Historical corpus of the Mongolian language

The mongolian inscription of Chang Ying-Jüi

Reconstruction, not a copy of the monument: the Mongolian-script text is generated automatically from the transcription in modern Unicode spelling. The orthography of pre-classical documents differed; consult the facsimile and the edition.
Back to the text
1
ᠶᠡᠬᠡ ᠮᠣᠩᠭᠣᠯ ᠤᠯᠤᠰ ᠤᠨ ᠴᠠᠭ ᠲᠤᠷ ᠶᠤᠩ ᠯᠤᠤ ᠳᠠᠢᠸᠤ ᠯᠠᠤ ᠶᠠᠩ ᠳᠢᠩ ᠵᠤᠤ ᠬᠢᠩ ᠵᠤᠩᠱᠤ ᠱᠢᠩ ᠪᠢᠩᠵᠠᠩ ᠵᠠᠩ ᠱᠢ ᠵᠦᠭᠤᠢ ᠵᠤᠢ ᠸᠤᠩ ᠭᠢ ᠭᠤᠢ ᠭᠤᠩ ᠵᠠᠩ ᠶᠢᠩ ᠱᠤᠢ ᠶᠢᠨ ᠤᠷᠢᠳᠤᠰ ᠶᠤᠭᠠᠨ ᠲᠤᠯᠠ ᠵᠷᠯᠭ ᠢᠶᠠᠷ ᠪᠠᠶᠢᠭᠤᠯᠳᠠᠭᠰᠠᠨ ᠪᠢᠢ ᠲᠠᠰ ᠪᠤᠶᠤ
01. Yeke Mongγol ulus-un čaγ-tur 02. yung luu daivu Lau yang ding juu qing jungšu [ši]ng bingjang jang ši jügui jui vung Gi gui gung Jang Ying-šui-yi:n uridus-yuγa:n tula 03. jrlγ-iya:r bayi:γu:ldaγsan bii tas buyu.
2
ᠰᠤᠤ ᠲᠤ ᠬᠠᠭᠠᠨ ᠲᠥᠷᠦᠨ ᠶᠡᠬᠡ ᠣᠷ᠎ᠠ ᠰᠠᠭᠤᠭᠠᠳ ᠭᠣᠩ ᠲᠠᠢᠭᠢᠤ ᠳᠠ ᠳᠡᠯᠡᠬᠡᠢ ᠤᠯᠤᠰ ᠢᠶᠠᠷ ᠬᠦᠨᠳᠦᠯᠡᠨ ᠲᠠᠬᠢᠵᠤ ᠤᠵᠠᠭᠤᠷ ᠲᠠᠨ ᠨᠣᠶᠠᠳ ᠢ ᠬᠤᠢ ᠵᠢᠩ ᠣᠨ ᠳᠤᠷ ᠠᠬᠠᠯᠠᠭᠤᠯᠤᠨ ᠲᠦᠱᠢᠭᠡᠳ ᠪᠠᠰᠠ ᠤᠷᠢᠳᠠᠨ ᠠᠴᠠ ᠵᠦᠭ ᠢᠶᠡᠷ ᠬᠦᠴᠦ ᠥᠭᠦᠭᠰᠡᠳ ᠰᠠᠶᠢᠳ ᠠᠷᠠᠨ ᠢ ᠰᠣᠩᠭᠤᠵᠤ ᠬᠡᠷᠡᠭᠯᠡᠬᠦᠢ ᠳᠦᠷ ᠵᠤᠩ ᠵᠢᠩ ᠥᠨᠱᠢ ᠲᠤᠩᠵᠢ ᠵᠠᠤ ᠭᠤᠩ ᠸᠠᠨ ᠬᠤᠤ ᠳᠤᠤ ᠰᠤᠩ ᠱᠢ ᠸᠤᠤ ᠵᠦᠲᠤᠩ ᠢ ᠶᠤᠩ ᠯᠤᠤ ᠳᠠᠢᠸᠤ ᠰᠡᠩᠦᠨ ᠥᠭᠭᠦᠭᠡᠳ ᠬᠤᠢ ᠵᠢᠩ ᠥᠨᠱᠢ ᠪᠣᠯᠭᠠᠨ ᠲᠦᠱᠢᠵᠦ ᠭᠤᠷᠪᠠᠨ ᠦᠶᠡᠰ ᠲᠦᠷ ᠬᠦᠷᠲᠡᠯᠡ ᠸᠤᠩᠱᠢᠩ ᠨᠡᠷ᠎ᠡ ᠰᠣᠶᠤᠷᠬᠠᠵᠤᠭᠤ
04. Suu-tu 05. qaγa:n törün 06. yeke or-a saγu:γa:d 07. γong taiγiu-da delekei ulus-iya:r kündülen taqiju ujaγu:r-tan noyad-i kui jing on-dur aqalaγu:lun tüšige:d basa uridan-a:ča jüg-iye:r küčü ögügsed sayi:d aran-i songγuju keregleküi-dür jung jing önši tungji jau gung van quu duu sung ši vuu Jütung-i yung luu daivu sengün öggüge:d kui jing 08. önši bolγan tüšijü γurban üyes-tür kürtele vungšing ner-e soyurqajuγu:.
3
ᠥᠨ ᠲᠤᠩ ᠭᠤᠷᠪᠠᠨ ᠣᠨ ᠬᠠᠪᠤᠷ ᠤᠨ ᠲᠡᠷᠢᠭᠦᠨ ᠰᠠᠷ ᠠ ᠳᠤᠷ ᠬᠠᠨᠯᠢᠮ ᠥᠨ ᠦ ᠱᠢ ᠭᠠᠩ ᠬᠡᠤᠱᠢ ᠵᠠᠩ ᠬᠢ ᠶᠡᠮ ᠬᠤᠢ ᠵᠠᠩ ᠭᠠᠤ ᠶᠢᠨ ᠭᠤᠩ ᠸᠤᠩ ᠬᠡᠤᠱᠢ ᠰᠠᠩ ᠱᠢ ᠭᠡᠨ ᠲᠡᠨ ᠢ ᠪᠢᠢ ᠲᠠᠰ ᠤᠨ ᠪᠢᠴᠢᠭ ᠢ ᠵᠣᠬᠢᠶᠠᠭᠤᠯᠤᠨ ᠬᠤᠢ ᠵᠠᠩ ᠭᠠᠤ ᠶᠢᠨ ᠵᠢᠩ ᠵᠢ ᠬᠡᠤᠱᠢ ᠨᠠᠤ ᠨᠠᠤ ᠶᠢ ᠪᠢᠴᠢᠭᠦᠯᠦᠨ ᠬᠠᠨ ᠯᠢᠮ ᠵᠢᠩᠵᠢ ᠬᠦ ᠱᠢ ᠭᠢᠩ ᠢ ᠮᠠᠩᠯᠠᠢ ᠶᠢᠨ ᠪᠢᠴᠢᠭ ᠢ ᠪᠢᠴᠢᠭᠦᠯᠦᠨ ᠬᠤᠢ ᠵᠠᠩ ᠭᠠᠤ ᠶᠢᠨ ᠭᠤᠩ ᠸᠤᠩ ᠬᠡᠤᠱᠢ ᠰᠡᠩᠭᠡ ᠶᠢ ᠮᠣᠩᠭᠣᠯᠴᠢᠯᠠᠨ ᠣᠷᠴᠢᠭᠤᠯᠵᠤ ᠶᠢ ᠸᠤᠨ ᠭᠡᠮ ᠦᠨ ᠲᠢᠲᠡᠮ ᠪᠤᠶᠠᠨᠲᠡᠮᠦᠷ ᠢ ᠪᠢᠴᠢᠭᠦᠯᠲᠦᠭᠡᠢ ᠬᠡᠮᠡᠨ ᠵᠷᠯᠭ ᠪᠣᠯᠪᠠᠰᠤ ᠬᠢ ᠶᠡᠮ ᠬᠢᠭᠡᠳ ᠥᠭᠦᠯᠡᠷ ᠦᠨ ᠵᠠᠩ ᠶᠢᠩ ᠱᠤᠢ᠎ᠠ ᠶᠤᠩ ᠯᠤᠤ ᠳᠠᠢᠸᠤ ᠯᠠᠤ ᠶᠠᠩ ᠳᠢᠩ ᠵᠤᠤ ᠬᠢᠩ ᠵᠤᠩᠱᠤ ᠱᠢᠩ ᠪᠢᠩᠵᠠᠩ ᠵᠢᠩᠱᠢ ᠵᠦᠭᠦᠢ ᠵᠤᠢ ᠸᠤᠩ ᠭᠢ ᠭᠤᠢ ᠭᠤᠩ ᠸᠤᠩᠱᠢᠩ ᠨᠡᠷ᠎ᠡ ᠥᠭᠲᠡᠵᠦ ᠠᠮᠤ
Ön-tung γurban on qabur-un terigü:n sar-a-dur qanlim ön-ü ši gang keuši Jang Ki yem, kui jang gau-yi:n gung vung keuši, Sang ši gen-ten-i bii tas-un bičig-i joqiyaγu:lun kui jang gau-yi:n jing ji keuši, Nau nau-yi bičigü:lün qan-[lim] 09. jingji Kü ši ging-i manglai-yi:n bičig-i bičigü:lün kui jang gau-yi:n gung vung keuši Sengge-yi mongγolčilan orčiγu:lju yi vun gem-ün titem Buyantemür-i bičigü:ltügei keme:n 10. jrlγ bolba:su Ki-yem ki:ge:d ögüler-ün: Jang Ying-šui-a yung-luu daivu Lau yang ding juu qing jungšu šing bingjang jingši jügüi jui vung Gi-gui gung vungšing ner-e ögtejü amu.
4
ᠵᠠᠩ ᠶᠢᠩ ᠱᠤᠢ ᠬᠡᠮᠡᠪᠡᠰᠦ ᠰᠥᠨ ᠨᠢᠩ ᠸᠤᠤ᠎ᠠ ᠠᠬᠤ ᠰᠠᠶᠢᠨ ᠨᠡᠷ᠎ᠡ ᠣᠯᠳᠠᠭᠰᠠᠨ ᠤᠵᠠᠭᠤᠷ ᠲᠤ ᠬᠦᠮᠦᠨ ᠠᠵᠤᠭᠤ
Jang Ying-šui keme:be:sü Sön ning vuu-a aqu sayi:n ner-e oldaγsan ujaγu:r-tu kümü:n ajuγu:.
5
ᠰᠥᠨ ᠨᠢᠩ ᠸᠤᠤ ᠭᠠᠵᠠᠷ ᠢ ᠯᠤᠤ ᠣᠩ᠎ᠠ ᠬᠦᠴᠦ ᠥᠭᠭᠦᠭᠰᠡᠨ ᠦ ᠲᠤᠯᠠ ᠯᠤᠤ ᠣᠩ᠎ᠠ ᠬᠠᠷᠢᠶᠠᠲᠤ ᠪᠣᠯᠵᠤᠭᠤ
Sön ning-vuu γajar-i 11. Luu ong-a küčü öggügsen-ü tula 12. Luu ong-a qariya:tu boljuγu:.
6
ᠵᠠᠩ ᠶᠢᠩ ᠱᠤᠢ ᠶᠢᠨ ᠡᠪᠦᠭᠡ ᠢᠨᠦ ᠵᠤᠩ ᠬᠡᠨ ᠨᠡᠷᠡᠲᠦ ᠠᠵᠤᠭᠤ
Jang Ying-šui-yi:n ebüge inü Jung ken neretü ajuγu:.
7
ᠠᠪᠤᠷᠢ ᠢᠨᠤ ᠤᠰᠬᠠᠯ ᠵᠢᠪᠬᠤᠯᠠᠩ ᠴᠢᠩ ᠦᠨᠡᠨ ᠰᠡᠳᠬᠢᠯ ᠲᠦ ᠪᠥᠭᠡᠲᠡᠯᠡ ᠨᠠᠰᠤ ᠦᠷᠭᠦᠯᠵᠢ ᠰᠠᠶᠢᠨ ᠦᠶᠢᠯᠡ ᠦᠶᠢᠯᠡᠳᠬᠦᠢᠪᠡᠷ ᠲᠡᠨᠳᠡᠬᠢᠨ ᠢᠷᠭᠡᠨ ᠢᠮᠠᠶᠢ ᠮᠠᠱᠢ ᠬᠦᠨᠳᠦᠯᠡᠨ ᠠᠵᠤᠭᠤ
Aburi inu usqal jibqulang čing ünen sedkil-tü böge:tele nasu ürgülji sayi:n üyi:le üyi:ledküiber tendekin irgen imayi maši kündülen ajuγu:.
8
ᠮᠥᠨ ᠨᠠᠰᠤᠳᠠ ᠥᠭᠦᠯᠡᠷ ᠦᠨ ᠬᠣᠶᠢᠳᠤᠰ ᠤᠷᠤᠭ᠎ᠠ ᠡᠳ ᠲᠠᠪᠠᠷ ᠵᠥᠭᠡᠵᠦ ᠥᠭᠲᠡᠯᠡ ᠰᠠᠶᠢᠨ ᠠᠭᠠᠯᠢ ᠠᠪᠤᠷᠢ ᠰᠤᠷᠭᠠᠭᠳᠠᠬᠤ ᠪᠤᠢ
Mön nasuda ögüler-ün qoyi:dus uruγ-a ed tabar jöge:jü ögtele sayi:n aγa:li aburi surγaγdaqu bui.
9
ᠬᠡᠷ ᠪᠡ ᠡᠳ ᠲᠠᠪᠠᠷ ᠵᠥᠭᠡᠵᠦ ᠥᠭᠪᠡᠰᠦ ᠵᠠᠷᠤᠵᠤ ᠪᠠᠷᠠᠬᠤ ᠴᠠᠭ ᠪᠣᠯᠤᠶᠤ
Ker be ed tabar jöge:jü ögbe:sü jaruju baraqu čaγ boluyu.
10
ᠰᠠᠶᠢᠨ ᠠᠭᠠᠯᠢ ᠠᠪᠤᠷᠢ ᠤᠷᠤᠭ ᠤᠨ ᠤᠷᠤᠭ᠎ᠠ ᠬᠦᠷᠲᠡᠯᠡ ᠪᠠᠷᠠᠱᠢ ᠦᠭᠡᠢ ᠲᠤᠰ᠎ᠠ ᠪᠣᠯᠤᠮᠤ ᠵ᠎ᠠ ᠬᠡᠮᠡᠨ ᠥᠭᠦᠯᠡᠪᠡᠰᠦ ᠲᠡᠷᠡ ᠴᠠᠭ ᠲᠤᠷ ᠣᠯᠠᠨ ᠢᠷᠭᠡᠨ ᠰᠠᠶᠢᠨ ᠦᠭᠡ ᠬᠡᠮᠡᠨ ᠮᠠᠭᠲᠠᠯᠳᠤᠭᠰᠠᠳ ᠠᠵᠤᠭᠤᠢ
Sayi:n 13. aγa:li aburi uruγ-un uruγ-a kürtele baraši-ügei tus-a bolumu j-a keme:n ögülebe:sü tere čaγ-tur olan irgen sayi:n üge keme:n maγtalduγsad ajuγu:i.
11
ᠡᠳᠦᠭᠡ ᠠᠴᠢ ᠶᠢᠨ ᠬᠥᠪᠡᠭᠦᠨ ᠢᠨᠦ ᠵᠦᠲᠤᠩ ᠬᠤᠢ ᠵᠢᠩ ᠥᠨᠱᠢ ᠶᠢᠨ ᠨᠡᠷ ᠡ ᠳᠦᠷ ᠬᠦᠷᠦᠭᠰᠡᠨ ᠦ ᠲᠤᠯᠠ ᠡᠯᠢᠩᠴᠦᠭ ᠢᠨᠦ ᠵᠤᠩ ᠬᠡᠨ ᠳᠡ ᠵᠤᠩ ᠸᠤᠩ ᠳᠠᠢ ᠸᠤᠤ ᠯᠢᠩ ᠪᠤᠢ ᠳᠢᠩ ᠵᠤᠤ ᠬᠢᠩ ᠵᠤᠩᠰᠤ ᠱᠢᠩ ᠰᠠᠮᠵᠢ ᠵᠢᠩᠱᠢ ᠬᠤᠤ ᠭᠦᠨ ᠵᠤᠢ ᠱᠢᠩ ᠰᠢᠩ ᠬᠣᠣ ᠭᠦᠨ ᠭᠤᠩ ᠨᠡᠷ᠎ᠡ ᠬᠦᠷᠲᠡᠭᠡᠳ ᠶᠡᠬᠡ ᠡᠮᠡᠭᠡ ᠢᠨᠦ ᠯᠢᠢ ᠣᠪᠤᠭᠲᠠᠢ ᠵᠤᠢ ᠸᠤᠩ ᠱᠢᠩ ᠬᠣᠣ ᠭᠦᠨ ᠸᠤᠱᠢᠨ ᠨᠡᠷ᠎ᠡ ᠥᠭᠲᠡᠵᠢᠭᠢ
Edüge: ači-yi:n köbegü:n inü Jütung kui jing önši-yi:n ner-e-dür kürügsen-ü tula elingčüg inü Jung ken-de jung vung dai vuu Ling bui ding juu qing jungsu šing samji jingši quu gün jui šing Sing qoo 14. gün gung ner-e kürtege:d yeke emege inü Lii obuγtai jui vung Šing qoo gün vušin ner-e ögtejigi:.
12
ᠡᠪᠦᠭᠡ ᠢᠨᠦ ᠪᠠᠢ ᠰᠠᠩ ᠨᠡᠷᠡᠲᠦ ᠬᠢᠴᠢᠶᠡᠩᠭᠦ ᠤᠬᠠᠭᠠᠲᠤ ᠦᠨᠡᠨ ᠵᠣᠷᠢᠭ ᠲᠤ ᠶᠢᠨ ᠲᠤᠯᠠ ᠨᠠᠴᠢᠨ ᠨᠣᠶᠠᠨ ᠢᠮᠠᠶᠢ ᠳᠡᠷᠭᠡ ᠣᠶᠢᠷ᠎ᠠ ᠬᠡᠱᠢᠭ ᠲᠦᠷ ᠶᠠᠪᠤᠭᠤᠯᠤᠭᠠᠳ ᠠᠯᠢ ᠪᠡᠷ ᠦᠶᠢᠯᠡᠰ ᠢ ᠢᠮᠠᠯᠤᠭ᠎ᠠ ᠡᠶᠡᠲᠦᠯᠳᠦᠨ ᠠᠵᠤᠭᠤ
Ebüge inü Bai sang neretü kičiye:nggü uqaγa:tu ünen joriγ-tu-yi:n tula Način noyan imayi derge oyi:r-a kešig-tür yabuγu:luγa:d ali ber üyi:les-i imaluγ-a: eyetüldün ajuγu:.
13
ᠲᠡᠷᠡ ᠴᠠᠭ ᠲᠤᠷ ᠶᠢᠩ ᠰᠤᠢ ᠳᠣᠯᠤᠭᠠᠨ ᠨᠠᠰᠤᠲᠠᠨ ᠪᠥᠭᠡᠳ ᠳᠡᠭᠡᠭᠱᠢ ᠮᠠᠨᠳᠤᠬᠤ ᠠᠪᠤᠷᠢ ᠡᠳᠦᠭᠦᠯᠦᠭᠰᠡᠨ ᠦ ᠲᠤᠯᠠ ᠨᠠᠴᠢᠨ ᠨᠣᠶᠠᠨ ᠤᠬᠠᠵᠤ ᠪᠦᠷᠦᠨ
Tere čaγ-tur Ying sui doluγa:n nasutan böge:d dege:gši manduqu aburi edügü:lügsen-ü tula 15. Način noyan uqaju bürün.
14
ᠬᠥᠪᠡᠭᠦᠴᠢᠯᠡᠨ ᠠᠰᠠᠷᠠᠭᠰᠠᠨ ᠠᠵᠤᠭᠤ
Köbegü:čilen asaraγsan ajuγu:.
15
ᠶᠡᠬᠡ ᠪᠣᠯᠤᠭᠠᠳ ᠤᠬᠠᠭᠠᠨ ᠪᠢᠯᠢᠭ ᠢᠨᠦ ᠪᠤᠰᠤᠳ ᠲᠠᠴᠠ ᠨᠡᠩ ᠳᠡᠭᠡᠷ᠎ᠡ ᠪᠣᠯᠵᠤ ᠦᠶᠢᠯᠡ ᠳᠦᠷ ᠪᠢᠱᠢᠭᠤᠨ ᠰᠠᠶᠢᠨ ᠲᠥᠷᠦᠯᠬᠢ ᠢᠨᠦ ᠪᠡᠷ ᠱᠢᠯᠢᠭᠤᠨ ᠦᠶᠢᠯᠡ ᠳᠦᠷ ᠬᠢᠴᠢᠶᠡᠩᠭᠦ ᠠᠵᠤᠭᠤ
Yeke boluγa:d uqaγa:n bilig inü busud-tača neng dege:r-e bolju üyi:le-dür bišiγu:n sayi:n törülki inü ber šiliγu:n üyi:le-dür kičiye:nggü ajuγu:.
16
ᠨᠠᠴᠢᠨ ᠨᠣᠶᠠᠨ ᠭᠤᠷᠪᠠᠨ ᠣᠨ ᠡᠪᠡᠴᠢᠶᠡᠪᠡᠰᠦ ᠶᠢᠩ ᠰᠤᠢ ᠪᠡᠶᠡᠩᠭᠡᠳᠦᠨ ᠡᠮ ᠪᠤᠳᠠᠭᠠ ᠰᠥᠯᠡᠭᠡᠨ ᠵᠣᠬᠢᠶᠠᠨ ᠢᠳᠡᠭᠦᠯᠦᠨ ᠪᠣᠰᠬᠤᠢ ᠳᠤᠷ ᠰᠠᠭᠤᠬᠤᠢ ᠳᠤᠷ ᠭᠠᠳᠠ ᠭᠠᠷᠬᠤᠢ ᠳᠤᠷ ᠲᠡᠳᠬᠦᠵᠦ ᠰᠥᠨᠢ ᠬᠣᠨᠤᠬᠤᠢ ᠳᠤᠷ ᠪᠡᠶ ᠡ ᠶᠢ ᠢᠨᠦ ᠳᠠᠷᠤᠨ ᠪᠠᠷᠢᠯᠠᠨ ᠵᠥᠭᠡᠨ ᠬᠠᠯᠠᠭᠤᠨ ᠤ ᠴᠠᠭ ᠲᠤᠷ ᠨᠢᠮᠯᠠᠭᠤᠨ ᠵᠤᠵᠠᠭᠠᠨ ᠢ ᠵᠣᠬᠢᠶᠠᠨ ᠬᠡᠮᠯᠡᠭᠡᠳ ᠦᠳᠡᠱᠢ ᠮᠠᠨᠠᠭᠠᠷ ᠬᠠᠭᠠᠴᠠᠯ ᠦᠭᠡᠢ ᠦᠯᠦ ᠤᠶᠢᠳᠤᠨ ᠲᠠᠬᠢᠭᠠᠳ ᠬᠡᠷ ᠪᠡ ᠣᠷᠣᠨ ᠳᠡᠪᠦᠰᠬᠡᠷ ᠲᠦᠷ ᠡᠳᠦᠢ ᠲᠡᠳᠦᠢ ᠪᠤᠷᠲᠠᠭ ᠪᠣᠯᠪᠠᠰᠤ ᠥᠪᠡᠷ ᠢᠶᠡᠨ ᠤᠭᠢᠭᠠᠳ ᠠᠷᠴᠢᠭᠠᠳ ᠪᠤᠰᠤᠳ ᠲᠠ ᠡᠭᠦᠱᠢᠶᠡᠭᠳᠡᠬᠦ ᠦᠶᠢᠯᠡ ᠶᠢ ᠮᠥᠨ ᠡᠰ᠎ᠡ ᠪᠡᠷᠬᠡᠱᠢᠶᠡᠭᠰᠡᠨ ᠠᠵᠤᠭᠤ
Način noyan γurban on ebečiye:be:sü Ying sui beyenggedün em budaγa: sölegen joqiya:n idegü:lün bosqui-dur saγu:qui-dur γada: γarqui-dur tedküjü söni qonuqui-dur bey-e-yi inü 16. darun barilan jöge:n qalaγu:n-u čaγ-tur nimlaγu:n jujaγa:n-i joqiya:n kemlege:d üdeši manaγar qaγačal ügei ülü uyi:dun taqiγa:d ker-be oron debüsker-tür edüi tedüi burtaγ bolba:su öbe:r-iye:n uγiγa:d arčiγa:d busud-ta egü:šiye:gdekü üyi:le-yi mön es-e berkešiye:gsen ajuγu:.
17
ᠨᠠᠴᠢᠨ ᠨᠣᠶᠠᠨ ᠤ ᠡᠪᠡᠳᠴᠢᠨ ᠲᠤᠭᠤᠷᠤᠭᠰᠠᠨ ᠤ ᠬᠣᠶᠢᠨ᠎ᠠ ᠶᠢᠩ ᠰᠤᠢ ᠶᠢᠨ ᠵᠢᠳᠲᠡ ᠬᠥᠪᠡᠭᠦᠳ ᠢᠶᠡᠨ ᠰᠥᠶᠦᠨ ᠥᠭᠦᠯᠡᠷ ᠦᠨ ᠪᠢ ᠡᠪᠡᠴᠢᠶᠡᠭᠰᠡᠨ ᠳᠦᠷ ᠲᠠ ᠬᠥᠪᠡᠭᠦᠳ ᠮᠢᠨᠦ ᠨᠠᠮᠠᠶᠢ ᠲᠠᠬᠢᠬᠤ ᠰᠡᠳᠬᠢᠯ ᠶᠠᠭᠤᠨ ᠦᠭᠡᠢ ᠠᠬᠤ
Način noyan-u ebedčin tuγu:ruγsan-u qoyi:n-a Ying sui-yi:n jidte köbegü:d-iye:n 17. söyün ögüler-ün: Bi ebečiye:gsen-dür ta köbegü:d minü namayi taqiqu sedkil yaγu:n ügei aqu.
18
ᠭᠠᠭᠴᠠ ᠵ᠎ᠠ ᠡᠪᠡᠳᠴᠢᠨ ᠮᠢᠨᠦ ᠲᠠᠨ᠎ᠠ ᠳᠡᠷᠭᠡ ᠣᠶᠢᠷ᠎ᠠ ᠢᠷᠡᠭᠳᠡᠬᠦ ᠮᠡᠲᠦ ᠪᠤᠰᠤ ᠶᠢᠨ ᠲᠤᠯᠠ ᠲᠠᠬᠢᠨ ᠡᠰ᠎ᠡ ᠴᠢᠳᠠᠪᠠ ᠵ᠎ᠠ
γaγča j-a ebedčin minü tan-a derge oyi:r-a iregdekü metü busu-yi:n tula taqin es-e čidaba j-a.
19
ᠡᠨᠡ ᠶᠢᠩ ᠰᠤᠢ ᠬᠥᠪᠡᠭᠦᠨ ᠮᠢᠨᠦ ᠴᠢᠩ ᠰᠡᠳᠬᠢᠯ ᠢᠶᠡᠷ ᠬᠢᠴᠢᠶᠡᠭᠡᠵᠦ ᠡᠪᠡᠴᠢᠶᠡᠬᠦ ᠵᠣᠪᠠᠯᠠᠩ ᠢ ᠮᠢᠨᠤ ᠤᠬᠠᠵᠤ ᠭᠤᠷᠪᠠᠨ ᠣᠨ ᠤ ᠵᠠᠭᠤᠷ᠎ᠠ ᠨᠢᠭᠡ ᠥᠳᠦᠷ ᠮᠡᠲᠦ ᠦᠵᠦᠭᠦᠯᠡᠲᠡᠯᠡ ᠲᠠᠬᠢᠵᠤ ᠡᠪᠡᠳᠴᠢᠨ ᠢ ᠠᠨᠠᠭᠤᠯᠤᠭᠰᠠᠨ ᠬᠡᠮᠡᠪᠡᠰᠦ ᠪᠦᠭᠦᠳᠡ ᠡᠨᠡ ᠬᠥᠪᠡᠭᠦᠨ ᠦ ᠬᠦᠴᠦᠪᠡᠷ ᠪᠣᠯᠪᠠᠢ
Ene Ying sui köbegü:n minü čing sedkil-iye:r kičiye:ge:jü ebečiye:kü jobalang-i minu uqaju γurban on-u jaγu:r-a nige ödür metü üjügü:letele taqiju ebedčin-i 18. anaγu:luγsan keme:be:sü bügüde ene köbegü:n-ü küčübe:r bolbai.
20
ᠡᠨᠡ ᠮᠡᠲᠦ ᠨᠠᠳᠤᠷ ᠴᠢᠩ ᠰᠡᠳᠬᠢᠯ ᠢᠶᠡᠷ ᠲᠠᠬᠢᠨ ᠬᠦᠴᠦ ᠥᠭᠦᠭᠰᠡᠨ ᠢ ᠲᠠ ᠬᠥᠪᠡᠭᠦᠳ ᠮᠢᠨᠦ ᠪᠦᠦ ᠤᠮᠠᠷᠲᠠᠳᠬᠤᠨ ᠬᠡᠮᠡᠨ ᠪᠠᠷᠢᠯᠳᠤᠭᠤᠯᠤᠭᠰᠠᠨ ᠠᠵᠤᠭᠤ
Ene metü nadur čing sedkil-iye:r taqin küčü ögügsen-i ta köbegü:d minü büü umartadqun keme:n barilduγu:luγsan ajuγu:.
21
ᠬᠣᠶᠢᠨ᠎ᠠ ᠣᠯᠣᠴᠢᠨ ᠡᠴᠢᠭᠡ ᠶᠦᠭᠡᠨ ᠨᠠᠴᠢᠨ ᠨᠣᠶᠠᠨ ᠤ ᠣᠷᠠᠨ᠎ᠠ ᠪᠠᠷᠢᠯᠳᠤᠨ ᠲᠦᠱᠢᠭᠳᠡᠭᠰᠡᠨ ᠳᠦᠷ ᠰᠡᠴᠡᠨ ᠬᠠᠭᠠᠨ᠎ᠠ ᠰᠣᠶᠤᠷᠬᠠᠭᠳᠠᠵᠤ ᠲᠥᠷᠦᠭᠰᠡᠨ ᠥᠬᠢᠨ ᠢᠶᠡᠨ ᠥᠭᠲᠡᠭᠡᠳ ᠬᠦᠷᠡᠭᠡᠨ ᠪᠣᠯᠪᠠᠰᠤ ᠤᠷᠢᠳᠠ ᠡᠴᠢᠭᠡ ᠢᠨᠦ ᠨᠠᠴᠢᠨ ᠨᠣᠶᠠᠨ ᠤ ᠰᠥᠶᠦᠭᠰᠡᠨ ᠦᠭᠡᠰ ᠢ ᠰᠡᠳᠬᠢᠵᠦ ᠶᠢᠩ ᠰᠤᠢ ᠶᠢ ᠳᠦᠯᠡᠳ ᠬᠦᠨᠳᠦᠯᠡᠨ ᠠᠰᠠᠷᠠᠭᠳᠠᠪᠠᠰᠤ ᠪᠡᠷ ᠮᠥᠨ ᠳᠦᠯᠡᠳ ᠲᠡ ᠬᠢᠴᠢᠭᠡᠨ ᠬᠠᠲᠠᠭᠤᠵᠢᠵᠤ ᠲᠠᠬᠢᠭᠰᠠᠨ ᠠᠵᠤᠭᠤ
Qoyi:n-a Oločin ečige-yüge:n Način noyan-u oran-a barildun tüšigdegsen-dür 19. Sečen qaγa:n-a soyurqaγdaju törügsen ökin-iye:n ögtege:d küregen bolba:su urida ečige inü Način noyan-u söyügsen üges-i sedkijü Ying sui-yi düled kündülen asaraγdaba:su ber mön düled-te kičige:n qataγu:jiju taqiγsan ajuγu:.
22
ᠲᠡᠭᠦᠨ ᠦ ᠬᠣᠶᠢᠨ᠎ᠠ ᠣᠯᠣᠴᠢᠨ ᠬᠦᠷᠡᠭᠡᠨ ᠦ ᠳᠡᠭᠦ ᠢᠨᠦ ᠵᠢᠷᠭᠤᠭᠠᠳᠠᠢ ᠳᠠᠶᠢᠵᠢᠵᠤ ᠠᠬ ᠠ ᠶᠤᠭᠠᠨ ᠣᠯᠣᠴᠢᠨ ᠬᠦᠷᠡᠭᠡᠨ ᠢ ᠠᠪᠤᠭᠠᠳ ᠪᠠᠰᠠ ᠴᠢᠩᠭᠢᠰ ᠬᠠᠭᠠᠨ ᠰᠣᠶᠤᠷᠬᠠᠵᠤ ᠤᠷᠤᠭ ᠤᠨ ᠤᠷᠤᠭ᠎ᠠ ᠬᠦᠷᠲᠡᠯᠡ ᠪᠠᠷᠢᠯᠳᠤᠭᠤᠯᠬᠤ ᠪᠡᠯᠭᠡ ᠪᠣᠯᠭᠠᠨ ᠥᠭᠲᠡᠭᠰᠡᠨ ᠵᠷᠯᠭ ᠢ ᠪᠠ ᠶᠠᠭᠤ ᠬᠡᠳ ᠢ ᠬᠦᠴᠦ ᠮᠡᠳᠡᠵᠦ ᠠᠪᠴᠤ ᠦᠮᠡᠭᠱᠢ ᠣᠳᠪᠠᠰᠤ ᠮᠥᠨ ᠶᠢᠩ ᠰᠤᠢ ᠰᠡᠳᠬᠢᠷ ᠦᠨ ᠨᠣᠶᠠᠨ ᠮᠢᠨᠤ ᠣᠯᠣᠴᠢᠨ ᠬᠦᠷᠡᠭᠡᠨ ᠢ ᠡᠨᠡ ᠠᠳᠠ ᠲᠦᠯᠡᠭᠡᠨ ᠡᠴᠡ ᠠᠪᠤᠷᠠᠨ ᠲᠣᠨᠢᠯᠭᠠᠭᠤᠯᠤᠨ ᠴᠢᠳᠠᠬᠤᠭᠤ ᠬᠡᠮᠡᠨ ᠬᠠᠮᠲᠤ ᠣᠳᠤᠯᠴᠠᠭᠠᠳ ᠵᠠᠭᠤᠷ᠎ᠠ ᠣᠯᠣᠴᠢᠨ ᠬᠦᠷᠡᠭᠡᠨ ᠦ ᠠᠮᠢᠨ᠎ᠠ ᠬᠣᠤᠷ ᠬᠦᠷᠭᠡᠭᠳᠡᠪᠡᠰᠦ ᠶᠢᠩ ᠰᠤᠢ ᠢᠯᠳᠦᠨ ᠢᠶᠡᠷ ᠱᠢᠷᠬᠠᠳᠠᠪᠠᠰᠤ ᠮᠥᠨ ᠰᠡᠳᠬᠢᠷ ᠦᠨ ᠰᠠᠶᠢᠳ ᠤᠨ ᠦᠭᠡ ᠬᠡᠮᠡᠨ ᠰᠣᠨᠣᠰᠤᠭᠰᠠᠨ ᠮᠢᠨᠤ ᠪᠦᠯᠡᠭᠡ ᠡᠵᠡᠨ ᠪᠣᠯᠤᠭᠰᠠᠨ ᠬᠦᠮᠦᠨ ᠪᠤᠰᠤᠳ ᠲᠠ ᠭᠦᠵᠢᠷᠡᠭᠳᠡᠪᠡᠰᠦ ᠳᠠᠭᠠᠭᠴᠢ ᠬᠦᠮᠦᠨ ᠬᠠᠮᠲᠤ ᠦᠬᠦᠯᠳᠦᠬᠦ ᠶᠣᠰᠤᠲᠤ ᠪᠤᠢ
Tegü:n-ü qoyi:n-a Oločin küregen-ü degü: inü Jirγuγa:dai dayi:jiju aq-a-yuγa:n Oločin küregen-i abuγa:d basa 20. Činggis qaγa:n soyurqaju uruγ-un uruγ-a kürtele barilduγu:lqu belge bolγan ögtegsen 21. jrlγ-i ba yaγu: ked-i küčü medejü abču ümegši odba:su mön Ying sui sedkir-ün noyan minu Oločin küregen-i ene ada tülegen-e:če aburan tonilγaγu:lun čidaquγu: keme:n qamtu odulčaγa:d jaγu:r-a Oločin küregen-ü amin-a qour kürgegdebe:sü Ying sui ildün-iye:r širqadaba:su mön sedkir-ün sayi:d-un üge keme:n sonosuγsan minu bülege: Ejen boluγsan kümü:n 22. busud-ta güjiregdebe:sü daγaγči kümü:n qamtu üküldükü yosutu bui.
23
ᠪᠢ ᠡᠵᠡᠨ ᠦᠭᠡᠨ ᠳᠠᠭᠠᠵᠤ ᠦᠬᠦᠬᠦᠢ ᠶᠢ ᠶᠠᠭᠤ ᠪᠡᠷᠬᠡᠱᠢᠶᠡᠬᠦ
Bi ejen-üge:n daγaju üküküi-yi yaγu: berkešiye:kü.
24
ᠨᠢᠭ᠎ᠠ ᠮᠠᠭ᠎ᠠ ᠪᠢ ᠦᠬᠦᠪᠡᠰᠦ ᠡᠵᠡᠨ ᠦ ᠮᠢᠨᠦ ᠥᠳ ᠦᠭᠡᠢ ᠭᠦᠵᠢᠷᠡᠭᠳᠡᠭᠰᠡᠨ ᠢ ᠬᠡᠨ ᠢᠶᠡᠷ ᠡᠳᠦᠭᠦᠯᠬᠦ ᠬᠡᠮᠡᠨ ᠰᠡᠳᠬᠢᠵᠦ ᠢᠯᠳᠦᠨ ᠠᠷᠭᠠᠪᠠᠷ ᠰᠠᠬᠢᠭᠴᠢᠨ ᠠᠷᠠᠨ ᠢ ᠥᠩᠭᠡᠷᠡᠭᠦᠯᠵᠦ ᠣᠷᠭᠣᠵᠤ ᠢᠷᠡᠭᠡᠳ ᠡᠳᠡ ᠦᠭᠡᠰ ᠢ ᠳᠡᠭᠡᠷ᠎ᠡ ᠵᠢᠭᠠᠪᠠᠰᠤ ᠭᠠᠳᠠᠭᠠᠲᠠᠨ ᠨᠣᠶᠠᠳ ᠢᠶᠠᠷ ᠠᠰᠠᠭᠬᠠᠭᠤᠯᠵᠤ ᠲᠡᠳᠡ ᠠᠷᠠᠳ ᠢ ᠢᠷᠡᠭᠦᠯᠡᠭᠦᠯᠵᠦ ᠡᠵᠡᠨ ᠦᠭᠡᠨ ᠥᠰ ᠠᠪᠤᠷᠠᠭᠠᠳ ᠪᠠᠰᠠ ᠤᠵᠠᠭᠤᠷ ᠠᠪᠴᠤ ᠣᠳᠤᠭᠰᠠᠳ᠎ᠠ ᠵᠷᠯᠭ ᠪᠠ ᠶᠠᠭᠤ ᠬᠡᠳ ᠢ ᠪᠦᠭᠦᠳᠡ ᠶᠢ ᠬᠠᠷᠢᠭᠤᠯᠵᠤᠭᠤ
Niγ-a maγ-a bi ükübe:sü ejen-ü minü öd ügei güjiregdegsen-i ken-iye:r edügü:lkü keme:n sedkijü ildün arγaba:r saqiγčin aran-i önggeregü:ljü orγoju irege:d ede üges-i 23. dege:r-e jiγa:ba:su γadaγa:tan noyad-iya:r asaγqaγu:lju tede arad-i iregü:legü:ljü ejen-üge:n ös aburaγa:d basa ujaγu:r abču oduγsad-a 24. jrlγ ba yaγu: ked-i bügüde-yi qariγu:ljuγu:.
25
ᠲᠡᠭᠦᠪᠡᠷ ᠰᠡᠴᠡᠨ ᠬᠠᠭᠠᠨ ᠶᠢᠩ ᠰᠤᠢ ᠶᠢ ᠰᠣᠶᠤᠷᠬᠠᠵᠤ ᠪᠡᠯᠭᠡ ᠪᠣᠯᠭᠠᠨ ᠲᠠᠪᠤᠨ ᠵᠠᠭᠤᠨ ᠴᠠᠤ ᠰᠦᠬᠡᠰ ᠥᠭᠦᠭᠡᠳ ᠲᠤᠰ ᠡᠵᠡᠨ ᠳᠦᠷ ᠢᠶᠡᠨ ᠰᠥᠳᠬᠦᠭᠦᠯᠦᠨ ᠰᠥᠭᠦᠳᠬᠡᠭᠦᠯᠦᠨ ᠮᠥᠨ ᠭᠠᠵᠠᠷ ᠲᠠᠭᠠᠨ ᠬᠠᠷᠢᠭᠤᠯᠤᠭᠰᠠᠨ ᠠᠵᠤᠭᠤ
Tegü:ber 25. Sečen qaγa:n Ying sui-yi soyurqaju belge bolγan tabun jaγu:n čau sükes ögüge:d tus ejen-dür-iye:n södkügü:lün (= sögüdkegü:lün) mön γajar-taγa:n qariγu:luγsan ajuγu:.
26
ᠬᠣᠶᠢᠨ᠎ᠠ ᠡᠵᠡᠨ ᠢᠨᠦ ᠵᠥᠪ ᠡᠰ᠎ᠡ ᠪᠣᠯᠵᠤ ᠬᠥᠪᠡᠭᠦᠨ ᠢᠨᠦ ᠳᠢᠤ ᠠ ᠪᠠᠯᠠ ᠶᠢ ᠡᠴᠢᠭᠡ ᠶᠦᠭᠡᠨ ᠣᠷ᠎ᠠ ᠲᠦᠱᠢᠪᠡᠰᠦ ᠬᠦᠯᠦᠭ ᠬᠠᠭᠠᠨ ᠤ ᠳᠥᠢ ᠰᠣᠶᠤᠷᠬᠠᠭᠳᠠᠵᠤ ᠥᠭᠲᠡᠭᠡᠳ ᠭᠣᠩ ᠭᠤᠤ ᠬᠤᠢ ᠸᠤᠨ ᠶᠢ ᠸᠤᠤ ᠵᠢᠨ ᠱᠢᠤ ᠳᠠᠢ ᠵᠠᠩ ᠭᠤᠩ ᠵᠤᠤ ᠨᠡᠷ᠎ᠡ ᠥᠭᠦᠭᠡᠳ ᠳᠢᠤ ᠠ ᠪᠠᠯᠠ ᠬᠦᠷᠡᠭᠡᠨ᠎ᠡ ᠪᠡᠷ ᠯᠤᠤ ᠣᠩ ᠨᠡᠷ᠎ᠡ ᠰᠣᠶᠤᠷᠬᠠᠵᠤ ᠣᠩ ᠸᠤᠤ ᠶᠠᠮᠤᠨ ᠪᠠᠶᠢᠭᠤᠯᠤᠭᠠᠳ ᠨᠣᠶᠠᠳ ᠢ ᠲᠦᠱᠢᠬᠦᠢ ᠳᠦᠷ ᠯᠤᠤ ᠣᠩ ᠶᠢᠩ ᠰᠤᠢ ᠶᠢᠨ ᠵᠦᠭ ᠢᠶᠡᠷ ᠬᠦᠴᠦ ᠥᠭᠦᠭᠰᠡᠨ ᠢ ᠰᠡᠳᠬᠢᠵᠦ ᠳᠡᠭᠡᠷ᠎ᠡ ᠥᠴᠢᠭᠦᠯᠵᠦ ᠶᠠᠵᠤᠩ ᠳᠠᠢᠸᠤ ᠣᠩ ᠸᠤᠤ ᠪᠣᠯᠭᠠᠨ ᠲᠦᠱᠢᠭᠡᠳ ᠰᠥᠨ ᠠᠪᠴᠤ ᠥᠭᠴᠦᠭᠦ
Qoyi:n-a ejen inü jöb es-e bolju köbegü:n inü Diu-a-bala-yi ečige-yüge:n or-a tüšibe:sü 26. Külüg qaγa:n-u döi soyurqaγdaju ögtege:d 27. γong guu kui vun yi vuu jin šiu dai jang gung juu ner-e ögüge:d Diu-a-bala küregen-e ber Luu ong ner-e soyurqaju ong vuu yamun bayi:γu:luγa:d noyad-i tüšiküi-dür Luu ong Ying sui-yi:n jüg-iye:r küčü ögügsen-i sedkijü 28. dege:r-e öčigü:ljü yajung daivu ong vuu bol[γan] tüšige:d sön abču ögčügü:.
27
ᠨᠠᠶᠠᠨ ᠬᠣᠶᠠᠷ ᠨᠠᠰᠤᠯᠠᠵᠤ ᠵᠥᠪ ᠡᠰ᠎ᠡ ᠪᠣᠯᠤᠭᠰᠠᠨ ᠤ ᠬᠣᠶᠢᠨ᠎ᠠ ᠲᠥᠷᠦᠨ ᠵᠤᠩ ᠸᠤᠩ ᠳᠠᠢᠸᠤ ᠬᠣᠨᠠᠮ ᠬᠢᠩ ᠱᠢᠩ ᠰᠠᠮᠵᠢ ᠵᠤᠩᠱᠢ ᠨᠡᠷ᠎ᠡ ᠥᠭᠴᠦ ᠬᠣᠶᠢᠨ᠎ᠠ ᠵᠤᠩ ᠶᠤᠩ ᠯᠤᠤ ᠳᠠᠢᠸᠤ ᠯᠠᠤ ᠶᠠᠩ ᠳᠢᠩ ᠵᠤᠤ ᠬᠢᠩ ᠵᠤᠩᠰᠦ ᠱᠢᠩ ᠪᠢᠩᠵᠠᠨ ᠵᠢᠩᠱᠢ ᠵᠦᠭᠤᠢ ᠵᠤᠢ ᠸᠤᠩ ᠭᠢ ᠭᠤᠢ ᠭᠤᠩ ᠨᠡᠷ᠎ᠡ ᠥᠭᠴᠦᠭᠦ
Nayan qoyar nasulaju jöb es-e boluγsan-u qoyi:n-a törün jung vung daivu Qonam qing šing samji jungši ner-e ögčü qoyi:n-a jung [...] yung luu daivu Lau yang ding juu qing jungsü šing bingjan jingši jügui jui vung Gi gui gung ner-e ögčügü:.
28
ᠭᠡᠷᠭᠡᠢ ᠢᠨᠦ ᠭᠠᠩ ᠱᠢ ᠳᠠ ᠰᠢᠩ ᠬᠣᠣ ᠭᠦᠨ ᠸᠤᠰᠢᠨ ᠨᠡᠷ᠎ᠡ ᠥᠭᠴᠢᠭᠢ ᠬᠣᠶᠢᠨ᠎ᠠ ᠪᠠᠰᠠ ᠭᠢ ᠭᠤᠢ ᠸᠤᠱᠢᠨ ᠨᠡᠷ᠎ᠡ ᠸᠤᠩᠱᠢᠩᠯᠠᠭᠰᠠᠨ ᠠᠵᠢᠭᠢ
Gergei 29. inü Gang ši-da Sing qoo gün vusin ner-e ögčigi: Qoyi:n-a basa Gi gui vušin ner-e vungšinglaγsan ajigi:.
29
ᠶᠢᠩ ᠱᠤᠢ ᠶᠢᠨ ᠡᠴᠢᠭᠡ ᠪᠠᠢ ᠰᠠᠩ᠎ᠠ ᠲᠥᠷᠦᠨ ᠭᠠ ᠶᠢ ᠳᠠᠢᠸᠤ ᠲᠤᠩᠵᠢ ᠲᠠᠢ ᠴᠠᠩ ᠯᠢ ᠶᠢ ᠥᠨᠱᠢ ᠱᠠᠩ ᠬᠢᠩ ᠭᠤᠤ ᠳᠤᠤ ᠤᠢ ᠰᠢᠩ ᠬᠣᠣ ᠭᠦᠨ ᠬᠢᠤ ᠨᠥᠭᠦᠭᠡᠲᠡ ᠱᠢ ᠵᠢᠩ ᠳᠠᠢᠸᠤ ᠬᠣᠨᠠᠮ ᠭᠠᠩ ᠪᠤᠢ ᠳᠢᠩ ᠵᠤᠤ ᠬᠢᠩ ᠵᠤᠩᠱᠤ ᠱᠢᠩ ᠶᠢᠤᠵᠢᠩ ᠰᠠᠩ ᠬᠣᠣ ᠭᠦᠨ ᠨᠡᠷ᠎ᠡ ᠨᠡᠮᠡᠨ ᠮᠥᠨ ᠬᠦ ᠤᠷᠢᠳᠤ ᠶᠣᠰᠤᠭᠠᠷ ᠰᠢᠩ ᠬᠣᠣ ᠭᠦᠨ ᠭᠤᠩ ᠨᠡᠷᠡᠪᠡᠷ ᠸᠤᠩᠱᠢᠩᠯᠠᠭᠰᠠᠨ ᠠᠵᠤᠭᠤ
Ying-šui-yi:n ečige Bai sang-a törün ga yi daivu tungji tai čang li yi önši šang king guu duu ui Sing qoo gün qiu nögüge:te ši jing daivu Qonam Gang bui ding juu qing jungšu šing yiujing sang qoo gün ner-e 30. nemen mön kü uridu yosuγa:r Sing qoo gün gung [nerebe:]r vungšinglaγsan ajuγu:.
30
ᠪᠠᠢ ᠰᠠᠩ ᠤᠨ ᠭᠡᠷᠭᠡᠢ ᠣᠩ ᠱᠢ ᠳᠠ ᠰᠢᠩ ᠬᠣᠣ ᠭᠦᠨ ᠸᠤᠱᠢᠨ ᠨᠡᠷᠡᠪᠡᠷ ᠸᠤᠩᠱᠢᠩᠯᠠᠵᠢᠭᠢ ᠶᠢᠩ ᠰᠤᠢ ᠭᠤᠷᠪᠠᠨ ᠬᠥᠪᠡᠭᠦᠲᠦ ᠠᠵᠤᠭᠤ
Bai sang-un gergei Ong ši-da Sing qoo gün vušin nerebe:r vungšinglajig[i:] Ying-sui γurban köbegü:tü ajuγu:.
31
ᠶᠡᠬᠡᠮᠡᠳ ᠢᠨᠦ ᠵᠦᠲᠤᠩ ᠳᠡᠳ ᠢᠨᠦ ᠳᠠᠢᠳᠤᠯᠦ ᠭᠤᠲᠤᠭᠠᠷ ᠢᠨᠤ ᠰᠥᠨᠯᠦ ᠨᠡᠷᠡᠲᠦ
Yekemed inü Jütung, ded inü Daidulü, γutuγa:r inu Sönlü neretü.
32
ᠵᠦᠲᠤᠩ ᠦᠨ ᠠᠪᠤᠷᠢ ᠬᠡᠮᠡᠪᠡᠰᠦ ᠨᠠᠢᠮᠲᠠᠭᠤ ᠬᠦᠨᠳᠦᠯᠡᠮᠲᠡᠭᠦ ᠪᠡᠶᠡᠪᠡᠨ ᠰᠠᠬᠢᠭᠴᠢ ᠤᠰᠬᠠᠯ ᠠᠪᠤᠷᠢ ᠲᠤ ᠪᠥᠭᠡᠲᠡᠯᠡ ᠠᠯᠢ ᠪᠠ ᠦᠶᠢᠯᠡᠰ ᠢ ᠨᠡᠩ ᠬᠠᠭᠠᠰ ᠦᠶᠢᠯᠡᠳᠦᠨ ᠠᠵᠤᠭᠤ
Jütung-ün aburi keme:be:sü naimtaγu: kündülemtegü: beyebe:n saqiγči usqal aburi-tu böge:tele ali-ba üyi:les-i 31. neng qaγas üyi:ledün ajuγu:.
33
ᠲᠡᠭᠦᠪᠡᠷ ᠳᠠᠢ ᠵᠠᠩ ᠭᠤᠩ ᠵᠤᠤ ᠢᠮᠠᠶᠢ ᠰᠣᠶᠤᠷᠬᠠᠵᠤ ᠠᠩᠬ᠎ᠠ ᠲᠦᠷᠦᠨ ᠭᠡᠷ ᠦᠨ ᠬᠥᠪᠡᠭᠦᠳ ᠳᠤᠤ ᠰᠤᠩᠭᠣᠨ ᠸᠤᠤ ᠶᠢᠨ ᠰᠤᠩᠭᠣᠨ ᠪᠣᠯᠭᠠᠨ ᠲᠦᠱᠢᠪᠡᠰᠦ ᠭᠠ ᠶᠢ ᠳᠠᠢᠸᠤ ᠰᠠᠩᠣᠨ ᠢᠶᠠᠷ ᠰᠥᠨ ᠥᠭᠲᠡᠵᠦᠭᠦ
Tegü:be:r dai jang gung-[...] juu imayi soyurqaju angq-a türü:n ger-ün köbegü:d duu sunggon vuu-yi:n sunggon bolγan tüšibe:sü ga yi daivu sangon-iya:r sön ögtejügü:.
34
ᠲᠡᠨ ᠯᠢ ᠲᠡᠷᠢᠭᠦᠨ ᠣᠨ ᠳᠤᠷ ᠵᠠᠶᠠᠭᠠᠲᠤ ᠬᠠᠭᠠᠨ ᠶᠡᠬᠡ ᠣᠷ᠎ᠠ ᠰᠠᠭᠤᠵᠤ ᠯᠤᠤ ᠣᠩ᠎ᠠ ᠠᠰᠠᠭᠤᠬᠤᠢ ᠢᠯᠴᠢᠨ ᠢᠯᠡᠭᠰᠡᠨ ᠳᠦᠷ ᠵᠡᠭᠦᠨ ᠡᠲᠡᠭᠡᠳ ᠦᠨ ᠰᠠᠮᠠᠭᠤᠷᠠᠯᠳᠤᠭᠰᠠᠳ ᠴᠡᠷᠢᠭᠦᠳ ᠬᠡᠷ ᠪᠡ ᠢᠯᠴᠢᠨ ᠳᠦᠷ ᠬᠣᠤᠷ ᠠᠳᠠ ᠬᠦᠷᠭᠡᠬᠦᠭᠦ ᠬᠡᠮᠡᠨ ᠰᠡᠳᠬᠢᠵᠦ ᠲᠡᠳᠡ ᠢᠯᠴᠢᠨ ᠢ ᠵᠦᠲᠤᠩ ᠪᠤᠯᠵᠢᠮ ᠲᠡᠷᠭᠡᠭᠦᠷ ᠢᠶᠡᠷ ᠬᠠᠷᠢᠭᠤᠯᠵᠤ ᠢᠯᠡᠭᠰᠡᠨ ᠢ ᠲᠡᠳᠡ ᠴᠡᠷᠢᠭᠦᠳ ᠮᠡᠳᠡᠵᠦ ᠵᠦᠲᠤᠩ ᠢ ᠪᠠᠷᠢᠵᠤ ᠱᠠᠩᠳᠤ ᠳᠠ ᠥᠭᠴᠦ ᠢᠯᠡᠪᠡᠰᠦ ᠮᠥᠨ ᠠᠷᠭ᠎ᠠ ᠪᠢᠯᠢᠭ ᠵᠣᠬᠢᠶᠠᠵᠤ ᠲᠣᠨᠢᠯᠤᠭᠰᠠᠨ ᠠᠵᠤᠭᠤ
Ten-li terigü:n on-dur 32. Jayaγa:tu qaγa:n yeke or-a saγu:ju Luu ong-a asaγu:qui ilčin ile:gsen-dür jegü:n etege:d-ün samaγu:ralduγsad čerigü:d ker-be ilčin-dür qour ada kürgekügü: keme:n sedkijü tede ilčin-i Jütung buljim tergegü:r-iye:r qariγu:lju ile:gsen-i tede čerigü:d medejü Jütung-i bariju Šangdu-da ögčü ile:be:sü mön arγ-a bilig joqiya:ju toniluγsan ajuγu:.
35
ᠡᠳᠦᠭᠡᠬᠢ ᠭᠣᠩ ᠲᠠᠢᠭᠢᠤ ᠬᠡᠮᠡᠪᠡᠰᠦ ᠳᠠᠢ ᠵᠠᠩ ᠭᠤᠩ ᠵᠤᠤ ᠰᠡᠩᠭᠡ ᠠᠬ ᠠ ᠳᠠᠴᠠ ᠲᠥᠷᠦᠭᠰᠡᠨ ᠦ ᠲᠤᠯᠠ ᠵᠦᠲᠤᠩ ᠦᠨ ᠴᠢᠩ ᠦᠨᠡᠨ ᠰᠡᠳᠬᠢᠯ ᠲᠦ ᠪᠦᠬᠦ ᠶᠢ ᠳᠠᠢ ᠵᠠᠩ ᠭᠤᠩ ᠵᠤᠤ ᠤᠬᠠᠵᠤ ᠭᠣᠩ ᠲᠠᠢᠭᠢᠤ ᠳᠠ ᠢᠨᠵᠡ ᠪᠣᠯᠭᠠᠨ ᠥᠭᠴᠢᠭᠢ
Edüge:ki 33. γong taiγiu keme:be:sü dai jang gung juu Sengge aq-a-dača törügsen-ü tula Jütung-ün čing ünen sedkil-tü bükü-yi dai jang gung juu uqaju 34. γong taiγiu-da inje bolγan ögčigi:.
36
ᠮᠥᠨ ᠳᠡᠭᠡᠳᠦᠰ ᠦᠨ ᠳᠡᠷᠭᠡ ᠴᠠᠭᠠᠳᠠ ᠶᠠᠪᠤᠭᠠᠳ ᠠᠩᠬ᠎ᠠ ᠤᠷᠢᠳᠠ ᠱᠢᠬᠡᠨ ᠱᠢ ᠭᠠᠩ ᠬᠡᠤᠱᠢ ᠪᠣᠯᠭᠠᠨ ᠲᠦᠱᠢᠭᠳᠡᠵᠦᠭᠦ
Mön 35. [de]ge:düs-ün derge čaγa:da yabuγa:d angq-a urida šiken ši gang keuši bolγan tüšigdejügü:.
37
ᠬᠣᠶᠢᠨ᠎ᠠ ᠱᠢ ᠱᠡᠨ ᠳᠠᠢᠸᠤ ᠵᠤᠩ ᠵᠢᠩ ᠥᠨᠱᠢ ᠲᠢ ᠳᠠᠤ ᠵᠤᠩ ᠬᠢᠩ ᠸᠤᠤ ᠭᠤᠩ ᠬᠤᠤ ᠰᠤᠢ ᠵᠠᠤ ᠯᠤᠤ ᠳᠤᠤ ᠰᠤᠩᠭᠣᠨ ᠸᠤᠤ ᠶᠢᠨ ᠳᠠᠷᠤᠭ᠎ᠠ ᠴᠡᠤ ᠭᠤᠩ ᠸᠠᠨ ᠬᠣᠣ ᠳᠤᠤ ᠰᠤᠩ ᠱᠢ ᠸᠤᠤ ᠶᠢᠨ ᠲᠤᠩᠵᠢ ᠨᠡᠷᠡᠪᠡᠷ ᠪᠠᠷᠰ ᠲᠡᠷᠢᠭᠦᠲᠦ ᠠᠯᠲᠠᠨ ᠭᠡᠷᠡᠭᠡ ᠥᠭᠴᠦ ᠭᠡᠷ ᠦᠨ ᠬᠥᠪᠡᠭᠦᠳ ᠦᠨ ᠮᠢᠩᠭ᠎ᠠ ᠮᠡᠳᠡᠭᠦᠯᠵᠦᠭᠦ
Qoyi:n-a ši šen daivu jung jing önši ti dau jung qing vuu gung kuu sui jau luu duu sunggon vuu-yi:n daruγ-a č[eu] gung van qoo duu sung ši vuu-yi:n tungji nerebe:r bars terigü:tü altan gerege: ögčü ger-ün köbegü:d-ün mingγ-a medegü:ljügü:.
38
ᠡᠳᠦᠭᠡ ᠬᠤᠢ ᠵᠢᠩ ᠥᠨ ᠦ ᠥᠨᠱᠢ ᠪᠣᠯᠭᠠᠨ ᠲᠦᠱᠢᠭᠳᠡᠵᠦ ᠠᠮᠤ
Edüge: 36. kui jing ön-ü önši bolγan tüšigdejü amu.
39
ᠨᠥᠭᠦᠭᠡ ᠬᠥᠪᠡᠭᠦᠨ ᠳᠠᠢᠳᠤᠯᠦ ᠭᠡᠷ ᠦᠨ ᠬᠥᠪᠡᠭᠦᠳ ᠦᠨ ᠰᠤᠩᠭᠣᠨ ᠸᠤᠤ ᠶᠢᠨ ᠰᠤᠩᠭᠣᠨ ᠦᠶᠢᠯᠡ ᠳᠦᠷ ᠲᠦᠱᠢᠭᠳᠡᠵᠦ ᠠᠮᠤ
Nögüge: köbegü:n Daidulü ger-ün köbegü:d-ün sunggon vuu-yi:n sunggon üyi:le-dür tüšigdejü amu.
40
ᠭᠤᠲᠤᠭᠠᠷ ᠬᠥᠪᠡᠭᠦᠨ ᠰᠥᠨᠯᠦ ᠦᠶᠢᠯᠡ ᠳᠦᠷ ᠡᠰ᠎ᠡ ᠪᠠᠷᠢᠯᠳᠤᠭᠤᠯᠳᠠᠵᠤᠭᠤ
γutuγa:r köbegü:n Sönlü üyi:le-dür es-e barilduγu:ldajuγu:.
41
ᠵᠦᠲᠤᠩ ᠭᠤᠷᠪᠠᠨ ᠬᠥᠪᠡᠭᠦᠲᠦ ᠠᠵᠤᠭᠤ
Jütung γurban köbegü:tü ajuγu:.
42
ᠶᠡᠬᠡᠮᠡᠳ ᠬᠢᠯᠦ ᠠᠵᠤᠭᠤ
Yekemed Kilü ajuγu:.
43
ᠡᠳᠦᠭᠡ ᠭᠠ ᠶᠢ ᠳᠠᠢ ᠸᠤᠤ ᠰᠠᠩᠣᠨ ᠢᠶᠠᠷ ᠲᠤᠩ ᠵᠢᠩ ᠥᠨ ᠳᠦᠷ ᠲᠤᠩᠵᠢ ᠪᠣᠯᠭᠠᠨ ᠲᠦᠱᠢᠭᠳᠡᠭᠡᠳ ᠪᠠᠰᠠ ᠭᠦᠨ ᠮᠤᠤ ᠭᠡᠮ ᠳᠦᠷ ᠠᠬᠠᠯᠠᠨ ᠭᠡᠮ ᠬᠢᠩ ᠪᠣᠯᠭᠠᠭᠠᠳ ᠲᠢ ᠳᠠᠤ ᠬᠤᠩ ᠬᠤᠢ ᠬᠬᠦ ᠱᠢ ᠳᠡᠳ ᠬᠥᠪᠡᠭᠦᠨ ᠢᠨᠦ ᠢᠨᠳᠦ ᠴᠠᠤᠯᠢ ᠳᠠᠢᠸᠤ ᠱᠡᠨ ᠭᠤᠩ ᠱᠢ ᠬᠢᠩ ᠲᠠᠢ ᠭᠣᠩ ᠲᠠᠢᠭᠢᠤ ᠳᠤᠷ ᠬᠥᠪᠡᠭᠦᠨ ᠬᠡᠱᠢᠭᠦᠨ ᠨᠣᠶᠠᠨ ᠪᠣᠯᠭᠠᠨ ᠲᠦᠱᠢᠭᠳᠡᠵᠦ ᠠᠮᠤ
Edüge: ga yi dai vuu sangon-iya:r tung jing ön-dür tungji bolγan 37. tüšigdege:d basa gün muu gem-dür aqalan gem king bolγaγa:d ti dau kung qui Kkü ši ded köbegü:n inü Indü čauli daivu šen gung ši king 38. tai γong taiγiu-dur köbegü:n kešigün noyan bolγan tüšigdejü amu.
44
ᠭᠤᠲᠤᠭᠠᠷ ᠢᠨᠤ ᠪᠣᠷᠠᠯᠬᠢ ᠨᠡᠷᠡᠲᠦ ᠠᠵᠤᠭᠤ
γutuγa:r inu Boralki neretü ajuγu:.
45
ᠪᠠ ᠬᠢ ᠶᠡᠮ ᠡᠳᠡᠨ᠎ᠡ ᠤᠬᠠᠪᠠᠰᠤ ᠵᠢᠤ ᠶᠢ ᠨᠡᠷᠡᠲᠦ ᠪᠢᠴᠢᠭ ᠲᠦᠷ ᠥᠭᠦᠯᠡᠷ ᠦᠨ ᠰᠠᠶᠢᠨ ᠦᠶᠢᠯᠡᠰ ᠦᠶᠢᠯᠡᠳᠦᠭᠴᠢᠨ ᠡᠯᠡ ᠪᠣᠯᠪᠠᠰᠤ ᠬᠣᠶᠢᠨ᠎ᠠ ᠥᠯᠵᠡᠢ ᠬᠤᠲᠤᠭ ᠬᠦᠷᠬᠦ ᠪᠡᠯᠡᠨ ᠪᠦᠢ
Ba Ki yem eden-e uqaba:su Jiu-yi neretü bičig-tür ögüler-ün: sayi:n üyi:les üyi:ledügčin ele bolba:su qoyi:n-a öljei qutuγ kürkü belen büi.
46
ᠪᠠᠰᠠ ᠡᠷᠲᠡᠨ ᠦ ᠰᠠᠶᠢᠳ ᠤᠨ ᠦᠭᠡᠰ ᠲᠦᠷ ᠪᠦᠶᠦ
Basa erten-ü sayi:d-un üges-tür büyü.
47
ᠶᠡᠬᠡ ᠨᠡᠷ ᠡ ᠳᠦᠷ ᠬᠦᠷᠦᠭᠰᠡᠳ ᠨᠣᠶᠠᠨᠯᠢᠭ ᠤᠨ ᠤᠷᠢᠳᠤᠰ ᠠᠨᠤ ᠳᠡᠭᠡᠳᠦᠰ ᠲᠦᠷ ᠵᠦᠭ ᠢᠶᠡᠷ ᠬᠦᠴᠦ ᠥᠭᠴᠦ ᠡᠴᠢᠭᠡ ᠡᠬᠡ ᠳᠦᠷ ᠢᠶᠡᠨ ᠲᠠᠬᠢᠮᠳᠠᠭᠤ ᠪᠣᠯᠤᠭᠠᠳ ᠴᠢᠩ ᠦᠨᠡᠨ ᠰᠡᠳᠬᠢᠯ ᠢᠶᠡᠷ ᠰᠠᠶᠢᠨ ᠦᠶᠢᠯᠡ ᠦᠶᠢᠯᠡᠳᠦᠭᠰᠡᠨ ᠦ ᠲᠤᠯᠠ ᠰᠠᠶᠢᠨ ᠠᠴᠢ ᠦᠷ᠎ᠡ ᠢᠨᠦ ᠬᠣᠶᠢᠳᠤᠰ ᠤᠷᠤᠭ᠎ᠠ ᠬᠦᠷᠬᠦ ᠱᠢᠯᠲᠠᠭᠠᠨ ᠡᠨᠡ ᠪᠦᠶᠦ
Yeke ner-e-dür kürügsed noyanliγ-un uridus anu 39. dege:düs-tür jüg-iye:r küčü ögčü ečige eke-dür-iye:n taqimdaγu: boluγa:d čing ünen sedkil-[iye:r] sayi:n üyi:le üyi:ledügsen-ü tula sayi:n ači ür-e inü qoyi:dus uruγ-a kürkü šiltaγa:n ene büyü.
48
ᠡᠳᠡᠭᠡᠷ ᠦᠭᠡᠰ ᠬᠡᠮᠡᠪᠡᠰᠦ ᠲᠦᠭ ᠲᠦᠮᠡᠨ ᠣᠳ ᠲᠤᠷ ᠬᠦᠷᠲᠡᠯᠡ ᠳᠦᠷᠢ ᠳᠦᠷᠰᠦ ᠪᠣᠯᠬᠤ ᠦᠭᠡᠰ ᠦᠯᠦᠬᠦ ᠪᠦᠢ
Edege:r üges keme:be:sü tüg tümen od-tur kürtele düri dürsü bolqu üges ülükü büi.
49
ᠶᠢᠩ ᠱᠤᠢ ᠶᠢᠨ ᠡᠪᠦᠭᠡ ᠢᠨᠦ ᠵᠤᠩ ᠬᠡᠨ ᠥᠭᠦᠯᠡᠭᠰᠡᠨ ᠦᠭᠡ ᠮᠡᠲᠦ ᠡᠳ ᠢ ᠬᠥᠩᠭᠡᠯᠡᠨ ᠠᠭᠠᠯᠢ ᠠᠪᠤᠷᠢ ᠶᠢ ᠳᠡᠭᠡᠵᠢᠯᠡᠬᠦ ᠦᠭᠡ ᠢᠨᠦ ᠣᠯᠠᠨ᠎ᠠ ᠦᠯᠢᠭᠡᠷ ᠪᠣᠯᠭᠠᠭᠳᠠᠬᠤᠢ ᠪᠤᠰᠤᠭᠤ
Ying-šui-yi:n ebüge inü Jung ken ögülegsen üge metü ed-i könggelen aγa:li 40. aburi-yi dege:jilekü üge inü olan-a üliger bolγaγdaqui busuγu:.
50
ᠡᠨᠡ ᠦᠭᠡ ᠴᠥᠭᠡᠨ ᠪᠡᠷ ᠪᠥᠭᠡᠰᠦ ᠭᠠᠪᠢᠶ᠎ᠠ ᠢᠨᠤ ᠠᠭᠤᠢ ᠳᠡᠯᠭᠡᠷ ᠪᠥᠭᠡᠳ ᠪᠦᠶᠦ
Ene üge čöge:n ber böge:sü [γab]iy-a: inu aγui delger böge:d büyü.
51
ᠬᠣᠶᠢᠳᠤᠰ ᠤᠷᠤᠭ ᠢᠨᠤ ᠡᠳᠡ ᠦᠭᠡᠰ ᠢᠶᠡᠷ ᠶᠠᠪᠤᠨ ᠴᠢᠳᠠᠪᠠᠰᠤ ᠪᠠᠷᠠᠱᠢ ᠦᠭᠡᠢ ᠡᠭᠦᠷᠢ ᠤᠷᠲᠤ ᠳᠠ ᠥᠯᠵᠡᠢ ᠬᠤᠲᠤᠭ ᠪᠣᠯᠤᠮᠤ ᠵ᠎ᠠ
Qoyi:dus uruγ inu ede üges-iye:r yabun čidaba:su baraši-ügei egü:ri urtu-da öljei qutuγ bolumu j-a.
52
ᠡᠭᠦᠪᠡᠷ ᠤᠬᠠᠪᠠᠰᠤ ᠵᠤᠩ ᠬᠡᠨ ᠡᠷᠲᠡᠨ ᠦ ᠰᠠᠶᠢᠳ ᠲᠤᠷ ᠠᠳᠠᠯᠢ ᠬᠥᠪᠡᠭᠦᠳ ᠢᠶᠡᠨ ᠰᠥᠶᠦᠭᠰᠡᠨ ᠠᠵᠤᠭᠤ
Egü:be:r uqaba:su Jung ken erten-ü sayi:d-tur adali köbegü:d-iye:n söyügsen ajuγu:.
53
ᠶᠢᠩ ᠱᠤᠢ ᠶᠢᠨ ᠡᠴᠢᠭᠡ ᠪᠠᠢ ᠰᠠᠩ ᠨᠠᠴᠢᠨ ᠨᠣᠶᠠᠨ ᠳᠤᠷ ᠶᠠᠪᠤᠬᠤᠢ ᠳᠤᠷ ᠦᠭᠡ ᠪᠡᠨ ᠪᠦᠱᠢᠷᠡᠭᠳᠡᠭᠡᠳ ᠠᠯᠢ ᠪᠡᠷ ᠦᠶᠢᠯᠡᠰ ᠲᠦᠷ ᠢᠲᠡᠭᠡᠵᠦ ᠲᠦᠱᠢᠭᠳᠡᠭᠰᠡᠨ ᠠᠵᠤᠭᠤ
Ying šui-yi:n ečige Bai sang 41. Način noyan-dur yabuqui-dur üge-be:n büširegdege:d ali ber üyi:les-tür itegejü tüšigdegsen ajuγu:.
54
ᠮᠥᠨ ᠪᠡᠷ ᠨᠠᠰᠤ ᠨᠠᠴᠢᠨ ᠨᠣᠶᠠᠨ᠎ᠠ ᠰᠠᠶᠢᠨ ᠦᠭᠡ ᠳᠤᠷᠠᠳᠬᠠᠭᠰᠠᠪᠠᠷ ᠠᠨᠤ ᠮᠡᠳᠡᠯᠦᠨ ᠢᠷᠭᠡᠨ᠎ᠡ ᠮᠠᠱᠢ ᠲᠤᠰ᠎ᠠ ᠪᠣᠯᠵᠤᠭᠤᠢ
Mön ber nasu Način noyan-a sayi:n üge duradqaγsaba:r anu medelün irgen-e maši tus-a boljuγu:i.
55
ᠬᠣᠶᠢᠨ᠎ᠠ ᠶᠢᠩ ᠰᠤᠢ ᠨᠠᠴᠢᠨ ᠨᠣᠶᠠᠨ ᠳᠤᠷ ᠶᠠᠪᠤᠬᠤᠢ ᠳᠤᠷ ᠨᠠᠰᠤᠨ ᠥᠴᠦᠬᠡᠨ ᠪᠥᠭᠡᠲᠡᠯᠡ ᠤᠰᠬᠠᠯ ᠠᠪᠤᠷᠢ ᠲᠤ ᠪᠦᠬᠦ ᠶᠢᠨ ᠲᠤᠯᠠ ᠨᠠᠴᠢᠨ ᠨᠣᠶᠠᠨ ᠢᠮᠠᠶᠢ ᠤᠬᠠᠵᠤ ᠳᠡᠷᠭᠡ ᠶᠠᠪᠤᠭᠤᠯᠪᠠᠰᠤ ᠮᠥᠨ ᠪᠡᠷ ᠨᠠᠴᠢᠨ ᠨᠣᠶᠠᠨ᠎ᠠ ᠴᠢᠩ ᠰᠡᠳᠬᠢᠯ ᠢᠶᠡᠷ ᠬᠦᠴᠦ ᠥᠭᠴᠦ ᠶᠠᠪᠤᠭᠰᠠᠨ ᠠᠵᠤᠭᠤ
Qoyi:n-a Ying-sui Način noyan-dur yabuqui-dur nasun öčü:ken böge:tele usqal aburi-tu bükü-yi:n tula Način noyan imayi uqaju derge yabuγu:lba:su mön ber 42. Način noyan-a čing sedkil-iye:r küčü ögčü yabuγsan ajuγu:.
56
ᠨᠠᠴᠢᠨ ᠨᠣᠶᠠᠨ ᠥᠭᠦᠯᠡᠷ ᠦᠨ ᠪᠢ ᠤᠷᠢᠳᠠ ᠢᠮᠠᠶᠢ ᠬᠦᠮᠦᠨ ᠪᠣᠯᠤᠮᠤ ᠵ᠎ᠠ ᠬᠡᠮᠡᠨ ᠰᠡᠳᠬᠢᠯᠡᠭᠡ
Način noyan ögüler-ün: Bi urida imayi kümü:n bolumu j-a keme:n sedkilege:.
57
ᠰᠡᠳᠬᠢᠭᠰᠡᠪᠡᠷ ᠮᠢᠨᠦ ᠪᠣᠯᠪᠠ ᠬᠡᠮᠡᠭᠰᠡᠨ ᠠᠵᠤᠭᠤ
Sedkigsebe:r minü bolba keme:gsen ajuγu:.
58
ᠡᠯᠢᠨᠴᠢᠭ ᠢᠨᠦ ᠡᠳ ᠲᠠᠪᠠᠷ ᠢ ᠬᠥᠩᠭᠡᠯᠡᠨ ᠠᠭᠠᠯᠢ ᠠᠪᠤᠷᠢ ᠶᠢ ᠳᠡᠭᠡᠵᠢᠯᠡᠵᠦ ᠬᠥᠪᠡᠭᠦᠳ ᠢᠶᠡᠨ ᠰᠥᠶᠦᠨ ᠰᠤᠷᠭᠠᠭᠰᠠᠨ ᠤ ᠲᠤᠯᠠ ᠬᠣᠶᠢᠳᠤ ᠲᠥᠷᠦᠭᠰᠡᠳ ᠤᠷᠤᠭ ᠢᠨᠤ ᠡᠨᠡ ᠮᠡᠲᠦ ᠳᠡᠭᠡᠳᠦᠰ᠎ᠡ ᠵᠦᠭ ᠢᠶᠡᠷ ᠬᠦᠴᠦ ᠥᠭᠭᠦᠭᠡᠳ ᠬᠣᠶᠢᠨ᠎ᠠ ᠣᠯᠣᠴᠢᠨ ᠳᠡᠭᠦ ᠶᠦᠭᠡᠨ ᠵᠢᠷᠭᠤᠭᠠᠳᠠᠢ᠎ᠠ ᠠᠪᠴᠤ ᠣᠳᠤᠭᠰᠠᠨ ᠳᠤᠷ ᠮᠥᠨ ᠪᠡᠷ ᠠᠮᠢᠪᠠᠨ ᠦᠯᠦ ᠬᠠᠢᠷᠠᠯᠠᠨ ᠣᠳᠤᠯᠴᠠᠵᠤ ᠲᠡᠳᠡ ᠳᠠᠶᠢᠨ᠎ᠠ ᠱᠢᠷᠬᠠᠳᠠᠪᠠᠰᠤ ᠦᠬᠦᠬᠦᠢᠪᠡᠨ ᠶᠠᠭᠤᠨ᠎ᠠ ᠪᠠ ᠡᠰ᠎ᠡ ᠪᠣᠯᠭᠠᠵᠤᠬᠤᠢ
Elinčig inü ed tabar-i könggelen aγa:li aburi-yi dege:jilejü köbegü:d-iye:n söyün surγaγsan-u tula qoyi:du törügsed uruγ inu ene metü 43. dege:düs-e jüg-iye:r küčü öggüge:d qoyi:n-a Oločin degü:-yüge:n Jirγuγa:dai-a abču oduγsan-dur mön ber amiba:n ülü qairalan odulčaju tede dayi:n-a širqadaba:su üküküibe:n yaγu:n-a ba es-e bolγajuqu:i.
59
ᠡᠵᠡᠨ ᠢᠨᠦ ᠣᠯᠣᠴᠢᠨᠤ ᠠᠮᠢᠨ᠎ᠠ ᠬᠣᠤᠷ ᠬᠦᠷᠭᠡᠭᠳᠡᠪᠡᠰᠦ ᠮᠥᠨ ᠶᠢᠩ ᠱᠤᠢ ᠪᠠᠷᠰ ᠤᠨ ᠠᠮᠠᠨ ᠠᠴᠠ ᠲᠣᠨᠢᠯᠵᠤ ᠭᠠᠷᠤᠭᠠᠳ ᠮᠡᠨᠳᠦ ᠬᠠᠷᠢᠵᠤ ᠢᠷᠡᠵᠦ ᠡᠵᠡᠨ ᠶᠦᠭᠡᠨ ᠥᠳ ᠦᠭᠡᠢ ᠪᠣᠯᠤᠭᠰᠠᠨ ᠢ ᠳᠡᠭᠡᠷ᠎ᠡ ᠵᠢᠭᠠᠵᠤ ᠥᠰ ᠠᠪᠤᠷᠠᠵᠤᠭᠤ
Ejen inü Oločinu amin-a qour kürgegdebe:sü mön Ying-šui bars-un aman-a:ča tonilju γaruγa:d mendü qariju irejü ejen-yüge:n öd ügei boluγsan-i 44. dege:r-e jiγa:ju ös aburajuγu:.
60
ᠮᠥᠨ ᠡᠵᠡᠨ ᠶᠦᠭᠡᠨ ᠲᠤᠯᠠ ᠴᠢᠩ ᠦᠨᠡᠨ ᠰᠡᠳᠬᠢᠯ ᠢᠶᠡᠷ ᠠᠴᠢ ᠬᠠᠷᠢᠭᠤᠯᠬᠤ ᠶᠢ ᠰᠡᠳᠬᠢᠬᠦ ᠢᠨᠦ ᠡᠷᠲᠡᠨ ᠦ ᠰᠠᠶᠢᠳ ᠲᠤᠷ ᠠᠳᠠᠯᠢ ᠪᠤᠶᠤ
Mön ejen-yüge:n tula čing ünen sedkil-iye:r ači qariγu:lqu-yi sedkikü inü erten-ü sayi:d-tur adali buyu.
61
ᠡᠨᠡ ᠮᠡᠲᠦ ᠣᠩ ᠸᠤᠤ ᠶᠢᠨ ᠨᠡᠷ ᠡ ᠳᠦᠷ ᠬᠦᠷᠴᠦ ᠤᠷᠲᠤ ᠨᠠᠰᠤᠯᠠᠬᠤ ᠱᠢᠯᠲᠠᠭᠠᠨ ᠢᠨᠤ ᠡᠭᠦᠪᠡᠷ ᠪᠦᠶᠦ
Ene metü ong vuu-yi:n ner-e-dür kürčü urtu nasulaqu šiltaγa:n inu egü:ber büyü.
62
ᠪᠠᠰᠠ ᠲᠩᠷᠢ ᠳᠡ ᠢᠪᠡᠭᠡᠭᠳᠡᠵᠦ ᠵᠦᠲᠤᠩ ᠮᠡᠲᠦ ᠰᠠᠶᠢᠨ ᠬᠥᠪᠡᠭᠦᠨ ᠲᠥᠷᠦᠭᠡᠳ ᠳᠠᠢ ᠵᠠᠩ ᠭᠦᠩᠵᠦ ᠳᠡ ᠰᠣᠶᠤᠷᠬᠠᠭᠳᠠᠵᠤ ᠰᠤᠤ ᠲᠠᠨ ᠳᠡᠭᠡᠳᠦᠰ ᠦᠨ ᠳᠡᠷᠭᠡ ᠴᠠᠭᠠᠳᠠ ᠶᠠᠪᠤᠭᠠᠳ ᠶᠡᠬᠡ ᠦᠶᠢᠯᠡ ᠳᠦᠷ ᠲᠦᠱᠢᠭᠳᠡᠭᠰᠡᠨ ᠦ ᠲᠤᠯᠠ ᠭᠤᠷᠪᠠᠨ ᠦᠶᠡᠰ ᠲᠦᠷ ᠬᠦᠷᠲᠡᠯᠡ ᠶᠡᠬᠡ ᠨᠡᠷᠡᠪᠡᠷ ᠸᠤᠩᠱᠢᠩᠯᠠᠭᠠᠳ ᠬᠥᠪᠡᠭᠦᠳ ᠠᠴᠢ ᠨᠠᠷ ᠢᠨᠤ ᠪᠡᠷ ᠰᠤᠤ ᠲᠠᠨ ᠳᠡᠭᠡᠳᠦᠰ ᠦᠨ ᠳᠡᠷᠭᠡ ᠣᠶᠢᠷ᠎ᠠ ᠶᠠᠪᠤᠭᠰᠠᠨ ᠳᠤᠷ ᠬᠣᠶᠢᠨ᠎ᠠ ᠰᠠᠶᠢᠨ ᠦᠶᠢᠯᠡᠰ ᠤᠷᠤᠰᠬᠤ ᠤᠰᠤᠨ ᠮᠡᠲᠦ ᠲᠠᠰᠤᠯᠱᠢ ᠦᠭᠡᠢ ᠢᠷᠡᠮᠦᠢ ᠵ᠎ᠡ
Basa tngri-de ibege:gdejü Jütung metü sayi:n köbegü:n törüge:d 45. dai jang güngjü-de soyurqaγdaju 46. [suu-tan dege:]d[üs-ün derge] čaγa:da yabuγa:d yeke üyi:le-dür tüšigdegsen-ü tula γurban üyes-tür kürtele yeke nerebe:r vungšinglaγa:d köbegü:d ači nar inu ber 47. [suu-tan] dege:düs[-ün] derg[e] oyi:r-a yabuγsan-dur qoyi:n-a sayi:n üyi:les urusqu usun [...] metü tasulši ügei iremüi j-e.
63
ᠡᠳᠦᠭᠡ ᠡᠨᠡ ᠮᠡᠲᠦ ᠵᠷᠯᠭ ᠢᠶᠠᠷ ᠪᠢᠢ ᠲᠠᠰ ᠪᠠᠶᠢᠭᠤᠯᠳᠠᠵᠤ ᠦᠶᠢᠯᠡᠳᠦᠭᠰᠡᠨ ᠰᠠᠶᠢᠨ ᠦᠶᠢᠯᠡᠰ ᠢ ᠠᠨᠤ ᠮᠣᠨ᠎ᠠ ᠬᠣᠶᠢᠨ᠎ᠠ ᠡᠭᠦᠷᠢ ᠤᠷᠲᠤ ᠳᠠ ᠭᠡᠶᠢᠭᠦᠯᠬᠦᠢ ᠬᠡᠮᠡᠪᠡᠰᠦ ᠤᠷᠢᠳᠤᠰ ᠠᠨᠤ ᠳᠡᠭᠡᠳᠦᠰ᠎ᠡ ᠵᠦᠭ ᠢᠶᠡᠷ ᠬᠦᠴᠦ ᠥᠭᠦᠭᠡᠳ ᠡᠴᠢᠭᠡ ᠡᠬᠡ ᠳᠡᠭᠡᠨ ᠲᠠᠬᠢᠮᠳᠠᠭᠤ ᠪᠣᠯᠤᠭᠰᠠᠨ ᠤ ᠱᠢᠯᠲᠠᠭᠠᠪᠠᠷ ᠪᠣᠯᠪᠠᠢ ᠵ᠎ᠠ
Edüge: ene metü 48. jrlγ-iya:r bii [tas bayi:γu:lda]ju üyi:ledügsen sayi:n üyi:les-i anu mon-a qoyi:n-a egü:ri urtu-da geyi:gü:lküi keme:be:sü uridus anu 49. dege:düs-e jü[g-iye:r] küčü ögüge:d ečige eke-dege:n taqimdaγu: boluγsan-u šiltaγa:ba:r bolbai j-a.
64
ᠲᠡᠭᠦᠪᠡᠷ ᠪᠠ ᠦᠶᠢᠯᠡᠳᠦᠭᠰᠡᠨ ᠰᠠᠶᠢᠳ ᠦᠶᠢᠯᠡᠰ ᠢ ᠠᠨᠤ ᠵᠡᠷᠭᠡᠪᠡᠷ ᠥᠭᠦᠯᠡᠭᠡᠳ ᠡᠳᠦᠭᠡ ᠱᠯᠦᠭ ᠢᠶᠡᠷ ᠮᠠᠭᠲᠠᠨ ᠠᠶᠠᠯᠭᠤᠯᠠᠶ᠎ᠠ
Tegü:ber ba üyi:ledügsen sayi:d üyi:les-i anu jergebe:r ögülege:d edüge: šlüg-iye:r maγtan ayalγulay-a.
65
ᠨᠡᠷ᠎ᠡ ᠠᠯᠳᠠᠷᠱᠢᠭᠰᠠᠨ ᠵᠠᠩ ᠶᠢᠩ ᠱᠤᠢ ᠰᠠᠶᠢᠳ ᠡᠴᠢᠭᠡ ᠡᠬᠡ ᠳᠡᠴᠡ ᠲᠥᠷᠦᠭᠡᠳ ᠲᠡᠭᠦᠰ ᠴᠢᠩ ᠠᠭᠠᠯᠢ ᠠᠪᠤᠷᠢ ᠲᠤ ᠪᠣᠯᠵᠤ ᠡᠩᠬᠡ ᠰᠠᠶᠢᠨ ᠴᠠᠭ ᠲᠤᠷ ᠤᠴᠢᠷᠠᠵᠤᠭᠤ
Ner-e aldaršiγsan Jang Ying-šui sayi:d ečige eke-deče törüge:d tegüs čing aγa:li aburi-tu bolju engke sayi:n čaγ-tur učirajuγu:.
66
ᠨᠠᠴᠢᠨ ᠨᠣᠶᠠᠨ ᠵᠡᠭᠦᠨ ᠡᠲᠡᠭᠡᠳ ᠳᠠᠷᠤᠨ ᠰᠠᠭᠤᠵᠤ ᠰᠠᠶᠢᠨ ᠨᠡᠷ᠎ᠡ ᠢᠨᠦ ᠠᠯᠳᠠᠷᠱᠢᠭᠰᠠᠨ ᠳᠤᠷ ᠶᠢᠩ ᠱᠤᠢ ᠥᠴᠦᠬᠡᠨ ᠣᠨ ᠪᠥᠭᠡᠳ ᠶᠠᠪᠤᠪᠠᠰᠤ ᠴᠢᠩ ᠰᠡᠳᠬᠢᠯ ᠢ ᠢᠨᠦ ᠲᠡᠮᠳᠡᠭ᠎ᠡ ᠮᠡᠳᠡᠵᠦᠭᠦ
50. Način [noyan] jegü:n etege:d darun saγu:ju sayi:n ner-e inü aldaršiγsan-dur Ying-šui öčü:ken on böge:d yabuba:su čing sedkil-i inü temdeg-e medejügü:.
67
ᠨᠠᠴᠢᠨ ᠨᠣᠶᠠᠨ᠎ᠠ ᠬᠥᠪᠡᠭᠦᠴᠢᠯᠡᠨ ᠠᠰᠠᠷᠠᠭᠳᠠᠵᠤ ᠨᠡᠷ᠎ᠡ ᠪᠠ ᠰᠣᠶᠤᠷᠬᠠᠯ ᠬᠦᠷᠲᠡᠭᠰᠡᠨ ᠳᠦᠷ ᠢ ᠨᠠᠰᠤᠳᠠ ᠠᠴᠢ ᠬᠠᠷᠢᠭᠤᠯᠬᠤᠢᠪᠠᠨ ᠳᠤᠷᠠᠳᠴᠤ ᠰᠡᠳᠬᠢᠯ ᠢᠶᠡᠨ ᠬᠡᠳᠦᠢᠬᠡᠨ ᠬᠢᠴᠢᠭᠡᠨ ᠣᠷᠢᠶᠠᠵᠤᠭᠤ
Način noyan-a köbegü:čilen asaraγdaju ner-e ba soyurqal kürtegsen-dür-i nasuda ači qariγu:lquiba:n duradču sedkil-iye:n kedüiken kičige:n oriya:juγu:.
68
ᠥᠩᠭᠡ ᠴᠢᠷᠠᠢ ᠢᠨᠤ ᠤᠰᠬᠠᠯ ᠵᠢᠪᠬᠤᠯᠠᠩ ᠠᠯᠠᠭᠴᠢᠨ ᠦᠭᠡᠢ ᠴᠢᠩ ᠰᠡᠳᠬᠢᠯ ᠲᠦ ᠪᠣᠯᠵᠤ ᠦᠳᠡ ᠮᠠᠨᠠᠭᠠᠷ ᠬᠢᠴᠢᠭᠡᠨ ᠬᠠᠲᠠᠭᠤᠵᠢᠭᠠᠳ ᠲᠦᠷᠦᠨ ᠡᠴᠡ ᠦᠵᠦᠭᠦᠯᠡᠲᠡᠯᠡ ᠨᠢᠭᠡᠨ ᠴᠠᠭ ᠢᠶᠠᠷ ᠶᠠᠪᠤᠵᠤᠭᠤᠢ
Öngge čirai inu usqal jibqulang alaγčin 51. ügei [......čing s]edkil-tü bolju üde manaγar kičige:n qataγu:jiγa:d türü:n-e:če üjügü:letele nigen čaγ-iya:r yabujuγu:i.
69
ᠣᠯᠣᠴᠢᠨ ᠨᠣᠶᠠᠨ ᠬᠦᠷᠡᠭᠡᠨ ᠪᠣᠯᠤᠭᠰᠠᠨ ᠳᠤᠷ ᠳᠦᠯᠡᠳ ᠢᠮᠠᠶᠢ ᠰᠣᠶᠤᠷᠬᠠᠨ ᠠᠰᠠᠷᠠᠵᠤ ᠬᠣᠶᠢᠨ᠎ᠠ ᠮᠠᠭᠤᠨ ᠠᠷᠠᠨ ᠰᠠᠮᠠᠭᠤᠷᠠᠯᠳᠤᠭᠰᠠᠨ ᠤᠴᠢᠷ ᠲᠤᠷ ᠡᠵᠡᠨ ᠦᠭᠡᠨ ᠠᠮᠢᠨ᠎ᠠ ᠬᠣᠤᠷ ᠬᠦᠷᠭᠡᠭᠰᠡᠨ ᠢ ᠡᠨᠡᠷᠢᠵᠦᠭᠦᠢ
Oločin noyan küregen boluγsan-dur düled imayi soyurqan asaraju qoyi:n-a maγu:n aran samaγu:ralduγsan učir-tur ejen-üge:n amin-a qour kürgegsen-i enerijügü:i.
70
ᠲᠡᠷᠡ ᠮᠡᠲᠦ ᠠᠶᠤᠯ ᠲᠤ ᠦᠬᠦᠯ ᠡᠴᠡ ᠡᠵᠡᠨ ᠦᠭᠡᠨ ᠠᠪᠤᠷᠠᠰᠤ ᠬᠡᠮᠡᠨ ᠰᠡᠳᠬᠢᠵᠦ ᠮᠤᠨᠳᠠ ᠥᠪᠡᠷ ᠢᠶᠡᠨ ᠪᠠᠷᠢᠭᠳᠠᠭᠤᠯᠵᠤ ᠱᠢᠷᠬᠠᠭᠳᠠᠪᠠᠰᠤ ᠪᠡᠷ ᠢᠯᠳᠦᠨ ᠠᠷᠭᠠᠪᠠᠷ ᠵᠣᠬᠢᠶᠠᠵᠤ ᠭᠠᠷᠴᠤᠬᠤᠢ
Tere metü ayul-tu ükül-e:če ejen-üge:n aburasu keme:n sedkijü 52. munda ...ö[be:]r-iye:n bariγ[daγu:lju] širqaγdaba:su ber ildün arγaba:r joqiya:ju γarčuqui.
71
ᠡᠵᠡᠨ ᠦᠭᠡᠨ ᠥᠳ ᠦᠭᠡᠢ ᠪᠣᠯᠤᠭᠰᠠᠨ ᠢ ᠵᠢᠭᠠᠪᠠᠰᠤ ᠳᠡᠭᠡᠳᠦᠰ ᠦᠨ ᠰᠡᠳᠬᠢᠯ ᠪᠡᠷ ᠠᠯᠵᠠᠭᠠᠵᠤ ᠴᠡᠷᠢᠭᠦᠳ ᠢᠶᠡᠷ ᠳᠠᠶᠢᠨ ᠠᠷᠠᠨ ᠢ ᠪᠠᠷᠢᠭᠤᠯᠤᠭᠠᠳ ᠡᠬᠢᠯᠡᠭᠰᠡᠳ ᠢ ᠠᠨᠤ ᠦᠯᠢᠳᠬᠡᠵᠦᠭᠦ
Ejen-üge:n öd ügei boluγsan-i jiγa:ba:su 53. dege:düs-ün sedkil ber [a]ljaγa:ju čerigü:d-iye:r dayi:n aran-i bariγu:luγa:d ekilegsed-i anu ülidkejügü:.
72
ᠥᠰ ᠠᠪᠤᠭᠰᠠᠨ ᠴᠠᠪ ᠢᠨᠤ ᠠᠯᠳᠠᠷᠱᠢᠭᠠᠳ ᠤᠬᠠᠭ᠎ᠠ ᠦᠭᠡᠭᠦ ᠮᠠᠭᠤᠨ ᠢ ᠤᠷᠤᠭᠱᠢᠳᠠ ᠬᠡᠰᠡᠭᠦᠯᠵᠦ ᠡᠨᠡ ᠮᠡᠲᠦ ᠶᠡᠬᠡ ᠨᠡᠷ ᠡ ᠳᠦᠷ ᠬᠦᠷᠴᠦ ᠤᠷᠲᠤ ᠨᠠᠰᠤ ᠢᠨᠤ ᠲᠩᠷᠢ ᠳᠡ ᠢᠪᠡᠭᠡᠭᠳᠡᠭᠰᠡᠪᠡᠷ ᠪᠣᠯᠪᠠᠢ ᠵ᠎ᠠ
Ös abuγsan čab inu aldaršiγa:d uqaγ-a: ügegü: maγu:n-i uruγšida kesegü:ljü ene metü yeke ner-e-dür kürčü urtu nasu inu 54. tngri-de ibege:gdegsebe:r bolbai j-a.
73
ᠡᠭᠡᠨᠡᠭᠲᠡ ᠰᠠᠶᠢᠳ ᠦᠶᠢᠯᠡᠰ ᠦᠶᠢᠯᠡᠳᠦᠭᠰᠡᠨ ᠦ ᠲᠤᠯᠠ ᠬᠣᠶᠢᠳᠤ ᠤᠷᠤᠭ ᠢᠨᠤ ᠵᠣᠬᠢᠯᠳᠤᠨ ᠥᠭᠲᠡᠵᠦ ᠬᠥᠭ ᠳᠠᠭᠤᠨ ᠮᠡᠲᠦ ᠨᠠᠶᠢᠷᠠᠯᠳᠤᠭᠰᠠᠪᠠᠷ ᠰᠠᠶᠢᠨ ᠠᠪᠤᠷᠢ ᠢᠨᠤ ᠡᠷᠳᠢᠨᠢ ᠮᠡᠲᠦ ᠳᠡᠭᠡᠵᠢᠯᠡᠭᠳᠡᠵᠦᠭᠦ
Egenegte sayi:d üyi:les üyi:ledügsen-ü tula qoyi:du uruγ inu joqildun [ö]gtejü kög daγu:n metü nayi:ralduγsaba:r sayi:n aburi inu erdini metü dege:jilegdejügü:.
74
ᠠᠯᠢ ᠪᠠ ᠦᠶᠢᠯᠡᠰ ᠲᠦᠷ ᠲᠦᠱᠢᠭᠳᠡᠪᠡᠰᠦ ᠴᠢᠳᠠᠬᠤᠢ ᠠᠴᠠ ᠬᠢᠴᠢᠭᠡᠨ ᠬᠠᠲᠠᠭᠤᠵᠢᠵᠤ ᠴᠢᠩ ᠰᠡᠳᠬᠢᠯ ᠢᠶᠡᠷ ᠬᠦᠴᠦ ᠥᠭᠦᠭᠰᠡᠪᠡᠷ ᠳᠡᠭᠡᠳᠦᠰ ᠦᠨ ᠣᠶᠢᠷ᠎ᠠ ᠴᠠᠭᠠᠳᠠ ᠶᠠᠪᠤᠭᠤᠯᠵᠤᠬᠤᠢ
Ali-ba üyi:les-tür tüšigdebe:sü čidaqui-a:ča kičige:n qataγu:jiju čing sedkil-iye:r küčü ögügsebe:r 55. dege:düs-ün oyi:r-a čaγa:da yabuγu:ljuqu:i.
75
ᠰᠣᠶᠤᠷᠬᠠᠭᠳᠠᠵᠤ ᠶᠡᠬᠡ ᠦᠶᠢᠯᠡ ᠳᠦᠷ ᠲᠦᠱᠢᠭᠳᠡᠭᠰᠡᠪᠡᠷ ᠤᠷᠢᠳᠤᠰ᠎ᠠ ᠢᠨᠤ ᠭᠢ ᠭᠤᠢ ᠭᠤᠩ ᠨᠡᠷᠡᠪᠡᠷ ᠸᠤᠩᠱᠢᠩᠯᠠᠵᠤ ᠬᠣᠶᠢᠳᠤᠰ ᠤᠷᠤᠭ ᠢᠨᠤ ᠥᠷᠦᠰᠦᠭᠰᠡᠨ ᠦ ᠲᠤᠯᠠ ᠵᠡᠭᠦᠨ ᠡᠲᠡᠭᠡᠳ ᠦᠨ ᠢᠷᠭᠡᠨ᠎ᠡ ᠰᠠᠶᠢᠱᠢᠶᠠᠭᠳᠠᠵᠤᠭᠤᠢ
Soyurqaγdaju yeke üyi:le-dür tüšigdegsebe:r uridus-a inu Gi gui gung nerebe:r vungšinglaju qoyi:dus uruγ inu örüsügsen-ü tula jegü:n etege:d-ün irgen-e sayi:šiya:γdajuγu:i.
76
ᠨᠠᠷᠠᠰᠤᠨ ᠴᠢᠭᠦᠷᠡᠰᠦᠨ ᠮᠣᠳᠤ ᠲᠤ ᠬᠡᠭᠦᠷ ᠲᠦᠷ ᠶᠡᠬᠡ ᠪᠢᠢ ᠲᠠᠰ ᠪᠠᠶᠢᠭᠤᠯᠵᠤ ᠤᠷᠢᠳᠤᠰ ᠤᠭᠠᠨ ᠦᠶᠢᠯᠡᠳᠦᠭᠰᠡᠨ ᠰᠠᠶᠢᠳ ᠦᠶᠢᠯᠡᠰ ᠢ ᠤᠷᠤᠭᠱᠢᠳᠠ ᠣᠯᠠᠨ᠎ᠠ ᠳᠠᠭᠤᠷᠢᠶᠠᠭᠤᠯᠤᠨ ᠬᠢᠴᠢᠭᠡᠭᠦᠯᠵᠦᠭᠦᠢ
Narasun čigü:resün modu-tu kegü:r-tür yeke bii tas bayi:γu:lju uridus-uγa:n üyi:ledügsen sayi:d üyi:les-i uruγšida olan-a daγu:riya:γu:lun kičige:gü:ljügü:i.
77
ᠵᠷᠯᠭ ᠢᠶᠠᠷ ᠡᠨᠡ ᠪᠢᠴᠢᠭ ᠢ ᠵᠣᠬᠢᠶᠠᠯᠭᠠᠪᠠᠢ
56. Jrlγ-iya:r ene bičig-i joqiya:lγabai.
78
ᠵᠷᠯᠭ ᠢᠶᠠᠷ ᠬᠤᠢ ᠵᠠᠩ ᠭᠠᠤ ᠬᠡᠤᠱᠢ ᠥᠨ ᠭᠤᠩ ᠸᠤᠩ ᠬᠡᠤᠱᠢ ᠸᠤᠩ ᠵᠢᠩ ᠳᠠᠢᠸᠤ ᠲᠤᠩᠵᠢ ᠬᠢᠩ ᠶᠠᠨ ᠭᠦᠨ ᠮᠣᠩᠭᠣᠯᠴᠢᠯᠠᠨ ᠣᠷᠴᠢᠭᠤᠯᠵᠤ ᠸᠤᠩ ᠶᠢ ᠳᠠᠢᠸᠤ ᠶᠢ ᠸᠤᠨ ᠲᠢᠲᠡᠮ ᠱᠢ ᠭᠡᠮ ᠭᠢᠩ ᠶᠢᠨ ᠭᠣᠨ ᠪᠤᠶᠠᠨᠲᠡᠮᠦᠷ ᠪᠢᠴᠢᠪᠡᠢ
57. Jrlγ-iya:r Kui jang gau keuši ön gung vung keuši vung jing daivu tungji king yan gün [...] mongγolčilan orčiγu:lju vung yi daivu yi vun titem [...]ši gem ging-yi:n gon Buyantemür bičibei.
79
ᠥᠨ ᠲᠤᠩ ᠭᠤᠷᠪᠠᠨ ᠣᠨ ᠬᠠᠪᠤᠷ ᠤᠨ ᠲᠡᠷᠢᠭᠦᠨ ᠰᠠᠷ ᠠ ᠳᠠ
Ön tung γurban on qabur-un terigü:n sar-a-da