Letter of Erke Bagatur 1689a
Reconstruction, not a copy of the monument: the Mongolian-script text is generated automatically from the transcription in modern Unicode spelling. The orthography of pre-classical documents differed; consult the facsimile and the edition.
1
ᠥᠭᠡᠯᠡᠳ ᠦᠨ ᠪᠠᠭᠠᠲᠤᠷ ᠡᠷᠬᠡ ᠵᠢᠨᠣᠩ ᠤᠨ ᠠᠶᠢᠯᠠᠳᠬᠠᠬᠤ ᠪᠢᠴᠢᠭ
ögeled-ün baγatur erke jinong-un ayiladqaqu bičig.
3
ᠳᠡᠯᠡᠬᠡᠢ ᠳᠠᠬᠢᠨ ᠤ ᠡᠰᠡᠷᠤᠠ ᠳᠡᠭᠡᠳᠦ ᠮᠠᠨᠵᠤᠰᠢᠷᠢ ᠶᠢᠨ ᠬᠤᠪᠢᠯᠭᠠᠨ ᠲᠡᠭᠦᠰ ᠠᠤᠭ᠎ᠠ ᠬᠦᠴᠦᠲᠦ ᠲᠡᠩᠰᠡᠯ ᠦᠭᠡᠢ ᠭᠠᠶᠢᠬᠠᠮᠰᠢᠭ ᠲᠤ ᠡᠵᠡᠨ ᠢ ᠦᠯᠮᠡᠶᠢᠨ ᠳᠡᠷᠭᠡᠳᠡ ᠠᠶᠢᠯᠠᠳᠬᠠᠪᠠ
delekei dakin-u eseru-a degedü manjusiri-yin qubilγan tegüs auγ-a küčütü tengsel ügei γayiqamsiγ-tu ejen-i ülmeyin dergede ayiladqaba.
4
ᠡᠨᠡ ᠨᠠᠰᠤᠨ ᠢ ᠵᠢᠷᠭᠠᠬᠤ ᠵᠣᠪᠠᠬᠤ ᠤᠴᠢᠷ ᠢ ᠳᠡᠭᠡᠳᠦ ᠡᠵᠡᠨ ᠢ ᠭᠡᠭᠡᠨ᠎ᠡ ᠠᠶᠢᠯᠠᠬᠳᠬᠠᠭᠰᠠᠨ ᠠᠴᠠ ᠢᠨᠠᠭᠰᠢ ᠰᠡᠳᠬᠢᠯ ᠮᠢᠨᠢ ᠠᠮᠤᠷ ᠪᠡᠶ᠎ᠡ ᠮᠢᠨᠢ ᠵᠢᠷᠭᠠᠨ ᠰᠠᠭᠤᠯᠠᠢ
ene nasun-i jirγaqu jobaqu učir-i degedü ejen-i gegen-e ayilaqdqaγsan-ača inaγsi sedkil mini amur bey-e mini jirγan saγulai.
5
ᠲᠡᠶᠢᠭᠡᠲᠡᠯᠡ ᠬᠠᠯᠬ᠎ᠠ ᠲᠦᠰᠢᠶᠡᠲᠦ ᠬᠠᠭᠠᠨ ᠭᠠᠯᠳᠠᠨ ᠪᠣᠰᠣᠭᠲᠤ ᠬᠣᠶᠠᠷ ᠠᠯᠠᠯᠴᠠᠬᠤ ᠳᠤ ᠪᠢ ᠤᠷᠢᠳᠠ ᠥᠰᠢᠶ ᠡ ᠪᠡᠨ ᠰᠠᠨᠠᠵᠤ ᠲᠦᠰᠢᠶᠡᠲᠦ ᠬᠠᠭᠠᠨ ᠯᠤᠭ᠎ᠠ ᠨᠥᠭᠦᠴᠡᠰᠦ ᠭᠡᠵᠢ ᠰᠠᠨᠠᠭᠰᠠᠨ ᠰᠠᠨᠠᠭᠠᠪᠠᠨ ᠬᠡᠯᠡᠵᠢ ᠢᠯᠡᠭᠡᠪᠡ ᠪᠢ
teyigetele qalq-a tüsiyetü qaγan g’aldan bosoγtu qoyar alalčaqu-du bi urida ösiy-e-ben sanaju tüsiyetü qaγan luγ-a nögüčesü geji sanaγsan sanaγaban keleji ilegebe bi.
6
ᠬᠡᠯᠡᠭᠰᠡᠨ ᠦᠭᠡ ᠮᠢᠨᠢ ᠭᠠᠯᠳᠠᠨ ᠪᠣᠰᠣᠭᠲᠤᠶᠢᠨ ᠠᠷᠭ᠎ᠠ ᠶᠡᠬᠡ ᠨᠥᠬᠦᠳ ᠢᠨᠤ ᠳᠠᠶᠢᠰᠤᠨ ᠳᠤ ᠳᠠᠳᠤᠮᠠᠭᠠᠢ ᠲᠠ ᠤᠷᠢᠳᠠᠨᠢ ᠡᠩᠬᠡ ᠲᠥᠷᠦᠪᠡᠷ ᠶᠠᠪᠤᠭᠰᠠᠨ ᠤ ᠲᠤᠯᠠ ᠳᠠᠶᠢᠰᠤᠨ ᠢ ᠤᠴᠢᠷ ᠮᠡᠳᠡᠬᠦ ᠦᠭᠡᠢ ᠪᠤᠢ ᠶᠠ ᠪᠢᠳᠡᠨᠢ ᠨᠤᠲᠤᠭ ᠬᠣᠯᠠ ᠶᠢᠨ ᠲᠤᠯᠠᠳᠠ ᠲᠠᠨᠢ ᠭᠦᠶᠢᠴᠡᠬᠦ ᠬᠡᠴᠢᠭᠦᠦ ᠮᠠᠨᠢ ᠬᠦᠯᠢᠶᠡᠭᠲᠦᠨ ᠭᠡᠵᠦ ᠬᠡᠯᠡᠯᠡᠢ ᠪᠢᠳᠡ ᠲᠡᠶᠢᠭᠡᠲᠡᠯᠡ ᠮᠠᠨᠤ ᠤᠷᠢᠳ ᠶᠠᠪᠤᠬᠤ ᠭᠠᠯᠳᠠᠨ ᠪᠣᠰᠤᠭᠲᠤᠶᠢᠨ ᠳᠡᠭᠦᠭᠢ ᠠᠯᠠᠭᠠᠳ ᠵᠠᠬ᠎ᠠ ᠨᠤᠲᠤᠭ ᠭᠢᠨᠢ ᠠᠪᠤᠭᠠᠳ ᠭᠡᠳᠡᠷᠭᠦ ᠤᠷᠪᠠᠵᠤ ᠥᠪᠡᠷ ᠦᠨ ᠭᠠᠵᠠᠷᠲᠠᠭᠠᠨ ᠢᠷᠡᠵᠦ ᠪᠠᠶᠢᠲᠠᠯ᠎ᠠ ᠪᠢᠳᠡ ᠨᠡᠶᠢᠯᠡᠯᠴᠡᠪᠡ
kelegsen üge mini g’aldan bosoγtuyin arγ-a yeke nöküd-inu dayisun-du dadumaγai, ta uridani engke törüber yabuγsan-u tula dayisun-i učir medekü ügei bui y-a bideni nutuγ qola-yin tulada tani güyičekü kečigüü mani küliyegtün gejü kelelei bide, teyigetele manu urid yabuqu g’aldan bosuγtuyin degügi alaγad jaq-a nutuγ gini abuγad gedergü urbaju öber-ün γajartaγan irejü bayitala bide neyilelčebe.
7
ᠪᠦᠭᠦᠳᠡ ᠨᠥᠬᠦᠳ ᠢᠨᠤ ᠲᠠᠷᠬᠠᠵᠤ ᠰᠠᠮᠠᠭᠤ ᠪᠠᠶᠢᠬᠤ ᠳᠤ ᠪᠢᠳᠡ ᠬᠡᠯᠡᠪᠡ
bügüde nöküd inu tarqaju samaγu bayiqu-du bide kelebe.
8
ᠡᠰᠡ ᠭᠡᠬᠤᠯᠡ ᠨᠥᠬᠦᠳ ᠢᠶᠡᠨ ᠴᠤᠭᠯᠠᠭᠤᠯᠵᠤ ᠬᠡᠴᠢᠶᠡᠨ ᠪᠠᠶᠢᠯᠲᠠᠢ ᠡᠰᠡ ᠭᠡᠬᠦᠯ᠎ᠡ ᠥᠪᠡᠷ ᠨᠤᠲᠤᠭᠵᠢᠨ ᠤ ᠳᠦᠷᠪᠡᠵᠦ ᠬᠤᠲᠤᠭᠲᠤ ᠡᠬᠢᠯᠡᠨ ᠪᠦᠭᠦᠳᠡ ᠳᠤᠲᠠᠭᠠᠵᠤ ᠳᠡᠭᠡᠳᠦ ᠡᠵᠡᠨ ᠢ ᠲᠡᠮᠡᠴᠡᠵᠦ ᠤᠳᠠᠵᠢ ᠦᠯᠦ ᠪᠠᠶᠢᠨᠤ
ese gekule nöküd-iyen čuγlaγulju kečiyen bayiltai, ese geküle öber nutuγjin-u dürbejü qutuγtu ekilen bügüde dutaγaju degedü ejen-i temečejü udaji ülü bayinu.
9
ᠲᠡᠳᠡᠨ ᠢ ᠬᠣᠶᠢᠨᠠ ᠠᠴᠠ ᠶᠠᠪᠤᠯᠲᠠᠢ ᠲᠠᠨᠢ ᠶᠢᠨ ᠪᠠᠶᠢᠳᠠᠯ ᠢᠶᠠᠷ ᠪᠢᠳᠡ ᠶᠠᠭᠤᠮ᠎ᠠ ᠴᠢᠳᠠᠬᠤ ᠦᠭᠡᠢ ᠭᠡᠵᠦ ᠵᠢᠷᠭᠤᠭᠠᠨ ᠳᠣᠯᠤᠭᠠᠨ ᠦᠶ᠎ᠡ ᠮᠡᠳᠡᠭᠦᠯᠡᠪᠡ ᠪᠢᠳᠡ ᠲᠡᠶᠢᠭᠡᠵᠦ ᠪᠠᠶᠢᠲᠠᠯ᠎ᠠ ᠮᠢᠨᠢ ᠪᠡᠶ᠎ᠡ ᠡᠪᠳᠡᠵᠦ ᠪᠢᠯᠡ
teden-i qoyina-ača yabultai tani-yin bayidal-iyar bide yaγuma čidaqu ügei gejü jirγuγan doluγan üy-e medegülebe bide teyigejü bayitala mini bey-e ebdejü bile.
10
ᠭᠠᠯᠳᠠᠨ ᠪᠣᠰᠣᠭᠲᠤ ᠭᠡᠨᠡᠲᠡ ᠢᠷᠡᠭᠡᠳ ᠲᠡᠳᠡᠨ ᠢ ᠳᠠᠷᠤᠭᠳᠠᠭᠰᠠᠨ ᠢ ᠲᠡᠷᠡ ᠠᠷᠭ᠎ᠠ ᠦᠭᠡᠢ ᠪᠣᠯᠤᠭᠠᠳ ᠪᠢ ᠬᠠᠷᠢᠵᠤ ᠢᠷᠡᠲᠡᠯ᠎ᠡ ᠤᠷᠢᠳᠠ ᠳᠡᠭᠡᠳᠡᠢ ᠮᠡᠷᠭᠡᠨ ᠠᠬᠠᠢ ᠭᠢ ᠤᠳᠤᠵᠤ ᠣᠳᠴᠤ ᠤᠷᠪᠠᠭᠰᠠᠨ ᠢᠨᠳᠠᠮᠤᠨᠢ ᠡᠷᠬᠡ ᠨᠣᠶᠠᠨ ᠢ ᠡᠮ᠎ᠡ ᠭᠠᠯᠳᠠᠨ ᠪᠣᠰᠤᠭᠲᠤᠶᠢᠨ ᠴᠡᠷᠢᠭ ᠤᠨ ᠵᠠᠮ ᠳᠡᠭᠡᠷ᠎ᠡ ᠪᠠᠶᠢᠵᠤ ᠳᠠᠶᠢᠰᠤᠨ ᠢᠷᠡᠪᠡ ᠳᠤᠲᠠᠭᠠᠭᠲᠤᠨ ᠭᠡᠵᠦ ᠬᠡᠯᠡᠲᠡᠯ ᠪᠣᠯᠤᠯ ᠦᠭᠡᠢ ᠮᠠᠨᠢ ᠢᠯᠡᠭᠡᠭᠰᠡᠨ ᠤᠯᠤᠰᠢ ᠠᠯᠠᠯᠴᠠᠮ ᠭᠡᠬᠦᠳᠦ ᠡᠳᠦᠢ ᠲᠡᠳᠦᠢ ᠠᠮᠢ ᠬᠦᠨᠡᠰᠦ ᠤᠨᠤᠯᠭ᠎ᠠ ᠠᠪᠤᠭᠰᠠᠨ ᠮᠠᠨᠢ ᠲᠡᠷᠡ
g’aldan bosoγtu genete ireged teden-i daruγdaγsan-i tere arγ-a ügei boluγad bi qariju iretele urida degedei mergen aqai gi uduju [=odču] urbaγsan indamuni erke noyan-i em-e g’aldan bosuγtuyin čerig-un jam deger-e bayiju dayisun irebe dutaγaγtun gejü keletel bolul ügei mani ilegegsen ulusi alalčam geküdü edüi tedüi ami künesü unulγ-a abuγsan mani tere.
11
ᠶᠡᠷᠦ ᠬᠦᠮᠦᠨ ᠢ ᠰᠠᠨᠠᠭᠠᠨ ᠲᠦᠰᠢᠭᠰᠡᠨ ᠢᠶᠡᠨ ᠦᠶᠢᠯᠡ ᠪᠦᠲᠡᠲᠦᠭᠡᠢ ᠭᠡᠵᠢ ᠰᠠᠨᠠᠳᠠᠭ ᠦᠯᠦ ᠪᠠᠶᠢᠨᠤ
yerü kümün-i sanaγan tüsigsen-iyen üyile bütetügei geji sanadaγ ülü bayinu.
12
ᠮᠠᠨᠢ ᠬᠡᠰᠢᠭ ᠪᠠᠭ᠎ᠠ ᠬᠠᠯᠬ ᠠ ᠶᠢᠨ ᠶᠠᠪᠤᠳᠠᠯ ᠰᠠᠮᠠᠭᠤ ᠪᠣᠯᠵᠢ ᠳᠠᠷᠤᠭᠳᠠᠪᠠ
mani kesig baγ-a qalq-a-yin yabudal samaγu bolji daruγdaba.
13
ᠤᠷᠢᠳᠠᠬᠢ ᠮᠢᠨᠢ ᠰᠠᠨᠠᠭᠠᠨ ᠳᠡᠭᠡᠳᠦ ᠲᠩᠷᠢ ᠮᠡᠲᠦ ᠭᠠᠶᠢᠬᠠᠮᠰᠢᠭ ᠲᠤ ᠡᠵᠡᠨ ᠨᠠᠮᠠᠶᠢ ᠶᠡᠬᠡᠳᠡ ᠥᠷᠦᠰᠢᠶᠡᠭᠰᠡᠨ ᠬᠣᠶᠢᠨᠠ ᠳᠣᠣᠷᠠᠳᠤ ᠪᠠᠭ᠎ᠠ ᠮᠠᠭᠤ ᠬᠦᠮᠦᠨ ᠪᠢ ᠦᠬᠦᠨ ᠦᠬᠦᠲᠡᠯ᠎ᠡ ᠳᠡᠭᠡᠳᠦ ᠡᠵᠡᠨ ᠳᠠᠯᠠᠢ ᠪᠯᠠᠮ᠎ᠠ ᠬᠣᠶᠠᠷ ᠤᠨ ᠨᠢᠭᠦᠯᠡᠰᠬᠦᠢ ᠳᠦ ᠰᠢᠲᠦᠵᠦ ᠠᠮᠤᠷ ᠶᠠᠪᠤᠰᠤ ᠭᠡᠵᠢ ᠰᠠᠨᠠᠳᠠᠭ ᠪᠢ
uridaki mini sanaγan degedü tngri metü γayiqamsiγ-tu ejen namayi yekede örüsiyegsen qoyina, dooradu baγ-a maγu kümün bi ükün ükütele degedü ejen dalai blam-a qoyar-un nigülesküi-dü sitüjü amur yabusu geji sanadaγ bi.
14
ᠡᠳᠦᠭᠡ ᠪᠣᠷᠤ ᠪᠣᠭᠰᠢᠷᠭ᠎ᠠ ᠨᠠᠷᠠᠨ ᠢ ᠬᠦᠴᠦᠪᠡᠷ ᠵᠢᠷᠭᠡᠨᠡᠮ ᠭᠡᠭᠴᠢ ᠦᠯᠢᠭᠡᠷ ᠮᠡᠲᠦ ᠭᠠᠶᠢᠬᠠᠮᠰᠢᠭᠲᠤ ᠡᠵᠡᠨ ᠢ ᠰᠦᠷ ᠵᠠᠯᠢ ᠳᠤ ᠲᠦᠰᠢᠵᠦ ᠰᠡᠳᠬᠢᠯ ᠮᠢᠨᠢ ᠪᠡᠶ᠎ᠡ ᠮᠢᠨᠢ ᠠᠮᠤᠷ ᠪᠠᠶᠢᠲᠠᠯ᠎ᠠ ᠶᠡᠬᠡ ᠬᠡᠦᠬᠡᠳ ᠮᠢᠨᠢ ᠪᠠᠲᠤ ᠦᠭᠡᠢ ᠪᠣᠯᠤᠭᠠᠳ ᠳᠠᠷᠤᠶᠢᠲᠤ ᠯᠤᠪᠰᠠᠩ ᠭᠦᠮᠪᠦ ᠠᠷᠠᠪᠳᠠᠨ ᠦᠭᠡᠢ ᠪᠣᠯᠵᠢ ᠰᠡᠳᠬᠢᠯ ᠮᠢᠨᠢ ᠵᠣᠪᠤᠵᠤ ᠪᠠᠶᠢᠲᠠᠯ᠎ᠠ ᠭᠠᠶᠢᠬᠠᠮᠰᠢᠭᠲᠤ ᠡᠵᠡᠨ ᠢ ᠨᠢᠭᠦᠯᠡᠰᠦᠭᠰᠡᠨ ᠰᠤᠷᠭᠠᠯ ᠵᠠᠷᠯᠢᠭ ᠡᠪᠳᠡᠷᠡᠭᠰᠡᠨ ᠤᠯᠤᠰᠢ ᠰᠡᠯᠪᠢᠨ ᠡᠮᠭᠡᠨᠢᠭᠰᠡᠨ ᠰᠡᠳᠬᠢᠯ ᠢ ᠠᠮᠠᠷᠠᠭᠤᠯᠬᠤ ᠮᠡᠲᠦ ᠵᠠᠷᠯᠢᠭ ᠪᠠᠭᠤᠭᠰᠠᠨ ᠳᠤ ᠰᠡᠳᠬᠢᠯ ᠮᠢᠨᠢ ᠲᠡᠷᠡ ᠬᠣᠶᠠᠷ ᠢ ᠢᠲᠡᠭᠡᠭᠰᠡᠨ ᠡᠴᠡ ᠦᠯᠡᠮᠵᠢ ᠪᠠᠶᠠᠰᠤᠭᠠᠳ ᠡᠵᠡᠨ ᠦ ᠵᠠᠷᠯᠢᠭ ᠢᠶᠠᠷ ᠪᠡᠶ᠎ᠡ ᠮᠢᠨᠤ ᠯᠤᠪᠰᠠᠩ ᠭᠦᠮᠪᠦ ᠠᠷᠠᠪᠳᠠᠨ ᠢ ᠨᠤᠲᠤᠭᠲᠤ ᠣᠳᠴᠤ ᠡᠵᠡᠨ ᠢ ᠵᠠᠷᠯᠢᠭ ᠵᠠᠬᠢᠶ ᠠ ᠶᠢ ᠰᠣᠨᠤᠰᠴᠤ ᠢᠷ᠎ᠡ ᠭᠡᠵᠦ ᠭᠡᠪᠴᠦᠶᠢᠭᠢ ᠢᠯᠡᠭᠡᠪᠡ ᠪᠢ
edüge boru boγsirγ-a naran-i küčüber jirgenem gegči üliger metü γayiqamsiγtu ejen-i sür jali-du tüsijü sedkil mini bey-e mini amur bayitala yeke keüked mini batu ügei boluγad daruyitu lubsang gümbü arabdan ügei bolji sedkil mini jobuju bayitala γayiqamsiγtu ejen-i nigülesügsen surγal jarliγ ebderegsen ulusi selbin emgenigsen sedkil-i amaraγulqu metü jarliγ baγuγsan-du sedkil mini tere qoyar-i itegegsen-eče ülemji bayasuγad ejen-ü jarliγ-iyar bey-e minu lubsang gümbü arabdan-i nutuγtu odču ejen-i jarliγ jakiy-a-yi sonusču ire gejü g’ebčüyigi ilegebe bi.
15
ᠭᠠᠶᠢᠬᠠᠮᠰᠢᠭᠲᠤ ᠳᠡᠭᠡᠳᠦ ᠡᠵᠡᠨ ᠢ ᠰᠦᠯᠳᠡ ᠳᠦ ᠲᠦᠰᠢᠵᠦ ᠭᠠᠷ ᠭᠠᠵᠠᠷ᠎ᠠ ᠬᠥᠯ ᠬᠥᠰᠦᠷᠦ ᠵᠢᠷᠭᠠᠨ ᠰᠠᠭᠤᠲᠠᠯ᠎ᠠ ᠰᠠᠨᠲᠤ ᠲᠠᠶᠢᠵᠢ ᠬᠠᠷ᠎ᠠ ᠮᠥᠷᠲᠦ ᠪᠠᠶᠢᠲᠠ ᠲᠦᠰᠢᠮᠡᠯ ᠲᠡᠶᠢᠭᠡᠨ ᠳᠡᠭᠡᠳᠦ ᠡᠵᠡᠨ ᠦ ᠶᠣᠰᠤᠲᠤ ᠾᠡᠷᠡᠮ ᠡᠪᠳᠡᠭᠡᠳ ᠳᠡᠷᠭᠡᠳᠡ ᠠᠬ᠎ᠠ ᠪᠣᠯᠵᠢ ᠪᠠᠶᠢᠭᠰᠠᠨ ᠮᠢᠨᠢ ᠳᠡᠭᠦᠨᠠᠷ ᠢ ᠢᠳᠡᠭᠡᠳ ᠲᠡᠯ ᠬᠡᠯᠡᠲᠦ ᠳᠦᠩᠰᠡ ᠠᠯᠠᠭᠰᠢ ᠠᠯᠠᠪᠠᠢ
γayiqamsiγtu degedü ejen-i sülde-dü tüsijü γar γajara köl kösürü jirγan saγutala santu tayiji qara mörtü bayita tüsimel teyigen degedü ejen-ü yosutu herem ebdeged dergede aq-a bolji bayiγsan mini degünar-i ideged, tel keletü düngse alaγsi [=alabai?].
16
ᠲᠡᠷᠡ ᠪᠦᠭᠦᠳᠡ ᠶᠠᠯᠠᠶᠢᠨ ᠲᠤᠰ ᠲᠤ ᠨᠠᠮᠠᠶᠢ ᠶᠠᠯᠠᠯᠠᠬᠤ ᠶᠡᠬᠡ ᠵᠥᠪ ᠪᠢᠯᠡ
tere bügüde yalayin tus-tu namayi yalalaqu yeke jöb bile.
17
ᠲᠡᠶᠢᠮᠢ ᠤᠴᠢᠷ ᠶᠠ ᠠᠶᠢᠯᠠᠳᠴᠤ ᠪᠠᠶᠢᠲᠠᠯ᠎ᠠ ᠳᠡᠭᠡᠳᠦ ᠭᠠᠶᠢᠬᠠᠮᠰᠢᠭᠲᠤ ᠡᠵᠡᠨ ᠨᠠᠮᠠᠶᠢ ᠶᠡᠬᠡᠳᠡ ᠨᠢᠭᠦᠯᠡᠰᠴᠦ ᠤᠤᠴᠢᠯᠠᠭᠰᠠᠨ ᠳᠤᠷ ᠰᠡᠳᠬᠢᠯ ᠮᠢᠨᠢ ᠠᠮᠠᠷᠠᠵᠤ ᠭᠤᠷᠪᠠ ᠰᠥᠭᠦᠳᠡᠨ ᠶᠢᠰᠦ ᠮᠥᠷᠭᠦᠪᠡ ᠪᠢ
teyimi učir y-a ayiladču bayitala degedü γayiqamsiγtu ejen namayi yekede nigülesčü uučilaγsan-dur sedkil mini amaraju γurba sögüden yisü mörgübe bi.
18
ᠭᠠᠯᠳᠠᠨ ᠪᠣᠰᠤᠭᠲᠤ ᠵᠠᠷᠢᠮ ᠰᠣᠨᠤᠰᠲᠠᠬᠤ ᠳᠤ ᠴᠡᠷᠢᠭ ᠮᠣᠷᠳᠠᠭᠰᠠᠨ ᠪᠢᠳᠤᠷ ᠰᠣᠨᠤᠰᠳᠠᠨᠠᠢ ᠵᠠᠷᠢᠮ ᠰᠣᠨᠤᠰᠳᠠᠬᠤ ᠳᠤ ᠮᠤᠤᠵᠢᠷᠠᠭᠰᠠᠨ ᠪᠢᠲᠦ ᠰᠣᠨᠤᠰᠳᠤᠨᠠᠢ
g’aldan bosuγtu jarim sonustaqu-du čerig mordaγsan bidur sonusdanai jarim sonusdaqu-du muujiraγsan bitü sonusdunai.
19
ᠶᠠᠮᠠᠷᠪᠠ ᠦᠶᠢᠯᠡ ᠮᠡᠳᠡᠰᠢ ᠦᠭᠡᠢ ᠬᠡᠷᠪᠡ ᠮᠠᠨᠢ ᠲᠡᠭᠦᠭᠡᠷ ᠴᠡᠷᠢᠭ ᠢᠷᠡᠬᠦᠯ᠎ᠡ ᠭᠠᠵᠠᠷ ᠤᠨ ᠨᠣᠶᠣᠳ ᠵᠠᠷᠯᠢᠭ ᠦᠭᠡᠢ ᠮᠠᠨᠢ ᠾᠡᠷᠡᠮ ᠣᠷᠤᠭᠤᠯᠬᠤ ᠦᠭᠡᠢ
yamarba üyile medesi ügei kerbe mani tegüger čerig ireküle γajar-un noyod jarliγ ügei mani herem oruγulqu ügei.
20
ᠪᠢᠳ ᠰᠠᠨᠠᠭᠠᠪᠠᠷ ᠵᠠᠷᠯᠢᠭ ᠦᠭᠡᠢ ᠾᠡᠷᠡᠮ ᠣᠷᠤᠨ ᠴᠢᠳᠠᠬᠤ ᠦᠭᠡᠢ
bidа sanaγabar jarliγ ügei herem orun čidaqu ügei.
21
ᠡᠨᠡ ᠤᠴᠢᠷ ᠢ ᠮᠠᠨᠢ ᠵᠥᠪ ᠪᠤᠷᠤᠭᠤ ᠶᠢ ᠢᠯᠭᠠᠬᠤ ᠵᠤᠷᠭᠠᠨ ᠤ ᠰᠠᠶᠢᠳ ᠲᠤ ᠮᠡᠳᠡᠭᠦᠯᠦᠨᠡᠮ ᠪᠢᠳᠡ
ene učir-i mani jöb buruγu-yi ilγaqu jurγan-u sayid-tu medegülünem bide.
23
ᠭᠠᠶᠢᠬᠠᠮᠰᠢᠭ ᠲᠤ ᠡᠵᠡᠨ ᠢ ᠰᠦᠯᠳᠡ ᠳᠦ ᠰᠢᠲᠦᠵᠦ ᠰᠠᠭᠤᠭᠰᠠᠨ ᠳᠠᠭᠠᠨ ᠡᠮ ᠪᠦᠲᠦᠨ ᠬᠣᠳᠤ ᠴᠠᠳᠬᠤᠯᠠᠩ ᠠᠮᠤᠷ ᠰᠠᠭᠤᠯᠠᠢ ᠪᠢ
γayiqamsiγ-tu ejen-i sülde-dü sitüjü saγuγsan daγan em bütün qodu čadqulang amur saγulai bi.
24
ᠬᠠᠷᠢ ᠬᠠᠯᠤᠳ ᠠᠬ᠎ᠠ ᠳᠡᠭᠦᠦ ᠪᠦᠭᠦᠳᠡ ᠨᠠᠮᠠᠶᠢ ᠳᠡᠭᠡᠳᠦ ᠡᠵᠡᠨ ᠢ ᠥᠯᠵᠡᠢ ᠪᠡᠷ ᠵᠢᠨᠣᠩ ᠳᠤ ᠮᠤᠨᠳᠠᠯ ᠴᠥᠯᠳᠡᠯ ᠦᠭᠡᠢ ᠵᠢᠷᠭᠠᠵᠤ ᠭᠡᠵᠢ ᠬᠡᠯᠡᠳᠡᠭ ᠪᠢᠯᠡ
qari qalud aq-a degüü bügüde namayi degedü ejen-i öljei-ber jinong-du mundal čöldel ügei jirγaju geji keledeg bile.
25
ᠦᠷᠡᠨ ᠮᠢᠨᠢ ᠦᠭᠡᠢ ᠪᠣᠯᠤᠭᠰᠠᠨ ᠳᠤ ᠪᠠᠷᠤᠤᠨ ᠲᠠᠯ᠎ᠠ ᠢᠯᠡᠭᠡᠵᠦ ᠨᠣᠮ ᠬᠢᠰᠦ ᠭᠡᠵᠦ ᠰᠠᠨᠠᠪᠠᠴᠢᠭᠢ ᠭᠠᠷᠲᠤ ᠮᠢᠨᠢ ᠶᠠᠭᠤᠮᠠᠨ ᠦᠭᠡᠢᠶᠢᠨ ᠲᠤᠯᠠᠳᠠ ᠬᠠᠷ᠎ᠠ ᠲᠣᠯᠤᠭᠠᠶᠢᠲᠠᠨ ᠢ ᠡᠬᠡ ᠮᠡᠲᠦ ᠠᠰᠠᠷᠠᠵᠤ ᠬᠠᠮᠤᠭ ᠪᠦᠭᠦᠳᠡ ᠶᠢ ᠲᠣᠯᠢ ᠮᠡᠲᠦ ᠲᠣᠳᠤᠷᠬᠠᠢᠠ ᠠᠶᠢᠯᠠᠳᠵᠤ ᠪᠠᠶᠢᠬᠤ ᠳᠤ ᠭᠠᠢᠬᠠᠮᠰᠢᠭᠲᠤ ᠳᠡᠭᠡᠳᠦ ᠡᠵᠡᠨ ᠢ ᠥᠯᠡᠮᠡᠶᠢᠨ ᠳᠡᠷᠭᠡᠳᠡ ᠦᠭᠡᠢ ᠵᠥᠪ ᠢᠶᠡᠨ ᠠᠶᠢᠯᠠᠳᠬᠠᠨᠠᠮ ᠪᠢ
üren mini ügei boluγsan-du, baruun tala ilegejü nom kisü gejü sanabačigi, γartu mini yaγuman ügeiyin tulada qara toluγayitan-i eke metü asaraju, qamuγ bügüde-yi toli metü todurqai-a ayiladju bayiqu-du γaiqamsiγtu degedü ejen-i ölemeyin dergede ügei jöb-iyen ayiladqanam bi.
26
ᠠᠯᠢᠪᠠ ᠠᠶᠢᠯᠠᠳᠬᠠᠯ ᠤᠨ ᠤᠴᠢᠷ ᠢ ᠵᠢᠷᠭᠤᠳᠤᠭᠠᠷ ᠰᠠᠷᠠᠶᠢᠨ ᠪᠤᠶᠠᠨ ᠲᠤ ᠡᠳᠦᠷ ᠠᠯᠠᠰᠢᠶᠠᠨ ᠤᠯᠠᠨ ᠪᠤᠯᠠᠭ ᠠᠴᠠ ᠡᠷᠭᠦᠪᠡ
aliba ayiladqal-un učir-i jirγuduγar sarayin buyan-tu edür alasiyan ulan bulaγ-ača ergübe.