1
ᠡᠵᠡᠨ ᠪᠣᠭᠳᠠ ᠬᠠᠭᠠᠨ ᠤ ᠭᠡᠭᠡᠨ᠎ᠡ ᠷᠠᠪᠵᠠᠮ ᠴᠣᠷᠵᠢ ᠶᠢᠨ ᠠᠶᠢᠯᠠᠳᠬᠠᠯ
ejen boγda qaγan-u gegen-e rabjam čorji-yin ayiladqal.
2
ᠠᠷᠪᠠᠨ ᠴᠠᠭᠠᠨ ᠪᠤᠶᠠᠨ ᠢ ᠠᠬᠤᠤ ᠳᠠ ᠬᠤᠷᠢᠶᠠᠭᠰᠠᠨ ᠢᠶᠠᠷ
arban čaγan buyan-i aquu-da quriyaγsan-iyar.
3
ᠠᠯᠪᠠᠲᠤ ᠶᠡᠬᠡ ᠤᠯᠤᠰ ᠤᠨ ᠡᠵᠡᠨ ᠪᠣᠯ ᠤᠨ
albatu yeke ulus-un ejen bol-un.
4
ᠠᠮᠢᠲᠠᠨ ᠤ ᠡᠷᠬᠢᠨ ᠠᠤᠭ᠎ᠠ ᠬᠦᠴᠦ ᠲᠡᠭᠦᠰ ᠦᠨ
amitan-u erkin auγ-a küčü % tegüs-ün.
5
ᠠᠯᠢ ᠪᠦᠬᠦᠨ ᠦ ᠡᠷᠡᠯ ᠬᠠᠨᠭᠠᠭᠴᠢ ᠴᠢᠳᠠᠮᠤᠢ
ali bükün-ü erel qanγaγči čidamui.
6
ᠣᠨᠲᠤᠭᠠᠢ ᠣᠷᠴᠢᠯᠠᠩ ᠨᠢᠰᠸᠠᠨᠢᠰ ᠢ ᠭᠡᠮ ᠲᠡᠢᠡ ᠨᠣᠭᠠᠨ
ontuγai orčilang nisvanis-i gem-tei-e noγan.
7
ᠣᠬᠣᠨᠠᠲᠠ ᠪᠠᠷᠢᠭᠴᠢ ᠭᠤᠷᠪᠠᠨ ᠡᠷᠳᠡᠨᠢ ᠶᠢ ᠢᠪᠡᠭᠡᠯ ᠪᠠᠷᠢᠨ
% oqonata bariγči γurban erdeni-yi ibegel barin.
8
ᠤᠯᠪᠤᠷᠢ ᠠᠷᠭ᠎ᠠ ᠪᠢᠯᠢᠭ ᠬᠢᠭᠡᠳ ᠪᠤᠷᠬᠠᠨ ᠢ ᠬᠡᠷᠡᠭᠯᠡᠭᠴᠢ
ulburi arγ-a bilig kiged burqan-i kereglegči.
9
ᠣᠯᠠᠨ ᠤ ᠰᠢᠲᠡᠭᠡᠯ ᠪᠣᠭᠳᠠ ᠡᠵᠡᠨ ᠦ ᠭᠡᠭᠡᠨ
olan-u sitegel boγda ejen-ü gegen.
10
ᠬᠡᠯᠡᠬᠦ ᠴᠠᠭᠠᠨ ᠪᠤᠶᠠᠨ ᠤ ᠠᠤᠭ᠎ᠠ ᠬᠦᠴᠦᠨ ᠢᠶᠡᠷ
kelekü čaγan buyan-u auγ-a küčün-iyer.
11
ᠭᠡᠨᠳᠡᠩ ᠳᠦ ᠡᠨᠳᠡ ᠲᠣᠳᠬᠠᠳ ᠢ ᠳᠠᠷᠤᠨ
gendeng-dü % ende % todqad-i darun.
12
ᠬᠡᠪ ᠬᠠᠤᠯᠢ ᠳᠣᠷᠤ ᠱᠠᠰᠢᠨ ᠬᠣᠶᠠᠷ ᠢ
keb qauli doru šasin qoyar-i.
13
ᠬᠡᠲᠦᠷᠬᠡᠶ᠎ᠡ ᠬᠡᠶᠢᠬᠦᠯ ᠦᠨ ᠦᠶᠢᠯᠡᠳᠬᠦ ᠶᠢᠨ ᠠᠭᠠᠷ᠎ᠠ ᠠᠮᠤᠭᠤᠯᠠᠩ ᠪᠤᠢ ᠶᠠ
ketürkey-e keyikül-ün üyiledkü-yin aγar-a amuγulang bui-y-a.
14
ᠡᠷᠲᠡᠨ ᠦ ᠰᠠᠶᠢᠨ ᠦᠶᠢᠯᠡ ᠶᠢᠨ ᠠᠤᠭ ᠠ ᠪᠠᠷ
erten-ü sayin üyile-yin auγ-a-bar.
15
ᠡᠨᠳᠡ ᠬᠠᠮᠤᠭ ᠤᠨ ᠡᠵᠡᠨ ᠪᠣᠯᠤᠭᠰᠠᠨ ᠶᠡᠬᠡ ᠭᠠᠶᠢᠬᠠᠮᠰᠢᠭ
ende qamuγ-un ejen boluγsan yeke γayiqamsiγ.
16
ᠡᠳᠦᠭᠡ ᠲᠥᠷᠦ ᠱᠠᠰᠢᠨ ᠬᠣᠶᠠᠷ ᠢ ᠠᠬᠤᠤ ᠳᠠ ᠪᠠᠷᠢᠪᠠᠰᠤ
edüge törü šasin qoyar-i aquu-da baribasu.
17
ᠡᠨᠡ ᠵᠦᠭ ᠦᠨ ᠠᠮᠢᠲᠠᠨ ᠡᠭᠦᠷᠢᠳᠡ ᠵᠢᠷᠭᠠᠨ
ene jüg-ün amitan egüride jirγan.
18
ᠡᠨᠡ ᠬᠣᠶᠢᠳᠤ ᠬᠣᠶᠠᠷ᠎ᠠ ᠠᠮᠤᠭᠤᠯᠠᠩ
ene qoyidu qoyar-a amuγulang.
19
ᠠᠰᠢᠳᠠ ᠶᠡᠬᠡ ᠬᠡᠷᠡᠭ ᠪᠦᠲᠦᠬᠦ ᠪᠤᠢ ᠶᠠ
asida yeke kereg bütükü bui-y-a.
20
ᠲᠡᠷᠡ ᠮᠡᠲᠦ ᠶᠢᠨ ᠲᠤᠯᠠ ᠡᠨᠡ ᠵᠠᠮᠪᠤᠲᠢᠪ ᠳᠠᠬᠢᠨ ᠢ ᠠᠮᠤᠭᠤᠯᠠᠩᠠ ᠵᠣᠬᠢᠶᠠᠪᠠᠰᠤ
tere metü-yin tula ene jambutib-dakin-i amuγulang-a jokiyabasu.
21
ᠬᠠᠭᠠᠨ ᠤ ᠦᠶᠢᠯᠡ ᠳᠦᠷ ᠲᠡᠭᠦᠨ ᠡᠴᠡ ᠳᠡᠭᠡᠷ᠎ᠡ ᠦᠭᠡᠢ
qaγan-u üyile-dür tegün-eče deger-e ügei.
22
ᠬᠤᠲᠤᠭ ᠲᠤ ᠳᠠᠯᠠᠢ ᠪᠯᠠᠮ ᠠ ᠶᠢ ᠵᠠᠯᠠᠵᠤ
qutug-tu dalai blam-a-yi jalaju.
23
ᠭᠤᠷᠪᠠᠨ ᠣᠷᠣᠨ ᠳᠠᠬᠢᠨ ᠢ ᠠᠮᠤᠭᠤᠯᠠᠩ ᠵᠣᠬᠢᠶᠠᠨ
γurban oron-dakin-i amuγulang jokiyan.
24
ᠭᠤᠷᠪᠠᠨ ᠴᠠᠭ ᠤᠨ ᠪᠤᠶᠠᠨ ᠢ ᠡᠭᠦᠰᠭᠡᠵᠦ
γurban čaγ-un buyan-i egüsgejü.
25
ᠭᠤᠷᠪᠠᠨ ᠬᠥᠯᠭᠡᠨ ᠦ ᠱᠠᠰᠢᠨ ᠢ ᠭᠡᠶᠢᠭᠦᠬᠪᠡᠰᠦ ᠭᠠᠶᠢᠬᠠᠮᠰᠢᠭ
γurban kölgen-ü šasin-i geyigükbesü γayiqamsiγ.
26
ᠠᠷᠪᠠᠨ ᠬᠠᠷ᠎ᠠ ᠨᠢᠭᠦᠯ ᠢ ᠲᠡᠪᠴᠢᠨ
arban qara nigül-i tebčin.
27
ᠠᠷᠪᠠᠨ ᠴᠠᠭᠠᠨ ᠪᠤᠶᠠᠨ ᠢ ᠥᠵᠭᠡᠵᠢᠭᠦᠯ ᠦᠨ
arban čaγan buyan-i öjgejigül-ün.
28
ᠠᠮᠢᠲᠠᠨ ᠢ ᠠᠮᠤᠭᠤᠯᠠᠩᠠ ᠵᠣᠬᠢᠶᠠᠨ
amitan-i amuγulang-a jokiyan.
29
ᠠᠷᠰᠢ ᠶᠢᠨ ᠱᠠᠰᠢᠨ ᠢ ᠭᠡᠶᠢᠭᠦᠯᠪᠡᠰᠦ ᠠᠮᠢᠲᠠᠨ ᠤ ᠢᠲᠡᠭᠡᠯ ᠨᠣᠮ ᠤᠨ ᠬᠠᠭᠠᠨ ᠪᠣᠯᠤᠶᠤ
% arsi-yin šasin-i geyigülbesü amitan-u itegel nom-un qaγan boluyu.
30
ᠭᠡᠭᠡᠨ᠎ᠡ ᠡᠰᠡ ᠲᠠᠨᠢᠭᠳᠠᠪᠠ ᠴᠤ ᠴᠠᠭᠠᠨ ᠰᠡᠳᠬᠢᠯ ᠦᠨ ᠡᠭᠦᠳᠡᠨ ᠡᠴᠡ ᠠᠶᠢᠯᠠᠳᠬᠠᠪᠠᠢ
gegen-e ese tanigdaba-ču čaγan sedkil-ün egüden-eče ayiladqabai.
31
ᠡᠭᠦᠨ ᠢ ᠭᠡᠭᠡᠨ ᠳᠡᠭᠡᠨ ᠠᠶᠢᠯᠠᠳ
egün-i gegen-degen ayilad.
32
ᠪᠢᠴᠢᠭ ᠡᠷᠭᠦᠬᠶᠢᠨ ᠪᠡᠯᠡᠭ ᠲᠦ ᠵᠠᠭᠤᠨ ᠠᠭᠲᠠ ᠪᠤᠢ
bičig ergükyin beleg-tü jaγun aγta bui.
33
ᠭᠠᠬᠠᠢ ᠵᠢᠯ ᠦᠨ ᠬᠣᠷ ᠬᠠᠭᠠᠨ ᠤ ᠲᠠᠪᠳᠤᠭᠠᠷ ᠰᠠᠷ᠎ᠠ ᠶᠢᠨ ᠳᠡᠭᠵᠢᠬᠦᠢ ᠰᠢᠨ ᠡ ᠶᠢᠨ ᠰᠠᠶᠢᠨ ᠡᠳᠦᠷ ᠪᠢᠴᠢᠪᠡ
γaqai jil-ün qor qaγan-u tabduγar sara-yin degjiküi sin-e-yin sayin edür bičibe.
34
ᠳᠠᠶᠢᠢᠩ ᠨᠣᠶᠠᠨ ᠢ ᠡᠷᠭᠦᠭᠰᠡᠨ ᠤᠤᠮ ᠰᠤᠸᠠᠰᠳᠢ
(dayicing noyan-i ergügsen) % uum % suvasdi.
35
ᠡᠷᠲᠡ ᠪᠣᠭᠳᠠ ᠬᠠᠭᠠᠨ ᠠ ᠰᠠ ᠨᠠᠭᠠᠰᠢ
erte boγda qaγan-a-sa naγasi.
36
ᠡᠳᠦᠶᠢᠬᠡᠨᠡ ᠲᠡᠳᠦᠢ ᠬᠦᠷᠲᠡᠯ᠎ᠡ
edüyiken-e tedüi kürtele.
37
ᠭᠠᠭᠴᠠ ᠰᠡᠳᠬᠢᠯ ᠪᠠᠶᠢᠭᠠᠯᠠ ᠪᠠᠢ ᠶᠠ
γaγča sedkil bayiγal-a bai-y-a.
38
ᠤᠳᠠᠬᠤᠴᠢ ᠪᠣᠯᠣᠰᠠ
% udaquči bolosa.
39
ᠪᠠᠭᠠᠷᠢᠨ ᠬᠠᠯᠬ᠎ᠠ ᠰᠥᠨᠢᠳ ᠬᠣᠶᠠᠷ
baγarin qalq-a sönid qoyar.
40
ᠮᠠᠨᠳᠤ ᠭᠠᠪᠢᠶ ᠠ ᠦᠭᠡᠢ
mandu γabiy-a-ügei.
41
ᠡᠯᠴᠢ ᠶᠠᠪᠠᠳᠦᠢ ᠪᠠᠢ ᠶᠠ ᠭᠡᠴᠢ
elči yabadüi bai-y-a % geči.
42
ᠦᠨᠡᠨ ᠢ ᠶᠢᠨ ᠴᠤᠭᠯᠠᠬᠤᠲᠤ
ünen-i-yin % čuγlaqutu.
43
ᠲᠥᠷᠦ ᠶᠢᠨ ᠲᠤᠯᠠᠳᠠ
törü-yin tulada.
44
ᠰᠠᠬᠠᠭᠰᠠᠨ ᠰᠠᠨᠠᠭ᠎ᠠ ᠬᠡᠯᠡᠶ᠎ᠡ ᠭᠡᠵᠢ ᠢᠷᠡᠵᠢ ᠪᠢᠯᠡ
saqaγsan sanaγ-a keley-e geji ireji bile.
45
ᠶᠠᠮᠪᠠᠷ ᠦᠭᠡ ᠪᠣᠯᠣᠰᠠ ᠬᠠᠯᠵᠠᠨ ᠬᠣᠰᠢᠭᠤᠵᠢᠲᠤ ᠪᠠᠢ ᠶᠠ
ya[m]bar üge bolosa qaljan qosiγujitu bai-y-a.
46
ᠥᠭᠡᠯᠡᠳ ᠸᠴᠢᠷ ᠲᠦ ᠲᠠᠶᠢᠵᠢ ᠡᠷᠭᠦᠭᠰᠡᠨ
ögeled včir-tü tayiji ergügsen.
47
ᠤᠤᠮ ᠰᠤᠸᠠᠰᠳᠢ ᠰᠢᠳᠡᠮ
% uum % suvasdi sidem.