A Mongolian Version Of Hsiao-Ching
Reconstruction, not a copy of the monument: the Mongolian-script text is generated automatically from the transcription in modern Unicode spelling. The orthography of pre-classical documents differed; consult the facsimile and the edition.
1
ᠪ ᠲᠥᠷᠦ ᠶᠣᠰᠤᠨ ᠬᠣᠶᠠᠷ ᠢᠶᠠᠷ ᠳᠡᠯᠡᠬᠡᠢ ᠤᠯᠤᠰ ᠢ ᠢᠯᠦᠪᠲᠡᠬᠡᠨ ᠵᠠᠰᠠᠭᠰᠠᠨ ᠤ ᠲᠤᠯᠠ ᠢᠷᠭᠡᠨ ᠣᠷᠭᠠᠨ ᠢᠶᠠᠷ ᠠᠨᠤ ᠨᠠᠶᠢᠷᠠᠯᠳᠤᠵᠤᠭᠤᠢ
01b. 1. törü yosun qoyar-iya:r delekei ulus-i ilübteke[n] 2. jasaγsan-u tula /............/ irgen orγan [...] 3. iya:r anu nayi:raldujuγu:i.
2
ᠳᠡᠭᠡᠷ ᠡ ᠡᠴᠡ ᠳᠣᠷᠤᠳᠤᠰ ᠲᠤᠷ ᠬᠦᠷᠲᠡᠯ᠎ᠡ ᠴᠢᠮᠠᠯᠢᠬᠠᠢ ᠦᠭᠡᠢ ᠶᠢ ᠤᠬᠠᠮᠤᠶᠤ ᠴᠢ ᠬᠡᠮᠡᠪᠡᠰᠦ ᠱᠢᠩᠱᠢ ᠰᠠᠭᠤᠷᠢᠨ ᠠᠴᠠᠭᠠᠨ ᠵᠠᠶᠢᠯᠠᠵᠤ ᠥᠭᠦᠯᠡᠷ ᠦᠨ
/......................../ [Dege:r-e-e:če] 4. dorudus-tur kürtele čimaliqai ügei-yi uqamuy[u či] 5. keme:be:sü /.............../ Šingši saγu:rin-a:čaγa:n jay[i:laju] 6. ögüler-ün.
3
ᠱᠢᠮ ᠤᠬᠠᠭ᠎ᠠ ᠦᠭᠡᠢ ᠬᠠᠮᠢᠭ᠎ᠠ ᠤᠬᠠᠬᠤ ᠬᠤᠩᠸᠤᠱᠢ ᠥᠭᠦᠯᠡᠷ ᠠ ᠦᠨ ᠲᠠᠬᠢᠮᠳᠠᠭᠤ ᠬᠡᠮᠡᠪᠡᠰᠦ ᠠᠭᠠᠯᠢ ᠠᠪᠤᠷᠢ ᠶᠢᠨ ᠲᠥᠪ ᠤᠵᠠᠭᠤᠷ ᠪᠤᠶᠤ ᠰᠥᠶᠦᠯ ᠰᠤᠷᠭᠠᠯ ᠡᠭᠦᠨ ᠡᠴᠡ ᠤᠯᠠᠮ ᠰᠠᠭᠤᠷᠢᠨ ᠳᠠᠭᠠᠨ ᠰᠠᠭᠤ ᠪᠢ
/......................../ Šim uqaγ-a: ü[gei] 7. qamiγ-a: uqaqu /......................../ Kungvuši [ögüler- 02a. 1. ün] taqimdaγu: keme:be:sü aγa:li aburi-yi:n töb uja:γu:r 2. [... bu]yu /................../ söyül surγa:l egü:n-e:če ulam 3. /.............../ saγu:rin-daγa:n saγu: bi.
5
ᠪᠡᠶ᠎ᠡ ᠪᠡᠯᠳᠡᠷ ᠦᠰᠦᠨ ᠮᠠᠷᠢᠶᠠᠨ ᠪᠣᠯᠵᠤ ᠡᠴᠢᠭᠡ ᠡᠬᠡ ᠡᠴᠡ ᠲᠥᠷᠦᠭᠦᠯᠳᠡᠪᠡᠢ
/............................../ 5. /....../ Bey-e belder üsün mariya:n bolju 6. [ečige ek]e-e:če törügü:ldebei.
6
ᠡᠮᠢᠭᠡᠵᠦ ᠬᠠᠶᠢᠷᠠᠯᠠᠵᠤ ᠡᠰᠡ ᠡᠪᠳᠡᠭᠦᠯᠪᠡᠰᠦ ᠲᠠᠬᠢᠮᠳᠠᠭᠤ ᠪᠣᠯᠬᠤ ᠶᠢᠨ ᠠᠩᠬ᠎ᠠ ᠪ ᠤᠷᠢᠳᠤ ᠦᠶᠢᠯᠡ ᠪᠦᠶᠦ
Emige:jü qayi:ralaju es-e 7. [ebdeg]ü:lbe:sü taqimdaγu: bolqu-yi:n angq-a 02b. 1. uridu üyi:le büyü.
7
ᠶᠠᠪᠤᠳᠠᠯ ᠢᠶᠠᠨ ᠣᠷᠣᠱᠢᠭᠤᠯᠵᠤ ᠲᠥᠷᠦ ᠶᠣᠰᠤᠭᠠᠷ ᠶᠠᠪᠤᠨ ᠰᠠᠶᠢᠨ ᠨᠡᠷ᠎ᠡ ᠬᠣᠶᠢᠳᠤᠰᠠ ᠠᠯᠳᠠᠷᠱᠢᠭᠤᠯᠤᠭᠠᠳ ᠡᠴᠢᠭᠡ ᠡᠬᠡ ᠶᠢᠨ ᠰᠠᠶᠢᠨ ᠢ ᠮᠠᠨᠳᠤᠭᠤᠯᠪᠠᠰᠤ ᠲᠠᠬᠢᠮᠳᠠᠭᠤ ᠪᠣᠯᠬᠤ ᠶᠢᠨ ᠦᠵᠦᠭᠦᠯᠡᠬᠦ ᠦᠶᠢᠯᠡ ᠪᠦᠶᠦ
/..................................../ 2. /.............../ yabudal-iya:n orošiγu:lju törü yosuγa:r 3. yabun sayi:n ner-e qoyi:dus-a aldaršiγu:luγa:d 4. ečige eke-yi:n sayi:n-i manduγu:lba:su taqimdaγu: 5. bolqu-yi:n üjügü:lekü üyi:le büyü.
8
ᠲᠠᠬᠢᠮᠳᠠᠭᠤ ᠬᠡᠮᠡᠪᠡᠰᠦ ᠡᠩ ᠲᠦᠷᠦᠨ ᠡᠴᠢᠭᠡ ᠡᠬᠡ ᠳᠡᠭᠡᠨ ᠲᠠᠪᠢᠭᠯᠠᠬᠤ
/................../ 6. Taqimdaγu: keme:be:sü eng türü:n ečige eke- 7. dege:n tabiγlaqu.
9
ᠨᠥᠭᠦᠭᠡ ᠢᠨᠦ ᠬᠠᠨ ᠠ ᠬᠦᠮᠦᠨ᠎ᠡ ᠴᠢᠩ ᠦᠨᠡᠨ ᠢᠶᠡᠷ ᠬᠦᠴᠦ ᠥᠭᠬᠦ
/............/ Nögüge: inü qan 03a. 1. kümü:n-e čing ünen-iye:r küčü ögkü.
10
ᠡᠳᠡᠨ ᠢ ᠪᠦᠲᠦᠭᠡᠨ ᠴᠢᠳᠠᠪᠠᠰᠤ ᠶᠠᠪᠤᠳᠠᠯ ᠢᠶᠠᠨ ᠣᠷᠣᠱᠢᠭᠤᠯᠬᠤ ᠶᠢᠨ ᠡᠴᠦᠰ ᠢᠨᠦ ᠡᠨᠡ ᠪᠣᠯᠤ ᠮᠠᠤᠱᠢ ᠪᠢᠴᠢᠭ ᠲᠦᠷ ᠤᠷᠢᠳᠤᠰ ᠢᠶᠠᠨ ᠦᠯᠦ ᠳᠤᠷᠠᠳᠬᠤ ᠪᠤᠰᠤ ᠤᠷᠢᠳᠤᠰ ᠤᠨ ᠶᠠᠪᠤᠳᠠᠯ ᠢᠶᠠᠷ ᠠᠭᠠᠯᠢ ᠠᠪᠤᠷᠢ ᠪᠠᠨ ᠲᠡᠭᠦᠰᠬᠡᠭᠳᠡᠬᠦᠢ ᠬᠡᠮᠡᠵᠦᠭᠦ
/....../ 2. /.../ Eden-i bütüge:n čidaba:su yabudal-iya:n 3. orošiγu:lqu-yi:n ečüs inü ene bolu /........./ 4. /....../ Mauši bičig-tür uridus-iya:n ülü 5. duradqu busu uridus-un yabudal-iya:r aγa:li aburi-ba:n 6. tegüskegdeküi keme:jügü:.
11
ᠪ ᠬᠠᠨ ᠬᠦᠮᠦᠨ ᠢ ᠥᠭᠦᠯᠡᠬᠦ ᠬᠣᠶᠠᠳᠤᠭᠠᠷ ᠪᠥᠯᠥᠭ
7. /.............../ 03b. 1. Qan kümü:n-i ögülekü qoyaduγa:r bölög.
12
ᠬᠤᠩᠸᠤᠱᠢ ᠥᠭᠦᠯᠡᠷ ᠦᠨ ᠥᠪᠡᠷ ᠦᠨ ᠡᠴᠢᠭᠡ ᠡᠬᠡ ᠶᠦᠭᠡᠨ ᠲᠠᠭᠠᠯᠠᠪᠠᠰᠤ ᠪᠤᠰᠤ ᠬᠦᠮᠦᠨ ᠢ ᠱᠢᠭᠤ ᠣᠳᠬᠤᠢᠪᠠᠨ ᠡᠮᠢᠭᠡᠭᠳᠡᠬᠦᠢ ᠥᠪᠡᠷ ᠦᠨ ᠡᠴᠢᠭᠡ ᠡᠬᠡ ᠶᠦᠭᠡᠨ ᠬᠦᠨᠳᠦᠯᠡᠪᠡᠰᠦ ᠪᠤᠰᠤ ᠬᠦᠮᠦᠨ ᠢ ᠬᠥᠩᠭᠡᠯᠡᠬᠦᠢᠪᠡᠨ ᠡᠮᠢᠭᠡᠭᠳᠡᠬᠦᠢ ᠲᠠᠭᠠᠯᠠᠬᠤᠢ ᠠ ᠬᠦᠨᠳᠦᠯᠡᠬᠦᠢ ᠲᠥᠷᠦᠪᠡᠷ ᠡᠴᠢᠭᠡ ᠡᠬᠡ ᠳᠦᠷ ᠴᠢᠳᠠᠬᠤᠢ ᠠᠴᠠ ᠲᠠᠪᠢᠭᠯᠠᠭᠠᠳ ᠡᠨᠡ ᠰᠤᠷᠭᠠᠭᠤᠯᠢᠪᠠᠷ ᠤᠯᠤᠰ ᠢᠷᠭᠡᠨ᠎ᠡ ᠳᠡᠯᠭᠡᠷᠡᠭᠦᠯᠵᠦ ᠳᠥᠷᠪᠡᠨ ᠳᠠᠯᠠᠢ ᠳᠤᠷ ᠬᠦᠷᠲᠡᠯ᠎ᠡ ᠳᠦᠷᠢ ᠳᠦᠷᠰᠦ ᠪᠣᠯᠭᠠᠨ ᠶᠠᠪᠤᠭᠤᠯᠪᠠᠰᠤ ᠬᠠᠨ ᠬᠦᠮᠦᠨ ᠦ ᠲᠠᠬᠢᠮᠳᠠᠭᠤ ᠪᠣᠯᠬᠤ ᠶᠢᠨ ᠶᠣᠰᠤᠨ ᠡᠨᠡ ᠪᠣᠯᠤ ᠱᠠᠩᠱᠤ ᠪᠢᠴᠢᠭ ᠲᠦᠷ ᠬᠠᠨ ᠬᠦᠮᠦᠨ ᠵᠥᠪᠲᠡᠢᠡ ᠦᠶᠢᠯᠡᠳᠦᠭᠰᠡᠪᠡᠷ ᠨᠠᠷᠪᠠᠢ ᠤᠯᠤᠰ ᠤᠳᠤᠮ ᠢᠶᠠᠷ ᠢᠨᠤ ᠰᠠᠶᠢᠵᠢᠷᠠᠵᠤᠭᠤᠢ ᠪ ᠬᠡᠮᠡᠵᠦᠭᠦ
2. /............................../ Kungvuši ögüler-ün 3. öbe:r-ün ečige eke-yüge:n taγa:laba:su busu kümü:n-i 4. šiγu: odqu:iba:n emige:gdeküi /......................../ 5. Öbe:r-ün ečige eke-yüge:n kündülebe:sü busu 6. kümü:n-i könggeleküibe:n emige:gdeküi /................../ 7. /................................................/ taγa:laqui 04a. 1. kündüleküi törübe:r ečige eke-dür čidaqui-a:ča 2. tabiγlaγa:d ene surγaγu:liba:r ulus irgen-e 3. delgeregü:ljü dörben dalai-dur kürtele düri 4. dürsü bolγan yabuγu:lba:su qan kümü:n-ü taqimdaγu: 5. bolqu-yi:n yosun ene bolu /................../ 6. /............/ Šangšu bičig-tür qan kümü:n jöbtei-e 7. üyi:ledügsebe:r narbai ulus udum-iya:r inu sayi:jirajuγu:i 04b. 1. keme:jügü:.
13
ᠬᠠᠷᠢ ᠶᠢᠨ ᠡᠵᠡᠳ ᠢ ᠥᠭᠦᠯᠡᠬᠦ ᠭᠤᠲᠤᠭᠠᠷ ᠪᠥᠯᠥᠭ
2. /.............../ 3. Qari-yi:n ejed-i ögülekü γutuγa:r bölög.
14
ᠳᠡᠭᠡᠷ᠎ᠡ ᠪᠣᠯᠵᠤ ᠡᠰᠡ ᠡᠷᠬᠢᠯᠡᠪᠡᠰᠦ ᠨᠡᠷ᠎ᠡ ᠢᠨᠦ ᠶᠡᠬᠡ ᠪᠡᠷ ᠪᠣᠯᠪᠠᠰᠤ ᠠᠳᠠ ᠲᠦᠯᠢᠭᠡᠨ ᠦᠯᠦ ᠪᠣᠯᠤᠶᠤ
4. /......................../ Dege:r-e bolju es-e 5. erkilebe:sü ner-e inü yeke ber bolba:su ada 6. tüligen ülü boluyu.
15
ᠡᠳ ᠢᠶᠡᠨ ᠴᠡᠨᠡᠨ ᠬᠠᠶᠢᠷᠠᠯᠠᠵᠤ ᠵᠠᠰᠠᠭ ᠲᠥᠷᠦ ᠶᠢ ᠰᠠᠬᠢᠨ ᠠ ᠬᠠᠲᠠᠭᠤᠵᠢᠪᠠᠰᠤ ᠲᠥᠬᠡᠮᠡ ᠳᠦᠭᠦᠷᠡᠩ ᠪᠣᠯᠪᠠᠰᠤ ᠪᠡᠷ ᠦᠯᠦ ᠪᠢᠰᠬᠠᠷᠢᠬᠤ ᠮᠡᠲᠦ
/.........................../ Ed- 7. iye:n čenen qayi:ralaju jasaγ törü-yi saqin 05a. 1. qataγu:jiba:su tökem-e dügü:reng bolba:su ber ülü 2. bisqariqu metü.
16
ᠨᠡᠷ᠎ᠡ ᠶᠡᠬᠡ ᠪᠣᠯᠵᠤ ᠠᠳᠠ ᠲᠦᠯᠢᠭᠡᠨ ᠡᠰᠡ ᠪᠣᠯᠭᠠᠪᠠᠰᠤ ᠲᠡᠭᠦᠨᠴᠢᠯᠡᠨ ᠨᠠᠰᠤᠳᠠ ᠨᠣᠶᠠᠯᠠᠬᠤ ᠨᠡᠷᠡᠪᠡᠷ ᠠᠶᠤ
/............................../ Ner-e 3. yeke bolju ada tüligen es-e bolγaba:su tegü:nčilen 4. nasuda noyalaqu nerebe:r ayu.
17
ᠲᠥᠬᠡᠮᠡ ᠳᠦᠭᠦᠷᠡᠩ ᠪᠣᠯᠵᠤ ᠡᠰᠡ ᠪᠢᠰᠬᠠᠷᠢᠭᠤᠯᠪᠠᠰᠤ ᠲᠡᠭᠦᠨᠴᠢᠯᠡᠨ ᠨᠠᠰᠤᠳᠠ ᠪᠠᠶᠠᠨ ᠢᠶᠠᠷ ᠬᠦ ᠠᠶᠤ
/......................../ 5. /........./ Tökem-e dügü:reng bolju es-e bisqariγu:lba:su 6. tegü:nčilen nasuda bayan-iya:r kü ayu.
18
ᠪ ᠪᠠᠶᠠᠵᠢᠬᠤ ᠨᠣᠶᠠᠯᠠᠬᠤ ᠬᠣᠶᠠᠷ ᠢᠶᠠᠷ ᠪᠡᠶᠡᠰ ᠡᠴᠡᠭᠡᠨ ᠡᠰᠡ ᠡᠯ᠎ᠡ ᠠᠩᠭᠢᠵᠢᠷᠠᠭᠤᠯᠪᠠᠰᠤ ᠠᠩᠭᠢᠵᠢᠷᠠᠭᠤᠯᠪᠠᠰᠤ ᠲᠡᠨᠳᠡᠴᠡ ᠰᠠᠶᠢ ᠥᠲᠡᠭᠡᠨ ᠡᠬᠡ ᠳᠡ ᠲᠠᠷᠢᠶᠠᠨ ᠤ ᠣᠩᠭᠤᠳ ᠲᠠ ᠲᠠᠬᠢᠯ ᠢᠶᠠᠨ ᠭᠦᠶᠢᠴᠡᠭᠡᠨ ᠴᠢᠳᠠᠭᠠᠳ ᠢᠷᠭᠡᠨ ᠣᠷᠭᠣᠨ ᠢ ᠨᠠᠶᠢᠷᠠᠭᠤᠯᠤᠨ ᠴᠢᠳᠠᠶᠤ
/........./ 7. /................................................................/ 05b. 1. Bayajiqu noyalaqu qoyar-iya:r beyes-ečege:n es-e ele 2. anggijiraγu:lba:su [= angγijiraγu:lba:su] tendeče sayi: ötegen eke-de 3. tariya:n-u ongγud-ta taqil-iya:n güyi:čege:n 4. čidaγa:d irgen orγon-i nayi:raγu:lun čidayu.
19
ᠡᠨᠡ ᠬᠡᠮᠡᠪᠡᠰᠦ ᠬᠠᠷᠢ ᠶᠢᠨ ᠡᠵᠡᠳ ᠪᠣᠯᠤᠭᠰᠠᠳ ᠤᠨ ᠲᠠᠬᠢᠮᠳᠠᠭᠤ ᠶᠣᠰᠤᠨ ᠪᠣᠯᠤ ᠮᠠᠤᠱᠢ ᠪᠢᠴᠢᠭ ᠲᠦᠷ ᠱᠢᠯᠭᠦᠳᠦᠭᠡᠳ ᠠᠶᠤᠭᠠᠳ ᠠ ᠭᠦᠨ ᠴᠡᠭᠡᠯ ᠦᠨ ᠳᠡᠷᠭᠡᠳᠡ ᠶᠠᠪᠤᠬᠤ ᠮᠡᠲᠦ ᠨᠢᠮᠭᠡᠨ ᠮᠥᠯᠰᠦᠨ ᠳᠡᠭᠡᠷ᠎ᠡ ᠭᠡᠴᠬᠢᠬᠦ ᠱᠢᠲᠦ ᠡᠮᠢᠭᠡᠭᠳᠡᠬᠦᠢ ᠬᠡᠮᠡᠵᠦᠭᠦ
5. Ene keme:be:sü qari-yi:n ejed boluγsad-un 6. taqimdaγu: yosun bolu /............................../ 7. /............/ Mauši bičig-tür šilgüdüge:d ayuγa:d 06a. 1. gün čege:l-ün dergede yabuqu metü nimgen 2. mölsün dege:r-e gečkikü šitü emige:gdeküi keme:jügü:.
20
ᠨᠣᠶᠠᠯᠢᠭᠤᠳᠤᠨ ᠥᠭᠦᠯᠡᠬᠦ ᠳᠥᠷᠪᠡᠳᠦᠭᠡᠷ ᠳᠥᠷᠪᠡᠳᠤᠭᠠᠷ ᠪᠥᠯᠥᠭ
3. /................../ 4. Noyaliγu:dun ögülekü dörbedüge:r [= dörbeduγa:r] bölög.
21
ᠤᠷᠢᠳᠤ ᠪᠣᠭᠳᠠᠰ ᠬᠠᠳ ᠤᠨ ᠣᠷᠣᠱᠢᠭᠤᠯᠳᠠᠭᠰᠠᠳ ᠬᠤᠪᠴᠠᠳ ᠲᠠᠴᠠ ᠪᠤᠰᠤ ᠪᠣᠯᠪᠠᠰᠤ ᠡᠮᠦᠰᠬᠦᠢᠪᠡᠨ ᠡᠮᠢᠶᠡᠭᠡᠭᠳᠡᠬᠦᠢ
5. /.........................../ Uridu boγdas qad-un 6. orošiγu:ldaγsad qubčad-tača busu bolba:su 7. emüsküibe:n emiye:gegdeküi.
22
ᠤᠷᠢᠳᠤ ᠪ ᠪᠣᠭᠳᠠᠰ ᠬᠠᠳ ᠤᠨ ᠥᠭᠦᠯᠡᠭᠳᠡᠭᠰᠡᠳ ᠲᠥᠷᠦ ᠲᠦ ᠦᠭᠡᠰ ᠡᠴᠡ ᠪᠤᠰᠤ ᠪᠣᠯᠪᠠᠰᠤ ᠥᠭᠦᠯᠡᠬᠦᠢᠪᠡᠨ ᠡᠮᠢᠶᠡᠭᠡᠭᠳᠡᠬᠦᠢ
/.........................../ Uridu 06b. 1. boγdas qad-un ögülegdegsed törü-tü üges-e:če 2. busu bolba:su ögüleküibe:n emiye:ge:gdeküi.
23
ᠤᠷᠢᠳᠤ ᠪᠣᠭᠳᠠᠰ ᠬᠠᠳ ᠤᠨ ᠶᠠᠪᠤᠭᠤᠯᠳᠠᠭᠰᠠᠳ ᠠᠭᠠᠯᠢ ᠲᠤ ᠶᠠᠪᠤᠳᠠᠯ ᠠᠴᠠ ᠪᠤᠰᠤ ᠪᠣᠯᠪᠠᠰᠤ ᠶᠠᠪᠤᠬᠤᠢ ᠪᠠᠨ ᠡᠮᠢᠶᠡᠭᠡᠭᠳᠡᠬᠦᠢ
/................../ 3. /........./ Uridu boγdas qad-un yabuγu:ldaγsad 4. aγa:li-tu yabudal-a:ča busu bolba:su yabuqui-ba:n 5. emiye:gegdeküi.
24
ᠲᠡᠭᠦᠪᠡᠷ ᠶᠣᠰᠤᠨ ᠠᠴᠠ ᠡᠲᠡᠭᠡᠳ ᠦᠭᠡᠰ ᠢ ᠦᠯᠦ ᠥᠭᠦᠯᠡᠨ ᠲᠥᠷᠦ ᠡᠴᠡ ᠡᠲᠡᠭᠡᠳ ᠦᠶᠢᠯᠡᠰ ᠲᠦᠷ ᠡᠰᠡ ᠠ ᠶᠠᠪᠤᠪᠠᠰᠤ ᠠᠮᠠᠨ ᠠᠴᠠ ᠭᠠᠷᠤᠭᠰᠠᠨ ᠦᠭᠡ ᠪᠡᠶ᠎ᠡ ᠶᠢᠨ ᠶᠠᠪᠤᠳᠠᠯ ᠢᠯᠭᠠᠭ᠎ᠠ ᠦᠭᠡᠢ ᠪᠣᠯᠤᠶᠤ
/................................................/ 6. /....../ Tegü:be:r yosun-a:ča etege:d üges-i ülü 7. ögülen törü-e:če etege:d üyi:les-tür es-e 07a. 1. yabuba:su aman-a:ča γaruγsan üge beye-yi:n 2. yabudal ilγaγ-a: ügei boluyu.
25
ᠦᠭᠡᠰ ᠢᠶᠡᠨ ᠳᠡᠯᠡᠬᠡᠢ ᠳᠡᠭᠡᠷ᠎ᠡ ᠬᠠᠮᠢᠭ᠎ᠠ ᠪᠠ ᠥᠭᠦᠯᠡᠪᠡᠰᠦ ᠪᠡᠷ ᠭᠡᠮ ᠦᠭᠡᠢ ᠪᠣᠯᠤᠭᠠᠳ ᠶᠠᠪᠤᠳᠠᠯ ᠢᠶᠠᠨ ᠳᠡᠯᠡᠬᠡᠢ ᠳᠡᠭᠡᠷ᠎ᠡ ᠬᠠᠮᠢᠭ᠎ᠠ ᠪᠠ ᠶᠠᠪᠤᠪᠠᠰᠤ ᠴᠢᠮᠠᠳᠬᠤ ᠭᠣᠯᠤᠬᠤ ᠦᠭᠡᠢ ᠪᠣᠯᠤ
/......................../ 3. /................../ Üges-iye:n delekei dege:r-e qamiγ-a: 4. ba ögülebe:sü ber gem ügei boluγa:d yabudal-iya:n 5. delekei dege:r-e qamiγ-a: ba yabuba:su čimadqu 6. γoluqu ügei bolu.
26
ᠡᠳᠡ ᠭᠤᠷᠪᠠᠨ ᠵᠦᠶᠢᠯ ᠢ ᠲᠡᠭᠦᠰᠬᠡᠨ ᠪ ᠴᠢᠳᠠᠪᠠᠰᠤ ᠲᠡᠨᠳᠡᠴᠡ ᠰᠠᠶᠢ ᠤᠷᠢᠳᠤᠰ ᠳᠠᠭᠠᠨ ᠲᠠᠬᠢᠯ ᠲᠠᠪᠢᠭ ᠤᠨ ᠦᠶᠢᠯᠡ ᠰᠠᠬᠢᠨ ᠴᠢᠳᠠᠮᠤ ᠵᠠ
/................................./ 7. /...................../ Ede γurban jüyi:l-i tegüsken 07b. 1. čidaba:su tendeče sayi uridus-daγa:n taqil tabiγ- 2. un üyi:le saqin čidamu j-a.
27
ᠡᠨᠡ ᠬᠡᠮᠡᠪᠡᠰᠦ ᠨᠣᠶᠠᠯᠢᠭᠤᠳᠤᠨ ᠲᠠᠬᠢᠮᠳᠠᠭᠤ ᠶᠣᠰᠤᠨ ᠪᠣᠯᠤ ᠮᠠᠤᠱᠢ ᠪᠢᠴᠢᠭ ᠲᠦᠷ ᠡᠷᠲᠡ ᠵᠢᠯᠳᠠ ᠦᠯᠦ ᠣᠰᠣᠯᠳᠠᠨ ᠬᠠᠨ ᠬᠦᠮᠦᠨ ᠳᠦᠷ ᠬᠢᠴᠢᠭᠡᠨ ᠬᠦᠴᠦ ᠥᠭᠲᠡᠬᠦᠢ ᠬᠡᠮᠡᠵᠦᠭᠦ
Ene keme:be:sü 3. noyaliγu:dun taqimdaγu: yosun bolu /................../ 4. /............/ Mauši bičig-tür erte ji[l]da ülü 5. osoldan qan kümü:n-dür ki[č]ige:n küčü ögteküi 6. keme:jügü:.
28
ᠠ ᠦᠶᠢᠯᠡ ᠳᠦᠷ ᠲᠦᠱᠢᠭᠳᠡᠭᠰᠡᠨ ᠠᠷᠠᠨ ᠢ ᠥᠭᠦᠯᠡᠬᠦ ᠲᠠᠪᠳᠤᠭᠠᠷ ᠪᠥᠯᠥᠭ
7. /............/ 08a. 1. Üyi:le-dür tüšigdegsen aran-i ögülekü 2. tabduγa:r bölög.
29
ᠡᠴᠢᠭᠡ ᠳᠡᠭᠡᠨ ᠲᠠᠪᠢᠭᠯᠠᠬᠤ ᠲᠥᠷᠦ ᠶᠢ ᠠᠪᠴᠤ ᠡᠬᠡ ᠳᠡᠭᠡᠨ ᠲᠠᠪᠢᠭᠯᠠᠪᠠᠰᠤ ᠲᠠᠭᠠᠯᠠᠯ ᠢᠨᠤ ᠨᠢᠭᠡᠨ ᠪᠣᠯᠤ
3. /............................../ Ečige-dege:n tabiγlaqu 4. törü-yi abču eke-dege:n tabiγlaba:su taγa:lal inu 5. nigen bolu.
30
ᠡᠴᠢᠭᠡ ᠳᠡᠭᠡᠨ ᠲᠠᠪᠢᠭᠯᠠᠬᠤ ᠲᠥᠷᠦ ᠶᠢ ᠠᠪᠴᠤ ᠬᠠᠨ ᠳᠠᠭᠠᠨ ᠲᠠᠪᠢᠭᠯᠠᠨ ᠠᠪᠠᠰᠤ ᠬᠦᠨᠳᠦᠯᠡᠯ ᠠᠨᠤ ᠨᠢᠭᠡᠨ ᠬᠦ ᠪᠣᠯᠤ
/............................../ Ečige-dege:n 6. tabiγlaqu törü-yi abču qan-daγa:n tabiγlan 7. aba:su kündülel anu nigen kü bolu.
31
ᠪ ᠲᠡᠭᠦᠪᠡᠷ ᠡᠬᠡ ᠶᠦᠭᠡᠨ ᠲᠠᠭᠠᠯᠠᠬᠤ ᠶᠣᠰᠤᠨ ᠢ ᠬᠠᠨ ᠢᠶᠠᠨ ᠬᠦᠨᠳᠦᠯᠡᠬᠦ ᠲᠥᠷᠦ ᠶᠢ ᠨᠡᠶᠢᠲᠡ ᠪᠣᠯᠭᠠᠵᠤ ᠲᠠᠪᠢᠭᠯᠠᠭᠳᠠᠬᠤ ᠡᠴᠢᠭᠡ ᠪᠦᠢ ᠵᠡ
/...................../ 08b. 1. /......................../ Tegü:be:r eke-yüge:n taγa:laqu 2. yosun-i qan-iya:n kündülekü törü-yi neyi:te 3. bolγaju tabiγlaγdaqu ečige büi je.
32
ᠲᠠᠬᠢᠮᠳᠠᠭᠤ ᠲᠥᠷᠦᠪᠡᠷ ᠬᠠᠨ ᠳᠤᠷ ᠬᠦᠴᠦ ᠥᠭᠪᠡᠰᠦ ᠴᠢᠩ ᠦᠨᠡᠨ ᠰᠡᠳᠬᠢᠯ ᠪᠣᠯᠤ ᠬᠦᠨᠳᠦᠯᠡᠬᠦ ᠲᠥᠷᠦ ᠪᠡᠷ ᠥᠪᠡᠷ ᠡᠴᠡᠭᠡᠨ ᠶᠡᠬᠡᠰ ᠲᠦᠷ ᠲᠠᠪᠢᠭᠯᠠᠪᠠᠰᠤ ᠵᠣᠬᠢᠳᠠᠭ ᠪᠣᠯᠤ ᠠ ᠴᠢᠩ ᠦᠨᠡᠨ ᠰᠡᠳᠬᠢᠯ ᠵᠣᠬᠢᠳᠠᠭ ᠬᠣᠶᠠᠷ ᠢ ᠦᠯᠦ ᠡᠨᠳᠡᠨ ᠳᠡᠭᠡᠳᠦᠰ᠎ᠡ ᠬᠦᠴᠦ ᠥᠭᠭᠦᠨ ᠴᠢᠳᠠᠪᠠᠰᠤ ᠲᠡᠨᠳᠡᠴᠡ ᠰᠠᠶᠢ ᠥᠭᠲᠡᠭᠰᠡᠨ ᠰᠣᠶᠤᠷᠬᠠᠯ ᠢᠶᠠᠨ ᠪᠠ ᠮᠥᠷ ᠢᠶᠡᠨ ᠡᠵᠡᠯᠡᠨ ᠴᠢᠳᠠᠭᠠᠳ ᠤᠷᠢᠳᠤᠰ ᠲᠠᠭᠠᠨ ᠲᠠᠬᠢᠬᠤ ᠦᠶᠢᠯᠡ ᠶᠢ ᠰᠠᠬᠢᠨ ᠴᠢᠳᠠᠮᠤ ᠵᠠ
/.............../ 4. /......................../ Taqimdaγu: törübe:r qan-dur 5. küčü ögbe:sü čing ünen sedkil bolu kündülekü 6. törü-be:r öbe:r-e:čege:n yekes-tür tabiγlaba:su joqidaγ 7. bolu /....................................................../ 09a. 1. /...................../ Čing ünen sedkil joqidaγ 2. qoyar-i ülü enden dege:düs-e küčü öggün čidaba:su 3. tendeče sayi: ögtegsen soyurqal-iya:n ba mör-iye:n 4. ejelen čidaγa:d uridus-taγa:n taqiqu üyi:le-yi 5. saqin čidamu j-a.
33
ᠡᠨᠡ ᠬᠡᠮᠡᠪᠡᠰᠦ ᠦᠶᠢᠯᠡ ᠳᠦᠷ ᠲᠦᠱᠢᠭᠳᠡᠭᠰᠡᠨ ᠠᠷᠠᠨ ᠤ ᠲᠠᠬᠢᠮᠳᠠᠭᠤ ᠶᠣᠰᠤᠨ ᠪᠣᠯᠤ ᠮᠠᠤᠱᠢ ᠪᠢᠴᠢᠭ ᠲᠦᠷ ᠪ ᠡᠷᠲᠡ ᠪᠣᠰᠬᠤᠢ ᠳᠤᠷ ᠦᠳᠡᠱᠢ ᠤᠨᠲᠠᠬᠤᠢ ᠳᠤᠷ ᠡᠴᠢᠭᠡ ᠡᠬᠡ ᠶᠢᠨ ᠲᠥᠷᠦᠭᠦᠯᠳᠡᠭᠰᠡᠨ ᠢᠶᠡᠨ ᠰᠡᠳᠬᠢᠵᠦ ᠦᠯᠦ ᠪᠥᠭᠡᠳ ᠭᠤᠲᠤᠭᠠᠭᠳᠠᠬᠤᠢ ᠬᠡᠮᠡᠵᠦᠭᠦ
Ene keme:be:sü üyi:le-dür 6. tüšigdegsen aran-u taqimdaγu: yosun bolu 7. /................................./ Mauši bičig-tür 09b. 1. erte bosqui-dur üdeši untaqui-dur ečige eke- 2. yi:n törügü:ldegsen-iye:n sedkijü ülü böge:d 3. γutuγa:γdaqui keme:jügü:.
34
ᠣᠯᠠᠨ ᠢᠷᠭᠡᠨ ᠢ ᠥᠭᠦᠯᠡᠬᠦ ᠵᠢᠷᠭᠤᠭᠠᠳᠤᠭᠠᠷ ᠪᠥᠯᠥᠭ
4. /.............../ 5. Olan irgen-i ögülekü jirγuγa:duγa:r bölög.
35
ᠲᠩᠷᠢ ᠶᠢᠨ ᠳᠥᠷᠪᠡᠨ ᠴᠠᠭ ᠤᠨ ᠠᠭᠤᠷ ᠢ ᠬᠡᠷᠡᠭᠯᠡᠷ ᠦᠨ
6. /......................../ Tngri-yi:n dörben čaγ-un 7. aγu:r-i keregler-ün.
36
ᠭᠠᠵᠠᠷ ᠤᠨ ᠵᠠᠷᠯᠢᠭ ᠢ ᠤᠬᠠᠵᠤ ᠠ ᠲᠠᠷᠢᠶᠠᠯᠠᠭᠠᠳ ᠪᠡᠶᠡᠪᠡᠨ ᠬᠠᠲᠠᠭᠤᠵᠢᠵᠤ ᠡᠳ ᠢ ᠬᠠᠶᠢᠷᠠᠯᠠᠨ ᠴᠡᠨᠡᠨ ᠵᠠᠷᠤᠵᠤ ᠡᠴᠢᠭᠡ ᠡᠬᠡ ᠶᠦᠭᠡᠨ ᠲᠡᠵᠢᠶᠡᠭᠡᠨ ᠴᠢᠳᠠᠪᠠᠰᠤ ᠡᠨᠡ ᠪᠥᠭᠡᠳ ᠣᠯᠠᠨ ᠢᠷᠭᠡᠨ ᠦ ᠲᠠᠬᠢᠮᠳᠠᠭᠤ ᠶᠣᠰᠤᠨ ᠪᠣᠯᠤ ᠲᠡᠭᠦᠪᠡᠷ ᠬᠠᠨ ᠬᠦᠮᠦᠨ ᠡᠴᠡ ᠣᠯᠠᠨ ᠢᠷᠭᠡᠨ ᠳᠦᠷ ᠬᠦᠷᠲᠡᠯ᠎ᠡ ᠲᠠᠬᠢᠮᠳᠠᠭᠤ ᠦᠶᠢᠯᠡ ᠶᠢ ᠡᠬᠢᠯᠡᠵᠦ ᠪᠠ ᠦᠵᠦᠭᠦᠯᠡᠨ ᠡᠰᠡ ᠪ ᠴᠢᠳᠠᠭᠰᠠᠳ ᠲᠠ ᠬᠣᠤᠷ ᠠᠳᠠ ᠡᠰᠡ ᠬᠦᠷᠲᠡᠭᠰᠡᠳ ᠦᠭᠡᠢ ᠪᠦᠢ ᠵᠡ ᠬᠡᠮᠡᠵᠦᠭᠦ
γajar-un jarliγ-i uqaju 10a. 1. tariya:laγa:d /................................................/ 2. beyebe:n qataγu:jiju ed-i qayi:ralan čenen jaruju 3. ečige eke-yüge:n tejiye:ge:n čidaba:su ene böge:d 4. olan irgen-ü taqimdaγu: yosun bolu /............/ 5. /.................................................../ Tegü:be:r 6. qan kümü:n-e:če olan irgen-dür kürtele 7. taqimdaγu: üyi:le-yi ekilejü ba üjügü:len es-e 10b. 1. čidaγsad-ta qour ada es-e kürtegsed 2. ügei büi j-e keme:jügü:.
37
ᠲᠩᠷᠢ ᠭᠠᠵᠠᠷ ᠬᠦᠮᠦᠨ ᠭᠤᠷᠪᠠᠨ ᠶᠣᠰᠤᠨ ᠢ ᠥᠭᠦᠯᠡᠬᠦ ᠳᠣᠯᠤᠳᠤᠭᠠᠷ ᠪᠥᠯᠥᠭ
3. /.............../ 4. Tngri γajar kümü:n γurban yosun-i 5. ögülekü doluduγa:r bölög.
38
ᠱᠢᠩᠱᠢ ᠥᠭᠦᠯᠡᠷ ᠦᠨ ᠲᠠᠬᠢᠮᠳᠠᠭᠤ ᠲᠥᠷᠦ ᠮᠠᠱᠢ ᠮᠡᠨᠡᠭᠦᠨ ᠠᠭᠤᠢ ᠶᠡᠬᠡ ᠠᠭᠰᠠᠨ ᠠᠵᠤᠭᠤ ᠠ ᠬᠡᠮᠡᠪᠡᠰᠦ ᠬᠤᠩᠸᠤᠱᠢ ᠥᠭᠦᠯᠡᠷ ᠦᠨ
6. /............................../ Šingši ögüler-ün taqimdaγu: 7. törü maši menegü:n aγui yeke aγsan ajuγu: 11a. 1. keme:be:sü /....................................................../ 2. Kungvuši ögüler-ün.
39
ᠡᠨᠡ ᠲᠠᠬᠢᠮᠳᠠᠭᠤ ᠲᠥᠷᠦ ᠬᠡᠮᠡᠪᠡᠰᠦ ᠲᠩᠷᠢ ᠶᠢᠨ ᠤᠷᠲᠤ ᠳᠠ ᠣᠷᠣᠱᠢᠬᠤ ᠭᠠᠵᠠᠷ ᠤᠨ ᠨᠠᠶᠢᠷᠠᠭᠤᠯᠤᠨ ᠥᠰᠬᠡᠬᠦ ᠢᠷᠭᠡᠨ ᠦ ᠨᠠᠰᠤ ᠠᠪᠤᠷᠢᠳ ᠲᠠ ᠶᠠᠪᠤᠭᠳᠠᠬᠤ ᠶᠠᠪᠤᠳᠠᠯ ᠪᠣᠯᠤ ᠲᠩᠷᠢ ᠭᠠᠵᠠᠷ ᠤᠨ ᠤᠷᠲᠤ ᠳᠠ ᠣᠷᠣᠱᠢᠬᠤ ᠶᠣᠰᠤ ᠪᠦᠬᠦ ᠶᠢᠨ ᠲᠤᠯᠠ ᠬᠦᠮᠦᠨ ᠦᠯᠢᠭᠡᠷᠯᠡᠵᠦ ᠳᠠᠭᠠᠨ ᠶᠠᠪᠤᠬᠤ ᠡᠨᠡ ᠪ ᠪᠦᠶᠦ
Ene taqimdaγu: törü keme:be:sü 3. tngri-yi:n urtu-da orošiqu γajar-un 4. nayi:raγu:lun öskekü irgen-ü nasu aburid-ta 5. yabuγdaqu yabudal bolu /.........................../ Tngri 6. γajar-un urtu-da orošiqu yosu bükü-yi:n 7. tula kümü:n üligerlejü daγan yabuqu ene 11b. 1. büyü.
40
ᠲᠩᠷᠢ ᠶᠢᠨ ᠭᠡᠭᠡᠭᠡᠨ ᠢᠶᠡᠷ ᠭᠠᠵᠠᠷ ᠤᠨ ᠭᠠᠷᠯᠢᠪᠠᠷ ᠳᠡᠯᠡᠬᠡᠢ ᠳᠡᠭᠡᠷᠡᠬᠢᠨ ᠢᠷᠭᠡᠨ ᠦ ᠵᠣᠷᠢᠭ ᠤᠳ ᠢ ᠳᠠᠭᠠᠨ ᠵᠠᠰᠠᠭᠰᠠᠨ ᠤ ᠲᠤᠯᠠ ᠰᠥᠶᠦᠯ ᠰᠤᠷᠭᠠᠯ ᠢ ᠡᠰᠡ ᠪᠡᠷ ᠵᠠᠷᠴᠢᠮᠯᠠᠪᠠᠰᠤ ᠥᠪᠡᠰᠦᠪᠡᠨ ᠪᠦᠲᠦᠭᠡᠶᠦ
/..................................../ Tngri-yi:n gegege:n- 2. iye:r γajar-un γarliba:r delekei dege:rekin irgen-ü 3. joriγ-u:d-i daγan jasaγsan-u tula /............/ 4. /............................../ söyül surγal-i es-e ber 5. jarčimlaba:su öbe:sübe:n bütüge:yü:.
41
ᠤᠯᠤᠰ ᠤᠨ ᠦᠶᠢᠯᠡ ᠡᠰᠡ ᠪᠡᠷ ᠢᠷᠭᠤᠢᠯᠠᠪᠠᠰᠤ ᠥᠪᠡᠰᠦᠪᠡᠨ ᠲᠥᠪᠱᠢᠭᠡᠷᠢᠳᠦᠶᠦ
Ulus-un üyi:le 6. es-e ber irγuilaba:su öbe:sübe:n töbšigeridüyü.
42
ᠤᠷᠢᠳᠤ ᠪᠣᠭᠳᠠᠰ ᠬᠠᠳ ᠡᠳᠡ ᠠ ᠰᠥᠶᠦᠭᠡᠷ ᠢ ᠤᠬᠠᠵᠤ ᠢᠷᠭᠡᠨ ᠣᠷᠭᠣᠨ ᠢ ᠰᠤᠷᠭᠠᠭᠤᠯᠳᠠᠬᠤ ᠲᠥᠷᠦ ᠠᠵᠤᠭᠤ
7. /............................../ Uridu boγdas qad ede 12a. 1. söyüger-i uqaju irgen orγon-i surγaγu:ldaqu 2. törü ajuγu:.
43
ᠲᠡᠭᠦᠪᠡᠷ ᠠᠭᠤᠢᠠ ᠲᠠᠭᠠᠯᠠᠬᠤ ᠶᠢ ᠤᠷᠢᠳᠠᠯᠠᠭᠤᠯᠪᠠᠰᠤ ᠢᠷᠭᠡᠨ ᠣᠷᠭᠣᠨ ᠥᠪᠡᠰᠦᠪᠡᠨ ᠪᠥᠭᠡᠳ ᠡᠴᠢᠭᠡ ᠡᠬᠡ ᠶᠦᠭᠡᠨ ᠡᠰᠡ ᠬᠣᠵᠢᠳᠠᠭᠤᠯᠵᠤᠭᠤ
/................................................/ 3. Tegü:be:r aγui-a taγa:laqu-yi uridalaγu:lba:su irgen 4. orγon öbe:sübe:n böge:d ečige eke-yüge:n 5. ese qojidaγu:ljuγu:.
44
ᠰᠠᠶᠢᠨ ᠠᠭᠠᠯᠢ ᠠᠪᠤᠷᠢ ᠨᠠᠶᠢᠷᠠᠮᠳᠠᠭᠤ ᠬᠣᠶᠠᠷ ᠢ ᠳᠠᠭᠠᠲᠠᠯ᠎ᠠ ᠳᠤᠭᠤᠯᠭᠠᠵᠤ ᠥᠭᠪᠡᠰᠦ ᠢᠷᠭᠡᠨ ᠣᠷᠭᠣᠨ ᠥᠪᠡᠰᠦᠪᠡᠨ ᠪᠥᠭᠡᠳ ᠠᠪᠤᠷᠢ ᠪ ᠶᠠᠪᠤᠳᠠᠯ ᠢᠶᠠᠨ ᠡᠭᠦᠰᠬᠡᠨ ᠬᠢᠴᠢᠶᠡᠭᠡᠵᠦᠭᠦ
/.........................../ Sayi:n 6. aγa:li aburi nayi:ramdaγu: qoyar-i daγatala duγu:lγaju 7. ögbe:sü irgen orγon öbe:sübe:n böge:d aburi 12b. 1. yabudal-iya:n egü:sken kičiye:ge:jügü:.
45
ᠬᠦᠨᠳᠦᠯᠡᠮᠳᠡᠭᠦ ᠪᠤᠶᠠᠠᠮᠲᠠᠭᠤ ᠬᠣᠶᠠᠷ ᠢ ᠤᠷᠢᠳᠠᠯᠠᠭᠤᠯᠪᠠᠰᠤ ᠢᠷᠭᠡᠨ ᠣᠷᠭᠠᠨ ᠥᠪᠡᠰᠦᠪᠡᠨ ᠪᠥᠭᠡᠳ ᠲᠡᠮᠡᠴᠡᠬᠦᠢ ᠪᠡᠨ ᠲᠠᠯᠪᠢᠵᠤᠭᠤ
/.........................../ 2. /.../ Kündülemdegü: buya[...]amtaγu: qoyar-i uridalaγu:lba:su irgen 3. orγan öbe:sübe:n böge:d temečeküi-be:n talbijuγu:.
46
ᠲᠥᠷᠦ ᠶᠣᠰᠤᠨ ᠬᠥᠭ ᠳᠠᠭᠤᠨ ᠬᠣᠶᠠᠷ ᠢᠶᠠᠷ ᠣᠳᠤᠪᠠᠰᠤ ᠢᠷᠭᠡᠨ ᠣᠷᠭᠠᠨ ᠥᠪᠡᠰᠦᠪᠡᠨ ᠪᠥᠭᠡᠳ ᠨᠠᠶᠢᠷᠠᠯᠳᠤᠨ ᠵᠣᠬᠢᠯᠳᠤᠵᠤᠭᠤᠢ
4. /................................./ Törü yosun kög daγu:n 5. qoyar-iya:r oduba:su irgen orγan öbe:sübe:n böge:d 6. nayi:raldun joqildujuγu:i.
47
ᠲᠠᠭᠠᠯᠠᠬᠤᠢ ᠭᠣᠯᠤᠬᠤᠢ ᠬᠣᠶᠠᠷ ᠢ ᠵᠢᠭᠠᠭᠰᠠᠨ ᠢᠶᠠᠷ ᠲᠤᠩᠭᠠᠭᠠᠵᠤ ᠠ ᠥᠭᠪᠡᠰᠦ ᠢᠷᠭᠡᠨ ᠣᠷᠭᠠᠨ ᠵᠠᠰᠠᠭ ᠬᠥᠮᠳᠡᠬᠦᠢᠪᠡᠨ ᠡᠮᠢᠭᠡᠵᠦᠭᠦ
/................................./ 7. Taγa:laqui γoluqui qoyar-i jiγa:γsan-[i]ya:r tungγaγa:ju 13a. 1. ögbe:sü irgen or[γan] jasaγ kömdeküibe:n emige:jügü:.
48
ᠮᠠᠤᠱᠢ ᠪᠢᠴᠢᠭ ᠲᠦᠷ ᠵᠢᠤ ᠤᠯᠤᠰ ᠲᠤᠷ ᠭᠡᠭᠡᠭᠡᠨ ᠤᠬᠠᠭᠠᠲᠤ ᠪᠠᠭᠱᠢᠯᠠᠭᠴᠢ ᠶᠢᠨ ᠣᠪᠣᠭ ᠲᠤ ᠨᠣᠶᠠᠨ ᠪᠦᠬᠦ ᠶᠢᠨ ᠱᠢᠯᠲᠠᠭᠠᠪᠠᠷ ᠢᠷᠭᠡᠨ ᠣᠷᠭᠣᠨ ᠲᠡᠭᠦᠨ ᠢ ᠡᠭᠡᠷᠡᠨ ᠬᠠᠷᠠᠯᠳᠠᠵᠤᠭᠤᠢ ᠬᠡᠮᠡᠵᠦᠭᠦ
2. /................................./ Mauši bičig-tür Jiu 3. ulus-tur gegege:n uqaγa:tu baγšilaγči Yin oboγ-tu 4. noyan bükü-yi:n šiltaγa:ba:r irgen orγon tegü:n-i 5. ege:ren qaraldajuγu:i keme:jügü:.
49
ᠲᠠᠬᠢᠮᠳᠠᠭᠤ ᠲᠥᠷᠦᠪᠡᠷ ᠢᠯᠠᠷᠢ ᠵᠠᠰᠠᠬᠤ ᠨᠠᠢᠮᠠᠳᠤᠭᠠᠷ ᠪ ᠪᠥᠯᠥᠭ
6. /.............../ 7. Taqimdaγu: [törü]be:r ilari jasaqu naimaduγa:r 13b. 1. bölög.
50
ᠬᠤᠩᠸᠤᠱᠢ ᠥᠭᠦᠯᠡᠷ ᠦᠨ ᠡᠷᠲᠡᠨ ᠦ ᠭᠡᠭᠡᠭᠡᠨ ᠬᠠᠳ ᠲᠠᠬᠢᠮᠳᠠᠭᠤ ᠲᠥᠷᠦ ᠪᠡᠷ ᠳᠡᠯᠡᠬᠡᠢ ᠤᠯᠤᠰ ᠢ ᠵᠠᠰᠠᠷ ᠤᠨ
2. /.............................................................../ 3. /.............................................................../ 4. /.../ Kungvuši ögüler-ün erten-ü gegege:n qad 5. taqimdaγu: törü-be:r delekei ulus-i jasar-un.
52
ᠦᠯᠦ ᠡᠨᠳᠡᠭᠦᠯᠦᠨ ᠪᠥᠭᠡᠲᠡᠯ᠎ᠡ ᠭᠤᠩ ᠬᠢᠤ ᠪᠠᠢ ᠱᠢ ᠨᠠᠮ ᠬᠡᠮᠡᠬᠦ ᠲᠠᠪᠤᠨ ᠠ ᠵᠦᠶᠢᠯ ᠶᠡᠬᠡᠰ ᠨᠣᠶᠠᠳ ᠢ ᠶᠠᠭᠤᠨ ᠥᠭᠦᠯᠡᠲᠡᠯᠡ ᠪᠦᠢ
Ülü 7. endegü:lün böge:tele gung qiu bai ši nam keme:kü tabun 14a. 1. jüyi:l yekes noyad-i yaγu:n ögületele büi.
53
ᠲᠡᠭᠦᠪᠡᠷ ᠬᠠᠮᠤᠭ ᠬᠠᠷᠢ ᠤᠯᠤᠰ ᠤᠨ ᠪᠠᠶᠠᠰᠬᠤᠯᠠᠩ ᠰᠡᠳᠬᠢᠯ ᠢ ᠠᠨᠤ ᠠᠪᠤᠭᠰᠠᠪᠠᠷ ᠮᠥᠨ ᠤᠷᠢᠳᠤ ᠬᠠᠳ ᠲᠤᠷ ᠢᠨᠤ ᠲᠠᠬᠢᠷᠠ ᠢᠷᠡᠭᠰᠡᠨ ᠠᠵᠤᠭᠤ
Tegü:be:r 2. qamuγ qari ulus-un bayasqulang sedkil-i anu 3. abuγsaba:r mön uridu qad-tur inu taqir-a 4. iregsen ajuγu:.
54
ᠬᠠᠷᠢ ᠶᠢᠨ ᠡᠵᠡᠳ ᠬᠠᠷᠢᠪᠠᠨ ᠵᠠᠰᠠᠷ ᠤᠨ
/........................................../ 5. /........................................../ Qari-yi:n ejed 6. qariba:n jasar-un.
55
ᠥᠨᠡᠴᠢᠳ ᠪᠡᠯᠪᠢᠰᠦᠳ ᠢ ᠦᠯᠦ ᠬᠥᠩᠭᠡᠯᠡᠨ ᠲᠥᠷᠦᠪᠡᠷ ᠠᠰᠠᠷᠠᠨ ᠪᠥᠭᠡᠲᠡᠯ᠎ᠡ ᠦᠶᠢᠯᠡ ᠳᠦᠷ ᠪ ᠬᠡᠷᠡᠭᠯᠡᠭᠳᠡᠭᠰᠡᠳ ᠠᠷᠠᠳ ᠢ ᠪᠠ ᠢᠷᠭᠡᠨ ᠢ ᠶᠠᠭᠤᠨ ᠥᠭᠦᠯᠡᠲᠡᠯᠡ ᠪᠦᠢ
Önečid belbisüd-i ülü 7. könggelen törübe:r asaran böge:tele üyi:le-dür 14b. 1. kereglegdegsed arad-i ba irgen-i yaγu:n 2. ögületele büi.
56
ᠲᠡᠭᠦᠪᠡᠷ ᠣᠯᠠᠨ ᠢᠷᠭᠡᠨ ᠦ ᠪᠠᠶᠠᠰᠬᠤᠯᠠᠩ ᠰᠡᠳᠬᠢᠯ ᠢ ᠠᠨᠤ ᠠᠪᠤᠭᠰᠠᠪᠠᠷ ᠮᠥᠳ ᠤᠷᠢᠳᠤ ᠡᠵᠡᠳ ᠲᠦᠷ ᠢᠨᠦ ᠲᠠᠬᠢᠷᠠ ᠢᠷᠡᠭᠰᠡᠨ ᠠᠵᠤᠭᠤ
Tegü:be:r olan irgen-ü bayasqulang 3. sedkil-i anu abuγsaba:r möd uridu ejed-tür 4. inü taqir-a iregsen ajuγu:.
57
ᠨᠣᠶᠠᠯᠠᠬᠤ ᠬᠦᠮᠦᠨ ᠭᠡᠷ ᠢᠶᠡᠨ ᠵᠠᠰᠠᠷ ᠤᠨ
/...................../ 5. /....................................................../ 6. Noyalaqu kümü:n ger-iye:n jasar-un.
58
ᠪᠣᠭᠣᠯ ᠱᠢᠪᠡᠭᠡᠭᠴᠢᠳ ᠲᠦᠷ ᠲᠥᠷᠦ ᠶᠢ ᠦᠯᠦ ᠡᠨᠳᠡᠭᠦᠯᠦᠨ ᠪᠥᠭᠡᠲᠡᠯ᠎ᠡ ᠡᠮ᠎ᠡ ᠠ ᠬᠥᠪᠡᠭᠦᠨ ᠢ ᠶᠠᠭᠤᠨ ᠥᠭᠦᠯᠡᠲᠡᠯᠡ ᠪᠦᠢ
Boγo:l šibegegčid- 7. tür törü-yi ülü endegü:lün böge:tele em-e 15a. 1. köbegü:n-i yaγu:n ögületele büi.
59
ᠲᠡᠭᠦᠪᠡᠷ ᠭᠡᠷᠭᠡᠨ ᠲᠤᠳᠬᠠᠷ ᠤᠨ ᠪᠠᠶᠠᠰᠬᠤ ᠰᠡᠳᠬᠢᠯ ᠢ ᠠᠨᠤ ᠠᠪᠤᠨ ᠴᠢᠳᠠᠭᠰᠠᠪᠠᠷ ᠡᠴᠢᠭᠡ ᠡᠬᠡ ᠳᠦᠷ ᠢᠨᠦ ᠲᠠᠪᠢᠭᠯᠠᠨ ᠴᠢᠳᠠᠵᠤᠭᠤᠢ
Tegü:be:r gergen 2. tudqar-un bayasqu sedkil-i anu abun čidaγsaba:r 3. ečige eke-dür inü tabiγlan čidajuγu:i.
60
ᠡᠭᠦᠨᠦ ᠱᠢᠯᠲᠠᠭᠠᠪᠠᠷ ᠡᠰᠡᠨ ᠪᠦᠬᠦᠢ ᠳᠦᠷ ᠡᠴᠢᠭᠡ ᠡᠬᠡ ᠶᠢᠨ ᠰᠡᠳᠬᠢᠯ ᠠᠮᠤᠶᠤ
/........./ 4. /.............................. / Egü:nü šiltaγa:ba:r esen 5. büküi-dür ečige eke-yi:n sedkil amuyu:.
62
ᠪ ᠲᠡᠭᠦᠪᠡᠷ ᠳᠡᠯᠡᠬᠡᠢ ᠤᠯᠤᠰ ᠵᠣᠬᠢᠷᠠᠵᠤ ᠲᠥᠪᠱᠢᠭᠡᠷᠢᠳᠦᠭᠡᠳ ᠠᠳᠠ ᠲᠦᠯᠢᠭᠡᠨ ᠦᠯᠦ ᠪᠣᠯᠤᠨ ᠲᠣᠳᠬᠣᠷ ᠲᠤ ᠰᠠᠮᠠᠭᠤ ᠦᠶᠢᠯᠡᠰ ᠡᠰᠡ ᠬᠦ ᠡᠳᠦᠵᠦᠭᠦ
/...................../ 7. /.................................................../ 15b. 1. Tegü:be:r delekei ulus joqiraju töbšigeridüge:d ada 2. tüligen ülü bolun todqor-tu samaγu: üyi:les 3. es-e kü edüjügü:.
63
ᠡᠨᠡ ᠬᠡᠮᠡᠪᠡᠰᠦ ᠭᠡᠭᠡᠭᠡᠨ ᠬᠠᠳ ᠲᠠᠬᠢᠮᠳᠠᠭᠤ ᠰᠡᠳᠬᠢᠯ ᠢᠶᠡᠷ ᠳᠡᠯᠡᠬᠡᠢ ᠤᠯᠤᠰ ᠢ ᠵᠠᠰᠠᠬᠤ ᠶᠣᠰᠤᠨ ᠪᠣᠯᠤ ᠮᠠᠤᠱᠢ ᠪᠢᠴᠢᠭ ᠲᠦᠷ ᠬᠠᠨ ᠬᠦᠮᠦᠨ ᠶᠡᠬᠡ ᠤᠬᠠᠭᠠᠨ ᠠᠭᠠᠯᠢ ᠠᠪᠤᠷᠢ ᠲᠤ ᠪᠣᠯᠪᠠᠰᠤ ᠳᠥᠷᠪᠡᠨ ᠡᠲᠡᠭᠡᠳ ᠦᠨ ᠤᠯᠤᠰ ᠳᠠᠭᠠᠨ ᠠ ᠳᠠᠭᠤᠷᠢᠶᠠᠶᠤ ᠬᠡᠮᠡᠵᠦᠭᠦ
Ene keme:be:sü gegege:n qad 4. taqimdaγu: sedkil-iye:r delekei ulus-i jasaqu yosun 5. bolu /................................./ Mauši bičig-tür 6. qan kümü:n yeke uqaγa:n aγa:li aburi-tu 7. bolba:su dörben etege:d-ün ulus daγan 16a. 1. daγu:riya:yu: keme:jügü:.
64
ᠪᠣᠭᠳᠠ ᠰᠠᠶᠢᠳ ᠤᠨ ᠵᠠᠰᠠᠭᠰᠠᠨ ᠢ ᠥᠭᠦᠯᠡᠬᠦ ᠶᠢᠰᠦᠳᠦᠭᠡᠷ ᠪᠥᠯᠥᠭ
2. /.............../ 3. Boγda sayi:d-un jasaγsan-i ögülekü 4. yisüdüge:r bölög.
65
ᠱᠢᠩᠱᠢ ᠥᠭᠦᠯᠡᠷ ᠦᠨ ᠪᠣᠭᠳᠠ ᠰᠠᠶᠢᠳ ᠤᠨ ᠠᠭᠠᠯᠢ ᠠᠪᠤᠷᠢ ᠠᠨᠤ ᠲᠠᠬᠢᠮᠳᠠᠭᠤ ᠪᠣᠯᠬᠤᠢ ᠠᠴᠠ ᠳᠡᠭᠡᠷ᠎ᠡ ᠪᠠᠰᠠ ᠨᠡᠮᠡᠭᠳᠡᠬᠦ ᠪ ᠠᠨᠤ ᠦᠭᠡᠢ ᠦᠭᠦ ᠬᠡᠮᠡᠨ ᠡᠮᠢᠶᠡᠭᠡᠳ ᠠᠰᠠᠭᠤᠨ ᠠᠪᠠᠰᠤ ᠬᠤᠩᠸᠤᠱᠢ ᠥᠭᠦᠯᠡᠷ ᠦᠨ ᠲᠩᠷᠢ ᠭᠠᠵᠠᠷ ᠤᠨ ᠵᠠᠭᠤᠷ᠎ᠠ ᠬᠠᠮᠤᠭ ᠠᠮᠢᠲᠠᠨ ᠤ ᠳᠣᠲᠤᠷ᠎ᠠ ᠬᠦᠮᠦᠨ ᠡᠴᠡ ᠳᠡᠭᠡᠳᠦ ᠦᠭᠡᠢ ᠬᠦᠮᠦᠨ ᠦ ᠠᠪᠤᠷᠢ ᠶᠠᠪᠤᠳᠠᠯ ᠲᠠᠬᠢᠮᠳᠠᠭᠤ ᠪᠣᠯᠬᠤᠢ ᠠᠴᠠ ᠳᠡᠭᠡᠳᠦ ᠦᠭᠡᠢ
5. /................................................... / Šingši 6. ögüler-ün boγda sayi:d-un aγa:li aburi anu 7. taqimdaγu: bolqui-a:ča dege:r-e basa nemegdekü 16b. 1. anu ügei ügü: keme:n emiye:g[e:d] asaγu:n aba:su 2. /.........................../ Kungvuši ögüler-ün tngri 3. γajar-un jaγu:r-a qamuγ amitan-u dotur-a 4. kümü:n-e:če dege:dü ügei /......................../ 5. kümü:n-ü aburi yabudal taqimdaγu: bolqui-a:ča 6. dege:dü ügei.
66
ᠲᠠᠬᠢᠮᠳᠠᠭᠤ ᠪᠣᠯᠬᠤ ᠠᠨᠤ ᠬᠦᠨᠳᠦᠯᠡᠭᠳᠡᠬᠦ ᠡᠴᠢᠭᠡ ᠳᠡᠴᠡ ᠳᠡᠭᠡᠳᠦ ᠦᠭᠡᠢ
/...................../ Taqimdaγu: bolqu anu 7. kündülegdekü ečige-deče dege:dü ügei.
67
ᠠ ᠡᠴᠢᠭᠡ ᠶᠦᠭᠡᠨ ᠬᠦᠨᠳᠦᠯᠡᠷ ᠦᠨ ᠲᠩᠷᠢ ᠳᠦᠷ ᠲᠡᠩᠭᠡᠴᠡᠨ ᠲᠠᠬᠢᠬᠤᠢ ᠠᠴᠠ ᠳᠡᠭᠡᠳᠦ ᠦᠭᠡᠢ
/............/ 17a. 1. /......................../ Ečige-yüge:n kündüler-ün 2. tngri-dür tenggečen taqiqui-a:ča dege:dü ügei.
68
ᠡᠶᠢᠮᠦ ᠲᠥᠷᠦ ᠵᠢᠤ ᠭᠤᠩ ᠨᠡᠷᠡᠲᠦ ᠬᠦᠮᠦᠨ ᠡᠴᠡ ᠪᠣᠯᠵᠤᠭᠤᠢ
3. Eyi:mü törü Jiu gung neretü kümü:n-e:če 4. boljuγu:i.
69
ᠡᠷᠲᠡ ᠵᠢᠤ ᠭᠤᠩ ᠬᠡᠮᠡᠪᠡᠰᠦᠣᠷᠳᠣ ᠶᠢᠨ ᠡᠮᠦᠨ᠎ᠡ ᠬᠡᠭᠡᠷ ᠭᠠᠵᠠᠷ᠎ᠠ ᠲᠩᠷᠢ ᠶᠢ ᠲᠠᠬᠢᠷ ᠤᠨ
/................................................/ 5. /.............../ Erte Jiu gung keme:be:süordo-yi:n 6. emün-e kege:r γajar-a tngri-yi taqir-un.
70
ᠡᠯᠢᠨᠴᠦᠭ ᠢᠶᠡᠨ ᠭᠢᠤ ᠱᠢ ᠶᠢ ᠲᠩᠷᠢ ᠳᠦᠷ ᠲᠡᠩᠭᠡᠴᠡᠭᠦᠯᠵᠦ ᠪ ᠲᠠᠬᠢᠨ ᠡᠴᠢᠭᠡ ᠶᠦᠭᠡᠨ ᠸᠤᠨ ᠣᠩ ᠬᠠᠨ ᠢ ᠬᠠᠷᠱᠢ ᠳᠤᠷᠢᠶᠠᠨ ᠲᠩᠷᠢ ᠬᠠᠨ ᠯᠤᠭ᠎ᠠ ᠲᠡᠩᠭᠡᠴᠡᠭᠦᠯᠵᠦ ᠨᠡᠶᠢᠲᠡ ᠲᠠᠬᠢᠬᠤᠢ ᠠᠴᠠ ᠤᠯᠠᠮ ᠳᠥᠷᠪᠡᠨ ᠳᠠᠯᠠᠢ ᠶᠢᠨ ᠳᠣᠲᠤᠭᠤᠨ ᠪᠦᠬᠦᠨ ᠬᠠᠷᠢ ᠶᠢᠨ ᠡᠵᠡᠳ ᠲᠦᠱᠢᠭᠳᠡᠭᠰᠡᠳ ᠦᠶᠢᠯᠡᠪᠡᠷ ᠢᠶᠡᠨ ᠲᠠᠬᠢᠷᠠ ᠢᠷᠡᠭᠰᠡᠳ ᠠᠵᠤᠭᠤᠢ
7. Elinčüg-iye:n γiu-ši-yi tngri-dür tenggečegü:ljü 17b. 1. taqin ečige-yüge:n Vun ong qan-i 2. qarši-duriya:n tngri qan-luγ-a: tenggečegü:ljü neyi:te 3. taqiqui-a:ča ulam /....................................... / 4. /..................................../ dörben dalai-yi:n 5. dotuγu:n bükün qari-yi:n ejed tüšigdegsed 6. üyi:lebe:r-iye:n taqir-a iregsed ajuγu:i.
71
ᠡᠨᠡ ᠮᠡᠲᠦ ᠪᠣᠭᠳᠠ ᠰᠠᠶᠢᠳ ᠤᠨ ᠠᠭᠠᠯᠢ ᠠᠪᠤᠷᠢ ᠲᠠᠬᠢᠮᠳᠠᠭᠤ ᠠ ᠪᠣᠯᠬᠤᠢ ᠠᠴᠠ ᠳᠡᠭᠡᠷ᠎ᠡ ᠪᠠᠰᠠ ᠶᠠᠭᠤᠨ ᠵᠠ ᠠᠬᠤ
Ene 7. metü boγda sayi:d-un aγa:li aburi taqimdaγu: 18a. 1. bolqui-a:ča dege:r-e basa yaγu:n j-a aqu.
72
ᠲᠡᠭᠦᠪᠡᠷ ᠬᠦᠮᠦᠨ ᠡᠴᠢᠭᠡ ᠡᠬᠡ ᠳᠦᠷ ᠢᠶᠡᠨ ᠴᠢᠬᠤᠯᠠᠯᠠᠬᠤ ᠬᠡᠮᠡᠪᠡᠰᠦ ᠡᠪᠦᠳᠦᠭᠴᠡᠭᠡ ᠨᠢᠯᠬ᠎ᠠ ᠥᠴᠦᠬᠡᠨ ᠡᠴᠡ ᠪᠣᠯᠤᠶᠤ
2. /................../ Tegü:be:r kümü:n ečige eke-dür-iye:n 3. čiqulalaqu keme:be:sü ebüdügčege: nilqa öčü:ken-e:če 4. boluyu.
73
ᠡᠴᠢᠭᠡ ᠡᠬᠡ ᠶᠦᠭᠡᠨ ᠲᠡᠵᠢᠭᠡᠨ ᠲᠠᠪᠢᠭᠯᠠᠬᠤ ᠬᠠᠲᠠᠭᠤᠵᠢᠯ ᠢᠨᠤ ᠥᠳᠦᠷ ᠥᠳᠦᠷ ᠡᠴᠡ ᠥᠪᠡᠰᠦᠨ ᠨᠡᠮᠡᠭᠳᠡᠶᠦ
/................../ Ečige eke-yüge:n tejige:n 5. tabiγlaqu qataγu:jil inu ödür ödür-e:če öbe:sün 6. nemegdeyü.
74
ᠪᠣᠭᠳᠠ ᠰᠠᠶᠢᠳ ᠬᠠᠲᠠᠭᠤᠵᠢᠯ ᠠᠴᠠ ᠤᠯᠠᠮ ᠬᠦᠨᠳᠦᠯᠡᠮᠲᠡᠭᠦ ᠪᠣᠯᠬᠤ ᠶᠢ ᠪ ᠰᠤᠷᠭᠠᠨ ᠴᠢᠬᠤᠯᠠᠯᠠᠬᠤᠢ ᠠᠴᠠ ᠤᠯᠠᠮ ᠴᠢᠩ ᠦᠨᠡᠨ ᠢᠶᠡᠷ ᠲᠠᠭᠠᠯᠠᠬᠤ ᠶᠢ ᠰᠤᠷᠭᠠᠨ ᠠᠵᠤᠭᠤᠢ
/..................................../ Boγda 7. sayi:d qataγu:jil-a:ča ulam kündülemtegü: bolqu-yi 18b. 1. surγan čiqulalaqui-a:ča ulam čing ünen-iye:r 2. taγa:laqu-yi surγan ajuγu:i.
75
ᠪᠣᠭᠳᠠ ᠰᠠᠶᠢᠳ ᠤᠨ ᠰᠥᠶᠦᠯ ᠰᠤᠷᠭᠠᠯ ᠢ ᠡᠰᠡ ᠪᠡᠷ ᠵᠠᠷᠴᠢᠮᠯᠠᠪᠠᠰᠤ ᠥᠪᠡᠰᠦᠨ ᠪᠦᠲᠦᠮᠵᠢ ᠪᠣᠯᠤᠶᠤ
/...................../ 3. /......................................./ Boγda sayi:d-un 4. söyül surγa:l-i es-e ber jarčimlaba:su öbe:sün 5. bütümji boluyu.
76
ᠤᠯᠤᠰ ᠤᠨ ᠦᠶᠢᠯᠡ ᠶᠢ ᠬᠠᠲᠠᠭᠤᠳᠠ ᠡᠰᠡ ᠢᠷᠭᠤᠢᠯᠠᠪᠠᠰᠤ ᠥᠪᠡᠰᠦᠨ ᠲᠥᠪᠱᠢᠭᠡᠷᠢᠳᠦᠶᠦ
Ulus-un üyi:le-yi qataγu:da es-e 6. irγuilaba:su öbe:sün töbšigeridüyü.
77
ᠱᠢᠯᠲᠠᠭᠠᠨ ᠠᠨᠤ ᠶᠠᠭᠤᠨ ᠬᠡᠮᠡᠪᠡᠰᠦ ᠲᠥᠪ ᠤᠵᠠᠭᠤᠷ ᠲᠠᠬᠢᠮᠳᠠᠭᠤ ᠪᠣᠯᠬᠤᠢ ᠠᠴᠠ ᠠ ᠤᠯᠠᠮ ᠪᠣᠯᠵᠤᠭᠤᠢ
Šiltaγa:n anu 7. yaγu:n keme:be:sü töb ujaγu:r taqimdaγu: bolqui-a:ča 19a. 1. ulam boljuγu:i.
78
ᠡᠴᠢᠭᠡ ᠬᠥᠪᠡᠭᠦᠨ ᠢ ᠲᠠᠭᠠᠯᠠᠬᠤ ᠠᠪᠤᠷᠢ ᠬᠡᠮᠡᠪᠡᠰᠦ ᠲᠩᠷᠢ ᠶᠢᠨ ᠵᠠᠶᠠᠭᠠᠪᠠᠷ ᠪᠤᠶᠤ
/.................................... / Ečige 2. köbegü:n-i taγa:laqu aburi keme:be:sü tngri-yi:n 3. jayaγa:ba:r buyu.
79
ᠬᠠᠨ ᠬᠠᠷᠠᠴᠤ ᠶᠢᠨ ᠨᠠᠶᠢᠷᠠᠮᠳᠠᠭᠤ ᠲᠥᠷᠦ ᠲᠡᠭᠦᠨᠡᠴᠡ ᠤᠯᠠᠮ ᠪᠣᠯᠤᠶᠤ
Qan qaraču-yi:n nayi:ramdaγu: törü 4. tegü:ne:če ulam boluyu.
80
ᠡᠴᠢᠭᠡ ᠡᠬᠡ ᠲᠥᠷᠦᠭᠦᠯᠦᠷ ᠦᠨ
/................................./ 5. /............/ Ečige eke törügü:lür-ün.
82
ᠬᠠᠨ ᠮᠡᠲᠦ ᠡᠴᠢᠭᠡ ᠳᠡᠭᠡᠨ ᠳᠠᠷᠤᠭ᠎ᠠ ᠠᠰᠠᠷᠠᠭᠳᠠᠭᠰᠠᠨ ᠠᠴᠢ ᠳᠠᠴᠠ ᠬᠦᠨᠳᠦ ᠪ ᠦᠭᠡᠢ
Qan metü ečige- 7. dege:n daruγ-a asaraγdaγsan ači-dača kündü 19b. 1. ügei.
83
ᠡᠴᠢᠭᠡ ᠡᠬᠡ ᠳᠦᠷ ᠢᠶᠡᠨ ᠦᠯᠦ ᠴᠢᠬᠤᠯᠠᠯᠠᠨ ᠵᠠᠳ ᠬᠦᠮᠦᠨ ᠳᠦᠷ ᠴᠢᠬᠤᠯᠠᠯᠠᠪᠠᠰᠤ ᠠᠭᠠᠯᠢ ᠠᠪᠤᠷᠢ ᠳᠤᠷ ᠵᠣᠴᠢᠨ ᠬᠡᠮᠡᠭᠳᠡᠶᠦ
/.................................................../ 2. /.........................../ Ečige eke-dür-iye:n 3. ülü čiqulalan jad kümü:n-dür čiqulalaba:su 4. aγa:li aburi-dur jočin keme:gdeyü.
84
ᠡᠴᠢᠭᠡ ᠡᠬᠡ ᠶᠦᠭᠡᠨ ᠦᠯᠦ ᠬᠦᠨᠳᠦᠯᠡᠨ ᠵᠠᠳ ᠬᠦᠮᠦᠨ ᠢ ᠬᠦᠨᠳᠦᠯᠡᠪᠡᠰᠦ ᠲᠥᠷᠦ ᠳᠦᠷ ᠵᠣᠴᠢᠨ ᠬᠡᠮᠡᠭᠳᠡᠶᠦ
Ečige eke- 5. yüge:n ülü kündülen jad kümü:n-i kündülebe:sü 6. törü-dür jočin keme:gdeyü.
85
ᠬᠦᠨᠳᠦᠯᠡᠭᠳᠡᠬᠦ ᠶᠢ ᠬᠥᠩᠭᠡᠯᠡᠨ ᠬᠥᠩᠭᠡᠯᠡᠭᠳᠡᠬᠦ ᠶᠢ ᠵᠢᠴᠢ ᠬᠦᠨᠳᠦᠯᠡᠪᠡᠰᠦ ᠠ ᠢᠷᠭᠡᠨ᠎ᠡ ᠪᠠᠷᠢᠮᠲᠠᠯᠠᠭᠳᠠᠬᠤ ᠦᠯᠢᠭᠡᠷ ᠦᠭᠡᠢ ᠪᠣᠯᠤ ᠰᠠᠶᠢᠨ ᠳᠤᠷ ᠦᠯᠦ ᠵᠣᠷᠢᠨ ᠴᠥᠮ ᠠᠳᠠ ᠲᠤ ᠲᠦᠯᠢᠭᠡ ᠲᠦ ᠦᠶᠢᠯᠡ ᠡᠭᠦᠰᠬᠡᠭᠴᠢᠳ ᠲᠡᠶᠢᠮᠦᠨ ᠠᠷᠠᠳ ᠬᠡᠳᠦᠨ ᠪᠡᠷ ᠨᠣᠶᠠᠯᠠᠬᠤ ᠨᠡᠷ᠎ᠡ ᠣᠯᠪᠠᠰᠤ ᠱᠢᠯᠢᠭᠤ ᠰᠠᠶᠢᠳ ᠲᠠ ᠦᠯᠦ ᠳᠡᠭᠡᠵᠢᠯᠡᠭᠳᠡᠶᠦ
/......................../ 7. Kündülegdekü-yi könggelen könggelegdekü-yi jiči kündülebe:sü 20a. 1. irgen-e barimtalaγdaqu üliger ügei bolu /........./ 2. /........................................../ Sayi:n-dur 3. ülü jorin čöm ada-tu tülige-tü üyi:le 4. egü:skegčid teyi:mün arad kedün ber noyalaqu 5. ner-e olba:su šiliγu: sayi:d-ta ülü 6. dege:jilegdeyü.
86
ᠱᠢᠯᠢᠭᠤ ᠰᠠᠶᠢᠳ ᠵᠢᠴᠢ ᠲᠡᠶᠢᠨ ᠪᠤᠰᠤ ᠦᠭᠡ ᠶᠢ ᠣᠨᠤᠵᠤ ᠥᠭᠦᠯᠡᠭᠳᠡᠬᠦ ᠪ ᠣᠯᠠᠨ᠎ᠠ ᠪᠠᠶᠠᠰᠬᠠᠬᠤ ᠦᠶᠢᠯᠡᠰ ᠢ ᠰᠡᠳᠡᠵᠦ ᠶᠠᠪᠤᠭᠤᠯᠳᠠᠬᠤ ᠠᠭᠠᠯᠢ ᠠᠪᠤᠷᠢ ᠨᠠᠶᠢᠷᠠᠮᠲᠠᠭᠤ ᠬᠣᠶᠠᠷ ᠢ ᠬᠦᠨᠳᠦᠯᠡᠭᠳᠡᠬᠦ
/.............../ Šiliγu: sayi:d jiči teyi:n 7. busu /............/ üge-yi onuju ögülegdekü /............/ 20b. 1. Olan-a bayasqaqu üyi:les-i sedejü yabuγu:ldaqu /....../ 2. /....../ aγa:li aburi nayi:ramtaγu: qoyar-i kündülegdekü.
87
ᠦᠶᠢᠯᠡᠳᠦᠭᠰᠡᠨ ᠦᠶᠢᠯᠡ ᠶᠢ ᠳᠦᠷᠢ ᠳᠦᠷᠰᠦ ᠪᠣᠯᠭᠠᠭᠳᠠᠬᠤ ᠲᠥᠷᠦ ᠠᠪᠤᠷᠢ ᠶᠢ ᠱᠢᠨᠵᠢᠯᠡᠭᠳᠡᠬᠦ ᠬᠦᠨᠳᠦᠯᠡᠬᠦ ᠠᠪᠤᠷᠢ ᠶᠢ ᠬᠦᠮᠦᠨ ᠡᠴᠡ ᠦᠯᠢᠭᠡᠷᠯᠡᠭᠳᠡᠬᠦ
/....../ 3. /....../ Üyi:ledügsen üyi:le-yi düri dürsü 4. bolγaγdaqu /............/ törü aburi-yi [š]injilegdekü /....../ 5. /....../ kündülekü aburi-yi kümü:n-e:če üligerlegdekü.
88
ᠡᠳᠡᠭᠡᠷ ᠦᠶᠢᠯᠡᠰ ᠢ ᠢᠷᠭᠡᠨ ᠢ ᠵᠠᠰᠠᠪᠠᠰᠤ ᠢᠷᠭᠡᠨ ᠣᠷᠭᠠᠨ ᠴᠣᠭ ᠵᠠᠯᠢ ᠳᠠᠴᠠ ᠠᠶᠤᠵᠤ ᠠ ᠠᠭᠠᠯᠢ ᠠᠪᠤᠷᠢ ᠶᠢ ᠢᠨᠤ ᠲᠠᠭᠠᠯᠠᠶᠤ
6. /................................./ Edege:r üyi:les-i irgen-i 7. jasaba:su irgen orγan čoγ jali-dača ayuju 21a. 1. aγa:li aburi-yi inu taγa:layu.
90
ᠲᠡᠭᠦᠪᠡᠷ ᠠᠭᠠᠯᠢ ᠠᠪᠤᠷᠢ ᠪᠠᠨ ᠰᠥᠶᠦᠯ ᠰᠤᠷᠭᠠᠯ ᠢ ᠪᠦᠲᠦᠭᠡᠭᠡᠳ ᠤᠯᠤᠰ ᠤᠨ ᠦᠶᠢᠯᠡ ᠶᠢ ᠪᠠ ᠲᠤᠩᠭᠠᠭᠠᠨ ᠴᠢᠳᠠᠶᠤ
/................................. / Tegü:be:r aγa:li 3. aburi-ba:n söyül surγa:l-i bütüge:ge:d ulus-un 4. üyi:le-yi ba tungγaγa:n čidayu.
91
ᠮᠠᠤᠱᠢ ᠪᠢᠴᠢᠭ ᠲᠦᠷ ᠱᠢᠯᠢᠭᠤ ᠰᠠᠶᠢᠳ ᠠᠷᠠᠨ ᠲᠥᠷᠦ ᠶᠣᠰᠤᠪᠠᠨ ᠬᠠᠮᠢᠭ᠎ᠠ ᠡᠨᠳᠡᠭᠦᠯᠬᠦ ᠬᠡᠮᠡᠵᠦᠭᠦ
/................../ 5. /............/ Mauši bičig-tür šiliγu: sayi:d aran 6. törü yosuba:n qamiγ-a: endegü:lkü keme:jügü:.
92
ᠪ ᠲᠠᠬᠢᠮᠳᠠᠭᠤ ᠶᠠᠪᠤᠳᠠᠯ ᠢ ᠪᠡᠯᠭᠡᠳᠡᠬᠦ ᠠᠷᠪᠠᠳᠤᠭᠠᠷ ᠪᠥᠯᠥᠭ
7. /................../ 21b. 1. Taqimdaγu: yabudal-i belgedekü arbaduγa:r bölög.
93
ᠬᠤᠩᠸᠤᠱᠢ ᠥᠭᠦᠯᠡᠷ ᠦᠨ ᠲᠠᠬᠢᠮᠳᠠᠭᠤ ᠬᠥᠪᠡᠭᠦᠨ ᠡᠴᠢᠭᠡ ᠡᠬᠡ ᠶᠦᠭᠡᠨ ᠲᠠᠪᠢᠭᠯᠠᠷ ᠤᠨ ᠨᠠᠰᠤ ᠠᠬᠤᠢ ᠳᠤᠷ ᠬᠦᠨᠳᠦᠯᠡᠮᠲᠡᠭᠦ ᠰᠡᠳᠬᠢᠯ ᠢᠶᠡᠨ ᠡᠷᠬᠢᠯᠡᠭᠳᠡᠬᠦ ᠲᠡᠵᠢᠭᠡᠨ ᠲᠠᠪᠢᠭᠯᠠᠷ ᠤᠨ
2. /....../ Kungvuši ögüler-ün /................../ taqimdaγu: 3. köbegü:n ečige eke-yüge:n tabiγlar-un /....../ 4. /........./ nasu aqui-dur kündülemtegü: sedkil-iye:n 5. erkilegdekü /................../ tejige:n tabiγlar-un.
95
ᠳᠠᠭᠤᠯᠢᠳᠪᠠᠰᠤ ᠰᠡᠳᠬᠢᠯ ᠲᠦ ᠪᠣᠯᠵᠤ ᠡᠷᠦᠬᠦᠢᠪᠡᠨ ᠡᠷᠬᠢᠯᠡᠭᠳᠡᠬᠦᠢ ᠠ ᠦᠭᠡᠢ ᠪᠣᠯᠪᠠᠰᠤ ᠭᠠᠰᠠᠯᠬᠤᠢ ᠪᠠᠨ ᠡᠷᠬᠢᠯᠡᠭᠳᠡᠬᠦ ᠲᠠᠬᠢᠯ ᠲᠠᠬᠢᠷᠤᠨ ᠬᠠᠲᠠᠭᠤᠵᠢᠵᠤ ᠵᠠᠷᠴᠢᠮᠯᠠᠬᠤᠢᠪᠠᠨ ᠡᠷᠬᠢᠯᠡᠭᠳᠡᠬᠦ
/.............../ Daγu:lidba:su 7. sedkil-tü bolju erüküibe:n erkilegdeküi /.............../ 22a. 1. Ügei bolba:su γasalqui-ba:n erkilegdekü /.............../ 2. Taqil taqirun qataγu:jiju jarčimlaquiba:n erkilegdekü.
96
ᠡᠳᠡ ᠲᠠᠪᠤᠨ ᠵᠦᠶᠢᠯ ᠢ ᠲᠡᠭᠦᠰᠬᠡᠵᠦ ᠶᠠᠪᠤᠨ ᠴᠢᠳᠠᠪᠠᠰᠤ ᠲᠡᠨᠳᠡᠴᠡ ᠰᠠᠶᠢ ᠡᠴᠢᠭᠡ ᠡᠬᠡ ᠳᠡᠭᠡᠨ ᠲᠠᠪᠢᠭᠯᠠᠨ ᠴᠢᠳᠠᠭᠴᠢ ᠬᠡᠮᠡᠭᠳᠡᠶᠦ
3. /.........................../ Ede tabun jüyi:l-i 4. tegüskejü yabun čidaba:su tendeče sayi: ečige eke- 5. dege:n tabiγlan čidaγči keme:gdeyü.
97
ᠡᠴᠢᠭᠡ ᠡᠬᠡ ᠳᠦᠷ ᠲᠠᠪᠢᠭᠯᠠᠬᠤ ᠬᠦᠮᠦᠨ ᠪᠦᠷᠢᠨ ᠡᠴᠡ ᠳᠡᠭᠡᠷ᠎ᠡ ᠪᠣᠯᠪᠠᠰᠤ ᠡᠷᠬᠡᠪᠡᠨ ᠦᠯᠦ ᠵᠢᠭᠠᠭᠳᠠᠬᠤᠢ
/........./ Ečige 6. eke-dür tabiγlaqu kümü:n /............/ bürin- 7. e:če dege:r-e bolba:su erkebe:n ülü jiγa:γdaqui.
98
ᠪ ᠪᠦᠷᠢᠨ ᠡᠴᠡ ᠳᠣᠤᠷ᠎ᠠ ᠪᠣᠯᠪᠠᠰᠤ ᠰᠠᠮᠠᠭᠤ ᠦᠶᠢᠯᠡ ᠦᠯᠦ ᠡᠭᠦᠰᠬᠡᠭᠳᠡᠬᠦᠢ
22b. 1. /............/ Bürin-e:če dour-a bolba:su samaγu: 2. üyi:le ülü egü:skegdeküi.
99
ᠣᠯᠠᠨ ᠮᠠᠭᠤᠨ ᠯᠤᠭ᠎ᠠ ᠶᠠᠪᠤᠪᠠᠰᠤ ᠦᠯᠦ ᠪᠥᠭᠡᠳ ᠲᠡᠮᠡᠴᠡᠯᠳᠦᠭᠳᠡᠬᠦᠢ
/............/ Olan maγu:n- 3. luγ-a: yabuba:su ülü böge:d temečeldügdeküi.
100
ᠳᠡᠭᠡᠷ᠎ᠡ ᠪᠣᠯᠵᠤ ᠡᠷᠬᠡᠪᠡᠨ ᠵᠢᠭᠠᠪᠠᠰᠤ ᠪᠦᠷᠡᠯᠦᠶᠦ
/....../ 4. /............/ Dege:r-e bolju erkebe:n jiγa:ba:su 5. bürelüyü.
101
ᠳᠣᠤᠷ᠎ᠠ ᠪᠣᠯᠵᠤ ᠰᠠᠮᠠᠭᠤ ᠦᠶᠢᠯᠡ ᠡᠭᠦᠰᠬᠡᠪᠡᠰᠦ ᠠᠯᠳᠠᠯ ᠳᠤᠷ ᠣᠷᠤᠶᠤ
/................../ Dour-a bolju samaγu: 6. üyi:le egü:skebe:sü aldal-dur oruyu.
102
ᠣᠯᠠᠨ ᠮᠠᠭᠤᠨ ᠯᠤᠭ᠎ᠠ ᠪᠣᠯᠵᠤ ᠲᠡᠮᠡᠴᠡᠪᠡᠰᠦ ᠪᠡᠷᠲᠡᠶᠦ
/............/ 7. Olan maγu:n-luγ-a: bolju temečebe:sü berteyü.
103
ᠠ ᠡᠳᠡ ᠭᠤᠷᠪᠠᠨ ᠵᠦᠶᠢᠯ ᠢ ᠦᠯᠦ ᠲᠠᠯᠪᠢᠨ ᠥᠳᠦᠷ ᠲᠦᠷ ᠭᠤᠷᠪᠠᠨ ᠬᠣᠱᠢᠭᠤᠨ ᠠᠳᠤᠭᠤᠰᠤᠨ ᠤ ᠮᠢᠬᠠᠪᠠᠷ ᠲᠠᠪᠢᠭᠯᠠᠪᠠᠰᠤ ᠪᠡᠷ ᠠᠴᠢ ᠦᠭᠡᠢ ᠲᠠᠬᠢᠮᠳᠠᠭᠤ ᠬᠡᠮᠡᠭᠳᠡᠶᠦ ᠬᠡᠮᠡᠵᠦᠭᠦ
23a. 1. /................................................/ Ede 2. γurban jüyi:l-i ülü talbin ödür-tür γurban 3. qošiγu:n aduγu:sun-u miqaba:r tabiγlaba:su ber ači 4. ügei taqimdaγu: keme:gdeyü keme:jügü:.
104
ᠲᠠᠪᠤᠨ ᠵᠦᠶᠢᠯ ᠡᠷᠡᠭᠦᠯᠡᠬᠦ ᠵᠠᠰᠠᠭ ᠢ ᠥᠭᠦᠯᠡᠬᠦ ᠠᠷᠪᠠᠨ ᠨᠢᠭᠡᠳᠦᠭᠡᠷ ᠪᠥᠯᠥᠭ
5. /................../ 6. Tabun jüyi:l eregü:lekü jasaγ-i ögülekü arban 7. nigedüge:r bölög.
105
ᠪ ᠬᠤᠩᠸᠤᠱᠢ ᠥᠭᠦᠯᠡᠷ ᠦᠨ ᠲᠠᠪᠤᠨ ᠵᠦᠶᠢᠯ ᠡᠷᠡᠭᠦᠯᠡᠬᠦ ᠵᠠᠰᠠᠭ ᠠᠴᠠ ᠶᠡᠷᠦ ᠵᠠᠩᠭᠢ ᠢᠨᠤ ᠭᠤᠷᠪᠠᠨ ᠮᠢᠩᠭᠠᠨ ᠪᠤᠶᠤ
23b. 1. /....../ Kungvuši ögüler-ün /......................../ 2. /............/ tabun jüyi:l eregü:lekü jasaγ-a:ča yerü 3. janggi inu γurban mingγan buyu.
107
ᠬᠠᠨ ᠬᠦᠮᠦᠨ ᠢ ᠱᠢᠬᠠᠨ ᠠᠪᠤᠷᠢᠯᠠᠪᠠᠰᠤ ᠳᠡᠭᠡᠳᠦᠰ ᠢᠶᠡᠨ ᠦᠭᠡᠢ᠎ᠡ ᠲᠣᠭᠠᠭᠰᠠᠨ ᠳᠤᠷ ᠠᠳᠠᠯᠢ
/.............../ Qan 5. kümü:n-i šiqan aburilaba:su dege:düs-iye:n ügei-e 6. toγa:γsan-dur adali.
108
ᠪᠣᠭᠳᠠ ᠰᠠᠶᠢᠳ ᠢ ᠪᠤᠷᠤᠭᠤᠱᠢᠶᠠᠪᠠᠰᠤ ᠵᠠᠰᠠᠭ ᠲᠥᠷᠦ ᠶᠢ ᠦᠭᠡᠢ᠎ᠡ ᠠ ᠲᠣᠭᠠᠭᠰᠠᠨ ᠳᠤᠷ ᠠᠳᠠᠯᠢ
/...................../ Boγda 7. sayi:d-i buruγu:šiya:ba:su jasaγ törü-yi ügei-e 24a. 1. toγa:γsan-dur adali.
109
ᠲᠠᠬᠢᠮᠳᠠᠭᠤ ᠲᠥᠷᠦ ᠶᠢ ᠪᠤᠷᠤᠱᠢᠶᠠᠪᠠᠰᠤ ᠡᠴᠢᠭᠡ ᠡᠬᠡ ᠶᠦᠭᠡᠨ ᠶᠠᠭᠤᠨ᠎ᠠ ᠪᠠ ᠡᠰᠡ ᠲᠣᠭᠠᠭᠰᠠᠨ ᠳᠤᠷ ᠠᠳᠠᠯᠢ
/.............../ Taqimdaγu: törü- 2. yi buru:šiya:ba:su ečige eke-yüge:n yaγu:n-a ba 3. es-e toγa:γsan-dur adali.
110
ᠡᠳᠡ ᠬᠡᠮᠡᠪᠡᠰᠦ ᠪᠤᠷᠴᠢᠬᠤ ᠪᠤᠳᠤᠯᠢᠬᠤ ᠶᠡᠬᠡ ᠰᠠᠮᠠᠭᠤ ᠪᠣᠯᠤᠢ ᠬᠡᠮᠡᠵᠦᠭᠦ
/................../ Ede 4. keme:be:sü burčiqu buduliqu yeke samaγu: bolui keme:jügü:.
111
ᠡᠷᠬᠢᠨ ᠭᠠᠳᠠᠭᠠᠳᠤ ᠲᠥᠷᠦ ᠶᠢ ᠠᠭᠤᠳᠬᠠᠬᠤ ᠠᠷᠪᠠᠨ ᠬᠣᠶᠠᠳᠤᠭᠠᠷ ᠪᠥᠯᠥᠭ
5. /...................../ 6. Erkin γadaγa:du törü-yi aγu:dqaqu arban 7. qoyaduγa:r bölög.
112
ᠪ ᠬᠤᠩᠸᠤᠱᠢ ᠥᠭᠦᠯᠡᠷ ᠦᠨ ᠢᠷᠭᠡᠨ ᠣᠷᠭᠠᠨᠠ ᠡᠴᠢᠭᠡ ᠡᠬᠡ ᠳᠦᠷ ᠢᠶᠡᠨ ᠴᠢᠬᠤᠯᠠᠯᠠᠬᠤ ᠲᠠᠭᠠᠯᠠᠬᠤ ᠶᠢ ᠰᠤᠷᠭᠠᠪᠠᠰᠤ ᠲᠠᠬᠢᠮᠳᠠᠭᠤ ᠪᠣᠯᠬᠤᠢ ᠠᠴᠠ ᠰᠠᠶᠢᠨ ᠦᠭᠡᠢ
24b. 1. /....../ Kungvuši ögüler-ün /.........................../ 2. irgen orγan-a ečige eke-dür-iye:n 3. čiqulalaqu taγa:laqu-yi surγaba:su taqimdaγu: bolqui-a:ča 4. sayi:n ügei.
113
ᠢᠷᠭᠡᠨ ᠣᠷᠭᠠᠨᠠ ᠲᠥᠷᠦᠯᠡᠯᠳᠦᠬᠦ ᠨᠠᠶᠢᠷᠠᠯᠳᠤᠬᠤ ᠶᠢ ᠰᠤᠷᠭᠠᠪᠠᠰᠤ ᠠᠬ᠎ᠠ ᠨᠠᠷ ᠶᠡᠬᠡᠰ ᠲᠡᠭᠡᠨ ᠵᠣᠬᠢᠯᠳᠤᠬᠤᠢ ᠠᠴᠠ ᠰᠠᠶᠢᠨ ᠦᠭᠡᠢ
/......................../ Irgen orγan-a 5. törüleldükü nayi:ralduqu-yi surγaba:su aq-a nar yekes- 6. tege:n joqilduqui-a:ča sayi:n ügei.
114
ᠢᠷᠭᠡᠨ ᠦ ᠲᠥᠷᠦ ᠠᠪᠤᠷᠢ ᠶᠢ ᠵᠠᠯᠠᠵᠤ ᠰᠠᠶᠢᠨ ᠠ ᠳᠤᠷ ᠵᠣᠷᠢᠭᠤᠯᠪᠠᠰᠤ ᠰᠡᠳᠬᠢᠯ ᠠᠨᠤ ᠬᠥᠬᠢᠶᠡᠬᠦᠢᠡ ᠡᠷᠲᠡᠨ ᠦ ᠬᠥᠭ ᠡᠴᠡ ᠰᠠᠶᠢᠨ ᠦᠭᠡᠢ
/.............../ 7. /............/ Irgen-ü törü aburi-yi jalaju sayi:n- 25a. 1. dur joriγu:lba:su sedkil anu kökiye:küi-e erten-ü 2. kög-e:če sayi:n ügei.
115
ᠳᠡᠭᠡᠳᠦᠰ ᠢ ᠠᠮᠤᠭᠤᠯᠰᠤ ᠢᠷᠭᠡᠨ ᠢ ᠵᠠᠰᠠᠰᠤ ᠬᠡᠮᠡᠪᠡᠰᠦ ᠲᠥᠷᠦᠪᠡᠷ ᠶᠠᠪᠤᠬᠤᠢ ᠠᠴᠠ ᠰᠠᠶᠢᠨ ᠦᠭᠡᠢ
/......................../ 3. Dege:düs-i: amuγu:lsu irgen-i jasasu keme:be:sü 4. törübe:r yabuqui-a:ča sayi:n ügei.
116
ᠲᠥᠷᠦ ᠬᠡᠮᠡᠪᠡᠰᠦ ᠡᠷᠬᠢᠨ ᠬᠦᠨᠳᠦᠯᠡᠬᠦᠢ ᠪᠡᠷ ᠪᠦᠶᠦ
/.............../ 5. /.../ Törü keme:be:sü erkin kündüleküi be:r büyü.
117
ᠲᠡᠭᠦᠪᠡᠷ ᠡᠴᠢᠭᠡ ᠶᠢ ᠢᠨᠦ ᠬᠦᠨᠳᠦᠯᠡᠪᠡᠰᠦ ᠬᠥᠪᠡᠭᠦᠨ ᠢᠨᠦ ᠪᠠᠶᠠᠰᠤᠶᠤ
/....../ 6. /............/ Tegü:be:r ečige-yi inü kündülebe:sü köbegü:n 7. inü bayasuyu.
118
ᠠᠬ ᠠ ᠶᠢ ᠢᠨᠤ ᠪ ᠬᠦᠨᠳᠦᠯᠡᠪᠡᠰᠦ ᠳᠡᠭᠦ ᠢᠨᠦ ᠪᠠᠶᠠᠰᠤᠶᠤ
/................../ Aq-a-yi inu 25b. 1. kündülebe:sü degü: inü bayasuyu.
119
ᠬᠠᠨ ᠢ ᠢᠨᠤ ᠬᠦᠨᠳᠦᠯᠡᠪᠡᠰᠦ ᠲᠦᠱᠢᠮᠡᠯ ᠢᠨᠦ ᠪᠠᠶᠠᠰᠤᠶᠤ
/................../ Qan-i 2. inu kündülebe:sü tüšimel inü bayasuyu.
120
ᠭᠠᠭᠴᠠ ᠬᠦᠮᠦᠨ ᠢ ᠬᠦᠨᠳᠦᠯᠡᠪᠡᠰᠦ ᠮᠢᠩᠭᠠᠨ ᠲᠦᠮᠡᠨ ᠬᠦᠮᠦᠨ ᠪᠠᠶᠠᠰᠤᠶᠤ
/........./ 3. /........./ γaγča kümü:n-i kündülebe:sü mingγan 4. tümen kümü:n bayasuyu.
121
ᠬᠦᠨᠳᠦᠯᠡᠭᠳᠡᠬᠦ ᠠᠨᠤ ᠴᠥᠭᠡᠨ ᠪᠥᠭᠡᠲᠡᠯ᠎ᠡ ᠪᠠᠶᠠᠰᠤᠯᠴᠠᠬᠤᠨ ᠠᠨᠤ ᠣᠯᠠᠨ ᠪᠣᠯᠤᠭᠰᠠᠪᠠᠷ ᠬᠡᠮᠡᠪᠡᠰᠦ ᠡᠨᠡ ᠪᠥᠭᠡᠳ ᠡᠷᠬᠢᠨ ᠭᠠᠳᠠᠭᠠᠳᠤ ᠲᠥᠷᠦ ᠪᠦᠶᠦ ᠬᠡᠮᠡᠵᠦᠭᠦ
/............................../ 5. /................../ Kündülegdekü anu čöge:n böge:tele 6. bayasulčaqun anu olan boluγsaba:r keme:be:sü ene 7. böge:d erkin γadaγa:du törü büyü keme:jügü:.
122
ᠠ ᠠᠩᠬᠠᠨ ᠤ ᠰᠠᠶᠢᠨ ᠠᠭᠠᠯᠢ ᠠᠪᠤᠷᠢᠪᠠᠨ ᠠᠭᠤᠳᠬᠠᠬᠤ ᠠᠷᠪᠠᠨ ᠭᠤᠷᠪᠠᠳᠤᠭᠠᠷ ᠪᠥᠯᠥᠭ
26a. 1. /...................../ 2. Angqan-u sayi:n aγa:li aburiba:n aγu:dqaqu 3. arban γurbaduγa:r bölög.
123
ᠬᠤᠩᠸᠤᠱᠢ ᠥᠭᠦᠯᠡᠷ ᠦᠨ ᠱᠢᠯᠢᠭᠤ ᠰᠠᠶᠢᠳ ᠤᠨ ᠰᠥᠶᠦᠯ ᠰᠤᠷᠭᠠᠯ ᠬᠡᠮᠡᠪᠡᠰᠦ ᠲᠠᠬᠢᠮᠳᠠᠭᠤ ᠪᠣᠯᠤ ᠬᠡᠶᠢᠳ ᠳᠤᠲᠤᠮ ᠳᠤᠷ ᠬᠦᠷᠴᠦ ᠥᠳᠦᠷ ᠪᠦᠷᠢ ᠦᠵᠡᠯᠳᠦᠵᠦ ᠰᠤᠷᠭᠠᠵᠤ ᠥᠭᠬᠦ ᠪᠤᠰᠤ ᠪᠤᠢ
4. /....../ Kungvuši ögüler-ün /...................../ šiliγu: 5. sayi:d-un söyül surγa:l keme:be:sü taqimdaγu: bolu 6. /...................../ keyi:d dutum-dur kürčü 7. ödür büri üjeldüjü surγaju ögkü busu bui.
124
ᠪ ᠲᠠᠬᠢᠮᠳᠠᠭᠤ ᠪᠣᠯᠬᠤ ᠶᠢ ᠰᠤᠷᠭᠠᠪᠠᠰᠤ ᠳᠡᠯᠡᠬᠡᠢ ᠳᠡᠭᠡᠷᠡᠬᠢ ᠬᠦᠮᠦᠨ ᠦ ᠡᠴᠢᠭᠡ ᠪᠣᠯᠤᠭᠴᠢᠨ ᠢ ᠬᠦᠨᠳᠦᠯᠡᠭᠦᠯᠬᠦ ᠶᠣᠰᠤᠨ ᠪᠣᠯᠤ ᠵᠣᠬᠢᠯᠳᠤᠬᠤ ᠶᠢ ᠰᠤᠷᠭᠠᠪᠠᠰᠤ ᠳᠡᠯᠡᠬᠡᠢ ᠳᠡᠭᠡᠷᠡᠬᠢ ᠬᠦᠮᠦᠨ ᠦ ᠠᠬ᠎ᠠ ᠪᠣᠯᠤᠭᠴᠢᠨ ᠢ ᠬᠦᠨᠳᠦᠯᠡᠭᠦᠯᠬᠦ ᠶᠣᠰᠤᠨ ᠪᠣᠯᠤ ᠲᠦᠱᠢᠮᠡᠯ ᠢ ᠰᠤᠷᠭᠠᠪᠠᠰᠤ ᠳᠡᠯᠡᠬᠡᠢ ᠳᠡᠭᠡᠷᠡᠬᠢ ᠬᠠᠨ ᠪᠣᠯᠤᠭᠴᠢᠨ ᠢ ᠬᠦᠨᠳᠦᠯᠡᠭᠦᠯᠬᠦ ᠠ ᠶᠣᠰᠤᠨ ᠪᠣᠯᠤ ᠮᠠᠤᠱᠢ ᠪᠢᠴᠢᠭ ᠲᠦᠷ ᠰᠤᠷᠭᠠᠭᠤᠯᠢᠪᠠᠷ ᠣᠳᠤᠵᠤ ᠵᠣᠬᠢᠷᠠᠭᠤᠯᠤᠨ ᠠᠮᠤᠭᠤᠯᠤᠭᠴᠢ ᠬᠠᠨ ᠬᠦᠮᠦᠨ ᠢᠷᠭᠡᠨ ᠦ ᠡᠴᠢᠭᠡ ᠡᠬᠡ ᠪᠣᠯᠤᠨ ᠴᠢᠳᠠᠶᠤ ᠬᠡᠮᠡᠵᠦᠭᠦ
/........./ 26b. 1. /..................................../ Taqimdaγu: bolqu-yi 2. surγaba:su delekei dege:reki kümü:n-ü ečige boluγčin-i 3. kündülegü:lkü yosun bolu /............................../ 4. /........./ joqilduqu-yi surγaba:su delekei dege:reki 5. kümü:n-ü aq-a boluγčin-i kündülegü:lkü yosun bolu 6. /..................................../ tüšimel-i 7. surγaba:su delekei dege:reki qan boluγčin-i kündülegü:lkü 27a. 1. yosun bolu /......................../ Mauši bičig- 2. tür surγaγu:liba:r oduju joqiraγu:lun amuγu:luγči 3. qan kümü:n irgen-ü ečige eke bolun 4. čidayu keme:jügü:.
125
ᠠᠩᠬᠠᠨ ᠤ ᠰᠠᠶᠢᠨ ᠠᠭᠠᠯᠢ ᠠᠪᠤᠷᠢ ᠳᠠᠴᠠ ᠠᠩᠭᠢᠳᠠ ᠠᠩᠭᠢᠳᠠ ᠡᠨᠡ ᠮᠡᠲᠦ ᠠᠭᠤᠢ ᠳᠡᠯᠭᠡᠷ ᠢᠶᠡᠷ ᠢᠷᠭᠡᠨ ᠦ ᠵᠣᠷᠢᠭ ᠳᠠᠭᠠᠨ ᠴᠢᠳᠠᠭᠴᠢ ᠬᠡᠨ ᠵᠡ ᠠᠬᠤ
/......................../ 5. Angqan-u sayi:n aγa:li aburi-dača angγida /= anggida/ 6. ene metü aγui delger-iye:r irgen-ü joriγ 7. daγan čidaγči ken j-e aqu.
126
ᠪ ᠨᠡᠷ᠎ᠡ ᠠᠯᠳᠠᠷ ᠢᠶᠠᠨ ᠠᠭᠤᠳᠠ ᠳᠡᠯᠭᠡᠷᠡᠭᠦᠯᠬᠦ ᠠᠷᠪᠠᠨ ᠳᠥᠷᠪᠡᠳᠦᠭᠡᠷ ᠳᠥᠷᠪᠡᠳᠤᠭᠠᠷ ᠪᠥᠯᠥᠭ
27b. 1. /...................../ 2. Ner-e aldar-iya:n aγu:da delgeregü:lkü arban 3. dörbedüge:r [= dörbeduγa:r] bölög.
127
ᠬᠤᠩᠸᠤᠱᠢ ᠥᠭᠦᠯᠡᠷ ᠦᠨ ᠱᠢᠯᠢᠭᠤᠨ ᠰᠠᠶᠢᠳ ᠡᠴᠢᠭᠡ ᠡᠬᠡ ᠳᠡᠭᠡᠨ ᠲᠠᠪᠢᠭᠯᠠᠬᠤ ᠲᠠᠬᠢᠮᠳᠠᠭᠤ ᠪᠣᠯᠬᠤ ᠶᠢᠨ ᠴᠢᠩ ᠦᠨᠡᠨ ᠰᠡᠳᠬᠢᠯ ᠢᠶᠡᠨ ᠠᠪᠴᠤ ᠬᠠᠨ ᠳᠠᠭᠠᠨ ᠬᠦᠴᠦ ᠥᠭᠲᠡᠬᠦ
4. /............................................./ Kungvuši 5. ögüler-ün šiliγu:n sayi:d ečige eke-dege:n 6. tabiγlaqu taqimdaγu: bolqu-yi:n čing ünen 7. sedkil-iye:n abču qan-daγa:n küčü ögtekü.
128
ᠠ ᠠᠬ ᠠ ᠳᠠᠭᠠᠨ ᠲᠠᠪᠢᠭᠯᠠᠬᠤ ᠵᠣᠬᠢᠮᠳᠠᠭᠤ ᠰᠡᠳᠬᠢᠯ ᠢᠶᠡᠨ ᠠᠪᠴᠤ ᠥᠪᠡᠷ ᠡᠴᠡ ᠶᠡᠬᠡᠰ ᠲᠦᠷ ᠨᠠᠶᠢᠷᠠᠯᠳᠤᠨ ᠬᠦᠨᠳᠦᠯᠡᠭᠳᠡᠬᠦ
/....../ 28a 1. /...................../ Aq-a-daγa:n tabiγlaqu joqimdaγu: 2. sedkil-iye:n abču öbe:r-e:če yekes-tür nayi:raldun 3. kündülegdekü.
129
ᠭᠡᠷ ᠢᠶᠡᠨ ᠵᠣᠬᠢᠶᠠᠨ ᠴᠢᠳᠠᠬᠤ ᠰᠡᠳᠬᠢᠯ ᠢᠶᠡᠨ ᠠᠪᠴᠤ ᠬᠠᠨᠯᠢᠭ ᠤᠨ ᠦᠶᠢᠯᠡ ᠶᠢ ᠵᠣᠬᠢᠶᠠᠨ ᠵᠠᠰᠠᠭᠳᠠᠬᠤ
/............................../ Ger-iye:n 4. joqiya:n čidaqu sedkil-iye:n abču qanliγ-un 5. üyi:le-yi joqiya:n jasaγdaqu.
130
ᠡᠳᠡ ᠶᠠᠪᠤᠳᠠᠯ ᠢᠶᠠᠨ ᠳᠣᠲᠤᠷᠠᠪᠠᠨ ᠣᠷᠣᠱᠢᠭᠤᠯᠵᠤ ᠶᠠᠪᠤᠨ ᠴᠢᠳᠠᠪᠠᠰᠤ ᠰᠠᠶᠢᠨ ᠨᠡᠷᠡᠪᠡᠨ ᠬᠣᠶᠢᠳᠤᠰ ᠪ ᠠ ᠠᠯᠳᠠᠷᠱᠢᠭᠤᠯᠤᠶᠤ ᠬᠡᠮᠡᠵᠦᠭᠦ
/......................../ 6. /...................../ Ede yabudal-iya:n doturaba:n 7. orošiγu:lju yabun čidaba:su sayi:n nerebe:n qoyi:dus- 28b. 1. a aldaršiγu:luyu keme:jügü:.
131
ᠢᠳᠬᠠᠨ ᠵᠠᠯᠠᠬᠤ ᠶᠢ ᠥᠭᠦᠯᠡᠬᠦ ᠠᠷᠪᠠᠨ ᠲᠠᠪᠳᠤᠭᠠᠷ ᠪᠥᠯᠥᠭ
2. /................../ 3. Idqan jalaqu-yi ögülekü arban tabduγa:r 4. bölög.
132
ᠱᠢᠩᠱᠢ ᠥᠭᠦᠯᠡᠷ ᠦᠨ ᠨᠢᠭᠦᠯᠡᠰᠬᠦᠢ ᠲᠠᠭᠠᠯᠠᠬᠤᠢ ᠬᠢᠴᠢᠶᠡᠬᠦᠢ ᠬᠦᠨᠳᠦᠯᠡᠬᠦᠢ ᠡᠴᠢᠭᠡ ᠡᠬᠡ ᠶᠢᠨ ᠰᠡᠳᠬᠢᠯ ᠢ ᠠᠮᠤᠭᠤᠯᠬᠤᠢ ᠰᠠᠶᠢᠨ ᠠ ᠨᠡᠷ ᠡ ᠶᠢ ᠠᠯᠳᠠᠷᠱᠢᠭᠤᠯᠬᠤᠢ ᠬᠢᠭᠡᠳ ᠰᠥᠶᠦᠯ ᠰᠤᠷᠭᠠᠯ ᠢ ᠰᠣᠨᠣᠰᠳᠠᠯᠤᠭᠠ
5. /........./ Šingši ögüler-ün /................................./ 6. /.............../ nigü:lesküi taγa:laqui kičiye:küi kündüleküi 7. ečige eke-yi:n sedkil-i amuγu:lqui sayi:n 29a. 1. ner-e-yi aldaršiγu:lqui ki:ge:d söyül surγa:l-i 2. sonosdaluγ-a:.
133
ᠬᠥᠪᠡᠭᠦᠳ ᠪᠣᠯᠤᠭᠴᠢ ᠡᠴᠢᠭᠡ ᠶᠢᠨ ᠦᠭᠡ ᠶᠢ ᠪᠤᠰᠤ ᠦᠯᠦ ᠪᠣᠯᠭᠠᠨ ᠳᠠᠭᠠᠨ ᠶᠠᠪᠤᠪᠠᠰᠤ ᠡᠨᠡ ᠮᠠᠭ᠎ᠠ ᠲᠠᠬᠢᠮᠳᠠᠭᠤ ᠬᠡᠮᠡᠭᠳᠡᠬᠦᠢ ᠬᠡᠮᠡᠨ ᠡᠮᠢᠶᠡᠭᠡᠳ ᠠᠰᠠᠭᠪᠠᠰᠤ ᠬᠤᠩᠱᠢ ᠥᠭᠦᠯᠡᠷ ᠦᠨ ᠡᠨᠡ ᠶᠠᠭᠤᠨ ᠦᠭᠡ ᠪᠣᠯᠤᠮᠤ ᠡᠨᠡ ᠶᠠᠭᠤᠨ ᠦᠭᠡ ᠪᠣᠯᠤᠮᠤ
/................................./ Köbegü:d 3. boluγči ečige-yi:n üge-yi busu ülü bolγan 4. daγan yabuba:su ene maγ-a taqimdaγu: keme:gdeküi 5. keme:n emiye:ge:d asaγba:su /............................../ 6. /.../ Kungši ögüler-ün ene yaγu:n üge bolumu 7. ene yaγu:n üge bolumu.
134
ᠪ ᠡᠷᠲᠡᠨ ᠦ ᠬᠠᠳ ᠤᠨ ᠳᠡᠷᠭᠡᠳᠡ ᠳᠣᠯᠤᠭᠠᠨ ᠵᠠᠯᠠᠨ ᠢᠳᠬᠠᠭᠴᠢᠨ ᠨᠣᠶᠠᠳ ᠪᠦᠬᠦ ᠶᠢᠨ ᠲᠤᠯᠠ ᠶᠣᠰᠤᠨ ᠠᠴᠠ ᠡᠲᠡᠭᠡᠳ ᠦᠶᠢᠯᠡᠳᠪᠡᠰᠦ ᠪᠡᠷ ᠳᠡᠯᠡᠬᠡᠢ ᠤᠯᠤᠰ ᠢᠶᠠᠨ ᠡᠰᠡ ᠠᠯᠳᠠᠵᠤᠭᠤ
/......................../ 29b. 1. /.........................../ Erten-ü qad-un 2. dergede doluγa:n jalan idqaγčin noyad 3. bükü-yi:n tula yosun-a:ča etege:d üyi:ledbe:sü 4. ber delekei ulus-iya:n es-e aldajuγu:.
135
ᠬᠠᠷᠢ ᠶᠢᠨ ᠡᠵᠡᠳ ᠦᠨ ᠳᠡᠷᠭᠡᠳᠡ ᠲᠠᠪᠤᠨ ᠵᠠᠯᠠᠨ ᠳᠤᠷᠠᠳᠬᠠᠭᠴᠢᠨ ᠲᠦᠱᠢᠮᠡᠯ ᠢᠨᠦ ᠪᠦᠬᠦ ᠶᠢᠨ ᠲᠤᠯᠠ ᠶᠣᠰᠤᠨ ᠠᠴᠠ ᠡᠲᠡᠭᠡᠳ ᠦᠶᠢᠯᠡᠳᠪᠡᠰᠦ ᠠ ᠪᠡᠷ ᠬᠠᠷᠢ ᠤᠯᠤᠰ ᠢᠶᠠᠨ ᠡᠰᠡ ᠠᠯᠳᠠᠵᠤᠭᠤ
/........./ 5. /................................./ Qari-yi:n ejed-ün 6. dergede tabun jalan duradqaγčin tüšimel inü 7. bükü-yi:n tula yosun-a:ča etege:d üyi:ledbe:sü 30a. 1. ber qari ulus-iya:n es-e aldajuγu:.
136
ᠨᠣᠶᠠᠯᠢᠭᠤᠳᠤᠨ ᠳᠡᠷᠭᠡᠳᠡ ᠭᠤᠷᠪᠠᠨ ᠵᠠᠯᠠᠨ ᠳᠤᠷᠠᠳᠬᠠᠭᠴᠢᠨ ᠮᠡᠳᠡᠭᠴᠢᠨ ᠨᠥᠬᠦᠳ ᠪᠦᠬᠦ ᠶᠢᠨ ᠲᠤᠯᠠ ᠶᠣᠰᠤᠨ ᠠᠴᠠ ᠡᠲᠡᠭᠡᠳ ᠦᠶᠢᠯᠡᠳᠪᠡᠰᠦ ᠪᠡᠷ ᠭᠡᠷ ᠢᠶᠡᠨ ᠡᠰᠡ ᠠᠯᠳᠠᠵᠤᠭᠤ
/.............../ 2. /......................../ Noyaliγu:dun dergede 3. γurban jalan duradqaγčin medegčin nöküd 4. bükü-yi:n tula yosun-a:ča etege:d 5. üyi:ledbe:sü ber ger-iye:n es-e aldajuγu:.
137
ᠦᠶᠢᠯᠡ ᠳᠦᠷ ᠬᠡᠷᠡᠭᠯᠡᠭᠳᠡᠭᠰᠡᠨ ᠠᠷᠠᠨ ᠢ ᠵᠠᠯᠠᠨ ᠳᠤᠷᠠᠳᠬᠠᠭᠴᠢᠨ ᠰᠠᠶᠢᠨ ᠨᠥᠬᠦᠷ ᠰᠡᠭᠦᠳᠡᠷ ᠢᠨᠦ ᠪ ᠪᠦᠬᠦ ᠶᠢᠨ ᠲᠤᠯᠠ ᠰᠠᠶᠢᠨ ᠨᠡᠷ᠎ᠡ ᠢᠨᠦ ᠪᠡᠶ᠎ᠡ ᠳᠡᠴᠡᠭᠡᠨ ᠡᠰᠡ ᠬᠠᠭᠠᠴᠠᠵᠤᠭᠤ
/............/ 6. /...................../ Üyi:le-dür kereglegdegsen aran-i 7. jalan duradqaγčin sayi:n nökür segü:der inü 30b. 1. bükü-yi:n tula sayi:n ner-e inü beye- 2. dečege:n es-e qaγačajuγu:.
138
ᠡᠴᠢᠭᠡ ᠪᠣᠯᠤᠭᠴᠢ ᠶᠢᠨ ᠳᠡᠷᠭᠡᠳᠡ ᠵᠠᠯᠠᠨ ᠳᠤᠷᠠᠳᠬᠠᠭᠴᠢᠨ ᠬᠥᠪᠡᠭᠦᠳ ᠪᠦᠬᠦ ᠶᠢᠨ ᠲᠤᠯᠠ ᠪᠡᠶ᠎ᠡ ᠢᠨᠦ ᠵᠣᠬᠢᠰ ᠦᠭᠡᠭᠦ ᠳᠦᠷ ᠡᠰᠡ ᠣᠷᠤᠵᠤᠭᠤ
/.........................../ 3. /....../ Ečige boluγči-yi:n dergede jalan 4. duradqaγčin köbegü:d bükü-yi:n tula beye 5. inü joqis ügegü:-dür es-e orujuγu:.
139
ᠬᠡᠷ ᠪᠡ ᠵᠣᠬᠢᠰ ᠦᠭᠡᠭᠦ ᠶᠢ ᠦᠶᠢᠯᠡᠳᠦᠷᠡ ᠬᠦᠷᠦᠭᠰᠡᠨ ᠳᠦᠷ ᠠ ᠬᠥᠪᠡᠭᠦᠨ ᠪᠣᠯᠤᠭᠴᠢ ᠡᠴᠢᠭᠡ ᠶᠦᠭᠡᠨ ᠵᠠᠯᠠᠨ ᠦᠯᠦ ᠢᠳᠬᠠᠬᠤ ᠶᠢ ᠦᠯᠦ ᠪᠥᠭᠡᠳ ᠰᠡᠳᠬᠢᠭᠳᠡᠬᠦ ᠲᠦᠱᠢᠮᠡᠯ ᠪᠣᠯᠤᠭᠴᠢ ᠬᠠᠨ ᠢᠶᠠᠨ ᠵᠠᠯᠠᠵᠤ ᠦᠯᠦ ᠢᠳᠬᠠᠬᠤ ᠶᠢ ᠦᠯᠦ ᠪᠥᠭᠡᠳ ᠰᠡᠳᠬᠢᠭᠳᠡᠬᠦ
/.............../ 6. /....................................................../ Ker be 7. joqis ügegü:-yi üyi:ledür-e kürügsen-dür 31a. 1. köbegü:n boluγči ečige-yüge:n jalan ülü 2. idqaqu-yi ülü böge:d sedkigdekü tüšimel boluγči 3. qan-iya:n jalaju ülü idqaqu-yi ülü böge:d 4. sedkigdekü.
140
ᠲᠡᠭᠦᠪᠡᠷ ᠵᠣᠬᠢᠰ ᠦᠭᠡᠭᠦ ᠶᠢ ᠦᠶᠢᠯᠡᠳᠦᠷᠡ ᠬᠦᠷᠦᠭᠰᠡᠨ ᠳᠦᠷ ᠵᠠᠯᠠᠨ ᠳᠤᠷᠠᠳᠬᠠᠭᠳᠠᠬᠤᠢ ᠪᠤᠢ
/................................................/ 5. /.../ Tegü:be:r joqis ügegü:-yi üyi:ledür-e kürügsen- 6. dür jalan duradqaγdaqui bui.
141
ᠡᠴᠢᠭᠡ ᠶᠦᠭᠡᠨ ᠦᠭᠡ ᠳᠠᠭᠠᠨ ᠶᠠᠪᠤᠪᠠᠰᠤ ᠪᠠᠰᠠ ᠶᠠᠭᠤᠨ ᠲᠠᠬᠢᠮᠳᠠᠭᠤ ᠬᠡᠮᠡᠭᠳᠡᠬᠦ
Ečige-yüge:n üge 7. daγan yabuba:su basa yaγu:n taqimdaγu: keme:gdekü.
142
ᠪ ᠲᠠᠬᠢᠮᠳᠠᠭᠤ ᠪᠣᠯᠬᠤ ᠶᠢᠨ ᠠᠴᠢ ᠦᠷ᠎ᠡ ᠬᠦᠷᠲᠡᠬᠦ ᠠᠷᠪᠠᠨ ᠵᠢᠷᠭᠤᠭᠠᠳᠤᠭᠠᠷ ᠪᠥᠯᠥᠭ
31b. 1. /...................../ 2. Taqimdaγu: bolqu-yi:n ači ür-e kürtekü 3. arban jirγuγa:duγa:r bölög.
143
ᠬᠤᠩᠸᠤᠱᠢ ᠥᠭᠦᠯᠡᠷ ᠦᠨ ᠡᠷᠲᠡᠨ ᠦ ᠭᠡᠭᠡᠭᠡᠨ ᠬᠠᠳ ᠡᠴᠢᠭᠡ ᠳᠡᠭᠡᠨ ᠲᠠᠪᠢᠭᠯᠠᠭᠰᠠᠨ ᠲᠠᠬᠢᠮᠳᠠᠭᠤ ᠲᠥᠷᠦ ᠡᠴᠡ ᠤᠯᠠᠮ ᠲᠩᠷᠢ ᠶᠢ ᠲᠠᠬᠢᠬᠤ ᠲᠥᠷᠦ ᠲᠡᠮᠳᠡᠭᠲᠡᠢ᠎ᠡ ᠤᠬᠠᠵᠤᠭᠤ
4. /....../ Kungvuši ögüler-ün /.........................../ 5. /......................../ erten-ü gegege:n qad 6. ečige-dege:n tabiγlaγsan taqimdaγu: törü-e:če 7. ulam tngri-yi taqiqu törü temdegtei-e uqajuγu:.
144
ᠠ ᠡᠬᠡ ᠳᠡᠭᠡᠨ ᠲᠠᠪᠢᠭᠯᠠᠭᠰᠠᠨ ᠲᠠᠬᠢᠮᠳᠠᠭᠤ ᠲᠥᠷᠦ ᠡᠴᠡ ᠤᠯᠠᠮ ᠥᠲᠡᠭᠡᠨ ᠡᠬᠡ ᠶᠢ ᠲᠠᠬᠢᠬᠤ ᠲᠥᠷᠦ ᠬᠠᠭᠠᠷᠠᠬᠠᠢᠠ ᠪᠣᠯᠭᠠᠵᠤᠭᠤ
32a. 1. Eke-dege:n tabiγlaγsan taqimdaγu: törü-e:če 2. ulam ötegen eke-yi taqiqu törü qaγaraqai-a 3. bolγajuγu:.
145
ᠥᠪᠡᠷ ᠡᠴᠡ ᠶᠡᠬᠡᠰ ᠲᠦᠷ ᠪᠠ ᠥᠴᠦᠬᠡᠳ ᠲᠦᠷ ᠨᠠᠶᠢᠷᠠᠯᠳᠤᠵᠤ ᠶᠠᠪᠤᠭᠰᠠᠨ ᠤ ᠲᠤᠯᠠ ᠲᠡᠭᠦᠪᠡᠷ ᠳᠡᠭᠡᠷ ᠡ ᠡᠴᠡ ᠳᠣᠷᠤᠳᠤᠰ ᠲᠤᠷ ᠬᠦᠷᠲᠡᠯ᠎ᠡ ᠲᠥᠪᠱᠢᠭᠡᠷᠢᠳᠴᠦᠭᠦ
/...................../ Öbe:r-e:če yekes-tür 4. ba öčü:ked-tür nayi:ralduju yabuγsan-u tula 5. tegü:be:r dege:r-e-e:če dorudus-tur kürtele 6. töbšigeridčügü:.
146
ᠲᠩᠷᠢ ᠶᠢ ᠪᠠ ᠭᠠᠵᠠᠷ ᠢ ᠲᠡᠮᠳᠡᠭᠲᠡᠢ᠎ᠡ ᠤᠬᠠᠵᠤ ᠬᠠᠭᠠᠷᠠᠬᠠᠢᠠ ᠪᠣᠯᠭᠠᠭᠰᠠᠨ ᠤ ᠪ ᠲᠤᠯᠠ ᠲᠩᠷᠢ ᠳᠡ ᠢᠪᠡᠭᠡᠭᠳᠡᠵᠦ ᠥᠯᠵᠡᠢ ᠬᠤᠲᠤᠭ ᠬᠦᠷᠲᠡᠭᠡᠳ ᠪᠡᠯᠭᠡᠲᠡᠢ᠎ᠡ ᠤᠬᠠᠭᠳᠠᠵᠤᠭᠤ
/......................../ Tngri-yi ba 7. γajar-i temdegtei-e uqaju qaγaraqai-a bolγaγsan-u 32b. 1. tula tngri-de ibege:gdejü öljei qutuγ kürtege:d 2. belgetei-e uqaγdajuγu:.
147
ᠬᠠᠨ ᠪᠡᠷ ᠪᠥᠭᠡᠰᠦ ᠬᠠᠯᠠᠭᠠᠷ ᠳᠡᠭᠡᠵᠢᠯᠡᠭᠳᠡᠬᠦ ᠢᠨᠦ ᠪᠦᠶᠦ ᠵᠡ
/................................./ 3. /........................ / Qan ber böge:sü qalaγar 4. dege:jilegdekü inü büyü j-e.
148
ᠳᠡᠭᠡᠵᠢᠯᠡᠭᠳᠡᠬᠦ ᠢᠨᠦ ᠬᠡᠮᠡᠪᠡᠰᠦ ᠡᠴᠢᠭᠡ ᠶᠢ ᠢᠨᠦ ᠬᠡᠮᠡᠶᠦ
Dege:jilegdekü inü keme:be:sü 5. ečige-yi inü keme:yü.
150
ᠤᠷᠢᠳᠠᠯᠠᠭᠳᠠᠬᠤ ᠢᠨᠤ ᠬᠡᠮᠡᠪᠡᠰᠦ ᠠᠬ ᠠ ᠶᠢ ᠢᠨᠤ ᠬᠡᠮᠡᠶᠦ
Uridalaγdaqu inu keme:be:sü aq-a-yi inu 7. keme:yü.
151
ᠤᠷᠢᠳᠤᠰ ᠲᠠᠭᠠᠨ ᠴᠢᠩ ᠠ ᠦᠨᠡᠨ ᠬᠦᠨᠳᠦᠯᠡᠮᠲᠡᠭᠦ ᠰᠡᠳᠬᠢᠯ ᠢᠶᠡᠷ ᠲᠠᠬᠢᠪᠠᠰᠤ ᠡᠴᠢᠭᠡ ᠡᠬᠡ ᠶᠦᠭᠡᠨ ᠦᠯᠦ ᠤᠮᠠᠷᠲᠠᠬᠤ ᠶᠢᠨ ᠲᠤᠯᠠ ᠪᠤᠶᠤ
/......................../ Uridus-taγa:n čing 33a. 1. ünen kündülemtegü: sedkil-iye:r taqiba:su ečige eke- 2. yüge:n ülü umartaqu-yi:n tula buyu.
152
ᠪᠡᠶᠡᠪᠡᠨ ᠵᠠᠰᠠᠵᠤ ᠶᠠᠪᠤᠳᠠᠯ ᠢᠶᠠᠨ ᠬᠢᠴᠢᠭᠡᠪᠡᠰᠦ ᠤᠷᠢᠳᠤᠰ ᠤᠭᠠᠨ ᠨᠡᠷ᠎ᠡ ᠠᠯᠳᠠᠷ ᠢ ᠭᠤᠲᠤᠭᠠᠭᠳᠠᠬᠤᠢ ᠠᠴᠠ ᠡᠮᠢᠶᠡᠬᠦ ᠶᠢᠨ ᠲᠤᠯᠠ ᠪᠤᠶᠤ
/........./ 3. /.............../ Beyebe:n jasaju yabudal-iya:n 4. kičige:be:sü uridus-uγa:n nere aldar-i γutuγa:γdaqui- 5. a:ča emiye:kü-yi:n tula buyu.
153
ᠤᠷᠢᠳᠤᠰ ᠲᠠᠭᠠᠨ ᠴᠢᠩ ᠦᠨᠡᠨ ᠢᠶᠡᠷ ᠬᠦᠨᠳᠦᠯᠡᠮᠲᠡᠭᠦ ᠰᠡᠳᠬᠢᠯ ᠢᠶᠡᠷ ᠲᠠᠬᠢᠪᠠᠰᠤ ᠤᠷᠢᠳᠤᠰ ᠤᠨ ᠰᠦᠷ ᠰᠦᠨᠡᠰᠦᠨ ᠪ ᠮᠥᠨ ᠲᠡᠨᠳᠡᠬᠡᠨᠡ ᠦᠯᠡᠬᠦ ᠤᠬᠠᠵᠤ ᠠᠨ ᠪᠤᠢ
/................../ 6. /....../ Uridus-taγa:n čing ünen-iye:r kündülemtegü: 7. sedkil-iye:r taqiba:su uridus-un sür sünesün 33b. 1. mön tendeken-e ülekü uqaju an bui.
154
ᠲᠠᠬᠢᠮᠳᠠᠭᠤ ᠵᠣᠬᠢᠮᠳᠠᠭᠤ ᠰᠡᠳᠬᠢᠯ ᠡᠴᠡ ᠠᠩᠬᠠᠨ ᠤ ᠡᠴᠦᠰ ᠲᠦᠷ ᠲᠩᠷᠢ ᠭᠠᠵᠠᠷ᠎ᠠ ᠮᠡᠳᠡᠭᠳᠡᠭᠡᠳ ᠳᠥᠷᠪᠡᠨ ᠳᠠᠯᠠᠢ ᠳᠤᠷ ᠬᠦᠷᠲᠡᠯ᠎ᠡ ᠳᠡᠯᠭᠡᠷᠡᠭᠦᠯᠵᠦ ᠠᠯᠳᠠᠷ ᠴᠠᠪ ᠢᠶᠠᠨ ᠬᠠᠮᠢᠭ᠎ᠠ ᠦᠯᠦ ᠤᠬᠠᠭᠳᠠᠶᠤ
2. /............................................./ Taqimdaγu: 3. joqimdaγu: sedkil-e:če angqan-u ečüs-tür tngri 4. γajar-a medegdege:d dörben dalai-dur kürtele 5. delgeregü:ljü aldar čab-iya:n qamiγ-a: ülü 6. uqaγdayu.
155
ᠮᠠᠤᠱᠢ ᠪᠢᠴᠢᠭ ᠲᠦᠷ ᠥᠷᠦᠨ ᠡ ᠡᠴᠡ ᠳᠣᠷᠤᠨ᠎ᠠ ᠳᠥᠷᠦᠨᠡ ᠠ ᠬᠦᠷᠲᠡᠯ᠎ᠡ ᠡᠮᠦᠨ ᠡᠴᠡ ᠦᠮᠡᠷᠡ ᠬᠦᠷᠲᠡᠯ᠎ᠡ ᠪᠠᠶᠠᠰᠤᠯᠴᠠᠭᠠᠳ ᠳᠠᠭᠠᠨ ᠳᠠᠭᠤᠷᠢᠶᠠᠨ ᠦᠯᠦ ᠰᠡᠳᠬᠢᠭᠴᠢᠨ ᠦᠭᠡᠢ ᠪᠦᠢ ᠵᠡ ᠬᠡᠮᠡᠵᠦᠭᠦ
/.......................................... / 7. Mauši bičig-tür örün-[e]-e:če dorun-a [= dörün-e] 34a. 1. kürtele emün-eče ümer-e kürtele 2. bayasulčaγa:d daγan daγu:riya:n ülü sedkigčin 3. ügei büi j-e keme:jügü:.
156
ᠬᠠᠨ ᠬᠦᠮᠦᠨ ᠳᠦᠷ ᠶᠠᠪᠤᠬᠤ ᠠᠷᠪᠠᠨ ᠳᠣᠯᠤᠳᠤᠭᠠᠷ ᠪᠥᠯᠥᠭ
4. /................../ 5. Qan kümü:n-dür yabuqu arban 6. doluduγa:r bölög.
157
ᠬᠤᠩᠸᠤᠱᠢ ᠥᠭᠦᠯᠡᠷ ᠦᠨ ᠱᠢᠯᠢᠭᠤ ᠪ ᠰᠠᠶᠢᠳ ᠳᠡᠭᠡᠳᠦᠰ ᠲᠦᠷ ᠶᠠᠪᠤᠷ ᠤᠨ ᠬᠠᠨ ᠳᠠᠭᠠᠨ ᠣᠷᠤᠬᠤᠢ ᠳᠤᠷ ᠴᠢᠩ ᠦᠨᠡᠨ ᠰᠡᠳᠬᠢᠯ ᠢᠶᠡᠨ ᠦᠵᠦᠭᠦᠯᠡᠲᠡᠯᠡ ᠰᠡᠳᠬᠢᠭᠳᠡᠬᠦ
7. /......................../ Kungvuši ögüler-ün šiliγu: 34b. 1. sayi:d dege:düs-tür yabur-un /............/ qan- 2. daγa:n oruqui-dur čing ünen sedkil-iye:n 3. üjügü:letele sedkigdekü.
158
ᠢᠴᠤᠵᠤ ᠬᠠᠷᠢᠭᠰᠠᠨ ᠳᠤᠷ ᠬᠠᠨ ᠬᠦᠮᠦᠨ ᠦ ᠡᠰᠡ ᠭᠦᠶᠢᠴᠡᠭᠰᠡᠨ ᠣᠰᠣᠯ ᠢ ᠢᠨᠤ ᠵᠠᠯᠠᠬᠤᠢ ᠪᠠᠨ ᠣᠨᠤᠭᠳᠠᠬᠤᠢ
/............/ Ičuju qariγsan- 4. dur qan kümü:n-ü es-e güyi:čegsen osol-i 5. inu jalaqui-ba:n onuγdaqui.
159
ᠶᠣᠰᠤᠲᠤ ᠰᠠᠶᠢᠨ ᠢ ᠢᠨᠤ ᠳᠠᠭᠠᠨ ᠡᠲᠡᠭᠡᠳ ᠮᠠᠭᠤ ᠶᠢ ᠢᠨᠤ ᠵᠠᠯᠠᠨ ᠠᠪᠤᠷᠠᠭᠳᠠᠬᠤ
/............................../ 6. Yosutu sayi:n-i inu daγan etege:d maγu:-yi 7. inu jalan aburaγdaqu.
160
ᠲᠡᠭᠦᠪᠡᠷ ᠠ ᠳᠡᠭᠡᠳᠦᠰ ᠳᠣᠷᠤᠳᠤᠰ ᠯᠤᠭ᠎ᠠ ᠰᠡᠳᠬᠢᠯ ᠳᠠᠭᠠᠯᠳᠤᠭᠠᠳ ᠢᠲᠡᠭᠡᠯᠳᠦᠨ ᠴᠢᠳᠠᠵᠤᠭᠤᠢ
/................../ Tegü:be:r 35a. 1. dege:düs dorudus-luγ-a: sedkil daγalduγa:d itegeldün 2. čidajuγu:i.
161
ᠮᠠᠤᠱᠢ ᠪᠢᠴᠢᠭ ᠲᠦᠷ ᠰᠡᠳᠬᠢᠯ ᠳᠡᠭᠡᠨ ᠣᠶᠢᠱᠢᠶᠠᠭᠰᠠᠨ ᠢ ᠬᠣᠯᠠ ᠪᠡᠷ ᠪᠥᠭᠡᠰᠦ ᠣᠶᠢᠷ᠎ᠠ ᠱᠢᠲᠦ ᠰᠡᠳᠬᠢᠯ ᠳᠦᠷ ᠡᠯ᠎ᠡ ᠠᠭᠤᠯᠪᠠᠰᠤ ᠤᠮᠠᠷᠲᠠᠬᠤ ᠥᠳᠦᠷ ᠢᠨᠦ ᠬᠡᠵᠢᠶ᠎ᠡ ᠪᠣᠯᠬᠤ ᠡᠴᠢᠭᠡ ᠡᠬᠡ ᠶᠦᠭᠡᠨ ᠰᠦᠶᠢᠳᠦᠭᠰᠡᠨ ᠢ ᠥᠭᠦᠯᠡᠬᠦ ᠪ ᠠᠷᠪᠠᠨ ᠨᠠᠢᠮᠠᠳᠤᠭᠠᠷ ᠪᠥᠯᠥᠭ
/................................................/ 3. Mauši bičig-tür sedkil-dege:n oyi:šiya:γsan-i 4. qola ber böge:sü oyi:r-a šitü sedkil-dür ele 5. aγu:lba:su umartaqu ödür inü kejiye: bolqu 6. /................../ 7. Ečige eke-yüge:n süyi:dügsen-i ögülekü 35b. 1. arban naimaduγa:r bölög.
162
ᠬᠤᠩᠸᠤᠱᠢ ᠥᠭᠦᠯᠡᠷ ᠦᠨ ᠲᠠᠬᠢᠮᠳᠠᠭᠤ ᠬᠥᠪᠡᠭᠦᠨ ᠡᠴᠢᠭᠡ ᠡᠬᠡ ᠶᠦᠭᠡᠨ ᠰᠦᠶᠢᠳᠪᠡᠰᠦ ᠤᠶᠢᠯᠠᠬᠤᠢ ᠳᠤᠷ ᠵᠠᠰᠠᠳᠠᠭᠯᠠᠵᠤ ᠦᠯᠦ ᠤᠶᠢᠯᠠᠨ ᠲᠥᠷᠦᠯᠡᠬᠦᠢ ᠳᠦᠷ ᠮᠥᠱᠢᠶᠡᠬᠦ ᠴᠢᠷᠠᠢ ᠪᠠᠨ ᠦᠯᠦ ᠡᠳᠦᠭᠦᠯᠦᠨ ᠥᠭᠦᠯᠡᠬᠦᠢ ᠳᠦᠷ ᠦᠭᠡᠪᠡᠨ ᠨᠠᠶᠢᠷᠠᠭᠤᠯᠤᠨ ᠦᠯᠦ ᠥᠭᠦᠯᠡᠨ ᠰᠠᠶᠢᠨ ᠬᠤᠪᠴᠠᠰᠤᠨ ᠠ ᠡᠮᠦᠰᠪᠡᠰᠦ ᠳᠣᠲᠤᠷᠠᠪᠠᠨ ᠦᠯᠦ ᠠᠮᠤᠨ ᠬᠤᠭᠤᠷ ᠳᠠᠭᠤᠨ ᠰᠣᠨᠣᠰᠪᠠᠰᠤ ᠦᠯᠦ ᠬᠥᠭᠵᠢᠨ ᠠᠮᠲᠠᠲᠤ ᠶᠢ ᠢᠳᠡᠪᠡᠰᠦ ᠠᠮᠲᠠᠨ ᠢᠨᠤ ᠦᠯᠦ ᠠᠭᠤᠰᠳᠠᠨ ᠡᠶᠢᠨ ᠬᠢᠪᠡᠰᠦ ᠭᠠᠰᠠᠯᠬᠤ ᠱᠢᠨᠠᠯᠬᠤ ᠶᠢᠨ ᠵᠣᠷᠢᠭ ᠪᠣᠯᠤ ᠭᠠᠰᠠᠯᠵᠤ ᠭᠤᠲᠤᠭᠠᠷ ᠥᠳᠦᠷ ᠲᠦᠷ ᠬᠣᠭᠣᠯᠠᠢ ᠢᠳᠡᠭᠦᠯᠬᠦ ᠱᠢᠯᠲᠠᠭᠠᠨ ᠬᠡᠮᠡᠪᠡᠰᠦ ᠦᠬᠦᠭᠰᠡᠨ ᠦ ᠲᠤᠯᠠ ᠠᠮᠢᠳᠤ ᠶᠢ ᠦᠯᠦ ᠪᠥᠭᠡᠳ ᠪ ᠪᠡᠷᠲᠡᠭᠡᠭᠳᠡᠬᠦ ᠬᠡᠮᠡᠨ ᠢᠷᠭᠡᠨ ᠢ ᠰᠥᠶᠦᠨ ᠰᠤᠷᠭᠠᠵᠤᠭᠤ
2. /.........................../ Kungvuši ögüler-ün taqimdaγu: 3. köbegü:n ečige eke-yüge:n süyi:dbe:sü /........./ 4. uyi:laqui-dur jasadaγlaju ülü uyi:lan /........./ 5. törü:leküi-dür möšiye:kü čirai-ba:n ülü edügü:lün 6. /........./ ögüleküi-dür ügebe:n nayi:raγu:lun 7. ülü ögülen /............/ sayi:n qubčasun 36a. 1. emüsbe:sü doturaba:n ülü amun /............/ 2. quγu:r daγu:n sonosba:su ülü kögjin /........./ 3. /.../ amtatu-yi idebe:sü amtan inu ülü aγu:sdan 4. /................../ eyi:n ki:be:sü γasalqu šinalqu-yi:n 5. joriγ bolu /............/ γasalju γutuγa:r ödür-tür 6. qoγo:lai idegü:lkü šiltaγa:n keme:be:sü /...................../ 7. ükügsen-ü tula amidu-yi ülü böge:d 36b. 1. bertege:gdekü keme:n irgen-i: söyün surγajuγu:.
163
ᠪᠡᠶᠡᠪᠡᠨ ᠭᠦᠵᠢᠷᠡᠵᠦ ᠠᠮᠢᠪᠠᠨ ᠦᠯᠦ ᠰᠥᠬᠡᠭᠳᠡᠬᠦᠢ ᠡᠨᠡ ᠬᠡᠮᠡᠪᠡᠰᠦ ᠪᠣᠭᠳᠠᠰ ᠰᠠᠶᠢᠳ ᠤᠨ ᠣᠷᠣᠱᠢᠭᠤᠯᠤᠭᠰᠠᠨ ᠶᠣᠰᠤᠨ ᠪᠤᠶᠤ
/....../ 2. /....../ Beyebe:n güjirejü amiba:n ülü sökegdeküi 3. /................../ ene keme:be:sü boγdas sayi:d-un 4. orošiγu:luγsan yosun buyu.
164
ᠪᠡᠯᠪᠢᠰᠦᠯᠡᠬᠦ ᠲᠥᠷᠦ ᠭᠤᠷᠪᠠᠨ ᠣᠨ ᠦᠯᠦ ᠥᠩᠭᠡᠷᠡᠭᠦᠯᠦᠨ ᠢᠷᠭᠡᠨ᠎ᠡ ᠤᠬᠠᠬᠤᠢᠠ ᠳᠠᠭᠤᠰᠬᠠᠬᠤ ᠬᠡᠮ ᠢᠨᠦ ᠪᠠᠶᠢᠭᠤᠯᠵᠤᠭᠤ
/............................../ 5. /........./ Belbisülekü törü γurban on ülü 6. önggeregü:lün irgen-e uqaqui-a daγu:sqaqu 7. kem inü bayi:γu:ljuγu:.
165
ᠠ ᠬᠥᠨᠵᠢᠯᠡᠢ ᠰᠡᠯᠲᠡ ᠠᠪᠰ ᠠ ᠳᠤᠷ ᠲᠠᠬᠢᠯ ᠤᠨ ᠭᠡᠷ ᠦᠨ ᠡᠮᠦᠨ᠎ᠡ ᠢᠨᠦ ᠵᠡᠷᠭᠡᠯᠡᠵᠦ ᠡᠨᠡᠯᠵᠦ ᠱᠢᠨᠠᠯᠵᠤ ᠭᠠᠰᠠᠯᠵᠤ ᠵᠠ ᠬᠠᠶᠢᠯᠠᠬᠤᠢ ᠳᠤᠷ ᠡᠪᠴᠡᠭᠦᠪᠡᠨ ᠳᠡᠯᠡᠳᠦᠭᠡᠳ ᠬᠥᠯ ᠢᠶᠡᠨ ᠳᠡᠷᠪᠡᠯᠦᠭᠡᠳ ᠭᠠᠰᠠᠯᠵᠤ ᠤᠶᠢᠯᠠᠭᠠᠳ ᠦᠳᠡᠭᠳᠡᠢ ᠵᠡ
/............................../ 37a. 1. /............/ könjilei selte abs-a- 2. dur [.........] /.........................../ 3. ta[qil-un ger-ün] emün-e inü jergelejü 4. enel[jü šinalju γasalju...] j-a /........................./ 5. /.............../ qayi:laqui-dur ebčegü:be:n 6. deledüge:[d] kö[l]-iye:n derbelüge:d γasalju uyi:laγa:d 7. üdegdei j-e.
166
ᠦᠵᠡᠮᠡᠷᠴᠢᠨ ᠢᠶᠡᠷ ᠬᠡᠭᠦᠷ ᠦᠨ ᠭᠠᠵᠠᠷ ᠪ ᠰᠠᠶᠢᠨ ᠢ ᠰᠣᠩᠭᠤᠵᠤ ᠣᠷᠣᠱᠢᠭᠤᠯᠳᠠᠢ ᠵᠠ
Üjemerčin-iye:r kegü:r-ün γajar 37b. 1. sayi:n-i songγuju orošiγu:ldai j-a.
167
ᠲᠠᠬᠢᠯ ᠤᠨ ᠭᠡᠷ ᠪᠣᠰᠬᠠᠵᠤ ᠲᠠᠬᠢᠪᠠᠰᠤ ᠰᠦᠷ ᠲᠦᠷ ᠠᠨᠤ ᠬᠦᠷᠲᠡᠢ ᠵᠡ
/............/ 2. /.............../ t[aqi]l-un ger bosqaju taqiba:su sür- 3. tür anu kü[r]te[i] j-e.
168
ᠬᠠᠪᠤᠷ ᠨᠠᠮᠤᠷ ᠲᠠᠬᠢᠷ ᠤᠨ ᠴᠠᠭ ᠴᠠᠭ ᠲᠤᠷ ᠳᠤᠷᠠᠳᠤᠬᠠᠢ ᠵᠠ
/........................ / 4. Qabur namur taqir-un čaγ čaγ-tur duraduqai j-a.
169
ᠡᠰᠡᠨ ᠪᠦᠬᠦᠢ ᠳᠦᠷ ᠲᠠᠪᠢᠭᠯᠠᠷ ᠤᠨ ᠴᠤᠬᠤᠯᠠᠯᠠᠭᠳᠠᠬᠤᠢ ᠬᠦᠨᠳᠦᠯᠡᠭᠳᠡᠬᠦᠢ ᠦᠬᠦᠭᠰᠡᠨ ᠳᠦᠷ ᠲᠠᠪᠢᠭᠯᠠᠷ ᠤᠨ
5. /........................................../ Esen 6. büküi-dür tabiγlar-un čuqulalaγdaqui kündülegdeküi 7. ükügsen-dür tabiγlar-un.
170
ᠡᠨᠡᠯᠵᠦ ᠱᠢᠨᠠᠯᠵᠤ ᠭᠠᠰᠠᠯ ᠠ ᠪᠠᠰᠤ ᠠᠬᠤ ᠢᠷᠭᠡᠨ ᠦ ᠲᠥᠪ ᠤᠵᠠᠭᠤᠷ ᠠᠨᠤ ᠡᠳᠦᠢ ᠬᠦ ᠪᠦᠶᠦ
Eneljü šinalju γasal- 38a. 1. ba:su aqu irgen-ü töb ujaγu:r anu edüi kü büyü.
171
ᠦᠬᠦᠭᠰᠡᠨ ᠪᠠ ᠠᠮᠢᠳᠤ ᠶᠢᠨ ᠨᠠᠶᠢᠷᠠᠮᠳᠠᠭᠤ ᠶᠣᠰᠤᠨ ᠪᠣᠯᠤ ᠲᠠᠬᠢᠮᠳᠠᠭᠤ ᠬᠥᠪᠡᠭᠦᠨ ᠦ ᠡᠴᠢᠭᠡ ᠡᠬᠡ ᠳᠡᠭᠡᠨ ᠲᠠᠪᠢᠭᠯᠠᠬᠤ ᠲᠥᠷᠦ ᠠᠨᠤ ᠦᠵᠦᠭᠦᠯᠡᠪᠡᠢ
2. /................../ Ükügsen ba amidu-yi:n 3. nayi:ramdaγu: yosun bolu /......................../ 4. taqimdaγu: köbegü:n-ü ečige eke-dege:n 5. tabiγlaqu törü anu üjügü:lebei.