Historical corpus of the Mongolian language

Letter of Erke Bagatur

Reconstruction, not a copy of the monument: the Mongolian-script text is generated automatically from the transcription in modern Unicode spelling. The orthography of pre-classical documents differed; consult the facsimile and the edition.
Back to the text
1
ᠪᠠᠭᠠᠲᠤᠷ ᠡᠷᠬᠡ ᠵᠣᠨᠠᠩ ᠤᠨ ᠠᠶᠢᠯᠠᠳᠬᠠᠬᠤᠢ ᠪᠢᠴᠢᠭ
baγatur erke jonang-un ayiladqaqui bičig.
2
ᠳᠡᠭᠡᠳᠦ ᠪᠯᠠᠮ ᠠ ᠶᠢᠨ ᠥᠯᠡᠮᠡᠶᠢᠨ ᠳᠡᠷᠭᠡᠳᠡ ᠳᠡᠭᠡᠳᠦ ᠭᠡᠲᠦᠯᠭᠡᠭᠴᠢ ᠪᠣᠭᠳᠠ ᠬᠤᠲᠤᠭ ᠲᠤ ᠶᠢᠨ ᠥᠯᠡᠮᠡᠶᠢᠨ ᠳᠡᠷᠭᠡᠳᠡ ᠠᠶᠢᠯᠠᠳᠬᠠᠪᠠ ᠠᠶᠢᠯᠠᠳᠬᠠᠭᠰᠠᠨ ᠤ ᠤᠴᠢᠷ ᠪᠣᠰᠣᠭᠲᠤ ᠬᠠᠭᠠᠨ ᠢ ᠵᠦᠭ ᠲᠦ ᠬᠠᠭᠠᠨ ᠡᠬᠢᠯᠡᠨ ᠪᠦᠭᠡᠳᠡ ᠴᠡᠷᠢᠭ ᠮᠣᠷᠳᠠᠪᠠ ᠭᠡᠬᠦᠳᠦ ᠡᠳᠡᠨ ᠢ ᠦᠶᠢᠯᠡ ᠪᠦᠲᠦᠬᠦᠯᠡ ᠮᠢᠨᠢ ᠦᠶᠢᠯᠡ ᠪᠦᠲᠦᠬᠦ ᠭᠡᠵᠦ ᠬᠠᠭᠠᠨ ᠢ ᠳᠠᠭᠠᠵᠤ ᠮᠣᠷᠳᠠᠭᠰᠠᠨ ᠮᠢᠨᠢ ᠲᠡᠷᠡ ᠪᠢᠯᠡ ᠬᠠᠭᠠᠨ ᠤ ᠳᠡᠷᠭᠡᠳᠡ ᠨᠡᠶᠢᠯᠡᠵᠦ ᠪᠠᠶᠢᠲᠠᠯᠠ ᠪᠣᠰᠣᠭᠲᠤ ᠬᠠᠭᠠᠨ ᠢ ᠴᠡᠷᠢᠭ ᠢᠷᠡᠪᠡ ᠲᠡᠷᠡ ᠤᠴᠢᠷ ᠲᠤ ᠪᠢ ᠶᠡᠬᠡᠳᠡ ᠡᠪᠡᠳᠦᠭᠡᠳ ᠬᠠᠭᠠᠨ ᠢ ᠬᠣᠶᠢᠨ ᠠ ᠠᠴᠠ ᠳᠠᠭᠠᠬᠤ ᠴᠢᠨᠡᠭᠡᠨ ᠢᠶᠡᠨ ᠦᠭᠡᠢ ᠳᠦ ᠬᠠᠭᠠᠨ ᠢ ᠭᠡᠭᠡᠨ᠎ᠡ ᠠᠶᠢᠯᠠᠳᠬᠠᠵᠤ ᠶᠡᠬᠡ ᠵᠠᠮ ᠠᠴᠠ ᠵᠠᠶᠢᠯᠠᠵᠤ ᠥᠪᠡᠷ ᠦᠨ ᠬᠡᠭᠦᠬᠡᠳ ᠴᠡᠷᠢᠭ ᠢᠶᠡᠨ ᠬᠠᠭᠠᠨ ᠢ ᠳᠡᠷᠭᠡᠳᠡ ᠪᠠᠶᠢᠯᠭᠠᠵᠤ ᠰᠢᠳᠠᠷ ᠪᠠᠶᠢᠷᠢ ᠪᠣᠯᠬᠤᠯᠠ ᠡᠨᠳᠡ ᠬᠦᠮᠦ ᠢᠯᠭᠡᠭᠲᠦᠨ ᠲᠦᠷᠭᠡᠨ ᠶᠠᠪᠤᠳᠠᠯ ᠢ ᠪᠢ ᠭᠦᠶᠢᠴᠡᠬᠦ ᠴᠠᠭ ᠦᠭᠡᠢ ᠭᠡᠵᠦ ᠬᠡᠯᠡᠭᠡᠳ ᠵᠠᠪᠰᠠᠷᠲᠠᠢ ᠪᠠᠶᠢᠭᠰᠠᠨ ᠮᠢᠨᠢ ᠲᠡᠷᠡ ᠲᠡᠳᠡ ᠮᠠᠨ ᠳᠤ ᠢᠷᠡᠭᠡᠳ ᠬᠡᠯᠡᠭᠰᠡᠨ ᠦᠭᠡ ᠢᠨᠤ ᠬᠠᠭᠠᠨ ᠢ ᠭᠡᠭᠡᠨ ᠲᠦᠷᠭᠡᠨ ᠥᠭᠡᠳ ᠪᠣᠯᠤᠭᠠᠳ ᠪᠣᠯᠵᠤᠭᠰᠠᠨ ᠭᠠᠵᠠᠷ ᠠᠴᠠ ᠳᠦᠷᠪᠡᠨ ᠭᠤᠷᠪᠠᠨ ᠦᠶ᠎ᠡ ᠥᠩᠭᠡᠷᠡᠪᠡ ᠪᠢᠳᠡᠨ ᠳᠤ ᠠᠷᠭ᠎ᠠ ᠦᠭᠡᠢ ᠡᠳᠡ ᠨᠤᠲᠤᠭ ᠢᠶᠠᠨ ᠲᠡᠮᠡᠴᠡᠪᠡ ᠡᠳᠡᠨ ᠳᠠᠭᠠᠭᠰᠠᠭᠠᠷ ᠶᠠᠪᠤᠬᠤᠯᠠ ᠪᠢᠳᠡ ᠵᠤᠨᠠᠩ ᠲᠤ ᠨᠡᠶᠢᠯᠡᠨ ᠴᠢᠳᠠᠬᠤ ᠦᠭᠡᠢ ᠵᠠᠪᠰᠠᠷᠠ ᠳᠠᠶᠢᠰᠤᠨ ᠣᠷᠤᠪᠠ ᠭᠡᠵᠦ ᠡᠷᠳᠡᠨᠢ ᠬᠤᠰᠤᠴᠢ ᠳᠤ ᠬᠡᠯᠡᠵᠦ ᠮᠠᠨ ᠳᠤ ᠠᠷᠠᠬᠠᠨ ᠭᠡᠵᠦ ᠶᠡᠬᠡ ᠲᠥᠪᠡᠷᠭᠡᠨ ᠳᠣᠲᠤᠷᠠ ᠨᠡᠶᠢᠯᠡᠪᠡ ᠬᠠᠭᠠᠨ ᠢ ᠭᠡᠭᠡᠨ ᠡᠴᠡ ᠵᠠᠷᠯᠢᠭ ᠵᠠᠭᠤᠨ ᠰᠣᠨᠤᠰᠲᠤᠭᠠᠢ ᠭᠡᠵᠦ ᠢᠯᠡᠭᠡᠭᠰᠡᠨ ᠬᠡᠰᠡᠭ ᠬᠦᠮᠦᠨ ᠮᠠᠨᠢ ᠲᠦᠷᠡᠵᠦ ᠬᠦᠨᠳᠦᠯᠡᠩ ᠳᠦ ᠭᠦᠶᠢᠴᠡᠵᠦ ᠢᠷᠡᠪᠡ ᠵᠠᠪᠰᠠᠷᠠ ᠶᠠᠪᠤᠲᠠᠯᠠ ᠤᠷᠢᠳᠠ ᠤᠷᠪᠠᠭᠰᠠᠨ ᠬᠠᠲᠤᠨ ᠭᠡᠴᠤᠯ ᠪᠤᠨᠲᠠᠷᠠᠭᠠ ᠠᠪᠬᠠᠢ ᠳᠠᠶᠢᠰᠤᠨ ᠢ ᠵᠠᠮ ᠳᠡᠭᠡᠷᠡ ᠪᠠᠶᠢᠬᠤ ᠳᠤ ᠦᠶᠢᠴᠡᠩ ᠠᠬᠠᠢ ᠳᠠᠶᠢᠰᠤᠨ ᠢᠷᠡᠪᠡ ᠳᠤᠲᠠᠭᠠᠯ ᠲᠠᠢ ᠭᠡᠲᠡᠯᠡ ᠪᠣᠯᠤᠯ ᠦᠭᠡᠢ ᠪᠠᠶᠢᠵᠢ ᠪᠢᠳᠡ ᠳᠠᠪᠠᠷᠢᠵᠤ ᠥᠩᠭᠡᠷᠡᠭᠡᠳ ᠭᠡᠳᠡᠷᠡᠭᠦ ᠢᠯᠡᠭᠡᠭᠰᠡᠨ ᠤᠯᠤᠰ ᠢ ᠮᠠᠨᠢ ᠴᠡᠷᠢᠭᠯᠡᠵᠦ ᠳᠠᠶᠢᠯᠠᠮ ᠭᠡᠬᠦᠳᠦ ᠬᠡᠰᠢᠭ ᠠᠮᠠᠢ  ᠡᠮᠡᠰ ᠤᠨᠤᠯᠭ᠎ᠠ ᠬᠦᠨᠡᠰᠦ ᠠᠪᠤᠭᠰᠠᠨ ᠢᠨᠤ ᠦᠨᠡᠨ ᠲᠡᠳᠦᠢ ᠳᠡᠭᠡᠷᠡ ᠢᠷᠡᠵᠦ ᠪᠣᠰᠤᠭᠲᠤ ᠬᠠᠭᠠᠨ ᠢ ᠴᠡᠷᠢᠭ ᠨᠡᠭᠦᠯᠭᠡᠵᠦ ᠣᠳᠴᠢ ᠪᠢᠳᠡᠨ ᠢ ᠱᠣᠷᠳᠤ ᠡᠳᠡᠨ ᠢ ᠦᠶᠢᠯᠡ ᠡᠰᠡ ᠪᠦᠲᠦᠪᠡ ᠥᠰᠢᠶ ᠡ ᠲᠦ ᠳᠠᠶᠢᠰᠤᠨ ᠮᠠᠨᠢ ᠣᠮᠤᠭ ᠬᠦᠴᠢ ᠨᠡᠮᠡᠪᠡ ᠭᠡᠵᠢ ᠡᠳᠦᠭᠡ ᠬᠦᠷᠲᠡᠯᠡ ᠭᠣᠮᠤᠳᠤᠰᠠᠭᠠᠷ ᠪᠠᠶᠢᠨᠠ ᠪᠢᠳᠡ ᠪᠣᠰᠣᠭᠲᠤ ᠬᠠᠭᠠᠨ ᠴᠢ ᠬᠠᠯᠬ ᠠ ᠯᠤᠭ᠎ᠠ ᠨᠡᠶᠢᠯᠡᠵᠦ ᠡᠨᠳᠡ ᠴᠡᠷᠢᠯᠡᠪᠡ  ᠴᠡᠷᠢᠭᠯᠡᠪᠡ ᠭᠡᠵᠦ ᠨᠠᠮᠠᠶᠢ ᠵᠠᠨᠤᠬᠤ ᠮᠡᠲᠦ ᠦᠭᠡ ᠬᠡᠮᠡᠵᠦ ᠡᠯᠴᠢ ᠢᠯᠡᠭᠡᠵᠢ ᠡᠶᠢᠮᠢ ᠡᠶᠢᠮᠢ ᠤᠴᠢᠷ ᠠᠶᠢᠯᠠᠳᠬᠠᠶ᠎ᠠ ᠭᠡᠵᠦ ᠰᠠᠨᠠᠪᠠ ᠴᠤ ᠵᠠᠪᠰᠠᠷ᠎ᠠ ᠭᠠᠵᠠᠷ᠎ᠠ ᠬᠣᠯᠠ ᠦᠭᠡᠢ ᠶᠠᠳᠠᠭᠤ ᠬᠦᠮᠦᠨ ᠣᠯᠠᠨ ᠢ  ᠣᠯᠠᠨ ᠤ ᠲᠤᠯᠠᠳᠠ ᠢᠯᠡᠭᠡᠨ ᠡᠰᠡ ᠴᠢᠳᠠᠪᠠ ᠳᠠᠯᠠᠢ ᠯᠠᠮ ᠠ ᠶᠢᠨ ᠡᠯᠴᠢ ᠢᠷᠡᠮᠡᠭᠴᠢ ᠪᠠᠶᠠᠷᠯᠠᠭᠠᠳ ᠨᠥᠬᠦᠳ ᠤᠨᠠᠭ᠎ᠠ ᠬᠦᠨᠡᠰᠦ ᠰᠡᠯᠪᠡᠵᠦ ᠢᠯᠡᠭᠡᠭᠰᠡᠨ ᠢ ᠵᠠᠪᠰᠠᠷ ᠲᠠᠨᠢ ᠵᠠᠬ᠎ᠠ ᠨᠤᠲᠤᠭ ᠢᠶᠠᠨ ᠤᠯᠤᠰ ᠠᠴᠠ ᠮᠠᠨ ᠤ ᠦᠭᠡ ᠰᠣᠨᠤᠰᠤᠭᠠᠳ ᠬᠠᠷᠠᠵᠤ ᠢᠷᠡᠪᠡ ᠪᠣᠰᠣᠭᠲᠤ ᠬᠠᠭᠠᠨ ᠲᠠᠨᠢ ᠲᠠᠨ ᠤ ᠵᠦᠭ ᠳᠦ ᠴᠡᠷᠢᠭ ᠮᠣᠷᠳᠠᠪᠠ ᠭᠡᠵᠦ ᠰᠣᠨᠤᠰᠤᠭᠠᠳ ᠡᠨᠳᠡᠬᠢ ᠦᠶᠢᠯᠡ ᠬᠡᠷᠡᠭ ᠢᠶᠡᠨ ᠣᠯᠠᠨ ᠪᠠᠶᠢᠬᠤ ᠳᠤ ᠡᠨᠡ ᠨᠠᠩᠰᠤ ᠶᠢ ᠬᠠᠭᠠᠨ ᠢ ᠰᠠᠶᠢᠳ ᠯᠤᠭ᠎ᠠ ᠬᠠᠶᠢᠯᠠᠭᠤᠯᠵᠤ  ᠬᠠᠨᠢᠯᠠᠭᠤᠯᠵᠤ ᠲᠠᠨᠢ ᠭᠡᠭᠡᠨ᠎ᠡ ᠬᠦᠷᠴᠦ ᠡᠨᠡ ᠵᠠᠩᠢ ᠠᠶᠢᠯᠠᠳᠬ᠎ᠠ ᠭᠡᠵᠦ ᠢᠯᠡᠭᠡᠪᠡ ᠪᠢᠳᠡ ᠮᠢᠨᠢ ᠶᠡᠷᠦ ᠰᠠᠨᠠᠭᠠᠨ ᠡᠶᠢᠮᠢ ᠪᠢᠯᠡ ᠵᠠᠪᠰᠠᠷᠠ ᠦᠨᠡᠨ ᠬᠤᠳᠠᠯ ᠦᠭᠡ ᠣᠯᠠᠨ ᠪᠣᠯᠬᠤ ᠳᠤ ᠠᠯᠢᠪᠠ ᠤᠴᠢᠷ ᠢ ᠲᠣᠪᠴᠢᠯᠠᠨ ᠠᠶᠢᠯᠠᠳᠬᠠᠪᠠ ᠪᠢ ᠪᠡᠶ ᠡ ᠪᠡᠷ ᠨᠢᠭᠲᠠᠳᠠ ᠬᠡᠯᠡᠯᠴᠡᠬᠦᠯᠡ ᠬᠡᠨ ᠬᠡᠨ ᠳᠦ ᠢᠯᠡ ᠪᠢᠰᠦ ᠠᠢᠯᠠᠳᠬᠠᠯ ᠤᠨ ᠲᠦᠰᠢᠯᠭᠡ ᠬᠠᠳᠠᠭ ᠳᠠᠢ ᠰᠠᠶᠢᠨ ᠡᠳᠦᠷ ᠡᠷᠭᠦᠪᠡ
degedü blam-a-yin ölemeyin dergede, degedü getülgegči boγda qutuγ-tu-yin ölemeyin dergede ayiladqaba, ayiladqaγsan-u učir, bosoγtu qaγan-i jüg-tü qaγan ekilen bügede čerig mordaba geküdü eden-i üyile bütüküle mini üyile bütükü gejü qaγan-i daγaju mordaγsan mini tere bile, qaγan-u dergede neyilejü bayitala bosoγtu qaγan-i čerig irebe, tere učir-tu bi yekede ebedüged qaγan-i qoyin-a-ača daγaqu činegen-iyen ügei-dü, qaγan-i gegen-e ayiladqaju yeke jam-ača jayilaju öber-ün kegüked čerig-iyen qaγan-i dergede bayilγaju sidar bayiri bolqula ende kümü ilgegtün, türgen yabudal-i bi güyičekü čaγ ügei gejü keleged jabsartai bayiγsan mini tere, tede man-du ireged kelegsen üge inu, qaγan-i gegen türgen öged boluγad boljuγsan γajar-ača dürben γurban üy-e önggerebe, biden-du arγ-a ügei ede nutuγ-iyan temečebe, eden daγaγsaγar yabuqula bide junang-tu neyilen čidaqu ügei jabsara dayisun oruba gejü erdeni qusuči-du kelejü man-du araqan gejü yeke töbergen dotura neyilebe, qaγan-i gegen-eče jarliγ jaγun sonustuγai gejü ilegegsen keseg kümün mani türejü kündüleng-dü güyičejü irebe, jabsara yabutala urida urbaγsan qatun gečul buntarag’a abqai dayisun-i jam degere bayiqu-du, üyičeng aqai dayisun irebe dutaγal-tai getele bolul ügei bayiji, bide dabariju önggereged gederegü ilegegsen ulus-i mani čeriglejü dayilam geküdü kesig amai [=emes ?] unulγ-a künesü abuγsan inu ünen, tedüi degere irejü bosuγtu qaγan-i čerig negülgejü odči, biden-i šordu eden-i üyile ese bütübe, ösiy-e-tü dayisun mani omuγ küči nemebe geji edüge kürtele γomudusaγar bayina bide bosoγtu qaγan či qalq-a-luγ-a neyilejü ende čerilebe [=čeriglebe] gejü namayi januqu metü üge kemejü elči ilegeji eyimi eyimi učir ayiladqay-a gejü sanaba-ču jabsar-a γajar-a qola, ügei yadaγu kümün olan-i [=olan-u] tulada ilegen ese čidaba, dalai lam-a-yin elči iremegči bayarlaγad nöküd unaγ-a künesü selbejü ilegegsen-i jabsar tani jaq-a nutuγ-iyan ulus-ača man-u üge sonusuγad qaraju irebe, bosoγtu qaγan tani [tan-u] jüg-dü čerig mordaba gejü sonusuγad endeki üyile kereg-iyen olan bayiqu-du ene nangsu-yi qaγan-i sayid-luγ-a qayilaγulju [=qanilaγulju] tani gegen-e kürčü ene jangi ayiladq-a gejü ilegebe bide, mini yerü sanaγan eyimi bile, jabsara ünen qudal üge olan bolqu-du aliba učir-i tobčilan ayiladqaba bi, bey-e-ber niγtada kelelčeküle ken ken-dü ile bisü, ailadqal-un tüsilge qadaγ-dai sayin edür ergübe,