Mahâkâli
Reconstruction, not a copy of the monument: the Mongolian-script text is generated automatically from the transcription in modern Unicode spelling. The orthography of pre-classical documents differed; consult the facsimile and the edition.
1
ᠬᠣᠯᠪᠠᠵᠤ ᠬᠦᠵᠦᠭᠦᠨ ᠳᠡᠭᠡᠨ ᠡᠷᠢᠬᠡ ᠲᠡᠢ
01. [..................... ] 02. [..................... ] 03. [..................... ] 04. qolbaju küjügü:n-dege:n erike-tei.
2
ᠬᠠᠷ᠎ᠠ ᠨᠤᠭᠤᠳ ᠮᠣᠭᠠᠢ ᠪᠦᠰ ᠡ ᠲᠡᠢ ᠬᠠᠮᠤᠭ᠎ᠠ ᠬᠡᠢ ᠮᠡᠲᠦ ᠬᠦᠴᠦ ᠲᠡᠢ ᠭᠠᠶᠢᠬᠠᠮᠱᠢᠭ ᠬᠦᠯᠦᠭ ᠬᠦᠷᠳᠦ ᠬᠠᠯᠵᠠᠨ ᠡᠯᠵᠢᠭᠡᠨ ᠬᠥᠯᠭᠡᠲᠡᠢ
05. qara-nuγu:d moγai büs-e-tei : 06. qamuγ-a kei metü k[üčü-te]i : 07. γayi:qamšiγ külüg kü[r]dü : 08. qaljan eljigen kölgetei.
3
ᠬᠥᠬᠡ ᠣᠭᠲᠣᠷᠭᠤᠢ ᠳᠠᠬᠢ ᠨᠠᠷᠠᠨ ᠢ ᠬᠦᠶᠢᠰᠦᠨ ᠦ ᠲᠤᠱ ᠢᠶᠠᠷ ᠤᠷᠭᠤᠭᠤᠯᠵᠤ ᠬᠥᠯ ᠢᠶᠡᠨ ᠲᠡᠮᠦᠷ ᠴᠢᠳᠦᠷ ᠢᠶᠡᠷ ᠬᠦᠰᠡᠭᠦᠯᠦᠨ ᠴᠢᠮᠡᠭᠰᠡᠨ ᠮᠠᠬ ᠠ ᠭᠠᠯᠢ
09. köke oγtorγui-daqi naran-i : 10. küyi:sün-ü tuš-iya:r urγuγu:lju : 11. köl-iye:n temür č[idü]r-iye:r : 12. küsegü:lün čimegsen Maq-a-gali.
4
ᠴᠢᠨᠤ ᠳᠠᠭᠤᠨ ᠢ ᠰᠣᠨᠣᠰᠪᠠᠰᠤ ᠴᠢᠩ ᠰᠦᠮᠦᠷ ᠲᠠᠭ ᠪᠡᠷ ᠬᠥᠳᠥᠯᠦᠭᠡᠳ ᠴᠢᠰᠤᠲᠠᠨ ᠳᠠᠶᠢᠰᠤᠳ ᠤᠨ ᠵᠦᠷᠦᠬᠡᠨ ᠢ ᠴᠢᠨᠠᠷ ᠠᠴᠠ ᠱᠢᠯᠭᠦᠳᠬᠡᠭᠴᠢ ᠮᠠᠬ ᠠ ᠭᠠᠯᠢ
13. činu daγu:n-i sonosba:su : 14. čing Sümür-taγ ber ködölüge:d : 15. čisutan dayi:sud-un jürüken-i : 16. činar-a:ča šilgüdkegči Maq-a-gali.
5
ᠠᠮᠤᠷᠯᠢᠭᠰᠠᠨ ᠰᠡᠳᠬᠢᠯ ᠲᠦ ᠪᠥᠭᠡᠲᠡᠯ᠎ᠡ ᠠᠳᠠ ᠲᠣᠳᠬᠣᠳ ᠢ ᠠᠶᠤᠭᠤᠯᠤᠷ ᠤᠨ ᠠᠭᠤᠷᠯᠠᠭᠰᠠᠨ ᠴᠢᠷᠠᠢ ᠶᠢ ᠦᠵᠡᠭᠦᠯᠵᠦ ᠠᠯᠠᠷ᠎ᠠ ᠬᠦᠷᠦᠭᠴᠢ ᠮᠠᠬ ᠠ ᠭᠠᠯᠢ
17. amurliγsan sedkil-tü böge:tele : 18. ada todqod-i ayuγu:lur-un : 19. aγu:rlaγsan čir[a]i-yi üjegü:ljü : 20. alar-a kürügči Maq-a-gali.
6
ᠡᠯᠳᠡᠪ ᠬᠤᠪᠢᠯᠭᠠᠨ ᠭᠠᠷᠭᠠᠵᠤ ᠡᠷᠬᠡᠲᠡᠨ ᠲᠩᠷᠢᠰ ᠠᠰᠤᠷᠢᠰ ᠢ ᠡᠰᠡᠷᠭᠦ ᠥᠪᠡᠷ ᠲᠡᠭᠡᠨ ᠰᠥᠭᠦᠳᠬᠡᠭᠰᠡᠨ ᠡᠷᠳᠡᠮ ᠲᠡᠢ ᠪᠣᠭᠳᠠ ᠮᠠᠬ ᠠ ᠭᠠᠯᠢ
21. eldeb qubilγan γarγaju : 22. erketen tngris asuris-i : 23. esergü öbe:r-tege:n sögüdkegsen : 24. erdem-tei boγda Maq-a-gali.
7
ᠰᠠᠶᠢᠪᠠᠷ ᠣᠳᠤᠭᠰᠠᠨ ᠤ ᠢᠯᠡᠲᠡ ᠱᠠᠰᠢᠨ ᠨᠣᠮ ᠢ ᠡᠪᠳᠡᠭᠴᠢᠨ ᠰᠠᠮᠠᠭᠤᠢ ᠮᠠᠭᠤᠢ ᠰᠡᠳᠬᠢᠯ ᠲᠡᠨ ᠢ ᠰᠠᠮᠱᠢᠶᠠᠰᠤᠭᠠᠢ ᠭᠡᠭᠡᠭᠡᠨ ᠮᠠᠬ ᠠ ᠭᠠᠯᠢ
25. sayi:bar oduγsan-u ilete : 26. šasin nom-i ebdegčin : 27. samaγu:i maγu:i sedkil-ten-i : 28. samšiya:suγai gegege:n [Maq]-a-[gali].
8
ᠡᠳᠦᠭᠡ ᠲᠡᠭᠦᠨ ᠢᠶᠡᠨ ᠳᠤᠷᠠᠳᠴᠤ ᠡᠷᠳᠡᠮ ᠲᠡᠨ ᠨᠣᠮ ᠴᠢᠨ ᠢ ᠰᠠᠬᠢᠭᠠᠳ ᠡᠳᠡ ᠡᠯ᠎ᠡ ᠶᠠᠪᠤᠬᠤᠨ ᠠᠮᠢᠲᠠᠨ ᠢ ᠡᠩᠬᠡ ᠠᠮᠤᠷᠠᠭᠤᠯ ᠮᠠᠬ ᠠ ᠭᠠᠯᠢ ᠴᠢᠨᠠᠷ ᠮᠠᠭᠤᠢ ᠰᠡᠳᠬᠢᠵᠦ ᠪᠦᠷᠦᠨ ᠴᠢᠬᠢᠨ ᠳᠦᠷ ᠰᠠᠶᠢᠬᠠᠨ ᠥᠭᠦᠯᠡᠭᠴᠢᠨ ᠴᠢᠰᠤᠲᠠᠨ ᠳᠠᠶᠢᠰᠤᠨ ᠠᠳᠠᠰ ᠢ ᠴᠢᠨᠤ ᠬᠦᠴᠦᠨ ᠢᠶᠡᠷ ᠪᠤᠲᠤᠷᠠᠭᠤᠯ
29. edüge: tegü:n-iye:n durad[ču] : 30. erdem-ten nom-čin-i saqiγa:d : 31. ede ele yabuqun amitan-i : 32. engke amuraγu:l Maq-a-gali : 33. činar maγu:i sedkijü bürün : 34. čikin-dür sayi:qan ögülegčin : 35. čisutan dayi:sun adas-i : 36. činu küčün-iye:r buturaγu:l.
9
ᠨᠣᠮ ᠤᠨ ᠡᠵᠡᠨ ᠬᠠᠭᠠᠨ ᠬᠠᠲᠤᠨ ᠨᠣᠮᠴᠢᠨ ᠰᠠᠶᠢᠳ ᠬᠥᠪᠡᠭᠦᠳ ᠥᠬᠢᠳ ᠨᠣᠶᠠᠳ ᠬᠦᠷᠭᠡᠳ ᠪᠦᠭᠦᠳᠡ ᠶᠢ ᠨᠥᠬᠦᠴᠡᠨ ᠰᠠᠬᠢᠲᠤᠭᠠᠢ ᠮᠠᠬ ᠠ ᠭᠠᠯᠢ
37. nom-un ejen qaγa:n qatun : 38. nomčin sayi:d köbegü:d ökid : 39. noyad kürged bügüde-yi : 40. nöküčen saqituγai Maq-a-gali.
10
ᠬᠤᠲᠤᠭ ᠲᠠᠢ ᠴᠢᠨᠤ ᠡᠷᠳᠡᠮ ᠢ ᠬᠣᠯᠪᠠᠵᠤ ᠮᠠᠭᠲᠠᠭᠰᠠᠨ ᠪᠤᠶᠠᠨ ᠢᠶᠠᠷ ᠬᠣᠲᠣᠯᠠ ᠠᠮᠢᠲᠠᠨ ᠲᠣᠨᠢᠯᠵᠤ ᠬᠣᠭᠣᠰᠤᠨ ᠪᠣᠯᠲᠤᠭᠠᠢ ᠡᠨᠡ ᠣᠷᠴᠢᠬᠤᠢ
41. qutuγ-tai činu erdem-i : 42. qolbaju maγtaγsan buyan-iya:r : 43. qotola amitan tonilju : 44. qoγo:sun boltuγai ene orčiqui.
11
ᠠᠭᠤᠢ ᠡᠷᠳᠡᠮ ᠢ ᠴᠢᠨᠦ ᠬᠤᠷᠢᠶᠠᠵᠤ ᠠᠶᠠᠯᠭᠤᠨ ᠬᠣᠯᠪᠠᠨ ᠮᠠᠭᠲᠠᠭᠴᠢ ᠠᠶᠠᠭ᠎ᠠ ᠲᠡᠭᠢᠮᠯᠢᠭ ᠴᠣᠰᠭᠢ ᠣᠳᠰᠢᠷ ᠠᠯᠢ ᠪᠠ ᠭᠠᠷᠲᠤᠭᠠᠢ
45. aγui erdem-i činü quriya:ju : 46. ayalγu:n qolban maγtaγči : 47. ayaγ-a tegimlig Čosgi odsir : 48. ali ba [...] γa[r]tuγai.
12
ᠡᠭᠦ ᠡᠭᠱᠢᠭ ᠳᠠᠭᠤᠪᠠᠷ ᠬᠡᠨ ᠪᠠᠰᠤ ᠡᠪᠡᠴᠢᠨ ᠠᠳᠠᠰ ᠠᠨᠤ ᠠᠮᠤᠷᠯᠢᠭᠠᠳ ᠡᠴᠦᠰ ᠲᠦᠷ ᠪᠤᠷᠬᠠᠨ ᠪᠣᠯᠲᠤᠭᠠᠢ
49. egü:[...............] 50. egšig daγu:ba:r ken ba:su : 51. ebečin adas anu amurliγa:d : 52. ečüs-tür burqan boltuγai.