Qubilai
Reconstruction, not a copy of the monument: the Mongolian-script text is generated automatically from the transcription in modern Unicode spelling. The orthography of pre-classical documents differed; consult the facsimile and the edition.
1
ᠮᠥᠩᠬᠡ ᠲᠩᠷᠢ ᠶᠢᠨ ᠬᠦᠴᠦᠨᠳᠦᠷ ᠶᠡᠬᠡ ᠰᠤᠤ ᠵᠠᠯᠢ ᠶᠢᠨ ᠢᠪᠡᠭᠡᠨ ᠳᠦᠷ ᠬᠠᠭᠠᠨ ᠵᠷᠯᠭ ᠮᠠᠨᠤ
01. Möngke tngri-yi:n küčündür 02. yeke suu jali-yi:n ibege:n-dür 03. qaγa:n jrlγ manu
2
ᠪᠠᠯᠠᠭᠠᠳᠤᠨ ᠱᠢᠯᠲᠡᠭᠡᠳᠦᠨ ᠳᠠᠷᠤᠭᠠᠰ ᠲᠠ ᠨᠣᠶᠠᠳ ᠲᠠ ᠶᠣᠷᠴᠢᠬᠤᠨ ᠶᠠᠪᠤᠬᠤᠨ ᠢᠯᠴᠢᠨᠡ ᠴᠡᠷᠢᠭᠦᠳ ᠦᠨ ᠨᠣᠶᠠᠳ ᠲᠠ ᠴᠡᠷᠢᠭ ᠠᠷᠠᠨᠠ ᠲᠣᠶᠢᠳ ᠲᠠ ᠢᠷᠭᠡᠨᠡ ᠳᠤᠭᠤᠯᠭᠠᠬᠤᠢ ᠵᠷᠯᠭ
04. balaγadun šiltege:dün daruγas-05. ta noyad-ta yorčiqun 06. yabuqun ilčin-e 07. čerigü:d-ün noyad-ta čerig aran-a toyid- 08. ta irgen-e duγu:lγaqui 09. jrlγ
3
ᠴᠢᠩᠭᠢᠰ ᠬᠠᠨ ᠤ ᠪᠠ ᠬᠠᠭᠠᠨ ᠤ ᠪᠠ ᠵᠷᠯᠭ ᠲᠤᠷ ᠲᠣᠶᠢᠳ ᠡᠷᠬᠡᠭᠦᠳ ᠱᠢᠩᠱᠢᠩᠦᠳ ᠳᠠᠱᠮᠠᠳ ᠰᠤᠢ ᠲᠠᠮᠭᠠ ᠳᠠᠴᠠ ᠪᠤᠱᠢ ᠠᠯᠢᠪᠠ ᠠᠯᠪᠠ ᠭᠤᠪᠴᠢᠷᠢ ᠦᠯᠦ ᠦᠵᠡᠨ ᠲᠩᠷᠢ ᠶᠢ ᠵᠠᠯᠪᠠᠷᠢᠵᠤ ᠪᠢᠳᠠᠨᠠ ᠢᠷᠦᠭᠡᠷ ᠥᠭᠦᠨ ᠠᠲᠤᠭᠠᠢ ᠬᠡᠮᠡᠭᠳᠡᠭᠰᠡᠳ ᠠᠵᠤᠭᠤᠢ
10. Činggis qan-u ba qaγa:n-u ba jrlγ-tur toyid 11. erkegü:d šingšingü:d dašmad sui tamγa-dača buši 12. aliba alba γubčiri ülü üjen tngri-yi jalbariju 13. bidan-a irüge:r ögün atuγai keme:gdegsed ajuγu:i
4
ᠡᠳᠦᠭᠡ ᠪᠡᠷ ᠪᠥᠭᠡᠰᠦ ᠤᠷᠢᠳᠠᠨ ᠤ ᠵᠷᠯᠭ ᠤᠨ ᠶᠣᠰᠤᠭᠠᠷ ᠡᠨᠡ ᠰᠤᠤᠢ ᠵᠠᠩᠯᠠᠤ ᠶᠢ ᠬᠠᠨᠠᠮᠪᠤᠤ ᠳᠠ ᠡᠯᠡ ᠬᠠᠷᠢᠶᠠᠲᠠᠨ ᠣᠯᠠᠨ ᠲᠣᠶᠢᠳ ᠲᠠ ᠲᠢᠯᠢᠩ ᠪᠣᠯᠵᠤ ᠱᠠᠭᠢᠮᠤᠨᠢ ᠶᠢᠨ ᠮᠥᠷ ᠢᠶᠡᠷ ᠲᠩᠷᠢ ᠶᠢ ᠵᠠᠯᠪᠠᠷᠢᠵᠤ ᠪᠢᠳᠠᠨᠠ ᠢᠷᠦᠭᠡᠷ ᠥᠭᠦᠨ ᠠᠲᠤᠭᠠᠢ ᠬᠡᠮᠡᠨ ᠡᠨᠡ ᠰᠤᠤᠢ ᠵᠠᠩᠯᠠᠤ ᠲᠢᠯᠢᠩᠡ ᠪᠠᠷᠢᠵᠤ ᠶᠠᠪᠤᠭᠠᠢ ᠵᠷᠯᠭ ᠥᠭᠪᠡᠢ
14. Edüge: ber böge:sü uridan-u 15. jrlγ-un yosuγa:r ene Suui janglau-yi Qanambuu-da 16. ele qariya:tan olan toyid-ta tiling bolju 17. Šagimuni-yi:n mör-iye:r tngri-yi jalbariju 18. bidan-a irüge:r ögün atuγai keme:n ene Suui 19. janglau tiling-e bariju yabuγa:i 20. jrlγ ögbei.
5
ᠡᠳᠡᠨ ᠦ ᠰᠦᠮᠡᠰ ᠲᠦᠷ ᠬᠡᠶᠢᠳ ᠲᠦᠷ ᠠᠨᠤ ᠢᠯᠴᠢᠨ ᠪᠦᠦ ᠪᠠᠭᠤᠲᠤᠭᠠᠢ
Eden-ü sümes-tür keyid-tür anu ilčin 21. büü baγu:tuγai.
11
ᠰᠤᠢ ᠲᠠᠮᠭᠠ ᠳᠠᠴᠠ ᠪᠤᠰᠤᠳ ᠰᠦᠮᠡᠰ ᠲᠦᠷ ᠬᠠᠷᠢᠶᠠᠲᠠᠨ ᠭᠠᠵᠠᠷ ᠤᠰᠤᠨ ᠬᠤᠯᠤᠳ ᠪᠠᠭ ᠲᠡᠭᠢᠷᠮᠡᠳ ᠭᠡᠢᠳᠡᠨᠬᠦᠦ ᠬᠠᠯᠠᠭᠤᠨ ᠤᠰᠤᠨ ᠳᠡᠮ ᠬᠡᠪᠢᠳ ᠲᠡᠴᠡ ᠳᠠᠪᠤᠰ ᠤᠨ ᠱᠢᠷᠭᠡ ᠬᠥᠨᠥᠷᠭᠡ ᠳᠡᠴᠡ ᠠᠯᠢᠪᠠ ᠠᠯᠪᠠ ᠬᠤᠪᠴᠢᠷᠢ ᠪᠦᠦ ᠥᠭᠲᠦᠭᠡᠢ
Sui tamγa-dača 25. busud sümes-tür qariya:tan γajar usun qulud baγ 26. tegirmed geidenküü qalaγu:n usun dem kebid-teče 27. dabus-un širge könörge-deče aliba alba qubčiri 28. büü ögtügei.
13
ᠪᠠᠰᠠ ᠲᠣᠶᠢᠳ ᠲᠠ ᠠᠯᠢ ᠪᠡᠷ ᠦᠶᠢᠯᠡᠰ ᠠᠨᠤ ᠪᠥᠭᠡᠰᠦ ᠪᠠᠭᠢᠰᠪᠠ ᠪᠠᠭᠱᠢ ᠶᠢᠨ ᠦᠭᠡ ᠪᠡᠷ ᠨᠣᠮ ᠤᠨ ᠶᠣᠰᠤᠭᠠᠷ ᠰᠤᠤᠢ ᠵᠠᠩᠯᠠᠤ ᠲᠢᠯᠢᠩ ᠵᠦᠭᠢᠭᠡᠷ ᠬᠠᠭᠠᠯᠵᠤ ᠥᠭᠲᠦᠭᠡᠢ
29. Basa toyid-ta ali ber üyi:les anu böge:sü 30. Bagisba baγši-yi:n üge-be:r nom-un yosuγa:r Suui 31. janglau tiling jügige:r qaγalju ögtügei.
14
ᠲᠠ ᠪᠡᠷ ᠣᠯᠠᠨ ᠲᠣᠶᠢᠳ ᠰᠤᠤᠢ ᠵᠠᠩᠯᠠᠤ ᠲᠢᠯᠢᠩ ᠦᠨ ᠦᠭᠡ ᠪᠡᠷ ᠨᠣᠮ ᠤᠨ ᠶᠣᠰᠤᠨ ᠪᠤᠱᠢ ᠦᠯᠦ ᠪᠣᠯᠭᠠᠨ ᠵᠦᠭᠢᠭᠡᠷ ᠶᠠᠪᠤᠳᠬᠤᠨ
Ta ber olan 32. toyid Suui janglau tiling-ün üge-be:r nom-un 33. yosun buši ülü bolγan jügige:r yabudqun.
16
ᠲᠣᠶᠢᠳ ᠤᠨ ᠡᠭᠢᠯ ᠠᠷᠠᠨ ᠯᠤᠭᠠ ᠥᠭᠦᠯᠡᠯᠳᠦᠬᠦᠨ ᠦᠭᠡᠰ ᠠᠨᠤ ᠪᠥᠭᠡᠰᠦ ᠲᠦᠱᠢᠭᠳᠡᠭᠰᠡᠳ ᠲᠣᠶᠢᠳ ᠤᠨ ᠥᠲᠥᠭᠦᠰ ᠪᠠᠯᠠᠭᠠᠳ ᠤᠨ ᠨᠣᠶᠠᠳ ᠯᠤᠭᠠ ᠬᠠᠮᠲᠤ ᠵᠠᠷᠭᠤᠯᠠᠵᠤ ᠬᠠᠭᠠᠯᠲᠤᠭᠠᠢ
Toyid- 35. un egil aran-luγ-a: ögüleldükün üges anu 36. böge:sü tüšigdegsed toyid-un ötögüs balaγad- 37. un noyad-luγ-a: qamtu jarγulaju qaγaltuγai.
18
ᠮᠠᠭᠤᠢ ᠦᠶᠢᠯᠡᠰ ᠦᠶᠢᠯᠡᠳᠬᠦᠨ ᠬᠤᠳᠠᠯ ᠬᠤᠯᠠᠭᠠᠢ ᠬᠢᠬᠦᠨ ᠲᠣᠶᠢᠳ ᠢ ᠪᠠᠯᠠᠭᠠᠳ ᠤᠨ ᠳᠠᠷᠤᠭᠠᠰ ᠲᠠ ᠨᠣᠶᠠᠳ ᠲᠠ ᠳᠠᠭᠠᠭᠤᠯᠵᠤ ᠥᠭᠲᠦᠭᠡᠢ
Maγu:i üyi:les 39. üyi:ledkün qudal qulaγai ki:kün toyid-i balaγad- 40. un daruγas-ta noyad-ta daγaγu:lju ögtügei.
20
ᠡᠯᠡ ᠬᠡᠮᠡᠵᠦ ᠶᠣᠰᠤ ᠦᠭᠡᠭᠦᠨ ᠦᠶᠢᠯᠡᠰ ᠪᠦᠦ ᠦᠶᠢᠯᠡᠳᠲᠦᠭᠡᠢ
Ele 42. keme:jü yosu ügegü:n üyi:les büü üyi:ledtügei.
22
ᠠᠨᠢ ᠪᠠᠶᠢᠯᠳᠤᠭᠤᠯᠵᠤ ᠬᠡᠷ ᠪᠡᠷ ᠡᠷᠡᠭᠦᠦᠯᠡᠭᠦᠷ ᠦᠨ ᠪᠠᠭᠢᠰᠪᠠ ᠪᠠᠭᠱᠢ ᠮᠡᠳᠡᠲᠦᠭᠡᠢ
Ani 44. bayi:lduγu:lju ker ber eregüülegür-ün. Bagisba 45. baγši medetügei.
23
ᠵᠷᠯᠭ ᠮᠠᠨᠤ ᠯᠤᠤ ᠵᠢᠯ ᠬᠠᠪᠤᠷ ᠤᠨ ᠲᠡᠷᠢᠭᠦᠨ ᠰᠠᠷᠠ ᠶᠢᠨ ᠬᠣᠷᠢᠨ ᠲᠠᠪᠤᠨᠠ ᠬᠥᠬᠡ ᠠᠭᠤᠯᠠ ᠳᠠ ᠪᠦᠬᠦᠢ ᠳᠦᠷ ᠪᠢᠴᠢᠪᠡᠢ
46. Jrlγ manu luu jil qabur-un terigü:n sara- 47. yi:n qorin tabun-a Köke aγu:la-da 48. büküi-dür 49. bičibei