Geneology of Khosuds
Reconstruction, not a copy of the monument: the Mongolian-script text is generated automatically from the transcription in modern Unicode spelling. The orthography of pre-classical documents differed; consult the facsimile and the edition.
1
ᠪᠣᠭᠳᠠ ᠴᠢᠩᠭᠢᠰ ᠬᠠᠭᠠᠨ ᠤ ᠤᠭ ᠳᠥᠷᠪᠡᠨ ᠣᠶᠢᠷᠠᠳ ᠤᠨ ᠤᠭ ᠬᠣᠱᠤᠳ ᠤᠨ ᠤᠭ ᠤᠨ ᠲᠡᠦᠬᠡ ᠪᠢᠴᠢᠭ
Boγda Činggis qaγan-u uγ, Dörben Oyirad-un uγ, Qošud-un uγ-un teüke bičig
3
ᠳᠥᠷᠪᠡᠨ ᠵᠦᠶᠢᠯ ᠪᠣᠯᠬᠤᠯ᠎ᠠ ᠨᠣᠬᠠᠢ ᠲᠣᠯᠣᠭᠠᠶᠢᠲᠤ ᠬᠦᠮᠦᠨ ᠦᠬᠡᠷ ᠲᠣᠯᠣᠭᠠᠶᠢᠲᠤ ᠬᠦᠮᠦᠨ ᠥᠷᠥᠴᠡ ᠳᠡᠭᠡᠨ ᠨᠢᠳᠤ ᠠᠮᠠ ᠲᠠᠢ ᠬᠦᠮᠦᠨ ᠭᠡᠳᠡᠰᠦᠨ ᠳᠡᠭᠡᠨ ᠨᠦᠬᠡ ᠲᠡᠢ ᠬᠦᠮᠦᠨ
Dörben ǰüyil bolqul-a noqai toloγayitu kümün, üker toloγayitu kümün, öröče-degen nidu ama-tai kümün, gedesün-degen nüke-tei kümün
4
ᠲᠠᠪᠤᠨ ᠥᠩᠭᠡ ᠪᠣᠯᠬᠤᠯ᠎ᠠ ᠤᠯᠠᠭᠠᠨ ᠬᠢᠲᠠᠳ ᠬᠥᠬᠡ ᠮᠣᠩᠭᠣᠯ ᠴᠠᠭᠠᠨ ᠰᠣᠯᠣᠩᠭᠤᠳ ᠬᠠᠷ᠎ᠠ ᠲᠠᠩᠭᠤᠳ ᠰᠢᠷ᠎ᠠ ᠬᠣᠲᠣᠩ
Tabun öngge bolqul-a Ulaγan Kitad, Köke Mongγol, Čaγan Solongγud, Qara Tangγud, Sir-a Qotong
7
ᠡᠭᠦᠨ ᠢ ᠣᠷᠣᠭᠤᠯᠵᠤ ᠠᠪᠬᠤ ᠳᠠᠭᠠᠨ ᠴᠢᠩᠭᠢᠰ ᠪᠣᠭᠳᠠ ᠶᠢᠨ ᠢᠳᠢ ᠱᠢᠳᠢ ᠶᠢᠨ ᠬᠦᠴᠦᠨ ᠬᠠᠪᠠᠲᠤ ᠬᠠᠰᠠᠷ ᠤᠨ ᠬᠠᠷᠪᠤᠯᠭ᠎ᠠ ᠪᠥᠬᠡ ᠪᠡᠯᠭᠦᠲᠡᠢ ᠶᠢᠨ ᠠᠭᠤᠤ ᠶᠡᠬᠡ ᠬᠦᠴᠦᠨ ᠣᠴᠢᠨᠠᠢ ᠪᠠᠭᠠᠲᠤᠷ ᠤᠨ ᠵᠢᠷᠦᠬᠡᠨ ᠬᠠᠷᠠᠴᠤ ᠠᠯᠪᠠᠲᠤ ᠵᠠᠷᠴᠢᠭᠤᠳᠠᠢ ᠮᠡᠷᠭᠡᠨ
Egün-i oroγulǰu abqu-daγan, Činggis Boγda-yin idi šidi-yin küčün, Qabatu Qasar-un qarbulγ-a, Böke Belgütei-yin aγuu yeke küčün, Očinai baγatur-un ǰirüken, qaraču albatu Jarčiγudai Mergen
8
ᠴᠢᠩᠭᠢᠰ ᠪᠣᠭᠳᠠ ᠡᠨᠡ ᠳᠥᠷᠪᠡᠨ ᠪᠠᠭᠠᠲᠤᠷ ᠲᠠᠢ ᠳᠠᠶᠢᠯᠠᠵᠤ ᠣᠷᠣᠭᠤᠯᠵᠤ ᠠᠪᠤᠭᠠᠳ ᠡᠵᠡᠯᠡᠪᠡᠢ
Činggis Boγda ene dörben baγatur-tai dayilaǰu oroγulǰu abuγad eǰelebei
9
ᠲᠡᠷᠡ ᠴᠠᠭ ᠲᠤ ᠪᠣᠭᠳᠠ ᠶᠢᠨ ᠶᠡᠬᠡ ᠬᠥᠪᠡᠭᠦᠨ ᠴᠠᠭᠠᠳᠠᠢ ᠶᠢ ᠷᠤᠮ ᠠᠪᠴᠤ ᠬᠠᠭᠠᠨ ᠬᠢᠪᠡᠢ
Tere čaγ-tu, Boγda-yin yeke köbegün Čaγadai-yi Rum abču qaγan kibei
10
ᠬᠣᠶᠠᠳᠤᠭᠠᠷ ᠬᠥᠪᠡᠭᠦᠨ ᠣᠩᠭᠣᠳᠢ ᠶᠢ ᠨᠤᠲᠤᠭ ᠲᠠᠭᠠᠨ ᠠᠪᠴᠤ ᠬᠠᠭᠠᠨ ᠬᠢᠪᠡᠢ
Qoyaduγar köbegün Ongγodi-yi nutuγ-taγan abču qaγan kibei
11
ᠤᠷᠪᠠᠳᠤᠭᠠᠷ ᠬᠥᠪᠡᠭᠦᠨ ᠬᠢᠷᠢᠰᠲᠤᠨ ᠰᠠᠯᠤᠭᠠᠳ ᠶᠠᠪᠤᠵᠤ ᠳᠣᠯᠤᠭᠠᠨ ᠦᠶ᠎ᠡ ᠳᠠᠮᠵᠢᠵᠤ ᠳᠠᠨᠵᠢᠨ ᠪᠯᠠᠮ᠎ᠠ ᠳᠤ ᠬᠦᠷᠴᠦ ᠢᠷᠡᠭᠡᠳ ᠳᠠᠨᠵᠢᠨ ᠪᠯᠠᠮ ᠠ ᠠᠴᠠ ᠳᠥᠷᠪᠡᠨ ᠬᠥᠪᠡᠭᠦᠨ ᠲᠥᠷᠥᠪᠡᠢ
Гurbaduγar köbegün Kiristun saluγad yabuǰu doluγan üy-e damǰiǰu Danǰin blama-du kürčü ireged, Danǰin blam-a-ača dörben köbegün töröbei
12
ᠡᠭᠦᠨ ᠦ ᠤᠭ ᠳᠥᠷᠪᠡᠨ ᠠᠶᠢᠮᠠᠭ ᠤᠨ ᠬᠠᠯᠬ᠎ᠠ ᠨᠣᠶᠠᠳ ᠡᠳᠡᠨ ᠮᠥᠨ
Egün-ü uγ dörben ayimaγ-un Qalq-a noyad eden mön
13
ᠳᠥᠷᠪᠡᠳᠦᠭᠡᠷ ᠬᠥᠪᠡᠭᠦᠨ ᠯᠢᠩᠵᠠᠩ ᠴᠠᠬᠠᠷ ᠠᠪᠴᠤ ᠬᠠᠭᠠᠨ ᠬᠢᠪᠡᠢ
Dörbedüger köbegün Lingǰang Čaqar abču qaγan kibei
14
ᠪᠣᠭᠳᠠ ᠶᠢᠨ ᠳᠥᠷᠪᠡᠨ ᠬᠥᠪᠡᠭᠦᠨ ᠳᠣᠯᠤᠭᠠᠨ ᠠᠴᠢ ᠶᠢ ᠬᠤᠪᠢᠶᠠᠵᠤ ᠠᠪᠤᠭᠠᠳ ᠬᠠᠭᠠᠨ ᠰᠠᠭᠤᠯᠭᠠᠪᠠᠢ
Boγda-yin dörben köbegün doluγan ači-yi qubiyaǰu abuγad qaγan saγulγabai
15
ᠬᠠᠪᠠᠲᠤ ᠬᠠᠰᠠᠷ ᠤᠨ ᠤᠭ ᠪᠥᠬᠡ ᠪᠡᠯᠭᠦᠲᠡᠢ ᠶᠢᠨ ᠤᠭ ᠠᠷᠤᠭ ᠲᠡᠮᠦᠷ ᠦᠨ ᠤᠭ ᠣᠴᠢᠨᠢ ᠪᠠᠭᠠᠲᠤᠷ ᠤᠨ ᠤᠭ ᠱᠢᠷᠠ ᠲᠠᠶᠢᠱᠢ ᠶᠢᠨ ᠤᠭ ᠡᠳᠡ ᠳᠥᠷᠪᠡᠨ ᠳᠡᠭᠦᠦ ᠳᠣᠯᠤᠭᠠᠨ ᠠᠴᠢ ᠶᠢᠨ ᠤᠭ ᠡᠭᠦᠨ ᠢ ᠬᠠᠷ᠎ᠠ ᠬᠣᠷᠴᠢᠨ ᠥᠪᠡᠷ ᠳᠥᠴᠢᠨ ᠶᠢᠰᠤᠨ ᠬᠣᠱᠢᠭᠤᠨ ᠪᠠᠰᠠ ᠪᠠᠬᠠᠷ ᠬᠣᠬᠣᠨ ᠪᠠᠳᠠᠭᠱᠠᠨ ᠶᠠᠷᠬᠢᠶᠡᠩ ᠶᠠᠷᠬᠡᠨ ᠬᠠᠱᠢᠬᠠᠷ ᠬᠠᠮᠢᠯ ᠤᠯᠵᠠ ᠲᠤᠷᠫᠠᠨ ᠪᠤᠷᠤᠳ ᠡᠳᠡᠨ ᠦ ᠬᠠᠮᠤᠭ ᠪᠦᠭᠦᠳᠡ ᠬᠠᠰᠠᠭ ᠲᠠᠶᠢᠵᠢ ᠨᠠᠷ ᠤᠨ ᠤᠭ ᠡᠳᠡᠨ ᠮᠥᠨ ᠭᠡᠳᠡᠭ
Qabatu Qasar-un uγ, Böke Belgütei-yin uγ, Aruγ Temür-ün uγ, Očini baγatur-un uγ, Šir-a tayiši-yin uγ, ede dörben degüü doluγan ači-yin uγ, egün-i qara Qorčin, öber döčin yisun qošiγun Basa Baqar, Qoqon, Badaγšan, Yarkiyeng (Yarken), Qašiqar, Qamil, Гulǰa, Turpan, Burud eden-ü qamuγ bügüde Qasaγ tayiǰi-nar-un uγ eden mön gedeg
17
ᠡᠭᠦᠨ ᠦ ᠬᠥᠪᠡᠭᠦᠨ ᠪᠤᠷᠠᠭᠰᠠᠨᠵᠢ ᠡᠭᠦᠨ ᠦ ᠬᠥᠪᠡᠭᠦᠨ ᠰᠠᠪᠱᠢᠷᠮᠠ ᠡᠭᠦᠨ ᠦ ᠬᠥᠪᠡᠭᠦᠨ ᠠᠭᠰᠠᠬᠠᠯᠲᠠᠢ ᠨᠣᠶᠠᠨ ᠡᠭᠦᠨ ᠦ ᠬᠥᠪᠡᠭᠦᠨ ᠠᠷᠠᠭᠲᠡᠮᠦᠷ
Egün-ü köbegün Buraγsanǰi, egün-ü köbegün Sabširma, egün-ü köbegün Aγsaqaltai noyan Egün-ü köbegün Araγtemür,
18
ᠳᠡᠭᠦᠦ ᠨᠢ ᠦᠷᠦᠭᠲᠡᠮᠦᠷ ᠲᠦ ᠬᠣᠱᠢᠭᠤᠨ ᠬᠣᠱᠢᠭᠤᠨ ᠠᠴᠠ ᠰᠠᠶᠢᠨ ᠮᠠᠭᠤ ᠠᠯᠪᠠᠲᠤ ᠪᠠᠷ ᠥᠮᠴᠢ ᠥᠭᠦᠭᠰᠡᠨ ᠳᠦ ᠳᠡᠭᠦᠦ ᠨᠢ ᠥᠴᠢᠯᠳᠡᠭᠡᠳ ᠱᠢᠩᠭᠡᠬᠦ ᠵᠦᠭ ᠦᠨ ᠥᠭᠡᠯᠡᠳ ᠦᠨ ᠲᠣᠭᠣᠨ ᠲᠠᠶᠢᠱᠢ ᠶᠢ ᠲᠦᠱᠢᠵᠦ ᠣᠳᠬᠤᠯ᠎ᠠ ᠨᠢ ᠲᠣᠭᠣᠨ ᠲᠠᠶᠢᠱᠢ ᠬᠡᠦᠬᠡᠨ ᠢᠶᠡᠨ ᠥᠭᠭᠦᠭᠡᠳ ᠬᠦᠷᠭᠡᠨ ᠬᠢᠵᠦ ᠰᠠᠭᠤᠯᠭᠠᠪᠠ
degüü ni Ürügtemür-tü qošiγun qošiγun-ača sayin maγu albatu-bar ömči ögügsen-dü, degüü ni öčildeged šinggekü ǰüg-ün Ögeled-ün Toγon-tayiši-yi tüšiǰü odqul-a ni, Toγon-tayiši keüken-iyen öggüged kürgen kiǰü saγulγaba
22
ᠲᠥᠬᠦᠳᠡᠢ ᠶᠢᠨ ᠬᠥᠪᠡᠭᠦᠨ ᠰᠠᠮᠠᠯᠠᠬᠤ ᠴᠡᠴᠡᠨ ᠡᠭᠦᠨ ᠦ ᠬᠥᠪᠡᠭᠦᠨ ᠠᠳᠠᠬᠠᠢ ᠡᠭᠦᠨ ᠦ ᠬᠥᠪᠡᠭᠦᠨ ᠨᠠᠭᠠᠲᠠᠢ ᠡᠭᠦᠨ ᠦ ᠬᠥᠪᠡᠭᠦᠨ ᠣᠪᠣᠭ ᠵᠢᠩᠭᠢᠰ ᠪᠤᠤᠪᠡᠢ ᠮᠢᠷᠴᠡ ᠭᠣᠶᠠᠷ
Töküdei-yin köbegün Samalaqu Čečen, egün-ü köbegün Adaqai Egün-ü köbegün Naγatai Egün-ü köbegün Oboγ Jinggis, Buubei Mirče goyar
23
ᠣᠪᠣᠭ ᠵᠢᠩᠭᠢᠰ ᠤᠨ ᠬᠥᠪᠡᠭᠦᠨ ᠵᠣᠶᠣᠲᠠᠢ ᠵᠢᠩᠭᠢᠰ ᠡᠭᠦᠨ ᠦ ᠬᠥᠪᠡᠭᠦᠨ ᠰᠦᠬᠦᠷ ᠡᠭᠦᠨ ᠦ ᠬᠥᠪᠡᠭᠦᠨ ᠨᠣᠶᠠᠨ ᠡᠷᠳᠡᠨᠢ ᠡᠭᠦᠨ ᠦ ᠬᠥᠪᠡᠭᠦᠨ ᠭᠤᠮᠪᠣᠱᠢᠷᠠᠪ
Oboγ Jinggis-un köbegün Joyotai Jinggis, egün-ü köbegün Sükür, egün-ü köbegün Noyan Erdeni, egün-ü köbegün Gumboširab
25
ᠡᠭᠦᠨ ᠦ ᠬᠥᠪᠡᠭᠦᠨ ᠬᠠᠶᠢᠨᠠᠭ ᠲᠦᠱᠢᠶᠡᠲᠦ ᠬᠣᠶᠠᠳᠤᠭᠠᠷ ᠨᠢ ᠪᠠᠶᠢᠪᠠᠭᠠᠰ ᠨᠣᠶᠠᠨ ᠭᠤᠷᠪᠠᠳᠤᠭᠠᠷ ᠨᠢ ᠳᠦᠭᠦᠷᠭᠡᠴᠢ ᠨᠣᠶᠠᠨ ᠳᠷᠪᠡᠳᠦᠭᠡᠷ ᠨᠢ ᠲᠥᠷᠥᠪᠠᠷᠢᠬᠤ ᠭᠡᠭᠡᠨ ᠭᠦᠱᠢ ᠬᠠᠭᠠᠨ ᠲᠠᠪᠤᠳᠤᠭᠠᠷ ᠨᠢ ᠴᠡᠷᠡᠩ ᠬᠠᠲᠠᠨ ᠵᠢᠷᠭᠤᠳᠤᠭᠠᠷ ᠨᠢ ᠪᠤᠶᠠᠨ ᠣᠳᠬᠣᠨ
Egün-ü köbegün Qayinaγ Tüšiyetü, qoyaduγar ni Bayibaγas-noyan, γurbaduγar ni Dügürgeči-noyan, dӧrbedüger ni Töröbariqu-gegen Güši-qaγan, tabuduγar ni Čereng Qatan, ǰirγuduγar ni Buyan Odqon
26
ᠪᠠᠢᠪᠠᠭᠠᠰ ᠤᠨ ᠬᠥᠪᠡᠭᠦᠨ ᠸᠢᠷᠲᠤ ᠴᠡᠴᠡᠨ ᠬᠠᠭᠠᠨ ᠠᠪᠠᠯᠠᠢ ᠬᠣᠶᠠᠷ
Baibaγas-un köbegün Vcirtu Čečen qaγan, Abalai qoyar
27
ᠸᠴᠢᠷᠲᠤ ᠴᠡᠴᠡᠨ ᠬᠠᠭᠠᠨ ᠤ ᠠᠬ᠎ᠠ ᠬᠥᠪᠡᠭᠦᠨ ᠡᠷᠳᠡᠨᠢ ᠬᠤᠩ ᠲᠠᠶᠢᠵᠢ ᠠᠯᠳᠠᠮ᠎ᠠ ᠬᠣᠶᠠᠷ
Včirtu Čečen-qaγan-u aqa köbegün Erdeni qung-tayiǰi, Гaldama qoyar
28
ᠡᠷᠳᠡᠨᠢ ᠬᠤᠩ ᠲᠠᠶᠢᠵᠢ ᠶᠢᠨ ᠬᠥᠪᠡᠭᠦᠨ ᠠᠯᠳᠠᠨ ᠳᠣᠷᠵᠢ ᠡᠭᠦᠨ ᠦ ᠬᠥᠪᠡᠭᠦᠨ ᠯᠤᠪᠽᠠᠩ ᠭᠣᠮᠪᠣ
Erdeni qung-tayiǰi-yin köbegün Гaldan Dorǰi, egün-ü köbegün Lubzang Gombo
30
ᠴᠡᠴᠡᠨ ᠬᠠᠭᠠᠨ ᠤ ᠤᠭ ᠲᠠᠰᠤᠷᠠᠭᠠᠳ ᠠᠪᠠᠯᠠᠢ ᠶᠢᠨ ᠤᠭ ᠬᠥᠬᠡ ᠨᠠᠭᠤᠷ ᠶᠢᠨ ᠬᠣᠱᠤᠳ ᠲᠤ ᠪᠠᠶᠢᠨ᠎ᠠ
Čečen qaγan-u uγ tasuraγad, Abalai-yin uγ Köke-naγur-yin Qošud-tu bayina
31
ᠳᠦᠭᠦᠷᠭᠡᠴᠢ ᠨᠣᠶᠠᠨ ᠤ ᠠᠷᠪᠠᠨ ᠵᠢᠷᠭᠤᠭᠠᠨ ᠬᠥᠪᠡᠭᠦᠨ ᠡᠴᠡ ᠶᠡᠬᠡ ᠪᠠᠳᠠᠢ ᠠᠬᠠᠲᠠᠢ ᠶᠢᠰᠤᠨ ᠬᠥᠪᠡᠭᠦᠨ ᠨᠢ ᠤᠭ ᠠᠯᠪᠠᠲᠤ ᠲᠠᠢ ᠪᠠᠨ ᠵᠡᠭᠦᠨ ᠭᠠᠷ ᠲᠤ ᠦᠯᠡᠳᠡᠭᠡᠳ ᠬᠣᠶᠢᠨᠠ ᠨᠢ ᠪᠠᠷᠬᠦᠯ ᠦᠷᠦᠮᠴᠢ ᠳᠤ ᠪᠠᠶᠢᠭᠠᠳ ᠬᠠᠮᠲᠤ ᠡᠪᠳᠡᠷᠡᠪᠡᠢ
Dügürgeči-noyan-u arban ǰirγuγan köbegün-eče, Yeke Badai aqatai yisun köbegün ni uγ albatu-tai-ban Jegün γar-tu üledeged, qoyin-a ni Barkül, Ürümči-du bayiγad qamtu ebderebei
32
ᠡᠳᠡᠨ ᠦ ᠤᠭ ᠠᠴᠠ ᠪᠤᠶᠠᠨᠬᠡᠱᠢᠭ ᠵᠠᠰᠠᠭ ᠭᠠᠭᠴᠠᠭᠠᠷ ᠦᠯᠡᠳᠡᠪᠡᠢ
Eden-ü uγ-ača Buyankešig ǰasaγ γaγčaγar üledebei
33
ᠪᠠᠳᠠᠢ ᠶᠢᠨ ᠤᠭ ᠠᠴᠠ ᠶᠤᠯᠳᠤᠰ ᠲᠤ ᠳᠥᠷᠪᠡᠨ ᠬᠣᠱᠢᠭᠤᠨ ᠪᠡᠶᠢᠰᠡ ᠠᠬᠠᠯᠠᠵᠤ ᠢᠵᠢᠯ ᠠᠴᠠ ᠢᠷᠡᠪᠡᠢ
Badai-yin uγ-ača Yuldus-tu dörben qošiγun beyise aqalaǰu Iǰil-ača irebei
34
ᠭᠦᠱᠢ ᠬᠠᠭᠠᠨ ᠤ ᠠᠷᠪᠠᠨ ᠬᠥᠪᠡᠭᠦᠨ ᠦ ᠠᠬ᠎ᠠ ᠳᠠᠶᠠᠨ ᠭᠡᠭᠴᠢ ᠸᠴᠢᠷ ᠬᠠᠭᠠᠨ
Güši qaγan-u arban köbegün-ü aq-a Dayan gegči Včir qaγan
36
ᠡᠭᠦᠨ ᠦ ᠬᠥᠪᠡᠭᠦᠨ ᠯᠾᠠᠽᠤᠩ ᠬᠠᠭᠠᠨ ᠡᠭᠦᠨ ᠦ ᠬᠥᠪᠡᠭᠦᠨ ᠠᠯᠰᠠᠩ ᠳᠠᠨᠵᠢᠨ ᠡᠭᠦᠨ ᠦ ᠬᠥᠪᠡᠭᠦᠨ ᠪᠠᠯᠵᠤᠤᠷ
Egün-ü köbegün Lhazung qaγan, egün-ü köbegün Гalsang Danǰin, egün-ü köbegün Balǰuur
37
ᠪᠢᠱᠢᠩᠬᠢᠨ ᠤ ᠤᠭ ᠬᠥᠬᠡ ᠨᠠᠭᠤᠷ ᠠᠯᠠᠱᠠᠨ ᠳᠤ ᠬᠣᠷᠢᠨ ᠨᠢᠭᠡᠨ ᠵᠠᠰᠠᠭ ᠪᠠᠶᠢᠨ᠎ᠠ
Bišingkin-u uγ Köke-naγur, Alašan-du qorin nigen ǰasaγ bayina
38
ᠢᠵᠢᠯ ᠳᠤ ᠳᠣᠯᠤᠭᠠᠨ ᠨᠣᠶᠠᠨ ᠤ ᠤᠭ ᠠᠯᠪᠠᠲᠤ ᠲᠠᠢ ᠪᠠᠨ ᠦᠯᠡᠳᠡᠪᠡᠢ ᠭᠡᠳᠡᠭ
Iǰil-du doluγan noyan-u uγ albatu-tai-ban üledebei gedeg
39
ᠪᠣᠭᠳᠠ ᠶᠢᠨ ᠬᠦᠷᠭᠡᠨ ᠵᠠᠷᠴᠢᠭᠤᠳᠠᠢ ᠠᠴᠠ ᠲᠥᠷᠥᠭᠰᠡᠨ ᠬᠥᠪᠡᠭᠦᠨ ᠵᠡᠯᠮ᠎ᠡ ᠶᠢ ᠨᠢᠭᠡ ᠦᠶ᠎ᠡ ᠪᠡᠭᠡᠵᠢᠩ ᠳᠦ ᠢᠯᠭᠡᠲᠡᠢ ᠪᠣᠯᠭᠠᠵᠤ ᠰᠠᠭᠤᠯᠭᠠᠭᠠᠳ ᠬᠣᠶᠢᠨᠠ ᠨᠢ ᠥᠭᠡᠯᠡᠳ ᠮᠣᠩᠭᠣᠯ ᠳᠤ ᠳᠥᠷᠪᠡᠨ ᠳᠡᠭᠦᠦ ᠳᠣᠯᠤᠭᠠᠨ ᠠᠴᠢ ᠶᠢᠨ ᠤᠭ ᠠᠴᠠ ᠨᠣᠶᠠᠨ ᠡᠰᠡ ᠬᠦᠷᠲᠡᠭᠡᠳ ᠵᠡᠯᠮ᠎ᠡ ᠶᠢ ᠠᠪᠴᠤ ᠨᠣᠶᠠᠨ ᠬᠢᠵᠤ ᠢᠯᠭᠠᠵᠤ ᠭᠠᠷᠤᠭᠠᠳ ᠬᠣᠶᠢᠲᠤ ᠵᠦᠭ ᠦᠨ ᠠᠯᠲᠠᠢ ᠬᠣᠪᠠᠭ ᠰᠠᠶᠢᠷᠢ ᠲᠠᠷᠪᠠᠭᠠᠲᠠᠢ ᠡᠷᠢᠶᠡᠨ ᠬᠠᠪᠢᠷᠭ᠎ᠠ ᠢᠯᠢ ᠵᠡᠷᠭᠡ ᠭᠠᠵᠠᠷ ᠲᠤ ᠪᠠᠶᠢᠭᠰᠠᠨ ᠬᠣᠲᠣᠩ ᠪᠤᠷᠤᠳ ᠡᠳᠡᠨ ᠢ ᠳᠠᠶᠢᠯᠠᠵᠤ ᠠᠪᠤᠭᠠᠳ ᠡᠵᠡᠯᠡᠪᠡᠢ
Boγda-yin kürgen Jarčiγudai-ača törögsen köbegün Jelme-yi nige üy-e Begeǰing-dü ilgetei bolγaǰu saγulγaγad, qoyin-a ni Ögeled Mongγol-du dörben degüü doluγan ači-yin uγ-ača noyan ese kürteged, Jelme-yi abču noyan kiǰu ilγaǰu γaruγad, qoyitu ǰüg-ün Altai, Qobaγ Sayiri, Tarbaγatai, Eriyen Qabirγ-a, Ili ǰerge γaǰar-tu bayiγsan Qotong, Burud eden-i dayilaǰu abuγad eǰelebei
40
ᠵᠡᠯᠮ᠎ᠡ ᠡᠴᠡ ᠳᠣᠯᠤᠭᠠᠨ ᠦᠶ᠎ᠡ ᠳᠠᠮᠵᠢᠵᠤ ᠪᠣ ᠬᠠᠭᠠᠨ ᠳᠤ ᠬᠦᠷᠴᠦ ᠢᠷᠡᠭᠡᠳ ᠪᠣ ᠬᠠᠭᠠᠨ ᠬᠣᠷᠮᠤᠰᠲᠠᠨ ᠲᠩᠷᠢ ᠶᠢᠨ ᠬᠡᠦᠬᠡᠳ ᠵᠠᠯᠠᠭᠠᠳ ᠲᠡᠮᠦᠷ ᠲᠣᠭᠣᠨ ᠲᠠᠶᠢᠱᠢ ᠲᠥᠷᠦᠭᠡᠳ ᠥᠭᠡᠯᠡᠳ ᠦᠨ ᠬᠠᠭᠠᠨ ᠪᠣᠯᠵᠤ ᠭᠠᠷᠤᠭᠰᠠᠨ ᠪᠠᠶᠢᠨ᠎ᠠ
Jelme-eče doluγan üy-e damǰiǰu Bo qaγan-du kürčü ireged, Bo qaγan Qormustan tngri-yin keüked ǰalaγad Temür Toγon tayiši törüged Ögeled-ün qaγan bolǰu γaruγsan bayin-a.
41
ᠲᠡᠮᠦᠷ ᠲᠣᠭᠣᠨ ᠲᠠᠶᠢᠱᠢ ᠶᠢᠨ ᠬᠥᠪᠡᠭᠦᠨ ᠥᠱᠲᠡᠮᠦᠷ ᠳᠠᠷᠬᠠᠨ ᠨᠣᠶᠠᠨ ᠡᠭᠦᠨ ᠦ ᠬᠥᠪᠡᠭᠦᠨ ᠪᠦᠷᠢᠨ ᠠᠶᠠᠯᠭᠤ ᠡᠭᠦᠨ ᠦ ᠬᠥᠪᠡᠭᠦᠨ ᠡᠰᠡᠨ
Temür Toγon-tayiši-yin köbegün Öštemür Darqan-noyan, egün-ü köbegün Bürin Ayalγu, egün-ü köbegün Esen
42
ᠡᠰᠡᠨ ᠡᠴᠡ ᠬᠣᠶᠠᠷ ᠬᠥᠪᠡᠭᠦᠨ ᠭᠠᠷᠤᠪᠠ ᠠᠬ᠎ᠠ ᠬᠥᠪᠡᠭᠦᠨ ᠣᠩᠭᠣᠷᠬᠠᠢ ᠬᠣᠶᠠᠳᠤᠭᠠᠷ ᠬᠥᠪᠡᠭᠦᠨ ᠨᠢ ᠣᠩᠭᠣᠴᠠ
Esen-eče qoyar köbegün γaruba, aqa köbegün Ongγorqai, qoyaduγar köbegün ni Ongγoča
43
ᠪᠦᠷᠢᠨ ᠠᠶᠠᠯᠭᠤ ᠶᠢᠨ ᠳᠡᠭᠦᠦ ᠪᠣᠷᠣᠨᠠᠭᠠᠯ ᠤᠨ ᠬᠥᠪᠡᠭᠦᠨ ᠶᠡᠬᠡ ᠣᠩᠭᠣᠷᠬᠠᠢ ᠭᠡᠭᠴᠢ ᠢᠱᠢᠭᠡᠢ ᠲᠠᠶᠢᠱᠢ ᠠᠴᠠ ᠭᠤᠷᠪᠠᠨ ᠦᠶ᠎ᠡ ᠳᠠᠮᠵᠢᠭᠠᠳ ᠳᠠᠯᠠᠢ ᠲᠠᠶᠢᠱᠢ ᠳᠤ ᠬᠦᠷᠴᠦ ᠢᠷᠡᠭᠡᠳ ᠳᠠᠯᠠᠢ ᠲᠠᠶᠢᠱᠢ ᠠᠴᠠ ᠳᠣᠯᠤᠭᠠᠨ ᠬᠥᠪᠡᠭᠦᠨ ᠭᠠᠷᠤᠪᠠ
Bürin Ayalγu-yin degüü Boronaγal-un köbegün Yeke Ongγorqai gegči Išigei-tayiši-ača γurban üy-e damǰiγad Dalai-tayiši-du kürčü ireged, Dalai-tayiši-ača doluγan köbegün γaruba
44
ᠡᠭᠦᠨ ᠦ ᠳᠥᠷᠪᠡᠳᠦᠭᠡᠷ ᠬᠥᠪᠡᠭᠦᠨ ᠨᠢ ᠣᠮᠪᠣ ᠳᠠᠶᠢᠴᠢᠩ ᠬᠣᠱᠢᠭᠤᠴᠢ ᠡᠭᠦᠨ ᠦ ᠬᠥᠪᠡᠭᠦᠨ ᠢᠱᠢᠵᠠᠪ ᠤᠨ ᠤᠭ ᠳᠥᠷᠪᠡᠳ ᠬᠠᠭᠠᠨ ᠴᠢᠩ ᠸᠠᠩ ᠠᠩᠳᠣᠷᠵᠢ ᠡᠳᠡᠨ ᠮᠥᠨ
Egün-ü dörbedüger köbegün ni Ombo Dayičing Qošiγuči, egün-ü köbegün Išiǰab-un uγ Dörbed qaγan čing-vang Гangdorǰi eden mön
46
ᠳᠠᠯᠠᠢ ᠲᠠᠶᠢᠱᠢ ᠶᠢᠨ ᠳᠡᠭᠦᠦ ᠪᠣ ᠶᠡᠯᠳᠡᠩ ᠦᠨ ᠤᠭ ᠪᠠᠶᠠᠳ ᠤᠨ ᠵᠢᠶᠤᠩ ᠸᠠᠩ ᠡᠳᠡᠨ ᠮᠥᠨ
Dalai-tayiši-yin degüü Bo Yeldeng-ün uγ Bayad-un ǰiyung-vang (цзюнь-ван) eden mön
47
ᠪᠢᠱᠢᠩᠬᠢᠨ ᠠᠷᠪᠠᠨ ᠵᠠᠰᠠᠭ ᠪᠣᠯᠬᠤᠯ᠎ᠠ ᠪᠢᠱᠢᠩᠬᠢᠨ ᠤ ᠤᠭ ᠡᠳᠡᠨ ᠮᠥᠨ
Bišingkin arban ǰasaγ bolqul-a bišingkin-u uγ eden mön
48
ᠡᠰᠡᠨ ᠦ ᠬᠣᠶᠠᠳᠤᠭᠠᠷ ᠬᠥᠪᠡᠭᠦᠨ ᠣᠩᠭᠣᠴᠠ ᠡᠭᠦᠨ ᠦ ᠬᠥᠪᠡᠭᠦᠨ ᠬᠠᠮᠤᠭ ᠲᠠᠶᠢᠱᠢ
Esen-ü qoyaduγar köbegün Ongγoča, egün-ü köbegün Qamuγ tayiši
49
ᠬᠠᠮᠤᠭ ᠲᠠᠶᠢᠱᠢ ᠶᠢᠨ ᠭᠤᠷᠪᠠᠨ ᠬᠥᠪᠡᠭᠦᠨ ᠦ ᠠᠬ᠎ᠠ ᠨᠢ ᠷᠠᠭᠨᠠᠨ ᠴᠢᠩᠰᠠᠩ ᠬᠣᠶᠠᠳᠤᠭᠠᠷ ᠨᠢ ᠨᠤᠰᠬᠠᠨᠠᠢ ᠭᠤᠷᠪᠠᠳᠤᠭᠠᠷ ᠨᠢ ᠣᠩᠭᠣᠢ ᠡᠳᠡᠨ ᠭᠤᠷᠪᠠᠨ ᠨᠣᠶᠠᠨ ᠥᠭᠡᠯᠡᠳ ᠭᠡᠳᠡᠭ
Qamuγ tayiši-yin γurban köbegün-ü aq-a ni Ragnan-čingsang, qoyaduγar ni Nusqanai, γurbaduγar ni Ongγoi, eden γurban noyan Ögeled gedeg
50
ᠣᠶᠢᠷᠠᠳ ᠢ ᠠᠬᠠᠯᠠᠵᠤ ᠠᠪᠴᠤ ᠨᠡᠭᠦᠯᠭᠡᠭᠡᠳ ᠱᠢᠷᠠ ᠱᠢᠮᠨᠤ ᠳᠤ ᠬᠥᠲᠥᠯᠡᠭᠳᠡᠵᠦ ᠣᠳᠣᠭᠠᠳ ᠬᠣᠶᠢᠲᠤ ᠪᠡᠶ᠎ᠡ ᠬᠢ ᠰᠡᠬᠡᠢ ᠦᠨᠳᠦᠱᠦᠲᠡᠢ ᠬᠠᠷᠮᠠᠰᠠᠬᠠ ᠠᠭᠤᠯᠠ ᠶᠢ ᠳᠠᠪᠠᠵᠤ ᠨᠤᠲᠤᠭᠯᠠᠭᠠᠳ ᠪᠠᠶᠢᠭᠰᠠᠨ ᠳᠤ ᠮᠥᠰᠦᠨ ᠤᠷᠭᠤᠵᠤ ᠪᠥᠭᠯᠡᠪᠡᠢ ᠭᠡᠳᠡᠭ
Oyirad-i aqalaǰu abču negülgeged Šir-a Šimnu-du kötölegdeǰü odoγad qoyitu bey-e Ki Sekei ündüšütei Qarmasaq-a aγula-yi dabaǰu nutuγlaγad bayiγsan-du mösün urγuǰu böglebei gedeg
51
ᠬᠡᠱᠢᠭ ᠥᠷᠯᠥᠭ ᠦᠨ ᠬᠥᠪᠡᠭᠦᠨ ᠠᠪᠤᠲᠠᠢ ᠪᠤᠯᠠᠢ ᠲᠠᠶᠢᠱᠢ ᠡᠭᠦᠨ ᠦ ᠬᠥᠪᠡᠭᠦᠨ ᠬᠣᠲᠣᠬᠣᠴᠢᠨ ᠬᠠᠷ᠎ᠠ ᠬᠤᠯᠠ ᠴᠣᠯᠠ ᠨᠢ ᠳᠣᠭᠱᠢᠨ ᠨᠣᠶᠠᠨ ᠭᠡᠳᠡᠭ
Kešig Örlög-ün köbegün Abutai Bulai-tayiši, egün-ü köbegün Qotoqočin Qar-a Qula čola ni Doγšin-noyan gedeg
52
ᠡᠭᠦᠨ ᠦ ᠳᠥᠷᠪᠡᠨ ᠬᠥᠪᠡᠭᠦᠨ ᠠᠬ᠎ᠠ ᠬᠥᠪᠡᠭᠦᠨ ᠪᠠᠭᠠᠲᠤᠷ ᠬᠤᠩ ᠲᠠᠶᠢᠵᠢ ᠬᠣᠶᠠᠳᠤᠭᠠᠷ ᠬᠥᠪᠡᠭᠦᠨ ᠮᠡᠷᠭᠡᠨ ᠳᠠᠶᠢᠴᠢᠩ ᠬᠣᠱᠢᠭᠤᠴᠢ ᠭᠡᠳᠡᠭ ᠡᠭᠦᠨ ᠦ ᠬᠥᠪᠡᠭᠦᠨ ᠳᠠᠨᠵᠢᠨ ᠴᠣᠯᠠ ᠨᠢ ᠠᠷᠮᠠ ᠳᠠᠶᠢᠴᠢᠩ ᠡᠭᠦᠨ ᠦ ᠤᠭ ᠬᠠᠯᠬ ᠠ ᠶᠢᠨ ᠱᠠ ᠪᠡᠶᠢᠰᠡ ᠪᠠᠶᠢᠨ᠎ᠠ
Egün-ü dörben köbegün, aq-a köbegün Baγatur qung-tayiǰi Qoyaduγar köbegün Mergen Dayičing Qošiγuči gedeg, egün-ü köbegün Danǰin čola ni Гarma Dayičing, egün-ü uγ Qalq-a-yin Ša beyise bayin-a
53
ᠤᠷᠪᠠᠳᠤᠭᠠᠷ ᠬᠥᠪᠡᠭᠦᠨ ᠠᠭᠠᠨᠠᠢ ᠭᠤᠷᠪᠠᠨ ᠦᠶ᠎ᠡ ᠳᠠᠮᠵᠢᠵᠤ ᠳᠠᠱᠢᠳᠠᠪᠠ ᠳᠠᠮᠪᠤ ᠬᠦᠷᠦᠭᠡᠳ ᠤᠭ ᠲᠠᠰᠤᠷᠠᠪᠠ
Гurbaduγar köbegün Aγanai, γurban üy-e damǰiǰu Dašidaba Dambu kürüged uγ tasuraba
56
ᠪᠠᠭᠠᠲᠤᠷ ᠬᠤᠩ ᠲᠠᠶᠢᠵᠢ ᠶᠢᠨ ᠪᠠᠭ᠎ᠠ ᠳᠡᠭᠦᠦ ᠨᠢ ᠴᠦᠬᠦᠷ ᠤᠪᠠᠱᠢ ᠡᠭᠦᠨ ᠦ ᠠᠴᠢ ᠨᠢ ᠠᠨᠳᠠᠤ ᠳᠤ ᠣᠷᠣᠵᠤ ᠠᠯᠠᠱᠠᠨ ᠳᠤ ᠪᠡᠶᠢᠰᠡ ᠵᠡᠷᠭᠡ ᠲᠡᠢ ᠪᠠᠶᠢᠭᠠᠳ ᠬᠣᠶᠢᠨᠠ ᠨᠢ ᠳᠠᠬᠢᠵᠤ ᠤᠷᠪᠠᠵᠤ ᠵᠡᠭᠦᠨ ᠭᠠᠷ ᠲᠤ ᠬᠠᠷᠢᠵᠤ ᠢᠷᠡᠭᠡᠳ ᠬᠠᠮᠲᠤ ᠡᠪᠳᠡᠷᠡᠪᠡᠢ
Baγatur qung-tayiǰi-yin baγ-a degüü ni Čükür Ubaši, egün-ü ači ni Andau-du oroǰu, Alašan-du beyise ǰerge-tei bayiγad, qoyin-a ni dakiǰu urbaǰu Jegün γar-tu qariǰu ireged qamtu ebderebei
57
ᠪᠠᠭᠠᠲᠤᠷ ᠬᠤᠩ ᠲᠠᠶᠢᠵᠢ ᠶᠢᠨ ᠶᠡᠬᠡ ᠬᠠᠲᠤᠨ ᠠᠴᠠ ᠳᠥᠷᠪᠡᠨ ᠬᠥᠪᠡᠭᠦᠨ ᠭᠠᠷᠤᠪᠠ
Baγatur qung-tayiǰi-yin yeke qatun-ača dörben köbegün γaruba
58
ᠴᠡᠴᠡᠨ ᠪᠠᠭᠠᠲᠤᠷ ᠵᠣᠳᠪᠤ ᠪᠠᠭᠠᠲᠤᠷ ᠵᠣᠷᠢᠭᠲᠤ ᠬᠣᠱᠢᠭᠤᠴᠢ ᠪᠢᠳᠠᠷᠠᠢ
Čečen-baγatur, Jodbu-baγatur, Joriγtu Qošiγuči, Bidarai
59
ᠪᠠᠭ᠎ᠠ ᠬᠠᠲᠤᠨ ᠠᠴᠠ ᠳᠣᠯᠤᠭᠠᠨ ᠬᠥᠪᠡᠭᠦᠨ ᠭᠠᠷᠤᠪᠠ ᠠᠬ᠎ᠠ ᠨᠢ ᠰᠡᠩᠭᠡᠷᠠᠪᠲᠠᠨ ᠬᠣᠶᠠᠳᠤᠭᠠᠷ ᠨᠢ ᠠᠯᠳᠠᠨ ᠴᠣᠯᠠ ᠨᠢ ᠪᠣᠱᠣᠭᠲᠤ ᠬᠠᠭᠠᠨ ᠭᠡᠨ᠎ᠡ
Baγ-a qatun-ača doluγan köbegün γaruba, aq-a ni Senggerabtan Qoyaduγar ni Гaldan, čola ni Bošoγtu-qaγan gene
60
ᠤᠷᠪᠠᠳᠤᠭᠠᠷ ᠨᠢ ᠪᠣᠮ ᠨᠣᠶᠠᠨ ᠤ ᠦᠷᠡᠨ ᠳᠠᠪᠠᠴᠢ ᠳᠠᠪᠠᠴᠢ ᠶᠢᠨ ᠤᠭ ᠪᠡᠶᠢᠰᠡ ᠶᠠᠮᠠᠲᠠᠢ ᠡᠫᠤ ᠪᠣᠯᠵᠤ ᠪᠡᠭᠡᠵᠢᠩ ᠳᠦ ᠭᠦᠩ ᠪᠠᠶᠢᠨᠠᠮ
Гurbaduγar ni Bom-noyan-u üren Dabači, Dabači-yin uγ beyise Yamatai epu bolǰu Begeǰing-dü güng bayinam
61
ᠳᠥᠷᠪᠡᠳᠦᠭᠡᠷ ᠨᠢ ᠳᠣᠷᠵᠢᠵᠠᠪ ᠬᠠᠯᠬ ᠠ ᠶᠢᠨ ᠲᠦᠱᠢᠶᠡᠲᠦ ᠬᠠᠭᠠᠨ ᠴᠠᠬᠤᠶᠢᠳᠣᠷᠵᠢ ᠳᠤ ᠠᠯᠠᠭᠳᠠᠪᠠ
Dörbedüger ni Dorǰiǰab, Qalq-a-yin Tüšiyetü qaγan Čaquyidorǰi-du alaγdaba
62
ᠲᠠᠪᠤᠳᠤᠭᠠᠷ ᠨᠢ ᠫᠤᠩᠰᠤᠭᠳᠠᠱᠢ ᠡᠭᠦᠨ ᠦ ᠠᠴᠢ ᠬᠥᠪᠡᠭᠦᠨ ᠠᠯᠰᠠᠩᠳᠣᠷᠵᠢ ᠬᠠᠮᠤᠭ ᠤᠨ ᠰᠡᠭᠦᠯ ᠳᠦ ᠳᠠᠭᠠᠵᠤ ᠣᠷᠣᠭᠰᠠᠨ ᠳᠤ ᠪᠣᠭᠳᠠ ᠡᠵᠡᠨ ᠡᠴᠡ ᠵᠡᠭᠦᠨ ᠭᠠᠷ ᠲᠤ ᠬᠠᠭᠠᠨ ᠲᠠᠯᠪᠢᠭᠠᠳ ᠳᠠᠷᠠᠭ᠎ᠠ ᠨᠢ ᠳᠠᠬᠢᠵᠤ ᠤᠷᠪᠠᠵᠤ ᠣᠳᠣᠭᠠᠳ ᠶᠡᠬᠡ ᠴᠡᠷᠢᠭ ᠲᠦ ᠠᠯᠠᠭᠳᠠᠪᠠ
Tabuduγar ni Pungsuγdaši, egün-ü ači köbegün Гalsangdorǰi qamuγ-un segül-dü daγaǰu oroγsan-du, Boγda eǰen-eče Jegün γar-tu qaγan talbiγad, daraγ-a ni dakiǰu urbaǰu odoγad yeke čerig-tü alaγdaba
63
ᠵᠢᠷᠭᠤᠳᠤᠭᠠᠷ ᠬᠥᠪᠡᠭᠦᠨ ᠳᠠᠷᠮ᠎ᠠ ᠭᠤᠷᠪᠠᠨ ᠦᠶ᠎ᠡ ᠳᠠᠮᠵᠢᠵᠤ ᠰᠠᠨᠵᠢᠠᠪ ᠲᠤ ᠬᠦᠷᠦᠭᠡᠳ ᠳᠣᠲᠣᠷ᠎ᠠ ᠳᠠᠭᠠᠵᠤ ᠣᠷᠣᠭᠰᠠᠨ ᠳᠤ ᠬᠢᠶ᠎ᠠ ᠲᠠᠯᠪᠢᠭᠠᠳ ᠮᠣᠩᠭᠣᠯ ᠬᠣᠱᠢᠭᠤᠨ ᠳᠤ ᠰᠠᠭᠤᠯᠭᠠᠪᠠ
Jirγuduγar köbegün Darma, γurban üy-e damǰiǰu Sanǰiab-tu kürüged dotor-a daγaǰu oroγsan-du kiy-a talbiγad Mongγol qošiγun-du saγulγaba
64
ᠳᠣᠯᠤᠭᠠᠨ ᠬᠥᠪᠡᠭᠦᠨ ᠦ ᠨᠢᠭᠡ ᠨᠢ ᠡᠪᠡᠳᠴᠢᠨ ᠢᠶᠡᠷ ᠲᠠᠭᠠᠯᠠᠯ ᠪᠣᠯᠪᠠ
Doluγan köbegün-ü nige ni ebedčin-iyer taγalal bolba
65
ᠬᠤᠩ ᠲᠠᠶᠢᠵᠢ ᠶᠢᠨ ᠶᠡᠬᠡ ᠬᠠᠲᠤᠨ ᠤ ᠠᠬ᠎ᠠ ᠬᠥᠪᠡᠭᠦᠨ ᠴᠡᠴᠡᠨ ᠪᠠᠭᠠᠲᠤᠷ ᠪᠠᠭ᠎ᠠ ᠬᠠᠲᠤᠨ ᠤ ᠠᠬ᠎ᠠ ᠬᠥᠪᠡᠭᠦᠨ ᠰᠡᠩᠭᠡᠷᠠᠪᠳᠠᠨ ᠡᠴᠢᠭᠡ ᠨᠢ ᠪᠠᠭᠠᠲᠤᠷ ᠬᠤᠩ ᠲᠠᠶᠢᠵᠢ ᠲᠠᠭᠠᠯᠠᠯ ᠪᠣᠯᠤᠭᠰᠠᠨ ᠤ ᠬᠣᠶᠢᠨᠠ ᠬᠠᠭᠠᠨ ᠰᠠᠭᠤᠷᠢ ᠪᠤᠯᠢᠶᠠᠯᠳᠤᠵᠤ ᠴᠡᠴᠡᠨ ᠪᠠᠭᠠᠲᠤᠷ ᠳᠡᠭᠦᠦ ᠰᠡᠩᠭᠡᠷᠠᠪᠳᠠᠨ ᠢ ᠬᠣᠷᠣᠭᠠᠭᠰᠠᠨ ᠳᠤ ᠨᠤᠲᠤᠭ ᠴᠤᠭ ᠵᠥᠪᠴᠢᠯᠡᠵᠦ ᠲᠣᠭᠲᠠᠭᠠᠳ ᠵᠤᠤ ᠶᠢᠨ ᠠᠯᠳᠠᠨ ᠬᠡᠶᠢᠳ ᠦᠨ ᠱᠦᠮ ᠡ ᠳᠦ ᠰᠤᠷᠭᠠᠭᠤᠯᠢ ᠳᠤ ᠰᠠᠭᠤᠯᠭᠠᠵᠤ ᠪᠯᠠᠮ᠎ᠠ ᠪᠣᠯᠤᠭᠰᠠᠨ ᠠᠯᠳᠠᠨ ᠢ ᠬᠠᠷ᠎ᠠ ᠬᠢᠵᠦ ᠠᠪᠴᠤ ᠢᠷᠡᠭᠡᠳ ᠬᠠᠭᠠᠨ ᠪᠣᠯᠭᠠᠪᠠ
Qung-tayiǰi-yin yeke qatun-u aq-a köbegün Čečen baγatur, baγ-a qatun-u aq-a köbegün Senggerabdan ečige ni Baγatur qung-tayiǰi taγalal boluγsan-u qoyin-a qaγan saγuri buliyalduǰu Čečen-baγatur, degüü Senggerabdan-i qoroγaγsan-du nutuγ čuγ ǰöbčileǰü toγtaγad, Juu-yin Гaldan keyid-ün šüm-e-dü surγaγuli-du saγulγaǰu blam-a boluγsan Гaldan-i qar-a kiǰü abču ireged qaγan bolγaba
66
ᠳᠠᠷᠠᠭ᠎ᠠ ᠨᠢ ᠴᠡᠴᠡᠨ ᠪᠠᠭᠠᠲᠤᠷ ᠢ ᠨᠤᠲᠤᠭ ᠲᠤ ᠨᠢ ᠪᠠᠷᠢᠵᠤ ᠬᠣᠷᠣᠭᠠᠪᠠ
Daraγ-a ni Čečen-baγatur-i nutuγ-tu ni bariǰu qoroγaba
67
ᠴᠡᠴᠡᠨ ᠪᠠᠭᠠᠲᠤᠷ ᠤᠨ ᠨᠢᠭᠡ ᠡᠬᠡ ᠶᠢᠨ ᠳᠡᠭᠦᠨᠡᠷ ᠵᠣᠳᠪᠤ ᠵᠣᠷᠢᠭᠲᠤ ᠪᠠᠳᠠᠷᠠᠢ ᠭᠤᠷᠪᠠᠭᠤᠯᠠ ᠤᠷᠪᠠᠵᠤ ᠨᠡᠭᠦᠭᠡᠳ ᠬᠥᠬᠡ ᠨᠠᠭᠤᠷ ᠲᠤ ᠣᠳᠤᠭᠰᠠᠨ ᠳᠤ ᠪᠣᠭᠳᠠ ᠡᠵᠡᠨ ᠡᠴᠡ ᠵᠢᠶᠦᠩ ᠸᠠᠩ ᠪᠡᠶᠢᠯᠡ ᠪᠡᠶᠢᠰᠡ ᠭᠤᠷᠪᠠᠨ ᠨᠣᠶᠠᠨ ᠲᠠᠯᠪᠢᠭᠠᠳ ᠰᠠᠭᠤᠯᠭᠠᠪᠠ
Čečen-baγatur-un nige eke-yin degüner Jodbu, Joriγtu, Badarai γurbaγula urbaǰu negüged Köke naγur-tu oduγsan-du, Boγda eǰen-eče ǰiyüng-vang beyile beyise γurban noyan talbiγad saγulγaba
68
ᠲᠡᠭᠦᠨ ᠡᠴᠡ ᠠᠯᠳᠠᠨ ᠢ ᠳᠥᠷᠪᠡᠨ ᠣᠶᠢᠷᠠᠳ ᠴᠤᠭ ᠨᠡᠶᠢᠯᠡᠵᠦ ᠠᠯᠳᠠᠨ ᠢ ᠪᠣᠱᠣᠭᠲᠤ ᠬᠠᠭᠠᠨ ᠭᠡᠵᠦ ᠴᠣᠯᠠ ᠥᠭᠴᠦ ᠡᠷᠭᠦᠮᠵᠢᠯᠡᠪᠡᠢ
Tegün-eče (Гaldan-i) Dörben Oyirad čuγ neyileǰü, Гaldan-i Bošoγtu qaγan geǰü čola ögčü ergümǰilebei
69
ᠠᠯᠳᠠᠮᠪᠠ ᠶᠢᠨ ᠬᠡᠦᠬᠡᠨ ᠠᠨᠤᠤ ᠶᠢ ᠬᠠᠲᠤᠨ ᠬᠢᠵᠦ ᠠᠪᠴᠤ ᠥᠭᠪᠡᠢ
Гaldamba-yin keüken Anuu-yi qatun kiǰü abču ögbei
70
ᠠᠨᠤᠤ ᠠᠴᠠ ᠨᠢᠭᠡ ᠬᠥᠪᠡᠭᠦᠨ ᠭᠠᠷᠤᠪᠠ ᠡᠭᠦᠨ ᠦ ᠨᠡᠷ ᠡ ᠨᠢ ᠰᠡᠪᠳᠡᠨᠪᠠᠯᠵᠤᠷ
Anuu-ača nige köbegün γaruba, egün-ü ner-e-ni Sebdenbalǰur
71
ᠬᠣᠶᠢᠨ ᠠ ᠨᠢ ᠪᠣᠱᠣᠭᠲᠤ ᠬᠠᠭᠠᠨ ᠤ ᠪᠡᠶ᠎ᠡ ᠳᠥᠷᠪᠡᠨ ᠣᠶᠢᠷᠠᠳ ᠤᠨ ᠴᠡᠷᠢᠭ ᠢ ᠠᠪᠤᠭᠠᠳ ᠡᠨᠡᠳᠬᠡᠭ ᠡᠴᠡ ᠨᠠᠭᠠᠷᠤᠬᠢ ᠭᠠᠵᠠᠷ ᠭᠠᠵᠠᠷ ᠤᠨ ᠬᠣᠲᠣᠩ ᠪᠤᠷᠤᠳ ᠠᠨᠵᠢᠶᠠᠨ ᠬᠠᠰᠠᠭ ᠡᠳᠡᠨ ᠬᠠᠮᠤᠭ ᠢ ᠨᠢᠭᠡ ᠦᠶ᠎ᠡ ᠳᠠᠶᠢᠯᠠᠵᠤ ᠣᠷᠣᠭᠤᠯᠵᠤ ᠠᠪᠤᠪᠠ
Qoyin-a-ni, Bošoγtu qaγan-u beye Dörben Oyirad-un čerig-i abuγad Enedkeg-eče naγaruki γaǰar γaǰar-un Qotong, Burud, Anǰiyan, Qasaγ eden qamuγ-i nige üy-e dayilaǰu oroγulǰu abuba
72
ᠨᠢᠭᠡ ᠲᠠᠯ ᠠ ᠪᠠᠨ ᠴᠡᠴᠡᠨ ᠬᠠᠭᠠᠨ ᠢ ᠬᠣᠷᠣᠭᠠᠵᠤ ᠬᠠᠭᠠᠨ ᠰᠠᠭᠤᠷᠢ ᠳᠤ ᠰᠠᠭᠤᠵᠤ ᠪᠠᠶᠢᠭᠠᠳ ᠪᠠᠰᠠ ᠳᠠᠬᠢᠵᠤ ᠴᠡᠷᠢᠭ ᠠᠪᠴᠤ ᠮᠣᠷᠳᠤᠭᠠᠳ ᠬᠠᠯᠬ ᠠ ᠶᠢ ᠳᠠᠶᠢᠯᠠᠵᠤ ᠣᠷᠣᠭᠤᠯᠤᠭᠰᠠᠨ ᠳᠤ ᠬᠠᠯᠬ᠎ᠠ ᠳᠣᠲᠣᠷ᠎ᠠ ᠳᠠᠭᠠᠵᠤ ᠣᠷᠣᠭᠰᠠᠨ ᠳᠤ ᠡᠩᠬᠡ ᠠᠮᠤᠭᠤᠯᠠᠩ ᠬᠠᠭᠠᠨ ᠬᠠᠮᠤᠭ ᠮᠤᠢ ᠤᠨ ᠴᠡᠷᠢᠭ ᠪᠠᠰᠠ ᠬᠠᠯᠬ ᠠ ᠶᠢᠨ ᠴᠡᠷᠢᠭ ᠪᠦᠭᠦᠳᠡ ᠳᠠᠯᠠᠨ ᠲᠦᠮᠡᠨ ᠴᠡᠷᠢᠭ ᠢ ᠬᠠᠭᠠᠨ ᠤ ᠭᠡᠭᠡᠨ ᠪᠡᠶ ᠡ ᠪᠡᠷ ᠠᠬᠠᠯᠠᠵᠤ ᠮᠣᠷᠢᠯᠠᠭᠠᠳ ᠴᠤᠭ ᠪᠠᠶᠢᠳᠠᠷᠠᠭ ᠲᠤ ᠬᠦᠷᠴᠦ ᠢᠷᠡᠪᠡᠢ
Nige tal-a-ban Čečen-qaγan-i qoroγaǰu qaγan saγuri-du saγuǰu bayiγad, basa dakiǰu čerig abču morduγad Qalq-a-yi dayilaǰu oroγuluγsan-du, Qalq-a dotor-a daγaǰu oroγsan-du Engke Amuγulang qaγan qamuγ mui-un čerig, basa Qalq-a-yin čerig bügüde dalan tümen čerig-i qaγan-u gegen bey-e-ber aqalaǰu morilaγad čuγ Bayidaraγ-tu kürčü irebei
73
ᠶᠡᠷᠦ ᠡᠮᠦᠨ᠎ᠡ ᠭᠡᠬᠦᠯ᠎ᠡ ᠪᠣᠱᠣᠭᠲᠤ ᠬᠠᠭᠠᠨ ᠤ ᠠᠴᠢ ᠬᠥᠪᠡᠭᠦᠨ ᠴᠡᠸᠠᠩᠷᠠᠪᠳᠠᠨ ᠭᠡᠭᠴᠢ ᠬᠤᠩ ᠲᠠᠶᠢᠵᠢ ᠪᠣᠰᠣᠭᠲᠤ ᠬᠠᠭᠠᠨ ᠯᠤᠭ᠎ᠠ ᠡᠪ ᠦᠭᠡᠢ ᠪᠣᠯᠤᠭᠠᠳ ᠴᠡᠸᠠᠩᠷᠠᠪᠳᠠᠨ ᠨᠤᠲᠤᠭ ᠢᠶᠠᠨ ᠡᠯᠴᠢ ᠪᠣᠷᠣᠲᠠᠯ᠎ᠠ ᠳᠤ ᠨᠡᠭᠦᠯᠭᠡᠵᠦ ᠣᠳᠪᠠ
Yerü emün-e gekül-e, Bošoγtu qaγan-u ači köbegün Čevangrabdan gegči qung tayiǰi Bosoγtu-qaγan-luγ-a eb ügei boluγad, Čevangrabdan nutuγ-iyan elči, Borotala-du negülgeǰü odba
74
ᠪᠣᠱᠣᠭᠲᠤ ᠬᠠᠭᠠᠨ ᠬᠠᠯᠬ ᠠ ᠯᠤᠭ᠎ᠠ ᠳᠠᠶᠢᠯᠠᠯᠳᠤᠭᠠ ᠬᠢᠵᠤ ᠣᠳᠤᠭᠰᠠᠨ ᠬᠣᠶᠢᠨᠠ ᠠᠷᠤ ᠳᠤ ᠪᠡᠶ ᠡ ᠪᠡᠷ ᠨᠢ ᠬᠤᠩ ᠲᠠᠶᠢᠵᠢ ᠬᠣᠶᠠᠷ ᠲᠦᠮᠡᠨ ᠴᠡᠷᠢᠭ ᠠᠪᠴᠤ ᠤᠤᠯᠭᠠᠯᠠᠨ ᠳᠠᠪᠢᠷᠠᠵᠤ ᠢᠷᠡᠭᠡᠳ ᠠᠪᠠᠭ᠎ᠠ ᠪᠡᠷᠭᠡᠨ ᠦ ᠥᠷᠬᠦᠭᠡ ᠬᠦᠷᠲᠡᠯ᠎ᠡ ᠣᠯᠵᠠᠯᠠᠵᠤ ᠨᠡᠭᠦᠯᠭᠡᠭᠡᠳ ᠢᠯᠢ ᠪᠣᠷᠣᠲᠠᠯ ᠠ ᠳᠤ ᠠᠪᠴᠤ ᠣᠳᠤᠭᠰᠠᠨ ᠢ ᠪᠣᠱᠣᠭᠲᠤ ᠬᠠᠭᠠᠨ ᠰᠣᠨᠣᠰᠤᠭᠠᠳ ᠡᠮᠦᠨ᠎ᠡ ᠭᠡᠬᠦᠯ᠎ᠡ ᠬᠢᠲᠠᠳ ᠬᠠᠯᠬ᠎ᠠ ᠬᠣᠶᠠᠷ ᠳᠠᠶᠢᠨ ᠳᠠᠷᠤᠭᠠᠳ ᠪᠣᠯᠪᠠ ᠠᠷᠤ ᠳᠤᠨᠢ ᠠᠴᠢ ᠬᠥᠪᠡᠭᠦᠨ ᠬᠤᠩ ᠲᠠᠶᠢᠵᠢ ᠳᠠᠶᠢᠨ ᠪᠣᠯᠪᠠ ᠭᠡᠵᠦ ᠴᠢᠮᠡᠭᠡ ᠪᠠᠷᠢᠭᠰᠠᠨ ᠳᠤ ᠪᠣᠱᠣᠭᠲᠤ ᠬᠠᠭᠠᠨ ᠤ ᠪᠡᠶ᠎ᠡ ᠵᠠᠪᠬᠠᠨ ᠤ ᠪᠡᠷᠬᠡ ᠴᠠᠭᠠᠨ ᠡᠩᠭᠡ ᠲᠦ ᠲᠠᠭᠠᠯᠠᠯ ᠪᠣᠯᠪᠠ
Bošoγtu qaγan Qalq-a-luγ-a dayilalduγ-a kiǰu oduγsan qoyin-a, aru-du bey-e-ber ni qung tayiǰi qoyar tümen čerig abču uulγalan dabiraǰu ireged abaγ-a bergen-ü örküge kürtel-e olǰalaǰu negülgeged Ili, Borotal-a-du abču oduγsan-i Bošoγtu qaγan sonosuγad, emün-e gekül-e Kitad Qalq-a qoyar dayin daruγad bolba, aru-duni ači köbegün qung-tayiǰi dayin bolba geǰü čimeg-e bariγsan-du, Bošoγtu qaγan-u bey-e ǰabqan-u berke čaγan engge-tü taγalal bolba
75
ᠪᠣᠱᠣᠭᠲᠤ ᠬᠠᠭᠠᠨ ᠤ ᠬᠥᠪᠡᠭᠦᠨ ᠰᠡᠪᠳᠡᠨᠪᠠᠯᠵᠤᠷ ᠠᠪᠠ ᠠᠪᠠᠯᠠᠵᠤ ᠬᠡᠭᠡᠷ᠎ᠡ ᠶᠠᠪᠤᠭᠰᠠᠨ ᠢ ᠬᠠᠮᠢᠯ ᠤᠨ ᠤᠬᠡ ᠪᠡᠭᠢ ᠪᠠᠷᠢᠭᠠᠳ ᠪᠡᠭᠡᠵᠢᠩ ᠳᠦ ᠥᠭᠴᠤ ᠠᠯᠠᠭᠤᠯᠪᠠ
Bošoγtu qaγan-u köbegün Sebdenbalǰur aba abalaǰu keger-e yabuγsan-i Qamil-un Гuke-begi bariγad Begeǰing-dü ögču alaγulba
77
ᠪᠣᠱᠣᠭᠲᠤ ᠬᠠᠭᠠᠨ ᠢ ᠳᠠᠭᠠᠵᠤ ᠶᠠᠪᠤᠭᠰᠠᠨ ᠨᠥᠬᠦᠷ ᠨᠣᠶᠠᠳ ᠢ ᠪᠡᠭᠡᠵᠢᠩ ᠳᠦ ᠣᠷᠣᠭᠤᠯᠪᠠ
Bošoγtu qaγan-i daγaǰu yabuγsan nökür noyad-i Begeǰing-dü oroγulba
78
ᠪᠠᠭᠠᠲᠤᠷ ᠬᠤᠩ ᠲᠠᠶᠢᠵᠢ ᠶᠢᠨ ᠪᠠᠭ᠎ᠠ ᠬᠠᠲᠤᠨ ᠤ ᠠᠬ᠎ᠠ ᠬᠥᠪᠡᠭᠦᠨ ᠰᠡᠩᠭᠡᠷᠠᠪᠳᠠᠨ ᠤ ᠬᠥᠪᠡᠭᠦᠨ ᠴᠡᠸᠠᠩᠷᠠᠪᠳᠠᠨ
Baγatur qung-tayiǰi-yin baγ-a qatun-u aq-a köbegün Senggerabdan-u köbegün Čevangrabdan
79
ᠬᠣᠶᠠᠳᠤᠭᠠᠷ ᠬᠥᠪᠡᠭᠦᠨ ᠳᠠᠨᠵᠢᠨ ᠨᠣᠷᠪᠣ ᠡᠭᠦᠨ ᠤ ᠬᠥᠪᠡᠭᠦᠨ ᠴᠡᠷᠡᠨᠳᠣᠩᠭᠤᠷᠤᠪ ᠭᠤᠷᠪᠠᠨ ᠦᠶ᠎ᠡ ᠳᠠᠮᠵᠢᠵᠤ ᠨᠡᠮᠡᠬᠦᠵᠢᠷᠭᠠᠯ ᠳᠤ ᠬᠦᠷᠦᠭᠡᠳ ᠡᠪᠳᠡᠷᠡᠵᠦ ᠳᠠᠭᠤᠰᠪᠠ
Qoyaduγar köbegün Danǰin Norbo, egün-u köbegün Čerendongγurub, γurban üy-e damǰiǰu Nemeküǰirγal-du kürüged ebdereǰü daγusba
80
ᠴᠡᠸᠠᠩᠳᠣᠷᠵᠢ ᠴᠡᠸᠠᠩᠷᠠᠪᠳᠠᠨ ᠭᠡᠭᠴᠢ ᠵᠣᠷᠢᠭᠲᠤ ᠬᠤᠩ ᠲᠠᠶᠢᠵᠢ ᠡᠭᠦᠨ ᠦ ᠶᠡᠬᠡ ᠬᠠᠲᠤᠨ ᠬᠣᠱᠤᠳ ᠵᠢᠨᠣᠩ ᠤᠨ ᠬᠡᠦᠬᠡᠨ ᠡᠴᠡ ᠬᠣᠶᠠᠷ ᠬᠥᠪᠡᠭᠦᠨ ᠭᠠᠷᠤᠪᠠ
(Čevangdorǰi) [Čevangrabdan] gegči Joriγtu qung-tayiǰi, egün-ü yeke qatun Qošud Jinong-un keüken-eče qoyar köbegün γaruba
83
ᠪᠠᠭ᠎ᠠ ᠬᠠᠲᠤᠨ ᠠᠶᠤᠬᠢ ᠬᠠᠭᠠᠨ ᠤ ᠬᠡᠦᠬᠡᠨ ᠰᠡᠲᠡᠷᠵᠠᠪ ᠠᠴᠠ ᠱᠤᠨᠠᠢ ᠠᠬᠠᠲᠠᠢ ᠬᠥᠪᠡᠭᠦᠨ ᠬᠡᠦᠬᠡᠨ ᠳᠣᠯᠤᠭᠠᠨ ᠭᠠᠷᠤᠪᠠ
Baγ-a qatun Ayuki qaγan-u keüken Seterǰab-ača Šunai aqatai köbegün keüken doluγan γaruba
84
ᠲᠡᠷᠡ ᠴᠠᠭ ᠲᠤ ᠬᠤᠩ ᠲᠠᠶᠢᠵᠢ ᠶᠢᠨ ᠪᠠᠭ᠎ᠠ ᠬᠠᠲᠤᠨ ᠨᠢ ᠪᠡᠶ ᠡ ᠡᠴᠡ ᠭᠠᠷᠤᠭᠰᠠᠨ ᠲᠠᠶᠢᠵᠢ ᠨᠠᠷ ᠢᠶᠠᠨ ᠳᠠᠭᠠᠭᠤᠯᠵᠤ ᠠᠪᠤᠭᠠᠳ ᠲᠦᠮᠡᠨ ᠴᠡᠷᠢᠭ ᠲᠡᠢ ᠭᠠᠵᠠᠷ ᠰᠠᠬᠢᠵᠤ ᠠᠪᠠ ᠠᠪᠠᠯᠠᠵᠤ ᠣᠳᠤᠭᠰᠠᠨ ᠬᠣᠶᠢᠨᠠ ᠠᠯᠳᠠᠨ ᠴᠡᠷᠡᠨ ᠬᠠᠭᠠᠨ ᠳᠤ ᠬᠠᠭᠤᠷᠮᠠᠭ ᠬᠣᠪ ᠦᠭᠡ ᠬᠦᠷᠦᠭᠡᠳ ᠪᠠᠭ᠎ᠠ ᠡᠬᠡ ᠴᠢᠨᠢ ᠡᠴᠢᠭᠡ ᠲᠡᠢ ᠴᠢᠨᠢ ᠨᠡᠶᠢᠯᠡᠭᠡᠳ ᠲᠦᠮᠡᠨ ᠴᠡᠷᠢᠭ ᠢᠶᠡᠷ ᠴᠢᠮᠠᠶᠢ ᠠᠯᠠᠭᠤᠯᠤᠭᠠᠳ ᠪᠡᠶ ᠡ ᠡᠴᠡ ᠪᠡᠨ ᠭᠠᠷᠤᠭᠰᠠᠨ ᠱᠤᠨᠠᠢ ᠪᠠᠷ ᠬᠠᠭᠠᠨ ᠰᠠᠭᠤᠯᠭᠠᠶ᠎ᠠ ᠭᠡᠵᠦ ᠪᠠᠶᠢᠨ᠎ᠠ ᠳᠠᠬᠢᠵᠤ ᠬᠡᠯᠡᠭᠰᠡᠨ ᠳᠦ ᠢᠲᠡᠭᠡᠭᠡᠳ ᠬᠡᠭᠡᠷ᠎ᠡ ᠶᠠᠪᠤᠭᠰᠠᠨ ᠳᠡᠭᠦᠨᠡᠷ ᠢᠶᠡᠨ ᠬᠣᠷᠣᠭᠠᠬᠤ ᠭᠡᠵᠦ ᠱᠢᠮᠳᠠᠨ ᠰᠦᠨᠢ ᠳᠦᠯᠢ ᠴᠡᠷᠢᠭ ᠴᠤᠭᠯᠠᠭᠤᠯᠤᠭᠠᠳ ᠠᠯᠳᠠᠨ ᠴᠡᠷᠡᠨ ᠬᠠᠭᠠᠨ ᠠᠬᠠᠯᠠᠵᠤ ᠣᠳᠣᠭᠠᠳ ᠪᠠᠭ᠎ᠠ ᠡᠬᠡ ᠬᠥᠪᠡᠭᠦᠨ ᠳᠡᠭᠦᠨᠡᠷ ᠢᠶᠡᠨ ᠴᠤᠭ ᠢ ᠨᠢ ᠠᠯᠠᠪᠠ
Tere čaγ-tu qung-tayiǰi-yin baγ-a qatun ni bey-e-eče γaruγsan tayiǰi-nar-iyan daγaγulǰu abuγad, tümen čerig-tei γaǰar sakiǰu aba abalaǰu oduγsan qoyin-a, Гaldan Čeren qaγan-du qaγurmaγ qob üge kürüged «baγ-a eke čini ečige-tei čini neyileged tümen čerig-iyer čimayi alaγuluγad, bey-e-eče-ben γaruγsan Šunai-bar qaγan saγulγay-a geǰü bayin-a» dakiǰu kelegsen-dü itegeged keger-e yabuγsan degüner-iyen qoroγaqu geǰü šimdan süni düli čerig čuγlaγuluγad, Гaldan Čeren qaγan aqalaǰu odoγad baγ-a eke köbegün degüner-iyen čuγ-i ni alaba
85
ᠲᠡᠭᠦᠨ ᠡᠴᠡ ᠭᠠᠭᠴᠠ ᠱᠤᠨᠠᠢ ᠵᠤᠯᠠᠵᠤ ᠣᠳᠤᠭᠰᠠᠨ ᠢ ᠡᠴᠢᠭᠡ ᠡᠬᠡ ᠬᠣᠶᠠᠷ ᠨᠢ ᠰᠣᠨᠣᠰᠤᠭᠠᠳ ᠨᠠᠭᠠᠴᠤ ᠨᠠᠷ ᠲᠠᠭᠠᠨ ᠠᠶᠤᠬᠢ ᠬᠠᠭᠠᠨ ᠳᠤ ᠣᠳᠪᠠ ᠭᠡᠵᠤ ᠪᠠᠶᠢᠭᠰᠠᠨ ᠳᠤ ᠱᠤᠨᠠᠢ ᠬᠤᠷᠳᠤᠨ ᠵᠡᠭᠡᠷᠳᠡ ᠮᠣᠷᠢ ᠪᠠᠨ ᠤᠨᠤᠭᠠᠳ ᠵᠤᠯᠠᠵᠤ ᠭᠠᠷᠴᠤ ᠣᠳᠤᠭᠠᠳ ᠠᠯᠲᠠᠢ ᠶᠢᠨ ᠤᠷᠢᠶᠠᠩᠬᠠᠢ ᠳᠤ ᠬᠦᠷᠦᠭᠡᠳ ᠪᠦᠷᠬᠦᠳ ᠭᠡᠳᠡᠭ ᠬᠦᠮᠦᠨ ᠦ ᠭᠡᠷ ᠲᠦ ᠪᠤᠯᠲᠤᠵᠤ ᠪᠠᠶᠢᠭᠠᠳ ᠪᠦᠷᠬᠦᠳ ᠦᠨ ᠬᠡᠦᠬᠡᠨ ᠯᠦᠭᠡ ᠰᠡᠳᠬᠢᠯ ᠨᠢᠭᠡᠳᠴᠦ ᠰᠠᠭᠤᠲᠠᠯ᠎ᠠ ᠪᠠᠰᠠ ᠳᠠᠷᠤᠢ ᠳᠤ ᠪᠡᠶ ᠡ ᠳᠦᠨᠢ ᠠᠯᠳᠠᠨ ᠴᠡᠷᠡᠨ ᠳᠦ ᠬᠤᠳᠠᠯ ᠴᠢᠮᠡᠭᠡ ᠰᠣᠨᠣᠰᠤᠭᠲᠠᠭᠠᠳ ᠱᠤᠨᠠᠢ ᠡᠨᠳᠡ ᠡᠴᠡ ᠨᠠᠭᠠᠴᠤᠨᠠᠷ ᠲᠠᠭᠠᠨ ᠬᠦᠷᠦᠭᠡᠳ ᠠᠶᠤᠬᠢ ᠬᠠᠭᠠᠨ ᠳᠤ ᠮᠡᠳᠡᠭᠦᠯᠵᠦ ᠪᠦᠮ ᠴᠡᠷᠢᠭ ᠠᠪᠴᠤ ᠠᠶᠢᠰᠤᠨ᠎ᠠ ᠭᠡᠵᠦ ᠬᠡᠯᠡᠭᠰᠡᠨ ᠳᠦ ᠠᠯᠳᠠᠨ ᠴᠡᠷᠡᠨ ᠬᠠᠭᠠᠨ ᠠᠶᠤᠭᠠᠳ ᠳᠡᠭᠦᠦ ᠨᠣᠶᠠᠨ ᠠᠮᠪᠤ ᠶᠢ ᠬᠠᠷᠢᠶᠠᠯ ᠬᠢᠵᠤ ᠥᠭ ᠭᠡᠵᠦ ᠳᠠᠬᠢᠨ ᠬᠡᠯᠡᠵᠦ ᠬᠠᠷᠢᠶᠠᠯ ᠬᠢᠵᠤ ᠡᠰᠡ ᠥᠭᠬᠦᠯ᠎ᠡ ᠦᠬᠦᠨ᠎ᠡ ᠪᠢ ᠭᠡᠵᠦ ᠬᠡᠯᠡᠭᠰᠡᠨ ᠳᠦ ᠤᠷᠢᠶᠠᠩᠬᠠᠢ ᠳᠤ ᠪᠠᠶᠢᠭᠰᠠᠨ ᠱᠤᠨᠠᠢ ᠳᠤ ᠬᠠᠷᠢᠶᠠᠯ ᠬᠢᠬᠦᠯᠡ ᠭᠡᠨᠡᠳᠲᠡ ᠲᠠᠭᠠᠯᠠᠯ ᠪᠣᠯᠪᠠ
Tegün-eče γaγča Šunai ǰulaǰu oduγsan-i ečige eke qoyar ni sonosuγad, naγaču-nar-taγan Ayuki qaγan-du odba geǰu bayiγsan-du, Šunai qurdun ǰegerde mori-ban unuγad, ǰulaǰu γarču oduγad, Altai-yin Uriyangqai-du kürüged Bürküd gedeg kümün-ü ger-tü bultuǰu bayiγad, Bürküd-ün keüken-lüge sedkil nigedčü saγutal-a, basa darui-du bey-e-düni Гaldan Čeren-dü qudal čimege sonosuγtaγad «Šunai ende-eče naγačunar-taγan kürüged, Ayuki qaγan-du medegülǰü büm čerig abču ayisuna» geǰü kelegsen-dü, Гaldan Čeren qaγan ayuγad degüü noyan Гambu-yi qariyal kiǰu ög geǰü dakin keleǰü, «qariyal kiǰu ese ögkül-e üküne bi» geǰü kelegsen-dü, Uriyangqai-du bayiγsan Šunai-du qariyal kikül-e genedte taγalal bolba
86
ᠱᠤᠨᠠᠢ ᠶᠢᠨ ᠨᠡᠶᠢᠯᠡᠭᠰᠡᠨ ᠬᠡᠦᠬᠡᠨ ᠡᠴᠡ ᠨᠢᠭᠡ ᠬᠥᠪᠡᠭᠦᠨ ᠭᠠᠷᠤᠪᠠ
Šunai-yin neyilegsen keüken-eče nige köbegün γaruba
87
ᠲᠡᠷᠡ ᠬᠥᠪᠡᠭᠦᠨ ᠦ ᠤᠷᠢᠶᠠᠩᠬᠠᠢ ᠶᠢᠨ ᠪᠠᠶᠠᠷ ᠮᠠᠩᠨᠠᠢ ᠠᠮᠪᠠᠨ ᠡᠨᠡ ᠭᠡᠳᠡᠭ
Tere köbegün-ü Uriyangqai-yin Bayar Mangnai amban ene gedeg
88
ᠠᠯᠳᠠᠨ ᠴᠡᠷᠡᠨ ᠬᠠᠭᠠᠨ ᠤ ᠶᠡᠬᠡ ᠬᠠᠲᠤᠨ ᠬᠣᠱᠤᠳ ᠴᠠᠭᠳᠠᠷᠮᠠᠨᠵᠢ ᠶᠢᠨ ᠬᠡᠦᠬᠡᠨ ᠡᠴᠡ ᠬᠣᠶᠠᠷ ᠬᠥᠪᠡᠭᠦᠨ ᠭᠠᠷᠤᠪᠠ
Гaldan Čeren qaγan-u yeke qatun Qošud Čaγdarmanǰi-yin keüken-eče qoyar köbegün γaruba
89
ᠠᠬ᠎ᠠ ᠬᠥᠪᠡᠭᠦᠨ ᠴᠡᠸᠠᠩ ᠳᠣᠷᠵᠢᠨᠠᠮᠵᠢᠯ ᠴᠣᠯᠠ ᠨᠢ ᠠᠵᠠ ᠭᠡᠳᠡᠭ
Aq-a köbegün Čevang Dorǰinamǰil, čola ni Aǰa gedeg
91
ᠪᠠᠭ᠎ᠠ ᠪᠤᠷᠤᠳ ᠬᠠᠲᠤᠨ ᠠᠴᠠ ᠨᠢᠭᠡ ᠬᠥᠪᠡᠭᠦᠨ ᠭᠠᠷᠤᠪᠠ ᠴᠣᠯᠠ ᠨᠢ ᠯᠾᠠᠮᠠ ᠡᠷᠳᠡᠨᠢ
Baγ-a Burud qatun-ača nige köbegün γaruba, čola ni Lhama Erdeni
92
ᠲᠡᠷᠡ ᠴᠠᠭ ᠲᠤ ᠠᠯᠳᠠᠨ ᠴᠡᠷᠡᠨ ᠬᠠᠭᠠᠨ ᠲᠠᠭᠠᠯᠠᠯ ᠪᠣᠯᠤᠭᠰᠠᠨ ᠳᠤ ᠬᠣᠶᠢᠨᠠ ᠨᠢ ᠠᠵᠠ ᠶᠢ ᠬᠠᠭᠠᠨ ᠰᠠᠭᠤᠯᠭᠠᠭᠠᠳ ᠳᠠᠷᠠᠭ᠎ᠠ ᠨᠢ ᠠᠵᠠ ᠶᠢ ᠪᠠᠷᠢᠵᠤ ᠬᠣᠷᠣᠭᠠᠪᠠ
Tere čaγ-tu Гaldan Čeren qaγan taγalal boluγsan-du qoyin-a ni, Aǰa-yi qaγan saγulγaγad, daraγ-a ni Aǰa-yi bariǰu qoroγaba
94
ᠪᠯᠠᠮ᠎ᠠ ᠪᠣᠯᠤᠭᠰᠠᠨ ᠤ ᠯᠾᠠᠮᠠ ᠡᠷᠳᠡᠨᠢ ᠶᠢ ᠬᠠᠭᠠᠨ ᠰᠠᠭᠤᠯᠭᠠᠭᠠᠳ ᠳᠠᠷᠠᠭ᠎ᠠ ᠨᠢ ᠳᠠᠪᠠᠢ ᠠᠮᠤᠷᠰᠠᠨᠠ ᠨᠡᠶᠢᠯᠡᠵᠦ ᠯᠾᠠᠮᠠ ᠡᠷᠳᠡᠨᠢ ᠶᠢ ᠬᠣᠷᠣᠭᠠᠭᠠᠳ ᠳᠠᠪᠠᠢ ᠶᠢ ᠬᠠᠭᠠᠨ ᠰᠠᠭᠤᠯᠭᠠᠪᠠ
Blama boluγsan-u Lhama Erdeni-yi qaγan saγulγaγad, daraγ-a ni Dabaci, Amursana neyileǰü, Lhama Erdeni-yi qoroγaγad, Dabaci-yi qaγan saγulγaba
95
ᠲᠡᠷᠡ ᠠᠭ ᠲᠤ ᠳᠥᠷᠪᠡᠳ ᠦᠨ ᠨᠣᠶᠠᠳ ᠤᠳ ᠳᠠᠪᠠᠴᠢ ᠲᠠᠢ ᠥᠴᠢᠯᠳᠡᠭᠡᠳ ᠡᠷᠳᠡᠨᠢ ᠬᠠᠭᠠᠨ ᠵᠤᠯᠠᠵᠤ ᠬᠣᠪᠠᠭ ᠰᠠᠶᠢᠷᠢ ᠳᠤ ᠪᠠᠶᠢᠭᠰᠠᠨ ᠠᠯᠪᠠᠲᠤ ᠳᠠᠭᠠᠨ ᠣᠳᠪᠠ
Tere caγ-tu Dörbed-ün noyad-ud Dabači-tai öčildeged, Erdeni qaγan ǰulaǰu Qobaγ Sayiri-du bayiγsan albatu-daγan odba
96
ᠬᠣᠶᠢᠳ ᠤᠨ ᠲᠠᠶᠢᠵᠢ ᠠᠮᠤᠷᠰᠠᠨᠠ ᠪᠠᠰᠠ ᠳᠠᠪᠠᠢ ᠲᠠᠢ ᠡᠪᠳᠡᠷᠡᠯᠴᠢᠭᠡᠳ ᠠᠮᠤᠷᠰᠠᠨᠠ ᠳᠣᠲᠣᠷ᠎ᠠ ᠪᠡᠭᠡᠵᠢᠩ ᠳᠦ ᠣᠷᠤᠭᠰᠠᠨ ᠳᠤ ᠴᠢᠨ ᠸᠠᠩ ᠵᠠᠮᠤ ᠲᠤᠰᠠᠯᠠᠬᠤ ᠵᠠᠩᠵᠤᠨ ᠴᠣᠯᠠ ᠣᠯᠭᠣᠭᠠᠳ ᠳᠠᠷᠠᠭ᠎ᠠ ᠨᠢ ᠠᠮᠤᠷᠰᠠᠨᠠ ᠯᠢᠶᠠᠩ ᠭᠤᠸᠠᠩ ᠽᠤᠩᠳᠤᠤ ᠠᠬᠠᠲᠠᠢ ᠭᠤᠷᠪᠠᠨ ᠲᠦᠮᠡᠨ ᠴᠡᠷᠢᠭ ᠳᠠᠭᠠᠭᠤᠯᠵᠤ ᠭᠠᠷᠴᠤ ᠢᠷᠡᠭᠡᠳ ᠳᠠᠪᠠᠴᠢ ᠶᠢ ᠪᠠᠷᠢᠵᠤ ᠥᠭᠰᠦ ᠭᠡᠵᠦ ᠮᠡᠬᠡᠯᠡᠵᠦ ᠬᠡᠯᠡᠭᠡᠳ ᠲᠡᠷᠡ ᠴᠠᠭ ᠤᠨ ᠤᠭ ᠡᠨᠳᠡ ᠪᠠᠶᠢᠭᠰᠠᠨ ᠬᠣᠱᠤᠳ ᠤᠨ ᠨᠣᠶᠠᠳ ᠤᠳ ᠲᠠᠢ ᠨᠡᠶᠢᠯᠡᠵᠦ ᠽᠤᠩᠳᠤᠤ ᠶᠢᠨ ᠭᠤᠷᠪᠠᠨ ᠲᠦᠮᠡᠨ ᠴᠡᠷᠢᠭ ᠢ ᠬᠢᠳᠤᠭᠰᠠᠨ ᠳᠤ ᠳᠠᠬᠢᠵᠤ ᠳᠣᠲᠣᠷ ᠠ ᠠᠴᠠ ᠭᠤᠴᠢᠨ ᠲᠦᠮᠡᠨ ᠴᠡᠷᠢᠭ ᠠᠪᠴᠤ ᠭᠤᠷᠪᠠᠨ ᠵᠠᠩᠵᠤᠨ ᠠᠬᠠᠯᠠᠵᠤ ᠮᠣᠷᠳᠤᠭᠠᠳ ᠳᠠᠪᠠᠴᠢ ᠶᠢ ᠳᠠᠶᠢᠯᠠᠬᠤ ᠠᠮᠤᠷᠰᠠᠨᠠ ᠶᠢ ᠪᠠᠷᠢᠬᠤ ᠭᠡᠵᠦ ᠢᠷᠡᠭᠡᠳ ᠳᠠᠪᠠᠴᠢ ᠬᠠᠭᠠᠨ ᠢ ᠪᠠᠷᠢᠵᠤ ᠪᠡᠭᠡᠵᠢᠩ ᠳᠦ ᠬᠦᠷᠭᠡᠪᠡᠢ
Qoyid-un tayiǰi Amursana basa Dabaci-tai ebderelčiged, Amursana dotor-a Begeǰing-dü oruγsan-du čin-vang ǰamu tusalaqu ǰangǰun čola olγoγad, daraγ-a ni Amursana Liyang Guvang Zungduu aqatai γurban tümen čerig daγaγulǰu γarču ireged, «Dabači-yi bariǰu ögsü» geǰü mekeleǰü keleged tere čaγ-un uγ ende bayiγsan Qošud-un noyad-ud-tai neyileǰü Zungduu-yin γurban tümen čerig-i kiduγsan-du, dakiǰu dotor-a-ača γučin tümen čerig abču γurban ǰangǰun aqalaǰu morduγad Dabači-yi dayilaqu, Amursana-yi bariqu geǰü ireged, Dabači qaγan-i bariǰu Begeǰing-dü kürgebei
98
ᠣᠶᠢᠷᠠᠳ ᠤᠨ ᠨᠣᠶᠠᠳ ᠲᠤ ᠪᠣᠭᠳᠠ ᠡᠵᠡᠨ ᠡᠴᠡ ᠬᠡᠱᠢᠭ ᠬᠦᠷᠲᠡᠭᠡᠵᠦ ᠠᠭᠤᠴᠢᠯᠠᠨ ᠲᠦᠪᠱᠢᠳᠭᠡᠪᠡᠢ
Oyirad-un noyad-tu Boγda eǰen-eče kešig kürtegeǰü aγučilan tübšidgebei
99
ᠠᠯᠰᠠᠩᠳᠣᠷᠵᠢ ᠶᠢ ᠴᠣᠷᠣᠰ ᠤᠨ ᠬᠠᠭᠠᠨ ᠴᠡᠷᠡᠨ ᠢ ᠳᠥᠷᠪᠡᠳ ᠦᠨ ᠬᠠᠭᠠᠨ ᠴᠠᠭᠳᠠᠷᠮᠠᠨᠵᠢ ᠶᠢ ᠬᠣᠱᠤᠳ ᠤᠨ ᠬᠠᠭᠠᠨ ᠪᠠᠶᠠᠷ ᠢ ᠬᠣᠶᠢᠳ ᠤᠨ ᠬᠠᠭᠠᠨ ᠡᠨᠡ ᠳᠥᠷᠪᠡᠨ ᠬᠠᠭᠠᠨ ᠢ ᠲᠠᠯᠪᠢᠪᠠᠢ
Гalsangdorǰi-yi Čoros-un qaγan, Čeren-i Dörbed-ün qaγan, Čaγdarmanǰi-yi Qošud-un qaγan, Bayar-i Qoyid-un qaγan, ene dörben qaγan-i talbibai
100
ᠬᠠᠯᠬ ᠠ ᠶᠢᠨ ᠬᠠᠭᠠᠨ ᠱᠢᠭ ᠳᠥᠷᠪᠡᠨ ᠬᠠᠭᠠᠨ ᠪᠣᠯᠭᠠᠭᠠᠳ ᠠᠶᠢᠮᠠᠭ ᠪᠦᠷᠢ ᠲᠡᠭᠱᠢ ᠪᠢᠱᠢ ᠳᠥᠷᠪᠡᠨ ᠠᠶᠢᠮᠠᠭ ᠲᠤ ᠴᠢᠨ ᠸᠠᠩ ᠵᠦᠶᠦᠩ ᠸᠠᠩ ᠠᠷᠪᠠᠨ ᠢᠯᠡᠭᠦᠦ ᠸᠠᠩ ᠲᠠᠯᠪᠢᠭᠠᠳ ᠪᠠᠰᠠ ᠶᠡᠬᠡ ᠪᠠᠭ᠎ᠠ ᠬᠡᠳᠦᠨ ᠵᠠᠰᠠᠭ ᠲᠠᠯᠪᠢᠭᠠᠳ ᠨᠢᠭᠡ ᠵᠢᠯ ᠥᠩᠭᠡᠷᠡᠭᠦᠯᠦᠭᠡᠳ ᠪᠡᠭᠡᠵᠢᠩ ᠳᠦ ᠣᠳᠤᠭᠰᠠᠨ ᠳᠤ ᠳᠥᠷᠪᠡᠳ ᠴᠡᠷᠡᠨ ᠴᠢᠨ ᠸᠠᠩ ᠴᠡᠷᠡᠨ ᠤᠪᠠᠱᠢ ᠵᠢᠶᠦᠨ ᠸᠠᠩ ᠴᠡᠷᠡᠨ ᠮᠥᠩᠬᠡ ᠵᠢᠶᠦᠨ ᠸᠠᠩ ᠬᠣᠶᠠᠷ ᠬᠣᠶᠢᠳ ᠠᠷᠪᠠᠨ ᠵᠢᠷᠭᠤᠭᠠᠨ ᠵᠠᠱᠠᠭ ᠪᠡᠭᠡᠵᠢᠩ ᠳᠦ ᠵᠢᠰᠠᠯᠠᠵᠤ ᠣᠳᠤᠭᠰᠠᠨ ᠬᠣᠶᠢᠨᠠ ᠠᠷᠤ ᠳᠤᠨᠢ ᠦᠯᠡᠳᠡᠭᠰᠡᠨ ᠡᠩᠬᠡ ᠭᠡᠳᠡᠭ ᠴᠢᠨ ᠸᠠᠩ ᠮᠥᠩᠬᠡ ᠲᠡᠮᠦᠷ ᠭᠡᠳᠡᠭ ᠵᠢᠶᠦᠩ ᠸᠠᠩ ᠠᠬᠠᠲᠠᠢ ᠳᠥᠷᠪᠡᠨ ᠠᠶᠢᠮᠠᠭ ᠤᠨ ᠠᠷᠪᠠᠨ ᠬᠡᠳᠦᠨ ᠵᠠᠰᠠᠭ ᠠᠬᠠᠲᠠᠢ ᠪᠠᠰᠠ ᠠᠷᠤ ᠳᠤᠨᠢ ᠠᠯᠰᠠᠩᠳᠣᠷᠵᠢ ᠴᠠᠭᠳᠠᠷ ᠮᠠᠨᠵᠢ ᠪᠠᠶᠠᠷ ᠠᠬᠠᠲᠠᠢ ᠭᠤᠷᠪᠠᠨ ᠸᠠᠩ ᠴᠤᠭ ᠨᠡᠶᠢᠯᠡᠵᠦ ᠤᠷᠪᠠᠭᠠᠳ ᠦᠷᠦᠮᠴᠢ ᠪᠠᠷᠬᠦᠯ ᠴᠣᠨᠵᠢ ᠭᠤᠷᠪᠠᠨ ᠬᠣᠲᠠ ᠶᠢ ᠳᠠᠶᠢᠯᠠᠭᠰᠠᠨ ᠳᠤ ᠲᠡᠭᠦᠨ ᠡᠴᠡ ᠳᠠᠬᠢᠵᠤ ᠳᠣᠲᠣᠷ ᠠ ᠠᠴᠠ ᠶᠡᠬᠡ ᠴᠡᠷᠢᠭ ᠭᠠᠷᠴᠤ ᠢᠷᠡᠭᠡᠳ ᠮᠡᠶᠢᠷᠡᠨ ᠦ ᠵᠠᠩᠭᠢ ᠶᠠᠷᠭᠠᠱᠢ ᠭᠤᠷᠪᠠᠨ ᠲᠦᠮᠡᠨ ᠴᠡᠷᠢᠭ ᠲᠡᠢ ᠢᠷᠡᠭᠡᠳ ᠴᠠᠭᠳᠠᠷᠮᠠᠨᠵᠢ ᠶᠢ ᠪᠠᠷᠬᠦᠯ ᠳᠦ ᠪᠠᠷᠢᠵᠤ ᠬᠠᠳᠠᠪᠠ
Qalq-a-yin qaγan šiγ dörben qaγan bolγaγad, ayimaγ büri tegši biši, dörben ayimaγ-tu čin-vang, ǰüyüng-vang arban ilegüü vang talbiγad, basa yeke baγ-a kedün ǰasaγ talbiγad, nige ǰil önggeregülüged Begeǰing-dü oduγsan-du Dörbed Čeren čin-vang, Čeren Ubaši ǰiyün-vang Čeren Möngke ǰiyün-vang qoyar, Qoyid arban ǰirγuγan ǰašaγ Begeǰing-dü ǰisalaǰu oduγsan qoyin-a, aru-duni üledegsen Engke gedeg čin-vang, Möngke Temür gedeg ǰiyüng-vang aqatai, dörben ayimaγ-un arban kedün ǰasaγ aqatai, basa aru-duni Гalsangdorǰi, Čaγdar Manǰi, Bayar aqatai γurban vang čuγ neyileǰü urbaγad Ürümči, Barkül, Čonǰi γurban qota-yi dayilaγsan-du, tegün-eče dakiǰu dotor-a-ača yeke čerig γarču ireged, meyiren-ü ǰanggi Yarγaši γurban tümen čerig-tei ireged, Čaγdarmanǰi-yi Barkül-dü bariǰu qadaba
101
ᠠᠯᠰᠠᠩᠳᠣᠷᠵᠢ ᠶᠢ ᠴᠠᠯᠢᠩ ᠴᠡᠷᠢᠭ ᠲᠦ ᠵᠠᠩᠵᠤᠨ ᠳᠣᠯᠤᠭᠠᠨ ᠲᠦᠮᠡᠨ ᠴᠡᠷᠢᠭ ᠲᠦ ᠣᠳᠤᠭᠠᠳ ᠪᠠᠷᠢᠵᠤ ᠬᠠᠳᠠᠪᠠ
Гalsangdorǰi-yi čaling čerig-tü ǰangǰun doluγan tümen čerig-tü oduγad bariǰu qadaba
103
ᠨᠡᠮᠡᠬᠦ ᠠᠬᠠᠲᠠᠢ ᠶᠢ ᠡᠷᠢᠰ ᠦᠨ ᠭᠣᠣᠯ ᠳᠤ ᠪᠠᠰᠠ ᠲᠤᠰ ᠲᠤᠰ ᠨᠢ ᠪᠠᠶᠢᠭᠰᠠᠨ ᠭᠠᠵᠠᠷ ᠭᠠᠵᠠᠷ ᠲᠤᠨᠢ ᠬᠢᠳᠤᠭᠰᠠᠨ ᠤ ᠲᠣᠭ᠎ᠠ ᠵᠡᠭᠦᠨ ᠭᠠᠷ ᠬᠣᠱᠤᠳ ᠬᠣᠶᠢᠳ ᠡᠨᠡ ᠭᠤᠷᠪᠠᠨ ᠲᠦᠮᠡᠨ ᠢᠯᠡᠭᠦᠦ ᠬᠦᠷᠭᠡᠵᠦ ᠬᠢᠳᠤᠪᠠ ᠭᠡᠳᠡᠭ
Nemekü aqatai-yi Ercis-ün γool-du, basa tus tus-ni bayiγsan γaǰar γaǰar-tuni kiduγsan-u toγ-a Jegün γar, Qošud, Qoyid ene γurban tümen ilegüü kürgeǰü kiduba gedeg
104
ᠣᠳᠣ ᠡᠭᠦᠨ ᠡᠴᠡ ᠦᠯᠡᠳᠡᠵᠦ ᠭᠠᠷᠤᠭᠰᠠᠨ ᠨᠢ ᠪᠠᠰᠠ ᠭᠠᠵᠠᠷ ᠭᠠᠵᠠᠷ ᠲᠤ ᠮᠢᠬᠠᠴᠢ ᠪᠣᠯᠵᠤ ᠪᠠᠶᠢᠭᠰᠠᠨ ᠢ ᠪᠣᠭᠳᠠ ᠡᠵᠡᠨ ᠡᠴᠡ ᠵᠠᠷᠯᠢᠭ ᠪᠠᠭᠤᠵᠤ ᠬᠤᠷᠢᠶᠠᠵᠤ ᠠᠪ ᠪᠠᠰᠠ ᠬᠠᠰᠠᠭ ᠲᠤ ᠣᠯᠵᠠ ᠳᠤ ᠣᠳᠤᠭᠰᠠᠨ ᠢ ᠣᠷᠭᠣᠵᠤ ᠢᠷᠡᠭᠰᠡᠨ ᠢ ᠣᠷᠭᠣᠵᠤ ᠠᠪᠤᠭᠠᠳ ᠢᠯᠢ ᠲᠠᠷᠪᠠᠭᠠᠲᠠᠢ ᠬᠣᠶᠠᠷ ᠲᠤ ᠬᠣᠷᠢᠨ ᠬᠡᠳᠦᠨ ᠰᠤᠮᠤᠨ ᠪᠣᠯᠭᠠᠵᠤ ᠪᠠᠶᠢᠯᠭᠠᠪᠠᠢ
Odo egün-eče üledeǰü γaruγsan ni, basa γaǰar γaǰar-tu miqači bolǰu bayiγsan-i boγda eǰen-eče ǰarliγ baγuǰu quriyaǰu ab, basa Qasaγ-tu olǰa-du oduγsan-i orγoǰu iregsen-i orγoǰu abuγad Ili, Tarbaγatai qoyar-tu qorin kedün sumun bolγaǰu bayilγabai
105
ᠳᠥᠷᠪᠡᠳ ᠳᠠᠯᠠᠢ ᠬᠠᠭᠠᠨ ᠠᠷᠪᠠᠨ ᠵᠢᠷᠭᠤᠭᠠᠨ ᠬᠣᠱᠢᠭᠤᠨ ᠡᠳᠡᠨ ᠡᠪᠳᠡᠷᠡᠯ ᠳᠦ ᠣᠷᠣᠯ ᠦᠭᠡᠢ ᠪᠠᠶᠢᠵᠤ ᠲᠦᠪᠱᠢᠨ ᠪᠣᠯᠵᠠᠢ
Dörbed Dalai-qaγan arban ǰirγuγan qošiγun eden ebderel-dü orol ügei bayiǰu tübšin bolǰai
106
ᠰᠠᠶᠢᠨ ᠵᠠᠶᠠᠭᠠᠲᠤ ᠳᠥᠷᠪᠡᠳ ᠭᠡᠵᠦ ᠪᠠᠶᠢᠭᠰᠠᠨ ᠪᠠᠶᠢᠨ᠎ᠠ ᠭᠡᠳᠡᠭ
Sayin Jayaγatu Dörbed geǰü bayiγsan bayina gedeg
107
ᠬᠣᠶᠢᠳ ᠤᠨ ᠨᠣᠶᠠᠳ ᠤᠨ ᠤᠭ ᠠᠩᠬᠠᠨ ᠳᠤ ᠪᠣ ᠬᠠᠭᠠᠨ ᠤ ᠴᠠᠭ ᠲᠤ ᠣᠶᠢᠷᠠᠳ ᠬᠠᠯᠬ᠎ᠠ ᠢᠯᠭᠠᠷᠠᠵᠤ ᠭᠠᠷᠴᠤ ᠢᠷᠡᠭᠡᠳ ᠣᠶᠢᠷᠠᠳ ᠳᠣᠲᠣᠷ ᠠ ᠪᠠᠨ ᠨᠡᠶᠢᠯᠡᠵᠦ ᠬᠣᠶᠢᠳᠤ ᠪᠡᠶ ᠡ ᠳᠡᠬᠢ ᠣᠶᠢᠷᠠᠳ ᠢ ᠬᠣᠶᠢᠳ ᠭᠡᠵᠦ ᠨᠡᠷ᠎ᠡ ᠦᠭᠪᠡᠢ
Qoyid-un noyad-un uγ, angqan-du Bo-qaγan-u čaγ-tu Oyirad, Qalqa ilγaraǰu γarču ireged Oyirad dotor-a-ban neyileǰü, qoyidu bey-e-deki Oyirad-i Qoyid geǰü ner-e ügbei
108
ᠣᠶᠢᠷᠠᠳ ᠬᠣᠶᠠᠷ ᠠᠩᠭᠢ ᠪᠠᠶᠢᠵᠤ ᠪᠠᠶᠢᠭᠠᠳ ᠬᠣᠶᠢᠳ ᠤᠨ ᠶᠡᠬᠡ ᠮᠢᠩᠭᠠᠨ ᠭᠡᠬᠦ ᠨᠢᠭᠡᠨ ᠨᠡᠷ ᠡ ᠲᠡᠢ ᠬᠦᠮᠦᠨ ᠵᠢᠭᠠᠰᠤᠨ ᠳᠤ ᠭᠤᠬᠠᠯᠢ ᠪᠠᠷ ᠱᠢᠭᠦᠵᠦ ᠶᠠᠪᠤᠲᠠᠯ᠎ᠠ ᠨᠢᠭᠡ ᠤᠰᠤᠨ ᠤ ᠳᠣᠯᠭᠢᠶᠠᠨ ᠳᠣᠲᠣᠷ᠎ᠠ ᠨᠢᠭᠡ ᠨᠢᠯᠬ᠎ᠠ ᠬᠥᠪᠡᠭᠦᠨ ᠤᠷᠤᠰᠴᠤ ᠶᠠᠪᠤᠭᠰᠠᠨ ᠢ ᠶᠡᠬᠡ ᠮᠢᠩᠭᠠᠨ ᠭᠤᠬᠠᠯᠢ ᠪᠠᠷ ᠲᠠᠲᠠᠵᠤ ᠠᠪᠤᠭᠰᠠᠨ ᠳᠤ ᠭᠤᠬᠠᠯᠢ ᠶᠢᠨ ᠢᠵᠦᠭᠦᠷ ᠬᠤᠭᠤᠷᠠᠵᠤ ᠬᠥᠪᠡᠭᠦᠨ ᠦ ᠴᠢᠬᠢᠨ ᠳᠤ ᠮᠡᠩᠭᠡ ᠪᠠᠶᠢᠭᠰᠠᠨ ᠳᠤ ᠣᠶᠢᠷᠠᠳ ᠰᠦᠶᠢᠬᠡ ᠵᠡᠭᠦᠬᠦ ᠶᠣᠰᠤᠨ ᠲᠡᠭᠦᠨ ᠡᠴᠡ ᠭᠠᠷᠤᠪᠠ
Oyirad qoyar anggi bayiǰu bayiγad, Qoyid-un Yeke Mingγan gekü nigen ner-e-tei kümün ǰiγasun-du γuqali-bar šigüǰü yabutal-a, nige usun-u dolgiyan dotor-a nige nilq-a köbegün urusču yabuγsan-i yeke Mingγan γuqali-bar tataǰu abuγsan-du, γuqali-yin iǰügür quγuraǰu, köbegün-ü čikin-du mengge bayiγsan-du Oyirad süyike ǰegükü yosun tegün-eče γaruba
109
ᠲᠡᠷᠡ ᠬᠥᠪᠡᠭᠦᠨ ᠦ ᠤᠭ ᠶᠡᠬᠡ ᠮᠢᠩᠭᠠᠨ ᠤᠭ ᠲᠠᠢ ᠭᠡᠵᠦ ᠨᠡᠷᠢᠶᠡᠳᠪᠡᠢ
Tere köbegün-ü uγ Yeke Mingγan uγ-tai geǰü neriyedbei
111
ᠥᠰᠴᠦ ᠶᠡᠬᠡ ᠪᠣᠯᠤᠭᠠᠳ ᠤᠨᠤᠵᠤ ᠮᠣᠷᠢᠨ ᠳᠠᠭᠠᠭᠠᠳᠠᠭ ᠦᠭᠡᠢ ᠪᠣᠯᠣᠨ ᠪᠠᠭᠠᠲᠤᠷ ᠵᠢᠷᠦᠬᠡ ᠲᠡᠢ ᠪᠥᠬᠡ ᠴᠢᠳᠠᠯᠲᠠᠢ ᠪᠣᠯᠵᠤ ᠬᠣᠶᠢᠳ ᠤᠨ ᠨᠣᠶᠠᠨ ᠪᠣᠯᠵᠤ ᠪᠠᠶᠢᠭᠰᠠᠨ ᠳᠤ ᠬᠠᠷ᠎ᠠ ᠬᠢᠲᠠᠳ ᠤᠨ ᠨᠣᠶᠠᠨ ᠡᠯᠴᠢ ᠢᠯᠡᠭᠡᠵᠦ ᠪᠣ ᠬᠠᠭᠠᠨ ᠶᠠᠪᠤᠭᠠᠨ ᠮᠡᠷᠭᠡᠨ ᠬᠣᠶᠠᠷ ᠲᠤ ᠪᠢᠴᠢᠭ ᠪᠠᠷᠢᠭᠤᠯᠵᠤ ᠶᠠᠪᠤᠭᠠᠨ ᠮᠡᠷᠭᠡᠨ ᠢ ᠬᠢᠲᠠᠳ ᠤᠨ ᠣᠷᠣᠨ ᠳᠤ ᠵᠠᠯᠠᠵᠤ ᠣᠳᠤᠭᠠᠳ ᠠᠷᠤᠳᠢ ᠱᠢᠪᠠᠭᠤᠨ ᠤ ᠠᠶᠠᠯᠭᠤ ᠶᠢ ᠳᠠᠭᠤᠷᠢᠶᠠᠯᠭᠠᠭᠠᠳ ᠬᠢᠲᠠᠳ ᠤᠨ ᠬᠠᠭᠠᠨ ᠮᠠᠭᠤ ᠪᠠᠷ ᠬᠠᠷ᠎ᠠ ᠰᠠᠨᠠᠵᠤ ᠪᠤᠷᠤᠭᠤ ᠡᠮ ᠪᠠᠷᠢᠭᠰᠠᠨ ᠳᠤ ᠮᠥᠨ ᠲᠠᠭᠠᠯᠠᠯ ᠪᠣᠯᠪᠠ
Ösčü yeke boluγad unuǰu morin daγaγadaγ ügei bolon baγatur ǰirüke-tei böke čidaltai bolǰu Qoyid-un noyan bolǰu bayiγsan-du, Qar-a Kitad-un noyan elči ilegeǰü Bo-qaγan, Yabuγan Mergen qoyar-tu bičig bariγulǰu, Yabuγan Mergen-i Kitad-un oron-du ǰalaǰu oduγad Гarudi šibaγun-u ayalγu-yi daγuriyalγaγad, Kitad-un qaγan maγu-bar qar-a sanaǰu buruγu em bariγsan-du mön taγalal bolba
112
ᠬᠢᠲᠠᠳ ᠤᠨ ᠣᠷᠣᠨ ᠠᠴᠠ ᠡᠳᠦᠷ ᠰᠦᠨᠢ ᠦᠭᠡᠢ ᠪᠤᠮ ᠪᠤᠮ ᠢᠶᠠᠷ ᠬᠦᠮᠦᠨ ᠱᠢᠷᠡᠭ ᠡᠪᠡᠳᠴᠢᠨ ᠢᠶᠡᠷ ᠦᠬᠦᠵᠦ ᠭᠠᠷᠤᠭᠰᠠᠨ ᠳᠤ ᠬᠢᠲᠠᠳ ᠤᠨ ᠬᠠᠭᠠᠨ ᠠᠶᠤᠵᠤ ᠵᠠᠩ ᠳᠢᠶᠠᠨ ᠱᠢ ᠳᠤ ᠠᠶᠢᠯᠠᠳᠬᠠᠭᠰᠠᠨ ᠳᠤ ᠵᠠᠷᠯᠢᠭ ᠪᠣᠯᠤᠭᠰᠠᠨ ᠨᠢ ᠲᠠ ᠠᠴᠢᠲᠠᠢ ᠮᠡᠷᠭᠡᠨ ᠦ ᠠᠴᠢ ᠶᠢ ᠬᠠᠷᠢᠭᠤᠯᠤᠯ ᠦᠭᠡᠢ ᠪᠠᠶᠢᠵᠤ ᠬᠣᠣᠷ ᠬᠢᠭᠰᠡᠨ ᠲᠤᠯᠠ ᠲᠠᠨ ᠤ ᠬᠢᠲᠠᠳ ᠤᠨ ᠣᠷᠣᠨ ᠠᠴᠠ ᠨᠢᠭᠡ ᠴᠦ ᠬᠦᠮᠦᠨ ᠦᠯᠡᠳᠡᠱᠢ ᠭᠡᠵᠦ ᠵᠠᠷᠯᠢᠭ ᠪᠣᠯᠤᠭᠰᠠᠨ ᠳᠤ ᠪᠠᠰᠠ ᠳᠠᠬᠢᠵᠤ ᠠᠶᠢᠯᠠᠳᠬᠠᠭᠰᠠᠨ ᠳᠤ ᠠᠴᠢᠲᠤ ᠮᠡᠷᠭᠡᠨ ᠦ ᠪᠠᠷᠠᠭᠤᠨ ᠳᠠᠯᠤ ᠶᠢ ᠨᠢ ᠠᠪᠤᠭᠠᠳ ᠰᠦᠮ᠎ᠡ ᠪᠠᠷᠢᠵᠤ ᠲᠠᠬᠢᠲᠤᠭᠠᠢ ᠪᠢᠱᠢᠩᠬᠢ ᠶᠠᠰᠤ ᠶᠢ ᠨᠢ ᠤᠭ ᠭᠠᠵᠠᠷ ᠲᠤ ᠬᠦᠷᠭᠡᠭᠦᠯᠬᠦᠯᠡ ᠲᠠᠨ ᠤ ᠬᠢᠲᠠᠳ ᠤᠨ ᠣᠷᠣᠨ ᠠᠴᠠ ᠭᠤᠷᠪᠠᠨ ᠱᠠᠷ ᠦᠬᠡᠷ ᠦᠨ ᠨᠣᠣᠰᠤᠨ ᠤ ᠲᠣᠭ ᠠ ᠪᠠᠷ ᠦᠬᠦᠬᠡᠳ ᠦᠯᠡᠳᠡᠭᠰᠡᠨ ᠨᠢ ᠥᠷᠦᠰᠦᠨ ᠪᠣᠯᠬᠤ ᠳᠠᠯᠤ ᠶᠢ ᠨᠢ ᠡᠰᠡ ᠰᠠᠯᠭᠠᠪᠠᠰᠤ ᠠᠮᠢᠳᠤᠷᠠᠵᠤ ᠪᠣᠰᠬᠤ ᠳᠤ ᠮᠠᠭᠠᠳ ᠦᠭᠡᠢ ᠭᠡᠵᠦ ᠵᠠᠷᠯᠢᠭ ᠪᠣᠯᠤᠭᠰᠠᠨ ᠳᠤ ᠳᠠᠯᠤ ᠶᠢ ᠪᠡᠭᠡᠵᠢᠩ ᠳᠦ ᠲᠠᠬᠢᠪᠠᠢ
Kitad-un oron-ača edür süni ügei bum bum-iyar kümün šireg ebedčin-iyer üküǰü γaruγsan-du, Kitad-un qaγan ayuǰu Jang diyan ši-du ayiladqaγsan-du ǰarliγ boluγsan ni: «Ta Ačitai Mergen-ü ači-yi qariγulul ügei bayiǰu qoor kigsen tula, tan-u Kitad-un oron-ača nige-čü kümün üledeši» geǰü ǰarliγ boluγsan-du, basa dakiǰu ayiladqaγsan du «Ačitu Mergen-ü baraγun dalu-yi ni abuγad süm-e bariǰu takituγai! Bišingki yasu-yi ni uγ γaǰar-tu kürgegülküle tan-u Kitad-un oron-ača γurban šar üker-ün noosun-u toγ-a-bar üküked üledegsen-ni örüsün bolqu, dalu-yi-ni ese salγabasu amiduraǰu bosqu-du maγad ügei» geǰü ǰarliγ boluγsan du, dalu-yi Begeǰing-dü takibai
113
ᠪᠠᠲᠤᠳ ᠭᠡᠬᠦ ᠨᠠᠢᠮᠠᠨ ᠵᠠᠭᠤᠨ ᠬᠢᠲᠠᠳ ᠴᠡᠷᠢᠭ ᠨᠢᠭᠡ ᠠᠮᠪᠠ ᠲᠠᠢ ᠶᠢ ᠭᠠᠷᠭᠠᠭᠠᠳ ᠶᠠᠪᠤᠭᠠᠨ ᠮᠡᠷᠭᠡᠨ ᠦ ᠶᠠᠰᠤ ᠶᠢ ᠨᠤᠲᠤᠭ ᠲᠤ ᠨᠢ ᠬᠦᠷᠭᠡᠭᠦᠯᠪᠡᠢ
Batud gekü naiman ǰaγun Kitad čerig nige amba-tai-yi γarγaγad, Yabuγan Mergen-ü yasu-yi nutuγ-tu ni kürgegülbei
114
ᠵᠠᠭᠤᠷ᠎ᠠ ᠵᠢᠮᠱᠢ ᠵᠢᠮᠱᠠᠶᠢᠷᠢ ᠳᠤ ᠬᠦᠷᠦᠭᠡᠳ ᠶᠠᠱᠤ ᠨᠢ ᠶᠠᠪᠤᠵᠤ ᠡᠰᠡ ᠥᠭᠪᠡᠢ
Jaγur-a Jimši (Jimšayiri)-du kürüged yašu-ni yabuǰu ese ögbei
115
ᠮᠥᠨ ᠲᠡᠭᠦᠨ ᠳᠤᠨᠢ ᠡᠷᠢᠶᠡᠨ ᠬᠠᠪᠢᠷᠭ ᠠ ᠳᠤ ᠶᠠᠰᠤ ᠶᠢ ᠨᠢ ᠲᠠᠯᠪᠢᠭᠠᠳ ᠨᠠᠢᠮᠠᠨ ᠵᠠᠭᠤᠨ ᠬᠢᠲᠠᠳ ᠢ ᠮᠥᠨ ᠲᠡᠷᠡ ᠭᠠᠵᠠᠷ ᠲᠤᠨᠢ ᠪᠠᠶᠢᠯᠭᠠᠭᠰᠠᠨ ᠳᠤ ᠪᠡᠲᠦᠳ ᠭᠡᠳᠡᠭ ᠥᠭᠡᠳᠡ ᠪᠣᠯᠤᠭᠰᠠᠨ ᠪᠠᠶᠢᠨ᠎ᠠ
Mön tegün-duni Eriyen Qabirγ-a-du yasu-yi ni talbiγad, naiman ǰaγun Kitad-i mön tere γaǰar-tuni bayilγaγsan-du, Betüd gedeg ögede boluγsan bayina
116
ᠶᠠᠪᠤᠭᠠᠨ ᠮᠡᠷᠭᠡᠨ ᠤᠭ ᠨᠠᠭᠠᠨ ᠠ ᠠᠴᠠ ᠣᠳᠬᠤ ᠳᠠᠭᠠᠨ ᠪᠣᠭᠳᠠ ᠶᠢᠨ ᠠᠯᠠᠭ ᠠᠭᠤᠯᠠ ᠶᠢ ᠶᠠᠮᠠᠷ ᠰᠠᠶᠢᠬᠠᠨ ᠭᠠᠵᠠᠷ ᠪᠤᠢ ᠭᠡᠵᠦ ᠵᠠᠷᠯᠢᠭ ᠪᠣᠯᠤᠭᠰᠠᠨ ᠳᠤ ᠶᠠᠰᠤ ᠨᠢ ᠶᠠᠪᠤᠯ ᠦᠭᠡᠢ ᠪᠠᠶᠢᠵᠤ ᠭᠡᠳᠡᠭ
Yabuγan Mergen uγ naγan-a-ača odqu-daγan Boγda-yin Alaγ aγula-yi «yamar sayiqan γaǰar bui» geǰü ǰarliγ boluγsan-du, yasu ni yabul ügei bayiǰu gedeg
117
ᠲᠡᠭᠦᠨ ᠡᠴᠡ ᠡᠬᠢᠯᠡᠵᠦ ᠭᠠᠵᠠᠷ ᠢ ᠰᠠᠶᠢᠬᠠᠨ ᠭᠡᠵᠦ ᠬᠡᠯᠡᠳᠡᠭ ᠦᠭᠡᠢ ᠦᠭᠡ ᠲᠡᠭᠦᠨ ᠡᠴᠡ ᠭᠠᠷᠤᠪᠠ ᠭᠡᠳᠡᠭ
Tegün-eče ekileǰü γaǰar-i sayiqan geǰü keledeg ügei üge tegün-eče γaruba gedeg
118
ᠠᠯᠰᠤᠨ ᠬᠠᠭᠠᠨ ᠤ ᠬᠥᠪᠡᠭᠦᠨ ᠶᠠᠪᠤᠭᠠᠨ ᠮᠡᠷᠭᠡᠨ ᠶᠠᠪᠤᠭᠠᠨ ᠮᠡᠷᠭᠡᠨ ᠦ ᠬᠥᠪᠡᠭᠦᠨ ᠡᠷᠬᠡᠬᠠᠷᠠ ᠡᠭᠦᠨ ᠦ ᠬᠥᠪᠡᠭᠦᠨ ᠣᠳᠨᠤ ᠨᠣᠶᠠᠨ ᠡᠭᠦᠨ ᠦ ᠬᠥᠪᠡᠭᠦᠨ ᠤᠳᠠᠬᠤ ᠨᠣᠶᠠᠨ ᠡᠳᠦᠨ ᠦ ᠬᠥᠪᠡᠭᠦᠨ ᠡᠯᠡᠩᠬᠣᠷ ᠡᠭᠦᠨ ᠦ ᠬᠥᠪᠡᠭᠦᠨ ᠣᠴᠢᠷᠮᠢᠩᠭᠠᠲᠤ ᠴᠢᠳᠤᠮᠢᠩᠭᠠᠲᠤ ᠵᠢᠭᠳᠤᠮᠢᠩᠭᠠᠲᠤ ᠡᠨᠡ ᠭᠤᠷᠪᠠᠨ ᠪᠤᠢ
Гalsun qaγan-u köbegün Yabuγan Mergen Yabuγan Mergen-ü köbegün Erkeqar-a, egün-ü köbegün Odnu-noyan, egün-ü köbegün Udaqu-noyan, edün-ü köbegün Elengqor Egün-ü köbegün Očirmingγatu, Čidumingγatu, Jiγdumingγatu ene γurban bui
119
ᠣᠴᠢᠷᠮᠢᠩᠭᠠᠲᠤ ᠶᠢᠨ ᠬᠥᠪᠡᠭᠦᠨ ᠡᠰᠡᠯᠪᠡᠢ ᠶᠢᠨ ᠰᠠᠶᠢᠨ ᠬᠢᠶ᠎ᠠ ᠡᠷᠴᠢᠰᠪᠢ ᠵᠣᠷᠢᠭᠲᠤ ᠭᠤᠷᠪᠠᠨ ᠡᠨᠡ ᠪᠤᠢ
Očirmingγatu-yin köbegün Eselbei-yin Sayin Kiy-a, Erčisbi, Joriγtu γurban ene bui
120
ᠡᠰᠡᠯᠪᠡᠢ ᠶᠢᠨ ᠰᠠᠶᠢᠨ ᠬᠢᠶ ᠠ ᠶᠢᠨ ᠬᠥᠪᠡᠭᠦᠨ ᠨᠣᠮᠳᠠᠯᠠᠢ ᠨᠣᠶᠠᠨ ᠤᠪᠠᠱᠢ ᠪᠤᠶᠠᠨ ᠪᠤᠷᠬᠠᠨ ᠡᠨᠡ ᠭᠤᠷᠪᠠᠨ ᠪᠤᠢ
Eselbei-yin Sayin Kiy-a-yin köbegün Nomdalai, Noyan Ubaši, Buyan Burqan ene γurban bui
121
ᠨᠣᠮᠳᠠᠯᠠᠢ ᠶᠢᠨ ᠬᠥᠪᠡᠭᠦᠨ ᠰᠤᠯᠲᠠᠨ ᠤᠪᠠᠱᠢ ᠰᠦᠮᠡᠷ ᠲᠠᠶᠢᠱᠢ ᠡᠨᠡ ᠬᠣᠶᠠᠷ ᠪᠤᠢ
Nomdalai-yin köbegün Sultan Ubaši, Sümer Tayiši ene qoyar bui
122
ᠰᠦᠮᠡᠷ ᠦᠨ ᠬᠥᠪᠡᠭᠦᠨ ᠠᠯᠠᠭ ᠨᠢᠳᠤᠨ ᠠᠶᠤᠱᠢ ᠨᠠᠭᠠᠳ ᠬᠠᠷᠠᠵᠢ ᠴᠣᠶᠢᠵᠢ ᠡᠨᠡ ᠳᠥᠷᠪᠡᠨ ᠪᠤᠢ
Sümer-ün köbegün Alaγ Nidun Ayuši, Naγad, Qaraǰi, Čoyiǰi ene dörben bui
125
ᠢᠵᠠᠭᠤᠷ ᠶᠢᠷᠲᠢᠨᠴᠢ ᠶᠢᠨ ᠬᠦᠮᠦᠨ ᠨᠠᠢᠮᠠᠨ ᠲᠦᠮᠡᠨ ᠨᠠᠰᠤ ᠲᠠᠢ ᠨᠠᠶᠠᠨ ᠲᠣᠬᠣᠢ ᠪᠡᠶ ᠡ ᠲᠡᠢ ᠪᠠᠶᠢᠬᠤ ᠴᠠᠭ ᠲᠤ ᠣᠯᠠᠨ ᠳᠤ ᠡᠷᠭᠦᠭᠳᠡᠭᠰᠡᠨ ᠬᠠᠭᠠᠨ ᠭᠠᠷᠤᠭᠠᠳ ᠲᠠᠪᠤᠨ ᠪᠤᠮ ᠦᠶ᠎ᠡ ᠳᠡᠭᠡᠷ᠎ᠡ ᠪᠤᠷᠬᠠᠨ ᠪᠠᠭᠱᠢ ᠥᠭᠡᠳᠡ ᠪᠣᠯᠵᠤ ᠨᠠᠷᠠᠨ ᠬᠠᠭᠠᠨ ᠤ ᠨᠢᠭᠡ ᠬᠥᠪᠡᠭᠦᠨ ᠡᠴᠢᠭᠡ ᠳᠡᠭᠡᠨ ᠬᠥᠭᠡᠭᠡᠭᠳᠡᠵᠦ ᠵᠤᠯᠠᠵᠤ ᠣᠳᠤᠭᠠᠳ ᠲᠥᠪᠡᠳ ᠲᠦ ᠢᠷᠡᠭᠡᠳ ᠮᠠᠨᠢᠭ ᠭᠡᠳᠡᠭ ᠲᠠᠩᠭᠠᠳ ᠲᠤ ᠬᠠᠭᠠᠨ ᠰᠠᠭᠤᠪᠠ
Iǰaγur yirtinči-yin kümün naiman tümen nasu-tai nayan toqoi bey-e-tei bayiqu čaγ-tu, olan-du ergügdegsen qaγan γaruγad tabun bum üy-e deger-e Burqan baγši ögede bolǰu, Naran qaγan-u nige köbegün ečige-degen kögegegdeǰü ǰulaǰu oduγad Töbed-tü ireged, Maniγ gedeg Tangγad-tu qaγan saγuba
127
ᠲᠡᠭᠦᠨ ᠡᠴᠡ ᠬᠢᠲᠠᠳ ᠤᠨ ᠳᠠᠶᠢᠴᠢᠩ ᠬᠠᠭᠠᠨ ᠪᠣᠯᠵᠤ ᠰᠠᠭᠤᠭᠠᠳ ᠠᠨᠳᠠᠤ ᠠᠴᠠ ᠲᠠᠩᠭᠠᠳ ᠬᠢᠲᠠᠳ ᠠᠪᠴᠤ ᠲᠡᠭᠦᠨ ᠡᠴᠡ ᠸᠠᠩ ᠬᠠᠭᠠᠨ ᠭᠠᠷᠤᠪᠠ
Tegün-eče Kitad-un Dayičing qaγan bolǰu saγuγad, Andau-ača Tangγad Kitad abču, tegün-eče Vang qaγan γaruba
128
ᠳᠠᠷᠤᠢ ᠨᠢ ᠡᠬᠡ ᠨᠢ ᠦᠭᠡᠢ ᠪᠣᠯᠤᠭᠠᠳ ᠳᠠᠶᠢᠴᠢᠩ ᠬᠠᠭᠠᠨ ᠬᠢᠲᠠᠳ ᠬᠠᠲᠤᠨ ᠠᠪᠤᠭᠰᠠᠨ ᠬᠣᠶᠢᠨᠠ ᠸᠠᠩ ᠬᠠᠭᠠᠨ ᠬᠣᠶᠢᠲᠤ ᠡᠬᠡ ᠨᠢ ᠡᠴᠢᠭᠡ ᠳᠦᠨᠢ ᠮᠠᠭᠤᠳᠬᠠᠵᠤ ᠬᠣᠪ ᠬᠡᠯᠡᠵᠦ ᠬᠥᠭᠡᠯᠭᠡᠭᠡᠳ ᠲᠠᠪᠤᠨ ᠬᠢᠲᠠᠳ ᠳᠠᠭᠠᠭᠤᠯᠵᠤ ᠥᠭᠬᠦᠭᠡᠳ ᠨᠠᠭᠠᠴᠤ ᠨᠠᠷ ᠲᠤᠨᠢ ᠲᠠᠩᠭᠠᠳ ᠲᠤ ᠣᠳ ᠭᠡᠵᠦ ᠢᠯᠡᠭᠡᠭᠰᠡᠨ ᠳᠦ ᠣᠳᠬᠤᠯ᠎ᠠ ᠨᠢ ᠲᠠᠨ ᠤ ᠬᠢᠲᠠᠳ ᠪᠢᠳᠠᠨ ᠬᠣᠶᠠᠷ ᠣᠶᠢᠷ᠎ᠠ ᠪᠠᠶᠢᠨ᠎ᠠ
Darui ni eke ni ügei boluγad Dayičing qaγan Kitad qatun abuγsan qoyin-a, Vang qaγan qoyitu eke ni ečige-düni maγudqaǰu qob keleǰü kögelgeged tabun Kitad daγaγulǰu ögküged naγaču-nar-tuni Tangγad-tu od geǰü ilegegsen-dü, odqul-a ni tan-u Kitad bidan qoyar oyir-a bayina
129
ᠲᠡᠷᠦᠢ ᠨᠢ ᠰᠣᠨᠣᠰᠤᠭᠠᠳ ᠥᠱᠢᠶᠡᠨ ᠪᠢᠯᠡ ᠭᠡᠵᠦ ᠬᠡᠯᠡᠭᠡᠳ ᠸᠠᠩ ᠬᠠᠭᠠᠨ ᠳᠤ ᠲᠠᠪᠤᠨ ᠲᠠᠩᠭᠠᠳ ᠳᠠᠭᠠᠭᠤᠯᠵᠤ ᠥᠭᠬᠦᠭᠡᠳ ᠵᠡᠭᠦᠨ ᠪᠡᠶ ᠡ ᠳᠦ ᠮᠣᠩᠭᠣᠯ ᠤᠨ ᠣᠷᠣᠨ ᠳᠤ ᠣᠳ ᠭᠡᠵᠦ ᠢᠯᠡᠭᠡᠭᠰᠡᠨ ᠳᠦ ᠸᠠᠩ ᠬᠠᠭᠠᠨ ᠬᠠᠯᠬ ᠠ ᠳᠤ ᠢᠷᠡᠬᠦᠯ᠎ᠡ ᠨᠢ ᠬᠠᠯᠬ ᠠ ᠶᠢᠨ ᠬᠠᠭᠠᠨ ᠲᠠᠨ ᠤ ᠬᠢᠲᠠᠳ ᠪᠢᠳᠡᠨ ᠦ ᠬᠣᠶᠠᠷ ᠣᠶᠢᠷ᠎ᠠ ᠪᠠᠶᠢᠨ᠎ᠠ ᠭᠡᠵᠦ ᠬᠡᠯᠡᠪᠡᠢ
terüi ni sonosuγad öšiyen bile geǰü keleged, Vang qaγan-du tabun Tangγad daγaγulǰu ögküged ǰegün bey-e-dü Mongγol-un oron-du od geǰü ilegegsen-dü, Vang qaγan Qalq-a-du irekül-e ni Qalq-a-yin qaγan tan-u Kitad biden-ü qoyar oyir-a bayin-a geǰü kelebei
130
ᠮᠥᠨ ᠱᠢᠩᠭᠡᠬᠦ ᠵᠦᠭ ᠲᠦ ᠬᠣᠲᠣᠩ ᠠᠨᠵᠢᠶᠠᠨ ᠤ ᠭᠠᠵᠠᠷ ᠲᠤ ᠣᠳᠤᠭᠰᠠᠨ ᠳᠤ ᠡᠭᠦᠨ ᠳᠦ ᠮᠠᠨ ᠤ ᠮᠣᠩᠭᠣᠯ ᠣᠶᠢᠷᠠᠳ ᠨᠤᠲᠤᠭ ᠪᠠᠶᠢᠵᠤ ᠪᠠᠰᠠ ᠬᠠᠯᠬ ᠠ ᠶᠢᠨ ᠲᠠᠪᠤᠨ ᠬᠦᠮᠦᠨ ᠳᠠᠭᠠᠭᠤᠯᠵᠤ ᠶᠠᠪᠤᠭᠤᠯᠪᠠ
Mön šinggekü ǰüg-tü Qotong Anǰiyan-u γaǰar-tu oduγsan-du, egün-dü man-u Mongγol Oyirad nutuγ bayiǰu, basa Qalq-a-yin tabun kümün daγaγulǰu yabuγulba
131
ᠸᠠᠩ ᠬᠠᠭᠠᠨ ᠠᠷᠪᠠᠨ ᠲᠠᠪᠤᠨ ᠨᠥᠬᠦᠳ ᠲᠡᠢ ᠶᠠᠪᠤᠵᠤ ᠣᠶᠢᠷᠠᠳ ᠤᠨ ᠲᠣᠭᠣᠨ ᠲᠠᠶᠢᠱᠢ ᠬᠠᠭᠠᠨ ᠳᠤ ᠲᠦᠱᠢᠵᠦ ᠢᠷᠡᠬᠦᠯ᠎ᠡ ᠨᠢ ᠲᠣᠭᠣᠨ ᠲᠠᠶᠢᠱᠢ ᠬᠡᠦᠬᠡᠨ ᠬᠠᠶᠢᠷᠠᠯᠠᠵᠤ ᠰᠠᠭᠤᠯᠭᠠᠭᠰᠠᠨ ᠳᠤ ᠨᠤᠲᠤᠭ ᠠᠴᠠ ᠰᠠᠯᠤᠭᠰᠠᠨ ᠨᠣᠶᠠᠨ ᠡᠭᠦᠷ ᠡᠴᠡ ᠰᠠᠯᠤᠭᠰᠠᠨ ᠱᠢᠪᠠᠭᠤᠨ ᠭᠡᠵᠦ ᠬᠡᠯᠡᠳᠡᠭ ᠬᠥᠭᠡᠷᠦᠬᠦᠢ ᠨᠣᠶᠠᠨ ᠶᠠᠰᠤᠲᠠᠢ ᠭᠡᠵᠦ ᠵᠠᠷᠯᠢᠭ ᠪᠣᠯᠤᠭᠠᠳ ᠲᠣᠭᠣᠨ ᠲᠠᠶᠢᠱᠢ ᠬᠡᠦᠬᠡᠨ ᠢᠶᠡᠨ ᠥᠭᠬᠦᠭᠡᠳ ᠬᠦᠷᠭᠡᠨ ᠬᠡᠵᠦ ᠠᠪᠤᠭᠠᠳ ᠲᠤᠷᠠᠭ ᠭᠥᠷᠥᠭᠡᠰᠦᠨ ᠱᠢᠭ ᠥᠩᠭᠡ ᠴᠢᠷᠠᠢ ᠰᠠᠶᠢᠬᠠᠨ ᠬᠣᠶᠠᠷ ᠵᠠᠭᠤᠨ ᠲᠠᠪᠢᠨ ᠵᠠᠯᠠᠭᠤ ᠬᠣᠶᠠᠷ ᠵᠠᠭᠤᠨ ᠲᠠᠪᠢᠨ ᠬᠡᠦᠬᠡᠨ ᠲᠡᠢ ᠶᠢ ᠠᠯᠪᠠᠲᠤ ᠬᠡᠵᠦ ᠠᠪ ᠭᠡᠵᠦ ᠬᠠᠶᠢᠷᠠᠯᠠᠪᠠᠢ
Vang qaγan arban tabun nöküd-tei yabuǰu Oyirad-un Toγon-tayiši qaγan-du tüšiǰü irekül-e ni, Toγon-tayiši keüken qayiralaǰu saγulγaγsan-du «nutuγ-ača saluγsan noyan, egür-eče saluγsan šibaγun geǰü keledeg kögerüküi noyan yasutai» geǰü ǰarliγ boluγad, Toγon-tayiši keüken-iyen ögküged kürgen keǰü abuγad «turaγ görögesün šig öngge čirai sayiqan qoyar ǰaγun tabin ǰalaγu, qoyar ǰaγun tabin keüken-tei-yi albatu keǰü ab» geǰü qayiralabai
133
ᠸᠠᠩ ᠬᠠᠭᠠᠨ ᠡᠭᠦᠨ ᠦ ᠬᠥᠪᠡᠭᠦᠨ ᠬᠢᠪᠡᠩ ᠡᠭᠦᠨ ᠦ ᠬᠥᠪᠡᠭᠦᠨ ᠰᠤᠰᠠᠢ ᠡᠭᠦᠨ ᠦ ᠬᠥᠪᠡᠭᠦᠨ ᠮᠠᠬᠠᠴᠢ ᠮᠡᠷᠭᠡᠨ
Vang qaγan, egün-ü köbegün Kibeng, egün-ü köbegün Susai, egün-ü köbegün Maqači Mergen
134
ᠮᠠᠬᠠᠴᠢ ᠮᠡᠷᠭᠡᠨ ᠦ ᠬᠥᠪᠡᠭᠦᠨ ᠬᠣᠶᠠᠷ ᠨᠢᠭᠡᠨ ᠨᠢ ᠪᠤᠶᠢᠭᠤ ᠥᠷᠯᠥᠭ ᠬᠣᠶᠠᠳᠤᠭᠠᠷ ᠨᠢ ᠣᠩᠬᠠᠨ
Maqači Mergen-ü köbegün qoyar, nigen ni Buyiγu Örlög, qoyaduγar ni Ongqan
135
ᠪᠤᠶᠢᠭᠤ ᠥᠷᠯᠥᠭ ᠦᠨ ᠬᠥᠪᠡᠭᠦᠨ ᠳᠥᠷᠪᠡᠨ ᠶᠡᠬᠡ ᠨᠢ ᠵᠤᠯᠵᠠᠭ᠎ᠠ ᠥᠷᠯᠥᠭ ᠬᠣᠶᠠᠳᠤᠭᠠᠷ ᠣᠩᠬᠤᠨ ᠴᠠᠪᠴᠢᠶᠠᠴᠢ ᠭᠤᠷᠪᠠᠳᠤᠭᠠᠷ ᠪᠣᠷᠤ ᠬᠠᠱᠢᠬᠠ ᠳᠥᠷᠪᠡᠳᠦᠭᠡᠷ ᠮᠠᠩᠬᠠᠢ
Buyiγu Örlög-ün köbegün dörben, yeke-ni Julǰaγa Örlög, qoyaduγar Ongqun Čabčiyači, γurbaduγar Boru Qašiqa, dörbedüger Mangqai.
136
ᠣᠩᠬᠤᠨ ᠴᠠᠪᠴᠢᠶᠠᠴᠢ ᠪᠣᠷᠤ ᠬᠠᠱᠢᠬᠠ ᠮᠠᠩᠬᠠᠢ ᠡᠳᠡᠨ ᠭᠤᠷᠪᠠᠨ ᠤ ᠤᠭ ᠭᠦᠱᠢ ᠭᠡᠭᠡᠨ ᠬᠠᠭᠠᠨ ᠢ ᠳᠠᠭᠠᠵᠤ ᠨᠡᠭᠦᠭᠡᠳ ᠬᠥᠬᠡ ᠨᠠᠭᠤᠷ ᠲᠤ ᠨᠤᠲᠤᠭᠯᠠᠵᠤ ᠭᠤᠷᠪᠠᠨ ᠵᠠᠰᠠᠭ ᠪᠣᠯᠤᠭᠰᠠᠨ ᠪᠠᠶᠢᠨ᠎ᠠ ᠭᠡᠳᠡᠭ
Ongqun Čabčiyači, Boru Qašiqa, Mangqai eden γurban-u uγ Güši Gegen-qaγan-i daγaǰu negüged Köke naγur-tu nutuγlaǰu, γurban ǰasaγ boluγsan bayina gedeg
137
ᠮᠠᠩᠬᠠᠢ ᠶᠢᠨ ᠬᠥᠪᠡᠭᠦᠨ ᠠᠪᠤᠲᠠᠢ ᠪᠤᠤᠴᠢ ᠡᠭᠦᠨ ᠦ ᠬᠥᠪᠡᠭᠦᠨ ᠦ ᠤᠭ ᠵᠡᠭᠦᠨ ᠭᠠᠷ ᠲᠤ ᠠᠯᠪᠠᠲᠤ ᠪᠣᠯᠵᠤ ᠪᠠᠶᠢᠨ᠎ᠠ ᠭᠡᠳᠡᠭ
Mangqai-yin köbegün Abutai Buuči, egün-ü köbegün-ü uγ Jegün γar-tu albatu bolǰu bayin-a gedeg
138
ᠣᠩᠬᠤᠨ ᠴᠠᠪᠴᠢᠶᠠᠴᠢ ᠶᠢᠨ ᠬᠥᠪᠡᠭᠦᠨ ᠲᠡᠨᠡᠰ ᠮᠡᠷᠭᠡᠨ ᠲᠡᠮᠡᠨᠡ ᠡᠭᠦᠨ ᠦ ᠬᠥᠪᠡᠭᠦᠨ ᠮᠡᠷᠭᠡᠨ ᠵᠢᠨᠣᠩ ᠡᠭᠦᠨ ᠦ ᠬᠥᠪᠡᠭᠦᠨ ᠡᠷᠬᠡ ᠵᠢᠨᠣᠩ ᠡᠭᠦᠨ ᠦ ᠬᠥᠪᠡᠭᠦᠨ ᠳᠠᠨᠵᠢᠨ ᠲᠣᠶᠢᠨ ᠡᠭᠦᠨ ᠦ ᠤᠭ ᠠᠯᠲᠠᠢ ᠶᠢᠨ ᠵᠢᠶᠦᠨ ᠸᠠᠩ ᠡᠳᠡᠨ ᠮᠥᠨ
Ongqun Čabčiyači-yin köbegün Tenes Mergen Temene, egün-ü köbegün Mergen ǰinong, egün-ü köbegün Erke-ǰinong, egün-ü köbegün Danǰin toyin, egün-ü uγ Altai-yin ǰiyün vang eden mön
141
ᠬᠣ ᠥᠷᠯᠥᠭ ᠤᠨ ᠬᠥᠪᠡᠭᠦᠨ ᠵᠢᠷᠭᠤᠭᠠᠨ ᠶᠡᠬᠡ ᠬᠥᠪᠡᠭᠦᠨ ᠱᠦᠬᠦᠷ ᠳᠠᠶᠢᠴᠢᠩ
Qo-Örlög-un köbegün ǰirγuγan, yeke köbegün Šükür Dayičing
142
ᠱᠦᠬᠦᠷ ᠳᠠᠶᠢᠴᠢᠩ ᠡᠴᠡ ᠬᠣᠶᠠᠷ ᠬᠥᠪᠡᠭᠦᠨ ᠭᠠᠷᠤᠪᠠ ᠶᠡᠬᠡ ᠨᠢ ᠨᠠᠮᠴᠡᠷᠡᠨ ᠬᠣᠶᠠᠳᠤᠭᠠᠷ ᠨᠢ ᠫᠤᠩᠰᠤᠭ
Šükür Dayičing-eče qoyar köbegün γaruba, yeke ni Namčeren, qoyaduγar ni Pungsuγ
144
ᠨᠠᠵᠠᠷ ᠤᠨ ᠬᠥᠪᠡᠭᠦᠨ ᠳᠣᠷᠵᠢ ᠭᠦᠮᠪᠢ ᠬᠣ ᠥᠷᠯᠥᠭ ᠦᠨ ᠬᠣᠶᠠᠳᠤᠭᠠᠷ ᠬᠥᠪᠡᠭᠦᠨ ᠷᠠᠪᠵᠤᠷ ᠭᠤᠷᠪᠠᠳᠤᠭᠠᠷ ᠨᠢ ᠤᠪᠠᠱᠢ ᠳᠣᠷᠵᠢ ᠭᠦᠮᠪᠢ ᠡᠭᠦᠨ ᠦ ᠤᠭ ᠴᠢᠨ ᠸᠠᠩ ᠪᠠᠲᠤ ᠨᠠᠷ ᠡᠳᠡᠨ ᠮᠥᠨ
Naǰar-un köbegün Dorǰi Gümbi, (Qo-Örlög-ün) qoyaduγar köbegün Rabǰur, γurbaduγar ni Ubaši Dorǰi Gümbi, egün-ü uγ čin-vang Batu nar eden mön
146
ᠬᠣ ᠥᠷᠯᠥᠭ ᠦᠨ ᠬᠣᠶᠠᠳᠤᠭᠠᠷ ᠬᠥᠪᠡᠭᠦᠨ ᠶᠡᠯᠳᠡᠩ ᠨᠣᠶᠠᠨ ᠡᠭᠦᠨ ᠦ ᠬᠥᠪᠡᠭᠦᠨ ᠮᠡᠷᠭᠡᠨ ᠲᠠᠶᠢᠵᠢ ᠡᠭᠦᠨ ᠦ ᠤᠭ ᠨᠢ ᠬᠣᠪᠠᠭ ᠱᠠᠶᠢᠷᠢ ᠶᠢᠨ ᠲᠠᠶᠢᠵᠢ ᠨᠠᠷ ᠡᠳᠡᠨ ᠮᠥᠨ
Qo-Örlög-ün qoyaduγar köbegün Yeldeng-noyan, egün-ü köbegün Mergen-tayiǰi, egün-ü uγ ni Qobaγ Šayiri-yin tayiǰi nar eden mön
147
ᠤᠷᠪᠠᠳᠤᠭᠠᠷ ᠬᠥᠪᠡᠭᠦᠨ ᠯᠤᠵᠤᠩ ᠨᠣᠶᠠᠨ ᠡᠭᠦᠨ ᠦ ᠬᠥᠪᠡᠭᠦᠨ ᠳᠣᠷᠵᠢ ᠡᠭᠦᠨ ᠦ ᠤᠭ ᠨᠢ ᠵᠢᠩ ᠤᠨ ᠪᠡᠶᠢᠯᠡ ᠡᠳᠡᠨ ᠮᠥᠨ
Гurbaduγar köbegün Luǰung-noyan, egün-ü köbegün Dorǰi, egün-ü uγ ni Jing-un beyile eden mön
148
ᠱᠦᠬᠦᠷ ᠳᠠᠶᠢᠴᠢᠩ ᠤᠨ ᠠᠬ᠎ᠠ ᠬᠥᠪᠡᠭᠦᠨ ᠨᠠᠮᠴᠡᠷᠡᠨ ᠳᠦ ᠴᠡᠴᠡᠨ ᠬᠠᠭᠠᠨ ᠤ ᠬᠡᠦᠬᠡᠨ ᠢ ᠠᠪᠴᠤ ᠥᠭᠬᠦᠪᠡᠢ
Šükür Dayičing-un aq-a (köbegün) Namčeren-dü Čečen qaγan-u keüken-i abču ögkübei
149
ᠪᠠᠭ᠎ᠠ ᠬᠥᠪᠡᠭᠦᠨ ᠫᠤᠩᠰᠤᠭ ᠲᠤ ᠪᠠᠭᠠᠲᠤᠷ ᠬᠤᠩ ᠲᠠᠶᠢᠵᠢ ᠬᠡᠦᠬᠡᠨ ᠢ ᠠᠪᠴᠤ ᠥᠭᠬᠦᠭᠱᠡᠨ ᠬᠣᠶᠢᠨᠠ ᠪᠠᠭᠠᠲᠤᠷ ᠬᠤᠩ ᠲᠠᠶᠢᠵᠢ ᠠᠯᠪᠠᠲᠤ ᠠᠴᠠ ᠪᠠᠨ ᠴᠡᠷᠢᠭ ᠳᠠᠭᠠᠭᠤᠯᠵᠤ ᠲᠣᠷᠭᠤᠳ ᠢ ᠢᠵᠢᠯ ᠠᠴᠠ ᠨᠠᠭᠠᠷᠤ ᠨᠡᠭᠦᠯᠭᠡᠵᠦ ᠠᠪᠤᠷᠠ ᠭᠡᠵᠦ ᠪᠠᠶᠢᠬᠤ ᠶᠢ ᠱᠦᠬᠦᠷ ᠳᠠᠶᠢᠴᠢᠩ ᠰᠣᠨᠣᠰᠤᠭᠠᠳ ᠭᠡᠳᠡᠰᠦ ᠲᠡᠢ ᠪᠠᠶᠢᠭᠰᠠᠨ ᠪᠡᠷᠢ ᠪᠡᠨ ᠲᠥᠷᠬᠦᠮ ᠳᠦᠨᠢ ᠢᠯᠡᠭᠡᠭᠡᠳ ᠬᠡᠯᠡᠭᠦᠯᠬᠦ ᠳᠡᠭᠡᠨ ᠡᠴᠢᠭᠡ ᠴᠢᠨᠢ ᠮᠠᠨ ᠢ ᠬᠠᠱᠢᠵᠤ ᠨᠡᠭᠦᠯᠭᠡᠶᠡ ᠭᠡᠵᠦ ᠪᠠᠶᠢᠨ᠎ᠠ ᠭᠡᠵᠦ ᠬᠡᠯᠡᠭᠦᠯᠦᠭᠡᠳ ᠪᠡᠷᠢ ᠳᠡᠭᠡᠨ ᠡᠯᠪᠡᠭ ᠮᠡᠬᠡ ᠭᠠᠷᠭᠠᠭᠠᠳ ᠦᠭᠡ ᠬᠡᠯᠡᠭᠦᠯᠵᠦ ᠵᠢᠭᠠᠵᠤ ᠥᠭᠬᠦᠭᠡᠳ ᠨᠡᠭᠦᠯᠭᠡᠬᠦ ᠶᠢ ᠣᠭᠣᠷᠠᠭᠤᠯᠤᠶᠠ ᠭᠡᠵᠦ ᠬᠡᠯᠡᠭᠰᠡᠨ ᠳᠦ ᠪᠡᠷᠢ ᠲᠥᠷᠬᠦᠮ ᠳᠡᠭᠡᠨ ᠣᠳᠣᠭᠠᠳ ᠰᠠᠷ᠎ᠠ ᠭᠦᠶᠢᠴᠡᠭᠰᠡᠨ ᠬᠥᠪᠡᠭᠦᠨ ᠢᠶᠡᠨ ᠭᠠᠷᠭᠠᠭᠠᠳ ᠲᠡᠭᠦᠨ ᠳᠦᠨᠢ ᠠᠰᠠᠷᠠᠭᠤᠯᠤᠭᠠᠳ ᠨᠤᠲᠤᠭ ᠲᠠᠭᠠᠨ ᠬᠠᠷᠢᠪᠠᠢ
Baγ-a köbegün Pungsuγ-tu Baγatur qung-tayiǰi keüken-i abču ögkügšen qoyin-a, Baγatur qung-tayiǰi albatu-ača-ban čerig daγaγulǰu Torγud-i Iǰil-ača naγaru negülgeǰü abur-a geǰü bayiqu-yi Šükür Dayičing sonosuγad, gedesü-tei bayiγsan beri-ben törküm-düni ilegeged kelegülkü-degen «ečige čini man-i qašiǰu negülgeye geǰü bayin-a» geǰü kelegülüged, beri-degen elbeg meke γarγaγad üge kelegülǰü ǰiγaǰu ögküged negülgekü-yi oγoraγuluya geǰü kelegsen-dü, beri törküm-degen odoγad sara güyičegsen köbegün-iyen γarγaγad tegün-düni asaraγuluγad nutuγ-taγan qaribai
150
ᠬᠠᠷᠢᠭᠰᠠᠨ ᠤ ᠬᠣᠶᠢᠨᠠ ᠨᠢ ᠲᠡᠷᠡ ᠬᠥᠪᠡᠭᠦᠨ ᠦ ᠨᠡᠷ᠎ᠡ ᠶᠢ ᠠᠶᠤᠬᠢ ᠭᠡᠵᠦ ᠨᠡᠷ᠎ᠡ ᠥᠭᠪᠡᠢ
Qariγsan-u qoyin-a ni, tere köbegün-ü nere-yi Ayuki geǰü nere ögbei
151
ᠬᠥᠪᠡᠭᠦᠨ ᠨᠠᠭᠠᠴᠤ ᠨᠠᠷ ᠲᠠᠭᠠᠨ ᠠᠷᠪᠠᠨ ᠨᠢᠭᠡᠨ ᠨᠠᠰᠤ ᠬᠦᠷᠦᠭᠡᠳ ᠪᠠᠶᠢᠵᠤ ᠪᠠᠶᠢᠭᠰᠠᠨ ᠳᠤ ᠬᠣ ᠥᠷᠯᠥᠭ ᠱᠦᠬᠦᠷ ᠳᠠᠶᠢᠴᠢᠩ ᠤᠨ ᠪᠡᠶ᠎ᠡ ᠨᠢ ᠵᠤᠤ ᠳᠤ ᠣᠴᠢᠭᠠᠳ ᠬᠠᠷᠢᠬᠤ ᠳᠠᠭᠠᠨ ᠠᠴᠢ ᠬᠥᠪᠡᠭᠦᠨ ᠠᠶᠤᠬᠢ ᠶᠢ ᠠᠪᠴᠤ ᠬᠠᠷᠢᠬᠤ ᠳᠤ ᠪᠠᠨ ᠠᠪᠴᠤ ᠶᠠᠪᠤᠭᠰᠠᠨ ᠨᠢᠭᠡ ᠵᠠᠭᠤᠨ ᠬᠥᠪᠡᠭᠦᠨ ᠢᠶᠡᠷ ᠨᠢ ᠢᠨᠵᠢ ᠭᠡᠵᠦ ᠥᠭᠪᠡᠢ
Köbegün naγaču-nar-taγan arban nigen nasu kürüged bayiǰu bayiγsan-du, (Qo-Örlög) (Šükür Dayičing)-un bey-e ni Juu-du očiγad qariqu-daγan ači köbegün Ayuki-yi abču qariqu-du-ban abču yabuγsan nige ǰaγun köbegün-iyer ni inǰi geǰü ögbei
152
ᠨᠤᠲᠤᠭ ᠲᠠᠭᠠᠨ ᠪᠠᠶᠢᠵᠤ ᠪᠠᠶᠢᠲᠠᠯ᠎ᠠ ᠬᠣᠶᠢᠨᠠ ᠨᠢ ᠥᠭᠡᠯᠡᠳ ᠦᠨ ᠪᠠᠷ ᠠᠪᠠᠯᠠᠢ ᠨᠣᠶᠠᠨ ᠬᠣᠱᠤᠳ ᠵᠡᠭᠦᠨ ᠭᠠᠷ ᠳᠥᠷᠪᠡᠳ ᠬᠣᠶᠢᠳ ᠳᠥᠷᠪᠡᠨ ᠲᠦᠮᠡᠨ ᠴᠡᠷᠢᠭ ᠢ ᠠᠪᠴᠤ ᠮᠣᠷᠳᠤᠭᠠᠳ ᠲᠣᠷᠭᠤᠳ ᠢ ᠨᠠᠭᠠᠷᠤ ᠨᠡᠭᠦᠯᠭᠡᠬᠦ ᠭᠡᠵᠦ ᠣᠳᠤᠭᠠᠳ ᠱᠦᠬᠦᠷ ᠳᠠᠶᠢᠴᠢᠩ ᠢ ᠪᠠᠷᠢᠵᠤ ᠠᠪᠤᠭᠠᠳ ᠠᠬ ᠠ ᠳᠠᠭᠠᠨ ᠴᠡᠴᠡᠨ ᠬᠠᠭᠠᠨ ᠳᠤ ᠥᠭᠪᠡᠢ
Nutuγ-taγan bayiǰu bayital-a qoyin-a ni, Ögeled-ün Bar Abalai noyan Qošud, Jegün γar, Dörbed, Qoyid dörben tümen čerig-i abču morduγad Torγud-i naγaru negülgekü geǰü oduγad Šükür Dayičing-i bariǰu abuγad aq-a-daγan Čečen-qaγan-du ögbei
154
ᠲᠡᠷᠡ ᠪᠠᠷ ᠠᠪᠠᠯᠠᠢ ᠠᠴᠠ ᠠᠶᠤᠬᠢ ᠶᠢ ᠨᠤᠲᠤᠭ ᠨᠢ ᠪᠤᠯᠲᠤᠭᠤᠯᠵᠤ ᠠᠭᠤᠯᠠ ᠳᠤ ᠭᠠᠷᠭᠠᠵᠤ ᠪᠠᠶᠢᠯᠭᠠᠪᠠᠢ
Tere Bar Abalai-ača Ayuki-yi nutuγ ni bultuγulǰu aγula-du γarγaǰu bayilγabai
155
ᠱᠦᠬᠦᠷ ᠳᠠᠶᠢᠴᠢᠩ ᠴᠡᠴᠡᠨ ᠬᠠᠭᠠᠨ ᠤ ᠣᠶᠢᠷ᠎ᠠ ᠲᠠᠭᠠᠯᠠᠯ ᠪᠣᠯᠪᠠᠢ
Šükür Dayičing Čečen qaγan-u oyir-a taγalal bolbai
156
ᠳᠠᠷᠠᠭᠠᠠ ᠨᠢ ᠲᠣᠷᠭᠤᠳ ᠴᠤᠭ ᠨᠡᠶᠢᠯᠡᠵᠦ ᠪᠠᠷ ᠠᠪᠠᠯᠠᠢ ᠶᠢ ᠪᠠᠷᠢᠭᠰᠠᠨ ᠳᠤ ᠠᠪᠠᠯᠠᠢ ᠶᠢᠨ ᠬᠥᠪᠡᠭᠦᠨ ᠴᠠᠭᠠᠨ ᠵᠤᠯᠠᠵᠤ ᠭᠠᠷᠤᠭᠠᠳ ᠬᠠᠰᠠᠭ ᠲᠤ ᠶᠠᠪᠤᠵᠤ ᠶᠠᠷ ᠡᠪᠡᠳᠴᠢᠨ ᠢᠶᠡᠷ ᠦᠭᠡᠢ ᠪᠣᠯᠪᠠᠢ ᠭᠡᠰᠡᠨ ᠢ ᠲᠣᠷᠭᠤᠳ ᠰᠣᠨᠣᠰᠤᠭᠠᠳ ᠪᠠᠷ ᠠᠪᠠᠯᠠᠢ ᠶᠢ ᠬᠣᠷᠣᠭᠠᠪᠠ
Daraγaa ni Torγud čuγ neyileǰü Bar Abalai-yi bariγsan-du Abalai-yin köbegün Čaγan ǰulaǰu γaruγad Qasaγ-tu yabuǰu yar ebedčin-iyer ügei bolbai gesen-i Torγud sonosuγad, Bar Abalai-yi qoroγaba
157
ᠠᠶᠤᠬᠢ ᠶᠢ ᠠᠭᠤᠯᠠ ᠠᠴᠠ ᠪᠠᠭᠤᠯᠭᠠᠵᠤ ᠠᠪᠴᠤ ᠢᠷᠡᠭᠡᠳ ᠬᠠᠭᠠᠨ ᠰᠠᠭᠤᠯᠭᠠᠪᠠ
Ayuki-yi aγula-ača baγulγaǰu abču ireged qaγan saγulγaba
158
ᠲᠡᠭᠦᠨ ᠡᠴᠡ ᠡᠬᠢᠯᠡᠵᠦ ᠲᠣᠷᠭᠤᠳ ᠭᠡᠵᠦ ᠨᠡᠷᠢᠶᠡᠳᠴᠦ ᠨᠤᠲᠤᠭᠯᠠᠪᠠ
Tegün-eče ekileǰü Torγud geǰü neriyedčü nutuγlaba