Letter of Galdandorj
Reconstruction, not a copy of the monument: the Mongolian-script text is generated automatically from the transcription in modern Unicode spelling. The orthography of pre-classical documents differed; consult the facsimile and the edition.
1
ᠥᠭᠡᠯᠡᠳ ᠦᠨ ᠭᠠᠯᠳᠠᠨ ᠳᠣᠷᠵᠢ ᠢ ᠠᠶᠢᠯᠠᠳᠬᠠᠭᠰᠠᠨ ᠪᠢᠴᠢᠭ ᠲᠡᠭᠷᠢ ᠮᠡᠲᠦ ᠳᠡᠭᠡᠳᠦ ᠬᠠᠭᠠᠨ ᠤ ᠥᠯᠮᠡᠢ ᠶᠢᠨ ᠳᠡᠷᠭᠡᠳᠡ ᠠᠶᠢᠯᠠᠳᠬᠠᠪᠠ
ögeled-ün γaldan dorji-i ayiladqaγsan bičig tegri metü degedü qaγan-u ölmei-yin dergede ayiladqaba.
2
ᠠᠶᠢᠯᠠᠳᠬᠠᠭᠰᠠᠨ ᠤ ᠤᠴᠢᠷ ᠳᠥᠷᠪᠡᠨ ᠣᠶᠢᠷᠠᠳ ᠤᠨ ᠡᠪᠳᠡᠷᠡᠯ ᠳᠦ ᠨᠤᠲᠤᠭ ᠢᠶᠠᠨ ᠣᠷᠬᠢᠵᠤ ᠤᠯᠤᠰ ᠠᠴᠠ ᠬᠠᠭᠠᠴᠠᠵᠤ ᠢᠷᠡᠭᠡᠳ ᠬᠥᠬᠡ ᠨᠠᠭᠤᠷᠲᠤ ᠪᠠᠶᠢᠵᠢ ᠪᠢᠯᠡ
ayiladqaγsan-u učir dörben oyirad-un ebderel-dü nutuγ-iyan orkiju ulus-ača qaγačaju ireged köke naγurtu bayiji bile.
3
ᠪᠢᠳᠠ ᠡᠴᠢᠭᠡ ᠮᠢᠨᠢ ᠪᠯᠠᠮ᠎ᠠ ᠪᠡᠶ᠎ᠡ ᠮᠢᠨᠢ ᠪᠠᠭ᠎ᠠ ᠲᠡᠶᠢᠮᠦ ᠶᠢᠨ ᠲᠤᠯᠠᠳᠠ ᠳᠡᠭᠡᠳᠦ ᠬᠠᠭᠠᠨ ᠤ ᠭᠡᠭᠡᠨ᠎ᠡ ᠠᠶᠢᠯᠠᠳᠬᠠᠭᠰᠠᠨ ᠮᠢᠨᠢ ᠦᠭᠡᠢ ᠪᠣᠯᠪᠠ ᠴᠤ ᠳᠡᠭᠡᠳᠦ ᠬᠠᠭᠠᠨ ᠢ ᠵᠠᠷᠯᠢᠭ ᠳᠠᠯᠠᠢ ᠪᠯᠠᠮ ᠠ ᠶᠢᠨ ᠵᠠᠷᠯᠢᠭ ᠵᠢᠨᠣᠩ ᠯᠤᠪᠵᠠᠩ ᠭᠦᠮᠪᠦ ᠬᠣᠶᠠᠷ ᠢ ᠬᠠᠶᠢᠷᠠᠯᠠᠨᠠᠢ ᠭᠡᠬᠦ ᠦᠭᠡ ᠰᠣᠨᠤᠰᠤᠭᠠᠳ ᠬᠥᠬᠡ ᠨᠠᠭᠤᠷ ᠠᠴᠠ ᠨᠡᠭᠦᠵᠦ ᠢᠷᠡᠭᠡᠳ ᠵᠣᠨᠠᠩ ᠵᠢᠨᠣᠩ ᠤᠨ ᠵᠠᠬ᠎ᠠ ᠬᠦᠮᠦᠨ ᠯᠦᠭᠡ ᠨᠡᠶᠢᠯᠡᠭᠡᠳ ᠳᠡᠭᠡᠳᠦ ᠬᠠᠭᠠᠨ ᠤ ᠢᠯᠡᠭᠡᠭᠰᠡᠨ ᠰᠠᠶᠢᠳ ᠳᠠᠯᠠᠢ ᠪᠯᠠᠮ ᠠ ᠶᠢᠨ ᠢᠯᠡᠭᠡᠭᠰᠡᠨ ᠡᠯᠴᠢ ᠭᠦᠮᠪᠦ ᠲᠡᠳᠡᠨ ᠳᠦ ᠦᠭᠡᠪᠡᠨ ᠮᠡᠳᠡᠭᠦᠯᠵᠢ ᠪᠢᠯᠡ
bida ečige mini blam-a bey-e mini baγ-a teyimü-yin tulada. degedü qaγan-u gegen-e ayiladqaγsan mini ügei bolba ču degedü qaγan-i jarliγ dalai blam-a-yin jarliγ jinong lubjang gümbü qoyar-i qayiralanai gekü üge sonusuγad köke naγur-ača negüjü ireged jonang [jinong]-un jaq-a kümün lüge neyileged degedü qaγan-u ilegegsen sayid. dalai blam-a-yin ilegegsen elči gümbü teden-dü ügeben medegülji bile.
4
ᠪᠢ ᠲᠡᠭᠷᠢ ᠮᠡᠲᠦ ᠳᠡᠭᠡᠳᠦ ᠬᠠᠭᠠᠨ ᠤ ᠳᠠᠯᠠᠢ ᠪᠯᠠᠮ᠎ᠠ ᠬᠣᠶᠠᠷ ᠪᠤᠷᠬᠠᠨ ᠢ ᠵᠠᠷᠯᠢᠭ ᠡᠶᠮᠢ ᠪᠣᠯᠤᠭᠰᠠᠨ ᠬᠣᠶᠢᠨᠠ ᠡᠪᠳᠡᠷᠡᠭᠰᠡᠨ ᠲᠥᠷᠥᠪᠡᠨ ᠲᠥᠪᠬᠡᠭᠡᠵᠢ ᠡᠩᠬᠡ ᠠᠮᠤᠷ ᠪᠣᠯᠬᠤ ᠮᠠᠨᠢ ᠡᠨᠡ ᠪᠠᠶ ᠶᠠ ᠮᠢᠨᠢ ᠡᠴᠢᠭᠡ ᠰᠡᠴᠡᠨ ᠬᠠᠭᠠᠨ ᠢ ᠶᠡᠬᠡ ᠬᠥᠪᠡᠭᠦᠨ ᠵᠢᠨᠣᠩ ᠯᠤᠪᠵᠠᠩ ᠭᠦᠮᠪᠦ ᠬᠣᠶᠠᠷ ᠢ ᠰᠡᠴᠡᠨ ᠬᠠᠭᠠᠨ ᠢ ᠦᠷ᠎ᠡ ᠭᠡᠵᠢ ᠬᠠᠶᠢᠷᠠᠯᠠᠬᠤ ᠳᠤ ᠤᠴᠢᠷ ᠢᠶᠠᠨ ᠠᠶᠢᠯᠠᠳᠬᠠᠪᠠ ᠪᠢ
bi tegri metü degedü qaγan-u dalai blam-a qoyar burqan-i jarliγ eymi boluγsan qoyin-a ebderegsen töröben töbkegeji engke amur bolqu mani ene bay y-a mini ečige sečen qaγan-i yeke köbegün jinong lubjang gümbü qoyar-i sečen qaγan-i üre geji qayiralaqu-du učir-iyan ayiladqaba bi.