Letter of Dalai qan 1683
Reconstruction, not a copy of the monument: the Mongolian-script text is generated automatically from the transcription in modern Unicode spelling. The orthography of pre-classical documents differed; consult the facsimile and the edition.
1
ᠱᠠᠵᠢᠨ ᠢ ᠪᠠᠷᠢᠭᠴᠢ ᠳᠠᠯᠠᠢ ᠬᠠᠨ ᠤ ᠠᠶᠢᠯᠠᠳᠬᠠᠭᠰᠠᠨ ᠪᠢᠴᠢᠭ ᠲᠩᠷᠢ ᠭᠠᠵᠠᠷ ᠤᠨ ᠡᠷᠬᠡ ᠲᠦ ᠮᠠᠮᠽᠤ ᠰᠷᠢ ᠳᠡᠭᠡᠳᠦ ᠬᠠᠭᠠᠨ ᠤ ᠥᠯᠮᠡᠢ ᠶᠢᠨ ᠭᠡᠭᠡᠨ᠎ᠡ ᠱᠠᠵᠢᠨ ᠢ ᠪᠠᠷᠢᠭᠴᠢ ᠳᠠᠯᠠᠢ ᠬᠠᠭᠠᠨ ᠥᠴᠢᠮᠦᠢ
šajin-i bariγči dalai qan-u ayiladqaγsan bičig ○ tngri γajar-un erke-tü mamzu-sri degedü qaγan-u ölmei-yin gegen-e šajin-i bariγči dalai qaγan öčimüi.
2
ᠲᠡᠮᠡᠴᠡᠯ ᠴᠠᠭ ᠤᠨ ᠬᠦᠷᠳᠦ ᠣᠷᠴᠢᠭᠤᠯᠤᠭᠴᠢ ᠶᠡᠬᠡ ᠬᠠᠭᠠᠨ ᠤ ᠪᠡᠶ᠎ᠡ ᠡᠷᠳᠡᠨᠢ ᠠᠯᠲᠠᠨ ᠠᠭᠤᠯᠠ ᠮᠡᠲᠦ ᠪᠠᠲᠤᠳ ᠤᠨ ᠠᠯᠪᠠ ᠲᠤ ᠣᠯᠠᠨ ᠢᠷᠭᠡᠨ ᠢ ᠥᠷᠦᠰᠢᠶᠡᠨ ᠰᠠᠶᠢᠨ ᠵᠣᠬᠢᠶᠠᠯ ᠢᠶᠠᠷ ᠲᠡᠳᠬᠦᠨ ᠠᠯᠲᠠᠨ ᠳᠡᠯᠡᠬᠡᠶᠢᠨ ᠳᠡᠭᠡᠷ᠎ᠡ ᠠᠭᠴᠢᠨᠠ ᠢᠷᠠᠭᠤ ᠰᠠᠶᠢᠨ ᠠᠯᠳᠠᠷ ᠢᠶᠠᠷ ᠲᠦᠭᠡᠭᠰᠡᠭᠡᠷ ᠡᠴᠡ ᠵᠠᠷᠯᠢᠭ ᠪᠢᠴᠢᠭ ᠪᠡᠯᠡᠭ ᠭᠤᠴᠢᠨ ᠯᠠᠩ ᠤᠨ ᠮᠥᠩᠭᠦᠨ ᠳᠣᠮᠪᠤ ᠨᠠᠢᠮᠠᠨ ᠲᠣᠷᠭ ᠠ ᠲᠠᠢ ᠡᠯᠴᠢ ᠣᠮᠪᠤ ᠡᠬᠡ ᠰᠯᠣᠸᠠᠩ ᠠᠴᠢᠲᠤ ᠡᠭᠡ ᠰᠯᠣᠸᠠᠩ ᠬᠣᠶᠠᠷ ᠢᠶᠠᠷ ᠰᠣᠶᠤᠷᠬᠠᠭᠰᠠᠨ ᠪᠦᠷᠢᠨ ᠪᠠᠭᠤᠭᠰᠠᠨ᠎ᠠ ᠵᠢᠪᠬᠤᠯᠠᠩ ᠲᠤ ᠭᠡᠭᠡᠨ ᠢ ᠢᠯᠡ ᠦᠵᠡᠭᠰᠡᠨ ᠮᠡᠲᠦ ᠰᠡᠳᠬᠢᠯ ᠴᠠᠭᠯᠠᠰᠢ ᠦᠭᠡᠢ ᠪᠠᠶᠠᠰᠪᠠ
temečel čaγ-un kürdü orčiγuluγči yeke qaγan-u bey-e erdeni altan aγula metü batud-un alba-tu olan irgen-i örüsiyen sayin jokiyal-iyar tedkün altan delekeyin deger-e aγčin-a iraγu sayin aldar-iyar tügegseger-eče, jarliγ bičig beleg γučin lang-un mönggün dombu, naiman torγ-a-tai elči ombu eke-slowang, ačitu ege-slowang qoyar-iyar soyurqaγsan bürin baγuγsan-a jibqulang-tu gegen-i ile üjegsen metü sedkil čaγlasi ügei bayasba.
3
ᠳᠠᠯᠠᠢ ᠪᠯᠠᠮ᠎ᠠ ᠶᠢᠨ ᠢᠪᠡᠭᠡᠯ ᠢᠶᠡᠷ ᠪᠢ ᠡᠨᠳᠡ ᠮᠡᠨᠳᠦ ᠱᠠᠵᠢᠨ ᠲᠥᠷᠦ ᠡ ᠶᠢᠨ ᠰᠠᠶᠢᠨ ᠦᠢᠯᠡ ᠳᠡᠯᠭᠡᠷᠡᠬᠦᠢ ᠬᠦᠰᠡᠭᠰᠡᠭᠡᠷ ᠠᠮᠤᠢ
dalai blama-yin ibegel-iyer bi ende mendü, šajin törü-e-yin sayin üile delgereküi küsegseger amui.
5
ᠭᠰᠡᠨ ᠡᠴᠡ ᠰᠠᠶᠢᠨ ᠡᠰᠢ ᠵᠠᠷᠯᠠᠭ ᠲᠠᠰᠤᠷᠠᠯ ᠦᠭᠡᠢ ᠮᠡᠲᠦ ᠡᠳᠦᠭᠡ ᠴᠦ ᠠᠮᠤᠭᠤᠯᠠᠩ ᠢ
gsen-eče sayin esi, jarlaγ tasural ügei metü edüge čü amuγulang-i 12....
6
ᠵᠠᠬᠢᠶ᠎ᠠ ᠰᠣᠶᠤᠷᠬᠠᠯ ᠢ ᠠᠪᠤᠷᠠ ᠡᠨᠡ ᠳᠣᠲᠤᠨ᠎ᠠ ᠪᠠᠷ ᠡᠷᠭᠦᠬᠦ ᠪᠢᠴᠢᠭ ᠦᠨ ᠪᠡᠯᠡᠭ ᠱᠢᠷᠦ ᠡᠷᠢᠬᠡ ᠬᠤᠪᠠ ᠡᠷᠢᠬᠡ ᠠᠷᠪᠠᠨ ᠶᠢᠰᠦᠨ ᠰᠠᠶᠢᠨ ᠴᠠᠭᠠᠨ ᠴᠡᠩᠮᠡ ᠡᠩᠭᠡᠰᠬᠡ ᠥᠩᠭᠡ ᠲᠦ ᠠᠷᠪᠠᠨ ᠶᠢᠰᠦᠨ ᠰᠢᠷ᠎ᠠ ᠴᠣᠭᠤᠬᠤᠷ ᠠᠷᠪᠠ ᠤᠯᠠᠭᠠᠨ ᠴᠣᠭᠤᠬᠤᠷ ᠠᠷᠪᠠᠨ ᠨᠢᠭᠡ ᠬᠥᠬᠡ ᠴᠣᠭᠤᠬᠤᠷ ᠶᠢᠰᠦ ᠨᠣᠭᠤᠭᠠᠨ ᠴᠣᠭᠤᠬᠤᠷ ᠠᠷᠪᠠ ᠰᠠᠭᠠᠳᠠᠭ ᠨᠤᠮᠤ ᠤᠰᠤᠨ ᠨᠣᠬᠠᠢ ᠵᠢᠯ ᠦᠨ ᠮᠣᠩᠭᠣᠯ ᠤᠨ ᠳᠣᠯᠤᠳᠤᠭᠠᠷ ᠰᠠᠷ᠎ᠠ ᠶᠢᠨ ᠰᠢᠨ᠎ᠡ ᠶᠢᠨ ᠰᠠᠶᠢᠨ ᠡᠳᠦᠷ᠎ᠡ ᠳᠠᠮ ᠤᠨ ᠭᠣᠣᠯ ᠠᠴᠠ ᠡᠷᠭᠦᠪᠡ
jakiy-a soyurqal-i abura ene dotuna-bar ergükü bičig-ün beleg širü erike, quba erike, arban yisün sayin čaγan čengme, enggeske öngge-tü arban yisün, sira čoγuqur arba, ulaγan čoγuqur arban nige, köke čoγuqur yisü, noγuγan čoγuqur arba, saγadaγ numu usun noqai jil-ün mongγol-un doluduγar sara-yin sine-yin sayin edür-e dam-un γool-ača ergübe.