Historical corpus of the Mongolian language

Letter of Dalai qan 1693

Reconstruction, not a copy of the monument: the Mongolian-script text is generated automatically from the transcription in modern Unicode spelling. The orthography of pre-classical documents differed; consult the facsimile and the edition.
Back to the text
1
ᠱᠠᠵᠢᠨ ᠢ ᠪᠠᠷᠢᠭᠴᠢ ᠳᠠᠯᠠᠢ ᠬᠠᠨ ᠤ ᠠᠶᠢᠯᠠᠳᠬᠠᠬᠤ ᠪᠢᠴᠢᠭ
šajin-i bariγči dalai qan-u ayiladqaqu bičig.
2
ᠳᠡᠭᠡᠳᠦ ᠶᠡᠬᠡ ᠬᠠᠭᠠᠨ ᠤ ᠥᠯᠮᠡᠢ ᠶᠢᠨ ᠭᠡᠭᠡᠨ᠎ᠡ ᠱᠠᠵᠢᠨ ᠢ ᠪᠠᠷᠢᠭᠴᠢ ᠳᠠᠯᠠᠢ ᠬᠠᠭᠠᠨ ᠥᠴᠢᠪᠡ
degedü yeke qaγan-u ölmei-yin gegen-e šajin-i bariγči dalai qaγan öčibe.
3
ᠶᠡᠬᠡ ᠬᠠᠭᠠᠨ ᠤ ᠪᠡᠶ᠎ᠡ ᠨᠠᠷᠠᠨ ᠮᠡᠲᠦ ᠠᠮᠢᠲᠠᠨ ᠪᠦᠬᠦᠨ ᠢ ᠴᠣᠭ ᠳᠤᠷ ᠠᠭᠰᠠᠨ ᠠᠴᠠ ᠵᠠᠷᠯᠢᠭ ᠪᠢᠴᠢᠭ ᠦᠨ ᠠᠶᠢᠮᠠᠭ ᠪᠡᠯᠡᠭ ᠮᠥᠩᠭᠦᠨ ᠦ ᠳᠣᠩᠮᠤ ᠠᠷᠪᠠᠨ ᠬᠣᠶᠠᠷ ᠲᠣᠷᠭ᠎ᠠ ᠯᠤᠭ᠎ᠠ ᠰᠡᠯᠲᠡ ᠶᠢ ᠰᠣᠶᠤᠷᠬᠠᠭᠰᠠᠨ ᠳᠤᠷ ᠴᠠᠭᠯᠠᠰᠢ ᠤᠭᠡᠢ ᠪᠠᠶᠠᠰᠬᠤᠯᠠᠩ ᠣᠯᠪᠠᠢ
yeke qaγan-u bey-e naran metü amitan bükün-i čoγ-dur aγsan-ača jarliγ bičig-ün ayimaγ beleg mönggün-ü dongmu, arban qoyar torγ-a luγ-a selte-yi soyurqaγsan-dur čaγlasi ugei bayasqulang olbai.
4
ᠳᠠᠯᠠᠢ ᠪᠯᠠᠮ ᠠ ᠶᠢᠨ ᠨᠢᠭᠦᠯᠡᠰᠬᠦᠢ ᠠᠤᠭ᠎ᠠ ᠪᠡᠷ ᠪᠢ ᠴᠦ ᠮᠡᠨᠳᠦ ᠠᠮᠤᠢ
dalai blam-a-yin nigülesküi auγ-a ber bi čü mendü amui.
5
ᠮᠥᠨ ᠬᠦ ᠬᠠᠭᠠᠨ ᠪᠡᠷ ᠬᠠᠮᠤᠭ ᠠᠮᠢᠲᠠᠨ ᠢ ᠠᠮᠤᠭᠤᠯᠬᠤ ᠶᠢ ᠲᠠᠭᠠᠯᠠᠭᠰᠠᠨ ᠳᠤᠷ ᠪᠢ ᠴᠦ ᠳᠠᠭᠠᠨ ᠪᠠᠶᠠᠰᠪᠠ
mön kü qaγan-ber qamuγ amitan-i amuγulqu-yi taγalaγsan-dur bi čü daγan bayasba.
6
ᠱᠠᠵᠢᠨ ᠢ ᠪᠠᠷᠢᠭᠴᠢ ᠨᠣᠮᠤᠨ ᠬᠠᠭᠠᠨ ᠪᠡᠷ ᠮᠠᠨᠳᠤ ᠢᠵᠠᠭᠤᠷ ᠦᠨᠳᠦᠰᠦᠨ ᠲᠡᠷᠢᠭᠦᠲᠡᠨ ᠬᠠᠮᠤᠭ ᠢᠶᠠᠨ ᠳᠠᠯᠠᠢ ᠪᠯᠠᠮ᠎ᠠ ᠳᠤᠷ ᠡᠷᠭᠦᠭᠡᠳ ᠳᠠᠯᠠᠢ ᠪᠯᠠᠮ᠎ᠠ ᠶᠢ ᠪᠡᠭᠡᠵᠢᠨ ᠳᠦ ᠵᠠᠯᠠᠭᠰᠠᠨ ᠲᠡᠷᠢᠭᠦᠲᠡᠨ ᠡᠴᠡ ᠲᠥᠷᠦ᠎ᠡ ᠰᠠᠰᠢᠨ ᠨᠢᠭᠡᠳᠳᠦᠭᠡᠳ ᠶᠡᠬᠡ ᠬᠠᠭᠠᠨ᠎ᠠ ᠪᠡᠯᠡᠭ ᠡᠷᠭᠦᠬᠦ ᠬᠢᠭᠡᠳ ᠰᠣᠶᠤᠷᠬᠠᠯ ᠰᠣᠶᠤᠭᠰᠠᠭᠠᠷ ᠰᠠᠶᠢᠨ ᠨᠠᠶᠢᠷᠠᠮᠳᠠᠭᠤ ᠪᠣᠯᠤᠭᠰᠠᠨ ᠠᠨᠤ ᠬᠡᠵᠢᠶ᠎ᠡ ᠠᠬᠤᠢ ᠢᠨᠠᠷᠤ ᠮᠥᠨ ᠪᠤᠢ ᠵ᠎ᠠ
šajin-i bariγči nomun qaγan-ber mandu ijaγur ündüsün terigüten qamuγ-iyan dalai blam-a dur ergüged, dalai blam-a yi begejin dü jalaγsan terigüten-eče törü-e sasin nigeddüged, yeke qaγan-a beleg ergükü kiged, soyurqal, soyuγsaγar sayin nayiramdaγu boluγsan anu kejiy-e aqui inaru mön bui j-a.
7
ᠪᠣᠰᠣᠭᠲᠤ ᠬᠠᠨ ᠭᠡᠭᠡᠳ ᠬᠢᠭᠡᠳ ᠷᠵᠡ ᠪᠲᠰᠤᠨ ᠳᠠᠮᠪᠠ ᠬᠣᠶᠠᠷ ᠡᠪᠳᠡᠷᠡᠯᠳᠦᠬᠦᠢ ᠴᠠᠭ ᠳᠤᠷ ᠬᠣᠶᠠᠷ ᠵᠦᠭ ᠡᠴᠡ ᠪᠢᠳᠡᠨ ᠳᠦᠷ ᠳᠡᠮᠨᠡᠯᠳᠦᠬᠦ ᠬᠡᠷᠡᠭ ᠬᠡᠮᠡᠭᠰᠡᠨ ᠳᠦᠷ ᠴᠦ ᠪᠢᠳᠡᠨ ᠳᠠᠯᠠᠢ ᠪᠯᠠᠮ᠎ᠠ ᠬᠢᠭᠡᠳ ᠲᠡᠭᠦᠨ ᠢ ᠡᠰᠢ ᠪᠡᠷ ᠭᠠᠷᠭᠠᠭᠰᠠᠨ ᠰᠳᠢᠪᠠ ᠶᠢᠨ ᠵᠠᠷᠯᠢᠭ ᠤᠨ ᠶᠣᠰᠤᠭᠠᠷ ᠬᠡᠨ ᠢ ᠳᠮᠨᠯ ᠦᠭᠡᠭᠦᠶ᠎ᠡ ᠠᠭᠰᠠᠨ ᠲᠡᠷᠡ ᠬᠦ ᠮᠥᠨ ᠪᠣᠰᠤᠭ ᠲᠤ ᠬᠠᠭᠠᠨ ᠢ ᠣᠷᠴᠢᠷ ᠤᠨ ᠬᠠᠮᠤᠭ ᠵᠠᠬᠢᠶ᠎ᠠ ᠰᠡᠳᠬᠢᠯ ᠳᠡᠭᠡᠨ ᠲᠣᠭᠲᠤᠭᠠᠪᠠᠢ
bosoγtu qan geged[=kiged], rje btsun damba qoyar ebdereldüküi čaγ-dur qoyar jüg-eče biden dür demneldükü kereg kemegsen-dür čü biden dalai blam-a kiged tegün-i esi-ber γarγaγsan sdiba-yin jarliγ-un yosuγar ken-i dеmnеl ügegüy-e aγsan tere kü mön, bosuγ-tu qaγan-i orčir-un qamuγ jakiy-a sedkil degen toγtuγabai.
8
ᠵᠡᠭᠦᠨ ᠭᠠᠷ ᠤᠨ ᠨᠤᠲᠤᠭ ᠰᠠᠭᠤᠷᠢᠨ ᠴᠢ ᠡᠳᠦᠭᠡ ᠽᠡ ᠳᠪᠠᠩ ᠷᠠᠪᠳᠠᠨ ᠳᠤᠷ ᠪᠤᠢ ᠠᠮᠤᠢ
jegün γar-un nutuγ saγurin či edüge ze dbang rabdan-dur bui amui.
9
ᠪᠣᠱᠣᠭᠲᠤ ᠬᠠᠭᠠᠨ ᠴᠤ ᠨᠢᠳᠦᠨᠦᠨ ᠬᠠᠯᠬ ᠠ ᠶᠢ ᠨᠡᠬᠡᠬᠦᠶ᠎ᠡ ᠥᠭᠡᠳᠡ ᠪᠣᠯᠤᠭᠰᠠᠨ ᠴᠠᠭ ᠤᠨ ᠶᠣᠰᠤᠭᠠᠷ ᠬᠠᠯᠬ ᠠ ᠶᠢᠨ ᠨᠤᠲᠤᠭ ᠳᠤᠷ ᠠᠭᠰᠠᠨ ᠢᠨᠦ ᠪᠤᠰᠤ ᠭᠠᠵᠠᠷ᠎ᠠ ᠥᠭᠡᠳ ᠪᠣᠯᠬᠤ ᠦᠭᠡᠢ ᠪᠤᠢ ᠵ᠎ᠠ ᠬᠡᠮᠡᠨ ᠰᠡᠳᠬᠢᠮᠤᠢ
bošoγtu qaγan ču nidünün qalq-a-yi nekeküy-e ögede boluγsan čaγ-un yosuγar qalq-a-yin nutuγ-dur aγsan inü busu γajar-a öged bolqu ügei bui j-a kemen sedkimui.
10
ᠬᠣᠶᠠᠷ ᠠᠶᠢᠮᠠᠭ ᠵᠡᠭᠦᠨ ᠭᠠᠷ ᠭᠡᠭᠡᠳ ᠲᠣᠷᠭᠤᠤᠳ ᠠᠶᠤᠸᠠ ᠬᠸᠢ ᠰᠡᠯᠲᠡ ᠭᠤᠷᠪᠠᠭᠤᠯᠠ ᠳᠠᠯᠠᠢ ᠪᠯᠠᠮ ᠠ ᠶᠢᠨ ᠥᠭᠯᠢᠭᠡ ᠶᠢᠨ ᠡᠵᠡᠨ ᠪᠣᠯᠤᠭᠰᠠᠨ ᠠᠴᠠ ᠪᠣᠯᠬᠤ ᠰᠠᠰᠢᠨ ᠢ ᠪᠠᠷᠢᠭᠴᠢ ᠨᠣᠮ ᠤᠨ ᠬᠠᠭᠠᠨ ᠪᠡᠷ ᠡᠷᠭᠦᠭᠰᠡᠨ ᠲᠠᠬᠢᠯ ᠤᠨ ᠤᠯᠤᠰ ᠮᠡᠲᠦ ᠮᠥᠨ ᠪᠤᠢ
qoyar ayimaγ jegün γar geged, torγuud ayuva kvi selte γurbaγula dalai blam-a-yin öglige-yin ejen boluγsan ača bolqu sasin-i bariγči nom-un qaγan ber ergügsen takil-un ulus metü mön bui.
11
ᠨᠣᠮ ᠶᠢᠷᠲᠢᠨᠴᠦ ᠬᠣᠶᠠᠷ ᠳᠤᠷ ᠳᠠᠯᠠᠢ ᠪᠯᠠᠮ᠎ᠠ ᠶᠢᠨ ᠰᠣᠶᠤᠷᠬᠠᠭᠰᠠᠨ ᠵᠠᠷᠯᠢᠭ ᠢ ᠢᠯᠡᠷᠬᠡᠶ᠎ᠡ ᠵᠥᠪ ᠳᠦᠷ ᠠᠪᠤᠨ ᠡᠳᠦᠭᠡ ᠳᠡ ᠶᠢᠷᠲᠢᠨᠵᠦ ᠶᠢᠨ ᠦᠢᠯᠡ ᠳᠦᠷ ᠳᠠᠯᠠᠢ ᠪᠯᠠᠮ᠎ᠠ ᠳᠤᠷ ᠬᠣᠶᠠᠷ ᠪᠯᠠᠮ᠎ᠠ ᠯᠤᠭ᠎ᠠ ᠢᠯᠭᠠᠯ ᠦᠭᠡᠢ ᠡᠨᠡ ᠡᠷᠬᠡ ᠥᠭᠲᠡᠭᠰᠡᠨ ᠰᠳᠢᠪᠠ ᠶᠢᠨ ᠵᠠᠷᠯᠢᠭ ᠠᠴᠠ ᠦᠯᠦ ᠳᠠᠪᠠᠳᠠᠭ ᠤᠨ ᠲᠤᠯᠠᠳᠠ ᠢᠨᠠᠭᠰᠢ ᠬᠥᠨᠦᠭᠡᠨ ᠡᠰᠡ ᠢᠷᠡᠪᠡᠰᠦ ᠴᠢᠨᠠᠭᠰᠢ ᠬᠡᠨ ᠳᠦᠷ ᠬᠣᠣᠷ ᠬᠢᠬᠦ ᠬᠢᠭᠡᠳ ᠨᠢᠭᠡᠨ ᠢ ᠳᠡᠮᠨᠡᠭᠰᠡᠨ ᠢᠶᠡᠷ ᠬᠤᠳᠬᠤᠬᠤᠢ ᠶᠢ ᠤᠷᠢᠳᠠ ᠴᠤ ᠦᠢᠯᠡᠳᠦᠭᠰᠡᠨ ᠦᠭᠡᠢ ᠪᠥᠭᠡᠳ ᠬᠠᠷᠢᠨ ᠪᠠᠰᠠ ᠦᠢᠯᠡᠳᠬᠦᠢ ᠰᠡᠳᠬᠢᠯ ᠴᠦ ᠦᠭᠡᠢ ᠪᠡᠨᠴᠡᠨ ᠬᠤᠲᠤᠭᠲᠤ ᠳᠤᠷ ᠴᠤ ᠶᠡᠬᠡ ᠰᠦᠰᠦᠭᠯᠡᠨ ᠦᠢᠯᠡᠳᠬᠦ ᠮᠠᠭᠠᠳ
nom yirtinčü qoyar-dur dalai blam-a yin soyurqaγsan jarliγ-i ilerkey-e jöb-dür abun, edüge-de yirtinjü-yin üile-dür dalai blam-a dur, qoyar blam-a luγ-a ilγal ügei ene erke ögtegsen sdiba-yin jarliγ-ača ülü dabadaγ-un tulada inaγsi könügen ese irebesü činaγsi ken-dür qoor kikü kiged, nigen-i demnegsen-iyer qudququi-yi urida ču üiledügsen ügei böged, qarin basa üiledküi sedkil čü ügei, be’nče’n qutuγtu-dur ču yeke süsüglen üiledkü maγad.
12
ᠮᠥᠨ ᠬᠦ ᠶᠡᠬᠡ ᠬᠠᠭᠠᠨ ᠪᠡᠷ ᠰᠣᠶᠤᠷᠬᠠᠭᠰᠠᠨ ᠵᠠᠷᠯᠢᠭ ᠤᠨ ᠬᠠᠷᠢᠭᠤ ᠥᠴᠢᠬᠦ ᠶᠢ ᠡᠰᠡ ᠮᠡᠳᠡᠨ ᠥᠴᠢᠭᠰᠡᠨ ᠪᠣᠯᠪᠠᠰᠤ ᠭᠡᠭᠡᠨ᠎ᠡ ᠶᠠᠭᠤᠨ ᠦᠯᠦ ᠠᠶᠢᠯᠠᠳᠳᠠᠬᠤᠢ ᠬᠠᠷᠢᠨ ᠪᠠᠰᠠ ᠷᠢᠷᠦᠳᠡ ᠴᠦ ᠱᠠᠰᠢᠨ ᠲᠥᠷᠦ ᠨᠢᠭᠡᠳᠳᠦᠭᠰᠡᠨ ᠦ ᠡᠪᠲᠡᠨ᠎ᠡ ᠶᠣᠰᠤᠭᠠᠷ ᠵᠠᠬᠢᠶ᠎ᠠ ᠵᠠᠷᠯᠢᠭ ᠢ ᠰᠤᠯᠠᠳᠠ ᠰᠣᠶᠤᠷᠬᠠᠭᠳᠠᠬᠤᠢ ᠪᠢᠴᠢᠭ ᠢ ᠠᠶᠢᠯᠠᠳᠬᠤᠢ ᠪᠡᠯᠡᠭ ᠡᠷᠳᠡᠨᠢ ᠬᠡᠯᠬᠢᠶᠡᠯ ᠦᠨ ᠠᠶᠢᠮᠠᠭ ᠪᠠᠭ ᠴᠡᠩᠮ᠎ᠡ ᠯᠦᠭᠡ ᠰᠡᠯᠲᠡ ᠣᠨᠴᠣ ᠪᠢᠴᠢᠭ ᠳᠦᠷ ᠲᠣᠳᠤᠳᠤᠭᠰᠡᠨ ᠮᠡᠲᠦ ᠤᠯᠤᠰ ᠪᠢᠴᠢᠨ ᠵᠢᠯ ᠦᠨ ᠮᠣᠩᠭᠠᠯ ᠤᠨ ᠵᠢᠷᠭᠤᠳᠤᠭᠠᠷ ᠰᠠᠷ ᠠ ᠶᠢᠨ ᠰᠢᠨᠡ ᠳᠡ ᠪᠤᠷᠬᠠᠨ ᠤ ᠭᠠᠵᠠᠷ ᠠ ᠠᠴᠠ ᠡᠷᠭᠦᠪᠡ
mön kü yeke qaγan ber soyurqaγsan jarliγ-un qariγu öčikü-yi ese meden öčigsen bolbasu gegen-e yaγun ülü ayiladdaqui, qarin basa rirüde čü šasin törü nigeddügsen-ü ebten-e yosuγar jakiy-a jarliγ-i sulada soyurqaγdaqui bičig-i ayiladqui beleg erdeni kelkiyel-ün ayimaγ baγ čengm-e lüge selte ončo bičig-dür todudugsen metü ulus bičin jil-ün mongγal-un jirγuduγar sar-a-yin sine-de burqan-u γajar-a-ača ergübe.