The mongolian inscription in memory of Jigüntei
Reconstruction, not a copy of the monument: the Mongolian-script text is generated automatically from the transcription in modern Unicode spelling. The orthography of pre-classical documents differed; consult the facsimile and the edition.
1
ᠢ ᠵᠷᠯᠭ ᠢᠶᠠᠷ ᠪᠠᠶᠢᠭᠤᠯᠳᠠᠭᠰᠠᠨ ᠢᠨ ᠰᠡᠩ ᠰᠤᠩᠭᠣᠨ ᠢᠢ ᠸᠤᠤ ᠶᠢᠨ ᠳᠠᠷᠤᠭᠠᠴᠢ ᠵᠢᠭᠦᠨᠲᠡᠢ ᠶᠢᠨ ᠶᠠᠪᠤᠭᠤᠯᠤᠭᠰᠠᠨ ᠢᠢᠢ ᠰᠠᠶᠢᠳ ᠦᠶᠢᠯᠡᠰ ᠢ ᠤᠬᠠᠭᠤᠯᠬᠤᠢ ᠪᠢᠢ ᠲᠠᠰ ᠪᠤᠶᠤ
I. jrlγ-iya:r bayi:γu:ldaγsan ž-in-seng sunggon- II. vuu-yi:n daruγači Jigüntei-yi:n yabuγu:luγsan III. sayi:d üyi:les-i uqaγu:lqui bii tas buyu
2
ᠳᠠᠢ ᠥᠨ ᠬᠡᠮᠡᠬᠦ ᠶᠡᠬᠡ ᠮᠣᠩᠭᠣᠯ ᠤᠯᠤᠰ ᠤᠨ ᠴᠠᠭ ᠲᠤᠷ ᠵᠷᠯᠭ ᠢᠶᠠᠷ ᠪᠠᠶᠢᠭᠤᠯᠳᠠᠭᠰᠠᠨ ᠵᠤᠩ ᠱᠦᠨ ᠳᠠᠢᠸᠤ ᠵᠤᠤ ᠰᠠᠢ ᠢᠨ ᠰᠠᠩ ᠳᠤᠤ ᠰᠤᠩᠭᠣᠨ ᠸᠤᠤ ᠶᠢᠨ ᠳᠠᠷᠤᠭᠠᠴᠢ ᠵᠢᠭᠦᠨᠲᠡᠢ ᠶᠢᠨ ᠪᠢᠢ ᠲᠠᠰ ᠪᠤᠶᠤ
01. Dai-Ön keme:kü yeke Mongγol ulus-un čaγ-tur 02. jrlγ-iya:r bayi:γu:ldaγsan jung šün daivu juu sai ž-in sang duu sunggon vuu-yi:n daruγači Jigüntei-yi:n bii tas buyu.
3
ᠵᠢᠭᠦᠨᠲᠡᠢ ᠬᠡᠮᠡᠪᠡᠰᠦ ᠤᠵᠠᠭᠤᠷ ᠰᠡᠩᠭᠡ ᠠᠬ ᠠ ᠳᠠ ᠢᠨᠵᠡᠰ ᠪᠣᠯᠤᠨ ᠥᠭᠲᠡᠵᠦ ᠯᠤᠤ ᠬᠠᠷᠢ ᠳᠤᠷ ᠬᠦᠷᠪᠡᠰᠦ ᠳᠢᠸᠤᠪᠠᠯᠠ ᠣᠩ ᠢᠮᠠᠶᠢ ᠮᠠᠱᠢ ᠳᠣᠲᠤᠨᠠᠯᠤᠨ ᠠᠰᠠᠷᠠᠬᠤᠢᠪᠠᠷ ᠠᠨᠤ ᠶᠠᠰᠤᠨ ᠳᠠᠭᠠᠨ ᠬᠣᠩᠭᠢᠷᠠᠳ ᠪᠣᠯᠭᠠᠵᠤ ᠰᠥᠨ ᠨᠢᠩᠸᠤᠤ ᠪᠠᠯᠭᠠᠰᠤᠨ ᠳᠤᠷ ᠰᠠᠭᠤᠯᠭᠠᠭᠰᠠᠨ ᠠᠵᠤᠭᠤ
Jigüntei keme:be:sü ujaγu:r Sengge aq-a-da injes bolu[n] ögtejü Luu qari-dur kürbe:sü Divubal-a ong imayi maši dotunalun asaraquiba:r anu 03. yasun-daγa:n Qongγirad bolγaju Sön ningvuu balγasun-dur saγu:lγaγsan ajuγu:.
4
ᠡᠴᠢᠭᠡ ᠢᠨᠦ ᠡᠵᠡᠨ ᠨᠡᠷᠡᠲᠦ ᠠᠭᠠᠯᠢ ᠠᠪᠤᠷᠢ ᠶᠠᠪᠤᠳᠠᠯ ᠢᠨᠤ ᠰᠠᠶᠢᠨ ᠤ ᠲᠤᠯᠠ ᠳᠠ ᠣᠯᠠᠨ ᠬᠠᠷᠢ ᠶᠢᠨ ᠢᠷᠭᠡᠨ ᠢᠮᠠᠶᠢ ᠡᠴᠢᠭᠡ ᠮᠡᠲᠦ ᠬᠦᠨᠳᠦᠯᠡᠨ ᠠᠵᠤᠭᠤ
Ečige inü Ejen neretü aγa:li aburi yabudal inu sayi:n-u tula-da olan qari-yi:n irgen imayi ečige [m]etü kündülen ajuγu:.
5
ᠵᠢᠭᠦᠨᠲᠡᠢ ᠪᠦᠷᠦᠨ ᠮᠣᠷᠢᠳ ᠦᠬᠡᠳ ᠬᠣᠨᠢᠳ ᠠᠳᠤᠭᠤᠨᠠ ᠵᠡᠪᠡᠷ ᠪᠦᠬᠦᠢᠪᠡᠷ ᠰᠠᠶᠢᠨ ᠬᠦᠮᠦᠨ ᠮᠠᠨᠠᠭᠤᠯᠰᠤᠨ ᠪᠣᠯᠭᠠᠨ ᠲᠦᠱᠢᠵᠦ ᠡᠪᠡᠰᠦᠨ ᠤᠰᠤᠨ ᠳᠠᠭᠠᠨ ᠠᠳᠤᠭᠤᠨ ᠢ ᠪᠡᠯᠴᠢᠭᠡᠵᠦ ᠡᠰᠡ ᠪᠡᠷ ᠵᠣᠭᠰᠠᠭᠤᠯᠪᠠᠰᠤ ᠡᠨᠳᠡ ᠲᠡᠨᠳᠡ ᠦᠯᠦ ᠪᠤᠲᠠᠷᠠᠨ ᠬᠡᠳᠦᠨ ᠲᠦᠮᠡᠳ ᠲᠡ ᠬᠦᠷᠲᠡᠯ᠎ᠡ ᠥᠰᠬᠡᠭᠦᠯᠦᠭᠰᠡᠨ ᠠᠵᠤᠭᠤ
Jigüntei bürün morid, üked, qonid, aduγu:n-a jeber 04. büküibe:r sayi:n kümü:n manaγu:lsun bolγan tüšijü ebesün usun daγan aduγu:n-i belčige:jü es-e ber joγsaγu:lba:su ende tende ülü butaran kedün tümed-te kürtele öskegü:lügsen ajuγu:.
7
ᠮᠥᠨ ᠨᠠᠰᠤ ᠪᠦᠷᠢ ᠥᠭᠦᠯᠡᠷ ᠦᠨ ᠨᠠᠮᠠᠶᠢ ᠢᠷᠭᠡᠨ ᠮᠡᠳᠡᠭᠦᠯᠦᠨ ᠲᠦᠱᠢᠪᠡᠰᠦ ᠮᠥᠨ ᠡᠨᠡ ᠬᠦ ᠮᠡᠲᠦ ᠵᠠᠰᠠᠨ ᠴᠢᠳᠠᠬᠤ ᠪᠦᠯᠡᠭᠡ ᠪᠢ ᠬᠡᠮᠡᠨ ᠠᠵᠤᠭᠤ
Mön nasu büri ögüler-ün namayi irgen medegü:lün 05. tüšibe:sü mön ene kü metü jasan čidaqu bülege: bi keme:n ajuγu:.
8
ᠠᠨᠤ ᠣᠷᠳᠣ ᠳᠣᠲᠤᠷ᠎ᠠ ᠪᠦᠷᠦᠨ ᠢᠮᠠᠶᠢ ᠰᠠᠶᠢᠱᠢᠭᠠᠨ ᠮᠠᠭᠲᠠᠭᠳᠠᠵᠤ ᠡᠷᠳᠡᠮ ᠲᠦ ᠪᠦᠬᠦᠢ ᠶᠢᠨ ᠲᠤᠯᠠ ᠳᠢᠸᠤᠪᠠᠯᠠ ᠣᠩ ᠢᠮᠠᠶᠢ ᠶᠡᠬᠡ ᠦᠶᠢᠯᠡ ᠬᠠᠳᠠᠭᠠᠯᠠᠨ ᠴᠢᠳᠠᠮᠤ ᠵᠠ ᠬᠡᠮᠡᠨ ᠨᠠᠰᠤᠳᠠ ᠳᠡᠭᠡᠷ᠎ᠡ ᠦᠵᠡᠭᠦᠯᠰᠦ ᠬᠡᠮᠡᠪᠡᠰᠦ ᠵᠢᠴᠢ ᠮᠥᠨ ᠣᠳᠤᠨ ᠪᠠᠷᠠᠪᠠᠰᠤ ᠪᠢᠳᠠᠨ ᠤ ᠣᠷᠳᠣ ᠳᠣᠲᠤᠷ᠎ᠠ ᠶᠠᠮᠪᠠᠷ ᠪᠠ ᠦᠶᠢᠯᠡ ᠪᠣᠯᠪᠠᠰᠤ ᠵᠠᠷᠤᠭᠳᠠᠬᠤ ᠬᠡᠷᠡᠭᠲᠦ ᠬᠦᠮᠦᠨ ᠦᠭᠡᠢ ᠪᠣᠯᠵᠤᠭᠤ ᠬᠡᠮᠡᠨ ᠥᠴᠢᠵᠦ ᠪᠦᠷᠦᠨ
Anu ordo dotur-a bürün imayi sayi:šiγa:n maγtaγdaju erdem-tü büküi-yi:n tula Divubala ong imayi yeke üyi:le qadaγalan čidamu j-a keme:n nasuda 06. dege:r-e üjegü:lsü keme:be:sü jiči mön odun baraba:su bidan-u ordo dotur-a yambar ba üyi:le bolba:su jaruγdaqu keregtü kümü:n ügei boljuγu: keme:n öčijü bürün.
9
ᠢᠮᠠᠶᠢ ᠭᠣᠨ ᠯᠢᠩ ᠰᠤᠢ ᠯᠤᠤ ᠳᠠᠪᠤ ᠶᠢᠩ ᠸᠠᠩ ᠵᠤᠤ ᠰᠠᠢ ᠢᠨ ᠰᠠᠩ ᠳᠢᠩ ᠬᠤ ᠰᠡᠨ ᠯᠠᠩ ᠳᠤᠤ ᠰᠤᠩᠭᠣᠨ ᠸᠤᠤ ᠶᠢᠨ ᠸᠤ ᠳᠠᠷᠤᠭᠠᠴᠢ ᠪᠣᠯᠭᠠᠭᠠᠳ ᠴᠠᠤ ᠯᠡ ᠳᠠᠢᠸᠤ ᠰᠠᠩᠣᠨ ᠢᠶᠠᠷ ᠰᠥᠨ ᠰᠣᠶᠤᠷᠬᠠᠭᠤᠯᠤᠭᠰᠠᠨ ᠠᠵᠤᠭᠤ
Imayi gon ling sui luu dabu [y]ing [v]ang juu sai ž-in sang ding qu sen lang duu sunggon vuu-yi:n vu daruγači bolγaγa:d 07. čau le daivu sangon-iya:r sön soyurqaγu:luγsan ajuγu:.
10
ᠬᠣᠶᠢᠨᠠ ᠪᠠᠰᠠ ᠢᠭᠳᠤᠷᠢᠭᠤᠯᠵᠤ ᠵᠤᠩᠱᠤᠨ ᠳᠠᠢᠸᠤ ᠰᠠᠩᠣᠨ ᠢᠶᠠᠷ ᠮᠥᠨ ᠰᠤᠩᠭᠣᠨ ᠸᠤᠤ ᠶᠢᠨ ᠳᠠᠷᠤᠭᠠᠴᠢ ᠪᠣᠯᠭᠠᠨ ᠰᠥᠨ ᠥᠭᠬᠡᠭᠦᠯᠵᠦᠭᠦ
Qoyi:na basa iγduriγu:lju jungšun daivu sangon-iya:r mön sunggon vuu-yi:n daruγači bolγan sön ögkegü:ljügü:.
11
ᠲᠡᠶᠢᠨ ᠶᠠᠪᠤᠭᠠᠳ ᠠᠷᠪᠠᠨ ᠦᠯᠡᠭᠦ ᠣᠳ ᠪᠣᠯᠵᠤ ᠬᠠᠳᠠᠭᠠᠯᠠᠭᠰᠠᠨ ᠡᠳ ᠰᠠᠩ ᠤᠨ ᠣᠷᠠᠬᠤ ᠭᠠᠷᠬᠤ ᠦᠶᠢᠯᠡ ᠶᠢ ᠵᠣᠬᠢᠰ ᠢᠶᠠᠷ ᠪᠣᠯᠭᠠᠨ ᠬᠠᠳᠠᠭᠠᠯᠠᠭᠠᠳ ᠣᠳ ᠪᠦᠷᠢ ᠨᠢᠵᠢᠭᠡᠳ ᠲᠦᠮᠡᠨ ᠦᠯᠡᠭᠦ ᠰᠦᠬᠡᠰ ᠠᠷᠪᠢᠳᠬᠠᠨ ᠦᠯᠡᠭᠦᠯᠡᠨ ᠠᠨᠤ ᠣᠷᠳᠣ ᠳᠤᠷ ᠬᠡᠷᠡᠭᠯᠡᠬᠦ ᠡᠳ ᠰᠦᠬᠡᠰ ᠢ ᠲᠦᠭᠡᠲᠡᠯᠡ ᠭᠦᠶᠢᠴᠡᠭᠡᠨ ᠪᠥᠭᠡᠲᠡᠯ᠎ᠡ ᠢᠷᠭᠡᠨ ᠢ ᠪᠡᠷ ᠦᠯᠦ ᠠᠯᠵᠢᠶᠠᠭᠤᠯᠤᠨ ᠠᠵᠤᠭᠤ
Teyi:n yabuγa:d arb[a]n ülegü: od bolju qadaγalaγsan ed sang-un oraqu γarqu üyi:le-yi joqis-iya:r bolγan 08. qadaγalaγa:d od büri nijige:d tümen ülegü: sükes arbidqan ülegü:len anu ordo-dur kereglekü ed sükes-i tüge:tele güyi:čege:n böge:tele irgen-i ber ülü aljiya:γu:lun ajuγu:.
12
ᠲᠡᠶᠢᠨ ᠪᠡᠷ ᠪᠥᠭᠡᠰᠦ ᠳᠢᠸᠤᠪᠠᠯᠠ ᠣᠩ ᠡᠷᠳᠡᠮ ᠤᠬᠠᠭᠠᠨ ᠢᠨᠤ ᠳᠠᠭᠤᠰᠲᠠᠯ᠎ᠠ ᠵᠠᠷᠤᠭᠳᠠᠬᠤ ᠦᠶᠢᠯᠡ ᠦᠭᠡᠢ ᠬᠡᠮᠡᠨ ᠨᠠᠰᠤ ᠬᠠᠢᠷᠠᠯᠠᠨ ᠠᠬᠤᠢ ᠳᠤᠷ ᠵᠢᠢ ᠵᠢ ᠭᠤᠲᠤᠭᠠᠷ ᠣᠨ ᠭᠤᠷᠪᠠᠨ ᠰᠠᠷ᠎ᠠ ᠶᠢᠨ ᠠᠷᠪᠠᠨ ᠱᠢᠨᠡᠳᠡ ᠳᠥᠴᠢᠨ ᠬᠣᠶᠠᠷ ᠨᠠᠰᠤᠨ ᠳᠠᠭᠠᠨ ᠳᠠᠢᠳᠤ ᠪᠠᠯᠭᠠᠰᠤᠨ ᠳᠤᠷ ᠵᠥᠪ ᠡᠰᠡ ᠪᠣᠯᠵᠤᠭᠤ
Teyi:n ber bö[ge:]sü Divubala ong erdem uqaγa:n inu daγu:stala jaruγdaqu üyi:le ügei keme:n nasu qairalan 09. aqui-dur Jii-ji γutuγa:r on γurban sara-yi:n arban šinede döčin qoyar nasun-daγa:n Daidu balγasun-dur jöb es-e boljuγu:.
13
ᠠᠨᠤ ᠣᠷᠳᠣ ᠳᠣᠲᠤᠷ᠎ᠠ ᠠᠬ᠎ᠠ ᠳᠡᠭᠦ ᠶᠦᠭᠡᠨ ᠠᠯᠳᠠᠭᠰᠠᠨ ᠮᠡᠲᠦ ᠮᠡᠳᠡᠯ ᠦᠨ ᠢᠷᠭᠡᠨ ᠢᠨᠦ ᠡᠴᠢᠭᠡ ᠡᠬᠡ ᠶᠦᠭᠡᠨ ᠬᠡᠬᠦᠳᠡᠭᠯᠡᠴᠡᠭᠰᠡᠨ ᠱᠢᠲᠦ ᠡᠮᠭᠡᠨᠢᠨ ᠠᠵᠤᠭᠤ
Anu ordo dotur-a aq-a degü:-yüge:n aldaγsan metü med[el]-ün irgen inü ečige eke-yüge:n keküdeglečegsen šitü emgenin ajuγu:.
14
ᠬᠡᠳᠦᠨ ᠥᠳᠦᠷ ᠦᠨ ᠬᠣᠶᠢᠨᠠ ᠠᠨᠤ ᠪᠠᠯᠭᠠᠰᠤᠨ ᠤ ᠭᠠᠳᠠᠨ᠎ᠠ ᠡᠮᠦᠨ᠎ᠡ ᠥᠷᠦᠨ᠎ᠡ ᠵᠦᠭ ᠬᠣᠨ ᠱᠢ ᠯᠢᠩ ᠳᠠᠪᠠᠭᠠᠨ ᠤ ᠤᠭ ᠲᠤᠷ ᠪᠤᠭᠤᠭᠰᠠᠨ ᠠᠵᠤᠭᠤ
Kedün ödür-ün 10. qoyi:na anu balγasun-u γadana emün-e örün-e jüg Qon ši ling dabaγa:n-u uγ-tur buγu:γsan ajuγu:.
15
ᠡᠳᠦᠭᠡᠬᠢ ᠲᠠᠢ ᠭᠣᠩ ᠲᠠᠢᠭᠢᠤ ᠯᠤᠤ ᠭᠤᠢ ᠭᠣᠩ ᠭᠤᠤ ᠬᠤᠢ ᠸᠤᠨ ᠶᠢ ᠸᠤᠤ ᠵᠢᠨ ᠱᠢᠤ ᠳᠠᠢ ᠵᠠᠩ ᠭᠤᠩᠵᠤ ᠰᠡᠩᠭᠡ ᠠᠬ ᠠ ᠶᠢᠨ ᠥᠬᠢᠨ ᠪᠦᠶᠦ
Edüge:ki 11. tai γong-taiγiu Luu gui γong guu qui vun yi vuu jin šiu dai jang gungju Sengge aq-a-yi:n ökin büyü.
16
ᠲᠦᠷᠦᠨ ᠵᠠᠶᠠᠭᠠᠲᠤ ᠬᠠᠭᠠᠨ᠎ᠠ ᠥᠭᠲᠡᠭᠰᠡᠨ ᠦ ᠬᠣᠶᠢᠨᠠ ᠬᠠᠭᠠᠨ ᠠᠰᠠᠭᠤᠷ ᠤᠨ ᠵᠢᠭᠦᠨᠲᠡᠢ ᠶᠢᠨ ᠬᠥᠪᠡᠭᠦᠳ ᠢᠨᠦ ᠪᠤᠶᠤᠭᠤ ᠬᠡᠮᠡᠪᠡᠰᠦ ᠰᠠᠷᠭᠡᠰᠭᠡᠪ ᠨᠡᠷᠡᠲᠦ ᠬᠥᠪᠡᠭᠦᠨ ᠪᠦᠢ ᠬᠡᠮᠡᠭᠳᠡᠵᠦ ᠡᠴᠢᠭᠡ ᠢᠨᠦ ᠰᠡᠴᠡᠨ ᠰᠠᠶᠢᠨ ᠪᠦᠯᠡᠭᠡ
Türü:n 12. jayaγa:tu qaγa:n-a ögtegsen-ü qoyi:n-a 13. qaγa:n asaγu:r-un: Jigüntei-yi:n köbegü:d inü buyuγu: keme:be:sü Sargesgeb neretü köbegü:n büi keme:gdejü ečige inü sečen sayi:n bülege:.
17
ᠬᠥᠪᠡᠭᠦᠨ ᠪᠡᠷ ᠢᠨᠦ ᠰᠡᠴᠡᠨ ᠰᠠᠶᠢᠨ ᠬᠦ ᠪᠦᠶᠦ ᠵᠡ ᠬᠡᠮᠡᠨ ᠢᠨᠵᠡᠰ ᠪᠣᠯᠭᠠᠨ ᠭᠤᠶᠤᠵᠤ ᠠᠪᠴᠤ ᠬᠡᠱᠢᠭ ᠮᠡᠳᠡᠭᠦᠯᠦᠭᠡᠳ ᠶᠡᠬᠡ ᠣᠷ᠎ᠠ ᠰᠠᠭᠤᠭᠰᠠᠨ ᠤ ᠬᠣᠶᠢᠨᠠ ᠸᠤᠩᠴᠢᠨ ᠬᠤ ᠶᠢᠨ ᠲᠢᠲᠡᠮ ᠲᠦᠱᠢᠭᠰᠡᠨ ᠨᠥᠬᠦᠭᠡᠳᠲᠡ ᠱᠠᠩ ᠭᠤᠩ ᠱᠤᠯᠢᠩ ᠬᠣᠶᠢᠨᠠ ᠵᠢᠱᠢᠩ ᠱᠡᠱᠢᠨ ᠡᠳᠦᠭᠡ ᠭᠤᠩ ᠰᠠᠩ ᠸᠤᠤ ᠶᠢᠨ ᠸᠤ ᠰᠤᠩᠭᠣᠨ ᠪᠣᠯᠭᠠᠨ ᠸᠤᠩᠬᠦᠨ ᠳᠠᠢᠸᠤ ᠰᠠᠩᠣᠨ ᠢᠶᠠᠷ ᠰᠥᠨ ᠰᠣᠶᠤᠷᠬᠠᠵᠤ ᠥᠭᠴᠦᠭᠦ
Köbegü:n ber inü sečen sayi:n kü büyü j-e keme:n in[je]s bolγan γuyuju abču kešig medegü:lüge:d 14. yeke or-a saγu:γsan-u qoyi:na vungčin ku-yi:n titem tüšigsen nöküge:dte šang gung šuling qoyi:na jišing šešin edüge: gung sang vuu-yi:n vu sunggon bolγan vungkün dai[v]u sangon-iya:r sön soyurqaju ögčügü:.
18
ᠡᠳᠦᠭᠡ ᠬᠠᠭᠠᠨ ᠳᠦᠯᠡᠳ ᠰᠣᠶᠤᠷᠬᠠᠭᠠᠳ ᠡᠴᠢᠭᠡ ᠶᠢᠨ ᠢᠨᠦ ᠶᠠᠪᠤᠭᠤᠯᠤᠭᠰᠠᠨ ᠰᠠᠶᠢᠳ ᠦᠶᠢᠯᠡᠰ ᠢ ᠣᠯᠠᠨ ᠢ ᠳᠠᠭᠤᠷᠢᠭᠠᠭᠤᠯᠤᠨ ᠬᠡᠭᠦᠷ ᠲᠦᠷ ᠢᠨᠦ ᠪᠢᠢ ᠲᠠᠰ ᠪᠠᠶᠢᠭᠤᠯᠲᠤᠭᠠᠢ
Edüge: 15. qaγa:n düled soyurqaγa:d ečige-yi:n inü yabuγu:luγsan sayi:d üyi:les-i olan-i daγu:riγa:γu:lun kegür-tür inü bii tas bayi:γu:ltuγai.
19
ᠪᠢᠢ ᠲᠠᠰ ᠤᠨ ᠪᠢᠴᠢᠭᠢ ᠪᠢ ᠭᠡ ᠬᠢᠣᠱᠢ ᠶᠢ ᠵᠣᠬᠢᠶᠠᠲᠤᠭᠠᠢ ᠬᠡᠮᠡᠨ ᠵᠷᠯᠭ ᠪᠣᠯᠵᠤᠭᠤ
Bii tas-un bičigi bi Ge qioši-yi joqiya:tuγai keme:n 16. jrlγ boljuγu:.
20
ᠪᠢ ᠣᠨᠤᠪᠠᠰᠤ ᠰᠤᠤ ᠲᠠᠨ ᠳᠡᠭᠡᠳᠦᠰ ᠨᠢᠭᠦᠯᠡᠰᠬᠦᠢ ᠥᠷᠦᠱᠢᠶᠡᠬᠦᠢ ᠰᠡᠳᠬᠢᠯ ᠢᠶᠡᠷ ᠤᠯᠤᠰ ᠢᠶᠠᠨ ᠠᠭᠤᠢᠠ ᠳᠥᠯᠡᠭᠡᠨᠡ ᠪᠠᠷᠢᠭᠰᠠᠨ ᠤ ᠲᠤᠯᠠ ᠣᠯᠠᠨ ᠬᠠᠷᠢ ᠶᠢ ᠣᠷᠠᠭᠤᠯᠤᠭᠠᠳ ᠨᠢᠭᠡᠳᠬᠡᠬᠦ ᠱᠢᠯᠲᠠᠭᠠᠨ ᠡᠨᠡ ᠬᠦ ᠪᠦᠢ ᠵᠡ
Bi onuba:su 17. suu-tan dege:düs nigü:lesküi [örü]šiye:küi sedkil-iye:r ulus-iya:n aγui-a dölege:n-e bariγsan-u tula olan qari-yi oraγu:luγa:d nigedkekü šiltaγa:n ene kü büi j-e.
21
ᠡᠳᠦᠭᠡᠬᠢ ᠮᠣᠩᠭᠣᠯ ᠢᠷᠭᠡᠨ ᠪᠢᠴᠢᠭ ᠡᠷᠳᠡᠮ ᠡᠰᠡ ᠪᠡᠷ ᠰᠤᠷᠪᠠᠰᠤ ᠨᠢᠭᠡᠬᠡᠨ ᠦᠭᠡ ᠥᠭᠦᠯᠡᠬᠦ ᠳᠤᠲᠤᠮ ᠦᠶᠢᠯᠡ ᠦᠶᠢᠯᠡᠳᠬᠦ ᠳᠤᠲᠤᠮ ᠡᠷᠲᠡᠨ ᠦ ᠰᠡᠴᠡᠳ ᠰᠠᠶᠢᠳ ᠤᠨ ᠦᠶᠢᠯᠡ ᠳᠦᠷ ᠲᠣᠬᠢᠶᠠᠯᠳᠤᠨ ᠨᠡᠶᠢᠯᠮᠦ
Edüge:ki Mongγol irgen bičig erdem es-e ber surba:su nigeken üge ögülekü dutum üyi:le üyi:[l]edkü dutum erten-ü sečed sayi:d-[un] 18. üyi:le-dür toqiya:ldun neyi:lmü.
22
ᠱᠢᠯᠲᠠᠭᠠᠨ ᠢᠨᠤ ᠶᠠᠭᠤᠨ ᠬᠡᠮᠡᠪᠡᠰᠦ ᠲᠩᠷᠢ ᠶᠢᠨ ᠵᠠᠶᠠᠭᠠᠪᠠᠷ ᠲᠥᠷᠦᠭᠰᠡᠨ ᠬᠦ ᠪᠦᠢ ᠵᠡ
Šiltaγa:n inu yaγu:n keme:be:sü tngri-yi:n jayaγa:ba:r törügsen kü büi j-e.
23
ᠵᠢᠭᠦᠨᠲᠡᠢ ᠪᠦᠷᠦᠨ ᠰᠠᠶᠢᠳ ᠦᠶᠢᠯᠡᠰ ᠢ ᠲᠠᠭᠠᠯᠠᠵᠤ ᠦᠶᠢᠯᠡᠳᠦᠭᠴᠢ ᠪᠥᠭᠡᠲᠡᠯ᠎ᠡ ᠥᠭᠢᠶᠡᠮᠦᠷ ᠠᠭᠰᠠᠨ ᠠᠵᠤᠭᠤ
Jigüntei bürün sayi:d üyi:les-i taγa:laju üyi:ledügči böge:tele ögiye:mür aγsan ajuγu:.
24
ᠥᠯᠥᠰᠬᠦᠯᠡᠩ ᠳᠦᠷ ᠪᠤᠳᠠᠭᠠᠨ ᠳᠠᠭᠠᠷᠠᠭᠰᠠᠨ ᠳᠤᠷ ᠳᠡᠭᠡᠯ ᠬᠤᠪᠴᠠᠰᠤᠨ ᠨᠠᠰᠤᠨ ᠳᠤᠷ ᠬᠦᠷᠦᠭᠰᠡᠳ ᠲᠡ ᠪᠡᠷᠢ ᠪᠠᠭᠤᠯᠬᠤᠢ ᠥᠬᠢ ᠪᠡ ᠭᠠᠷᠭᠠᠬᠤᠢ ᠳᠤᠷ ᠨᠡᠮᠡᠰᠦᠨ ᠦᠬᠦᠭᠰᠡᠳ ᠲᠡ ᠶᠠᠰᠤᠨ ᠪᠠᠷᠢᠬᠤ ᠬᠦᠴᠦᠨ ᠨᠡᠮᠡᠵᠦ ᠥᠭᠦᠨ ᠠᠵᠤᠭᠤ
Öl[ös]küleng-dür budaγa:n daγa:raγsan-dur dege:l qubčasun nasun-dur kürügsed-te beri ba[γu:lqui] 19. öki be γarγaqui-dur neme:sün ükügsed-te yasun bariqu küčün nemejü ögün ajuγu:.
25
ᠣᠨ ᠪᠦᠷᠢ ᠡᠶᠢᠮᠦ ᠦᠶᠢᠯᠡᠰ ᠬᠡᠳᠦᠨ ᠲᠡ ᠪᠡ ᠪᠦᠲᠡᠭᠡᠨ ᠠᠵᠤᠭᠤ
On büri eyi:mü üyi:les kedün-te be bütege:n ajuγu:.
26
ᠵᠢᠭᠦᠨᠲᠡᠢ ᠶᠢᠨ ᠡᠨᠡ ᠮᠡᠲᠦ ᠰᠠᠶᠢᠨ ᠵᠣᠷᠢᠭ ᠲᠤᠷ ᠢᠨᠤ ᠠᠳᠠᠯᠢ ᠢᠮᠠᠶᠢ ᠬᠡᠷ ᠪᠡ ᠲᠩᠷᠢ ᠨᠢᠭᠦᠯᠡᠱᠢᠭᠡᠵᠦ ᠨᠠᠰᠤᠨ ᠤᠷᠲᠤ ᠪᠣᠯᠭᠠᠭᠠᠳ ᠦᠵᠦᠭᠦᠷ ᠬᠢᠵᠠᠭᠠᠷ ᠤᠨ ᠦᠶᠢᠯᠡ ᠬᠠᠳᠠᠭᠠᠯᠠᠭᠤᠯᠤᠨ ᠡᠰᠡ ᠪᠥᠭᠡᠰᠦ ᠱᠢᠩ ᠲᠠᠢ ᠶᠢᠨ ᠶᠡᠬᠡ ᠦᠶᠢᠯᠡ ᠬᠠᠳᠠᠭᠠᠯᠠᠭᠤᠯᠤᠭᠰᠠᠨ ᠪᠥᠭᠡᠰᠦ ᠦᠯᠦᠭᠦ ᠪᠣᠯᠬᠤ ᠪᠦᠯᠡᠭᠡ
Jigüntei-yi:n ene metü sayi:n joriγ-tur inu [a]dali imayi ker-be tngri nigü:lešige:jü nasun urtu bolγaγa:d üjügü:r qijaγa:r-[un üyi:le] 20. qadaγalaγu:lun es-e böge:sü šing tai-yi:n yeke üyi:le qadaγalaγu:luγsan böge:sü ülügü: bolqu bülege:.
28
ᠬᠠᠶᠢᠷᠠᠨ ᠲᠠᠢ ᠭᠡᠷᠭᠡᠢ ᠢᠨᠦ ᠠᠳᠠᠷ ᠨᠡᠷᠡᠲᠡᠢ ᠨᠠᠰᠤᠨ ᠵᠠᠯᠠᠭᠤ ᠳᠤᠷᠢᠶᠠᠨ ᠡᠷ᠎ᠡ ᠶᠦᠭᠡᠨ ᠵᠥᠪ ᠡᠰᠡ ᠪᠣᠯᠪᠠᠰᠤ ᠥᠨᠥᠴᠢᠨ ᠬᠥᠪᠡᠭᠦᠨ ᠢᠶᠡᠨ ᠮᠠᠨᠳᠤᠭᠤᠯᠵᠤ ᠠᠰᠠᠷᠠᠭᠠᠳ ᠴᠢᠩ ᠵᠣᠷᠢᠭ ᠢᠶᠠᠷᠠᠨ ᠪᠡᠶᠡᠪᠡᠨ ᠠᠷᠢᠭᠤᠨ᠎ᠠ ᠰᠠᠬᠢᠵᠤ ᠰᠠᠭᠤᠨ ᠠᠵᠢᠭᠠᠢ
Qayi:ran-tai gergei inü Adar neretei nasun jalaγu:-duriya:n ere-yüge:n jöb es-e bolba:su önöčin köbegü:n-iye:n manduγu:lju asaraγa:d 21. čing joriγ-[iya:ra:n] beyebe:n ariγu:n-a saqiju saγu:n ajiγa:i.
29
ᠬᠥᠪᠡᠭᠦᠨ ᠢᠨᠦ ᠪᠡᠷ ᠨᠢᠯᠬ᠎ᠠ ᠪᠦᠬᠦᠢ ᠳᠡᠭᠡᠨ ᠡᠴᠢᠭᠡ ᠶᠦᠭᠡᠨ ᠬᠡᠬᠦᠳᠡᠭᠯᠡᠴᠡᠵᠦ ᠥᠨᠥᠴᠢᠨ ᠬᠣᠴᠣᠷᠪᠠᠰᠤ ᠬᠢᠴᠢᠭᠡᠨ ᠠᠮᠠᠷᠠᠭᠤᠯᠤᠭᠰᠠᠪᠠᠷ ᠡᠴᠢᠭᠡ ᠶᠢᠨ ᠵᠠᠯᠭᠠᠮᠵᠢ ᠠᠪᠤᠨ ᠴᠢᠳᠠᠵᠤᠭᠤ
Köbegü:n inü ber nilq-a büküi-dege:n ečige-yüge:n keküdeglečejü önöčin qočorba:su kičige:n amaraγu:luγsaba:r ečige-yi:n jal[γamji abu]n čidajuγu:.
30
ᠡᠴᠢᠭᠡ ᠡᠴᠡ ᠢᠨᠦ ᠤᠯᠠᠮ ᠬᠥᠪᠡᠭᠦᠨ ᠢᠨᠦ ᠰᠠᠷᠭᠡᠰᠭᠡᠪ ᠳᠡᠭᠡᠳᠦᠰ᠎ᠡ ᠡᠨᠡ ᠮᠡᠲᠦ ᠲᠠᠭᠠᠯᠠᠭᠳᠠᠨ ᠰᠣᠶᠤᠷᠬᠠᠭᠳᠠᠭᠠᠳ ᠢᠮᠠᠳᠠᠴᠠ ᠤᠯᠠᠮ ᠪᠠᠰᠠ ᠰᠦᠶᠢᠳᠦᠭᠰᠡᠨ ᠡᠴᠢᠭᠡ ᠶᠢᠨ ᠢᠨᠦ ᠤᠷᠢᠳᠠ ᠶᠠᠪᠤᠭᠤᠯᠤᠭᠰᠠᠨ ᠰᠠᠶᠢᠳ ᠦᠶᠢᠯᠡᠰ ᠢ ᠭᠡᠶᠢᠭᠦᠯᠦᠨ ᠳᠡᠭᠡᠳᠦᠰ᠎ᠡ ᠰᠣᠶᠤᠷᠬᠠᠭᠳᠠᠵᠤ ᠪᠢᠢ ᠲᠠᠰ ᠪᠠᠶᠢᠭᠤᠯᠵᠤ ᠥᠭᠲᠡᠬᠦ ᠢᠨᠦ ᠥᠲᠥᠭᠦ ᠪᠣᠭᠣᠳ ᠤᠨ ᠤᠷᠤᠭ ᠠᠴᠠ ᠦᠯᠡᠭᠦ ᠦᠯᠦᠬᠦ ᠪᠦᠢ
Ečige-e:če inü ulam köbegü:n inü Sargesgeb 22. dege:düs-e ene metü t[aγa:la]γdan soyurqaγdaγa:d imadača ulam basa süyi:dügsen ečige-yi:n inü urida yabuγu:luγsan sayi:d üyi:les-i geyi:gü:lün 23. dege:düs-e soyurqaγdaju bii tas bayi:γu:lju ögtekü inü ötögü boγo:d-un uruγ-a:ča ülegü: ülükü büi.
31
ᠵᠢᠭᠦᠨᠲᠡᠢ ᠳᠡᠭᠡᠳᠦᠰ᠎ᠡ ᠵᠦᠭ ᠢᠶᠡᠷ ᠪᠡᠯᠭᠡᠲᠡᠢ᠎ᠡ ᠬᠦᠴᠦ ᠥᠭᠦᠭᠰᠡᠨ ᠦ ᠲᠤᠯᠠ ᠰᠣᠶᠤᠷᠬᠠᠵᠤ ᠥᠭᠲᠡᠭᠰᠡᠨ ᠡᠳ ᠰᠦᠬᠡᠰ ᠦᠨ ᠲᠣᠭᠠᠨ ᠳᠠᠢ ᠳᠢᠢ ᠭᠤᠷᠪᠠᠨ ᠣᠨ ᠳᠤᠷ ᠶᠡᠬᠡ ᠲᠠᠢᠭᠢᠤ ᠰᠣᠶᠤᠷᠬᠠᠵᠤ ᠲᠠᠪᠤᠨ ᠮᠡᠩᠭᠦ ᠰᠦᠬᠡᠰ ᠨᠢᠭᠡᠨ ᠬᠠᠰ ᠪᠦᠰᠡ ᠥᠭᠦᠭᠰᠡᠨ ᠠᠵᠤᠭᠤ
Jigüntei 24. dege:düs-e jüg-iye:r belgetei-e küčü ögügsen-ü tula soyurqaju ögtegsen ed sükes-ün toγa:n Dai dii γurban on-dur 25. yeke taiγiu soyurqaju tabun menggü sükes nigen qas büs-e ögügsen ajuγu:.
32
ᠵᠢᠨ ᠳᠠᠢ ᠲᠡᠷᠢᠭᠦᠨ ᠣᠨ ᠳᠤᠷ ᠬᠦᠯᠦᠭ ᠬᠠᠭᠠᠨ ᠰᠣᠶᠤᠷᠬᠠᠵᠤ ᠲᠠᠨᠠᠲᠤ ᠲᠣᠮᠤᠭ᠎ᠠ ᠨᠢᠭᠡᠨ ᠮᠡᠩᠭᠦ ᠰᠦᠬᠡ ᠲᠠᠪᠤᠨ ᠰᠦᠬᠡᠰ ᠴᠠᠤ ᠨᠢᠭᠡᠨ ᠬᠠᠰ ᠠᠶᠠᠭ᠎ᠠ ᠥᠭᠦᠭᠰᠡᠨ ᠠᠵᠤᠭᠤ
Jin dai terigü:n on-dur 26. Külüg qaγa:n soyurqaju tanatu tomuγ-a nigen menggü süke tabun sükes čau nigen qas ayaγ-a ögügsen ajuγu:.
33
ᠭᠣᠩ ᠬᠢᠩ ᠲᠡᠷᠢᠭᠦᠨ ᠣᠨ ᠳᠤᠷ ᠳᠠᠢ ᠵᠠᠩ ᠭᠤᠩᠵᠤ ᠰᠡᠩᠭᠡᠷᠠᠭᠢ ᠠᠬ᠎ᠠ ᠱᠢᠨᠢᠩ ᠮᠡᠳᠡᠯᠦᠨ ᠶᠠᠤ ᠬᠣᠣ ᠪᠤᠠ ᠭᠠᠵᠠᠷ᠎ᠠ ᠪᠦᠬᠦ ᠭᠠᠵᠠᠳ ᠲᠠᠴᠠ ᠲᠠᠪᠢᠨ ᠬᠢᠩ ᠭᠠᠵᠠᠳ ᠢ ᠰᠣᠶᠤᠷᠬᠠᠵᠤ ᠥᠭᠦᠭᠡᠳ ᠪᠠᠰᠠ ᠨᠢᠵᠢᠭᠡᠭᠡᠳ ᠠᠯᠲᠠᠨ ᠪᠠ ᠬᠠᠰ ᠠᠶᠠᠭ᠎ᠠ ᠰᠠᠪᠠᠰ ᠥᠭᠦᠭᠰᠡᠨ ᠠᠵᠤᠭᠤ
γong king terigü:n on-dur dai jang gungju Senggeragi aq-a Šining medelün [Yau] qoo bu-a γajar-a bükü γajad-tača tabin king γajad-i soyurqaju 27. ögüge:d basa nijigege:d altan ba qas ayaγ-a sabas ögügsen ajuγu:.
34
ᠪᠤᠶᠠᠨ ᠲᠤ ᠬᠠᠭᠠᠨ ᠰᠣᠶᠤᠷᠬᠠᠵᠤ ᠲᠠᠪᠢᠨ ᠰᠦᠬᠡᠰ ᠴᠠᠤ ᠬᠣᠷᠢᠨ ᠬᠢᠪᠤᠲᠠᠨ ᠲᠥᠷᠭᠡᠰ ᠶᠡᠬᠡ ᠲᠠᠢ ᠭᠣᠩ ᠲᠠᠢᠭᠢᠤ ᠰᠣᠶᠤᠷᠬᠠᠵᠤ ᠨᠢᠭᠡᠨ ᠠᠯᠲᠠᠨ ᠰᠦᠬᠡ ᠲᠠᠪᠤᠨ ᠮᠡᠩᠭᠦ ᠰᠦᠬᠡ ᠪᠠᠰᠠ ᠬᠣᠷᠢᠨ ᠬᠢᠪᠤᠲᠠᠨ ᠲᠥᠷᠭᠡᠰ ᠥᠭᠦᠭᠰᠡᠨ ᠠᠵᠤᠭᠤ
28. Buyan-tu qaγa:n soyurqaju tabin sükes čau qorin kibutan törges 29. yeke tai γong taiγiu soyurqaju nigen altan süke tabun menggü süke basa qorin qibutan törges ögügsen ajuγu:.
35
ᠵᠢ ᠵᠢᠢ ᠲᠡᠷᠢᠭᠦᠨ ᠣᠨ ᠳᠤᠷ ᠭᠡᠭᠡᠭᠡᠨ ᠬᠠᠭᠠᠨ ᠰᠣᠶᠤᠷᠬᠠᠵᠤ ᠨᠢᠭᠡᠨ ᠮᠢᠩᠭᠠᠨ ᠰᠦᠬᠡᠰ ᠴᠠᠤ ᠠᠷᠪᠠᠨ ᠬᠢᠪᠤᠲᠠᠨ ᠲᠥᠷᠭᠡᠰ ᠥᠭᠦᠭᠰᠡᠨ ᠠᠵᠤᠭᠤ ᠲᠡᠨ ᠯᠢ ᠲᠡᠷᠢᠭᠦᠨ ᠣᠨ ᠳᠤᠷ ᠵᠠᠶᠠᠭᠠᠲᠤ ᠬᠠᠭᠠᠨ ᠰᠣᠶᠤᠷᠬᠠᠵᠤ ᠬᠣᠶᠠᠷ ᠮᠢᠩᠭᠠᠨ ᠰᠦᠬᠡᠰ ᠴᠠᠤ ᠥᠭᠦᠭᠰᠡᠨ ᠠᠵᠤᠭᠤ
Ji-jii terigü:n on-dur 30. Gegege:n qaγa:n soyurqaju nigen mingγan sükes čau arban qibutan törges ögügsen ajuγu: Ten li terigü:n on-dur 31. Jayaγa:tu qaγa:n soyurqaju qoyar mingγan sükes čau ögügsen ajuγu:.
39
ᠪᠢ ᠭᠡ ᠬᠢᠣᠱᠢ ᠣᠨᠤᠪᠠᠰᠤ ᠲᠩᠷᠢ ᠭᠠᠵᠠᠷ ᠤᠨ ᠠᠭᠤᠷ ᠶᠡᠬᠡ ᠳᠡᠯᠭᠡᠷ ᠪᠦᠬᠦᠢᠪᠡᠷ ᠲᠦᠮᠡᠨ ᠵᠦᠶᠢᠯ ᠡᠳ ᠢ ᠥᠪᠡᠷ᠎ᠡ ᠥᠪᠡᠷ᠎ᠡ ᠨᠢᠭᠡᠨ ᠦᠶᠢᠯᠡ ᠳᠦᠷ ᠵᠣᠬᠢᠰᠲᠠᠢᠠ ᠲᠥᠷᠦᠭᠦᠯᠦᠨ ᠠᠵᠤᠭᠤ
Bi Ge qioši onuba:su [tngri γ]ajar-un aγu:r yeke delger büküibe:r tümen jüyi:l ed-i öbe:r-e öbe:r-e nigen 32. üyi:le-dür joqistai-a törügü:lün ajuγu:.
40
ᠠᠳᠠᠯᠢᠳᠬᠠᠪᠠᠰᠤ ᠮᠣᠷᠢᠨ ᠢ ᠠᠨᠵᠠᠰᠤᠨ ᠦᠯᠦ ᠲᠠᠲᠠᠭᠤᠯᠤᠨ ᠦᠬᠡᠷ ᠢ ᠦᠯᠦ ᠤᠨᠤᠬᠤ ᠮᠡᠲᠦ ᠥᠴᠦᠬᠡᠨ ᠮᠣᠳ ᠢ ᠬᠤᠭᠤᠷ ᠡᠭᠦᠳᠬᠦ ᠶᠡᠬᠡ ᠮᠣᠳ ᠢ ᠨᠢᠷᠤᠭᠤᠨ ᠲᠤᠯᠭ᠎ᠠ ᠪᠣᠯᠭᠠᠬᠤᠢᠠ ᠵᠠᠶᠠᠭᠠᠭᠰᠠᠨ ᠮᠡᠲᠦ ᠶᠡᠬᠡ ᠶᠢ ᠬᠡᠷᠡᠭᠯᠡᠬᠦᠢ ᠳᠦᠷ ᠥᠴᠦᠬᠡᠨ ᠢ ᠬᠡᠷᠡᠭᠯᠡᠪᠡᠰᠦ ᠰᠡᠴᠡᠳ ᠲᠡ ᠡᠷᠦᠭᠳᠡᠬᠦ
Adalidqaba:su morin-i anjasun ülü tataγu:lun üker-i ülü unuqu metü öčü:ken mod-i quγur egü:dkü yeke mod-i niruγu:n tulγ-a bolγaqui-a jayaγa:γsan metü yeke-yi keregleküi-dür öčü:ken-i kereglebe:sü sečed-te erügdekü.
41
ᠥᠴᠦᠬᠡᠨ ᠢ ᠬᠡᠷᠡᠭᠯᠡᠬᠦᠢ ᠳᠦᠷ ᠵᠢᠴᠢ ᠶᠡᠬᠡ ᠶᠢ ᠬᠡᠷᠡᠭᠯᠡᠪᠡᠰᠦ ᠰᠡᠴᠡᠳ ᠲᠡ ᠭᠠᠳᠠᠭᠠᠯᠠᠭᠳᠠᠬᠤ ᠪᠤᠶᠤ
Öčü:ken-i 33. keregleküi-dür jiči yeke-yi kereglebe:sü sečed-te γadaγa:laγdaqu buyu.
42
ᠵᠢᠭᠦᠨᠲᠡᠢ ᠬᠡᠮᠡᠪᠡᠰᠦ ᠰᠠᠶᠢᠨ ᠬᠦᠯᠦᠭ ᠮᠣᠷᠢᠨ ᠳᠤᠷ ᠠᠳᠠᠯᠢ ᠪᠥᠭᠡᠲᠡᠯ᠎ᠡ ᠮᠠᠭᠤᠬᠠᠨ ᠨᠠᠱᠢᠭᠠᠢ ᠮᠣᠷᠢᠳ ᠯᠤᠭ᠎ᠠ ᠬᠠᠮᠲᠤ ᠶᠠᠪᠤᠭᠰᠠᠨ ᠮᠡᠲᠦ ᠨᠠᠷᠠᠰᠤᠨ ᠴᠢᠭᠦᠷᠡᠰᠦᠨ ᠶᠡᠬᠡ ᠮᠣᠳ ᠲᠤᠷ ᠠᠳᠠᠯᠢ ᠪᠥᠭᠡᠲᠡᠯ᠎ᠡ ᠥᠴᠦᠬᠡᠨ ᠡᠳ ᠢ ᠡᠭᠦᠳᠬᠦᠢᠡ ᠬᠡᠷᠡᠭᠯᠡᠬᠦ ᠮᠡᠲᠦ ᠲᠦᠱᠢᠭᠳᠡᠭᠰᠡᠨ ᠳᠦᠷ ᠢ ᠥᠪᠡᠷ ᠢᠶᠡᠨ ᠦᠯᠦ ᠣᠮᠤᠭᠱᠢᠨ ᠲᠤᠰ ᠶᠤᠭᠠᠨ ᠡᠮᠦᠨ᠎ᠡ ᠠᠬᠤᠢ ᠪᠦᠬᠦᠢ ᠰᠡᠳᠬᠢᠯ ᠢᠶᠡᠷ ᠬᠦᠴᠦ ᠥᠭᠦᠭᠰᠡᠨ ᠠᠵᠤᠭᠤ
Jigüntei keme:be:sü sayi:n külüg morin-dur adali böge:tele maγu:qan našiγai morid-luγ-a: qamtu yabuγsan metü narasun čigü:resün yeke mod-tur adali böge:tele öčü:ken ed-i egü:dküi-e kereglekü metü tüšigdegsen- 34. dür-i öbe:r-iye:n ülü omuγšin tus-yuγa:n emüne aqui büküi sedkil-iye:r küčü ögügsen ajuγu:.
43
ᠠᠮᠢᠳᠤᠢ ᠳᠤᠷ ᠢᠶᠠᠨ ᠤᠬᠠᠭᠠᠨ ᠪᠢᠯᠢᠭ ᠲᠦᠷ ᠢᠨᠦ ᠠᠳᠠᠯᠢ ᠡᠰᠡ ᠬᠡᠷᠡᠭᠯᠡᠭᠳᠡᠪᠡᠰᠦ ᠪᠡᠷ ᠵᠥᠪ ᠡᠰᠡ ᠪᠣᠯᠤᠭᠰᠠᠨ ᠤ ᠬᠣᠶᠢᠨᠠ ᠳᠡᠭᠡᠳᠦᠰ᠎ᠡ ᠡᠨᠡ ᠮᠡᠲᠦ ᠰᠣᠶᠤᠷᠬᠠᠭᠳᠠᠬᠤ ᠢᠨᠤ ᠬᠥᠪᠡᠭᠦᠳ ᠠᠴᠢᠨᠠᠷ ᠢᠨᠤ ᠰᠠᠶᠢᠳ ᠲᠥᠷᠦᠭᠰᠡᠨ ᠦ ᠲᠤᠯᠠ ᠪᠣᠯᠵᠤᠭᠤ ᠵᠠ
Amidui-dur-iya:n uqaγa:n bilig-tür inü adali es-e kereglegdebe:sü ber jöb es-e boluγsan-u qoyi:na 35. dege:düs-e ene metü soyurqaγdaqu inu köbegü:d ačinar inu sayi:d törügsen-ü tula boljuγu: j-a.
44
ᠡᠨᠡ ᠪᠠᠶᠢᠭᠤᠯᠤᠭᠰᠠᠨ ᠪᠢᠢ ᠲᠠᠰ ᠡᠭᠦᠷᠢ ᠤᠷᠲᠤ ᠳᠠ ᠡᠱᠢ ᠪᠣᠯᠤᠭᠠᠳ ᠤᠷᠤᠭ ᠤᠨ ᠤᠷᠤᠭ ᠠᠨᠤ ᠥᠪᠡᠳᠡ ᠦᠦᠰᠬᠦ ᠪᠣᠯᠲᠤᠭᠠᠢ
Ene bayi:γu:luγsan bii tas egü:ri urtu-da eši boluγa:d uruγ-un uruγ anu öbe:de ü[...]üskü boltuγai.
45
ᠵᠷᠯᠭ ᠢᠶᠠᠷ ᠭᠠ ᠶᠢ ᠳᠠᠢᠸᠤ ᠳᠠᠢᠳᠤ ᠯᠤᠤ ᠳᠤᠤ ᠰᠤᠩᠭᠣᠨ ᠸᠤᠤ ᠶᠢᠨ ᠰᠠᠩᠣᠨ ᠭᠡᠮ ᠲᠠᠢ ᠱᠢᠩ ᠸᠤᠤ ᠶᠢᠨ ᠵᠡᠤᠵᠤ ᠬᠢᠲᠠᠳ ᠤᠨ ᠠᠶᠠᠯᠭᠤᠰ ᠠᠴᠠ ᠮᠣᠩᠭᠣᠯ ᠤᠨ ᠠᠶᠠᠯᠭᠤᠰ ᠲᠤᠷ ᠨᠠᠶᠢᠷᠠᠭᠤᠯᠭᠠᠨ ᠣᠷᠴᠢᠭᠤᠯᠤᠭᠠᠳ ᠮᠠᠩᠯᠠᠢ ᠶᠢᠨ ᠪᠢᠴᠢᠭ ᠰᠡᠯᠲᠡ ᠪᠢᠴᠢᠵᠦ ᠲᠡᠭᠦᠰᠬᠡᠪᠡ
36. Jrlγ-iya:r ga yi daivu Daidu luu duu sunggon vuu-yi:n sangon gem tai šing vuu-yi:n jeuju qitad-un ayalγus-a:ča Mongγol-un ayalγus-tur nayi:raγu:lγan orčiγu:luγa:d manglai-yi:n bičig [sel]te bičijü tegüskebe.
46
ᠵᠢ ᠥᠨ ᠳᠥᠲᠦᠭᠡᠷ ᠣᠨ ᠸᠤᠤ ᠪᠠᠷᠰ ᠵᠢᠯ ᠲᠠᠪᠤᠨ ᠰᠠᠷ᠎ᠠ ᠶᠢᠨ ᠬᠣᠷᠢᠨ ᠨᠢᠭᠡᠨ ᠳᠦᠷ ᠪᠠᠶᠢᠭᠤᠯᠪᠠᠢ
37. Ji-ön dötüge:r on vuu bars jil tabun sara-yi:n qorin nigen-dür bayi:γu:lbai.