündü ači-yi büširen sedkijü edügü:lün aldaršiγu:luγa:d qoyi:dus-i ber qomuγaljaγu:lqui-a buyu j-a.
41
ᠪᠠᠯᠠᠷ ᠴᠠ ᠤᠢᠭᠤᠳ ᠤᠨ ᠬᠠᠨ ᠢᠨᠤ ᠪᠢᠰ ᠪᠠᠯᠢᠭ᠎ᠠ ᠣᠷᠣᠱᠢᠨ ᠰᠠᠭᠤᠨ ᠠᠵᠤᠭᠤ
49. Balar-ča Uiγud-un qan inu Bis baliγ-a orošin saγu:n ajuγu:.
42
ᠪᠡᠷᠬᠡᠱᠢᠶᠡᠯ ᠦᠭᠡᠢ ᠪᠠᠭᠠᠲᠤᠷ ᠡᠷ᠎ᠡ ᠲᠥᠷᠦᠵᠦ ᠪᠡᠬᠢᠯᠡᠵᠦ ᠤᠯᠤᠰ ᠢᠶᠠᠨ ᠰᠠᠶᠢᠲᠤᠷ ᠵᠠᠷᠴᠢᠮᠯᠠᠵᠤᠭᠤ
Berkešiye:l ügei baγa:tur er-e törüjü bekilejü ulus-iya:n sayi:tur jarčimlajuγu:.
43
ᠭᠠᠵᠢᠭᠤ ᠳᠠᠶᠢᠰᠤᠨ ᠢ ᠬᠠᠯᠬᠠᠯᠠᠵᠤ ᠣᠶᠢᠷ᠎ᠠ ᠡᠰ᠎ᠡ ᠬᠠᠯᠭᠠᠭᠰᠠᠨ ᠬᠠᠯᠲᠠᠷᠢᠯ ᠦᠭᠡᠢ ᠬᠠᠳᠬᠤᠯᠳᠤᠵᠤ ᠰᠠᠶᠢᠪᠠᠨ ᠣᠯᠳᠠᠭᠰᠠᠨ ᠬᠠᠳᠠᠭᠠᠯᠠᠭᠰᠠᠨ ᠮᠢᠩᠭᠠᠨ ᠢᠶᠠᠨ ᠠᠪᠤᠭᠠᠳ ᠬᠠᠮᠢᠯ᠎ᠠ ᠲᠠᠯᠪᠢᠭᠰᠠᠨ ᠬᠠᠭᠠᠨ᠎ᠠ ᠬᠦᠴᠦ ᠥᠭᠭᠦᠨ ᠨᠡᠭᠦᠵᠦ ᠶᠤᠩᠵᠠᠩ᠎ᠠ ᠨᠤᠨᠲᠤᠭᠯᠠᠭᠰᠠᠨ ᠥᠰᠬᠦᠯᠡᠩ ᠤᠷᠲᠤ ᠮᠣᠳᠤᠨ ᠤᠷᠭᠤᠪᠠᠰᠤ ᠡᠯᠡ ᠣᠢ ᠳᠤᠷ ᠤᠵᠠᠭᠤᠷ ᠢᠨᠤ ᠭᠦᠨ᠎ᠡ ᠦᠨᠳᠦᠰᠦᠯᠡᠶᠦ
γajiγu: dayi:sun-i qalqalaju oyi:r-a es-e qalγaγsan qaltaril-ügei qadqulduju sayi:ba:n oldaγsan qadaγalaγsan mingγan-iya:n abuγa:d Qamil-a talbiγsan 50. qaγa:n-a küčü öggün negü:jü Yungjang-a nuntuγlaγsan ösküleng urtu modun urγuba:su ele oi-dur ujaγu:r inu gün-e ündüsüleyü.
44
ᠥᠲᠡᠭᠡᠨ ᠦ ᠬᠦᠢ ᠳᠦᠷ ᠦᠯᠦ ᠲᠥᠷᠢᠳᠦᠨ ᠳᠡᠪᠦᠯᠪᠡᠰᠦ ᠪᠤᠯᠭᠠ ᠨᠠᠰᠤᠳᠠ ᠤᠷᠤᠰᠬᠠᠯ ᠳᠤᠷ ᠤᠷᠤᠰᠤᠭᠠᠳ ᠨᠠᠭᠤᠷᠱᠢᠵᠤ ᠦᠯᠦ ᠱᠢᠷᠭᠢᠶᠦ
Ötegen-ü küi-dür ülü töridün debülbe:sü bulγ[a] nasuda urusqal-dur urusuγa:d naγu:ršiju ülü širgiyü.
45
ᠠᠯᠢ ᠪᠠ ᠴᠠᠭ ᠲᠤᠷ ᠬᠠᠭᠠᠨ ᠴᠠ ᠱᠢ ᠨᠢᠩ ᠣᠩ ᠨᠡᠷ᠎ᠡ ᠰᠣᠶᠤᠷᠬᠠᠭᠳᠠᠭᠰᠠᠨ ᠢᠨᠳᠦ ᠬᠠᠯᠳᠠᠵᠤ ᠬᠥᠪᠡᠭᠦᠳ ᠢᠶᠡᠨ ᠪᠠᠷᠢᠭᠤᠯᠤᠭᠰᠠᠨ ᠠᠵᠤᠭᠤ
Ali-ba čaγ-tur 51. qaγa:n-ča Ši-ning ong ner-e soyurqaγdaγsan Indü qaldaju köbegü:d-iye:n bariγu:luγsan ajuγu.
46
ᠴᠡᠭᠡᠵᠢᠪᠡᠨ ᠨᠢᠮᠳᠤ ᠭᠠᠭᠴᠠ ᠣᠷᠣᠨ ᠤ ᠬᠦᠴᠦ ᠥᠭᠭᠦᠭᠰᠡᠨ ᠢᠶᠡᠷ ᠵᠥᠪ ᠢᠨᠦ ᠬᠦᠨᠳᠦ ᠬᠠᠮᠤᠭ ᠪᠦᠭᠦᠳᠡᠭᠡᠷ ᠨᠡᠷᠡᠰ ᠢᠶᠡᠨ ᠪᠢᠴᠢᠭᠦᠯᠪᠡᠢ
Čege:jibe:n nimdu γaγča Oron-u küčü öggügsen-iye:r jöb inü kündü qamuγ bügüdege:r neres-iye:n bičigü:lbei.
47
ᠪᠢᠢ ᠲᠠᠰ ᠲᠤᠷ ᠬᠠᠮᠲᠤ ᠬᠥᠪᠡᠭᠦᠳ ᠤᠷᠤᠭ ᠴᠢᠨᠤ ᠬᠣᠲᠣᠯᠠᠭᠠᠷ ᠬᠡᠷᠡᠭᠯᠡᠭᠳᠡᠵᠦ ᠵᠡᠷᠭᠡᠪᠡᠷ ᠨᠣᠶᠠᠯᠠᠪᠠᠢ
Bii tas-tur qamtu köbegü:d uruγ činu qotolaγa:r kereglegdejü jergebe:r noyalabai.
48
ᠭᠡᠷᠡᠯᠵᠦ ᠵᠠᠰᠠᠭ ᠴᠠ ᠪᠡᠶᠡᠰ ᠢᠶᠡᠨ ᠰᠠᠬᠢᠬᠤᠢᠪᠠᠷ ᠬᠡᠨ᠎ᠡ ᠪᠡᠷ ᠮᠠᠭᠤᠢ ᠡᠰ᠎ᠡ ᠬᠡᠮᠡᠭᠳᠡᠪᠡᠢ
Gereljü jasaγ-ča beyes-iye:n saqiquiba:r 52. ken-e ber maγu:i es-e keme:gdebei.
49
ᠰᠤᠷᠭᠠᠵᠤ ᠡᠯᠡ ᠥᠭᠭᠦᠭᠰᠡᠨ ᠰᠥᠶᠦᠭᠡᠷ ᠢ ᠴᠢᠨᠦ ᠰᠥᠨᠢ ᠥᠳᠦᠷ ᠰᠠᠬᠢᠵᠤ ᠡᠰ᠎ᠡ ᠤᠮᠤᠷᠲᠠᠪᠠᠢ
Surγaju ele öggügsen söyüger-i činü söni ödür saqiju es-e umurtabai.
50
ᠰᠤᠤ ᠵᠠᠯᠢ ᠶᠢ ᠵᠠᠯᠪᠠᠷᠢᠵᠤ ᠶᠠᠪᠤᠭᠰᠠᠪᠠᠷ ᠰᠣᠶᠤᠷᠬᠠᠯ ᠬᠦᠷᠲᠡ ᠪᠡᠢ
Suu jali-yi jalbariju yabuγsaba:r soyurqal kürte-bei.
51
ᠦᠬᠦᠭᠰᠡᠨ ᠪᠠ ᠠᠮᠢᠳᠤ ᠳᠤᠷ ᠭᠠᠳᠠᠨ᠎ᠠ ᠭᠦᠨ ᠮᠥᠷᠡᠨ ᠨᠡᠷᠡᠲᠦ ᠱᠢᠯᠲᠡᠭᠡᠨ ᠳᠦᠷ ᠢ ᠭᠠᠢᠬᠠᠮᠱᠢᠭ᠎ᠠ ᠪᠣᠰᠬᠠᠵᠤ ᠠᠮᠤ
Ükügsen ba amidu-dur γadan-a Gün mören neretü šiltege:n-dür-i γaiqamšiγ-a bosqaju amu.
52
ᠬᠡᠭᠦᠷ ᠦᠨ ᠭᠡᠷ ᠢ ᠬᠠᠭᠠᠨ ᠤ ᠵᠷᠯᠭ ᠢ ᠰᠠᠢᠰᠠᠩ ᠤᠳ ᠲᠠ ᠬᠦᠷᠲᠡᠭᠰᠡᠨ ᠳᠦᠷ ᠢ ᠬᠠᠭᠠᠯᠭ ᠠ ᠳᠤᠷ ᠴᠢᠨᠤ ᠪᠢᠢ ᠲᠠᠰ ᠪᠠᠶᠢᠭᠤᠯᠪᠠᠢ
Kegü:r-ün ger-i 53. qaγa:n-u jrlγ-i saisang-u:d-ta kürtegsen-dür-i qaγa:lγ-a-dur činu bii tas bayi:γu:lbai.
53
ᠶᠡᠬᠡ ᠳᠡ ᠲᠡᠯᠢ ᠤᠷᠲᠤ ᠳᠠ ᠦᠶᠢᠯᠡᠳᠦᠭᠰᠡᠨ ᠢᠶᠡᠷ ᠰᠠᠶᠢᠨ ᠤᠳᠬ᠎ᠠ ᠤᠷᠤᠭ ᠢᠶᠠᠷ ᠮᠠᠨᠳᠤᠪᠠ
Yeke-de teli, urtu-da üyi:ledügsen-iye:r sayi:n udq-a uruγ-iya:r manduba.
54
ᠥᠪᠡᠳᠡᠭᠱᠢ ᠭᠠᠭᠴᠠ ᠦᠯᠦ ᠡᠯᠡ ᠤᠶᠢᠳᠤᠨ ᠪᠠᠷᠢᠪᠠᠰᠤ ᠰᠡᠳᠬᠢᠯ ᠢᠶᠡᠨ ᠭᠠᠭᠴᠠ ᠤᠷᠤᠭᠱᠢ ᠳᠠ ᠮᠠᠭᠲᠠᠭᠤᠯᠬᠤ ᠶᠢ ᠶᠠᠭᠤᠨ ᠡᠷᠦᠲᠡᠯᠡ ᠪᠦᠢ ᠲᠠᠨ᠎ᠠ
Öbedegši γaγča ülü ele uyi:dun bariba:su sedkil-iye:n γaγča uruγši-da maγtaγu:lqu-yi yaγu:n erütele büi tan-a.
55
ᠵᠢ ᠵᠢᠩ ᠬᠣᠷᠢᠨ ᠬᠣᠶᠠᠳᠤᠭᠠᠷ ᠣᠨ ᠪᠠᠷᠰ ᠵᠢᠯ ᠠᠷᠪᠠᠨ ᠰᠠᠷᠠ ᠶᠢᠨ ᠠᠷᠪᠠᠨ ᠬᠣᠶᠠᠷ᠎ᠠ ᠪᠠᠶᠢᠭᠤᠯᠪᠠᠢ
54. Ji jing qorin qoyaduγa:r on bars jil arban sara-yi:n arban qoyar-a bayi:γu:lbai.
56
ᠰᠠᠳᠤ ᠰᠠᠳᠤ
sadu sadu