Historical corpus of the Mongolian language

Altan Tobči

Reconstruction, not a copy of the monument: the Mongolian-script text is generated automatically from the transcription in modern Unicode spelling. The orthography of pre-classical documents differed; consult the facsimile and the edition.
Back to the text
1a
ᠡᠷᠲᠡᠨ ᠦ ᠬᠠᠳ ᠤᠨ ᠦᠨᠳᠦᠰᠦᠯᠡᠭᠰᠡᠨ ᠲᠥᠷᠥ ᠶᠣᠰᠤᠨ ᠤ ᠤᠯᠤᠰ ᠤᠨ ᠨᠣᠮ ᠤᠨ ᠵᠣᠬᠢᠶᠠᠯ ᠢ ᠲᠣᠪᠴᠢᠯᠠᠨ ᠬᠤᠷᠢᠶᠠᠭᠰᠠᠨ ᠠᠯᠲᠠᠨ ᠲᠣᠪᠴᠢ ᠬᠡᠮᠡᠬᠦ ᠣᠷᠣᠰᠢᠪᠠᠢ
erten=ü qad=un ündüsülegsen törö yosun=u (ulus=un nom=un) jokiyal=i tobčilan quriyaγsan Altan Tobči kemekü orosibai #
1b
ᠤᠸᠠ ᠰᠤᠸᠠᠰᠳᠢ ᠰᠢᠳᠳᠠᠮ ᠡᠷᠬᠢᠨ ᠪᠣᠳᠢᠰᠤᠩ ᠨᠠᠷ ᠤᠨ ᠲᠥᠷᠥᠯᠬᠢᠲᠡᠨ ᠡᠷᠳᠡᠮᠲᠦ ᠳᠡᠭᠡᠳᠦ ᠬᠠᠳ ᠤᠨ ᠢᠵᠠᠭᠤᠷ ᠢ ᠡᠨᠡᠳᠬᠡᠭ ᠲᠥᠪᠡᠳ ᠡᠴᠡ ᠦᠨᠳᠦᠰᠦᠯᠡᠭᠰᠡᠨ ᠢ ᠡᠳᠦᠢ ᠲᠡᠳᠦᠶᠢᠬᠡᠨ ᠬᠤᠷᠢᠶᠠᠨ ᠥᠭᠦᠯᠡᠰᠦᠭᠡᠢ ᠣᠷᠴᠢᠯᠠᠩ ᠤᠨ ᠬᠦᠮᠦᠨ ᠠᠮᠢᠲᠠᠨ ᠳᠤᠷ ᠣᠨᠣᠵᠤ ᠦᠶᠢᠯᠡᠳᠬᠦ ᠦᠭᠡᠢ ᠶᠢᠨ ᠲᠤᠯᠠᠳᠠ ᠣᠷᠢ ᠪᠤᠷᠬᠠᠨ ᠤ ᠵᠠᠶᠠᠭᠠᠪᠠᠷ ᠮᠠ ᠠ ᠰᠠᠮᠠᠳᠢ ᠣᠯᠠᠨ᠎ᠠ ᠡᠷᠭᠦᠭᠳᠡᠭᠰᠡᠨ ᠬᠠᠭᠠᠨ ᠬᠡᠮᠡᠨ ᠠᠯᠳᠠᠷᠰᠢᠭᠰᠠᠨ ᠶᠣᠰᠤᠨ ᠠᠨᠤ ᠡᠷᠲᠡ ᠲᠡᠷᠡ ᠴᠠᠭ ᠲᠤᠷ ᠵᠠᠮᠪᠤᠲᠶᠢᠪ ᠤᠨ ᠬᠦᠮᠦᠨ ᠠᠨᠤ ᠬᠤᠪᠢᠯᠵᠤ ᠲᠥᠷᠥᠶᠦ ᠳᠢᠶᠠᠨ ᠤ ᠢᠳᠡᠭᠡᠨ ᠢᠳᠡᠶᠦ ᠥᠪᠡᠷ ᠦᠨ ᠪᠡᠶ ᠡ ᠡᠴᠡ ᠭᠡᠷᠡᠯ ᠪᠠᠳᠠᠷᠠᠶᠤ ᠷᠢᠳᠢ ᠬᠤᠪᠢᠯᠭᠠᠨ ᠢᠶᠠᠷ ᠣᠭᠲᠠᠷᠭᠤᠢ ᠪᠠᠷ ᠶᠠᠪᠤᠶᠤ ᠴᠠᠭᠯᠠᠰᠢ ᠦᠭᠡᠢ ᠨᠠᠰᠤᠲᠤ ᠪᠤᠶᠤ ᠲᠡᠷᠡ ᠴᠠᠭ ᠲᠤᠷ ᠲᠡᠳᠡᠨ ᠦ ᠳᠣᠲᠣᠷᠠ ᠠᠮᠲᠠᠨ ᠳᠤᠷ ᠲᠠᠴᠢᠶᠠᠭᠴᠢᠳ ᠵᠠᠷᠢᠮ ᠤᠳ ᠠᠨᠤ ᠭᠠᠵᠠᠷ ᠠᠴᠠ ᠭᠠᠷᠤᠭᠰᠠᠨ ᠪᠠᠯ ᠤᠨ ᠠᠮᠲᠠᠲᠤ ᠴᠠᠭᠠᠨ ᠥᠩᠭᠡ ᠲᠦ ᠷᠠᠰᠢᠶᠠᠨ ᠤ ᠰᠢᠮ᠎ᠡ ᠨᠡᠷᠡ ᠲᠦ ᠢᠳᠡᠭᠡᠨ ᠢ ᠢᠳᠡᠭᠰᠡᠨ ᠳᠦᠷ ᠪᠡᠶ ᠡ ᠶᠢᠨ ᠭᠡᠷᠡᠯ ᠠᠨᠤ ᠦᠭᠡᠢ ᠪᠣᠯᠤᠭᠠᠳ ᠬᠠᠪ ᠬᠠᠷᠠᠩᠭᠤᠢ ᠪᠣᠯᠤᠭᠰᠠᠨ ᠳᠤᠷ ᠶᠡᠷᠦᠩᠬᠡᠢ ᠠᠮᠢᠲᠠᠨ ᠤ ᠵᠠᠶᠠᠭᠠᠪᠠᠷ ᠲᠩᠷᠢ ᠶᠢᠨ ᠬᠥᠪᠡᠭᠦᠨ ᠨᠠᠷᠠᠨ ᠰᠠᠷᠠᠨ ᠣᠭᠲᠠᠷᠭᠤᠢ ᠪᠠᠷ ᠭᠠᠷᠴᠤ ᠳᠥᠷᠪᠡᠨ ᠲᠶᠢᠪ ᠦᠳ ᠢ ᠭᠡᠶᠢᠭᠦᠯᠪᠡᠢ ᠲᠡᠭᠦᠨ ᠦ ᠬᠣᠶᠢᠨᠠ ᠲᠡᠷᠡ ᠢᠳᠡᠭᠡᠨ ᠢ ᠶᠡᠬᠡ ᠢᠳᠡᠭᠰᠡᠳ ᠮᠠᠭᠤ ᠥᠩᠭᠡ ᠲᠦ ᠪᠣᠯᠤᠭᠠᠳ ᠥᠴᠦᠬᠡᠨ ᠢᠳᠡᠭᠰᠡᠳ ᠰᠠᠶᠢᠨ ᠥᠩᠭᠡ ᠲᠦ ᠪᠣᠯᠤᠭᠠᠳ ᠮᠢᠨᠤ ᠥᠩᠭᠡ ᠰᠠᠶᠢᠨ ᠴᠢᠨ ᠤ ᠥᠩᠭᠡ ᠮᠠᠭᠤ ᠬᠡᠮᠡᠨ ᠨᠢᠭᠡᠨ ᠨᠢᠭᠡᠨ ᠢᠶᠡᠨ ᠳᠣᠷᠣᠮᠵᠢᠯᠠᠭᠰᠠᠨ ᠢᠶᠠᠷ ᠲᠡᠷᠡ ᠢᠳᠡᠭᠡᠨ ᠠᠨᠤ ᠦᠭᠡᠢ ᠪᠣᠯᠪᠠᠢ ᠲᠡᠭᠦᠨ ᠢ ᠬᠣᠶᠢᠨᠠ ᠤᠯᠪᠤᠷᠢ ᠥᠩᠭᠡ ᠲᠦ ᠪᠠᠯ ᠤᠨ
uva suvasdi siddam # erkin bodisung=nar=un törölkiten erdemtü degedü qad=un ijaγur=i Enedkeg Töbed=eče ündüsülegsen=i edüi tedüyiken quriyan ögülesügei # orčilang=un kümün amitan=dur onoju üyiledkü ügei=yin tulada Ori-burqan=u jayaγabar Ma-X=a-Samadi olan=a ergügdegsen qaγan kemen aldarsiγsan yosun anu # erte tere čaγ=tur jambutyib=un kümün anu qubilju töröyü diyan=u idegen ideyü öber=ün bey=e=eče gerel badarayu ridi qubilγan=iyar oγtarγui=bar yabuyu čaγlasi ügei nasutu buyu tere čaγ=tur teden=ü dotora amtan=dur tačiyaγčid jarim=ud anu γajar=ača γaruγsan bal=un amtatu čaγan öngge=tü rasiyan=u sim=e nere=tü idegen=i idegsen=dür bey=e=yin gerel anu ügei boluγad qab qarangγui boluγsan=dur yerüngkei amitan=u jayaγabar tngri=yin köbegün naran saran oγtarγui=bar γarču dörben tyib=üd=i geyigülbei tegün=ü qoyina tere idegen=i yeke idegsed maγu öngge=tü boluγad öčüken idegsed sayin öngge=tü boluγad minu öngge sayin čin=u öngge maγu kemen nigen nigen=iyen doromjilaγsan=iyar tere idegen anu ügei bolbai tegün=i qoyina ulburi öngge=tü bal=un
2a
ᠠᠮᠲᠠᠲᠤ ᠭᠠᠵᠠᠷ ᠤᠨ ᠲᠣᠰᠤ ᠬᠡᠮᠡᠬᠦ ᠢᠳᠡᠭᠡᠨ ᠭᠠᠷᠴᠤ ᠲᠡᠷᠡ ᠢᠳᠡᠭᠡᠨ ᠢ ᠢᠳᠡᠭᠡᠳ ᠪᠠᠰᠠ ᠬᠦ ᠤᠷᠢᠳᠤ ᠶᠣᠰᠤᠭᠠᠷ ᠦᠭᠡᠢ ᠪᠣᠯᠪᠠᠢ ᠲᠡᠭᠦᠨ ᠢ ᠬᠣᠶᠢᠨᠠ ᠤᠬᠠᠭᠠᠨ ᠤ ᠣᠢ ᠬᠡᠮᠡᠬᠦ ᠢᠳᠡᠭᠡᠨ ᠭᠠᠷᠴᠤ ᠪᠠᠰᠠ ᠬᠦ ᠦᠭᠡᠢ ᠪᠣᠯᠪᠠᠢ ᠲᠡᠭᠦᠨ ᠢ ᠬᠣᠶᠢᠨᠠ ᠡᠰᠡ ᠲᠠᠷᠢᠭᠰᠠᠨ ᠰᠠᠯᠤ ᠨᠡᠷᠡᠲᠦ ᠲᠤᠲᠤᠷᠭ᠎ᠠ ᠭᠠᠷᠴᠤ ᠢᠳᠡᠪᠡᠢ ᠲᠡᠷᠡ ᠢᠳᠡᠭᠡᠨ ᠰᠡᠷᠢᠭᠦᠨ ᠪᠦᠬᠦᠢ ᠶᠢᠨ ᠲᠤᠯᠠ ᠪᠤᠷᠲᠠᠭ ᠤᠳ ᠭᠠᠷᠬᠤᠢ ᠶᠢᠨ ᠣᠷᠣᠨ ᠲᠡᠷᠢᠭᠦᠲᠡᠨ ᠭᠠᠷᠤᠭᠠᠳ ᠡᠷ᠎ᠡ ᠡᠮ ᠡ ᠶᠢᠨ ᠪᠡᠯᠭᠡᠰ ᠭᠠᠷᠤᠭᠰᠠᠨ ᠳᠤᠷ ᠨᠢᠭᠡᠨ ᠨᠢᠭᠡᠨ ᠲᠦᠷ ᠢᠶᠡᠨ ᠲᠠᠴᠢᠶᠠᠯᠳᠤᠭᠰᠠᠨ ᠢᠶᠠᠷ ᠡᠷ᠎ᠡ ᠡᠮ᠎ᠡ ᠪᠣᠯᠤᠯᠴᠠᠬᠤᠢ ᠶᠣᠰᠤᠨ ᠠᠨᠤ ᠲᠡᠨᠳᠡᠴᠡ ᠪᠣᠯᠪᠠᠢ ᠲᠡᠳᠡᠭᠡᠷ ᠠᠮᠢᠲᠠᠨ ᠠᠨᠤ ᠲᠡᠷᠡ ᠲᠤᠲᠤᠷᠭ ᠠ ᠶᠢ ᠪᠤᠯᠢᠶᠠᠯᠳᠤᠨ ᠬᠤᠷᠢᠶᠠᠨ ᠠᠪᠤᠭᠰᠠᠨ ᠲᠤᠷ ᠪᠠᠰᠠ ᠬᠦ ᠪᠠᠷᠠᠭᠳᠠᠪᠠᠢ ᠲᠡᠨᠳᠡᠴᠡ ᠲᠠᠷᠢᠶᠠᠨ ᠲᠠᠷᠢᠬᠤᠢ ᠴᠠᠭ ᠪᠣᠯᠤᠭᠰᠠᠨ ᠲᠤᠷ ᠨᠢᠭᠡᠨ ᠨᠢᠭᠡᠨ ᠢᠶᠡᠨ ᠲᠠᠷᠢᠭᠰᠠᠨ ᠢ ᠪᠤᠯᠢᠶᠠᠯᠳᠤᠨ ᠲᠡᠮᠡᠴᠡᠯᠳᠦᠪᠡᠢ ᠲᠡᠷᠡ ᠴᠠᠭ ᠲᠤᠷ ᠲᠡᠳᠡᠭᠡᠷ ᠢᠷᠭᠡᠨ ᠠᠨᠤ ᠡᠶᠡᠳᠦᠨ ᠵᠥᠪᠯᠡᠯᠳᠦᠵᠦ ᠲᠡᠳᠡᠨ ᠦ ᠳᠣᠲᠣᠷᠠ ᠨᠢᠭᠡᠨ ᠰᠠᠶᠢᠨ ᠠᠭᠠᠰᠢ ᠳᠤ ᠥᠩᠭᠡ ᠰᠠᠶᠢᠲᠤ ᠲᠡᠶᠢᠮᠦ ᠨᠢᠭᠡᠨ ᠬᠦᠮᠦᠨ ᠢ ᠨᠣᠶᠠᠨ ᠪᠣᠯᠭᠠᠨ ᠡᠷᠭᠦᠪᠡᠢ ᠲᠡᠷᠡ ᠨᠣᠶᠠᠨ ᠪᠠᠷ ᠦᠨᠡᠨ ᠬᠤᠳᠠᠯ ᠬᠣᠶᠠᠷ ᠢ ᠢᠯᠭᠠᠵᠤ ᠵᠠᠰᠠᠭᠯᠠᠭᠰᠠᠨ ᠢᠶᠠᠷ ᠲᠡᠳᠡᠭᠡᠷ ᠬᠠᠮᠤᠭ ᠠᠷᠠᠳ ᠠᠨᠤ ᠲᠡᠷᠡ ᠨᠣᠶᠠᠨ ᠢ ᠮᠠᠰᠢ ᠶᠡᠬᠡ ᠳᠡ ᠡᠷᠭᠦᠨ ᠬᠦᠨᠳᠦᠯᠡᠭᠰᠡᠨ ᠢᠶᠡᠷ ᠡᠨᠡᠳᠬᠡᠭ ᠦᠨ ᠡᠩ ᠲᠡᠷᠢᠭᠦᠨ ᠮᠠᠬ ᠠ ᠰᠠᠮᠠᠳᠢ ᠬᠠᠭᠠᠨ ᠬᠡᠮᠡᠨ ᠠᠯᠳᠠᠷᠰᠢᠪᠠᠢ ᠬᠠᠳ ᠤᠨ ᠢᠵᠠᠭᠤᠷ ᠠᠨᠤ ᠲᠡᠭᠦᠨ ᠡᠴᠡ ᠪᠣᠯᠪᠠᠢ ᠲᠡᠷᠡ ᠬᠠᠭᠠᠨ ᠤ ᠬᠥᠪᠡᠭᠦᠨ ᠠᠨᠤ ᠦᠵᠡᠰᠭᠦᠯᠡᠩ ᠭᠡᠷᠡᠯ ᠲᠦ ᠬᠡᠮᠡᠬᠦ ᠬᠠᠭᠠᠨ ᠲᠡᠭᠦᠨ ᠦ ᠬᠥᠪᠡᠭᠦᠨ ᠪᠤᠶᠠᠨ ᠲᠤ ᠬᠠᠭᠠᠨ ᠲᠡᠭᠦᠨ ᠦ ᠬᠥᠪᠡᠭᠦᠨ ᠲᠡᠳᠬᠦᠨ ᠠᠰᠠᠷᠠᠭᠴᠢ ᠬᠤᠲᠤᠭ ᠳᠤ ᠬᠠᠭᠠᠨ
amtatu γajar=un tosu kemekü idegen γarču tere idegen=i ideged basa kü uridu yosuγar ügei bolbai tegün=i qoyina uqaγan=u oi kemekü idegen γarču basa kü ügei bolbai tegün=i qoyina ese tariγsan salu neretü tuturγ=a γarču idebei tere idegen serigün büküi=yin tula burtaγ=ud γarqui=yin oron terigüten γaruγad er=e em=e=yin belges γaruγsan=dur nigen nigen=tür=iyen tačiyalduγsan=iyar er=e em=e bolulčaqui yosun anu tendeče bolbai # tedeger amitan anu tere tuturγ=a=yi buliyaldun quriyan abuγsan=tur basa kü baraγdabai tendeče tariyan tariqui čaγ boluγsan=tur nigen nigen=iyen tariγsan=i buliyaldun temečeldübei tere čaγ=tur tedeger irgen anu eyedün jöbleldüjü teden=ü dotora nigen sayin aγasi=du öngge sayitu teyimü nigen kümün=i noyan bolγan ergübei tere noyan bar ünen qudal qoyar=i ilγaju jasaγlaγsan=iyar tedeger qamuγ arad anu tere noyan=i masi yeke=de ergün kündülegsen=iyer Enedkeg=ün eng terigün Maq=a-Samadi-qaγan kemen aldarsibai # qad=un ijaγur anu tegün=eče bolbai tere qaγan=u köbegün anu Üjesgüleng-Gerel=tü kemekü qaγan tegün=ü köbegün Buyan=tu-qaγan tegün=ü köbegün Tedkün-Asaraγči-qutuγ=du-qaγan
2b
ᠪᠤᠶᠤ ᠲᠡᠭᠦᠨ ᠦ ᠬᠥᠪᠡᠭᠦᠨ ᠨᠠᠮᠠᠢ ᠬᠥᠬᠥ ᠬᠡᠮᠡᠬᠦ ᠳᠥᠷᠪᠡᠨ ᠲᠶᠢᠪ ᠢ ᠡᠵᠡᠯᠡᠭᠴᠢ ᠠᠯᠲᠠᠨ ᠬᠦᠷᠳᠦᠲᠦ ᠬᠠᠭᠠᠨ ᠲᠡᠭᠦᠨ ᠦ ᠬᠥᠪᠡᠭᠦᠨ ᠦᠵᠡᠰᠭᠦᠯᠡᠩ ᠲᠦ ᠭᠤᠷᠪᠠᠨ ᠲᠶᠢᠪ ᠢ ᠡᠵᠡᠯᠡᠭᠴᠢ ᠮᠥᠩᠭᠥᠨ ᠬᠦᠷᠳᠦᠲᠦ ᠬᠠᠭᠠᠨ ᠲᠡᠭᠦᠨ ᠦ ᠬᠥᠪᠡᠭᠦᠨ ᠮᠠᠰᠢ ᠦᠵᠡᠰᠭᠦᠯᠡᠩ ᠲᠦ ᠬᠣᠶᠠᠷ ᠲᠶᠢᠪ ᠢ ᠡᠵᠡᠯᠡᠭᠴᠢ ᠵᠡᠰ ᠬᠦᠷᠳᠦᠲᠦ ᠬᠠᠭᠠᠨ ᠲᠡᠭᠦᠨ ᠦ ᠬᠥᠪᠡᠭᠦᠨ ᠰᠠᠶᠢᠨ ᠦᠵᠡᠰᠭᠦᠯᠡᠩ ᠲᠦ ᠨᠢᠭᠡᠨ ᠲᠶᠢᠪ ᠢ ᠡᠵᠡᠯᠡᠭᠴᠢ ᠲᠡᠮᠦᠷ ᠬᠦᠷᠳᠦᠲᠦ ᠬᠠᠭᠠᠨ ᠲᠡᠭᠦᠨ ᠦ ᠬᠥᠪᠡᠭᠦᠨ ᠲᠡᠭᠦᠰ ᠦᠵᠡᠰᠭᠦᠯᠡᠩ ᠲᠦ ᠬᠠᠭᠠᠨ ᠪᠤᠶᠤ ᠲᠡᠳᠡ ᠲᠠᠪᠤᠨ ᠴᠠᠬᠷᠠᠸᠠᠷᠲᠢ ᠬᠠᠭᠠᠨ ᠬᠡᠮᠡᠨ ᠠᠯᠳᠠᠷᠰᠢᠪᠠᠢ ᠲᠡᠭᠦᠰ ᠦᠵᠡᠰᠭᠦᠯᠡᠩ ᠲᠦ ᠬᠠᠭᠠᠨ ᠤ ᠬᠥᠪᠡᠭᠦᠨ ᠲᠠᠯᠪᠢᠭᠴᠢ ᠬᠠᠭᠠᠨ ᠲᠡᠭᠦᠨ ᠦ ᠬᠥᠪᠡᠭᠦᠨ ᠲᠠᠯᠪᠢᠨ ᠪᠠᠷᠢᠭᠴᠢ ᠬᠠᠭᠠᠨ ᠲᠡᠭᠦᠨ ᠦ ᠬᠥᠪᠡᠭᠦᠨ ᠡᠭᠦᠨᠢ ᠬᠠᠭᠠᠨ ᠲᠡᠭᠦᠨ ᠦ ᠬᠥᠪᠡᠭᠦᠨ ᠭᠦᠰᠢ ᠬᠠᠭᠠᠨ ᠲᠡᠭᠦᠨ ᠦ ᠬᠥᠪᠡᠭᠦᠨ ᠶᠡᠬᠡ ᠭᠦᠰᠢ ᠬᠠᠭᠠᠨ ᠲᠡᠭᠦᠨ ᠦ ᠬᠥᠪᠡᠭᠦᠨ ᠰᠠᠶᠢᠨ ᠦᠵᠡᠭᠴᠢ ᠬᠠᠭᠠᠨ ᠪᠤᠶᠤ ᠮᠠᠬ ᠠ ᠰᠠᠮᠠᠳᠢ ᠬᠠᠭᠠᠨ ᠤ ᠠᠯᠲᠠᠨ ᠤᠷᠤᠭ ᠠᠴᠠ ᠢᠨᠠᠭᠰᠢ ᠰᠠᠯᠤᠭᠰᠠᠨ ᠭᠢᠷᠭᠢ ᠬᠠᠭᠠᠨ ᠪᠤᠶᠤ ᠲᠡᠭᠦᠨ ᠦ ᠬᠥᠪᠡᠭᠦᠨ ᠰᠠᠶᠢᠨ ᠲᠥᠷᠥᠯ ᠲᠦ ᠬᠠᠭᠠᠨ ᠲᠡᠷᠡ ᠬᠠᠭᠠᠨ ᠠᠴᠠ ᠤᠯᠠᠮ ᠤᠯᠠᠮ ᠵᠡᠷᠭᠡ ᠪᠡᠷ ᠰᠠᠯᠤᠭᠰᠠᠨ ᠬᠠᠳ ᠤᠨ ᠡᠴᠦᠰ ᠠᠷᠰᠯᠠᠨ ᠣᠭᠣᠴᠢᠲᠤ ᠬᠠᠭᠠᠨ ᠪᠤᠶᠤ ᠲᠡᠭᠦᠨ ᠦ ᠬᠥᠪᠡᠭᠦᠨ ᠠᠷᠢᠭᠤᠨ ᠢᠳᠡᠭᠡᠲᠦ ᠬᠠᠭᠠᠨ ᠴᠠᠭᠠᠨ ᠢᠳᠡᠭᠡᠲᠦ ᠬᠠᠭᠠᠨ ᠲᠠᠩᠰᠤᠭ ᠢᠳᠡᠭᠡᠲᠦ ᠬᠠᠭᠠᠨ ᠷᠠᠰᠢᠶᠠᠨ ᠢᠳᠡᠭᠡᠲᠦ ᠬᠠᠭᠠᠨ ᠡᠳᠡ ᠳᠥᠷᠪᠡᠨ ᠪᠤᠶᠤ ᠠᠷᠢᠭᠤᠨ ᠢᠳᠡᠭᠡᠲᠦ ᠬᠠᠭᠠᠨ ᠤ ᠬᠥᠪᠡᠭᠦᠨ ᠪᠤᠷᠬᠠᠨ ᠪᠠᠭᠰᠢ ᠦᠵᠡᠰᠭᠦᠯᠡᠩ ᠲᠦ ᠨᠠᠨᠳᠢ ᠬᠣᠶᠠᠷ ᠪᠤᠶᠤ ᠴᠠᠭᠠᠨ ᠢᠳᠡᠭᠡᠲᠦ ᠬᠠᠭᠠᠨ ᠤ ᠬᠥᠪᠡᠭᠦᠨ ᠨᠠᠰᠤᠨ ᠠ ᠲᠡᠭᠦᠯᠳᠡᠷ ᠢᠯᠠᠭᠤᠭᠴᠢ
buyu # tegün=ü köbegün Namai-Kökö kemekü dörben tyib=i ejelegči Altan-Kürdütü-qaγan tegün=ü köbegün üjesgüleng=tü γurban tyib=i ejelegči Mönggön-Kürdütü-qaγan tegün=ü köbegün masi üjesgüleng=tü qoyar tyib=i ejelegči Jes-Kürdütü-qaγan tegün=ü köbegün sayin üjesgüleng=tü nigen tyib=i ejelegči Temür-Kürdütü-qaγan tegün=ü köbegün Tegüs-Üjesgüleng=tü-qaγan buyu tede tabun Čakravarti-qaγan kemen aldarsibai # Tegüs-Üjesgüleng=tü-qaγan=u köbegün Talbiγči-qaγan tegün=ü köbegün Talbin-Bariγči-qaγan tegün=ü köbegün $egüni-qaγan tegün=ü köbegün Güsi-qaγan tegün=ü köbegün Yeke-Güsi-qaγan tegün=ü köbegün Sayin-Üjegči-qaγan buyu Maq=a-Samadi-qaγan=u altan uruγ=ača inaγsi saluγsan Girgi-qaγan buyu tegün=ü köbegün Sayin-Töröl=tü-qaγan tere qaγan=ača ulam ulam jerge=ber saluγsan qad=un ečüs Arslan-Oγočitu-qaγan buyu # tegün=ü köbegün Ariγun-Idegetü-qaγan Čaγan-Idegetü-qaγan Tangsuγ-Idegetü-qaγan Rasiyan-Idegetü-qaγan ede dörben buyu Ariγun-Idegetü-qaγan=u köbegün Burqan-baγsi Üjesgüleng=tü-Nandi qoyar buyu Čaγan-Idegetü-qaγan=u köbegün Nasun=a-Tegülder-Ilaγuγči
3a
ᠬᠢᠭᠡᠳ ᠲᠡᠭᠦᠰ ᠰᠠᠶᠢᠨ ᠬᠣᠶᠠᠷ ᠪᠤᠶᠤ ᠲᠠᠩᠰᠤᠭ ᠢᠳᠡᠭᠡᠲᠦ ᠬᠠᠭᠠᠨ ᠤ ᠬᠥᠪᠡᠭᠦᠨ ᠨᠠᠰᠤᠨ ᠠ ᠲᠡᠭᠦᠯᠳᠡᠷ ᠶᠡᠬᠡ ᠨᠡᠷᠡᠲᠦ ᠬᠢᠭᠡᠳ ᠦᠯᠦ ᠳᠣᠷᠣᠶᠢᠲᠠᠭᠴᠢ ᠬᠣᠶᠠᠷ ᠪᠤᠶᠤ ᠷᠠᠰᠢᠶᠠᠨ ᠢᠳᠡᠭᠡᠲᠦ ᠬᠠᠭᠠᠨ ᠤ ᠬᠥᠪᠡᠭᠦᠨ ᠳᠠᠸᠠᠳᠠᠳ ᠠᠨᠠᠨᠳᠠ ᠬᠣᠶᠠᠷ ᠪᠤᠶᠤ ᠰᠢᠬᠠᠮᠤᠨᠢ ᠶᠢᠨ ᠬᠥᠪᠡᠭᠦᠨ ᠷᠠᠬᠤᠯᠢ ᠪᠤᠶᠤ ᠷᠠᠬᠤᠯᠢ ᠲᠣᠶᠢᠨ ᠪᠣᠯᠤᠭᠰᠠᠨ ᠤ ᠲᠤᠯᠠ ᠠᠷᠢᠭᠤᠨ ᠢᠳᠡᠭᠡᠲᠦ ᠬᠠᠭᠠᠨ ᠤ ᠢᠵᠠᠭᠤᠷ ᠲᠠᠰᠤᠷᠠᠪᠠ ᠭᠡᠬᠦ ᠣᠯᠠᠨ ᠰᠤᠳᠤᠷ ᠤᠳ ᠲᠤᠷ ᠲᠠᠰᠤᠷᠠᠭᠰᠠᠨ ᠦᠭᠡᠢ ᠬᠡᠮᠡᠨ ᠨᠣᠮᠯᠠᠪᠠᠢ ᠪᠤᠷᠬᠠᠨ ᠨᠢᠷᠸᠠᠨ ᠲᠤᠷ ᠨᠥᠬᠴᠢᠵᠦ ᠮᠢᠩᠭᠠᠨ ᠢᠯᠡᠭᠦ ᠵᠢᠯ ᠪᠣᠯᠤᠭᠰᠠᠨ ᠤ ᠬᠣᠶᠢᠨᠠ ᠮᠠᠬ ᠠ ᠰᠠᠮᠠᠳᠢ ᠬᠠᠭᠠᠨ ᠤ ᠠᠯᠲᠠᠨ ᠤᠷᠤᠭ ᠠᠴᠠ ᠳᠣᠷᠣᠨᠠ ᠴᠠᠰᠤᠲᠤ ᠣᠷᠣᠨ ᠲᠤᠷ ᠳᠡᠯᠭᠡᠷᠡᠭᠰᠡᠨ ᠠᠨᠤ ᠡᠶᠢᠨ ᠪᠤᠶᠤ ᠡᠨᠡᠳᠬᠡᠭ ᠦᠨ ᠮᠡᠭᠡᠳᠡ ᠶᠢᠨ ᠬᠦᠰᠠᠯᠠ ᠬᠠᠭᠠᠨ ᠤ ᠬᠥᠪᠡᠭᠦᠨ ᠰᠠᠷᠪᠠ ᠨᠡᠷᠡᠲᠦ ᠬᠠᠭᠠᠨ ᠤ ᠲᠠᠪᠤᠨ ᠬᠥᠪᠡᠭᠦᠨ ᠦ ᠣᠳᠬᠠᠨ ᠢᠨᠤ ᠲᠥᠷᠥᠯᠬᠢ ᠬᠢᠷᠢᠰ ᠦᠰᠦᠲᠦ ᠭᠠᠷ ᠬᠥᠯ ᠢᠨᠤ ᠬᠠᠪᠲᠠᠭᠠᠢ ᠨᠢᠳᠦᠨ ᠢᠨᠤ ᠳᠣᠣᠷᠠ ᠠᠴᠠ ᠳᠡᠭᠡᠭᠰᠢᠳᠡ ᠠᠨᠢᠬᠤ ᠪᠤᠶᠤ ᠡᠨᠡ ᠤᠷᠢᠳᠠᠬᠢ ᠲᠥᠷᠥᠯ ᠲᠦᠷ ᠠᠳᠠᠯᠢ ᠪᠤᠰᠤ ᠬᠡᠮᠡᠯᠳᠦᠵᠦ ᠵᠢᠰ ᠵᠡᠰ ᠬᠠᠭᠤᠷᠴᠠᠭ ᠲᠤᠷ ᠬᠢᠵᠦ ᠭᠠᠩᠭᠠ ᠮᠥᠷᠡᠨ ᠲᠦᠷ ᠣᠭᠣᠷᠪᠠᠢ ᠪᠠᠯᠪᠤ ᠲᠥᠪᠡᠳ ᠬᠣᠶᠠᠷ ᠤᠨ ᠵᠠᠪᠰᠠᠷ᠎ᠠ ᠲᠥᠪᠡᠳ ᠦᠨ ᠨᠢᠭᠡᠨ ᠡᠪᠦᠭᠡᠨ ᠮᠥᠷᠡᠨ ᠦ ᠬᠢᠵᠠᠭᠠᠷ ᠠᠴᠠ ᠬᠠᠭᠤᠷᠴᠠᠭ ᠢ ᠣᠯᠤᠭᠠᠳ ᠨᠡᠭᠡᠵᠦ ᠦᠵᠡᠪᠡᠰᠦ ᠭᠣᠤ᠎ᠠ ᠦᠵᠡᠰᠭᠦᠯᠡᠩ ᠲᠦ ᠨᠢᠭᠡᠨ ᠬᠥᠪᠡᠭᠦᠨ ᠠᠵᠤᠬᠤ ᠠᠷᠪᠠᠨ ᠵᠢᠷᠭᠤᠭᠠᠨ ᠨᠠᠰᠤᠲᠤ ᠪᠣᠯᠵᠤ ᠴᠠᠰᠤᠲᠤ ᠰᠠᠮᠪᠤ ᠠᠭᠤᠯᠠ ᠳᠥᠷᠪᠡᠨ ᠬᠠᠷᠢ ᠭᠠᠵᠠᠷ ᠢ ᠤᠬᠠᠵᠤ ᠨᠤᠲᠤᠭᠯᠠᠶ᠎ᠠ ᠭᠡᠵᠦ ᠢᠷᠡᠲᠡᠯᠡ ᠲᠥᠪᠡᠳ ᠦᠨ ᠬᠦᠮᠦᠨ ᠤᠴᠠᠷᠠᠵᠤ ᠬᠠᠮᠢᠭ ᠠ ᠠᠴᠠ ᠢᠷᠡᠬᠦ ᠬᠦᠮᠦᠨ ᠪᠤᠶᠤ ᠭᠡᠵᠦ ᠠᠰᠠᠭᠪᠠ ᠳᠡᠭᠡᠭᠰᠢᠳᠡ
kiged Tegüs-Sayin qoyar buyu Tangsuγ-Idegetü-qaγan=u köbegün Nasun=a-Tegülder yeke neretü kiged Ülü-Doroyitaγči qoyar buyu Rasiyan-Idegetü-qaγan=u köbegün Davadad Ananda qoyar buyu Sikamuni=yin köbegün Raquli buyu Raquli toyin boluγsan=u tula Ariγun-Idegetü-qaγan=u ijaγur tasuraba gekü olan sudur=ud=tur tasuraγsan ügei kemen nomlabai # Burqan nirvan=tur nökčijü mingγan ilegü jil boluγsan=u qoyina Maq=a-Samadi-qaγan=u altan uruγ=ača dorona časutu oron=tur delgeregsen anu eyin buyu Enedkeg=ün Megede=yin Küsala-qaγan=u köbegün Sarba neretü qaγan=u tabun köbegün=ü odqan inu törölki kiris üsütü γar köl inu qabtaγai nidün inu doora=ača degegside aniqu buyu ene uridaki töröl=tür adali busu kemeldüjü jis <jes> qaγurčaγ=tur kijü Gangga-mören=tür oγorbai # Balbu Töbed qoyar=un jabsar=a Töbed=ün nigen ebügen mören=ü kijaγar=ača qaγurčaγ=i oluγad negejü üjebesü γou=a üjesgüleng(=tü) nigen köbegün ajuqu arban jirγuγan nasutu bolju Časutu-Sambu-aγula dörben qari γajar=i uqaju nutuγlay=a gejü iretele Töbed=ün kümün učaraju qamiγ=a=ača irekü kümün buyu gejü asaγba degegside
3b
ᠵᠢᠭᠠᠪᠠᠢ ᠡᠨᠡ ᠬᠡᠦᠬᠡᠨ ᠲᠩᠷᠢ ᠳᠡᠴᠡ ᠵᠠᠶᠠᠭᠠᠲᠤ ᠪᠤᠶᠤ ᠮᠠ ᠨᠤ ᠲᠥᠪᠡᠳ ᠤᠯᠤᠰ ᠬᠠᠭᠠᠨ ᠦᠭᠡᠢ ᠪᠤᠶᠤ ᠭᠡᠵᠦ ᠬᠦᠵᠦᠭᠦᠨ ᠲᠦᠷ ᠢᠶᠡᠨ ᠡᠷᠭᠦᠨ ᠠᠪᠴᠤ ᠢᠷᠡᠪᠡᠢ ᠲᠥᠪᠡᠳ ᠦᠨ ᠡᠩ ᠲᠡᠷᠢᠭᠦᠨ ᠬᠦᠵᠦᠭᠦᠨ ᠰᠠᠨᠳᠠᠯᠢ ᠲᠤ ᠬᠠᠭᠠᠨ ᠲᠡᠷᠡ ᠪᠤᠶᠤ ᠲᠡᠭᠦᠨ ᠦ ᠬᠥᠪᠡᠭᠦᠨ ᠬᠦᠮᠦᠨ ᠰᠠᠨᠳᠠᠯᠢ ᠲᠤ ᠬᠠᠭᠠᠨ ᠲᠡᠭᠦᠨ ᠦ ᠬᠥᠪᠡᠭᠦᠨ ᠬᠢᠶ ᠠ ᠵᠠᠷᠪᠤ ᠰᠢᠪᠠᠭᠤᠨ ᠰᠠᠨᠳᠠᠯᠢ ᠲᠤ ᠬᠠᠭᠠᠨ ᠲᠡᠭᠦᠨ ᠦ ᠬᠥᠪᠡᠭᠦᠨ ᠨᠠᠶᠢᠳᠤᠯᠭ ᠠ ᠠᠷᠪᠠᠢ ᠰᠠᠨᠳᠠᠯᠢ ᠲᠤ ᠬᠠᠭᠠᠨ ᠲᠡᠭᠦᠨ ᠦ ᠬᠥᠪᠡᠭᠦᠨ ᠬᠦᠷᠢ ᠬᠦᠯᠦᠭ ᠭᠠᠯ ᠪᠣᠯᠣᠷ ᠰᠠᠨᠳᠠᠯᠢ ᠲᠤ ᠬᠠᠭᠠᠨ ᠲᠡᠭᠦᠨ ᠦ ᠬᠥᠪᠡᠭᠦᠨ ᠭᠦᠨ ᠰᠣᠪᠢᠨ ᠮᠣᠷᠢᠨ ᠰᠠᠨᠳᠠᠯᠢ ᠲᠤ ᠬᠠᠭᠠᠨ ᠲᠡᠭᠦᠨ ᠦ ᠬᠥᠪᠡᠭᠦᠨ ᠳᠠᠯᠠᠢ ᠰᠣᠪᠢᠨ ᠠᠯᠲᠠᠨ ᠰᠠᠨᠳᠠᠯᠢ ᠲᠤ ᠬᠠᠭᠠᠨ ᠪᠤᠶᠤ ᠡᠳᠡᠭᠡᠷ ᠡᠷᠬᠢᠨ ᠳᠣᠯᠣᠭᠠᠨ ᠰᠠᠨᠳᠠᠯᠢ ᠲᠤ ᠬᠠᠭᠠᠨ ᠬᠡᠮᠡᠨ ᠠᠯᠳᠠᠷᠰᠢᠪᠠᠢ ᠲᠡᠷᠡ ᠬᠠᠭᠠᠨ ᠠᠴᠠ ᠰᠠᠯᠵᠤ ᠠᠷᠪᠠᠨ ᠶᠢᠰᠦᠨ ᠦᠶ᠎ᠡ ᠪᠣᠯᠤᠭᠰᠠᠨ ᠲᠤᠷ ᠯᠠ ᠳᠣᠲᠣᠷᠢ ᠢᠰᠮᠲᠠᠨ ᠰᠠᠯ ᠨᠡᠷᠡᠲᠦ ᠬᠠᠭᠠᠨ ᠤ ᠴᠠᠭ ᠲᠤᠷ ᠪᠤᠷᠬᠠᠨ ᠤ ᠱᠠᠰᠢᠨ ᠤ ᠡᠬᠢᠨ ᠢ ᠣᠯᠤᠭᠰᠠᠨ ᠠᠵᠤ ᠲᠡᠷᠡ ᠬᠠᠭᠠᠨ ᠠᠴᠠ ᠰᠠᠯᠵᠤ ᠲᠠᠪᠤᠨ ᠦᠶ᠎ᠡ ᠪᠣᠯᠤᠭᠰᠠᠨ ᠲᠤᠷ ᠰᠷᠣᠩ ᠰᠠᠩ ᠷᠭᠠᠮᠪᠣ ᠬᠠᠭᠠᠨ ᠲᠥᠷᠥᠭᠰᠡᠨ ᠪᠤᠶᠤ ᠲᠡᠷᠡ ᠬᠠᠭᠠᠨ ᠠᠨᠤ ᠬᠢᠲᠠᠳ ᠤᠨ ᠭᠠᠵᠠᠷ ᠠᠴᠠ ᠨᠣᠭᠣᠭᠠᠨ ᠳᠠᠷᠠ ᠪᠣᠳᠢᠰᠤᠩ ᠵᠠᠤ ᠰᠢᠬᠠᠮᠤᠨᠢ ᠲᠡᠷᠢᠭᠦᠲᠡᠨ ᠢ ᠵᠠᠯᠠᠭᠠᠳ ᠪᠠᠯᠪᠤ ᠶᠢᠨ ᠭᠠᠵᠠᠷ ᠠᠴᠠ ᠴᠠᠭᠠᠨ ᠳᠠᠷᠠ ᠪᠣᠳᠢᠰᠤᠩ ᠵᠠᠤ ᠠᠭᠠᠱᠤᠪᠢ ᠪᠤᠷᠬᠠᠨ ᠲᠡᠷᠢᠭᠦᠲᠡᠨ ᠢ ᠵᠠᠯᠠᠵᠤ ᠰᠦᠮ᠎ᠡ ᠬᠡᠶᠢᠳ ᠢ ᠪᠠᠶᠢᠭᠤᠯᠵᠤ ᠲᠣᠮᠢ ᠰᠠᠮᠪᠤᠳᠠ ᠬᠡᠮᠡᠬᠦ ᠲᠦᠰᠢᠮᠡᠯ ᠢ ᠡᠨᠡᠳᠬᠡᠭ ᠳᠦᠷ ᠢᠯᠡᠭᠡᠵᠦ ᠪᠢᠴᠢᠭ ᠦᠳ ᠢ ᠠᠴᠢᠷᠠᠵᠤ ᠲᠥᠪᠡᠳ ᠦᠨ ᠠᠨᠠᠨᠳᠠ ᠪᠠᠨᠳᠢᠳᠠ ᠲᠣᠮᠢ ᠰᠠᠮᠪᠤᠳᠠ ᠬᠡᠯᠡᠮᠦᠷᠴᠢᠨ ᠢᠶᠡᠷ ᠨᠣᠮ ᠤᠳ ᠢ ᠣᠷᠴᠢᠭᠤᠯᠵᠤ
jiγabai ene keüken tngri=deče jayaγatu buyu ma=nu Töbed ulus qaγan ügei buyu gejü küjügün=tür=iyen ergün abču irebei Töbed=ün eng terigün Küjügün-Sandali=tu-qaγan tere buyu # tegün=ü köbegün Kümün-Sandali=tu-qaγan tegün=ü köbegün Kiy=a-Jarbu-Sibaγun-Sandali=tu-qaγan tegün=ü köbegün Nayidulγ=a-Arbai-Sandali=tu-qaγan tegün=ü köbegün Küri-Külüg-Γal-Bolor-Sandali=tu-qaγan tegün=ü köbegün Gün-Sobin-Morin-Sandali=tu-qaγan tegün=ü köbegün Dalai-Sobin-Altan-Sandali=tu-qaγan buyu edeger erkin doloγan sandali=tu qaγan kemen aldarsibai # tere qaγan=ača salju arban yisün üy=e boluγsan=tur Lxa-Dotori-Ismtan-Sal neretü qaγan=u čaγ=tur burqan=u šasin=u ekin=i oluγsan aju tere qaγan=ača salju tabun üy=e boluγsan=tur Srong-Sang-Rγambo-qaγan törögsen buyu tere qaγan anu Kitad=un γajar=ača Noγoγan-Dara-bodisung Jau-Sikamuni terigüten=i jalaγad Balbu=yin γajar=ača čaγan Dara-bodisung Jau-Aγašubi-burqan terigüten=i jalaju süm=e keyid=i bayiγulju Tomi-Sambuda kemekü tüsimel=i Enedkeg=dür ilegejü bičig=üd=i ačiraju Töbed=ün Ananda-bandida Tomi-Sambuda kelemürčin=iyer nom=ud=i orčiγulju
4a
ᠨᠣᠮ ᠤᠨ ᠲᠥᠷᠥ ᠶᠣᠰᠤᠨ ᠢ ᠭᠠᠷᠭᠠᠵᠤ ᠭᠡᠶᠢᠯᠭᠡᠪᠡᠢ ᠲᠡᠷᠡ ᠬᠠᠭᠠᠨ ᠠᠴᠠ ᠤᠯᠠᠮ ᠰᠠᠯᠵᠤ ᠲᠠᠪᠤᠨ ᠦᠶ᠎ᠡ ᠪᠣᠯᠤᠭᠰᠠᠨ ᠲᠤᠷ ᠳᠢ ᠰᠷᠤᠩ ᠳᠠᠪᠴᠠᠨ ᠬᠠᠭᠠᠨ ᠠᠨᠤ ᠠᠮᠤᠷᠯᠢᠭᠰᠠᠨ ᠳᠠᠯᠠᠢ ᠨᠡᠷᠡᠲᠦ ᠪᠯᠠᠮ᠎ᠠ ᠪᠠᠳᠮ ᠠ ᠰᠠᠮᠪᠠᠤ᠎ᠠ ᠪᠠᠭᠰᠢ ᠪᠠ ᠭᠡᠮᠡᠯᠡᠰᠢᠯᠡ ᠲᠡᠷᠢᠭᠦᠲᠡᠨ ᠪᠠᠨᠳᠢᠳᠠ ᠶᠢ ᠵᠠᠯᠠᠵᠤ ᠢᠷᠡᠭᠡᠳ ᠸᠢᠷᠣᠴᠠᠨ᠎ᠠ ᠲᠡᠷᠢᠭᠦᠲᠡᠨ ᠣᠯᠠᠨ ᠬᠡᠯᠡᠮᠦᠷᠴᠢᠳ ᠢᠶᠡᠷ ᠨᠣᠮ ᠤᠳ ᠢ ᠣᠷᠴᠢᠭᠤᠯᠵᠤ ᠱᠠᠰᠢᠨ ᠢ ᠶᠡᠬᠡ ᠳᠡ ᠳᠡᠯᠭᠡᠷᠡᠭᠦᠯᠪᠡᠢ ᠲᠡᠷᠡ ᠬᠠᠭᠠᠨ ᠠᠴᠠ ᠭᠤᠷᠪᠠᠨ ᠦᠶ᠎ᠡ ᠪᠣᠯᠤᠭᠰᠠᠨ ᠲᠤᠷ ᠦᠰᠦᠨ ᠰᠠᠨᠳᠠᠯᠢ ᠲᠤ ᠬᠠᠭᠠᠨ ᠠᠨᠤ ᠡᠨᠡᠳᠬᠡᠭ ᠡᠴᠡ ᠮᠢᠳᠠ ᠬᠡᠮᠡᠬᠦ ᠪᠯᠠᠮ ᠠ ᠶᠢ ᠵᠠᠯᠠᠵᠤ ᠡᠷᠲᠡ ᠣᠷᠴᠢᠭᠤᠯᠤᠭᠰᠠᠨ ᠨᠣᠮ ᠤᠳ ᠢ ᠵᠠᠰᠠᠨ ᠡᠰᠡ ᠣᠷᠴᠢᠭᠤᠯᠤᠭᠰᠠᠨ ᠨᠣᠮ ᠤᠳ ᠢ ᠣᠷᠴᠢᠭᠤᠯᠵᠤ ᠪᠤᠷᠬᠠᠨ ᠢ ᠱᠠᠰᠢᠨ ᠢ ᠶᠡᠬᠡᠳᠡ ᠳᠡᠯᠭᠡᠷᠡᠭᠦᠯᠪᠡᠢ ᠲᠡᠳᠡᠭᠡᠷ ᠠᠴᠢᠲᠤ ᠬᠠᠳ ᠤᠨ ᠠᠴᠢ ᠪᠠᠷ ᠪᠤᠷᠬᠠᠨ ᠤ ᠱᠠᠰᠢᠨ ᠡᠳᠦᠭᠡ ᠬᠦᠷᠲᠡᠯ᠎ᠡ ᠳᠡᠯᠭᠡᠷᠡᠭᠦᠯᠦᠭᠰᠡᠨ ᠠᠵᠤᠬᠤ ᠪᠤᠷᠬᠠᠨ ᠨᠢᠷᠸᠠᠨ ᠲᠤᠷ ᠨᠥᠬᠴᠢᠵᠦ ᠭᠤᠷᠪᠠᠨ ᠮᠢᠩᠭᠠᠨ ᠬᠣᠶᠠᠷ ᠵᠠᠭᠤᠨ ᠲᠠᠪᠢᠨ ᠢᠯᠡᠭᠦ ᠵᠢᠯ ᠪᠣᠯᠤᠭᠰᠠᠨ ᠲᠤᠷ ᠤᠮᠠᠷᠠ ᠮᠣᠩᠭᠣᠯ ᠤᠨ ᠭᠠᠵᠠᠷ ᠲᠤᠷ ᠠᠨᠤ ᠪᠣᠭᠳᠠ ᠴᠢᠩᠭᠢᠰ ᠬᠠᠭᠠᠨ ᠲᠥᠷᠥᠭᠰᠡᠨ ᠶᠣᠰᠤᠨ ᠡᠶᠢᠮᠦ ᠪᠤᠶᠤ ᠲᠥᠪᠡᠳ ᠦᠨ ᠡᠩ ᠲᠡᠷᠢᠭᠦᠨ ᠬᠦᠵᠦᠭᠦᠨ ᠰᠠᠨᠳᠠᠯᠢ ᠲᠤ ᠬᠠᠭᠠᠨ ᠠᠴᠠ ᠰᠠᠯᠤᠭᠰᠠᠨ ᠳᠠᠯᠠᠢ ᠰᠣᠪᠢᠨ ᠠᠯᠲᠠᠨ ᠰᠠᠨᠳᠠᠯᠢ ᠲᠤ ᠬᠠᠭᠠᠨ ᠤ ᠬᠥᠪᠡᠭᠦᠨ ᠠᠨᠤ ᠭᠤᠷᠪᠠᠨ ᠪᠤᠶᠤ ᠠᠬ᠎ᠠ ᠠᠨᠤ ᠪᠣᠷᠣᠴᠤ ᠳᠡᠳ ᠠᠨᠤ ᠰᠢᠪᠠᠭᠤᠴᠢ ᠣᠳᠬᠠᠨ ᠢᠨᠤ ᠪᠥᠷᠲᠡ ᠴᠢᠨᠣ᠎ᠠ ᠪᠤᠶᠤ ᠥᠪᠡᠷ ᠵᠠᠭᠤᠷᠠᠪᠠᠨ ᠮᠠᠭᠤᠯᠠᠯᠳᠤᠵᠤ ᠪᠥᠷᠲᠡ ᠴᠢᠨᠣ᠎ᠠ ᠤᠮᠠᠷᠠ ᠵᠦᠭ ᠲᠡᠩᠭᠢᠰ ᠳᠠᠯᠠᠢ ᠬᠡᠲᠦᠯᠵᠦ ᠵᠠᠳ ᠤᠨ ᠭᠠᠵᠠᠷ᠎ᠠ ᠢᠷᠡᠭᠡᠳ ᠡᠷ᠎ᠡ ᠦᠭᠡᠢ ᠭᠣᠤ ᠠ ᠮᠠᠷᠠᠯ
nom=un törö yosun=i γarγaju geyilgebei # tere qaγan=ača ulam salju tabun üy=e boluγsan=tur Di-Srung-Dabčan-qaγan anu Amurliγsan-Dalai neretü blam=a Badm=a-Sambau=a baγsi ba Gemelesile terigüten bandida=yi jalaju ireged Viročan=a terigüten olan kelemürčid=iyer nom=ud=i orčiγulju šasin=i yeke=de delgeregülbei tere qaγan=ača γurban üy=e boluγsan=tur Üsün-Sandali=tu-qaγan anu Enedkeg=eče Mida kemekü blam=a=yi jalaju erte orčiγuluγsan nom=ud=i jasan ese orčiγuluγsan nom=ud=i orčiγulju burqan=i šasin=i yekede delgeregülbei tedeger ačitu qad=un ači=bar burqan=u šasin edüge kürtel=e delgeregülügsen ajuqu # Burqan nirvan=tur nökčijü γurban mingγan qoyar jaγun tabin ilegü jil boluγsan=tur umara Mongγol=un γajar=tur anu boγda Činggis-qaγan törögsen yosun eyimü buyu Töbed=ün eng terigün Küjügün-Sandali=tu-qaγan=ača saluγsan Dalai-Sobin-Altan-Sandali=tu- qaγan=u köbegün anu γurban buyu aq=a anu Boroču ded anu Sibaγuči odqan inu Börte-Čino=a buyu öber jaγuraban maγulalduju Börte-Čino=a umara jüg tenggis dalai ketüljü jad=un γajar=a ireged er=e ügei Γou=a-Maral
4b
ᠨᠡᠷᠡᠲᠦ ᠥᠬᠢᠨ ᠢ ᠠᠪᠴᠤ ᠵᠠᠳ ᠤᠨ ᠭᠠᠵᠠᠷ᠎ᠠ ᠨᠤᠲᠤᠭᠯᠠᠨ ᠮᠣᠩᠭᠣᠯ ᠣᠪᠣᠭ ᠲᠠᠨ ᠪᠣᠯᠪᠠ ᠳᠡᠭᠡᠷ᠎ᠡ ᠲᠩᠷᠢ ᠶᠢᠨ ᠵᠠᠶᠠᠭᠠᠪᠠᠷ ᠲᠡᠩᠭᠢᠰ ᠳᠠᠯᠠᠢ ᠶᠢ ᠬᠡᠲᠦᠯᠵᠦ ᠢᠷᠡᠭᠰᠡᠨ ᠪᠥᠷᠲᠡ ᠴᠢᠨᠣ᠎ᠠ ᠭᠣᠤ ᠠ ᠮᠠᠷᠠᠯ ᠬᠣᠶᠠᠷ ᠪᠤᠷᠬᠠᠨ ᠬᠠᠯᠳᠤᠨ᠎ᠠ ᠨᠤᠲᠤᠭᠯᠠᠵᠤ ᠠᠭᠰᠠᠨ ᠠᠵᠤᠬᠤ ᠲᠡᠷᠡ ᠬᠣᠶᠠᠷ ᠠᠴᠠ ᠪᠠᠲᠠ ᠴᠠᠭᠠᠨ ᠲᠥᠷᠥᠪᠡ ᠪᠠᠲᠠ ᠴᠠᠭᠠᠨ ᠤ ᠬᠥᠪᠡᠭᠦᠨ ᠲᠠᠮᠠᠴᠢᠨ ᠨᠡᠷᠡᠲᠦ ᠪᠥᠯᠦᠭᠡ ᠲᠠᠮᠠᠴᠢᠨ ᠤ ᠬᠥᠪᠡᠭᠦᠨ ᠬᠣᠷᠢᠴᠠᠷ ᠮᠡᠷᠭᠡᠨ ᠪᠥᠯᠦᠭᠡ ᠬᠣᠷᠢᠴᠠᠷ ᠮᠡᠷᠭᠡᠨ ᠦ ᠬᠥᠪᠡᠭᠦᠨ ᠤᠭᠤᠵᠠᠮ ᠪᠤᠭᠤᠷᠤᠯ ᠪᠥᠯᠦᠭᠡ ᠤᠭᠤᠵᠠᠮ ᠪᠤᠭᠤᠷᠤᠯ ᠤᠨ ᠬᠥᠪᠡᠭᠦᠨ ᠰᠠᠯᠢ ᠬᠠᠯᠴᠠᠭᠤ ᠪᠥᠯᠦᠭᠡ ᠰᠠᠯᠢ ᠬᠠᠯᠴᠠᠭᠤ ᠶᠢᠨ ᠬᠥᠪᠡᠭᠦᠨ ᠶᠡᠬᠡ ᠨᠢᠳᠦᠨ ᠨᠡᠷᠡᠲᠦ ᠪᠥᠯᠦᠭᠡ ᠶᠡᠬᠡ ᠨᠢᠳᠦᠨ ᠦ ᠬᠥᠪᠡᠭᠦᠨ ᠰᠡᠮ ᠰᠣᠴᠢ ᠨᠡᠷᠡᠲᠦ ᠪᠥᠯᠦᠭᠡ ᠰᠡᠮ ᠰᠣᠴᠢ ᠶᠢᠨ ᠬᠥᠪᠡᠭᠦᠨ ᠬᠠᠷᠠᠴᠤᠰ ᠨᠡᠷᠡᠲᠦ ᠪᠥᠯᠦᠭᠡ ᠬᠠᠷᠠᠴᠤᠰ ᠤᠨ ᠬᠥᠪᠡᠭᠦᠨ ᠪᠤᠷᠬᠠᠨ ᠬᠠᠯᠳᠤᠨ ᠤ ᠡᠪᠦᠷ ᠡᠲᠡᠭᠡᠳ ᠣᠷᠣᠰᠬᠤ ᠪᠣᠲᠠᠭᠠᠨᠪᠤᠳᠠ ᠪᠣᠭᠣᠷᠴᠢᠨ ᠤ ᠲᠡᠷᠢᠭᠦᠨ᠎ᠡ ᠲᠥᠷᠥᠭᠰᠡᠨ ᠪᠣᠷᠵᠢᠭᠢᠳᠠᠢ ᠮᠡᠷᠭᠡᠨ ᠮᠣᠩᠭᠣᠯᠵᠢᠨ ᠭᠣᠤ᠎ᠠ ᠭᠡᠷᠭᠡᠢ ᠲᠦ ᠪᠥᠯᠦᠭᠡ ᠮᠣᠩᠭᠣᠯᠵᠢᠨ ᠭᠣᠤ ᠠ ᠲᠠᠴᠠ ᠲᠥᠷᠥᠭᠰᠡᠨ ᠲᠣᠷᠭᠣᠯᠵᠢᠨ ᠪᠠᠶᠠᠨ ᠪᠣᠷᠣᠭᠴᠢᠨ ᠭᠣᠤ᠎ᠠ ᠭᠡᠷᠭᠡᠢ ᠲᠦ ᠪᠣᠷᠣᠯᠳᠠᠢ ᠬᠤᠪᠢᠯᠠᠢ ᠵᠠᠯᠠᠭᠤ ᠲᠤ ᠬᠥᠪᠡᠭᠦᠨ ᠲᠦ ᠳᠠᠶᠢᠷ ᠪᠣᠷᠣ ᠬᠣᠶᠠᠷ ᠬᠦᠯᠦᠭ ᠦᠳ ᠮᠣᠷᠢ ᠲᠤ ᠪᠥᠯᠦᠭᠡ ᠪᠣᠷᠣᠭᠴᠢᠨ ᠭᠣᠤ ᠠ ᠲᠠᠴᠠ ᠲᠥᠷᠥᠭᠰᠡᠨ ᠳᠣᠤ ᠠ ᠰᠣᠬᠣᠷ ᠳᠣᠪᠤ ᠮᠡᠷᠭᠡᠨ ᠬᠣᠶᠠᠷ ᠪᠥᠯᠦᠭᠡ ᠳᠣᠤ ᠠ ᠰᠣᠬᠣᠷ ᠮᠠᠩᠯᠠᠢ ᠳᠤᠮᠳᠠ ᠭᠠᠭᠴᠠ ᠨᠢᠳᠦᠲᠦ ᠪᠥᠭᠡᠲᠡᠯᠡ ᠭᠤᠷᠪᠠᠨ ᠨᠡᠭᠦᠷᠢ ᠨᠡᠭᠦᠳᠡᠯ ᠭᠠᠵᠠᠷᠠ ᠦᠵᠡᠮ ᠪᠥᠯᠦᠭᠡ
neretü ökin=i abču jad=un γajar=a nutuγlan Mongγol oboγ=tan bolba # deger=e tngri=yin jayaγabar tenggis dalai=yi ketüljü iregsen Börte-Čino=a Γou=a-Maral qoyar Burqan-Qaldun=a nutuγlaju aγsan ajuqu tere qoyar=ača Bata-Čaγan töröbe , Bata-Čaγan=u köbegün Tamačin neretü bölüge Tamačin=u köbegün Qoričar-Mergen bölüge Qoričar-Mergen=ü köbegün Uγujam-Buγurul bölüge Uγujam-Buγurul=un köbegün Sali-Qalčaγu bölüge Sali-Qalčaγu=yin köbegün Yeke-Nidün neretü bölüge Yeke-Nidün=ü köbegün Sem-Soči neretü bölüge Sem-Soči=yin köbegün Qaračus neretü bölüge Qaračus=un köbegün Burqan-Qaldun=u ebür eteged orosqu Botaγan(Buda)-Boγorčin=u terigün=e törögsen Borjigidai-Mergen Mongγoljin-Γou=a gergei=tü bölüge Mongγoljin-Γou=a=tača törögsen Torγoljin-Bayan Boroγčin-Γou=a gergei=tü Boroldai Qubilai jalaγu=tu (köbegün=tü) dayir boro qoyar külüg=üd mori=tu bölüge Boroγčin-Γou=a=tača törögsen Dou=a-Soqor Dobu-Mergen qoyar bölüge Dou=a-Soqor manglai dumda γaγča nidütü bögetele γurban negüri (negüdel) γajara üjem bölüge
5a
ᠨᠢᠭᠡᠨ ᠡᠳᠦᠷ ᠠᠬ᠎ᠠ ᠳᠡᠭᠦ ᠬᠣᠶᠠᠭᠤᠯᠠ ᠭᠥᠷᠥᠭᠡᠯᠡᠭᠡᠳ ᠪᠤᠷᠬᠠᠨ ᠬᠠᠯᠳᠤᠨ᠎ᠠ ᠳᠡᠭᠡᠷᠡ ᠭᠠᠷᠪᠠᠰᠤ ᠲᠣᠶᠢᠷᠠᠨ ᠣᠢ ᠰᠢᠭᠤᠢ ᠶᠢᠨ ᠭᠡᠷᠦ ᠲᠡᠴᠡ ᠭᠡᠷ ᠡᠴᠡ ᠲᠦᠩᠭᠢᠯᠡᠭ ᠭᠣᠷᠣᠬᠤᠨ ᠴᠦᠩᠭᠦᠷ ᠲᠠᠯᠠ ᠲᠥᠬᠥᠮ ᠤᠷᠤᠭᠤ ᠨᠢᠭᠡᠨ ᠪᠥᠯᠥᠭ ᠢᠷᠭᠡᠨ ᠨᠡᠭᠦᠵᠦ ᠠᠶᠢᠰᠤᠬᠤᠢᠢᠷᠡᠬᠦᠢ ᠶᠢ ᠠᠬ᠎ᠠ ᠢᠨᠤ ᠳᠣᠤ ᠠ ᠰᠣᠬᠣᠷ ᠦᠵᠡᠵᠦ ᠥᠭᠦᠯᠡᠷᠦᠨ ᠲᠡᠷᠡ ᠲᠦᠩᠭᠡᠯᠢᠩ ᠭᠣᠷᠣᠬᠤᠨ ᠴᠦᠩᠭᠦᠷ ᠲᠠᠯᠠ ᠲᠥᠬᠥᠮ ᠤᠷᠤᠭᠤ ᠨᠡᠭᠦᠵᠦ ᠠᠶᠢᠰᠤᠬᠤᠢ ᠢᠷᠡᠬᠦᠢ ᠢᠷᠭᠡᠨ ᠦ ᠳᠣᠲᠣᠷᠠ ᠨᠢᠭᠡᠨ ᠬᠠᠷᠬᠤᠲᠠᠢ ᠰᠡᠭᠦᠷ ᠲᠡᠷᠭᠡᠨ ᠦ ᠥᠯᠵᠢᠭᠡᠳᠡ ᠬᠥᠳᠡᠭᠡᠢ ᠠᠷᠠᠯ ᠲᠤᠷ ᠰᠠᠭᠤᠭᠰᠠᠨ ᠨᠢᠭᠡᠨ ᠥᠬᠢᠨ ᠦ ᠥᠩᠭᠡ ᠭᠡᠷ᠎ᠡ ᠭᠡᠷᠡᠯ ᠡᠨᠳᠡᠴᠡ ᠦᠵᠡᠭᠳᠡᠮᠦ ᠬᠦᠮᠦᠨ᠎ᠡ ᠡᠰᠡ ᠥᠭᠳᠡᠭᠰᠡᠨ ᠪᠥᠭᠡᠰᠦ ᠳᠡᠭᠦᠦ ᠳᠡᠭᠡᠨ ᠴᠢᠮᠠᠳᠠ ᠭᠤᠶᠢᠰᠤ ᠬᠡᠮᠡᠵᠦ ᠳᠣᠪᠤ ᠮᠡᠷᠭᠡᠨ ᠢ ᠦᠵᠡᠷᠡ ᠠᠭᠤᠯᠵᠠᠷ᠎ᠠ ᠢᠯᠡᠭᠡᠪᠡ ᠲᠡᠳᠡ ᠢᠷᠭᠡᠨ ᠲᠦᠷ ᠬᠦᠷᠪᠡᠰᠦ ᠦᠨᠡᠨ ᠬᠦ ᠬᠦᠮᠦᠨ᠎ᠡ ᠡᠰᠡ ᠥᠭᠳᠡᠭᠰᠡᠨ ᠭᠣᠤ᠎ᠠ ᠰᠠᠶᠢᠨ ᠨᠡᠷ᠎ᠡ ᠠᠯᠳᠠᠷ ᠶᠡᠬᠡᠲᠡᠢ ᠠᠯᠤᠨ ᠭᠣᠤ᠎ᠠ ᠨᠡᠷᠡᠲᠦ ᠥᠬᠢᠨ ᠠᠵᠤᠬᠤ ᠲᠡᠳᠡ ᠢᠷᠭᠡᠨ ᠪᠠᠷᠭᠤᠵᠢᠨ ᠲᠦᠮᠡᠳ ᠦᠨ ᠡᠵᠡᠨ ᠬᠣᠷᠢᠯᠳᠠᠢ ᠮᠡᠷᠭᠡᠨ ᠦ ᠪᠠᠷᠭᠤᠵᠢᠨ ᠭᠣᠤ ᠠ ᠲᠠᠴᠠ ᠲᠥᠷᠥᠭᠰᠡᠨ ᠠᠯᠤᠨ ᠭᠣᠤ᠎ᠠ ᠲᠡᠷᠡ ᠠᠵᠤᠬᠤ ᠬᠣᠷᠢᠯᠳᠠᠢ ᠮᠡᠷᠭᠡᠨ ᠲᠦᠮᠡᠳ ᠦᠨ ᠭᠠᠵᠠᠷ ᠲᠤᠷ ᠢᠶᠠᠨ ᠪᠤᠯᠠᠭᠠᠳ ᠪᠤᠯᠠᠭ ᠬᠡᠷᠡᠮ ᠦᠳ ᠭᠥᠷᠥᠭᠥ ᠭᠠᠵᠠᠳ ᠬᠤᠷᠢᠯᠠᠵᠤ ᠬᠤᠷᠢᠯᠠᠯᠳᠤᠵᠤ ᠡᠰᠡᠷᠭᠦ ᠲᠡᠰᠡᠷᠭᠦ ᠥᠪᠡᠷ ᠵᠠᠭᠤᠷᠠᠪᠠᠨ ᠮᠠᠭᠤᠭᠠᠯᠢᠨ ᠮᠠᠭᠤ ᠪᠣᠯᠤᠯᠴᠠᠵᠤ ᠬᠣᠷᠢᠯᠠᠷ ᠤᠨ ᠣᠮᠣᠭ ᠲᠠᠨ ᠪᠣᠯᠪᠠ ᠪᠤᠷᠬᠠᠨ ᠬᠠᠯᠳᠤᠨ᠎ᠠ ᠭᠥᠷᠥᠭᠥᠯᠢ ᠭᠥᠷᠥᠭᠡᠰᠦᠨ ᠣᠯᠠ ᠲᠤ ᠪᠤᠢ ᠬᠡᠮᠡᠨ ᠪᠤᠷᠬᠠᠨ ᠬᠠᠯᠳᠤᠨ ᠠ ᠠᠴᠠ ᠪᠤᠷᠭᠠᠨ ᠤᠷᠢᠶᠠᠩᠬᠠᠢ ᠰᠢᠩᠰᠢᠩ ᠪᠠᠶᠠᠨ ᠲᠤᠷ ᠨᠡᠭᠦᠵᠦ ᠠᠶᠢᠰᠤᠨ ᠢᠷᠡᠨ ᠠᠵᠤᠬᠤ ᠬᠣᠷᠢ ᠲᠦᠮᠡᠳ ᠦᠨ ᠬᠣᠷᠢᠯᠳᠠᠢ ᠮᠡᠷᠭᠡᠨ ᠦ ᠥᠬᠢᠨ ᠠᠷᠢᠭ ᠤᠰᠤᠨ᠎ᠠ ᠲᠥᠷᠥᠭᠰᠡᠨ ᠠᠯᠤᠨ ᠭᠣᠤ ᠠ ᠶᠢ ᠳᠣᠪᠤ ᠮᠡᠷᠭᠡᠨ ᠦ ᠠᠪᠤᠭᠰᠠᠨ ᠶᠣᠰᠤᠨ ᠲᠡᠶᠢᠮᠦ ᠪᠥᠯᠦᠭᠡ ᠠᠯᠤᠨ ᠭᠣᠤ᠎ᠠ
nigen edür aq=a degü qoyaγula görögeleged Burqan-Qaldun=a degere γarbasu toyiran (oi siγui=yin) gerü=teče (ger=eče) Tünggileg-γoroqun (Čünggür-tala-tököm) uruγu nigen bölög irgen negüjü ayisuqui(ireküi)=yi aq=a inu Dou=a-Soqor üjejü ögülerün tere Tünggeling-γoroqun (Čünggür-tala-tököm) uruγu negüjü ayisuqui (ireküi) irgen=ü dotora nigen qarqutai (segür) tergen=ü öljigede (ködegei aral=tur) saγuγsan nigen ökin=ü öngge ger=e (gerel) endeče üjegdemü kümün=e ese ögdegsen bögesü degüü=degen čimada γuyisu kemejü Dobu-Mergen=i üjere (aγuljar=a) ilegebe tede irgen=tür kürbesü ünen kü kümün=e ese ögdegsen γou=a sayin ner=e aldar yeketei Alun-Γou=a neretü ökin ajuqu # tede irgen Barγujin-Tümed=ün ejen Qorildai-Mergen=ü Barγujin-Γou=a=tača törögsen Alun-Γou=a tere ajuqu Qorildai-Mergen Tümed=ün γajar=tur(=iyan) bulaγad (bulaγ) kerem=üd görögö γajad qurilaju qurilalduju (esergü tesergü) öber jaγuraban maγuγalin (maγu) bolulčaju Qorilar=un omoγ=tan bolba Burqan-Qaldun=a görögöli (görögesün) ola=tu bui kemen Burqan-Qaldun=a=ača burγan Uriyangqai Singsing-Bayan=tur negüjü ayisun (iren) ajuqu Qori-Tümed=ün Qorildai-Mergen=ü ökin ariγ usun=a törögsen Alun-Γou=a=yi Dobu-Mergen=ü abuγsan yosun teyimü bölüge # Alun-Γou=a
5b
ᠳᠣᠪᠤ ᠮᠡᠷᠭᠡᠨ ᠲᠦᠷ ᠢᠷᠡᠵᠦ ᠪᠡᠯᠭᠦᠨᠦᠲᠡᠢ ᠪᠡᠭᠦᠨᠦᠲᠡᠢ ᠨᠡᠷ ᠡ ᠲᠡᠨ ᠬᠣᠶᠠᠷ ᠬᠥᠪᠡᠭᠦᠨ ᠲᠥᠷᠥᠪᠡᠢ ᠳᠣᠤ ᠠ ᠰᠣᠬᠣᠷ ᠳᠥᠷᠪᠡᠨ ᠬᠥᠪᠡᠭᠦᠨ ᠲᠡᠢ ᠪᠥᠯᠦᠭᠡ ᠲᠡᠳᠦᠢ ᠠᠲᠠᠯᠠ ᠳᠣᠤ ᠠ ᠰᠣᠬᠣᠷ ᠦᠭᠡᠢ ᠪᠣᠯᠤᠭᠰᠠᠨ ᠤ ᠬᠣᠶᠢᠨᠠ ᠳᠥᠷᠪᠡᠨ ᠬᠥᠪᠡᠭᠦᠨ ᠢᠨᠤ ᠳᠣᠪᠤ ᠮᠡᠷᠭᠡᠨ ᠠᠪᠠᠭ ᠠ ᠶᠤᠭᠠᠨ ᠤᠷᠤᠭ᠎ᠠ ᠲᠥᠷᠥᠯ᠎ᠡ ᠦᠯᠦ ᠲᠣᠭᠠᠨ ᠳᠣᠷᠣᠮᠵᠢᠯᠠᠵᠤ ᠬᠠᠭᠠᠵᠤ ᠣᠷᠬᠢᠭᠠᠳ ᠨᠡᠭᠦᠪᠡ ᠳᠥᠷᠪᠡᠨ ᠣᠮᠣᠭ ᠲᠠᠨ ᠪᠣᠯᠪᠠ ᠳᠥᠷᠪᠡᠨ ᠦ ᠳᠥᠷᠪᠥᠳ ᠦᠨ ᠡᠪᠦᠭᠡᠰ ᠲᠡᠳᠡ ᠪᠥᠯᠦᠭᠡ ᠲᠡᠭᠦᠨ ᠦ ᠬᠣᠶᠢᠨᠠ ᠳᠣᠪᠤ ᠮᠡᠷᠭᠡᠨ ᠨᠢᠭᠡᠨ ᠡᠳᠦᠷ ᠳᠣᠪᠣᠴᠠᠭ ᠥᠨᠳᠥᠷ ᠳᠡᠭᠡᠷᠡ ᠭᠥᠷᠥᠭᠡᠯᠡᠨ ᠣᠳᠪᠠᠰᠤ ᠣᠢ ᠳᠣᠲᠣᠷ᠎ᠠ ᠨᠢᠭᠡᠨ ᠬᠦᠮᠦᠨ ᠴᠠᠤ ᠴᠥᠬᠦ ᠪᠤᠭᠤ ᠠᠯᠠᠵᠤ ᠡᠪᠳᠡᠭᠡᠳ ᠠᠪᠢᠳ ᠪᠤᠭᠤᠨᠢ ᠬᠠᠪᠢᠷᠭ᠎ᠠ ᠢᠨᠤ ᠰᠢᠷᠠᠵᠤ ᠰᠠᠭᠤᠨ ᠠᠵᠤᠬᠤ ᠳᠣᠪᠤ ᠮᠡᠷᠭᠡᠨ ᠬᠦᠷᠴᠦ ᠨᠥᠬᠥᠷ ᠰᠢᠷᠣᠯᠭ᠎ᠠ ᠢᠷᠡᠬᠦᠢ ᠡᠴᠡ ᠬᠡᠮᠡᠭᠡᠳ ᠶᠠᠭᠤᠨ ᠬᠦᠮᠦᠨ ᠪᠤᠢ ᠴᠢ ᠬᠡᠮᠡᠪᠡᠰᠦ ᠲᠡᠷᠡ ᠬᠦᠮᠦᠨ ᠥᠭᠦᠯᠡᠷᠦᠨ ᠪᠢ ᠤᠷᠢᠶᠠᠩᠬᠠᠨ ᠤ ᠬᠦᠮᠦᠨ ᠪᠤᠢ ᠬᠡᠮᠡᠭᠡᠳ ᠠᠭᠤᠱᠭᠢ ᠲᠤ ᠵᠦᠶᠢᠯ ᠲᠦ ᠵᠦᠯᠳᠡ ᠠᠷᠠᠰᠤᠨ ᠢᠨᠤ ᠠᠪᠴᠤ ᠪᠤᠰᠤ ᠪᠦᠭᠦᠳᠡ ᠮᠢᠬᠠᠨ ᠢ ᠠᠨᠤ ᠳᠣᠤ ᠪᠤ ᠮᠡᠷᠭᠡᠨ᠎ᠡ ᠥᠭᠪᠡ ᠳᠣᠪᠤ ᠮᠡᠷᠭᠡᠨ ᠲᠡᠷᠡ ᠮᠢᠬᠠᠨ ᠢ ᠠᠪᠴᠤ ᠬᠠᠷᠢᠵᠤ ᠠᠶᠢᠰᠤᠬᠤᠢ ᠲᠤᠷ ᠢᠷᠡᠬᠦᠢ ᠲᠦᠷ ᠵᠠᠭᠤᠷᠠ ᠨᠢᠭᠡᠨ ᠶᠠᠳᠠᠩᠭᠢ ᠬᠦᠮᠦᠨ ᠥᠴᠦᠬᠡᠨ ᠬᠥᠪᠡᠭᠦᠨ ᠢᠶᠡᠨ ᠬᠥᠲᠡᠯᠵᠦ ᠠᠶᠢᠰᠤᠨ ᠢᠷᠡᠨ ᠠᠵᠤᠬᠤ ᠳᠣᠪᠤ ᠮᠡᠷᠭᠡᠨ ᠥᠭᠦᠯᠡᠷᠦᠨ ᠴᠢ ᠶᠠᠭᠤᠨ ᠬᠦᠮᠦᠨ ᠪᠤᠢ ᠬᠡᠮᠡᠪᠡᠰᠦ ᠲᠡᠷᠡ ᠬᠦᠮᠦᠨ ᠥᠭᠦᠯᠡᠷᠦᠨ ᠮᠠᠭᠠᠯᠢᠭ ᠪᠠᠶᠠᠭᠤᠳᠠᠢ ᠶᠢᠨ ᠬᠦᠮᠦᠨ ᠪᠤᠢ ᠡᠶᠢᠨ ᠶᠠᠳᠠᠵᠤ ᠶᠠᠪᠤᠨ ᠠᠮᠤ ᠪᠢ ᠡᠨᠡ ᠬᠥᠪᠡᠭᠦᠨ ᠢᠶᠡᠨ ᠴᠢᠮᠠᠳᠠ ᠥᠭᠰᠦ ᠲᠡᠷᠡ ᠮᠢᠬᠠᠨ ᠠᠴᠠᠭᠠᠨ ᠨᠠᠳᠠ ᠥᠭᠭᠥᠮᠦ ᠴᠢ ᠬᠡᠮᠡᠪᠡᠰᠦ ᠳᠣᠪᠤ ᠮᠡᠷᠭᠡᠨ ᠲᠡᠷᠡ ᠴᠠᠤ ᠴᠥᠬᠦ ᠪᠤᠭᠤ ᠶᠢᠨ ᠥᠷᠥᠭᠥᠰᠦᠨ ᠭᠤᠶ᠎ᠠ ᠢᠨᠤ ᠬᠤᠭᠤᠯᠵᠤ
Dobu-Mergen=tür irejü Belgünütei (Begünütei) ner=e=ten qoyar köbegün töröbei Dou=a-Soqor dörben köbegün=tei bölüge tedüi atala Dou=a-Soqor ügei boluγsan=u qoyina dörben köbegün inu Dobu-Mergen abaγ=a=yuγan uruγ=a (töröl=e) ülü toγan doromjilaju qaγaju (orkiγad) negübe Dörben omoγ=tan bolba Dörben=ü (Dörböd=ün) ebüges tede bölüge # tegün=ü qoyina Dobu-Mergen nigen edür dobočaγ öndör degere görögelen odbasu oi dotor=a nigen kümün čau (čökü) buγu alaju ebdeged abid (buγuni) qabirγ=a inu siraju saγun ajuqu Dobu-Mergen kürčü nökör sirolγ=a (ireküi=eče) kemeged yaγun kümün bui či kemebesü tere kümün ögülerün bi Uriyangqan=u kümün bui kemeged aγušgi=tu jüyil=tü <jülde> arasun inu abču busu bügüde miqan=i anu Dou-Bu-Mergen=e ögbe Dobu-Mergen tere miqan=i abču qariju ayisuqui=tur (ireküi=tür) jaγura nigen yadanggi kümün öčüken köbegün=iyen köteljü ayisun (iren) ajuqu Dobu-Mergen ögülerün či yaγun kümün bui kemebesü tere kümün ögülerün Maγaliγ-Bayaγudai=yin kümün bui eyin yadaju yabun amu bi ene köbegün=iyen čimada ögsü tere miqan=ačaγan nada öggömü či kemebesü Dobu-Mergen tere čau (čökü) buγu=yin örögösün γuy=a inu quγulju
6a
ᠥᠭᠴᠦ ᠲᠡᠷᠡ ᠬᠥᠪᠡᠭᠦᠨ ᠢ ᠢᠨᠤ ᠭᠡᠷ ᠳᠣᠲᠣᠷ᠎ᠠ ᠵᠠᠷᠤᠬᠤ ᠪᠥᠯᠦᠭᠡ ᠲᠡᠳᠦᠢ ᠠᠲᠠᠯᠠ ᠳᠣᠪᠤ ᠮᠡᠷᠭᠡᠨ ᠦᠭᠡᠢ ᠪᠣᠯᠪᠠ ᠳᠣᠪᠤ ᠮᠡᠷᠭᠡᠨ ᠦᠭᠡᠢ ᠪᠣᠯᠤᠭᠰᠠᠨ ᠤ ᠬᠣᠶᠢᠨᠠ ᠠᠯᠤᠨ ᠭᠣᠤ᠎ᠠ ᠡᠷ᠎ᠡ ᠦᠭᠡᠢ ᠶᠠᠪᠤᠵᠤ ᠪᠤᠬᠤ ᠬᠠᠲᠠᠭᠢ ᠪᠤᠬᠤᠴᠢ ᠰᠠᠯᠵᠢ ᠪᠣᠳᠠᠨᠴᠠᠷ ᠮᠤᠩᠬᠠᠭ ᠨᠡᠷᠡᠲᠡᠨ ᠭᠤᠷᠪᠠᠨ ᠬᠥᠪᠡᠭᠦᠨ ᠲᠥᠷᠥᠪᠡᠢ ᠪᠡᠯᠭᠦᠨᠦᠲᠡᠢ ᠪᠡᠭᠦᠨᠦᠲᠡᠢ ᠬᠣᠶᠠᠷ ᠬᠥᠪᠡᠭᠦᠨ ᠢᠨᠤ ᠡᠬᠡ ᠶᠦᠭᠡᠨ ᠡᠳᠡ ᠬᠥᠪᠡᠭᠦᠳ ᠢ ᠲᠥᠷᠥᠪᠡᠢ ᠬᠡᠮᠡᠨ ᠡᠴᠢᠨ᠎ᠡ ᠳᠠᠯᠳᠠ ᠥᠭᠦᠯᠡᠯᠳᠦᠷ ᠦᠨ ᠠᠬ᠎ᠠ ᠳᠡᠭᠦ ᠦᠶ᠎ᠡ ᠬᠠᠶ᠎ᠠ ᠬᠦᠮᠦᠨ ᠦᠭᠡᠢ ᠪᠥᠯᠦᠭᠡ ᠡᠳᠡ ᠬᠥᠪᠡᠭᠦᠳ ᠬᠡᠨᠦᠬᠡᠢ ᠪᠣᠯᠪᠠ ᠡᠨᠡ ᠮᠠᠭᠠᠯᠢᠭ ᠪᠠᠶᠠᠭᠤᠳᠠᠢ ᠬᠦᠮᠦᠨ ᠭᠡᠷ ᠦᠨ ᠳᠠᠷᠤᠭ᠎ᠠ ᠪᠥᠯᠦᠭᠡ ᠲᠡᠭᠦᠨ ᠦᠬᠡᠢ ᠪᠤᠢ ᠵ᠎ᠠ ᠬᠡᠮᠡᠨ ᠬᠡᠮᠡᠯᠳᠦᠬᠦᠢᠥᠭᠦᠯᠡᠯᠳᠦᠬᠦᠢ ᠶᠢ ᠠᠯᠤᠨ ᠭᠣᠤ᠎ᠠ ᠤᠬᠠᠵᠤ ᠬᠠᠪᠤᠷ ᠤᠨ ᠨᠢᠭᠡᠨ ᠡᠳᠦᠷ ᠦᠭᠦᠴᠡ ᠬᠥᠭᠰᠢᠮᠡᠯ ᠬᠥᠭᠰᠢᠨ ᠬᠣᠨᠢᠨ ᠤ ᠮᠢᠬ᠎ᠠ ᠴᠢᠨᠠᠵᠤ ᠲᠠᠪᠤᠨ ᠬᠥᠪᠡᠭᠦᠨ ᠢᠶᠡᠨ ᠬᠤᠷᠢᠶᠠᠵᠤ ᠵᠡᠷᠭᠡᠯᠡᠭᠦᠯᠵᠦ ᠰᠠᠭᠤᠯᠭᠠᠭᠠᠳ ᠨᠢᠵᠡᠭᠡᠳ ᠮᠥᠰᠦᠨ ᠢ ᠪᠠᠷᠢᠭᠤᠯᠵᠤ ᠬᠥᠪᠡᠭᠦᠳ ᠬᠤᠭᠤᠯᠤᠭᠲᠤᠨ ᠬᠡᠮᠡᠨ ᠥᠭᠪᠡᠰᠦ ᠬᠥᠪᠡᠭᠦᠨ ᠢᠨᠤ ᠬᠤᠭᠤᠯᠵᠤ ᠣᠷᠬᠢᠪᠠ ᠪᠠᠰᠠ ᠵᠢᠴᠢ ᠲᠠᠪᠤᠭᠠᠳ ᠮᠥᠰᠦᠨ ᠬᠠᠮᠲᠤ ᠴᠤᠭᠯᠠᠵᠤ ᠥᠭᠪᠡᠰᠦ ᠡᠰᠡ ᠬᠤᠭᠤᠯᠪᠠᠢ ᠲᠡᠨᠳᠡᠴᠡ ᠡᠬᠡ ᠢᠨᠤ ᠠᠯᠤᠨ ᠭᠣᠤ᠎ᠠ ᠥᠭᠦᠯᠡᠷᠦᠨ ᠬᠣᠶᠠᠷ ᠬᠥᠪᠡᠭᠦᠳ ᠮᠢᠨᠤ ᠰᠡᠷᠡᠬᠦᠢ ᠲᠠᠨ ᠤ ᠡᠳᠡ ᠭᠤᠷᠪᠠᠨ ᠬᠥᠪᠡᠭᠦᠳ ᠢ ᠲᠥᠷᠥᠪᠡᠢ ᠬᠡᠮᠡᠨ ᠬᠡᠨ ᠦ ᠶᠠᠭᠤᠨ ᠤ ᠬᠥᠪᠡᠭᠦᠨ ᠪᠤᠢ ᠬᠡᠮᠡᠨ ᠰᠡᠷᠡᠮᠦᠢ ᠵ᠎ᠠ ᠰᠡᠷᠡᠬᠦᠢ ᠪᠡᠷ ᠲᠠᠨ ᠤ ᠵᠥᠪ ᠪᠤᠢ ᠱᠥᠨᠢ ᠪᠦᠷᠢ ᠰᠢᠷᠠ ᠴᠡᠭᠦᠬᠡᠨ ᠬᠦᠮᠦᠨ ᠢᠷᠡᠵᠦ ᠬᠡᠭᠡᠯᠢ ᠮᠢᠨᠤ ᠢᠯᠪᠢᠵᠦ ᠭᠡᠷ ᠳᠡ ᠡᠷᠦᠬᠡ ᠲᠣᠲᠠᠬ ᠠ ᠶᠢᠨ ᠭᠡᠷ ᠡ ᠯᠦᠭᠡ ᠣᠷᠣᠵᠤ ᠨᠠᠷᠠᠨ ᠰᠠᠷᠠᠨ ᠭᠢᠯᠪᠠᠷᠠᠨ ᠮᠠᠨᠳᠤᠨ
ögčü tere köbegün=i inu ger dotor=a jaruqu bölüge tedüi atala Dobu-Mergen ügei bolba # Dobu-Mergen ügei boluγsan=u qoyina Alun-Γou=a er=e ügei yabuju Buqu-Qatagi Buquči-Salji Bodančar-Mungqaγ nereten γurban köbegün töröbei Belgünütei Begünütei qoyar köbegün inu eke=yügen ede köbegüd=i töröbei kemen ečin=e (dalda) ögüleldür=ün aq=a degü üy=e qay=a kümün ügei bölüge ede köbegüd kenükei bolba ene Maγaliγ-Bayaγudai kümün ger=ün daruγ=a bölüge tegün=ükei bui j=a kemen kemeldüküi(ögüleldüküi)=yi Alun-Γou=a uqaju qabur=un nigen edür ügüče kögsimel (kögsin) qonin=u miq=a činaju tabun köbegün=iyen quriyaju jergelegüljü saγulγaγad nijeged mösün=i bariγulju köbegüd quγuluγtun kemen ögbesü köbegün inu quγulju orkiba basa jiči tabuγad mösün qamtu čuγlaju ögbesü ese quγulbai tendeče eke inu Alun-Γou=a ögülerün qoyar köbegüd minu sereküi tan=u ede γurban köbegüd=i töröbei kemen ken=ü yaγun=u köbegün bui kemen seremüi j=a sereküi=ber tan=u jöb bui šöni büri sira čegüken kümün irejü kegeli minu ilbijü ger=de erüke totaq=a=yin ger=e=lüge oroju naran saran gilbaran (mandun)
6b
ᠭᠠᠷᠬᠤ ᠴᠠᠭ ᠲᠤᠷ ᠰᠢᠷᠠ ᠨᠣᠬᠠᠢ ᠪᠣᠯᠵᠤ ᠰᠢᠯᠮᠡᠯᠵᠢᠵᠦ ᠭᠠᠷᠴᠤ ᠣᠳᠤᠮ ᠪᠥᠯᠦᠭᠡ ᠲᠡᠭᠦᠪᠡᠷ ᠤᠬᠠᠪᠠᠰᠤ ᠲᠡᠮᠳᠡᠭ ᠢᠨᠤ ᠲᠩᠷᠢ ᠶᠢᠨ ᠬᠥᠪᠡᠭᠦᠨ ᠪᠤᠢ ᠵ᠎ᠠ ᠬᠡᠮᠡᠨ ᠰᠠᠨᠠᠮ ᠪᠥᠯᠦᠭᠡ ᠪᠢ ᠬᠠᠷᠠᠴᠤ ᠬᠦᠮᠦᠨ ᠳᠦᠷ ᠬᠠᠨᠢᠳᠬᠠᠨ ᠠᠳᠠᠯᠢᠳᠬᠠᠨ ᠪᠦᠦ ᠥᠭᠦᠯᠡᠳᠬᠦᠨ ᠮᠥᠨ᠎ᠡ ᠬᠣᠶᠢᠨᠠ ᠬᠠᠷᠢ ᠶᠢᠨ ᠬᠠᠳ ᠤᠯᠤᠰ ᠤᠨ ᠡᠵᠡᠨ ᠪᠣᠯᠪᠠᠰᠤ ᠲᠡᠨᠳᠡ ᠮᠠᠨ᠎ᠠ ᠤᠬᠠᠬᠤᠨᠮᠡᠳᠡᠬᠦ ᠪᠤᠢ ᠵ᠎ᠠ ᠲᠠ ᠬᠠᠷᠠ ᠲᠡᠷᠢᠭᠦᠲᠦ ᠬᠦᠮᠦᠨ ᠪᠤᠰᠤ ᠪᠤᠢ ᠵ᠎ᠠ ᠶᠠᠭᠤᠨ ᠴᠢᠭᠢ ᠪᠣᠯᠪᠠᠰᠤ ᠶᠠᠮᠪᠠᠷ ᠴᠤ ᠪᠣᠯᠪᠠ ᠲᠠ ᠬᠣᠶᠠᠷ ᠤᠨ ᠨᠥᠬᠥᠷ ᠰᠡᠭᠦᠳᠡᠷ ᠲᠠᠨ ᠤ ᠪᠣᠯᠲᠤᠭᠠᠢ ᠬᠡᠮᠡᠪᠡᠰᠦ ᠬᠣᠶᠠᠷ ᠬᠥᠪᠡᠭᠦᠳ ᠢᠨᠤ ᠡᠰᠡ ᠳᠣᠩᠭᠣᠳᠪᠠ ᠳᠠᠭᠤᠨ ᠡᠰᠡ ᠭᠠᠷᠪᠠ ᠪᠠᠰᠠ ᠠᠯᠤᠨ ᠭᠣᠤ᠎ᠠ ᠬᠥᠪᠡᠭᠦᠳ ᠲᠡᠭᠡᠨ ᠰᠤᠷᠭᠠᠯ ᠥᠭᠦᠯᠡᠷ ᠦᠨ ᠲᠠᠪᠤᠨ ᠬᠥᠪᠡᠭᠦᠳ ᠮᠢᠨᠤ ᠲᠠ ᠭᠠᠭᠴᠠ ᠬᠡᠪᠡᠯᠢ ᠡᠴᠡ ᠲᠥᠷᠥᠪᠡᠢ ᠵ᠎ᠠ ᠲᠠ ᠲᠠᠪᠤᠭᠤᠯᠠ ᠡᠶ᠎ᠡ ᠥᠪᠡᠷ ᠡ ᠲᠡᠨ ᠪᠣᠯᠪᠠᠰᠤ ᠲᠤᠭᠠᠷ ᠤᠨ ᠭᠠᠭᠴᠠ ᠮᠥᠰᠦᠨ ᠮᠡᠲᠦ ᠬᠢᠯᠪᠠᠷ ᠢᠯᠠᠭᠳᠠᠬᠤᠨ ᠲᠠ ᠲᠡᠷᠡ ᠲᠠᠯᠠᠭᠰᠠᠨ ᠴᠤᠭ ᠮᠥᠰᠦᠨ ᠮᠡᠲᠦ ᠨᠢᠭᠡᠨ ᠡᠶ ᠡ ᠲᠦ ᠪᠣᠯᠪᠠᠰᠤ ᠬᠡᠨ ᠡ ᠪᠡᠷ ᠶᠠᠬᠢᠨ ᠪᠣᠯᠭᠤᠨ ᠳᠠᠷᠤᠭᠳᠠᠬᠤ ᠲᠠ ᠬᠡᠮᠡᠪᠡ ᠲᠡᠳᠦᠢ ᠠᠲᠠᠯᠠ ᠠᠯᠤᠨ ᠭᠣᠤ᠎ᠠ ᠦᠭᠡᠢ ᠪᠣᠯᠪᠠ ᠡᠬᠡ ᠶᠦᠭᠡᠨ ᠦᠭᠡᠢ ᠪᠣᠯᠤᠭᠰᠠᠨ ᠤ ᠬᠣᠶᠢᠨᠠ ᠠᠬ ᠠ ᠨᠠᠷ ᠳᠡᠭᠦᠦ ᠨᠡᠷ ᠠᠳᠤᠭᠤᠨ ᠢᠶᠠᠨ ᠬᠤᠪᠢᠶᠠᠵᠤ ᠠᠪᠤᠯᠴᠠᠪᠠ ᠪᠡᠯᠭᠦᠨᠦᠲᠡᠢ ᠪᠡᠭᠦᠨᠦᠲᠡᠢ ᠪᠤᠬᠤ ᠬᠠᠲᠠᠭᠢ ᠪᠤᠬᠤᠴᠢ ᠰᠠᠯᠵᠢ ᠳᠥᠷᠪᠡᠨ ᠠᠬ ᠠ ᠨᠠᠷ ᠢᠨᠤ ᠬᠤᠪᠢ ᠠᠪᠤᠯᠴᠠᠪᠠᠢ ᠠᠩᠬᠠᠨ ᠤ ᠳᠡᠭᠦᠦ ᠪᠣᠳᠠᠨᠴᠠᠷ ᠢ ᠮᠤᠩᠬᠠᠭ ᠪᠢᠳᠠᠭᠤ ᠪᠤᠶᠤ ᠬᠡᠮᠡᠨ ᠤᠷᠤᠭ᠎ᠠ ᠲᠥᠷᠥᠯ᠎ᠡ ᠦᠯᠦ ᠲᠣᠭᠠᠨ ᠬᠤᠪᠢ ᠡᠰᠡ ᠥᠭᠪᠡ ᠪᠣᠳᠠᠨᠴᠠᠷ ᠬᠤᠪᠢ ᠡᠰᠡ ᠬᠦᠷᠲᠡᠵᠦ ᠡᠶᠢᠨ ᠠᠲᠠᠯᠠ ᠶᠠᠭᠤᠨ ᠬᠡᠮᠡᠵᠦ ᠭᠣᠣᠯ ᠳᠠᠭᠠᠷᠢ ᠲᠤ ᠭᠣᠳᠣᠯᠢ ᠰᠡᠭᠦᠯ ᠲᠦ ᠣᠷᠣᠭ ᠰᠢᠩᠬᠤᠯᠠ ᠶᠢ ᠤᠨᠤᠵᠤ ᠦᠬᠦᠪᠡᠰᠦ ᠠᠪᠠᠰᠤ ᠵᠠᠶᠠᠭᠠᠨ ᠮᠢᠨᠤ ᠮᠡᠳᠡᠲᠦᠭᠡᠢ ᠬᠡᠮᠡᠨ ᠣᠨᠠᠨ ᠮᠥᠷᠡᠨ
γarqu čaγ=tur sira noqai bolju silmeljijü γarču odum bölüge tegüber uqabasu temdeg inu tngri=yin köbegün bui j=a kemen sanam bölüge bi qaraču kümün=dür qanidqan (adalidqan) büü ögüledkün mön=e qoyina qari=yin qad ulus=un ejen bolbasu tende man=a uqaqun(medekü bui) j=a ta qara terigütü kümün busu bui j=a yaγun čigi bolbasu (yambar ču bolba) ta qoyar=un nökör següder tan=u boltuγai kemebesü qoyar köbegüd inu ese dongγodba (daγun ese γarba) basa Alun-Γou=a köbegüd=tegen surγal ögüler=ün tabun köbegüd minu ta γaγča kebeli=eče töröbei j=a ta tabuγula ey=e öber=e=ten bolbasu tuγar=un γaγča mösün metü kilbar ilaγdaqun ta tere (talaγsan) čuγ mösün metü nigen ey=e=tü bolbasu ken=e=ber yakin bolγun (daruγdaqu) ta kemebe tedüi atala Alun-Γou=a ügei bolba # eke=yügen ügei boluγsan=u qoyina aq=a=nar degüü=ner aduγun=iyan qubiyaju abulčaba Belgünütei Begünütei Buqu-Qatagi Buquči-Salji dörben aq=a=nar inu qubi abulčabai angqan=u degüü Bodančar=i mungqaγ bidaγu buyu kemen uruγ=a (töröl=e) ülü toγan qubi ese ögbe Bodančar qubi ese kürtejü eyin atala yaγun kemejü γool daγari=tu γodoli segül=tü oroγ singqula=yi unuju ükübesü abasu jayaγan minu medetügei kemen Onan-mören
7a
ᠤᠷᠤᠭᠤ ᠣᠳᠪᠠ ᠣᠳᠤᠭᠠᠳ ᠣᠨᠠᠨ ᠤ ᠪᠡᠯᠴᠢᠷ ᠠᠷᠠᠯ᠎ᠠ ᠬᠦᠷᠴᠦ ᠡᠪᠡᠰᠦᠨ ᠡᠮᠪᠦᠯᠡ ᠭᠥᠷᠥᠮᠡᠯ ᠭᠡᠷᠬᠢᠵᠦ ᠲᠡᠨᠳᠡ ᠠᠪᠠ ᠰᠠᠭᠤᠪᠠ ᠠᠭᠰᠠᠨ ᠰᠠᠭᠤᠭᠰᠠᠨ ᠦᠵᠦᠭᠦᠷ᠎ᠡ ᠭᠠᠵᠠᠷ ᠤᠨ ᠥᠨᠳᠥᠷ᠎ᠡ ᠨᠢᠭᠡᠨ ᠡᠳᠦᠷ ᠪᠣᠷᠣᠭᠴᠢᠨ ᠬᠠᠷᠴᠠᠭᠠᠢ ᠬᠠᠷᠠ ᠬᠤᠷᠤ ᠪᠠᠷᠢᠵᠤ ᠢᠳᠡᠬᠦ ᠶᠢ ᠦᠵᠡᠵᠦ ᠭᠣᠣᠯ ᠳᠠᠭᠠᠷᠢ ᠲᠤ ᠭᠣᠳᠣᠯᠢ ᠰᠡᠭᠦᠯ ᠲᠦ ᠣᠷᠣᠭ ᠰᠢᠩᠬᠤᠯᠠ ᠶᠢᠨ ᠰᠡᠭᠦᠯ ᠦᠨ ᠬᠢᠯᠭᠠᠰᠤ ᠪᠠᠷ ᠤᠷᠭᠠᠯᠠᠵᠤ ᠪᠠᠷᠢᠵᠤ ᠠᠰᠠᠷᠠ ᠪᠠ ᠬᠠᠷᠴᠠᠭᠠᠢ ᠶᠢ ᠲᠡᠵᠢᠶᠡᠪᠡ ᠲᠡᠨᠳᠡᠴᠡ ᠢᠳᠡᠬᠦᠢ ᠢᠳᠡᠭᠡᠨ ᠦᠭᠡᠢ ᠪᠣᠯᠵᠤ ᠪᠥᠷᠲᠡ ᠴᠢᠨᠣ ᠠ ᠶᠢᠨ ᠭᠤᠨᠳᠤᠷ ᠬᠣᠷᠭᠣᠭᠠᠯᠤᠭᠰᠠᠨ ᠭᠥᠷᠥᠭᠡᠰᠦᠨ ᠢ ᠮᠠᠷᠢᠶᠠᠵᠤ ᠬᠠᠷᠪᠤᠵᠤ ᠠᠯᠠᠭᠠᠳ ᠥᠪᠡᠷ ᠢᠶᠡᠨ ᠪᠡᠷ ᠢᠳᠡᠭᠡᠳ ᠬᠠᠷᠴᠠᠭᠠᠢ ᠶᠤᠭᠠᠨ ᠪᠠᠷ ᠲᠡᠵᠢᠶᠡᠭᠡᠳ ᠲᠡᠷᠡ ᠣᠨ ᠭᠠᠷᠪᠠ ᠬᠣᠶᠢᠲᠤ ᠣᠨ ᠢᠷᠡᠵᠦ ᠬᠠᠪᠤᠷ ᠪᠣᠯᠪᠠᠰᠤ ᠨᠤᠭᠤᠳ ᠭᠠᠯᠠᠭᠤᠳ ᠢᠷᠡᠪᠡᠰᠦ ᠬᠠᠷᠴᠠᠭᠠᠢ ᠶᠤᠭᠠᠨ ᠲᠠᠲᠠᠵᠤ ᠣᠭᠣᠷᠪᠠᠰᠤ ᠲᠠᠯᠪᠢᠪᠠᠰᠤ ᠬᠣᠵᠢᠭᠤᠯᠠ ᠲᠤᠲᠤᠮ ᠬᠣᠩᠰᠢᠭᠤᠨ ᠥᠨᠢ ᠳᠡᠯᠡᠳᠳᠦᠭᠡᠳ ᠥᠨᠢ ᠰᠠᠭᠤᠯᠠ ᠥᠭᠴᠢᠭᠦᠯᠡ ᠲᠤᠲᠤᠮ ᠥᠩᠰᠢᠭᠦᠨ ᠦᠨᠦᠰᠲᠡᠲᠡᠯᠡ ᠨᠤᠭᠤᠳ ᠭᠠᠯᠠᠭᠤᠳ ᠢ ᠪᠠᠷᠢᠭᠤᠯᠵᠤ ᠢᠳᠡᠨ ᠪᠦᠬᠦᠢ ᠲᠦᠷ ᠲᠣᠶᠢᠷᠠᠨ ᠣᠢ ᠶᠢᠨ ᠭᠡᠷ ᠦᠳ ᠡᠴᠡ ᠲᠦᠩᠭᠡᠯᠢᠭᠴᠦᠩᠭᠦᠷ ᠲᠥᠬᠥᠮ ᠭᠣᠷᠣᠬᠠᠨ ᠤᠷᠤᠭᠤ ᠨᠢᠭᠡᠨ ᠪᠥᠯᠥᠭ ᠢᠷᠭᠡᠨ ᠨᠡᠭᠦᠵᠦ ᠠᠶᠢᠰᠤᠬᠤᠢᠢᠷᠡᠬᠦᠢ ᠶᠢ ᠪᠣᠳᠠᠨᠴᠠᠷ ᠦᠵᠡᠵᠦ ᠬᠠᠷᠴᠠᠭᠠᠢ ᠶᠤᠭᠠᠨ ᠪᠠᠷᠢᠭᠠᠳ ᠲᠡᠳᠡ ᠢᠷᠭᠡᠨ ᠲᠦᠷ ᠣᠳᠴᠤ ᠡᠳᠦᠷ ᠪᠠᠷᠢᠭᠤᠯᠤᠭᠰᠠᠨ ᠨᠤᠭᠤᠰᠤᠨ ᠠᠴᠠ ᠥᠭᠴᠦ ᠦᠰᠦᠭ ᠤᠮᠳᠠᠭᠠᠨ ᠣᠳᠴᠤ ᠤᠤᠵᠤ ᠱᠥᠨᠢ ᠡᠮᠪᠦᠯᠡᠡᠪᠡᠰᠦᠨ ᠭᠥᠷᠥᠮᠡᠯ ᠲᠦᠷ ᠢᠶᠡᠨ ᠬᠠᠷᠢᠵᠤ ᠬᠣᠨᠣᠬᠤ ᠪᠥᠯᠦᠭᠡ ᠲᠡᠳᠡ ᠢᠷᠭᠡᠨ ᠪᠣᠳᠠᠨᠴᠠᠷ ᠤᠨ ᠬᠠᠷᠴᠠᠭᠠᠢ ᠭᠤᠶᠢᠪᠠᠰᠤ ᠡᠰᠡ ᠥᠭᠪᠡ ᠲᠡᠳᠡ ᠢᠷᠭᠡᠨ ᠪᠣᠳᠠᠨᠴᠠᠷ ᠢ ᠬᠡᠨᠦᠬᠡᠢ ᠪᠤᠢ ᠶᠤᠭᠠᠨ ᠤᠬᠠᠢ ᠪᠤᠢ ᠬᠡᠮᠡᠨ ᠠᠰᠠᠬᠤ ᠦᠭᠡᠢ ᠪᠣᠳᠠᠨᠴᠠᠷ ᠪᠠᠷ ᠲᠡᠳᠡ ᠢᠷᠭᠡᠨ ᠢ ᠶᠠᠭᠤᠨ ᠢᠷᠭᠡᠨ ᠬᠡᠮᠡᠬᠦ ᠦᠭᠡᠢ ᠶᠠᠪᠤᠯᠴᠠᠪᠠᠢ ᠲᠡᠳᠦᠢ ᠠᠲᠠᠯᠠ ᠪᠤᠬᠤ ᠬᠠᠲᠠᠭᠢ
uruγu odba oduγad Onan=u belčir aral=a kürčü ebesün embüle (görömel) gerkijü tende aba (saγuba) aγsan (saγuγsan) üjügür=e (γajar=un öndör=e) nigen edür boroγčin qarčaγai qara quru bariju idekü=yi üjejü γool daγari=tu γodoli segül=tü oroγ singqula=yin segül=ün kilγasu=bar urγalaju bariju asara=ba (qarčaγai=yi tejiyebe) tendeče ideküi idegen ügei bolju börte-čino=a=yin γundur qorγoγaluγsan görögesün=i mariyaju qarbuju alaγad öber=iyen=ber ideged qarčaγai=yuγan=bar tejiyeged tere on γarba qoyitu on irejü qabur bolbasu nuγud γalaγud irebesü qarčaγai=yuγan tataju oγorbasu (talbibasu) qojiγula tutum qongsiγun öni (deleddüged öni saγula) ögčigüle tutum öngsigün ünüstetele nuγud γalaγud=i bariγulju iden büküi=tür toyiran (oi=yin) ger=üd=eče Tünggelig(Čünggür-tököm)-γoroqan uruγu nigen bölög irgen negüjü ayisuqui(ireküi)=yi Bodančar üjejü qarčaγai=yuγan bariγad tede irgen=tür odču edür bariγuluγsan nuγusun=ača ögčü üsüg umdaγan odču <uuju> šöni embüle(ebesün görömel)=tür=iyen qariju qonoqu bölüge tede irgen Bodančar=un qarčaγai γuyibasu ese ögbe tede irgen Bodančar=i kenükei bui yuγan=uqai bui kemen asaqu ügei Bodančar bar tede irgen=i yaγun irgen kemekü ügei yabulčabai tedüi atala Buqu-Qatagi
7b
ᠠᠬ᠎ᠠ ᠢᠨᠤ ᠳᠡᠭᠦᠦ ᠮᠢᠨᠤ ᠪᠣᠳᠠᠨᠴᠠᠷ ᠡᠨᠡ ᠮᠥᠷᠡᠨ ᠤᠷᠤᠭᠤ ᠣᠳᠤᠯᠤᠭ᠎ᠠ ᠡᠰᠡᠨ ᠦ ᠦᠬᠦᠪᠡᠦ ᠬᠡᠮᠡᠨ ᠡᠷᠢᠨ ᠣᠳᠪᠠᠰᠤ ᠲᠡᠳᠡ ᠲᠦᠩᠭᠡᠯᠢᠭ ᠭᠣᠷᠣᠬᠠᠨ᠎ᠠ ᠴᠦᠩᠭᠦᠷ ᠲᠥᠬᠥᠮ᠎ᠡ ᠪᠦᠬᠦ ᠢᠷᠭᠡᠨ ᠡᠴᠡ ᠲᠡᠶᠢᠮᠦ ᠨᠢᠭᠡᠨ ᠬᠦᠮᠦᠨ ᠲᠡᠶᠢᠮᠦ ᠮᠣᠷᠢ ᠲᠤ ᠪᠥᠯᠦᠭᠡ ᠬᠡᠮᠡᠨ ᠰᠤᠷᠠᠪᠠᠰᠤ ᠲᠡᠳᠡ ᠢᠷᠭᠡᠨ ᠥᠭᠦᠯᠡᠷ ᠦᠨ ᠮᠣᠷᠢᠨ ᠬᠦᠮᠦᠨ ᠪᠡᠷ ᠴᠢᠨᠤ ᠰᠤᠷᠠᠬᠤᠢ ᠲᠤᠷ ᠠᠳᠠᠯᠢ ᠲᠡᠶᠢᠮᠦ ᠬᠦᠮᠦᠨ ᠪᠤᠢ ᠡᠳᠦᠷ ᠪᠦᠷᠢ ᠮᠠᠨ ᠲᠤᠷ ᠢᠷᠡᠵᠦ ᠨᠤᠭᠤᠰᠤᠨ ᠡᠴᠡᠭᠡᠨ ᠥᠭᠴᠦ ᠦᠰᠦᠭ ᠤᠮᠳᠠᠭᠠᠨ ᠣᠳᠴᠤ ᠤᠤᠵᠤ ᠣᠳᠤᠮᠤ ᠱᠥᠨᠢ ᠮᠠᠬ᠎ᠠ ᠮᠠᠨᠠᠭᠠᠷ ᠬᠠᠮᠢᠭ᠎ᠠ ᠬᠣᠨᠣᠮᠤ ᠨᠢᠭᠡᠨ ᠪᠣᠷᠣᠭᠴᠢᠨ ᠬᠠᠷᠴᠠᠭᠠᠢ ᠲᠤ ᠪᠤᠢ ᠥᠷᠥᠨᠡ ᠤᠮᠠᠷᠠ ᠠᠴᠠ ᠬᠡᠢ ᠪᠣᠯᠪᠠᠰᠤ ᠲᠡᠷᠡ ᠬᠠᠷᠴᠠᠭᠠᠢ ᠶᠤᠭᠠᠨ ᠪᠠᠷᠢᠭᠤᠯᠤᠭᠰᠠᠨ ᠨᠤᠭᠤᠳ ᠭᠠᠯᠠᠭᠤᠳ ᠤᠨ ᠥᠳᠦᠳ ᠪᠤᠷᠭᠠᠯᠢᠭ ᠴᠢᠰᠤᠨ ᠴᠠᠰᠤᠨ ᠮᠡᠲᠦ ᠪᠤᠳᠠᠷᠠᠴᠤ ᠬᠡᠶᠢᠰᠴᠦ ᠢᠷᠡᠮᠦ ᠪᠢ ᠪᠡᠷ ᠬᠠᠷᠴᠠᠭᠠᠢ ᠢᠨᠤ ᠭᠤᠶᠢᠪᠠᠰᠤ ᠡᠰᠡ ᠥᠭᠪᠡ ᠡᠳᠦᠭᠡ ᠢᠷᠡᠬᠦ ᠴᠠᠭ ᠢᠨᠤ ᠪᠣᠯᠪᠠ ᠬᠣᠷᠣᠮ ᠬᠠᠨ ᠬᠦᠯᠢᠶ᠎ᠡ ᠬᠡᠮᠡᠪᠡ ᠲᠡᠳᠦᠢ ᠠᠲᠠᠯᠠ ᠲᠦᠩᠭᠡᠯᠢᠭ ᠭᠣᠷᠣᠬᠠᠨ ᠥᠭᠥᠳᠡ ᠨᠢᠭᠡᠨ ᠬᠦᠮᠦᠨ ᠠᠶᠢᠰᠤᠨ ᠢᠷᠡᠪᠡᠢ ᠢᠷᠡᠪᠡᠰᠦ ᠪᠣᠳᠠᠨᠴᠠᠷ ᠮᠥᠨ ᠠᠵᠤᠬᠤ ᠠᠬ᠎ᠠ ᠢᠨᠤ ᠪᠤᠬᠤ ᠬᠠᠲᠠᠭᠢ ᠳᠡᠭᠦᠦ ᠶᠦᠭᠡᠨ ᠪᠣᠳᠠᠨᠴᠠᠷ ᠢ ᠦᠵᠡᠭᠡᠳ ᠲᠠᠨᠢᠵᠤ ᠠᠪᠤᠭᠠᠳ ᠦᠯᠦ ᠥᠭᠦᠯᠡᠯᠳᠦᠨ ᠬᠠᠷᠢᠨ ᠬᠠᠲᠠᠷᠢᠪᠠᠰᠤ ᠪᠣᠳᠠᠨᠴᠠᠷ ᠠᠬ ᠠ ᠶᠤᠭᠠᠨ ᠬᠣᠶᠢᠨᠠ ᠠᠴᠠ ᠳᠠᠭᠠᠵᠤ ᠶᠠᠪᠤᠵᠤ ᠥᠭᠦᠯᠡᠷ ᠦᠨ ᠪᠡᠶ᠎ᠡ ᠲᠡᠷᠢᠭᠦᠲᠡᠢ ᠳᠡᠭᠡᠯ ᠵᠢᠬ ᠠ ᠲᠠᠢ ᠰᠠᠶᠢᠨ ᠬᠡᠮᠡᠪᠡ ᠠᠬ᠎ᠠ ᠢᠨᠤ ᠡᠰᠡ ᠳᠣᠩᠭᠣᠳᠪᠠ ᠳᠠᠭᠤᠨ ᠡᠰᠡ ᠭᠠᠷᠪᠠ ᠪᠠᠰᠠ ᠬᠣᠷᠣᠮ ᠬᠠᠨ ᠶᠠᠪᠤᠯᠴᠠᠰ ᠬᠢᠵᠦ ᠶᠠᠪᠤᠯᠴᠠᠵᠤ ᠮᠥᠨ ᠦᠭᠡ ᠪᠡᠨ ᠥᠭᠦᠯᠡᠪᠡ ᠡᠰᠡ ᠳᠣᠩᠭᠣᠳᠪᠠ ᠳᠠᠭᠤᠨ ᠡᠰᠡ ᠭᠠᠷᠪᠠ ᠪᠠᠰᠠ ᠮᠥᠨ ᠦᠭᠡ ᠪᠡᠨ ᠥᠭᠦᠯᠡᠪᠡᠰᠦ ᠠᠬ᠎ᠠ ᠢᠨᠤ ᠥᠭᠦᠯᠡᠷ ᠦᠨ
aq=a inu degüü minu Bodančar ene mören uruγu oduluγ=a esen=ü ükübeü kemen erin odbasu tede Tünggelig-γoroqan=a (Čünggür-tököm=e) bükü irgen=eče teyimü nigen kümün teyimü mori=tu bölüge kemen surabasu tede irgen ögüler=ün morin kümün=ber činu suraqui=tur adali teyimü kümün bui edür büri man=tur irejü nuγusun=ečegen ögčü üsüg umdaγan odču <uuju> odumu šöni maq=a (manaγar) qamiγ=a qonomu nigen boroγčin qarčaγai=tu bui öröne umara=ača kei bolbasu tere qarčaγai=yuγan bariγuluγsan nuγud γalaγud=un ödüd burγaliγ čisun <časun> metü budaraču keyisčü iremü bi ber qarčaγai inu γuyibasu ese ögbe edüge irekü čaγ inu bolba qorom=qan küliy=e kemebe tedüi atala Tünggelig-γoroqan ögöde nigen kümün ayisun (irebei) irebesü Bodančar mön ajuqu aq=a inu Buqu-Qatagi degüü=yügen Bodančar=i üjeged taniju abuγad ülü ögüleldün qarin qataribasu Bodančar aq=a=yuγan qoyina=ača daγaju yabuju ögüler=ün bey=e terigütei degel jiq=a=tai sayin kemebe aq=a inu ese dongγodba (daγun ese γarba) basa qorom=qan yabulčas kijü (yabulčaju) mön üge=ben ögülebe ese dongγodba (daγun ese γarba) basa mön üge=ben ögülebesü aq=a inu ögüler=ün
8a
ᠲᠤᠭᠠᠷ ᠠᠴᠠ ᠶᠠᠮᠪᠠᠷ ᠦᠭᠡ ᠥᠭᠦᠯᠡᠮᠦ ᠬᠡᠮᠡᠪᠡᠰᠦ ᠪᠣᠳᠠᠨᠴᠠᠷ ᠥᠭᠦᠯᠡᠷ ᠦᠨ ᠲᠠ ᠠᠬ ᠠ ᠨᠠᠷ ᠬᠤᠪᠢ ᠠᠪᠤᠯᠴᠠᠵᠤ ᠨᠠᠳᠤᠷ ᠦᠯᠦ ᠥᠭᠬᠦ ᠶᠢ ᠬᠡᠷ ᠮᠡᠳᠡᠮᠦ ᠡᠨᠡ ᠦᠭᠡ ᠶᠢ ᠬᠡᠷ ᠡᠰᠡ ᠮᠡᠳᠡᠪᠡ ᠬᠡᠮᠡᠭᠡᠳ ᠲᠤᠭᠠᠷ ᠤᠨ ᠢᠷᠭᠡᠨ ᠶᠡᠬᠡ ᠥᠴᠦᠬᠡᠨ ᠦᠭᠡᠢ ᠡᠬᠢᠨ ᠲᠡᠷᠢᠭᠦᠨ ᠦᠭᠡᠢ ᠬᠢᠯᠪᠠᠷ ᠪᠤᠢ ᠪᠢᠳᠠ ᠲᠡᠳᠡᠨ ᠢ ᠲᠠᠭᠤᠯᠤᠶ᠎ᠠ ᠳᠣᠪᠲᠣᠯᠤᠶ᠎ᠠ ᠬᠡᠮᠡᠪᠡᠰᠦ ᠪᠤᠬᠤ ᠬᠠᠲᠠᠭᠢ ᠥᠭᠦᠯᠡᠷ ᠦᠨ ᠲᠡᠶᠢᠨ ᠬᠢᠬᠦᠢ ᠶᠢ ᠠᠬ ᠠ ᠨᠠᠷ ᠳᠡᠭᠦᠦ ᠨᠡᠷ ᠯᠤᠭᠠ ᠡᠶᠡᠳᠦᠯᠳᠦᠶ᠎ᠡ ᠬᠡᠮᠡᠯᠳᠦᠵᠦ ᠭᠡᠷ ᠲᠦᠷ ᠢᠶᠡᠨ ᠬᠦᠷᠴᠦ ᠠᠬ ᠠ ᠨᠠᠷ ᠳᠡᠭᠦᠦ ᠨᠡᠷ ᠯᠦᠭᠡ ᠡᠶᠡᠳᠡᠯᠳᠦᠵᠦ ᠮᠥᠨ ᠪᠣᠳᠠᠨᠴᠠᠷ ᠢ ᠭᠠᠵᠠᠷᠴᠢᠯᠠᠭᠤᠯᠵᠤ ᠲᠡᠳᠡ ᠢᠷᠭᠡᠨ ᠢ ᠲᠠᠭᠤᠯᠢᠬᠤᠢᠳᠣᠪᠲᠣᠯᠬᠤᠢ ᠲᠤᠷ ᠪᠣᠳᠠᠨᠴᠠᠷ ᠨᠢᠭᠡᠨ ᠲᠣᠮᠤᠨ ᠪᠦᠳᠦᠭᠦᠨ ᠬᠡᠭᠡᠯᠢ ᠲᠦ ᠡᠮ ᠡ ᠶᠢ ᠪᠠᠷᠢᠪᠠ ᠶᠠᠭᠤᠨ ᠬᠦᠮᠦᠨ ᠪᠤᠢ ᠬᠡᠮᠡᠪᠡᠰᠦ ᠲᠡᠷᠡ ᠡᠮ᠎ᠡ ᠥᠭᠦᠯᠡᠷ ᠦᠨ ᠠᠩᠬᠠᠨ ᠤ ᠨᠡᠩᠳᠡᠭᠰᠡᠨ ᠵᠠᠷᠴᠢᠭᠤᠳ ᠤᠷᠢᠶᠠᠩᠬᠠᠳᠠᠢ ᠶᠢᠨ ᠬᠦᠮᠦᠨ ᠪᠤᠢ ᠬᠡᠮᠡᠪᠡ ᠲᠡᠷᠡ ᠳᠤᠮᠳᠠ ᠬᠡᠭᠡᠯᠢ ᠲᠦ ᠡᠮ᠎ᠡ ᠪᠣᠳᠠᠨᠴᠠᠷ ᠲᠤᠷ ᠢᠷᠡᠵᠦ ᠨᠤᠭᠤᠨ ᠬᠥᠪᠡᠭᠦᠨ ᠲᠥᠷᠥᠪᠡ ᠵᠠᠳ ᠢᠷᠭᠡᠨ ᠦᠬᠡᠢ ᠭᠡᠵᠦ ᠵᠤᠷᠴᠢᠳᠠᠢ ᠬᠡᠮᠡᠨ ᠨᠡᠷᠡᠶᠢᠳᠪᠡ ᠲᠡᠷᠡ ᠵᠤᠷᠴᠢᠳᠠᠢ ᠶᠢᠨ ᠬᠥᠪᠡᠭᠦᠨ ᠲᠦᠭᠦᠳᠡᠢ ᠨᠡᠷᠡᠲᠦ ᠪᠥᠯᠦᠭᠡ ᠲᠦᠭᠦᠳᠡᠢ ᠶᠢᠨ ᠬᠥᠪᠡᠭᠦᠨ ᠪᠦᠷᠢ ᠪᠤᠯᠢᠰᠢᠬᠤ ᠪᠦᠷᠢ ᠪᠤᠯᠢᠰᠢᠬᠤ ᠶᠢᠨ ᠬᠥᠪᠡᠭᠦᠨ ᠬᠠᠷᠠ ᠬᠠᠳᠠᠭᠠᠨ ᠨᠡᠷᠡᠲᠦ ᠪᠥᠯᠦᠭᠡ ᠵᠠᠷᠵᠢᠷᠠᠳ ᠣᠮᠣᠭ ᠲᠠᠨ ᠪᠣᠯᠪᠠ ᠵᠠᠵᠢᠷᠠᠨ ᠤ ᠡᠪᠦᠭᠡᠰ ᠲᠡᠳᠡ ᠪᠥᠯᠦᠭᠡ ᠬᠣᠶᠢᠨᠠ ᠪᠣᠳᠠᠨᠴᠠᠷ ᠠᠴᠠ ᠬᠥᠪᠡᠭᠦᠨ ᠲᠥᠷᠥᠪᠡ ᠪᠠᠷᠢᠵᠤ ᠠᠪᠤᠭᠰᠠᠨ ᠡᠮ ᠡ ᠡᠴᠡ ᠲᠥᠷᠥᠭᠰᠡᠨ ᠬᠥᠪᠡᠭᠦᠨ ᠬᠡᠮᠡᠨ ᠪᠠᠭᠠᠷᠢᠳᠠᠢ ᠭᠡᠵᠦ ᠨᠡᠷᠡᠶᠢᠳᠪᠡ ᠪᠠᠭᠠᠷᠢᠳᠠᠢ ᠶᠢᠨ ᠬᠥᠪᠡᠭᠦᠨ ᠴᠢᠳᠤᠬᠤᠯ ᠨᠡᠷᠡᠲᠦ ᠪᠥᠯᠦᠭᠡ ᠲᠡᠭᠦᠨ ᠦ ᠬᠥᠪᠡᠭᠦᠨ ᠢᠨᠤ ᠮᠠᠬ᠎ᠠ ᠮᠡᠲᠦ ᠲᠥᠷᠥᠪᠡ ᠮᠠᠬ ᠠ ᠪᠠᠭᠠᠷᠢᠨ
tuγar=ača yambar üge ögülemü kemebesü Bodančar ögüler=ün ta aq=a=nar qubi abulčaju nadur ülü ögkü=yi ker medemü ene üge=yi ker ese medebe kemeged tuγar=un irgen yeke öčüken ügei ekin terigün ügei kilbar bui bida teden=i taγuluy=a (dobtoluy=a) kemebesü Buqu-Qatagi ögüler=ün teyin kiküi=yi aq=a=nar degüü=ner=luγa eyedüldüy=e kemeldüjü ger=tür=iyen kürčü aq=a=nar degüü=ner=lüge eyedeldüjü mön Bodančar=i γajarčilaγulju tede irgen=i taγuliqui(dobtolqui)=tur Bodančar nigen tomun (büdügün) kegeli=tü em=e=yi bariba yaγun kümün bui kemebesü tere em=e ögüler=ün angqan=u nengdegsen Jarčiγud Uriyangqadai=yin kümün bui kemebe tere dumda kegeli=tü em=e Bodančar=tur irejü nuγun köbegün töröbe jad irgen=ükei gejü Jurčidai kemen nereyidbe tere Jurčidai=yin köbegün Tügüdei-neretü bölüge Tügüdei=yin köbegün Büri-Bulisiqu Büri-Bulisiqu=yin köbegün Qara-Qadaγan neretü bölüge Jarjirad omoγ=tan bolba Jajiran=u ebüges tede bölüge # qoyina Bodančar=ača köbegün töröbe bariju abuγsan em=e=eče törögsen köbegün kemen Baγaridai gejü nereyidbe Baγaridai=yin köbegün Čiduqul neretü bölüge tegün=ü köbegün inu maq=a metü töröbe Maq=a-Baγarin
8b
ᠣᠮᠣᠭ ᠲᠠᠨ ᠪᠣᠯᠪᠠ ᠪᠠᠭᠠᠷᠢᠨ ᠤ ᠡᠪᠦᠭᠡᠰ ᠲᠡᠷᠡ ᠪᠥᠯᠦᠭᠡ ᠳᠣᠪᠤ ᠮᠡᠷᠭᠡᠨ ᠦ ᠪᠡᠭᠦᠨᠦᠲᠡᠢ ᠶᠢᠨ ᠤᠷᠤᠭ ᠲᠥᠷᠥᠯ ᠪᠡᠭᠦᠨᠦᠳ ᠣᠮᠣᠭ ᠲᠠᠨ ᠪᠣᠯᠪᠠ ᠪᠡᠯᠭᠦᠨᠦᠲᠡᠢ ᠶᠢᠨ ᠬᠥᠪᠡᠭᠦᠳ ᠪᠡᠯᠭᠦᠨᠦᠳ ᠣᠮᠣᠭ ᠲᠠᠨ ᠪᠣᠯᠪᠠ ᠪᠤᠬᠤ ᠬᠠᠲᠠᠭᠢ ᠶᠢᠨ ᠬᠥᠪᠡᠭᠦᠨ ᠬᠠᠲᠠᠭᠢᠨ ᠣᠮᠣᠭ ᠲᠠᠨ ᠪᠣᠯᠪᠠ ᠬᠠᠲᠠᠭᠢᠨ ᠤ ᠡᠪᠦᠭᠡᠰ ᠲᠡᠷᠡ ᠪᠥᠯᠦᠭᠡ ᠪᠤᠬᠤᠴᠢ ᠰᠠᠯᠵᠢ ᠶᠢᠨ ᠬᠥᠪᠡᠭᠦᠨ ᠰᠠᠯᠵᠢᠭᠤᠳ ᠣᠮᠣᠭ ᠲᠠᠨ ᠪᠣᠯᠪᠠ ᠰᠠᠯᠵᠢᠭᠤᠳ ᠤᠨ ᠡᠪᠦᠭᠡᠰ ᠲᠡᠷᠡ ᠪᠥᠯᠦᠭᠡ ᠪᠣᠳᠠᠨᠴᠠᠷ ᠤᠨ ᠠᠪᠠᠯᠢᠨ ᠡᠮ ᠡ ᠲᠡᠴᠡ ᠲᠥᠷᠥᠭᠰᠡᠨ ᠪᠠᠷᠢᠮ ᠰᠢᠭᠡᠷ ᠡ ᠲᠦ ᠬᠠᠪᠢᠴᠢ ᠪᠠᠭᠠᠲᠤᠷ ᠨᠡᠷᠡᠲᠦ ᠪᠥᠯᠦᠭᠡ ᠪᠣᠷᠵᠢᠭᠢᠨ ᠣᠮᠣᠭ ᠲᠠᠨ ᠪᠣᠯᠪᠠ ᠪᠣᠷᠵᠢᠭᠢᠨ ᠤ ᠡᠪᠦᠭᠡᠰ ᠲᠡᠷᠡ ᠪᠥᠯᠦᠭᠡ ᠪᠠᠷᠢᠮ ᠰᠢᠭᠡᠷ ᠲᠦ ᠬᠠᠪᠢᠴᠢ ᠪᠠᠭᠠᠲᠤᠷ ᠤᠨ ᠡᠬᠡ ᠶᠢᠨ ᠢᠨᠵᠡ ᠡᠮ ᠡ ᠶᠢ ᠪᠣᠳᠠᠨᠴᠠᠷ ᠲᠠᠲᠠᠵᠤ ᠪᠥᠯᠦᠭᠡ ᠲᠡᠷᠡ ᠢᠨᠵᠡ ᠲᠡᠴᠡ ᠲᠥᠷᠥᠭᠰᠡᠨ ᠵᠡᠭᠦᠷᠢᠶ ᠡ ᠲᠡᠢ ᠨᠡᠷᠡᠲᠦ ᠪᠥᠯᠦᠭᠡ ᠪᠣᠳᠠᠨᠴᠠᠷ ᠪᠦᠬᠦᠢ ᠲᠦᠷ ᠳᠠᠷᠤᠭ᠎ᠠ ᠵᠦᠬᠡᠯᠢ ᠲᠦᠷ ᠪᠥᠯᠦᠭᠡ ᠪᠣᠳᠠᠨᠴᠠᠷ ᠢ ᠦᠭᠡᠢ ᠪᠣᠯᠤᠭᠰᠠᠨ ᠤ ᠬᠣᠶᠢᠨᠠ ᠨᠡᠩᠳᠡᠭᠰᠡᠨ ᠤᠷᠢᠶᠠᠩᠬᠠᠳᠠᠢ ᠬᠦᠮᠦᠨ ᠭᠡᠷ ᠦᠨ ᠳᠠᠷᠤᠭ᠎ᠠ ᠪᠥᠯᠦᠭᠡ ᠲᠡᠭᠦᠨ ᠦᠬᠡᠢ ᠪᠤᠢ ᠵ᠎ᠠ ᠬᠡᠮᠡᠨ ᠵᠦᠬᠡᠯᠢ ᠲᠡᠴᠡ ᠭᠠᠷᠭ ᠠ ᠯᠤᠭ᠎ᠠ ᠵᠡᠭᠦᠷᠢᠶᠡᠳ ᠣᠮᠣᠭ ᠲᠠᠨ ᠪᠣᠯᠪᠠ ᠵᠡᠭᠦᠷᠢᠶᠡᠳ ᠦᠨ ᠡᠪᠦᠭᠡᠰ ᠲᠡᠷᠡ ᠪᠥᠯᠦᠭᠡ ᠪᠠᠷᠢᠮ ᠰᠢᠭᠡᠷ ᠲᠦ ᠬᠠᠪᠢᠴᠢ ᠪᠠᠭᠠᠲᠤᠷ ᠤᠨ ᠬᠥᠪᠡᠭᠦᠨ ᠪᠡᠭᠢᠷ ᠪᠠᠭᠠᠲᠤᠷ ᠤᠨ ᠬᠥᠪᠡᠭᠦᠨ ᠮᠠᠬ ᠠ ᠲᠣᠳᠤᠨ ᠨᠡᠷᠡᠲᠦ ᠪᠥᠯᠦᠭᠡ ᠮᠠᠬ ᠠ ᠲᠣᠳᠤᠨ ᠤ ᠨᠣᠮᠠᠯᠤᠨᠲᠣᠷᠭᠤᠨ ᠭᠡᠷᠭᠡᠢ ᠠᠴᠠ ᠳᠣᠯᠣᠭᠠᠨ ᠬᠥᠪᠡᠭᠦᠨ ᠲᠥᠷᠥᠵᠦᠬᠦ ᠠᠩᠬᠠᠨ ᠤ ᠠᠬ᠎ᠠ ᠢᠨᠤ ᠬᠠᠴᠢ ᠬᠦᠯᠦᠭ ᠬᠠᠴᠢᠨ ᠬᠠᠴᠢᠭᠤ ᠬᠠᠴᠢᠯᠠ ᠬᠠᠷᠠᠯᠳᠠᠢ ᠬᠠᠴᠢᠭᠤᠨ ᠨᠠᠴᠢᠨ ᠪᠠᠭᠠᠲᠤᠷ ᠨᠡᠷ ᠡ ᠲᠡᠨ ᠡᠳᠡ ᠳᠣᠯᠣᠭᠠᠨ ᠪᠥᠯᠦᠭᠡ ᠬᠠᠴᠢ ᠬᠦᠯᠦᠭ ᠦᠨ
omoγ=tan bolba Baγarin=u ebüges tere bölüge # Dobu-Mergen=ü Begünütei=yin uruγ (töröl) Begünüd omoγ=tan bolba Belgünütei=yin köbegüd Belgünüd omoγ=tan bolba Buqu-Qatagi=yin köbegün Qatagin omoγ=tan bolba Qatagin=u ebüges tere bölüge Buquči-Salji=yin köbegün Saljiγud omoγ=tan bolba Saljiγud=un ebüges tere bölüge Bodančar=un abalin em=e=teče törögsen Barim-Siger=e=tü-Qabiči-baγatur neretü bölüge Borjigin omoγ=tan bolba Borjigin=u ebüges tere bölüge # Barim-Siger=tü-Qabiči-baγatur=un eke=yin inje em=e=yi Bodančar tataju bölüge tere inje=teče törögsen Jegüriy=e=tei neretü bölüge Bodančar büküi=tür (daruγ=a) jükeli=tür bölüge Bodančar=i ügei boluγsan=u qoyina nengdegsen Uriyangqadai kümün ger=ün daruγ=a bölüge tegün=ükei bui j=a kemen jükeli=teče γarγ=a=luγ=a Jegüriyed omoγ=tan bolba Jegüriyed=ün ebüges tere bölüge Barim-Siger=tü-Qabiči-baγatur=un köbegün Begir-baγatur=un köbegün Maq=a-Todun neretü bölüge Maq=a-Todun=u Nomalun(torγun gergei)=ača doloγan köbegün töröjükü angqan=u aq=a inu Qači-Külüg Qačin Qačiγu Qačila Qaraldai Qačiγun Način-baγatur ner=e=ten ede doloγan bölüge Qači-Külüg=ün
9a
ᠬᠥᠪᠡᠭᠦᠨ ᠬᠠᠶᠢᠳᠤ ᠨᠡᠷᠡᠲᠦ ᠪᠥᠯᠦᠭᠡ ᠥᠮᠦᠰᠢᠭ ᠠᠪᠤᠷᠢ ᠲᠤ ᠶᠢᠨ ᠲᠤᠯᠠ ᠥᠶᠡᠬᠢᠨ ᠣᠮᠣᠭ ᠲᠠᠨ ᠪᠣᠯᠪᠠ ᠥᠶᠡᠬᠢᠨ ᠦ ᠡᠪᠦᠭᠡᠰ ᠲᠡᠷᠡ ᠪᠥᠯᠦᠭᠡ ᠬᠠᠴᠢᠭᠤ ᠶᠢᠨ ᠬᠥᠪᠡᠭᠦᠨ ᠪᠠᠷᠢᠯᠳᠠᠢ ᠨᠡᠷᠡᠲᠦ ᠪᠥᠯᠦᠭᠡ ᠢᠳᠡᠭᠡᠨ ᠢ ᠪᠠᠷᠤᠬᠤᠨ ᠲᠤᠯᠠ ᠪᠠᠷᠯᠠᠭ ᠣᠮᠣᠭ ᠲᠠᠨ ᠪᠣᠯᠪᠠ ᠬᠠᠴᠢᠯᠠ ᠶᠢᠨ ᠬᠥᠪᠡᠭᠦᠨ ᠢᠳᠡᠭᠡᠨ᠎ᠡ ᠪᠠᠷᠤᠬᠤᠨ᠎ᠠ ᠶᠡᠬᠡ ᠪᠡᠶ ᠡ ᠲᠦ ᠶᠢᠨ ᠲᠤᠯᠠ ᠶᠡᠬᠡ ᠪᠠᠷᠤᠯᠠ ᠬᠡᠮᠡᠨ ᠨᠡᠷᠡᠶᠢᠳᠪᠡ ᠪᠠᠷᠤᠯᠠᠰᠬᠦ ᠣᠮᠣᠭ ᠲᠠᠨ ᠪᠣᠯᠪᠠ ᠡᠷᠳᠡᠮ ᠲᠦ ᠪᠠᠷᠯᠠ ᠲᠦᠳᠡᠬᠡᠨ ᠲᠡᠷᠢᠭᠦᠲᠡᠨ ᠪᠠᠷᠤᠯᠠᠰ ᠤᠨ ᠡᠪᠦᠭᠡᠰ ᠲᠡᠷᠡ ᠪᠥᠯᠦᠭᠡ ᠬᠠᠷᠢᠯᠳᠠᠢ ᠶᠢᠨ ᠬᠥᠪᠡᠭᠦᠨ ᠪᠤᠳᠠ ᠮᠡᠲᠦ ᠬᠠᠳᠬᠤᠯᠠᠭᠴᠢ ᠡᠬᠢ ᠲᠡᠷᠢᠭᠦᠨ ᠦᠭᠡᠢ ᠶᠢᠨ ᠲᠤᠯᠠ ᠪᠤᠳᠠᠭᠠᠳ ᠣᠮᠣᠭ ᠲᠠᠨ ᠪᠣᠯᠪᠠ ᠪᠤᠳᠠᠭᠤᠳ ᠤᠨ ᠡᠪᠦᠭᠡᠰ ᠲᠡᠷᠡ ᠪᠥᠯᠦᠭᠡ ᠬᠠᠴᠢᠭᠤᠨ ᠤ ᠬᠥᠪᠡᠭᠦᠨ ᠠᠳᠠᠷᠬᠡ ᠲᠡᠢ ᠨᠡᠷᠡᠲᠦ ᠪᠥᠯᠦᠭᠡ ᠠᠬ᠎ᠠ ᠳᠡᠭᠦᠦ ᠵᠠᠭᠤᠷᠠ ᠡᠨᠳᠡ ᠲᠡᠨᠳᠡ ᠬᠡᠯᠡᠵᠦ ᠵᠡᠩᠭᠦᠭᠴᠢᠣᠯᠬᠢᠶᠠᠨ ᠥᠭᠦᠯᠡᠭᠴᠢ ᠶᠢᠨ ᠲᠤᠯᠠ ᠣᠮᠣᠭ ᠵᠠᠭᠤᠷᠠ ᠠᠳᠤᠷᠤᠭᠴᠢ ᠪᠤᠢ ᠮᠤᠬᠤᠷ ᠰᠠᠭᠤᠷᠢᠨ ᠲᠡᠷᠢᠭᠦᠲᠡᠨ ᠠᠳᠠᠷᠬᠢᠨ ᠣᠮᠣᠭ ᠲᠠᠨ ᠪᠣᠯᠪᠠ ᠠᠳᠠᠷᠬᠢᠨ ᠤ ᠡᠪᠦᠭᠡᠰ ᠲᠡᠷᠡ ᠪᠥᠯᠦᠭᠡ ᠨᠠᠴᠢᠨ ᠪᠠᠭᠠᠲᠤᠷ ᠤᠨ ᠬᠥᠪᠡᠭᠦᠨ ᠤᠷᠭᠤᠳᠠᠢ ᠮᠠᠩᠭᠤᠳᠠᠢ ᠨᠡᠷ ᠡ ᠲᠡᠨ ᠪᠥᠯᠦᠭᠡ ᠤᠷᠭᠤᠳᠠᠢ ᠶᠢᠨ ᠬᠥᠪᠡᠭᠦᠨ ᠤᠷᠤᠭᠤᠳ ᠪᠥᠯᠦᠭᠡ ᠮᠠᠩᠭᠤᠳᠠᠢ ᠶᠢᠨ ᠬᠥᠪᠡᠭᠦᠨ ᠮᠠᠩᠭᠤᠳ ᠣᠮᠣᠭ ᠲᠠᠨ ᠪᠣᠯᠪᠠ ᠤᠷᠤᠭ ᠤᠳ ᠮᠠᠩᠭᠤᠳ ᠤᠨ ᠡᠪᠦᠭᠡᠰ ᠲᠡᠷᠡ ᠪᠥᠯᠦᠭᠡ ᠨᠠᠴᠢᠨ ᠪᠠᠭᠠᠲᠤᠷ ᠤᠨ ᠠᠪᠠᠯᠢᠨ ᠭᠡᠷᠭᠡᠢ ᠡᠴᠡ ᠲᠥᠷᠥᠭᠰᠡᠨ ᠰᠢᠰᠢᠬᠤᠲᠠᠢ ᠳᠣᠭᠣᠯᠬᠤ ᠲᠠᠢ ᠬᠣᠶᠠᠷ ᠪᠥᠯᠦᠭᠡ ᠰᠢᠰᠢᠭ ᠤᠳ ᠳᠣᠭᠣᠯᠬᠤᠳ ᠣᠮᠣᠭ ᠲᠠᠨ ᠪᠣᠯᠪᠠ ᠲᠡᠳᠡᠨ ᠦ ᠡᠪᠦᠭᠡᠰ ᠲᠡᠷᠡ ᠪᠥᠯᠦᠭᠡ ᠬᠠᠶᠢᠳᠤ ᠶᠢᠨ
köbegün Qayidu neretü bölüge ömüsig aburi=tu=yin tula Öyekin omoγ=tan bolba Öyekin=ü ebüges tere bölüge Qačiγu=yin köbegün Barildai neretü bölüge idegen=i baruqun tula Barlaγ omoγ=tan bolba Qačila=yin köbegün idegen=e baruqun=a yeke bey=e=tü=yin tula Yeke-Barula kemen nereyidbe Barulaskü omoγ=tan bolba erdem=tü Barla-Tüdeken terigüten Barulas=un ebüges tere bölüge Qarildai=yin köbegün buda metü qadqulaγči eki terigün ügei=yin tula Budaγad omoγ=tan bolba Budaγud=un ebüges tere bölüge Qačiγun=u köbegün Adarke=tei neretü bölüge (...) aq=a degüü jaγura ende tende kelejü jenggügči(olkiyan ögülegči)=yin tula omoγ jaγura aduruγči bui Muqur-Saγurin terigüten Adarkin omoγ=tan bolba Adarkin=u ebüges tere bölüge Način-baγatur=un köbegün Urγudai Mangγudai ner=e=ten bölüge Urγudai=yin köbegün Uruγud bölüge Mangγudai=yin köbegün Mangγud omoγ=tan bolba Uruγ=ud Mangγud=un ebüges tere bölüge Način-baγatur=un abalin gergei=eče törögsen Sisiqutai Doγolqu=tai qoyar bölüge Sisiγ=ud Doγolqud omoγ=tan bolba teden=ü ebüges tere bölüge Qayidu=yin
9b
ᠬᠥᠪᠡᠭᠦᠨ ᠪᠠᠷ ᠰᠢᠩᠬᠣᠷ ᠳᠣᠭᠰᠢᠨ ᠴᠢᠷᠬᠠᠢ ᠯᠢᠨᠬᠤ᠎ᠠ ᠴᠠᠤᠵᠢᠨ ᠥᠷᠲᠡᠭᠡᠢ ᠭᠤᠷᠪᠠᠨ ᠪᠥᠯᠦᠭᠡ ᠪᠠᠢ ᠰᠢᠩᠬᠣᠷ ᠳᠣᠭᠰᠢᠨ ᠤ ᠬᠥᠪᠡᠭᠦᠨ ᠲᠤᠮᠪᠢᠬᠠᠢ ᠰᠡᠴᠡᠨ ᠨᠡᠷᠡᠲᠦ ᠪᠥᠯᠦᠭᠡ ᠴᠢᠷᠬᠠᠢ ᠯᠢᠨᠬᠤ ᠠ ᠶᠢᠨ ᠬᠥᠪᠡᠭᠦᠨ ᠰᠢᠩᠭᠦᠮ ᠪᠡᠯᠭᠡ ᠨᠡᠷᠡᠲᠦ ᠪᠥᠯᠦᠭᠡ ᠰᠢᠩᠭᠦᠮ ᠪᠡᠯᠭᠡ ᠶᠢᠨ ᠬᠥᠪᠡᠭᠦᠨ ᠢᠰᠠᠯᠠᠢ ᠬᠠᠭᠠᠨ ᠲᠡᠷᠢᠭᠦᠲᠡᠨ ᠲᠠᠶᠢᠴᠢᠭᠤᠳ ᠣᠮᠣᠭ ᠲᠠᠨ ᠪᠣᠯᠪᠠ ᠲᠠᠶᠢᠴᠢᠭᠤᠳ ᠤᠨ ᠡᠪᠦᠭᠡᠰ ᠲᠡᠶᠢᠮᠦ ᠪᠥᠯᠦᠭᠡ ᠴᠢᠷᠬᠠᠢ ᠯᠢᠨᠬᠤ᠎ᠠ ᠬᠥᠪᠡᠭᠦᠨ ᠦᠬᠡᠢ ᠡᠴᠡ ᠲᠥᠷᠥᠭᠰᠡᠨ ᠪᠡᠰᠦᠳ ᠨᠡᠷᠡᠲᠦ ᠪᠥᠯᠦᠭᠡ ᠪᠡᠰᠦᠳ ᠣᠮᠣᠭ ᠲᠠᠨ ᠪᠣᠯᠪᠠ ᠪᠡᠰᠦᠳ ᠦᠨ ᠡᠪᠦᠭᠡᠰ ᠲᠡᠳᠡ ᠪᠥᠯᠦᠭᠡ ᠴᠠᠤᠵᠢᠨ ᠥᠷᠲᠡᠭᠡᠢ ᠶᠢᠨ ᠬᠥᠪᠡᠭᠦᠨ ᠤᠷᠤᠭᠠᠷ ᠬᠣᠩᠬᠣᠲᠠᠨ ᠠᠷᠠᠯᠤᠨ ᠰᠥᠨᠢᠳ ᠬᠠᠪᠳᠤᠷᠬᠠᠳ ᠬᠡᠶᠢᠳ ᠬᠡᠷᠭᠡᠰ ᠦᠨ ᠡᠪᠦᠭᠡᠰ ᠲᠡᠳᠡ ᠪᠥᠯᠦᠭᠡ ᠲᠤᠮᠪᠠᠬᠠᠢ ᠰᠡᠴᠢᠨ ᠦ ᠬᠥᠪᠡᠭᠦᠨ ᠬᠠᠮ ᠬᠠᠴᠤᠯᠠ ᠬᠠᠪᠤᠯ ᠬᠠᠭᠠᠨ ᠬᠣᠶᠠᠷ ᠪᠥᠯᠦᠭᠡ ᠬᠠᠮ ᠬᠠᠴᠤᠯᠠ ᠶᠢᠨ ᠬᠥᠪᠡᠭᠦᠨ ᠪᠤᠯᠲᠠᠴᠤ ᠪᠠᠭᠠᠲᠤᠷ ᠨᠡᠷᠡᠲᠦ ᠪᠥᠯᠦᠭᠡ ᠪᠤᠯᠲᠠᠴᠤ ᠪᠠᠭᠠᠲᠤᠷ ᠤᠨ ᠬᠥᠪᠡᠭᠦᠨ ᠮᠡᠷᠭᠡᠨ ᠰᠡᠴᠡᠨ ᠪᠥᠯᠦᠭᠡ ᠬᠠᠪᠤᠯ ᠰᠡᠴᠡᠨ ᠦ ᠳᠣᠯᠣᠭᠠᠨ ᠬᠥᠪᠡᠭᠦᠨ ᠢ ᠠᠩᠬᠠᠨ ᠤ ᠠᠬ᠎ᠠ ᠢᠨᠤ ᠥᠬᠢᠨ ᠪᠠᠷᠠᠭ ᠪᠠᠷᠲᠠᠨ ᠪᠠᠭᠠᠲᠤᠷ ᠬᠤᠲᠤᠭᠲᠤ ᠮᠥᠩᠬᠦᠷ ᠬᠤᠲᠠᠯᠠ ᠬᠠᠭᠠᠨ ᠬᠤᠯᠠᠨ ᠪᠠᠭᠠᠲᠤᠷ ᠲᠥᠳᠡᠭᠡᠨ ᠬᠠᠳᠠᠭᠠᠨ ᠡᠳᠡ ᠳᠣᠯᠣᠭᠠᠨ ᠪᠥᠯᠦᠭᠡ ᠥᠬᠢᠨ ᠪᠠᠷᠬᠠᠳ ᠤᠨ ᠬᠥᠪᠡᠭᠦᠨ ᠵᠤᠷᠬ ᠠ ᠲᠤ ᠵᠦᠷᠬᠡ ᠨᠡᠷᠡᠲᠦ ᠪᠥᠯᠦᠭᠡ ᠬᠥᠪᠡᠭᠦᠨ ᠢᠨᠤ ᠰᠡᠴᠡᠨ ᠪᠡᠬᠢ ᠲᠠᠶᠢᠴᠤ ᠬᠣᠶᠠᠷ ᠪᠥᠯᠦᠭᠡ ᠵᠦᠷᠬᠡᠨ ᠣᠮᠣᠭ ᠲᠠᠨ ᠪᠣᠯᠪᠠ ᠵᠦᠷᠬᠡᠨ ᠦ ᠡᠪᠦᠭᠡᠰ ᠲᠡᠳᠡ ᠪᠥᠯᠦᠭᠡ ᠪᠠᠷᠲᠠᠨ ᠤ ᠪᠠᠭᠠᠲᠤᠷ ᠤᠨ ᠬᠥᠪᠡᠭᠦᠨ ᠶᠢᠰᠦᠬᠡᠢ ᠪᠠᠭᠠᠲᠤᠷ ᠨᠡᠭᠦᠨ ᠲᠠᠶᠢᠵᠢ ᠮᠡᠩᠭᠡ ᠲᠦ ᠬᠢᠶ᠎ᠠ ᠮᠡᠷᠭᠡᠨ ᠶᠡᠬᠡ ᠲᠡᠢ ᠳᠠᠷᠢᠳᠠᠢ ᠣᠳᠴᠢᠭᠢᠨ
köbegün Bar-Singqor-Doγsin Čirqai-Linqu=a Čaujin-Örtegei γurban bölüge Bai-Singqor-Doγsin=u köbegün Tumbiqai-Sečen neretü bölüge Čirqai-Linqu=a=yin köbegün Singgüm-Belge neretü bölüge Singgüm-Belge=yin köbegün Isalai-qaγan terigüten Tayičiγud omoγ=tan bolba Tayičiγud=un ebüges teyimü bölüge Čirqai-Linqu=a köbegün=ükei=eče törögsen Besüd neretü bölüge Besüd omoγ=tan bolba Besüd=ün ebüges tede bölüge Čaujin-Örtegei=yin köbegün Uruγar Qongqotan Aralun Sönid Qabdurqad Keyid Kerges=ün ebüges tede bölüge Tumbaqai-Sečin=ü köbegün Qam-Qačula Qabul-qaγan qoyar bölüge Qam-Qačula=yin köbegün Bultaču-baγatur neretü bölüge Bultaču-baγatur=un köbegün Mergen-Sečen bölüge Qabul-Sečen=ü doloγan köbegün=i angqan=u aq=a inu Ökin-Baraγ Bartan-baγatur Qutuγtu-Möngkür Qutala-qaγan Qulan-baγatur Tödegen Qadaγan ede doloγan bölüge Ökin-Barqad<=un> köbegün Jurq=a=tu-Jürke neretü bölüge köbegün inu Sečen-beki Tayiču qoyar bölüge Jürken omoγ=tan bolba Jürken=ü ebüges tede bölüge Bartan=u-baγatur=un köbegün Yisükei-baγatur Negün-tayiji Mengge=tü-kiy=a Mergen-Yeke=tei Daridai-Odčigin
10a
ᠲᠡᠳᠡ ᠲᠠᠪᠤᠨ ᠪᠥᠯᠦᠭᠡ ᠰᠦᠴᠢᠭᠡᠯ ᠦᠵᠢᠨ ᠡᠴᠡ ᠲᠥᠷᠥᠵᠦᠬᠦ ᠰᠦᠴᠢᠭᠡᠯ ᠦᠵᠢᠨ ᠮᠣᠩᠭᠣᠯ ᠲᠠᠷᠭᠤᠵᠢᠨ ᠲᠠᠷᠴᠢᠭᠤᠵᠢᠨ ᠵᠢᠰᠦᠲᠡᠢ ᠶᠢᠨ ᠥᠬᠢᠨ ᠠᠵᠤᠬᠤ ᠬᠤᠲᠤᠭ ᠲᠤ ᠮᠥᠩᠬᠦᠷ ᠦᠨ ᠬᠥᠪᠡᠭᠦᠨ ᠪᠦᠷᠢ ᠪᠥᠬᠡ ᠣᠨᠠᠨ ᠤ ᠲᠦᠨᠰᠢᠭᠤᠢ ᠲᠦᠷ ᠵᠦᠷᠬᠡᠨ ᠯᠦᠭᠡ ᠬᠤᠷᠢᠮᠯᠠᠬᠤᠢ ᠲᠤᠷ ᠪᠡᠯᠭᠦᠲᠡᠢ ᠨᠣᠶᠠᠨ ᠤ ᠮᠥᠷᠥ ᠬᠠᠭ᠎ᠠ ᠴᠠᠪᠴᠢᠭᠰᠠᠨ ᠲᠡᠷᠡ ᠪᠥᠯᠦᠭᠡ ᠬᠤᠲᠤᠯᠠ ᠬᠠᠭᠠᠨ ᠤ ᠬᠥᠪᠡᠭᠦᠨ ᠵᠣᠴᠢ ᠬᠢᠷᠮᠢᠭᠤ ᠠᠯᠲᠠᠨ ᠭᠤᠷᠪᠠᠨ ᠪᠥᠯᠦᠭᠡ ᠦᠶᠡᠭᠡᠳ ᠣᠮᠣᠭ ᠲᠠᠨ ᠪᠣᠯᠪᠠ ᠬᠤᠯᠠᠨ ᠪᠠᠭᠠᠲᠤᠷ ᠤᠨ ᠬᠥᠪᠡᠭᠦᠨ ᠶᠡᠬᠡ ᠴᠡᠷᠡᠨ ᠪᠥᠯᠦᠭᠡ ᠪᠠᠳᠠᠢ ᠬᠢᠰᠢᠯᠢᠭ ᠬᠣᠶᠠᠷ ᠳᠠᠷᠬᠤᠳ ᠤᠨ ᠨᠣᠶᠠᠨ ᠲᠡᠷᠡ ᠪᠥᠯᠦᠭᠡ ᠬᠠᠳᠠᠭᠠᠨ ᠲᠥᠳᠡᠭᠡᠨ ᠬᠣᠶᠠᠷ ᠤᠷᠤᠭ ᠲᠥᠷᠥᠯ ᠦᠭᠡᠬᠦᠨ ᠪᠥᠯᠦᠭᠡ ᠬᠠᠮᠤᠭ ᠮᠣᠩᠭᠣᠯ ᠢ ᠬᠠᠪᠤᠯ ᠬᠠᠭᠠᠨ ᠮᠡᠳᠡᠨ ᠶᠠᠪᠤᠪᠠ ᠬᠠᠪᠤᠯ ᠬᠠᠭᠠᠨ ᠤ ᠬᠣᠶᠢᠨᠠ ᠬᠠᠪᠤᠯ ᠬᠠᠭᠠᠨ ᠤ ᠦᠭᠡ ᠪᠡᠷ ᠳᠣᠯᠣᠭᠠᠨ ᠬᠥᠪᠡᠭᠦᠨ ᠢᠨᠤ ᠪᠥᠭᠡᠲᠡᠯᠡ ᠲᠠᠶᠢᠴᠢᠭᠤᠳ ᠤᠨ ᠰᠡᠩᠭᠦᠮ ᠪᠡᠯᠭᠡ ᠶᠢᠨ ᠬᠥᠪᠡᠭᠦᠨ ᠠᠮᠠᠭᠠᠷ ᠬᠠᠭᠠᠨ ᠮᠡᠳᠡᠨ ᠶᠠᠪᠤᠪᠠ ᠪᠤᠨᠢᠷ ᠨᠠᠭᠤᠷ ᠬᠥᠯᠡᠨ ᠨᠠᠭᠤᠷ ᠬᠣᠶᠠᠷ ᠤᠨ ᠵᠠᠭᠤᠷᠠ ᠤᠷᠤᠰᠬᠤ ᠮᠥᠷᠡᠨ᠎ᠡ ᠪᠦᠬᠦᠨ ᠤᠷᠤᠭ ᠨᠣᠶᠠᠨ ᠪᠤᠶᠢᠷᠤᠭ ᠤᠳ ᠲᠠᠲᠠᠷ ᠢᠷᠭᠡᠨ᠎ᠡ ᠠᠮᠠᠭᠠᠷ ᠬᠠᠭᠠᠨ ᠥᠬᠢᠨ ᠢᠶᠡᠨ ᠥᠭᠴᠦ ᠥᠪᠡᠰᠦᠪᠡᠨ ᠦᠳᠡᠵᠦ ᠣᠳᠬᠤ ᠪᠣᠯᠭᠠᠨ ᠲᠠᠲᠠᠷ ᠢᠷᠭᠡᠨ ᠴᠤᠢ ᠶᠢᠨ ᠢᠷᠭᠡᠨ ᠬᠢᠶᠠᠳ ᠥᠰᠲᠡ ᠠᠮᠠᠭᠠᠷ ᠬᠠᠭᠠᠨ ᠢ ᠪᠠᠷᠢᠵᠤ ᠬᠢᠲᠠᠳ ᠤᠨ ᠠᠯᠲᠠᠨ ᠬᠠᠭᠠᠨ ᠲᠤᠷ ᠠᠪᠴᠤ ᠣᠳᠬᠤᠢ ᠲᠤᠷ ᠠᠮᠠᠭᠠᠷ ᠬᠠᠭᠠᠨ ᠪᠡᠰᠦᠳᠡᠢ ᠪᠠᠯᠭᠠᠭᠴᠢ ᠨᠡᠷᠡᠲᠦ ᠡᠯᠴᠢ ᠪᠡᠷ ᠢᠶᠡᠨ ᠥᠭᠦᠯᠵᠦ ᠢᠯᠡᠭᠡᠷᠦᠨ ᠬᠠᠪᠤᠯ ᠬᠠᠭᠠᠨ ᠤ ᠳᠣᠯᠣᠭᠠᠨ ᠬᠥᠪᠡᠭᠦᠨ ᠦ ᠳᠣᠲᠣᠷᠠ ᠬᠤᠲᠤᠯᠠ ᠳᠠ ᠪᠦᠭᠡᠳᠡ ᠲᠦᠷ ᠥᠭᠦᠯᠡ ᠮᠢᠨᠤ ᠠᠷᠪᠠᠨ ᠬᠥᠪᠡᠭᠦᠳ ᠦᠨ ᠳᠣᠲᠣᠷᠠ ᠬᠠᠳᠠᠭᠠᠨᠠ ᠲᠠᠶᠢᠰᠢ ᠳᠠ ᠥᠭᠦᠯᠡ ᠬᠡᠮᠡᠨ ᠥᠭᠦᠯᠡᠵᠦ
tede tabun bölüge Süčigel-Üjin=eče töröjükü Süčigel-Üjin Mongγol Tarγujin Tarčiγujin jisütei=yin ökin ajuqu Qutuγ=tu-Möngkür=ün köbegün Büri-Böke Onan=u tün(siγui)=tür Jürken=lüge qurimlaqui=tur Belgütei-noyan=u mörö qaγ=a čabčiγsan tere bölüge Qutula-qaγan=u köbegün Joči Kirmiγu Altan γurban bölüge Üyeged omoγ=tan bolba Qulan-baγatur=un köbegün Yeke-Čeren bölüge Badai Kisiliγ qoyar Darqud=un noyan tere bölüge Qadaγan Tödegen qoyar uruγ (töröl) ügekün bölüge qamuγ Mongγol=i Qabul-qaγan meden yabuba Qabul-qaγan=u qoyina Qabul-qaγan=u üge=ber doloγan köbegün inu bögetele Tayičiγud=un Senggüm-Belge=yin köbegün Amaγar-qaγan meden yabuba Bunir-naγur Kölen-naγur qoyar=un jaγura urusqu mören=e bükün uruγ noyan Buyiruγ=ud Tatar irgen=e Amaγar-qaγan ökin=iyen ögčü öbesüben üdejü odqu bolγan Tatar irgen Čui=yin irgen kiyad (öste) Amaγar-qaγan=i bariju Kitad=un Altan-qaγan=tur abču odqui=tur Amaγar-qaγan Besüdei Balγaγči neretü elči=ber=iyen ögüljü ilegerün Qabul-qaγan=u doloγan köbegün=ü dotora Qutula=da (bügede=tür) ögüle minu arban köbegüd=ün dotora Qadaγana-tayisi=da ögüle kemen ögülejü
10b
ᠢᠯᠡᠭᠡᠷ ᠦᠨ ᠬᠠᠮᠤᠭ ᠤᠨ ᠬᠠᠭᠠᠨ ᠤᠯᠤᠰ ᠤᠨ ᠡᠵᠡᠨ ᠪᠣᠯᠵᠤ ᠪᠥᠭᠡᠲᠡᠯᠡ ᠥᠪᠡᠰᠦᠪᠡᠨ ᠥᠪᠡᠷ ᠦᠨ ᠥᠬᠢᠨ ᠢᠶᠡᠨ ᠦᠳᠡ ᠬᠦ ᠪᠣᠯᠤᠨ ᠠᠮᠠᠭᠠᠷ ᠭᠡᠭᠳᠡᠬᠦᠨ ᠨᠡᠷᠡᠲᠦ ᠪᠢ ᠲᠠᠲᠠᠷ ᠢᠷᠭᠡᠨ᠎ᠡ ᠪᠠᠷᠢᠭᠳᠠᠪᠠ ᠲᠠᠪᠤᠨ ᠬᠤᠷᠤᠭᠤᠳ ᠢᠶᠠᠨ ᠬᠢᠮᠤᠯ ᠲᠠᠮᠲᠤᠲᠠᠯᠠ ᠠᠷᠪᠠᠨ ᠬᠤᠷᠤᠭᠤᠳ ᠢᠶᠠᠨ ᠬᠢᠮᠤᠯ ᠬᠠᠲᠤᠳᠲᠠᠯᠠ ᠠᠴᠢ ᠶᠢ ᠮᠢᠨᠤ ᠠᠪᠤᠷᠠᠨ ᠬᠤᠷᠢᠶᠠᠳᠬᠤᠨ ᠬᠡᠮᠡᠵᠦ ᠢᠯᠡᠭᠡᠵᠦᠬᠦ ᠲᠡᠷᠡ ᠴᠠᠭ ᠲᠤᠷ ᠪᠠᠷᠲᠠᠨ ᠪᠠᠭᠠᠲᠤᠷ ᠤᠨ ᠬᠥᠪᠡᠭᠦᠨ ᠶᠢᠰᠦᠬᠡᠢ ᠪᠠᠭᠠᠲᠤᠷ ᠣᠨᠠᠨ ᠮᠥᠷᠡᠨ᠎ᠡ ᠰᠢᠪᠠᠭᠤᠯᠠᠨ ᠪᠦᠬᠦᠢ ᠲᠦᠷ ᠮᠡᠷᠭᠡᠳ ᠦᠨ ᠶᠡᠬᠡ ᠴᠢᠯᠡᠳᠦ ᠣᠯᠭᠤᠨᠤᠳ ᠢᠷᠭᠡᠨ ᠡᠴᠡ ᠥᠬᠢᠨ ᠢ ᠠᠪᠴᠤ ᠡᠭᠦᠰᠭᠡᠵᠦ ᠠᠶᠢᠰᠤᠬᠤᠢ ᠲᠤᠷ ᠵᠣᠯᠭᠠᠵᠤ ᠲᠡᠷᠭᠡᠨ ᠲᠦᠷ ᠢᠨᠤ ᠥᠩᠭᠡᠶᠢᠵᠦ ᠦᠵᠡᠪᠡᠰᠦ ᠥᠩᠭᠡ ᠵᠢᠰᠦᠨ ᠪᠤᠰᠢᠲᠠᠢ ᠰᠠᠶᠢᠲᠠᠢ ᠥᠬᠢᠨ ᠬᠠᠲᠤᠨ ᠢ ᠦᠵᠡᠵᠦ ᠭᠡᠷ ᠲᠦᠷ ᠢᠶᠡᠨ ᠬᠠᠷᠢᠵᠤ ᠠᠬ ᠠ ᠶᠤᠭᠠᠨ ᠨᠡᠭᠦᠨ ᠲᠠᠶᠢᠰᠢ ᠶᠢ ᠳᠡᠭᠦᠦ ᠶᠤᠭᠠᠨ ᠳᠠᠷᠢᠳᠠᠢ ᠣᠳᠴᠢᠭᠢᠨ ᠢ ᠤᠳᠤᠷᠢᠳᠴᠤ ᠬᠦᠷᠬᠦᠢ ᠯᠦᠭᠡ ᠴᠢᠯᠡᠳᠦ ᠠᠶᠤᠵᠤ ᠬᠤᠷᠳᠤᠨ ᠬᠤᠪᠠ ᠶᠤᠭᠠᠨ ᠭᠤᠶ᠎ᠠ ᠳᠡᠯᠡᠳᠳᠦᠭᠡᠳ ᠬᠣᠪᠤᠷᠢ ᠭᠤᠷᠪᠢ ᠠᠯᠤᠰ ᠪᠤᠷᠤᠭᠤᠳᠤᠯᠤᠭ᠎ᠠ ᠬᠣᠶᠢᠨᠠ ᠠᠴᠠ ᠢᠨᠤ ᠭᠤᠷᠪᠠᠭᠤᠯᠠ ᠤᠳᠠᠭᠠᠷᠢᠳ ᠤᠨ ᠳᠠᠷᠤ ᠬᠠᠲᠠᠷᠢᠪᠠᠰᠤ ᠴᠢᠯᠡᠳᠦ ᠬᠣᠰᠢᠭᠤ ᠬᠣᠴᠢᠵᠤ ᠥᠨᠳᠡᠶᠢᠨ ᠬᠠᠲᠠᠷᠢᠵᠤ ᠲᠡᠷᠭᠡᠨ ᠲᠦᠷ ᠢᠶᠡᠨ ᠢᠷᠡᠪᠡᠰᠦ ᠥᠭᠡᠯᠡᠨ ᠦᠵᠢᠨ ᠥᠭᠦᠯᠡᠷᠦᠨ ᠲᠤᠭᠠᠷ ᠤᠨ ᠭᠤᠷᠪᠠᠨ ᠠᠷᠠᠳ ᠢ ᠤᠬᠠᠪᠠᠤ ᠴᠢ ᠲᠡᠳᠡ ᠬᠦᠮᠦᠨ ᠦ ᠴᠢᠷᠠᠢ ᠴᠢᠷᠠᠢ ᠪᠤᠰᠤ ᠪᠤᠢ ᠠᠮᠢᠨ ᠲᠤᠷ ᠴᠢᠨᠤ ᠬᠣᠣᠷ ᠬᠦᠷᠭᠡᠬᠦ ᠮᠡᠳᠡᠭᠡ ᠦᠭᠡᠢ ᠢᠷᠭᠡᠨ ᠪᠤᠢ ᠠᠮᠢᠨ ᠡᠯᠡ ᠴᠢᠨᠤ ᠪᠣᠯᠪᠠᠰᠤ ᠬᠠᠷᠭ᠎ᠠ ᠱᠡᠭᠦᠷ ᠲᠡᠷᠭᠡᠨ ᠲᠤᠲᠤᠮ ᠬᠠᠲᠤᠳ ᠥᠯᠵᠢᠭᠡ ᠬᠥᠳᠡᠭᠡᠢ ᠠᠷᠠᠯ ᠲᠤᠲᠤᠮ ᠥᠬᠢᠳ ᠪᠤᠢ ᠵ᠎ᠠ ᠮᠢᠨᠤ ᠮᠡᠲᠦ ᠥᠩᠭᠡ ᠲᠦ ᠶᠢ ᠣᠯᠳᠠᠬᠤᠨ ᠵ᠎ᠠ ᠪᠤᠰᠤ ᠳᠠᠬᠢ ᠨᠡᠷ ᠡ ᠲᠡᠢ ᠬᠦᠮᠦᠨ ᠤᠴᠢᠷᠠᠪᠠᠰᠤ ᠥᠭᠡᠯᠡᠨ ᠨᠡᠷᠡᠶᠢᠳᠳᠦᠶᠦ ᠵ᠎ᠠ ᠴᠢ ᠠᠮᠢᠨ ᠢᠶᠠᠨ ᠬᠤᠷᠢᠶᠠᠭᠠᠳ ᠬᠤᠷᠢᠨ ᠵᠣᠷᠴᠢ ᠶᠠᠪᠤ
ileger=ün qamuγ=un qaγan ulus=un ejen bolju bögetele öbesüben (öber=ün) ökin=iyen üde=kü bolun Amaγar gegdekün (neretü bi) Tatar irgen=e bariγdaba tabun quruγud=iyan kimul tamtutala arban quruγud=iyan kimul qatudtala ači=yi minu aburan quriyadqun kemejü ilegejükü tere čaγ=tur Bartan-baγatur=un köbegün Yisükei-baγatur Onan-mören=e sibaγulan büküi=tür Merged=ün Yeke-Čiledü Olγunud irgen=eče ökin=i abču egüsgejü ayisuqui=tur jolγaju tergen=tür inu önggeyijü üjebesü öngge jisün busitai (sayitai) ökin qatun=i üjejü ger=tür=iyen qariju aq=a=yuγan Negün-tayisi=yi degüü=yuγan Daridai-Odčigin=i uduridču kürküi=lüge Čiledü ayuju qurdun quba=yuγan γuy=a deleddüged qoburi (γurbi) alus buruγuduluγ=a qoyina=ača inu γurbaγula udaγarid=un (daru) qataribasu Čiledü qosiγu qočiju (öndeyin qatariju) tergen=tür=iyen irebesü Ögelen-Üjin ögülerün tuγar=un γurban arad=i uqabau či tede kümün=ü čirai čirai busu bui amin=tur činu qoor kürgekü medege ügei irgen bui amin ele činu bolbasu qarγ=a (šegür tergen) tutum qatud öljige (ködegei aral) tutum ökid bui j=a minu metü öngge=tü=yi oldaqun j=a busu daki ner=e=tei kümün učirabasu Ögelen nereyiddüyü j=a či amin=iyan quriyaγad (qurin) jorči (yabu)
11a
ᠬᠤᠷᠤᠭ ᠦᠨᠦᠷ ᠢ ᠮᠢᠨᠤ ᠦᠨᠦᠰᠴᠦ ᠶᠠᠪᠤᠤ ᠬᠡᠮᠡᠨ ᠴᠠᠮᠴᠠᠪᠠᠨ ᠮᠥᠯᠲᠥᠯᠵᠦ ᠥᠭᠭᠥᠯᠦᠭᠡ ᠮᠣᠷᠢᠨ ᠳᠡᠭᠡᠷᠡ ᠡᠴᠡ ᠠᠷᠤᠶᠢᠵᠤ ᠠᠪᠬᠤᠢ ᠳᠤᠷ ᠬᠣᠶᠢᠨᠠ ᠠᠴᠠ ᠢᠨᠤ ᠠᠬ ᠠ ᠨᠠᠷ ᠳᠡᠭᠦᠦ ᠨᠡᠷ ᠭᠤᠷᠪᠠᠭᠤᠯᠠ ᠬᠣᠰᠢᠭᠤ ᠬᠣᠴᠢᠯᠳᠤᠵᠤ ᠥᠨᠳᠡᠶᠢᠨ ᠬᠠᠲᠠᠷᠢᠨ ᠬᠣᠴᠢᠭᠤᠯᠵᠤ ᠢᠷᠡᠪᠡᠰᠦ ᠴᠢᠯᠡᠳᠦ ᠠᠶᠤᠵᠤ ᠬᠤᠷᠳᠤᠨ ᠬᠤᠪᠠ ᠶᠤᠭᠠᠨ ᠳᠡᠯᠡᠳᠳᠦᠭᠡᠳ ᠣᠨᠠᠨ ᠮᠥᠷᠡᠨ ᠥᠭᠡᠳᠡ ᠵᠤᠬᠤᠰ ᠳᠤᠲᠠᠭᠠᠵᠤ ᠲᠠᠯᠪᠢᠪᠠ ᠤᠷᠤᠯᠳᠤᠪᠠ ᠬᠣᠶᠢᠨᠠ ᠠᠴᠠ ᠢᠨᠤ ᠳᠣᠯᠣᠭᠠᠨ ᠭᠤᠷᠪᠢ ᠳᠠᠪᠠᠲᠠᠯᠠ ᠨᠡᠬᠡᠵᠦ ᠭᠦᠶᠢᠴᠡᠨ ᠶᠠᠳᠠᠵᠤ ᠬᠠᠷᠢᠵᠤ ᠢᠷᠡᠭᠡᠳ ᠶᠢᠰᠦᠬᠡᠢ ᠪᠠᠭᠠᠲᠤᠷ ᠥᠭᠡᠯᠡᠨ ᠦᠵᠢᠨ ᠦ ᠳᠡᠯᠪᠡᠭᠡᠴᠢᠯᠪᠤᠭᠤᠷ ᠡᠴᠡ ᠪᠠᠷᠢᠵᠤ ᠠᠬ᠎ᠠ ᠢᠨᠤ ᠨᠡᠭᠦᠨ ᠲᠠᠶᠢᠰᠢ ᠤᠳᠤᠷᠢᠳᠴᠤ ᠳᠡᠭᠦᠦ ᠢᠨᠤ ᠳᠠᠷᠢᠳᠠᠢ ᠣᠳᠴᠢᠨ ᠲᠡᠮᠡᠭᠡᠨ ᠭᠡᠯᠢᠵᠦ ᠠᠶᠢᠰᠤᠬᠤᠢ ᠲᠤᠷ ᠦᠵᠢᠨ ᠡᠬᠡ ᠶᠡᠬᠡ ᠳᠠᠭᠤᠨ ᠪᠠᠷ ᠤᠶᠢᠯᠠᠵᠤ ᠥᠭᠦᠯᠡᠷᠦᠨ ᠠᠬ᠎ᠠ ᠮᠢᠨᠤ ᠴᠢᠯᠡᠳᠦ ᠬᠡᠢ ᠥᠭᠡᠳᠡ ᠭᠡᠬᠦᠯ ᠢᠶᠡᠨ ᠬᠡᠶᠢᠰᠦᠭᠰᠡᠭᠡᠷ ᠬᠡᠭᠡᠷ ᠭᠠᠵᠠᠷ᠎ᠠ ᠬᠡᠭᠡᠯᠢ ᠪᠡᠨ ᠥᠯᠥᠰᠦᠭᠰᠡᠭᠡᠷ ᠪᠥᠯᠦᠭᠡ ᠡᠳᠦᠭᠡ ᠬᠡᠷ ᠡᠯᠡ ᠬᠢᠰᠦ ᠪᠢ ᠬᠡᠮᠡᠨ ᠬᠣᠶᠠᠷ ᠰᠢᠪᠡᠯᠭᠡᠷ ᠢᠶᠡᠨ ᠨᠢᠭᠡᠨ ᠲᠡ ᠠᠷᠤ ᠳᠡᠭᠡᠷᠡ ᠨᠢᠭᠡᠨ ᠲᠡ ᠡᠪᠴᠢᠭᠦᠨ ᠳᠡᠭᠡᠷᠡ ᠣᠭᠣᠷᠴᠤ ᠣᠷᠬᠢᠵᠤ ᠬᠡᠷ ᠡᠯᠡ ᠬᠢᠵᠦ ᠣᠳᠤᠶ᠎ᠠ ᠬᠡᠮᠡᠭᠡᠳ ᠣᠨᠠᠨ ᠮᠥᠷᠡᠨ ᠳᠣᠯᠭᠢᠰᠲᠠᠯᠠ ᠣᠢ ᠪᠦᠷᠢ ᠳᠠᠭᠤᠷᠢᠰᠲᠠᠯᠠ ᠶᠡᠬᠡ ᠳᠠᠭᠤ ᠪᠠᠷ ᠤᠶᠢᠯᠠᠵᠤ ᠠᠶᠢᠰᠤᠬᠤᠢᠢᠷᠡᠬᠦᠢ ᠲᠤᠷ ᠳᠠᠷᠢᠳᠠᠢ ᠣᠳᠴᠢᠭᠢᠨ ᠵᠡᠭᠡᠷᠴᠡᠵᠦ ᠵᠡᠷᠭᠡᠴᠡᠵᠦ ᠶᠠᠪᠤᠭᠠᠳ ᠥᠭᠦᠯᠡᠷᠦᠨ ᠲᠠᠪᠠᠷᠢᠬᠤ ᠲᠡᠪᠡᠷᠢᠬᠦ ᠴᠢᠨ ᠤ ᠳᠠᠪᠠᠭ᠎ᠠ ᠣᠯᠠᠨ ᠳᠠᠪᠠᠪᠠ ᠤᠶᠢᠯᠠᠬᠤ ᠴᠢᠨ ᠤ ᠤᠰᠤᠨ ᠣᠯᠠᠨ ᠭᠡᠲᠦᠯᠪᠡ ᠬᠠᠶᠢᠯᠠᠪᠠᠰᠤ ᠦᠯᠦ ᠰᠣᠨᠣᠰᠬᠤ ᠬᠠᠷᠠᠪᠠᠰᠤ ᠦᠯᠦ ᠦᠵᠡᠭᠳᠡᠮ ᠰᠡᠮ ᠪᠣᠯ ᠳᠠᠭᠤᠨ ᠪᠦᠦ ᠭᠠᠷ ᠬᠡᠮᠡᠨ ᠢᠳᠬᠠᠪᠠ ᠥᠭᠡᠯᠡᠨ ᠦᠵᠢᠨ ᠢ ᠶᠢᠰᠦᠬᠡᠢ ᠪᠠᠭᠠᠲᠤᠷ ᠤᠨ ᠠᠪᠤᠭᠰᠠᠨ ᠶᠣᠰᠤᠨ ᠡᠶᠢᠮᠦ ᠪᠥᠯᠦᠭᠡ ᠠᠮᠠᠭᠠᠷ ᠬᠠᠭᠠᠨ ᠬᠠᠳᠠᠭᠠᠨ
quruγ ünür=i minu ünüsčü yabuu kemen čamčaban möltöljü öggölüge morin degere=eče aruyiju abqui=dur qoyina=ača inu aq=a=nar degüü=ner γurbaγula qosiγu qočilduju (öndeyin qatarin qočiγulju) irebesü Čiledü ayuju qurdun quba=yuγan deleddüged Onan-mören ögede juqus dutaγaju talbiba (urulduba) qoyina=ača inu doloγan γurbi dabatala nekejü güyičen yadaju qariju ireged Yisükei-baγatur Ögelen-Üjin=ü delbege(čilbuγur)=eče bariju aq=a inu Negün-tayisi uduridču degüü inu Daridai-Odčin temegen gelijü ayisuqui=tur Üjin eke yeke daγun=bar uyilaju ögülerün aq=a minu Čiledü kei ögede gekül=iyen keyisügseger keger γajar=a kegeli=ben ölösügseger bölüge edüge ker ele kisü bi kemen qoyar sibelger=iyen nigen=te aru degere nigen=te ebčigün degere oγorču (orkiju) ker ele kijü oduy=a kemeged Onan-mören dolgistala oi büri daγuristala yeke daγu=bar uyilaju ayisuqui(ireküi)=tur Daridai-Odčigin jegerčejü <jergečejü> yabuγad ögülerün tabariqu <teberikü> čin=u dabaγ=a olan dababa uyilaqu čin=u usun olan getülbe qayilabasu ülü sonosqu qarabasu ülü üjegdem sem bol (daγun büü γar) kemen idqaba Ögelen-Üjin=i Yisükei-baγatur=un abuγsan yosun eyimü bölüge # Amaγar-qaγan Qadaγan
11b
ᠬᠤᠲᠠᠯᠠ ᠬᠣᠶᠠᠷ ᠢ ᠨᠡᠷᠡᠶᠢᠳᠳᠦᠭᠰᠡᠨ ᠪᠡᠷ ᠬᠠᠮᠤᠭ ᠮᠣᠩᠭᠣᠯ ᠲᠠᠶᠢᠴᠢᠭᠤᠳ ᠣᠨᠠᠨ ᠤ ᠬᠣᠷᠬᠣᠭ ᠵᠢᠭᠦᠷ ᠲᠦᠷ ᠬᠤᠲᠠᠯᠠ ᠶᠢ ᠬᠠᠭᠠᠨ ᠪᠣᠯᠭᠠᠪᠠ ᠬᠠᠳᠠᠭᠠᠨ ᠢ ᠲᠠᠶᠢᠰᠢ ᠲᠠᠶᠢᠰᠠ ᠪᠣᠯᠭᠠᠪᠠ ᠬᠠᠳᠠᠭᠠᠨ ᠲᠠᠶᠢᠰᠢ ᠪᠠᠷ ᠮᠣᠩᠭᠣᠯ ᠤᠨ ᠡᠪᠦᠳᠦᠭ ᠡᠴᠡ ᠦᠯᠡᠭᠦ ᠪᠣᠯᠲᠠᠯᠠ ᠳᠡᠪᠰᠡᠪᠡᠢ ᠠᠮᠠᠬᠠᠢ ᠬᠠᠭᠠᠨ ᠤ ᠥᠰ ᠠᠪᠤᠨ ᠠᠪᠤᠶ᠎ᠠ ᠬᠡᠮᠡᠨ ᠬᠤᠲᠠᠯᠠ ᠬᠠᠭᠠᠨ ᠬᠠᠳᠠᠭᠠᠨ ᠲᠠᠶᠢᠰᠢ ᠬᠣᠶᠠᠷ ᠲᠠᠲᠠᠷ ᠢᠷᠭᠡᠨ ᠲᠦᠷ ᠴᠢᠷᠡᠭ ᠯᠡᠨ ᠮᠣᠷᠢᠯᠠᠵᠤ ᠲᠠᠲᠠᠷ ᠤᠨ ᠬᠦᠶᠢᠲᠡᠨ ᠪᠠᠷᠬ ᠠ ᠪᠠᠭᠠᠲᠤᠷ ᠲᠦᠮᠦᠵᠢᠨ ᠯᠦᠭᠡ ᠬᠣᠷᠢᠪᠤᠭ᠎ᠠ ᠵᠢᠯᠢᠪᠤᠭ᠎ᠠ ᠲᠡᠷᠢᠭᠦᠲᠡᠨ ᠲᠠᠲᠠᠷ ᠲᠤᠷ ᠠᠷᠪᠠᠨ ᠭᠤᠷᠪᠠᠨ ᠲᠠ ᠬᠠᠳᠬᠤᠯᠳᠤᠵᠤ ᠠᠮᠠᠬᠠᠢ ᠬᠠᠭᠠᠨ ᠤ ᠥᠰᠢᠯ ᠥᠰᠢᠨ ᠬᠢᠰᠠᠯ ᠬᠢᠰᠠᠨ ᠶᠠᠳᠠᠪᠠ ᠬᠡᠮᠡᠪᠡ ᠬᠦᠳᠡᠢ ᠰᠡᠴᠡᠨ ᠥᠭᠦᠯᠡᠷᠦᠨ ᠲᠠ ᠠᠮᠠᠬᠠᠢ ᠬᠠᠭᠠᠨ ᠤ ᠠᠷᠪᠠᠨ ᠬᠥᠪᠡᠭᠦᠨ ᠰᠣᠨᠣᠰ ᠠᠲᠠᠷᠬ ᠠ ᠲᠤ ᠠᠭᠤᠯᠠ ᠶᠢ ᠠᠪᠠᠯᠠᠮ ᠲᠠ ᠠᠷᠭᠠᠯᠢ ᠤᠭᠤᠯᠵᠢᠨ ᠢ ᠠᠯᠠᠮ ᠲᠠ ᠠᠷᠭᠠᠯᠢ ᠤᠭᠤᠯᠵᠠ ᠶᠢᠨ ᠮᠢᠬᠠᠨ ᠢ ᠬᠤᠪᠢᠯᠠᠨ ᠬᠤᠪᠢᠶᠠᠬᠤᠢ ᠠᠴᠠ ᠤᠯᠠᠮ ᠠᠯᠠᠯᠳᠤᠨ ᠲᠡᠰᠬᠢᠯᠳᠦᠨ ᠬᠠᠭᠠᠴᠠᠮ ᠲᠠ ᠪᠤᠳᠠᠩ ᠲᠤ ᠠᠭᠤᠯᠠ ᠶᠢ ᠠᠪᠠᠯᠠᠮ ᠲᠠ ᠪᠤᠭᠤ ᠰᠣᠭᠣ ᠠᠯᠠᠮ ᠲᠠ ᠪᠤᠭᠤ ᠶᠢᠨ ᠮᠢᠬ ᠠ ᠶᠢ ᠬᠤᠪᠢᠯᠠᠨ ᠬᠤᠪᠢᠶᠠᠬᠤᠢ ᠠᠴᠠ ᠤᠯᠠᠮ ᠪᠤᠲᠠᠷᠠᠯᠳᠤᠨ ᠲᠡᠰᠬᠢᠯᠳᠦᠨ ᠬᠠᠭᠠᠴᠠᠮ ᠲᠠ ᠴᠢᠯᠠᠭᠤ ᠲᠤ ᠴᠥᠯ ᠢ ᠠᠪᠠᠯᠠᠮ ᠲᠠ ᠴᠢᠬᠢᠲᠡᠢ ᠵᠡᠭᠡᠷᠡᠨ ᠢ ᠠᠯᠠᠮ ᠲᠠ ᠴᠢᠬᠢᠲᠡᠢ ᠵᠡᠭᠡᠷᠢ ᠶᠢᠨ ᠮᠢᠬ ᠠ ᠶᠢ ᠬᠤᠪᠢᠯᠠᠨ ᠬᠤᠪᠢᠶᠠᠬᠤᠢ ᠠᠴᠠ ᠤᠯᠠᠮ ᠴᠠᠪᠴᠢᠯᠠᠯᠳᠤᠨ ᠭᠦᠪᠰᠢᠯᠡᠯᠳᠦᠨ ᠬᠠᠭᠠᠴᠠᠮ ᠲᠠ ᠲᠡᠷᠡ ᠬᠠᠪᠤᠯ ᠬᠠᠭᠠᠨ ᠤ ᠳᠣᠯᠣᠭᠠᠨ ᠬᠥᠪᠡᠭᠦᠳ ᠦᠨ ᠠᠶ᠎ᠠ ᠶᠠᠪᠤᠳᠠᠯ ᠢᠨᠤ ᠡᠶᠢᠮᠦ ᠪᠤᠶᠤ ᠭᠤᠷᠪᠢᠬᠠᠨ ᠭᠠᠵᠠᠷ ᠢ ᠠᠪᠠᠯᠠᠮ ᠲᠡᠳᠡ ᠬᠤᠯᠠᠷᠠᠶᠢᠭᠠᠨ ᠢᠨᠵᠠᠭᠠᠨ ᠢ ᠠᠯᠠᠮ ᠲᠡᠳᠡ ᠬᠤᠯᠠᠷᠠᠶᠢᠭᠠᠨ ᠢᠨᠵᠠᠭᠠᠨ ᠢᠶᠠᠨ ᠮᠢᠬ ᠠ ᠶᠢ ᠬᠤᠪᠢᠯᠠᠨ
Qutala qoyar=i nereyiddügsen=ber qamuγ Mongγol Tayičiγud Onan=u Qorqoγ-Jigür=tür Qutala=yi qaγan bolγaba Qadaγan=i tayisi (tayisa) bolγaba (Qadaγan-tayisi bar) Mongγol=un ebüdüg=eče ülegü boltala debsebei Amaqai-qaγan=u ös abun (abuy=a kemen) Qutala-qaγan Qadaγan-tayisi qoyar Tatar irgen=tür čireg=len morilaju Tatar=un Küyiten-Barq=a-baγatur Tümüjin=lüge Qoribuγ=a Jilibuγ=a terigüten Tatar=tur arban γurban=ta qadqulduju Amaqai-qaγan=u ösil ösin kisal kisan yadaba kemebe Küdei-Sečen ögülerün ta Amaqai-qaγan=u arban köbegün sonos # atarq=a=tu aγula=yi abalam ta arγali uγuljin=i alam ta arγali uγulja=yin miqan=i qubilan qubiyaqui=ača ulam alaldun teskildün qaγačam ta # budang=tu aγula=yi abalam ta buγu soγo alam ta buγu=yin miq=a=yi qubilan qubiyaqui=ača ulam butaraldun teskildün qaγačam ta # čilaγu=tu čöl=i abalam ta čikitei jegeren=i alam ta čikitei jegeri=yin miq=a=yi qubilan qubiyaqui=ača ulam čabčilaldun gübsileldün qaγačam ta tere Qabul-qaγan=u doloγan köbegüd=ün ay=a yabudal inu eyimü buyu # γurbiqan γajar=i abalam tede qularayiγan injaγan=i alam tede qularayiγan injaγan=iyan miq=a=yi qubilan
12a
ᠬᠤᠪᠢᠶᠠᠵᠤ ᠠᠪᠬᠤᠢ ᠲᠠᠭᠠᠨ ᠬᠤᠷᠢᠮᠯᠠᠯᠳᠤᠨ ᠲᠠᠬᠢᠯᠳᠤᠶ᠎ᠠ ᠬᠡᠮᠡᠭᠡᠳ ᠬᠤᠲᠤᠭ ᠲᠤ ᠪᠤᠶᠠᠨ ᠲᠤ ᠪᠣᠯᠲᠤᠭᠠᠢ ᠬᠡᠮᠡᠵᠦ ᠲᠠᠷᠬᠠᠯᠳᠤᠮ ᠲᠡᠳᠡ ᠬᠦᠳᠡ ᠲᠦ ᠠᠭᠤᠯᠠ ᠶᠢ ᠠᠪᠠᠯᠠᠮ ᠲᠡᠳᠡ ᠬᠦᠳᠡᠷᠢ ᠭᠥᠷᠥᠭᠡᠰᠦᠨ ᠢ ᠠᠯᠠᠮ ᠲᠡᠳᠡ ᠬᠦᠳᠡᠷᠢ ᠭᠥᠷᠥᠭᠡᠰᠦᠨ ᠢᠶᠡᠨ ᠮᠢᠬ ᠠ ᠶᠢ ᠬᠤᠪᠢᠯᠠᠨ ᠬᠤᠪᠢᠶᠠᠵᠤ ᠠᠪᠬᠤᠢ ᠲᠠᠭᠠᠨ ᠬᠦᠨᠳᠦᠯᠡᠯᠳᠦᠨ ᠳᠠᠶᠢᠯᠠᠯᠳᠤᠶ᠎ᠠ ᠬᠡᠮᠡᠵᠦ ᠬᠦᠰᠡᠬᠦ ᠮᠡᠲᠦ ᠰᠠᠶᠢᠬᠠᠨ ᠦᠭᠡ ᠪᠡᠨ ᠥᠭᠦᠯᠡᠯᠳᠦᠭᠡᠳ ᠲᠠᠷᠬᠠᠯᠳᠤᠮ ᠲᠡᠳᠡ ᠳᠠᠪᠠᠯᠭ ᠠ ᠲᠤ ᠭᠣᠣᠯ ᠢ ᠠᠪᠠᠯᠠᠮ ᠲᠡᠳᠡ ᠲᠠᠤᠯᠠᠢ ᠬᠢᠷᠭᠤᠭᠤᠯ ᠢ ᠠᠯᠠᠮ ᠲᠡᠳᠡ ᠲᠠᠤᠯᠠᠢ ᠬᠢᠷᠭᠤᠭᠤᠯ ᠢᠶᠠᠨ ᠮᠢᠬ ᠠ ᠶᠢ ᠬᠤᠪᠢᠯᠠᠨ ᠬᠤᠪᠢᠶᠠᠵᠤ ᠠᠪᠬᠤᠢ ᠲᠠᠭᠠᠨ ᠲᠠᠬᠢᠯᠳᠤᠨ ᠬᠦᠨᠳᠦᠯᠡᠯᠳᠡᠶ᠎ᠡ ᠬᠡᠮᠡᠵᠦ ᠲᠠᠭᠠᠯᠠᠯᠳᠤᠬᠤᠢ ᠮᠡᠲᠦ ᠰᠠᠶᠢᠬᠠᠨ ᠦᠭᠡ ᠪᠡᠨ ᠥᠭᠦᠯᠡᠯᠳᠦᠭᠡᠳ ᠲᠠᠷᠬᠠᠯᠳᠤᠮ ᠲᠡᠳᠡ ᠲᠠ ᠠᠮᠠᠬᠠᠢ ᠬᠠᠭᠠᠨ ᠤ ᠠᠷᠪᠠᠨ ᠬᠥᠪᠡᠭᠦᠳ ᠠᠪᠤᠷᠢ ᠵᠠᠩ ᠲᠠᠨ ᠤ ᠮᠠᠭᠤᠢ ᠠᠬᠤ ᠠᠯᠪᠠᠲᠤ ᠬᠠᠷᠠᠴᠤᠰ ᠪᠣᠯᠬᠤ ᠲᠠ ᠲᠡᠳᠡ ᠬᠠᠪᠤᠯ ᠬᠠᠭᠠᠨ ᠤ ᠳᠣᠯᠣᠭᠠᠨ ᠬᠥᠪᠡᠭᠦᠳ ᠡᠶ᠎ᠡ ᠡᠪᠲᠡᠢ ᠶᠢᠨ ᠬᠦᠴᠦᠨ ᠲᠦᠷ ᠬᠠᠮᠤᠭ ᠤᠨ ᠬᠠᠭᠠᠨ ᠤᠯᠤᠰ ᠤᠨ ᠡᠵᠡᠨ ᠪᠣᠯᠤᠮᠤᠢ ᠵ᠎ᠠ ᠲᠠ ᠨᠠᠮᠠᠶᠢ ᠮᠠᠭᠤ ᠥᠲᠡᠭᠡ ᠡᠪᠦᠭᠡᠨ ᠢ ᠬᠡᠯᠡᠪᠡ ᠭᠡᠵᠦ ᠪᠦᠦ ᠠᠶᠢᠮᠠᠰ ᠬᠢᠯᠢᠩᠯᠡ ᠲᠠ ᠠᠬ ᠠ ᠨᠠᠷ ᠳᠡᠭᠦᠦ ᠨᠡᠷ ᠠᠮᠤᠷᠠᠯᠳᠤᠨ ᠰᠠᠶᠢᠬᠠᠨ ᠶᠠᠪᠤᠭᠲᠤᠨ ᠲᠠ ᠬᠡᠮᠡᠨ ᠥᠭᠦᠯᠡᠭᠰᠡᠨ ᠠᠵᠤᠬᠤ ᠲᠡᠳᠡ ᠶᠢᠰᠦᠬᠡᠢ ᠪᠠᠭᠠᠲᠤᠷ ᠲᠠᠲᠠᠷ ᠤᠨ ᠲᠦᠮᠦᠵᠢᠨ ᠬᠣᠷᠢᠪᠤᠬ᠎ᠠ ᠲᠡᠷᠢᠭᠦᠲᠡᠨ ᠲᠠᠲᠠᠷᠢ ᠲᠠᠭᠤᠯᠢᠵᠤ ᠳᠣᠪᠲᠣᠯᠵᠤ ᠢᠷᠡᠪᠡᠰᠦ ᠲᠡᠳᠡ ᠥᠭᠡᠯᠡᠨ ᠦᠵᠢᠨ ᠬᠥᠯ ᠬᠦᠨᠳᠦ ᠪᠥᠯᠦᠭᠡ ᠣᠨᠠᠨ ᠤ ᠳᠡᠯᠢᠭᠦᠨ ᠪᠣᠯᠳᠠᠭ᠎ᠠ ᠪᠦᠬᠦᠢ ᠲᠦᠷ ᠬᠠᠷᠠ ᠮᠣᠷᠢᠨ ᠵᠢᠯ ᠤᠨ ᠵᠤᠨ ᠤ ᠲᠡᠷᠢᠭᠦᠨ ᠰᠠᠷᠠᠶᠢᠨ ᠠᠷᠪᠠᠨ ᠵᠢᠷᠭᠤᠭᠠᠨ᠎ᠠ ᠤᠯᠠᠭᠠᠨ ᠲᠡᠷᠭᠡᠯ ᠡᠳᠦᠷ ᠦᠨ
qubiyaju abqui=taγan qurimlaldun takilduy=a kemeged qutuγ=tu buyan=tu boltuγai kemejü tarqaldum tede # küde=tü aγula=yi abalam tede küderi görögesün=i alam tede küderi görögesün(=iyen) miq=a=yi qubilan qubiyaju abqui=taγan kündüleldün dayilalduy=a kemejü küsekü metü sayiqan üge=ben ögüleldüged tarqaldum tede # dabalγ=a=tu γool=i abalam tede taulai kirγuγul=i alam tede taulai kirγuγul=iyan miq=a=yi qubilan qubiyaju abqui=taγan takildun kündüleldey=e kemejü taγalalduqui metü sayiqan üge=ben ögüleldüged tarqaldum tede # ta Amaqai-qaγan=u arban köbegüd aburi jang tan=u maγui aqu albatu qaračus bolqu ta tede Qabul-qaγan=u doloγan köbegüd ey=e ebtei=yin küčün=tür qamuγ=un qaγan ulus=un ejen bolumui j=a ta namayi maγu ötege ebügen=i kelebe gejü büü ayimas (kilingle) ta aq=a=nar degüü=ner amuraldun sayiqan yabuγtun ta kemen ögülegsen ajuqu # tede Yisükei-baγatur Tatar=un Tümüjin Qoribuq=a terigüten Tatari taγuliju (dobtolju) irebesü tede Ögelen-Üjin köl kündü bölüge Onan=u Deligün-boldaγ=a büküi=tür qara morin jil=un jun=u terigün sarayin arban jirγuγan=a ulaγan tergel edür=ün
12b
ᠡᠳᠦᠷ ᠳᠥᠯᠢ ᠴᠠᠭ ᠳᠤᠷ ᠴᠢᠩᠭᠢᠰ ᠬᠠᠭᠠᠨ ᠲᠥᠷᠥᠪᠡ ᠲᠥᠷᠥᠬᠦᠢ ᠲᠦᠷ ᠢᠶᠡᠨ ᠪᠠᠷᠠᠭᠤᠨ ᠭᠠᠷ ᠲᠤᠷ ᠢᠶᠠᠨ ᠱᠠᠭᠠᠢ ᠶᠢᠨ ᠲᠡᠳᠦᠢ ᠬᠠᠷᠠ ᠨᠥᠵᠢᠨ ᠢ ᠠᠳᠬᠤᠨ ᠲᠥᠷᠥᠪᠡ ᠭᠡᠬᠦ ᠪᠠᠶᠠᠷ ᠮᠢᠯᠢᠶᠠᠬᠤᠤ ᠲᠤᠷ ᠲᠠᠲᠠᠷ ᠤᠨ ᠲᠦᠮᠦᠵᠢᠨ ᠦᠬᠡᠢ ᠶᠢ ᠠᠪᠴᠤ ᠢᠷᠡᠭᠰᠡᠨ ᠲᠦᠷ ᠲᠥᠷᠥᠪᠡ ᠬᠡᠮᠡᠨ ᠲᠡᠮᠦᠷ ᠥᠯᠥᠭᠡᠢ ᠲᠦᠷ ᠥᠯᠥᠭᠡᠶᠢᠳᠦᠵᠦ ᠲᠦᠮᠦᠵᠢᠨ ᠭᠡᠵᠦ ᠨᠡᠷᠡᠶᠢᠳᠳᠦᠭᠰᠡᠨ ᠶᠣᠰᠤᠨ ᠡᠶᠢᠮᠦ ᠪᠥᠯᠦᠭᠡ ᠴᠢᠩᠭᠢᠰ ᠬᠠᠭᠠᠨ ᠲᠥᠷᠥᠭᠡᠳ ᠳᠣᠯᠣᠭᠠᠨ ᠬᠣᠨᠣᠭᠰᠠᠨ ᠤ ᠬᠣᠶᠢᠨᠠ ᠳᠠᠯᠠᠢ ᠶᠢᠨ ᠬᠣᠶᠢᠭ ᠳᠣᠲᠣᠷᠠ ᠬᠠᠷᠠᠪᠲᠤᠷ ᠰᠢᠪᠠᠭᠤᠨ ᠬᠦᠷᠦ ᠬᠠᠷᠠ ᠴᠢᠯᠠᠭᠤᠨ ᠳᠡᠭᠡᠷᠡ ᠨᠠᠷᠠᠨ ᠵᠥᠪᠰᠢᠶᠡᠷᠡᠬᠦᠢ᠎ᠡ ᠡᠷᠭᠢᠵᠦ ᠭᠤᠷᠪᠠᠨ ᠡᠳᠦᠷ ᠳᠣᠩᠭᠣᠳᠪᠠᠢ ᠶᠢᠰᠦᠬᠡᠢ ᠪᠠᠭᠠᠲᠤᠷ ᠡᠨᠡ ᠨᠢᠭᠡᠨ ᠪᠡᠯᠭᠡ ᠲᠦ ᠰᠢᠪᠠᠭᠤᠨ ᠪᠣᠯᠪᠠᠢ ᠬᠡᠮᠡᠵᠦ ᠲᠡᠷᠡ ᠬᠠᠷᠠ ᠴᠢᠯᠠᠭᠤᠨ ᠢ ᠬᠠᠭᠠᠯᠵᠤ ᠦᠵᠡᠪᠡᠰᠦ ᠠᠯᠲᠠᠨ ᠲᠠᠮᠠᠭ᠎ᠠ ᠦᠵᠡᠭᠳᠡᠭᠡᠳ ᠲᠩᠷᠢ ᠲᠦᠷ ᠨᠢᠰᠴᠦ ᠭᠠᠷᠪᠠᠢ ᠮᠥᠨ ᠲᠡᠷᠡ ᠴᠢᠯᠠᠭᠤᠨ ᠤᠷᠢᠳᠤ ᠶᠣᠰᠤᠭᠠᠷ ᠪᠦᠲᠦᠵᠦ ᠲᠡᠷᠡ ᠰᠢᠪᠠᠭᠤᠨ ᠪᠠᠰᠠ ᠤᠷᠢᠳᠤ ᠶᠣᠰᠤᠭᠠᠷ ᠳᠣᠩᠭᠣᠳᠪᠠᠢ ᠪᠠᠰᠠ ᠬᠠᠭᠠᠯᠪᠠᠰᠤ ᠮᠥᠩᠭᠥᠨ ᠲᠠᠮᠠᠭ᠎ᠠ ᠦᠵᠡᠭᠳᠡᠭᠡᠳ ᠳᠠᠯᠠᠢ ᠲᠤᠷ ᠣᠷᠣᠪᠠᠢ ᠪᠠᠰᠠ ᠲᠡᠷᠡ ᠴᠢᠯᠠᠭᠤᠨ ᠪᠦᠲᠦᠵᠦ ᠲᠡᠷᠡ ᠰᠢᠪᠠᠭᠤᠨ ᠪᠠᠰᠠ ᠳᠣᠩᠭᠣᠳᠪᠠᠰᠤ ᠶᠢᠰᠦᠬᠡᠢ ᠪᠠᠭᠠᠲᠤᠷ ᠥᠭᠦᠯᠡᠷᠦᠨ ᠡᠨᠡ ᠬᠥᠪᠡᠭᠦᠨ ᠲᠥᠷᠥᠭᠡᠳ ᠡᠨᠡ ᠬᠠᠷᠠᠪᠲᠤᠷ ᠰᠢᠪᠠᠭᠤᠨ ᠨᠢᠭᠡᠨ ᠪᠡᠯᠭᠡ ᠲᠦ ᠪᠤᠢ ᠭᠡᠵᠦ ᠪᠠᠰᠠ ᠲᠡᠷᠡ ᠴᠢᠯᠠᠭᠤᠨ ᠢ ᠬᠠᠭᠠᠯᠵᠤ ᠦᠵᠡᠪᠡᠰᠦ ᠳᠣᠲᠣᠷᠠ ᠢᠨᠤ ᠬᠠᠰᠪᠤᠤ᠎ᠠ ᠲᠠᠮᠠᠭ᠎ᠠ ᠠᠵᠤᠬᠤ ᠠᠪᠴᠤ ᠢᠷᠡᠵᠦ ᠠᠷᠢᠭᠤᠨ᠎ᠠ ᠬᠦᠨᠳᠦᠯᠡᠵᠦ ᠬᠦᠵᠢ ᠵᠤᠯᠠ ᠲᠦᠯᠡᠵᠦ ᠰᠠᠭᠤᠨ ᠠᠲᠠᠯᠠ ᠲᠡᠷᠡ ᠬᠠᠷᠠᠪᠲᠤᠷ ᠰᠢᠪᠠᠭᠤᠨ
edür döli čaγ=dur Činggis-qaγan töröbe töröküi=tür=iyen baraγun γar=tur=iyan šaγai=yin tedüi qara nöjin=i adqun töröbe gekü bayar miliyaquu=tur Tatar=un Tümüjin=ükei=yi abču iregsen=tür töröbe kemen temür ölögei=tür ölögeyidüjü Tümüjin gejü nereyiddügsen yosun eyimü bölüge # Činggis-qaγan töröged doloγan qonoγsan=u qoyina dalai=yin qoyiγ dotora qarabtur sibaγun kürü qara čilaγun degere naran jöbsiyereküi=e ergijü γurban edür dongγodbai Yisükei-baγatur ene nigen belge=tü sibaγun bolbai kemejü tere qara čilaγun=i qaγalju üjebesü altan tamaγ=a üjegdeged tngri=tür nisčü γarbai mön tere čilaγun uridu yosuγar bütüjü tere sibaγun basa uridu yosuγar dongγodbai basa qaγalbasu mönggön tamaγ=a üjegdeged dalai=tur orobai basa tere čilaγun bütüjü tere sibaγun basa dongγodbasu Yisükei-baγatur ögülerün ene köbegün töröged ene qarabtur sibaγun nigen belge=tü bui gejü basa tere čilaγun=i qaγalju üjebesü dotora inu qasbuu=a tamaγ=a ajuqu abču irejü ariγun=a kündülejü küji jula tülejü saγun atala tere qarabtur sibaγun
13a
ᠡᠷᠦᠬᠡᠨ ᠳᠡᠭᠡᠷᠡ ᠢᠨᠤ ᠰᠠᠭᠤᠭᠠᠳ ᠴᠢᠩᠭᠢᠰ ᠴᠢᠩᠭᠢᠰ ᠭᠡᠵᠦ ᠳᠣᠩᠭᠣᠳᠪᠠᠢ ᠲᠡᠷᠡ ᠰᠢᠪᠠᠭᠤᠨ ᠤ ᠳᠠᠭᠤᠨ ᠭᠠᠷᠤᠭᠰᠠᠨ ᠰᠢᠯᠲᠠᠭᠠᠨ ᠢᠶᠠᠷ ᠴᠢᠩᠭᠢᠰ ᠬᠠᠭᠠᠨ ᠬᠡᠮᠡᠨ ᠨᠡᠷᠡᠶᠢᠳᠳᠦᠭᠰᠡᠨ ᠲᠡᠶᠢᠮᠦ ᠪᠥᠯᠦᠭᠡ ᠲᠡᠭᠦᠨ ᠯᠤᠭᠠ ᠲᠤᠰᠢᠶᠠᠭᠰᠠᠨ ᠪᠯᠠᠮ᠎ᠠ ᠢᠨᠤ ᠰᠠᠰᠬᠠ ᠶᠢᠨ ᠭᠤᠩᠭᠠ ᠪᠰᠨᠢᠩᠪᠤ ᠪᠥᠯᠦᠭᠡ ᠲᠡᠷᠡ ᠪᠯᠠᠮ ᠠ ᠶᠢᠨ ᠵᠠᠷᠯᠢᠭ ᠢᠶᠠᠷ ᠡᠰᠷᠤ ᠠ ᠶᠢᠨ ᠨᠡᠷᠡᠲᠦ ᠬᠣᠲᠣᠨ ᠤ ᠬᠣᠶᠢᠲᠤ ᠬᠠᠭᠠᠯᠠᠭ ᠠ ᠶᠢᠨ ᠲᠤᠰ ᠬᠣᠶᠠᠷ ᠯᠠᠸᠠᠷ ᠪᠡᠷ᠎ᠡ ᠭᠠᠵᠠᠷ ᠤᠨ ᠦᠵᠦᠭᠦᠷ᠎ᠡ ᠳᠠᠯᠠᠢ ᠳᠠᠭᠤᠷᠢᠰᠬᠤᠢ ᠨᠡᠷᠡᠲᠦ ᠰᠦᠮ᠎ᠡ ᠪᠣᠰᠠᠭᠠᠪᠠ ᠰᠦᠲᠦ ᠪᠣᠭᠳᠠ ᠴᠢᠩᠭᠢᠰ ᠬᠠᠭᠠᠨ ᠳᠥᠴᠢᠨ ᠲᠠᠪᠤᠨ ᠨᠠᠰᠤᠨ᠎ᠠ ᠬᠠᠨ ᠣᠷᠣ ᠰᠠᠭᠤᠪᠠ ᠲᠡᠷᠡ ᠴᠢᠩᠭᠢᠰ ᠬᠠᠭᠠᠨ ᠲᠠᠪᠤᠨ ᠥᠩᠭᠡ ᠳᠥᠷᠪᠡᠨ ᠬᠠᠷᠢ ᠤᠯᠤᠰ ᠡᠬᠢᠯᠡᠨ ᠵᠠᠮᠪᠤᠲᠶᠢᠪ ᠤᠨ ᠭᠤᠷᠪᠠᠨ ᠵᠠᠭᠤᠨ ᠵᠢᠷᠠᠨ ᠨᠢᠭᠡᠨ ᠣᠮᠣᠭᠲᠠᠨ ᠳᠣᠯᠣᠭᠠᠨ ᠵᠠᠭᠤᠨ ᠬᠣᠷᠢᠨ ᠬᠡᠯᠡᠲᠡᠨ ᠤᠯᠤᠰ ᠤᠨ ᠠᠯᠪᠠ ᠭᠤᠪᠴᠢᠭᠤᠷ ᠠᠪᠴᠤ ᠭᠠᠷ ᠭᠠᠵᠠᠷᠠ ᠬᠥᠯ ᠬᠥᠰᠡᠷᠡ ᠠᠮᠤᠷᠯᠢᠭᠤᠯᠵᠤ ᠴᠠᠬᠢᠷᠠᠸᠠᠷᠲᠢ ᠬᠠᠭᠠᠨ ᠮᠡᠲᠦ ᠠᠯᠳᠠᠷᠰᠢᠪᠠᠢ ᠪᠤᠷᠬᠠᠨ ᠨᠢᠷᠸᠠᠨ ᠲᠤᠷ ᠨᠥᠬᠴᠢᠵᠦ ᠭᠤᠷᠪᠠᠨ ᠮᠢᠩᠭᠠᠨ ᠬᠣᠶᠠᠷ ᠵᠠᠭᠤᠨ ᠲᠠᠪᠢᠨ ᠢᠯᠡᠭᠦᠦ ᠵᠢᠯ ᠪᠣᠯᠤᠭᠰᠠᠨ ᠤ ᠬᠣᠶᠢᠨᠠ ᠰᠤᠤ ᠲᠤ ᠪᠣᠭᠳᠠ ᠴᠢᠩᠭᠢᠰ ᠬᠠᠭᠠᠨ ᠢ ᠲᠥᠷᠥᠬᠦᠢ ᠶᠢᠨ ᠤᠷᠢᠳᠠ ᠵᠠᠮᠪᠤᠲᠶᠢᠪ ᠤᠨ ᠶᠢᠷᠲᠢᠨᠴᠦ ᠲᠦᠷ ᠠᠷᠪᠠᠨ ᠬᠣᠶᠠᠷ ᠮᠠᠭᠤ ᠬᠠᠳ ᠲᠥᠷᠥᠵᠦ ᠬᠠᠮᠤᠭ ᠠᠮᠢᠲᠠᠨ ᠮᠠᠰᠢ ᠳᠡᠩᠰᠡᠯ ᠦᠨ ᠶᠠᠪᠤᠬᠤᠢ ᠲᠤᠷ ᠡᠷᠬᠡᠲᠦ ᠰᠢᠬᠠᠮᠤᠨᠢ ᠪᠤᠷᠬᠠᠨ ᠲᠤᠷ ᠶᠢᠸᠠᠩᠭᠢᠷᠢᠳ ᠥᠭᠳᠡᠵᠦ ᠪᠠᠳᠠᠷᠠᠩᠭᠤᠢ ᠡᠰᠷᠤᠠ ᠲᠡᠩᠷᠢ ᠶᠢᠨ ᠬᠤᠪᠢᠯᠭᠠᠨ ᠰᠤᠤ ᠲᠤ ᠪᠣᠭᠳᠠ ᠴᠢᠩᠭᠢᠰ ᠬᠠᠭᠠᠨ ᠢ ᠡᠨᠡ ᠵᠠᠮᠪᠤᠲᠶᠢᠪ ᠤᠨ
erüken degere inu saγuγad činggis činggis gejü dongγodbai tere sibaγun=u daγun γaruγsan siltaγan=iyar Činggis-qaγan kemen nereyiddügsen teyimü bölüge # tegün=luγa tusiyaγsan blam=a inu Saska=yin Gungga-Bsningbu bölüge tere blam=a=yin jarliγ=iyar Esru=a=yin neretü qoton=u qoyitu qaγalaγ=a=yin tus qoyar lavar (ber=e) γajar=un üjügür=e Dalai-Daγurisqui neretü süm=e bosaγaba sütü boγda Činggis-qaγan döčin tabun nasun=a qan oro saγuba tere Činggis-qaγan tabun öngge dörben qari ulus ekilen jambutyib=un γurban jaγun jiran nigen omoγtan doloγan jaγun qorin keleten ulus=un alba γubčiγur abču γar γajara köl kösere amurliγulju Čakiravarti-qaγan metü aldarsibai # Burqan nirvan=tur nökčijü γurban mingγan qoyar jaγun tabin ilegüü jil boluγsan=u qoyina suu=tu boγda Činggis-qaγan=i töröküi=yin urida jambutyib=un yirtinčü=tür arban qoyar maγu qad töröjü qamuγ amitan masi dengsel=ün yabuqui=tur erketü Sikamuni-burqan=tur Yivanggirid ögdejü badarangγui Esrua-tengri=yin qubilγan suu=tu boγda Činggis-qaγan=i ene jambutyib=un
13b
ᠠᠮᠢᠲᠠᠨ ᠢ ᠮᠡᠳᠡᠭᠦᠯᠦᠨ ᠲᠥᠷᠥᠬᠦᠢ ᠲᠦᠷ ᠢ ᠬᠠᠮᠤᠭ ᠤᠯᠤᠰ ᠢ ᠦᠯᠦ ᠮᠡᠳᠡᠭᠦᠵᠡᠢ ᠬᠡᠮᠡᠨ ᠭᠤᠷᠪᠠᠨ ᠣᠨ ᠤ ᠤᠷᠢᠳᠠ ᠰᠠᠰᠬᠢᠶ ᠠ ᠶᠢᠨ ᠭᠤᠩᠭᠠ ᠰᠨᠢᠩᠪᠤ ᠪᠯᠠᠮ᠎ᠠ ᠵᠠᠷᠯᠢᠭ ᠪᠣᠯᠤᠷᠤᠨ ᠳᠡᠭᠡᠷ᠎ᠡ ᠲᠡᠩᠷᠢ ᠲᠡᠴᠡ ᠵᠠᠶᠠᠭᠠᠪᠠᠷ ᠴᠢᠩ ᠵᠣᠷᠢᠭᠲᠤ ᠴᠢᠨᠳᠠᠮᠠᠨᠢ ᠮᠡᠲᠦ ᠪᠣᠭᠳᠠ ᠴᠢᠩᠭᠢᠰ ᠬᠠᠭᠠᠨ ᠲᠥᠷᠥᠬᠦ ᠬᠠᠮᠤᠭ ᠢ ᠮᠡᠳᠡᠭᠴᠢ ᠲᠡᠷᠡ ᠪᠣᠯᠬᠤ ᠪᠤᠢ ᠬᠡᠮᠡᠵᠦ ᠬᠢᠲᠠᠳ ᠤᠨ ᠢᠯᠢᠰᠢᠳᠠ ᠰᠢᠬᠤ ᠪᠢ ᠪᠠ ᠨᠡᠷᠡᠲᠦ ᠬᠣᠶᠠᠷ ᠬᠦᠮᠦᠨ ᠪᠡᠷ ᠪᠤᠷᠬᠠᠨ ᠬᠠᠯᠳᠤᠨ᠎ᠠ ᠤᠯᠠᠭᠠᠨ ᠴᠢᠯᠠᠭᠤᠨ᠎ᠠ ᠪᠢᠳᠦᠨ ᠲᠦᠷ ᠴᠠᠪᠴᠢᠵᠤ ᠪᠢᠴᠢᠪᠡᠢ ᠴᠢᠩᠭᠢᠰ ᠬᠠᠭᠠᠨ ᠳᠡᠭᠡᠷᠡ ᠰᠢᠬᠠᠮᠤᠨᠢ ᠪᠤᠷᠬᠠᠨ᠎ᠠ ᠶᠢᠸᠠᠩᠭᠢᠷᠢᠳ ᠥᠭᠳᠡᠵᠦ ᠳᠣᠣᠷ᠎ᠠ ᠨᠠᠨᠳᠢ ᠤᠪᠠ ᠨᠠᠨᠳᠢ ᠯᠤᠤᠰ ᠤᠨ ᠬᠠᠭᠠᠨ ᠬᠠᠰᠪᠤᠤ᠎ᠠ ᠲᠠᠮᠠᠭ᠎ᠠ ᠭᠠᠷᠭᠠᠵᠤ ᠥᠭᠭᠥᠭᠰᠡᠨ ᠲᠡᠷᠡ ᠪᠥᠯᠦᠭᠡ ᠶᠢᠰᠦᠬᠡᠢ ᠪᠠᠭᠠᠲᠤᠷ ᠤᠨ ᠥᠭᠡᠯᠡᠨ ᠦᠵᠢᠨ ᠡᠴᠡ ᠲᠥᠷᠥᠭᠰᠡᠨ ᠲᠦᠮᠦᠵᠢᠨ ᠵᠣᠴᠢ ᠬᠠᠰᠠᠷ ᠬᠠᠴᠢᠭᠤ ᠲᠦᠮᠦᠭᠡ ᠣᠳᠴᠢᠭᠡᠨ ᠲᠡᠳᠡ ᠳᠥᠷᠪᠡᠨ ᠪᠥᠯᠦᠭᠡ ᠲᠦᠮᠦᠯᠡᠨ ᠨᠡᠷᠡᠲᠦ ᠨᠢᠭᠡᠨ ᠥᠬᠢᠨ ᠪᠥᠯᠦᠭᠡ ᠲᠦᠮᠦᠵᠢᠨ ᠶᠢᠰᠦᠨ ᠨᠠᠰᠤᠲᠤ ᠪᠦᠬᠦᠢ ᠲᠦᠷ ᠵᠣᠴᠢ ᠬᠠᠰᠠᠷ ᠳᠣᠯᠣᠭᠠᠨ ᠨᠠᠰᠤᠲᠠᠢ ᠪᠥᠯᠦᠭᠡ ᠬᠠᠴᠤᠭᠤᠨ ᠲᠠᠪᠤᠨ ᠨᠠᠰᠤᠲᠠᠢ ᠪᠦᠬᠦᠢ ᠲᠦᠷ ᠲᠦᠮᠦᠭᠡ ᠣᠳᠴᠢᠭᠢᠨ ᠭᠤᠷᠪᠠᠨ ᠨᠠᠰᠤᠲᠠᠢ ᠪᠥᠯᠦᠭᠡ ᠲᠦᠮᠦᠯᠦᠨ ᠥᠯᠥᠭᠡᠢ ᠲᠦ ᠪᠥᠯᠦᠭᠡ ᠶᠢᠰᠦᠬᠡᠢ ᠪᠠᠭᠠᠲᠤᠷ ᠤᠨ ᠨᠥᠭᠥᠭᠡ ᠭᠡᠷᠭᠡᠢ ᠰᠤᠴᠢᠭᠡᠯ ᠡᠬᠡ ᠡᠴᠡ ᠲᠥᠷᠥᠭᠰᠡᠨ ᠪᠡᠭᠲᠡᠷ ᠪᠡᠯᠭᠡᠲᠡᠢ ᠬᠣᠶᠠᠷ ᠪᠥᠯᠦᠭᠡ ᠶᠢᠰᠦᠬᠡᠢ ᠪᠠᠭᠠᠲᠤᠷ ᠲᠦᠮᠦᠵᠢᠨ ᠢ ᠶᠢᠰᠦᠨ ᠨᠠᠰᠤᠲᠤ ᠪᠦᠬᠦᠢ ᠲᠦᠷ ᠥᠭᠡᠯᠡᠨ ᠦᠵᠢᠨ ᠦ ᠲᠥᠷᠬᠦᠳ ᠣᠯᠭᠤᠨᠤᠳ ᠢᠷᠭᠡᠨ ᠡᠴᠡ ᠥᠬᠢᠨ ᠭᠤᠶᠢᠰᠤ ᠬᠡᠮᠡᠵᠦ ᠲᠦᠮᠦᠵᠢᠨ ᠢ ᠠᠪᠤᠭᠠᠳ ᠵᠣᠷᠴᠢᠪᠠᠢ ᠣᠳᠪᠠᠢ ᠣᠳᠤᠭᠠᠳ ᠴᠢᠭᠴᠡᠷ
amitan=i medegülün töröküi=tür=i qamuγ ulus=i ülü medegüjei kemen γurban on=u urida Saskiy=a=yin Gungga-Sningbu-blam=a jarliγ bolurun deger=e tengri=teče jayaγabar čing joriγtu čindamani metü boγda Činggis-qaγan törökü qamuγ=i medegči tere bolqu bui kemejü Kitad=un Ilisida-Siku Bi-Ba neretü qoyar kümün=ber Burqan-Qaldun=a ulaγan čilaγun=a bidün=tür (čabčiju) bičibei Činggis-qaγan degere Sikamuni-burqan=a Yivanggirid ögdejü door=a Nandi-Uba-Nandi luus=un qaγan qasbuu=a tamaγ=a γarγaju öggögsen tere bölüge # Yisükei-baγatur=un Ögelen-Üjin=eče törögsen Tümüjin Joči Qasar Qačiγu Tümüge Odčigen tede dörben bölüge Tümülen neretü nigen ökin bölüge Tümüjin yisün nasutu büküi=tür Joči-Qasar doloγan nasutai bölüge Qačuγun tabun nasutai büküi=tür Tümüge-Odčigin γurban nasutai bölüge Tümülün ölögei=tü bölüge Yisükei-baγatur=un nögöge gergei Sučigel eke=eče törögsen Begter Belgetei qoyar bölüge Yisükei-baγatur Tümüjin=i (yisün) nasutu büküi=tür Ögelen-Üjin=ü Törküd Olγunud irgen=eče ökin γuyisu kemejü Tümüjin=i abuγad jorčibai (odbai) oduγad Čigčer
14a
ᠴᠤᠭᠤᠷᠬᠤ ᠬᠣᠶᠠᠷ ᠤᠨ ᠵᠠᠭᠤᠷᠠ ᠬᠣᠩᠭᠢᠷᠠᠳ ᠤᠨ ᠳᠡᠶᠢ ᠰᠡᠴᠡᠨ ᠵᠣᠯᠭᠠᠪᠠ ᠳᠡᠶᠢ ᠰᠡᠴᠡᠨ ᠥᠭᠦᠯᠡᠷᠦᠨ ᠶᠢᠰᠦᠬᠡᠢ ᠬᠤᠳᠠ ᠬᠠᠮᠢᠭ᠎ᠠ ᠣᠳᠤᠮᠤ ᠴᠢ ᠬᠡᠮᠡᠪᠡᠰᠦ ᠶᠢᠰᠦᠬᠡᠢ ᠪᠠᠭᠠᠲᠤᠷ ᠥᠭᠦᠯᠡᠷᠦᠨ ᠡᠨᠡ ᠬᠥᠪᠡᠭᠦᠨ ᠲᠡᠭᠡᠨ ᠨᠠᠭᠠᠴᠤ ᠨᠠᠷ ᠣᠯᠭᠤᠨᠤᠳ ᠢᠷᠭᠡᠨ ᠡᠴᠡ ᠥᠬᠢᠨ ᠭᠤᠶᠢᠰᠤ ᠬᠡᠮᠡᠨ ᠢᠷᠡᠯᠦᠭᠡ ᠪᠢ ᠬᠡᠮᠡᠪᠡ ᠳᠡᠶᠢ ᠰᠡᠴᠡᠨ ᠥᠭᠦᠯᠡᠷᠦᠨ ᠬᠥᠪᠡᠭᠦᠨ ᠴᠢᠨ ᠤ ᠨᠢᠳᠦᠨ ᠲᠦᠷ ᠢᠶᠡᠨ ᠭᠠᠯ ᠲᠤ ᠨᠢᠭᠤᠷ ᠲᠤᠷ ᠢᠶᠠᠨ ᠭᠡᠷᠡᠯ ᠲᠦ ᠬᠥᠪᠡᠭᠦᠨ ᠪᠤᠶᠤ ᠶᠢᠰᠦᠬᠡᠢ ᠬᠤᠳᠠ ᠪᠢ ᠵᠡᠭᠦᠳᠦᠨ ᠵᠡᠭᠦᠳᠦᠯᠡᠪᠡ ᠡᠨᠡ ᠬᠣᠶᠠᠷ ᠱᠥᠨᠢ ᠴᠠᠭᠠᠨ ᠱᠣᠩᠬᠣᠷ ᠨᠠᠷᠠᠨ ᠰᠠᠷᠠᠨ ᠬᠣᠶᠠᠷ ᠢ ᠠᠳᠬᠤᠨ ᠨᠢᠰᠴᠦ ᠢᠷᠡᠵᠦ ᠭᠠᠷ ᠳᠡᠭᠡᠷᠡ ᠮᠢᠨᠤ ᠪᠠᠭᠤᠪᠠ ᠡᠨᠡ ᠵᠡᠭᠦᠳᠦ ᠪᠡᠨ ᠬᠦᠮᠦᠨ᠎ᠡ ᠦᠯᠦ ᠥᠭᠦᠯᠡᠨ ᠠᠵᠤᠬᠤ ᠪᠢ ᠨᠠᠷᠠᠨ ᠰᠠᠷᠠᠨ ᠬᠣᠶᠠᠷ ᠢ ᠬᠠᠷᠠᠵᠤ ᠦᠵᠡᠭᠳᠡᠨ ᠦᠵᠡᠨ ᠪᠥᠯᠦᠭᠡ ᠡᠳᠦᠭᠡ ᠡᠨᠡ ᠱᠣᠩᠬᠣᠷ ᠠᠳᠬᠤᠵᠤ ᠢᠷᠡᠵᠦ ᠭᠠᠷ ᠲᠤᠷ ᠮᠢᠨᠤ ᠭᠡᠭᠡᠨ ᠴᠠᠭᠠᠨ ᠪᠣᠯᠭᠠᠪᠠ ᠶᠠᠮᠪᠠᠷ ᠡᠯᠡ ᠰᠠᠶᠢᠨ ᠢ ᠦᠵᠡᠬᠦ ᠬᠡᠮᠡᠯᠦᠭᠡ ᠪᠢ ᠶᠠᠭᠤᠨ ᠪᠣᠯᠪᠠᠰᠤ ᠱᠣᠩᠬᠣᠷ ᠠᠨᠤ ᠲᠠᠨ ᠤ ᠬᠢᠸᠠᠳ ᠢᠷᠭᠡᠨ ᠦ ᠰᠦᠯᠳᠡ ᠢᠷᠡᠵᠦ ᠵᠢᠭᠠᠰᠤᠨ ᠵᠠᠭᠠᠰᠠᠨ ᠠᠵᠤᠬᠤ ᠪᠢᠳᠠ ᠬᠣᠩᠭᠣᠷᠠᠳ ᠢᠷᠭᠡᠨ ᠡᠷᠲᠡ ᠡᠳᠦᠷ ᠡᠴᠡ ᠬᠠᠷᠢ ᠤᠯᠤᠰ ᠢ ᠦᠯᠦ ᠲᠡᠮᠡᠴᠢᠨ ᠬᠠᠴᠠᠷ ᠭᠣᠤ᠎ᠠ ᠥᠬᠢᠨ ᠢᠶᠡᠨ ᠬᠠᠭᠠᠨ ᠪᠣᠯᠤᠭᠰᠠᠨ ᠳᠤᠷ ᠲᠠᠨ ᠤ ᠬᠠᠰᠠᠭ ᠲᠡᠷᠭᠡᠨ ᠲᠦᠷ ᠤᠨᠤᠭᠤᠯᠵᠤ ᠬᠠᠷᠠ ᠪᠤᠭᠤᠷ᠎ᠠ ᠬᠥᠯᠭᠡᠵᠦ ᠬᠠᠲᠠᠷᠢᠭᠤᠯᠵᠤ ᠣᠳᠴᠤ ᠬᠠᠲᠤᠳ ᠤᠨ ᠰᠠᠭᠤᠷᠢᠨ ᠲᠤᠷ ᠬᠠᠮᠲᠤ ᠰᠠᠭᠤᠯᠭᠠᠨ ᠪᠥᠯᠦᠭᠡ ᠤᠯᠤᠰ ᠢᠷᠭᠡᠨ ᠢ ᠦᠯᠦ ᠲᠡᠮᠡᠴᠢᠨ ᠥᠩᠭᠡ ᠰᠠᠶᠢᠨ ᠥᠬᠢᠨ ᠢᠶᠡᠨ ᠥᠯᠵᠢᠭᠡᠲᠡᠢ ᠲᠡᠷᠭᠡᠨ ᠲᠦᠷ ᠤᠨᠤᠭᠤᠯᠵᠤ ᠥᠯᠡ ᠪᠤᠭᠤᠷᠠ ᠬᠥᠯᠭᠡᠵᠦ ᠡᠭᠦᠰᠭᠡᠵᠦ ᠣᠳᠴᠤ ᠥᠨᠳᠥᠷ
Čuγurqu qoyar=un jaγura Qonggirad=un Deyi-Sečen jolγaba Deyi-Sečen ögülerün Yisükei quda qamiγ=a odumu či kemebesü Yisükei-baγatur ögülerün ene köbegün=tegen naγaču=nar Olγunud irgen=eče ökin γuyisu kemen irelüge bi kemebe Deyi-Sečen ögülerün köbegün čin=u nidün=tür=iyen γal=tu niγur=tur=iyan gerel=tü köbegün buyu Yisükei quda bi jegüdün jegüdülebe ene qoyar šöni čaγan šongqor naran saran qoyar=i adqun nisčü irejü γar degere minu baγuba ene jegüdü=ben kümün=e ülü ögülen ajuqu bi naran saran qoyar=i qaraju üjegden (üjen) bölüge edüge ene šongqor adquju irejü γar=tur minu gegen čaγan bolγaba yambar ele sayin=i üjekü kemelüge bi yaγun bolbasu šongqor anu tan=u Kivad irgen=ü sülde irejü jiγasun (jaγasan) ajuqu bida Qongγorad irgen erte edür=eče # qari ulus=i ülü temečin qačar γou=a ökin=iyen qaγan boluγsan=dur tan=u qasaγ tergen=tür unuγulju qara buγur=a kölgejü qatariγulju odču qatud=un saγurin=tur qamtu saγulγan bölüge # ulus irgen=i ülü temečin öngge sayin ökin=iyen öljigetei tergen=tür unuγulju öle buγura kölgejü egüsgejü odču öndör
14b
ᠰᠠᠭᠤᠷᠢᠨ ᠤ ᠥᠷᠥᠭᠡᠯᠡ ᠡᠲᠡᠭᠡᠳ ᠲᠠᠨ ᠤ ᠰᠠᠭᠤᠯᠭᠠᠨ ᠪᠥᠯᠦᠭᠡ ᠡᠷᠲᠡ ᠡᠳᠦᠷ ᠡᠴᠡ ᠪᠢᠳᠠ ᠬᠣᠩᠭᠢᠷᠠᠳ ᠢᠷᠭᠡᠨ ᠬᠠᠴᠠᠷ ᠭᠣᠤ᠎ᠠ ᠬᠠᠲᠤᠳ ᠲᠠᠢ ᠥᠩᠭᠡ ᠰᠠᠶᠢᠨ ᠥᠬᠢᠳ ᠲᠦ ᠪᠥᠯᠦᠭᠡ ᠵᠢᠭᠡ ᠵᠢᠰᠦᠲᠡᠨ ᠥᠬᠢᠨ ᠥᠩᠭᠡ ᠲᠡᠨ ᠪᠥᠯᠦᠭᠡ ᠨᠤᠭᠤᠨ ᠬᠥᠪᠡᠭᠦᠨ ᠮᠠᠨ ᠤ ᠨᠤᠲᠤᠭ ᠢᠶᠠᠨ ᠬᠠᠷᠠᠶᠤ ᠥᠬᠢᠨ ᠤᠷᠤᠭ ᠮᠠᠨ ᠤ ᠥᠩᠭᠡ ᠪᠡᠨ ᠦᠵᠦᠭᠦᠯᠦᠶᠦ ᠶᠢᠰᠦᠬᠡᠢ ᠪᠠᠭᠠᠲᠤᠷ ᠬᠤᠳᠠ ᠥᠬᠢᠨ ᠮᠢᠨᠤ ᠥᠴᠦᠬᠡᠨ ᠪᠤᠢ ᠭᠡᠷ ᠲᠦᠷ ᠮᠢᠨᠤ ᠣᠳᠴᠤ ᠦᠵᠡᠲᠦᠭᠡᠢ ᠬᠡᠮᠡᠵᠦ ᠭᠡᠷ ᠲᠦᠷ ᠢᠶᠡᠨ ᠪᠠᠭᠤᠯᠭᠠᠪᠠ ᠥᠬᠢᠨ ᠢ ᠢᠨᠤ ᠦᠵᠡᠪᠡᠰᠦ ᠨᠢᠳᠦᠨ ᠲᠦᠷ ᠢᠶᠡᠨ ᠭᠠᠯ ᠲᠠᠢ ᠨᠢᠭᠤᠷ ᠲᠤᠷ ᠢᠶᠠᠨ ᠭᠡᠷᠡᠯ ᠲᠡᠢ ᠥᠬᠢᠨ ᠢ ᠦᠵᠡᠵᠦ ᠣᠶᠢᠨ ᠲᠤᠷ ᠢᠶᠠᠨ ᠣᠷᠣᠭᠤᠯᠪᠠ ᠲᠦᠮᠦᠵᠢᠨ ᠡᠴᠡ ᠢᠨᠤ ᠨᠢᠭᠡᠨ ᠨᠠᠰᠤᠨ ᠢᠯᠡᠭᠦ ᠡᠬᠡ ᠡᠴᠡᠭᠡᠨ ᠠᠷᠪᠠᠨ ᠨᠠᠰᠤᠲᠤ ᠠᠵᠤᠬᠤ ᠪᠥᠷᠲᠡ ᠨᠡᠷᠡᠲᠡᠢ ᠠᠵᠤᠬᠤ ᠱᠥᠨᠢ ᠬᠣᠨᠣᠵᠤ ᠮᠠᠨᠠᠭᠠᠷᠰᠢ ᠠᠨᠤ ᠭᠤᠶᠢᠪᠠᠰᠤ ᠳᠡᠶᠢ ᠰᠡᠴᠡᠨ ᠥᠭᠦᠯᠡᠷᠦᠨ ᠣᠯᠠᠨ ᠲᠠ ᠭᠤᠶᠢᠯᠭᠠᠵᠤ ᠥᠭᠪᠡᠰᠦ ᠳᠡᠭᠡᠵᠢᠯᠡᠳᠡᠬᠦ ᠴᠥᠭᠥᠬᠡᠨ ᠲᠡ ᠭᠤᠶᠢᠯᠭᠠᠵᠤ ᠥᠭᠪᠡᠰᠦ ᠳᠣᠷᠣᠮᠵᠢᠯᠠᠭᠳᠠᠬᠤ ᠥᠬᠢᠨ ᠬᠦᠮᠦᠨ ᠦ ᠵᠠᠶᠠᠭᠠᠨ ᠲᠥᠷᠥᠭᠰᠡᠨ ᠡᠭᠦᠳᠡᠨ ᠲᠦᠷ ᠥᠲᠡᠯᠬᠦ ᠶᠣᠰᠤᠨ ᠦᠭᠡᠢ ᠠᠵᠤᠬᠤ ᠥᠬᠢᠨ ᠢᠶᠡᠨ ᠥᠭᠰᠦᠭᠡᠢ ᠪᠢ ᠬᠥᠪᠡᠭᠦᠨ ᠢᠶᠡᠨ ᠬᠦᠷᠭᠡᠨ ᠢ ᠮᠢᠨᠤ ᠲᠠ ᠲᠠᠯᠪᠢᠵᠤ ᠣᠳ ᠬᠡᠮᠡᠪᠡᠰᠦ ᠵ᠎ᠠ ᠬᠡᠮᠡᠵᠦ ᠬᠤᠳᠠ ᠪᠣᠯᠤᠯᠴᠠᠪᠠ ᠶᠢᠰᠦᠬᠡᠢ ᠪᠠᠭᠠᠲᠤᠷ ᠥᠭᠦᠯᠡᠷᠦᠨ ᠬᠥᠪᠡᠭᠦᠳ ᠢᠶᠡᠨ ᠬᠦᠷᠭᠡᠳ ᠲᠡ ᠲᠠᠯᠪᠢᠵᠤ ᠣᠳᠰᠤᠭᠠᠢ ᠬᠥᠪᠡᠭᠦᠨ ᠮᠢᠨᠤ ᠨᠣᠬᠠᠢ ᠠᠴᠠ ᠴᠣᠴᠢᠮᠲᠠᠭᠠᠢ ᠪᠤᠢ ᠪᠦᠦ ᠴᠣᠴᠢᠭᠤᠯ ᠬᠡᠮᠡᠭᠡᠳ ᠬᠥᠲᠡᠯ ᠮᠣᠷᠢᠨ ᠢᠶᠠᠨ ᠪᠡᠯᠡᠭ ᠥᠭᠴᠦ ᠲᠦᠮᠦᠵᠢᠨ ᠢ ᠬᠦᠷᠭᠡᠳ ᠲᠡ ᠲᠠᠯᠪᠢᠵᠤ ᠣᠳᠪᠠ
saγurin=u örögele eteged tan=u saγulγan bölüge # erte edür=eče bida Qonggirad irgen qačar γou=a qatud=tai öngge sayin ökid=tü bölüge jige jisüten ökin öngge=ten bölüge nuγun köbegün man=u nutuγ=iyan qarayu ökin uruγ man=u öngge=ben üjügülüyü Yisükei-baγatur quda ökin minu öčüken bui ger=tür minu odču üjetügei kemejü ger=tür=iyen baγulγaba ökin=i inu üjebesü nidün=tür=iyen γal=tai niγur=tur=iyan gerel=tei ökin=i üjejü oyin=tur=iyan oroγulba Tümüjin=eče inu nigen nasun (ilegü) eke=ečegen arban nasutu ajuqu Börte neretei ajuqu šöni qonoju manaγarsi anu γuyibasu Deyi-Sečen ögülerün olan=ta γuyilγaju ögbesü degejiledekü čögöken=te γuyilγaju ögbesü doromjilaγdaqu ökin kümün=ü jayaγan törögsen egüden=tür ötelkü yosun ügei ajuqu ökin=iyen ögsügei bi köbegün=iyen kürgen=i (minu) ta talbiju od kemebesü j=a kemejü quda bolulčaba Yisükei-baγatur ögülerün köbegüd=iyen kürged=te talbiju odsuγai köbegün minu noqai=ača čočimtaγai bui büü čočiγul kemeged kötel morin=iyan beleg ögčü Tümüjin=i kürged=te talbiju odba
15a
ᠶᠢᠰᠦᠬᠡᠢ ᠪᠠᠭᠠᠲᠤᠷ ᠬᠠᠷᠢᠵᠤ ᠢᠷᠡᠬᠦᠢ ᠵᠠᠭᠤᠷᠠ ᠴᠡᠭᠴᠡᠷ ᠰᠢᠷᠠ ᠬᠡᠭᠡᠷᠡ ᠲᠠᠲᠠᠷ ᠢᠷᠭᠡᠨ ᠳᠦᠷ ᠤᠮᠳᠠᠭᠠᠰᠤᠷ ᠤᠨ ᠬᠤᠷᠢᠮ ᠲᠤᠷ ᠠᠨᠤ ᠪᠠᠭᠤᠪᠠᠰᠤ ᠲᠡᠳᠡ ᠡᠷᠲᠡ ᠳᠠᠶᠢᠰᠤᠨ ᠠᠵᠤᠬᠤ ᠶᠢᠰᠦᠬᠡᠢ ᠬᠡᠸᠠᠳ ᠥᠰᠲᠡᠨ ᠢᠷᠡᠪᠡ ᠬᠡᠮᠡᠨ ᠡᠷᠲᠡᠨ ᠦ ᠲᠠᠭᠤᠯᠢᠭᠳᠠᠭᠰᠠᠨᠳᠣᠪᠲᠣᠯᠤᠭᠳᠠᠭᠰᠠᠨ ᠢᠶᠠᠨ ᠬᠡᠭᠡᠰᠦᠯᠡᠨ ᠳᠤᠷᠠᠳᠴᠤ ᠥᠰᠯᠡᠯᠳᠦᠨ ᠬᠣᠣᠷ᠎ᠠ ᠬᠣᠯᠢᠵᠤ ᠥᠭᠴᠢᠬᠦᠢ ᠵᠠᠭᠤᠷᠠ ᠮᠠᠭᠤᠢ ᠣᠳᠤᠷ ᠤᠨ  ᠪᠠᠷ ᠶᠠᠪᠤᠨ ᠭᠤᠷᠪᠠᠨ ᠬᠣᠨᠣᠭ ᠶᠠᠪᠤᠵᠤ ᠭᠡᠷ ᠲᠦᠷ ᠬᠦᠷᠴᠦ ᠶᠡᠬᠡᠳᠡ ᠴᠢᠯᠡᠭᠡᠷᠬᠡᠪᠡ ᠶᠢᠰᠦᠬᠡᠢ ᠪᠠᠭᠠᠲᠤᠷ ᠥᠭᠦᠯᠡᠷᠦᠨ ᠮᠢᠨᠤ ᠳᠣᠲᠣᠷᠠ ᠮᠠᠭᠤᠢ ᠪᠤᠢ ᠣᠶᠢᠷᠠ ᠳᠡᠷᠭᠡᠳᠡ ᠬᠡᠨ ᠪᠤᠢ ᠬᠡᠮᠡᠪᠡᠰᠦ ᠬᠣᠩᠬᠣᠲᠠᠨ ᠤ ᠴᠢᠷᠬ᠎ᠠ ᠡᠪᠦᠭᠡᠨ ᠦ ᠬᠥᠪᠡᠭᠦᠨ ᠮᠡᠩᠯᠢᠭ ᠣᠶᠢᠷᠠ ᠪᠤᠢ ᠬᠡᠮᠡᠪᠡᠰᠦ ᠤᠷᠢᠵᠤ ᠢᠷᠡᠭᠦᠯᠵᠦ ᠥᠭᠦᠯᠡᠷᠦᠨ ᠴᠠᠬ᠎ᠠ ᠬᠥᠪᠡᠭᠦᠨ ᠮᠢᠨᠤ ᠮᠡᠩᠯᠢᠭ ᠬᠥᠪᠡᠭᠦᠨ ᠥᠴᠥᠭᠦᠬᠡᠲᠦ ᠪᠥᠯᠦᠭᠡ ᠪᠢ ᠬᠥᠪᠡᠭᠦᠨ ᠢᠶᠡᠨ ᠲᠦᠮᠦᠵᠢᠨ ᠢ ᠬᠦᠷᠭᠡᠳ ᠲᠡ ᠲᠠᠯᠪᠢᠵᠤ ᠬᠠᠷᠢᠵᠤ ᠠᠶᠢᠰᠤᠬᠤᠢᠢᠷᠡᠬᠦᠢ ᠲᠤᠷ ᠵᠠᠭᠤᠷᠠ ᠲᠠᠲᠠᠷ ᠢᠷᠭᠡᠨ ᠬᠤᠷᠢᠮᠯᠠᠨ ᠠᠵᠤᠬᠤ ᠤᠮᠳᠠᠭᠠᠰᠤᠷ ᠤᠨ ᠪᠠᠭᠤᠯᠤᠭ᠎ᠠ ᠪᠢ ᠥᠰᠢᠶᠡᠯᠡᠭᠳᠡᠪᠡ ᠳᠣᠲᠣᠷᠠ ᠮᠢᠨᠤ ᠮᠠᠭᠤᠢ ᠪᠤᠢ ᠥᠴᠦᠬᠡᠨ ᠬᠣᠴᠣᠷᠤᠭᠰᠠᠨ ᠳᠡᠭᠦᠦ ᠨᠡᠷ ᠢᠶᠡᠨ ᠪᠡᠯᠪᠡᠰᠦᠨ ᠪᠡᠷᠭᠡᠳ ᠢᠶᠡᠨ ᠬᠡᠷ ᠠᠰᠠᠷᠠᠬᠤᠢ ᠴᠢ ᠮᠡᠳᠡ ᠬᠥᠪᠡᠭᠦᠨ ᠢ ᠮᠢᠨᠤ ᠲᠦᠮᠦᠵᠢᠨ ᠢ ᠥᠳᠲᠡᠷᠬᠡᠨ ᠣᠳᠴᠤ ᠠᠪᠴᠤ ᠢᠷ᠎ᠡ ᠴᠠᠬ᠎ᠠ ᠨᠢᠯᠬ᠎ᠠ ᠮᠢᠨᠤ ᠮᠡᠩᠯᠢᠭ ᠬᠡᠮᠡᠭᠡᠳ ᠨᠥᠬᠴᠢᠪᠡᠢ ᠶᠢᠰᠦᠬᠡᠢ ᠪᠠᠭᠠᠲᠤᠷ ᠤᠨ ᠦᠭᠡ ᠶᠢ ᠪᠤᠰᠤ ᠦᠯᠦ ᠪᠣᠯᠭᠠᠨ ᠮᠡᠩᠯᠢᠭ ᠣᠳᠴᠤ ᠳᠡᠶᠢ ᠰᠡᠴᠡᠨ᠎ᠡ ᠥᠭᠦᠯᠡᠷᠦᠨ ᠶᠢᠰᠦᠬᠡᠢ ᠠᠬ᠎ᠠ ᠲᠦᠮᠦᠵᠢᠨ ᠢ ᠮᠠᠰᠢ ᠮᠥᠷᠥᠭᠡᠳᠴᠦ ᠥᠷᠥ ᠪᠡᠨ ᠵᠢᠷᠦᠬ᠎ᠡ ᠡᠪᠡᠳᠦᠮᠦ ᠲᠦᠮᠦᠵᠢᠨ ᠢ ᠠᠪᠤᠷᠠ ᠢᠷᠡᠪᠡ ᠪᠢ ᠬᠡᠮᠡᠪᠡ ᠳᠡᠶᠢ ᠰᠡᠴᠡᠨ ᠥᠭᠦᠯᠡᠷᠦᠨ ᠬᠤᠳᠠ ᠬᠥᠪᠡᠭᠦᠨ ᠢᠶᠡᠨ ᠮᠥᠷᠥᠭᠡᠳᠬᠦ ᠪᠣᠯᠪᠠᠰᠤ
Yisükei-baγatur qariju ireküi jaγura Čegčer-Sira-kegere Tatar irgen=dür umdaγasur=un qurim=tur anu baγubasu tede erte dayisun ajuqu Yisükei kevad (östen) irebe kemen erten=ü taγuliγdaγsan(dobtoluγdaγsan)=iyan kegesülen duradču ösleldün qoor=a qoliju ögčiküi jaγura maγui odur=un (=bar yabun) γurban qonoγ yabuju ger=tür kürčü yekede čilegerkebe Yisükei-baγatur ögülerün minu dotora maγui bui oyira dergede ken bui kemebesü Qongqotan=u Čirq=a ebügen=ü köbegün Menglig oyira bui kemebesü uriju iregüljü ögülerün čaq=a (köbegün) minu Menglig köbegün öčögüketü bölüge bi köbegün=iyen Tümüjin=i kürged=te talbiju qariju ayisuqui(ireküi)=tur jaγura Tatar irgen qurimlan ajuqu umdaγasur=un baγuluγ=a bi ösiyelegdebe dotora minu maγui bui öčüken qočoruγsan degüü=ner=iyen belbesün berged=iyen ker asaraqui či mede köbegün=i minu Tümüjin=i ödterken odču abču ir=e čaq=a (nilq=a) minu Menglig kemeged nökčibei Yisükei-baγatur=un üge=yi busu ülü bolγan Menglig odču Deyi-Sečen=e ögülerün Yisükei aq=a Tümüjin=i masi mörögedčü örö=ben (jirük=e) ebedümü Tümüjin=i abura irebe bi kemebe Deyi-Sečen ögülerün quda köbegün=iyen mörögedkü bolbasu
15b
ᠣᠳᠲᠤᠭᠠᠢ ᠥᠳᠲᠡᠷ ᠦᠵᠡᠵᠦ ᠥᠳᠲᠡᠷ ᠢᠷᠡᠲᠦᠭᠡᠢ ᠬᠡᠮᠡᠪᠡ ᠮᠡᠩᠯᠢᠭ ᠲᠦᠮᠦᠵᠢᠨ ᠢ ᠠᠪᠤᠭᠠᠳ ᠢᠷᠡᠪᠡᠰᠦ ᠶᠢᠰᠦᠬᠡᠢ ᠪᠠᠭᠠᠲᠤᠷ ᠲᠩᠷᠢ ᠪᠣᠯᠤᠭᠰᠠᠨ ᠲᠤᠷ ᠲᠦᠮᠦᠵᠢᠨ ᠭᠠᠵᠠᠷ ᠲᠤᠷ ᠤᠷᠤᠭᠤ ᠤᠨᠠᠨ ᠬᠡᠪᠲᠡᠵᠦ ᠮᠠᠰᠢ ᠭᠠᠰᠠᠯᠬᠤᠢ ᠲᠤᠷ ᠬᠣᠩᠬᠣᠲᠠᠨ ᠤ ᠴᠢᠷᠬᠠ ᠰᠡᠷᠭᠦᠭᠡᠨ ᠥᠭᠦᠯᠡᠭᠰᠡᠨ ᠠᠵᠤᠬᠤ ᠲᠤᠯᠤ ᠵᠢᠭᠠᠰᠤᠨ ᠮᠡᠲᠦ ᠶᠠᠬᠢᠨ ᠲᠤᠯᠪᠠᠷᠢᠨ ᠭᠠᠰᠠᠯᠠᠮᠤᠢ ᠴᠢ ᠲᠤᠭᠤᠷᠭ᠎ᠠ ᠴᠡᠷᠢᠭ ᠶᠦᠭᠡᠨ ᠪᠡᠬᠢᠯᠡᠶ᠎ᠡ ᠡᠰᠡ ᠬᠦ ᠬᠡᠮᠡᠯᠳᠦᠯᠦᠭᠡᠢ ᠦᠦ ᠯᠠᠭᠠᠷ ᠵᠢᠭᠠᠰᠤᠨ ᠮᠡᠲᠦ ᠶᠠᠬᠢᠨ ᠯᠠᠶᠢᠪᠠᠷᠢᠨ ᠭᠠᠰᠠᠯᠠᠮᠤᠢ ᠴᠢ ᠨᠠᠷᠮᠠᠢ ᠤᠯᠤᠰ ᠢᠶᠠᠨ ᠪᠠᠶᠢᠭᠤᠯᠬᠤᠢ ᠡᠰᠡ ᠬᠦ ᠬᠡᠮᠡᠯᠳᠦᠯᠦᠭᠡᠢ ᠦᠦ ᠬᠡᠮᠡᠨ ᠥᠭᠦᠯᠡᠪᠡᠰᠦ ᠬᠠᠶᠢᠯᠠᠬᠤᠢ ᠪᠠᠨ ᠤᠰᠠᠳᠤᠭᠰᠠᠨ ᠠᠵᠤᠬᠤ ᠲᠡᠷᠡ ᠬᠠᠪᠤᠷ ᠠᠮᠠᠬᠠᠢ ᠬᠠᠭᠠᠨ ᠤ ᠬᠠᠲᠤᠨ ᠥᠷᠪᠡᠢ ᠬᠣᠭᠠᠲᠠᠢ ᠬᠣᠶᠠᠷ ᠬᠠᠲᠤᠨ ᠶᠡᠬᠡ ᠢᠷᠠᠭᠤ ᠳᠠᠭᠤ ᠭᠠᠷᠴᠤ ᠠᠬᠤᠢ ᠲᠤᠷ ᠥᠭᠡᠯᠡᠨ ᠦᠵᠢᠨ ᠬᠣᠵᠢᠳ ᠣᠳᠪᠠᠰᠤ ᠥᠷᠪᠡᠢ ᠬᠣᠭᠠᠲᠠᠢ ᠳᠠᠭᠤ ᠭᠠᠷᠤᠭᠰᠠᠨ ᠢᠨᠤ ᠢᠳᠡᠭᠡᠨ ᠡᠴᠡ ᠬᠣᠵᠢᠳᠠᠭᠤᠯᠪᠠᠰᠤ ᠥᠭᠡᠯᠡᠨ ᠦᠵᠢᠨ ᠥᠷᠪᠡᠢ ᠬᠣᠭᠠᠲᠠᠢ ᠬᠣᠶᠠᠷ᠎ᠠ ᠥᠭᠦᠯᠡᠷᠦᠨ ᠶᠢᠰᠦᠬᠡᠢ ᠶᠢ ᠮᠢᠨᠤ ᠦᠬᠦᠪᠡ ᠬᠡᠮᠡᠨ ᠬᠥᠪᠡᠭᠦᠳ ᠢ ᠮᠢᠨᠤ ᠶᠡᠬᠡ ᠦᠯᠦ ᠪᠣᠯᠬᠤᠢ ᠠᠴᠠ ᠶᠡᠬᠡᠰ ᠦᠨ ᠬᠡᠰᠢᠭ ᠪᠢᠯᠡᠭᠦᠷ ᠰᠠᠷᠬᠤᠳ ᠠᠴᠠ ᠶᠠᠬᠢᠨ ᠬᠣᠵᠢᠳᠠᠭᠤᠯᠤᠮᠤᠢ ᠲᠠ ᠦᠵᠡᠭᠡᠳ ᠣᠳᠴᠤ ᠦᠯᠦ ᠰᠡᠷᠢᠭᠦᠯᠦᠨ ᠥᠯᠢᠰᠦᠭᠡᠳ ᠨᠡᠭᠦᠬᠦᠨ ᠪᠣᠯᠪᠠᠢ ᠲᠠ ᠬᠡᠮᠡᠪᠡ ᠲᠡᠷᠡ ᠦᠭᠡ ᠲᠦᠷ ᠥᠷᠪᠡᠢ ᠬᠣᠭᠠᠲᠠᠢ ᠬᠣᠶᠠᠷ ᠬᠠᠲᠤᠨ ᠥᠭᠦᠯᠡᠷᠦᠨ ᠠᠮᠠᠬᠠᠢ ᠶᠢ ᠦᠬᠦᠪᠡ ᠬᠡᠮᠡᠨ ᠥᠭᠡᠯᠡᠨ᠎ᠡ ᠬᠦᠷᠲᠡᠯᠡ ᠡᠶᠢᠨ ᠬᠡᠮᠡᠭᠳᠡᠬᠦ ᠪᠣᠯᠪᠠ ᠤᠷᠢᠵᠤ ᠦᠯᠦ ᠥᠭᠲᠡᠬᠦ ᠮᠥᠷ ᠲᠡᠢ ᠴᠢ ᠤᠴᠠᠷᠠᠪᠠᠰᠤ ᠢᠳᠡᠬᠦ ᠶᠣᠰᠤ ᠲᠠᠢ ᠴᠢ ᠬᠦᠷᠭᠡᠵᠦ
odtuγai ödter üjejü ödter iretügei kemebe Menglig Tümüjin=i abuγad irebesü Yisükei-baγatur tngri boluγsan=tur Tümüjin γajar=tur uruγu unan kebtejü masi γasalqui=tur Qongqotan=u Čirqa sergügen ögülegsen ajuqu # tulu jiγasun metü yakin tulbarin γasalamui či tuγurγ=a čerig=yügen bekiley=e ese kü kemeldülügei üü # laγar jiγasun metü yakin layibarin γasalamui či narmai ulus=iyan bayiγulqui ese kü kemeldülügei üü # kemen ögülebesü qayilaqui=ban usaduγsan ajuqu , tere qabur Amaqai-qaγan=u qatun Örbei , Qoγatai , qoyar qatun yeke iraγu (daγu) γarču aqui=tur Ögelen-Üjin qojid odbasu Örbei Qoγatai (daγu) γaruγsan inu idegen=eče qojidaγulbasu Ögelen-Üjin Örbei Qoγatai qoyar=a ögülerün Yisükei=yi minu ükübe kemen köbegüd=i minu yeke ülü bolqui=ača yekes=ün kesig bilegür sarqud=ača yakin qojidaγulumui ta üjeged odču ülü serigülün ölisüged negükün bolbai ta kemebe tere üge=tür Örbei Qoγatai qoyar qatun ögülerün Amaqai=yi ükübe kemen Ögelen=e kürtele eyin kemegdekü bolba uriju ülü ögtekü mör=tei či učarabasu idekü yosu=tai či kürgejü
16a
ᠦᠯᠦ ᠥᠭᠲᠡᠬᠦ ᠮᠥᠷ ᠲᠡᠢ ᠴᠢ ᠬᠦᠷᠲᠡᠪᠡᠰᠦ ᠢᠳᠡᠬᠦ ᠶᠣᠰᠤ ᠲᠠᠢ ᠴᠢ ᠡᠳᠡ ᠡᠬᠡᠰ ᠬᠥᠪᠡᠭᠦᠳ ᠢ ᠨᠤᠲᠤᠭ ᠲᠤᠷ ᠭᠡᠭᠡᠵᠦ ᠨᠡᠭᠦᠳᠬᠦᠨ ᠪᠦᠦ ᠪᠥᠭᠡᠳ ᠠᠪᠴᠤ ᠶᠠᠪᠤᠳᠬᠤᠨ ᠬᠡᠮᠡᠨ ᠮᠠᠨᠠᠭᠠᠷᠰᠢ ᠡᠳᠦᠷ ᠡᠴᠡ ᠲᠠᠶᠢᠴᠢᠭᠤᠳ ᠣᠨᠠᠨ ᠮᠥᠷᠡᠨ ᠥᠭᠡᠳᠡ ᠲᠠᠷᠬᠤᠲᠠᠢ ᠬᠢᠷᠠᠯᠲᠤᠭ ᠲᠥᠳᠡᠭᠡᠨ ᠭᠡᠷᠲᠡ ᠲᠡᠨ ᠬᠥᠳᠡᠯᠡᠷ ᠦᠨ ᠭᠡᠷ ᠢᠶᠡᠨ ᠠᠪᠤᠨ ᠬᠥᠳᠡᠯᠵᠦ ᠶᠠᠪᠤᠭᠠᠳ ᠥᠭᠡᠯᠡᠨ ᠦᠵᠢᠨ ᠡᠬᠡ ᠬᠥᠪᠡᠭᠦᠳ ᠢ ᠨᠤᠲᠤᠭ ᠲᠤᠷ ᠭᠡᠭᠡᠵᠦ ᠨᠡᠭᠦᠭᠲᠡᠷ ᠦᠨ ᠨᠡᠭᠦᠪᠡᠢ ᠬᠣᠩᠬᠠᠲᠠᠨ ᠢ ᠴᠢᠷᠬ᠎ᠠ ᠡᠪᠦᠭᠡᠨ ᠣᠳᠴᠤ ᠢᠳᠬᠠᠨ ᠥᠭᠦᠯᠡᠬᠦᠢ ᠳᠦᠷ ᠲᠥᠳᠡᠭᠡᠨ ᠭᠡᠷ ᠳᠡᠨ ᠥᠭᠦᠯᠡᠷᠦᠨ ᠴᠡᠭᠡᠯ ᠤᠰᠤᠨ ᠴᠡᠦᠬᠡᠨ ᠨᠢᠳᠤᠷᠠᠯᠤᠭ᠎ᠠ ᠴᠢᠯᠠᠭᠤᠨ ᠴᠠᠷᠠᠯᠤᠭ᠎ᠠ ᠬᠡᠮᠡᠭᠡᠳ ᠨᠡᠭᠦᠵᠦᠬᠦᠢ ᠴᠢᠷᠬ᠎ᠠ ᠡᠪᠦᠭᠡᠨ ᠢ ᠬᠡᠷ ᠢᠳᠬᠠᠬᠤ ᠪᠥᠯᠦᠭᠡ ᠴᠢ ᠬᠡᠮᠡᠵᠦ ᠬᠣᠶᠢᠨᠠ ᠠᠴᠠ ᠢᠨᠤ ᠵᠢᠳᠠ ᠪᠠᠷ ᠰᠤᠭᠤ ᠭᠤᠳᠤᠰ ᠢᠨᠤ ᠵᠢᠳᠠᠯᠠᠵᠤ ᠴᠢᠷᠬ᠎ᠠ ᠡᠪᠦᠭᠡᠨ ᠶᠠᠷᠠ ᠲᠤ ᠪᠣᠯᠵᠤ ᠭᠡᠷ ᠲᠦᠷ ᠢᠶᠡᠨ ᠢᠷᠡᠵᠦ ᠪᠡᠷᠬᠡ ᠬᠡᠪᠲᠡᠬᠦᠢ ᠲᠦᠷ ᠲᠦᠮᠦᠵᠢᠨ ᠦᠵᠡᠷᠡ ᠣᠳᠪᠠᠰᠤ ᠲᠡᠨᠳᠡ ᠴᠢᠷᠬ᠎ᠠ ᠡᠪᠦᠭᠡᠨ ᠥᠭᠦᠯᠡᠷᠦᠨ ᠰᠠᠶᠢᠨ ᠡᠴᠢᠭᠡ ᠶᠢᠨ ᠴᠢᠨ ᠤ ᠬᠤᠷᠢᠶᠠᠭᠰᠠᠨ ᠪᠢᠳᠠ ᠪᠦᠷᠢᠨ ᠤᠯᠤᠰ ᠢ ᠲᠠᠶᠢᠴᠢᠭᠤᠳ ᠠᠬ᠎ᠠ ᠳᠡᠭᠦᠦ ᠲᠠᠨ ᠤ ᠠᠪᠴᠤ ᠨᠡᠭᠦᠭᠲᠡᠷ ᠦᠨ ᠨᠡᠭᠦᠬᠦᠢ ᠲᠦᠷ ᠢᠳᠬᠠᠪᠠᠰᠤ ᠢᠳᠬᠠᠰᠤᠭᠠᠢ ᠬᠡᠮᠡᠨ ᠣᠳᠤᠯᠤᠭ᠎ᠠ ᠡᠶᠢᠨ ᠬᠢᠭᠳᠡᠪᠡ ᠪᠢ ᠬᠡᠮᠡᠵᠦᠬᠦ ᠲᠡᠷᠡ ᠦᠭᠡ ᠲᠦᠷ ᠢᠨᠤ ᠲᠦᠮᠦᠵᠢᠨ ᠤᠶᠢᠯᠠᠭᠠᠳ ᠭᠠᠷᠴᠤ ᠵᠣᠷᠴᠢᠪᠠ ᠣᠳᠪᠠ ᠲᠡᠨᠳᠡ ᠥᠭᠡᠯᠡᠨ ᠦᠵᠢᠨ ᠢᠷᠭᠡᠨ ᠢᠶᠡᠨ ᠠᠪᠴᠤ ᠨᠡᠭᠦᠭᠲᠡᠷ ᠦᠨ ᠨᠡᠭᠦᠷ ᠦᠨ ᠪᠡᠶ ᠡ ᠪᠡᠷ ᠢᠶᠡᠨ ᠮᠣᠷᠢᠯᠠᠵᠤ ᠵᠠᠷᠢᠮ ᠤᠳ ᠢᠷᠭᠡᠨ ᠢ ᠢᠳᠬᠠᠴᠤᠬᠤ ᠲᠡᠳᠡ ᠪᠡᠷ ᠢᠷᠭᠡᠨ ᠦᠯᠦ ᠲᠣᠭᠲᠠᠨ ᠲᠠᠶᠢᠴᠢᠭᠤᠳ ᠤᠨ ᠬᠣᠶᠢᠨᠠ ᠠᠴᠠ ᠨᠡᠭᠦᠵᠦᠬᠦᠢ ᠲᠠᠶᠢᠴᠢᠭᠤᠳ
ülü ögtekü mör=tei či kürtebesü idekü yosu=tai či ede ekes köbegüd=i nutuγ=tur gegejü negüdkün büü böged abču yabudqun kemen manaγarsi edür=eče Tayičiγud Onan-mören ögede Tarqutai-Kiraltuγ , Tödegen , gerte=ten ködeler=ün (ger=iyen abun ködeljü yabuγad) Ögelen-Üjin eke köbegüd=i nutuγ=tur gegejü negügter=ün (negübei) Qongqatan=i Čirq=a ebügen odču idqan ögüleküi=dür Tödegen ger=den ögülerün čegel usun čeüken niduraluγ=a čilaγun čaraluγ=a kemeged negüjüküi Čirq=a ebügen=i ker idqaqu bölüge či kemejü qoyina=ača inu jida=bar suγu γudus inu jidalaju Čirq=a ebügen yara=tu bolju ger=tür=iyen irejü berke kebteküi=tür Tümüjin üjere odbasu tende Čirq=a ebügen ögülerün sayin ečige=yin čin=u quriyaγsan bida bürin ulus=i Tayičiγud aq=a degüü tan=u abču negügter=ün (negüküi=tür) idqabasu (idqasuγai) kemen oduluγ=a eyin kigdebe bi kemejükü tere üge=tür inu Tümüjin uyilaγad γarču jorčiba (odba) tende Ögelen-Üjin irgen=iyen abču negügter=ün (negür=ün) bey=e=ber=iyen morilaju jarim=ud irgen=i idqačuqu tede=ber irgen ülü toγtan Tayičiγud=un qoyina=ača negüjüküi Tayičiγud
16b
ᠠᠬ᠎ᠠ ᠳᠡᠭᠦᠦ ᠠᠨᠤ ᠥᠭᠡᠯᠡᠨ ᠦᠵᠢᠨ ᠪᠡᠯᠪᠡᠰᠦᠨ ᠥᠴᠦᠬᠡᠨ ᠥᠨᠥᠴᠢᠨ ᠢ ᠡᠬᠡ ᠬᠥᠪᠡᠭᠦᠳ ᠢ ᠨᠤᠲᠤᠭ ᠲᠤᠷ ᠭᠡᠭᠡᠵᠦ ᠨᠡᠭᠦᠵᠦᠬᠦᠢ ᠥᠭᠡᠯᠡᠨ ᠦᠵᠢᠨ ᠡᠮ᠎ᠡ ᠮᠡᠷᠭᠡᠨ ᠲᠥᠷᠥᠵᠦ ᠥᠨᠥᠴᠢᠨ ᠬᠥᠪᠡᠭᠦᠳ ᠢᠶᠡᠨ ᠲᠡᠵᠢᠶᠡᠷᠦᠨ ᠥᠷᠨᠢᠲᠡᠯᠡ ᠪᠣᠭᠲᠠᠯᠠᠵᠤ ᠨᠥᠬᠴᠢᠲᠡᠯᠡ ᠪᠦᠰᠡᠯᠵᠦ ᠣᠨᠠᠨ ᠮᠥᠷᠡᠨ ᠥᠭᠡᠳᠡ ᠡᠷᠲᠡ ᠭᠦᠶᠢᠵᠦ ᠦᠯᠢᠶᠡᠰᠦᠨ ᠮᠣᠶᠢᠯᠰᠤᠨ ᠲᠡᠭᠦᠵᠦ ᠡᠳᠦᠷ ᠱᠥᠨᠢ ᠬᠣᠭᠣᠯᠠᠢ ᠪᠠᠨ ᠲᠡᠵᠢᠶᠡᠪᠡ ᠰᠦᠯᠳᠡᠷ ᠲᠡᠢ ᠲᠥᠷᠥᠭᠰᠡᠨ ᠦᠵᠢᠨ ᠡᠬᠡ ᠰᠤᠤ ᠲᠠᠨ ᠬᠥᠪᠡᠭᠦᠳ ᠢᠶᠡᠨ ᠲᠡᠵᠢᠶᠡᠭᠡᠷ ᠦᠨ ᠴᠥᠭᠥᠷᠰᠦᠨ ᠰᠢᠷᠣ᠎ᠠ ᠪᠠᠷᠢᠵᠤ ᠰᠥᠳᠦᠨ ᠭᠢᠴᠢᠭᠡᠨ᠎ᠡ ᠤᠬᠤᠵᠤ ᠱᠥᠨᠢ ᠡᠳᠦᠷ ᠨᠥᠬᠴᠢᠶᠡᠪᠡᠢ ᠬᠠᠲᠤᠨ ᠲᠥᠷᠥᠭᠰᠡᠨ ᠦᠵᠢᠨ ᠡᠬᠡ ᠬᠠᠳ ᠬᠥᠪᠡᠭᠦᠳ ᠢᠶᠡᠨ ᠲᠡᠵᠢᠶᠡᠷ ᠦᠨ ᠬᠠᠶᠢᠯᠠᠰᠤᠨ ᠰᠢᠷᠣ᠎ᠠ ᠪᠠᠷᠢᠵᠤ ᠬᠠᠯᠳᠤᠳ ᠲᠡᠮᠬᠦᠨ ᠭᠦᠶᠢᠵᠦ ᠬᠠᠶᠢᠯᠠᠰᠤᠨ ᠮᠠᠩᠭᠢᠷᠰᠤᠨ ᠤᠬᠤᠵᠤ ᠬᠠᠨᠲᠠᠯᠠ ᠴᠠᠳᠲᠠᠯᠠ ᠢᠳᠡᠭᠦᠯᠵᠦ ᠲᠡᠵᠢᠶᠡᠪᠡᠢ ᠵᠠᠷᠴᠢᠮ ᠳᠠᠢ ᠲᠥᠷᠥᠭᠰᠡᠨ ᠦᠵᠢᠨ ᠡᠬᠡ ᠵᠠᠶᠠᠭᠠᠲᠠᠨ ᠲᠥᠷᠥᠭᠰᠡᠨ ᠬᠥᠪᠡᠭᠦᠨ ᠢᠶᠡᠨ ᠲᠡᠵᠢᠶᠡᠷᠦᠨ ᠵᠠᠪᠠ ᠭᠣᠣᠯ ᠢ ᠦᠯᠦ ᠦᠯᠡᠳᠡᠨ ᠴᠠᠳᠬᠠᠰᠤᠨ ᠲᠥᠮᠥᠰᠦᠨ ᠤᠬᠤᠵᠤ ᠵᠠᠷᠴᠢᠮ ᠲᠠᠢ᠎ᠠ ᠰᠠᠶᠢᠲᠤᠷ ᠲᠡᠵᠢᠶᠡᠪᠡᠢ ᠭᠣᠤ᠎ᠠ ᠲᠥᠷᠥᠭᠰᠡᠨ ᠥᠭᠡᠯᠡᠨ ᠦᠵᠢᠨ ᠡᠬᠡ ᠬᠤᠲᠤᠭ ᠲᠠᠨ ᠲᠥᠷᠥᠭᠰᠡᠨ ᠬᠥᠪᠡᠭᠦᠳ ᠢᠶᠡᠨ ᠲᠡᠵᠢᠶᠡᠷ ᠦᠨ ᠭᠣᠣᠯ ᠵᠠᠪᠠ ᠦᠯᠦ ᠦᠯᠡᠳᠡᠨ ᠭᠣᠭᠣᠷᠰᠠᠨ ᠮᠠᠩᠭᠢᠷᠰᠤᠨ ᠢᠶᠠᠷ ᠲᠡᠵᠢᠶᠡᠪᠡ ᠭᠣᠤ ᠠ ᠦᠵᠢᠨ ᠡᠬᠡ ᠶᠢᠨ ᠭᠣᠭᠣᠳ ᠮᠠᠩᠭᠢᠷ ᠢᠶᠠᠷ ᠲᠡᠵᠢᠶᠡᠭᠰᠡᠨ ᠬᠥᠪᠡᠭᠦᠳ ᠢᠨᠤ ᠬᠤᠲᠤᠭ ᠲᠠᠨ ᠰᠠᠶᠢᠳ ᠪᠣᠯᠤᠷ᠎ᠠ ᠬᠦᠷᠪᠡ ᠬᠠᠲᠤᠨ ᠦᠵᠢᠨ ᠦ ᠡᠬᠡ ᠶᠢᠨ ᠬᠠᠯᠢᠶᠠᠷᠰᠤᠨ ᠮᠠᠩᠭᠢᠷᠰᠤᠨ ᠢᠶᠠᠷ ᠲᠡᠵᠢᠶᠡᠭᠰᠡᠨ ᠬᠥᠪᠡᠭᠦᠳ ᠢᠨᠤ ᠬᠠᠳ ᠰᠠᠶᠢᠳ ᠪᠣᠯᠤᠷ᠎ᠠ
aq=a degüü anu Ögelen-Üjin belbesün öčüken önöčin=i eke köbegüd=i nutuγ=tur gegejü negüjüküi # Ögelen-Üjin em=e mergen töröjü önöčin köbegüd=iyen tejiyerün örnitele boγtalaju nökčitele büseljü Onan-mören ögede erte güyijü üliyesün moyilsun tegüjü edür šöni qoγolai=ban tejiyebe # sülder=tei törögsen Üjin eke suu=tan köbegüd=iyen tejiyeger=ün čögörsün siro=a bariju södün gičigen=e uquju šöni edür nökčiyebei # qatun törögsen Üjin eke qad köbegüd=iyen tejiyer=ün qayilasun siro=a bariju qaldud temkün güyijü qayilasun manggirsun uquju qantala čadtala idegüljü tejiyebei # jarčim=dai törögsen Üjin eke jayaγatan törögsen köbegün=iyen tejiyerün jaba γool=i ülü üleden čadqasun tömösün uquju jarčim=tai=a (sayitur) tejiyebei # γou=a törögsen Ögelen-Üjin eke qutuγ=tan törögsen köbegüd=iyen tejiyer=ün γool jaba ülü üleden γoγorsan manggirsun=iyar tejiyebe Γou=a-Üjin eke=yin γoγod manggir=iyar tejiyegsen köbegüd inu qutuγ=tan sayid bolur=a kürbe # qatun Üjin=ü (eke=yin) qaliyarsun manggirsun=iyar tejiyegsen köbegüd inu qad sayid bolur=a
17a
ᠬᠦᠷᠪᠡ ᠰᠦᠲᠡᠢ ᠦᠵᠢᠨ ᠦ ᠰᠥᠳᠦᠨ ᠭᠡᠴᠢᠭᠡᠨ ᠡ ᠪᠡᠷ ᠲᠡᠵᠢᠶᠡᠭᠰᠡᠨ ᠬᠥᠪᠡᠭᠦᠳ ᠢᠨᠤ ᠰᠥᠯᠰᠦᠲᠡᠨ ᠰᠡᠴᠡᠳ ᠪᠣᠯᠤᠷ᠎ᠠ ᠬᠦᠷᠪᠡᠢ ᠵᠠᠷᠴᠢᠮ ᠳᠠᠢ ᠲᠥᠷᠥᠭᠰᠡᠨ ᠦᠵᠢᠨ ᠡᠬᠡ ᠶᠢᠨ ᠴᠠᠳᠬᠠᠰᠤᠨ ᠲᠥᠮᠡᠰᠦᠨ ᠢᠶᠡᠷ ᠲᠡᠵᠢᠶᠡᠭᠰᠡᠨ ᠬᠥᠪᠡᠭᠦᠳ ᠢᠨᠤ ᠵᠠᠶᠠᠭ ᠠ ᠲᠠᠨ ᠰᠠᠶᠢᠳ ᠪᠣᠯᠤᠷ᠎ᠠ ᠬᠦᠷᠪᠡᠢ ᠡᠷ᠎ᠡ ᠰᠠᠶᠢᠳ ᠪᠣᠯᠤᠨ ᠪᠠᠷᠠᠵᠤ ᠡᠷᠬᠦᠨ ᠤᠮᠳᠠᠭᠠᠨ ᠢ ᠡᠷᠢᠶ᠎ᠡ ᠬᠡᠮᠡᠯᠳᠦᠵᠦ ᠡᠬᠡ ᠶᠢᠨ ᠠᠴᠢ ᠬᠠᠷᠢᠭᠤᠯᠤᠷ ᠤᠨ ᠡᠯᠭᠦᠭᠦᠷ ᠭᠣᠬᠡ ᠪᠠᠷᠢᠵᠤ ᠡᠬᠡ ᠣᠨᠠᠨ ᠤ ᠡᠷᠭᠢ ᠳᠡᠭᠡᠷᠡ ᠰᠠᠭᠤᠵᠤ ᠡᠷᠡᠮᠳᠡᠭ ᠵᠡᠮᠳᠡᠭ ᠵᠢᠭᠠᠰᠤᠨ ᠭᠣᠬᠢᠯᠠᠵᠤ ᠵᠡᠭᠦᠪᠡᠷ ᠡᠯᠭᠦᠭᠦᠯᠵᠦ ᠵᠠᠮᠠᠭ ᠳᠣᠲᠣᠷᠠ ᠬᠦ ᠵᠡᠳᠬᠦᠨ ᠭᠣᠬᠢᠯᠠᠵᠤ ᠭᠦᠯᠮᠢ ᠭᠤᠪᠴᠢᠭᠤᠷ ᠤᠶᠠᠵᠤ ᠵᠢᠷᠮᠤᠳ ᠵᠢᠭᠠᠰᠤᠨ ᠢ ᠰᠢᠭᠦᠵᠦ ᠵᠢᠴᠢ ᠡᠬᠡ ᠶᠢ ᠠᠴᠢᠯᠠᠨ ᠲᠡᠵᠢᠶᠡᠪᠡᠢ ᠨᠢᠭᠡᠨ ᠡᠳᠦᠷ ᠲᠦᠮᠦᠵᠢᠨ ᠬᠠᠰᠠᠷ ᠪᠡᠭᠲᠡᠷ ᠪᠡᠯᠭᠡᠲᠡᠢ ᠳᠥᠷᠪᠡᠭᠦᠯᠡ ᠬᠠᠮᠲᠤ ᠰᠠᠭᠤᠵᠤ ᠭᠣᠬᠢ ᠲᠠᠲᠠᠬᠤᠢ ᠲᠤᠷ ᠨᠢᠭᠡᠨ ᠭᠡᠭᠡᠭᠡᠨ ᠰᠣᠭᠣᠰᠤᠨ ᠣᠷᠣᠵᠤ ᠲᠦᠮᠦᠵᠢᠨ ᠬᠠᠰᠠᠷ ᠬᠣᠶᠠᠷ ᠠᠴᠠ ᠪᠡᠭᠲᠡᠷ ᠪᠡᠯᠭᠡᠲᠡᠢ ᠬᠣᠶᠠᠷ ᠪᠤᠯᠢᠶᠠᠵᠤ ᠶᠠᠪᠤᠪᠠ ᠲᠦᠮᠦᠵᠢᠨ ᠬᠠᠰᠠᠷ ᠬᠣᠶᠠᠭᠤᠯᠠ ᠭᠡᠷ ᠲᠦᠷ ᠢᠶᠡᠨ ᠢᠷᠡᠵᠦ ᠦᠵᠢᠨ ᠡᠬᠡ ᠲᠦᠷ ᠥᠭᠦᠯᠡᠷᠦᠨ ᠥᠴᠦᠭᠦᠳᠦᠷ ᠨᠢᠭᠡᠨᠲᠡ ᠪᠤᠯᠵᠤᠬᠤᠢ ᠢ ᠬᠣᠲᠠᠯᠢᠳᠴᠤ ᠬᠡᠷᠡᠯᠳᠦᠨ ᠮᠥᠨ ᠲᠡᠶᠢᠨ ᠪᠤᠯᠢᠵᠤ ᠪᠤᠯᠢᠶᠠᠵᠤ ᠠᠪᠤᠯᠤᠭ᠎ᠠ ᠡᠳᠦᠭᠡ ᠪᠠᠰᠠ ᠭᠡᠭᠡᠭᠡᠨ ᠰᠣᠭᠣᠰᠤᠨ ᠭᠣᠬᠢ ᠵᠠᠭᠤᠭᠰᠠᠨ ᠢ ᠪᠡᠭᠲᠡᠷ ᠪᠡᠯᠭᠡᠲᠡᠢ ᠠᠬ᠎ᠠ ᠳᠡᠭᠦᠦ ᠬᠣᠶᠠᠷ ᠪᠤᠯᠢᠪᠠᠢ ᠬᠡᠷ ᠠᠯᠳᠠᠬᠤᠨ ᠪᠢᠳᠠ ᠬᠡᠮᠡᠪᠡ ᠲᠡᠷᠡ ᠦᠭᠡ ᠳᠦᠷ ᠦᠵᠢᠨ ᠡᠬᠡ ᠥᠭᠦᠯᠡᠷᠦᠨ ᠶᠡᠭᠦᠴᠢ ᠪᠦᠲᠦᠭᠡᠢ ᠶᠠᠭᠤᠨ ᠤ ᠲᠤᠯᠠ ᠠᠬ ᠠ ᠨᠠᠷ ᠳᠡᠭᠦᠦ ᠨᠡᠷ ᠶᠠᠬᠢᠨ ᠲᠡᠶᠢᠨ
kürbe # sütei Üjin=ü södün gečigen=e=ber tejiyegsen köbegüd inu sölsüten sečed bolur=a kürbei # jarčim=dai törögsen Üjin eke=yin čadqasun tömesün=iyer tejiyegsen köbegüd inu jayaγ=a=tan sayid bolur=a kürbei # er=e sayid bolun baraju erkün umdaγan=i eriy=e kemeldüjü eke=yin ači qariγulur=un # elgügür γoke bariju eke Onan=u ergi degere saγuju eremdeg jemdeg jiγasun γokilaju # jegüber elgügüljü jamaγ dotora kü jedkün γokilaju gülmi γubčiγur uyaju jirmud jiγasun=i sigüjü jiči eke=yi ačilan tejiyebei # nigen edür Tümüjin Qasar , Begter Belgetei , dörbegüle qamtu saγuju γoki tataqui=tur nigen gegegen soγosun oroju Tümüjin Qasar qoyar=ača Begter , Belgetei , qoyar buliyaju yabuba Tümüjin , Qasar , qoyaγula ger=tür=iyen irejü Üjin eke=tür ögülerün öčügüdür nigente buljuqui=i qotalidču (kereldün) mön teyin buliju <buliyaju> abuluγ=a edüge basa gegegen soγosun γoki jaγuγsan=i Begter Belgetei aq=a degüü qoyar bulibai ker aldaqun bida kemebe tere üge=dür Üjin eke ögülerün yegüči bütügei (yaγun=u tula) aq=a=nar degüü=ner yakin teyin
17b
ᠬᠢᠯᠳᠦᠮᠦ ᠲᠠ ᠰᠡᠭᠦᠳᠡᠷ ᠡᠴᠡ ᠪᠤᠰᠤ ᠨᠥᠬᠥᠷ ᠦᠭᠡᠢ ᠰᠡᠭᠦᠯ ᠡᠴᠡ ᠥᠪᠡᠷᠡ ᠴᠥᠴᠢᠭᠡ ᠦᠭᠡᠢ ᠲᠡᠷᠡ ᠲᠠᠶᠢᠴᠢᠭᠤᠳ ᠠᠬ᠎ᠠ ᠳᠡᠭᠦᠭᠢ ᠶᠢᠨ ᠭᠠᠰᠢᠭᠤᠨ ᠪᠡᠷᠬᠡ ᠠᠵᠤ ᠬᠡᠨ ᠠᠪᠤᠷᠠᠬᠤᠨ ᠬᠡᠮᠡᠵᠦ ᠪᠥᠯᠦᠭᠡ ᠡᠷᠲᠡᠨ ᠦ ᠠᠯᠤᠨ ᠭᠣᠤ ᠠ ᠶᠢᠨ ᠲᠠᠪᠤᠨ ᠬᠥᠪᠡᠭᠦᠳ ᠮᠡᠲᠦ ᠶᠠᠬᠢᠨ ᠡᠶ᠎ᠡ ᠲᠠᠨ ᠤ ᠥᠪᠡᠷᠡ ᠪᠣᠯᠪᠠᠢ ᠲᠠ ᠪᠦᠲᠦᠭᠡᠢ ᠲᠡᠶᠢᠮᠦ ᠪᠦᠦ ᠦᠶᠢᠯᠡᠳ ᠬᠡᠮᠡᠪᠡ ᠬᠥᠪᠡᠭᠦᠳ ᠢᠨᠤ ᠡᠰᠡ ᠳᠣᠩᠭᠣᠳᠪᠠ ᠡᠭᠦᠳᠡᠨ ᠣᠷᠬᠢᠭᠠᠳ ᠵᠣᠷᠴᠢᠪᠠ ᠪᠡᠭᠲᠡᠷ ᠣᠯᠬᠤᠨ ᠳᠡᠭᠡᠷᠡ ᠰᠢᠷᠠᠭ᠎ᠠ ᠠᠭᠲᠠ ᠲᠠᠨ ᠶᠢᠰᠦᠨ ᠮᠣᠷᠢᠳ ᠢᠶᠠᠨ ᠬᠠᠷᠠᠵᠤ ᠰᠠᠭᠤᠨ ᠠᠵᠤᠬᠤ ᠲᠦᠮᠦᠵᠢᠨ ᠤᠮᠠᠷᠠ ᠠᠴᠠ ᠬᠠᠰᠠᠷ ᠡᠮᠦᠨᠡ ᠡᠴᠡ ᠳᠠᠯᠳᠤᠯᠠᠯᠳᠤᠵᠤ ᠰᠤᠮᠤᠪᠠᠨ ᠰᠣᠯᠪᠢᠴᠢᠵᠤ ᠬᠦᠷᠬᠦᠢ ᠯᠦᠭᠡ ᠪᠡᠭᠲᠡᠷ ᠦᠵᠡᠭᠡᠳ ᠥᠭᠦᠯᠡᠷᠦᠨ ᠠᠬ᠎ᠠ ᠳᠡᠭᠦᠦ ᠯᠦᠭᠡ ᠠᠯᠠᠯᠳᠤᠬᠤᠢ ᠲᠤᠷ ᠨᠥᠬᠥᠷ ᠬᠦᠮᠦᠨ ᠯᠦᠭᠡ ᠣᠷᠣᠯᠳᠤᠬᠤᠢ ᠲᠤᠷ ᠨᠥᠬᠥᠷ ᠰᠡᠭᠦᠳᠡᠷ ᠪᠣᠯᠤᠯᠴᠠᠶ᠎ᠠ ᠰᠡᠭᠦᠳᠡᠷ ᠡᠴᠡ ᠪᠤᠰᠤ ᠨᠥᠬᠥᠷ ᠦᠭᠡᠢ ᠰᠡᠭᠦᠯ ᠡᠴᠡ ᠪᠤᠰᠤ ᠴᠥᠴᠢᠭᠡ ᠦᠭᠡᠢ ᠪᠥᠯᠦᠭᠡ ᠨᠥᠬᠥᠷ ᠬᠦᠮᠦᠨ ᠦ ᠭᠠᠰᠢᠭᠤᠨ ᠪᠡᠷᠬᠡ ᠡᠰᠡ ᠬᠦ ᠪᠥᠯᠦᠭᠡᠢ ᠦᠦ ᠡᠳᠦᠭᠡ ᠶᠠᠬᠢᠨ ᠨᠠᠮᠠᠶᠢ ᠲᠠ ᠠᠮᠠᠨ ᠤ ᠬᠣᠭᠣᠰᠤᠨ ᠬᠠᠯᠢᠰᠤᠨ ᠨᠢᠳᠦᠨ ᠦ ᠰᠣᠷᠮᠤᠰᠤᠨ ᠪᠣᠯᠭᠠᠮᠤᠢ ᠪᠢ ᠶᠠᠬᠢᠨ ᠡᠶᠢᠨ ᠠᠭᠲᠠᠪᠠ ᠭᠣᠯᠣᠮᠲᠠ ᠶᠢ ᠮᠢᠨᠤ ᠪᠦᠦ ᠪᠦᠷᠯᠡᠭᠡᠳᠬᠦᠨ ᠭᠠᠭᠴᠠ ᠪᠡᠯᠭᠦᠲᠡᠢ ᠶᠢ ᠮᠢᠨᠤ ᠪᠦᠦ ᠲᠡᠪᠴᠢᠳᠬᠦᠨ ᠬᠡᠮᠡᠨ ᠵᠠᠪᠢᠯᠠᠵᠤ ᠬᠦᠯᠴᠢᠪᠡᠢ ᠲᠦᠮᠦᠵᠢᠨ ᠬᠠᠰᠠᠷ ᠲᠠ ᠡᠮᠦᠨᠡ ᠬᠣᠶᠢᠨᠠ ᠠᠴᠠ ᠢᠨᠤ ᠥᠲᠥᠷ ᠮᠠᠯᠠᠵᠤ ᠠᠯᠠᠵᠤ ᠣᠳᠪᠠᠢ ᠭᠡᠷ ᠲᠦᠷ ᠢᠶᠡᠨ ᠬᠠᠷᠢᠵᠤ ᠢᠷᠡᠪᠡᠰᠦ ᠦᠵᠢᠨ ᠡᠬᠡ ᠬᠥᠪᠡᠭᠦᠨ ᠢᠶᠡᠨ ᠴᠢᠷᠠᠢ ᠤᠬᠠᠵᠤ ᠥᠭᠦᠯᠡᠷᠦᠨ ᠬᠠᠨᠢ ᠪᠠᠨ ᠪᠠᠷᠠᠭᠰᠠᠳ ᠬᠠᠲᠠᠭᠤᠵᠢᠨ ᠰᠠᠭᠤᠨᠠᠮ ᠬᠠᠯᠠᠭᠤᠨ ᠠᠴᠠ
kildümü ta següder=eče busu nökör ügei segül=eče öbere čöčige ügei tere Tayičiγud aq=a degügi=yin γasiγun berke aju ken aburaqun kemejü bölüge erten=ü Alun-Γou=a=yin tabun köbegüd metü yakin ey=e tan=u öbere bolbai ta bütügei (teyimü büü üyiled) kemebe köbegüd inu ese dongγodba egüden orkiγad jorčiba Begter olqun degere siraγ=a aγta=tan yisün morid=iyan qaraju saγun ajuqu Tümüjin umara=ača Qasar emüne=eče daldulalduju sumuban solbičiju kürküi=lüge Begter üjeged ögülerün aq=a degüü=lüge alalduqui=tur nökör kümün=lüge orolduqui=tur nökör següder bolulčay=a següder=eče busu nökör ügei segül=eče busu čöčige ügei bölüge nökör kümün=ü γasiγun berke ese kü bölügei üü edüge yakin namayi ta aman=u qoγosun (qalisun) nidün=ü sormusun bolγamui bi yakin eyin aγtaba γolomta=yi minu büü bürlegedkün γaγča Belgütei=yi minu büü tebčidkün kemen jabilaju külčibei Tümüjin Qasar ta emüne qoyina=ača inu ötör malaju <alaju> odbai ger=tür=iyen qariju irebesü Üjin eke köbegün=iyen čirai uqaju ögülerün # qani=ban baraγsad qataγujin saγunam qalaγun=ača
18a
ᠮᠢᠨᠤ ᠬᠠᠭᠠᠯ ᠤᠨ ᠭᠠᠷᠤᠷ ᠤᠨ ᠬᠠᠷᠠ ᠴᠢᠰᠤᠨ ᠭᠠᠷ ᠲᠤᠷ ᠢᠶᠠᠨ ᠠᠳᠬᠤᠨ ᠲᠥᠷᠥᠭᠰᠡᠨ ᠪᠥᠯᠦᠭᠡ ᠬᠠᠷᠪᠢᠰᠤ ᠪᠠᠨ ᠬᠠᠵᠢᠬᠤ ᠨᠣᠬᠠᠢ ᠮᠡᠲᠦ ᠬᠠᠳᠠᠨ ᠲᠤᠷ ᠳᠣᠪᠲᠣᠯᠬᠤ ᠰᠠᠯᠪᠠᠷ ᠮᠡᠲᠦ ᠠᠭᠤᠷ ᠢᠶᠠᠨ ᠳᠠᠷᠤᠨ ᠶᠠᠳᠠᠬᠤ ᠠᠷᠰᠯᠠᠨ ᠮᠡᠲᠦ ᠠᠮᠢᠳᠤ ᠶᠢ ᠵᠠᠯᠭᠢᠬᠤ ᠮᠠᠩᠭᠤᠰ ᠮᠡᠲᠦ ᠰᠡᠭᠦᠳᠡᠷ ᠲᠦᠷ ᠢᠶᠡᠨ ᠳᠣᠪᠲᠣᠯᠬᠤ ᠱᠣᠩᠬᠣᠷ ᠮᠡᠲᠦ ᠰᠡᠮ ᠢᠶᠡᠷ ᠵᠠᠯᠭᠢᠬᠤ ᠴᠤᠷᠠᠬ᠎ᠠ ᠮᠡᠲᠦ ᠪᠣᠲᠠᠭᠠᠨ ᠢᠶᠠᠨ ᠪᠤᠷᠭᠢᠨ ᠬᠠᠵᠠᠬᠤ ᠪᠤᠭᠤᠷᠠ ᠮᠡᠲᠦ ᠪᠣᠷᠣᠭᠠᠨ ᠡᠳᠦᠷ ᠳᠣᠪᠲᠣᠯᠬᠤ ᠴᠢᠨᠣ᠎ᠠ ᠮᠡᠲᠦ ᠵᠤᠯᠵᠠᠭᠠᠨ ᠢᠶᠠᠨ ᠭᠡᠯᠢᠨ ᠶᠠᠳᠠᠵᠤ ᠢᠳᠡᠬᠦ ᠠᠩᠭᠢᠷ ᠮᠡᠲᠦ ᠬᠡᠪᠲᠡᠰᠢ ᠶᠦᠭᠡᠨ ᠬᠥᠨᠳᠡᠪᠡᠰᠦ ᠥᠮᠥᠭᠡᠷᠬᠦ ᠴᠥᠭᠥᠪᠦᠷᠢ ᠮᠡᠲᠦ ᠪᠠᠷᠢᠵᠤ ᠦᠯᠦ ᠰᠠᠭᠠᠷᠠᠬᠤ ᠪᠠᠷᠰ ᠮᠡᠲᠦ ᠪᠠᠯᠠᠮᠠᠳ ᠳᠣᠪᠲᠣᠯᠬᠤ ᠪᠠᠷᠤᠬ ᠮᠡᠲᠦ ᠪᠠᠷᠠᠮ᠎ᠠ ᠡᠯᠡ ᠲᠠ ᠰᠡᠭᠦᠳᠡᠷ ᠡᠴᠡ ᠪᠤᠰᠤ ᠨᠥᠬᠥᠷ ᠦᠭᠡᠢ ᠰᠡᠭᠦᠯ ᠡᠴᠡ ᠪᠤᠰᠤ ᠴᠥᠴᠢᠭᠡ ᠦᠭᠡᠢ ᠲᠠᠶᠢᠴᠢᠭᠤᠳ ᠠᠬ᠎ᠠ ᠳᠡᠭᠦᠦ ᠶᠢᠨ ᠭᠠᠰᠢᠭᠤᠨ ᠳᠠᠭᠤᠰ ᠤᠨ ᠶᠠᠳᠠᠨ ᠪᠦᠬᠦᠢ ᠲᠦᠷ ᠬᠡᠷ ᠠᠶ᠎ᠠ ᠬᠡᠮᠡᠵᠦ ᠡᠶᠢᠨ ᠬᠢᠯᠳᠦᠨ ᠪᠤᠢ ᠬᠢᠮᠦᠢ ᠲᠠ ᠬᠡᠮᠡᠨ ᠬᠥᠪᠡᠭᠦᠳ ᠢᠶᠡᠨ ᠥᠲᠡᠭᠡᠰ ᠦᠭᠡ ᠦᠷᠢᠶᠡᠳᠬᠦᠨ ᠬᠠᠭᠤᠴᠢᠨ ᠦᠭᠡᠰ ᠬᠠᠳᠠᠭᠤᠯᠤᠨ ᠮᠠᠰᠢ ᠮᠠᠭᠤᠶᠢᠯᠠᠨ ᠥᠭᠦᠯᠡᠪᠡ ᠲᠡᠳᠦᠢ ᠠᠲᠠᠯᠠ ᠲᠠᠶᠢᠴᠢᠭᠤᠳ ᠤᠨ ᠲᠠᠷᠭᠤᠲᠠᠢ ᠬᠢᠷᠠᠯᠲᠤᠭ ᠲᠣᠷᠭᠠᠭ ᠤᠳ ᠢᠶᠠᠨ ᠤᠳᠤᠷᠢᠳᠴᠤ ᠢᠷᠡᠵᠦ ᠬᠣᠯᠠᠬᠤᠨ ᠬᠣᠵᠢᠵᠢ ᠰᠢᠯᠦᠭᠡᠨ ᠰᠢᠪᠡᠷᠵᠢᠬᠦ ᠢᠷᠡᠵᠦᠬᠦᠢ ᠲᠡᠳᠦᠢ ᠠᠶᠤᠵᠤ ᠥᠭᠡᠯᠡᠨ ᠦᠵᠢᠨ ᠡᠬᠡ ᠬᠥᠪᠡᠭᠦᠳ ᠠᠬ ᠠ ᠨᠠᠷ ᠳᠡᠭᠦᠦ ᠨᠡᠷ ᠣᠨᠠᠨ ᠤ ᠰᠢᠭᠤᠢ ᠣᠢ ᠲᠤᠷ ᠰᠢᠷᠭᠤᠯᠠᠵᠤ ᠪᠡᠯᠭᠡᠲᠡᠢ ᠮᠣᠳᠤᠨ ᠬᠤᠭᠤᠷ᠎ᠠ ᠲᠠᠲᠠᠯᠠᠵᠤ ᠰᠢᠪᠡᠭᠡ ᠬᠦᠷᠢᠶ᠎ᠡ ᠪᠠᠷᠢᠪᠠ ᠬᠠᠰᠠᠷ ᠬᠠᠷᠪᠤᠯᠠᠯᠳᠤᠵᠤ ᠬᠠᠴᠤᠭᠤᠨ
minu qaγal=un γarur=un qara čisun γar=tur=iyan adqun törögsen bölüge # qarbisu=ban qajiqu noqai metü qadan=tur dobtolqu salbar metü aγur=iyan darun yadaqu arslan metü amidu=yi jalgiqu mangγus metü # següder=tür=iyen dobtolqu šongqor metü sem=iyer jalgiqu čuraq=a metü botaγan=iyan burgin qajaqu buγura metü boroγan edür dobtolqu čino=a metü # juljaγan=iyan gelin yadaju idekü anggir metü kebtesi=yügen köndebesü ömögerkü čögöbüri metü bariju ülü saγaraqu bars metü balamad dobtolqu baruq metü baram=a ele ta # següder=eče busu nökör ügei segül=eče busu čöčige ügei Tayičiγud aq=a degüü=yin γasiγun daγus=un yadan büküi=tür ker ay=a kemejü eyin kildün bui (kimüi) ta kemen köbegüd=iyen öteges üge üriyedkün qaγučin üges qadaγulun masi maγuyilan ögülebe tedüi atala Tayičiγud=un Tarγutai , Kiraltuγ , Torγaγ=ud=iyan uduridču irejü qolaqun , qojiji , silügen , siberjikü irejüküi tedüi ayuju Ögelen-Üjin eke köbegüd aq=a=nar degüü=ner Onan=u siγui oi=tur sirγulaju Belgetei modun quγur=a tatalaju sibege (küriy=e) bariba Qasar qarbulalduju Qačuγun
18b
ᠲᠡᠮᠦᠭᠡ ᠲᠡᠮᠦᠯᠦᠨ ᠭᠤᠷᠪᠠᠨ ᠢ ᠵᠢᠪᠡ ᠵᠠᠭᠤᠷᠠ ᠳᠦᠷᠦᠵᠦ ᠪᠤᠯᠬᠠᠯᠳᠤᠨ ᠳᠠᠶᠢᠯᠠᠨ ᠪᠦᠬᠦᠢ ᠳᠦᠷ ᠲᠠᠶᠢᠴᠢᠭᠤᠳ ᠳᠠᠭᠤᠳᠠᠵᠤ ᠥᠭᠦᠯᠡᠷ ᠦᠨ ᠠᠬ ᠠ ᠶᠤᠭᠠᠨ ᠲᠦᠮᠦᠵᠢᠨ ᠢ ᠢᠯᠡᠭᠡ ᠪᠤᠰᠤᠳ ᠲᠠᠨ ᠤ ᠬᠡᠷᠡᠭ ᠦᠭᠡᠢ ᠬᠡᠮᠡᠭᠳᠡᠵᠦ ᠲᠦᠮᠦᠵᠢᠨ ᠢ ᠮᠣᠷᠢᠯᠠᠭᠤᠯᠵᠤ ᠰᠡᠮ ᠢᠶᠡᠷ ᠪᠤᠷᠤᠭᠤᠳᠬᠠᠨ ᠣᠢ ᠳᠤᠲᠠᠬᠤᠨ ᠢᠯᠡᠭᠡᠬᠦ ᠶᠢ ᠲᠠᠶᠢᠴᠢᠭᠤᠳ ᠦᠵᠡᠵᠦ ᠦᠯᠳᠡᠬᠦᠢ ᠲᠦᠷ ᠲᠡᠭᠦᠨ᠎ᠡ ᠥᠨᠳᠥᠷ ᠦᠨ ᠰᠢᠭᠤᠢ ᠲᠤᠷ ᠣᠷᠣᠪᠠᠰᠤ ᠲᠠᠶᠢᠴᠢᠭᠤᠳ ᠣᠷᠣᠨ ᠶᠠᠳᠠᠵᠤ ᠰᠢᠭᠤᠢ ᠣᠷᠴᠢᠨ᠎ᠠ ᠰᠠᠬᠢᠪᠠ ᠲᠦᠮᠦᠵᠢᠨ ᠰᠢᠭᠤᠢ ᠳᠣᠲᠣᠷᠠ ᠭᠤᠷᠪᠠᠨ ᠬᠣᠨᠣᠪᠠᠰᠤ ᠡᠳᠦᠭᠡ ᠭᠠᠷᠰᠤ ᠬᠡᠮᠡᠨ ᠮᠣᠷᠢᠨ ᠢᠶᠠᠨ ᠬᠥᠲᠡᠯᠵᠦ ᠠᠶᠢᠰᠤᠬᠤᠢᠢᠷᠡᠬᠦᠢ ᠲᠤᠷ ᠮᠣᠷᠢᠨ ᠠᠴᠠ ᠡᠮᠡᠭᠡᠯ ᠢᠨᠤ ᠮᠥᠯᠲᠥᠷᠢᠵᠦ ᠬᠣᠴᠣᠷᠴᠤᠬᠤ ᠬᠠᠷᠠᠵᠤ ᠦᠵᠡᠪᠡᠰᠦ ᠬᠥᠮᠥᠯᠳᠦᠷᠭᠡ ᠬᠥᠮᠥᠯᠳᠦᠷ ᠬᠡᠯᠡᠭᠰᠡᠪᠡᠷ ᠣᠯᠠᠩ ᠣᠯᠠᠩᠯᠠᠭᠰᠠᠪᠠᠷ ᠮᠥᠯᠲᠥᠷᠢᠵᠦ ᠬᠣᠴᠣᠷᠴᠤᠬᠤ ᠲᠡᠳᠦᠢ ᠳᠣᠲᠣᠷᠠᠪᠠᠨ ᠰᠡᠳᠬᠢᠷᠦᠨ ᠣᠯᠠᠩᠴᠢᠬᠢ ᠪᠠᠲᠤ ᠪᠣᠯᠲᠤᠭᠠᠢ ᠪᠣᠯᠪᠠᠰᠤ ᠬᠥᠮᠥᠯᠳᠦᠷᠭᠡ ᠬᠡᠷ ᠮᠥᠯᠲᠥᠷᠬᠦ ᠪᠥᠯᠦᠭᠡ ᠲᠩᠷᠢ ᠮᠢᠨᠤ ᠢᠳᠬᠠᠨ ᠠᠮᠤᠢ ᠤᠤ ᠬᠡᠮᠡᠨ ᠰᠡᠳᠬᠢᠵᠦ ᠡᠮᠡᠭᠡᠯ ᠢᠶᠡᠨ ᠲᠣᠬᠣᠭᠠᠳ ᠣᠷᠣᠵᠤ ᠪᠠᠰᠠ ᠭᠤᠷᠪᠠᠨ ᠬᠣᠨᠣᠪᠠ ᠪᠠᠰᠠ ᠭᠠᠷᠰᠤ ᠬᠡᠮᠡᠨ ᠠᠶᠢᠰᠤᠬᠤᠢ ᠲᠤᠷ ᠰᠢᠭᠤᠢ ᠶᠢᠨ ᠠᠮᠰᠠᠷ᠎ᠠ ᠬᠣᠰᠢᠯᠢᠭ ᠤᠨ ᠲᠡᠳᠦᠢ ᠴᠠᠭᠠᠨ ᠬᠦᠷᠦ ᠴᠢᠯᠠᠭᠤ ᠠᠮᠰᠠᠷ ᠢ ᠢᠨᠤ ᠪᠥᠭᠯᠡᠨ ᠲᠣᠰᠴᠤ ᠲᠩᠷᠢ ᠮᠢᠨᠤ ᠢᠳᠬᠠᠨ ᠠᠬᠤᠢ ᠤᠤ ᠬᠡᠮᠡᠨ ᠪᠠᠰᠠ ᠭᠤᠷᠪᠠᠨ ᠬᠣᠨᠣᠪᠠ ᠶᠡᠷᠦ ᠶᠢᠰᠦᠨ ᠬᠣᠨᠣᠭ ᠢᠳᠡᠭᠡᠨ ᠦᠭᠡᠢ ᠠᠵᠤ ᠨᠡᠷ᠎ᠡ ᠦᠭᠡᠢ ᠪᠡᠷ ᠬᠡᠷ ᠦᠬᠦᠬᠦ ᠪᠤᠢ ᠬᠡᠮᠡᠨ ᠭᠠᠷᠴᠤ ᠢᠷᠡᠵᠦ ᠲᠡᠷᠡ ᠬᠣᠰᠢᠯᠢᠭ ᠤᠨ ᠲᠡᠳᠦᠢ ᠴᠠᠭᠠᠨ ᠬᠦᠷᠦᠴᠢᠯᠠᠭᠤ ᠶᠢᠨ ᠣᠷᠴᠢᠨ ᠪᠦᠬᠦ ᠬᠠᠷᠪᠠᠰᠤ ᠦᠯᠦ ᠪᠣᠯᠬᠤ ᠮᠣᠳᠤᠨ ᠢ ᠰᠤᠮᠤᠴᠢ ᠬᠢᠲᠤᠭ ᠠ ᠪᠠᠷ ᠣᠭᠲᠠᠴᠢᠵᠤ
Temüge , Temülün γurban=i jibe jaγura dürüjü bulqaldun (dayilan) büküi=dür Tayičiγud daγudaju ögüler=ün aq=a=yuγan Tümüjin=i ilege busud tan=u kereg ügei kemegdejü Tümüjin=i morilaγulju sem=iyer buruγudqan oi dutaqun ilegekü=yi Tayičiγud üjejü üldeküi=tür tegün=e öndör=ün siγui=tur orobasu Tayičiγud oron yadaju siγui orčin=a sakiba Tümüjin siγui dotora γurban qonobasu (edüge) γarsu kemen morin=iyan köteljü ayisuqui(ireküi)=tur morin=ača emegel inu möltörijü qočorčuqu qaraju üjebesü kömöldürge kömöldür kelegseber olang olanglaγsabar möltörijü qočorčuqu tedüi dotoraban sedkirün olangčiki (batu) boltuγai (bolbasu) kömöldürge ker möltörkü bölüge == tngri minu idqan amui uu kemen sedkijü emegel=iyen toqoγad oroju basa γurban qonoba basa γarsu kemen ayisuqui=tur siγui=yin amsar=a qosiliγ=un tedüi čaγan kürü (čilaγu) amsar=i inu böglen tosču tngri minu idqan aqui uu kemen basa γurban qonoba yerü yisün qonoγ idegen ügei aju ner=e ügei=ber ker ükükü bui kemen γarču irejü tere qosiliγ=un tedüi čaγan kürü(čilaγu)=yin orčin bükü qarbasu ülü bolqu modun=i sumuči kituγ=a=bar oγtačiju
19a
ᠮᠣᠷᠢᠨ ᠢᠶᠠᠨ ᠬᠥᠲᠡᠯ ᠦᠨ ᠬᠠᠯᠲᠤᠷᠢᠭᠤᠯᠤᠭᠠᠳ ᠭᠠᠷᠬᠤᠢ ᠯᠤᠭ᠎ᠠ ᠲᠠᠶᠢᠴᠢᠭᠤᠳ ᠰᠠᠬᠢᠵᠤ ᠰᠠᠭᠤᠨ ᠠᠵᠤᠬᠤ ᠪᠠᠷᠢᠵᠤ ᠠᠪᠤᠭᠠᠳ ᠣᠳᠴᠤ ᠲᠠᠷᠭᠤᠲᠠᠢ ᠬᠢᠷᠠᠯᠲᠤᠭ ᠲᠠᠨ ᠤᠯᠤᠰ ᠢᠷᠭᠡᠨ ᠲᠦᠷ ᠢᠶᠡᠨ ᠬᠦᠷᠴᠦ ᠵᠠᠰᠠᠭ ᠥᠭᠦᠯᠡᠯᠳᠡᠵᠦ ᠲᠦᠮᠦᠵᠢᠨ ᠢ ᠠᠶᠢᠯ ᠲᠤᠲᠤᠮ ᠲᠤᠷ ᠢᠶᠠᠨ ᠨᠢᠵᠡᠭᠡᠳ ᠬᠣᠨᠣᠭᠤᠯᠵᠤ ᠪᠡᠳᠦᠭᠦᠯᠦᠨ ᠬᠡᠰᠦᠨ ᠶᠠᠪᠤᠬᠤᠢ ᠲᠤᠷ ᠵᠤᠨ ᠤ ᠲᠡᠷᠢᠭᠦᠨ ᠰᠠᠷᠠᠶᠢᠨ ᠠᠷᠪᠠᠨ ᠵᠢᠷᠭᠤᠭᠠᠨ᠎ᠠ ᠤᠯᠠᠭᠠᠨ ᠲᠡᠷᠭᠡᠯ ᠡᠳᠦᠷ ᠲᠠᠶᠢᠴᠢᠭᠤᠳ ᠣᠨᠠᠨ ᠤ ᠡᠷᠭᠢ ᠳᠡᠭᠡᠷᠡ ᠬᠤᠷᠢᠮᠯᠠᠯᠳᠤᠵᠤ ᠨᠠᠷᠠᠨ ᠰᠢᠩᠭᠡᠪᠡᠰᠦ ᠡᠯᠡ ᠲᠠᠷᠬᠠᠪᠠᠢ ᠲᠡᠨᠳᠡ ᠲᠦᠮᠦᠵᠢᠨ ᠢ ᠲᠡᠷᠡ ᠬᠤᠷᠢᠮ ᠲᠤᠷ ᠬᠢᠯᠪᠠᠷᠠ ᠬᠡᠦᠬᠡᠳ ᠬᠦᠮᠦᠨ ᠢᠶᠡᠷ ᠰᠠᠬᠢᠭᠤᠯᠵᠤ ᠪᠥᠯᠦᠭᠡ ᠬᠤᠷᠢᠮ ᠤᠨ ᠨᠠᠷᠢᠨᠠᠷᠠᠨ ᠢ ᠲᠠᠷᠬᠠᠭᠤᠯᠤᠭᠠᠳ ᠲᠡᠷᠡ ᠬᠢᠯᠪᠠᠷ᠎ᠠ ᠬᠡᠦᠬᠡᠳ ᠬᠦᠮᠦᠨ ᠢ ᠭᠢᠨᠵᠢ ᠪᠠᠬᠤ ᠪᠠᠷ ᠢᠶᠠᠨ ᠡᠬᠢᠨ ᠢ ᠢᠨᠤ ᠳᠡᠯᠡᠳᠦᠭᠡᠳ ᠭᠦᠶᠢᠵᠦ ᠣᠨᠠᠨ ᠤ ᠲᠦᠨᠰᠢᠭᠤᠢ ᠲᠦᠷ ᠣᠷᠣᠪᠠᠢ ᠣᠷᠣᠵᠤ ᠬᠡᠪᠲᠡᠵᠦ ᠦᠵᠡᠭᠳᠡᠬᠦᠢ ᠡᠴᠡ ᠠᠶᠤᠵᠤ ᠤᠰᠤᠨ ᠤ ᠬᠠᠷᠭᠢ ᠳᠤᠷ ᠭᠡᠳᠡᠷᠭᠦ ᠬᠡᠪᠲᠡᠵᠦ ᠪᠠᠬᠤ ᠪᠠᠨ ᠤᠰᠤᠨ ᠤᠷᠤᠭᠤ ᠤᠷᠤᠰᠭᠠᠵᠤ ᠨᠢᠭᠤᠷ ᠢᠶᠠᠨ ᠢᠯᠡ ᠬᠡᠪᠲᠡᠪᠡ ᠲᠡᠷᠡ ᠠᠯᠳᠠᠭᠰᠠᠨ ᠬᠦᠮᠦᠨ ᠶᠡᠬᠡ ᠳᠠᠭᠤ ᠪᠠᠷ ᠭᠢᠨᠵᠢᠲᠦ ᠪᠠᠷᠢᠶ ᠠ ᠲᠤ ᠬᠦᠮᠦᠨ ᠢ ᠠᠯᠳᠠᠪᠠ ᠬᠡᠮᠡᠨ ᠬᠠᠶᠢᠯᠠᠬᠤᠢ ᠲᠤᠷ ᠲᠠᠷᠬᠠᠭᠰᠠᠨ ᠲᠠᠶᠢᠴᠢᠭᠤᠳ ᠬᠤᠷᠠᠵᠤ ᠢᠷᠡᠵᠦ ᠡᠳᠦᠷ ᠮᠡᠲᠦ ᠰᠠᠷᠠᠭᠤᠷ᠎ᠠ ᠣᠨᠠᠨ ᠤ ᠲᠦᠨ ᠢ ᠪᠡᠳᠡᠷᠢᠪᠡᠢ ᠰᠢᠭᠤᠢ ᠶᠢ ᠲᠡᠮᠡᠴᠡᠪᠡᠢ ᠪᠡᠳᠡᠷᠢᠪᠡᠰᠦ ᠡᠷᠢᠪᠡᠰᠦ ᠤᠰᠤᠨ ᠤ ᠬᠠᠷᠭᠢ ᠲᠤᠷ ᠭᠡᠳᠡᠷᠭᠦ ᠬᠡᠪᠲᠡᠵᠦ ᠪᠦᠬᠦᠢ ᠲᠦᠷ ᠰᠦᠯᠳᠦᠲᠡᠢ ᠶᠢᠨ ᠲᠣᠷᠬᠠᠨ ᠰᠢᠷᠠ ᠵᠥᠪ ᠲᠠᠭᠠᠷᠢᠵᠤ ᠦᠵᠡᠵᠦ ᠥᠭᠦᠯᠡᠷᠦᠨ ᠤᠰᠤᠨ᠎ᠠ ᠴᠢᠯᠮᠠᠢ ᠦᠭᠡᠢ ᠣᠭᠲᠠᠷᠭᠤᠢ᠎ᠠ ᠮᠥᠷ ᠦᠭᠡᠢ ᠬᠠᠮᠢᠭᠠᠰᠢ ᠣᠳᠪᠠᠢ ᠬᠡᠮᠡᠭᠡᠳ ᠠᠬ᠎ᠠ ᠳᠡᠭᠦᠦ ᠴᠢᠨ ᠤ ᠰᠢᠳᠦᠨ ᠠᠮᠠᠨ ᠪᠢᠯᠡᠭᠦᠳᠦᠵᠦ ᠠᠶᠢᠰᠤᠢ
morin=iyan kötel=ün qalturiγuluγad γarqui=luγ=a Tayičiγud sakiju saγun ajuqu bariju abuγad odču Tarγutai-Kiraltuγ=tan ulus irgen=tür=iyen kürčü jasaγ ögüleldejü Tümüjin=i ayil tutum=tur=iyan nijeged qonoγulju bedügülün (kesün) yabuqui=tur jun=u terigün sarayin arban jirγuγan=a ulaγan tergel edür Tayičiγud Onan=u ergi degere qurimlalduju naran singgebesü ele tarqabai tende Tümüjin=i tere qurim=tur kilbara keüked kümün=iyer sakiγulju bölüge qurim=un narin<aran>=i tarqaγuluγad tere kilbar=a keüked kümün=i ginji baqu=bar=iyan ekin=i inu deledüged güyijü Onan=u tün(siγui)=tür orobai oroju kebtejü üjegdeküi=eče ayuju usun=u qargi=dur gedergü kebtejü baqu=ban usun uruγu urusγaju niγur=iyan ile kebtebe tere aldaγsan kümün yeke daγu=bar (ginjitü) bariy=a=tu kümün=i aldaba kemen qayilaqui=tur tarqaγsan Tayičiγud quraju irejü edür metü saraγur=a Onan=u tün=i bederibei (siγui=yi temečebei) bederibesü (eribesü) usun=u qargi=tur gedergü kebtejü büküi=tür Süldütei=yin Torqan-Sira jöb taγariju üjejü ögülerün usun=a čilmai ügei oγtarγui=a mör ügei qamiγasi odbai kemeged aq=a degüü čin=u sidün aman bilegüdüjü ayisui
19b
ᠵᠥᠪ ᠡᠯᠡ ᠬᠡᠪᠲᠡᠵᠦᠬᠦᠢ ᠡᠶᠢᠮᠦ ᠠᠷᠭ ᠠ ᠲᠤ ᠶᠢᠨ ᠲᠤᠯᠠ ᠨᠢᠳᠦᠨ ᠲᠦᠷ ᠢᠶᠡᠨ ᠭᠠᠯ ᠲᠤ ᠨᠢᠭᠤᠷ ᠲᠤᠷ ᠢᠶᠠᠨ ᠭᠡᠷ ᠡ ᠲᠦ ᠪᠤᠢ ᠬᠡᠮᠡᠨ ᠢᠳᠬᠠᠨ ᠠᠵᠤᠬᠤ ᠴᠢ ᠲᠡᠶᠢᠨ ᠬᠦ ᠬᠡᠪᠲᠡ ᠪᠢ ᠦᠯᠦ ᠵᠢᠭᠠᠵᠤ ᠥᠭᠬᠦ ᠬᠡᠮᠡᠨ ᠨᠥᠬᠴᠢᠪᠡ ᠥᠩᠭᠡᠷᠡᠭᠦᠯᠪᠡ ᠲᠠᠶᠢᠴᠢᠭᠤᠳ ᠪᠡᠳᠡᠷᠢᠪᠡᠰᠦ ᠡᠷᠢᠪᠡᠰᠦ ᠪᠡᠳᠡᠷᠢᠵᠦ ᠡᠷᠢᠵᠦ ᠶᠠᠳᠠᠵᠤ ᠬᠠᠷᠢᠵᠤ ᠮᠥᠨ ᠮᠥᠷ ᠢᠶᠡᠷ ᠬᠠᠷᠢᠨ ᠪᠡᠳᠡᠷᠡᠶ᠎ᠡ ᠡᠷᠢᠶ᠎ᠡ ᠬᠡᠮᠡᠯᠳᠦᠵᠦ ᠮᠥᠷ ᠢᠶᠡᠷ ᠬᠠᠷᠢᠨ ᠪᠡᠳᠡᠷᠢᠵᠦ ᠡᠷᠢᠵᠦ ᠠᠶᠢᠰᠤᠬᠤᠢᠢᠷᠡᠬᠦᠢ ᠲᠤᠷ ᠪᠠᠰᠠ ᠲᠣᠷᠭᠠᠨ ᠰᠢᠷᠠ ᠥᠭᠦᠯᠡᠷᠦᠨ ᠲᠠᠶᠢᠴᠢᠭᠤᠳ ᠨᠣᠶᠠᠳ ᠪᠢᠳᠠ ᠭᠡᠭᠡᠨ ᠴᠠᠭᠠᠨ ᠡᠳᠦᠷ ᠢᠶᠡᠷ ᠬᠥᠪᠴᠢᠨ ᠬᠦᠮᠦᠨ ᠢ ᠠᠯᠳᠠᠪᠠ ᠬᠠᠷᠠᠩᠭᠤᠢ ᠱᠥᠨᠢ ᠬᠡᠷ ᠣᠯᠬᠤ ᠮᠥᠳ ᠢᠶᠡᠷ ᠢᠶᠡᠨ ᠶᠠᠪᠤᠭᠠᠳ ᠭᠠᠵᠠᠳ ᠢᠶᠠᠨ ᠶᠡᠭᠦᠳᠬᠡᠨ ᠪᠡᠳᠡᠷᠢᠵᠦ ᠡᠷᠢᠵᠦ ᠲᠠᠷᠬᠠᠵᠤ ᠮᠠᠨᠠᠭᠠᠷ ᠡᠳᠦᠷ ᠴᠢᠭᠤᠯᠤᠨ ᠪᠡᠳᠡᠷᠢᠪᠡᠰᠦ ᠡᠷᠢᠪᠡᠰᠦ ᠬᠠᠮᠢᠭ᠎ᠠ ᠣᠳᠬᠤ ᠬᠡᠮᠡᠭᠳᠡᠵᠦ ᠲᠡᠶᠢᠨ ᠪᠣᠯᠲᠤᠭᠠᠢ ᠬᠡᠮᠡᠯᠳᠦᠵᠦ ᠲᠡᠶᠢᠨ ᠪᠡᠳᠡᠷᠢᠬᠦᠢ ᠲᠦᠷ ᠲᠣᠷᠭᠠᠨ ᠰᠢᠷᠠ ᠲᠠᠭᠠᠷᠢᠵᠤ ᠥᠭᠦᠯᠡᠷᠦᠨ ᠡᠳᠦᠷ ᠪᠡᠳᠡᠷᠢᠭᠡᠳ ᠲᠠᠷᠬᠠᠵᠤ ᠮᠠᠨᠠᠭᠠᠷ ᠪᠡᠳᠡᠷᠢᠶ᠎ᠡ ᠬᠡᠮᠡᠯᠳᠦᠵᠦ ᠲᠠᠷᠬᠠᠪᠠ ᠨᠠᠮᠠᠶᠢ ᠦᠵᠡ ᠯᠦᠭᠡ ᠬᠡᠮᠡᠨ ᠬᠦᠮᠦᠨ᠎ᠡ ᠪᠦᠦ ᠥᠭᠦᠯᠡ ᠡᠳᠦᠭᠡ ᠮᠠᠨ ᠢ ᠲᠠᠷᠬᠠᠭᠤᠯᠤᠭᠠᠳ ᠡᠬᠡ ᠳᠡᠭᠦᠦ ᠨᠡᠷ ᠢᠶᠡᠨ ᠡᠷᠢᠨ ᠣᠳ ᠬᠡᠮᠡᠨ ᠥᠭᠦᠯᠡᠵᠦ ᠬᠠᠷᠢᠪᠠᠢ ᠲᠡᠳᠡᠨ ᠢ ᠲᠠᠷᠬᠠᠭᠤᠯᠤᠭᠠᠳ ᠳᠣᠲᠣᠷᠠ ᠪᠠᠨ ᠰᠡᠳᠬᠢᠷ ᠦᠨ ᠥᠴᠦᠬᠡᠨ ᠠᠶᠢᠯ ᠪᠢᠳᠡᠭᠦᠯᠦᠨ ᠬᠡᠰᠦᠨ ᠠᠰᠠᠷᠠᠬᠤᠢᠲᠡᠵᠢᠶᠡᠬᠦᠢ ᠲᠤᠷ ᠲᠣᠷᠭᠠᠨ ᠰᠢᠷᠠ ᠶᠢᠨ ᠭᠡᠷ ᠲᠦᠷ ᠬᠣᠨᠣᠪᠠᠰᠤ ᠴᠢᠮᠪᠠᠢ ᠴᠢᠯᠠᠭᠤᠨ ᠬᠣᠶᠠᠷ ᠬᠥᠪᠡᠭᠦᠨ ᠠᠨᠤ ᠥᠷᠥ ᠵᠢᠷᠦᠬᠡ ᠪᠡᠨ ᠡᠪᠡᠳᠴᠦ ᠱᠥᠨᠢ ᠭᠢᠨᠵᠢ ᠪᠠᠬᠤᠬᠤ ᠶᠢ ᠮᠢᠨᠤ ᠰᠤᠯᠠᠳᠬᠠᠵᠤ ᠬᠣᠨᠣᠭᠤᠯᠤᠮ ᠪᠥᠯᠦᠭᠡ ᠡᠳᠦᠭᠡ ᠪᠠᠰᠠ ᠲᠣᠷᠭᠠᠨ ᠰᠢᠷᠠ ᠨᠠᠮᠠᠶᠢ ᠦᠵᠡᠵᠦ ᠦᠯᠦ ᠵᠢᠭᠠᠨ ᠵᠣᠷᠴᠢᠪᠠ ᠣᠳᠪᠠ
jöb ele kebtejüküi eyimü arγ=a=tu=yin tula nidün=tür=iyen γal=tu niγur=tur=iyan ger=e=tü bui kemen idqan ajuqu či teyin kü kebte bi ülü jiγaju ögkü kemen nökčibe (önggeregülbe) Tayičiγud bederibesü (eribesü) bederijü (erijü) yadaju qariju mön mör=iyer qarin bederey=e (eriy=e) kemeldüjü mör=iyer qarin bederijü (erijü) ayisuqui(ireküi)=tur basa Torγan-Sira ögülerün Tayičiγud noyad bida gegen čaγan edür=iyer köbčin kümün=i aldaba qarangγui šöni ker olqu möd=iyer=iyen yabuγad γajad=iyan yegüdken bederijü (erijü) tarqaju manaγar edür čiγulun bederibesü (eribesü) qamiγ=a odqu kemegdejü teyin boltuγai kemeldüjü teyin bederiküi=tür Torγan-Sira taγariju ögülerün edür bederiged tarqaju manaγar bederiy=e kemeldüjü tarqaba namayi üje=lüge kemen kümün=e büü ögüle edüge man=i tarqaγuluγad eke degüü=ner=iyen erin od kemen ögülejü qaribai teden=i tarqaγuluγad dotora=ban sedkir=ün öčüken ayil bidegülün (kesün) asaraqui(tejiyeküi)=tur Torγan-Sira=yin ger=tür qonobasu Čimbai , Čilaγun , qoyar köbegün anu örö jirüke=ben ebedčü šöni ginji baququ=yi minu suladqaju qonoγulum bölüge edüge basa Torγan-Sira namayi üjejü ülü jiγan jorčiba (odba)
20a
ᠮᠢᠨᠤ ᠠᠮᠢᠨ ᠢ ᠮᠥᠨ ᠬᠦ ᠲᠡᠳᠡ ᠠᠪᠤᠷᠮᠤᠶᠤ ᠬᠡᠮᠡᠨ ᠲᠣᠷᠬᠠᠨ ᠰᠢᠷᠠ ᠶᠢᠨ ᠭᠡᠷ ᠢ ᠡᠷᠢᠨ ᠣᠨᠠᠨ ᠮᠥᠷᠡᠨ ᠥᠭᠡᠳᠡ ᠵᠣᠷᠴᠢᠪᠠᠢ ᠭᠡᠷ ᠦᠨ ᠪᠡᠯᠭᠡ ᠢᠨᠤ ᠭᠡᠭᠦᠨ ᠦ ᠰᠦᠨ ᠲᠦᠰᠦᠷᠦᠭᠰᠡᠨ ᠦᠰᠦᠭᠠᠶᠢᠷᠠᠭ ᠢᠶᠡᠨ ᠱᠥᠨᠢ ᠳᠥᠯᠢ ᠪᠣᠯᠲᠠᠯᠠ ᠪᠦᠯᠢᠬᠦ ᠪᠥᠯᠦᠭᠡ ᠲᠡᠷᠡ ᠪᠡᠯᠭᠡ ᠪᠡᠷ ᠪᠠᠶᠢᠨ ᠪᠠᠶᠢᠨ ᠰᠣᠨᠣᠰᠴᠤ ᠪᠣᠯᠭᠤᠭᠠᠳ ᠬᠦᠷᠴᠦ ᠭᠡᠷ ᠲᠦᠷ ᠢᠨᠤ ᠣᠷᠣᠬᠤᠢ ᠯᠤᠭ᠎ᠠ ᠲᠣᠷᠭᠠᠨ ᠰᠢᠷᠠ ᠥᠭᠦᠯᠡᠷ ᠦᠨ ᠡᠬᠡ ᠳᠡᠭᠦᠦ ᠨᠡᠷ ᠢᠶᠡᠨ ᠡᠷᠢᠨ ᠣᠳ ᠡᠰᠡ ᠬᠡᠯᠡᠭᠰᠡᠨ ᠪᠤᠶᠤ ᠡᠰᠡᠬᠦ ᠬᠡᠮᠡᠯᠦᠭᠡᠢ ᠦᠦ ᠡᠰᠡ ᠬᠡᠯᠡᠭᠰᠡᠨ ᠪᠤᠶᠤ ᠡᠨᠳᠡ ᠶᠠᠬᠢᠨ ᠢᠷᠡᠪᠡ ᠬᠡᠮᠡᠪᠡᠰᠦ ᠴᠢᠮᠪᠠᠢ ᠴᠢᠯᠠᠭᠤᠨ ᠬᠣᠶᠠᠷ ᠬᠥᠪᠡᠭᠦᠨ ᠢᠨᠤ ᠥᠭᠦᠯᠡᠷᠦᠨ ᠰᠢᠪᠠᠭᠤᠭᠠᠨ ᠳᠣᠷᠣᠬᠤᠨ᠎ᠠ ᠳᠣᠷᠣᠮᠲᠠᠶ᠎ᠠ ᠳᠣᠷᠣᠬᠤᠨ᠎ᠠ ᠦᠯᠳᠡᠭᠳᠡᠵᠦ ᠪᠤᠲᠠᠨ ᠲᠤᠷ ᠬᠣᠷᠭᠠᠯᠠᠪᠠᠰᠤ ᠪᠤᠲᠠᠪᠠᠷ ᠠᠪᠤᠷᠠᠶᠤ ᠰᠢᠯᠠᠭᠤᠳ ᠤᠨ ᠢᠷᠡᠭᠰᠡᠨ ᠬᠦᠮᠦᠨ ᠢ ᠶᠠᠬᠢᠨ ᠲᠡᠶᠢᠨ ᠬᠡᠮᠡᠮᠦ ᠴᠢ ᠬᠡᠮᠡᠭᠡᠳ ᠡᠴᠢᠭᠡ ᠶᠦᠭᠡᠨ ᠦᠯᠦ ᠲᠠᠭᠠᠯᠠᠨ ᠭᠢᠨᠵᠢ ᠪᠠᠬᠤᠬᠤ ᠶᠢ ᠠᠨᠤ ᠴᠤᠴᠠᠯᠵᠤ ᠭᠠᠯ ᠲᠤᠷ ᠲᠦᠯᠡᠵᠦ ᠬᠣᠶᠢᠲᠤ ᠤᠩᠭᠠᠰᠤᠲᠤ ᠬᠠᠷᠠ ᠲᠡᠷᠭᠡᠨ ᠲᠦᠷ ᠨᠢᠭᠤᠵᠤ ᠬᠦᠮᠦᠨ ᠲᠦᠷ ᠦᠯᠦ ᠬᠡᠯᠡᠨ ᠬᠠᠳᠠᠭᠠᠨ ᠨᠡᠷᠡᠲᠦ ᠥᠬᠢᠨ ᠳᠡᠭᠦᠦ ᠲᠦᠷ ᠢᠶᠡᠨ ᠠᠰᠠᠷᠠᠭᠤᠯᠪᠠ ᠭᠤᠲᠠᠭᠠᠷ ᠡᠳᠦᠷ ᠲᠠᠶᠢᠴᠢᠭᠤᠳ ᠢᠷᠡᠵᠦ ᠡᠨᠡ ᠪᠠᠬᠤᠬᠤ ᠲᠤ ᠬᠦᠮᠦᠨ ᠬᠠᠮᠢᠭ᠎ᠠ ᠣᠳᠬᠤ ᠪᠢᠳᠠ ᠵᠠᠭᠤᠷᠠ ᠪᠣᠯᠪᠠᠢ ᠵ᠎ᠠ ᠨᠥᠬᠥᠷ ᠵᠠᠭᠤᠷᠠ ᠪᠣᠯᠪᠠᠢ ᠵ᠎ᠠ ᠨᠥᠬᠥᠷ ᠵᠠᠭᠤᠷᠠ ᠪᠠᠨ ᠨᠡᠩᠵᠢᠯᠡᠯᠳᠦᠶ᠎ᠡ ᠬᠡᠮᠡᠵᠦ ᠠᠶᠢᠯ ᠪᠦᠷᠢ ᠨᠡᠩᠵᠢᠭᠰᠡᠭᠡᠷ ᠬᠦ ᠲᠣᠷᠬᠠᠨ ᠰᠢᠷᠠ ᠶᠢᠨ ᠭᠡᠷ ᠲᠡᠷᠭᠡᠨ ᠢᠰᠡᠷᠢ ᠶᠢᠨ ᠠᠯᠠᠮ ᠲᠤᠷ ᠬᠦᠷᠲᠡᠯᠡ ᠦᠵᠡᠵᠦ ᠡᠰᠡ ᠣᠯᠵᠤ ᠲᠡᠷᠡ ᠤᠩᠭᠠᠰᠤᠲᠤ ᠬᠠᠷᠠ ᠲᠡᠷᠭᠡᠨ ᠲᠦᠷ ᠣᠨᠣᠵᠤ ᠨᠡᠩᠵᠢᠵᠦ ᠠᠮᠰᠠᠷ᠎ᠠ ᠪᠦᠬᠦᠢ ᠤᠩᠭᠠᠰᠤᠨ ᠲᠠᠲᠠᠯᠠᠵᠤ ᠬᠥᠯ ᠲᠦᠷ ᠢᠨᠤ ᠬᠦᠷᠬᠦᠢ ᠲᠦᠷ
minu amin=i mön kü tede aburmuyu kemen Torqan-Sira=yin ger=i erin Onan-mören ögede jorčibai ger=ün belge inu gegün=ü sün tüsürügsen üsüg(ayiraγ)=iyen šöni döli boltala bülikü bölüge tere belge=ber bayin bayin sonosču bolγuγad kürčü ger=tür inu oroqui=luγ=a Torγan-Sira ögüler=ün eke degüü=ner=iyen erin od ese kelegsen buyu esekü kemelügei üü (ese kelegsen buyu) ende yakin irebe kemebesü Čimbai Čilaγun qoyar köbegün inu ögülerün sibaγuγan doroqun=a doromtay=a (doroqun=a) üldegdejü butan=tur qorγalabasu butabar aburayu silaγud=un iregsen kümün=i yakin teyin kememü či kemeged ečige=yügen ülü taγalan ginji baququ=yi anu čučalju γal=tur tülejü qoyitu ungγasutu qara tergen=tür niγuju kümün=tür ülü kelen Qadaγan neretü ökin degüü=tür=iyen asaraγulba γutaγar edür Tayičiγud irejü ene baququ=tu kümün qamiγ=a odqu bida jaγura bolbai j=a nökör jaγura bolbai j=a nökör jaγura=ban nengjileldüy=e kemejü ayil büri nengjigseger kü Torqan-Sira=yin ger tergen iseri=yin alam=tur kürtele üjejü ese olju tere ungγasutu qara tergen=tür onoju (nengjijü) amsar=a büküi ungγasun tatalaju köl=tür inu kürküi=tür
20b
ᠲᠣᠷᠬᠠᠨ ᠰᠢᠷᠠ ᠥᠭᠦᠯᠡᠷᠦᠨ ᠶᠡᠷᠦ ᠪᠠᠰᠠ ᠡᠶᠢᠮᠦ ᠬᠠᠯᠠᠭᠤᠨ᠎ᠠ ᠤᠩᠭᠠᠰᠤᠨ ᠳᠣᠲᠣᠷᠠ ᠬᠡᠪᠲᠡᠭᠰᠡᠨ ᠬᠦᠮᠦᠨ ᠬᠡᠷ ᠳᠠᠭᠤᠰᠬᠤ ᠠᠵᠤᠬᠤ ᠰᠡᠳᠬᠢᠯ ᠲᠦᠷ ᠢᠶᠡᠨ ᠠᠳᠠᠯᠢ ᠪᠣᠯᠲᠠᠯᠠ ᠡᠷᠢ ᠬᠡᠮᠡᠪᠡᠰᠦ ᠲᠡᠷᠡ ᠨᠡᠩᠵᠢᠭᠦᠯ ᠪᠠᠭᠤᠵᠤ ᠢᠷᠡᠪᠡ ᠲᠡᠷᠡ ᠨᠡᠩᠵᠢᠭᠦᠯ ᠢ ᠣᠳᠤᠭᠰᠠᠨ ᠤ ᠬᠣᠶᠢᠨᠠ ᠲᠣᠷᠬᠠᠨ ᠰᠢᠷᠠ ᠥᠭᠦᠯᠡᠷᠦᠨ ᠨᠠᠮᠠᠶᠢ ᠦᠨᠡᠰᠦ ᠪᠡᠷ ᠬᠡᠶᠢᠰᠭᠡᠨ ᠠᠯᠳᠠᠪᠠ ᠴᠢ ᠡᠳᠦᠭᠡ ᠪᠡᠷ ᠪᠥᠭᠡᠰᠦ ᠡᠬᠡ ᠳᠡᠭᠦᠦ ᠨᠡᠷ ᠢᠶᠡᠨ ᠡᠷᠢᠨ ᠣᠳ ᠬᠡᠮᠡᠵᠦ ᠠᠮᠠ ᠴᠠᠭᠠᠨ ᠡᠷᠮᠡᠭ ᠬᠤᠯᠠᠭᠴᠢᠨ ᠢ ᠤᠨᠤᠭᠤᠯᠵᠤ ᠲᠡᠯ ᠬᠣᠨᠢᠨ ᠡᠬᠡ ᠲᠦ ᠬᠤᠷᠠᠭ᠎ᠠ ᠪᠣᠯᠭᠠᠵᠤ ᠬᠥᠬᠥᠷ ᠨᠠᠮᠤᠭ᠎ᠠ ᠵᠠᠰᠠᠵᠤ ᠡᠮᠡᠭᠡᠯ ᠬᠡᠲᠡ ᠠᠨᠤ ᠥᠭᠭᠥᠨ ᠨᠢᠭᠡᠨ ᠨᠤᠮᠤ ᠬᠣᠶᠠᠷ ᠰᠤᠮᠤ ᠥᠭᠴᠦ ᠲᠠᠯᠪᠢᠵᠤ ᠢᠯᠡᠭᠡᠪᠡ ᠲᠦᠮᠦᠵᠢᠨ ᠲᠡᠷᠡ ᠣᠶᠢᠲᠤᠨ ᠣᠢ ᠰᠢᠭᠤᠢ ᠰᠢᠪᠡᠭᠡᠯᠡᠵᠦ ᠬᠣᠷᠭᠠᠯᠠᠭᠰᠠᠨ ᠭᠠᠵᠠᠷ ᠲᠤᠷ ᠢᠶᠠᠨ ᠬᠦᠷᠴᠦ ᠡᠪᠡᠰᠦᠨ ᠢ ᠨᠠᠯᠤᠷᠬᠠᠢ ᠪᠠᠷ ᠮᠥᠱᠬᠢᠵᠦ ᠣᠨᠠᠨ ᠮᠥᠷᠡᠨ ᠥᠭᠡᠳᠡ ᠮᠥᠱᠬᠢᠭᠡᠳ ᠥᠷᠥᠨᠡ ᠡᠴᠡ ᠬᠢᠮᠤᠷᠭ ᠠ ᠭᠣᠷᠣᠬᠠᠨ ᠣᠷᠣᠵᠤ ᠢᠷᠡᠨ ᠠᠵᠤᠬᠤ ᠲᠡᠷᠡ ᠥᠭᠡᠳᠡ ᠮᠥᠱᠬᠢᠭᠡᠳ ᠬᠢᠮᠤᠷᠭ ᠠ ᠭᠣᠷᠣᠬᠠᠨ ᠤ ᠪᠡᠳᠡᠷ ᠬᠣᠰᠢᠭᠤᠨ᠎ᠠ ᠬᠣᠷᠴᠠᠭᠤᠷ ᠪᠣᠯᠳᠠᠭ᠎ᠠ ᠪᠦᠬᠦᠢ ᠲᠦᠷ ᠵᠣᠯᠭᠠᠯᠳᠤᠪᠠ ᠲᠡᠨᠳᠡ ᠨᠡᠶᠢᠯᠡᠯᠳᠦᠵᠦ ᠲᠡᠨᠳᠡᠴᠡ ᠣᠳᠴᠤ ᠪᠤᠷᠬᠠᠨ ᠬᠠᠯᠳᠤᠨ ᠤ ᠡᠪᠦᠷ᠎ᠡ ᠬᠦᠷᠡᠯᠬᠦ ᠳᠣᠲᠣᠷᠠ ᠰᠡᠩᠭᠦᠷ ᠭᠣᠷᠣᠬᠠᠨ ᠤ ᠬᠠᠷᠠ ᠵᠢᠷᠦᠬᠡᠨ ᠦ ᠬᠥᠬᠡ ᠨᠠᠭᠤᠷ᠎ᠠ ᠨᠤᠲᠤᠭᠯᠠᠵᠤ ᠪᠦᠬᠦᠢ ᠲᠦᠷ ᠲᠠᠷᠪᠠᠭ᠎ᠠ ᠭᠦᠴᠦᠭᠦᠨ᠎ᠡ ᠠᠯᠠᠵᠤ ᠢᠳᠡᠨ ᠪᠥᠯᠦᠭᠡ ᠨᠢᠭᠡᠨ ᠡᠳᠦᠷ ᠰᠢᠷᠭ᠎ᠠ ᠠᠭᠲᠠ ᠨᠠᠢᠮᠠᠨ ᠮᠣᠷᠢᠳ ᠭᠡᠷ ᠦᠨ ᠳᠡᠷᠭᠡᠳᠡ ᠪᠠᠶᠢᠵᠤ ᠪᠦᠬᠦᠢ ᠲᠦᠷ ᠳᠡᠭᠡᠷᠡᠮᠴᠢᠨ ᠢᠷᠡᠵᠦ ᠦᠵᠡᠲᠡᠯᠡ ᠳᠡᠭᠡᠷᠡᠮᠳᠴᠦ ᠣᠳᠪᠠᠢ
Torqan-Sira ögülerün yerü basa eyimü qalaγun=a ungγasun dotora kebtegsen kümün ker daγusqu ajuqu sedkil=tür=iyen adali boltala eri kemebesü tere nengjigül baγuju irebe tere nengjigül=i oduγsan=u qoyina Torqan-Sira ögülerün namayi ünesü=ber keyisgen aldaba či edüge=ber bögesü eke degüü=ner=iyen erin od kemejü ama čaγan ermeg qulaγčin=i unuγulju tel (qonin) eke=tü quraγ=a bolγaju kökör namuγ=a jasaju emegel kete anu öggön nigen numu qoyar sumu ögčü talbiju ilegebe Tümüjin tere oyitun (oi siγui) sibegelejü qorγalaγsan γajar=tur=iyan kürčü ebesün=i nalurqai=bar möškijü Onan-mören ögede möškiged öröne=eče Kimurγ=a-γoroqan oroju iren ajuqu tere ögede möškiged Kimurγ=a-γoroqan=u Beder-qosiγun=a Qorčaγur-boldaγ=a büküi=tür jolγalduba tende neyileldüjü tendeče odču Burqan-Qaldun=u ebür=e Kürelkü dotora Senggür-γoroqan=u Qara-Jirüken=ü Köke-naγur=a nutuγlaju büküi=tür tarbaγ=a güčügün=e alaju iden bölüge nigen edür sirγ=a aγta naiman morid ger=ün dergede bayiju büküi=tür degeremčin irejü üjetele degeremdčü odbai
21a
ᠶᠠᠪᠠᠭᠠᠳ ᠢᠶᠠᠷ ᠦᠵᠡᠵᠦ ᠬᠣᠴᠣᠷᠪᠠᠢ ᠪᠡᠯᠭᠦᠲᠡᠢ ᠣᠭᠣᠲᠣᠷ ᠳᠠᠷᠬᠢ ᠬᠣᠩᠭᠣᠷ ᠢ ᠤᠨᠤᠵᠤ ᠲᠠᠷᠪᠠᠭ ᠠ ᠴᠢᠯᠠᠷ᠎ᠠ ᠣᠳᠤᠭᠰᠠᠨ ᠠᠵᠤᠬᠤ ᠦᠳᠡᠰᠢ ᠨᠠᠷᠠᠨ ᠰᠢᠩᠭᠡᠭᠰᠡᠨ ᠦ ᠬᠣᠶᠢᠨᠠ ᠪᠡᠯᠭᠦᠲᠡᠢ ᠳᠠᠷᠬᠢ ᠬᠣᠩᠭᠣᠷ ᠲᠤᠷ ᠲᠠᠷᠪᠠᠭ᠎ᠠ ᠠᠴᠢᠵᠤ ᠢᠰᠭᠠᠯᠠᠴᠢᠭᠤᠯ ᠤᠨ ᠶᠠᠪᠠᠭᠠᠨ ᠬᠥᠲᠡᠯᠵᠦ ᠢᠷᠡᠪᠡᠰᠦ ᠰᠢᠷᠭ᠎ᠠ ᠠᠭᠲᠠ ᠪᠢᠳᠠᠨ ᠢ ᠳᠡᠭᠡᠷᠮ᠎ᠡ ᠠᠪᠴᠤ ᠣᠳᠪᠠ ᠬᠡᠮᠡᠪᠡᠰᠦ ᠪᠡᠯᠭᠦᠲᠡᠢ ᠥᠭᠦᠯᠡᠷᠦᠨ ᠪᠢ ᠨᠡᠬᠡᠰᠦ ᠬᠡᠮᠡᠪᠡ ᠬᠠᠰᠠᠷ ᠥᠭᠦᠯᠡᠷᠦᠨ ᠴᠢ ᠦᠯᠦ ᠴᠢᠳᠠᠬᠤ ᠪᠢ ᠨᠡᠬᠡᠰᠦ ᠬᠡᠮᠡᠪᠡ ᠲᠦᠮᠦᠵᠢᠨ ᠥᠭᠦᠯᠡᠷ ᠦᠨ ᠲᠠ ᠬᠣᠶᠠᠷ ᠦᠯᠦ ᠴᠢᠳᠠᠬᠤ ᠪᠢ ᠨᠡᠬᠡᠰᠦ ᠬᠡᠮᠡᠵᠦ ᠳᠠᠷᠬᠢ ᠬᠣᠩᠭᠣᠷ ᠢ ᠤᠨᠤᠵᠤ ᠰᠢᠷᠭ᠎ᠠ ᠠᠭᠲᠠ ᠲᠠᠨ ᠢ ᠡᠪᠡᠰᠦᠨ ᠢ ᠨᠠᠯᠤᠷᠬᠠᠢ ᠪᠠᠷ ᠮᠥᠱᠬᠢᠵᠦ ᠭᠤᠷᠪᠠ ᠬᠣᠨᠣᠭ ᠶᠠᠪᠤᠵᠤ ᠮᠠᠨᠠᠭᠠᠷ ᠡᠷᠲᠡ ᠨᠢᠭᠡᠨ ᠣᠯᠠᠨ ᠰᠦᠷᠦᠭ ᠠᠳᠤᠭᠤᠨ ᠲᠤᠷ ᠨᠢᠭᠡᠨ ᠬᠡᠦᠬᠡᠳ ᠬᠦᠮᠦᠨ ᠭᠡᠭᠦᠨ ᠢ ᠰᠠᠭᠠᠨ ᠪᠦᠬᠦᠢ ᠲᠦᠷ ᠵᠣᠯᠭᠠᠵᠤ ᠰᠢᠷᠭ᠎ᠠ ᠠᠭᠲᠠ ᠲᠠᠨ ᠢ ᠰᠤᠷᠠᠪᠠᠰᠤ ᠲᠡᠷᠡ ᠬᠥᠪᠡᠭᠦᠨ ᠬᠦᠮᠦᠨ ᠥᠭᠦᠯᠡᠷ ᠦᠨ ᠡᠨᠡ ᠮᠠᠨᠠᠭᠠᠷ ᠡᠷᠲᠡ ᠨᠠᠷᠠᠨ ᠭᠠᠷᠬᠤᠢ ᠶᠢᠨ ᠤᠷᠢᠳᠠ ᠰᠢᠷᠭ᠎ᠠ ᠠᠭᠲᠠ ᠲᠠᠨ ᠨᠠᠢᠮᠠᠨ ᠮᠣᠷᠢᠳ ᠢ ᠡᠭᠦᠪᠡᠷ ᠦᠯᠳᠡᠵᠦ ᠵᠣᠷᠴᠢᠪᠠ ᠮᠥᠷ ᠢᠨᠤ ᠪᠢ ᠵᠢᠭᠠᠵᠤ ᠥᠭᠰᠦᠭᠡᠢ ᠬᠡᠮᠡᠭᠡᠳ ᠣᠭᠣᠲᠣᠷ ᠳᠠᠷᠬᠢ ᠬᠣᠩᠭᠣᠷ ᠢ ᠲᠠᠯᠪᠢᠭᠤᠯᠵᠤ ᠣᠷᠣᠭ ᠰᠢᠩᠬᠤᠯᠠ ᠶᠢ ᠲᠦᠮᠦᠵᠢᠨ᠎ᠡ ᠤᠨᠤᠭᠤᠯᠪᠠ ᠥᠪᠡᠷ ᠢᠶᠡᠨ ᠬᠤᠪᠠ ᠶᠤᠭᠠᠨ ᠤᠨᠤᠵᠤ ᠭᠡᠷ ᠲᠦᠷ ᠢᠶᠡᠨ ᠦᠯᠦ ᠣᠳᠤᠨ ᠡᠴᠢᠭᠡ ᠡᠬᠡ ᠲᠦᠷ ᠢᠶᠡᠨ ᠦᠯᠦ ᠥᠭᠦᠯᠡᠨ ᠨᠠᠮᠠᠭ᠎ᠠ ᠬᠣᠪᠣᠭ᠎ᠠ ᠰᠠᠭᠤᠯᠠᠭ ᠠ ᠪᠠᠨ ᠬᠡᠭᠡᠷ᠎ᠡ ᠲᠠᠯᠪᠢᠵᠤ ᠨᠥᠬᠥᠷ ᠴᠢ ᠮᠡᠩᠳᠡᠵᠦ ᠠᠶᠢᠰᠤᠢ ᠢᠷᠡᠭᠰᠡᠨ ᠠᠵᠤᠬᠤ ᠡᠷ ᠡ ᠶᠢᠨ
yabaγad=iyar üjejü qočorbai Belgütei oγotor darki qongγor=i unuju tarbaγ=a=čilar=a oduγsan ajuqu üdesi naran singgegsen=ü qoyina Belgütei darki qongγor=tur tarbaγ=a ačiju isγalačiγul=un yabaγan köteljü irebesü sirγ=a aγta bidan=i degerm=e abču odba kemebesü Belgütei ögülerün bi nekesü kemebe Qasar ögülerün či ülü čidaqu bi nekesü kemebe Tümüjin ögüler=ün ta qoyar ülü čidaqu bi nekesü kemejü darki qongγor=i unuju sirγ=a aγta=tan=i ebesün=i nalurqai=bar möškijü γurba qonoγ yabuju manaγar erte nigen olan sürüg aduγun=tur nigen keüked kümün gegün=i saγan büküi=tür jolγaju sirγ=a aγta=tan=i surabasu tere köbegün kümün ögüler=ün ene manaγar erte naran γarqui=yin urida sirγ=a aγta=tan naiman morid=i egüber üldejü jorčiba mör inu bi jiγaju ögsügei kemeged oγotor darki qongγor=i talbiγulju oroγ singqula=yi Tümüjin=e unuγulba öber=iyen quba=yuγan unuju ger=tür=iyen ülü odun ečige eke=tür=iyen ülü ögülen namaγ=a (qoboγ=a) saγulaγ=a=ban keger=e talbiju nökör či mengdejü ayisui (iregsen) ajuqu er=e=yin
21b
ᠡᠷᠢᠯ ᠡᠯᠡ ᠪᠥᠭᠡᠰᠦ ᠨᠢᠭᠡᠨ ᠪᠤᠢ ᠵ᠎ᠠ ᠪᠢ ᠴᠢᠮᠠᠳᠤᠷ ᠨᠥᠬᠥᠴᠡᠰᠦ ᠡᠴᠢᠭᠡ ᠮᠢᠨᠤ ᠨᠠᠬᠤ ᠪᠠᠶᠠᠨ ᠬᠡᠮᠡᠭᠳᠡᠮᠦ ᠪᠢ ᠭᠠᠭᠴᠠ ᠬᠥᠪᠡᠭᠦᠨ ᠢᠨᠤ ᠪᠣᠭᠣᠷᠴᠢ ᠨᠡᠷᠡᠲᠦ ᠪᠢ ᠬᠡᠮᠡᠭᠡᠳ ᠰᠢᠷᠭ᠎ᠠ ᠠᠭᠲᠠ ᠲᠠᠨ ᠢ ᠮᠥᠷ ᠢᠶᠡᠷ ᠮᠥᠱᠬᠢᠵᠦ ᠭᠤᠷᠪᠠᠨ ᠬᠣᠨᠣᠵᠤ ᠦᠳᠡᠰᠢ ᠨᠠᠷᠠᠨ ᠬᠤᠪᠠᠷ ᠳᠠᠯᠳᠠ ᠲᠠᠰᠢᠨ ᠪᠦᠬᠦᠢ ᠲᠦᠷ ᠨᠢᠭᠡᠨ ᠶᠡᠬᠡ ᠬᠦᠷᠢᠶ᠎ᠡ ᠢᠷᠭᠡᠨ ᠲᠦᠷ ᠬᠦᠷᠪᠡᠰᠦ ᠰᠢᠷᠭ᠎ᠠ ᠠᠭᠲᠠ ᠠᠨᠤ ᠲᠡᠷᠡ ᠬᠦᠷᠢᠶ ᠡ ᠦ ᠬᠢᠵᠠᠭᠠᠷ᠎ᠠ ᠡᠪᠡᠰᠦᠨ ᠢᠳᠡᠵᠦ ᠪᠠᠶᠢᠬᠤᠢ ᠶᠢ ᠦᠵᠡᠭᠡᠳ ᠲᠦᠮᠦᠵᠢᠨ ᠥᠭᠦᠯᠡᠷᠦᠨ ᠨᠥᠬᠥᠷ ᠴᠢ ᠡᠨᠳᠡ ᠪᠡᠷ ᠪᠠᠢ ᠰᠢᠷᠭ᠎ᠠ ᠠᠭᠲᠠ ᠮᠠᠨ ᠤ ᠲᠡᠷᠡ ᠪᠤᠢ ᠪᠢ ᠣᠷᠣᠵᠤ ᠦᠯᠳᠡᠵᠦ ᠭᠠᠷᠭᠠᠰᠤᠭᠠᠢ ᠬᠡᠮᠡᠪᠡᠰᠦ ᠪᠣᠭᠣᠷᠴᠢ ᠥᠭᠦᠯᠡᠷᠦᠨ ᠨᠥᠬᠥᠴᠡᠰᠦ ᠬᠡᠮᠡᠨ ᠢᠷᠡᠯᠦᠭᠡ ᠪᠢ ᠡᠳᠦᠭᠡ ᠡᠨᠳᠡ ᠶᠠᠬᠢᠨ ᠪᠠᠶᠢᠬᠤ ᠪᠢ ᠬᠡᠮᠡᠭᠡᠳ ᠬᠠᠮᠲᠤ ᠳᠣᠪᠲᠣᠯᠵᠤ ᠣᠷᠣᠭᠠᠳ ᠰᠢᠷᠭ᠎ᠠ ᠠᠭᠲᠠ ᠲᠠᠨ ᠢ ᠦᠯᠳᠡᠵᠦ ᠭᠠᠷᠪᠠᠢ ᠬᠣᠶᠢᠨᠠ ᠠᠴᠠ ᠢᠨᠤ ᠤᠪᠤᠷ ᠰᠤᠪᠤᠷ ᠤᠯᠠᠮ ᠰᠤᠯᠠᠮ ᠨᠡᠬᠡᠵᠦ ᠠᠶᠢᠰᠤᠨ ᠢᠷᠡᠨ ᠨᠢᠭᠡᠨ ᠰᠢᠩᠬᠤᠯᠠ ᠮᠣᠷᠢ ᠲᠤ ᠤᠯᠠᠭᠠᠨ ᠳᠡᠭᠡᠯ ᠲᠦ ᠬᠦᠮᠦᠨ ᠤᠷᠭ ᠠ ᠪᠠᠨ ᠪᠠᠷᠢᠵᠤ ᠭᠠᠭᠴᠠᠭᠠᠷ ᠨᠡᠬᠡᠵᠦ ᠭᠦᠶᠢᠴᠢᠵᠦ ᠢᠷᠡᠪᠡ ᠪᠣᠭᠣᠷᠴᠢ ᠲᠦᠮᠦᠵᠢᠨ᠎ᠡ ᠥᠭᠦᠯᠡᠷᠦᠨ ᠨᠥᠬᠥᠷ ᠨᠤᠮᠤ ᠰᠤᠮᠤ ᠨᠠᠳᠠ ᠠᠴᠠ ᠪᠢ ᠬᠠᠷᠪᠤᠯᠠᠯᠳᠤᠰᠤ ᠬᠡᠮᠡᠪᠡᠰᠦ ᠲᠦᠮᠦᠵᠢᠨ ᠥᠭᠦᠯᠡᠷᠦᠨ ᠨᠥᠬᠥᠷ ᠮᠢᠨᠤ ᠲᠤᠯᠠᠳᠠ ᠴᠢ ᠡᠷᠦᠰᠳᠡᠭᠦᠵᠡᠢ ᠪᠢ ᠬᠠᠷᠪᠤᠯᠠᠯᠳᠤᠰᠤ ᠬᠡᠮᠡᠵᠦ ᠬᠠᠷᠪᠤᠯᠠᠯᠳᠤᠪᠠ ᠲᠡᠷᠡ ᠴᠠᠭᠠᠨ ᠮᠣᠷᠢ ᠲᠤ ᠤᠯᠠᠭᠠᠨ ᠳᠡᠭᠡᠯ ᠲᠦ ᠬᠦᠮᠦᠨ ᠤᠷᠭ ᠠ ᠪᠠᠷ ᠢᠶᠠᠨ ᠳᠣᠬᠢᠵᠤ ᠪᠠᠶᠢᠵᠤ ᠬᠣᠴᠣᠷᠪᠠ ᠬᠣᠶᠢᠲᠤ ᠨᠥᠬᠥᠳ ᠢᠨᠤ ᠤᠪᠤᠨ ᠰᠤᠪᠤᠨ ᠭᠦᠶᠢᠴᠡᠵᠦ ᠢᠷᠡᠬᠦᠢ ᠯᠦᠭᠡ ᠨᠠᠷᠠᠨ
eril ele bögesü nigen bui j=a bi čimadur nököčesü ečige minu Naqu-bayan kemegdemü bi γaγča köbegün inu Boγorči neretü bi kemeged sirγ=a aγta=tan=i mör=iyer möškijü γurban qonoju üdesi naran qubar (dalda) tasin büküi=tür nigen yeke küriy=e irgen=tür kürbesü sirγ=a aγta anu tere küriy=e=ü kijaγar=a ebesün idejü bayiqui=yi üjeged Tümüjin ögülerün nökör či ende ber <bai> sirγ=a aγta man=u tere bui bi oroju üldejü γarγasuγai kemebesü Boγorči ögülerün nököčesü kemen irelüge bi edüge ende yakin bayiqu bi kemeged qamtu dobtolju oroγad sirγ=a aγta=tan=i üldejü γarbai qoyina=ača inu ubur subur (ulam sulam) nekejü ayisun (iren) nigen singqula mori=tu ulaγan degel=tü kümün urγ=a=ban bariju γaγčaγar nekejü güyičijü irebe Boγorči Tümüjin=e ögülerün nökör numu sumu nada ača bi qarbulaldusu kemebesü Tümüjin ögülerün nökör minu tulada či erüsdegüjei bi qarbulaldusu kemejü qarbulalduba tere čaγan mori=tu ulaγan degel=tü kümün urγ=a=bar=iyan dokiju bayiju qočorba qoyitu nököd inu ubun subun güyičejü ireküi=lüge naran
22a
ᠬᠤᠪᠢᠷᠢ ᠳᠠᠯᠳᠠ ᠲᠠᠰᠢᠨ ᠰᠢᠩᠭᠡᠵᠦ ᠣᠳᠪᠠ ᠲᠦᠭᠦᠰᠢᠨ ᠪᠦᠷᠦᠢ ᠪᠣᠯᠵᠤ ᠬᠣᠶᠢᠲᠤ ᠨᠥᠬᠥᠳ ᠢᠨᠤ ᠪᠠᠷᠠᠭ᠎ᠠ ᠪᠤᠯᠲᠠᠵᠤ ᠪᠠᠶᠢᠵᠤ ᠬᠣᠴᠣᠷᠪᠠ ᠲᠡᠷᠡ ᠱᠥᠨᠢ ᠳᠥᠯᠢᠭᠡᠳ ᠭᠤᠷᠪᠠᠨ ᠡᠳᠦᠷ ᠱᠥᠨᠢ ᠳᠥᠯᠢᠵᠦ ᠭᠡᠷ ᠦᠨ ᠣᠶᠢᠷᠠ ᠪᠣᠯᠪᠠᠰᠤ ᠲᠦᠮᠦᠵᠢᠨ ᠥᠭᠦᠯᠡᠷᠦᠨ ᠨᠥᠬᠥᠷ ᠪᠢ ᠴᠢᠮ ᠠ ᠠᠴᠠ ᠠᠩᠭᠢᠳᠠ ᠮᠣᠷᠢᠳ ᠢᠶᠠᠨ ᠬᠡᠷ ᠠᠪᠬᠤᠢ ᠪᠥᠯᠦᠭᠡ ᠪᠢ ᠬᠡᠳᠦᠢ ᠶᠢ ᠢᠨᠤ ᠠᠪᠬᠤ ᠪᠤᠢ ᠴᠢ ᠬᠡᠳᠦᠢ ᠶᠢ ᠠᠨᠤ ᠠᠪᠤᠨᠠᠮ ᠬᠡᠮᠡᠪᠡᠰᠦ ᠪᠣᠭᠣᠷᠴᠢ ᠥᠭᠦᠯᠡᠷᠦᠨ ᠰᠠᠶᠢᠨ ᠨᠥᠬᠥᠷ ᠮᠡᠩᠳᠡᠵᠦ ᠢᠷᠡᠪᠡ ᠬᠡᠮᠡᠵᠦ ᠲᠤᠰᠠ ᠪᠣᠯᠰᠤ ᠬᠡᠮᠡᠨ ᠢᠷᠡᠯᠦᠭᠡ ᠪᠢ ᠣᠯᠵᠢᠯᠠᠯᠴᠠᠵᠤ ᠠᠪᠠᠰᠤ ᠬᠡᠮᠡᠪᠡᠰᠦ ᠡᠴᠢᠭᠡ ᠶᠢᠨ ᠮᠢᠨᠤ ᠨᠠᠬᠤ ᠪᠠᠶᠠᠨ ᠤ ᠵᠥᠭᠡᠭᠰᠡᠨ ᠭᠠᠭᠴᠠ ᠬᠥᠪᠡᠭᠦᠨ ᠲᠦᠷ ᠢᠨᠤ ᠨᠠᠳᠠ ᠲᠥᠭᠡᠲᠡᠯᠡ ᠪᠤᠢ ᠪᠠᠷᠠᠰᠢ ᠦᠭᠡᠢ ᠲᠤᠰᠠ ᠪᠣᠯᠤᠭᠰᠠᠨ ᠮᠢᠨᠤ ᠶᠠᠭᠤᠨ ᠪᠣᠯᠬᠤ ᠬᠡᠮᠡᠵᠦ ᠡᠰᠡ ᠠᠪᠤᠪᠠ ᠨᠠᠬᠤ ᠪᠠᠶᠠᠨ ᠤ ᠭᠡᠷ ᠲᠦᠷ ᠬᠦᠷᠪᠡ ᠨᠠᠬᠤ ᠪᠠᠶᠠᠨ ᠬᠥᠪᠡᠭᠦᠨ ᠢᠶᠡᠨ ᠪᠣᠭᠣᠷᠴᠢ ᠶᠢ ᠵᠠᠪᠠᠨᠠᠵᠤ ᠨᠢᠰᠤᠨ ᠨᠢᠯᠪᠤᠰᠤᠨ ᠪᠠᠷ ᠠᠵᠤ ᠰᠠᠭᠤᠬᠤᠢ ᠲᠤᠷ ᠭᠡᠨᠡᠳᠲᠡ ᠪᠣᠭᠣᠷᠴᠢ ᠬᠦᠷᠪᠡ ᠨᠠᠬᠤ ᠪᠠᠶᠠᠨ ᠨᠢᠭᠡᠨ ᠲᠡ ᠳᠣᠩᠭᠣᠳᠳᠤᠮᠤᠢ ᠨᠢᠭᠡᠨ ᠲᠡ ᠢᠨᠢᠭᠡᠮᠦᠢ ᠬᠥᠪᠡᠭᠦᠨ ᠮᠢᠨᠤ ᠪᠣᠭᠣᠷᠴᠢ ᠥᠭᠦᠯᠡ ᠶᠠᠭᠤᠨ ᠪᠣᠯᠪᠠ ᠬᠡᠮᠡᠪᠡᠰᠦ ᠪᠣᠭᠣᠷᠴᠢ ᠥᠭᠦᠯᠡᠷᠦᠨ ᠡᠨᠡ ᠬᠡᠨ ᠦ ᠰᠠᠶᠢᠨ ᠨᠥᠬᠥᠷ ᠮᠡᠩᠳᠡᠵᠦ ᠣᠳᠤᠨ ᠠᠵᠤᠬᠤ ᠨᠥᠬᠥᠴᠡᠵᠦ ᠣᠳᠤᠯᠤᠭ᠎ᠠ ᠪᠢ ᠡᠳᠦᠭᠡ ᠢᠷᠡᠪᠡ ᠬᠡᠮᠡᠭᠡᠳ ᠠᠭᠤᠯᠵᠤ ᠣᠳᠴᠤ ᠬᠡᠭᠡᠷ᠎ᠡ ᠲᠠᠯᠪᠢᠭᠰᠠᠨ ᠨᠠᠮᠠᠭ᠎ᠠ ᠰᠠᠭᠤᠯᠭ ᠠ ᠪᠠᠨ ᠠᠪᠴᠤ ᠢᠷᠡᠪᠡ ᠲᠦᠮᠦᠵᠢᠨ᠎ᠡ ᠲᠡᠯ ᠬᠤᠷᠠᠭ᠎ᠠ ᠠᠯᠠᠵᠤ ᠬᠦᠨᠡᠰᠦ ᠥᠭᠭᠥᠭᠡᠳ ᠨᠠᠮᠠᠭ᠎ᠠ ᠳᠡᠭᠦᠷᠭᠡ ᠵᠠᠰᠠᠵᠤ ᠬᠦᠨᠡᠰᠦᠯᠡᠭᠦᠯᠪᠡᠢ ᠨᠠᠬᠤ ᠪᠠᠶᠠᠨ ᠥᠭᠦᠯᠡᠷ ᠦᠨ ᠬᠣᠶᠠᠷ ᠵᠠᠯᠠᠭᠤᠰ ᠪᠤᠢ ᠲᠠ ᠨᠥᠬᠥᠴᠡᠯᠳᠦᠳᠬᠦᠨ ᠮᠥᠨ᠎ᠡ ᠬᠣᠶᠢᠨᠠ ᠪᠦᠦ
qubiri (dalda) tasin singgejü odba tügüsin (bürüi) bolju qoyitu nököd inu baraγ=a bultaju bayiju qočorba tere šöni döliged γurban edür šöni dölijü ger=ün oyira bolbasu Tümüjin ögülerün nökör bi čim=a=ača anggida morid=iyan ker abqui bölüge bi kedüi=yi inu abqu bui či kedüi=yi anu abunam kemebesü Boγorči ögülerün sayin nökör mengdejü irebe kemejü tusa bolsu kemen irelüge bi oljilalčaju abasu kemebesü ečige=yin minu Naqu-bayan=u jögegsen γaγča köbegün=tür inu nada tögetele bui (barasi ügei) tusa boluγsan minu yaγun bolqu kemejü ese abuba Naqu-bayan=u ger=tür kürbe Naqu-bayan köbegün=iyen Boγorči=yi jabanaju nisun nilbusun=bar aju saγuqui=tur genedte Boγorči kürbe Naqu-bayan nigen=te dongγoddumui nigen=te inigemüi köbegün minu Boγorči ögüle yaγun bolba kemebesü Boγorči ögülerün ene ken=ü sayin nökör mengdejü odun ajuqu nököčejü oduluγ=a bi edüge irebe kemeged aγulju odču keger=e talbiγsan namaγ=a saγulγ=a=ban abču irebe Tümüjin=e tel quraγ=a alaju künesü öggöged namaγ=a degürge jasaju künesülegülbei Naqu-bayan ögüler=ün qoyar jalaγus bui ta nököčeldüdkün mön=e qoyina büü
22b
ᠲᠡᠪᠴᠢᠯᠡᠯᠳᠦᠳᠬᠦᠨ ᠬᠡᠮᠡᠪᠡ ᠲᠦᠮᠦᠵᠢᠨ ᠲᠡᠳᠦ ᠣᠳᠴᠤ ᠭᠤᠷᠪᠠᠨ ᠱᠥᠨᠢ ᠡᠳᠦᠷ ᠵᠣᠷᠴᠢᠵᠤ ᠰᠡᠩᠭᠦᠷ ᠭᠣᠷᠣᠬᠠᠨ᠎ᠠ ᠭᠡᠷ ᠲᠦᠷ ᠢᠶᠡᠨ ᠬᠦᠷᠪᠡ ᠥᠭᠡᠯᠡᠨ ᠡᠬᠡ ᠬᠠᠰᠠᠷ ᠬᠢᠭᠡᠳ ᠳᠡᠭᠦᠦ ᠨᠡᠷ ᠢᠨᠤ ᠡᠷᠦᠵᠦ ᠰᠠᠭᠤᠨ ᠠᠵᠤᠬᠤ ᠦᠵᠡᠵᠦ ᠪᠠᠶᠠᠰᠪᠠ ᠲᠡᠨᠳᠡ ᠲᠦᠮᠦᠵᠢᠨ ᠪᠡᠯᠭᠦᠲᠡᠢ ᠬᠣᠶᠠᠷ ᠳᠡᠶᠢ ᠰᠡᠴᠡᠨ ᠦ ᠥᠬᠢᠨ ᠪᠥᠷᠲᠡ ᠦᠵᠢᠨ ᠢ ᠶᠢᠰᠦᠨ ᠨᠠᠰᠤᠲᠠᠢ ᠪᠦᠬᠦᠢ ᠲᠦᠷ ᠦᠵᠡᠵᠦ ᠢᠷᠡᠭᠰᠡᠨ ᠪᠡᠷ ᠬᠠᠭᠠᠴᠠᠵᠤ ᠪᠥᠯᠦᠭᠡ ᠬᠡᠷᠦᠯᠡᠨ ᠮᠥᠷᠡᠨ ᠤᠷᠤᠭᠤ ᠡᠷᠢᠨ ᠣᠳᠪᠠᠢ ᠴᠡᠭᠴᠡᠷ ᠴᠢᠭᠤᠷᠬᠤ ᠬᠣᠶᠠᠷ ᠤᠨ ᠵᠠᠭᠤᠷ᠎ᠠ ᠳᠡᠶᠢ ᠰᠡᠴᠡᠨ ᠬᠣᠩᠭᠢᠷᠢᠳ ᠲᠡᠨᠳᠡ ᠠᠵᠤᠬᠤ ᠳᠡᠶᠢ ᠰᠡᠴᠡᠨ ᠲᠦᠮᠦᠵᠢᠨ ᠢ ᠦᠵᠡᠭᠡᠳ ᠪᠠᠶᠠᠰᠴᠤ ᠥᠭᠦᠯᠡᠷᠦᠨ ᠲᠠᠶᠢᠴᠢᠭᠤᠳ ᠠᠬ᠎ᠠ ᠳᠡᠭᠦᠦ ᠠᠶᠢᠳᠤᠮᠤ ᠢᠶᠠᠳᠤᠮᠤ ᠬᠡᠮᠡᠨ ᠮᠡᠳᠡᠵᠦ ᠮᠠᠰᠢ ᠡᠷᠦᠵᠦ ᠴᠥᠬᠡᠯᠡᠢ ᠴᠥᠬᠦᠷᠡᠪᠡᠢ ᠨᠠᠷᠠᠨ ᠢ ᠦᠵᠡᠪᠡᠢ ᠪᠢ ᠴᠢᠮᠠᠢ ᠶᠢ ᠬᠡᠮᠡᠭᠡᠳ ᠪᠥᠷᠲᠡ ᠦᠵᠢᠨ ᠢ ᠨᠡᠶᠢᠯᠡᠭᠦᠯᠦᠭᠡᠳ ᠡᠭᠦᠰᠭᠡᠪᠡᠢ ᠡᠭᠦᠰᠭᠡᠨ ᠠᠶᠢᠰᠤᠷ ᠤᠨ ᠢᠷᠡᠬᠦᠢ ᠲᠦᠷ ᠳᠡᠶᠢ ᠰᠡᠴᠡᠨ ᠬᠡᠷᠦᠯᠡᠨ ᠦ ᠵᠣᠯ ᠨᠤᠭᠤᠳᠠ ᠠᠴᠠ ᠮᠠᠷᠢᠶᠠᠨ ᠬᠠᠯᠠᠭᠤᠨ ᠪᠣᠯᠵᠤ ᠬᠡᠷᠦᠯᠡᠨ ᠥᠭᠡᠳᠡ ᠬᠠᠷᠢᠪᠠ ᠪᠥᠷᠲᠡ ᠦᠵᠢᠨ ᠦ ᠡᠬᠡ ᠵᠣᠲᠠᠨ ᠨᠡᠷ ᠡ ᠲᠡᠢ ᠪᠥᠯᠦᠭᠡ ᠥᠬᠢᠨ ᠢᠶᠡᠨ ᠦᠳᠡᠵᠦ ᠬᠦᠷᠯᠡᠬᠦ ᠳᠣᠲᠣᠷᠠ ᠰᠡᠩᠭᠦᠷ ᠭᠣᠷᠣᠬᠠᠨ᠎ᠠ ᠪᠦᠬᠦᠢ ᠲᠦᠷ ᠬᠦᠷᠭᠡᠵᠦ ᠢᠷᠡᠪᠡᠢ ᠵᠣᠲᠠᠨ ᠢ ᠬᠠᠷᠢᠭᠤᠯᠤᠨ ᠪᠡᠯᠭᠦᠲᠡᠢ ᠶᠢ ᠢᠯᠡᠭᠡᠵᠦ ᠪᠣᠭᠣᠷᠴᠢ ᠶᠢ ᠨᠥᠬᠥᠴᠡᠶ᠎ᠡ ᠬᠡᠮᠡᠨ ᠤᠷᠢᠵᠤ ᠢᠯᠡᠭᠡᠪᠡ ᠪᠣᠭᠣᠷᠴᠢ ᠪᠡᠯᠭᠦᠲᠡᠢ ᠶᠢ ᠬᠦᠷᠦᠭᠡᠯᠦᠭᠡᠳ ᠡᠴᠢᠭᠡ ᠲᠦᠷ ᠢᠶᠡᠨ ᠦᠯᠦ ᠬᠡᠯᠡᠨ ᠪᠥᠭᠥᠲᠥᠷ ᠬᠣᠩᠭᠣᠷ ᠢ ᠤᠨᠤᠵᠤ ᠪᠣᠷᠣ ᠥᠷᠮᠡᠭᠡᠨ ᠵᠠᠩᠴᠢᠨ ᠢᠶᠠᠨ ᠪᠥᠭᠲᠥᠷᠦᠭᠡᠳ ᠪᠡᠯᠭᠡᠲᠡᠢ ᠯᠦᠭᠡ ᠢᠷᠡᠪᠡ ᠲᠡᠷᠡ ᠨᠥᠬᠥᠴᠡᠭᠰᠡᠪᠡᠷ
tebčileldüdkün kemebe Tümüjin tedü odču γurban šöni edür jorčiju Senggür-γoroqan=a ger=tür=iyen kürbe Ögelen eke Qasar kiged degüü=ner inu erüjü saγun ajuqu üjejü bayasba # tende Tümüjin Belgütei qoyar Deyi-Sečen=ü ökin Börte-Üjin=i yisün nasutai büküi=tür üjejü iregsen=ber qaγačaju bölüge Kerülen-mören=uruγu erin odbai Čegčer Čiγurqu qoyar=un jaγur=a Deyi-Sečen Qonggirid tende ajuqu Deyi-Sečen Tümüjin=i üjeged bayasču ögülerün Tayičiγud aq=a degüü ayidumu (iyadumu) kemen medejü masi erüjü čökelei (čökürebei) naran=i üjebei bi čimai=yi kemeged Börte-Üjin=i neyilegülüged egüsgebei egüsgen ayisur=un (ireküi=tür) Deyi-Sečen Kerülen=ü Jol-nuγuda=ača mariyan qalaγun bolju Kerülen ögede qariba Börte-Üjin=ü eke Jotan ner=e=tei bölüge ökin=iyen üdejü Kürlekü dotora Senggür-γoroqan=a büküi=tür kürgejü irebei Jotan=i qariγulun Belgütei=yi ilegejü Boγorči=yi nököčey=e kemen uriju ilegebe Boγorči Belgütei=yi kürügelüged ečige=tür=iyen ülü kelen bögötör qongγor=i unuju boro örmegen jangčin=iyan bögtörüged Belgetei=lüge irebe tere nököčegseber
23a
ᠨᠥᠬᠥᠴᠡᠭᠰᠡᠨ ᠶᠣᠰᠤᠨ ᠠᠨᠤ ᠲᠡᠶᠢᠮᠦ ᠪᠤᠶᠤ ᠲᠡᠨᠳᠡᠴᠡ ᠰᠡᠩᠭᠦᠷ ᠭᠣᠷᠣᠬᠠᠨ ᠠᠴᠠ ᠨᠡᠭᠦᠵᠦ ᠬᠡᠷᠦᠯᠡᠨ ᠮᠥᠷᠡᠨ ᠦ ᠲᠡᠷᠢᠭᠦᠨ᠎ᠡ ᠪᠦᠷᠭᠡ ᠡᠷᠭᠢ ᠲᠦᠷ ᠨᠤᠲᠤᠭᠯᠠᠨ ᠪᠠᠭᠤᠵᠤ ᠵᠣᠲᠠᠨ ᠡᠬᠡ ᠶᠢᠨ ᠰᠢᠳᠬᠦᠯ ᠡᠮᠦᠰᠭᠡᠯ ᠬᠡᠮᠡᠨ ᠬᠠᠷᠠ ᠪᠤᠯᠭᠠᠨ ᠳᠠᠬᠤ ᠡᠮᠦᠰᠭᠡᠵᠦ ᠪᠥᠯᠦᠭᠡ ᠲᠡᠷᠡ ᠪᠤᠯᠭᠠᠨ ᠳᠠᠬᠤ ᠶᠢ ᠲᠦᠮᠦᠵᠢᠨ ᠬᠠᠰᠠᠷ ᠪᠡᠯᠭᠦᠲᠡᠢ ᠭᠤᠷᠪᠠᠭᠤᠯᠠ ᠠᠪᠴᠤ ᠣᠳᠴᠤ ᠡᠷᠲᠡ ᠡᠳᠦᠷ ᠬᠠᠭᠠᠨ ᠡᠴᠢᠭᠡ ᠯᠦᠭᠡ ᠮᠠᠨ ᠤ ᠬᠡᠷᠡᠶᠢᠳ ᠢᠷᠭᠡᠨ ᠦ ᠣᠩ ᠬᠠᠭᠠᠨ ᠠᠨᠳᠠ ᠬᠡᠮᠡᠯᠳᠦᠭᠰᠡᠨ ᠠᠵᠤᠬᠤ ᠡᠴᠢᠭᠡ ᠯᠦᠭᠡ ᠮᠠᠨ ᠤ ᠠᠨᠳᠠ ᠬᠡᠮᠡᠯᠳᠦᠭᠰᠡᠨ ᠡᠴᠢᠭᠡ ᠮᠡᠲᠦ ᠪᠤᠢ ᠵ᠎ᠠ ᠣᠩ ᠬᠠᠭᠠᠨ ᠲᠤᠰᠠᠲᠤ ᠪᠤᠶᠤ ᠬᠡᠮᠡᠨ ᠮᠡᠳᠡᠵᠦ ᠲᠤᠷᠬᠤᠯᠠ ᠶᠢᠨ ᠬᠠᠷᠠ ᠲᠦᠨ᠎ᠡ ᠰᠢᠭᠤᠢ᠎ᠠ ᠪᠦᠬᠦᠢ ᠲᠦᠷ ᠣᠳᠴᠤ ᠣᠩ ᠬᠠᠭᠠᠨ ᠲᠤᠷ ᠲᠦᠮᠦᠵᠢᠨ ᠬᠥᠪᠡᠭᠦᠨ ᠥᠭᠦᠯᠡᠷ ᠦᠨ ᠡᠷᠲᠡ ᠡᠳᠦᠷ ᠡᠴᠢᠭᠡ ᠯᠦᠭᠡ ᠮᠠᠨᠤ ᠠᠨᠳᠠ ᠬᠡᠮᠡᠯᠳᠦᠭᠰᠡᠨ ᠠᠵᠤᠬᠤ ᠡᠴᠢᠭᠡ ᠬᠦ ᠪᠤᠶᠤ ᠬᠡᠮᠡᠨ ᠭᠡᠷᠭᠡᠢ ᠪᠠᠭᠤᠯᠭᠠᠵᠤ ᠢᠷᠡᠯᠦᠭᠡ ᠡᠮᠦᠰᠭᠡᠯ ᠬᠠᠷᠠ ᠪᠤᠯᠭᠠᠨ ᠳᠠᠬᠤ ᠠᠴᠢᠷᠠᠪᠠ ᠬᠡᠮᠡᠨ ᠥᠭᠦᠯᠡᠪᠡ ᠣᠩ ᠬᠠᠭᠠᠨ ᠮᠠᠰᠢ ᠪᠠᠶᠠᠰᠴᠤ ᠥᠭᠦᠯᠡᠷ ᠦᠨ ᠬᠠᠷᠠ ᠪᠤᠯᠭᠠᠨ ᠳᠠᠬᠤ ᠶᠢᠨ ᠴᠢᠨ ᠤ ᠬᠠᠷᠢᠭᠤ ᠬᠠᠭᠠᠴᠠᠭᠰᠠᠨ ᠤᠯᠤᠰ ᠢ ᠴᠢᠨᠤ ᠬᠠᠮᠲᠤᠳᠬᠠᠵᠤ ᠥᠭᠰᠦᠭᠡᠢ ᠪᠤᠯᠭᠠᠨ ᠳᠠᠬᠤ ᠶᠢᠨ ᠴᠢᠨᠤ ᠬᠠᠷᠢᠭᠤ ᠪᠤᠲᠠᠷᠠᠭᠰᠠᠨ ᠤᠯᠤᠰ ᠢ ᠴᠢᠨᠤ ᠪᠦᠲᠦᠭᠡᠯᠭᠡᠵᠦ ᠪᠥᠭᠡᠷ ᠡ ᠶᠢᠨ ᠪᠥᠭᠰᠡᠨ ᠴᠢᠭᠡᠷᠡ ᠶᠢᠨ ᠴᠡᠭᠡᠵᠢᠨ ᠲᠦᠷ ᠠᠲᠤᠭᠠᠢ ᠬᠡᠮᠡᠪᠡ ᠲᠡᠨᠳᠡᠴᠡ ᠬᠠᠷᠢᠵᠤ ᠡᠳᠡ ᠦᠭᠡᠰ ᠢ ᠡᠬᠡ ᠲᠡ ᠥᠭᠦᠯᠡᠵᠦ ᠪᠦᠭᠦᠳᠡᠭᠡᠷ ᠪᠠᠶᠠᠰᠤᠯᠴᠠᠪᠠᠢ ᠬᠡᠷᠦᠯᠡᠨ ᠦ ᠪᠦᠷᠭᠡ ᠢᠷᠭᠡ ᠲᠡ ᠪᠦᠬᠦᠢ ᠲᠦᠷ ᠤᠷᠢᠶᠠᠩᠬᠠᠳᠠᠢ ᠬᠦᠮᠦᠨ ᠵᠠᠷᠴᠢᠭᠤᠳᠠᠢ ᠡᠪᠦᠭᠡ ᠬᠥᠷᠭᠡᠬᠥᠭᠡᠷᠭᠡ ᠪᠡᠨ
nököčegsen yosun anu teyimü buyu tendeče Senggür-γoroqan=ača negüjü Kerülen-mören=ü terigün=e Bürge-ergi=tür nutuγlan baγuju Jotan eke=yin sidkül (emüsgel) kemen qara bulγan daqu emüsgejü bölüge tere bulγan daqu=yi Tümüjin Qasar Belgütei γurbaγula abču odču erte edür qaγan ečige=lüge man=u Kereyid irgen=ü Ong-qaγan anda kemeldügsen ajuqu ečige=lüge man=u anda kemeldügsen ečige metü bui j=a Ong-qaγan tusatu buyu kemen medejü Turqula=yin Qara-tün=e (siγui=a) büküi=tür odču Ong-qaγan=tur Tümüjin köbegün ögüler=ün erte edür ečige=lüge manu anda kemeldügsen ajuqu ečige kü buyu kemen gergei baγulγaju irelüge emüsgel qara bulγan daqu ačiraba kemen ögülebe Ong-qaγan masi bayasču ögüler=ün , qara bulγan daqu=yin čin=u qariγu qaγačaγsan ulus=i činu qamtudqaju ögsügei bulγan daqu=yin činu qariγu butaraγsan ulus=i činu bütügelgejü böger=e=yin bögsen čigere=yin čegejin=tür atuγai kemebe # tendeče qariju ede üges=i eke=te ögülejü bügüdeger bayasulčabai # Kerülen=ü Bürge-irge=te büküi=tür Uriyangqadai kümün Jarčiγudai ebüge körge<kögerge>=ben
23b
ᠦᠭᠦᠷᠴᠦ ᠵᠡᠯᠮ᠎ᠡ ᠨᠡᠷᠡᠲᠦ ᠬᠥᠪᠡᠭᠦᠳ ᠢᠶᠡᠨ ᠤᠳᠤᠷᠢᠳᠴᠤ ᠢᠷᠡᠵᠦ ᠥᠭᠦᠯᠡᠷ ᠦᠨ ᠲᠡᠷᠢᠭᠦᠨ ᠣᠨᠠᠨ ᠤ ᠳᠡᠯᠢᠭᠦᠨ ᠪᠣᠯᠳᠠᠭ᠎ᠠ ᠪᠦᠬᠦᠢ ᠲᠦᠷ ᠲᠦᠮᠦᠵᠢᠨ ᠴᠢᠮᠠᠶᠢ ᠲᠥᠷᠥᠬᠦᠢ ᠲᠦᠷ ᠪᠤᠯᠭᠠᠨ ᠥᠯᠢᠭᠡᠢ ᠥᠭᠭᠥᠯᠦᠭᠡ ᠪᠢ ᠡᠨᠡ ᠬᠥᠪᠡᠭᠦᠨ ᠢᠶᠡᠨ ᠵᠡᠯᠮ ᠡ ᠶᠢ ᠥᠭᠭᠥᠯᠦᠭᠡ ᠪᠢ ᠥᠴᠦᠬᠡᠨ ᠬᠡᠮᠡᠨ ᠠᠪᠴᠤ ᠣᠳᠤᠯᠤᠭ᠎ᠠ ᠡᠳᠦᠭᠡ ᠵᠡᠯᠮ ᠡ ᠶᠢ ᠡᠮᠡᠭᠡᠯ ᠢᠶᠡᠨ ᠲᠣᠬᠣᠭᠤᠯ ᠡᠭᠦᠳᠡᠨ ᠢᠶᠡᠨ ᠰᠡᠬᠡᠭᠦᠯ ᠬᠡᠮᠡᠵᠦ ᠥᠭᠪᠡ ᠮᠥᠨ ᠲᠡᠨᠳᠡ ᠬᠡᠷᠦᠯᠡᠨ ᠦ ᠲᠡᠷᠢᠭᠦᠨ᠎ᠡ ᠪᠦᠷᠭᠡ ᠡᠷᠭᠢ ᠳᠡ ᠪᠦᠬᠦᠢ ᠲᠦᠷ ᠨᠢᠭᠡᠨ ᠮᠠᠨᠠᠭᠠᠷ ᠡᠷᠲᠡ ᠭᠡᠷᠡᠯ ᠰᠢᠷᠡᠯ ᠡᠳᠦᠷ ᠭᠡᠷ᠎ᠡ ᠰᠡᠷᠭᠡ ᠦᠷ ᠭᠡᠶᠢᠨ ᠪᠦᠬᠦᠢ ᠲᠦᠷ ᠥᠭᠡᠯᠡᠨ ᠡᠬᠡ ᠶᠢᠨ ᠭᠡᠷ ᠳᠣᠲᠣᠷᠠ ᠬᠥᠳᠡᠯᠬᠦᠢ ᠶᠠᠷᠤᠬᠤᠢ ᠬᠣᠨᠣᠭᠴᠢᠨ ᠡᠮᠡᠭᠡᠨ ᠪᠣᠰᠴᠤ ᠥᠭᠦᠯᠡᠷᠦᠨ ᠡᠬᠡ ᠡᠬᠡ ᠥᠳᠲᠡᠷ ᠪᠣᠰ ᠪᠣᠰ ᠭᠠᠵᠠᠷ ᠳᠡᠯᠪᠡᠷᠢᠮᠦᠢ ᠲᠥᠪᠡᠷᠢᠭᠡ ᠰᠣᠨᠣᠰᠳᠠᠮᠤᠢ ᠵᠠᠯᠬᠠᠮᠰᠢᠭ ᠲᠠᠨ ᠲᠠᠶᠢᠴᠢᠭᠤᠳ ᠠᠶᠢᠰᠤᠨ ᠠᠵᠤ ᠢᠷᠡᠨ ᠠᠮᠤ ᠡᠬᠡ ᠥᠳᠲᠡᠷ ᠪᠣᠰ ᠬᠡᠮᠡᠪᠡᠰᠦ ᠥᠭᠡᠯᠡᠨ ᠡᠬᠡ ᠥᠭᠦᠯᠡᠷᠦᠨ ᠬᠥᠪᠡᠭᠦᠳ ᠢ ᠰᠡᠷᠢᠭᠦᠯᠦᠳᠬᠦᠨ ᠬᠡᠮᠡᠭᠡᠳ ᠥᠭᠡᠯᠡᠨ ᠡᠬᠡ ᠥᠳᠲᠡᠷ ᠬᠦ ᠪᠣᠰᠪᠠᠢ ᠲᠦᠮᠦᠵᠢᠨ ᠲᠡᠨ ᠬᠥᠪᠡᠭᠦᠳ ᠥᠳᠲᠡᠷᠯᠡᠨ ᠬᠦ ᠪᠣᠰᠣᠭᠠᠳ ᠮᠣᠷᠢᠨ ᠢᠶᠠᠨ ᠪᠠᠷᠢᠵᠤ ᠲᠦᠮᠦᠵᠢᠨ ᠨᠢᠭᠡᠨ ᠮᠣᠷᠢᠨ ᠤᠨᠤᠪᠠ ᠥᠭᠡᠯᠡᠨ ᠡᠬᠡ ᠨᠢᠭᠡᠨ ᠮᠣᠷᠢᠨ ᠤᠨᠤᠪᠠ ᠬᠠᠰᠠᠷ ᠨᠢᠭᠡᠨ ᠮᠣᠷᠢᠨ ᠤᠨᠤᠪᠠ ᠬᠠᠴᠤᠭᠤ ᠨᠢᠭᠡᠨ ᠮᠣᠷᠢᠨ ᠤᠨᠤᠪᠠ ᠪᠡᠯᠭᠦᠲᠡᠢ ᠨᠢᠭᠡᠨ ᠮᠣᠷᠢᠨ ᠤᠨᠤᠪᠠ ᠪᠣᠭᠣᠷᠴᠢ ᠨᠢᠭᠡᠨ ᠮᠣᠷᠢᠨ ᠤᠨᠤᠪᠠ ᠵᠡᠯᠮ᠎ᠡ ᠨᠢᠭᠡᠨ ᠮᠣᠷᠢᠨ ᠤᠨᠤᠪᠠ ᠲᠡᠮᠦᠯᠦᠨ ᠢ ᠥᠭᠡᠯᠡᠨ ᠡᠬᠡ ᠳᠡᠭᠦᠷᠪᠡ ᠨᠢᠭᠡᠨ ᠮᠣᠷᠢᠨ ᠬᠥᠲᠡᠯᠪᠡ ᠪᠥᠷᠲᠡ ᠦᠵᠢᠨ ᠮᠣᠷᠢᠨ ᠢ ᠳᠤᠲᠠᠪᠠ ᠲᠦᠮᠦᠵᠢᠨ ᠠᠬ ᠠ ᠨᠠᠷ ᠳᠡᠭᠦᠦ ᠨᠡᠷ ᠡᠷᠲᠡ
ügürčü Jelm=e neretü köbegüd=iyen uduridču irejü ögüler=ün terigün Onan=u Deligün-boldaγ=a büküi=tür Tümüjin čimayi töröküi=tür bulγan öligei öggölüge bi ene köbegün=iyen Jelm=e=yi öggölüge bi öčüken kemen abču oduluγ=a edüge Jelm=e=yi emegel=iyen toqoγul egüden=iyen sekegül kemejü ögbe mön tende Kerülen=ü terigün=e Bürge-ergi=de büküi=tür nigen manaγar erte gerel sirel edür (ger=e serge ür) geyin büküi=tür Ögelen eke=yin ger dotora ködelküi (yaruqui) Qonoγčin emegen bosču ögülerün eke eke ödter bos bos γajar delberimüi töberige sonosdamui jalqamsiγ=tan Tayičiγud ayisun aju (iren amu) , eke ödter bos kemebesü Ögelen eke ögülerün köbegüd=i serigülüdkün kemeged Ögelen eke ödter kü bosbai Tümüjin=ten köbegüd ödterlen kü bosoγad morin=iyan bariju Tümüjin nigen morin unuba Ögelen eke nigen morin unuba Qasar nigen morin unuba Qačuγu nigen morin unuba Belgütei nigen morin unuba Boγorči nigen morin unuba Jelm=e nigen morin unuba Temülün=i Ögelen eke degürbe nigen morin kötelbe Börte-Üjin morin=i dutaba Tümüjin aq=a=nar degüü=ner erte
24a
ᠪᠥᠭᠡᠳ ᠪᠤᠷᠬᠠᠨ ᠬᠠᠯᠳᠤᠨ ᠠ ᠲᠤ ᠭᠠᠷᠪᠠᠢ ᠬᠣᠨᠣᠭᠴᠢᠨ ᠡᠮᠡᠭᠡᠨ ᠪᠥᠷᠲᠡ ᠦᠵᠢᠨ ᠢ ᠬᠠᠷᠬᠤᠲᠠᠢ ᠲᠡᠷᠭᠡᠨ ᠲᠦᠷ ᠰᠠᠭᠤᠯᠭᠠᠵᠤ ᠡᠳ ᠪᠠᠷᠭᠠᠨᠪᠠᠷᠠᠭᠠᠨ ᠪᠠᠨ ᠣᠷᠣᠭᠤᠯᠵᠤ ᠪᠡᠶ ᠡ ᠪᠡᠨ ᠲᠡᠷᠭᠡᠨ ᠲᠦᠷ ᠰᠠᠭᠤᠵᠤ ᠪᠥᠭᠡᠷᠡ ᠠᠯᠠᠭ ᠦᠬᠡᠷ ᠲᠦᠷ ᠬᠦᠯᠦᠭᠡᠳ ᠠᠭᠤᠯᠠ ᠲᠤᠷ ᠵᠣᠷᠴᠢᠬᠤᠢ ᠲᠤᠷ ᠲᠦᠩᠭᠦᠯᠭᠡ ᠭᠣᠷᠣᠬᠠᠨ᠎ᠠ ᠴᠦᠩᠭᠦᠷ ᠲᠥᠬᠥᠮ᠎ᠡ ᠠᠶᠢᠰᠤᠨ ᠪᠦᠬᠦᠢ ᠡᠷᠦ ᠪᠠᠷᠤᠳᠠ ᠡᠳᠦᠷ ᠭᠡᠶᠢᠨ ᠪᠦᠬᠦᠢ ᠲᠦᠷ ᠡᠰᠡᠷᠭᠦ ᠡᠴᠡ ᠴᠡᠷᠢᠭ ᠦᠨ ᠠᠷᠠᠳ ᠬᠦᠮᠦᠨ ᠬᠠᠲᠠᠷᠢᠵᠤ ᠡᠷᠭᠢᠵᠦ ᠢᠷᠡᠵᠦ ᠶᠠᠭᠤᠨ ᠬᠦᠮᠦᠨ ᠴᠢ ᠬᠡᠨᠦᠬᠡᠢ ᠪᠤᠢ ᠬᠡᠮᠡᠨ ᠠᠰᠠᠭᠪᠠ ᠬᠣᠨᠣᠭᠴᠢᠨ ᠡᠮᠡᠭᠡᠨ ᠥᠭᠦᠯᠡᠷᠦᠨ ᠪᠢ ᠲᠦᠮᠦᠵᠢᠨ ᠦᠬᠡᠢ ᠪᠤᠢ ᠶᠡᠬᠡ ᠭᠡᠷ ᠲᠦᠷ ᠬᠣᠨᠢᠨ ᠬᠢᠷᠭᠠᠷ᠎ᠠ ᠢᠷᠡᠯᠦᠭᠡ ᠪᠢ ᠡᠳᠦᠭᠡ ᠤᠩᠭᠠᠰᠤᠨ ᠲᠡᠭᠡᠵᠦ ᠭᠡᠷ ᠲᠦᠷ ᠢᠶᠡᠨ ᠬᠠᠷᠢᠵᠤ ᠠᠶᠢᠰᠤᠢ ᠬᠡᠮᠡᠵᠦᠬᠦᠢ ᠲᠡᠨᠳᠡ ᠡᠴᠡ ᠲᠡᠳᠡ ᠴᠡᠷᠢᠭ ᠥᠭᠦᠯᠡᠷᠦᠨ ᠲᠦᠮᠦᠵᠢᠨ ᠭᠡᠷ ᠲᠦᠷ ᠪᠤᠶᠤ ᠤᠤ ᠦᠭᠡᠢ ᠦᠦ ᠭᠡᠷ ᠬᠡᠵᠢᠭᠡ ᠬᠡᠳᠦᠢ ᠬᠢᠷᠢ ᠪᠤᠢ ᠬᠡᠮᠡᠪᠡᠰᠦ ᠬᠣᠨᠣᠭᠴᠢᠨ ᠡᠮᠡᠭᠡᠨ ᠥᠭᠦᠯᠡᠷ ᠦᠨ ᠭᠡᠷ ᠴᠢ ᠣᠶᠢᠷ᠎ᠠ ᠪᠤᠢ ᠲᠦᠮᠦᠵᠢᠨ ᠢ ᠪᠤᠢ ᠦᠭᠡᠢ ᠶᠢ ᠡᠰᠡ ᠮᠡᠳᠡᠪᠡ ᠪᠢ ᠬᠣᠶᠢᠨᠠ ᠠᠴᠠ ᠪᠣᠰᠣᠭᠠᠳ ᠢᠷᠡᠯᠦᠭᠡ ᠪᠢ ᠬᠡᠮᠡᠬᠦᠢ ᠲᠦᠷ ᠲᠡᠳᠡ ᠴᠡᠷᠢᠭ ᠦᠳ ᠲᠡᠳᠦᠢ ᠬᠠᠲᠠᠷᠢᠪᠠ ᠬᠣᠨᠣᠭᠴᠢᠨ ᠡᠮᠡᠭᠡᠨ ᠪᠥᠭᠡᠷ᠎ᠡ ᠠᠯᠠᠭ ᠦᠬᠡᠷ ᠢᠶᠡᠨ ᠳᠡᠯᠡᠳᠦᠭᠡᠳ ᠥᠳᠲᠡᠷ ᠬᠡᠨ ᠨᠡᠬᠡᠬᠦ ᠪᠣᠯᠭᠠᠨ ᠲᠡᠷᠭᠡᠨ ᠦ ᠲᠡᠩᠬᠡᠯᠢ ᠬᠤᠭᠤᠷᠠᠴᠤ ᠣᠳᠪᠠᠢ ᠲᠡᠩᠭᠡᠯᠢ ᠪᠡᠨ ᠬᠤᠭᠤᠷᠠᠭᠳᠠᠵᠤ ᠶᠠᠪᠠᠭᠠᠨ ᠢᠶᠠᠷ ᠣᠢ ᠳᠤᠷ ᠬᠦᠷᠴᠦ ᠣᠷᠣᠶ᠎ᠠ ᠬᠡᠮᠡᠯᠳᠦᠲᠡᠯᠡ ᠳᠠᠷᠤᠴᠠᠨ ᠮᠥᠨ ᠴᠢᠷᠢᠭ ᠦᠳ ᠪᠡᠯᠭᠦᠲᠡᠢ ᠶᠢᠨ ᠡᠬᠡ ᠶᠢ ᠰᠤᠨᠳᠠᠯᠠᠭᠤᠯᠵᠤ ᠬᠣᠶᠠᠷ ᠬᠥᠯ ᠢ ᠢᠨᠤ ᠴᠡᠷᠪᠡᠴᠡᠭᠦᠯᠵᠦ
böged Burqan-Qaldun=a=tu γarbai Qonoγčin emegen Börte-Üjin=i qarqutai tergen=tür saγulγaju ed barγan(baraγan)=ban oroγulju bey=e=ben tergen=tür saγuju bögere alaγ üker=tür külüged aγula=tur jorčiqui=tur Tünggülge-γoroqan=a (Čünggür-tököm=e) ayisun büküi erü baruda edür geyin büküi=tür esergü=eče čerig=ün arad (kümün) qatariju ergijü irejü yaγun kümün či kenükei bui kemen asaγba Qonoγčin emegen ögülerün bi Tümüjin=ükei bui yeke ger=tür qonin kirγar=a irelüge bi edüge ungγasun tegejü ger=tür=iyen qariju ayisui kemejüküi tende=eče tede čerig ögülerün Tümüjin ger=tür buyu uu ügei üü ger kejige (kedüi kiri) bui kemebesü Qonoγčin emegen ögüler=ün ger=či oyir=a bui Tümüjin=i bui ügei=yi ese medebe bi qoyina=ača bosoγad irelüge bi kemeküi=tür tede čerig=üd tedüi qatariba Qonoγčin emegen böger=e alaγ üker=iyen deledüged ödter=ken nekekü bolγan tergen=ü tengkeli quγuraču odbai tenggeli=ben quγuraγdaju yabaγan=iyar oi=dur kürčü oroy=a kemeldütele daručan mön čirig=üd Belgütei=yin eke=yi sundalaγulju qoyar köl=i inu čerbečegüljü
24b
ᠬᠦᠷᠴᠦ ᠢᠷᠡᠭᠡᠳ ᠡᠨᠡ ᠲᠡᠷᠭᠡᠨ ᠳᠣᠲᠣᠷ᠎ᠠ ᠶᠠᠭᠤᠨ ᠪᠤᠢ ᠬᠡᠮᠡᠪᠡ ᠬᠣᠨᠣᠭᠴᠢᠨ ᠡᠮᠡᠭᠡᠨ ᠥᠭᠦᠯᠡᠷ ᠦᠨ ᠤᠩᠭᠠᠰᠤᠨ ᠲᠡᠭᠡᠵᠦ ᠠᠮᠤ ᠬᠡᠮᠡᠪᠡ ᠲᠡᠳᠡ ᠴᠢᠷᠢᠭ ᠦᠳ ᠦᠨ ᠠᠬ ᠠ ᠨᠠᠷ ᠢᠨᠤ ᠥᠭᠦᠯᠡᠷ ᠦᠨ ᠳᠡᠭᠦᠦ ᠨᠡᠷ ᠬᠥᠪᠡᠭᠦᠳ ᠪᠠᠭᠤᠵᠤ ᠦᠵᠢᠳᠬᠦᠨ ᠬᠡᠮᠡᠪᠡ ᠳᠡᠭᠦᠦ ᠨᠡᠷ ᠬᠥᠪᠡᠭᠦᠳ ᠢᠨᠤ ᠪᠠᠭᠤᠵᠤ ᠲᠡᠷᠭᠡᠨ ᠦ ᠬᠠᠭᠠᠯᠠᠭ᠎ᠠ ᠨᠡᠭᠡᠪᠡᠰᠦ ᠳᠣᠲᠣᠷᠠ ᠢᠨᠤ ᠬᠠᠲᠤᠨ ᠬᠦᠮᠦᠨ ᠰᠠᠭᠤᠨ ᠠᠵᠤ ᠲᠡᠷᠭᠡᠨ ᠡᠴᠡ ᠴᠢᠷᠴᠦ ᠪᠠᠭᠤᠯᠭᠠᠵᠤ ᠬᠣᠨᠣᠭᠴᠢᠨ ᠡᠮᠡᠭᠡᠨ ᠬᠣᠶᠠᠷ ᠢ ᠰᠤᠨᠳᠠᠯᠠᠭᠤᠯᠵᠤ ᠠᠪᠤᠭᠠᠳ ᠲᠦᠮᠦᠵᠢᠨ ᠦ ᠬᠣᠶᠢᠨᠠ ᠪᠤᠷᠬᠠᠨ ᠬᠠᠯᠳᠤᠨ᠎ᠠ ᠭᠤᠷᠪᠠᠨ ᠲᠠ ᠬᠣᠴᠢ ᠬᠣᠯᠵᠤ ᠳᠣᠪᠲᠣᠯᠵᠤ ᠡᠷᠦᠰᠦᠨ ᠢᠯᠠᠭᠠᠳ ᠶᠠᠳᠠᠪᠠ ᠡᠶᠢᠨ ᠲᠡᠶᠢᠨ ᠪᠤᠯᠵᠠᠪᠠᠰᠤ ᠬᠥᠭᠡᠪᠡᠰᠦ ᠡᠮᠪᠦ ᠰᠢᠪᠡᠷ ᠪᠡᠷᠬᠡ ᠣᠢ ᠢᠨᠤ ᠴᠠᠳᠬᠤᠯᠠᠩ ᠮᠣᠭᠠᠢ ᠰᠢᠷᠭᠤᠪᠠᠰᠤ ᠦᠯᠦ ᠪᠣᠯᠬᠤ ᠪᠡᠷᠬᠡ ᠰᠢᠭᠤᠢ ᠪᠥᠯᠦᠭᠡ ᠬᠣᠶᠢᠨᠠ ᠠᠴᠠ ᠢᠨᠤ ᠳᠠᠭᠠᠵᠤ ᠡᠷᠦᠰᠦᠨ ᠢᠯᠠᠭᠠᠳ ᠶᠠᠳᠠᠵᠤᠬᠤᠢ ᠲᠡᠳᠡ ᠭᠤᠷᠪᠠᠨ ᠮᠡᠷᠭᠡᠳ ᠬᠡᠮᠡᠪᠡᠰᠦ ᠤᠳᠤᠶᠢᠳ ᠮᠡᠷᠭᠡᠳ ᠦᠨ ᠲᠣᠭᠲᠠᠬ᠎ᠠ ᠤᠭᠠᠰ ᠮᠡᠷᠭᠡᠳ ᠦᠨ ᠳᠠᠶᠢᠷ ᠤᠰᠤᠨ ᠠᠰᠠᠬᠤᠨ ᠮᠡᠷᠭᠡᠳ ᠦᠨ ᠬᠠᠭᠠᠲᠠᠢ ᠳᠠᠷᠮᠠᠯᠠ ᠡᠳᠡ ᠭᠤᠷᠪᠠᠨ ᠮᠡᠷᠭᠡᠳ ᠡᠷᠲᠡᠨ ᠦ ᠥᠭᠡᠯᠡᠨ ᠡᠬᠡ ᠶᠢ ᠶᠡᠬᠡ ᠴᠢᠯᠡᠳᠦ ᠡᠴᠡ ᠪᠤᠯᠢᠶᠠᠵᠤ ᠠᠪᠤᠯᠤᠭ᠎ᠠ ᠬᠡᠮᠡᠨ ᠡᠳᠦᠭᠡ ᠲᠡᠷᠡ ᠥᠰᠢᠯ ᠥᠰᠢᠨ ᠢᠷᠡᠭᠰᠡᠨ ᠠᠵᠤᠬᠤ ᠲᠡᠳᠡ ᠮᠡᠷᠭᠡᠳ ᠥᠭᠦᠯᠡᠷ ᠦᠨ ᠥᠭᠡᠯᠡᠨ ᠢ ᠠᠴᠢ ᠠᠪᠤᠷᠠᠨ ᠡᠳᠦᠭᠡ ᠠᠮᠢ ᠶᠢ ᠠᠨᠤ ᠡᠪᠦᠭᠡᠰ ᠡᠴᠢᠭᠡᠰ ᠦᠨ ᠠᠴᠢᠥᠰᠢᠯ ᠶᠢ ᠠᠪᠤᠪᠠᠢ ᠪᠢᠳᠠ ᠬᠡᠮᠡᠯᠳᠦᠵᠦ ᠪᠤᠷᠬᠠᠨ ᠬᠠᠯᠳᠤᠨ ᠠ ᠠᠴᠠ ᠪᠠᠭᠤᠵᠤ ᠭᠡᠷ ᠲᠦᠷ ᠢᠶᠡᠨ ᠬᠠᠷᠢᠪᠠ ᠲᠡᠳᠡ ᠪᠥᠷᠲᠡ ᠦᠵᠢᠨ ᠢ ᠴᠢᠯᠡᠳᠦ ᠶᠢᠨ ᠳᠡᠭᠦᠦ ᠴᠢᠯᠭᠡᠷ ᠪᠥᠬᠥ ᠲᠡ ᠠᠰᠠᠷᠠᠭᠤᠯᠪᠠ ᠲᠦᠮᠦᠵᠢᠨ
kürčü ireged ene tergen dotor=a yaγun bui kemebe Qonoγčin emegen ögüler=ün ungγasun tegejü amu kemebe tede čirig=üd=ün aq=a=nar inu ögüler=ün degüü=ner köbegüd baγuju üjidkün kemebe degüü=ner köbegüd inu baγuju tergen=ü qaγalaγ=a negebesü dotora inu qatun kümün saγun aju tergen=eče čirčü baγulγaju Qonoγčin emegen qoyar=i sundalaγulju abuγad Tümüjin=ü qoyina Burqan-Qaldun=a γurban=ta qoči qolju (dobtolju) erüsün (ilaγad) yadaba eyin teyin buljabasu (kögebesü) embü siber berke oi inu čadqulang moγai sirγubasu ülü bolqu berke siγui bölüge qoyina=ača inu daγaju erüsün (ilaγad) yadajuqui # tede γurban Merged kemebesü Uduyid-Merged=ün Toγtaq=a Uγas-Merged=ün Dayir-Usun Asaqun-Merged=ün Qaγatai-Darmala ede γurban Merged erten=ü Ögelen eke=yi Yeke-Čiledü=eče buliyaju abuluγ=a kemen edüge tere ösil ösin iregsen ajuqu tede Merged ögüler=ün Ögelen=i ači aburan edüge ami=yi anu ebüges ečiges=ün ači(ösil)=yi abubai bida kemeldüjü Burqan-Qaldun=a=ača baγuju ger=tür=iyen qariba tede Börte-Üjin=i Čiledü=yin degüü Čilger-Bökö=te asaraγulba # Tümüjin
25a
ᠲᠡᠨᠳᠡ ᠭᠤᠷᠪᠠᠨ ᠮᠡᠷᠭᠡᠳ ᠮᠠᠭᠠᠳ ᠪᠤᠶᠤ ᠭᠡᠷ ᠲᠦᠷ ᠢᠶᠡᠨ ᠬᠠᠷᠢᠪᠠᠰᠤ ᠡᠰᠡᠪᠡᠰᠦ ᠬᠡᠮᠡᠨ ᠬᠣᠶᠢᠨᠠ ᠠᠴᠠ ᠪᠡᠯᠭᠦᠲᠡᠢ ᠪᠣᠭᠣᠷᠴᠢ ᠵᠡᠯᠮ᠎ᠡ ᠭᠤᠷᠪᠠᠨ ᠢ ᠭᠤᠷᠪᠠᠨ ᠬᠣᠨᠣᠭ ᠲᠠᠭᠤᠯᠵᠤ ᠮᠡᠷᠭᠡᠳ ᠢ ᠬᠥᠭᠡᠯᠭᠡᠵᠦ ᠲᠦᠮᠦᠵᠢᠨ ᠪᠤᠷᠬᠠᠨ ᠬᠠᠯᠳᠤᠨ᠎ᠠ ᠳᠡᠭᠡᠷᠡ ᠡᠴᠡ ᠪᠠᠭᠤᠵᠤ ᠡᠪᠴᠢᠭᠦᠪᠡᠨ ᠮᠥᠬᠥᠯᠢᠳᠴᠦ ᠥᠭᠦᠯᠡᠷ ᠦᠨ ᠬᠣᠨᠣᠭᠴᠢᠨ ᠡᠬᠡ ᠶᠢ ᠰᠣᠯᠣᠩᠭ᠎ᠠ ᠪᠣᠯᠵᠤ ᠰᠣᠨᠣᠰᠬᠤ ᠶᠢᠨ ᠲᠤᠯᠠ ᠦᠨ᠎ᠡ ᠪᠣᠯᠵᠤ ᠦᠵᠡᠬᠦᠶᠢᠨ ᠲᠤᠯᠠ ᠪᠦᠲᠦᠨ ᠪᠡᠶ᠎ᠡ ᠪᠤᠷᠤᠭᠤᠭᠤᠳ ᠤᠨ ᠪᠥᠭᠡᠶ᠎ᠡ ᠮᠥᠷ ᠲᠦ ᠪᠤᠭᠤ ᠶᠢᠨ ᠣᠷᠣᠮ ᠣᠷᠣᠮᠯᠠᠵᠤ ᠪᠤᠷᠭᠠᠰᠤᠨ ᠭᠡᠷ ᠭᠡᠷᠯᠡᠨ ᠪᠤᠷᠬᠠᠨ ᠬᠠᠯᠳᠤᠨ᠎ᠠ ᠳᠡᠭᠡᠷᠡ ᠭᠠᠷᠤᠯᠤᠭ᠎ᠠ ᠪᠢ ᠭᠠᠭᠴᠠ ᠠᠮᠢᠨ ᠢᠶᠠᠨ ᠬᠠᠶᠢᠷᠠᠯᠠᠨ ᠬᠠᠷᠠ ᠮᠥᠷ ᠲᠦ ᠬᠠᠨᠳᠠᠭᠠᠢ ᠶᠢᠨ ᠣᠷᠣᠮ ᠣᠷᠣᠮᠯᠠᠨ ᠬᠠᠯᠭᠠᠰᠤᠨ ᠭᠡᠷ ᠭᠡᠷᠯᠡᠨ ᠬᠠᠯᠳᠤᠨ᠎ᠠ ᠳᠡᠭᠡᠷᠡ ᠭᠠᠷᠪᠠ ᠪᠢ ᠪᠤᠷᠬᠠᠨ ᠬᠠᠯᠳᠤᠨ᠎ᠠ ᠪᠥᠭᠡᠰᠦᠨ ᠦ ᠲᠡᠳᠦᠢ ᠠᠮᠢᠨ ᠢᠶᠠᠨ ᠪᠤᠯᠵᠢᠭᠤᠯᠳᠠᠪᠠ ᠬᠠᠯᠳᠤᠨ ᠠ ᠪᠤᠷᠬᠠᠨ᠎ᠠ ᠬᠠᠷᠢᠶᠠᠴᠢ ᠶᠢᠨ ᠲᠡᠳᠦᠢ ᠠᠮᠢᠨ ᠢᠶᠠᠨ ᠬᠠᠯᠭᠠᠯᠠᠭᠳᠠᠪᠠ ᠪᠢ ᠡᠳᠦᠭᠡ ᠪᠤᠷᠬᠠᠨ ᠬᠠᠯᠳᠤᠨ ᠢ ᠮᠠᠨᠠᠭᠠᠷ ᠪᠦᠷᠢ ᠮᠠᠨᠢᠶᠠᠰᠤᠨ ᠦᠳᠡᠰᠢ ᠪᠦᠷᠢ ᠦᠵᠢᠰᠦᠭᠡᠢ ᠤᠷᠤᠭ ᠤᠨ ᠤᠷᠤᠭ ᠮᠢᠨᠤ ᠤᠬᠠᠲᠤᠭᠠᠢ ᠬᠡᠮᠡᠨ ᠨᠠᠷᠠᠨ ᠡᠰᠡᠷᠭᠦ ᠪᠦᠰᠡ ᠪᠡᠨ ᠬᠦᠵᠦᠭᠦᠨ ᠲᠡᠭᠡᠨ ᠡᠯᠭᠦᠵᠦ ᠮᠠᠯᠠᠭ ᠠ ᠶᠢ ᠭᠠᠷ ᠲᠤᠷ ᠢᠶᠠᠨ ᠰᠡᠭᠡᠯᠳᠦᠷᠴᠦ ᠭᠠᠷ ᠢᠶᠠᠨ ᠡᠪᠦᠳᠦᠭ ᠲᠦᠷ ᠢᠶᠡᠨ ᠳᠠᠷᠤᠵᠤ ᠬᠠᠯᠳᠤᠨ᠎ᠠ ᠵᠦᠭ ᠶᠢᠰᠦᠨ ᠲᠡ ᠰᠥᠭᠥᠳᠴᠦ ᠥᠴᠢᠨ ᠰᠠᠴᠤᠯᠢ ᠰᠠᠴᠤᠪᠠ ᠲᠡᠳᠦᠢ ᠬᠡᠯᠡᠯᠡᠵᠦ ᠬᠡᠯᠡᠯᠴᠡᠵᠦ ᠲᠦᠮᠦᠵᠢᠨ ᠬᠠᠰᠠᠷ ᠪᠡᠯᠭᠦᠲᠡᠢ ᠭᠤᠷᠪᠠᠭᠤᠯᠠ ᠬᠡᠷᠡᠶᠢᠳ ᠦᠨ ᠣᠩ ᠬᠠᠭᠠᠨ ᠲᠤᠷ ᠲᠤᠭᠤᠯᠠᠨ ᠮᠥᠷᠡᠨ ᠦ ᠬᠠᠷᠠ ᠲᠦᠨᠰᠢᠭᠤᠢ᠎ᠡ ᠪᠦᠬᠦᠢ ᠲᠦᠷ ᠣᠳᠴᠤ ᠥᠭᠦᠯᠡᠷᠦᠨ ᠭᠤᠷᠪᠠᠨ ᠮᠡᠷᠭᠡᠳ ᠭᠡᠨᠡᠨ ᠪᠦᠬᠦᠢ ᠳᠦᠷ
tende γurban Merged maγad buyu ger=tür=iyen qaribasu esebesü kemen qoyina=ača Belgütei Boγorči Jelm=e γurban=i γurban qonoγ taγulju Merged=i kögelgejü Tümüjin Burqan-Qaldun=a degere=eče baγuju ebčigüben mökölidčü ögüler=ün # Qonoγčin eke=yi solongγ=a bolju sonosqu=yin tula ün=e bolju üjeküyin tula bütün bey=e buruγuγud=un bögey=e mör=tü buγu=yin orom oromlaju burγasun ger gerlen Burqan-Qaldun=a degere γaruluγ=a bi # γaγča amin=iyan qayiralan qara mör=tü qandaγai=yin orom oromlan qalγasun ger gerlen Qaldun=a degere γarba bi # Burqan-Qaldun=a bögesün=ü tedüi amin=iyan buljiγuldaba Qaldun=a-Burqan=a qariyači=yin tedüi amin=iyan qalγalaγdaba bi edüge Burqan-Qaldun=i manaγar büri maniyasun üdesi büri üjisügei uruγ=un uruγ minu uqatuγai kemen naran esergü büse=ben küjügün=tegen elgüjü malaγ=a=yi γar=tur=iyan segeldürčü γar=iyan ebüdüg=tür=iyen daruju Qaldun=a jüg yisün=te sögödčü öčin sačuli sačuba tedüi kelelejü (kelelčejü) Tümüjin Qasar Belgütei γurbaγula Kereyid=ün Ong-qaγan=tur Tuγulan-mören=ü Qara-Tün(siγui)=e büküi=tür odču ögülerün γurban Merged genen büküi=dür
25b
ᠢᠷᠡᠵᠦ ᠡᠮ᠎ᠡ ᠬᠥᠪᠡᠭᠦᠳ ᠢ ᠮᠢᠨᠤ ᠲᠠᠭᠤᠯᠢᠵᠤ ᠣᠳᠪᠠ ᠬᠠᠭᠠᠨ ᠡᠴᠢᠭᠡ ᠮᠢᠨᠤ ᠠᠪᠤᠷᠠᠵᠤ ᠡᠮ᠎ᠡ ᠬᠥᠪᠡᠭᠦᠳ ᠢ ᠬᠥᠳᠡᠯᠵᠦ ᠨᠡᠭᠦᠯᠭᠡᠵᠦ ᠥᠭᠲᠦᠭᠡᠢ ᠬᠡᠮᠡᠨ ᠢᠷᠡᠪᠡ ᠪᠢ ᠬᠡᠮᠡᠪᠡᠰᠦ ᠲᠡᠷᠡ ᠦᠭᠡ ᠶᠢᠨ ᠬᠠᠷᠢᠭᠤ ᠲᠣᠭᠣᠷᠢᠯ ᠣᠩ ᠬᠠᠭᠠᠨ ᠥᠭᠦᠯᠡᠷ ᠦᠨ ᠪᠢ ᠤᠷᠢᠳᠠ ᠴᠢᠮᠠᠳᠤᠷ ᠡᠰᠡ ᠬᠦ ᠥᠭᠦᠯᠡᠯᠦᠭᠡᠢ ᠦᠦ ᠪᠤᠯᠭᠠᠨ ᠳᠠᠬᠤ ᠠᠪᠴᠤ ᠢᠷᠡᠷᠦᠨ ᠡᠴᠢᠭᠡ ᠶᠢᠨ ᠴᠠᠭ ᠤᠨ ᠠᠨᠳᠠ ᠬᠡᠮᠡᠯᠳᠦᠭᠰᠡᠨ ᠡᠴᠢᠭᠡ ᠮᠢᠨᠤ ᠪᠤᠢ ᠵ᠎ᠠ ᠬᠡᠮᠡᠨ ᠡᠮᠦᠰᠭᠡᠯ ᠡᠮᠦᠰᠭᠡᠭᠳᠡᠪᠡᠰᠦ ᠲᠡᠨᠳᠡ ᠪᠢ ᠥᠭᠦᠯᠡᠷ ᠦᠨ ᠪᠤᠯᠭᠠᠨ ᠳᠠᠬᠤ ᠶᠢᠨ ᠴᠢᠨ ᠤ ᠬᠠᠷᠢᠭᠤ ᠪᠤᠲᠠᠷᠠᠭᠰᠠᠨ ᠤᠯᠤᠰ ᠢ ᠴᠢᠨ ᠤ ᠪᠦᠲᠦᠭᠡᠯᠳᠦᠵᠦ ᠥᠭᠰᠦᠭᠡᠢ ᠬᠠᠷᠠ ᠪᠤᠯᠭᠠᠨ ᠳᠠᠬᠤ ᠶᠢᠨ ᠴᠢᠨᠤ ᠬᠠᠷᠢᠭᠤ ᠬᠠᠭᠠᠴᠠᠭᠰᠠᠨ ᠤᠯᠤᠰ ᠢ ᠴᠢᠨᠤ ᠬᠠᠮᠲᠤᠳᠬᠠᠵᠤ ᠥᠭᠰᠦ ᠬᠡᠮᠡᠨ ᠴᠡᠭᠡᠷᠡ ᠶᠢᠨ ᠵᠡᠭᠡᠷ᠎ᠡ ᠴᠡᠭᠡᠵᠢᠨ ᠪᠥᠭᠡᠷ ᠡᠲᠠᠤᠯᠠᠢ ᠶᠢᠨ ᠪᠥᠭᠰᠡᠨ ᠲᠦᠷ ᠠᠲᠤᠭᠠᠢ ᠡᠰᠡ ᠬᠦ ᠬᠡᠮᠡᠯᠦᠭᠡᠢ ᠦᠦ ᠪᠢ ᠡᠳᠦᠭᠡ ᠲᠡᠷᠡ ᠦᠭᠡᠨ ᠲᠦᠷ ᠢᠶᠡᠨ ᠬᠦᠷᠴᠦ ᠪᠤᠯᠭᠠᠨ ᠳᠠᠬᠤ ᠶᠢᠨ ᠴᠢᠨᠤ ᠬᠠᠷᠢᠭᠤ ᠪᠦᠭᠦᠳᠡ ᠮᠡᠷᠭᠡᠳ ᠢ ᠪᠦᠷᠡᠯᠲᠡᠯᠡ ᠠᠭᠤᠯᠵᠤ ᠪᠥᠷᠲᠡ ᠦᠵᠢᠨ ᠢ ᠴᠢᠨᠤ ᠨᠡᠬᠡᠭᠦᠯᠵᠦ ᠥᠭᠰᠦ ᠬᠠᠷᠠ ᠪᠤᠯᠭᠠᠨ ᠳᠠᠬᠤ ᠶᠢᠨ ᠴᠢᠨᠤ ᠬᠠᠷᠢᠭᠤ ᠬᠠᠮᠤᠭ ᠮᠡᠷᠭᠡᠳ ᠢ ᠬᠠᠯᠲᠠᠴᠢᠵᠤ ᠬᠠᠲᠤᠨ ᠪᠥᠷᠲᠡ ᠶᠢ ᠴᠢᠨᠤ ᠬᠠᠷᠢᠭᠤᠯᠵᠤ ᠠᠪᠴᠤ ᠢᠷᠡᠰᠦ ᠪᠢᠳᠠ ᠴᠢ ᠵᠠᠮᠤᠬ᠎ᠠ ᠳᠡᠭᠦᠦ ᠲᠡ ᠬᠡᠯᠡ ᠭᠡᠵᠦ ᠢᠯᠡᠭᠡᠪᠡ ᠵᠠᠮᠤᠬ᠎ᠠ ᠳᠡᠭᠦᠦ ᠡᠳᠦᠭᠡ ᠬᠣᠷᠬᠣᠭ ᠵᠢᠭᠦᠷ᠎ᠡ ᠪᠤᠢ ᠵ᠎ᠠ ᠪᠢ ᠡᠨᠳᠡ ᠡᠴᠡ ᠬᠣᠶᠠᠷ ᠲᠦᠮᠡᠨ ᠪᠣᠯᠵᠤ ᠵᠡᠭᠦᠨ ᠭᠠᠷ ᠪᠣᠯᠤᠨ ᠮᠣᠷᠢᠯᠠᠰᠤ ᠵᠠᠮᠤᠬ᠎ᠠ ᠳᠡᠭᠦᠦ ᠲᠡᠨᠳᠡᠴᠡ ᠬᠣᠶᠠᠷ ᠲᠦᠮᠡᠨ ᠪᠣᠯᠵᠤ ᠪᠠᠷᠠᠭᠤᠨ ᠭᠠᠷ ᠪᠣᠯᠤᠨ ᠮᠣᠷᠢᠯᠠᠲᠤᠭᠠᠢ ᠪᠢᠳᠠᠨ ᠤ ᠪᠣᠯᠵᠠᠭ᠎ᠠ ᠵᠠᠮᠤᠬ᠎ᠠ ᠳᠡᠭᠦᠦ ᠲᠡᠴᠡ ᠪᠣᠯᠲᠤᠭᠠᠢ ᠬᠡᠮᠡᠪᠡ
irejü em=e köbegüd=i minu taγuliju odba qaγan ečige minu aburaju em=e köbegüd=i ködeljü negülgejü ögtügei kemen irebe bi kemebesü tere üge=yin qariγu Toγoril-ong-qaγan ögüler=ün bi urida čimadur ese kü ögülelügei üü bulγan daqu abču irerün ečige=yin čaγ=un anda kemeldügsen ečige minu bui j=a kemen emüsgel emüsgegdebesü tende bi ögüler=ün bulγan daqu=yin čin=u qariγu butaraγsan ulus=i čin=u bütügeldüjü ögsügei qara bulγan daqu=yin činu qariγu qaγačaγsan ulus=i činu qamtudqaju ögsü kemen čegere=yin (jeger=e) čegejin böger=e(taulai)=yin bögsen=tür atuγai ese kü kemelügei üü bi edüge tere ügen=tür=iyen kürčü bulγan daqu=yin činu qariγu bügüde Merged=i büreltele aγulju Börte-Üjin=i činu nekegüljü ögsü qara bulγan daqu=yin činu qariγu qamuγ Merged=i qaltačiju qatun Börte=yi činu qariγulju abču iresü bida či Jamuq=a degüü=te kele gejü ilegebe Jamuq=a degüü (edüge) Qorqoγ-Jigür=e bui j=a bi ende=eče qoyar tümen bolju jegün γar bolun morilasu Jamuq=a degüü tendeče qoyar tümen bolju baraγun γar bolun morilatuγai bidan=u boljaγ=a Jamuq=a degüü=teče boltuγai kemebe
26a
ᠲᠡᠳᠦᠢ ᠲᠦᠮᠦᠵᠢᠨ ᠬᠠᠰᠠᠷ ᠲᠣᠭᠣᠷᠢᠯ ᠬᠠᠭᠠᠨ ᠠᠴᠠ ᠬᠠᠷᠢᠵᠤ ᠢᠷᠡᠵᠦ ᠭᠡᠷ ᠲᠦᠷ ᠢᠶᠡᠨ ᠬᠦᠷᠴᠦ ᠲᠦᠮᠦᠵᠢᠨ ᠵᠠᠮᠤᠬ ᠠ ᠲᠤᠷ ᠬᠠᠰᠠᠷ ᠪᠡᠯᠭᠦᠲᠡᠢ ᠬᠣᠶᠠᠷ ᠢ ᠢᠯᠡᠭᠡᠷ ᠦᠨ ᠵᠠᠮᠤᠬ᠎ᠠ ᠠᠨᠳᠠ ᠲᠤᠷ ᠬᠦᠷᠴᠦ ᠥᠭᠦᠯᠡ ᠬᠡᠮᠡᠨ ᠥᠭᠦᠯᠡᠵᠦ ᠢᠯᠡᠭᠡᠷ ᠦᠨ ᠭᠤᠷᠪᠠᠨ ᠮᠡᠷᠭᠡᠳ ᠢᠷᠡᠵᠦ ᠥᠷᠥ ᠪᠡᠨ ᠣᠭᠲᠠᠷᠬᠤ ᠡᠪᠡᠳᠬᠦ ᠪᠣᠯᠪᠠ ᠪᠢ ᠥᠮᠡᠭ ᠨᠢᠭᠡᠲᠡᠨ ᠪᠤᠰᠤᠭᠤ ᠪᠢᠳᠠ ᠥᠰᠢᠯ ᠢᠶᠡᠨ ᠬᠡᠷ ᠥᠰᠢᠬᠦ ᠪᠢᠳᠠ ᠡᠪᠦᠷ ᠢᠶᠡᠨ ᠡᠮᠲᠡᠯᠳᠡᠪᠡ ᠪᠢ ᠡᠯᠢᠭᠡᠨ ᠦ ᠤᠷᠤᠭ ᠪᠤᠰᠤᠭᠤ ᠪᠢᠳᠠ ᠠᠴᠢ ᠶᠤᠭᠠᠨ ᠬᠡᠷ ᠠᠪᠬᠤᠨ ᠪᠢᠳᠠ ᠬᠡᠮᠡᠵᠦ ᠵᠠᠮᠤᠬ ᠠ ᠲᠠ ᠥᠭᠦᠯᠡᠵᠦ ᠢᠯᠡᠭᠡᠭᠰᠡᠨ ᠦᠭᠡ ᠡᠳᠦᠢ ᠪᠤᠶᠤ ᠪᠠᠰᠠ ᠬᠡᠷᠡᠶᠢᠳ ᠦᠨ ᠲᠣᠭᠣᠷᠢᠯ ᠣᠩ ᠬᠠᠭᠠᠨ ᠤ ᠥᠭᠦᠯᠡᠭᠰᠡᠨ ᠦᠭᠡ ᠶᠢ ᠵᠠᠮᠤᠬ ᠠ ᠲᠠ ᠢᠯᠡᠭᠡᠷᠦᠨ ᠡᠷᠲᠡ ᠡᠳᠦᠢ ᠶᠢᠰᠦᠬᠡᠢ ᠬᠠᠭᠠᠨ ᠡᠴᠢᠭᠡ ᠢᠨᠤ ᠲᠤᠰᠠ ᠰᠠᠶᠢᠨ ᠬᠢᠭᠰᠡᠨ ᠢ ᠰᠡᠳᠬᠢᠵᠦ ᠪᠢ ᠬᠣᠶᠠᠷ ᠲᠦᠮᠡᠨ ᠪᠣᠯᠵᠤ ᠪᠠᠷᠠᠭᠤᠨ ᠭᠠᠷ ᠪᠣᠯᠤᠨ ᠮᠣᠷᠢᠯᠠᠰᠤ ᠵᠠᠮᠤᠬ᠎ᠠ ᠳᠡᠭᠦᠦ ᠲᠡ ᠬᠡᠯᠡᠯᠡᠵᠦ ᠢᠯᠡᠭᠡ ᠵᠠᠮᠤᠬ᠎ᠠ ᠳᠡᠭᠦᠦ ᠬᠣᠶᠠᠷ ᠲᠦᠮᠡᠳ ᠵᠡᠭᠦᠨ ᠭᠠᠷ ᠪᠣᠯᠤᠨ ᠮᠣᠷᠢᠯᠠᠲᠤᠭᠠᠢ ᠬᠠᠮᠲᠤᠳᠬᠤ ᠪᠣᠯᠵᠣᠭᠠ ᠵᠠᠮᠤᠬ᠎ᠠ ᠳᠡᠭᠦᠦ ᠲᠡᠴᠡ ᠪᠣᠯᠲᠤᠭᠠᠢ ᠬᠡᠮᠡᠪᠡ ᠬᠡᠮᠡᠪᠡᠰᠦ ᠡᠳᠡ ᠦᠭᠡᠰ ᠢ ᠳᠠᠭᠤᠰᠭᠠᠨ ᠪᠠᠷᠠᠵᠤ ᠵᠠᠮᠤᠬ᠎ᠠ ᠥᠭᠦᠯᠡᠷ ᠦᠨ ᠲᠦᠮᠦᠵᠢᠨ ᠠᠨᠳᠠ ᠶᠢᠨ ᠥᠷᠥ ᠣᠭᠲᠠᠷᠬᠤ ᠡᠪᠡᠳᠬᠦ ᠪᠣᠯᠪᠠ ᠬᠡᠮᠡᠨ ᠮᠡᠳᠡᠵᠦ ᠥᠷᠥ ᠮᠢᠨᠤ ᠡᠪᠡᠳᠪᠡ ᠡᠪᠦᠷ ᠡᠮᠲᠡᠷᠢᠪᠡ ᠬᠡᠮᠡᠨ ᠮᠡᠳᠡᠵᠦ ᠡᠯᠢᠭᠡ ᠮᠢᠨᠤ ᠡᠪᠡᠳᠪᠡ ᠥᠰᠢᠯ ᠢᠶᠡᠨ ᠥᠰᠢᠨ ᠤᠳᠤᠶᠢᠳ ᠤᠭᠠᠰ ᠮᠡᠷᠭᠡᠳ ᠢ ᠦᠯᠢᠳᠬᠡᠵᠦ ᠦᠵᠢᠨ ᠪᠥᠷᠲᠡ ᠶᠢ ᠠᠪᠤᠷᠠᠶ᠎ᠠ ᠬᠠᠮᠤᠭ ᠠᠰᠠᠬᠤᠨ ᠮᠡᠷᠭᠡᠳ ᠢ ᠬᠠᠯᠲᠠᠴᠢᠵᠤ ᠬᠠᠲᠤᠨ ᠪᠥᠷᠲᠡ ᠦᠵᠢᠨ ᠢ ᠬᠠᠷᠢᠭᠤᠯᠠᠨ ᠠᠪᠤᠷᠠᠶ᠎ᠠ ᠠᠴᠢ ᠶᠤᠭᠠᠨ
tedüi Tümüjin Qasar Toγoril-qaγan=ača qariju irejü ger=tür=iyen kürčü Tümüjin Jamuq=a=tur , Qasar , Belgütei , qoyar=i ileger=ün Jamuq=a anda=tur kürčü ögüle kemen ögülejü ileger=ün # γurban Merged irejü örö=ben oγtarqu (ebedkü) bolba bi ömeg nigeten busuγu bida ösil=iyen ker ösikü bida # ebür=iyen emteldebe bi eligen=ü uruγ busuγu bida ači=yuγan ker abqun bida kemejü Jamuq=a=ta ögülejü ilegegsen üge edüi buyu basa Kereyid=ün Toγoril-ong-qaγan=u ögülegsen üge=yi Jamuq=a=ta ilegerün erte edüi Yisükei qaγan ečige inu tusa sayin kigsen=i sedkijü bi qoyar tümen bolju baraγun γar bolun morilasu Jamuq=a degüü=te kelelejü ilege Jamuq=a degüü qoyar tümed jegün γar bolun morilatuγai qamtudqu boljoγa Jamuq=a degüü=teče boltuγai kemebe kemebesü ede üges=i daγusγan baraju Jamuq=a ögüler=ün Tümüjin anda=yin örö oγtarqu (ebedkü) bolba kemen medejü örö minu ebedbe ebür emteribe kemen medejü elige minu ebedbe ösil=iyen ösin Uduyid , Uγas-Merged=i ülidkejü Üjin-Börte=yi aburay=a # qamuγ Asaqun-Merged=i qaltačiju qatun Börte-Üjin=i qariγulan aburay=a ači=yuγan
26b
ᠠᠪᠤᠷᠠᠨ ᠡᠳᠦᠭᠡ ᠭᠥᠯᠮᠡ ᠢᠶᠡᠨ ᠳᠠᠪᠰᠢᠬᠤᠢ ᠲᠤᠷ ᠬᠡᠩᠭᠡᠷᠭᠡ ᠶᠢᠨ ᠳᠠᠭᠤᠨ ᠪᠣᠯᠭᠠᠵᠤ ᠬᠥᠬᠡᠳᠡᠭ ᠲᠣᠭᠲᠠᠬ᠎ᠠ ᠪᠤᠭᠤᠷ ᠠ ᠬᠡᠭᠡᠷ᠎ᠡ ᠪᠤᠢ ᠵ᠎ᠠ ᠬᠤᠢ ᠳᠠᠶᠢᠪᠠᠯᠵᠤᠬᠤᠢ ᠲᠤᠷ ᠳᠠᠶᠢᠵᠢᠭᠴᠢ ᠳᠠᠶᠢᠷ ᠤᠰᠤᠨ ᠢᠷᠡᠨ ᠰᠡᠯᠡᠩᠭᠡ ᠬᠣᠶᠠᠷ ᠤᠨ ᠵᠠᠭᠤᠷ ᠠ ᠲᠤ ᠰᠢᠭᠠᠵᠢᠬ ᠠ ᠲᠠ ᠳᠠᠯᠤᠨᠬᠥᠳᠥᠭᠡ ᠠᠷᠠᠯ᠎ᠠ ᠪᠤᠢ ᠵ᠎ᠠ ᠬᠠᠮᠬᠠᠭᠤᠯᠰᠤᠨ ᠬᠡᠶᠢᠰᠬᠦᠢ ᠲᠦᠷ ᠬᠠᠷᠠ ᠣᠢ ᠲᠡᠮᠡᠴᠡᠭᠴᠢ ᠬᠠᠭᠠᠲᠠᠢ ᠳᠠᠷᠮᠠᠯᠠ ᠡᠳᠦᠭᠡ ᠬᠠᠷᠠᠴᠤ ᠬᠡᠭᠡᠷ᠎ᠡ ᠪᠤᠢ ᠵ᠎ᠠ ᠡᠳᠦᠭᠡ ᠪᠢᠳᠠ ᠲᠥᠳᠥᠯᠡᠨ ᠰᠢᠯᠬᠤ ᠮᠥᠷᠡᠨ ᠣᠷᠣᠵᠤ ᠰᠠᠭᠠᠯ ᠪᠠᠶᠠᠨ ᠡᠰᠡᠨ ᠠᠲᠤᠭᠠᠢ ᠰᠠᠯ ᠤᠶᠠᠵᠤ ᠣᠷᠣᠶ᠎ᠠ ᠲᠡᠷᠡ ᠬᠥᠬᠡᠳᠡᠭ ᠲᠣᠭᠲᠠᠬ ᠠ ᠶᠢᠨ ᠡᠷᠦᠭᠡ ᠳᠡᠭᠡᠷᠡ ᠡᠴᠡ ᠢᠨᠤ ᠣᠷᠣᠵᠤ ᠡᠷᠬᠡᠨ ᠡᠬᠡ ᠲᠡ ᠢᠨᠤ ᠡᠮᠪᠦᠷᠦ ᠳᠠᠭᠠᠷᠢᠵᠤ ᠡᠮ᠎ᠡ ᠬᠥᠪᠡᠭᠦᠳ ᠢ ᠢᠨᠤ ᠡᠴᠦᠯᠲᠡᠯᠡ ᠠᠭᠤᠯᠤᠶ᠎ᠠ ᠬᠤᠲᠤᠭ ᠡᠬᠡ ᠲᠡ ᠢᠨᠤ ᠬᠤᠭᠤᠷᠤ ᠳᠠᠭᠠᠷᠢᠵᠤ ᠬᠣᠲᠠᠯᠠ ᠤᠯᠤᠰ ᠢ ᠢᠨᠤ ᠬᠣᠭᠣᠰᠤᠨ ᠪᠣᠯᠲᠠᠯᠠ ᠠᠭᠤᠯᠤᠶ᠎ᠠ ᠵᠠᠮᠤᠬ᠎ᠠ ᠪᠠᠰᠠ ᠥᠭᠦᠯᠡᠷᠦᠨ ᠲᠦᠮᠦᠵᠢᠨ ᠠᠨᠳᠠ ᠲᠣᠭᠣᠷᠢᠯ ᠬᠠᠭᠠᠨ ᠠᠬ᠎ᠠ ᠬᠣᠶᠠᠷ᠎ᠠ ᠥᠭᠦᠯᠡ ᠬᠡᠮᠡᠨ ᠥᠭᠦᠯᠡᠵᠦ ᠢᠯᠡᠭᠡᠷ ᠦᠨ ᠬᠠᠷᠠᠭᠠ ᠲᠤ ᠲᠤᠭ ᠢᠶᠠᠨ ᠰᠠᠴᠤᠪᠠ ᠪᠢ ᠬᠠᠷᠠ ᠪᠤᠭ ᠠ ᠶᠢᠨ ᠠᠷᠠᠰᠤᠨ ᠢᠶᠠᠷ ᠪᠦᠷᠢᠭᠰᠡᠨ ᠪᠦᠷᠬᠢᠷᠡᠨ ᠪᠦᠬᠦᠢ ᠳᠠᠭᠤ ᠲᠤ ᠬᠡᠩᠭᠡᠷᠭᠡ ᠪᠡᠨ ᠳᠡᠯᠡᠳᠪᠡ ᠪᠢ ᠬᠠᠷᠠ ᠬᠤᠷᠳᠤᠨ ᠢᠶᠠᠨ ᠤᠨᠤᠪᠠ ᠪᠢ ᠬᠠᠲᠠᠭᠤ ᠳᠡᠭᠡᠯ ᠢᠶᠡᠨ ᠡᠮᠦᠰᠪᠡ ᠪᠢ ᠬᠠᠲᠠᠨ ᠵᠢᠳᠠ ᠪᠠᠨ ᠪᠠᠷᠢᠪᠠ ᠪᠢ ᠬᠠᠳᠬᠤᠷ ᠠ ᠲᠤ ᠰᠤᠮᠤ ᠪᠠᠨ ᠥᠳᠦᠯᠡᠪᠡ ᠪᠢ ᠬᠠᠯᠠᠬᠤᠨ ᠮᠡᠷᠭᠡᠳ ᠲᠦᠷ ᠬᠠᠳᠬᠤᠯᠳᠤᠨ ᠮᠣᠷᠢᠯᠠᠶ᠎ᠠ ᠡᠳᠦᠭᠡ ᠪᠥᠭᠡᠳ ᠬᠡᠮᠡᠨ ᠥᠭᠦᠯᠡ ᠤᠷᠲᠤ ᠬᠠᠷᠠᠭᠠ ᠲᠤ ᠲᠤᠭ ᠢᠶᠠᠨ ᠰᠠᠴᠤᠪᠠ ᠪᠢ ᠦᠬᠡᠷ ᠦᠨ
aburan edüge gölme=iyen dabsiqui=tur kenggerge=yin daγun bolγaju kökedeg Toγtaq=a Buγur=a-keger=e bui j=a qui dayibaljuqui=tur dayijiγči Dayir-Usun iren Selengge qoyar=un jaγur=a=tu Siγa(jiq=a)=ta Dalun(ködöge)-aral=a bui j=a qamqaγulsun keyisküi=tür qara oi temečegči Qaγatai-Darmala edüge Qaraču-keger=e bui j=a edüge bida tödölen Silqu-mören oroju saγal bayan esen atuγai sal uyaju oroy=a tere kökedeg Toγtaq=a=yin erüge degere=eče inu oroju erken eke=te inu embürü daγariju em=e köbegüd=i inu ečültele aγuluy=a qutuγ eke=te inu quγuru daγariju qotala ulus=i inu qoγosun boltala aγuluy=a # Jamuq=a basa ögülerün Tümüjin anda Toγoril-qaγan aq=a qoyar=a ögüle kemen ögülejü ileger=ün qaraγa=tu tuγ=iyan sačuba bi qara buγ=a=yin arasun=iyar bürigsen bürkiren büküi daγu=tu kenggerge=ben deledbe bi qara qurdun=iyan unuba bi qataγu degel=iyen emüsbe bi qatan jida=ban bariba bi qadqur=a=tu sumu=ban ödülebe bi qalaqun Merged=tür qadquldun morilay=a edüge böged kemen ögüle # urtu qaraγa=tu tuγ=iyan sačuba bi üker=ün
27a
ᠠᠷᠠᠰᠤᠨ ᠢᠶᠠᠷ ᠪᠦᠷᠢᠭᠰᠡᠨ ᠥᠳᠬᠡᠨ ᠳᠠᠭᠤ ᠲᠤ ᠬᠡᠩᠭᠡᠷᠭᠡ ᠪᠡᠨ ᠳᠡᠯᠡᠳᠪᠡ ᠪᠢ ᠣᠷᠣᠭ ᠬᠤᠷᠳᠤᠨ ᠢᠶᠠᠨ ᠤᠨᠤᠪᠠ ᠪᠢ ᠦᠳᠡᠭᠡᠰᠦᠲᠦ ᠬᠤᠶᠠᠭ ᠢᠶᠠᠨ ᠡᠮᠦᠰᠪᠡ ᠪᠢ ᠦᠬᠡᠷ ᠲᠦ ᠢᠯᠳᠦ ᠪᠡᠨ ᠪᠠᠷᠢᠪᠠ ᠪᠢ ᠣᠨᠢᠲᠤ ᠰᠤᠮᠤ ᠪᠠᠨ ᠣᠨᠢᠯᠠᠪᠠ ᠪᠢ ᠤᠳᠤᠶᠢᠳ ᠮᠡᠷᠭᠡᠳ ᠲᠦᠷ ᠦᠬᠦᠯᠳᠦᠶ᠎ᠡ ᠪᠢ ᠪᠥᠭᠡᠳ ᠬᠡᠮᠡᠨ ᠥᠭᠦᠯᠡ ᠲᠣᠭᠣᠷᠢᠯ ᠬᠠᠭᠠᠨ ᠠᠬ᠎ᠠ ᠮᠣᠷᠢᠯᠠᠷ ᠤᠨ ᠪᠤᠷᠬᠠᠨ ᠬᠠᠯᠳᠤᠨ ᠤ ᠡᠪᠦᠷ ᠢᠶᠡᠷ ᠲᠦᠮᠦᠵᠢᠨ ᠠᠨᠳᠠ ᠶᠢ ᠲᠠ ᠣᠨᠠᠨ ᠮᠥᠷᠡᠨ ᠦ ᠲᠡᠷᠢᠭᠦᠨ᠎ᠡ ᠪᠣᠲᠣᠬᠠᠨ ᠪᠣᠭᠣᠷᠴᠢ ᠳᠠ ᠪᠣᠯᠵᠠᠭᠠᠯ ᠪᠣᠯᠵᠠᠶ᠎ᠠ ᠲᠡᠨᠳᠡ ᠪᠣᠯᠲᠤᠭᠠᠢ ᠪᠢ ᠡᠨᠳᠡ ᠡᠴᠡ ᠣᠨᠠᠨ ᠮᠥᠷᠡᠨ ᠥᠭᠡᠳᠡ ᠪᠣᠲᠣᠬᠠᠨ ᠪᠣᠭᠣᠷᠴᠢ ᠲᠠ ᠪᠣᠯᠵᠠᠭᠠᠯ ᠭᠠᠵᠠᠷ᠎ᠠ ᠨᠡᠶᠢᠯᠡᠯᠳᠦᠶ᠎ᠡ ᠬᠡᠮᠡᠨ ᠥᠭᠦᠯᠡᠵᠦ ᠢᠯᠡᠭᠡᠪᠡ ᠵᠠᠮᠤᠬ ᠠ ᠶᠢᠨ ᠡᠳᠡ ᠦᠭᠡᠰ ᠢ ᠢᠨᠤ ᠬᠠᠰᠠᠷ ᠪᠡᠯᠭᠦᠲᠡᠢ ᠬᠣᠶᠠᠷ ᠲᠦᠮᠦᠵᠢᠨ᠎ᠡ ᠥᠭᠦᠯᠡᠵᠦ ᠲᠣᠭᠣᠷᠢᠯ ᠣᠩ ᠬᠠᠭᠠᠨ᠎ᠠ ᠬᠡᠯᠡ ᠬᠦᠷᠭᠡᠪᠡᠢ ᠲᠣᠭᠣᠷᠢᠯ ᠬᠠᠭᠠᠨ ᠵᠠᠮᠤᠬ ᠠ ᠶᠢᠨ ᠡᠳᠡ ᠦᠭᠡᠰ ᠢ ᠬᠦᠷᠭᠡᠭᠦᠯᠦᠭᠡᠳ ᠰᠠᠴᠠ ᠬᠣᠶᠠᠷ ᠲᠦᠮᠡᠳ ᠲᠦᠮᠡᠨ ᠴᠡᠷᠢᠭ ᠦᠳ ᠮᠣᠷᠢᠯᠠᠪᠠᠢ ᠲᠣᠭᠣᠷᠢᠯ ᠬᠠᠭᠠᠨ ᠮᠣᠷᠢᠯᠠᠷ ᠤᠨ ᠪᠤᠷᠬᠠᠨ ᠬᠠᠯᠳᠤᠨ ᠤ ᠡᠪᠦᠷ ᠬᠡᠷᠦᠯᠡᠨ ᠦ ᠪᠦᠷᠭᠡ ᠡᠷᠭᠢᠨ ᠵᠣᠷᠢᠨ ᠠᠶᠢᠰᠤᠢ ᠬᠡᠮᠡᠨ ᠲᠦᠮᠦᠵᠢᠨ ᠪᠦᠷᠭᠡ ᠡᠷᠭᠢ ᠳᠡ ᠪᠦᠷᠦᠨ ᠮᠥᠷ ᠲᠦᠷ ᠪᠤᠢ ᠬᠡᠮᠡᠨ ᠵᠠᠶᠢᠯᠠᠪᠠ ᠲᠦᠩᠭᠦᠯᠢᠭ ᠥᠭᠡᠳᠡ ᠨᠡᠭᠦᠵᠦ ᠲᠠᠭ ᠭᠣᠷᠣᠬᠠᠨ᠎ᠠ ᠪᠤᠷᠬᠠᠨ ᠬᠠᠯᠳᠤᠨ ᠤ ᠡᠪᠦᠷ᠎ᠡ ᠪᠤᠭᠤᠵᠤ ᠲᠦᠮᠦᠵᠢᠨ ᠲᠡᠨᠳᠡ ᠴᠡᠷᠢᠭ ᠡᠭᠦᠰᠭᠡᠵᠦ ᠲᠣᠭᠣᠷᠢᠯ ᠬᠠᠭᠠᠨ ᠤ ᠵᠢᠬ ᠠ ᠭᠠᠮᠪᠤᠤ ᠨᠢᠭᠡᠨ ᠲᠦᠮᠡᠨ ᠲᠣᠭᠣᠷᠢᠯ ᠬᠠᠭᠠᠨ ᠨᠢᠭᠡᠨ ᠲᠦᠮᠡᠨ ᠬᠢᠮᠤᠷᠬ ᠠ ᠭᠣᠷᠣᠬᠠᠨ᠎ᠠ ᠠᠶᠢᠯ ᠬᠠᠷᠠᠯᠳᠠ ᠪᠠᠭᠤᠵᠤ ᠪᠦᠬᠦᠢ ᠲᠦᠷ ᠨᠡᠶᠢᠯᠡᠨ ᠪᠠᠭᠤᠪᠠᠢ ᠲᠦᠮᠦᠵᠢᠨ
arasun=iyar bürigsen ödken daγu=tu kenggerge=ben deledbe bi oroγ qurdun=iyan unuba bi üdegesütü quyaγ=iyan emüsbe bi üker=tü ildü=ben bariba bi onitu sumu=ban onilaba bi Uduyid Merged=tür üküldüy=e bi böged kemen ögüle # Toγoril-qaγan aq=a morilar=un Burqan-Qaldun=u ebür=iyer Tümüjin anda=yi ta Onan-mören=ü terigün=e Botoqan=Boγorči=da boljaγal (boljay=a) tende boltuγai bi ende=eče Onan-mören ögede Botoqan=Boγorči=ta boljaγal γajar=a neyileldüy=e kemen ögülejü ilegebe Jamuq=a=yin ede üges=i inu Qasar Belgütei qoyar Tümüjin=e ögülejü Toγoril-ong-qaγan=a kele kürgebei Toγoril-qaγan Jamuq=a=yin ede üges=i kürgegülüged sača qoyar tümed (tümen čerig=üd) morilabai Toγoril-qaγan morilar=un Burqan-Qaldun=u ebür Kerülen=ü Bürge-ergin jorin ayisui kemen Tümüjin Bürge-ergi=de bürün mör=tür bui kemen jayilaba Tünggülig ögede negüjü Taγ-γoroqan=a Burqan-Qaldun=u ebür=e buγuju Tümüjin tende čerig egüsgejü Toγoril-qaγan=u Jiq=a-Gambuu nigen tümen Toγoril-qaγan nigen tümen Kimurq=a-γoroqan=a ayil qaralda baγuju büküi=tür neyilen baγubai Tümüjin
27b
ᠲᠣᠭᠣᠷᠢᠯ ᠬᠠᠭᠠᠨ ᠵᠢᠬ ᠠ ᠭᠠᠮᠪᠤᠤ ᠭᠤᠷᠪᠠᠭᠤᠯᠠ ᠬᠠᠮᠲᠤᠳᠴᠤ ᠲᠡᠨᠳᠡᠴᠡ ᠬᠥᠳᠡᠯᠵᠦ ᠣᠨᠠᠨ ᠤ ᠲᠡᠷᠢᠭᠦᠨ ᠪᠣᠲᠣᠬᠠᠨ ᠪᠣᠭᠣᠷᠴᠢ ᠲᠠ ᠬᠦᠷᠪᠡᠰᠦ ᠵᠠᠮᠤᠬ᠎ᠠ ᠪᠣᠯᠵᠠᠭᠠᠯ ᠭᠠᠵᠠᠷ᠎ᠠ ᠭᠤᠷᠪᠠᠨ ᠡᠳᠦᠷ ᠤᠷᠢᠳᠠ ᠬᠦᠷᠵᠦᠬᠦᠢ ᠵᠠᠮᠤᠬ᠎ᠠ ᠡᠳᠡ ᠲᠦᠮᠦᠵᠢᠨ ᠲᠣᠭᠣᠷᠢᠯ ᠬᠠᠭᠠᠨ ᠵᠠᠭ ᠠ ᠭᠠᠮᠪᠤᠤ ᠲᠠᠨ ᠤ ᠴᠢᠷᠢᠭ ᠦᠳ ᠢ ᠦᠵᠡᠭᠡᠳ ᠵᠠᠮᠤᠬ᠎ᠠ ᠬᠣᠶᠠᠷ ᠲᠦᠮᠡᠨ ᠴᠡᠷᠢᠭ ᠢᠶᠡᠨ ᠵᠠᠰᠠᠵᠤ ᠪᠠᠶᠢᠵᠤᠬᠤᠢ ᠡᠳᠡ ᠪᠡᠷ ᠲᠦᠮᠦᠵᠢᠨ ᠲᠣᠭᠣᠷᠢᠯ ᠵᠠᠬ ᠠ ᠭᠠᠮᠪᠤᠤ ᠲᠠᠨ ᠴᠡᠷᠢᠭ ᠦᠳ ᠢᠶᠡᠨ ᠵᠠᠰᠠᠭᠠᠳ ᠬᠦ ᠮᠣᠷᠢᠯᠠᠨ ᠵᠢᠴᠢ ᠨᠡᠶᠢᠯᠡᠯᠳᠦᠵᠦ ᠲᠠᠨᠢᠯᠳᠤᠵᠤ ᠵᠠᠮᠤᠬ᠎ᠠ ᠥᠭᠦᠯᠡᠷ ᠦᠨ ᠪᠣᠷᠣᠭᠠᠨ ᠪᠠᠷ ᠪᠥᠭᠡᠰᠦ ᠪᠣᠯᠵᠠᠭᠠᠯᠪᠣᠯᠵᠢᠶᠠᠨ ᠲᠤᠷ ᠬᠤᠷᠠ ᠪᠠᠷ ᠪᠥᠭᠡᠰᠦ ᠬᠤᠷᠠᠯ ᠲᠤᠷ ᠪᠦᠦ ᠬᠣᠵᠢᠳᠠᠶ᠎ᠠ ᠡᠰᠡ ᠬᠦ ᠬᠡᠮᠡᠯᠦᠭᠡᠢ ᠦᠦ ᠬᠡᠮᠡᠨ ᠡᠰᠡ ᠬᠡᠯᠡᠪᠡᠢ ᠦᠦ ᠪᠢᠳᠠ ᠮᠣᠩᠭᠣᠯ ᠵ᠎ᠠ ᠠᠨᠳᠠᠭᠠᠷ ᠲᠠᠨ ᠪᠤᠰᠤᠭᠤ ᠪᠢᠰᠢᠦ ᠬᠣᠵᠢᠭᠳᠠᠭᠰᠠᠨ ᠢ ᠵᠡᠷᠭᠡ ᠳᠡᠳᠡ ᠭᠠᠷᠭᠠᠶ᠎ᠠ ᠬᠡᠮᠡᠨ ᠬᠦ ᠡᠰᠡ ᠬᠦ ᠬᠡᠮᠡᠯᠦᠭᠡᠢ ᠦᠦ ᠥᠭᠦᠯᠡᠪᠡᠦ ᠬᠡᠮᠡᠪᠡ ᠵᠠᠮᠤᠬ ᠠ ᠶᠢᠨ ᠡᠨᠡ ᠦᠭᠡ ᠲᠦᠷ ᠲᠣᠭᠣᠷᠢᠯ ᠬᠠᠭᠠᠨ ᠥᠭᠦᠯᠡᠷᠦᠨ ᠪᠣᠯᠵᠠᠭᠠᠯ ᠭᠠᠵᠠᠷ᠎ᠠ ᠭᠤᠷᠪᠠᠨ ᠡᠳᠦᠷ ᠬᠣᠵᠢᠳ ᠪᠣᠯᠪᠠ ᠬᠡᠮᠡᠨ ᠭᠤᠲᠤᠭᠤᠯᠬᠤ ᠶᠢ ᠳᠣᠷᠣᠶᠢᠲᠠᠭᠤᠯᠬᠤ ᠴᠢᠮᠠᠷᠯᠠᠬᠤ ᠶᠢ ᠪᠤᠷᠤᠭᠤᠰᠢᠶᠠᠬᠤᠢ ᠵᠠᠮᠤᠬ᠎ᠠ ᠳᠡᠭᠦᠦ ᠮᠡᠳᠡᠲᠦᠭᠡᠢ ᠬᠡᠮᠡᠪᠡ ᠪᠣᠯᠵᠠᠭᠠᠯ ᠤᠨ ᠪᠣᠯᠵᠢᠶᠠᠨ ᠤ ᠴᠢᠮᠠᠷ ᠵᠢᠮ᠎ᠠ ᠡᠳᠦᠢ ᠪᠣᠯᠭᠠᠨ ᠥᠭᠦᠯᠡᠯᠳᠦᠵᠦ ᠪᠣᠲᠣᠬᠠᠨ ᠪᠣᠭᠣᠷᠴᠢ ᠲᠠᠴᠠ ᠬᠥᠳᠡᠯᠵᠦ ᠬᠢᠯᠭᠣ ᠮᠥᠷᠡᠨ᠎ᠡ ᠬᠦᠷᠴᠦ ᠰᠠᠯ ᠤᠶᠠᠵᠤ ᠭᠡᠲᠦᠯᠦᠭᠡᠳ ᠪᠤᠭᠤᠷ ᠠ ᠬᠡᠭᠡᠷ᠎ᠡ ᠲᠣᠭᠲᠠᠬ ᠠ ᠪᠡᠬᠢ ᠶᠢᠨ ᠡᠷᠦᠭᠡ ᠳᠡᠭᠡᠷᠡ ᠡᠴᠡ ᠡᠷᠬᠢᠨ ᠡᠬᠡ ᠳᠡ ᠢᠨᠤ ᠡᠮᠪᠦᠷᠦ ᠳᠠᠭᠠᠷᠢᠵᠤ ᠡᠮ᠎ᠡ ᠬᠥᠪᠡᠭᠦᠳ ᠢ ᠢᠨᠤ ᠡᠴᠦᠯᠲᠡᠯᠡ ᠲᠠᠭᠤᠯᠢᠪᠠᠢ ᠬᠤᠲᠤᠭ ᠡᠬᠡ ᠲᠡ ᠢᠨᠤ ᠬᠤᠭᠤᠶᠤ ᠳᠠᠭᠠᠷᠢᠵᠤ ᠬᠣᠲᠠᠯᠠ ᠤᠯᠤᠰ ᠢ ᠢᠨᠤ ᠬᠣᠭᠣᠰᠤᠨ ᠪᠣᠯᠲᠠᠯᠠ ᠲᠠᠭᠤᠯᠢᠪᠠᠢ ᠲᠣᠭᠲᠠᠬ ᠠ ᠪᠡᠬᠢ ᠶᠢ
Toγoril-qaγan Jiq=a-Gambuu γurbaγula qamtudču tendeče ködeljü Onan=u terigün Botoqan=Boγorči=ta kürbesü Jamuq=a boljaγal γajar=a γurban edür urida kürjüküi Jamuq=a ede Tümüjin Toγoril-qaγan Jaγ=a-Gambuu=tan=u čirig=üd=i üjeged Jamuq=a qoyar tümen čerig=iyen jasaju bayijuqui ede=ber Tümüjin Toγoril Jaq=a-Gambuu=tan čerig=üd=iyen jasaγad kü morilan jiči neyileldüjü tanilduju Jamuq=a ögüler=ün boroγan=bar bögesü boljaγal(boljiyan)=tur qura=bar bögesü qural=tur büü qojiday=a ese kü kemelügei üü (kemen ese kelebei üü) bida Mongγol j=a andaγar=tan busuγu (bisiü) qojiγdaγsan=i jerge dede γarγay=a (kemen) kü ese kü kemelügei üü (ögülebeü) kemebe Jamuq=a=yin ene üge=tür Toγoril-qaγan ögülerün boljaγal γajar=a γurban edür qojid bolba kemen γutuγulqu=yi (doroyitaγulqu) čimarlaqu=yi (buruγusiyaqui) Jamuq=a degüü medetügei kemebe boljaγal=un (boljiyan=u) čimar (jim=a) edüi bolγan ögüleldüjü Botoqan=Boγorči=tača ködeljü Kilγo-mören=e kürčü sal uyaju getülüged Buγur=a-keger=e Toγtaq=a-beki=yin erüge degere=eče # erkin eke=de inu embürü daγariju em=e köbegüd=i inu ečültele taγulibai qutuγ eke=te inu quγuyu daγariju qotala ulus=i inu qoγosun boltala taγulibai # Toγtaq=a-beki=yi
28a
ᠬᠡᠪᠲᠡᠭᠡ ᠪᠥᠭᠡᠲᠡᠯᠡ ᠬᠦᠷᠬᠦᠢ ᠪᠥᠯᠦᠭᠡ ᠬᠢᠯᠭᠣ ᠮᠥᠷᠡᠨ᠎ᠡ ᠪᠦᠬᠦᠨ ᠵᠢᠭᠠᠰᠤᠴᠢᠨ ᠪᠤᠯᠭᠠᠭᠴᠢᠨ ᠭᠥᠷᠥᠭᠡᠴᠢᠨ ᠲᠠᠯᠪᠢᠭᠰᠠᠨ ᠲᠡᠷᠡ ᠵᠢᠰᠤᠨ ᠵᠠᠮᠠᠨ  ᠳᠤᠷ ᠱᠥᠨᠢ ᠳᠥᠯᠢᠨ ᠣᠳ ᠴᠤᠬᠤᠢ ᠲᠡᠷᠡ ᠬᠡᠯᠡᠨ ᠬᠦᠷᠭᠡᠭᠦᠯᠦᠭᠡᠳ ᠤᠳᠤᠶᠢᠳ ᠮᠡᠷᠭᠡᠳ ᠦᠨ ᠲᠣᠭᠲᠠᠬ ᠠ ᠪᠡᠬᠢ ᠤᠭᠠᠰ ᠮᠡᠷᠭᠡᠳ ᠦᠨ ᠳᠠᠶᠢᠷ ᠤᠰᠤᠨ ᠬᠣᠶᠠᠷ ᠬᠠᠮᠲᠤᠳᠴᠤ ᠬᠢᠯᠡᠩᠭᠡ ᠰᠡᠯᠡᠩᠭᠡ ᠤᠷᠤᠭᠤ ᠴᠥᠬᠡᠨ ᠪᠡᠶᠡᠰ ᠢᠶᠡᠨ ᠳᠤᠲᠠᠭᠠᠨ ᠪᠤᠷᠤᠭᠤᠳᠴᠤᠭᠤᠢ ᠮᠡᠷᠭᠡᠳ ᠤᠯᠤᠰ ᠬᠡᠯᠭᠡᠢ ᠤᠷᠤᠭᠤ ᠱᠥᠨᠢ ᠳᠡ ᠳᠥᠷᠪᠡᠵᠦ ᠶᠠᠪᠤᠬᠤᠢ ᠲᠤᠷ ᠪᠢᠳᠠᠨ ᠤ ᠴᠡᠷᠢᠭ ᠦᠳ ᠳᠥᠷᠪᠡᠵᠦ ᠶᠠᠪᠤᠬᠤᠨ ᠮᠡᠷᠭᠡᠳ ᠢ ᠱᠥᠨᠢ ᠳᠡ ᠬᠦ ᠲᠠᠭᠤᠯᠢᠨ ᠳᠣᠪᠲᠣᠯ ᠤᠨ ᠲᠠᠯᠠᠨ ᠶᠠᠪᠤᠬᠤᠢ ᠲᠤᠷ ᠲᠦᠮᠦᠵᠢᠨ ᠳᠥᠷᠪᠡᠵᠦ ᠠᠶᠢᠰᠤᠬᠤᠨ ᠢᠷᠡᠭᠰᠡᠨ ᠢᠷᠭᠡᠨ ᠲᠦᠷ ᠪᠥᠷᠲᠡ ᠪᠥᠷᠲᠡ ᠬᠡᠮᠡᠨ ᠳᠠᠭᠤᠳᠠᠵᠤ ᠶᠠᠪᠤᠬᠤᠢ ᠲᠤᠷ ᠤᠴᠢᠷᠠᠵᠤ ᠪᠥᠷᠲᠡ ᠦᠵᠢᠨ ᠲᠡᠳᠡ ᠳᠥᠷᠪᠡᠭᠦᠯᠵᠢᠨ ᠢᠷᠭᠡᠨ ᠲᠦᠷ ᠪᠦᠬᠦᠢ ᠲᠦᠮᠦᠵᠢᠨ ᠢ ᠳᠠᠭᠤ ᠰᠣᠨᠣᠰᠴᠤ ᠲᠠᠨᠢᠵᠤ ᠲᠡᠷᠭᠡᠨ ᠡᠴᠡ ᠪᠠᠭᠤᠭᠠᠳ ᠭᠦᠶᠢᠵᠦ ᠢᠷᠡᠵᠦ ᠪᠥᠷᠲᠡ ᠦᠵᠢᠨ ᠬᠣᠨᠣᠭᠴᠢᠨ ᠬᠣᠶᠠᠷ ᠲᠦᠮᠦᠵᠢᠨ ᠢ ᠵᠢᠯᠣᠭᠠ ᠴᠤᠯᠪᠤᠭᠤᠷ ᠠᠴᠠ ᠪᠠᠷᠢᠵᠤᠬᠤᠢ ᠰᠠᠷᠠᠭᠤᠷ ᠡᠳᠦᠷ ᠪᠥᠯᠦᠭᠡ ᠦᠵᠡᠪᠡᠰᠦ ᠪᠥᠷᠲᠡ ᠦᠵᠢᠨ ᠢ ᠲᠠᠨᠢᠵᠤ ᠲᠡᠪᠡᠷᠢᠯᠳᠦᠨ ᠵᠣᠯᠭᠠᠯᠳᠤᠪᠠᠢ ᠲᠡᠨᠳᠡ ᠲᠦᠮᠦᠵᠢᠨ ᠪᠡᠷ ᠲᠣᠭᠣᠷᠢᠯ ᠬᠠᠭᠠᠨ ᠵᠠᠮᠤᠬ᠎ᠠ ᠬᠣᠶᠠᠷ᠎ᠠ ᠮᠥᠨ ᠱᠥᠨᠢ ᠪᠥᠭᠡᠳ ᠥᠭᠦᠯᠡᠵᠦ ᠢᠯᠡᠭᠡᠷ ᠦᠨ ᠡᠷᠢᠬᠦ ᠬᠡᠷᠡᠭ ᠢᠶᠡᠨ ᠣᠯᠪᠠ ᠪᠢ ᠱᠥᠨᠢ ᠪᠦᠦ ᠳᠥᠯᠢᠶ᠎ᠡ ᠡᠨᠳᠡ ᠪᠠᠭᠤᠶ᠎ᠠ ᠪᠢᠳᠠ ᠬᠡᠮᠡᠵᠦ ᠢᠯᠡᠭᠡᠪᠡᠢ ᠮᠡᠷᠭᠡᠳ ᠦᠨ ᠤᠯᠤᠰ ᠤᠨ ᠳᠥᠷᠪᠢᠵᠦ ᠠᠰᠤᠬᠤᠢᠷᠡᠬᠦᠢ ᠶᠢ ᠱᠥᠨᠢ ᠳᠡ ᠰᠠᠨᠳᠤᠷᠴᠤ ᠵᠠᠭᠤᠷᠠ ᠮᠥᠨ ᠲᠡᠨᠳᠡ ᠪᠠᠭᠤᠵᠤ ᠬᠣᠨᠣᠪᠠᠢ ᠪᠥᠷᠲᠡ ᠦᠵᠢᠨ ᠢᠶᠡᠨ ᠵᠣᠯᠭᠠᠯᠳᠤᠵᠤ
kebtege bögetele kürküi bölüge Kilγo-mören=e bükün jiγasučin bulγaγčin görögečin talbiγsan tere jisun jaman (=dur) šöni dölin od=čuqui tere kelen kürgegülüged Uduyid Merged=ün Toγtaq=a-beki Uγas-Merged=ün Dayir-Usun qoyar qamtudču Kilengge Selengge uruγu čöken beyes=iyen dutaγan buruγudčuγui Merged ulus Kelgei uruγu šöni=de dörbejü yabuqui=tur bidan=u čerig=üd dörbejü yabuqun Merged=i šöni=de kü taγulin (dobtol=un) talan yabuqui=tur Tümüjin dörbejü ayisuqun (iregsen) irgen=tür Börte Börte kemen daγudaju yabuqui=tur učiraju Börte-Üjin tede dörbegüljin irgen=tür büküi Tümüjin=i daγu sonosču taniju tergen=eče baγuγad güyijü irejü Börte-Üjin Qonoγčin qoyar Tümüjin=i jiloγa čulbuγur=ača barijuqui saraγur (edür) bölüge üjebesü Börte-Üjin=i taniju teberildün jolγaldubai tende Tümüjin=ber Toγoril-qaγan Jamuq=a qoyar=a mön šöni böged ögülejü ileger=ün erikü kereg=iyen olba bi šöni büü döliy=e ende baγuy=a bida kemejü ilegebei Merged=ün ulus=un dörbijü asuqu(ireküi)=yi šöni=de sandurču jaγura mön tende baγuju qonobai Börte-Üjin=iyen jolγalduju
28b
ᠮᠡᠷᠭᠡᠳ ᠡᠴᠡ ᠠᠪᠤᠭᠰᠠᠨ ᠶᠣᠰᠤᠨ ᠡᠶᠢᠮᠦ ᠪᠤᠶᠤ ᠲᠡᠷᠢᠭᠦᠨ ᠤᠷᠢᠳᠠ ᠤᠳᠤᠶᠢᠳ ᠮᠡᠷᠭᠡᠳ ᠦᠨ ᠲᠣᠭᠲᠠᠬ ᠠ ᠪᠡᠬᠢ ᠤᠭᠠᠰ ᠮᠡᠷᠭᠡᠳ ᠦᠨ ᠳᠠᠶᠢᠷ ᠤᠰᠤᠨ ᠠᠰᠠᠬᠤᠨ ᠮᠡᠷᠭᠡᠳ ᠦᠨ ᠬᠠᠭᠠᠲᠠᠢ ᠳᠠᠷᠮᠠᠯᠠ ᠡᠳᠡ ᠭᠤᠷᠪᠠᠨ ᠮᠡᠷᠭᠡᠳ ᠡᠬᠢᠯᠡᠨ ᠭᠤᠷᠪᠠᠨ ᠵᠠᠭᠤᠨ ᠠᠷᠠᠨ ᠬᠦᠮᠦᠨ ᠡᠳᠦᠷ ᠢᠶᠡᠷ ᠲᠣᠭᠲᠠᠬ ᠠ ᠶᠢᠨ ᠳᠡᠭᠦ ᠶᠡᠬᠡ ᠴᠢᠯᠡᠳᠦ ᠡᠴᠡ ᠶᠢᠰᠦᠬᠡᠢ ᠪᠠᠭᠠᠲᠤᠷ ᠥᠭᠡᠯᠡᠨ ᠢ ᠪᠤᠯᠢᠶᠠᠭᠳᠤᠵᠤ ᠪᠤᠯᠢᠶᠠᠵᠤ ᠠᠪᠲᠠᠯᠠᠢ ᠠᠪᠤᠪᠠᠢ ᠬᠡᠮᠡᠨ ᠲᠡᠭᠦᠨ ᠢ ᠥᠰᠢᠯ ᠥᠰᠢᠶ᠎ᠡ ᠠᠴᠢᠷᠠᠨ ᠠᠪᠤᠷ᠎ᠠ ᠣᠳᠴᠤ ᠲᠦᠮᠦᠵᠢᠨ ᠢ ᠪᠤᠷᠬᠠᠨ ᠬᠠᠯᠳᠤᠨ ᠠ ᠲᠠ ᠭᠤᠷᠪᠠᠨ ᠲᠠ ᠬᠣᠵᠢᠭᠤᠯᠬᠤᠢᠳᠣᠪᠲᠣᠯ ᠤᠨ ᠬᠥᠭᠡᠬᠦᠢ ᠳᠤᠷ ᠪᠥᠷᠲᠡ ᠦᠵᠢᠨ ᠢ ᠲᠡᠨᠳᠡ ᠥᠷᠥᠰᠴᠦ ᠪᠠᠷᠢᠵᠤ ᠴᠢᠯᠡᠳᠦ ᠶᠢᠨ ᠳᠡᠭᠦ ᠴᠢᠯᠭᠡᠷ ᠪᠥᠬᠡᠳᠡ ᠠᠰᠠᠷᠠᠭᠤᠯᠤᠭᠰᠠᠨ ᠠᠵᠤᠬᠤ ᠲᠡᠷᠡ ᠠᠰᠠᠷᠠᠭᠰᠠᠪᠠᠷ ᠠᠨᠤ ᠴᠢᠯᠭᠡᠷ ᠪᠥᠬᠡ ᠳᠠᠶᠢᠵᠢᠵᠤ ᠭᠠᠷ ᠤᠨ ᠥᠭᠦᠯᠡᠷᠦᠨ ᠬᠠᠷᠠ ᠬᠡᠷᠢᠶ᠎ᠡ ᠬᠠᠯᠢᠰᠤ ᠬᠥᠷᠢᠰᠦ ᠢᠳᠡᠬᠦ ᠶᠣᠰᠤᠲᠤ ᠪᠥᠭᠡᠲᠡᠯᠡ ᠭᠠᠯᠠᠭᠤᠨ ᠲᠣᠭᠣᠷᠤᠭᠤᠳ ᠢ ᠢᠳᠡᠰᠦ ᠬᠡᠮᠡᠨ ᠵᠠᠰᠠᠨ ᠠᠵᠤᠬᠤ ᠬᠠᠳᠠᠷ ᠮᠠᠭᠤ ᠴᠢᠯᠭᠡᠷ ᠬᠠᠲᠤᠨ ᠦᠵᠢᠨ ᠲᠦᠷ ᠬᠠᠯᠠᠬᠤ ᠪᠣᠯᠤᠨ ᠬᠠᠮᠤᠭ ᠮᠡᠷᠭᠡᠳ᠎ᠡ ᠪᠤᠷᠤᠭᠤ ᠪᠣᠯᠭᠠᠪᠠ ᠬᠠᠷᠠᠴᠤ ᠮᠠᠭᠤ ᠴᠢᠯᠭᠡᠷ ᠬᠠᠷᠠ ᠲᠡᠷᠢᠭᠦᠨ ᠲᠦᠷ ᠢᠶᠡᠨ ᠬᠦᠷᠲᠡᠬᠦ ᠪᠣᠯᠪᠠ ᠭᠠᠭᠴᠠᠬᠠᠨ ᠠᠮᠢᠨ ᠢᠶᠠᠨ ᠬᠤᠷᠭᠠᠯᠠᠨ ᠬᠠᠷᠰᠤ ᠬᠠᠪᠴᠢᠯᠠ ᠰᠢᠷᠭᠤᠰᠤ ᠬᠠᠯᠬ᠎ᠠ ᠬᠡᠨ ᠪᠣᠯᠳᠠᠬᠤᠶᠤ ᠪᠣᠯᠤᠮᠤᠬᠤ ᠬᠤᠯᠠᠲᠤ ᠮᠠᠭᠤ ᠰᠢᠪᠠᠭᠤᠨ ᠬᠤᠯᠤᠭᠤᠨ᠎ᠠ ᠭᠦᠴᠦᠭᠦᠨ᠎ᠡ ᠢᠳᠡᠬᠦ ᠵᠠᠶᠠᠭᠠᠲᠤ ᠪᠥᠭᠡᠲᠡᠯᠡ ᠬᠤᠨ ᠲᠣᠭᠣᠷᠤᠭᠤᠳ ᠢᠳᠡᠰᠦ ᠬᠡᠮᠡᠨ ᠵᠠᠰᠠᠨ ᠠᠵᠤᠬᠤ ᠬᠣᠶᠠᠷ ᠮᠠᠭᠤ ᠪᠢ ᠴᠢᠯᠭᠡᠷ ᠬᠤᠲᠤᠭ ᠲᠠᠢ ᠰᠤᠲᠠᠢ ᠦᠵᠢᠨ᠎ᠡ ᠬᠤᠷᠢᠴᠠᠵᠤ ᠡᠷᠢᠬᠦ ᠪᠣᠯᠤᠨ ᠬᠣᠲᠠᠯᠠ ᠮᠡᠷᠭᠡᠳ᠎ᠡ ᠪᠤᠷᠤᠭᠤ ᠪᠣᠯᠪᠠ ᠬᠣᠬᠢᠷ ᠮᠠᠭᠤ ᠴᠢᠯᠭᠡᠷ ᠬᠣᠬᠢᠮᠠᠢ ᠲᠡᠷᠢᠭᠦᠨ ᠲᠦᠷ ᠢᠶᠡᠨ ᠬᠦᠷᠲᠡᠬᠦ ᠪᠣᠯᠪᠠ ᠪᠢ ᠬᠣᠭᠣᠰᠤᠨ ᠤ ᠬᠤᠭᠤᠷᠰᠤᠨ ᠤ
Merged=eče abuγsan yosun eyimü buyu # terigün urida Uduyid-Merged=ün Toγtaq=a-beki Uγas-Merged=ün Dayir-Usun Asaqun-Merged=ün Qaγatai-Darmala ede γurban Merged ekilen γurban jaγun aran (kümün) edür=iyer Toγtaq=a=yin degü Yeke-Čiledü=eče Yisükei-baγatur Ögelen=i buliyaγduju (buliyaju) abtalai (abubai) kemen tegün=i ösil (ösiy=e) ačiran (abur=a) odču Tümüjin=i Burqan-Qaldun=a=ta γurban=ta qojiγulqui(dobtol=un kögeküi)=dur Börte-Üjin=i tende örösčü (bariju) Čiledü=yin degü Čilger-Bökede asaraγuluγsan ajuqu tere asaraγsabar anu Čilger-Böke dayijiju γar=un ögülerün # qara keriy=e qalisu körisü idekü yosutu bögetele γalaγun toγoruγud=i idesü kemen jasan ajuqu qadar maγu Čilger qatun Üjin=tür qalaqu bolun qamuγ Merged=e buruγu bolγaba qaraču maγu Čilger qara terigün=tür=iyen kürtekü bolba γaγčaqan amin=iyan qurγalan qarsu qabčila sirγusu qalq=a ken boldaquyu (bolumuqu) # qulatu maγu sibaγun quluγun=a güčügün=e idekü jayaγatu bögetele qun toγoruγud idesü kemen jasan ajuqu qoyar maγu bi Čilger qutuγ=tai sutai Üjin=e quričaju erikü bolun qotala Merged=e buruγu bolba qokir maγu Čilger qokimai terigün=tür=iyen kürtekü bolba bi qoγosun=u (quγursun=u)
29a
ᠲᠡᠳᠦᠢ ᠠᠮᠢᠨ ᠢᠶᠠᠨ ᠬᠣᠷᠢᠭᠠᠳ ᠬᠤᠷᠠᠭᠲᠤ ᠬᠠᠷᠠᠩᠭᠤᠢ ᠬᠠᠪᠴᠢᠯ᠎ᠠ ᠰᠢᠷᠭᠤᠨ ᠳᠠᠯᠳᠠᠯᠠᠰᠤ ᠬᠣᠭᠣᠰᠤᠨᠬᠤᠭᠤᠷᠰᠤᠨ ᠤ ᠲᠡᠳᠦᠢ ᠠᠮᠢᠨ ᠢ ᠮᠢᠨᠤ ᠬᠣᠷᠢᠨ ᠬᠡᠨ ᠡᠯᠡ ᠪᠣᠯᠭᠠᠶᠤ ᠪᠣᠯᠭᠠᠮᠤ ᠬᠡᠮᠡᠭᠡᠳ ᠳᠠᠶᠢᠵᠢᠨ ᠳᠤᠲᠠᠭᠠᠵᠤ ᠬᠠᠭᠠᠲᠠᠢ ᠳᠠᠷᠮᠠᠯᠠ ᠶᠢ ᠡᠷᠦᠰᠪᠡ ᠥᠷᠥᠪᠡ ᠬᠣᠯᠴᠢᠷ ᠲᠤ ᠬᠠᠪᠲᠠᠰᠤᠨ ᠪᠠᠬᠤ ᠡᠮᠦᠰᠭᠡᠵᠦ ᠬᠠᠯᠲᠠᠴᠠᠵᠤ ᠵᠣᠷᠴᠢᠭᠤᠯᠪᠠᠢ ᠶᠠᠪᠤᠭᠤᠯᠪᠠᠢ ᠪᠡᠯᠭᠦᠲᠡᠢ ᠡᠬᠡ ᠶᠦᠭᠡᠨ ᠠᠪᠤᠷ᠎ᠠ ᠣᠳᠴᠤ ᠭᠡᠷ ᠲᠦᠷ ᠢᠨᠤ ᠪᠠᠷᠠᠭᠤᠨ ᠡᠭᠦᠳᠡ ᠪᠡᠷ ᠣᠷᠣᠬᠤᠢ ᠯᠤᠭᠠ ᠡᠬᠡ ᠢᠨᠤ ᠨᠠᠪᠲᠠᠷᠬᠠᠢ ᠨᠡᠬᠡᠢ ᠳᠡᠭᠡᠯ ᠲᠡᠢ ᠵᠡᠭᠦᠨ ᠡᠭᠦᠳᠡ ᠪᠡᠷ ᠭᠠᠷᠤᠭᠠᠳ ᠪᠤᠰᠤ ᠬᠦᠮᠦᠨ᠎ᠡ ᠥᠭᠦᠯᠡᠷ ᠦᠨ ᠬᠥᠪᠡᠭᠦᠳ ᠮᠢᠨᠤ ᠬᠠᠳ ᠪᠣᠯᠵᠤᠬᠤ ᠬᠡᠮᠡᠭᠳᠡᠮᠦᠢ ᠪᠢ ᠡᠨᠳᠡ ᠮᠠᠭᠤ ᠬᠦᠮᠦᠨ ᠲᠦᠷ ᠤᠴᠠᠷᠠᠵᠤ ᠠᠮᠤ ᠬᠥᠪᠡᠭᠦᠳ ᠢᠶᠡᠨ ᠴᠢᠷᠠᠢ ᠬᠡᠷ ᠦᠵᠡᠬᠦ ᠬᠡᠮᠡᠭᠡᠳ ᠭᠦᠶᠢᠵᠦ ᠰᠢᠭᠤᠢ ᠣᠢ ᠲᠤᠷ ᠰᠢᠷᠭᠤᠵᠤᠬᠤᠢ ᠲᠡᠳᠦᠢ ᠡᠰᠡ ᠣᠯᠳᠠᠯᠤᠭ᠎ᠠ ᠪᠡᠯᠭᠡᠲᠡᠢ ᠨᠣᠶᠠᠨ ᠮᠡᠷᠭᠡᠳ ᠲᠡᠢ ᠶᠢᠨ ᠬᠦᠮᠦᠨ ᠢ ᠦᠵᠡᠪᠡᠰᠦ ᠡᠬᠡ ᠶᠢ ᠮᠢᠨᠤ ᠠᠪᠴᠤ ᠢᠷ᠎ᠡ ᠬᠡᠮᠡᠵᠦ ᠬᠣᠲᠠᠯᠢᠳᠬᠤ ᠪᠥᠯᠦᠭᠡ ᠣᠯᠠᠨ᠎ᠠ ᠳᠠᠭᠤᠷᠢᠰᠬᠠᠪᠠ ᠪᠤᠷᠬᠠᠨ ᠬᠠᠯᠳᠤᠨ ᠠ ᠲᠤᠷ ᠬᠣᠴᠢᠯᠳᠤᠭᠰᠠᠨ ᠳᠣᠪᠲᠣᠯᠤᠭᠰᠠᠨ ᠭᠤᠷᠪᠠᠨ ᠵᠠᠭᠤᠨ ᠮᠡᠷᠭᠡᠳ ᠢ ᠤᠷᠤᠭ ᠤᠨ ᠤᠷᠤᠭ᠎ᠠ ᠬᠦᠷᠲᠡᠯᠡ ᠦᠨᠡᠰᠦ ᠪᠡᠷ ᠬᠡᠶᠢᠰᠭᠡᠨ ᠦᠯᠢᠳᠬᠡᠪᠡᠢ ᠦᠯᠡᠭᠰᠡᠨ ᠡᠮ᠎ᠡ ᠬᠥᠪᠡᠭᠦᠨ ᠢ ᠠᠨᠤ ᠡᠪᠦᠷᠢᠳᠬᠦ ᠠᠰᠠᠷᠠᠬᠤ ᠮᠡᠲᠦᠰ ᠢ ᠡᠪᠦᠷᠢᠳᠪᠡᠢ ᠠᠰᠠᠷᠠᠪᠠᠢ ᠡᠭᠦᠳᠡᠨ ᠲᠦᠷ ᠰᠠᠭᠤᠯᠭᠠᠬᠤᠨ ᠮᠡᠲᠦᠰ ᠢ ᠡᠭᠦᠳᠡᠨ ᠲᠦᠷ ᠢᠶᠡᠨ ᠣᠷᠣᠭᠤᠯᠪᠠᠢ ᠲᠣᠭᠣᠷᠢᠯ ᠬᠠᠭᠠᠨ ᠵᠠᠮᠤᠬ᠎ᠠ ᠬᠣᠶᠠᠷ ᠢ ᠲᠦᠮᠦᠵᠢᠨ ᠪᠢᠰᠢᠷᠡᠨ ᠥᠭᠦᠯᠡᠷ ᠦᠨ ᠬᠠᠭᠠᠨ ᠡᠴᠢᠭᠡ ᠮᠢᠨᠤ ᠵᠠᠮᠤᠬ᠎ᠠ ᠠᠨᠳᠠ ᠬᠣᠶᠠᠭᠤᠯᠠ ᠨᠥᠬᠥᠴᠡᠭᠳᠡᠵᠦ ᠲᠩᠷᠢ ᠭᠠᠵᠠᠷ᠎ᠠ ᠬᠦᠴᠦ ᠠᠤᠭ᠎ᠠ ᠨᠡᠮᠡᠭᠳᠡᠨ ᠡᠷᠬᠡᠲᠦ ᠲᠩᠷᠢ ᠳᠡ ᠨᠡᠷᠡᠶᠢᠳᠴᠦ ᠡᠬᠡ ᠡᠲᠦᠬᠡᠨ᠎ᠡ
tedüi amin=iyan qoriγad quraγtu qarangγui qabčil=a sirγun daldalasu qoγosun(quγursun)=u tedüi amin=i minu qorin ken ele bolγayu (bolγamu) kemeged dayijin dutaγaju Qaγatai-Darmala=yi erüsbe (öröbe) qolčir=tu qabtasun baqu emüsgejü qaltačaju jorčiγulbai (yabuγulbai) Belgütei eke=yügen abur=a odču ger=tür inu baraγun egüde=ber oroqui=luγa eke inu nabtarqai nekei degel=tei jegün egüde=ber γaruγad busu kümün=e ögüler=ün köbegüd minu qad boljuqu kemegdemüi bi ende maγu kümün=tür učaraju amu köbegüd=iyen čirai ker üjekü kemeged güyijü siγui oi=tur sirγujuqui tedüi ese oldaluγ=a Belgetei-noyan Merged=tei=yin kümün=i üjebesü eke=yi minu abču ir=e kemejü qotalidqu bölüge (olan=a daγurisqaba) Burqan-Qaldun=a=tur qočilduγsan (dobtoluγsan) γurban jaγun Merged=i uruγ=un uruγ=a kürtele ünesü=ber keyisgen ülidkebei ülegsen em=e köbegün=i anu ebüridkü (asaraqu) metüs=i ebüridbei (asarabai) egüden=tür saγulγaqun metüs=i egüden=tür=iyen oroγulbai Toγoril-qaγan Jamuq=a qoyar=i Tümüjin bisiren ögüler=ün qaγan ečige minu Jamuq=a anda qoyaγula nököčegdejü tngri γajar=a küčü auγ=a nemegden erketü tngri=de nereyidčü eke etüken=e
29b
ᠬᠦᠷᠪᠡᠴᠦ ᠡᠷ᠎ᠡ ᠨᠡᠷᠡᠲᠦ ᠮᠡᠷᠭᠡᠳ ᠢᠷᠭᠡᠳ ᠢ ᠡᠪᠦᠷ ᠪᠠ ᠠᠨᠤ ᠣᠭᠲᠠᠷᠬᠤ ᠡᠪᠡᠴᠢᠲᠦ ᠪᠣᠯᠭᠠᠪᠠᠢ ᠠᠯᠢ ᠪᠠ ᠠᠨᠤ ᠡᠮᠲᠡᠯᠪᠡᠢ ᠪᠢᠳᠠ ᠥᠷᠥ ᠪᠠ ᠠᠨᠤ ᠣᠭᠲᠠᠷᠬᠤ ᠡᠪᠡᠴᠢᠨ ᠪᠣᠯᠭᠠᠪᠠᠢ ᠤᠷᠤᠭ ᠤᠨ ᠪᠠ ᠬᠦᠮᠦᠨ ᠢ ᠦᠯᠢᠳᠬᠡᠪᠡᠢ ᠪᠢᠳᠠ ᠦᠯᠡᠭᠰᠡᠨ ᠢ ᠪᠠ ᠠᠨᠤ ᠠᠷᠪᠢᠯᠠᠪᠠᠢ ᠪᠢᠳᠠ ᠮᠡᠷᠭᠡᠳ ᠢᠷᠭᠡᠨ ᠢ ᠲᠡᠳᠦᠢ ᠪᠤᠰᠠᠩᠭᠠᠵᠤ ᠨᠢᠴᠤᠶ᠎ᠠ ᠲᠠᠯᠬ᠎ᠠ ᠪᠣᠯᠭᠠᠵᠤ ᠬᠠᠷᠢᠶ᠎ᠠ ᠬᠡᠮᠡᠯᠳᠦᠪᠡᠢ ᠤᠳᠤᠶᠢᠳ ᠮᠡᠷᠭᠡᠳ ᠳᠥᠷᠪᠡᠷ ᠦᠨ ᠪᠤᠯᠠᠭᠠᠨ ᠮᠠᠯᠠᠭ ᠠ ᠲᠤ ᠮᠠᠷᠠᠯ ᠤᠨ ᠭᠣᠳᠣᠨ ᠭᠤᠲᠤᠯᠲᠤ ᠢᠯᠭᠡᠨ ᠵᠠᠷᠬᠠᠰ ᠤᠰᠤᠨ ᠤ ᠬᠠᠯᠢᠭᠤᠨ ᠬᠠᠯᠢᠭᠤᠯᠤᠭᠰᠠᠨ ᠬᠥᠪᠡᠭᠡᠯᠡᠭᠰᠡᠨ ᠳᠡᠭᠡᠯ ᠲᠦ ᠲᠠᠪᠤᠨ ᠨᠠᠰᠤᠲᠤ ᠬᠦᠴᠦ ᠨᠡᠷᠡᠲᠦ ᠨᠢᠳᠦᠨ ᠲᠦᠷ ᠢᠶᠡᠨ ᠭᠠᠯ ᠲᠤ ᠬᠥᠪᠡᠭᠦᠬᠡᠨ ᠢ ᠪᠢᠳᠠᠨ ᠤ ᠴᠢᠷᠢᠭ ᠦᠳ ᠨᠤᠲᠤᠭ ᠲᠤᠷ ᠬᠣᠴᠣᠷᠠᠭᠰᠠᠨ ᠢ ᠣᠯᠵᠤ ᠠᠪᠴᠢᠷᠠᠵᠤ ᠠᠪᠴᠤ ᠥᠭᠡᠯᠡᠨ ᠡᠬᠡ ᠳᠡ ᠰᠠᠳᠬ᠎ᠠ ᠲᠡᠵᠢᠶ᠎ᠡ ᠬᠡᠮᠡᠨ ᠥᠭᠪᠡ ᠲᠦᠮᠦᠵᠢᠨ ᠲᠣᠭᠣᠷᠢᠯ ᠬᠠᠭᠠᠨ ᠵᠠᠮᠤᠬ᠎ᠠ ᠭᠤᠷᠪᠠᠭᠤᠯᠠ ᠬᠠᠮᠲᠤᠳᠴᠤ ᠮᠡᠷᠭᠡᠳ ᠦᠨ ᠴᠣᠷᠬᠠᠨ ᠭᠡᠷ ᠴᠣᠬᠣᠷᠢᠯᠠᠵᠤ ᠴᠤᠭ ᠡᠮ᠎ᠡ ᠬᠥᠪᠡᠭᠦᠳ ᠢ ᠠᠷᠪᠢᠯᠠᠵᠤ ᠣᠷᠬᠣᠨ ᠰᠡᠯᠡᠩᠭᠡ ᠬᠣᠶᠠᠷ ᠤᠨ ᠰᠢᠨᠠᠶ᠎ᠠ ᠲᠠᠯᠠᠳ ᠠᠷᠠᠯᠬᠢᠬ᠎ᠠ ᠲᠠᠯᠠ ᠬᠥᠳᠡᠭᠡ ᠠᠴᠠ ᠢᠴᠦᠷᠦᠨ ᠬᠠᠷᠢᠪᠠᠢ ᠲᠦᠮᠦᠵᠢᠨ ᠵᠠᠮᠤᠬ᠎ᠠ ᠬᠣᠶᠠᠷ ᠬᠠᠮᠲᠤᠳᠴᠤ ᠬᠣᠷᠬᠣᠭ ᠵᠢᠪᠤᠷ ᠵᠣᠷᠢᠨ ᠢᠴᠦᠪᠡᠢ ᠲᠣᠭᠣᠷᠢᠯ ᠬᠠᠭᠠᠨ ᠢᠴᠦᠷ ᠦᠨ ᠪᠤᠷᠬᠠᠨ ᠬᠠᠯᠳᠤᠨ ᠢ ᠬᠡᠷᠦᠪᠡᠢ ᠦᠬᠡᠷ ᠲᠦ ᠵᠢᠪᠤᠷ ᠳᠠᠭᠠᠷᠢᠨ ᠬᠣᠭᠣᠷ ᠠ ᠲᠤ ᠡᠪᠡ ᠶᠢᠨ ᠤᠯᠢᠶ ᠠ ᠲᠤ ᠬᠠᠪᠴᠢᠯ ᠳᠠᠭᠠᠷᠢᠨ ᠭᠥᠷᠥᠭᠡᠳ ᠢ ᠢᠨᠤ ᠠᠪᠠᠯᠠᠭᠠᠳ ᠲᠤᠭᠤᠯᠠ ᠶᠢᠨ ᠬᠠᠷᠠ ᠲᠦᠨ ᠰᠢᠭᠤᠢ ᠵᠣᠷᠢᠨ ᠢᠴᠦᠪᠡᠢ ᠬᠠᠷᠢᠪᠠᠢ ᠲᠦᠮᠦᠵᠢᠨ ᠵᠠᠮᠤᠬ᠎ᠠ ᠬᠣᠶᠠᠷ ᠬᠣᠷᠬᠣᠭ ᠵᠢᠪᠤᠷ᠎ᠠ ᠨᠡᠶᠢᠯᠡᠨ ᠪᠠᠭᠤᠵᠤ ᠡᠷᠲᠡᠨ ᠦ ᠠᠨᠳᠠ ᠪᠣᠯᠤᠯᠴᠠᠭᠰᠠᠨ ᠢᠶᠠᠨ ᠳᠤᠷᠠᠳᠤᠯᠴᠢᠨ ᠠᠨᠳᠠ ᠳᠣᠩᠭᠣᠳᠤᠯᠳᠤᠨ ᠪᠣᠯᠬᠤᠶ᠎ᠠ ᠥᠭᠦᠯᠡᠨ ᠠᠮᠤᠷᠠᠯᠳᠤᠪᠠ ᠠᠩᠬ᠎ᠠ ᠤᠷᠢᠳᠠ ᠠᠨᠳᠠ ᠪᠣᠯᠤᠯᠴᠠᠷ ᠤᠨ ᠲᠦᠮᠦᠵᠢᠨ ᠠᠷᠪᠠᠨ ᠨᠢᠭᠡᠨ
kürbečü er=e neretü Merged irged=i ebür ba anu oγtarqu (ebečitü) bolγabai ali ba anu emtelbei bida örö ba anu oγtarqu (ebečin) bolγabai uruγ=un ba kümün=i ülidkebei bida ülegsen=i ba anu arbilabai bida Merged irgen=i tedüi busangγaju ničuy=a (talq=a bolγaju qariy=a) kemeldübei Uduyid Merged dörber=ün bulaγan malaγ=a=tu maral=un γodon γutultu ilgen jarqas usun=u qaliγun qaliγuluγsan (köbegelegsen) degel=tü tabun nasutu Küčü neretü nidün=tür=iyen γal=tu köbegüken=i bidan=u čirig=üd nutuγ=tur qočoraγsan=i olju abčiraju (abču) Ögelen eke=de sadq=a (tejiy=e) kemen ögbe Tümüjin Toγoril-qaγan Jamuq=a γurbaγula qamtudču Merged=ün čorqan ger čoqorilaju čuγ em=e köbegüd=i arbilaju Orqon Selengge qoyar=un sinay=a Talad-aral(Kiq=a tala ködege)=ača ičürün (qaribai) Tümüjin Jamuq=a qoyar qamtudču Qorqoγ-Jibur jorin ičübei Toγoril-qaγan ičür=ün Burqan-Qaldun=i kerübei Üker=tü-Jibur daγarin Qoγor=a=tu-Ebe=yin Uliy=a=tu-qabčil daγarin göröged=i inu abalaγad Tuγula=yin-qara-tün (siγui) jorin ičübei (qaribai) Tümüjin Jamuq=a qoyar Qorqoγ-Jibur=a neyilen baγuju erten=ü anda bolulčaγsan=iyan duradulčin anda dongγoduldun (bolquy=a ögülen) amuralduba # angq=a urida anda bolulčar=un Tümüjin arban nigen
30a
ᠨᠠᠰᠤᠲᠠᠢ ᠪᠦᠬᠦᠢ ᠲᠦᠷ ᠵᠠᠮᠤᠬ᠎ᠠ ᠭᠤᠷᠠᠯᠳᠤᠭ ᠱᠠᠭᠠᠢ ᠲᠦᠮᠦᠵᠢᠨ᠎ᠡ ᠥᠭᠴᠦ ᠲᠦᠮᠦᠵᠢᠨ ᠦ ᠴᠢᠩᠭᠡᠯ ᠲᠦᠷ ᠲᠦ ᠨᠠᠭᠠᠳᠤᠨ ᠲᠤᠷ ᠠᠨᠤ ᠱᠠᠭᠠᠢ ᠪᠠᠷ ᠠᠨᠳᠠ ᠪᠣᠯᠤᠯᠴᠠᠵᠤ ᠣᠨᠠᠨ ᠤ ᠮᠥᠰᠦᠨ ᠲᠦᠷ ᠱᠠᠭᠠᠯᠴᠠᠬᠤᠢ ᠲᠤᠷ ᠲᠡᠨᠳᠡ ᠠᠨᠳᠠ ᠬᠡᠮᠡᠯᠳᠦᠯᠦᠭᠡ ᠲᠡᠭᠦᠨ ᠦ ᠬᠣᠶᠢᠨᠠ ᠬᠠᠪᠤᠷ ᠠᠯᠠᠩᠭᠢᠷ ᠨᠤᠮᠤ ᠲᠠᠨ ᠬᠠᠷᠪᠠᠶᠠᠯᠳᠤᠨ ᠲᠡᠮᠡᠴᠡᠯᠳᠦᠨ ᠪᠦᠬᠦᠢ ᠲᠦᠷ ᠪᠤᠭᠤ ᠶᠢᠨ ᠡᠪᠡᠷ ᠢᠶᠡᠷ ᠡᠭᠦᠳᠦᠭᠰᠡᠨ ᠳᠠᠭᠤ ᠲᠤ ᠵᠤᠷᠨᠤᠮᠤᠨ ᠢᠶᠠᠨ ᠲᠦᠮᠦᠵᠢᠨ᠎ᠡ ᠥᠭᠴᠦ ᠲᠦᠮᠦᠵᠢᠨ ᠦ ᠠᠷᠴᠠ ᠮᠠᠩᠯᠠᠢ ᠲᠤ ᠭᠣᠳᠣᠯᠢ ᠠᠷᠠᠯᠵᠢᠯᠳᠤᠵᠤ ᠠᠨᠳᠠᠯᠠᠯᠳᠤᠪᠠᠢ ᠨᠥᠭᠥᠭᠡ ᠳᠡ ᠠᠨᠳᠠ ᠬᠡᠮᠡᠯᠳᠦᠭᠰᠡᠨ ᠶᠣᠰᠤᠨ ᠠᠨᠤ ᠤᠷᠢᠳᠠ ᠥᠲᠡᠭᠡᠰ ᠦᠨ ᠠᠨᠳᠠᠴᠢᠯᠠᠬᠤᠢ ᠦᠭᠡ ᠰᠣᠨᠣᠰᠴᠤ ᠠᠨᠳᠠ ᠬᠦᠮᠦᠨ ᠠᠮᠢᠨ ᠨᠢᠭᠡᠨ ᠦᠯᠦ ᠲᠡᠪᠴᠢᠯᠳᠦᠨ ᠠᠮᠢᠨ ᠤ ᠠᠷᠠᠴᠠ ᠠᠪᠤᠷᠠᠯ ᠪᠣᠯᠤᠶᠤ ᠬᠡᠮᠡᠨ ᠠᠮᠠᠷᠠᠯᠳᠤᠬᠤᠢ ᠶᠣᠰᠤᠨ ᠲᠡᠶᠢᠮᠦ ᠪᠤᠶᠤ ᠡᠳᠦᠭᠡ ᠪᠠᠰᠠ ᠡᠨᠳᠡ ᠳᠣᠩᠭᠣᠰᠤᠯᠳᠤᠵᠤ ᠥᠭᠦᠯᠡᠯᠳᠦᠵᠦ ᠠᠮᠤᠷᠠᠯᠳᠤᠶ᠎ᠠ ᠬᠡᠮᠡᠯᠳᠦᠵᠦ ᠲᠦᠮᠦᠵᠢᠨ ᠮᠡᠷᠭᠡᠳ ᠦᠨ ᠲᠣᠭᠲᠠᠬ ᠠ ᠶᠢ ᠠᠷᠪᠢᠯᠠᠵᠤ ᠳᠡᠭᠡᠵᠢᠯᠡᠵᠦ ᠠᠪᠤᠭᠰᠠᠨ ᠠᠯᠲᠠᠨ ᠪᠦᠰᠡ ᠶᠢ ᠵᠠᠮᠤᠬ ᠠ ᠲᠠ ᠪᠦᠰᠡᠯᠡᠭᠦᠯᠪᠡ ᠲᠣᠭᠲᠠᠬ ᠠ ᠶᠢᠨ ᠨᠡᠭᠡᠬᠡᠢ ᠬᠠᠯᠢᠭᠤᠨ ᠢ ᠵᠠᠮᠤᠬ ᠠ ᠳᠠ ᠣᠷᠣᠭᠤᠯᠪᠠ ᠥᠭᠪᠡ ᠵᠠᠮᠤᠬ᠎ᠠ ᠬᠠᠷᠢᠭᠤ ᠢᠨᠤ ᠤᠭᠠᠰ ᠮᠡᠷᠭᠡᠳ ᠦᠨ ᠳᠠᠶᠢᠷ ᠤᠰᠤᠨ ᠢ ᠠᠷᠪᠢᠯᠠᠵᠤ ᠠᠪᠤᠭᠰᠠᠨ ᠠᠯᠲᠠᠨ ᠪᠦᠰᠡ ᠶᠢ ᠲᠦᠮᠦᠵᠢᠨ᠎ᠡ ᠪᠦᠰᠡᠯᠡᠭᠦᠯᠪᠡᠢ ᠳᠠᠶᠢᠷ ᠤᠰᠤᠨ ᠢ ᠬᠦ ᠡᠪᠦᠷ ᠲᠦ ᠦᠨᠦᠭᠦᠨ ᠴᠠᠭᠠᠨ ᠢ ᠲᠦᠮᠦᠵᠢᠨ᠎ᠡ ᠤᠨᠤᠭᠤᠯᠪᠠ ᠬᠣᠷᠬᠣᠰ ᠵᠢᠪᠤᠷ ᠤᠨ ᠭᠣᠣᠯ ᠲᠠ ᠡᠬᠡᠷ ᠬᠤᠨ ᠤ ᠡᠪᠦᠷ᠎ᠡ ᠰᠠᠭᠠᠯᠭᠠᠷ ᠮᠣᠳᠤᠨ᠎ᠠ ᠠᠨᠳᠠ ᠬᠡᠮᠡᠯᠳᠦᠵᠦ ᠠᠮᠠᠷᠠᠯᠳᠤᠵᠤ ᠬᠤᠷᠢᠮᠯᠠᠨ ᠳᠠᠶᠢᠯᠠᠨ ᠵᠢᠷᠭᠠᠯᠳᠤᠵᠤ ᠱᠥᠨᠢ ᠬᠥᠨᠵᠢᠯᠡᠨ ᠲᠡᠭᠡᠨ
nasutai büküi=tür Jamuq=a γuralduγ šaγai Tümüjin=e ögčü Tümüjin=ü činggel=tür=tü (naγadun=tur anu) šaγai=bar anda bolulčaju Onan=u mösün=tür šaγalčaqui=tur tende anda kemeldülüge tegün=ü qoyina qabur alanggir numu=tan qarbayaldun (temečeldün) büküi=tür buγu=yin eber=iyer egüdügsen daγu=tu jur(numun)=iyan Tümüjin=e ögčü Tümüjin=ü arča manglai=tu γodoli araljilduju andalaldubai nögöge=de anda kemeldügsen yosun anu urida öteges=ün andačilaqui üge sonosču anda kümün amin nigen ülü tebčildün amin=u arača (abural) boluyu kemen amaralduqui yosun teyimü buyu edüge basa ende dongγosulduju (ögüleldüjü) amuralduy=a kemeldüjü Tümüjin Merged=ün Toγtaq=a=yi arbilaju (degejilejü) abuγsan altan büse=yi Jamuq=a=ta büselegülbe Toγtaq=a=yin negekei qaliγun=i Jamuq=a=da oroγulba (ögbe) Jamuq=a qariγu inu Uγas-Merged=ün Dayir-Usun=i arbilaju abuγsan altan büse=yi Tümüjin=e büselegülbei Dayir-Usun=i kü ebür=tü ünügün čaγan=i Tümüjin=e unuγulba Qorqos-Jibur=un γool=ta Eker-Qun=u ebür=e saγalγar modun=a anda kemeldüjü amaralduju qurimlan dayilan jirγalduju šöni könjilen=tegen
30b
ᠬᠠᠮᠲᠤ ᠬᠣᠨᠣᠯᠳᠤᠬᠤᠨ ᠪᠥᠯᠦᠭᠡ ᠲᠦᠮᠦᠵᠢᠨ᠎ᠡ ᠵᠠᠮᠤᠬ᠎ᠠ ᠬᠣᠶᠠᠷ ᠠᠮᠤᠷᠠᠯᠳᠤᠷ ᠤᠨ ᠨᠢᠭᠡᠨ ᠣᠨ ᠪᠣᠯᠵᠤ ᠨᠥᠭᠥᠭᠡ ᠣᠨ ᠤ ᠵᠠᠷᠢᠮ ᠠᠮᠤᠷᠠᠯᠳᠤᠵᠤ ᠲᠡᠷᠡ ᠠᠭᠰᠠᠨ ᠨᠤᠲᠤᠭ ᠠᠴᠠ ᠨᠢᠭᠡᠨ ᠡᠳᠦᠷ ᠨᠡᠭᠦᠶ᠎ᠡ ᠬᠡᠮᠡᠯᠳᠦᠵᠦ ᠨᠡᠭᠦᠷ ᠦᠨ ᠵᠤᠨ ᠤ ᠲᠡᠷᠢᠭᠦᠨ ᠰᠠᠷᠠᠶᠢᠨ ᠠᠷᠪᠠᠨ ᠵᠤᠷᠭᠠᠨ᠎ᠠ ᠤᠯᠠᠭᠠᠨ ᠲᠡᠷᠭᠡᠯ ᠡᠳᠦᠷ ᠨᠡᠭᠦᠪᠡ ᠲᠦᠮᠦᠵᠢᠨ ᠵᠠᠮᠤᠬ᠎ᠠ ᠬᠣᠶᠠᠷ ᠬᠠᠮᠲᠤ ᠲᠡᠷᠭᠡᠨ ᠦ ᠤᠷᠢᠳᠠ ᠶᠠᠪᠤᠵᠤ ᠠᠶᠢᠰᠤᠷ ᠤᠨ ᠣᠳᠤᠭᠠᠳ ᠵᠠᠮᠤᠬ᠎ᠠ ᠥᠭᠦᠯᠡᠷ ᠦᠨ ᠲᠦᠮᠦᠵᠢᠨ ᠠᠨᠳᠠ ᠠᠭᠤᠯᠠ ᠰᠢᠬᠠᠮ ᠪᠠᠭᠤᠶ᠎ᠠ ᠠᠳᠤᠭᠤᠴᠢᠨ ᠤ ᠪᠢᠳᠠᠨ ᠤ ᠭᠠᠯ ᠴᠣᠭ᠎ᠠ ᠬᠦᠷᠲᠦᠭᠡᠢ ᠠᠢ ᠵᠥᠪ ᠦᠦ ᠭᠣᠣᠯ ᠰᠢᠬᠠᠮ ᠪᠠᠭᠤᠶ᠎ᠠ ᠬᠣᠨᠢᠴᠢᠨ ᠬᠤᠷᠭᠠᠴᠢᠨ ᠪᠢᠳᠠᠨ ᠤ ᠬᠣᠭᠣᠯᠠᠷ᠎ᠠ ᠬᠦᠷᠲᠦᠭᠡᠢ ᠬᠣᠷᠢᠭ ᠦᠭᠡᠢ ᠪᠤᠰᠤᠭᠤ ᠤᠤ ᠪᠢᠰᠢᠶᠦ ᠬᠡᠮᠡᠪᠡ ᠲᠦᠮᠦᠵᠢᠨ ᠵᠠᠮᠤᠬ ᠠ ᠶᠢᠨ ᠡᠨᠡ ᠦᠭᠡ ᠶᠢ ᠤᠬᠠᠨ ᠶᠠᠳᠠᠵᠤ ᠰᠡᠮ ᠢᠶᠡᠷ ᠪᠠᠶᠢᠵᠤ ᠬᠣᠴᠣᠷᠴᠤ ᠨᠡᠭᠦᠷᠢ ᠨᠡᠭᠦᠳᠡᠯ ᠳᠤᠮᠳᠠ ᠲᠡᠷᠭᠡᠳ ᠢᠶᠡᠨ ᠬᠦᠯᠢᠶᠡᠵᠦ ᠲᠦᠮᠦᠵᠢᠨ ᠪᠡᠷ ᠥᠭᠡᠯᠡᠨ ᠡᠬᠡ ᠳᠡ ᠥᠭᠦᠯᠡᠷ ᠦᠨ ᠵᠠᠮᠤᠬ᠎ᠠ ᠠᠨᠳᠠ ᠡᠶᠢᠨ ᠥᠭᠦᠯᠡᠮᠦ ᠠᠭᠤᠯᠠ ᠰᠢᠬᠠᠮ ᠪᠠᠭᠤᠶ᠎ᠠ ᠠᠳᠤᠭᠤᠴᠢᠨ ᠪᠢᠳᠠᠨ ᠤ ᠭᠠᠯ ᠴᠣᠭ᠎ᠠ ᠬᠦᠷᠲᠦᠭᠡᠢ ᠠᠢ ᠵᠥᠪ ᠦᠦ ᠭᠣᠣᠯ ᠰᠢᠬᠠᠮ ᠪᠠᠭᠤᠶ᠎ᠠ ᠬᠣᠨᠢᠴᠢᠨ ᠬᠤᠷᠭᠠᠴᠢᠨ ᠪᠢᠳᠠᠨ ᠤ ᠬᠣᠭᠣᠯᠠᠷ᠎ᠠ ᠬᠦᠷᠲᠦᠭᠡᠢ ᠬᠣᠷᠢᠭ ᠦᠭᠡᠢ ᠪᠤᠰᠢᠭᠤ ᠤᠤ ᠬᠡᠮᠡᠨ ᠥᠭᠦᠯᠡᠮᠦ ᠪᠢ ᠡᠨᠡ ᠦᠭᠡ ᠶᠢ ᠢᠨᠤ ᠤᠬᠠᠨ ᠶᠠᠳᠠᠵᠤ ᠬᠠᠷᠢᠭᠤ ᠢᠨᠤ ᠶᠠᠬᠤ ᠪᠠ ᠡᠰᠡ ᠥᠭᠦᠯᠡᠪᠡ ᠡᠬᠡ ᠲᠡᠴᠡ ᠠᠰᠠᠭᠤᠶ᠎ᠠ ᠬᠡᠮᠡᠨ ᠢᠷᠡᠪᠡ ᠬᠡᠮᠡᠪᠡᠰᠦ ᠥᠭᠡᠯᠡᠨ ᠡᠬᠡ ᠶᠢ ᠳᠣᠩᠭᠠᠳᠤᠭ᠎ᠠ ᠡᠳᠦᠢ ᠥᠭᠦᠯᠡᠬᠦᠢ ᠶᠢᠨ ᠤᠷᠢᠳᠠ ᠪᠥᠷᠲᠡ ᠦᠵᠢᠨ ᠥᠭᠦᠯᠡᠷ ᠦᠨ ᠵᠠᠮᠤᠬ᠎ᠠ ᠠᠨᠳᠠ ᠤᠶᠢᠳᠤᠮᠤᠬᠠᠢ ᠬᠡᠮᠡᠭᠳᠡᠨ ᠪᠥᠯᠦᠭᠡ
qamtu qonolduqun bölüge Tümüjin=e Jamuq=a qoyar amuraldur=un nigen on bolju nögöge on=u jarim amuralduju tere aγsan nutuγ=ača nigen edür negüy=e kemeldüjü negür=ün jun=u terigün sarayin arban jurγan=a ulaγan tergel edür negübe Tümüjin Jamuq=a qoyar qamtu tergen=ü urida yabuju ayisur=un (oduγad) Jamuq=a ögüler=ün Tümüjin anda aγula siqam baγuy=a aduγučin=u bidan=u γal čoγ=a kürtügei ai jöb üü γool siqam baγuy=a qoničin qurγačin bidan=u qoγolar=a kürtügei qoriγ ügei busuγu uu (bisiyü) kemebe Tümüjin Jamuq=a=yin ene üge=yi uqan yadaju sem=iyer bayiju qočorču negüri (negüdel) dumda terged=iyen küliyejü Tümüjin ber Ögelen eke=de ögüler=ün Jamuq=a anda eyin ögülemü aγula siqam baγuy=a aduγučin bidan=u γal čoγ=a kürtügei ai jöb üü γool siqam baγuy=a qoničin qurγačin bidan=u qoγolar=a kürtügei qoriγ ügei busiγu uu kemen ögülemü bi ene üge=yi inu uqan yadaju qariγu inu yaqu ba ese ögülebe eke=teče asaγuy=a kemen irebe kemebesü Ögelen eke=yi dongγaduγ=a edüi (ögüleküi=yin urida) Börte-Üjin ögüler=ün Jamuq=a anda uyidumuqai kemegden bölüge
31a
ᠡᠳᠦᠭᠡ ᠪᠢᠳᠠᠨ ᠠᠴᠠ ᠤᠶᠢᠳᠬᠤ ᠴᠠᠭ ᠢᠨᠤ ᠪᠣᠯᠪᠠ ᠲᠤᠭᠠᠷ ᠤᠨ ᠵᠠᠮᠤᠬ᠎ᠠ ᠠᠨᠳᠠ ᠶᠢᠨ ᠬᠡᠯᠡᠯᠡᠭᠰᠡᠨ ᠬᠡᠯᠡᠨ ᠪᠢᠳᠠᠨ ᠲᠤᠷ ᠪᠥᠭᠡᠳ ᠵᠢᠭᠰᠢᠬᠦ ᠮᠡᠲᠦ ᠦᠭᠡ ᠪᠤᠶᠤ ᠪᠢᠳᠠ ᠡᠨᠳᠡ ᠪᠦᠦ ᠪᠠᠭᠤᠶ᠎ᠠ ᠬᠥᠳᠥᠯᠦᠭᠰᠡᠨ ᠪᠡᠷ ᠰᠢᠯᠤᠬᠤᠶ᠎ᠠ ᠬᠠᠭᠴᠠ ᠱᠥᠨᠢ ᠳᠥᠯᠢᠨ ᠬᠥᠳᠥᠯᠢᠶ᠎ᠡ ᠬᠡᠮᠡᠪᠡ ᠪᠥᠷᠲᠡ ᠦᠵᠢᠨ ᠦ ᠦᠭᠡ ᠶᠢ ᠵᠥᠪᠰᠢᠶᠡᠵᠦ ᠦᠯᠦ ᠪᠠᠭᠤᠨ ᠱᠥᠨᠢ ᠳᠥᠯᠢᠨ ᠬᠥᠳᠡᠯᠵᠦ ᠠᠶᠢᠰᠤᠬᠤᠢ ᠲᠤᠷ ᠵᠠᠭᠤᠷᠠ ᠮᠥᠷ ᠲᠦᠷ ᠲᠠᠶᠢᠴᠢᠭᠤᠳ ᠢ ᠳᠠᠭᠠᠷᠢᠪᠠ ᠲᠠᠶᠢᠴᠢᠭᠤᠳ ᠪᠠᠷ ᠬᠥᠭᠡᠵᠦ ᠮᠥᠨ ᠱᠥᠨᠢ ᠵᠥᠷᠢᠴᠢᠨ ᠵᠠᠮᠤᠬ᠎ᠠ ᠵᠦᠭ ᠬᠥᠳᠡᠯᠪᠡ ᠬᠦ ᠲᠠᠶᠢᠴᠢᠭᠤᠳ ᠤᠨ ᠪᠡᠰᠦᠳ ᠦᠨ ᠨᠤᠲᠤᠭ ᠲᠤᠷ ᠨᠢᠭᠡᠨ ᠥᠴᠦᠬᠡᠨ ᠬᠥᠬᠡᠴᠦ ᠨᠡᠷᠡᠲᠦ ᠬᠥᠪᠡᠭᠦᠨ ᠢ ᠨᠤᠲᠤᠭ ᠲᠤᠷ ᠬᠣᠴᠣᠷᠤᠭᠰᠠᠨ ᠢ ᠪᠢᠳᠠᠨ ᠤᠬᠠᠢ ᠠᠪᠴᠤ ᠢᠷᠡᠵᠦ ᠥᠭᠡᠯᠡᠨ ᠡᠬᠡ ᠳᠡ ᠥᠭᠪᠡ ᠥᠭᠡᠯᠡᠨ ᠡᠬᠡ ᠭᠡᠷ ᠲᠦᠷ ᠢᠶᠡᠨ ᠲᠡᠵᠢᠶᠡᠪᠡ ᠲᠡᠷᠡ ᠱᠥᠨᠢ ᠳᠥᠯᠢᠵᠦ ᠡᠳᠦᠷ ᠭᠡᠶᠢᠪᠡᠰᠦ ᠦᠵᠡᠪᠡᠰᠦ ᠵᠠᠯᠠᠶᠢᠷ ᠤᠨ ᠬᠠᠴᠤᠭᠤᠨ ᠲᠤᠬᠤᠷᠠᠬᠤᠨ ᠬᠠᠷᠬᠠᠢ ᠲᠤᠬᠤᠷᠠᠬᠤᠨ ᠡᠳᠡ ᠭᠤᠷᠪᠠᠨ ᠲᠤᠬᠤᠷᠠᠬᠤᠨ ᠠᠬ ᠠ ᠨᠠᠷ ᠳᠡᠭᠦᠦ ᠨᠡᠷ ᠱᠥᠨᠢ ᠳᠥᠯᠢᠯᠳᠦᠵᠦ ᠠᠶᠢᠰᠤᠨ ᠢᠷᠡᠨ ᠠᠵᠤᠬᠤ ᠪᠠᠰᠠ ᠳᠠᠷᠬᠤᠳ ᠤᠨ ᠬᠠᠳᠠᠭᠠᠨ ᠳᠠᠯᠳᠤᠷᠭᠠᠨ ᠠᠬ ᠠ ᠨᠠᠷ ᠳᠡᠭᠦᠦ ᠨᠡᠷ ᠲᠠᠪᠤᠨ ᠳᠠᠷᠬᠤᠳ ᠠᠶᠢᠰᠤᠨ ᠠᠵᠤᠬᠤ ᠪᠠᠰᠠ ᠮᠡᠩᠭᠡ ᠲᠦ ᠬᠢᠶ ᠠ ᠨᠤ ᠬᠥᠪᠡᠭᠦᠨ ᠦᠭᠬᠦᠢ ᠲᠡᠨ ᠴᠠᠩᠰᠢᠭᠤᠳ ᠪᠠᠶᠠᠭᠤᠳ ᠢᠶᠠᠷ ᠠᠶᠢᠰᠤᠨ ᠠᠵᠤᠬᠤ ᠪᠠᠷᠯᠠᠰ ᠠᠴᠠ ᠬᠤᠪᠢᠯᠠᠢ ᠬᠤᠲᠤᠭ ᠠᠬ ᠠ ᠨᠠᠷ ᠳᠡᠭᠦᠦ ᠨᠡᠷ ᠢᠷᠡᠪᠡᠢ ᠬᠦ ᠮᠠᠩᠭᠤᠳ ᠠᠴᠠ ᠵᠡᠳᠡᠢ ᠳᠣᠭᠣᠯᠬᠤ ᠴᠡᠷᠪᠢ ᠲᠦᠷᠦᠭᠦᠦ ᠨᠣᠶᠠᠨ ᠠᠬ᠎ᠠ ᠳᠡᠭᠦᠦ ᠬᠣᠶᠠᠷ ᠢᠷᠡᠪᠡᠢ ᠬᠦ ᠪᠣᠭᠣᠷᠴᠢ ᠶᠢᠨ ᠳᠡᠭᠦᠦ ᠡᠭᠦᠯᠡ ᠴᠡᠷᠪᠢ
edüge bidan=ača uyidqu čaγ inu bolba tuγar=un Jamuq=a anda=yin kelelegsen kelen bidan=tur böged jigsikü metü üge buyu bida ende büü baγuy=a ködölügsen=ber siluquy=a qaγča šöni dölin ködöliy=e kemebe Börte-Üjin=ü üge=yi jöbsiyejü ülü baγun šöni dölin ködeljü ayisuqui=tur jaγura mör=tür Tayičiγud=i daγariba Tayičiγud bar kögejü mön šöni jöričin Jamuq=a jüg ködelbe kü Tayičiγud=un Besüd=ün nutuγ=tur nigen öčüken Kökečü neretü köbegün=i nutuγ=tur qočoruγsan=i bidan=uqai abču irejü Ögelen eke=de ögbe Ögelen eke ger=tür=iyen tejiyebe tere šöni dölijü edür geyibesü üjebesü Jalayir=un Qačuγun-tuquraqun , Qarqai-tuquraqun , ede γurban tuquraqun aq=a=nar degüü=ner šöni dölildüjü ayisun (iren) ajuqu basa Darqud=un Qadaγan Daldurγan aq=a=nar degüü=ner tabun Darqud ayisun ajuqu basa Mengge=tü-Kiy=a=nu köbegün Ügküi=ten Čangsiγud Bayaγud=iyar ayisun ajuqu Barlas=ača Qubilai Qutuγ aq=a=nar degüü=ner irebei kü Mangγud=ača Jedei , Doγolqu-čerbi (türügüü=noyan) , aq=a degüü qoyar irebei kü Boγorči=yin degüü Egüle-čerbi ,
31b
ᠠᠷᠯᠤᠨ ᠠᠴᠠ ᠬᠠᠭᠠᠴᠠᠵᠤ ᠠᠬ ᠠ ᠲᠤᠷ ᠢᠶᠠᠨ ᠪᠣᠭᠣᠷᠴᠢ ᠲᠤ ᠨᠡᠶᠢᠯᠡᠨ ᠢᠷᠡᠪᠡᠢ ᠬᠦ ᠵᠡᠯᠮ ᠡ ᠶᠢᠨ ᠳᠡᠭᠦᠦ ᠴᠣᠷᠭᠠᠨ ᠰᠦᠪᠡᠭᠡᠳᠡᠢ ᠪᠠᠭᠠᠲᠤᠷ ᠤᠷᠢᠶᠠᠩᠬᠠᠨ ᠠᠴᠠ ᠬᠠᠭᠠᠴᠠᠵᠤ ᠵᠡᠯᠮ ᠡ ᠲᠦᠷ ᠨᠡᠶᠢᠯᠡᠨ ᠢᠷᠡᠪᠡᠢ ᠪᠡᠰᠦᠳ ᠡᠴᠡ ᠲᠡᠬᠡᠢ ᠬᠦᠴᠦᠭᠦᠷ ᠠᠬ᠎ᠠ ᠳᠡᠭᠦᠦ ᠬᠣᠶᠠᠷ ᠢᠷᠡᠪᠡᠢ ᠬᠦ ᠰᠤᠯᠳᠤᠨ ᠠᠴᠠ ᠴᠢᠯᠭᠦᠳᠡᠢ ᠲᠠᠬᠠᠢ ᠲᠠᠶᠢᠴᠢᠭᠤᠳ ᠠᠴᠠ ᠠᠬ ᠠ ᠨᠠᠷ ᠳᠡᠭᠦᠦ ᠨᠡᠷ ᠢᠷᠡᠪᠡᠢ ᠬᠦ ᠵᠠᠯᠠᠶᠢᠷ ᠤᠨ ᠰᠢᠷᠠ ᠳᠣᠮᠣᠭ ᠠᠷᠬᠠᠢ ᠬᠠᠰᠠᠷ ᠪᠠᠯᠠ ᠬᠥᠪᠡᠭᠦᠳ ᠢᠶᠡᠷ ᠢᠶᠡᠨ ᠢᠷᠡᠪᠡᠢ ᠬᠦ ᠬᠣᠩᠬᠠᠲᠠᠨ ᠠᠴᠠ ᠰᠦᠶᠢᠬᠡ ᠲᠦ ᠴᠡᠷᠪᠢ ᠲᠦᠷᠦᠭᠦᠦ ᠨᠣᠶᠠᠨ ᠢᠷᠡᠪᠡᠢ ᠰᠦᠬᠢᠬᠡᠨ ᠦ ᠵᠡᠬᠡᠢ ᠬᠣᠩᠳᠠᠭᠠᠷ ᠤᠨ ᠬᠥᠪᠡᠭᠦᠨ ᠰᠦᠬᠡᠢ ᠵᠡᠭᠦᠨ ᠢᠷᠡᠪᠡᠢ ᠨᠡᠭᠦᠳᠡᠢ ᠴᠠᠭᠠᠨ ᠭᠣᠤ᠎ᠠ ᠢᠷᠡᠪᠡ ᠣᠯᠭᠤᠨᠤᠳ ᠲᠠᠢ ᠬᠢᠩᠬᠡ ᠲᠡᠢ ᠬᠣᠷᠯᠤᠨ ᠠᠴᠠ ᠰᠡᠴᠡᠭᠦᠷ ᠳᠥᠷᠪᠡᠨᠳᠥᠷᠪᠡᠳ ᠡᠴᠡ ᠮᠣᠴᠢ ᠪᠢᠳᠦᠭᠦᠨ ᠢᠷᠡᠪᠡ ᠢᠬᠡᠷᠡᠰ ᠡᠴᠡ ᠪᠤᠳᠤ ᠭᠥᠷᠡᠭᠡᠳ ᠳᠡ ᠭᠥᠷᠥᠭᠡᠯᠡᠨ ᠶᠠᠪᠤᠭᠰᠠᠪᠠᠷ ᠢᠷᠡᠪᠡᠢ ᠬᠦ ᠦᠶᠡᠬᠡᠨ ᠡᠴᠡ ᠵᠦᠩᠬᠡᠢ ᠢᠷᠡᠪᠡᠢ ᠤᠷᠤᠭᠤᠷ ᠠᠴᠠ ᠵᠢᠷᠭᠤᠭᠠᠨ ᠢᠷᠡᠪᠡᠢ ᠬᠦ ᠪᠠᠷᠯᠠᠭ ᠠᠴᠠ ᠭᠣᠤ ᠠ ᠰᠡᠴᠡᠨ ᠬᠠᠷᠠᠴᠠᠷ ᠬᠥᠪᠡᠭᠦᠳ ᠯᠦᠭᠡ ᠪᠡᠨ ᠢᠷᠡᠪᠡ ᠪᠠᠰᠠ ᠪᠠᠭᠠᠷᠢᠨ ᠤ ᠬᠣᠷᠴᠢ ᠤᠰᠤᠨ ᠡᠪᠦᠭᠡᠨ ᠬᠥᠬᠡ ᠴᠣᠭ ᠮᠠᠬ ᠠ ᠪᠠᠭᠠᠷᠢᠨ ᠢᠶᠠᠷ ᠢᠷᠡᠪᠡᠢ ᠬᠣᠷᠴᠢ ᠢᠷᠡᠵᠦ ᠥᠭᠦᠯᠡᠷ ᠦᠨ ᠪᠣᠳᠠᠨᠴᠠᠷ ᠪᠣᠳᠠᠪᠣᠭᠳᠠ ᠢᠶᠠᠨ ᠪᠠᠷᠢᠵᠤ ᠠᠪᠤᠭᠰᠠᠨ ᠡᠮ ᠡ ᠲᠡᠴᠡ ᠲᠥᠷᠥᠭᠰᠡᠨ ᠪᠠ ᠵᠠᠮᠤᠬ ᠠ ᠯᠤᠭ᠎ᠠ ᠬᠡᠭᠡᠯᠢ ᠨᠢᠭᠡ ᠲᠡᠨ ᠭᠠᠭᠴᠠ ᠲᠠᠨ ᠪᠥᠯᠦᠭᠡ ᠵᠠᠮᠤᠬ ᠠ ᠲᠠᠴᠠ ᠦᠯᠦ ᠬᠠᠭᠠᠴᠠᠬᠤᠨ ᠪᠥᠯᠦᠭᠡᠢ ᠪᠢ ᠵᠠᠭᠠᠷᠢᠨ ᠢᠷᠡᠵᠦ ᠨᠠᠳᠤᠷ ᠨᠢᠳᠦᠨ ᠲᠦᠷ ᠦᠵᠦᠭᠦᠯᠪᠡᠢ ᠬᠣᠬᠣᠭᠴᠢᠨ ᠦᠨᠢᠭᠡ ᠦᠨᠢᠶ᠎ᠡ ᠢᠷᠡᠵᠦ ᠵᠠᠮᠤᠬ ᠠ ᠶᠢ ᠣᠷᠴᠢᠵᠤ ᠣᠷᠴᠢᠨ ᠲᠣᠭᠣᠷᠢᠨ ᠶᠠᠪᠤᠵᠤ ᠭᠡᠷ
Arlun=ača qaγačaju aq=a=tur=iyan Boγorči=tu neyilen irebei kü Jelm=e=yin degüü Čorγan , Sübegedei-baγatur Uriyangqan=ača qaγačaju Jelm=e=tür neyilen irebei Besüd=eče Tekei , Küčügür aq=a degüü qoyar irebei kü Suldun=ača Čilgüdei Taqai , Tayičiγud=ača aq=a=nar degüü=ner irebei kü Jalayir=un Sira-Domoγ , Arqai , Qasar Bala , köbegüd=iyer=iyen irebei kü Qongqatan=ača Süyike=tü-čerbi (türügüü noyan) irebei Sükiken=ü Jekei , Qongdaγar=un köbegün Sükei Jegün irebei Negüdei-Čaγan-Γou=a irebe Olγunud=tai , Kingke=tei Qorlun=ača Sečegür , Dörben(Dörbed)=eče Moči , Bidügün , irebe Ikeres=eče Budu göreged=de (görögelen) yabuγsabar irebei kü Üyeken=eče Jüngkei irebei Uruγur=ača Jirγuγan irebei kü Barlaγ=ača Γou=a-Sečen , Qaračar köbegüd=lüge=ben irebe basa Baγarin=u Qorči , Usun ebügen , Köke-Čoγ Maq=a-Baγarin=iyar irebei Qorči irejü ögüler=ün Bodančar boda(boγda)=iyan bariju abuγsan em=e=teče törögsen ba Jamuq=a=luγ=a kegeli nige=ten γaγča=tan bölüge Jamuq=a=tača ülü qaγačaqun bölügei bi jaγarin irejü nadur nidün=tür üjügülbei qoqoγčin ünige <üniy=e> irejü Jamuq=a=yi orčiju (orčin toγorin) yabuju ger
32a
ᠲᠡᠷᠭᠡᠨ ᠢ ᠢᠨᠤ ᠮᠥᠷᠭᠥᠯᠦᠭᠡᠳ ᠵᠠᠮᠤᠬ ᠠ ᠶᠢ ᠮᠥᠷᠭᠥᠵᠦ ᠥᠷᠥᠭᠡᠯᠡ ᠡᠪᠡᠷ ᠢᠶᠡᠨ ᠬᠤᠭᠤᠷᠠᠴᠤ ᠰᠣᠯᠵᠢᠷ ᠡᠪᠡᠷ ᠲᠦ ᠪᠣᠯᠵᠤ ᠡᠪᠡᠷ ᠢ ᠮᠢᠨᠤ ᠠᠴᠠ ᠬᠡᠮᠡᠨ ᠵᠠᠮᠤᠬ ᠠ ᠶᠢᠨ ᠵᠦᠭ ᠮᠥᠷᠭᠥᠯᠡᠨ ᠮᠥᠷᠭᠥᠯᠡᠨ ᠰᠢᠷᠤᠢ ᠰᠠᠴᠤᠨ ᠰᠠᠴᠤᠨ ᠪᠠᠶᠢᠮᠤ ᠬᠣᠭ᠎ᠠ ᠦᠬᠡᠷ ᠶᠡᠬᠡ ᠭᠡᠷ ᠭᠡᠷᠯᠦᠭᠡ ᠪᠠᠷᠠᠭᠠᠨ ᠢ ᠳᠡᠭᠡᠷᠡ ᠡᠷᠭᠦᠵᠦ ᠠᠴᠢᠵᠤ ᠬᠦᠯᠵᠦ ᠵᠢᠳᠬᠦᠵᠦ ᠲᠦᠮᠦᠵᠢᠨ ᠦ ᠬᠣᠶᠢᠨᠠ ᠠᠴᠠ ᠶᠡᠬᠡ ᠳᠡᠷᠭᠡᠭᠦᠷ ᠢᠶᠡᠷ ᠮᠥᠭᠥᠷᠡᠨ ᠮᠥᠭᠥᠷᠡᠨ ᠠᠶᠢᠰᠤᠷ ᠤᠨ ᠢᠷᠡᠮᠦᠢ ᠲᠩᠷᠢ ᠭᠠᠵᠠᠷ ᠨᠡᠶᠢᠯᠡᠵᠦ ᠲᠦᠮᠦᠵᠢᠨ ᠢ ᠤᠯᠤᠰ ᠤᠨ ᠡᠵᠡᠨ ᠪᠣᠯᠲᠤᠭᠠᠢ ᠬᠡᠮᠡᠨ ᠤᠯᠤᠰ ᠲᠡᠭᠡᠵᠦ ᠠᠶᠢᠰᠤᠬᠤᠢ ᠢᠷᠡᠮᠦᠢ ᠬᠡᠮᠡᠨ ᠵᠠᠭᠠᠷᠢᠨ ᠨᠢᠳᠦᠨ ᠲᠦᠷ ᠦᠵᠦᠭᠦᠯᠵᠦ ᠨᠠᠳᠤᠷ ᠵᠢᠭᠠᠮᠤ ᠲᠦᠮᠦᠵᠢᠨ ᠴᠢ ᠤᠯᠤᠰ ᠤᠨ ᠡᠵᠡᠨ ᠪᠣᠯᠪᠠᠰᠤ ᠨᠠᠮᠠᠶᠢ ᠵᠢᠭᠠᠭᠰᠠᠨ ᠤ ᠲᠤᠯᠠ ᠬᠡᠷᠬᠢᠵᠦ ᠵᠢᠷᠭᠠᠭᠤᠯᠬᠤ ᠴᠢ ᠬᠡᠮᠡᠪᠡ ᠲᠦᠮᠦᠵᠢᠨ ᠥᠭᠦᠯᠡᠷ ᠦᠨ ᠦᠨᠡᠨ ᠲᠡᠶᠢᠨ ᠤᠯᠤᠰ ᠮᠡᠳᠡᠭᠦᠯᠪᠡᠰᠦ ᠲᠦᠮᠡᠨ ᠦ ᠨᠣᠶᠠᠨ ᠪᠣᠯᠭᠠᠰᠤ ᠬᠡᠮᠡᠪᠡ ᠡᠯᠢᠭᠡ ᠲᠦ ᠲᠥᠷᠥ ᠶᠢ ᠵᠢᠭᠠᠭᠰᠠᠨ ᠬᠦᠮᠦᠨ ᠨᠠᠮᠠᠶᠢ ᠲᠦᠮᠡᠨ ᠦ ᠨᠣᠶᠠᠨ ᠪᠣᠯᠭᠠᠰᠤ ᠶᠠᠭᠤᠨ ᠵᠢᠷᠭᠠᠯᠠᠩ ᠪᠤᠢ ᠲᠦᠮᠡᠨ ᠦ ᠨᠣᠶᠠᠨ ᠪᠣᠯᠭᠠᠭᠠᠳ ᠤᠯᠤᠰ ᠤᠨ ᠭᠣᠭᠠᠰ ᠭᠣᠤ᠎ᠠ ᠰᠠᠶᠢᠨ ᠥᠬᠢᠳ ᠢ ᠠᠪᠬᠠᠭᠤᠯᠵᠤ ᠭᠤᠴᠢᠨ ᠪᠠ ᠡᠮ ᠡ ᠲᠦ ᠪᠣᠯᠭ᠎ᠠ ᠪᠠᠰᠠ ᠬᠡᠯᠡᠯᠡᠭᠰᠡᠨ ᠥᠭᠦᠯᠡᠭᠰᠡᠨ ᠢ ᠮᠢᠨᠤ ᠬᠦ ᠰᠣᠨᠣᠰ ᠬᠡᠮᠡᠪᠡ ᠭᠣᠭᠠᠰ ᠭᠣᠤ᠎ᠠ ᠲᠡᠷᠢᠭᠦᠲᠡᠨ ᠬᠡᠨᠢᠭᠡᠰ ᠨᠢᠭᠡᠨ ᠬᠦᠷᠢᠶ᠎ᠡ ᠠᠶᠢᠮᠠᠭ ᠢᠷᠡᠪᠡ ᠪᠠᠰᠠ ᠳᠠᠷᠢᠳᠠᠢ ᠣᠳᠴᠢᠭᠡᠨ ᠨᠢᠭᠡᠨ ᠬᠦᠷᠢᠶ᠎ᠡ ᠠᠶᠢᠮᠠᠭ ᠢᠷᠡᠪᠡᠢ ᠬᠦ ᠵᠠᠨᠳᠢᠷᠠᠨ ᠠᠴᠠ ᠮᠤᠬᠤᠯ ᠠ ᠬᠤᠬᠤ ᠢᠷᠡᠪᠡ ᠦᠵᠢᠨ ᠰᠠᠭᠤᠷᠢᠨ ᠨᠢᠭᠡᠨ ᠬᠦᠷᠢᠶ᠎ᠡ ᠢᠷᠡᠪᠡᠢ ᠬᠦ ᠵᠠᠮᠤᠬ ᠠ ᠳᠠ ᠠᠴᠠ
tergen=i inu mörgölüged Jamuq=a=yi mörgöjü örögele eber=iyen quγuraču soljir eber=tü bolju eber=i minu ača kemen Jamuq=a=yin jüg mörgölen mörgölen sirui sačun sačun bayimu qoγ=a üker yeke ger gerlüge (baraγan=i) degere ergüjü (ačiju) küljü jidküjü Tümüjin=ü qoyina=ača yeke dergegür=iyer mögören mögören ayisur=un (iremüi) tngri γajar neyilejü Tümüjin=i ulus=un ejen boltuγai kemen ulus tegejü ayisuqui (iremüi) kemen jaγarin nidün=tür üjügüljü nadur jiγamu Tümüjin či ulus=un ejen bolbasu namayi jiγaγsan=u tula kerkijü jirγaγulqu či kemebe Tümüjin ögüler=ün ünen teyin ulus medegülbesü tümen=ü noyan bolγasu kemebe elige=tü törö=yi jiγaγsan kümün namayi tümen=ü noyan bolγasu yaγun jirγalang bui tümen=ü noyan bolγaγad ulus=un γoγas (γou=a) sayin ökid=i abqaγulju γučin ba em=e=tü bolγ=a basa kelelegsen (ögülegsen=i) minu kü sonos kemebe γoγas (Γou=a) terigüten Keniges nigen küriy=e (ayimaγ) irebe basa Daridai-Odčigen nigen küriy=e (ayimaγ) irebei kü Jandiran=ača Muqul=a-Ququ irebe Üjin-Saγurin nigen küriy=e irebei kü Jamuq=a=da=ača
32b
ᠬᠠᠭᠠᠴᠠᠨ ᠬᠥᠳᠡᠯᠦᠭᠡᠳ ᠬᠢᠮᠤᠷᠭ ᠠ ᠭᠣᠷᠣᠬᠠᠨ ᠤ ᠠᠶᠢᠯ ᠬᠠᠷᠠᠭ᠎ᠠ ᠦᠵᠡᠯ ᠳᠡ ᠪᠠᠭᠤᠵᠤ ᠪᠦᠬᠦᠢ ᠲᠦᠷ ᠰᠡᠴᠡᠨ ᠪᠡᠬᠢ ᠲᠠᠶᠢᠴᠤ ᠬᠣᠶᠠᠷ ᠨᠢᠭᠡᠨ ᠬᠦᠷᠢᠶ᠎ᠡ ᠪᠠᠰᠠ ᠲᠠᠶᠢᠰᠢ ᠶᠢᠨ ᠬᠥᠪᠡᠭᠦᠨ ᠢᠨᠤ ᠠᠯᠲᠠᠨ ᠬᠤᠴᠢᠷ ᠪᠡᠬᠢ ᠨᠢᠭᠡᠨ ᠬᠦᠷᠢᠶ᠎ᠡ ᠪᠠᠰᠠ ᠬᠤᠲᠠᠯᠠ ᠬᠠᠭᠠᠨ ᠤ ᠬᠥᠪᠡᠭᠦᠨ ᠠᠯᠲᠠᠨ ᠣᠳᠴᠢᠭᠡᠨ ᠨᠢᠭᠡᠨ ᠬᠦᠷᠢᠶ᠎ᠡ ᠵᠠᠮᠤᠬ ᠠ ᠲᠠᠴᠠ ᠬᠠᠭᠠᠴᠠᠨ ᠬᠥᠳᠡᠯᠵᠦ ᠲᠦᠮᠦᠵᠢᠨ ᠢ ᠬᠢᠮᠤᠷᠭ ᠠ ᠭᠣᠷᠣᠬᠠᠨ ᠤ ᠠᠶᠢᠯ ᠬᠠᠷᠠᠭ ᠠ ᠲᠠ ᠪᠠᠭᠤᠵᠤ ᠪᠦᠬᠦᠢ ᠲᠦᠷ ᠨᠡᠶᠢᠯᠡᠨ ᠪᠠᠭᠤᠵᠤ ᠲᠡᠨᠳᠡᠴᠡ ᠨᠡᠭᠦᠵᠦ ᠬᠦᠷᠡᠯᠬᠦ ᠳᠣᠲᠣᠷᠠ ᠰᠡᠩᠭᠦᠷ ᠭᠣᠷᠣᠬᠠᠨ ᠤ ᠬᠠᠷᠠ ᠵᠢᠷᠦᠬᠡᠨ ᠦ ᠬᠥᠬᠡ ᠨᠠᠭᠤᠷ ᠲᠤ ᠪᠠᠭᠤᠵᠤ ᠠᠯᠲᠠᠨ ᠬᠤᠴᠢᠷ ᠰᠡᠴᠡᠨ ᠪᠡᠬᠢ ᠪᠦᠬᠦᠨ ᠡᠶᠡᠳᠦᠯᠡᠯᠳᠦᠵᠦ ᠲᠦᠮᠦᠵᠢᠨ᠎ᠡ ᠥᠭᠦᠯᠡᠷᠦᠨ ᠴᠢᠮᠠᠶᠢ ᠶᠢ ᠬᠠᠭᠠᠨ ᠪᠣᠯᠭᠠᠶ᠎ᠠ ᠴᠢᠮᠠᠶᠢ ᠬᠠᠭᠠᠨ ᠪᠣᠯᠭᠠᠪᠠᠰᠤ ᠣᠯᠠᠨ ᠳᠠᠶᠢᠨᠳᠠᠶᠢᠰᠤᠨ ᠲᠤᠷ ᠠᠶᠠᠯᠠᠵᠤ ᠠᠭᠤᠯᠵᠤ ᠥᠩᠭᠡ ᠰᠠᠶᠢᠨ ᠥᠬᠢᠳ ᠵᠢᠨᠳᠦ ᠲᠡᠷᠡ ᠣᠷᠳᠣ ᠭᠡᠷ ᠬᠠᠷᠢ ᠢᠷᠭᠡᠨ ᠦ ᠬᠠᠴᠢᠷ ᠭᠣᠤ᠎ᠠ ᠬᠠᠲᠤᠨ ᠭᠠᠷᠭᠠᠮ ᠰᠠᠶᠢᠨ ᠠᠭᠲᠠ ᠬᠠᠲᠠᠷᠢ ᠭᠤᠯᠵᠤ ᠠᠪᠴᠤ ᠢᠷᠡᠵᠢ ᠥᠭᠰᠦ ᠣᠷᠣᠭ᠎ᠠ ᠭᠥᠷᠥᠭᠡᠰᠦᠨ ᠢ ᠠᠪᠠᠯᠠᠪᠠᠰᠤ ᠣᠲᠠᠷᠠᠵᠤ ᠥᠭᠰᠦ ᠣᠢ ᠶᠢᠨ ᠭᠥᠷᠥᠭᠡᠰᠦᠨ ᠢ ᠪᠡᠳᠡᠷᠢᠪᠡᠰᠦ ᠠᠭᠤᠳᠠᠯᠵᠤ ᠭᠠᠷᠭᠠᠨ ᠥᠭᠰᠦ ᠬᠡᠭᠡᠷ ᠦᠨ ᠭᠥᠷᠥᠭᠡᠰᠦᠨ ᠢ ᠬᠡᠭᠡᠯᠢ ᠢᠨᠤ ᠨᠢᠭᠡᠳᠲᠡᠯᠡ ᠰᠢᠭᠠᠵᠤ ᠥᠭᠰᠦ ᠬᠡᠪᠴᠡᠭ ᠰᠢᠭᠠᠮ ᠳᠤᠷ ᠠᠨᠤ ᠭᠡᠨᠡᠳᠲᠡᠯ ᠦᠭᠡᠢ ᠦᠷᠭᠦᠭᠡᠨ ᠥᠭᠰᠦ ᠭᠤᠨ ᠤ ᠭᠤᠤ ᠶᠢᠨ ᠭᠥᠷᠥᠭᠡᠰᠦᠨ ᠢ ᠭᠤᠶ᠎ᠠ ᠢᠨᠤ ᠨᠢᠭᠡᠳᠲᠡᠯᠡ ᠰᠢᠭᠠᠵᠤ ᠥᠭᠰᠦ ᠭᠤᠷᠪᠢ ᠶᠢᠨ ᠭᠥᠷᠥᠭᠡᠰᠦᠨ ᠢ ᠬᠠᠳᠬᠤᠯᠠᠵᠤ ᠭᠠᠷᠭᠠᠨ ᠥᠭᠰᠦ ᠪᠢ ᠬᠠᠳᠬᠤᠯᠳᠤᠬᠤᠢ ᠡᠳᠦᠷ ᠢᠨᠤ ᠬᠠᠯᠬ᠎ᠠ ᠴᠢᠨᠤ ᠪᠢᠰᠢ
qaγačan ködelüged Kimurγ=a-γoroqan=u ayil qaraγ=a (üjel=de) baγuju büküi=tür Sečen-beki Tayiču qoyar nigen küriy=e basa Tayisi=yin köbegün inu Altan Qučir-beki , nigen küriy=e basa Qutala-qaγan=u köbegün Altan-Odčigen nigen küriy=e Jamuq=a=tača qaγačan ködeljü Tümüjin=i Kimurγ=a-γoroqan=u ayil qaraγ=a=ta baγuju büküi=tür neyilen baγuju tendeče negüjü Kürelkü dotora Senggür-γoroqan=u Qara-Jirüken=ü Köke-naγur=tu baγuju Altan Qučir Sečen-beki bükün eyedüleldüjü Tümüjin=e ögülerün # čimayi=yi qaγan bolγay=a čimayi qaγan bolγabasu olan dayin(dayisun)=tur ayalaju aγulju öngge sayin ökid jindü (tere) ordo ger qari irgen=ü qačir γou=a qatun γarγam sayin aγta qatari=γulju abču ireji ögsü # oroγ=a görögesün=i abalabasu otaraju ögsü oi=yin görögesün=i bederibesü aγudalju γarγan ögsü # keger=ün görögesün=i kegeli inu nigedtele siγaju ögsü kebčeg siγam=dur anu genedtel ügei ürgügen ögsü # γun=u <γuu=yin> görögesün=i γuy=a inu nigedtele siγaju ögsü γurbi=yin görögesün=i qadqulaju γarγan ögsü bi # qadqulduqui edür (inu) qalq=a činu bisi
33a
ᠪᠣᠯᠭᠠᠪᠠᠰᠤ ᠬᠠᠷᠠ ᠰᠢᠷᠢ ᠡᠴᠡ ᠮᠠᠨᠤ ᠬᠠᠭᠠᠴᠠᠭᠤᠯᠵᠤ ᠬᠠᠷᠠ ᠲᠡᠷᠢᠭᠦᠨ ᠢ ᠮᠠᠨᠤ ᠬᠥᠰᠥᠷ ᠲᠦᠷ ᠪᠡᠷ ᠭᠡᠭᠡᠵᠦ ᠣᠳ ᠡᠩᠬᠡ ᠡᠳᠦᠷ ᠡᠶ ᠡ ᠶᠢ ᠴᠢᠨ ᠤ ᠡᠪᠳᠡᠪᠡᠰᠦ ᠢᠷᠡᠨ ᠬᠠᠷᠠ ᠲᠠᠴᠠ ᠡᠮ᠎ᠡ ᠬᠥᠪᠡᠭᠦᠳ ᠡᠴᠡ ᠮᠠᠨ ᠤ ᠡᠷᠦᠭᠦᠯᠵᠦ ᠡᠵᠡᠨ ᠦᠭᠡᠢ ᠭᠠᠵᠠᠷ᠎ᠠ ᠭᠡᠭᠡᠵᠦ ᠣᠳ ᠡᠳᠦᠢ ᠦᠭᠡ ᠪᠠᠷᠢᠯᠳᠤᠵᠤ ᠡᠶᠢᠨ ᠠᠮᠠᠨ ᠠᠯᠳᠠᠵᠤ ᠳᠡᠭᠡᠷ᠎ᠡ ᠮᠥᠩᠬᠡ ᠲᠩᠷᠢ ᠲᠦᠷ ᠰᠠᠴᠤᠯᠢ ᠪᠠᠨ ᠰᠠᠴᠤᠵᠤ ᠶᠢᠰᠦᠨ ᠬᠥᠯᠲᠦ ᠴᠠᠭᠠᠨ ᠲᠤᠭ ᠢᠶᠠᠨ ᠬᠠᠳᠬᠤᠨ ᠪᠠᠶᠢᠭᠤᠯᠵᠤ ᠲᠦᠮᠦᠵᠢᠨ ᠠᠨᠤ ᠡᠷᠲᠡ ᠲᠥᠷᠥᠭᠡᠳ ᠰᠠᠴᠠ ᠯᠤᠤᠰᠨᠠᠨᠳᠢ ᠤᠨ ᠬᠠᠭᠠᠨ ᠬᠠᠰᠪᠤᠤ᠎ᠠ ᠲᠠᠮᠠᠭ᠎ᠠ ᠭᠠᠷᠭᠠᠵᠤ ᠥᠭᠬᠦᠢ ᠲᠦᠷ ᠬᠠᠷᠠᠪᠲᠤᠷ ᠰᠢᠪᠠᠭᠤᠨ ᠡᠷᠦᠬᠡᠨ ᠦ ᠳᠡᠭᠡᠷᠡ ᠰᠠᠭᠤᠵᠤ ᠴᠢᠩᠭᠢᠰ ᠴᠢᠩᠭᠢᠰ ᠬᠡᠮᠡᠨ ᠳᠣᠩᠭᠣᠳᠳᠤᠯᠤᠭ᠎ᠠ ᠲᠡᠷᠡ ᠰᠢᠪᠠᠭᠤᠨ ᠤ ᠳᠠᠭᠤᠨ ᠭᠠᠷᠤᠭᠰᠠᠨ ᠰᠢᠯᠲᠠᠭᠠᠨ ᠢᠶᠠᠷ ᠴᠢᠩᠭᠢᠰ ᠬᠠᠭᠠᠨ ᠨᠡᠷ᠎ᠡ ᠥᠭᠴᠦ ᠬᠠᠭᠠᠨ ᠪᠣᠯᠭᠠᠪᠠᠢ ᠳᠥᠴᠢᠨ ᠲᠠᠪᠤᠨ ᠨᠠᠰᠤᠨ ᠲᠤᠷ ᠢᠶᠠᠨ ᠪᠢᠩ ᠪᠠᠷᠰ ᠵᠢᠯ ᠲᠦᠷ ᠣᠨᠣᠨ ᠮᠥᠷᠡᠨ ᠦ ᠲᠡᠷᠢᠭᠦᠨ᠎ᠡ ᠶᠢᠰᠦᠨ ᠬᠥᠯ ᠲᠦ ᠴᠠᠭᠠᠨ ᠲᠤᠭ ᠢᠶᠠᠨ ᠪᠠᠶᠢᠭᠤᠯᠵᠤ ᠬᠠᠭᠠᠨ ᠶᠡᠬᠡ ᠣᠷᠣ ᠰᠠᠭᠤᠪᠠᠢ ᠲᠡᠩᠷᠢ ᠶᠢᠨ ᠬᠥᠪᠡᠭᠦᠨ ᠲᠦᠮᠦᠵᠢᠨ ᠴᠢᠩᠭᠢᠰ ᠬᠠᠭᠠᠨ ᠳᠡᠯᠡᠬᠡᠢ ᠳᠠᠬᠢᠨ ᠢ ᠲᠡᠭᠦᠰ ᠬᠤᠷᠢᠶᠠᠵᠤ ᠲᠡᠩᠭᠢᠰ ᠳᠠᠯᠠᠢ᠎ᠠ ᠬᠦᠷᠲᠡᠯᠡ ᠲᠡᠭᠰᠢ ᠪᠣᠯᠭᠠᠭᠠᠳ ᠳᠡᠭᠡᠳᠦ ᠣᠷᠣ ᠪᠠᠷᠢᠭᠰᠠᠨ ᠢ ᠲᠡᠷᠢᠭᠦᠨ ᠡᠴᠡ ᠥᠭᠦᠯᠡᠶ᠎ᠡ ᠴᠢᠩᠭᠢᠰ ᠬᠠᠭᠠᠨ ᠪᠣᠯᠤᠭᠠᠳ ᠪᠣᠭᠣᠷᠴᠢ ᠶᠢᠨ ᠳᠡᠭᠦᠦ ᠡᠭᠦᠯᠡ ᠴᠡᠷᠪᠢ ᠬᠣᠣᠷ ᠬᠣᠷᠤᠮᠰᠠᠭ ᠰᠠᠭᠠᠳᠠᠭ ᠠᠭᠰᠠᠪᠠ ᠬᠠᠴᠤᠭᠤᠨ ᠲᠤᠬᠤᠷᠠᠬᠤᠨ ᠬᠣᠣᠷ ᠠᠭᠰᠠᠪᠠ ᠡᠩᠭᠦᠷ ᠰᠦᠶᠢᠬᠡ ᠲᠦ ᠴᠡᠷᠪᠢ
bolγabasu qara siri=eče manu qaγačaγulju qara terigün=i manu kösör=tür=ber gegejü od # engke edür ey=e=yi čin=u ebdebesü iren qara=tača em=e köbegüd=eče man=u erügüljü ejen ügei γajar=a gegejü od edüi üge barilduju eyin aman aldaju # deger=e möngke tngri=tür sačuli=ban sačuju yisün költü čaγan tuγ=iyan qadqun bayiγulju Tümüjin anu erte töröged sača luus(Nandi)=un qaγan qasbuu=a tamaγ=a γarγaju ögküi=tür qarabtur sibaγun erüken=ü degere saγuju činggis činggis kemen dongγodduluγ=a tere sibaγun=u daγun γaruγsan siltaγan=iyar Činggis-qaγan ner=e ögčü qaγan bolγabai # döčin tabun nasun=tur=iyan bing bars jil=tür Onon-mören=ü terigün=e yisün köl=tü čaγan tuγ=iyan bayiγulju qaγan yeke oro saγubai # tengri=yin köbegün Tümüjin-Činggis-qaγan delekei dakin=i tegüs quriyaju tenggis dalai=a kürtele tegsi bolγaγad degedü oro bariγsan=i terigün=eče ögüley=e # Činggis-qaγan boluγad Boγorči=yin degüü Egüle-čerbi qoor (qorumsaγ saγadaγ) aγsaba Qačuγun-tuquraqun qoor aγsaba Enggür Süyike=tü-čerbi
33b
ᠬᠠᠳᠠᠭᠠᠨ ᠳᠠᠯᠳᠤᠷᠠᠭᠠᠨ ᠭᠤᠷᠪᠠᠨ ᠥᠭᠦᠯᠡᠷ ᠦᠨ ᠮᠠᠨᠠᠭᠠᠷ ᠤᠨ ᠤᠨᠳᠠᠨ ᠪᠦᠦ ᠮᠡᠬᠦᠳᠡᠭᠦᠯᠰᠦᠭᠡᠢ ᠳᠤᠲᠠᠭᠤᠯᠰᠤᠭᠠᠢ ᠦᠳᠡ ᠶᠢᠨ ᠤᠨᠳᠠᠨ ᠪᠦᠦ ᠣᠰᠣᠯᠳᠠᠰᠤᠭᠠᠢ ᠬᠡᠮᠡᠨ ᠪᠠᠭᠤᠷᠴᠢᠨ ᠪᠣᠯᠪᠠ ᠲᠡᠬᠡᠢ ᠥᠭᠦᠯᠡᠷ ᠦᠨ ᠰᠢᠨᠡᠬᠡᠨ ᠢᠷᠡᠭᠡ ᠢᠷᠭᠡ ᠰᠢᠯᠦᠨ ᠪᠣᠯᠭᠠᠵᠤ ᠮᠠᠨᠠᠭᠠᠷ ᠪᠦᠦ ᠮᠡᠳᠡᠭᠦᠯᠰᠦ ᠬᠣᠨᠣᠭ ᠲᠤᠷ ᠪᠦᠦ ᠬᠣᠵᠢᠳᠠᠭᠤᠯᠰᠤ ᠠᠯᠠᠭᠴᠢᠭᠤᠳ ᠬᠣᠨᠢᠳ ᠢ ᠠᠳᠤᠭᠤᠯᠠᠵᠤ ᠠᠯᠠᠮ ᠳᠦᠭᠦᠷᠭᠡᠰᠦ ᠬᠣᠨᠣᠭᠴᠢᠭᠤᠳ ᠬᠣᠨᠢᠳ ᠢ ᠠᠳᠤᠭᠤᠯᠠᠵᠤ ᠬᠣᠲᠠᠨ ᠳᠦᠭᠦᠷᠭᠡᠰᠦ ᠬᠣᠭᠣᠯᠠᠨᠴᠢᠷ ᠮᠠᠭᠤ ᠪᠥᠯᠦᠭᠡᠢ ᠪᠢ ᠬᠣᠨᠢᠨ ᠠᠳᠤᠯᠠᠵᠤ ᠴᠠᠭᠠᠨ ᠮᠢᠬ᠎ᠠ ᠢᠳᠡᠰᠦ ᠬᠡᠮᠡᠨ ᠬᠣᠨᠢᠨ ᠠᠳᠤᠭᠤᠯᠠᠪᠠᠢ ᠳᠡᠭᠦᠦ ᠢᠨᠤ ᠬᠦᠴᠦᠭᠦᠷ ᠥᠭᠦᠯᠡᠷᠦᠨ ᠴᠡᠭᠦᠷᠬᠡᠲᠡᠢ ᠲᠡᠷᠭᠡᠨ ᠢ ᠴᠢᠨᠤ ᠪᠦᠦ ᠴᠦᠭᠦᠳᠡᠭᠦᠯᠰᠦ ᠲᠡᠭᠡᠰᠦᠲᠡᠢ ᠲᠡᠷᠭᠡᠨ ᠢ ᠳᠡᠷᠭᠡᠭᠦᠷ ᠳᠡᠭᠡᠷᠡ ᠪᠦᠦ ᠲᠡᠭᠡᠳᠡᠭᠦᠯᠰᠦ ᠬᠡᠮᠡᠵᠦ ᠲᠡᠷᠭᠡᠴᠦ ᠪᠣᠯᠪᠠᠢ ᠲᠥᠳᠡᠢ ᠴᠡᠷᠪᠢ ᠭᠡᠷ ᠳᠣᠲᠣᠷᠠ ᠭᠡᠷ ᠶᠢᠨ ᠳᠣᠲᠬᠠᠷ ᠢ ᠳᠣᠲᠣᠷᠠᠬᠢ ᠶᠢ ᠪᠡᠬᠢᠯᠡᠰᠦᠭᠡᠢ ᠬᠡᠮᠡᠪᠡ ᠬᠤᠪᠢᠯᠠᠢ ᠴᠡᠬᠦᠯᠬᠡᠲᠡᠢ ᠬᠠᠷᠬᠠᠢ ᠲᠤᠬᠤᠷᠠᠬᠤᠨ ᠭᠤᠷᠪᠠᠭᠤᠯᠠ ᠬᠠᠰᠠᠷ ᠯᠤᠭ᠎ᠠ ᠨᠢᠭᠡ ᠪᠣᠯᠤᠨ ᠦᠯᠳᠦᠰ ᠬᠦᠴᠦᠷᠬᠡᠭᠴᠢᠳ ᠢ ᠬᠦᠵᠦᠭᠦᠨ ᠢ ᠠᠨᠤ ᠬᠡᠷᠭᠡᠭᠳᠡᠬᠦᠨ ᠣᠭᠲᠠᠯᠤᠭᠲᠤᠨ ᠣᠮᠤᠷᠭᠠᠭᠠᠳ ᠢ ᠣᠮᠤᠷᠢᠬᠤᠳ ᠢ ᠠᠨᠤ ᠥᠩᠡᠯᠴᠢᠳᠬᠦᠨ ᠬᠡᠮᠡᠪᠡ ᠪᠡᠯᠭᠦᠲᠡᠢ ᠬᠠᠷᠠᠯᠳᠠᠢ ᠲᠤᠬᠤᠷᠠᠬᠤᠨ ᠬᠣᠶᠠᠷ ᠢ ᠠᠭᠲᠠ ᠪᠠᠷᠢᠬᠤ ᠠᠭᠲᠠᠴᠢᠨ ᠪᠣᠯᠲᠤᠭᠠᠢ ᠬᠡᠮᠡᠪᠡ ᠲᠠᠶᠢᠴᠢᠭᠤᠳ ᠲᠠᠢ ᠬᠤᠳᠤ ᠮᠣᠷᠢ ᠲᠤ ᠪᠤᠯᠭᠠᠯᠠᠬᠤ ᠭᠤᠷᠪᠠᠭᠤᠯᠠ ᠶᠢ ᠠᠳᠤᠭᠤᠨ ᠠᠳᠤᠭᠤᠯᠠᠲᠤᠭᠠᠢ ᠬᠡᠮᠡᠪᠡ ᠠᠷᠬᠠᠢ ᠬᠠᠰᠠᠷ ᠲᠠᠬᠠᠢ ᠰᠦᠬᠡᠢ ᠴᠠᠬᠤᠷᠠᠬᠠᠨ ᠳᠥᠷᠪᠡᠭᠦᠯᠡ ᠶᠢ ᠬᠣᠯᠠ ᠶᠢᠨ ᠬᠣᠨᠣᠴᠠᠭ ᠬᠣᠨᠣᠭ ᠣᠶᠢᠷ ᠠ ᠶᠢᠨ ᠣᠲᠣᠷ᠎ᠠ ᠤᠳᠤᠷᠢᠳᠬᠠᠯ ᠭᠠᠵᠠᠷᠴᠢ ᠪᠣᠯᠲᠤᠭᠠᠢ ᠬᠡᠮᠡᠪᠡ ᠰᠦᠪᠡᠭᠡᠳᠡᠢ ᠪᠠᠭᠠᠲᠤᠷ
Qadaγan-Dalduraγan , γurban ögüler=ün manaγar=un undan büü meküdegülsügei (dutaγulsuγai) üde=yin undan büü osoldasuγai kemen baγurčin bolba # Tekei ögüler=ün sineken irege <irge> , silün bolγaju manaγar büü medegülsü qonoγ=tur büü qojidaγulsu alaγčiγud qonid=i aduγulaju alam dügürgesü qonoγčiγud qonid=i aduγulaju qotan dügürgesü qoγolančir maγu bölügei bi qonin adulaju čaγan miq=a idesü kemen qonin aduγulabai # (degüü inu Küčügür ögülerün) čegürketei tergen=i činu büü čügüdegülsü tegesütei tergen=i dergegür degere büü tegedegülsü kemejü tergečü bolbai Tödei-čerbi ger dotora ger=yin dotqar=i <dotoraki=yi> bekilesügei kemebe Qubilai Čekülketei Qarqai-tuquraqun γurbaγula Qasar=luγ=a nige bolun üldüs küčürkegčid=i küjügün=i anu kergegdekün (oγtaluγtun) omurγaγad=i omuriqud=i anu öngelčidkün kemebe Belgütei Qaraldai-tuquraqun qoyar=i aγta bariqu aγtačin boltuγai kemebe Tayičiγud=tai-Qudu Mori=tu Bulγalaqu γurbaγula=yi aduγun aduγulatuγai kemebe Arqai-Qasar Taqai , Sükei , Čaquraqan dörbegüle=yi qola=yin qonočaγ (qonoγ) oyir=a=yin otor=a (uduridqal γajarči) boltuγai kemebe # Sübegedei-baγatur
34a
ᠥᠭᠦᠯᠡᠷᠦᠨ ᠬᠤᠯᠤᠭᠠᠨ᠎ᠠ ᠪᠣᠯᠵᠤ ᠬᠤᠷᠢᠶᠠᠯᠳᠤᠰᠤ ᠬᠠᠷᠠ ᠬᠡᠷᠢᠶ᠎ᠡ ᠪᠣᠯᠵᠤ ᠬᠠᠲᠤᠭᠤᠨ ᠪᠦᠬᠦᠨ ᠢ ᠬᠤᠷᠢᠮᠯᠠᠳᠠᠰᠤ ᠠᠮᠤᠷᠢ᠎ᠠ ᠱᠡᠵᠡᠭᠡᠢ ᠱᠠᠵᠠᠭᠠᠢ ᠮᠡᠲᠦ ᠠᠮᠤᠷᠠᠯᠠᠯᠳᠤᠨ ᠭᠤᠶᠢᠰᠤᠭᠠᠢ ᠬᠡᠷᠢᠰᠬᠡ ᠱᠡᠵᠡᠭᠡᠢ ᠬᠡᠷᠢᠶ᠎ᠡ ᠱᠠᠵᠠᠭᠠᠢ ᠪᠣᠯᠵᠤ ᠭᠡᠷ ᠵᠦᠭ ᠭᠡᠷᠢᠰᠯᠡᠯᠳᠦᠨ ᠭᠡᠷᠯᠡᠨ ᠬᠤᠷᠢᠶᠠᠰᠤ ᠬᠡᠮᠡᠪᠡ ᠲᠡᠨᠳᠡᠴᠡ ᠴᠢᠩᠭᠢᠰ ᠬᠠᠭᠠᠨ ᠬᠠᠭᠠᠨ ᠪᠣᠯᠵᠤ ᠪᠣᠭᠣᠷᠴᠢ ᠵᠡᠯᠮ᠎ᠡ ᠬᠣᠶᠠᠷ᠎ᠠ ᠥᠭᠦᠯᠡᠷ ᠦᠨ ᠲᠠ ᠬᠣᠶᠠᠷ ᠨᠠᠮᠠᠶᠢ ᠰᠡᠭᠦᠳᠡᠷ ᠡᠴᠡ ᠪᠤᠰᠤ ᠨᠥᠬᠥᠷ ᠦᠭᠡᠢ ᠲᠦᠷ ᠰᠡᠭᠦᠳᠡᠷ ᠪᠣᠯᠵᠤ ᠰᠡᠳᠬᠢᠯ ᠢ ᠮᠢᠨᠤ ᠠᠮᠤᠭᠤᠯᠪᠠᠢ ᠵ᠎ᠠ ᠲᠠ ᠰᠡᠳᠬᠢᠯ ᠲᠦᠷ ᠠᠲᠤᠭᠠᠢ ᠰᠡᠭᠦᠯ ᠡᠴᠡ ᠪᠤᠰᠤ ᠴᠥᠴᠢᠭᠡ ᠦᠭᠡᠢ ᠳᠦᠷ ᠰᠡᠭᠦᠯ ᠪᠣᠯᠵᠤ ᠵᠢᠷᠦᠬᠡᠨ ᠢ ᠮᠢᠨᠤ ᠠᠮᠤᠭᠤᠯᠪᠠᠢ ᠵ᠎ᠠ ᠲᠠ ᠴᠡᠭᠡᠵᠢ ᠳᠣᠲᠣᠷ᠎ᠠ ᠮᠢᠨᠤ ᠠᠲᠤᠭᠠᠢ ᠲᠠ ᠬᠣᠶᠠᠭᠤᠯᠠ ᠤᠷᠢᠳᠠ ᠪᠠᠶᠢᠭᠰᠠᠨ ᠪᠠᠷ ᠡᠳᠡ ᠪᠦᠬᠦᠨ ᠢ ᠰᠠᠨᠠᠵᠤ ᠦᠯᠡᠬᠦ ᠠᠬᠤᠨ ᠲᠠ ᠬᠡᠮᠡᠪᠡ ᠪᠠᠰᠠ ᠴᠢᠩᠭᠢᠰ ᠬᠠᠭᠠᠨ ᠵᠠᠷᠯᠢᠭ ᠪᠣᠯᠤᠷᠤᠨ ᠲᠩᠷᠢ ᠭᠠᠵᠠᠷ᠎ᠠ ᠬᠦᠴᠦ ᠨᠡᠮᠡᠭᠳᠡᠵᠦ ᠢᠪᠡᠭᠡᠭᠳᠡᠪᠡᠰᠦ ᠲᠠ ᠵᠠᠮᠤᠬ᠎ᠠ ᠠᠨᠳᠠ ᠠᠴᠠ ᠨᠠᠮᠠᠶᠢ ᠬᠡᠮᠡᠨ ᠰᠡᠳᠬᠢᠵᠦ ᠨᠥᠬᠴᠡᠰᠦ ᠬᠡᠮᠡᠨ ᠢᠷᠡᠭᠰᠡᠳ ᠥᠲᠡᠭᠡᠰ ᠥᠯᠵᠡᠢ ᠲᠡᠨ ᠨᠥᠬᠥᠷ ᠦᠨ ᠢᠨᠤ ᠦᠯᠡᠬᠦ ᠪᠣᠯᠤᠳᠬᠤᠨ ᠲᠠ ᠬᠡᠮᠡᠪᠡ ᠳᠡᠭᠡᠳᠦ ᠲᠡᠳᠡᠭᠡᠷ ᠨᠥᠬᠥᠴᠡᠯᠳᠦᠭᠰᠡᠨ ᠠᠷᠠᠳ ᠡᠶᠢᠨ ᠬᠡᠮᠡᠵᠦ ᠵᠦᠭ ᠵᠦᠭ ᠡᠴᠡ ᠲᠦᠰᠢᠪᠡᠢ ᠴᠢᠩᠭᠢᠰ ᠬᠠᠭᠠᠨ ᠢ ᠬᠠᠭᠠᠨ ᠪᠣᠯᠭᠠᠪᠠᠢ ᠬᠡᠮᠡᠨ ᠬᠡᠷᠡᠶᠢᠳ ᠦᠨ ᠲᠣᠭᠣᠷᠢᠯ ᠬᠠᠭᠠᠨ ᠲᠤᠷ ᠲᠠᠬᠠᠢ ᠰᠦᠬᠡᠢ ᠬᠣᠶᠠᠷ ᠢ ᠡᠯᠴᠢ ᠢᠯᠡᠭᠡᠪᠡ ᠲᠣᠭᠣᠷᠢᠯ ᠬᠠᠭᠠᠨ ᠥᠭᠦᠯᠡᠷ ᠦᠨ ᠲᠦᠮᠦᠵᠢᠨ ᠬᠥᠪᠡᠭᠦᠨ ᠢ ᠮᠢᠨᠤ ᠬᠠᠭᠠᠨ ᠪᠣᠯᠭᠠᠬᠤ ᠲᠠᠨ ᠤ ᠠᠢ ᠵᠥᠪ ᠲᠠ ᠮᠣᠩᠭᠣᠯ ᠬᠠᠭᠠᠨ ᠦᠭᠡᠬᠦᠨ ᠬᠡᠷ ᠠᠬᠤᠨ ᠲᠠ ᠡᠨᠡ ᠡᠶ᠎ᠡ ᠪᠡᠨ ᠪᠦᠦ ᠡᠪᠳᠡᠷᠡᠳᠬᠦᠨ ᠡᠶ᠎ᠡ
ögülerün quluγan=a bolju quriyaldusu qara keriy=e bolju qatuγun bükün=i qurimladasu amuri=a šejegei (šajaγai) metü amuralaldun γuyisuγai keriske šejegei (keriy=e šajaγai) bolju ger jüg gerisleldün (gerlen) quriyasu kemebe # tendeče Činggis-qaγan qaγan bolju , Boγorči Jelm=e qoyar=a ögüler=ün ta qoyar namayi següder=eče busu nökör ügei=tür següder bolju sedkil=i minu amuγulbai j=a ta sedkil=tür atuγai segül=eče busu čöčige ügei=dür segül bolju jirüken=i minu amuγulbai j=a ta čegeji dotor=a minu atuγai ta qoyaγula urida bayiγsan=bar ede bükün=i sanaju ülekü aqun ta kemebe basa Činggis-qaγan jarliγ bolurun tngri γajar=a küčü nemegdejü ibegegdebesü ta Jamuq=a anda=ača namayi kemen sedkijü nökčesü kemen iregsed öteges öljei=ten nökör=ün inu ülekü boludqun ta kemebe (degedü tedeger nököčeldügsen arad eyin kemejü) jüg jüg=eče tüsibei Činggis-qaγan=i qaγan bolγabai kemen Kereyid=ün Toγoril-qaγan=tur Taqai , Sükei qoyar=i elči ilegebe Toγoril-qaγan ögüler=ün Tümüjin köbegün=i minu qaγan bolγaqu tan=u ai jöb ta Mongγol qaγan ügekün ker aqun ta ene ey=e ben büü ebderedkün ey=e
34b
ᠵᠠᠩᠭᠢ ᠪᠠᠨ ᠪᠦᠦ ᠲᠠᠶᠢᠯᠤᠳᠬᠤᠨ ᠵᠠᠩ ᠢᠶᠠᠨ ᠪᠦᠦ ᠠᠯᠳᠠᠷᠭᠤᠯᠤᠳᠬᠤᠨ ᠠᠬ ᠠ ᠪᠠᠨ ᠪᠠᠷ ᠢᠶᠠᠨ ᠲᠠᠷᠬᠤᠯᠤᠳᠬᠤᠨ ᠬᠡᠮᠡᠵᠦ ᠢᠯᠡᠭᠡᠵᠦᠬᠦᠢ ᠠᠷᠬᠠᠢ ᠬᠠᠰᠠᠷ ᠴᠠᠬᠤᠷᠬᠠᠨ ᠬᠣᠶᠠᠷ ᠢ ᠵᠠᠮᠤᠬ ᠠ ᠲᠤᠷ ᠡᠯᠴᠢ ᠢᠯᠡᠭᠡᠪᠡᠰᠦ ᠵᠠᠮᠤᠬ᠎ᠠ ᠥᠭᠦᠯᠡᠷ ᠦᠨ ᠠᠯᠲᠠᠨ ᠬᠤᠴᠠᠷ ᠰᠡᠴᠡᠨ ᠪᠡᠬᠢ ᠬᠣᠶᠠᠷ᠎ᠠ ᠥᠭᠦᠯᠡ ᠬᠡᠮᠡᠵᠦ ᠥᠭᠦᠯᠡᠵᠦ ᠢᠯᠡᠭᠡᠷ ᠦᠨ ᠠᠯᠲᠠᠨ ᠬᠤᠴᠠᠷ ᠰᠡᠴᠡᠨ ᠪᠡᠬᠢ ᠲᠠ ᠬᠣᠶᠠᠷ ᠲᠦᠮᠦᠵᠢᠨ ᠠᠨᠳᠠ ᠪᠢᠳᠠ ᠬᠣᠶᠠᠷ ᠤᠨ ᠵᠠᠭᠤᠷᠠ ᠰᠦᠪᠡᠭᠡ ᠰᠡᠴᠢᠵᠦ ᠴᠢᠴᠢᠵᠦ ᠬᠠᠪᠢᠷᠭ᠎ᠠ ᠬᠠᠳᠬᠤᠵᠤ ᠶᠠᠬᠢᠨ ᠬᠠᠭᠠᠴᠠᠭᠤᠯᠪᠠ ᠲᠠ ᠠᠨᠳᠠ ᠪᠢᠳᠠ ᠬᠣᠶᠠᠷ ᠢ ᠦᠯᠦ ᠬᠠᠭᠠᠴᠠᠭᠤᠯ ᠤᠨ ᠬᠠᠮᠲᠤ ᠪᠦᠬᠦᠢ ᠲᠦᠷ ᠲᠦᠮᠦᠵᠢᠨ ᠠᠨᠳᠠ ᠶᠢ ᠬᠠᠭᠠᠨ ᠶᠠᠬᠢᠨ ᠡᠰᠡ ᠪᠣᠯᠭᠠᠪᠠᠢ ᠲᠠ ᠡᠳᠦᠭᠡ ᠶᠠᠮᠪᠠᠷ ᠡᠯᠡ ᠰᠡᠳᠬᠢᠯ ᠰᠡᠳᠬᠢᠵᠦ ᠬᠠᠭᠠᠨ ᠪᠣᠯᠭᠠᠪᠠᠢ ᠲᠠ ᠠᠯᠲᠠᠨ ᠬᠤᠴᠠᠷ ᠰᠡᠴᠡᠨ ᠪᠡᠬᠢ ᠲᠠ ᠬᠣᠶᠠᠷ ᠥᠭᠦᠯᠡᠭᠰᠡᠨ ᠦᠭᠡᠰ ᠲᠦᠷ ᠢᠶᠡᠨ ᠬᠦᠷᠦᠨ ᠠᠨᠳᠠ ᠮᠢᠨᠤ ᠰᠡᠳᠬᠢᠯ ᠢ ᠠᠮᠤᠭᠤᠯᠵᠤ ᠠᠨᠳᠠ ᠲᠠ ᠢᠨᠤ ᠰᠠᠶᠢᠲᠤᠷ ᠨᠥᠬᠥᠴᠡᠵᠦ ᠥᠭᠭᠥᠳᠬᠦᠨ ᠬᠡᠮᠡᠵᠦ ᠢᠯᠡᠭᠡᠵᠦᠬᠦᠢ ᠲᠡᠭᠦᠨ ᠦ ᠬᠣᠶᠢᠨᠠ ᠵᠠᠮᠤᠬ ᠠ ᠶᠢᠨ ᠳᠡᠭᠦᠦ ᠲᠢᠴᠡᠷ ᠠᠯᠮᠠ ᠶᠢᠨ ᠡᠪᠦᠷ᠎ᠡ ᠥᠯᠭᠡᠢ ᠪᠤᠯᠭ᠎ᠠ ᠪᠦᠷᠦᠨ ᠪᠢᠳᠠᠨ ᠤ ᠰᠠᠭᠠᠷᠢ ᠬᠡᠭᠡᠷ᠎ᠡ ᠪᠦᠬᠦ ᠴᠣᠴᠢ ᠳᠠᠷᠮᠠᠯᠠ ᠶᠢᠨ ᠠᠳᠤᠭᠤᠨ ᠳᠡᠭᠡᠷᠡᠮᠳᠦᠷ᠎ᠡ ᠣᠳᠴᠤ ᠲᠢᠴᠡᠷ ᠴᠣᠴᠢ ᠳᠠᠷᠮᠠᠯᠠ ᠶᠢᠨ ᠠᠳᠤᠭᠤᠨ ᠳᠡᠭᠡᠷᠡᠮᠳᠴᠦ ᠠᠪᠴᠤ ᠣᠳᠴᠤᠬᠤᠢ ᠴᠣᠴᠢ ᠳᠠᠷᠮᠠᠯᠠ ᠠᠳᠤᠭᠤ ᠪᠠᠨ ᠳᠡᠭᠡᠷᠡᠮᠳᠴᠦ ᠣᠳᠳᠤᠵᠤ ᠨᠥᠬᠥᠳ ᠢᠶᠡᠨ ᠵᠢᠷᠦᠬᠡ ᠶᠠᠳᠠᠭᠠᠳᠠᠵᠤ ᠮᠥᠨ ᠴᠣᠴᠢ ᠳᠠᠷᠮᠠᠯᠠ ᠨᠡᠬᠡᠵᠦ ᠣᠳᠴᠤ ᠱᠥᠨᠢ ᠠᠳᠤᠭᠤᠨ ᠢᠶᠠᠨ ᠬᠢᠵᠠᠭᠠᠷ᠎ᠠ ᠬᠦᠷᠴᠦ ᠮᠣᠷᠢᠨ ᠢᠶᠠᠨ ᠳᠡᠯ ᠳᠡᠭᠡᠷᠡ ᠡᠯᠢᠭᠡ ᠪᠡᠷ ᠢᠶᠡᠨ ᠬᠡᠪᠲᠡᠵᠦ
janggi=ban büü tayiludqun (jang=iyan büü aldarγuludqun) aq=a=ban (bar=iyan) tarquludqun kemejü ilegejüküi Arqai-Qasar , Čaqurqan qoyar=i Jamuq=a=tur elči ilegebesü Jamuq=a ögüler=ün Altan Qučar , Sečen-beki , qoyar=a ögüle kemejü ögülejü ileger=ün Altan Qučar , Sečen-beki , ta qoyar Tümüjin anda , bida qoyar=un jaγura sübege sečijü (čičijü) qabirγ=a qadquju yakin qaγačaγulba ta anda bida qoyar=i ülü qaγačaγul=un qamtu büküi=tür Tümüjin anda=yi qaγan yakin ese bolγabai ta edüge yambar ele sedkil sedkijü qaγan bolγabai ta Altan Qučar , Sečen-beki ta qoyar ögülegsen üges=tür=iyen kürün anda minu sedkil=i amuγulju anda ta inu sayitur nököčejü öggödkün kemejü ilegejüküi tegün=ü qoyina Jamuq=a=yin degüü Tičer , Alma=yin ebür=e Ölgei-bulγ=a bürün bidan=u Saγari-Keger=e bükü Čoči-Darmala=yin aduγun degeremdür=e odču Tičer Čoči-Darmala=yin aduγun degeremdčü abču odčuqui Čoči-Darmala aduγu=ban degeremdčü odduju nököd=iyen jirüke yadaγadaju mön Čoči-Darmala nekejü odču šöni aduγun=iyan kijaγar=a kürčü morin=iyan del degere elige=ber=iyen kebtejü
35a
ᠬᠦᠷᠴᠦ ᠲᠢᠴᠡᠷ ᠦᠨ ᠨᠢᠷᠤᠭᠤᠨ ᠢ ᠬᠤᠭᠤᠷ᠎ᠠ ᠬᠠᠷᠪᠤᠵᠤ ᠠᠯᠠᠭᠠᠳ ᠠᠳᠤᠭᠤ ᠪᠠᠨ ᠠᠪᠤᠭᠠᠳ ᠢᠷᠡᠵᠦᠬᠦᠢ ᠳᠡᠭᠦᠦ ᠪᠡᠨ ᠲᠢᠴᠡᠷ ᠠᠯᠠᠭᠳᠠᠪᠠ ᠬᠡᠮᠡᠨ ᠵᠠᠮᠤᠬ᠎ᠠ ᠲᠡᠷᠢᠭᠦᠲᠡᠨ ᠵᠠᠵᠢᠷᠢᠨ ᠠᠷᠪᠠᠨ ᠭᠤᠷᠪᠠᠨ ᠬᠠᠷᠢ ᠨᠥᠬᠥᠴᠡᠵᠦ ᠭᠤᠷᠪᠠᠨ ᠲᠦᠮᠡᠨ ᠪᠣᠯᠵᠤ ᠠᠯᠠᠭᠤᠳ ᠲᠤᠷᠭᠠᠭᠤᠳ ᠢᠶᠠᠷ ᠳᠠᠪᠠᠵᠤ ᠴᠢᠩᠭᠢᠰ ᠬᠠᠭᠠᠨ ᠲᠤᠷ ᠮᠣᠷᠢᠯᠠᠵᠤ ᠠᠶᠢᠰᠤᠢ ᠢᠷᠡᠮᠦᠢ ᠬᠡᠮᠡᠨ ᠢᠬᠡᠷᠡᠰ ᠡᠴᠡ ᠮᠥᠯᠡᠭᠡ ᠲᠣᠲᠣᠬ᠎ᠠ ᠪᠣᠷᠣᠯᠳᠠᠢ ᠬᠣᠶᠠᠷ᠎ᠠ ᠴᠢᠩᠭᠢᠰ ᠬᠠᠭᠠᠨ ᠢ ᠬᠦᠷᠡᠯᠬᠦᠳᠡ ᠪᠦᠬᠦᠢ ᠲᠦᠷ ᠬᠡᠯᠡᠨ ᠬᠦᠷᠭᠡᠨ ᠢᠷᠡᠵᠦᠬᠦᠢ ᠡᠨᠡ ᠬᠡᠯᠡᠨ ᠦᠭᠡ ᠶᠢ ᠮᠡᠳᠡᠭᠡᠳ ᠴᠢᠩᠭᠢᠰ ᠬᠠᠭᠠᠨ ᠠᠷᠪᠠᠨ ᠭᠤᠷᠪᠠᠨ ᠬᠦᠷᠢᠶᠡᠳ ᠠᠶᠢᠮᠠᠭ ᠪᠥᠯᠦᠭᠡ ᠭᠤᠷᠪᠠᠨ ᠬᠦ ᠲᠦᠮᠡᠳ ᠪᠣᠯᠵᠤ ᠵᠠᠮᠤᠬ ᠠ ᠶᠢᠨ ᠡᠰᠡᠷᠭᠦ ᠢᠨᠤ ᠮᠣᠷᠢᠯᠠᠵᠤ ᠳᠠᠯᠠᠨ ᠪᠠᠯᠵᠤᠳ᠎ᠠ ᠪᠠᠶᠢᠯᠳᠤᠵᠤ ᠴᠢᠩᠭᠢᠰ ᠬᠠᠭᠠᠨ ᠵᠠᠮᠤᠬ ᠠ ᠲᠠᠨ ᠢ ᠬᠥᠳᠡᠯᠭᠡᠭᠳᠡᠵᠦ ᠬᠥᠭᠡᠨ ᠣᠨᠠᠨ ᠤ ᠴᠠᠷᠬᠠᠨ ᠬᠠᠪᠴᠢᠬᠠᠶ᠎ᠠ ᠬᠤᠷᠠᠪᠠᠢ ᠵᠠᠮᠤᠬ᠎ᠠ ᠥᠭᠦᠯᠡᠷᠦᠨ ᠣᠨᠠᠨ ᠤ ᠴᠠᠷᠬᠠᠨ ᠬᠠᠪᠴᠢᠬᠠᠶ᠎ᠠ ᠬᠤᠷᠠᠪᠠᠢ ᠪᠢᠳᠠ ᠡᠷᠭᠢᠵᠦ ᠬᠠᠷᠢᠷ ᠤᠨ ᠬᠡᠮᠡᠭᠡᠳ ᠴᠠᠨᠤᠰ ᠤᠨ ᠬᠥᠪᠡᠭᠦᠳ ᠢ ᠳᠠᠯᠠᠨ ᠲᠣᠭᠠᠨᠲᠣᠭᠣᠭ ᠠ ᠳᠤᠷ ᠪᠤᠴᠠᠯᠠᠵᠤ ᠨᠡᠭᠦᠳᠡᠢ ᠴᠠᠭᠠᠨ ᠭᠣᠤ ᠠ ᠶᠢᠨ ᠲᠡᠷᠢᠭᠦᠨ ᠢ ᠢᠨᠤ ᠣᠭᠲᠠᠯᠵᠤ ᠮᠣᠷᠢᠨ ᠤ ᠰᠡᠭᠦᠯ ᠲᠦᠷ ᠴᠢᠷᠴᠦ ᠣᠳᠪᠠᠢ ᠵᠠᠮᠤᠬ ᠠ ᠶᠢ ᠲᠡᠨᠳᠡᠴᠡ ᠬᠠᠷᠢᠭᠤᠯᠤᠭᠠᠳ ᠤᠷᠤᠭᠤᠳ ᠤᠨ ᠵᠤᠷᠴᠢᠳᠠᠢ ᠤᠷᠤᠭᠤᠳ ᠢᠶᠠᠨ ᠤᠳᠤᠷᠢᠳᠤᠭᠠᠳ ᠮᠠᠩᠭᠤᠳ ᠤᠨ ᠬᠤᠶᠢᠯᠳᠤᠷ ᠮᠠᠩᠭᠤᠳ ᠢᠶᠠᠨ ᠤᠳᠤᠷᠢᠳᠤᠭᠠᠳ ᠵᠠᠮᠤᠬ ᠠ ᠠᠴᠠ ᠬᠠᠭᠠᠴᠠᠵᠤ ᠴᠢᠩᠭᠢᠰ ᠬᠠᠭᠠᠨ ᠲᠤᠷ ᠢᠷᠡᠪᠡᠢ ᠬᠣᠩᠬᠠᠲᠠᠨ ᠤ ᠮᠡᠩᠯᠢᠭ ᠡᠴᠢᠭᠡ ᠵᠠᠮᠤᠬ ᠠ ᠳᠠ ᠠᠵᠤ
kürčü Tičer=ün niruγun=i quγur=a qarbuju alaγad aduγu=ban abuγad irejüküi degüü=ben Tičer alaγdaba kemen Jamuq=a terigüten Jajirin arban γurban qari nököčejü γurban tümen bolju Alaγud Turγaγud=iyar dabaju Činggis-qaγan=tur morilaju ayisui (iremüi) kemen Ikeres=eče Mölege-Totoq=a , Boroldai qoyar=a Činggis-qaγan=i Kürelküde büküi=tür kelen kürgen irejüküi ene kelen (üge=yi) medeged Činggis-qaγan arban γurban küriyed (ayimaγ) bölüge γurban kü tümed bolju Jamuq=a=yin esergü inu morilaju Dalan-Baljud=a bayilduju , Činggis-qaγan , Jamuq=a=tan=i ködelgegdejü (kögen) Onan=u Čarqan-qabčiqay=a qurabai Jamuq=a ögülerün Onan=u Čarqan-qabčiqay=a qurabai bida ergijü qarir=un kemeged Čanus=un köbegüd=i dalan toγan(toγoγ=a)=dur bučalaju Negüdei-Čaγan-Γou=a=yin terigün=i inu oγtalju , morin=u segül=tür čirčü odbai Jamuq=a=yi tendeče qariγuluγad Uruγud=un Jurčidai Uruγud=iyan uduriduγad Mangγud=un Quyildur Mangγud=iyan uduriduγad Jamuq=a=ača qaγačaju Činggis-qaγan=tur irebei Qongqatan=u Menglig ečige Jamuq=a=da aju
35b
ᠳᠣᠯᠣᠭᠠᠨ ᠬᠥᠪᠡᠭᠦᠨ ᠯᠦᠭᠡ ᠪᠡᠨ ᠢᠷᠡᠪᠡᠢ ᠴᠢᠩᠭᠢᠰ ᠬᠠᠭᠠᠨ ᠥᠪᠡᠷ ᠲᠦᠷ ᠢᠶᠡᠨ ᠤᠯᠤᠰ ᠢᠷᠡᠪᠡᠢ ᠬᠡᠮᠡᠨ ᠪᠠᠶᠠᠰᠴᠤ ᠥᠭᠡᠯᠡᠨ ᠦᠵᠢᠨ ᠬᠠᠰᠠᠷ ᠵᠦᠷᠬᠡᠨ ᠦ ᠰᠡᠴᠡᠨ ᠪᠡᠬᠢ ᠲᠠᠶᠢᠴᠤ ᠲᠠᠨ ᠪᠦᠭᠦᠳᠡ ᠡᠶᠡᠳᠦᠯᠳᠦᠨ ᠵᠥᠪᠰᠢᠶᠡᠯᠳᠦᠵᠦ ᠣᠨᠠᠨ ᠤ ᠲᠦᠨ ᠲᠦᠷ ᠬᠤᠷᠢᠮᠯᠠᠶ᠎ᠠ ᠬᠡᠮᠡᠯᠳᠦᠵᠦ ᠬᠤᠷᠢᠮᠯᠠᠬᠤᠢ ᠲᠤᠷ ᠤᠷᠢᠳᠠ ᠵᠦᠷᠬᠡᠨ ᠦ ᠰᠡᠴᠡᠨ ᠪᠡᠬᠢ ᠲᠠᠶᠢᠴᠤ ᠲᠠᠨ ᠥᠭᠡᠯᠡᠨ ᠡᠬᠡ ᠲᠡᠷᠢᠭᠦᠯᠡᠨ ᠴᠢᠩᠭᠢᠰ ᠬᠠᠭᠠᠨ ᠢ ᠵᠠᠯᠠᠪᠠ ᠲᠥᠷᠥᠯ ᠲᠥᠷᠥᠭᠰᠡᠨ ᠪᠢᠳᠠᠨ ᠤ ᠥᠪᠡᠷ᠎ᠡ ᠪᠢᠰᠢ ᠨᠢᠭᠡᠨ ᠪᠢᠯᠡ ᠮᠠᠭᠤ ᠮᠠᠭᠤ ᠪᠠᠷ ᠶᠠᠪᠤᠬᠤ ᠪᠤᠶᠤ ᠭᠡᠵᠦ ᠵᠠᠯᠠᠬᠤᠢ ᠲᠤᠷ ᠥᠭᠡᠯᠡᠨ ᠡᠬᠡ ᠵᠠᠷᠯᠢᠭ ᠪᠣᠯᠪᠠ ᠬᠣᠣᠷ ᠲᠠᠨ ᠳᠠᠶᠢᠰᠤᠨ ᠢ ᠴᠥᠭᠡᠨ ᠬᠣᠣᠷ ᠠ ᠲᠤ ᠮᠣᠭᠠᠢ ᠶᠢ ᠨᠠᠷᠢᠨ ᠭᠡᠵᠦ ᠪᠦᠦ ᠰᠠᠨᠠ ᠢᠲᠡᠭᠡᠯ ᠦᠭᠡᠢ ᠰᠡᠷᠡᠯᠲᠡᠢ ᠪᠤᠢ ᠬᠡᠮᠡᠪᠡᠰᠦ ᠪᠣᠭᠳᠠ ᠡᠵᠡᠨ ᠵᠠᠷᠯᠢᠭ ᠪᠣᠯᠪᠠ ᠬᠠᠪᠤᠲᠤ ᠬᠠᠰᠠᠷ ᠴᠢ ᠰᠠᠭᠠᠳᠠᠭ ᠬᠠᠳᠠᠭᠠᠯᠠ ᠪᠥᠬᠡ ᠪᠡᠯᠭᠦᠲᠡᠢ ᠴᠢ ᠵᠠᠰᠠᠭᠤᠯ ᠪᠠᠢ ᠬᠠᠴᠤᠭᠤ ᠴᠢ ᠮᠣᠷᠢ ᠬᠠᠳᠠᠭᠠᠯᠠ ᠣᠶᠢᠲᠤ ᠣᠴᠢᠭᠡᠨ ᠴᠢ ᠮᠢᠨᠤ ᠳᠡᠷᠭᠡᠳᠡ ᠰᠠᠭᠤ ᠶᠠᠮᠪᠠᠷ ᠪᠠ ᠦᠶᠢᠯᠡ ᠮᠡᠳᠡᠭᠡ ᠦᠭᠡᠢ ᠪᠤᠶᠤ ᠭᠡᠵᠦ ᠵᠠᠷᠯᠢᠭ ᠪᠣᠯᠪᠠ ᠵᠦᠷᠬᠡᠨ ᠮᠠᠭᠤ ᠰᠡᠳᠬᠢᠵᠦ ᠨᠦᠬᠡ ᠤᠬᠤᠵᠤ ᠳᠡᠭᠡᠷᠡ ᠢᠨᠤ ᠡᠰᠡᠭᠡᠢ ᠳᠡᠪᠢᠰᠦᠭᠰᠡᠨ ᠠᠵᠤᠬᠤ ᠡᠵᠡᠨ ᠡᠰᠡᠭᠡᠢ ᠶᠢᠨ ᠳᠤᠮᠳᠠ ᠰᠠᠭᠤᠬᠤᠶ᠎ᠠ ᠵᠠᠪᠳᠤᠭᠰᠠᠨ ᠲᠤᠷ ᠣᠴᠢᠭᠢᠨ ᠡᠵᠡᠨ ᠦ ᠪᠡᠶ ᠡ ᠡᠴᠡ ᠲᠠᠲᠠᠭᠠᠳ ᠳᠡᠪᠢᠰᠭᠡᠷ ᠦᠨ ᠵᠢᠬ ᠠ ᠳᠤ ᠰᠠᠭᠤᠯᠭᠠᠪᠠ ᠴᠢᠩᠭᠢᠰ ᠬᠠᠭᠠᠨ᠎ᠠ ᠥᠭᠡᠯᠡᠨ ᠦᠵᠢᠨ᠎ᠡ ᠬᠠᠰᠠᠷ ᠭᠤᠷᠪᠠᠨ᠎ᠠ ᠰᠡᠴᠡᠨ ᠪᠡᠬᠢ ᠨᠢᠭᠡᠨ ᠲᠦᠰᠦᠷᠭᠡ ᠲᠦᠰᠦᠷᠵᠦᠬᠦᠢ ᠪᠠᠰᠠ ᠰᠡᠴᠡᠨ ᠪᠡᠬᠢ ᠶᠢᠨ ᠥᠴᠦᠬᠡᠨ ᠡᠬᠡ
doloγan köbegün=lüge=ben irebei Činggis-qaγan öber=tür=iyen ulus irebei kemen bayasču Ögelen-Üjin Qasar , Jürken=ü Sečen-beki , Tayiču=tan bügüde eyedüldün jöbsiyeldüjü Onan=u tün=tür qurimlay=a kemeldüjü qurimlaqui=tur urida Jürken=ü Sečen-beki , Tayiču=tan Ögelen eke terigülen Činggis-qaγan=i jalaba töröl törögsen bidan=u öber=e bisi nigen bile maγu maγu=bar yabuqu buyu gejü jalaqui=tur Ögelen eke jarliγ bolba qoor=tan dayisun=i čögen qoor=a=tu moγai=yi narin gejü büü sana itegel ügei sereltei bui kemebesü Boγda-Ejen jarliγ bolba Qabutu-Qasar či saγadaγ qadaγala böke Belgütei či jasaγul bai Qačuγu či mori qadaγala oyitu Očigen či minu dergede saγu yambar ba üyile medege ügei buyu gejü jarliγ bolba Jürken maγu sedkijü nüke uquju degere inu esegei debisügsen ajuqu ejen esegei=yin dumda saγuquy=a jabduγsan=tur Očigin ejen=ü bey=e=eče tataγad debisger=ün jiq=a=du saγulγaba Činggis-qaγan=a Ögelen-Üjin=e , Qasar γurban=a Sečen-beki nigen tüsürge tüsürjüküi basa Sečen-beki=yin öčüken eke
36a
ᠡᠪᠡᠬᠡᠶ᠎ᠡ ᠲᠡᠷᠢᠭᠦᠯᠡᠨ ᠨᠢᠭᠡᠨ ᠲᠦᠰᠦᠷᠭᠡ ᠲᠦᠰᠦᠷᠬᠦ ᠶᠢᠨ ᠲᠤᠯᠠ ᠬᠣᠷᠢᠴᠠᠨ ᠬᠠᠲᠤᠨ ᠬᠤᠭᠤᠭᠴᠢᠨ ᠬᠠᠲᠤᠨ ᠬᠣᠶᠠᠷ ᠮᠠᠨ᠎ᠠ ᠦᠯᠦ ᠲᠡᠷᠢᠭᠦᠯᠡᠨ ᠬᠡᠷ ᠲᠦᠰᠦᠷᠦᠶᠦ ᠬᠡᠮᠡᠨ ᠪᠠᠭᠤᠷᠴᠢ ᠰᠢᠬᠦᠷᠴᠢ ᠶᠢ ᠠᠰᠬᠢᠴᠢᠬᠤ ᠪᠠᠭᠤᠷᠴᠢ ᠰᠢᠬᠦᠷᠴᠢ ᠥᠭᠦᠯᠡᠷ ᠦᠨ ᠶᠢᠰᠦᠬᠡᠢ ᠪᠠᠭᠠᠲᠤᠷ ᠨᠡᠭᠦᠨ ᠲᠠᠶᠢᠰᠢ ᠬᠣᠶᠠᠷ ᠢ ᠦᠭᠡᠢ ᠶᠢᠨ ᠲᠤᠯᠠ ᠡᠶᠢᠨ ᠠᠰᠬᠢᠭᠳᠠᠬᠤ ᠮᠠᠨ ᠤ ᠶᠠᠭᠤᠨ ᠬᠡᠮᠡᠭᠡᠳ ᠶᠡᠬᠡ ᠳᠠᠭᠤ ᠪᠠᠷ ᠤᠶᠢᠯᠠᠵᠤᠬᠤᠢ ᠲᠡᠷᠡ ᠬᠤᠷᠢᠮ ᠢ ᠪᠢᠳᠠᠨ ᠠᠴᠠ ᠪᠡᠯᠭᠦᠲᠡᠢ ᠵᠠᠰᠠᠭᠠᠳ ᠵᠦᠷᠬᠡᠨ ᠡᠴᠡ ᠪᠦᠷᠢ ᠪᠥᠬᠡ ᠲᠡᠷᠡ ᠬᠤᠷᠢᠮ ᠢ ᠵᠠᠰᠠᠨ ᠪᠥᠯᠦᠭᠡ ᠴᠢᠩᠭᠢᠰ ᠬᠠᠭᠠᠨ ᠤ ᠠᠭᠲᠠ ᠬᠠᠴᠤᠭᠤᠨ ᠪᠠᠷᠢᠵᠤ ᠪᠠᠶᠢᠨ ᠪᠥᠯᠦᠭᠡ ᠵᠦᠷᠬᠡᠨ ᠡᠴᠡ ᠨᠢᠭᠡᠨ ᠡᠮ᠎ᠡ ᠬᠦᠮᠦᠨ ᠳᠣᠭᠣᠯᠵᠤ ᠢᠷᠡᠭᠡᠳ ᠵᠥᠪᠳᠡᠬᠢ ᠳᠥᠷᠥᠭᠡ ᠶᠢ ᠣᠭᠲᠠᠯᠵᠤ ᠠᠪᠴᠤ ᠣᠳᠬᠤᠢ ᠶᠢ ᠪᠡᠯᠭᠦᠲᠡᠢ ᠦᠵᠡᠭᠡᠳ ᠲᠡᠷᠡ ᠡᠮ ᠡ ᠶᠢᠨ ᠬᠥᠯ ᠢ ᠢᠨᠤ ᠬᠤᠭᠤ ᠲᠠᠰᠢᠵᠤ ᠣᠷᠬᠢᠪᠠ ᠲᠡᠨᠳᠡᠴᠡ ᠪᠦᠷᠢ ᠪᠥᠬᠡ ᠲᠡᠷᠡ ᠬᠤᠯᠠᠭᠠᠶᠢᠴᠢ ᠪᠠᠨ ᠥᠮᠥᠭᠦᠷᠡᠨ ᠪᠡᠯᠭᠦᠲᠡᠢ ᠯᠤᠭᠠ ᠨᠠᠰᠤᠳᠠ ᠠᠪᠤᠯᠳᠠᠷ ᠤᠨ ᠨᠣᠴᠣᠯᠠᠯᠳᠤᠪᠠᠢ ᠪᠡᠯᠭᠡᠲᠡᠢ ᠪᠠᠷᠠᠭᠤᠨ ᠬᠠᠨᠴᠤᠪᠠᠨ ᠮᠥᠯᠲᠥᠯᠵᠦ ᠨᠢᠴᠦᠭᠦᠨ ᠶᠠᠪᠤᠬᠤ ᠪᠥᠯᠦᠭᠡ ᠲᠡᠷᠡ ᠮᠥᠯᠲᠥᠯᠦᠭᠰᠡᠨ ᠨᠢᠴᠦᠭᠡᠨ ᠮᠥᠷᠥ ᠢᠨᠤ ᠪᠦᠷᠢ ᠪᠥᠬᠡ ᠢᠯᠳᠦ ᠪᠡᠷ ᠬᠠᠭ᠎ᠠ ᠴᠠᠪᠴᠢᠵᠤᠬᠤᠢ ᠪᠡᠯᠭᠡᠲᠡᠢ ᠲᠡᠶᠢᠨ ᠴᠠᠪᠴᠢᠭᠳᠠᠵᠤ ᠪᠥᠭᠥᠲᠡᠯᠡ ᠶᠠᠭᠤᠨ ᠠ ᠪᠠᠷ ᠦᠯᠦ ᠪᠣᠯᠭᠠᠨ ᠦᠯᠦ ᠰᠡᠩᠬᠡᠷᠡᠨ ᠴᠢᠰᠤᠨ ᠴᠤᠪᠤᠷᠢᠭᠤᠯᠵᠤ ᠶᠠᠪᠤᠬᠤ ᠶᠢ ᠴᠢᠩᠭᠢᠰ ᠬᠠᠭᠠᠨ ᠰᠡᠭᠦᠳᠡᠷ ᠲᠦᠷ ᠰᠠᠭᠤᠵᠤ ᠬᠤᠷᠢᠮ ᠳᠣᠲᠣᠷᠠ ᠠᠴᠠ ᠦᠵᠡᠵᠦ ᠭᠠᠷᠴᠤ ᠢᠷᠡᠵᠦ ᠥᠭᠦᠯᠡᠷ ᠦᠨ ᠬᠡᠷ ᠡᠶᠢᠨ ᠬᠢᠭᠳᠡᠨ
Ebekey=e terigülen nigen tüsürge tüsürkü=yin tula Qoričan-qatun Quγuγčin-qatun qoyar man=a ülü terigülen ker tüsürüyü kemen baγurči Sikürči=yi askičiqu baγurči Sikürči ögüler=ün Yisükei-baγatur Negün-tayisi qoyar=i ügei=yin tula eyin askiγdaqu man=u yaγun kemeged yeke daγu=bar uyilajuqui tere qurim=i bidan=ača Belgütei jasaγad Jürken=eče Büri-Böke tere qurim=i jasan bölüge Činggis-qaγan=u aγta Qačuγun bariju bayin bölüge Jürken=eče nigen em=e kümün doγolju ireged jöbdeki döröge=yi oγtalju abču odqui=yi Belgütei üjeged tere em=e=yin köl=i inu quγu tasiju orkiba tendeče Büri-Böke tere qulaγayiči=ban ömögüren Belgütei=luγa nasuda abuldar=un (nočolaldubai) Belgetei baraγun qančuban möltöljü ničügün yabuqu bölüge tere möltölügsen ničügen mörö inu Büri-Böke ildü=ber qaγ=a čabčijuqui , Belgetei teyin čabčiγdaju bögötele yaγun=a=bar ülü bolγan ülü sengkeren čisun čuburiγulju yabuqu=yi Činggis-qaγan següder=tür saγuju qurim dotora=ača üjejü γarču irejü ögüler=ün ker eyin kigden
36b
ᠪᠥᠯᠦᠭᠡ ᠪᠢᠳᠠ ᠬᠡᠮᠡᠬᠦᠢ ᠲᠦᠷ ᠪᠡᠯᠭᠦᠲᠡᠢ ᠥᠭᠦᠯᠡᠷ ᠦᠨ ᠮᠠᠨᠠᠭᠠᠷ ᠡᠳᠦᠷᠡᠢ ᠴᠠᠪᠴᠢᠭᠰᠠᠨ ᠪᠥᠯᠦᠭᠡ ᠮᠢᠨᠤ ᠲᠤᠯᠠᠳᠠ ᠠᠬ᠎ᠠ ᠳᠡᠭᠦᠦ ᠲᠦᠷ ᠡᠶᠡᠳᠦᠯᠳᠦᠨ ᠪᠦᠬᠦᠢ ᠲᠦᠷ ᠪᠦᠲᠦᠭᠡᠢ ᠪᠦᠦ ᠦᠶᠢᠯᠡᠳ ᠪᠢ ᠦᠯᠦ ᠠᠯᠵᠢᠬᠤ ᠢᠯᠠᠭᠠᠷᠢ ᠪᠤᠢ ᠬᠡᠮᠡᠪᠡ ᠪᠡᠯᠭᠡᠲᠡᠢ ᠲᠡᠳᠦᠢ ᠢᠳᠬᠠᠪᠠᠰᠤ ᠦᠯᠦ ᠪᠣᠯᠤᠨ ᠮᠣᠳᠤᠨ ᠤ ᠭᠡᠰᠢᠭᠦᠨ ᠢ ᠬᠤᠭᠤᠷ᠎ᠠ ᠲᠠᠲᠠᠯᠠᠵᠤ ᠢᠳᠦᠭᠡᠰᠦᠨ ᠪᠦᠯᠡᠭᠦᠷ ᠴᠤᠭᠤᠴᠢᠵᠤ ᠠᠪᠴᠤ ᠠᠰᠬᠢᠯᠠᠯᠳᠤᠵᠤ ᠵᠦᠷᠬᠡᠨ ᠢ ᠢᠯᠭᠠᠵᠤ ᠬᠤᠭᠤᠭᠴᠢᠨ ᠬᠠᠲᠤᠨ ᠬᠣᠷᠢᠴᠠᠨ ᠬᠠᠲᠤᠨ ᠬᠣᠶᠠᠷ ᠢ ᠪᠤᠯᠢᠵᠤ ᠠᠪᠤᠪᠠᠢ ᠬᠠᠰᠠᠷ ᠰᠤᠮᠤ ᠲᠣᠭᠣᠯᠠᠵᠤ ᠪᠠᠶᠢᠪᠠ ᠲᠡᠷᠡ ᠬᠡᠷᠡᠭᠦᠯ ᠲᠦᠷ ᠪᠡᠯᠭᠡᠲᠡᠢ ᠨᠠᠮᠠᠭᠠᠲᠤ ᠠᠶᠢᠷᠠᠭ ᠢᠶᠠᠷ ᠴᠣᠬᠢᠯᠠᠯᠳᠤᠵᠤ ᠶᠠᠪᠤᠭᠰᠠᠭᠠᠷ ᠡᠵᠡᠨ ᠢ ᠬᠣᠷᠴᠢᠨ ᠤ ᠲᠣᠭᠲᠠᠬᠤ ᠶᠢᠨ ᠡᠷᠮᠡᠭ ᠴᠠᠭᠠᠭᠴᠢᠨ ᠲᠤᠷ ᠰᠣᠯᠣᠭᠠᠢ ᠭᠠᠷ ᠢᠶᠠᠷ ᠤᠨᠤᠭᠤᠯᠪᠠ ᠲᠣᠭᠲᠠᠬᠤ ᠶᠢ ᠳᠠᠷᠬᠠᠯᠠᠪᠠ ᠲᠡᠭᠦᠨ ᠡᠴᠡ ᠳᠠᠷᠬᠠᠳ ᠣᠮᠣᠭ ᠲᠠᠨ ᠪᠣᠯᠪᠠ ᠦᠵᠡᠵᠦ ᠪᠠᠶᠢᠵᠤ ᠳᠥᠷᠥᠭᠡᠪᠡᠨ ᠣᠭᠲᠠᠯᠭᠠᠪᠠ ᠭᠡᠵᠦ ᠬᠠᠴᠢᠭᠤ ᠶᠢ ᠮᠠᠭᠤ ᠬᠦᠷᠢᠶ᠎ᠡ ᠮᠣᠳᠤᠨ ᠳᠥᠷᠥᠭᠡ ᠬᠡᠮᠡᠨ ᠵᠢᠮᠡᠳᠬᠡᠪᠡᠢ ᠭᠡᠬᠦ ᠲᠡᠳᠦᠢ ᠲᠠᠶᠢᠴᠢᠭᠤᠳ ᠪᠡᠯᠭᠡᠲᠡᠢ ᠶᠢ ᠪᠠᠷᠢᠭᠠᠳ ᠬᠠᠰᠠᠭ ᠲᠤᠷ ᠬᠦᠯᠢᠵᠦ ᠲᠠᠯᠪᠢᠪᠠᠢ ᠤᠨᠲᠠᠭᠰᠠᠨ ᠤ ᠬᠣᠶᠢᠨᠠ ᠬᠠᠰᠠᠭ ᠢ ᠦᠭᠦᠷᠦᠭᠰᠡᠭᠡᠷ ᠬᠠᠷᠢᠵᠤ ᠢᠷᠡᠪᠡᠢ ᠲᠡᠨᠳᠡᠴᠡ ᠪᠣᠭᠳᠠ ᠡᠵᠡᠨ ᠡᠶᠢᠨ ᠬᠡᠮᠡᠷ ᠦᠨ ᠲᠠᠶᠢᠴᠢᠭᠤᠳ ᠤᠨ ᠬᠡᠷᠡᠭᠦᠷ ᠲᠦᠷ ᠪᠡᠯᠭᠦᠲᠡᠢ ᠨᠠᠮᠠᠶᠢ ᠦᠯᠦ ᠲᠣᠭᠣᠬᠤ ᠮᠡᠲᠦ ᠵᠡᠭᠦᠨ ᠭᠠᠷ ᠢᠶᠠᠷ ᠤᠨᠤᠭᠤᠯᠪᠠᠢ ᠭᠡᠵᠦ ᠬᠣᠷᠢᠭᠯᠠᠪᠠᠢ ᠲᠡᠭᠦᠨ ᠲᠦᠷ ᠬᠠᠰᠠᠷ ᠪᠡᠯᠭᠡᠲᠡᠢ ᠬᠣᠶᠠᠷ ᠡᠨᠡ ᠡᠵᠡᠨ ᠵᠣᠰᠤᠨ ᠦᠭᠡᠢ ᠵᠠᠰᠠᠭ ᠵᠠᠷᠯᠢᠭ ᠪᠣᠯᠠᠢ ᠨᠢ ᠬᠠᠰᠠᠷ ᠤᠨ ᠬᠠᠪᠤ ᠪᠡᠯᠭᠡᠲᠡᠢ ᠶᠢᠨ ᠪᠥᠬᠡ ᠬᠦᠴᠦ ᠪᠡᠷ ᠲᠠᠪᠤᠨ
bölüge bida kemeküi=tür Belgütei ögüler=ün manaγar edürei čabčiγsan bölüge minu tulada aq=a degüü=tür eyedüldün büküi=tür bütügei (büü üyiled) bi ülü aljiqu ilaγari bui kemebe Belgetei tedüi idqabasu ülü bolun modun=u gesigün=i quγur=a tatalaju idügesün bülegür čuγučiju abču askilalduju Jürken=i ilγaju Quγuγčin-qatun Qoričan-qatun qoyar=i buliju abubai Qasar sumu toγolaju bayiba tere keregül=tür Belgetei namaγatu ayiraγ=iyar čokilalduju yabuγsaγar ejen=i Qorčin=u Toγtaqu=yin ermeg čaγaγčin=tur soloγai γar=iyar unuγulba Toγtaqu=yi darqalaba tegün=eče Darqad omoγ=tan bolba üjejü bayiju dörögeben oγtalγaba gejü Qačiγu=yi maγu küriy=e modun döröge kemen jimedkebei gekü tedüi Tayičiγud Belgetei=yi bariγad qasaγ=tur külijü talbibai untaγsan=u qoyina qasaγ=i ügürügseger qariju irebei (tendeče Boγda-Ejen eyin kemer=ün) Tayičiγud=un keregür=tür Belgütei namayi ülü toγoqu metü jegün γar=iyar unuγulbai gejü qoriγlabai tegün=tür Qasar Belgetei qoyar , ene ejen josun ügei jasaγ jarliγ bolai ni Qasar=un qabu Belgetei=yin böke küčü=ber tabun
37a
ᠥᠩᠭᠡ ᠳᠥᠷᠪᠡᠨ ᠬᠠᠷᠢ ᠶᠡᠬᠡ ᠤᠯᠤᠰ ᠢ ᠡᠷᠬᠡ ᠲᠦᠷ ᠢᠶᠡᠨ ᠣᠷᠣᠭᠤᠯᠪᠠᠢ ᠵ᠎ᠠ ᠬᠡᠮᠡᠨ ᠬᠡᠯᠡᠯᠴᠢᠨ ᠶᠠᠪᠤᠬᠤ ᠶᠢ ᠡᠵᠡᠨ ᠮᠡᠳᠡᠭᠡᠳ ᠡᠳᠡᠨ ᠢ ᠣᠮᠣᠭ ᠢ ᠳᠠᠷᠤᠭᠤᠯᠤᠶ᠎ᠠ ᠬᠡᠮᠡᠨ ᠳᠣᠣᠷ ᠠ ᠲᠤ ᠡᠪᠦᠭᠡᠨ ᠬᠦᠮᠦᠨ ᠪᠣᠯᠤᠨ ᠨᠢᠭᠡᠨ ᠦᠷᠲᠠᠭᠴᠢᠨ ᠰᠢᠷᠠ ᠨᠤᠮᠤ ᠪᠠᠷᠢᠵᠤ ᠬᠤᠳᠠᠯᠳᠤᠶ᠎ᠠ ᠬᠡᠮᠡᠨ ᠰᠤᠷᠭᠠᠯᠠᠨ ᠶᠠᠪᠤᠪᠠᠢ ᠲᠡᠨᠳᠡᠴᠡ ᠬᠠᠰᠠᠷ ᠪᠡᠯᠭᠡᠲᠡᠢ ᠬᠣᠶᠠᠷ ᠡᠶᠢᠮᠦ ᠡᠰᠡ ᠦᠵᠡᠭᠳᠡᠭᠰᠡᠨ ᠬᠠᠮᠢᠭ ᠠ ᠠᠴᠠ ᠢᠷᠡᠭᠰᠡᠨ ᠬᠦᠮᠦᠨ ᠪᠤᠢ ᠭᠡᠵᠦ ᠠᠰᠠᠭᠪᠠ ᠲᠡᠷᠡ ᠡᠪᠦᠭᠡᠨ ᠥᠭᠦᠯᠡᠷ ᠦᠨ ᠪᠢ ᠶᠠᠳᠠᠩᠭᠢ ᠬᠦᠮᠦᠨ ᠪᠤᠢ ᠨᠤᠮᠤ ᠬᠤᠳᠠᠯᠳᠤᠵᠤ ᠶᠠᠪᠤᠨ ᠠᠮᠤ ᠬᠡᠮᠡᠪᠡᠢ ᠲᠡᠨᠳᠡᠴᠡ ᠲᠡᠷᠡ ᠬᠣᠶᠠᠷ ᠡᠨᠡ ᠨᠤᠮᠤ ᠪᠠᠨ ᠠᠪ ᠬᠡᠮᠡᠬᠦ ᠪᠤᠶᠤ ᠴᠢ ᠭᠡᠵᠦ ᠳᠣᠷᠣᠮᠵᠢᠯᠠᠪᠠᠢ ᠲᠡᠨᠳᠡ ᠡᠴᠡ ᠲᠡᠷᠡ ᠡᠪᠦᠭᠡᠨ ᠥᠭᠦᠯᠡᠷ ᠦᠨ ᠮᠠᠭᠤ ᠴᠤ ᠪᠣᠯᠪᠠ ᠬᠥᠪᠴᠢᠯᠡᠵᠦ ᠮᠡᠳᠡᠭᠡᠰᠡᠢ ᠭᠡᠪᠡ ᠲᠡᠳᠦᠢ ᠪᠡᠯᠭᠡᠲᠡᠢ ᠠᠪᠤᠭᠠᠳ ᠬᠥᠪᠴᠢᠯᠡᠵᠦ ᠡᠰᠡ ᠴᠢᠳᠠᠪᠠᠢ ᠲᠡᠷᠡ ᠡᠪᠦᠭᠡᠨ ᠬᠥᠪᠴᠢᠯᠡᠵᠦ ᠬᠠᠰᠠᠷ ᠲᠤ ᠥᠭᠪᠡ ᠬᠠᠰᠠᠷ ᠳᠡᠯᠢᠵᠦ ᠡᠰᠡ ᠳᠠᠭᠠᠪᠠᠢ ᠲᠡᠳᠦᠢ ᠲᠡᠷᠡ ᠡᠪᠦᠭᠡᠨ ᠬᠥᠬᠡ ᠬᠠᠯᠵᠢᠨ ᠯᠠᠤᠰᠠ ᠤᠨᠤᠭᠰᠠᠨ ᠪᠤᠭᠤᠷᠤᠯ ᠬᠦᠮᠦᠨ ᠪᠣᠯᠤᠭᠠᠳ ᠦᠷᠲᠠᠭᠴᠢᠨ ᠰᠢᠷᠠ ᠨᠤᠮᠤᠨ ᠲᠤᠷ ᠠᠯᠲᠠᠨ ᠲᠣᠭᠣᠨᠠ ᠪᠠᠨ ᠰᠤᠮᠤ ᠪᠠᠨ ᠣᠨᠢᠯᠠᠵᠤ ᠬᠠᠳᠠ ᠬᠠᠳᠠᠲᠠᠯᠠ ᠬᠠᠷᠪᠤᠭᠠᠳ ᠪᠣᠭᠳᠠ ᠡᠵᠡᠨ ᠦ ᠬᠠᠪᠤᠲᠤ ᠬᠠᠰᠠᠷ ᠪᠥᠬᠡ ᠪᠡᠯᠭᠡᠲᠡᠢ ᠭᠡᠭᠴᠢ ᠳᠡᠭᠦᠦ ᠢᠨᠤ ᠲᠠ ᠬᠣᠶᠠᠷ ᠪᠤᠶᠤ ᠶᠡᠬᠡ ᠥᠭᠦᠯᠡᠲᠡᠯᠡ ᠶᠡᠬᠡ ᠳᠡ ᠦᠮᠬᠦ ᠭᠡᠯᠡ ᠭᠡᠵᠦ ᠳᠣᠩᠭᠣᠳ ᠤᠨ ᠥᠭᠦᠯᠡᠭᠡᠳ ᠶᠠᠪᠤᠪᠠᠢ ᠲᠡᠳᠦᠢ ᠲᠡᠷᠡ ᠬᠣᠶᠠᠷ ᠳᠡᠭᠦᠦ ᠢᠨᠤ ᠡᠮᠢᠶᠡᠵᠦ ᠡᠵᠡᠨ ᠦ ᠰᠦᠯᠳᠡ ᠡᠨᠡ ᠪᠤᠢ ᠵ᠎ᠠ ᠬᠡᠮᠡᠨ ᠥᠭᠦᠯᠡᠯᠳᠦᠪᠡᠢ
öngge dörben qari yeke ulus=i erke=tür=iyen oroγulbai j=a kemen kelelčin yabuqu=yi ejen medeged eden=i omoγ=i daruγuluy=a kemen door=a=tu ebügen kümün bolun nigen ürtaγčin sira numu bariju qudalduy=a kemen surγalan yabubai tendeče Qasar Belgetei qoyar eyimü ese üjegdegsen qamiγ=a=ača iregsen kümün bui gejü asaγba tere ebügen ögüler=ün bi yadanggi kümün bui numu qudalduju yabun amu kemebei tendeče tere qoyar ene numu=ban ab kemekü buyu či gejü doromjilabai tende=eče tere ebügen ögüler=ün maγu ču bolba köbčilejü medegesei gebe tedüi Belgetei abuγad köbčilejü ese čidabai tere ebügen köbčilejü Qasar=tu ögbe Qasar delijü ese daγabai tedüi tere ebügen köke qaljin lausa unuγsan buγurul kümün boluγad ürtaγčin sira numun=tur altan toγona=ban (sumu=ban) onilaju qada qadatala qarbuγad Boγda-Ejen=ü Qabutu-Qasar , böke Belgetei gegči degüü inu ta qoyar buyu yeke ögületele yeke=de ümkü gele gejü dongγod=un (ögüleged) yabubai tedüi tere qoyar degüü inu emiyejü ejen=ü sülde ene bui j=a kemen ögüleldübei
37b
ᠲᠡᠭᠦᠨ ᠦ ᠬᠣᠶᠢᠨᠠ ᠲᠡᠳᠡᠨ ᠦ ᠲᠡᠶᠢᠮᠦ ᠦᠭᠡ ᠪᠠᠶᠢᠯᠤᠭ᠎ᠠ ᠵᠦᠷᠬᠡᠨ ᠵᠢᠴᠢ ᠮᠥᠨ ᠵᠣᠬᠢᠯᠳᠤᠶ᠎ᠠ ᠬᠡᠮᠡᠯᠳᠦᠵᠦ ᠬᠤᠭᠤᠭᠴᠢᠨ ᠬᠠᠲᠤᠨ ᠬᠣᠷᠢᠴᠠᠨ ᠬᠠᠲᠤᠨ ᠢ ᠨᠢᠴᠤᠭᠴᠤ ᠳᠠᠬᠢᠵᠤ ᠵᠣᠬᠢᠯᠳᠤᠶ᠎ᠠ ᠬᠡᠮᠡᠨ ᠨᠢᠴᠤᠭᠴᠤ ᠢᠬᠡᠴᠡᠯᠡᠯᠳᠦᠨ ᠵᠣᠬᠢᠯᠳᠤᠨ ᠪᠦᠬᠦᠢ ᠲᠡᠷᠡ ᠤᠴᠠᠷ᠎ᠠ ᠬᠢᠲᠠᠳ ᠤᠨ ᠢᠷᠭᠡᠨ ᠦ ᠠᠯᠲᠠᠨ ᠬᠠᠭᠠᠨ ᠲᠠᠲᠠᠷ ᠤᠨ ᠮᠡᠭᠦᠵᠢᠨ ᠰᠡᠭᠦᠯ ᠲᠦ ᠶᠢ ᠡᠶ ᠡ ᠲᠦᠷ ᠢᠶᠡᠨ ᠦᠯᠦ ᠣᠷᠣᠭᠲᠠᠷ ᠤᠨ ᠡᠰᠡ ᠣᠷᠣᠪᠠᠢ ᠬᠡᠮᠡᠨ ᠣᠩᠭᠢᠩ ᠴᠢᠩᠰᠠᠩ ᠢ ᠴᠢᠷᠢᠭ ᠦᠳ ᠢᠶᠡᠨ ᠵᠠᠰᠠᠵᠤ ᠪᠦᠦ ᠰᠠᠭᠠᠷ᠎ᠠ ᠬᠡᠮᠡᠵᠦ ᠢᠯᠡᠭᠡᠵᠦᠬᠦ ᠣᠩᠭᠢᠩ ᠴᠢᠩᠰᠢᠩ ᠮᠡᠭᠦᠵᠢᠨ ᠰᠡᠭᠦᠯ ᠲᠦ ᠲᠡᠷᠢᠭᠦᠲᠡᠨ ᠲᠠᠲᠠᠷ ᠢ ᠲᠠᠭᠤᠯᠢᠨ ᠤᠯᠵᠠ ᠵᠣᠷᠢᠨ ᠠᠳᠤᠭᠤ ᠢᠳᠡᠭᠡᠨ ᠰᠡᠯᠲᠡ ᠶᠢ ᠲᠦᠷᠢᠵᠦ ᠠᠶᠢᠰᠤᠢ ᠬᠡᠮᠡᠨ ᠮᠡᠳᠡᠪᠡᠢ ᠲᠡᠷᠡ ᠬᠡᠯᠡᠨ ᠢ ᠮᠡᠳᠡᠭᠡᠳ ᠴᠢᠩᠭᠢᠰ ᠬᠠᠭᠠᠨ ᠥᠭᠦᠯᠡᠷ ᠦᠨ ᠡᠷᠲᠡ ᠡᠳᠦᠷ ᠡᠴᠡ ᠲᠠᠲᠠᠷ ᠢᠷᠭᠡᠨ ᠡᠪᠦᠭᠡᠰ ᠡᠴᠢᠭᠡᠰ ᠢ ᠪᠠᠷᠠᠭᠰᠠᠨ ᠥᠰᠲᠡᠨ ᠬᠢᠰᠲᠠᠨ ᠢᠷᠭᠡᠨ ᠪᠥᠯᠦᠭᠡ ᠡᠳᠦᠭᠡ ᠶᠢᠨ ᠬᠠᠰᠠᠯᠬ ᠠ ᠲᠤᠷ ᠬᠠᠪᠰᠠᠶ᠎ᠠ ᠪᠢᠳᠠ ᠬᠡᠮᠡᠭᠡᠳ ᠲᠣᠭᠠᠷᠢᠯ ᠬᠠᠭᠠᠨ ᠲᠤᠷ ᠡᠯᠴᠢ ᠢᠯᠡᠭᠡᠷ ᠦᠨ ᠠᠯᠲᠠᠨ ᠬᠠᠭᠠᠨ ᠤ ᠣᠩ ᠭᠢᠩ ᠴᠢᠩᠰᠠᠩ ᠲᠠᠲᠠᠷ ᠤᠨ ᠮᠡᠭᠦᠵᠢᠨ ᠰᠡᠭᠦᠯ ᠲᠦ ᠲᠡᠷᠢᠭᠦᠲᠡᠨ ᠲᠡᠳᠡᠭᠡᠷ ᠤᠯᠵᠠ ᠥᠭᠡᠳᠡ ᠲᠦᠷᠢᠵᠦ ᠬᠦᠷᠴᠦ ᠠᠶᠢᠰᠤᠢ ᠬᠡᠮᠡᠮᠦᠢ ᠡᠪᠦᠭᠡᠰ ᠡᠴᠢᠭᠡᠰ ᠢ ᠪᠢᠳᠠᠨ ᠢ ᠪᠠᠷᠠᠭᠰᠠᠨ ᠲᠠᠲᠠᠷ ᠢ ᠬᠠᠪᠰᠠᠶ᠎ᠠ ᠪᠢᠳᠠ ᠲᠣᠭᠠᠷᠢᠯ ᠬᠠᠭᠠᠨ ᠡᠴᠢᠭᠡ ᠥᠳᠲᠡᠷ ᠢᠷᠡᠲᠦᠭᠡᠢ ᠬᠡᠮᠡᠨ ᠬᠡᠯᠡᠨ ᠬᠦᠷᠭᠡᠨ ᠡᠯᠴᠢ ᠢᠯᠡᠭᠡᠪᠡᠢ ᠬᠡᠯᠡᠨ ᠬᠦᠷᠭᠡᠭᠦᠯᠦᠭᠡᠳ ᠲᠣᠭᠠᠷᠢᠯ ᠬᠠᠭᠠᠨ ᠥᠭᠦᠯᠡᠷ ᠦᠨ ᠬᠥᠪᠡᠭᠦᠨ ᠵᠥᠪ ᠬᠡᠯᠡᠵᠦ ᠢᠯᠡᠭᠡᠵᠦᠬᠦᠢ ᠬᠠᠮᠰᠠᠶ᠎ᠠ ᠪᠢᠳᠠ ᠬᠡᠮᠡᠭᠡᠳ ᠭᠤᠲᠠᠭᠠᠷ ᠡᠳᠦᠷ ᠴᠡᠷᠢᠭ ᠢᠶᠡᠨ
tegün=ü qoyina teden=ü teyimü üge bayiluγ=a # Jürken jiči mön jokilduy=a kemeldüjü Quγuγčin-qatun Qoričan-qatun=i ničuγču (dakiju) jokilduy=a kemen ničuγču ikečeleldün jokildun büküi tere učar=a Kitad=un irgen=ü Altan-qaγan Tatar=un Megüjin-Segül=tü=yi ey=e=tür=iyen ülü oroγtar=un (ese orobai kemen) Ongging-čingsang=i čirig=üd=iyen jasaju büü saγar=a kemejü ilegejükü Ongging-čingsing Megüjin-Segül=tü terigüten Tatar=i taγulin Ulja jorin aduγu idegen selte=yi türijü ayisui kemen medebei tere kelen=i medeged Činggis-qaγan ögüler=ün erte edür=eče Tatar irgen ebüges ečiges=i baraγsan östen kistan irgen bölüge edüge=yin qasalq=a=tur qabsay=a bida kemeged Toγaril-qaγan=tur elči ileger=ün Altan-qaγan=u Ong-ging-čingsang Tatar=un Megüjin-Segül=tü terigüten tedeger Ulja ögede türijü (kürčü) ayisui kememüi ebüges ečiges=i bidan=i baraγsan Tatar=i qabsay=a bida Toγaril-qaγan ečige ödter iretügei kemen kelen kürgen elči ilegebei , kelen kürgegülüged Toγaril-qaγan ögüler=ün köbegün jöb kelejü ilegejüküi qamsay=a bida kemeged γutaγar edür čerig=iyen
38a
ᠴᠤᠭᠤᠯᠭᠠᠵᠤ ᠴᠢᠷᠢᠭ ᠡᠭᠦᠰᠭᠡᠵᠦ ᠲᠣᠭᠣᠷᠢᠯ ᠬᠠᠭᠠᠨ ᠥᠳᠲᠡᠷᠯᠡᠨ ᠢᠷᠡᠵᠦ ᠴᠢᠩᠭᠢᠰ ᠬᠠᠭᠠᠨ ᠲᠣᠭᠣᠷᠢᠯ ᠬᠠᠭᠠᠨ ᠬᠣᠶᠠᠷ ᠵᠦᠷᠦᠬᠡᠨ ᠦ ᠰᠡᠴᠡᠨ ᠪᠡᠬᠢ ᠲᠠᠶᠢᠴᠤ ᠲᠡᠷᠢᠭᠦᠲᠡᠨ ᠵᠦᠷᠬᠡᠨ᠎ᠡ ᠬᠡᠯᠡᠯᠴᠡᠵᠦ ᠢᠯᠡᠭᠡᠷ ᠦᠨ ᠡᠷᠲᠡ ᠡᠳᠦᠷ ᠡᠴᠡ ᠡᠪᠦᠭᠡᠰ ᠡᠴᠢᠭᠡᠰ ᠢ ᠪᠢᠳᠠᠨ ᠤ ᠪᠠᠷᠠᠭᠰᠠᠨ ᠲᠠᠲᠠᠷ ᠢ ᠡᠳᠦᠭᠡ ᠡᠨᠡ ᠬᠠᠬᠠᠯᠬ ᠠ ᠲᠤᠷ ᠬᠠᠮᠰᠠᠶ᠎ᠠ ᠬᠠᠮᠲᠤ ᠮᠣᠷᠢᠯᠠᠶ᠎ᠠ ᠭᠡᠵᠦ ᠢᠯᠡᠭᠡᠵᠦᠬᠦᠢ ᠵᠦᠷᠬᠡᠨ ᠢ ᠢᠷᠡᠭᠳᠡᠬᠦᠢ ᠡᠴᠡ ᠢᠷᠡᠮᠦ ᠬᠡᠮᠡᠨ ᠵᠢᠷᠭᠤᠭᠠᠨ ᠡᠳᠦᠷ ᠬᠦᠯᠴᠡᠵᠦ ᠬᠦᠯᠢᠶᠡᠨ ᠶᠠᠳᠠᠵᠤ ᠴᠢᠩᠭᠢᠰ ᠬᠠᠭᠠᠨ ᠲᠣᠭᠣᠷᠢᠯ ᠬᠠᠭᠠᠨ ᠬᠣᠶᠠᠷ ᠬᠠᠮᠲᠤ ᠴᠢᠷᠢᠭ ᠡᠭᠦᠰᠭᠡᠵᠦ ᠤᠯᠵᠠ ᠤᠷᠤᠭᠤ ᠣᠩᠭᠢᠩ ᠴᠢᠩᠰᠠᠩ ᠯᠤᠭᠠ ᠬᠠᠮᠰᠠᠨ ᠠᠶᠢᠰᠤᠬᠤᠢ ᠳᠤᠷ ᠤᠯᠵᠠ ᠶᠢᠨ ᠬᠣᠰᠢᠭᠤᠨ ᠲᠤ ᠰᠢᠲᠦᠭᠡᠨ ᠨᠡᠷᠡᠲᠦ ᠰᠢᠲᠦᠭᠡᠨ᠎ᠡ ᠲᠠᠲᠠᠷ ᠤᠨ ᠮᠡᠭᠦᠵᠢᠨ ᠰᠡᠭᠦᠯ ᠲᠦ ᠲᠠᠲᠠᠷ ᠲᠡᠨᠳᠡ ᠬᠣᠷᠠᠭ᠎ᠠ ᠪᠠᠷᠢᠵᠤᠬᠤᠢ ᠴᠢᠩᠭᠢᠰ ᠬᠠᠭᠠᠨ ᠲᠣᠭᠣᠷᠢᠯ ᠬᠠᠭᠠᠨ ᠬᠣᠶᠠᠷ ᠬᠣᠷᠭᠤᠯᠠᠭᠰᠠᠨ ᠮᠡᠭᠦᠵᠢᠨ ᠰᠡᠭᠦᠯ ᠲᠦ ᠶᠢ ᠬᠣᠷᠣᠭᠠᠨ ᠠᠴᠠ ᠢᠨᠤ ᠪᠠᠷᠢᠵᠤ ᠮᠡᠭᠦᠵᠢᠨ ᠰᠡᠭᠦᠯ ᠲᠦ ᠶᠢ ᠲᠡᠨᠳᠡ ᠠᠯᠠᠵᠤ ᠮᠥᠩᠭᠥᠨ ᠥᠯᠡᠭᠡᠢ ᠲᠠᠨᠠᠲᠤ ᠬᠥᠨᠵᠢᠯᠡ ᠶᠢ ᠢᠨᠤ ᠴᠢᠩᠭᠢᠰ ᠬᠠᠭᠠᠨ ᠲᠡᠨᠳᠡ ᠠᠪᠤᠯᠤᠭ᠎ᠠ ᠮᠡᠭᠦᠵᠢᠨ ᠰᠡᠭᠦᠯ ᠲᠦ ᠶᠢ ᠠᠯᠠᠪᠠ ᠬᠡᠮᠡᠨ ᠴᠢᠩᠭᠢᠰ ᠬᠠᠭᠠᠨ ᠲᠣᠭᠣᠷᠢᠯ ᠬᠠᠭᠠᠨ ᠬᠣᠶᠠᠷ ᠣᠩ ᠭᠢᠩ ᠴᠢᠩᠰᠠᠩ ᠤᠨ ᠡᠰᠡᠷᠭᠦ ᠣᠳᠪᠠᠢ ᠣᠩ ᠭᠢᠩ ᠴᠢᠩᠰᠠᠩ ᠮᠡᠭᠦᠵᠢᠨ ᠰᠡᠭᠦᠯ ᠲᠦ ᠶᠢ ᠠᠯᠠᠵᠤᠬᠤ ᠬᠡᠮᠡᠨ ᠮᠡᠳᠡᠵᠦ ᠮᠠᠰᠢ ᠪᠠᠶᠠᠰᠴᠤ ᠴᠢᠩᠭᠢᠰ ᠬᠠᠭᠠᠨ᠎ᠠ ᠴᠠᠭ ᠤᠨ ᠲᠥᠷᠥ ᠨᠡᠷ᠎ᠡ ᠥᠭᠪᠡ ᠬᠡᠷᠡᠶᠢᠳ ᠦᠨ ᠲᠣᠭᠣᠷᠢᠯ ᠬᠠᠭᠠᠨ᠎ᠠ ᠣᠩ ᠨᠡᠷ᠎ᠡ ᠥᠭᠪᠡ
čuγulγaju čirig egüsgejü Toγoril-qaγan ödterlen irejü Činggis-qaγan Toγoril-qaγan qoyar Jürüken=ü Sečen-beki Tayiču terigüten Jürken=e kelelčejü ileger=ün erte edür=eče ebüges ečiges=i bidan=u baraγsan Tatar=i edüge ene qaqalq=a=tur qamsay=a qamtu morilay=a gejü ilegejüküi Jürken=i iregdeküi=eče (iremü kemen) jirγuγan edür külčejü (küliyen) yadaju Činggis-qaγan Toγoril-qaγan qoyar qamtu čirig egüsgejü Ulja uruγu Ongging-čingsang=luγa qamsan ayisuqui=dur Ulja=yin qosiγun=tu Sitügen neretü Sitügen=e Tatar=un Megüjin-Segül=tü Tatar tende qoraγ=a barijuqui Činggis-qaγan Toγoril-qaγan qoyar qorγulaγsan Megüjin-Segül=tü=yi qoroγan=ača inu bariju Megüjin-Segül=tü=yi tende alaju mönggön ölegei tanatu könjile=yi inu Činggis-qaγan tende abuluγ=a Megüjin-Segül=tü=yi alaba kemen Činggis-qaγan Toγoril-qaγan qoyar Ong-ging-čingsang=un esergü odbai Ong-ging-čingsang Megüjin-Segül=tü=yi alajuqu kemen medejü masi bayasču Činggis-qaγan=a Čaγ=un-Törö ner=e ögbe Kereyid=ün Toγoril-qaγan=a ong ner=e ögbe
38b
ᠣᠩ ᠭᠢᠩ ᠴᠢᠩᠰᠠᠩ ᠤᠨ ᠨᠡᠷᠡᠶᠢᠳᠳᠦᠭᠰᠡᠪᠡᠷ ᠲᠡᠨᠳᠡᠴᠡ ᠨᠡᠷᠡᠶᠢᠳᠦᠭᠰᠡᠨ ᠲᠡᠭᠦᠨ ᠡᠴᠡ ᠪᠣᠯᠪᠠᠢ ᠣᠩ ᠭᠢᠩ ᠴᠢᠩᠰᠠᠩ ᠥᠭᠦᠯᠡᠷ ᠦᠨ ᠮᠡᠭᠦᠵᠢᠨ ᠰᠡᠭᠦᠯ ᠲᠦ ᠶᠢ ᠬᠠᠪᠰᠠᠵᠤ ᠠᠯᠠᠭᠰᠠᠨ ᠲᠠᠨ ᠤ ᠠᠯᠲᠠᠨ ᠬᠠᠭᠠᠨ᠎ᠠ ᠥᠴᠢᠮᠦᠢ ᠪᠢ ᠡᠭᠦᠨ ᠡᠴᠡ ᠶᠡᠬᠡ ᠨᠡᠷ᠎ᠡ ᠵᠡᠤ ᠳᠠᠤ ᠨᠡᠷ᠎ᠡ ᠥᠭᠬᠦ ᠶᠢ ᠠᠯᠲᠠᠨ ᠬᠠᠭᠠᠨ ᠮᠡᠳᠡᠲᠦᠭᠡᠢ ᠬᠡᠮᠡᠪᠡ ᠣᠩ ᠭᠢᠩ ᠴᠢᠩᠰᠠᠩ ᠲᠡᠨᠳᠡᠴᠡ ᠲᠡᠳᠦᠢ ᠪᠠᠶᠠᠰᠴᠤ ᠨᠢᠴᠦᠪᠡ ᠬᠠᠷᠢᠪᠠ ᠴᠢᠩᠭᠢᠰ ᠬᠠᠭᠠᠨ ᠣᠩ ᠬᠠᠭᠠᠨ ᠬᠣᠶᠠᠷ ᠲᠡᠨᠳᠡ ᠲᠠᠲᠠᠷ ᠢ ᠲᠣᠯᠢᠵᠤ ᠲᠡᠭᠰᠢ ᠬᠤᠪᠢᠶᠠᠯᠳᠤᠵᠤ ᠠᠪᠤᠯᠴᠠᠵᠤ ᠭᠡᠷ ᠲᠦᠷ ᠢᠶᠡᠨ ᠪᠠᠭᠤᠪᠠᠢ ᠨᠡᠷ ᠡ ᠲᠦ ᠰᠢᠲᠦᠭᠡᠨ᠎ᠡ ᠪᠠᠭᠤᠭᠰᠠᠨ ᠨᠤᠲᠤᠭ ᠲᠤᠷ ᠲᠠᠭᠤᠯᠢᠬᠤᠢᠪᠠᠶᠢᠯᠳᠤᠬᠤᠢ ᠲᠤᠷ ᠨᠢᠭᠡᠨ ᠨᠢᠴᠦᠭᠦᠨ ᠬᠥᠪᠡᠭᠦᠬᠡᠨ ᠢ ᠭᠡᠭᠡᠭᠰᠡᠨ ᠢ ᠪᠢᠳᠠᠨ ᠢ ᠮᠠᠨ ᠤ ᠴᠢᠷᠢᠭ ᠦᠳ ᠨᠤᠲᠤᠭ ᠠᠴᠠ ᠣᠯᠵᠤ ᠠᠯᠲᠠᠨ ᠨᠡᠭᠡᠮᠡᠷ ᠳᠥᠷᠪᠡᠯᠵᠢᠲᠦ ᠲᠠᠵᠢ ᠲᠣᠷᠭᠠᠨ ᠪᠤᠯᠭᠠᠨ ᠢᠶᠠᠷ ᠳᠣᠲᠠᠷᠯᠠᠭᠰᠠᠨ ᠡᠯᠡᠭᠡᠪᠡᠴᠢ ᠲᠦ ᠬᠥᠪᠡᠭᠦᠨ ᠢ ᠠᠪᠴᠢ ᠢᠷᠡᠵᠦ ᠥᠭᠡᠯᠡᠨ ᠡᠬᠡ ᠳᠡ ᠰᠠᠤᠬ᠎ᠠ ᠰᠠᠳᠬ᠎ᠠ ᠠᠰᠠᠷ᠎ᠠ ᠬᠡᠮᠡᠨ ᠥᠭᠪᠡ ᠥᠭᠡᠯᠡᠨ ᠡᠬᠡ ᠥᠭᠦᠯᠡᠷ ᠦᠨ ᠰᠠᠶᠢᠨ ᠬᠦᠮᠦᠨ ᠦ ᠬᠥᠪᠡᠭᠦᠨ ᠠᠵᠤᠬᠤ ᠵ᠎ᠠ ᠨᠥᠬᠥᠷ ᠰᠠᠶᠢᠲᠤ ᠬᠦᠮᠦᠨ ᠦ ᠤᠷᠤᠭ ᠪᠤᠢ ᠵ᠎ᠠ ᠲᠠᠪᠤᠨ ᠬᠥᠪᠡᠭᠦᠨ ᠲᠡᠭᠡᠨ ᠳᠡᠭᠦᠦ ᠵᠢᠷᠭᠤᠳᠤᠭᠠᠷ ᠬᠥᠪᠡᠭᠦᠨ ᠪᠣᠯᠭᠠᠨ ᠰᠢᠬᠢ ᠬᠤᠲᠤᠭ ᠬᠡᠮᠡᠨ ᠨᠡᠷᠡᠶᠢᠳᠴᠦ ᠡᠬᠡ ᠠᠰᠠᠷᠠᠪᠠ ᠴᠢᠩᠭᠢᠰ ᠬᠠᠭᠠᠨ ᠤ ᠠᠭᠤᠷᠠᠭ ᠠᠷᠭᠠᠯᠢᠲᠤ ᠨᠠᠭᠤᠷ ᠲᠤᠷ ᠪᠥᠯᠦᠭᠡ ᠠᠭᠤᠷᠠᠭ ᠲᠤᠷ ᠬᠣᠴᠣᠷᠤᠭᠰᠠᠨ ᠲᠠᠪᠤᠨ ᠠᠷᠠᠨᠬᠦᠮᠦᠨ ᠢ ᠬᠤᠪᠴᠢᠨ ᠳᠡᠭᠡᠷᠡᠮᠴᠢᠨ ᠲᠣᠨᠣᠵᠤᠬᠤᠢ ᠠᠷᠪᠠᠨ ᠠᠷᠠᠨ ᠢ ᠠᠯᠠᠵᠤᠬᠤᠢ ᠵᠦᠷᠬᠡᠨ᠎ᠡ ᠲᠡᠶᠢᠨ ᠬᠢᠭᠳᠡᠪᠡᠢ ᠬᠡᠮᠡᠨ ᠪᠢᠳᠠᠨ ᠤ ᠮᠠᠨ ᠤ ᠠᠭᠤᠷᠠᠭ ᠲᠤᠷ ᠬᠣᠴᠣᠷᠤᠭᠰᠠᠳ ᠴᠢᠩᠭᠢᠰ ᠬᠠᠭᠠᠨ᠎ᠠ ᠵᠢᠭᠠᠪᠠᠰᠤ ᠡᠨᠡ ᠬᠡᠯᠡᠨ ᠦᠭᠡ ᠰᠣᠨᠣᠰᠤᠭᠠᠳ
Ong-ging-čingsang=un nereyiddügseber tendeče (nereyidügsen tegün=eče) bolbai Ong-ging-čingsang ögüler=ün Megüjin-Segül=tü=yi qabsaju alaγsan tan=u Altan-qaγan=a öčimüi bi egün=eče yeke ner=e jeu-dau ner=e ögkü=yi Altan-qaγan medetügei kemebe Ong-ging-čingsang tendeče tedüi bayasču ničübe (qariba) Činggis-qaγan , Ong-qaγan qoyar tende Tatar=i toliju (tegsi) qubiyalduju abulčaju ger=tür=iyen baγubai ner=e=tü Sitügen=e baγuγsan nutuγ=tur taγuliqui(bayilduqui)=tur nigen ničügün köbegüken=i gegegsen=i bidan=i (man=u) čirig=üd nutuγ=ača olju altan negemer dörbeljitü taji torγan bulγan=iyar dotarlaγsan elegebeči=tü köbegün=i abči irejü Ögelen eke=de sauq=a <sadq=a> (asar=a) kemen ögbe Ögelen eke ögüler=ün sayin kümün=ü köbegün ajuqu j=a nökör sayitu kümün=ü uruγ bui j=a tabun köbegün=tegen degüü jirγuduγar köbegün bolγan Siki-Qutuγ kemen nereyidčü eke asaraba # Činggis-qaγan=u aγuraγ Arγalitu-naγur=tur bölüge aγuraγ=tur qočoruγsan tabun aran(kümün)=i qubčin (degeremčin) tonojuqui arban aran=i alajuqui Jürken=e teyin kigdebei kemen bidan=u (man=u) aγuraγ=tur qočoruγsad Činggis-qaγan=a jiγabasu ene kelen (üge) sonosuγad
39a
ᠠᠶᠢᠮᠠᠰ ᠴᠤ ᠬᠢᠯᠢᠩᠯᠡᠨ ᠥᠭᠦᠯᠡᠷ ᠦᠨ ᠬᠡᠷ ᠡᠶᠢᠨ ᠬᠢᠭᠳᠡᠨ ᠪᠥᠯᠦᠭᠡ ᠪᠢᠳᠠ ᠣᠨᠠᠨ ᠤ ᠲᠦᠨ ᠲᠦᠷ ᠬᠤᠷᠢᠮᠯᠠᠬᠤᠢ ᠲᠤᠷ ᠪᠡᠯᠭᠡᠲᠡᠢ ᠶᠢᠨ ᠮᠥᠷᠥ ᠮᠥᠨ ᠬᠦ ᠴᠠᠪᠴᠢᠪᠠᠢ ᠵᠣᠬᠢᠯᠳᠤᠶ᠎ᠠ ᠬᠡᠮᠡᠪᠡᠰᠦ ᠬᠤᠭᠤᠭᠴᠢᠨ ᠬᠠᠲᠤᠨ ᠬᠣᠷᠢᠴᠠᠨ ᠬᠠᠲᠤᠨ ᠬᠣᠶᠠᠷ ᠢ ᠨᠢᠴᠤᠭᠴᠤ ᠬᠣᠷᠢᠪᠠ ᠥᠭᠪᠡ ᠪᠢᠳᠠ ᠲᠡᠭᠦᠨ ᠦ ᠬᠣᠶᠢᠨᠠ ᠡᠷᠲᠡᠨ ᠦ ᠥᠰᠲᠡᠨ ᠬᠢᠰᠲᠠᠨ ᠪᠢᠳᠠᠨ ᠤ ᠡᠴᠢᠭᠡᠰ ᠡᠪᠦᠭᠡᠰ ᠢ ᠪᠠᠷᠠᠭᠰᠠᠨ ᠲᠠᠲᠠᠷ ᠢ ᠬᠠᠪᠰᠠᠨ ᠮᠣᠷᠢᠯᠠᠶ᠎ᠠ ᠬᠡᠮᠡᠨ ᠵᠦᠷᠬᠡᠨ ᠢ ᠵᠢᠷᠭᠤᠭᠠᠨ ᠡᠳᠦᠷ ᠬᠦᠯᠴᠡᠵᠦ ᠬᠦᠯᠢᠶᠡᠵᠦ ᠡᠰᠡ ᠬᠦ ᠢᠷᠡᠭᠳᠡᠪᠡᠢ ᠢᠷᠡᠯᠦᠭᠡ ᠡᠳᠦᠭᠡ ᠪᠠᠰᠠ ᠳᠠᠶᠢᠰᠤᠨ ᠳᠠᠶᠢᠰᠤᠨ ᠲᠤᠷ ᠰᠢᠭᠠᠨ ᠳᠠᠶᠢᠰᠤᠨ ᠮᠥᠨ ᠬᠦ ᠪᠣᠯᠤᠶᠤ ᠬᠡᠮᠡᠭᠡᠳ ᠴᠢᠩᠭᠢᠰ ᠬᠠᠭᠠᠨ ᠵᠦᠷᠬᠡᠨ ᠲᠦᠷ ᠮᠣᠷᠢᠯᠠᠪᠠ ᠵᠦᠷᠬᠡᠨ ᠢ ᠬᠡᠷᠦᠯᠡᠨ ᠦ ᠬᠥᠳᠡᠭᠡ ᠠᠷᠠᠯ ᠤᠨ ᠳᠣᠯᠣᠭᠠᠨ ᠪᠣᠯᠳᠠᠭ ᠤᠳ ᠲᠠ ᠪᠦᠬᠦᠢ ᠲᠦᠷ ᠵᠦᠷᠬᠡᠨ ᠢ ᠲᠠᠭᠤᠯᠢᠪᠠᠢ ᠰᠡᠴᠡᠨ ᠪᠡᠬᠢ ᠲᠠᠶᠢᠴᠤ ᠬᠣᠶᠠᠷ ᠴᠥᠭᠡᠨ ᠪᠡᠶᠡᠰ ᠢᠶᠡᠨ ᠳᠤᠲᠠᠭᠠᠪᠠᠢ ᠬᠣᠶᠢᠨᠠ ᠠᠴᠠ ᠠᠨᠤ ᠨᠡᠬᠡᠵᠦ ᠲᠠᠯ ᠲᠤ ᠠᠮᠰᠠᠷ᠎ᠠ ᠭᠦᠶᠢᠴᠡᠵᠦ ᠰᠡᠴᠡᠨ ᠪᠡᠬᠢ ᠲᠠᠶᠢᠴᠤ ᠬᠣᠶᠠᠷ ᠢ ᠪᠠᠷᠢᠪᠠᠢ ᠴᠢᠩᠭᠢᠰ ᠬᠠᠭᠠᠨ ᠰᠡᠴᠡᠨ ᠪᠡᠬᠢ ᠲᠠᠶᠢᠴᠤ ᠬᠣᠶᠠᠷ᠎ᠠ ᠥᠭᠦᠯᠡᠷ ᠦᠨ ᠡᠷᠲᠡ ᠡᠳᠦᠷ ᠪᠢᠳᠠ ᠶᠠᠭᠤ ᠬᠡᠮᠡᠯᠳᠦᠯᠭᠡ ᠬᠡᠮᠡᠯᠳᠦᠯᠦᠭᠡ ᠬᠡᠮᠡᠪᠡᠰᠦ ᠰᠡᠴᠡᠨ ᠪᠡᠬᠢ ᠲᠠᠶᠢᠴᠤ ᠬᠣᠶᠠᠷ ᠥᠭᠦᠯᠡᠷ ᠦᠨ ᠥᠭᠦᠯᠡᠭᠰᠡᠨ ᠦᠭᠡᠨ ᠲᠦᠷ ᠢᠶᠡᠨ ᠡᠰᠡ ᠬᠦᠷᠪᠡ ᠦᠭᠡ ᠮᠠᠨᠤ ᠬᠦᠷᠭᠡ ᠬᠡᠮᠡᠭᠡᠳ ᠦᠭᠡᠰ ᠢᠶᠡᠨ ᠮᠡᠳᠡᠷᠡᠵᠦ ᠲᠦᠰᠢᠵᠦ ᠥᠭᠪᠡᠢ ᠦᠭᠡᠰ ᠢ ᠢᠨᠤ ᠮᠡᠳᠡᠷᠡᠭᠦᠯᠵᠦ ᠦᠭᠡᠰ ᠲᠦᠷ ᠠᠨᠤ ᠬᠦᠷᠭᠡᠨ ᠪᠦᠲᠦᠭᠡᠵᠦ ᠮᠥᠨ ᠲᠡᠨᠳᠡ ᠬᠢᠪᠡᠢ ᠠᠯᠠᠪᠠᠢ ᠰᠡᠴᠡᠨ ᠪᠡᠬᠢ ᠲᠠᠶᠢᠴᠤ ᠬᠣᠶᠠᠷ ᠢ ᠪᠦᠲᠦᠭᠡᠭᠡᠳ ᠠᠯᠠᠭᠠᠳ ᠬᠠᠷᠢᠵᠤ ᠵᠦᠷᠬᠡᠨ ᠢᠷᠭᠡᠨ ᠬᠥᠳᠡᠯᠬᠦᠢ ᠲᠦᠷ ᠵᠠᠯᠠᠶᠢᠷ ᠤᠨ ᠲᠡᠯᠭᠡᠲᠦ ᠪᠠᠶᠠᠨ ᠤ
ayimas ču kilinglen ögüler=ün ker eyin kigden bölüge bida Onan=u tün=tür qurimlaqui=tur Belgetei=yin mörö mön kü čabčibai jokilduy=a kemebesü Quγuγčin-qatun Qoričan-qatun qoyar=i ničuγču (qoriba) ögbe bida tegün=ü qoyina erten=ü östen kistan bidan=u ečiges ebüges=i baraγsan Tatar=i qabsan morilay=a kemen Jürken=i jirγuγan edür külčejü (küliyejü) ese kü iregdebei (irelüge) edüge basa dayisun dayisun=tur siγan dayisun mön kü boluyu kemeged Činggis-qaγan Jürken=tür morilaba Jürken=i Kerülen=ü Ködege-aral=un Doloγan-boldaγ=ud=ta büküi=tür Jürken=i taγulibai Sečen-beki Tayiču qoyar čögen beyes=iyen dutaγabai qoyina=ača anu nekejü Tal=tu-amsar=a güyičejü Sečen-beki Tayiču qoyar=i baribai Činggis-qaγan Sečen-beki Tayiču qoyar=a ögüler=ün erte edür bida yaγu kemeldülge <kemeldülüge> kemebesü Sečen-beki Tayiču qoyar ögüler=ün ögülegsen ügen=tür=iyen ese kürbe üge manu kürge kemeged üges=iyen mederejü tüsijü ögbei üges=i inu mederegüljü üges=tür anu kürgen bütügejü mön tende kibei (alabai) Sečen-beki Tayiču qoyar=i bütügeged (alaγad) qariju Jürken irgen ködelküi=tür Jalayir=un Telgetü-Bayan=u
39b
ᠬᠥᠪᠡᠭᠦᠨ ᠬᠦᠮᠦᠨ ᠭᠣᠤ᠎ᠠ ᠴᠢᠯᠠᠭᠤᠨ ᠬᠠᠶᠢᠴᠤ ᠵᠡᠪᠡᠭᠡ ᠲᠡᠳᠡ ᠵᠦᠷᠬᠡᠨ ᠲᠦᠷ ᠠᠵᠤᠬᠤ ᠭᠣᠤ᠎ᠠ ᠮᠤᠬᠠᠯᠢ ᠪᠤᠭ᠎ᠠ ᠬᠣᠶᠠᠷ ᠬᠥᠪᠡᠭᠦᠨ ᠢᠶᠡᠨ ᠠᠭᠤᠯᠵᠤ ᠠᠪᠴᠤ ᠥᠭᠦᠯᠡᠷ ᠦᠨ ᠪᠣᠰᠣᠭ ᠠ ᠶᠢᠨ ᠴᠢᠨ ᠤ ᠪᠣᠭᠣᠯ ᠪᠣᠯᠲᠤᠭᠠᠢ ᠪᠣᠰᠣᠭ ᠠ ᠲᠠᠴᠠ ᠴᠢᠨ ᠤ ᠪᠤᠯᠵᠢᠪᠠᠰᠤ ᠪᠣᠷᠪᠢ ᠠᠨᠤ ᠣᠭᠲᠠᠯ ᠡᠭᠦᠳᠡᠨ ᠦ ᠴᠢᠨ ᠤ ᠡᠮᠴᠦ ᠪᠣᠭᠣᠯ ᠪᠣᠯᠲᠤᠭᠠᠢ ᠡᠭᠦᠳᠡᠨ ᠡᠴᠡ ᠴᠢᠨ ᠤ ᠡᠶᠢᠯᠪᠡᠰᠦ ᠵᠠᠶᠢᠯᠠᠪᠠᠰᠤ ᠡᠯᠢᠭᠡᠳ ᠠᠨᠤ ᠡᠳᠬᠡᠵᠦ ᠬᠢᠳᠡᠬᠦᠨ ᠬᠡᠮᠡᠵᠦ ᠥᠭᠪᠡ ᠴᠢᠯᠠᠭᠤᠨ ᠬᠠᠶᠢᠴᠤ ᠲᠦᠭᠡ ᠬᠠᠰᠠᠷ ᠬᠣᠶᠠᠷ ᠬᠥᠪᠡᠭᠦᠳ ᠢᠶᠡᠷ ᠢᠶᠡᠨ ᠪᠠᠰᠠ ᠴᠢᠩᠭᠢᠰ ᠬᠠᠭᠠᠨ ᠲᠤᠷ ᠠᠭᠤᠯᠵᠠᠵᠤ ᠥᠭᠦᠯᠡᠷ ᠦᠨ ᠠᠯᠲᠠᠨ ᠪᠣᠰᠣᠭ ᠠ ᠶᠢ ᠴᠢᠨᠤ ᠰᠠᠬᠢᠵᠤ ᠠᠲᠤᠭᠠᠢ ᠬᠡᠮᠡᠨ ᠥᠭᠪᠡ ᠪᠢ ᠠᠯᠲᠠᠨ ᠪᠣᠰᠣᠭ ᠠ ᠲᠠᠴᠠ ᠴᠢᠨᠤ ᠠᠩᠭᠢᠳᠠ ᠣᠳᠪᠠᠰᠤ ᠠᠮᠢᠨ ᠢᠨᠤ ᠲᠠᠰᠤᠯᠵᠤ ᠬᠢᠳᠬᠦᠨ ᠡᠭᠦᠳᠡᠨ ᠢ ᠴᠢᠨᠤ ᠡᠷᠭᠦᠵᠦ ᠥᠭᠲᠦᠭᠡᠢ ᠬᠡᠮᠡᠨ ᠥᠭᠪᠡᠢ ᠪᠢ ᠥᠷᠭᠡᠨ ᠡᠭᠦᠳᠡᠨ ᠡᠴᠡ ᠴᠢᠨ ᠤ ᠥᠪᠡᠷᠡ ᠣᠳᠪᠠᠰᠤ ᠥᠷᠥ ᠢᠨᠤ ᠢᠲᠦᠯᠵᠦ ᠬᠢᠳᠬᠦᠨ ᠬᠡᠮᠡᠨ ᠵᠡᠪᠡᠭᠡ ᠶᠢ ᠬᠠᠰᠠᠷ᠎ᠠ ᠥᠭᠪᠡᠢ ᠵᠦᠷᠬᠡᠨ ᠦ ᠨᠤᠲᠤᠭ ᠠᠴᠠ ᠪᠣᠷᠣᠬᠤᠯ ᠨᠡᠷᠡᠲᠦ ᠥᠴᠦᠬᠡᠨ ᠬᠥᠪᠡᠭᠦᠨ ᠢ ᠵᠡᠪᠡᠭᠡ ᠠᠪᠴᠤ ᠢᠷᠡᠵᠦ ᠥᠭᠡᠯᠡᠨ ᠡᠬᠡ ᠲᠡ ᠥᠭᠪᠡ ᠮᠡᠷᠭᠡᠳ ᠦᠨ ᠨᠤᠲᠤᠭ ᠠᠴᠠ ᠣᠯᠤᠭᠰᠠᠨ ᠬᠦᠴᠦ ᠨᠡᠷᠡᠲᠦ ᠬᠥᠪᠡᠭᠦᠨ ᠢ ᠪᠡᠰᠦᠳ ᠦᠨ ᠨᠤᠲᠤᠭ ᠠᠴᠠ ᠣᠯᠤᠭᠰᠠᠨ ᠬᠥᠬᠡᠴᠦ ᠨᠡᠷᠡᠲᠦ ᠬᠥᠪᠡᠭᠦᠨ ᠢ ᠲᠠᠲᠠᠷ ᠤᠨ ᠨᠤᠲᠤᠭ ᠠᠴᠠ ᠣᠯᠤᠭᠰᠠᠨ ᠰᠢᠬᠢ ᠬᠤᠲᠤᠭ ᠲᠤ ᠨᠡᠷᠡᠲᠦ ᠬᠥᠪᠡᠭᠦᠨ ᠢ ᠵᠦᠷᠬᠡᠨ ᠦ ᠨᠤᠲᠤᠭ ᠠᠴᠠ ᠣᠯᠤᠭᠰᠠᠨ ᠪᠣᠷᠣᠬᠤᠯ ᠨᠡᠷᠡᠲᠦ ᠬᠥᠪᠡᠭᠦᠨ ᠢ ᠡᠳᠡ ᠳᠥᠷᠪᠡᠨ ᠢ ᠭᠡᠷ ᠳᠣᠲᠣᠷ᠎ᠠ ᠲᠡᠵᠢᠶᠡᠷ ᠦᠨ ᠥᠭᠡᠯᠡᠨ ᠡᠬᠡ ᠠᠰᠠᠷᠠᠪᠠ ᠬᠥᠪᠡᠭᠦᠳ ᠲᠡᠭᠡᠨ
köbegün Kümün-Γou=a Čilaγun-Qayiču Jebege tede Jürken=tür ajuqu Γou=a Muqali Buγ=a qoyar köbegün=iyen aγulju (abču) ögüler=ün bosoγ=a=yin čin=u boγol boltuγai bosoγ=a=tača čin=u buljibasu borbi anu oγtal egüden=ü čin=u emčü boγol boltuγai egüden=eče čin=u eyilbesü <jayilabasu> eliged anu edkejü kidekün kemejü ögbe Čilaγun-Qayiču Tüge Qasar qoyar köbegüd=iyer=iyen basa Činggis-qaγan=tur aγuljaju ögüler=ün altan bosoγ=a=yi činu sakiju atuγai kemen ögbe bi altan bosoγ=a=tača činu anggida odbasu amin inu tasulju kidkün egüden=i činu ergüjü ögtügei kemen ögbei bi örgen egüden=eče čin=u öbere odbasu örö inu itüljü kidkün kemen Jebege=yi Qasar=a ögbei Jürken=ü nutuγ=ača Boroqul neretü öčüken köbegün=i Jebege abču irejü Ögelen eke=te ögbe Merged=ün nutuγ=ača oluγsan Küčü neretü köbegün=i Besüd=ün nutuγ=ača oluγsan Kökečü neretü köbegün=i Tatar=un nutuγ=ača oluγsan Siki-Qutuγ=tu neretü köbegün=i Jürken=ü nutuγ=ača oluγsan Boroqul neretü köbegün=i ede dörben=i ger dotor=a tejiyer=ün Ögelen eke asaraba köbegüd=tegen
40a
ᠡᠳᠦᠷ ᠦᠵᠡᠬᠦ ᠶᠢᠨ ᠨᠢᠳᠦᠨ ᠱᠥᠨᠢ ᠰᠣᠨᠣᠰᠬᠤ ᠶᠢᠨ ᠴᠢᠬᠢᠨ ᠪᠣᠯᠭᠠᠶᠤ ᠬᠡᠮᠡᠨ ᠭᠡᠷ ᠳᠣᠲᠣᠷ᠎ᠠ ᠲᠡᠵᠢᠶᠡᠪᠡᠢ ᠡᠳᠡ ᠢᠷᠭᠡᠨ ᠦ ᠶᠣᠰᠤᠨ ᠵᠦᠷᠬᠡᠨ ᠪᠣᠯᠤᠷᠤᠨ ᠬᠠᠪᠤᠯ ᠬᠠᠭᠠᠨ ᠤ ᠳᠣᠯᠣᠭᠠᠨ ᠬᠥᠪᠡᠭᠦᠳ ᠦᠨ ᠠᠬ᠎ᠠ ᠠᠩᠬ᠎ᠠ ᠥᠬᠢᠨ ᠪᠠᠷᠠᠭ ᠪᠥᠯᠦᠭᠡ ᠬᠥᠪᠡᠭᠦᠨ ᠢᠨᠤ ᠵᠣᠷᠠᠭᠲᠤ ᠵᠦᠷᠪᠢ ᠪᠥᠯᠦᠭᠡ ᠬᠠᠪᠤᠯ ᠬᠠᠭᠠᠨ ᠤ ᠬᠥᠪᠡᠭᠦᠳ ᠦᠨ ᠠᠬ᠎ᠠ ᠬᠡᠮᠡᠵᠦ ᠢᠷᠭᠡᠨ ᠦᠬᠡᠨ ᠳᠣᠲᠣᠷᠠ ᠠᠴᠠ ᠢᠯᠭᠠᠵᠤ ᠡᠯᠢᠭᠡᠨ ᠲᠦᠷ ᠰᠦᠯᠰᠦᠲᠦ ᠡᠷᠡᠬᠡᠢ ᠲᠦᠷ ᠣᠨᠴᠢ ᠲᠤ ᠠᠭᠤᠱᠭᠢ ᠳᠦᠭᠦᠷᠡᠩ ᠵᠢᠷᠦᠬᠡᠲᠦ ᠠᠮᠠᠨ ᠳᠦᠭᠦᠷᠡᠩ ᠠᠭᠠᠷ ᠲᠠᠨ ᠡᠷᠡᠰ ᠲᠤᠲᠤᠮ ᠡᠷᠳᠡᠮ ᠲᠡᠨ ᠪᠥᠬᠡ ᠬᠦᠴᠦᠲᠡᠨ ᠢ ᠢᠯᠭᠠᠵᠤ ᠥᠭᠴᠦ ᠠᠭᠤᠷ ᠲᠠᠨ ᠬᠢᠯᠢᠩ ᠲᠡᠨ ᠣᠮᠣᠭ ᠲᠠᠨ ᠵᠣᠷᠭᠢᠮᠠᠭ ᠬᠡᠮᠡᠭᠳᠡᠬᠦ ᠲᠡᠶᠢᠮᠦ ᠲᠡᠶᠢᠮᠦᠳ ᠡᠶᠢᠮᠦ ᠡᠶᠢᠮᠦᠨ ᠣᠮᠣᠭ ᠲᠠᠨ ᠢᠷᠭᠡᠨ ᠢ ᠴᠢᠩᠭᠢᠰ ᠬᠠᠭᠠᠨ ᠡᠷ ᠡ ᠶᠢᠨ ᠡᠷ᠎ᠡ ᠲᠥᠷᠥᠵᠦ ᠳᠣᠷᠣᠶᠢᠲᠠᠭᠤᠯᠵᠤ ᠵᠦᠷᠬᠡᠨ ᠣᠮᠣᠭ ᠲᠠᠨ ᠢ ᠦᠯᠢᠳᠬᠡᠪᠡᠢ ᠳᠣᠷᠣᠶᠢᠲᠠᠭᠤᠯᠪᠠᠢ ᠲᠡᠷᠡ ᠤᠯᠤᠰ ᠢ ᠢᠨᠤ ᠴᠢᠩᠭᠢᠰ ᠬᠠᠭᠠᠨ ᠥᠪᠡᠷ ᠦᠨ ᠡᠮᠴᠦ ᠳᠣᠲᠣᠭᠠᠳᠤ ᠢᠷᠭᠡᠨ ᠪᠣᠯᠭᠠᠪᠠᠢ ᠨᠢᠭᠡᠨ ᠡᠳᠦᠷ ᠪᠦᠷᠢ ᠪᠥᠬᠡ ᠶᠢ ᠤᠷᠢᠵᠤ ᠪᠡᠯᠭᠡᠲᠡᠢ ᠬᠣᠶᠠᠷ ᠢ ᠠᠪᠤᠯᠳᠤᠭᠤᠯᠤᠶ᠎ᠠ ᠪᠠᠷᠢᠯᠳᠤᠭᠤᠯᠤᠶ᠎ᠠ ᠬᠡᠮᠡᠪᠡᠢ ᠪᠦᠷᠢ ᠪᠥᠬᠡ ᠵᠦᠷᠬᠡᠨ ᠪᠥᠯᠦᠭᠡ ᠤᠷᠢᠳᠠ ᠪᠡᠯᠭᠡᠲᠡᠢ ᠶᠢ ᠥᠷᠥᠭᠡᠯᠡᠨ ᠭᠠᠷ ᠢᠶᠠᠨ ᠪᠠᠷᠢᠵᠤ ᠥᠷᠥᠭᠡᠯᠡᠨ ᠬᠥᠯ ᠢᠶᠡᠷ ᠲᠦᠶᠢᠳᠴᠦ ᠤᠨᠠᠭᠠᠵᠤ ᠦᠯᠦ ᠬᠥᠳᠡᠯᠭᠡᠨ ᠳᠠᠷᠤᠬᠤ ᠪᠥᠯᠦᠭᠡ ᠪᠦᠷᠢ ᠪᠥᠬᠡ ᠪᠡᠯᠭᠡᠲᠡᠢ ᠬᠣᠶᠠᠷ ᠢ ᠠᠪᠤᠯᠳᠤᠭᠤᠯᠪᠠᠢ ᠪᠦᠷᠢ ᠪᠥᠬᠡ ᠦᠯᠦ ᠢᠯᠠᠭᠳᠠᠬᠤ ᠬᠦᠮᠦᠨ ᠤᠨᠠᠵᠤ ᠥᠭᠪᠡ ᠪᠡᠯᠭᠡᠲᠡᠢ ᠳᠠᠷᠤ ᠶᠠᠳᠠᠵᠤ ᠮᠥᠷᠢᠳᠡᠵᠦ ᠰᠠᠭᠠᠷᠢ ᠬᠥᠯ ᠳᠡᠭᠡᠷᠡ ᠭᠠᠷᠴᠤ ᠪᠡᠯᠭᠦᠲᠡᠢ ᠬᠢᠨᠴᠠᠰ ᠭᠡᠵᠦ ᠴᠢᠩᠭᠢᠰ ᠬᠠᠭᠠᠨ ᠢ ᠦᠵᠡᠬᠦᠢ ᠯᠦᠭᠡ
edür üjekü=yin nidün šöni sonosqu=yin čikin bolγayu kemen ger dotor=a tejiyebei ede irgen=ü Yosun-Jürken bolurun Qabul-qaγan=u doloγan köbegüd=ün aq=a angq=a Ökin-Baraγ bölüge köbegün inu Joraγtu-Jürbi bölüge Qabul-qaγan=u köbegüd=ün aq=a kemejü irgen=üken dotora=ača ilγaju eligen=tür sülsütü erekei=tür onči=tu aγušgi dügüreng jirüketü aman dügüreng aγar=tan eres tutum erdem=ten böke küčüten=i ilγaju ögčü aγur=tan kiling=ten omoγ=tan jorgimaγ kemegdekü teyimü teyimüd eyimü eyimün omoγ=tan irgen=i Činggis-qaγan er=e=yin er=e töröjü doroyitaγulju Jürken omoγ=tan=i ülidkebei (doroyitaγulbai) tere ulus=i inu Činggis-qaγan öber=ün emčü (dotoγadu) irgen bolγabai nigen edür Büri-Böke=yi uriju Belgetei qoyar=i abulduγuluy=a (barilduγuluy=a) kemebei Büri-Böke Jürken bölüge urida Belgetei=yi örögelen γar=iyan bariju örögelen köl=iyer tüyidčü unaγaju ülü ködelgen daruqu bölüge Büri-Böke Belgetei qoyar=i abulduγulbai Büri-Böke ülü ilaγdaqu kümün unaju ögbe Belgetei daru yadaju möridejü saγari (köl) degere γarču Belgütei kinčas gejü Činggis-qaγan=i üjeküi=lüge
40b
ᠴᠢᠩᠭᠢᠰ ᠬᠠᠭᠠᠨ ᠢᠯᠦᠬᠡᠢᠪᠡᠪᠡᠬᠡᠢ ᠪᠡᠨ ᠵᠠᠭᠤᠪᠠ ᠪᠡᠯᠭᠦᠲᠡᠢ ᠤᠨᠠᠨ ᠣᠳᠬᠤᠢ ᠳᠡᠭᠡᠷᠡ ᠢᠨᠤ ᠠᠭᠳᠠᠯᠠᠵᠤ ᠪᠠᠶᠢᠲᠠᠯᠠ ᠬᠣᠶᠠᠷ ᠠᠬ᠎ᠠ ᠢᠨᠤ ᠰᠣᠯᠪᠢᠨ ᠲᠠᠲᠠᠵᠤ ᠥᠭᠴᠦ ᠨᠢᠷᠤᠭᠤᠨ ᠢᠨᠤ ᠡᠪᠦᠳᠦᠭᠡᠯᠡᠵᠦ ᠬᠤᠭᠤᠯᠵᠤ ᠠᠯᠠᠪᠠ ᠪᠦᠷᠢ ᠪᠥᠬᠡ ᠨᠢᠷᠤᠭᠤᠨ ᠢᠶᠠᠨ ᠬᠤᠭᠤᠷᠠᠴᠤ ᠥᠭᠦᠯᠡᠷ ᠦᠨ ᠪᠡᠯᠭᠡᠲᠡᠢ᠎ᠡ ᠦᠯᠦ ᠢᠯᠠᠭᠳᠠᠬᠤ ᠪᠥᠯᠦᠭᠡ ᠬᠠᠭᠠᠨ ᠠᠴᠠ ᠠᠶᠤᠵᠤ ᠠᠷᠭᠠᠳᠠᠨ ᠤᠨᠠᠵᠤ ᠠᠷᠢᠶᠠᠬᠤ ᠡᠮᠢᠶᠡᠬᠦ ᠪᠣᠯᠤᠨ ᠠᠮᠢᠨ ᠲᠤᠷ ᠢᠶᠠᠨ ᠬᠦᠷᠲᠡᠪᠡ ᠪᠢ ᠬᠡᠮᠡᠭᠡᠳ ᠦᠬᠦᠪᠡ ᠪᠡᠯᠭᠡᠲᠡᠢ ᠨᠢᠷᠤᠭᠤᠨ ᠢᠨᠤ ᠬᠤᠭᠤᠷ᠎ᠠ ᠲᠠᠲᠠᠵᠤ ᠴᠢᠷᠴᠦ ᠣᠷᠬᠢᠭᠠᠳ ᠵᠣᠷᠴᠢᠪᠠ ᠬᠠᠪᠤᠯ ᠬᠠᠭᠠᠨ ᠤ ᠳᠣᠯᠣᠭᠠᠨ ᠬᠥᠪᠡᠭᠦᠳ ᠦᠨ ᠠᠬ᠎ᠠ ᠥᠬᠢᠨ ᠪᠠᠷᠠᠭ ᠪᠥᠯᠦᠭᠡ ᠤᠳᠠᠭ ᠠ ᠲᠤ ᠳᠡᠳ ᠪᠠᠷᠲᠠᠨ ᠪᠠᠭᠠᠲᠤᠷ ᠪᠥᠯᠦᠭᠡ ᠬᠥᠪᠡᠭᠦᠨ ᠢᠨᠤ ᠶᠢᠰᠦᠬᠡᠢ ᠪᠠᠭᠠᠲᠤᠷ ᠪᠥᠯᠦᠭᠡ ᠲᠡᠭᠦᠨ ᠦ ᠤᠳᠠᠭᠠ ᠲᠤ ᠳᠡᠳ ᠬᠤᠲᠤᠭ ᠲᠤ ᠮᠥᠩᠬᠦᠷ ᠪᠥᠯᠦᠭᠡ ᠬᠥᠪᠡᠭᠦᠨ ᠢᠨᠤ ᠪᠦᠷᠢ ᠪᠥᠬᠡ ᠪᠥᠯᠦᠭᠡ ᠪᠠᠷᠢᠯᠳᠤᠬ᠎ᠠ ᠪᠠᠷᠲᠠᠨ ᠪᠠᠭᠠᠲᠤᠷ ᠤᠨ ᠬᠥᠪᠡᠭᠦᠨ ᠡᠴᠡ ᠠᠯᠤᠰ ᠪᠠᠷᠯᠠᠭ ᠤᠨ ᠣᠮᠣᠭ ᠲᠠᠨ ᠬᠥᠪᠡᠭᠦᠳ ᠲᠦᠷ ᠨᠥᠬᠥᠴᠡᠬᠦ ᠪᠣᠯᠤᠨ ᠪᠦᠷᠢ ᠪᠥᠬᠡ ᠤᠯᠤᠰ ᠤᠨ ᠪᠥᠬᠡ ᠪᠥᠭᠡᠲᠡᠯᠡ ᠪᠡᠯᠭᠡᠲᠡᠢ᠎ᠡ ᠨᠢᠷᠤᠭᠤᠨ ᠢᠶᠠᠨ ᠬᠤᠭᠤᠯᠳᠠᠵᠤ ᠦᠬᠦᠪᠡ ᠲᠡᠭᠦᠨ ᠦ ᠬᠣᠶᠢᠨᠠ ᠲᠠᠬᠢᠶ᠎ᠠ ᠵᠢᠯ᠎ᠡ ᠬᠠᠲᠠᠭᠢᠨ ᠤ ᠪᠠᠬᠤ ᠴᠣᠷᠣᠬᠦ ᠰᠠᠯᠵᠠᠭᠤᠳ ᠤᠨ ᠢᠷᠬᠢᠲᠡᠢ ᠪᠠᠭᠠᠲᠤᠷ ᠳᠥᠷᠪᠡᠨ ᠦ ᠬᠠᠴᠤᠭᠤᠨ ᠪᠡᠬᠢ ᠲᠠᠲᠠᠷ ᠤᠨ ᠡᠯᠴᠢ ᠲᠠᠲᠠᠷ ᠵᠠᠯᠢ ᠪᠤᠬ᠎ᠠ ᠢᠬᠡᠷᠡᠰ ᠦᠨ ᠲᠦᠭᠡ ᠮᠠᠬ᠎ᠠ ᠬᠣᠩᠭᠠᠷᠢᠳ ᠤᠨ ᠲᠡᠷᠬᠡ ᠡᠮᠡᠯ ᠠᠯᠬᠤᠢ ᠬᠣᠷᠯᠣᠰ ᠤᠨ ᠴᠢᠨᠳᠠᠨ ᠴᠠᠭᠠᠨ ᠨᠠᠢᠮᠠᠨ ᠤ ᠪᠤᠶᠢᠷᠤᠭ ᠬᠠᠭᠠᠨ ᠮᠡᠷᠭᠡᠳ ᠦᠨ ᠲᠣᠭᠲᠠᠬ ᠠ ᠪᠡᠬᠢ ᠶᠢᠨ ᠬᠥᠪᠡᠭᠦᠨ ᠬᠤᠳᠤ
Činggis-qaγan ilükei(bebekei)=ben jaγuba Belgütei unan odqui degere inu aγdalaju (bayitala ) qoyar aq=a inu solbin tataju ögčü niruγun inu ebüdügelejü quγulju alaba Büri-Böke niruγun=iyan quγuraču ögüler=ün Belgetei=e ülü ilaγdaqu bölüge qaγan=ača ayuju arγadan unaju ariyaqu (emiyekü) bolun amin=tur=iyan kürtebe bi kemeged ükübe Belgetei niruγun inu quγur=a tataju čirčü orkiγad jorčiba Qabul-qaγan=u doloγan köbegüd=ün aq=a Ökin-Baraγ bölüge udaγ=a=tu (ded) Bartan-baγatur bölüge köbegün inu Yisükei-baγatur bölüge tegün=ü udaγa=tu (ded) Qutuγ=tu-Möngkür bölüge köbegün inu Büri-Böke bölüge barilduq=a Bartan-baγatur=un köbegün=eče alus Barlaγ=un omoγ=tan köbegüd=tür nököčekü bolun Büri-Böke ulus=un böke bögetele Belgetei=e niruγun=iyan quγuldaju ükübe # tegün=ü qoyina takiy=a jil=e Qatagin=u Baqu-Čorokü Saljaγud=un Irkitei-baγatur Dörben=ü Qačuγun-beki Tatar=un Elči Tatar Jali Buq=a Ikeres=ün Tüge-Maq=a Qongγarid=un Terke-Emel Alqui Qorlos=un Čindan-Čaγan Naiman=u Buyiruγ-qaγan Merged=ün Toγtaq=a-beki=yin köbegün Qudu
41a
ᠣᠶᠢᠷᠠᠳ ᠤᠨ ᠬᠤᠲᠤᠭ ᠠ ᠪᠡᠬᠢ ᠲᠠᠶᠢᠴᠢᠭᠤᠳ ᠤᠨ ᠲᠠᠷᠭᠤᠲᠠᠢ ᠬᠢᠷᠤᠯᠲᠤᠭ ᠬᠣᠲᠣᠨ ᠦᠷᠴᠢᠭ ᠮᠣᠩᠭᠣᠯ ᠨᠠᠭᠠᠴᠤ ᠪᠠᠭᠠᠲᠤᠷ ᠲᠡᠷᠢᠭᠦᠲᠡᠨ ᠡᠳᠦᠨ ᠬᠠᠷᠢᠰ ᠠᠶᠢᠮᠠᠭ ᠬᠠᠮᠲᠤᠳᠴᠤ ᠠᠯᠠᠬᠤᠢ ᠪᠤᠯᠬ᠎ᠠ ᠠᠯᠠᠯᠳᠤᠬᠤᠢ ᠴᠢᠷᠢᠭ ᠴᠢᠭᠤᠯᠵᠤ ᠡᠶᠢᠨ ᠬᠡᠮᠡᠨ ᠵᠠᠷᠵᠢᠷᠠᠳᠠᠢ ᠵᠠᠮᠤᠬ ᠠ ᠶᠢ ᠬᠠᠭᠠᠨ ᠡᠷᠭᠦᠶ᠎ᠡ ᠬᠡᠮᠡᠨ ᠠᠵᠢᠷᠭ᠎ᠠ ᠭᠡᠭᠦ ᠴᠠᠪᠴᠢᠨ ᠠᠯᠠᠵᠤ ᠠᠳᠠᠭᠠᠷ ᠠᠮᠠᠨ ᠠᠪᠴᠤ ᠲᠡᠨᠳᠡᠴᠡ ᠡᠷᠭᠦᠨ ᠡ ᠮᠥᠷᠡᠨ ᠤᠷᠤᠭᠤ ᠨᠡᠭᠦᠵᠦ ᠬᠠᠲᠢ ᠮᠥᠷᠡᠨ ᠡᠷᠭᠦᠨ ᠡ ᠲᠦ ᠴᠢᠳᠬᠤᠬᠤ ᠰᠢᠷᠢ ᠶᠢᠨ ᠠᠬᠤ ᠤᠬᠤᠳᠠ ᠤᠬᠤᠳ᠎ᠠ ᠵᠠᠮᠤᠬ ᠠ ᠳᠠ ᠭᠦᠦᠷ ᠰᠡ ᠬᠠᠭᠠᠨ ᠨᠡᠷ᠎ᠡ ᠡᠷᠭᠦᠪᠡᠢ ᠬᠠᠭᠠᠨ ᠡᠷᠭᠦᠭᠡᠳ ᠪᠢᠳᠠ ᠴᠢᠩᠭᠢᠰ ᠬᠠᠭᠠᠨ ᠣᠩ ᠬᠠᠭᠠᠨ ᠬᠣᠶᠠᠷ ᠳᠤᠷ ᠮᠣᠷᠢᠯᠠᠶ᠎ᠠ ᠬᠡᠮᠡᠯᠳᠦᠪᠡᠢ ᠮᠣᠷᠢᠯᠠᠶ᠎ᠠ ᠬᠡᠮᠡᠯᠳᠦᠭᠰᠡᠨ ᠢ ᠬᠣᠷᠯᠣᠰ ᠤᠨ ᠬᠣᠷᠢᠳᠠᠢ ᠴᠢᠩᠭᠢᠰ ᠬᠠᠭᠠᠨ᠎ᠠ ᠬᠦᠷᠡᠯᠬᠦᠳᠡ ᠪᠦᠬᠦᠢ ᠳᠦᠷ ᠡᠨᠡ ᠬᠡᠯᠡᠨ ᠦᠭᠡ ᠶᠢ ᠬᠦᠷᠭᠡᠨ ᠢᠷᠡᠪᠡᠢ ᠡᠨᠡ ᠬᠡᠯᠡᠨ ᠬᠦᠷᠴᠦ ᠢᠷᠡᠭᠡᠳ ᠴᠢᠩᠭᠢᠰ ᠬᠠᠭᠠᠨ ᠣᠩ ᠬᠠᠭᠠᠨ᠎ᠠ ᠡᠨᠡ ᠬᠡᠯᠡᠨ ᠬᠦᠷᠭᠡᠨ ᠢᠯᠡᠭᠡᠪᠡᠢ ᠣᠩ ᠬᠠᠭᠠᠨ ᠡᠨᠡ ᠬᠡᠯᠡᠨ ᠬᠦᠷᠭᠡᠭᠦᠯᠦᠭᠡᠳ ᠣᠩ ᠬᠠᠭᠠᠨ ᠴᠢᠷᠢᠭ ᠡᠭᠦᠰᠭᠡᠵᠦ ᠥᠳᠲᠡᠷᠯᠡᠨ ᠢᠷᠡᠵᠦ ᠴᠢᠩᠭᠢᠰ ᠬᠠᠭᠠᠨ ᠲᠤᠷ ᠬᠦᠷᠴᠦ ᠢᠷᠡᠪᠡ ᠣᠩ ᠬᠠᠭᠠᠨ ᠢ ᠢᠷᠡᠭᠦᠯᠦᠭᠡᠳ ᠴᠢᠩᠭᠢᠰ ᠬᠠᠭᠠᠨ ᠣᠩ ᠬᠠᠭᠠᠨ ᠬᠣᠶᠠᠷ ᠬᠠᠮᠲᠤᠳᠴᠤ ᠵᠠᠮᠤᠬ ᠠ ᠶᠢᠨ ᠡᠰᠡᠷᠭᠦ ᠢᠨᠤ ᠮᠣᠷᠢᠯᠠᠶ᠎ᠠ ᠬᠡᠮᠡᠯᠳᠦᠵᠦ ᠬᠡᠷᠦᠯᠡᠨ ᠮᠥᠷᠡᠨ ᠤᠷᠤᠭᠤ ᠮᠣᠷᠢᠯᠠᠷ ᠤᠨ ᠴᠢᠩᠭᠢᠰ ᠬᠠᠭᠠᠨ ᠪᠠᠷ ᠠᠯᠲᠠᠨ ᠬᠤᠴᠢᠷ ᠳᠠᠷᠢᠳᠠᠢ ᠭᠤᠷᠪᠠᠨ ᠢ ᠮᠠᠩᠯᠠᠢ ᠶᠠᠪᠤᠭᠤᠯᠪᠠᠢ ᠣᠩ ᠬᠠᠭᠠᠨ ᠰᠡᠩᠭᠦᠮ ᠵᠢᠬ ᠠ ᠭᠠᠮᠪᠤ ᠪᠡᠯᠭᠡ ᠪᠡᠬᠢ ᠭᠤᠷᠪᠠᠨ ᠢ ᠮᠠᠩᠯᠠᠢ ᠶᠠᠪᠤᠭᠤᠯᠪᠠᠢ ᠡᠳᠡ ᠮᠠᠩᠯᠠᠢ ᠠᠴᠠ ᠤᠷᠤᠭᠰᠢ ᠳᠠ ᠪᠠᠰᠠ ᠬᠠᠷᠠᠭᠤᠯ
Oyirad=un Qutuγ=a-beki Tayičiγud=un Tarγutai-Kirultuγ Qoton- Ürčig Mongγol Naγaču-baγatur terigüten edün qaris (ayimaγ) qamtudču alaqui bulq=a (alalduqui čirig) čiγulju eyin kemen Jarjiradai-Jamuq=a=yi qaγan ergüy=e kemen ajirγ=a gegü čabčin alaju (adaγar aman abču) tendeče Ergün=e-mören uruγu negüjü Qati-mören Ergün=e=tü čidququ Siri=yin aqu uquda (uqud=a) , Jamuq=a=da Güür=se (qaγan ner=e) ergübei qaγan ergüged bida Činggis-qaγan Ong-qaγan qoyar=dur morilay=a kemeldübei morilay=a kemeldügsen=i Qorlos=un Qoridai Činggis-qaγan=a Kürelküde büküi=dür ene kelen (üge=yi) kürgen irebei ene kelen kürčü ireged Činggis-qaγan , Ong-qaγan=a ene kelen kürgen ilegebei Ong-qaγan ene kelen kürgegülüged Ong-qaγan čirig egüsgejü ödterlen irejü Činggis-qaγan=tur kürčü irebe Ong-qaγan=i iregülüged Činggis-qaγan Ong-qaγan qoyar qamtudču Jamuq=a=yin esergü inu morilay=a kemeldüjü Kerülen-mören uruγu morilar=un Činggis-qaγan bar Altan Qučir Daridai , γurban=i manglai yabuγulbai Ong-qaγan , Senggüm , Jiq=a-Gambu , Belge-beki γurban=i manglai yabuγulbai ede manglai=ača uruγsi=da basa qaraγul
41b
ᠢᠯᠡᠭᠡᠷᠦᠨ ᠬᠦᠶᠢᠯᠳᠦ ᠳᠡ ᠨᠢᠭᠡᠨ ᠰᠠᠭᠤᠷᠢᠨ ᠬᠠᠷᠠᠭᠤᠯ ᠲᠠᠯᠪᠢᠪᠠ ᠲᠡᠭᠦᠨ ᠦ ᠴᠢᠭᠠᠨ᠎ᠠ ᠴᠡᠭᠡᠴᠡᠷ᠎ᠡ ᠨᠢᠭᠡᠨ ᠰᠠᠭᠤᠷᠢᠨ ᠬᠠᠷᠠᠭᠤᠯ ᠲᠠᠯᠪᠢᠪᠠ ᠲᠡᠭᠦᠨ ᠦ ᠴᠢᠭᠠᠨ᠎ᠠ ᠴᠤᠬᠤᠷᠬᠤ ᠳᠠ ᠨᠢᠭᠡᠨ ᠰᠠᠭᠤᠷᠢᠨ ᠬᠠᠷᠠᠭᠤᠯ ᠲᠠᠯᠪᠢᠪᠠ ᠪᠢᠳᠠᠨ ᠤ ᠮᠠᠩᠯᠠᠢ ᠠᠯᠲᠠᠨ ᠬᠤᠴᠠᠷ ᠰᠡᠩᠭᠦᠮ ᠲᠡᠨ ᠡᠳᠦᠬᠦᠶ᠎ᠡ ᠬᠦᠷᠴᠦ ᠪᠠᠭᠤᠶ᠎ᠠ ᠬᠡᠮᠡᠯᠳᠦᠨ ᠪᠦᠬᠦᠢ ᠲᠦᠷ ᠴᠤᠬᠤᠷᠬᠤ ᠳᠠ ᠲᠠᠯᠪᠢᠭᠰᠠᠨ ᠬᠦᠮᠦᠨ ᠠᠭᠤᠯᠵᠠᠵᠤ ᠢᠷᠡᠵᠦ ᠳᠠᠶᠢᠨ ᠳᠠᠶᠢᠰᠤᠨ ᠠᠶᠢᠰᠤᠬᠤᠢ ᠬᠡᠮᠡᠨ ᠬᠡᠯᠡᠨ ᠬᠦᠷᠭᠡᠨ ᠢᠷᠡᠪᠡ ᠲᠡᠷᠡ ᠬᠡᠯᠡᠨ ᠢᠷᠡᠭᠡᠳ ᠦᠯᠦ ᠪᠠᠭᠤᠨ ᠲᠡᠶᠢᠨ ᠬᠦ ᠡᠰᠡᠷᠭᠦ ᠬᠡᠯᠡᠨ ᠠᠪᠤᠶ᠎ᠠ ᠬᠡᠮᠡᠨ ᠶᠠᠪᠤᠭᠤᠯᠵᠤ ᠬᠦᠷᠦᠯᠴᠡᠵᠦ ᠬᠡᠯᠡᠨ ᠠᠪᠴᠤ ᠬᠡᠨ ᠪᠤᠶᠤ ᠬᠡᠮᠡᠨ ᠠᠰᠠᠭᠪᠠᠢ ᠵᠠᠮᠤᠬ ᠠ ᠶᠢᠨ ᠮᠠᠩᠯᠠᠢ ᠮᠣᠩᠭᠣᠯ ᠠᠴᠠ ᠨᠠᠭᠠᠴᠤ ᠪᠠᠭᠠᠲᠤᠷ ᠨᠠᠢᠮᠠᠨ ᠤ ᠪᠤᠶᠢᠷᠤᠭ ᠬᠠᠭᠠᠨ ᠮᠡᠷᠭᠡᠳ ᠲᠣᠭᠲᠠᠬ ᠠ ᠪᠡᠬᠢ ᠶᠢᠨ ᠬᠥᠪᠡᠭᠦᠨ ᠬᠤᠳᠤ ᠣᠶᠢᠷᠠᠳ ᠤᠨ ᠬᠤᠲᠤᠭ᠎ᠠ ᠡᠳᠡ ᠳᠥᠷᠪᠡᠨ ᠵᠠᠮᠤᠬ ᠠ ᠶᠢᠨ ᠮᠠᠩᠯᠠᠢ ᠶᠠᠪᠤᠵᠤ ᠪᠢᠳᠠᠨ ᠤ ᠮᠠᠩᠯᠠᠢ ᠲᠡᠳᠡᠨ ᠲᠦ ᠤᠩᠰᠢᠯᠳᠤᠵᠤ ᠵᠢᠯᠳᠠ ᠪᠤᠯᠲᠠᠵᠤ ᠥᠭᠦᠯᠡᠯᠳᠦᠵᠦ ᠨᠢᠭᠡᠨ ᠬᠦᠷᠢᠶ᠎ᠡ ᠪᠣᠯᠵᠤ ᠮᠠᠨᠠᠭᠠᠷ ᠬᠠᠳᠬᠤᠯᠳᠠᠶ᠎ᠠ ᠬᠡᠮᠡᠵᠦ ᠡᠴᠡᠵᠦ ᠭᠣᠣᠯ ᠲᠤᠷ ᠨᠡᠶᠢᠯᠡᠨ ᠬᠣᠨᠣᠪᠠᠢ ᠮᠠᠨᠠᠭᠠᠷᠰᠢ ᠶᠠᠪᠤᠭᠤᠯᠵᠤ ᠬᠦᠷᠦᠯᠴᠡᠵᠦ ᠬᠦᠶᠢᠯᠳᠦᠨ ᠪᠠᠶᠢᠯᠳᠤᠵᠤ ᠳᠣᠷᠣᠭᠰᠢ ᠳᠡᠭᠡᠭᠰᠢ ᠨᠢᠭᠤᠷᠢᠯᠳᠤᠨ ᠵᠥᠪᠰᠢᠶᠡᠷᠡᠯᠴᠢᠨ ᠪᠦᠬᠦᠢ ᠲᠦᠷ ᠮᠥᠨ ᠪᠤᠶᠢᠷᠤᠭ ᠬᠠᠭᠠᠨ ᠬᠤᠲᠤᠭ᠎ᠠ ᠬᠣᠶᠠᠷ ᠵᠢᠳᠠ ᠮᠡᠳᠡᠨ ᠪᠠᠶᠢᠯᠳᠤᠨ ᠠᠵᠤᠬᠤ ᠵᠢᠳᠠᠯᠠᠬᠤ ᠪᠣᠯᠤᠨ ᠵᠢᠳᠠ ᠢᠨᠤ ᠤᠷᠪᠠᠵᠤ ᠮᠥᠨ ᠳᠡᠭᠡᠷᠡ ᠵᠢᠳᠠ ᠪᠣᠯᠵᠢᠬᠤ ᠬᠦᠷᠴᠦ ᠮᠥᠨ ᠶᠠᠪᠤᠨ ᠶᠠᠳᠠᠵᠤ ᠦᠷᠡᠰ ᠲᠦᠷ ᠬᠣᠯᠠᠳᠠᠭᠠᠳ ᠲᠩᠷᠢ ᠳᠡ ᠡᠰᠡ ᠲᠠᠭᠠᠯᠠᠭᠳᠠᠪᠠ ᠪᠢᠳᠠ ᠬᠡᠮᠡᠭᠡᠳ ᠪᠤᠲᠠᠷᠠᠵᠤᠬᠤᠢ
ilegerün Küyildü=de nigen saγurin qaraγul talbiba tegün=ü čiγan=a Čegečer=e nigen saγurin qaraγul talbiba tegün=ü čiγan=a Čuqurqu=da nigen saγurin qaraγul talbiba bidan=u manglai Altan , Qučar , Senggüm=ten Edüküy=e kürčü baγuy=a kemeldün büküi=tür Čuqurqu=da talbiγsan kümün aγuljaju irejü dayin (dayisun) ayisuqui kemen kelen kürgen irebe tere kelen ireged ülü baγun teyin kü esergü kelen abuy=a kemen yabuγulju kürülčejü kelen abču ken buyu kemen asaγbai Jamuq=a=yin manglai Mongγol=ača Naγaču-baγatur Naiman=u Buyiruγ-qaγan Merged Toγtaq=a-beki=yin köbegün Qudu Oyirad=un Qutuγ=a ede dörben Jamuq=a=yin manglai yabuju bidan=u manglai teden=tü ungsilduju jilda bultaju (ögüleldüjü nigen küriy=e bolju) manaγar qadqulday=a kemejü ečejü γool=tur neyilen qonobai manaγarsi yabuγulju kürülčejü küyildün bayilduju doroγsi degegsi niγurildun jöbsiyerelčin büküi=tür mön Buyiruγ-qaγan Qutuγ=a qoyar jida meden bayildun ajuqu jidalaqu bolun jida inu urbaju mön degere jida boljiqu (kürčü) mön yabun yadaju üres=tür qoladaγad tngri=de ese taγalaγdaba bida kemeged butarajuqui
42a
ᠨᠠᠢᠮᠠᠨ ᠤ ᠪᠤᠶᠢᠷᠤᠭ ᠬᠠᠭᠠᠨ ᠠᠯᠲᠠ ᠶᠢᠨ ᠡᠪᠦᠷ ᠤᠯᠤᠭ ᠲᠠᠭ ᠵᠣᠷᠢᠨ ᠬᠠᠭᠠᠴᠠᠨ ᠬᠥᠳᠡᠯᠪᠡᠢ ᠮᠡᠷᠭᠡᠳ ᠦᠨ ᠲᠣᠭᠲᠠᠬ ᠠ ᠪᠡᠬᠢ ᠶᠢᠨ ᠬᠥᠪᠡᠭᠦᠨ ᠬᠤᠳᠤ ᠰᠡᠯᠡᠩᠭᠡ ᠵᠣᠷᠢᠨ ᠶᠠᠪᠤᠪᠠᠢ ᠣᠶᠢᠷᠠᠳ ᠤᠨ ᠬᠤᠲᠤᠭ ᠠ ᠪᠡᠬᠢ ᠣᠢ ᠲᠡᠮᠡᠴᠢᠨ ᠰᠢᠭᠰᠢᠭ ᠵᠣᠷᠢᠨ ᠬᠥᠳᠡᠯᠪᠡᠢ ᠲᠠᠶᠢᠴᠢᠭᠤᠳ ᠤᠨ ᠨᠠᠭᠠᠴᠤ ᠪᠠᠭᠠᠲᠤᠷ ᠣᠨᠠᠨ ᠮᠥᠷᠡᠨ ᠵᠣᠷᠢᠨ ᠬᠥᠳᠡᠯᠵᠦᠬᠦᠢ ᠵᠠᠮᠤᠬ᠎ᠠ ᠥᠪᠡᠷ ᠢᠶᠡᠨ ᠭᠦᠦᠷ ᠰᠡ ᠬᠠᠭᠠᠨ ᠡᠷᠭᠦᠭᠰᠡᠨ ᠢᠷᠭᠡᠨ ᠢ ᠲᠣᠯᠢᠭᠠᠳ ᠳᠠᠭᠠᠭᠤᠯ ᠤᠨ ᠡᠷᠭᠦᠨ ᠡ ᠮᠥᠷᠡᠨ ᠵᠣᠷᠢᠨ ᠬᠠᠷᠢᠨ ᠬᠥᠳᠡᠯᠵᠦᠬᠦᠢ ᠣᠩ ᠬᠠᠭᠠᠨ ᠡᠷᠭᠦᠨ᠎ᠡ ᠤᠷᠤᠭᠤ ᠵᠠᠮᠤᠬ ᠠ ᠶᠢ ᠨᠡᠬᠡᠪᠡ ᠴᠢᠩᠭᠢᠰ ᠬᠠᠭᠠᠨ ᠣᠨᠠᠨ ᠵᠦᠭ ᠲᠠᠶᠢᠴᠢᠭᠤᠳ ᠤᠨ ᠨᠠᠭᠠᠴᠤ ᠪᠠᠭᠠᠲᠤᠷ ᠢ ᠨᠡᠬᠡᠪᠡ ᠨᠠᠭᠠᠴᠤ ᠪᠠᠭᠠᠲᠤᠷ ᠤᠯᠤᠰ ᠲᠤᠷ ᠢᠶᠠᠨ ᠬᠦᠷᠦᠭᠡᠳ ᠤᠯᠤᠰ ᠢᠶᠠᠨ ᠳᠦᠷᠪᠡᠭᠦᠯᠵᠦ ᠬᠥᠳᠡᠯᠦᠭᠡᠳ ᠶᠠᠪᠤᠭᠤᠯ ᠤᠨ ᠨᠠᠭᠠᠴᠤ ᠪᠠᠭᠠᠲᠤᠷ ᠬᠤᠲᠤᠭ ᠦᠭᠡ ᠳᠡ ᠲᠠᠶᠢᠴᠢᠭᠤᠳ ᠣᠨᠠᠨ ᠤ ᠴᠢᠨᠠᠴᠢ ᠡᠲᠡᠭᠡᠳ ᠤᠯᠬᠤᠳ ᠲᠤᠷᠠᠭ ᠲᠤᠷ ᠴᠢᠷᠢᠭ ᠦᠳ ᠢᠶᠡᠨ ᠵᠠᠰᠠᠵᠤ ᠬᠠᠳᠬᠤᠯᠳᠤᠶ᠎ᠠ ᠬᠡᠮᠡᠨ ᠵᠠᠰᠠᠵᠤ ᠪᠠᠶᠢᠵᠤᠬᠤᠢ ᠴᠢᠩᠭᠢᠰ ᠬᠠᠭᠠᠨ ᠬᠦᠷᠦᠭᠡᠳ ᠲᠠᠶᠢᠴᠢᠭᠤᠳ ᠯᠤᠭ᠎ᠠ ᠬᠠᠳᠬᠤᠯᠳᠤᠪᠠᠢ ᠮᠠᠰᠢ ᠡᠭᠡᠭᠡᠷ ᠦᠨ ᠡᠷᠭᠢᠭᠦᠯ ᠦᠨ ᠡᠭᠡᠭᠡᠷ ᠦᠨ ᠬᠠᠳᠬᠤᠯᠳᠤᠵᠤ ᠵᠢᠯᠳᠠ ᠪᠤᠯᠲᠠᠵᠤ ᠬᠦᠷᠢᠶ᠎ᠡ ᠲᠠᠲᠠᠵᠤ ᠮᠥᠨ ᠬᠠᠳᠬᠤᠯᠳᠤᠭᠰᠠᠨ ᠭᠠᠵᠠᠷ᠎ᠠ ᠰᠢᠲᠦᠯᠳᠦᠵᠦ ᠬᠣᠨᠣᠪᠠᠢ ᠤᠯᠤᠰ ᠪᠠ ᠳᠥᠷᠪᠡᠵᠦ ᠠᠶᠢᠰᠤᠷ ᠤᠨ ᠮᠥᠨ ᠲᠡᠨᠳᠡ ᠴᠢᠷᠢᠭ ᠦᠳ ᠯᠦᠭᠡ ᠬᠠᠮᠲᠤ ᠬᠦᠷᠢᠶᠡᠯᠡᠵᠦ ᠬᠣᠨᠣᠪᠠᠢ ᠴᠢᠩᠭᠢᠰ ᠬᠠᠭᠠᠨ ᠲᠡᠷᠡ ᠬᠠᠳᠬᠤᠯᠳᠤᠭᠰᠠᠨ ᠲᠤᠷ ᠬᠤᠪᠴᠢᠰᠤᠨ ᠪᠠᠨ ᠰᠢᠯᠦᠷᠳᠡᠵᠦ ᠰᠢᠪᠬᠢᠷᠴᠦ ᠴᠢᠰᠤᠨ ᠳᠦᠷᠢᠳᠬᠡᠪᠡᠰᠦ ᠦᠯᠦ ᠪᠣᠯᠤᠨ ᠠᠳᠤᠷᠢᠭᠳᠤᠷ ᠤᠨ
Naiman=u Buyiruγ-qaγan Alta=yin ebür Uluγ-Taγ jorin qaγačan ködelbei Merged=ün Toγtaq=a-beki=yin köbegün Qudu Selengge jorin yabubai Oyirad=un Qutuγ=a-beki oi temečin Sigsig jorin ködelbei Tayičiγud=un Naγaču-baγatur Onan-mören jorin ködeljüküi Jamuq=a öber=iyen Güür=se (qaγan) ergügsen irgen=i toliγad (daγaγul=un) Ergün=e-mören jorin qarin ködeljüküi Ong-qaγan Ergün=e uruγu Jamuq=a=yi nekebe Činggis-qaγan Onan jüg Tayičiγud=un Naγaču-baγatur=i nekebe Naγaču-baγatur ulus=tur=iyan kürüged ulus=iyan dürbegüljü ködelüged (yabuγul=un) Naγaču-baγatur Qutuγ-Üge=de Tayičiγud Onan=u činači eteged Ulqud-Turaγ=tur čirig=üd=iyen jasaju qadqulduy=a kemen jasaju bayijuqui Činggis-qaγan kürüged Tayičiγud=luγ=a qadquldubai masi egeger=ün (ergigül=ün) egeger=ün qadqulduju jilda bultaju (küriy=e tataju) mön qadqulduγsan γajar=a sitüldüjü qonobai ulus ba dörbejü ayisur=un mön tende čirig=üd=lüge qamtu küriyelejü qonobai Činggis-qaγan tere qadqulduγsan=tur qubčisun=ban silürdejü (sibkirčü) čisun düridkebesü ülü bolun aduriγdur=un
42b
ᠨᠠᠷᠠᠨ ᠰᠢᠩᠭᠡᠭᠦᠯᠦᠨ ᠮᠥᠨ ᠲᠡᠳᠡ ᠰᠢᠲᠦᠯᠳᠦᠵᠦ ᠪᠠᠭᠤᠵᠤ ᠪᠥᠭᠯᠡᠭᠰᠡᠨ ᠴᠢᠰᠤᠨ ᠢ ᠵᠡᠯᠮ᠎ᠡ ᠰᠢᠮᠢᠨ ᠰᠢᠮᠢᠨ ᠠᠮᠠᠪᠠᠨ ᠴᠢᠰᠤᠳᠠᠵᠤ ᠵᠡᠯᠮ᠎ᠡ ᠬᠦᠮᠦᠨ ᠢ ᠦᠯᠦ ᠢᠲᠡᠭᠡᠨ ᠰᠠᠬᠢᠯᠳᠤᠵᠤ ᠰᠠᠭᠤᠵᠤ ᠱᠥᠨᠢ ᠳᠥᠯᠢ ᠪᠣᠯᠲᠠᠯᠠ ᠪᠥᠭᠯᠡᠭᠰᠡᠨ ᠴᠢᠰᠤᠨ ᠢ ᠠᠮᠠᠪᠠᠷ ᠢᠶᠠᠨ ᠲᠤᠩᠭᠠᠭᠠᠨ ᠠᠰᠭᠠᠭᠠᠳ ᠵᠠᠯᠭᠢᠭᠠᠳ ᠱᠥᠨᠢ ᠳᠥᠯᠢ ᠨᠥᠬᠴᠢᠪᠡᠰᠦ ᠴᠢᠩᠭᠢᠰ ᠬᠠᠭᠠᠨ ᠳᠣᠲᠣᠷᠠᠭᠠᠨ ᠰᠡᠷᠭᠦᠵᠦ ᠥᠭᠦᠯᠡᠷ ᠦᠨ ᠴᠢᠰᠤᠨ ᠠᠨᠠᠵᠤ ᠮᠠᠰᠢ ᠪᠡᠷᠬᠡ ᠤᠮᠳᠠᠭᠠᠰᠤᠮᠤᠢ ᠪᠢ ᠬᠡᠮᠡᠪᠡ ᠲᠡᠨᠳᠡᠴᠡ ᠵᠡᠯᠮ᠎ᠡ ᠮᠠᠯᠠᠭ᠎ᠠ ᠭᠣᠳᠣᠰᠤᠨ ᠳᠡᠭᠡᠯ ᠬᠤᠪᠴᠢᠰᠤᠨ ᠢᠶᠠᠨ ᠪᠦᠭᠦᠳᠡ ᠶᠢ ᠲᠠᠶᠢᠯᠵᠤ ᠭᠠᠭᠴᠠ ᠳᠣᠲᠣᠭᠠᠵᠢ ᠲᠠᠢ ᠴᠢᠷᠠᠮᠠᠨ ᠨᠢᠴᠦᠭᠦᠨ ᠰᠢᠲᠦᠯᠳᠦᠵᠦ ᠪᠦᠬᠦ ᠲᠡᠶᠢᠨ ᠳᠣᠲᠠᠭᠤᠷ ᠭᠦᠶᠢᠵᠦ ᠦᠵᠡᠪᠡᠰᠦ ᠴᠢᠭᠠᠨ᠎ᠠ ᠬᠦᠷᠢᠶᠡᠯᠡᠭᠰᠡᠨ ᠢᠷᠭᠡᠨ ᠦ ᠲᠡᠷᠭᠡᠨ ᠲᠦᠷ ᠨᠢᠭᠤᠵᠤ ᠦᠰᠦᠭ ᠨᠡᠷᠡᠵᠦ ᠶᠠᠳᠠᠵᠤ ᠳᠥᠷᠪᠡᠷ ᠦᠨ ᠭᠡᠭᠦᠨ ᠢᠶᠡᠨ ᠦᠯᠦ ᠰᠠᠭᠠᠨ ᠲᠠᠯᠪᠢᠭᠰᠠᠨ ᠠᠵᠤᠬᠤ ᠨᠢᠭᠡᠨ ᠶᠡᠬᠡ ᠪᠦᠷᠢᠭᠡ ᠰᠤᠲᠠᠢ ᠲᠠᠷᠠᠭ ᠲᠡᠷᠭᠡᠨ ᠡᠴᠡ ᠢᠨᠤ ᠠᠪᠴᠤ ᠥᠷᠭᠥᠵᠦ ᠢᠷᠡᠪᠡ ᠵᠠᠭᠤᠷᠠ ᠡᠳᠦᠷ ᠦᠨ ᠢᠷᠭᠡᠳ ᠬᠦᠮᠦᠨ᠎ᠡ ᠡᠰᠡ ᠦᠵᠡᠭᠳᠡᠪᠡ ᠲᠩᠷᠢ ᠬᠦ ᠦᠵᠡᠭᠳᠡᠪᠡᠢ ᠵ᠎ᠠ ᠲᠠᠷᠠᠭ ᠪᠦᠷᠢᠭᠡ ᠲᠦ ᠶᠢ ᠠᠪᠴᠤ ᠢᠷᠡᠭᠡᠳ ᠮᠥᠨ ᠵᠡᠯᠮ᠎ᠡ ᠥᠪᠡᠰᠦᠪᠡᠨ ᠬᠦ ᠤᠰᠤᠨ ᠡᠷᠢᠵᠦ ᠠᠪᠴᠢᠷᠠᠵᠤ ᠠᠪᠴᠤ ᠲᠠᠷᠠᠭ ᠵᠢᠭᠤᠷ ᠠ ᠵᠤ ᠬᠠᠭᠠᠨ᠎ᠠ ᠤᠤᠭᠤᠯᠭᠠᠪᠠ ᠭᠤᠷᠪᠠᠨ ᠲᠠ ᠠᠮᠤᠵᠤ ᠤᠤᠵᠤ ᠬᠠᠭᠠᠨ ᠥᠭᠦᠯᠡᠷ ᠦᠨ ᠳᠣᠲᠣᠷ᠎ᠠ ᠮᠢᠨᠤ ᠨᠢᠳᠦᠨ ᠭᠡᠶᠢᠪᠡ ᠬᠡᠮᠡᠭᠡᠳ ᠥᠨᠳᠥᠶᠢᠵᠦ ᠰᠠᠭᠤᠲᠠᠯᠠ ᠡᠳᠦᠷ ᠴᠠᠶᠢᠪᠠ ᠲᠡᠷᠡ ᠰᠠᠭᠤᠭᠰᠠᠨ ᠣᠷᠴᠢᠨ ᠵᠡᠯᠮ ᠡ ᠶᠢᠨ ᠰᠢᠮᠢᠨ ᠰᠢᠮᠢᠨ ᠪᠥᠭᠡᠯᠵᠢᠭᠰᠡᠨ
naran singgegülün mön tede sitüldüjü baγuju böglegsen čisun=i Jelm=e simin simin amaban čisudaju Jelm=e kümün=i ülü itegen sakilduju saγuju šöni döli boltala böglegsen čisun=i amabar=iyan tungγaγan asγaγad jalgiγad šöni döli nökčibesü Činggis-qaγan dotoraγan sergüjü ögüler=ün čisun anaju masi berke umdaγasumui bi kemebe tendeče Jelm=e malaγ=a γodosun degel qubčisun=iyan bügüde=yi tayilju γaγča dotoγaji=tai čiraman ničügün sitüldüjü bükü teyin dotaγur güyijü (üjebesü) čiγan=a küriyelegsen irgen=ü tergen=tür niγuju üsüg nerejü yadaju dörber=ün gegün=iyen ülü saγan talbiγsan ajuqu nigen yeke bürige sutai taraγ tergen=eče inu abču örgöjü irebe jaγura edür=ün irged kümün=e ese üjegdebe tngri kü üjegdebei j=a taraγ bürige=tü=yi abču ireged mön Jelm=e öbesüben kü usun erijü abčiraju (abču) taraγ jiγur=a=ju qaγan=a uuγulγaba γurban=ta amuju uuju qaγan ögüler=ün dotor=a minu nidün geyibe kemeged öndöyijü saγutala edür čayiba tere saγuγsan orčin Jelm=e=yin simin simin bögeljigsen
43a
ᠴᠢᠰᠤᠨ ᠠᠰᠭᠠᠭᠰᠠᠨ ᠣᠷᠴᠢᠨ ᠭᠠᠵᠠᠷ᠎ᠠ ᠠᠮᠠᠷᠠᠨ ᠠᠮᠠ ᠪᠠᠷ ᠪᠥᠭᠡᠯᠵᠢᠭᠰᠡᠨ ᠢ ᠴᠢᠩᠭᠢᠰ ᠬᠠᠭᠠᠨ ᠦᠵᠡᠵᠦ ᠥᠭᠦᠯᠡᠷ ᠦᠨ ᠡᠨᠡ ᠶᠠᠭᠤᠨ ᠪᠣᠯᠤᠮᠤ ᠬᠣᠯᠠ ᠠᠰᠭᠠᠪᠠᠰᠤ ᠶᠠᠮᠪᠠᠷ ᠠᠵᠤᠬᠤ ᠬᠡᠮᠡᠪᠡ ᠲᠡᠨᠳᠡᠴᠡ ᠵᠡᠯᠮ᠎ᠡ ᠥᠭᠦᠯᠡᠷ ᠦᠨ ᠴᠢᠮᠠᠶᠢ ᠠᠮᠢ ᠴᠢᠬᠤᠯᠳᠠᠷ ᠤᠨ ᠪᠦᠬᠦᠢ ᠲᠦᠷ ᠠᠳᠤᠷᠢᠭᠳᠠᠷ ᠤᠨ ᠬᠣᠯᠠ ᠣᠳᠪᠠᠰᠤ ᠴᠢᠮᠠᠴᠠ ᠠᠯᠵᠢᠶᠠᠬᠤᠢ ᠠᠴᠠ ᠠᠶᠤᠵᠤ ᠶᠠᠭᠠᠷᠢᠴᠤ ᠵᠠᠯᠭᠢᠬᠤ ᠶᠢ ᠵᠠᠯᠭᠢᠭᠠᠳ ᠠᠰᠭᠠᠬᠤᠢ ᠶᠢ ᠠᠰᠭᠠᠭᠠᠳ ᠮᠠᠨᠳᠤᠷᠢᠴᠤ ᠶᠠᠭᠠᠷᠢᠴᠤ ᠬᠡᠪᠡᠯᠢ ᠲᠦᠷ ᠮᠢᠨᠤ ᠬᠡᠳᠦᠢ ᠣᠷᠣᠪᠠ ᠬᠡᠮᠡᠪᠡ ᠴᠢᠩᠭᠢᠰ ᠬᠠᠭᠠᠨ ᠪᠠᠰᠠ ᠥᠭᠦᠯᠡᠷ ᠦᠨ ᠨᠠᠮᠠᠶᠢ ᠡᠶᠢᠮᠦᠨ ᠪᠣᠯᠵᠤ ᠬᠡᠪᠲᠡᠨ ᠪᠥᠭᠡᠲᠡᠯᠡ ᠨᠢᠴᠦᠭᠦᠨ ᠶᠠᠬᠢᠨ ᠭᠦᠶᠢᠵᠦ ᠣᠷᠣᠪᠠ ᠴᠢ ᠪᠠᠷᠢᠭᠳᠠᠪᠠᠰᠤ ᠨᠠᠮᠠᠶᠢ ᠶᠢ ᠡᠶᠢᠮᠦᠢᠡᠶᠢᠨ ᠬᠢᠭᠳᠡᠬᠦ ᠶᠢ ᠦᠯᠡᠬᠦ ᠵᠠᠭᠠᠬᠤ ᠪᠥᠯᠦᠭᠡᠢ ᠦᠦ ᠴᠢ ᠬᠡᠮᠡᠪᠡ ᠵᠡᠯᠮ᠎ᠡ ᠥᠭᠦᠯᠡᠷ ᠦᠨ ᠮᠢᠨᠤ ᠰᠡᠳᠬᠢᠯ ᠡᠶᠢᠨ ᠪᠤᠶᠤ ᠨᠢᠴᠦᠭᠦᠨ ᠣᠳᠤᠷ ᠤᠨ ᠬᠡᠷ ᠪᠡᠷ ᠪᠠᠷᠢᠭᠳᠠᠪᠠᠰᠤ ᠪᠢ ᠲᠠᠨ᠎ᠠ ᠣᠷᠣᠵᠤ ᠢᠷᠡᠬᠦ ᠳᠤᠷᠠᠲᠤ ᠪᠥᠯᠦᠭᠡ ᠲᠡᠭᠦᠨᠢ ᠮᠢᠨᠤ ᠮᠡᠳᠡᠵᠦ ᠨᠠᠮᠠᠶᠢ ᠪᠠᠷᠢᠵᠤ ᠠᠯᠠᠶ᠎ᠠ ᠬᠡᠮᠡᠨ ᠬᠤᠪᠴᠢᠰᠤᠨ ᠪᠦᠭᠦᠳᠡ ᠶᠢ ᠲᠠᠶᠢᠯᠵᠤ ᠭᠠᠭᠴᠠ ᠳᠣᠲᠠᠭᠠᠵᠢ ᠲᠠᠶᠢᠯᠤᠭ᠎ᠠ ᠡᠳᠦᠬᠦᠶ᠎ᠡ ᠮᠥᠯᠲᠥ ᠠᠯᠳᠠᠭᠤᠯᠵᠤ ᠢᠷᠡᠪᠡ ᠪᠢ ᠬᠡᠮᠡᠬᠦ ᠪᠥᠯᠦᠭᠡ ᠨᠠᠮᠠᠶᠢ ᠦᠨᠡᠨ ᠪᠣᠯᠭᠠᠵᠤ ᠬᠤᠪᠴᠢᠰᠤᠨ ᠥᠭᠴᠦ ᠠᠰᠠᠷᠠᠬᠤ ᠪᠥᠯᠦᠭᠡ ᠪᠢ ᠮᠣᠷᠢᠨ ᠤᠨᠤᠭᠠᠳ ᠦᠵᠡᠲᠡᠯᠡ ᠥᠳᠲᠡᠷ ᠵᠠᠭᠤᠷᠠ ᠦᠯᠡᠬᠦ ᠲᠦᠷᠭᠡᠨ ᠢᠷᠡᠬᠦ ᠪᠥᠯᠦᠭᠡ ᠪᠢ ᠲᠡᠶᠢᠨ ᠰᠡᠳᠬᠢᠵᠦ ᠬᠠᠭᠠᠨ ᠤ ᠠᠩᠭᠠᠭᠰᠠᠨ ᠰᠡᠳᠬᠢᠯ ᠢ ᠦᠷᠦᠰᠦᠭᠡᠢ ᠠᠮᠤᠭᠤᠯᠰᠤᠭᠠᠢ ᠬᠡᠮᠡᠨ ᠨᠢᠳᠦᠨ ᠬᠠᠷᠠ ᠦᠵᠡᠯᠲᠡ ᠣᠳᠤᠯᠤᠭ᠎ᠠ ᠪᠢ ᠬᠡᠮᠡᠪᠡ ᠴᠢᠩᠭᠢᠰ ᠬᠠᠭᠠᠨ ᠥᠭᠦᠯᠡᠷ ᠦᠨ ᠡᠳᠦᠭᠡ ᠶᠠᠭᠤᠨ ᠵ᠎ᠠ ᠬᠡᠮᠡᠬᠦ ᠡᠷᠲᠡ ᠡᠳᠦᠷ ᠭᠤᠷᠪᠠᠨ
čisun asγaγsan orčin γajar=a amaran (ama=bar) bögeljigsen=i Činggis-qaγan üjejü ögüler=ün ene yaγun bolumu qola asγabasu yambar ajuqu kemebe tendeče Jelm=e ögüler=ün čimayi (ami čiquldar=un büküi=tür) aduriγdar=un qola odbasu čimača aljiyaqui=ača ayuju yaγariču jalgiqu=yi jalgiγad asγaqui=yi asγaγad manduriču (yaγariču) kebeli=tür minu kedüi oroba kemebe Činggis-qaγan basa ögüler=ün namayi eyimün bolju kebten bögetele ničügün yakin güyijü oroba či bariγdabasu namayi=yi eyimüi(eyin kigdekü)=yi ülekü jaγaqu bölügei üü či kemebe Jelm=e ögüler=ün minu sedkil eyin buyu ničügün odur=un ker=ber bariγdabasu bi tan=a oroju irekü duratu bölüge tegüni minu medejü namayi bariju alay=a kemen qubčisun bügüde=yi tayilju γaγča dotaγaji tayiluγ=a edüküy=e möltö aldaγulju irebe bi kemekü bölüge namayi ünen bolγaju qubčisun ögčü asaraqu bölüge bi morin unuγad üjetele ödter jaγura ülekü (türgen) irekü bölüge bi teyin sedkijü qaγan=u angγaγsan sedkil=i ürüsügei (amuγulsuγai) kemen nidün qara (üjelte) oduluγ=a bi kemebe Činggis-qaγan ögüler=ün edüge yaγun j=a kemekü erte edür γurban
43b
ᠮᠡᠷᠭᠡᠳ ᠢᠷᠡᠵᠦ ᠪᠤᠷᠬᠠᠨ ᠬᠠᠯᠳᠤᠨ ᠠ ᠲᠤ ᠭᠤᠷᠪᠠᠨ ᠲᠠ ᠬᠣᠴᠢᠭᠤᠯᠬᠤᠢ ᠲᠤᠷ ᠠᠮᠢᠨ ᠢ ᠮᠢᠨᠤ ᠨᠢᠭᠡᠨ ᠲᠡ ᠠᠪᠴᠤ ᠭᠠᠷᠤᠯᠤᠭ᠎ᠠ ᠴᠢ ᠡᠳᠦᠭᠡ ᠪᠠᠰᠠ ᠠᠩᠭᠠᠵᠤ ᠪᠦᠬᠦᠢ ᠴᠢᠰᠤᠨ ᠢ ᠠᠮᠠᠭᠠᠷ ᠰᠢᠮᠡᠵᠦ ᠠᠮᠢᠨ ᠢ ᠮᠢᠨᠤ ᠵᠠᠯᠭᠠᠪᠠᠢ ᠴᠢ ᠪᠠᠰᠠ ᠠᠩᠭᠠᠵᠤ ᠠᠨᠳᠤᠷᠢᠨ ᠪᠦᠬᠦᠢ ᠲᠦᠷ ᠠᠮᠢᠨ ᠢᠶᠠᠨ ᠬᠦᠴᠡᠷᠡᠵᠦ ᠳᠠᠶᠢᠰᠤᠨ ᠬᠦᠮᠦᠨ ᠲᠦᠷ ᠨᠢᠳᠦᠨ ᠬᠠᠷᠠ ᠣᠷᠣᠵᠤ ᠤᠮᠳᠠᠭᠠᠨ ᠭᠠᠷᠭᠠᠵᠤ ᠠᠮᠢᠨ ᠢ ᠮᠢᠨᠤ ᠣᠷᠣᠭᠤᠯᠪᠠᠢ ᠡᠳᠡ ᠭᠤᠷᠪᠠᠨ ᠲᠤᠰᠠ ᠶᠢ ᠴᠢᠨ ᠤ ᠰᠡᠳᠬᠢᠯ ᠳᠣᠲᠣᠷᠠ ᠠᠲᠤᠭᠠᠢ ᠬᠡᠮᠡᠨ ᠵᠠᠷᠯᠢᠭ ᠪᠣᠯᠪᠠ ᠡᠳᠦᠷ ᠭᠡᠶᠢᠨ ᠪᠠᠷᠠᠪᠠᠰᠤ ᠰᠢᠲᠦᠯᠳᠦᠵᠦ ᠬᠣᠨᠣᠭᠰᠠᠨ ᠴᠢᠷᠢᠭ ᠦᠳ ᠱᠥᠨᠢ ᠪᠥᠭᠡᠳ ᠪᠤᠲᠠᠷᠠᠵᠤᠬᠤᠢ ᠬᠦᠷᠢᠶᠡᠯᠡᠭᠰᠡᠨ ᠢᠷᠭᠡᠨ ᠬᠥᠩᠭᠡᠨ ᠳᠡᠶᠢᠯᠦᠨ ᠦᠯᠦ ᠴᠢᠳᠠᠬᠤᠨ ᠬᠡᠮᠡᠨ ᠬᠦᠷᠢᠶᠡᠯᠡᠭᠰᠡᠨ ᠭᠠᠵᠠᠷ ᠠᠴᠠ ᠡᠰᠡ ᠬᠥᠳᠡᠯᠵᠦᠬᠦᠢ ᠳᠥᠷᠪᠡᠭᠰᠡᠳ ᠤᠯᠤᠰ ᠢ ᠠᠴᠠᠷᠠᠶ᠎ᠠ ᠬᠡᠮᠡᠨ ᠴᠢᠩᠭᠢᠰ ᠬᠠᠭᠠᠨ ᠬᠣᠨᠣᠭᠰᠠᠨ ᠭᠠᠵᠠᠷ ᠠᠴᠠ ᠮᠣᠷᠢᠯᠠᠵᠤ ᠳᠥᠷᠪᠡᠬᠦᠨ ᠢᠷᠭᠡᠨ ᠢ ᠨᠢᠴᠤᠬᠤᠨ ᠬᠠᠷᠢᠭᠤᠯ ᠤᠨ ᠶᠠᠪᠤᠬᠤᠢ ᠲᠤᠷ ᠳᠠᠪᠠᠭᠠᠨ ᠳᠡᠭᠡᠷ᠎ᠡ ᠨᠢᠭᠡᠨ ᠤᠯᠠᠭᠠᠨ ᠳᠡᠭᠡᠯ ᠲᠦ ᠡᠮ᠎ᠡ ᠬᠦᠮᠦᠨ ᠲᠦᠮᠦᠵᠢᠨ ᠬᠡᠮᠡᠨ ᠶᠡᠬᠡ ᠳᠠᠭᠤ ᠪᠠᠷ ᠬᠠᠶᠢᠯᠠᠨ ᠤᠶᠢᠯᠠᠨ ᠪᠠᠶᠢᠬᠤᠢ ᠶᠢ ᠴᠢᠩᠭᠢᠰ ᠬᠠᠭᠠᠨ ᠰᠣᠨᠣᠰᠴᠤ ᠶᠠᠭᠤᠨ ᠬᠦᠮᠦᠨ ᠦ ᠡᠮ᠎ᠡ ᠲᠡᠶᠢᠨ ᠬᠠᠶᠢᠯᠠᠨ ᠪᠤᠢ ᠬᠡᠮᠡᠨ ᠠᠰᠠᠭᠤᠷ᠎ᠠ ᠢᠯᠡᠭᠡᠪᠡᠰᠦ ᠲᠡᠷᠡ ᠡᠮ᠎ᠡ ᠬᠦᠮᠦᠨ ᠥᠭᠦᠯᠡᠷ ᠦᠨ ᠲᠣᠷᠬᠠᠨ ᠰᠢᠷᠠ ᠶᠢᠨ ᠥᠬᠢᠨ ᠪᠢ ᠬᠠᠳᠠᠭᠠᠨ ᠨᠡᠷᠡᠲᠦ ᠡᠷᠡ ᠶᠢ ᠮᠢᠨᠤ ᠡᠳᠡ ᠴᠢᠷᠢᠭ ᠦᠳ ᠪᠠᠷᠢᠵᠤ ᠠᠯᠠᠨ ᠪᠤᠶᠤ ᠡᠷ ᠡ ᠶᠦᠭᠡᠨ ᠠᠯᠠᠭᠳᠠᠷ ᠤᠨ ᠲᠦᠮᠦᠵᠢᠨ ᠡᠷ ᠡ ᠶᠢ ᠮᠢᠨᠤ ᠠᠪᠤᠷᠠᠲᠤᠭᠠᠢ
Merged irejü Burqan-Qaldun=a=tu γurban=ta qočiγulqui=tur amin=i minu nigen=te abču γaruluγ=a či edüge basa angγaju büküi čisun=i amaγar simejü amin=i minu jalγabai či basa angγaju andurin büküi=tür amin=iyan küčerejü dayisun kümün=tür nidün qara oroju umdaγan γarγaju amin=i minu oroγulbai ede γurban tusa=yi čin=u sedkil dotora atuγai kemen jarliγ bolba edür geyin barabasu sitüldüjü qonoγsan čirig=üd šöni böged butarajuqui küriyelegsen irgen könggen (deyilün) ülü čidaqun kemen küriyelegsen γajar=ača ese ködeljüküi dörbegsed ulus=i ačaray=a kemen Činggis-qaγan qonoγsan γajar=ača morilaju dörbekün irgen=i ničuqun (qariγul=un) yabuqui=tur dabaγan deger=e nigen ulaγan degel=tü em=e kümün Tümüjin kemen yeke daγu=bar qayilan uyilan bayiqui=yi Činggis-qaγan sonosču yaγun kümün=ü em=e teyin qayilan bui kemen asaγur=a ilegebesü tere em=e kümün ögüler=ün Torqan-Sira=yin ökin bi Qadaγan neretü ere=yi minu ede čirig=üd bariju alan buyu er=e=yügen alaγdar=un Tümüjin er=e=yi minu aburatuγai
44a
ᠬᠡᠮᠡᠨ ᠤᠩᠰᠢᠵᠤ ᠳᠠᠭᠤᠳᠠᠨ ᠬᠠᠶᠢᠯᠠᠨ ᠤᠶᠢᠯᠠᠪᠠ ᠪᠢ ᠬᠡᠮᠡᠪᠡ ᠲᠡᠷᠡ ᠬᠦᠮᠦᠨ ᠢᠷᠡᠵᠦ ᠴᠢᠩᠭᠢᠰ ᠬᠠᠭᠠᠨ᠎ᠠ ᠡᠨᠡ ᠦᠭᠡ ᠶᠢ ᠢᠨᠤ ᠥᠭᠦᠯᠡᠵᠦ ᠥᠭᠪᠡ ᠴᠢᠩᠭᠢᠰ ᠬᠠᠭᠠᠨ ᠰᠣᠨᠣᠰᠤᠭᠠᠳ ᠬᠠᠲᠠᠷᠢᠴᠤ ᠬᠦᠷᠴᠦ ᠪᠠᠭᠤᠵᠤ ᠲᠡᠪᠡᠷᠢᠯᠳᠦᠪᠡ ᠡᠷ ᠡ ᠶᠢ ᠢᠨᠤ ᠪᠢᠳᠠᠨ ᠤ ᠴᠢᠷᠢᠭ ᠦᠳ ᠤᠷᠢᠳᠠ ᠠᠯᠠᠬᠤ ᠪᠣᠯᠤᠭᠤᠵᠠᠢ ᠬᠡᠮᠡᠵᠦ ᠲᠡᠳᠡ ᠢᠷᠭᠡᠨ᠎ᠡ ᠢᠯᠡᠭᠡᠵᠦ ᠡᠷ ᠡ ᠶᠢ ᠠᠨᠤ ᠠᠪᠤᠷᠠᠪᠠᠢ ᠡᠳᠡ ᠢᠷᠭᠡᠨ ᠢ ᠨᠢᠴᠤᠭᠠᠳ ᠨᠢᠴᠤᠭᠤᠯᠤᠭᠠᠳ ᠴᠢᠩᠭᠢᠰ ᠬᠠᠭᠠᠨ ᠶᠡᠬᠡ ᠴᠢᠷᠢᠭ ᠮᠥᠨ ᠲᠡᠨᠳᠡ ᠬᠦ ᠬᠣᠨᠣᠪᠠᠢ ᠬᠠᠳᠠᠭᠠᠨ ᠤ ᠡᠷ ᠡ ᠶᠢ ᠠᠨᠤ ᠤᠷᠢᠵᠤ ᠢᠷᠡᠵᠦ ᠳᠡᠷᠭᠡ ᠲᠡᠭᠡᠨ ᠰᠠᠭᠤᠯᠭᠠᠪᠠᠢ ᠮᠠᠨᠠᠭᠠᠷ ᠡᠳᠦᠷ ᠲᠣᠷᠬᠠᠨ ᠰᠢᠷᠠ ᠵᠡᠪᠡ ᠬᠣᠶᠠᠷ ᠲᠠᠶᠢᠴᠢᠭᠤᠳ ᠤᠨ ᠲᠦᠳᠦᠭᠡ ᠶᠢᠨ ᠠᠷᠠᠳ ᠠᠵᠤᠬᠤ ᠲᠡᠳᠡ ᠬᠣᠶᠠᠷ ᠪᠠᠷ ᠢᠷᠡᠪᠡᠢ ᠴᠢᠩᠭᠢᠰ ᠬᠠᠭᠠᠨ ᠲᠣᠷᠭᠠᠨ ᠰᠢᠷᠠ ᠲᠤᠷ ᠥᠭᠦᠯᠡᠷᠦᠨ ᠬᠦᠵᠦᠭᠦᠨ ᠳᠡᠬᠢ ᠬᠦᠨᠳᠦ ᠮᠣᠳᠤᠨ ᠢ ᠬᠥᠰᠥᠷᠡ ᠣᠭᠣᠷᠤᠭᠰᠠᠨ ᠵᠢᠬ᠎ᠠ ᠳᠠᠬᠢ ᠵᠡᠷᠭᠡ ᠶᠢᠨ ᠮᠣᠳᠤᠨ ᠢ ᠵᠠᠶᠢᠯᠠᠭᠤᠯᠤᠭᠰᠠᠨ ᠲᠠ ᠡᠴᠢᠭᠡᠰ ᠬᠥᠪᠡᠭᠦᠳ ᠦᠨ ᠲᠤᠰᠠ ᠠᠵᠤᠬᠤ ᠵ᠎ᠠ ᠶᠠᠬᠢᠨ ᠤᠨᠳᠠᠪᠠᠢ ᠤᠳᠠᠪᠠᠢ ᠲᠠ ᠬᠡᠮᠡᠪᠡ ᠲᠣᠷᠬᠠᠨ ᠰᠢᠷᠠ ᠥᠭᠦᠯᠡᠷ ᠦᠨ ᠪᠢ ᠳᠣᠲᠣᠷᠠ ᠬᠢ ᠢᠲᠡᠭᠡᠯ ᠲᠦ ᠰᠡᠳᠬᠢᠯ ᠪᠥᠯᠦᠭᠡ ᠶᠠᠬᠢᠨ ᠶᠠᠭᠠᠷᠠᠬᠤ ᠶᠠᠭᠠᠷᠠᠴᠤ ᠢᠷᠡᠪᠡᠰᠦ ᠲᠠᠶᠢᠴᠢᠭᠤᠳ ᠤᠨ ᠨᠣᠶᠠᠳ ᠮᠢᠨᠤ ᠬᠣᠴᠣᠷᠤᠭᠰᠠᠨ ᠡᠮ᠎ᠡ ᠬᠥᠪᠡᠭᠦᠨ ᠠᠳᠤᠭᠤᠨ ᠢᠳᠡᠭᠡᠨ ᠢ ᠮᠢᠨᠤ ᠦᠨᠡᠰᠦ ᠪᠡᠷ ᠬᠡᠶᠢᠰᠭᠡᠬᠦᠢ ᠲᠡᠳᠡ ᠬᠡᠮᠡᠵᠦ ᠦᠯᠦ ᠶᠠᠭᠠᠷᠠᠨ ᠡᠳᠦᠭᠡ ᠬᠠᠭᠠᠨ ᠲᠤᠷ ᠢᠶᠠᠨ ᠨᠡᠶᠢᠯᠡᠨ ᠡᠳᠦᠭᠡ ᠢᠷᠡᠪᠡ ᠪᠢ ᠬᠡᠮᠡᠪᠡᠰᠦ ᠵᠥᠪ ᠬᠡᠮᠡᠪᠡ
kemen ungsiju (daγudan) qayilan uyilaba bi kemebe tere kümün irejü Činggis-qaγan=a ene üge=yi inu ögülejü ögbe Činggis-qaγan sonosuγad qatariču kürčü baγuju teberildübe er=e=yi inu bidan=u čirig=üd urida alaqu boluγujai kemejü tede irgen=e ilegejü er=e=yi anu aburabai ede irgen=i ničuγad (ničuγuluγad) Činggis-qaγan yeke čirig mön tende kü qonobai Qadaγan=u er=e=yi anu uriju irejü derge=tegen saγulγabai manaγar edür Torqan-Sira Jebe qoyar Tayičiγud=un Tüdüge=yin arad ajuqu tede qoyar bar irebei Činggis-qaγan Torγan-Sira=tur ögülerün küjügün deki kündü modun=i kösöre oγoruγsan jiq=a daki jerge=yin modun=i jayilaγuluγsan ta ečiges köbegüd=ün tusa ajuqu j=a yakin undabai <udabai> ta kemebe Torqan-Sira ögüler=ün bi dotora=ki itegel=tü sedkil bölüge yakin yaγaraqu yaγaraču irebesü Tayičiγud=un noyad minu qočoruγsan em=e köbegün aduγun idegen=i minu ünesü=ber keyisgeküi tede kemejü ülü yaγaran edüge qaγan=tur=iyan neyilen edüge irebe bi kemebesü jöb kemebe
44b
ᠴᠢᠩᠭᠢᠰ ᠬᠠᠭᠠᠨ ᠥᠭᠦᠯᠡᠷ ᠦᠨ ᠬᠦᠶᠢᠯᠳᠦᠨ ᠪᠠᠶᠢᠯᠳᠤᠵᠤ ᠨᠢᠭᠤᠷᠢᠯᠳᠤᠨ ᠵᠥᠪᠰᠢᠶᠡᠷᠡᠯᠴᠢᠨ ᠪᠦᠬᠦᠢ ᠲᠦᠷ ᠲᠡᠳᠡ ᠨᠢᠷᠤᠭᠤᠨ ᠳᠡᠭᠡᠷᠡ ᠡᠴᠡ ᠰᠤᠮᠤᠨ ᠢᠷᠡᠵᠦ ᠮᠢᠨᠤ ᠵᠡᠪᠡᠯᠡᠬᠦ ᠬᠤᠶᠠᠭᠯᠠᠬᠤ ᠠᠮᠠ ᠴᠠᠭᠠᠨ ᠬᠤᠯᠠ ᠶᠢᠨ ᠠᠮᠠᠨ ᠨᠢᠷᠤᠭᠤ ᠢᠨᠤ ᠬᠤᠭᠤ ᠬᠠᠷᠪᠤᠭᠰᠠᠨ ᠬᠡᠨ ᠪᠥᠯᠦᠭᠡ ᠬᠡᠮᠡᠪᠡ ᠲᠡᠷᠡ ᠦᠭᠡ ᠲᠦᠷ ᠵᠡᠪᠡ ᠥᠭᠦᠯᠡᠷ ᠦᠨ ᠠᠭᠤᠯᠠᠨ ᠳᠡᠭᠡᠷᠡ ᠡᠴᠡ ᠪᠢ ᠬᠠᠷᠪᠤᠯᠤᠭ᠎ᠠ ᠡᠳᠦᠭᠡ ᠬᠠᠭᠠᠨ ᠨᠠᠮᠠᠶᠢ ᠦᠬᠦᠭᠦᠯᠳᠡᠪᠡᠰᠦ ᠠᠯᠠᠭᠠᠨ ᠤ ᠲᠡᠳᠦᠢ ᠭᠠᠵᠠᠷ᠎ᠠ ᠦᠬᠦᠵᠦ ᠬᠣᠴᠣᠷᠬᠤ ᠰᠣᠶᠣᠷᠬᠠᠪᠠᠰᠤ ᠬᠠᠭᠠᠨ ᠤ ᠡᠮᠦᠨ᠎ᠡ ᠴᠡᠭᠡᠯ ᠤᠰᠤᠨ ᠢ ᠨᠢᠳᠤᠷᠤ ᠴᠡᠦᠬᠡᠨ ᠴᠢᠯᠠᠭᠤᠨ ᠢ ᠴᠤᠷᠤ ᠳᠣᠪᠲᠣᠯᠵᠤ ᠥᠭᠰᠦ ᠬᠦᠷ ᠬᠡᠮᠡᠭᠰᠡᠨ ᠭᠠᠵᠠᠷ᠎ᠠ ᠬᠥᠬᠡ ᠬᠦᠷᠦ ᠬᠤᠭᠤ ᠬᠠᠯ ᠬᠡᠮᠡᠭᠰᠡᠨ ᠭᠠᠵᠠᠷ᠎ᠠ ᠬᠠᠷᠠ ᠬᠦᠷᠦ ᠬᠠᠮᠭᠠᠷᠤ ᠳᠣᠪᠲᠣᠯᠵᠤ ᠥᠭᠰᠦ ᠬᠡᠮᠡᠪᠡ ᠴᠢᠩᠭᠢᠰ ᠬᠠᠭᠠᠨ ᠥᠭᠦᠯᠡᠷ ᠦᠨ ᠳᠠᠶᠢᠰᠤᠨ᠎ᠠ ᠶᠠᠪᠤᠭᠰᠠᠨ ᠬᠦᠮᠦᠨ ᠠᠯᠠᠭᠰᠠᠨ ᠢᠶᠠᠨ ᠳᠠᠶᠢᠰᠤᠷᠭᠠᠭᠰᠠᠨ ᠢᠶᠠᠨ ᠪᠡᠶ ᠡ ᠪᠡᠨ ᠨᠢᠭᠤᠵᠤ ᠬᠡᠯᠡᠪᠡᠨ ᠪᠤᠴᠠᠵᠤ ᠠᠵᠤ ᠥᠭᠦᠯᠡᠶᠦ ᠮᠥᠨ ᠪᠦᠷᠢᠨ ᠬᠡᠮᠡᠪᠡᠰᠦ ᠮᠣᠷᠢᠨ ᠠᠯᠠᠭᠰᠠᠨ ᠢᠶᠠᠨ ᠳᠠᠶᠢᠰᠤᠷᠭᠠᠭᠰᠠᠨ ᠢᠶᠠᠨ ᠦᠯᠦ ᠪᠤᠴᠠᠨ ᠮᠥᠨ ᠵᠢᠭᠠᠨ ᠪᠤᠶᠤ ᠨᠥᠬᠥᠴᠡᠯᠲᠦ ᠬᠦᠮᠦᠨ ᠪᠤᠶᠤ ᠵᠢᠷᠭᠤᠭᠠᠳᠠᠢ ᠨᠡᠷᠡᠲᠦ ᠠᠵᠤᠬᠤ ᠵᠡᠪᠡᠯᠡᠬᠦ ᠠᠮᠠ ᠴᠠᠭᠠᠨ ᠬᠤᠯᠠ ᠶᠢ ᠮᠢᠨᠤ ᠠᠮᠠᠨ ᠨᠢᠷᠤᠭᠤᠨ ᠢᠨᠤ ᠬᠠᠷᠪᠤᠭᠰᠠᠨ ᠤ ᠲᠤᠯᠠ ᠵᠡᠪᠡ ᠬᠡᠮᠡᠨ ᠨᠡᠷᠡᠶᠢᠳᠴᠦ ᠵᠡᠪᠡᠯᠡᠶ᠎ᠡ ᠴᠢᠮᠠᠶᠢ ᠬᠡᠮᠡᠨ ᠳᠡᠷᠭᠡᠳᠡ ᠮᠢᠨᠤ ᠶᠠᠪᠤᠤ ᠬᠡᠮᠡᠨ ᠵᠠᠷᠯᠢᠭ ᠪᠣᠯᠪᠠ ᠵᠡᠪᠡ ᠲᠠᠶᠢᠴᠢᠭᠤᠳ ᠠᠴᠠ ᠢᠷᠡᠭᠰᠡᠨ ᠶᠣᠰᠤᠨ ᠲᠡᠶᠢᠮᠦ ᠪᠥᠯᠦᠭᠡ ᠴᠢᠩᠭᠢᠰ ᠬᠠᠭᠠᠨ ᠲᠡᠳᠡ
Činggis-qaγan ögüler=ün küyildün bayilduju niγurildun jöbsiyerelčin büküi=tür tede niruγun degere=eče sumun irejü minu jebelekü (quyaγlaqu) ama čaγan qula=yin aman niruγu inu quγu qarbuγsan ken bölüge kemebe tere üge=tür Jebe ögüler=ün aγulan degere=eče bi qarbuluγ=a edüge qaγan namayi ükügüldebesü alaγan=u tedüi γajar=a üküjü qočorqu soyorqabasu qaγan=u emün=e čegel usun=i niduru čeüken čilaγun=i čuru dobtolju ögsü kür kemegsen γajar=a köke kürü quγu qal kemegsen γajar=a qara kürü qamγaru dobtolju ögsü kemebe Činggis-qaγan ögüler=ün dayisun=a yabuγsan kümün alaγsan=iyan dayisurγaγsan=iyan bey=e=ben niγuju keleben bučaju aju (ögüleyü) mön bürin kemebesü morin alaγsan=iyan dayisurγaγsan=iyan ülü bučan mön jiγan buyu nököčeltü kümün buyu Jirγuγadai neretü ajuqu jebelekü ama čaγan qula=yi minu aman niruγun inu qarbuγsan=u tula Jebe kemen nereyidčü jebeley=e čimayi kemen dergede minu yabuu kemen jarliγ bolba Jebe Tayičiγud=ača iregsen yosun teyimü bölüge # Činggis-qaγan tede
45a
ᠲᠠᠶᠢᠴᠢᠭᠤᠳ ᠢ ᠤᠷᠤᠭ ᠤᠨ ᠤᠷᠤᠭ᠎ᠠ ᠬᠦᠷᠲᠡᠯᠡ ᠦᠨᠡᠰᠦ ᠪᠡᠷ ᠬᠡᠶᠢᠰᠭᠡᠨ ᠬᠢᠳᠤᠪᠠ ᠤᠯᠤᠰ ᠢᠷᠭᠡᠨ ᠢ ᠠᠨᠤ ᠬᠥᠳᠡᠯᠭᠡᠵᠦ ᠢᠷᠡᠵᠦ ᠴᠢᠩᠭᠢᠰ ᠬᠠᠭᠠᠨ ᠬᠤᠪᠠᠬᠠᠢ᠎ᠠ ᠡᠪᠦᠯᠵᠡᠪᠡᠢ ᠰᠣᠳᠤ ᠪᠣᠭᠳᠠ ᠴᠢᠩᠭᠢᠰ ᠬᠠᠭᠠᠨ ᠵᠠᠬ᠎ᠠ ᠨᠤᠲᠤᠭ ᠨᠤᠲᠤᠭᠯᠠᠵᠤ ᠶᠠᠪᠤᠬᠤᠢ ᠲᠤᠷ ᠢᠶᠠᠨ ᠳᠣᠲᠣᠭᠠᠳᠤ ᠶᠢᠰᠦᠨ ᠰᠠᠶᠢᠳ ᠢᠶᠠᠨ ᠠᠪᠴᠤ ᠮᠥᠷ ᠬᠠᠷᠠᠵᠤ ᠪᠠᠷᠠᠭ᠎ᠠ ᠬᠠᠷᠠᠵᠤ ᠶᠠᠪᠤᠬᠤᠢ ᠴᠠᠭ ᠳᠤᠷ ᠡᠵᠡᠨ ᠵᠠᠷᠯᠢᠭ ᠪᠣᠯᠤᠷᠤᠨ ᠶᠡᠷᠦ ᠠᠯᠢ ᠪᠠ ᠵᠦᠭ ᠡᠴᠡ ᠳᠠᠶᠢᠰᠤᠨ ᠪᠣᠯᠬᠤᠶ᠎ᠠ ᠮᠡᠳᠡᠭᠡ ᠦᠭᠡᠢ ᠶᠢᠰᠦᠨ ᠰᠠᠶᠢᠳ ᠮᠠᠨᠤ ᠲᠠ ᠭᠤᠷᠪᠠᠨ ᠬᠤᠪᠢ ᠪᠣᠯ ᠭᠡᠵᠦ ᠵᠠᠷᠯᠢᠭ ᠪᠣᠯᠪᠠ ᠡᠵᠡᠨ ᠢᠶᠡᠨ ᠵᠠᠷᠯᠢᠭ ᠢᠶᠠᠷ ᠵᠡᠯᠮ᠎ᠡ ᠴᠤᠤ ᠮᠡᠷᠭᠡᠨ ᠰᠢᠬᠢ ᠬᠤᠲᠤᠭ ᠡᠨᠡ ᠭᠤᠷᠪᠠᠭᠤᠯᠠ ᠨᠢᠭᠡᠨ ᠬᠤᠪᠢ ᠪᠣᠯᠪᠠ ᠪᠣᠭᠣᠷᠴᠢ ᠪᠣᠬᠣᠷᠤᠯ ᠮᠤᠬᠤᠯᠢᠳᠠᠢ ᠡᠨᠡ ᠭᠤᠷᠪᠠᠭᠤᠯᠠ ᠨᠢᠭᠡᠨ ᠬᠤᠪᠢ ᠪᠣᠯᠪᠠ ᠰᠤᠯᠳᠤᠷ ᠳᠠᠢ ᠶᠢᠨ ᠲᠣᠷᠬᠣᠨ ᠰᠢᠷᠠ ᠪᠡᠰᠦᠳᠲᠡᠢ ᠶᠢᠨ ᠵᠡᠪᠡ ᠣᠶᠢᠷᠠᠳ ᠤᠨ ᠬᠠᠷᠠ ᠬᠢᠷᠤ ᠡᠨᠡ ᠭᠤᠷᠪᠠᠭᠤᠯᠠ ᠨᠢᠭᠡᠨ ᠬᠤᠪᠢ ᠪᠣᠯᠵᠤ ᠭᠡᠷ ᠳᠡ ᠰᠠᠭᠤᠪᠠ ᠲᠡᠳᠦᠢ ᠡᠵᠡᠨ ᠵᠢᠷᠭᠤᠭᠠᠨ ᠰᠠᠶᠢᠳ ᠢᠶᠠᠨ ᠠᠪᠴᠤ ᠮᠥᠷ ᠬᠠᠷᠠᠵᠤ ᠪᠠᠷᠠᠭ᠎ᠠ ᠬᠠᠷᠠᠵᠤ ᠴᠠᠭᠠᠷᠠᠢ ᠬᠠᠨ ᠢ ᠠᠷᠤᠯᠠᠵᠤ ᠵᠡᠯᠡᠮᠡᠨ ᠬᠠᠨ ᠢ ᠥᠯᠭᠦᠯᠡᠵᠦ ᠥᠯᠦᠭᠡᠶᠢᠯᠡᠵᠦ ᠶᠠᠪᠤᠲᠠᠯᠠ ᠡᠵᠡᠨ ᠦ ᠳᠣᠣᠷ ᠠ ᠠᠴᠠ ᠬᠠᠯᠲᠠᠷ ᠲᠡᠬᠡ ᠪᠣᠰᠤᠨ ᠭᠦᠶᠢᠬᠦᠳᠦ ᠭᠦᠶᠦᠬᠦ ᠲᠡᠳᠦᠢ ᠡᠵᠡᠨ ᠲᠣᠯᠪᠠᠲᠤ ᠪᠣᠷᠣ ᠮᠣᠷᠢᠨ ᠢᠶᠠᠷ ᠢᠶᠠᠨ ᠠᠷᠤᠯᠠᠨ ᠳᠣᠪᠲᠣᠯᠤᠨ ᠭᠦᠶᠢᠴᠡᠵᠦ ᠠᠯᠳᠠᠯᠠᠨ ᠲᠡᠯᠢᠵᠦ ᠠᠯᠲᠠᠨ ᠲᠣᠭᠣᠨᠤᠯᠵᠢ ᠪᠠᠷ ᠠᠲᠤᠷᠢᠲᠠᠯᠠ ᠬᠠᠷᠪᠤᠵᠤ ᠠᠯᠠᠪᠠ ᠲᠡᠳᠦᠢ ᠵᠢᠷᠭᠤᠭᠠᠨ ᠰᠠᠶᠢᠳ ᠪᠠᠭᠤᠭᠠᠳ ᠠᠪᠴᠤ ᠭᠠᠨᠵᠤᠭᠤᠯᠠᠮ ᠭᠡᠬᠦᠢ ᠲᠦᠷ ᠡᠵᠡᠨ ᠵᠠᠷᠯᠢᠭ ᠪᠣᠯᠪᠠ ᠲᠠ
Tayičiγud=i uruγ=un uruγ=a kürtele ünesü=ber keyisgen kiduba ulus irgen=i anu ködelgejü irejü Činggis-qaγan Qubaqai=a ebüljebei # # sodu boγda Činggis-qaγan jaq=a nutuγ nutuγlaju yabuqui=tur=iyan dotoγadu yisün sayid=iyan abču mör qaraju baraγ=a qaraju yabuqui čaγ=dur ejen jarliγ bolurun yerü ali ba jüg=eče dayisun bolquy=a medege ügei yisün sayid manu ta γurban qubi bol gejü jarliγ bolba ejen=iyen jarliγ=iyar Jelm=e Čuu-Mergen Siki-Qutuγ ene γurbaγula nigen qubi bolba Boγorči , Boqorul , Muqulidai ene γurbaγula nigen qubi bolba Suldur=dai=yin Torqon-Sira , Besüdtei=yin Jebe , Oyirad=un Qara-Kiru ene γurbaγula nigen qubi bolju ger=de saγuba tedüi ejen jirγuγan sayid=iyan abču mör qaraju baraγ=a qaraju Čaγarai-Qan=i arulaju Jelemen-Qan=i ölgülejü <ölügeyilejü> yabutala , ejen=ü door=a=ača qaltar teke bosun güyiküdü <güyükü> tedüi ejen tolbatu boro morin=iyar=iyan arulan dobtolun güyičejü aldalan telijü altan toγonulji=bar aturitala qarbuju alaba tedüi jirγuγan sayid baγuγad abču γanjuγulam geküi=tür ejen jarliγ bolba ta
45b
ᠡᠭᠦᠨ ᠢ ᠥᠳᠲᠡᠷ ᠥᠪᠴᠢᠵᠦ ᠰᠢᠷ᠎ᠠ ᠪᠢ ᠲᠡᠷᠡ ᠰᠢᠷ᠎ᠠ ᠳᠡᠪᠰᠡᠩ ᠳᠡᠭᠡᠷᠡ ᠭᠠᠷᠴᠤ ᠪᠠᠷᠠᠭ᠎ᠠ ᠬᠠᠷᠠᠶ᠎ᠠ ᠭᠡᠵᠦ ᠵᠠᠷᠯᠢᠭ ᠪᠣᠯᠤᠭᠠᠳ ᠡᠵᠡᠨ ᠲᠡᠳᠦᠢ ᠰᠢᠷᠠ ᠳᠡᠪᠰᠡᠩ ᠳᠡᠭᠡᠷᠡ ᠭᠠᠷᠴᠤ ᠪᠠᠷᠠᠭ᠎ᠠ ᠬᠠᠷᠠᠭᠠᠯᠵᠤ ᠪᠠᠶᠢᠲᠠᠯᠠ ᠡᠵᠡᠨ ᠨᠣᠶᠢᠷ ᠬᠦᠷᠴᠦ ᠲᠣᠯᠪᠠᠲᠤ ᠪᠣᠷᠣ ᠮᠣᠷᠢᠨ ᠢᠶᠠᠨ ᠳᠡᠯ ᠳᠡᠭᠡᠷᠡ ᠢᠨᠤ ᠲᠠᠰᠢᠭᠤᠷ ᠢᠶᠠᠨ ᠲᠤᠯᠵᠤ ᠦᠷᠭᠢᠯᠡᠪᠡ ᠲᠡᠷᠡ ᠦᠷᠭᠢᠯᠡᠬᠦᠢ ᠳᠡᠭᠡᠨ ᠵᠡᠭᠦᠳᠦᠯᠡᠪᠡ ᠲᠡᠳᠦᠢ ᠪᠠᠭᠤᠵᠤ ᠢᠷᠡᠭᠡᠳ ᠲᠡᠷᠡ ᠵᠡᠭᠦᠳᠦᠨ ᠢᠶᠡᠨ ᠵᠢᠷᠭᠤᠭᠠᠨ ᠰᠠᠶᠢᠳ ᠳᠠᠭᠠᠨ ᠵᠠᠷᠯᠢᠭ ᠪᠣᠯᠤᠷᠤᠨ ᠡᠨᠡ ᠵᠡᠭᠦᠳᠦᠨ ᠲᠦᠷ ᠮᠢᠨᠤ ᠪᠣᠷᠣ ᠵᠢᠷᠦᠬᠡᠨ ᠮᠢᠨᠤ ᠪᠣᠯ ᠪᠣᠯ ᠬᠢᠪᠡ ᠪᠣᠭᠣᠨᠢ ᠬᠠᠪᠢᠰᠤ ᠮᠢᠨᠤ ᠰᠢᠷ ᠰᠢᠷ ᠬᠢᠪᠡ ᠭᠤᠷᠪᠠᠨ ᠬᠥᠲᠡᠷᠢ ᠶᠢᠨ ᠴᠠᠭᠠᠳᠤ ᠰᠢᠷᠠ ᠳᠡᠪᠰᠡᠩ ᠳᠡᠭᠡᠷᠡ ᠭᠤᠷᠪᠠᠨ ᠬᠠᠷᠠ ᠲᠤᠭ ᠲᠠᠢ ᠭᠤᠷᠪᠠᠨ ᠵᠠᠭᠤᠨ ᠳᠠᠶᠢᠰᠤᠨ ᠵᠣᠯᠭᠠᠮ ᠲᠡᠭᠦᠨ ᠢ ᠬᠣᠰᠢᠭᠤᠴᠢᠨ ᠢ ᠵᠡᠭᠡᠷ ᠳᠡ ᠬᠠᠯᠵᠢᠨ ᠮᠣᠷᠢ ᠳᠠᠢ ᠵᠡᠮᠡᠭᠡᠯᠭᠡᠨ ᠬᠠᠵᠢᠶᠠᠷᠲᠠᠢ ᠴᠡᠭᠡᠬᠡᠨ ᠮᠣᠨᠴᠠᠭᠲᠠᠢ ᠵᠠᠯᠠᠭᠤᠬᠠᠨ ᠬᠠᠷᠠ ᠬᠦᠮᠦᠨ ᠪᠢᠲᠡᠭᠦ ᠬᠠᠷᠠ ᠰᠠᠬᠠᠯ ᠲᠠᠢ ᠥᠪᠴᠢ ᠤᠯᠠᠭᠠᠨ ᠬᠤᠶᠠᠭ ᠲᠠᠢ ᠲᠡᠶᠢᠮᠦ ᠬᠦᠮᠦᠨ ᠵᠣᠯᠭᠠᠮ ᠲᠡᠭᠦᠨ ᠢ ᠵᠠᠶᠢ ᠴᠢᠯᠦᠭᠡ ᠦᠵᠡᠭᠳᠡᠬᠦᠨ ᠢ ᠵᠡᠭᠦ ᠮᠡᠲᠦ ᠵᠡᠷᠮᠡᠯᠵᠢᠵᠦ ᠤᠲᠠᠰᠤ ᠮᠡᠲᠦ ᠤᠯᠠᠯᠵᠢᠵᠤ ᠦᠵᠡᠭᠳᠡᠨᠡᠮ ᠲᠡᠷᠡ ᠵᠡᠭᠦᠳᠦᠨ ᠮᠢᠨᠤ ᠦᠨᠡᠨ ᠪᠣᠯᠪᠠᠰᠤ ᠵᠢᠷᠭᠤᠭᠠᠨ ᠰᠠᠶᠢᠳ ᠮᠢᠨᠤ ᠲᠠ ᠶᠠᠭᠠᠬᠢᠬᠤ ᠪᠤᠶᠢ ᠭᠡᠵᠦ ᠠᠰᠠᠭᠪᠠ ᠠᠰᠭᠠᠬᠤᠢ ᠳᠤᠷ ᠰᠢᠬᠢ ᠬᠤᠲᠤᠭ ᠬᠡᠯᠡᠪᠡ ᠪᠢ ᠬᠣᠯᠠ ᠬᠠᠷᠠᠳᠠᠭ ᠪᠢᠯᠡ ᠮᠣᠩᠭᠣᠯ ᠪᠣᠯᠪᠠᠤ ᠪᠣᠯᠭᠠᠵᠤ ᠥᠭᠰᠦ ᠮᠡᠷᠭᠡᠳ ᠪᠣᠯᠪᠠᠤ ᠮᠡᠳᠡᠵᠦ ᠥᠭᠰᠦ
egün=i ödter öbčijü sir=a bi tere sir=a debseng degere γarču baraγ=a qaray=a gejü jarliγ boluγad ejen tedüi sira debseng degere γarču baraγ=a qaraγalju bayitala ejen noyir kürčü tolbatu boro morin=iyan del degere inu tasiγur=iyan tulju ürgilebe tere ürgileküi=degen jegüdülebe tedüi baγuju ireged tere jegüdün=iyen jirγuγan sayid=daγan jarliγ bolurun ene jegüdün=tür minu boro jirüken minu bol bol kibe boγoni qabisu minu sir sir kibe γurban köteri=yin čaγadu sira debseng degere γurban qara tuγ=tai γurban jaγun dayisun jolγam tegün=i qosiγučin=i jeger=de qaljin mori=dai jemegelgen qajiyartai čegeken mončaγtai jalaγuqan qara kümün bitegü qara saqal=tai öbči ulaγan quyaγ=tai teyimü kümün jolγam tegün=i jayi čilüge üjegdekün=i jegü metü jermeljijü utasu metü ulaljiju üjegdenem tere jegüdün minu ünen bolbasu jirγuγan sayid minu ta yaγakiqu buyi gejü asaγba asγaqui=dur Siki-Qutuγ kelebe bi qola qaradaγ bile Mongγol bolbau bolγaju ögsü Merged bolbau medejü ögsü
46a
ᠲᠠᠶᠢᠴᠢᠭᠤᠳ ᠪᠣᠯᠪᠠᠤ ᠲᠠᠨᠢᠵᠤ ᠥᠭᠰᠦ ᠭᠡᠪᠡ ᠵᠡᠯᠮ᠎ᠡ ᠬᠡᠯᠡᠪᠡ ᠦᠬᠦᠬᠦ ᠠᠮᠢ ᠦᠭᠡᠶᠢᠷᠡᠬᠦ ᠮᠠᠯ ᠢᠶᠠᠨ ᠲᠠᠯ ᠪᠦᠦ ᠬᠠᠷᠠᠰᠤ ᠬᠥᠨᠳᠥᠯᠡᠨ ᠲᠡᠭᠡᠰᠦᠨ ᠢ ᠢᠯᠳᠦ ᠪᠠᠷᠢᠵᠤ ᠣᠷᠣᠰᠤ ᠮᠥᠷ ᠲᠡᠭᠡᠬᠢᠳᠡᠭᠡᠷᠡᠬᠢ ᠶᠢᠨ ᠵᠠᠮ ᠭᠠᠷᠲᠠᠯᠠ ᠴᠠᠪᠴᠢᠰᠤ ᠭᠤᠷᠪᠠᠨ ᠬᠠᠷᠠ ᠲᠤᠭ ᠪᠠᠷᠢᠭᠰᠠᠨ ᠬᠦᠮᠦᠨ ᠢ ᠨᠢᠭᠡᠨ ᠢ ᠴᠠᠪᠴᠢᠵᠤ ᠠᠯᠠᠭᠠᠳ ᠲᠤᠭ ᠬᠢᠨᠢ ᠲᠤᠭ ᠢ ᠢᠨᠤ ᠪᠤᠯᠢᠶᠠᠵᠤ ᠠᠪᠴᠤ ᠳᠠᠷᠤᠢ ᠥᠨᠳᠥᠷ ᠳᠡᠭᠡᠷᠡ ᠭᠠᠷᠴᠤ ᠲᠤᠭ ᠤᠨ ᠲᠡᠷᠢᠭᠦᠨ ᠢ ᠳᠣᠷᠣᠭᠰᠢ ᠬᠠᠳᠬᠤᠵᠤ ᠳᠠᠯᠠᠢ ᠮᠡᠲᠦ ᠶᠡᠬᠡ ᠲᠦᠭᠦᠷᠢᠭ ᠲᠠᠲᠠᠵᠤ ᠥᠭᠰᠦ ᠪᠢ ᠭᠡᠪᠡ ᠴᠤᠤ ᠮᠡᠷᠭᠡᠨ ᠬᠡᠯᠡᠪᠡ ᠪᠢ ᠠᠭᠤᠯᠢᠬᠠᠢ ᠤᠶᠢᠯᠠᠬᠠᠢ ᠪᠢᠯᠡ ᠴᠣᠴᠢᠮᠠᠭᠠᠷ ᠳᠤᠲᠠᠭᠠᠬᠤ ᠪᠤᠢ ᠲᠠ ᠨᠠᠮᠠᠢ ᠵᠠᠬᠢᠷᠴᠤ ᠵᠠᠩᠳᠠᠵᠤ ᠳᠠᠭᠤ ᠳᠠ ᠪᠢ ᠡᠷᠭᠢᠵᠦ ᠢᠷᠡᠵᠦ ᠡᠵᠡᠨ ᠢᠶᠡᠨ ᠵᠠᠭᠠᠭᠰᠠᠨ ᠵᠠᠶᠢ ᠴᠢᠯᠦᠭᠡ ᠶᠢ ᠪᠦᠦ ᠠᠯᠳᠠᠰᠤ ᠭᠡᠪᠡ ᠪᠣᠭᠣᠷᠴᠢ ᠬᠡᠯᠡᠪᠡ ᠡᠮᠦᠨᠡ ᠡᠴᠡ ᠢᠷᠡᠬᠦ ᠳᠠᠶᠢᠰᠤᠨ ᠢ ᠪᠥᠭᠯᠡᠰᠦ ᠠᠶᠤᠬᠤ ᠠᠮᠢᠨ ᠲᠤ ᠲᠤᠰᠠ ᠪᠣᠯᠰᠤ ᠡᠵᠡᠨ ᠢᠶᠡᠨ ᠠᠯᠲᠠᠨ ᠵᠢᠯᠣᠭ᠎ᠠ ᠬᠠᠮᠢᠶᠠᠰᠢ ᠪᠣᠯᠪᠠᠰᠤ ᠪᠦᠦ ᠬᠠᠭᠠᠴᠠᠰᠤ ᠭᠡᠪᠡ ᠪᠣᠬᠣᠷᠤᠯ ᠬᠡᠯᠡᠪᠡ ᠬᠠᠷᠪᠤᠬᠤ ᠰᠤᠮᠤᠨ ᠳᠤ ᠬᠠᠯᠭᠠᠪᠴᠢ ᠪᠣᠯᠰᠤ ᠱᠤᠷᠬᠢᠷᠠᠵᠤ ᠢᠷᠡᠬᠦ ᠰᠤᠮᠤᠨ ᠳᠤ ᠰᠠᠷᠠᠪᠴᠢ ᠪᠣᠯᠰᠤ ᠡᠵᠡᠨ ᠢᠶᠡᠨ ᠠᠯᠲᠠᠨ ᠪᠡᠶᠡᠨ ᠳᠦ ᠰᠤᠮᠤᠨ ᠪᠦᠦ ᠬᠦᠷᠭᠡᠰᠦ ᠭᠡᠪᠡ ᠮᠤᠬᠤᠯᠢᠳᠠᠢ ᠬᠡᠯᠡᠪᠡ ᠳᠠᠶᠢᠰᠤᠨ ᠢ ᠲᠠᠨ ᠢ ᠳᠠᠷᠤᠯᠴᠠᠰᠤ ᠣᠯᠵᠠ ᠶᠢ ᠲᠠᠨ ᠢ ᠣᠷᠣᠭᠤᠯᠤᠯᠴᠠᠰᠤ ᠮᠣᠷᠢᠨ ᠢᠶᠠᠨ ᠰᠡᠭᠦᠯ ᠲᠦ ᠪᠤᠳᠠᠩ ᠲᠠᠲᠠᠰᠤ ᠳᠡᠯ ᠳᠡᠭᠡᠷᠡᠨᠢ ᠨᠠᠷᠠᠨ ᠭᠠᠷᠭᠠᠰᠤ ᠳᠠᠶᠢᠰᠤᠨ ᠤ ᠮᠥᠷ ᠢ ᠲᠥᠭᠥᠷᠢᠭᠦᠯᠵᠦ ᠪᠤᠯᠲᠠᠷᠢᠯ ᠦᠭᠡᠢ ᠶᠠᠪᠤᠵᠤ ᠬᠦᠴᠦᠨ ᠢᠶᠡᠨ ᠥᠭᠰᠦ ᠭᠡᠪᠡ ᠡᠵᠡᠨ ᠵᠢᠷᠭᠤᠭᠠᠨ ᠰᠠᠶᠢᠳ ᠢᠶᠠᠨ ᠦᠭᠡ ᠶᠢ ᠢᠨᠤ
Tayičiγud bolbau taniju ögsü gebe Jelm=e kelebe ükükü ami ügeyirekü mal=iyan tal büü qarasu köndölen tegesün=i ildü bariju orosu mör tegeki<degereki>=yin jam γartala čabčisu γurban qara tuγ bariγsan kümün=i nigen=i čabčiju alaγad tuγ=kini <tuγ=i inu> buliyaju abču darui öndör degere γarču tuγ=un terigün=i doroγsi qadquju dalai metü yeke tügürig tataju ögsü bi gebe Čuu-Mergen kelebe bi aγuliqai <uyilaqai> bile čočimaγar dutaγaqu bui ta namai jakirču jangdaju daγu=da bi ergijü irejü ejen=iyen jaγaγsan jayi čilüge=yi büü aldasu gebe Boγorči kelebe emüne=eče irekü dayisun=i böglesü ayuqu amin=tu tusa bolsu ejen=iyen altan jiloγ=a qamiyasi bolbasu büü qaγačasu gebe Boqorul kelebe qarbuqu sumun=du qalγabči bolsu šurkiraju irekü sumun=du sarabči bolsu ejen=iyen altan beyen=dü sumun büü kürgesü gebe Muqulidai kelebe dayisun=i tan=i darulčasu olja=yi tan=i oroγululčasu morin=iyan segül=tü budang tatasu del degereni naran γarγasu dayisun=u mör=i tögörigüljü bultaril ügei yabuju küčün=iyen ögsü gebe # ejen jirγuγan sayid=iyan üge=yi inu
46b
ᠠᠪᠴᠤ ᠰᠢᠷᠠᠭᠰᠠᠨ ᠲᠡᠬᠡ ᠶᠢᠨ ᠮᠢᠬᠠᠨ ᠠᠴᠠ ᠶᠠᠭᠠᠷᠠᠴᠤ ᠢᠳᠡᠵᠦ ᠰᠢᠩᠬᠤᠨ ᠰᠢᠷᠬᠤᠯ ᠮᠣᠷᠢᠨ ᠢᠶᠠᠨ ᠰᠢᠬᠢ ᠬᠤᠲᠤᠭ ᠲᠤ ᠪᠠᠭᠤᠵᠤ ᠥᠭᠴᠦ ᠵᠡᠭᠦᠳᠦᠨ ᠢ ᠮᠢᠨᠤ ᠪᠣᠯᠵᠢᠶ᠎ᠠ ᠭᠤᠷᠪᠠᠨ ᠬᠥᠲᠡᠷᠢ ᠶᠢᠨ ᠬᠥᠲᠡᠯ ᠦᠨ ᠴᠠᠭᠠᠳᠤ ᠰᠢᠷᠠ ᠳᠡᠪᠰᠡᠩ ᠳᠡᠭᠡᠷᠡ ᠪᠢᠯᠡ ᠪᠣᠯᠭᠤᠭᠠᠵᠤ ᠢᠷᠡ ᠭᠡᠵᠦ ᠢᠯᠡᠭᠡᠪᠡ ᠰᠢᠬᠢ ᠬᠤᠲᠤᠭ ᠰᠢᠩᠬᠤᠨ ᠰᠢᠷᠬᠤᠯ ᠮᠣᠷᠢᠨ ᠤᠨᠤᠵᠤ ᠲᠠᠯᠠᠳᠤᠨ ᠢ ᠲᠠᠯ ᠠ ᠳᠤ ᠢᠨᠤ ᠲᠠᠯᠪᠢᠵᠤ ᠲᠠᠶᠢᠭᠠᠨᠳᠤᠨ ᠢ ᠲᠠᠶᠢᠭ ᠠ ᠲᠤᠷ ᠢᠨᠤ ᠲᠠᠲᠠᠵᠤ ᠣᠳᠤᠭᠰᠠᠭᠠᠷ ᠬᠦᠷᠦᠭᠡᠳ ᠰᠢᠷᠠ ᠳᠡᠪᠰᠡᠩ ᠳᠡᠭᠡᠷᠡ ᠴᠣᠴᠢᠮᠠᠭᠠᠷ ᠭᠠᠷᠬᠤᠢ ᠲᠤᠷ ᠭᠤᠷᠪᠠᠨ ᠬᠠᠷᠠ ᠲᠤᠭ ᠲᠠᠢ ᠳᠠᠶᠢᠰᠤᠨ ᠪᠠᠴᠢᠮᠠᠭᠠᠷ ᠵᠣᠯᠭᠠᠨ ᠰᠢᠬᠢ ᠬᠤᠲᠤᠭ ᠢ ᠡᠵᠡᠨ ᠦ ᠪᠠᠶᠢᠭᠰᠠᠨ ᠭᠠᠵᠠᠷ ᠲᠤᠷ ᠬᠦᠷᠲᠡᠯᠡ ᠬᠥᠭᠡᠵᠦ ᠢᠷᠡᠪᠡ ᠡᠵᠡᠨ ᠰᠢᠬᠢ ᠶᠠᠭᠤ ᠪᠢ ᠭᠡᠵᠦ ᠠᠰᠠᠭᠪᠠ ᠰᠢᠬᠢ ᠬᠤᠲᠤᠭ ᠬᠡᠯᠡᠪᠡ ᠰᠢᠷᠠ ᠳᠡᠪᠰᠡᠩ ᠳᠡᠭᠡᠷᠡ ᠴᠣᠴᠢᠮᠠᠭᠠᠷ ᠭᠠᠷᠬᠤᠳᠤ ᠪᠠᠴᠢᠮᠠᠭᠠᠷ ᠭᠤᠷᠪᠠᠨ ᠵᠠᠭᠤᠨ ᠳᠠᠶᠢᠰᠤᠨ ᠵᠣᠯᠭᠠᠨ ᠨᠠᠮᠠᠢ ᠬᠥᠭᠡᠪᠡ ᠲᠠᠶᠢᠴᠢᠭᠤᠳ ᠪᠣᠯᠪᠠᠤ ᠲᠠᠨᠢᠵᠤ ᠶᠠᠳᠠᠪᠠ ᠮᠡᠷᠭᠡᠳ ᠪᠤᠶᠤ ᠮᠡᠳᠡᠵᠦ ᠶᠠᠳᠠᠪᠠ ᠮᠣᠩᠭᠣᠯ ᠪᠤᠶᠤ ᠪᠣᠯᠭᠤᠵᠤ ᠶᠠᠳᠠᠪᠠ ᠬᠣᠶᠢᠨᠠᠭᠰᠢ ᠪᠠᠨ ᠭᠠᠭᠴᠠᠬᠠᠨ ᠬᠢᠯᠠᠮ ᠬᠢᠵᠦ ᠦᠵᠡᠬᠦᠢ ᠲᠦᠷ ᠮᠢᠨᠤ ᠡᠵᠡᠨ ᠦ ᠵᠡᠭᠦᠳᠦᠨ ᠦ ᠪᠣᠯᠵᠢᠶ᠎ᠠ ᠮᠥᠨ ᠮᠡᠲᠦ ᠪᠠᠶᠢᠨᠠᠮ ᠮᠡᠷᠭᠡᠳ ᠪᠣᠯᠬᠤᠯᠠ ᠮᠡᠳᠡᠭᠡ ᠦᠭᠡᠢ ᠪᠠᠭᠠᠲᠤᠷ ᠪᠢᠯᠡ ᠮᠣᠩᠭᠣᠯ ᠪᠣᠯᠬᠤᠯᠠ ᠮᠣᠬᠣᠰᠢ ᠦᠭᠡᠢ ᠪᠠᠭᠠᠲᠤᠷ ᠪᠢᠯᠡ ᠲᠠᠶᠢᠴᠢᠭᠤᠳ ᠮᠡᠲᠦ ᠪᠠᠶᠢᠨᠠᠮ ᠲᠠᠷᠬᠠᠵᠤ ᠠᠶᠢᠰᠤᠢ ᠭᠡᠪᠡ ᠲᠡᠳᠦᠢ ᠴᠢᠩᠭᠡᠬᠦᠢ ᠲᠦ ᠵᠢᠷᠭᠤᠭᠠᠨ ᠰᠠᠶᠢᠳ ᠪᠠᠭᠤᠵᠤ ᠲᠣᠬᠣᠮ ᠤᠳ ᠢᠶᠠᠨ ᠠᠪᠴᠤ ᠪᠦᠰᠡᠯᠡᠵᠦ ᠪᠠᠶᠢᠲᠠᠯᠠ ᠴᠠᠭᠠᠳᠤ
abču siraγsan teke=yin miqan=ača yaγaraču idejü singqun sirqul morin=iyan Siki-Qutuγ=tu baγuju ögčü jegüdün=i minu boljiy=a γurban köteri=yin (kötel=ün) čaγadu sira debseng degere bile bolγuγaju ire gejü ilegebe Siki-Qutuγ singqun sirqul morin unuju taladun=i <tal=a=du inu> talbiju tayiγandun=i <tayiγ=a=tur inu> tataju oduγsaγar kürüged sira debseng degere čočimaγar γarqui=tur γurban qara tuγ=tai dayisun bačimaγar jolγan Siki-Qutuγ=i ejen=ü bayiγsan γajar=tur kürtele kögejü irebe ejen Siki yaγu bi gejü asaγba Siki-Qutuγ kelebe sira debseng degere čočimaγar γarqudu bačimaγar γurban jaγun dayisun jolγan namai kögebe Tayičiγud bolbau taniju yadaba Merged buyu medejü yadaba Mongγol buyu bolγuju yadaba qoyinaγsi=ban γaγčaqan kilam kijü üjeküi=tür minu ejen=ü jegüdün=ü boljiy=a mön metü bayinam Merged bolqula medege ügei baγatur bile Mongγol bolqula moqosi ügei baγatur bile Tayičiγud metü bayinam tarqaju ayisui gebe tedüi činggeküi=tü jirγuγan sayid baγuju toqom=ud=iyan abču büselejü bayitala čaγadu
47a
ᠳᠠᠶᠢᠰᠤᠨ ᠰᠢᠬᠠᠵᠤ ᠬᠦᠷᠴᠦ ᠢᠷᠡᠬᠦᠢ ᠲᠦ ᠪᠣᠭᠣᠷᠴᠢ ᠰᠣᠷ ᠰᠠᠭᠠᠷᠠᠯ ᠮᠣᠷᠢᠨ ᠢᠶᠠᠨ ᠤᠨᠤᠵᠤ ᠤᠭᠲᠤᠵᠤ ᠣᠳᠤᠭᠠᠳ ᠠᠰᠠᠭᠪᠠ ᠲᠠ ᠶᠠᠭᠤᠴᠢ ᠢᠷᠭᠡᠳ ᠪᠤᠢ ᠪᠢᠳᠠ ᠶᠣᠰᠤᠲᠤ ᠡᠵᠡᠨ ᠲᠠᠨ ᠢ ᠪᠤᠢ ᠥᠳᠲᠡᠷ ᠲᠠ ᠶᠣᠰᠤᠲᠤ ᠬᠦᠮᠦᠨ ᠪᠤᠶᠤ ᠶᠣᠰᠤ ᠪᠠᠨ ᠬᠡᠯᠡ ᠨᠡᠷᠡᠲᠦ ᠬᠦᠮᠦᠨ ᠪᠤᠶᠤ ᠨᠡᠷᠡᠪᠡᠨ ᠬᠡᠯᠡ ᠭᠡᠬᠦᠳᠦ ᠮᠠᠨᠲᠤᠷ ᠶᠠᠮᠪᠠᠷ ᠰᠠᠶᠢᠨ ᠨᠡᠷ᠎ᠡ ᠪᠤᠢ ᠥᠳᠲᠡᠷ ᠤᠷᠤᠯᠳᠤᠨᠠᠮ ᠭᠡᠪᠡ ᠴᠢᠩᠭᠢᠬᠦᠢ ᠳᠦ ᠪᠣᠭᠣᠷᠴᠢ ᠬᠡᠯᠡᠪᠡ ᠲᠡᠷᠡ ᠦᠭᠡ ᠲᠠᠨ ᠳᠲᠤᠷ ᠦᠯᠦ ᠵᠣᠬᠢᠬᠤ ᠪᠤᠢ ᠶᠠᠮᠪᠠᠷ ᠨᠠᠭᠠᠳᠤᠨ ᠪᠤᠢ ᠨᠠᠷᠠᠨ ᠢ ᠭᠠᠯᠲᠠᠢ ᠠᠴᠠ ᠨᠠᠭᠠᠳᠤᠶ᠎ᠠ ᠭᠡᠵᠦ ᠵᠠᠩᠳᠠᠵᠤ ᠵᠠᠬᠢᠷᠴᠤ ᠪᠠᠶᠢᠪᠠ ᠴᠢᠩᠭᠢᠬᠦᠢ ᠲᠦᠷ ᠴᠠᠭᠠᠳᠤ ᠬᠦᠮᠦᠨ ᠬᠡᠯᠡᠪᠡ ᠮᠠᠨᠳᠤ ᠶᠠᠮᠪᠠᠷ ᠰᠠᠶᠢᠨ ᠨᠡᠷ᠎ᠡ ᠵᠢᠭᠠᠰᠤᠴᠢᠨ ᠲᠠᠷᠪᠠᠭᠠᠴᠢᠨ ᠭᠡᠪᠡ ᠴᠢᠩᠭᠢᠬᠦᠢ ᠲᠦᠷ ᠰᠢᠬᠢ ᠬᠤᠲᠤᠭ ᠬᠡᠯᠡᠪᠡ ᠲᠡᠭᠦᠨ ᠡᠴᠡ ᠶᠠᠮᠪᠠᠷ ᠰᠠᠶᠢᠨ ᠦᠭᠡ ᠠᠰᠠᠭᠤᠨᠠᠮ ᠲᠠᠨᠢᠭᠰᠠᠨ ᠲᠠᠶᠢᠴᠢᠤᠳ ᠪᠠᠶᠢᠨᠠᠮ ᠲᠠᠲᠠᠯ ᠦᠭᠡᠢ ᠣᠷᠣᠶ᠎ᠠ ᠭᠡᠪᠡ ᠵᠡᠯᠮ᠎ᠡ ᠬᠥᠨᠳᠥᠯᠡᠨ ᠲᠡᠭᠡᠰᠡᠨ ᠢ ᠢᠯᠳᠦ ᠪᠠᠷᠢᠵᠤ ᠣᠷᠣᠪᠠ ᠮᠥᠷ ᠲᠡᠭᠡᠬᠢᠨᠳᠡᠭᠡᠷᠡᠬᠢ ᠢᠶᠡᠨ ᠵᠠᠮ ᠭᠠᠷᠲᠠᠯᠠ ᠴᠠᠪᠴᠢᠵᠤ ᠲᠤᠭᠲᠤᠨ ᠢ ᠣᠷᠣᠵᠤ ᠭᠤᠷᠪᠠᠨ ᠬᠠᠷᠠ ᠲᠤᠭ ᠪᠠᠷᠢᠭᠰᠠᠨ ᠬᠦᠮᠦᠨ ᠢ ᠨᠢᠭᠡᠶᠢᠬᠢᠨᠢ ᠢᠨᠤ ᠴᠠᠪᠴᠢᠵᠤ ᠣᠷᠬᠢᠵᠤ ᠲᠤᠭ ᠬᠢᠨᠢ ᠲᠤᠭ ᠢ ᠢᠨᠤ ᠪᠤᠯᠢᠶᠠᠵᠤ ᠠᠪᠴᠤ ᠳᠠᠷᠤᠢ ᠥᠨᠳᠥᠷ ᠳᠡᠭᠡᠷᠡ ᠭᠠᠷᠴᠤ ᠲᠤᠭ ᠤᠨ ᠲᠡᠷᠢᠭᠦᠨ ᠢ ᠳᠣᠷᠣᠭᠰᠢ ᠬᠠᠳᠬᠤᠵᠤ ᠳᠠᠯᠠᠢ ᠮᠡᠲᠦ ᠶᠡᠬᠡ ᠲᠥᠭᠡᠷᠢᠭ ᠲᠠᠲᠠᠵᠤ ᠪᠠᠶᠢᠪᠠ ᠴᠤᠤ ᠮᠡᠷᠭᠡᠨ ᠳᠤᠲᠠᠭᠠᠪᠠ ᠪᠣᠭᠣᠷᠴᠢ ᠤᠷᠤᠭᠰᠢ ᠪᠠᠨ ᠠᠯᠠᠯᠳᠤᠵᠤ ᠶᠠᠪᠤᠵᠤ
dayisun siqaju kürčü ireküi=tü Boγorči sor saγaral morin=iyan unuju uγtuju oduγad asaγba ta yaγuči irged bui bida yosutu ejen tan=i bui ödter ta yosutu kümün buyu yosu=ban kele neretü kümün buyu nereben kele geküdü mantur yambar sayin ner=e bui ödter uruldunam gebe činggiküi=dü Boγorči kelebe tere üge tan=dtur ülü jokiqu bui yambar naγadun bui naran=i γaltai=ača naγaduy=a gejü jangdaju jakirču bayiba činggiküi=tür čaγadu kümün kelebe mandu yambar sayin ner=e jiγasučin tarbaγačin gebe činggiküi=tür Siki-Qutuγ kelebe tegün=eče yambar sayin üge asaγunam taniγsan Tayičiud bayinam tatal ügei oroy=a gebe Jelm=e köndölen tegesen=i ildü bariju oroba mör tegekin<degereki>=iyen jam γartala čabčiju tuγtun=i oroju γurban qara tuγ bariγsan kümün=i nigeyikini inu čabčiju orkiju tuγ=kini <tuγ=i inu> buliyaju abču darui öndör degere γarču tuγ=un terigün=i doroγsi qadquju dalai metü yeke tögerig tataju bayiba Čuu-Mergen dutaγaba Boγorči uruγsi=ban alalduju yabuju
47b
ᠬᠣᠶᠢᠨᠠᠭᠰᠢ ᠪᠠᠨ ᠬᠠᠷᠠᠵᠤ ᠦᠵᠡᠭᠡᠳ ᠦᠢ ᠴᠤᠤ ᠮᠡᠷᠭᠡᠨ ᠪᠠᠶᠢᠵᠠ ᠡᠵᠡᠨ ᠢᠶᠡᠨ ᠡᠮᠦᠨᠡ ᠢᠩᠭᠡᠵᠦ ᠶᠠᠪᠤᠵᠤ ᠬᠦᠴᠦᠨ ᠢᠶᠡᠨ ᠥᠭᠭᠥᠳᠡᠭ ᠪᠤᠶᠤ ᠨᠦᠬᠡᠨ ᠡᠴᠡ ᠭᠠᠷᠤᠭᠰᠠᠨ ᠠᠯᠠᠭ ᠳᠠᠭ᠎ᠠ ᠮᠡᠲᠦ ᠭᠣᠳᠬᠢᠨ ᠳᠤᠲᠠᠭᠠᠬᠤ ᠴᠢᠨᠤ ᠶᠠᠭᠤᠪᠢ ᠭᠡᠵᠦ ᠳᠠᠭᠤᠳᠠᠪᠠ ᠴᠤᠤ ᠮᠡᠷᠭᠡᠨ ᠡᠷᠭᠢᠨ ᠢᠨᠡᠭᠡᠵᠦ ᠡᠵᠡᠨ ᠮᠢᠨᠤ ᠵᠡᠪᠡ ᠬᠠᠲᠠᠭᠠᠳᠤᠢ ᠪᠢᠯᠡ ᠵᠡᠪᠡᠨ ᠡᠴᠡᠭᠡᠨ ᠠᠴᠠ ᠭᠡᠪᠡ ᠡᠵᠡᠨ ᠠᠯᠲᠠᠨ ᠰᠠᠭᠠᠳᠠᠭ ᠡᠴᠡᠭᠡᠨ ᠰᠢᠩᠬᠤᠲᠤ ᠵᠡᠪᠡᠪᠡᠨ ᠰᠤᠭᠤᠯᠵᠤ ᠥᠭᠪᠡ ᠴᠤᠤ ᠮᠡᠷᠭᠡᠨ ᠰᠤᠭᠤᠯᠢᠨ ᠳᠣᠪᠲᠣᠯᠵᠤ ᠰᠤᠨᠢᠶᠠᠨ ᠲᠡᠯᠢᠵᠦ ᠡᠵᠡᠨ ᠢ ᠵᠠᠭᠠᠭᠰᠠᠨ ᠵᠠᠢ ᠴᠢᠯᠦᠭᠡ ᠶᠢ ᠠᠯᠳᠠᠯ ᠦᠭᠡᠢ ᠭᠡᠭᠡᠨ ᠬᠦᠮᠦᠨ ᠢ ᠬᠥᠮᠥᠬᠡᠢ ᠶᠢᠨ ᠳᠣᠭᠣᠭᠤᠷ ᠬᠥᠷᠪᠡᠲᠡᠯᠡ ᠰᠠᠶᠢᠨ ᠬᠦᠮᠦᠨ ᠢ ᠰᠠᠭᠠᠯᠳᠤᠷᠭ ᠠ ᠶᠢᠨ ᠳᠣᠭᠣᠭᠤᠷ ᠰᠠᠨᠳᠠᠷᠠᠲᠠᠯᠠ ᠬᠠᠷᠪᠤᠵᠤ ᠠᠯᠠᠭᠠᠳ ᠵᠡᠭᠡᠷᠳᠡ ᠬᠠᠯᠵᠢᠨ ᠮᠣᠷᠢ ᠶᠢ ᠢᠨᠤ ᠨᠡᠬᠦᠵᠦ ᠠᠪᠴᠤ ᠭᠠᠷᠴᠤ ᠢᠷᠡᠭᠡᠳ ᠡᠵᠡᠨ ᠳᠦ ᠤᠨᠤᠭᠤᠯᠪᠠ ᠡᠵᠡᠨ ᠢ ᠤᠨᠤᠭᠰᠠᠨ ᠬᠣᠶᠢᠨᠠ ᠨᠢᠰᠬᠦ ᠬᠡᠶᠢᠰᠬᠦ ᠮᠡᠲᠦ ᠪᠠᠶᠢᠪᠠ ᠡᠵᠡᠨ ᠢᠨᠢᠶᠡᠵᠦ ᠪᠠᠶᠢᠪᠠ ᠵᠥᠷᠢᠴᠡᠬᠦ ᠳᠠᠶᠢᠰᠤᠨ ᠴᠥᠭᠡᠰ ᠪᠣᠯᠪᠠ ᠬᠠᠳᠬᠤᠯᠳᠤᠬᠤ ᠳᠠᠶᠢᠰᠤᠨ ᠬᠠᠭᠠᠰ ᠪᠣᠯᠪᠠ ᠴᠢᠩᠭᠡᠵᠦ ᠪᠠᠶᠢᠲᠠᠯᠠ ᠪᠣᠷᠣᠬᠤᠯ ᠶᠢᠨ ᠲᠣᠯᠣᠭᠠᠢ ᠲᠤ ᠰᠤᠮᠤᠨ ᠲᠤᠰᠪᠠ ᠤᠨᠠᠭᠠᠳ ᠪᠣᠰᠴᠤ ᠲᠡᠮᠲᠦᠷᠬᠢᠯᠡᠵᠦ ᠪᠠᠶᠢᠵᠤ ᠨᠤᠮᠤᠨ ᠢᠶᠠᠨ ᠬᠢᠴᠢᠷ ᠲᠤᠯᠵᠤ ᠭᠡᠯᠳᠦᠷᠬᠢᠯᠡᠵᠦ ᠲᠣᠬᠣᠮ ᠢ ᠠᠯᠳᠠᠯ ᠦᠭᠡᠢ ᠬᠠᠯᠠᠬᠠᠪᠴᠢ ᠪᠠᠷᠢᠵᠤ ᠪᠠᠶᠢᠬᠤᠢ ᠲᠤᠷ ᠪᠣᠭᠣᠷᠴᠢ ᠤᠷᠤᠭᠰᠢ ᠪᠠᠨ ᠠᠯᠠᠯᠳᠤᠵᠤ ᠬᠣᠶᠢᠨᠠᠭᠰᠢ ᠪᠠᠨ ᠬᠠᠷᠠᠵᠤ ᠦᠵᠡᠭᠡᠳ ᠬᠦ
qoyinaγsi=ban qaraju üjeged üi Čuu-Mergen bayija ejen=iyen emüne inggejü yabuju küčün=iyen öggödeg buyu nüken=eče γaruγsan alaγ daγ=a metü γodkin dutaγaqu činu yaγubi gejü daγudaba Čuu-Mergen ergin inegejü ejen minu jebe qataγadui bile jeben=ečegen ača gebe ejen altan saγadaγ=ečegen singqutu jebeben suγulju ögbe Čuu-Mergen suγulin dobtolju suniyan telijü ejen=i jaγaγsan jai čilüge=yi aldal ügei gegen kümün=i kömökei=yin doγoγur körbetele sayin kümün=i saγaldurγ=a=yin doγoγur sandaratala qarbuju alaγad jegerde qaljin mori=yi inu neküjü abču γarču ireged ejen=dü unuγulba ejen=i unuγsan qoyina niskü keyiskü metü bayiba ejen iniyejü bayiba jöričekü dayisun čöges bolba qadqulduqu dayisun qaγas bolba činggejü bayitala Boroqul=yin toloγai=tu sumun tusba unaγad bosču temtürkilejü bayiju numun=iyan kičir tulju geldürkilejü toqom=i aldal ügei qalaqabči bariju bayiqui=tur Boγorči uruγsi=ban alalduju qoyinaγsi=ban qaraju üjeged kü
48a
ᠦᠢ ᠪᠣᠷᠣᠬᠤᠯ ᠡᠷᠡ ᠬᠦᠮᠦᠨ ᠭᠠᠭᠴᠠᠬᠠᠨ ᠰᠤᠮᠤᠨ᠎ᠠ ᠤᠨᠠᠳᠠᠭ ᠪᠤᠶᠤ ᠡᠪᠡᠷ ᠢᠶᠡᠨ ᠴᠣᠬᠢᠭᠰᠠᠨ ᠡᠰᠢᠭᠡ ᠮᠡᠲᠦ ᠳᠡᠷᠳᠡᠰ ᠭᠡᠳ ᠤᠨᠠᠬᠤ ᠴᠢᠨᠤ ᠶᠠᠭᠤᠪᠢ ᠭᠡᠪᠡ ᠡᠵᠡᠨ ᠢᠶᠡᠨ ᠡᠮᠦᠨ᠎ᠡ ᠢᠩᠭᠡᠵᠦ ᠶᠠᠪᠤᠵᠤ ᠬᠦᠴᠦᠨ ᠥᠭᠦᠳᠡᠭ ᠪᠤᠶᠤ ᠭᠡᠬᠦᠢ ᠲᠦᠷ ᠪᠣᠷᠣᠬᠤᠯ ᠮᠣᠷᠢᠨ ᠢᠶᠠᠨ ᠪᠤᠷᠤᠭᠤ ᠳᠡᠭᠡᠭᠦᠷ ᠠᠯᠠᠪᠬᠢᠵᠦ ᠤᠨᠤᠭᠠᠳ ᠬᠠᠯᠠᠬᠠᠪᠴᠢ ᠪᠠᠨ ᠪᠠᠷᠢᠵᠤ ᠬᠠᠶᠢᠬᠤᠷᠤᠯ ᠦᠭᠡᠢ ᠪᠠᠷᠢᠵᠤ ᠪᠠᠶᠢᠪᠠ ᠲᠡᠳᠦᠢ ᠳᠡᠭᠡᠷᠡ ᠴᠢᠨᠠᠳᠤ ᠳᠠᠶᠢᠰᠤᠨ ᠠᠯᠠᠭᠳᠠᠭᠰᠠᠨ ᠬᠦᠮᠦᠨ ᠢᠶᠡᠨ ᠶᠠᠰᠤᠨ ᠢ ᠠᠪᠤᠨ ᠪᠤᠷᠤᠭᠤ ᠬᠠᠨᠳᠤᠪᠠ ᠲᠡᠳᠦᠢ ᠳᠡᠭᠡᠷᠡ ᠡᠵᠡᠨ ᠵᠠᠷᠯᠢᠭ ᠪᠣᠯᠪᠠ ᠪᠤᠷᠤᠭᠤ ᠬᠠᠨᠳᠤᠭᠰᠠᠨ ᠳᠠᠶᠢᠰᠤᠨ ᠢ ᠶᠠᠭᠠᠬᠢᠬᠤ ᠪᠢᠯᠡ ᠭᠡᠬᠦᠢ ᠲᠦᠷ ᠪᠣᠭᠣᠷᠴᠢ ᠬᠡᠯᠡᠪᠡ ᠪᠤᠷᠬᠠᠨ ᠪᠣᠯᠤᠭᠰᠠᠨ ᠰᠠᠶᠢᠳ ᠢ ᠪᠤᠶᠠᠨ ᠢᠶᠠᠷ ᠦᠳᠡᠮ ᠭᠡᠯᠡ ᠪᠤᠷᠤᠭᠤ ᠬᠠᠨᠳᠤᠭᠰᠠᠨ ᠳᠠᠶᠢᠰᠤᠨ ᠢ ᠵᠢᠷ ᠵᠡᠪᠡᠰ ᠢᠶᠡᠷ ᠦᠳᠡᠮ ᠭᠡᠯᠡ ᠨᠡᠬᠡᠶ᠎ᠡ ᠭᠡᠵᠦ ᠬᠡᠯᠡᠪᠡ ᠲᠡᠷᠡ ᠦᠭᠡ ᠶᠢ ᠵᠥᠪᠰᠢᠶᠡᠵᠦ ᠨᠡᠬᠡᠪᠡ ᠴᠠᠶᠢᠲᠤ ᠶᠢᠨ ᠴᠠᠭᠠᠨ ᠲᠠᠯᠠᠳᠤ ᠭᠦᠶᠢᠴᠡᠵᠦ ᠣᠯᠠᠨ ᠬᠣᠨᠢᠨ ᠳᠤ ᠴᠢᠨ ᠣ ᠣᠷᠣᠭᠰᠠᠨ ᠮᠡᠲᠦ ᠶᠠᠪᠤᠵᠤ ᠴᠠᠪᠴᠢᠵᠤ ᠨᠢᠭᠡᠨ ᠵᠠᠭᠤᠨ ᠬᠦᠮᠦᠨ ᠢ ᠠᠯᠠᠵᠤ ᠬᠣᠶᠠᠷ ᠵᠠᠭᠤᠨ ᠬᠦᠮᠦᠨ ᠳᠤᠲᠠᠭᠠᠵᠤ ᠭᠠᠷᠪᠠ ᠵᠠᠭᠤᠨ ᠮᠣᠷᠢᠨ ᠲᠠᠪᠢᠨ ᠬᠤᠶᠠᠭ ᠠᠪᠤᠪᠠ ᠮᠤᠬᠤᠯᠢᠳᠠᠢ ᠳᠠᠶᠢᠰᠤᠨ ᠢ ᠳᠠᠷᠤᠯᠴᠠᠵᠤ ᠣᠯᠵᠠ ᠶᠢ ᠣᠷᠣᠭᠤᠯᠤᠯᠵᠤ ᠮᠣᠷᠢᠨ ᠢᠶᠠᠨ ᠳᠡᠯ ᠳᠡᠭᠡᠷᠡ ᠨᠠᠷᠠᠨ ᠭᠠᠷᠭᠠᠵᠤ ᠰᠡᠭᠦᠯ ᠳᠡᠭᠡᠷᠡᠨ ᠢ ᠪᠤᠳᠠᠩ ᠲᠠᠯᠪᠢᠵᠤ ᠳᠠᠶᠢᠰᠤᠨ ᠢ ᠮᠥᠷ ᠢ ᠲᠥᠭᠡᠷᠢᠭᠦᠯᠵᠦ ᠪᠤᠯᠲᠠᠷᠢᠯ ᠦᠭᠡᠢ ᠶᠠᠪᠤᠵᠤ ᠬᠦᠴᠦᠨ ᠢᠶᠡᠨ ᠥᠭᠪᠡ ᠲᠠᠰᠤᠷᠠᠬᠠᠢ ᠤᠲᠠᠰᠤ ᠬᠤᠭᠤᠷᠠᠬᠠᠢ
üi Boroqul ere kümün γaγčaqan sumun=a unadaγ buyu eber=iyen čokiγsan esige metü derdes ged unaqu činu yaγubi gebe ejen=iyen emün=e inggejü yabuju küčün ögüdeg buyu geküi=tür Boroqul morin=iyan buruγu degegür alabkijü unuγad qalaqabči=ban bariju qayiqurul ügei bariju bayiba tedüi degere činadu dayisun alaγdaγsan kümün=iyen yasun=i abun buruγu qanduba tedüi degere ejen jarliγ bolba buruγu qanduγsan dayisun=i yaγakiqu bile geküi=tür Boγorči kelebe burqan boluγsan sayid=i buyan=iyar üdem gele buruγu qanduγsan dayisun=i jir jebes=iyer üdem gele nekey=e gejü kelebe tere üge=yi jöbsiyejü nekebe Čayitu=yin čaγan taladu güyičejü olan qonin=du čin=o oroγsan metü yabuju čabčiju nigen jaγun kümün=i alaju qoyar jaγun kümün dutaγaju γarba jaγun morin tabin quyaγ abuba Muqulidai dayisun=i darulčaju olja=yi oroγululju morin=iyan del degere naran γarγaju segül degeren=i budang talbiju dayisun=i mör=i tögerigüljü bultaril ügei yabuju küčün=iyen ögbe tasuraqai utasu quγuraqai
48b
ᠰᠢᠭᠢᠨᠡᠭ ᠡᠰᠡ ᠭᠡᠭᠡᠯᠭᠡᠵᠦ ᠶᠠᠪᠤᠵᠤ ᠡᠰᠡᠨ ᠮᠡᠨᠳᠦ ᠭᠡᠷ ᠲᠡᠭᠡᠨ ᠬᠠᠷᠢᠵᠤ ᠢᠷᠡᠬᠦᠢ ᠲᠦᠷ ᠡᠵᠡᠨ ᠳᠡᠭᠡᠷᠡ ᠲᠩᠷᠢ ᠡᠴᠢᠭᠡ ᠲᠡᠭᠡᠨ ᠮᠥᠷᠭᠥᠶ᠎ᠡ ᠭᠡᠵᠦ ᠥᠨᠳᠥᠷ ᠳᠣᠪᠤᠴᠠᠭ ᠳᠡᠭᠡᠷᠡ ᠭᠠᠷᠴᠤ ᠲᠣᠬᠣᠮ ᠢᠶᠠᠨ ᠳᠡᠯᠭᠡᠵᠦ ᠪᠦᠰᠡ ᠪᠡᠨ ᠬᠦᠵᠦᠭᠦᠨ ᠲᠡᠭᠡᠨ ᠡᠯᠭᠦᠵᠦ ᠡᠵᠡᠨ ᠵᠠᠯᠪᠠᠷᠢᠨ ᠥᠴᠢᠪᠡ ᠡᠷᠡᠮᠡᠭᠡᠢ ᠰᠠᠶᠢᠨ ᠢᠶᠠᠷ ᠡᠵᠡᠨ ᠡᠰᠡ ᠪᠣᠯᠤᠯᠠ ᠪᠢ ᠡᠴᠢᠭᠡ ᠲᠩᠷᠢ ᠲᠡᠴᠡ ᠵᠠᠶᠠᠭᠠᠲᠠᠢ ᠪᠣᠯᠤᠯᠠ ᠪᠢ ᠭᠠᠶᠢᠬᠠᠮᠰᠢᠭ ᠲᠠᠢ ᠰᠠᠶᠢᠨ ᠢᠶᠠᠷ ᠬᠠᠭᠠᠨ ᠡᠰᠡ ᠪᠣᠯᠤᠯᠠ ᠪᠢ ᠬᠠᠨ ᠲᠩᠷᠢ ᠡᠴᠢᠭᠡ ᠲᠡᠴᠡ ᠵᠠᠶᠠᠭᠠᠲᠠᠢ ᠪᠣᠯᠤᠯᠠ ᠪᠢ ᠬᠠᠷᠢᠲᠠᠨ ᠳᠠᠶᠢᠰᠤᠨ ᠢ ᠮᠢᠨᠤ ᠳᠠᠷᠤᠵᠤ ᠥᠭᠪᠡ ᠭᠡᠵᠦ ᠮᠥᠷᠭᠥᠵᠦ ᠪᠦᠷᠦᠨ ᠮᠣᠷᠳᠠᠵᠤ ᠶᠠᠪᠤᠬᠤᠢ ᠴᠠᠭ ᠲᠤᠷ ᠡᠵᠡᠨ ᠵᠢᠷᠭᠤᠭᠠᠨ ᠰᠠᠶᠢᠳ ᠢᠶᠠᠨ ᠮᠠᠭᠲᠠᠵᠤ ᠳᠠᠭᠤᠯᠠᠪᠠ ᠡᠬᠢᠯᠡᠵᠦ ᠰᠢᠬᠢ ᠬᠤᠲᠤᠭ ᠢ ᠮᠠᠭᠲᠠᠪᠠ ᠮᠡᠷᠭᠡᠳ ᠢ ᠮᠡᠳᠡᠵᠦ ᠮᠣᠩᠭᠣᠯ ᠢ ᠪᠣᠯᠭᠠᠵᠤ ᠲᠠᠶᠢᠴᠤᠳ ᠢ ᠲᠠᠨᠢᠵᠤ ᠥᠭᠭᠥᠭᠰᠡᠨ ᠲᠤᠭᠤᠯᠤᠭᠰᠠᠨ ᠲᠠᠲᠠᠷᠢᠨ ᠰᠠᠶᠢᠨ ᠰᠢᠬᠢ ᠬᠤᠲᠤᠭ ᠮᠢᠨᠤ ᠭᠡᠵᠦ ᠮᠠᠭᠲᠠᠪᠠ ᠵᠡᠯᠮ ᠡ ᠶᠢ ᠮᠠᠭᠲᠠᠪᠠ ᠣᠷᠣᠭᠣ ᠭᠥᠷᠥᠭᠡᠰᠦᠨ ᠢ ᠣᠲᠤᠯᠭ᠎ᠠ ᠪᠣᠯᠤᠭᠰᠠᠨ ᠣᠷᠣᠩᠭᠠᠲᠠᠨ ᠳᠠᠶᠢᠰᠤᠨ ᠢ ᠬᠣᠰᠢᠭᠤ ᠴᠢᠨ ᠢ ᠪᠣᠯᠤᠭᠰᠠᠨ ᠤᠨᠤᠬᠤ ᠮᠣᠷᠢᠨ ᠦᠭᠡᠢ ᠶᠠᠪᠤᠬᠤᠢ ᠲᠤᠷ ᠮᠣᠷᠢᠨ ᠠᠪᠴᠤ ᠢᠷᠡᠵᠦ ᠥᠭᠭᠥᠭᠰᠡᠨ ᠤᠮᠳᠠᠭᠠᠰᠠᠬᠤᠢ ᠴᠠᠭ ᠲᠤᠷ ᠤᠮᠳᠠ ᠲᠠᠷᠠᠭ ᠠᠪᠴᠤ ᠢᠷᠡᠵᠦ ᠥᠭᠭᠥᠭᠰᠡᠨ ᠤᠨᠲᠠᠯ ᠦᠭᠡᠢ ᠨᠣᠶᠢᠷ ᠲᠤ ᠤᠶᠢᠳᠤᠯ ᠦᠭᠡᠢ ᠰᠠᠨᠠᠭᠠᠲᠤ ᠤᠯᠤᠰ ᠤᠨ ᠤᠷᠢᠳᠠ ᠬᠦᠴᠦ ᠪᠡᠨ ᠥᠭᠭᠥᠭᠰᠡᠨ ᠤᠷᠠᠩᠬᠠᠨ ᠤ ᠰᠠᠶᠢᠨ ᠵᠡᠯᠮ᠎ᠡ ᠮᠢᠨᠤ ᠭᠡᠵᠦ ᠮᠠᠭᠲᠠᠪᠠ ᠴᠤᠤ ᠮᠡᠷᠭᠡᠨ ᠢ
sigineg ese gegelgejü yabuju esen mendü ger=tegen qariju ireküi=tür ejen degere tngri ečige=tegen mörgöy=e gejü öndör dobučaγ degere γarču toqom=iyan delgejü büse=ben küjügün=tegen elgüjü ejen jalbarin öčibe eremegei sayin=iyar ejen ese bolula bi ečige tngri=teče jayaγatai bolula bi γayiqamsiγ=tai sayin=iyar qaγan ese bolula bi qan tngri ečige=teče jayaγatai bolula bi qaritan dayisun=i minu daruju ögbe gejü mörgöjü bürün mordaju yabuqui čaγ=tur ejen jirγuγan sayid=iyan maγtaju daγulaba ekilejü Siki-Qutuγ=i maγtaba Merged=i medejü Mongγol=i bolγaju Tayičud=i taniju öggögsen tuγuluγsan Tatarin sayin Siki-Qutuγ minu gejü maγtaba Jelm=e=yi maγtaba oroγo görögesün=i otulγ=a boluγsan orongγatan dayisun=i qosiγu=čin=i boluγsan unuqu morin ügei yabuqui=tur morin abču irejü öggögsen umdaγasaqui čaγ=tur umda taraγ abču irejü öggögsen untal ügei noyir=tu uyidul ügei sanaγatu ulus=un urida küčü=ben öggögsen Urangqan=u sayin Jelm=e minu gejü maγtaba Čuu-Mergen=i
49a
ᠮᠠᠭᠲᠠᠪᠠ ᠵᠠᠷᠯᠢᠭ ᠢᠶᠠᠷ ᠮᠢᠨᠤ ᠵᠠᠭᠠᠭᠰᠠᠨ ᠵᠠᠢ ᠴᠢᠯᠦᠭᠡ ᠶᠢ ᠠᠯᠳᠠᠯ ᠦᠭᠡᠢ ᠭᠡᠭᠡᠨ ᠬᠦᠮᠦᠨ ᠢ ᠬᠥᠮᠥᠬᠡᠢ ᠪᠡᠷ ᠰᠠᠶᠢᠨ ᠬᠦᠮᠦᠨ ᠢ ᠰᠠᠭᠠᠯᠳᠤᠷᠭ ᠠ ᠪᠠᠷ ᠰᠠᠨᠳᠠᠲᠠᠯᠠ ᠬᠠᠷᠪᠤᠵᠤ ᠵᠡᠭᠡᠷᠳᠡ ᠬᠠᠯᠵᠢᠨ ᠮᠣᠷᠢᠨ ᠢ ᠡᠯᠭᠦᠵᠦ ᠠᠪᠴᠤ ᠭᠠᠷᠴᠤ ᠢᠷᠡᠭᠰᠡᠨ ᠵᠣᠷᠴᠡᠭᠴᠢ ᠵᠥᠷᠢᠴᠡᠭᠴᠢ ᠳᠠᠶᠢᠰᠤᠨ ᠢ ᠴᠥᠭᠡᠰ ᠪᠣᠯᠭᠠᠭᠰᠠᠨ ᠬᠠᠳᠬᠤᠯᠳᠤᠭᠰᠠᠨ ᠳᠠᠶᠢᠰᠤᠨ ᠢ ᠬᠠᠭᠠᠰ ᠪᠣᠯᠭᠠᠭᠰᠠᠨ ᠵᠦᠷᠴᠢᠳ ᠦᠨ ᠴᠤᠤ ᠮᠡᠷᠭᠡᠨ ᠮᠢᠨᠤ ᠭᠡᠵᠦ ᠮᠠᠭᠲᠠᠪᠠ ᠪᠣᠷᠣᠬᠤᠯ ᠢ ᠮᠠᠭᠲᠠᠪᠠ ᠬᠠᠷᠪᠤᠬᠤ ᠰᠤᠮᠤᠨ ᠲᠤ ᠬᠠᠯᠬᠠᠪᠴᠢ ᠪᠣᠯᠤᠭᠰᠠᠨ ᠱᠤᠷᠬᠢᠷᠠᠬᠤ ᠰᠤᠮᠤᠨ ᠲᠤ ᠰᠠᠷᠠᠪᠴᠢ ᠪᠣᠯᠤᠭᠰᠠᠨ ᠲᠣᠯᠣᠭᠠᠢ ᠲᠠᠭᠠᠨ ᠰᠤᠮᠤᠨ ᠲᠤᠰᠲᠠᠯᠠ ᠳᠥᠷᠪᠡᠯ ᠦᠭᠡᠢ ᠬᠠᠶᠢᠬᠤᠷᠠᠯ ᠦᠭᠡᠢ ᠲᠣᠬᠣᠮ ᠢᠶᠠᠨ ᠪᠠᠷᠢᠵᠤ ᠪᠠᠷᠢᠭᠰᠠᠨ ᠭᠦᠰᠢᠨ ᠦ ᠲᠥᠪᠰᠢᠨ ᠰᠠᠶᠢᠨ ᠪᠣᠷᠣᠬᠤᠯ ᠮᠢᠨᠤ ᠭᠡᠵᠦ ᠮᠠᠭᠲᠠᠪᠠ ᠮᠤᠬᠤᠯᠢᠳᠠᠢ ᠶᠢ ᠮᠠᠭᠲᠠᠪᠠ ᠳᠠᠶᠢᠰᠤᠨ ᠢ ᠳᠠᠷᠤᠯᠴᠠᠭᠰᠠᠨ ᠣᠯᠵᠠ ᠶᠢ ᠣᠷᠣᠭᠤᠯᠤᠯᠴᠠᠭᠰᠠᠨ ᠮᠣᠷᠢᠨ ᠢᠶᠠᠨ ᠳᠡᠯ ᠳᠡᠭᠡᠷᠡ ᠨᠠᠷᠠᠨ ᠭᠠᠷᠭᠠᠵᠤ ᠰᠡᠭᠦᠯ ᠳᠡᠭᠡᠷᠡ ᠪᠤᠳᠠᠩ ᠲᠠᠯᠪᠢᠵᠤ ᠳᠠᠶᠢᠰᠤᠨ ᠤ ᠮᠥᠷᠢ ᠲᠥᠭᠡᠷᠢᠭᠦᠯᠵᠦ ᠡᠰᠡᠨ ᠮᠡᠨᠳᠦ ᠠᠪᠴᠤ ᠢᠷᠡᠭᠰᠡᠨ ᠵᠠᠯᠠᠶᠢᠷ ᠤᠨ ᠰᠠᠶᠢᠨ ᠮᠤᠬᠤᠯᠢᠳᠠᠢ ᠮᠢᠨᠤ ᠭᠡᠵᠦ ᠮᠠᠭᠲᠠᠪᠠ ᠪᠣᠭᠣᠷᠴᠢ ᠶᠢ ᠮᠠᠭᠲᠠᠪᠠ ᠨᠠᠢᠮᠠᠨ ᠰᠢᠷᠠᠭ᠎ᠠ ᠮᠣᠷᠢᠨ ᠢ ᠨᠡᠬᠡᠬᠦᠢ ᠲᠦᠷ ᠨᠠᠷᠠᠨ ᠢ ᠭᠢᠯᠲᠤᠰᠬᠢᠵᠦ ᠭᠠᠷᠬᠤᠢ ᠴᠠᠭ ᠲᠤᠷ ᠤᠴᠢᠷᠠᠵᠤ ᠨᠠᠰᠤᠨ ᠪᠦᠷᠢ ᠬᠦᠴᠦ ᠪᠡᠨ ᠥᠭᠭᠥᠭᠰᠡᠨ ᠨᠠᠬᠤ ᠪᠠᠶᠠᠨ ᠤ ᠬᠥᠪᠡᠭᠦᠨ ᠰᠠᠶᠢᠨ ᠬᠦᠯᠦᠭ ᠪᠣᠭᠣᠷᠴᠢ ᠮᠢᠨᠤ ᠠᠶᠢᠯ ᠵᠠᠭᠤᠷᠠ ᠶᠠᠪᠤᠬᠤᠢ ᠲᠤᠷ ᠠᠯᠠᠭ ᠪᠢᠷᠠᠭᠤ ᠮᠡᠲᠦ ᠠᠭᠠᠰᠢᠲᠤ ᠠᠯᠠᠯᠴᠠᠬᠤᠢ ᠳᠠᠶᠢᠰᠤᠨ ᠲᠤ ᠠᠮᠢᠨ ᠪᠡᠶ ᠡ ᠪᠡᠨ ᠦᠯᠦ
maγtaba jarliγ=iyar minu jaγaγsan jai čilüge=yi aldal ügei gegen kümün=i kömökei=ber sayin kümün=i saγaldurγ=a=bar sandatala qarbuju jegerde qaljin morin=i elgüjü abču (γarču) iregsen jorčegči (jöričegči) dayisun=i čöges bolγaγsan qadqulduγsan dayisun=i qaγas bolγaγsan Jürčid=ün Čuu-Mergen minu gejü maγtaba Boroqul=i maγtaba qarbuqu sumun=tu qalqabči boluγsan šurkiraqu sumun=tu sarabči boluγsan toloγai=taγan sumun tustala dörbel ügei qayiqural ügei toqom=iyan bariju bariγsan güsin=ü (töbsin) sayin Boroqul minu gejü maγtaba Muqulidai=yi maγtaba dayisun=i darulčaγsan olja=yi oroγululčaγsan morin=iyan del degere naran γarγaju segül degere budang talbiju dayisun=u möri tögerigüljü esen mendü abču iregsen Jalayir=un sayin Muqulidai minu gejü maγtaba Boγorči=yi maγtaba naiman siraγ=a morin=i nekeküi=tür naran=i giltuskijü γarqui čaγ=tur učiraju nasun büri küčü=ben öggögsen Naqu-bayan=u köbegün sayin külüg Boγorči minu # ayil jaγura yabuqui=tur alaγ biraγu metü aγasitu alalčaqui dayisun=tu amin bey=e=ben ülü
49b
ᠬᠠᠶᠢᠷᠯᠠᠭᠴᠢ ᠬᠦᠯᠦᠭ ᠪᠣᠭᠣᠷᠴᠢ ᠮᠢᠨᠤ ᠬᠠᠨᠢᠯᠠᠬᠤᠢ ᠴᠠᠭ ᠲᠤᠷ ᠬᠠᠱᠠᠩ ᠬᠠᠷᠠ ᠪᠢᠷᠠᠭᠤ ᠮᠡᠲᠦ ᠠᠭᠠᠰᠢ ᠳᠤ ᠬᠠᠷᠢᠲᠠᠨ ᠳᠠᠶᠢᠰᠤᠨ ᠲᠤᠷ ᠬᠠᠷᠴᠠᠭᠠᠢ ᠰᠢᠪᠠᠭᠤᠨ ᠮᠡᠲᠦ ᠲᠣᠭᠣᠯᠢᠨ ᠳᠣᠪᠲᠣᠯᠤᠨ ᠣᠷᠣᠭᠴᠢ ᠬᠦᠯᠦᠭ ᠪᠣᠭᠣᠷᠴᠢ ᠮᠢᠨᠤ ᠢᠨᠢᠶᠡᠯᠳᠦᠨ ᠶᠠᠪᠤᠬᠤᠢ ᠴᠠᠭ ᠲᠤᠷ ᠢᠳᠡᠮ ᠬᠠᠷᠠ ᠪᠢᠷᠠᠭᠤ ᠮᠡᠲᠦ ᠠᠭᠠᠰᠢ ᠲᠤ ᠢᠳᠡᠪᠬᠢᠬᠦᠢ ᠳᠠᠶᠢᠰᠤᠨ ᠲᠤᠷ ᠢᠳᠡᠯᠬᠦ ᠰᠢᠪᠠᠭᠤᠨ ᠮᠡᠲᠦ ᠲᠣᠭᠣᠯᠢᠨ ᠳᠣᠪᠲᠣᠯᠤᠨ ᠢᠷᠡᠭᠴᠢ ᠬᠦᠯᠦᠭ ᠪᠣᠭᠣᠷᠴᠢ ᠮᠢᠨᠤ ᠨᠠᠭᠠᠳᠤᠨ ᠢᠨᠢᠶᠡᠯᠳᠦᠨ ᠶᠠᠪᠤᠬᠤᠢ ᠴᠠᠭ ᠲᠤᠷ ᠨᠢᠯᠬ᠎ᠠ ᠤᠨᠠᠭᠠᠨ ᠮᠡᠲᠦ ᠠᠭᠠᠰᠢᠲᠤ ᠨᠠᠭᠠᠳᠤ ᠴᠠᠭᠠᠳᠤ ᠯᠤᠭ᠎ᠠ ᠬᠠᠳᠬᠤᠯᠳᠤᠬᠤᠢ ᠲᠤᠷ ᠨᠠᠴᠢᠨ ᠱᠣᠩᠬᠣᠷ ᠮᠡᠲᠦ ᠲᠣᠭᠣᠯᠢᠨ ᠳᠣᠪᠲᠣᠯᠤᠨ ᠣᠷᠣᠭᠴᠢ ᠬᠦᠯᠦᠭ ᠪᠣᠭᠣᠷᠴᠢ ᠮᠢᠨᠤ ᠬᠠᠲᠠᠭᠤ ᠳᠠᠶᠢᠰᠤᠨ ᠲᠤ ᠬᠠᠷᠢᠯ ᠪᠤᠴᠠᠯ ᠦᠭᠡᠢ ᠶᠠᠪᠤᠵᠤ ᠬᠠᠨ ᠡᠵᠡᠨ ᠢᠶᠡᠨ ᠪᠡᠶ ᠡ ᠡᠴᠡ ᠬᠠᠷᠢᠨ ᠬᠣᠯᠠ ᠦᠯᠦ ᠡᠴᠢᠭᠴᠢ ᠠᠷᠭ᠎ᠠ ᠰᠠᠶᠢᠲᠤ ᠬᠦᠯᠦᠭ ᠪᠣᠭᠣᠷᠴᠢ ᠮᠢᠨᠤ ᠭᠡᠵᠦ ᠡᠵᠡᠨ ᠵᠢᠷᠭᠤᠭᠠᠨ ᠰᠠᠶᠢᠳ ᠢᠶᠠᠨ ᠮᠠᠭᠲᠠᠵᠤ ᠳᠠᠭᠤᠰᠴᠤ ᠮᠣᠷᠳᠠᠵᠤ ᠶᠠᠪᠤᠬᠤᠢ ᠴᠠᠭ ᠳᠤᠷ ᠡᠵᠡᠨ ᠢᠶᠡᠨ ᠡᠮᠦᠨᠡ ᠪᠣᠭᠣᠷᠴᠢ ᠰᠣᠷ ᠰᠠᠭᠠᠷᠠᠯ ᠮᠣᠷᠢᠨ ᠤᠨᠤᠵᠤ ᠰᠢᠩᠬᠤᠲᠤ ᠵᠢᠪᠡ ᠪᠡᠨ ᠳᠦᠷᠦᠵᠦ ᠱᠣᠭ ᠱᠣᠭ ᠬᠠᠲᠠᠷᠢᠨ ᠶᠠᠪᠤᠵᠤ ᠡᠵᠡᠨ ᠢᠶᠡᠨ ᠮᠠᠭᠲᠠᠵᠤ ᠳᠠᠭᠤᠯᠠᠪᠠ ᠶᠢᠰᠦᠬᠡᠢ ᠪᠠᠭᠠᠲᠤᠷ ᠡᠴᠢᠭᠡ ᠲᠦ ᠥᠭᠡᠯᠡᠨ ᠬᠠᠲᠤᠨ ᠡᠬᠡ ᠲᠦ ᠶᠢᠰᠦᠨ ᠥᠷᠯᠥᠭ ᠦᠳ ᠲᠦᠰᠢᠮᠡᠯ ᠲᠦ ᠶᠡᠷᠦ ᠲᠠᠪᠤᠨ ᠥᠩᠭᠡ ᠳᠥᠷᠪᠡᠨ ᠬᠠᠷᠢ ᠤᠯᠤᠰ ᠢ ᠡᠷᠬᠡᠳᠦᠷ ᠢᠶᠡᠨ ᠣᠷᠣᠭᠤᠯᠤᠭᠰᠠᠨ ᠰᠣᠳᠤ ᠴᠢᠩᠭᠢᠰ ᠬᠠᠭᠠᠨ ᠡᠵᠡᠨ ᠮᠢᠨᠤ
qayirlaγči külüg Boγorči minu # qanilaqui čaγ=tur qašang qara biraγu metü aγasi=du qaritan dayisun=tur qarčaγai sibaγun metü toγolin dobtolun oroγči külüg Boγorči minu # iniyeldün yabuqui čaγ=tur idem qara biraγu metü aγasi=tu idebkiküi dayisun=tur idelkü sibaγun metü toγolin dobtolun iregči külüg Boγorči minu # naγadun iniyeldün yabuqui čaγ=tur nilq=a unaγan metü aγasitu naγadu čaγadu=luγ=a qadqulduqui=tur način šongqor metü toγolin dobtolun oroγči külüg Boγorči minu # qataγu dayisun=tu qaril bučal ügei yabuju qan ejen=iyen bey=e=eče qarin qola ülü ečigči arγ=a sayitu külüg Boγorči minu gejü ejen jirγuγan sayid=iyan maγtaju daγusču mordaju yabuqui čaγ=dur ejen=iyen emüne Boγorči sor saγaral morin unuju singqutu jibe=ben dürüjü šoγ šoγ qatarin yabuju ejen=iyen maγtaju daγulaba Yisükei-baγatur ečige=tü Ögelen-qatun eke=tü yisün örlög=üd tüsimel=tü yerü tabun öngge dörben qari ulus=i erkedür=iyen oroγuluγsan sodu Činggis-qaγan ejen minu
50a
ᠥᠭᠡᠯᠡᠨ ᠬᠠᠲᠤᠨ ᠡᠬᠡ ᠲᠦ ᠥᠭᠡᠳᠡᠢ ᠲᠣᠯᠤᠢ ᠬᠤᠪᠢᠯᠭᠠᠨ ᠬᠥᠪᠡᠭᠦᠳ ᠲᠦ ᠥᠰᠢᠶᠡᠲᠡᠨ ᠳᠠᠶᠢᠰᠤᠨ ᠢ ᠥᠯᠮᠢ ᠲᠡᠭᠡᠨ ᠭᠢᠰᠭᠢᠭᠰᠡᠨ ᠰᠣᠳᠤ ᠬᠠᠭᠠᠨ ᠢ ᠪᠠᠶᠢᠳᠤ ᠪᠠᠶᠢᠬᠤ ᠳᠤ ᠶᠠᠭᠤᠨ ᠠᠴᠠ ᠬᠠᠶᠢᠬᠠᠷᠠᠬᠤ ᠪᠢᠯᠡ ᠬᠠᠮᠲᠤ ᠪᠠᠷ ᠶᠠᠪᠤᠪᠠᠰᠤ ᠬᠠᠷᠢᠲᠠᠨ ᠳᠠᠶᠢᠰᠤᠨ ᠠᠴᠠ ᠶᠠᠭᠤᠨ ᠲᠤ ᠠᠶᠤᠬᠤ ᠪᠢᠯᠡ ᠬᠤᠨ ᠢ ᠵᠤᠯᠵᠠᠭᠠᠨ ᠮᠡᠲᠦ ᠪᠦᠦ ᠭᠤᠶᠢᠪᠠᠯᠵᠠᠶ᠎ᠠ ᠬᠤᠳᠠᠯᠴᠢ ᠮᠠᠭᠤ ᠬᠦᠮᠦᠨ ᠦ ᠦᠭᠡᠨ ᠲᠦᠷ ᠪᠦᠦ ᠣᠷᠣᠯᠴᠠᠶ᠎ᠠ ᠬᠠᠳᠬᠤᠯᠳᠤᠬᠤᠢ ᠳᠠᠶᠢᠰᠤᠨ ᠲᠤᠷ ᠠᠮᠢᠨ ᠪᠡᠶ ᠡ ᠪᠡᠨ ᠪᠦᠦ ᠬᠠᠶᠢᠷᠯᠠᠯᠴᠠᠶ᠎ᠠ ᠠᠩᠭᠢᠷ ᠶᠢᠨ ᠵᠤᠯᠵᠠᠭᠠᠨ ᠮᠡᠲᠦ ᠪᠦᠦ ᠠᠶᠢᠪᠠᠯᠵᠠᠶ᠎ᠠ ᠠᠯᠢᠶ᠎ᠠ ᠮᠠᠭᠤ ᠬᠦᠮᠦᠨ ᠢ ᠦᠭᠡᠨ ᠲᠦᠷ ᠪᠦᠦ ᠣᠷᠣᠯᠴᠠᠶ᠎ᠠ ᠠᠯᠠᠯᠴᠠᠬᠤᠢ ᠳᠠᠶᠢᠰᠤᠨ ᠲᠤᠷ ᠠᠮᠢᠨ ᠪᠡᠶ ᠡ ᠪᠡᠨ ᠪᠦᠦ ᠬᠠᠶᠢᠷᠯᠠᠯᠴᠠᠶ᠎ᠠ ᠬᠦᠯᠦᠭ ᠪᠣᠭᠣᠷᠴᠢ ᠶᠢᠨ ᠳᠠᠭᠤᠯᠠᠭᠰᠠᠨ ᠳᠠᠭᠤ ᠡᠨᠡ ᠪᠤᠢ ᠰᠣᠳᠤ ᠪᠣᠭᠳᠠ ᠴᠢᠩᠭᠢᠰ ᠬᠠᠭᠠᠨ ᠤ ᠦᠳᠡ ᠵᠠᠭᠤᠷ᠎ᠠ ᠶᠠᠪᠤᠵᠤ ᠭᠤᠷᠪᠠᠨ ᠵᠠᠭᠤᠨ ᠲᠠᠶᠢᠴᠤᠳ ᠢ ᠳᠠᠷᠤᠵᠤ ᠡᠰᠡᠨ ᠮᠡᠨᠳᠦ ᠭᠡᠷ ᠲᠡᠭᠡᠨ ᠬᠦᠷᠴᠦ ᠢᠷᠡᠵᠦ ᠡᠩᠬᠡ ᠠᠮᠤᠭᠤᠯᠠᠩ ᠰᠠᠭᠤᠪᠠ ᠪᠠᠰᠠ ᠰᠣᠳᠤ ᠪᠣᠭᠳᠠ ᠴᠢᠩᠭᠢᠰ ᠬᠠᠭᠠᠨ ᠨᠠᠬᠤ ᠪᠠᠶᠠᠨ ᠤ ᠬᠥᠪᠡᠭᠦᠨ ᠬᠦᠯᠦᠭ ᠪᠣᠭᠣᠷᠴᠢ ᠬᠣᠶᠠᠭᠤᠯᠠ ᠲᠥᠪᠡᠳ ᠦᠨ ᠭᠠᠵᠠᠷ ᠶᠢᠨ ᠲᠡᠷᠲᠡ ᠲᠡᠷᠲᠡᠭᠡ ᠡᠨᠡᠳᠬᠡᠭ ᠦᠨ ᠭᠠᠵᠠᠷ ᠶᠢᠨ ᠡᠨᠲᠡ ᠡᠨᠡᠲᠡᠭᠡ ᠨᠤᠲᠤᠭ ᠦᠵᠡᠵᠦ ᠶᠠᠪᠤᠲᠠᠯᠠ ᠵᠢᠯ ᠨᠡᠷᠡᠲᠦ ᠨᠣᠶᠠᠨ ᠬᠤᠯᠠ ᠬᠠᠯᠵᠢᠨ ᠮᠣᠷᠢ ᠬᠡᠷᠡᠮ ᠦᠨ ᠳᠡᠭᠡᠯ ᠦᠯᠦᠭᠴᠢ ᠭᠡᠭᠦᠨ ᠤᠨᠠᠭᠠᠲᠠᠢ ᠡᠨᠡ ᠭᠤᠷᠪᠠᠨ ᠪᠡᠯᠡᠭ ᠢ ᠪᠠᠷᠢᠵᠤ ᠵᠣᠯᠭᠠᠪᠠ ᠲᠡᠷᠡ ᠭᠤᠷᠪᠠᠨ ᠪᠡᠯᠡᠭ ᠢ ᠪᠣᠭᠣᠷᠴᠢ ᠲᠤ ᠡᠰᠡ ᠥᠭᠴᠦ ᠭᠡᠷ ᠳᠡ ᠡᠴᠡ ᠤᠭᠲᠤᠵᠤ ᠡᠴᠡᠭᠰᠡᠨ ᠦᠯᠡ ᠵᠠᠨᠳᠠᠨ ᠳᠤ ᠥᠭᠪᠡ ᠪᠣᠭᠣᠷᠴᠢ ᠲᠡᠳᠦᠢ ᠭᠡᠷ ᠲᠡᠭᠡᠨ ᠬᠠᠷᠢᠵᠤ
Ögelen-qatun eke=tü Ögedei Tolui qubilγan köbegüd=tü ösiyeten dayisun=i ölmi=tegen gisgigsen sodu qaγan=i bayidu <bayiqu=du> yaγun=ača qayiqaraqu bile qamtu=bar yabubasu qaritan dayisun=ača yaγun=tu ayuqu bile qun=i juljaγan metü büü γuyibaljay=a qudalči maγu kümün=ü ügen=tür büü orolčay=a qadqulduqui dayisun=tur amin bey=e=ben büü qayirlalčay=a anggir=yin juljaγan metü büü ayibaljay=a aliy=a maγu kümün=i ügen=tür büü orolčay=a alalčaqui dayisun=tur amin bey=e=ben büü qayirlalčay=a külüg Boγorči=yin daγulaγsan daγu ene bui sodu boγda Činggis-qaγan=u üde jaγur=a yabuju γurban jaγun Tayičud=i daruju esen mendü ger=tegen kürčü irejü engke amuγulang saγuba # basa sodu boγda Činggis-qaγan Naqu-bayan=u köbegün külüg Boγorči qoyaγula Töbed=ün γajar=yin terte <tertege> Enedkeg=ün γajar=yin ente <enetege> nutuγ üjejü yabutala Jil neretü noyan qula qaljin mori , kerem=ün degel ülügči gegün unaγatai ene γurban beleg=i bariju jolγaba tere γurban beleg=i Boγorči=tu ese ögčü ger=de=eče uγtuju ečegsen Üle-Jandan=du ögbe Boγorči tedüi ger=tegen qariju
50b
ᠢᠷᠡᠪᠡ ᠪᠣᠭᠣᠷᠴᠢ ᠶᠢᠨ ᠢᠷᠡᠭᠰᠡᠨ ᠬᠣᠶᠢᠨᠠ ᠠᠴᠠ ᠬᠠᠨ ᠡᠵᠡᠨ ᠤᠴᠢᠷ ᠰᠡᠴᠡᠨ ᠢ ᠲᠠᠩᠨᠠᠭᠤᠯ ᠢᠯᠡᠭᠡᠪᠡ ᠤᠴᠢᠷ ᠰᠡᠴᠡᠨ ᠲᠡᠳᠦᠢ ᠡᠴᠢᠵᠦ ᠭᠡᠷ ᠦᠨ ᠲᠤᠭᠤᠷᠭᠠᠨ ᠢ ᠵᠠᠪᠰᠠᠷ᠎ᠠ ᠴᠢᠩᠨᠠᠵᠤ ᠰᠠᠭᠤᠪᠠ ᠪᠣᠭᠣᠷᠴᠢ ᠡᠮ ᠡ ᠶᠢ ᠠᠰᠠᠭᠪᠠ ᠡᠵᠡᠨ ᠢ ᠳᠠᠭᠠᠭᠰᠠᠨ ᠪᠣᠭᠣᠷᠴᠢ ᠲᠤ ᠥᠭᠯᠢᠭᠡ ᠰᠣᠶᠣᠷᠬᠠᠯ ᠶᠠᠭᠤᠪᠢ ᠭᠡᠵᠦ ᠠᠰᠠᠭᠪᠠ ᠪᠣᠭᠣᠷᠴᠢ ᠥᠭᠦᠯᠡᠷ ᠦᠨ ᠵᠢᠯ ᠨᠡᠷᠡᠲᠦ ᠨᠣᠶᠠᠨ ᠬᠤᠯᠠ ᠬᠠᠯᠵᠢᠨ ᠮᠣᠷᠢ ᠬᠡᠷᠡᠮ ᠦᠨ ᠳᠡᠭᠡᠯ ᠦᠯᠦᠭᠴᠢ ᠭᠡᠭᠦᠨ ᠤᠨᠠᠭᠠᠲᠠᠢ ᠲᠡᠷᠡ ᠭᠤᠷᠪᠠᠨ ᠪᠡᠯᠡᠭ ᠢ ᠪᠠᠷᠢᠵᠤ ᠵᠣᠯᠭᠠᠪᠠ ᠲᠡᠷᠡ ᠭᠤᠷᠪᠠᠨ ᠪᠡᠯᠡᠭ ᠢ ᠨᠠᠳᠠ ᠡᠰᠡ ᠥᠭᠴᠦ ᠦᠯᠡ ᠵᠠᠨᠳᠠᠨ ᠲᠤ ᠥᠭᠪᠡ ᠭᠡᠪᠡ ᠪᠣᠭᠣᠷᠴᠢ ᠶᠢᠨ ᠲᠡᠷᠡ ᠦᠭᠡᠨᠳᠦᠨ ᠢ ᠦᠭᠡᠨ ᠳᠦ ᠢᠨᠤ ᠡᠮ᠎ᠡ ᠢᠨᠤ ᠥᠭᠦᠯᠡᠷ ᠦᠨ ᠬᠤᠪᠢᠶᠠᠵᠤ ᠬᠣᠴᠣᠷᠬᠤ ᠦᠯᠡ ᠵᠠᠨᠳᠠᠨ ᠲᠤ ᠬᠤᠯᠠ ᠬᠠᠯᠵᠢᠨ ᠮᠣᠷᠢ ᠥᠭᠬᠦᠨ ᠢ ᠶᠠᠭᠤᠪᠢ ᠬᠤᠷᠠᠭ ᠶᠢᠨ ᠳᠠᠭᠠᠭᠰᠠᠨ ᠪᠣᠭᠣᠷᠴᠢ ᠮᠢᠨᠤ ᠶᠠᠮᠪᠠᠷ ᠭᠡᠮ ᠢᠶᠡᠨ ᠣᠯᠠᠳᠠᠪᠠ ᠬᠤᠲᠤᠭ ᠲᠤ ᠴᠢᠩᠭᠢᠰ ᠬᠠᠭᠠᠨ ᠢ ᠵᠤᠰᠤᠷ ᠠᠭᠠᠰᠢ ᠲᠡᠷᠡ ᠪᠢᠰᠢ ᠶᠠᠭᠤᠨ ᠠᠵᠤᠬᠤ ᠬᠡᠮᠬᠡᠷᠡᠵᠦ ᠬᠣᠴᠣᠷᠬᠤ ᠦᠯᠡ ᠵᠠᠨᠳᠠᠨ ᠲᠤ ᠬᠡᠷᠡᠮ ᠦᠨ ᠳᠡᠭᠡᠯ ᠥᠭᠬᠦᠨ ᠢ ᠶᠠᠭᠤᠪᠢ ᠬᠡᠪ ᠬᠡᠵᠢᠶ᠎ᠡ ᠳᠠᠭᠠᠵᠤ ᠶᠠᠪᠤᠭᠰᠠᠨ ᠪᠣᠭᠣᠷᠴᠢ ᠮᠢᠨᠤ ᠶᠠᠮᠪᠠᠷ ᠭᠡᠮ ᠢᠶᠡᠨ ᠣᠯᠠᠳᠠᠪᠠ ᠬᠡᠰᠢᠭ ᠲᠦᠭᠡᠨ ᠴᠢᠩᠭᠢᠰ ᠬᠠᠭᠠᠨ ᠢ ᠵᠤᠰᠤᠷ ᠠᠭᠠᠰᠢ ᠲᠡᠷᠡ ᠪᠢᠰᠢ ᠶᠠᠭᠤᠨ ᠠᠵᠤᠬᠤ ᠥᠭᠢᠷᠡᠴᠦ ᠬᠣᠴᠣᠷᠬᠤ ᠦᠯᠡ ᠵᠠᠨᠳᠠᠨ ᠲᠤ ᠦᠯᠦᠭᠴᠢ ᠭᠡᠭᠦᠨ ᠤᠨᠠᠭᠠᠲᠠᠢ ᠥᠭᠬᠦᠨ ᠢ ᠶᠠᠭᠤ ᠪᠢ ᠥᠰᠪᠦᠷᠢ ᠳᠠᠭᠠᠭᠰᠠᠨ ᠪᠣᠭᠣᠷᠴᠢ ᠮᠢᠨᠤ
irebe Boγorči=yin iregsen qoyina=ača qan ejen Učir-Sečen=i tangnaγul ilegebe Učir-Sečen tedüi ečijü ger=ün tuγurγan=i jabsar=a čingnaju saγuba Boγorči em=e=yi asaγba ejen=i daγaγsan Boγorči=tu öglige soyorqal yaγubi gejü asaγba Boγorči ögüler=ün Jil neretü noyan qula qaljin mori kerem=ün degel ülügči gegün unaγatai tere γurban beleg=i bariju jolγaba tere γurban beleg=i nada ese ögčü Üle-Jandan=tu ögbe gebe Boγorči=yin tere ügendün=i <ügen=dü inu> em=e inu ögüler=ün qubiyaju qočorqu Üle-Jandan=tu qula qaljin mori ögkün=i yaγubi quraγ=yin daγaγsan Boγorči minu yambar gem=iyen oladaba qutuγ=tu Činggis-qaγan=i jusur aγasi tere bisi yaγun ajuqu # kemkerejü qočorqu Üle-Jandan=tu kerem=ün degel ögkün=i yaγubi keb kejiy=e daγaju yabuγsan Boγorči minu yambar gem=iyen oladaba kesig tügen Činggis-qaγan=i jusur aγasi tere bisi yaγun ajuqu # ögirečü qočorqu Üle-Jandan=tu ülügči gegün unaγatai ögkün=i yaγu bi ösbüri daγaγsan Boγorči minu
51a
ᠶᠠᠮᠪᠠᠷ ᠭᠡᠮ ᠢᠶᠡᠨ ᠣᠯᠠᠳᠠᠪᠠ ᠥᠯᠵᠡᠢ ᠲᠦᠭᠡᠨ ᠴᠢᠩᠭᠢᠰ ᠬᠠᠭᠠᠨ ᠢ ᠵᠤᠰᠤᠷ ᠠᠭᠠᠰᠢ ᠲᠡᠷᠡ ᠪᠢᠰᠢ ᠶᠠᠭᠤᠨ ᠠᠵᠤᠬᠤ ᠪᠣᠭᠣᠷᠴᠢ ᠲᠡᠷᠡ ᠦᠭᠡᠨᠳᠦᠨ ᠢ ᠡᠮ ᠡ ᠲᠡᠭᠡᠨ ᠬᠠᠷᠢᠭᠤ ᠥᠭᠦᠯᠡᠷ ᠦᠨ ᠤᠷᠲᠤ ᠳᠡᠭᠡᠯ ᠲᠦ ᠤᠶᠢᠲᠠᠨ ᠰᠠᠨᠠᠭᠠᠲᠤ ᠡᠮ᠎ᠡ ᠬᠦᠮᠦᠨ ᠭᠡᠭᠴᠢ ᠡᠨᠡ ᠪᠠᠶᠢᠨᠠᠮ ᠬᠤᠪᠢᠷᠠᠴᠤ ᠬᠣᠴᠣᠷᠬᠤ ᠦᠯᠡ ᠵᠠᠨᠳᠠᠨ ᠳᠤ ᠬᠤᠯᠠ ᠬᠠᠯᠵᠢᠨ ᠮᠣᠷᠢ ᠥᠭᠪᠡ ᠶᠠᠭᠤ ᠪᠢᠯᠡ ᠬᠤᠲᠤᠭ ᠲᠤ ᠴᠢᠩᠭᠢᠰ ᠬᠠᠭᠠᠨ ᠢ ᠮᠢᠨᠤ ᠠᠯᠲᠠᠨ ᠣᠭᠣᠰᠤᠷᠨᠢ ᠪᠡᠬᠢ ᠪᠣᠯᠲᠤᠭᠠᠢ ᠪᠣᠯᠪᠠᠰᠤ ᠬᠤᠪᠢᠰᠬᠤᠯ ᠦᠭᠡᠢ ᠳᠠᠭᠠᠵᠤ ᠶᠠᠪᠤᠬᠤᠯᠠ ᠬᠤᠪᠢ ᠰᠣᠶᠣᠷᠬᠠᠯ ᠲᠤ ᠬᠦᠷᠲᠡᠬᠦᠵᠡᠯᠡ ᠬᠦᠷᠲᠡᠬᠦᠵᠡᠢ ᠬᠡᠮᠬᠡᠷᠢᠵᠦ ᠬᠣᠴᠣᠷᠬᠤ ᠦᠯᠡ ᠵᠠᠨᠳᠠᠨ ᠲᠤ ᠬᠡᠷᠡᠮ ᠦᠨ ᠳᠡᠭᠡᠯ ᠥᠭᠪᠡ ᠶᠠᠭᠤᠪᠢᠯᠡ ᠬᠡᠰᠢᠭ ᠴᠢᠩᠭᠢᠰ ᠬᠠᠭᠠᠨ ᠤ ᠮᠢᠨᠤ ᠠᠯᠲᠠᠨ ᠣᠭᠣᠰᠤᠷᠨᠢ ᠪᠡᠬᠢ ᠪᠣᠯᠲᠤᠭᠠᠢ ᠬᠡᠪ ᠬᠡᠵᠢᠶ᠎ᠡ ᠳᠠᠭᠠᠵᠤ ᠶᠠᠪᠤᠬᠤᠯᠠ ᠬᠡᠰᠢᠭ ᠰᠣᠶᠣᠷᠬᠠᠯ ᠲᠤᠨᠢ ᠬᠦᠷᠲᠡᠬᠦᠵᠡᠯᠡ ᠥᠭᠡᠷᠡᠴᠦ ᠬᠣᠴᠣᠷᠬᠤ ᠦᠯᠡ ᠵᠠᠨᠳᠠᠨ ᠲᠤ ᠦᠯᠦᠭᠴᠢ ᠭᠡᠭᠦᠨ ᠤᠨᠠᠭᠠᠲᠠᠢ ᠥᠭᠪᠡ ᠶᠠᠭᠤ ᠪᠢᠯᠡ ᠥᠯᠵᠡᠢ ᠲᠦ ᠴᠢᠩᠭᠢᠰ ᠬᠠᠭᠠᠨ ᠢ ᠮᠢᠨᠤ ᠠᠯᠲᠠᠨ ᠣᠭᠣᠰᠤᠷᠨᠢ ᠪᠡᠬᠢ ᠪᠣᠯᠲᠤᠭᠠᠢ ᠥᠨᠢᠳᠡ ᠳᠠᠭᠠᠵᠤ ᠶᠠᠪᠤᠬᠤᠯᠠ ᠥᠭᠯᠢᠭᠡ ᠰᠣᠶᠣᠷᠬᠠᠯ ᠲᠤᠷ ᠬᠦᠷᠲᠡᠬᠦᠵᠡᠯᠡ ᠲᠡᠷᠡ ᠦᠭᠡ ᠶᠢ ᠤᠴᠢᠷ ᠰᠡᠴᠡᠨ ᠡᠴᠢᠵᠦ ᠬᠠᠭᠠᠨ ᠡᠵᠡᠨ ᠳᠦ ᠬᠡᠯᠡᠪᠡ ᠬᠠᠭᠠᠨ ᠡᠵᠡᠨ ᠲᠡᠭᠦᠨ ᠡᠴᠡ ᠬᠣᠶᠢᠨᠠᠭᠰᠢ ᠳᠠ ᠪᠣᠭᠣᠷᠴᠢ ᠶᠢ ᠥᠨᠢ ᠳᠡ ᠮᠠᠰᠢ ᠬᠠᠶᠢᠷᠠᠯᠠᠪᠠ ᠡᠵᠡᠨ ᠵᠠᠷᠯᠢᠭ ᠪᠣᠯᠤᠷᠤᠨ ᠡᠮ᠎ᠡ ᠬᠦᠮᠦᠨ ᠢ ᠮᠠᠭᠤ ᠦᠭᠡ ᠶᠢ ᠡᠷ᠎ᠡ ᠬᠦᠮᠦᠨ ᠰᠤᠷᠭᠠᠭᠳᠠᠬᠤᠢ ᠦᠭᠡ ᠶᠢ ᠣᠨᠣᠨ ᠮᠡᠳᠡᠭᠴᠢ ᠤᠴᠢᠷ ᠰᠡᠴᠡᠨ ᠪᠤᠶᠤ ᠲᠡᠭᠦᠨ ᠦ ᠬᠣᠶᠢᠨᠠ ᠨᠢᠴᠦᠭᠦᠨ ᠪᠠᠭᠠᠷᠢᠨ ᠤ
yambar gem=iyen oladaba öljei tügen Činggis-qaγan=i jusur aγasi tere bisi yaγun ajuqu # Boγorči tere ügendün=i em=e=tegen qariγu ögüler=ün urtu degel=tü uyitan sanaγatu em=e kümün gegči ene bayinam qubiraču qočorqu Üle-Jandan=du qula qaljin mori ögbe yaγu bile qutuγ=tu Činggis-qaγan=i minu altan oγosurni beki boltuγai (bolbasu) qubisqul ügei daγaju yabuqula qubi soyorqal=tu kürteküjele (kürteküjei) # kemkerijü qočorqu Üle-Jandan=tu kerem=ün degel ögbe yaγubile kesig Činggis-qaγan=u minu altan oγosurni beki boltuγai keb kejiy=e daγaju yabuqula kesig soyorqal=tuni kürteküjele ögerečü qočorqu Üle-Jandan=tu ülügči gegün unaγatai ögbe yaγu bile öljei=tü Činggis-qaγan=i minu altan oγosurni beki boltuγai önide daγaju yabuqula öglige soyorqal=tur kürteküjele # tere üge=yi Učir-Sečen ečijü qaγan ejen=dü kelebe qaγan ejen tegün=eče qoyinaγsi=da Boγorči=yi öni=de masi qayiralaba ejen jarliγ bolurun em=e kümün=i maγu üge=yi er=e kümün surγaγdaqui üge=yi onon medegči Učir-Sečen buyu , tegün=ü qoyina ničügün Baγarin=u
51b
ᠰᠢᠷᠭᠡᠲᠦ ᠡᠪᠦᠭᠡᠨ ᠠᠯᠠᠭ ᠨᠠᠶᠠᠭ ᠭᠠ ᠬᠥᠪᠡᠭᠦᠳ ᠯᠦᠭᠡ ᠪᠡᠨ ᠲᠠᠶᠢᠴᠢᠭᠤᠳ ᠤᠨ ᠨᠣᠶᠠᠨ ᠲᠠᠷᠭᠤᠲᠠᠢ ᠬᠢᠷᠢᠯᠲᠤᠭ ᠢ ᠦᠶᠢᠮᠡᠵᠦ ᠪᠦᠬᠦᠢ ᠲᠦᠷ ᠥᠰᠲᠦ ᠬᠦᠮᠦᠨ ᠪᠥᠯᠦᠭᠡ ᠬᠡᠮᠡᠨ ᠮᠣᠷᠢᠨ ᠦᠯᠦ ᠴᠢᠳᠠᠬᠤ ᠲᠠᠷᠭᠤᠲᠠᠢ ᠶᠢ ᠪᠠᠷᠢᠵᠤ ᠲᠡᠷᠭᠡᠨ ᠲᠦᠷ ᠤᠨᠤᠭᠤᠯᠵᠤ ᠪᠠᠭᠠᠷᠢᠨ ᠤ ᠰᠢᠷᠭᠡᠲᠦ ᠡᠪᠦᠭᠡᠨ ᠠᠯᠠᠭ ᠨᠠᠶᠠᠭ ᠭᠠ ᠬᠥᠪᠡᠭᠦᠳ ᠯᠦᠭᠡ ᠪᠡᠨ ᠲᠠᠷᠭᠤᠲᠠᠢ ᠬᠢᠷᠢᠯᠲᠤᠭ ᠢ ᠪᠠᠷᠢᠵᠤ ᠠᠶᠢᠰᠤᠬᠤᠢ ᠲᠤᠷ ᠲᠠᠷᠭᠤᠲᠠᠢ ᠬᠢᠷᠢᠯᠲᠤᠭ ᠤᠨ ᠳᠡᠭᠦᠦ ᠨᠡᠷ ᠬᠥᠪᠡᠭᠦᠳ ᠮᠢᠨᠤ ᠪᠤᠯᠢᠶᠠᠵᠤ ᠠᠪᠤᠶ᠎ᠠ ᠬᠡᠮᠡᠨ ᠭᠦᠶᠢᠴᠡᠵᠦ ᠢᠷᠡᠵᠦᠬᠦᠢ ᠬᠥᠪᠡᠭᠦᠳ ᠳᠡᠭᠦᠦ ᠨᠡᠷ ᠢ ᠢᠨᠤ ᠭᠦᠶᠢᠴᠡᠵᠦ ᠢᠷᠡᠬᠦᠢ ᠯᠦᠭᠡ ᠰᠢᠷᠭᠡᠲᠦ ᠡᠪᠦᠭᠡᠨ ᠪᠣᠰᠤᠨ ᠶᠠᠳᠠᠬᠤ ᠲᠠᠷᠭᠤᠲᠠᠢ ᠶᠢ ᠲᠡᠷᠭᠡᠨ ᠳᠡᠭᠡᠷᠡ ᠤᠨᠠᠭᠤᠯᠵᠤ ᠭᠡᠳᠡᠷᠭᠦ ᠳᠡᠭᠡᠷᠡ ᠢᠨᠤ ᠠᠭᠳᠠᠯᠠᠨ ᠰᠠᠭᠤᠵᠤ ᠬᠢᠲᠤᠭ᠎ᠠ ᠭᠠᠷᠭᠠᠵᠤ ᠥᠭᠦᠯᠡᠷ ᠦᠨ ᠬᠥᠪᠡᠭᠦᠳ ᠳᠡᠭᠦᠦ ᠨᠡᠷ ᠴᠢᠨᠤ ᠴᠢᠮᠠᠢ ᠪᠤᠯᠢᠶᠠᠵᠤ ᠠᠪᠤᠷ᠎ᠠ ᠢᠷᠡᠪᠡᠢ ᠴᠢᠮᠠᠢ ᠶᠢ ᠡᠰᠡ ᠳᠡᠬᠢ ᠠᠯᠠᠪᠠᠰᠤ ᠬᠠᠭᠠᠨ ᠢᠶᠠᠨ ᠬᠠᠷᠳᠠᠪᠠ ᠬᠡᠮᠡᠨ ᠠᠯᠠᠬᠤ ᠠᠯᠠᠪᠠᠰᠤ ᠳᠡᠬᠢ ᠮᠥᠨ ᠬᠦ ᠠᠯᠠᠭᠳᠠᠬᠤ ᠪᠢ ᠮᠥᠨ ᠡᠯᠡ ᠦᠬᠦᠬᠦᠢ ᠲᠦᠷᠢᠶᠡᠨ ᠳᠡᠷᠡ ᠠᠪᠤᠨ ᠦᠬᠦᠰᠦ ᠬᠡᠮᠡᠭᠡᠳ ᠳᠡᠭᠡᠷ᠎ᠡ ᠢᠨᠤ ᠠᠭᠳᠠᠯᠠᠵᠤ ᠶᠡᠬᠡ ᠬᠢᠲᠤᠭ ᠠ ᠪᠠᠷ ᠢᠶᠠᠨ ᠬᠣᠭᠣᠯᠠᠢ ᠠᠨᠤ ᠣᠭᠲᠣᠯᠤᠷ᠎ᠠ ᠬᠦᠷᠬᠦᠢ ᠳᠦᠷ ᠲᠠᠷᠭᠤᠲᠠᠢ ᠬᠢᠷᠢᠯᠲᠤᠭ ᠶᠡᠬᠡ ᠳᠠᠭᠤ ᠪᠠᠷ ᠳᠡᠭᠦᠨᠡᠷ ᠬᠥᠪᠡᠭᠦᠳ ᠲᠦᠷ ᠢᠶᠡᠨ ᠬᠠᠶᠢᠯᠠᠵᠤ ᠬᠡᠯᠡᠯᠡᠷ ᠦᠨ ᠰᠢᠷᠭᠡᠲᠦ ᠨᠠᠮᠠᠶᠢ ᠠᠯᠠᠨ ᠪᠤᠶᠤ ᠠᠯᠠᠨ ᠪᠠᠷᠠᠪᠠᠰᠤ ᠦᠬᠦᠭᠰᠡᠨ ᠪᠤᠢ ᠠᠮᠢᠨ ᠦᠭᠡᠢ ᠪᠡᠶ ᠡ ᠶᠢ ᠮᠢᠨᠤ ᠠᠪᠴᠤ ᠣᠳᠴᠤ ᠶᠠᠭᠤ ᠬᠢᠬᠦᠢ ᠲᠠ ᠨᠠᠮᠠᠶᠢ ᠠᠯᠠᠷ᠎ᠠ ᠡᠳᠦᠬᠦᠶ᠎ᠡ
Sirgetü ebügen Alaγ Nayaγ=γa köbegüd=lüge=ben Tayičiγud=un noyan Tarγutai-Kiriltuγ=i üyimejü büküi=tür östü kümün bölüge kemen morin ülü čidaqu Tarγutai=yi bariju tergen=tür unuγulju Baγarin=u Sirgetü ebügen Alaγ Nayaγ=γa köbegüd=lüge=ben Tarγutai-Kiriltuγ=i bariju ayisuqui=tur Tarγutai-Kiriltuγ=un degüü=ner köbegüd minu buliyaju abuy=a kemen güyičejü irejüküi köbegüd degüü=ner=i inu güyičejü ireküi=lüge Sirgetü ebügen bosun yadaqu Tarγutai=yi tergen degere unaγulju gedergü degere inu aγdalan saγuju kituγ=a γarγaju ögüler=ün köbegüd degüü=ner činu čimai buliyaju abur=a irebei čimai=yi ese deki alabasu qaγan=iyan qardaba kemen alaqu alabasu deki mön kü alaγdaqu bi mön ele üküküi=türiyen dere abun üküsü kemeged deger=e inu aγdalaju yeke kituγ=a=bar=iyan qoγolai anu oγtolur=a kürküi=dür Tarγutai-Kiriltuγ yeke daγu=bar degüner köbegüd=tür=iyen qayilaju keleler=ün Sirgetü namayi alan buyu alan barabasu ükügsen bui amin ügei bey=e=yi minu abču odču yaγu kiküi ta namayi alar=a edüküy=e
52a
ᠥᠳᠲᠡᠷ ᠬᠠᠷᠢᠳᠬᠤᠨ ᠲᠦᠮᠦᠵᠢᠨ ᠨᠠᠮᠠᠶᠢ ᠦᠯᠦ ᠠᠯᠠᠬᠤ ᠲᠦᠮᠦᠵᠢᠨ ᠥᠴᠦᠬᠡᠨ ᠴᠠᠭ ᠲᠤᠷ ᠨᠢᠳᠦᠨ ᠲᠦᠷ ᠢᠶᠡᠨ ᠭᠠᠯ ᠲᠤ ᠨᠢᠭᠤᠷ ᠲᠤᠷ ᠢᠶᠠᠨ ᠭᠡᠷᠡᠯ ᠳᠡᠢ ᠪᠥᠯᠦᠭᠡ ᠡᠵᠡᠨ ᠦᠭᠡᠢ ᠨᠤᠲᠤᠭ ᠲᠤᠷ ᠬᠣᠴᠣᠷᠴᠤ ᠠᠮᠤᠢ ᠬᠡᠮᠡᠨ ᠠᠪᠤᠷᠠ ᠣᠳᠴᠤ ᠠᠪᠴᠤ ᠢᠷᠡᠵᠦ ᠰᠤᠷᠭᠠᠪᠠᠰᠤ ᠰᠤᠷᠬᠤ ᠮᠡᠲᠦ ᠪᠤᠢ ᠬᠡᠮᠡᠨ ᠬᠠᠷᠢᠨ ᠥᠷᠥ ᠵᠢᠷᠦᠬᠡᠨ ᠮᠡᠲᠦ ᠰᠤᠷᠭᠠᠵᠤ ᠰᠤᠷᠭᠠᠨ ᠰᠣᠶᠣᠨ ᠶᠠᠪᠤᠯᠤᠭ᠎ᠠ ᠦᠬᠦᠭᠦᠯᠪᠡᠰᠦ ᠦᠬᠦᠭᠦᠯᠦᠨ ᠶᠠᠳᠠᠬᠤ ᠴᠢᠳᠠᠬᠤ ᠪᠥᠯᠦᠭᠡᠢ ᠦᠦ ᠪᠢ ᠡᠳᠦᠭᠡ ᠣᠢ ᠢᠨᠤ ᠣᠷᠣᠵᠤ ᠠᠮᠤ ᠰᠡᠳᠬᠢᠯ ᠢᠨᠤ ᠰᠡᠩᠬᠡᠷᠡᠵᠦ ᠠᠮᠤ ᠬᠡᠮᠡᠭᠳᠡᠮᠦᠢ ᠲᠦᠮᠦᠵᠢᠨ ᠨᠠᠮᠠᠶᠢ ᠦᠯᠦ ᠦᠬᠦᠭᠦᠯᠬᠦ ᠬᠥᠪᠡᠭᠦᠳ ᠳᠡᠭᠦᠦ ᠨᠡᠷ ᠮᠢᠨᠤ ᠥᠳᠲᠡᠷ ᠬᠠᠷᠢᠳᠬᠤᠨ ᠰᠢᠷᠭᠡᠲᠦ ᠨᠠᠮᠠᠶᠢ ᠠᠯᠠᠵᠤ ᠠᠯᠠᠬᠤᠢ ᠥᠲᠡᠷᠡᠵᠦᠬᠦᠢ ᠣᠶᠢᠷᠠᠲᠤᠪᠠ ᠬᠡᠮᠡᠨ ᠶᠡᠬᠡ ᠳᠠᠭᠤᠪᠠᠷ ᠬᠠᠶᠢᠯᠠᠪᠠ ᠬᠥᠪᠡᠭᠦᠳ ᠳᠡᠭᠦᠦ ᠨᠡᠷ ᠢᠨᠤ ᠥᠭᠦᠯᠡᠯᠳᠦᠷ ᠦᠨ ᠡᠴᠢᠭᠡ ᠶᠦᠭᠡᠨ ᠠᠮᠢᠨ ᠠᠪᠤᠷᠠᠶ᠎ᠠ ᠬᠡᠮᠡᠨ ᠢᠷᠡᠪᠡᠢ ᠪᠢᠳᠠ ᠰᠢᠷᠭᠡᠲᠦ ᠡᠪᠦᠭᠡᠨ ᠡᠴᠢᠭᠡ ᠶᠢ ᠪᠢᠳᠠᠨ ᠤ ᠦᠬᠦᠭᠦᠯᠪᠡᠰᠦ ᠬᠣᠭᠣᠰᠤᠨ ᠠᠮᠢᠨ ᠦᠭᠡᠢ ᠪᠡᠶ᠎ᠡ ᠢᠨᠤ ᠶᠠᠭᠤᠨ ᠬᠢᠬᠦ ᠪᠢᠳᠠ ᠮᠤᠨᠳᠠ ᠠᠯᠠᠭ᠎ᠠ ᠡᠳᠦᠬᠦᠶ᠎ᠡ ᠥᠳᠲᠡᠷ ᠬᠠᠷᠢᠶ᠎ᠠ ᠬᠡᠮᠡᠯᠳᠦᠵᠦ ᠬᠠᠷᠢᠪᠠ ᠲᠡᠳᠡᠨ ᠢ ᠢᠷᠡᠬᠦᠢ ᠲᠦᠷ ᠠᠭᠤᠯᠵᠠᠭᠰᠠᠳ ᠠᠯᠠᠭ ᠨᠠᠶᠠᠭ ᠠ ᠲᠠᠨ ᠢᠷᠡᠪᠡᠢ ᠲᠡᠳᠡᠨ ᠢ ᠢᠷᠡᠭᠦᠯᠦᠭᠡᠳ ᠬᠥᠳᠡᠯᠵᠦ ᠠᠶᠢᠰᠤᠷ ᠤᠨ ᠢᠷᠡᠬᠦᠢ ᠵᠠᠭᠤᠷᠠ ᠬᠤᠳᠬᠤᠯ ᠨᠤᠭᠤᠳᠠ ᠨᠤᠭᠤᠳ ᠳᠠ ᠬᠦᠷᠪᠡᠰᠦ ᠠᠯᠠᠭ ᠨᠠᠶᠠᠭ᠎ᠠ ᠥᠭᠦᠯᠡᠷ ᠦᠨ ᠪᠢᠳᠠ ᠡᠨᠡ ᠲᠠᠷᠭᠤᠲᠠᠢ ᠶᠢ ᠪᠠᠷᠢᠵᠤ ᠬᠦᠷᠪᠡᠰᠦ ᠴᠢᠩᠭᠢᠰ ᠬᠠᠭᠠᠨ ᠪᠢᠳᠠᠨ ᠢ ᠲᠤᠰ ᠬᠠᠭᠠᠨ ᠢᠶᠠᠨ ᠬᠠᠷᠳᠠᠵᠤ ᠢᠷᠡᠭᠰᠡᠨ ᠶᠠᠭᠤᠨ ᠢᠲᠡᠭᠡᠯᠦᠭᠡᠢ ᠲᠡᠨ ᠠᠷᠠᠳ ᠡᠳᠡ ᠪᠢᠳᠠᠨ ᠲᠤᠷ ᠪᠠᠰᠠ
ödter qaridqun Tümüjin namayi ülü alaqu Tümüjin öčüken čaγ=tur nidün=tür=iyen γal=tu niγur=tur=iyan gerel=dei bölüge ejen ügei nutuγ=tur qočorču amui kemen abura odču abču irejü surγabasu surqu metü bui kemen qarin örö jirüken metü surγaju surγan soyon yabuluγ=a ükügülbesü ükügülün yadaqu (čidaqu) bölügei üü bi edüge oi inu oroju amu sedkil inu sengkerejü amu kemegdemüi Tümüjin namayi ülü ükügülkü köbegüd degüü=ner minu ödter qaridqun Sirgetü namayi alaju (alaqui) öterejüküi (oyiratuba) kemen yeke daγubar qayilaba köbegüd degüü=ner inu ögüleldür=ün ečige=yügen amin aburay=a kemen irebei bida Sirgetü ebügen ečige=yi bidan=u ükügülbesü qoγosun amin ügei bey=e inu yaγun kikü bida munda alaγ=a edüküy=e ödter qariy=a kemeldüjü qariba teden=i ireküi=tür aγuljaγsad Alaγ-Nayaγ=a=tan irebei teden=i iregülüged ködeljü ayisur=un (ireküi) jaγura Qudqul-nuγuda (nuγud=da) kürbesü Alaγ-Nayaγ=a ögüler=ün bida ene Tarγutai=yi bariju kürbesü , Činggis-qaγan bidan=i tus qaγan=iyan qardaju iregsen yaγun itegel(ügei)=ten arad ede bidan=tur basa
52b
ᠬᠡᠷ ᠨᠥᠬᠥᠴᠡᠬᠦᠨ ᠨᠥᠬᠥᠴᠡᠯ ᠦᠭᠡᠭᠦᠨ ᠠᠷᠠᠳ ᠪᠤᠶᠤ ᠲᠤᠰ ᠬᠠᠭᠠᠨ ᠢᠶᠠᠨ ᠬᠠᠷᠳᠠᠭᠰᠠᠨ ᠠᠷᠠᠨ ᠢ ᠮᠥᠬᠥᠷᠢᠭᠦᠯᠦᠳᠬᠦᠨ ᠮᠠᠭᠤ ᠪᠣᠯᠭᠠᠳᠬᠤᠨ ᠬᠡᠮᠡᠨ ᠮᠥᠬᠥᠷᠢᠭᠦᠯᠳᠡᠬᠦ ᠪᠢᠳᠠ ᠮᠤᠨᠳᠠ ᠲᠠᠷᠭᠤᠲᠠᠢ ᠶᠢ ᠲᠠᠯᠪᠢᠵᠤ ᠢᠯᠡᠭᠡᠵᠦ ᠪᠢᠳᠠ ᠪᠡᠶᠡᠰ ᠢᠶᠡᠨ ᠴᠢᠩᠭᠢᠰ ᠬᠠᠭᠠᠨ᠎ᠠ ᠬᠦᠴᠦᠨ ᠥᠭᠭᠥᠷ ᠢᠷᠡᠪᠡᠢ ᠪᠢ ᠬᠡᠮᠡᠵᠦ ᠣᠳᠤᠶ᠎ᠠ ᠲᠠᠷᠭᠤᠲᠠᠢ ᠶᠢ ᠪᠠᠷᠢᠵᠤ ᠠᠶᠢᠰᠤᠯᠠᠯᠢ ᠬᠡᠮᠡᠪᠡᠰᠦ ᠲᠤᠰ ᠬᠠᠭᠠᠨ ᠢᠶᠠᠨ ᠲᠡᠪᠴᠢᠨ ᠶᠠᠳᠠᠵᠤ ᠦᠵᠡᠭᠡᠳ ᠬᠡᠷ ᠦᠬᠦᠭᠦᠯᠬᠦ ᠬᠡᠮᠡᠭᠡᠳ ᠲᠠᠯᠪᠢᠵᠤ ᠢᠯᠡᠭᠡᠵᠦ ᠪᠢ ᠬᠦᠴᠦᠨ ᠥᠭᠰᠦ ᠬᠡᠮᠡᠨ ᠢᠷᠡᠪᠡᠢ ᠬᠡᠮᠡᠶ᠎ᠡ ᠬᠡᠮᠡᠪᠡ ᠨᠠᠶᠠᠭ ᠠ ᠶᠢᠨ ᠡᠨᠡ ᠦᠭᠡ ᠡᠴᠢᠭᠡᠰ ᠬᠥᠪᠡᠭᠦᠳ ᠵᠥᠪᠰᠢᠶᠡᠯᠳᠦᠵᠦ ᠲᠠᠷᠭᠤᠲᠠᠢ ᠬᠢᠷᠢᠯᠲᠤᠭ ᠢ ᠬᠤᠳᠬᠤᠯ ᠨᠤᠭᠤ ᠠᠴᠠ ᠲᠠᠯᠪᠢᠵᠤ ᠢᠯᠡᠭᠡᠵᠦ ᠮᠥᠨ ᠰᠢᠷᠭᠡᠲᠦ ᠡᠪᠦᠭᠡᠨ ᠠᠯᠠᠭ ᠨᠠᠶᠠᠭ᠎ᠠ ᠬᠥᠪᠡᠭᠦᠨ ᠯᠦᠭᠡ ᠪᠡᠨ ᠢᠷᠡᠪᠡᠰᠦ ᠵᠢᠭᠡᠨ ᠨᠢᠭᠡᠨ ᠬᠦᠮᠦᠨ ᠢᠷᠡᠵᠦ ᠬᠡᠮᠡᠪᠡ ᠰᠢᠷᠭᠡᠲᠦ ᠡᠪᠦᠭᠡᠨ ᠴᠢᠩᠭᠢᠰ ᠬᠠᠭᠠᠨ᠎ᠠ ᠥᠭᠦᠯᠡᠷᠦᠨ ᠲᠠᠷᠭᠤᠲᠠᠢ ᠬᠢᠷᠢᠯᠲᠤᠭ ᠢ ᠪᠠᠷᠢᠵᠤ ᠠᠶᠢᠰᠤᠷ ᠤᠨ ᠵᠢᠴᠢ ᠲᠤᠰᠠ ᠬᠠᠭᠠᠨ ᠢᠶᠠᠨ ᠦᠵᠡᠭᠡᠳ ᠬᠡᠷ ᠦᠬᠦᠭᠦᠯᠬᠦ ᠬᠡᠮᠡᠵᠦ ᠲᠡᠪᠴᠢᠨ ᠶᠠᠳᠠᠵᠤ ᠲᠠᠯᠪᠢᠵᠤ ᠢᠯᠡᠭᠡᠵᠦ ᠴᠢᠩᠭᠢᠰ ᠬᠠᠭᠠᠨ᠎ᠠ ᠬᠦᠴᠦᠨ ᠥᠭᠰᠦ ᠬᠡᠮᠡᠨ ᠢᠷᠡᠪᠡ ᠬᠡᠮᠡᠪᠡ ᠲᠡᠭᠦᠨ ᠲᠦᠷ ᠴᠢᠩᠭᠢᠰ ᠬᠠᠭᠠᠨ ᠥᠭᠦᠯᠡᠷ ᠦᠨ ᠲᠤᠰ ᠬᠠᠭᠠᠨ ᠢᠶᠠᠨ ᠲᠠᠷᠭᠤᠲᠠᠢ ᠬᠢᠷᠢᠯᠲᠤᠭ ᠢ ᠬᠠᠷᠳᠠᠵᠤ ᠢᠷᠡᠭᠰᠡᠨ ᠪᠥᠭᠡᠰᠦ ᠲᠤᠰ ᠬᠠᠭᠠᠨ ᠢᠶᠠᠨ ᠬᠠᠷᠳᠠᠭᠰᠠᠨ ᠠᠷᠠᠨ ᠢ ᠲᠠᠨ ᠢ ᠶᠠᠭᠤᠨ ᠬᠠᠷᠭᠠᠭᠳᠠᠬᠤ ᠪᠥᠯᠦᠭᠡ ᠲᠠᠨ ᠢ ᠤᠷᠤᠭ ᠢᠶᠠᠷ ᠮᠥᠬᠥᠷᠢᠭᠦᠯᠬᠦᠨ ᠳᠣᠷᠣᠶᠢᠲᠠᠭᠤᠯᠬᠤᠨ ᠪᠥᠯᠦᠭᠡ ᠲᠠ ᠲᠤᠰ ᠬᠠᠭᠠᠨ ᠢᠶᠠᠨ ᠲᠡᠪᠴᠢᠨ ᠶᠠᠳᠠᠭᠰᠠᠨ ᠰᠡᠳᠬᠢᠯ ᠲᠠᠨ ᠤ
ker nököčekün nököčel ügegün arad buyu tus qaγan=iyan qardaγsan aran=i mökörigülüdkün (maγu bolγadqun) kemen mökörigüldekü bida munda Tarγutai=yi talbiju ilegejü bida beyes=iyen Činggis-qaγan=a küčün öggör irebei bi kemejü oduy=a Tarγutai=yi bariju ayisulali kemebesü tus qaγan=iyan tebčin yadaju üjeged ker ükügülkü kemeged talbiju ilegejü bi küčün ögsü kemen irebei kemey=e kemebe Nayaγ=a=yin ene üge ečiges köbegüd jöbsiyeldüjü Tarγutai-Kiriltuγ=i Qudqul-nuγu=ača talbiju ilegejü mön Sirgetü ebügen Alaγ-Nayaγ=a köbegün=lüge=ben irebesü jigen (nigen) kümün irejü kemebe Sirgetü ebügen Činggis-qaγan=a ögülerün Tarγutai-Kiriltuγ=i bariju ayisur=un jiči tusa qaγan=iyan üjeged ker ükügülkü kemejü tebčin yadaju talbiju ilegejü Činggis-qaγan=a küčün ögsü kemen irebe kemebe tegün=tür Činggis-qaγan ögüler=ün tus qaγan=iyan Tarγutai-Kiriltuγ=i qardaju iregsen bögesü tus qaγan=iyan qardaγsan aran=i tan=i yaγun qarγaγdaqu bölüge tan=i uruγ=iyar mökörigülkün (doroyitaγulqun) bölüge ta tus qaγan=iyan tebčin yadaγsan sedkil tan=u
53a
ᠵᠥᠪ ᠪᠤᠢ ᠬᠡᠮᠡᠨ ᠨᠠᠶᠠᠭ ᠠ ᠶᠢ ᠰᠣᠶᠣᠷᠬᠠᠪᠠ ᠲᠡᠭᠦᠨ ᠦ ᠬᠣᠶᠢᠨ᠎ᠠ ᠴᠢᠩᠭᠢᠰ ᠬᠠᠭᠠᠨ ᠲᠤᠷ ᠬᠡᠷᠡᠶᠢᠳ ᠦᠨ ᠵᠢᠬ ᠠ ᠭᠠᠮᠪᠤ ᠳᠠᠷᠬᠤᠳ ᠲᠠ ᠪᠦᠬᠦᠢ ᠲᠦᠷ ᠨᠥᠬᠥᠴᠡᠷ᠎ᠡ ᠢᠷᠡᠪᠡ ᠲᠡᠷᠡ ᠢᠷᠡᠭᠰᠡᠨ ᠲᠦᠷ ᠮᠡᠷᠭᠡᠳ ᠬᠠᠳᠬᠤᠯᠳᠤᠷᠠ ᠢᠷᠡᠪᠡᠰᠦ ᠴᠢᠩᠭᠢᠰ ᠬᠠᠭᠠᠨ ᠵᠢᠬ ᠠ ᠭᠠᠮᠪᠤ ᠬᠣᠶᠠᠷ ᠬᠠᠳᠬᠤᠯᠳᠤᠵᠤ ᠨᠢᠴᠤᠭ ᠠ ᠪᠠᠢ ᠳᠠᠷᠤᠪᠠᠢ ᠲᠡᠳᠡ ᠲᠦᠮᠡᠨ ᠲᠥᠪᠡᠭᠡᠨ ᠣᠯᠠᠨ ᠲᠣᠩᠭᠤᠶᠢᠳ ᠪᠤᠲᠠᠷᠠᠭᠰᠠᠨ ᠬᠡᠷᠡᠶᠢᠳ ᠢᠷᠭᠡᠨ ᠪᠡᠷ ᠴᠢᠩᠭᠢᠰ ᠬᠠᠭᠠᠨ ᠲᠤᠷ ᠣᠷᠣᠵᠤ ᠢᠷᠡᠯᠦᠭᠡ ᠬᠡᠷᠡᠶᠢᠳ ᠦᠨ ᠣᠩ ᠬᠠᠭᠠᠨ ᠪᠥᠭᠡᠳ ᠤᠷᠢᠳᠠ ᠶᠢᠰᠦᠬᠡᠢ ᠪᠠᠭᠠᠲᠤᠷ ᠲᠤᠷ ᠰᠠᠶᠢᠲᠤᠷ ᠬᠠᠨᠢᠯᠠᠭᠰᠠᠨ ᠳᠤᠷ ᠶᠢᠰᠦᠬᠡᠢ ᠪᠠᠭᠠᠲᠤᠷ ᠯᠤᠭ᠎ᠠ ᠠᠨᠳᠠ ᠬᠡᠮᠡᠯᠳᠦᠭᠰᠡᠨ ᠠᠵᠤᠬᠤ ᠠᠨᠳᠠ ᠬᠡᠮᠡᠯᠳᠦᠭᠰᠡᠨ ᠶᠣᠰᠤᠨ ᠢᠨᠤ ᠣᠩ ᠬᠠᠭᠠᠨ ᠡᠴᠢᠭᠡ ᠶᠦᠭᠡᠨ ᠬᠤᠷᠴᠤᠬᠤᠰ ᠪᠤᠶᠢᠷᠤᠭ ᠬᠠᠭᠠᠨ ᠳᠡᠭᠦᠦ ᠨᠡᠷ ᠢᠶᠡᠨ ᠠᠯᠠᠬᠤ ᠶᠢᠨ ᠲᠤᠯᠠ ᠬᠦᠷ ᠬᠠᠭᠠᠨ ᠠᠪᠠᠭ ᠠ ᠯᠤᠭ ᠠ ᠪᠠᠨ ᠪᠤᠯᠬ᠎ᠠ ᠳᠠᠶᠢᠰᠤᠨ ᠪᠣᠯᠤᠯᠴᠠᠵᠤ ᠬᠠᠷᠬᠤᠳ ᠬᠠᠪᠴᠢᠯ ᠰᠢᠷᠭᠤᠯᠳᠤᠵᠤ ᠵᠠᠭᠤᠨ ᠬᠦᠮᠦᠨ ᠭᠠᠷᠴᠤ ᠶᠢᠰᠦᠬᠡᠢ ᠪᠠᠭᠠᠲᠤᠷ ᠲᠤᠷ ᠢᠷᠡᠪᠡᠰᠦ ᠶᠢᠰᠦᠬᠡᠢ ᠪᠠᠭᠠᠲᠤᠷ ᠨᠠᠮᠠᠶᠢ ᠲᠡᠭᠦᠨᠢ ᠥᠪᠡᠷ ᠲᠦᠷ ᠢᠶᠡᠨ ᠢᠷᠡᠭᠳᠡᠵᠦ ᠢᠷᠡᠪᠡ ᠬᠡᠮᠡᠨ ᠥᠪᠡᠰᠦᠪᠡᠨ ᠴᠢᠷᠢᠭ ᠮᠣᠷᠢᠯᠠᠵᠤ ᠬᠦᠷ ᠬᠠᠭᠠᠨ ᠢ ᠬᠠᠰᠢᠨ ᠵᠦᠭ ᠦᠯᠳᠡᠵᠦ ᠢᠷᠭᠡᠨ ᠤᠷᠭᠤᠨ ᠢ ᠢᠨᠤ ᠣᠩ ᠬᠠᠭᠠᠨ᠎ᠠ ᠠᠪᠴᠤ ᠥᠭᠭᠥᠭᠰᠡᠨ ᠦ ᠲᠤᠯᠠ ᠲᠡᠨᠳᠡ ᠠᠨᠳᠠ ᠪᠣᠯᠤᠯᠴᠠᠪᠠᠢ ᠲᠡᠷᠡ ᠲᠡᠭᠦᠨ ᠦ ᠬᠣᠶᠢᠨᠠ ᠣᠩ ᠬᠠᠭᠠᠨ ᠤ ᠡᠷᠬᠡ ᠬᠠᠷ᠎ᠠ ᠠᠬ ᠠ ᠲᠠᠭᠠᠨ ᠠᠯᠠᠭᠳᠠᠷ ᠤᠨ ᠪᠤᠷᠤᠭᠤᠳᠴᠤ ᠣᠳᠴᠤ ᠨᠠᠢᠮᠠᠨ ᠤ ᠢᠨᠠᠴᠠ ᠬᠠᠭᠠᠨ ᠲᠤᠷ ᠣᠷᠣᠵᠤᠬᠤᠢ ᠢᠨᠠᠴᠠ ᠴᠢᠷᠢᠭ ᠦᠳ ᠢᠯᠡᠭᠡᠵᠦ ᠵᠢᠴᠢ ᠣᠩ ᠬᠠᠭᠠᠨ ᠭᠤᠷᠪᠠᠨ
jöb bui kemen Nayaγ=a=yi soyorqaba # tegün=ü qoyin=a Činggis-qaγan=tur Kereyid=ün Jiq=a-Gambu Darqud=ta büküi=tür nököčer=e irebe tere iregsen=tür Merged qadquldura irebesü Činggis-qaγan Jiq=a-Gambu qoyar qadqulduju ničuγ=a=bai (darubai) tede tümen Töbegen olan Tongγuyid butaraγsan Kereyid irgen ber Činggis-qaγan=tur oroju irelüge Kereyid=ün Ong-qaγan böged urida Yisükei-baγatur=tur sayitur qanilaγsan=dur Yisükei-baγatur=luγ=a anda kemeldügsen ajuqu anda kemeldügsen yosun inu Ong-qaγan ečige=yügen Qurčuqus-Buyiruγ-qaγan degüü=ner=iyen alaqu=yin tula Kür-qaγan abaγ=a=luγ=a=ban bulq=a (dayisun) bolulčaju Qarqud-qabčil sirγulduju jaγun kümün γarču Yisükei-baγatur=tur irebesü Yisükei-baγatur namayi (tegüni) öber=tür=iyen iregdejü (irebe kemen) öbesüben čirig morilaju Kür-qaγan=i Qasin jüg üldejü irgen urγun=i inu Ong-qaγan=a abču öggögsen=ü tula tende anda bolulčabai tere tegün=ü qoyina Ong-qaγan=u Erke-Qar=a aq=a=taγan alaγdar=un buruγudču odču Naiman=u Inača-qaγan=tur orojuqui Inača čirig=üd ilegejü jiči Ong-qaγan γurban
53b
ᠪᠠᠯᠠᠭᠠᠳ ᠪᠢᠳᠦᠨ ᠵᠣᠷᠢᠵᠤ ᠬᠠᠷ ᠠ ᠬᠢᠲᠠᠳ ᠤᠨ ᠬᠦᠷ ᠬᠠᠭᠠᠨ ᠲᠤᠷ ᠣᠷᠣᠭᠰᠠᠨ ᠠᠵᠤᠬᠤ ᠲᠡᠨᠳᠡᠴᠡ ᠪᠤᠯᠠᠬ᠎ᠠ ᠪᠣᠯᠤᠨ ᠤᠶᠢᠭᠤᠳ ᠤᠨ ᠲᠠᠩᠭᠤᠳ ᠤᠨ ᠪᠠᠯᠭᠠᠳ ᠳᠠᠭᠠᠷᠢᠨ ᠲᠠᠪᠤᠨ ᠢᠮᠠᠭ᠎ᠠ ᠰᠢᠷᠭᠦᠯᠡᠵᠦ ᠠᠳᠤᠭᠤᠯᠠᠨ ᠰᠠᠭᠠᠯᠳᠤᠵᠤ ᠰᠠᠭᠠᠵᠤ ᠲᠡᠮᠡᠭᠡᠨ ᠦ ᠴᠢᠰᠤᠨ ᠬᠠᠨᠠᠵᠤ ᠢᠳᠡᠭᠡᠳ ᠶᠠᠳᠠᠵᠤ ᠭᠦᠰᠡᠬᠦᠢ ᠨᠠᠭᠤᠷ᠎ᠠ ᠢᠷᠡᠪᠡᠰᠦ ᠴᠢᠩᠭᠢᠰ ᠬᠠᠭᠠᠨ ᠤᠷᠢᠳᠠ ᠶᠢᠰᠦᠬᠡᠢ ᠪᠠᠭᠠᠲᠤᠷ ᠯᠤᠭ᠎ᠠ ᠠᠨᠳᠠ ᠬᠡᠮᠡᠯᠳᠦᠭᠰᠡᠨ ᠶᠣᠰᠤᠭᠠᠷ ᠳᠡᠬᠢ ᠪᠠᠭᠠᠲᠤᠷ ᠰᠦᠬᠡᠢ ᠨᠡᠭᠦᠨ ᠬᠣᠶᠠᠷ ᠢ ᠡᠯᠴᠢ ᠢᠯᠡᠭᠡᠭᠡᠳ ᠬᠡᠷᠦᠯᠡᠨ ᠦᠨ ᠲᠡᠷᠢᠭᠦᠨ᠎ᠡ ᠴᠢᠩᠭᠢᠰ ᠬᠠᠭᠠᠨ ᠥᠪᠡᠰᠦᠪᠡᠨ ᠡᠰᠡᠷᠭᠦ ᠣᠳᠴᠤ ᠥᠯᠥᠰᠴᠦ ᠲᠤᠷᠤᠵᠤ ᠢᠷᠡᠪᠡᠢ ᠬᠡᠮᠡᠨ ᠣᠩ ᠬᠠᠭᠠᠨ ᠢ ᠭᠤᠪᠴᠠᠭᠤᠷ ᠭᠤᠪᠴᠢᠵᠤ ᠬᠦᠷᠢᠶᠡᠨ ᠳᠣᠲᠣᠷᠠ ᠣᠷᠣᠭᠤᠯᠵᠤ ᠲᠡᠵᠢᠭᠡᠪᠡ ᠲᠡᠷᠡ ᠡᠪᠦᠯ ᠵᠡᠷᠭᠡ ᠪᠡᠷ ᠨᠡᠭᠦᠵᠦ ᠬᠤᠪᠠᠬᠠᠢ ᠠ ᠶᠢ ᠡᠪᠦᠯᠵᠢᠪᠡ ᠲᠡᠨᠳᠡ ᠣᠩ ᠬᠠᠭᠠᠨ ᠤ ᠳᠡᠭᠦᠦ ᠨᠡᠷ ᠨᠣᠶᠠᠳ ᠥᠭᠦᠯᠡᠯᠳᠦᠷ ᠦᠨ ᠡᠨᠡ ᠬᠠᠭᠠᠨ ᠠᠬ᠎ᠠ ᠪᠢᠳᠠᠨ ᠤ ᠦᠭᠡᠬᠦᠨ ᠠᠪᠤᠷᠢ ᠲᠤ ᠥᠮᠡᠬᠡᠢ ᠡᠯᠢᠭᠡ ᠡᠪᠦᠷᠢᠳᠴᠦ ᠶᠠᠪᠤᠶᠤ ᠠᠬ᠎ᠠ ᠳᠡᠭᠦᠦ ᠨᠢ ᠪᠠᠷᠠᠪᠠ ᠬᠠᠷᠠ ᠬᠢᠲᠠᠳ ᠲᠤᠷ ᠣᠷᠣᠪᠠ ᠤᠯᠤᠰ ᠢ ᠵᠣᠪᠠᠭᠠᠪᠠ ᠡᠭᠦᠨ ᠢ ᠬᠡᠷ ᠬᠢᠬᠦᠨ ᠪᠢᠳᠠ ᠡᠷᠲᠡ ᠡᠳᠦᠷ ᠬᠡᠮᠡᠪᠡᠰᠦ ᠳᠣᠯᠣᠭᠠᠨ ᠨᠠᠰᠤᠲᠤ ᠶᠢ ᠮᠡᠷᠭᠡᠳ ᠢᠷᠭᠡᠳ ᠲᠣᠭᠣᠯᠢᠵᠤ ᠣᠳᠴᠤ ᠬᠠᠷᠠ ᠠᠯᠠᠭ ᠡᠰᠢᠭᠡᠨ ᠳᠠᠬᠤ ᠡᠮᠦᠰᠭᠡᠵᠦ ᠰᠡᠯᠡᠩᠭᠡ ᠶᠢᠨ ᠪᠤᠭᠤᠷ ᠠ ᠬᠡᠭᠡᠷ᠎ᠡ ᠠᠬᠤ ᠲᠤ ᠥᠳᠦᠪᠡᠬᠦ ᠲᠡᠷᠢᠭᠦᠯᠡᠪᠡᠬᠦ ᠬᠤᠷᠴᠠᠬᠤᠰ ᠪᠤᠶᠢᠷᠤᠭ ᠬᠠᠭᠠᠨ ᠡᠴᠢᠭᠡ ᠢᠨᠤ ᠵᠢᠴᠢ ᠮᠡᠷᠭᠡᠳ ᠢᠷᠭᠡᠨ ᠲᠦᠷ ᠠᠭᠤᠯᠵᠤ ᠬᠥᠪᠡᠭᠦᠨ ᠢᠶᠡᠨ ᠲᠡᠨᠳᠡ ᠠᠪᠤᠷᠠᠵᠤ ᠢᠷᠡᠪᠡᠰᠦ ᠪᠠᠰᠠ ᠲᠠᠲᠠᠷ ᠤᠨ ᠠᠵᠢ ᠬᠠᠭᠠᠨ ᠠᠷᠪᠠᠨ
balaγad bidün joriju Qar=a-Kitad=un Kür-qaγan=tur oroγsan ajuqu tendeče bulaq=a bolun Uyiγud=un Tangγud=un balγad daγarin tabun imaγ=a sirgülejü (aduγulan) saγalduju (saγaju) temegen=ü čisun qanaju ideged yadaju Güseküi-naγur=a irebesü Činggis-qaγan urida Yisükei-baγatur=luγ=a anda kemeldügsen yosuγar Deki-baγatur Sükei Negün qoyar=i elči ilegeged Kerülen=ün terigün=e Činggis-qaγan öbesüben esergü odču ölösčü turuju irebei kemen Ong-qaγan=i γubčaγur γubčiju küriyen dotora oroγulju tejigebe tere ebül jerge=ber negüjü Qubaqai=a=yi ebüljibe # tende Ong-qaγan=u degüü=ner noyad ögüleldür=ün ene qaγan aq=a bidan=u ügekün aburi=tu ömekei elige ebüridčü yabuyu aq=a degüü=ni baraba Qara-Kitad=tur oroba ulus=i jobaγaba egün=i ker kikün bida erte edür kemebesü doloγan nasutu=yi Merged irged toγoliju odču qara alaγ esigen daqu emüsgejü Selengge=yin Buγur=a-keger=e aqu=tu ödübekü (terigülebekü) Qurčaqus-Buyiruγ-qaγan ečige inu jiči Merged irgen=tür aγulju köbegün=iyen tende aburaju irebesü basa Tatar=un Aji-qaγan arban
54a
ᠭᠤᠷᠪᠠᠨ ᠨᠠᠰᠤᠲᠤ ᠪᠦᠬᠦᠢ ᠲᠦᠷ ᠡᠬᠡ ᠰᠡᠯᠲᠡ ᠶᠢ ᠲᠠᠭᠤᠯᠢᠵᠤ ᠣᠳᠴᠤ ᠲᠡᠮᠡᠭᠡᠳ ᠢᠶᠡᠨ ᠠᠳᠤᠭᠤᠯᠠᠭᠤᠯᠤᠨ ᠶᠠᠪᠤᠬᠤᠢ ᠲᠤᠷ ᠠᠵᠢ ᠬᠠᠭᠠᠨ ᠢ ᠬᠣᠨᠢᠴᠢ ᠠᠪᠤᠭᠠᠳ ᠢᠷᠡᠪᠡᠢ ᠵ᠎ᠠ ᠪᠠᠰᠠ ᠲᠡᠭᠦᠨ ᠦ ᠬᠣᠶᠢᠨᠠ ᠨᠠᠢᠮᠠᠨ ᠠᠴᠠ ᠠᠶᠤᠵᠤ ᠪᠤᠷᠤᠭᠤᠳᠴᠤ ᠰᠠᠷᠲᠠᠭᠤᠯ ᠭᠠᠵᠠᠷ᠎ᠠ ᠴᠤᠢ ᠮᠥᠷᠡᠨ᠎ᠡ ᠬᠠᠷᠠ ᠬᠢᠲᠠᠳ ᠤᠨ ᠬᠦᠷ ᠬᠠᠭᠠᠨ ᠳᠤᠷ ᠣᠳᠪᠠᠢ ᠵ᠎ᠠ ᠲᠡᠨᠳᠡ ᠨᠢᠭᠡᠨ ᠣᠨ ᠦᠯᠦ ᠳᠠᠭᠤᠰᠤᠨ ᠵᠢᠴᠢ ᠳᠠᠶᠢᠵᠢᠨ ᠬᠥᠳᠡᠯᠵᠦ ᠤᠶᠢᠭᠤᠳ ᠤᠨ ᠲᠠᠩᠭᠤᠳ ᠤᠨ ᠭᠠᠵᠠᠷ ᠢᠶᠠᠷ ᠪᠢᠳᠦᠵᠦ ᠶᠠᠪᠤᠷᠤᠨ ᠶᠠᠳᠠᠵᠤ ᠲᠠᠪᠤᠨ ᠢᠮᠠᠭᠠᠨ ᠢ ᠰᠢᠷᠭᠦᠯᠡᠵᠦ ᠰᠠᠭᠠᠨ ᠲᠡᠮᠡᠭᠡᠨ ᠦ ᠴᠢᠰᠤᠨ ᠬᠠᠨᠠᠵᠤ ᠢᠳᠡᠵᠦ ᠭᠠᠭᠴᠠᠨ ᠰᠣᠬᠣᠷ ᠬᠠᠯᠢᠭᠤᠨ ᠮᠣᠷᠢ ᠲᠠᠢ ᠶᠠᠳᠠᠵᠤ ᠲᠦᠮᠦᠵᠢᠨ ᠲᠦᠷ ᠢᠷᠡᠪᠡᠰᠦ ᠭᠤᠪᠴᠠᠭᠤᠷ ᠢ ᠭᠤᠪᠴᠢᠵᠤ ᠲᠡᠵᠢᠭᠡᠪᠡᠢ ᠵ᠎ᠠ ᠡᠳᠦᠭᠡ ᠲᠦᠮᠦᠵᠢᠨ ᠬᠥᠪᠡᠭᠦᠨ ᠲᠦᠷ ᠲᠡᠶᠢᠨ ᠶᠠᠪᠤᠭᠰᠠᠨ ᠢᠶᠠᠨ ᠤᠮᠠᠷᠲᠠᠵᠤ ᠥᠮᠡᠬᠡᠢ ᠡᠯᠢᠭᠡ ᠥᠪᠥᠷᠯᠡᠵᠦ ᠶᠠᠪᠤᠮᠤ ᠬᠡᠷ ᠬᠢᠬᠦᠨ ᠪᠢᠳᠠ ᠬᠡᠮᠡᠯᠳᠦᠪᠡᠢ ᠡᠶᠢᠨ ᠥᠭᠦᠯᠡᠯᠳᠦᠭᠰᠡᠨ ᠦᠭᠡᠰ ᠢ ᠠᠯᠲᠠᠨ ᠡᠰᠦᠭ ᠣᠩ ᠬᠠᠭᠠᠨ ᠠᠴᠠ ᠠᠶᠠᠯᠭᠤᠯᠵᠤ ᠠᠯᠲᠠᠨ ᠡᠰᠦᠭ ᠥᠭᠦᠯᠡᠷ ᠦᠨ ᠪᠢ ᠪᠡᠷ ᠡᠨᠡ ᠡᠶ ᠡ ᠲᠦᠷ ᠣᠷᠣᠯᠳᠤᠯᠤᠭ᠎ᠠ ᠬᠦ ᠵᠢᠴᠢ ᠬᠠᠭᠠᠨ ᠢᠶᠠᠨ ᠴᠢᠮᠠᠶᠢ ᠲᠡᠪᠴᠢᠨ ᠶᠠᠳᠠᠪᠠ ᠬᠡᠮᠡᠵᠦ ᠲᠡᠨᠳᠡ ᠣᠩ ᠬᠠᠭᠠᠨ ᠢᠯᠠᠭᠪᠤᠷᠢ ᠠᠯᠢᠨ ᠲᠠᠶᠢᠰᠢ ᠲᠠᠨ ᠳᠡᠭᠦᠦ ᠨᠡᠷ ᠢᠶᠡᠨ ᠨᠣᠠᠠᠳᠨᠣᠶᠠᠳ ᠢᠶᠠᠨ ᠪᠠᠷᠢᠭᠤᠯᠵᠠᠬᠤᠢ ᠳᠡᠭᠦᠦ ᠨᠡᠷ ᠡᠴᠡ ᠵᠢᠬ ᠠ ᠭᠠᠮᠪᠤ ᠪᠤᠷᠤᠭᠤᠳᠴᠤ ᠨᠠᠢᠮᠠᠨ ᠲᠤᠷ ᠣᠷᠣᠵᠤᠬᠤᠢ ᠲᠡᠳᠡᠨ ᠢ ᠪᠡᠷ ᠢᠶᠡᠨᠢᠶᠡᠷ ᠰᠡᠯᠲᠡ ᠣᠷᠣᠭᠤᠯᠵᠤ ᠭᠥᠪᠰᠢᠭᠦᠯᠵᠦ ᠣᠩ ᠬᠠᠭᠠᠨ ᠥᠭᠦᠯᠡᠷ ᠦᠨ ᠤᠶᠢᠭᠤᠨ ᠲᠠᠩᠭᠤᠳ ᠤᠨ ᠭᠠᠵᠠᠳ ᠢᠶᠠᠷ ᠠᠶᠢᠰᠤᠬᠤᠢ ᠲᠤᠷ ᠶᠠᠭᠤ ᠬᠡᠮᠡᠯᠳᠦᠯᠦᠭᠡᠢ
γurban nasutu büküi=tür eke selte=yi taγuliju odču temeged=iyen aduγulaγulun yabuqui=tur Aji-qaγan=i qoniči abuγad irebei j=a basa tegün=ü qoyina Naiman=ača ayuju buruγudču Sartaγul γajar=a Čui-mören=e Qara-Kitad=un Kür-qaγan=dur odbai j=a tende nigen on ülü daγusun jiči dayijin ködeljü Uyiγud=un Tangγud=un γajar=iyar bidüjü yaburun yadaju tabun imaγan=i sirgülejü saγan temegen=ü čisun qanaju idejü γaγčan soqor qaliγun mori=tai yadaju Tümüjin=tür irebesü γubčaγur=i γubčiju tejigebei j=a edüge Tümüjin köbegün=tür teyin yabuγsan=iyan umartaju ömekei elige öbörlejü yabumu ker kikün bida kemeldübei eyin ögüleldügsen üges=i Altan-Esüg Ong-qaγan=ača ayalγulju Altan-Esüg ögüler=ün bi ber ene ey=e=tür orolduluγ=a kü jiči qaγan=iyan čimayi tebčin yadaba kemejü tende Ong-qaγan Ilaγburi Alin-tayisi=tan degüü=ner=iyen noaad<noyad>=iyan bariγuljaqui degüü=ner=eče Jiq=a-Gambu buruγudču Naiman=tur orojuqui teden=i ber=iyen(iyer) selte oroγulju (göbsigüljü) Ong-qaγan ögüler=ün Uyiγun Tangγud=un γajad=iyar ayisuqui=tur yaγu kemeldülügei
54b
ᠲᠠᠨ ᠤ ᠮᠡᠲᠦ ᠶᠠᠭᠤ ᠰᠡᠳᠬᠢᠬᠦ ᠬᠡᠮᠡᠨ ᠨᠢᠭᠤᠷ ᠲᠤᠷ ᠢᠨᠤ ᠨᠢᠯᠪᠤᠵᠤ ᠪᠠᠷᠢᠶᠠᠰ ᠢ ᠠᠨᠤ ᠲᠠᠯᠪᠢᠭᠤᠯᠪᠠ ᠬᠠᠭᠠᠨ᠎ᠠ ᠡᠯᠡ ᠨᠢᠯᠪᠤᠭᠳᠠᠪᠠ ᠬᠡᠮᠡᠵᠦ ᠭᠡᠷ ᠲᠦᠷ ᠡᠯᠡ ᠪᠦᠬᠦᠨ ᠠᠷᠠᠨ ᠬᠦᠮᠦᠨ ᠪᠦᠭᠦᠳᠡᠭᠡᠷ ᠪᠣᠰᠴᠤ ᠨᠢᠯᠪᠤᠵᠤᠬᠤ ᠲᠡᠷᠡ ᠡᠪᠦᠯ ᠡᠪᠦᠯᠵᠢᠵᠦ ᠪᠥᠯᠦᠭᠡ ᠨᠣᠬᠠᠢ ᠵᠢᠯ ᠦᠨ ᠨᠠᠮᠤᠷ ᠢᠨᠤ ᠴᠢᠩᠭᠢᠰ ᠬᠠᠭᠠᠨ ᠴᠠᠭᠠᠨ ᠲᠠᠲᠠᠷ ᠡᠯᠴᠢ ᠲᠠᠲᠠᠷ ᠳᠤᠲᠠᠭᠢᠳ ᠲᠠᠲᠠᠷ ᠠᠷᠤᠬᠠᠢ ᠲᠠᠲᠠᠷ ᠲᠡᠳᠡ ᠲᠠᠲᠠᠷ ᠲᠤᠷ ᠳᠠᠯᠠᠨ ᠨᠡᠮᠦᠷᠭᠡᠨ᠎ᠡ ᠬᠠᠳᠬᠤᠯᠳᠠᠬᠤ ᠶᠢᠨ ᠤᠷᠢᠳᠠ ᠴᠢᠩᠭᠢᠰ ᠬᠠᠭᠠᠨ ᠵᠠᠰᠠᠭ ᠥᠭᠦᠯᠡᠯᠳᠦᠷ ᠦᠨ ᠳᠠᠶᠢᠰᠤᠨ ᠬᠦᠮᠦᠨ ᠢ ᠳᠠᠷᠤᠪᠠᠰᠤ ᠣᠯᠵᠠ ᠲᠤᠷ ᠪᠦᠦ ᠪᠠᠢ ᠵᠠ ᠳᠠᠷᠤᠨ ᠪᠠᠷᠠᠪᠠᠰᠤ ᠲᠡᠷᠡ ᠣᠯᠵᠠ ᠪᠢᠳᠠᠨ ᠤᠬᠠᠢ ᠪᠤᠢ ᠵ᠎ᠠ ᠬᠤᠪᠢᠶᠠᠯᠳᠤᠮ ᠵ᠎ᠠ ᠪᠢᠳᠠᠨ ᠤ ᠨᠥᠬᠥᠷ ᠬᠦᠮᠦᠨ᠎ᠡ ᠨᠢᠴᠤᠭᠠᠭᠳᠠᠪᠠᠰᠤ ᠲᠡᠷᠢᠭᠦᠨ ᠦ ᠳᠣᠪᠲᠣᠯᠤᠭᠰᠠᠨ ᠭᠠᠵᠠᠷ᠎ᠠ ᠡᠭᠡᠭᠡᠷᠦᠶ᠎ᠡ ᠲᠡᠷᠢᠭᠦᠨ ᠦ ᠳᠣᠪᠲᠣᠯᠭᠠᠨ ᠲᠤᠷ ᠡᠰᠡ ᠡᠭᠡᠷᠦᠭᠰᠡᠨ ᠬᠦᠮᠦᠨ ᠢ ᠮᠥᠬᠥᠷᠢᠭᠦᠯᠦᠶ᠎ᠡ ᠬᠡᠮᠡᠨ ᠵᠠᠰᠠᠯᠠᠯᠳᠤᠪᠠᠢ ᠳᠠᠯᠠᠨ ᠨᠡᠮᠦᠷᠭᠡᠨ᠎ᠡ ᠬᠠᠳᠬᠤᠯᠳᠤᠵᠤ ᠬᠥᠳᠡᠯᠭᠡᠨ ᠳᠠᠷᠤᠵᠤ ᠤᠯᠬᠤᠢ ᠰᠢᠯᠭᠡᠭᠴᠢᠳ ᠡᠴᠡ ᠤᠯᠤᠰ ᠲᠤᠷ ᠠᠨᠤ ᠨᠡᠶᠢᠯᠡᠭᠦᠯᠵᠦ ᠲᠠᠭᠤᠯᠢᠪᠠᠢ ᠴᠠᠭᠠᠨ ᠲᠠᠲᠠᠷ ᠡᠯᠴᠢ ᠲᠠᠲᠠᠷ ᠳᠤᠲᠠᠭᠢᠳ ᠲᠠᠲᠠᠷ ᠠᠷᠤᠬᠠᠢ ᠲᠠᠲᠠᠷ ᠡᠷᠬᠢᠨ ᠢᠷᠭᠡᠨ ᠢ ᠲᠡᠨᠳᠡ ᠮᠣᠬᠣᠳᠬᠠᠵᠤ ᠵᠠᠰᠠᠭ ᠥᠭᠦᠯᠡᠯᠳᠦᠭᠰᠡᠨ ᠦᠭᠡᠰ ᠲᠦᠷ ᠠᠯᠲᠠᠨ ᠬᠤᠴᠢᠷ ᠳᠠᠷᠢᠳᠠᠢ ᠭᠤᠷᠪᠠᠭᠤᠯᠠ ᠦᠭᠡ ᠲᠦᠷ ᠢᠶᠡᠨ ᠦᠯᠦ ᠬᠦᠷᠦᠨ ᠣᠯᠵᠠ ᠲᠤᠷ ᠪᠠᠶᠢᠵᠤᠬᠤᠢ ᠦᠭᠡ ᠲᠦᠷ ᠢᠶᠡᠨ ᠡᠰᠡ ᠬᠦᠷᠪᠡ ᠬᠡᠮᠡᠨ ᠵᠡᠪᠡ ᠬᠤᠪᠢᠯᠠᠢ ᠬᠣᠶᠠᠷ ᠢ
tan=u metü yaγu sedkikü kemen niγur=tur inu nilbuju bariyas=i anu talbiγulba qaγan=a ele nilbuγdaba kemejü ger=tür ele bükün aran (kümün) bügüdeger bosču nilbujuqu tere ebül ebüljijü bölüge # noqai jil=ün namur inu Činggis-qaγan Čaγan-Tatar Elči-Tatar Dutaγid-Tatar Aruqai-Tatar tede Tatar=tur Dalan-Nemürgen=e qadquldaqu=yin urida Činggis-qaγan jasaγ ögüleldür=ün dayisun kümün=i darubasu olja=tur büü bai=ja darun barabasu tere olja bidan=uqai bui j=a qubiyaldum j=a bidan=u nökör kümün=e ničuγaγdabasu terigün=ü dobtoluγsan γajar=a egegerüy=e terigün=ü dobtolγan=tur ese egerügsen kümün=i mökörigülüy=e kemen jasalaldubai Dalan-Nemürgen=e qadqulduju ködelgen daruju Ulqui-Silgegčid=eče ulus=tur anu neyilegüljü taγulibai Čaγan-Tatar Elči-Tatar Dutaγid-Tatar , Aruqai-Tatar , erkin irgen=i tende moqodqaju jasaγ ögüleldügsen üges=tür Altan Qučir , Daridai , γurbaγula üge=tür=iyen ülü kürün olja=tur bayijuqui üge=tür=iyen ese kürbe kemen Jebe Qubilai qoyar=i
55a
ᠢᠯᠡᠭᠡᠵᠦ ᠣᠯᠵᠠᠯᠠᠭᠰᠠᠳ ᠠᠳᠤᠭᠤᠨ ᠶᠠᠭᠤᠪᠠ ᠠᠪᠤᠭᠰᠠᠳ ᠢ ᠪᠦᠭᠦᠳᠡ ᠶᠢ ᠠᠪᠬᠠᠭᠤᠯᠪᠠ ᠲᠠᠲᠠᠷ ᠢ ᠮᠣᠬᠣᠳᠬᠠᠵᠤ ᠲᠠᠭᠤᠯᠢᠨ ᠪᠠᠷᠢᠵᠤ ᠤᠯᠤᠰ ᠢᠷᠭᠡᠨ ᠠᠨᠤ ᠬᠡᠷ ᠬᠢᠬᠦᠨ ᠬᠡᠮᠡᠨ ᠴᠢᠩᠭᠢᠰ ᠬᠠᠭᠠᠨ ᠶᠡᠬᠡ ᠡᠶ᠎ᠡ ᠤᠷᠤᠭ ᠢᠶᠠᠷ ᠢᠶᠠᠨ ᠭᠠᠭᠴᠠ ᠭᠡᠷ ᠲᠦᠷ ᠣᠷᠣᠵᠤ ᠡᠶᠡᠳᠦᠯᠳᠦᠪᠡᠢ ᠡᠷᠲᠡ ᠡᠳᠦᠷ ᠡᠴᠡ ᠲᠠᠲᠠᠷ ᠢᠷᠭᠡᠨ ᠡᠴᠢᠭᠡᠰ ᠡᠪᠦᠭᠡᠰ ᠢ ᠪᠢᠳᠠᠨ ᠤ ᠪᠠᠷᠠᠭᠰᠠᠨ ᠪᠥᠯᠦᠭᠡ ᠡᠴᠢᠭᠡᠰ ᠡᠪᠦᠭᠡᠰ ᠦᠨ ᠥᠰᠢᠯ ᠥᠰᠢᠵᠦ ᠬᠢᠰᠠᠯ ᠬᠢᠰᠠᠵᠤ ᠴᠢᠭᠦᠨ ᠲᠦᠷ ᠦᠯᠢᠵᠦ ᠬᠢᠳᠤᠵᠤ ᠠᠯᠠᠵᠤ ᠥᠭᠭᠥᠶ᠎ᠡ ᠦᠯᠢᠳᠲᠡᠯᠡ ᠬᠢᠳᠠᠶ᠎ᠠ ᠦᠯᠡᠭᠰᠡᠳ ᠢ ᠪᠣᠭᠣᠯᠢᠳᠤᠶ᠎ᠠ ᠵᠦᠭ ᠵᠦᠭ ᠬᠤᠪᠢᠶᠠᠯᠳᠤᠶ᠎ᠠ ᠬᠡᠮᠡᠨ ᠡᠶ᠎ᠡ ᠪᠠᠷᠠᠯᠳᠤᠵᠤ ᠭᠡᠷ ᠲᠡᠴᠡ ᠭᠠᠷᠪᠠᠰᠤ ᠲᠠᠲᠠᠷ ᠤᠨ ᠶᠡᠬᠡ ᠴᠡᠷᠦ ᠪᠡᠯᠭᠦᠲᠡᠢ ᠡᠴᠡ ᠶᠠᠮᠪᠠᠷ ᠡᠶ᠎ᠡ ᠡᠶᠡᠳᠦᠯᠳᠦᠪᠡᠢ ᠬᠡᠮᠡᠨ ᠠᠰᠠᠭᠪᠠᠰᠤ ᠪᠡᠯᠭᠦᠲᠡᠢ ᠥᠭᠦᠯᠡᠷ ᠦᠨ ᠲᠠᠨ ᠢ ᠪᠦᠬᠦ ᠪᠦᠭᠦᠳᠡ ᠶᠢ ᠴᠢᠭᠦᠨ ᠲᠦᠷ ᠦᠯᠢᠵᠦ ᠬᠢᠳᠤᠶ᠎ᠠ ᠬᠡᠮᠡᠯᠳᠦᠪᠡᠢ ᠬᠡᠮᠡᠵᠦᠬᠦᠢ ᠪᠡᠯᠭᠦᠲᠡᠢ ᠶᠢᠨ ᠡᠨᠡ ᠦᠭᠡ ᠲᠦᠷ ᠶᠡᠬᠡ ᠴᠡᠷᠦ ᠲᠠᠲᠠᠷ ᠲᠤᠷ ᠢᠶᠠᠨ ᠲᠤᠩᠬᠠᠭ ᠲᠠᠯᠪᠢᠵᠤ ᠬᠣᠷᠠᠭᠤᠯᠵᠤᠬᠤᠢ ᠬᠣᠷᠠᠭᠤᠯᠤᠭᠰᠠᠨ ᠲᠠᠲᠠᠷ ᠲᠤᠷ ᠪᠢᠳᠠᠨ ᠤ ᠴᠢᠷᠢᠭ ᠦᠳ ᠡᠭᠡᠭᠡᠷᠡᠬᠦᠨ ᠪᠣᠯᠤᠨ ᠮᠠᠰᠢ ᠱᠠᠮᠰᠢᠵᠤᠬᠤᠢ ᠡᠷᠭᠡᠴᠡᠨ ᠢᠷᠡᠵᠦ ᠮᠠᠰᠢ ᠡᠴᠦᠯᠭᠡᠪᠡᠢ ᠬᠣᠷᠠᠭᠤᠯᠤᠭᠰᠠᠳ ᠲᠠᠲᠠᠷ᠎ᠠ ᠵᠣᠪᠠᠵᠤ ᠣᠷᠣᠭᠤᠯᠵᠤ ᠴᠢᠭᠦᠨ ᠳᠦᠷ ᠦᠯᠢᠵᠦ ᠦᠯᠢᠳᠬᠡᠨ ᠬᠢᠳᠤᠬᠤᠢ ᠲᠤᠷ ᠲᠠᠲᠠᠷ ᠥᠭᠦᠯᠡᠯᠳᠦᠷ ᠦᠨ ᠬᠦᠮᠦᠨ ᠲᠤᠲᠤᠮ ᠬᠠᠨᠴᠤᠨ ᠲᠤᠷ ᠢᠶᠠᠨ ᠬᠢᠲᠤᠭ᠎ᠠ ᠬᠠᠨᠴᠤᠯᠠᠵᠤ ᠳᠡᠷᠡ ᠠᠪᠤᠨ ᠦᠬᠦᠶ᠎ᠡ ᠬᠡᠮᠡᠯᠳᠦᠵᠦᠬᠦᠢ ᠮᠠᠰᠢ ᠬᠦ ᠱᠠᠮᠰᠢᠶᠠᠵᠤᠬᠤᠢ ᠡᠷᠦᠰᠳᠡᠵᠦᠬᠦᠢ ᠲᠡᠳᠦᠢ ᠲᠠᠲᠠᠷ ᠢ ᠴᠢᠭᠦᠨ ᠲᠦᠷ ᠦᠯᠢᠵᠦ ᠬᠢᠳᠤᠨ ᠪᠠᠷᠠᠵᠤ ᠲᠡᠨᠳᠡ
ilegejü oljalaγsad aduγun yaγuba abuγsad=i bügüde=yi abqaγulba Tatar=i moqodqaju taγulin bariju ulus irgen anu ker kikün kemen Činggis-qaγan yeke ey=e uruγ=iyar=iyan γaγča ger=tür oroju eyedüldübei erte edür=eče Tatar irgen ečiges ebüges=i bidan=u baraγsan bölüge ečiges ebüges=ün ösil ösijü kisal kisaju čigün=tür ülijü kiduju alaju öggöy=e ülidtele kiday=a ülegsed=i boγoliduy=a jüg jüg qubiyalduy=a kemen ey=e baralduju ger=teče γarbasu Tatar=un Yeke-Čerü Belgütei=eče yambar ey=e eyedüldübei kemen asaγbasu Belgütei ögüler=ün tan=i bükü bügüde=yi čigün=tür ülijü kiduy=a kemeldübei kemejüküi Belgütei=yin ene üge=tür Yeke-Čerü Tatar=tur=iyan tungqaγ talbiju qoraγuljuqui qoraγuluγsan Tatar=tur bidan=u čirig=üd egegerekün bolun masi šamsijuqui (ergečen irejü masi ečülgebei) qoraγuluγsad Tatar=a jobaju oroγulju čigün=dür ülijü ülidken kiduqui=tur Tatar ögüleldür=ün kümün tutum qančun=tur=iyan kituγ=a qančulaju dere abun üküy=e kemeldüjüküi masi kü šamsiyajuqui (erüsdejüküi) tedüi Tatar=i čigün=tür ülijü kidun baraju tende
55b
ᠴᠢᠩᠭᠢᠰ ᠬᠠᠭᠠᠨ ᠵᠠᠷᠯᠢᠭ ᠪᠣᠯᠪᠠ ᠪᠢᠳᠠ ᠤᠷᠤᠭ ᠢᠶᠠᠷ ᠢᠶᠠᠨ ᠶᠡᠬᠡ ᠡᠶ᠎ᠡ ᠪᠠᠷᠢᠯᠳᠤᠭᠰᠠᠨ ᠢ ᠪᠡᠯᠭᠦᠲᠡᠢ ᠵᠢᠭᠠᠬᠤ ᠶᠢᠨ ᠲᠤᠯᠠ ᠪᠢᠳᠠᠨ ᠤ ᠴᠢᠷᠢᠭ ᠦᠳ ᠮᠠᠰᠢ ᠱᠠᠮᠰᠢᠪᠠᠢ ᠡᠷᠦᠰᠳᠡᠪᠡᠢ ᠡᠭᠦᠨ ᠦ ᠬᠣᠶᠢᠨᠠ ᠶᠡᠬᠡ ᠡᠶ ᠡ ᠲᠦᠷ ᠪᠡᠯᠭᠦᠲᠡᠢ ᠪᠦᠦ ᠣᠷᠣᠲᠤᠭᠠᠢ ᠡᠶ᠎ᠡ ᠪᠠᠷᠢᠯᠳᠤᠲᠠᠯᠠ ᠭᠠᠳᠠᠨ᠎ᠠ ᠪᠦᠬᠦᠨ ᠢ ᠵᠠᠰᠠᠲᠤᠭᠠᠢ ᠵᠠᠰᠠᠭ ᠤᠨ ᠬᠡᠷᠡᠭᠦᠷ ᠬᠤᠯᠠᠭᠠᠢ ᠬᠤᠳᠠᠯ ᠦᠶᠢᠯᠡ ᠲᠡᠨ ᠢ ᠵᠠᠷᠭᠤᠯᠠᠲᠤᠭᠠᠢ ᠡᠶ᠎ᠡ ᠪᠠᠷᠠᠪᠠᠰᠤ ᠤᠮᠳᠠᠨ ᠤᠤᠭᠰᠠᠨ ᠬᠣᠶᠢᠨᠠ ᠪᠡᠯᠭᠦᠲᠡᠢ ᠲᠡᠷᠢᠭᠦᠲᠡᠨ ᠲᠡᠨᠳᠡ ᠣᠷᠣᠲᠤᠭᠠᠢ ᠬᠡᠮᠡᠨ ᠵᠠᠷᠯᠢᠭ ᠪᠣᠯᠪᠠ ᠲᠡᠨᠳᠡ ᠲᠠᠲᠠᠷ ᠤᠨ ᠶᠡᠬᠡ ᠴᠡᠷᠦ ᠶᠢᠨ ᠥᠬᠢᠨ ᠶᠢᠰᠦᠭᠡᠨ ᠬᠠᠲᠤᠨ ᠢ ᠴᠢᠩᠭᠢᠰ ᠬᠠᠭᠠᠨ ᠠᠪᠤᠪᠠ ᠲᠠᠭᠠᠯᠠᠭᠳᠠᠷ ᠤᠨ ᠶᠢᠰᠦᠭᠡᠨ ᠬᠠᠲᠤᠨ ᠥᠭᠦᠯᠡᠷ ᠦᠨ ᠨᠠᠳᠠᠴᠠ ᠡᠭᠡᠴᠢ ᠶᠢᠰᠦᠢ ᠨᠡᠷᠡᠲᠡᠢ ᠨᠠᠳᠠᠴᠠ ᠳᠡᠭᠡᠳ ᠳᠡᠭᠡᠷ᠎ᠡ ᠬᠠᠭᠠᠨ ᠬᠦᠮᠦᠨ᠎ᠡ ᠵᠣᠬᠢᠬᠤᠢ ᠠᠵᠤᠬᠤᠢ ᠵ᠎ᠠ ᠰᠠᠶᠢ ᠬᠦᠷᠭᠡᠨ ᠬᠦᠷᠡᠭᠡᠯᠡᠨ ᠪᠥᠯᠦᠭᠡ ᠡᠳᠦᠭᠡ ᠮᠠᠨ᠎ᠠ ᠡᠨᠡ ᠪᠤᠳᠤᠯᠢᠭᠠᠨ ᠲᠤᠷ ᠬᠠᠮᠢᠭᠠᠰᠢ ᠵᠣᠷᠴᠢᠪᠠᠢ ᠬᠡᠮᠡᠪᠡ ᠡᠨᠡ ᠦᠭᠡ ᠲᠦᠷ ᠴᠢᠩᠭᠢᠰ ᠬᠠᠭᠠᠨ ᠥᠭᠦᠯᠡᠷᠦᠨ ᠡᠭᠡᠴᠢ ᠴᠢᠨᠤ ᠴᠢᠮ ᠠ ᠠᠴᠠ ᠰᠠᠶᠢᠨ ᠪᠥᠭᠡᠰᠦ ᠡᠷᠢᠭᠦᠯᠵᠦ ᠠᠪᠴᠢᠷᠠᠪᠠᠰᠤ ᠠᠪᠴᠤ ᠢᠷᠡᠪᠡᠰᠦ ᠡᠭᠡᠴᠢ ᠶᠦᠭᠡᠨ ᠢᠷᠡᠪᠡᠰᠦ ᠵᠠᠶᠢᠯᠠᠵᠤ ᠥᠭᠬᠦᠢ ᠦᠦ ᠴᠢ ᠬᠡᠮᠡᠪᠡ ᠶᠢᠰᠦᠭᠡᠨ ᠬᠠᠲᠤᠨ ᠥᠭᠦᠯᠡᠷᠦᠨ ᠬᠠᠭᠠᠨ ᠰᠣᠶᠣᠷᠬᠠᠪᠠᠰᠤ ᠡᠭᠡᠴᠢ ᠶᠦᠭᠡᠨ ᠡᠯᠡ ᠦᠵᠡᠪᠡᠰᠦ ᠡᠭᠡᠴᠢ ᠲᠡᠭᠡᠨ ᠵᠠᠶᠢᠯᠠᠰᠤ ᠬᠡᠮᠡᠪᠡ ᠡᠨᠡ ᠦᠭᠡ ᠲᠦᠷ ᠴᠢᠩᠭᠢᠰ ᠬᠠᠭᠠᠨ ᠵᠠᠷᠯᠢᠭ ᠲᠤᠩᠬᠠᠵᠤ ᠡᠷᠢᠭᠦᠯᠡᠪᠡᠰᠦ ᠥᠭᠳᠡᠭᠰᠡᠨ ᠬᠦᠷᠭᠡᠨ ᠯᠦᠭᠡ ᠪᠡᠨ ᠤᠶᠢᠯᠠᠵᠤ ᠶᠠᠪᠤᠬᠤᠢ ᠶᠢ ᠪᠢᠳᠠᠨ ᠤ ᠴᠡᠷᠢᠭ ᠦᠳ ᠵᠣᠯᠭᠠᠵᠤᠬᠤᠢ ᠡᠷ᠎ᠡ ᠢᠨᠤ ᠳᠤᠲᠠᠭᠠᠵᠤᠬᠤᠢ ᠶᠢᠰᠦᠢ ᠬᠠᠲᠤᠨ ᠢ ᠠᠪᠴᠤ
Činggis-qaγan jarliγ bolba bida uruγ=iyar=iyan yeke ey=e barilduγsan=i Belgütei jiγaqu=yin tula bidan=u čirig=üd masi šamsibai (erüsdebei) egün=ü qoyina yeke ey=e=tür Belgütei büü orotuγai ey=e barildutala γadan=a bükün=i jasatuγai jasaγ=un keregür qulaγai qudal üyile=ten=i jarγulatuγai ey=e barabasu umdan uuγsan qoyina Belgütei terigüten tende orotuγai kemen jarliγ bolba tende Tatar=un Yeke-Čerü=yin ökin Yisügen-qatun=i Činggis-qaγan abuba taγalaγdar=un Yisügen-qatun ögüler=ün nadača egeči Yisüi neretei nadača deged (deger=e) qaγan kümün=e jokiqui ajuqui j=a sayi kürgen küregelen bölüge edüge man=a ene buduliγan=tur qamiγasi jorčibai kemebe ene üge=tür Činggis-qaγan ögülerün egeči činu čim=a=ača sayin bögesü erigüljü abčirabasu (abču irebesü) egeči=yügen irebesü jayilaju ögküi üü či kemebe Yisügen-qatun ögülerün qaγan soyorqabasu egeči=yügen ele üjebesü egeči=tegen jayilasu kemebe ene üge=tür Činggis-qaγan jarliγ tungqaju erigülebesü ögdegsen kürgen=lüge=ben uyilaju yabuqui=yi bidan=u čerig=üd jolγajuqui er=e inu dutaγajuqui Yisüi-qatun=i abču
56a
ᠢᠷᠡᠵᠦᠬᠦᠢ ᠲᠡᠨᠳᠡ ᠶᠢᠰᠦᠭᠡᠨ ᠬᠠᠲᠤᠨ ᠡᠭᠡᠴᠢ ᠶᠦᠭᠡᠨ ᠦᠵᠡᠭᠡᠳ ᠤᠷᠢᠳᠠ ᠥᠭᠦᠯᠡᠭᠰᠡᠨ ᠦᠭᠡᠨ ᠲᠦᠷ ᠢᠶᠡᠨ ᠬᠦᠷᠦᠨ ᠪᠣᠰᠴᠤ ᠰᠠᠭᠤᠭᠰᠠᠨ ᠰᠠᠭᠤᠷᠢᠨ ᠲᠤᠷ ᠢᠶᠠᠨ ᠰᠠᠭᠤᠯᠭᠠᠵᠤ ᠮᠥᠨ ᠥᠪᠡᠰᠦᠪᠡᠨ ᠳᠣᠣᠷᠠ ᠰᠠᠭᠤᠵᠤᠬᠤ ᠶᠢᠰᠦᠭᠡᠨ ᠬᠠᠲᠤᠨ ᠤ ᠦᠭᠡ ᠲᠦᠷ ᠠᠳᠠᠯᠢ ᠪᠣᠯᠳᠠᠵᠤ ᠴᠢᠩᠭᠢᠰ ᠬᠠᠭᠠᠨ ᠣᠶᠢᠨ ᠲᠤᠷ ᠢᠶᠠᠨ ᠣᠷᠣᠭᠤᠯᠵᠤ ᠶᠢᠰᠦᠢ ᠬᠠᠲᠤᠨ ᠢ ᠠᠪᠴᠤ ᠵᠡᠷᠭᠡ ᠲᠦᠷ ᠰᠠᠭᠤᠯᠭᠠᠪᠠ ᠲᠠᠲᠠᠷ ᠢᠷᠭᠡᠨ ᠢ ᠲᠠᠭᠤᠯᠢᠨ ᠪᠠᠷᠠᠵᠤ ᠨᠢᠭᠡᠨ ᠡᠳᠦᠷ ᠴᠢᠩᠭᠢᠰ ᠬᠠᠭᠠᠨ ᠭᠠᠳᠠᠨ᠎ᠠ ᠰᠠᠭᠤᠵᠤ ᠤᠮᠳᠠᠯᠠᠯᠳᠤᠬᠤᠢ ᠲᠤᠷ ᠶᠢᠰᠦᠢ ᠬᠠᠲᠤᠨ ᠶᠢᠰᠦᠭᠡᠨ ᠬᠠᠲᠤᠨ ᠤ ᠳᠤᠮᠳᠠ ᠰᠠᠭᠤᠵᠤ ᠤᠮᠳᠠᠯᠠᠯᠳᠤᠨ ᠪᠦᠬᠦᠢ ᠲᠦᠷ ᠶᠢᠰᠦᠢ ᠬᠠᠲᠤᠨ ᠶᠡᠬᠡᠳᠡ ᠰᠡᠭᠦᠷᠡᠰᠦᠯᠡᠪᠡ ᠲᠡᠨᠳᠡ ᠴᠢᠩᠭᠢᠰ ᠬᠠᠭᠠᠨ ᠳᠣᠲᠣᠷᠠ ᠪᠠᠨ ᠰᠡᠳᠬᠢᠵᠦ ᠪᠣᠭᠣᠷᠴᠢ ᠮᠤᠬᠤᠯᠢᠲᠠᠨ ᠨᠣᠶᠠᠳ ᠢ ᠤᠷᠢᠵᠤ ᠥᠭᠦᠯᠡᠷᠦᠨ ᠲᠠ ᠡᠨᠳᠡ ᠡᠯᠡ ᠴᠢᠭᠤᠯᠤᠭᠰᠠᠳ ᠬᠦᠮᠦᠨ ᠢ ᠬᠦ ᠥᠪᠡᠷᠡ ᠠᠶᠢᠮᠠᠭ ᠠᠶᠢᠮᠠᠭ ᠪᠠᠶᠢᠯᠭᠠᠭᠳᠠᠬᠤᠨ ᠥᠪᠡᠷ ᠡᠴᠡ ᠪᠤᠰᠤ ᠠᠶᠢᠮᠠᠭ ᠤᠨ ᠬᠦᠮᠦᠨ ᠢ ᠥᠪᠡᠷᠡ ᠪᠣᠯᠭᠠᠨ ᠲᠡᠭᠦᠰᠭᠡᠭᠳᠡᠬᠦᠨ ᠬᠡᠮᠡᠨ ᠵᠠᠷᠯᠢᠭ ᠪᠣᠯᠪᠠ ᠲᠡᠳᠦᠢ ᠠᠶᠢᠮᠠᠭ ᠠᠶᠢᠮᠠᠭ ᠢᠶᠠᠷ ᠢᠶᠠᠨ ᠪᠠᠶᠢᠪᠠᠰᠤ ᠨᠢᠭᠡᠨ ᠵᠠᠯᠠᠭᠤ ᠭᠦᠷᠮᠡᠯᠡ ᠬᠦᠮᠦᠨ ᠠᠶᠢᠮᠠᠭ ᠠᠴᠠ ᠥᠪᠡᠷᠡ ᠪᠠᠶᠢᠪᠠ ᠴᠢ ᠶᠠᠭᠤᠨ ᠬᠦᠮᠦᠨ ᠬᠡᠮᠡᠨ ᠠᠰᠠᠭᠪᠠᠰᠤ ᠲᠡᠷᠡ ᠬᠦᠮᠦᠨ ᠥᠭᠦᠯᠡᠷᠦᠨ ᠲᠠᠲᠠᠷ ᠤᠨ ᠶᠡᠬᠡ ᠴᠡᠷᠦ ᠶᠢᠨ ᠶᠢᠰᠦᠢ ᠨᠡᠷᠡᠲᠡᠢ ᠥᠬᠢᠨ ᠥᠭᠳᠡᠭᠰᠡᠨ ᠬᠦᠷᠡᠭᠡᠨ ᠪᠥᠯᠦᠭᠡ ᠪᠢ ᠳᠠᠶᠢᠰᠤᠨ᠎ᠠ ᠲᠠᠭᠤᠯᠢᠭᠳᠠᠷ ᠤᠨ ᠠᠶᠤᠵᠤ ᠪᠤᠷᠤᠭᠤᠳᠴᠤ ᠶᠠᠪᠤᠵᠤ ᠪᠥᠯᠦᠭᠡ ᠡᠳᠦᠭᠡ ᠠᠮᠤᠷᠯᠢᠪᠠᠢ ᠵ᠎ᠠ ᠬᠡᠮᠡᠨ ᠰᠡᠳᠬᠢᠵᠦ ᠢᠷᠡᠵᠦ ᠣᠯᠠᠨ ᠠᠷᠠᠨ ᠬᠦᠮᠦᠨ ᠳᠣᠲᠣᠷᠠ ᠶᠠᠭᠤ ᠲᠠᠨᠢᠬᠤ
irejüküi tende Yisügen-qatun egeči=yügen üjeged urida ögülegsen ügen=tür=iyen kürün bosču saγuγsan saγurin=tur=iyan saγulγaju mön öbesüben doora saγujuqu Yisügen-qatun=u üge=tür adali boldaju Činggis-qaγan oyin=tur=iyan oroγulju Yisüi-qatun=i abču jerge=tür saγulγaba Tatar irgen=i taγulin baraju nigen edür Činggis-qaγan γadan=a saγuju umdalalduqui=tur Yisüi-qatun Yisügen-qatun=u dumda saγuju umdalaldun büküi=tür Yisüi-qatun yekede següresülebe tende Činggis-qaγan dotora=ban sedkijü Boγorči Muqulitan noyad=i uriju ögülerün ta ende ele čiγuluγsad kümün=i kü öbere ayimaγ ayimaγ bayilγaγdaqun öber=eče busu ayimaγ=un kümün=i öbere bolγan tegüsgegdekün kemen jarliγ bolba tedüi ayimaγ ayimaγ=iyar=iyan bayibasu nigen jalaγu gürmele kümün ayimaγ=ača öbere bayiba či yaγun kümün kemen asaγbasu tere kümün ögülerün Tatar=un Yeke-Čerü=yin Yisüi neretei ökin ögdegsen küregen bölüge bi dayisun=a taγuliγdar=un ayuju buruγudču yabuju bölüge edüge amurlibai j=a kemen sedkijü irejü olan aran (kümün) dotora yaγu taniqu
56b
ᠬᠡᠮᠡᠵᠦ ᠶᠠᠪᠤᠯᠤᠭ᠎ᠠ ᠬᠡᠮᠡᠪᠡ ᠡᠨᠡ ᠦᠭᠡ ᠶᠢ ᠴᠢᠩᠭᠢᠰ ᠬᠠᠭᠠᠨ᠎ᠠ ᠥᠴᠢᠪᠡᠰᠦ ᠬᠠᠭᠠᠨ ᠵᠠᠷᠯᠢᠭ ᠪᠣᠯᠤᠷᠤᠨ ᠮᠥᠨ ᠬᠦ ᠳᠠᠶᠢᠰᠤᠨ ᠰᠡᠳᠬᠢᠵᠦ ᠣᠭᠣᠷᠴᠠᠭ ᠪᠣᠯᠵᠤ ᠶᠠᠪᠤᠵᠢᠬᠤ ᠡᠳᠦᠭᠡ ᠶᠠᠭᠤ ᠬᠦᠷᠡᠷ᠎ᠡ ᠬᠦᠷᠡᠭᠡᠷ᠎ᠡ ᠢᠷᠡᠵᠦᠬᠦ ᠡᠨᠡ ᠮᠡᠲᠦᠰ ᠢ ᠴᠢᠭᠦᠨ ᠲᠦᠷ ᠦᠯᠢᠪᠡᠢ ᠶᠠᠭᠤᠨ ᠰᠠᠭᠠᠷᠠᠮᠤᠢ ᠨᠢᠳᠦᠨ ᠡᠴᠡᠨ᠎ᠡ ᠬᠢᠭᠳᠡᠬᠦᠨ ᠬᠡᠮᠡᠪᠡ ᠲᠡᠳᠦᠢ ᠬᠦ ᠮᠥᠬᠥᠷᠢᠭᠦᠯᠪᠡ ᠮᠠᠭᠤ ᠪᠣᠯᠭᠠᠪᠠ ᠲᠡᠭᠦᠨ ᠦ ᠬᠣᠶᠢᠨ᠎ᠠ ᠮᠥᠨ ᠨᠣᠬᠠᠢ ᠵᠢᠯ᠎ᠡ ᠴᠢᠩᠭᠢᠰ ᠬᠠᠭᠠᠨ ᠲᠠᠲᠠᠷ ᠢᠷᠭᠡᠨ ᠲᠦᠷ ᠮᠣᠷᠢᠯᠠᠭᠰᠠᠨ ᠲᠤᠷ ᠣᠩ ᠬᠠᠭᠠᠨ ᠮᠡᠷᠭᠡᠨ ᠢᠷᠡᠭᠡᠨ ᠲᠦᠷ ᠮᠣᠷᠢᠯᠠᠵᠤ ᠲᠣᠭᠲᠠᠬ ᠠ ᠪᠡᠬᠢ ᠶᠢ ᠪᠠᠷᠭᠤᠵᠢᠨ ᠲᠥᠬᠥᠮ ᠵᠦᠭ ᠦᠯᠳᠡᠵᠦ ᠲᠣᠭᠲᠠᠬ ᠠ ᠶᠢᠨ ᠶᠡᠬᠡ ᠬᠥᠪᠡᠭᠦᠨ ᠲᠡᠭᠦᠰ ᠪᠡᠬᠢ ᠶᠢ ᠠᠯᠠᠵᠤ ᠲᠣᠭᠲᠠᠬ ᠠ ᠶᠢᠨ ᠬᠠᠲᠤᠭ ᠲᠠᠢ ᠴᠠᠭᠯᠠᠯᠤᠨ ᠬᠣᠶᠠᠷ ᠬᠠᠲᠤᠳ ᠢᠨᠤ ᠠᠪᠴᠤ ᠬᠤᠳᠤ ᠴᠢᠯᠠᠭᠤᠨ ᠬᠣᠶᠠᠷ ᠬᠥᠪᠡᠭᠦᠨ ᠢᠷᠭᠡᠨ ᠰᠡᠯᠲᠡ ᠶᠢ ᠲᠣᠯᠢᠵᠤ ᠣᠯᠵᠠᠯᠠᠵᠤ ᠴᠢᠩᠭᠢᠰ ᠬᠠᠭᠠᠨ᠎ᠠ ᠡᠰᠡ ᠥᠭᠪᠡ ᠲᠡᠭᠦᠨ ᠦ ᠬᠣᠶᠢᠨ᠎ᠠ ᠴᠢᠩᠭᠢᠰ ᠬᠠᠭᠠᠨ ᠣᠩ ᠬᠠᠭᠠᠨ ᠬᠣᠶᠠᠷ ᠨᠠᠢᠮᠠᠨ ᠤ ᠬᠦᠴᠦᠭᠦᠳ ᠦᠨ ᠪᠤᠶᠢᠷᠤᠭ ᠬᠠᠭᠠᠨ ᠲᠤᠷ ᠮᠣᠷᠢᠯᠠᠵᠤ ᠤᠯᠤᠭ ᠲᠠᠭ ᠤᠨ ᠬᠣᠰᠤᠭ ᠤᠰᠤᠨ᠎ᠠ ᠪᠦᠬᠦᠢ ᠲᠦᠷ ᠬᠦᠷᠴᠦ ᠪᠤᠶᠢᠷᠤᠭ ᠬᠠᠭᠠᠨ ᠪᠠᠶᠢᠯᠳᠤᠨ ᠶᠠᠳᠠᠵᠤ ᠠᠯᠲᠠᠢ ᠳᠠᠪᠠᠨ ᠬᠥᠳᠡᠯᠪᠡ ᠬᠣᠰᠤᠭ ᠤᠰᠤᠨ ᠠᠴᠠ ᠪᠤᠶᠢᠷᠤᠭ ᠬᠠᠭᠠᠨ ᠢ ᠨᠡᠬᠡᠵᠦ ᠠᠯᠲᠠᠢ ᠳᠠᠪᠠᠭᠤᠯ ᠤᠨ ᠬᠤᠮᠰᠢᠭᠡᠷ ᠦᠷᠦᠩᠭᠦ ᠤᠷᠤᠭᠤ ᠦᠯᠳᠡᠵᠦ ᠶᠠᠪᠤᠬᠤᠢ ᠲᠤᠷ ᠶᠢᠳᠡᠢ ᠲᠠᠪᠠᠯᠤᠭ ᠨᠡᠷᠡᠲᠦ ᠨᠣᠶᠠᠨ ᠠᠨᠤ ᠬᠠᠷᠠᠭᠤᠯ ᠶᠠᠪᠤᠵᠤ ᠪᠢᠳᠠᠨ ᠤ ᠬᠠᠷᠠᠭᠤᠯ᠎ᠠ ᠦᠯᠳᠡᠭᠳᠡᠵᠦ ᠠᠭᠤᠯᠠᠨ ᠥᠭᠡᠳᠡ
kemejü yabuluγ=a kemebe ene üge=yi Činggis-qaγan=a öčibesü qaγan jarliγ bolurun mön kü dayisun sedkijü oγorčaγ bolju yabujiqu edüge yaγu kürer=e (küreger=e) irejükü ene metüs=i čigün=tür ülibei yaγun saγaramui nidün ečen=e kigdekün kemebe tedüi kü mökörigülbe (maγu bolγaba) # tegün=ü qoyin=a mön noqai jil=e Činggis-qaγan Tatar irgen=tür morilaγsan=tur Ong-qaγan Mergen iregen=tür morilaju Toγtaq=a-beki=yi Barγujin-tököm jüg üldejü Toγtaq=a=yin yeke köbegün Tegüs-beki=yi alaju Toγtaq=a=yin Qatuγ=tai Čaγlalun qoyar qatud inu abču Qudu Čilaγun qoyar köbegün irgen selte=yi toliju (oljalaju) Činggis-qaγan=a ese ögbe tegün=ü qoyin=a Činggis-qaγan Ong-qaγan qoyar Naiman=u Küčügüd=ün Buyiruγ-qaγan=tur morilaju Uluγ-Taγ=un Qosuγ-usun=a büküi=tür kürčü Buyiruγ-qaγan bayildun yadaju Altai daban ködelbe Qosuγ-usun=ača Buyiruγ-qaγan=i nekejü Altai dabaγul=un Qumsiger-Ürünggü uruγu üldejü yabuqui=tur Yidei-Tabaluγ neretü noyan anu qaraγul yabuju bidan=u qaraγul=a üldegdejü aγulan ögede
57a
ᠳᠤᠲᠠᠭᠠᠬᠤᠢ ᠪᠣᠯᠤᠨ ᠣᠯᠠᠩ ᠢᠶᠠᠨ ᠲᠠᠰᠤᠷᠠᠵᠤ ᠲᠡᠨᠳᠡ ᠪᠠᠷᠢᠯᠤᠭ᠎ᠠ ᠦᠷᠦᠩᠭᠦ ᠤᠷᠤᠭᠤ ᠦᠯᠳᠡᠭᠡᠳ ᠬᠤᠴᠠᠯᠪᠠᠰ ᠨᠠᠭᠤᠷ᠎ᠠ ᠭᠦᠶᠢᠴᠡᠵᠦ ᠪᠤᠶᠢᠷᠤᠭ ᠬᠠᠭᠠᠨ ᠢ ᠲᠡᠨᠳᠡ ᠮᠣᠬᠣᠳᠬᠠᠪᠠ ᠡᠴᠦᠯᠭᠡᠪᠡ ᠲᠡᠨᠳᠡᠴᠡ ᠴᠢᠩᠭᠢᠰ ᠬᠠᠭᠠᠨ ᠣᠩ ᠬᠠᠭᠠᠨ ᠬᠣᠶᠠᠷ ᠬᠠᠷᠢᠵᠤ ᠠᠶᠢᠰᠤᠬᠤᠢ ᠲᠤᠷ ᠨᠠᠢᠮᠠᠨ ᠤ ᠬᠠᠳᠬᠤᠯᠳᠤᠭᠴᠢ ᠬᠦᠩᠰᠡᠬᠦ ᠰᠠᠪᠠᠷᠠᠭ ᠪᠠᠶᠢᠳᠠᠷᠠᠭ ᠪᠡᠯᠴᠡᠷ ᠴᠡᠷᠢᠭ ᠵᠠᠰᠠᠵᠤ ᠪᠠᠶᠢᠳᠠᠷᠠᠭ ᠪᠡᠯᠴᠡᠷ ᠴᠡᠷᠢᠭ ᠵᠠᠰᠠᠵᠤ ᠬᠠᠳᠬᠤᠯᠳᠤᠬᠤ ᠪᠣᠯᠤᠨ ᠠᠵᠤᠬᠤ ᠴᠢᠩᠭᠢᠰ ᠬᠠᠭᠠᠨ ᠣᠩ ᠬᠠᠭᠠᠨ ᠬᠣᠶᠠᠷ ᠬᠠᠳᠬᠤᠯᠳᠤᠶ᠎ᠠ ᠬᠡᠮᠡᠨ ᠴᠢᠷᠢᠭ ᠵᠠᠰᠠᠵᠤ ᠬᠦᠷᠴᠦ ᠵᠢᠯᠳᠠ ᠪᠤᠯᠲᠠᠵᠤ ᠬᠦᠷᠢᠶ᠎ᠡ ᠲᠠᠲᠠᠵᠤ ᠮᠠᠨᠠᠭᠠᠷ ᠬᠠᠳᠬᠤᠯᠳᠤᠶ᠎ᠠ ᠬᠡᠮᠡᠨ ᠵᠡᠷᠭᠡ ᠵᠠᠰᠠᠵᠤ ᠬᠣᠨᠣᠪᠠ ᠲᠡᠳᠡ ᠣᠩ ᠬᠠᠭᠠᠨ ᠪᠠᠶᠢᠳᠠᠯ ᠲᠤᠷ ᠢᠶᠠᠨ ᠭᠠᠯ ᠤᠳ ᠲᠦᠯᠡᠭᠦᠯᠵᠦ ᠱᠥᠨᠢ ᠪᠥᠭᠡᠳ ᠬᠠᠷᠠ ᠰᠡᠭᠦᠯ ᠥᠭᠡᠳᠡ ᠬᠥᠳᠡᠯᠵᠦᠬᠦᠢ ᠲᠡᠨᠳᠡ ᠵᠠᠮᠤᠬ᠎ᠠ ᠣᠩ ᠬᠠᠭᠠᠨ ᠯᠤᠭ᠎ᠠ ᠬᠠᠮᠲᠤ ᠬᠥᠳᠡᠯᠵᠦ ᠶᠠᠪᠤᠷ ᠤᠨ ᠣᠩ ᠬᠠᠭᠠᠨ᠎ᠠ ᠵᠠᠮᠤᠬ᠎ᠠ ᠥᠭᠦᠯᠡᠷᠦᠨ ᠲᠦᠮᠦᠵᠢᠨ ᠠᠨᠳᠠ ᠮᠢᠨᠤ ᠤᠷᠢᠳᠠ ᠠᠴᠠ ᠨᠠᠢᠮᠠᠨ ᠳᠤᠷ ᠡᠯᠴᠢ ᠲᠦ ᠪᠥᠯᠦᠭᠡ ᠡᠳᠦᠭᠡ ᠡᠰᠡ ᠢᠷᠡᠪᠡ ᠬᠠᠭᠠᠨ ᠬᠠᠭᠠᠨ ᠠᠨᠤ ᠬᠠᠶᠢᠷᠤᠭᠠᠨ ᠪᠤᠢ ᠵ᠎ᠠ ᠠᠴᠢᠷᠠᠬᠤ ᠪᠢᠯᠲᠠᠭᠤᠷ ᠠᠨᠳᠠ ᠮᠢᠨᠤ ᠪᠤᠶᠤ ᠨᠠᠢᠮᠠᠨ ᠲᠤᠷ ᠣᠳᠴᠤᠬᠤᠢ ᠵ᠎ᠠ ᠤᠷᠤᠭᠤ ᠪᠣᠯᠤᠨ ᠬᠤᠭᠤᠷᠪᠠ ᠬᠡᠮᠡᠵᠦᠬᠦᠢ ᠵᠠᠮᠤᠬ ᠠ ᠶᠢᠨ ᠲᠡᠷᠡ ᠦᠭᠡ ᠲᠦᠷ ᠤᠷᠤᠴᠢᠴᠢᠳᠠᠢ ᠭᠦᠷᠦᠰ ᠪᠠᠭᠠᠲᠤᠷ ᠥᠭᠦᠯᠡᠷᠦᠨ ᠵᠢᠰᠤᠷᠢᠳᠴᠤ ᠶᠠᠬᠢᠨ ᠲᠡᠶᠢᠨ ᠰᠢᠯᠤᠭᠤᠢ ᠰᠢᠳᠤᠷᠭᠤ ᠠᠬ᠎ᠠ ᠳᠡᠭᠦᠦ ᠶᠢ ᠣᠯᠬᠢᠨ ᠬᠠᠭᠴᠠᠭᠤᠯ ᠤᠨ ᠥᠭᠦᠯᠡᠶᠦ ᠴᠢ ᠬᠡᠮᠡᠵᠦᠬᠦᠢ ᠴᠢᠩᠭᠢᠰ ᠬᠠᠭᠠᠨ ᠱᠥᠨᠢ ᠮᠥᠨ ᠲᠡᠨᠳᠡ ᠬᠣᠨᠣᠵᠤ
dutaγaqui bolun olang=iyan tasuraju tende bariluγ=a Ürünggü uruγu üldeged Qučalbas-naγur=a güyičejü Buyiruγ-qaγan=i tende moqodqaba (ečülgebe) tendeče Činggis-qaγan , Ong-qaγan qoyar qariju ayisuqui=tur Naiman=u qadqulduγči Küngsekü-Sabaraγ Bayidaraγ-belčer čerig jasaju Bayidaraγ-belčer čerig jasaju qadqulduqu bolun ajuqu Činggis-qaγan Ong-qaγan qoyar qadqulduy=a kemen čirig jasaju kürčü jilda bultaju (küriy=e tataju) manaγar qadqulduy=a kemen jerge jasaju qonoba tede Ong-qaγan bayidal=tur=iyan γal=ud tülegüljü šöni böged Qara-Segül ögede ködeljüküi tende Jamuq=a Ong-qaγan=luγ=a qamtu ködeljü yabur=un Ong-qaγan=a Jamuq=a ögülerün Tümüjin anda minu urida=ača Naiman=dur elči=tü bölüge edüge ese irebe qaγan qaγan anu qayiruγan bui j=a ačiraqu biltaγur anda minu buyu Naiman=tur odčuqui j=a uruγu bolun quγurba kemejüküi Jamuq=a=yin tere üge=tür Uručičidai-Gürüs-baγatur ögülerün jisuridču yakin teyin siluγui (sidurγu) aq=a degüü=yi olkin (qaγčaγul=un) ögüleyü či kemejüküi Činggis-qaγan šöni mön tende qonoju
57b
ᠬᠠᠳᠬᠤᠯᠳᠤᠶ᠎ᠠ ᠬᠡᠮᠡᠪᠡᠰᠦ ᠡᠳᠦᠷ ᠭᠡᠶᠢᠭᠦᠯᠦᠭᠡᠳ ᠦᠵᠡᠪᠡᠰᠦ ᠣᠩ ᠬᠠᠭᠠᠨ ᠪᠠᠶᠢᠳᠠᠯ ᠲᠤᠷ ᠢᠶᠠᠨ ᠭᠠᠯ ᠦᠭᠡᠢ ᠪᠤᠯᠲᠠᠵᠤ ᠡᠨᠳᠡᠴᠢ ᠨᠠᠮᠠᠶᠢ ᠶᠢ ᠮᠢᠨᠤ ᠲᠦᠯᠡᠰᠢᠨ ᠠᠵᠤᠬᠤ ᠬᠡᠮᠡᠭᠡᠳ ᠲᠡᠨᠳᠡᠴᠡ ᠬᠥᠳᠡᠯᠵᠦ ᠠᠳᠠᠷ ᠠᠯᠲᠠᠢ ᠶᠢᠨ ᠪᠡᠯᠴᠢᠷ ᠢᠶᠡᠷ ᠬᠥᠳᠡᠯᠵᠦ ᠲᠡᠷᠡ ᠬᠥᠳᠡᠯᠦᠭᠰᠡᠪᠡᠷ ᠬᠥᠳᠡᠯᠵᠦ ᠰᠠᠭᠠᠷᠢ ᠬᠡᠭᠡᠷ᠎ᠡ ᠪᠠᠭᠤᠪᠠ ᠲᠡᠨᠳᠡ ᠴᠢᠩᠭᠢᠰ ᠬᠠᠭᠠᠨ ᠬᠠᠰᠠᠷ ᠬᠣᠶᠠᠷ ᠨᠠᠢᠮᠠᠨ ᠤ ᠲᠤᠪᠤᠨ ᠤᠬᠠᠨ ᠠᠷᠭ᠎ᠠ ᠡᠰᠡ ᠲᠣᠭᠣᠯᠤᠭᠰᠠᠨ ᠢ ᠭᠦᠶᠢᠴᠡᠭᠰᠡᠨ ᠢ ᠬᠥᠩᠰᠡᠬᠦ ᠰᠠᠪᠠᠷᠠᠭ ᠣᠩ ᠬᠠᠭᠠᠨ ᠤ ᠬᠣᠶᠢᠨᠠ ᠠᠴᠠ ᠨᠡᠬᠡᠵᠦ ᠰᠡᠩᠭᠦᠮ ᠦᠨ ᠡᠮ᠎ᠡ ᠬᠥᠪᠡᠭᠦᠨ ᠢᠷᠭᠡᠨ ᠤᠷᠭᠤᠨ ᠰᠡᠯᠲᠡ ᠶᠢ ᠲᠣᠯᠢᠵᠤ ᠠᠪᠴᠤ ᠣᠩ ᠬᠠᠭᠠᠨ ᠤ ᠳᠡᠯᠭᠡᠲᠦ ᠠᠮᠠᠰᠠᠷ᠎ᠠ ᠪᠦᠬᠦᠢ ᠲᠦ ᠵᠠᠷᠢᠮ ᠤᠳ ᠠᠳᠤᠭᠤᠨ ᠢᠳᠡᠭᠡᠨ ᠢ ᠲᠣᠯᠢᠵᠤ ᠠᠪᠤᠭᠠᠳ ᠬᠠᠷᠢᠵᠤᠬᠤᠢ ᠲᠡᠷᠡ ᠬᠣᠭᠣᠷᠵᠠᠪᠰᠠᠷ ᠲᠤᠷ ᠮᠡᠷᠭᠡᠳ ᠦᠨ ᠲᠣᠭᠲᠠᠬ ᠠ ᠶᠢᠨ ᠬᠤᠳᠤ ᠴᠢᠯᠠᠭᠤᠨ ᠬᠣᠶᠠᠷ ᠬᠥᠪᠡᠭᠦᠨ ᠲᠡᠨᠳᠡ ᠪᠦᠷᠦᠨ ᠢᠷᠭᠡᠨ ᠪᠡᠨ ᠠᠪᠤᠭᠠᠳ ᠬᠠᠭᠠᠴᠠᠵᠤ ᠡᠴᠢᠭᠡ ᠲᠦᠷ ᠢᠶᠡᠨ ᠨᠡᠶᠢᠯᠡᠨ ᠰᠡᠯᠡᠩᠭᠡ ᠤᠷᠤᠭᠤ ᠬᠥᠳᠡᠯᠵᠦᠬᠦᠢ ᠬᠥᠩᠰᠡᠬᠦ ᠰᠠᠪᠠᠷᠠᠭ᠎ᠠ ᠲᠠᠭᠤᠯᠢᠭᠳᠠᠵᠤ ᠳᠠᠷᠤᠭᠳᠠᠵᠤ ᠣᠩ ᠬᠠᠭᠠᠨ ᠴᠢᠩᠭᠢᠰ ᠬᠠᠭᠠᠨ ᠲᠤᠷ ᠡᠯᠴᠢ ᠢᠯᠡᠭᠡᠷ ᠦᠨ ᠨᠠᠢᠮᠠᠨ᠎ᠠ ᠢᠷᠭᠡᠨ ᠤᠷᠭᠤᠨ ᠪᠠᠨ ᠡᠮ᠎ᠡ ᠬᠥᠪᠡᠭᠦᠨ ᠪᠡᠨ ᠲᠠᠭᠤᠯᠢᠭᠳᠠᠪᠠ ᠪᠢ ᠬᠥᠪᠡᠭᠦᠨ ᠡᠴᠡᠭᠡᠨ ᠳᠥᠷᠪᠡᠨ ᠬᠦᠯᠦᠭ ᠦᠳ ᠢ ᠴᠢᠨ ᠤ ᠭᠤᠶᠢᠵᠤ ᠢᠯᠡᠭᠡᠰᠦᠭᠡᠢ ᠪᠢ ᠢᠷᠭᠡᠨ ᠤᠷᠭᠤᠨ ᠢ ᠮᠢᠨᠤ ᠠᠪᠤᠷᠠᠵᠤ ᠥᠭᠲᠦᠭᠡᠢ ᠬᠡᠮᠡᠵᠦ ᠢᠯᠡᠭᠡᠵᠦᠬᠦ ᠴᠢᠩᠭᠢᠰ ᠬᠠᠭᠠᠨ ᠲᠡᠨᠳᠡ ᠪᠣᠭᠣᠷᠴᠢ ᠮᠤᠬᠤᠯᠢ ᠪᠣᠷᠣᠬᠤᠯ ᠴᠢᠯᠠᠭᠤᠨ ᠪᠠᠭᠠᠲᠤᠷ ᠡᠳᠡ ᠳᠥᠷᠪᠡᠨ ᠬᠦᠯᠦᠭ  ᠦᠳ ᠢᠶᠡᠨ ᠴᠡᠷᠢᠭ ᠵᠠᠰᠠᠵᠤ ᠢᠯᠡᠭᠡᠪᠡ ᠡᠳᠡ ᠳᠥᠷᠪᠡᠨ
qadqulduy=a kemebesü edür geyigülüged üjebesü Ong-qaγan bayidal=tur=iyan γal ügei bultaju endeči namayi=yi (minu) tülesin ajuqu kemeged tendeče ködeljü Adar-Altai=yin belčir=iyer ködeljü tere ködelügseber ködeljü Saγari-keger=e baγuba tende Činggis-qaγan Qasar qoyar Naiman=u tubun uqan arγ=a ese toγoluγsan=i (güyičegsen=i) Köngsekü-Sabaraγ Ong-qaγan=u qoyina=ača nekejü Senggüm=ün em=e köbegün irgen urγun selte=yi toliju abču Ong-qaγan=u Delgetü-amasar=a büküi=tü jarim=ud aduγun idegen=i toliju abuγad qarijuqui tere qoγor(jabsar)=tur Merged=ün Toγtaq=a=yin Qudu Čilaγun qoyar köbegün tende bürün irgen=ben abuγad qaγačaju ečige=tür=iyen neyilen Selengge uruγu ködeljüküi Köngsekü-Sabaraγ=a taγuliγdaju (daruγdaju) Ong-qaγan , Činggis-qaγan=tur elči ileger=ün Naiman=a irgen urγun=ban em=e köbegün=ben taγuliγdaba bi köbegün=ečegen dörben külüg=üd=i čin=u γuyiju ilegesügei bi irgen urγun=i minu aburaju ögtügei kemejü ilegejükü Činggis-qaγan tende Boγorči , Muquli , Boroqul , Čilaγun-baγatur ede dörben külüg (=üd=iyen) čerig jasaju ilegebe ede dörben
58a
ᠬᠦᠯᠦᠭ ᠦᠳ ᠢ ᠬᠦᠷᠬᠦ ᠶᠢᠨ ᠤᠷᠢᠳᠠ ᠤᠯᠠᠭᠠᠨ ᠬᠤᠳ ᠲᠠ ᠰᠡᠩᠭᠦᠮ ᠪᠠᠶᠢᠯᠳᠤᠬᠤ ᠪᠣᠯᠤᠨ ᠮᠣᠷᠢᠨ ᠳᠠᠭᠠᠨ ᠬᠤᠶᠤᠭᠳᠠᠵᠤ ᠠᠪᠲᠠᠬᠤ ᠪᠣᠯᠵᠤ ᠪᠦᠬᠦᠢ ᠲᠦᠷ ᠡᠳᠡ ᠳᠥᠷᠪᠡᠨ ᠬᠦᠯᠦᠭ ᠦᠳ ᠬᠦᠷᠴᠦ ᠠᠪᠤᠷᠠᠭᠠᠳ ᠢᠷᠭᠡᠨ ᠤᠷᠭᠤᠨ ᠡᠮ᠎ᠡ ᠬᠥᠪᠡᠭᠦᠨ ᠪᠦᠭᠦᠳᠡ ᠶᠢ ᠠᠪᠤᠷᠠᠵᠤ ᠥᠭᠪᠡᠢ ᠲᠡᠨᠳᠡ ᠣᠩ ᠬᠠᠭᠠᠨ ᠥᠭᠦᠯᠡᠷ ᠦᠨ ᠡᠷᠲᠡ ᠰᠠᠶᠢᠨ ᠡᠴᠢᠭᠡ ᠳᠡ ᠢᠨᠤ ᠡᠨᠡ ᠮᠡᠲᠦ ᠣᠳᠤᠨ ᠪᠠᠷᠠᠭᠰᠠᠨ ᠤᠯᠤᠰ ᠢᠶᠠᠨ ᠠᠪᠤᠷᠠᠵᠤ ᠥᠭᠲᠡᠪᠡ ᠡᠳᠦᠭᠡ ᠪᠠᠰᠠ ᠬᠥᠪᠡᠭᠦᠨ ᠣᠳᠤᠨ ᠪᠠᠷᠠᠭᠰᠠᠨ ᠤᠯᠤᠰ ᠢ ᠮᠢᠨᠤ ᠳᠥᠷᠪᠡᠨ ᠬᠦᠯᠦᠭ ᠦᠳ ᠢᠶᠡᠨ ᠢᠯᠡᠭᠡᠵᠦ ᠠᠪᠤᠷᠠᠵᠤ ᠥᠭᠲᠡᠪᠡ ᠠᠴᠢ ᠬᠠᠷᠢᠭᠤᠯᠬᠤ ᠶᠢ ᠲᠩᠷᠢ ᠭᠠᠵᠠᠷ ᠤᠨ ᠢᠪᠡᠭᠡᠯ ᠮᠡᠳᠡᠲᠦᠭᠡᠢ ᠬᠡᠮᠡᠭᠡᠳ ᠪᠠᠰᠠ ᠣᠩ ᠬᠠᠭᠠᠨ ᠥᠭᠦᠯᠡᠷᠦᠨ ᠶᠢᠰᠦᠬᠡᠢ ᠪᠠᠭᠠᠲᠤᠷ ᠠᠨᠳᠠ ᠮᠢᠨᠤ ᠣᠳᠤᠨ ᠪᠠᠷᠠᠭᠰᠠᠨ ᠤᠯᠤᠰ ᠢ ᠮᠢᠨᠤ ᠨᠢᠭᠡᠨ ᠳᠡ ᠠᠪᠤᠷᠠᠵᠤ ᠥᠭᠪᠡ ᠲᠦᠮᠦᠵᠢᠨ ᠬᠥᠪᠡᠭᠦᠨ ᠡᠳᠦᠭᠡ ᠪᠠᠰᠠ ᠣᠳᠤᠭᠰᠠᠨ ᠤᠯᠤᠰ ᠢ ᠮᠢᠨᠤ ᠠᠪᠤᠷᠠᠵᠤ ᠥᠭᠪᠡ ᠡᠳᠡ ᠡᠴᠢᠭᠡ ᠬᠥᠪᠡᠭᠦᠨ ᠬᠣᠶᠠᠷ ᠣᠳᠤᠨ ᠪᠠᠷᠠᠭᠰᠠᠨ ᠤᠯᠤᠰ ᠢ ᠨᠠᠳᠠ ᠬᠤᠷᠢᠶᠠᠵᠤ ᠥᠭᠭᠥᠷ ᠦᠨ ᠬᠡᠨ ᠦ ᠡᠮᠦᠨᠡ ᠬᠤᠷᠢᠶᠠᠵᠤ ᠥᠭᠭᠥᠨ ᠵᠣᠪᠠᠮᠤᠢ ᠪᠢ ᠪᠡᠷ ᠡᠳᠦᠭᠡ ᠥᠲᠡᠯᠪᠡ ᠨᠠᠮᠠᠶᠢ ᠥᠲᠡᠯᠵᠦ ᠥᠨᠳᠥᠳ ᠲᠡ ᠬᠣᠵᠢᠳᠴᠤ ᠬᠠᠳᠤᠳ ᠲᠠ ᠭᠠᠷᠪᠠᠰᠤ ᠬᠠᠮᠤᠭ ᠤᠯᠤᠰ ᠢ ᠮᠢᠨᠤ ᠬᠡᠨ ᠮᠡᠳᠡᠬᠦ ᠳᠡᠭᠦᠦ ᠨᠡᠷ ᠮᠢᠨᠤ ᠠᠪᠤᠷᠢ ᠦᠭᠡᠬᠦᠨ ᠪᠤᠢ ᠭᠠᠭᠴᠠ ᠬᠥᠪᠡᠭᠦᠨ ᠮᠢᠨᠤ ᠦᠭᠡᠢ ᠰᠢᠳᠦ ᠭᠠᠭᠴᠠ ᠪᠤᠢ ᠲᠦᠮᠦᠵᠢᠨ ᠬᠥᠪᠡᠭᠦᠨ ᠢ ᠰᠡᠩᠭᠦᠮ ᠦᠨ ᠠᠬ᠎ᠠ ᠪᠣᠯᠭᠠᠵᠤ ᠬᠣᠶᠠᠷ ᠬᠥᠪᠡᠭᠦᠳ ᠲᠦ ᠪᠣᠯᠵᠤ ᠠᠮᠤᠰᠤᠭᠠᠢ ᠬᠡᠮᠡᠵᠦ ᠴᠢᠩᠭᠢᠰ ᠬᠠᠭᠠᠨ ᠯᠤᠭ᠎ᠠ ᠣᠩ ᠬᠠᠭᠠᠨ ᠲᠤᠭᠤᠯᠠ ᠶᠢᠨ ᠬᠠᠷᠠ ᠲᠦᠨ᠎ᠡ ᠬᠤᠷᠠᠵᠤ ᠡᠴᠢᠭᠡ ᠬᠥᠪᠡᠭᠦᠨ
külüg=üd=i kürkü=yin urida Ulaγan-Qud=ta Senggüm bayilduqu bolun morin=daγan quyuγdaju abtaqu bolju büküi=tür ede dörben külüg=üd kürčü aburaγad irgen urγun em=e köbegün bügüde=yi aburaju ögbei tende Ong-qaγan ögüler=ün erte sayin ečige=de inu ene metü odun baraγsan ulus=iyan aburaju ögtebe edüge basa köbegün odun baraγsan ulus=i minu dörben külüg=üd=iyen ilegejü aburaju ögtebe ači qariγulqu=yi tngri γajar=un ibegel medetügei kemeged basa Ong-qaγan ögülerün Yisükei-baγatur anda minu odun baraγsan ulus=i minu nigen=de aburaju ögbe Tümüjin köbegün edüge basa oduγsan ulus=i minu aburaju ögbe ede ečige köbegün qoyar odun baraγsan ulus=i nada quriyaju öggör=ün ken=ü emüne quriyaju öggön jobamui bi ber edüge ötelbe namayi öteljü öndöd=te qojidču qadud=ta γarbasu qamuγ ulus=i minu ken medekü degüü=ner minu aburi ügekün bui γaγča köbegün minu ügei sidü γaγča bui Tümüjin köbegün=i Senggüm=ün aq=a bolγaju qoyar köbegüd=tü bolju amusuγai kemejü Činggis-qaγan=luγ=a Ong-qaγan Tuγula=yin Qara-Tün=e quraju ečige köbegün
58b
ᠬᠡᠮᠡᠯᠳᠦᠪᠡᠢ ᠡᠴᠢᠭᠡ ᠬᠥᠪᠡᠭᠦᠨ ᠬᠡᠮᠡᠯᠳᠦᠬᠦ ᠶᠣᠰᠤᠨ ᠤᠷᠢᠳᠠ ᠡᠷᠲᠡ ᠡᠳᠦᠷ ᠶᠢᠰᠦᠬᠡᠢ ᠪᠠᠭᠠᠲᠤᠷ ᠡᠴᠢᠭᠡ ᠯᠦᠭᠡ ᠣᠩ ᠬᠠᠭᠠᠨ ᠠᠨᠳᠠ ᠬᠡᠮᠡᠯᠳᠦᠭᠰᠡᠨ ᠶᠣᠰᠤᠭᠠᠷ ᠡᠴᠢᠭᠡ ᠬᠥᠪᠡᠭᠦᠨ ᠬᠡᠮᠡᠯᠳᠡᠬᠦ ᠶᠣᠰᠤᠨ ᠡᠶᠢᠨ ᠦᠭᠡ ᠥᠭᠦᠯᠡᠯᠳᠦᠷ ᠦᠨ ᠦᠯᠡ ᠳᠠᠶᠢᠰᠤᠨ ᠲᠤᠷ ᠠᠭᠤᠯᠠᠷ ᠤᠨ ᠬᠠᠮᠲᠤ ᠪᠠᠷ ᠣᠷᠣᠭ᠎ᠠ ᠭᠥᠷᠥᠭᠡᠰᠦᠨ ᠲᠦᠷ ᠠᠪᠠᠯᠠᠷᠤᠨ ᠨᠢᠭᠡᠨ᠎ᠡ ᠬᠦ ᠬᠠᠮᠲᠤ ᠠᠪᠠᠯᠠᠶ᠎ᠠ ᠬᠡᠮᠡᠯᠳᠦᠪᠡᠢ ᠪᠠᠰᠠ ᠴᠢᠩᠭᠢᠰ ᠬᠠᠭᠠᠨ ᠣᠩ ᠬᠠᠭᠠᠨ ᠬᠣᠶᠠᠷ ᠥᠭᠦᠯᠡᠯᠳᠦᠷᠦᠨ ᠪᠢᠳᠠ ᠬᠣᠶᠠᠷ ᠨᠡᠶᠢᠳᠡᠪᠡᠰᠦ ᠰᠢᠳᠦᠲᠦ ᠮᠣᠭᠠᠢ᠎ᠠ ᠰᠢᠳᠦᠷᠳᠡᠪᠡᠰᠦ ᠰᠢᠳᠦᠷᠭᠡᠨ ᠲᠦᠷ ᠪᠦᠦ ᠣᠷᠣᠶ᠎ᠠ ᠰᠢᠳᠦ ᠪᠡᠷ ᠠᠮᠠᠪᠠᠷ ᠣᠯᠤᠯᠴᠠᠵᠤ ᠪᠢᠰᠢᠷᠡᠶ᠎ᠡ ᠠᠷᠭ ᠠ ᠲᠤ ᠮᠣᠭᠠᠢ᠎ᠠ ᠠᠳᠠᠷᠳᠠᠪᠠᠰᠤ ᠠᠳᠤᠷᠭᠠᠨ ᠲᠤᠷ ᠢᠨᠤ ᠪᠦᠦ ᠣᠷᠣᠶ᠎ᠠ ᠠᠮᠠᠪᠠᠷ ᠰᠢᠳᠦᠪᠡᠷ ᠣᠯᠤᠯᠴᠠᠵᠤ ᠪᠢᠰᠢᠷᠡᠶ᠎ᠡ ᠬᠡᠮᠡᠨ ᠲᠡᠶᠢᠨ ᠦᠭᠡ ᠪᠠᠷᠢᠯᠳᠤᠵᠤ ᠠᠮᠠᠷᠠᠭᠯᠠᠨ ᠶᠠᠪᠤᠪᠠᠢ ᠲᠡᠭᠦᠨ ᠦ ᠬᠣᠶᠢᠨᠠ ᠠᠮᠠᠷᠠᠭ ᠳᠡᠭᠡᠷᠡ ᠳᠠᠪᠬᠤᠷ ᠠᠮᠠᠷᠠᠭ ᠪᠣᠯᠤᠶ᠎ᠠ ᠬᠡᠮᠡᠨ ᠴᠢᠩᠭᠢᠰ ᠬᠠᠭᠠᠨ ᠰᠡᠳᠬᠢᠵᠦ ᠵᠣᠴᠢ ᠲᠠ ᠰᠡᠩᠭᠦᠮ ᠦᠨ ᠳᠦᠢ ᠳᠡᠭᠦᠦ ᠴᠠᠬᠤᠷ ᠪᠡᠬᠢ ᠶᠢ ᠭᠤᠶᠤᠷ ᠤᠨ ᠰᠡᠩᠭᠦᠮ ᠦᠨ ᠬᠥᠪᠡᠭᠦᠨ ᠲᠠᠰᠠᠭ ᠲᠠ ᠪᠢᠳᠠᠨ ᠤ ᠬᠣᠵᠢᠨ ᠪᠡᠬᠢ ᠶᠢ ᠠᠷᠢᠯᠵᠢᠨ ᠥᠭᠭᠥᠶ᠎ᠡ ᠬᠡᠮᠡᠨ ᠭᠤᠶᠤᠪᠠᠰᠤ ᠲᠡᠨᠳᠡ ᠰᠡᠩᠭᠦᠮ ᠥᠪᠡᠷ ᠢᠶᠡᠨ ᠶᠡᠬᠡᠴᠢᠯᠡᠨ ᠰᠡᠳᠬᠢᠵᠦ ᠥᠭᠦᠯᠡᠷᠦᠨ ᠪᠢᠳᠠᠨ ᠤ ᠤᠷᠤᠭ ᠲᠡᠳᠡᠨ ᠲᠦᠷ ᠣᠳᠪᠠᠰᠤ ᠠᠯᠤᠰ᠎ᠠ ᠪᠠᠶᠢᠵᠤ ᠡᠭᠡᠭᠲᠡ ᠡᠩᠨᠡᠭᠲᠦ ᠬᠣᠶᠢᠮᠠᠷ᠎ᠠ ᠬᠠᠷᠬᠤ ᠠᠵᠤᠬᠤ ᠲᠡᠳᠡᠨ ᠦ ᠤᠷᠤᠭ ᠮᠠᠨᠳᠤᠷ ᠢᠷᠡᠪᠡᠰᠦ ᠬᠣᠶᠢᠮᠠᠷ᠎ᠠ ᠰᠠᠭᠤᠵᠤ ᠠᠯᠤᠰ᠎ᠠ ᠬᠠᠷᠠᠨ ᠠᠵᠤᠬᠤ ᠬᠡᠮᠡᠨ ᠥᠪᠡᠷ ᠢᠶᠡᠨ ᠶᠡᠬᠡᠴᠢᠯᠡᠨ
kemeldübei ečige köbegün kemeldükü yosun urida erte edür Yisükei-baγatur ečige=lüge Ong-qaγan anda kemeldügsen yosuγar ečige köbegün kemeldekü yosun eyin üge ögüleldür=ün üle dayisun=tur aγular=un qamtu=bar oroγ=a görögesün=tür abalarun nigen=e kü qamtu abalay=a kemeldübei basa Činggis-qaγan Ong-qaγan qoyar ögüleldürün bida qoyar neyidebesü sidütü moγai=a sidürdebesü sidürgen=tür büü oroy=a sidü=ber amabar olulčaju bisirey=e arγ=a=tu moγai=a adardabasu adurγan=tur inu büü oroy=a amabar sidüber olulčaju bisirey=e kemen teyin üge barilduju amaraγlan yabubai # tegün=ü qoyina amaraγ degere dabqur amaraγ boluy=a kemen Činggis-qaγan sedkijü Joči=ta Senggüm=ün düi <degüü> Čaqur-beki=yi γuyur=un Senggüm=ün köbegün Tasaγ=ta bidan=u Qojin-beki=yi ariljin öggöy=e kemen γuyubasu tende Senggüm öber=iyen yekečilen sedkijü ögülerün bidan=u uruγ teden=tür odbasu alus=a bayiju egegte <engnegtü> qoyimar=a qarqu ajuqu teden=ü uruγ mandur irebesü qoyimar=a saγuju alus=a qaran ajuqu kemen öber=iyen yekečilen
59a
ᠰᠡᠳᠬᠢᠵᠦ ᠪᠢᠳᠠᠨ ᠢ ᠳᠣᠷᠣᠮᠵᠢᠯᠠᠨ ᠥᠭᠦᠯᠡᠵᠦ ᠴᠠᠬᠤᠷ ᠪᠡᠬᠢ ᠶᠢ ᠦᠯᠦ ᠥᠭᠭᠥᠨ ᠡᠰᠡ ᠲᠠᠭᠠᠯᠠᠯᠳᠤᠵᠤᠬᠤᠢ ᠲᠡᠷᠡ ᠦᠭᠡ ᠲᠦᠷ ᠴᠢᠩᠭᠢᠰ ᠬᠠᠭᠠᠨ ᠳᠣᠲᠣᠷᠠᠭᠠᠨ ᠨᠢᠯᠬ ᠠ ᠰᠡᠩᠭᠦᠮ ᠲᠦᠷ ᠳᠤᠤᠷ᠎ᠠ ᠬᠣᠴᠣᠷᠴᠢᠬᠤᠢ ᠬᠡᠮᠡᠨ ᠰᠡᠳᠬᠢᠪᠡᠢ ᠲᠡᠶᠢᠨ ᠳᠤᠤᠷ᠎ᠠ ᠬᠣᠴᠣᠷᠤᠭᠰᠠᠨ ᠢ ᠵᠠᠮᠤᠬ᠎ᠠ ᠤᠬᠠᠵᠤ ᠭᠠᠬᠠᠢ ᠵᠢᠯ ᠦᠨ ᠬᠠᠪᠤᠷ ᠵᠠᠮᠤᠬ᠎ᠠ ᠠᠯᠲᠠᠨ ᠬᠤᠴᠢᠷ ᠬᠢᠷᠲᠠᠬᠤᠪᠠᠢ ᠡᠪᠦᠭᠡᠵᠢᠨ ᠣᠩᠭᠢᠨ ᠰᠦᠬᠡᠭᠡᠳᠡᠢ ᠲᠣᠭᠣᠷᠢᠯ ᠬᠠᠴᠢᠭᠤᠨ ᠪᠡᠬᠢ ᠡᠳᠡ ᠪᠣᠯᠤᠨ ᠨᠢᠭᠡᠨ ᠡᠶ ᠡ ᠲᠡᠨ ᠪᠣᠯᠵᠤ ᠨᠡᠭᠦᠵᠦ ᠣᠳᠴᠤ ᠵᠡᠵᠡᠭᠡᠷ ᠥᠨᠳᠥᠷ ᠦᠨ ᠬᠢᠷᠤᠳᠠ ᠪᠡᠷᠬᠡ ᠠᠯᠤᠨ ᠲᠠ ᠨᠢᠯᠬ ᠠ ᠰᠡᠩᠭᠦᠮ ᠲᠦᠷ ᠣᠳᠴᠤ ᠵᠠᠮᠤᠬ᠎ᠠ ᠣᠯᠬᠢᠨ ᠥᠭᠦᠯᠡᠷ ᠦᠨ ᠲᠦᠮᠦᠵᠢᠨ ᠠᠨᠳᠠ ᠮᠢᠨᠤ ᠨᠠᠢᠮᠠᠨ ᠤ ᠳᠠᠶᠠᠩ ᠬᠠᠭᠠᠨ ᠲᠤᠷ ᠬᠡᠯᠡᠲᠦ ᠬᠡᠯᠡᠬᠦ ᠡᠯᠴᠢ ᠲᠦ ᠪᠤᠶᠤ ᠠᠮᠠᠨ ᠢᠨᠤ ᠡᠴᠢᠭᠡ ᠬᠥᠪᠡᠭᠦᠨ ᠬᠡᠮᠡᠵᠦ ᠠᠮᠤ ᠠᠪᠤᠷᠢ ᠢᠨᠤ ᠥᠪᠡᠷᠡ ᠪᠤᠶᠤ ᠢᠲᠡᠭᠡᠵᠦ ᠠᠮᠤ ᠲᠠ ᠡᠰᠡ ᠤᠬᠠᠪᠠᠰᠤ ᠲᠠᠨ᠎ᠠ ᠶᠠᠭᠤ ᠪᠣᠯᠬᠤ ᠲᠦᠮᠦᠵᠢᠨ ᠠᠨᠳᠠ ᠲᠤᠷ ᠮᠣᠷᠢᠯᠠᠪᠠᠰᠤ ᠪᠢ ᠬᠥᠨᠳᠡᠯᠡᠨ᠎ᠡ ᠣᠷᠣᠯᠳᠤᠰᠤ ᠬᠡᠮᠡᠵᠦᠬᠦᠢ ᠲᠡᠨᠳᠡᠴᠡ ᠠᠯᠲᠠᠨ ᠬᠤᠴᠢᠷ ᠬᠣᠶᠠᠷ ᠥᠭᠦᠯᠡᠷᠦᠨ ᠪᠠ ᠥᠭᠡᠯᠡᠨ ᠡᠬᠡ ᠶᠢᠨ ᠬᠥᠪᠡᠭᠦᠳ ᠢ ᠠᠬ ᠠ ᠶᠢ ᠠᠯᠠᠵᠤ ᠳᠡᠭᠦᠦ ᠶᠢ ᠲᠡᠰᠬᠢᠵᠦ ᠥᠭᠭᠥᠶ᠎ᠡ ᠬᠡᠮᠡᠵᠦᠬᠦᠢ ᠡᠪᠦᠭᠡᠵᠢᠨ ᠣᠩᠭᠢᠨ ᠬᠢᠷᠲᠠᠭᠲᠠᠢ ᠥᠭᠦᠯᠡᠷᠦᠨ ᠭᠠᠷ ᠢᠨᠤ ᠭᠠᠷᠳᠠᠵᠤ ᠬᠥᠯ ᠢᠨᠤ ᠬᠥᠯᠳᠡᠵᠦ ᠥᠭᠰᠦᠭᠡᠢ ᠬᠡᠮᠡᠪᠡ ᠲᠣᠭᠣᠷᠢᠯ ᠥᠭᠦᠯᠡᠷ ᠦᠨ ᠠᠷᠭᠠᠴᠠ ᠠᠷᠭᠠᠯᠠᠶ᠎ᠠ ᠬᠡᠮᠡᠪᠡᠰᠦ ᠣᠳᠴᠤ ᠲᠦᠮᠦᠵᠢᠨ ᠦ ᠤᠯᠤᠰ ᠢ ᠠᠪᠤᠶ᠎ᠠ ᠤᠯᠤᠰ ᠢᠶᠠᠨ ᠠᠪᠲᠠᠪᠠᠰᠤ ᠤᠯᠤᠰ ᠦᠭᠡᠬᠦᠨ ᠪᠣᠯᠪᠠᠰᠤ ᠶᠠᠬᠢᠬᠤᠨ ᠲᠡᠳᠡ ᠬᠡᠮᠡᠵᠦᠬᠦᠢ ᠬᠠᠴᠤᠭᠤᠨ ᠪᠡᠬᠢ ᠥᠭᠦᠯᠡᠷᠦᠨ
sedkijü bidan=i doromjilan ögülejü Čaqur-beki=yi ülü öggön ese taγalaldujuqui tere üge=tür Činggis-qaγan dotoraγan Nilq=a-Senggüm=tür duur=a qočorčiqui kemen sedkibei teyin duur=a qočoruγsan=i Jamuq=a uqaju γaqai jil=ün qabur Jamuq=a , Altan , Qučir , Kirtaqubai Ebügejin Onggin Sükegedei , Toγoril Qačiγun beki , ede bolun nigen ey=e=ten bolju negüjü odču Jejeger-öndör=ün kiruda Berke-Alun=ta Nilq=a-Senggüm=tür odču Jamuq=a olkin ögüler=ün Tümüjin anda minu Naiman=u Dayang-qaγan=tur keletü (kelekü) elči=tü buyu aman inu ečige köbegün kemejü amu aburi inu öbere buyu itegejü amu ta ese uqabasu tan=a yaγu bolqu Tümüjin anda=tur morilabasu bi köndelen=e oroldusu kemejüküi tendeče Altan Qučir , qoyar ögülerün ba Ögelen eke=yin köbegüd=i aq=a=yi alaju degüü=yi teskijü öggöy=e kemejüküi Ebügejin-onggin-Kirtaγtai ögülerün γar inu γardaju köl inu köldejü ögsügei kemebe Toγoril ögüler=ün arγača (arγalay=a) kemebesü odču Tümüjin=ü ulus=i abuy=a ulus=iyan abtabasu ulus ügekün bolbasu yakiqun tede kemejüküi Qačuγun-beki ögülerün
59b
ᠨᠢᠯᠬ ᠠ ᠰᠡᠩᠭᠦᠮ ᠬᠥᠪᠡᠭᠦᠨ ᠴᠢᠮᠠᠶᠢ ᠶᠠᠭᠤᠨ ᠰᠡᠳᠬᠢᠪᠡᠰᠦ ᠤᠷᠲᠤ ᠶᠢᠨ ᠦᠵᠦᠭᠦᠷ᠎ᠡ ᠭᠦᠨ ᠦ ᠢᠷᠤᠭᠠᠷ᠎ᠠ ᠬᠦᠷᠦᠯᠴᠡᠰᠦ ᠬᠡᠮᠡᠵᠦᠬᠦᠢ ᠡᠳᠡ ᠦᠭᠡᠰ ᠥᠭᠦᠯᠡᠭᠦᠯᠵᠦ ᠨᠢᠯᠬ ᠠ ᠰᠡᠩᠭᠦᠮ ᠡᠴᠢᠭᠡ ᠲᠦᠷ ᠢᠶᠡᠨ ᠣᠩ ᠬᠠᠭᠠᠨ ᠲᠤᠷ ᠲᠡᠳᠡᠭᠡᠷ ᠦᠭᠡᠰ ᠰᠠᠶᠢᠬᠠᠨ ᠲᠦᠳᠦᠭᠡᠷ ᠢᠶᠡᠷ ᠥᠭᠦᠯᠡᠵᠦ ᠢᠯᠡᠭᠡᠵᠦᠬᠦ ᠡᠳᠡᠭᠡᠷ ᠦᠭᠡᠰ ᠥᠭᠦᠯᠡᠭᠳᠡᠵᠦ ᠣᠩ ᠬᠠᠭᠠᠨ ᠥᠭᠦᠯᠡᠷᠦᠨ ᠬᠥᠪᠡᠭᠦᠨ ᠢ ᠮᠢᠨᠤ ᠲᠦᠦᠯᠵᠢᠨ ᠲᠦᠷ ᠶᠠᠬᠢᠨ ᠲᠡᠶᠢᠨ ᠮᠠᠭᠤ ᠰᠡᠳᠬᠢᠮᠦ ᠲᠩᠷᠢ ᠲᠡ ᠦᠯᠦ ᠲᠠᠭᠠᠯᠠᠭᠳᠠᠬᠤ ᠪᠢᠳᠠ ᠵᠠᠮᠤᠬ᠎ᠠ ᠶᠠᠪᠤᠳᠠᠭ ᠬᠡᠯᠡᠲᠦ ᠬᠤᠳᠠᠯ ᠣᠯᠬᠢᠶᠠᠨ ᠪᠥᠯᠦᠭᠡ ᠵᠥᠪ ᠦᠦ ᠳᠠᠪ ᠪᠤᠷᠤᠭᠤ ᠤᠤ ᠥᠭᠦᠯᠡᠨ ᠪᠤᠶᠤ ᠬᠡᠮᠡᠨ ᠡᠰᠡ ᠲᠠᠭᠠᠯᠠᠵᠤ ᠢᠯᠡᠭᠡᠵᠦᠬᠦᠢ ᠪᠠᠰᠠ ᠰᠡᠩᠭᠦᠮ ᠥᠭᠦᠯᠡᠵᠦ ᠢᠯᠡᠭᠡᠷᠦᠨ ᠠᠮᠠᠲᠤ ᠬᠡᠯᠡᠲᠦ ᠬᠦᠮᠦᠨ ᠥᠭᠦᠯᠡᠨ ᠪᠥᠭᠡᠲᠡᠯᠡ ᠶᠠᠬᠢᠨ ᠦᠯᠦ ᠪᠢᠰᠢᠷᠡᠭᠳᠡᠬᠦ ᠬᠡᠮᠡᠨ ᠵᠢᠴᠢ ᠬᠦᠮᠦᠨ᠎ᠡ ᠥᠭᠦᠯᠡᠵᠦ ᠢᠯᠡᠭᠡᠭᠡᠳ ᠶᠠᠳᠠᠵᠤ ᠥᠪᠡᠰᠦᠪᠡᠨ ᠪᠡᠶᠡ ᠪᠡᠷ ᠣᠳᠴᠤ ᠥᠭᠦᠯᠡᠷ ᠦᠨ ᠪᠠᠯ ᠴᠢᠮᠠᠶᠢ ᠡᠳᠦ ᠪᠦᠬᠦᠢ ᠲᠦᠷ ᠪᠢᠳᠠᠨ ᠢ ᠶᠠᠭᠤᠨ ᠠ ᠪᠠᠷ ᠦᠯᠦ ᠪᠣᠯᠭᠠᠨ ᠪᠤᠶᠤ ᠡᠨᠡ ᠪᠡᠷ ᠬᠠᠭᠠᠨ ᠡᠴᠢᠭᠡ ᠴᠢᠮᠠᠶᠢ ᠴᠠᠭᠠᠨ᠎ᠠ ᠴᠠᠴᠠᠪᠠᠰᠤ ᠬᠠᠷᠠ ᠲᠠ ᠬᠠᠬᠠᠪᠠᠰᠤ ᠬᠤᠷᠴᠠᠬᠤᠰ ᠪᠤᠶᠢᠷᠤᠭ ᠬᠠᠭᠠᠨ ᠡᠴᠢᠭᠡ ᠶᠢᠨ ᠴᠢᠨᠤ ᠵᠣᠪᠠᠨ ᠡᠳᠦᠢ ᠬᠤᠷᠢᠶᠠᠵᠤ ᠠᠭᠰᠠᠨ ᠤᠯᠤᠰ ᠢ ᠴᠢᠨ ᠤ ᠮᠠᠨ᠎ᠠ ᠬᠦ ᠮᠡᠳᠡᠭᠦᠯᠬᠦ ᠦᠭᠡᠢ ᠬᠡᠨ ᠡ ᠪᠡᠷ ᠶᠠᠬᠢᠨ ᠮᠡᠳᠡᠭᠦᠯᠬᠦ ᠬᠡᠮᠡᠵᠦᠬᠦᠢ ᠲᠡᠷᠡ ᠦᠭᠡ ᠲᠦᠷ ᠣᠩ ᠬᠠᠭᠠᠨ ᠥᠭᠦᠯᠡᠷᠦᠨ ᠴᠠᠭ᠎ᠠ ᠨᠢᠯᠬ᠎ᠠ ᠬᠥᠪᠡᠭᠦᠨ ᠪᠡᠨ ᠲᠡᠪᠴᠢᠵᠦ ᠡᠴᠢᠭᠡ ᠶᠢᠨ ᠤᠷᠤᠭ ᠲᠥᠷᠥᠯ ᠢᠮᠡ ᠡᠶᠢᠮᠦ ᠬᠠᠷᠢ ᠪᠣᠯᠵᠤ ᠮᠠᠭᠤᠢ ᠰᠡᠳᠬᠢᠪᠡᠰᠦ ᠬᠡᠷ ᠵᠣᠬᠢᠬᠤᠢ ᠲᠩᠷᠢ ᠲᠡ ᠦᠯᠦ ᠲᠠᠭᠠᠯᠠᠭᠳᠠᠬᠤ ᠪᠢᠳᠠ ᠬᠡᠮᠡᠵᠦᠬᠦᠢ ᠲᠡᠷᠡ ᠦᠭᠡ ᠲᠦᠷ ᠬᠥᠪᠡᠭᠦᠨ ᠢᠨᠤ ᠨᠢᠯᠬ ᠠ ᠰᠡᠩᠭᠦᠮ ᠮᠠᠭᠤᠯᠠᠵᠤ
Nilq=a-Senggüm köbegün čimayi yaγun sedkibesü urtu=yin üjügür=e gün=ü iruγar=a kürülčesü kemejüküi ede üges ögülegüljü Nilq=a-Senggüm ečige=tür=iyen Ong-qaγan=tur tedeger üges Sayiqan-Tüdüger=iyer ögülejü ilegejükü edeger üges ögülegdejü Ong-qaγan ögülerün köbegün=i minu Tüüljin=tür yakin teyin maγu sedkimü tngri=te ülü taγalaγdaqu bida Jamuq=a yabudaγ keletü (qudal olkiyan) bölüge jöb üü dab (buruγu) uu ögülen buyu kemen ese taγalaju ilegejüküi basa Senggüm ögülejü ilegerün amatu keletü kümün ögülen bögetele yakin ülü bisiregdekü kemen jiči kümün=e ögülejü ilegeged yadaju öbesüben beye=ber odču ögüler=ün bal čimayi edü büküi=tür bidan=i yaγun=a=bar ülü bolγan buyu ene=ber qaγan ečige čimayi čaγan=a čačabasu qara=ta qaqabasu Qurčaqus-Buyiruγ-qaγan ečige=yin činu joban edüi quriyaju aγsan ulus=i čin=u man=a kü medegülkü ügei ken=e=ber yakin medegülkü kemejüküi tere üge=tür Ong-qaγan ögülerün čaγ=a (nilq=a) köbegün=ben tebčijü ečige=yin uruγ (töröl) ime (eyimü) qari bolju maγui sedkibesü ker jokiqui tngri=te ülü taγalaγdaqu bida kemejüküi tere üge=tür köbegün inu Nilq=a-Senggüm maγulaju
60a
ᠡᠭᠦᠳᠡᠨ ᠣᠷᠬᠢᠵᠤ ᠭᠠᠷᠴᠤᠬᠤᠢ ᠵᠢᠴᠢ ᠬᠥᠪᠡᠭᠦᠨ ᠶᠦᠭᠡᠨ ᠰᠡᠩᠭᠦᠮ ᠦᠨ ᠳᠤᠷᠠᠨ ᠬᠠᠶᠢᠷᠠᠯᠠᠵᠤ ᠤᠷᠢᠵᠤ ᠢᠷᠡᠭᠦᠯᠵᠦ ᠣᠩ ᠬᠠᠭᠠᠨ ᠥᠭᠦᠯᠡᠷᠦᠨ ᠲᠩᠷᠢ ᠲᠡ ᠮᠠᠨ ᠢ ᠲᠠᠭᠠᠯᠠᠭᠳᠠᠬᠤ ᠤᠤ ᠪᠢᠳᠠ ᠬᠥᠪᠡᠭᠦᠨ ᠢ ᠬᠡᠷ ᠲᠡᠪᠴᠢᠰᠦ ᠬᠡᠮᠡᠮᠦ ᠲᠠ ᠴᠢᠳᠠᠨ ᠡᠯᠡ ᠦᠶᠢᠯᠡᠳᠬᠦ ᠪᠡᠨ ᠲᠠ ᠮᠡᠳᠡᠳᠬᠦᠨ ᠬᠡᠮᠡᠵᠦᠬᠦᠢ ᠲᠡᠨᠳᠡᠴᠡ ᠰᠡᠩᠭᠦᠮ ᠥᠭᠦᠯᠡᠷᠦᠨ ᠮᠥᠨᠯᠦ ᠪᠢᠳᠠᠨ ᠤ ᠴᠠᠬᠤᠷ ᠪᠡᠬᠢ ᠶᠢ ᠭᠤᠶᠤᠨ ᠪᠥᠯᠦᠭᠡ ᠡᠳᠦᠭᠡ ᠪᠣᠭᠣᠯᠵᠠᠷ ᠢᠳᠡᠷ᠎ᠡ ᠢᠷᠡᠳᠬᠦᠨ ᠬᠡᠮᠡᠨ ᠡᠳᠦᠷ ᠪᠣᠯᠵᠠᠵᠤ ᠤᠷᠢᠵᠤ ᠢᠷᠡᠭᠦᠯᠵᠦ ᠲᠡᠨᠳᠡ ᠪᠠᠷᠢᠶ᠎ᠠ ᠬᠡᠮᠡᠯᠳᠦᠵᠦᠬᠦᠢ ᠵ᠎ᠠ ᠬᠡᠮᠡᠨ ᠡᠶ᠎ᠡ ᠪᠠᠷᠢᠯᠳᠤᠵᠤ ᠴᠠᠬᠤᠷ ᠪᠡᠬᠢ ᠶᠢ ᠥᠭᠭᠥᠶ᠎ᠡ ᠪᠣᠭᠣᠯᠵᠠᠷ ᠢᠳᠡᠷ᠎ᠡ ᠢᠷᠡᠳᠬᠦᠨ ᠬᠡᠮᠡᠨ ᠢᠯᠡᠭᠡᠪᠡᠢ ᠤᠷᠢᠭᠳᠠᠵᠤ ᠤᠷᠢᠨ ᠵᠠᠯᠠᠪᠠᠰᠤ ᠴᠢᠩᠭᠢᠰ ᠬᠠᠭᠠᠨ ᠠᠷᠪᠠᠨ ᠠᠷᠠᠨ ᠠᠶᠢᠰᠤᠷᠤᠨ ᠬᠦᠮᠦᠨ ᠣᠳᠤᠷ ᠤᠨ ᠵᠠᠭᠤᠷᠠ ᠮᠡᠩᠯᠢᠭ ᠡᠴᠢᠭᠡ ᠶᠢᠨ ᠭᠡᠷ ᠲᠦᠷ ᠬᠣᠨᠣᠪᠠᠰᠤ ᠲᠡᠨᠳᠡ ᠮᠡᠩᠯᠢᠭ ᠡᠴᠢᠭᠡ ᠥᠭᠦᠯᠡᠷᠦᠨ ᠴᠠᠬᠤᠷ ᠪᠡᠬᠢ ᠶᠢ ᠭᠤᠶᠤᠪᠠᠰᠤ ᠮᠥᠨᠯᠦ ᠪᠢᠳᠠᠨ ᠢ ᠳᠣᠷᠣᠮᠵᠢᠯᠠᠵᠤ ᠦᠯᠦ ᠥᠭᠭᠥᠨ ᠪᠥᠯᠦᠭᠡ ᠡᠳᠦᠭᠡ ᠬᠡᠷ ᠪᠣᠳᠣᠬᠤᠶ᠎ᠠ ᠪᠣᠭᠣᠯᠵᠠᠷ ᠢᠳᠡᠷ᠎ᠡ ᠬᠡᠮᠡᠨ ᠤᠷᠢᠵᠤᠬᠤᠢ ᠥᠪᠡᠷ ᠢᠶᠡᠨ ᠶᠡᠬᠡᠴᠢᠯᠡᠬᠦᠨ ᠠᠷᠠᠨ ᠪᠤᠷᠤᠭᠤᠶ᠎ᠠ ᠬᠤᠳᠠᠯ ᠢᠶᠠᠷ ᠥᠭᠰᠦ ᠬᠡᠮᠡᠨ ᠤᠷᠢᠬᠤᠨ ᠪᠥᠯᠦᠭᠡ ᠵᠥᠪ ᠦᠦ ᠳᠠᠪ ᠤᠤ ᠰᠡᠳᠬᠢᠯ ᠪᠤᠢ ᠬᠥᠪᠡᠭᠦᠨ ᠤᠬᠠᠵᠤ ᠣᠳᠬᠤ ᠪᠤᠢ ᠬᠠᠪᠤᠷ ᠪᠣᠯᠪᠠ ᠠᠳᠤᠭᠤᠨ ᠪᠢᠳᠠᠨ ᠤ ᠲᠤᠷᠠᠬᠠᠨ ᠪᠤᠢ ᠠᠳᠤᠭᠤᠨ ᠢᠶᠠᠨ ᠲᠡᠵᠢᠭᠡᠰᠦᠭᠡᠢ ᠬᠡᠮᠡᠨ ᠰᠢᠯᠲᠠᠵᠤ ᠢᠷᠡᠶ᠎ᠡ ᠬᠡᠮᠡᠵᠦ ᠦᠯᠦ ᠣᠳᠤᠨ ᠪᠤᠭᠠᠲᠠᠢ ᠬᠢᠴᠢᠭᠤᠲᠠᠢ ᠬᠣᠶᠠᠷ ᠢ ᠪᠣᠭᠣᠯᠵᠠᠷ ᠢᠳᠡᠷ᠎ᠡ ᠢᠯᠡᠭᠡᠶ᠎ᠡ ᠬᠡᠮᠡᠨ ᠢᠯᠡᠭᠡᠵᠦᠬᠦᠢ ᠴᠢᠩᠭᠢᠰ ᠬᠠᠭᠠᠨ ᠮᠡᠩᠯᠢᠭ ᠡᠴᠢᠭᠡ ᠶᠢᠨ ᠭᠡᠷ ᠲᠡᠴᠡ ᠭᠡᠷ ᠲᠡᠭᠡᠨ ᠬᠠᠷᠢᠪᠠᠢ ᠬᠢᠴᠢᠭᠤᠲᠠᠢ ᠪᠤᠭᠠᠲᠠᠢ ᠬᠣᠶᠠᠷ ᠢ
egüden orkiju γarčuqui jiči köbegün=yügen Senggüm=ün duran qayiralaju uriju iregüljü Ong-qaγan ögülerün tngri=te man=i taγalaγdaqu uu bida köbegün=i ker tebčisü kememü ta čidan ele üyiledkü=ben ta mededkün kemejüküi tendeče Senggüm ögülerün mönlü bidan=u Čaqur-beki=yi γuyun bölüge edüge boγoljar ider=e iredkün kemen edür boljaju uriju iregüljü tende bariy=a kemeldüjüküi j=a kemen ey=e barilduju Čaqur-beki=yi öggöy=e boγoljar ider=e iredkün kemen ilegebei uriγdaju (urin jalabasu) Činggis-qaγan arban aran ayisurun (kümün odur=un) jaγura Menglig ečige=yin ger=tür qonobasu tende Menglig ečige ögülerün Čaqur-beki=yi γuyubasu mönlü bidan=i doromjilaju ülü öggön bölüge edüge ker bodoquy=a boγoljar ider=e kemen urijuqui öber=iyen yekečilekün aran buruγuy=a (qudal=iyar) ögsü kemen uriqun bölüge jöb üü dab uu sedkil bui köbegün uqaju odqu bui qabur bolba aduγun bidan=u turaqan bui aduγun=iyan tejigesügei kemen siltaju irey=e kemejü ülü odun Buγatai Kičiγutai qoyar=i boγoljar ider=e ilegey=e kemen ilegejüküi Činggis-qaγan Menglig ečige=yin ger=teče ger=tegen qaribai Kičiγutai Buγatai qoyar=i
60b
ᠬᠦᠷᠬᠦᠢ ᠯᠦᠭᠡ ᠰᠡᠷᠡᠭᠳᠡᠪᠡ ᠪᠢᠳᠠ ᠮᠠᠨᠠᠭᠠᠷ ᠡᠷᠲᠡ ᠪᠣᠰᠴᠤ ᠪᠠᠷᠢᠶ᠎ᠠ ᠬᠡᠮᠡᠯᠳᠦᠯᠵᠦ ᠲᠡᠶᠢᠨ ᠡᠷᠲᠡ ᠪᠣᠰᠴᠤ ᠪᠠᠷᠢᠶ᠎ᠠ ᠬᠡᠮᠡᠨ ᠪᠠᠷᠢᠯᠳᠤᠭᠰᠠᠨ ᠢ ᠠᠯᠲᠠᠨ ᠤ ᠳᠡᠭᠦᠦ ᠶᠡᠬᠡ ᠴᠡᠷᠡᠨ ᠭᠡᠷ ᠲᠦᠷᠢᠶᠡᠨ ᠢᠷᠡᠵᠦ ᠥᠭᠦᠯᠡᠷᠦᠨ ᠮᠠᠨᠠᠭᠠᠷ ᠡᠷᠲᠡ ᠲᠦᠮᠦᠵᠢᠨ ᠢ ᠪᠠᠷᠢᠶ᠎ᠠ ᠬᠡᠮᠡᠯᠳᠦᠪᠡ ᠡᠨᠡ ᠦᠭᠡ ᠶᠢ ᠲᠦᠮᠦᠵᠢᠨ᠎ᠡ ᠬᠡᠯᠡᠨ ᠬᠦᠷᠦᠭᠡᠭᠰᠡᠨ ᠬᠦᠮᠦᠨ ᠢ ᠡᠯᠡ ᠶᠠᠮᠪᠠᠷ ᠪᠣᠯᠭᠠᠭᠳᠠᠬᠤ ᠬᠡᠮᠡᠵᠦᠬᠦᠢ ᠲᠡᠶᠢᠨ ᠥᠭᠦᠯᠡᠬᠦᠢ ᠳᠦᠷ ᠡᠮ᠎ᠡ ᠢᠨᠤ ᠠᠯᠠᠬᠤᠳ ᠬᠡᠯᠡᠯᠡᠷ ᠦᠨ ᠲᠡᠷᠡ ᠳᠡᠯᠡᠮ᠎ᠡ ᠦᠭᠡ ᠴᠢᠨᠤ ᠶᠠᠭᠤᠨ ᠪᠣᠯᠤᠮᠤ ᠠᠷᠠᠨ ᠬᠦᠮᠦᠨ ᠪᠠ ᠦᠨᠡᠮᠰᠢᠶᠡᠭᠦᠵᠡᠢ ᠬᠡᠮᠡᠨ ᠲᠡᠶᠢᠨ ᠬᠡᠯᠡᠬᠦᠢ ᠲᠦᠷ ᠠᠳᠤᠭᠤᠴᠢ ᠢᠨᠤ ᠪᠠᠳᠠᠢ ᠰᠦᠨ ᠬᠦᠷᠭᠡᠷ᠎ᠡ ᠢᠷᠡᠵᠦ ᠡᠨᠡ ᠦᠭᠡ ᠶᠢ ᠰᠣᠨᠣᠰᠴᠤ ᠬᠠᠷᠢᠪᠠ ᠪᠠᠳᠠᠢ ᠬᠠᠷᠢᠵᠤ ᠨᠥᠬᠥᠷ ᠠᠳᠤᠭᠤᠴᠢ ᠬᠢᠰᠢᠯᠢᠭ᠎ᠠ ᠴᠡᠷᠡᠨ ᠦ ᠥᠭᠦᠯᠡᠭᠰᠡᠨ ᠦᠭᠡᠰ ᠥᠭᠦᠯᠡᠵᠦᠬᠦᠢ ᠬᠢᠰᠢᠯᠢᠭ ᠥᠭᠦᠯᠡᠷ ᠦᠨ ᠪᠢ ᠬᠠᠷᠢᠵᠤ ᠤᠬᠠᠰᠤᠭᠠᠢ ᠬᠡᠮᠡᠵᠦ ᠭᠡᠷ ᠲᠦᠷ ᠣᠳᠴᠤᠬᠤᠢ ᠴᠡᠷᠡᠨ ᠦ ᠬᠥᠪᠡᠭᠦᠨ ᠨᠠᠷᠢᠨ ᠭᠡᠭᠡᠨ ᠭᠠᠳᠠᠨ᠎ᠠ ᠰᠠᠭᠤᠵᠤ ᠰᠤᠮᠤᠳ ᠢᠶᠠᠨ ᠤᠷᠤᠨ ᠦᠷᠦᠨ ᠰᠠᠭᠤᠵᠤ ᠥᠭᠦᠯᠡᠷᠦᠨ ᠲᠤᠭᠠᠷ ᠪᠢᠳᠠ ᠶᠠᠭᠤ ᠬᠡᠮᠡᠯᠳᠦᠯᠦᠭᠡᠢ ᠬᠡᠯᠡᠪᠡᠨ ᠠᠪᠲᠠᠬᠤᠨ ᠬᠡᠨ ᠦ ᠠᠮᠠᠨ ᠢᠳᠬᠠᠬᠤᠨ ᠬᠡᠮᠡᠵᠦᠬᠦᠢ ᠲᠡᠶᠢᠨ ᠬᠡᠮᠡᠭᠡᠳ ᠨᠠᠷᠢᠨ ᠭᠡᠭᠡᠨ ᠪᠠᠰᠠ ᠠᠳᠤᠭᠤᠴᠢ ᠬᠢᠰᠢᠯᠢᠭ᠎ᠠ ᠥᠭᠦᠯᠡᠷ ᠦᠨ ᠮᠡᠷᠭᠡᠳ ᠳᠡᠢ ᠴᠠᠭᠠᠨ ᠠᠮᠠᠨ ᠴᠠᠭᠠᠨ ᠬᠡᠭᠡᠷ ᠬᠣᠶᠠᠷ ᠢ ᠪᠠᠷᠢᠵᠤ ᠠᠪᠴᠤ ᠢᠷᠡ ᠤᠶᠠᠵᠤ ᠡᠨᠡ ᠱᠥᠨᠢ ᠡᠷᠲᠡ ᠮᠣᠷᠢᠯᠠᠰᠤ ᠬᠡᠮᠡᠵᠦᠬᠦᠢ ᠬᠢᠰᠢᠯᠢᠭ ᠵᠣᠷᠴᠢᠵᠤ ᠪᠠᠳᠠᠶ᠎ᠠ ᠥᠭᠦᠯᠡᠷ ᠦᠨ ᠲᠤᠭᠠᠷ ᠤᠨ ᠬᠡᠯᠡᠴᠢᠨ ᠦ ᠥᠭᠦᠯᠡᠭᠴᠢ ᠮᠠᠭᠠᠳ ᠪᠣᠯᠪᠠ ᠡᠳᠦᠭᠡ ᠪᠢᠳᠠ ᠬᠣᠶᠠᠷ ᠲᠦᠮᠦᠵᠢᠨ᠎ᠡ ᠬᠡᠯᠡᠨ ᠬᠦᠷᠭᠡᠨ ᠵᠣᠷᠴᠢᠶ᠎ᠠ
kürküi=lüge seregdebe bida manaγar erte bosču bariy=a kemeldüljü teyin (erte) bosču bariy=a kemen barilduγsan=i Altan=u degüü Yeke-Čeren ger=türiyen irejü ögülerün manaγar erte Tümüjin=i bariy=a kemeldübe ene üge=yi Tümüjin=e kelen kürügegsen kümün=i ele yambar bolγaγdaqu kemejüküi teyin ögüleküi=dür em=e inu Alaqud keleler=ün tere delem=e üge činu yaγun bolumu aran (kümün) ba ünemsiyegüjei kemen teyin keleküi=tür aduγuči inu Badai sün kürger=e irejü ene üge=yi sonosču qariba Badai qariju nökör aduγuči Kisiliγ=a Čeren=ü ögülegsen üges ögülejüküi Kisiliγ ögüler=ün bi qariju uqasuγai kemejü ger=tür odčuqui Čeren=ü köbegün Narin-Gegen γadan=a saγuju sumud=iyan urun <ürün> saγuju ögülerün tuγar bida yaγu kemeldülügei keleben abtaqun ken=ü aman idqaqun kemejüküi teyin kemeged Narin-Gegen basa aduγuči Kisiliγ=a ögüler=ün Merged=dei-čaγan aman čaγan keger qoyar=i bariju abču ire uyaju ene šöni erte morilasu kemejüküi Kisiliγ jorčiju Baday=a ögüler=ün tuγar=un kelečin=ü (ögülegči) maγad bolba edüge bida qoyar Tümüjin=e kelen kürgen jorčiy=a
61a
ᠬᠡᠮᠡᠨ ᠦᠭᠡ ᠪᠠᠷᠢᠯᠳᠤᠵᠤ ᠮᠡᠷᠭᠡᠳ ᠳᠡᠢ ᠴᠠᠭᠠᠨ ᠠᠮᠠᠨ ᠴᠠᠭᠠᠨ ᠬᠡᠭᠡᠷ ᠬᠣᠶᠠᠷ ᠮᠣᠷᠢᠳ ᠢ ᠪᠠᠷᠢᠵᠤ ᠢᠷᠡᠵᠦ ᠤᠶᠠᠵᠤ ᠦᠳᠡᠰᠢ ᠪᠥᠭᠡᠳ ᠬᠣᠨᠢᠨ ᠲᠤᠷ ᠢᠶᠠᠨ ᠣᠷᠣᠵᠤ ᠨᠢᠭᠡᠨ ᠬᠤᠷᠠᠭ ᠠ ᠪᠠᠨ ᠠᠯᠠᠵᠤ ᠢᠰᠢᠷᠢ ᠪᠡᠷ ᠢᠶᠡᠨ ᠪᠣᠯᠭᠠᠵᠤ ᠱᠥᠨᠢ ᠲᠡ ᠵᠣᠷᠴᠢᠵᠤ ᠴᠢᠩᠭᠢᠰ ᠬᠠᠭᠠᠨ᠎ᠠ ᠱᠥᠨᠢ ᠬᠦᠷᠴᠦ ᠭᠡᠷ ᠦᠨ ᠤᠮᠠᠷᠠ ᠠᠴᠠ ᠪᠠᠳᠠᠢ ᠬᠢᠰᠢᠯᠢᠭ ᠬᠣᠶᠠᠷ ᠥᠭᠦᠯᠡᠷ ᠦᠨ ᠶᠡᠬᠡ ᠴᠡᠷᠡᠨ ᠦ ᠥᠭᠦᠯᠡᠭᠰᠡᠨ ᠦᠭᠡᠰ ᠬᠢᠭᠡᠳ ᠬᠥᠪᠡᠭᠦᠨ ᠠᠨᠤ ᠨᠠᠷᠢᠨ ᠭᠡᠭᠡᠨ ᠰᠤᠮᠤᠳ ᠢᠶᠠᠨ ᠦᠷᠦᠨ ᠰᠠᠭᠤᠵᠤ ᠥᠭᠦᠯᠡᠭᠰᠡᠨ ᠦᠭᠡᠰ ᠢ ᠮᠡᠷᠭᠡᠳ ᠲᠡᠢ ᠴᠠᠭᠠᠨ ᠠᠮᠠᠨ ᠴᠠᠭᠠᠨ ᠬᠡᠭᠡᠷ ᠬᠣᠶᠠᠷ ᠠᠭᠲᠠ ᠪᠠᠷᠢᠵᠤ ᠤᠶᠠ ᠬᠡᠮᠡᠭᠰᠡᠨ ᠦᠭᠡᠰ ᠪᠦᠭᠦᠳᠡ ᠶᠢ ᠥᠭᠦᠯᠡᠵᠦ ᠥᠭᠪᠡᠢ ᠪᠠᠰᠠ ᠪᠠᠳᠠᠢ ᠬᠢᠰᠢᠯᠢᠭ ᠬᠣᠶᠠᠷ ᠥᠭᠦᠯᠡᠷ ᠦᠨ ᠴᠢᠩᠭᠢᠰ ᠬᠠᠭᠠᠨ ᠰᠣᠶᠣᠷᠬᠠᠪᠠᠰᠤ ᠠᠷᠢᠶᠠᠯ ᠦᠭᠡᠢ ᠪᠤᠢ ᠪᠤᠴᠢᠵᠤ ᠪᠠᠷᠢᠶ᠎ᠠ ᠬᠡᠮᠡᠨ ᠦᠭᠡ ᠪᠠᠷᠢᠯᠳᠤᠪᠠ ᠬᠡᠮᠡᠪᠡ ᠲᠡᠶᠢᠨ ᠥᠭᠦᠯᠡᠭᠳᠡᠵᠦ ᠴᠢᠩᠭᠢᠰ ᠬᠠᠭᠠᠨ ᠪᠠᠳᠠᠢ ᠬᠢᠰᠢᠯᠢᠭ ᠬᠣᠶᠠᠷ ᠤᠨ ᠦᠭᠡᠰ ᠪᠢᠰᠡᠷᠡᠵᠦ ᠱᠥᠨᠢ ᠪᠥᠭᠡᠳ ᠳᠡᠷᠭᠡᠳᠡ ᠪᠦᠬᠦᠨ ᠢᠲᠡᠭᠡᠯ ᠲᠡᠨ᠎ᠡ ᠬᠡᠯᠡᠨ ᠬᠢᠭᠡᠳ ᠥᠭᠦᠯᠡᠵᠦ ᠬᠥᠩᠭᠡᠯᠡᠨ ᠬᠡᠦᠬᠡᠳ ᠢᠶᠡᠨ ᠭᠡᠭᠡᠭᠡᠳ ᠪᠤᠷᠤᠭᠤᠶᠢᠯᠠᠨ ᠱᠥᠨᠢ ᠪᠥᠭᠡᠳ ᠬᠥᠳᠡᠯᠪᠡᠢ ᠮᠠᠭᠤ ᠥᠨᠳᠥᠷ ᠦᠨ ᠬᠢᠷᠤ ᠪᠠᠷ ᠬᠥᠳᠡᠯᠦᠷ ᠦᠨ ᠮᠠᠭᠤ ᠥᠨᠳᠥᠷ ᠦᠨ ᠬᠢᠷᠤᠳᠠ ᠤᠷᠢᠶᠠᠩᠬᠠᠳᠠᠢ ᠵᠡᠯᠮ᠎ᠡ ᠭᠣᠤ ᠠ ᠶᠢ ᠢᠲᠡᠵᠦ ᠬᠣᠶᠢᠨᠠ ᠪᠠᠨ ᠴᠢᠨᠳᠤᠭᠤᠯᠰᠤᠨ ᠪᠣᠯᠭᠠᠰᠤᠨ ᠬᠠᠷᠠᠭᠤᠯᠰᠢ ᠢᠶᠠᠨ ᠴᠢᠩᠳᠤᠭᠤᠯ ᠮᠠᠨᠤᠯ ᠪᠣᠯᠭᠠᠨ ᠬᠠᠷᠠᠭᠤᠯ ᠲᠠᠯᠪᠢᠵᠤ ᠬᠥᠳᠡᠯᠵᠦ ᠲᠡᠷᠡ ᠬᠥᠳᠡᠯᠦᠭᠰᠡᠪᠡᠷ ᠮᠠᠨᠠᠭᠠᠷᠰᠢ ᠡᠳᠦᠷ ᠳᠥᠯᠢ ᠨᠠᠷᠠᠨ ᠬᠡᠯᠪᠡᠢ ᠭᠦᠯᠦᠭᠡᠳ ᠬᠡᠯᠪᠡᠶᠢᠭᠦᠯᠦᠭᠡᠳ ᠬᠠᠯᠬᠠᠵᠢᠨ ᠠᠯᠠᠳ ᠲᠠ ᠬᠦᠷᠴᠦ ᠦᠳᠡᠷᠢᠨ ᠦᠳᠡᠯᠡᠨ ᠪᠠᠭᠤᠪᠠᠢ ᠦᠳᠡᠷᠢᠳᠴᠦ
kemen üge barilduju Merged=dei-čaγan aman čaγan keger qoyar morid=i bariju irejü uyaju üdesi böged qonin=tur=iyan oroju nigen quraγ=a=ban alaju isiri=ber=iyen bolγaju šöni=te jorčiju (Činggis-)qaγan=a šöni kürčü ger=ün umara=ača Badai Kisiliγ qoyar ögüler=ün Yeke-Čeren=ü ögülegsen üges (kiged) köbegün anu Narin-gegen sumud=iyan ürün saγuju ögülegsen üges=i Merged=tei-čaγan aman čaγan keger qoyar aγta bariju uya kemegsen üges bügüde=yi ögülejü ögbei basa Badai , Kisiliγ qoyar ögüler=ün Činggis-qaγan soyorqabasu ariyal ügei bui bučiju bariy=a kemen üge barilduba kemebe teyin ögülegdejü Činggis-qaγan Badai , Kisiliγ qoyar=un üges biserejü šöni böged dergede bükün itegel=ten=e kelen kiged (ögülejü) könggelen keüked=iyen gegeged buruγuyilan šöni böged ködelbei Maγu-öndör=ün kiru=bar ködelür=ün Maγu öndör=ün kiruda Uriyangqadai-Jelm=e Γou=a=yi itejü qoyina=ban činduγulsun bolγasun qaraγulsi=iyan (čingduγul manul bolγan qaraγul) talbiju ködeljü tere ködelügseber manaγarsi edür döli naran kelbei=gülüged <kelbeyigülüged> Qalqajin-Alad=ta kürčü üderin (üdelen) baγubai üderidčü
61b
ᠪᠠᠭᠤᠭᠠᠳ ᠪᠦᠬᠦᠢ ᠲᠦᠷ ᠠᠯᠴᠢᠳᠠᠢ ᠶᠢᠨ ᠠᠳᠤᠭᠤᠨ ᠠᠳᠤᠭᠤᠯᠠᠭᠰᠠᠳ ᠴᠡᠭᠡᠲᠡᠢ ᠵᠢᠳᠡᠷ ᠬᠣᠶᠠᠷ ᠥᠭᠦᠯᠡᠷᠦᠨ ᠵᠦᠶᠢᠯ᠎ᠡ ᠵᠦᠯᠭᠡ ᠵᠦᠶᠢᠯᠡ ᠲᠦᠷ ᠠᠭᠲᠠ ᠢᠶᠠᠨ ᠠᠳᠤᠭᠤᠯᠠᠨ ᠶᠠᠪᠤᠬᠤᠢ ᠲᠤᠷ ᠬᠣᠶᠢᠨᠠ ᠮᠠᠭᠤ ᠥᠨᠳᠥᠷ ᠦᠨ ᠡᠪᠦᠷ ᠢᠶᠡᠷ ᠤᠯᠠᠭᠠᠨ ᠪᠤᠷᠭᠠᠳ ᠪᠤᠷᠭᠠᠰᠤᠨ ᠳᠠᠭᠠᠷᠢᠨ ᠠᠶᠢᠰᠤᠬᠤᠢ ᠢᠷᠡᠬᠦᠢ ᠳᠠᠶᠢᠰᠤᠨ ᠤ ᠲᠣᠭᠣᠰᠤᠨ ᠢ ᠦᠵᠡᠵᠦ ᠳᠠᠶᠢᠨ ᠬᠦᠷᠪᠡᠢ ᠳᠠᠶᠢᠰᠤᠨ ᠬᠦᠷᠴᠦ ᠢᠷᠡᠪᠡᠢ ᠬᠡᠮᠡᠵᠦ ᠠᠭᠲᠠ ᠢᠶᠠᠨ ᠦᠯᠳᠡᠭᠡᠳ ᠢᠷᠡᠵᠦ ᠲᠡᠶᠢᠨ ᠬᠦᠷᠪᠡᠢ ᠬᠡᠮᠡᠭᠳᠡᠵᠦ ᠦᠵᠡᠪᠡᠰᠦ ᠮᠠᠭᠤ ᠥᠨᠳᠥᠷ ᠦᠨ ᠡᠪᠦᠷ ᠢᠶᠡᠷ ᠤᠯᠠᠭᠠᠨ ᠪᠤᠷᠭᠠᠳ ᠳᠠᠭᠠᠷᠢᠨ ᠲᠣᠭᠣᠰᠤᠨ ᠭᠠᠷᠴᠤ ᠣᠩ ᠬᠠᠭᠠᠨ ᠲᠡᠷᠡ ᠨᠡᠬᠡᠵᠦ ᠠᠶᠢᠰᠤᠨ ᠢᠷᠡᠨ ᠠᠵᠤᠬᠤ ᠬᠡᠮᠡᠵᠦ ᠲᠡᠨᠳᠡ ᠴᠢᠩᠭᠢᠰ ᠬᠠᠭᠠᠨ ᠲᠣᠭᠣᠰᠤᠨ ᠢ ᠦᠵᠡᠭᠡᠳ ᠠᠭᠲᠠ ᠢᠶᠠᠨ ᠪᠠᠷᠢᠭᠤᠯᠤᠭᠠᠳ ᠠᠴᠢᠶᠠᠯᠠᠵᠤ ᠮᠣᠷᠢᠯᠠᠪᠠᠢ ᠲᠡᠳᠦᠢ ᠡᠰᠡ ᠦᠵᠡᠪᠡᠰᠦ ᠭᠡᠨᠡᠨ ᠪᠥᠯᠦᠭᠡ ᠲᠡᠷᠡ ᠠᠶᠢᠰᠤᠬᠤᠢ ᠲᠤᠷ ᠵᠠᠮᠤᠬ᠎ᠠ ᠣᠩ ᠬᠠᠭᠠᠨ ᠯᠤᠭ᠎ᠠ ᠬᠠᠮᠲᠤ ᠠᠶᠢᠰᠤᠯᠴᠠᠨ ᠠᠵᠤᠬᠤ ᠲᠡᠨᠳᠡ ᠣᠩ ᠬᠠᠭᠠᠨ ᠵᠠᠮᠤᠬ ᠠ ᠠᠴᠠ ᠠᠰᠠᠭᠴᠤᠭᠤᠢ ᠲᠦᠮᠦᠵᠢᠨ ᠬᠥᠪᠡᠭᠦᠨ ᠲᠦᠷ ᠬᠠᠳᠬᠤᠯᠳᠤᠬᠤᠨ ᠮᠡᠲᠦᠰ ᠬᠡᠨ ᠪᠤᠢ ᠬᠡᠮᠡᠨ ᠠᠰᠠᠭᠪᠠᠰᠤ ᠵᠠᠮᠤᠬ᠎ᠠ ᠥᠭᠦᠯᠡᠷ ᠦᠨ ᠲᠡᠳᠡ ᠤᠷᠤᠭᠤᠳ ᠮᠠᠩᠭᠤᠳ ᠬᠡᠮᠡᠬᠦ ᠢᠷᠭᠡᠨ ᠪᠤᠢ ᠲᠡᠳᠡ ᠢᠷᠭᠡᠨ ᠢᠨᠤ ᠬᠠᠳᠬᠤᠯᠳᠤᠮᠤᠢ ᠵ᠎ᠠ ᠲᠣᠭᠣᠷᠢᠬᠤ ᠲᠤᠲᠤᠮ ᠲᠥᠪ ᠵᠣᠬᠢᠬᠤ ᠲᠡᠭᠡᠯᠬᠦ ᠲᠤᠲᠤᠮ ᠲᠡᠮ ᠲᠡᠰ ᠵᠣᠬᠢᠬᠤ ᠥᠴᠦᠭᠦᠬᠡᠨ ᠡᠴᠡ ᠢᠯᠳᠦ ᠵᠢᠳᠠᠨ ᠲᠤᠷ ᠳᠠᠳᠤᠭᠰᠠᠨ ᠢᠷᠭᠡᠨ ᠲᠡᠳᠡ ᠬᠠᠷᠠᠭᠴᠢᠭᠤᠳ ᠬᠠᠷᠠ ᠠᠯᠠᠭᠴᠢᠭᠤᠳ ᠠᠯᠠᠭ ᠲᠤᠭ ᠲᠠᠨ ᠪᠤᠢ ᠲᠡᠳᠡ ᠰᠡᠷᠡᠯ ᠲᠡᠨ ᠢᠷᠭᠡᠨ ᠪᠤᠢ ᠵ᠎ᠠ ᠬᠡᠮᠡᠵᠦᠬᠦᠢ ᠲᠡᠷᠡ ᠦᠭᠡ ᠲᠦᠷ
baγuγad büküi=tür Alčidai=yin aduγun aduγulaγsad Čegetei , Jider qoyar ögülerün jüyil=e (jülge) jüyile=tür aγta=iyan aduγulan yabuqui=tur qoyina Maγu-öndör=ün ebür=iyer Ulaγan-Burγad (burγasun) daγarin ayisuqui (ireküi) dayisun=u toγosun=i üjejü dayin kürbei (dayisun kürčü irebei) kemejü aγta=iyan üldeged irejü teyin kürbei kemegdejü üjebesü Maγu-öndör=ün ebür=iyer Ulaγan-Burγad daγarin toγosun γarču Ong-qaγan tere nekejü ayisun (iren) ajuqu kemejü tende Činggis-qaγan toγosun=i üjeged aγta=iyan bariγuluγad ačiyalaju morilabai tedüi ese üjebesü genen bölüge tere ayisuqui=tur Jamuq=a Ong-qaγan=luγ=a qamtu ayisulčan ajuqu tende Ong-qaγan Jamuq=a=ača asaγčuγui Tümüjin köbegün=tür qadqulduqun metüs ken bui kemen asaγbasu Jamuq=a ögüler=ün tede Uruγud Mangγud kemekü irgen bui tede irgen inu qadquldumui j=a toγoriqu tutum töb jokiqu tegelkü tutum tem (tes) jokiqu öčügüken=eče ildü jidan=tur daduγsan irgen tede qaraγčiγud (qara) alaγčiγud (alaγ) tuγ=tan bui tede serel=ten irgen bui j=a kemejüküi tere üge=tür
62a
ᠣᠩ ᠬᠠᠭᠠᠨ ᠥᠭᠦᠯᠡᠷ ᠦᠨ ᠲᠡᠶᠢᠨ ᠪᠥᠭᠡᠰᠦ ᠪᠢᠳᠠ ᠲᠡᠳᠡᠨ ᠲᠦᠷ ᠵᠦᠷᠬᠡᠨ ᠪᠠᠭᠠᠲᠤᠳ ᠢᠶᠠᠨ ᠬᠠᠳᠠᠨ ᠢ ᠲᠤᠰᠢᠶᠠᠯᠳᠤᠨ ᠵᠦᠷᠬᠡᠨ ᠪᠠᠭᠠᠲᠤᠳ ᠢᠶᠠᠨ ᠳᠣᠪᠲᠣᠯᠭᠠᠶ᠎ᠠ ᠵᠦᠷᠬᠡᠨ ᠦ ᠭᠡᠵᠢᠭᠡ ᠲᠦᠮᠡᠨ ᠲᠦᠮᠡᠭᠡᠨ ᠦ ᠬᠥᠪᠡᠭᠦᠨ ᠨᠠᠴᠢᠨ ᠰᠢᠷᠦᠨ ᠢ ᠳᠣᠪᠲᠣᠯᠭᠠᠶ᠎ᠠ ᠨᠠᠴᠢᠨ ᠰᠢᠷᠦᠨ ᠦ ᠭᠡᠵᠢᠭᠡ ᠣᠯᠠᠨ ᠳᠣᠩᠭᠢᠶᠠᠳ ᠪᠠᠭᠠᠲᠤᠳ ᠢ ᠳᠣᠪᠲᠣᠯᠭᠠᠶ᠎ᠠ ᠳᠣᠩᠭᠢᠶᠠᠳ ᠤᠨ ᠭᠡᠵᠢᠭᠡ ᠣᠩ ᠬᠠᠭᠠᠨ ᠤ ᠮᠢᠩᠭᠠᠨ ᠲᠤᠷᠭᠤᠳ ᠤᠨ ᠭᠡᠵᠢᠭᠡ ᠤᠳᠤᠷᠢᠳ ᠤᠨ ᠬᠣᠷᠢ ᠰᠢᠯᠮᠦᠨ ᠲᠠᠶᠢᠰᠢ ᠳᠣᠪᠲᠣᠯᠲᠤᠭᠠᠢ ᠮᠢᠩᠭᠠᠨ ᠲᠤᠷᠭᠤᠳ ᠤᠨ ᠭᠡᠵᠢᠭᠡ ᠪᠢᠳᠠ ᠶᠡᠬᠡ ᠭᠣᠣᠯ ᠳᠣᠪᠲᠣᠯᠤᠶ᠎ᠠ ᠬᠡᠮᠡᠵᠦᠬᠦᠢ ᠪᠠᠰᠠ ᠣᠩ ᠬᠠᠭᠠᠨ ᠥᠭᠦᠯᠡᠷᠦᠨ ᠵᠠᠮᠤᠬ᠎ᠠ ᠳᠡᠭᠦᠦ ᠪᠢᠳᠠᠨ ᠤ ᠴᠢᠷᠢᠭ ᠢ ᠴᠢ ᠵᠠᠰᠠ ᠬᠡᠮᠡᠵᠦᠬᠦᠢ ᠲᠡᠷᠡ ᠦᠭᠡ ᠲᠦᠷ ᠵᠠᠮᠤᠬ᠎ᠠ ᠥᠪᠡᠷ᠎ᠡ ᠣᠨᠴᠤᠶᠢᠯᠠᠨ ᠪᠤᠯᠲᠠᠶᠢᠯᠳᠠᠵᠤ ᠭᠠᠷᠴᠤ ᠨᠥᠬᠥᠳ ᠲᠦᠷ ᠢᠶᠡᠨ ᠥᠭᠦᠯᠡᠷᠦᠨ ᠣᠩ ᠬᠠᠭᠠᠨ ᠡᠨᠡ ᠴᠢᠷᠢᠭ ᠢᠶᠡᠨ ᠨᠠᠮᠠᠶᠢ ᠵᠠᠰᠠ ᠬᠡᠮᠡᠮᠦᠢ ᠠᠨᠳᠠ ᠲᠤᠷ ᠪᠢ ᠬᠠᠳᠬᠤᠯᠳᠤᠵᠤ ᠶᠠᠳᠠᠨ ᠶᠠᠪᠤᠯᠤᠭ᠎ᠠ ᠡᠨᠡ ᠴᠢᠷᠢᠭ ᠢ ᠨᠠᠮᠠᠶᠢ ᠵᠠᠰᠠ ᠬᠡᠮᠡᠮᠦᠢ ᠣᠩ ᠬᠠᠭᠠᠨ ᠨᠠᠳᠠ ᠠᠴᠠ ᠳᠥᠯᠡᠳᠡ ᠴᠢᠨᠠᠷᠤ ᠴᠠᠭ ᠲᠤ ᠨᠥᠬᠥᠷ ᠪᠤᠶᠤ ᠠᠨᠳᠠ ᠲᠤᠷ ᠬᠡᠯᠡ ᠣᠷᠣᠭᠤᠯᠤᠶ᠎ᠠ ᠠᠨᠳᠠ ᠬᠠᠲᠠᠭᠤᠵᠢᠲᠤᠭᠠᠢ ᠬᠡᠮᠡᠵᠦ ᠵᠠᠮᠤᠬ᠎ᠠ ᠳᠤᠷᠠᠬᠤᠨ ᠴᠢᠩᠭᠢᠰ ᠬᠠᠭᠠᠨ ᠲᠤᠷ ᠬᠡᠯᠡ ᠣᠷᠣᠭᠤᠯᠵᠤ ᠥᠭᠦᠯᠡᠵᠦ ᠢᠯᠡᠭᠡᠷᠦᠨ ᠣᠩ ᠬᠠᠭᠠᠨ ᠨᠠᠳᠠ ᠠᠴᠠ ᠠᠰᠠᠭᠪᠠ ᠲᠦᠮᠦᠵᠢᠨ ᠬᠥᠪᠡᠭᠦᠨ ᠲᠦᠷ ᠬᠠᠳᠬᠤᠯᠳᠤᠬᠤᠨ ᠮᠡᠲᠦᠰ ᠬᠡᠨ ᠪᠤᠢ ᠬᠡᠮᠡᠨ ᠠᠰᠠᠭᠪᠠᠰᠤ ᠪᠢ ᠥᠭᠦᠯᠡᠷᠦᠨ ᠤᠷᠤᠭᠤᠳ ᠮᠠᠩᠭᠤᠳ ᠢ ᠲᠣᠮᠪᠢᠯᠠᠭ ᠰᠡᠷᠡᠯ ᠲᠡᠢ ᠬᠡᠮᠡᠨ ᠥᠭᠦᠯᠡᠪᠡ ᠮᠢᠨᠤ ᠦᠭᠡ ᠲᠦᠷ ᠮᠥᠨ ᠵᠦᠷᠬᠡᠨ
Ong-qaγan ögüler=ün teyin bögesü bida teden=tür Jürken baγatud=iyan Qadan=i tusiyaldun Jürken baγatud=iyan dobtolγay=a Jürken=ü gejige Tümen-Tümegen=ü köbegün Način-Sirün=i dobtolγay=a Način-Sirün=ü gejige olan Donggiyad baγatud=i dobtolγay=a Donggiyad=un gejige Ong-qaγan=u mingγan turγud=un gejige udurid=un Qori-Silmün tayisi dobtoltuγai mingγan turγud=un gejige bida yeke γool dobtoluy=a kemejüküi basa Ong-qaγan ögülerün Jamuq=a degüü bidan=u čirig=i či jasa kemejüküi tere üge=tür Jamuq=a öber=e (ončuyilan) bultayildaju γarču nököd=tür=iyen ögülerün Ong-qaγan ene čirig=iyen namayi jasa kememüi anda=tur bi qadqulduju yadan yabuluγ=a ene čirig=i namayi jasa kememüi Ong-qaγan nada=ača dölede činaru čaγ=tu nökör buyu anda=tur kele oroγuluy=a anda qataγujituγai kemejü Jamuq=a duraqun Činggis-qaγan=tur kele oroγulju ögülejü ilegerün Ong-qaγan nada=ača asaγba Tümüjin köbegün=tür qadqulduqun metüs ken bui kemen asaγbasu bi ögülerün Uruγud Mangγud=i tombilaγ (serel=tei kemen) ögülebe minu üge=tür mön Jürken
62b
ᠪᠠᠭᠠᠲᠤᠳ ᠢᠶᠠᠨ ᠮᠠᠩᠯᠠᠶᠢᠯᠠᠨ ᠵᠠᠰᠠᠯᠳᠤᠪᠠᠢ ᠵᠦᠷᠬᠡᠨ ᠦ ᠭᠡᠵᠢᠭᠡ ᠲᠦᠮᠡᠨ ᠲᠦᠮᠡᠭᠡᠨ ᠦ ᠬᠥᠪᠡᠭᠦᠨ ᠨᠠᠴᠢᠨ ᠰᠢᠷᠦᠨ ᠢ ᠬᠡᠮᠡᠯᠳᠦᠪᠡᠢ ᠲᠦᠮᠡᠭᠡᠨ ᠦ ᠬᠥᠪᠡᠭᠦᠨ ᠨᠠᠴᠢᠨ ᠰᠢᠷᠦᠨ ᠦ ᠭᠡᠵᠢᠭᠡ ᠣᠯᠠᠨ ᠳᠣᠩᠬᠢᠶᠠᠳ ᠢ ᠬᠡᠮᠡᠯᠳᠦᠪᠡᠢ ᠳᠣᠩᠬᠢᠶᠠᠳ ᠤᠨ ᠭᠡᠵᠢᠭᠡ ᠣᠩ ᠬᠠᠭᠠᠨ ᠤ ᠮᠢᠩᠭᠠᠨ ᠲᠤᠷᠭᠤᠳ ᠤᠨ ᠬᠣᠷᠢ ᠰᠢᠯᠮᠦᠨ ᠲᠠᠶᠢᠰᠢ ᠶᠢ ᠬᠡᠮᠡᠯᠳᠦᠪᠡᠢ ᠲᠡᠭᠦᠨ ᠦ ᠭᠡᠵᠢᠭᠡ ᠮᠥᠨ ᠣᠩ ᠬᠠᠭᠠᠨ ᠤ ᠶᠡᠬᠡ ᠭᠣᠣᠯ ᠴᠢᠷᠢᠭ ᠢᠶᠡᠨ ᠪᠠᠶᠢᠰᠤ ᠬᠡᠮᠡᠯᠳᠦᠪᠡᠢ ᠪᠠᠰᠠ ᠣᠩ ᠬᠠᠭᠠᠨ ᠥᠭᠦᠯᠡᠷᠦᠨ ᠵᠠᠮᠤᠬ᠎ᠠ ᠳᠡᠭᠦᠦ ᠡᠨᠡ ᠴᠢᠷᠢᠭ ᠢ ᠴᠢ ᠵᠠᠰᠠ ᠬᠡᠮᠡᠨ ᠨᠠᠮᠠᠶᠢ ᠶᠢ ᠲᠦᠰᠢᠨ ᠥᠭᠦᠯᠡᠪᠡᠢ ᠡᠭᠦᠪᠡᠷ ᠤᠬᠠᠪᠠᠰᠤ ᠴᠠᠭ ᠲᠤ ᠨᠥᠬᠥᠷ ᠪᠤᠶᠤ ᠴᠢᠷᠢᠭ ᠢᠶᠡᠨ ᠵᠠᠰᠠᠯᠳᠤᠨ ᠶᠠᠭᠤᠨ ᠴᠢᠳᠠᠬᠤ ᠡᠷᠲᠡ ᠠᠨᠳᠠ ᠲᠤᠷ ᠪᠢ ᠬᠠᠳᠬᠤᠯᠳᠤᠵᠤ ᠶᠠᠳᠠᠨ ᠶᠠᠪᠤᠯᠤᠭ᠎ᠠ ᠣᠩ ᠬᠠᠭᠠᠨ ᠨᠠᠳᠠᠴᠠ ᠴᠠᠭ ᠲᠤ ᠠᠵᠤᠬᠤ ᠪᠦᠦ ᠠᠶᠤ ᠬᠠᠲᠠᠭᠤᠵᠢ ᠬᠡᠮᠡᠵᠦ ᠢᠯᠡᠭᠡᠪᠡᠢ ᠡᠨᠡ ᠬᠡᠯᠡᠨ ᠦᠭᠡ ᠢᠷᠡᠭᠦᠯᠦᠭᠡᠳ ᠴᠢᠩᠭᠢᠰ ᠬᠠᠭᠠᠨ ᠥᠭᠦᠯᠡᠷᠦᠨ ᠤᠷᠤᠭᠤᠳ ᠤᠨ ᠵᠤᠷᠴᠢᠳᠠᠢ ᠴᠢ ᠶᠠᠭᠤᠨ ᠬᠡᠮᠡᠮᠦ ᠮᠠᠩᠯᠠᠶᠢᠯᠠᠨ ᠴᠢᠮᠠᠶᠢ ᠶᠢ ᠵᠠᠰᠠᠪᠠ ᠬᠡᠮᠡᠪᠡ ᠵᠤᠷᠴᠢᠳᠠᠢ ᠶᠢᠨ ᠤᠷᠢᠳᠠ ᠬᠤᠶᠢᠯᠳᠤᠷ ᠥᠭᠦᠯᠡᠷᠦᠨ ᠠᠨᠳᠠ ᠶᠢᠨ ᠡᠮᠦᠨᠡ ᠪᠢ ᠬᠠᠳᠬᠤᠯᠳᠤᠰᠤ ᠮᠥᠨ᠎ᠡ ᠬᠣᠶᠢᠨᠠ ᠥᠨᠡᠴᠢᠨ ᠬᠥᠪᠡᠭᠦᠨ ᠢ ᠮᠢᠨᠤ ᠠᠰᠠᠷᠠᠬᠤᠢ ᠶᠢ ᠮᠡᠳᠡᠲᠦᠭᠡᠢ ᠬᠡᠮᠡᠪᠡ ᠵᠤᠷᠴᠢᠳᠠᠢ ᠥᠭᠦᠯᠡᠷᠦᠨ ᠴᠢᠩᠭᠢᠰ ᠬᠠᠭᠠᠨ ᠤ ᠡᠮᠦᠨ᠎ᠡ ᠪᠢ ᠤᠷᠤᠭᠤᠳ ᠮᠠᠩᠭᠤᠳ ᠢᠶᠠᠷ ᠬᠠᠳᠬᠤᠯᠳᠤᠰᠤ ᠬᠡᠮᠡᠵᠦᠬᠦᠢ ᠲᠡᠶᠢᠨ ᠬᠡᠮᠡᠭᠡᠳ ᠵᠤᠷᠴᠢᠳᠠᠢ ᠬᠤᠶᠢᠯᠳᠤᠷ ᠬᠣᠶᠠᠷ ᠤᠷᠤᠭᠤᠳ ᠮᠠᠩᠭᠤᠳ ᠢᠶᠠᠷ ᠢᠶᠠᠨ ᠴᠢᠩᠭᠢᠰ ᠬᠠᠭᠠᠨ ᠤ
baγatud=iyan manglayilan jasaldubai Jürken=ü gejige Tümen- Tümegen=ü köbegün Način-Sirün=i kemeldübei Tümegen=ü köbegün Način-Sirün=ü gejige olan Dongkiyad=i kemeldübei Dongkiyad=un gejige Ong-qaγan=u mingγan turγud=un Qori-Silmün-tayisi=yi kemeldübei tegün=ü gejige mön Ong-qaγan=u yeke γool čirig=iyen bayisu kemeldübei basa Ong-qaγan ögülerün Jamuq=a degüü ene čirig=i či jasa kemen namayi=yi tüsin ögülebei egüber uqabasu čaγ=tu nökör buyu čirig=iyen jasaldun yaγun čidaqu erte anda=tur bi qadqulduju yadan yabuluγ=a Ong-qaγan nadača čaγ=tu ajuqu büü ayu qataγuji kemejü ilegebei ene kelen (üge) iregülüged Činggis-qaγan ögülerün Uruγud=un Jurčidai či yaγun kememü manglayilan čimayi=yi jasaba kemebe Jurčidai=yin urida Quyildur ögülerün anda=yin emüne bi qadquldusu mön=e qoyina önečin köbegün=i minu asaraqui=yi medetügei kemebe Jurčidai ögülerün Činggis-qaγan=u emün=e bi Uruγud Mangγud=iyar qadquldusu kemejüküi teyin kemeged Jurčidai Quyildur qoyar Uruγud Mangγud=iyar=iyan Činggis-qaγan=u
63a
ᠡᠮᠦᠨᠡ ᠵᠠᠰᠠᠵᠤ ᠪᠠᠶᠢᠪᠠ ᠪᠠᠶᠢᠬᠤᠢ ᠯᠤᠭ᠎ᠠ ᠲᠡᠶᠢᠨ ᠵᠦᠷᠬᠡᠨ ᠮᠠᠩᠯᠠᠶᠢᠯᠠᠵᠤ ᠬᠦᠷᠴᠦ ᠢᠷᠡᠪᠡ ᠢᠷᠡᠬᠦᠢ ᠯᠦᠭᠡ ᠤᠷᠤᠭᠤᠳ ᠮᠠᠩᠭᠤᠳ ᠡᠰᠡᠷᠭᠦ ᠳᠣᠪᠲᠣᠯᠵᠤ ᠵᠦᠷᠬᠡᠨ ᠢ ᠳᠠᠷᠤᠪᠠᠢ ᠳᠠᠷᠤᠵᠤ ᠠᠶᠢᠰᠤᠬᠤᠢ ᠲᠤᠷ ᠲᠦᠮᠡᠨ ᠲᠦᠮᠡᠭᠡᠨ ᠬᠥᠪᠡᠭᠦᠨ ᠨᠠᠴᠢᠨ ᠰᠢᠷᠦᠨ ᠳᠣᠪᠲᠣᠯᠪᠠ ᠳᠣᠪᠲᠣᠯᠵᠤ ᠨᠠᠴᠢᠨ ᠰᠢᠷᠦᠨ ᠲᠦᠷ ᠬᠤᠶᠢᠯᠳᠠᠷ ᠬᠠᠭᠳᠠᠵᠤ ᠬᠠᠳᠠᠨ ᠲᠤᠷ ᠪᠠᠭᠤᠵᠢᠬᠤ ᠮᠠᠩᠭᠤᠳ ᠬᠤᠶᠢᠯᠳᠠᠷ ᠤᠨ ᠳᠡᠭᠡᠷᠡ ᠡᠭᠡᠷᠵᠢᠬᠦᠢ ᠡᠷᠭᠢᠴᠡᠪᠡᠢ ᠵᠤᠷᠴᠢᠳᠠᠢ ᠤᠷᠤᠭᠤᠳᠢᠶᠠᠷ ᠢᠶᠠᠨ ᠲᠦᠮᠡᠨ ᠲᠦᠮᠡᠭᠡᠨ ᠢ ᠳᠠᠷᠤᠪᠠᠢ ᠳᠠᠷᠤᠵᠤ ᠬᠥᠳᠡᠯᠭᠡᠵᠦ ᠠᠶᠢᠰᠤᠬᠤᠢ ᠲᠤᠷ ᠣᠯᠠᠨ ᠳᠣᠩᠬᠢᠶᠠᠳ ᠡᠰᠡᠷᠭᠦ ᠳᠣᠪᠲᠣᠯᠪᠠ ᠵᠤᠷᠴᠢᠳᠠᠢ ᠪᠠᠰᠠ ᠳᠣᠩᠬᠢᠶᠠᠳ ᠢ ᠳᠠᠷᠤᠪᠠ ᠳᠠᠷᠤᠵᠤ ᠠᠶᠢᠰᠤᠬᠤᠢ ᠲᠤᠷ ᠬᠣᠷᠢ ᠰᠢᠯᠮᠦᠨ ᠲᠠᠶᠢᠰᠢ ᠮᠢᠩᠭᠠᠨ ᠲᠤᠷᠭᠤᠳ ᠢᠶᠠᠷ ᠳᠣᠪᠲᠣᠯᠪᠠ ᠵᠤᠷᠴᠢᠳᠠᠢ ᠪᠠᠰᠠ ᠬᠣᠷᠢ ᠰᠢᠯᠮᠦᠨ ᠲᠠᠶᠢᠰᠢ ᠶᠢ ᠨᠢᠴᠤᠭᠠᠵᠤ ᠬᠠᠷᠢᠭᠤᠯ ᠤᠨ ᠳᠠᠷᠤᠵᠤ ᠠᠶᠢᠰᠤᠬᠤᠢ ᠲᠤᠷ ᠣᠩ ᠬᠠᠭᠠᠨ ᠠᠴᠠ ᠡᠶ᠎ᠡ ᠦᠭᠡᠢ ᠨᠢᠯᠬ ᠠ ᠰᠡᠩᠭᠦᠮ ᠡᠰᠡᠷᠭᠦ ᠳᠣᠪᠲᠣᠯᠬᠤ ᠪᠣᠯᠤᠨ ᠡᠩᠬᠡᠰᠭᠡ ᠬᠠᠴᠠᠷ ᠢᠶᠠᠨ ᠬᠠᠭᠳᠠᠵᠤ ᠰᠡᠩᠭᠦᠮ ᠮᠥᠨ ᠲᠡᠨᠳᠡ ᠤᠨᠠᠵᠤᠬᠤᠢ ᠰᠡᠩᠭᠦᠮ ᠢ ᠤᠨᠠᠭᠳᠠᠵᠤ ᠬᠡᠷᠡᠶᠢᠳ ᠪᠦᠭᠦᠳᠡᠭᠡᠷ ᠰᠡᠩᠭᠦᠮ ᠦᠨ ᠳᠡᠭᠡᠷᠡ ᠡᠭᠡᠷᠴᠦ ᠡᠷᠭᠢᠴᠡᠵᠦ ᠪᠠᠶᠢᠪᠠᠢ ᠡᠶᠢᠨ ᠳᠠᠷᠤᠵᠤ ᠰᠢᠩᠭᠡᠬᠦᠢ ᠨᠠᠷᠠᠨ ᠬᠤᠪᠠᠷᠢ ᠳᠠᠯᠳᠠ ᠲᠠᠰᠢᠨ ᠪᠦᠬᠦᠢ ᠲᠦᠷ ᠪᠢᠳᠠ ᠤᠬᠠᠢ ᠡᠭᠡᠷᠴᠦ ᠡᠷᠭᠢᠵᠦ ᠬᠤᠶᠢᠯᠳᠠᠷ ᠢ ᠤᠨᠠᠭᠰᠠᠨ ᠭᠠᠵᠠᠷ ᠠᠴᠠ ᠶᠠᠷᠠ ᠲᠤ ᠶᠢ ᠠᠪᠤᠭᠠᠳ ᠭᠠᠷᠴᠤ ᠬᠠᠷᠢᠵᠤ ᠴᠢᠩᠭᠢᠰ ᠬᠠᠭᠠᠨ ᠲᠤᠷ ᠪᠢᠳᠠ ᠤᠬᠠᠢ ᠣᠩ ᠬᠠᠭᠠᠨ ᠠᠴᠠ ᠬᠠᠳᠬᠤᠯᠳᠤᠭᠰᠠᠨ ᠭᠠᠵᠠᠷ ᠠᠴᠠ ᠬᠠᠭᠠᠴᠢᠵᠤ
emüne jasaju bayiba bayiqui=luγ=a teyin Jürken manglayilaju kürčü irebe ireküi=lüge Uruγud Mangγud esergü dobtolju Jürken=i darubai daruju ayisuqui=tur Tümen-Tümegen köbegün Način-Sirün dobtolba dobtolju Način-Sirün=tür Quyildar qaγdaju qadan=tur baγujiqu Mangγud Quyildar=un degere egerjiküi (ergičebei) Jurčidai Uruγud(iyar=iyan) Tümen-Tümegen=i darubai daruju ködelgejü ayisuqui=tur olan Dongkiyad esergü dobtolba Jurčidai basa Dongkiyad=i daruba daruju ayisuqui=tur Qori-Silmün-tayisi mingγan turγud=iyar dobtolba Jurčidai basa Qori-Silmün-tayisi=yi ničuγaju (qariγul=un) daruju ayisuqui=tur Ong-qaγan=ača ey=e ügei Nilq=a-Senggüm esergü dobtolqu bolun engkesge qačar=iyan qaγdaju Senggüm mön tende unajuqui Senggüm=i unaγdaju Kereyid bügüdeger Senggüm=ün degere egerčü (ergičejü) bayibai eyin daruju singgeküi naran qubari (dalda) tasin büküi=tür bida=uqai egerčü (ergijü) Quyildar=i unaγsan γajar=ača yara=tu=yi abuγad γarču qariju Činggis-qaγan=tur bida=uqai Ong-qaγan=ača qadqulduγsan γajar=ača qaγačiju
63b
ᠦᠳᠡᠰᠢ ᠳᠡ ᠬᠥᠳᠡᠯᠵᠦ ᠬᠠᠭᠠᠴᠠᠨ ᠬᠣᠨᠣᠪᠠᠢ ᠪᠠᠶᠢᠵᠤ ᠬᠣᠨᠣᠵᠤ ᠡᠳᠦᠷ ᠭᠡᠶᠢᠭᠦᠯᠦᠭᠡᠳ ᠪᠥᠭᠡᠳᠬᠡᠪᠡᠰᠦ ᠪᠦᠷᠢᠳᠬᠡᠪᠡᠰᠦ ᠥᠭᠡᠳᠡᠢ ᠪᠣᠷᠣᠬᠤᠯ ᠪᠣᠭᠣᠷᠴᠢ ᠡᠳᠡ ᠭᠤᠷᠪᠠᠨ ᠦᠭᠡᠢ ᠠᠵᠤᠬᠤ ᠴᠢᠩᠭᠢᠰ ᠬᠠᠭᠠᠨ ᠥᠭᠦᠯᠡᠷᠦᠨ ᠥᠭᠡᠳᠡᠢ ᠯᠦᠭᠡ ᠢᠲᠡᠭᠡᠯ ᠳᠡᠢ ᠪᠣᠷᠣᠬᠤᠯ ᠪᠣᠭᠣᠷᠴᠢ ᠬᠣᠶᠠᠷ ᠬᠣᠴᠣᠷᠴᠤ ᠠᠵᠤᠬᠤ ᠪᠠ ᠦᠬᠦᠵᠦ ᠶᠠᠭᠤ ᠬᠠᠭᠠᠴᠠᠬᠤᠨ ᠲᠡᠳᠡ ᠬᠡᠮᠡᠪᠡ ᠪᠢᠳᠠᠨ ᠤᠭᠠᠢ ᠱᠥᠨᠢ ᠳᠡ ᠠᠭᠲᠠᠨ ᠢᠶᠠᠨ ᠪᠠᠷᠢᠵᠤ ᠬᠣᠨᠣᠵᠤ ᠴᠢᠩᠭᠢᠰ ᠬᠠᠭᠠᠨ ᠥᠭᠦᠯᠡᠷᠦᠨ ᠬᠣᠶᠢᠨᠠ ᠠᠴᠠ ᠪᠢᠳᠠᠨ ᠤ ᠨᠡᠬᠡᠵᠦ ᠢᠷᠡᠪᠡᠰᠦ ᠬᠠᠳᠬᠤᠯᠳᠤᠶ᠎ᠠ ᠬᠡᠮᠡᠨ ᠵᠠᠰᠠᠵᠤ ᠪᠠᠶᠢᠪᠠ ᠡᠳᠦᠷ ᠭᠡᠶᠢᠨ ᠪᠣᠯᠭᠠᠵᠤ ᠦᠵᠡᠪᠡᠰᠦ ᠬᠣᠶᠢᠨᠠ ᠠᠴᠠ ᠨᠢᠭᠡᠨ ᠬᠦᠮᠦᠨ ᠠᠶᠢᠰᠤᠬᠤᠢ ᠬᠦᠷᠴᠦ ᠢᠷᠡᠪᠡᠰᠦ ᠪᠣᠭᠣᠷᠴᠢ ᠠᠵᠤᠬᠤ ᠪᠣᠭᠣᠷᠴᠢ ᠶᠢ ᠬᠦᠷᠴᠦ ᠢᠷᠡᠭᠦᠯᠦᠭᠡᠳ ᠴᠢᠩᠭᠢᠰ ᠬᠠᠭᠠᠨ ᠥᠭᠦᠯᠡᠷᠦᠨ ᠮᠥᠩᠬᠡ ᠲᠩᠷᠢ ᠮᠡᠳᠡᠲᠦᠭᠡᠢ ᠬᠡᠮᠡᠵᠦ ᠡᠪᠴᠢᠭᠦᠪᠡᠨ ᠮᠥᠬᠥᠯᠢᠳᠪᠡ ᠳᠡᠯᠡᠳᠪᠡ ᠪᠣᠭᠣᠷᠴᠢ ᠥᠭᠦᠯᠡᠷᠦᠨ ᠳᠣᠪᠲᠣᠯᠬᠤᠢ ᠲᠤᠷ ᠮᠣᠷᠢᠨ ᠢᠶᠠᠨ ᠬᠠᠭᠳᠠᠵᠤ ᠶᠠᠪᠤᠭᠠᠨ ᠭᠦᠶᠢᠵᠦ ᠶᠠᠪᠤᠬᠤᠢ ᠲᠤᠷ ᠮᠥᠨ ᠬᠡᠷᠡᠶᠢᠳ ᠦᠨ ᠰᠡᠩᠭᠦᠮ ᠦᠨ ᠳᠡᠭᠡᠷᠡ ᠡᠭᠡᠷᠴᠦ ᠡᠷᠭᠢᠴᠡᠵᠦ ᠪᠠᠶᠢᠨ ᠪᠦᠬᠦᠢ ᠬᠣᠭᠣᠷ ᠵᠠᠪᠰᠠᠷ ᠴᠥᠯᠡ ᠲᠦᠷ ᠠᠴᠢᠶ ᠠ ᠲᠤ ᠮᠣᠷᠢᠨ ᠠᠴᠢᠶ ᠠ ᠪᠠᠨ ᠬᠡᠯᠪᠡᠶᠢᠭᠦᠯᠵᠦ ᠪᠠᠶᠢᠨ ᠪᠦᠬᠦᠢ ᠢ ᠠᠴᠢᠶ᠎ᠠ ᠢᠨᠤ ᠣᠭᠲᠠᠯᠵᠤ ᠢᠩᠭᠡᠷᠴᠠᠭᠬᠠᠩᠭᠠᠢ ᠲᠤᠷ ᠤᠨᠤᠵᠤ ᠭᠠᠷᠴᠤ ᠪᠢᠳᠠᠨ ᠤ ᠬᠠᠭᠠᠴᠢᠵᠤ ᠰᠠᠯᠠᠵᠤ ᠬᠠᠷᠢᠭᠰᠠᠨ ᠮᠥᠷ ᠢᠶᠡᠷ ᠮᠥᠱᠭᠢᠨ ᠶᠠᠪᠤᠵᠤ ᠮᠥᠷ ᠣᠯᠵᠤ ᠡᠳᠦᠢ ᠢᠷᠡᠪᠡ ᠪᠢ ᠬᠡᠮᠡᠪᠡ ᠪᠠᠰᠠ ᠬᠣᠷᠣᠮ ᠤᠳ ᠠᠲᠠᠯᠠ ᠪᠠᠰᠠ ᠨᠢᠭᠡᠨ ᠬᠦᠮᠦᠨ ᠠᠶᠢᠰᠤᠬᠤᠢ ᠬᠦᠷᠴᠦ ᠠᠶᠢᠰᠤᠬᠤᠢ ᠲᠤᠷ ᠳᠣᠣᠷᠠ ᠢᠨᠤ ᠦᠵᠡᠪᠡᠰᠦ ᠬᠥᠯ ᠢᠶᠡᠨ ᠤᠨᠵᠢᠯᠴᠠᠵᠤ ᠭᠠᠭᠴᠠ ᠬᠦᠮᠦᠨ ᠮᠡᠲᠦ ᠪᠤᠶᠤ
üdesi=de ködeljü qaγačan qonobai bayiju qonoju edür geyigülüged bögedkebesü (büridkebesü) Ögedei , Boroqul , Boγorči ede γurban ügei ajuqu Činggis-qaγan ögülerün Ögedei=lüge , itegel=dei Boroqul , Boγorči qoyar qočorču ajuqu ba üküjü yaγu qaγačaqun tede kemebe bidan=uγai šöni=de aγtan=iyan bariju qonoju Činggis-qaγan ögülerün qoyina=ača bidan=u nekejü irebesü qadqulduy=a kemen jasaju bayiba edür geyin bolγaju üjebesü qoyina=ača nigen kümün ayisuqui kürčü irebesü Boγorči ajuqu Boγorči=yi kürčü iregülüged Činggis-qaγan ögülerün möngke tngri medetügei kemejü ebčigüben mökölidbe (deledbe) Boγorči ögülerün dobtolqui=tur morin=iyan qaγdaju yabuγan güyijü yabuqui=tur mön Kereyid=ün Senggüm=ün degere egerčü (ergičejü) bayin büküi qoγor (jabsar) čöle=tür ačiy=a=tu morin ačiy=a=ban kelbeyigüljü bayin büküi=i ačiy=a inu oγtalju inggerčaγ(qangγai)=tur unuju γarču bidan=u qaγačiju (salaju) qariγsan mör=iyer möšgin yabuju mör olju edüi irebe bi kemebe basa qorom=ud atala basa nigen kümün ayisuqui kürčü ayisuqui=tur doora inu üjebesü köl=iyen unjilčaju γaγča kümün metü buyu
64a
ᠢᠷᠡᠨ ᠪᠠᠷᠠᠪᠠᠰᠤ ᠥᠭᠡᠳᠡᠢ ᠶᠢᠨ ᠬᠣᠶᠢᠨᠠ ᠠᠴᠠ ᠪᠣᠷᠣᠬᠤᠯ ᠠᠮᠠᠨ ᠤ ᠵᠠᠪᠠᠵᠢ ᠪᠠᠷ ᠴᠢᠰᠤᠨ ᠴᠤᠪᠤᠷᠢᠭᠤᠯᠵᠤ ᠬᠦᠷᠴᠦ ᠢᠷᠡᠪᠡ ᠥᠭᠡᠳᠡᠢ ᠬᠤᠪᠴᠢᠰᠤ ᠪᠠᠨ ᠰᠤᠮᠤᠨ᠎ᠠ ᠲᠤᠰᠳᠠᠵᠤ ᠴᠢᠰᠤᠨ ᠠᠨᠤ ᠠᠭᠳᠠᠷ ᠤᠨ ᠪᠣᠷᠣᠬᠤᠯ ᠪᠥᠭᠯᠡᠭᠰᠡᠨ ᠴᠢᠰᠤᠨ ᠢ ᠰᠢᠮᠡᠵᠦ ᠵᠠᠪᠠᠵᠢᠨ ᠢᠶᠠᠷ ᠴᠢᠰᠤᠨ ᠴᠤᠪᠤᠷᠢᠭᠤᠯᠵᠤ ᠢᠷᠡᠪᠡ ᠴᠢᠩᠭᠢᠰ ᠬᠠᠭᠠᠨ ᠦᠵᠡᠵᠦ ᠨᠢᠳᠦᠨ ᠡᠴᠡ ᠭᠡᠨ ᠨᠢᠯᠪᠤᠰᠤᠨ ᠴᠤᠪᠤᠷᠢᠭᠤᠯᠵᠤ ᠳᠤᠷᠠᠨ ᠢᠨᠤ ᠠᠯᠵᠢᠶᠠᠭᠠᠳ ᠭᠠᠯ ᠥᠳᠲᠡᠷ ᠲᠦᠯᠡᠭᠦᠯᠦᠳᠬᠦᠨ ᠬᠡᠮᠡᠵᠦ ᠭᠠᠯ ᠲᠦᠯᠡᠵᠦ ᠬᠠᠯᠠᠭᠤ ᠳᠠᠭᠠᠭᠤᠯᠤᠨ ᠥᠭᠡᠳᠡᠢ᠎ᠡ ᠤᠮᠳᠠᠨ ᠥᠭᠭᠥᠭᠦᠯᠵᠦ ᠳᠠᠶᠢᠰᠤᠨ ᠢᠷᠡᠪᠡᠰᠦ ᠬᠠᠳᠬᠤᠯᠳᠤᠶ᠎ᠠ ᠬᠡᠮᠡᠵᠦ ᠪᠥᠯᠦᠭᠡ ᠪᠣᠷᠣᠬᠤᠯ ᠥᠭᠦᠯᠡᠷᠦᠨ ᠳᠠᠶᠢᠰᠤᠨ ᠤ ᠲᠣᠭᠣᠰᠤᠨ ᠴᠢᠨᠠᠭᠰᠢ ᠮᠠᠭᠤ ᠥᠨᠳᠥᠷ ᠦᠨ ᠡᠪᠦᠷ ᠢᠶᠡᠷ ᠤᠯᠠᠭᠠᠨ ᠪᠤᠷᠭᠠᠳ ᠤᠨ ᠵᠦᠭ ᠲᠣᠭᠣᠰᠤᠨ ᠤᠷᠲᠤ ᠲᠠ ᠭᠠᠷᠴᠤ ᠴᠢᠨᠠᠭᠰᠢ ᠵᠣᠷᠴᠢᠪᠠᠢ ᠬᠡᠮᠡᠪᠡ ᠪᠣᠷᠣᠬᠤᠯ ᠤᠨ ᠲᠡᠷᠡ ᠦᠭᠡ ᠲᠦᠷ ᠢᠷᠡᠪᠡᠰᠦ ᠬᠠᠳᠬᠤᠯᠳᠤᠬᠤᠨ ᠪᠥᠯᠦᠭᠡ ᠲᠡᠶᠢᠨ ᠪᠤᠷᠤᠭᠤᠯᠠᠨ ᠬᠥᠳᠡᠯᠪᠡᠰᠦ ᠪᠢᠳᠠ ᠴᠢᠷᠢᠭ ᠢᠶᠡᠨ ᠵᠥᠪᠰᠢᠷᠡᠵᠦ ᠬᠠᠳᠬᠤᠯᠳᠤᠶ᠎ᠠ ᠬᠡᠮᠡᠵᠦ ᠬᠥᠳᠡᠯᠪᠡᠢ ᠬᠥᠳᠥᠯᠦᠷ ᠦᠨ ᠤᠯᠬᠤᠢ ᠰᠢᠯᠡᠭᠡᠴᠢᠨ ᠥᠭᠡᠳᠡ ᠬᠥᠳᠥᠯᠦᠭᠡᠳ ᠳᠠᠯᠠᠨ ᠨᠡᠮᠦᠷᠭᠡᠨ ᠬᠦᠷᠪᠡᠢ ᠬᠣᠶᠢᠨᠠ ᠠᠴᠠ ᠬᠠᠳᠠᠭᠠᠨ ᠳᠠᠯᠳᠤᠷᠠᠭᠠᠨ ᠡᠮ᠎ᠡ ᠬᠥᠪᠡᠭᠦᠨ ᠡᠴᠡᠭᠡᠨ ᠬᠠᠭᠠᠴᠢᠨ ᠢᠷᠡᠪᠡ ᠢᠷᠡᠵᠦ ᠣᠩ ᠬᠠᠭᠠᠨ ᠤ ᠦᠭᠡ ᠬᠡᠮᠡᠨ ᠥᠭᠦᠯᠡᠷ ᠦᠨ ᠣᠩ ᠬᠠᠭᠠᠨ ᠬᠥᠪᠡᠭᠦᠨ ᠪᠡᠨ ᠰᠡᠩᠭᠦᠮ ᠢ ᠦᠵᠡᠵᠦ ᠮᠠᠨᠠᠭᠠᠷ ᠡᠩᠬᠡᠰᠭᠡ ᠬᠠᠴᠢᠷ ᠢᠶᠠᠨ ᠣᠭᠲᠠᠯᠤᠨ ᠬᠠᠭᠳᠠᠵᠤ ᠳᠡᠭᠡᠷᠡ ᠢᠨᠤ ᠡᠭᠡᠭᠡᠷᠴᠦ ᠡᠷᠭᠢᠵᠦ ᠲᠡᠨᠳᠡ ᠦᠬᠦᠵᠦᠬᠦᠢ ᠢᠯᠠᠭᠳᠠᠬᠤ ᠮᠡᠲᠦ ᠲᠦᠷ ᠢᠯᠠᠭᠳᠠᠪᠠ ᠬᠠᠯᠬᠤ ᠮᠡᠲᠦ ᠲᠦᠷ ᠬᠠᠯᠬᠤ ᠪᠣᠯᠤᠨ
iren barabasu Ögedei=yin qoyina=ača Boroqul aman=u jabaji=bar čisun čuburiγulju kürčü irebe Ögedei qubčisu=ban sumun=a tusdaju čisun anu aγdar=un Boroqul böglegsen čisun=i simejü jabajin=iyar čisun čuburiγulju irebe Činggis-qaγan üjejü nidün=eče=gen nilbusun čuburiγulju duran inu aljiyaγad γal ödter tülegülüdkün kemejü γal tülejü qalaγu daγaγulun Ögedei=e umdan öggögüljü dayisun irebesü qadqulduy=a kemejü bölüge Boroqul ögülerün dayisun=u toγosun činaγsi Maγu-öndör=ün ebür=iyer Ulaγan-Burγad=un (jüg) toγosun urtu=ta γarču činaγsi jorčibai kemebe Boroqul=un tere üge=tür irebesü qadqulduqun bölüge teyin buruγulan ködelbesü bida čirig=iyen jöbsirejü qadqulduy=a kemejü ködelbei ködölür=ün Ulqui-Silegečin ögede ködölüged Dalan-Nemürgen kürbei qoyina=ača Qadaγan-Dalduraγan em=e köbegün=ečegen qaγačin irebe (irejü) Ong-qaγan=u üge kemen ögüler=ün Ong-qaγan köbegün=ben Senggüm=i üjejü manaγar engkesge qačir=iyan oγtalun qaγdaju degere inu egegerčü (ergijü) tende üküjüküi ilaγdaqu metü=tür ilaγdaba qalqu metü=tür qalqu bolun
64b
ᠬᠠᠶᠢᠷᠠᠨ ᠬᠥᠪᠡᠭᠦᠨ ᠦ ᠮᠢᠨᠤ ᠬᠠᠴᠠᠷ ᠲᠤᠷ ᠬᠠᠳᠠᠭᠠᠰᠤᠨ ᠬᠠᠳᠠᠪᠠ ᠬᠥᠪᠡᠭᠦᠨ ᠦ ᠠᠮᠢᠨ ᠢ ᠠᠷᠠᠰᠤᠨ ᠠᠯᠠᠭᠴᠢᠯᠠᠨ ᠳᠣᠪᠲᠣᠯᠤᠶ᠎ᠠ ᠬᠡᠮᠡᠪᠡᠰᠦ ᠲᠡᠭᠦᠨ ᠲᠦᠷ ᠨᠠᠴᠢᠨ ᠰᠢᠷᠦᠨ ᠥᠭᠦᠯᠡᠷᠦᠨ ᠬᠠᠭᠠᠨ ᠪᠦᠲᠦᠭᠡᠢ ᠲᠡᠶᠢᠮᠦ ᠪᠤᠰᠤ ᠡᠴᠢᠨ᠎ᠡ ᠪᠦᠬᠦ ᠬᠥᠪᠡᠭᠦᠨ ᠡᠩᠬᠡᠷ ᠦᠨ ᠨᠢᠯᠪᠤᠰᠤᠨ ᠵᠡᠯᠮ᠎ᠡ ᠬᠢᠵᠦ ᠡᠪᠦᠷ ᠪᠠ ᠪᠤᠢ ᠬᠡᠮᠡᠨ ᠡᠨᠡᠷᠢᠨ ᠵᠠᠯᠪᠠᠷᠢᠪᠠᠢ ᠪᠢᠳᠠ ᠡᠳᠦᠨ ᠲᠦᠷᠦᠨ ᠪᠠᠷᠠᠭᠰᠠᠨ ᠬᠥᠪᠡᠭᠦᠨ ᠰᠡᠩᠭᠦᠮ ᠢ ᠭᠠᠷᠭᠠᠶ᠎ᠠ ᠮᠣᠩᠭᠣᠯ ᠤᠨ ᠣᠯᠠᠩᠬᠢᠨ ᠵᠠᠮᠤᠬ ᠠ ᠯᠤᠭ᠎ᠠ ᠠᠯᠲᠠᠨ ᠬᠤᠴᠢᠷ ᠯᠤᠭ᠎ᠠ ᠪᠢᠳᠠᠨ ᠲᠤᠷ ᠪᠤᠢ ᠲᠦᠮᠦᠵᠢᠨ ᠯᠦᠭᠡ ᠳᠠᠶᠢᠵᠢᠵᠤ ᠭᠠᠷᠤᠭᠰᠠᠨ ᠮᠣᠩᠭᠣᠯ ᠬᠠᠮᠢᠭ᠎ᠠ ᠣᠳᠬᠣᠨ ᠲᠡᠳᠡ ᠨᠦᠦᠳᠡ ᠲᠡᠳᠡ ᠨᠦᠭᠦᠳ ᠮᠣᠳᠤᠨ ᠢ ᠨᠡᠮᠦᠷᠡᠲᠡ ᠬᠣᠷᠭ᠎ᠠ ᠪᠣᠯᠪᠠᠢ ᠲᠡᠳᠡᠨ ᠢ ᠡᠰᠡ ᠢᠷᠡᠪᠡᠰᠦ ᠣᠳᠴᠤ ᠮᠣᠷᠢᠨ ᠵᠤᠲᠠᠭᠤᠯ ᠬᠣᠮᠣᠭᠣᠯ ᠮᠡᠲᠦ ᠬᠣᠷᠮᠠᠶᠢᠯᠠᠵᠤ ᠠᠪᠴᠢᠷᠠᠬᠤᠨ ᠵ᠎ᠠ ᠠᠴᠠᠷᠠᠬᠤ ᠪᠢᠳᠠ ᠲᠡᠳᠡᠭᠡᠷ ᠢ ᠬᠡᠮᠡᠪᠡ ᠨᠠᠴᠢᠨ ᠰᠢᠷᠦᠨ ᠦ ᠡᠨᠡ ᠦᠭᠡ ᠲᠦᠷ ᠣᠩ ᠬᠠᠭᠠᠨ ᠥᠭᠦᠯᠡᠷᠦᠨ ᠵ᠎ᠠ ᠲᠡᠶᠢᠨ ᠪᠥᠭᠡᠰᠦ ᠬᠥᠪᠡᠭᠦᠨ ᠠᠯᠵᠤᠭᠤᠵᠠᠢ ᠬᠥᠪᠡᠭᠦᠨ ᠢ ᠦᠯᠦ ᠳᠡᠩᠰᠡᠯᠭᠡᠨ ᠠᠰᠠᠷᠠᠳᠬᠤᠨ ᠬᠡᠮᠡᠭᠡᠳ ᠬᠠᠳᠬᠤᠯᠳᠤᠭᠰᠠᠨ ᠭᠠᠵᠠᠷ ᠠᠴᠠ ᠬᠠᠷᠢᠨ ᠨᠢᠴᠦᠪᠡᠢ ᠬᠡᠮᠡᠪᠡ ᠲᠡᠨᠳᠡᠴᠡ ᠴᠢᠩᠭᠢᠰ ᠳᠠᠯᠠᠨ ᠨᠡᠮᠦᠷᠭᠡᠨ ᠡᠴᠡ ᠬᠠᠯᠬ᠎ᠠ ᠤᠷᠤᠭᠤ ᠬᠥᠳᠥᠯᠦᠷ ᠦᠨ ᠲᠣᠭ᠎ᠠ ᠲᠣᠭᠠᠯᠠᠯᠳᠤᠵᠤ ᠲᠣᠭᠠᠯᠠᠪᠠᠰᠤ ᠬᠣᠶᠠᠷ ᠮᠢᠩᠭᠠᠨ ᠵᠢᠷᠭᠤᠭᠠᠨ ᠵᠠᠭᠤᠨ ᠠᠷᠠᠳ ᠪᠣᠯᠪᠠᠢ ᠨᠢᠭᠡᠨ ᠮᠢᠩᠭᠠᠨ ᠭᠤᠷᠪᠠᠨ ᠵᠠᠭᠤᠨ ᠠᠷᠠᠳ ᠴᠢᠩᠭᠢᠰ ᠬᠠᠭᠠᠨ ᠯᠤᠭ᠎ᠠ ᠬᠠᠯᠬ ᠠ ᠶᠢᠨ ᠥᠷᠥᠨᠡ ᠴᠢ ᠡᠲᠡᠭᠡᠳ ᠢᠶᠡᠷ ᠨᠡᠭᠦᠪᠡᠢ ᠨᠢᠭᠡᠨ ᠮᠢᠩᠭᠠᠨ ᠭᠤᠷᠪᠠᠨ ᠵᠠᠭᠤᠨ ᠬᠠᠯᠬ ᠠ ᠶᠢᠨ ᠵᠡᠭᠦᠨ ᠡᠲᠡᠭᠡᠳ ᠢᠶᠡᠷ ᠤᠷᠤᠭᠤᠳ ᠮᠠᠩᠭᠤᠳ ᠨᠡᠭᠦᠪᠡᠢ ᠲᠡᠶᠢᠨ ᠨᠡᠭᠦᠵᠦ
qayiran köbegün=ü minu qačar=tur qadaγasun qadaba köbegün=ü amin=i arasun (alaγčilan) dobtoluy=a kemebesü tegün=tür Način-Sirün ögülerün qaγan bütügei (teyimü busu) ečin=e bükü köbegün engker=ün nilbusun jelm=e kijü ebür ba bui kemen enerin jalbaribai bida edün türün baraγsan köbegün Senggüm=i γarγay=a Mongγol=un olangkin Jamuq=a=luγ=a Altan Qučir=luγ=a bidan=tur bui Tümüjin=lüge dayijiju γaruγsan Mongγol qamiγ=a odqon tede=nüüde <tede=nügüd> modun=i nemürete (qorγ=a) bolbai teden=i ese irebesü odču morin jutaγul (qomoγol) metü qormayilaju abčiraqun j=a (ačaraqu) bida tedeger=i kemebe Način-Sirün=ü ene üge=tür Ong-qaγan ögülerün j=a teyin bögesü köbegün aljuγujai köbegün=i ülü dengselgen asaradqun kemeged qadqulduγsan γajar=ača qarin ničübei kemebe tendeče Činggis Dalan-Nemürgen=eče Qalq=a uruγu ködölür=ün toγ=a toγalalduju toγalabasu qoyar mingγan jirγuγan jaγun arad bolbai nigen mingγan γurban jaγun arad Činggis-qaγan=luγ=a Qalq=a=yin öröne=či eteged=iyer negübei nigen mingγan γurban jaγun Qalq=a=yin jegün eteged=iyer Uruγud Mangγud negübei teyin negüjü
65a
ᠠᠶᠢᠰᠤᠬᠤᠢ ᠲᠤᠷ ᠭᠥᠷᠥᠭᠡᠰᠦᠨ᠎ᠡ ᠠᠪᠠᠯᠠᠨ ᠶᠠᠪᠤᠬᠤᠢ ᠲᠤᠷ ᠬᠤᠶᠢᠯᠳᠤᠷ ᠶᠠᠷᠠᠨ ᠢᠶᠠᠨ ᠠᠨᠠᠭ᠎ᠠ ᠡᠳᠦᠬᠦᠶ᠎ᠡ ᠴᠢᠩᠭᠢᠰ ᠬᠠᠭᠠᠨ ᠢᠳᠬᠠᠪᠠᠰᠤ ᠦᠯᠦ ᠪᠣᠯᠤᠨ ᠭᠥᠷᠥᠭᠡᠰᠦᠨ ᠲᠦᠷ ᠳᠣᠪᠲᠣᠯᠬᠤ ᠪᠣᠯᠤᠨ ᠦᠭᠳᠡᠷᠡᠴᠦ ᠨᠥᠬᠴᠢᠪᠡ ᠲᠡᠨᠳᠡ ᠴᠢᠩᠭᠢᠰ ᠬᠠᠭᠠᠨ ᠬᠠᠯᠬ ᠠ ᠶᠢᠨ ᠤᠷᠤᠭᠤ ᠶᠢᠨ ᠬᠡᠯᠲᠡᠭᠡᠢ ᠬᠠᠳᠠ ᠳᠠ ᠬᠤᠶᠢᠯᠳᠤᠷ ᠤᠨ ᠶᠠᠰᠤᠨ ᠢᠨᠤ ᠲᠠᠯᠪᠢᠭᠤᠯᠪᠠ ᠬᠠᠯᠬ ᠠ ᠶᠢᠨ ᠪᠤᠶᠢᠷ ᠨᠠᠭᠤᠷ ᠲᠤᠷ ᠴᠢᠳᠬᠤᠬᠤ ᠢᠵᠠᠭᠤᠷ᠎ᠠ ᠣᠷ ᠮᠡᠯ ᠲᠡᠨ ᠬᠣᠩᠭᠢᠷᠠᠳ ᠪᠤᠢ ᠬᠡᠮᠡᠨ ᠵᠤᠷᠴᠢᠳᠠᠢ ᠶᠢ ᠤᠷᠤᠭᠤᠳ ᠢᠶᠠᠷ ᠢᠯᠡᠭᠡᠷᠦᠨ ᠵᠤᠷᠴᠢᠳᠠᠢ ᠶᠢ ᠥᠨᠳᠥᠷ ᠠᠭᠤᠯᠠ ᠶᠢᠨ ᠨᠡᠮᠦᠷᠡ ᠮᠡᠲᠦ ᠰᠡᠳᠬᠢᠵᠦ ᠶᠠᠪᠤᠬᠤ ᠪᠥᠯᠦᠭᠡ ᠪᠢ ᠲᠡᠷᠡ ᠣᠳᠴᠤ ᠪᠠᠯᠵᠤᠨ ᠠ ᠨᠠᠭᠤᠷ ᠤᠰᠤᠯᠠᠷ᠎ᠠ ᠬᠦᠷᠪᠡᠢ ᠵ᠎ᠠ ᠵᠢᠴᠢ ᠪᠠᠯᠵᠤᠨ᠎ᠠ ᠨᠠᠭᠤᠷ ᠠᠴᠠ ᠮᠣᠷᠢᠯᠠᠷ ᠤᠨ ᠵᠤᠷᠴᠢᠳᠠᠢ ᠠᠷᠬᠠᠢ ᠬᠠᠰᠠᠷ ᠬᠣᠶᠠᠷ ᠢ ᠠᠮᠢᠨᠴᠢᠭᠤᠯᠵᠤ ᠥᠪᠡᠷᠴᠢᠯᠡᠵᠦ ᠬᠡᠷᠡᠶᠢᠳ ᠲᠦᠷ ᠮᠣᠷᠢᠯᠠᠵᠤ ᠲᠩᠷᠢ ᠭᠠᠵᠠᠷ᠎ᠠ ᠬᠦᠴᠦ ᠨᠡᠮᠡᠭᠳᠡᠵᠦ ᠬᠡᠷᠡᠶᠢᠳ ᠢᠷᠭᠡᠨ ᠢ ᠮᠣᠬᠣᠳᠬᠠᠵᠤ ᠲᠣᠯᠢᠪᠠᠢ ᠡᠵᠦᠩᠡᠵᠦ ᠣᠯᠵᠢᠯᠠᠪᠠ ᠡᠷᠬᠢᠨ ᠤᠯᠤᠰ ᠨᠥᠬᠥᠴᠢᠯᠳᠦᠵᠦ ᠠᠯᠠᠯᠳᠤᠵᠤ ᠨᠠᠢᠮᠠᠨ ᠮᠡᠷᠭᠡᠳ ᠴᠢᠷᠡᠪᠡᠰ ᠵᠢᠷ ᠵᠢᠪᠡᠰ ᠬᠤᠭᠤᠷᠠᠴᠤ ᠪᠠᠶᠢᠯᠳᠤᠨ ᠶᠠᠳᠠᠵᠤ ᠪᠤᠰᠠᠩᠭᠠᠭᠳᠠᠪᠠᠢᠲᠠᠷᠬᠠᠪᠠᠢ ᠵ᠎ᠠ ᠮᠡᠷᠭᠡᠳ ᠨᠠᠢᠮᠠᠨ ᠢ ᠪᠤᠰᠠᠩᠭᠠᠬᠤ ᠬᠣᠭᠣᠷ ᠲᠤᠷ ᠲᠠᠷᠠᠬᠠᠭᠠᠬᠤᠢ ᠵᠠᠪᠰᠠᠷ ᠬᠡᠷᠡᠶᠢᠳ ᠦᠨ ᠵᠢᠬ ᠠ ᠭᠠᠮᠪᠤᠤ ᠬᠣᠶᠠᠷ ᠥᠬᠢᠳ ᠦᠨ ᠰᠢᠯᠲᠠᠭᠠᠪᠠᠷ ᠥᠪᠡᠷᠦᠨ ᠬᠠᠷᠢᠶ ᠠ ᠲᠤ ᠤᠯᠤᠰ ᠲᠤᠷ ᠢᠶᠠᠨ ᠳᠤᠮᠳᠠ ᠠᠭᠰᠠᠨ ᠠᠵᠤᠬᠤ ᠨᠥᠭᠥᠭᠡ ᠲᠡ ᠳᠠᠶᠢᠰᠤᠨ ᠪᠣᠯᠤᠨ ᠬᠠᠭᠠᠴᠠᠭᠰᠠᠨ ᠢ ᠵᠤᠷᠴᠢᠳᠠᠢ ᠣᠳᠴᠤ ᠠᠷᠭ ᠠ ᠪᠠᠷ ᠵᠢᠬ ᠠ ᠭᠠᠮᠪᠤᠤ ᠶᠢ ᠬᠠᠭᠠᠴᠠᠭᠰᠠᠨ ᠪᠠᠷᠠᠭᠰᠠᠨ ᠢ ᠬᠠᠷᠳᠠᠵᠤ ᠪᠠᠷᠢᠵᠤ ᠪᠦᠲᠦᠭᠡᠵᠦᠬᠦᠢᠠᠯᠠᠵᠤᠭᠤᠢ ᠵ᠎ᠠ ᠲᠡᠷᠡ ᠵᠢᠬ ᠠ ᠭᠠᠮᠪᠤᠤ ᠶᠢᠨ
ayisuqui=tur görögesün=e abalan yabuqui=tur Quyildur yaran=iyan anaγ=a edüküy=e Činggis-qaγan idqabasu ülü bolun görögesün=tür dobtolqu bolun ügderečü nökčibe tende Činggis-qaγan Qalq=a=yin uruγu=yin Keltegei-qada=da Quyildur=un yasun inu talbiγulba Qalq=a=yin Buyir-naγur=tur čidququ ijaγur=a Or-Mel=ten Qonggirad bui kemen Jurčidai=yi Uruγud=iyar ilegerün # Jurčidai=yi öndör aγula=yin nemüre metü sedkijü yabuqu bölüge bi tere odču Baljun=a-naγur usular=a kürbei j=a jiči Baljun=a naγur=ača morilar=un Jurčidai , Arqai-Qasar qoyar=i aminčiγulju (öberčilejü) Kereyid=tür morilaju tngri γajar=a küčü nemegdejü Kereyid irgen=i moqodqaju tolibai (ejüngejü oljilaba) erkin ulus nököčildüjü (alalduju) Naiman Merged čirebes (jir jibes) quγuraču bayildun yadaju busangγaγdabai(tarqabai) j=a Merged Naiman=i busangγaqu qoγor=tur (taraqaγaqui jabsar) Kereyid=ün Jiq=a-Gambuu qoyar ökid=ün siltaγabar öberün qariy=a=tu ulus=tur=iyan dumda aγsan ajuqu nögöge=te dayisun bolun qaγačaγsan=i Jurčidai odču arγ=a=bar Jiq=a-Gambuu=yi qaγačaγsan baraγsan=i qardaju bariju bütügejüküi(alajuγui) j=a tere Jiq=a-Gambuu=yin
65b
ᠤᠯᠤᠰ ᠢ ᠦᠬᠦᠭᠡᠳᠡ ᠦᠯᠢᠳᠬᠡᠨ ᠬᠠᠷᠢᠨ ᠪᠦᠷᠡᠯᠭᠡᠨ ᠲᠠᠯᠪᠢᠪᠠᠢ ᠪᠣᠭᠳᠠ ᠡᠵᠡᠨ ᠵᠤᠷᠴᠢᠳᠠᠢ ᠶᠢᠨ ᠨᠥᠭᠥᠭᠡ ᠲᠤᠰᠠ ᠢᠨᠤ ᠡᠨᠡ ᠪᠤᠶᠤ ᠵ᠎ᠠ ᠬᠡᠮᠡᠨ ᠠᠯᠠᠯᠳᠤᠬᠤᠢ ᠡᠳᠦᠷ ᠠᠮᠢᠨ ᠢᠶᠠᠨ ᠦᠷᠡᠭᠰᠡᠨ ᠦ ᠲᠤᠯᠠ ᠦᠬᠦᠯᠳᠦᠬᠦᠢ ᠡᠳᠦᠷ ᠥᠯᠥᠮᠯᠡᠭᠰᠡᠨ ᠦ ᠲᠤᠯᠠ ᠴᠢᠩᠭᠢᠰ ᠬᠠᠭᠠᠨ ᠢᠪᠠᠭ ᠠ ᠪᠡᠬᠢ ᠶᠢ ᠵᠤᠷᠴᠢᠳᠠᠶ᠎ᠠ ᠰᠣᠶᠣᠷᠬᠠᠵᠤ ᠥᠭᠭᠥᠷᠦᠨ ᠢᠪᠠᠭ ᠠ ᠲᠠ ᠰᠤᠷᠭᠠᠯ ᠥᠭᠦᠯᠡᠷᠦᠨ ᠴᠢᠮᠠᠶᠢ ᠶᠢ ᠠᠪᠤᠷᠢ ᠦᠶᠢᠯᠡ ᠴᠡᠭᠡᠴᠢ ᠴᠢᠨᠤ ᠥᠰᠬᠦᠢ ᠲᠦᠷ ᠦᠵᠡᠰᠭᠦᠯᠡᠩ ᠲᠡᠢ ᠮᠠᠭᠤᠢ ᠡᠰᠡ ᠬᠡᠮᠡᠪᠡ ᠪᠢ ᠬᠥᠯ ᠢ ᠴᠢᠨ ᠤ ᠰᠢᠪᠡᠷᠢ ᠲᠡᠢ ᠬᠥᠯᠥᠰᠦᠨ ᠴᠢᠨ ᠤ ᠦᠨᠦᠷ ᠲᠡᠢ ᠡᠰᠡ ᠬᠡᠮᠡᠪᠡᠢ ᠵ᠎ᠠ ᠪᠢ ᠡᠪᠦᠷ ᠲᠦᠷ ᠬᠥᠯ ᠲᠦᠷ ᠣᠷᠣᠭᠰᠠᠨ ᠵᠡᠷᠭᠡ ᠲᠦᠷ ᠵᠡᠷᠭᠡᠯᠡᠨ ᠰᠠᠭᠤᠭᠰᠠᠨ ᠴᠢᠮᠠᠶᠢ ᠶᠢ ᠵᠤᠷᠴᠢᠳᠠᠶ᠎ᠠ ᠰᠣᠶᠣᠷᠬᠠᠷ ᠤᠨ ᠶᠡᠬᠡ ᠲᠥᠷᠥ ᠶᠢ ᠰᠡᠳᠬᠢᠵᠦ ᠵᠤᠷᠴᠢᠳᠠᠢ ᠶᠢᠨ ᠬᠠᠳᠬᠤᠯᠳᠤᠬᠠᠨ ᠡᠳᠦᠷ ᠬᠠᠯᠬ᠎ᠠ ᠪᠣᠯᠤᠭᠰᠠᠨ ᠤ ᠲᠤᠯᠠ ᠳᠠᠶᠢᠰᠤᠨ ᠬᠦᠮᠦᠨ ᠲᠦᠷ ᠳᠠᠯᠳᠠ ᠪᠣᠯᠤᠭᠰᠠᠨ ᠤ ᠲᠤᠯᠠ ᠬᠠᠭᠠᠴᠠᠭᠰᠠᠨ ᠤᠯᠤᠰ ᠢ ᠬᠠᠮᠲᠤᠳᠬᠠᠭᠰᠠᠨ ᠤ ᠲᠤᠯᠠ ᠪᠤᠲᠠᠷᠠᠭᠰᠠᠨ ᠤᠯᠤᠰ ᠢ ᠪᠦᠲᠦᠭᠡᠯᠳᠦᠭᠰᠡᠨ ᠦ ᠲᠤᠰᠠᠶᠢᠨ ᠲᠤᠯᠠ ᠲᠥᠷᠥ ᠶᠢ ᠰᠡᠳᠬᠢᠵᠦ ᠴᠢᠮᠠᠶᠢ ᠶᠢ ᠥᠭᠪᠡ ᠮᠥᠨ᠎ᠡ ᠬᠣᠶᠢᠨᠠ ᠮᠢᠨᠤ ᠤᠷᠤᠭ ᠪᠢᠳᠠᠨ ᠤ ᠣᠷᠣ ᠰᠠᠭᠤᠵᠤ ᠡᠨᠡ ᠮᠡᠲᠦ ᠲᠤᠰᠠ ᠬᠢᠭᠰᠡᠨ ᠲᠥᠷᠥ ᠶᠢ ᠰᠡᠳᠬᠢᠵᠦ ᠮᠢᠨᠤ ᠦᠭᠡ ᠪᠤᠰᠤ ᠦᠯᠦ ᠪᠣᠯᠭᠠᠨ ᠤᠷᠤᠭ ᠤᠨ ᠤᠷᠤᠭ ᠬᠦᠷᠲᠡᠯ᠎ᠡ ᠢᠪᠠᠭ ᠠ ᠶᠢᠨ ᠦᠯᠢᠭᠡᠷ ᠪᠦᠦ ᠲᠠᠰᠤᠯᠲᠤᠭᠠᠢ ᠬᠡᠮᠡᠨ ᠵᠠᠷᠯᠢᠭ ᠪᠣᠯᠪᠠ ᠪᠠᠰᠠ ᠢᠪᠠᠭ ᠠ ᠲᠠ ᠥᠭᠦᠯᠡᠷᠦᠨ ᠵᠢᠬ ᠠ ᠭᠠᠮᠪᠤᠤ ᠡᠴᠢᠭᠡ ᠴᠢᠨᠤ ᠨᠢᠮᠠᠳᠠ ᠨᠠᠳᠤᠷ ᠠᠰᠢᠭᠲᠡᠮᠦᠷ ᠪᠠᠭᠤᠷᠴᠢ ᠠᠯᠴᠢᠭ ᠠ ᠤ ᠬᠣᠷᠴᠢ ᠬᠣᠶᠠᠷ
ulus=i ükügede ülidken (qarin bürelgen) talbibai (Boγda-Ejen) Jurčidai=yin nögöge tusa inu ene buyu j=a kemen alalduqui edür amin=iyan üregsen=ü tula üküldüküi edür ölömlegsen=ü tula Činggis-qaγan Ibaγ=a-beki=yi Jurčiday=a soyorqaju öggörün Ibaγ=a=ta surγal ögülerün čimayi=yi aburi üyile čegeči činu ösküi=tür üjesgüleng=tei maγui ese kemebe bi köl=i čin=u siberi=tei kölösün čin=u ünür=tei ese kemebei j=a bi ebür=tür köl=tür oroγsan jerge=tür jergelen saγuγsan čimayi=yi Jurčiday=a soyorqar=un yeke törö=yi sedkijü Jurčidai=yin qadqulduqan edür qalq=a boluγsan=u tula dayisun kümün=tür dalda boluγsan=u tula qaγačaγsan ulus=i qamtudqaγsan=u tula butaraγsan ulus=i bütügeldügsen=ü tusayin tula törö=yi sedkijü čimayi=yi ögbe mön=e qoyina minu uruγ bidan=u oro saγuju ene metü tusa kigsen törö=yi sedkijü minu üge busu ülü bolγan uruγ=un uruγ kürtel=e Ibaγ=a=yin üliger büü tasultuγai kemen jarliγ bolba basa Ibaγ=a=ta ögülerün Jiq=a-Gambuu ečige činu nimada (nadur) Asiγtemür baγurči Alčiγ=a-u qorči qoyar
66a
ᠵᠠᠭᠤᠨ ᠶᠡᠷᠡᠨ ᠤᠯᠤᠰ ᠥᠭᠴᠦ ᠪᠥᠯᠦᠭᠡ ᠡᠳᠦᠭᠡ ᠠᠯᠴᠢᠬᠠᠢ ᠢᠷᠭᠡᠨ ᠶᠠᠭᠤᠨ ᠢ ᠠᠪᠴᠤ ᠣᠳᠴᠤ ᠦᠨᠦᠷ ᠦᠨ ᠰᠠᠶᠢᠨ ᠢᠶᠠᠨ ᠨᠠᠳᠠ ᠢᠨᠵᠡᠰ ᠡᠴᠡᠭᠡᠨ ᠠᠰᠢᠭ ᠲᠡᠮᠦᠷ ᠪᠠᠭᠤᠷᠴᠢ ᠲᠠ ᠨᠢᠭᠡᠨ ᠵᠠᠭᠤᠨ ᠲᠠᠯᠪᠢᠵᠤ ᠵᠣᠷᠴᠢ ᠣᠳ ᠬᠡᠮᠡᠪᠡ ᠪᠠᠰᠠ ᠴᠢᠩᠭᠢᠰ ᠬᠠᠭᠠᠨ ᠵᠤᠷᠴᠢᠳᠠᠶ᠎ᠠ ᠥᠭᠦᠯᠡᠷᠦᠨ ᠢᠪᠠᠭ ᠠ ᠲᠤᠷ ᠨᠢᠭᠡᠨ ᠵᠠᠭᠤᠨ ᠢ ᠲᠤ ᠥᠭᠪᠡ ᠤᠷᠢᠳᠤ ᠲᠥᠷᠥ ᠳᠥᠷᠪᠡᠨ ᠮᠢᠩᠭᠠᠨ ᠤᠷᠤᠭ ᠤᠳ ᠢᠶᠠᠨ ᠴᠢ ᠮᠡᠳᠡᠵᠦ ᠦᠯᠡᠬᠦ ᠶᠠᠪᠤ ᠠᠬᠤ ᠴᠢ ᠬᠡᠮᠡᠨ ᠵᠠᠷᠯᠢᠭ ᠪᠣᠯᠪᠠ ᠬᠤᠪᠢᠯᠠᠢ᠎ᠠ ᠥᠭᠦᠯᠡᠷᠦᠨ ᠬᠦᠴᠦᠲᠦ ᠶᠢᠨ ᠬᠦᠵᠦᠭᠦᠨ ᠪᠥᠬᠡ ᠶᠢᠨ ᠪᠥᠭᠰᠡᠨ ᠪᠦᠲᠦᠭᠡᠯᠳᠦ ᠪᠡ ᠴᠢ ᠡᠳᠡ ᠬᠤᠪᠢᠯᠠᠢ ᠵᠡᠯᠮ᠎ᠡ ᠰᠦᠪᠡᠭᠡᠳᠡᠢ ᠵᠡᠪᠡ ᠲᠠ ᠳᠥᠷᠪᠡᠨ ᠰᠤᠲᠠᠭᠠᠨ ᠢᠶᠠᠨ ᠰᠡᠳᠬᠢᠭᠰᠡᠨᠲᠥᠷᠥᠯ ᠢᠶᠡᠨ ᠰᠠᠨᠠᠭᠰᠠᠨ ᠲᠦᠷ ᠵᠠᠷᠤᠵᠤ ᠢᠯᠡᠭᠡᠪᠡᠰᠦ ᠬᠦ ᠬᠦᠷ ᠬᠡᠮᠡᠭᠰᠡᠨ ᠲᠦᠷ ᠬᠦᠷᠦ ᠬᠡᠮᠬᠡᠯ ᠦᠨ ᠬᠠᠯ ᠬᠡᠮᠡᠭᠰᠡᠨ ᠲᠦᠷ ᠬᠠᠳᠠ ᠬᠠᠭᠠᠯ ᠤᠨ ᠴᠡᠦᠬᠡᠨ ᠴᠢᠯᠠᠭᠤᠨ ᠢ ᠴᠣᠷᠣ ᠴᠡᠭᠡᠯ ᠤᠰᠤᠨ ᠢ ᠨᠢᠳᠤᠯ ᠤᠨ ᠥᠭᠪᠡᠢ ᠵ᠎ᠠ ᠲᠠ ᠬᠤᠪᠢᠯᠠᠢ ᠵᠡᠪᠡ ᠵᠡᠯᠮ᠎ᠡ ᠰᠦᠪᠡᠭᠡᠳᠡᠢ ᠲᠠ ᠳᠥᠷᠪᠡᠨ ᠦᠨᠡᠨ ᠢᠶᠡᠨ ᠵᠣᠷᠢᠭᠰᠠᠨ ᠭᠠᠵᠠᠷ᠎ᠠ ᠢᠯᠡᠭᠡᠵᠦ ᠪᠣᠭᠣᠷᠴᠢ ᠲᠤᠯᠠᠢ ᠪᠣᠷᠣᠬᠤᠯ ᠴᠢᠯᠠᠭᠤᠨ ᠪᠠᠭᠠᠲᠤᠷ ᠡᠳᠡ ᠳᠥᠷᠪᠡᠨ ᠬᠦᠯᠦᠭ ᠦᠳ ᠢᠶᠡᠨ ᠳᠡᠷᠭᠡ ᠲᠡᠭᠡᠨ ᠠᠪᠤᠪᠠᠰᠤ ᠬᠠᠳᠬᠤᠯᠳᠤᠬᠤᠨ ᠡᠳᠦᠷ ᠪᠣᠯᠪᠠᠰᠤ ᠵᠤᠷᠴᠢᠳᠠᠢ ᠬᠤᠶᠢᠯᠳᠠᠷ ᠬᠣᠶᠠᠷ ᠤᠷᠤᠭᠤᠳ ᠮᠠᠩᠭᠤᠳ ᠢᠶᠠᠷ ᠢᠶᠠᠨ ᠤᠳᠤᠷᠢᠳᠬᠠᠨ ᠪᠠᠶᠢᠭᠤᠯᠪᠠᠰᠤ ᠪᠦᠬᠦ ᠰᠡᠳᠬᠢᠯ ᠢᠶᠡᠷ ᠠᠮᠤᠬᠤ ᠪᠥᠯᠦᠭᠡ ᠪᠢ ᠬᠡᠮᠡᠪᠡ ᠬᠤᠪᠢᠯᠠᠢ ᠴᠢᠷᠢᠭ ᠦᠨ ᠦᠶᠢᠯᠡ ᠪᠦᠭᠦᠳᠡ ᠶᠢ
jaγun yeren ulus ögčü bölüge edüge Alčiqai irgen yaγun=i abču odču ünür=ün sayin=iyan nada , injes=ečegen Asiγ-Temür baγurči ta nigen jaγun talbiju jorči (od) kemebe basa Činggis-qaγan Jurčiday=a ögülerün Ibaγ=a=tur nigen jaγun=i tu ögbe uridu törö <dörben> mingγan Uruγ=ud=iyan či medejü ülekü (yabu) aqu či kemen jarliγ bolba Qubilai=a ögülerün küčütü=yin küjügün böke=yin bögsen bütügeldü=be či ede Qubilai , Jelm=e , Sübegedei , Jebe , ta dörben sutaγan=iyan sedkigsen(töröl=iyen sanaγsan)=tür jaruju ilegebesü kü kür kemegsen=tür kürü kemkel=ün qal kemegsen=tür qada qaγal=un čeüken čilaγun=i čoro čegel usun=i nidul=un ögbei j=a ta Qubilai , Jebe , Jelm=e , Sübegedei ta dörben ünen=iyen joriγsan γajar=a ilegejü Boγorči Tulai , Boroqul , Čilaγun-baγatur ede dörben külüg=üd=iyen derge=tegen abubasu qadqulduqun edür bolbasu Jurčidai , Quyildar qoyar Uruγud Mangγud=iyar=iyan uduridqan bayiγulbasu bükü sedkil=iyer amuqu bölüge bi kemebe Qubilai čirig=ün üyile bügüde=yi
66b
ᠬᠠᠭᠠᠯᠵᠤ ᠦᠯᠡᠬᠦ ᠢᠯᠭᠠᠵᠤ ᠮᠡᠳᠡᠬᠦ ᠠᠬᠤ ᠬᠡᠮᠡᠨ ᠰᠣᠶᠣᠷᠬᠠᠵᠤ ᠵᠠᠷᠯᠢᠭ ᠪᠣᠯᠪᠠ ᠪᠢᠳᠦᠭᠦᠨ ᠢ ᠮᠤᠵᠢᠷᠠᠭᠠᠳ ᠲᠤᠯᠠᠢ ᠶᠢ ᠮᠠᠭᠤᠯᠠᠵᠤ ᠶᠠᠪᠤᠵᠤ ᠮᠢᠩᠭᠠᠨ ᠢ ᠨᠢᠮᠠᠳᠠ ᠨᠠᠳᠤᠷ ᠡᠰᠡ ᠥᠭᠪᠡ ᠴᠢ ᠨᠢᠮᠠᠳᠠ ᠵᠥᠪ ᠪᠤᠢ ᠵ᠎ᠠ ᠴᠢᠮᠠᠯᠤᠭ᠎ᠠ ᠮᠢᠩᠭᠠᠯᠠᠵᠤ ᠡᠶᠡᠳᠡᠯᠳᠦᠵᠦ ᠶᠠᠪᠤᠭᠳᠠᠬᠤ ᠬᠡᠮᠡᠪᠡ ᠪᠠᠰᠠ ᠮᠥᠨ ᠬᠣᠶᠢᠨᠠ ᠪᠢᠳᠦᠭᠦᠨ ᠢ ᠨᠤᠭᠤᠳ ᠳᠠ ᠪᠠᠰᠠ ᠴᠢᠩᠭᠢᠰ ᠬᠠᠭᠠᠨ ᠳᠡᠭᠡᠳᠡᠢ ᠭᠣᠤ ᠠ ᠳᠠ ᠥᠭᠦᠯᠡᠷ ᠦᠨ ᠲᠠ ᠪᠣᠭᠣᠷᠴᠢ ᠮᠤᠬᠠᠯᠠᠢ ᠲᠡᠷᠢᠭᠦᠲᠡᠨ ᠨᠣᠶᠠᠳ ᠲᠠ ᠲᠥᠳᠡᠢ ᠳᠣᠭᠣᠯᠬᠤ ᠲᠠᠨ ᠴᠡᠷᠪᠢᠨ ᠡᠨᠡ ᠬᠠᠷᠠ ᠱᠥᠨᠢ ᠭᠥᠷᠭᠥᠭᠡᠨᠲᠦ ᠴᠢᠨᠣ᠎ᠠ ᠭᠡᠭᠡᠭᠡᠨ ᠡᠳᠦᠷ ᠬᠠᠷᠠ ᠬᠡᠷᠢᠶ᠎ᠡ ᠪᠣᠯᠵᠤ ᠨᠡᠭᠦᠬᠦᠢ ᠲᠦᠷ ᠡᠰᠡ ᠨᠡᠭᠦᠭᠰᠡᠨ ᠨᠥᠬᠴᠢᠬᠦᠢ ᠲᠦᠷ ᠡᠰᠡ ᠨᠥᠬᠴᠢᠭᠰᠡᠨ ᠪᠤᠯᠬ᠎ᠠ ᠬᠦᠮᠦᠨ ᠯᠦᠭᠡ ᠪᠦᠰᠢ ᠪᠤᠰᠤᠳ ᠤᠨ ᠨᠢᠭᠤᠷ ᠡᠰᠡ ᠵᠣᠪᠴᠢᠭᠰᠠᠨ ᠬᠠᠷᠠᠭᠰᠠᠨ ᠥᠰᠲᠦ ᠬᠦᠮᠦᠨ ᠯᠦᠭᠡ ᠥᠪᠡᠷᠡ ᠨᠢᠭᠤᠷ ᠡᠰᠡ ᠵᠣᠪᠴᠢᠭᠰᠠᠨ ᠤᠷᠪᠠᠭᠰᠠᠨ ᠭᠣᠤ᠎ᠠ ᠬᠥᠬᠡ ᠴᠣᠰ ᠬᠣᠶᠠᠷ ᠠᠴᠠ ᠡᠶ᠎ᠡ ᠥᠭᠡᠬᠦ ᠪᠦᠦ ᠦᠶᠢᠯᠡᠳᠦᠳᠬᠦᠨ ᠬᠡᠮᠡᠨ ᠵᠠᠷᠯᠢᠭ ᠪᠣᠯᠪᠠ ᠬᠥᠪᠡᠭᠦᠳ ᠦᠨ ᠮᠢᠨᠤ ᠠᠬ᠎ᠠ ᠵᠣᠴᠢ ᠪᠤᠢ ᠵ᠎ᠠ ᠭᠣᠤ᠎ᠠ ᠭᠡᠨᠢᠭᠡᠨ ᠢᠶᠡᠨ ᠲᠡᠷᠢᠭᠦᠯᠡᠵᠦ ᠵᠣᠴᠢ ᠶᠢᠨ ᠳᠣᠣᠷ᠎ᠠ ᠲᠦᠮᠡᠨ ᠦ ᠨᠣᠶᠠᠨ ᠪᠣᠯᠲᠤᠭᠠᠢ ᠬᠡᠮᠡᠨ ᠵᠠᠷᠯᠢᠭ ᠪᠣᠯᠪᠠ ᠭᠣᠤ᠎ᠠ ᠬᠥᠬᠡ ᠴᠣᠰ ᠳᠡᠬᠶᠢ ᠦᠰᠦᠨ ᠡᠪᠦᠭᠡᠨ ᠡᠳᠡ ᠳᠥᠷᠪᠡᠨ ᠦᠵᠡᠭᠰᠡᠨ ᠢᠶᠡᠨ ᠦᠯᠦ ᠨᠢᠭᠤᠨ ᠰᠣᠨᠣᠰᠤᠭᠰᠠᠨ ᠢᠶᠠᠨ ᠦᠯᠦ ᠬᠠᠪᠴᠢᠬᠤᠨ ᠲᠡᠳᠡ ᠪᠤᠢ ᠵ᠎ᠠ ᠪᠠᠰᠠ ᠵᠡᠯᠮ ᠡ ᠲᠡ ᠥᠭᠦᠯᠡᠷ ᠦᠨ ᠵᠠᠷᠴᠢᠭᠤᠳᠠᠢ ᠡᠪᠦᠭᠡᠨ ᠬᠥᠭᠥᠷᠭᠡ ᠪᠡᠨ ᠦᠭᠦᠷᠴᠦ ᠵᠡᠯᠮ᠎ᠡ ᠨᠡᠷᠡᠲᠡᠢ ᠥᠯᠥᠭᠡᠢ ᠲᠡᠢ ᠡᠨᠡ ᠪᠤᠷᠬᠠᠨ ᠬᠠᠯᠳᠤᠨ ᠠ ᠠᠴᠠ ᠪᠠᠭᠤᠵᠤ ᠢᠷᠡᠵᠦ ᠣᠨᠠᠨ ᠤ ᠳᠡᠯᠢᠭᠦᠨ ᠪᠣᠯᠳᠠᠭ᠎ᠠ
qaγalju ülekü (ilγaju medekü) aqu kemen , soyorqaju jarliγ bolba Bidügün=i mujiraγad , Tulai=yi maγulaju yabuju mingγan=i nimada (nadur) ese ögbe či nimada jöb bui j=a čimaluγ=a mingγalaju eyedeldüjü yabuγdaqu kemebe basa mön qoyina Bidügün=i nuγud=da basa Činggis-qaγan Degedei-Γou=a=da ögüler=ün ta Boγorči Muqalai terigüten noyad=ta Tödei Doγolqu=tan , čerbin , ene qara šöni görgögentü čino=a gegegen edür qara keriy=e bolju negüküi=tür ese negügsen nökčiküi=tür ese nökčigsen bulq=a kümün=lüge büsi (busud=un) niγur ese jobčiγsan (qaraγsan) östü kümün=lüge öbere niγur ese jobčiγsan (urbaγsan) Γou=a , Köke-Čos qoyar=ača ey=e ögekü büü üyiledüdkün kemen jarliγ bolba köbegüd=ün minu aq=a Joči bui j=a Γou=a Genigen=iyen terigülejü Joči=yin door=a tümen=ü noyan boltuγai kemen jarliγ bolba Γou=a , Köke-Čos , Dekyi , Üsün ebügen , ede dörben üjegsen=iyen ülü niγun sonosuγsan=iyan ülü qabčiqun tede bui j=a basa Jelm=e=te ögüler=ün Jarčiγudai ebügen kögörge=ben ügürčü Jelm=e neretei ölögei=tei ene Burqan-Qaldun=a=ača baγuju irejü Onan=u Deligün-boldaγ=a
67a
ᠨᠠᠮᠠᠶᠢ ᠶᠢ ᠲᠥᠷᠥᠬᠦᠢ ᠲᠦᠷ ᠪᠤᠯᠭᠠᠨ ᠥᠯᠥᠭᠡᠢ ᠥᠭᠴᠦ ᠪᠥᠯᠦᠭᠡ ᠲᠡᠷᠡ ᠨᠥᠬᠥᠴᠡᠭᠰᠡᠨ ᠪᠡᠷ ᠪᠣᠰᠣᠭ ᠠ ᠶᠢᠨ ᠪᠣᠭᠣᠯ ᠡᠭᠦᠳᠡᠨ ᠦ ᠡᠮᠴᠦ ᠵᠠᠷᠤᠴᠠ ᠪᠣᠯᠪᠠᠢ ᠵ᠎ᠠ ᠵᠡᠯᠮ ᠡ ᠶᠢᠨ ᠲᠤᠰᠠ ᠣᠯᠠᠨ ᠪᠤᠢ ᠵ᠎ᠠ ᠲᠥᠷᠥᠬᠦᠢ ᠯᠦᠭᠡ ᠲᠥᠷᠥᠯᠳᠦᠭᠰᠡᠨ ᠥᠰᠬᠦᠢ ᠯᠦᠭᠡ ᠥᠰᠥᠯᠴᠡᠭᠰᠡᠨ ᠪᠤᠯᠭᠠᠨ ᠥᠯᠥᠭᠡᠢ ᠢᠵᠠᠭᠤᠷ ᠲᠤ ᠥᠯᠵᠡᠢ ᠲᠦ ᠬᠤᠲᠤᠭ ᠲᠤ ᠵᠡᠯᠮ᠎ᠡ ᠶᠢᠰᠦᠨ ᠡᠨᠳᠡᠯ ᠲᠦᠷ ᠠᠯᠳᠠᠪᠠᠰᠤ ᠡᠷᠡᠭᠦ ᠲᠦᠷ ᠪᠦᠦ ᠣᠷᠣᠲᠤᠭᠠᠢ ᠬᠡᠮᠡᠨ ᠵᠠᠷᠯᠢᠭ ᠪᠣᠯᠪᠠ ᠲᠣᠯᠤᠢ᠎ᠠ ᠥᠭᠦᠯᠡᠷᠦᠨ ᠡᠴᠢᠭᠡ ᠡᠴᠡ ᠬᠥᠪᠡᠭᠦᠳ ᠥᠪᠡᠷᠡ ᠮᠢᠩᠭᠠᠨ ᠪᠠᠷ ᠮᠡᠳᠡᠬᠦ ᠪᠥᠯᠦᠭᠡ ᠴᠢ ᠤᠯᠤᠰ ᠬᠤᠷᠢᠶᠠᠲᠠᠯᠠ ᠡᠴᠢᠭᠡ ᠲᠡᠴᠡ ᠥᠪᠡᠷᠡ ᠵᠢᠭᠦᠷ ᠪᠣᠯᠤᠨ ᠵᠥᠭᠡᠯᠳᠦᠵᠦ ᠤᠯᠤᠰ ᠬᠤᠷᠢᠶᠠᠯᠳᠤᠭᠰᠠᠨ ᠤ ᠲᠤᠯᠠ ᠴᠡᠷᠪᠢ ᠨᠡᠷ᠎ᠡ ᠡᠵᠡᠨ ᠨᠣᠶᠠᠨ ᠥᠭᠪᠡᠢ ᠵ᠎ᠠ ᠡᠳᠦᠭᠡ ᠥᠪᠡᠷᠦᠨ ᠣᠯᠤᠭᠰᠠᠨ ᠵᠥᠭᠡᠭᠰᠡᠨ ᠢᠶᠡᠷ ᠢᠶᠡᠨ ᠥᠪᠡᠷᠡ ᠮᠢᠩᠭᠠᠨ ᠪᠣᠯᠵᠤ ᠲᠣᠷᠭᠤᠳ ᠲᠤᠷ ᠡᠶᠡᠳᠡᠯᠳᠦᠵᠦ ᠦᠯᠡᠬᠦ ᠮᠡᠳᠡᠬᠦ ᠠᠬᠤ ᠴᠢ ᠬᠡᠮᠡᠨ ᠵᠠᠷᠯᠢᠭ ᠪᠣᠯᠪᠠ ᠪᠠᠰᠠ ᠥᠭᠭᠥᠷ ᠪᠠᠭᠤᠷᠴᠢ ᠲᠤᠷ ᠵᠠᠷᠯᠢᠭ ᠪᠣᠯᠤᠷᠤᠨ ᠭᠤᠷᠪᠠᠨ ᠲᠣᠬᠣᠷᠠᠭᠤᠳ ᠲᠠᠪᠤᠨ ᠳᠠᠷᠬᠤᠳ ᠮᠡᠩᠭᠡ ᠲᠦ ᠬᠢᠶ ᠠ ᠤ ᠬᠥᠪᠡᠭᠦᠨ ᠴᠢ ᠥᠩᠭᠥᠷ ᠴᠠᠩᠰᠢᠭᠤᠳ ᠪᠠᠶᠠᠭᠤᠳ ᠢᠶᠠᠷ ᠠᠲᠤᠭᠠᠢ ᠨᠢᠭᠡᠨ ᠬᠦᠷᠢᠶ᠎ᠡ ᠪᠣᠯᠵᠤ ᠴᠢ ᠥᠩᠭᠥᠷ ᠪᠤᠳᠠᠩ ᠲᠤᠷ ᠡᠰᠡ ᠲᠥᠭᠡᠷᠦᠪᠡᠢ ᠵ᠎ᠠ ᠴᠢ ᠪᠤᠯᠬ ᠠ ᠲᠤᠷ ᠡᠰᠡ ᠬᠠᠭᠠᠴᠠᠪᠠᠢ ᠵ᠎ᠠ ᠴᠢ ᠨᠣᠶᠢᠲᠠᠨ᠎ᠠ ᠨᠣᠪᠰᠢᠯᠳᠤᠵᠤ ᠬᠦᠶᠢᠲᠡᠨ᠎ᠡ ᠬᠥᠪᠰᠢᠯᠳᠦᠵᠦ ᠶᠠᠪᠤᠪᠠᠢ ᠵ᠎ᠠ ᠴᠢ ᠡᠳᠦᠭᠡ ᠶᠠᠮᠪᠠᠷ ᠰᠣᠶᠣᠷᠬᠠᠯ ᠠᠪᠬᠤ ᠬᠡᠮᠡᠪᠡᠰᠦ ᠥᠩᠭᠥᠷ ᠥᠭᠦᠯᠡᠷ ᠦᠨ ᠰᠣᠶᠣᠷᠬᠠᠯ ᠰᠣᠩᠭᠣᠭᠤᠯᠪᠠᠰᠤ ᠪᠠᠶᠠᠭᠤᠳ ᠠᠬ᠎ᠠ
namayi=yi töröküi=tür bulγan ölögei ögčü bölüge tere nököčegsen=ber bosoγ=a=yin boγol egüden=ü emčü (jaruča) bolbai j=a Jelm=e=yin tusa olan bui j=a töröküi=lüge töröldügsen ösküi=lüge ösölčegsen bulγan ölögei ijaγur=tu öljei=tü qutuγ=tu Jelm=e yisün endel=tür aldabasu eregü=tür büü orotuγai kemen jarliγ bolba Tolui=a ögülerün ečige=eče köbegüd öbere mingγan=bar medekü bölüge či ulus quriyatala ečige=teče öbere jigür bolun jögeldüjü ulus quriyalduγsan=u tula čerbi ner=e (ejen noyan) ögbei j=a edüge öberün oluγsan jögegsen=iyer=iyen öbere mingγan bolju Torγud=tur eyedeldüjü ülekü (medekü) aqu či kemen jarliγ bolba basa Öggör baγurči=tur jarliγ bolurun γurban Toqoraγud tabun Darqud Mengge=tü-kiy=a=u köbegün či Önggör Čangsiγud Bayaγud=iyar atuγai nigen küriy=e bolju či Önggör budang=tur ese tögerübei j=a či bulq=a=tur ese qaγačabai j=a či noyitan=a nobsilduju küyiten=e köbsildüjü yabubai j=a či edüge yambar soyorqal abqu kemebesü Önggör ögüler=ün soyorqal songγoγulbasu Bayaγud aq=a
67b
ᠳᠡᠭᠦᠦ ᠮᠢᠨᠤ ᠬᠠᠷᠢ ᠲᠤᠲᠤᠮ ᠲᠤᠷ ᠪᠤᠷᠠ ᠲᠠᠷᠠ ᠪᠤᠢ ᠰᠣᠶᠣᠷᠬᠠᠪᠠᠰᠤ ᠪᠠᠶᠠᠭᠤᠳ ᠶᠦᠭᠡᠨ ᠴᠢᠭᠤᠯᠭᠠᠰᠤᠭᠠᠢ ᠬᠡᠮᠡᠪᠡᠰᠦ ᠵ᠎ᠠ ᠲᠡᠶᠢᠨ ᠪᠥᠭᠡᠰᠦ ᠠᠬ᠎ᠠ ᠳᠡᠭᠦᠦ ᠶᠦᠭᠡᠨ ᠴᠢᠭᠤᠯᠭᠠᠵᠤ ᠴᠢ ᠮᠡᠳᠡ ᠮᠢᠩᠭᠠᠨ ᠢ ᠮᠡᠳᠡ ᠬᠡᠮᠡᠪᠡ ᠪᠠᠰᠠ ᠵᠠᠷᠯᠢᠭ ᠪᠣᠯᠤᠷᠤᠨ ᠥᠩᠭᠥᠷ ᠪᠣᠷᠣᠬᠤᠯ ᠬᠣᠶᠠᠷ ᠪᠠᠭᠤᠷᠴᠢᠨ ᠪᠠᠷᠠᠭᠤᠨ ᠵᠡᠭᠦᠨ ᠡᠲᠡᠭᠡᠳ ᠦᠨ ᠬᠣᠶᠠᠷ ᠪᠠᠭᠤᠷᠴᠢᠨ ᠢᠳᠡᠭᠡᠨ ᠲᠦᠭᠡᠭᠡᠷ ᠦᠨ ᠪᠠᠷᠠᠭᠤᠨ ᠡᠲᠡᠭᠡᠳ ᠪᠠᠶᠢᠭᠰᠠᠳ ᠰᠠᠭᠤᠭᠰᠠᠳ᠎ᠠ ᠵᠡᠭᠦᠨ ᠡᠲᠡᠭᠡᠳ ᠵᠡᠷᠭᠡᠯᠡᠭᠰᠡᠨ ᠠᠭᠰᠠᠨ᠎ᠠ ᠦᠯᠦ ᠳᠤᠲᠠᠭᠤᠯ ᠤᠨ ᠲᠠ ᠬᠣᠶᠠᠷ ᠢ ᠲᠡᠶᠢᠨ ᠲᠦᠭᠡᠭᠡᠪᠡᠰᠦ ᠮᠢᠨᠤ ᠬᠣᠭᠣᠯᠠᠢ ᠦᠯᠦ ᠬᠤᠴᠢᠨ ᠰᠡᠳᠬᠢᠯ ᠠᠮᠤᠶᠤ ᠡᠳᠦᠭᠡ ᠥᠩᠭᠥᠷ ᠪᠣᠷᠣᠬᠤᠯ ᠬᠣᠶᠠᠷ ᠮᠣᠷᠢᠯᠠᠵᠤ ᠶᠠᠪᠤᠵᠤ ᠣᠯᠠᠨ ᠬᠦᠮᠦᠨ᠎ᠡ ᠲᠦᠭᠡᠭᠳᠡᠬᠦᠨ ᠬᠡᠮᠡᠨ ᠵᠠᠷᠯᠢᠭ ᠪᠣᠯᠪᠠ ᠰᠠᠭᠤᠷᠢ ᠰᠠᠭᠤᠷ ᠤᠨ ᠶᠡᠬᠡ ᠲᠦᠰᠦᠷᠭᠡ ᠶᠢᠨ ᠪᠠᠷᠠᠭᠤᠨ ᠵᠡᠭᠦᠨ ᠡᠲᠡᠭᠡᠳ ᠢᠳᠡᠭᠡ ᠪᠢᠰᠢᠯᠭᠠᠨ ᠴᠢᠨᠠᠨ ᠰᠠᠭᠤᠳᠬᠤᠨ ᠲᠦᠯᠦᠢ ᠲᠡᠨ ᠯᠦᠭᠡ ᠲᠥᠪᠯᠡᠨ ᠰᠠᠭᠤᠲᠤᠭᠠᠢ ᠬᠡᠮᠡᠨ ᠰᠠᠭᠤᠷᠢᠨ ᠵᠢᠭᠠᠵᠤ ᠥᠭᠪᠡ ᠪᠣᠷᠣᠬᠤᠯ᠎ᠠ ᠥᠭᠦᠯᠡᠷᠦᠨ ᠡᠬᠡ ᠮᠢᠨᠤ ᠰᠢᠬᠢ ᠬᠤᠲᠤᠭ ᠪᠣᠷᠣᠬᠤᠯ ᠬᠦᠴᠦ ᠬᠥᠬᠡᠴᠦ ᠲᠠ ᠳᠥᠷᠪᠡᠨ ᠢ ᠢᠷᠭᠡᠨ ᠦ ᠨᠤᠲᠤᠭ ᠠᠴᠠ ᠬᠥᠰᠡᠷ ᠡᠴᠡ ᠣᠯᠵᠤ ᠬᠥᠯ ᠲᠦᠷ ᠢᠶᠡᠨ ᠲᠥᠷᠥᠵᠦ ᠬᠥᠪᠡᠭᠦᠨᠴᠢᠯᠡᠨ ᠠᠰᠠᠷᠠᠵᠤ ᠲᠡᠵᠢᠶᠡᠷ ᠦᠨ ᠬᠦᠵᠦᠭᠦᠨ ᠡᠴᠡ ᠲᠠᠨ ᠤ ᠲᠠᠲᠠᠵᠤ ᠬᠦᠮᠦᠨ ᠯᠦᠭᠡ ᠰᠠᠴᠠᠭᠤ ᠪᠣᠯᠭᠠᠵᠤ ᠡᠭᠡᠮ ᠡᠴᠡ ᠲᠠᠨ ᠤ ᠲᠠᠲᠠᠵᠤ ᠡᠷᠡ ᠯᠦᠭᠡ ᠰᠠᠴᠠᠭᠤ ᠪᠣᠯᠭᠠᠵᠤ ᠬᠥᠪᠡᠭᠦᠨ ᠳᠡᠭᠡᠨ ᠨᠠᠳᠤᠷ ᠨᠥᠬᠥᠷ ᠪᠣᠯᠭᠠᠰᠤ ᠬᠡᠮᠡᠨ ᠲᠡᠵᠢᠭᠡᠪᠡᠢ ᠵ᠎ᠠ ᠲᠡᠵᠢᠶᠡᠭᠰᠡᠨ ᠠᠴᠢ
degüü minu qari tutum=tur bura tara bui soyorqabasu Bayaγud=yügen čiγulγasuγai kemebesü j=a teyin bögesü aq=a degüü=yügen čiγulγaju či mede mingγan=i (mede) kemebe basa jarliγ bolurun Önggör Boroqul qoyar baγurčin baraγun jegün eteged=ün qoyar baγurčin idegen tügeger=ün baraγun eteged bayiγsad saγuγsad=a jegün eteged jergelegsen aγsan=a ülü dutaγul=un ta qoyar=i teyin tügegebesü minu qoγolai ülü qučin sedkil amuyu edüge Önggör Boroqul qoyar morilaju yabuju olan kümün=e tügegdekün kemen jarliγ bolba saγuri saγur=un yeke tüsürge=yin baraγun jegün eteged idege bisilγan (činan) saγudqun Tülüi=ten=lüge töblen saγutuγai kemen saγurin jiγaju ögbe Boroqul=a ögülerün eke minu Siki-Qutuγ Boroqul , Küčü , Kökečü , ta dörben=i irgen=ü nutuγ=ača köser=eče olju köl=tür=iyen töröjü köbegünčilen asaraju tejiyer=ün küjügün=eče tan=u tataju kümün=lüge sačaγu bolγaju egem=eče tan=u tataju ere=lüge sačaγu bolγaju köbegün=degen nadur nökör bolγasu kemen tejigebei j=a tejiyegsen ači
68a
ᠡᠬᠡ ᠲᠡ ᠪᠠ ᠨᠠᠳᠤᠷ ᠲᠤᠰᠠ ᠬᠠᠷᠢᠭᠤᠯᠪᠠᠢ ᠲᠠ ᠬᠠᠳᠬᠤᠯᠳᠤᠬᠤᠢ ᠳᠠᠶᠢᠰᠤᠨ ᠲᠤᠷ ᠬᠣᠭᠣᠰᠤᠨ ᠡᠰᠡ ᠬᠣᠨᠣᠭᠤᠯᠪᠠᠢ ᠰᠢᠳᠦᠯᠳᠦᠵᠦ ᠪᠦᠬᠦᠢ ᠳᠠᠶᠢᠰᠤᠨ ᠲᠤᠷ ᠰᠢᠯᠦᠨ ᠦᠭᠡᠢ ᠡᠰᠡ ᠬᠣᠨᠣᠭᠤᠯᠪᠠᠢ ᠵ᠎ᠠ ᠴᠢ ᠪᠠᠰᠠ ᠡᠪᠦᠭᠡᠰ ᠡᠴᠢᠭᠡᠰ ᠢ ᠪᠠᠷᠠᠭᠰᠠᠨ ᠥᠰᠲᠦ ᠬᠢᠰ ᠲᠤ ᠲᠠᠲᠠᠷ ᠢᠷᠭᠡᠨ ᠢ ᠳᠣᠷᠣᠶᠢᠲᠠᠭᠤᠯᠵᠤ ᠥᠰᠢᠯ ᠥᠰᠢᠨ ᠬᠢᠰᠢᠯ ᠬᠢᠰᠠᠨ ᠲᠠᠲᠠᠷ ᠢᠷᠭᠡᠨ ᠢ ᠴᠢᠭᠦᠨ ᠲᠦᠷ ᠦᠯᠢᠵᠦ ᠦᠯᠢᠳᠬᠦᠨ ᠬᠢᠳᠦᠬᠦᠢ ᠲᠦᠷ ᠬᠢᠳᠤᠬᠤᠢ ᠲᠤᠷ ᠠᠯᠠᠭᠳᠠᠷ ᠤᠨ ᠲᠠᠲᠠᠷ ᠤᠨ ᠬᠠᠷᠭᠢᠯ ᠰᠢᠷᠠ ᠣᠭᠣᠷᠴᠤᠭ ᠪᠣᠯᠤᠨ ᠭᠠᠷᠴᠤ ᠵᠢᠴᠢ ᠶᠠᠳᠠᠵᠤ ᠥᠯᠥᠰᠴᠦ ᠣᠷᠣᠵᠤ ᠢᠷᠡᠵᠦ ᠡᠬᠡ ᠲᠦᠷ ᠭᠡᠷ ᠲᠡ ᠰᠠᠶᠢ ᠡᠷᠢᠭᠦᠯᠰᠦᠨ ᠡᠷᠢᠭᠦᠯ ᠦᠨ ᠪᠤᠶᠤ ᠪᠢ ᠬᠡᠮᠡᠪᠡ ᠰᠠᠶᠢ ᠡᠷᠢᠭᠦᠯᠰᠦᠨ ᠪᠥᠭᠡᠰᠦ ᠲᠡᠨᠳᠡ ᠰᠠᠭᠤ ᠬᠡᠮᠡᠭᠳᠡᠵᠦ ᠥᠷᠥᠨᠡ ᠴᠢ ᠢᠰᠡᠷᠢ ᠶᠢᠨ ᠦᠵᠦᠭᠦᠷ᠎ᠡ ᠰᠠᠭᠤᠵᠤ ᠪᠦᠬᠦᠢ ᠲᠦᠷ ᠲᠣᠯᠤᠢ ᠲᠠᠪᠤᠨ ᠨᠠᠰᠤᠲᠤ ᠭᠠᠳᠠᠨ ᠠ ᠠᠴᠠ ᠣᠷᠣᠵᠤ ᠢᠷᠡᠵᠦ ᠵᠢᠴᠢ ᠭᠦᠶᠢᠵᠦ ᠭᠠᠷᠴᠤ ᠣᠳᠤᠨ ᠪᠦᠬᠦᠢ ᠶᠢ ᠬᠠᠷᠭᠢᠯ ᠰᠢᠷᠠ ᠪᠣᠰᠣᠭᠠᠳ ᠬᠥᠪᠡᠭᠦᠬᠡᠨ ᠢ ᠰᠤᠭᠤ ᠲᠤᠷ ᠢᠶᠠᠨ ᠬᠠᠪᠴᠢᠵᠤ ᠭᠠᠷᠴᠤ ᠶᠠᠪᠤᠵᠤ ᠠᠶᠢᠰᠤᠷ ᠤᠨ ᠢᠷᠡᠨ ᠬᠢᠲᠤᠭ ᠠ ᠪᠠᠨ ᠲᠡᠮᠲᠦᠯᠵᠦ ᠵᠤᠭᠤᠯᠤᠨ ᠰᠤᠭᠤᠯᠠᠨ ᠶᠠᠪᠤᠬᠤᠢ ᠲᠤᠷ ᠪᠣᠷᠣᠬᠤᠯ ᠤᠨ ᠭᠡᠷᠭᠡᠢ ᠢᠯᠲᠠᠢ ᠡᠬᠡ ᠭᠡᠷ ᠦᠨ ᠳᠣᠲᠣᠷᠠ ᠪᠥᠯᠦᠭᠡ ᠡᠬᠡ ᠬᠠᠶᠢᠯᠠᠵᠤ ᠬᠥᠪᠡᠭᠦᠨ ᠪᠠᠷᠢᠪᠠ ᠬᠡᠮᠡᠬᠦᠢ ᠯᠦᠭᠡ ᠢᠯᠲᠠᠢ ᠡᠬᠡ ᠭᠡᠷ ᠲᠡᠴᠡ ᠤᠳᠠᠭᠠ ᠷᠠᠯᠳᠤᠨ ᠳᠠᠷᠤ ᠳᠠᠭᠠᠨ ᠭᠦᠶᠢᠵᠦ ᠭᠠᠷᠤᠯᠴᠠᠵᠤ ᠬᠠᠷᠭᠢᠯ ᠰᠢᠷᠠ ᠬᠣᠶᠢᠨᠠ ᠠᠴᠠ ᠭᠦᠶᠢᠴᠡᠵᠦ ᠰᠢᠪᠡᠯᠭᠡᠷ ᠢᠨᠤ ᠪᠠᠷᠢᠵᠤ ᠨᠥᠭᠥᠭᠡ ᠭᠠᠷ ᠢᠶᠠᠷ ᠢᠶᠠᠨ ᠭᠢᠲᠤᠭ᠎ᠠ ᠬᠢᠲᠤᠭ᠎ᠠ
eke=te ba nadur tusa qariγulbai ta qadqulduqui dayisun=tur qoγosun ese qonoγulbai sidüldüjü büküi dayisun=tur silün ügei ese qonoγulbai j=a či basa ebüges ečiges=i baraγsan östü kis=tu Tatar irgen=i doroyitaγulju ösil ösin kisil kisa<n> Tatar irgen=i čigün=tür ülijü ülidkün kidüküi=tür <kiduqui=tur> alaγdar=un Tatar=un Qargil-Sira oγorčuγ bolun γarču jiči yadaju ölösčü oroju irejü eke=tür ger=te sayi erigülsün (erigül=ün) buyu bi kemebe sayi erigülsün bögesü tende saγu kemegdejü öröne či iseri=yin üjügür=e saγuju büküi=tür Tolui tabun nasutu γadan=a=ača oroju irejü jiči güyijü γarču odun büküi=yi Qargil Sira bosoγad köbegüken=i suγu=tur=iyan qabčiju γarču yabuju ayisur=un (iren) kituγ=a=ban temtüljü juγulun <suγulan> yabuqui=tur Boroqul=un gergei Iltai eke ger=ün dotora bölüge eke qayilaju köbegün bariba kemeküi=lüge Iltai eke ger=teče udaγa=raldun (daru=daγan) güyijü γarulčaju Qargil-Sira qoyina=ača güyičejü sibelger inu bariju nögöge γar=iyar=iyan γituγ=a <kituγ=a>
68b
ᠵᠤᠭᠤᠯᠤᠨ ᠪᠦᠬᠦᠢ ᠲᠦᠷ ᠭᠠᠷ ᠢ ᠢᠨᠤ ᠪᠠᠷᠢᠵᠤ ᠲᠠᠲᠠᠬᠤᠢ ᠯᠤᠭ᠎ᠠ ᠭᠢᠲᠤᠭ ᠠ ᠪᠠᠨ ᠠᠯᠳᠠᠵᠢᠬᠤ ᠭᠡᠷ ᠦᠨ ᠤᠮᠠᠷᠠ ᠵᠡᠳᠡᠢ ᠵᠡᠯᠮ᠎ᠡ ᠬᠣᠶᠠᠷ ᠮᠤᠭᠤᠯᠵᠢᠷ ᠬᠠᠷᠠ ᠦᠬᠡᠷ ᠵᠢᠮᠠᠯᠠᠨ ᠠᠯᠠᠵᠤ ᠪᠦᠬᠦᠢ ᠲᠦᠷ ᠢᠯᠲᠠᠢ ᠶᠢᠨ ᠳᠠᠭᠤᠨ ᠲᠤᠷ ᠵᠡᠳᠡᠢ ᠵᠡᠯᠮ᠎ᠡ ᠬᠣᠶᠠᠷ ᠰᠦᠬᠡ ᠭᠢᠲᠤᠭ᠎ᠠ ᠪᠠᠷᠢᠵᠤ ᠨᠤᠳᠤᠷᠠᠭ ᠢᠶᠠᠨ ᠤᠯᠠᠭᠳᠠᠵᠤ ᠭᠦᠶᠢᠵᠦ ᠢᠷᠡᠵᠦ ᠲᠠᠲᠠᠷ ᠤᠨ ᠬᠠᠷᠭᠢᠯ ᠰᠢᠷᠠ ᠶᠢ ᠰᠦᠬᠡ ᠭᠢᠲᠤᠭ ᠠ ᠪᠠᠷ ᠮᠥᠨ ᠲᠡᠳᠡ ᠠᠯᠠᠵᠤᠬᠤ ᠢᠯᠲᠠᠢ ᠵᠡᠳᠡᠢ ᠵᠡᠯᠮ᠎ᠡ ᠭᠤᠷᠪᠠᠨ ᠬᠥᠪᠡᠭᠦᠬᠡᠨ ᠢ ᠠᠮᠢᠨ ᠠᠪᠤᠷᠠᠭᠰᠠᠨ ᠵᠢᠯᠲᠦ ᠵᠥᠪ ᠢᠶᠡᠨ ᠵᠡᠷᠭᠡᠴᠡᠨ ᠲᠡᠮᠡᠴᠡᠯᠳᠦᠪᠡᠰᠦ ᠵᠡᠳᠡᠢ ᠵᠡᠯᠮ᠎ᠡ ᠬᠣᠶᠠᠷ ᠥᠭᠦᠯᠡᠷᠦᠨ ᠮᠠᠨ ᠢ ᠦᠭᠡᠢ ᠪᠥᠭᠡᠰᠦ ᠥᠳᠲᠡᠷ ᠭᠦᠶᠢᠴᠡᠵᠦ ᠡᠰᠡ ᠠᠯᠠᠪᠠᠰᠤ ᠢᠯᠲᠠᠢ ᠡᠮ᠎ᠡ ᠬᠦᠮᠦᠨ ᠶᠠᠭᠠᠬᠢᠬᠤ ᠪᠥᠯᠦᠭᠡ ᠬᠥᠪᠡᠭᠦᠬᠡᠨ ᠢ ᠠᠮᠢᠨ ᠳᠤᠷ ᠬᠣᠣᠷ ᠦᠯᠡᠬᠦ ᠦᠯᠦ ᠬᠦᠷᠬᠦ ᠬᠦᠷᠭᠡᠬᠦ ᠪᠥᠯᠦᠭᠡᠢ ᠦᠦ ᠵᠢᠯ ᠲᠦ ᠵᠥᠪ ᠮᠠᠨᠤᠬᠠᠢ ᠪᠤᠢ ᠵ᠎ᠠ ᠬᠡᠮᠡᠪᠡ ᠢᠯᠲᠠᠢ ᠥᠭᠦᠯᠡᠷᠦᠨ ᠮᠢᠨᠤ ᠳᠠᠭᠤᠨ ᠡᠰᠡ ᠰᠣᠨᠣᠰᠪᠠᠰᠤ ᠲᠠ ᠬᠡᠷ ᠦᠵᠡᠬᠦᠨ ᠪᠥᠯᠦᠭᠡ ᠨᠠᠮᠠᠶᠢ ᠭᠦᠶᠢᠴᠡᠵᠦ ᠰᠢᠪᠡᠯᠭᠡᠷ ᠢᠨᠤ ᠪᠠᠷᠢᠵᠤ ᠭᠢᠲᠤᠭ᠎ᠠ ᠵᠤᠭᠤᠯᠤᠭᠰᠠᠨ ᠭᠠᠷ ᠢᠨᠤ ᠲᠠᠲᠠᠵᠤ ᠭᠢᠲᠤᠭ᠎ᠠ ᠡᠰᠡ ᠠᠯᠳᠠᠭᠰᠠᠨ ᠪᠥᠭᠡᠰᠦ ᠵᠡᠳᠡᠢ ᠵᠡᠯᠮ᠎ᠡ ᠬᠣᠶᠠᠷ ᠢ ᠬᠦᠷᠴᠦ ᠢᠷᠡᠲᠡᠯᠡ ᠬᠥᠪᠡᠭᠦᠬᠡᠨ ᠦ ᠠᠮᠢᠨ ᠲᠤᠷ ᠬᠣᠣᠷ ᠦᠯᠡᠬᠦ ᠬᠦᠷᠭᠡᠬᠦ ᠪᠥᠯᠦᠭᠡᠢ ᠦᠦ ᠬᠡᠮᠡᠪᠡᠢ ᠥᠭᠦᠯᠡᠨ ᠪᠠᠷᠠᠪᠠᠰᠤ ᠵᠢᠯ ᠲᠦ ᠢᠯᠲᠠᠢ ᠶᠢᠨ ᠪᠣᠯᠪᠠᠢ ᠪᠣᠷᠣᠬᠤᠯ ᠤᠨ ᠭᠡᠷᠭᠡᠢ ᠪᠣᠷᠣᠬᠤᠯ ᠲᠤᠷ ᠨᠥᠭᠥᠭᠡ ᠵᠢᠭᠦᠷ ᠪᠣᠯᠤᠨ ᠲᠣᠯᠤᠢ ᠶᠢᠨ ᠠᠮᠢᠨ ᠲᠤᠷ ᠲᠤᠰᠠ ᠪᠣᠯᠪᠠ ᠪᠠᠰᠠ ᠪᠣᠷᠣᠬᠤᠯ ᠬᠡᠷᠡᠶᠢᠳ ᠯᠦᠭᠡ ᠬᠠᠯᠠᠭᠠᠯᠵᠢᠳ ᠠᠯᠤᠰ ᠬᠠᠳᠬᠤᠯᠳᠤᠬᠤᠢ ᠲᠤᠷ ᠥᠭᠡᠳᠡᠢ ᠬᠣᠶᠢᠰᠢᠪᠠᠨ ᠰᠤᠮᠤᠨ᠎ᠠ
juγulun büküi=tür γar=i inu bariju tataqui=luγ=a γituγ=a=ban aldajiqu ger=ün umara Jedei Jelm=e qoyar muγuljir qara üker jimalan alaju büküi=tür Iltai=yin daγun=tur Jedei , Jelm=e qoyar süke γituγ=a bariju nuduraγ=iyan ulaγdaju güyijü irejü Tatar=un Qargil-Sira=yi süke γituγ=a=bar mön tede alajuqu Iltai , Jedei , Jelm=e γurban , köbegüken=i amin aburaγsan jiltü (jöb=iyen jergečen) temečeldübesü Jedei Jelm=e qoyar ögülerün man=i ügei bögesü ödter güyičejü ese alabasu Iltai em=e kümün (yaγakiqu) bölüge köbegüken=i amin=dur qoor ülekü (ülü) kürkü (kürgekü) bölügei üü jil=tü (jöb) manuqai bui j=a kemebe Iltai ögülerün minu daγun ese sonosbasu ta ker üjekün bölüge namayi güyičejü sibelger inu bariju γituγ=a juγuluγsan γar inu tataju γituγ=a ese aldaγsan bögesü Jedei Jelm=e qoyar=i kürčü iretele köbegüken=ü amin=tur qoor ülekü kürgekü bölügei üü kemebei ögülen barabasu jil=tü Iltai=yin bolbai Boroqul=un gergei Boroqul=tur nögöge jigür bolun Tolui=yin amin=tur tusa bolba basa Boroqul Kereyid=lüge Qalaγaljid-Alus qadqulduqui=tur Ögedei qoyisiban sumun=a
69a
ᠲᠤᠰᠳᠠᠵᠤ ᠤᠨᠠᠪᠠᠰᠤ ᠪᠣᠷᠣᠬᠤᠯ ᠳᠡᠭᠡᠷᠡ ᠪᠠᠭᠤᠯᠳᠠᠵᠤ ᠪᠠᠭᠤᠨ ᠠᠬᠤᠰᠠᠨ ᠴᠢᠰᠤᠨ ᠢᠨᠤ ᠠᠮᠠᠭᠠᠷ ᠢᠶᠠᠨ ᠰᠢᠮᠢᠵᠦ ᠱᠥᠨᠢ ᠬᠠᠭᠠᠴᠢᠯᠳᠤᠵᠤ ᠮᠠᠨᠠᠭᠠᠷᠰᠢ ᠮᠣᠷᠢᠨ ᠲᠤᠷ ᠤᠨᠤᠭᠤᠯᠵᠤ ᠰᠠᠭᠤᠨ ᠶᠠᠳᠠᠬᠤ ᠶᠢ ᠰᠤᠨᠳᠠᠯᠠᠵᠤ ᠥᠭᠡᠳᠡᠢ ᠶᠢᠨ ᠬᠣᠶᠢᠨᠠ ᠠᠴᠠ ᠲᠡᠪᠡᠷᠢᠵᠦ ᠪᠥᠭᠯᠡᠭᠰᠡᠨ ᠴᠢᠰᠤᠨ ᠢ ᠢᠨᠤ ᠰᠢᠮᠢᠨ ᠰᠢᠮᠢᠨ ᠠᠮᠠᠨ ᠤ ᠵᠠᠪᠠᠵᠢᠨ ᠢᠶᠠᠷ ᠤᠯᠭᠠᠭᠳᠠᠵᠤ ᠥᠭᠡᠳᠡᠢ ᠶᠢᠨ ᠠᠮᠢᠨ ᠢ ᠡᠰᠡᠨ ᠬᠦᠷᠭᠡᠵᠦ ᠢᠷᠡᠵᠦ ᠪᠥᠯᠦᠭᠡ ᠡᠬᠡ ᠶᠢᠨ ᠮᠢᠨᠤ ᠵᠣᠪᠠᠭᠰᠠᠨ ᠠᠴᠢ ᠬᠣᠶᠠᠷ ᠬᠥᠪᠡᠭᠦᠳ ᠦᠨ ᠮᠢᠨᠤ ᠠᠮᠢᠨ ᠲᠤᠷ ᠲᠤᠰᠠ ᠪᠣᠯᠪᠠᠢ ᠵ᠎ᠠ ᠪᠣᠷᠣᠬᠤᠯ ᠨᠠᠳᠤᠷ ᠨᠥᠬᠥᠴᠡᠵᠦ ᠲᠠᠷᠪᠠᠭᠠᠨ ᠤᠷᠢᠬ ᠠ ᠲᠠᠨ ᠳᠠᠭᠤᠨ ᠲᠤᠷ ᠳᠡᠮ ᠡᠴᠡ ᠡᠰᠡ ᠬᠣᠵᠢᠳᠠᠪᠠᠢ ᠵ᠎ᠠ ᠪᠣᠷᠣᠬᠤᠯ ᠶᠢᠰᠦᠨ ᠡᠨᠳᠡᠯ ᠡᠨᠳᠡᠪᠡᠰᠦ ᠪᠦᠦ ᠠᠯᠳᠠᠲᠤᠭᠠᠢ ᠡᠷᠢᠭᠦ ᠲᠦᠷ ᠪᠦᠦ ᠣᠷᠣᠲᠤᠭᠠᠢ ᠬᠡᠮᠡᠨ ᠵᠠᠷᠯᠢᠭ ᠪᠣᠯᠪᠠ ᠪᠠᠰᠠ ᠥᠬᠢᠨ ᠤᠷᠤᠭ ᠲᠠᠭᠠᠨ ᠰᠣᠶᠣᠷᠬᠠᠯ ᠥᠭᠡᠬᠦᠶ᠎ᠡ ᠬᠡᠮᠡᠪᠡ ᠪᠠᠰᠠ ᠦᠰᠦᠨ ᠡᠪᠦᠭᠡᠨ᠎ᠡ ᠥᠭᠦᠯᠡᠷᠦᠨ ᠦᠰᠦᠨ ᠭᠣᠤ᠎ᠠ ᠬᠥᠬᠡ ᠴᠣᠰ ᠳᠡᠭᠡᠢ ᠡᠳᠡ ᠳᠥᠷᠪᠡᠨ ᠦᠵᠡᠭᠰᠡᠨ ᠰᠣᠨᠣᠰᠤᠭᠰᠠᠨ ᠢᠶᠠᠨ ᠦᠯᠦ ᠨᠢᠭᠤᠨ ᠦᠯᠦ ᠬᠠᠪᠴᠢᠨ ᠵᠢᠭᠠᠨ ᠠᠬᠤᠨ ᠪᠥᠯᠦᠭᠡ ᠮᠣᠩᠭᠣᠯ ᠤᠨ ᠲᠥᠷᠥ ᠨᠣᠶᠠᠨ ᠮᠥᠷ ᠪᠡᠬᠢ ᠪᠣᠯᠬᠤ ᠶᠣᠰᠤᠨ ᠠᠵᠤᠬᠤ ᠪᠠᠭᠠᠷᠢᠨ ᠠᠬ ᠠ ᠶᠢᠨ ᠤᠷᠤᠭ ᠪᠥᠯᠦᠭᠡ ᠪᠡᠬᠢ ᠮᠥᠷ ᠪᠢᠳᠠᠨ ᠤ ᠳᠣᠲᠣᠷᠠ ᠳᠡᠭᠡᠷᠡ ᠡᠴᠡ ᠪᠡᠬᠢ ᠮᠥᠷ ᠦᠰᠦᠨ ᠡᠪᠦᠭᠡᠨ ᠲᠦᠷ ᠪᠣᠯᠲᠤᠭᠠᠢ ᠪᠡᠬᠢ ᠡᠷᠭᠦᠷᠦᠨ ᠴᠠᠭᠠᠨ ᠠᠭᠲᠠ ᠤᠨᠤᠭᠤᠯᠵᠤ ᠴᠠᠭᠠᠨ ᠳᠡᠭᠡᠯ ᠡᠮᠦᠰᠭᠡᠵᠦ ᠰᠠᠭᠤᠷᠢᠨ ᠤ ᠳᠡᠭᠡᠷᠡ ᠰᠠᠭᠤᠯᠭᠠᠵᠤ ᠳᠡᠭᠡᠳᠦ ᠡᠨᠡ ᠰᠢᠷᠡᠨ ᠲᠦᠷ ᠰᠢᠲᠡᠵᠦ ᠲᠠᠬᠢᠨ ᠠᠲᠤᠭᠠᠢ ᠬᠡᠮᠡᠨ ᠵᠠᠷᠯᠢᠭ ᠪᠣᠯᠪᠠ ᠪᠠᠰᠠ ᠴᠢᠩᠭᠢᠰ ᠬᠠᠭᠠᠨ
tusdaju unabasu Boroqul degere baγuldaju (baγun) aqusan čisun inu amaγar=iyan simijü šöni qaγačilduju manaγarsi morin=tur unuγulju saγun yadaqu=yi sundalaju Ögedei=yin qoyina=ača teberijü böglegsen čisun=i inu simin simin aman=u jabajin=iyar ulγaγdaju Ögedei=yin amin=i esen kürgejü irejü bölüge eke=yin minu jobaγsan ači qoyar köbegüd=ün minu amin=tur tusa bolbai j=a Boroqul nadur nököčejü tarbaγan uriq=a=tan daγun=tur dem=eče ese qojidabai j=a Boroqul yisün endel endebesü büü aldatuγai (erigü=tür büü orotuγai) kemen jarliγ bolba basa ökin uruγ=taγan soyorqal ögeküy=e kemebe basa Üsün ebügen=e ögülerün Üsün-Γou=a , Köke-Čos , (Degei) ede dörben üjegsen sonosuγsan=iyan ülü niγun , ülü qabčin jiγan aqun bölüge Mongγol=un törö noyan mör beki bolqu yosun ajuqu Baγarin aq=a=yin uruγ bölüge beki mör bidan=u dotora degere=eče beki mör Üsün ebügen=tür boltuγai beki ergürün čaγan aγta unuγulju čaγan degel emüsgejü saγurin=u degere saγulγaju degedü ene siren=tür sitejü takin atuγai kemen jarliγ bolba basa Činggis-qaγan
69b
ᠬᠤᠶᠢᠯᠳᠠᠷ ᠠᠨᠳᠠ ᠬᠠᠳᠬᠤᠯᠳᠤᠬᠠᠨ ᠳᠤᠷ ᠠᠮᠢᠨ ᠢᠶᠠᠨ ᠦᠷᠡᠵᠦ ᠤᠷᠢᠳᠠ ᠠᠮᠠᠨ ᠨᠡᠭᠡᠭᠰᠡᠨ ᠲᠤᠰᠠ ᠢᠶᠠᠨ ᠲᠤᠯᠠ ᠤᠷᠤᠭ ᠤᠨ ᠤᠷᠤᠭ᠎ᠠ ᠢᠨᠤ ᠬᠦᠷᠲᠡᠯᠡ ᠥᠨᠡᠴᠢᠳ ᠦᠨ ᠠᠪᠯᠢᠭᠠᠯᠪᠠ᠎ᠠ ᠠᠪᠤᠨ ᠠᠲᠤᠭᠠᠢ ᠬᠡᠮᠡᠨ ᠰᠣᠶᠣᠷᠬᠠᠯ ᠵᠠᠷᠯᠢᠭ ᠪᠣᠯᠪᠠ ᠪᠠᠰᠠ ᠴᠠᠭᠠᠨ ᠭᠣᠤ ᠠ ᠶᠢᠨ ᠬᠥᠪᠡᠭᠦᠨ ᠨᠠᠷᠢᠨ ᠲᠣᠭᠣᠷᠢᠯ᠎ᠠ ᠵᠠᠷᠯᠢᠭ ᠪᠣᠯᠤᠷᠤᠨ ᠡᠴᠢᠭᠡ ᠴᠢᠨᠤ ᠴᠠᠭᠠᠨ ᠭᠣᠤ᠎ᠠ ᠮᠢᠨᠤ ᠡᠮᠦᠨ᠎ᠡ ᠬᠢᠴᠢᠭᠡᠵᠦ ᠬᠠᠳᠬᠤᠯᠳᠤᠬᠤ ᠪᠣᠯᠤᠨ ᠳᠠᠯᠠᠨ ᠪᠠᠯᠵᠤᠳ ᠲᠠ ᠬᠠᠳᠬᠤᠯᠳᠤᠬᠤᠢ ᠲᠤᠷ ᠵᠠᠮᠤᠬ ᠠ ᠳᠠ ᠠᠯᠠᠭᠳᠠᠯᠤᠭ᠎ᠠ ᠡᠳᠦᠭᠡ ᠲᠣᠭᠣᠷᠢᠯ ᠡᠴᠢᠭᠡ ᠶᠦᠭᠡᠨ ᠲᠤᠰᠠᠶᠢᠨ ᠲᠤᠯᠠ ᠥᠨᠡᠴᠢᠳ ᠦᠨ ᠠᠪᠯᠢᠭ᠎ᠠ ᠠᠪᠤᠨ ᠠᠲᠤᠭᠠᠢ ᠬᠡᠮᠡᠭᠳᠡᠵᠦ ᠲᠣᠭᠣᠷᠢᠯ ᠥᠭᠦᠯᠡᠷᠦᠨ ᠰᠣᠶᠣᠷᠬᠠᠪᠠᠰᠤ ᠡᠬᠦᠰ ᠠᠬ᠎ᠠ ᠳᠡᠭᠦᠦ ᠬᠠᠷᠢ ᠲᠤᠲᠤᠮ ᠪᠤᠷ᠎ᠠ ᠲᠠᠷᠠ ᠪᠤᠢ ᠡᠬᠦᠰ ᠠᠬ᠎ᠠ ᠳᠡᠭᠦᠦ ᠶᠦᠭᠡᠨ ᠴᠢᠭᠤᠯᠭᠠᠰᠤᠭᠠᠢ ᠬᠡᠮᠡᠪᠡᠰᠦ ᠵᠠᠷᠯᠢᠭ ᠪᠣᠯᠤᠷᠤᠨ ᠲᠡᠶᠢᠨ ᠪᠥᠭᠡᠰᠦ ᠡᠬᠦᠰ ᠠᠬ᠎ᠠ ᠳᠡᠭᠦᠦ ᠶᠦᠭᠡᠨ ᠴᠢᠭᠤᠯᠭᠠᠵᠤ ᠴᠢ ᠤᠷᠤᠭ ᠤᠨ ᠤᠷᠤᠭ ᠬᠦᠷᠲᠡᠯᠡ ᠮᠢᠩᠭᠠᠨ ᠢ ᠮᠡᠳᠡᠵᠦ ᠦᠯᠡᠬᠦ ᠡᠵᠡᠯᠡᠬᠦ ᠠᠬᠤ ᠬᠡᠮᠡᠨ ᠵᠠᠷᠯᠢᠭ ᠪᠣᠯᠪᠠ ᠪᠠᠰᠠ ᠲᠣᠷᠭᠠᠨ ᠰᠢᠷᠠ ᠲᠠ ᠵᠠᠷᠯᠢᠭ ᠪᠣᠯᠤᠷᠤᠨ ᠨᠠᠮᠠᠶᠢ ᠶᠢ ᠥᠴᠦᠬᠡᠨ ᠴᠠᠭ ᠲᠤᠷ ᠲᠠᠶᠢᠴᠢᠭᠤᠳ ᠤᠨ ᠲᠠᠷᠭᠤᠲᠠᠢ ᠬᠢᠷᠢᠯᠲᠤᠭ ᠠᠬ᠎ᠠ ᠳᠡᠭᠦᠦ ᠲᠡ ᠡᠭᠡᠷᠢᠭᠳᠡᠵᠦ ᠪᠠᠷᠢᠭᠳᠠᠪᠠᠰᠤ ᠲᠡᠨᠳᠡ ᠠᠬ᠎ᠠ ᠳᠡᠭᠦᠦ ᠲᠡᠭᠡᠨ ᠨᠠᠶᠢᠳᠠᠭᠳᠠᠮᠤ ᠢᠯᠠᠭᠳᠠᠮᠤ ᠬᠡᠮᠡᠨ ᠲᠣᠷᠭᠠᠨ ᠰᠢᠷᠠ ᠴᠢᠯᠠᠭᠤᠨ ᠴᠢᠮᠪᠠᠢ ᠬᠥᠪᠡᠭᠦᠳ ᠲᠦᠷᠢᠶᠡᠨ ᠬᠠᠳᠠᠭᠠᠨ ᠨᠡᠷᠡᠲᠡᠢ ᠥᠬᠢᠨ ᠲᠡᠭᠡᠨ ᠠᠰᠠᠷᠠᠭᠤᠯᠵᠤ ᠨᠢᠭᠤᠵᠤ ᠠᠵᠤ ᠨᠠᠮᠠᠶᠢ ᠶᠢ ᠲᠠᠯᠪᠢᠵᠤ ᠢᠯᠡᠭᠡᠪᠡᠢ ᠵ᠎ᠠ ᠲᠠ ᠲᠡᠷᠡ ᠲᠤᠰᠠᠶᠢᠨ ᠰᠠᠶᠢᠨ ᠢ
Quyildar anda qadqulduqan=dur amin=iyan ürejü urida aman negegsen tusa=iyan tula uruγ=un uruγ=a inu kürtele önečid=ün abliγ(alba)=a abun atuγai kemen soyorqal jarliγ bolba basa Čaγan-Γou=a=yin köbegün Narin-Toγoril=a jarliγ bolurun ečige činu Čaγan-Γou=a minu emün=e kičigejü qadqulduqu bolun Dalan-Baljud=ta qadqulduqui=tur Jamuq=a=da alaγdaluγ=a edüge Toγoril ečige=yügen tusayin tula önečid=ün abliγ=a abun atuγai kemegdejü Toγoril ögülerün soyorqabasu eküs aq=a degüü qari tutum bur=a tara bui eküs aq=a degüü=yügen čiγulγasuγai kemebesü jarliγ bolurun teyin bögesü eküs aq=a degüü=yügen čiγulγaju či uruγ=un uruγ kürtele mingγan=i medejü ülekü (ejelekü) aqu kemen jarliγ bolba basa Torγan-Sira=ta jarliγ bolurun namayi=yi öčüken čaγ=tur Tayičiγud=un Tarγutai-Kiriltuγ aq=a degüü=te egerigdejü bariγdabasu tende aq=a degüü=tegen nayidaγdamu (ilaγdamu) kemen Torγan-Sira Čilaγun Čimbai köbegüd=türiyen Qadaγan neretei ökin=tegen asaraγulju niγuju aju namayi=yi talbiju ilegebei j=a ta tere tusayin sayin=i
70a
ᠴᠢᠨ ᠤ ᠰᠡᠳᠬᠢᠵᠦ ᠬᠠᠷᠠ ᠱᠥᠨᠢ ᠵᠡᠭᠦᠳᠦᠨ ᠲᠦᠷ ᠭᠡᠭᠡᠨ ᠡᠳᠦᠷ ᠴᠡᠭᠡᠵᠢᠨ ᠳᠦᠷ ᠰᠡᠳᠬᠢᠵᠦ ᠶᠠᠪᠤᠪᠠᠢ ᠵ᠎ᠠ ᠪᠢᠳᠠᠨ ᠢ ᠡᠳᠦᠢ ᠲᠠᠶᠢᠴᠢᠭᠤᠳ ᠠᠴᠠ ᠤᠳᠠᠭᠠᠨ ᠢᠷᠡᠪᠡᠢ ᠵ᠎ᠠ ᠲᠠ ᠡᠳᠦᠭᠡ ᠪᠢ ᠲᠠᠨ ᠢ ᠰᠣᠶᠣᠷᠬᠠᠰᠤ ᠶᠠᠮᠪᠠᠷ ᠰᠣᠶᠣᠷᠬᠠᠯ ᠲᠠᠭᠠᠯᠠᠬᠤᠨ ᠲᠠ ᠬᠡᠮᠡᠪᠡ ᠲᠣᠷᠭᠠᠨ ᠰᠢᠷᠠ ᠴᠢᠯᠠᠭᠤᠨ ᠴᠢᠮᠪᠠᠢ ᠬᠥᠪᠡᠭᠦᠳ ᠢᠶᠡᠷ ᠢᠶᠡᠨ ᠪᠣᠯᠤᠨ ᠥᠭᠦᠯᠡᠷᠦᠨ ᠨᠤᠲᠤᠭ ᠳᠠᠷᠬᠠᠯᠠᠰᠤ ᠮᠡᠷᠭᠡᠳ ᠦᠨ ᠭᠠᠵᠠᠷ ᠰᠡᠯᠡᠩᠭᠡ ᠶᠢ ᠨᠤᠲᠤᠭᠯᠠᠵᠤ ᠳᠠᠷᠬᠠᠯᠠᠰᠤ ᠬᠡᠮᠡᠪᠡᠢ ᠪᠠᠰᠠ ᠪᠤᠰᠤ ᠰᠣᠶᠣᠷᠬᠠᠯ ᠬᠠᠭᠠᠨ ᠤ ᠵᠠᠷᠯᠢᠭ ᠮᠡᠳᠡᠲᠦᠭᠡᠢ ᠬᠡᠮᠡᠪᠡᠢ ᠲᠡᠭᠦᠨ ᠳᠦᠷ ᠬᠠᠭᠠᠨ ᠵᠠᠷᠯᠢᠭ ᠪᠣᠯᠤᠷᠤᠨ ᠮᠡᠷᠭᠡᠳ ᠦᠨ ᠭᠠᠵᠠᠷ ᠢ ᠰᠡᠯᠡᠩᠭᠡ ᠶᠢ ᠨᠤᠲᠤᠭᠯᠠᠵᠤ ᠳᠠᠷᠬᠠᠯᠠᠭᠠᠳ ᠤᠷᠤᠭ ᠤᠨ ᠤᠷᠤᠭ᠎ᠠ ᠬᠦᠷᠲᠡᠯᠡ ᠬᠣᠷᠴᠢᠯᠠᠭᠤᠯᠵᠤ ᠥᠲᠥᠬᠡᠯᠭᠦᠯᠵᠦ ᠳᠠᠷᠬᠠᠯᠠᠵᠤ ᠶᠢᠰᠦᠨ ᠡᠨᠳᠡᠯ ᠲᠦᠷ ᠡᠷᠢᠭᠦ ᠲᠦᠷ ᠪᠦᠦ ᠣᠷᠣᠲᠤᠭᠠᠢ ᠬᠡᠮᠡᠨ ᠵᠠᠷᠯᠢᠭ ᠪᠣᠯᠪᠠ ᠪᠠᠰᠠ ᠴᠢᠯᠠᠭᠤᠨ ᠴᠢᠮᠪᠠᠢ ᠬᠣᠶᠠᠷ ᠤᠨ ᠥᠭᠦᠯᠡᠭᠰᠡᠨ ᠦᠭᠡᠰ ᠢ ᠰᠡᠳᠬᠢᠵᠦ ᠬᠡᠷ ᠠᠭᠳᠠᠬᠤ ᠴᠢᠯᠠᠭᠤᠨ ᠴᠢᠮᠪᠠᠢ ᠲᠠ ᠬᠣᠶᠠᠷ ᠡᠳᠦᠭᠡ ᠰᠡᠳᠬᠢᠯ ᠢᠶᠡᠨ ᠥᠭᠦᠯᠡᠳᠬᠦᠨ ᠥᠭᠦᠯᠡᠬᠦ ᠪᠥᠭᠡᠰᠦ ᠳᠤᠲᠠᠭᠤᠪᠠᠨ ᠭᠤᠶᠤᠬᠤ ᠪᠥᠭᠡᠰᠦ ᠵᠠᠭᠤᠷ᠎ᠠ ᠬᠦᠮᠦᠨ᠎ᠡ ᠪᠦᠦ ᠬᠡᠯᠡᠯᠡᠭᠦᠯᠦᠳᠬᠦᠨ ᠥᠪᠡᠷ ᠦᠨ ᠪᠡᠶᠡᠰ ᠢᠶᠡᠷ ᠠᠮᠠᠭᠠᠷ ᠨᠠᠳᠤᠷ ᠥᠪᠡᠰᠦᠪᠡᠨ ᠰᠡᠳᠬᠢᠭᠰᠡᠨ ᠢᠶᠡᠨ ᠬᠡᠯᠡᠳᠬᠦᠨ ᠳᠤᠲᠠᠭᠤ ᠶᠤᠭᠠᠨ ᠥᠪᠡᠰᠦᠪᠡᠨ ᠭᠤᠶᠤᠳᠬᠤᠨ ᠬᠡᠮᠡᠨ ᠵᠠᠷᠯᠢᠭ ᠪᠣᠯᠪᠠ ᠪᠠᠰᠠ ᠲᠣᠷᠭᠠᠨ ᠰᠢᠷᠠ ᠪᠠᠳᠠᠢ ᠬᠢᠰᠢᠯᠢᠭ ᠲᠠ ᠬᠣᠶᠠᠷ ᠳᠠᠷᠬᠤᠳ ᠪᠠᠰᠠ ᠳᠠᠷᠬᠠᠯᠠᠷ ᠤᠨ
čin=u sedkijü qara šöni jegüdün=tür gegen edür čegejin=dür sedkijü yabubai j=a bidan=i edüi Tayičiγud=ača udaγan irebei j=a ta edüge bi tan=i , soyorqasu yambar soyorqal taγalaqun ta kemebe Torγan-Sira Čilaγun Čimbai köbegüd=iyer=iyen bolun ögülerün nutuγ darqalasu Merged=ün γajar Selengge=yi nutuγlaju darqalasu kemebei basa busu soyorqal qaγan=u jarliγ medetügei kemebei tegün=dür qaγan jarliγ bolurun Merged=ün γajar=i Selengge=yi nutuγlaju darqalaγad uruγ=un uruγ=a kürtele qorčilaγulju ötökelgüljü darqalaju yisün endel=tür erigü=tür büü orotuγai kemen jarliγ bolba basa Čilaγun Čimbai qoyar=un ögülegsen üges=i sedkijü ker aγdaqu Čilaγun Čimbai ta qoyar edüge sedkil=iyen ögüledkün ögülekü bögesü dutaγuban γuyuqu bögesü jaγur=a kümün=e büü kelelegülüdkün öber=ün beyes=iyer amaγar nadur öbesüben sedkigsen=iyen keledkün dutaγu=yuγan öbesüben γuyudqun kemen jarliγ bolba basa Torγan-Sira , Badai Kisiliγ ta qoyar darqud basa darqalar=un
70b
ᠣᠯᠠᠨ ᠳᠠᠶᠢᠰᠤᠨ ᠲᠤᠷ ᠣᠯᠵᠠ ᠣᠯᠪᠠᠰᠤ ᠣᠯᠤᠭᠰᠠᠪᠠᠷ ᠠᠪᠤᠳᠬᠤᠨ ᠣᠷᠣᠭ᠎ᠠ ᠭᠥᠷᠥᠭᠡᠰᠦᠨ ᠲᠦᠷ ᠠᠪᠠᠯᠠᠪᠠᠰᠤ ᠠᠯᠠᠭ ᠰᠠᠪᠠᠷ ᠠᠪᠤᠳᠬᠤᠨ ᠬᠡᠮᠡᠨ ᠵᠠᠷᠯᠢᠭ ᠪᠣᠯᠪᠠ ᠲᠣᠷᠭᠠᠨ ᠰᠢᠷᠠ ᠬᠡᠮᠡᠪᠡᠰᠦ ᠲᠠᠶᠢᠴᠢᠭᠤᠳ ᠤᠨ ᠲᠦᠳᠦᠭᠡ ᠶᠢᠨ ᠠᠷᠠᠨ ᠠᠵᠤᠬᠤ ᠵ᠎ᠠ ᠪᠠᠳᠠᠢ ᠬᠢᠰᠢᠯᠢᠭ ᠬᠣᠶᠠᠷ ᠬᠡᠮᠡᠪᠡᠰᠦ ᠴᠡᠷᠡᠨ ᠦ ᠠᠳᠤᠭᠤᠴᠢ ᠠᠵᠤᠬᠤ ᠵ᠎ᠠ ᠡᠳᠦᠭᠡ ᠮᠢᠨᠤ ᠲᠤᠷᠤᠭ ᠬᠣᠷᠴᠢᠯᠠᠭᠤᠯᠵᠤ ᠥᠲᠡᠬᠡᠯᠭᠦᠯᠵᠦ ᠳᠠᠷᠬᠠᠯᠠᠨ ᠵᠢᠷᠭᠠᠳᠬᠤᠨ ᠬᠡᠮᠡᠨ ᠵᠠᠷᠯᠢᠭ ᠪᠣᠯᠪᠠ ᠪᠠᠰᠠ ᠨᠠᠶᠠᠭ ᠠ ᠲᠠ ᠥᠭᠦᠯᠡᠷᠦᠨ ᠰᠢᠷᠭᠡᠲᠦ ᠡᠪᠦᠭᠡᠨ ᠠᠯᠠᠭ ᠨᠠᠶᠠᠭ᠎ᠠ ᠬᠥᠪᠡᠭᠦᠳ ᠯᠦᠭᠡ ᠪᠡᠨ ᠲᠠ ᠲᠠᠷᠭᠤᠲᠠᠢ ᠬᠢᠷᠢᠯᠲᠤᠭ ᠢ ᠪᠢᠳᠠᠨ ᠲᠤᠷ ᠪᠠᠷᠢᠵᠤ ᠠᠶᠢᠰᠤᠷ ᠤᠨ ᠵᠠᠭᠤᠷ᠎ᠠ ᠬᠤᠳᠬᠤᠯ ᠨᠤᠭᠤᠳᠠ ᠬᠦᠷᠴᠦ ᠲᠡᠨᠳᠡ ᠨᠠᠶᠠᠭ᠎ᠠ ᠥᠭᠦᠯᠡᠷᠦᠨ ᠲᠤᠰ ᠬᠠᠭᠠᠨ ᠢᠶᠠᠨ ᠬᠡᠷ ᠲᠡᠪᠴᠢᠵᠦ ᠪᠠᠷᠢᠵᠤ ᠣᠳᠬᠤ ᠪᠢᠳᠠ ᠬᠡᠮᠡᠵᠦ ᠲᠡᠪᠴᠢᠨ ᠶᠠᠳᠠᠵᠤ ᠲᠠᠯᠪᠢᠵᠤ ᠢᠯᠡᠭᠡᠵᠦ ᠰᠢᠷᠭᠡᠲᠦ ᠡᠪᠦᠭᠡᠨ ᠠᠯᠠᠭ ᠨᠠᠶᠠᠭ᠎ᠠ ᠬᠥᠪᠡᠭᠦᠨ ᠯᠦᠭᠡ ᠪᠡᠨ ᠢᠷᠡᠵᠦ ᠲᠡᠨᠳᠡ ᠨᠠᠶᠠᠭ᠎ᠠ ᠪᠢᠯᠲᠠᠭᠤᠷ ᠥᠭᠦᠯᠡᠷ ᠦᠨ ᠲᠤᠰ ᠬᠠᠭᠠᠨ ᠢᠶᠠᠨ ᠲᠠᠷᠭᠤᠲᠠᠢ ᠬᠢᠷᠢᠯᠲᠤᠭ ᠢ ᠬᠠᠷᠳᠠᠵᠤ ᠠᠶᠢᠰᠤᠷ ᠤᠨ ᠵᠢᠴᠢ ᠲᠡᠪᠴᠢᠨ ᠶᠠᠳᠠᠵᠤ ᠲᠠᠯᠪᠢᠵᠤ ᠢᠯᠡᠭᠡᠵᠦ ᠪᠢ ᠴᠢᠩᠭᠢᠰ ᠬᠠᠭᠠᠨ᠎ᠠ ᠬᠦᠴᠦ ᠥᠭᠭᠥᠷ ᠦᠨ ᠢᠷᠡᠪᠡᠢ ᠲᠤᠰ ᠬᠠᠭᠠᠨ ᠢᠶᠠᠨ ᠬᠠᠷᠳᠠᠵᠤ ᠢᠷᠡᠪᠡᠰᠦ ᠲᠤᠰ ᠬᠠᠭᠠᠨ ᠢᠶᠠᠨ ᠬᠠᠷᠳᠠᠭᠰᠠᠳ ᠠᠷᠠᠳ ᠮᠥᠨ᠎ᠡ ᠬᠣᠶᠢᠨᠠ ᠬᠡᠷ ᠢᠲᠡᠭᠡᠭᠳᠡᠬᠦᠨ ᠡᠳᠡ ᠬᠡᠮᠡᠬᠦᠢ ᠪᠥᠯᠦᠭᠡ ᠬᠠᠭᠠᠨ ᠢᠶᠠᠨ ᠲᠡᠪᠴᠢᠨ ᠶᠠᠳᠠᠪᠠᠢ ᠬᠡᠮᠡᠪᠡᠰᠦ ᠲᠡᠳᠡ ᠲᠤᠰ ᠬᠠᠭᠠᠨ ᠢᠶᠠᠨ ᠲᠡᠪᠴᠢᠨ ᠶᠠᠳᠠᠭᠰᠠᠨ ᠶᠣᠰᠤ ᠶᠡᠬᠡ
olan dayisun=tur olja olbasu oluγsabar abudqun oroγ=a görögesün=tür abalabasu alaγ=sabar abudqun kemen jarliγ bolba Torγan-Sira kemebesü Tayičiγud=un Tüdüge=yin aran ajuqu j=a Badai Kisiliγ qoyar kemebesü Čeren=ü aduγuči ajuqu j=a edüge minu turuγ qorčilaγulju ötekelgüljü darqalan jirγadqun kemen jarliγ bolba basa Nayaγ=a=ta ögülerün Sirgetü ebügen Alaγ Nayaγ=a köbegüd=lüge=ben ta Tarγutai-Kiriltuγ=i bidan=tur bariju ayisur=un jaγur=a Qudqul=nuγuda kürčü tende Nayaγ=a ögülerün tus qaγan=iyan ker tebčijü bariju odqu bida kemejü tebčin yadaju talbiju ilegejü Sirgetü ebügen Alaγ Nayaγ=a köbegün=lüge=ben irejü tende Nayaγ=a biltaγur ögüler=ün tus qaγan=iyan Tarγutai-Kiriltuγ=i qardaju ayisur=un jiči tebčin yadaju talbiju ilegejü bi Činggis-qaγan=a küčü öggör=ün irebei tus qaγan=iyan qardaju irebesü tus qaγan=iyan qardaγsad arad mön=e qoyina ker itegegdekün ede kemeküi bölüge qaγan=iyan tebčin yadabai kemebesü tede tus qaγan=iyan tebčin yadaγsan yosu yeke
71a
ᠲᠥᠷᠥ ᠶᠢ ᠰᠡᠳᠬᠢᠵᠦᠬᠦᠢ ᠬᠡᠮᠡᠨ ᠦᠭᠡ ᠢᠨᠤ ᠵᠥᠪᠰᠢᠶᠡᠨ ᠴᠦ ᠨᠢᠭᠡᠨ ᠦᠶᠢᠯᠡ ᠲᠦᠷ ᠲᠦᠰᠢᠶ᠎ᠡ ᠬᠡᠮᠡᠯᠦᠭᠡ ᠡᠳᠦᠭᠡ ᠨᠠᠶᠠᠭ᠎ᠠ ᠲᠥᠪ ᠦᠨ ᠲᠦᠮᠡᠨ ᠢ ᠮᠡᠳᠡᠲᠦᠭᠡᠢ ᠬᠡᠮᠡᠨ ᠵᠠᠷᠯᠢᠭ ᠪᠣᠯᠪᠠ ᠨᠠᠢᠮᠠᠨ ᠰᠢᠷᠠᠭ᠎ᠠ ᠮᠣᠷᠢᠨ ᠢ ᠨᠡᠬᠡᠬᠦᠢ ᠲᠦᠷ ᠨᠠᠷᠠᠨ ᠢ ᠬᠢᠯᠲᠤᠰ ᠬᠢᠵᠦ ᠭᠠᠷᠬᠤᠢ ᠴᠠᠭ ᠲᠤᠷ ᠤᠴᠠᠷᠠᠵᠤ ᠨᠠᠰᠤᠨ ᠪᠦᠷᠢ ᠬᠦᠴᠦᠪᠡᠨ ᠥᠭᠪᠡᠢ ᠬᠡᠮᠡᠨ ᠡᠳᠦᠭᠡ ᠪᠣᠭᠣᠷᠴᠢ ᠲᠠ ᠪᠠᠷᠠᠭᠤᠨ ᠭᠠᠷ ᠤᠨ ᠲᠦᠮᠡᠨ ᠢ ᠮᠡᠳᠡᠭᠦᠯᠪᠡᠢ ᠳᠠᠶᠢᠰᠤᠨ ᠢ ᠳᠠᠷᠤᠯᠴᠠᠭᠰᠠᠨ ᠣᠯᠵᠠ ᠶᠢ ᠣᠷᠣᠭᠤᠯᠤᠯᠴᠠᠭᠰᠠᠨ ᠮᠣᠷᠢᠨ ᠢᠶᠠᠨ ᠳᠡᠯ ᠳᠡᠭᠡᠷᠡ ᠨᠠᠷᠠᠨ ᠭᠠᠷᠭᠠᠵᠤ ᠰᠡᠭᠦᠯ ᠳᠡᠭᠡᠷᠡ ᠪᠤᠳᠠᠩ ᠲᠠᠯᠪᠢᠵᠤ ᠳᠠᠶᠢᠰᠤᠨ ᠤ ᠮᠥᠷ ᠢ ᠲᠥᠭᠥᠷᠢᠭᠦᠯᠵᠦ ᠡᠰᠡᠨ ᠮᠡᠨᠳᠦ ᠠᠪᠴᠤ ᠢᠷᠡᠭᠰᠡᠨ ᠵᠠᠯᠠᠶᠢᠷ ᠲᠠᠢ ᠶᠢᠨ ᠰᠠᠶᠢᠨ ᠮᠤᠬᠠᠯᠢ ᠬᠦᠴᠦᠨ ᠥᠭᠭᠥᠭᠰᠡᠨ ᠣᠯᠠᠨ ᠪᠤᠢ ᠬᠡᠮᠡᠨ ᠬᠦᠢ ᠣᠩ ᠴᠢᠩᠰᠠᠩ ᠲᠠᠶᠢᠰᠢ ᠴᠣᠯᠠ ᠥᠭᠴᠦ ᠵᠡᠭᠦᠨ ᠭᠠᠷ ᠤᠨ ᠲᠦᠮᠡᠨ ᠢ ᠮᠡᠳᠡᠭᠦᠯᠪᠡᠢ ᠵᠡᠪᠡ ᠰᠦᠪᠡᠭᠡᠳᠡᠢ ᠬᠣᠶᠠᠷ ᠥᠪᠡᠷᠦᠨ ᠣᠯᠤᠭᠰᠠᠨ ᠵᠥᠭᠡᠭᠰᠡᠨ ᠪᠡᠷ ᠢᠶᠡᠷ ᠮᠢᠩᠭᠠᠯᠠᠲᠤᠭᠠᠢ ᠬᠡᠮᠡᠪᠡ ᠪᠠᠰᠠ ᠳᠡᠭᠡᠢ ᠬᠣᠨᠢᠴᠢ ᠲᠠ ᠪᠦᠭᠳᠦᠭᠦᠯᠢ ᠴᠢᠭᠤᠯᠭᠠᠵᠤ ᠮᠢᠩᠭᠠᠨ ᠢ ᠮᠡᠳᠡᠭᠦᠯᠪᠡ ᠬᠦᠴᠦ ᠭᠦᠷ ᠮᠥᠴᠡᠳᠡ ᠢᠷᠭᠡᠨ ᠳᠤᠲᠠᠭᠳᠠᠵᠤ ᠡᠨᠳᠡᠴᠡ ᠲᠡᠨᠳᠡᠴᠡ ᠭᠤᠪᠴᠢᠵᠤ ᠵᠡᠷᠭᠡ ᠲᠡᠴᠡ ᠮᠤᠯᠤᠭᠠᠯᠠᠬᠤ ᠵᠦᠭ ᠢᠶᠡᠷ ᠨᠥᠬᠥᠴᠡᠯᠦᠭᠡᠢ ᠬᠦᠴᠦᠭᠦᠷ ᠮᠤᠯᠤᠭᠠᠯᠠᠬᠤ ᠬᠣᠶᠠᠷ ᠨᠢᠭᠡᠨ᠎ᠡ ᠮᠢᠩᠭᠠᠯᠠᠵᠤ ᠡᠶᠡᠳᠦᠯᠳᠦᠵᠦ ᠠᠭᠳᠠᠬᠤᠨ ᠬᠡᠮᠡᠪᠡ ᠤᠯᠤᠰ ᠪᠠᠶᠢᠭᠤᠯᠤᠯᠴᠠᠭᠰᠠᠨ ᠢ ᠵᠣᠬᠢᠯᠳᠦᠭᠰᠡᠳᠵᠣᠬᠢᠯᠳᠤᠭᠰᠠᠳ ᠢ ᠠᠨᠤ ᠮᠢᠩᠭᠠᠳ ᠤᠨ ᠨᠣᠶᠠᠳ ᠪᠣᠯᠭᠠᠵᠤ ᠮᠢᠩᠭ᠎ᠠ ᠮᠢᠩᠭᠠᠯᠠᠵᠤ ᠮᠢᠩᠭᠠᠳ ᠤᠨ ᠨᠣᠶᠠᠳ ᠵᠠᠭᠤᠳ ᠤᠨ ᠨᠣᠶᠠᠳ ᠠᠷᠪᠠᠳ ᠤᠨ ᠨᠣᠶᠠᠳ ᠲᠠ ᠲᠦᠮᠡᠳ ᠦᠨ
törö=yi sedkijüküi kemen üge inu jöbsiyen čü nigen üyile=tür tüsiy=e kemelüge edüge Nayaγ=a töb=ün tümen=i medetügei kemen jarliγ bolba naiman siraγ=a morin=i nekeküi=tür naran=i kiltus kijü γarqui čaγ=tur učaraju nasun büri küčüben ögbei kemen edüge Boγorči=ta baraγun γar=un tümen=i medegülbei dayisun=i darulčaγsan olja=yi oroγululčaγsan morin=iyan del degere naran γarγaju segül degere budang talbiju dayisun=u mör=i tögörigüljü esen mendü abču iregsen Jalayir=tai=yin sayin Muqali küčün öggögsen olan bui kemen küi-ong-čingsang-tayisi čola ögčü jegün γar=un tümen=i medegülbei Jebe Sübegedei qoyar öberün oluγsan jögegsen=ber=iyer mingγalatuγai kemebe basa Degei , qoniči=ta bügdügüli čiγulγaju mingγan=i medegülbe Küčü-Gür möčede irgen dutaγdaju endeče tendeče γubčiju jerge=teče Muluγalaqu jüg=iyer nököčelügei Küčügür Muluγalaqu qoyar nigen=e mingγalaju eyedüldüjü aγdaqun kemebe ulus bayiγululčaγsan=i jokildügsed<jokilduγsad>=i anu mingγad=un noyad bolγaju mingγ=a mingγalaju mingγad=un noyad jaγud=un noyad arbad=un noyad=ta tümed=ün
71b
ᠨᠣᠶᠠᠳ ᠲᠠ ᠰᠣᠶᠣᠷᠬᠠᠯ ᠥᠭᠳᠡᠬᠦᠨ ᠮᠡᠲᠦᠰ᠎ᠡ ᠰᠣᠶᠣᠷᠬᠠᠯ ᠢ ᠥᠭᠴᠦ ᠰᠣᠶᠣᠷᠬᠠᠯ ᠵᠠᠷᠯᠢᠭ ᠪᠣᠯᠬᠤᠨ᠎ᠠ ᠪᠣᠯᠵᠤ ᠵᠠᠷᠯᠢᠭ ᠪᠣᠯᠤᠷᠤᠨ ᠤᠷᠢᠳᠠ ᠨᠠᠶᠠᠨ ᠬᠡᠪᠲᠡᠭᠦᠯᠰᠦ ᠲᠦ ᠳᠠᠯᠠᠨ ᠲᠣᠷᠭᠠᠰ ᠤᠳ ᠬᠡᠰᠢᠭ ᠲᠡᠨ ᠲᠦ ᠪᠥᠯᠦᠭᠡ ᠡᠳᠦᠭᠡ ᠮᠥᠩᠬᠡ ᠲᠩᠷᠢ ᠶᠢᠨ ᠬᠦᠴᠦᠨ ᠲᠦᠷ ᠲᠩᠷᠢ ᠭᠠᠵᠠᠷ᠎ᠠ ᠬᠦᠴᠦᠨ ᠠᠤᠭ᠎ᠠ ᠨᠡᠮᠡᠭᠳᠡᠵᠦ ᠬᠦᠷ ᠤᠯᠤᠰ ᠢ ᠰᠣᠶᠣᠷᠬᠠᠭᠳᠠᠵᠤ ᠭᠠᠭᠴᠠ ᠵᠢᠯᠣᠭ ᠠ ᠲᠤᠷ ᠢᠶᠠᠨ ᠣᠷᠣᠭᠤᠯᠤᠭᠰᠠᠨ ᠲᠤᠷ ᠡᠳᠦᠭᠡ ᠨᠠᠳᠤᠷ ᠬᠡᠰᠢᠭ ᠲᠡᠨ ᠲᠣᠷᠭᠠᠰ ᠤᠳ ᠮᠢᠩᠭᠠᠳ ᠠᠴᠠ ᠢᠯᠭᠠᠵᠤ ᠣᠷᠣᠭᠤᠯᠤᠳᠬᠤᠨ ᠶᠠᠪᠤᠭᠤᠯᠤᠳᠬᠤᠨ ᠬᠡᠪᠲᠡᠭᠦᠯ ᠬᠣᠷᠴᠢᠨ ᠲᠣᠷᠭᠠᠰ ᠤᠳ ᠣᠷᠣᠭᠤᠯᠤᠷᠤᠨ ᠲᠦᠮᠡᠨ ᠳᠦᠭᠦᠷᠭᠡᠨ ᠣᠷᠣᠭᠤᠯᠤᠳᠬᠤᠨ ᠬᠡᠮᠡᠨ ᠵᠠᠷᠯᠢᠭ ᠪᠣᠯᠪᠠ ᠪᠠᠰᠠ ᠬᠡᠰᠢᠭ ᠲᠡᠨ ᠣᠷᠣᠭᠤᠯᠬᠤᠢ ᠲᠤᠷ ᠵᠠᠷᠯᠢᠭ ᠪᠣᠯᠪᠠ ᠮᠢᠩᠭᠠᠳ ᠮᠢᠩᠭᠠᠳ ᠳᠠ ᠲᠤᠩᠭᠠᠭᠠᠷ ᠤᠨ ᠢᠯᠭᠠᠨ ᠪᠢᠳᠠᠨ ᠲᠤᠷ ᠬᠡᠰᠢᠭ ᠲᠡᠨ ᠢ ᠣᠷᠣᠭᠤᠯᠤᠷ ᠤᠨ ᠶᠠᠪᠤᠭᠤᠯ ᠤᠨ ᠲᠦᠮᠡᠳ ᠦᠨ ᠮᠢᠩᠭᠠᠳ ᠤᠨ ᠵᠠᠭᠤᠳ ᠤᠨ ᠨᠣᠶᠠᠳ ᠤᠨ ᠬᠥᠪᠡᠭᠦᠳ ᠲᠥᠷᠢ ᠶᠢᠨ ᠬᠦᠮᠦᠨ ᠦ ᠬᠥᠪᠡᠭᠦᠳ ᠢ ᠣᠷᠤᠷ ᠤᠨ ᠶᠠᠪᠤᠭᠤᠯ ᠤᠨ ᠡᠷᠳᠡᠮ ᠦᠳ ᠲᠡᠨ ᠰᠢᠯ ᠰᠠᠶᠢᠲᠠᠨ ᠪᠢᠳᠠᠨ ᠤ ᠳᠡᠷᠭᠡᠳᠡ ᠶᠠᠪᠤᠬᠤᠨ ᠮᠡᠲᠦᠰ ᠢ ᠣᠷᠣᠯᠲᠤᠭᠠᠢ ᠶᠠᠪᠤᠭᠤᠯᠲᠤᠭᠠᠢ ᠮᠢᠩᠭᠠᠳ ᠤᠨ ᠨᠣᠶᠠᠳ ᠤᠨ ᠬᠥᠪᠡᠭᠦᠳ ᠠᠨᠤ ᠠᠷᠪᠠᠨ ᠨᠥᠬᠥᠳ ᠲᠦ ᠨᠢᠭᠡᠨ ᠳᠡᠭᠦᠦ ᠶᠢ ᠳᠠᠭᠠᠭᠤᠯᠵᠤ ᠢᠷᠡᠲᠦᠭᠡᠢ ᠵᠠᠭᠤᠳ ᠤᠨ ᠨᠣᠶᠠᠳ ᠤᠨ ᠬᠥᠪᠡᠭᠦᠳ ᠢ ᠠᠨᠤ ᠣᠷᠣᠭᠤᠯᠤᠷ ᠤᠨ ᠲᠠᠪᠤᠨ ᠨᠥᠬᠥᠳ ᠲᠦ ᠨᠢᠭᠡᠨ ᠳᠡᠭᠦᠦ ᠶᠢ ᠳᠠᠭᠠᠭᠤᠯᠵᠤ ᠢᠷᠡᠲᠦᠭᠡᠢ ᠠᠷᠪᠠᠳ ᠤᠨ ᠨᠣᠶᠠᠳ ᠤᠨ ᠬᠥᠪᠡᠭᠦᠳ ᠢ ᠠᠨᠤ ᠲᠥᠷᠢ ᠶᠢᠨ ᠬᠦᠮᠦᠨ ᠦ ᠬᠥᠪᠡᠭᠦᠳ ᠢ ᠣᠷᠣᠭᠤᠯᠤᠷ ᠤᠨ ᠭᠤᠷᠪᠠᠨ ᠨᠥᠬᠥᠳ ᠲᠦ
noyad=ta soyorqal ögdekün metüs=e soyorqal=i ögčü soyorqal jarliγ bolqun=a bolju jarliγ bolurun urida nayan kebtegülsü=tü dalan torγas=ud , kesig=ten=tü bölüge edüge möngke tngri=yin küčün=tür tngri γajar=a küčün auγ=a nemegdejü kür ulus=i soyorqaγdaju γaγča jiloγ=a=tur=iyan , oroγuluγsan=tur edüge nadur kesig=ten torγas=ud mingγad=ača ilγaju oroγuludqun (yabuγuludqun) kebtegül qorčin torγas=ud oroγulurun tümen dügürgen oroγuludqun kemen jarliγ bolba basa kesig=ten oroγulqui=tur jarliγ bolba mingγad mingγad=da tungγaγar=un (ilγan) bidan=tur kesig=ten=i oroγulur=un (yabuγul=un) tümed=ün mingγad=un jaγud=un noyad=un köbegüd töri=yin kümün=ü köbegüd=i orur=un (yabuγul=un) erdem=üd=ten sil sayitan bidan=u dergede yabuqun metüs=i oroltuγai (yabuγultuγai) mingγad=un noyad=un köbegüd anu arban nököd=tü nigen degüü=yi daγaγulju iretügei jaγud=un noyad=un köbegüd=i anu oroγulur=un tabun nököd=tü nigen degüü=yi daγaγulju iretügei arbad=un noyad=un köbegüd=i anu töri=yin kümün=ü köbegüd=i oroγulur=un γurban nököd=tü
72a
ᠨᠢᠭᠡᠨ ᠳᠡᠭᠦᠦ ᠶᠢ ᠳᠠᠭᠠᠭᠤᠯᠵᠤ ᠢᠵᠠᠭᠤᠷ ᠤᠨ ᠬᠦ ᠮᠢᠩᠭᠠᠨ ᠣᠯᠠᠨ᠎ᠠ ᠬᠦᠴᠦ ᠵᠠᠰᠠᠵᠤ ᠢᠷᠡᠲᠦᠭᠡᠢ ᠪᠢᠳᠠᠨ ᠤ ᠳᠡᠷᠭᠡᠳᠡ ᠶᠠᠪᠤᠭᠤᠯᠬᠤᠨ ᠢ ᠪᠥᠭᠡᠳ ᠦᠨ ᠮᠢᠩᠭᠠᠳ ᠤᠨ ᠨᠣᠶᠠᠳ ᠤᠨ ᠬᠥᠪᠡᠭᠦᠳ ᠲᠡ ᠠᠷᠪᠠᠨ ᠨᠥᠬᠥᠳ ᠢᠵᠠᠭᠤᠷ ᠤᠨ ᠮᠢᠩᠭᠠᠨ ᠵᠠᠭᠤᠨ ᠠᠴᠠ ᠭᠤᠪᠴᠢᠵᠤ ᠬᠤᠪᠢᠯᠠᠵᠤ ᠥᠭᠲᠦᠭᠡᠢ ᠡᠴᠢᠭᠡ ᠶᠦᠭᠡᠨ ᠥᠭᠭᠥᠭᠰᠡᠨ ᠬᠤᠪᠢ ᠬᠡᠰᠢᠭ ᠪᠥᠭᠡᠰᠦ ᠪᠡᠶ᠎ᠡ ᠬᠠᠳᠭᠠᠷ ᠢᠶᠠᠷ ᠣᠯᠤᠭᠰᠠᠨ ᠵᠥᠭᠡᠭᠰᠡᠨ ᠡᠷ᠎ᠡ ᠠᠭᠲᠠ ᠬᠡᠳᠦᠢ ᠪᠥᠭᠡᠰᠦ ᠢᠨᠤ ᠨᠡᠮᠡᠵᠦ ᠬᠤᠪᠢ ᠠᠴᠠ ᠠᠩᠭᠢᠳᠠ ᠪᠢᠳᠠᠨ ᠤ ᠬᠡᠮᠯᠡᠭᠰᠡᠨ ᠬᠡᠮ ᠢᠶᠡᠷ ᠭᠤᠪᠴᠢᠵᠤ ᠬᠤᠪᠢᠯᠠᠵᠤ ᠲᠡᠶᠢᠨ ᠵᠠᠰᠠᠵᠤ ᠵᠠᠭᠤᠳ ᠤᠨ ᠨᠣᠶᠠᠳ ᠤᠨ ᠬᠥᠪᠡᠭᠦᠳ ᠲᠠ ᠲᠠᠪᠤᠨ ᠨᠥᠬᠥᠳ ᠪᠣᠯᠭᠠᠨ ᠠᠷᠪᠠᠳ ᠤᠨ ᠨᠣᠶᠠᠳ ᠤᠨ ᠬᠥᠪᠡᠭᠦᠳ ᠲᠠ ᠲᠥᠷᠢ ᠶᠢᠨ ᠬᠦᠮᠦᠨ ᠦ ᠬᠥᠪᠡᠭᠦᠳ ᠲᠠ ᠭᠤᠷᠪᠠᠨ ᠨᠥᠬᠥᠳ ᠮᠥᠨ ᠶᠣᠰᠤᠭᠠᠷ ᠨᠡᠮᠡᠵᠦ ᠬᠤᠪᠢ ᠠᠴᠠ ᠠᠩᠭᠢᠳᠠ ᠮᠥᠨ ᠲᠡᠶᠢᠨ ᠭᠤᠪᠴᠢᠵᠤ ᠬᠤᠪᠢᠶᠠᠵᠤ ᠥᠭᠲᠦᠭᠡᠢ ᠬᠡᠮᠡᠨ ᠵᠠᠷᠯᠢᠭ ᠪᠣᠯᠪᠠ ᠮᠢᠩᠭᠠᠳ ᠤᠨ ᠵᠠᠭᠤᠳ ᠤᠨ ᠠᠷᠪᠠᠳ ᠤᠨ ᠨᠣᠶᠠᠳ ᠣᠯᠠᠨ ᠬᠦᠮᠦᠨ ᠪᠢᠳᠠᠨ ᠤ ᠡᠨᠡ ᠵᠠᠷᠯᠢᠭ ᠬᠦᠷᠭᠡᠭᠦᠯᠦᠭᠡᠳ ᠰᠣᠨᠣᠰᠤᠭᠠᠳ ᠪᠦᠷᠦᠨ ᠳᠠᠪᠠᠬᠤᠨ ᠠᠷᠠᠳ ᠠᠯᠳᠠᠯᠲᠠᠨ ᠭᠡᠮ ᠡᠷᠡᠭᠦᠦ ᠲᠦ ᠪᠣᠯᠲᠤᠭᠠᠢ ᠪᠢᠳᠠᠨ ᠲᠤᠷ ᠬᠡᠰᠡᠭ ᠣᠷᠣᠬᠤᠨ ᠶᠠᠪᠤᠬᠤᠨ ᠠᠷᠠᠨ ᠪᠤᠯᠲᠠᠷᠢᠵᠤ ᠦᠯᠦ ᠪᠣᠯᠬᠤᠨ ᠪᠢᠳᠠᠨ ᠤ ᠳᠡᠷᠭᠡᠳᠡ ᠶᠠᠪᠤᠬᠤᠢ ᠪᠠᠨ ᠪᠡᠷᠬᠡᠰᠢᠶᠡᠪᠡᠰᠦ ᠪᠤᠰᠤ ᠬᠦᠮᠦᠨ ᠢ ᠣᠷᠣᠭᠤᠯᠵᠤ ᠲᠡᠷᠡ ᠬᠦᠮᠦᠨ ᠢ ᠡᠷᠢᠭᠦᠯᠡᠵᠦ ᠨᠢᠳᠦᠨ ᠦ ᠡᠴᠡᠨ᠎ᠡ ᠬᠣᠯᠠ ᠭᠠᠵᠠᠷ᠎ᠠ ᠢᠯᠡᠭᠡᠶ᠎ᠡ ᠬᠡᠮᠡᠨ ᠵᠠᠷᠯᠢᠭ ᠪᠣᠯᠪᠠ ᠳᠣᠲᠣᠨᠠ ᠪᠢᠳᠠᠨ ᠤ ᠳᠡᠷᠭᠡᠳᠡ ᠶᠠᠪᠤᠵᠤ ᠰᠤᠷᠤᠯᠴᠠᠰᠤ ᠬᠡᠮᠡᠵᠦ ᠢᠷᠡᠬᠦᠨ ᠠᠷᠠᠳ ᠢ ᠪᠦᠦ ᠢᠳᠬᠠᠲᠤᠭᠠᠢ ᠬᠡᠮᠡᠪᠡ ᠬᠠᠭᠠᠨ ᠤ ᠵᠠᠷᠯᠢᠭ ᠪᠣᠯᠤᠭᠰᠠ ᠪᠠᠷ
nigen degüü=yi daγaγulju ijaγur=un kü mingγan olan=a küčü jasaju iretügei bidan=u dergede yabuγulqun=i böged=ün mingγad=un noyad=un köbegüd=te arban nököd ijaγur=un mingγan jaγun=ača γubčiju (qubilaju) ögtügei ečige=yügen öggögsen qubi kesig bögesü bey=e qad(γar)=iyar oluγsan jögegsen er=e aγta kedüi bögesü inu nemejü qubi=ača anggida bidan=u kemlegsen kem=iyer γubčiju (qubilaju) teyin jasaju jaγud=un noyad=un köbegüd ta tabun nököd bolγan arbad=un noyad=un köbegüd ta töri=yin kümün=ü köbegüd ta γurban nököd mön yosuγar nemejü qubi=ača anggida mön teyin γubčiju (qubiyaju) ögtügei kemen jarliγ bolba mingγad=un jaγud=un arbad=un noyad olan kümün bidan=u ene jarliγ kürgegülüged sonosuγad bürün dabaqun arad aldaltan (gem eregüü=tü) boltuγai bidan=tur keseg oroqun (yabuqun) aran bultariju ülü bolqun bidan=u dergede yabuqui=ban berkesiyebesü busu kümün=i oroγulju tere kümün=i erigülejü nidün=ü ečen=e qola γajar=a ilegey=e kemen jarliγ bolba dotona bidan=u dergede yabuju surulčasu kemejü irekün arad=i büü idqatuγai kemebe qaγan=u jarliγ boluγsa=bar
72b
ᠮᠢᠩᠭᠠᠳ ᠤᠨ ᠵᠠᠭᠤᠳ ᠤᠨ ᠠᠷᠪᠠᠳ ᠤᠨ ᠨᠣᠶᠠᠳ ᠤᠨ ᠬᠥᠪᠡᠭᠦᠳ ᠢ ᠮᠥᠨ ᠬᠦ ᠵᠠᠷᠯᠢᠭ ᠤᠨ ᠶᠣᠰᠤᠭᠠᠷ ᠢᠯᠭᠠᠵᠤ ᠭᠠᠷᠭᠠᠵᠤ ᠢᠷᠡᠵᠦ ᠠᠷᠠᠨ ᠬᠡᠪᠲᠡᠭᠦᠯ ᠪᠣᠯᠪᠠ ᠲᠡᠭᠦᠨᠢ ᠨᠠᠢᠮᠠᠨ ᠵᠠᠭᠤᠨ ᠪᠣᠯᠭᠠᠪᠠᠢ ᠨᠠᠢᠮᠠᠨ ᠳᠡᠭᠡᠷᠡ ᠮᠢᠩᠭᠠᠨ ᠳᠦᠭᠦᠷᠭᠡᠲᠦᠭᠡᠢ ᠬᠡᠮᠡᠪᠡᠢ ᠬᠡᠪᠲᠡᠭᠦᠯ ᠣᠷᠣᠬᠤᠨ ᠢ ᠪᠦᠦ ᠤᠳᠠᠭᠠᠲᠤᠭᠠᠢ ᠬᠡᠮᠡᠨ ᠵᠠᠷᠯᠢᠭ ᠪᠣᠯᠪᠠ ᠬᠡᠪᠲᠡᠭᠦᠯ ᠢ ᠶᠡᠬᠡ ᠨᠡᠭᠦᠷᠢᠨ ᠠᠬᠠᠯᠠᠵᠤ ᠮᠢᠩᠭᠠᠨ ᠮᠡᠳᠡᠵᠦ ᠠᠲᠤᠭᠠᠢ ᠬᠡᠮᠡᠨ ᠵᠠᠷᠯᠢᠭ ᠪᠣᠯᠪᠠ ᠤᠷᠢᠳᠠ ᠳᠥᠷᠪᠡᠨ ᠵᠠᠭᠤᠨ ᠬᠣᠷᠴᠢᠨ ᠢ ᠢᠯᠭᠠᠪᠠᠢ ᠢᠯᠭᠠᠵᠤ ᠬᠣᠷᠴᠢᠨ ᠢ ᠵᠡᠯᠮ ᠡ ᠶᠢᠨ ᠬᠥᠪᠡᠭᠦᠨ ᠶᠢᠰᠦᠲᠦᠭᠡ ᠠᠬᠠᠯᠠᠵᠤ ᠲᠥᠳᠡᠢ ᠶᠢᠨ ᠬᠥᠪᠡᠭᠦᠨ ᠪᠥᠬᠡᠲᠡᠢ ᠲᠠᠨ ᠯᠤᠭ᠎ᠠ ᠡᠶᠡᠳᠦᠯᠳᠦᠵᠦ ᠠᠲᠤᠭᠠᠢ ᠬᠡᠮᠡᠪᠡ ᠲᠣᠷᠭᠠᠰ ᠤᠳ ᠯᠤᠭ᠎ᠠ ᠬᠣᠷᠴᠢᠨ ᠬᠡᠰᠡᠭ ᠬᠡᠰᠢᠭ ᠲᠦᠷ ᠣᠷᠣᠯᠳᠤᠷ ᠤᠨ ᠶᠢᠰᠦᠲᠦᠭᠡ ᠨᠢᠭᠡᠨ ᠬᠡᠰᠡᠭ ᠬᠣᠷᠴᠢᠨ ᠢ ᠠᠭᠠᠯᠠᠵᠤ ᠣᠷᠣᠲᠤᠭᠠᠢ ᠤᠷᠠᠳ ᠲᠠᠨ ᠨᠢᠭᠡᠨ ᠬᠡᠰᠡᠭ ᠬᠣᠷᠴᠢᠨ ᠢ ᠠᠭᠠᠯᠠᠵᠤ ᠣᠷᠣᠲᠤᠭᠠᠢ ᠠᠯᠪᠠᠯᠠᠨ ᠠᠯᠪᠠᠯᠠᠨ ᠨᠢᠭᠡᠨ ᠬᠡᠰᠡᠭ ᠬᠣᠷᠴᠢᠨ ᠠᠬᠠᠯᠠᠵᠤ ᠣᠷᠣᠲᠤᠭᠠᠢ ᠬᠣᠣᠷ ᠠᠭᠰᠠᠬᠤᠶ᠎ᠠ ᠲᠣᠷᠭᠠᠰ ᠤᠳ ᠬᠡᠰᠡᠭ ᠬᠡᠰᠡᠭ ᠬᠣᠷᠴᠢᠨ ᠢ ᠲᠡᠶᠢᠨ ᠠᠬᠠᠯᠠᠵᠤ ᠣᠷᠣᠭᠤᠯᠲᠤᠭᠠᠢ ᠬᠣᠷᠴᠢᠨ ᠢ ᠮᠢᠩᠭᠠᠨ ᠳᠦᠭᠦᠷᠭᠡᠵᠦ ᠶᠢᠰᠦᠲᠦᠭᠡ ᠠᠬᠠᠯᠠᠵᠤ ᠠᠲᠤᠭᠠᠢ ᠬᠡᠮᠡᠨ ᠵᠠᠷᠯᠢᠭ ᠪᠣᠯᠪᠠ ᠤᠷᠢᠳᠠ ᠡᠭᠦᠯᠡ ᠴᠡᠷᠪᠢ ᠯᠤᠭ᠎ᠠ ᠣᠷᠣᠭᠰᠠᠨ ᠲᠣᠷᠭᠠᠰ ᠤᠳ ᠳᠡᠭᠡᠷᠡ ᠮᠢᠩᠭᠠᠨ ᠳᠦᠭᠦᠷᠭᠡᠵᠦ ᠪᠣᠭᠣᠷᠴᠢ ᠶᠢᠨ ᠤᠷᠤᠭ ᠠᠴᠠ ᠡᠭᠦᠯᠡ ᠴᠡᠷᠪᠢ ᠮᠡᠳᠡᠲᠦᠭᠡᠢ ᠬᠡᠮᠡᠪᠡ ᠨᠢᠭᠡᠨ ᠬᠡᠰᠡᠭ ᠲᠣᠷᠭᠠᠰ ᠤᠳ ᠮᠢᠩᠭᠠᠨ ᠢ ᠮᠤᠬᠠᠯᠢ ᠶᠢᠨ ᠤᠷᠤᠭ ᠠᠴᠠ ᠪᠤᠬ᠎ᠠ ᠮᠡᠳᠡᠲᠦᠭᠡᠢ ᠬᠡᠮᠡᠪᠡ ᠢᠯᠦᠬᠡᠢ ᠶᠢᠨ ᠤᠷᠤᠭ ᠠᠴᠠ
mingγad=un jaγud=un arbad=un noyad=un köbegüd=i mön kü jarliγ=un yosuγar ilγaju γarγaju irejü aran kebtegül bolba tegüni naiman jaγun bolγabai naiman degere mingγan dügürgetügei kemebei kebtegül oroqun=i büü udaγatuγai kemen jarliγ bolba kebtegül=i Yeke=Negürin aqalaju mingγan medejü atuγai kemen jarliγ bolba urida dörben jaγun qorčin=i ilγabai ilγaju qorčin=i Jelm=e=yin köbegün Yisütüge aqalaju Tödei=yin köbegün Böketei tan=luγ=a eyedüldüjü atuγai kemebe torγas=ud=luγ=a qorčin keseg kesig=tür oroldur=un Yisütüge nigen keseg qorčin=i aγalaju orotuγai urad=tan nigen keseg qorčin=i aγalaju orotuγai albalan albalan nigen keseg qorčin aqalaju orotuγai qoor aγsaquy=a torγas=ud keseg keseg qorčin=i teyin aqalaju oroγultuγai qorčin=i mingγan dügürgejü Yisütüge aqalaju atuγai kemen jarliγ bolba urida Egüle-čerbi=luγ=a oroγsan torγas=ud degere mingγan dügürgejü Boγorči=yin uruγ=ača Egüle-čerbi medetügei kemebe nigen keseg torγas=ud mingγan=i Muqali=yin uruγ=ača Buq=a medetügei kemebe Ilükei=yin uruγ=ača
73a
ᠠᠯᠴᠢᠳᠠᠢ ᠨᠢᠭᠡᠨ ᠮᠢᠩᠭᠠᠨ ᠲᠣᠷᠭᠠᠰ ᠤᠳ ᠢ ᠮᠡᠳᠡᠲᠦᠭᠡᠢ ᠬᠡᠮᠡᠪᠡ ᠨᠢᠭᠡᠨ ᠮᠢᠩᠭᠠᠨ ᠲᠣᠷᠭᠠᠰ ᠤᠳ ᠢ ᠲᠥᠳᠡᠢ ᠴᠢᠷᠪᠢ ᠮᠡᠳᠡᠲᠦᠭᠡᠢ ᠬᠡᠮᠡᠪᠡ ᠨᠢᠭᠡᠨ ᠮᠢᠩᠭᠠᠨ ᠲᠣᠷᠭᠠᠰ ᠤᠳ ᠢ ᠳᠣᠭᠣᠯᠬᠤ ᠴᠢᠷᠪᠢ ᠮᠡᠳᠡᠲᠦᠭᠡᠢ ᠬᠡᠮᠡᠪᠡ ᠨᠢᠭᠡᠨ ᠮᠢᠩᠭᠠᠨ ᠲᠣᠷᠭᠠᠰ ᠤᠳ ᠢ ᠵᠤᠷᠴᠢᠳᠠᠢ ᠶᠢᠨ ᠤᠷᠤᠭᠲᠥᠷᠥᠯ ᠠᠴᠠ ᠴᠠᠨᠠᠢ ᠮᠡᠳᠡᠲᠦᠭᠡᠢ ᠨᠢᠭᠡᠨ ᠲᠣᠷᠭᠠᠰ ᠤᠳ ᠢ ᠡᠯᠴᠢ ᠶᠢᠨ ᠤᠷᠤᠭ ᠠᠴᠠ ᠠᠬᠤᠳᠤᠢ ᠮᠡᠳᠡᠲᠦᠭᠡᠢ ᠬᠡᠮᠡᠪᠡ ᠨᠢᠭᠡᠨ ᠮᠢᠩᠭᠠᠨ ᠲᠣᠷᠭᠠᠰ ᠤᠳ ᠢ ᠠᠷᠬᠠᠢ ᠬᠠᠰᠠᠷ ᠨᠢᠭᠡᠨ ᠮᠢᠩᠭᠠᠨ ᠢᠯᠭᠠᠭᠰᠠᠨ ᠪᠠᠭᠠᠲᠤᠳ ᠢ ᠮᠡᠳᠡᠵᠦ ᠣᠯᠠᠨ ᠡᠳᠦᠷ ᠲᠦᠷ ᠬᠠᠰ ᠪᠣᠯᠵᠤ ᠠᠯᠲᠠᠨ ᠠᠮᠢᠨ ᠮᠢᠨᠤ ᠰᠠᠬᠢᠲᠤᠭᠠᠢ ᠬᠠᠳᠬᠤᠯᠳᠤᠬᠠᠨ ᠡᠳᠦᠷ ᠤᠷᠢᠳᠠ ᠪᠠᠶᠢᠵᠤ ᠪᠠᠭᠠᠲᠤᠳ ᠪᠣᠯᠵᠤ ᠬᠠᠳᠬᠤᠯᠳᠤᠲᠤᠭᠠᠢ ᠬᠡᠮᠡᠨ ᠵᠠᠷᠯᠢᠭ ᠪᠣᠯᠪᠠ ᠮᠢᠩᠭᠠᠳ ᠮᠢᠩᠭᠠᠳ ᠠᠴᠠ ᠢᠯᠭᠠᠵᠤ ᠢᠷᠡᠭᠰᠡᠳ ᠨᠠᠢᠮᠠᠨ ᠮᠢᠩᠭᠠᠨ ᠲᠣᠷᠭᠠᠰ ᠤᠳ ᠪᠣᠯᠪᠠ ᠬᠡᠪᠲᠡᠭᠦᠯ ᠬᠣᠷᠴᠢᠨ ᠯᠤᠭ᠎ᠠ ᠬᠣᠶᠠᠷ ᠬᠦ ᠮᠢᠩᠭᠠᠨ ᠪᠣᠯᠪᠠ ᠲᠦᠮᠡᠨ ᠬᠡᠰᠢᠭ ᠲᠡᠨ ᠪᠣᠯᠪᠠ ᠪᠠᠰᠠ ᠵᠠᠷᠯᠢᠭ ᠪᠣᠯᠤᠷᠤᠨ ᠪᠢᠳᠠᠨ ᠤ ᠴᠠᠭᠠᠳᠠ ᠴᠢᠨᠠᠳᠤ ᠲᠦᠮᠡᠨ ᠬᠡᠰᠢᠭ ᠲᠡᠨ ᠢ ᠪᠥᠬᠡᠯᠵᠦ ᠶᠡᠬᠡ ᠭᠣᠣᠯ ᠪᠣᠯᠤᠨ ᠠᠲᠤᠭᠠᠢ ᠬᠡᠮᠡᠪᠡ ᠪᠠᠰᠠ ᠵᠠᠷᠯᠢᠭ ᠪᠣᠯᠤᠷᠤᠨ ᠲᠣᠷᠭᠠᠰ ᠤᠳ ᠳᠥᠷᠪᠡᠨ ᠬᠡᠰᠡᠭ ᠦᠳ ᠦᠨ ᠡᠳᠦᠬᠦᠯᠡᠬᠦᠨ ᠢ ᠲᠦᠰᠢᠷ ᠦᠨ ᠪᠤᠬ᠎ᠠ ᠨᠢᠭᠡᠨ ᠬᠡᠰᠡᠭ ᠬᠡᠰᠢᠭ ᠲᠡᠨ ᠢ ᠮᠡᠳᠡᠵᠦ ᠬᠡᠰᠢᠭ ᠵᠠᠰᠠᠵᠤ ᠣᠷᠣᠲᠤᠭᠠᠢ ᠶᠠᠪᠤᠲᠤᠭᠠᠢ ᠠᠯᠴᠢᠳᠠᠢ ᠨᠢᠭᠡᠨ ᠬᠡᠰᠡᠭ ᠢ ᠮᠡᠳᠡᠵᠦ ᠬᠡᠰᠢᠭ ᠲᠡᠨ ᠢ ᠵᠠᠰᠠᠵᠤ ᠣᠷᠣᠲᠤᠭᠠᠢ ᠲᠥᠳᠡᠢ ᠴᠢᠷᠪᠢ ᠨᠢᠭᠡᠨ ᠬᠡᠰᠡᠭ ᠬᠡᠰᠢᠭ ᠲᠡᠨ ᠢ ᠮᠡᠳᠡᠵᠦ ᠵᠠᠰᠠᠵᠤ ᠣᠷᠣᠲᠤᠭᠠᠢ ᠳᠣᠭᠣᠯᠬᠤ ᠴᠢᠷᠪᠢ ᠨᠢᠭᠡᠨ ᠬᠡᠰᠡᠭ ᠬᠡᠰᠢᠭ ᠲᠡᠨ ᠢ ᠵᠠᠰᠠᠵᠤ
Alčidai nigen mingγan torγas=ud=i medetügei kemebe nigen mingγan torγas=ud=i Tödei-čirbi medetügei kemebe nigen mingγan torγas=ud=i Doγolqu-čirbi medetügei kemebe nigen mingγan torγas=ud=i Jurčidai=yin uruγ(töröl)=ača Čanai medetügei nigen torγas=ud=i Elči=yin uruγ=ača Aqudui medetügei kemebe nigen mingγan torγas=ud=i Arqai-Qasar nigen mingγan ilγaγsan baγatud=i medejü olan edür=tür qas bolju altan amin minu sakituγai qadqulduqan edür urida bayiju baγatud bolju qadquldutuγai kemen jarliγ bolba mingγad mingγad=ača ilγaju iregsed naiman mingγan torγas=ud bolba kebtegül qorčin=luγ=a qoyar kü mingγan bolba tümen kesig=ten bolba basa jarliγ bolurun bidan=u čaγada (činadu) tümen kesig=ten=i bökeljü yeke γool bolun atuγai kemebe basa jarliγ bolurun torγas=ud dörben keseg=üd=ün edükülekün=i tüsir=ün Buq=a nigen keseg kesig=ten=i medejü kesig jasaju orotuγai (yabutuγai) Alčidai nigen keseg=i medejü kesig=ten=i jasaju orotuγai Tödei-čirbi nigen keseg kesig=ten=i medejü jasaju orotuγai Doγolqu-čirbi nigen keseg kesig=ten=i jasaju
73b
ᠣᠷᠣᠲᠤᠭᠠᠢ ᠬᠡᠮᠡᠨ ᠬᠡᠰᠢᠭ ᠣᠷᠣᠬᠤᠢ ᠵᠠᠷᠯᠢᠭ ᠲᠤᠩᠭᠠᠭᠠᠷ ᠤᠨ ᠢᠯᠡᠭᠡᠷ ᠦᠨ ᠬᠡᠰᠢᠭ ᠣᠷᠣᠷ ᠤᠨ ᠬᠡᠰᠢᠭ ᠦᠨ ᠨᠣᠶᠠᠨ ᠥᠪᠡᠷ ᠲᠦᠷ ᠢᠶᠡᠨ ᠬᠡᠰᠢᠭᠯᠡᠭᠰᠡᠨ ᠬᠡᠰᠢᠭ ᠲᠡᠨ ᠪᠦᠲᠦᠭᠡᠵᠦ ᠬᠡᠰᠢᠭ ᠣᠷᠣᠵᠤ ᠭᠤᠷᠪᠠᠨ ᠬᠣᠨᠣᠯᠳᠤᠵᠤ ᠶᠡᠭᠦᠳᠬᠡᠲᠦᠭᠡᠢ ᠬᠡᠰᠢᠭ ᠲᠦ ᠬᠦᠮᠦᠨ ᠬᠡᠰᠢᠭ ᠣᠭᠠᠷᠠᠪᠠᠰᠤ ᠲᠡᠷᠡ ᠬᠡᠰᠢᠭ ᠣᠭᠠᠷᠠᠭᠰᠠᠨ ᠬᠦᠮᠦᠨ ᠢ ᠭᠤᠷᠪᠠᠨ ᠪᠡᠷᠢᠶᠡᠰ ᠱᠦᠶᠢᠲᠦᠭᠡᠢ ᠭᠥᠪᠰᠢᠲᠦᠭᠡᠢ ᠮᠥᠨ ᠬᠡᠰᠢᠭ ᠲᠦ ᠨᠥᠭᠥᠭᠡ ᠬᠡᠰᠢᠭ ᠣᠭᠠᠷᠠᠪᠠᠰᠤ ᠳᠣᠯᠣᠭᠠᠨ ᠪᠡᠷᠢᠶᠡᠰ ᠱᠦᠶᠢᠲᠦᠭᠡᠢ ᠮᠥᠨ ᠬᠦᠮᠦᠨ ᠪᠡᠶ᠎ᠡ ᠬᠠᠳ ᠬᠠᠷ ᠡᠪᠡᠴᠢᠨ ᠦᠭᠡᠢ ᠬᠡᠰᠢᠭ ᠦᠨ ᠨᠣᠶᠠᠳ ᠠᠴᠠ ᠡᠶ᠎ᠡ ᠦᠭᠡᠬᠦ ᠮᠥᠨ ᠬᠡᠰᠢᠭ ᠲᠦ ᠭᠤᠷᠪᠠᠨ ᠲᠠ ᠬᠡᠰᠢᠭ ᠣᠭᠠᠷᠠᠪᠠᠰᠤ ᠭᠤᠴᠢᠨ ᠳᠣᠯᠣᠭᠠᠨ ᠪᠡᠷᠢᠶᠡᠰ ᠱᠦᠶᠢᠳᠬᠡᠳ ᠪᠢᠳᠠᠨ ᠲᠤᠷ ᠶᠠᠪᠤᠬᠤᠢ ᠪᠠᠨ ᠪᠡᠷᠬᠡᠰᠢᠶᠡᠨ ᠠᠵᠤᠬᠤ ᠡᠴᠢᠨ᠎ᠡ ᠬᠣᠯᠠ ᠭᠠᠵᠠᠷ᠎ᠠ ᠢᠯᠡᠭᠡᠶ᠎ᠡ ᠬᠡᠮᠡᠨ ᠵᠠᠷᠯᠢᠭ ᠪᠣᠯᠪᠠ ᠬᠡᠰᠢᠭ ᠦᠳ ᠦᠨ ᠨᠣᠶᠠᠳ ᠥᠲᠡᠭᠡᠰ ᠭᠤᠲᠤᠭᠠᠷ ᠬᠡᠰᠢᠭ ᠲᠦᠷ ᠡᠨᠡ ᠵᠠᠷᠯᠢᠭ ᠬᠡᠰᠢᠭ ᠲᠡᠨ᠎ᠡ ᠰᠣᠨᠣᠰᠤᠭᠠᠳ ᠡᠰᠡ ᠰᠣᠨᠣᠰᠭᠠᠪᠠᠰᠤ ᠬᠡᠰᠢᠭ ᠦᠳ ᠦᠨ ᠥᠲᠡᠭᠡᠰ ᠠᠯᠳᠠᠯ ᠲᠠᠨ ᠪᠣᠯᠲᠤᠭᠠᠢ ᠬᠡᠮᠡᠪᠡ ᠵᠠᠷᠯᠢᠭ ᠰᠣᠨᠣᠰᠤᠭᠠᠳ ᠪᠦᠷᠦᠨ ᠳᠠᠪᠠᠪᠠᠰᠤ ᠵᠠᠷᠯᠢᠭ ᠤᠨ ᠶᠣᠰᠤᠭᠠᠷ ᠬᠡᠰᠢᠭ ᠣᠭᠠᠷᠠᠪᠠᠰᠤ ᠬᠡᠰᠢᠭ ᠦᠳ ᠲᠡᠨ ᠠᠯᠳᠠᠯ ᠲᠠᠨ ᠪᠣᠯᠲᠤᠭᠠᠢ ᠬᠡᠮᠡᠨ ᠵᠠᠷᠯᠢᠭ ᠪᠣᠯᠪᠠ ᠬᠡᠰᠢᠭ ᠦᠳ ᠦᠨ ᠥᠲᠡᠭᠡᠰ ᠡᠨᠳᠡᠪᠡ ᠡᠯᠡ ᠬᠡᠮᠡᠨ ᠰᠠᠴᠠᠭᠤᠨ ᠣᠷᠣᠭᠰᠠᠨ ᠮᠢᠨᠤ ᠬᠡᠰᠢᠭ ᠲᠡᠨ ᠢ ᠨᠠᠳᠠ ᠠᠴᠠ ᠡᠰᠢ ᠦᠭᠡᠬᠦ ᠪᠦᠦ ᠵᠠᠰᠠᠭᠳᠠᠬᠤᠨ ᠵᠠᠰᠠᠭ ᠬᠥᠨᠳᠡᠪᠡᠰᠦ ᠨᠠᠳᠠ ᠵᠢᠭᠠᠳᠬᠤᠨ ᠮᠥᠬᠥᠷᠢᠭᠦᠯᠳᠡᠬᠦ ᠠᠯᠠᠭᠤᠯᠬᠤ ᠶᠣᠰᠤᠲᠤ ᠪᠥᠭᠡᠰᠦ ᠪᠢᠳᠠ ᠮᠥᠬᠥᠷᠢᠭᠦᠯᠦᠶᠦ ᠨᠢᠰᠢᠭᠳᠠᠬᠤᠨ ᠭᠥᠪᠰᠢᠭᠳᠡᠬᠦᠨ ᠶᠣᠰᠤᠲᠤ ᠪᠥᠭᠡᠰᠦ ᠬᠡᠪᠲᠡᠭᠦᠯ ᠦᠨ
orotuγai kemen kesig oroqui jarliγ tungγaγar=un (ileger=ün) kesig oror=un kesig=ün noyan öber=tür=iyen kesiglegsen kesig=ten bütügejü kesig oroju γurban qonolduju yegüdketügei kesig=tü kümün kesig oγarabasu tere kesig oγaraγsan kümün=i γurban beriyes šüyitügei (göbsitügei) mön kesig=tü nögöge kesig oγarabasu doloγan beriyes šüyitügei mön kümün bey=e qad (qar) ebečin ügei kesig=ün noyad=ača ey=e ügekü mön kesig=tü γurban=ta kesig oγarabasu γučin doloγan beriyes šüyidked bidan=tur yabuqui=ban berkesiyen ajuqu ečin=e qola γajar=a ilegey=e kemen jarliγ bolba kesig=üd=ün noyad öteges γutuγar kesig=tür ene jarliγ kesig=ten=e sonosuγad ese sonosγabasu kesig=üd=ün öteges aldal=tan boltuγai kemebe jarliγ sonosuγad bürün dababasu jarliγ=un yosuγar kesig oγarabasu kesig=üd=ten aldal=tan boltuγai kemen jarliγ bolba kesig=üd=ün öteges endebe ele kemen sačaγun oroγsan minu kesig=ten=i nada=ača esi ügekü büü jasaγdaqun jasaγ köndebesü nada jiγadqun mökörigüldekü (alaγulqu) yosutu bögesü bida mökörigülüyü nisiγdaqun (göbsigdekün) yosutu bögesü kebtegül=ün
74a
ᠨᠢᠰᠢᠬᠤᠨ ᠵ᠎ᠠ ᠠᠯᠠᠪᠠᠢ ᠡᠯᠡ ᠬᠡᠮᠡᠵᠦ ᠰᠠᠴᠤᠭᠤᠨ ᠬᠡᠰᠢᠭ ᠲᠡᠨ ᠢ ᠮᠢᠨᠤ ᠥᠪᠡᠷ ᠦᠨ ᠭᠠᠷ ᠬᠥᠯ ᠬᠦᠷᠭᠡᠵᠦ ᠪᠡᠷᠢᠶ᠎ᠡ ᠪᠡᠷᠢᠶᠡᠳᠡᠪᠡᠰᠦ ᠪᠡᠷᠢᠶ ᠡ ᠶᠢᠨ ᠬᠠᠷᠢᠭᠤ ᠪᠡᠷᠢᠶ᠎ᠡ ᠬᠦ ᠨᠢᠳᠤᠷᠭ ᠠ ᠤ ᠬᠠᠷᠢᠭᠤ ᠨᠢᠳᠤᠷᠭ ᠠ ᠪᠠᠷ ᠬᠠᠷᠢᠭᠤᠯᠲᠤᠭᠠᠢ ᠬᠡᠮᠡᠪᠡ ᠪᠠᠰᠠ ᠵᠠᠷᠯᠢᠭ ᠪᠣᠯᠤᠷᠤᠨ ᠭᠠᠳᠠᠭᠠᠳᠤ ᠮᠢᠩᠭᠠᠳ ᠤᠨ ᠨᠣᠶᠠᠳ ᠠᠴᠠ ᠮᠢᠨᠤ ᠬᠡᠰᠢᠭ ᠲᠦ ᠳᠡᠭᠡᠷᠡ ᠪᠤᠢ ᠵ᠎ᠠ ᠭᠠᠳᠠᠭᠠᠳᠤ ᠵᠠᠭᠤᠳ ᠤᠨ ᠠᠷᠪᠠᠳ ᠤᠨ ᠨᠣᠶᠠᠳ ᠠᠴᠠ ᠮᠢᠨᠤ ᠬᠡᠰᠢᠭ ᠲᠦ ᠶᠢᠨ ᠬᠥᠲᠡᠴᠢ ᠳᠡᠭᠡᠷᠡ ᠪᠤᠢ ᠵ᠎ᠠ ᠬᠡᠰᠢᠭ ᠲᠡᠨ ᠲᠦᠷ ᠭᠠᠳᠠᠭᠠᠳᠤ ᠮᠢᠩᠭᠠᠯᠢᠭ ᠤᠳ ᠰᠠᠴᠠᠭᠤᠨ ᠪᠣᠯᠵᠤ ᠲᠡᠩᠭᠡᠴᠢᠨ ᠮᠢᠨᠤ ᠬᠡᠰᠢᠭ ᠲᠡᠨ ᠲᠦᠷ ᠬᠡᠷᠡᠯᠳᠦᠪᠡᠰᠦ ᠮᠢᠩᠭᠠᠯᠢᠭ ᠤᠳ ᠤᠨ ᠬᠦᠮᠦᠨ ᠢ ᠡᠷᠡᠭᠦᠯᠡᠶ᠎ᠡ ᠵᠠᠰᠠᠭᠯᠠᠶ᠎ᠠ ᠬᠡᠮᠡᠨ ᠵᠠᠷᠯᠢᠭ ᠪᠣᠯᠪᠠ ᠪᠠᠰᠠ ᠵᠠᠷᠯᠢᠭ ᠪᠣᠯᠤᠷᠤᠨ ᠬᠡᠰᠢᠭ ᠦᠳ ᠦᠨ ᠨᠣᠶᠠᠳ᠎ᠠ ᠵᠠᠷᠯᠢᠭ ᠲᠤᠩᠬᠠᠭᠠᠷ ᠤᠨ ᠬᠣᠷᠴᠢᠨ ᠲᠣᠷᠭᠠᠰ ᠤᠳ ᠬᠡᠰᠢᠭ ᠣᠷᠣᠵᠤ ᠡᠳᠦᠷ ᠦᠨ ᠶᠠᠪᠤᠳᠠᠯ ᠵᠦᠭ ᠵᠦᠭ ᠮᠥᠷ ᠮᠥᠷ ᠲᠦᠷ ᠢᠶᠡᠨ ᠶᠠᠪᠤᠵᠤ ᠨᠠᠷᠠᠨ ᠤ ᠭᠠᠯᠲᠠᠢ᠎ᠠ ᠬᠡᠪᠲᠡᠭᠦᠯ᠎ᠡ ᠵᠠᠶᠢᠯᠠᠵᠤ ᠭᠠᠳᠠᠨ᠎ᠠ ᠭᠠᠷᠴᠤ ᠬᠣᠨᠣᠳᠬᠤᠨ ᠪᠢᠳᠠᠨ ᠲᠤᠷ ᠱᠥᠨᠢ ᠬᠡᠪᠲᠡᠭᠦᠯ ᠬᠣᠨᠣᠲᠤᠭᠠᠢ ᠬᠣᠷᠴᠢᠨ ᠲᠤᠷ ᠬᠣᠶᠠᠷ ᠪᠠᠭᠤᠷᠴᠢᠨ ᠢ ᠠᠶᠠᠭ᠎ᠠ ᠰᠠᠪᠠ ᠬᠡᠪᠲᠡᠭᠦᠯ᠎ᠡ ᠳᠠᠭᠠᠯᠭᠠᠵᠤ ᠣᠳᠲᠤᠭᠠᠢ ᠭᠠᠳᠠᠨ᠎ᠠ ᠬᠣᠨᠣᠭᠰᠠᠨ ᠬᠣᠷᠴᠢᠨ ᠲᠣᠷᠭᠠᠰ ᠤᠳ ᠪᠠᠭᠤᠷᠴᠢᠨ ᠪᠢᠳᠠᠨ ᠢ ᠰᠢᠯᠦ ᠢᠳᠡᠲᠡᠯᠡ ᠬᠢᠷᠦᠭᠡᠬᠥᠳᠥᠭᠡ ᠲᠦᠷ ᠰᠠᠭᠤᠵᠤ ᠬᠡᠪᠲᠡᠭᠦᠯ ᠲᠦᠷ ᠬᠡᠯᠡᠯᠡᠵᠦ ᠥᠭᠦᠯᠡᠵᠦ ᠰᠢᠯᠦ ᠢᠳᠡᠨ ᠪᠠᠷᠠᠪᠠᠰᠤ ᠬᠣᠷᠴᠢᠨ ᠬᠣᠣᠷ ᠲᠤ ᠲᠣᠷᠭᠠᠰ ᠤᠳ ᠲᠤᠷ ᠢᠶᠠᠨ ᠪᠠᠭᠤᠷᠴᠢᠨ ᠠᠶᠠᠭ᠎ᠠ ᠰᠠᠪᠠ ᠲᠤᠷ ᠢᠶᠠᠨ ᠳᠠᠭᠠᠯᠭᠠᠳᠤᠲᠤᠭᠠᠢ
nisiqun j=a alabai ele kemejü sačuγun kesig=ten=i minu öber=ün γar köl kürgejü beriy=e beriyedebesü beriy=e=yin qariγu beriy=e kü nidurγ=a=u qariγu nidurγ=a=bar qariγultuγai kemebe basa jarliγ bolurun γadaγadu mingγad=un noyad=ača minu kesig=tü degere bui j=a γadaγadu jaγud=un arbad=un noyad=ača minu kesig=tü=yin köteči degere bui j=a kesig=ten=tür γadaγadu mingγaliγ=ud sačaγun bolju tenggečin minu kesig=ten=tür kereldübesü mingγaliγ=ud=un kümün=i eregüley=e (jasaγlay=a) kemen jarliγ bolba basa jarliγ bolurun kesig=üd=ün noyad=a jarliγ tungqaγar=un qorčin torγas=ud kesig oroju edür=ün yabudal jüg jüg mör mör=tür=iyen yabuju naran=u γaltai=a kebtegül=e jayilaju γadan=a γarču qonodqun bidan=tur šöni kebtegül qonotuγai qorčin=tur qoyar baγurčin=i ayaγ=a saba kebtegül=e daγalγaju odtuγai γadan=a qonoγsan qorčin torγas=ud baγurčin bidan=i silü idetele kirüge(ködöge)=tür saγuju kebtegül=tür kelelejü (ögülejü) silü iden barabasu qorčin qoor=tu torγas=ud=tur=iyan baγurčin ayaγ=a saba=tur=iyan daγalγadutuγai
74b
ᠬᠡᠰᠢᠭ ᠮᠥᠨ ᠮᠥᠨ ᠡᠨᠡ ᠬᠤᠯᠢ ᠪᠠᠷ ᠲᠡᠶᠢᠨ ᠬᠢᠲᠦᠭᠡᠢ ᠬᠡᠮᠡᠨ ᠵᠠᠷᠯᠢᠭ ᠪᠣᠯᠪᠠ ᠨᠠᠷᠠᠨ ᠰᠢᠩᠭᠡᠭᠰᠡᠨ ᠦ ᠬᠣᠶᠢᠨᠠ ᠣᠷᠳᠣ ᠶᠢᠨ ᠬᠣᠶᠢᠬᠤᠨ ᠬᠣᠶᠢᠨᠠ ᠤᠷᠳᠤᠬᠤᠨ ᠡᠮᠦᠨᠡ ᠭᠡᠲᠦᠭᠡᠯᠵᠢᠨ ᠶᠠᠪᠤᠬᠤ ᠬᠦᠮᠦᠨ ᠢ ᠬᠡᠪᠲᠡᠭᠦᠯ ᠪᠠᠷᠢᠵᠤ ᠬᠣᠨᠣᠵᠤ ᠮᠠᠨᠠᠭᠠᠷ ᠬᠡᠪᠲᠡᠭᠦᠯ ᠦᠭᠡᠰ ᠢ ᠢᠨᠤ ᠠᠰᠠᠭᠲᠤᠭᠠᠢ ᠬᠡᠪᠲᠡᠭᠦᠯ ᠬᠡᠰᠢᠭ ᠶᠡᠭᠦᠳᠬᠡᠯᠳᠦᠷ ᠦᠨ ᠪᠡᠶ᠎ᠡ ᠠᠨᠤ ᠲᠣᠭᠣᠯᠠᠵᠤ ᠣᠷᠣᠵᠤ ᠢᠷᠡᠲᠦᠭᠡᠢ ᠶᠡᠭᠦᠳᠬᠡᠵᠦ ᠭᠠᠷᠬᠤᠨ᠎ᠠ ᠬᠡᠪᠲᠡᠭᠦᠯ ᠲᠣᠭᠣᠯᠠᠵᠤ ᠭᠠᠷᠴᠤ ᠲᠣᠭᠣᠯᠠᠵᠤ ᠣᠷᠣᠵᠤ ᠣᠳᠲᠤᠭᠠᠢ ᠬᠡᠮᠡᠪᠡᠢ ᠬᠡᠪᠲᠡᠭᠦᠯ ᠱᠥᠨᠢ ᠣᠷᠳᠣ ᠣᠷᠴᠢᠨ ᠬᠡᠪᠲᠡᠵᠦ ᠡᠭᠦᠳᠡᠨ ᠳᠠᠷᠤᠵᠤ ᠪᠠᠶᠢᠭᠰᠠᠨ ᠬᠣᠶᠢᠨᠠ ᠬᠡᠪᠲᠡᠭᠦᠯ ᠱᠥᠨᠢ ᠣᠷᠣᠬᠤᠨ ᠠᠷᠠᠨ ᠢ ᠡᠬᠢᠳ ᠲᠡᠷᠢᠭᠦᠨ ᠢ ᠠᠨᠤ ᠬᠠᠭ᠎ᠠ ᠲᠠᠯᠪᠢᠷᠤ ᠮᠥᠷᠢᠰ ᠠᠨᠤ ᠮᠥᠷᠡᠨ ᠲᠦᠷ ᠬᠦᠷᠲᠡᠯᠡ ᠪᠠᠭᠤᠲᠠᠯᠠ ᠴᠠᠪᠴᠢᠵᠤ ᠣᠬᠣᠷᠳᠠᠬᠤᠨ ᠣᠷᠬᠢᠭᠳᠠᠬᠤᠨ ᠶᠠᠭᠠᠷᠠᠯ ᠶᠠᠭᠠᠷᠠᠬᠤ ᠬᠡᠯᠡᠲᠡᠨ ᠠᠷᠠᠨ ᠢᠷᠡᠪᠡᠰᠦ ᠬᠡᠪᠲᠡᠭᠦᠯ ᠲᠦᠷ ᠬᠡᠯᠡᠯᠡᠵᠦ ᠭᠡᠷ ᠦᠨ ᠤᠮᠠᠷᠠ ᠠᠴᠠ ᠬᠡᠪᠲᠡᠭᠦᠯ ᠯᠦᠭᠡ ᠬᠠᠮᠲᠤ ᠪᠠᠶᠢᠵᠤ ᠬᠡᠯᠡᠯᠡᠭᠦᠯᠲᠦᠭᠡᠢ ᠬᠡᠮᠡᠪᠡᠢ ᠬᠡᠪᠲᠡᠭᠦᠯ ᠡᠴᠡ ᠳᠡᠭᠡᠷᠡ ᠰᠠᠭᠤᠷᠢ ᠬᠡᠨ ᠪᠡᠷ ᠪᠦᠦ ᠰᠠᠭᠤᠲᠤᠭᠠᠢ ᠬᠡᠪᠲᠡᠭᠦᠯ ᠡᠴᠡ ᠬᠡᠯᠡᠨ ᠦᠭᠡᠢ ᠬᠡᠨ ᠪᠡᠷ ᠪᠦᠦ ᠶᠠᠪᠤᠲᠤᠭᠠᠢ ᠬᠡᠪᠲᠡᠭᠦᠯ ᠦᠨ ᠳᠡᠭᠡᠬᠦᠨ ᠬᠡᠨ ᠪᠡᠷ ᠪᠦᠦ ᠣᠷᠣᠲᠤᠭᠠᠢ ᠬᠡᠪᠲᠡᠭᠦᠯᠦᠨ ᠵᠢᠭᠠᠬᠤᠨ ᠬᠡᠨ ᠪᠡᠷ ᠪᠦᠦ ᠶᠠᠪᠤᠲᠤᠭᠠᠢ ᠬᠡᠪᠲᠡᠭᠦᠯᠦᠨ ᠲᠣᠭ᠎ᠠ ᠪᠦᠦ ᠠᠰᠠᠭᠲᠤᠭᠠᠢ ᠬᠡᠪᠲᠡᠭᠦᠯᠦᠨ ᠳᠡᠭᠡᠬᠦᠨ ᠶᠠᠪᠤᠬᠤᠨ ᠠᠷᠠᠨ ᠢ ᠬᠡᠪᠲᠡᠭᠦᠯ ᠪᠠᠷᠢᠲᠤᠭᠠᠢ ᠵᠢᠭᠠᠬᠤᠨ ᠶᠠᠪᠤᠬᠤᠨ ᠠᠷᠠᠨ ᠢ ᠬᠡᠪᠲᠡᠭᠦᠯ ᠪᠠᠷᠢᠲᠤᠭᠠᠢ ᠲᠣᠭ᠎ᠠ ᠠᠰᠠᠬᠤᠨ ᠬᠦᠮᠦᠨ ᠢ ᠬᠡᠪᠲᠡᠭᠦᠯ ᠲᠡᠷᠡ ᠡᠳᠦᠷ ᠤᠨᠤᠭᠰᠠᠨ ᠠᠭᠲᠠ ᠡᠮᠡᠭᠡᠯ ᠬᠠᠵᠠᠭᠠᠷ ᠲᠤ ᠶᠢ ᠡᠮᠦᠰᠦᠭᠰᠡᠨ ᠬᠤᠪᠴᠢᠰᠤᠨ
kesig mön mön ene quli=bar teyin kitügei kemen jarliγ bolba naran singgegsen=ü qoyina ordo=yin qoyiqun (qoyina) urduqun (emüne) getügeljin yabuqu kümün=i kebtegül bariju qonoju manaγar kebtegül üges=i inu asaγtuγai kebtegül kesig yegüdkeldür=ün bey=e anu toγolaju oroju iretügei yegüdkejü γarqun=a kebtegül toγolaju γarču toγolaju oroju odtuγai kemebei kebtegül šöni ordo orčin kebtejü egüden daruju bayiγsan qoyina kebtegül šöni oroqun aran=i ekid (terigün=i) anu (qaγ=a) talbiru möris anu (mören=tür kürtele) baγutala čabčiju oqordaqun (orkiγdaqun) yaγaral (yaγaraqu) keleten aran irebesü kebtegül=tür kelelejü ger=ün umara=ača kebtegül=lüge qamtu bayiju kelelegültügei kemebei kebtegül=eče degere saγuri ken=ber büü saγutuγai kebtegül=eče kelen ügei ken=ber büü yabutuγai kebtegül=ün degekün ken=ber büü orotuγai kebtegülün jiγaqun ken=ber büü yabutuγai kebtegülün toγ=a büü asaγtuγai kebtegülün degekün yabuqun aran=i kebtegül barituγai jiγaqun yabuqun aran=i kebtegül barituγai toγ=a asaqun kümün=i kebtegül tere edür unuγsan aγta emegel qajaγar=tu=yi emüsügsen qubčisun
75a
ᠰᠡᠯᠲᠡ ᠶᠢ ᠬᠡᠪᠲᠡᠭᠦᠯ ᠠᠪᠲᠤᠭᠠᠢ ᠬᠡᠮᠡᠨ ᠵᠠᠷᠯᠢᠭ ᠪᠣᠯᠪᠠᠢ ᠢᠯᠵᠢᠭᠡᠳᠡᠢ ᠢᠲᠡᠭᠡᠯ ᠲᠦ ᠪᠥᠭᠡᠲᠡᠯᠡ ᠵᠢᠯᠲᠡ ᠵᠡᠷᠭᠡᠴᠡᠨ ᠬᠡᠪᠲᠡᠭᠦᠯᠦᠨ ᠳᠡᠭᠡᠬᠦᠨ ᠶᠠᠪᠤᠬᠤ ᠪᠣᠯᠤᠨ ᠬᠡᠪᠲᠡᠭᠦᠯ ᠪᠡᠷ ᠪᠠᠷᠢ ᠯᠤᠭ᠎ᠠ ᠪᠠᠰᠠ ᠵᠠᠷᠯᠢᠭ ᠪᠣᠯᠤᠷᠤᠨ ᠡᠭᠦᠯᠡᠲᠡᠢ ᠱᠥᠨᠢ ᠡᠷᠦᠬᠡ ᠲᠡᠢ ᠭᠡᠷ ᠢ ᠮᠢᠨᠤ ᠡᠭᠡᠷᠡᠨ ᠡᠷᠭᠢᠴᠡᠨ ᠬᠡᠪᠲᠡᠵᠦ ᠣᠷᠣᠨ ᠲᠤᠷ ᠨᠤᠲᠠ ᠤᠨᠲᠠᠭᠤᠯᠵᠤ ᠬᠠᠨ ᠣᠷᠣᠨ ᠲᠤᠷ ᠬᠦᠷᠭᠡᠭᠰᠡᠨ ᠥᠲᠡᠭᠡᠰ ᠬᠡᠪᠲᠡᠭᠦᠯ ᠮᠢᠨᠤ ᠣᠳᠤ ᠲᠠᠢ ᠱᠥᠨᠢ ᠣᠷᠳᠣ ᠭᠡᠷ ᠢ ᠮᠢᠨᠤ ᠣᠷᠴᠢᠨ ᠬᠡᠪᠲᠡᠵᠦ ᠣᠷᠣᠨ ᠳᠣᠲᠣᠷᠠ ᠡᠰᠡ ᠤᠨᠲᠠᠭᠰᠠᠨ ᠥᠯᠵᠡᠢ ᠲᠡᠨ ᠬᠡᠪᠲᠡᠭᠦᠯ ᠮᠢᠨᠤ ᠥᠨᠳᠥᠷ ᠣᠷᠣᠨ ᠲᠤᠷ ᠬᠦᠷᠭᠡᠪᠡ ᠰᠢᠭᠤᠷᠭᠠᠨ ᠪᠣᠷᠣᠭᠠᠨ᠎ᠠ ᠰᠢᠯᠭᠦᠳᠬᠡᠨ ᠪᠦᠬᠦᠢ ᠵᠥᠰᠭᠡᠨ᠎ᠡ ᠴᠢᠳᠬᠤᠨ ᠪᠦᠬᠦᠢ ᠬᠤᠷᠠ ᠲᠠ ᠰᠢᠳᠡᠰᠦᠲᠡᠢ ᠭᠡᠷ ᠮᠢᠨᠤ ᠣᠷᠴᠢᠨ ᠴᠢᠷᠠᠮ ᠦᠯᠦ ᠬᠢᠨ ᠪᠠᠶᠢᠵᠤ ᠵᠢᠷᠦᠬᠡᠨ ᠠᠮᠤᠭᠤᠯᠤᠭᠰᠠᠨ ᠴᠢᠩ ᠰᠡᠳᠬᠢᠯ ᠲᠦ ᠮᠢᠨᠤ ᠵᠢᠷᠭᠠᠯᠠᠩ ᠲᠤ ᠣᠷᠣᠨ ᠲᠤᠷ ᠬᠦᠷᠭᠡᠪᠡ ᠢᠪᠦᠯ ᠦᠨ ᠪᠦᠬᠦᠢ ᠳᠠᠶᠢᠰᠤᠨ ᠳᠣᠲᠣᠷᠠ ᠡᠷᠦᠬᠡ ᠲᠡᠢ ᠭᠡᠷ ᠢ ᠮᠢᠨᠤ ᠣᠷᠴᠢᠨ ᠢᠷᠮᠡᠰ ᠦᠯᠦ ᠬᠢᠨ ᠢᠳᠬᠠᠵᠤ ᠪᠠᠶᠢᠭᠰᠠᠳ ᠢᠲᠡᠭᠡᠯ ᠲᠡᠨ ᠬᠡᠪᠲᠡᠭᠦᠯ ᠮᠢᠨᠤ ᠦᠶᠢᠯᠡᠰ ᠦᠨ ᠬᠣᠣᠷ ᠣᠪᠢᠰᠬᠢᠬᠦᠢᠥᠷᠪᠢᠳᠬᠡᠬᠦᠢ ᠲᠦᠷ ᠤᠳᠠᠯ ᠦᠭᠡᠢ ᠪᠠᠷᠢᠯᠠᠯᠳᠠᠨ ᠤᠷᠢᠶᠠᠷᠬᠤᠨ ᠬᠡᠪᠲᠡᠭᠦᠯ ᠮᠢᠨᠤ ᠬᠤᠳ ᠬᠤᠪᠢᠰ ᠬᠢᠬᠦᠢᠬᠤᠳᠬᠤᠯᠠᠬᠤᠢ ᠲᠦᠷ ᠬᠣᠵᠢᠳ ᠡᠰᠡ ᠪᠠᠶᠢᠭᠰᠠᠨ ᠬᠤᠷᠳᠤᠨ ᠶᠠᠪᠤᠳᠠᠯ ᠲᠠᠨ ᠬᠡᠪᠲᠡᠭᠦᠯ ᠮᠢᠨᠤ ᠥᠯᠵᠡᠢ ᠲᠡᠨ ᠬᠡᠪᠲᠡᠭᠦᠯ ᠢ ᠮᠢᠨᠤ ᠥᠲᠡᠭᠡᠰ ᠬᠡᠪᠲᠡᠭᠦᠯ ᠬᠡᠮᠡᠳᠬᠦᠨ ᠡᠭᠦᠯᠢ ᠴᠢᠷᠪᠢ ᠯᠤᠭ᠎ᠠ ᠣᠷᠣᠭᠰᠠᠨ ᠳᠠᠯᠠᠨ ᠲᠣᠷᠭᠠᠰ ᠤᠳ ᠢ ᠶᠡᠬᠡᠰ ᠲᠣᠷᠭᠠᠰ ᠤᠳ ᠬᠡᠮᠡᠳᠬᠦᠨ ᠠᠷᠬᠠᠢ ᠶᠢᠨ
selte=yi kebtegül abtuγai kemen jarliγ bolbai Iljigedei itegel=tü bögetele jilte (jergečen) kebtegülün degekün yabuqu bolun kebtegül=ber bari=luγ=a basa jarliγ bolurun egületei šöni erüke=tei ger=i minu egeren (ergičen) kebtejü oron=tur nuta untaγulju qan oron=tur kürgegsen öteges kebtegül minu odu=tai šöni ordo ger=i minu orčin kebtejü oron dotora ese untaγsan öljei=ten kebtegül minu öndör oron=tur kürgebe # siγurγan boroγan=a silgüdken büküi jösgen=e čidqun büküi qura=ta sidesütei ger minu orčin čiram ülü kin bayiju jirüken amuγuluγsan čing sedkil=tü minu jirγalang=tu oron=tur kürgebe # ibül=ün büküi dayisun dotora erüke=tei ger=i minu orčin irmes ülü kin idqaju bayiγsad itegel=ten kebtegül minu üyiles=ün qoor obiskiküi(örbidkeküi)=tür udal ügei barilaldan uriyarqun kebtegül minu qud qubis kiküi(qudqulaqui)=tür qojid ese bayiγsan qurdun yabudal=tan kebtegül minu öljei=ten kebtegül=i minu öteges kebtegül kemedkün Egüli-čirbi=luγ=a oroγsan dalan torγas=ud=i yekes torγas=ud kemedkün Arqai=yin
75b
ᠪᠠᠭᠠᠲᠤᠳ ᠢ ᠥᠲᠡᠭᠡᠰ ᠪᠠᠭᠠᠲᠤᠳ ᠬᠡᠮᠡᠳᠬᠦᠨ ᠶᠢᠰᠦᠲᠦᠭᠡ ᠪᠥᠬᠡᠳᠡᠢ ᠲᠡᠨ ᠬᠣᠷᠴᠢᠨ ᠢ ᠶᠡᠬᠡᠰ ᠬᠣᠷᠴᠢᠨ ᠬᠡᠮᠡᠳᠬᠦᠨ ᠬᠡᠮᠡᠨ ᠵᠠᠷᠯᠢᠭ ᠪᠣᠯᠪᠠ ᠶᠡᠷᠡᠨ ᠲᠠᠪᠤᠨ ᠮᠢᠩᠭᠠᠳ ᠠᠴᠠ ᠮᠢᠨᠤ ᠪᠡᠶ᠎ᠡ ᠵᠢᠭᠠᠳᠠ ᠰᠢᠳᠠᠷ ᠠᠮᠠᠯᠠᠨ ᠢᠯᠭᠠᠵᠤ ᠢᠷᠡᠭᠰᠡᠳ ᠲᠦᠮᠡᠨ ᠬᠡᠰᠢᠭ ᠲᠡᠨ ᠢ ᠮᠢᠨᠤ ᠮᠥᠨ᠎ᠡ ᠬᠣᠶᠢᠨᠠ ᠮᠢᠨᠤ ᠣᠷᠣ ᠰᠠᠭᠤᠭᠰᠠᠳ ᠬᠥᠪᠡᠭᠦᠨ ᠤᠷᠤᠭ ᠤᠳ ᠲᠠ ᠮᠢᠨᠤ ᠡᠳᠡ ᠬᠡᠰᠢᠭ ᠲᠡᠨ ᠢ ᠭᠡᠷᠢᠶᠡᠰ ᠮᠡᠲᠦ ᠰᠡᠳᠬᠢᠵᠦ ᠦᠯᠦ ᠬᠡᠮᠦᠷᠢᠭᠦᠯᠦᠨ ᠰᠠᠶᠢᠲᠤᠷ ᠠᠰᠠᠷᠠᠳᠬᠤᠨ ᠡᠳᠡ ᠲᠦᠮᠡᠨ ᠬᠡᠰᠢᠭ ᠲᠡᠨ ᠢ ᠮᠢᠨᠤ ᠡᠷᠲᠡᠭᠢᠳ ᠡᠷᠲᠡᠨ ᠦ ᠬᠤᠲᠤᠭ ᠲᠠᠨ ᠬᠡᠮᠡᠵᠦ ᠦᠯᠡᠬᠦ ᠦᠯᠡᠮᠵᠢ ᠠᠭᠳᠠᠬᠤᠢ ᠬᠡᠮᠡᠪᠡ ᠪᠠᠰᠠ ᠵᠠᠷᠯᠢᠭ ᠪᠣᠯᠤᠷᠤᠨ ᠣᠷᠳᠣ ᠶᠢᠨ ᠴᠢᠷᠪᠢ ᠥᠬᠢᠳ ᠢ ᠭᠡᠷ ᠦᠨ ᠬᠥᠪᠡᠭᠦᠳ ᠲᠡᠮᠡᠭᠡᠴᠢᠨ ᠦᠬᠡᠷᠴᠢᠨ ᠢ ᠬᠡᠪᠲᠡᠭᠦᠯ ᠪᠠᠭᠰᠢᠯᠠᠵᠤ ᠲᠣᠪᠴᠢᠯᠠᠵᠤ ᠣᠷᠳᠣ ᠭᠡᠷ ᠲᠡᠷᠭᠡᠨ ᠢ ᠠᠰᠠᠷᠠᠲᠤᠭᠠᠢ ᠠᠶᠠᠭ᠎ᠠ ᠰᠠᠪᠠ ᠬᠡᠪᠲᠡᠭᠦᠯ ᠬᠦ ᠠᠰᠠᠷᠠᠲᠤᠭᠠᠢ ᠪᠢᠳᠠᠨ ᠤ ᠤᠨᠳᠠᠨ ᠢᠳᠡᠭᠡᠨ ᠬᠡᠪᠲᠡᠭᠦᠯᠬᠦ ᠳᠠᠷᠤᠭᠠᠯᠠᠲᠤᠭᠠᠢ ᠢᠳᠡᠭᠡᠨ ᠮᠢᠬ ᠠ ᠶᠢ ᠬᠡᠪᠲᠡᠭᠦᠯ ᠳᠠᠷᠤᠭᠠᠯᠠᠵᠤ ᠪᠣᠯᠭᠠᠲᠤᠭᠠᠢ ᠤᠨᠳᠠᠨ ᠢᠳᠡᠭᠡᠨ ᠬᠣᠣᠷ ᠬᠣᠮᠰᠠ ᠪᠣᠯᠪᠠᠰᠤ ᠳᠠᠷᠤᠭᠠᠯᠠᠭᠰᠠᠨ ᠬᠡᠪᠲᠡᠭᠦᠯ ᠡᠴᠡ ᠡᠷᠢᠶ᠎ᠡ ᠬᠡᠮᠡᠪᠡᠢ ᠬᠣᠷᠴᠢᠨ ᠢᠳᠡᠭᠡᠨ ᠤᠨᠳᠠᠨ ᠲᠦᠭᠡᠭᠡᠷ ᠦᠨ ᠳᠠᠷᠤᠭᠠᠯᠠᠭᠰᠠᠨ ᠬᠡᠪᠲᠡᠭᠦᠯ ᠡᠴᠡ ᠡᠰᠢ ᠦᠭᠡᠢ ᠪᠦᠦ ᠲᠦᠭᠡᠭᠡᠲᠦᠭᠡᠢ ᠬᠡᠮᠡᠪᠡᠢ ᠣᠷᠳᠣ ᠭᠡᠷ ᠲᠦᠷ ᠣᠷᠣᠬᠤ ᠭᠠᠷᠬᠤ ᠶᠢ ᠬᠡᠪᠲᠡᠭᠦᠯ ᠵᠠᠰᠠᠲᠤᠭᠠᠢ ᠡᠭᠦᠳᠡᠨ ᠲᠦᠷ ᠬᠡᠪᠲᠡᠭᠦᠯ ᠦᠨ ᠡᠭᠦᠳᠡᠨ ᠡᠴᠡ ᠭᠡᠷ ᠴᠠᠭᠠᠳᠠ ᠵᠢᠬᠠᠳᠠ ᠪᠠᠶᠢᠲᠤᠭᠠᠢ ᠬᠡᠪᠲᠡᠭᠦᠯ ᠡᠴᠡ ᠬᠣᠶᠠᠷ ᠬᠦᠮᠦᠨ ᠣᠷᠣᠵᠤ ᠲᠦᠰᠦᠷᠭᠡ ᠪᠠᠷᠢᠲᠤᠭᠠᠢ ᠬᠡᠮᠡᠪᠡᠢ ᠬᠡᠪᠲᠡᠭᠦᠯ ᠡᠴᠡ ᠨᠤᠲᠤᠭᠤᠴᠢᠨ ᠶᠠᠪᠤᠵᠤ ᠣᠷᠳᠣ ᠭᠡᠷ ᠪᠠᠭᠤᠯᠭᠠᠲᠤᠭᠠᠢ ᠬᠡᠮᠡᠪᠡᠢ ᠪᠢᠳᠠᠨ ᠢ ᠰᠢᠪᠠᠭᠤᠯᠠᠨ
baγatud=i öteges baγatud kemedkün Yisütüge Bökedei=ten qorčin=i yekes qorčin kemedkün kemen jarliγ bolba yeren tabun mingγad=ača minu bey=e jiγada (sidar) amalan ilγaju iregsed tümen kesig=ten=i minu mön=e qoyina minu oro saγuγsad köbegün uruγ=ud ta minu ede kesig=ten=i geriyes metü sedkijü ülü kemürigülün sayitur asaradqun ede tümen kesig=ten=i minu ertegid (erten=ü) qutuγ=tan kemejü ülekü (ülemji) aγdaqui kemebe basa jarliγ bolurun ordo=yin čirbi ökid=i ger=ün köbegüd temegečin ükerčin=i kebtegül baγsilaju (tobčilaju) ordo ger tergen=i asaratuγai ayaγ=a saba kebtegül kü asaratuγai bidan=u undan idegen kebtegülkü daruγalatuγai idegen miq=a=yi kebtegül daruγalaju bolγatuγai undan idegen qoor qomsa bolbasu daruγalaγsan kebtegül=eče eriy=e kemebei qorčin idegen undan tügeger=ün daruγalaγsan kebtegül=eče esi ügei büü tügegetügei kemebei ordo ger=tür oroqu γarqu=yi kebtegül jasatuγai egüden=tür kebtegül=ün egüden=eče ger čaγada (jiqada) bayituγai kebtegül=eče qoyar kümün oroju tüsürge barituγai kemebei kebtegül=eče nutuγučin yabuju ordo ger baγulγatuγai kemebei bidan=i sibaγulan
76a
ᠠᠪᠠᠯᠠᠨ ᠶᠠᠪᠤᠬᠤᠢ ᠲᠤᠷ ᠬᠡᠪᠲᠡᠭᠦᠯ ᠪᠢᠳᠠᠨ ᠯᠤᠭ᠎ᠠ ᠠᠪᠠᠯᠠᠯᠳᠤᠨ ᠶᠠᠪᠤᠲᠤᠭᠠᠢ ᠭᠡᠷ ᠲᠡᠷᠭᠡᠨ ᠲᠦᠷ ᠵᠠᠷᠢᠮ ᠤᠳ ᠢᠶᠠᠨ ᠴᠠᠭᠯᠠᠵᠤ ᠲᠠᠯᠪᠢᠲᠤᠭᠠᠢ ᠬᠡᠮᠡᠪᠡᠢ ᠪᠠᠰᠠ ᠵᠠᠷᠯᠢᠭ ᠪᠣᠯᠤᠷᠤᠨ ᠪᠢᠳᠠᠨ ᠤ ᠪᠡᠶ᠎ᠡ ᠴᠢᠷᠢᠭ ᠡᠰᠡ ᠭᠠᠷᠪᠠᠰᠤ ᠬᠡᠪᠲᠡᠭᠦᠯ ᠪᠢᠳᠠᠨ ᠠᠴᠠ ᠠᠩᠭᠢᠳᠠ ᠴᠢᠷᠢᠭ ᠪᠦᠦ ᠭᠠᠷᠲᠤᠭᠠᠢ ᠬᠡᠮᠡᠪᠡᠢ ᠡᠶᠢᠨ ᠬᠡᠮᠡᠭᠦᠯᠦᠭᠡᠳ ᠵᠠᠷᠯᠢᠭ ᠳᠠᠪᠠᠵᠤ ᠬᠡᠪᠲᠡᠭᠦᠯ᠎ᠡ ᠨᠠᠶᠢᠳᠠᠵᠤ ᠴᠢᠷᠢᠭ ᠭᠠᠷᠭᠠᠬᠤᠨ ᠴᠢᠷᠢᠭ ᠮᠡᠳᠡᠬᠦ ᠴᠢᠷᠪᠢ ᠠᠯᠳᠠᠯ ᠲᠠᠨ ᠪᠣᠯᠲᠤᠭᠠᠢ ᠬᠡᠮᠡᠨ ᠵᠠᠷᠯᠢᠭ ᠪᠣᠯᠪᠠ ᠬᠡᠪᠲᠡᠭᠦᠯ ᠢ ᠴᠢᠷᠢᠭ ᠬᠡᠷ ᠦᠯᠦ ᠭᠠᠷᠭᠠᠬᠤᠢ ᠬᠡᠮᠡᠮᠦᠢ ᠲᠠ ᠬᠡᠪᠲᠡᠭᠦᠯ ᠮᠢᠨᠤ ᠠᠯᠲᠠᠨ ᠠᠮᠢᠨ ᠰᠠᠬᠢᠮᠤ ᠰᠢᠪᠠᠭᠤᠯᠠᠨ ᠠᠪᠠᠯᠠᠨ ᠶᠠᠪᠤᠬᠤᠢ ᠲᠤᠷ ᠵᠣᠪᠠᠯᠳᠤᠮᠤᠢ ᠣᠷᠳᠣ ᠭᠡᠷ ᠬᠠᠳᠠᠭᠠᠯᠠᠯᠳᠤᠵᠤ ᠨᠡᠭᠦᠬᠦᠢ ᠲᠦᠷ ᠥᠷᠦᠭ ᠲᠦᠷ ᠭᠡᠷ ᠲᠡᠷᠭᠡᠨ ᠠᠰᠠᠷᠠᠮᠤᠢ ᠮᠢᠨᠤ ᠠᠮᠢᠨ ᠰᠠᠬᠢᠵᠤ ᠬᠣᠨᠣᠬᠤ ᠬᠢᠯᠪᠠᠷ ᠤᠤ ᠭᠡᠷ ᠲᠡᠷᠭᠡᠨ ᠶᠡᠬᠡ ᠠᠭᠤᠷᠤᠭ ᠰᠠᠬᠢᠬᠤᠢ ᠲᠤᠷ ᠠᠰᠠᠷᠠᠬᠤ ᠬᠢᠯᠪᠠᠷ ᠤᠤ ᠲᠡᠶᠢᠨ ᠳᠠᠪᠬᠤᠷ ᠬᠠᠭᠠᠰ ᠬᠠᠭᠠᠰ ᠶᠠᠪᠤᠳᠠᠯ ᠬᠡᠮᠡᠵᠦ ᠪᠢᠳᠠᠨ ᠠᠴᠠ ᠠᠩᠭᠢᠳᠠ ᠥᠪᠡᠷᠡ ᠴᠢᠷᠢᠭ ᠪᠦᠦ ᠶᠠᠪᠤᠲᠤᠭᠠᠢ ᠬᠡᠮᠡᠬᠦᠢ ᠢᠨᠤ ᠲᠡᠶᠢᠮᠦ ᠪᠤᠶᠤ ᠵ᠎ᠠ ᠬᠡᠮᠡᠵᠦᠬᠦᠢ ᠪᠠᠰᠠ ᠵᠠᠷᠯᠢᠭ ᠪᠣᠯᠤᠷᠤᠨ ᠰᠢᠬᠢ ᠬᠤᠲᠤᠭ ᠯᠤᠭ᠎ᠠ ᠬᠡᠪᠲᠡᠭᠦᠯ ᠨᠤᠮᠤ ᠬᠤᠶᠠᠭ ᠵᠢᠪᠡ ᠵᠡᠪᠡ ᠠᠰᠠᠷᠠᠵᠤ ᠲᠦᠭᠡᠭᠡᠯᠳᠦᠲᠦᠭᠡᠢ ᠠᠭᠲᠠᠰ ᠠᠴᠠ ᠠᠴᠢᠷᠠᠵᠤ ᠥᠭᠡᠰᠢᠨ ᠠᠴᠢᠵᠤ ᠶᠠᠪᠤᠲᠤᠭᠠᠢ ᠬᠡᠮᠡᠪᠡᠢ ᠬᠡᠪᠲᠡᠭᠦᠯ ᠡᠴᠡ ᠴᠢᠷᠪᠢ ᠯᠤᠭ᠎ᠠ ᠠᠭᠤᠷᠠᠰᠤ ᠲᠦᠭᠡᠭᠡᠯᠳᠦᠲᠦᠭᠡᠢ ᠬᠡᠮᠡᠪᠡᠢ ᠬᠣᠷᠴᠢᠨ ᠲᠣᠷᠭᠠᠰ ᠤᠳ ᠤᠨ ᠨᠤᠲᠤᠭ ᠵᠢᠭᠠᠷ ᠤᠨ ᠶᠢᠰᠦᠲᠦᠭᠡ ᠪᠥᠬᠡᠳᠡᠢ ᠲᠡᠨ ᠬᠣᠷᠴᠢᠨ ᠠᠯᠴᠢᠳᠠᠢ ᠡᠭᠦᠯᠡ ᠠᠬᠤᠳᠠᠢ ᠲᠠᠨ
abalan yabuqui=tur kebtegül bidan=luγ=a abalaldun yabutuγai ger tergen=tür jarim=ud=iyan čaγlaju talbituγai kemebei basa jarliγ bolurun bidan=u bey=e čirig ese γarbasu kebtegül bidan=ača anggida čirig büü γartuγai kemebei eyin kemegülüged jarliγ dabaju kebtegül=e nayidaju čirig γarγaqun čirig medekü čirbi aldal=tan boltuγai kemen jarliγ bolba kebtegül=i čirig ker ülü γarγaqui kememüi ta kebtegül minu altan amin sakimu sibaγulan abalan yabuqui=tur jobaldumui ordo ger qadaγalalduju negüküi=tür örüg=tür ger tergen asaramui minu amin sakiju qonoqu kilbar uu ger tergen yeke aγuruγ sakiqui=tur asaraqu kilbar uu teyin dabqur qaγas qaγas yabudal kemejü bidan=ača anggida öbere čirig büü yabutuγai kemeküi inu teyimü buyu j=a kemejüküi basa jarliγ bolurun Siki-Qutuγ=luγ=a kebtegül numu quyaγ jibe <jebe> asaraju tügegeldütügei aγtas=ača ačiraju ögesin ačiju yabutuγai kemebei kebtegül=eče čirbi=luγ=a aγurasu tügegeldütügei kemebei qorčin torγas=ud=un nutuγ jiγar=un Yisütüge Bökedei=ten qorčin Alčidai Egüle Aqudai=tan
76b
ᠲᠣᠷᠭᠠᠰ ᠤᠳ ᠣᠷᠳᠣ ᠶᠢᠨ ᠪᠠᠷᠠᠭᠤᠨ ᠡᠲᠡᠭᠡᠳ ᠶᠠᠪᠤᠲᠤᠭᠠᠢ ᠪᠤᠬ᠎ᠠ ᠲᠥᠳᠡᠢ ᠳᠣᠭᠣᠯᠬᠤ ᠴᠠᠨᠠᠢ ᠲᠠᠨ ᠴᠢᠷᠪᠢ ᠣᠷᠳᠣ ᠶᠢᠨ ᠵᠡᠭᠦᠨ ᠡᠲᠡᠭᠡᠳ ᠶᠠᠪᠤᠲᠤᠭᠠᠢ ᠬᠡᠪᠲᠡᠭᠦᠯ ᠣᠷᠳᠣ ᠭᠡᠷ ᠲᠡᠷᠭᠡᠨ ᠦ ᠪᠠᠷᠠᠭᠤᠨ ᠵᠡᠭᠦᠨ ᠡᠲᠡᠭᠡᠳ ᠶᠠᠪᠤᠲᠤᠭᠠᠢ ᠠᠷᠬᠠᠢ ᠶᠢᠨ ᠪᠠᠭᠠᠲᠤᠳ ᠣᠷᠳᠣ ᠶᠢᠨ ᠤᠷᠢᠳᠠ ᠶᠠᠪᠤᠲᠤᠭᠠᠢ ᠬᠡᠮᠡᠪᠡᠢ ᠬᠡᠪᠲᠡᠭᠦᠯ ᠣᠷᠳᠣ ᠭᠡᠷ ᠲᠡᠷᠭᠡᠨ ᠠᠰᠠᠷᠠᠭᠠᠳ ᠣᠷᠳᠣ ᠶᠢᠨ ᠳᠡᠷᠭᠡᠳᠡ ᠪᠠᠷᠠᠭᠤᠨ ᠵᠡᠭᠦᠨ ᠡᠲᠡᠭᠡᠳ ᠶᠠᠪᠤᠲᠤᠭᠠᠢ ᠬᠡᠮᠡᠪᠡᠢ ᠪᠦᠷᠢᠨ ᠬᠡᠰᠢᠭ ᠲᠡᠨ ᠲᠣᠷᠭᠠᠰ ᠤᠳ ᠢ ᠣᠷᠳᠣ ᠣᠷᠴᠢᠨ ᠣᠷᠳᠣ ᠶᠢᠨ ᠭᠡᠷᠦᠨ ᠬᠥᠪᠡᠭᠦᠳ ᠢ ᠠᠳᠤᠭᠤᠴᠢᠨ ᠲᠡᠮᠡᠭᠡᠴᠢᠨ ᠦᠬᠡᠷᠴᠢᠨ ᠬᠣᠨᠢᠴᠢᠨ ᠢ ᠣᠷᠳᠣ ᠭᠡᠷ ᠦᠨ ᠲᠥᠳᠡᠢ ᠴᠡᠷᠪᠢ ᠤᠬᠠᠵᠤ ᠠᠲᠤᠭᠠᠢ ᠬᠡᠮᠡᠨ ᠲᠦᠰᠢᠭᠦᠯᠪᠡ ᠲᠥᠳᠡᠢ ᠴᠡᠷᠪᠢ ᠳᠠᠷᠤᠨ ᠠᠵᠤ ᠣᠷᠳᠣ ᠶᠢᠨ ᠬᠣᠶᠢᠨᠠ ᠠᠴᠠ ᠬᠣᠭ ᠠᠪᠴᠤ ᠬᠣᠮᠣᠭᠣᠯ ᠲᠦᠯᠡᠵᠦ ᠶᠠᠪᠤᠲᠤᠭᠠᠢ ᠬᠡᠮᠡᠨ ᠵᠠᠷᠯᠢᠭ ᠪᠣᠯᠪᠠ ᠡᠷᠬᠡᠲᠦ ᠬᠣᠷᠮᠤᠰᠲᠠ ᠲᠩᠷᠢ ᠡᠴᠡ ᠡᠵᠡᠨ ᠪᠣᠭᠳᠠ ᠲᠤᠷ ᠡᠷᠲᠡᠨ ᠦ ᠪᠤᠶᠠᠨ ᠤ ᠬᠦᠴᠦᠨ ᠪᠡᠷ ᠡᠷᠳᠡᠨᠢ ᠬᠠᠰ ᠠᠶᠠᠭᠠᠨ ᠲᠤᠷ ᠷᠠᠰᠢᠶᠠᠨ ᠠᠷᠠᠬᠢ ᠳᠦᠭᠦᠷᠭᠡᠨ ᠰᠣᠶᠣᠷᠬᠠᠪᠠᠢ ᠠᠶᠤᠬᠤ ᠮᠡᠲᠦ ᠡᠵᠡᠨ ᠪᠣᠭᠳᠠ ᠢᠨᠤ ᠠᠪᠴᠤ ᠵᠣᠭᠣᠭᠯᠠᠨ ᠰᠠᠭᠤᠬᠤᠢ ᠲᠤᠷ ᠠᠶᠢᠯᠠᠳᠬᠠᠨ ᠥᠴᠢᠪᠡᠢ ᠳᠥᠷᠪᠡᠨ ᠳᠡᠭᠦᠦ ᠢᠨᠤ ᠠᠬ ᠠ ᠲᠤ ᠠᠷᠪᠠ ᠪᠣᠯᠤᠰᠠ ᠳᠡᠭᠦᠦ ᠳᠦ ᠳᠥᠷᠪᠡᠨ ᠭᠡᠯᠡ ᠡᠡ ᠡᠵᠡᠨ ᠢᠨᠤ ᠶᠡᠬᠡ ᠬᠢᠨᠢ ᠵᠣᠭᠠᠭᠯᠠᠬᠤ ᠪᠣᠯᠤᠰᠠ ᠠᠰᠠᠷᠠᠵᠤ ᠮᠠᠨ ᠳᠤᠷ ᠥᠴᠦᠭᠦᠬᠡᠨ ᠢ ᠥᠭᠭᠥᠨ ᠰᠣᠶᠣᠷᠬ᠎ᠠ ᠠᠶᠢᠯᠠᠳᠴᠤ ᠭᠡᠭᠡᠨ ᠳᠡᠭᠡᠨ ᠮᠡᠳᠡᠭᠡᠰᠡᠢ ᠭᠡᠵᠦ ᠠᠶᠢᠯᠠᠳᠬᠠᠪᠠᠰᠤ ᠡᠵᠡᠨ ᠪᠣᠭᠳᠠ ᠳᠥᠷᠪᠡᠨ ᠳᠡᠭᠦ ᠲᠡᠭᠡᠨ ᠵᠠᠷᠯᠢᠭ ᠪᠣᠯᠤᠷᠤᠨ ᠡᠷᠲᠡ ᠲᠥᠷᠥᠭᠰᠡᠨ ᠲᠦᠷ
torγas=ud ordo=yin baraγun eteged yabutuγai Buq=a Tödei Doγolqu Čanai=tan čirbi ordo=yin jegün eteged yabutuγai kebtegül ordo ger tergen=ü baraγun jegün eteged yabutuγai Arqai=yin baγatud ordo=yin urida yabutuγai kemebei kebtegül ordo ger tergen asaraγad ordo=yin dergede baraγun jegün eteged yabutuγai kemebei bürin kesig=ten torγas=ud=i ordo orčin ordo=yin gerün köbegüd=i aduγučin temegečin ükerčin qoničin=i ordo ger=ün Tödei-čerbi uqaju atuγai kemen tüsigülbe Tödei-čerbi darun aju ordo=yin qoyina=ača qoγ abču qomoγol tülejü yabutuγai kemen jarliγ bolba # erketü Qormusta tngri=eče Ejen-Boγda=tur erten=ü buyan=u küčün=ber erdeni qas ayaγan=tur rasiyan araki dügürgen soyorqabai ayuqu metü Ejen-Boγda inu abču joγoγlan saγuqui=tur ayiladqan öčibei dörben degüü inu # aq=a=tu arba bolusa degüü=dü dörben gele ee ejen inu yeke kini joγaγlaqu bolusa asaraju man=dur öčügüken=i öggön soyorq=a ayiladču gegen=degen medegesei gejü ayiladqabasu # Ejen-Boγda dörben degü=tegen jarliγ bolurun erte törögsen=tür
77a
ᠮᠢᠨᠤ ᠪᠠᠷᠠᠭᠤᠨ ᠭᠠᠷ ᠲᠤᠷ ᠮᠢᠨᠤ ᠯᠤᠤᠰᠤᠨ ᠣᠷᠣᠨ ᠠᠴᠠ ᠬᠠᠰᠪᠤᠤ ᠲᠠᠮᠠᠭ᠎ᠠ ᠪᠤᠷᠬᠠᠨ ᠤ ᠵᠠᠷᠯᠢᠭ ᠢᠶᠠᠷ ᠤᠴᠠᠷᠠᠪᠠᠢ ᠡᠳᠦᠭᠡ ᠡᠷᠬᠡᠲᠦ ᠬᠣᠷᠮᠤᠰᠲᠠ ᠲᠩᠷᠢ ᠡᠴᠡ ᠬᠠᠰ ᠠᠶᠠᠭᠠᠨ ᠲᠤ ᠷᠠᠰᠢᠶᠠᠨ ᠠᠷᠠᠬᠢ ᠳᠦᠭᠦᠷᠭᠡᠨ ᠰᠣᠶᠣᠷᠬᠠᠪᠠᠢ ᠵᠠᠶᠠᠭ ᠠ ᠲᠤ ᠡᠵᠡᠨ ᠢᠨᠤ ᠪᠢ ᠪᠣᠯᠪᠠᠤ ᠭᠡᠵᠦ ᠰᠠᠨᠠᠯᠠ ᠤᠤᠭᠤᠬᠤ ᠪᠣᠯᠤᠰᠠ ᠮᠠ ᠭᠡᠵᠦ ᠰᠣᠶᠣᠷᠬᠠᠪᠠᠢ ᠳᠥᠷᠪᠡᠨ ᠳᠡᠭᠦ ᠢᠨᠤ ᠠᠪᠴᠤ ᠤᠤᠭᠤᠪᠠᠰᠤ ᠪᠠᠷ ᠠᠮᠠᠨ ᠲᠤᠷ ᠣᠷᠣᠭᠠᠳ ᠬᠣᠭᠣᠯᠠᠢ ᠲᠤᠷ ᠢᠨᠤ ᠡᠰᠡ ᠡᠴᠢᠪᠡᠢ ᠲᠡᠨᠳᠡᠴᠡ ᠳᠥᠷᠪᠡᠨ ᠳᠡᠭᠦ ᠢᠨᠤ ᠡᠵᠡᠨ ᠳᠦᠷ ᠥᠴᠢᠷᠦᠨ ᠵᠠᠶᠠᠭ ᠠ ᠲᠤ ᠡᠵᠡᠨ ᠯᠦᠭᠡ ᠵᠠᠶᠠᠭ᠎ᠠ ᠦᠭᠡᠢ ᠪᠢᠳᠠ ᠪᠤᠷᠤᠭᠤ ᠪᠤᠯᠢᠶᠠᠯᠳᠤᠪᠠᠢ ᠠᠶᠢᠯ ᠤᠨ ᠴᠢᠨᠤ ᠠᠯᠪᠠ ᠮᠡᠳᠡᠬᠦ ᠨᠣᠶᠠᠨ ᠪᠣᠯᠰᠤ ᠡᠵᠡᠨ ᠵᠣᠭᠣᠭᠯᠠ ᠬᠡᠮᠡᠨ ᠮᠥᠷᠭᠥᠨ ᠥᠴᠢᠵᠦ ᠪᠠᠷᠢᠪᠠᠢ ᠡᠵᠡᠨ ᠠᠪᠴᠤ ᠵᠣᠭᠣᠭᠯᠠᠪᠠᠢ ᠲᠡᠷᠡ ᠷᠠᠰᠢᠶᠠᠨ ᠳᠤᠷ ᠡᠵᠡᠨ ᠪᠣᠭᠳᠠ ᠬᠥᠯᠴᠢᠭᠦᠷᠡᠨ ᠪᠣᠯᠢᠰᠴᠤ ᠵᠠᠷᠯᠢᠭ ᠪᠣᠯᠤᠷᠤᠨ ᠡᠷᠲᠡ ᠲᠥᠷᠥᠬᠦᠢ ᠲᠦᠷ ᠮᠢᠨᠤ ᠪᠤᠷᠬᠠᠨ ᠤ ᠵᠠᠷᠯᠢᠭ ᠢᠶᠠᠷ ᠯᠤᠤᠰ ᠤᠨ ᠬᠠᠭᠠᠨ ᠤ ᠲᠠᠮᠠᠭ᠎ᠠ ᠤᠴᠠᠷᠠᠪᠠᠢ ᠡᠳᠦᠭᠡ ᠡᠷᠬᠡᠲᠦ ᠬᠣᠷᠮᠤᠰᠲᠠ ᠬᠠᠰ ᠠᠶᠠᠭᠠᠨ ᠲᠤᠷ ᠷᠠᠰᠢᠶᠠᠨ ᠠᠷᠠᠬᠢ ᠳᠦᠭᠦᠷᠭᠡᠨ ᠰᠣᠶᠣᠷᠬᠠᠪᠠᠢ ᠲᠩᠷᠢ ᠲᠡᠴᠡ ᠵᠠᠶᠠᠭᠠᠲᠤ ᠡᠵᠡᠨ ᠪᠢ ᠪᠤᠶᠤ ᠬᠡᠮᠡᠨ ᠵᠠᠷᠯᠢᠭ ᠪᠣᠯᠪᠠ ᠰᠣᠳᠤ ᠪᠣᠭᠳᠠ ᠴᠢᠩᠭᠢᠰ ᠬᠠᠭᠠᠨ ᠴᠠᠭᠠᠳᠠᠢ ᠬᠥᠪᠡᠭᠦᠨ ᠡᠴᠡᠭᠡᠨ ᠬᠤᠷᠢᠮ ᠤᠨ ᠳᠡᠭᠡᠳᠦ ᠬᠤᠷᠢᠮ ᠠᠯᠢ ᠪᠤᠢ ᠬᠡᠮᠡᠨ ᠠᠰᠠᠭᠪᠠᠰᠤ ᠴᠠᠭᠠᠳᠠᠢ ᠥᠭᠦᠯᠡᠷᠦᠨ ᠬᠠᠭᠤᠴᠢᠨ ᠣᠨ ᠪᠢᠳᠠᠨ ᠤ ᠬᠠᠩᠭᠢᠷᠢᠰᠴᠤ ᠣᠳᠬᠤ ᠬᠡᠮᠡᠨ ᠰᠢᠨᠡ ᠣᠨ ᠪᠢᠳᠠᠨ ᠤ ᠰᠢᠯᠵᠡᠷᠡᠵᠦ ᠢᠷᠡᠪᠡ ᠭᠡᠵᠦ ᠥᠯᠵᠡᠢ ᠲᠦ
minu baraγun γar=tur minu luusun oron=ača qasbuu tamaγ=a burqan=u jarliγ=iyar učarabai edüge erketü Qormusta tngri=eče qas ayaγan=tu rasiyan araki dügürgen soyorqabai jayaγ=a=tu ejen inu bi bolbau gejü sanala uuγuqu bolusa ma gejü soyorqabai dörben degü inu abču uuγubasu=bar aman=tur oroγad qoγolai=tur inu ese ečibei # tendeče dörben degü inu ejen=dür öčirün jayaγ=a=tu ejen=lüge jayaγ=a ügei bida buruγu buliyaldubai ayil=un činu alba medekü noyan bolsu ejen joγoγla kemen mörgön öčijü baribai ejen abču joγoγlabai tere rasiyan=dur Ejen-Boγda kölčigüren bolisču jarliγ bolurun erte töröküi=tür minu burqan=u jarliγ=iyar luus=un qaγan=u tamaγ=a učarabai edüge erketü Qormusta qas ayaγan=tur rasiyan araki dügürgen soyorqabai tngri=teče jayaγatu ejen bi buyu kemen jarliγ bolba # sodu boγda Činggis-qaγan Čaγadai köbegün=ečegen qurim=un degedü qurim ali bui kemen asaγbasu Čaγadai ögülerün qaγučin on bidan=u qanggirisču odqu kemen sine on bidan=u siljerejü irebe gejü öljei=tü
77b
ᠬᠤᠲᠤᠭ ᠲᠤ ᠬᠡᠮᠡᠨ ᠬᠤᠷᠢᠮᠯᠠᠯᠳᠤᠵᠤ ᠬᠤᠷᠢᠮ ᠤᠨ ᠳᠡᠭᠡᠳᠦ ᠲᠡᠷᠡ ᠪᠤᠢ ᠵ᠎ᠠ ᠬᠡᠮᠡᠨ ᠥᠭᠦᠯᠡᠪᠡᠰᠦ ᠪᠣᠭᠳᠠ ᠴᠢᠩᠭᠢᠰ ᠬᠠᠭᠠᠨ ᠵᠠᠷᠯᠢᠭ ᠪᠣᠯᠤᠷᠤᠨ ᠲᠡᠳᠡ ᠪᠤᠰᠤ ᠨᠢᠷᠠᠢ ᠠᠴᠠ ᠬᠠᠭᠠᠴᠠᠭᠰᠠᠨ ᠨᠡᠷ᠎ᠡ ᠡᠰᠡ ᠥᠭᠪᠡᠰᠦ ᠬᠡᠪᠡᠯᠢ ᠡᠴᠡ ᠤᠨᠠᠭᠠᠳ ᠭᠡᠭᠡᠭᠡᠨ ᠢ ᠡᠰᠡ ᠦᠵᠡᠪᠡᠰᠦ ᠬᠡᠨ ᠦ ᠰᠢᠨᠡ ᠶᠢ ᠰᠢᠨᠡᠯᠡᠬᠦ ᠲᠠ ᠬᠡᠨ ᠦ ᠨᠡᠷᠡ ᠶᠢ ᠨᠡᠷᠡᠯᠡᠬᠦ ᠲᠠ ᠡᠭᠦᠨ ᠡᠴᠡ ᠬᠣᠶᠢᠨᠠᠭᠰᠢ ᠳᠠ ᠡᠴᠢᠭᠡ ᠡᠴᠡ ᠡᠳᠦᠵᠦ ᠡᠬᠡ ᠡᠴᠡ ᠲᠥᠷᠥᠭᠰᠡᠨ ᠡᠳᠦᠷ ᠢᠶᠡᠨ ᠣᠯᠵᠤ ᠬᠦᠨᠳᠦᠯᠡᠯᠳᠦᠨ ᠤᠭᠤᠯᠳᠤᠪᠠᠰᠤ ᠳᠡᠭᠡᠳᠦ ᠬᠤᠷᠢᠮ ᠲᠠᠨ ᠤ ᠡᠨᠡ ᠪᠤᠢ ᠬᠡᠮᠡᠨ ᠵᠠᠷᠯᠢᠭ ᠪᠣᠯᠤᠭᠰᠠᠨ ᠠᠵᠤᠬᠤ ᠥᠭᠡᠳᠡᠢ ᠬᠠᠭᠠᠨ ᠤ ᠲᠥᠷᠥᠭᠰᠡᠨ ᠡᠳᠦᠷ ᠪᠣᠯᠪᠠᠰᠤ ᠥᠭᠡᠳᠡᠢ ᠬᠠᠭᠠᠨ ᠤᠮᠤᠷᠲᠠᠭᠰᠠᠨ ᠠᠵᠤᠬᠤ ᠪᠣᠭᠳᠠ ᠴᠢᠩᠭᠢᠰ ᠬᠠᠭᠠᠨ ᠠᠢ ᠥᠭᠡᠳᠡᠢ ᠮᠠᠨᠠᠭᠠᠷ ᠰᠢ ᠡᠷᠲᠡ ᠢᠷᠡ ᠬᠡᠮᠡᠭᠰᠡᠨ ᠠᠵᠤᠬᠤ ᠥᠭᠡᠳᠡᠢ ᠡᠷᠲᠡ ᠠᠶᠢᠰᠤᠬᠤᠢ ᠲᠤᠷ ᠬᠤᠷᠢᠮ ᠤᠳ ᠵᠣᠯᠭᠠᠵᠤ ᠬᠠᠭᠠᠨ ᠤ ᠰᠠᠷᠬᠤᠳ ᠪᠤᠢ ᠠᠮᠠ ᠬᠦᠷᠴᠦ ᠤᠭᠤᠭᠳᠠᠬᠤᠢ ᠬᠡᠮᠡᠪᠡᠰᠦ ᠲᠡᠨᠳᠡ ᠪᠠᠭᠤᠵᠤᠬᠤ ᠪᠣᠭᠳᠠ ᠴᠢᠩᠭᠢᠰ ᠬᠠᠭᠠᠨ ᠢᠳᠡᠭᠡᠨ ᠪᠡᠯᠡᠳᠴᠦ ᠰᠠᠭᠤᠪᠠᠰᠤ ᠥᠭᠡᠳᠡᠢ ᠤᠳᠠᠭᠳᠠᠷ ᠤᠨ ᠬᠠᠭᠠᠨ ᠮᠠᠰᠢ ᠠᠶᠢᠮᠠᠰᠤᠭᠰᠠᠨ ᠠᠵᠤᠬᠤ ᠠᠢ ᠥᠭᠡᠳᠡᠢ ᠡᠴᠢᠭᠡ ᠡᠬᠡ ᠪᠡᠷ ᠦᠷ ᠡ ᠶᠢᠨ ᠲᠤᠯᠠ ᠪᠡᠶ᠎ᠡ ᠰᠡᠳᠬᠢᠯ ᠵᠣᠪᠠᠭᠰᠠᠨ ᠢ ᠦᠷ᠎ᠡ ᠦᠯᠦ ᠳᠤᠷᠠᠳ ᠤᠨ ᠪᠤᠢ ᠠᠵᠤᠬᠤ ᠬᠡᠮᠡᠨ ᠥᠭᠦᠯᠡᠨ ᠪᠦᠬᠦ ᠶᠢᠨ ᠵᠠᠭᠤᠷᠠ ᠦᠳᠡᠰᠢ ᠰᠠᠷᠬᠤᠳ ᠮᠣᠷᠢᠨ ᠤ ᠲᠡᠷᠢᠭᠦᠨ ᠢᠳᠡᠭᠡᠨ ᠢ ᠠᠪᠤᠭᠠᠳ ᠬᠦᠷᠪᠡᠰᠦ ᠭᠠᠳᠠᠨ᠎ᠠ ᠬᠡᠨ ᠪᠤᠢ ᠬᠡᠮᠡᠨ ᠠᠰᠠᠭᠪᠠ ᠥᠭᠡᠳᠡᠢ ᠪᠤᠶᠤ ᠬᠡᠮᠡᠪᠡᠰᠦ ᠣᠷᠣᠲᠤᠭᠠᠢ ᠬᠡᠮᠡᠪᠡ ᠥᠭᠡᠳᠡᠢ ᠣᠷᠣᠪᠠᠰᠤ
qutuγ=tu kemen qurimlalduju qurim=un degedü tere bui j=a kemen ögülebesü boγda Činggis-qaγan jarliγ bolurun tede busu nirai=ača qaγačaγsan ner=e ese ögbesü kebeli=eče unaγad gegegen=i ese üjebesü ken=ü sine=yi sinelekü ta ken=ü nere=yi nerelekü ta egün=eče qoyinaγsi=da ečige=eče edüjü eke=eče törögsen edür=iyen olju kündüleldün uγuldubasu degedü qurim tan=u ene bui kemen jarliγ boluγsan ajuqu # Ögedei qaγan=u törögsen edür bolbasu Ögedei qaγan umurtaγsan ajuqu boγda Činggis-qaγan ai Ögedei manaγar=si erte ire kemegsen ajuqu Ögedei erte ayisuqui=tur qurim=ud jolγaju qaγan=u sarqud bui ama kürčü uγuγdaqui kemebesü tende baγujuqu boγda Činggis-qaγan idegen beledčü saγubasu Ögedei udaγdar=un qaγan masi ayimasuγsan ajuqu ai Ögedei ečige eke=ber ür=e=yin tula bey=e sedkil jobaγsan=i ür=e ülü durad=un bui ajuqu kemen ögülen bükü=yin jaγura üdesi sarqud morin=u terigün idegen=i abuγad kürbesü γadan=a ken bui kemen asaγba Ögedei buyu kemebesü orotuγai kemebe Ögedei orobasu
78a
ᠬᠠᠭᠠᠨ ᠵᠠᠷᠯᠢᠭ ᠪᠣᠯᠤᠷᠤᠨ ᠠᠢ ᠥᠭᠡᠳᠡᠢ ᠪᠢ ᠴᠢᠮᠠᠢ ᠶᠢ ᠡᠷᠲᠡ ᠢᠷᠡ ᠬᠡᠮᠡᠭᠰᠡᠨ ᠪᠥᠭᠡᠲᠡᠯᠡ ᠤᠳᠠᠭᠠᠨ ᠢᠷᠡᠪᠡ ᠴᠢ ᠬᠡᠮᠡᠪᠡᠰᠦ ᠥᠭᠡᠳᠡᠢ ᠥᠭᠦᠯᠡᠷᠦᠨ ᠡᠷᠲᠡ ᠢᠷᠡᠬᠦ ᠪᠥᠯᠦᠭᠡ ᠪᠢ ᠵᠠᠭᠤᠷᠠ ᠬᠤᠷᠢᠮ ᠤᠳ ᠵᠣᠯᠭᠠᠵᠤ ᠤᠳᠠᠪᠠ ᠨᠠᠰᠤᠳᠠ ᠬᠠᠭᠠᠨ ᠡᠴᠢᠭᠡ ᠮᠢᠨᠤ ᠥᠭᠦᠯᠡᠨ ᠪᠥᠯᠦᠭᠡ ᠪᠣᠯᠤᠭᠰᠠᠨ ᠢᠳᠡᠭᠡᠨ ᠡᠴᠡ ᠪᠤᠯᠲᠠᠷᠢᠪᠠᠰᠤ ᠪᠤᠲᠠ ᠲᠡᠪᠡᠷᠢᠬᠦᠢ ᠬᠡᠮᠡᠬᠦ ᠪᠥᠯᠦᠭᠡ ᠲᠡᠭᠦᠪᠡᠷ ᠣᠷᠣᠶᠢᠲᠠᠪᠠ ᠬᠡᠮᠡᠨ ᠥᠴᠢᠪᠡᠰᠦ ᠠᠭᠤᠷᠯᠠᠭᠰᠠᠨ ᠴᠢᠷᠠᠢ ᠪᠠᠨ ᠵᠠᠯᠢᠷᠠᠵᠤ ᠮᠣᠷᠢᠨ ᠤ ᠲᠡᠷᠢᠭᠦᠨ ᠢ ᠪᠠᠷᠠᠭᠤᠨ ᠡᠲᠡᠭᠡᠳ ᠢ ᠤᠭᠤᠵᠠᠢ ᠢᠨᠤ ᠡᠲᠡᠭᠡᠵᠦ ᠢᠳᠡᠭᠡᠳ ᠥᠭᠦᠯᠡᠷᠦᠨ ᠮᠢᠨᠤ ᠵᠠᠰᠠᠭ ᠵᠠᠷᠯᠢᠭ ᠢ ᠭᠠᠭᠴᠠ ᠬᠦ ᠥᠭᠡᠳᠡᠢ ᠡᠯᠡ ᠶᠠᠪᠤᠭᠤᠯᠪᠠ ᠮᠥᠨ ᠬᠣᠶᠢᠨᠠ ᠡᠨᠡ ᠬᠦ ᠮᠡᠲᠦ ᠪᠣᠯᠤᠮᠤᠢ ᠵ᠎ᠠ ᠬᠡᠮᠡᠨ ᠵᠠᠷᠯᠢᠭ ᠪᠣᠯᠤᠭᠰᠠᠨ ᠠᠵᠤᠬᠤ ᠲᠡᠷᠡ ᠬᠤᠷᠢᠮᠡᠷᠲᠡ ᠤᠷᠢᠳ ᠴᠠᠭ ᠲᠤ ᠰᠣᠳᠤ ᠪᠣᠭᠳᠠ ᠴᠢᠩᠭᠢᠰ ᠬᠠᠭᠠᠨ ᠪᠥᠷᠲᠡᠭᠦᠯᠵᠢᠨ ᠨᠡᠷᠡᠲᠦ ᠬᠠᠲᠤᠨ ᠢᠶᠠᠨ ᠠᠪᠬᠤᠢ ᠲᠤᠷ ᠶᠡᠷᠦ ᠶᠢᠰᠦᠨ ᠥᠷᠯᠥᠭ ᠲᠠᠪᠤᠨ ᠲᠠᠶᠢᠰᠢ ᠲᠠᠪᠤᠨ ᠥᠩᠭᠡ ᠳᠥᠷᠪᠡᠨ ᠬᠠᠷᠢ ᠤᠯᠤᠰ ᠬᠤᠷᠢᠶᠠᠵᠤ ᠬᠤᠷᠠᠨ ᠰᠠᠭᠤᠬᠤᠢ ᠲᠤᠷ ᠰᠦᠯᠳᠡᠨ ᠦ ᠲᠣᠷᠬᠣᠨ ᠰᠢᠷᠠ ᠬᠡᠯᠡᠪᠡ ᠳᠡᠭᠡᠳᠦ ᠬᠠᠭᠠᠨ ᠡᠵᠡᠨ ᠮᠢᠨᠤ ᠠᠶᠢᠯᠠᠳᠤᠨ ᠰᠣᠶᠣᠷᠬ᠎ᠠ ᠳᠡᠯᠭᠡᠷ ᠶᠡᠬᠡ ᠬᠤᠷᠠᠯ ᠴᠢᠭᠤᠯᠬᠤᠢ ᠲᠤᠷ ᠴᠢᠨᠤ ᠤᠮᠳᠠᠨ ᠳᠠᠷᠠᠰᠤ ᠦᠭᠡᠢ ᠪᠣᠯᠪᠠᠰᠤ ᠦᠲᠡᠯᠡ ᠦᠯᠦ ᠬᠤᠷᠠᠨ ᠴᠤᠯᠭᠤᠢ ᠪᠣᠯᠤᠮᠤ ᠭᠡᠪᠡ ᠵᠠᠯᠠᠶᠢᠷᠳᠠᠢ ᠶᠢᠨ ᠭᠣᠤ ᠠ ᠮᠤᠬᠤᠯᠢ ᠤᠭᠲᠤᠵᠤ ᠠᠪᠤᠭᠠᠳ ᠬᠡᠯᠡᠪᠡ ᠪᠠᠷᠠᠯᠳᠤᠭᠰᠠᠨ ᠦᠭᠡᠰ ᠢ ᠮᠢᠨᠤ ᠪᠠᠶᠢᠯᠭᠠᠳᠠᠭ ᠪᠢᠰᠢᠦ ᠪᠠᠷᠳᠠᠮ ᠳᠡᠭᠡᠷᠦᠬᠡᠢ ᠰᠡᠳᠬᠢᠯ ᠢ ᠲᠥᠷᠥᠭᠦᠯᠳᠡᠭ ᠪᠢᠰᠢᠦ ᠴᠢᠭᠤᠯᠠᠯᠠᠭᠰᠠᠨ ᠦᠭᠡᠰ ᠢ ᠮᠢᠨᠢ ᠴᠤᠴᠠᠯᠤᠳᠠᠭ ᠪᠢᠰᠢᠦ ᠴᠤᠭᠯᠠᠭᠰᠠᠨ ᠡᠨᠡ ᠪᠡᠶ ᠡ ᠶᠢ ᠮᠠᠨ ᠢ ᠲᠡᠮᠡᠴᠢᠭᠦᠯᠦᠳᠡᠭ ᠪᠢᠰᠢᠦ ᠤᠯᠢᠭ ᠲᠤ ᠮᠠᠭᠤ
qaγan jarliγ bolurun ai Ögedei bi čimai=yi erte ire kemegsen bögetele udaγan irebe či kemebesü Ögedei ögülerün erte irekü bölüge bi jaγura qurim=ud jolγaju udaba nasuda qaγan ečige minu ögülen bölüge boluγsan idegen=eče bultaribasu buta teberiküi kemekü bölüge tegüber oroyitaba kemen öčibesü aγurlaγsan čirai=ban jaliraju morin=u terigün=i baraγun eteged=i uγujai inu etegejü ideged ögülerün minu jasaγ jarliγ=i γaγča kü Ögedei ele yabuγulba , mön qoyina ene kü metü bolumui j=a kemen jarliγ boluγsan ajuqu # tere qurim(erte urid čaγ=tu sodu boγda Činggis-qaγan Börtegüljin neretü qatun=iyan abqui)=tur yerü yisün örlög tabun tayisi tabun öngge dörben qari ulus quriyaju quran saγuqui=tur Sülden=ü Torqon-Sira kelebe degedü qaγan ejen minu ayiladun soyorq=a delger yeke qural čiγulqui=tur činu umdan darasu ügei bolbasu ütele ülü quran čulγui bolumu gebe Jalayirdai=yin Γou=a-Muquli uγtuju abuγad kelebe baralduγsan üges=i minu bayilγadaγ bisiü bardam degerükei sedkil=i törögüldeg bisiü čiγulalaγsan üges=i mini čučaludaγ bisiü čuγlaγsan ene bey=e=yi man=i temečigülüdeg bisiü uliγ=tu maγu
78b
ᠤᠮᠳᠠᠨ ᠳᠠᠷᠠᠰᠤᠨ ᠢ ᠲᠡᠪᠴᠢᠪᠡᠰᠦ ᠦᠭᠡ ᠮᠠᠨᠢ ᠪᠡᠬᠢ ᠪᠡᠶ᠎ᠡ ᠮᠠᠨᠢ ᠢᠨᠠᠭ ᠪᠠᠶᠢᠵᠠ ᠭᠡᠵᠦ ᠴᠣᠭᠲᠤ ᠲᠥᠷᠥᠭᠰᠡᠨ ᠰᠣᠳᠤ ᠪᠣᠭᠳᠠ ᠲᠤ ᠭᠣᠤ ᠠ ᠮᠤᠬᠤᠯᠢ ᠬᠡᠯᠡᠪᠡᠰᠦ ᠵᠦᠷᠴᠢᠳ ᠦᠨ ᠴᠤᠤ ᠮᠡᠷᠭᠡᠨ ᠤᠭᠲᠤᠵᠤ ᠠᠪᠤᠭᠠᠳ ᠬᠡᠯᠡᠪᠡ ᠰᠠᠨᠠᠭᠰᠠᠨ ᠦᠭᠡᠰ ᠢ ᠮᠠᠨᠢ ᠰᠠᠨᠳᠠᠭᠠᠳᠠᠭ ᠪᠢᠰᠢᠦ ᠰᠠᠶᠢᠨ ᠮᠠᠭᠤ ᠬᠣᠶᠠᠷ ᠢ ᠮᠡᠳᠡᠭᠦᠯᠦᠳᠡᠭ ᠪᠢᠰᠢᠦ ᠳᠣᠲᠣᠷᠠ ᠶᠢ ᠦᠭᠡ ᠶᠢ ᠭᠠᠷᠭᠠᠳᠠᠭ ᠪᠢᠰᠢᠦ ᠳᠣᠣᠷ᠎ᠠ ᠳᠡᠭᠡᠷ᠎ᠡ ᠬᠣᠶᠠᠷ ᠢ ᠢᠯᠭᠠᠳᠠᠭ ᠪᠢᠰᠢᠦ ᠡᠷᠲᠡ ᠡᠴᠡ ᠢᠷᠡᠭᠰᠡᠨ ᠡᠨᠡ ᠶᠠᠪᠤᠬᠤᠢ ᠲᠤᠷ ᠵᠢᠷᠭᠠᠯ ᠡᠭᠦᠨ ᠡᠴᠡ ᠬᠣᠶᠢᠨᠠ ᠳᠤᠷᠠᠳᠬᠠᠯ ᠪᠢᠰᠢᠦ ᠡᠳᠦᠭᠡ ᠡᠭᠦᠨ ᠢ ᠲᠡᠪᠴᠢᠪᠡᠰᠦ ᠡᠨᠡ ᠬᠤᠷᠠᠯ ᠴᠤᠯᠭᠤᠢ ᠪᠣᠯᠬᠤ ᠵᠥᠪ ᠪᠤᠶᠤ ᠭᠡᠵᠦ ᠠᠴᠢᠲᠤ ᠲᠥᠷᠥᠭᠰᠡᠨ ᠪᠣᠭᠳᠠ ᠲᠤ ᠴᠤᠤ ᠮᠡᠷᠭᠡᠨ ᠠᠶᠢᠯᠠᠳᠬᠠᠪᠠᠰᠤ ᠠᠷᠯᠠᠳ ᠤᠨ ᠬᠦᠯᠦᠭ ᠪᠣᠭᠣᠷᠴᠢ ᠤᠭᠲᠤᠵᠤ ᠠᠪᠤᠭᠠᠳ ᠬᠡᠯᠡᠪᠡ ᠠᠮᠠᠨ ᠳᠤᠷ ᠣᠷᠣᠬᠤᠢ ᠲᠤᠷ ᠠᠯᠲᠠᠨ ᠰᠢᠮᠠᠭᠤᠯ ᠮᠡᠲᠦ ᠠᠮᠠᠨ ᠠᠴᠠ ᠭᠠᠷᠬᠤᠢ ᠲᠤᠷ ᠠᠷᠰᠯᠠᠨ ᠵᠠᠭᠠᠨ ᠪᠣᠰᠣᠭᠰᠠᠨ ᠮᠡᠲᠦ ᠬᠡᠯᠡᠨ ᠠᠮᠰᠠᠬᠤᠢ ᠲᠤᠷ ᠬᠡᠳᠡᠭᠡᠨ᠎ᠡ ᠰᠢᠮᠠᠭᠤᠯ ᠮᠡᠲᠦ ᠬᠡᠯᠡᠨ ᠡᠴᠡ ᠭᠠᠷᠬᠤᠢ ᠲᠤᠷ ᠭᠡᠰᠡᠷ ᠵᠠᠭᠠᠨ ᠪᠣᠰᠣᠭᠰᠠᠨ ᠮᠡᠲᠦ ᠣᠨᠣᠯ ᠪᠢᠯᠢᠭ ᠢ ᠤᠮᠤᠷᠲᠠᠭᠤᠯᠤᠳᠠᠭ ᠪᠢᠰᠢᠦ ᠣᠯᠤᠭᠰᠠᠨ ᠵᠥᠭᠡᠭᠰᠡᠨ ᠢᠶᠡᠨ ᠪᠠᠷᠠᠭᠤᠯᠤᠳᠠᠭ ᠪᠢᠰᠢᠦ ᠰᠠᠷᠬᠤᠳ ᠲᠤ ᠪᠦᠦ ᠰᠢᠮᠲᠡᠶᠡᠯᠡ ᠰᠠᠶᠢᠨ ᠮᠠᠭᠤ ᠬᠣᠶᠠᠷ ᠢ ᠢᠯᠭᠠᠨ ᠬᠡᠯᠡᠯᠴᠡᠶᠡᠯᠡ ᠠᠷᠢᠬᠢᠨ ᠲᠤ ᠪᠦᠦ ᠠᠮᠲᠠᠰᠢᠶᠠᠯᠠ ᠠᠯᠢᠪᠠ ᠬᠦᠰᠡᠯ ᠢᠶᠡᠨ ᠬᠠᠨᠤᠯᠴᠠᠨ ᠲᠠᠷᠬᠠᠶᠠᠯᠠ ᠭᠡᠪᠡ ᠤᠷᠢᠶᠠᠩᠬᠠᠨ ᠤ ᠵᠡᠯᠮ᠎ᠡ ᠤᠭᠲᠤᠵᠤ ᠠᠪᠤᠭᠠᠳ ᠬᠡᠯᠡᠪᠡ ᠪᠣᠷᠣ ᠳᠠᠷᠠᠰᠤᠨ ᠢ ᠵᠣᠷᠢᠭ ᠪᠤᠶᠤ ᠪᠣᠭᠳᠠ ᠡᠵᠡᠨ ᠢ ᠮᠠᠨ ᠢ ᠵᠠᠰᠠᠭ ᠦᠭᠡᠢ ᠪᠤᠶᠤ ᠬᠠᠷᠠ ᠠᠷᠠᠬᠢᠨᠢ ᠠᠠ ᠳᠤᠷᠠ ᠪᠢᠯᠡᠦ ᠬᠠᠨ ᠡᠵᠡᠨ ᠢ ᠮᠠᠨ ᠢ ᠴᠡᠴᠡ ᠦᠭᠡᠢ ᠪᠤᠶᠤ ᠤᠮᠳᠠᠨ ᠳᠠᠷᠠᠰᠤᠨ ᠢ ᠬᠤᠷᠢᠶᠠᠶ᠎ᠠ ᠤᠨᠠᠭ᠎ᠠ ᠳᠠᠭ᠎ᠠ ᠮᠡᠲᠦ ᠴᠡᠩᠭᠡᠶᠡᠯᠡ ᠤᠷᠢᠳ ᠬᠣᠵᠢᠳ ᠰᠣᠭᠲᠠᠶᠠᠯᠠ ᠤᠨᠠᠲᠠᠯᠠ ᠪᠣᠰᠲᠠᠯᠠ ᠤᠭᠤᠮᠠᠨ ᠢ ᠬᠡᠪᠲᠡᠶᠡᠯᠡ ᠠᠷᠠᠬᠢᠨ ᠳᠠᠷᠠᠰᠤᠨ ᠢ ᠬᠤᠷᠢᠶᠠᠯᠠ ᠠᠩᠭᠢᠷ ᠭᠠᠯᠠᠭᠤᠨ ᠮᠡᠲᠦ ᠤᠭᠤᠶᠠᠯᠠ ᠠᠯᠢᠪᠠ ᠬᠦᠰᠡᠯ ᠢᠶᠡᠨ ᠬᠠᠨᠤᠯᠴᠠᠨ ᠲᠠᠷᠬᠠᠶᠠᠯᠠ ᠭᠡᠪᠡ ᠪᠡᠰᠦᠳ ᠦᠨ ᠵᠡᠪᠡ ᠤᠭᠲᠤᠵᠤ ᠠᠪᠤᠭᠠᠳ ᠬᠡᠯᠡᠪᠡ ᠤᠮᠳᠠᠨ ᠳᠠᠷᠠᠰᠤ ᠦᠭᠡᠢ ᠪᠣᠯᠬᠤᠯᠠ ᠤᠷᠤᠭ ᠦᠭᠡᠢ ᠪᠢᠰᠢᠦ ᠤᠴᠠᠷᠠᠯᠳᠤᠨ ᠰᠠᠭᠤᠭᠴᠢ ᠡᠨᠡ ᠪᠡᠶ᠎ᠡ ᠮᠠᠨ ᠢ ᠵᠢᠷᠭᠠᠯ ᠦᠭᠡᠢ ᠪᠢᠰᠢᠦ ᠠᠷᠠᠬᠢ ᠦᠭᠡᠢ ᠪᠣᠯᠬᠤᠯᠠ ᠠᠮᠠᠷᠠᠭ ᠦᠭᠡᠢ ᠪᠢᠰᠢᠦ ᠠᠮᠠᠷᠠᠭᠯᠠᠨ ᠰᠠᠭᠤᠭᠴᠢ ᠡᠨᠡ ᠪᠡᠶ᠎ᠡ ᠮᠠᠨ ᠢ ᠵᠢᠷᠭᠠᠯ ᠦᠭᠡᠢ ᠪᠢᠰᠢᠦ ᠬᠠᠷᠠ ᠠᠷᠢᠬᠢᠨ ᠢ ᠲᠡᠪᠴᠢᠶᠡᠯᠡ ᠬᠠᠭᠠᠨ ᠡᠵᠡᠨ ᠢᠶᠡᠨ ᠡᠮᠦᠨᠡ ᠦᠨᠡᠬᠡᠷ ᠵᠢᠳᠬᠦᠶᠡᠯᠡ ᠬᠠᠨ ᠶᠡᠬᠡ ᠲᠥᠷᠥ ᠶᠢᠨ ᠶᠠᠭᠤᠮᠠᠢ ᠶᠢ ᠵᠥᠪᠯᠦᠶᠡᠯᠡ ᠬᠠᠷᠰᠢᠯᠠᠬᠤ ᠳᠠᠶᠢᠰᠤᠨ ᠢ ᠦᠶᠢᠯᠡ ᠶᠢ ᠪᠡᠯᠡᠳᠦᠶᠡᠯᠡ ᠭᠡᠪᠡ ᠣᠶᠢᠷᠠᠳ ᠤᠨ ᠬᠠᠷᠠ ᠬᠢᠷᠤ ᠬᠡᠯᠡᠪᠡ ᠬᠤᠷᠠᠭᠰᠠᠨ ᠪᠦᠭᠦᠳᠡ ᠤᠭᠤᠪᠠᠰᠤ ᠵᠢᠷᠭᠠᠯ ᠪᠢᠰᠢᠦ ᠬᠣᠯᠠ ᠣᠶᠢᠷᠠ ᠰᠣᠨᠣᠰᠬᠤᠯᠠ ᠬᠦᠰᠡᠯ ᠪᠢᠰᠢᠦ ᠠᠮᠠᠯᠠᠨ ᠶᠠᠳᠠᠬᠤ ᠦᠭᠡᠨ ᠲᠦ ᠴᠢᠮᠡᠭ ᠨᠡᠮᠡᠳᠡᠭ ᠪᠢᠰᠢᠦ ᠠᠯᠠᠯᠳᠤᠬᠤ ᠳᠠᠶᠢᠰᠤᠨ ᠲᠤ ᠵᠢᠷᠦᠬᠡᠨ ᠢ ᠮᠠᠨ ᠢ ᠬᠠᠲᠠᠭᠠᠳᠠᠭ ᠪᠢᠰᠢᠦ ᠪᠣᠭᠳᠠ ᠡᠵᠡᠨ ᠢ ᠡᠨᠡ ᠬᠡᠰᠢᠭ ᠪᠣᠷᠣ ᠳᠠᠷᠠᠰᠤᠨ ᠢ ᠪᠠᠭ᠎ᠠ ᠶᠡᠬᠡ ᠦᠭᠡᠢ ᠵᠡᠷᠭᠡ ᠪᠡᠷ ᠤᠭᠤᠮᠠᠨ ᠢ ᠪᠠᠶᠠᠰᠬᠤᠯᠠᠩ ᠲᠤ ᠶᠡᠬᠡ ᠬᠦᠷᠢ ᠦᠵᠡᠶᠡᠯᠡ ᠭᠡᠪᠡ ᠪᠣᠷᠣᠬᠤᠯ ᠤᠭᠲᠤᠵᠤ ᠠᠪᠤᠭᠠᠳ ᠬᠡᠯᠡᠪᠡ ᠠᠮᠠᠷᠠᠭ ᠠᠴᠠ ᠠᠯᠭᠠᠰᠠᠭᠤᠯᠤᠳᠠᠭ ᠪᠢᠰᠢᠦ ᠠᠯᠢᠶ᠎ᠠ ᠮᠠᠭᠤ ᠰᠡᠳᠬᠢᠯ ᠢ ᠲᠥᠷᠥᠭᠦᠯᠦᠳᠡᠭ ᠪᠢᠰᠢᠦ ᠬᠠᠮᠲᠤ ᠠᠪ ᠶᠠᠪᠤᠬᠤ ᠨᠥᠬᠥᠷ ᠡᠴᠡ ᠬᠠᠭᠠᠴᠠᠭᠤᠯᠤᠳᠠᠭ ᠪᠢᠰᠢᠦ ᠬᠠᠷᠭᠢᠰ ᠳᠡᠭᠡᠷᠦᠬᠡᠢ ᠰᠡᠳᠬᠢᠯ ᠢ ᠲᠥᠷᠥᠭᠦᠯᠦᠳᠡᠭ ᠪᠢᠰᠢᠦ ᠪᠣᠷᠣ ᠳᠠᠷᠠᠰᠤᠨ ᠤ ᠡᠷᠳᠡᠮ ᠨᠢ ᠶᠡᠷᠦ ᠴᠤᠬᠠᠭ ᠪᠤᠷᠴᠢᠵᠤ ᠡᠪᠳᠡᠬᠦ ᠭᠡᠮ ᠨᠢ ᠶᠡᠷᠦ ᠣᠯᠠᠨ ᠪᠠᠶᠢᠵᠠ ᠭᠡᠪᠡ ᠰᠢᠬᠢ ᠬᠤᠲᠤᠭ ᠤᠭᠲᠤᠵᠤ ᠠᠪᠤᠭᠠᠳ ᠬᠡᠯᠡᠪᠡ ᠬᠤᠲᠤᠭ ᠲᠤ ᠲᠥᠷᠥᠭᠰᠡᠨ ᠪᠣᠭᠳᠠ ᠡᠵᠡᠨ ᠢ ᠡᠨᠡ ᠬᠡᠰᠢᠭ ᠢ ᠬᠤᠨ ᠭᠠᠯᠠᠭᠤᠨ ᠮᠡᠲᠦ ᠳᠠᠭᠤᠨ ᠢᠶᠠᠨ ᠨᠢᠭᠡᠳᠴᠦ ᠬᠤᠯᠠ ᠴᠢᠬᠢᠲᠡᠢ ᠮᠡᠲᠦ ᠵᠢᠰᠦ ᠪᠡᠨ ᠨᠡᠶᠢᠯᠡᠵᠦ ᠬᠤᠷᠠᠭᠰᠠᠨ ᠪᠦᠭᠦᠳᠡ ᠵᠢᠷᠭᠠᠯᠳᠤᠨ ᠴᠡᠩᠭᠡᠶᠡᠯᠡ ᠠᠴᠢᠲᠤ ᠲᠥᠷᠥᠭᠰᠡᠨ ᠬᠠᠭᠠᠨ ᠡᠵᠡᠨ ᠢ ᠡᠨᠡ ᠬᠡᠰᠢᠭ ᠢ ᠠᠩᠭᠢᠷ ᠭᠠᠯᠠᠭᠤᠨ ᠮᠡᠲᠦ ᠳᠠᠭᠤᠨ ᠢᠶᠠᠨ ᠨᠢᠭᠡᠳᠴᠦ ᠠᠷᠭᠠᠯ ᠢ ᠮᠠᠷᠠᠯ ᠮᠡᠲᠦ ᠵᠢᠰᠦᠪᠡᠨ ᠨᠡᠶᠢᠯᠡᠵᠦ ᠠᠮᠠᠷᠠᠭ ᠰᠠᠶᠢᠬᠠᠨ ᠨᠥᠬᠥᠳ ᠢᠶᠡᠨ ᠠᠪᠤᠨ ᠵᠢᠷᠭᠠᠶᠠᠯᠠ ᠭᠡᠪᠡ ᠶᠢᠰᠦᠨ ᠥᠷᠯᠥᠭ ᠦᠨ ᠦᠭᠡ ᠲᠡᠮᠡᠴᠡᠬᠦᠢ ᠲᠦᠷ ᠡᠭᠦᠳᠡᠨ ᠲᠦ ᠰᠠᠭᠤᠭᠰᠠᠨ ᠥᠨᠥᠴᠢᠨ ᠬᠥᠪᠡᠭᠦᠨ ᠥᠨᠳᠡᠶᠢᠵᠦ ᠢᠷᠡᠭᠡᠳ ᠬᠡᠯᠡᠪᠡ ᠶᠡᠬᠡᠰ ᠦᠨ ᠵᠡᠷᠭᠡ ᠲᠦᠷ ᠣᠷᠣᠭᠰᠠᠨ ᠪᠣᠯᠤᠰᠠ ᠪᠢ ᠶᠡᠷᠦ ᠦᠭᠡ ᠪᠡᠨ ᠬᠡᠯᠡᠰᠡ ᠪᠢ ᠰᠠᠶᠢᠳ ᠤᠨ ᠵᠡᠷᠭᠡ ᠲᠦᠷ ᠣᠷᠣᠭᠰᠠᠨ ᠪᠣᠯᠤᠰᠠ ᠪᠢ ᠰᠠᠨᠠᠭᠰᠠᠨ ᠰᠠᠨᠠᠭᠠᠪᠠᠨ ᠬᠡᠯᠡᠰᠡ ᠪᠢ ᠭᠡᠵᠦ ᠪᠠᠶᠢᠪᠠ ᠪᠣᠭᠳᠠ ᠡᠵᠡᠨ ᠲᠡᠷᠡ ᠦᠭᠡ ᠶᠢ ᠢᠨᠤ ᠰᠣᠨᠣᠰᠤᠭᠠᠳ ᠪᠣᠯᠤᠯ ᠦᠭᠡᠢ ᠥᠴᠦᠬᠡᠨ ᠬᠥᠪᠡᠭᠦᠨ ᠶᠠᠭᠤᠨ ᠥᠭᠦᠯᠡᠮᠦᠢ ᠴᠢ ᠭᠡᠪᠡ ᠲᠡᠷᠡ ᠬᠥᠪᠡᠭᠦᠨ ᠬᠡᠯᠡᠪᠡ ᠪᠣᠭᠳᠠ ᠡᠵᠡᠨ ᠮᠠᠨ ᠢ ᠭᠡᠭᠡᠨ ᠰᠦᠷᠲᠡᠢ ᠠᠵᠢᠯᠠ ᠡᠨᠡ ᠬᠤᠷᠠᠭᠰᠠᠳ ᠤᠨ ᠳᠣᠲᠣᠷᠠ ᠦᠭᠡ ᠬᠡᠯᠡᠬᠦᠨ ᠢ ᠪᠡᠷᠬᠡ ᠠᠵᠢᠯᠠ ᠬᠠᠭᠠᠨ ᠡᠵᠡᠨ ᠮᠠᠨ ᠢ ᠭᠡᠭᠡᠨ ᠰᠦᠷᠲᠡᠢ ᠠᠵᠢᠯᠠ ᠬᠠᠮᠤᠭ ᠬᠤᠷᠠᠭᠰᠠᠳ ᠤᠨ ᠳᠣᠲᠣᠷᠠ ᠦᠭᠡ ᠥᠭᠦᠯᠡᠬᠦᠨ ᠢ ᠮᠠᠰᠢ ᠪᠡᠷᠬᠡ ᠠᠵᠢᠯᠠ ᠣᠶᠢᠨ ᠳᠤ ᠮᠢᠨᠤ ᠦᠭᠡ ᠪᠡᠷ ᠪᠣᠯᠪᠠᠴᠢ ᠣᠨᠣᠵᠤ
umdan darasun=i tebčibesü üge mani beki bey=e mani inaγ bayija gejü čoγtu törögsen sodu boγda=tu Γou=a-Muquli kelebesü Jürčid=ün Čuu-Mergen uγtuju abuγad kelebe sanaγsan üges=i mani sandaγadaγ bisiü sayin maγu qoyar=i medegülüdeg bisiü dotora=yi üge=yi γarγadaγ bisiü door=a deger=e qoyar=i ilγadaγ bisiü erte=eče iregsen ene yabuqui=tur jirγal egün=eče qoyina duradqal bisiü edüge egün=i tebčibesü ene qural čulγui bolqu jöb buyu gejü ačitu törögsen boγda=tu Čuu-Mergen ayiladqabasu Arlad=un külüg Boγorči uγtuju abuγad kelebe aman=dur oroqui=tur altan simaγul metü aman=ača γarqui=tur arslan jaγan bosoγsan metü kelen amsaqui=tur kedegen=e simaγul metü kelen=eče γarqui=tur geser jaγan bosoγsan metü onol bilig=i umurtaγuludaγ bisiü oluγsan jögegsen=iyen baraγuludaγ bisiü sarqud=tu büü simteyele sayin maγu qoyar=i ilγan kelelčeyele arikin=tu büü amtasiyala aliba küsel=iyen qanulčan tarqayala gebe Uriyangqan=u Jelm=e uγtuju abuγad kelebe boro darasun=i joriγ buyu Boγda-Ejen=i man=i jasaγ ügei buyu qara arakini [78Aa] dura bileü qan ejen=i man=i čeče ügei buyu umdan darasun=i quriyay=a unaγ=a daγ=a metü čenggeyele urid qojid soγtayala unatala bostala uγuman=i kebteyele arakin darasun=i quriyala anggir γalaγun metü uγuyala aliba küsel=iyen qanulčan tarqayala gebe Besüd=ün Jebe uγtuju abuγad kelebe umdan darasu ügei bolqula uruγ ügei bisiü , učaraldun saγuγči ene bey=e man=i jirγal ügei bisiü araki ügei bolqula amaraγ ügei bisiü amaraγlan saγuγči ene bey=e man=i jirγal ügei bisiü qara arikin=i tebčiyele qaγan ejen=iyen emüne üneker jidküyele qan yeke törö=yin yaγumai=yi jöblüyele qarsilaqu dayisun=i üyile=yi beledüyele gebe Oyirad=un Qara-Kiru kelebe quraγsan bügüde uγubasu jirγal bisiü qola oyira sonosqula küsel bisiü amalan yadaqu ügen=tü čimeg nemedeg bisiü alalduqu dayisun=tu jirüken=i man=i qataγadaγ bisiü Boγda-Ejen=i ene kesig boro darasun=i baγ=a yeke ügei jerge=ber uγuman=i bayasqulang=tu yeke küri üjeyele gebe Boroqul uγtuju abuγad kelebe amaraγ=ača alγasaγuludaγ bisiü aliy=a maγu sedkil=i törögülüdeg bisiü qamtu [78Ab] yabuqu nökör=eče qaγačaγuludaγ bisiü qargis degerükei sedkil=i törögülüdeg bisiü boro darasun=u erdem ni yerü čuqaγ burčiju ebdekü gem ni yerü olan bayija gebe Siki-Qutuγ uγtuju abuγad kelebe qutuγ=tu törögsen Boγda-Ejen=i ene kesig=i qun γalaγun metü daγun=iyan nigedčü qula čikitei metü jisü=ben neyilejü quraγsan bügüde jirγaldun čenggeyele ačitu törögsen qaγan ejen=i ene kesig=i anggir γalaγun metü daγun=iyan nigedčü arγal=i maral metü jisüben neyilejü amaraγ sayiqan nököd=iyen abun jirγayala gebe # yisün örlög=ün üge temečeküi=tür egüden=tü saγuγsan önöčin köbegün öndeyijü ireged kelebe yekes=ün jerge=tür oroγsan bolusa bi yerü üge=ben kelese bi sayid=un jerge=tür oroγsan bolusa bi sanaγsan sanaγaban kelese bi gejü bayiba Boγda-Ejen tere üge=yi inu sonosuγad bolul ügei öčüken köbegün yaγun ögülemüi či gebe tere köbegün kelebe Boγda-Ejen man=i gegen sürtei ajila ene quraγsad=un dotora üge kelekün=i berke ajila qaγan ejen man=i gegen sürtei ajila qamuγ quraγsad=un dotora üge ögülekün=i masi berke ajila oyin=du minu üge=ber bolbači onoju
79a
ᠬᠡᠯᠡᠬᠦᠨ ᠢ ᠪᠡᠷᠬᠡ ᠪᠣᠯᠤᠮᠤ ᠭᠡᠮ ᠪᠢ ᠭᠡᠪᠡ ᠪᠣᠭᠳᠠ ᠡᠵᠡᠨ ᠵᠠᠷᠯᠢᠭ ᠪᠣᠯᠪᠠᠢ ᠦᠭᠡ ᠲᠡᠢ ᠪᠣᠯᠪᠠᠰᠤ ᠥᠴᠢᠵᠦ ᠬᠣᠰᠢᠩ ᠲᠠᠢ ᠪᠣᠯᠪᠠᠰᠤ ᠬᠣᠯᠪᠠᠵᠤ ᠭᠠᠶᠢᠭᠤᠢ ᠬᠡᠯᠡ ᠭᠡᠪᠡ ᠪᠣᠭᠳᠠ ᠡᠵᠡᠨ ᠢᠶᠡᠨ ᠲᠡᠶᠢᠮᠦ ᠵᠠᠷᠯᠢᠭ ᠢ ᠰᠣᠨᠣᠰᠤᠭᠠᠳ ᠲᠡᠷᠡ ᠬᠥᠪᠡᠭᠦᠨ ᠪᠠᠶᠠᠰᠴᠤ ᠥᠪᠡᠷᠦᠨ ᠣᠶᠤᠨ ᠤ ᠴᠢᠨᠡᠭᠡ ᠪᠡᠷ ᠤᠮᠳᠠᠨ ᠳᠠᠷᠠᠰᠤᠨ ᠢ ᠤᠴᠢᠷ ᠢ ᠬᠡᠯᠡᠪᠡ ᠪᠠᠯᠠᠢ ᠶᠡᠬᠡ ᠤᠭᠤᠪᠠᠰᠤ ᠡᠪᠡᠳᠴᠢᠨ ᠪᠢᠰᠢᠦ ᠪᠠᠬᠠᠨ ᠤᠭᠤᠪᠠᠰᠤ ᠥᠨᠥᠴᠢᠨ ᠪᠢᠰᠢᠦ ᠪᠠᠰᠠ ᠬᠤᠷᠠᠨ ᠤᠭᠤᠪᠠᠰᠤ ᠵᠢᠷᠭᠠᠯ ᠪᠢᠰᠢᠦ ᠪᠠᠯᠠᠮᠠᠳ ᠶᠡᠬᠡ ᠰᠣᠭᠲᠠᠪᠠᠰᠤ ᠮᠤᠩᠬᠠᠭ ᠤᠨ ᠰᠦᠨᠡᠰᠦᠨ ᠪᠢᠰᠢᠦ ᠦᠷᠭᠦᠯᠵᠢ ᠤᠭᠤᠪᠠᠰᠤ ᠤᠯᠢᠭ ᠪᠢᠰᠢᠦ ᠥᠰᠦᠳ ᠡᠭᠦᠨ ᠢ ᠲᠡᠪᠴᠢᠪᠡᠰᠦ ᠪᠢᠯᠢᠭ ᠪᠢᠰᠢᠦ ᠤᠴᠢᠷᠲᠠᠢ ᠰᠠᠶᠢᠬᠠᠨ ᠤᠭᠤᠪᠠᠰᠤ ᠵᠢᠷᠭᠠᠯ ᠪᠢᠰᠢᠦ ᠦᠲᠡᠯᠡ ᠶᠡᠬᠡ ᠰᠣᠭᠲᠠᠪᠠᠰᠤ ᠮᠤᠩᠬᠠᠭ ᠪᠢᠰᠢᠦ ᠬᠤᠨ ᠰᠢᠪᠠᠭᠤᠨ ᠮᠡᠲᠦ ᠬᠤᠷᠤᠯᠴᠠᠰᠠ ᠬᠤᠳᠠᠯᠴᠢ ᠮᠠᠭᠤ ᠬᠦᠮᠦᠨ ᠢ ᠦᠭᠡ ᠶᠢ ᠪᠦᠦ ᠠᠵᠢᠭᠯᠠᠨ ᠰᠣᠭᠲᠠᠰᠠ ᠲᠠ ᠬᠤᠷᠠᠭᠰᠠᠨ ᠪᠦᠭᠦᠳᠡᠭᠡᠷ ᠵᠢᠷᠭᠠᠰᠠᠢ ᠬᠤᠳᠬᠤᠯᠬᠤ ᠳᠠᠶᠢᠰᠤᠨ ᠲᠤ ᠪᠡᠶ ᠡ ᠪᠡᠨ ᠪᠦᠦ ᠲᠡᠪᠴᠢᠰᠡᠢ ᠴᠢᠨ ᠰᠢᠪᠠᠭᠤᠨ ᠮᠡᠲᠦ ᠴᠡᠩᠭᠡᠭᠡᠰᠡ ᠰᠡᠴᠡᠳ ᠮᠡᠷᠭᠡᠳ ᠢᠶᠡᠨ ᠠᠪᠤᠨ ᠵᠢᠷᠭᠠᠰᠠ ᠴᠠᠯᠴᠠ ᠬᠦᠮᠦᠨ ᠢ ᠦᠭᠡ ᠪᠦᠦ ᠠᠵᠢᠭᠯᠠᠨ ᠰᠣᠭᠲᠠᠰᠠ ᠲᠠ ᠴᠡᠴᠢᠯᠡᠬᠦ ᠳᠠᠶᠢᠰᠤᠨ ᠲᠤᠷ ᠵᠡᠷᠭᠡ ᠪᠡᠷ ᠣᠷᠤᠰᠠᠢ ᠠᠩᠭᠢᠷ ᠰᠢᠪᠠᠭᠤᠨ ᠮᠡᠲᠦ ᠠᠮᠠᠪᠠᠷ ᠠᠪᠤᠯᠴᠠᠨ ᠠᠯᠢᠶ᠎ᠠ ᠮᠠᠭᠤ ᠬᠦᠮᠦᠨ ᠢ ᠦᠭᠡ ᠶᠢ ᠪᠦᠦ ᠠᠵᠢᠭᠯᠠᠨ ᠰᠣᠭᠲᠠᠰᠠ ᠲᠠ ᠠᠯᠢᠪᠠ ᠬᠦᠰᠡᠯ ᠢᠶᠡᠨ ᠬᠠᠨᠤᠯᠴᠠᠨ ᠴᠡᠩᠭᠡᠭᠡᠰᠡ ᠠᠯᠠᠯᠳᠤᠬᠤ ᠳᠠᠶᠢᠰᠤᠨ ᠲᠤ ᠨᠢᠭᠡᠨ ᠨᠢᠭᠡᠨ ᠢᠶᠡᠨ ᠪᠦᠦ ᠣᠷᠬᠢᠯᠴᠠᠰᠠᠢ ᠥᠯᠦᠩ ᠬᠤᠳᠬᠤᠷ ᠮᠡᠲᠦ ᠡᠭᠦᠪᠡᠷ ᠠᠪᠤᠯᠴᠠᠰᠠᠢ
kelekün=i berke bolumu gem bi gebe Boγda-Ejen jarliγ bolbai üge=tei bolbasu öčijü qosing=tai bolbasu qolbaju γayiγui kele gebe Boγda-Ejen=iyen teyimü jarliγ=i sonosuγad tere köbegün bayasču öberün oyun=u činege=ber umdan darasun=i učir=i kelebe balai yeke uγubasu ebedčin bisiü baqan uγubasu önöčin bisiü basa quran uγubasu jirγal bisiü balamad yeke soγtabasu mungqaγ=un sünesün bisiü ürgülji uγubasu uliγ bisiü ösüd egün=i tebčibesü bilig bisiü učirtai sayiqan uγubasu jirγal bisiü ütele yeke soγtabasu mungqaγ bisiü qun sibaγun metü qurulčasa qudalči maγu kümün=i üge=yi büü ajiγlan soγtasa ta quraγsan bügüdeger jirγasai qudqulqu dayisun=tu bey=e=ben büü tebčisei čin sibaγun metü čenggegese sečed merged=iyen abun jirγasa čalča kümün=i üge büü ajiγlan soγtasa ta čečilekü dayisun=tur jerge=ber orusai anggir sibaγun metü amabar abulčan aliy=a maγu kümün=i üge=yi büü ajiγlan soγtasa ta aliba küsel=iyen qanulčan čenggegese alalduqu dayisun=tu nigen nigen=iyen büü orkilčasai ölüng qudqur metü egüber abulčasai
79b
ᠥᠰᠬᠦ ᠥᠲᠡᠯᠬᠦ ᠪᠡᠨ ᠠᠪᠤᠨ ᠵᠢᠷᠭᠠᠰᠠ ᠦᠬᠲᠡᠮ ᠮᠠᠭᠤ ᠬᠦᠮᠦᠨ ᠦ ᠦᠭᠡ ᠶᠢ ᠪᠦᠦ ᠠᠵᠢᠭᠯᠠᠨ ᠰᠣᠭᠲᠠᠰᠠ ᠥᠰᠢᠶᠡᠲᠡᠨ ᠳᠠᠶᠢᠰᠤᠨ ᠲᠤᠷ ᠮᠢᠲᠠᠯ ᠦᠭᠡᠢ ᠰᠢᠷᠭᠤᠰᠠᠢ ᠭᠡᠪᠡ ᠴᠢᠳᠠᠨᠠ ᠴᠢᠴᠢᠨ ᠬᠤᠪᠰᠤᠷ ᠤᠭᠲᠤᠵᠤ ᠠᠪᠤᠭᠠᠳ ᠥᠭᠦᠯᠡᠪᠡᠢ ᠶᠢᠰᠦᠨ ᠥᠷᠯᠥᠭ ᠦᠨ ᠦᠭᠡ ᠶᠢ ᠪᠤᠷᠤᠭᠤ ᠭᠡᠵᠦ ᠶᠡᠷᠦ ᠴᠢ ᠦᠭᠡ ᠥᠭᠦᠯᠡᠬᠦ ᠪᠤᠶᠤ ᠬᠠᠮᠤᠭ ᠬᠤᠷᠠᠭᠰᠠᠳ ᠢ ᠴᠢᠴᠢᠨ ᠴᠡᠴᠡᠨ ᠦᠭᠡᠢ ᠭᠡᠵᠦ ᠬᠠᠭᠠᠨ ᠡᠵᠡᠨ ᠲᠦ ᠴᠢ ᠦᠭᠡ ᠠᠶᠢᠯᠠᠳᠬᠠᠬᠤ ᠪᠤᠶᠤ ᠥᠴᠦᠬᠡᠨ ᠬᠡᠦᠬᠡᠨ ᠲᠦ ᠦᠭᠡ ᠪᠢᠯᠡᠦ ᠦᠷᠭᠦᠳᠡᠭ ᠮᠣᠷᠢᠨ ᠲᠤ ᠭᠦᠶᠢᠳᠡᠯ ᠪᠢᠯᠡᠦ ᠨᠤᠭᠤᠰᠤᠨ ᠮᠡᠲᠦ ᠵᠠᠮᠠᠭ ᠴᠥᠯᠪᠡᠰᠡᠢ ᠴᠢ ᠨᠣᠬᠠᠢ ᠮᠡᠲᠦ ᠶᠠᠰᠤ ᠪᠤᠯᠢᠶᠠᠯᠳᠤᠰᠠᠢ ᠴᠢ ᠭᠡᠪᠡ ᠲᠡᠷᠡ ᠬᠡᠦᠬᠡᠨ ᠥᠭᠦᠯᠡᠷ ᠦᠨ ᠴᠢᠳᠠᠨᠠ ᠴᠡᠴᠢᠨ ᠲᠡᠷᠡ ᠴᠢᠨᠤ ᠪᠤᠰᠤ ᠴᠢᠨᠠᠷ ᠮᠠᠭᠤ ᠰᠡᠳᠬᠢᠯ ᠪᠠᠶᠢᠵᠠ ᠶᠢᠰᠦᠨ ᠥᠷᠯᠥᠭ ᠦᠨ ᠦᠭᠡ ᠶᠢ ᠪᠤᠷᠤᠭᠤ ᠭᠡᠪᠦᠦ ᠪᠢ ᠶᠡᠷᠦ ᠮᠢᠨᠤ ᠦᠭᠡ ᠵᠥᠪ ᠭᠡᠪᠦᠦ ᠪᠢ ᠬᠠᠮᠤᠭ ᠬᠤᠷᠠᠭᠰᠠᠳ ᠢ ᠴᠡᠴᠢᠨ ᠦᠭᠡᠢ ᠭᠡᠪᠦᠦ ᠪᠢ ᠬᠠᠭᠠᠨ ᠡᠵᠡᠨ ᠢᠶᠡᠨ ᠵᠠᠷᠯᠢᠭ ᠠᠴᠠ ᠳᠠᠪᠠ ᠶᠠᠳᠠᠵᠤ ᠬᠡᠯᠡᠯᠡ ᠪᠢ ᠥᠴᠦᠬᠡᠨ ᠬᠦᠮᠦᠨ ᠢ ᠥᠷᠭᠥᠵᠦ ᠬᠠᠶᠢᠷᠠᠯᠠᠬᠤᠯᠠ ᠥᠰᠦᠳᠡᠭ ᠦᠭᠡᠢ ᠪᠢᠶᠦ ᠦᠷᠭᠦᠳᠡᠭ ᠮᠣᠷᠢᠨ ᠢ ᠥᠷᠭᠥᠵᠦ ᠲᠡᠵᠢᠶᠡᠬᠦᠯᠡ ᠲᠠᠷᠭᠤᠯᠠᠳᠠᠭ ᠦᠭᠡᠢ ᠪᠢᠶᠦ ᠭᠡᠪᠡ ᠴᠢᠳᠠᠨᠠ ᠴᠡᠴᠡᠨ ᠬᠤᠪᠰᠤᠷ ᠬᠢᠯᠢᠩᠯᠡᠵᠦ ᠥᠭᠦᠯᠡᠷᠦᠨ ᠬᠣᠯᠪᠠᠵᠤ ᠬᠡᠯᠡᠬᠦ ᠦᠭᠡ ᠲᠡᠢ ᠠᠵᠢᠯᠠ ᠴᠢ ᠬᠣᠰᠠᠯᠵᠤ ᠰᠠᠨᠠᠬᠤ ᠴᠡᠴᠢᠨ ᠲᠡᠢ ᠠᠵᠢᠯᠠ ᠴᠢ ᠬᠤᠯᠤᠭᠤᠨ᠎ᠠ ᠪᠢᠳᠤᠷ ᠪᠡᠶ ᠡ ᠶᠢ ᠴᠢᠨ ᠤ ᠬᠤᠭᠤᠴᠢᠨᠠᠮ ᠪᠢ ᠬᠤᠷᠠᠭᠰᠠᠨ ᠪᠦᠭᠦᠳᠡ ᠲᠦ ᠢᠨᠢᠭᠡᠳᠦᠮ ᠪᠣᠯᠭᠠᠨᠠᠮ ᠪᠢ ᠴᠤᠴᠠᠯᠢ ᠮᠡᠲᠦ ᠪᠡᠶ ᠡ ᠶᠢ ᠴᠢᠨ ᠤ
öskü ötelkü=ben abun jirγasa üktem maγu kümün=ü üge=yi büü ajiγlan soγtasa ösiyeten dayisun=tur mital ügei sirγusai gebe # Čidana-Čičin-Qubsur uγtuju abuγad ögülebei yisün örlög=ün üge=yi buruγu gejü yerü či üge ögülekü buyu qamuγ quraγsad=i čičin <čečen> ügei gejü qaγan ejen=tü či üge ayiladqaqu buyu öčüken keüken=tü üge bileü ürgüdeg morin=tu güyidel bileü nuγusun metü jamaγ čölbesei či noqai metü yasu buliyaldusai či gebe tere keüken ögüler=ün Čidana-Čečin tere činu busu činar maγu sedkil bayija yisün örlög=ün üge=yi buruγu gebüü bi yerü minu üge jöb gebüü bi qamuγ quraγsad=i čečin ügei gebüü bi qaγan ejen=iyen jarliγ=ača daba yadaju kelele bi öčüken kümün=i örgöjü qayiralaqula ösüdeg ügei biyü ürgüdeg morin=i örgöjü tejiyeküle tarγuladaγ ügei biyü gebe Čidana-Čečen-Qubsur kilinglejü ögülerün qolbaju kelekü üge=tei ajila či qosalju sanaqu čečin=tei ajila či quluγun=a bidur bey=e=yi čin=u quγučinam bi quraγsan bügüde=tü inigedüm bolγanam bi čučali metü bey=e=yi čin=u
80a
ᠴᠤᠭᠤᠴᠢᠨᠠᠮ ᠪᠢ ᠴᠤᠭᠯᠠᠰᠠᠨ ᠪᠦᠭᠦᠳᠡ ᠲᠦ ᠡᠯᠡᠭ ᠪᠣᠯᠭᠠᠨᠠᠮ ᠪᠢ ᠮᠠᠭᠤ ᠬᠥᠪᠡᠭᠦᠨ ᠦᠭᠡᠪᠡᠨ ᠲᠠᠲᠠ ᠮᠠᠭᠤᠬᠠᠢ ᠶᠡᠬᠡ ᠡᠪᠡᠳᠦᠮ ᠴᠢ ᠪᠠᠬᠠᠨ ᠬᠥᠪᠡᠭᠦᠨ ᠦᠭᠡ ᠪᠡᠨ ᠴᠡᠨᠡ ᠴᠢ ᠪᠠᠯᠠᠢ ᠶᠡᠬᠡ ᠡᠪᠡᠳᠦᠮ ᠴᠢ ᠭᠡᠪᠡ ᠴᠢᠳᠠᠨᠠ ᠴᠡᠴᠡᠨ ᠴᠢᠮᠠᠳᠤ ᠬᠡᠯᠡᠭᠰᠡᠨ ᠪᠢᠰᠢ ᠪᠢᠯᠡ ᠪᠣᠭᠳᠠ ᠴᠢᠩᠭᠢᠰ ᠬᠠᠭᠠᠨ᠎ᠠ ᠠᠶᠢᠯᠠᠳᠬᠠᠯᠠ ᠬᠤᠪᠰᠤᠷ ᠴᠡᠴᠡᠨ ᠴᠢᠨᠤ ᠦᠭᠡ ᠪᠤᠯᠢᠶᠠᠭᠰᠠᠨ ᠪᠢᠰᠢ ᠪᠢᠯᠡ ᠬᠤᠪᠢ ᠲᠤ ᠥᠪᠡᠷᠦᠨ ᠰᠠᠨᠠᠭᠠᠪᠠᠨ ᠬᠡᠯᠡᠯᠡᠪᠢ ᠪᠤᠷᠤᠭᠤ ᠵᠥᠪ ᠬᠣᠶᠠᠷ ᠢ ᠢᠯᠭᠠᠳᠠᠭ ᠦᠭᠡᠢ ᠪᠢᠶᠤᠤ ᠴᠢ ᠪᠤᠯᠤᠩᠭᠢᠷ ᠦᠭᠡᠢ ᠳᠠᠯᠠᠢ ᠶᠢ ᠥᠮᠴᠢᠷᠬᠡᠳᠡᠭ ᠪᠢᠶᠤᠤ ᠴᠢ ᠪᠣᠭᠳᠠ ᠡᠵᠡᠨ ᠢ ᠬᠠᠶᠢᠷᠠᠢ ᠶᠢ ᠬᠥᠭᠡᠷᠬᠡᠳᠡᠭ ᠪᠢᠶᠤᠤ ᠪᠣᠯᠤᠯ ᠦᠭᠡᠢ ᠨᠠᠳᠠ ᠯᠤᠭ᠎ᠠ ᠦᠭᠡ ᠲᠡᠮᠡᠴᠢᠳᠡᠭ ᠪᠢᠶᠤᠤ ᠬᠠᠮᠢᠭ᠎ᠠ ᠦᠭᠡᠢ ᠦᠭᠡᠨ ᠲᠦ ᠠᠭᠤᠷᠯᠠᠳᠠᠭ ᠪᠢᠶᠤᠤ ᠬᠠᠰ ᠶᠡᠬᠡ ᠳᠠᠯᠠᠢ ᠶᠢ ᠬᠠᠷᠠᠮᠯᠠᠳᠠᠭ ᠪᠢᠶᠤᠤ ᠬᠠᠭᠠᠨ ᠡᠵᠡᠨ ᠦ ᠮᠠᠨ ᠢ ᠬᠠᠶᠢᠷᠠᠢ ᠶᠢ ᠥᠮᠴᠢᠷᠬᠡᠳᠡᠭ ᠪᠢᠶᠤᠤ ᠬᠠᠷᠢᠭᠤ ᠦᠭᠡᠢ ᠮᠠᠭᠤ ᠨᠠᠳᠠᠯᠤᠭ᠎ᠠ ᠦᠭᠡ ᠲᠡᠮᠡᠴᠢᠳᠡᠭ ᠪᠢᠶᠤᠤ ᠣᠨᠣᠨ ᠮᠥᠷᠡᠨ ᠢ ᠬᠣᠪᠣᠭᠣᠨ ᠢᠶᠠᠷ ᠰᠢᠷᠭᠡᠳᠡᠭ ᠪᠤᠶᠤ ᠣᠭᠲᠠᠷᠭᠤᠢ ᠶᠢᠨ ᠰᠣᠯᠣᠩᠭ ᠠ ᠶᠢ ᠭᠠᠷ ᠢᠶᠠᠷ ᠪᠠᠷᠢᠳᠠᠭ ᠪᠢᠶᠤᠤ ᠡᠳᠡᠷ ᠮᠥᠷᠡᠨ ᠢ ᠡᠯᠡᠰᠦ ᠪᠡᠷ ᠪᠣᠭᠣᠳᠠᠭ ᠪᠢᠶᠤᠤ ᠴᠢ ᠡᠷᠳᠡᠮ ᠲᠦ ᠰᠠᠶᠢᠨ ᠬᠦᠮᠦᠨ ᠢ ᠨᠠᠮᠠᠶᠢ ᠰᠠᠨᠠᠭᠠᠪᠠᠷ ᠴᠢᠨᠡᠳᠡᠭ ᠪᠢᠶᠤᠤ ᠴᠤᠯᠤ ᠰᠡᠳᠬᠢᠯ ᠢ ᠪᠠᠷᠢᠰᠠᠢ ᠵᠥᠪ ᠦᠭᠡᠨ ᠲᠦ ᠪᠠᠶᠠᠰᠠᠰᠠᠢ ᠴᠢ ᠪᠤᠰᠤᠴᠠᠷ ᠮᠠᠭᠤ ᠰᠡᠳᠬᠢᠯ ᠢᠶᠡᠨ ᠲᠡᠪᠴᠢᠶᠡᠰᠡᠢ ᠴᠢ ᠪᠤᠷᠤᠭᠤ ᠦᠭᠡ ᠶᠢ ᠮᠠᠨ ᠢ ᠰᠡᠯᠪᠢᠵᠦ ᠥᠭᠦᠰᠡᠢ ᠭᠡᠪᠡ ᠪᠣᠭᠳᠠ ᠡᠵᠡᠨ
čuγučinam bi čuγlasan bügüde=tü eleg bolγanam bi maγu köbegün ügeben tata maγuqai yeke ebedüm či baqan köbegün üge=ben čene či balai yeke ebedüm či gebe Čidana-Čečen čimadu kelegsen bisi bile boγda Činggis-qaγan=a ayiladqala qubsur čečen činu üge buliyaγsan bisi bile qubi=tu öberün sanaγaban kelelebi buruγu jöb qoyar=i ilγadaγ ügei biyuu či bulunggir ügei dalai=yi ömčirkedeg biyuu či Boγda-Ejen=i qayirai=yi kögerkedeg biyuu bolul ügei nada=luγ=a üge temečideg biyuu qamiγ=a ügei ügen=tü aγurladaγ biyuu qas yeke dalai=yi qaramladaγ biyuu qaγan ejen=ü man=i qayirai=yi ömčirkedeg biyuu qariγu ügei maγu nadaluγ=a üge temečideg biyuu Onon-mören=i qoboγon=iyar sirgedeg buyu oγtarγui=yin solongγ=a=yi γar=iyar baridaγ biyuu Eder-mören=i elesü=ber boγodaγ biyuu či erdem=tü sayin kümün=i namayi sanaγabar činedeg biyuu čulu sedkil=i barisai jöb ügen=tü bayasasai či busučar maγu sedkil=iyen tebčiyesei či buruγu üge=yi man=i selbijü ögüsei gebe # Boγda-Ejen
80b
ᠲᠡᠷᠡ ᠦᠭᠡᠨ ᠲᠦ ᠢᠨᠤ ᠴᠢᠳᠠᠨᠠ ᠴᠡᠴᠡᠨ ᠲᠦ ᠵᠠᠷᠯᠢᠭ ᠪᠣᠯᠤᠷᠤᠨ ᠬᠤᠳᠤᠭ ᠤᠨ ᠤᠰᠤᠨ ᠢ ᠵᠠᠰᠠᠵᠤ ᠠᠷᠢᠭᠤᠳᠬᠠᠪᠠᠰᠤ ᠬᠤᠷᠬᠤᠵᠤ ᠳᠡᠭᠡᠭᠰᠢ ᠳᠠᠪᠤᠯᠤᠨ ᠶᠠᠳᠠᠭᠠᠳ ᠮᠥᠨ ᠰᠠᠪᠠᠨ ᠲᠡᠭᠡᠨ ᠠᠬᠤ ᠠᠵᠢᠯᠠ ᠬᠣᠪᠣᠭᠣᠨ ᠢᠶᠠᠷ ᠤᠳᠬᠤᠵᠤ ᠠᠪᠤᠪᠠᠰᠤ ᠳᠦᠯᠡᠳᠲᠡ ᠰᠢᠷᠭᠡᠭᠡᠳ ᠭᠤᠲᠤᠮᠰᠢᠭ ᠮᠠᠭᠤ ᠰᠢᠪᠠᠷ ᠢᠨᠤ ᠢᠷᠣᠭᠠᠷ ᠠᠴᠠ ᠭᠠᠷᠬᠤ ᠠᠵᠢᠯᠠ ᠪᠤᠯᠠᠭ ᠤᠨ ᠤᠰᠤᠨ ᠳᠡᠭᠡᠷᠡᠴᠢ ᠪᠣᠯᠤᠰᠠ ᠪᠤᠯᠤᠩᠭᠢᠷ ᠦᠭᠡᠢ ᠠᠵᠢᠯᠠ ᠲᠡᠭᠦᠨ ᠢ ᠰᠢᠷᠭᠡᠬᠦᠨ ᠢ ᠮᠠᠰᠢ ᠪᠡᠷᠬᠡ ᠪᠣᠯᠤᠭᠠᠳ ᠳᠠᠪᠤᠯᠤᠨ ᠤᠷᠤᠰᠪᠠᠰᠤ ᠠᠷᠢᠭᠤᠨ ᠰᠠᠶᠢᠬᠠᠨ ᠲᠤᠩᠭᠠᠯᠠᠭ ᠠᠵᠢᠯᠠ ᠬᠠᠷᠠᠪᠲᠤᠷ ᠰᠢᠪᠠᠭᠤᠨ ᠢ ᠲᠡᠵᠢᠶᠡᠵᠦ ᠬᠠᠷᠴᠠᠭᠠᠢ ᠰᠢᠪᠠᠭᠤᠨ ᠲᠤ ᠲᠠᠯᠪᠢᠪᠠᠰᠤ ᠬᠠᠷᠢᠨ ᠲᠡᠭᠦᠨ ᠡᠴᠡ ᠠᠶᠤᠵᠤ ᠳᠠᠯᠳᠠᠷᠢᠭᠠᠳ ᠭᠠᠵᠠᠷ ᠲᠤᠷ ᠪᠠᠭᠤᠵᠤ ᠬᠤᠯᠤᠭᠤᠨ ᠠ ᠶᠢᠨ ᠨᠦᠬᠡ ᠰᠠᠬᠢᠨ ᠠᠵᠤᠬᠤ ᠬᠠᠷᠴᠠᠭᠠᠢ ᠰᠢᠪᠠᠭᠤᠨ ᠢ ᠲᠡᠵᠢᠶᠡᠵᠦ ᠬᠠᠷᠢᠭᠤᠨ᠎ᠠ ᠰᠢᠪᠠᠭᠤᠨ ᠲᠤ ᠲᠠᠯᠪᠢᠪᠠᠰᠤ ᠬᠠᠷᠢᠨ ᠳᠡᠭᠡᠭᠰᠢ ᠬᠠᠯᠢᠵᠤ ᠬᠠᠴᠢᠷ ᠥᠯᠦᠭ ᠲᠦ ᠬᠠᠯ ᠤᠨ ᠠᠵᠤᠬᠤ ᠬᠡᠮᠡᠨ ᠵᠠᠷᠯᠢᠭ ᠪᠣᠯᠤᠭᠠᠳ ᠪᠠᠳᠠᠷᠠᠩᠭᠤᠢ ᠴᠠᠭᠠᠨ ᠲᠩᠷᠢ ᠶᠢᠨ ᠬᠥᠪᠡᠭᠦᠨ ᠡᠵᠡᠨ ᠪᠣᠭᠳᠠ ᠪᠠᠰᠠ ᠲᠡᠷᠡ ᠬᠥᠪᠡᠭᠦᠨ ᠢ ᠳᠡᠷᠭᠡᠳᠡ ᠪᠡᠨ ᠰᠠᠭᠤᠯᠭᠠᠵᠤ ᠪᠠᠯ ᠮᠡᠲᠦ ᠷᠠᠰᠢᠶᠠᠨ ᠤ ᠬᠡᠰᠢᠭ ᠢᠶᠡᠨ ᠥᠭᠴᠦ ᠪᠠᠶᠠᠰᠬᠤᠯᠠᠩ ᠲᠤ ᠴᠠᠷᠠᠢ ᠪᠠᠷ ᠦᠵᠡᠨ ᠥᠷᠥᠰᠢᠶᠡᠵᠦ ᠬᠠᠶᠢᠷᠠᠯᠠᠨ ᠥᠷᠭᠥᠪᠡᠢ ᠶᠡᠷᠡ ᠶᠢᠰᠦᠨ ᠲᠩᠷᠢ ᠶᠢᠨ ᠣᠷᠣᠨ ᠠᠴᠠ ᠪᠠᠭᠤᠵᠤ ᠶᠡᠬᠡ ᠠᠤᠭ᠎ᠠ ᠬᠦᠴᠦᠨ ᠯᠦᠭᠡ ᠴᠣᠭᠲᠤ ᠲᠥᠷᠥᠭᠰᠡᠨ ᠶᠡᠷᠦᠩᠬᠡᠢ ᠪᠦᠭᠦᠳᠡ ᠶᠢ ᠰᠠᠶᠢᠲᠤᠷ ᠡᠵᠡᠯᠡᠭᠰᠡᠨ ᠶᠢᠰᠦᠬᠡᠢ ᠶᠢᠨ ᠬᠥᠪᠡᠭᠦᠨ
tere ügen=tü inu Čidana-Čečen=tü jarliγ bolurun quduγ=un usun=i jasaju ariγudqabasu qurquju degegsi dabulun yadaγad mön saban=tegen aqu ajila qoboγon=iyar udquju abubasu düledte sirgeged γutumsiγ maγu sibar inu iroγar=ača γarqu ajila bulaγ=un usun degereči bolusa bulunggir ügei ajila tegün=i sirgekün=i masi berke boluγad dabulun urusbasu ariγun sayiqan tungγalaγ ajila qarabtur sibaγun=i tejiyejü qarčaγai sibaγun=tu talbibasu qarin tegün=eče ayuju daldariγad γajar=tur baγuju quluγun=a=yin nüke sakin ajuqu qarčaγai sibaγun=i tejiyejü qariγun=a sibaγun=tu talbibasu qarin degegsi qaliju qačir ölüg=tü qal=un ajuqu kemen jarliγ boluγad badarangγui čaγan tngri=yin köbegün Ejen-Boγda basa tere köbegün=i dergede=ben saγulγaju bal metü rasiyan=u kesig=iyen ögčü bayasqulang=tu čarai=bar üjen örösiyejü qayiralan örgöbei # yere yisün tngri=yin oron=ača baγuju yeke auγ=a küčün=lüge čoγtu törögsen yerüngkei bügüde=yi sayitur ejelegsen Yisükei=yin köbegün
81a
ᠰᠣᠳᠤ ᠪᠣᠭᠳᠠ ᠴᠢᠩᠭᠢᠰ ᠬᠠᠭᠠᠨ ᠮᠠᠨᠢ ᠣᠭᠲᠠᠷᠭᠤᠢ ᠠᠴᠠ ᠪᠠᠭᠤᠭᠰᠠᠨ ᠪᠠᠳᠠᠷᠠᠩᠭᠤᠢ ᠴᠠᠭᠠᠨ ᠲᠩᠷᠢ ᠶᠢᠨ ᠣᠰᠣᠯᠳᠠᠯ ᠦᠭᠡᠢ ᠭᠤᠴᠢᠨ ᠲᠠᠪᠤᠨ ᠡᠷᠳᠡᠮ ᠢ ᠲᠡᠭᠦᠰ ᠰᠤᠷᠤᠭᠠᠳ ᠣᠯᠠᠨ ᠬᠡᠯᠬᠦ ᠪᠦᠭᠦᠳᠡ ᠶᠢ ᠵᠢᠯᠣᠭᠠᠳᠤᠨ ᠲᠡᠭᠦᠰᠦᠭᠰᠡᠨ ᠦᠵᠢᠨ ᠥᠯᠡᠨ ᠬᠠᠲᠤᠨ ᠠᠴᠠ ᠰᠠᠯᠤᠭᠰᠠᠨ ᠲᠡᠷᠡ ᠪᠣᠭᠳᠠ ᠮᠠᠨᠢ ᠲᠩᠷᠢ ᠡᠴᠡ ᠢᠨᠠᠭᠰᠢ ᠲᠠ ᠬᠣᠷᠢᠨ ᠨᠢᠭᠡᠨ ᠦᠶ᠎ᠡ ᠪᠣᠯᠤᠭᠰᠠᠨ ᠤ ᠬᠣᠶᠢᠨᠠ ᠲᠡᠷᠡ ᠬᠦ ᠪᠣᠭᠳᠠ ᠬᠤᠪᠢᠯᠵᠤ ᠲᠥᠷᠥᠭᠡᠳ ᠲᠥᠪᠡᠳ ᠦᠨ ᠨᠠᠩᠬᠢᠶᠠᠳ ᠤᠨ ᠬᠠᠨ ᠣᠷᠣᠨ ᠢ ᠪᠤᠯᠢᠶᠠᠭᠠᠳ ᠲᠡᠨᠳᠡ ᠲᠠᠪᠤᠨ ᠥᠩᠭᠡ ᠳᠥᠷᠪᠡᠨ ᠬᠠᠷᠢ ᠶᠢ ᠡᠮᠦᠨ ᠡ ᠪᠡᠨ ᠴᠢᠭᠤᠯᠭᠠᠵᠤ ᠵᠦᠯᠭᠡ ᠬᠢᠭᠡᠳ ᠡᠯᠳᠡᠪ ᠴᠡᠴᠡᠭ ᠢᠶᠡᠷ ᠳᠦᠭᠦᠷᠦᠭᠰᠡᠨ ᠬᠡᠷᠦᠯᠡᠨ ᠦ ᠮᠥᠷᠡᠨ ᠲᠦ ᠵᠤᠨ ᠤ ᠡᠬᠢᠨ ᠰᠠᠷᠠᠶᠢᠨ ᠨᠠᠷᠠᠨ ᠡᠳᠦᠷ ᠤᠨᠠᠭ ᠠ ᠪᠠᠨ ᠪᠠᠷᠢᠵᠤ ᠵᠤᠯᠠᠭ ᠰᠠᠴᠤᠯᠢ ᠪᠠᠨ ᠰᠠᠷᠠ ᠳᠦᠭᠦᠷᠡᠩ ᠡᠳᠦᠷ ᠰᠠᠴᠤᠭᠠᠳ ᠵᠤᠯᠠ ᠬᠦᠵᠢ ᠲᠦᠯᠡᠵᠦ ᠲᠩᠷᠢ ᠡᠴᠢᠭᠡ ᠶᠤᠭᠠᠨ ᠲᠠᠬᠢᠭᠠᠳ ᠨᠠᠷᠮᠠᠢ ᠶᠡᠬᠡ ᠤᠯᠤᠭᠤᠯᠤᠰ ᠢᠶᠠᠨ ᠡᠨᠳᠡ ᠲᠡᠨᠳᠡ ᠪᠡᠨ ᠬᠤᠷᠢᠶᠠᠵᠤ ᠨᠠᠭᠤᠷ ᠳᠠᠯᠠᠢ ᠮᠡᠲᠦ ᠬᠤᠷᠢᠮ ᠢᠶᠠᠨ ᠰᠠᠶᠢᠲᠤᠷ ᠳᠡᠯᠭᠡᠭᠡᠳ ᠨᠡᠶᠢᠲᠡ ᠪᠠᠭ᠎ᠠ ᠶᠡᠬᠡ ᠦᠭᠡᠢ ᠵᠡᠷᠭᠡ ᠪᠡᠷ ᠵᠢᠷᠭᠠᠵᠤ ᠰᠠᠭᠤᠭᠠᠳ ᠨᠠᠬᠤ ᠪᠠᠶᠠᠨ ᠤ ᠬᠥᠪᠡᠭᠦᠨ ᠬᠦᠯᠦᠭ ᠪᠣᠭᠣᠷᠴᠢ ᠲᠤᠷ ᠪᠣᠭᠳᠠ ᠡᠵᠡᠨ ᠵᠠᠷᠯᠢᠭ ᠪᠣᠯᠤᠷ ᠤᠨ ᠪᠡᠶ ᠡ ᠡᠴᠡ ᠮᠢᠨᠤ ᠤᠶᠢᠳᠬᠠᠷ ᠦᠭᠡᠢ ᠳᠠᠭᠠᠭᠴᠢ ᠦᠳᠡ ᠢᠶᠡᠨ ᠰᠡᠭᠦᠳᠡᠷ ᠮᠢᠨᠤ ᠪᠠᠶᠢᠯᠳᠤᠬᠤ ᠴᠠᠭ ᠲᠤ ᠦᠯᠦ ᠬᠥᠳᠥᠯᠦᠭᠴᠢ ᠬᠠᠰ ᠬᠠᠳᠠ ᠮᠢᠨᠤ ᠪᠠᠷᠠᠯᠳᠤᠭᠰᠠᠨ ᠦᠭᠡᠨ ᠡᠴᠡ ᠦᠯᠦ ᠰᠦᠯᠳᠦᠭᠴᠢ ᠬᠢᠪ ᠦᠨ ᠵᠠᠩᠭᠢᠶ᠎ᠠ ᠮᠢᠨᠤ
sodu boγda Činggis-qaγan mani # oγtarγui=ača baγuγsan badarangγui čaγan tngri=yin osoldal ügei γučin tabun erdem=i tegüs suruγad olan kelkü bügüde=yi jiloγadun tegüsügsen Üjin-Ölen qatun=ača saluγsan tere Boγda mani # tngri=eče inaγsi=ta qorin nigen üy=e boluγsan=u qoyina tere kü Boγda qubilju töröged Töbed=ün Nangkiyad=un qan oron=i buliyaγad tende tabun öngge dörben qari=yi emün=e=ben čiγulγaju # jülge kiged eldeb čečeg=iyer dügürügsen Kerülen=ü mören=tü jun=u ekin sarayin naran edür unaγ=a=ban bariju julaγ sačuli=ban sara dügüreng edür sačuγad jula küji tülejü tngri ečige=yuγan takiγad # narmai yeke uluγ<ulus>=iyan ende tende=ben quriyaju naγur dalai metü qurim=iyan sayitur delgeged neyite baγ=a yeke ügei jerge=ber jirγaju saγuγad Naqu-bayan=u köbegün külüg Boγorči=tur Boγda-Ejen jarliγ bolur=un # bey=e=eče minu uyidqar ügei daγaγči üde=iyen següder minu bayilduqu čaγ=tu ülü ködölügči qas qada minu baralduγsan ügen=eče ülü süldügči kib=ün janggiy=a minu
81b
ᠪᠡᠷᠬᠡ ᠬᠡᠴᠡᠭᠦ ᠦᠶᠢᠯᠡ ᠲᠦᠷ ᠮᠢᠨᠤ ᠬᠠᠷᠢᠯ ᠦᠭᠡᠢ ᠦᠨᠡᠬᠡᠷ ᠵᠢᠳᠬᠦᠵᠦ ᠶᠠᠪᠤᠭᠴᠢ ᠪᠤᠯᠭᠠᠲᠤ ᠱᠠᠷ ᠪᠤᠭᠤᠯᠭ ᠠ ᠲᠤ ᠦᠬᠡᠷ ᠮᠡᠲᠦ ᠪᠣᠭᠣᠷᠴᠢ ᠮᠢᠨᠤ ᠴᠢ ᠨᠢᠭᠡᠨ ᠦᠭᠡ ᠥᠭᠦᠯᠡ ᠭᠡᠪᠡ ᠪᠣᠭᠳᠠ ᠡᠵᠡᠨ ᠢᠶᠡᠨ ᠲᠡᠶᠢᠮᠦ ᠵᠠᠷᠯᠢᠭ ᠢ ᠰᠣᠨᠣᠰᠤᠭᠠᠳ ᠪᠣᠭᠣᠷᠴᠢ ᠪᠠᠶᠠᠰᠴᠤ ᠬᠠᠷᠢᠭᠤ ᠢᠨᠤ ᠮᠠᠭᠲᠠᠨ ᠡᠶᠢᠨ ᠬᠡᠮᠡᠨ ᠥᠭᠦᠯᠡᠷᠦᠨ ᠡᠯᠳᠡᠪ ᠡᠷᠳᠡᠨᠢᠰ ᠢᠶᠡᠷ ᠴᠣᠭᠴᠠᠯᠠᠭᠰᠠᠨ ᠰᠦᠮᠪᠦᠷ ᠠᠭᠤᠯᠠ ᠮᠢᠨᠤ ᠡᠨᠳᠡ ᠲᠡᠨᠳᠡ ᠡᠴᠡ ᠣᠯᠠᠨ ᠮᠥᠷᠡᠨ ᠴᠢᠳᠬᠤᠯᠠᠩ ᠲᠤ ᠠᠨᠠᠪᠠᠳ ᠳᠠᠯᠠᠢ ᠮᠢᠨᠤ ᠡᠳᠦᠷ ᠱᠥᠨᠢ ᠣᠳᠤᠨ ᠭᠷᠠᠭ ᠢᠶᠠᠷ ᠬᠦᠷᠢᠶᠡᠯᠡᠭᠰᠡᠨ ᠣᠭᠲᠠᠷᠭᠤᠢ ᠶᠢᠨ ᠴᠢᠨᠳᠠᠮᠠᠨᠢ ᠮᠢᠨᠤ ᠡᠷᠬᠡᠲᠦ ᠲᠩᠷᠢ ᠶᠢᠨ ᠬᠥᠪᠡᠭᠦᠨ ᠰᠣᠳᠤ ᠪᠣᠭᠳᠠ ᠡᠵᠡᠨ ᠮᠢᠨᠤ ᠭᠡᠵᠦ ᠮᠠᠭᠲᠠᠭᠠᠳ ᠡᠶᠢᠨ ᠥᠴᠢᠷ ᠦᠨ ᠬᠠᠭᠠᠨ ᠬᠦᠮᠦᠨ ᠦ ᠭᠤᠴᠢᠨ ᠲᠠᠪᠤᠨ ᠡᠷᠳᠡᠮ ᠢ ᠲᠡᠭᠦᠰ ᠰᠤᠷᠤᠭᠠᠳ ᠬᠠᠨ ᠶᠡᠬᠡ ᠲᠥᠷᠥ ᠱᠠᠵᠢᠨ ᠬᠣᠶᠠᠷ ᠢᠶᠠᠨ ᠠᠯᠳᠠᠯ ᠦᠭᠡᠢ ᠲᠥᠪᠰᠢᠨ᠎ᠡ ᠪᠠᠷᠢᠭᠠᠳ ᠬᠠᠷᠢᠲᠠᠨ ᠳᠠᠶᠢᠰᠤᠨ ᠲᠤ ᠬᠠᠲᠠᠨ ᠵᠢᠷᠦᠬᠡ ᠪᠡᠨ ᠦᠯᠦ ᠤᠶᠢᠳ ᠤᠨ ᠬᠠᠯᠠᠭᠤᠨ ᠵᠠᠭᠤᠷᠠ ᠶᠢᠨ ᠡᠶ᠎ᠡ ᠡᠪ ᠪᠢ ᠬᠢᠴᠢᠶᠡᠬᠦ ᠬᠡᠷᠡᠭ ᠪᠠᠶᠢᠵᠠ ᠭᠡᠪᠡ ᠬᠦᠮᠦᠨ ᠦ ᠡᠷᠬᠡᠲᠦ ᠰᠣᠳᠤ ᠪᠣᠭᠳᠠ ᠴᠢᠩᠭᠢᠰ ᠬᠠᠭᠠᠨ ᠬᠦᠢ ᠣᠩ ᠴᠢᠩᠰᠠᠩ ᠲᠠᠶᠢᠰᠢ ᠲᠤᠷ ᠵᠠᠷᠯᠢᠭ ᠪᠣᠯᠤᠷᠤᠨ ᠲᠦᠶᠢᠮᠡᠷ ᠳᠠᠶᠢᠰᠤᠨ ᠲᠤ ᠲᠦᠷᠢᠳᠬᠡᠯ ᠦᠭᠡᠢ ᠰᠢᠷᠭᠤᠭᠴᠢ ᠰᠣᠭᠲᠠᠭᠤ ᠵᠠᠭᠠᠨ ᠮᠢᠨᠤ ᠲᠤᠭ ᠰᠦᠯᠳᠡᠢ ᠶᠢ ᠮᠢᠨᠤ ᠪᠠᠷᠢᠵᠤ ᠦᠯᠦ ᠬᠥᠳᠥᠯᠦᠭᠴᠢ ᠴᠢᠯᠠᠭᠤᠨ ᠬᠥᠰᠢᠭᠡ ᠬᠥᠰᠢᠶ᠎ᠡ ᠮᠢᠨᠤ ᠲᠥᠯᠥᠪ ᠶᠡᠬᠡ ᠬᠤᠷᠢᠮ ᠲᠤ ᠮᠢᠨᠤ ᠬᠤᠱᠤᠭᠤᠴᠢᠯᠠᠨ ᠪᠠᠶᠢᠵᠤ ᠬᠦᠷᠭᠡᠭᠴᠢ ᠳᠡᠯᠭᠡᠷ ᠪᠠᠶᠠᠨ ᠮᠢᠨᠤ ᠲᠡᠮᠡᠴᠢᠬᠦᠢ ᠮᠥᠷᠥ ᠲᠦᠷ
berke kečegü üyile=tür minu qaril ügei üneker jidküjü yabuγči bulγatu šar (buγulγ=a=tu üker) metü Boγorči minu či nigen üge ögüle gebe Boγda-Ejen=iyen teyimü jarliγ=i sonosuγad Boγorči bayasču qariγu inu maγtan eyin kemen ögülerün eldeb erdenis=iyer čoγčalaγsan Sümbür-aγula minu ende tende=eče olan mören čidqulang=tu Anabad-dalai minu edür šöni odun γraγ=iyar küriyelegsen oγtarγui=yin čindamani minu erketü tngri=yin köbegün sodu Boγda-Ejen minu gejü maγtaγad eyin öčir=ün qaγan kümün=ü γučin tabun erdem=i tegüs suruγad qan yeke törö šajin qoyar=iyan aldal ügei töbsin=e bariγad qaritan dayisun=tu qatan jirüke=ben ülü uyid=un qalaγun jaγura=yin ey=e eb bi kičiyekü kereg bayija gebe # kümün=ü erketü sodu boγda Činggis-qaγan küi-ong-čingsang-tayisi=tur jarliγ bolurun tüyimer dayisun=tu türidkel ügei sirγuγči soγtaγu jaγan minu tuγ süldei=yi minu bariju ülü ködölügči čilaγun kösige <kösiy=e> minu tölöb yeke qurim=tu minu qušuγučilan bayiju kürgegči delger bayan minu temečiküi mörö=tür
82a
ᠮᠥᠰᠦᠨ ᠪᠣᠯᠣᠳ ᠢ ᠮᠢᠨᠤ ᠪᠠᠷᠢᠵᠤ ᠠᠶᠢᠯᠠᠭᠠᠭᠴᠢ ᠭᠣᠤ ᠠ ᠮᠤᠬᠤᠯᠢ ᠮᠢᠨᠤ ᠴᠢ ᠨᠢᠭᠡ ᠦᠭᠡ ᠥᠭᠦᠯᠡ ᠭᠡᠪᠡ ᠴᠣᠭᠲᠤ ᠲᠥᠷᠥᠭᠰᠡᠨ ᠰᠣᠳᠤ ᠪᠣᠭᠳᠠ ᠶᠢᠨ ᠲᠡᠶᠢᠮᠦ ᠵᠠᠷᠯᠢᠭ ᠰᠣᠨᠣᠰᠤᠭᠠᠳ ᠵᠠᠯᠠᠶᠢᠷᠳᠠᠢ ᠶᠢᠨ ᠭᠣᠤ ᠠ ᠮᠤᠬᠤᠯᠢ ᠪᠠᠶᠠᠰᠴᠤ ᠬᠠᠷᠢᠭᠤ ᠢᠨᠤ ᠮᠠᠭᠲᠠᠨ ᠡᠶᠢᠨ ᠬᠡᠮᠡᠨ ᠥᠴᠢᠷᠦᠨ ᠠᠮᠲᠠ ᠳᠤ ᠣᠯᠠᠨ ᠵᠢᠮᠢᠰ ᠳᠡᠯᠭᠡᠷᠡᠭᠰᠡᠨ ᠭᠠᠯᠪᠢᠷᠠᠸᠠᠷᠠᠰ ᠮᠣᠳᠤᠨ ᠮᠢᠨᠤ ᠠᠰᠤᠷᠤ ᠡᠷᠬᠡ ᠬᠦᠴᠦᠨ ᠲᠡᠭᠦᠰᠦᠭᠰᠡᠨ ᠴᠠᠰᠤᠲᠤ ᠠᠭᠤᠯᠠ ᠶᠢᠨ ᠴᠠᠭᠠᠨ ᠠᠷᠰᠯᠠᠨ ᠮᠢᠨᠤ ᠠᠷᠭ᠎ᠠ ᠬᠦᠴᠦᠨ ᠬᠣᠶᠠᠷ ᠢ ᠲᠡᠭᠰᠢ ᠴᠢᠳᠠᠭᠴᠢ ᠭᠠᠷᠤᠳᠢ ᠬᠥᠯᠭᠡᠲᠦ ᠮᠢᠨᠤ ᠠᠯᠳᠠᠷ ᠲᠤ ᠲᠥᠷᠥᠭᠰᠡᠨ ᠰᠣᠳᠤ ᠪᠣᠭᠳᠠ ᠡᠵᠡᠨ ᠮᠢᠨᠤ ᠭᠡᠵᠦ ᠮᠠᠭᠲᠠᠭᠠᠳ ᠡᠶᠢᠨ ᠥᠴᠢᠷᠦᠨ ᠭᠦᠨ ᠶᠡᠬᠡ ᠳᠠᠯᠠᠢ ᠮᠡᠲᠦ ᠰᠡᠳᠬᠢᠯ ᠢ ᠦᠯᠦ ᠳᠣᠯᠭᠢᠳᠤᠨ ᠬᠦᠨᠳᠦ ᠶᠡᠬᠡ ᠲᠥᠷᠥ ᠱᠠᠵᠢᠨ ᠢᠶᠠᠨ ᠳᠡᠭᠡᠷᠡ ᠲᠩᠷᠢ ᠡᠴᠡ ᠭᠤᠶᠤᠭᠠᠳ ᠬᠦᠮᠦᠨ ᠦ ᠥᠰᠢᠶᠡᠲᠡᠨ ᠳᠠᠶᠢᠰᠤᠨ ᠢ ᠬᠠᠲᠠᠭᠤ ᠵᠠᠰᠠᠭ ᠢᠶᠠᠷ ᠲᠦᠷᠢᠳᠬᠡᠭᠡᠳ ᠬᠥᠪᠴᠢᠨ ᠶᠡᠬᠡ ᠤᠯᠤᠰ ᠢᠶᠠᠨ ᠴᠤᠯᠤ ᠠᠪᠤᠷᠢ ᠪᠠᠷ ᠳᠤᠷᠠᠨ ᠢ ᠠᠪᠬᠤ ᠬᠡᠷᠡᠭ ᠪᠠᠶᠢᠵᠠ ᠭᠡᠪᠡ ᠬᠠᠨ ᠮᠥᠩᠬᠡ ᠲᠩᠷᠢ ᠶᠢᠨ ᠬᠥᠪᠡᠭᠦᠨ ᠰᠣᠳᠤ ᠪᠣᠭᠳᠠ ᠴᠢᠩᠭᠢᠰ ᠬᠠᠭᠠᠨ ᠬᠠᠶᠢᠷᠠᠲᠤ ᠪᠣᠷᠣᠬᠤᠯ ᠲᠤᠷ ᠢᠶᠠᠨ ᠡᠶᠢᠨ ᠵᠠᠷᠯᠢᠭ ᠪᠣᠯᠤᠷᠤᠨ ᠪᠣᠯᠵᠣᠭᠣᠯ ᠲᠤᠷ ᠮᠢᠨᠤ ᠪᠣᠰᠴᠤ ᠦᠯᠦ ᠬᠥᠳᠡᠯᠦᠭᠴᠢ ᠬᠥᠨᠳᠥᠯᠡᠨ ᠬᠦᠬᠦᠢ ᠮᠢᠨᠤ ᠪᠤᠯᠭᠠᠨ ᠤ ᠰᠤᠮᠤᠨ ᠲᠤ ᠮᠢᠨᠤ ᠤᠭᠲᠤᠵᠤ ᠪᠣᠰᠣᠭᠠᠳ ᠬᠠᠳᠬᠤᠯᠳᠤᠭᠴᠢ ᠤᠷᠢᠨ ᠲᠤ ᠠᠰᠤᠷᠢ ᠮᠢᠨᠤ ᠪᠤᠰᠬᠤᠯ ᠦᠭᠡᠢ ᠴᠢᠩ ᠵᠣᠷᠢᠭ ᠲᠤ ᠪᠠᠭᠤᠷᠴᠢ ᠬᠦᠯᠦᠭ ᠮᠢᠨᠤ
mösün bolod=i minu bariju ayilaγaγči Γou=a-Muquli minu či nige üge ögüle gebe čoγtu törögsen sodu boγda=yin teyimü jarliγ sonosuγad Jalayirdai=yin Γou=a-Muquli bayasču qariγu inu maγtan eyin kemen öčirün amta=du olan jimis delgeregsen galbiravaras modun minu asuru erke küčün tegüsügsen časutu aγula=yin čaγan arslan minu arγ=a küčün qoyar=i tegsi čidaγči garudi kölgetü minu aldar=tu törögsen sodu Boγda-Ejen minu gejü maγtaγad eyin öčirün gün yeke dalai metü sedkil=i ülü dolgidun kündü yeke törö šajin=iyan degere tngri=eče γuyuγad kümün=ü ösiyeten dayisun=i qataγu jasaγ=iyar türidkeged köbčin yeke ulus=iyan čulu aburi=bar duran=i abqu kereg bayija gebe # qan möngke tngri=yin köbegün sodu boγda Činggis-qaγan qayiratu Boroqul=tur=iyan eyin jarliγ bolurun boljoγol=tur minu bosču ülü ködelügči köndölen küküi minu bulγan=u sumun=tu minu uγtuju bosoγad qadqulduγči urin=tu asuri minu busqul ügei čing joriγ=tu baγurči külüg minu
82b
ᠪᠤᠯᠲᠠᠷᠠᠯ ᠦᠭᠡᠢ ᠬᠤᠷᠳᠤᠨ ᠶᠠᠪᠤᠳᠠᠯ ᠲᠤ ᠬᠠᠲᠠᠨ ᠮᠣᠷᠢᠨ ᠮᠡᠲᠦ ᠪᠣᠷᠣᠬᠤᠯ ᠮᠢᠨᠤ ᠴᠢ ᠨᠢᠭᠡ ᠦᠭᠡ ᠥᠭᠦᠯᠡ ᠭᠡᠪᠡ ᠪᠣᠭᠳᠠ ᠡᠵᠡᠨ ᠢᠶᠡᠨ ᠲᠡᠶᠢᠮᠦ ᠵᠠᠷᠯᠢᠭ ᠢ ᠰᠣᠨᠣᠰᠤᠭᠠᠳ ᠪᠣᠷᠣᠬᠤᠯ ᠪᠠᠶᠠᠰᠴᠤ ᠬᠠᠷᠢᠭᠤ ᠢᠨᠤ ᠮᠠᠭᠲᠠᠨ ᠡᠶᠢᠨ ᠬᠡᠮᠡᠨ ᠥᠭᠦᠯᠡᠷᠦᠨ ᠡᠰᠡ ᠪᠦᠯᠢᠲᠦᠭᠰᠡᠨ ᠳᠡᠪᠦᠯᠭᠡ ᠳᠠᠪᠠᠯᠭ᠎ᠠ ᠶᠡᠬᠡ ᠲᠦ ᠮᠠᠹᠠᠮ ᠳᠠᠯᠠᠢ ᠮᠢᠨᠤ ᠡᠯᠳᠡᠪ ᠵᠢᠷᠠᠨ ᠵᠢᠭᠦᠷ ᠯᠦᠭᠡ ᠲᠡᠭᠦᠰᠦᠭᠰᠡᠨ ᠶᠡᠬᠡ ᠬᠦᠴᠦᠲᠦ ᠭᠠᠷᠤᠳᠢ ᠮᠢᠨᠤ ᠡᠷᠢᠬᠦᠢ ᠶᠢᠰᠦᠨ ᠬᠦᠰᠡᠯ ᠢ ᠬᠠᠩᠭᠠᠭᠴᠢ ᠲᠤᠨᠤᠮᠠᠯ ᠴᠢᠨᠳᠠᠮᠠᠨᠢ ᠮᠢᠨᠤ ᠡᠷ ᠡ ᠶᠢᠨ ᠡᠷ᠎ᠡ ᠲᠥᠷᠥᠭᠰᠡᠨ ᠰᠣᠳᠤ ᠪᠣᠭᠳᠠ ᠡᠵᠡᠨ ᠮᠢᠨᠤ ᠭᠡᠵᠦ ᠮᠠᠭᠲᠠᠭᠠᠳ ᠡᠶᠢᠨ ᠥᠴᠢᠷᠦᠨ ᠠᠷᠭ᠎ᠠ ᠬᠦᠴᠦᠨ ᠬᠣᠶᠠᠷ ᠢ ᠲᠡᠭᠰᠢ ᠴᠢᠳᠠᠭᠠᠳ ᠠᠰᠤᠷᠤ ᠶᠡᠬᠡ ᠬᠦᠴᠦᠨ ᠢᠶᠡᠨ ᠦᠷᠭᠦᠯᠵᠢ ᠦᠯᠦ ᠣᠮᠣᠷᠬᠠᠨ ᠠᠯᠢᠪᠠ ᠥᠴᠦᠬᠡᠳ ᠢ ᠡᠶ ᠡ ᠪᠡᠷ ᠨᠥᠬᠥᠷ ᠲᠠᠲᠠᠭᠠᠳ ᠠᠯᠤᠰᠳᠠᠶᠢᠨ ᠰᠣᠨᠣᠰᠳᠠᠬᠤ ᠰᠠᠶᠢᠨ ᠨᠡᠷ᠎ᠡ ᠬᠢᠴᠢᠶᠡᠬᠦ ᠬᠡᠷᠡᠭ ᠪᠠᠶᠢᠵᠠ ᠭᠡᠪᠡ ᠲᠩᠷᠢ ᠶᠢᠨ ᠬᠥᠪᠡᠭᠦᠨ ᠰᠣᠳᠤ ᠪᠣᠭᠳᠠ ᠴᠢᠩᠭᠢᠰ ᠬᠠᠭᠠᠨ ᠲᠠᠲᠠᠷᠢ ᠶᠢᠨ ᠰᠢᠬᠢ ᠬᠤᠲᠤᠭ ᠲᠤ ᠵᠠᠷᠯᠢᠭ ᠪᠣᠯᠤᠷ ᠤᠨ ᠪᠠᠶᠢᠯᠳᠤᠬᠤ ᠴᠠᠭ ᠲᠤ ᠪᠦᠷᠢᠶ ᠡ ᠶᠢ ᠮᠢᠨᠤ ᠰᠦᠷᠳᠡᠯ ᠦᠭᠡᠢ ᠳᠠᠭᠤᠷᠢᠰᠬᠠᠭᠴᠢ ᠯᠤᠤ ᠮᠢᠨᠤ ᠪᠡᠬᠢᠯᠡᠨ ᠬᠡᠯᠡᠯᠴᠡᠭᠰᠡᠨ ᠦᠭᠡᠰ ᠢ ᠮᠢᠨᠤ ᠭᠠᠳᠠᠭᠰᠢ ᠦᠯᠦ ᠥᠭᠦᠯᠡᠭᠴᠢ ᠪᠢᠲᠡᠭᠦᠦ ᠯᠣᠩᠬᠤ ᠮᠢᠨᠤ ᠪᠠᠯᠳᠠᠭ ᠲᠤ ᠱᠣᠷᠣ ᠲᠡᠷᠢᠭᠦᠲᠡᠨ ᠮᠡᠰᠡᠰ ᠢ ᠮᠢᠨᠤ ᠬᠤᠷᠴᠠᠳᠬᠠᠭᠴᠢ ᠴᠢᠯᠠᠭᠤᠨ ᠪᠢᠯᠡᠦ ᠮᠢᠨᠤ ᠪᠠᠭᠤᠴᠠ ᠨᠤᠲᠤᠭ ᠢ ᠮᠢᠨᠤ ᠵᠠᠰᠠᠭᠴᠢ ᠰᠢᠬᠢ ᠬᠤᠲᠤᠭ ᠮᠢᠨᠤ ᠴᠢ ᠨᠢᠭᠡ ᠦᠭᠡ ᠥᠭᠦᠯᠡ ᠭᠡᠪᠡ ᠰᠣᠳᠤ ᠪᠣᠭᠳᠠ ᠶᠢᠨ ᠲᠡᠶᠢᠮᠦ
bultaral ügei qurdun yabudal=tu qatan morin metü Boroqul minu či nige üge ögüle gebe Boγda-Ejen=iyen teyimü jarliγ=i sonosuγad Boroqul bayasču qariγu inu maγtan eyin kemen ögülerün ese bülitügsen debülge <dabalγ=a> yeke=tü Mafam-dalai minu eldeb jiran jigür=lüge tegüsügsen yeke küčütü garudi minu eriküi yisün küsel=i qangγaγči tunumal čindamani minu er=e=yin er=e törögsen sodu Boγda-Ejen minu gejü maγtaγad eyin öčirün arγ=a küčün qoyar=i tegsi čidaγad asuru yeke küčün=iyen ürgülji ülü omorqan aliba öčüked=i ey=e=ber nökör tataγad alusdayin sonosdaqu sayin ner=e kičiyekü kereg bayija gebe # tngri=yin köbegün sodu boγda Činggis-qaγan Tatari=yin Siki-Qutuγ=tu jarliγ bolur=un bayilduqu čaγ=tu büriy=e=yi minu sürdel=ügei daγurisqaγči luu minu bekilen kelelčegsen üges=i minu γadaγsi ülü ögülegči bitegüü longqu minu baldaγ=tu šoro terigüten meses=i minu qurčadqaγči čilaγun bileü minu baγuča nutuγ=i minu jasaγči Siki-Qutuγ minu či nige üge ögüle gebe sodu boγda=yin teyimü
83a
ᠵᠠᠷᠯᠢᠭ ᠢ ᠰᠣᠨᠣᠰᠤᠭᠠᠳ ᠰᠢᠬᠢ ᠬᠤᠲᠤᠭ ᠪᠠᠶᠠᠰᠴᠤ ᠬᠠᠷᠢᠭᠤ ᠢᠨᠤ ᠮᠠᠭᠲᠠᠨ ᠡᠶᠢᠨ ᠥᠭᠦᠯᠡᠷᠦᠨ ᠭᠦᠭᠦᠷᠭᠡ ᠦᠯᠦ ᠲᠠᠯᠪᠢᠭᠳᠠᠬᠤ ᠥᠷᠭᠡᠨ ᠶᠡᠬᠡ ᠬᠡᠷᠦᠯᠡᠨ ᠮᠥᠷᠡᠨ ᠮᠢᠨᠤ ᠬᠦᠯᠦᠭ ᠲᠦ ᠦᠯᠦ ᠳᠠᠪᠠᠭᠳᠠᠬᠤ ᠥᠨᠳᠥᠷ ᠶᠡᠬᠡ ᠬᠠᠰ ᠲᠠᠰᠠ ᠠᠭᠤᠯᠠ ᠮᠢᠨᠤ ᠬᠥᠪᠴᠢᠨ ᠪᠦᠭᠦᠳᠡ ᠶᠢ ᠠᠰᠠᠷᠠᠭᠴᠢ ᠠᠯᠲᠠᠨ ᠤᠮᠠᠢ ᠲᠤ ᠶᠢᠨ ᠬᠥᠪᠡᠭᠦᠨ ᠮᠢᠨᠤ ᠬᠦᠮᠦᠨ ᠦ ᠡᠷᠬᠡᠲᠦ ᠲᠥᠷᠥᠭᠰᠡᠨ ᠰᠣᠳᠤ ᠪᠣᠭᠳᠠ ᠡᠵᠡᠨ ᠮᠢᠨᠤ ᠭᠡᠵᠦ ᠮᠠᠭᠲᠠᠭᠠᠳ ᠡᠶᠢᠨ ᠥᠴᠢᠷᠦᠨ ᠦᠯᠡᠮᠵᠢ ᠶᠡᠬᠡ ᠵᠢᠷᠭᠠᠯ ᠲᠠᠭᠠᠨ ᠦᠲᠡᠯᠡ ᠪᠦᠦ ᠲᠠᠰᠢᠭᠤᠷ᠎ᠠ ᠦᠨᠡᠨ ᠲᠥᠷᠥ ᠱᠠᠵᠢᠨ ᠢᠶᠠᠨ ᠲᠤᠯᠠ ᠠᠮᠢᠨ ᠪᠡᠶ ᠡ ᠪᠡᠨ ᠲᠡᠪᠴᠢ ᠦᠷᠭᠦᠯᠵᠢ ᠬᠦᠴᠦ ᠥᠭᠭᠦᠭᠰᠡᠨ ᠨᠥᠬᠥᠷ ᠢᠶᠡᠨ ᠪᠦᠦ ᠮᠠᠷᠲᠠ ᠥᠴᠦᠬᠡᠨ ᠪᠣᠯᠤᠯ ᠦᠭᠡᠢ ᠶᠠᠭᠤᠮᠠᠨ ᠲᠤ ᠣᠷᠣᠬᠤ ᠪᠠᠨ ᠲᠡᠪᠴᠢᠯᠲᠡᠶᠢᠯᠡ ᠪᠠᠶᠢᠵᠠ ᠭᠡᠪᠡ ᠤᠬᠠᠭᠠᠨᠲᠤ ᠲᠥᠷᠥᠭᠰᠡᠨ ᠰᠣᠳᠤ ᠪᠣᠭᠳᠠ ᠤᠷᠠᠩᠭᠠᠨ ᠤ ᠵᠡᠯᠮ ᠡ ᠲᠦᠷ ᠵᠠᠷᠯᠢᠭ ᠪᠣᠯᠤᠷᠤᠨ ᠤᠯᠤᠰ ᠤᠨ ᠤᠷᠢᠳᠠ ᠲᠤᠷᠰᠢᠭᠤᠯ ᠪᠣᠯᠤᠭᠰᠠᠨ ᠮᠡᠬᠡᠲᠦ ᠪᠠᠭᠠᠲᠤᠷ ᠮᠢᠨᠤ ᠤᠨᠤᠬᠤ ᠦᠭᠡᠢ ᠲᠦᠷ ᠮᠣᠷᠢᠨ ᠢ ᠤᠨᠤᠭᠤᠯᠤᠭᠴᠢ ᠠᠷᠭ ᠠ ᠲᠤ ᠪᠠᠶᠠᠨ ᠮᠢᠨᠤ ᠤᠨᠳᠠᠨ ᠦᠭᠡᠢ ᠲᠦ ᠮᠢᠨᠤ ᠲᠠᠷᠠᠭ ᠤᠭᠤᠯᠭᠠᠭᠴᠢ ᠪᠡᠯᠡᠨ ᠢᠳᠡᠭᠡᠲᠦ ᠮᠢᠨᠤ ᠤᠴᠢᠷᠠᠭᠰᠠᠨ ᠪᠥᠷᠲᠦᠭᠡᠯᠵᠢᠨ ᠢ ᠮᠢᠨᠤ ᠠᠴᠢᠷᠤᠵᠤ ᠥᠭᠦᠭᠴᠢ ᠶᠡᠬᠡ ᠠᠴᠢᠲᠤ ᠮᠢᠨᠤ ᠴᠢ ᠨᠢᠭᠡ ᠥᠭᠦᠯᠡ ᠭᠡᠪᠡ ᠴᠣᠭᠲᠤ ᠲᠥᠷᠥᠭᠰᠡᠨ ᠰᠣᠳᠤ ᠪᠣᠭᠳᠠ ᠶᠢᠨ ᠲᠡᠶᠢᠮᠦ ᠵᠠᠷᠯᠢᠭ ᠢ ᠰᠣᠨᠣᠰᠤᠭᠠᠳ ᠵᠡᠯᠮ᠎ᠡ ᠪᠠᠶᠠᠰᠴᠤ ᠬᠠᠷᠢᠭᠤ ᠢᠨᠤ ᠮᠠᠭᠲᠠᠨ ᠡᠶᠢᠨ ᠥᠭᠦᠯᠡᠷᠦᠨ ᠴᠢᠯᠭᠡᠷ ᠭᠠᠩ ᠢ ᠰᠡᠷᠢᠭᠦᠴᠡᠭᠦᠯᠦᠭᠴᠢ ᠵᠠᠨᠳᠠᠨ
jarliγ=i sonosuγad Siki-Qutuγ bayasču qariγu inu maγtan eyin ögülerün gügürge ülü talbiγdaqu örgen yeke Kerülen-mören minu külüg=tü ülü dabaγdaqu öndör yeke qas tasa aγula minu köbčin bügüde=yi asaraγči altan umai=tu=yin köbegün minu kümün=ü erketü törögsen sodu Boγda-Ejen minu gejü maγtaγad eyin öčirün ülemji yeke jirγal=taγan ütele büü tasiγur=a ünen törö šajin=iyan tula amin bey=e=ben tebči ürgülji küčü öggügsen nökör=iyen büü marta öčüken bolul ügei yaγuman=tu oroqu=ban tebčilteyile bayija gebe # uqaγantu törögsen sodu boγda Urangγan=u Jelm=e=tür jarliγ bolurun ulus=un urida tursiγul boluγsan meketü baγatur minu unuqu ügei=tür morin=i unuγuluγči arγ=a=tu bayan minu undan ügei=tü minu taraγ uγulγaγči belen idegetü minu učiraγsan Börtügeljin=i minu ačiruju ögügči yeke ačitu minu či nige ögüle gebe čoγtu törögsen sodu Boγda=yin teyimü jarliγ=i sonosuγad Jelm=e bayasču qariγu inu maγtan eyin ögülerün čilger γang=i serigüčegülügči jandan
83b
ᠣᠢ ᠮᠢᠨᠤ ᠴᠢᠨᠠᠳᠤᠰ ᠤᠨ ᠳᠠᠶᠢᠰᠤᠨ ᠢ ᠲᠦᠶᠢᠮᠡᠷ ᠮᠡᠲᠦ ᠲᠦᠯᠡᠭᠴᠢ ᠴᠠᠨᠳᠠᠯᠢᠨ ᠭᠠᠯ ᠮᠢᠨᠤ ᠴᠠᠭᠯᠠᠰᠢ ᠦᠭᠡᠢ ᠠᠤᠭ᠎ᠠ ᠬᠦᠴᠦᠲᠦ ᠮᠠᠰᠢ ᠲᠥᠪᠰᠢᠨ ᠵᠠᠭᠠᠨ ᠮᠢᠨᠤ ᠴᠢᠨᠠᠷ ᠡᠰᠢ ᠨᠡᠷ᠎ᠡ ᠠᠪᠤᠨ ᠲᠥᠷᠥᠭᠰᠡᠨ ᠰᠣᠳᠤ ᠪᠣᠭᠳᠠ ᠮᠢᠨᠤ ᠭᠡᠵᠦ ᠮᠠᠭᠲᠠᠭᠠᠳ ᠡᠶᠢᠨ ᠥᠭᠦᠯᠡᠷᠦᠨ ᠭᠡᠭᠡᠨ ᠤᠬᠠᠭᠠᠲᠤ ᠴᠡᠴᠡᠳ ᠮᠡᠷᠭᠡᠳ ᠢᠶᠡᠨ ᠪᠡᠶ᠎ᠡ ᠰᠢᠬᠠᠮ ᠢᠶᠠᠨ ᠠᠪᠤᠭᠠᠳ ᠭᠡᠮ ᠲᠦ ᠮᠠᠭᠤ ᠠᠷᠠᠳ ᠢ ᠵᠠᠰᠠᠭ ᠢᠶᠠᠷ ᠥᠳᠲᠡᠷ ᠭᠡᠰᠡᠭᠡᠵᠦ ᠬᠡᠷᠡᠭ ᠲᠦ ᠦᠶᠢᠯᠡ ᠪᠡᠨ ᠣᠰᠣᠯᠳᠠᠯ ᠦᠭᠡᠢ ᠬᠢᠴᠢᠶᠡᠵᠦ ᠬᠡᠨ ᠬᠡᠨ ᠢ ᠪᠡᠷ ᠠᠯᠭᠠᠰᠠᠯ ᠦᠭᠡᠢ ᠠᠰᠠᠷᠠᠭᠤᠯᠠᠨ ᠬᠡᠷᠡᠭ ᠪᠠᠶᠢᠵᠠ ᠭᠡᠪᠡ ᠪᠠᠳᠠᠷᠠᠩᠭᠤᠢ ᠲᠩᠷᠢ ᠡᠵᠡᠨ ᠪᠣᠭᠳᠠ ᠪᠡᠰᠦᠳ ᠦᠨ ᠵᠡᠪᠡ ᠲᠦᠷ ᠵᠠᠷᠯᠢᠭ ᠪᠣᠯᠤᠷᠤᠨ ᠬᠠᠳᠠ ᠮᠡᠲᠦ ᠳᠠᠶᠢᠰᠤᠨ ᠲᠤ ᠬᠠᠷᠢᠯ ᠦᠭᠡᠢ ᠰᠢᠷᠭᠤᠭᠴᠢ ᠬᠠᠷᠪᠤᠭᠰᠠᠨ ᠰᠤᠮᠤᠨ ᠮᠢᠨᠤ ᠬᠠᠷᠢ ᠠᠲᠠᠭᠠᠲᠠᠨ ᠢ ᠦᠵᠡᠪᠡᠰᠦ ᠵᠢᠳᠬᠦᠨ ᠢᠷᠡᠭᠴᠢ ᠪᠣᠷᠣᠭᠴᠢᠨ ᠬᠠᠷᠴᠠᠭᠠᠢ ᠮᠢᠨᠤ ᠬᠠᠲᠠᠭᠤᠳᠠ ᠵᠣᠷᠢᠭᠰᠠᠨ ᠦᠶᠢᠯᠡᠰ ᠢ ᠦᠯᠦ ᠣᠰᠣᠯᠳᠤᠭᠴᠢ ᠲᠡᠮᠦᠷ ᠳᠡᠭᠡ ᠮᠢᠨᠤ ᠬᠠᠮᠤᠭ ᠲᠤᠷ ᠵᠣᠬᠢᠯᠳᠤᠨ ᠴᠢᠳᠠᠭᠴᠢ ᠵᠥᠭᠡᠯᠡᠨ ᠮᠢᠨᠳᠠᠰᠤᠨ ᠮᠡᠲᠦ ᠵᠡᠪᠡ ᠮᠢᠨᠤ ᠴᠢ ᠨᠢᠭᠡ ᠦᠭᠡ ᠥᠭᠦᠯᠡ ᠭᠡᠪᠡ ᠬᠠᠭᠠᠨ ᠡᠵᠡᠨ ᠢᠶᠡᠨ ᠲᠡᠶᠢᠮᠦ ᠵᠠᠷᠯᠢᠭ ᠰᠣᠨᠣᠰᠤᠭᠠᠳ ᠪᠡᠰᠦᠳ ᠦᠨ ᠶᠡᠬᠡ ᠵᠡᠪᠡ ᠪᠠᠶᠠᠰᠴᠤ ᠬᠠᠷᠢᠭᠤ ᠢᠨᠤ ᠡᠶᠢᠨ ᠥᠴᠢᠷᠦᠨ ᠣᠯᠠᠨ ᠴᠥᠭᠡᠰ ᠢᠶᠡᠷ ᠴᠣᠭᠴᠠᠯᠠᠭᠰᠠᠨ ᠪᠠᠯ ᠶᠡᠬᠡ ᠲᠦ ᠪᠠᠳᠮ᠎ᠠ ᠯᠢᠨᠬᠤ᠎ᠠ ᠮᠢᠨᠤ ᠣᠰᠣᠯᠳᠠᠯ ᠦᠭᠡᠢ ᠰᠢᠨᠡ ᠲᠦᠷ ᠳᠦᠭᠦᠷᠦᠭᠰᠡᠨ
oi minu činadus=un dayisun=i tüyimer metü tülegči čandalin γal minu čaγlasi ügei auγ=a küčütü masi töbsin jaγan minu činar esi ner=e abun törögsen sodu Boγda minu gejü maγtaγad eyin ögülerün gegen uqaγatu čečed merged=iyen bey=e siqam=iyan abuγad gem=tü maγu arad=i jasaγ=iyar ödter gesegejü kereg=tü üyile=ben osoldal ügei kičiyejü ken ken=i=ber alγasal ügei asaraγulan kereg bayija gebe # badarangγui tngri Ejen-Boγda Besüd=ün Jebe=tür jarliγ bolurun qada metü dayisun=tu qaril ügei sirγuγči qarbuγsan sumun minu qari ataγatan=i üjebesü jidkün iregči boroγčin qarčaγai minu qataγuda joriγsan üyiles=i ülü osolduγči temür dege minu qamuγ=tur jokildun čidaγči jögelen mindasun metü Jebe minu či nige üge ögüle gebe qaγan ejen=iyen teyimü jarliγ sonosuγad Besüd=ün Yeke <Jebe> bayasču qariγu inu eyin öčirün olan čöges=iyer čoγčalaγsan bal yeke=tü badm=a linqu=a minu osoldal ügei sine=tür dügürügsen
84a
ᠭᠡᠷᠡᠯ ᠶᠡᠬᠡ ᠲᠦ ᠬᠦᠮᠦᠳᠡ ᠶᠢᠨ ᠰᠠᠳᠤᠨ ᠮᠢᠨᠤ ᠣᠮᠣᠭ ᠶᠡᠬᠡ ᠲᠦ ᠳᠠᠶᠢᠰᠤᠨ ᠢ ᠦᠨᠡᠰᠦᠨ ᠲᠣᠪᠷᠠᠭ ᠮᠡᠲᠦ ᠬᠡᠶᠢᠰᠭᠡᠭᠴᠢ ᠰᠣᠷᠢᠨᠵᠢᠨ ᠬᠢᠩᠭᠠ ᠮᠢᠨᠤ ᠠᠤᠭ᠎ᠠ ᠬᠦᠴᠦᠨ ᠲᠡᠭᠦᠰᠦᠭᠰᠡᠨ ᠰᠣᠳᠤ ᠪᠣᠭᠳᠠ ᠡᠵᠡᠨ ᠮᠢᠨᠤ ᠭᠡᠵᠦ ᠮᠠᠭᠲᠠᠭᠠᠳ ᠡᠶᠢᠨ ᠥᠴᠢᠷᠦᠨ ᠬᠤᠲᠤᠭ ᠲᠤ ᠭᠤᠷᠪᠠᠨ ᠡᠷᠳᠡᠨᠢ ᠲᠡᠷᠢᠭᠦᠯᠡᠨ ᠳᠡᠭᠡᠷ᠎ᠡ ᠲᠩᠷᠢ ᠨᠡᠷ ᠢ ᠦᠷᠭᠦᠯᠵᠢ ᠵᠠᠯᠪᠠᠷᠢᠨ ᠬᠣᠶᠠᠷ ᠵᠠᠶᠠᠭᠠᠨ ᠲᠤᠷ ᠲᠤᠰᠠᠲᠤ ᠲᠥᠷᠥ ᠱᠠᠵᠢᠨ ᠢᠶᠠᠨ ᠠᠯᠳᠠᠯ ᠦᠭᠡᠢ ᠲᠥᠪᠰᠢᠨ᠎ᠡ ᠪᠠᠷᠢᠭᠠᠳ ᠬᠣᠣᠷ ᠲᠤ ᠳᠠᠶᠢᠰᠤᠨ ᠢ ᠬᠣᠯᠠ ᠣᠶᠢᠷᠤᠭᠡᠯ ᠣᠶᠢᠷ᠎ᠠ ᠭᠡᠯ ᠦᠭᠡᠢ ᠪᠦᠬᠦ ᠪᠡᠶ ᠡ ᠪᠡᠨ ᠪᠡᠬᠢᠯᠡᠨ ᠰᠡᠷᠢᠭᠡᠳ ᠬᠣᠶᠢᠲᠤ ᠳᠤ ᠬᠤᠤᠯᠢ ᠪᠣᠯᠬᠤ ᠰᠠᠶᠢᠨ ᠨᠡᠷ ᠡ ᠶᠢ ᠬᠢᠴᠢᠶᠡᠬᠦ ᠬᠡᠷᠡᠭ ᠪᠠᠶᠢᠵᠠ ᠭᠡᠪᠡ ᠰᠣᠳᠤ ᠪᠣᠭᠳᠠ ᠴᠢᠩᠭᠢᠰ ᠬᠠᠭᠠᠨ ᠰᠦᠯᠳᠡᠨ ᠦ ᠲᠣᠷᠭᠣᠨ ᠰᠢᠷᠠ ᠲᠤ ᠵᠠᠷᠯᠢᠭ ᠪᠣᠯᠤᠷᠤᠨ ᠦᠰᠦᠨ ᠬᠢᠭᠡᠳ ᠤᠩᠭᠠᠰᠤᠨ ᠤ ᠲᠡᠷᠭᠡᠨ ᠲᠦ ᠨᠢᠭᠤᠭᠰᠠᠨ ᠠᠬᠠᠢ ᠮᠢᠨᠤ ᠤᠯᠤᠰ ᠮᠣᠩᠭᠣᠯ ᠤᠨ ᠡᠵᠡᠨ ᠪᠣᠯᠭᠠᠭᠠᠳ ᠬᠠᠭᠠᠨ ᠣᠷᠣᠨ ᠲᠤ ᠬᠦᠷᠭᠡᠭᠰᠡᠨ ᠶᠡᠬᠡ ᠠᠴᠢᠲᠤ ᠮᠢᠨᠤ ᠤᠰᠬᠠᠯ ᠵᠣᠬᠢᠰ ᠢᠶᠠᠨ ᠥᠰᠦᠳ ᠦᠯᠦ ᠰᠤᠯᠠᠳᠤᠭᠴᠢ ᠭᠦᠷᠦ ᠵᠢᠷᠦᠬᠡᠲᠦ ᠮᠢᠨᠤ ᠥᠰᠦᠳ ᠭᠡᠮ ᠦᠯᠦ ᠲᠠᠯᠪᠢᠭᠴᠢ ᠵᠥᠭᠡᠯᠡᠨ ᠶᠣᠩᠬᠣᠷ ᠮᠡᠲᠦ ᠲᠣᠷᠭᠣᠨ ᠰᠢᠷᠠ ᠮᠢᠨᠤ ᠴᠢ ᠨᠢᠭᠡ ᠦᠭᠡ ᠥᠭᠦᠯᠡ ᠭᠡᠪᠡ ᠳᠡᠭᠡᠳᠦ ᠬᠤᠪᠢᠯᠭᠠᠨ ᠲᠡᠷᠡ ᠪᠣᠭᠳᠠ ᠶᠢᠨ ᠵᠠᠷᠯᠢᠭ ᠢ ᠰᠣᠨᠣᠰᠤᠭᠠᠳ ᠲᠣᠷᠭᠣᠨ ᠰᠢᠷᠠ ᠡᠶᠢᠨ ᠮᠠᠭᠲᠠᠪᠠᠢ ᠬᠠᠳᠠᠨ ᠠᠴᠠ ᠬᠠᠰ ᠠᠪᠤᠭᠰᠠᠨ ᠡᠯᠡ ᠬᠤᠯᠠᠭᠠᠨ ᠮᠢᠨᠤ ᠬᠠᠨ ᠲᠩᠷᠢ ᠡᠴᠡ ᠠᠯᠲᠠᠨ ᠠᠶᠠᠭ ᠠ ᠲᠤ
gerel yeke=tü kümüde=yin sadun minu omoγ yeke=tü dayisun=i ünesün tobraγ metü keyisgegči sorinjin kingγa minu auγ=a küčün tegüsügsen sodu Boγda-Ejen minu gejü maγtaγad eyin öčirün qutuγ=tu γurban erdeni terigülen deger=e tngri=ner=i ürgülji jalbarin qoyar jayaγan=tur tusatu törö šajin=iyan aldal ügei töbsin=e bariγad qoor=tu dayisun=i qola oyirugel <oyir=a gel> ügei bükü bey=e=ben bekilen seriged qoyitu=du quuli bolqu sayin ner=e=yi kičiyekü kereg bayija gebe # sodu boγda Činggis-qaγan Sülden=ü Torγon-Sira=tu jarliγ bolurun üsün kiged ungγasun=u tergen=tü niγuγsan aqai minu ulus Mongγol=un ejen bolγaγad qaγan oron=tu kürgegsen yeke ačitu minu usqal jokis=iyan ösüd ülü suladuγči gürü jirüketü minu ösüd gem ülü talbiγči jögelen yongqor metü Torγon-Sira minu či nige üge ögüle gebe degedü qubilγan tere Boγda=yin jarliγ=i sonosuγad Torγon-Sira eyin maγtabai , qadan=ača qas abuγsan ele qulaγan minu qan tngri=eče altan ayaγ=a=tu
84b
ᠷᠠᠰᠢᠶᠠᠨ ᠪᠠᠭᠤᠯᠭᠠᠭᠰᠠᠨ ᠶᠡᠬᠡ ᠴᠣᠭᠲᠤ ᠮᠢᠨᠤ ᠬᠠᠮᠤᠭ ᠪᠦᠭᠦᠳᠡ ᠶᠢ ᠡᠷᠬᠡ ᠲᠦᠷ ᠢᠶᠡᠨ ᠬᠤᠷᠢᠶᠠᠭᠴᠢ ᠭᠦᠵᠢᠷ ᠬᠦᠴᠦᠲᠦ ᠮᠢᠨᠤ ᠭᠠᠶᠢᠬᠠᠮᠰᠢᠭ ᠲᠤ ᠲᠥᠷᠥᠭᠰᠡᠨ ᠰᠣᠳᠤ ᠪᠣᠭᠳᠠ ᠡᠵᠡᠨ ᠮᠢᠨᠤ ᠭᠡᠵᠦ ᠮᠠᠭᠲᠠᠭᠠᠳ ᠡᠶᠢᠨ ᠥᠴᠢᠷᠦᠨ ᠬᠦᠨᠳᠦ ᠶᠡᠬᠡ ᠪᠡᠶ ᠡ ᠪᠡᠨ ᠬᠦᠨᠳᠦ ᠳᠡ ᠪᠦᠦ ᠰᠡᠳᠬᠢ ᠭᠦᠵᠢᠷ ᠶᠡᠬᠡ ᠬᠦᠴᠦᠨ ᠢᠶᠡᠨ ᠰᠤᠯᠠᠳᠬᠠᠨ ᠪᠦᠦ ᠶᠠᠪᠤᠭᠤᠯ ᠭᠦᠵᠡᠷᠮᠡᠭ ᠭᠡᠮ ᠲᠡᠨ ᠢ ᠡᠨᠡ ᠪᠡᠶ ᠡ ᠡᠴᠡ ᠥᠲᠦᠷ ᠬᠣᠯᠣᠳᠠᠭᠤᠯᠤᠭᠠᠳ ᠬᠦᠰᠡᠬᠦ ᠮᠡᠲᠦ ᠰᠠᠶᠢᠨ ᠦᠶᠢᠯᠡ ᠶᠢ ᠬᠢᠴᠢᠶᠡᠬᠦ ᠬᠡᠷᠡᠭ ᠪᠠᠶᠢᠵᠠ ᠭᠡᠪᠡ ᠴᠣᠭᠲᠤ ᠲᠥᠷᠥᠭᠰᠡᠨ ᠪᠣᠭᠳᠠ ᠡᠵᠡᠨ ᠴᠤᠤ ᠮᠡᠷᠭᠡᠨ ᠲᠦᠷ ᠵᠠᠷᠯᠢᠭ ᠪᠣᠯᠤᠷᠤᠨ ᠵᠦᠭ ᠢᠶᠡᠷ ᠶᠠᠪᠤᠲᠠᠯᠠ ᠴᠢᠬᠤᠯᠤᠨ ᠳᠤᠲᠠᠭᠠᠭᠴᠢ ᠦᠨᠡᠭᠡ ᠮᠢᠨᠤ ᠵᠠᠬᠢᠷᠴᠤ ᠢᠷᠡᠪᠡᠰᠦ ᠥᠰᠢᠨ ᠰᠢᠷᠭᠤᠭᠴᠢ ᠭᠤᠨᠠᠨ ᠪᠠᠷᠰ ᠮᠢᠨᠤ ᠵᠢᠭᠠᠵᠤ ᠥᠭᠦᠭᠰᠡᠨ ᠢ ᠮᠢᠨᠤ ᠠᠯᠳᠠᠯ ᠦᠭᠡᠢ ᠬᠠᠷᠪᠤᠭᠴᠢ ᠠᠶᠤᠩᠭ ᠠ ᠶᠢᠨ ᠰᠤᠮᠤᠨ ᠮᠢᠨᠤ ᠵᠣᠷᠢᠵᠤ ᠢᠷᠡᠭᠰᠡᠨ ᠳᠠᠶᠢᠰᠤᠨ ᠢ ᠨᠤᠭᠤᠯᠠᠨ ᠬᠠᠷᠪᠤᠭᠴᠢ ᠴᠤᠤ ᠮᠡᠷᠭᠡᠨ ᠮᠢᠨᠤ ᠴᠢ ᠨᠢᠭᠡ ᠦᠭᠡ ᠥᠭᠦᠯᠡ ᠭᠡᠪᠡ ᠵᠢᠪᠬᠤᠯᠠᠩ ᠲᠠᠶ᠎ᠠ ᠲᠥᠷᠥᠭᠰᠡᠨ ᠲᠡᠷᠡ ᠪᠣᠭᠳᠠ ᠶᠢᠨ ᠵᠠᠷᠯᠢᠭ ᠢ ᠰᠣᠨᠣᠰᠤᠭᠠᠳ ᠵᠦᠷᠴᠢᠳ ᠦᠨ ᠴᠤᠤ ᠮᠡᠷᠭᠡᠨ ᠡᠶᠢᠨ ᠥᠭᠦᠯᠡᠷᠦᠨ ᠬᠣᠷᠢᠨ ᠨᠠᠢᠮᠠᠨ ᠡᠩᠭᠳᠡᠷ ᠬᠢᠭᠡᠳ ᠠᠷᠪᠠᠨ ᠭᠷᠠᠭ ᠢᠶᠠᠷ ᠳᠦᠭᠦᠷᠦᠭᠰᠡᠨ ᠲᠩᠷᠢ ᠨᠡᠷ ᠦᠨ ᠣᠭᠲᠠᠷᠭᠤᠢ ᠮᠢᠨᠤ ᠬᠣᠲᠠᠯᠠ ᠡᠯᠳᠡᠪ ᠵᠦᠶᠢᠯ ᠵᠢᠮᠢᠰ ᠳᠡᠯᠭᠡᠷᠡᠭᠰᠡᠨ ᠭᠠᠯᠪᠠᠷᠠᠸᠠᠷᠠᠰ ᠮᠣᠳᠤᠨ ᠮᠢᠨᠤ ᠬᠣᠣᠷ ᠲᠠᠨ ᠳᠠᠶᠢᠰᠤᠨ ᠢ ᠲᠠᠷᠢᠶᠠᠨ ᠮᠡᠲᠦ ᠬᠡᠮᠬᠡᠯᠦᠭᠴᠢ ᠠᠯᠲᠠᠨ ᠲᠡᠭᠡᠷᠮ᠎ᠡ ᠮᠢᠨᠤ ᠬᠤᠪᠢ ᠪᠡᠯᠭᠡ ᠲᠡᠭᠦᠰᠦᠭᠰᠡᠨ
rasiyan baγulγaγsan yeke čoγtu minu qamuγ bügüde=yi erke=tür=iyen quriyaγči güjir küčütü minu γayiqamsiγ=tu törögsen sodu Boγda-Ejen minu gejü maγtaγad eyin öčirün kündü yeke bey=e=ben kündü=de büü sedki güjir yeke küčün=iyen suladqan büü yabuγul güjermeg gem=ten=i ene bey=e=eče ötür qolodaγuluγad küsekü metü sayin üyile=yi kičiyekü kereg bayija gebe # čoγtu törögsen Boγda-Ejen Čuu-Mergen=tür jarliγ bolurun jüg=iyer yabutala čiqulun dutaγaγči ünege minu jakirču irebesü ösin sirγuγči γunan bars minu jiγaju ögügsen=i minu aldal ügei qarbuγči ayungγ=a=yin sumun minu joriju iregsen dayisun=i nuγulan qarbuγči Čuu-Mergen minu či nige üge ögüle gebe jibqulang=tay=a törögsen tere Boγda=yin jarliγ=i sonosuγad Jürčid=ün Čuu-Mergen eyin ögülerün qorin naiman engγder kiged arban γraγ=iyar dügürügsen tngri=ner=ün oγtarγui minu qotala eldeb jüyil jimis delgeregsen galbaravaras modun minu qoor=tan dayisun=i tariyan metü kemkelügči altan tegerm=e minu qubi belge tegüsügsen
85a
ᠰᠣᠳᠤ ᠪᠣᠭᠳᠠ ᠡᠵᠡᠨ ᠮᠢᠨᠤ ᠭᠡᠵᠦ ᠮᠠᠭᠲᠠᠭᠠᠳ ᠡᠶᠢᠨ ᠥᠭᠦᠯᠡᠷᠦᠨ ᠬᠡᠯᠢ ᠤᠳᠠ ᠰᠡᠳᠬᠢᠯ ᠢᠶᠡᠷ ᠶᠡᠷᠦ ᠶᠢ ᠪᠠᠭᠲᠠᠭ᠎ᠠ ᠭᠡᠮ ᠳᠡᠨ ᠮᠠᠭᠤ ᠠᠷᠠᠳ ᠢ ᠵᠠᠰᠠᠭᠠᠳ ᠮᠥᠷ ᠢᠶᠡᠷ ᠭᠡᠰᠡᠭᠡ ᠬᠡᠲᠦᠷᠬᠡᠶ᠎ᠡ ᠶᠡᠬᠡ ᠤᠯᠤᠰ ᠢᠶᠠᠨ ᠳᠤᠷᠠᠨ ᠢ ᠠᠪᠤᠭᠠᠳ ᠬᠡᠪ ᠬᠡᠵᠢᠶ᠎ᠡ ᠠᠯᠳᠠᠷᠰᠢᠬᠤ ᠰᠠᠶᠢᠨ ᠨᠡᠷ ᠡ ᠶᠢ ᠬᠢᠴᠢᠶᠡᠬᠦ ᠬᠡᠷᠡᠭ ᠪᠠᠶᠢᠵᠠ ᠭᠡᠪᠡ ᠬᠠᠨ ᠮᠥᠩᠬᠡ ᠲᠩᠷᠢ ᠶᠢᠨ ᠬᠥᠪᠡᠭᠦᠨ ᠰᠣᠳᠤ ᠪᠣᠭᠳᠠ ᠴᠢᠩᠭᠢᠰ ᠬᠠᠭᠠᠨ ᠬᠠᠷᠠ ᠬᠢᠷᠤ ᠲᠤᠷ ᠵᠠᠷᠯᠢᠭ ᠪᠣᠯᠤᠷᠤᠨ ᠥᠰᠢᠶᠡᠲᠡᠨ ᠳᠠᠶᠢᠰᠤᠨ ᠢ ᠥᠷᠥᠯᠡᠨ ᠳᠠᠷᠤᠭᠴᠢ ᠬᠠᠷᠠ ᠥᠲᠦᠭᠡ ᠮᠢᠨᠤ ᠥᠰᠦᠳ ᠬᠠᠵᠠᠭᠠᠢ ᠦᠭᠡᠢ ᠰᠡᠳᠬᠢᠯ ᠲᠦ ᠵᠠᠯᠠᠭᠰᠠᠨ ᠮᠥᠰᠦ ᠮᠢᠨᠤ ᠦᠷᠭᠦᠯᠵᠢ ᠭᠠᠳᠠᠭᠠᠳᠤ ᠦᠶᠢᠯᠡᠰ ᠢ ᠬᠢᠴᠢᠶᠡᠭᠴᠢ ᠪᠣᠯᠣᠳ ᠭᠦᠷᠦ ᠵᠢᠷᠦᠬᠡᠲᠦ ᠮᠢᠨᠤ ᠦᠨᠡᠨ ᠢᠶᠡᠷ ᠵᠢᠳᠬᠦᠨ ᠶᠠᠪᠤᠭᠴᠢ ᠬᠠᠷᠠ ᠬᠢᠷᠤᠴᠠᠢ ᠮᠢᠨᠤ ᠴᠢ ᠨᠢᠭᠡ ᠦᠭᠡ ᠥᠭᠦᠯᠡ ᠭᠡᠪᠡ ᠣᠰᠣᠯᠳᠠᠯ ᠦᠭᠡᠢ ᠲᠡᠷᠡ ᠬᠤᠪᠢᠯᠭᠠᠨ ᠪᠣᠭᠳᠠ ᠶᠢᠨ ᠵᠠᠷᠯᠢᠭ ᠢ ᠰᠣᠨᠣᠰᠤᠭᠠᠳ ᠣᠶᠢᠷᠠᠳ ᠤᠨ ᠬᠠᠷᠠ ᠬᠢᠷᠤ ᠪᠠᠶᠠᠰᠴᠤ ᠮᠠᠭᠲᠠᠭᠠᠳ ᠥᠭᠦᠯᠡᠷᠦᠨ ᠲᠡᠭᠰᠢ ᠬᠠᠮᠤᠭ ᠪᠦᠭᠦᠳᠡ ᠶᠢ ᠥᠷᠥᠰᠢᠶᠡᠬᠦᠢ ᠰᠡᠳᠬᠢᠯ ᠲᠦ ᠪᠣᠳᠢᠰᠤᠩ ᠮᠢᠨᠤ ᠳᠡᠯᠡᠬᠡᠢ ᠳᠡᠭᠡᠷᠡ ᠬᠢ ᠶᠢ ᠡᠷᠬᠡᠳᠦᠷ ᠢᠶᠡᠨ ᠬᠤᠷᠢᠶᠠᠭᠴᠢ ᠬᠣᠷᠮᠤᠰᠲᠠ ᠲᠩᠷᠢ ᠮᠢᠨᠤ ᠲᠡᠭᠦᠳᠡᠷᠡᠯ ᠦᠭᠡᠢ ᠦᠨᠡᠨ ᠬᠤᠳᠠᠯ ᠬᠣᠶᠠᠷ ᠢ ᠢᠯᠭᠠᠭᠴᠢ ᠡᠷᠯᠢᠭ ᠦᠨ ᠨᠣᠶᠠᠨ ᠮᠢᠨᠤ ᠲᠡᠭᠦᠰ ᠠᠤᠭ᠎ᠠ ᠬᠦᠴᠦᠲᠦ ᠰᠣᠳᠤ ᠪᠣᠭᠳᠠ ᠡᠵᠡᠨ ᠮᠢᠨᠤ ᠭᠡᠵᠦ ᠮᠠᠭᠲᠠᠭᠠᠳ ᠡᠶᠢᠨ ᠥᠴᠢᠷᠦᠨ ᠥᠲᠡᠭᠡᠰ ᠶᠡᠬᠡᠰ ᠢᠶᠡᠨ ᠬᠦᠨᠳᠦᠯᠡᠨ ᠲᠡᠳᠬᠦᠵᠦ ᠥᠨᠥᠴᠢᠨ ᠥᠴᠦᠬᠡᠨ ᠢᠶᠡᠨ
sodu Boγda-Ejen minu gejü maγtaγad eyin ögülerün keli uda sedkil=iyer yerü=yi baγtaγ=a gem=den maγu arad=i jasaγad mör=iyer gesege ketürkey=e yeke ulus=iyan duran=i abuγad keb kejiy=e aldarsiqu sayin ner=e=yi kičiyekü kereg bayija gebe # qan möngke tngri=yin köbegün sodu boγda Činggis-qaγan Qara-Kiru=tur jarliγ bolurun ösiyeten dayisun=i örölen daruγči qara ötüge minu ösüd qajaγai ügei sedkil=tü jalaγsan mösü minu ürgülji γadaγadu üyiles=i kičiyegči bolod gürü jirüketü minu ünen=iyer jidkün yabuγči Qara-Kiručai minu či nige üge ögüle gebe osoldal ügei tere qubilγan Boγda=yin jarliγ=i sonosuγad Oyirad=un Qara-Kiru bayasču maγtaγad ögülerün tegsi qamuγ bügüde=yi örösiyeküi sedkil=tü bodisung minu delekei degere=ki=yi erkedür=iyen quriyaγči Qormusta tngri minu tegüderel ügei ünen qudal qoyar=i ilγaγči erlig=ün noyan minu tegüs auγ=a küčütü sodu Boγda-Ejen minu gejü maγtaγad eyin öčirün öteges yekes=iyen kündülen tedküjü önöčin öčüken=iyen
85b
ᠠᠰᠠᠷᠠᠨ ᠥᠷᠥᠰᠢᠶᠡᠵᠦ ᠥᠮᠴᠢᠲᠦ ᠶᠡᠬᠡ ᠤᠯᠤᠰ ᠢᠶᠠᠨ ᠳᠤᠷᠠᠨ ᠢ ᠠᠪᠤᠭᠠᠳ ᠡᠭᠦᠷᠢᠳᠡ ᠠᠯᠳᠠᠷᠰᠢᠬᠤ ᠰᠠᠶᠢᠨ ᠨᠡᠷ᠎ᠡ ᠬᠢᠴᠢᠶᠡᠬᠦ ᠬᠡᠷᠡᠭ ᠪᠠᠶᠢᠵᠠ ᠭᠡᠪᠡ ᠠᠮᠢ ᠶᠢᠰᠦᠨ ᠥᠷᠯᠥᠭ ᠦᠨ ᠦᠭᠡ ᠨᠢ ᠠᠯᠢ ᠪᠠ ᠬᠣᠶᠢᠲᠤᠰ ᠢᠶᠠᠨ ᠲᠤᠯᠠᠳᠠ ᠠᠪᠤᠨ ᠬᠡᠯᠡᠯᠴᠡᠲᠦᠭᠡᠢ ᠶᠡᠷᠦ ᠪᠦᠭᠦᠳᠡ ᠲᠠ ᠠᠰᠢᠳᠠ ᠬᠠᠳ ᠨᠣᠶᠠᠳ ᠦᠵᠡᠲᠦᠭᠡᠢ ᠬᠡᠮᠡᠨ ᠵᠠᠷᠯᠢᠭ ᠪᠣᠯᠤᠭᠰᠠᠨ ᠲᠤᠷ ᠭᠡᠭᠡᠨ ᠤᠬᠠᠭᠠᠨᠲᠤ ᠴᠡᠴᠡᠳ ᠮᠡᠷᠭᠡᠳ ᠪᠦᠭᠦᠳᠡᠭᠡᠷ ᠬᠡᠲᠦᠷᠬᠡᠶ᠎ᠡ ᠶᠢᠰᠦᠨ ᠥᠷᠯᠥᠭ ᠦᠨ ᠦᠭᠡᠰ ᠢ ᠬᠡᠷᠡᠭᠯᠡᠨ ᠡᠮᠡᠭᠡᠯ ᠦᠨ ᠳᠠᠭᠤᠨ ᠲᠤᠷ ᠠᠪᠤᠪᠠᠢ ᠪᠠᠰᠠ ᠬᠤᠪᠢᠯᠠᠢ ᠨᠣᠶᠠᠨ ᠢ ᠬᠠᠷᠯᠤᠭᠤᠳ ᠲᠤᠷ ᠴᠠᠭᠤᠷᠠᠭᠤᠯᠪᠠᠢ ᠴᠡᠷᠢᠭᠯᠡᠭᠦᠯᠪᠡᠢ ᠬᠠᠷᠯᠤᠭᠤᠳ ᠤᠨ ᠠᠷᠰᠯᠠᠨ ᠬᠠᠭᠠᠨ ᠬᠤᠪᠢᠯᠠᠢ ᠲᠤᠷ ᠢᠯᠰᠡᠨ ᠢᠷᠡᠵᠦᠬᠦᠢ ᠬᠤᠪᠢᠯᠠᠢ ᠨᠣᠶᠠᠨ ᠠᠷᠰᠯᠠᠨ ᠬᠠᠭᠠᠨ ᠢ ᠠᠪᠤᠭᠠᠳ ᠢᠷᠡᠵᠦ ᠪᠣᠭᠳᠠ ᠴᠢᠩᠭᠢᠰ ᠬᠠᠭᠠᠨ ᠲᠤᠷ ᠠᠭᠤᠯᠵᠢᠪᠠ ᠡᠶ᠎ᠡ ᠪᠣᠯᠭᠠᠯᠳᠠᠪᠠ ᠬᠡᠮᠡᠨ ᠠᠷᠰᠯᠠᠨ ᠢ ᠰᠣᠶᠣᠷᠬᠠᠵᠤ ᠠᠯᠬ ᠠ ᠪᠡᠬᠢ ᠶᠢ ᠥᠭᠪᠡ ᠬᠠᠷᠯᠤᠭᠤᠳ ᠤᠨ ᠠᠷᠰᠯᠠᠨ ᠲᠤᠷ ᠠᠯᠠᠬ ᠠ ᠪᠡᠬᠢ ᠶᠢ ᠥᠭᠴᠦ ᠡᠭᠦᠰᠭᠡᠬᠦᠢ ᠲᠦᠷ ᠪᠣᠭᠳᠠ ᠴᠢᠩᠭᠢᠰ ᠬᠠᠭᠠᠨ ᠰᠣᠶᠣᠨ ᠵᠠᠷᠯᠢᠭ ᠪᠣᠯᠤᠷᠤᠨ ᠥᠷᠥᠭᠡᠯᠡ ᠬᠥᠯ ᠮᠢᠨᠤ ᠪᠣᠯᠤᠨ ᠬᠠᠩᠭᠠᠷᠢᠬᠤ ᠶᠢᠨ ᠮᠢᠨᠤ ᠰᠢᠲᠦᠭᠡᠨ ᠬᠠᠯᠲᠠᠷᠢᠬᠤ ᠶᠢᠨ ᠮᠢᠨᠤ ᠳᠠᠭ᠎ᠠ ᠪᠣᠯᠵᠤ ᠥᠭᠬᠦᠢ ᠪᠡᠨ ᠴᠢ ᠬᠠᠲᠠᠭᠤᠵᠢ ᠪᠠᠰᠠ ᠥᠳᠲᠡᠷ ᠨᠥᠬᠴᠢᠬᠦ ᠪᠡᠶ᠎ᠡ ᠥᠨᠢ ᠠᠬᠤ ᠨᠡᠷ᠎ᠡ ᠥᠪᠡᠷ ᠦᠨ ᠤᠬᠠᠭᠠᠲᠤ ᠰᠡᠳᠬᠢᠯ ᠡᠴᠡ ᠰᠠᠶᠢᠨ ᠨᠥᠬᠥᠷ ᠦᠭᠡᠢ ᠤᠷᠢᠨ ᠬᠢᠯᠢᠩ ᠠᠯᠠᠭᠴᠢᠨ ᠬᠣᠣᠷ ᠲᠤ ᠮᠠᠭᠤ ᠰᠡᠳᠬᠢᠯ ᠡᠴᠡ
asaran örösiyejü ömčitü yeke ulus=iyan duran=i abuγad egüride aldarsiqu sayin ner=e kičiyekü kereg bayija gebe # ami yisün örlög=ün üge=ni ali=ba qoyitus=iyan tulada abun kelelčetügei yerü bügüde ta asida qad noyad üjetügei kemen jarliγ boluγsan=tur gegen uqaγantu čečed merged bügüdeger ketürkey=e yisün örlög=ün üges=i kereglen emegel=ün daγun=tur abubai # basa Qubilai-noyan=i Qarluγud=tur čaγuraγulbai (čeriglegülbei) Qarluγud=un Arslan-qaγan Qubilai=tur ilsen irejüküi Qubilai-noyan Arslan-qaγan=i abuγad irejü boγda Činggis-qaγan=tur aγuljiba ey=e bolγaldaba kemen Arslan=i soyorqaju Alq=a-beki=yi ögbe Qarluγud=un Arslan=tur Alaq=a-beki=yi ögčü egüsgeküi=tür boγda Činggis-qaγan soyon jarliγ bolurun örögele köl minu bolun qangγariqu=yin minu sitügen qaltariqu=yin minu daγ=a bolju ögküi=ben či qataγuji basa ödter nökčikü bey=e öni aqu ner=e öber=ün uqaγatu sedkil=eče sayin nökör ügei urin kiling alaγčin qoor=tu maγu sedkil=eče
86a
ᠳᠠᠶᠢᠰᠤᠨ ᠦᠭᠡᠢ ᠢᠲᠡᠭᠡᠯ ᠲᠡᠨ ᠣᠯᠠᠨ ᠪᠤᠢ ᠵ᠎ᠠ ᠥᠪᠡᠷᠦᠨ ᠪᠡᠶ᠎ᠡ ᠮᠡᠲᠦ ᠢᠲᠡᠭᠡᠯ ᠲᠦ ᠦᠭᠡᠢ ᠳᠣᠲᠣᠨᠠᠯᠠᠭᠳᠠᠬᠤ ᠣᠯᠠᠨ ᠪᠤᠢ ᠵ᠎ᠠ ᠥᠪᠡᠷ ᠦᠨ ᠰᠡᠳᠬᠢᠯ ᠡᠴᠡ ᠳᠣᠲᠣᠨ᠎ᠠ ᠦᠭᠡᠢ ᠬᠠᠶᠢᠷᠠᠯᠠᠭᠳᠠᠬᠤ ᠣᠯᠠᠨ ᠪᠤᠢ ᠵ᠎ᠠ ᠥᠪᠡᠷᠦᠨ ᠠᠮᠢᠨ ᠠᠴᠠ ᠬᠠᠶᠢᠷᠠᠨ ᠦᠭᠡᠢ ᠠᠷᠢᠭᠤᠨ᠎ᠠ ᠶᠠᠪᠤᠪᠠᠰᠤ ᠠᠪᠤᠷᠢᠲᠠ ᠤᠳᠠ ᠠᠶᠤ ᠰᠡᠷᠡᠵᠦ ᠶᠠᠪᠤᠪᠠᠰᠤ ᠨᠠᠰᠤᠳᠠ ᠲᠥᠭᠡᠯ ᠠᠶᠤ ᠬᠠᠲᠠᠭᠤᠵᠢᠪᠠᠰᠤ ᠨᠠᠰᠤᠳᠠ ᠠᠶᠤᠯ ᠦᠭᠡᠢ ᠠᠶᠤ ᠡᠳᠦᠢ ᠬᠦ ᠬᠠᠲᠠᠭᠤᠵᠢ ᠬᠡᠮᠡᠨ ᠰᠣᠶᠣᠭᠰᠠᠨ ᠠᠵᠤᠬᠤ ᠪᠠᠰᠠ ᠰᠦᠪᠡᠭᠡᠳᠡᠢ ᠪᠠᠭᠠᠲᠤᠷ ᠢ ᠲᠡᠮᠦᠷ ᠲᠡᠯᠭᠡᠲᠦ ᠮᠡᠷᠭᠡᠳ ᠦᠨ ᠲᠣᠭᠲᠠᠬ ᠠ ᠶᠢᠨ ᠬᠤᠳᠤ ᠴᠢᠯᠠᠭᠤᠨ ᠲᠡᠷᠢᠭᠦᠲᠡᠨ ᠬᠥᠪᠡᠭᠦᠨ ᠢ ᠢᠨᠤ ᠠᠶᠠᠨ ᠴᠢᠬᠤᠷᠯᠠᠵᠤ ᠮᠣᠷᠳᠠᠵᠤ ᠴᠤᠢ ᠮᠥᠷᠡᠨ᠎ᠡ ᠭᠦᠶᠢᠴᠡᠵᠦ ᠮᠣᠬᠣᠳᠬᠠᠵᠤ ᠳᠠᠷᠤᠵᠤ ᠢᠷᠡᠪᠡ ᠪᠠᠰᠠ ᠵᠡᠪᠡ ᠨᠠᠢᠮᠠᠨ ᠤ ᠬᠦᠯᠦᠭ ᠬᠠᠭᠠᠨ ᠢ ᠨᠡᠬᠡᠵᠦ ᠬᠢᠷᠢᠰ ᠭᠣᠣᠯᠠ ᠭᠦᠶᠢᠴᠡᠵᠦ ᠬᠦᠯᠦᠭ ᠬᠠᠭᠠᠨ ᠢ ᠮᠣᠬᠣᠳᠬᠠᠵᠤ ᠢᠷᠡᠪᠡ ᠤᠶᠢᠭᠤᠳ ᠤᠨ ᠢᠳᠤᠭᠤᠳ ᠪᠣᠭᠳᠠ ᠴᠢᠩᠭᠢᠰ ᠬᠠᠭᠠᠨ ᠳᠤᠷ ᠡᠯᠴᠢ ᠢᠯᠡᠭᠡᠵᠦᠬᠦ ᠠᠪᠢᠷᠬ᠎ᠠ ᠲᠠᠷᠪᠠᠢ ᠬᠣᠶᠠᠷ ᠡᠯᠴᠢᠨ ᠢᠶᠡᠷ ᠥᠴᠡᠵᠦ ᠢᠯᠡᠭᠡᠷᠦᠨ ᠡᠭᠦᠯᠡᠨ ᠠᠷᠢᠯᠵᠤ ᠭᠡᠭᠡᠨ ᠨᠠᠷᠠᠨ ᠦᠵᠡᠭᠰᠡᠨ ᠮᠡᠲᠦ ᠮᠥᠶᠢᠯᠰᠦᠨ ᠬᠠᠶᠢᠯᠠᠵᠤ ᠮᠥᠷᠡᠨ ᠤᠰᠤᠨ ᠣᠯᠤᠭᠰᠠᠨ ᠮᠡᠲᠦ ᠪᠣᠭᠳᠠ ᠴᠢᠩᠭᠢᠰ ᠬᠠᠭᠠᠨ ᠤ ᠨᠡᠷ᠎ᠡ ᠠᠯᠳᠠᠷ ᠢ ᠰᠣᠨᠣᠰᠴᠤ ᠮᠠᠰᠢ ᠪᠠᠶᠠᠰᠪᠠ ᠬᠠᠭᠠᠨ ᠰᠣᠶᠣᠷᠬᠠᠪᠠᠰᠤ ᠠᠯᠲᠠᠨ ᠪᠦᠰᠡ ᠶᠢᠨ ᠭᠣᠷᠬᠢᠰ ᠠᠴᠠ ᠠᠯ ᠳᠡᠭᠢᠯᠳᠡᠭᠡᠯ ᠦᠨ ᠦᠷᠲᠡᠰᠦᠨ ᠡᠴᠡ ᠣᠯᠪᠠᠰᠤ ᠲᠠᠪᠳᠠᠭᠠᠷ ᠬᠥᠪᠡᠭᠦᠨ ᠴᠢᠨᠤ ᠪᠣᠯᠵᠤ ᠬᠦᠴᠦ
dayisun ügei itegel=ten olan bui j=a öberün bey=e metü itegel=tü ügei dotonalaγdaqu olan bui j=a öber=ün sedkil=eče doton=a ügei qayiralaγdaqu olan bui j=a öberün amin=ača qayiran ügei ariγun=a yabubasu aburita uda ayu serejü yabubasu nasuda tögel ayu qataγujibasu nasuda ayul ügei ayu edüi kü qataγuji kemen soyoγsan ajuqu # basa Sübegedei-baγatur=i temür telgetü Merged=ün Toγtaq=a=yin Qudu Čilaγun terigüten köbegün=i inu ayan čiqurlaju (mordaju) Čui-mören=e güyičejü moqodqaju (daruju) irebe # basa Jebe Naiman=u Külüg-qaγan=i nekejü Kiris-γoola güyičejü Külüg-qaγan=i moqodqaju irebe # Uyiγud=un Iduγud boγda Činggis-qaγan=dur elči ilegejükü Abirq=a Tarbai qoyar elčin=iyer öčejü ilegerün egülen arilju gegen naran üjegsen metü möyilsün qayilaju mören usun oluγsan metü boγda Činggis-qaγan=u ner=e aldar=i sonosču masi bayasba qaγan soyorqabasu altan büse=yin γorkis=ača al degil<degel>=ün ürtesün=eče olbasu tabdaγar köbegün činu bolju küčü
86b
ᠥᠭᠰᠦ ᠬᠡᠮᠡᠨ ᠥᠴᠢᠵᠦ ᠢᠯᠡᠭᠡᠵᠦᠬᠦᠢ ᠲᠡᠷᠡ ᠦᠭᠡ ᠲᠦᠷ ᠪᠣᠭᠳᠠ ᠴᠢᠩᠭᠢᠰ ᠬᠠᠭᠠᠨ ᠰᠣᠶᠣᠷᠬᠠᠵᠤ ᠥᠭᠦᠯᠡᠵᠦ ᠢᠯᠡᠭᠡᠷᠦᠨ ᠦᠭᠡ ᠥᠭᠬᠦᠶ᠎ᠡ ᠲᠠᠪᠳᠠᠭᠠᠷ ᠬᠥᠪᠡᠭᠦᠨ ᠪᠣᠯᠲᠤᠭᠠᠢ ᠠᠯᠲᠠᠨ ᠮᠥᠩᠭᠥᠨ ᠰᠤᠪᠤᠳ ᠲᠠᠨᠠᠰ ᠳᠠᠷᠳᠠᠭ ᠨᠠᠴᠢᠨ ᠲᠣᠷᠭᠣᠳ ᠠᠪᠤᠭᠠᠳ ᠢᠳᠤᠭᠤᠳ ᠢᠷᠡᠲᠦᠭᠡᠢ ᠬᠡᠮᠡᠵᠦ ᠢᠯᠡᠭᠡᠪᠡᠰᠦ ᠢᠳᠤᠭᠤᠳ ᠰᠣᠶᠣᠷᠬᠠᠭᠳᠠᠪᠠᠢ ᠬᠡᠮᠡᠨ ᠪᠠᠶᠠᠰᠴᠤ ᠠᠯᠲᠠᠨ ᠮᠥᠩᠭᠥᠨ ᠰᠤᠪᠤᠳ ᠲᠠᠨᠠᠰ ᠲᠣᠷᠭᠣᠳ ᠨᠠᠴᠢᠨ ᠳᠠᠷᠳᠠᠭ ᠠᠭᠤᠷᠠᠰᠤᠨ ᠠᠪᠤᠭᠠᠳ ᠢᠷᠡᠵᠦ ᠢᠳᠤᠭᠤᠨ ᠪᠣᠭᠳᠠ ᠴᠢᠩᠭᠢᠰ ᠬᠠᠭᠠᠨ᠎ᠠ ᠠᠭᠤᠯᠵᠠᠪᠠ ᠢᠳᠤᠭᠤᠨ ᠢ ᠰᠣᠶᠣᠷᠬᠠᠵᠤ ᠢᠯᠭᠠᠯᠲᠤᠨ ᠪᠡᠬᠢ ᠶᠢ ᠥᠭᠪᠡ ᠤᠶᠢᠭᠤᠳ ᠤᠨ ᠢᠳᠤᠭᠤᠳ ᠲᠤᠷ ᠢᠯᠭᠠᠯᠲᠤᠨ ᠪᠡᠬᠢ ᠶᠢ ᠥᠭᠴᠦ ᠡᠭᠦᠰᠭᠡᠬᠦᠢ ᠲᠦᠷ ᠪᠣᠭᠳᠠ ᠴᠢᠩᠭᠢᠰ ᠬᠠᠭᠠᠨ ᠰᠣᠶᠣᠨ ᠵᠠᠷᠯᠢᠭ ᠪᠣᠯᠤᠷᠤᠨ ᠬᠠᠲᠤᠭ ᠲᠠᠢ ᠬᠦᠮᠦᠨ ᠭᠤᠷᠪᠠᠨ ᠡᠷᠡ ᠲᠦ ᠪᠣᠯᠠᠢ ᠠᠯᠢ ᠭᠤᠷᠪᠠᠨ ᠡᠷᠡ ᠬᠡᠮᠡᠪᠡᠰᠦ ᠲᠡᠷᠢᠭᠦᠨ ᠲᠥᠷᠥ ᠡᠷ᠎ᠡ ᠪᠤᠢ ᠲᠡᠭᠦᠨ ᠦ ᠬᠣᠶᠢᠨᠠ ᠨᠡᠷ᠎ᠡ ᠡᠷ᠎ᠡ ᠪᠤᠢ ᠲᠡᠭᠦᠨ ᠦ ᠬᠣᠶᠢᠨᠠ ᠠᠪᠤᠭᠰᠠᠨ ᠡᠷ᠎ᠡ ᠪᠤᠢ ᠭᠤᠷᠪᠠᠨ ᠡᠷ᠎ᠡ ᠬᠡᠮᠡᠭᠳᠡᠬᠦ ᠡᠨᠡ ᠲᠥᠷᠥ ᠡᠷ ᠡ ᠶᠢ ᠬᠠᠲᠠᠭᠤᠵᠢᠪᠠᠰᠤ ᠨᠡᠷ᠎ᠡ ᠡᠷ᠎ᠡ ᠪᠡᠯᠡᠨ ᠡᠰᠡ ᠬᠦ ᠪᠤᠢ ᠪᠡᠯᠡᠨ ᠨᠡᠷ᠎ᠡ ᠡᠷ ᠡ ᠶᠢ ᠪᠡᠬᠢᠯᠡᠪᠡᠰᠦ ᠠᠪᠤᠭᠰᠠᠨ ᠡᠷ᠎ᠡ ᠬᠣᠯᠠ ᠠᠩᠭᠢᠳᠠ ᠠᠯᠤᠰ ᠬᠡᠲᠦᠰ ᠬᠠᠮᠢᠭ᠎ᠠ ᠣᠳᠬᠤ ᠬᠡᠮᠡᠨ ᠵᠠᠷᠯᠢᠭ ᠪᠣᠯᠤᠭᠰᠠᠨ ᠠᠵᠤᠬᠤ ᠪᠠᠰᠠ ᠲᠠᠤᠯᠠᠢ ᠵᠢᠯ᠎ᠡ ᠵᠥᠴᠢ ᠶᠢ ᠪᠠᠷᠠᠭᠤᠨ ᠭᠠᠷ ᠤᠨ ᠴᠢᠷᠢᠭ ᠦᠳ ᠢᠶᠡᠷ ᠣᠢ ᠶᠢᠨ ᠢᠷᠭᠡᠨ ᠲᠦᠷ ᠮᠣᠷᠢᠯᠠᠭᠤᠯᠪᠠᠢ ᠪᠤᠬ᠎ᠠ ᠭᠠᠵᠠᠷᠴᠢᠯᠠᠵᠤ ᠣᠳᠪᠠ ᠣᠶᠢᠷᠠᠳ ᠤᠨ ᠬᠤᠲᠤᠭ᠎ᠠ
ögsü kemen öčijü ilegejüküi tere üge=tür boγda Činggis-qaγan soyorqaju ögülejü ilegerün üge ögküy=e tabdaγar köbegün boltuγai altan mönggön subud tanas dardaγ , način , torγod abuγad Iduγud iretügei kemejü ilegebesü Iduγud soyorqaγdabai kemen bayasču altan mönggön subud tanas , torγod , način dardaγ aγurasun abuγad irejü Iduγun , boγda Činggis-qaγan=a aγuljaba Iduγun=i soyorqaju Ilγaltun-beki=yi ögbe Uyiγud=un Iduγud=tur Ilγaltun-beki=yi ögčü egüsgeküi=tür boγda Činggis-qaγan soyon jarliγ bolurun qatuγ=tai kümün γurban ere=tü bolai ali γurban ere kemebesü terigün törö er=e bui tegün=ü qoyina ner=e er=e bui tegün=ü qoyina abuγsan er=e bui γurban er=e kemegdekü ene törö er=e=yi qataγujibasu ner=e er=e belen ese kü bui belen ner=e er=e=yi bekilebesü abuγsan er=e qola anggida alus ketüs qamiγ=a odqu kemen jarliγ boluγsan ajuqu # basa taulai jil=e Jöči=yi baraγun γar=un čirig=üd=iyer oi=yin irgen=tür morilaγulbai Buq=a γajarčilaju odba Oyirad=un Qutuγ=a
87a
ᠪᠡᠬᠢ ᠲᠦᠮᠡᠨ ᠣᠶᠢᠷᠤᠳ ᠤᠷᠠᠳ ᠢᠯᠰᠡᠨ ᠣᠷᠣᠵᠤ ᠢᠷᠡᠪᠡ ᠢᠷᠡᠵᠦ ᠵᠥᠴᠢ ᠶᠢ ᠤᠳᠤᠷᠢᠳᠴᠤ ᠲᠦᠮᠡᠨ ᠣᠶᠢᠷᠠᠳ ᠲᠤᠷ ᠭᠠᠵᠠᠷᠴᠢᠯᠠᠵᠤ ᠰᠢᠩᠰᠢᠩ ᠲᠦᠷ ᠣᠷᠣᠭᠤᠯᠪᠠ ᠵᠣᠴᠢ ᠣᠶᠢᠷᠤᠳ ᠪᠤᠷᠢᠶᠠᠳ ᠪᠠᠷᠭᠤᠳ ᠤᠪᠰᠤᠰ ᠬᠠᠪᠰᠠᠭ ᠲᠤᠮᠪᠠᠰ ᠢ ᠣᠷᠣᠭᠤᠯᠤᠭᠠᠳ ᠲᠦᠮᠡᠨ ᠬᠡᠢᠷᠭᠢᠰᠦᠳ ᠲᠦᠷ ᠬᠦᠷᠪᠡᠰᠦ ᠬᠡᠢᠷᠭᠢᠰᠦᠳ ᠦᠨ ᠨᠣᠶᠠᠳ ᠵᠢᠳᠠᠢ ᠢᠨᠠᠯ ᠠᠯᠲᠠᠢ ᠡᠷ᠎ᠡ ᠥᠷᠪᠡᠭ ᠲᠢᠭᠢᠳ ᠦᠨ ᠨᠣᠶᠠᠳ ᠢᠯᠰᠡᠨ ᠡᠶ ᠡ ᠳᠦᠨ ᠣᠷᠣᠵᠤ ᠴᠠᠭᠠᠨ ᠱᠣᠩᠬᠣᠷ ᠴᠠᠭᠠᠨ ᠠᠭᠲᠠᠰ ᠬᠠᠷᠠ ᠪᠤᠯᠠᠭᠠᠨ ᠠᠪᠤᠭᠠᠳ ᠢᠷᠡᠵᠦ ᠵᠣᠴᠢ ᠲᠠ ᠠᠭᠤᠯᠵᠢᠪᠠ ᠰᠢᠪᠡᠷ ᠬᠡᠱᠳᠡᠮ ᠪᠠᠶᠢᠳ ᠲᠤᠬᠠᠰ ᠲᠡᠯᠡᠩ ᠲᠥᠭᠥᠯᠡᠰ ᠲᠡᠨ ᠪᠢᠵᠡᠭᠡᠳ ᠡᠴᠡ ᠢᠨᠠᠭᠰᠢ ᠳᠠ ᠣᠢ ᠶᠢᠨ ᠢᠷᠭᠡᠨ ᠢ ᠵᠣᠴᠢ ᠣᠷᠣᠭᠤᠯᠵᠤ ᠬᠢᠷᠬᠢᠭᠤᠳ ᠤᠨ ᠲᠦᠮᠡᠳ ᠦᠨ ᠮᠢᠩᠭᠠᠳ ᠤᠨ ᠨᠣᠶᠠᠳ ᠣᠢ ᠶᠢᠨ ᠢᠷᠭᠡᠨ ᠦ ᠨᠣᠶᠠᠳ ᠢ ᠠᠪᠤᠭᠠᠳ ᠢᠷᠡᠵᠦ ᠪᠣᠭᠳᠠ ᠴᠢᠩᠭᠢᠰ ᠬᠠᠭᠠᠨ ᠲᠤᠷ ᠴᠠᠭᠠᠨ ᠱᠣᠩᠬᠣᠷ ᠴᠠᠭᠠᠨ ᠠᠭᠲᠠᠰ ᠬᠠᠷᠠ ᠪᠤᠯᠠᠭᠠᠳ ᠢᠶᠠᠷ ᠠᠭᠤᠯᠵᠢᠪᠠ ᠣᠶᠢᠷᠤᠳ ᠬᠤᠲᠤᠭ ᠠ ᠪᠡᠬᠢ ᠶᠢ ᠤᠭᠲᠤᠨ ᠤᠷᠢᠳᠠ ᠢᠯᠰᠡᠨ ᠡᠶᠡᠳᠦᠨ ᠲᠦᠮᠡᠨ ᠣᠶᠢᠷᠠᠳ ᠢᠶᠠᠨ ᠤᠳᠤᠷᠢᠳ ᠤᠨ ᠢᠷᠡᠪᠡ ᠬᠡᠮᠡᠨ ᠵᠠᠷᠯᠢᠭ ᠰᠣᠶᠣᠷᠬᠠᠵᠤ ᠬᠥᠪᠡᠭᠦᠨ᠎ᠡ ᠢᠨᠤ ᠢᠨᠠᠯᠴᠢ ᠲᠠ ᠰᠡᠴᠡᠶᠢᠬᠡᠨ ᠢ ᠥᠭᠪᠡ ᠢᠨᠠᠯᠴᠢ ᠶᠢᠨ ᠠᠬ᠎ᠠ ᠲᠥᠷᠥᠯᠴᠢ ᠲᠡ ᠵᠥᠴᠢ ᠶᠢᠨ ᠥᠬᠢᠨ ᠬᠤᠯᠤᠶᠢᠬᠠᠨ ᠢ ᠥᠭᠪᠡ ᠰᠣᠳᠤ ᠪᠣᠭᠳᠠ ᠴᠢᠩᠭᠢᠰ ᠬᠠᠭᠠᠨ ᠵᠥᠴᠢ ᠶᠢ ᠰᠣᠶᠣᠷᠬᠠᠵᠤ ᠥᠭᠦᠯᠡᠷᠦᠨ ᠬᠥᠪᠡᠭᠦᠳ ᠦᠨ ᠮᠢᠨᠤ ᠠᠬ᠎ᠠ ᠵᠥᠴᠢ ᠴᠢ ᠭᠡᠷ ᠲᠡᠴᠡ ᠰᠠᠶᠢ ᠭᠠᠷᠴᠤ ᠮᠥᠷ ᠰᠠᠶᠢᠲᠤ ᠣᠳᠤᠭᠰᠠᠨ ᠭᠠᠵᠠᠷ᠎ᠠ ᠡᠷ᠎ᠡ ᠠᠭᠲᠠ ᠶᠢ
beki tümen Oyirud Urad ilsen oroju irebe irejü Jöči=yi uduridču tümen Oyirad=tur γajarčilaju Singsing=tür oroγulba Joči Oyirud , Buriyad Barγud Ubsus , Qabsaγ Tumbas=i oroγuluγad tümen Keirgisüd=tür kürbesü Keirgisüd=ün noyad Jidai Inal Altai er=e Örbeg Tigid=ün noyad ilsen (ey=e=dün) oroju čaγan šongqor čaγan aγtas qara bulaγan abuγad irejü Joči=ta aγuljiba Siber Kešdem Bayid Tuqas Teleng Tögöles=ten Bijeged=eče inaγsi=da oi=yin irgen=i Joči oroγulju Kirkiγud=un tümed=ün mingγad=un noyad oi=yin irgen=ü noyad=i abuγad irejü boγda Činggis-qaγan=tur čaγan šongqor čaγan aγtas qara bulaγad=iyar aγuljiba Oyirud Qutuγ=a-beki=yi uγtun urida ilsen (eyedün) tümen Oyirad=iyan udurid=un irebe kemen jarliγ soyorqaju köbegün=e inu Inalči=ta Sečeyiken=i ögbe Inalči=yin aq=a Törölči=te Jöči=yin ökin Quluyiqan=i ögbe sodu boγda Činggis-qaγan Jöči=yi soyorqaju ögülerün köbegüd=ün minu aq=a Jöči či ger=teče sayi γarču mör sayitu oduγsan γajar=a er=e aγta=yi
87b
ᠦᠯᠦ ᠰᠢᠷᠬᠢᠶᠡᠨ ᠦᠯᠦ ᠵᠣᠪᠠᠭᠠᠨ ᠥᠯᠵᠡᠢ ᠲᠦ ᠣᠢ ᠶᠢᠨ ᠢᠷᠭᠡᠨ ᠢ ᠣᠷᠣᠭᠤᠯᠵᠤ ᠢᠷᠡᠪᠡ ᠴᠢ ᠢᠷᠭᠡᠨ ᠴᠢᠮᠠᠳᠠ ᠥᠭᠰᠦ ᠬᠡᠮᠡᠨ ᠵᠠᠷᠯᠢᠭ ᠪᠣᠯᠪᠠ ᠪᠣᠭᠳᠠ ᠴᠢᠩᠭᠢᠰ ᠬᠠᠭᠠᠨ ᠰᠡᠴᠡᠶᠢᠬᠡᠨ ᠠᠬᠠᠢ ᠶᠢ ᠣᠶᠢᠷᠠᠳ ᠤᠨ ᠢᠨᠠᠯᠴᠢ ᠲᠠ ᠥᠭᠴᠦ ᠡᠭᠦᠰᠭᠡᠬᠦᠢ ᠳᠦᠷ ᠪᠣᠭᠣᠷᠴᠢ ᠨᠣᠶᠠᠨ ᠢ ᠰᠣᠶᠣ ᠬᠡᠮᠡᠪᠡᠰᠦ ᠪᠣᠭᠣᠷᠴᠢ ᠨᠣᠶᠠᠨ ᠰᠣᠶᠣᠷ ᠤᠨ ᠰᠡᠴᠡᠶᠢᠬᠡᠨ ᠠᠬᠠᠢ ᠰᠣᠨᠣᠰ ᠬᠠᠭᠠᠨ ᠡᠴᠢᠭᠡ ᠴᠢᠨᠤ ᠴᠢᠮᠠᠶᠢ ᠥᠬᠢᠨ ᠲᠥᠷᠥᠭᠰᠡᠨ ᠦ ᠲᠤᠯᠠᠳᠠ ᠣᠶᠢᠷᠠᠳ ᠢᠷᠭᠡᠨ ᠢ ᠳᠠᠷᠤᠭᠤᠯᠤᠨ ᠨᠤᠲᠤᠭᠯᠠᠪᠠ ᠡᠷᠲᠡ ᠪᠣᠰᠴᠤ ᠣᠷᠣᠢ ᠬᠡᠪᠲᠡᠨ ᠥᠪᠡᠷ ᠡᠴᠡ ᠶᠡᠬᠡᠰ ᠬᠠᠳᠤᠮᠤᠳ ᠢᠶᠠᠨ ᠡᠭᠦᠷᠢ ᠭᠠᠳᠠᠨ᠎ᠠ ᠪᠦᠦ ᠪᠠᠶᠢᠯᠭ᠎ᠠ ᠡᠳᠦᠷ ᠱᠥᠨᠢ ᠨᠢᠭᠡᠨ ᠰᠡᠳᠬᠢᠯ ᠢᠶᠡᠷ ᠬᠠᠲᠠᠭᠤᠵᠢ ᠠᠮᠠᠨ ᠤ ᠤᠬᠠᠭᠠᠨ ᠪᠢᠯᠢᠭ ᠢᠶᠡᠨ ᠲᠣᠭᠲᠠᠭᠠ ᠠᠯᠠᠨ ᠤ ᠪᠤᠷᠲᠠᠭ ᠢᠶᠠᠨ ᠬᠠᠳᠠᠭᠠᠯᠠ ᠡᠰᠡ ᠰᠤᠷᠤᠭᠰᠠᠨ ᠮᠠᠭᠤ ᠶᠢ ᠡᠨᠳᠡ ᠲᠠᠯᠪᠢᠵᠤ ᠣᠳ ᠰᠤᠷᠬᠤ ᠶᠢᠨ ᠰᠠᠶᠢᠨ ᠢ ᠠᠪᠤᠭᠠᠳ ᠣᠳ ᠣᠶᠢᠷᠠᠳ ᠢᠷᠭᠡᠨ ᠢᠶᠡᠨ ᠰᠡᠯᠪᠢᠨ ᠬᠣᠯᠪᠠᠨ ᠰᠣᠶᠣᠳᠬᠤᠨ ᠰᠣᠶᠣᠭᠰᠠᠨ ᠠᠵᠤᠬᠤ ᠪᠠᠰᠠ ᠪᠣᠷᠣᠬᠤᠯ ᠨᠣᠶᠠᠨ ᠢ ᠬᠣᠷᠢ ᠲᠦᠮᠡᠳ ᠢᠷᠭᠡᠨ ᠲᠦᠷ ᠴᠤᠭᠤᠷᠯᠠᠭᠤᠯᠪᠠ ᠴᠢᠷᠢᠭ ᠮᠣᠷᠳᠠᠭᠤᠯᠪᠠ ᠲᠦᠮᠡᠳ ᠢᠷᠭᠡᠨ ᠦ ᠤᠷᠠᠨ ᠳᠠᠶᠢᠳᠠᠬᠤᠯ ᠰᠠᠬᠣᠷᠢ ᠦᠬᠦᠪᠡᠰᠦ ᠡᠮ᠎ᠡ ᠢᠨᠤ ᠪᠣᠲᠣᠬᠤᠢ ᠲᠠᠷᠭᠤᠨ ᠲᠦᠮᠡᠳ ᠢᠷᠭᠡᠨ ᠢ ᠮᠡᠳᠡᠵᠦ ᠠᠵᠤᠬᠤ ᠪᠣᠷᠣᠬᠤᠯ ᠨᠣᠶᠠᠨ ᠬᠦᠷᠴᠦ ᠭᠤᠷᠪᠠᠨ ᠠᠷᠠᠨ ᠶᠡᠬᠡ ᠴᠢᠷᠢᠭ ᠦᠨ ᠤᠷᠢᠳᠠ ᠶᠠᠪᠤᠷ᠎ᠠ ᠣᠳᠴᠤ ᠦᠳᠡ ᠵᠢᠯᠳᠡᠨ ᠤᠬᠠᠮᠰᠠᠷ ᠪᠡᠷᠬᠡ ᠣᠢ ᠳᠤᠷ ᠣᠷᠣᠮ ᠢᠶᠠᠷ ᠶᠠᠪᠤᠬᠤᠨ ᠶᠠᠪᠤᠨ ᠪᠣᠯᠤᠨ ᠠᠲᠠᠯᠠ ᠬᠠᠷᠠᠭᠤᠯ ᠢᠨᠤ ᠬᠣᠷᠢᠭᠠᠳ ᠭᠡᠨᠡᠳᠲᠡ ᠲᠠᠷᠤᠮᠲᠠᠲᠠᠵᠤ ᠣᠷᠣᠨ ᠪᠠᠭᠤᠵᠤ ᠪᠣᠷᠣᠬᠤᠯ ᠨᠣᠶᠠᠨ ᠢ ᠪᠠᠷᠢᠵᠤ ᠠᠯᠠᠵᠤᠬᠤ
ülü sirkiyen ülü jobaγan öljei=tü oi=yin irgen=i oroγulju irebe či irgen čimada ögsü kemen jarliγ bolba boγda Činggis-qaγan Sečeyiken-aqai=yi Oyirad=un Inalči=ta ögčü egüsgeküi=dür Boγorči-noyan=i soyo kemebesü Boγorči-noyan soyor=un Sečeyiken-aqai sonos qaγan ečige činu čimayi ökin törögsen=ü tulada Oyirad irgen=i daruγulun nutuγlaba erte bosču oroi kebten öber=eče yekes qadumud=iyan , egüri γadan=a büü bayilγ=a edür šöni nigen sedkil=iyer qataγuji aman=u uqaγan bilig=iyen toγtaγa alan=u burtaγ=iyan qadaγala ese suruγsan maγu=yi ende talbiju od surqu=yin sayin=i abuγad od Oyirad irgen=iyen selbin qolban soyodqun soyoγsan ajuqu # basa Boroqul-noyan=i Qori-Tümed irgen=tür čuγurlaγulba (čirig mordaγulba) Tümed irgen=ü uran Dayidaqul-Saqori ükübesü em=e inu Botoqui-Tarγun Tümed irgen=i medejü ajuqu Boroqul-noyan kürčü γurban aran yeke čirig=ün urida yabur=a odču üde jilden uqamsar berke oi=dur orom=iyar yabuqun (yabun) bolun (atala) qaraγul inu qoriγad (genedte) tarumtataju oron baγuju Boroqul-noyan=i bariju alajuqu
88a
ᠲᠦᠮᠡᠳ ᠢᠷᠭᠡᠨ ᠪᠣᠷᠣᠬᠤᠯ ᠢ ᠠᠯᠠᠪᠠ ᠬᠡᠮᠡᠨ ᠮᠡᠳᠡᠵᠦ ᠪᠣᠭᠳᠠ ᠴᠢᠩᠭᠢᠰ ᠬᠠᠭᠠᠨ ᠮᠠᠰᠢ ᠬᠢᠯᠢᠩᠯᠡᠵᠦ ᠥᠪᠡᠰᠦᠪᠡᠨ ᠮᠣᠷᠢᠯᠠᠨ ᠲᠤᠭᠤᠷᠪᠢᠪᠠᠰᠤ ᠪᠣᠭᠣᠷᠴᠢ ᠮᠤᠬᠠᠯᠢ ᠬᠣᠶᠠᠷ ᠪᠠᠶᠢᠯᠭᠠᠨ ᠢᠳᠬᠠᠪᠠᠰᠤ ᠵᠢᠴᠢ ᠳᠥᠷᠪᠡᠳᠡᠢ ᠳᠥᠷᠪᠡᠢ ᠲᠦᠨᠡᠰᠢᠨ ᠢ ᠲᠦᠰᠢᠵᠦ ᠢᠯᠡᠭᠡᠷᠦᠨ ᠴᠢᠷᠢᠭ ᠬᠠᠲᠠᠭᠤᠨ᠎ᠠ ᠵᠠᠰᠠᠵᠤ ᠮᠥᠩᠬᠡ ᠲᠩᠷᠢ ᠶᠢ ᠵᠠᠯᠪᠠᠷᠢᠵᠤ ᠲᠦᠮᠡᠳ ᠢᠷᠭᠡᠨ ᠢ ᠣᠷᠣᠭᠤᠯᠤᠨ ᠰᠣᠷᠢ ᠬᠡᠮᠡᠨ ᠵᠠᠷᠯᠢᠭ ᠪᠣᠯᠪᠠ ᠳᠥᠷᠪᠡᠢ ᠴᠢᠷᠢᠭ ᠵᠠᠰᠠᠷ ᠤᠨ ᠤᠷᠢᠳᠠ ᠴᠢᠷᠢᠭ ᠦᠳ ᠶᠠᠪᠤᠬᠤ ᠬᠠᠷᠠᠭᠤᠯ ᠤᠨ ᠰᠠᠭᠤᠬᠤ ᠮᠥᠷ ᠣᠷᠣᠮ ᠰᠤᠪᠠᠭ ᠲᠤᠷ ᠣᠭᠲᠠᠷᠬᠤ ᠢᠪᠡᠭᠡᠯ ᠰᠠᠬᠢᠭᠤᠯᠵᠤ ᠤᠯᠠᠭᠠᠨ ᠪᠤᠬ ᠠ ᠶᠢᠨ ᠶᠠᠪᠤᠭᠰᠠᠨ ᠮᠥᠷ ᠢᠶᠡᠷ ᠴᠢᠷᠢᠭ ᠦᠳ ᠵᠠᠰᠠᠭᠤᠯᠤᠷ ᠤᠨ ᠲᠣᠭ ᠠ ᠲᠤ ᠬᠦᠮᠦᠨ ᠢᠷᠦᠬᠡᠨ ᠵᠢᠷᠦᠬᠡᠨ ᠶᠠᠳᠠᠪᠠᠰᠤ ᠨᠢᠰᠢᠬᠤᠶ᠎ᠠ ᠡᠷ ᠡ ᠲᠦᠷ ᠠᠷᠪᠠᠨ ᠮᠥᠰᠦᠳ ᠡᠷᠭᠦᠭᠦᠯᠵᠦ ᠰᠦᠬᠡ ᠣᠯᠢ ᠬᠢᠷᠦᠭᠡ ᠴᠦᠭᠦᠴᠢ ᠡᠷᠡ ᠶᠢᠨ ᠵᠡᠷ ᠵᠡᠪᠰᠡᠭ ᠵᠠᠰᠠᠭᠤᠯᠵᠤ ᠤᠯᠠᠭᠠᠨ ᠪᠤᠬ ᠠ ᠶᠢᠨ ᠶᠠᠪᠤᠭᠰᠠᠨ ᠮᠥᠷ ᠳᠦᠷ ᠪᠠᠶᠢᠭᠰᠠᠨ ᠮᠣᠳᠤᠨ ᠢ ᠣᠭᠲᠠᠯ ᠤᠨ ᠴᠠᠪᠴᠢᠵᠤ ᠬᠢᠷᠦᠭᠡᠳᠡᠭᠦᠯᠵᠦ ᠮᠥᠷ ᠪᠣᠯᠭᠠᠵᠤ ᠠᠭᠤᠯᠠᠨ ᠳᠡᠭᠡᠷᠡ ᠭᠠᠷᠪᠠᠰᠤ ᠲᠦᠮᠡᠳ ᠢᠷᠭᠡᠨ ᠦ ᠡᠷᠦᠬᠡ ᠳᠡᠭᠡᠷᠡ ᠡᠴᠡ ᠭᠡᠷᠦᠳ ᠲᠦᠷ ᠬᠤᠷᠢᠮᠯᠠᠨ ᠰᠠᠭᠤᠬᠤᠢ ᠳᠤᠷ ᠳᠠᠤᠯᠢᠪᠠᠢ ᠳᠣᠪᠲᠣᠯᠪᠠᠢ ᠤᠷᠢᠳᠠ ᠬᠣᠷᠴᠢ ᠨᠣᠶᠠᠨ ᠬᠤᠲᠤᠭ ᠠ ᠪᠡᠬᠢ ᠬᠣᠶᠠᠷ ᠲᠦᠮᠡᠳ᠎ᠡ ᠪᠠᠷᠢᠭᠳᠠᠵᠤ ᠪᠣᠲᠣᠬᠤᠢ ᠲᠠᠷᠭᠤᠨ ᠳᠤᠷ ᠠᠵᠤᠬᠤ ᠬᠣᠷᠴᠢ ᠶᠢᠨ ᠪᠠᠷᠢᠭᠳᠠᠬᠤ ᠶᠣᠰᠤᠨ ᠲᠦᠮᠡᠳ ᠢᠷᠭᠡᠨ ᠦ ᠥᠬᠢᠨ ᠭᠣᠭᠠᠰ ᠲᠠ ᠭᠤᠴᠢᠨ ᠡᠮ᠎ᠡ ᠠᠪᠲᠤᠭᠠᠢ ᠬᠡᠮᠡᠨ ᠵᠠᠷᠯᠢᠭ ᠪᠣᠯᠤᠭᠰᠠᠨ ᠲᠤᠷ ᠲᠦᠮᠡᠳ ᠢᠷᠭᠡᠨ ᠲᠦᠷ ᠥᠬᠢᠨ ᠠᠪᠬᠤ ᠬᠡᠮᠡᠨ
Tümed irgen Boroqul=i alaba kemen medejü boγda Činggis-qaγan masi kilinglejü öbesüben morilan tuγurbibasu Boγorči Muqali qoyar bayilγan idqabasu , Jiči Dörbedei Dörbei-Tünesin=i tüsijü ilegerün čirig qataγun=a jasaju möngke tngri=yi jalbariju Tümed irgen=i oroγulun sori kemen jarliγ bolba Dörbei čirig jasar=un urida čirig=üd yabuqu qaraγul=un saγuqu mör orom subaγ=tur oγtarqu ibegel sakiγulju ulaγan buq=a=yin yabuγsan mör=iyer čirig=üd jasaγulur=un toγ=a=tu kümün irüken <jirüken> yadabasu nisiquy=a er=e=tür arban mösüd ergügüljü süke oli kirüge čügüči ere=yin jer jebseg jasaγulju ulaγan buq=a=yin yabuγsan mör=dür bayiγsan modun=i oγtal=un čabčiju kirügedegüljü mör bolγaju aγulan degere γarbasu Tümed irgen=ü erüke degere=eče gerüd=tür qurimlan saγuqui=dur daulibai (dobtolbai) urida Qorči-noyan Qutuγ=a-beki qoyar tümed=e bariγdaju Botoqui-Tarγun=dur ajuqu Qorči=yin bariγdaqu yosun Tümed irgen=ü ökin γoγas=ta γučin em=e abtuγai kemen jarliγ boluγsan=tur Tümed irgen=tür ökin abqu kemen
88b
ᠣᠳᠬᠤ ᠪᠣᠯᠤᠨ ᠤᠷᠢᠳᠠ ᠢᠯᠡᠨᠡᠭᠰᠡᠳ ᠡᠶᠡᠳᠦᠭᠰᠡᠳ ᠢᠷᠭᠡᠨ ᠵᠢᠴᠢ ᠪᠤᠯᠬ᠎ᠠ ᠳᠠᠶᠢᠰᠤᠨ ᠪᠣᠯᠵᠤ ᠬᠣᠷᠴᠢ ᠨᠣᠶᠠᠨ ᠢ ᠪᠠᠷᠢᠵᠤᠬᠤ ᠬᠣᠷᠴᠢ ᠲᠦᠮᠡᠳ᠎ᠡ ᠪᠠᠷᠢᠭᠳᠠᠵᠤᠬᠤ ᠬᠡᠮᠡᠨ ᠪᠣᠭᠳᠠ ᠴᠢᠩᠭᠢᠰ ᠬᠠᠭᠠᠨ ᠮᠡᠳᠡᠵᠦ ᠣᠢ ᠶᠢᠨ ᠢᠷᠭᠡᠨ ᠦ ᠶᠠᠪᠤᠳᠠᠯ ᠬᠤᠲᠤᠭ᠎ᠠ ᠮᠡᠳᠡᠵᠦ ᠵ᠎ᠠ ᠬᠡᠮᠡᠵᠦ ᠢᠯᠡᠭᠡᠪᠡᠰᠦ ᠬᠤᠲᠤᠭ ᠠ ᠪᠡᠬᠢ ᠪᠠᠰᠠ ᠪᠠᠷᠢᠭᠳᠠᠵᠤᠬᠤ ᠲᠦᠮᠡᠳ ᠢᠷᠭᠡᠨ ᠢ ᠣᠷᠣᠭᠤᠯᠤᠨ ᠪᠠᠷᠠᠪᠠᠰᠤ ᠪᠣᠷᠣᠬᠤᠯ ᠤᠨ ᠶᠠᠰᠤᠨ ᠤ ᠲᠤᠯᠠ ᠵᠠᠭᠤᠨ ᠲᠦᠮᠡᠳ ᠢ ᠥᠭᠪᠡ ᠬᠣᠷᠴᠢ ᠲᠤᠷ ᠭᠤᠴᠢᠨ ᠥᠬᠢᠨ ᠥᠭᠪᠡ ᠬᠤᠲᠤᠭ ᠠ ᠪᠡᠬᠢ ᠲᠡ ᠪᠣᠲᠣᠬᠤᠢ ᠲᠠᠷᠭᠤᠨ ᠢ ᠥᠭᠪᠡ ᠪᠠᠰᠠ ᠡᠩᠭᠦᠳ ᠦᠨ ᠤᠷᠠᠨ ᠴᠡᠩᠭᠦᠢ ᠭᠤᠴᠢᠨ ᠨᠢᠭᠡᠨ ᠣᠲᠣᠭ ᠢ ᠠᠪᠴᠤ ᠤᠨᠠᠬᠤ ᠨᠠᠷᠠᠨ ᠤ ᠬᠣᠶᠢᠭᠤᠷ ᠬᠠᠷᠢ ᠪᠣᠯᠤᠮ ᠭᠡᠵᠦ ᠡᠴᠢᠪᠡᠢ ᠡᠵᠡᠨ ᠬᠠᠰᠠᠷ ᠬᠣᠶᠠᠷ ᠨᠡᠬᠡᠵᠦ ᠭᠦᠶᠢᠴᠡᠪᠡᠢ ᠲᠡᠭᠦᠨ ᠲᠦᠷ ᠡᠵᠡᠨ ᠦ ᠰᠠᠶᠢᠨ ᠰᠠᠮᠤᠵᠢᠨ ᠢ ᠬᠠᠰᠠᠷ ᠤᠨᠤᠵᠤ ᠬᠥᠪᠡᠭᠦᠨ ᠢᠶᠡᠨ ᠲᠣᠭᠲᠣᠩᠭ ᠠ ᠪᠠᠭᠠᠲᠤᠷ ᠢ ᠤᠳᠤᠷᠢᠳᠳᠤᠨ ᠬᠣᠰᠢᠭᠤᠯᠠᠵᠤ ᠰᠠᠮᠤᠵᠢᠨ ᠢ ᠴᠢᠰᠤᠨ ᠵᠡᠭᠡᠷᠳᠡ ᠪᠣᠯᠲᠠᠯᠠ ᠤᠷᠤᠯᠳᠤᠵᠤ ᠳᠠᠷᠤᠭᠠᠳ ᠠᠪᠴᠤ ᠢᠷᠡᠪᠡᠢ ᠬᠠᠰᠠᠷ ᠪᠤᠮᠪᠤᠯ ᠤᠨ ᠨᠡᠷᠡᠲᠦ ᠡᠮ ᠡ ᠶᠢ ᠱᠠᠩ ᠠᠪᠤᠪᠠᠢ ᠲᠡᠭᠦᠨ ᠦ ᠬᠣᠶᠢᠨᠠ ᠤᠷᠠᠨ ᠴᠢᠩᠭᠦᠢ ᠬᠤᠪᠢᠯᠭᠠᠨ ᠰᠡᠴᠡᠨ ᠬᠠᠭᠠᠨ ᠲᠤ ᠰᠢᠯ ᠰᠤᠪᠤᠷᠭ᠎ᠠ ᠬᠦᠷᠭᠡᠭᠰᠡᠨ ᠲᠦᠷ ᠨᠠᠯ ᠠᠯᠲᠠᠨ ᠨᠡᠷᠡᠲᠦ ᠥᠬᠢᠨ ᠢᠶᠡᠨ ᠥᠭᠪᠡᠢ ᠠᠯᠲᠠᠨ ᠭᠤᠷᠭᠤᠯᠳᠠᠢ ᠨᠡᠷᠡᠲᠦ ᠥᠬᠢᠨ ᠢᠶᠡᠨ ᠰᠣᠯᠣᠩᠭᠤᠳ ᠤᠨ ᠨᠠᠷᠢᠨ ᠬᠠᠭᠠᠨ ᠲᠤᠷ ᠥᠭᠪᠡᠢ ᠭᠡᠬᠦ ᠪᠣᠭᠳᠠᠨ ᠡᠵᠡᠨ ᠦ ᠳᠥᠷᠪᠡᠨ ᠳᠡᠭᠦᠦ ᠠᠨᠤ ᠬᠠᠰᠠᠷ ᠪᠡᠯᠭᠡᠲᠡᠢ ᠣᠴᠢᠭᠤ ᠬᠠᠴᠢᠭᠤ ᠪᠤᠶᠤ ᠪᠥᠲᠡᠭᠡᠯᠵᠢᠨ ᠭᠣᠤ᠎ᠠ ᠬᠠᠲᠤᠨ ᠠᠴᠠ ᠵᠥᠴᠢ
odqu bolun urida ilenegsed (eyedügsed) irgen jiči bulq=a (dayisun) bolju Qorči-noyan=i barijuqu Qorči-Tümed=e bariγdajuqu kemen boγda Činggis-qaγan medejü oi=yin irgen=ü yabudal Qutuγ=a medejü j=a kemejü ilegebesü Qutuγ=a-beki basa bariγdajuqu Tümed irgen=i oroγulun barabasu Boroqul=un yasun=u tula jaγun tümed=i ögbe Qorči=tur γučin ökin ögbe Qutuγ=a-beki=te Botoqui-Tarγun=i ögbe # basa Enggüd=ün Uran-Čenggüi γučin nigen otoγ=i abču unaqu naran=u qoyiγur qari bolum gejü ečibei ejen Qasar qoyar nekejü güyičebei tegün=tür ejen=ü sayin samujin=i Qasar unuju köbegün=iyen Toγtongγ=a-baγatur=i uduriddun qosiγulaju samujin=i čisun jegerde boltala urulduju daruγad abču irebei Qasar Bumbul=un neretü em=e=yi šang abubai # tegün=ü qoyina Uran-Činggüi Qubilγan-Sečen-qaγan=tu sil suburγ=a kürgegsen=tür Nal-Altan neretü ökin=iyen ögbei Altan-Γurγuldai neretü ökin=iyen Solongγud=un Narin-qaγan=tur ögbei gekü # Boγdan-Ejen=ü dörben degüü anu Qasar , Belgetei , Očiγu , Qačiγu buyu Bötegeljin-Γou=a qatun=ača Jöči ,
89a
ᠴᠠᠭᠠᠳᠠᠢ ᠥᠭᠡᠳᠡᠢ ᠲᠣᠯᠤᠢ ᠬᠡᠮᠡᠬᠦ ᠳᠥᠷᠪᠡᠨ ᠬᠥᠪᠡᠭᠦᠨ ᠪᠤᠶᠤ ᠪᠠᠰᠠ ᠠᠯᠠᠬ ᠠ ᠪᠡᠬᠢ ᠢᠯᠭᠠᠲᠤᠨ ᠪᠡᠬᠢ ᠰᠡᠴᠡᠶᠢᠬᠡᠨ ᠬᠡᠮᠡᠬᠦ ᠭᠤᠷᠪᠠᠨ ᠭᠦᠩᠵᠦ ᠪᠥᠯᠦᠭᠡ ᠬᠤᠯᠠᠨ ᠬᠠᠲᠤᠨ ᠠᠴᠠ ᠬᠦᠯᠦᠭᠡ ᠭᠦᠩᠵᠦ ᠶᠢᠰᠦᠢ ᠬᠠᠲᠤᠨ ᠠᠴᠠ ᠶᠦᠴᠢᠪᠡᠢ ᠭᠦᠩᠵᠦ ᠪᠤᠶᠤ ᠶᠢᠰᠦᠭᠡᠨ ᠬᠠᠲᠤᠨ ᠠᠴᠠ ᠬᠠᠷᠠᠴᠠᠷ ᠬᠠᠷᠭᠠᠳᠤ ᠴᠠᠬᠤᠷ ᠡᠳᠡ ᠭᠤᠷᠪᠠᠨ ᠪᠥᠯᠦᠭᠡ ᠰᠣᠳᠤ ᠪᠣᠭᠳᠠ ᠴᠢᠩᠭᠢᠰ ᠬᠠᠭᠠᠨ ᠵᠠᠷᠯᠢᠭ ᠪᠣᠯᠵᠤ ᠡᠬᠡ ᠳᠡ ᠬᠥᠪᠡᠭᠦᠳ᠎ᠡ ᠳᠡᠭᠦᠦ ᠨᠡᠷ᠎ᠡ ᠢᠷᠭᠡᠨ ᠤᠯᠤᠰ ᠥᠮᠴᠢ ᠥᠭᠭᠥᠶ᠎ᠡ ᠬᠡᠮᠡᠨ ᠥᠭᠭᠥᠷ ᠦᠨ ᠤᠯᠤᠰ ᠬᠤᠷᠢᠶᠠᠨ ᠶᠠᠪᠤᠭᠰᠠᠨ ᠡᠬᠡ ᠪᠤᠢ ᠵ᠎ᠠ ᠬᠥᠪᠡᠭᠦᠨ ᠦ ᠮᠢᠨᠤ ᠠᠬ᠎ᠠ ᠵᠥᠴᠢ ᠪᠤᠢ ᠵ᠎ᠠ ᠳᠡᠭᠦᠦ ᠨᠡᠷ ᠦᠨ ᠮᠢᠨᠤ ᠨᠢᠯᠬ᠎ᠠ ᠣᠳᠴᠢᠭᠡᠨ ᠪᠤᠢ ᠵ᠎ᠠ ᠬᠡᠮᠡᠵᠦ ᠡᠬᠡ ᠳᠡ ᠣᠳᠴᠢᠭᠡᠨ ᠤ ᠬᠤᠪᠢ ᠯᠤᠭ᠎ᠠ ᠲᠦᠮᠡᠨ ᠢᠷᠭᠡᠨ ᠢ ᠡᠬᠡ ᠣᠳᠬᠠᠨ ᠳᠡᠭᠦᠦ ᠬᠣᠶᠠᠷ ᠥᠭᠪᠡ ᠡᠬᠡ ᠴᠢᠮᠠᠳᠴᠤ ᠴᠢᠮᠠᠯᠠᠵᠤ ᠡᠰᠡ ᠳᠣᠩᠭᠣᠳᠪᠠ ᠵᠥᠴᠢ ᠳᠡ ᠶᠢᠰᠦᠨ ᠮᠢᠩᠭᠠᠨ ᠢᠷᠭᠡᠨ ᠥᠭᠪᠡ ᠴᠠᠭᠠᠳᠠᠢ᠎ᠠ ᠨᠠᠢᠮᠠᠨ ᠮᠢᠩᠭᠠᠨ ᠢᠷᠭᠡᠨ ᠥᠭᠪᠡ ᠥᠭᠡᠳᠡᠶ᠎ᠡ ᠲᠠᠪᠤᠨ ᠮᠢᠩᠭᠠᠨ ᠢᠷᠭᠡᠨ ᠥᠭᠪᠡ ᠲᠤᠯᠤᠶ᠎ᠠ ᠲᠠᠪᠤᠨ ᠮᠢᠩᠭᠠᠨ ᠢᠷᠭᠡᠨ ᠥᠭᠪᠡ ᠬᠠᠰᠠᠷ᠎ᠠ ᠳᠥᠷᠪᠡᠨ ᠮᠢᠩᠭᠠᠨ ᠢᠷᠭᠡᠨ ᠥᠭᠪᠡ ᠠᠯᠴᠢᠳᠠᠢ᠎ᠠ ᠬᠣᠶᠠᠷ ᠮᠢᠩᠭᠠᠨ ᠢᠷᠭᠡᠨ ᠥᠭᠪᠡ ᠪᠡᠯᠭᠡᠲᠡᠢ᠎ᠡ ᠨᠢᠭᠡᠨ ᠮᠢᠩᠭᠠᠨ ᠲᠠᠪᠤᠨ ᠵᠠᠭᠤᠨ ᠢᠷᠭᠡᠨ ᠥᠭᠪᠡ ᠳᠠᠷᠢᠳᠠᠢ᠎ᠠ ᠬᠡᠷᠡᠶᠢᠳ ᠯᠦᠭᠡ ᠪᠣᠯᠤᠯᠴᠢᠪᠠ ᠬᠡᠮᠡᠨ ᠨᠢᠳᠦᠨ ᠦ ᠡᠴᠢᠨ᠎ᠡ ᠡᠴᠦᠳᠬᠡᠶ᠎ᠡ ᠬᠡᠮᠡᠪᠡᠰᠦ ᠪᠣᠭᠣᠷᠴᠢ ᠮᠤᠬᠠᠯᠢ ᠰᠢᠬᠢ ᠬᠤᠲᠤᠭ ᠭᠤᠷᠪᠠᠭᠤᠯᠠ ᠳᠤᠷᠠᠳᠬᠠᠷ ᠤᠨ
Čaγadai , Ögedei , Tolui kemekü dörben köbegün buyu basa Alaq=a-beki , Ilγatun-beki , Sečeyiken kemekü γurban güngjü bölüge Qulan-qatun=ača Külüge-güngjü Yisüi-qatun=ača Yüčibei-güngjü buyu Yisügen-qatun=ača Qaračar , Qarγadu Čaqur ede γurban bölüge # sodu boγda Činggis-qaγan jarliγ bolju eke=de köbegüd=e degüü=ner=e irgen ulus ömči öggöy=e kemen öggör=ün ulus quriyan yabuγsan eke bui j=a köbegün=ü minu aq=a Jöči bui j=a degüü=ner=ün minu nilq=a Odčigen bui j=a kemejü eke=de Odčigen=u qubi=luγ=a tümen irgen=i eke odqan degüü qoyar ögbe eke čimadču <čimalaju> ese dongγodba Jöči=de yisün mingγan irgen ögbe Čaγadai=a naiman mingγan irgen ögbe Ögedey=e tabun mingγan irgen ögbe Tuluy=a tabun mingγan irgen ögbe Qasar=a dörben mingγan irgen ögbe Alčidai=a qoyar mingγan irgen ögbe Belgetei=e nigen mingγan tabun jaγun irgen ögbe Daridai=a Kereyid=lüge bolulčiba kemen nidün=ü ečin=e ečüdkey=e kemebesü Boγorči Muqali Siki-Qutuγ γurbaγula duradqar=un
89b
ᠭᠠᠯ ᠢᠶᠠᠨ ᠰᠥᠨᠦᠭᠡᠬᠦ ᠮᠡᠲᠦ ᠥᠪᠡᠷ ᠦᠨ ᠭᠡᠷ ᠢᠶᠡᠨ ᠡᠪᠳᠡᠬᠦ ᠮᠡᠲᠦ ᠰᠠᠶᠢᠨ ᠡᠴᠢᠭᠡ ᠶᠢᠨ ᠴᠢᠨᠤ ᠭᠡᠷᠢᠶᠡᠰ ᠠᠪᠠᠭ᠎ᠠ ᠴᠢᠨᠤ ᠬᠣᠴᠣᠷᠴᠤ ᠠᠮᠤ ᠬᠡᠷ ᠲᠡᠪᠴᠢᠬᠦ ᠡᠰᠡ ᠤᠬᠠᠭᠰᠠᠨ ᠲᠤᠷ ᠪᠦᠲᠦᠭᠡᠢ ᠪᠠᠷᠢᠲᠤᠭᠠᠢ ᠰᠠᠶᠢᠨ ᠡᠴᠢᠭᠡ ᠶᠢᠨ ᠴᠢᠨᠤ ᠨᠢᠯᠬ᠎ᠠ ᠨᠤᠲᠤᠭ ᠭᠢᠨᠢ ᠪᠤᠲᠠᠷᠠᠭᠤᠯᠴᠠᠵᠤ ᠠᠲᠤᠭᠠᠢ ᠬᠡᠮᠡᠭᠳᠡᠵᠦ ᠬᠠᠪᠠᠷ ᠠᠴᠠ ᠥᠨᠢ ᠰᠡᠩᠭᠡᠲᠡᠯᠡ ᠬᠠᠭᠠᠨ ᠬᠡᠯᠡᠯᠡᠭᠳᠡᠵᠦ ᠵ᠎ᠠ ᠲᠡᠯᠢ ᠬᠡᠮᠡᠨ ᠰᠠᠶᠢᠨ ᠡᠴᠢᠭᠡ ᠶᠢ ᠰᠡᠳᠬᠢᠵᠦ ᠪᠣᠭᠣᠷᠴᠢ ᠮᠤᠬᠠᠯᠢ ᠰᠢᠬᠢ ᠬᠤᠲᠤᠭ ᠡᠳᠡ ᠭᠤᠷᠪᠠᠨ ᠤ ᠬᠡᠯᠡᠨ ᠲᠦᠷ ᠠᠮᠤᠷᠯᠢᠪᠠ ᠵ᠎ᠠ ᠡᠬᠡ ᠳᠡ ᠣᠳᠴᠢᠭᠡᠨ᠎ᠡ ᠲᠦᠮᠡᠨ ᠢᠷᠭᠡᠨ ᠥᠭᠴᠦ ᠨᠣᠶᠠᠳ ᠠᠴᠠ ᠬᠦᠴᠦ ᠬᠥᠬᠡᠴᠦ ᠵᠣᠩᠬᠣᠷ ᠬᠣᠷᠭᠠᠰᠠᠳ ᠳᠥᠷᠪᠡᠨ ᠢ ᠲᠦᠰᠢᠪᠡ ᠥᠭᠪᠡ ᠵᠥᠴᠢ ᠳᠡ ᠬᠤᠨᠠ ᠮᠥᠩᠬᠦᠷ ᠬᠡᠲᠡ ᠭᠤᠷᠪᠠᠨ ᠢ ᠲᠦᠰᠢᠪᠡ ᠴᠢᠭᠠᠳᠠᠢ ᠲᠤᠷ ᠬᠠᠷᠠᠴᠠᠷ ᠮᠥᠩᠬᠡ ᠢᠨᠳᠤᠭᠲᠠᠢ ᠭᠤᠷᠪᠠᠨ ᠢ ᠲᠦᠰᠢᠪᠡ ᠪᠠᠰᠠ ᠵᠠᠷᠯᠢᠭ ᠪᠣᠯᠤᠷᠤᠨ ᠴᠠᠭᠠᠳᠠᠢ ᠬᠡᠴᠢᠭᠦ ᠪᠤᠶᠤ ᠬᠥᠬᠡ ᠴᠣᠰ ᠦᠳᠡ ᠮᠠᠨᠠᠭᠠᠷ ᠳᠡᠷᠭᠡᠳᠡ ᠠᠵᠤ ᠰᠡᠳᠬᠢᠭᠰᠡᠨ ᠢᠶᠡᠨ ᠬᠡᠯᠡᠨ ᠠᠲᠤᠭᠠᠢ ᠬᠡᠮᠡᠨ ᠵᠠᠷᠯᠢᠭ ᠪᠣᠯᠪᠠ ᠥᠭᠡᠳᠡᠢ ᠲᠦᠷ ᠢᠯᠦᠭᠡ ᠳᠡᠭᠡᠢ ᠬᠣᠶᠠᠷ ᠢ ᠲᠦᠰᠢᠪᠡ ᠲᠣᠯᠤᠢ ᠲᠤᠷ ᠵᠡᠳᠡᠢ ᠪᠠᠯᠠ ᠬᠣᠶᠠᠷ ᠢ ᠲᠦᠰᠢᠪᠡ ᠬᠠᠰᠠᠷ ᠲᠤᠷ ᠵᠡᠪᠡᠭᠡ ᠢ ᠲᠦᠰᠢᠪᠡ ᠠᠯᠴᠢᠳᠠᠢ ᠲᠤᠷ ᠴᠠᠬᠤᠷᠬᠠᠢ ᠢ ᠲᠦᠰᠢᠪᠡ ᠰᠣᠳᠤ ᠪᠣᠭᠳᠠ ᠴᠢᠩᠭᠢᠰ ᠬᠠᠭᠠᠨ ᠳᠥᠷᠪᠡᠨ ᠬᠥᠪᠡᠭᠦᠳ ᠢᠶᠡᠨ ᠰᠣᠶᠣᠨ ᠵᠠᠷᠯᠢᠭ ᠪᠣᠯᠤᠷᠤᠨ ᠥᠨᠳᠥᠷ ᠠᠭᠤᠯᠠ ᠶᠢᠨ ᠬᠥᠲᠡᠯ ᠵᠣᠷᠢ ᠥᠷᠭᠡᠨ ᠳᠠᠯᠠᠢ ᠶᠢᠨ ᠣᠯᠣᠮ ᠵᠣᠷᠢ ᠬᠣᠯᠠ ᠬᠡᠮᠡᠨ ᠪᠦᠦ ᠴᠥᠬᠡ ᠶᠠᠪᠤᠪᠠᠰᠤ
γal=iyan sönügekü metü öber=ün ger=iyen ebdekü metü sayin ečige=yin činu geriyes abaγ=a činu qočorču amu ker tebčikü ese uqaγsan=tur bütügei (barituγai) sayin ečige=yin činu nilq=a nutuγ=gini butaraγulčaju atuγai kemegdejü qabar=ača öni senggetele qaγan kelelegdejü j=a teli kemen sayin ečige=yi sedkijü Boγorči Muqali Siki-Qutuγ ede γurban=u kelen=tür amurliba j=a eke=de Odčigen=e tümen irgen ögčü noyad=ača Küčü Kökečü , Jongqor Qorγasad dörben=i tüsibe (ögbe) Jöči=de Quna Möngkür , Kete γurban=i tüsibe Čiγadai=tur Qaračar Möngke Induγtai , γurban=i tüsibe basa jarliγ bolurun Čaγadai kečigü buyu Köke-čos üde manaγar dergede aju sedkigsen=iyen kelen atuγai kemen jarliγ bolba Ögedei=tür Ilüge , Degei qoyar=i tüsibe Tolui=tur Jedei , Bala qoyar=i tüsibe Qasar=tur Jebege=i tüsibe Alčidai=tur Čaqurqai=i tüsibe # sodu boγda Činggis-qaγan dörben köbegüd=iyen soyon jarliγ bolurun öndör aγula=yin kötel jori örgen dalai=yin olom jori qola kemen büü čöke yabubasu
90a
ᠬᠦᠷᠦᠶᠦ ᠬᠦᠨᠳᠦ ᠬᠡᠮᠡᠨ ᠪᠦᠦ ᠴᠥᠬᠡ ᠥᠷᠭᠥᠪᠡᠰᠦ ᠳᠠᠭᠠᠭᠳᠠᠶᠤ ᠮᠢᠬ᠎ᠠ ᠢᠳᠡᠬᠦ ᠰᠢᠳᠦᠨ ᠠᠮᠠᠨ ᠲᠤᠷ ᠠᠶᠤ ᠬᠦᠮᠦᠨ ᠢᠳᠡᠬᠦ ᠰᠢᠳᠦᠨ ᠰᠡᠳᠬᠢᠯ ᠲᠦᠷ ᠠᠶᠤ ᠪᠡᠶ᠎ᠡ ᠪᠥᠬᠡ ᠪᠥᠭᠡᠰᠦ ᠭᠠᠭᠴᠠ ᠢ ᠢᠯᠠᠬᠤᠶᠤ ᠰᠡᠳᠬᠢᠯ ᠪᠥᠬᠡ ᠪᠥᠭᠡᠰᠦ ᠣᠯᠠᠨ ᠢ ᠢᠯᠠᠬᠤᠶᠤ ᠬᠡᠮᠡᠨ ᠵᠠᠷᠯᠢᠭ ᠪᠣᠯᠤᠭᠰᠠᠨ ᠠᠵᠤᠬᠤ ᠰᠣᠳᠤ ᠪᠣᠭᠳᠠ ᠴᠢᠩᠭᠢᠰ ᠬᠠᠭᠠᠨ ᠳᠥᠷᠪᠡᠨ ᠬᠦᠯᠦᠭ ᠦᠳ ᠢᠶᠡᠨ ᠰᠣᠶᠣᠨ ᠵᠠᠷᠯᠢᠭ ᠪᠣᠯᠤᠷᠤᠨ ᠭᠤᠷᠪᠠᠨ ᠮᠡᠷᠭᠡᠳ᠎ᠡ ᠠᠬᠤᠯᠳᠠᠵᠤ ᠪᠤᠷᠬᠠᠨ ᠬᠠᠯᠳᠤᠨ᠎ᠠ ᠳᠡᠭᠡᠷ᠎ᠡ ᠪᠤᠷᠤᠭᠤᠳ ᠤᠨ ᠭᠠᠷᠴᠤ ᠡᠮᠦᠨᠡ ᠡᠴᠡ ᠵᠢᠳᠬᠦᠭᠦᠯᠵᠦ ᠬᠣᠶᠢᠨᠠ ᠠᠴᠠᠭᠠᠨ ᠬᠣᠴᠣᠭᠤᠯᠵᠤ ᠠᠷᠤ ᠪᠠᠷᠢ ᠪᠣᠯᠤᠭᠰᠠᠨ ᠲᠤᠷ ᠮᠥᠩᠬᠡ ᠲᠩᠷᠢ ᠳᠡ ᠢᠪᠡᠭᠡᠭᠳᠡᠵᠦ ᠡᠭᠦᠳᠡᠨ ᠵᠢᠯᠣᠭ᠎ᠠ ᠨᠡᠭᠡᠵᠦ ᠡᠳᠡ ᠢᠷᠭᠡᠨ ᠢ ᠴᠢᠭᠤᠯᠭᠠᠵᠤ ᠲᠠ ᠪᠠᠷ ᠤᠷᠲᠤ ᠴᠢᠯᠪᠤᠷ᠎ᠠ ᠳᠠᠬᠢ ᠪᠠᠷᠢᠬᠤᠶ᠎ᠠ ᠠᠪᠬᠠᠢ ᠡᠭᠦᠳᠡᠨ ᠢ ᠨᠡᠭᠦᠬᠦᠶ᠎ᠡ ᠨᠢᠭᠡᠨ ᠬᠣᠶᠠᠷ ᠬᠦᠮᠦᠨ ᠲᠦ ᠪᠣᠯᠭᠠᠵᠤ ᠬᠠᠮᠤᠭ ᠤᠨ ᠬᠠᠭᠠᠨ ᠤᠯᠤᠰ ᠤᠨ ᠡᠵᠡᠨ ᠪᠣᠯᠪᠠᠢ ᠵ᠎ᠠ ᠪᠢ ᠮᠠᠨᠠᠭᠠᠷ ᠤᠨ ᠬᠣᠶᠢᠨᠠ ᠲᠠ ᠤᠷᠤᠭ ᠤᠳ ᠮᠢᠨᠤ ᠬᠠᠯᠲᠠᠷᠢᠴᠤ ᠣᠯᠤᠭᠰᠠᠨ ᠬᠠᠭᠠᠨ ᠨᠡᠷ ᠡ ᠶᠢ ᠮᠢᠨᠤ ᠬᠠᠶᠢᠷᠠᠯᠠᠨ ᠰᠠᠬᠢᠳᠬᠤᠨ ᠲᠣᠭᠣᠷᠢᠴᠤ ᠣᠯᠤᠭᠰᠠᠨ ᠲᠥᠭᠡᠷᠦᠬᠡᠢ ᠲᠥᠷᠥ ᠶᠢ ᠮᠢᠨᠤ ᠲᠥᠪᠰᠢᠨ᠎ᠡ ᠪᠡᠬᠢᠯᠡᠳᠬᠦᠨ ᠬᠡᠮᠡᠨ ᠵᠠᠷᠯᠢᠭ ᠪᠣᠯᠤᠭᠰᠠᠨ ᠠᠵᠤᠬᠤ ᠰᠣᠳᠤ ᠪᠣᠭᠳᠠ ᠴᠢᠩᠭᠢᠰ ᠬᠠᠭᠠᠨ ᠳᠥᠷᠪᠡᠨ ᠬᠥᠪᠡᠭᠦᠳ ᠢᠶᠡᠨ ᠰᠣᠶᠣᠨ ᠵᠠᠷᠯᠢᠭ ᠪᠣᠯᠤᠷᠤᠨ ᠤᠷᠭᠤᠬᠤᠢ ᠠᠴᠠ ᠰᠢᠩᠭᠡᠬᠦᠢ ᠲᠦᠷ ᠬᠦᠷᠲᠡᠯᠡ ᠤᠯᠤᠰ ᠢᠷᠭᠡᠨ ᠢ ᠬᠤᠷᠢᠶᠠᠵᠤ ᠶᠠᠪᠤᠵᠤ ᠡᠩ
kürüyü kündü kemen büü čöke örgöbesü daγaγdayu miq=a idekü sidün aman=tur ayu kümün idekü sidün sedkil=tür ayu bey=e böke bögesü γaγča=i ilaquyu sedkil böke bögesü olan=i ilaquyu kemen jarliγ boluγsan ajuqu # sodu boγda Činggis-qaγan dörben külüg=üd=iyen soyon jarliγ bolurun γurban Merged=e aquldaju Burqan-Qaldun=a deger=e buruγud=un γarču emüne=eče jidkügüljü qoyina=ačaγan qočoγulju aru bari boluγsan=tur möngke tngri=de ibegegdejü egüden jiloγ=a negejü ede irgen=i čiγulγaju ta=bar urtu čilbur=a daki bariquy=a abqai egüden=i negüküy=e nigen qoyar kümün=tü bolγaju qamuγ=un qaγan ulus=un ejen bolbai j=a bi manaγar=un qoyina ta uruγ=ud minu qaltariču oluγsan qaγan ner=e=yi minu qayiralan sakidqun toγoriču oluγsan tögerükei törö=yi minu töbsin=e bekiledkün kemen jarliγ boluγsan ajuqu # sodu boγda Činggis-qaγan dörben köbegüd=iyen soyon jarliγ bolurun urγuqui=ača singgeküi=tür kürtele ulus irgen=i quriyaju yabuju eng
90b
ᠣᠯᠠᠨ ᠪᠤᠰᠤ ᠡᠯᠢᠭᠡ ᠲᠦ ᠶᠢ ᠡᠯᠢᠭᠡ ᠶᠢ ᠨᠢᠭᠡᠳᠬᠡᠪᠡᠢ ᠵ᠎ᠠ ᠪᠢ ᠲᠤᠩ ᠪᠤᠰᠤ ᠲᠣᠯᠣᠭᠠᠢ ᠲᠤ ᠶᠢᠨ ᠲᠣᠯᠣᠭᠠᠢ ᠶᠢ ᠨᠢᠭᠡᠨ ᠪᠣᠯᠭᠠᠪᠠᠢ ᠵ᠎ᠠ ᠪᠢ ᠰᠡᠳᠬᠢᠯ ᠮᠠᠭᠤ ᠲᠠᠨ ᠤᠶᠢᠳᠬᠤ ᠲᠡᠳᠡ ᠣᠢ ᠮᠠᠭᠤ ᠲᠠᠨ ᠴᠢᠯᠡᠬᠦᠨ ᠲᠡᠳᠡ ᠤᠷᠤᠭ ᠤᠳ ᠮᠢᠨᠤ ᠲᠠ ᠣᠶᠢᠨ ᠲᠠᠭᠠᠨ ᠦᠯᠦ ᠤᠶᠢᠳ ᠤᠨ ᠰᠡᠳᠬᠢᠯ ᠲᠡᠭᠡᠨ ᠦᠯᠦ ᠴᠢᠯᠡᠨ ᠬᠠᠲᠠᠭᠤᠵᠢᠳᠬᠤᠨ ᠬᠡᠮᠡᠭᠰᠡᠨ ᠠᠵᠤᠬᠤ ᠪᠠᠰᠠ ᠳᠡᠭᠦᠦ ᠨᠡᠷ ᠬᠥᠪᠡᠭᠦᠳ ᠢᠶᠡᠨ ᠰᠣᠶᠣᠨ ᠵᠠᠷᠯᠢᠭ ᠪᠣᠯᠤᠷᠤᠨ ᠤᠷᠭᠤᠬᠤᠢ ᠠᠴᠠ ᠰᠢᠩᠭᠡᠬᠦᠢ ᠲᠦᠷ ᠬᠦᠷᠲᠡᠯᠡ ᠲᠩᠷᠢ ᠳᠡ ᠳᠡᠯᠡᠬᠡᠢ ᠶᠢ ᠲᠡᠭᠦᠰ ᠰᠣᠶᠣᠷᠬᠠᠭᠳᠠᠬᠤᠨ ᠪᠥᠭᠡᠲᠡᠯᠡ ᠲᠥᠷᠥ ᠶᠢ ᠲᠡᠳᠬᠦᠯᠳᠡᠬᠦ ᠳᠡᠭᠦᠦ ᠨᠡᠷ ᠬᠥᠪᠡᠭᠦᠳ ᠲᠥᠷᠥᠯᠳᠦᠵᠦ ᠤᠯᠤᠰ ᠵᠠᠰᠠᠯᠳᠠᠬᠤ ᠥᠲᠥᠭᠥᠰ ᠪᠤᠭᠤᠨ ᠥᠭᠳᠡᠵᠦ ᠬᠠᠮᠤᠭ ᠲᠥᠷᠥ ᠶᠢᠨ ᠭᠠᠳᠠᠰᠤᠨ ᠣᠯᠠᠨ ᠤᠯᠤᠰ ᠤᠨ ᠠᠷᠭᠠᠮᠵᠢ ᠪᠣᠯᠪᠠᠢ ᠵ᠎ᠠ ᠪᠢ ᠭᠠᠳᠠᠰᠤᠨ ᠪᠣᠯᠵᠤ ᠲᠥᠷᠥ ᠶᠢ ᠪᠡᠬᠢᠯᠡᠨ ᠰᠠᠬᠢᠵᠤ ᠠᠷᠭᠠᠮᠵᠢ ᠪᠣᠯᠵᠤ ᠤᠯᠤᠰ ᠢ ᠪᠠᠷᠢᠨ ᠬᠠᠲᠠᠭᠤᠵᠢᠰᠤ ᠳᠡᠭᠦᠦ ᠨᠡᠷ ᠬᠥᠪᠡᠭᠦᠳ ᠮᠢᠨᠤ ᠲᠠ ᠲᠥᠪ ᠢᠵᠠᠭᠤᠷ ᠢ ᠰᠠᠬᠢᠨ ᠲᠥᠷᠥ ᠶᠢᠨ ᠲᠤᠯᠠ ᠲᠥᠷᠢᠯᠳᠦᠨ ᠰᠣᠶᠣᠨ ᠬᠠᠲᠠᠭᠤᠵᠢᠳᠬᠤᠨ ᠥᠲᠡᠭᠦᠰ ᠨᠤᠭᠤᠳ ᠮᠢᠨᠤ ᠲᠠ ᠥᠪᠡᠷ ᠢᠶᠡᠨ ᠦᠯᠦ ᠰᠠᠨᠠᠨ ᠤᠯᠤᠰ ᠤᠨ ᠲᠤᠯᠠ ᠥᠭᠦᠯᠡᠨ ᠳᠤᠷᠠᠳᠬᠠᠨ ᠠᠭᠲᠤᠨ ᠠᠭᠳᠠᠬᠤᠢ ᠡᠷᠳᠡᠮ ᠲᠦ ᠪᠢᠯᠡᠭ ᠲᠦ ᠬᠦᠮᠦᠨ ᠢ ᠣᠯᠪᠠᠰᠤ ᠲᠠ ᠥᠪᠡᠷ ᠦᠨ ᠪᠡᠶ ᠡ ᠲᠡᠴᠡᠭᠡᠨ ᠬᠣᠯᠠ ᠦᠯᠦ ᠪᠣᠯᠭᠠᠭᠳᠠᠬᠤᠢ ᠬᠡᠷ ᠪᠡᠷ ᠡᠷᠳᠡᠮ ᠲᠦ ᠪᠢᠯᠡᠭ ᠲᠦ ᠶᠢ ᠣᠯᠪᠠᠰᠤ ᠡᠷᠳᠡᠨᠢ ᠥᠭᠴᠦ ᠤᠯᠤᠮᠯᠠᠨ ᠳᠤᠷᠠᠨ ᠢ ᠢᠨᠤ ᠠᠪᠤᠪᠠᠰᠤ ᠠᠴᠢ ᠲᠤᠰᠠ ᠢᠨᠤ ᠲᠠᠨ ᠳᠤᠷ
olan busu elige=tü=yi elige=yi nigedkebei j=a bi tung busu toloγai=tu=yin toloγai=yi nigen bolγabai j=a bi sedkil maγu=tan uyidqu tede oi maγu=tan čilekün tede uruγ=ud minu ta oyin=taγan ülü uyid=un sedkil=tegen ülü čilen qataγujidqun kemegsen ajuqu # basa degüü=ner köbegüd=iyen soyon jarliγ bolurun urγuqui=ača singgeküi=tür kürtele tngri=de delekei=yi tegüs soyorqaγdaqun bögetele , törö=yi tedküldekü degüü=ner köbegüd töröldüjü ulus jasaldaqu ötögös buγun ögdejü qamuγ törö=yin γadasun olan ulus=un arγamji bolbai j=a bi γadasun bolju törö=yi bekilen sakiju arγamji bolju ulus=i barin qataγujisu degüü=ner köbegüd minu ta töb ijaγur=i sakin törö=yin tula törildün soyon qataγujidqun ötegüs=nuγud minu ta öber=iyen ülü sanan ulus=un tula ögülen duradqan aγtun (aγdaqui) erdem=tü bileg=tü kümün=i olbasu ta öber=ün bey=e=tečegen qola ülü bolγaγdaqui ker=ber erdem=tü bileg=tü=yi olbasu erdeni ögčü ulumlan duran=i inu abubasu ači tusa inu tan=dur
91a
ᠶᠡᠬᠡ ᠪᠣᠯᠬᠤ ᠬᠠᠨ ᠲᠩᠷᠢ ᠳᠡ ᠬᠠᠮᠤᠭ ᠪᠦᠭᠦᠳᠡ ᠲᠥᠷᠥ ᠶᠢ ᠲᠡᠭᠦᠰ ᠥᠭᠲᠡᠪᠡᠢ ᠵ᠎ᠠ ᠪᠢ ᠲᠠ ᠬᠥᠪᠡᠭᠦᠳ ᠤᠷᠤᠭ ᠤᠳ ᠮᠢᠨᠤ ᠮᠥᠨ ᠬᠣᠶᠢᠨᠠ ᠵᠣᠪᠠᠨ ᠪᠦᠲᠦᠭᠰᠡᠨ ᠲᠥᠷᠥ ᠶᠢ ᠮᠢᠨᠤ ᠵᠣᠩᠬᠢᠯᠠᠨ ᠡᠭᠦᠳᠦᠨ ᠪᠦᠲᠦᠭᠡᠭᠰᠡᠨ ᠢ ᠮᠢᠨᠤ ᠰᠠᠬᠢᠨ ᠮᠠᠨᠠᠨ ᠬᠠᠲᠠᠭᠤᠵᠢᠳᠬᠤᠨ ᠲᠠ ᠡᠭᠦᠳᠴᠦ ᠪᠦᠲᠦᠭᠡᠵᠦ ᠰᠠᠬᠢᠨ ᠡᠰᠡ ᠬᠠᠲᠠᠭᠤᠵᠢᠪᠠᠰᠤ ᠥᠳᠲᠡᠷ ᠡᠪᠳᠡᠷᠡᠶᠦ ᠡᠭᠦᠳᠦᠭᠰᠡᠨ ᠪᠡᠷ ᠵᠣᠪᠠᠭᠰᠠᠨ ᠲᠠᠨ ᠤ ᠲᠤᠰᠠ ᠡᠨᠡ ᠪᠣᠯᠤᠶᠤ ᠪᠦᠲᠦᠭᠡᠭᠰᠡᠨ ᠡᠴᠡ ᠰᠠᠬᠢᠭᠰᠠᠨ ᠮᠢᠨᠤ ᠳᠡᠭᠡᠷᠡ ᠪᠤᠶᠤ ᠲᠠ ᠤᠷᠤᠭ ᠤᠳ ᠮᠢᠨᠤ ᠪᠢ ᠬᠡᠮᠡᠨ ᠰᠡᠳᠬᠢᠲᠡᠯᠡ ᠪᠢᠯᠢᠭ ᠢᠶᠡᠨ ᠲᠣᠭᠲᠠᠭᠠᠭᠳᠠᠬᠤᠢ ᠶᠡᠬᠡ ᠳᠤᠷᠠᠨ ᠪᠠᠷᠢᠲᠠᠯᠠ ᠵᠥᠪ ᠵᠥᠪ ᠰᠠᠶᠢᠨ ᠢᠶᠠᠨ ᠵᠠᠰᠠᠳᠬᠤᠨ ᠠᠮᠠᠨ ᠲᠤᠷ ᠬᠦᠷᠬᠦᠢ ᠠᠭᠤᠱᠭᠢᠪᠠᠨ ᠳᠠᠷᠤᠨ ᠴᠢᠳᠠᠪᠠᠰᠤ ᠠᠷᠰᠯᠠᠨ ᠢ ᠳᠠᠷᠤᠭᠰᠠᠨ ᠮᠡᠲᠦ ᠦᠯᠦᠬᠦ ᠦᠯᠡᠮᠵᠢ ᠪᠤᠢ ᠠᠮᠠᠨ ᠲᠤᠷ ᠬᠦᠷᠬᠦ ᠠᠭᠤᠱᠭᠢᠪᠠᠨ ᠳᠠᠷᠤᠨ ᠶᠠᠳᠠᠪᠠᠰᠤ ᠠᠭᠤᠷᠯᠠᠵᠤ ᠬᠦᠴᠦᠯᠡᠵᠦ ᠬᠡᠨ ᠢ ᠴᠢᠳᠠᠬᠤ ᠲᠠ ᠬᠦᠵᠦᠭᠦᠨ ᠲᠦᠷ ᠬᠦᠷᠬᠦ ᠠᠭᠤᠱᠭᠢᠪᠠᠨ ᠳᠠᠷᠤᠨ ᠴᠢᠳᠠᠪᠠᠰᠤ ᠬᠦᠴᠦᠲᠦ ᠵᠠᠭᠠᠨ ᠪᠥᠬᠡ ᠶᠢ ᠳᠠᠷᠤᠭᠰᠠᠨ ᠰᠢᠳᠦ ᠦᠯᠦᠬᠦ ᠢᠯᠡᠭᠦ ᠪᠤᠢ ᠬᠦᠵᠦᠭᠦᠨ ᠲᠦᠷ ᠬᠦᠷᠬᠦ ᠠᠭᠤᠱᠭᠢᠪᠠᠨ ᠳᠠᠷᠤᠨ ᠶᠠᠳᠠᠪᠠᠰᠤ ᠬᠦᠴᠦᠯᠡᠵᠦ ᠠᠭᠤᠷᠯᠠᠵᠤ ᠬᠡᠨ ᠢ ᠴᠢᠳᠠᠬᠤ ᠲᠠ ᠤᠷᠤᠭ ᠤᠳ ᠮᠢᠨᠤ ᠠᠭᠤᠯᠠ ᠮᠡᠲᠦ ᠥᠨᠳᠥᠷ ᠪᠦᠦ ᠠᠪᠤᠷᠢᠯᠠᠳᠬᠤᠨ ᠠᠭᠤᠯᠠ ᠬᠡᠳᠦᠢ ᠪᠡᠷ ᠥᠨᠳᠥᠷ ᠪᠣᠯᠪᠠᠰᠤ ᠠᠮᠢᠲᠠᠨ᠎ᠠ ᠠᠪᠠᠷᠢᠭᠳᠠᠵᠤ ᠳᠡᠭᠡᠷᠡ ᠪᠡᠨ ᠭᠠᠷᠲᠠᠶᠤ ᠳᠠᠯᠠᠢ ᠮᠡᠲᠦ ᠭᠦᠨ ᠠᠭᠤᠤ ᠰᠡᠳᠬᠢᠯ ᠲᠦ ᠪᠣᠯᠪᠠᠰᠤ ᠳᠡᠭᠡᠷ᠎ᠡ ᠬᠦᠮᠦᠨ ᠦᠯᠦ
yeke bolqu qan tngri=de qamuγ bügüde törö=yi tegüs ögtebei j=a bi ta köbegüd uruγ=ud minu mön qoyina joban bütügsen törö=yi minu jongkilan , egüdün bütügegsen=i minu sakin manan qataγujidqun ta egüdčü bütügejü sakin ese qataγujibasu ödter ebdereyü egüdügsen=ber jobaγsan tan=u tusa ene boluyu bütügegsen=eče sakiγsan minu degere buyu ta uruγ=ud minu bi kemen sedkitele bilig=iyen toγtaγaγdaqui yeke duran baritala jöb jöb sayin=iyan jasadqun # aman=tur kürküi aγušgiban darun čidabasu arslan=i daruγsan metü ülükü (ülemji) bui aman=tur kürkü aγušgiban darun yadabasu aγurlaju küčülejü ken=i čidaqu ta # küjügün=tür kürkü aγušgiban darun čidabasu küčütü jaγan böke=yi daruγsan sidü ülükü (ilegü) bui küjügün=tür kürkü aγušgiban darun yadabasu küčülejü aγurlaju ken=i čidaqu ta uruγ=ud minu aγula metü öndör büü aburiladqun aγula kedüi=ber öndör bolbasu amitan=a abariγdaju degere=ben γartayu # dalai metü gün aγuu sedkil=tü bolbasu deger=e kümün ülü
91b
ᠦᠬᠦᠶᠦ ᠬᠦᠮᠦᠨ᠎ᠡ ᠦᠯᠦ ᠳᠠᠪᠠᠭᠳᠠᠬᠤ ᠪᠣᠯᠪᠠᠰᠤ ᠬᠦᠮᠦᠨ ᠲᠥᠷᠥᠭᠰᠡᠨ ᠦ ᠪᠡᠯᠭᠡ ᠲᠡᠷᠡ ᠪᠤᠢ ᠠᠮᠠᠨ ᠲᠠᠨ ᠤ ᠬᠡᠳᠦᠢ ᠪᠡᠷ ᠣᠯᠠᠨ ᠪᠣᠯᠵᠤ ᠠᠶᠠᠯᠭᠤᠰ ᠲᠠᠨ ᠤ ᠴᠥᠭᠡᠨ ᠪᠣᠯᠪᠠᠰᠤ ᠲᠤᠰᠠ ᠦᠭᠡᠢ ᠠᠯᠢ ᠪᠠᠷ ᠶᠣᠰᠤ ᠪᠠᠨ ᠠᠳᠠᠯᠢᠳᠬᠠᠨ ᠠᠪᠤᠷᠢᠯᠠᠨ ᠰᠤᠷᠤᠭᠳᠠᠬᠤ ᠠᠯᠢ ᠪᠠᠷ ᠦᠶᠢᠯᠡ ᠲᠡᠴᠡ ᠠᠶᠠᠯᠭᠤ ᠲᠤ ᠪᠢᠯᠢᠭ ᠲᠦ ᠬᠦᠮᠦᠨ ᠬᠡᠷᠡᠭ ᠲᠦ ᠲᠦᠮᠡᠨ ᠲᠦᠮᠡᠨ ᠬᠦᠮᠦᠨ ᠡᠴᠡ ᠨᠢᠭᠡᠨ ᠲᠥᠷᠥ ᠶᠣᠰᠤᠨ ᠢ ᠮᠡᠳᠡᠬᠦ ᠬᠦᠮᠦᠨ ᠳᠡᠭᠡᠷ᠎ᠡ ᠪᠤᠢ ᠬᠠᠷᠠ ᠣᠢ ᠶᠢ ᠠᠪᠠᠯᠠᠪᠠᠢ ᠵ᠎ᠠ ᠬᠠᠪᠠᠨ ᠪᠥᠬᠡ ᠶᠢ ᠬᠠᠶᠢᠯᠠᠲᠠᠯᠠ ᠪᠠᠷᠢᠵᠤ ᠥᠭᠪᠡᠢ ᠵ᠎ᠠ ᠪᠢ ᠬᠠᠪᠠᠨ ᠤ ᠤᠷᠤᠭ ᠤᠳ ᠢ ᠬᠠᠷᠠᠯᠠᠨ ᠠᠰᠠᠷᠠᠨ ᠶᠠᠳᠠᠪᠠᠰᠤ ᠬᠠᠷᠠ ᠣᠢ ᠲᠤᠷ ᠢᠶᠠᠨ ᠬᠠᠲᠠᠷᠢᠴᠤ ᠭᠠᠷᠴᠤ ᠣᠳᠪᠠᠰᠤ ᠬᠠᠷᠠ ᠬᠦ ᠪᠡᠶ ᠡ ᠲᠦᠷ ᠲᠠᠨ ᠤ ᠡᠮᠭᠡᠭ ᠪᠤᠢ ᠵ᠎ᠠ ᠥᠨᠳᠥᠷ ᠠᠭᠤᠯᠠ ᠶᠢ ᠠᠪᠠᠯᠠᠪᠠᠢ ᠵ᠎ᠠ ᠪᠢ ᠥᠲᠡᠭᠡ ᠶᠢᠨ ᠬᠥᠪᠡᠭᠦᠳ ᠢ ᠦᠷᠬᠢᠷᠡᠲᠡᠯᠡ ᠪᠠᠷᠢᠵᠤ ᠲᠠᠨ᠎ᠠ ᠥᠭᠪᠡᠢ ᠵ᠎ᠠ ᠪᠢ ᠥᠲᠡᠭᠡ ᠶᠢᠨ ᠬᠥᠪᠡᠭᠦᠳ ᠢ ᠤᠯᠤᠮᠯᠠᠨ ᠡᠰᠡ ᠠᠰᠠᠷᠠᠪᠠᠰᠤ ᠥᠨᠳᠥᠷ ᠠᠭᠤᠯᠠ ᠲᠤᠷ ᠢᠶᠠᠨ ᠭᠠᠷᠴᠤ ᠣᠳᠪᠠᠰᠤ ᠥᠪᠡᠷᠦᠨ ᠪᠡᠶ᠎ᠡ ᠲᠠᠨ ᠤ ᠵᠣᠪᠠᠯᠠᠩ ᠪᠤᠢ ᠵ᠎ᠠ ᠬᠠᠭᠤᠴᠢᠨ ᠳᠡᠭᠡᠯ ᠬᠠᠭᠠᠷᠠᠨ ᠤᠳᠠᠷᠠᠪᠠᠰᠤ ᠬᠠᠷᠠᠭᠠᠨ᠎ᠠ ᠪᠤᠲᠠᠨ ᠲᠤᠷ ᠲᠣᠷᠤᠶᠤ ᠬᠠᠷᠢ ᠰᠢᠷᠢ ᠬᠣᠶᠠᠷ ᠲᠡᠰᠬᠢᠨ ᠬᠠᠭᠠᠴᠠᠪᠠᠰᠤ ᠬᠠᠨ ᠬᠠᠷᠠᠴᠤ ᠬᠣᠶᠠᠷ ᠰᠠᠴᠠᠭᠤ ᠪᠣᠯᠤᠶᠤ ᠰᠢᠨᠢ ᠳᠡᠭᠡᠯ ᠰᠡᠲᠡᠷᠢᠨ ᠤᠳᠠᠷᠠᠪᠠᠰᠤ ᠰᠢᠷᠠᠯᠵᠢᠨ ᠪᠤᠲᠠᠨ ᠲᠤᠷ ᠲᠣᠷᠤᠶᠤ ᠰᠢᠷᠢ ᠬᠠᠷᠢ ᠬᠣᠶᠠᠷ ᠲᠡᠰᠬᠢᠨ ᠬᠠᠭᠠᠴᠠᠪᠠᠰᠤ ᠰᠢᠪᠡᠭᠴᠢᠨ ᠬᠠᠲᠤᠨ ᠬᠣᠶᠠᠷ ᠰᠠᠴᠠᠭᠤ ᠪᠣᠯᠤᠶᠤ ᠠᠷᠭ᠎ᠠ
üküyü kümün=e ülü dabaγdaqu bolbasu kümün törögsen=ü belge tere bui # aman tan=u kedüi=ber olan bolju ayalγus tan=u čögen bolbasu tusa ügei ali=bar yosu=ban adalidqan aburilan suruγdaqu ali=bar üyile=teče ayalγu=tu bilig=tü kümün kereg=tü # tümen tümen kümün=eče nigen törö yosun=i medekü kümün deger=e bui qara oi=yi abalabai j=a qaban böke=yi qayilatala bariju ögbei j=a bi qaban=u uruγ=ud=i qaralan asaran yadabasu qara oi=tur=iyan qatariču γarču odbasu qara kü bey=e=tür tan=u emgeg bui j=a # öndör aγula=yi abalabai j=a bi ötege=yin köbegüd=i ürkiretele bariju tan=a ögbei j=a bi ötege=yin köbegüd=i ulumlan ese asarabasu öndör aγula=tur=iyan γarču odbasu öberün bey=e tan=u jobalang bui j=a # qaγučin degel qaγaran udarabasu qaraγan=a butan=tur toruyu qari siri qoyar teskin qaγačabasu qan qaraču qoyar sačaγu boluyu # sini degel seterin udarabasu siraljin butan=tur toruyu siri qari qoyar teskin qaγačabasu sibegčin qatun qoyar sačaγu boluyu # arγ=a
92a
ᠪᠢᠯᠢᠭ ᠢ ᠡᠰᠡ ᠮᠡᠳᠡᠪᠡᠰᠦ ᠠᠯᠠᠨ ᠳᠣᠣᠷᠠ ᠬᠢ ᠢᠮᠠᠭᠠᠨ ᠤ ᠦᠨᠦᠬᠦᠨ ᠢ ᠠᠯᠠᠵᠤ ᠢᠳᠡᠬᠦᠶ᠎ᠡ ᠪᠡᠷᠬᠡ ᠪᠣᠯᠠᠢ ᠠᠷᠭ᠎ᠠ ᠪᠢᠯᠢᠭ ᠢ ᠮᠡᠳᠡᠪᠡᠰᠦ ᠠᠭᠤᠯᠠᠨ ᠤ ᠲᠤᠷ ᠪᠦᠬᠦ ᠶᠠᠪᠤᠬᠤ ᠠᠷᠭᠠᠯᠢ ᠶᠢᠨ ᠵᠤᠯᠵᠠᠭᠠᠨ ᠢ ᠠᠯᠠᠵᠤ ᠢᠳᠡᠬᠦᠶ᠎ᠡ ᠬᠢᠯᠪᠠᠷ ᠪᠣᠯᠠᠢ ᠬᠠᠷᠢ ᠶᠢ ᠥᠴᠦᠭᠦᠬᠡᠨ ᠬᠡᠮᠡᠪᠡᠰᠦ ᠬᠠᠲᠤᠳ ᠢ ᠤᠶᠢᠯᠠᠭᠤᠯᠤᠭᠰᠠᠨ ᠣᠯᠠᠨ ᠪᠤᠢ ᠵ᠎ᠠ ᠬᠠᠳᠠᠷᠠ ᠵᠢᠭᠠᠰᠤᠨ ᠢ ᠥᠴᠦᠭᠦᠬᠡᠨ ᠬᠡᠮᠡᠪᠡᠰᠦ ᠭᠠᠷ ᠤᠨ ᠠᠯᠠᠭᠠᠨ ᠢ ᠭᠦᠷᠦᠯᠭᠡᠨ ᠡᠰᠭᠡᠭᠰᠡᠨ ᠣᠯᠠᠨ ᠪᠤᠢ ᠵ᠎ᠠ ᠣᠮᠣᠭ ᠬᠦᠴᠦᠨ ᠢ ᠲᠠᠷᠬᠠᠭᠠᠵᠤ ᠣᠯᠠᠨ ᠠᠷᠭ ᠠ ᠪᠠᠷ ᠪᠠᠷᠢᠭᠰᠠᠨ ᠤ ᠲᠤᠯᠠ ᠣᠯᠠᠨ ᠤ ᠡᠵᠡᠨ ᠪᠣᠯᠬᠤ ᠪᠤᠢ ᠵ᠎ᠠ ᠬᠠᠳᠠ ᠰᠠᠶᠢᠲᠤ ᠦᠨᠡᠭᠡ ᠪᠡᠷᠬᠡ ᠪᠣᠷᠣᠯᠵᠢᠨ ᠰᠠᠶᠢᠲᠤ ᠲᠠᠤᠯᠠᠢ ᠪᠡᠷᠬᠡ ᠪᠤᠷᠤᠨᠲᠤᠭ ᠰᠠᠶᠢᠲᠤ ᠦᠬᠡᠷ ᠪᠡᠷᠬᠡ ᠬᠠᠨ ᠰᠠᠶᠢᠲᠤ ᠬᠠᠷᠠᠴᠤ ᠶᠢᠨ ᠥᠩᠭᠡ ᠤᠯᠠᠭᠠᠨ ᠬᠠᠳᠠ ᠰᠠᠶᠢᠲᠤ ᠢᠮᠠᠭ ᠠ ᠤ ᠤᠯᠬᠤᠷᠠᠬᠠᠢ ᠳᠦᠭᠦᠷᠡᠩ ᠬᠠᠨ ᠬᠦᠮᠦᠨ ᠵᠢᠷᠭᠠᠷ ᠤᠨ ᠲᠥᠷᠥᠪᠡᠨ ᠰᠠᠶᠢᠨ ᠳᠤᠷ ᠵᠢᠷᠭᠠᠶᠤ ᠬᠠᠷᠠᠴᠤ ᠬᠦᠮᠦᠨ ᠵᠢᠷᠭᠠᠷ ᠤᠨ ᠬᠠᠨ ᠢᠶᠠᠨ ᠰᠠᠶᠢᠨ ᠳᠤᠷ ᠵᠢᠷᠭᠠᠶᠤ ᠬᠠᠭᠠᠯᠭ ᠠ ᠲᠤ ᠭᠡᠷ ᠳᠡ ᠰᠠᠭᠤᠭᠰᠠᠨ ᠬᠠᠲᠤᠨ ᠬᠦᠮᠦᠨ ᠵᠢᠷᠭᠠᠷ ᠤᠨ ᠡᠷ ᠡ ᠶᠦᠭᠡᠨ ᠰᠠᠶᠢᠨ ᠳᠤᠷ ᠵᠢᠷᠭᠠᠶᠤ ᠬᠠᠮᠤᠭ ᠪᠦᠭᠦᠳᠡ ᠵᠢᠷᠭᠠᠷ ᠤᠨ ᠡᠪ ᠡᠶ ᠡ ᠪᠡᠨ ᠰᠠᠶᠢᠨ ᠲᠤᠷ ᠵᠢᠷᠭᠠᠮᠤᠢ ᠵ᠎ᠠ ᠬᠠᠭᠠᠨ ᠢᠶᠠᠨ ᠰᠠᠶᠢᠨ ᠢ ᠬᠠᠷᠠᠴᠤ ᠦᠯᠦ ᠮᠡᠳᠡᠶᠦ ᠬᠠᠭᠠᠨ ᠠᠴᠠᠭᠠᠨ ᠬᠠᠭᠠᠴᠠᠨ ᠪᠠᠷᠠᠭᠰᠠᠨ ᠲᠤᠷ ᠬᠠᠭᠠᠨ ᠶᠤᠭᠠᠨ ᠰᠠᠶᠢᠨ ᠢ ᠲᠡᠨᠳᠡ ᠮᠡᠳᠡᠶᠦ ᠡᠷ ᠡ ᠶᠦᠭᠡᠨ ᠰᠠᠶᠢᠨ ᠢ ᠡᠮ᠎ᠡ ᠦᠯᠦ ᠮᠡᠳᠡᠶᠦ ᠡᠷ ᠡ ᠲᠡᠴᠡᠭᠡᠨ
bilig=i ese medebesü alan doora=ki imaγan=u ünükün=i alaju ideküy=e berke bolai , arγ=a bilig=i medebesü aγulan=u=tur bükü yabuqu arγali=yin juljaγan=i alaju ideküy=e kilbar bolai # qari=yi öčügüken kemebesü qatud=i uyilaγuluγsan olan bui j=a qadara jiγasun=i öčügüken kemebesü γar=un alaγan=i gürülgen esgegsen olan bui j=a # omoγ küčün=i tarqaγaju olan arγ=a=bar bariγsan=u tula olan=u ejen bolqu bui j=a qada sayitu ünege berke boroljin sayitu taulai berke buruntuγ sayitu üker berke qan sayitu qaraču=yin öngge ulaγan qada sayitu imaγ=a=u ulquraqai dügüreng # qan kümün jirγar=un töröben sayin=dur jirγayu qaraču kümün jirγar=un qan=iyan sayin=dur jirγayu qaγalγ=a=tu ger=de saγuγsan qatun kümün jirγar=un er=e=yügen sayin=dur jirγayu qamuγ bügüde jirγar=un eb ey=e=ben sayin=tur jirγamui j=a qaγan=iyan sayin=i qaraču ülü medeyü qaγan=ačaγan qaγačan baraγsan=tur qaγan=yuγan sayin=i tende medeyü er=e=yügen sayin=i em=e ülü medeyü er=e=tečegen
92b
ᠬᠠᠭᠠᠴᠠᠨ ᠪᠠᠷᠠᠭᠰᠠᠨ ᠲᠤᠷ ᠡᠷ ᠡ ᠶᠦᠭᠡᠨ ᠰᠠᠶᠢᠨ ᠢ ᠲᠡᠨᠳᠡ ᠮᠡᠳᠡᠶᠦ ᠬᠠᠨ ᠬᠦᠮᠦᠨ ᠬᠠᠷᠠᠴᠤ ᠬᠦᠮᠦᠨ ᠦ ᠠᠪᠤᠷᠢ ᠠᠪᠤᠷᠢᠯᠠᠪᠠᠰᠤ ᠬᠠᠮᠤᠭ ᠤᠯᠤᠰ ᠢᠶᠠᠨ ᠠᠯᠳᠠᠶᠤ ᠬᠠᠷᠠᠴᠤ ᠬᠦᠮᠦᠨ ᠬᠠᠨ ᠬᠦᠮᠦᠨ ᠢ ᠠᠪᠤᠷᠢ ᠠᠪᠤᠷᠢᠯᠠᠪᠠᠰᠤ ᠬᠠᠷᠠ ᠲᠡᠷᠢᠭᠦᠨ ᠢᠶᠡᠨ ᠪᠠᠷᠠᠶᠤ ᠬᠠᠨ ᠲᠩᠷᠢ ᠶᠢ ᠰᠢᠲᠦᠪᠡᠰᠦ ᠪᠣᠯᠤᠶᠤ ᠬᠠᠷᠠ ᠤᠰᠤᠨ ᠢ ᠴᠢᠨᠠᠪᠠᠰᠤ ᠦᠯᠦ ᠪᠣᠯᠤᠶᠤ ᠬᠠᠲᠤᠨ ᠡᠮᠡᠰ ᠢ ᠢᠲᠡᠭᠡᠪᠡᠰᠦ ᠦᠯᠦ ᠪᠣᠯᠤᠶᠤ ᠬᠡᠮᠡᠨ ᠰᠣᠶᠣᠵᠤᠬᠤᠢ ᠪᠠᠰᠠ ᠰᠣᠳᠤ ᠴᠢᠩᠭᠢᠰ ᠬᠠᠭᠠᠨ ᠬᠠᠰᠠᠷ ᠡᠬᠢᠲᠡᠨ ᠳᠡᠭᠦᠦ ᠨᠡᠷ ᠢᠶᠡᠨ ᠰᠣᠶᠣᠨ ᠵᠠᠷᠯᠢᠭ ᠪᠣᠯᠤᠷᠤᠨ ᠣᠨᠣᠨ ᠮᠥᠷᠡᠨ ᠦ ᠡᠷᠭᠢ ᠭᠢ ᠤᠬᠤᠨ ᠴᠠᠪᠴᠢᠵᠤ ᠣᠯᠣᠮ ᠪᠣᠯᠭᠠᠷ ᠤᠨ ᠤᠷᠤᠭ ᠤᠨ ᠤᠷᠤᠭ ᠢᠶᠠᠨ ᠲᠤᠯᠠᠳᠠ ᠣᠷᠳᠣ ᠭᠡᠷ ᠢᠶᠡᠨ ᠲᠤᠯᠠ ᠣᠯᠣᠮ ᠪᠣᠯᠭᠠᠪᠠᠢ ᠵ᠎ᠠ ᠪᠢ ᠬᠡᠷᠦᠯᠡᠨ ᠮᠥᠷᠡᠨ ᠦ ᠡᠷᠭᠢ ᠭᠢ ᠬᠡᠮᠬᠡᠯᠵᠦ ᠭᠡᠲᠦᠯᠭᠡᠨ ᠪᠣᠯᠭᠠᠷ ᠤᠨ ᠬᠡᠷᠡᠭ ᠲᠦ ᠤᠷᠤᠭ ᠢᠶᠠᠨ ᠲᠤᠯᠠᠳᠠ ᠭᠡᠷ ᠲᠡᠷᠭᠡᠨ ᠢᠶᠡᠨ ᠲᠤᠯᠠ ᠭᠡᠲᠦᠯᠭᠡᠨ ᠪᠣᠯᠭᠠᠪᠠᠢ ᠵ᠎ᠠ ᠪᠢ ᠮᠥᠨ ᠬᠣᠶᠢᠨᠠ ᠲᠠ ᠳᠡᠭᠦ ᠨᠡᠷ ᠮᠢᠨᠤ ᠤᠷᠤᠭ ᠪᠠᠷ ᠪᠣᠯᠵᠤ ᠣᠷᠣᠰᠢᠭᠤᠯᠤᠭᠰᠠᠨ ᠣᠯᠣᠮ ᠢ ᠮᠢᠨᠤ ᠪᠦᠦ ᠣᠭᠲᠠᠯᠤᠳᠬᠤᠨ ᠣᠯᠠᠨ ᠤ ᠦᠭᠡ ᠲᠦᠷ ᠣᠷᠣᠵᠤ ᠣᠭᠲᠠᠯᠤᠨ ᠰᠡᠳᠬᠢᠪᠡᠰᠦ ᠣᠯᠬᠤᠨ ᠮᠡᠲᠦ ᠪᠡᠶᠡᠰ ᠢᠶᠡᠨ ᠣᠭᠲᠠᠯᠳᠤᠬᠤᠨ ᠲᠠ ᠲᠩᠷᠢ ᠶᠢᠨ ᠢᠪᠡᠭᠡᠯ ᠢᠶᠡᠷ ᠪᠣᠯᠤᠭᠰᠠᠨ ᠮᠥᠷᠢ ᠮᠢᠨᠤ ᠪᠦᠦ ᠮᠥᠰᠢᠶᠡᠳᠬᠦᠨ ᠪᠤᠰᠤ ᠰᠡᠳᠬᠢᠯ ᠲᠡᠨ ᠦ ᠦᠭᠡᠰ ᠲᠦᠷ ᠣᠷᠣᠵᠤ ᠮᠥᠬᠦᠳᠡᠭᠦᠯᠦᠨ ᠰᠡᠳᠬᠢᠪᠡᠰᠦ ᠮᠥᠨ ᠵᠠᠷᠯᠢᠭ ᠵᠠᠰᠠᠭ ᠲᠤᠷ ᠢᠨᠤ ᠮᠥᠬᠦᠰᠳᠦᠬᠦᠨ ᠲᠠ ᠪᠤᠰᠤ ᠪᠣᠯᠤᠭᠰᠠᠨ
qaγačan baraγsan=tur er=e=yügen sayin=i tende medeyü # qan kümün qaraču kümün=ü aburi aburilabasu qamuγ ulus=iyan aldayu qaraču kümün qan kümün=i aburi aburilabasu qara terigün=iyen barayu qan tngri=yi sitübesü boluyu qara usun=i činabasu ülü boluyu qatun emes=i itegebesü ülü boluyu kemen soyojuqui # basa sodu Činggis-qaγan Qasar ekiten degüü=ner=iyen soyon jarliγ bolurun Onon-mören=ü ergi=gi uqun čabčiju olom bolγar=un uruγ=un uruγ=iyan tulada ordo ger=iyen tula olom bolγabai j=a bi # Kerülen-mören=ü ergi=gi kemkeljü getülgen bolγar=un kereg=tü uruγ=iyan tulada ger tergen=iyen tula getülgen bolγabai j=a bi # mön qoyina ta degü=ner minu uruγ=bar bolju orosiγuluγsan olom=i minu büü oγtaludqun olan=u üge=tür oroju oγtalun sedkibesü olqun metü beyes=iyen oγtalduqun ta tngri=yin ibegel=iyer boluγsan möri minu büü mösiyedkün , busu sedkil=ten=ü üges=tür oroju möküdegülün sedkibesü mön jarliγ jasaγ=tur inu möküsdükün ta busu boluγsan
93a
ᠠᠬ᠎ᠠ ᠳᠡᠭᠦᠦ ᠲᠡᠭᠡᠨ ᠢᠴᠢᠷᠢᠭ ᠪᠣᠯᠤᠭᠤᠵᠠᠢ ᠪᠣᠭᠳᠠ ᠴᠢᠩᠭᠢᠰ ᠬᠠᠭᠠᠨ ᠮᠡᠩᠭᠡ ᠲᠦ ᠰᠡᠴᠡᠨ ᠢ ᠥᠭᠦᠯᠡ ᠬᠡᠮᠡᠨ ᠵᠠᠷᠯᠢᠭ ᠪᠣᠯᠪᠠᠰᠤ ᠮᠡᠩᠭᠡ ᠲᠦ ᠰᠡᠴᠡᠨ ᠥᠴᠢᠷᠦᠨ ᠡᠷᠲᠡ ᠮᠢᠩᠭᠠᠨ ᠲᠡᠷᠢᠭᠦᠲᠦ ᠭᠠᠭᠴᠠ ᠰᠡᠭᠦᠯ ᠲᠦ ᠮᠣᠭᠠᠢ ᠠᠵᠤᠬᠤ ᠣᠯᠠᠨ ᠲᠡᠷᠢᠭᠦᠨ ᠢᠨᠤ ᠵᠦᠭ ᠵᠦᠭ ᠲᠠᠲᠠᠯᠠᠯᠳᠠᠬᠤᠢ ᠲᠤᠷ ᠲᠡᠷᠭᠡᠨ᠎ᠡ ᠳᠠᠷᠤᠭᠳᠠᠵᠤ ᠠᠯᠠᠭᠳᠠᠵᠤᠬᠤᠢ ᠪᠠᠰᠠ ᠮᠢᠩᠭᠠᠨ ᠰᠡᠭᠦᠯ ᠲᠦ ᠭᠠᠭᠴᠠ ᠲᠡᠷᠢᠭᠦᠲᠦ ᠮᠣᠭᠠᠢ ᠠᠵᠤᠬᠤ ᠰᠡᠭᠦᠯ ᠢᠨᠤ ᠭᠠᠭᠴᠠ ᠲᠡᠷᠢᠭᠦᠪᠡᠨ ᠬᠣᠶᠢᠨᠠ ᠠᠴᠠ ᠳᠠᠭᠠᠵᠤ ᠨᠢᠭᠡᠨ ᠨᠦᠬᠡᠨ ᠲᠦᠷ ᠣᠷᠣᠵᠤ ᠲᠡᠷᠭᠡᠨ᠎ᠡ ᠡᠰᠡ ᠳᠠᠷᠤᠭᠳᠠᠵᠤᠬᠤᠢ ᠲᠡᠭᠦᠨ ᠦ ᠲᠡᠷᠡ ᠮᠡᠲᠦ ᠮᠢᠩᠭᠠᠨ ᠰᠡᠭᠦᠯ ᠴᠢᠨᠤ ᠪᠣᠯᠵᠤ ᠬᠦᠴᠦᠨ ᠥᠭᠬᠦᠢ ᠪᠡᠨ ᠬᠠᠲᠠᠭᠤᠵᠢᠰᠤᠭᠠᠢ ᠬᠡᠮᠡᠨ ᠥᠴᠢᠭᠡᠳ ᠬᠤᠷᠢᠮ ᠢ ᠡᠪᠳᠡᠭᠴᠢ ᠬᠣᠷ᠎ᠠ ᠠᠪᠠ ᠶᠢ ᠡᠪᠳᠡᠭᠴᠢ ᠨᠤᠷ᠎ᠠ ᠵᠠᠩᠭᠤ ᠶᠢ ᠡᠪᠳᠡᠭᠴᠢ ᠦᠨᠡᠭᠡ ᠵᠡᠭᠦᠳᠦ ᠶᠢ ᠡᠪᠳᠡᠭᠴᠢ ᠮᠠᠭᠤ ᠡᠯᠢᠶ᠎ᠡ ᠪᠣᠭᠳᠠ ᠴᠢᠩᠭᠢᠰ ᠬᠠᠭᠠᠨ᠎ᠠ ᠣᠳᠴᠢᠭᠡᠨ ᠨᠣᠶᠠᠨ ᠰᠠᠯᠬᠤᠢ ᠲᠤᠷ ᠢᠶᠠᠨ ᠪᠢᠰᠢᠷᠡᠨ ᠥᠴᠢᠭᠰᠡᠨ ᠠᠵᠤᠬᠤ ᠬᠠᠭᠠᠨ ᠠᠬ ᠠ ᠶᠤᠭᠠᠨ ᠳᠠᠭᠠᠨ ᠶᠠᠪᠤᠵᠤ ᠰᠠᠭᠠᠳᠠᠭ ᠲᠤ ᠰᠤᠮᠤᠨ ᠪᠣᠯᠵᠤ ᠰᠤᠭᠤᠰ ᠡᠰᠡ ᠬᠣᠴᠣᠷᠪᠠᠢ ᠵ᠎ᠠ ᠬᠥᠲᠡᠯ ᠮᠣᠷᠢᠨ ᠪᠣᠯᠵᠤ ᠴᠠᠪᠴᠢᠨ ᠡᠰᠡ ᠲᠠᠲᠠᠪᠠᠢ ᠵ᠎ᠠ ᠰᠢᠪᠲᠦᠰ ᠭᠡᠬᠦᠢ ᠳᠦᠷ ᠡᠪᠡᠰᠦᠯᠡᠯᠳᠦᠪᠡᠢ ᠵ᠎ᠠ ᠵᠡᠯᠳᠦᠰ ᠭᠡᠬᠦᠢ ᠳᠦᠷ ᠤᠰᠤᠯᠠᠯᠳᠤᠪᠠᠢ ᠵ᠎ᠠ ᠴᠢᠨᠣ ᠠ ᠶᠢᠨ ᠪᠥᠷᠲᠡ ᠪᠥᠷᠲᠡᠯᠡᠬᠦᠢ ᠲᠦᠷ ᠪᠥᠷᠲᠡᠯᠡᠯᠳᠡᠪᠡᠢ ᠵ᠎ᠠ ᠦᠨᠡᠭᠡᠨ ᠢ ᠰᠠᠶᠢᠨ ᠰᠢᠷᠠ ᠰᠢᠷᠠᠯᠠᠬᠤᠢ ᠲᠤᠷ ᠰᠢᠷᠠᠯᠠᠯᠳᠤᠪᠠᠢ ᠵ᠎ᠠ ᠲᠡᠶᠢᠨ ᠶᠠᠪᠤᠯᠴᠢᠵᠤ ᠲᠦᠮᠡᠨ ᠢᠷᠭᠡᠨ ᠢ ᠳᠠᠷᠤᠭᠯᠠᠭᠤᠯᠪᠠᠢ ᠵ᠎ᠠ
aq=a degüü=tegen ičirig boluγujai # boγda Činggis-qaγan Mengge=tü-Sečen=i ögüle kemen jarliγ bolbasu Mengge=tü-Sečen öčirün erte mingγan terigütü γaγča segül=tü moγai ajuqu olan terigün inu jüg jüg tatalaldaqui=tur tergen=e daruγdaju alaγdajuqui basa mingγan segül=tü γaγča terigütü moγai ajuqu segül inu γaγča terigüben qoyina=ača daγaju nigen nüken=tür oroju tergen=e ese daruγdajuqui tegün=ü (tere) metü mingγan segül činu bolju küčün ögküi=ben qataγujisuγai kemen öčiged qurim=i ebdegči qor=a aba=yi ebdegči nur=a jangγu=yi ebdegči ünege jegüdü=yi ebdegči maγu eliy=e # boγda Činggis-qaγan=a Odčigen-noyan salqui=tur=iyan bisiren öčigsen ajuqu qaγan aq=a=yuγan daγan yabuju saγadaγ=tu sumun bolju suγus ese qočorbai j=a kötel morin bolju čabčin ese tatabai j=a sibtüs geküi=dür ebesüleldübei j=a jeldüs geküi=dür usulaldubai j=a čino=a=yin börte börteleküi=tür börteleldebei j=a ünegen=i sayin sira siralaqui=tur siralaldubai j=a teyin yabulčiju tümen irgen=i daruγlaγulbai j=a
93b
ᠬᠡᠮᠡᠨ ᠪᠢᠰᠢᠷᠡᠨ ᠥᠴᠡᠭᠰᠡᠨ ᠠᠵᠤᠬᠤ ᠪᠣᠭᠳᠠ ᠴᠢᠩᠭᠢᠰ ᠬᠠᠭᠠᠨ ᠳᠡᠭᠡᠷᠡ ᠲᠩᠷᠢ ᠶᠢ ᠪᠢᠰᠢᠷᠡᠨ ᠵᠠᠷᠯᠢᠭ ᠪᠣᠯᠤᠷᠤᠨ ᠥᠪᠡᠷ ᠦᠨ ᠲᠥᠷᠥ ᠪᠡᠷ ᠡᠲᠦᠬᠡᠨ ᠦ ᠳᠡᠭᠡᠷᠡ ᠨᠠᠳᠠ ᠠᠴᠠ ᠪᠤᠰᠤ ᠳᠡᠭᠡᠷᠡ ᠬᠦᠴᠦᠲᠦ ᠡᠰᠡ ᠪᠣᠯᠭᠠᠪᠠᠢ ᠴᠢ ᠮᠢᠨᠤ ᠳᠡᠭᠡᠷᠡ ᠮᠠᠯᠠᠭ᠎ᠠ ᠮᠢᠨᠤ ᠪᠤᠢ ᠵ᠎ᠠ ᠬᠡᠮᠡᠨ ᠮᠠᠯᠠᠭ ᠠ ᠪᠠᠨ ᠲᠠᠶᠢᠯᠵᠤ ᠠᠪᠴᠤ ᠬᠣᠶᠢᠮᠠᠷ᠎ᠠ ᠲᠠᠯᠪᠢᠵᠤ ᠮᠥᠷᠭᠥᠭᠡᠳ ᠲᠡᠷᠡ ᠡᠳᠦᠷ ᠳᠠᠷᠠᠰᠤᠨ ᠢ ᠶᠡᠬᠡ ᠳᠡ ᠬᠠᠯᠠᠭᠤᠴᠢᠲᠠᠯᠠ ᠵᠣᠭᠣᠯᠠᠭᠠᠰᠠᠨ ᠠᠵᠤᠬᠤ ᠰᠣᠳᠤ ᠪᠣᠭᠳᠠ ᠴᠢᠩᠭᠢᠰ ᠬᠠᠭᠠᠨ ᠳᠡᠭᠦᠦ ᠨᠡᠷ ᠬᠥᠪᠡᠭᠦᠳ ᠲᠦᠷ ᠢᠶᠡᠨ ᠢᠷᠭᠡᠨ ᠥᠭᠴᠦ ᠤᠯᠤᠰ ᠤᠨ ᠲᠠᠴᠢᠶᠠᠯ ᠲᠥᠷᠥ ᠶᠢᠨ ᠣᠨᠢᠰᠤᠨ ᠲᠣᠪᠴᠢᠯᠠᠵᠤ ᠰᠣᠶᠣᠨ ᠵᠠᠷᠯᠢᠭ ᠪᠣᠯᠤᠭᠰᠠᠨ ᠡᠶᠢᠮᠦ ᠪᠥᠯᠦᠭᠡ ᠴᠢᠩᠭᠢᠰ ᠬᠠᠭᠠᠨ ᠠᠴᠠ ᠣᠳᠴᠢᠭᠢᠨ ᠨᠣᠶᠠᠨ ᠰᠠᠯᠵᠤ ᠭᠠᠷᠤᠭᠰᠠᠨ ᠤ ᠬᠣᠶᠢᠨᠠ ᠲᠠᠩᠭᠤᠳᠲᠠᠢ ᠭᠣᠤ ᠠ ᠰᠡᠴᠡᠨ ᠡᠴᠡ ᠠᠰᠠᠭᠤᠷ ᠤᠨ ᠬᠠᠭᠠᠨ ᠠᠬ ᠠ ᠲᠤᠷ ᠢᠶᠠᠨ ᠰᠠᠯᠭᠠᠭᠳᠠᠪᠠ ᠪᠢ ᠬᠠᠨ ᠬᠦᠮᠦᠨ ᠦ ᠤᠯᠤᠰ ᠵᠠᠰᠠᠬᠤ ᠶᠣᠰᠤᠨ ᠶᠠᠮᠪᠠᠷ ᠪᠤᠢ ᠬᠡᠮᠡᠨ ᠠᠰᠠᠭᠪᠠᠰᠤ ᠭᠣᠤ ᠠ ᠰᠡᠴᠡᠨ ᠥᠭᠦᠯᠡᠷᠦᠨ ᠵᠥᠪ ᠠᠰᠠᠭᠪᠠ ᠴᠢ ᠬᠠᠨ ᠬᠦᠮᠦᠨ ᠦ ᠤᠯᠤᠰ ᠵᠠᠰᠠᠬᠤ ᠶᠣᠰᠤᠨ ᠢᠨᠤ ᠨᠠᠷᠠᠨ ᠮᠡᠲᠦ ᠦᠯᠦ ᠬᠣᠵᠢᠳᠠᠭᠤᠯᠬᠤ ᠨᠠᠭᠤᠷ ᠮᠡᠲᠦ ᠦᠯᠦ ᠭᠣᠯᠣᠨ ᠬᠠᠲᠠᠭᠤᠵᠢᠬᠤ ᠪᠤᠢ ᠬᠡᠮᠡᠭᠰᠡᠨ ᠠᠵᠤᠬᠤ ᠲᠡᠷᠡ ᠦᠭᠡ ᠶᠢᠨ ᠲᠠᠶᠢᠯᠪᠤᠷ ᠢᠨᠤ ᠭᠤᠷᠪᠠᠨ ᠡᠳᠦᠷ ᠡᠰᠡ ᠣᠯᠵᠤ ᠣᠳᠴᠢᠭᠢᠨ ᠨᠣᠶᠠᠨ ᠥᠭᠦᠯᠡᠷᠦᠨ ᠭᠣᠤ᠎ᠠ ᠠᠬ᠎ᠠ ᠡᠨᠡ ᠦᠭᠡ ᠶᠢᠨ ᠴᠢᠨ ᠤ ᠲᠠᠶᠢᠯᠪᠤᠷᠢ ᠡᠰᠡ ᠡᠰᠡ ᠣᠯᠪᠠ ᠪᠢ
kemen bisiren öčegsen ajuqu # boγda Činggis-qaγan degere tngri=yi bisiren jarliγ bolurun öber=ün törö=ber etüken=ü degere nada=ača busu degere küčütü ese bolγabai či minu degere malaγ=a minu bui j=a kemen malaγ=a=ban tayilju abču qoyimar=a talbiju mörgöged tere edür darasun=i yeke=de qalaγučitala joγolaγasan ajuqu # sodu boγda Činggis-qaγan degüü=ner köbegüd=tür=iyen irgen ögčü ulus=un tačiyal törö=yin onisun tobčilaju soyon jarliγ boluγsan eyimü bölüge # Činggis-qaγan=ača Odčigin-noyan salju γaruγsan=u qoyina Tangγudtai Γou=a-Sečen=eče asaγur=un qaγan aq=a=tur=iyan salγaγdaba bi qan kümün=ü ulus jasaqu yosun yambar bui kemen asaγbasu Γou=a-Sečen ögülerün jöb asaγba či qan kümün=ü ulus jasaqu yosun inu naran metü ülü qojidaγulqu naγur metü ülü γolon qataγujiqu bui kemegsen ajuqu tere üge=yin tayilbur inu γurban edür ese olju Odčigin-noyan ögülerün Γou=a aq=a ene üge=yin čin=u tayilburi ese ese olba bi
94a
ᠶᠠᠭᠤᠨ ᠦᠭᠡ ᠪᠥᠯᠦᠭᠡ ᠬᠡᠮᠡᠨ ᠠᠰᠠᠭᠪᠠᠰᠤ ᠭᠣᠤ ᠠ ᠰᠡᠴᠡᠨ ᠥᠭᠦᠯᠡᠷᠦᠨ ᠬᠠᠨ ᠬᠦᠮᠦᠨ ᠢ ᠨᠠᠷᠠᠨ ᠮᠡᠲᠦ ᠪᠦᠦ ᠬᠣᠵᠢᠳᠠᠭᠤᠯ ᠬᠡᠮᠡᠬᠦ ᠮᠢᠨᠤ ᠨᠠᠷᠠᠨ ᠤᠷᠭᠤᠪᠠᠰᠤ ᠰᠠᠶᠢᠨ ᠪᠠ ᠮᠠᠭᠤ ᠳᠤᠷ ᠠᠮᠢᠳᠤ ᠪᠠ ᠦᠬᠦᠭᠰᠡᠨ ᠲᠦᠷ ᠲᠡᠭᠰᠢ ᠬᠠᠯᠠᠭᠤᠨ ᠭᠡᠭᠡᠭᠡᠨ ᠢᠶᠡᠨ ᠬᠦᠷᠭᠡᠶᠦ ᠬᠠᠨ ᠬᠦᠮᠦᠨ ᠲᠡᠷᠡ ᠮᠡᠲᠦ ᠲᠡᠭᠰᠢ ᠰᠡᠳᠬᠢᠯ ᠲᠦ ᠪᠣᠯᠪᠠᠰᠤ ᠶᠡᠬᠡ ᠤᠯᠤᠰ ᠤᠨ ᠳᠤᠷᠠᠨ ᠶᠠᠬᠢᠨ ᠬᠣᠴᠢᠷᠬᠤ ᠨᠠᠭᠤᠷ ᠮᠡᠲᠦ ᠪᠦᠦ ᠭᠣᠯᠣ ᠬᠡᠮᠡᠬᠦ ᠮᠢᠨᠤ ᠨᠠᠭᠤᠷ ᠲᠤᠷ ᠰᠠᠶᠢᠨ ᠪᠠ ᠮᠠᠭᠤ ᠪᠠᠷ ᠤᠰᠤᠨ ᠣᠷᠣᠶᠤ ᠰᠠᠶᠢᠨ ᠮᠠᠭᠤ ᠪᠠᠷ ᠠᠳᠤᠭᠤᠰᠤᠨ ᠤᠰᠤᠯᠠᠨ ᠣᠷᠣᠭᠠᠳ ᠪᠤᠷᠲᠠᠭᠯᠠᠪᠠᠰᠤ ᠨᠠᠭᠤᠷ ᠲᠡᠳᠡ ᠪᠦᠭᠦᠳᠡ ᠶᠢ ᠦᠯᠦ ᠭᠣᠯᠣᠨ ᠰᠢᠩᠭᠡᠶᠦ ᠬᠠᠨ ᠬᠦᠮᠦᠨ ᠲᠡᠷᠡ ᠮᠡᠲᠦ ᠰᠡᠳᠬᠢᠵᠦ ᠰᠠᠶᠢᠨ ᠮᠠᠭᠤ ᠪᠠᠷ ᠦᠭᠡ ᠰᠣᠨᠣᠰᠪᠠᠰᠤ ᠦᠨᠡᠨ ᠪᠡᠷ ᠬᠤᠳᠠᠯ ᠶᠡᠩᠭᠦᠬᠡᠨ ᠦᠭᠡᠰ ᠰᠣᠨᠣᠰᠪᠠᠰᠤ ᠥᠷᠭᠡᠰᠦᠨ ᠬᠠᠳᠬᠤᠭᠠᠨ ᠦᠭᠡ ᠲᠦᠷ ᠦᠯᠦ ᠣᠷᠣᠨ ᠲᠡᠭᠰᠢ ᠪᠣᠯᠭᠠᠵᠤ ᠰᠣᠨᠣᠰᠪᠠᠰᠤ ᠶᠡᠬᠡ ᠤᠯᠤᠰ ᠶᠠᠬᠢᠨ ᠡᠪᠳᠡᠷᠡᠬᠦ ᠬᠡᠮᠡᠭᠰᠡᠨ ᠠᠵᠤᠬᠤ ᠣᠳᠴᠢᠭᠢᠨ ᠨᠣᠶᠠᠨ᠎ᠠ ᠲᠠᠩᠭᠤᠳᠲᠠᠢ ᠭᠣᠤ ᠠ ᠰᠡᠴᠡᠨ ᠥᠭᠦᠯᠡᠷᠦᠨ ᠬᠦᠶᠢᠲᠡᠨ ᠬᠣᠵᠢᠭᠤᠯᠠ ᠪᠠᠷ ᠭᠠᠯ ᠢ ᠬᠥᠨᠳᠥᠪᠡᠰᠦ ᠬᠦᠷᠬᠡᠷᠡᠨ ᠪᠦᠬᠦᠢ ᠭᠠᠯ ᠢ ᠰᠥᠨᠥᠭᠡᠶᠦ ᠬᠥᠪᠡᠭᠦᠮᠡᠷᠬᠦᠢ ᠠᠷᠠᠨ ᠢ ᠦᠶᠢᠯᠡ ᠲᠦᠷ ᠲᠦᠰᠢᠪᠡᠰᠦ ᠬᠦᠷ ᠤᠯᠤᠰ ᠢ ᠵᠣᠪᠠᠭᠠᠶᠤ ᠤᠰᠤ ᠲᠤ ᠬᠣᠵᠢᠭᠤᠯᠠ ᠪᠠᠷ ᠭᠠᠯ ᠢ ᠬᠥᠨᠳᠥᠪᠡᠰᠦ ᠦᠷᠬᠢᠷᠡᠨ ᠪᠦᠬᠦᠢ ᠭᠠᠯ ᠢ ᠰᠥᠨᠥᠭᠡᠶᠦ ᠥᠴᠦᠬᠡᠨ ᠠᠷᠠᠨ ᠢ ᠦᠶᠢᠯᠡ ᠲᠦᠷ ᠲᠦᠰᠢᠪᠡᠰᠦ ᠤᠯᠤᠰ ᠢᠷᠭᠡᠨ ᠪᠠᠷᠠᠭᠳᠠᠮᠤᠢ ᠵ᠎ᠠ ᠬᠡᠮᠡᠨ ᠥᠭᠦᠯᠡᠭᠰᠡᠨ ᠠᠵᠤᠬᠤ
yaγun üge bölüge , kemen asaγbasu Γou=a-Sečen ögülerün qan kümün=i naran metü büü qojidaγul kemekü minu naran urγubasu sayin ba maγu=dur amidu ba ükügsen=tür tegsi qalaγun gegegen=iyen kürgeyü qan kümün tere metü tegsi sedkil=tü bolbasu yeke ulus=un duran yakin qočirqu # naγur metü büü γolo kemekü minu naγur=tur sayin ba maγu=bar usun oroyu sayin maγu=bar aduγusun usulan oroγad burtaγlabasu naγur tede bügüde=yi ülü γolon singgeyü qan kümün tere metü sedkijü sayin maγu=bar üge sonosbasu ünen=ber qudal yenggüken üges sonosbasu örgesün qadquγan üge=tür ülü oron tegsi bolγaju sonosbasu yeke ulus yakin ebderekü kemegsen ajuqu # Odčigin-noyan=a Tangγudtai Γou=a-Sečen ögülerün küyiten qojiγula=bar γal=i köndöbesü kürkeren büküi γal=i sönögeyü köbegümerküi aran=i üyile=tür tüsibesü kür ulus=i jobaγayu usu=tu qojiγula=bar γal=i köndöbesü ürkiren büküi γal=i sönögeyü öčüken aran=i üyile=tür tüsibesü ulus irgen baraγdamui j=a kemen ögülegsen ajuqu #
94b
ᠬᠣᠩᠬᠣᠲᠠᠨ ᠢ ᠮᠡᠩᠯᠢᠭ ᠡᠴᠢᠭᠡ ᠶᠢᠨ ᠳᠣᠯᠣᠭᠠᠨ ᠬᠥᠪᠡᠭᠦᠳ ᠪᠥᠯᠦᠭᠡ ᠳᠣᠯᠣᠭᠠᠨ ᠤ ᠳᠤᠮᠳᠠᠳᠤ ᠬᠥᠬᠡᠴᠦ ᠲᠡᠪ ᠲᠩᠷᠢ ᠪᠥᠯᠦᠭᠡ ᠳᠣᠯᠣᠭᠠᠨ ᠬᠣᠩᠬᠣᠲᠠᠨ ᠬᠠᠰᠠᠷ ᠢ ᠥᠮᠡᠭᠰᠢᠵᠦ ᠵᠠᠨᠴᠢᠪᠠ ᠬᠠᠰᠠᠷ ᠳᠣᠯᠣᠭᠠᠨ ᠬᠣᠩᠬᠣᠲᠠᠨ᠎ᠠ ᠵᠠᠨᠴᠢᠭᠳᠠᠪᠠ ᠬᠡᠮᠡᠨ ᠪᠣᠭᠳᠠ ᠴᠢᠩᠭᠢᠰ ᠬᠠᠭᠠᠨ᠎ᠠ ᠰᠥᠭᠥᠳᠪᠡᠰᠦ ᠪᠣᠭᠳᠠ ᠴᠢᠩᠭᠢᠰ ᠬᠠᠭᠠᠨ ᠪᠤᠰᠤᠳ᠎ᠠ ᠬᠢᠯᠢᠩᠯᠡᠵᠦ ᠠᠭᠤᠷ ᠳᠤᠮᠳᠠ ᠬᠡᠯᠡᠯᠡᠬᠦ ᠪᠣᠯᠤᠨ ᠬᠠᠭᠠᠨ ᠬᠢᠯᠢᠩᠯᠡᠵᠦ ᠬᠠᠰᠠᠷ ᠲᠤᠷ ᠥᠭᠦᠯᠡᠷᠦᠨ ᠠᠮᠢᠳᠤ ᠳᠠ ᠦᠯᠦ ᠢᠯᠠᠭᠳᠠᠬᠤᠢ ᠠᠴᠠ ᠪᠥᠯᠦᠭᠡ ᠴᠢ ᠶᠠᠬᠢᠨ ᠢᠯᠠᠭᠳᠠᠪᠠ ᠴᠢ ᠬᠡᠮᠡᠪᠡᠰᠦ ᠬᠠᠰᠠᠷ ᠨᠢᠯᠪᠤᠰᠤ ᠠᠯᠳᠠᠭᠠᠳ ᠪᠣᠰᠴᠤ ᠣᠷᠴᠢᠵᠤ ᠬᠠᠰᠠᠷ ᠮᠠᠭᠤᠶᠢᠯᠠᠵᠤ ᠭᠤᠷᠪᠠᠨ ᠡᠳᠦᠷ ᠡᠰᠡ ᠢᠷᠡᠪᠡ ᠲᠡᠪ ᠲᠩᠷᠢ ᠪᠣᠭᠳᠠ ᠴᠢᠩᠭᠢᠰ ᠬᠠᠭᠠᠨ᠎ᠠ ᠢᠷᠡᠵᠦ ᠮᠥᠩᠬᠡ ᠲᠩᠷᠢ ᠶᠢᠨ ᠵᠠᠷᠯᠢᠭ ᠬᠠᠭᠠᠨ ᠢ ᠵᠢᠭᠠᠨ ᠡᠶᠢᠨ ᠥᠭᠦᠯᠡᠷᠦᠨ ᠨᠢᠭᠡᠨ ᠲᠡ ᠲᠦᠮᠦᠵᠢᠨ ᠢ ᠤᠯᠤᠰ ᠪᠠᠷᠢᠲᠤᠭᠠᠢ ᠬᠡᠮᠡᠮᠦ ᠨᠢᠭᠡᠨ ᠲᠡ ᠬᠠᠰᠠᠷ ᠢ ᠬᠡᠮᠡᠮᠦᠢ ᠡᠰᠡ ᠮᠡᠳᠡᠪᠡᠰᠦ ᠮᠡᠳᠡᠭᠡ ᠦᠭᠡᠢ ᠪᠤᠢ ᠵ᠎ᠠ ᠬᠡᠮᠡᠭᠳᠡᠵᠦ ᠬᠡᠮᠡᠨ ᠵᠠᠨᠴᠢᠪᠠ ᠪᠢ ᠪᠣᠭᠳᠠ ᠴᠢᠩᠭᠢᠰ ᠬᠠᠭᠠᠨ ᠮᠣᠷᠢᠯᠠᠵᠤ ᠮᠥᠨ ᠱᠥᠨᠢ ᠬᠠᠰᠠᠷ ᠢ ᠪᠠᠷᠢᠷ᠎ᠠ ᠣᠳᠪᠠᠰᠤ ᠬᠦᠴᠦ ᠬᠥᠬᠡᠴᠦ ᠬᠣᠶᠠᠷ ᠬᠠᠰᠠᠷ ᠢ ᠪᠠᠷᠢᠷ᠎ᠠ ᠣᠳᠪᠠ ᠬᠡᠮᠡᠨ ᠡᠬᠡ ᠳᠡ ᠵᠢᠭᠠᠵᠢᠬᠤᠢ ᠡᠬᠡ ᠮᠡᠳᠡᠭᠡᠳ ᠱᠥᠨᠢ ᠪᠥᠭᠡᠳ ᠤᠳᠠᠭᠠᠷᠠᠨ ᠶᠠᠭᠠᠷᠠᠨ ᠴᠠᠭᠠᠨ ᠲᠡᠮᠡᠭᠡᠨ ᠬᠦᠯᠵᠦ ᠬᠠᠷᠬᠤᠲᠠᠢ ᠲᠡᠷᠭᠡᠲᠡᠢ ᠱᠥᠨᠢ ᠲᠡ ᠳᠥᠯᠢᠨ ᠵᠣᠷᠴᠢᠵᠤ ᠨᠠᠷᠠᠨ ᠤᠷᠭᠤᠬᠤᠢ ᠯᠤᠭ᠎ᠠ ᠬᠦᠷᠪᠡᠰᠦ ᠪᠣᠭᠳᠠ ᠴᠢᠩᠭᠢᠰ ᠬᠠᠭᠠᠨ ᠬᠠᠰᠠᠷ ᠤᠨ ᠬᠠᠨᠴᠤᠨ ᠢ ᠤᠶᠠᠵᠤ ᠮᠠᠯᠠᠭ᠎ᠠ ᠪᠦᠰᠡ ᠢᠨᠤ ᠠᠪᠴᠤ ᠦᠭᠡ ᠢᠨᠤ ᠠᠰᠠᠭᠤᠨ ᠪᠦᠬᠦᠢ ᠲᠦᠷ
Qongqotan=i Menglig ečige=yin doloγan köbegüd bölüge doloγan=u dumdadu Kökečü-Teb-Tngri bölüge doloγan Qongqotan Qasar=i ömegsijü jančiba Qasar doloγan Qongqotan=a jančiγdaba kemen boγda Činggis-qaγan=a sögödbesü boγda Činggis-qaγan busud=a kilinglejü aγur dumda kelelekü bolun qaγan kilinglejü Qasar=tur ögülerün amidu=da ülü ilaγdaqui=ača bölüge či yakin ilaγdaba či kemebesü Qasar nilbusu aldaγad bosču orčiju Qasar maγuyilaju γurban edür ese irebe Teb-Tngri boγda Činggis-qaγan=a irejü möngke tngri=yin jarliγ qaγan=i jiγan eyin ögülerün nigen=te Tümüjin=i ulus barituγai (kememü) nigen=te Qasar=i kememüi ese medebesü medege ügei bui j=a kemegdejü (kemen jančiba bi) boγda Činggis-qaγan morilaju mön šöni Qasar=i barir=a odbasu Küčü Kökečü qoyar Qasar=i barir=a odba kemen (eke=de) jiγajiqui eke medeged šöni böged udaγaran (yaγaran) čaγan temegen küljü qarqutai tergetei šöni=te dölin jorčiju naran urγuqui=luγ=a kürbesü boγda Činggis-qaγan Qasar=un qančun=i uyaju malaγ=a büse inu abču üge inu asaγun büküi=tür
95a
ᠡᠬᠡ ᠢᠨᠤ ᠬᠦᠷᠴᠦ ᠪᠣᠭᠳᠠ ᠴᠢᠩᠭᠢᠰ ᠬᠠᠭᠠᠨ ᠭᠡᠶᠡᠬᠴᠦ ᠰᠣᠴᠢᠨ ᠡᠬᠡ ᠲᠡᠴᠡ ᠡᠮᠢᠶᠡᠪᠡ ᠡᠬᠡ ᠠᠭᠤᠷᠯᠠᠵᠤ ᠬᠦᠷᠴᠦ ᠲᠡᠷᠭᠡᠨ ᠡᠴᠡ ᠪᠠᠭᠤᠭᠠᠳ ᠡᠬᠡ ᠥᠪᠡᠰᠦᠪᠡᠨ ᠬᠠᠰᠠᠷ ᠤᠨ ᠤᠶᠠᠭᠰᠠᠨ ᠬᠠᠨᠴᠤᠨ ᠢ ᠲᠠᠶᠢᠯᠵᠤ ᠲᠠᠯᠪᠢᠭᠠᠳ ᠮᠠᠯᠠᠭ᠎ᠠ ᠪᠦᠰᠡ ᠢᠨᠤ ᠬᠠᠰᠠᠷ᠎ᠠ ᠥᠭᠴᠦ ᠡᠬᠡ ᠬᠢᠯᠢᠩᠯᠡᠵᠦ ᠠᠭᠤᠷ ᠢᠶᠠᠨ ᠳᠠᠷᠤᠨ ᠶᠠᠳᠠᠵᠤ ᠵᠠᠪᠢᠯᠠᠨ ᠰᠠᠭᠤᠵᠤ ᠬᠣᠶᠠᠷ ᠬᠥᠬᠡᠨ ᠢᠶᠡᠨ ᠭᠠᠷᠭᠠᠵᠤ ᠡᠪᠦᠳᠦᠭ ᠳᠡᠭᠡᠬᠦᠨ ᠪᠢᠰᠠᠭᠠᠷᠢ ᠭᠤᠯᠵᠤ ᠥᠪᠡᠷ ᠢᠶᠡᠨ ᠦᠵᠡᠪᠡᠰᠦ ᠬᠥᠬᠡᠭᠰᠡᠳ ᠬᠥᠬᠡᠭᠰᠡᠨ ᠬᠥᠬᠡᠳ ᠬᠥᠬᠥ ᠲᠠᠨ ᠤ ᠡᠨᠡ ᠪᠤᠢ ᠡᠳᠡ ᠬᠠᠳᠠᠬᠤᠨ ᠬᠠᠷᠪᠢᠰᠤᠨ ᠢᠶᠠᠨ ᠬᠠᠵᠢᠭᠰᠠᠨ ᠬᠦᠶᠢᠯᠰᠦᠨ ᠢᠶᠡᠨ ᠲᠠᠰᠤᠯᠤᠭᠰᠠᠨ ᠬᠠᠰᠠᠷ ᠶᠠᠬᠢᠪᠠ ᠲᠦᠮᠦᠵᠢᠨ ᠡᠨᠡ ᠨᠢᠭᠡᠨ ᠬᠥᠬᠡᠨ ᠢ ᠮᠢᠨᠤ ᠪᠠᠷᠠᠬᠤ ᠪᠥᠯᠦᠭᠡ ᠬᠠᠴᠤᠭᠤᠨ ᠣᠳᠴᠢᠭᠢᠨ ᠬᠣᠶᠠᠭᠤᠯᠠ ᠪᠣᠯᠵᠤ ᠨᠢᠭᠡᠨ ᠢ ᠪᠠᠷᠠᠬᠤ ᠪᠥᠯᠦᠭᠡ ᠬᠠᠰᠠᠷ ᠪᠦᠷᠦᠨ ᠬᠣᠶᠠᠷ ᠪᠦᠷᠢ ᠬᠥᠬᠡᠨ ᠢ ᠮᠢᠨᠤ ᠪᠠᠷᠠᠵᠤ ᠴᠢᠭᠡᠵᠢ ᠮᠢᠨᠤ ᠮᠠᠬᠤᠢ ᠪᠣᠯᠬᠤ ᠪᠥᠯᠦᠭᠡ ᠴᠡᠭᠡᠵᠢ ᠡᠷᠳᠡᠮ ᠲᠦ ᠬᠠᠰᠠᠷ ᠮᠢᠨᠤ ᠬᠠᠷᠠ ᠬᠦᠴᠦ ᠡᠷᠳᠡᠮ ᠲᠦ ᠶᠢᠨ ᠲᠤᠯᠠ ᠬᠠᠷᠪᠤᠴᠢᠵᠤ ᠭᠠᠷᠤᠭᠰᠠᠨ ᠢ ᠬᠠᠷᠪᠤᠵᠤ ᠣᠷᠣᠭᠤᠯᠬᠤ ᠪᠥᠯᠦᠭᠡ ᠥᠴᠢᠵᠦ ᠬᠠᠷᠤᠭᠰᠠᠨ ᠢ ᠤᠭᠲᠤᠳᠴᠤ ᠣᠷᠣᠭᠤᠯᠬᠤ ᠪᠥᠯᠦᠭᠡ ᠡᠳᠦᠭᠡ ᠳᠠᠶᠢᠰᠤᠨ ᠬᠦᠮᠦᠨ ᠢ ᠮᠣᠬᠣᠳᠬᠠᠪᠠ ᠡᠴᠦᠯᠭᠡᠪᠡ ᠬᠡᠮᠡᠵᠦ ᠬᠠᠰᠠᠷ ᠢ ᠦᠵᠡᠨ ᠶᠠᠳᠠᠮᠤᠢ ᠲᠠ ᠬᠡᠮᠡᠪᠡ ᠡᠬᠡ ᠶᠢ ᠠᠮᠤᠷᠯᠢᠭᠤᠯᠤᠨ ᠪᠠᠷᠠᠵᠤ ᠪᠣᠭᠳᠠ ᠴᠢᠩᠭᠢᠰ ᠬᠠᠭᠠᠨ ᠥᠭᠦᠯᠡᠷᠦᠨ ᠡᠬᠡ ᠶᠢ ᠭᠡᠨᠡᠳᠲᠡ ᠢᠷᠡᠬᠦᠢ ᠯᠦᠭᠡ ᠠᠶᠤᠬᠤ ᠪᠠᠷ ᠠᠶᠤᠪᠠ ᠢᠴᠡᠬᠦ ᠪᠡᠷ ᠢᠴᠡᠪᠡ ᠪᠢ ᠬᠡᠮᠡᠵᠦ ᠨᠢᠴᠤᠶ᠎ᠠ ᠪᠢᠳᠠ ᠬᠡᠮᠡᠨ ᠨᠢᠴᠤᠪᠠᠢ ᠡᠬᠡ ᠲᠡ ᠦᠯᠦ ᠮᠡᠳᠡᠭᠦᠯ ᠦᠨ ᠡᠴᠢᠨᠡᠬᠦᠨ ᠬᠠᠰᠠᠷ
eke inu kürčü boγda Činggis-qaγan geyekčü (sočin) eke=teče emiyebe eke aγurlaju kürčü tergen=eče baγuγad eke öbesüben Qasar=un uyaγsan qančun=i tayilju talbiγad malaγ=a büse inu Qasar=a ögčü eke kilinglejü aγur=iyan darun yadaju jabilan saγuju qoyar köken=iyen γarγaju ebüdüg degekün bisaγari=γulju öber=iyen üjebesü kökegsed (kökegsen) köked (kökö) tan=u ene bui ede qadaqun qarbisun=iyan (qajiγsan küyilsün=iyen) tasuluγsan Qasar yakiba Tümüjin ene nigen köken=i minu baraqu bölüge Qačuγun Odčigin qoyaγula bolju nigen=i baraqu bölüge Qasar bürün qoyar büri köken=i minu baraju čigeji minu maqui bolqu bölüge čegeji erdem=tü Qasar minu qara küčü erdem=tü=yin tula qarbučiju γaruγsan=i qarbuju oroγulqu bölüge öčijü qaruγsan=i uγtudču oroγulqu bölüge edüge dayisun kümün=i moqodqaba (ečülgebe) kemejü Qasar=i üjen yadamui ta kemebe eke=yi amurliγulun baraju boγda Činggis-qaγan ögülerün eke=yi genedte ireküi=lüge ayuqu=bar ayuba ičekü=ber ičebe bi kemejü ničuy=a bida kemen ničubai eke=te ülü medegül=ün ečinekün Qasar
95b
ᠢᠷᠭᠡᠨ ᠢᠶᠡᠨ ᠠᠪᠴᠤ ᠮᠢᠩᠭᠠᠨ ᠭᠤᠷᠪᠠᠨ ᠵᠠᠭᠤᠨ ᠢᠷᠭᠡᠨ ᠳᠠᠶᠢᠵᠢᠪᠠ ᠡᠬᠡ ᠮᠡᠳᠡᠵᠦ ᠲᠡᠷᠡ ᠰᠡᠳᠬᠢᠯ ᠢᠶᠡᠷ ᠥᠳᠲᠡᠷ ᠲᠦᠯᠢᠭᠰᠠᠨ ᠶᠣᠰᠤᠨ ᠲᠡᠶᠢᠮᠦ ᠪᠥᠯᠦᠭᠡ ᠬᠠᠰᠠᠷ ᠡᠵᠡᠨ ᠳᠠᠶᠢᠵᠢᠨ ᠳᠤᠲᠠᠭᠠᠬᠤᠢ ᠲᠤᠷ ᠤᠯᠤᠰ ᠤᠨ ᠡᠵᠡᠨ ᠵᠠᠷᠯᠢᠭ ᠪᠣᠯᠤᠷᠤᠨ ᠰᠦᠪᠡᠭᠡᠳᠡᠢ ᠪᠠᠭᠠᠲᠤᠷ ᠢ ᠨᠡᠬᠡᠭᠦᠯᠬᠦᠢ ᠲᠦᠷ ᠡᠷᠲᠡ ᠮᠠᠨᠠᠭᠠᠷ ᠥᠭᠦᠯᠡᠷᠦᠨ ᠠᠭᠲᠠ ᠶᠢᠨ ᠲᠡᠷᠢᠭᠦᠨ ᠭᠠᠷᠴᠤ ᠢᠷᠡᠬᠦᠢ ᠲᠦᠷ ᠠᠳᠠᠯᠢ ᠮᠠᠩᠯᠠᠢ ᠶᠢᠨ ᠰᠠᠷ᠎ᠠ ᠮᠠᠯᠠᠭᠠᠢ ᠶᠢᠨ ᠣᠴᠢᠷ ᠪᠣᠯᠤᠭᠰᠠᠨ ᠴᠢᠩ ᠮᠡᠲᠦ ᠡᠪᠬᠡᠭᠰᠡᠨ ᠴᠢᠯᠠᠭᠤᠨ ᠮᠡᠲᠦ ᠵᠠᠩᠭᠢᠳᠤᠭᠰᠠᠨ ᠠᠤᠭ᠎ᠠ ᠨᠥᠬᠥᠳ ᠰᠡᠭᠦᠳᠡᠷ ᠮᠢᠨᠤ ᠬᠤᠯᠤᠰᠤᠨ ᠮᠡᠲᠦ ᠵᠡᠷᠭᠡᠯᠡᠭᠰᠡᠨ ᠬᠣᠲᠠ ᠮᠡᠲᠦ ᠬᠦᠷᠢᠶᠡᠯᠡᠭᠰᠡᠨ ᠠᠯᠪᠠᠲᠠᠨ ᠴᠢᠷᠢᠭ ᠮᠢᠨᠤ ᠰᠣᠨᠣᠰᠤᠭᠲᠤᠨ ᠲᠠ ᠥᠲᠡᠯᠡ ᠶᠠᠪᠤᠬᠤᠢ ᠲᠤᠷ ᠢᠳᠡᠮ ᠪᠢᠷᠤᠭᠤ ᠮᠡᠲᠦ ᠶᠠᠪᠤ ᠢᠳᠡᠪᠬᠢᠯᠡᠬᠦ ᠲᠣᠭᠣᠯᠢᠬᠤ ᠦᠶᠢᠯᠡᠰ ᠲᠦᠷ ᠢᠳᠡᠯᠬᠦ ᠰᠢᠪᠠᠭᠤᠨ ᠮᠡᠲᠦ ᠳᠣᠪᠲᠣᠯᠤᠨ ᠶᠠᠪᠤ ᠨᠠᠭᠠᠳᠤᠨ ᠴᠡᠩᠭᠡᠨ ᠶᠠᠪᠤᠬᠤᠢ ᠳᠤᠷ ᠨᠢᠯᠬ᠎ᠠ ᠤᠨᠠᠭ᠎ᠠ ᠮᠡᠲᠦ ᠶᠠᠪᠤ ᠨᠠᠭᠠᠳᠤ ᠴᠠᠭᠠᠳᠤ ᠯᠤᠭ᠎ᠠ ᠴᠠᠪᠴᠢᠯᠠᠯᠳᠤᠬᠤᠢ ᠲᠤᠷ ᠨᠠᠴᠢᠨ ᠰᠢᠪᠠᠭᠤᠨ ᠮᠡᠲᠦ ᠲᠣᠭᠣᠯᠢᠨ ᠳᠣᠪᠲᠣᠯ ᠤᠨ ᠶᠠᠪᠤᠳᠬᠤᠨ ᠲᠠ ᠰᠠᠭᠤᠨ ᠪᠠᠶᠢᠨ ᠶᠠᠪᠤᠬᠤᠢ ᠲᠤᠷ ᠰᠣᠯᠣᠩᠭ᠎ᠠ ᠪᠢᠷᠤᠭᠤ ᠮᠡᠲᠦ ᠶᠠᠪᠤ ᠰᠣᠷᠣᠪᠬᠢᠯᠠᠬᠤ ᠢᠳᠡᠪᠬᠢᠯᠡᠬᠦ ᠦᠶᠢᠯᠡᠰ ᠲᠦᠷ ᠱᠣᠩᠬᠣᠷ ᠰᠢᠪᠠᠭᠤᠨ ᠮᠡᠲᠦ ᠳᠣᠪᠲᠣᠯᠤᠨ ᠶᠠᠪᠤ ᠬᠠᠨᠢᠰᠠᠨ ᠡᠶᠡᠳᠦᠯᠳᠦᠨ ᠶᠠᠪᠤᠬᠤᠢ ᠲᠤᠷ ᠬᠠᠱᠠᠩ ᠪᠢᠷᠤᠭᠤ ᠮᠡᠲᠦ ᠬᠠᠨᠢᠯᠠᠨ ᠶᠠᠪᠤ ᠬᠠᠷᠢᠲᠠᠨ ᠳᠠᠶᠢᠰᠤᠨ ᠯᠤᠭ᠎ᠠ ᠬᠠᠷᠪᠤᠯᠠᠯᠳᠤᠬᠤᠢ ᠲᠤᠷ
irgen=iyen abču mingγan γurban jaγun irgen dayijiba eke medejü tere sedkil=iyer ödter tüliγsan yosun teyimü bölüge # Qasar ejen dayijin dutaγaqui=tur ulus=un ejen jarliγ bolurun Sübegedei-baγatur=i nekegülküi=tür erte manaγar ögülerün aγta=yin terigün γarču ireküi=tür adali manglai=yin sar=a malaγai=yin očir boluγsan čing metü ebkegsen čilaγun metü janggiduγsan auγ=a nököd següder minu # qulusun metü jergelegsen qota metü küriyelegsen albatan čirig minu sonosuγtun ta # ötele yabuqui=tur idem biruγu metü yabu idebkilekü toγoliqu üyiles=tür idelkü sibaγun metü dobtolun yabu naγadun čenggen yabuqui=dur nilq=a unaγ=a metü yabu naγadu čaγadu=luγ=a čabčilalduqui=tur način sibaγun metü toγolin dobtol=un yabudqun ta # saγun bayin yabuqui=tur solongγ=a biruγu metü yabu sorobkilaqu idebkilekü üyiles=tür šongqor sibaγun metü dobtolun yabu qanisan eyedüldün yabuqui=tur qašang biruγu metü qanilan yabu qaritan dayisun=luγ=a qarbulalduqui=tur
96a
ᠬᠠᠷᠴᠠᠭᠠᠢ ᠰᠢᠪᠠᠭᠤᠨ ᠮᠡᠲᠦ ᠳᠣᠪᠲᠣᠯᠤᠨ ᠶᠠᠪᠤ ᠲᠠ ᠥᠯᠥᠰᠦᠭᠰᠡᠨ ᠪᠠᠷᠰ ᠥᠶᠡᠭᠡᠷᠭᠡᠭᠰᠡᠨ ᠪᠦᠷᠭᠦᠳ ᠮᠡᠲᠦ ᠶᠠᠪᠤ ᠭᠡᠭᠡᠨ ᠡᠳᠦᠷ ᠭᠡᠨᠲᠦ ᠴᠢᠨᠣ᠎ᠠ ᠮᠡᠲᠦ ᠭᠡᠨᠡᠳᠲᠡ ᠶᠠᠪᠤ ᠬᠠᠷᠠᠩᠭᠤᠢ ᠱᠥᠨᠢ ᠬᠠᠷᠠ ᠬᠡᠷᠢᠶ᠎ᠡ ᠮᠡᠲᠦ ᠬᠠᠲᠠᠭᠤᠵᠢᠨ ᠶᠠᠪᠤ ᠵᠢᠳᠬᠡᠷᠴᠢ ᠵᠢᠳᠦᠭᠡᠷᠴᠢ ᠬᠠᠲᠤᠨ ᠬᠦᠮᠦᠨ ᠮᠡᠲᠦ ᠬᠠᠲᠠᠭᠤᠵᠢᠨ ᠶᠠᠪᠤ ᠲᠠ ᠬᠡᠮᠡᠨ ᠵᠠᠷᠯᠢᠭ ᠪᠣᠯᠪᠠᠰᠤ ᠰᠦᠪᠡᠭᠡᠳᠡᠢ ᠪᠠᠭᠠᠲᠤᠷ ᠥᠴᠢᠷᠦᠨ ᠴᠢᠳᠠᠨ ᠶᠠᠳᠠᠨ ᠨᠡᠬᠡᠶ᠎ᠡ ᠴᠢᠳᠠᠬᠤ ᠶᠠᠳᠠᠬᠤ ᠪᠠᠷ ᠶᠠᠪᠤᠵᠤ ᠦᠵᠡᠶ᠎ᠡ ᠡᠵᠡᠨ ᠢ ᠮᠢᠨᠤ ᠪᠤᠶᠠᠨ ᠮᠡᠳᠡᠲᠦᠭᠡᠢ ᠭᠡᠵᠦ ᠠᠶᠢᠯᠠᠳᠬᠠᠨ ᠨᠡᠬᠡᠵᠦ ᠭᠦᠶᠢᠴᠡᠭᠡᠳ ᠬᠠᠰᠠᠷ ᠡᠵᠡᠨ ᠲᠦ ᠪᠠᠭᠠᠲᠤᠷ ᠰᠦᠪᠡᠭᠡᠳᠡᠢ ᠦᠭᠡ ᠥᠴᠢᠷᠦᠨ ᠬᠦᠶᠢ ᠡᠯᠢᠭᠡᠨ ᠡᠴᠡ ᠬᠠᠭᠠᠴᠠᠪᠠᠰᠤ ᠬᠥᠨᠳᠡᠯᠡᠨ ᠬᠦᠮᠦᠨ ᠦ ᠢᠳᠡᠰᠢ ᠪᠣᠯᠤᠮ ᠵ᠎ᠠ ᠤᠷᠤᠭ ᠡᠯᠢᠭᠡᠨ ᠡᠴᠡ ᠬᠠᠭᠠᠴᠢᠪᠠᠰᠤ ᠤᠯᠤᠰ ᠮᠣᠩᠭᠣᠯ ᠤᠨ ᠢᠳᠡᠰᠢ ᠪᠣᠯᠤᠮ ᠵ᠎ᠠ ᠥᠨᠥᠷ ᠬᠦᠮᠦᠨ ᠬᠠᠭᠠᠴᠠᠪᠠᠰᠤ ᠥᠨᠥᠴᠢᠨ ᠬᠦᠮᠦᠨ ᠦ ᠢᠳᠡᠰᠢ ᠪᠣᠯᠤᠮ ᠵ᠎ᠠ ᠣᠯᠠᠨ ᠤᠯᠤᠰ ᠡᠪᠳᠡᠷᠡᠪᠡᠰᠦ ᠣᠭᠣᠷᠴᠣᠭ ᠬᠦᠮᠦᠨ ᠦ ᠢᠳᠡᠰᠢ ᠪᠣᠯᠤᠮ ᠵ᠎ᠠ ᠬᠥᠳᠡᠯᠬᠦ ᠪᠦᠭᠦᠳᠡ ᠣᠯᠳᠠᠮ ᠵ᠎ᠠ ᠬᠦᠶᠢ ᠡᠯᠢᠭᠡᠨ ᠦᠯᠦ ᠣᠯᠳᠠᠮ ᠤᠯᠤᠰ ᠢᠷᠭᠡᠨ ᠣᠯᠳᠠᠮ ᠵ᠎ᠠ ᠤᠷᠤᠭ ᠲᠥᠷᠥᠯ ᠲᠥᠷᠥᠭᠰᠡᠨ ᠦᠯᠦ ᠣᠯᠳᠠᠮ ᠭᠡᠵᠦ ᠬᠡᠯᠡᠪᠡ ᠡᠨᠡ ᠦᠭᠡ ᠶᠢ ᠬᠠᠰᠠᠷ ᠵᠥᠪᠰᠢᠶᠡᠪᠡ ᠵᠠᠯᠠᠶᠢᠷᠳᠠᠢ ᠵᠡᠪᠡᠭᠡ ᠲᠡᠭᠦᠨ ᠡᠴᠡ ᠰᠦᠯᠵᠢᠵᠦ ᠪᠠᠷᠠᠭᠤᠵᠢᠨ ᠣᠷᠣᠨ ᠵᠦᠭ ᠪᠤᠷᠤᠭᠤᠳᠪᠠ ᠲᠡᠭᠦᠨ ᠦ ᠬᠣᠶᠢᠨᠠ ᠶᠢᠰᠦᠨ ᠬᠡᠯᠡᠲᠡᠨ ᠲᠡᠪ ᠲᠡᠩᠷᠢ ᠲᠦᠷ ᠬᠤᠶᠢᠵᠤ ᠬᠤᠷᠠᠵᠤ ᠴᠢᠩᠭᠢᠰ ᠬᠠᠭᠠᠨ ᠤ ᠬᠡᠷᠦᠭᠡᠭᠡᠷ ᠲᠡᠴᠡ ᠲᠡᠪ ᠲᠩᠷᠢ ᠳᠦᠷ
qarčaγai sibaγun metü dobtolun yabu ta # ölösügsen bars öyegergegsen bürgüd metü yabu gegen edür gentü čino=a metü genedte yabu qarangγui šöni qara keriy=e metü qataγujin yabu jidkerči (jidügerči) qatun kümün metü qataγujin yabu ta kemen jarliγ bolbasu Sübegedei-baγatur öčirün čidan yadan nekey=e čidaqu yadaqu=bar yabuju üjey=e ejen=i minu buyan medetügei gejü ayiladqan nekejü güyičeged Qasar ejen=tü baγatur Sübegedei üge öčirün küyi eligen=eče qaγačabasu köndelen kümün=ü idesi bolum j=a uruγ eligen=eče qaγačibasu ulus Mongγol=un idesi bolum j=a # önör kümün qaγačabasu önöčin kümün=ü idesi bolum j=a olan ulus ebderebesü oγorčoγ kümün=ü idesi bolum j=a # ködelkü bügüde oldam j=a küyi eligen ülü oldam ulus irgen oldam j=a uruγ töröl törögsen ülü oldam gejü kelebe ene üge=yi Qasar jöbsiyebe Jalayirdai-Jebege tegün=eče süljijü Baraγujin oron jüg buruγudba # tegün=ü qoyina yisün keleten Teb-Tengri=tür quyiju <quraju> Činggis-qaγan=u kerüge(ger)=teče Teb-Tngri=dür
96b
ᠬᠤᠷᠠᠬᠤᠨ ᠪᠣᠯᠪᠠᠢ ᠲᠡᠶᠢᠨ ᠬᠤᠷᠠᠬᠤᠢ ᠲᠤᠷ ᠲᠡᠮᠦᠭᠡ ᠣᠳᠴᠢᠭᠡᠨ᠎ᠡ ᠬᠠᠷᠢᠶ ᠠ ᠲᠠᠨ ᠢᠷᠭᠡᠨ ᠲᠡᠪ ᠲᠩᠷᠢ ᠲᠦᠷ ᠣᠳᠴᠤᠬᠤᠢ ᠣᠳᠴᠢᠭᠡᠨ ᠨᠣᠶᠠᠨ ᠣᠳᠤᠭᠰᠠᠨ ᠢᠷᠭᠡᠨ ᠪᠡᠨ ᠭᠤᠶᠤᠷ᠎ᠠ ᠰᠣᠬᠣᠷ᠎ᠠ ᠨᠡᠷᠡᠲᠦ ᠡᠯᠴᠢᠨ ᠢᠶᠡᠨ ᠢᠯᠡᠭᠡᠵᠦᠬᠦᠢ ᠲᠡᠪ ᠲᠩᠷᠢ ᠰᠣᠬᠣᠷ ᠡᠯᠴᠢ ᠲᠡ ᠥᠭᠦᠯᠡᠷᠦᠨ ᠣᠳᠴᠢᠭᠡᠨ ᠲᠠ ᠬᠣᠶᠠᠷ ᠰᠠᠶᠢᠨ ᠠᠴᠢᠲᠠᠨ ᠪᠣᠯᠵᠤᠬᠤᠢ ᠬᠡᠮᠡᠵᠦ ᠰᠣᠬᠣᠷ ᠡᠯᠴᠢ ᠶᠢ ᠢᠨᠤ ᠠᠰᠬᠢᠵᠤ ᠵᠣᠪᠠᠭᠠᠨ ᠡᠮᠡᠭᠡᠯ ᠢᠨᠤ ᠦᠷᠭᠦᠭᠦᠯᠵᠦ ᠬᠠᠷᠢᠭᠤᠯᠵᠤᠬᠤᠢ ᠣᠳᠴᠢᠭᠡᠨ ᠰᠣᠬᠣᠷ ᠡᠯᠴᠢ ᠪᠡᠨ ᠠᠰᠬᠢᠭᠳᠠᠵᠤ ᠵᠣᠪᠠᠭᠠᠨ ᠢᠯᠡᠭᠡᠭᠳᠡᠵᠦ ᠮᠠᠨᠠᠭᠠᠷᠠᠰᠢ ᠣᠳᠴᠢᠭᠢᠨ ᠥᠪᠡᠰᠦᠪᠡᠨ ᠲᠡᠪ ᠲᠩᠷᠢ ᠲᠦᠷ ᠣᠳᠴᠤ ᠥᠭᠦᠯᠡᠷᠦᠨ ᠰᠣᠬᠣᠷ ᠡᠯᠴᠢᠨ ᠢᠶᠡᠨ ᠢᠯᠡᠭᠡᠪᠡᠰᠦ ᠠᠰᠬᠢᠵᠤ ᠶᠠᠪᠠᠭᠠᠨ ᠢᠯᠡᠭᠡᠵᠦᠬᠦᠢ ᠪᠢ ᠢᠷᠭᠡᠨ ᠪᠡᠨ ᠭᠤᠶᠤᠷ᠎ᠠ ᠢᠷᠡᠪᠡ ᠬᠡᠮᠡᠭᠳᠡᠵᠦ ᠬᠡᠮᠡᠪᠡᠰᠦ ᠳᠣᠯᠣᠭᠠᠨ ᠬᠣᠩᠬᠣᠲᠠᠨ ᠣᠳᠴᠢᠭᠡᠨ ᠢ ᠡᠨᠳᠡᠴᠡ ᠲᠡᠨᠳᠡᠴᠡ ᠬᠠᠭᠠᠵᠤ ᠰᠣᠬᠣᠷ ᠡᠯᠴᠢᠨ ᠢᠶᠡᠨ ᠢᠯᠡᠭᠡᠬᠦ ᠴᠢᠨᠤ ᠵᠥᠪ ᠲᠦ ᠪᠤᠶᠤ ᠬᠡᠮᠡᠨ ᠪᠠᠷᠢᠬᠤᠢ ᠲᠤᠰᠬᠤᠢ ᠠᠴᠠ ᠬᠢᠭᠳᠡᠷ ᠦᠨ ᠠᠯᠠᠭᠳᠠᠬᠤᠨ ᠠᠴᠠ ᠠᠶᠤᠵᠤ ᠣᠳᠴᠢᠭᠡᠨ ᠨᠣᠶᠠᠨ ᠥᠭᠦᠯᠡᠷᠦᠨ ᠡᠯᠴᠢ ᠢᠯᠡᠭᠡᠬᠦ ᠮᠢᠨᠦᠬᠡᠢ ᠪᠤᠷᠤᠭᠤ ᠬᠡᠮᠡᠵᠦᠬᠦ ᠳᠣᠯᠣᠭᠠᠨ ᠬᠣᠩᠬᠣᠲᠠᠨ ᠥᠭᠦᠯᠡᠷᠦᠨ ᠪᠤᠷᠤᠭᠤ ᠪᠥᠭᠡᠰᠦ ᠨᠠᠮᠠᠨᠴᠢᠯᠠᠨ ᠰᠥᠭᠥᠳ ᠬᠡᠮᠡᠨ ᠲᠡᠪ ᠲᠩᠷᠢ ᠶᠢᠨ ᠬᠣᠶᠢᠨᠠ ᠠᠴᠠ ᠰᠥᠭᠥᠳᠬᠡᠵᠢᠬᠦᠢ ᠢᠷᠭᠡᠨ ᠢᠶᠡᠨ ᠪᠡᠨ ᠡᠰᠡ ᠥᠭᠳᠡᠵᠦ ᠣᠳᠴᠢᠭᠡᠨ ᠮᠠᠨᠠᠭᠠᠷᠠᠰᠢ ᠡᠷᠲᠡ ᠴᠢᠩᠭᠢᠰ ᠬᠠᠭᠠᠨ ᠢ ᠪᠣᠰᠣᠭ᠎ᠠ ᠡᠳᠦᠢ ᠣᠷᠣᠨ ᠳᠣᠲᠣᠷᠠ ᠪᠦᠬᠦᠢ ᠳᠦᠷ ᠣᠷᠣᠵᠤ ᠤᠶᠢᠯᠠᠭᠠᠳ ᠰᠥᠭᠥᠳᠴᠦ ᠥᠭᠦᠯᠡᠷᠦᠨ ᠶᠢᠰᠦᠨ ᠬᠡᠯᠡᠲᠡᠨ ᠢᠷᠭᠡᠨ ᠲᠡᠪ ᠲᠩᠷᠢ
quraqun bolbai teyin quraqui=tur Temüge-Odčigen=e qariy=a=tan irgen Teb-Tngri=tür odčuqui Odčigen-noyan oduγsan irgen=ben γuyur=a Soqor=a neretü elčin=iyen ilegejüküi Teb-Tngri Soqor elči=te ögülerün Odčigen ta qoyar (sayin) ačitan boljuqui kemejü Soqor elči=yi inu askiju jobaγan emegel inu ürgügüljü qariγuljuqui Odčigen Soqor elči=ben askiγdaju jobaγan ilegegdejü manaγarasi Odčigin öbesüben Teb-Tngri=tür odču ögülerün Soqor elčin=iyen ilegebesü askiju yabaγan ilegejüküi bi irgen=ben γuyur=a irebe kemegdejü (kemebesü) doloγan Qongqotan Odčigen=i endeče tendeče qaγaju Soqor elčin=iyen ilegekü činu jöb=tü (buyu) kemen bariqui tusqui=ača kigder=ün (alaγdaqun=ača) ayuju Odčigen-noyan ögülerün elči ilegekü minükei buruγu kemejükü doloγan Qongqotan ögülerün buruγu bögesü namančilan sögöd kemen Teb-Tngri=yin qoyina=ača sögödkejiküi irgen=iyen=ben ese ögdejü Odčigen manaγarasi erte Činggis-qaγan=i bosoγ=a edüi oron dotora büküi=dür oroju uyilaγad sögödčü ögülerün yisün keleten irgen Teb-Tngri
97a
ᠴᠢᠭᠤᠯᠵᠤ ᠨᠠᠳᠠ ᠮᠢᠨᠤ ᠬᠠᠷᠢᠶ ᠠ ᠲᠠᠨ ᠢᠷᠭᠡᠨ ᠢᠶᠡᠨ ᠪᠡᠨ ᠲᠡᠪ ᠲᠩᠷᠢ ᠲᠡᠴᠡ ᠭᠤᠶᠤᠷ᠎ᠠ ᠰᠣᠬᠣᠷ ᠨᠡᠷᠡᠲᠦ ᠡᠯᠴᠢ ᠶᠢ ᠢᠯᠡᠭᠡᠯᠦᠭᠡ ᠰᠣᠬᠣᠷ ᠡᠯᠴᠢ ᠶᠢ ᠮᠢᠨᠤ ᠠᠰᠬᠢᠵᠤ ᠵᠣᠪᠠᠭᠠᠨ ᠡᠮᠡᠭᠡᠯ ᠦᠷᠭᠦᠭᠦᠯᠵᠦ ᠢᠯᠡᠭᠡᠭᠳᠡᠵᠦ ᠪᠢ ᠥᠪᠡᠰᠦᠪᠡᠨ ᠭᠤᠶᠤᠷ᠎ᠠ ᠣᠳᠪᠠᠰᠤ ᠳᠣᠯᠣᠭᠠᠨ ᠬᠣᠩᠬᠣᠲᠠᠨ ᠡᠨᠳᠡᠴᠡ ᠲᠡᠨᠳᠡᠴᠡ ᠬᠠᠭᠠᠵᠤ ᠨᠠᠮᠠᠨᠴᠢᠯᠠᠭᠤᠯᠵᠤ ᠲᠡᠪ ᠲᠩᠷᠢ ᠶᠢᠨ ᠬᠣᠶᠢᠨᠠ ᠠᠴᠠ ᠰᠥᠭᠥᠳᠬᠡᠭᠦᠯᠪᠡ ᠬᠡᠮᠡᠨ ᠤᠶᠢᠯᠠᠪᠠ ᠴᠢᠩᠭᠢᠰ ᠬᠠᠭᠠᠨ ᠢ ᠳᠣᠩᠭᠣᠳ ᠳᠤᠭ᠎ᠠ ᠥᠭᠦᠯᠡᠬᠦᠢ ᠶᠢᠨ ᠡᠳᠦᠬᠦᠶ᠎ᠡ ᠤᠷᠢᠳᠠ ᠪᠥᠷᠲᠡ ᠦᠵᠢᠨ ᠣᠷᠣᠨ ᠳᠣᠲᠣᠷᠠ ᠥᠨᠳᠡᠶᠢᠵᠦ ᠰᠠᠭᠤᠵᠤ ᠬᠥᠨᠵᠢᠯᠡᠨ ᠵᠢᠬ ᠠ ᠪᠠᠷ ᠡᠪᠴᠡᠭᠦ ᠪᠡᠨ ᠲᠦᠶᠢᠳᠴᠦ ᠣᠳᠴᠢᠭᠢᠨ ᠢ ᠤᠶᠢᠯᠠᠬᠤ ᠶᠢ ᠦᠵᠡᠵᠦ ᠨᠢᠯᠪᠤᠰᠤᠨ ᠠᠯᠳᠠᠭᠠᠳ ᠥᠭᠦᠯᠡᠷᠦᠨ ᠶᠠᠬᠢᠭᠰᠠᠨ ᠬᠣᠩᠬᠣᠲᠠᠨ ᠲᠡᠳᠡᠨ ᠢ ᠤᠷᠢᠳᠠ ᠬᠠᠰᠠᠷ ᠥᠮᠥᠭᠯᠡᠵᠦ ᠵᠠᠨᠴᠢᠬᠤ ᠡᠳᠦᠭᠡ ᠪᠠᠰᠠ ᠡᠨᠡ ᠣᠳᠴᠢᠭᠡᠨ ᠢ ᠶᠠᠬᠢᠨ ᠬᠣᠶᠢᠨᠠ ᠠᠴᠠᠭᠠᠨ ᠰᠥᠭᠥᠳᠬᠡᠮᠦ ᠶᠠᠮᠪᠠᠷ ᠶᠣᠰᠤᠨ ᠪᠥᠯᠦᠭᠡ ᠪᠡᠯ ᠴᠢᠮᠠᠶᠢ ᠡᠨᠡ ᠮᠡᠲᠦ ᠪᠦᠬᠦᠢ ᠳᠦᠷ ᠴᠢᠭᠦᠳ ᠬᠥᠪᠡᠭᠦᠳ ᠨᠠᠷᠠᠨ ᠮᠡᠲᠦᠰ ᠳᠡᠭᠦᠦ ᠨᠡᠷ ᠢ ᠴᠢᠨ ᠤ ᠡᠶᠢᠨ ᠥᠰᠥᠯᠳᠦᠮᠦᠢ ᠦᠨᠡ ᠪᠡᠷ ᠮᠥᠨ᠎ᠡ ᠬᠣᠶᠢᠨ᠎ᠠ ᠡᠭᠦᠯᠡᠨ ᠮᠡᠲᠦ ᠪᠡᠶ᠎ᠡ ᠴᠢᠨ ᠤ ᠨᠡᠭᠦᠨ ᠣᠳᠪᠠᠰᠤ ᠢᠲᠡᠭᠡᠯ ᠮᠡᠲᠦ ᠤᠯᠤᠰ ᠢ ᠴᠢᠨ ᠤ ᠬᠡᠨ᠎ᠡ ᠮᠡᠳᠡᠭᠦᠯᠬᠦᠨ ᠲᠡᠳᠡ ᠲᠣᠯᠢ ᠮᠡᠲᠦ ᠪᠡᠶ᠎ᠡ ᠴᠢᠨᠤ ᠲᠣᠯᠪᠠᠰ ᠣᠳᠪᠠᠰᠤ ᠲᠦᠨ ᠮᠡᠲᠦ ᠤᠯᠤᠰ ᠢ ᠴᠢᠨ ᠤ ᠬᠡᠨ᠎ᠡ ᠮᠡᠳᠡᠭᠦᠯᠬᠦᠨ ᠲᠡᠳᠡ ᠴᠢᠭᠦᠳ ᠨᠠᠷᠠᠳ ᠮᠡᠲᠦ ᠳᠡᠭᠦᠦ ᠨᠡᠷ᠎ᠡ ᠴᠢᠨᠤ ᠡᠶᠢᠨ ᠥᠰᠥᠯᠳᠦᠮᠦᠢ ᠵ᠎ᠠ ᠡᠳᠡ ᠠᠷᠠᠨ ᠭᠤᠷᠪᠠᠨ ᠥᠴᠦᠬᠡᠳ ᠰᠢᠷᠬᠤᠳ ᠢ ᠨᠢᠯᠬᠠᠰ ᠢ ᠮᠢᠨᠤ ᠮᠡᠨᠳᠦᠲᠡᠯᠡ ᠶᠠᠭᠤᠨ ᠮᠡᠳᠡᠭᠦᠯᠦᠮ
čiγulju nada (minu) qariy=a=tan irgen=iyen=ben Teb-Tngri=teče γuyur=a Soqor neretü elči=yi ilegelüge Soqor elči=yi minu askiju jobaγan emegel ürgügüljü ilegegdejü bi öbesüben γuyur=a odbasu doloγan Qongqotan endeče tendeče qaγaju namančilaγulju Teb-Tngri=yin qoyina=ača sögödkegülbe kemen uyilaba Činggis-qaγan=i dongγod=duγ=a (ögüleküi=yin) edüküy=e (urida) Börte-Üjin oron dotora öndeyijü saγuju könjilen jiq=a=bar ebčegü=ben tüyidčü Odčigin=i uyilaqu=yi üjejü nilbusun aldaγad ögülerün yakiγsan Qongqotan teden=i (urida Qasar) ömöglejü jančiqu edüge basa ene Odčigen=i yakin qoyina=ačaγan sögödkemü yambar yosun bölüge bel čimayi ene metü büküi=dür čigüd (köbegüd) naran metüs degüü=ner=i čin=u eyin ösöldümüi üne=ber mön=e qoyin=a egülen metü bey=e čin=u negün odbasu itegel metü ulus=i čin=u ken=e medegülkün tede toli metü bey=e činu tolbas odbasu tün metü ulus=i čin=u ken=e medegülkün tede čigüd narad metü degüü=ner=e činu eyin ösöldümüi j=a ede aran γurban öčüked sirqud=i (nilqas=i) minu mendütele yaγun medegülüm
97b
ᠲᠡᠳᠡ ᠶᠠᠬᠢᠭᠰᠠᠨ ᠬᠣᠩᠬᠣᠲᠠᠨ ᠪᠥᠯᠦᠭᠡ ᠳᠡᠭᠦᠦ ᠨᠡᠷ ᠢᠶᠡᠨ ᠲᠡᠳᠡᠨ᠎ᠡ ᠲᠡᠶᠢᠨ ᠬᠢᠭᠦᠯᠵᠦ ᠬᠡᠷ ᠦᠵᠡᠵᠦ ᠠᠮᠤ ᠴᠢ ᠬᠡᠮᠡᠭᠡᠳ ᠪᠥᠷᠲᠡ ᠦᠵᠢᠨ ᠨᠢᠯᠪᠤᠰᠤᠨ ᠠᠯᠳᠠᠪᠠ ᠪᠥᠷᠲᠡ ᠦᠵᠢᠨ ᠦ ᠡᠨᠡ ᠦᠭᠡ ᠲᠦᠷ ᠴᠢᠩᠭᠢᠰ ᠬᠠᠭᠠᠨ ᠣᠳᠴᠢᠭᠢᠨ᠎ᠡ ᠥᠭᠦᠯᠡᠷ ᠦᠨ ᠲᠡᠪ ᠲᠩᠷᠢ ᠡᠳᠦᠭᠡ ᠢᠷᠡᠬᠦ ᠪᠤᠢ ᠴᠢᠳᠠᠬᠤᠢ ᠠᠴᠠ ᠬᠡᠷ ᠪᠡᠷ ᠦᠶᠢᠯᠡᠳᠪᠡᠰᠦ ᠴᠢ ᠮᠡᠳᠡ ᠬᠡᠮᠡᠪᠡ ᠲᠡᠭᠦᠨ ᠲᠦᠷ ᠣᠳᠴᠢᠭᠢᠨ ᠪᠣᠰᠣᠭᠠᠳ ᠨᠢᠯᠪᠤᠰᠤᠨ ᠠᠷᠴᠢᠭᠠᠳ ᠭᠠᠷᠴᠤ ᠭᠤᠷᠪᠠᠨ ᠪᠥᠬᠡᠰ ᠢ ᠪᠡᠯᠡᠳᠴᠦ ᠪᠠᠶᠢᠪᠠ ᠬᠣᠷᠣᠮ ᠤᠳ ᠠᠲᠠᠯᠠ ᠮᠡᠩᠯᠢᠭ ᠡᠴᠢᠭᠡ ᠳᠣᠯᠣᠭᠠᠨ ᠬᠥᠪᠡᠭᠦᠳ ᠯᠦᠭᠡ ᠪᠡᠨ ᠢᠷᠡᠵᠦ ᠳᠣᠯᠣᠭᠠᠨ ᠪᠦᠷᠢ ᠣᠷᠣᠵᠤ ᠲᠡᠪ ᠲᠩᠷᠢ ᠲᠦᠰᠦᠷᠭᠡ ᠶᠢᠨ ᠪᠠᠷᠠᠭᠤᠨ ᠡᠲᠦᠭᠡᠳ ᠰᠠᠭᠤᠬᠤᠢ ᠯᠤᠭ᠎ᠠ ᠣᠳᠴᠢᠭᠢᠨ ᠲᠡᠪ ᠲᠩᠷᠢ ᠶᠢᠨ ᠵᠢᠬ᠎ᠠ ᠢᠨᠤ ᠪᠠᠷᠢᠵᠤ ᠥᠴᠦᠭᠦ ᠲᠦᠷ ᠨᠠᠮᠠᠶᠢ ᠶᠢ ᠨᠠᠮᠠᠨᠴᠢᠯᠠᠭᠤᠯᠤᠨ ᠪᠥᠯᠦᠭᠡᠢ ᠴᠢ ᠰᠣᠷᠢᠯᠳᠤᠶ᠎ᠠ ᠬᠡᠮᠡᠵᠦ ᠵᠢᠬ᠎ᠠ ᠢᠨᠤ ᠪᠠᠷᠢᠵᠤ ᠡᠭᠦᠳᠡᠨ ᠵᠦᠭ ᠴᠢᠷᠪᠡᠢ ᠲᠡᠪ ᠲᠩᠷᠢ ᠣᠳᠴᠢᠭᠡᠨ ᠢ ᠡᠰᠡᠷᠭᠦ ᠵᠢᠬ᠎ᠠ ᠢᠨᠤ ᠪᠠᠷᠢᠵᠤ ᠪᠠᠷᠢᠯᠳᠤᠪᠠ ᠲᠡᠪ ᠲᠩᠷᠢ ᠶᠢᠨ ᠮᠠᠯᠠᠭ᠎ᠠ ᠪᠠᠷᠢᠯᠳᠤᠬᠤᠢ ᠲᠤᠷ ᠭᠣᠯᠣᠮᠲᠠᠨ ᠤ ᠲᠡᠷᠢᠭᠦᠨ᠎ᠡ ᠤᠨᠠᠪᠠ ᠮᠡᠩᠯᠢᠭ ᠡᠴᠢᠭᠡ ᠮᠠᠯᠠᠭ᠎ᠠ ᠢᠨᠤ ᠠᠪᠴᠤ ᠣᠩᠰᠢᠵᠤ ᠭᠠᠰᠢᠭᠤᠳᠠᠨ ᠡᠪᠦᠷ ᠲᠦᠷ ᠢᠶᠡᠨ ᠳᠦᠷᠦᠪᠡ ᠴᠢᠩᠭᠢᠰ ᠬᠠᠭᠠᠨ ᠥᠭᠦᠯᠡᠷᠦᠨ ᠭᠠᠷᠴᠤ ᠪᠥᠬᠡ ᠬᠦᠴᠦ ᠪᠡᠨ ᠲᠡᠮᠡᠴᠡᠯᠳᠦᠳᠬᠦᠨ ᠬᠡᠮᠡᠪᠡ ᠣᠳᠴᠢᠭᠢᠨ ᠲᠡᠪ ᠲᠩᠷᠢ ᠶᠢ ᠴᠢᠷᠴᠦ ᠭᠠᠷᠤᠷ ᠤᠨ ᠡᠭᠦᠳᠡᠨ ᠪᠣᠰᠣᠭ᠎ᠠ ᠠᠯᠬᠤᠷ᠎ᠠ ᠡᠳᠦᠬᠦᠶ᠎ᠡ ᠤᠷᠢᠳᠠ
tede yakiγsan Qongqotan bölüge degüü=ner=iyen teden=e teyin kigüljü ker üjejü amu či kemeged Börte-Üjin nilbusun aldaba Börte-Üjin=ü ene üge=tür Činggis-qaγan Odčigin=e ögüler=ün Teb-Tngri edüge irekü bui čidaqui=ača ker=ber üyiledbesü či mede kemebe tegün=tür Odčigin bosoγad nilbusun arčiγad γarču γurban bökes=i beledčü bayiba qorom=ud atala Menglig ečige doloγan köbegüd=lüge=ben irejü doloγan büri oroju Teb-Tngri tüsürge=yin baraγun etüged saγuqui=luγ=a Odčigin Teb-Tngri=yin jiq=a inu bariju öčügü=tür namayi=yi namančilaγulun bölügei či sorilduy=a kemejü jiq=a inu bariju egüden jüg čirbei Teb-Tngri Odčigen=i esergü jiq=a inu bariju barilduba Teb-Tngri=yin malaγ=a barilduqui=tur γolomtan=u terigün=e unaba Menglig ečige malaγ=a inu abču ongsiju (γasiγudan) ebür=tür=iyen dürübe Činggis-qaγan ögülerün γarču böke küčü=ben temečeldüdkün kemebe Odčigin Teb-Tngri=yi čirčü γarur=un egüden bosoγ=a alqur=a edüküy=e urida
98a
ᠪᠡᠯᠡᠳᠦᠭᠰᠡᠨ ᠭᠤᠷᠪᠠᠨ ᠪᠥᠬᠡᠰ ᠡᠰᠡᠷᠭᠦ ᠲᠡᠪ ᠲᠩᠷᠢ ᠶᠢ ᠪᠠᠷᠢᠭᠠᠳ ᠴᠢᠷᠴᠦ ᠭᠠᠷᠴᠤ ᠨᠢᠷᠤᠭᠤᠨ ᠢ ᠢᠨᠤ ᠬᠤᠭᠤᠯᠵᠤ ᠵᠡᠭᠦᠨ ᠡᠲᠡᠭᠡᠳ ᠦᠨ ᠲᠡᠷᠭᠡᠳ ᠦᠨ ᠦᠵᠦᠭᠦᠷ᠎ᠡ ᠣᠬᠣᠷᠴᠤ ᠣᠳᠴᠢᠭᠢᠨ ᠣᠷᠣᠵᠤ ᠥᠭᠦᠯᠡᠷᠦᠨ ᠲᠡᠪ ᠲᠩᠷᠢ ᠨᠠᠮᠠᠶᠢ ᠶᠢ ᠨᠠᠮᠠᠨᠴᠢᠯᠠᠭᠤᠯᠤᠨ ᠪᠥᠯᠦᠭᠡ ᠰᠣᠷᠢᠯᠳᠤᠶ᠎ᠠ ᠬᠡᠮᠡᠪᠡᠰᠦ ᠦᠯᠦ ᠪᠣᠯᠤᠨ ᠠᠷᠭᠠᠯᠠᠵᠤ ᠬᠡᠪᠲᠡᠮᠦᠢ ᠴᠠᠭ ᠲᠤᠷ ᠨᠥᠬᠥᠷ ᠠᠵᠤᠬᠤ ᠬᠡᠮᠡᠪᠡᠰᠦ ᠮᠡᠩᠯᠢᠭ ᠡᠴᠢᠭᠡ ᠤᠬᠠᠵᠤ ᠨᠢᠯᠪᠤᠰᠤᠨ ᠠᠯᠳᠠᠭᠠᠳ ᠥᠭᠦᠯᠡᠷᠦᠨ ᠳᠠᠶᠢᠷ ᠡᠲᠦᠬᠡᠨ ᠦ ᠳᠡᠭᠡᠯᠰᠦᠨ ᠦ ᠲᠡᠳᠦᠢ ᠪᠦᠬᠦᠢ ᠡᠴᠡ ᠳᠠᠯᠠᠢ ᠮᠥᠷᠡᠨ ᠢ ᠭᠣᠷᠣᠬᠠᠨ ᠤ ᠲᠡᠳᠦᠢ ᠪᠦᠬᠦᠢ ᠲᠦᠷ ᠨᠥᠬᠥᠴᠢᠪᠡ ᠪᠢ ᠬᠡᠮᠡᠬᠦᠢ ᠯᠦᠭᠡ ᠳᠣᠯᠣᠭᠠᠨ ᠬᠣᠩᠬᠣᠲᠠᠨ ᠬᠥᠪᠡᠭᠦᠳ ᠢᠨᠤ ᠡᠭᠦᠳᠡᠨ ᠲᠦᠷ ᠪᠣᠰᠴᠤ ᠭᠣᠯᠣᠮᠲᠠ ᠲᠣᠭᠣᠷᠢᠨ ᠪᠠᠶᠢᠵᠤ ᠬᠠᠨᠴᠤᠨ ᠢᠶᠠᠨ ᠰᠢᠮᠠᠯᠠᠭᠳᠠᠷᠤᠨ ᠴᠢᠩᠭᠢᠰ ᠬᠠᠭᠠᠨ ᠭᠡᠷᠯᠡᠵᠦ ᠭᠡᠷ ᠰᠢᠬᠠᠮ ᠰᠢᠬᠠᠭᠳᠠᠵᠤ ᠶᠠᠭᠠᠷᠠᠨ ᠭᠠᠷᠤᠶ᠎ᠠ ᠬᠡᠮᠡᠭᠡᠳ ᠭᠠᠷᠬᠤᠢ ᠯᠤᠭ᠎ᠠ ᠴᠢᠩᠭᠢᠰ ᠬᠠᠭᠠᠨ ᠤ ᠣᠷᠴᠢᠨ ᠬᠣᠷᠴᠢᠨ ᠲᠣᠷᠭᠠᠰ ᠤᠳ ᠲᠣᠭᠣᠷᠢᠨ ᠪᠠᠶᠢᠪᠠᠢ ᠲᠡᠪ ᠲᠩᠷᠢ ᠶᠢ ᠲᠡᠷᠭᠡᠨ ᠢ ᠦᠵᠦᠭᠦᠷ᠎ᠡ ᠨᠢᠷᠤᠭᠤᠨ ᠢ ᠬᠤᠭᠤᠯᠵᠤ ᠣᠬᠣᠷᠤᠭᠰᠠᠨ ᠢ ᠴᠢᠩᠭᠢᠰ ᠬᠠᠭᠠᠨ ᠦᠵᠡᠵᠦ ᠨᠢᠭᠡᠨ ᠪᠣᠷ᠎ᠠ ᠬᠣᠰᠢᠯᠢᠭ ᠠᠪᠴᠢᠷᠠᠭᠤᠯᠵᠤ ᠲᠡᠪ ᠲᠩᠷᠢ ᠶᠢᠨ ᠳᠡᠭᠡᠷᠡ ᠢᠨᠤ ᠲᠠᠯᠪᠢᠭᠤᠯᠵᠤ ᠡᠳᠦᠭᠡ ᠨᠡᠭᠦᠶ᠎ᠡ ᠬᠡᠮᠡᠵᠦ ᠲᠡᠨᠳᠡᠴᠡ ᠨᠡᠭᠦᠪᠡᠢ ᠲᠡᠪ ᠲᠩᠷᠢ ᠶᠢ ᠲᠠᠯᠪᠢᠭᠰᠠᠨ ᠬᠣᠰᠢᠯᠢᠭ ᠤᠨ ᠡᠷᠦᠬᠡᠨ ᠳᠦᠯᠢᠵᠦ ᠡᠭᠦᠳᠡᠨ ᠳᠠᠷᠤᠵᠤ ᠠᠷᠠᠨᠬᠦᠮᠦᠨ ᠢᠶᠠᠷ ᠰᠠᠬᠢᠭᠤᠯᠪᠠᠢ ᠭᠤᠲᠠᠭᠠᠷ ᠱᠥᠨᠢ ᠡᠳᠦᠷ ᠰᠢᠷᠠ ᠡᠷᠦᠬᠡ
beledügsen γurban bökes esergü Teb-Tngri=yi bariγad čirčü γarču niruγun=i inu quγulju jegün eteged=ün terged=ün üjügür=e oqorču Odčigin oroju ögülerün Teb-Tngri namayi=yi namančilaγulun bölüge sorilduy=a kemebesü ülü bolun arγalaju kebtemüi čaγ=tur nökör ajuqu kemebesü Menglig ečige uqaju nilbusun aldaγad ögülerün dayir etüken=ü degelsün=ü tedüi büküi=eče dalai mören=i γoroqan=u tedüi büküi=tür nököčibe bi kemeküi=lüge doloγan Qongqotan köbegüd inu egüden=tür bosču γolomta toγorin bayiju qančun=iyan simalaγdarun Činggis-qaγan gerlejü (ger siqam) siqaγdaju yaγaran γaruy=a kemeged γarqui=luγ=a Činggis-qaγan=u orčin qorčin torγas=ud toγorin bayibai Teb-Tngri=yi tergen=i üjügür=e niruγun=i quγulju oqoruγsan=i Činggis-qaγan üjejü nigen bor=a qosiliγ abčiraγulju Teb-Tngri=yin degere inu talbiγulju edüge negüy=e kemejü tendeče negübei Teb-Tngri=yi talbiγsan qosiliγ=un erüken dülijü egüden daruju aran(kümün)=iyar sakiγulbai γutaγar šöni edür sira erüke
98b
ᠨᠡᠭᠡᠵᠦ ᠪᠡᠶ᠎ᠡ ᠢᠨᠤ ᠭᠠᠷᠵᠤᠬᠤ ᠪᠣᠯᠭᠠᠪᠠᠰᠤ ᠪᠠᠷᠢᠯᠳᠤᠪᠠᠰᠤ ᠮᠠᠭᠠᠳ ᠲᠡᠪ ᠲᠩᠷᠢ ᠢᠨᠤ ᠲᠡᠨᠳᠡ ᠪᠣᠯᠭᠠᠭᠳᠠᠪᠠ ᠠᠯᠠᠭᠳᠠᠪᠠ ᠴᠢᠩᠭᠢᠰ ᠬᠠᠭᠠᠨ ᠥᠭᠦᠯᠡᠷᠦᠨ ᠲᠡᠪ ᠲᠩᠷᠢ ᠳᠡᠭᠦᠦ ᠨᠡᠷ ᠲᠦᠷ ᠮᠢᠨᠤ ᠭᠠᠷ ᠬᠥᠯ ᠬᠦᠷᠭᠡᠭᠰᠡᠨ ᠦ ᠲᠤᠯᠠ ᠳᠡᠭᠦᠦ ᠨᠡᠷ ᠦᠨ ᠮᠢᠨᠤ ᠵᠠᠭᠤᠷᠠ ᠣᠷᠣ ᠦᠭᠡᠢ ᠵᠡᠩᠭᠦᠭᠳᠡᠭᠰᠡᠨ ᠦ ᠬᠣᠪ ᠥᠭᠦᠯᠡᠭᠰᠡᠨ ᠦ ᠲᠤᠯᠠ ᠲᠩᠷᠢ ᠳᠡ ᠡᠰᠡ ᠲᠠᠭᠠᠯᠠᠭᠳᠠᠵᠤ ᠠᠮᠢᠨ ᠪᠡᠶ᠎ᠡ ᠰᠡᠯᠲᠡ ᠠᠪᠴᠤ ᠣᠳᠪᠠᠢ ᠵ᠎ᠠ ᠬᠡᠮᠡᠪᠡ ᠴᠢᠩᠭᠢᠰ ᠬᠠᠭᠠᠨ ᠮᠡᠩᠯᠢᠭ ᠡᠴᠢᠭᠡ ᠡᠬᠡ ᠶᠢ ᠲᠡᠨᠳᠡ ᠳᠣᠩᠭᠣᠳᠳᠤᠷ ᠤᠨ ᠬᠥᠪᠡᠭᠦᠨ ᠲᠡᠭᠡᠨ ᠠᠪᠤᠷᠢ ᠦᠯᠦ ᠢᠳᠬᠠᠨ ᠲᠡᠩᠭᠡᠴᠢᠨ ᠰᠡᠳᠬᠢᠬᠦ ᠪᠣᠯᠤᠨ ᠲᠡᠪ ᠲᠩᠷᠢ ᠶᠢᠨ ᠲᠡᠷᠢᠭᠦᠨ ᠲᠦᠷ ᠬᠦᠷᠪᠡᠢ ᠲᠠ ᠲᠠᠨ ᠢ ᠲᠡᠶᠢᠮᠦ ᠶᠢ ᠤᠬᠠᠭᠰᠠᠨ ᠪᠥᠭᠡᠰᠦ ᠵᠠᠮᠤᠬ᠎ᠠ ᠠᠯᠲᠠᠨ ᠬᠤᠴᠢᠷ ᠲᠠᠨ ᠤ ᠶᠣᠰᠤᠲᠠᠨ ᠪᠣᠯᠭᠠᠭᠳᠠᠬᠤᠨ ᠪᠥᠯᠦᠭᠡ ᠲᠠᠨ ᠢ ᠬᠡᠮᠡᠵᠦ ᠮᠡᠩᠯᠢᠭ ᠡᠴᠢᠭᠡ ᠶᠢ ᠳᠣᠩᠭᠣᠳᠴᠤ ᠳᠣᠩᠭᠣᠳᠳᠤᠨ ᠪᠠᠷᠠᠵᠤ ᠵᠢᠴᠢ ᠮᠠᠨᠠᠭᠠᠷᠠᠰᠢ ᠥᠭᠦᠯᠡᠭᠰᠡᠨ ᠢ ᠦᠳᠡᠰᠢ ᠤᠳᠠᠷᠪᠠᠰᠤ ᠦᠳᠡ ᠶᠢᠨ ᠥᠭᠦᠯᠡᠭᠰᠡᠨ ᠢ ᠮᠠᠨᠠᠭᠠᠷᠠᠰᠢ ᠤᠳᠠᠷᠪᠠᠰᠤ ᠵᠠᠵᠢᠷᠤ ᠮᠠᠬ᠎ᠠ ᠬᠡᠮᠡᠭᠳᠡᠬᠦᠨ ᠤᠷᠢᠳᠠ ᠦᠭᠡ ᠪᠠᠷᠠᠯᠳᠤ ᠯᠤᠭ᠎ᠠ ᠲᠡᠯᠢ ᠬᠡᠮᠡᠨ ᠰᠣᠶᠣᠷᠬᠠᠵᠤ ᠵᠢᠴᠢ ᠵᠠᠯᠢᠷᠠᠪᠠ ᠠᠯᠤᠰ ᠠᠪᠤᠷᠢ ᠢᠶᠠᠨ ᠲᠠᠲᠠᠭᠰᠠᠨ ᠪᠥᠭᠡᠰᠦ ᠮᠡᠩᠯᠢᠭ ᠡᠴᠢᠭᠡ ᠶᠢᠨ ᠤᠷᠤᠭ ᠲᠤᠷ ᠬᠡᠨ ᠲᠡᠩᠭᠡᠴᠡᠨ ᠪᠥᠯᠦᠭᠡ ᠲᠡᠪ ᠲᠩᠷᠢ ᠶᠢ ᠦᠭᠡᠢ ᠪᠣᠯᠤᠭᠠᠳ ᠬᠣᠩᠬᠣᠷᠠᠨ ᠤ ᠴᠢᠷᠠᠢ ᠰᠢᠪᠲᠤᠷᠤᠵᠤᠬᠤᠢ ᠰᠣᠳᠤ ᠪᠣᠭᠳᠠ ᠡᠵᠡᠨ ᠲᠦ ᠪᠦᠷᠢᠶᠠᠳ ᠤᠨ ᠣᠷᠣ ᠰᠢᠭᠦᠰᠢ ᠶᠡᠬᠡ ᠪᠠᠶᠢᠭᠠᠯ ᠠᠴᠠ
negejü bey=e inu γarjuqu bolγabasu (barildubasu) maγad Teb-Tngri inu tende bolγaγdaba (alaγdaba) Činggis-qaγan ögülerün Teb-Tngri degüü=ner=tür minu γar köl kürgegsen=ü tula degüü=ner=ün minu jaγura oro ügei jenggügdegsen=ü (qob ögülegsen=ü) tula tngri=de ese taγalaγdaju amin bey=e selte abču odbai j=a kemebe Činggis-qaγan Menglig ečige eke=yi tende dongγoddur=un köbegün=tegen aburi ülü idqan tenggečin sedkikü bolun Teb-Tngri=yin terigün=tür kürbei ta tan=i teyimü=yi uqaγsan bögesü Jamuq=a Altan Qučir tan=u yosutan bolγaγdaqun bölüge tan=i kemejü Menglig ečige=yi dongγodču dongγoddun baraju jiči manaγarasi ögülegsen=i üdesi udarbasu üde=yin ögülegsen=i manaγarasi udarbasu jajiru maq=a kemegdekün urida üge baraldu=luγ=a teli kemen soyorqaju jiči jaliraba alus aburi=iyan tataγsan bögesü Menglig ečige=yin uruγ=tur ken tenggečen bölüge Teb-Tngri=yi ügei boluγad Qongqoran=u čirai sibturujuqui # sodu Boγda-Ejen=tü Büriyad=un Oro-Sigüsi yeke Bayiγal=ača
99a
ᠨᠠᠴᠢᠨ ᠢ ᠪᠠᠷᠢᠭᠠᠳ ᠡᠵᠡᠨ ᠲᠦ ᠬᠦᠷᠭᠡᠪᠡᠢ ᠣᠷᠣ ᠰᠢᠭᠦᠰᠢ ᠲᠦᠷ ᠪᠤᠷᠢᠶᠠᠳ ᠢ ᠡᠵᠢᠯᠡᠭᠦᠯᠪᠡᠢ ᠲᠡᠭᠦᠨ ᠦ ᠬᠣᠶᠢᠨᠠ ᠡᠵᠡᠨ ᠨᠠᠴᠢᠨ ᠰᠢᠪᠠᠭᠤᠨ ᠢᠶᠠᠨ ᠣᠯᠬᠤᠢ ᠶᠢᠨ ᠭᠣᠣᠯ ᠠᠴᠠ ᠤᠯᠠ ᠶᠢᠨ ᠭᠣᠣᠯ ᠲᠤ ᠣᠷᠬᠢᠨ ᠶᠠᠪᠤᠬᠤᠢ ᠲᠤᠷ ᠢᠶᠠᠨ ᠵᠤᠷᠴᠢᠳ ᠤᠨ ᠵᠠᠩᠵᠤᠨ ᠬᠠᠭᠠᠨ ᠢ ᠦᠵᠡᠭᠡᠳ ᠳᠠᠭᠤᠳᠠᠬᠤᠢ ᠲᠤᠷ ᠪᠤᠷᠤᠭᠤᠳᠴᠤ ᠡᠰᠡ ᠢᠷᠡᠪᠡᠢ ᠡᠵᠡᠨ ᠬᠠᠷᠢᠭᠠᠳ ᠬᠣᠷᠢᠭᠯᠠᠵᠤ ᠴᠢᠷᠡᠭᠯᠡᠪᠡᠢ ᠤᠯᠠ ᠶᠢᠨ ᠭᠣᠣᠯ ᠣᠯᠣᠮ ᠦᠭᠡᠢ ᠠᠵᠤ ᠲᠡᠭᠦᠨ ᠲᠦᠷ ᠬᠠᠰᠠᠷ ᠤᠨ ᠠᠴᠢ ᠬᠠᠳᠤ ᠰᠢᠷᠠ ᠭᠠᠯᠵᠢᠭᠤ ᠴᠢᠩ ᠲᠠᠶᠢᠵᠢ ᠲᠦᠮᠡᠨ ᠠᠭᠲᠠᠨ ᠤ ᠴᠠᠭᠠᠷᠢᠭ ᠬᠣᠯᠪᠠᠨ ᠬᠠᠱᠬᠢᠷᠴᠤ ᠭᠠᠷᠤᠭᠠᠳ ᠬᠣᠲᠠ ᠶᠢ ᠬᠤᠷᠢᠶᠠᠵᠤ ᠪᠠᠶᠢᠵᠤ ᠲᠦᠮᠡᠨ ᠬᠠᠷᠢᠶᠠᠴᠠᠢ ᠮᠢᠩᠭᠠᠨ ᠮᠢᠭᠤᠢ ᠠᠯᠪᠠ ᠠᠴᠠ ᠭᠡᠵᠦ ᠠᠪᠤᠪᠠ ᠬᠠᠷᠢᠶᠠᠴᠠᠢ ᠲᠤᠷ ᠬᠥᠪᠡᠩ ᠣᠯᠢᠳᠬᠠᠵᠤ ᠣᠷᠢᠶᠠᠵᠤ ᠤᠶᠠᠪᠠᠢ ᠮᠢᠭᠤᠢ ᠲᠤ ᠬᠥᠪᠡᠩ ᠤᠶᠠᠵᠤ ᠭᠠᠯ ᠰᠢᠲᠠᠭᠠᠪᠠᠢ ᠬᠠᠷᠢᠶᠠᠴᠠᠢ ᠡᠭᠦᠷ ᠲᠡᠭᠡᠨ ᠣᠷᠣᠪᠠᠢ ᠮᠢᠭᠤᠢ ᠪᠠᠶᠢᠰᠢᠩ ᠳᠡᠭᠡᠷᠡ ᠭᠠᠷᠪᠠᠢ ᠮᠢᠭᠤᠢ ᠬᠠᠷᠢᠶᠠᠴᠠᠢ ᠬᠣᠶᠠᠷ ᠤᠨ ᠭᠠᠯ ᠢᠶᠠᠷ ᠲᠦᠶᠢᠮᠡᠷᠢᠳᠴᠦ ᠠᠪᠤᠪᠠᠢ ᠵᠢᠭ ᠪᠤᠶᠤ ᠮᠢᠭᠤᠢ ᠪᠤᠶᠤ ᠭᠡᠵᠦ ᠵᠠᠩᠵᠤᠨ ᠬᠠᠭᠠᠨ ᠡᠨᠡ ᠦᠭᠡ ᠬᠡᠯᠡᠪᠡ ᠪᠣᠭᠳᠠ ᠡᠵᠡᠨ ᠵᠠᠩᠵᠤᠨ ᠬᠠᠭᠠᠨ ᠤ ᠥᠬᠢᠨ ᠵᠠᠯᠢᠬᠠᠢ ᠬᠠᠲᠤᠨ ᠢ ᠠᠪᠤᠪᠠᠢ ᠲᠡᠷᠡ ᠬᠠᠲᠤᠨ ᠵᠠᠭᠤᠷᠠ ᠬᠠᠯᠢᠪᠠᠢ ᠭᠡᠬᠦ ᠪᠤᠶᠤ ᠴᠢᠩᠭᠢᠰ ᠬᠠᠭᠠᠨ ᠲᠡᠷᠡ ᠠᠶᠠᠨ ᠠᠶᠠᠯᠠᠵᠤ ᠬᠠᠷᠢᠵᠤ ᠠᠶᠢᠰᠤᠬᠤᠢ ᠲᠤᠷ ᠠᠯᠲᠠᠨ ᠬᠢᠶ᠎ᠠ ᠳᠡᠭᠡᠷᠡ ᠪᠠᠭᠤᠭᠰᠠᠨ ᠲᠤᠷ ᠬᠥᠪᠡᠭᠦᠳ ᠢᠶᠡᠨ ᠰᠣᠶᠣᠨ ᠵᠠᠷᠯᠢᠭ ᠪᠣᠯᠤᠷᠤᠨ ᠮᠥᠨ ᠬᠣᠶᠢᠨᠠ ᠲᠠ ᠥᠨᠳᠥᠷ ᠠᠭᠤᠯᠠ ᠳᠠᠪᠠᠵᠤ ᠥᠷᠭᠥᠨ
način=i bariγad ejen=tü kürgebei Oro-Sigüsi=tür Buriyad=i ejilegülbei tegün=ü qoyina ejen način sibaγun=iyan Olqui=yin-γool=ača Ula=yin-γool=tu orkin yabuqui=tur=iyan Jurčid=un Jangjun-qaγan=i üjeged daγudaqui=tur buruγudču ese irebei ejen qariγad qoriγlaju čireglebei Ula=yin-γool olom ügei aju tegün=tür Qasar=un ači Qadu-Sira , Γaljiγu-čing-tayiji , tümen aγtan=u čaγariγ qolban qaškirču γaruγad qota=yi quriyaju bayiju tümen qariyačai mingγan miγui alba ača gejü abuba qariyačai=tur köbeng olidqaju (oriyaju) uyabai miγui=tu köbeng uyaju γal sitaγabai qariyačai egür=tegen orobai miγui bayising degere γarbai miγui qariyačai qoyar=un γal=iyar tüyimeridčü abubai jig buyu miγui buyu gejü Jangjun-qaγan ene üge kelebe Boγda-Ejen Jangjun-qaγan=u ökin Jaliqai-qatun=i abubai tere qatun jaγura qalibai gekü buyu # Činggis-qaγan tere ayan ayalaju qariju ayisuqui=tur Altan-Kiy=a degere baγuγsan=tur köbegüd=iyen soyon jarliγ bolurun mön qoyina ta öndör aγula dabaju örgön
99b
ᠮᠥᠷᠡᠨ ᠢ ᠭᠡᠲᠦᠯᠵᠦ ᠰᠤᠷ ᠳᠥᠷᠥᠭᠥᠪᠡᠨ ᠰᠤᠨᠲᠠᠯᠠ ᠲᠡᠮᠦᠷ ᠳᠥᠷᠥᠭᠥᠪᠡᠨ ᠬᠢᠶ᠎ᠠ ᠳᠥᠯᠥᠷᠥᠲᠡᠯᠡ ᠵᠢᠭᠶᠢᠵᠦ ᠶᠠᠪᠤᠷ ᠤᠨ ᠲᠠ ᠣᠯᠠᠨ ᠤᠯᠤᠰ ᠢ ᠪᠠᠷᠢᠰᠤ ᠪᠡᠶ᠎ᠡ ᠢᠨᠤ ᠬᠤᠷᠢᠶᠠᠲᠠᠯᠠ ᠰᠡᠳᠬᠢᠯ ᠢ ᠢᠨᠤ ᠬᠤᠷᠢᠶᠠᠭᠲᠤᠨ ᠰᠡᠳᠬᠢᠯ ᠢ ᠢᠨᠤ ᠬᠤᠷᠢᠶᠠᠪᠠᠰᠤ ᠪᠡᠶ᠎ᠡ ᠢᠨᠤ ᠬᠠᠮᠢᠭ᠎ᠠ ᠣᠳᠬᠤ ᠬᠡᠮᠡᠭᠰᠡᠨ ᠠᠵᠤᠬᠤ ᠪᠠᠰᠠ ᠰᠣᠳᠤ ᠪᠣᠭᠳᠠ ᠴᠢᠩᠭᠢᠰ ᠬᠠᠭᠠᠨ ᠨᠠᠷᠠᠨ ᠤᠷᠭᠤᠬᠤᠢ ᠵᠦᠭ ᠰᠣᠯᠣᠩᠭ᠎ᠠ ᠤᠯᠤᠰ ᠲᠤᠷ ᠠᠶᠠᠯᠠᠵᠤ ᠡᠴᠢᠲᠡᠯᠡ ᠦᠨᠡᠭᠡᠨ ᠮᠥᠷᠡᠨ ᠦᠶᠡᠷᠯᠡᠵᠦ ᠡᠵᠡᠨ ᠦ ᠪᠡᠶ᠎ᠡ ᠡᠩ ᠶᠡᠬᠡ ᠴᠢᠷᠢᠭ ᠡᠨᠲᠡᠭᠡ ᠰᠠᠭᠠᠲᠠᠵᠤ ᠰᠠᠭᠤᠪᠠᠢ ᠡᠯᠴᠢ ᠢᠯᠡᠭᠡᠪᠡᠢ ᠡᠵᠡᠨ ᠪᠣᠭᠳᠠ ᠠᠯᠪᠠ ᠠᠴᠠ ᠭᠡᠵᠦ ᠢᠷᠡᠯᠦᠭᠡ ᠭᠡᠵᠦ ᠰᠣᠯᠣᠩᠭ ᠠ ᠤᠳ ᠤᠨ ᠬᠠᠭᠠᠨ ᠲᠤ ᠬᠡᠯᠡᠪᠡᠢ ᠡᠵᠡᠨ ᠦ ᠲᠡᠷᠡ ᠦᠭᠡᠨ ᠲᠦᠷ ᠰᠣᠯᠣᠩᠭ ᠠ ᠤᠳ ᠤᠨ ᠪᠤᠬ ᠠ ᠴᠠᠭᠠᠨ ᠬᠠᠭᠠᠨ ᠥᠪᠡᠷ ᠦᠨ ᠬᠤᠯᠠᠨ ᠨᠡᠷᠡᠲᠦ ᠥᠬᠢᠨ ᠢᠶᠡᠨ ᠥᠭᠭᠦᠨ ᠡᠷᠭᠦᠵᠦ ᠪᠠᠷᠰ ᠭᠡᠷᠲᠡᠢ ᠪᠤᠬ᠎ᠠ ᠰᠣᠯᠣᠩᠭ᠎ᠠ ᠬᠣᠶᠠᠷ ᠣᠲᠣᠭ ᠢᠨᠵᠢᠲᠡᠢ ᠪᠡᠷ ᠣᠩᠭᠣᠴᠠ ᠪᠠᠷ ᠠᠪᠴᠤ ᠢᠷᠡᠪᠡᠢ ᠲᠡᠨᠳᠡᠴᠡ ᠡᠵᠡᠨ ᠪᠣᠭᠳᠠ ᠰᠣᠯᠣᠩᠭ ᠠ ᠤᠳ ᠤᠨ ᠪᠤᠬ ᠠ ᠴᠠᠭᠠᠨ ᠬᠠᠭᠠᠨ ᠡᠬᠢᠯᠡᠨ ᠨᠣᠶᠠᠳ ᠰᠠᠶᠢᠳ ᠪᠦᠭᠦᠳᠡᠭᠡᠷ ᠲᠦᠷ ᠮᠥᠷᠡᠨ ᠬᠡᠲᠦ ᠳᠠᠭᠤᠳᠠᠵᠤ ᠵᠠᠷᠯᠢᠭ ᠪᠣᠯᠪᠠᠢ ᠲᠡᠭᠦᠨ ᠦ ᠬᠣᠶᠢᠨᠠ ᠡᠵᠡᠨ ᠪᠣᠭᠳᠠ ᠬᠤᠯᠠᠨ ᠬᠠᠲᠤᠨ ᠬᠣᠶᠠᠷ ᠳᠡᠷᠡ ᠨᠢᠭᠡᠳᠬᠦᠢ ᠲᠦᠷ ᠬᠡᠭᠡᠷ᠎ᠡ ᠳᠡᠷᠡ ᠨᠢᠭᠡᠳᠪᠡᠰᠦ ᠬᠡᠪ ᠦᠭᠡᠢ ᠪᠣᠯᠤᠨᠠᠮ ᠵ᠎ᠠ ᠭᠡᠷᠲᠡ ᠬᠦᠷᠴᠦ ᠠᠰᠠᠷᠠᠬᠤᠯᠠᠨ ᠶᠠᠮᠪᠠᠷ ᠪᠤᠢ ᠭᠡᠵᠦ ᠪᠦᠭᠦᠳᠡ ᠰᠠᠶᠢᠳ ᠠᠶᠢᠯᠠᠳᠬᠠᠪᠠ ᠲᠡᠶᠢᠮᠦ
mören=i getüljü sur dörögöben suntala temür dörögöben kiy=a dölörötele jigyijü yabur=un ta olan ulus=i barisu bey=e inu quriyatala sedkil=i inu quriyaγtun sedkil=i inu quriyabasu bey=e inu qamiγ=a odqu kemegsen ajuqu # basa sodu boγda Činggis-qaγan naran urγuqui jüg Solongγ=a ulus=tur ayalaju ečitele Ünegen-mören üyerlejü ejen=ü bey=e eng yeke čirig entege saγataju saγubai elči ilegebei Ejen-Boγda alba ača gejü irelüge gejü Solongγ=a=ud=un qaγan=tu kelebei ejen=ü tere ügen=tür Solongγ=a=ud=un Buq=a-Čaγan-qaγan öber=ün Qulan neretü ökin=iyen öggün ergüjü Bars gertei Buq=a Solongγ=a qoyar otoγ injitei=ber ongγoča=bar abču irebei tendeče Ejen-Boγda Solongγ=a=ud=un Buq=a-Čaγan-qaγan ekilen noyad sayid bügüdeger=tür mören ketü daγudaju jarliγ bolbai tegün=ü qoyina Ejen-Boγda Qulan-qatun qoyar dere nigedküi=tür keger=e dere nigedbesü keb ügei bolunam j=a gerte kürčü asaraqulan yambar bui gejü bügüde sayid ayiladqaba teyimü
100a
ᠦᠭᠡᠨ ᠲᠦᠷ ᠡᠰᠡ ᠪᠣᠯᠤᠭᠠᠳ ᠡᠵᠡᠨ ᠳᠡᠷᠡ ᠨᠢᠭᠡᠳᠪᠡᠢ ᠮᠥᠨ ᠲᠡᠷᠡ ᠰᠣᠯᠣᠩᠭ᠎ᠠ ᠤᠯᠤᠰ ᠲᠤᠷ ᠭᠤᠷᠪᠠᠨ ᠵᠢᠯ ᠲᠦᠳᠡᠵᠦ ᠰᠠᠭᠤᠪᠠ ᠠᠷᠭᠠᠰ ᠤᠨ ᠬᠣᠷᠴᠢ ᠶᠢ ᠤᠯᠤᠰ ᠢ ᠵᠠᠰᠠ ᠭᠡᠵᠦ ᠰᠠᠭᠤᠯᠭᠠᠭᠰᠠᠨ ᠠᠵᠤ ᠭᠡᠷ ᠲᠡᠴᠡ ᠡᠵᠡᠨ ᠪᠣᠭᠳᠠ ᠶᠠᠭᠤᠨ ᠲᠤ ᠰᠠᠭᠠᠲᠠᠪᠠᠢ ᠭᠡᠵᠦ ᠠᠷᠭᠠᠰ ᠤᠨ ᠬᠣᠷᠴᠢ ᠶᠢ ᠡᠯᠴᠢ ᠢᠯᠡᠭᠡᠬᠦᠢ ᠲᠦᠷ ᠠᠷᠭᠠᠰ ᠤᠨ ᠬᠣᠣᠷᠴᠢ ᠭᠤᠷᠪᠠᠯᠭᠤᠳ ᠵᠡᠭᠡᠷᠳᠡ ᠶᠢ ᠤᠨᠤᠵᠤ ᠭᠤᠷᠪᠠᠨ ᠰᠠᠷ᠎ᠠ ᠶᠠᠪᠤᠬᠤ ᠭᠠᠵᠠᠷ᠎ᠠ ᠭᠤᠷᠪᠠᠨ ᠬᠣᠨᠣᠭ ᠲᠤ ᠬᠦᠷᠴᠦ ᠡᠵᠡᠨ ᠮᠢᠨᠤ ᠮᠡᠨᠳᠦ ᠪᠤᠶᠤ ᠬᠡᠮᠡᠨ ᠠᠰᠠᠭᠪᠠ ᠮᠡᠨᠳᠦ ᠬᠡᠮᠡᠨ ᠲᠦᠰᠢᠮᠡᠳ ᠬᠡᠯᠡᠪᠡ ᠮᠥᠨ ᠲᠦᠰᠢᠮᠡᠳ ᠪᠡᠷ ᠬᠠᠲᠤᠨ ᠬᠥᠪᠡᠭᠦᠳ ᠬᠠᠮᠤᠭ ᠤᠯᠤᠰ ᠪᠦᠭᠦᠳᠡ ᠮᠡᠨᠳᠦ ᠪᠤᠶᠤ ᠭᠡᠵᠦ ᠠᠰᠠᠭᠪᠠᠢ ᠬᠣᠣᠷᠴᠢ ᠥᠭᠦᠯᠡᠷᠦᠨ ᠬᠠᠲᠤᠨ ᠬᠥᠪᠡᠭᠦᠳ ᠴᠢᠨᠤ ᠮᠡᠨᠳᠦ ᠪᠠᠶᠢᠨᠠᠮ ᠬᠠᠮᠤᠭ ᠤᠯᠤᠰ ᠤᠨ ᠴᠢᠨᠤ ᠵᠠᠩ ᠠᠭᠠᠰᠢ ᠡᠰᠡ ᠮᠡᠳᠡᠪᠡ ᠡᠮ᠎ᠡ ᠬᠥᠪᠡᠭᠦᠳ ᠴᠢᠨᠤ ᠮᠡᠨᠳᠦ ᠪᠠᠶᠢᠨᠠᠮ ᠡᠩ ᠶᠡᠬᠡ ᠤᠯᠤᠰ ᠤᠨ ᠴᠢᠨᠤ ᠵᠠᠩ ᠠᠭᠠᠰᠢ ᠡᠰᠡ ᠮᠡᠳᠡᠪᠡᠢ ᠬᠠᠭᠠᠷᠬᠠᠢ ᠠᠮᠠᠨ ᠳᠠᠭᠠᠨ ᠬᠣᠯᠢᠰᠤᠨ ᠬᠠᠯᠢᠰᠤᠨ ᠣᠯᠵᠤ ᠢᠳᠡᠪᠡ ᠬᠠᠮᠤᠭ ᠤᠯᠤᠰ ᠤᠨ ᠴᠢᠨᠤ ᠵᠠᠩ ᠠᠭᠠᠰᠢ ᠡᠰᠡ ᠮᠡᠳᠡᠪᠡ ᠤᠨᠳᠠᠭᠠᠷᠬᠤ ᠠᠮᠠᠨ ᠳᠠᠭᠠᠨ ᠤᠰᠤᠨ ᠴᠠᠰᠤᠨ ᠣᠯᠵᠤ ᠤᠭᠤᠪᠠ ᠤᠯᠤᠰ ᠮᠣᠩᠭᠣᠯ ᠤᠨ ᠴᠢᠨᠤ ᠵᠠᠩ ᠠᠭᠠᠰᠢ ᠡᠰᠡ ᠮᠡᠳᠡᠪᠡᠢ ᠬᠡᠮᠡᠨ ᠥᠴᠢᠪᠡᠰᠦ ᠡᠵᠡᠨ ᠡᠰᠡ ᠤᠬᠠᠵᠤ ᠪᠠᠰᠠ ᠥᠭᠦᠯᠡ ᠬᠡᠮᠡᠪᠡ ᠠᠷᠭᠠᠰ ᠤᠨ ᠬᠣᠣᠷᠴᠢ ᠥᠴᠢᠷᠦᠨ ᠰᠠᠯᠠ ᠮᠣᠳᠤᠨ ᠲᠤᠷ ᠰᠠᠯᠪᠠᠷ ᠰᠢᠪᠠᠭᠤᠨ ᠥᠨᠳᠡᠭᠡᠯᠡᠪᠡ ᠭᠡᠯᠡ ᠮᠥᠨ ᠰᠠᠯᠠ ᠮᠣᠳᠤᠨ ᠲᠤᠷ ᠢᠲᠡᠭᠡᠵᠦ ᠰᠠᠭᠤᠰᠠᠭᠠᠷ ᠰᠠᠷ ᠰᠢᠪᠠᠭᠤᠨ ᠲᠤ ᠡᠭᠦᠷ ᠢᠶᠡᠨ
ügen=tür ese boluγad ejen dere nigedbei mön tere Solongγ=a ulus=tur γurban jil tüdejü saγuba Arγas=un-qorči=yi ulus=i jasa gejü saγulγaγsan aju ger=teče Ejen-Boγda yaγun=tu saγatabai gejü Arγas=un-qorči=yi elči ilegeküi=tür Arγas=un-qoorči γurbalγud jegerde=yi unuju γurban sar=a yabuqu γajar=a γurban qonoγ=tu kürčü ejen minu mendü buyu kemen asaγba mendü kemen tüsimed kelebe mön tüsimed=ber qatun köbegüd qamuγ ulus bügüde mendü buyu gejü asaγbai qoorči ögülerün qatun köbegüd činu mendü bayinam qamuγ ulus=un činu jang aγasi ese medebe em=e köbegüd činu mendü bayinam eng yeke ulus=un činu jang aγasi ese medebei # qaγarqai aman=daγan qolisun qalisun olju idebe qamuγ ulus=un činu jang aγasi ese medebe undaγarqu aman=daγan usun časun olju uγuba ulus Mongγol=un činu jang aγasi ese medebei kemen öčibesü ejen ese uqaju basa ögüle kemebe Arγas=un-qoorči öčirün sala modun=tur salbar sibaγun öndegelebe gele mön sala modun=tur itegejü saγusaγar sar sibaγun=tu egür=iyen
100b
ᠡᠪᠳᠡᠭᠳᠡᠵᠦ ᠥᠨᠳᠥᠭᠡ ᠵᠤᠯᠵᠠᠭᠠᠪᠠᠨ ᠢᠳᠡᠭᠳᠡᠪᠡ ᠭᠡᠯᠡ ᠬᠤᠯᠤᠰᠤ ᠲᠤ ᠨᠠᠭᠤᠷ ᠲᠤ ᠬᠤᠨ ᠭᠠᠯᠠᠭᠤᠨ ᠥᠨᠳᠡᠭᠡᠯᠡᠪᠡ ᠭᠡᠯᠡ ᠮᠥᠨ ᠬᠤᠯᠤᠰᠤᠨ ᠲᠤᠷ ᠢᠲᠡᠭᠡᠵᠦ ᠰᠠᠭᠤᠰᠠᠭᠠᠷ ᠬᠤᠯᠠᠳᠤ ᠮᠠᠭᠤ ᠰᠢᠪᠠᠭᠤᠨ ᠲᠤᠷ ᠡᠭᠦᠷ ᠢᠶᠡᠨ ᠡᠪᠳᠡᠭᠳᠡᠵᠦ ᠥᠨᠳᠡᠭᠡ ᠵᠤᠯᠵᠢᠭᠠᠪᠠᠨ ᠢᠳᠡᠭᠳᠡᠪᠡ ᠭᠡᠯᠡ ᠬᠤᠲᠤᠭ ᠲᠤ ᠡᠵᠡᠨ ᠮᠢᠨᠤ ᠭᠡᠭᠡᠨ ᠲᠡᠭᠡᠨ ᠠᠶᠢᠯᠠᠳ ᠬᠡᠮᠡᠨ ᠥᠴᠢᠪᠡᠰᠦ ᠡᠵᠡᠨ ᠬᠣᠣᠷᠴᠢ ᠶᠢᠨ ᠡᠨᠡ ᠦᠭᠡ ᠶᠢ ᠤᠬᠠᠪᠤᠤ ᠲᠠ ᠬᠡᠮᠡᠪᠡ ᠲᠦᠰᠢᠮᠡᠳ ᠡᠰᠡ ᠮᠡᠳᠡᠪᠡ ᠡᠵᠡᠨ ᠥᠪᠡᠷ ᠢᠶᠡᠨ ᠮᠡᠳᠡᠵᠦ ᠵᠠᠷᠯᠢᠭ ᠪᠣᠯᠪᠠ ᠰᠠᠯᠠ ᠮᠣᠳᠤᠨ ᠭᠡᠭᠴᠢ ᠬᠠᠮᠤᠭ ᠨᠥᠬᠥᠳ ᠮᠢᠨᠤ ᠪᠤᠶᠤ ᠰᠠᠯᠪᠠᠷ ᠰᠢᠪᠠᠭᠤᠨ ᠭᠡᠭᠴᠢ ᠮᠢᠨᠤ ᠪᠡᠶ᠎ᠡ ᠪᠤᠶᠤ ᠰᠠᠷ ᠰᠢᠪᠠᠭᠤᠨ ᠭᠡᠭᠴᠢ ᠰᠣᠯᠣᠩᠭ ᠠ ᠤᠳ ᠤᠨ ᠤᠯᠤᠰ ᠪᠤᠶᠤ ᠥᠨᠳᠡᠭᠡ ᠵᠤᠯᠵᠢᠭ᠎ᠠ ᠭᠡᠭᠴᠢ ᠬᠠᠲᠤᠨ ᠬᠥᠪᠡᠭᠦᠳ ᠮᠢᠨᠤ ᠪᠤᠶᠤ ᠡᠭᠦᠷ ᠭᠡᠭᠴᠢ ᠡᠩᠬᠡ ᠲᠥᠷᠥ ᠮᠢᠨᠤ ᠪᠤᠶᠤ ᠬᠤᠯᠤᠰᠤ ᠲᠤ ᠨᠠᠭᠤᠷ ᠭᠡᠭᠴᠢ ᠬᠠᠮᠤᠭ ᠤᠯᠤᠰ ᠮᠢᠨᠤ ᠪᠤᠶᠤ ᠬᠤᠨ ᠭᠠᠯᠠᠭᠤᠨ ᠭᠡᠭᠴᠢ ᠮᠢᠨᠤ ᠪᠡᠶ᠎ᠡ ᠪᠤᠶᠤ ᠬᠤᠯᠠᠳᠤ ᠰᠢᠪᠠᠭᠤᠨ ᠭᠡᠭᠴᠢ ᠰᠣᠯᠣᠩᠭ ᠠ ᠤᠳ ᠤᠨ ᠤᠯᠤᠰ ᠪᠤᠶᠤ ᠥᠨᠳᠡᠭᠡ ᠵᠤᠯᠵᠢᠭ᠎ᠠ ᠭᠡᠭᠴᠢ ᠬᠠᠲᠤᠨ ᠬᠥᠪᠡᠭᠦᠳ ᠮᠢᠨᠤ ᠪᠤᠶᠤ ᠡᠭᠦᠷ ᠭᠡᠭᠴᠢ ᠡᠩᠬᠡ ᠲᠥᠷᠥ ᠮᠢᠨᠤ ᠪᠤᠶᠤ ᠬᠡᠮᠡᠨ ᠵᠠᠷᠯᠢᠭ ᠪᠣᠯᠵᠤ ᠠᠯᠲᠠᠨ ᠵᠣᠯᠣᠭᠠᠪᠠᠨ ᠵᠢᠯᠣᠭ ᠠ ᠪᠠᠨ ᠵᠠᠯᠠᠪᠠᠢ ᠪᠣᠭᠳᠠ ᠡᠵᠡᠨ ᠵᠠᠷᠯᠢᠭ ᠪᠣᠯᠪᠠ ᠪᠥᠷᠲᠡᠭᠡᠯᠵᠢᠨ ᠬᠠᠲᠤᠨ ᠮᠢᠨᠤ ᠪᠠᠭ᠎ᠠ ᠴᠠᠭ ᠲᠤᠷ ᠤᠴᠢᠷᠠᠭᠰᠠᠨ ᠪᠥᠯᠦᠭᠡ ᠨᠢᠭᠤᠷ ᠢᠨᠤ ᠦᠵᠡᠬᠦ ᠪᠡᠷᠬᠡ ᠭᠡᠷ ᠳᠡ ᠣᠷᠣᠪᠠᠰᠤ ᠭᠡᠷ ᠢᠨᠤ ᠴᠢᠬᠤᠯ ᠪᠣᠯᠤᠮ ᠵ᠎ᠠ ᠭᠡᠷ ᠳᠡᠬᠢ ᠬᠦᠮᠦᠨ ᠯᠦᠭᠡ ᠡᠰᠡ ᠵᠥᠪᠯᠡᠯᠳᠡᠯᠡ ᠵᠥᠪᠯᠡᠬᠦᠯᠡ ᠬᠠᠷᠢ ᠬᠦᠮᠦᠨ
ebdegdejü öndöge juljaγaban idegdebe gele # qulusu=tu naγur=tu qun γalaγun öndegelebe gele mön qulusun=tur itegejü saγusaγar quladu maγu sibaγun=tur egür=iyen ebdegdejü öndege juljiγaban idegdebe gele qutuγ=tu ejen minu gegen=tegen ayilad kemen öčibesü ejen qoorči=yin ene üge=yi uqabuu ta kemebe tüsimed ese medebe ejen öber=iyen medejü jarliγ bolba sala modun gegči qamuγ nököd minu buyu salbar sibaγun gegči minu bey=e buyu sar sibaγun gegči Solongγ=a=ud=un ulus buyu öndege juljiγ=a gegči qatun köbegüd minu buyu egür gegči engke törö minu buyu # qulusu=tu naγur gegči qamuγ ulus minu buyu qun γalaγun gegči minu bey=e buyu quladu sibaγun gegči Solongγ=a=ud=un ulus buyu öndege juljiγ=a gegči qatun köbegüd minu buyu egür gegči engke törö minu buyu kemen jarliγ bolju altan joloγaban (jiloγ=a=ban) jalabai Boγda-Ejen jarliγ bolba Börtegeljin-qatun minu baγ=a čaγ=tur učiraγsan bölüge niγur inu üjekü berke ger=de orobasu ger inu čiqul bolum j=a ger=deki kümün=lüge ese jöbleldele (jöbleküle) qari kümün
101a
ᠪᠠᠶᠢᠲᠠᠯᠠ ᠢᠯᠡᠲᠡ ᠠᠭᠤᠷᠯᠠᠨ ᠬᠢᠯᠢᠩᠯᠡᠨ ᠰᠠᠭᠤᠪᠠᠰᠤ ᠢᠴᠡᠬᠦ ᠡᠮᠢᠶᠡᠬᠦ ᠮᠡᠲᠦ ᠪᠤᠶᠤ ᠶᠢᠰᠦᠨ ᠥᠷᠯᠥᠭ ᠦᠳ ᠦᠨ ᠮᠢᠨᠤ ᠨᠢᠭᠡᠨ ᠢᠨᠤ ᠦᠭᠡ ᠪᠠᠷᠢᠯᠳᠤᠵᠤ ᠢᠷᠡᠬᠦᠯᠡᠨ ᠴᠢᠬᠤᠯᠠ ᠰᠠᠨᠠᠮ ᠵ᠎ᠠ ᠭᠡᠪᠡ ᠵᠠᠯᠠᠶᠢᠷ ᠤᠨ ᠮᠤᠬᠠᠯᠢ ᠡᠵᠡᠨ ᠦ ᠵᠠᠷᠯᠢᠭ ᠢᠶᠠᠷ ᠣᠳᠤᠭᠠᠳ ᠬᠦᠷᠴᠦ ᠪᠥᠷᠲᠡᠭᠡᠯᠵᠢᠨ ᠬᠠᠲᠤᠨ ᠲᠤᠷ ᠮᠥᠷᠭᠥᠨ ᠰᠠᠭᠤᠪᠠᠢ ᠲᠡᠨᠳᠡᠴᠡ ᠬᠠᠲᠤᠨ ᠡᠶᠢᠨ ᠵᠠᠷᠯᠢᠭ ᠪᠣᠯᠤᠷᠤᠨ ᠡᠵᠡᠨ ᠮᠡᠨᠳᠦ ᠪᠤᠶᠤ ᠴᠢ ᠶᠠᠭᠤᠨ ᠲᠤᠷ ᠢᠷᠡᠪᠡᠢ ᠭᠡᠵᠦ ᠠᠰᠠᠭᠪᠠᠢ ᠡᠵᠡᠨ ᠵᠠᠷᠯᠢᠭ ᠢᠶᠠᠨ ᠮᠡᠳᠡᠭᠦᠯ ᠭᠡᠵᠦ ᠢᠯᠡᠭᠡᠪᠡᠢ ᠪᠠᠶᠢᠭᠤᠯᠤᠭᠰᠠᠨ ᠲᠥᠷᠥ ᠪᠡᠷ ᠡᠰᠡ ᠪᠣᠯᠪᠠ ᠪᠠᠲᠤ ᠲᠥᠷᠥ ᠶᠢᠨ ᠡᠷᠬᠡ ᠪᠡᠷ ᠪᠣᠯᠪᠠ ᠪᠠᠭᠰᠢᠯᠠᠭᠴᠢ ᠰᠠᠶᠢᠳ ᠤᠨ ᠦᠭᠡᠨ ᠲᠦᠷ ᠡᠰᠡ ᠣᠷᠣᠪᠠ ᠪᠠᠷᠠᠰ ᠭᠡᠷ ᠦᠨ ᠥᠩᠭᠡ ᠲᠦᠷ ᠪᠣᠯᠵᠤ ᠪᠣᠭᠳᠠ ᠡᠵᠡᠨ ᠬᠤᠯᠠᠨ ᠬᠠᠲᠤᠨ ᠯᠤᠭ᠎ᠠ ᠳᠡᠷᠡ ᠨᠢᠭᠡᠳᠪᠡ ᠭᠡᠪᠡ ᠪᠥᠷᠲᠡᠭᠡᠯᠵᠢᠨ ᠬᠠᠲᠤᠨ ᠵᠠᠷᠯᠢᠭ ᠪᠣᠯᠤᠷᠤᠨ ᠬᠠᠭᠠᠨ ᠡᠵᠡᠨ ᠦ ᠮᠢᠨᠤ ᠬᠦᠴᠦᠨ ᠪᠤᠢ ᠵ᠎ᠠ ᠬᠠᠷᠮᠠᠢ ᠮᠣᠩᠭᠣᠯ ᠤᠨ ᠳᠤᠷᠠᠨ ᠪᠤᠶᠤ ᠡᠵᠡᠨ ᠪᠣᠭᠳᠠ ᠶᠢᠨ ᠮᠢᠨᠤ ᠬᠦᠴᠦᠨ ᠪᠤᠢ ᠵ᠎ᠠ ᠡᠳᠦᠨ ᠪᠦᠭᠦᠳᠡ ᠶᠢᠨ ᠳᠤᠷᠠᠨ ᠪᠤᠶᠤ ᠡᠷᠭᠢ ᠮᠥᠷᠡᠨ ᠲᠦᠷ ᠬᠤᠨ ᠭᠠᠯᠠᠭᠤᠨ ᠣᠯᠠᠨ ᠭᠡᠨᠡᠮ ᠡᠷᠬᠡᠢ ᠪᠡᠨ ᠴᠢᠨᠲᠡᠯᠡ ᠨᠠᠮᠯᠠᠬᠤ ᠪᠠᠨ ᠡᠵᠡᠨ ᠢᠨᠤ ᠮᠡᠳᠡᠨᠡᠮ ᠵ᠎ᠠ ᠡᠩ ᠶᠡᠬᠡ ᠤᠯᠤᠰ ᠲᠤ ᠥᠬᠢᠳ ᠡᠮᠡᠰ ᠣᠯᠠᠨ ᠭᠡᠨᠡᠮ ᠡᠷᠢᠵᠦ ᠠᠪᠬᠤᠢ ᠪᠠᠨ ᠡᠵᠡᠨ ᠮᠢᠨᠤ ᠥᠪᠡᠷ ᠢᠶᠡᠨ ᠮᠡᠳᠡᠨᠡᠮ ᠵ᠎ᠠ ᠬᠤᠯᠤᠰᠤ ᠲᠤ ᠨᠠᠭᠤᠷ ᠲᠤ ᠬᠤᠨ ᠭᠠᠯᠠᠭᠤᠨ ᠣᠯᠠᠨ ᠭᠡᠨᠡᠮ ᠬᠤᠷᠤᠭᠤ ᠪᠠᠨ ᠴᠢᠨᠲᠡᠯᠡ ᠨᠠᠮᠯᠠᠬᠤᠢ ᠪᠠᠨ ᠡᠵᠡᠨ ᠮᠢᠨᠤ ᠮᠡᠳᠡᠮ ᠵ᠎ᠠ ᠬᠣᠲᠣᠯᠠ ᠶᠡᠬᠡ ᠤᠯᠤᠰ ᠲᠤ ᠥᠬᠢᠳ ᠡᠮᠡᠰ ᠣᠯᠠᠨ
bayitala ilete aγurlan kilinglen saγubasu ičekü emiyekü metü buyu yisün örlög=üd=ün minu nigen inu üge barilduju irekülen čiqula sanam j=a gebe Jalayir=un Muqali ejen=ü jarliγ=iyar oduγad kürčü Börtegeljin-qatun=tur mörgön saγubai tendeče qatun eyin jarliγ bolurun ejen mendü buyu či yaγun=tur irebei gejü asaγbai ejen jarliγ=iyan medegül gejü ilegebei # bayiγuluγsan törö=ber ese bolba batu törö=yin erke=ber bolba baγsilaγči sayid=un ügen=tür ese oroba baras ger=ün öngge=tür bolju Boγda-Ejen Qulan-qatun=luγ=a dere nigedbe gebe Börtegeljin-qatun jarliγ bolurun qaγan ejen=ü minu küčün bui j=a qarmai Mongγol=un duran buyu Ejen-Boγda=yin minu küčün bui j=a edün bügüde=yin duran buyu # ergi mören=tür qun γalaγun olan genem erkei=ben čintele namlaqu=ban ejen inu medenem j=a eng yeke ulus=tu ökid emes olan genem erijü abqui=ban ejen minu öber=iyen medenem j=a # qulusu=tu naγur=tu qun γalaγun olan genem quruγu=ban čintele namlaqui=ban ejen minu medem j=a qotola yeke ulus=tu ökid emes olan
101b
ᠭᠡᠨᠡᠮ ᠬᠤᠲᠤᠭ ᠲᠤ ᠡᠵᠡᠨ ᠮᠢᠨᠤ ᠡᠷᠢᠵᠦ ᠠᠪᠬᠤᠢ ᠪᠠᠨ ᠥᠪᠡᠷ ᠢᠶᠡᠨ ᠮᠡᠳᠡᠨᠡᠮ ᠵ᠎ᠠ ᠡᠷᠢᠬᠡᠢ ᠲᠦ ᠮᠡᠷᠭᠡᠨ ᠡᠷᠭᠢ ᠨᠤᠭᠤᠰᠤ ᠬᠣᠶᠠᠷ ᠢ ᠬᠠᠮᠲᠤ ᠬᠠᠷᠪᠤᠮ ᠭᠡᠯᠡ ᠡᠷᠡ ᠬᠦᠮᠦᠨ ᠳᠤᠷᠠᠯᠠᠬᠤᠯᠠ ᠡᠭᠡᠴᠢ ᠳᠡᠭᠦᠦ ᠬᠣᠶᠠᠷ ᠢ ᠠᠪᠤᠮ ᠭᠡᠯᠡ ᠡᠮᠨᠢᠭ ᠮᠣᠷᠢᠨ ᠲᠡᠷᠡ ᠳᠡᠭᠡᠷᠡ ᠪᠡᠨ ᠡᠮᠡᠭᠡᠯ ᠲᠣᠬᠣᠲᠤᠭᠠᠢ ᠭᠡᠮᠦ ᠡᠮ᠎ᠡ ᠬᠦᠮᠦᠨ ᠳᠡᠭᠡᠷᠡ ᠪᠡᠨ ᠡᠮᠡ ᠠᠪᠲᠤᠭᠠᠢ ᠭᠡᠮᠦ ᠢᠯᠡᠭᠦᠲᠦ ᠮᠠᠭᠤ ᠪᠤᠶᠤ ᠳᠤᠲᠠᠭᠤ ᠲᠤ ᠰᠠᠶᠢᠨ ᠪᠤᠶᠤ ᠳᠡᠭᠡᠯ ᠦᠨ ᠳᠠᠪᠬᠤᠷ ᠦᠯᠦ ᠳᠠᠭᠠᠷᠠᠭᠤᠯᠤᠮ ᠭᠡᠯᠡ ᠳᠡᠭᠡᠰᠦᠨ ᠦ ᠭᠤᠷᠮᠤᠰᠤᠨ ᠦᠯᠦ ᠲᠠᠰᠤᠷᠠᠮ ᠭᠡᠯᠡ ᠭᠡᠵᠦ ᠵᠠᠷᠯᠢᠭ ᠪᠣᠯᠪᠠ ᠪᠣᠭᠳᠠ ᠡᠵᠡᠨ ᠬᠤᠯᠠᠨ ᠬᠠᠲᠤᠨ ᠢ ᠠᠪᠴᠤ ᠢᠷᠡᠬᠦᠢ ᠲᠦᠷ ᠠᠷᠭᠠᠰ ᠤᠨ ᠬᠣᠣᠷᠴᠢ ᠠᠷᠠᠵᠠᠨ ᠲᠤᠷ ᠰᠣᠭᠲᠣᠵᠤ ᠠᠯᠲᠠᠨ ᠬᠣᠷᠢ ᠬᠣᠷᠣᠮᠰᠠᠭ ᠢ ᠠᠪᠴᠤ ᠥᠪᠡᠷᠡ ᠬᠣᠨᠣᠪᠠ ᠭᠡᠵᠦ ᠡᠵᠡᠨ ᠪᠣᠭᠳᠠ ᠪᠣᠭᠣᠷᠴᠢ ᠮᠤᠬᠠᠯᠢ ᠬᠣᠶᠠᠷ ᠢ ᠢᠷᠡ ᠭᠡᠵᠦ ᠠᠷᠭᠠᠰ ᠤᠨ ᠬᠣᠣᠷᠴᠢ ᠶᠢ ᠳᠠᠭᠤᠨ ᠦᠭᠡᠢ ᠳᠣᠬᠢ ᠳᠣᠩᠭᠣᠳᠬᠤᠯ ᠦᠭᠡᠢ ᠲᠡᠪᠴᠢ ᠭᠡᠵᠦ ᠢᠯᠡᠭᠡᠪᠡ ᠪᠣᠭᠣᠷᠴᠢ ᠮᠤᠬᠠᠯᠢ ᠬᠣᠶᠠᠷ ᠡᠴᠢᠵᠦ ᠠᠷᠭᠠᠰ ᠤᠨ ᠬᠣᠷᠴᠢ ᠴᠢᠮᠠᠶᠢ ᠶᠢ ᠠᠷᠠᠵᠢᠨ ᠲᠤ ᠰᠣᠭᠲᠠᠵᠤ ᠠᠯᠲᠠᠨ ᠬᠣᠷᠢ ᠠᠪᠴᠤ ᠥᠪᠡᠷᠡ ᠬᠣᠨᠣᠪᠠ ᠭᠡᠵᠦ ᠳᠠᠭᠤᠨ ᠦᠭᠡᠢ ᠳᠣᠬᠢ ᠳᠣᠩᠭᠣᠳᠬᠠᠯ ᠦᠭᠡᠢ ᠲᠡᠪᠴᠢ ᠭᠡᠵᠦ ᠢᠯᠡᠭᠡᠪᠡ ᠭᠡᠬᠦᠳᠦ ᠠᠷᠭᠠᠰ ᠤᠨ ᠬᠣᠷᠴᠢ ᠦᠭᠡ ᠬᠡᠯᠡᠪᠡ ᠠᠯᠠᠬᠤ ᠬᠦᠮᠦᠨ ᠦ ᠠᠶᠠᠯᠭᠤ ᠶᠢ ᠠᠪᠤᠮ ᠭᠡᠯᠡ ᠦᠬᠦᠬᠦᠢ ᠬᠦᠮᠦᠨ ᠦᠭᠡ ᠪᠡᠨ ᠬᠡᠯᠡᠮ ᠭᠡᠯᠡ ᠡᠵᠡᠨ ᠲᠦ ᠦᠭᠡ ᠪᠡᠨ ᠬᠡᠯᠡᠶᠡᠯᠡ ᠭᠡᠬᠦᠳᠦ ᠲᠡᠷᠡ ᠬᠣᠶᠠᠷ ᠲᠦᠰᠢᠮᠡᠳ ᠡᠰᠡ ᠠᠯᠠᠵᠤ ᠰᠣᠳᠤ ᠶᠢᠨ ᠰᠠᠷᠬᠤᠳ ᠢ
genem qutuγ=tu ejen minu erijü abqui=ban öber=iyen medenem j=a # erikei=tü mergen ergi nuγusu qoyar=i qamtu qarbum gele ere kümün duralaqula egeči degüü qoyar=i abum gele # emnig morin tere degere=ben emegel toqotuγai gemü em=e kümün degere=ben eme abtuγai gemü ilegütü maγu buyu dutaγu=tu sayin buyu degel=ün dabqur ülü daγaraγulum gele degesün=ü γurmusun ülü tasuram gele gejü jarliγ bolba # Boγda-Ejen Qulan-qatun=i abču ireküi=tür Arγas=un-qoorči arajan=tur soγtoju altan qori (qoromsaγ=i) abču öbere qonoba gejü Ejen-Boγda Boγorči Muqali qoyar=i ire gejü Arγas=un-qoorči=yi daγun ügei doki dongγodqul ügei tebči gejü ilegebe Boγorči Muqali qoyar ečijü Arγas=un-qorči čimayi=yi arajin=tu soγtaju altan qori abču öbere qonoba gejü daγun ügei doki dongγodqal ügei tebči gejü ilegebe geküdü Arγas=un-qorči üge kelebe alaqu kümün=ü ayalγu=yi abum gele üküküi kümün üge=ben kelem gele ejen=tü üge=ben keleyele geküdü tere qoyar tüsimed ese alaju sodu=yin sarqud=i
102a
ᠰᠤᠭᠤᠨ ᠲᠤᠷ ᠢᠨᠤ ᠡᠷᠬᠡᠲᠦ ᠶᠢᠨ ᠰᠠᠷᠬᠤᠳ ᠢ ᠡᠪᠴᠢᠭᠦᠨ ᠲᠦᠷ ᠢᠨᠤ ᠪᠠᠷᠢᠭᠤᠯᠵᠤ ᠠᠪᠴᠤ ᠢᠷᠡᠮ ᠭᠡᠬᠦᠯᠡ ᠡᠵᠡᠨ ᠨᠣᠶᠢᠷᠰᠠᠭ᠎ᠠ ᠠᠵᠤᠬᠤ ᠪᠣᠭᠣᠷᠴᠢ ᠮᠤᠬᠠᠯᠢ ᠬᠣᠶᠠᠷ ᠭᠠᠳᠠᠨ ᠠ ᠠᠴᠠ ᠦᠭᠡ ᠠᠶᠢᠯᠠᠳᠬᠠᠪᠠ ᠭᠡᠭᠡᠨ ᠶᠡᠬᠡ ᠣᠷᠳᠣ ᠲᠤᠷ ᠴᠢᠨᠤ ᠭᠡᠷᠡᠯ ᠣᠷᠣᠵᠤ ᠪᠠᠶᠢᠨᠠᠮ ᠭᠡᠷ ᠳᠡ ᠬᠢ ᠥᠬᠢᠳ ᠬᠥᠪᠡᠭᠦᠳ ᠢᠶᠡᠨ ᠰᠡᠷᠢᠭᠦᠯᠡᠰᠡᠢ ᠭᠡᠮ ᠲᠡᠨ ᠵᠢᠮ ᠲᠡᠨ ᠴᠢᠨᠤ ᠬᠤᠷᠠᠵᠤ ᠪᠠᠶᠢᠨᠠᠮ ᠭᠡᠭᠡᠨ ᠶᠡᠬᠡ ᠵᠠᠷᠯᠢᠭ ᠢᠶᠠᠨ ᠥᠭᠴᠦ ᠲᠠᠷᠬᠠᠰᠠᠢ ᠬᠠᠰ ᠶᠡᠬᠡ ᠣᠷᠳᠣ ᠲᠤᠷ ᠴᠢᠨᠤ ᠭᠡᠷᠡᠯ ᠣᠷᠣᠵᠤ ᠪᠠᠶᠢᠨᠠᠮ ᠬᠠᠭᠠᠯᠭ ᠠ ᠲᠤ ᠭᠡᠷ ᠢᠶᠡᠨ ᠡᠭᠦᠳᠡᠨ ᠡᠷᠦᠬᠡ ᠨᠡᠭᠡᠯᠭᠡᠰᠡᠢ ᠭᠠᠰᠢᠭᠤᠲᠠᠨ ᠵᠣᠪᠠᠯᠠᠩ ᠲᠠᠨ ᠴᠢᠨ ᠤ ᠬᠤᠷᠠᠵᠤ ᠪᠠᠶᠢᠨᠠᠮ ᠬᠠᠰ ᠶᠡᠬᠡ ᠵᠠᠷᠯᠢᠭ ᠢᠶᠠᠨ ᠥᠭᠴᠦ ᠲᠠᠷᠬᠠᠭᠠᠰᠠᠢ ᠭᠡᠵᠦ ᠠᠶᠢᠯᠠᠳᠬᠠᠭᠰᠠᠨ ᠲᠤᠷ ᠡᠵᠡᠨ ᠥᠭᠡᠳᠡ ᠪᠣᠯᠪᠠ ᠠᠷᠭᠠᠰ ᠤᠨ ᠬᠣᠷᠴᠢ ᠶᠢ ᠡᠮᠦᠨᠡ ᠪᠡᠨ ᠠᠪᠴᠤ ᠣᠷᠣᠪᠠ ᠡᠵᠡᠨ ᠵᠠᠷᠯᠢᠭ ᠡᠰᠡ ᠪᠣᠯᠪᠠ ᠪᠣᠭᠣᠷᠴᠢ ᠮᠤᠬᠠᠯᠢ ᠬᠣᠶᠠᠷ ᠳᠠᠭᠤᠨ ᠡᠰᠡ ᠭᠠᠷᠪᠠ ᠮᠥᠨ ᠠᠷᠭᠠᠰ ᠤᠨ ᠬᠣᠷᠴᠢ ᠥᠪᠡᠰᠦᠪᠡᠨ ᠠᠶᠢᠯᠠᠳᠬᠠᠪᠠ ᠳᠠᠯᠠᠨ ᠬᠡᠯᠡᠲᠦ ᠴᠠᠭᠴᠠᠬᠠᠢ ᠴᠠᠯᠴᠢᠨ ᠳᠣᠩᠭᠣᠳᠬᠤᠢ ᠲᠤᠷ ᠵᠠᠭᠠᠯᠮᠠᠢ ᠮᠡᠷᠭᠡᠨ ᠢ ᠲᠣᠬᠣᠯᠢᠨ ᠢᠷᠡᠬᠦᠢ ᠲᠦᠷ ᠶᠠᠩ ᠬᠢᠬᠦ ᠳᠠᠭᠤᠨ ᠢᠶᠠᠨ ᠭᠠᠷᠭᠠᠨ ᠡᠰᠡ ᠴᠢᠳᠠᠪᠠ ᠭᠡᠯᠡ ᠵᠠᠶᠠᠭ ᠠ ᠲᠤ ᠡᠵᠡᠨ ᠢᠶᠡᠨ ᠵᠠᠨᠤᠨ ᠬᠢᠨᠠᠨ ᠰᠠᠭᠤᠬᠤᠢ ᠲᠤᠷ ᠶᠠᠩ ᠭᠡᠬᠦ ᠦᠭᠡ ᠪᠡᠨ ᠥᠴᠢᠨ ᠡᠰᠡ ᠴᠢᠳᠠᠪᠠ ᠪᠢ ᠠᠷᠪᠠᠨ ᠨᠠᠰᠤᠨ ᠠᠴᠠ ᠠᠯᠲᠠᠨ ᠬᠣᠷᠢ ᠴᠢᠨ ᠤ ᠬᠠᠳᠠᠭᠠᠯᠠᠮ ᠪᠢᠯᠡ ᠠᠷᠭ᠎ᠠ ᠪᠢᠯᠢᠭ ᠢ ᠴᠢᠨ ᠤ ᠰᠤᠷᠤᠮ ᠪᠢᠯᠡ ᠠᠯᠢᠶ᠎ᠠ ᠮᠠᠭᠤ ᠠᠭᠠᠰᠢ ᠪᠠᠨ ᠡᠰᠡ ᠣᠯᠠᠳᠠᠵᠤ ᠪᠢᠯᠡ ᠠᠷᠠᠵᠢᠨ ᠲᠤ
suγun=tur inu erketü=yin sarqud=i ebčigün=tür inu bariγulju abču irem geküle ejen noyirsaγ=a ajuqu Boγorči Muqali qoyar γadan=a=ača üge ayiladqaba gegen yeke ordo=tur činu gerel oroju bayinam ger=de=ki ökid köbegüd=iyen serigülesei gem=ten jim=ten činu quraju bayinam gegen yeke jarliγ=iyan ögčü tarqasai # qas yeke ordo=tur činu gerel oroju bayinam qaγalγ=a=tu ger=iyen egüden erüke negelgesei γasiγutan jobalang=tan čin=u quraju bayinam qas yeke jarliγ=iyan ögčü tarqaγasai gejü ayiladqaγsan=tur ejen ögede bolba Arγas=un-qorči=yi emüne=ben abču oroba ejen jarliγ ese bolba Boγorči Muqali qoyar daγun ese γarba mön Arγas=un-qorči öbesüben ayiladqaba dalan keletü čaγčaqai čalčin dongγodqui=tur jaγalmai mergen=i toqolin ireküi=tür yang kikü daγun=iyan γarγan ese čidaba gele jayaγ=a=tu ejen=iyen janun kinan saγuqui=tur yang gekü üge=ben öčin ese čidaba bi # arban nasun=ača altan qori čin=u qadaγalam bile arγ=a bilig=i čin=u surum bile aliy=a maγu aγasi=ban ese oladaju bile arajin=tu
102b
ᠡᠨᠳᠡᠭᠰᠡᠨ ᠮᠢᠨᠤ ᠦᠨᠡᠨ ᠠᠷᠠᠵᠢᠨ ᠲᠤ ᠡᠨᠳᠡᠵᠦ ᠠᠯᠲᠠᠨ ᠬᠣᠷᠢ ᠴᠢᠨᠤ ᠠᠪᠴᠤ ᠠᠯᠤᠰ ᠰᠠᠨᠠᠭᠰᠠᠨ ᠮᠢᠨᠤ ᠦᠭᠡᠢ ᠪᠥᠯᠦᠭᠡ ᠬᠣᠷᠢᠨ ᠨᠠᠰᠤᠨ ᠠᠴᠠ ᠬᠣᠲᠣᠩ ᠬᠣᠷᠢ ᠴᠢᠨᠤ ᠬᠠᠳᠠᠭᠠᠯᠠᠮ ᠪᠢᠯᠡ ᠬᠣᠱᠠᠩ ᠪᠢᠯᠢᠭ ᠢ ᠴᠢᠨᠤ ᠰᠤᠷᠤᠮ ᠪᠢᠯᠡ ᠬᠣᠯᠴᠢᠷᠠᠬᠠᠨ ᠮᠠᠭᠤ ᠠᠭᠠᠰᠢᠪᠠᠨ ᠡᠰᠡ ᠣᠯᠠᠳᠠᠵᠤ ᠪᠢᠯᠡ ᠬᠣᠷᠣᠵᠠᠨ ᠲᠤ ᠡᠨᠳᠡᠭᠰᠡᠨ ᠮᠢᠨᠤ ᠦᠨᠡᠨ ᠬᠣᠷᠣᠵᠠᠨ ᠲᠤ ᠡᠨᠳᠡᠵᠦ ᠬᠣᠲᠣᠩ ᠬᠣᠷᠢ ᠴᠢᠨᠤ ᠠᠪᠴᠤ ᠬᠣᠯᠠ ᠰᠠᠨᠠᠭᠰᠠᠨ ᠮᠢᠨᠤ ᠦᠭᠡᠢ ᠪᠥᠯᠦᠭᠡ ᠬᠡᠮᠡᠨ ᠥᠴᠢᠭᠰᠡᠨ ᠲᠦᠷ ᠠᠮᠠᠨ ᠢᠶᠠᠨ ᠰᠠᠶᠢᠨ ᠲᠤ ᠭᠠᠷᠤᠭᠰᠠᠨ ᠠᠷᠭᠠᠰ ᠤᠨ ᠮᠢᠨᠤ ᠬᠣᠰᠢᠩ ᠢᠶᠠᠨ ᠰᠠᠶᠢᠨ ᠲᠤ ᠭᠠᠷᠤᠭᠰᠠᠨ ᠬᠣᠷᠴᠢ ᠮᠢᠨᠤ ᠭᠡᠵᠦ ᠠᠯᠠᠬᠤᠢ ᠪᠠᠨ ᠪᠠᠶᠢᠵᠤ ᠲᠤᠩᠬᠠᠭ ᠵᠠᠷᠯᠢᠭ ᠢᠶᠠᠨ ᠥᠭᠴᠦ ᠲᠠᠷᠬᠠᠪᠠ ᠰᠣᠳᠤ ᠪᠣᠭᠳᠠ ᠴᠢᠩᠭᠢᠰ ᠬᠠᠭᠠᠨ ᠤᠯᠤᠰ ᠳᠠᠭᠠᠨ ᠡᠵᠡᠯᠡᠨ ᠣᠨᠣᠨ ᠤ ᠲᠡᠷᠢᠭᠦᠨ᠎ᠡ ᠶᠢᠰᠦᠨ ᠬᠥᠯ ᠲᠦ ᠴᠠᠭᠠᠨ ᠲᠤᠭ ᠢᠶᠠᠨ ᠪᠠᠶᠢᠭᠤᠯᠬᠤᠢ ᠲᠤᠷ ᠵᠠᠯᠠᠶᠢᠷᠳᠠᠢ ᠮᠤᠬᠠᠯᠢ ᠳᠠ ᠬᠦᠢ ᠣᠩ ᠴᠢᠩᠰᠠᠩ ᠲᠠᠶᠢᠰᠢ ᠴᠣᠯᠠ ᠥᠭᠪᠡᠰᠦ ᠲᠠᠩᠭᠤᠳᠠᠢ ᠭᠤᠶᠢᠯᠢᠳᠠᠷ ᠤᠨ ᠬᠥᠪᠡᠭᠦᠨ ᠮᠥᠩᠬᠡ ᠬᠠᠯᠴᠠᠬᠤ ᠥᠭᠦᠯᠡᠷᠦᠨ ᠬᠦᠢ ᠨᠡᠷ ᠡ ᠲᠦᠷ ᠢᠶᠡᠨ ᠪᠦᠦ ᠬᠦᠨᠳᠦᠷᠬᠡ ᠣᠩ ᠨᠡᠷ ᠡ ᠲᠦᠷ ᠢᠶᠡᠨ ᠪᠦᠦ ᠣᠮᠣᠭᠰᠢ ᠴᠢᠩᠰᠠᠩ ᠨᠡᠷ ᠡ ᠲᠦᠷ ᠢᠶᠡᠨ ᠪᠦᠦ ᠴᠠᠳ ᠲᠠᠶᠢᠰᠢ ᠨᠡᠷ ᠡ ᠲᠦᠷ ᠪᠦᠦ ᠳᠠᠮᠯᠠ ᠤᠨᠳᠠᠨ ᠰᠣᠶᠣᠷᠬᠠᠯ ᠲᠤᠷ ᠪᠦᠦ ᠰᠣᠭᠲᠠ ᠳᠠᠷᠠᠰᠤᠨ ᠲᠤᠷ ᠪᠦᠦ ᠳᠠᠭᠠᠮᠵᠢᠷ᠎ᠠ ᠤᠯᠠᠮᠠᠯᠠᠨ ᠬᠦᠴᠦᠨ ᠢᠶᠡᠨ ᠥᠭ ᠬᠡᠮᠡᠨ ᠥᠭᠦᠯᠡᠭᠰᠡᠨ ᠠᠵᠤᠬᠤ ᠴᠢᠩᠭᠢᠰ ᠬᠠᠭᠠᠨ
endegsen minu ünen arajin=tu endejü altan qori činu abču alus sanaγsan minu ügei bölüge # qorin nasun=ača qotong qori činu qadaγalam bile qošang bilig=i činu surum bile qolčiraqan maγu aγasiban ese oladaju bile qorojan=tu endegsen minu ünen qorojan=tu endejü qotong qori činu abču qola sanaγsan minu ügei bölüge kemen öčigsen=tür aman=iyan sayin=tu γaruγsan Arγas=un minu qosing=iyan sayin=tu γaruγsan qorči minu gejü alaqui=ban bayiju tungqaγ jarliγ=iyan ögčü tarqaba # sodu boγda Činggis-qaγan ulus=daγan ejelen Onon=u terigün=e yisün köl=tü čaγan tuγ=iyan bayiγulqui=tur Jalayirdai-Muqali=da küi-ong-čingsang-tayisi čola ögbesü Tangγudai-Γuyilidar=un köbegün Möngke-Qalčaqu ögülerün küi ner=e=tür=iyen büü kündürke ong ner=e=tür=iyen büü omoγsi čingsang ner=e=tür=iyen büü čad tayisi ner=e=tür büü damla # undan soyorqal=tur büü soγta darasun=tur büü daγamjir=a ulamalan küčün=iyen ög kemen ögülegsen ajuqu # Činggis-qaγan
103a
ᠤᠷᠤᠭ ᠤᠳ ᠢᠶᠠᠨ ᠰᠣᠶᠣᠨ ᠵᠠᠷᠯᠢᠭ ᠪᠣᠯᠤᠷᠤᠨ ᠤᠷᠤᠰᠤᠨ ᠪᠦᠬᠦ ᠮᠥᠷᠡᠨ ᠦ ᠵᠠᠭᠠᠰᠤᠨ ᠤᠬᠠᠮᠰᠠᠷ ᠰᠡᠷᠡᠮᠰᠡᠷ ᠦᠭᠡᠢ ᠪᠦᠬᠦᠢ ᠲᠦᠷ ᠢᠶᠡᠨ ᠤᠳᠬᠤᠵᠤ ᠵᠡᠳᠬᠦᠵᠦ ᠠᠪᠲᠠᠶᠤ ᠤᠬᠠᠨ ᠰᠡᠷᠡᠨ ᠪᠠᠷᠢᠪᠠᠰᠤ ᠲᠤᠷᠤᠭ ᠭᠦᠨ ᠤᠰᠤᠨ ᠲᠤᠷ ᠢᠶᠠᠨ ᠲᠤᠷᠤᠭᠭᠦᠨ ᠲᠠᠭᠠᠨ ᠣᠷᠣᠶᠤ ᠤᠬᠠᠭᠠᠲᠠᠨ᠎ᠠ ᠥᠭᠦᠯᠡᠪᠡᠰᠦ ᠤᠯᠠᠮ ᠤᠬᠠᠵᠤ ᠪᠢᠯᠢᠭ ᠪᠣᠯᠭᠠᠶᠤ ᠤᠬᠠᠭᠠᠨ ᠦᠭᠡᠬᠦᠨ᠎ᠡ ᠥᠭᠦᠯᠡᠪᠡᠰᠦ ᠣᠭᠲᠠᠰ ᠭᠠᠷᠴᠤ ᠣᠳᠤᠶᠤ ᠴᠡᠭᠡᠯ ᠤᠰᠤᠨ ᠤ ᠵᠠᠭᠠᠰᠤᠨ ᠰᠡᠷᠡᠮᠰᠡᠷ ᠤᠬᠠᠮᠰᠠᠷ ᠦᠭᠡᠢ ᠪᠦᠬᠦᠢ ᠲᠦᠷ ᠢᠶᠡᠨ ᠰᠡᠷᠡᠭᠡ ᠪᠡᠷ ᠰᠡᠯᠪᠢᠵᠦ ᠬᠦᠷᠴᠦ ᠠᠪᠲᠠᠶᠤ ᠰᠡᠷᠡᠨ ᠤᠬᠠᠨ ᠪᠠᠷᠠᠪᠠᠰᠤ ᠴᠡᠭᠡᠯ ᠤᠰᠤᠨ ᠲᠤᠷ ᠢᠶᠠᠨ ᠲᠤᠷᠤᠭ ᠲᠠᠭᠠᠨ ᠣᠷᠣᠶᠤ ᠴᠢᠭᠡᠵᠢ ᠲᠡᠨ᠎ᠡ ᠥᠭᠦᠯᠡᠪᠡᠰᠦ ᠰᠡᠷᠢᠵᠦ ᠤᠬᠠᠵᠤ ᠪᠢᠯᠢᠭ ᠪᠣᠯᠭᠠᠶᠤ ᠴᠢᠭᠡᠵᠢ ᠦᠭᠡᠬᠦᠨ᠎ᠡ ᠥᠭᠦᠯᠡᠪᠡᠰᠦ ᠰᠡᠲᠡᠰ ᠭᠠᠷᠴᠤ ᠣᠳᠤᠶᠤ ᠰᠡᠳᠬᠢᠭᠳᠡᠬᠦ ᠤᠬᠠᠭᠳᠠᠬᠤᠢ ᠪᠤᠢ ᠲᠡᠳᠡᠨ ᠢ ᠬᠡᠮᠡᠨ ᠵᠠᠷᠯᠢᠭ ᠪᠣᠯᠤᠭᠰᠠᠨ ᠠᠵᠤᠬᠤ ᠴᠢᠩᠭᠢᠰ ᠬᠠᠭᠠᠨ ᠵᠠᠮᠤᠬ ᠠ ᠲᠠᠢ ᠬᠠᠮᠲᠤ ᠶᠠᠪᠤᠲᠠᠯᠠ ᠪᠣᠭᠳᠠ ᠡᠵᠡᠨ ᠦ ᠮᠣᠷᠢᠨ ᠪᠦᠳᠦᠷᠢᠪᠡᠰᠦ ᠡᠵᠡᠨ ᠮᠣᠷᠢᠨ ᠤ ᠲᠡᠷᠢᠭᠦᠨ ᠢ ᠮᠢᠨᠠᠬ ᠠ ᠪᠠᠷ ᠲᠠᠰᠢᠭᠤᠷ ᠢᠶᠠᠷ ᠳᠡᠯᠡᠳᠦᠭᠰᠡᠨ ᠲᠦᠷ ᠵᠠᠮᠤᠬ᠎ᠠ ᠢᠨᠢᠭᠡᠪᠡᠰᠦ ᠡᠵᠡᠨ ᠵᠠᠷᠯᠢᠭ ᠪᠣᠯᠤᠷᠤᠨ ᠵᠠᠮᠤᠬ᠎ᠠ ᠴᠢᠮᠠᠳᠤᠷ ᠶᠠᠮᠪᠠᠷ ᠪᠠᠶᠠᠷ ᠪᠣᠯᠪᠠ ᠬᠡᠮᠡᠪᠡᠰᠦ ᠵᠠᠮᠤᠬ᠎ᠠ ᠥᠴᠢᠷᠦᠨ ᠪᠣᠷᠣ ᠡᠲᠦᠬᠡᠨ ᠡᠬᠡ ᠶᠢᠨ ᠳᠠᠷᠤᠯᠭ᠎ᠠ ᠪᠤᠷᠬᠠᠨ ᠬᠠᠯᠳᠤᠨ ᠪᠤᠢ ᠵ᠎ᠠ ᠪᠦᠬᠦ ᠤᠯᠤᠰ ᠤᠨ ᠡᠵᠡᠨ ᠪᠣᠭᠳᠠ ᠴᠢ ᠪᠤᠢ ᠵ᠎ᠠ ᠬᠥᠯ ᠦᠨ ᠡᠨᠳᠡᠭᠰᠡᠨ ᠢ ᠲᠡᠷᠢᠭᠦᠨ ᠡᠴᠡ ᠠᠪᠬᠤ ᠪᠤᠶᠤ
uruγ=ud=iyan soyon jarliγ bolurun urusun bükü mören=ü jaγasun uqamsar seremser ügei büküi=tür=iyen udquju jedküjü abtayu uqan seren baribasu turuγ (gün) usun=tur=iyan turuγ(gün)=taγan oroyu # uqaγatan=a ögülebesü ulam uqaju bilig bolγayu uqaγan ügekün=e ögülebesü oγtas γarču oduyu # čegel usun=u jaγasun seremser uqamsar ügei büküi=tür=iyen serege=ber selbijü kürčü abtayu seren uqan barabasu čegel usun=tur=iyan turuγ=taγan oroyu čigeji=ten=e ögülebesü serijü uqaju bilig bolγayu čigeji ügekün=e ögülebesü setes γarču oduyu sedkigdekü uqaγdaqui bui teden=i kemen jarliγ boluγsan ajuqu # Činggis-qaγan Jamuq=a=tai qamtu yabutala Boγda-Ejen=ü morin büdüribesü ejen morin=u terigün=i minaq=a=bar (tasiγur=iyar) deledügsen=tür Jamuq=a inigebesü ejen jarliγ bolurun Jamuq=a čimadur yambar bayar bolba kemebesü Jamuq=a öčirün boro etüken eke=yin darulγ=a Burqan-Qaldun bui j=a bükü ulus=un ejen boγda či bui j=a # köl=ün endegsen=i terigün=eče abqu buyu
103b
ᠬᠥᠪᠡᠭᠦᠨ ᠦ ᠡᠨᠳᠡᠭᠰᠡᠨ ᠢ ᠡᠴᠢᠭᠡ ᠡᠴᠡ ᠠᠪᠬᠤ ᠪᠤᠶᠤ ᠪᠣᠷᠣ ᠡᠲᠦᠬᠡᠨ ᠢ ᠡᠨᠳᠡᠭᠰᠡᠨ ᠢ ᠪᠤᠷᠬᠠᠨ ᠬᠠᠯᠳᠤᠨ ᠠᠴᠠ ᠡᠷᠢᠬᠦ ᠪᠤᠶᠤ ᠪᠦᠬᠦ ᠤᠯᠤᠰ ᠤᠨ ᠡᠨᠳᠡᠭᠰᠡᠨ ᠢ ᠪᠣᠭᠳᠠ ᠡᠵᠡᠨ ᠡᠴᠡ ᠡᠷᠢᠬᠦ ᠪᠤᠶᠤ ᠬᠡᠮᠡᠨ ᠥᠴᠢᠪᠡᠰᠦ ᠡᠵᠡᠨ ᠵᠥᠪᠰᠢᠶᠡᠭᠰᠡᠨ ᠠᠵᠤᠬᠤ ᠴᠢᠩᠭᠢᠰ ᠬᠠᠭᠠᠨ ᠠᠴᠠ ᠵᠠᠮᠤᠬ᠎ᠠ ᠪᠤᠷᠤᠭᠤ ᠰᠡᠳᠬᠢᠵᠦ ᠪᠤᠷᠤᠭᠤᠳ ᠤᠨ ᠭᠠᠷᠤᠭᠰᠠᠨ ᠢ ᠨᠥᠬᠥᠳ ᠢᠨᠤ ᠪᠠᠷᠢᠵᠤ ᠠᠪᠴᠤ ᠢᠷᠡᠵᠦ ᠢᠷᠡᠪᠡᠰᠦ ᠬᠠᠭᠠᠨ ᠵᠠᠷᠯᠢᠭ ᠪᠣᠯᠤᠷᠤᠨ ᠵᠠᠮᠤᠬ᠎ᠠ ᠠᠨᠳᠠ ᠥᠭᠦᠯᠡ ᠬᠡᠮᠡᠵᠦᠬᠦ ᠵᠠᠮᠤᠬ᠎ᠠ ᠥᠴᠢᠷ ᠦᠨ ᠰᠡᠴᠡᠨ ᠠᠨᠳᠠ ᠲᠠ ᠡᠨᠳᠡᠭᠳᠡᠬᠦ ᠶᠠᠭᠤᠨ ᠠᠬᠤ ᠬᠠᠷᠠᠪᠲᠤᠷ ᠰᠢᠪᠠᠭᠤᠨ ᠬᠠᠷᠤ ᠥᠭᠡᠳᠡ ᠨᠢᠰᠬᠦ ᠪᠣᠯᠤᠨ ᠬᠠᠷᠢᠶ ᠵᠢᠭᠦᠷ ᠢᠶᠡᠨ ᠬᠤᠭᠤᠷᠠᠭᠳᠠᠶᠤ ᠬᠠᠷᠤᠴᠤ ᠮᠠᠭᠤ ᠪᠣᠭᠣᠯ ᠬᠠᠭᠠᠨ ᠡᠵᠡᠨ ᠲᠦᠷ ᠢᠶᠡᠨ ᠡᠰᠡᠷᠭᠦᠯᠡᠬᠦ ᠪᠣᠯᠤᠨ ᠬᠠᠷᠠ ᠲᠡᠷᠢᠭᠦ ᠪᠡᠨ ᠣᠭᠲᠠᠯᠳᠠᠶᠤ ᠪᠢ ᠵᠠᠮᠤᠬ᠎ᠠ ᠪᠤᠷᠤᠭᠤ ᠰᠡᠳᠬᠢᠬᠦ ᠪᠣᠯᠵᠤ ᠨᠥᠬᠥᠳ ᠮᠢᠨᠤ ᠨᠠᠮᠠᠶᠢ ᠶᠢ ᠡᠳᠦᠭᠡ ᠪᠠᠷᠢᠵᠤ ᠢᠷᠡᠪᠡ ᠪᠤᠳᠠᠷᠠ ᠡᠳᠦᠢ ᠪᠣᠷᠣ ᠲᠣᠷᠣᠭᠤᠨ ᠢ ᠪᠠᠷᠢᠪᠠ ᠨᠠᠮᠠᠶᠢ ᠶᠢ ᠪᠤᠳᠠᠷᠠᠴᠤ ᠬᠥᠪᠰᠢᠯᠡᠪᠡᠰᠦ ᠬᠤᠨ ᠲᠣᠭᠣᠷᠤᠭᠤᠨ ᠢ ᠪᠠᠷᠢᠮᠤᠢ ᠵ᠎ᠠ ᠨᠠᠮᠠᠶᠢ ᠶᠢ ᠲᠡᠰᠬᠢ  ᠶᠢ ᠠᠯᠠ ᠨᠥᠬᠥᠳ ᠢ ᠮᠢᠨᠤ ᠠᠰᠠᠷ᠎ᠠ ᠬᠡᠮᠡᠵᠦᠬᠦ ᠴᠢᠩᠭᠢᠰ ᠬᠠᠭᠠᠨ ᠵᠠᠷᠯᠢᠭ ᠪᠣᠯᠤᠷᠤᠨ ᠵᠥᠪ ᠪᠤᠢ ᠬᠡᠮᠡᠭᠡᠳ ᠣᠯᠠᠨ ᠢ ᠬᠠᠤᠯᠢ ᠪᠣᠯᠭᠠᠶ᠎ᠠ ᠡᠨᠡ ᠪᠦᠬᠦᠢ ᠲᠦᠷ ᠪᠢᠳᠠᠨ ᠤ ᠨᠥᠬᠥᠳ ᠮᠠᠨᠢ ᠮᠥᠨ ᠬᠣᠶᠢᠨᠠ ᠡᠶᠢᠨ ᠬᠢᠮ ᠲᠡᠬᠢ ᠬᠠᠷᠢᠨ ᠰᠤᠷᠭᠠᠭᠤᠯᠢ ᠪᠣᠯᠲᠤᠭᠠᠢ ᠬᠡᠮᠡᠭᠡᠳ ᠨᠥᠬᠥᠳ ᠢ ᠢᠨᠤ ᠠᠰᠠᠷᠠᠨ ᠮᠥᠨ ᠲᠡᠨᠳᠡ ᠪᠥᠭᠡᠳ ᠨᠥᠬᠴᠢᠭᠰᠡᠨ ᠠᠵᠤᠬᠤ ᠵᠠᠮᠤᠬ ᠠ ᠶᠢ ᠦᠬᠦᠭᠦᠯᠦᠭᠰᠡᠨ ᠴᠢᠩᠭᠢᠰ ᠬᠠᠭᠠᠨ ᠳᠥᠷᠪᠡᠨ ᠬᠥᠪᠡᠭᠦᠳ ᠯᠦᠭᠡ ᠪᠡᠨ
köbegün=ü endegsen=i ečige=eče abqu buyu boro etüken=i endegsen=i Burqan-Qaldun=ača erikü buyu bükü ulus=un endegsen=i Boγda-Ejen=eče erikü buyu kemen öčibesü ejen jöbsiyegsen ajuqu # Činggis-qaγan=ača Jamuq=a buruγu sedkijü buruγud=un γaruγsan=i nököd inu bariju abču irejü (irebesü) qaγan jarliγ bolurun Jamuq=a anda ögüle kemejükü Jamuq=a öčir=ün sečen anda ta endegdekü yaγun aqu qarabtur sibaγun qaru ögede niskü bolun qariy jigür=iyen quγuraγdayu # qaruču maγu boγol qaγan ejen=tür=iyen esergülekü bolun qara terigü=ben oγtaldayu # bi Jamuq=a buruγu sedkikü bolju nököd minu namayi=yi edüge bariju irebe budara edüi boro toroγun=i bariba namayi=yi budaraču köbsilebesü qun toγoruγun=i barimui j=a # namayi=yi teski (=yi ala) nököd=i minu asar=a kemejükü Činggis-qaγan jarliγ bolurun jöb bui kemeged olan=i qauli bolγay=a ene büküi=tür bidan=u nököd mani mön qoyina eyin kim teki (qarin) surγaγuli boltuγai kemeged nököd=i inu (asaran) mön tende böged nökčigsen ajuqu (Jamuq=a=yi ükügülügsen) # Činggis-qaγan dörben köbegüd=lüge=ben
104a
ᠳᠠᠷᠠᠰᠤᠨ ᠤᠭᠤᠯᠳᠤᠪᠠᠰᠤ ᠠᠩᠬᠠᠨ ᠤ ᠤᠷᠢᠳᠠ ᠵᠣᠴᠢ ᠰᠣᠭᠲᠠᠵᠤ ᠲᠡᠭᠦᠨ ᠦ ᠬᠣᠶᠢᠨᠠ ᠴᠠᠭᠠᠳᠠᠢ ᠰᠣᠭᠲᠠᠵᠤ ᠲᠡᠭᠦᠨ ᠦ ᠬᠣᠶᠢᠨᠠ ᠲᠣᠯᠤᠢ ᠰᠣᠭᠲᠠᠵᠤ ᠠᠩᠬᠠᠨ ᠤ ᠬᠣᠶᠢᠨᠠ ᠥᠭᠡᠳᠡᠢ ᠬᠠᠭᠠᠨ ᠯᠤᠭ᠎ᠠ ᠬᠠᠮᠲᠤ ᠬᠠᠯᠠᠮᠤᠴᠢᠵᠤ ᠲᠠᠷᠬᠠᠯᠳᠦᠭᠰᠡᠨ ᠠᠵᠤᠬᠤ ᠮᠠᠨᠠᠭᠠᠷ ᠡᠷᠲᠡ ᠢᠨᠤ ᠬᠤᠷᠠᠵᠤ ᠥᠴᠥᠭᠥᠳᠦᠷ ᠡᠳᠦᠷ ᠦᠨ ᠰᠣᠭᠲᠠᠯᠳᠦᠭᠰᠡᠨ ᠰᠢᠯᠲᠠᠭᠠᠨ ᠢᠶᠠᠨ ᠥᠭᠦᠯᠡᠯᠳᠦᠭᠡᠳ ᠥᠭᠦᠯᠡᠯᠳᠦᠪᠡᠰᠦ ᠬᠠᠭᠠᠨ ᠵᠠᠷᠯᠢᠭ ᠪᠣᠯᠤᠷᠤᠨ ᠬᠥᠪᠡᠭᠦᠳ ᠮᠢᠨᠤ ᠲᠠ ᠡᠨᠳᠡ ᠰᠠᠭᠤᠵᠤ ᠥᠴᠦᠭᠦᠳᠦᠷ ᠦᠨ ᠪᠠᠭᠮᠤᠷ ᠢᠶᠠᠨ ᠳᠡᠯᠭᠡᠳᠬᠦᠨ ᠰᠠᠨᠠᠭᠰᠠᠨ ᠢᠶᠠᠨ ᠭᠠᠷᠭᠠᠪᠠ ᠪᠢ ᠤᠷᠢᠳᠤ ᠲᠤᠰ ᠲᠤ ᠰᠠᠭᠤᠵᠤ ᠥᠲᠡᠭᠦᠰ ᠶᠡᠬᠡᠰ ᠯᠦᠭᠡ ᠤᠯᠤᠰ ᠤᠨ ᠦᠶᠢᠯᠡ ᠥᠭᠦᠯᠡᠯᠳᠦᠰᠦᠭᠡᠢ ᠬᠡᠮᠡᠨ ᠤᠷᠢᠳᠤ ᠲᠤᠰᠠ ᠲᠤ ᠰᠠᠭᠤᠵᠤ ᠬᠠᠷᠢᠳᠬᠤᠨ ᠲᠠ ᠭᠡᠵᠦ ᠬᠠᠷᠢᠭᠤᠯᠪᠠᠰᠤ ᠨᠢᠭᠡᠨ ᠰᠢᠭᠦᠷᠴᠢ ᠬᠦᠮᠦᠨ ᠣᠳᠴᠤ ᠤᠬᠠᠵᠤ ᠢᠷᠡᠲᠦᠭᠡᠢ ᠬᠥᠪᠡᠭᠦᠨ ᠮᠢᠨᠤ ᠶᠠᠭᠤᠨ ᠦᠭᠡ ᠥᠭᠦᠯᠡᠯᠳᠦᠮᠦᠢ ᠬᠡᠮᠡᠨ ᠢᠯᠡᠭᠡᠪᠡᠰᠦ ᠬᠥᠪᠡᠭᠦᠳ ᠢᠨᠤ ᠦᠭᠡ ᠶᠢᠨ ᠤᠯᠠᠮ ᠠᠴᠠ ᠥᠭᠦᠯᠡᠯᠳᠦᠭᠡᠳ ᠵᠢᠷᠭᠠᠯᠠᠩ ᠤᠨ ᠰᠠᠶᠢᠨ ᠠᠯᠢ ᠪᠤᠢ ᠬᠡᠮᠡᠪᠡᠰᠦ ᠵᠥᠴᠢ ᠥᠭᠦᠯᠡᠷᠦᠨ ᠨᠠᠳᠤᠷ ᠤᠬᠠᠪᠠᠰᠤ ᠣᠯᠠᠨ ᠠᠳᠤᠭᠤ ᠪᠠᠨ ᠬᠢᠴᠢᠶᠡᠨ ᠠᠳᠤᠭᠤᠯᠠᠨ ᠲᠠᠷᠭᠤᠯᠠᠭᠤᠯᠵᠤ ᠣᠷᠳᠣ ᠭᠡᠷ ᠢᠶᠡᠨ ᠪᠠᠭᠤᠳᠠᠯ ᠵᠣᠬᠢᠶᠠᠵᠤ ᠬᠤᠷᠢᠮᠯᠠᠨ ᠴᠡᠩᠭᠡᠯᠳᠦᠨ ᠰᠠᠭᠤᠪᠠᠰᠤ ᠵᠢᠷᠭᠠᠯᠠᠩ ᠤᠨ ᠰᠠᠶᠢᠨ ᠡᠨᠡ ᠠᠬᠤ ᠬᠡᠮᠡᠨ ᠥᠭᠦᠯᠡᠵᠦᠬᠦ ᠴᠠᠭᠠᠳᠠᠢ ᠠᠬ᠎ᠠ ᠥᠭᠦᠯᠡᠷᠦᠨ ᠨᠠᠳᠤᠷ ᠤᠬᠠᠪᠠᠰᠤ ᠳᠠᠶᠢᠰᠤᠨ ᠬᠦᠮᠦᠨ ᠢ ᠳᠠᠷᠤᠵᠤ ᠪᠤᠯᠬ᠎ᠠ ᠬᠦᠮᠦᠨ ᠢ ᠪᠤᠷᠴᠢᠵᠤ ᠪᠣᠲᠣᠭ ᠠ ᠲᠤ ᠶᠢ ᠪᠤᠶᠢᠯᠠᠭᠤᠯᠵᠤ ᠪᠣᠭᠳᠠᠲᠠᠢ ᠶᠢ
darasun uγuldubasu angqan=u urida Joči soγtaju tegün=ü qoyina Čaγadai soγtaju tegün=ü qoyina Tolui soγtaju angqan=u qoyina Ögedei qaγan=luγ=a qamtu qalamučiju tarqaldügsen ajuqu manaγar erte inu quraju öčögödür edür=ün soγtaldügsen siltaγan=iyan ögüleldüged (ögüleldübesü) qaγan jarliγ bolurun köbegüd minu ta ende saγuju öčügüdür=ün baγmur=iyan delgedkün (sanaγsan=iyan γarγaba) (bi) uridu tus=tu saγuju ötegüs yekes=lüge ulus=un üyile ögüleldüsügei kemen uridu tusa=tu saγuju qaridqun ta gejü (qariγulbasu) nigen sigürči kümün odču uqaju iretügei köbegün minu yaγun üge ögüleldümüi kemen ilegebesü köbegüd inu üge=yin ulam=ača ögüleldüged jirγalang=un sayin ali bui kemebesü Jöči ögülerün nadur uqabasu olan aduγu=ban kičiyen aduγulan tarγulaγulju ordo ger=iyen baγudal jokiyaju qurimlan čenggeldün saγubasu jirγalang=un sayin ene aqu kemen ögülejükü # Čaγadai aq=a ögülerün nadur uqabasu dayisun kümün=i daruju bulq=a kümün=i burčiju botoγ=a=tu=yi buyilaγulju boγdatai=yi
104b
ᠤᠶᠢᠯᠠᠭᠤᠯᠵᠤ ᠠᠪᠴᠤ ᠢᠷᠡᠪᠡᠰᠦ ᠵᠢᠷᠭᠠᠯᠠᠩ ᠤᠨ ᠰᠠᠶᠢᠨ ᠡᠨᠡ ᠠᠬᠤ ᠬᠡᠮᠡᠨ ᠥᠭᠦᠯᠡᠵᠦᠬᠦ ᠥᠭᠡᠳᠡᠢ ᠥᠭᠦᠯᠡᠷᠦᠨ ᠨᠠᠳᠤᠷ ᠤᠬᠠᠪᠠᠰᠤ ᠰᠣᠳᠤ ᠬᠠᠭᠠᠨ ᠡᠴᠢᠭᠡ ᠶᠢᠨ ᠪᠢᠳᠠᠨ ᠤ ᠵᠣᠪᠠᠨ ᠵᠥᠭᠡᠭᠰᠡᠨ ᠶᠡᠬᠡ ᠤᠯᠤᠰ ᠢ ᠠᠮᠤᠭᠤᠯᠤᠨ ᠬᠥᠯ ᠬᠥᠰᠡᠷᠡ ᠭᠠᠷ ᠭᠠᠵᠠᠷ᠎ᠠ ᠲᠠᠯᠪᠢᠭᠤᠯᠵᠤ ᠤᠯᠤᠰ ᠢᠷᠭᠡᠨ ᠢᠶᠡᠨ ᠣᠷᠳᠣ ᠳᠠ ᠠᠭᠤᠯᠵᠤ ᠲᠥᠷᠥ ᠶᠣᠰᠤᠨ ᠢᠶᠠᠨ ᠲᠥᠪᠰᠢᠨ᠎ᠡ ᠪᠠᠷᠢᠵᠤ ᠥᠲᠥᠭᠥᠰ ᠶᠡᠬᠡᠰ ᠢ ᠵᠢᠷᠭᠠᠭᠤᠯᠵᠤ ᠥᠰᠬᠦ ᠵᠠᠯᠠᠭᠤᠰ ᠢ ᠠᠮᠤᠭᠤᠯᠪᠠᠰᠤ ᠵᠢᠷᠭᠠᠯᠠᠩ ᠤᠨ ᠰᠠᠶᠢᠨ ᠡᠨᠡ ᠠᠬᠤ ᠬᠡᠮᠡᠨ ᠥᠭᠦᠯᠡᠵᠦᠬᠦ ᠲᠣᠯᠤᠢ ᠥᠭᠦᠯᠡᠷᠦᠨ ᠨᠠᠳᠤᠷ ᠤᠬᠠᠪᠠᠰᠤ ᠬᠥᠪᠡᠭᠦᠳ ᠬᠦᠯᠦᠭ ᠦᠳ ᠢᠶᠡᠨ ᠵᠠᠰᠠᠨ ᠳᠡᠶᠢᠯᠡᠭᠦᠯᠵᠦ ᠬᠥᠪᠰᠢᠨ ᠬᠠᠷᠴᠢᠭᠠᠢ ᠪᠠᠨ ᠪᠠᠷᠢᠭᠤᠯᠪᠠᠰᠤ ᠭᠦᠨ ᠨᠠᠭᠤᠷ ᠪᠢᠳᠦᠨ ᠶᠠᠪᠤᠵᠤ ᠬᠥᠬᠡᠭᠴᠢᠳ ᠨᠤᠭᠤᠳ ᠢ ᠪᠠᠷᠢᠭᠤᠯᠪᠠᠰᠤ ᠠᠯᠠᠭ ᠤᠳ ᠬᠦᠯᠦᠭ ᠦᠳ ᠢᠶᠡᠨ ᠵᠠᠰᠠᠨ ᠳᠡᠶᠢᠯᠡᠭᠦᠯᠵᠦ ᠠᠯ ᠨᠠᠴᠢᠨ ᠢᠶᠠᠨ ᠪᠠᠷᠢᠭᠤᠯᠪᠠᠰᠤ ᠠᠭᠤᠯᠠ ᠭᠣᠷᠠᠬᠤᠨ ᠢ ᠪᠢᠳᠦᠨ ᠶᠠᠪᠤᠵᠤ ᠠᠯᠠᠭᠠᠴᠢᠭᠤᠳ ᠨᠤᠭᠤᠳ ᠢ ᠪᠠᠷᠢᠭᠤᠯᠪᠠᠰᠤ ᠵᠢᠷᠭᠠᠯᠠᠩ ᠤᠨ ᠰᠠᠶᠢᠨ ᠡᠨᠡ ᠠᠬᠤ ᠬᠡᠮᠡᠨ ᠥᠭᠦᠯᠡᠵᠦᠬᠦ ᠡᠨᠡ ᠦᠭᠡ ᠶᠢ ᠲᠡᠷᠡ ᠰᠢᠭᠦᠷᠴᠢ ᠬᠦᠮᠦᠨ ᠣᠳᠴᠤ ᠴᠢᠩᠭᠢᠰ ᠬᠠᠭᠠᠨ᠎ᠠ ᠲᠡᠭᠦᠰ ᠥᠴᠢᠪᠡᠰᠦ ᠬᠠᠭᠠᠨ ᠵᠠᠷᠯᠢᠭ ᠪᠣᠯᠤᠷᠤᠨ ᠵᠣᠴᠢ ᠥᠴᠦᠬᠡᠨ ᠡᠴᠡ ᠠᠳᠤᠭᠤᠰᠤᠨ ᠲᠤᠷ ᠠᠮᠠᠷᠠᠭ ᠪᠥᠯᠦᠭᠡ ᠲᠡᠷᠡ ᠪᠡᠷ ᠲᠡᠶᠢᠨ ᠬᠦ ᠥᠭᠦᠯᠡᠵᠦᠬᠦ ᠴᠠᠭᠠᠳᠠᠢ ᠥᠴᠦᠬᠡᠨ ᠡᠴᠡ ᠨᠠᠳᠠ ᠯᠤᠭ᠎ᠠ ᠬᠠᠮᠲᠤ ᠤᠯᠤᠰ ᠪᠠᠶᠢᠭᠤᠯᠳᠤᠯᠤᠭ᠎ᠠ ᠲᠡᠷᠡ ᠪᠡᠷ ᠲᠡᠶᠢᠨ ᠬᠦ ᠬᠡᠮᠡᠵᠦᠬᠦ ᠲᠣᠯᠤᠢ ᠥᠴᠦᠬᠡᠨ ᠬᠦᠮᠦᠨ ᠦ
uyilaγulju abču irebesü jirγalang=un sayin ene aqu kemen ögülejükü # Ögedei ögülerün nadur uqabasu sodu qaγan ečige=yin bidan=u joban jögegsen yeke ulus=i amuγulun köl kösere γar γajar=a talbiγulju ulus irgen=iyen ordo=da aγulju törö yosun=iyan töbsin=e bariju ötögös yekes=i jirγaγulju öskü jalaγus=i amuγulbasu jirγalang=un sayin ene aqu kemen ögülejükü # Tolui ögülerün nadur uqabasu köbegüd külüg=üd=iyen jasan deyilegüljü köbsin qarčiγai=ban bariγulbasu gün naγur bidün yabuju kökegčid nuγud=i bariγulbasu alaγ=ud külüg=üd=iyen jasan deyilegüljü al način=iyan bariγulbasu aγula γoraqun=i bidün yabuju alaγačiγud nuγud=i bariγulbasu jirγalang=un sayin ene aqu kemen ögülejükü # ene üge=yi tere sigürči kümün odču Činggis-qaγan=a tegüs öčibesü qaγan jarliγ bolurun Joči öčüken=eče aduγusun=tur amaraγ bölüge tere=ber teyin kü ögülejükü Čaγadai öčüken=eče nada=luγ=a qamtu ulus bayiγulduluγ=a tere=ber teyin kü kemejükü Tolui öčüken kümün=ü
105a
ᠦᠭᠡ ᠥᠭᠦᠯᠡᠵᠦᠬᠦ ᠥᠭᠡᠳᠡᠢ ᠶᠢᠨ ᠦᠭᠡ ᠮᠠᠰᠢ ᠵᠥᠪ ᠠᠬᠤ ᠬᠡᠮᠡᠨ ᠵᠠᠷᠯᠢᠭ ᠪᠣᠯᠤᠭᠰᠠᠨ ᠠᠵᠤᠬᠤ ᠳᠡᠭᠡᠷᠡ ᠲᠩᠷᠢ ᠶᠢᠨ ᠵᠠᠶᠠᠭᠠ ᠪᠠᠷ ᠲᠥᠷᠥᠭᠰᠡᠨ ᠰᠣᠳᠤ ᠪᠣᠭᠳᠠ ᠴᠢᠩᠭᠢᠰ ᠬᠠᠭᠠᠨ ᠵᠠᠷᠯᠢᠭ ᠪᠣᠯᠤᠭᠰᠠᠨ ᠠᠵᠤᠬᠤ ᠬᠣᠶᠠᠷ ᠰᠡᠳᠬᠢᠯ ᠲᠦ ᠬᠦᠮᠦᠨ ᠦ ᠨᠡᠷ ᠡ ᠶᠢ ᠡᠷ᠎ᠡ ᠪᠤᠰᠤ ᠡᠮ᠎ᠡ ᠬᠡᠮᠡᠭᠲᠡᠢ ᠨᠢᠭᠡᠨ ᠰᠡᠳᠬᠢᠯ ᠲᠦ ᠡᠷᠡ ᠪᠣᠯᠪᠠᠰᠤ ᠡᠷᠡ ᠪᠤᠰᠤ ᠡᠷᠳᠡᠨᠢ ᠬᠡᠮᠡᠭᠲᠡᠢ ᠨᠢᠭᠡᠨ ᠰᠡᠳᠬᠢᠯ ᠲᠦ ᠡᠮ ᠡ ᠶᠢ ᠡᠮ᠎ᠡ ᠪᠤᠰᠤ ᠡᠷ᠎ᠡ ᠬᠡᠮᠡᠭᠲᠡᠢ ᠬᠣᠶᠠᠷ ᠰᠡᠳᠬᠢᠯ ᠲᠦ ᠡᠮ ᠡ ᠶᠢ ᠡᠮ᠎ᠡ ᠪᠤᠰᠤ ᠨᠣᠬᠠᠢ ᠬᠡᠮᠡᠭᠲᠡᠢ ᠲᠡᠶᠢᠮᠦ ᠯᠦᠭᠡ ᠬᠡᠷ ᠨᠥᠬᠥᠴᠡᠭᠳᠡᠬᠦ ᠬᠡᠮᠡᠨ ᠵᠠᠷᠯᠢᠭ ᠪᠣᠯᠤᠭᠰᠠᠨ ᠠᠵᠤᠬᠤ ᠴᠢᠩᠭᠢᠰ ᠬᠠᠭᠠᠨ ᠵᠠᠷᠯᠢᠭ ᠪᠣᠯᠤᠷᠤᠨ ᠬᠠᠷᠤᠴᠤ ᠬᠦᠮᠦᠨ ᠬᠠᠷᠠ ᠳᠠᠷᠠᠰᠤᠨ ᠤᠭᠤᠪᠠᠰᠤ ᠬᠠᠮᠤᠭ ᠠᠴᠠ ᠳᠡᠭᠡᠷᠡ ᠬᠡᠮᠡᠨ ᠰᠡᠳᠬᠢᠨ ᠠᠵᠤᠬᠤ ᠬᠠᠲᠠᠭᠤ ᠵᠠᠰᠠᠭ᠎ᠠ ᠬᠠᠭᠠᠭᠳᠠᠵᠤ ᠬᠦᠷᠲᠡᠪᠡᠰᠦ ᠬᠠᠷᠠ ᠨᠣᠬᠠᠢ ᠠᠴᠠ ᠮᠠᠭᠤ ᠪᠣᠯᠤᠨ ᠠᠵᠤᠬᠤ ᠬᠠᠷᠠ ᠬᠤᠯᠤᠭᠠᠨ᠎ᠠ ᠬᠠᠷᠠ ᠬᠣᠷᠤᠰᠤᠨ ᠢ ᠠᠮᠰᠠᠪᠠᠰᠤ ᠬᠠᠳ ᠯᠤᠭ᠎ᠠ ᠰᠠᠴᠠᠭᠤ ᠪᠤᠢ ᠬᠡᠮᠡᠨ ᠰᠡᠳᠬᠢᠨ ᠠᠵᠤᠬᠤ ᠬᠠᠷᠠ ᠬᠣᠰᠢᠭᠤᠲᠤ ᠦᠨᠡᠭᠡᠨ ᠢ ᠬᠠᠲᠠᠷᠢᠵᠤ ᠢᠷᠡᠬᠦᠢ ᠦᠵᠡᠪᠡᠰᠦ ᠬᠠᠷᠠ ᠨᠦᠬᠡᠨ ᠢᠶᠡᠨ ᠠᠮᠰᠠᠷ ᠲᠡᠮᠡᠴᠢᠨ ᠠᠵᠤᠬᠤ ᠪᠠᠰᠠ ᠴᠢᠩᠭᠢᠰ ᠬᠠᠭᠠᠨ ᠵᠠᠷᠯᠢᠭ ᠪᠣᠯᠤᠷᠤᠨ ᠬᠠᠭᠠᠯᠭᠠᠨ ᠠᠴᠠ ᠤᠨᠠᠭᠰᠠᠨ ᠴᠢᠰᠤᠨᠴᠠᠰᠤᠨ ᠢ ᠬᠣᠲᠠᠳ ᠤᠨ ᠰᠢᠷᠤᠢ ᠠᠪᠤᠷᠠᠶᠤ ᠬᠠᠲᠬᠤᠯᠳᠤᠭᠠᠳ ᠦᠬᠦᠯᠳᠦᠬᠦᠨ ᠳᠠᠶᠢᠰᠤᠨ ᠪᠣᠯᠪᠠᠰᠤ ᠬᠠᠭᠤᠴᠢᠨ ᠤᠷᠤᠭ ᠠᠪᠤᠷᠠᠶᠤ ᠡᠮᠦᠨᠡ ᠡᠴᠡ ᠴᠢᠰᠤᠨ ᠤᠨᠠᠪᠠᠰᠤ ᠥᠯᠭᠡ ᠶᠢᠨ ᠰᠢᠷᠤᠢ ᠠᠪᠤᠷᠠᠶᠤ
üge ögülejükü Ögedei=yin üge masi jöb aqu kemen jarliγ boluγsan ajuqu # degere tngri=yin jayaγa=bar törögsen sodu boγda Činggis-qaγan jarliγ boluγsan ajuqu qoyar sedkil=tü kümün=ü ner=e=yi er=e busu em=e kemegtei nigen sedkil=tü ere bolbasu ere busu erdeni kemegtei nigen sedkil=tü em=e=yi em=e busu er=e kemegtei qoyar sedkil=tü em=e=yi em=e busu noqai kemegtei # teyimü=lüge ker nököčegdekü kemen jarliγ boluγsan ajuqu # Činggis-qaγan jarliγ bolurun qaruču kümün qara darasun uγubasu qamuγ=ača degere kemen sedkin ajuqu qataγu jasaγ=a qaγaγdaju kürtebesü qara noqai=ača maγu bolun ajuqu # qara quluγan=a qara qorusun=i amsabasu qad=luγ=a sačaγu bui kemen sedkin ajuqu qara qosiγutu ünegen=i qatariju ireküi üjebesü qara nüken=iyen amsar temečin ajuqu # basa Činggis-qaγan jarliγ bolurun qaγalγan=ača unaγsan čisun<časun>=i qotad=un sirui aburayu qatqulduγad üküldükün dayisun bolbasu qaγučin uruγ aburayu # emüne=eče čisun unabasu ölge=yin sirui aburayu
105b
ᠦᠬᠦᠯᠳᠦᠭᠡᠳ ᠬᠠᠳᠬᠤᠯᠳᠤᠭᠠᠳ ᠳᠠᠶᠢᠰᠤᠨ ᠪᠣᠯᠪᠠᠰᠤ ᠦᠳᠦᠬᠦ ᠣᠷᠢ ᠤᠷᠤᠭ ᠠᠪᠤᠷᠠᠶᠤ ᠨᠣᠮᠣᠬᠠᠨ ᠢᠯ ᠢᠯᠰᠡᠯᠳᠦᠬᠦᠢᠡᠶ᠎ᠡ ᠡᠶᠡᠳᠦᠯᠳᠡᠬᠦᠢ ᠲᠦᠷ ᠬᠤᠷᠴᠠ ᠪᠣᠯᠬᠤᠢ ᠲᠤᠷ ᠵᠠᠷᠭᠤ ᠪᠦᠦ ᠨᠠᠷᠢᠯᠤᠳᠬᠤᠨ ᠬᠡᠮᠡᠨ ᠰᠣᠶᠣᠨ ᠵᠠᠷᠯᠢᠭ ᠪᠣᠯᠤᠭᠰᠠᠨ ᠠᠵᠤᠬᠤ ᠴᠢᠩᠭᠢᠰ ᠬᠠᠭᠠᠨ ᠭᠣᠤ ᠠ ᠰᠡᠴᠡᠨ ᠢ ᠥᠭᠦᠯᠡ ᠬᠡᠮᠡᠪᠡᠰᠦ ᠭᠣᠤ ᠠ ᠰᠡᠴᠡᠨ ᠥᠭᠦᠯᠡᠷᠦᠨ ᠠᠷᠭ᠎ᠠ ᠪᠢᠯᠢᠭ ᠮᠢᠨᠤ ᠠᠭᠤᠯᠠ ᠬᠥᠳᠡᠭᠡ ᠭᠠᠷᠪᠠ ᠭᠡᠭᠡᠨ ᠪᠢᠯᠢᠭ ᠮᠢᠨᠤ ᠬᠡᠭᠡᠷ᠎ᠡ ᠲᠠᠯᠠ ᠣᠷᠣᠪᠠ ᠬᠡᠳᠦᠢ ᠪᠡᠷ ᠣᠶᠢᠨ ᠲᠤᠷ ᠮᠢᠨᠤ ᠦᠭᠡᠢ ᠡᠯᠡ ᠪᠣᠯᠪᠠ ᠬᠤᠷᠴᠠ ᠪᠣᠯᠣᠳ ᠮᠣᠬᠣᠪᠠᠰᠤ ᠪᠢᠯᠡᠭᠦᠦ ᠦᠭᠡᠢ ᠦᠯᠦ ᠳᠠᠭᠠᠮ ᠠᠵᠤᠬᠤ ᠬᠤᠷᠳᠤᠨ ᠬᠦᠯᠦᠭ ᠡᠴᠢᠪᠡᠰᠦ ᠮᠢᠬ᠎ᠠ ᠦᠭᠡᠢ ᠦᠯᠦ ᠭᠦᠶᠢᠮ ᠠᠵᠤᠬᠤ ᠬᠦᠷᠬᠢᠷᠡᠬᠦ ᠬᠦᠴᠦᠲᠦ ᠠᠷᠰᠯᠠᠨ ᠥᠲᠡᠯᠪᠡᠰᠦ ᠭᠦᠴᠦᠭᠦᠨ ᠡ ᠶᠢᠨ ᠨᠦᠬᠡ ᠰᠠᠬᠢᠨ ᠠᠵᠤᠬᠤ ᠬᠦᠯᠦᠭ ᠦᠳ ᠰᠠᠶᠢᠳ ᠥᠲᠡᠯᠪᠡᠰᠦ ᠬᠦᠮᠦᠨ ᠦ ᠦᠭᠡ ᠳᠠᠭᠠᠨ ᠠᠵᠤᠬᠤ ᠬᠡᠮᠡᠨ ᠥᠭᠦᠯᠡᠪᠡᠰᠦ ᠴᠢᠩᠭᠢᠰ ᠬᠠᠭᠠᠨ ᠮᠠᠰᠢ ᠵᠥᠪᠰᠢᠶᠡᠨ ᠵᠠᠷᠯᠢᠭ ᠪᠣᠯᠤᠭᠰᠠᠨ ᠠᠵᠤᠬᠤ ᠴᠢᠩᠭᠢᠰ ᠬᠠᠭᠠᠨ ᠪᠠᠰᠠ ᠥᠭᠦᠯᠡᠭᠳᠡᠬᠦᠨ ᠬᠡᠮᠡᠨ ᠵᠠᠷᠯᠢᠭ ᠪᠣᠯᠪᠠ ᠭᠣᠤ ᠠ ᠰᠡᠴᠡᠨ ᠥᠴᠢᠷᠦᠨ ᠳᠡᠭᠡᠯ ᠦᠨ ᠰᠠᠶᠢᠨ ᠬᠤᠶᠠᠭ ᠪᠥᠭᠡᠲᠡᠯᠡ ᠬᠤᠷᠢᠮ ᠲᠤᠷ ᠡᠰᠡ ᠡᠮᠦᠰᠳᠡᠵᠦᠬᠦᠢ ᠦᠭᠡ ᠶᠢᠨ ᠰᠠᠶᠢᠨ ᠲᠣᠭ᠎ᠠ ᠪᠥᠭᠡᠲᠡᠯᠡ ᠳᠠᠭᠤᠰᠲᠠᠯᠠ ᠡᠰᠡ ᠥᠭᠦᠯᠡᠭᠳᠡᠵᠦᠬᠦᠢ ᠬᠡᠮᠡᠨ ᠥᠴᠢᠪᠡᠰᠦ ᠬᠠᠭᠠᠨ ᠵᠠᠷᠯᠢᠭ ᠪᠣᠯᠤᠷᠤᠨ ᠦᠭᠡ ᠶᠢᠨ ᠳᠣᠲᠣᠷ ᠶᠢ ᠢᠨᠤ ᠪᠥᠭᠡᠳ ᠥᠭᠦᠯᠡᠪᠡ ᠪᠠᠰᠠ ᠥᠭᠦᠯᠡᠲᠡᠯᠡ ᠡᠭᠦᠨ ᠡᠴᠡ ᠦᠭᠡᠢ ᠬᠡᠮᠡᠨ ᠵᠠᠷᠯᠢᠭ ᠪᠣᠯᠤᠭᠰᠠᠨ ᠠᠵᠤᠬᠤ ᠴᠢᠩᠭᠢᠰ ᠬᠠᠭᠠᠨ᠎ᠠ ᠲᠠᠩᠭᠤᠳᠠᠢ ᠭᠤᠶᠢᠯᠢᠳᠠᠷ ᠰᠡᠴᠡᠨ
üküldüged qadqulduγad dayisun bolbasu üdükü ori uruγ aburayu nomoqan il ilseldüküi(ey=e eyedüldeküi)=tür qurča bolqui=tur jarγu büü nariludqun kemen soyon jarliγ boluγsan ajuqu # Činggis-qaγan Γou=a-Sečen=i ögüle kemebesü Γou=a-Sečen ögülerün arγ=a bilig minu aγula ködege γarba gegen bilig minu keger=e tala oroba kedüi=ber oyin=tur minu ügei ele bolba # qurča bolod moqobasu bilegüü ügei ülü daγam ajuqu qurdun külüg ečibesü miq=a ügei ülü güyim ajuqu kürkirekü küčütü arslan ötelbesü güčügün=e=yin nüke sakin ajuqu külüg=üd sayid ötelbesü kümün=ü üge daγan ajuqu kemen ögülebesü Činggis-qaγan masi jöbsiyen jarliγ boluγsan ajuqu # Činggis-qaγan basa ögülegdekün kemen jarliγ bolba Γou=a-Sečen öčirün degel=ün sayin quyaγ bögetele qurim=tur ese emüsdejüküi üge=yin sayin toγ=a bögetele daγustala ese ögülegdejüküi kemen öčibesü qaγan jarliγ bolurun üge=yin dotor=yi inu böged ögülebe basa ögületele egün=eče ügei kemen jarliγ boluγsan ajuqu # Činggis-qaγan=a Tangγudai-Γuyilidar-Sečen
106a
ᠥᠴᠢᠷᠦᠨ ᠠᠭᠤᠯᠠ ᠶᠢᠨ ᠲᠡᠳᠦᠢ ᠠᠯᠲᠠᠨ ᠬᠤᠷᠢᠶᠠᠵᠤ ᠰᠠᠬᠢᠨ ᠠᠲᠠᠯᠠ ᠠᠮᠤᠨ ᠤ ᠲᠡᠳᠦᠢ ᠡᠷᠳᠡᠮ ᠪᠢᠯᠢᠭ ᠢ ᠠᠮᠢᠨ ᠢᠶᠠᠨ ᠭᠠᠷᠲᠠᠯᠠ ᠰᠠᠬᠢᠭᠳᠠᠬᠤᠢ ᠪᠤᠢ ᠢᠷᠡᠭᠰᠡᠨ ᠤᠴᠢᠷ ᠳᠤᠷ ᠠᠮᠢᠨ ᠠᠴᠠ ᠳᠣᠲᠠᠨ᠎ᠠ ᠦᠭᠡᠢ ᠵᠠᠭᠤᠨ ᠦᠭᠡ ᠶᠢ ᠥᠭᠦᠯᠡᠲᠡᠯᠡ ᠵᠠᠩ ᠶᠢ ᠨᠢᠭᠡᠨ ᠢ ᠰᠠᠬᠢᠭᠳᠠᠬᠤᠢ ᠲᠦᠮᠡᠨ ᠦᠭᠡ ᠶᠢ ᠥᠭᠦᠯᠡᠲᠡᠯᠡ ᠲᠥᠪ ᠨᠢᠭᠡᠨ ᠢ ᠬᠠᠷᠠᠭᠳᠠᠬᠤᠢ ᠲᠦᠮᠡᠨ ᠦᠭᠡ ᠶᠢᠨ ᠲᠥᠪ ᠨᠢᠭᠡᠨ ᠵᠠᠭᠤᠨ ᠦᠭᠡ ᠶᠢᠨ ᠵᠠᠩ ᠶᠢ ᠨᠢᠭᠡᠨ ᠪᠤᠢ ᠬᠡᠮᠡᠨ ᠥᠴᠢᠭᠰᠡᠨ ᠠᠵᠤᠬᠤ ᠴᠢᠩᠭᠢᠰ ᠬᠠᠭᠠᠨ ᠵᠠᠷᠯᠢᠭ ᠪᠣᠯᠤᠭᠰᠠᠨ ᠠᠵᠤᠬᠤ ᠠᠯᠲᠠᠨ ᠪᠡᠶ ᠡ ᠪᠡᠨ ᠠᠮᠤᠰᠤ ᠬᠡᠮᠡᠪᠡᠰᠦ ᠠᠬᠤ ᠲᠥᠷᠥ ᠮᠢᠨᠤ ᠠᠯᠳᠠᠷᠭᠤᠵᠠᠢ ᠪᠦᠲᠦᠨ ᠪᠡᠶ ᠡ ᠪᠡᠨ ᠠᠮᠤᠰᠤ ᠬᠡᠮᠡᠪᠡᠰᠦ ᠪᠦᠷᠢᠨ ᠤᠯᠤᠰ ᠮᠢᠨᠤ ᠰᠠᠮᠳᠤᠷᠠᠭᠤᠵᠠᠢ ᠠᠯᠲᠠᠨ ᠪᠡᠶ᠎ᠡ ᠮᠢᠨᠤ ᠠᠯᠵᠢᠶᠠᠪᠠᠰᠤ ᠠᠯᠵᠢᠶᠠᠲᠤᠭᠠᠢ ᠠᠬᠤ ᠲᠥᠷᠥ ᠮᠢᠨᠤ ᠪᠦᠦ ᠠᠯᠳᠠᠷᠠᠲᠤᠭᠠᠢ ᠪᠦᠲᠦᠨ ᠪᠡᠶ᠎ᠡ ᠮᠢᠨᠤ ᠵᠣᠪᠣᠪᠠᠰᠤ ᠵᠣᠪᠠᠲᠤᠭᠠᠢ ᠪᠦᠷᠢᠨ ᠤᠯᠤᠰ ᠮᠢᠨᠤ ᠪᠦᠦ ᠰᠠᠮᠳᠤᠷᠠᠲᠤᠭᠠᠢ ᠬᠡᠮᠡᠨ ᠵᠠᠷᠯᠢᠭ ᠪᠣᠯᠤᠭᠰᠠᠨ ᠠᠵᠤᠬᠤ ᠴᠢᠩᠭᠢᠰ ᠬᠠᠭᠠᠨ ᠭᠤᠶᠢᠯᠢᠳᠠᠷ ᠰᠡᠴᠡᠨ ᠡᠴᠡ ᠠᠰᠠᠭᠤᠷ ᠤᠨ ᠡᠳᠡ ᠡᠯᠡ ᠠᠮᠢᠲᠠᠨ ᠲᠤᠷ ᠡᠴᠡᠰᠢ ᠦᠭᠡᠢ ᠬᠦᠯᠦᠭ ᠶᠠᠭᠤᠨ ᠭᠦᠶᠢᠴᠡᠰᠢ ᠦᠭᠡᠢ ᠰᠡᠴᠡᠨ ᠶᠠᠭᠤᠨ ᠬᠡᠮᠡᠨ ᠵᠠᠷᠯᠢᠭ ᠪᠣᠯᠪᠠᠰᠤ ᠭᠤᠶᠢᠯᠢᠳᠠᠷ ᠰᠡᠴᠡᠨ ᠥᠴᠢᠷᠦᠨ ᠠᠷᠬᠤᠯ ᠠᠶᠠᠨ ᠠᠮᠢᠳᠤ ᠶᠢᠨ ᠬᠦᠯᠦᠭ ᠥᠪᠡᠷ ᠦᠨ ᠠᠪᠤᠷᠢ ᠪᠠᠨ ᠥᠪᠡᠰᠦᠪᠡᠨ ᠤᠬᠠᠵᠤ ᠴᠢᠨᠡᠵᠦ ᠶᠠᠪᠤᠪᠠᠰᠤ ᠭᠦᠶᠢᠴᠡᠰᠢ ᠦᠭᠡᠢ ᠰᠡᠴᠡᠨ ᠬᠡᠮᠡᠨ ᠥᠴᠢᠭᠰᠡᠨ ᠠᠵᠤᠬᠤ ᠴᠢᠩᠭᠢᠰ ᠬᠠᠭᠠᠨ ᠵᠠᠷᠯᠢᠭ ᠪᠣᠯᠤᠷᠤᠨ ᠠᠷᠠᠮᠵᠠ ᠰᠠᠷᠲᠠᠭᠤᠯ ᠴᠢ ᠵᠠᠷᠢᠮᠤᠨ ᠵᠠᠭᠠᠰᠤᠨ
öčirün aγula=yin tedüi altan quriyaju sakin atala amun=u tedüi erdem bilig=i amin=iyan γartala sakiγdaqui bui iregsen učir=dur amin=ača dotan=a ügei # jaγun üge=yi ögületele jang=yi nigen=i sakiγdaqui tümen üge=yi ögületele töb nigen=i qaraγdaqui tümen üge=yin töb nigen jaγun üge=yin jang=yi nigen bui kemen öčigsen ajuqu # Činggis-qaγan jarliγ boluγsan ajuqu altan bey=e=ben amusu kemebesü aqu törö minu aldarγujai bütün bey=e=ben amusu kemebesü bürin ulus minu samduraγujai altan bey=e minu aljiyabasu aljiyatuγai , aqu törö minu büü aldaratuγai bütün bey=e minu jobobasu jobatuγai bürin ulus minu büü samduratuγai kemen jarliγ boluγsan ajuqu Činggis-qaγan Γuyilidar-Sečen=eče asaγur=un , ede ele amitan=tur ečesi ügei külüg yaγun güyičesi ügei sečen yaγun kemen jarliγ bolbasu Γuyilidar-Sečen öčirün arqul ayan amidu=yin külüg öber=ün aburi=ban öbesüben uqaju činejü yabubasu güyičesi ügei sečen kemen öčigsen ajuqu # Činggis-qaγan jarliγ bolurun Aramja-Sartaγul či jarimun jaγasun
106b
ᠪᠣᠯ ᠤᠷᠢᠶᠠᠩᠬᠠᠳᠠᠢ ᠵᠡᠯᠮ᠎ᠡ ᠴᠢ ᠠᠯᠳᠠᠷ ᠲᠤ ᠬᠦᠢ ᠰᠢᠩᠬᠣᠷ ᠪᠣᠯ ᠲᠠ ᠬᠣᠶᠠᠷ ᠪᠡᠶ ᠡ ᠪᠡᠨ ᠦᠨᠦᠷ ᠦᠨ ᠤᠭᠲᠤᠷᠢᠯᠳᠤᠨ ᠥᠭᠦᠯᠡᠯᠳᠦ ᠬᠡᠮᠡᠨ ᠵᠠᠷᠯᠢᠭ ᠪᠣᠯᠪᠠᠰᠤ ᠠᠷᠠᠮᠵᠠ ᠰᠠᠷᠲᠠᠭᠤᠯ ᠥᠭᠦᠯᠡᠷᠦᠨ ᠠᠷᠤ ᠮᠥᠷᠢ ᠲᠣᠭᠣᠷᠢᠨ ᠶᠠᠪᠤᠬᠤᠢ ᠲᠤᠷ ᠠᠯᠠᠭ ᠬᠠᠨ ᠢᠲᠠᠭᠤ ᠲᠤᠷ ᠢᠯᠪᠡᠭᠡᠰᠦ ᠥᠭᠡᠰᠢ ᠣᠷᠬᠢᠵᠤ ᠠᠯ ᠲᠣᠷᠭᠤᠨ ᠲᠣᠣᠷ ᠢᠶᠠᠨ ᠳᠡᠯᠭᠡᠵᠦ ᠠᠯᠳᠠᠷ ᠲᠤ ᠬᠦᠢ ᠰᠢᠩᠬᠣᠷ ᠠᠷᠤ ᠮᠥᠷᠢ ᠲᠣᠭᠣᠷᠢᠨ ᠢᠷᠡᠭᠡᠳ ᠠᠭᠯᠠᠭ ᠬᠠᠨ ᠢᠲᠠᠭᠤ ᠶᠢ ᠢᠳᠡᠬᠦ ᠪᠣᠯᠤᠨ ᠠᠯ ᠲᠣᠷᠭᠤᠨ ᠲᠣᠣᠷ ᠲᠤᠷ ᠮᠢᠨᠤ ᠲᠣᠷᠵᠤ ᠠᠷᠠᠮᠵᠠ ᠰᠠᠷᠲᠠᠭᠤᠯ ᠤᠨ ᠭᠠᠷ ᠲᠤᠷ ᠣᠷᠣᠵᠤ ᠠᠮᠢᠨ ᠢ ᠢᠨᠤ ᠲᠡᠵᠢᠭᠡᠵᠦ ᠨᠢᠳᠦᠨ ᠢ ᠢᠨᠤ ᠲᠤᠮᠤᠯᠠᠵᠤ ᠬᠥᠯ ᠢᠨᠤ ᠲᠤᠰᠢᠵᠤ ᠠᠷᠢᠭᠤᠯᠠᠨ ᠪᠣᠭᠣᠯᠴᠢᠯᠠᠨ ᠵᠠᠷᠤᠵᠤ ᠠᠰᠤᠷᠤ ᠮᠠᠰᠢ ᠵᠣᠪᠠᠭᠠᠭᠰᠠᠨ ᠠᠵᠤᠬᠤ ᠬᠡᠮᠡᠪᠡᠰᠦ ᠤᠷᠢᠶᠠᠩᠬᠠᠳᠠᠢ ᠵᠡᠯᠮ᠎ᠡ ᠥᠭᠦᠯᠡᠷᠦᠨ ᠡᠷᠲᠡ ᠨᠢᠭᠡᠨ ᠲᠡᠩᠭᠢᠰ ᠭᠣᠷᠣᠬᠤᠨ ᠲᠤᠷ ᠵᠠᠷᠢᠮᠤᠨ ᠵᠠᠭᠠᠰᠤᠨ ᠠᠵᠤ ᠦᠳᠡ ᠮᠠᠨᠠᠭᠠᠷ ᠣᠶᠢᠮᠠᠵᠤ ᠵᠢᠭᠦ ᠮᠥᠷᠥ ᠮᠢᠨᠤ ᠲᠤᠯᠬᠤ ᠬᠡᠮᠡᠨ ᠶᠡᠬᠡ ᠳᠠᠯᠠᠢ ᠲᠤᠷ ᠣᠷᠣᠵᠤ ᠳᠤᠷᠠᠪᠠᠷ ᠣᠶᠢᠮᠠᠰᠤ ᠬᠡᠮᠡᠨ ᠭᠣᠷᠣᠬᠤᠨ ᠤᠷᠤᠭᠤ ᠣᠳᠲᠠᠯᠠ ᠵᠠᠭᠤᠷᠠ ᠢᠨᠤ ᠣᠯᠣᠮ ᠤᠨ ᠬᠠᠷᠭᠢ ᠲᠦᠪᠡᠵᠦ ᠣᠳ ᠤᠨ ᠬᠠᠷᠢᠨ ᠶᠠᠳᠠᠨ ᠠᠲᠠᠯᠠ ᠤᠰᠤᠨ ᠠᠪᠬᠤ ᠰᠢᠪᠡᠭᠴᠢᠨ ᠵᠣᠯᠭᠠᠵᠤ ᠲᠡᠷᠢᠭᠦᠨ ᠢ ᠢᠨᠤ ᠰᠢᠳᠤᠷᠭ ᠠ ᠪᠠᠷ ᠪᠢᠯᠴᠠ ᠳᠡᠯᠡᠳᠴᠦ ᠠᠷᠤᠰᠤᠨ ᠰᠡᠯᠲᠡ ᠶᠢ ᠮᠢᠨᠤ ᠠᠶᠢᠯ ᠵᠠᠭᠤᠷᠠ ᠡᠷᠡᠰ ᠡᠮᠡᠰ ᠨᠡᠷ ᠲᠦᠭᠡᠵᠦ ᠬᠤᠪᠢᠶᠠᠵᠤ ᠢᠳᠡᠭᠰᠡᠨ ᠠᠵᠤᠬᠤ ᠠᠯᠳᠠᠷ ᠲᠤ ᠬᠦᠢ ᠱᠣᠩᠬᠣᠷ ᠢ ᠠᠷᠠᠮᠵᠠ ᠰᠠᠷᠲᠠᠭᠤᠯ ᠳᠠᠷᠤᠨ ᠶᠠᠳᠠᠵᠤ ᠬᠠᠮᠤᠭ ᠤᠨ ᠬᠠᠭᠠᠨ ᠤᠯᠤᠰ ᠤᠨ ᠡᠵᠡᠨ ᠳᠦᠷ
bol Uriyangqadai-Jelm=e či aldar=tu küi singqor bol ta qoyar bey=e=ben ünür=ün uγturildun ögüleldü kemen jarliγ bolbasu Aramja-Sartaγul ögülerün aru möri toγorin yabuqui=tur alaγ qan itaγu=tur ilbegesü (ögesi) orkiju al torγun toor=iyan delgejü aldar=tu küi singqor aru möri toγorin ireged aγlaγ qan itaγu=yi idekü bolun al torγun toor=tur minu torju Aramja-Sartaγul=un γar=tur oroju amin=i inu tejigejü nidün=i inu tumulaju köl inu tusiju ariγulan boγolčilan jaruju asuru masi jobaγaγsan ajuqu kemebesü Uriyangqadai-Jelm=e ögülerün erte nigen tenggis γoroqun=tur jarimun jaγasun aju üde manaγar oyimaju jigü mörö minu tulqu kemen yeke dalai=tur oroju durabar oyimasu kemen γoroqun uruγu odtala jaγura inu olom=un qargi tübejü od=un qarin yadan atala usun abqu sibegčin jolγaju terigün=i inu sidurγ=a=bar bilča deledčü arusun selte=yi minu ayil jaγura eres emes=ner tügejü qubiyaju idegsen ajuqu aldar=tu küi šongqor=i Aramja-Sartaγul darun yadaju qamuγ=un qaγan ulus=un ejen=dür
107a
ᠬᠦᠷᠭᠡᠵᠦ ᠥᠭᠴᠦ ᠬᠠᠭᠠᠨ ᠢ ᠬᠠᠯᠢᠭᠤ ᠲᠤ ᠬᠠᠨᠴᠤᠨ ᠳᠡᠭᠡᠷᠡ ᠰᠠᠭᠤᠯᠭᠠᠵᠤ ᠬᠠᠪᠠᠷ ᠢᠶᠠᠷ ᠦᠨᠦᠰᠴᠦ ᠬᠠᠮᠤᠭ ᠤᠯᠤᠰ ᠭᠠᠶᠢᠬᠤᠯᠳᠤᠵᠤ ᠬᠠᠪᠤᠷ ᠲᠤᠷ ᠬᠠᠷᠠᠬᠤᠨ᠎ᠠ ᠨᠤᠭᠤᠰᠤᠨ ᠢ ᠪᠠᠷᠢᠵᠤ ᠨᠠᠮᠤᠷ ᠲᠤᠷ ᠨᠤᠭᠤᠳ ᠭᠠᠯᠠᠭᠤᠨ ᠬᠤᠨ ᠴᠢᠨ ᠢ ᠬᠤᠷᠢᠮᠯᠠᠨ ᠴᠢᠩᠭᠢᠨ ᠴᠡᠩᠭᠡᠨ ᠪᠠᠷᠢᠵᠤ ᠠᠯᠳᠠᠷ ᠲᠤ ᠬᠦᠢ ᠱᠣᠩᠬᠣᠷ ᠠᠯᠳᠠᠷᠢᠯᠠᠨ ᠠᠰᠤᠷᠤ ᠮᠠᠰᠢ ᠠᠰᠠᠷᠠᠵᠤ ᠠᠷᠠᠮᠵᠠ ᠰᠠᠷᠲᠠᠭᠤᠯ ᠬᠠᠷᠠᠮᠵᠢ ᠪᠠᠨ ᠠᠪᠤᠮ ᠭᠡᠵᠦ ᠬᠠᠪᠤᠷ ᠢᠶᠠᠨ ᠬᠣᠩᠬᠣᠶᠢᠵᠤ ᠰᠠᠬᠠᠯ ᠢᠶᠠᠨ ᠰᠢᠷᠪᠡᠶᠢᠵᠦ ᠬᠦᠬᠦᠷ ᠢᠶᠡᠨ ᠬᠠᠲᠠᠭᠠᠵᠤ ᠮᠣᠷᠢᠨ ᠢᠶᠠᠨ ᠡᠴᠢᠭᠡᠵᠦ ᠪᠠᠰᠠᠷ ᠤᠨ ᠲᠡᠷᠢᠭᠦᠪᠡᠷ ᠢᠶᠡᠷ ᠪᠠᠯᠭᠠᠳ ᠤᠨ ᠳᠡᠭᠡᠭᠦᠷ ᠬᠠᠯᠢᠨ ᠶᠠᠪᠤᠭᠰᠠᠨ ᠠᠵᠤᠬᠤ ᠬᠡᠮᠡᠪᠡᠰᠦ ᠴᠢᠩᠭᠢᠰ ᠬᠠᠭᠠᠨ ᠵᠠᠷᠯᠢᠭ ᠪᠣᠯᠤᠷᠤᠨ ᠤᠷᠢᠶᠠᠩᠬᠠᠳᠠᠢ ᠵᠡᠯᠮ ᠡ ᠲᠦᠷ ᠵᠠᠭᠤᠷᠮ᠎ᠠ ᠪᠢᠯᠡᠮᠥᠨ ᠪᠢᠯᠡ ᠮᠥᠨ ᠥᠭᠪᠡ ᠴᠢᠮᠠᠳᠠ ᠬᠡᠮᠡᠪᠡ ᠴᠢᠩᠭᠢᠰ ᠬᠠᠭᠠᠨ ᠬᠥᠪᠡᠭᠦᠳ ᠳᠡᠭᠦᠦ ᠨᠡᠷ ᠤᠷᠤᠭᠤᠳ ᠢᠶᠠᠨ ᠰᠣᠶᠣᠨ ᠵᠠᠷᠯᠢᠭ ᠪᠣᠯᠤᠷᠤᠨ ᠲᠠᠷᠬᠤ ᠶᠢᠨ ᠪᠥᠬᠡ ᠶᠢ ᠤᠷᠢᠳᠠ ᠵᠥᠭᠡᠨ ᠠᠲᠠᠯᠠ ᠲᠠᠷᠢᠭ ᠤᠨ ᠪᠥᠬᠡ ᠶᠢ ᠤᠷᠢᠳᠠ ᠵᠥᠭᠡᠭᠳᠡᠬᠦᠢ ᠲᠠᠷᠬᠤ ᠶᠢᠨ ᠪᠥᠬᠡ ᠶᠢ ᠤᠷᠢᠳᠠ ᠵᠥᠭᠡᠪᠡᠰᠦ ᠲᠩᠷᠢ ᠶᠢᠨ ᠨᠢᠭᠡᠨ ᠳᠠᠭᠤᠨ ᠲᠤᠷ ᠳᠠᠭᠤᠵᠤ ᠣᠳᠪᠠᠰᠤ ᠲᠠᠷᠢᠭ ᠤᠷᠤᠭ ᠲᠤᠷ ᠬᠦᠷᠴᠦ ᠣᠳᠪᠠᠰᠤ ᠳᠠᠭᠤᠵᠤ ᠭᠡᠯᠢᠵᠦ ᠬᠦᠯᠵᠦ ᠠᠴᠢᠷᠠᠪᠠᠰᠤ ᠲᠠᠷᠢᠭ ᠤᠨ ᠪᠥᠬᠡ ᠶᠢᠨ ᠢᠯᠡᠭᠦ ᠢᠨᠤ ᠡᠨᠡ ᠪᠤᠢ ᠤᠨᠤᠬᠤ ᠶᠢᠨ ᠪᠥᠬᠡ ᠶᠢ ᠬᠡᠮᠡᠨ ᠤᠷᠢᠳᠠ ᠵᠥᠭᠡᠨ ᠠᠲᠠᠯᠠ ᠤᠷᠤᠭ ᠤᠨ ᠪᠥᠬᠡ ᠶᠢ ᠤᠷᠢᠳᠠ ᠵᠥᠭᠡᠨ ᠬᠠᠲᠠᠭᠤᠵᠢᠭᠳᠠᠬᠤᠨ ᠤᠨᠤᠬᠤ ᠶᠢᠨ ᠪᠥᠬᠡ ᠶᠢ ᠤᠷᠢᠳᠠ ᠵᠥᠭᠡᠪᠡᠰᠦ ᠲᠩᠷᠢ ᠶᠢᠨ ᠶᠣᠰᠤᠨ ᠴᠠᠰᠤᠨ ᠳᠠᠭᠠᠷᠢᠭᠳᠠᠪᠠᠰᠤ ᠤᠷᠤᠭ ᠲᠠᠷᠢᠭ ᠲᠤᠷ ᠬᠦᠷᠴᠦ ᠣᠳᠪᠠᠰᠤ ᠤᠨᠤᠬᠤ
kürgejü ögčü qaγan=i qaliγu=tu qančun degere saγulγaju qabar=iyar ünüsčü qamuγ ulus γayiqulduju qabur=tur qaraqun=a nuγusun=i bariju namur=tur nuγud γalaγun qun čin=i qurimlan činggin <čenggen> bariju aldar=tu küi šongqor aldarilan asuru masi asaraju Aramja-Sartaγul qaramji=ban abum gejü qabur=iyan qongqoyiju saqal=iyan sirbeyijü kükür=iyen qataγaju morin=iyan ečigejü basar=un terigüber=iyer (balγad=un degegür) qalin yabuγsan ajuqu kemebesü Činggis-qaγan jarliγ bolurun Uriyangqadai-Jelm=e=tür jaγurm=a bilemön (bile mön) ögbe čimada kemebe # Činggis-qaγan köbegüd degüü=ner uruγud=iyan soyon jarliγ bolurun tarqu=yin böke=yi urida jögen atala tariγ=un böke=yi urida jögegdeküi tarqu=yin böke=yi urida jögebesü tngri=yin nigen daγun=tur daγuju odbasu tariγ uruγ=tur kürčü odbasu daγuju gelijü küljü ačirabasu tariγ=un böke=yin ilegü inu ene bui # unuqu=yin böke=yi kemen urida jögen atala uruγ=un böke=yi urida jögen qataγujiγdaqun unuqu=yin böke=yi urida jögebesü tngri=yin yosun časun daγariγdabasu uruγ tariγ=tur kürčü odbasu unuqu
107b
ᠬᠦᠯᠬᠦ ᠶᠢ ᠠᠪᠴᠤ ᠢᠷᠡᠪᠡᠰᠦ ᠤᠷᠤᠭ ᠤᠨ ᠪᠥᠬᠡ ᠡᠨᠡ ᠢᠯᠡᠭᠦ ᠪᠤᠢ ᠬᠡᠮᠡᠨ ᠵᠠᠷᠯᠢᠭ ᠪᠣᠯᠤᠭᠰᠠᠨ ᠠᠵᠤᠬᠤ ᠤᠬᠤᠷᠳᠠᠢ ᠶᠢᠨ ᠰᠠᠷᠠᠮᠠᠨ ᠬᠣᠨᠣᠭ ᠤᠨ ᠬᠡᠰᠢᠭ ᠵᠢᠰᠢᠬ᠎ᠠ ᠳᠤᠲᠠᠪᠠᠰᠤ ᠬᠠᠭᠠᠨ ᠡᠴᠢᠭᠡ ᠶᠦᠭᠡᠨ ᠵᠠᠷᠯᠢᠭ ᠪᠣᠯᠤᠭ᠎ᠠ ᠡᠳᠦᠢ ᠣᠯᠠᠨ ᠬᠠᠷᠠᠴᠤᠰ ᠲᠤᠷ ᠳᠣᠩᠭᠣᠳᠤᠭ᠎ᠠ ᠡᠳᠦᠢ ᠥᠭᠦᠯᠡᠬᠦᠢ ᠤᠷᠢᠳᠠ ᠴᠠᠭᠠᠳᠠᠢ ᠠᠬ᠎ᠠ ᠥᠭᠦᠯᠡᠷᠦᠨ ᠰᠠᠷᠠᠮᠠᠨ ᠢ ᠲᠡᠰᠬᠢᠵᠦ ᠠᠯᠠᠵᠤ ᠣᠯᠠᠨ ᠤᠯᠤᠰ᠎ᠠ ᠬᠠᠤᠯᠢ ᠪᠣᠯᠭᠠᠶ᠎ᠠ ᠰᠠᠷᠠᠮᠠᠨ ᠢ ᠲᠡᠰᠬᠢᠨ ᠡᠰᠡ ᠴᠢᠳᠠᠪᠠᠰᠤ ᠣᠯᠠᠨ ᠤᠯᠤᠰ ᠢ ᠬᠡᠷ ᠵᠠᠰᠠᠨ ᠴᠢᠳᠠᠬᠤ ᠬᠡᠮᠡᠪᠡᠰᠦ ᠤᠬᠤᠷᠳᠠᠢ ᠰᠠᠷᠠᠮᠠᠨ ᠥᠭᠦᠯᠡᠷᠦᠨ ᠴᠠᠭᠠᠳᠠᠢ ᠴᠢᠮᠠᠶ ᠶᠢ ᠲᠥᠷᠥᠭᠡ ᠡᠳᠦᠢ ᠣᠯᠠᠨ ᠬᠠᠷᠠᠴᠤᠰ ᠢ ᠬᠤᠷᠠᠭ᠎ᠠ ᠡᠳᠦᠢ ᠬᠠᠨ ᠡᠴᠢᠭᠡ ᠲᠦᠷ ᠴᠢᠨᠤ ᠬᠦᠴᠦᠨ ᠥᠭᠭᠥᠷ ᠦᠨ ᠪᠢ ᠬᠥᠷᠵᠢᠮ ᠲᠦ ᠴᠠᠰᠤᠨ ᠢ ᠬᠥᠯ ᠢᠶᠡᠷ ᠡᠲᠦᠵᠦ ᠬᠥᠯᠥᠰᠦᠲᠦ ᠲᠣᠬᠣᠮ ᠢ ᠰᠡᠭᠦᠵᠢ ᠪᠡᠷ ᠡᠭᠰᠢᠶᠡᠵᠦ ᠰᠢᠳᠦᠨ ᠦ ᠰᠢᠭᠢᠳᠦᠰᠦᠨ ᠢ ᠲᠡᠳᠦᠢ ᠪᠡᠷ ᠬᠣᠨᠣᠭᠯᠠᠵᠤ ᠰᠢᠯᠦᠰᠦᠨ ᠦ ᠲᠡᠳᠦᠢ ᠪᠡᠷ ᠤᠨᠳᠠᠯᠠᠵᠤ ᠲᠣᠰᠤᠲᠤ ᠶᠡᠬᠡ ᠲᠣᠢᠬᠤᠷᠢᠮ ᠳᠤᠷ ᠴᠢᠨᠤ ᠲᠣᠬᠣᠢ ᠴᠢᠨᠡᠭᠡᠨ ᠲᠣᠰᠤᠳᠠᠵᠤ ᠲᠤᠩ ᠪᠤᠰᠤ ᠤᠯᠤᠰ ᠲᠤᠷ ᠴᠢᠨᠤ ᠲᠦᠭᠡᠵᠦᠯ ᠲᠦᠭᠡᠭᠡᠯ ᠥᠭᠬᠦ ᠯᠦᠭᠡ ᠴᠢᠰᠤᠲᠤ ᠶᠡᠬᠡ ᠪᠤᠯᠬ ᠠᠳᠠᠶᠢᠰᠤᠨ ᠳᠤᠷ ᠴᠢᠨ ᠤ ᠰᠤᠭᠤ ᠴᠢᠨᠡᠭᠡᠨ ᠴᠢᠰᠤᠳᠠᠵᠤ ᠰᠤᠷ ᠮᠡᠲᠦ ᠰᠤᠨᠵᠤ ᠰᠤᠬᠠᠢ ᠮᠡᠲᠦ ᠤᠯᠠᠶᠢᠵᠤ ᠰᠦᠭ ᠳᠤᠷᠠ ᠲᠤ ᠶᠢ ᠴᠢᠨᠤ ᠰᠠᠬᠢᠨ ᠬᠦᠴᠦᠪᠡᠨ ᠥᠭᠪᠡᠢ ᠵ᠎ᠠ ᠪᠢ ᠬᠠᠭᠠᠨ ᠡᠴᠢᠭᠡ ᠴᠢᠨ ᠤ ᠶᠡᠬᠡᠰ ᠢ ᠮᠢᠨᠤ ᠠᠭᠲᠠ ᠶᠤᠭᠠᠨ ᠤᠨᠤᠭᠤᠯᠵᠤ ᠠᠯᠤᠬ ᠠ ᠶᠤᠭᠠᠨ ᠪᠠᠷᠢᠭᠤᠯᠵᠤ ᠠᠯᠲᠠᠲᠤ ᠶᠤᠭᠠᠨ ᠡᠮᠦᠰᠭᠡᠵᠦ ᠠᠮᠠᠨ ᠲᠤ ᠶᠢ ᠪᠠᠨ ᠭᠠᠷᠭᠠᠵᠤ ᠥᠭᠴᠦ ᠠᠬᠤ ᠪᠦᠭᠦᠳᠡ ᠶᠢ
külkü=yi abču irebesü uruγ=un böke ene ilegü bui kemen jarliγ boluγsan ajuqu # Uqurdai=yin Saraman qonoγ=un kesig (jisiq=a) dutabasu qaγan ečige=yügen jarliγ boluγ=a edüi olan qaračus=tur dongγoduγ=a edüi (ögüleküi urida) Čaγadai aq=a ögülerün Saraman=i teskijü (alaju) olan ulus=a qauli bolγay=a Saraman=i teskin ese čidabasu olan ulus=i ker jasan čidaqu kemebesü Uqurdai-Saraman ögülerün Čaγadai čimay=yi töröge edüi olan qaračus=i quraγ=a edüi qan ečige=tür činu küčün öggör=ün bi körjim=tü časun=i köl=iyer etüjü kölösütü toqom=i següji=ber egsiyejü sidün=ü sigidüsün=i tedüi=ber qonoγlaju silüsün=ü tedüi=ber undalaju tosutu yeke toi(qurim)=dur činu toqoi činegen tosudaju tung busu ulus=tur činu tügejül (tügegel) ögkü=lüge čisutu yeke bulq=a(dayisun)=dur čin=u suγu činegen čisudaju sur metü sunju suqai metü ulayiju süg dura=tu=yi činu sakin küčüben ögbei j=a bi # qaγan ečige čin=u yekes=i minu aγta=yuγan unuγulju aluq=a=yuγan bariγulju altatu=yuγan emüsgejü aman=tu=yi=ban γarγaju ögčü aqu bügüde=yi
108a
ᠲᠡᠷᠢᠭᠦᠯᠡᠷ ᠦᠨ ᠠᠰᠤᠷᠤ ᠮᠠᠰᠢ ᠠᠰᠠᠷᠠᠨ ᠪᠥᠯᠦᠭᠡ ᠥᠴᠦᠬᠡᠨ ᠢ ᠮᠠᠨᠤ ᠬᠥᠯ ᠲᠡᠭᠡᠨ ᠲᠦᠷᠦᠵᠦ ᠬᠥᠲᠡᠯ ᠮᠣᠷᠢᠨ ᠢᠶᠠᠨ ᠤᠨᠤᠭᠤᠯᠵᠤ ᠬᠥᠬᠥᠯᠲᠡᠷᠢᠭᠦᠨ ᠢ ᠮᠠᠨᠤ ᠢᠯᠪᠢᠵᠦ ᠬᠥᠪᠡᠭᠦᠨ ᠴᠢᠯᠡᠨ ᠠᠰᠠᠷᠠᠨ ᠪᠥᠯᠦᠭᠡ ᠬᠠᠨ ᠡᠴᠢᠭᠡ ᠴᠢᠨᠤ ᠪᠢᠳᠠᠭᠤ ᠲᠥᠷᠥᠵᠦ ᠴᠥᠭᠡᠨ ᠤᠯᠤᠰ ᠢ ᠬᠤᠷᠢᠶᠠᠵᠤ ᠣᠬᠣᠷ ᠪᠠᠷᠢᠪᠠ ᠴᠢ ᠡᠴᠢᠭᠡ ᠡᠴᠡ ᠨᠡᠪᠲᠡᠷᠬᠡᠢ ᠰᠡᠴᠡᠨ ᠲᠥᠷᠥᠪᠡᠰᠦ ᠣᠯᠠᠨ ᠬᠤᠷᠢᠶᠠᠨ ᠣᠷᠳᠣ ᠳᠠ ᠪᠠᠷᠢ ᠨᠠᠮᠠᠢ ᠶᠢ ᠲᠡᠰᠬᠢ ᠥᠲᠡᠷᠯᠡ ᠬᠡᠮᠡᠨ ᠥᠴᠢᠪᠡᠰᠦ ᠴᠢᠩᠭᠢᠰ ᠬᠠᠭᠠᠨ ᠵᠠᠷᠯᠢᠭ ᠪᠣᠯᠤᠷᠤᠨ ᠬᠡᠨ ᠦ ᠵᠥᠭᠡᠭᠰᠡᠨ ᠢ ᠬᠡᠨ ᠵᠣᠪᠠᠭᠠᠬᠤ ᠪᠥᠯᠦᠭᠡ ᠬᠡᠨ ᠦ ᠬᠤᠷᠢᠶᠠᠭᠰᠠᠨ ᠢ ᠬᠡᠨ ᠲᠠᠷᠬᠠᠬᠤ ᠪᠥᠯᠦᠭᠡ ᠲᠠ ᠨᠠᠮᠠᠢ ᠶᠢ ᠭᠠᠳᠠᠭᠠᠨ᠎ᠠ ᠣᠳᠤᠭᠰᠠᠨ ᠤ ᠬᠣᠶᠢᠨᠠ ᠲᠡᠨᠳᠡ ᠵᠣᠪᠠᠭ᠎ᠠ ᠮᠢᠨᠤ ᠠᠮᠢᠳᠤ ᠲᠤ ᠵᠥᠭᠡᠭᠰᠡᠨ ᠵᠥᠭᠡᠨ ᠵᠣᠩᠬᠢᠯᠠᠨ ᠬᠤᠷᠢᠶᠠᠭᠰᠠᠨ ᠤᠯᠤᠰ ᠢ ᠮᠢᠨᠤ ᠪᠦᠦ ᠵᠣᠪᠠᠭᠠᠳᠬᠤᠨ ᠲᠠ ᠬᠡᠮᠡᠭᠡᠳ ᠴᠠᠭᠠᠳᠠᠢ ᠠᠬ ᠠ ᠶᠢ ᠭᠠᠷᠤᠭᠰᠠᠨ ᠤ ᠬᠣᠶᠢᠨᠠ ᠴᠢᠩᠭᠢᠰ ᠬᠠᠭᠠᠨ ᠵᠠᠷᠯᠢᠭ ᠪᠣᠯᠤᠷᠤᠨ ᠴᠠᠭᠠᠳᠠᠢ ᠶᠢᠨ ᠵᠥᠪ ᠪᠤᠢ ᠰᠢᠷᠠᠮᠠ ᠴᠢᠨᠡᠢ ᠪᠤᠷᠤᠭᠤ ᠪᠤᠢ ᠣᠯᠠᠨ ᠳᠠ ᠬᠦᠴᠦᠨ ᠥᠭᠭᠥᠭᠰᠡᠨ ᠦ ᠲᠤᠯᠠ ᠨᠢᠭᠡᠨ ᠳᠡ ᠡᠨᠳᠡᠪᠡᠰᠦ ᠠᠪᠤᠷᠠᠪᠠ ᠣᠯᠠᠨ ᠬᠠᠷᠠᠴᠤᠰ ᠳᠠᠭᠤᠷᠢᠶᠠᠭᠤᠵᠠᠢ ᠬᠡᠮᠡᠨ ᠵᠠᠷᠯᠢᠭ ᠪᠣᠯᠤᠭᠰᠠᠨ ᠠᠵᠤᠬᠤ ᠴᠢᠩᠭᠢᠰ ᠬᠠᠭᠠᠨ ᠵᠠᠷᠭᠤ ᠶᠢᠨ ᠦᠶᠢᠯᠡᠰ ᠲᠦᠷ ᠵᠠᠷᠤᠬᠤ ᠬᠦᠮᠦᠨ ᠢ ᠰᠣᠶᠣᠨ ᠵᠠᠷᠯᠢᠭ ᠪᠣᠯᠤᠷᠤᠨ ᠬᠠᠨ ᠬᠦᠮᠦᠨ ᠦ ᠲᠥᠷᠥ ᠬᠠᠷᠠᠩᠭᠤᠢ ᠲᠤᠷ ᠦᠯᠦ ᠲᠥᠭᠥᠷᠢᠭᠳᠡᠶᠦ ᠬᠠᠨᠢ ᠳᠠ ᠦᠯᠦ ᠡᠨᠳᠡᠭᠳᠡᠶᠦ ᠭᠠᠭᠴᠠ ᠰᠡᠳᠬᠢᠯ ᠢᠶᠡᠷ
terigüler=ün asuru masi asaran bölüge # öčüken=i manu köl=tegen türüjü kötel morin=iyan unuγulju kököl(terigün)=i manu ilbijü köbegün=čilen asaran bölüge qan ečige činu bidaγu töröjü čögen ulus=i quriyaju oqor bariba či ečige=eče nebterkei sečen töröbesü olan quriyan ordo=da bari namai=yi teski öterle kemen öčibesü Činggis-qaγan jarliγ bolurun ken=ü jögegsen=i ken jobaγaqu bölüge ken=ü quriyaγsan=i ken tarqaqu bölüge ta namai=yi γadaγan=a oduγsan=u qoyina tende jobaγ=a minu amidu=tu jögegsen (jögen) jongkilan quriyaγsan ulus=i minu büü jobaγadqun ta kemeged Čaγadai aq=a=yi γaruγsan=u qoyina Činggis-qaγan jarliγ bolurun Čaγadai=yin jöb bui Sirama činei buruγu bui olan=da küčün öggögsen=ü tula nigen=de endebesü aburaba olan qaračus daγuriyaγujai kemen jarliγ boluγsan ajuqu # Činggis-qaγan jarγu=yin üyiles=tür jaruqu kümün=i soyon jarliγ bolurun qan kümün=ü törö qarangγui=tur ülü tögörigdeyü qani=da ülü endegdeyü γaγča sedkil=iyer
108b
ᠶᠠᠪᠤ ᠬᠡᠨ ᠢ ᠵᠦᠭ ᠬᠡᠯᠪᠡᠷᠢᠬᠦᠢ ᠪᠡᠨ ᠬᠠᠲᠠᠭᠤᠵᠢᠳᠬᠤᠨ ᠦᠭᠡ ᠶᠢ ᠪᠦᠦ ᠤᠨᠵᠢᠭᠤᠯ ᠪᠦᠦ ᠭᠡᠨᠳᠦᠭᠡ ᠳᠦᠢ ᠶᠢ ᠪᠦᠦ ᠭᠡᠨᠳᠦᠯᠭᠡ ᠬᠦᠨᠳᠦ ᠶᠢ ᠪᠦᠦ ᠬᠦᠨᠳᠦᠳᠬᠡ ᠳᠠᠭᠤ ᠲᠤ ᠬᠦᠮᠦᠨ ᠢ ᠪᠦᠦ ᠳᠠᠷᠪᠢᠰᠬ᠎ᠠ ᠦᠭᠡ ᠲᠦ ᠶᠢ ᠪᠦᠦ ᠥᠷᠪᠢᠰᠭᠡ ᠬᠣᠷᠮᠠᠢ ᠲᠤᠷ ᠢᠶᠠᠨ ᠬᠣᠩᠬ᠎ᠠ ᠪᠦᠦ ᠤᠶ᠎ᠠ ᠠᠯᠠ ᠲᠤᠷ ᠢᠶᠠᠨ ᠴᠢᠷᠭ᠎ᠠ ᠤᠶᠠᠵᠤ ᠪᠦᠦ ᠢᠷᠡᠭᠲᠦᠨ ᠲᠠ ᠬᠡᠮᠡᠨ ᠵᠠᠷᠯᠢᠭ ᠪᠣᠯᠤᠭᠰᠠᠨ ᠠᠵᠤᠬᠤ ᠴᠢᠩᠭᠢᠰ ᠬᠠᠭᠠᠨ ᠭᠣᠤ ᠠ ᠰᠡᠴᠡᠨ ᠦ ᠬᠥᠪᠡᠭᠦᠨ ᠢ ᠲᠤᠷᠰᠢᠭᠤᠯ ᠵᠠᠷᠤᠪᠠᠰᠤ ᠴᠢᠷᠢᠭ ᠠᠶᠠᠯᠠᠬᠤᠢ ᠲᠤᠷ ᠠᠷᠭ᠎ᠠ ᠡᠷᠢᠵᠦ ᠥᠴᠦᠭᠦᠬᠡᠨ ᠰᠣᠨᠣᠰᠤᠨ ᠥᠭᠦᠯᠡᠭᠰᠡᠨ ᠢ ᠠᠨᠤ ᠡᠴᠢᠭᠡ ᠡᠴᠡ ᠰᠦᠪᠡ ᠠᠰᠠᠭᠪᠠᠰᠤ ᠡᠴᠢᠭᠡ ᠢᠨᠤ ᠥᠭᠦᠯᠡᠷᠦᠨ ᠡᠴᠢᠭᠡ ᠶᠢᠨ ᠰᠤᠷᠭᠠᠯ ᠦᠯᠦ ᠪᠦᠲᠦᠮ ᠡᠪᠴᠢᠭᠦᠨ ᠦ ᠰᠡᠳᠬᠢᠯ ᠪᠦᠲᠦᠮ ᠡᠬᠡ ᠶᠢᠨ ᠰᠡᠪ ᠦᠯᠦ ᠪᠦᠲᠦᠮ ᠡᠷᠬᠡᠢ ᠶᠢᠨ ᠰᠡᠪ ᠪᠦᠲᠦᠮ ᠬᠡᠮᠡᠭᠡᠳ ᠪᠣᠭᠳᠠ ᠴᠢᠩᠭᠢᠰ ᠬᠠᠭᠠᠨ ᠤ ᠣᠯᠵᠠ ᠶᠢᠨ ᠲᠤᠷᠰᠢᠭᠤᠯ ᠵᠠᠷᠤᠭᠰᠠᠨ ᠢ ᠪᠣᠭᠣᠯ ᠭᠣᠤ᠎ᠠ ᠶᠠᠭᠤᠨ ᠮᠡᠳᠡᠬᠦ ᠬᠡᠮᠡᠭᠡᠳ ᠠᠯᠳᠠᠷ ᠬᠡᠮᠡᠬᠦ ᠠᠭᠤᠯᠠ ᠶᠢᠨ ᠰᠤᠪᠠᠭ ᠠᠰᠤᠷᠤ ᠪᠠ ᠪᠣᠭᠣᠨᠢ ᠪᠤᠰᠤ ᠠᠷᠰᠯᠠᠨ ᠤ ᠵᠤᠯᠵᠢᠭ᠎ᠠ ᠠᠮᠢᠨ ᠢᠶᠠᠨ ᠬᠥᠷᠥᠭᠳᠡᠮᠦ ᠠᠩᠭᠢᠷ ᠵᠤᠯᠵᠢᠭᠠᠨ ᠢᠶᠠᠨ ᠢᠳᠡᠶᠦ ᠬᠤᠨ ᠵᠢᠭᠦᠷ ᠢᠶᠡᠨ ᠰᠢᠷᠤᠳᠠᠶᠤ ᠬᠤᠯᠠᠨ ᠲᠤᠷᠤᠭᠤ ᠪᠠᠨ ᠠᠯᠠᠶᠤ ᠡᠯᠡᠶᠦ ᠡᠳᠦᠷ ᠦᠨ ᠢᠯᠠᠩᠬᠤ ᠥᠯᠥᠰᠭᠦᠯᠡᠩ ᠢᠶᠡᠷ ᠳᠠᠭᠤᠰᠤᠭᠴᠢ ᠭᠠᠵᠠᠷ ᠤᠨ ᠬᠣᠯᠠ ᠶᠢ ᠶᠠᠪᠠᠭ ᠠ ᠪᠠᠷ ᠶᠠᠪᠤᠭᠴᠢ ᠲᠡᠶᠢᠮᠦᠨ ᠠᠷᠭ ᠠ ᠪᠠᠷ ᠶᠠᠪᠤᠭᠳᠠᠬᠤ ᠭᠠᠵᠠᠷ ᠪᠤᠶᠤ ᠪᠣᠯᠵᠢᠶᠠᠯ ᠰᠠᠶᠢᠨ ᠡᠯᠡ ᠲᠤᠲᠤᠮ ᠰᠠᠶᠢᠨ ᠪᠣᠯᠤᠮ ᠠᠵᠤᠬᠤ ᠴᠥᠯ ᠭᠠᠵᠠᠷ᠎ᠠ
yabu ken=i jüg kelberiküi=ben qataγujidqun üge=yi büü unjiγul büü gendüge=düi=yi büü gendülge (kündü=yi büü kündüdke) daγu=tu kümün=i (büü) darbisq=a üge=tü=yi büü örbisge qormai=tur=iyan qongq=a büü uy=a ala=tur=iyan čirγ=a uyaju büü iregtün ta kemen jarliγ boluγsan ajuqu # Činggis-qaγan Γou=a-Sečen=ü köbegün=i tursiγul jarubasu čirig ayalaqui=tur arγ=a erijü öčügüken sonosun ögülegsen=i anu ečige=eče sübe asaγbasu ečige inu ögülerün ečige=yin surγal ülü bütüm ebčigün=ü sedkil bütüm eke=yin seb ülü bütüm erkei=yin seb bütüm kemeged boγda Činggis-qaγan=u olja=yin tursiγul jaruγsan=i boγol Γou=a yaγun medekü kemeged aldar kemekü aγula=yin subaγ asuru ba boγoni busu arslan=u juljiγ=a amin=iyan körögdemü anggir juljiγan=iyan ideyü qun jigür=iyen sirudayu qulan turuγu=ban alayu <eleyü> edür=ün ilangqu ölösgüleng=iyer daγusuγči γajar=un qola=yi yabaγ=a=bar yabuγči teyimün arγ=a=bar yabuγdaqu γajar buyu boljiyal sayin ele tutum sayin bolum ajuqu čöl γajar=a
109a
ᠶᠠᠪᠠᠭᠠᠨ ᠭᠠᠷᠤᠭᠰᠠᠨ ᠬᠦᠮᠦᠨ ᠢ ᠴᠢᠯᠠᠭᠤ ᠲᠤ ᠭᠠᠵᠠᠷ᠎ᠠ ᠲᠠᠬ᠎ᠠ ᠦᠭᠡᠢ ᠲᠠᠭᠤᠯᠤᠭᠰᠠᠨ ᠮᠣᠷᠢᠨ ᠬᠦᠮᠦᠨ ᠦ ᠰᠠᠶᠢᠨ ᠢ ᠣᠯᠬᠤ ᠠᠶᠠᠯᠭᠤ ᠪᠡᠷᠬᠡ ᠬᠡᠮᠡᠭᠰᠡᠨ ᠠᠵᠤᠬᠤ ᠪᠣᠯᠵᠢᠶᠠᠯ ᠬᠣᠵᠢᠳᠠᠵᠤ ᠪᠤᠳᠠᠵᠤ ᠬᠦᠷᠪᠡᠰᠦ ᠬᠤᠷᠠᠯ ᠬᠣᠵᠢᠳᠠᠵᠤ ᠬᠤᠷᠠ ᠲᠥᠪᠰᠢᠨ ᠬᠦᠷᠪᠡᠰᠦ ᠶᠠᠭᠤᠨ ᠭᠠᠪᠢᠶ᠎ᠠ ᠡᠷᠲᠡ ᠪᠠᠶᠢᠪᠠᠰᠤ ᠤᠨᠳᠠᠲᠠᠢ ᠪᠢᠰᠢᠦ ᠬᠣᠵᠢᠳ ᠬᠦᠷᠪᠡᠰᠦ ᠬᠣᠬᠣᠢ ᠴᠢᠮ᠎ᠠ ᠬᠡᠮᠡᠵᠦ ᠬᠣᠵᠢᠳᠠᠨ ᠪᠠᠷᠠᠵᠤ ᠭᠣᠤ ᠠ ᠶᠢᠨ ᠬᠥᠪᠡᠭᠦᠨ ᠵᠠᠭᠤᠷᠠ ᠠᠴᠠ ᠬᠠᠷᠢᠵᠤ ᠠᠮᠢᠳᠤ ᠢᠷᠡᠪᠡ ᠬᠡᠮᠡᠲᠡᠯᠡ ᠬᠦᠷᠴᠦ ᠦᠬᠦᠵᠦ ᠬᠦ ᠬᠡᠮᠡᠭᠰᠡᠨ ᠰᠠᠶᠢᠨ ᠢᠶᠠᠷ ᠴᠢᠳᠠᠨ ᠶᠠᠪᠤᠪᠠᠰᠤ ᠴᠢᠨᠤ ᠨᠡᠷ᠎ᠡ ᠲᠦᠭᠡᠬᠦ ᠬᠠᠨ ᠡᠵᠡᠨ ᠡᠴᠡ ᠬᠦᠮᠦᠨ ᠨᠡᠷ ᠡ ᠲᠡᠢ ᠶᠢ ᠠᠪ ᠮᠣᠷᠢᠨ ᠬᠦᠴᠦᠲᠡᠢ ᠶᠢ ᠠᠪ ᠬᠦᠮᠦᠨ ᠦ ᠦᠭᠡ ᠬᠤᠳᠠᠯ ᠪᠤᠢ ᠬᠦᠷᠦᠭᠰᠡᠨ ᠭᠠᠵᠠᠷ᠎ᠠ ᠦᠨᠡᠨ ᠪᠤᠢ ᠲᠥᠬᠥᠮ ᠭᠠᠵᠠᠷ᠎ᠠ ᠬᠣᠯᠠ ᠪᠤᠢ ᠲᠥᠷᠥ ᠮᠡᠳᠡᠬᠦ ᠬᠦᠮᠦᠨ ᠦᠭᠡᠢ ᠪᠤᠢ ᠢᠳᠡᠬᠦ ᠬᠦᠨᠡᠰᠦᠨ ᠡᠪᠡᠰᠦᠨ ᠤᠰᠤᠨ ᠢ ᠲᠡᠭᠰᠢ ᠤᠬᠠᠵᠤ ᠶᠠᠪᠤ ᠡᠷ ᠡ ᠶᠢᠨ ᠰᠠᠶᠢᠨ ᠢ ᠶᠠᠪᠤᠬᠤ ᠲᠤᠲᠤᠮ ᠨᠢ ᠮᠡᠳᠡᠬᠦ ᠡᠷᠳᠡᠨᠢ ᠶᠢᠨ ᠰᠠᠶᠢᠨ ᠢ ᠡᠯᠡᠬᠦ ᠲᠤᠲᠤᠮ ᠪᠣᠯᠤᠮ ᠠᠵᠤᠬᠤ ᠴᠢᠩᠭᠢᠰ ᠬᠠᠭᠠᠨ ᠣᠩ ᠬᠠᠭᠠᠨ ᠬᠣᠶᠠᠷ ᠡᠴᠢᠭᠡ ᠬᠥᠪᠡᠭᠦᠨ ᠬᠡᠮᠡᠯᠳᠦᠵᠦ ᠠᠮᠠᠷᠠᠭᠯᠠᠨ ᠶᠠᠪᠤᠬᠤᠢ ᠲᠤᠷ ᠬᠡᠷᠡᠶᠢᠳ ᠦᠨ ᠣᠩ ᠬᠠᠭᠠᠨ ᠢ ᠨᠠᠶᠢᠮᠠᠯᠵᠢᠨ ᠡᠮᠡᠭᠡᠨ ᠥᠭᠦᠯᠡᠭᠰᠡᠨ ᠠᠵᠤᠬᠤ ᠬᠣᠶᠠᠷ ᠨᠠᠷᠠᠨ ᠤᠷᠭᠤᠪᠠᠰᠤ ᠡᠯᠡ ᠬᠤᠳᠤᠭ ᠤᠨ ᠤᠰᠤᠨ ᠪᠠᠷ ᠬᠤᠭᠤᠶᠤ ᠬᠣᠶᠠᠷ ᠬᠠᠳ ᠰᠠᠭᠤᠪᠠᠰᠤ ᠬᠠᠮᠤᠭ ᠤᠯᠤᠰ ᠢᠶᠠᠨ ᠪᠠᠷᠠᠶᠤ ᠪᠤᠭᠤᠷ᠎ᠠ ᠲᠡᠮᠡᠭᠡᠨ ᠪᠣᠯᠭᠠᠨ
yabaγan γaruγsan kümün=i čilaγu=tu γajar=a taq=a ügei taγuluγsan morin kümün=ü sayin=i olqu ayalγu berke kemegsen ajuqu # boljiyal qojidaju budaju kürbesü qural qojidaju qura töbsin kürbesü yaγun γabiy=a erte bayibasu undatai bisiü qojid kürbesü qoqoi čim=a kemejü qojidan baraju Γou=a=yin köbegün jaγura=ača qariju amidu irebe kemetele kürčü üküjü kü kemegsen sayin=iyar čidan yabubasu činu ner=e tügekü qan ejen=eče kümün ner=e=tei=yi ab morin küčütei=yi ab kümün=ü üge qudal bui kürügsen γajar=a ünen bui tököm γajar=a qola bui törö medekü kümün ügei bui idekü künesün ebesün usun=i tegsi uqaju yabu er=e=yin sayin=i yabuqu tutum ni medekü erdeni=yin sayin=i elekü tutum bolum ajuqu # Činggis-qaγan Ong-qaγan qoyar ečige köbegün kemeldüjü amaraγlan yabuqui=tur Kereyid=ün Ong-qaγan=i Nayimaljin emegen ögülegsen ajuqu qoyar naran urγubasu ele quduγ=un usun=bar quγuyu qoyar qad saγubasu , qamuγ ulus=iyan barayu # buγur=a temegen bolγan
109b
ᠶᠠᠪᠤᠪᠠᠰᠤ ᠪᠤᠷᠤᠨᠲᠤᠭ ᠢᠶᠠᠨ ᠰᠡᠲᠡᠷᠡᠶᠦ ᠪᠣᠭᠣᠯ ᠬᠦᠮᠦᠨ ᠨᠣᠶᠠᠨ ᠪᠣᠯᠪᠠᠰᠤ ᠬᠣᠶᠢᠲᠤ ᠶᠤᠭᠠᠨ ᠤᠮᠠᠷᠲᠠᠶᠤ ᠤᠰᠤ ᠲᠤ ᠬᠣᠵᠢᠭᠤᠯᠠ ᠪᠠᠷ ᠭᠠᠯ ᠢ ᠰᠥᠨᠥᠭᠡᠶᠦ ᠤᠬᠠᠭ᠎ᠠ ᠦᠭᠡᠢ ᠮᠠᠭᠤ ᠬᠦᠮᠦᠨ ᠢᠶᠡᠷ ᠡᠯᠴᠢ ᠵᠠᠷᠤᠪᠠᠰᠤ ᠤᠯᠤᠰ ᠢᠶᠠᠨ ᠡᠪᠳᠡᠶᠦ ᠡᠷᠭᠢ ᠲᠥᠬᠥᠮ ᠦᠨ ᠡᠪᠡᠰᠦᠨ ᠢ ᠡᠰᠡᠭᠡ ᠢᠰᠢᠭᠡ ᠲᠥᠯᠥᠭᠡ ᠪᠠᠷᠠᠶᠤ ᠡᠴᠢᠭᠡ ᠡᠴᠡ ᠲᠠᠲᠠᠯ ᠦᠭᠡᠢ ᠬᠦᠷᠦᠯᠴᠡᠨ ᠠᠭᠰᠠᠨ ᠮᠢᠩᠭᠠᠳ ᠤᠨ ᠨᠣᠶᠠᠳ ᠰᠣᠨᠣᠰᠤᠳᠬᠤᠨ ᠴᠢᠰᠤᠲᠤ ᠳᠠᠶᠢᠰᠤᠨ ᠢᠷᠡᠪᠡᠰᠦ ᠴᠢᠩ ᠮᠡᠲᠦ ᠡᠪᠬᠢᠵᠦ ᠴᠢᠯᠠᠭᠤᠨ ᠮᠡᠲᠦ ᠮᠤᠬᠤᠯᠢᠳᠴᠤ ᠵᠠᠩᠭᠢᠶᠠᠰᠤᠨ ᠮᠡᠲᠦ ᠵᠠᠩᠭᠢᠳᠴᠤ ᠡᠰᠡ ᠥᠭᠭᠥᠭᠰᠡᠨ ᠵᠠᠭᠤᠳ ᠤᠨ ᠨᠣᠶᠠᠳ ᠰᠣᠨᠣᠰᠤᠳᠬᠤᠨ ᠨᠡᠷ ᠡ ᠶᠢᠨ ᠡᠵᠡᠨ ᠡᠴᠡ ᠡᠭᠦᠯᠡᠨ ᠢ ᠪᠠᠷᠢᠵᠤ ᠲᠥᠷᠥᠬᠦᠢ ᠡᠴᠡ ᠰᠡᠳᠬᠢᠵᠦ ᠮᠡᠳᠡᠯ ᠲᠦᠷ ᠣᠷᠣᠪᠠᠰᠤ ᠡᠰᠢᠭᠡ ᠶᠢ ᠳᠠᠭᠢ ᠢᠯᠠᠭ ᠤᠨ ᠢᠰᠢᠭᠡ ᠳᠠᠭ ᠠ ᠶᠢ ᠢᠯᠭᠠᠨ ᠶᠠᠳᠠᠶᠤ ᠬᠠᠷᠢ ᠬᠠᠷᠢ ᠲᠡᠴᠡᠭᠡᠨ ᠶᠡᠬᠡ ᠣᠮᠣᠭ ᠲᠤ ᠪᠣᠯᠪᠠᠰᠤ ᠬᠠᠷᠢ ᠶᠤᠭᠠᠨ ᠪᠠᠷᠠᠶᠤ ᠪᠡᠶ᠎ᠡ ᠪᠡᠶ ᠡ ᠲᠡᠴᠡᠭᠡᠨ ᠶᠡᠬᠡ ᠣᠮᠣᠭ ᠲᠤ ᠪᠣᠯᠪᠠᠰᠤ ᠪᠡᠶ ᠡ ᠶᠦᠭᠡᠨ ᠪᠠᠷᠠᠶᠤ ᠤᠬᠤᠨ᠎ᠠ ᠡᠪᠡᠷ ᠢ ᠣᠭᠯᠣᠷᠤ ᠨᠢᠳᠤᠷᠪᠠ ᠬᠡᠮᠡᠨ ᠤᠯᠤᠰ ᠢ ᠪᠦᠦ ᠡᠪᠳᠡᠳᠬᠦᠨ ᠬᠤᠴᠠ ᠶᠢᠨ ᠡᠪᠡᠷ ᠢ ᠣᠭᠯᠣᠷᠤ ᠨᠢᠳᠤᠷᠪᠠ ᠬᠡᠮᠡᠨ ᠬᠠᠤᠴᠢᠨ ᠶᠠᠪᠤᠭᠰᠠᠨ ᠤᠷᠤᠭ ᠢᠶᠠᠨ ᠪᠦᠦ ᠲᠡᠪᠴᠢᠳᠬᠦᠨ ᠪᠤᠬ ᠠ ᠶᠢᠨ ᠡᠪᠡᠷ ᠢ ᠪᠤᠯᠭᠤᠷᠤ ᠨᠢᠳᠤᠷᠪᠠ ᠬᠡᠮᠡᠨ ᠪᠤᠷᠤᠭᠤ ᠳᠠ ᠬᠦᠮᠦᠨ ᠲᠦᠷ ᠪᠦᠦ ᠬᠠᠯᠤᠳᠬᠤᠨ ᠰᠠᠭᠤᠵᠤ ᠪᠦᠬᠦ ᠶᠢᠨ ᠰᠠᠬᠠᠯ ᠢ ᠪᠦᠦ ᠪᠠᠷᠢ ᠬᠡᠪᠲᠡᠵᠦ ᠪᠦᠬᠦ ᠶᠢᠨ ᠬᠥᠬᠥᠯ ᠢ ᠪᠦᠦ ᠬᠥᠨᠳᠡ ᠠᠶᠢᠯ ᠲᠤᠷ ᠢᠶᠠᠨ ᠠᠯᠠᠭ ᠪᠢᠷᠤᠭᠤᠨ ᠠᠴᠠ
yabubasu buruntuγ=iyan setereyü boγol kümün noyan bolbasu qoyitu=yuγan umartayu # usu=tu qojiγula=bar γal=i sönögeyü uqaγ=a ügei maγu kümün=iyer elči jarubasu ulus=iyan ebdeyü ergi tököm=ün ebesün=i esege <isige> tölöge barayu ečige=eče tatal ügei kürülčen aγsan mingγad=un noyad sonosudqun # čisutu dayisun irebesü čing metü ebkijü čilaγun metü muqulidču janggiyasun metü janggidču ese öggögsen jaγud=un noyad sonosudqun # ner=e=yin ejen=eče egülen=i bariju töröküi=eče sedkijü medel=tür orobasu esige=yi daγi ilaγ=un <isige daγ=a=yi ilγan> yadayu qari qari=tečegen yeke omoγ=tu bolbasu qari=yuγan barayu bey=e bey=e=tečegen yeke omoγ=tu bolbasu bey=e=yügen barayu uqun=a eber=i oγloru nidurba kemen ulus=i büü ebdedkün quča=yin eber=i oγloru nidurba kemen qaučin yabuγsan uruγ=iyan büü tebčidkün # buq=a=yin eber=i bulγuru nidurba kemen buruγu=da kümün=tür büü qaludqun saγuju bükü=yin saqal=i büü bari kebtejü bükü=yin kököl=i büü könde # ayil=tur=iyan alaγ biruγun=ača
110a
ᠨᠣᠮᠣᠬᠠᠨ ᠶᠠᠪᠤᠭᠠᠳ ᠠᠯᠠᠯᠳᠠᠬᠤ ᠡᠳᠦᠳ ᠬᠦᠷᠪᠡᠰᠦ ᠠᠯ ᠨᠠᠴᠢᠨ ᠠᠴᠠ ᠬᠠᠲᠠᠭᠤᠨ ᠬᠥᠳᠡᠯᠦᠳᠬᠦᠨ ᠢᠷᠭᠡᠨ ᠲᠦᠷ ᠢᠶᠡᠨ ᠪᠦᠬᠦᠢ ᠲᠦᠷ ᠢᠳᠡᠮ ᠪᠢᠷᠤᠭᠤᠨ ᠠᠴᠠ ᠨᠣᠮᠣᠬᠠᠨ ᠶᠠᠪᠤᠭᠠᠳ ᠢᠳᠡᠪᠬᠢᠯᠡᠬᠦ ᠡᠳᠦᠳ ᠬᠦᠷᠪᠡᠰᠦ ᠢᠳᠡᠯᠬᠦ ᠰᠢᠪᠠᠭᠤᠨ ᠠᠴᠠ ᠬᠠᠲᠠᠭᠤᠨ ᠬᠥᠳᠡᠯᠦᠳᠬᠦᠨ ᠬᠠᠯᠠᠭᠤᠨ ᠲᠤᠷ ᠢᠶᠠᠨ ᠪᠦᠬᠦᠢ ᠲᠦᠷ ᠬᠠᠷᠭᠠᠨ ᠪᠠᠷᠤᠭᠤᠨ ᠠᠴᠠ ᠨᠣᠮᠣᠬᠠᠨ ᠶᠠᠪᠤᠭᠳᠠᠬᠤ ᠬᠠᠳᠬᠤᠯᠳᠤᠬᠤ ᠡᠳᠦᠳ ᠬᠦᠷᠪᠡᠰᠦ ᠬᠠᠷᠠ ᠨᠠᠴᠢᠨ ᠠᠴᠠ ᠬᠠᠲᠠᠭᠤᠳᠠ ᠬᠥᠳᠡᠯᠦᠳᠬᠦᠨ ᠲᠥᠷᠥ ᠲᠦᠷ ᠢᠶᠡᠨ ᠬᠢᠴᠢᠶᠡᠭᠰᠡᠨ ᠮᠠᠭᠤᠢ ᠪᠠᠷ ᠪᠥᠭᠡᠰᠦ ᠲᠥᠪᠰᠢᠨ ᠰᠠᠶᠢᠨ ᠬᠦᠴᠦᠨ ᠢᠶᠡᠨ ᠥᠭᠪᠡᠰᠦ ᠲᠦᠮᠡᠳ ᠦᠨ ᠨᠣᠶᠠᠳ ᠪᠣᠯᠭᠠᠰᠤᠭᠠᠢ ᠰᠠᠶᠢᠨ ᠡᠰᠡ ᠦᠵᠡᠭᠰᠡᠨ ᠰᠠᠷᠢᠰᠤᠨ ᠳᠡᠭᠡᠯ ᠲᠡᠨ ᠪᠣᠯᠪᠠᠰᠤ ᠪᠠᠷ ᠰᠠᠶᠢᠲᠤᠷ ᠡᠯᠡ ᠬᠦᠴᠦᠨ ᠢᠶᠡᠨ ᠥᠭᠪᠡᠰᠦ ᠰᠠᠨᠳᠠᠯᠢ ᠲᠠᠨ ᠨᠣᠶᠠᠳ ᠪᠣᠯᠤᠮᠤᠢ ᠵ᠎ᠠ ᠬᠡᠮᠡᠨ ᠥᠭᠦᠯᠡᠭᠰᠡᠨ ᠠᠵᠤᠬᠤ ᠰᠣᠳᠤ ᠪᠣᠭᠳᠠ ᠴᠢᠩᠭᠢᠰ ᠬᠠᠭᠠᠨ ᠤ ᠦᠶ ᠡ ᠲᠦᠷ ᠤᠬᠠᠭ ᠠ ᠲᠠᠨ ᠰᠡᠴᠢᠳ ᠮᠡᠷᠭᠡᠳ ᠰᠡᠯᠪᠢᠨ ᠬᠣᠯᠪᠠᠨ ᠥᠭᠦᠯᠡᠭᠰᠡᠨ ᠬᠢᠭᠡᠳ ᠢ ᠬᠣᠶᠢᠲᠤ ᠲᠤᠷ ᠬᠠᠤᠯᠢ ᠪᠣᠯᠲᠤᠭᠠᠢ ᠬᠡᠮᠡᠨ ᠡᠳᠦᠭᠡ ᠳᠡᠪᠲᠡᠷ ᠲᠦᠷ ᠪᠢᠴᠢᠪᠡ ᠪᠠᠰᠠ ᠰᠣᠳᠤ ᠪᠣᠭᠳᠠ ᠴᠢᠩᠭᠢᠰ ᠬᠠᠭᠠᠨ ᠬᠣᠨᠢᠨ ᠵᠢᠯ᠎ᠡ ᠬᠢᠲᠠᠳ ᠢᠷᠭᠡᠨ ᠲᠦᠷ ᠮᠣᠷᠢᠯᠠᠪᠠᠢ ᠵᠤᠵᠣ ᠶᠢ ᠠᠪᠴᠤ ᠦᠨᠡᠭᠡᠨ ᠳᠠᠪᠠᠭ ᠠ ᠪᠠᠷ ᠳᠠᠪᠠᠵᠤ ᠰᠣᠨᠵᠢᠳᠤ ᠶᠢ ᠠᠪᠴᠤ ᠵᠢᠪᠡ ᠬᠦᠶᠢᠬᠦᠩ ᠪᠠᠲᠤᠷ ᠬᠣᠶᠠᠷ ᠢ ᠮᠠᠩᠯᠠᠢ ᠢᠯᠡᠭᠡᠪᠡ ᠴᠠᠪᠴᠢᠶᠠᠯ ᠬᠦᠷᠴᠦ ᠴᠠᠪᠴᠢᠶᠠᠯ ᠳᠠᠪᠠᠭ ᠠ ᠶᠢ ᠪᠡᠬᠢᠯᠡᠭᠳᠡᠵᠦ ᠲᠡᠨᠳᠡ ᠵᠢᠪᠡ ᠥᠭᠦᠯᠡᠷᠦᠨ ᠮᠠᠨ ᠢ ᠣᠲᠣᠵᠤ ᠬᠥᠳᠡᠯᠭᠡᠵᠦ ᠢᠷᠡᠭᠦᠯᠦᠨ
nomoqan yabuγad alaldaqu edüd kürbesü al način=ača qataγun ködelüdkün irgen=tür=iyen büküi=tür idem biruγun=ača nomoqan yabuγad idebkilekü edüd kürbesü idelkü sibaγun=ača qataγun ködelüdkün qalaγun=tur=iyan büküi=tür qarγan baruγun=ača nomoqan yabuγdaqu qadqulduqu edüd kürbesü qara način=ača qataγuda ködelüdkün # törö=tür=iyen kičiyegsen maγui=bar bögesü töbsin sayin küčün=iyen ögbesü tümed=ün noyad bolγasuγai sayin ese üjegsen sarisun degel=ten bolbasu=bar sayitur ele küčün=iyen ögbesü sandali=tan noyad bolumui j=a kemen ögülegsen ajuqu # sodu boγda Činggis-qaγan=u üy=e=tür uqaγ=a=tan sečid merged selbin qolban ögülegsen kiged=i qoyitu=tur qauli boltuγai kemen edüge debter=tür bičibe # basa sodu boγda Činggis-qaγan qonin jil=e Kitad irgen=tür morilabai Jujo=yi abču Ünegen-dabaγ=a=bar dabaju Sonjidu=yi abču Jibe Küyiküng-batur qoyar=i manglai ilegebe Čabčiyal kürčü Čabčiyal dabaγ=a=yi bekilegdejü tende Jibe ögülerün man=i otoju ködelgejü iregülün
110b
ᠲᠡᠨᠳᠡ ᠰᠣᠷᠢᠶ᠎ᠠ ᠬᠡᠮᠡᠵᠦ ᠬᠠᠷᠢᠪᠠᠢ ᠬᠠᠷᠢᠭᠳᠠᠵᠤ ᠬᠢᠲᠠᠳ ᠤᠨ ᠴᠢᠷᠢᠭ ᠦᠳ ᠨᠡᠬᠡᠶ᠎ᠡ ᠬᠡᠮᠡᠨ ᠴᠦᠬᠡ ᠠᠭᠤᠯᠠ ᠪᠦᠲᠦᠲᠡᠯᠡ ᠨᠡᠬᠡᠵᠦ ᠠᠶᠢᠰᠤᠢ ᠰᠣᠨᠵᠢᠳᠤ ᠶᠢᠨ ᠬᠣᠰᠢᠭᠤᠨ᠎ᠠ ᠬᠦᠷᠴᠦ ᠵᠡᠪᠡ ᠬᠣᠶᠢᠨᠠᠭᠰᠢ ᠤᠷᠪᠠᠨ ᠲᠣᠰᠴᠤ ᠳᠣᠪᠲᠣᠯᠵᠤ ᠰᠠᠨᠳᠤᠷᠴᠤ ᠠᠶᠢᠰᠤᠬᠤᠨ ᠳᠠᠶᠢᠨ ᠢ ᠳᠠᠷᠤᠪᠠᠢ ᠴᠢᠩᠭᠢᠰ ᠬᠠᠭᠠᠨ ᠤ ᠴᠢᠷᠢᠭ ᠳᠠᠷᠤᠵᠤ ᠬᠢᠲᠠᠳ ᠢ ᠬᠥᠳᠡᠯᠭᠡᠵᠦ ᠬᠠᠷᠠ ᠬᠢᠲᠠᠳ ᠤᠨ ᠵᠤᠷᠴᠢᠳ ᠤᠨ ᠵᠤᠶᠢᠨ ᠤ ᠡᠷᠢᠬᠦᠨ ᠢᠷᠭᠡᠨ ᠣᠮᠣᠬᠤᠨ ᠴᠢᠷᠢᠭ ᠦᠳ ᠢ ᠳᠠᠷᠤᠵᠤ ᠴᠠᠪᠴᠢᠶᠠᠯ ᠬᠦᠷᠲᠡᠯᠡ ᠥᠨᠵᠢᠬᠦ ᠪᠠᠶᠢᠲᠠᠯᠠ ᠬᠢᠳᠤᠵᠤ ᠴᠠᠪᠴᠢᠶᠠᠯ ᠤᠨ ᠬᠠᠭᠠᠯᠭ᠎ᠠ ᠵᠡᠪᠡ ᠠᠪᠴᠤ ᠳᠠᠪᠠᠭ᠎ᠠ ᠪᠤᠯᠢᠶᠠᠵᠤ ᠳᠠᠪᠠᠵᠤ ᠴᠢᠩᠭᠢᠰ ᠬᠠᠭᠠᠨ ᠰᠢᠷ ᠠ ᠳᠡᠭᠲᠡᠷ᠎ᠡ ᠪᠠᠭᠤᠪᠠᠢ ᠴᠤᠩᠳᠤ ᠶᠢ ᠡᠭᠡᠷᠡᠴᠦ ᠰᠠᠬᠢᠵᠤ ᠬᠣᠲᠠᠳ ᠬᠣᠲᠠᠳ ᠪᠠᠯᠭᠠᠰᠤᠨ ᠲᠤᠷ ᠴᠢᠷᠢᠭ ᠦᠳ ᠢᠯᠡᠭᠡᠵᠦ ᠡᠭᠡᠷᠡᠭᠦᠯᠪᠡᠢ ᠰᠠᠬᠢᠭᠤᠯᠪᠠᠢ ᠵᠢᠪᠡ ᠳᠦᠩᠵᠦ ᠪᠠᠯᠭᠠᠰᠤᠨ ᠲᠤᠷ ᠬᠦᠷᠴᠦ ᠬᠡᠷᠡᠵᠦ ᠠᠪᠤᠨ ᠶᠠᠳᠠᠵᠤ ᠬᠠᠷᠢᠵᠤ ᠵᠢᠷᠭᠤᠭᠠᠨ ᠬᠣᠨᠣᠭ ᠭᠡᠳᠡᠷᠭᠦ ᠭᠠᠵᠠᠷ᠎ᠠ ᠬᠦᠷᠴᠦ ᠭᠡᠨᠡᠳᠬᠡᠵᠦ ᠵᠢᠴᠢ ᠬᠠᠷᠢᠨ ᠳᠤᠲᠠᠭᠠᠨ ᠬᠠᠷ ᠬᠥᠲᠡᠯ ᠲᠡ ᠱᠥᠨᠢ ᠳᠥᠯᠢᠯᠳᠦᠵᠦ ᠭᠡᠨᠡᠳᠲᠡ ᠪᠦᠬᠦᠢ ᠲᠦᠷ ᠬᠦᠷᠴᠦ ᠳᠦᠩᠵᠦ ᠪᠠᠯᠭᠠᠰᠤᠨ ᠢ ᠠᠪᠤᠪᠠᠢ ᠵᠢᠪᠡ ᠳᠦᠩᠵᠦ ᠪᠠᠯᠭᠠᠰᠤᠨ ᠢ ᠠᠪᠴᠤ ᠬᠠᠷᠢᠵᠤ ᠢᠷᠡᠵᠦ ᠴᠢᠩᠭᠢᠰ ᠬᠠᠭᠠᠨ ᠲᠤᠷ ᠨᠡᠶᠢᠯᠡᠪᠡ ᠴᠤᠩᠳᠤ ᠶᠢ ᠡᠭᠡᠷᠡᠭᠳᠡᠷ ᠦᠨ ᠰᠠᠬᠢᠭᠤᠯᠤᠷ ᠤᠨ ᠠᠯᠲᠠᠨ ᠬᠠᠭᠠᠨ ᠤ ᠶᠡᠬᠡ ᠨᠣᠶᠠᠨ ᠣᠩ ᠭᠢᠩ ᠴᠢᠩ ᠰᠠᠩ ᠬᠠᠭᠠᠨ᠎ᠠ ᠳᠤᠷᠠᠳᠬᠠᠷ ᠤᠨ ᠲᠩᠷᠢ ᠭᠠᠵᠠᠷ ᠤᠨ ᠵᠠᠶᠠᠭ᠎ᠠ ᠴᠠᠭ ᠶᠡᠬᠡ ᠣᠷᠣ ᠶᠡᠭᠦᠳᠬᠡᠬᠦ ᠴᠠᠭ ᠢ ᠬᠦᠷᠪᠡᠢ ᠮᠣᠩᠭᠣᠯ ᠮᠠᠰᠢ ᠬᠦᠴᠦᠲᠡᠢ ᠢᠷᠡᠵᠦ ᠪᠢᠳᠠᠨ ᠤ ᠡᠷᠢᠬᠦᠨ ᠣᠮᠣᠬᠤᠨ
tende soriy=a kemejü qar<i>bai qariγdaju Kitad=un čirig=üd nekey=e kemen Čüke-aγula bütütele nekejü ayisui Sonjidu=yin qosiγun=a kürčü Jebe qoyinaγsi urban tosču dobtolju sandurču ayisuqun dayin=i darubai Činggis-qaγan=u čirig daruju Kitad=i ködelgejü Qara-Kitad=un Jurčid=un Juyin=u erikün (irgen) omoqun čirig=üd=i daruju Čabčiyal kürtele önjikü bayitala kiduju Čabčiyal=un qaγalγ=a Jebe abču dabaγ=a buliyaju dabaju Činggis-qaγan Sir=a-Degter=e baγubai Čungdu=yi egerečü (sakiju) qotad qotad balγasun=tur čirig=üd ilegejü egeregülbei (sakiγulbai) Jibe Düngjü-balγasun=tur kürčü kerejü abun yadaju qariju jirγuγan qonoγ gedergü γajar=a kürčü genedkejü jiči qarin dutaγan qar kötel=te šöni dölildüjü genedte büküi=tür kürčü Düngjü-balγasun=i abubai Jibe Düngjü-balγasun=i abču qariju irejü Činggis-qaγan=tur neyilebe Čungdu=yi egeregder=ün (sakiγulur=un) Altan-qaγan=u (yeke) noyan Ong-ging-čing-sang qaγan=a duradqar=un tngri γajar=un jayaγ=a čaγ yeke oro yegüdkekü čaγ=i kürbei Mongγol masi küčütei irejü bidan=u erikün omoqun
111a
ᠬᠠᠷᠠ ᠬᠢᠲᠠᠳ ᠤᠨ ᠵᠦᠷᠴᠢᠳ ᠦᠨ ᠵᠤᠶᠢᠨ ᠦ ᠡᠷᠭᠢᠳᠢᠷᠭᠡᠨ ᠢ ᠴᠢᠷᠢᠭ ᠦᠳ ᠢ ᠳᠠᠷᠤᠵᠤ ᠪᠤᠲᠠᠷᠢᠲᠠᠯᠠ ᠬᠢᠳᠤᠵᠤᠬᠤ ᠢᠲᠡᠭᠡᠯ ᠲᠦ ᠴᠠᠪᠴᠢᠶᠠᠯ ᠢ ᠪᠤᠯᠢᠶᠠᠵᠤ ᠠᠪᠵᠢᠬᠤᠢ ᠡᠳᠦᠭᠡ ᠪᠢᠳᠠ ᠪᠠᠰᠠ ᠴᠢᠷᠢᠭ ᠦᠨ ᠵᠠᠰᠠᠵᠤ ᠭᠠᠷᠭᠠᠪᠠᠰᠤ ᠪᠠᠰᠠ ᠮᠣᠩᠭᠣᠯ᠎ᠠ ᠳᠠᠷᠤᠭᠳᠠᠪᠠᠰᠤ ᠬᠠᠯᠠᠭᠠᠷ ᠪᠠᠯᠭᠠᠳ ᠪᠠᠯᠭᠠᠳ ᠲᠤᠷ ᠪᠤᠲᠠᠷᠠᠭᠠᠳ ᠲᠡᠳᠡ ᠵᠢᠴᠢ ᠪᠢᠳᠠᠨ᠎ᠠ ᠬᠤᠷᠠᠭᠤᠯᠪᠠᠰᠤ ᠦᠯᠦ ᠪᠣᠯᠤᠨ ᠪᠢᠳᠠᠨ ᠲᠤᠷ ᠳᠠᠶᠢᠰᠤᠨ ᠪᠣᠯᠵᠤ ᠦᠯᠦ ᠨᠥᠬᠥᠴᠡᠬᠦᠨ ᠲᠡᠳᠡ ᠠᠯᠲᠠᠨ ᠬᠠᠭᠠᠨ ᠰᠣᠶᠣᠷᠬᠠᠪᠠᠰᠤ ᠮᠣᠩᠭᠣᠯ ᠤᠨ ᠬᠠᠭᠠᠨ ᠲᠤᠷ ᠡᠲᠡᠭᠡᠳ ᠲᠦᠷ ᠢᠯᠰᠡᠨ ᠣᠳᠤᠶ᠎ᠠ ᠡᠶ ᠡ ᠲᠦᠷ ᠣᠷᠣᠵᠤ ᠮᠣᠩᠭᠣᠯ ᠨᠢᠴᠤᠪᠠᠰᠤ ᠨᠢᠴᠤᠭᠰᠠᠨ ᠤ ᠬᠣᠶᠢᠨᠠ ᠪᠠᠰᠠ ᠪᠤᠰᠤ ᠰᠡᠳᠬᠢᠯ ᠪᠢᠳᠠ ᠲᠡᠨᠳᠡ ᠡᠶᠡᠳᠦᠯᠳᠦᠮ ᠵ᠎ᠠ ᠮᠣᠩᠭᠣᠯ ᠤᠨ ᠪᠠ ᠡᠷ᠎ᠡ ᠠᠭᠲᠠ ᠭᠠᠵᠠᠷ ᠡᠭᠦᠰᠭᠡᠵᠦ ᠬᠦᠯᠴᠦᠷᠬᠡᠮᠦᠢ ᠬᠡᠮᠡᠭᠳᠡᠮᠦᠢ ᠬᠠᠭᠠᠨ᠎ᠠ ᠢᠨᠤ ᠥᠬᠢᠨ ᠥᠭᠭᠦᠶ᠎ᠡ ᠠᠯᠲᠠᠨ ᠮᠥᠩᠭᠥᠨ ᠠᠭᠤᠷᠠᠰᠤᠨ ᠡᠳ ᠴᠢᠷᠢᠭ ᠦᠳ᠎ᠡ ᠢᠨᠤ ᠬᠦᠨᠳᠦ ᠳᠡ ᠭᠠᠷᠭᠠᠵᠤ ᠥᠭᠭᠦᠶ᠎ᠡ ᠡᠨᠡ ᠡᠶ ᠡ ᠲᠦᠷ ᠮᠠᠨ ᠤ ᠣᠷᠣᠬᠤ ᠦᠯᠡᠬᠦ ᠶᠢ ᠬᠡᠷ ᠮᠡᠳᠡᠭᠳᠡᠬᠦ ᠬᠡᠮᠡᠨ ᠳᠤᠷᠠᠳᠬᠠᠪᠠᠰᠤ ᠠᠯᠲᠠᠨ ᠬᠠᠭᠠᠨ ᠣᠩ ᠭᠢᠩ ᠴᠢᠩ ᠰᠠᠩ ᠤᠨ ᠦᠭᠡ ᠶᠢ ᠵᠥᠪᠰᠢᠶᠡᠵᠦ ᠡᠶᠢᠨ ᠪᠥᠭᠡᠳ ᠪᠣᠯᠲᠤᠭᠠᠢ ᠬᠡᠮᠡᠨ ᠢᠯᠰᠡᠨ ᠴᠢᠩᠭᠢᠰ ᠬᠠᠭᠠᠨ᠎ᠠ ᠭᠦᠩᠵᠢ ᠨᠡᠷᠡᠲᠡᠢ ᠥᠬᠢᠨ ᠭᠠᠷᠭᠠᠵᠤ ᠠᠯᠲᠠᠨ ᠮᠥᠩᠭᠥᠨ ᠠᠭᠤᠷᠠᠰᠤᠨ ᠡᠳ ᠲᠠᠸᠠᠷ ᠴᠢᠷᠢᠭ ᠦᠨ ᠬᠦᠮᠦᠨ᠎ᠡ ᠬᠦᠴᠦ ᠮᠡᠳᠡᠭᠦᠯᠦᠨ ᠳᠠᠭᠠᠬᠤᠢ ᠠᠴᠠ ᠴᠤᠩᠳᠤ ᠠᠴᠠ ᠭᠠᠷᠭᠠᠵᠤ ᠴᠢᠩᠭᠢᠰ ᠬᠠᠭᠠᠨ ᠲᠤᠷ ᠣᠩ ᠭᠢᠩ ᠴᠢᠩ ᠰᠠᠩ ᠬᠦᠷᠭᠡᠵᠦ ᠢᠯᠰᠡᠨ ᠢᠷᠡᠭᠳᠡᠵᠦ ᠴᠢᠩᠭᠢᠰ ᠬᠠᠭᠠᠨ ᠡᠶ ᠡ ᠲᠦᠷ ᠢᠨᠤ ᠣᠷᠣᠵᠤ ᠬᠣᠲᠠᠳ ᠬᠣᠲᠠᠳ ᠲᠤᠷ ᠡᠭᠡᠷᠡᠨ ᠪᠠᠭᠤᠭᠰᠠᠨ
Qara-Kitad=un Jürčid=ün Juyin=ü ergid(irgen)=i čirig=üd=i daruju butaritala kidujuqu itegel=tü Čabčiyal=i buliyaju abjiqui edüge bida basa čirig=ün jasaju γarγabasu basa Mongγol=a daruγdabasu qalaγar balγad balγad=tur butaraγad tede jiči bidan=a quraγulbasu ülü bolun bidan=tur dayisun bolju ülü nököčekün tede Altan-qaγan soyorqabasu Mongγol=un qaγan=tur eteged=tür ilsen oduy=a ey=e=tür oroju Mongγol ničubasu ničuγsan=u qoyina basa busu sedkil bida tende eyedüldüm j=a Mongγol=un ba er=e aγta γajar egüsgejü külčürkemüi kemegdemüi qaγan=a inu ökin öggüy=e altan mönggön aγurasun ed čirig=üd=e inu kündü=de γarγaju öggüy=e ene ey=e=tür man=u oroqu ülekü=yi ker medegdekü kemen duradqabasu Altan-qaγan Ong-ging-čing-sang=un üge=yi jöbsiyejü eyin böged boltuγai kemen ilsen Činggis-qaγan=a Güngji neretei ökin γarγaju altan mönggön aγurasun ed tavar čirig=ün kümün=e küčü medegülün daγaqui=ača Čungdu=ača γarγaju Činggis-qaγan=tur Ong-ging-čing-sang kürgejü ilsen iregdejü Činggis-qaγan ey=e=tür inu oroju qotad qotad=tur egeren baγuγsan
111b
ᠴᠢᠷᠢᠭ ᠦᠳ ᠢ ᠬᠠᠷᠢᠭᠤᠯᠵᠤ ᠨᠢᠴᠤᠭᠠᠪᠠᠢ ᠣᠩ ᠭᠢᠩ ᠴᠢᠩ ᠰᠠᠩ ᠮᠣᠵᠣ ᠵᠤᠵᠣ ᠨᠡᠷᠡᠲᠦ ᠬᠣᠰᠢᠭᠤᠨ ᠬᠦᠷᠲᠡᠯᠡ ᠴᠢᠩᠭᠢᠰ ᠬᠠᠭᠠᠨ ᠢ ᠦᠳᠡᠵᠦ ᠬᠠᠷᠢᠪᠠ ᠠᠭᠤᠷᠠᠰᠤᠨ ᠡᠳ ᠪᠢᠳᠠᠨ ᠤ ᠴᠢᠷᠢᠭ ᠦᠳ ᠳᠠᠭᠤᠢᠳᠠᠭᠠᠬᠤᠢ ᠠᠴᠠ ᠠᠴᠢᠵᠤ ᠬᠡᠪ ᠦᠳ ᠢᠶᠡᠷ ᠠᠴᠢᠶ ᠠ ᠪᠠᠨ ᠲᠠᠲᠠᠵᠤ ᠶᠠᠪᠤᠪᠠᠢ ᠮᠣᠷᠢᠯᠠᠭᠰᠠᠨ ᠲᠤᠷ ᠰᠠᠨᠰᠢᠨ ᠰᠠᠨᠰᠢ ᠢᠷᠭᠡᠨ ᠲᠦᠷ ᠵᠣᠷᠴᠢᠪᠠᠢ ᠵᠣᠷᠢᠵᠤ ᠬᠦᠷᠪᠡᠰᠦ ᠰᠠᠨᠰᠢᠨ ᠢᠷᠭᠡᠨ ᠦ ᠪᠤᠷᠬᠠᠨ ᠢᠯᠰᠡᠨ ᠡᠶᠡᠳᠦᠨ ᠪᠠᠷᠠᠭᠤᠨ ᠭᠠᠷ ᠴᠢᠨᠤ ᠪᠣᠯᠵᠤ ᠬᠦᠴᠦ ᠥᠭᠰᠦ ᠬᠡᠮᠡᠨ ᠴᠠᠭᠠᠨ ᠨᠡᠷᠡᠲᠡᠢ ᠥᠬᠢᠨ ᠴᠢᠩᠭᠢᠰ ᠬᠠᠭᠠᠨ᠎ᠠ ᠭᠠᠷᠭᠠᠵᠤ ᠪᠠᠰᠠ ᠪᠤᠷᠬᠠᠨ ᠥᠭᠦᠯᠡᠷᠦᠨ ᠴᠢᠩᠭᠢᠰ ᠬᠠᠭᠠᠨ ᠤ ᠨᠡᠷ᠎ᠡ ᠠᠯᠳᠠᠷ ᠢ ᠰᠣᠨᠣᠰᠴᠤ ᠠᠶᠤᠵᠤ ᠬᠠᠯᠭᠤᠷᠢ ᠪᠠ ᠬᠠᠯᠠᠭᠤᠷᠠᠪᠠ ᠡᠳᠦᠭᠡ ᠰᠦᠯᠳᠡᠷ ᠲᠦ ᠪᠡᠶ᠎ᠡ ᠴᠢᠨᠤ ᠬᠦᠷᠴᠦ ᠢᠷᠡᠭᠳᠡᠵᠦ ᠰᠦᠯᠳᠡᠷ ᠡᠴᠡ ᠴᠢᠨᠤ ᠠᠶᠤᠪᠠ ᠠᠶᠤᠵᠤ ᠪᠠ ᠲᠠᠩᠭᠤᠳ ᠢᠷᠭᠡᠨ ᠪᠠᠷᠠᠭᠤᠨ ᠭᠠᠷ ᠴᠢᠨᠤ ᠪᠣᠯᠵᠤ ᠬᠦᠴᠦ ᠥᠭᠰᠦ ᠬᠡᠮᠡᠪᠡᠢ ᠬᠦᠴᠦ ᠥᠭᠭᠥᠷ ᠦᠨ ᠥᠨᠵᠦ ᠨᠤᠲᠤᠭ ᠲᠠᠨ ᠤᠨᠳᠦᠭᠰᠡᠨ ᠪᠠᠯᠭᠠᠰᠤᠨ ᠭᠡᠷ ᠲᠡᠭᠡᠨ ᠤᠯᠤᠰ ᠨᠥᠬᠥᠴᠢᠵᠦ ᠬᠤᠷᠳᠤᠨ ᠠᠶᠠᠨ ᠠᠶᠠᠯᠠᠬᠤᠢ ᠲᠤᠷ ᠬᠤᠷᠴᠠ ᠪᠤᠯᠬ᠎ᠠ ᠪᠤᠯᠬᠠᠯᠳᠤᠬᠤᠢ ᠲᠤᠷ ᠬᠤᠷᠳᠤᠨ ᠠᠶᠠᠨ ᠲᠤᠷ ᠭᠦᠶᠢᠴᠡᠨ ᠶᠠᠳᠠᠮᠤᠢ ᠵ᠎ᠠ ᠬᠤᠷᠴᠠᠨ ᠪᠤᠯᠬ ᠠ ᠲᠤᠷ ᠪᠤᠯᠠᠬᠠᠯᠳᠤᠨ ᠶᠠᠳᠠᠮᠤᠢ ᠵ᠎ᠠ ᠰᠣᠶᠣᠷᠬᠠᠪᠠᠰᠤ ᠪᠠ ᠲᠠᠩᠭᠤᠳ ᠢᠷᠭᠡᠨ ᠥᠨᠳᠥᠷ ᠳᠡᠷᠡᠨ ᠦ ᠡᠮᠦᠨᠡ ᠲᠡ ᠥᠰᠡᠭᠡᠵᠦ ᠣᠯᠠᠨ ᠲᠡᠮᠡᠰᠦᠨ ᠲᠥᠮᠥᠰᠦᠨ ᠲᠡᠮᠡᠭᠡᠳ ᠭᠠᠷᠭᠠᠵᠤ ᠱᠠᠩ ᠪᠣᠯᠭᠠᠵᠤ ᠥᠭᠰᠦ ᠥᠷᠮᠡᠭᠡ ᠨᠡᠬᠡᠵᠦ ᠠᠭᠤᠷᠠᠰᠤᠨ ᠪᠣᠯᠭᠠᠵᠤ ᠥᠭᠰᠦ ᠲᠣᠭᠣᠷᠬᠤᠢ ᠰᠢᠪᠠᠭᠤᠨ ᠰᠤᠷᠭᠠᠭᠤᠯᠵᠤ ᠰᠠᠶᠢᠳ ᠢ ᠢᠨᠤ ᠬᠦᠷᠭᠡᠭᠦᠯᠦᠨ ᠠᠰᠤᠬᠠᠢ ᠬᠡᠮᠡᠨ ᠥᠴᠢᠪᠡᠢ ᠥᠭᠦᠯᠡᠵᠦ
čirig=üd=i qariγulju ničuγabai Ong-ging-čing-sang Mojo Jujo neretü qosiγun kürtele Činggis-qaγan=i üdejü qariba aγurasun ed bidan=u čirig=üd daγui<daγaqui>=ača ačiju keb=üd=iyer ačiy=a=ban tataju yabubai morilaγsan=tur Sansin (Sansi) irgen=tür jorčibai joriju kürbesü Sansin irgen=ü Burqan ilsen (eyedün) baraγun γar činu bolju küčü ögsü kemen Čaγan neretei ökin Činggis-qaγan=a γarγaju basa Burqan ögülerün Činggis-qaγan=u ner=e aldar=i sonosču ayuju qalγuri=ba <qalaγuraba> edüge sülder=tü bey=e činu kürčü iregdejü sülder=eče činu ayuba ayuju ba Tangγud irgen baraγun γar činu bolju küčü ögsü kemebei küčü öggör=ün önjü nutuγ=tan undügsen balγasun ger=tegen ulus nököčijü qurdun ayan ayalaqui=tur qurča bulq=a bulqalduqui=tur qurdun ayan=tur güyičen yadamui j=a qurčan bulq=a=tur bulaqaldun yadamui j=a soyorqabasu ba Tangγud irgen öndör deren=ü emüne=te ösegejü olan temesün (tömösün) <temeged> γarγaju šang bolγaju ögsü örmege nekejü aγurasun bolγaju ögsü toγorqui sibaγun surγaγulju sayid=i inu kürgegülün asuqai kemen öčibei ögülejü
112a
ᠦᠭᠡ ᠲᠦᠷ ᠢᠶᠡᠨ ᠬᠦᠷᠦᠨ ᠲᠠᠩᠭᠤᠳ ᠢᠷᠭᠡᠨ ᠡᠴᠡᠭᠡᠨ ᠲᠡᠮᠡᠰᠦᠨ ᠭᠤᠪᠴᠢᠵᠤ ᠠᠭᠤᠷᠠᠰᠤᠨ ᠬᠤᠷᠢᠶᠠᠵᠤ ᠳᠠᠭᠠᠨ ᠶᠠᠳᠠᠲᠠᠯᠠ ᠠᠪᠴᠢᠷᠠᠵᠤ ᠠᠴᠢᠷᠠᠵᠤ ᠥᠭᠪᠡ ᠴᠢᠩᠭᠢᠰ ᠬᠠᠭᠠᠨ ᠲᠡᠷᠡ ᠮᠣᠷᠢᠯᠠᠭᠰᠠᠨ ᠲᠤᠷ ᠬᠢᠲᠠᠳ ᠢᠷᠭᠡᠨ ᠦ ᠠᠯᠲᠠᠨ ᠬᠠᠭᠠᠨ ᠢ ᠢᠯᠰᠡᠭᠦᠯᠵᠦ ᠡᠶᠡᠳᠦᠭᠦᠯᠵᠦ ᠣᠯᠠᠨ ᠠᠭᠤᠷᠠᠰᠤᠨ ᠠᠪᠴᠤ ᠰᠠᠨᠰᠢᠨ ᠰᠠᠰᠢᠮ ᠢᠷᠭᠡᠨ ᠦ ᠪᠤᠷᠬᠠᠨ ᠢ ᠢᠯᠰᠡᠭᠦᠯᠵᠦ ᠣᠯᠠᠨ ᠲᠡᠮᠡᠭᠡᠳ ᠲᠥᠮᠥᠰᠦᠨ ᠠᠪᠴᠤ ᠴᠢᠩᠭᠢᠰ ᠬᠠᠭᠠᠨ ᠬᠣᠨᠢᠨ ᠵᠢᠯ ᠲᠦᠷ ᠲᠡᠷᠡ ᠮᠣᠷᠢᠯᠠᠭᠰᠠᠨ ᠲᠤᠷ ᠬᠢᠲᠠᠳ ᠢᠷᠭᠡᠨ ᠦ ᠠᠭᠤᠲᠠᠢ ᠠᠯᠲᠠᠨ ᠬᠠᠭᠠᠨ ᠢ ᠢᠯᠰᠡᠭᠦᠯᠵᠦ ᠡᠶᠡᠳᠡᠭᠦᠯᠵᠦ ᠲᠠᠩᠭᠤᠳ ᠢᠷᠭᠡᠨ ᠦ ᠢᠯᠤᠬᠤ ᠪᠤᠷᠬᠠᠨ ᠢ ᠢᠯᠰᠡᠭᠦᠯᠵᠦ ᠰᠠᠭᠠᠷᠢ ᠬᠡᠭᠡᠷ᠎ᠡ ᠪᠠᠭᠤᠪᠠ ᠪᠠᠰᠠ ᠲᠡᠭᠦᠨ ᠦ ᠬᠣᠶᠢᠨᠠ ᠴᠡᠳᠬᠦᠨ ᠲᠦᠷ ᠢᠯᠰᠡᠨ ᠡᠶᠡᠳᠦᠷ᠎ᠡ ᠢᠯᠡᠭᠡᠭᠰᠡᠳ ᠴᠠᠤ ᠬᠠᠨ ᠲᠡᠷᠢᠭᠦᠲᠡᠨ ᠣᠯᠠᠨ ᠡᠯᠴᠢᠨ ᠢ ᠬᠢᠲᠠᠳ ᠢᠷᠭᠡᠨ ᠦ ᠠᠭᠤᠲᠠᠢ ᠠᠯᠲᠠᠨ ᠬᠠᠭᠠᠨ᠎ᠠ ᠶᠡᠳᠬᠦᠭᠳᠡᠵᠦ ᠪᠠᠷᠢᠭᠳᠠᠵᠤ ᠰᠣᠳᠤ ᠪᠣᠭᠳᠠ ᠴᠢᠩᠭᠢᠰ ᠬᠠᠭᠠᠨ ᠨᠣᠬᠠᠢ ᠵᠢᠯ᠎ᠡ ᠬᠢᠲᠠᠳ ᠢᠷᠭᠡᠨ ᠲᠦᠷ ᠪᠠᠰᠠ ᠮᠣᠷᠢᠯᠠᠪᠠᠢ ᠢᠯᠰᠡᠨ ᠪᠠᠷᠠᠵᠤ ᠡᠶᠡᠳᠦᠨ ᠪᠠᠷᠠᠵᠤ ᠪᠥᠭᠡᠲᠡᠯ᠎ᠡ ᠴᠢᠳᠬᠦᠨ ᠲᠦᠷ ᠢᠯᠡᠭᠡᠭᠰᠡᠨ ᠡᠯᠴᠢᠨ ᠢ ᠶᠠᠬᠢᠨ ᠶᠡᠳᠬᠦᠬᠦ ᠪᠠᠷᠢᠬᠤ ᠪᠥᠯᠦᠭᠡ ᠬᠡᠮᠡᠨ ᠮᠣᠷᠢᠯᠠᠷ ᠤᠨ ᠴᠢᠩᠭᠢᠰ ᠬᠠᠭᠠᠨ ᠲᠦᠩᠭᠦᠶᠢᠨ ᠠᠮᠠᠰᠠᠷ ᠵᠣᠷᠢᠵᠤ ᠵᠡᠪᠡ ᠶᠢ ᠴᠠᠪᠴᠢᠶᠠᠯ ᠢᠶᠠᠷ ᠪᠣᠯᠭᠠᠪᠠ ᠴᠢᠩᠭᠢᠰ ᠬᠠᠭᠠᠨ ᠢ ᠲᠦᠩᠭᠦ ᠶᠢᠨ ᠠᠮᠠᠰᠠᠷ ᠢᠶᠠᠷ ᠪᠣᠯᠪᠠ ᠬᠡᠮᠡᠨ ᠠᠯᠲᠠᠨ ᠬᠠᠭᠠᠨ ᠮᠡᠳᠡᠵᠦ ᠢᠯᠡ ᠬᠠᠳᠠᠬᠤ ᠪᠥᠭᠡᠲᠥᠷ ᠭᠤᠷᠪᠠᠭᠤᠯᠠ ᠶᠢ ᠴᠢᠷᠢᠭ ᠦᠳ ᠮᠡᠳᠡᠭᠦᠯᠵᠦ ᠴᠢᠷᠢᠭ ᠪᠥᠬᠡᠯᠵᠦ ᠤᠯᠠᠭᠠᠨ ᠳᠡᠭᠡᠯᠡᠨ ᠢ ᠮᠡᠭᠡᠯᠶᠢᠯᠡᠨ ᠮᠠᠩᠯᠠᠶᠢᠯᠠᠨ ᠵᠠᠰᠠᠵᠤ ᠲᠦᠩᠭᠦ ᠶᠢᠨ ᠠᠮᠠᠰᠠᠷ ᠢ ᠲᠡᠮᠡᠴᠡᠨ ᠳᠠᠪᠠᠭ᠎ᠠ ᠪᠦᠦ ᠳᠠᠪᠠᠭᠤᠯᠤᠳᠬᠤᠨ ᠬᠡᠮᠡᠨ ᠢᠯᠡ ᠬᠠᠳᠠᠬᠤ ᠪᠥᠭᠡᠲᠥᠷ ᠭᠤᠷᠪᠠᠭᠤᠯᠠ ᠶᠢ ᠴᠢᠷᠢᠭ ᠦᠳ
üge=tür=iyen kürün Tangγud irgen=ečegen temesün γubčiju (aγurasun quriyaju) daγan yadatala abčiraju (ačiraju) ögbe Činggis-qaγan tere morilaγsan=tur Kitad irgen=ü Altan-qaγan=i ilsegüljü (eyedügüljü) olan aγurasun abču Sansin (Sasim) irgen=ü Burqan=i ilsegüljü olan temeged (tömösün) abču Činggis-qaγan qonin jil=tür tere morilaγsan=tur Kitad irgen=ü Aγutai-Altan-qaγan=i ilsegüljü (eyedegüljü) Tangγud irgen=ü Iluqu-Burqan=i ilsegüljü Saγari-keger=e baγuba # basa tegün=ü qoyina Čedkün=tür ilsen (eyedür=e) ilegegsed Čau-qan terigüten olan elčin=i Kitad irgen=ü Aγutai-Altan-qaγan=a yedkügdejü (bariγdaju) sodu boγda Činggis-qaγan noqai jil=e Kitad irgen=tür basa morilabai ilsen baraju (eyedün baraju bögetel=e) Čidkün=tür ilegegsen elčin=i yakin yedkükü (bariqu) bölüge kemen morilar=un Činggis-qaγan Tünggüyin amasar joriju Jebe=yi Čabčiyal=iyar bolγaba Činggis-qaγan=i Tünggü=yin amasar=iyar bolba kemen Altan-qaγan medejü Ile , Qadaqu , Bögetör γurbaγula=yi čirig=üd medegüljü čirig bökeljü Ulaγan=Degelen=i megelyilen <manglayilan> jasaju Tünggü=yin amasar=i temečen dabaγ=a büü dabaγuludqun kemen Ile Qadaqu Bögetör γurbaγula=yi čirig=üd
112b
ᠬᠤᠷᠳᠤᠯᠠᠨ ᠢᠯᠡᠭᠡᠵᠦᠬᠦᠢ ᠲᠦᠩᠭᠦᠶᠢᠨ ᠠᠮᠠᠰᠠᠷ᠎ᠠ ᠬᠦᠷᠪᠡᠰᠦ ᠬᠢᠲᠠᠳ ᠤᠨ ᠴᠢᠷᠢᠭ ᠦᠳ ᠭᠠᠵᠠᠷ ᠬᠡᠮᠡᠨ ᠳᠠᠭᠠᠵᠤ ᠢᠷᠡᠪᠡ ᠴᠢᠩᠭᠢᠰ ᠬᠠᠭᠠᠨ ᠢᠯᠡ ᠬᠠᠲᠠᠭᠤ ᠪᠥᠭᠡᠲᠥᠷ ᠭᠤᠷᠪᠠᠨ ᠯᠤᠭ᠎ᠠ ᠪᠠᠶᠢᠯᠳᠤᠵᠤ ᠢᠯᠡ ᠬᠠᠲᠠᠭᠤ ᠶᠢ ᠬᠥᠳᠡᠯᠭᠡᠪᠡᠢ ᠴᠢᠭᠦ ᠬᠦᠷᠭᠡᠨ ᠲᠣᠯᠤᠢ ᠬᠣᠶᠠᠷ ᠬᠥᠨᠳᠡᠯᠡᠨ ᠡᠴᠡ ᠳᠣᠪᠲᠣᠯᠵᠤ ᠤᠯᠠᠭᠠᠨ ᠳᠡᠭᠡᠯᠡᠨ ᠢ ᠨᠢᠴᠤᠭᠠᠵᠤ ᠳᠠᠷᠤᠵᠤ ᠬᠦᠷᠴᠦ ᠢᠯᠡ ᠬᠠᠲᠠᠭᠤ ᠶᠢ ᠬᠥᠳᠡᠯᠭᠡᠵᠦ ᠬᠢᠲᠠᠳ ᠢ ᠥᠨᠵᠢᠬᠦ ᠪᠠᠶᠢᠲᠠᠯᠠ ᠬᠢᠳᠤᠪᠠᠢ ᠬᠢᠲᠠᠳ ᠴᠢᠷᠢᠭ ᠦᠳ ᠢᠶᠡᠨ ᠬᠢᠳᠤᠵᠤ ᠪᠠᠷᠠᠭᠳᠠᠪᠠᠢ ᠬᠡᠮᠡᠨ ᠠᠯᠲᠠᠨ ᠬᠠᠭᠠᠨ ᠮᠡᠳᠡᠵᠦ ᠴᠤᠩᠳᠤ ᠲᠠᠴᠠ ᠭᠠᠷᠴᠤ ᠪᠤᠷᠤᠭᠤᠳ ᠤᠨ ᠨᠠᠩᠭᠢᠩ ᠨᠠᠨ ᠵᠠᠩ ᠪᠠᠯᠭᠠᠰᠤᠨ ᠲᠤᠷ ᠣᠷᠤᠵᠢᠭᠤᠢ ᠦᠯᠡᠭᠰᠡᠳ ᠴᠢᠷᠢᠭ ᠦᠳ ᠢ ᠢᠨᠤ ᠲᠤᠷᠠᠵᠤ ᠦᠬᠦᠷᠦᠨ ᠵᠠᠭᠤᠷᠠ ᠬᠦᠮᠦᠨ ᠦ ᠮᠢᠬ᠎ᠠ ᠢᠳᠡᠯᠳᠦᠵᠡᠬᠦᠢ ᠲᠣᠯᠤᠢ ᠴᠢᠭᠦ ᠬᠦᠷᠭᠡᠨ ᠬᠣᠶᠠᠷ ᠢ ᠰᠠᠶᠢᠲᠤᠷ ᠦᠶᠢᠯᠡᠳᠪᠡᠢ ᠬᠡᠮᠡᠨ ᠴᠢᠩᠭᠢᠰ ᠬᠠᠭᠠᠨ ᠲᠣᠯᠤᠢ ᠴᠢᠭᠦ ᠬᠣᠶᠠᠷ ᠢ ᠮᠠᠰᠢ ᠰᠣᠶᠣᠷᠬᠠᠪᠠ ᠴᠢᠩᠭᠢᠰ ᠬᠤᠢ ᠰᠢᠶᠤ ᠶᠢ ᠪᠠᠭᠤᠭᠠᠳ ᠴᠤᠩᠳᠤ ᠶᠢᠨ ᠰᠢᠷ ᠠ ᠬᠡᠭᠡᠷ᠎ᠡ ᠪᠠᠭᠤᠪᠠ ᠵᠡᠪᠡ ᠴᠠᠪᠴᠢᠶᠠᠯ ᠤᠨ ᠬᠠᠭᠠᠯᠭ᠎ᠠ ᠡᠪᠳᠡᠵᠦ ᠴᠠᠪᠴᠢᠶᠠᠯ ᠢ ᠪᠠᠷᠢᠭᠰᠠᠳ ᠴᠢᠷᠢᠭ ᠦᠳ ᠢ ᠬᠥᠳᠡᠯᠭᠡᠵᠦ ᠢᠷᠡᠵᠦ ᠴᠢᠩᠭᠢᠰ ᠬᠠᠭᠠᠨ ᠲᠤᠷ ᠨᠡᠶᠢᠯᠡᠪᠡ ᠠᠯᠲᠠᠨ ᠬᠠᠭᠠᠨ ᠴᠤᠩᠳᠤ ᠠᠴᠠ ᠭᠠᠷᠤᠷᠤᠨ ᠬᠠᠳᠠ ᠨᠡᠷᠡᠲᠦ ᠨᠣᠶᠠᠨ ᠢ ᠯᠢᠣᠰᠢᠦ ᠪᠣᠯᠭᠠᠨ ᠲᠦᠰᠢᠵᠦ ᠣᠳᠤᠭᠰᠠᠨ ᠠᠵᠤᠬᠤ ᠴᠢᠩᠭᠢᠰ ᠬᠠᠭᠠᠨ ᠴᠤᠩᠳᠤ ᠶᠢᠨ ᠠᠯᠲᠠᠨ ᠮᠥᠩᠭᠥᠨ ᠡᠳ ᠠᠭᠤᠷᠠᠰᠤᠨ ᠶᠠᠭᠤᠨ ᠢ ᠲᠣᠭᠣᠯᠤᠭᠤᠯᠤᠷ ᠤᠨ ᠥᠩᠭᠥᠷ ᠪᠠᠭᠤᠷᠴᠢ ᠠᠷᠬᠠᠢ ᠬᠠᠰᠠᠷ ᠰᠢᠬᠢ ᠬᠤᠲᠤᠭ
qurdulan ilegejüküi Tünggüyin amasar=a kürbesü Kitad=un čirig=üd γajar kemen daγaju irebe Činggis-qaγan Ile Qataγu Bögetör γurban=luγ=a bayilduju Ile , Qataγu=yi ködelgebei Čigü kürgen Tolui qoyar köndelen=eče dobtolju Ulaγan-Degelen=i ničuγaju (daruju) kürčü Ile Qataγu=yi ködelgejü Kitad=i önjikü bayitala kidubai Kitad čirig=üd=iyen kiduju baraγdabai kemen Altan-qaγan medejü Čungdu=tača γarču buruγud=un Nangging (Nan-Jang) balγasun=tur orujiγui ülegsed čirig=üd=i inu turaju ükürün jaγura kümün=ü miq=a ideldüjeküi Tolui Čigü kürgen qoyar=i sayitur üyiledbei kemen Činggis-qaγan Tolui Čigü qoyar=i masi soyorqaba Činggis Qui-Siyu=yi baγuγad Čungdu=yin Sir=a-keger=e baγuba Jebe Čabčiyal=un qaγalγ=a ebdejü Čabčiyal=i bariγsad čirig=üd=i ködelgejü irejü Činggis-qaγan=tur neyilebe Altan-qaγan Čungdu=ača γarurun Qada neretü noyan=i liosiü bolγan tüsijü oduγsan ajuqu Činggis-qaγan Čungdu=yin altan mönggön ed aγurasun yaγun=i toγoluγulur=un Önggör-baγurči Arqai-Qasar Siki-Qutuγ
113a
ᠭᠤᠷᠪᠠᠭᠤᠯᠠ ᠶᠢ ᠢᠯᠡᠭᠡᠪᠡ ᠡᠳᠡ ᠭᠤᠷᠪᠠᠨ ᠢ ᠠᠶᠢᠰᠤᠢ ᠬᠡᠮᠡᠨ ᠬᠠᠳᠠ ᠨᠡᠷᠡᠲᠦ ᠨᠣᠶᠠᠨ ᠡᠰᠡᠷᠭᠦ ᠤᠭᠲᠤᠨ ᠠᠯᠲᠠ ᠲᠠᠢ ᠡᠷᠳᠡᠨᠢ ᠠᠭᠤᠷᠠᠰᠤᠨ ᠪᠠᠷᠢᠭᠠᠳ ᠴᠤᠩᠳᠤ ᠳᠣᠲᠣᠷᠠ ᠠᠴᠠ ᠭᠠᠷᠴᠤ ᠡᠰᠡᠷᠭᠦ ᠢᠷᠡᠪᠡᠢ ᠬᠠᠳᠠ ᠳᠠ ᠰᠢᠬᠢ ᠬᠤᠲᠤᠭ ᠥᠭᠦᠯᠡᠷᠦᠨ ᠤᠷᠢᠳᠠ ᠴᠤᠩᠳᠤ ᠶᠢᠨ ᠡᠳ ᠮᠥᠨ ᠠᠯᠲᠠᠨ ᠬᠠᠭᠠᠨ ᠤᠬᠠᠢ ᠠᠵᠤᠬᠤ ᠵ᠎ᠠ ᠡᠳᠦᠭᠡ ᠴᠢᠩᠭᠢᠰ ᠬᠠᠭᠠᠨ ᠤᠬᠠᠢ ᠪᠤᠢ ᠵ᠎ᠠ ᠴᠢᠩᠭᠢᠰ ᠬᠠᠭᠠᠨ ᠤ ᠡᠳ ᠠᠭᠤᠷᠠᠰᠤᠨ ᠡᠴᠢᠨᠡᠬᠦᠨ ᠳᠠᠯᠳᠠ ᠶᠠᠬᠢᠨ ᠬᠤᠯᠤᠭᠤᠵᠤ ᠠᠪᠴᠢᠷᠠᠵᠤ ᠠᠪᠴᠤ ᠥᠭᠭᠦᠮᠦᠢ ᠴᠢ ᠪᠢ ᠦᠯᠦ ᠠᠪᠬᠤ ᠬᠡᠮᠡᠵᠦ ᠰᠢᠬᠢ ᠬᠤᠲᠤᠭ ᠡᠰᠡ ᠠᠪᠤᠪᠠ ᠥᠩᠭᠥᠷ ᠪᠠᠭᠤᠷᠴᠢ ᠠᠷᠬᠠᠢ ᠬᠠᠰᠠᠷ ᠠᠪᠤᠪᠠᠢ ᠡᠳᠡ ᠭᠤᠷᠪᠠᠨ ᠴᠤᠩᠳᠤ ᠶᠢᠨ ᠡᠳ ᠠᠭᠤᠷᠠᠰᠤᠨ ᠵᠠᠭᠤᠨ ᠶᠢᠰᠦᠨ ᠶᠠᠭᠤᠨ ᠵᠢᠰᠦᠨ ᠲᠣᠭᠣᠯᠠᠵᠤ ᠢᠷᠡᠪᠡᠢ ᠲᠡᠳᠦᠢ ᠴᠢᠩᠭᠢᠰ ᠬᠠᠭᠠᠨ ᠥᠩᠭᠥᠷ ᠠᠷᠬᠠᠢ ᠬᠠᠰᠠᠷ ᠰᠢᠬᠢ ᠬᠤᠲᠤᠭ ᠭᠤᠷᠪᠠᠭᠤᠯᠠ ᠠᠴᠠ ᠲᠠᠨ ᠲᠤᠷ ᠬᠠᠳᠠ ᠶᠠᠭᠤ ᠥᠭᠪᠡ ᠬᠡᠮᠡᠨ ᠠᠰᠠᠭᠪᠠ ᠰᠢᠬᠢ ᠬᠤᠲᠤᠭ ᠥᠭᠦᠯᠡᠷᠦᠨ ᠠᠯᠲᠠ ᠲᠠᠢ ᠡᠷᠳᠡᠨᠢ ᠠᠭᠤᠷᠠᠰᠤᠨ ᠥᠭᠭᠥᠯᠦᠭᠡ ᠪᠢ ᠥᠭᠦᠯᠡᠷᠦᠨ ᠤᠷᠢᠳᠠ ᠡᠨᠡ ᠴᠤᠩᠳᠤ ᠶᠢᠨ ᠡᠳ ᠠᠯᠲᠠᠨ ᠬᠠᠭᠠᠨ ᠤᠬᠠᠢ ᠠᠵᠤᠬᠤ ᠵ᠎ᠠ ᠡᠳᠦᠭᠡ ᠴᠢᠩᠭᠢᠰ ᠬᠠᠭᠠᠨ ᠤᠬᠠᠢ ᠪᠣᠯᠪᠠᠢ ᠵ᠎ᠠ ᠴᠢ ᠬᠠᠳᠠ ᠴᠢᠩᠭᠢᠰ ᠬᠠᠭᠠᠨ ᠤ ᠡᠳ ᠡᠴᠢᠨᠡᠬᠦᠨ ᠬᠤᠯᠭᠠᠵᠤ ᠶᠠᠬᠢᠨ ᠥᠭᠭᠥᠮᠦᠢ ᠴᠢ ᠬᠡᠮᠡᠵᠦ ᠡᠰᠡ ᠠᠪᠤᠪᠠ ᠪᠢ ᠥᠩᠭᠥᠷ ᠠᠷᠬᠠᠢ ᠬᠣᠶᠠᠷ ᠥᠭᠭᠥᠭᠰᠡᠨ ᠢ ᠢᠨᠤ ᠠᠪᠤᠯᠤᠭ᠎ᠠ ᠬᠡᠮᠡᠪᠡ ᠴᠢᠩᠭᠢᠰ ᠬᠠᠭᠠᠨ ᠥᠩᠭᠥᠷ ᠠᠷᠬᠠᠢ ᠬᠣᠶᠠᠷ ᠢ ᠮᠠᠰᠢ ᠳᠣᠩᠭᠣᠳᠪᠠ ᠰᠢᠬᠢ ᠬᠤᠲᠤᠭ ᠢ ᠶᠡᠬᠡ ᠶᠣᠰᠤᠨ ᠰᠡᠳᠬᠢᠵᠦᠬᠦᠢ ᠬᠡᠮᠡᠨ ᠮᠠᠰᠢ ᠰᠣᠶᠣᠷᠬᠠᠵᠤ ᠦᠵᠡᠬᠦ ᠶᠢᠨ ᠮᠢᠨᠤ ᠨᠢᠳᠦᠨ ᠰᠣᠨᠣᠰᠬᠤ ᠶᠢᠨ
γurbaγula=yi ilegebe ede γurban=i ayisui kemen Qada neretü noyan esergü uγtun alta=tai erdeni aγurasun bariγad Čungdu dotora=ača γarču esergü irebei Qada=da Siki-Qutuγ ögülerün urida Čungdu=yin ed mön Altan-qaγan=uqai ajuqu j=a edüge Činggis-qaγan=uqai bui j=a Činggis-qaγan=u ed aγurasun ečinekün (dalda) yakin quluγuju abčiraju (abču) öggümüi či bi ülü abqu kemejü Siki-Qutuγ ese abuba Önggör-baγurči , Arqai-Qasar abubai ede γurban Čungdu=yin ed aγurasun jaγun yisün <yaγun jisün?> toγolaju irebei tedüi Činggis-qaγan Önggör Arqai-Qasar Siki-Qutuγ γurbaγula=ača tan=tur Qada yaγu ögbe kemen asaγba Siki-Qutuγ ögülerün alta=tai erdeni aγurasun öggölüge bi ögülerün urida ene Čungdu=yin ed Altan-qaγan=uqai ajuqu j=a edüge Činggis-qaγan=uqai bolbai j=a či Qada Činggis-qaγan=u ed ečinekün qulγaju yakin öggömüi či kemejü ese abuba bi Önggör Arqai qoyar öggögsen=i inu abuluγ=a kemebe Činggis-qaγan Önggör Arqai qoyar=i masi dongγodba Siki-Qutuγ=i yeke yosun sedkijüküi kemen masi soyorqaju üjekü=yin minu nidün sonosqu=yin
113b
ᠮᠢᠨᠤ ᠴᠢᠬᠢᠨ ᠪᠣᠯᠵᠤ ᠦᠯᠡᠬᠦ ᠠᠬᠤ ᠴᠢ ᠬᠡᠮᠡᠨ ᠵᠠᠷᠯᠢᠭ ᠪᠣᠯᠪᠠ ᠠᠯᠲᠠᠨ ᠬᠠᠭᠠᠨ ᠨᠠᠩᠭᠢᠩ ᠲᠤᠷ ᠣᠷᠣᠵᠤ ᠥᠪᠡᠷ ᠢᠶᠡᠨ ᠢᠯᠰᠡᠨ ᠮᠥᠷᠭᠥᠵᠦ ᠲᠩᠷᠢ ᠨᠡᠷᠡᠲᠦ ᠬᠥᠪᠡᠭᠦᠨ ᠪᠡᠨ ᠵᠠᠭᠤᠨ ᠨᠥᠬᠥᠳ ᠲᠦ ᠶᠢ ᠴᠢᠩᠭᠢᠰ ᠬᠠᠭᠠᠨ ᠲᠤᠷ ᠲᠣᠷᠭᠠᠰ ᠤᠳ ᠪᠣᠯᠲᠤᠭᠠᠢ ᠬᠡᠮᠡᠨ ᠢᠯᠡᠭᠡᠵᠦᠬᠦᠢ ᠨᠢᠮᠠᠳᠠ ᠢᠯᠡᠭᠡᠭᠳᠡᠵᠦ ᠴᠢᠩᠭᠢᠰ ᠬᠠᠭᠠᠨ ᠨᠢᠴᠤᠶ᠎ᠠ ᠬᠡᠮᠡᠨ ᠴᠠᠪᠴᠢᠶᠠᠯ ᠢᠶᠠᠷ ᠳᠠᠪᠠᠨ ᠬᠠᠰᠠᠷ ᠢ ᠵᠡᠭᠦᠨ ᠭᠠᠷ ᠤᠨ ᠴᠢᠷᠢᠭ ᠦᠳ ᠢᠶᠡᠷ ᠳᠠᠯᠠᠢ ᠬᠡᠵᠢᠨ ᠢᠯᠡᠭᠡᠷ ᠦᠨ ᠪᠶᠢᠭᠶᠢᠩ ᠪᠠᠯᠭᠠᠰᠤᠨ᠎ᠠ ᠪᠠᠭᠤᠭᠠᠳ ᠪᠶᠢᠭᠶᠢᠩ ᠪᠠᠯᠭᠠᠰᠤᠨ ᠢ ᠢᠯᠰᠡᠭᠦᠯᠵᠦ ᠡᠶ ᠡ ᠳᠦᠷ ᠪᠣᠯᠭᠠᠵᠤ ᠴᠠᠭᠠᠨ᠎ᠠ ᠵᠦᠷᠴᠢᠳ ᠦᠨ ᠸᠤᠭᠠᠬᠤ ᠶᠢ ᠳᠠᠭᠠᠷᠢᠨ ᠣᠳᠴᠤ ᠵᠤᠭᠠᠨ ᠪᠤᠯᠬ᠎ᠠ ᠳᠠᠶᠢᠰᠤᠨ ᠰᠡᠳᠬᠢᠪᠡᠰᠦ ᠠᠬᠤᠯᠤᠳᠬᠤᠨ ᠢᠯᠰᠡᠪᠡᠰᠦ ᠡᠶᠡᠳᠦᠪᠡᠰᠦ ᠢᠨᠤ ᠪᠠᠯᠭᠠᠰᠤᠨ ᠢ ᠢᠨᠤ ᠳᠠᠭᠠᠷᠢᠨ ᠤᠯᠠᠨ ᠠᠨᠤ ᠬᠡᠵᠢᠨ ᠬᠡᠰᠦᠨ ᠣᠳᠴᠤ ᠲᠠᠬᠤᠷ ᠮᠥᠷᠡᠨ ᠥᠭᠡᠳᠡ ᠳᠠᠪᠠᠵᠤ ᠶᠡᠬᠡ ᠠᠭᠤᠷᠠᠭ ᠲᠤᠷ ᠨᠡᠶᠢᠯᠡᠨ ᠢᠷᠡᠳᠬᠦᠨ ᠬᠡᠮᠡᠵᠦ ᠢᠯᠡᠭᠡᠪᠡ ᠬᠠᠰᠠᠷ ᠯᠤᠭ᠎ᠠ ᠨᠣᠶᠠᠳ ᠤᠨ ᠵᠤᠷᠴᠢᠳᠠᠢ ᠡᠯᠴᠢ ᠲᠥᠯᠥᠨ ᠴᠡᠷᠪᠢ ᠭᠤᠷᠪᠠᠨ ᠢ ᠢᠯᠡᠭᠡᠪᠡᠢ ᠪᠶᠢᠭᠶᠢᠩ ᠪᠠᠯᠭᠠᠰᠤᠨ ᠢ ᠣᠷᠣᠭᠤᠯᠵᠤ ᠵᠤᠷᠴᠢᠳ ᠤᠨ ᠵᠥᠴᠢ ᠶᠢ ᠢᠯᠰᠡᠭᠦᠯᠵᠦ ᠡᠶᠡᠳᠦᠭᠦᠯᠵᠦ ᠮᠥᠷ ᠲᠦᠷ ᠪᠦᠬᠦᠨ ᠪᠠᠯᠭᠠᠰᠤᠨ ᠢ ᠣᠷᠣᠭᠤᠯᠤᠭᠠᠳ ᠬᠠᠰᠠᠷ ᠲᠠᠬᠤᠷ ᠮᠥᠷᠡᠨ ᠥᠭᠡᠳᠡ ᠢᠷᠡᠵᠦ ᠶᠡᠬᠡ ᠠᠭᠤᠷᠠᠭ ᠲᠤᠷ ᠪᠠᠭᠤᠵᠤ ᠬᠦ ᠢᠷᠡᠪᠡᠢ ᠰᠣᠳᠤ ᠪᠣᠭᠳᠠ ᠴᠢᠩᠭᠢᠰ ᠬᠠᠭᠠᠨ ᠯᠤᠭ᠎ᠠ ᠲᠤᠰᠢᠶᠠᠭᠰᠠᠨ ᠪᠯᠠᠮ᠎ᠠ ᠢᠨᠤ ᠰᠡᠩᠭᠡᠶ ᠡ ᠶᠢᠨ ᠭᠤᠩᠭᠠ ᠰᠨᠢᠩᠪᠤ ᠨᠡᠷᠡᠲᠦ ᠪᠥᠯᠦᠭᠡ ᠲᠡᠷᠡ ᠪᠯᠠᠮ ᠠ ᠶᠢᠨ ᠵᠠᠷᠯᠢᠭ ᠢᠶᠠᠷ ᠡᠰᠷᠤ ᠠ ᠶᠢᠨ ᠨᠡᠷᠡᠲᠦ ᠬᠣᠲᠠᠨ ᠤ ᠬᠣᠶᠢᠲᠤ ᠬᠠᠭᠠᠯᠭ᠎ᠠ ᠲᠤᠰ ᠬᠣᠶᠠᠷ ᠯᠠᠸᠠᠷ ᠪᠡᠷ᠎ᠡ ᠭᠠᠵᠠᠷ ᠤᠨ
minu čikin bolju ülekü aqu či kemen jarliγ bolba Altan-qaγan Nangging=tur oroju öber=iyen ilsen mörgöjü Tngri neretü köbegün=ben jaγun nököd=tü=yi Činggis-qaγan=tur torγas=ud boltuγai kemen ilegejüküi nimada ilegegdejü Činggis-qaγan ničuy=a kemen Čabčiyal=iyar daban Qasar=i jegün γar=un čirig=üd=iyer dalai kejin ileger=ün Byigying-balγasun=a baγuγad Byigying-balγasun=i ilsegüljü (ey=e=dür bolγaju) čaγan=a Jürčid=ün Vuγaqu=yi daγarin odču Juγan bulq=a (dayisun) sedkibesü aquludqun ilsebesü (eyedübesü) inu balγasun=i inu daγarin Ulan-Anu kejin (kesün) odču Taqur-mören ögede dabaju yeke aγuraγ=tur neyilen iredkün kemejü ilegebe Qasar=luγ=a noyad=un Jurčidai Elči Tölön-čerbi γurban=i ilegebei Byigying-balγasun=i oroγulju Jurčid=un Jöči=yi ilsegüljü (eyedügüljü) mör=tür bükün balγasun=i oroγuluγad Qasar Taqur-mören ögede irejü yeke aγuraγ=tur baγuju kü irebei # sodu boγda Činggis-qaγan=luγ=a tusiyaγsan blam=a inu Senggey=e=yin Gungga-Sningbu neretü bölüge tere blam=a=yin jarliγ=iyar Esru=a=yin neretü qotan=u qoyitu qaγalγ=a tus qoyar lavar (ber=e) γajar=un
114a
ᠦᠵᠦᠭᠦᠷ᠎ᠡ ᠳᠠᠯᠠᠢ ᠳᠠᠭᠤᠷᠢᠰᠠᠬᠤᠢ ᠨᠡᠷᠡᠲᠦ ᠰᠦᠮ᠎ᠡ ᠪᠣᠰᠬᠠᠪᠠ ᠪᠠᠰᠠ ᠰᠣᠳᠤ ᠪᠣᠭᠳᠠ ᠴᠢᠩᠭᠢᠰ ᠬᠠᠭᠠᠨ ᠨᠣᠮ ᠪᠤᠶᠠᠨ ᠢ ᠭᠡᠨᠡᠲᠳᠡ ᠮᠡᠳᠡᠭᠡᠳ ᠮᠥᠩᠬᠡ ᠭᠠᠵᠠᠷ᠎ᠠ ᠵᠤᠤ ᠰᠢᠬᠠᠮᠤᠨᠢ ᠲᠤᠷ ᠪᠤᠶᠠᠨ ᠢᠶᠠᠨ ᠥᠭᠴᠦ ᠢᠯᠡᠭᠡᠵᠦ ᠰᠠᠰᠬᠢᠶ ᠠ ᠶᠢᠨ ᠮᠠᠨᠵᠤᠰᠢᠷᠢ ᠪᠯᠠᠮ ᠠ ᠲᠤᠷ ᠮᠢᠨᠤ ᠤᠷᠤᠭ ᠲᠤᠷ ᠨᠢᠭᠡᠨ ᠪᠣᠳᠢ ᠰᠠᠳᠤ ᠠ ᠶᠢᠨ ᠬᠤᠪᠢᠯᠭᠠᠨ ᠮᠢᠨᠤ ᠠᠴᠢ ᠦᠷ ᠡ ᠲᠦᠷ ᠲᠥᠷᠥᠭᠦᠯ ᠬᠡᠮᠡᠨ ᠥᠴᠢᠵᠦ ᠢᠯᠡᠭᠡᠪᠡ ᠲᠡᠳᠦᠢ ᠮᠠᠨᠵᠤᠰᠢᠷᠢ ᠪᠠᠸᠳᠢᠳᠠ ᠠᠯᠲᠠᠨ ᠬᠠᠭᠤᠷᠴᠠᠭ ᠤᠨ ᠠᠮᠠᠨ ᠢᠨᠤ ᠪᠦᠦ ᠨᠡᠭᠡ ᠭᠡᠵᠦ ᠵᠠᠷᠯᠢᠭ ᠪᠣᠯᠵᠤ ᠡᠭᠦᠨᠢ ᠰᠣᠳᠤ ᠪᠣᠭᠳᠠ ᠴᠢᠩᠭᠢᠰ ᠬᠠᠭᠠᠨ ᠲᠤ ᠠᠪᠴᠤ ᠡᠴᠢᠵᠦ ᠥᠭ ᠨᠢᠭᠡᠨ ᠪᠡᠷᠢ ᠢᠨᠤ ᠪᠣᠳᠢ ᠰᠠᠳᠤ ᠠ ᠶᠢᠨ ᠬᠤᠪᠢᠯᠭᠠᠨ ᠠᠭᠰᠠᠨ ᠠᠵᠤᠬᠤ ᠡᠨᠡ ᠬᠠᠭᠤᠷᠴᠠᠭ ᠢ ᠶᠡᠬᠡ ᠬᠤᠷᠢᠮ ᠢᠷᠦᠭᠡᠯ ᠬᠢᠵᠦ ᠰᠦᠮᠠᠨᠳᠠᠷᠢ ᠨᠡᠷᠡᠲᠦ ᠪᠡᠷᠢ ᠲᠦᠷ ᠢᠶᠡᠨ ᠨᠡᠭᠡᠯᠭᠡᠵᠦ ᠦᠵᠦᠭᠦᠯ ᠬᠡᠮᠡᠨ ᠵᠠᠷᠯᠢᠭ ᠪᠣᠯᠵᠤ ᠥᠭᠪᠡ ᠲᠡᠳᠡ ᠬᠠᠭᠤᠷᠴᠠᠭ ᠢ ᠲᠠᠬᠢᠶ᠎ᠠ ᠵᠢᠯ ᠦᠨ ᠬᠤᠪᠢ ᠰᠠᠷᠠᠶᠢᠨ ᠠᠷᠪᠠᠨ ᠲᠠᠪᠤᠨ᠎ᠠ ᠶᠡᠬᠡ ᠬᠤᠷᠢᠮ ᠢᠷᠦᠭᠡᠯ ᠬᠢᠵᠦ ᠲᠣᠯᠤᠢ ᠡᠵᠡᠨ ᠦ ᠡᠰᠢ ᠴᠣᠯᠠᠲᠤ ᠪᠡᠷᠢ ᠲᠦᠷ ᠢᠶᠡᠨ ᠨᠡᠭᠡᠯᠭᠡᠵᠦ ᠦᠵᠦᠭᠦᠯᠪᠡᠰᠦ ᠳᠣᠲᠣᠷᠠ ᠢᠨᠤ ᠭᠤᠷᠪᠠᠨ ᠠᠯᠲᠠᠨ ᠰᠢᠮᠤᠭᠤᠯ ᠠᠭᠰᠠᠨ ᠠᠵᠤᠬᠤ ᠲᠡᠷᠡ ᠰᠢᠮᠤᠭᠤᠯ ᠡᠰᠢ ᠬᠠᠲᠤᠨ ᠢ ᠬᠠᠪᠠᠷ ᠤᠨ ᠨᠦᠬᠡ ᠪᠡᠷ ᠣᠷᠣᠭᠰᠠᠨ ᠠᠵᠤᠬᠤ ᠡᠰᠢ ᠬᠠᠲᠤᠨ ᠤ ᠠᠯᠲᠠᠨ ᠤᠮᠠᠢ ᠲᠤᠷ ᠣᠷᠣᠵᠤ ᠠᠷᠪᠠᠨ ᠰᠠᠷᠠ ᠪᠣᠯᠤᠭᠠᠳ ᠬᠤᠷᠢᠮ ᠳᠤᠷ ᠪᠠᠯᠭᠠᠰᠤᠨ ᠲᠤᠷ ᠴᠠᠬᠷᠠᠸᠠᠷᠤᠨ ᠬᠤᠪᠢᠯᠭᠠᠨ ᠰᠡᠴᠡᠨ ᠬᠠᠭᠠᠨ
üjügür=e Dalai-Daγurisaqui neretü süm=e bosqaba # basa sodu boγda Činggis-qaγan nom buyan=i genetde medeged möngke γajar=a Juu-Sikamuni=tur buyan=iyan ögčü ilegejü Saskiy=a=yin Manjusiri-blam=a=tur minu uruγ=tur nigen bodi=sadu=a=yin qubilγan minu ači ür=e=tür törögül kemen öčijü ilegebe tedüi Manjusiri-bavdida altan qaγurčaγ=un aman inu büü nege gejü jarliγ bolju egüni sodu boγda Činggis-qaγan=tu abču ečijü ög nigen beri inu bodi=sadu=a=yin qubilγan aγsan ajuqu ene qaγurčaγ=i yeke qurim irügel kijü Sümandari neretü beri=tür=iyen negelgejü üjügül kemen jarliγ bolju ögbe tede qaγurčaγ=i takiy=a jil=ün qubi sarayin arban tabun=a yeke qurim irügel kijü Tolui-ejen=ü Esi čolatu beri=tür=iyen negelgejü üjügülbesü dotora inu γurban altan simuγul aγsan ajuqu tere simuγul Esi-qatun=i qabar=un nüke=ber oroγsan ajuqu Esi-qatun=u altan umai=tur oroju arban sara boluγad Qurim=dur-balγasun=tur Čakravarun-Qubilγan-Sečen-qaγan
114b
ᠠᠷᠢ ᠪᠠᠬ᠎ᠠ ᠡᠵᠡᠨ ᠬᠣᠶᠠᠷ ᠲᠡᠭᠦᠰ ᠲᠥᠷᠥᠪᠡ ᠪᠣᠭᠳᠠ ᠡᠵᠡᠨ ᠦ ᠪᠡᠶ᠎ᠡ ᠪᠡᠷᠬᠡ ᠴᠢᠯᠡᠷᠬᠡᠷᠭᠡᠵᠦ ᠪᠠᠰᠠ ᠲᠣᠯᠤᠢ ᠡᠵᠡᠨ ᠴᠢᠯᠡᠭᠡ ᠪᠣᠯᠤᠭᠰᠠᠨ ᠲᠤᠷ ᠪᠡᠯᠭᠡᠴᠢᠨ ᠢᠷᠤᠴᠢᠨ ᠡᠨᠡ ᠬᠣᠶᠣᠭᠤᠯᠠ ᠶᠢᠨ ᠨᠢᠭᠡᠨ ᠢᠨᠤ ᠰᠠᠶᠢᠨ ᠪᠣᠯᠪᠠᠰᠤ ᠨᠢᠭᠡᠨ ᠢᠨᠤ ᠮᠠᠭᠤ ᠪᠤᠢ ᠬᠡᠮᠡᠭᠰᠡᠨ ᠲᠦᠷ ᠲᠣᠯᠤᠢ ᠡᠵᠡᠨ ᠦ ᠬᠠᠲᠤᠨ ᠴᠤᠭᠤᠷ ᠪᠡᠬᠢ ᠲᠩᠷᠢ ᠲᠦᠷ ᠥᠴᠢᠭ ᠥᠴᠢᠷᠦᠨ ᠬᠠᠨ ᠡᠵᠡᠨ ᠦᠭᠡᠢ ᠪᠣᠯᠪᠠᠰᠤ ᠬᠠᠮᠤᠭ ᠤᠯᠤᠰ ᠪᠢᠯᠪᠡᠰᠦᠨ ᠪᠣᠯᠤᠨᠠᠮ ᠵ᠎ᠠ ᠲᠣᠯᠤᠢ ᠡᠵᠡᠨ ᠦᠭᠡᠢ ᠪᠣᠯᠪᠠᠰᠤ ᠪᠢ ᠭᠠᠭᠴᠠᠭᠠᠷ ᠪᠢᠯᠪᠡᠰᠦᠨ ᠪᠣᠯᠬᠤ ᠪᠤᠢ ᠵ᠎ᠠ ᠬᠡᠮᠡᠨ ᠵᠠᠯᠪᠠᠷᠢᠪᠠᠢ ᠲᠡᠷᠡ ᠵᠠᠯᠪᠠᠷᠢᠭᠰᠠᠨ ᠢᠶᠠᠷ ᠲᠣᠯᠤᠢ ᠡᠵᠡᠨ ᠪᠤᠷᠬᠠᠨ ᠪᠣᠯᠪᠠ ᠪᠣᠭᠳᠠ ᠡᠵᠡᠨ ᠦ ᠴᠢᠯᠡᠭᠡᠨ ᠳᠡᠭᠡᠭᠰᠢ ᠪᠣᠯᠤᠭᠰᠠᠨ ᠲᠤᠷ ᠲᠡᠷᠡ ᠰᠡᠳᠬᠢᠯ᠎ᠡ ᠢᠨᠤ ᠬᠦᠨᠳᠦᠯᠡᠵᠦ ᠥᠪᠡᠷᠦᠨ ᠨᠥᠬᠥᠷ ᠢ ᠦᠯᠦ ᠰᠡᠳᠬᠢᠨ ᠡᠴᠢᠭᠡ ᠶᠢ ᠬᠦᠨᠳᠦᠯᠡᠵᠦ ᠶᠡᠬᠡ ᠲᠥᠷᠥᠢ ᠶᠢ ᠰᠡᠳᠬᠢᠭᠰᠡᠨ ᠦ ᠲᠤᠯᠠ ᠪᠣᠭᠳᠠ ᠡᠵᠡᠨ ᠪᠢ ᠴᠢᠮᠠᠢ ᠶᠢ ᠪᠡᠷᠢ ᠭᠡᠵᠦ ᠪᠦᠦ ᠬᠡᠯᠡᠰᠦ ᠪᠡᠬᠢ ᠲᠠᠶᠢᠬᠤ ᠭᠡᠰᠦ ᠰᠢᠦ ᠭᠡᠵᠦ ᠪᠦᠦ ᠬᠡᠯᠡᠶ᠎ᠡ ᠰᠤᠲᠠᠢ ᠲᠠᠶᠢᠬᠤ ᠬᠡᠮᠡᠶ᠎ᠡ ᠭᠡᠵᠦ ᠴᠣᠯᠠ ᠥᠭᠭᠥᠭᠡᠳ ᠨᠠᠢᠮᠠᠨ ᠣᠲᠣᠭ ᠴᠠᠬᠠᠷ ᠲᠦᠮᠡᠨ ᠢ ᠰᠣᠩᠭᠣᠵᠤ ᠥᠭᠴᠦ ᠰᠣᠶᠣᠷᠬᠠᠪᠠ ᠬᠡᠷᠡᠶᠢᠳ ᠦᠨ ᠣᠩ ᠬᠠᠭᠠᠨ ᠤ ᠳᠡᠭᠦ ᠵᠢᠬ ᠠ ᠭᠠᠮᠪᠤᠶᠢᠨ ᠥᠬᠢᠨ ᠴᠠᠬᠤᠷ ᠪᠡᠬᠢ ᠡᠨᠡ ᠪᠥᠯᠦᠭᠡ ᠪᠠᠰᠠ ᠴᠢᠩᠭᠢᠰ ᠬᠠᠭᠠᠨ ᠰᠠᠷᠲᠠᠭᠤᠯ ᠢᠷᠭᠡᠨ ᠤᠬᠤᠨ᠎ᠠ ᠲᠡᠷᠢᠭᠦᠲᠡᠨ ᠵᠠᠭᠤᠨ ᠡᠯᠴᠢᠨ ᠢᠶᠡᠨ ᠶᠡᠳᠬᠦᠭᠳᠡᠵᠦ ᠪᠠᠷᠢᠭᠳᠠᠵᠤ ᠠᠯᠠᠭᠳᠠᠵᠤ ᠴᠢᠩᠭᠢᠰ ᠬᠠᠭᠠᠨ
Ari-baq=a ejen qoyar tegüs töröbe # Boγda-Ejen=ü bey=e berke čilerkergejü basa Tolui ejen čilege boluγsan=tur belgečin iručin ene qoyoγula=yin nigen inu sayin bolbasu nigen inu maγu bui kemegsen=tür Tolui ejen=ü qatun Čuγur-beki tngri=tür öčig öčirün qan ejen ügei bolbasu qamuγ ulus bilbesün bolunam j=a Tolui ejen ügei bolbasu bi γaγčaγar bilbesün bolqu bui j=a kemen jalbaribai tere jalbariγsan=iyar Tolui ejen burqan bolba Boγda-Ejen=ü čilegen degegsi boluγsan=tur tere sedkil=e inu kündülejü öberün nökör=i ülü sedkin ečige=yi kündülejü yeke töröi=yi sedkigsen=ü tula Boγda-Ejen bi čimai=yi beri gejü büü kelesü beki tayiqu gesü siü gejü büü keley=e sutai tayiqu kemey=e gejü čola öggöged naiman otoγ Čaqar tümen=i songγoju ögčü soyorqaba Kereyid=ün Ong-qaγan=u degü Jiq=a-Gambuyin ökin Čaqur-beki ene bölüge # basa Činggis-qaγan Sartaγul irgen Uqun=a terigüten jaγun elčin=iyen yedkügdejü (bariγdaju) alaγdaju Činggis-qaγan
115a
ᠥᠭᠦᠯᠡᠷᠦᠨ ᠠᠯᠲᠠᠨ ᠠᠷᠭᠠᠮᠵᠢ ᠪᠠᠨ ᠰᠠᠷᠲᠠᠭᠤᠯ ᠢᠷᠭᠡᠨ᠎ᠡ ᠬᠡᠷ ᠲᠠᠰᠤᠯᠳᠠᠨ ᠪᠥᠯᠦᠭᠡ ᠨᠢ ᠬᠡᠮᠡᠨ ᠤᠬᠤᠨ᠎ᠠ ᠲᠡᠷᠢᠭᠦᠲᠡᠨ ᠵᠠᠭᠤᠨ ᠡᠯᠴᠢᠨ ᠢᠶᠡᠨ ᠥᠰᠢᠯ ᠥᠰᠢᠨ ᠬᠢᠰᠠᠯ ᠬᠢᠰᠢᠨ ᠰᠠᠷᠲᠠᠭᠤᠯ ᠢᠷᠭᠡᠨ ᠲᠦᠷ ᠴᠢᠩᠭᠢᠰ ᠬᠠᠭᠠᠨ ᠮᠣᠷᠢᠯᠠᠷᠤᠨ ᠲᠠᠩᠭᠤᠳ ᠢᠷᠭᠡᠨ ᠦ ᠪᠤᠷᠬᠠᠨ ᠲᠤᠷ ᠡᠯᠴᠢ ᠢᠯᠡᠭᠡᠷᠦᠨ ᠪᠠᠷᠠᠭᠤᠨ ᠭᠠᠷ ᠴᠢᠨᠤ ᠪᠣᠯᠰᠤ ᠬᠡᠮᠡᠯᠦᠭᠡ ᠴᠢ ᠰᠠᠷᠲᠠᠭᠤᠯ ᠢᠷᠭᠡᠨ᠎ᠡ ᠠᠯᠲᠠᠨ ᠠᠷᠭᠠᠮᠵᠢ ᠪᠠᠨ ᠲᠠᠰᠤᠯᠳᠠᠵᠤ ᠣᠯᠤᠯᠴᠠᠨ ᠮᠣᠷᠢᠯᠠᠪᠠ ᠪᠢ ᠪᠠᠷᠠᠭᠤᠨ ᠭᠠᠷ ᠪᠣᠯᠤᠨ ᠮᠣᠷᠢᠯᠠ ᠬᠡᠮᠡᠨ ᠢᠯᠡᠭᠡᠪᠡᠰᠦ ᠪᠤᠷᠬᠠᠨ ᠢ ᠳᠣᠩᠭᠣᠳᠤᠭ᠎ᠠ ᠡᠳᠦᠬᠦᠶ᠎ᠡ ᠤᠷᠢᠳᠠ ᠡᠰᠡᠨ ᠭᠠᠮᠪᠤ ᠥᠭᠦᠯᠡᠷ ᠦᠨ ᠬᠦᠴᠦ ᠶᠠᠳᠠᠨ ᠪᠥᠭᠡᠲᠡᠯᠡ ᠬᠠᠭᠠᠨ ᠪᠣᠯᠲᠠᠯᠠ ᠪᠣᠯᠬᠤ ᠶᠠᠭᠤᠨ ᠬᠡᠮᠡᠵᠦ ᠴᠢᠷᠢᠭ ᠦᠯᠦ ᠨᠡᠮᠡᠨ ᠶᠡᠬᠡ ᠦᠭᠡ ᠥᠭᠦᠯᠡᠵᠦᠬᠦ ᠲᠡᠨᠳᠡ ᠴᠢᠩᠭᠢᠰ ᠬᠠᠭᠠᠨ ᠥᠭᠦᠯᠡᠷᠦᠨ ᠡᠰᠡᠨ ᠭᠠᠮᠪᠤ ᠲᠠ ᠬᠡᠷ ᠡᠶᠢᠨ ᠥᠭᠦᠯᠡᠭᠳᠡᠬᠦ ᠪᠥᠯᠦᠭᠡ ᠬᠡᠮᠡᠨ ᠨᠠᠷᠠᠨ ᠠᠴᠠ ᠡᠳᠦᠢ ᠪᠥᠭᠡᠳ ᠭᠡᠯᠪᠡᠰ ᠵᠣᠷᠢᠵᠤ ᠢᠯᠡᠭᠡᠪᠡᠰᠦ ᠶᠠᠭᠤᠨ ᠪᠡᠷᠬᠡ ᠪᠥᠯᠦᠭᠡ ᠥᠪᠡᠷᠡ ᠮᠠᠨ᠎ᠠ ᠬᠦᠮᠦᠨ ᠲᠦᠷ ᠵᠣᠷᠢᠵᠤ ᠪᠦᠬᠦᠢ ᠲᠦᠷ ᠵ᠎ᠠ ᠳᠠᠯᠠᠢ ᠮᠥᠷᠡᠨ ᠲᠩᠷᠢ ᠲᠡ ᠢᠪᠡᠭᠡᠭᠳᠡᠪᠡᠰᠦ ᠠᠯᠲᠠᠨ ᠵᠢᠯᠣᠭ᠎ᠠ ᠪᠠᠲᠤ ᠳᠠ ᠲᠠᠲᠠᠵᠤ ᠢᠷᠡᠪᠡᠰᠦ ᠲᠡᠨᠳᠡ ᠮᠠᠨ᠎ᠠ ᠪᠣᠯᠲᠤᠭᠠᠢ ᠲᠡᠯᠢ ᠣᠳᠤᠶ᠎ᠠ ᠬᠡᠮᠡᠵᠦ ᠲᠠᠤᠯᠠᠢ ᠵᠢᠯ᠎ᠡ ᠰᠠᠷᠲᠠᠭᠤᠯ ᠢᠷᠭᠡᠨ ᠲᠦᠷ ᠨᠠᠯᠠᠢ ᠲᠠᠯᠠ ᠮᠣᠷᠢᠯᠠᠷ ᠤᠨ ᠴᠢᠩᠭᠢᠰ ᠬᠠᠭᠠᠨ ᠬᠠᠲᠤᠨ ᠠᠴᠠ ᠬᠤᠯᠠᠨ ᠬᠠᠲᠤᠨ ᠢ ᠠᠪᠤᠨ ᠠᠶᠠᠯᠠᠷ ᠤᠨ ᠳᠡᠭᠦᠦ ᠨᠡᠷ ᠡᠴᠡ ᠣᠳᠴᠢᠭᠡᠨ ᠨᠣᠶᠠᠨ ᠢ ᠶᠡᠬᠡ ᠬᠠᠭᠤᠷᠤᠭ ᠲᠤᠷ ᠲᠦᠰᠢᠵᠦ ᠮᠣᠷᠢᠯᠠᠪᠠᠢ ᠵᠡᠪᠡ ᠶᠢ
ögülerün altan arγamji=ban Sartaγul irgen=e ker tasuldan bölüge ni kemen Uqun=a terigüten jaγun elčin=iyen ösil ösin (kisal) kisin Sartaγul irgen=tür Činggis-qaγan morilarun Tangγud irgen=ü Burqan=tur elči ilegerün baraγun γar činu bolsu kemelüge či Sartaγul irgen=e altan arγamji=ban tasuldaju olulčan morilaba bi baraγun γar bolun morila kemen ilegebesü Burqan=i dongγoduγ=a edüküy=e urida Esen-Gambu ögüler=ün küčü yadan bögetele qaγan boltala (bolqu) yaγun kemejü čirig ülü nemen yeke üge ögülejükü tende Činggis-qaγan ögülerün Esen-Gambu=ta ker eyin ögülegdekü bölüge kemen naran=ača edüi böged gelbes joriju ilegebesü yaγun berke bölüge öbere man=a kümün=tür joriju büküi=tür j=a dalai mören tngri=te ibegegdebesü altan jiloγ=a batu=da tataju irebesü tende man=a boltuγai teli (oduy=a) kemejü taulai jil=e Sartaγul irgen=tür nalai=tala morilar=un Činggis-qaγan qatun=ača Qulan-qatun=i abun ayalar=un degüü=ner=eče Odčigen-noyan=i yeke qaγuruγ=tur tüsijü morilabai Jebe=yi
115b
ᠮᠠᠩᠯᠠᠢ ᠢᠯᠡᠭᠡᠪᠡ ᠵᠡᠪᠡ ᠶᠢᠨ ᠭᠡᠵᠢᠭᠡ ᠰᠦᠬᠡ ᠪᠡᠳᠡᠢ ᠶᠢ ᠢᠯᠡᠭᠡᠪᠡ ᠰᠦᠬᠡᠪᠡᠳᠡᠢ ᠶᠢᠨ ᠭᠡᠵᠢᠭᠡ ᠲᠠᠬᠤᠴᠢᠷ ᠢ ᠢᠯᠡᠭᠡᠪᠡ ᠡᠳᠡ ᠭᠤᠷᠪᠠᠨ ᠢ ᠢᠯᠡᠭᠡᠷ ᠦᠨ ᠭᠠᠳᠠᠬᠤᠨ ᠰᠤᠯᠲᠠᠨ ᠤ ᠴᠠᠭᠠᠨ᠎ᠠ ᠭᠠᠷᠴᠤ ᠪᠢᠳᠠᠨ ᠢ ᠬᠦᠷᠭᠡᠭᠦᠯᠦᠨ ᠬᠠᠮᠰᠠᠳᠬᠤᠨ ᠬᠡᠮᠡᠵᠦ ᠢᠯᠡᠭᠡᠪᠡ ᠵᠡᠪᠡ ᠲᠡᠷᠡ ᠣᠳᠴᠤ ᠬᠠᠭᠠᠨ ᠮᠡᠯᠢᠭ ᠦᠨ ᠪᠠᠯᠭᠠᠰᠤᠨ ᠳᠠᠭᠠᠷᠢᠵᠤ ᠦᠯᠦ ᠬᠥᠨᠳᠡᠨ ᠭᠠᠳᠠᠬᠤᠨ ᠨᠥᠬᠴᠢᠵᠦᠬᠦ ᠶᠠᠪᠤᠪᠠᠢ ᠲᠡᠭᠦᠨ ᠦ ᠬᠣᠶᠢᠨᠠ ᠠᠴᠠ ᠰᠦᠪᠡᠭᠡᠳᠡᠢ ᠮᠥᠨ ᠶᠣᠰᠤᠭᠠᠷ ᠦᠯᠦ ᠬᠥᠨᠳᠡᠨ ᠨᠥᠬᠴᠢᠵᠦᠬᠦ ᠲᠡᠭᠦᠨ ᠦ ᠬᠣᠶᠢᠨᠠ ᠠᠴᠠ ᠲᠠᠬᠤᠴᠢᠷ ᠬᠠᠭᠠᠨ ᠮᠡᠯᠢᠭ ᠦᠨ ᠬᠢᠵᠠᠭᠠᠷ ᠪᠠᠯᠭᠠᠰᠤᠨ ᠢ ᠠᠭᠤᠯᠵᠤ ᠲᠠᠷᠢᠶᠠᠴᠢᠨ ᠢ ᠳᠠᠤᠯᠢᠵᠤᠬᠤᠢ ᠳᠣᠪᠲᠣᠯᠵᠤᠭᠤᠢ ᠬᠠᠭᠠᠨ ᠮᠡᠯᠢᠭ ᠪᠠᠯᠭᠠᠳ ᠢᠶᠠᠨ ᠠᠭᠤᠯᠳᠠᠭ᠎ᠠ ᠬᠡᠮᠡᠨ ᠳᠠᠶᠢᠵᠢᠨ ᠬᠦᠶᠢᠳᠦᠯᠳᠦᠵᠦ ᠵᠢᠯᠠᠴᠢᠨ ᠪᠠᠷ ᠰᠤᠯᠲᠠᠨ ᠲᠤᠷ ᠨᠡᠶᠢᠯᠡᠵᠦᠬᠦᠢ ᠵᠢᠯᠠᠴᠢᠨ ᠰᠤᠯᠲᠠᠨ ᠬᠠᠭᠠᠨ ᠮᠡᠯᠢᠭ ᠬᠣᠶᠠᠷ ᠴᠢᠩᠭᠢᠰ ᠬᠠᠭᠠᠨ ᠤ ᠡᠰᠡᠷᠭᠦ ᠮᠣᠷᠢᠯᠠᠵᠤᠬᠤᠢ ᠴᠢᠩᠭᠢᠰ ᠬᠠᠭᠠᠨ ᠤ ᠤᠷᠢᠳᠠ ᠰᠢᠬᠢ ᠬᠤᠲᠤᠭ ᠮᠠᠩᠯᠠᠢ ᠶᠠᠪᠤᠵᠤ ᠰᠢᠬᠢ ᠬᠤᠲᠤᠭ ᠯᠤᠭ᠎ᠠ ᠪᠠᠶᠢᠯᠳᠤᠵᠤ ᠵᠢᠯᠠᠴᠢᠨ ᠰᠤᠯᠲᠠᠨ ᠬᠠᠭᠠᠨ ᠮᠡᠯᠢᠭ ᠬᠣᠶᠠᠷ ᠰᠢᠬᠢ ᠬᠤᠲᠤᠭ ᠢ ᠳᠠᠷᠤᠵᠤ ᠴᠢᠩᠭᠢᠰ ᠬᠠᠭᠠᠨ ᠲᠤᠷ ᠬᠦᠷᠲᠡᠯᠡ ᠳᠠᠷᠤᠵᠤ ᠠᠶᠢᠰᠤᠬᠤᠢ ᠲᠤᠷ ᠵᠡᠪᠡ ᠰᠦᠪᠡᠭᠡᠳᠡᠢ ᠲᠠᠬᠤᠴᠢᠷ ᠭᠤᠷᠪᠠᠨ ᠵᠢᠯᠠᠴᠢᠨ ᠢ ᠰᠤᠯᠲᠠᠨ ᠬᠠᠭᠠᠨ ᠮᠡᠯᠢᠭ ᠬᠣᠶᠠᠷ ᠤᠨ ᠬᠣᠶᠢᠨᠠ ᠠᠴᠠ ᠣᠷᠣᠵᠤ ᠵᠢᠯᠠᠴᠢᠵᠢᠯᠠᠴᠢᠨ ᠨᠢ ᠳᠠᠷᠤᠵᠤ ᠬᠢᠳᠤᠭᠠᠳ ᠪᠤᠬᠠᠷ ᠰᠡᠮᠢᠰᠭᠡᠪ ᠥᠲᠥᠭᠡᠷ ᠪᠠᠯᠭᠠᠰᠤᠨ ᠲᠤᠷ ᠠᠨᠤ ᠦᠯᠦ ᠨᠡᠶᠢᠯᠡᠭᠦᠯᠦᠨ ᠳᠠᠷᠤᠵᠤ ᠰᠢᠨ ᠮᠥᠷᠡᠨ᠎ᠡ ᠬᠦᠷᠲᠡᠯᠡ ᠦᠯᠳᠡᠵᠦ ᠶᠠᠪᠤᠷᠤᠨ ᠰᠢᠨ ᠮᠥᠷᠡᠨ ᠲᠦᠷ
manglai ilegebe Jebe=yin gejige Süke-Bedei=yi ilegebe Sükebedei=yin gejige Taqučir=i ilegebe ede γurban=i ileger=ün γadaqun sultan=u čaγan=a γarču bidan=i kürgegülün qamsadqun kemejü ilegebe Jebe tere odču Qaγan-Melig=ün balγasun daγariju ülü könden γadaqun nökčijükü (yabubai) tegün=ü qoyina=ača Sübegedei mön yosuγar ülü könden nökčijükü tegün=ü qoyina=ača Taqučir Qaγan-Melig=ün kijaγar balγasun=i aγulju tariyačin=i daulijuqui (dobtoljuγui) Qaγan-Melig balγad=iyan aγuldaγ=a kemen dayijin küyidüldüjü Jilačin-Bar-sultan=tur neyilejüküi Jilačin-sultan Qaγan-Melig qoyar Činggis-qaγan=u esergü morilajuqui Činggis-qaγan=u urida Siki-Qutuγ manglai yabuju Siki-Qutuγ=luγ=a bayilduju Jilačin-sultan Qaγan-Melig qoyar Siki-Qutuγ=i daruju Činggis-qaγan=tur kürtele daruju ayisuqui=tur Jebe Sübegedei Taqučir γurban Jilačin=i-sultan Qaγan-Melig qoyar=un qoyina=ača oroju Jilači(Jilačin)=ni daruju kiduγad Buqar Semisgeb Ötöger balγasun=tur anu ülü neyilegülün daruju Sin-mören=e kürtele üldejü yaburun Sin-mören=tür
116a
ᠴᠥᠪᠳᠥᠰᠴᠦ ᠤᠨᠠᠵᠤ ᠣᠷᠣᠬᠤᠨ ᠪᠣᠯᠤᠨ ᠰᠠᠷᠲᠠᠭᠤᠯ ᠢᠶᠠᠨ ᠲᠡᠨᠳᠡ ᠰᠢᠨ ᠮᠥᠷᠡᠨ ᠲᠦᠷ ᠰᠥᠨᠥᠭᠡᠪᠡᠢ ᠵ᠎ᠠ ᠪᠠᠷᠠᠭᠳᠠᠪᠠᠢ ᠵᠢᠯᠠᠴᠢᠨ ᠢ ᠰᠤᠯᠲᠠᠨ ᠬᠠᠭᠠᠨ ᠮᠡᠯᠢᠭ ᠬᠣᠶᠠᠷ ᠠᠮᠢᠨ ᠢᠶᠠᠨ ᠬᠣᠷᠢᠭᠠᠳ ᠰᠢᠨ ᠮᠥᠷᠡᠨ ᠥᠭᠡᠳᠡ ᠳᠤᠲᠠᠭᠠᠪᠠ ᠴᠢᠩᠭᠢᠰ ᠬᠠᠭᠠᠨ ᠰᠢᠨ ᠮᠥᠷᠡᠨ ᠥᠭᠡᠳᠡ ᠵᠣᠷᠴᠢᠵᠤ ᠪᠡᠳᠬᠡᠭᠰᠡᠨ ᠢ ᠭᠦᠶᠢᠴᠡᠭᠰᠡᠨ ᠢ ᠲᠠᠭᠤᠯᠢᠵᠤ ᠳᠠᠷᠤᠵᠤ ᠣᠳᠴᠤ ᠡᠬᠡ ᠭᠣᠷᠣᠬᠠᠨ ᠭᠡᠭᠦᠨ ᠭᠣᠷᠣᠬᠠᠨ ᠬᠦᠷᠭᠡᠵᠦ ᠪᠠᠷᠠᠭᠠᠨ ᠬᠡᠭᠡᠷ᠎ᠡ ᠪᠠᠭᠤᠵᠤ ᠵᠠᠯᠠᠶᠢᠷᠳᠠᠢ ᠪᠠᠯᠠ ᠶᠢ ᠵᠢᠯᠠᠴᠢᠨ ᠢ ᠰᠤᠯᠲᠠᠨ ᠬᠠᠭᠠᠨ ᠮᠡᠯᠢᠭ ᠬᠣᠶᠠᠷ ᠢ ᠨᠡᠬᠡᠭᠦᠯᠦᠨ ᠢᠯᠡᠭᠡᠵᠦ ᠵᠡᠪᠡ ᠰᠦᠪᠡᠭᠡᠳᠡᠢ ᠬᠣᠶᠠᠷ ᠢ ᠰᠣᠶᠣᠷᠬᠠᠪᠠ ᠵᠡᠪᠡ ᠴᠢ ᠵᠢᠷᠭᠤᠭᠠᠳᠠᠢ ᠨᠡᠷᠡᠲᠦ ᠪᠥᠯᠦᠭᠡ ᠲᠠᠶᠢᠴᠢᠭᠤᠳ ᠠᠴᠠ ᠢᠷᠡᠵᠦ ᠵᠡᠪᠡ ᠪᠣᠯᠪᠠᠢ ᠵ᠎ᠠ ᠲᠠᠬᠤᠴᠢᠷ ᠢ ᠬᠠᠭᠠᠨ ᠮᠡᠯᠢᠭ ᠦᠨ ᠬᠢᠵᠠᠭᠠᠷ ᠪᠠᠯᠭᠠᠰᠤᠨ ᠢ ᠥᠪᠡᠷᠦᠨ ᠳᠤᠷᠠᠪᠠᠷ ᠠᠬᠤᠯᠵᠤ ᠬᠠᠭᠠᠨ ᠮᠡᠯᠢᠭ ᠢ ᠳᠠᠵᠢᠭᠤᠯ ᠳᠠᠶᠢᠵᠢᠭᠤᠯ ᠪᠠ ᠵᠠᠰᠠᠭ ᠪᠣᠯᠭᠠᠨ ᠵᠠᠰᠠᠭᠯᠠᠬᠤ ᠪᠣᠯᠭᠠᠨ ᠬᠦ ᠮᠥᠬᠥᠷᠢᠭᠦᠯᠦᠶ᠎ᠡ ᠳᠣᠷᠣᠶᠢᠲᠠᠭᠤᠯᠤᠶ᠎ᠠ ᠬᠡᠮᠡᠨ ᠪᠠᠷᠢᠵᠤ ᠵᠢᠴᠢ ᠦᠯᠦ ᠮᠥᠬᠥᠷᠢᠭᠦᠯᠦᠨ ᠮᠠᠰᠢ ᠳᠣᠩᠭᠣᠳᠴᠤ ᠴᠢᠷᠢᠭ ᠮᠡᠳᠡᠬᠦᠨ ᠡᠴᠡ ᠢᠨᠤ ᠡᠷᠡᠭᠦᠯᠡᠵᠦ ᠵᠢᠮᠡᠯᠡᠨ ᠪᠠᠭᠤᠯᠭᠠᠪᠠᠢ ᠪᠠᠶᠢᠯᠭᠠᠪᠠᠢ ᠲᠡᠳᠦᠢ ᠴᠢᠩᠭᠢᠰ ᠬᠠᠭᠠᠨ ᠪᠠᠷᠠᠭᠤᠨ ᠭᠠᠷ ᠠᠴᠠ ᠬᠠᠷᠢᠵᠤ ᠵᠥᠴᠢ ᠴᠠᠭᠠᠳᠠᠢ ᠥᠭᠡᠳᠡᠢ ᠭᠤᠷᠪᠠᠨ ᠬᠥᠪᠡᠭᠦᠨ ᠢ ᠪᠠᠷᠠᠭᠤᠨ ᠭᠠᠷ ᠤᠨ ᠴᠢᠷᠢᠭ ᠦᠳ ᠢᠶᠡᠷ ᠠᠮᠤᠷ ᠮᠥᠷᠡᠨ ᠠᠮᠤ ᠮᠥᠷᠡᠨ ᠭᠡᠲᠦᠯᠵᠦ ᠤᠷᠤᠩᠭᠡᠴᠡ ᠪᠠᠯᠭᠠᠰᠤᠨ᠎ᠠ ᠪᠠᠭᠤᠳᠬᠤᠨ ᠬᠡᠮᠡᠨ ᠢᠯᠡᠭᠡᠪᠡᠢ ᠴᠢᠩᠭᠢᠰ ᠬᠠᠭᠠᠨ ᠥᠪᠡᠰᠦᠪᠡᠨ ᠥᠲᠡᠭᠡᠷ ᠪᠠᠯᠭᠠᠰᠤᠨ ᠪᠠᠭᠤᠪᠠ ᠵᠣᠴᠢ ᠴᠠᠭᠠᠳᠠᠢ ᠥᠭᠡᠳᠡᠢ ᠭᠤᠷᠪᠠᠨ ᠬᠥᠪᠡᠭᠦᠨ ᠥᠴᠢᠵᠦ ᠢᠯᠡᠭᠡᠷ ᠦᠨ ᠴᠢᠩᠭᠢᠰ ᠬᠠᠭᠠᠨ ᠴᠢᠷᠢᠭ ᠮᠢᠨᠤ ᠪᠦᠭᠦᠳᠡ ᠤᠷᠤᠩᠭᠡᠴᠡ ᠪᠠᠯᠭᠠᠰᠤᠨ᠎ᠠ ᠬᠦᠷᠪᠡ
čöbdösčü (unaju) oroqun bolun Sartaγul=iyan tende Sin-mören=tür sönögebei j=a (baraγdabai) Jilačin=i-sultan Qaγan-Melig qoyar amin=iyan qoriγad Sin-mören ögede dutaγaba Činggis-qaγan Sin-mören ögede jorčiju Bedkegsen=i (güyičegsen=i) taγuliju (daruju) odču Eke-γoroqan Gegün-γoroqan kürgejü Baraγan-keger=e baγuju Jalayirdai-Bala=yi Jilačin=i-sultan Qaγan-Melig qoyar=i nekegülün ilegejü Jebe Sübegedei qoyar=i soyorqaba Jebe či Jirγuγadai neretü bölüge Tayičiγud=ača irejü Jebe bolbai j=a Taqučir=i Qaγan-Melig=ün kijaγar balγasun=i öberün durabar aqulju Qaγan-Melig=i dajiγul (dayijiγul) ba jasaγ bolγan (jasaγlaqu bolγan) kü mökörigülüy=e (doroyitaγuluy=a) kemen bariju jiči ülü mökörigülün masi dongγodču čirig medekün=eče inu eregülejü (jimelen) baγulγabai (bayilγabai) tedüi Činggis-qaγan baraγun γar=ača qariju Jöči , Čaγadai Ögedei γurban köbegün=i baraγun γar=un čirig=üd=iyer Amur-mören <Amu-mören> getüljü Urunggeče-balγasun=a baγudqun kemen ilegebei Činggis-qaγan öbesüben Öteger-balγasun baγuba Joči Čaγadai Ögedei γurban köbegün öčijü ileger=ün Činggis-qaγan čirig minu bügüde Urunggeče-balγasun=a kürbe
116b
ᠬᠡᠨ ᠢᠶᠡᠨ ᠦᠭᠡ ᠪᠡᠷ ᠶᠠᠪᠤᠬᠤᠨ ᠪᠣᠯᠪᠠ ᠬᠡᠮᠡᠨ ᠥᠴᠢᠵᠦ ᠢᠯᠡᠭᠡᠪᠡᠰᠦ ᠴᠢᠩᠭᠢᠰ ᠬᠠᠭᠠᠨ ᠵᠠᠷᠯᠢᠭ ᠪᠣᠯᠤᠷᠤᠨ ᠥᠭᠡᠳᠡᠢ ᠶᠢᠨ ᠦᠭᠡ ᠪᠡᠷ ᠶᠠᠪᠤᠳᠬᠤᠨ ᠬᠡᠮᠡᠵᠦ ᠢᠯᠡᠭᠡᠪᠡ ᠲᠡᠳᠦᠢ ᠴᠢᠩᠭᠢᠰ ᠬᠠᠭᠠᠨ ᠥᠲᠡᠭᠡᠷ ᠪᠠᠯᠭᠠᠰᠤᠨ ᠠᠴᠠ ᠦᠯᠳᠡᠵᠦ ᠰᠢᠮᠢᠰᠠᠨᠴᠤ ᠪᠠᠯᠭᠠᠰᠤᠨ ᠠᠴᠠ ᠦᠯᠳᠡᠵᠦ ᠪᠠᠬ ᠠ ᠪᠠᠯᠭᠠᠰᠤᠨ᠎ᠠ ᠪᠠᠭᠤᠪᠠ ᠲᠡᠨᠳᠡ ᠴᠢᠩᠭᠢᠰ ᠬᠠᠭᠠᠨ ᠪᠠᠯᠠ ᠶᠢ ᠬᠦᠯᠴᠢᠵᠦ ᠬᠦᠯᠢᠶᠡᠵᠦ ᠠᠯᠲᠠᠨ ᠭᠣᠷᠣᠬᠠᠨ ᠤ ᠨᠢᠷᠤᠭᠤᠨ᠎ᠠ ᠰᠦᠯᠳᠡᠨ᠎ᠡ ᠵᠤᠰᠠᠯᠠᠩ ᠵᠤᠰᠠᠪᠠ ᠤᠷᠤᠩ ᠭᠡᠴᠡ ᠡᠴᠡ ᠵᠣᠴᠢ ᠴᠠᠭᠠᠳᠠᠢ ᠥᠭᠡᠳᠡᠢ ᠭᠤᠷᠪᠠᠨ ᠬᠥᠪᠡᠭᠦᠨ ᠤᠷᠤᠩᠭᠡᠴᠡ ᠪᠠᠯᠭᠠᠰᠤᠨ ᠢ ᠣᠷᠣᠭᠤᠯᠵᠤ ᠭᠤᠷᠪᠠᠭᠤᠯᠠ ᠢᠷᠭᠡᠨ ᠬᠤᠪᠢᠶᠠᠯᠳᠤᠵᠤ ᠴᠢᠩᠭᠢᠰ ᠬᠠᠭᠠᠨ᠎ᠠ ᠬᠤᠪᠢ ᠡᠰᠡ ᠭᠠᠷᠭᠠᠵᠤᠬᠤᠢ ᠡᠳᠡ ᠭᠤᠷᠪᠠᠨ ᠬᠥᠪᠡᠭᠦᠨ ᠢ ᠪᠠᠭᠤᠵᠤ ᠢᠷᠡᠪᠡᠰᠦ ᠴᠢᠩᠭᠢᠰ ᠬᠠᠭᠠᠨ ᠵᠣᠴᠢ ᠴᠠᠭᠠᠳᠠᠢ ᠥᠭᠡᠳᠡᠢ ᠭᠤᠷᠪᠠᠨ ᠬᠥᠪᠡᠭᠦᠨ ᠢ ᠴᠢᠮᠠᠳᠴᠤ ᠪᠤᠷᠤᠭᠤᠰᠢᠶᠠᠵᠤ ᠭᠤᠷᠪᠠᠨ ᠡᠳᠦᠳ ᠡᠰᠡ ᠠᠭᠤᠯᠵᠢᠪᠠᠰᠤ ᠲᠡᠨᠳᠡ ᠪᠣᠭᠣᠷᠴᠢ ᠮᠤᠬᠠᠯᠢ ᠰᠢᠬᠢ ᠬᠤᠲᠤᠭ ᠭᠤᠷᠪᠠᠨ ᠥᠴᠢᠷᠦᠨ ᠥᠨᠵᠢᠨ ᠮᠡᠯᠵᠢᠨ ᠡᠳᠦᠢ ᠲᠡᠳᠦᠢ ᠠᠭᠰᠠᠳ ᠰᠠᠷᠲᠠᠭᠤᠯ ᠢᠷᠭᠡᠨ ᠦ ᠰᠦᠯᠲᠠᠨ ᠢ ᠳᠣᠷᠣᠶᠢᠲᠠᠭᠤᠯᠵᠤ ᠪᠠᠯᠭᠠᠳ ᠤᠨ ᠢᠷᠭᠡᠨ ᠢ ᠢᠨᠤ ᠠᠪᠤᠪᠠᠢ ᠪᠢᠳᠠ ᠬᠤᠪᠢᠭᠠᠵᠤ ᠤᠷᠤᠩᠭᠡᠴᠡ ᠪᠠᠯᠭᠠᠰᠤᠨ ᠢ ᠬᠤᠪᠢᠶᠠᠯᠳᠤᠵᠤ ᠠᠪᠤᠪᠠᠰᠤ ᠬᠥᠪᠡᠭᠦᠨ ᠪᠦᠭᠦᠳᠡ ᠬᠠᠭᠠᠨ ᠤᠬᠠᠢ ᠪᠤᠢ ᠲᠩᠷᠢ ᠭᠠᠵᠠᠷ᠎ᠠ ᠬᠦᠴᠦ ᠨᠡᠮᠡᠭᠳᠡᠵᠦ ᠰᠠᠷᠲᠠᠭᠤᠯ ᠢᠷᠭᠡᠨ ᠢ ᠡᠳᠦᠢ ᠳᠣᠷᠣᠶᠢᠲᠠᠭᠤᠯᠤᠭᠰᠠᠨ ᠲᠤᠷ ᠪᠠ ᠣᠯᠠᠨ ᠡᠷ᠎ᠡ ᠡᠮ᠎ᠡ ᠴᠢᠨᠤ
ken=iyen üge=ber yabuqun bolba kemen öčijü ilegebesü Činggis-qaγan jarliγ bolurun Ögedei=yin üge=ber yabudqun kemejü ilegebe tedüi Činggis-qaγan Öteger-balγasun=ača üldejü Simisanču-balγasun=ača üldejü Baq=a-balγasun=a baγuba tende Činggis-qaγan Bala=yi külčijü (küliyejü) Altan-γoroqan=u niruγun=a Sülden=e jusalang jusaba Urung=geče=eče Joči , Čaγadai , Ögedei γurban köbegün Urunggeče-balγasun=i oroγulju γurbaγula irgen qubiyalduju Činggis-qaγan=a qubi ese γarγajuqui ede γurban köbegün=i baγuju irebesü Činggis-qaγan Joči Čaγadai Ögedei γurban köbegün=i čimadču (buruγusiyaju) γurban edüd ese aγuljibasu tende Boγorči , Muqali , Siki-Qutuγ γurban öčirün önjin meljin (edüi tedüi) aγsad Sartaγul irgen=ü sültan=i doroyitaγulju balγad=un irgen=i inu abubai bida qubiγaju Urunggeče-balγasun=i qubiyalduju abubasu köbegün bügüde qaγan=uqai bui tngri γajar=a küčü nemegdejü Sartaγul irgen=i edüi doroyitaγuluγsan=tur ba olan er=e em=e činu
117a
ᠪᠠᠶᠠᠰᠴᠤ ᠡᠷᠦᠵᠦ ᠠᠮᠤᠢ ᠬᠠᠭᠠᠨ ᠶᠠᠬᠢᠨ ᠡᠶᠢᠨ ᠬᠢᠯᠢᠩᠯᠡᠵᠦ ᠠᠮᠤ ᠬᠥᠪᠡᠭᠦᠨ ᠪᠤᠷᠤᠭᠤᠢ ᠪᠠᠨ ᠤᠬᠠᠵᠤ ᠠᠶᠤᠪᠠ ᠵ᠎ᠠ ᠬᠣᠶᠢᠨᠠ ᠢᠶᠠᠨ ᠰᠤᠷᠲᠤᠭᠠᠢ ᠬᠥᠪᠡᠭᠦᠨ ᠠᠪᠤᠷᠢ ᠢᠶᠠᠨ ᠠᠭᠰᠠᠭᠤᠵᠠᠢ ᠡᠪᠳᠡᠷᠡᠭᠦᠵᠡᠢ ᠰᠣᠶᠣᠷᠬᠠᠪᠠᠰᠤ ᠰᠣᠶᠣᠷᠬᠠᠵᠤ ᠰᠠᠭᠤᠯᠴᠢᠭᠤᠯᠰᠠᠢ ᠪᠣᠭᠣᠷᠴᠢ ᠡᠶᠢᠨ ᠬᠡᠮᠡᠨ ᠥᠴᠢᠪᠡᠰᠦ ᠴᠢᠩᠭᠢᠰ ᠬᠠᠭᠠᠨ ᠵᠠᠯᠢᠷᠠᠵᠤ ᠵᠣᠴᠢ ᠴᠠᠭᠠᠳᠠᠢ ᠥᠭᠡᠳᠡᠢ ᠭᠤᠷᠪᠠᠨ ᠬᠥᠪᠡᠭᠦᠨ ᠢ ᠠᠭᠤᠯᠵᠢᠭᠤᠯᠵᠤ ᠳᠣᠩᠭᠣᠳᠳᠤᠷ ᠤᠨ ᠥᠲᠡᠭᠡᠰ ᠦᠨ ᠦᠭᠡᠰ ᠦᠷᠬᠢᠳᠦᠨ ᠬᠣᠵᠠᠶ᠎ᠠ ᠦᠭᠡᠨ ᠢ ᠬᠠᠳᠠᠭᠠᠯᠠᠵᠤ ᠪᠠᠶᠢᠭᠰᠠᠨ ᠭᠠᠵᠠᠷ᠎ᠠ ᠪᠤᠶᠠᠨᠲᠤᠨ ᠪᠤᠶᠠᠨ ᠢᠶᠠᠨ ᠠᠯᠳᠠᠲᠠᠯᠠ ᠮᠠᠩᠯᠠᠢ ᠶᠢᠨ ᠬᠥᠯᠥᠰᠦᠨ ᠠᠷᠴᠢᠨ ᠶᠠᠳᠠᠲᠠᠯᠠ ᠪᠠᠳᠠᠷᠠᠵᠤ ᠴᠢᠮᠠᠯᠢᠬᠠᠨ ᠴᠢᠮᠠᠢ ᠶᠤᠭᠠᠨ ᠰᠦᠦᠭᠡᠷ ᠥᠭᠦᠬᠦᠢ ᠲᠤᠭᠤᠯᠠ ᠪᠦᠬᠦᠢ ᠲᠦᠷ ᠪᠦᠬᠦᠢ ᠬᠦᠷᠲᠡᠯᠡ ᠬᠡᠮᠡᠪᠡᠰᠦ ᠬᠣᠩᠭᠣᠷ ᠬᠣᠷᠴᠢ ᠬᠣᠷᠢᠷ ᠤᠨ ᠬᠣᠷᠴᠢ ᠥᠴᠢᠷᠦᠨ ᠪᠤᠷᠤᠭᠤᠰᠢᠶᠠᠬᠤᠨ ᠬᠦᠯᠢᠶ ᠡ ᠲᠦᠷ ᠶᠠᠬᠢᠨ ᠣᠷᠣᠬᠤ ᠮᠡᠲᠦ ᠬᠥᠪᠡᠭᠦᠨ ᠰᠠᠶ ᠡᠳᠦᠢ ᠬᠣᠯᠠ ᠰᠣᠶᠣᠨ ᠰᠤᠷᠭᠠᠯ ᠪᠦᠬᠦᠢ ᠲᠦ ᠬᠥᠪᠡᠭᠦᠳ ᠢ ᠰᠢᠩᠲᠠᠯ ᠤᠨ ᠮᠠᠨ᠎ᠠ ᠮᠡᠲᠦ ᠶᠠᠬᠢᠨ ᠡᠶᠢᠨ ᠳᠣᠩᠭᠣᠳᠤᠮᠤᠢ ᠬᠥᠪᠡᠭᠦᠨ ᠠᠶᠤᠵᠤ ᠰᠡᠳᠬᠢᠯ ᠢᠶᠡᠨ ᠠᠭᠰᠠᠭᠤᠵᠠᠢ ᠬᠠᠩᠰᠠᠷᠠᠨ ᠬᠠᠷᠢᠭᠤᠵᠠᠢ ᠨᠠᠷᠠᠨ ᠰᠢᠩᠭᠡᠬᠦᠶ᠎ᠡ ᠢᠷᠤᠭᠠᠷ ᠲᠤᠷ ᠬᠦᠷᠲᠡᠯᠡ ᠳᠠᠶᠢᠨ ᠢᠷᠭᠡᠨ ᠪᠤᠢ ᠮᠠᠨᠢ ᠲᠥᠪᠡᠳ ᠣᠳᠤᠨ ᠲᠦᠷᠢᠵᠦ ᠢᠯᠡᠭᠡᠪᠡᠰᠦ ᠪᠠ ᠲᠩᠷᠢ ᠭᠠᠵᠠᠷ᠎ᠠ ᠬᠦᠴᠦ ᠨᠡᠮᠡᠭᠳᠡᠵᠦ ᠠᠯᠲᠠᠨ ᠮᠥᠩᠭᠥᠨ ᠠᠭᠤᠷᠠᠰᠤᠨ ᠡᠳ ᠲᠠᠸᠠᠷ ᠢᠷᠭᠡᠨ ᠤᠷᠭᠤᠨ ᠴᠢᠮᠠᠳᠤ ᠠᠪᠴᠢᠷᠠᠰᠤᠭᠠᠢ ᠠᠪᠴᠤ ᠢᠷᠡᠰᠦᠭᠡᠢ ᠠᠯᠢ ᠢᠷᠭᠡᠨ ᠬᠡᠮᠡᠪᠡᠰᠦ ᠠᠬ᠎ᠠ ᠥᠷᠥᠨᠡ ᠪᠠᠭᠤᠭᠠᠳ ᠪᠠᠭᠳᠠᠨ ᠢᠷᠭᠡᠨ ᠦ ᠬᠠᠯᠢᠪᠠᠷ ᠰᠤᠯᠲᠠᠨ ᠬᠡᠮᠡᠬᠦ ᠪᠤᠢ ᠬᠡᠮᠡᠮᠦ ᠲᠡᠭᠦᠨ ᠲᠦᠷ ᠪᠢ ᠠᠶᠠᠯᠠᠰᠤᠭᠠᠢ ᠬᠡᠮᠡᠨ ᠥᠴᠢᠪᠡᠰᠦ
bayasču erüjü amui qaγan yakin eyin kilinglejü amu köbegün buruγui=ban uqaju ayuba j=a qoyina=iyan surtuγai köbegün aburi=iyan aγsaγujai (ebderegüjei) soyorqabasu soyorqaju saγulčiγulsai Boγorči eyin kemen öčibesü Činggis-qaγan jaliraju Joči , Čaγadai Ögedei , γurban köbegün=i aγuljiγulju dongγoddur=un öteges=ün üges ürkidün qojay=a ügen=i qadaγalaju bayiγsan γajar=a buyantun (buyan=iyan) aldatala manglai=yin kölösün arčin yadatala badaraju čimaliqan (čimai=yuγan) süüger (ögüküi) Tuγula büküi=tür (büküi kürtele kemebesü) Qongγor-qorči Qorir=un-qorči öčirün buruγusiyaqun küliy=e=tür yakin oroqu metü köbegün say edüi qola soyon (surγal) büküi=tü köbegüd=i singtal=un man=a metü yakin eyin dongγodumui köbegün ayuju sedkil=iyen aγsaγujai (qangsaran qariγujai) naran singgeküy=e iruγar=tur kürtele dayin irgen bui mani Töbed odun türijü ilegebesü ba tngri γajar=a küčü nemegdejü altan mönggön aγurasun ed tavar irgen urγun čimadu abčirasuγai (abču iresügei) ali irgen kemebesü aq=a öröne baγuγad Baγdan irgen=ü Qalibar-sultan kemekü bui kememü tegün=tür bi ayalasuγai kemen öčibesü
117b
ᠬᠠᠭᠠᠨ ᠬᠤᠬᠤᠷᠠᠵᠤ ᠡᠳᠡᠨ ᠦ ᠦᠭᠡᠨ ᠳᠦᠷ ᠵᠠᠯᠠᠷᠠᠵᠤ ᠵᠥᠪᠰᠢᠶᠡᠵᠦ ᠵᠠᠷᠯᠢᠭ ᠪᠣᠯᠤᠷᠤᠨ ᠬᠣᠩᠬᠠᠢ ᠬᠣᠭᠲᠤᠬᠠᠢ ᠴᠢᠷᠠᠬᠠᠨ ᠭᠤᠷᠪᠠᠨ ᠠᠳᠠᠷᠬᠡᠳᠡᠢ ᠬᠣᠷᠢᠬᠠᠢ ᠭᠤᠷᠪᠠᠨ ᠲᠣᠳᠣᠬᠡᠳᠡᠢ ᠬᠣᠩᠳᠤᠬᠠᠢ ᠬᠣᠶᠠᠷ ᠢ ᠮᠢᠨᠤ ᠬᠦᠷᠭᠡᠳᠡ ᠠᠲᠤᠠᠢ ᠥᠲᠥᠭᠡᠳᠡᠢ ᠴᠢᠳᠷᠠᠭᠠᠨ ᠢ ᠪᠠᠬᠤᠳᠤᠨ ᠦᠭᠡᠰ ᠲᠦᠷ ᠬᠠᠯᠢᠪᠠᠢ ᠰᠤᠯᠲᠤᠨ ᠲᠤᠷ ᠠᠶᠠᠯᠠᠭᠤᠯᠪᠠ ᠪᠠᠰᠠ ᠢᠳᠤᠰ ᠢᠷᠭᠡᠨ ᠪᠠᠭᠠᠳᠤᠳ ᠢᠷᠭᠡᠨ ᠬᠣᠶᠠᠷ ᠤᠨ ᠵᠠᠭᠤᠷᠠ ᠠᠷᠤ ᠮᠥᠷᠥ ᠮᠠᠳᠠᠰᠢᠷᠢ ᠢᠷᠭᠡᠨ ᠦ ᠠᠪᠠᠲᠤ ᠪᠠᠯᠭᠠᠰᠤᠨ ᠲᠤᠷ ᠳᠥᠷᠪᠡᠳᠡᠢ ᠳᠥᠷᠪᠡᠢ ᠳᠣᠭᠰᠢᠨ ᠢ ᠠᠶᠠᠯᠠᠭᠤᠯᠪᠠ ᠪᠠᠰᠠ ᠰᠦᠪᠡᠭᠡᠳᠡᠢ ᠪᠠᠭᠠᠲᠤᠷ ᠢ ᠦᠮᠡᠬᠡᠢ ᠬᠠᠩᠯᠠ ᠶᠢᠨ ᠬᠡᠪᠴᠠᠬᠤᠳ ᠣᠷᠣᠰᠠᠳ ᠰᠠᠩᠬᠤᠳ ᠠᠰᠤᠳ ᠬᠠᠰᠤᠳ ᠰᠡᠷᠭᠡᠰᠦᠳ ᠪᠠᠰᠮᠢᠷ ᠪᠣᠯᠣᠷ ᠬᠡᠷᠡᠯ ᠡᠳᠡ ᠠᠷᠪᠠᠨ ᠨᠢᠭᠡᠨ ᠠᠶᠢᠮᠠᠭ ᠬᠠᠷᠢᠨ ᠢᠷᠭᠡᠨ ᠲᠦᠷ ᠬᠦᠷᠲᠡᠯᠡ ᠠᠵᠢᠯ ᠶᠠᠶᠢᠬᠠᠨ ᠤᠰᠤᠳ ᠳᠠ ᠮᠥᠷᠡᠨ ᠭᠡᠲᠦᠯᠦᠨ ᠬᠢᠶᠤ᠎ᠠ ᠮᠡᠨ ᠬᠡᠷᠮ᠎ᠡ ᠪᠠᠯᠭᠠᠰᠤᠨ ᠲᠤᠷ ᠬᠦᠷᠲᠡᠯᠡ ᠰᠦᠪᠡᠭᠡᠳᠡᠢ ᠪᠠᠭᠠᠲᠤᠷ ᠢ ᠠᠶᠠᠯᠠᠭᠤᠯᠪᠠ ᠪᠠᠰᠠ ᠰᠠᠷᠲᠠᠭᠤᠯ ᠢᠷᠭᠡᠨ ᠢ ᠠᠪᠤᠨ ᠠᠪᠤᠷᠠᠵᠤ ᠠᠴᠢᠷᠠᠵᠤ ᠴᠢᠩᠭᠢᠰ ᠬᠠᠭᠠᠨ ᠵᠠᠷᠯᠢᠭ ᠪᠣᠯᠤᠷᠤᠨ ᠪᠠᠯᠭᠠᠳ ᠪᠠᠯᠭᠠᠳ ᠲᠤᠷ ᠳᠠᠷᠤᠭᠴᠢ ᠲᠠᠯᠪᠢᠵᠤ ᠤᠷᠤᠩᠭᠡᠴᠡ ᠪᠠᠯᠭᠠᠰᠤᠨ ᠠᠴᠠ ᠶᠠᠯᠠᠮᠴᠠ ᠮᠠᠰᠠᠬ ᠤᠳ ᠡᠴᠢᠭᠡ ᠬᠥᠪᠡᠭᠦᠨ ᠬᠤᠪᠢ ᠬᠣᠶᠠᠷ᠎ᠠ ᠬᠣᠷᠮᠡᠭᠡᠢ ᠣᠪᠣᠭ ᠰᠠᠷᠲᠠᠭᠤᠯ ᠢᠷᠡᠵᠦ ᠪᠠᠯᠭᠠᠰᠤᠨ ᠤ ᠶᠣᠰᠤᠨ ᠲᠥᠷᠥ ᠶᠢ ᠴᠢᠩᠭᠢᠰ ᠬᠠᠭᠠᠨ᠎ᠠ ᠥᠭᠦᠯᠡᠵᠦ ᠶᠣᠰᠤᠨ ᠲᠤᠷ ᠬᠣᠶᠠᠷ ᠠᠯᠳᠠᠲᠠᠯᠠ ᠮᠡᠳᠡᠨ ᠬᠡᠯᠡᠯᠳᠦᠵᠦ ᠬᠥᠪᠡᠭᠦᠨ ᠢ ᠢᠨᠤ ᠮᠠᠰᠠᠰ ᠤᠨ ᠬᠤᠷᠤᠮᠰᠢ ᠶᠢ ᠪᠢᠳᠠᠨ ᠤ ᠳᠠᠷᠤᠭ ᠠ ᠯᠤᠭ᠎ᠠ ᠪᠤᠯᠠᠢ
qaγan ququraju eden=ü ügen=dür jalaraju jöbsiyejü jarliγ bolurun Qongqai Qoγtuqai Čiraqan γurban Adarkedei , Qoriqai γurban Todokedei , Qongduqai qoyar=i minu kürgede atuxai Ötögedei , Čidraγan=i Baqudun üges=tür , qalibai sultun=tur ayalaγulba basa Idus irgen , Baγadud irgen qoyar=un jaγura Aru-Mörö-Madasiri irgen=ü Abatu-balγasun=tur Dörbedei , Dörbei , doγsin=i ayalaγulba basa Sübegedei-baγatur=i , Ümekei , Qangla=yin Kebčaqud Orosad Sangqud Asud , Qasud Sergesüd , Basmir , Bolor , Kerel ede arban nigen ayimaγ qarin irgen=tür kürtele Ajil Yayiqan usud=da mören getülün Kiyu=a Men kerm=e balγasun=tur kürtele Sübegedei-baγatur=i ayalaγulba basa Sartaγul irgen=i abun aburaju (ačiraju) Činggis-qaγan jarliγ bolurun balγad balγad=tur daruγči talbiju Urunggeče-balγasun=ača Yalamča Masaq=ud ečige köbegün qubi qoyar=a Qormegei oboγ Sartaγul irejü balγasun=u yosun törö=yi Činggis-qaγan=a ögülejü yosun=tur qoyar aldatala meden keleldüjü köbegün=i inu Masas=un Qurumsi=yi bidan=u daruγ=a=luγ=a Bulai
118a
ᠰᠢᠮᠢᠰᠭᠡᠨ ᠤᠷᠤᠩᠭᠡᠴᠡ ᠤᠳᠠ ᠢᠱᠡᠭᠠᠢ ᠦᠷᠢᠶᠠᠩ ᠬᠦᠬᠡᠨ ᠳᠠᠷᠢ ᠲᠡᠷᠢᠭᠦᠲᠡᠨ ᠪᠠᠯᠭᠠᠰᠤᠨ ᠢ ᠮᠡᠳᠡᠭᠦᠯᠦᠨ ᠰᠢᠲᠦᠵᠦ ᠡᠴᠢᠭᠡ ᠶᠢ ᠶᠠᠭᠤᠨ ᠠᠴᠠ ᠠᠪᠴᠢᠷᠠᠵᠤ ᠬᠢᠲᠠᠳ ᠴᠤᠩᠳᠤ ᠪᠠᠯᠭᠠᠰᠤᠨ ᠮᠡᠳᠡᠭᠦᠯᠦᠨ ᠠᠪᠴᠤ ᠢᠷᠡᠪᠡᠢ ᠰᠠᠷᠲᠠᠭᠲᠠᠢ ᠬᠦᠮᠦᠨ ᠡᠴᠡ ᠶᠠᠯᠢᠴᠠ ᠮᠠᠩᠭᠤᠳ ᠬᠣᠶᠠᠷ ᠤᠨ ᠪᠠᠯᠭᠠᠰᠤᠨ ᠤ ᠲᠥᠷᠥ ᠶᠣᠰᠤᠨ ᠢ ᠴᠢᠳᠠᠬᠤ ᠶᠢᠨ ᠲᠤᠯᠠ ᠬᠢᠲᠠᠳ ᠢᠷᠭᠡᠨ ᠢ ᠰᠠᠬᠢᠭᠤᠢ ᠢᠷᠭᠡᠨ ᠢ ᠮᠡᠳᠡᠭᠦᠯᠦᠨ ᠲᠠᠷᠪᠠᠭᠠᠨ ᠯᠤᠭ᠎ᠠ ᠲᠦᠰᠢᠪᠡ ᠰᠠᠷᠲᠠᠭᠤᠯ ᠢᠷᠭᠡᠨ ᠲᠦᠷ ᠳᠣᠯᠣᠭᠠᠨ ᠣᠳ ᠶᠠᠪᠤᠵᠤ ᠲᠡᠨᠳᠡ ᠵᠠᠯᠠᠶᠢᠷᠳᠠᠢ ᠪᠠᠯᠠ ᠶᠢ ᠬᠦᠯᠢᠶᠡᠵᠦ ᠪᠦᠬᠦᠢ ᠲᠦᠷ ᠪᠠᠯᠠ ᠰᠢᠨ ᠮᠥᠷᠡᠨ ᠢ ᠭᠡᠲᠦᠯᠵᠦ ᠵᠢᠯᠠᠴᠢᠨ ᠢ ᠰᠤᠯᠲᠠᠨ ᠬᠠᠭᠠᠨ ᠮᠡᠯᠢᠭ ᠬᠣᠶᠠᠷ ᠢ ᠢᠨᠳᠤᠰᠤᠨ ᠭᠠᠵᠠᠷ᠎ᠠ ᠬᠦᠷᠲᠡᠯᠡ ᠨᠡᠬᠡᠵᠦ ᠵᠢᠯᠠᠴᠢᠨ ᠢ ᠰᠤᠯᠲᠠᠨ ᠬᠠᠭᠠᠨ ᠮᠡᠯᠢᠭ ᠢ ᠬᠣᠶᠠᠷ ᠵᠣᠪᠠᠭᠠᠵᠤ ᠢᠨᠳᠤᠰᠤᠨ ᠳᠤᠮᠳᠠ ᠬᠦᠷᠲᠡᠯᠡ ᠨᠡᠬᠡᠵᠦ ᠶᠠᠳᠠᠵᠤ ᠬᠠᠷᠢᠵᠤ ᠢᠨᠳᠤᠰᠤᠨ ᠬᠢᠵᠠᠭᠠᠷ ᠢᠷᠭᠡᠨ ᠢ ᠲᠣᠯᠢᠭᠠᠳ ᠳᠠᠷᠤᠭᠠᠳ ᠣᠯᠠᠨ ᠢᠷᠭᠡᠨ ᠲᠡᠮᠡᠭᠡᠳ ᠡᠳ ᠠᠭᠤᠷᠠᠰᠤᠨ ᠠᠪᠤᠭᠠᠳ ᠢᠷᠡᠵᠦᠬᠦᠢ ᠲᠡᠨᠳᠡ ᠴᠢᠩᠭᠢᠰ ᠬᠠᠭᠠᠨ ᠬᠠᠷᠢᠵᠤ ᠵᠠᠭᠤᠷᠠ ᠠᠷᠲᠢᠰ ᠵᠤᠰᠠᠵᠤ ᠳᠣᠯᠣᠳᠤᠭᠠᠷ ᠣᠨ ᠪᠣᠯᠵᠤ ᠴᠢᠩᠭᠢᠰ ᠬᠠᠭᠠᠨ ᠰᠠᠷᠲᠠᠭᠤᠯ ᠢᠷᠭᠡᠨ ᠢ ᠠᠪᠴᠤ ᠬᠠᠷᠢᠵᠤ ᠠᠶᠢᠰᠤᠷ ᠤᠨ ᠣᠷᠳᠣᠰ ᠲᠤᠷ ᠡᠯᠴᠢᠨ ᠢ ᠢᠯᠡᠭᠡᠷ ᠦᠨ ᠬᠣᠷᠬᠣᠭᠲᠠᠢ ᠬᠥᠪᠡᠭᠦᠨ ᠢ ᠠᠪᠤᠭᠠᠳ ᠢᠷᠡᠲᠦᠭᠡᠢ ᠬᠡᠮᠡᠵᠦ ᠢᠯᠡᠭᠡᠪᠡ ᠤᠳᠠᠷ ᠳᠠᠪᠠᠭ ᠠ ᠪᠠᠷ ᠳᠠᠪᠠᠵᠤ ᠠᠶᠢᠰᠤᠬᠤᠢ ᠲᠤᠷ ᠪᠠᠰᠠ ᠡᠯᠴᠢᠨ ᠢᠯᠡᠭᠡᠷᠦᠨ ᠪᠠᠷᠠᠭᠤᠨ ᠬᠥᠪᠡᠭᠦᠳ ᠥᠳᠲᠡᠷ ᠬᠡᠮᠡᠵᠦ ᠢᠯᠡᠭᠡᠭᠳᠡᠵᠦ ᠥᠳᠲᠡᠷ ᠬᠥᠳᠡᠯᠦᠭᠡᠳ ᠴᠢᠩᠭᠢᠰ ᠬᠠᠭᠠᠨ ᠢ ᠬᠠᠷᠠ ᠵᠠᠶᠢᠷ ᠨᠡᠷᠡᠲᠦ ᠭᠠᠵᠠᠷ᠎ᠠ ᠪᠦᠬᠦᠢ ᠲᠦ
Simisgen Urunggeče Uda $išegai Üriyang Küken-Dari terigüten balγasun=i medegülün sitüjü ečige=yi Yaγun=ača abčiraju Kitad Čungdu-balγasun medegülün abču irebei Sartaγtai kümün=eče Yaliča Mangγud qoyar=un balγasun=u törö yosun=i čidaqu=yin tula Kitad irgen=i sakiγui irgen=i medegülün tarbaγan=luγ=a tüsibe Sartaγul irgen=tür doloγan od yabuju tende Jalayirdai-Bala=yi küliyejü büküi=tür Bala Sin-mören=i getüljü Jilačin=i-sultan Qaγan-Melig qoyar=i Indusun γajar=a kürtele nekejü Jilačin=i-sultan Qaγan-Melig=i qoyar jobaγaju Indusun dumda kürtele nekejü yadaju qariju Indusun kijaγar irgen=i toliγad (daruγad) olan irgen temeged (ed aγurasun) abuγad irejüküi tende Činggis-qaγan qariju jaγura Artis jusaju doloduγar on bolju Činggis-qaγan Sartaγul irgen=i abču qariju ayisur=un Ordos=tur elčin=i ileger=ün Qorqoγtai köbegün=i abuγad iretügei kemejü ilegebe Udar-dabaγ=a=bar dabaju ayisuqui=tur basa elčin ilegerün baraγun köbegüd ödter kemejü ilegegdejü ödter ködelüged Činggis-qaγan=i Qara-Jayir neretü γajar=a büküi=tü
118b
ᠬᠦᠷᠪᠡᠢ ᠲᠡᠨᠳᠡ ᠴᠢᠩᠭᠢᠰ ᠬᠠᠭᠠᠨ ᠬᠥᠪᠡᠭᠦᠳ ᠲᠡ ᠶᠢᠰᠦᠯᠡ ᠠᠴᠢᠨ ᠲᠡᠭᠡᠳ ᠥᠭᠭᠥᠭᠰᠡᠨ ᠰᠠᠷᠲᠠᠭᠤᠯ ᠬᠥᠪᠡᠭᠦᠳ ᠠᠭᠲᠠᠰ ᠬᠢᠭᠡᠳ ᠥᠭᠪᠡ ᠬᠥᠪᠡᠭᠦᠳ ᠶᠠᠪᠤᠬᠤᠨ ᠦᠯᠦ ᠲᠣᠭᠣᠯᠪᠠᠰᠤ ᠬᠤᠪᠢᠯᠠᠢ ᠬᠥᠪᠡᠭᠦᠨ ᠪᠦᠭᠦᠳᠡᠭᠡᠷ ᠭᠠᠷᠴᠤ ᠢᠷᠡᠵᠦ ᠰᠠᠷᠲᠠᠭᠤᠯ ᠤᠨ ᠣᠯᠵᠠᠨ ᠠᠴᠠ ᠬᠤᠪᠢᠯᠠᠢ ᠬᠥᠪᠡᠭᠦᠨ ᠲᠦᠷ ᠶᠡᠬᠡ ᠶᠢ ᠢᠨᠤ ᠥᠭᠪᠡ ᠲᠡᠨᠳᠡᠴᠡ ᠬᠥᠳᠡᠯᠦᠭᠡᠳ ᠲᠠᠬᠢᠶ᠎ᠠ ᠵᠢᠯ ᠦᠨ ᠨᠠᠮᠤᠷ ᠲᠤᠭᠤᠯᠠ ᠶᠢᠨ ᠬᠠᠷᠠ ᠲᠦᠨ᠎ᠡ ᠰᠢᠭᠤᠢ᠎ᠠ ᠣᠷᠳᠣᠨ ᠲᠤᠷ ᠪᠠᠭᠤᠪᠠᠢ ᠰᠣᠳᠤ ᠪᠣᠭᠳᠠ ᠴᠢᠩᠭᠢᠰ ᠬᠠᠭᠠᠨ ᠬᠥᠪᠡᠭᠦᠨ ᠢᠶᠡᠨ ᠵᠣᠴᠢ ᠶᠢ ᠬᠡᠪᠴᠠᠬᠤᠳ ᠤᠨ ᠭᠠᠵᠠᠷ᠎ᠠ ᠳᠠᠷᠤᠭᠤᠯᠤᠨ ᠰᠠᠯᠠᠭᠠᠪᠠ ᠴᠠᠭᠠᠳᠠᠢ ᠶᠢ ᠰᠠᠷᠲᠠᠭᠴᠢᠨ ᠤ ᠭᠠᠵᠠᠷ᠎ᠠ ᠰᠠᠯᠠᠭᠠᠪᠠ ᠵᠣᠴᠢ ᠴᠠᠭᠠᠳᠠᠢ ᠬᠣᠶᠠᠷ ᠬᠥᠪᠡᠭᠦᠳ ᠢᠶᠡᠨ ᠰᠠᠯᠭᠠᠬᠤᠢ ᠲᠤᠷ ᠰᠣᠶᠣᠨ ᠵᠠᠷᠯᠢᠭ ᠪᠣᠯᠤᠷᠤᠨ ᠪᠢ ᠲᠠᠨ ᠢ ᠥᠪᠡᠷᠡ ᠪᠤᠰᠤ ᠤᠯᠤᠰ ᠲᠤ ᠰᠠᠯᠭᠠᠬᠤ ᠪᠤᠰᠤ ᠡᠵᠡᠯᠡᠭᠰᠡᠨ ᠢᠶᠡᠨ ᠮᠡᠳᠡᠭᠦᠯᠦᠨ ᠣᠷᠣᠭᠤᠯᠤᠭᠰᠠᠨ ᠢᠶᠠᠨ ᠳᠠᠷᠤᠭᠤᠯᠤᠨ ᠭᠠᠵᠠᠷ ᠢ ᠠᠭᠤᠳᠬᠢᠨ ᠲᠥᠷᠥ ᠶᠢ ᠲᠦᠰᠢᠨ ᠥᠷᠥᠭᠡᠯᠡ ᠭᠡᠷ ᠥᠷᠥᠭᠡᠰᠦᠨ ᠪᠡᠶ᠎ᠡ ᠪᠣᠯᠭᠠᠨ ᠰᠠᠶᠢᠨ ᠢᠶᠠᠷ ᠰᠠᠯᠭᠠᠵᠤ ᠢᠯᠡᠭᠡᠪᠡ ᠠᠶᠢᠯ ᠠᠴᠠ ᠠᠶᠢᠯ ᠬᠠᠭᠠᠴᠠᠨ ᠰᠠᠯ ᠤᠨ ᠪᠠᠭᠤᠪᠠ ᠬᠡᠮᠡᠨ ᠠᠩᠭᠢᠵᠢᠷᠠᠨ ᠶᠠᠬᠢᠨ ᠰᠡᠳᠬᠢᠭᠳᠡᠬᠦᠢ ᠠᠶᠢᠯ ᠤᠨ ᠪᠠᠷᠠᠭᠠᠨ ᠦᠵᠡᠯᠲᠦ ᠭᠦᠯ ᠦᠨ ᠦᠵᠡᠭᠳᠡᠬᠦᠯ ᠦᠨ ᠦᠯᠡᠬᠦ ᠠᠭᠳᠠᠬᠤ ᠰᠦᠷᠦᠭ ᠡᠴᠡ ᠰᠦᠷᠦᠭ ᠬᠠᠭᠴᠢᠪᠠ ᠰᠠᠯᠪᠠ ᠰᠤᠳᠬᠤᠷᠠᠨ ᠶᠠᠬᠢᠨ ᠶᠠᠪᠤᠬᠤ ᠲᠠ ᠰᠦᠷᠦᠭ ᠦᠨ ᠴᠢᠨᠠᠷ ᠨᠢᠭᠡᠳᠬᠡᠨ ᠢᠯᠡᠭᠦ ᠠᠬᠤᠨ ᠲᠠ ᠤᠷᠤᠭ ᠤᠳ ᠮᠢᠨᠤ ᠠᠬ᠎ᠠ ᠳᠡᠭᠦᠦ ᠳᠣᠲᠣᠷᠠ ᠠᠯᠳᠠᠷ ᠤᠨ ᠬᠠᠳᠠ ᠨᠡᠪᠲᠡᠰ ᠳᠣᠪᠲᠣᠯᠤᠮᠤᠢ ᠵ᠎ᠠ ᠬᠠᠱᠬᠢᠷᠬ᠎ᠠ ᠤᠷᠢᠶᠠᠪᠠᠨ ᠦᠯᠡᠬᠦ ᠬᠠᠲᠠᠭᠤᠵᠢᠭᠠᠳ ᠲᠠ
kürbei tende Činggis-qaγan köbegüd=te yisüle ačin teged öggögsen Sartaγul köbegüd aγtas kiged ögbe köbegüd yabuqun ülü toγolbasu Qubilai köbegün bügüdeger γarču irejü Sartaγul=un oljan=ača Qubilai köbegün=tür yeke=yi inu ögbe tendeče ködelüged takiy=a jil=ün namur Tuγula=yin Qara- Tün=e (siγui=a) ordon=tur baγubai # sodu boγda Činggis-qaγan köbegün=iyen Joči=yi Kebčaqud=un γajar=a daruγulun salaγaba Čaγadai=yi Sartaγčin=u γajar=a salaγaba Joči Čaγadai qoyar köbegüd=iyen salγaqui=tur soyon jarliγ bolurun bi tan=i öbere busu ulus=tu salγaqu busu ejelegsen=iyen medegülün oroγuluγsan=iyan daruγulun γajar=i aγudkin törö=yi tüsin örögele ger örögesün bey=e bolγan sayin=iyar salγaju ilegebe ayil=ača ayil qaγačan (sal=un) baγuba kemen anggijiran yakin sedkigdeküi ayil=un baraγan üjeltü=gül=ün (üjegdekül=ün) ülekü aγdaqu # sürüg=eče sürüg qaγčiba (salba) sudquran yakin yabuqu ta sürüg=ün činar nigedken ilegü aqun ta uruγ=ud minu aq=a degüü dotora aldar=un qada nebtes dobtolumui j=a qaškirq=a uriyaban ülekü qataγujiγad ta
119a
ᠳᠠᠯᠠᠢ ᠭᠡᠲᠦᠨ ᠳᠣᠪᠲᠣᠯᠤᠮᠤᠢ ᠵ᠎ᠠ ᠳᠠᠭᠤᠨ ᠤᠷᠢᠶᠠᠪᠠᠨ ᠶᠠᠭᠤᠨ ᠲᠠᠰᠤᠯᠤᠯᠴᠢᠬᠤᠨ ᠲᠠ ᠪᠠᠷ ᠪᠠᠷ ᠳᠠᠭᠤ ᠪᠠᠷ ᠢᠶᠠᠨ ᠤᠷᠢᠯᠳᠤᠵᠤ ᠳᠠᠭᠤ ᠤᠷᠢᠶ ᠠ ᠪᠠᠨ ᠶᠠᠭᠤᠨ ᠪᠤᠰᠤ ᠪᠣᠭᠣᠯᠳᠤᠬᠤᠨ ᠲᠠ ᠪᠠᠷᠤᠯ ᠪᠠᠷᠤᠯ ᠮᠠᠯᠠᠭ ᠠ ᠪᠠᠷ ᠢᠶᠠᠷ ᠢᠶᠠᠨ ᠳᠠᠯᠠᠯᠤᠯᠴᠢᠵᠤ ᠬᠠᠷᠠᠭᠠᠪᠠᠨ ᠶᠠᠭᠤᠨ ᠵᠣᠪᠠᠭᠠᠯᠳᠤᠬᠤᠨ ᠲᠠ ᠪᠡᠭᠡᠷ ᠬᠡᠳᠦᠨ ᠰᠠᠭᠤᠯᠳᠠᠵᠤ ᠬᠡᠨ ᠢᠶᠡᠨ ᠮᠥᠨ ᠬᠡᠨ ᠢᠶᠡᠨ ᠪᠢᠰᠢ ᠬᠡᠮᠡᠯᠳᠦᠬᠦᠨ ᠲᠠ ᠬᠡᠯᠡᠯᠳᠦᠨ ᠢᠯᠡᠭᠦ ᠰᠡᠳᠬᠢᠭᠳᠡᠬᠦᠨ ᠲᠠ ᠠᠭᠤᠯᠠ ᠠᠯᠤᠰ ᠰᠠᠭᠤᠯᠳᠤᠵᠤ ᠠᠯᠢᠨ ᠢᠶᠠᠨ ᠮᠥᠨ ᠠᠯᠢᠨ ᠢ ᠪᠢᠰᠢ ᠬᠡᠮᠡᠯᠳᠦᠬᠦᠨ ᠲᠠ ᠠᠬᠠᠯᠠᠯᠳᠤᠨ ᠳᠡᠭᠦᠯᠡᠯᠳᠦᠨ ᠠᠮᠠᠷᠠᠭᠯᠠᠨ ᠶᠠᠪᠤᠭᠲᠤᠨ ᠲᠠ ᠠᠬᠤᠢ ᠶᠡᠬᠡ ᠤᠯᠤᠰ ᠢᠷᠭᠡᠨ ᠢ ᠦᠨᠡᠨ ᠲᠥᠷᠥ ᠶᠣᠰᠤ ᠪᠠᠷ ᠶᠠᠪᠤᠭᠤᠯᠵᠤ ᠠᠯᠳᠠᠷᠰᠢᠬᠤ ᠰᠠᠶᠢᠨ ᠨᠡᠷ ᠡ ᠶᠢ ᠬᠢᠴᠢᠶᠡᠬᠦ ᠬᠡᠷᠡᠭ ᠪᠤᠢ ᠵ᠎ᠠ ᠬᠡᠮᠡᠨ ᠵᠠᠷᠯᠢᠭ ᠪᠣᠯᠤᠭᠰᠠᠨ ᠠᠵᠤᠬᠤ ᠴᠢᠩᠭᠢᠰ ᠬᠠᠭᠠᠨ ᠵᠣᠴᠢ ᠠᠬ ᠠ ᠶᠢ ᠬᠡᠪᠴᠠᠬᠤᠳ ᠤᠨ ᠳᠠᠷᠤᠭᠤᠯᠤᠨ ᠰᠠᠭᠤᠬᠤᠢ ᠲᠤᠷ ᠪᠣᠭᠣᠷᠴᠢ ᠨᠣᠶᠠᠨ ᠢ ᠰᠣᠶᠣ ᠬᠡᠮᠡᠪᠡᠰᠦ ᠪᠣᠭᠣᠷᠴᠢ ᠥᠭᠦᠯᠡᠷᠦᠨ ᠵᠣᠴᠢ ᠬᠥᠪᠡᠭᠦᠨ ᠰᠣᠨᠣᠰ ᠬᠠᠭᠠᠨ ᠡᠴᠢᠭᠡ ᠴᠢᠨᠤ ᠴᠢᠮᠠᠢ ᠶᠢ ᠭᠠᠵᠢᠷ᠎ᠠ ᠠᠭᠤᠳᠬᠢᠨ ᠬᠠᠷᠢ ᠢᠷᠭᠡᠨ ᠳᠠᠷᠤᠭᠤᠯᠤᠨ ᠰᠠᠯᠠᠭᠠᠮᠤ ᠬᠠᠲᠠᠭᠤᠵᠢ ᠳᠠᠪᠠᠰᠢ ᠦᠭᠡᠢ ᠳᠠᠪᠠᠭ᠎ᠠ ᠪᠤᠢ ᠬᠡᠮᠡᠨ ᠰᠣᠨᠣᠰᠳᠠᠮᠤ ᠬᠡᠷ ᠳᠠᠪᠠᠬᠤ ᠪᠢ ᠬᠡᠮᠡᠨ ᠪᠦᠦ ᠰᠡᠳᠬᠢ ᠳᠠᠪᠠᠨ ᠡᠯᠡ ᠬᠡᠮᠡᠨ ᠰᠡᠳᠬᠢᠪᠡᠰᠦ ᠳᠠᠪᠠᠭᠳᠠᠶᠤ ᠲᠡᠷᠡ ᠳᠠᠪᠠᠬᠤᠢ ᠲᠤᠷ ᠡᠯᠡ ᠳᠠᠭᠤᠨ ᠰᠢᠭᠤᠨ ᠦᠭᠡᠢ ᠳᠠᠪᠠᠪᠠᠰᠤ ᠳᠠᠪᠠᠭᠠᠨ ᠤ ᠲᠡᠷᠡ ᠡᠲᠡᠭᠡᠳ ᠳᠠᠭᠤᠨ ᠬᠤᠭᠤᠷ ᠪᠡᠯᠡᠨ
dalai getün dobtolumui j=a daγun uriyaban yaγun tasululčiqun ta bar bar daγu=bar=iyan urilduju daγu uriy=a=ban yaγun busu boγolduqun ta barul barul malaγ=a=bar=iyar=iyan dalalulčiju qaraγaban yaγun jobaγalduqun ta beger kedün saγuldaju ken=iyen mön ken=iyen bisi kemeldükün ta keleldün ilegü sedkigdekün ta aγula alus saγulduju alin=iyan mön alin=i bisi kemeldükün ta aqalaldun degüleldün amaraγlan yabuγtun ta aqui yeke ulus irgen=i ünen törö yosu=bar yabuγulju aldarsiqu sayin ner=e=yi kičiyekü kereg bui j=a kemen jarliγ boluγsan ajuqu # Činggis-qaγan Joči aq=a=yi Kebčaqud=un daruγulun saγuqui=tur Boγorči-noyan=i soyo kemebesü Boγorči ögülerün Joči köbegün sonos qaγan ečige činu čimai=yi γajir=a aγudkin qari irgen daruγulun salaγamu qataγuji dabasi ügei dabaγ=a bui kemen sonosdamu ker dabaqu bi kemen büü sedki daban ele kemen sedkibesü dabaγdayu tere dabaqui=tur ele daγun siγun ügei dababasu dabaγan=u tere eteged daγun quγur belen
119b
ᠡᠰᠡᠷᠭᠦ ᠪᠤᠢ ᠭᠡᠲᠦᠯᠦᠰᠢ ᠦᠭᠡᠢ ᠮᠥᠷᠡᠨ ᠪᠤᠢ ᠬᠡᠷ ᠭᠡᠲᠦᠯᠬᠦ ᠬᠡᠮᠡᠨ ᠪᠦᠦ ᠰᠡᠳᠬᠢ ᠭᠡᠲᠦᠯᠦᠨ ᠡᠯᠡ ᠬᠡᠮᠡᠨ ᠰᠡᠳᠬᠢᠪᠡᠰᠦ ᠭᠡᠲᠦᠯᠳᠡᠶᠦ ᠲᠡᠷᠡ ᠭᠡᠲᠦᠯᠬᠦᠢ ᠲᠦᠷ ᠭᠡᠮᠦᠷ ᠴᠢᠮᠦᠷ ᠡᠰᠡ ᠪᠣᠯᠪᠠᠰᠤ ᠭᠡᠲᠦᠯᠦᠨ ᠪᠠᠷᠠᠪᠠᠰᠤ ᠲᠡᠷᠡ ᠡᠲᠡᠭᠡᠳ ᠭᠡᠷ ᠲᠡᠷᠭᠡᠨ ᠪᠡᠯᠡᠨ ᠡᠰᠡᠷᠭᠦ ᠪᠤᠢ ᠬᠡᠮᠡᠨ ᠰᠣᠶᠣᠪᠠᠰᠤ ᠵᠣᠴᠢ ᠠᠬ᠎ᠠ ᠥᠭᠦᠯᠡᠷᠦᠨ ᠰᠣᠳᠤ ᠡᠵᠡᠨ ᠰᠣᠶᠣᠲᠤᠭᠠᠢ ᠬᠡᠮᠡᠪᠡᠰᠦ ᠨᠠᠮᠠᠶᠢ ᠶᠢ ᠬᠦᠷᠦᠭᠡ ᠡᠳᠦᠢ ᠢᠷᠭᠡᠨ ᠲᠦᠷ ᠬᠦᠷᠲᠦᠭᠡᠢ ᠬᠠᠮᠤᠭ᠎ᠠ ᠡᠳᠦᠢ ᠢᠷᠭᠡᠨ ᠢ ᠬᠠᠮᠲᠤᠭᠠᠢ ᠭᠠᠵᠠᠷ ᠢ ᠠᠭᠤᠳᠬᠢᠲᠤᠭᠠᠢ ᠬᠡᠮᠡᠨ ᠰᠣᠶᠣᠨ ᠠᠬᠤ ᠬᠡᠮᠡᠨ ᠰᠡᠳᠬᠢᠯᠦᠭᠡ ᠪᠢ ᠴᠢ ᠪᠦᠷᠢᠨ ᠪᠡᠯᠡᠨ ᠢᠷᠭᠡᠨ ᠢ ᠮᠡᠳᠡᠭᠦᠯᠦᠨ ᠪᠣᠯᠪᠠᠰᠤᠨ ᠢᠳᠡᠭᠡᠨ ᠢ ᠪᠣᠭᠣᠷᠴᠢᠯᠠᠭᠤᠯᠤᠨ ᠰᠣᠶᠣᠨ ᠠᠵᠤᠬᠤ ᠴᠢ ᠬᠡᠮᠡᠪᠡ ᠲᠡᠷᠡ ᠦᠭᠡ ᠲᠦᠷ ᠴᠢᠩᠭᠢᠰ ᠬᠠᠭᠠᠨ ᠵᠠᠷᠯᠢᠭ ᠪᠣᠯᠤᠷᠤᠨ ᠵᠣᠴᠢ ᠴᠢ ᠬᠥᠪᠡᠭᠦᠨ ᠬᠡᠮᠡᠨ ᠬᠥᠪᠡᠭᠦᠷᠬᠡᠪᠡᠢ ᠦᠦ ᠴᠢ ᠪᠥᠯᠥᠭ ᠢᠷᠭᠡᠨ ᠢ ᠵᠠᠰᠠᠨ ᠡᠰᠡ ᠴᠢᠳᠠᠪᠠᠰᠤ ᠪᠥᠯᠦᠭᠡᠨ ᠦᠯᠦ ᠪᠣᠯᠤᠶᠤ ᠢᠳᠡᠭᠡᠨ ᠢ ᠲᠦᠭᠡᠭᠡᠨ ᠴᠢᠳᠠᠬᠤ ᠪᠠᠭᠤᠷᠴᠢ ᠬᠦᠮᠦᠨ ᠬᠤᠷᠠᠭᠰᠠᠨ ᠢᠷᠭᠡᠨ ᠢ ᠦᠯᠦ ᠬᠣᠵᠢᠳᠠᠭᠤᠯᠤᠶᠤ ᠬᠤᠷᠢᠮ ᠳᠣᠲᠣᠷᠠ ᠦᠯᠦ ᠳᠤᠲᠠᠭᠤᠯᠤᠶᠤ ᠥᠪᠡᠷ ᠢᠶᠡᠨ ᠪᠡᠷ ᠣᠯᠵᠤ ᠢᠳᠡᠶᠦ ᠶᠡᠬᠡ ᠤᠯᠤᠰ ᠢ ᠵᠠᠰᠠᠬᠤ ᠢᠨᠤ ᠪᠣᠯᠪᠠᠰᠤᠨ ᠪᠣᠯᠤᠭᠰᠠᠨ ᠢᠳᠡᠭᠡᠨ ᠲᠦᠷ ᠠᠳᠠᠯᠢ ᠪᠤᠢ ᠪᠣᠭᠣᠷᠴᠢ ᠶᠢᠨ ᠦᠭᠡ ᠵᠥᠪ ᠬᠡᠮᠡᠨ ᠵᠠᠷᠯᠢᠭ ᠪᠣᠯᠤᠭᠰᠠᠨ ᠠᠵᠤᠬᠤ ᠪᠠᠰᠠ ᠴᠢᠩᠭᠢᠰ ᠬᠠᠭᠠᠨ ᠵᠠᠷᠯᠢᠭ ᠪᠣᠯᠤᠷᠤᠨ ᠡᠴᠢᠭᠡ ᠬᠥᠪᠡᠭᠦᠨ ᠡᠶ᠎ᠡ ᠶᠠᠭᠤᠨ ᠡᠴᠢᠨᠡ ᠬᠣᠯᠠ ᠢᠯᠡᠭᠡᠬᠦ ᠮᠡᠲᠦ ᠪᠤᠰᠤ ᠡᠵᠢᠯᠡᠭᠰᠡᠨ ᠢᠶᠡᠨ ᠡᠵᠢᠯᠡᠭᠦᠯ ᠦᠨ
esergü bui # getülüsi ügei mören bui ker getülkü kemen büü sedki getülün ele kemen sedkibesü getüldeyü tere getülküi=tür gemür čimür ese bolbasu getülün barabasu tere eteged ger tergen belen esergü bui kemen soyobasu Joči aq=a ögülerün sodu ejen soyotuγai kemebesü namayi=yi kürüge edüi irgen=tür kürtügei qamuγ=a edüi irgen=i qamtuγai γajar=i aγudkituγai kemen soyon aqu kemen sedkilüge bi či bürin belen irgen=i medegülün bolbasun idegen=i boγorčilaγulun soyon ajuqu či kemebe tere üge=tür Činggis-qaγan jarliγ bolurun Joči či köbegün kemen köbegürkebei üü či bölög irgen=i jasan ese čidabasu bölügen ülü boluyu idegen=i tügegen čidaqu baγurči kümün quraγsan irgen=i ülü qojidaγuluyu qurim dotora ülü dutaγuluyu öber=iyen=ber olju ideyü yeke ulus=i jasaqu inu bolbasun (boluγsan) idegen=tür adali bui Boγorči=yin üge jöb kemen jarliγ boluγsan ajuqu # basa Činggis-qaγan jarliγ bolurun ečige köbegün ey=e yaγun ečine qola ilegekü metü busu ejilegsen=iyen ejilegül=ün
120a
ᠬᠠᠲᠠᠭᠤᠵᠢᠭᠰᠠᠨ ᠢᠶᠠᠨ ᠬᠠᠳᠠᠭᠠᠯᠠᠭᠤᠯᠤᠨ ᠥᠭᠦᠭᠡ ᠥᠷᠭᠦᠭᠡ ᠭᠡᠷ ᠥᠷᠥᠭᠡᠯᠡ ᠪᠡᠶ ᠡ ᠶᠦᠭᠡᠨ ᠲᠤᠯᠭ᠎ᠠ ᠪᠣᠯᠭᠠᠨ ᠰᠠᠯᠠᠭᠠᠮᠤ ᠲᠥᠪ ᠢ ᠰᠡᠷᠡᠨ ᠲᠦᠰᠢᠭᠰᠡᠨ ᠢᠶᠡᠨ ᠰᠡᠳᠬᠢᠵᠦ ᠡᠩᠬᠡ ᠶᠢ ᠦᠯᠦ ᠡᠪᠳᠡᠨ ᠪᠦᠬᠦᠢ ᠶᠢ ᠦᠯᠦ ᠪᠤᠷᠴᠢᠨ ᠦᠵᠡᠬᠦᠢ ᠶᠢᠨ ᠮᠢᠨᠤ ᠨᠢᠳᠦᠨ ᠰᠣᠨᠣᠰᠬᠤᠢ ᠶᠢᠨ ᠮᠢᠨᠤ ᠴᠢᠬᠢᠨ ᠪᠣᠯᠤᠨ ᠬᠠᠲᠠᠭᠤᠵᠢᠪᠠᠰᠤ ᠬᠥᠪᠡᠭᠦᠨ ᠲᠥᠷᠥᠭᠰᠡᠨ ᠦ ᠠᠴᠢ ᠲᠡᠷᠡ ᠪᠤᠢ ᠵ᠎ᠠ ᠬᠡᠮᠡᠨ ᠥᠭᠦᠯᠡᠭᠰᠡᠨ ᠠᠵᠤᠬᠤ ᠴᠢᠩᠭᠢᠰ ᠬᠠᠭᠠᠨ ᠪᠠᠰᠠ ᠬᠣᠬᠢᠨ ᠨᠣᠶᠠᠨ ᠢ ᠣᠷᠣᠰᠤᠳ ᠴᠡᠷᠭᠢᠰᠦᠳ ᠦᠨ ᠭᠠᠵᠠᠷ᠎ᠠ ᠰᠠᠯᠭᠠᠬᠤᠢ ᠲᠤᠷ ᠰᠣᠶᠣᠨ ᠵᠠᠷᠯᠢᠭ ᠪᠣᠯᠤᠷᠤᠨ ᠬᠣᠬᠢᠨ ᠴᠢ ᠪᠤᠳᠠᠩ ᠲᠤᠷ ᠮᠢᠨᠤ ᠡᠰᠡ ᠪᠤᠯᠴᠢᠪᠠ ᠴᠢ ᠪᠤᠭᠤᠷᠤᠶᠢᠲᠠᠯᠠ ᠨᠠᠳᠤᠷ ᠬᠦᠴᠦᠨ ᠥᠭᠪᠡ ᠴᠢ ᠴᠠᠩ ᠲᠤᠷ ᠮᠢᠨᠤ ᠡᠰᠡ ᠴᠠᠩᠭᠠᠪᠠᠢ ᠴᠢ ᠴᠠᠶᠢᠲᠠᠯᠠ ᠨᠠᠳᠤᠷ ᠬᠦᠴᠦᠨ ᠥᠭᠪᠡ ᠴᠢ ᠵᠣᠯ ᠵᠥᠭᠡᠯᠡᠨ ᠠᠬ ᠠ ᠶᠢᠨ ᠤᠷᠤᠭ ᠪᠤᠶᠤ ᠴᠢ ᠮᠥᠷ ᠵᠣᠴᠢ ᠶᠢᠨ ᠪᠠᠷᠠᠭᠤᠨ ᠡᠲᠡᠭᠡᠳ ᠰᠠᠯ ᠠᠪᠠᠷᠠᠭᠠᠨ ᠨᠡᠪᠲᠡ ᠬᠠᠷᠪᠤᠶ᠎ᠠ ᠬᠡᠮᠡᠨ ᠪᠦᠦ ᠶᠡᠬᠡᠮᠰᠢ ᠴᠢᠮᠠᠳᠠᠭᠠᠨ ᠡᠰᠡ ᠳᠠᠭᠠᠪᠠ ᠬᠡᠮᠡᠨ ᠪᠦᠦ ᠴᠥᠬᠡ ᠠᠷᠤ ᠲᠤᠭᠤᠷᠭ᠎ᠠ ᠪᠣᠯᠤᠨ ᠶᠡᠬᠡ ᠭᠡᠷ ᠲᠦᠷ ᠬᠡᠶᠢᠰᠭᠡᠯᠡᠨ ᠭᠡᠷᠯᠡᠨ ᠣᠯᠠᠨ ᠳᠠᠶᠢᠨᠳᠠᠶᠢᠰᠤᠨ ᠲᠤᠷ ᠲᠥᠪ ᠬᠠᠷᠠᠨ ᠦᠯᠦᠬᠦ ᠪᠠᠶᠢᠬᠤ ᠴᠢ ᠬᠡᠮᠡᠨ ᠵᠠᠷᠯᠢᠭ ᠪᠣᠯᠤᠭᠰᠠᠨ ᠠᠵᠤᠬᠤ ᠴᠢᠩᠭᠢᠰ ᠬᠠᠭᠠᠨ᠎ᠠ ᠬᠣᠬᠢᠨ ᠨᠣᠶᠠᠨ ᠰᠠᠯᠠᠬᠤᠢ ᠲᠤᠷ ᠢᠶᠠᠨ ᠪᠢᠰᠢᠷᠡᠨ ᠥᠴᠡᠭᠰᠡᠨ ᠠᠵᠤᠬᠤ ᠬᠠᠭᠠᠨ ᠠᠬ ᠠ ᠲᠤᠷ ᠢᠶᠠᠨ ᠵᠦᠭ ᠢᠶᠡᠷ ᠳᠠᠭᠠᠵᠤ ᠶᠠᠪᠤᠭᠰᠠᠨ ᠤ ᠲᠤᠯᠠ ᠪᠤᠳᠠᠩ ᠲᠤᠷ ᠡᠰᠡ ᠪᠤᠯᠴᠢᠪᠠ ᠴᠠᠩ ᠲᠤᠷ ᠮᠢᠨᠤ
qataγujiγsan=iyan qadaγalaγulun ögüge <örgüge> ger örögele bey=e=yügen tulγ=a bolγan salaγamu töb=i seren tüsigsen=iyen sedkijü engke=yi ülü ebden , büküi=yi ülü burčin üjeküi=yin minu nidün sonosqui=yin minu čikin bolun qataγujibasu köbegün törögsen=ü ači tere bui j=a kemen ögülegsen ajuqu # Činggis-qaγan basa Qokin-noyan=i Orosud Čergisüd=ün γajar=a salγaqui=tur soyon jarliγ bolurun Qokin či budang=tur minu ese bulčiba či buγuruyitala nadur küčün ögbe či čang=tur minu ese čangγabai či čayitala nadur küčün ögbe či jol jögelen aq=a=yin uruγ buyu či mör Joči=yin baraγun eteged sal abaraγan nebte qarbuy=a kemen büü yekemsi čimadaγan ese daγaba kemen büü čöke aru tuγurγ=a bolun yeke ger=tür keyisgelen (gerlen) olan dayin(dayisun)=tur töb qaran ülükü bayiqu či kemen jarliγ boluγsan ajuqu # Činggis-qaγan=a Qokin-noyan salaqui=tur=iyan bisiren öčegsen ajuqu qaγan aq=a=tur=iyan jüg=iyer daγaju yabuγsan=u tula budang=tur ese bulčiba čang=tur minu
120b
ᠡᠰᠡ ᠴᠠᠩᠭᠠᠪᠠ ᠬᠡᠮᠡᠵᠦ ᠢᠷᠭᠡᠨ ᠢᠳᠡᠭᠡᠲᠦ ᠤᠯᠤᠰ ᠤᠮᠳᠠ ᠲᠤ ᠪᠣᠯᠭᠠᠵᠤ ᠨᠠᠢᠮᠠᠨ ᠮᠢᠩᠭᠠᠨ ᠢᠷᠭᠡᠨ ᠥᠭᠴᠦ ᠭᠠᠵᠠᠷ ᠠᠭᠤᠳᠬᠢᠨ ᠬᠠᠷᠢ ᠶᠢ ᠳᠠᠷᠤᠭᠤᠯᠤᠨ ᠰᠠᠯᠭᠠᠭᠳᠠᠮᠤᠢ ᠪᠢ ᠢᠷᠭᠡᠨ ᠦ ᠢᠳᠡᠭᠡᠨ ᠲᠦᠷ ᠡᠷᠦᠰᠳᠡᠵᠦ ᠤᠯᠤᠰ ᠤᠨ ᠤᠮᠳᠠ ᠲᠤᠷ ᠰᠣᠭᠲᠠᠵᠤ ᠠᠯᠲᠠᠨ ᠰᠡᠳᠬᠢᠯ ᠢ ᠠᠮᠤᠭᠤᠯᠤᠨ ᠴᠢᠳᠠᠬᠤ ᠪᠤᠶᠤ ᠪᠢ ᠬᠠᠭᠠᠨ ᠠᠬ ᠠ ᠶᠢᠨ ᠮᠢᠨᠤ ᠭᠡᠭᠡᠭᠡᠨ ᠮᠥᠷ ᠮᠡᠳᠡᠲᠦᠭᠡᠢ ᠬᠠᠲᠠᠭᠤᠵᠢᠨ ᠬᠦᠴᠦᠨ ᠥᠭᠰᠦᠭᠡᠢ ᠬᠡᠮᠡᠨ ᠥᠴᠢᠭᠰᠡᠨ ᠠᠵᠤᠬᠤ ᠴᠢᠩᠭᠢᠰ ᠬᠠᠭᠠᠨ ᠪᠠᠰᠠ ᠮᠥᠩᠬᠡ ᠲᠦ ᠪᠠᠭᠠᠲᠤᠷ ᠢ ᠰᠠᠯᠭᠠᠬᠤᠢ ᠲᠤᠷ ᠰᠣᠶᠣᠨ ᠵᠠᠷᠯᠢᠭ ᠪᠣᠯᠤᠭᠰᠠᠨ ᠠᠵᠤᠬᠤ ᠭᠡᠭᠦᠷᠡᠬᠦ ᠠᠯᠠᠩᠭᠢᠷ ᠳᠡᠭᠦᠦ ᠮᠢᠨᠤ ᠬᠣᠬᠢᠨ ᠰᠠᠯᠵᠤ ᠣᠳᠴᠤ ᠬᠦᠷᠦᠨ ᠪᠠᠷᠠᠵᠤ ᠥᠴᠢᠵᠦ ᠢᠯᠡᠭᠡᠷ ᠦᠨ ᠠᠬ ᠠ ᠶᠢ ᠰᠤᠷᠭᠠᠪᠠᠰᠤ ᠡᠬᠢᠨ ᠮᠢᠨᠤ ᠳᠡᠷᠡᠰᠡᠭ ᠡᠯᠢᠭᠡ ᠮᠢᠨᠤ ᠭᠠᠯᠠᠰᠠᠭ ᠰᠡᠭᠦᠵᠢ ᠮᠢᠨᠤ ᠳᠡᠪᠢᠰᠭᠡᠷᠰᠡᠭ ᠪᠣᠯᠪᠠ ᠬᠡᠮᠡᠨ ᠥᠴᠢᠵᠦ ᠢᠯᠡᠭᠡᠵᠦᠬᠦ ᠵᠥᠪ ᠢᠶᠡᠷ ᠬᠦᠴᠦᠨ ᠥᠭ ᠬᠥᠯᠭᠡ ᠡᠲᠦᠬᠦ ᠤᠷᠭ᠎ᠠ ᠮᠢᠨᠤ ᠮᠥᠩᠬᠡ ᠲᠦ ᠴᠢᠮᠠᠶᠢ ᠵᠠᠷᠤᠮᠤᠢ ᠪᠢ ᠰᠠᠯ ᠰᠢᠯ ᠳᠦᠭᠦᠷᠡᠩ ᠮᠠᠯᠠᠭ ᠠ ᠪᠠᠨ ᠲᠡᠮᠲᠡᠷᠢᠨ ᠡᠮᠦᠰᠴᠦ ᠲᠡᠮᠦᠷ ᠳᠥᠷᠥᠭᠥᠪᠡᠨ ᠳᠥᠯᠥ ᠵᠢᠭᠶᠢᠵᠦ ᠲᠩᠷᠢ ᠭᠠᠵᠠᠷ ᠢ ᠳᠠᠭᠤᠷᠢᠰᠲᠠᠯᠠ ᠦᠯᠦᠬᠦ ᠶᠠᠪᠤᠬᠤ ᠴᠢ ᠲᠩᠷᠢ ᠳᠡ ᠮᠥᠷ ᠥᠭᠳᠡᠪᠡᠰᠦ ᠳᠠᠯᠠᠢ ᠲᠠᠰᠤ ᠳᠣᠪᠲᠣᠯᠤᠮᠤᠢ ᠵ᠎ᠠ ᠴᠢ ᠳᠠᠭᠤᠨ ᠤᠷᠢᠶ ᠠ ᠪᠠᠨ ᠪᠦᠦ ᠲᠠᠰᠤᠯ ᠬᠠᠳᠠ ᠶᠢ ᠬᠠᠭ᠎ᠠ ᠳᠣᠪᠲᠣᠯᠤᠮᠤᠢ ᠵ᠎ᠠ ᠴᠢ ᠬᠠᠴᠢᠬᠢᠷᠬ᠎ᠠ ᠬᠠᠱᠬᠢᠷᠬ᠎ᠠ ᠤᠷᠢᠶ ᠠ ᠪᠠᠨ ᠦᠯᠦᠬᠦ ᠬᠠᠲᠠᠭᠤᠵᠢᠬᠤ ᠴᠢ ᠬᠠᠨᠴᠤᠨ ᠬᠣᠷᠮᠠᠢ ᠲᠠᠰᠤ ᠣᠳᠤᠨ ᠠᠮᠤ ᠴᠢ ᠬᠣᠶᠢᠨᠠᠭᠰᠢ ᠬᠢᠯᠢᠨᠴᠡ ᠶᠢᠨ ᠵᠢᠭᠦᠷ᠎ᠡ ᠢᠯᠡᠭᠡ
ese čangγaba kemejü irgen idegetü ulus umda=tu bolγaju naiman mingγan irgen ögčü γajar aγudkin qari=yi daruγulun salγaγdamui bi irgen=ü idegen=tür erüsdejü ulus=un umda=tur soγtaju altan sedkil=i amuγulun čidaqu buyu bi qaγan aq=a=yin minu gegegen mör medetügei qataγujin küčün ögsügei kemen öčigsen ajuqu # Činggis-qaγan basa Möngke=tü-baγatur=i salγaqui=tur soyon jarliγ boluγsan ajuqu gegürekü alanggir degüü minu Qokin salju odču kürün baraju öčijü ileger=ün aq=a=yi surγabasu ekin minu dereseg elige minu γalasaγ següji minu debisgerseg bolba kemen öčijü ilegejükü jöb=iyer küčün ög kölge etükü urγ=a minu Möngke=tü čimayi jarumui bi sal <sil> dügüreng malaγ=a=ban temterin emüsčü temür dörögöben dölö jigyijü tngri γajar=i daγuristala ülükü yabuqu či tngri=de mör ögdebesü dalai tasu dobtolumui j=a či daγun uriy=a=ban büü tasul qada=yi qaγ=a dobtolumui j=a či qačikirq=a <qaškirq=a> uriy=a=ban ülükü qataγujiqu či qančun qormai tasu odun amu či qoyinaγsi kilinče=yin jigür=e ilege
121a
ᠬᠡᠮᠡᠨ ᠵᠠᠷᠯᠢᠭ ᠪᠣᠯᠤᠭᠰᠠᠨ ᠠᠵᠤᠬᠤ ᠴᠢᠩᠭᠢᠰ ᠬᠠᠭᠠᠨ ᠪᠠᠰᠠ ᠵᠣᠴᠢ ᠠᠬ ᠠ ᠶᠢ ᠮᠢᠨᠤ ᠪᠦᠦ ᠬᠦᠨᠳᠦᠰᠢᠭᠡ ᠬᠦᠨᠳᠦᠳᠬᠡ ᠦᠭᠡ ᠲᠦᠷ ᠢᠵᠢᠯᠢᠳᠪᠡᠰᠦ ᠰᠡᠴᠡᠨ ᠪᠣᠯᠤᠶᠤ ᠢᠯᠳᠦ ᠵᠢᠳᠠ ᠢᠵᠢᠯᠢᠳᠪᠡᠰᠦ ᠪᠠᠭᠠᠲᠤᠷ ᠪᠣᠯᠤᠶᠤ ᠲᠡᠷᠡ ᠰᠡᠴᠡᠨ ᠬᠡᠮᠡᠬᠦ ᠪᠤᠢ ᠭᠠᠭᠴᠠ ᠰᠡᠳᠬᠢ ᠪᠣᠷᠣ ᠳᠠᠷᠠᠰᠤᠨ ᠪᠦᠦ ᠤᠭᠤᠤ ᠪᠠᠷᠠᠭᠤᠨ ᠵᠡᠭᠦᠨ ᠠᠩᠭᠢᠳᠠ ᠬᠣᠯᠠ ᠳᠠᠶᠢᠨ ᠳᠠᠶᠢᠰᠤᠨ ᠭᠡᠵᠦ ᠪᠠᠰᠠ ᠰᠡᠳᠬᠢᠬᠦ ᠪᠣᠯᠪᠠᠰᠤ ᠲᠡᠳᠦᠢ ᠪᠤᠢ ᠵ᠎ᠠ ᠡᠰᠡ ᠣᠯᠪᠠᠰᠤ ᠰᠡᠳᠬᠢᠯ ᠢᠶᠡᠷ ᠬᠦᠷᠦᠯᠴᠡᠪᠡᠰᠦ ᠲᠡᠨᠳᠡ ᠬᠡᠯᠡᠯᠡᠳᠦᠶ᠎ᠡ ᠬᠡᠮᠡᠨ ᠰᠣᠶᠣᠵᠤ ᠢᠯᠡᠭᠡᠭᠰᠡᠨ ᠠᠵᠤᠬᠤ ᠪᠠᠰᠠ ᠰᠣᠳᠤ ᠪᠣᠭᠳᠠ ᠴᠢᠩᠭᠢᠰ ᠬᠠᠭᠠᠨ ᠪᠣᠭᠣᠷᠴᠢ ᠮᠤᠬᠠᠯᠢ ᠬᠣᠶᠠᠷ᠎ᠠ ᠰᠣᠶᠣᠷᠬᠠᠯ ᠥᠭᠭᠥᠷ ᠦᠨ ᠬᠢᠲᠠᠳ ᠢᠷᠭᠡᠨ ᠡᠴᠡ ᠲᠠᠨ ᠲᠤᠷ ᠡᠰᠡ ᠥᠭᠭᠥᠯᠦᠭᠡ ᠬᠢᠲᠠᠳ ᠤᠨ ᠵᠦᠶᠢᠨ ᠢᠷᠭᠡᠨ ᠢ ᠪᠣᠭᠣᠷᠴᠢ ᠮᠤᠬᠠᠯᠢ ᠬᠣᠶᠠᠷ ᠲᠤ ᠰᠠᠴᠠᠭᠤ ᠬᠤᠪᠢᠶᠠᠵᠤ ᠠᠪᠤᠳᠬᠤᠨ ᠠᠪᠴᠤ ᠰᠠᠶᠢᠳ ᠬᠥᠪᠡᠭᠦᠳ ᠢ ᠢᠨᠤ ᠰᠢᠪᠠᠭᠤᠨ ᠪᠠᠷᠢᠭᠤᠯᠵᠤ ᠳᠠᠭᠠᠭᠤᠯᠵᠤ ᠶᠠᠪᠤᠳᠬᠤᠨ ᠰᠠᠶᠢᠨ ᠥᠬᠢᠳ ᠢ ᠠᠨᠤ ᠥᠰᠭᠡᠵᠦ ᠡᠮᠡᠰ ᠢᠶᠡᠨ ᠳᠠᠭᠠᠭᠤᠯᠵᠤ ᠬᠣᠷᠮᠠᠢ ᠵᠠᠰᠠᠭᠤᠯᠵᠤ ᠶᠠᠪᠤᠳᠬᠤᠨ ᠬᠢᠲᠠᠳ ᠢᠷᠭᠡᠨ ᠢ ᠠᠯᠲᠠᠨ ᠬᠠᠭᠠᠨ ᠤ ᠢᠨᠠᠭᠤᠳ ᠢᠲᠡᠭᠡᠯ ᠲᠡᠨ ᠮᠣᠩᠭᠣᠯ ᠤᠨ ᠡᠪᠦᠭᠡᠰ ᠡᠴᠢᠭᠡᠰ ᠢ ᠪᠠᠷᠠᠭᠰᠠᠨ ᠰᠠᠷᠲᠠᠭᠴᠢᠨ ᠵᠦᠶᠢᠨ ᠢᠷᠭᠡᠨ ᠠᠵᠤᠬᠤ ᠵ᠎ᠠ ᠡᠳᠦᠭᠡ ᠮᠢᠨᠤ ᠡᠬᠡ ᠳᠡ ᠦᠭᠡ ᠨᠢᠭᠡᠨ ᠬᠡᠯᠡᠲᠡᠨ ᠡᠶ᠎ᠡ ᠢᠨᠠᠭᠤᠳ ᠪᠣᠭᠣᠷᠴᠢ ᠮᠤᠬᠠᠯᠢ ᠪᠤᠢ ᠵ᠎ᠠ ᠵᠦᠶᠢᠨ ᠢᠷᠭᠡᠨ ᠢ ᠲᠠ ᠬᠤᠪᠢᠶᠠᠵᠤ ᠠᠪᠤᠳᠬᠤᠨ ᠬᠡᠮᠡᠨ ᠵᠠᠷᠯᠢᠭ ᠪᠣᠯᠪᠠ ᠪᠠᠰᠠ ᠪᠣᠭᠳᠠ ᠡᠵᠡᠨ ᠬᠢᠲᠠᠳ ᠤᠯᠤᠰ ᠢ ᠡᠷᠬᠡ ᠲᠦᠷ ᠢᠶᠡᠨ ᠣᠷᠣᠭᠤᠯᠵᠤ
kemen jarliγ boluγsan ajuqu # Činggis-qaγan basa Joči aq=a=yi minu büü kündüsige (kündüdke) üge=tür ijilidbesü sečen boluyu ildü jida ijilidbesü baγatur boluyu tere sečen kemekü bui γaγča sedki boro darasun büü uγuu baraγun jegün anggida qola dayin (dayisun) gejü basa sedkikü bolbasu tedüi bui j=a ese olbasu sedkil=iyer kürülčebesü tende keleledüy=e kemen soyoju ilegegsen ajuqu # basa sodu boγda Činggis-qaγan Boγorči Muqali qoyar=a soyorqal öggör=ün Kitad irgen=eče tan=tur ese öggölüge Kitad=un Jüyin irgen=i Boγorči Muqali qoyar=tu sačaγu qubiyaju abudqun abču sayid köbegüd=i inu sibaγun bariγulju daγaγulju yabudqun sayin ökid=i anu ösgejü emes=iyen daγaγulju qormai jasaγulju yabudqun Kitad irgen=i Altan-qaγan=u inaγud itegel=ten Mongγol=un ebüges ečiges=i baraγsan Sartaγčin Jüyin irgen ajuqu j=a edüge minu eke=de (üge nigen) keleten ey=e inaγud Boγorči Muqali bui j=a Jüyin irgen=i ta qubiyaju abudqun kemen jarliγ bolba # basa Boγda-Ejen Kitad ulus=i erke=tür=iyen oroγulju
121b
ᠠᠯᠲᠠᠨ ᠬᠠᠭᠠᠨ ᠢ ᠣᠷᠣ ᠠᠪᠤᠭᠰᠠᠨ ᠢ ᠲᠠᠩᠭᠤᠳ ᠤᠨ ᠰᠢᠳᠤᠷᠭᠤ ᠬᠠᠭᠠᠨ ᠰᠣᠨᠣᠰᠤᠭᠠᠳ ᠡᠮᠢᠶᠡᠵᠦ ᠪᠠᠶᠠᠨ ᠰᠠᠷᠲᠠᠬᠠᠷ ᠶᠢᠨ ᠬᠥᠪᠡᠭᠦᠨ ᠡᠷᠡ ᠳᠤᠷᠳᠤᠩ ᠶᠢ ᠪᠠᠷᠠᠭᠤᠨ ᠭᠠᠷ ᠴᠢᠨᠤ ᠪᠣᠯᠵᠤ ᠠᠯᠪᠠᠢ ᠶᠢ ᠴᠢᠨᠤ ᠥᠭᠰᠦ ᠭᠡᠵᠦ ᠡᠯᠴᠢ ᠢᠯᠡᠭᠡᠭᠰᠡᠨ ᠪᠥᠯᠦᠭᠡ ᠲᠡᠷᠡ ᠡᠯᠴᠢ ᠡᠵᠡᠨ ᠲᠦ ᠠᠶᠢᠯᠠᠳᠬᠠᠵᠤ ᠬᠠᠷᠢᠬᠤᠢ ᠲᠤᠷ ᠢᠶᠠᠨ ᠪᠣᠭᠳᠠ ᠡᠵᠡᠨ ᠲᠩᠷᠢ ᠶᠢᠨ ᠬᠥᠪᠡᠭᠦᠨ ᠭᠡᠭᠴᠢ ᠦᠨᠡᠨ ᠪᠠᠶᠢᠨᠠᠮ ᠮᠠᠨ ᠤ ᠬᠠᠲᠤᠨ ᠤ ᠭᠡᠷᠡᠯ ᠲᠦᠷ ᠢᠨᠤ ᠱᠥᠨᠢ ᠵᠤᠯᠠ ᠦᠯᠦ ᠬᠡᠷᠡᠭᠯᠡᠬᠦ ᠪᠤᠢ ᠮᠥᠩᠭᠥᠯ ᠦᠨ ᠭᠣᠤ ᠠ ᠯᠤᠭ᠎ᠠ ᠠᠳᠠᠯᠢ ᠪᠤᠰᠤ ᠭᠡᠵᠦ ᠡᠨᠡ ᠦᠭᠡ ᠬᠡᠯᠡᠵᠦ ᠬᠠᠷᠢᠪᠠ ᠪᠣᠭᠳᠠ ᠡᠵᠡᠨ ᠲᠠᠶᠢᠴᠢᠭᠤᠳ ᠤᠨ ᠵᠠᠮᠤᠬ ᠠ ᠶᠢᠨ ᠡᠮ᠎ᠡ ᠮᠥᠩᠭᠥᠯ ᠦᠨ ᠭᠣᠤ ᠠ ᠶᠢ ᠲᠠᠲᠠᠵᠤ ᠶᠠᠪᠤᠬᠤ ᠠᠭᠰᠠᠨ ᠠᠵᠤ ᠳᠤᠷᠳᠤᠩ ᠶᠢᠨ ᠦᠭᠡ ᠶᠢ ᠵᠠᠮᠤᠬ᠎ᠠ ᠰᠣᠨᠣᠰᠤᠭᠠᠳ ᠡᠵᠡᠨ ᠲᠦᠷ ᠥᠭᠦᠯᠡᠷᠦᠨ ᠮᠢᠨᠤ ᠮᠥᠩᠭᠥᠯᠦᠨ ᠭᠣᠤ᠎ᠠ ᠡᠮ ᠡ ᠡᠴᠡ ᠬᠢᠲᠠᠳ ᠤᠨ ᠸᠠᠩᠭᠢᠨᠠᠢ ᠵᠠᠩᠭᠢᠨᠢ ᠰᠡᠴᠡᠨ ᠨᠣᠮᠢᠲᠠᠢ ᠶᠢᠨ ᠥᠬᠢᠨ ᠲᠠᠩᠭᠤᠳ ᠤᠨ ᠰᠢᠳᠤᠷᠭᠤ ᠬᠠᠭᠠᠨ ᠤ ᠬᠦᠷᠪᠡᠯᠵᠢᠨ ᠭᠣᠤ᠎ᠠ ᠨᠡᠷᠡᠲᠦ ᠬᠠᠲᠤᠨ ᠤ ᠭᠡᠷᠡᠯ ᠲᠦᠷ ᠢᠨᠤ ᠱᠥᠨᠢ ᠵᠤᠯᠠ ᠬᠡᠷᠡᠭᠯᠡᠬᠦ ᠦᠭᠡᠢ ᠭᠡᠨᠡᠮ ᠲᠡᠭᠦᠨᠢ ᠠᠪᠠᠰᠠᠢ ᠬᠡᠮᠡᠨ ᠶᠡᠩᠭᠦᠨ ᠣᠯᠬᠢᠨ ᠥᠭᠦᠯᠡᠭᠰᠡᠨ ᠠᠵᠤᠬᠤ ᠪᠣᠭᠳᠠ ᠡᠵᠡᠨ ᠲᠡᠭᠦᠨ ᠦ ᠬᠣᠶᠢᠨᠠ ᠰᠠᠷᠲᠠᠭᠤᠯ ᠤᠯᠤᠰ ᠲᠤᠷ ᠪᠢ ᠠᠶᠠᠨ ᠮᠣᠷᠳᠠᠪᠠ ᠴᠢ ᠮᠣᠷᠳᠠ ᠭᠡᠵᠦ ᠰᠢᠳᠤᠷᠭᠤ ᠬᠠᠭᠠᠨ ᠲᠤ ᠡᠯᠴᠢ ᠢᠯᠡᠭᠡᠪᠡᠢ ᠰᠢᠳᠤᠷᠭᠤ ᠬᠠᠭᠠᠨ ᠲᠡᠷᠡ ᠡᠯᠴᠢ ᠲᠦᠷ ᠬᠠᠮᠤᠭ ᠢ ᠦᠯᠦ ᠡᠵᠢᠯᠡᠨ ᠠᠲᠠᠯᠠ ᠬᠠᠭᠠᠨ ᠪᠣᠯᠪᠠ ᠬᠡᠮᠡᠬᠦ ᠡᠨᠡ ᠶᠠᠭᠤᠨ ᠬᠠᠨ ᠬᠦᠮᠦᠨ ᠲᠦ ᠨᠥᠬᠥᠷ ᠶᠠᠭᠤᠨ ᠬᠡᠷᠡᠭ ᠭᠡᠵᠦ ᠡᠰᠡ ᠪᠣᠯᠪᠠ ᠲᠡᠷᠡ ᠦᠭᠡ ᠶᠢ ᠰᠣᠨᠣᠰᠤᠭᠠᠳ ᠡᠵᠡᠨ ᠠᠯᠲᠠᠨ ᠠᠮᠢᠨ ᠢᠶᠠᠨ ᠦᠭᠡᠢ ᠪᠣᠯᠤᠨ
Altan-qaγan=i oro abuγsan=i Tangγud=un Sidurγu-qaγan sonosuγad emiyejü Bayan-Sartaqar=yin köbegün Ere-Durdung=yi baraγun γar činu bolju albai=yi činu ögsü gejü elči ilegegsen bölüge tere elči ejen=tü ayiladqaju qariqui=tur=iyan Boγda-Ejen tngri=yin köbegün gegči ünen bayinam man=u qatun=u gerel=tür inu šöni jula ülü kereglekü bui Mönggöl=ün-Γou=a=luγ=a adali busu gejü ene üge kelejü qariba Boγda-Ejen Tayičiγud=un Jamuq=a=yin em=e Mönggöl=ün-Γou=a=yi tataju yabuqu aγsan aju Durdung=yin üge=yi Jamuq=a sonosuγad ejen=tür ögülerün minu Mönggölün-Γou=a em=e=eče Kitad=un Vangginai-janggini Sečen-Nomitai=yin ökin Tangγud=un Sidurγu-qaγan=u Kürbeljin-Γou=a neretü qatun=u gerel=tür inu šöni jula kereglekü ügei genem tegüni abasai kemen yenggün (olkin) ögülegsen ajuqu Boγda-Ejen tegün=ü qoyina Sartaγul ulus=tur bi ayan mordaba či morda gejü Sidurγu-qaγan=tu elči ilegebei Sidurγu-qaγan tere elči=tür qamuγ=i ülü ejilen atala qaγan bolba kemekü ene yaγun qan kümün=tü nökör yaγun kereg gejü ese bolba tere üge=yi sonosuγad ejen altan amin=iyan ügei bolun
122a
ᠪᠣᠯᠲᠠᠯᠠ ᠴᠢᠮᠠᠶᠢ ᠲᠠᠯᠪᠢᠬᠤ ᠦᠭᠡᠢ ᠭᠡᠵᠦ ᠠᠮᠠᠨ ᠠᠪᠤᠭᠰᠠᠨ ᠪᠥᠯᠦᠭᠡ ᠲᠡᠷᠡ ᠡᠪᠦᠯ ᠡᠪᠦᠯᠵᠢᠵᠦ ᠲᠠᠩᠭᠤᠳ ᠢᠷᠭᠡᠨ ᠲᠦᠷ ᠮᠣᠷᠢᠯᠠᠶ᠎ᠠ ᠬᠡᠮᠡᠨ ᠰᠢᠨ᠎ᠡ ᠲᠣᠭ᠎ᠠ ᠴᠡᠷᠢᠭ ᠲᠣᠭᠣᠯᠠᠵᠤ ᠲᠠᠩᠭᠤᠳ ᠤᠨ ᠰᠢᠳᠤᠷᠭᠤ ᠬᠠᠭᠠᠨ ᠤ ᠬᠠᠷᠠ ᠬᠠᠩᠰᠢᠶᠠᠷ ᠲᠤ ᠰᠢᠷᠠ ᠬᠣᠩᠭᠣᠷ ᠭᠥᠪᠡᠯᠢᠭ ᠨᠡᠷᠡᠲᠦ ᠨᠣᠬᠠᠢ ᠢᠷᠤᠴᠢ ᠭᠡᠨᠡᠮ ᠭᠡᠵᠦ ᠪᠣᠭᠳᠠ ᠡᠵᠡᠨ ᠶᠢᠰᠦᠨ ᠬᠥᠯ ᠲᠦ ᠴᠠᠭᠠᠨ ᠲᠤᠭ ᠢᠶᠠᠨ ᠵᠠᠯᠠᠨ ᠬᠠᠳᠬᠤᠵᠤ ᠭᠤᠷᠪᠠᠨ ᠦᠶ᠎ᠡ ᠮᠣᠷᠳᠠᠨ ᠮᠣᠷᠳᠠᠨ ᠪᠠᠭᠤᠪᠠ ᠲᠡᠷᠡ ᠨᠣᠬᠠᠢ ᠮᠡᠲᠦ ᠡᠩᠬᠡ ᠡᠰᠡᠨ ᠠᠮᠤᠭᠤᠯᠠᠩ ᠵᠢᠷᠭᠠᠯᠠᠩ ᠭᠡᠵᠦ ᠬᠤᠴᠢᠬᠤᠯᠠ ᠳᠠᠶᠢᠰᠤᠨ ᠦᠭᠡᠢ ᠤᠯᠢᠵᠤ ᠬᠤᠴᠢᠬᠤᠯᠠ ᠳᠠᠶᠢᠰᠤᠨ ᠪᠣᠯᠬᠤ ᠠᠭᠰᠠᠨ ᠠᠵᠤᠬᠤ ᠲᠡᠷᠡ ᠨᠣᠬᠠᠢ ᠡᠵᠡᠨ ᠦ ᠮᠣᠷᠳᠠᠬᠤᠢ ᠶᠢ ᠮᠡᠳᠡᠵᠦ ᠭᠤᠷᠪᠠᠨ ᠣᠨ ᠤᠯᠢᠨ ᠬᠤᠴᠠᠪᠠᠢ ᠰᠢᠳᠤᠷᠭᠤ ᠬᠠᠭᠠᠨ ᠨᠣᠬᠠᠢ ᠮᠢᠨᠤ ᠬᠥᠭᠰᠢᠷᠡᠵᠦ ᠢᠷᠤ᠎ᠠ ᠢᠨᠤ ᠦᠭᠡᠢ ᠪᠣᠯᠵᠤ ᠪᠠᠶᠢᠨᠠᠮ ᠭᠡᠵᠦ ᠰᠡᠷᠡᠯ ᠦᠭᠡᠢ ᠰᠠᠭᠤᠪᠠᠢ ᠲᠡᠭᠦᠨ ᠦ ᠬᠣᠶᠢᠨᠠ ᠨᠣᠬᠠᠢ ᠵᠢᠯ ᠦᠨ ᠨᠠᠮᠤᠷ ᠶᠠᠪᠠᠭᠠᠨ ᠴᠢᠷᠢᠭ ᠢ ᠶᠠᠪᠤᠭᠤᠯᠵᠤ ᠪᠣᠭᠳᠠ ᠡᠵᠡᠨ ᠬᠠᠰᠠᠷ ᠠᠴᠠ ᠬᠠᠴᠠᠷ ᠲᠠᠰ ᠤᠨ ᠡᠳᠦ ᠠᠴᠠ ᠭᠡᠵᠦ ᠪᠣᠭᠣᠯ ᠮᠡᠴᠢᠨ ᠢ ᠢᠯᠡᠭᠡᠪᠡ ᠬᠠᠰᠠᠷ ᠥᠭᠦᠯᠡᠷᠦᠨ ᠬᠠᠮᠤᠭ ᠤᠨ ᠡᠵᠡᠨ ᠬᠠᠭᠠᠨ ᠪᠣᠯᠪᠠᠴᠤ ᠬᠠᠴᠢᠷ ᠲᠠᠰ ᠤᠨ ᠡᠳᠦᠨ ᠠᠪᠬᠤᠳᠤ ᠪᠢ ᠰᠠᠶᠢᠨ ᠭᠡᠵᠦ ᠬᠡᠯᠡᠭᠡᠳ ᠬᠠᠴᠢᠷ ᠲᠠᠰ ᠤᠨ ᠥᠳᠦ ᠥᠭᠪᠡᠢ ᠬᠦᠳᠦ ᠳᠠᠷᠤᠭᠰᠠᠨ ᠭᠡᠵᠦ ᠡᠰᠡ ᠠᠪᠴᠤ ᠬᠠᠷᠢᠪᠠᠢ ᠬᠠᠷᠠ ᠬᠠᠯᠵᠢᠨ ᠢ ᠠᠯᠠᠵᠤ ᠠᠴᠠ ᠭᠡᠵᠦ ᠪᠣᠭᠣᠯ ᠮᠡᠴᠢᠨ ᠢ ᠪᠠᠰᠠ ᠢᠯᠡᠭᠡᠪᠡᠢ ᠬᠠᠰᠠᠷ ᠬᠠᠷᠠ ᠬᠠᠯᠵᠢᠨ ᠰᠢᠪᠠᠭᠤᠨ ᠢ ᠨᠢᠰᠴᠦ ᠶᠠᠪᠤᠬᠤᠢ ᠶᠢ ᠦᠵᠡᠭᠡᠳ ᠡᠷᠬᠢᠯᠭᠡᠨ ᠢ ᠮᠥᠨ ᠬᠠᠮᠢᠭ ᠠ ᠶᠢ ᠬᠠᠷᠪᠤᠬᠤ ᠪᠤᠢ
boltala čimayi talbiqu ügei gejü aman abuγsan bölüge tere ebül ebüljijü Tangγud irgen=tür morilay=a kemen sin=e toγ=a čerig toγolaju Tangγud=un Sidurγu-qaγan=u qara qangsiyar=tu sira qongγor Göbelig neretü noqai iruči genem gejü Boγda-Ejen yisün köl=tü čaγan tuγ=iyan jalan qadquju γurban üy=e mordan mordan baγuba tere noqai metü engke esen amuγulang jirγalang gejü qučiqula dayisun ügei uliju qučiqula dayisun bolqu aγsan ajuqu tere noqai ejen=ü mordaqui=yi medejü γurban on ulin qučabai Sidurγu-qaγan noqai minu kögsirejü iru=a inu ügei bolju bayinam gejü serel ügei saγubai tegün=ü qoyina noqai jil=ün namur yabaγan čirig=i yabuγulju Boγda-Ejen Qasar=ača qačar tas=un edü ača gejü boγol Mečin=i ilegebe Qasar ögülerün qamuγ=un ejen qaγan bolbaču qačir tas=un edün abqudu bi sayin gejü keleged qačir tas=un ödü ögbei küdü daruγsan gejü ese abču qaribai qara qaljin=i alaju ača gejü boγol Mečin=i basa ilegebei Qasar qara qaljin sibaγun=i nisčü yabuqui=yi üjeged erkilgen=i mön qamiγ=a=yi qarbuqu bui
122b
ᠭᠡᠵᠦ ᠪᠣᠭᠣᠯ ᠮᠡᠴᠢᠨ ᠡᠴᠡ ᠠᠰᠠᠭᠪᠠᠢ ᠪᠣᠭᠣᠯ ᠮᠡᠴᠢᠨ ᠥᠭᠦᠯᠡᠷᠦᠨ ᠬᠠᠷᠠ ᠰᠢᠷᠠ ᠬᠣᠶᠠᠷ ᠤᠨ ᠵᠠᠪᠰᠠᠷ᠎ᠠ ᠬᠠᠷᠪᠤ ᠭᠡᠪᠡ ᠬᠠᠩᠰᠢᠶᠠᠷ ᠢᠨᠤ ᠲᠠᠰᠤ ᠬᠠᠷᠪᠤᠵᠤ ᠥᠭᠪᠡᠢ ᠬᠠᠨ ᠬᠦᠮᠦᠨ ᠲᠦ ᠶᠣᠰᠤᠲᠤ ᠬᠠᠴᠠᠷ ᠲᠠᠰ ᠤᠨ ᠡᠳᠦ ᠪᠢᠯᠡ ᠡᠨᠡ ᠪᠢᠰᠢ ᠬᠠᠷᠠ ᠬᠠᠯᠵᠢᠨ ᠪᠠᠶᠢᠨᠠᠮ ᠴᠢᠰᠤᠨ ᠬᠠᠯᠳᠠᠪᠠ ᠭᠡᠵᠦ ᠡᠰᠡ ᠠᠪᠴᠤ ᠬᠠᠷᠢᠪᠠᠢ ᠲᠡᠭᠦᠨ ᠲᠦᠷ ᠡᠵᠡᠨ ᠬᠣᠷᠢᠭᠯᠠᠵᠤ ᠪᠥᠯᠦᠭᠡ ᠭᠠᠬᠠᠢ ᠵᠢᠯ ᠲᠦᠷ ᠡᠵᠡᠨ ᠪᠣᠭᠳᠠ ᠶᠤᠰᠤᠢ ᠬᠠᠲᠤᠨ ᠢ ᠠᠪᠴᠤ ᠮᠣᠷᠢᠲᠠᠨ ᠴᠢᠷᠢᠭ ᠦᠳ ᠢ ᠤᠳᠤᠷᠢᠳ ᠤᠨ ᠥᠪᠡᠷ ᠢᠶᠡᠨ ᠮᠣᠷᠳᠠᠪᠠᠢ ᠡᠵᠡᠨ ᠪᠣᠭᠳᠠ ᠮᠣᠨ ᠠ ᠬᠣᠰᠢᠭᠤᠨ ᠢ ᠦᠵᠡᠭᠡᠳ ᠵᠠᠷᠯᠢᠭ ᠪᠣᠯᠤᠷᠤᠨ ᠡᠪᠳᠡᠷᠡᠭᠰᠡᠨ ᠲᠥᠷᠥ ᠳᠦᠷ ᠬᠣᠷᠭᠤᠯᠠᠯᠲᠠᠢ ᠡᠩᠬᠡ ᠲᠥᠷᠥ ᠲᠦᠷ ᠨᠤᠲᠤᠭᠯᠠᠯᠲᠠᠢ ᠦᠳᠡᠬᠦ ᠪᠤᠭᠤ ᠦᠳᠡᠭᠯᠡᠯᠲᠡᠢ ᠬᠡᠮᠡᠨ ᠵᠠᠷᠯᠢᠭ ᠪᠣᠯᠪᠠ ᠮᠣᠳᠤᠨ ᠳᠡᠭᠡᠷᠡ ᠰᠠᠭᠤᠭᠰᠠᠨ ᠮᠠᠭᠤ ᠬᠡᠯᠡᠲᠦ ᠤᠭᠤᠯᠢ ᠶᠢ ᠦᠵᠡᠭᠡᠳ ᠡᠵᠡᠨ ᠬᠠᠰᠠᠷ ᠢ ᠬᠠᠷᠪᠤ ᠭᠡᠵᠦ ᠵᠠᠷᠯᠢᠭ ᠪᠣᠯᠪᠠ ᠬᠠᠰᠠᠷ ᠬᠠᠷᠪᠤᠪᠠᠢ ᠤᠭᠤᠯᠢ ᠪᠣᠰᠤᠭᠠᠳ ᠵᠠᠪᠰᠠᠷ ᠲᠤᠷ ᠱᠠᠭᠠᠵᠠᠭᠠᠢ ᠣᠷᠣᠭᠠᠳ ᠵᠢᠭᠦᠷ ᠢᠨᠤ ᠲᠠᠰᠤ ᠬᠠᠷᠪᠤᠭᠳᠠᠪᠠᠢ ᠡᠵᠡᠨ ᠬᠣᠷᠢᠭᠯᠠᠵᠤ ᠢᠯᠳᠦᠪᠡᠨ ᠳᠠᠯᠠᠶᠢᠵᠤ ᠪᠠᠶᠢᠪᠠᠢ ᠡᠵᠡᠨ ᠳᠦᠷ ᠥᠷᠯᠥᠭ ᠨᠣᠶᠠᠨ ᠠᠶᠢᠯᠠᠳᠬᠠᠪᠠ ᠰᠠᠶᠢᠨ ᠤ ᠱᠠᠯᠳᠠᠷ ᠮᠠᠭᠤ ᠶᠢᠨ ᠱᠠᠷᠪᠤᠭ ᠭᠡᠮ ᠡᠵᠡᠨ ᠥᠪᠡᠷ ᠢᠶᠡᠨ ᠮᠡᠳᠡᠭᠡᠰᠡᠢ ᠭᠡᠪᠡ ᠡᠵᠡᠨ ᠵᠥᠪᠰᠢᠶᠡᠨ ᠵᠠᠯᠢᠷᠠᠪᠠ ᠲᠡᠭᠦᠨ ᠦ ᠬᠣᠶᠢᠨᠠ ᠪᠣᠭᠣᠯ ᠮᠡᠴᠢᠨ ᠬᠥᠲᠡᠴᠢ ᠬᠠᠰᠠᠷ ᠳᠡᠭᠦ ᠴᠢᠨᠤ ᠠᠷᠠᠬᠢᠳᠠᠵᠤ ᠰᠠᠭᠤᠬᠤᠢ ᠲᠤᠷ ᠢᠶᠠᠨ ᠬᠤᠯᠠᠨ ᠬᠠᠲᠤᠨ ᠤ ᠭᠠᠷ ᠠᠴᠠ ᠪᠠᠷᠢᠪᠠᠢ ᠭᠡᠵᠦ ᠡᠵᠡᠨ ᠳᠦᠷ
gejü boγol Mečin=eče asaγbai boγol Mečin ögülerün qara sira qoyar=un jabsar=a qarbu gebe qangsiyar inu tasu qarbuju ögbei qan kümün=tü yosutu qačar tas=un edü bile ene bisi qara qaljin bayinam čisun qaldaba gejü ese abču qaribai tegün=tür ejen qoriγlaju bölüge γaqai jil=tür Ejen-Boγda Yusui-qatun=i abču moritan čirig=üd=i udurid=un öber=iyen mordabai Ejen-Boγda Mon=a-qosiγun=i üjeged jarliγ bolurun ebderegsen törö=dür qorγulaltai engke törö=tür nutuγlaltai üdekü buγu üdegleltei kemen jarliγ bolba modun degere saγuγsan maγu keletü uγuli=yi üjeged ejen Qasar=i qarbu gejü jarliγ bolba Qasar qarbubai uγuli bosuγad jabsar=tur šaγajaγai oroγad jigür inu tasu qarbuγdabai ejen qoriγlaju ildüben dalayiju bayibai ejen=dür örlög noyan ayiladqaba sayin=u šaldar maγu=yin šarbuγ gem ejen öber=iyen medegesei gebe ejen jöbsiyen jaliraba tegün=ü qoyina boγol Mečin köteči Qasar degü činu arakidaju saγuqui=tur=iyan Qulan-qatun=u γar=ača baribai gejü ejen=dür
123a
ᠠᠶᠢᠯᠠᠳᠬᠠᠪᠠᠢ ᠲᠡᠭᠦᠨ ᠲᠦᠷ ᠡᠵᠡᠨ ᠬᠣᠷᠢᠭᠯᠠᠵᠤ ᠤᠷᠢᠳᠠ ᠳᠣᠯᠣᠭᠠᠨ ᠬᠣᠩᠬᠠᠲᠠᠨ᠎ᠠ ᠦᠭᠡ ᠨᠢᠭᠡᠳᠴᠦ ᠶᠠᠪᠤᠪᠠ ᠲᠡᠭᠦᠨ ᠦ ᠬᠣᠶᠢᠨᠠ ᠪᠣᠯᠤᠰᠠ ᠬᠠᠴᠢᠷ ᠲᠠᠰ ᠤᠨ ᠡᠳᠦ ᠡᠰᠡ ᠥᠭᠴᠦ ᠶᠡᠬᠡ ᠦᠭᠡ ᠥᠭᠦᠯᠡᠪᠡ ᠡᠳᠦᠭᠡ ᠪᠣᠯᠤᠰᠠ ᠮᠠᠭᠤ ᠬᠡᠯᠡᠲᠦ ᠤᠭᠤᠯᠢ ᠠᠯᠠ ᠭᠡᠭᠰᠡᠨ ᠢ ᠰᠠᠶᠢᠨ ᠬᠡᠯᠡᠲᠦ ᠱᠠᠭᠠᠵᠠᠭᠠᠢ ᠠᠯᠠᠪᠠ ᠯᠠᠪᠲᠠ ᠮᠠᠭᠤ ᠬᠠᠷᠠᠲᠤ ᠠᠵᠤᠬᠤ ᠬᠡᠮᠡᠨ ᠬᠠᠰᠠᠷ ᠢ ᠳᠥᠷᠪᠡᠨ ᠬᠦᠮᠦᠨ ᠢᠶᠡᠷ ᠰᠠᠬᠢᠭᠤᠯᠵᠤ ᠪᠤᠬ᠎ᠠ ᠭᠥᠷᠥᠭᠡᠰᠦᠨ ᠢ ᠬᠦᠨᠡᠰᠦᠨ ᠥᠭᠴᠦ ᠬᠠᠰᠢᠶᠠᠲᠤ ᠬᠤᠳᠤᠭ ᠲᠤ ᠬᠦᠯᠢᠵᠦ ᠲᠠᠯᠪᠢᠪᠠᠢ ᠬᠠᠩᠭᠠᠢ ᠬᠠᠭᠠᠨ ᠢ ᠶᠡᠬᠡ ᠠᠪᠠ ᠲᠠᠯᠪᠢᠬᠤᠢ ᠲᠤᠷ ᠢᠶᠠᠨ ᠵᠠᠷᠯᠠᠪᠠ ᠪᠥᠷᠲᠡ ᠴᠢᠨᠣ᠎ᠠ ᠭᠣᠤ᠎ᠠ ᠮᠠᠷᠠᠯ ᠣᠷᠣᠬᠤᠢ ᠪᠤᠢ ᠲᠡᠭᠦᠨᠢ ᠪᠦᠦ ᠠᠯᠠ ᠬᠥᠬᠡ ᠪᠣᠷᠣ ᠮᠣᠷᠢ ᠲᠤ ᠪᠤᠵᠢᠭᠢᠷ ᠦᠰᠦᠲᠦ ᠬᠠᠷᠠ ᠬᠦᠮᠦᠨ ᠣᠷᠣᠬᠤ ᠪᠤᠢ ᠠᠮᠢᠳᠤ ᠪᠠᠷᠢ ᠭᠡᠵᠦ ᠵᠠᠷᠯᠢᠭ ᠪᠣᠯᠪᠠ ᠪᠥᠷᠲᠡ ᠴᠢᠨᠣ᠎ᠠ ᠭᠣᠤ᠎ᠠ ᠮᠠᠷᠠᠯ ᠬᠣᠶᠠᠷ ᠣᠷᠣᠵᠤ ᠡᠰᠡ ᠠᠯᠠᠵᠤ ᠭᠠᠷᠭᠠᠪᠠᠢ ᠬᠥᠬᠡ ᠪᠣᠷᠣ ᠮᠣᠷᠢᠲᠤ ᠬᠠᠷᠠ ᠬᠦᠮᠦᠨ ᠢ ᠬᠦᠮᠦᠨ ᠪᠠᠷᠢᠵᠤ ᠴᠢ ᠬᠡᠨᠦᠬᠡᠢ ᠪᠤᠢ ᠭᠡᠵᠦ ᠠᠰᠠᠭᠪᠠ ᠳᠠᠭᠤᠨ ᠡᠰᠡ ᠭᠠᠷᠪᠠᠢ ᠡᠵᠡᠨ ᠲᠦᠷ ᠠᠪᠴᠤ ᠢᠷᠡᠵᠦ ᠥᠭᠪᠡ ᠡᠵᠡᠨ ᠠᠰᠠᠭᠪᠠ ᠮᠣᠩᠭᠣᠯᠤᠨ ᠪᠣᠭᠳᠠ ᠡᠵᠡᠨ ᠴᠢᠷᠢᠭ ᠮᠣᠷᠳᠠᠪᠠ ᠭᠡᠵᠦ ᠰᠢᠳᠤᠷᠭᠤ ᠬᠠᠭᠠᠨ ᠬᠠᠷᠠᠭᠤᠯ ᠭᠠᠷᠭᠠᠵᠤ ᠪᠢᠯᠡ ᠬᠥᠯ ᠲᠦ ᠮᠣᠷᠢᠨ ᠲᠤᠷ ᠦᠯᠦ ᠭᠠᠷᠲᠠᠬᠤ ᠬᠥᠰ ᠪᠣᠯᠣᠳ ᠤᠨ ᠬᠥᠬᠡ ᠪᠣᠷᠣ ᠭᠡᠭᠴᠢ ᠪᠢᠯᠡ ᠭᠦᠶᠢᠴᠡᠭᠳᠡᠪᠡ ᠳᠥᠷᠪᠡᠨ ᠲᠠᠪᠠᠭ ᠮᠢᠨᠤ ᠬᠤᠪᠢᠷᠠᠬᠤᠶ᠎ᠠ ᠪᠣᠯᠪᠠ ᠬᠠᠷᠠ ᠲᠡᠷᠢᠭᠦᠲᠦ ᠬᠦᠮᠦᠨ ᠲᠦ ᠦᠯᠦ ᠭᠠᠷᠲᠠᠬᠤ ᠬᠠᠳᠤᠷᠠᠭᠴᠢ ᠬᠠᠷᠠ ᠪᠣᠳᠣᠩ ᠭᠡᠭᠴᠢ ᠪᠢᠯᠡ ᠪᠢ ᠬᠠᠷᠠ
ayiladqabai tegün=tür ejen qoriγlaju urida doloγan Qongqatan=a üge nigedčü yabuba tegün=ü qoyina bolusa qačir tas=un edü ese ögčü yeke üge ögülebe edüge bolusa maγu keletü uγuli ala gegsen=i sayin keletü šaγajaγai alaba labta maγu qaratu ajuqu kemen Qasar=i dörben kümün=iyer sakiγulju buq=a görögesün=i künesün ögčü qasiyatu quduγ=tu külijü talbibai Qangγai qaγan=i yeke aba talbiqui=tur=iyan jarlaba börte čino=a γou=a maral oroqui bui tegüni büü ala köke boro mori=tu bujigir üsütü qara kümün oroqu bui amidu bari gejü jarliγ bolba börte čino=a γou=a maral qoyar oroju ese alaju γarγabai köke boro moritu qara kümün=i kümün bariju či kenükei bui gejü asaγba daγun ese γarbai ejen=tür abču irejü ögbe ejen asaγba Mongγolun Boγda-Ejen čirig mordaba gejü Sidurγu-qaγan qaraγul γarγaju bile köl=tü morin=tur ülü γartaqu Kös-Bolod=un köke boro gegči bile güyičegdebe dörben tabaγ minu qubiraquy=a bolba # qara terigütü kümün=tü ülü γartaqu qaduraγči Qara-Bodong gegči bile bi qara
123b
ᠲᠡᠷᠢᠭᠦᠲᠦ ᠬᠦᠮᠦᠨ ᠳᠦ ᠭᠠᠷᠲᠠᠪᠠ ᠬᠠᠷᠠ ᠲᠡᠷᠢᠭᠦᠨ ᠮᠢᠨᠤ ᠬᠤᠪᠢᠷᠠᠬᠤᠶ᠎ᠠ ᠪᠣᠯᠪᠠ ᠭᠡᠪᠡ ᠪᠣᠭᠳᠠ ᠡᠵᠡᠨ ᠥᠭᠦᠯᠡᠷᠦᠨ ᠬᠠᠭᠠᠨ ᠴᠢᠨᠤ ᠬᠤᠪᠢᠯᠭᠠᠨ ᠭᠡᠯᠡ ᠦᠨᠡᠨ ᠢᠶᠡᠨ ᠬᠡᠯᠡ ᠭᠡᠵᠦ ᠵᠠᠷᠯᠢᠭ ᠪᠣᠯᠪᠠ ᠪᠣᠳᠣᠩ ᠥᠭᠦᠯᠡᠷᠦᠨ ᠥᠷᠯᠥᠭᠡ ᠬᠣᠣᠷ ᠠ ᠲᠤ ᠰᠢᠵᠠᠭᠠᠨ ᠰᠢᠷᠠ ᠡᠷᠢᠶᠡᠨ ᠮᠣᠭᠠᠢ ᠪᠣᠯᠬᠤ ᠲᠡᠭᠦᠨ ᠲᠦᠷ ᠪᠠᠷᠢᠵᠤ ᠦᠯᠦ ᠪᠣᠯᠬᠤ ᠦᠳᠡᠳᠦ ᠬᠦᠷᠢᠨ ᠡᠷᠢᠶᠡᠨ ᠪᠠᠷᠰ ᠪᠣᠯᠬᠤ ᠲᠡᠭᠦᠨ ᠲᠦᠷ ᠪᠠᠷᠢᠵᠤ ᠦᠯᠦ ᠪᠣᠯᠬᠤ ᠦᠳᠡᠰᠢ ᠭᠣᠤ᠎ᠠ ᠰᠢᠷᠠ ᠬᠥᠪᠡᠭᠦᠨ ᠪᠣᠯᠵᠤ ᠬᠠᠲᠤᠨ ᠯᠤᠭ᠎ᠠ ᠨᠠᠭᠠᠳᠴᠤ ᠰᠠᠭᠤᠬᠤ ᠪᠤᠢ ᠲᠡᠭᠦᠨ ᠲᠦᠷ ᠪᠠᠷᠢᠵᠤ ᠪᠣᠯᠬᠤ ᠭᠡᠵᠦ ᠬᠡᠯᠡᠪᠡ ᠲᠡᠳᠦᠢ ᠲᠡᠷᠡ ᠬᠦᠮᠦᠨ ᠢ ᠦᠭᠡ ᠠᠪᠤᠭᠠᠳ ᠲᠡᠨᠳᠡᠴᠡ ᠡᠵᠡᠨ ᠪᠣᠭᠳᠠ ᠲᠠᠩᠭᠤᠳ ᠢᠷᠭᠡᠨ ᠦ ᠵᠠᠬ ᠠ ᠲᠤ ᠬᠦᠷᠴᠦ ᠡᠴᠢᠲᠡᠯᠡ ᠰᠢᠳᠤᠷᠭᠤ ᠬᠠᠭᠠᠨ ᠤ ᠷᠩᠭ᠎ᠠ ᠢᠵᠠᠭᠤᠷ ᠲᠤ ᠡᠮᠡᠭᠡᠨ ᠮᠣᠩᠭᠣᠯ ᠤᠨ ᠴᠢᠷᠢᠭ ᠢ ᠤᠭᠲᠤᠵᠤ ᠢᠷᠡᠭᠡᠳ ᠡᠷᠡ ᠠᠭᠲᠠᠳ ᠢ ᠬᠠᠷᠢᠶᠠᠵᠤ ᠦᠬᠦᠭᠦᠯᠪᠡᠢ ᠡᠵᠡᠨ ᠲᠦᠷ ᠰᠦᠪᠡᠭᠡᠳᠡᠢ ᠪᠠᠭᠠᠲᠤᠷ ᠥᠴᠢᠷᠦᠨ ᠡᠨᠡ ᠡᠮᠡᠭᠡᠨ ᠡᠷᠡ ᠠᠭᠲᠠᠳ ᠢ ᠬᠠᠷᠢᠶᠠᠵᠤ ᠦᠬᠦᠭᠦᠯᠪᠡᠢ ᠬᠠᠪᠤᠲᠤ ᠬᠠᠰᠠᠷ ᠢ ᠵᠠᠰᠠᠭ ᠠᠴᠠ ᠭᠠᠷᠭᠠᠰᠠᠢ ᠭᠡᠵᠦ ᠦᠭᠡ ᠥᠴᠢᠪᠡᠢ ᠡᠵᠡᠨ ᠵᠥᠪᠰᠢᠶᠡᠭᠡᠳ ᠥᠪᠡᠷ ᠦᠨ ᠵᠢᠭᠦᠷ ᠲᠦ ᠬᠤᠯᠠ ᠮᠣᠷᠢᠨ ᠢᠶᠠᠨ ᠤᠨᠤᠭᠤᠯᠵᠤ ᠠᠪᠴᠤ ᠢᠷᠡᠵᠦ ᠬᠠᠷᠪᠤᠭᠤᠯᠪᠠᠢ ᠬᠠᠰᠠᠷ ᠤᠨ ᠪᠡᠶ᠎ᠡ ᠪᠠᠷᠢᠶᠠᠨᠬᠦᠯᠢᠶᠡᠰᠦᠨ ᠲᠤᠷ ᠵᠣᠪᠠᠭᠰᠠᠨ ᠤ ᠲᠤᠯᠠ ᠬᠡᠯᠲᠦᠷᠬᠢᠯᠡᠨ ᠪᠠᠶᠢᠵᠤ ᠡᠪᠦᠳᠦᠭ ᠦᠨ ᠨᠢᠳᠦᠨ ᠦ ᠭᠡᠴᠡ ᠠᠨᠤ ᠬᠠᠷᠪᠤᠪᠠᠢ ᠲᠡᠷᠡ ᠡᠮᠡᠭᠡᠨ ᠬᠠᠪᠢᠷᠭ ᠠ ᠪᠠᠷ ᠤᠨᠠᠵᠤ ᠦᠬᠦᠬᠦᠢ ᠲᠦᠷ ᠢᠶᠡᠨ ᠬᠠᠰᠠᠷ ᠤᠨ ᠨᠤᠭᠤᠨ ᠦᠷᠡ ᠢᠨᠤ
terigütü kümün=dü γartaba qara terigün minu qubiraquy=a bolba gebe Boγda-Ejen ögülerün qaγan činu qubilγan gele ünen=iyen kele gejü jarliγ bolba Bodong ögülerün örlöge qoor=a=tu sijaγan sira eriyen moγai bolqu tegün=tür bariju ülü bolqu üdedü kürin eriyen bars bolqu tegün=tür bariju ülü bolqu üdesi γou=a sira köbegün bolju qatun=luγ=a naγadču saγuqu bui tegün=tür bariju bolqu gejü kelebe tedüi tere kümün=i üge abuγad tendeče Ejen-Boγda Tangγud irgen=ü jaq=a=tu kürčü ečitele Sidurγu-qaγan=u Rngγ=a ijaγur=tu emegen Mongγol=un čirig=i uγtuju ireged ere aγtad=i qariyaju ükügülbei ejen=tür Sübegedei-baγatur öčirün ene emegen ere aγtad=i qariyaju ükügülbei Qabutu-Qasar=i jasaγ=ača γarγasai gejü üge öčibei ejen jöbsiyeged öber=ün jigür=tü qula morin=iyan unuγulju abču irejü qarbuγulbai Qasar=un bey=e bariyan(küliyesün)=tur jobaγsan=u tula keltürkilen bayiju ebüdüg=ün nidün=ü=geče anu qarbubai tere emegen qabirγ=a=bar unaju üküküi=tür=iyen Qasar=un nuγun üre inu
124a
ᠰᠢᠷᠬᠠ ᠲᠤ ᠡᠩᠭᠦᠷᠡ ᠪᠣᠯᠲᠤᠭᠠᠢ ᠥᠬᠢᠨ ᠦᠷᠡ ᠴᠢᠨᠤ ᠡᠷᠡᠳᠡᠭᠡᠨ ᠭᠡᠭᠡᠭᠳᠡᠲᠦᠭᠡᠢ ᠭᠡᠵᠦ ᠬᠠᠷᠢᠶᠠᠵᠤ ᠦᠬᠦᠪᠡᠢ ᠴᠢᠩᠭᠢᠰ ᠠᠯᠤᠱ ᠢ ᠵᠣᠷᠢᠵᠤ ᠬᠦᠷᠴᠦ ᠡᠰᠡ ᠭᠠᠮᠪᠤ ᠯᠦᠭᠡ ᠬᠠᠳᠬᠤᠯᠳᠤᠵᠤ ᠡᠰᠡ ᠭᠠᠮᠪᠤ ᠶᠢ ᠠᠪᠴᠤ ᠲᠡᠷᠮ᠎ᠡ ᠭᠡᠷ ᠲᠦ ᠴᠡᠭ ᠡ ᠲᠡᠢ ᠲᠡᠮᠡᠭᠡᠨ ᠠᠴᠢᠶ ᠠ ᠲᠤ  ᠲᠠᠢ ᠢᠷᠭᠡᠨ ᠢ ᠢᠨᠤ ᠦᠨᠡᠰᠦ ᠪᠡᠷ ᠬᠡᠶᠢᠰᠲᠡᠯᠡ ᠲᠣᠯᠢᠪᠠᠢ ᠳᠣᠪᠲᠣᠯᠪᠠᠢ ᠡᠷᠡᠬᠦᠨ ᠡᠷᠬᠦᠦ ᠣᠮᠣᠬᠠᠨ ᠰᠠᠶᠢᠳ ᠲᠠᠩᠭᠤᠳ ᠢ ᠬᠢᠳᠠᠵᠤ ᠡᠶᠢᠮᠦ ᠲᠡᠶᠢᠮᠦ ᠡᠳᠦᠢ ᠲᠡᠳᠦᠢ ᠲᠠᠩᠭᠤᠳ ᠢᠷᠭᠡᠨ ᠢ ᠴᠢᠷᠢᠭ ᠦᠨ ᠬᠦᠮᠦᠨ ᠪᠠᠷᠢᠭᠰᠠᠪᠠᠷ ᠣᠯᠤᠭᠰᠠᠨ ᠢᠶᠠᠨ ᠠᠪᠤᠳᠬᠤᠨ ᠬᠡᠮᠡᠨ ᠵᠠᠷᠯᠢᠭ ᠪᠣᠯᠪᠠ ᠴᠠᠰᠤᠲᠤ ᠲᠠᠬᠢᠷ ᠠᠴᠠ ᠬᠥᠳᠡᠯᠵᠦ ᠳᠥᠷᠮᠡᠭᠡᠢ ᠪᠠᠯᠭᠠᠰᠤᠨ ᠢ ᠣᠷᠣᠭᠤᠯᠵᠤ ᠰᠢᠳᠤᠷᠭᠤ ᠬᠠᠭᠠᠨ ᠢ ᠮᠣᠭᠠᠢ ᠪᠣᠯᠤᠭᠰᠠᠨ ᠴᠠᠭ ᠲᠤᠷ ᠢᠨᠤ ᠡᠵᠡᠨ ᠭᠠᠷᠤᠳᠢ ᠪᠣᠯᠪᠠᠢ ᠪᠠᠷᠰ ᠪᠣᠯᠤᠭᠰᠠᠨ ᠴᠠᠭ ᠲᠤᠷ ᠢᠨᠤ ᠡᠵᠡᠨ ᠠᠷᠰᠯᠠᠨ ᠪᠣᠯᠪᠠᠢ ᠬᠥᠪᠡᠭᠦᠨ ᠪᠣᠯᠤᠭᠰᠠᠨ ᠴᠠᠭ ᠳᠤᠷ ᠢᠨᠤ ᠡᠵᠡᠨ ᠡᠪᠦᠭᠡᠨ ᠪᠣᠯᠵᠤ ᠪᠠᠷᠢᠪᠠᠢ ᠰᠢᠳᠤᠷᠭᠤ ᠬᠠᠭᠠᠨ ᠡᠵᠡᠨ ᠲᠦᠷ ᠦᠭᠡ ᠥᠭᠦᠯᠡᠷᠦᠨ ᠨᠠᠮᠠᠶᠢ ᠪᠦᠦ ᠠᠯᠠ ᠴᠣᠯᠮᠠᠨ ᠢ ᠪᠠᠷᠢᠵᠤ ᠳᠠᠶᠢᠰᠤᠨ ᠬᠦᠶᠢᠲᠡᠨ ᠦᠭᠡᠢ ᠪᠣᠯᠭᠠᠰᠤ ᠮᠡᠴᠢᠳ ᠢ ᠪᠠᠷᠢᠵᠤ ᠵᠤᠳ ᠬᠢᠷᠠᠭᠤ ᠲᠤᠷᠠᠬᠠᠨ ᠦᠭᠡᠢ ᠪᠣᠯᠭᠠᠰᠤ ᠨᠠᠮᠠᠶᠢ ᠠᠯᠠᠪᠠᠰᠤ ᠠᠮᠢᠨ ᠲᠤᠷ ᠴᠢᠨᠤ ᠮᠠᠭᠤ ᠡᠰᠡ ᠠᠯᠠᠪᠠᠰᠤ ᠦᠷ ᠡ ᠲᠦᠷ ᠴᠢᠨᠤ ᠮᠠᠭᠤ ᠭᠡᠵᠦ ᠡᠶᠢᠮᠦ ᠦᠭᠡ ᠠᠶᠢᠯᠠᠳᠬᠠᠪᠠ ᠡᠵᠡᠨ ᠲᠡᠭᠦᠨ ᠦ ᠦᠭᠡᠨ ᠲᠦᠷ ᠡᠰᠡ ᠪᠣᠯᠤᠭᠠᠳ ᠬᠠᠷᠪᠤᠵᠤ ᠴᠠᠪᠴᠢᠵᠤ ᠡᠰᠡ ᠳᠠᠭᠠᠯᠭᠠᠪᠠᠢ ᠰᠢᠳᠤᠷᠭᠤ ᠬᠠᠭᠠᠨ ᠥᠭᠦᠯᠡᠷᠦᠨ ᠪᠡᠶ ᠡ ᠶᠢ ᠮᠢᠨᠤ ᠴᠠᠪᠴᠢᠵᠤ ᠬᠠᠷᠪᠤᠵᠤ ᠡᠰᠡ ᠳᠠᠭᠠᠯᠭᠠᠪᠠᠢ
sirqa=tu enggüre boltuγai ökin üre činu eredegen gegegdetügei gejü qariyaju ükübei Činggis Aluš=i joriju kürčü Ese-Gambu=lüge qadqulduju Ese-Gambu=yi abču term=e ger=tü (čeg=e=tei) temegen ačiy=a=tu (=tai) irgen=i inu ünesü=ber keyistele tolibai (dobtolbai) erekün (erküü) omoqan sayid Tangγud=i kidaju eyimü teyimü (edüi tedüi) Tangγud irgen=i čirig=ün kümün bariγsabar oluγsan=iyan abudqun kemen jarliγ bolba Časutu-Takir=ača ködeljü Dörmegei-balγasun=i oroγulju Sidurγu-qaγan=i moγai boluγsan čaγ=tur inu ejen garudi bolbai bars boluγsan čaγ=tur inu ejen arslan bolbai köbegün boluγsan čaγ=dur inu ejen ebügen bolju baribai Sidurγu-qaγan ejen=tür üge ögülerün namayi büü ala čolman=i bariju dayisun (küyiten) ügei bolγasu mečid=i bariju jud (kiraγu) turaqan ügei bolγasu namayi alabasu amin=tur činu maγu ese alabasu ür=e=tür činu maγu gejü eyimü üge ayiladqaba ejen tegün=ü ügen=tür ese boluγad qarbuju čabčiju ese daγalγabai Sidurγu-qaγan ögülerün bey=e=yi minu čabčiju qarbuju ese daγalγabai
124b
ᠲᠠ ᠮᠢᠨᠤ ᠤᠯᠠᠨ ᠲᠤᠷ ᠭᠤᠷᠪᠠ ᠬᠤᠭᠤᠰᠬᠢᠵᠦ ᠡᠪᠬᠡᠭᠰᠡᠨ ᠡᠷᠢᠶᠡᠨ ᠬᠣᠰᠢᠯᠠᠩ ᠪᠤᠢ ᠲᠡᠭᠦᠪᠡᠷ ᠪᠣᠭᠣᠵᠤ ᠠᠯᠠ ᠭᠡᠪᠡ ᠮᠥᠨ ᠲᠡᠷᠡ ᠬᠣᠰᠢᠯᠠᠩ ᠢ ᠠᠪᠴᠤ ᠪᠣᠭᠣᠵᠤ ᠠᠯᠠᠬᠤᠢ ᠲᠤᠷ ᠨᠠᠮᠠᠶᠢ ᠡᠳᠦᠭᠡ ᠪᠣᠭᠣᠵᠤ ᠠᠯᠠᠬᠤ ᠪᠣᠯᠤᠰᠠ ᠬᠣᠶᠢᠲᠤ ᠦᠷᠡ ᠴᠢᠨᠤ ᠨᠠᠳᠤᠷ ᠠᠳᠠᠯᠢ ᠪᠣᠭᠣᠮᠢᠯᠠᠭᠳᠠᠬᠤ ᠪᠣᠯᠲᠤᠭᠠᠢ ᠬᠦᠷᠪᠡᠯᠵᠢᠨ ᠭᠣᠤ ᠠ ᠬᠠᠲᠤᠨ ᠢ ᠮᠢᠨᠤ ᠬᠠᠷᠠ ᠬᠢᠮᠤᠰᠤᠨ ᠠᠴᠠ ᠡᠬᠢᠯᠡᠨ ᠪᠦᠭᠦᠳᠡ ᠶᠢ ᠨᠡᠩᠵᠢᠳᠬᠦᠨ ᠭᠡᠵᠦ ᠬᠡᠯᠡᠭᠡᠳ ᠦᠬᠦᠪᠡᠢ ᠡᠵᠡᠨ ᠪᠣᠭᠳᠠ ᠬᠦᠷᠪᠡᠯᠵᠢᠨ ᠭᠣᠤ ᠠ ᠬᠠᠲᠤᠨ ᠢ ᠠᠪᠤᠪᠠᠢ ᠬᠦᠷᠪᠡᠯᠵᠢᠨ ᠭᠣᠤ ᠠ ᠬᠠᠲᠤᠨ ᠢ ᠥᠩᠭᠡ ᠶᠢ ᠡᠵᠡᠨ ᠡᠬᠢᠯᠡᠨ ᠶᠡᠬᠡ ᠤᠯᠤᠰ ᠭᠠᠶᠢᠬᠠᠯᠳᠤᠪᠠᠢ ᠬᠦᠷᠪᠡᠯᠵᠢᠨ ᠭᠣᠤ ᠠ ᠬᠠᠲᠤᠨ ᠥᠭᠦᠯᠡᠷᠦᠨ ᠡᠨᠡ ᠥᠩᠭᠡ ᠮᠢᠨᠤ ᠲᠠᠨ ᠤ ᠴᠢᠷᠢᠭ ᠦᠨ ᠲᠣᠭᠣᠰᠤᠨ᠎ᠠ ᠬᠢᠷᠲᠦᠪᠡᠢ ᠡᠭᠦᠨ ᠡᠴᠡ ᠤᠷᠢᠳ ᠢᠯᠡᠭᠦᠦ ᠭᠣᠤ᠎ᠠ ᠪᠥᠯᠦᠭᠡ ᠡᠳᠦᠭᠡ ᠤᠰᠤᠨ ᠲᠤᠷ ᠤᠬᠢᠶᠠᠪᠠᠰᠤ ᠦᠯᠡᠮᠵᠢ ᠭᠣᠤ᠎ᠠ ᠪᠣᠯᠤᠮᠤᠢ ᠬᠡᠮᠡᠪᠡᠢ ᠡᠨᠡ ᠦᠭᠡᠨ ᠲᠦᠷ ᠡᠵᠡᠨ ᠪᠣᠭᠳᠠ ᠤᠰᠤᠨ ᠲᠤ ᠤᠬᠢᠶ᠎ᠠ ᠭᠡᠵᠦ ᠢᠯᠡᠭᠡᠪᠡᠢ ᠲᠡᠷᠡ ᠬᠠᠲᠤᠨ ᠤᠰᠤᠨ ᠤ ᠬᠢᠵᠠᠭᠠᠷ᠎ᠠ ᠶᠠᠪᠤᠭᠴᠢ ᠬᠥᠬᠡ ᠪᠣᠯᠵᠣᠮᠣᠷᠢ ᠪᠠᠷᠢᠵᠤ ᠰᠡᠭᠦᠯ ᠲᠦᠷ ᠢᠨᠤ ᠪᠢᠴᠢᠭ ᠪᠢᠴᠢᠵᠦ ᠪᠢ ᠡᠨᠡ ᠤᠰᠤᠨ ᠲᠤᠷ ᠦᠬᠦᠬᠦ ᠪᠤᠢ ᠪᠡᠶ ᠡ ᠶᠢ ᠮᠢᠨᠤ ᠤᠷᠤᠭᠤ ᠪᠦᠦ ᠡᠷᠢ ᠥᠭᠡᠳᠡ ᠡᠷᠢ ᠭᠡᠵᠦ ᠡᠴᠢᠭᠡ ᠲᠦᠷ ᠢᠶᠡᠨ ᠢᠯᠡᠭᠡᠪᠡᠢ ᠥᠬᠢᠨ ᠢᠶᠡᠨ ᠦᠭᠡ ᠪᠡᠷ ᠡᠷᠢᠵᠦ ᠭᠣᠣᠯ ᠥᠭᠡᠳᠡ ᠡᠷᠢᠭᠡᠳ ᠠᠪᠴᠤ ᠣᠩᠭᠣᠯᠠᠬᠤᠢ ᠲᠤᠷ ᠲᠣᠯᠣᠭᠠᠢ ᠶᠢᠨ ᠨᠢᠵᠡᠭᠡᠳ ᠲᠤᠯᠤᠮ ᠢᠶᠠᠷ ᠰᠢᠷᠤᠢ ᠠᠰᠬᠠᠵᠤ ᠣᠩᠭᠣᠯᠠᠪᠠᠢ ᠴᠣᠭᠴᠠ ᠬᠡᠭᠦᠷ ᠢᠨᠤ ᠲᠡᠮᠦᠷ ᠣᠯᠬᠤ ᠭᠡᠬᠦ ᠲᠡᠷᠡ ᠮᠥᠷᠡᠨ ᠢ
ta minu ulan=tur γurba quγuskijü ebkegsen eriyen qosilang bui tegüber boγoju ala gebe mön tere qosilang=i abču boγoju alaqui=tur namayi edüge boγoju alaqu bolusa qoyitu üre činu nadur adali boγomilaγdaqu boltuγai Kürbeljin-Γou=a-qatun=i minu qara kimusun=ača ekilen bügüde=yi nengjidkün gejü keleged ükübei Ejen-Boγda Kürbeljin-Γou=a-qatun=i abubai Kürbeljin-Γou=a-qatun=i öngge=yi ejen ekilen yeke ulus γayiqaldubai Kürbeljin-Γou=a-qatun ögülerün ene öngge minu tan=u čirig=ün toγosun=a kirtübei egün=eče urid ilegüü γou=a bölüge edüge usun=tur ukiyabasu ülemji γou=a bolumui kemebei ene ügen=tür Ejen-Boγda usun=tu ukiy=a gejü ilegebei tere qatun usun=u kijaγar=a yabuγči köke boljomori bariju segül=tür inu bičig bičijü bi ene usun=tur ükükü bui bey=e=yi minu uruγu büü eri ögede eri gejü ečige=tür=iyen ilegebei ökin=iyen üge=ber erijü γool ögede eriged abču ongγolaqui=tur toloγai=yin nijeged tulum=iyar sirui asqaju ongγolabai čoγča (kegür) inu temür olqu gekü tere mören=i
125a
ᠬᠠᠲᠤᠨ ᠤ ᠭᠣᠣᠯ ᠭᠡᠬᠦ ᠲᠠᠩᠭᠤᠳ ᠤᠯᠤᠰ ᠢ ᠣᠷᠣᠭᠤᠯᠵᠤ ᠰᠢᠳᠤᠷᠭᠤ ᠬᠠᠭᠠᠨ ᠢ ᠠᠯᠠᠵᠤ ᠳᠥᠷᠮᠡᠭᠡᠢ ᠪᠠᠯᠭᠠᠰᠤᠨ ᠢ ᠡᠪᠳᠡᠵᠦ ᠬᠦᠷᠪᠡᠯᠵᠢᠨ ᠭᠣᠤ ᠠ ᠬᠠᠲᠤᠨ ᠢ ᠠᠪᠴᠤ ᠲᠠᠩᠭᠤᠳ ᠢᠷᠭᠡᠨ ᠢ ᠤᠷᠤᠭ ᠤᠨ ᠤᠷᠤᠭ᠎ᠠ ᠬᠦᠷᠲᠡᠯᠡ ᠮᠣᠬᠠᠯᠢ ᠮᠥᠱᠭᠦᠯᠢ ᠦᠭᠡᠢ ᠪᠣᠯᠭᠠᠨ ᠠᠪᠤᠭᠠᠳ ᠲᠠᠩᠭᠤᠳ ᠢᠷᠭᠡᠨ ᠡᠴᠡ ᠶᠣᠰᠤᠢ ᠬᠠᠲᠤᠨ ᠲᠤᠷ ᠮᠠᠰᠢ ᠣᠯᠠᠨ ᠥᠭᠪᠡ ᠲᠡᠷᠡ ᠠᠶᠠᠨ ᠲᠤᠷ ᠯᠤᠤᠪᠠᠨ ᠬᠠᠨ ᠢ ᠵᠤᠰᠠᠵᠤ ᠳᠥᠷᠮᠡᠭᠡᠢ ᠪᠠᠯᠭᠠᠰᠤᠨ᠎ᠠ ᠪᠣᠭᠳᠠ ᠡᠵᠡᠨ ᠬᠦᠨᠳᠦ ᠬᠠᠯᠤᠭᠤᠴᠢᠵᠤ ᠠᠯᠲᠠᠨ ᠠᠮᠢᠨ ᠢᠶᠠᠨ ᠭᠠᠷᠬᠤᠢ ᠴᠠᠭ ᠲᠤᠷ ᠵᠠᠷᠯᠢᠭ ᠪᠣᠯᠤᠷᠤᠨ ᠬᠦᠳᠡᠷ ᠮᠡᠲᠦ ᠳᠥᠷᠪᠡᠨ ᠳᠡᠭᠦᠦ ᠬᠦᠯᠦᠭ ᠮᠡᠲᠦ ᠳᠥᠷᠪᠡᠨ ᠬᠥᠪᠡᠭᠦᠳ ᠲᠠᠪᠤᠨ ᠥᠩᠭᠡ ᠳᠥᠷᠪᠡᠨ ᠬᠠᠷᠢ ᠤᠯᠤᠰ ᠮᠢᠨᠤ ᠰᠣᠨᠣᠰᠤᠭᠲᠤᠨ ᠲᠠ ᠰᠤᠷ ᠳᠥᠷᠥᠭᠡ ᠰᠤᠨᠲᠠᠯᠠ ᠲᠡᠮᠦᠷ ᠳᠥᠷᠥᠭᠡ ᠳᠥᠯᠥᠷᠡᠲᠡᠯᠡ ᠵᠢᠭᠶᠢᠵᠦ ᠶᠡᠬᠡ ᠤᠯᠤᠰ ᠢᠶᠠᠨ ᠵᠣᠪᠠᠨ ᠵᠥᠭᠡᠵᠦ ᠵᠣᠩᠬᠢᠯᠠᠨ ᠬᠤᠷᠢᠶᠠᠬᠤᠢ ᠴᠠᠭ ᠲᠤᠷ ᠡᠨᠡ ᠮᠡᠲᠦ ᠵᠣᠪᠠᠯᠠᠩ ᠶᠢ ᠡᠰᠡ ᠦᠵᠢᠯᠦᠭᠡ ᠪᠢ ᠡᠷᠡᠮᠡᠭ ᠴᠠᠭᠠᠭᠴᠢᠨ ᠢᠶᠠᠨ ᠤᠨᠤᠵᠤ ᠡᠢᠰᠢᠭᠡᠨ ᠳᠠᠬᠤ ᠪᠠᠨ ᠪᠥᠭᠲᠥᠷᠴᠦ ᠡᠩ ᠶᠡᠬᠡ ᠤᠯᠤᠰ ᠢᠶᠠᠨ ᠵᠣᠪᠠᠨ ᠵᠣᠩᠬᠢᠯᠠᠨ ᠬᠤᠷᠢᠶᠠᠬᠤᠢ ᠴᠠᠭ ᠲᠤᠷ ᠡᠶᠢᠮᠦ ᠵᠣᠪᠠᠯᠠᠩ ᠢ ᠡᠰᠡ ᠦᠵᠡᠯᠦᠭᠡ ᠪᠢ ᠡᠷᠲᠡ ᠤᠷᠢᠳᠠ ᠲᠥᠷᠥᠯ ᠦᠨ ᠥᠷᠢ ᠲᠥᠯᠥᠭᠡᠰᠦ ᠪᠣᠯᠪᠠᠤ ᠡᠳᠦᠭᠡ ᠡᠨᠡ ᠲᠥᠷᠥᠯ ᠦᠨ ᠵᠣᠪᠠᠯᠠᠩ ᠪᠣᠯᠪᠠᠤ ᠬᠡᠮᠡᠭᠡᠳ ᠡᠵᠡᠨ ᠪᠣᠭᠳᠠ ᠡᠶᠢᠨ ᠵᠠᠷᠯᠢᠭ ᠪᠣᠯᠤᠷᠤᠨ ᠡᠳᠦᠨ ᠪᠦᠭᠦᠳᠡ ᠰᠠᠶᠢᠳ ᠮᠢᠨᠤ ᠬᠠᠷᠢᠭᠤ ᠥᠭᠦᠭᠲᠦᠨ ᠲᠠ ᠭᠡᠵᠦ ᠵᠠᠷᠯᠢᠭ ᠪᠣᠯᠪᠠᠰᠤ ᠰᠥᠨᠢᠳ ᠦᠨ ᠭᠥᠯᠥᠭᠡᠳᠡᠢ ᠪᠠᠭᠠᠲᠤᠷ
Qatun=u-γool gekü # Tangγud ulus=i oroγulju Sidurγu-qaγan=i alaju Dörmegei-balγasun=i ebdejü Kürbeljin-Γou=a-qatun=i abču Tangγud irgen=i uruγ=un uruγ=a kürtele moqali möšgüli ügei bolγan abuγad Tangγud irgen=eče Yosui-qatun=tur masi olan ögbe tere ayan=tur Luuban-qan=i jusaju Dörmegei-balγasun=a Boγda-Ejen kündü qaluγučiju altan amin=iyan γarqui čaγ=tur jarliγ bolurun küder metü dörben degüü külüg metü dörben köbegüd tabun öngge dörben qari ulus minu sonosuγtun ta sur döröge suntala temür döröge dölöretele jigyijü yeke ulus=iyan joban jögejü jongkilan quriyaqui čaγ=tur ene metü jobalang=yi ese üjilüge bi # eremeg čaγaγčin=iyan unuju e<i>sigen daqu=ban bögtörčü eng yeke ulus=iyan joban jongkilan quriyaqui čaγ=tur eyimü jobalang=i ese üjelüge bi # erte urida töröl=ün öri tölögesü bolbau edüge ene töröl=ün jobalang bolbau kemeged Ejen-Boγda eyin jarliγ bolurun edün bügüde sayid minu qariγu ögügtün ta gejü jarliγ bolbasu Sönid=ün Gölögedei-baγatur
125b
ᠥᠴᠢᠷᠦᠨ ᠬᠠᠰ ᠪᠣᠯᠤᠭᠰᠠᠨ ᠲᠥᠷᠥ ᠪᠣᠭᠣᠨᠢᠳᠤᠮ ᠵ᠎ᠠ ᠬᠠᠶᠢᠷᠠᠲᠤ ᠪᠥᠷᠲᠡᠭᠡᠯᠵᠢᠨ ᠰᠡᠴᠡᠨ ᠬᠠᠲᠤᠨ ᠴᠢᠨᠤ ᠦᠬᠦᠮ ᠵ᠎ᠠ ᠬᠠᠰᠠᠷ ᠪᠡᠯᠭᠡᠲᠡᠢ ᠬᠣᠶᠠᠷ ᠴᠢᠨᠤ ᠪᠥᠯᠦᠭᠡᠳᠦᠮ ᠵ᠎ᠠ ᠬᠠᠮᠤᠷᠤᠨ ᠵᠥᠭᠡᠭᠰᠡᠨ ᠣᠯᠠᠨ ᠤᠯᠤᠰ ᠴᠢᠨᠤ ᠬᠠᠮᠢᠭᠠᠰᠢ ᠶᠠᠭᠠᠰᠢ ᠲᠠᠷᠬᠠᠮ ᠵ᠎ᠠ ᠥᠨᠳᠥᠷ ᠪᠣᠯᠤᠭᠰᠠᠨ ᠲᠥᠷᠥ ᠴᠢᠨᠤ ᠪᠣᠭᠣᠨᠢᠳᠤᠮ ᠵ᠎ᠠ ᠥᠨᠢ ᠳᠡ ᠪᠠᠲᠤ ᠳᠠ ᠤᠴᠢᠷᠠᠭᠰᠠᠨ ᠪᠥᠷᠲᠡᠭᠡᠯᠵᠢᠨ ᠰᠡᠴᠡᠨ ᠬᠠᠲᠤᠨ ᠴᠢ ᠨᠤ ᠦᠬᠦᠮ ᠵ ᠵ᠎ᠠ ᠥᠭᠡᠳᠡᠢ ᠲᠡᠷᠢᠭᠦᠲᠡᠨ ᠬᠥᠪᠡᠭᠦᠳ ᠴᠢᠨᠤ ᠥᠨᠥᠴᠢᠳᠡᠮ ᠵ᠎ᠠ ᠥᠷᠢᠰᠦᠨ ᠵᠥᠭᠡᠭᠰᠡᠨ ᠣᠯᠠᠨ ᠤᠯᠤᠰ ᠴᠢᠨᠤ ᠥᠪᠡᠷᠡ ᠬᠦᠮᠦᠨ ᠨᠡᠢ ᠪᠣᠯᠤᠨ ᠲᠠᠷᠬᠠᠮ ᠵ᠎ᠠ ᠠᠭᠤᠯᠠ ᠪᠣᠯᠤᠭᠰᠠᠨ ᠲᠥᠷᠥ ᠴᠢᠨᠤ ᠪᠣᠭᠣᠨᠢᠳᠤᠮ ᠵ᠎ᠠ ᠣᠯᠵᠤ ᠲᠠᠬᠢᠭᠰᠠᠨ ᠠᠪᠤᠭᠰᠠᠨ ᠪᠥᠷᠲᠡᠭᠡᠯᠵᠢᠨ ᠰᠡᠴᠡᠨ ᠬᠠᠲᠤᠨ ᠴᠢᠨᠤ ᠦᠬᠦᠮ ᠵ᠎ᠠ ᠣᠴᠢᠬᠤ ᠬᠠᠴᠢᠭᠤ ᠬᠣᠶᠠᠷ ᠴᠢᠨᠤ ᠪᠦᠯᠡᠭᠡᠳᠦᠮ ᠵ᠎ᠠ ᠣᠯᠠᠨ ᠵᠥᠭᠡᠭᠰᠡᠨ ᠤᠯᠤᠰ ᠴᠢᠨᠤ ᠠᠭᠤᠯᠠ ᠲᠠᠶᠢᠭ᠎ᠠ ᠪᠦᠷᠢ ᠲᠠᠷᠬᠠᠮ ᠵ᠎ᠠ ᠬᠠᠩᠭᠠᠢ ᠬᠠᠨ ᠢ ᠬᠠᠵᠤᠭᠤᠯᠠᠵᠤ ᠨᠡᠭᠦᠮ ᠵ᠎ᠠ ᠬᠠᠲᠤᠨ ᠬᠥᠪᠡᠭᠦᠳ ᠴᠢ ᠨᠤ ᠬᠦᠶᠢᠯᠡᠨ ᠬᠠᠶᠢᠯᠠᠨ ᠢᠷᠡᠮ ᠵ᠎ᠠ ᠲᠡᠭᠦᠨ ᠲᠦᠷ ᠨᠢᠭᠡᠨ ᠰᠠᠶᠢᠨ ᠰᠤᠷᠭᠠᠯ ᠦᠭᠡ ᠬᠡᠯᠡᠬᠦ ᠠᠵᠢᠶᠠᠮᠤ ᠥᠯᠭᠡ ᠥᠨᠳᠥᠷ ᠢ ᠥᠯᠭᠡᠯᠡᠨ ᠨᠡᠭᠦᠮ ᠵ᠎ᠠ ᠥᠬᠢᠳ ᠬᠥᠪᠡᠭᠦᠳ ᠴᠢ ᠨᠤ ᠬᠦᠶᠢᠯᠡᠨ ᠬᠠᠶᠢᠯᠠᠨ ᠢᠷᠡᠮ ᠵ᠎ᠠ ᠲᠡᠭᠦᠨ ᠳᠦᠷ ᠨᠢᠭᠡᠨ ᠰᠠᠶᠢᠨ ᠰᠤᠷᠭᠠᠯ ᠦᠭᠡ ᠬᠡᠯᠡᠬᠦ ᠠᠵᠢᠶᠠᠮᠤᠤ ᠨᠢᠷᠠᠢ ᠪᠡᠶ ᠡ ᠶᠢ ᠨᠢᠴᠠᠯᠬᠤᠶ᠎ᠠ ᠪᠡᠷᠬᠡ ᠪᠣᠯᠤᠨᠠᠮ ᠵ᠎ᠠ ᠬᠡᠷᠪᠡᠳᠡ ᠨᠢᠴᠠᠯᠪᠠᠰᠤ ᠨᠢᠷᠸᠠᠨ ᠤ ᠭᠠᠵᠠᠷ᠎ᠠ ᠵᠣᠯᠭᠠᠬᠤ ᠮᠠᠨ ᠤ
öčirün qas boluγsan törö boγonidum j=a qayiratu Börtegeljin-Sečen-qatun činu üküm j=a Qasar Belgetei qoyar činu bölügedüm j=a qamurun jögegsen olan ulus činu qamiγasi yaγasi tarqam j=a # öndör boluγsan törö činu boγonidum j=a öni=de batu=da učiraγsan Börtegeljin-Sečen-qatun či=nu üküm=j j=a Ögedei terigüten köbegüd činu önöčidem j=a örisün jögegsen olan ulus činu öbere kümün=nei bolun tarqam j=a # aγula boluγsan törö činu boγonidum j=a olju takiγsan (abuγsan) Börtegeljin-Sečen-qatun činu üküm j=a Očiqu Qačiγu qoyar činu bülegedüm j=a olan jögegsen ulus činu aγula tayiγ=a büri tarqam j=a # Qangγai-Qan=i qajuγulaju negüm j=a qatun köbegüd či=nu küyilen qayilan irem j=a tegün=tür nigen sayin surγal üge kelekü ajiyamu # Ölge-öndör=i ölgelen negüm j=a ökid köbegüd či=nu küyilen qayilan irem j=a tegün=dür nigen sayin surγal üge kelekü ajiyamuu # nirai bey=e=yi ničalquy=a berke bolunam j=a kerbede ničalbasu nirvan=u γajar=a jolγaqu man=u
126a
ᠦᠨᠡᠨ ᠪᠣᠯᠪᠠᠤ ᠡᠯᠡᠭᠦᠷ ᠪᠡᠶ ᠡ ᠶᠢ ᠡᠪᠳᠡᠬᠦᠶ᠎ᠡ ᠪᠡᠷᠬᠡ ᠪᠤᠢ ᠵ᠎ᠠ ᠬᠡᠷᠪᠡᠳᠡ ᠡᠪᠳᠡᠪᠡᠰᠦ ᠡᠩᠬᠡᠵᠢᠨ ᠦ ᠭᠠᠵᠠᠷ᠎ᠠ ᠵᠣᠯᠭᠠᠬᠤ ᠮᠠᠨ ᠤ ᠦᠨᠡᠨ ᠪᠣᠯᠪᠠᠤ ᠥᠷᠥᠭᠥᠰᠦᠨ ᠬᠣᠴᠣᠷᠤᠭᠰᠠᠨ ᠪᠥᠷᠲᠡᠭᠡᠯᠵᠢᠨ ᠰᠡᠴᠡᠨ ᠬᠠᠲᠤᠨ ᠲᠤ ᠴᠢᠨᠤ ᠥᠨᠥᠴᠢᠨ ᠬᠣᠴᠣᠷᠤᠭᠰᠠᠨ ᠥᠭᠡᠳᠡᠢ ᠲᠡᠷᠢᠭᠦᠲᠡᠨ ᠬᠥᠪᠡᠭᠦᠳ ᠲᠦᠷ ᠴᠢᠨᠤ ᠬᠥᠳᠡᠭᠡ ᠭᠠᠵᠠᠷ᠎ᠠ ᠤᠰᠤᠨ ᠵᠢᠭᠠᠵᠤ ᠬᠥᠲᠡᠯ ᠭᠠᠵᠠᠷ᠎ᠠ ᠵᠠᠮ ᠵᠢᠭᠠᠵᠤ ᠥᠭᠬᠦ ᠠᠵᠢᠶᠠᠮᠤ ᠬᠡᠮᠡᠨ ᠥᠴᠢᠪᠡᠰᠦ ᠴᠢᠩᠭᠢᠰ ᠬᠠᠭᠠᠨ ᠵᠠᠷᠯᠢᠭ ᠪᠣᠯᠤᠷᠤᠨ ᠡᠳᠦᠭᠡ ᠪᠦᠦ ᠦᠬᠦ ᠥᠷᠥᠭᠡᠰᠦᠨ ᠬᠣᠴᠣᠷᠤᠭᠰᠠᠨ ᠪᠥᠷᠲᠡᠭᠡᠯᠵᠢᠨ ᠰᠡᠴᠡᠨ ᠬᠠᠲᠤᠨ ᠲᠤ ᠮᠢᠨᠤ ᠥᠨᠥᠴᠢᠨ ᠬᠣᠴᠣᠷᠤᠭᠰᠠᠨ ᠥᠭᠡᠳᠡᠢ ᠲᠡᠷᠢᠭᠦᠲᠡᠨ ᠬᠥᠪᠡᠭᠦᠳ ᠲᠦᠷ ᠮᠢᠨᠤ ᠬᠥᠳᠡᠭᠡ ᠭᠠᠵᠠᠷ᠎ᠠ ᠤᠰᠤᠨ ᠬᠥᠲᠡᠯ ᠭᠠᠵᠠᠷ᠎ᠠ ᠵᠠᠮ ᠵᠢᠭᠠᠵᠤ ᠥᠭ ᠬᠠᠰ ᠴᠢᠯᠠᠭᠤᠨ ᠲᠤᠷ ᠠᠷᠠᠰᠤᠨ ᠦᠭᠡᠢ ᠬᠠᠲᠠᠨ ᠲᠥᠮᠥᠷ ᠲᠦ ᠲᠤᠷᠤᠰᠤᠨ ᠦᠭᠡᠢ ᠬᠠᠶᠢᠷᠠᠨ ᠲᠥᠷᠥᠭᠰᠡᠨ ᠪᠡᠶᠡᠨ ᠳᠦᠷ ᠮᠥᠩᠬᠡ ᠦᠭᠡᠢ ᠬᠠᠷᠢᠯ ᠪᠤᠴᠠᠯ ᠦᠭᠡᠢ ᠶᠠᠪᠤᠵᠤ ᠬᠠᠲᠠᠭᠤᠵᠢᠨ ᠰᠡᠳᠬᠢᠭᠲᠦᠨ ᠲᠠ ᠵᠠᠭᠤᠨ ᠦᠶᠢᠯᠡ ᠶᠢ ᠦᠶᠢᠯᠡᠳᠦᠨ ᠪᠦᠲᠦᠭᠡᠪᠡᠰᠦ ᠦᠶᠢᠯᠡ ᠶᠢᠨ ᠣᠬᠢ ᠦᠨᠡᠨ ᠦᠭᠡᠨ ᠲᠦᠷ ᠢᠶᠡᠨ ᠬᠦᠷᠦᠭᠰᠡᠨ ᠬᠦᠮᠦᠨ ᠦ ᠰᠡᠳᠬᠢᠯ ᠪᠡᠬᠢ ᠥᠴᠦᠬᠡᠨ ᠳᠤᠷᠠᠨ ᠢᠶᠠᠷ ᠶᠠᠪᠤᠵᠤ ᠣᠯᠠᠨ ᠯᠤᠭ᠎ᠠ ᠵᠣᠬᠢ ᠦᠨᠡᠨ ᠢᠶᠡᠷ ᠨᠡᠭᠦᠨ ᠨᠥᠬᠴᠢᠨ ᠡᠴᠢᠬᠦ ᠪᠡᠶ᠎ᠡ ᠲᠠᠨ ᠤ ᠪᠤᠢ ᠬᠣᠶᠢᠲᠤ ᠰᠠᠶᠢᠨ ᠲᠥᠷᠥ ᠪᠡᠨ ᠰᠠᠬᠢᠭᠲᠤᠨ ᠲᠠ ᠬᠤᠪᠢᠯᠠᠢ ᠬᠡᠭᠦᠬᠡᠨ ᠦ ᠦᠭᠡ ᠥᠪᠡᠷᠡ ᠪᠤᠢ ᠲᠡᠭᠦᠨ ᠦ ᠦᠭᠡ ᠪᠡᠷ ᠶᠠᠪᠤᠭᠲᠤᠨ ᠲᠠ ᠬᠡᠮᠡᠨ ᠵᠠᠷᠯᠢᠭ ᠪᠣᠯᠤᠭᠠᠳ ᠬᠣᠷᠢᠨ ᠬᠣᠶᠠᠳᠤᠭᠠᠷ ᠣᠨ ᠤᠯᠠᠭᠠᠴᠢᠨ ᠭᠠᠬᠠᠢ
ünen bolbau elegür bey=e=yi ebdeküy=e berke bui j=a kerbede ebdebesü engkejin=ü γajar=a jolγaqu man=u ünen bolbau # örögösün qočoruγsan Börtegeljin-Sečen-qatun=tu činu önöčin qočoruγsan Ögedei terigüten köbegüd=tür činu ködege γajar=a usun jiγaju kötel γajar=a jam jiγaju ögkü ajiyamu kemen öčibesü Činggis-qaγan jarliγ bolurun # edüge büü ükü örögesün qočoruγsan Börtegeljin-Sečen-qatun=tu minu önöčin qočoruγsan Ögedei terigüten köbegüd=tür minu ködege γajar=a usun kötel γajar=a jam jiγaju ög # qas čilaγun=tur arasun ügei qatan tömör=tü turusun ügei qayiran törögsen beyen=dür möngke ügei qaril bučal ügei yabuju qataγujin sedkigtün ta # jaγun üyile=yi üyiledün bütügebesü üyile=yin oki ünen ügen=tür=iyen kürügsen kümün=ü sedkil beki öčüken duran=iyar yabuju olan=luγ=a joki ünen=iyer negün nökčin ečikü bey=e tan=u bui # qoyitu sayin törö=ben sakiγtun ta Qubilai kegüken=ü üge öbere bui tegün=ü üge=ber yabuγtun ta kemen jarliγ boluγad qorin qoyaduγar on ulaγačin γaqai
126b
ᠵᠢᠯ ᠲᠦᠷ ᠵᠢᠷᠠᠨ ᠵᠢᠷᠭᠤᠭᠠᠨ ᠨᠠᠰᠤᠨ ᠲᠤᠷ ᠢᠶᠠᠨ ᠳᠣᠯᠣᠭᠠᠨ ᠰᠠᠷᠠᠶᠢᠨ ᠠᠷᠪᠠᠨ ᠬᠣᠶᠠᠷ᠎ᠠ ᠲᠩᠷᠢ ᠪᠣᠯᠪᠠ ᠬᠠᠰᠠᠭ ᠲᠡᠷᠭᠡᠨ ᠲᠦᠷ ᠬᠦᠯᠦᠭ ᠦᠨ ᠬᠦᠯᠵᠦ ᠬᠠᠭᠠᠨ ᠡᠵᠡᠨ ᠦ ᠠᠯᠲᠠᠨ ᠬᠡᠭᠦᠷ ᠢ ᠬᠠᠰᠠᠭ ᠲᠡᠷᠭᠡᠨ ᠲᠦᠷ ᠥᠷᠭᠥᠨ ᠲᠡᠭᠡᠵᠦ ᠬᠠᠷᠢᠵᠤ ᠥᠭᠡᠳᠡ ᠪᠣᠯᠭᠠᠨ ᠢᠷᠡᠬᠦᠢ ᠲᠦᠷ ᠰᠥᠨᠢᠳ ᠦᠨ ᠭᠢᠯᠦᠭᠡᠳᠡᠢ ᠪᠠᠭᠠᠲᠤᠷ ᠮᠠᠭᠲᠠᠷᠤᠨ ᠬᠠᠯᠢᠬᠤ ᠬᠠᠷᠴᠠᠭᠠᠢ ᠶᠢᠨ ᠵᠢᠭᠦᠷ ᠪᠣᠯᠤᠨ ᠣᠳᠪᠠᠤ ᠴᠢ ᠡᠵᠡᠨ ᠮᠢᠨᠤ ᠬᠠᠩᠭᠢᠨᠠᠬᠤ ᠲᠡᠷᠭᠡᠨ ᠦ ᠲᠡᠭᠡᠰᠢ ᠪᠣᠯᠪᠠᠤ ᠴᠢ ᠡᠵᠡᠨ ᠮᠢᠨᠤ ᠲᠣᠭᠣᠯᠢᠬᠤ ᠬᠠᠷᠴᠠᠭᠠᠢ ᠶᠢᠨ ᠵᠢᠭᠦᠷ ᠪᠣᠯᠤᠨ ᠣᠳᠪᠠᠤ ᠴᠢ ᠡᠵᠡᠨ ᠮᠢᠨᠤ ᠲᠣᠭᠣᠷᠢᠬᠤ ᠲᠡᠷᠭᠡᠨ ᠦ ᠲᠡᠭᠡᠰᠢ ᠪᠣᠯᠪᠠᠤ ᠴᠢ ᠡᠵᠡᠨ ᠮᠢᠨᠤ ᠵᠢᠷᠭᠢᠬᠦ ᠰᠢᠪᠠᠭᠤᠨ ᠤ ᠵᠢᠭᠦᠷ ᠪᠣᠯᠤᠨ ᠣᠳᠪᠠᠤ ᠴᠢ ᠡᠵᠡᠨ ᠮᠢᠨᠤ ᠵᠢᠷᠬᠢᠷᠠᠬᠤ ᠲᠡᠷᠭᠡᠨ ᠦ ᠲᠡᠭᠡᠰᠢ ᠪᠣᠯᠪᠠᠤ ᠴᠢ ᠡᠵᠡᠨ ᠮᠢᠨᠤ ᠭᠡᠵᠦ ᠮᠠᠭᠲᠠᠵᠤ ᠢᠷᠡᠲᠡᠯᠡ ᠮᠣᠨ ᠠ ᠶᠢᠨ ᠬᠥᠭᠡ ᠪᠡᠷ ᠲᠦᠷ ᠬᠦᠷᠦᠭᠡᠳ ᠬᠠᠰᠠᠭ ᠢᠨᠤ ᠪᠤᠯᠤ ᠴᠢᠨᠡᠭᠡ ᠰᠢᠭᠡᠳᠴᠦ ᠬᠥᠳᠡᠯᠭᠡᠨ ᠶᠠᠳᠠᠬᠤ ᠲᠤᠷ ᠲᠠᠪᠤᠨ ᠥᠩᠭᠡ ᠶᠢᠨ ᠬᠦᠯᠦᠭ ᠦᠳ ᠢ ᠬᠦᠯᠵᠦ ᠭᠠᠷᠭᠠᠨ ᠶᠠᠳᠠᠵᠤ ᠬᠦᠷ ᠤᠯᠤᠰ ᠵᠣᠪᠠᠬᠤᠢ ᠲᠤᠷ ᠰᠥᠨᠢᠳ ᠦᠨ ᠭᠢᠯᠦᠭᠡᠳᠡᠢ ᠪᠠᠭᠠᠲᠤᠷ ᠮᠥᠷᠭᠥᠨ ᠥᠴᠢᠪᠡᠢ ᠬᠥᠬᠡ ᠮᠥᠩᠬᠡ ᠲᠩᠷᠢ ᠲᠡᠴᠡ ᠵᠠᠶᠠᠭᠠᠪᠠᠷ ᠲᠥᠷᠥᠭᠰᠡᠨ ᠬᠦᠯᠦᠭ ᠪᠣᠭᠳᠠ ᠡᠵᠡᠨ ᠮᠢᠨᠤ ᠬᠦᠷ ᠶᠡᠬᠡ ᠤᠯᠤᠰ ᠢᠶᠠᠨ ᠣᠷᠬᠢᠵᠤ ᠬᠦᠷᠪᠡᠢ ᠴᠢ ᠳᠡᠭᠡᠳᠦ ᠲᠥᠷᠥᠯ ᠲᠡᠭᠡᠨ ᠲᠥᠪᠰᠢᠨ᠎ᠡ ᠪᠠᠶᠢᠭᠤᠯᠤᠭᠰᠠᠨ ᠲᠥᠷᠥ ᠴᠢᠨᠤ ᠲᠥᠷᠥᠯᠡᠨ ᠪᠠᠶᠢᠭᠤᠯᠤᠭᠰᠠᠨ ᠤᠯᠤᠰ ᠴᠢᠨᠤ ᠲᠡᠭᠦᠰ
jil=tür jiran jirγuγan nasun=tur=iyan doloγan sarayin arban qoyar=a tngri bolba # qasaγ tergen=tür külüg=ün küljü qaγan ejen=ü altan kegür=i qasaγ tergen=tür örgön tegejü qariju ögede bolγan ireküi=tür Sönid=ün Gilügedei-baγatur maγtarun # qaliqu qarčaγai=yin jigür bolun odbau či ejen minu qangginaqu tergen=ü tegesi bolbau či ejen minu toγoliqu qarčaγai=yin jigür bolun odbau či ejen minu toγoriqu tergen=ü tegesi bolbau či ejen minu jirgikü sibaγun=u jigür bolun odbau či ejen minu jirkiraqu tergen=ü tegesi bolbau či ejen minu gejü maγtaju iretele Mon=a=yin-köge=ber=tür kürüged qasaγ inu bulu činege sigedčü ködelgen yadaqu=tur tabun öngge=yin külüg=üd=i küljü γarγan yadaju kür ulus jobaqui=tur Sönid=ün Gilügedei-baγatur mörgön öčibei # köke möngke tngri=teče jayaγabar törögsen külüg Boγda-Ejen minu kür yeke ulus=iyan orkiju kürbei či degedü töröl=tegen # töbsin=e bayiγuluγsan törö činu törölen bayiγuluγsan ulus činu tegüs
127a
ᠬᠥᠷᠥᠭᠡᠯᠡᠭᠰᠡᠨ ᠬᠠᠲᠤᠨ ᠬᠥᠪᠡᠭᠦᠳ ᠴᠢᠨᠤ ᠲᠥᠷᠥᠭᠰᠡᠨ ᠬᠠᠨ ᠭᠠᠵᠠᠷ ᠤᠰᠤᠨ ᠴᠢᠨᠤ ᠲᠡᠨᠳᠡ ᠪᠥᠯᠦᠭᠡ ᠠᠷᠢᠭᠤᠨ᠎ᠠ ᠪᠠᠶᠢᠭᠤᠯᠤᠭᠰᠠᠨ ᠲᠥᠷᠥ ᠴᠢᠨᠤ ᠠᠯᠪᠠᠯᠠᠨ ᠪᠠᠶᠢᠭᠤᠯᠤᠭᠰᠠᠨ ᠤᠯᠤᠰ ᠴᠢᠨᠤ ᠠᠮᠠᠷᠠᠭ ᠤᠳ ᠬᠠᠲᠤᠨ ᠬᠥᠪᠡᠭᠦᠳ ᠴᠢᠨᠤ ᠠᠯᠲᠠᠨ ᠣᠷᠳᠣ ᠬᠠᠷᠰᠢ ᠴᠢᠨᠤ ᠲᠡᠨᠳᠡ ᠪᠥᠯᠦᠭᠡ ᠤᠷᠠᠨ᠎ᠠ ᠪᠠᠶᠢᠭᠤᠯᠤᠭᠰᠠᠨ ᠲᠥᠷᠥ ᠴᠢᠨᠤ ᠤᠴᠠᠷᠠᠯᠳᠤᠭᠰᠠᠨ ᠬᠠᠲᠤᠳ ᠬᠥᠪᠡᠭᠦᠳ ᠴᠢᠨᠤ ᠤᠷᠢᠳᠤ ᠵᠥᠭᠡᠭᠰᠡᠨ ᠣᠯᠠᠨ ᠤᠯᠤᠰ ᠴᠢᠨᠤ ᠤᠷᠤᠭ ᠡᠯᠢᠭᠡᠨ ᠴᠢᠨᠤ ᠲᠡᠨᠳᠡ ᠪᠥᠯᠦᠭᠡ ᠤᠷᠭᠤᠮᠠᠯ ᠤᠯᠤᠰ ᠢᠷᠭᠡᠨ ᠴᠢᠨᠤ ᠤᠬᠢᠶᠠᠭᠰᠠᠨ ᠤᠰᠤᠨ ᠴᠠᠰᠤᠨ ᠴᠢᠨᠤ ᠣᠯᠠᠨ ᠮᠣᠩᠭᠣᠯ ᠤᠯᠤᠰ ᠴᠢᠨᠤ ᠣᠨᠣᠨ ᠤ ᠳᠡᠯᠢᠭᠦᠨ ᠪᠣᠯᠳᠠᠭ᠎ᠠ ᠲᠥᠷᠥᠭᠰᠡᠨ ᠭᠠᠵᠠᠷ ᠴᠢᠨᠤ ᠲᠡᠨᠳᠡ ᠪᠥᠯᠦᠭᠡ ᠬᠡᠭᠡᠷ ᠠᠵᠢᠷᠭᠠᠨ ᠤ ᠬᠥᠬᠥᠯ ᠢᠶᠡᠷ ᠬᠢᠭᠰᠡᠨ ᠲᠤᠭ ᠰᠦᠯᠳᠡ ᠴᠢᠨᠤ ᠬᠡᠩᠭᠡᠷᠭᠡ ᠪᠦᠷᠢᠶ᠎ᠡ ᠤᠷᠢᠶ᠎ᠠ ᠴᠢᠨᠤ ᠬᠡᠯᠬᠦ ᠪᠦᠭᠦᠳᠡ ᠤᠯᠤᠰ ᠴᠢᠨᠤ ᠬᠡᠷᠦᠯᠡᠨ ᠦ ᠬᠥᠳᠡᠭᠡ ᠠᠷᠯᠠᠨ ᠬᠠᠨ ᠰᠠᠭᠤᠭᠰᠠᠨ ᠭᠠᠵᠠᠷ ᠴᠢᠨᠤ ᠲᠡᠨᠳᠡ ᠪᠥᠯᠦᠭᠡ ᠪᠦᠲᠦᠬᠦᠶᠢᠨ ᠤᠷᠢᠳᠠ ᠤᠴᠢᠷᠠᠭᠰᠠᠨ ᠪᠥᠷᠲᠡᠭᠡᠯᠵᠢᠨ ᠬᠠᠲᠤᠨ ᠴᠢᠨᠤ ᠪᠤᠶᠠᠨ ᠲᠤ ᠬᠠᠨ ᠭᠠᠵᠠᠷ ᠨᠤᠲᠤᠭ ᠤᠰᠤᠨ ᠴᠢᠨᠤ ᠪᠣᠭᠣᠷᠴᠢ ᠮᠤᠬᠠᠯᠢ ᠬᠣᠶᠠᠷ ᠠᠮᠠᠷᠠᠭ ᠨᠥᠬᠥᠷ ᠴᠢᠨᠤ ᠪᠦᠷᠢᠨ ᠶᠡᠬᠡ ᠶᠣᠰᠤᠨ ᠴᠢᠨᠤ ᠲᠡᠨᠳᠡ ᠪᠥᠯᠦᠭᠡ ᠬᠤᠪᠢᠯᠭᠠᠨ ᠢᠶᠠᠷ ᠤᠴᠠᠷᠠᠭᠰᠠᠨ ᠬᠤᠯᠠᠨ ᠬᠠᠲᠤᠨ ᠴᠢᠨᠤ ᠬᠤᠭᠤᠷ ᠴᠣᠭᠣᠷ ᠬᠥᠭ ᠳᠠᠭᠤᠨ ᠴᠢᠨᠤ ᠬᠣᠲᠠᠯᠠ ᠪᠦᠭᠦᠳᠡ ᠤᠯᠤᠰ ᠴᠢᠨᠤ ᠬᠤᠲᠤᠭ ᠲᠤ ᠬᠠᠨ ᠭᠠᠵᠠᠷ ᠤᠰᠤᠨ ᠴᠢᠨᠤ ᠲᠡᠨᠳᠡ ᠪᠥᠯᠦᠭᠡ ᠬᠠᠷᠢᠭᠤᠨ ᠠ ᠬᠠᠨ ᠢ
körögelegsen qatun köbegüd činu törögsen qan γajar usun činu tende bölüge # ariγun=a bayiγuluγsan törö činu albalan bayiγuluγsan ulus činu amaraγ=ud qatun köbegüd činu altan ordo qarsi činu tende bölüge # uran=a bayiγuluγsan törö činu učaralduγsan qatud köbegüd činu uridu jögegsen olan ulus činu uruγ eligen činu tende bölüge # urγumal ulus irgen činu ukiyaγsan usun časun činu olan Mongγol ulus činu Onon=u Deligün-boldaγ=a törögsen γajar činu tende bölüge # keger ajirγan=u kököl=iyer kigsen tuγ sülde činu kenggerge büriy=e uriy=a činu kelkü bügüde ulus činu Kerülen=ü Ködege-arlan qan saγuγsan γajar činu tende bölüge # bütüküyin urida učiraγsan Börtegeljin-qatun činu buyan=tu qan γajar nutuγ usun činu Boγorči Muqali qoyar amaraγ nökör činu bürin yeke yosun činu tende bölüge # qubilγan=iyar učaraγsan Qulan-qatun činu quγur čoγor kög daγun činu qotala bügüde ulus činu qutuγ=tu qan γajar usun činu tende bölüge # Qariγun=a-qan=i
127b
ᠳᠤᠯᠠᠭᠠᠨ ᠭᠡᠵᠦ ᠬᠠᠲᠤᠨ ᠬᠦᠷᠪᠡᠯᠵᠢᠨ ᠢ ᠭᠣᠤ᠎ᠠ ᠭᠡᠵᠦ ᠬᠠᠷᠢᠲᠠᠨ ᠲᠠᠩᠭᠤᠳ ᠤᠯᠤᠰ ᠢ ᠣᠯᠠᠨ ᠭᠡᠵᠦ ᠬᠠᠭᠤᠴᠢᠨ ᠮᠣᠩᠭᠣᠯ ᠢᠶᠠᠨ ᠡᠶᠢᠨ ᠲᠡᠪᠴᠢᠪᠡᠦ ᠴᠢ ᠡᠵᠡᠨ ᠮᠢᠨᠤ ᠬᠠᠶᠢᠷᠠᠲᠤ ᠠᠮᠢᠨ ᠴᠢᠨᠤ ᠭᠠᠷᠪᠠᠰᠤ ᠬᠠᠰ ᠡᠷᠳᠡᠨᠢ ᠮᠡᠲᠦ ᠬᠡᠭᠦᠷ ᠢ ᠴᠢᠨᠤ ᠠᠪᠴᠤ ᠬᠠᠷᠢᠶ᠎ᠠ ᠨᠢ ᠬᠠᠲᠤᠨ ᠪᠥᠷᠲᠡᠭᠡᠯᠵᠢᠨ ᠲᠦᠷ ᠴᠢᠨᠤ ᠦᠵᠦᠭᠦᠯᠦᠶ᠎ᠡ ᠨᠢ ᠬᠠᠮᠤᠭ ᠤᠯᠤᠰ ᠲᠤᠷ ᠴᠢᠨᠤ ᠬᠦᠷᠭᠡᠶ᠎ᠡ ᠨᠢ ᠬᠡᠮᠡᠨ ᠥᠴᠢᠪᠡᠰᠦ ᠬᠠᠨ ᠡᠵᠡᠨ ᠡᠨᠡᠷᠢᠨ ᠰᠣᠶᠣᠷᠬᠠᠪᠠᠢ ᠬᠠᠰᠠᠭ ᠲᠡᠷᠭᠡᠨ ᠬᠠᠩᠭᠠᠷᠢᠰ ᠤᠨ ᠬᠥᠳᠡᠯᠪᠡᠢ ᠬᠠᠮᠤᠭ ᠤᠯᠤᠰ ᠪᠠᠶᠠᠰᠬᠤᠯᠠᠩ ᠲᠤ ᠪᠣᠯᠪᠠᠢ ᠬᠠᠨ ᠶᠡᠬᠡ ᠭᠠᠵᠠᠷ᠎ᠠ ᠲᠡᠨᠳᠡ ᠬᠦᠷᠭᠡᠪᠡᠢ ᠬᠠᠮᠤᠭ ᠤᠨ ᠮᠥᠩᠬᠡ ᠬᠦᠷ ᠬᠡᠭᠦᠷ ᠲᠡᠨᠳᠡᠴᠡ ᠡᠭᠦᠰᠴᠦ ᠬᠠᠨ ᠵᠠᠶᠢᠰᠠᠩ ᠤᠳ ᠤᠨ ᠲᠤᠯᠭ᠎ᠠ ᠪᠣᠯᠵᠤ ᠬᠠᠮᠤᠭ ᠤᠯᠤᠰ ᠤᠨ ᠰᠢᠲᠦᠭᠡᠨ ᠪᠣᠯᠤᠭᠠᠳ ᠬᠠᠮᠤᠭ ᠤᠨ ᠮᠥᠩᠬᠡ ᠭᠠᠳᠠᠰᠤᠨ ᠨᠠᠢᠮᠠᠨ ᠴᠠᠭᠠᠨ ᠭᠡᠷ ᠪᠣᠯᠪᠠᠢ ᠵ᠎ᠠ ᠡᠵᠡᠨ ᠡᠨᠳᠡᠴᠡ ᠡᠴᠢᠬᠦᠢ ᠲᠦᠷ ᠪᠠᠭᠠᠷᠭᠠᠨ ᠵᠠᠷᠯᠢᠭ ᠪᠣᠯᠤᠭᠰᠠᠨ ᠤ ᠰᠢᠯᠲᠠᠭᠠᠪᠠᠷ ᠡᠳᠦᠭᠡ ᠲᠤᠭᠠᠷ ᠬᠠᠰᠠᠭ ᠲᠡᠷᠭᠡ ᠪᠤᠯᠤ ᠴᠢᠨᠡᠭᠡᠨ ᠰᠢᠭᠡᠳᠪᠡᠢ ᠡᠩ ᠶᠡᠬᠡ ᠤᠯᠤᠰ ᠲᠤ ᠬᠤᠳᠠᠯ ᠲᠤᠩᠬᠠᠭ ᠥᠭᠴᠦ ᠡᠮᠦᠰᠦᠭᠰᠡᠨ ᠴᠠᠮᠴᠠ ᠥᠷᠭᠥᠭᠡ ᠥᠷᠥᠭᠡᠰᠦᠨ ᠭᠡᠷ ᠤᠷᠢᠶᠠᠰᠤᠨ ᠣᠶᠢᠮᠠᠰᠤᠨ ᠢ ᠲᠡᠨᠳᠡ ᠣᠩᠭᠣᠯᠠᠪᠠ ᠦᠨᠡᠨ ᠬᠡᠭᠦᠷ ᠢ ᠢᠨᠤ ᠵᠠᠷᠢᠮ ᠤᠳ ᠪᠤᠷᠬᠠᠨ ᠬᠠᠯᠳᠤᠨ ᠠ ᠲᠤᠷ ᠣᠩᠭᠣᠯᠠᠪᠠ ᠭᠡᠬᠦ ᠵᠠᠷᠢᠮ ᠤᠳ ᠠᠯᠲᠠᠢ ᠬᠠᠨ ᠤ ᠠᠷᠤ ᠲᠤ ᠬᠡᠨᠲᠡᠢ ᠬᠠᠨ ᠤ ᠡᠪᠦᠷ ᠲᠦ ᠶᠡᠬᠡ ᠥᠲᠡᠭ ᠨᠡᠷᠡᠲᠦ ᠭᠠᠵᠠᠷ᠎ᠠ ᠣᠩᠭᠣᠯᠠᠪᠠ
dulaγan gejü qatun Kürbeljin=i γou=a gejü qaritan Tangγud ulus=i olan gejü qaγučin Mongγol=iyan eyin tebčibeü či ejen minu # qayiratu amin činu γarbasu qas erdeni metü kegür=i činu abču qariy=a ni qatun Börtegeljin=tür činu üjügülüy=e ni qamuγ ulus=tur činu kürgey=e ni kemen öčibesü qan ejen enerin soyorqabai qasaγ tergen qangγaris=un ködelbei qamuγ ulus bayasqulang=tu bolbai qan yeke γajar=a tende kürgebei # qamuγ=un möngke kür (kegür) tendeče egüsčü qan jayisang=ud=un tulγ=a bolju qamuγ ulus=un sitügen boluγad qamuγ=un möngke γadasun naiman čaγan ger bolbai j=a # ejen endeče ečiküi=tür baγarγan jarliγ boluγsan=u siltaγabar edüge tuγar qasaγ terge bulu činegen sigedbei eng yeke ulus=tu qudal tungqaγ ögčü emüsügsen čamča örgöge (örögesün) ger uriyasun oyimasun=i tende ongγolaba ünen kegür=i inu jarim=ud Burqan-Qaldun=a=tur ongγolaba gekü jarim=ud Altai-Qan=u aru=tu Kentei-Qan=u ebür=tü Yeke-Öteg neretü γajar=a ongγolaba
128a
ᠭᠡᠬᠦ ᠪᠤᠶᠤ ᠰᠣᠳᠤ ᠪᠣᠭᠳᠠ ᠴᠢᠩᠭᠢᠰ ᠬᠠᠭᠠᠨ ᠤ ᠬᠥᠳᠡᠯᠦᠰᠢ ᠦᠭᠡᠢ ᠬᠦᠳᠡᠷ ᠮᠡᠲᠦ ᠳᠥᠷᠪᠡᠨ ᠳᠡᠭᠦ ᠠᠨᠤ ᠬᠠᠰᠠᠷ ᠪᠡᠯᠭᠡᠲᠡᠢ ᠣᠴᠢᠭᠤ ᠬᠠᠴᠢᠭᠤ ᠡᠳᠡ ᠪᠤᠶᠤ ᠰᠢᠷᠡᠭᠡᠨ ᠦ ᠶᠡᠬᠡ ᠬᠠᠲᠤᠨ ᠪᠥᠷᠲᠡ ᠦᠵᠢᠨ ᠡᠴᠡ ᠲᠥᠷᠥᠭᠰᠡᠨ ᠵᠣᠴᠢ ᠴᠠᠭᠠᠳᠠᠢ ᠥᠭᠡᠳᠡᠢ ᠲᠣᠯᠤᠢ ᠳᠥᠷᠪᠡᠭᠦᠯᠡ ᠪᠥᠯᠦᠭᠡ ᠠᠯᠠᠬ ᠠ ᠪᠡᠬᠢ ᠢᠯᠭᠠᠯᠳᠤᠨ ᠪᠡᠬᠢ ᠰᠡᠴᠡᠶᠢᠬᠡᠨ ᠭᠤᠷᠪᠠᠨ ᠭᠦᠩᠵᠦ ᠪᠥᠯᠦᠭᠡ ᠬᠤᠯᠠᠨ ᠬᠠᠲᠤᠨ ᠠᠴᠠ ᠲᠥᠷᠥᠭᠰᠡᠨ ᠬᠦᠯᠦᠭᠡ ᠶᠢᠰᠦᠢ ᠬᠠᠲᠤᠨ ᠠᠴᠠ ᠲᠥᠷᠥᠭᠰᠡᠨ ᠶᠦᠴᠢᠪᠡᠢ ᠶᠢᠰᠦᠭᠡᠨ ᠬᠠᠲᠤᠨ ᠠᠴᠠ ᠲᠥᠷᠥᠭᠰᠡᠨ ᠬᠠᠷᠠᠴᠠᠷ ᠬᠠᠷᠬᠠᠳᠤ ᠴᠠᠬᠤᠷ ᠡᠳᠡ ᠭᠤᠷᠪᠠᠭᠤᠯᠠ ᠪᠥᠯᠦᠭᠡ ᠵᠣᠴᠢ ᠡᠵᠡᠨ ᠢ ᠬᠥᠪᠡᠭᠦᠨ ᠤᠷᠳᠠᠨᠠ ᠪᠠᠲᠤ ᠪᠡᠷᠬᠡ ᠲᠠᠩᠭᠤᠳ ᠴᠣᠪᠠᠢ ᠬᠣᠩᠭᠣᠴᠠᠷ ᠪᠡᠷᠬᠡᠴᠡᠷ ᠡᠳᠡ ᠪᠥᠯᠦᠭᠡ ᠬᠤᠯᠠᠶᠢᠭᠠᠨ ᠨᠡᠷᠡᠲᠦ ᠨᠢᠭᠡᠨ ᠠᠪᠠᠬᠠᠢ ᠪᠥᠯᠦᠭᠡ ᠪᠣᠭᠳᠠ ᠡᠵᠡᠨ ᠦ ᠲᠥᠷᠥ ᠶᠢᠨ ᠲᠦᠰᠢᠶ᠎ᠡ ᠪᠣᠯᠤᠭᠰᠠᠨ ᠬᠦᠯᠦᠭ ᠮᠡᠲᠦ ᠶᠢᠰᠦᠨ ᠥᠷᠯᠥᠭ ᠦᠳ ᠦᠨ ᠠᠬ᠎ᠠ ᠠᠨᠤ ᠵᠠᠯᠠᠶᠢᠷᠳᠠᠢ ᠶᠢᠨ ᠭᠣᠤ ᠠ ᠮᠤᠬᠤᠯᠢ ᠵᠦᠷᠴᠢᠳ ᠦᠨ ᠴᠤᠤ ᠮᠡᠷᠭᠡᠨ ᠠᠷᠯᠠᠳ ᠤᠨ ᠬᠦᠯᠦᠭ ᠪᠣᠭᠣᠷᠴᠢ ᠰᠦᠯᠳᠡᠨ ᠦ ᠲᠣᠷᠬᠠᠨ ᠰᠢᠷᠠ ᠤᠷᠢᠶᠠᠩᠬᠠᠨ ᠤ ᠵᠡᠯᠮ᠎ᠡ ᠪᠡᠰᠦᠳ ᠦᠨ ᠵᠡᠪᠡ ᠣᠶᠢᠷᠠᠳ ᠤᠨ ᠬᠠᠷᠠ ᠬᠢᠷᠤ ᠵᠦᠷᠬᠡᠨ ᠦ ᠪᠣᠬᠣᠷᠤᠯ ᠲᠠᠲᠠᠷ ᠤᠨ ᠰᠢᠬᠢ ᠬᠤᠲᠤᠭ ᠶᠢᠰᠦᠨ ᠥᠷᠯᠥᠭ ᠦᠳ ᠡᠳᠡ ᠪᠤᠶᠤ ᠤᠷᠢᠳᠠ ᠵᠡᠯᠮ᠎ᠡ ᠭᠠᠭᠴᠠ ᠮᠤᠬᠤᠯᠢᠳᠠᠢ ᠠᠴᠠ ᠳᠡᠭᠦ ᠠᠭᠰᠠᠨ ᠠᠵᠤ ᠬᠣᠶᠢᠨᠠ ᠪᠥᠲᠥᠭᠡᠯᠵᠢᠨ ᠬᠠᠲᠤᠨ ᠢ ᠲᠠᠶᠢᠴᠢᠭᠤᠳ ᠠᠴᠠ
gekü buyu # sodu boγda Činggis-qaγan=u ködelüsi ügei küder metü dörben degü anu Qasar , Belgetei , Očiγu , Qačiγu ede buyu siregen=ü yeke qatun Börte-Üjin=eče törögsen Joči Čaγadai Ögedei , Tolui dörbegüle bölüge Alaq=a-beki , Ilγaldun-beki , Sečeyiken γurban güngjü bölüge Qulan-qatun=ača törögsen külüge Yisüi-qatun=ača törögsen Yüčibei Yisügen-qatun=ača törögsen Qaračar , Qarqadu , Čaqur ede γurbaγula bölüge Joči-ejen=i köbegün Urdana Batu Berke Tangγud , Čobai , Qongγočar , Berkečer ede bölüge Qulayiγan (...) neretü nigen abaqai bölüge # Boγda-Ejen=ü törö=yin tüsiy=e boluγsan külüg metü yisün örlög=üd=ün aq=a anu Jalayirdai=yin Γou=a-Muquli Jürčid=ün Čuu-Mergen Arlad=un külüg Boγorči Sülden=ü Torqan-Sira Uriyangqan=u Jelm=e Besüd=ün Jebe Oyirad=un Qara-Kiru Jürken=ü Boqorul Tatar=un Siki=qutuγ yisün örlög=üd ede buyu urida Jelm=e γaγča Muqulidai=ača degü aγsan aju qoyina Bötögeljin-qatun=i Tayičiγud=ača
128b
ᠠᠪᠴᠤ ᠢᠷᠡᠬᠦᠢ ᠲᠦᠷ ᠭᠡᠮ ᠬᠢᠭᠰᠡᠨ ᠦ ᠲᠤᠯᠠ ᠪᠣᠭᠳᠠ ᠡᠵᠡᠨ ᠳᠥᠷᠪᠡᠨ ᠬᠦᠮᠦᠨ ᠡᠴᠡ ᠳᠡᠭᠦ ᠪᠣᠯᠭᠠᠭᠰᠠᠨ ᠲᠡᠷᠡ ᠪᠤᠢ ᠶᠢᠰᠦᠨ ᠥᠷᠯᠥᠭ ᠦᠳ ᠡᠳᠡ ᠪᠤᠶᠤ ᠡᠳᠡ ᠶᠢᠰᠦᠨ ᠥᠷᠯᠥᠭ ᠦᠳ ᠡᠵᠡᠨ ᠪᠣᠭᠳᠠ ᠲᠤᠷ ᠨᠢᠭᠡᠨ ᠨᠢᠭᠡᠨ ᠤᠴᠠᠷᠠᠵᠤ ᠡᠩ ᠦᠭᠡᠢ ᠤᠯᠤᠰ ᠢᠷᠭᠡᠨ ᠢ ᠬᠤᠷᠢᠶᠠᠬᠤᠢ ᠲᠡᠷᠡ ᠴᠠᠭ ᠲᠤᠷ ᠡᠵᠡᠨ ᠪᠣᠭᠳᠠ ᠶᠢ ᠳᠠᠭᠠᠵᠤ ᠬᠦᠴᠦ ᠪᠡᠨ ᠥᠭᠴᠦ ᠬᠠᠷᠢᠲᠠᠨ ᠳᠠᠶᠢᠰᠤᠨ ᠲᠤᠷ ᠬᠠᠷᠢᠯ ᠪᠤᠴᠠᠯ ᠦᠭᠡᠢ ᠶᠠᠪᠤᠵᠤ ᠬᠠᠭᠠᠨ ᠡᠵᠡᠨ ᠦ ᠲᠥᠷᠥ ᠲᠦᠷ ᠠᠮᠢᠨ ᠪᠡᠶ ᠡ ᠪᠡᠨ ᠲᠡᠪᠴᠢᠵᠦ ᠲᠤᠰᠠᠯᠠᠨ ᠬᠠᠶᠢᠷᠠ ᠬᠡᠰᠢᠭ ᠰᠣᠶᠣᠷᠬᠠᠯ ᠲᠤᠷ ᠬᠦᠷᠲᠡᠵᠦ ᠠᠯᠤᠰ ᠨᠡᠷ ᠡ ᠶᠢ ᠲᠡᠮᠡᠴᠢᠨ ᠬᠠᠮᠤᠭ᠎ᠠ ᠠᠯᠳᠠᠷᠰᠢᠵᠤ ᠶᠢᠰᠦᠨ ᠥᠷᠯᠥᠭ ᠦᠳ ᠬᠡᠮᠡᠬᠦ ᠨᠡᠷ᠎ᠡ ᠥᠭᠳᠡᠵᠦᠬᠦᠢ ᠪᠣᠭᠳᠠ ᠡᠵᠡᠨ ᠦ ᠶᠡᠬᠡ ᠬᠥᠪᠡᠭᠦᠨ ᠵᠣᠴᠢ ᠡᠵᠡᠨ ᠦ ᠦᠷ᠎ᠡ ᠬᠡᠪᠴᠢᠬᠤᠳ ᠲᠣᠬᠮᠤᠭ ᠠᠭᠠᠰᠠᠷ ᠬᠠᠨ ᠳᠠᠷᠪᠢᠰ ᠬᠠᠨ ᠰᠢᠪᠠᠨ ᠦᠯᠡᠶᠢᠪᠡ ᠢᠰᠭᠡᠷ ᠲᠣᠬᠣ ᠰᠠᠩᠭᠤᠳ ᠲᠡᠭᠦᠨ ᠡᠴᠡ ᠢᠨᠠᠭᠰᠢᠳᠠ ᠬᠣᠲᠠᠳ ᠢ ᠮᠡᠳᠡᠨ ᠡᠵᠢᠯᠡᠪᠡ ᠴᠠᠭᠠᠳᠠᠢ ᠠᠬ ᠠ ᠶᠢᠨ ᠬᠥᠪᠡᠭᠦᠨ ᠮᠡᠩᠭᠡ ᠲᠦ ᠶᠢᠰᠦ ᠮᠥᠩᠬᠡ ᠪᠦᠷᠢ ᠮᠣᠴᠢ ᠪᠠᠶᠠᠳᠠᠷ ᠪᠠᠭᠠᠲᠤᠷ ᠰᠢᠮᠦᠨ ᠡᠳᠡ ᠪᠥᠯᠦᠭᠡ ᠴᠠᠭᠠᠳᠠᠢ ᠡᠵᠡᠨ ᠦ ᠦᠷᠡ ᠵᠡᠭᠦᠨ ᠵᠠᠬ᠎ᠠ ᠢᠨᠤ ᠬᠡᠮᠢᠯ ᠪᠤᠢ ᠪᠠᠷᠠᠭᠤᠨ ᠵᠠᠬ᠎ᠠ ᠢᠨᠤ ᠪᠦᠷᠭᠠᠷᠢ ᠰᠢᠮᠢᠰᠭᠡᠨ ᠰᠠᠮᠤᠷᠬᠠᠨ ᠡᠳᠡ ᠠᠭᠰᠤ ᠵᠠᠩᠭᠠᠴᠢᠯᠠᠨ ᠲᠦᠮᠡᠨ ᠬᠣᠲᠠᠳ ᠮᠡᠳᠡᠨ ᠡᠵᠢᠯᠡᠪᠡ ᠥᠭᠡᠳᠡᠢ ᠬᠠᠭᠠᠨ ᠤ ᠬᠥᠪᠡᠭᠦᠨ ᠭᠦᠶᠦᠭ ᠬᠦᠯᠦᠭ ᠬᠠᠭᠠᠨ ᠲᠣᠯᠤᠢ ᠡᠵᠡᠨ ᠦ ᠬᠥᠪᠡᠭᠦᠨ ᠮᠥᠩᠬᠡ ᠬᠠᠭᠠᠨ ᠬᠤᠪᠢᠯᠠᠢ ᠰᠡᠴᠡᠨ ᠬᠠᠭᠠᠨ
abču ireküi=tür gem kigsen=ü tula Boγda-Ejen dörben kümün=eče degü bolγaγsan tere bui yisün örlög=üd ede buyu # ede yisün örlög=üd Ejen-Boγda=tur nigen nigen učaraju eng ügei ulus irgen=i quriyaqui tere čaγ=tur Ejen-Boγda=yi daγaju küčü=ben ögčü # qaritan dayisun=tur qaril bučal ügei yabuju qaγan ejen=ü törö=tür amin bey=e=ben tebčijü tusalan qayira kesig soyorqal=tur kürtejü alus ner=e=yi temečin qamuγ=a aldarsiju yisün örlög=üd kemekü ner=e ögdejüküi # Boγda-Ejen=ü yeke köbegün Joči ejen=ü ür=e Kebčiqud Toqmuγ Aγasar-qan Darbis-qan Siban Üleyibe Isger , Toqo , Sangγud tegün=eče inaγsida qotad=i meden ejilebe Čaγadai aq=a=yin köbegün Mengge=tü Yisü Möngke Büri , Moči Bayadar , Baγatur Simün ede bölüge Čaγadai ejen=ü üre jegün jaq=a inu Kemil bui baraγun jaq=a inu Bürγari Simisgen Samurqan ede aγsu jangγačilan tümen qotad meden ejilebe Ögedei qaγan=u köbegün Güyüg-Külüg-qaγan Tolui ejen=ü köbegün Möngke-qaγan , Qubilai-Sečen-qaγan
129a
ᠠᠷᠢᠪᠤᠬ᠎ᠠ ᠡᠵᠡᠨ ᠡᠳᠡ ᠪᠥᠯᠦᠭᠡ ᠶᠡᠬᠡ ᠭᠣᠯᠣᠮᠲᠠᠨ ᠲᠤᠷ ᠲᠥᠪᠯᠡᠨ ᠳᠥᠴᠢᠨ ᠲᠦᠮᠡᠨ ᠮᠣᠩᠭᠣᠯ ᠤᠨ ᠡᠵᠡᠨ ᠪᠣᠯᠤᠯᠤᠭ᠎ᠠ ᠪᠣᠭᠳᠠ ᠴᠢᠩᠭᠢᠰ ᠬᠠᠭᠠᠨ ᠤ ᠵᠢᠷᠭᠤᠭᠠᠨ ᠲᠦᠮᠡᠨ ᠭᠡᠭᠴᠢ ᠣᠷᠳᠣᠰ ᠨᠢᠭᠡ ᠲᠦᠮᠡᠨ ᠠᠷᠪᠠᠨ ᠬᠣᠶᠠᠷ ᠲᠦᠮᠡᠳ ᠨᠢᠭᠡ ᠲᠦᠮᠡᠨ ᠶᠦᠩᠰᠢᠶᠡᠪᠦ ᠠᠰᠤᠳ ᠬᠠᠷᠠᠴᠢᠨ ᠨᠢᠭᠡ ᠲᠦᠮᠡᠨ ᠪᠠᠷᠠᠭᠤᠨ ᠭᠤᠷᠪᠠᠨ ᠲᠦᠮᠡᠨ ᠭᠡᠭᠴᠢ ᠡᠳᠡ ᠪᠤᠢ ᠴᠠᠬᠠᠷ ᠨᠢᠭᠡ ᠲᠦᠮᠡᠨ ᠬᠠᠯᠬ᠎ᠠ ᠨᠢᠭᠡ ᠲᠦᠮᠡᠨ ᠤᠷᠢᠶᠠᠩᠬᠠᠨ ᠨᠢᠭᠡ ᠲᠦᠮᠡᠨ ᠵᠡᠭᠦᠨ ᠭᠤᠷᠪᠠᠨ ᠲᠦᠮᠡᠨ ᠭᠡᠭᠴᠢ ᠡᠳᠡ ᠪᠤᠢ ᠪᠥᠷᠲᠡᠭᠡᠯᠵᠢᠨ ᠬᠠᠲᠤᠨ ᠤ ᠶᠡᠬᠡ ᠣᠷᠳᠣ ᠢᠨᠤ ᠬᠦᠷᠦᠢ ᠣᠷᠳᠣ ᠬᠤᠯᠠᠨ ᠬᠠᠲᠤᠨ ᠤ ᠣᠷᠳᠣ ᠢᠨᠤ ᠰᠣᠯᠣᠩᠭᠠᠰ ᠤᠨ ᠪᠠᠷᠰ ᠣᠷᠳᠣ ᠶᠢᠰᠦᠢ ᠬᠠᠲᠤᠨ ᠤ ᠣᠷᠳᠣ ᠢᠨᠤ ᠰᠢᠷᠭᠠᠴᠠᠢ ᠶᠢᠨ ᠣᠷᠳᠣ ᠶᠢᠰᠦᠭᠡᠨ ᠬᠠᠲᠤᠨ ᠤ ᠣᠷᠳᠣ ᠢᠨᠤ ᠬᠠᠮᠲᠤᠳᠬᠤᠢ ᠶᠢᠨ ᠣᠷᠳᠣ ᠬᠡᠮᠡᠮᠦ ᠰᠦᠮᠪᠦᠷ ᠠᠭᠤᠯᠠ ᠶᠢᠨ ᠡᠮᠦᠨᠡ ᠲᠦ ᠲᠠᠯᠠ ᠢᠨᠤ ᠤᠯᠠᠭᠠᠨ ᠯᠢ ᠶᠢᠨ ᠲᠠᠯᠠ ᠪᠤᠢ ᠵᠠᠮᠪᠤᠲᠶᠢᠪ ᠶᠢᠷᠲᠢᠨᠴᠦ ᠬᠡᠮᠡᠮᠦ ᠲᠡᠭᠦᠨ ᠲᠦᠷ ᠶᠢᠰᠦᠨ ᠥᠩᠭᠡ ᠶᠢᠨ ᠤᠯᠤᠰ ᠪᠥᠯᠦᠭᠡ ᠶᠢᠰᠦᠨ ᠥᠩᠭᠡ ᠤᠯᠤᠰ ᠢᠨᠤ ᠡᠨᠡᠳᠬᠡᠭ ᠤᠯᠤᠰ ᠴᠠᠭᠠᠨ ᠥᠩᠭᠡ ᠲᠦ ᠪᠤᠶᠤ ᠥᠬᠢᠨ ᠤᠯᠤᠰ ᠨᠣᠭᠣᠭᠠᠨ ᠥᠩᠭᠡ ᠲᠦ ᠪᠤᠶᠤ ᠲᠥᠪᠡᠳ ᠦᠨ ᠤᠯᠤᠰ ᠬᠠᠷᠠ ᠥᠩᠭᠡ ᠲᠦ ᠪᠤᠶᠤ ᠬᠢᠲᠠᠳ ᠤᠨ ᠤᠯᠤᠰ ᠤᠯᠠᠭᠠᠨ ᠥᠩᠭᠡ ᠲᠦ ᠪᠤᠶᠤ ᠭᠠᠤᠯᠢ ᠤᠯᠤᠰ ᠬᠥᠬᠡ ᠥᠩᠭᠡ ᠲᠦ ᠪᠤᠶᠤ ᠸᠠᠰᠠ ᠤᠯᠤᠰ ᠤᠸᠠ ᠥᠩᠭᠡ ᠲᠦ ᠪᠤᠶᠤ ᠨᠣᠬᠠᠢ ᠤᠯᠤᠰ ᠬᠦᠷᠢᠨ ᠥᠩᠭᠡ ᠲᠦ ᠪᠤᠶᠤ ᠡᠷᠢᠶᠡᠨ
Aribuq=a ejen ede bölüge yeke γolomtan=tur töblen döčin tümen Mongγol=un ejen boluluγ=a # boγda Činggis-qaγan=u jirγuγan tümen gegči Ordos nige tümen Arban-Qoyar-Tümed nige tümen Yüngsiyebü , Asud , Qaračin nige tümen Baraγun-Γurban-Tümen gegči ede bui Čaqar nige tümen Qalq=a nige tümen Uriyangqan nige tümen Jegün-Γurban-Tümen gegči ede bui Börtegeljin-qatun=u yeke ordo inu Kürüi-ordo Qulan-qatun=u ordo inu Solongγas=un Bars-ordo Yisüi-qatun=u ordo inu Sirγačai=yin-ordo Yisügen-qatun=u ordo inu Qamtudqui=yin-ordo kememü # # Sümbür-aγula=yin emüne=tü tala inu Ulaγan-Li=yin tala bui jambutyib yirtinčü kememü tegün=tür yisün öngge=yin ulus bölüge yisün öngge ulus inu Enedkeg ulus þ čaγan öngge=tü buyu Ökin ulus noγoγan öngge=tü buyu Töbed=ün ulus qara öngge=tü buyu Kitad=un ulus ulaγan öngge=tü buyu Γauli ulus köke öngge=tü buyu Vasa ulus xuva öngge=tü buyu Noqai ulus kürin öngge=tü buyu eriyen
129b
ᠤᠯᠤᠰ ᠭᠠᠭᠴᠠ ᠬᠥᠯᠲᠦ ᠤᠯᠤᠰ ᠪᠤᠶᠤ ᠮᠣᠩᠭᠣᠯ ᠤᠯᠤᠰ ᠰᠢᠷᠠ ᠥᠩᠭᠡ ᠲᠦ ᠪᠤᠶᠤ ᠮᠣᠩᠭᠣᠯ ᠤᠯᠤᠰ ᠳᠥᠷᠪᠡᠨ ᠥᠩᠭᠡ ᠲᠦ ᠪᠤᠶᠤ ᠴᠠᠭᠠᠨ ᠮᠣᠩᠭᠣᠯ ᠢᠮᠠᠭᠠᠷᠢ ᠶᠢᠨ ᠡᠮᠦᠨᠡ ᠲᠦ ᠵᠦᠭ ᠲᠦᠷ ᠪᠤᠢ ᠰᠢᠷᠠ ᠮᠣᠩᠭᠣᠯ ᠠᠴᠢᠨᠢ ᠴᠠᠶᠢᠳᠠᠮ ᠲᠤᠷ ᠠᠶᠤ ᠤᠯᠠᠭᠠᠨ ᠮᠣᠩᠭᠣᠯ ᠬᠠᠷᠠ ᠬᠢᠲᠠᠳ ᠯᠤᠭ᠎ᠠ ᠬᠠᠮᠲᠤ ᠰᠠᠭᠤᠨ ᠪᠥᠯᠦᠭᠡ ᠬᠠᠷᠠ ᠮᠣᠩᠭᠣᠯ ᠬᠣᠶᠢᠲᠤ ᠭᠠᠵᠠᠷ᠎ᠠ ᠠᠶᠤ ᠲᠥᠪᠡᠳ ᠤᠯᠤᠰ ᠭᠤᠷᠪᠠᠨ ᠥᠩᠭᠡ ᠲᠦ ᠪᠤᠶᠤ ᠴᠠᠭᠠᠨ ᠲᠥᠪᠡᠳ ᠳᠡᠭᠡᠳᠦ ᠢᠮᠠᠭᠠᠷᠢ ᠨᠡᠷᠡᠲᠦ ᠭᠠᠵᠠᠷ᠎ᠠ ᠪᠠᠷᠢᠨ ᠠᠶᠤ ᠤᠯᠠᠭᠠᠨ ᠲᠥᠪᠡᠳ ᠭᠤᠷᠪᠠᠨ ᠰᠦᠩᠭᠡ ᠨᠡᠷᠡᠲᠦ ᠭᠠᠵᠠᠷᠢ ᠪᠠᠷᠢᠨ ᠠᠶᠤ ᠬᠠᠷᠠ ᠲᠥᠪᠡᠳ ᠬᠢᠲᠠᠳ ᠤᠨ ᠵᠠᠬ᠎ᠠ ᠪᠠᠷᠢᠨ ᠠᠶᠤ ᠬᠢᠲᠠᠳ ᠤᠯᠤᠰ ᠳᠥᠷᠪᠡᠨ ᠥᠩᠭᠡ ᠲᠦ ᠪᠤᠶᠤ ᠴᠠᠭᠠᠨ ᠬᠢᠲᠠᠳ ᠡᠨᠡᠳᠬᠡᠭ ᠭᠠᠵᠠᠷ ᠲᠤᠷ ᠠᠶᠤ ᠰᠢᠷᠠ ᠬᠢᠲᠠᠳ ᠳᠠᠯᠠᠢ ᠶᠢᠨ ᠳᠤᠮᠳᠠ ᠠᠶᠤ ᠬᠠᠷᠠ ᠬᠢᠲᠠᠳ ᠴᠠᠩᠬᠢ ᠭᠠᠵᠠᠷ᠎ᠠ ᠠᠶᠤ ᠤᠯᠠᠭᠠᠨ ᠬᠢᠲᠠᠳ ᠨᠠᠨᠳᠠᠢ ᠨᠡᠷᠡᠲᠦ ᠭᠠᠵᠠᠷ ᠪᠠᠷᠢᠨ ᠠᠶᠤ ᠡᠶᠡᠸᠡᠩ ᠢ ᠤᠯᠤᠰ ᠬᠡᠷᠡᠩ ᠨᠡᠷᠡᠲᠦ ᠭᠠᠵᠠᠷ ᠪᠠᠷᠢᠨ ᠠᠶᠤ ᠪᠠᠰᠠ ᠭᠠᠯ ᠤᠨ ᠤᠯᠤᠰ ᠪᠠᠷᠠᠭᠤᠨ ᠡᠲᠡᠭᠡᠳ ᠦᠨ ᠡᠮᠦᠨᠡ ᠠᠭᠰᠠᠨ ᠠᠵᠤᠬᠤ ᠮᠣᠨ ᠤᠯᠤᠰ ᠭᠠᠬᠠᠢ ᠠᠭᠤᠯᠠ ᠪᠠᠷᠢᠵᠤ ᠠᠶᠤ ᠪᠠᠯᠪᠤ ᠶᠢᠨ ᠤᠯᠤᠰ ᠡᠨᠡᠳᠬᠡᠭ ᠲᠥᠪᠡᠳ ᠬᠣᠶᠠᠷ ᠤᠨ ᠵᠠᠪᠰᠠᠷ᠎ᠠ ᠠᠶᠤ ᠰᠠᠷᠲᠠᠭᠤᠯ ᠤᠯᠤᠰ ᠯᠢ ᠨᠡᠷᠡᠲᠦ ᠭᠠᠵᠠᠷ ᠪᠠᠷᠢᠨ ᠠᠶᠤ ᠮᠡᠴᠢᠨ ᠤᠯᠤᠰ ᠣᠢ ᠮᠣᠳᠤᠨ ᠲᠤᠷ ᠠᠶᠤ ᠳᠥᠷᠪᠡᠯᠵᠢᠨ ᠸᠡᠶᠢᠰᠢ ᠭᠠᠵᠠᠷ᠎ᠠ ᠡᠳᠡᠭᠡᠷ ᠤᠯᠤᠰ ᠢ ᠡᠶᠢᠨ ᠬᠡᠮᠡᠨ ᠬᠤᠪᠢᠶᠠᠨ
ulus γaγča költü ulus buyu Mongγol ulus sira öngge=tü buyu Mongγol ulus dörben öngge=tü buyu Čaγan-Mongγol Imaγari=yin emüne=tü jüg=tür bui Sira-Mongγol Ačini-čayidam=tur ayu Ulaγan-Mongγol Qara-Kitad=luγ=a qamtu saγun bölüge Qara-Mongγol qoyitu γajar=a ayu # Töbed ulus γurban öngge=tü buyu Čaγan-Töbed degedü Imaγari neretü γajar=a barin ayu Ulaγan-Töbed Γurban-Süngge neretü γajari barin ayu Qara-Töbed Kitad=un jaq=a barin ayu Kitad ulus dörben öngge=tü buyu Čaγan-Kitad Enedkeg γajar=tur ayu Sira-Kitad dalai=yin dumda ayu Qara-Kitad Čangki γajar=a ayu Ulaγan-Kitad Nandai neretü γajar barin ayu Eyeveng=i ulus Kereng neretü γajar barin ayu # basa Γal=un ulus baraγun eteged=ün emüne aγsan ajuqu Mon ulus Γaqai-aγula bariju ayu Balbu=yin ulus Enedkeg Töbed qoyar=un jabsar=a ayu Sartaγul ulus Li neretü γajar barin ayu Mečin ulus oi modun=tur ayu Dörbeljin-Veyisi γajar=a edeger ulus=i eyin kemen qubiyan
130a
ᠪᠠᠷᠢᠭᠰᠠᠨ ᠠᠵᠤᠬᠤ ᠲᠡᠳᠡᠨ ᠦ ᠳᠤᠮᠳᠠ ᠯᠠ ᠳᠤᠳᠳᠠᠷᠢ ᠬᠠᠭᠠᠨ ᠠᠴᠠ ᠢᠨᠠᠭᠰᠢ ᠳᠠ ᠦᠰᠦᠨ ᠰᠢᠷᠡᠭᠡᠲᠦ ᠬᠠᠭᠠᠨ ᠬᠦᠷᠲᠡᠯᠡ ᠠᠷᠪᠠᠨ ᠲᠠᠪᠤᠨ ᠬᠠᠳ ᠰᠠᠭᠤᠪᠠ ᠲᠥᠪᠡᠳ ᠭᠠᠵᠠᠷ᠎ᠠ ᠭᠤᠷᠪᠠᠨ ᠴᠠᠬᠷᠠᠸᠠᠷ ᠤᠨ ᠬᠠᠭᠠᠨ ᠲᠥᠷᠥᠵᠡᠮ ᠭᠠᠳᠠᠨ᠎ᠠ ᠳᠣᠲᠣᠨ᠎ᠠ ᠳᠤᠮᠳᠠᠳᠤ ᠶᠢ ᠭᠤᠷᠪᠠᠨ ᠵᠦᠶᠢᠯ ᠶᠣᠰᠤᠨ ᠶᠠᠮᠤᠨ ᠡᠰᠭᠡᠪᠡ ᠭᠤᠷᠪᠠᠨ ᠵᠠᠭᠤᠨ ᠵᠢᠷᠠᠨ ᠵᠠᠰᠠᠭ ᠢᠶᠠᠷ ᠶᠠᠪᠤᠭᠤᠯᠪᠠ ᠶᠠᠮᠤᠲᠠᠨ ᠢ ᠲᠢᠲᠢᠭᠦᠯᠪᠡ ᠮᠠᠯᠠᠭ᠎ᠠ ᠡᠮᠦᠰᠭᠡᠭᠦᠯᠪᠡ ᠲᠡᠭᠦᠨ ᠦ ᠬᠣᠶᠢᠨᠠ ᠬᠢᠲᠠᠳ ᠤᠨ ᠭᠠᠵᠠᠷ᠎ᠠ ᠲᠠᠩ ᠣᠩ ᠤᠨ ᠥᠷᠥᠨᠡ ᠡᠴᠡ ᠴᠢᠤ ᠲᠠᠢ ᠵᠢᠤ ᠨᠡᠷᠡᠲᠦ ᠬᠠᠭᠠᠨ ᠰᠠᠭᠤᠵᠤ ᠵᠢᠷᠭᠤᠭᠠᠨ ᠦᠶ᠎ᠡ ᠪᠣᠯᠪᠠ ᠲᠡᠭᠦᠨ ᠦ ᠬᠣᠶᠢᠨᠠ ᠮᠥᠨ ᠬᠢᠲᠠᠳ ᠤᠨ ᠠᠯᠲᠠᠪᠤᠲᠤ ᠲᠠᠩᠬᠤᠨ ᠰᠢᠬᠤ ᠨᠡᠷᠡᠲᠦ ᠬᠠᠭᠠᠨ ᠰᠠᠭᠤᠵᠤ ᠰᠢᠳᠤᠷᠭᠤ ᠬᠠᠭᠠᠨ ᠬᠦᠷᠲᠡᠯᠡ ᠵᠢᠷᠭᠤᠭᠠᠨ ᠦᠶ᠎ᠡ ᠪᠣᠯᠪᠠ ᠲᠡᠭᠦᠨ ᠦ ᠬᠣᠶᠢᠨᠠ ᠮᠥᠨ ᠲᠡᠷᠡ ᠴᠠᠭ ᠲᠤ ᠳᠣᠷᠣᠨᠠ ᠲᠤ ᠡᠲᠡᠭᠡᠳ ᠵᠠᠮᠪᠤᠲᠶᠢᠪ ᠶᠢᠷᠲᠢᠨᠴᠦ ᠲᠦᠷ ᠡᠨᠡ ᠭᠠᠵᠠᠷ ᠳᠡᠭᠡᠷ᠎ᠡ ᠠᠷᠪᠠᠨ ᠬᠣᠶᠠᠷ ᠮᠠᠭᠤ ᠬᠠᠳ ᠲᠥᠷᠥᠵᠦ ᠬᠠᠮᠤᠭ ᠠᠮᠢᠲᠠᠨ ᠢ ᠮᠠᠰᠢ ᠳᠡᠩᠰᠡᠯ ᠦᠨ ᠵᠣᠪᠠᠭᠠᠪᠠ ᠲᠡᠷᠡ ᠵᠣᠪᠠᠭᠠᠬᠤᠢ ᠶᠢ ᠡᠷᠬᠡᠲᠦ ᠰᠢᠬᠠᠮᠤᠨᠢ ᠪᠤᠷᠬᠠᠨ ᠮᠡᠳᠡᠵᠦ ᠬᠣᠷᠮᠤᠰᠲᠠ ᠲᠩᠷᠢ ᠶᠢᠨ ᠬᠤᠪᠢᠯᠭᠠᠨ ᠢ ᠮᠣᠩᠭᠣᠯ ᠤᠨ ᠭᠠᠵᠠᠷ᠎ᠠ ᠶᠢᠰᠦᠬᠡᠢ ᠪᠠᠭᠠᠲᠤᠷ ᠥᠭᠡᠯᠡᠨ ᠦᠵᠢᠨ ᠬᠣᠶᠠᠷ ᠠᠴᠠ ᠬᠠᠮᠤᠭ ᠵᠠᠮᠪᠤᠲᠶᠢᠪ ᠢ ᠮᠡᠳᠡᠭᠦᠯᠦᠨ ᠮᠣᠩᠭᠣᠯ ᠲᠤ ᠰᠣᠳᠤ ᠪᠣᠭᠳᠠ ᠴᠢᠩᠭᠢᠰ ᠬᠠᠭᠠᠨ ᠲᠠᠪᠤᠨ ᠶᠡᠬᠡ ᠤᠯᠤᠰ ᠢ ᠡᠷᠬᠡ ᠲᠦᠷ ᠢᠶᠡᠨ ᠣᠷᠣᠭᠤᠯᠪᠠ ᠡᠮᠦᠨᠡ
bariγsan ajuqu # teden=ü dumda Lxa-Duddari-qaγan=ača inaγsi=da Üsün-Siregetü-qaγan kürtele arban tabun qad saγuba Töbed γajar=a γurban Čakravar=un qaγan töröjem γadan=a doton=a dumdadu=yi γurban jüyil yosun yamun esgebe γurban jaγun jiran jasaγ=iyar yabuγulba yamutan=i titigülbe (malaγ=a emüsgegülbe) tegün=ü qoyina Kitad=un γajar=a Tang-ong=un öröne=eče Čiu-Tai-Jiu neretü qaγan saγuju jirγuγan üy=e bolba # tegün=ü qoyina mön Kitad=un Altabutu-Tangqun-Siqu neretü qaγan saγuju Sidurγu-qaγan kürtele jirγuγan üy=e bolba tegün=ü qoyina mön tere čaγ=tu dorona=tu eteged jambutyib yirtinčü=tür ene γajar deger=e arban qoyar maγu qad töröjü qamuγ amitan=i masi dengsel=ün jobaγaba tere jobaγaqui=yi erketü Sikamuni-burqan medejü Qormusta tngri=yin qubilγan=i Mongγol=un γajar=a Yisükei-baγatur Ögelen-Üjin qoyar=ača qamuγ jambutyib=i medegülün Mongγol=tu sodu boγda Činggis-qaγan tabun yeke ulus=i erke=tür=iyen oroγulba emüne
130b
ᠬᠢᠲᠠᠳ ᠤᠨ ᠠᠬᠤᠳᠠᠢ ᠠᠯᠲᠠᠨ ᠬᠠᠭᠠᠨ ᠥᠷᠥᠨᠡ ᠲᠥᠪᠡᠳ ᠦᠨ ᠰᠢᠳᠤᠷᠭᠤ ᠬᠠᠭᠠᠨ ᠤᠮᠠᠷᠠ ᠰᠠᠷᠲᠠᠭᠤᠯ ᠤᠨ ᠰᠤᠯᠲᠠᠨ ᠬᠠᠭᠠᠨ ᠮᠡᠯᠢᠭ ᠬᠣᠶᠠᠷ ᠳᠣᠷᠣᠨᠠ ᠰᠣᠯᠣᠩᠭᠠᠰ ᠤᠨ ᠪᠤᠬ ᠠ ᠴᠠᠭᠠᠨ ᠬᠠᠭᠠᠨ ᠳᠥᠷᠪᠡᠨ ᠵᠦᠭ ᠦᠨ ᠳᠥᠷᠪᠡᠨ ᠬᠠᠷᠢᠲᠠᠨ ᠲᠡᠳᠡ ᠪᠥᠯᠦᠭᠡ ᠲᠡᠭᠦᠨ ᠡᠴᠡ ᠥᠪᠡᠷᠡ ᠪᠤᠰᠤ ᠥᠪᠡᠷᠡ ᠥᠪᠡᠷᠡ ᠡᠷᠬᠡᠰᠢᠭᠰᠡᠨ ᠠᠷᠪᠠᠨ ᠬᠣᠶᠠᠷ ᠮᠠᠭᠤ ᠬᠠᠳ ᠬᠡᠮᠡᠪᠡᠰᠦ ᠲᠠᠶᠢᠴᠢᠭᠤᠳ ᠤᠨ ᠲᠠᠷᠭᠤᠲᠠᠢ ᠬᠢᠷᠢᠯᠲᠤᠭ ᠵᠦᠷᠬᠡᠨ ᠦ ᠰᠡᠴᠡᠨ ᠪᠡᠬᠢ ᠭᠤᠷᠪᠠᠨ ᠮᠡᠷᠭᠡᠳ ᠦᠨ ᠲᠣᠭᠲᠠᠬᠠ ᠪᠡᠬᠢ ᠬᠡᠷᠡᠶᠢᠳ ᠦᠨ ᠣᠩ ᠬᠠᠭᠠᠨ ᠵᠠᠵᠢᠷᠠᠳ ᠤᠨ ᠵᠠᠮᠤᠬ ᠠ ᠬᠠᠭᠠᠨ ᠬᠠᠷᠯᠠᠭᠤᠳ ᠤᠨ ᠠᠷᠰᠯᠠᠨ ᠬᠠᠭᠠᠨ ᠣᠶᠢᠷᠠᠳ ᠤᠨ ᠬᠤᠲᠤᠭ ᠠ ᠪᠡᠬᠢ ᠬᠣᠷᠢ ᠲᠦᠮᠡᠳ ᠦᠨ ᠪᠣᠲᠣᠬᠤᠢ ᠲᠠᠷᠭᠤᠨ ᠤᠶᠢᠭᠤᠳ ᠤᠨ ᠢᠳᠠᠭᠤᠳ ᠨᠠᠢᠮᠠᠨ ᠤ ᠳᠠᠶᠠᠨ ᠬᠠᠭᠠᠨ ᠲᠠᠲᠠᠷ ᠤᠨ ᠮᠡᠭᠦᠵᠢᠨ ᠰᠡᠭᠦᠯ ᠲᠦ ᠵᠢᠷᠭᠤᠭᠠᠨ ᠵᠦᠷᠴᠢᠳ ᠦᠨ ᠵᠠᠨᠴᠤᠩ ᠬᠠᠭᠠᠨ ᠡᠳᠡ ᠠᠷᠪᠠᠨ ᠬᠣᠶᠠᠷ ᠮᠠᠭᠤ ᠬᠠᠳ ᠢ ᠡᠷᠬᠡ ᠲᠦᠷ ᠢᠶᠡᠨ ᠣᠷᠣᠭᠤᠯᠵᠤ ᠳᠥᠴᠢᠨ ᠲᠦᠮᠡᠨ ᠮᠣᠩᠭᠣᠯ ᠳᠥᠷᠪᠡᠨ ᠲᠦᠮᠡᠨ ᠣᠶᠢᠷᠠᠳ ᠵᠢᠷᠭᠤᠭᠠᠨ ᠮᠢᠩᠭᠠᠨ ᠦᠵᠢᠭᠡᠳ ᠣᠩᠭᠣᠴᠠ ᠣᠰᠭᠢ ᠪᠠᠷᠭᠤ ᠪᠤᠷᠢᠶᠠᠳ ᠲᠣᠤ᠎ᠠ ᠤᠷᠢᠶᠠᠩᠬᠠᠨ ᠤᠷᠤᠭᠲᠠᠨ ᠬᠠᠮᠢᠭᠠᠨ ᠡᠩᠭᠦᠳ ᠣᠶᠢᠨ ᠢᠷᠭᠡᠨ ᠠᠯᠠᠭ ᠠᠳᠤᠭᠤᠲᠤ ᠠᠯᠲᠠᠨ ᠲᠡᠪᠰᠢᠲᠦ ᠪᠥᠯᠥᠭ ᠴᠥᠯᠥᠭ ᠤᠯᠤᠰ ᠬᠦᠷᠢᠨ ᠨᠣᠬᠠᠢ ᠤᠯᠤᠰ ᠲᠡᠷᠢᠭᠦᠨ ᠦᠭᠡᠢ ᠤᠯᠤᠰ ᠡᠷᠢᠶᠡᠨ ᠭᠠᠭᠴᠠ ᠬᠥᠯ ᠲᠦ ᠤᠯᠤᠰ ᠲᠡᠷᠢᠭᠦᠲᠡᠨ ᠡᠳᠦᠨ ᠡᠬᠢᠲᠡᠨ ᠤᠯᠤᠰ ᠢ ᠡᠷᠬᠡ ᠲᠦᠷ ᠢᠶᠡᠨ
Kitad=un Aqudai-Altan-qaγan öröne Töbed=ün Sidurγu-qaγan umara Sartaγul=un sultan Qaγan-Melig qoyar dorona Solongγas=un Buq=a-Čaγan-qaγan dörben jüg=ün dörben qaritan tede bölüge # tegün=eče öbere busu öbere öbere erkesigsen arban qoyar maγu qad kemebesü Tayičiγud=un Tarγutai-Kiriltuγ Jürken=ü Sečen-beki Γurban-Merged=ün Toγtaqa-beki Kereyid=ün Ong-qaγan Jajirad=un Jamuq=a-qaγan Qarlaγud=un Arslan-qaγan Oyirad=un Qutuγ=a-beki Qori-Tümed=ün Botoqui-Tarγun Uyiγud=un Idaγud Naiman=u Dayan-qaγan Tatar=un Megüjin-Segül=tü Jirγuγan-Jürčid=ün Jančung-qaγan ede arban qoyar maγu qad=i erke=tür=iyen oroγulju döčin tümen Mongγol dörben tümen Oyirad jirγuγan mingγan Üjiged Ongγoča Osgi , Barγu Buriyad , Tou=a , Uriyangqan , Uruγtan , Qamiγan Enggüd oyin irgen , alaγ aduγutu altan tebsitü bölög čölög ulus kürin noqai ulus terigün ügei ulus eriyen γaγča köl=tü ulus terigüten edün ekiten ulus=i erke=tür=iyen
131a
ᠣᠷᠣᠭᠤᠯᠵᠤ ᠪᠠᠷᠰ ᠮᠡᠲᠦ ᠪᠠᠷᠢᠯᠠᠵᠤ ᠥᠲᠡᠭᠡ ᠮᠡᠲᠦ ᠥᠷᠥᠯᠡᠵᠦ ᠥᠪᠡᠷ ᠦᠨ ᠳᠤᠷᠠ ᠪᠠᠷ ᠶᠠᠪᠤᠵᠤ ᠡᠳᠦᠨ ᠡᠬᠢᠲᠦ ᠤᠯᠤᠰ ᠤᠨ ᠠᠯᠪᠠᠨ ᠠᠪᠴᠤ ᠵᠠᠮᠪᠤᠲᠶᠢᠪ ᠶᠢᠷᠲᠢᠨᠴᠦ ᠳᠡᠭᠡᠷᠡ ᠪᠤᠷᠬᠠᠨ ᠤ ᠵᠠᠷᠯᠢᠭ ᠢᠶᠠᠷ ᠲᠩᠷᠢ ᠶᠢᠨ ᠢᠪᠡᠭᠡᠯ ᠢᠶᠡᠷ ᠬᠠᠷᠠ ᠲᠡᠷᠢᠭᠦᠲᠦ ᠬᠦᠮᠦᠨ ᠦ ᠳᠦᠷᠢ ᠪᠥᠭᠡᠲᠡᠯᠡ ᠡᠳᠦᠢ ᠤᠯᠤᠰ ᠢ ᠵᠣᠩᠬᠢᠯᠠᠨ ᠲᠣᠪᠴᠢᠯᠠᠨ ᠲᠠᠪᠤᠨ ᠥᠩᠭᠡ ᠶᠢᠨ ᠶᠡᠬᠡ ᠤᠯᠤᠰ ᠳᠥᠷᠪᠡᠨ ᠬᠠᠷᠢᠲᠠᠨ ᠢ ᠡᠷᠢᠭᠦ ᠪᠤᠷᠤᠭᠤᠲᠠᠨ ᠢ ᠨᠣᠮᠣᠬᠠᠳᠬᠠᠵᠤ ᠡᠩᠬᠡᠵᠡᠭᠦᠯ ᠦᠨ ᠤᠯᠤᠰ ᠢ ᠬᠤᠷᠢᠶᠠᠨ ᠲᠥᠷᠥ ᠶᠢ ᠲᠡᠳᠬᠦᠯᠳᠦᠭᠰᠡᠨ ᠰᠠᠶᠢᠳ ᠠᠷᠠᠳ ᠢ ᠲᠦᠮᠡᠳ ᠦᠨ ᠨᠣᠶᠠᠨ ᠮᠢᠩᠭᠠᠳ ᠤᠨ ᠨᠣᠶᠠᠨ ᠵᠠᠭᠤᠭᠠᠳ ᠤᠨ ᠨᠣᠶᠠᠨ ᠠᠷᠪᠠᠭᠠᠳ ᠤᠨ ᠨᠣᠶᠠᠨ ᠪᠣᠯᠭᠠᠨ ᠳᠣᠲᠣᠭᠠᠳᠤ ᠪᠡᠶ᠎ᠡ ᠰᠠᠬᠢᠬᠤ ᠲᠦᠮᠡᠨ ᠬᠡᠪᠲᠡᠭᠦᠯ ᠨᠠᠢᠮᠠᠨ ᠮᠢᠩᠭᠠᠨ ᠬᠣᠷᠴᠢᠨ ᠬᠡᠰᠢᠭ ᠲᠡᠨ ᠪᠣᠯᠭᠠᠵᠤ ᠴᠢᠷᠢᠭ ᠮᠡᠳᠡᠬᠦ ᠪᠠᠭᠠᠲᠤᠳ ᠨᠣᠶᠠᠳ ᠢᠶᠠᠷ ᠴᠢᠷᠢᠭ ᠮᠡᠳᠡᠭᠦᠯᠦᠨ ᠤᠯᠤᠰ ᠤᠨ ᠠᠯᠪᠠᠨ ᠭᠤᠪᠴᠢᠭᠤᠷ ᠤᠨ ᠳᠠᠷᠤᠭ᠎ᠠ ᠰᠢᠭᠦᠯᠡᠩ ᠳᠡᠮᠴᠢ ᠲᠠᠯᠪᠢᠪᠠ ᠵᠠᠷᠭᠤ ᠢᠯᠭᠠᠬᠤ ᠵᠠᠶᠢᠰᠠᠩ ᠤᠳ ᠲᠠᠯᠪᠢᠨ ᠤᠯᠤᠰ ᠢ ᠮᠡᠳᠡᠬᠦ ᠴᠡᠷᠪᠢ ᠲᠦᠷᠦᠭᠦᠦ ᠴᠢᠷᠢᠭ ᠢ ᠮᠡᠳᠡᠬᠦ ᠴᠡᠷᠪᠢ ᠲᠠᠯᠪᠢᠵᠤ ᠲᠤᠰ ᠲᠤᠰ ᠲᠤᠷ ᠢᠨᠤ ᠲᠦᠰᠢᠨ ᠶᠠᠮᠤ ᠶᠣᠰᠤᠨ ᠢ ᠲᠡᠭᠦᠰᠭᠡᠵᠦ ᠲᠠᠪᠤᠨ ᠥᠩᠭᠡ ᠶᠢᠨ ᠶᠡᠬᠡ ᠤᠯᠤᠰ ᠢ ᠬᠥᠯ ᠬᠥᠰᠡᠷᠡ ᠭᠠᠷ ᠭᠠᠵᠠᠷ᠎ᠠ ᠬᠦᠷᠭᠡᠨ ᠡᠩᠬᠡ ᠵᠢᠷᠭᠠᠭᠤᠯᠪᠠᠢ ᠲᠡᠭᠦᠨ ᠦ ᠬᠣᠶᠢᠨᠠ ᠭᠤᠲᠠᠭᠠᠷ ᠤᠨ ᠣᠨ ᠪᠣᠯᠵᠤ ᠦᠬᠡᠷ ᠵᠢᠯᠡ ᠥᠭᠡᠳᠡᠢ ᠬᠠᠭᠠᠨ ᠳᠥᠴᠢᠨ ᠭᠤᠷᠪᠠᠨ ᠨᠠᠰᠤᠨ ᠲᠤᠷ ᠢᠶᠠᠨ
oroγulju bars metü barilaju ötege metü örölejü öber=ün dura=bar yabuju edün ekitü ulus=un alban abču jambutyib yirtinčü degere burqan=u jarliγ=iyar tngri=yin ibegel=iyer qara terigütü kümün=ü düri bögetele edüi ulus=i jongkilan (tobčilan) tabun öngge=yin yeke ulus dörben qaritan=i erigü buruγutan=i nomoqadqaju engkejegül=ün ulus=i quriyan törö=yi tedküldügsen sayid arad=i tümed=ün noyan mingγad=un noyan jaγuγad=un noyan arbaγad=un noyan bolγan dotoγadu bey=e sakiqu tümen kebtegül naiman mingγan qorčin kesig=ten bolγaju čirig medekü baγatud noyad=iyar čirig medegülün ulus=un alban γubčiγur=un daruγ=a sigüleng demči talbiba jarγu ilγaqu jayisang=ud talbin ulus=i medekü čerbi (türügüü) čirig=i medekü čerbi talbiju tus tus=tur inu tüsin yamu yosun=i tegüsgejü tabun öngge=yin yeke ulus=i köl kösere γar γajar=a kürgen engke jirγaγulbai # # tegün=ü qoyina γutaγar=un on bolju üker jile Ögedei qaγan döčin γurban nasun=tur=iyan
131b
ᠬᠡᠷᠦᠯᠡᠨ ᠦ ᠬᠥᠳᠡᠭᠡ ᠠᠷᠠᠯᠠ ᠶᠡᠬᠡ ᠣᠷᠣ ᠰᠠᠭᠤᠪᠠ ᠵᠠᠷᠢᠮ ᠲᠡᠦᠬᠡᠨ ᠲᠦᠷ ᠥᠭᠡᠳᠡᠢ ᠬᠠᠭᠠᠨ ᠬᠥᠯ ᠢᠶᠡᠨ ᠴᠢᠯᠡᠭᠡᠷᠬᠡᠵᠦ ᠰᠠᠰᠬᠢᠶ ᠠ ᠪᠠᠨᠳᠢᠳᠠ ᠶᠢ ᠵᠠᠯᠠᠵᠤ ᠢᠷᠡ ᠭᠡᠵᠦ ᠡᠯᠴᠢ ᠢᠯᠡᠭᠡᠪᠡᠢ ᠲᠡᠷᠡ ᠯᠠᠮ᠎ᠠ ᠨᠢᠭᠡᠨ ᠪᠥᠭᠡᠰᠦᠨ ᠨᠢᠭᠡᠨ ᠬᠡᠰᠡᠭ ᠰᠢᠷᠤᠢ ᠨᠢᠭᠡᠨ ᠱᠠᠷᠢᠯ ᠭᠤᠤ ᠳᠣᠲᠣᠷᠠ ᠬᠢᠵᠦ ᠥᠭᠭᠥᠭᠡᠳ ᠢᠯᠡᠭᠡᠪᠡᠢ ᠥᠭᠡᠳᠡᠢ ᠠᠪᠴᠤ ᠦᠵᠡᠭᠡᠳ ᠰᠢᠷᠤᠢ ᠠᠨᠤ ᠴᠢ ᠦᠬᠦᠬᠦ ᠭᠡᠭᠰᠡᠨ ᠪᠠᠶᠢᠨᠠᠮ ᠪᠥᠭᠡᠰᠦᠨ ᠥᠭᠭᠥᠭᠰᠡᠨ ᠠᠨᠤ ᠨᠠᠮᠠᠶᠢ ᠢᠳᠡᠬᠦᠢ ᠲᠡᠭᠡᠨ ᠣᠳᠤᠶ᠎ᠠ ᠭᠡᠵᠦ ᠪᠠᠶᠢᠨᠠᠮ ᠱᠠᠷᠢᠯ ᠥᠭᠭᠥᠭᠰᠡᠨ ᠠᠨᠤ ᠬᠣᠶᠢᠨᠠ ᠮᠣᠩᠭᠣᠯ ᠤᠯᠤᠰ ᠨᠣᠮ ᠲᠤᠷ ᠣᠷᠣᠬᠤ ᠭᠡᠭᠰᠡᠨ ᠪᠠᠶᠢᠨᠠᠮ ᠭᠡᠪᠡ ᠲᠡᠳᠦᠢ ᠯᠠᠮ᠎ᠠ ᠢᠷᠡᠪᠡᠢ ᠥᠭᠡᠳᠡᠢ ᠬᠠᠭᠠᠨ ᠤᠭᠲᠤᠵᠤ ᠵᠣᠯᠭᠠᠪᠠᠢ ᠬᠥᠯ ᠦᠨ ᠴᠢᠯᠡᠭᠡ ᠶᠢ ᠠᠰᠠᠭᠪᠠᠰᠤ ᠬᠠᠭᠠᠨ ᠴᠢ ᠤᠷᠢᠳᠤ ᠲᠥᠷᠥᠯ ᠲᠦᠷ ᠡᠨᠡᠳᠬᠡᠭ ᠦᠨ ᠬᠠᠭᠠᠨ ᠤ ᠬᠥᠪᠡᠭᠦᠨ ᠠᠵᠤ ᠰᠦᠮ᠎ᠡ ᠪᠠᠷᠢᠬᠤᠢ ᠳᠤᠷ ᠭᠠᠵᠠᠷ ᠬᠥᠨᠳᠡᠵᠦ ᠮᠣᠳᠤᠨ ᠣᠭᠲᠠᠯᠤᠭᠰᠠᠨ ᠢᠶᠠᠷ ᠭᠠᠵᠠᠷ ᠤᠨ ᠡᠵᠡᠨ ᠢᠷᠡᠵᠦ ᠲᠣᠳᠬᠠᠷᠯᠠᠪᠠᠢ ᠰᠦᠮ᠎ᠡ ᠪᠠᠷᠢᠭᠰᠠᠨ ᠢᠶᠠᠷ ᠴᠢᠩᠭᠢᠰ ᠬᠠᠭᠠᠨ ᠤ ᠬᠥᠪᠡᠭᠦᠨ ᠪᠣᠯᠵᠤ ᠲᠥᠷᠥᠪᠡᠢ ᠬᠡᠮᠡᠨ ᠮᠠᠠ ᠭᠠᠯᠠᠶᠢᠨ ᠭᠳᠣᠷᠮ᠎ᠠ ᠣᠷᠬᠢᠵᠤ ᠴᠢᠯᠡᠭᠡ ᠡᠳᠡᠭᠡᠪᠡᠢ ᠬᠠᠭᠠᠨ ᠡᠬᠢᠯᠡᠨ ᠮᠣᠩᠭᠣᠯ ᠤᠯᠤᠰ ᠪᠦᠭᠦᠳᠡᠭᠡᠷ ᠨᠣᠮ ᠲᠤᠷ ᠣᠷᠣᠪᠠᠢ ᠣᠯᠠᠨ ᠬᠤᠪᠢᠯᠭᠠᠨ ᠢ ᠦᠵᠦᠭᠦᠯᠪᠡᠢ ᠷᠴᠤ ᠬᠣᠲᠣᠨ ᠲᠤᠷ ᠭᠠᠮᠠᠯᠠ ᠰᠢᠯᠠ ᠨᠡᠷᠡᠲᠦ ᠰᠤᠪᠤᠷᠭᠠᠨ ᠪᠣᠰᠭᠠᠪᠠᠢ ᠰᠠᠰᠬᠢᠶ ᠠ ᠪᠠᠨᠳᠢᠳᠠ ᠳᠤᠷ
Kerülen=ü Ködege-arala yeke oro saγuba jarim teüken=tür Ögedei qaγan köl=iyen čilegerkejü Saskiy=a-bandida=yi jalaju ire gejü elči ilegebei tere lam=a nigen bögesün nigen keseg sirui nigen šaril γuu dotora kijü öggöged ilegebei Ögedei abču üjeged sirui anu či ükükü gegsen bayinam bögesün öggögsen anu namayi ideküi=tegen oduy=a gejü bayinam šaril öggögsen anu qoyina Mongγol ulus , nom=tur oroqu gegsen bayinam gebe tedüi lam=a irebei Ögedei qaγan uγtuju jolγabai köl=ün čilege=yi asaγbasu , qaγan či uridu töröl=tür Enedkeg=ün qaγan=u köbegün aju süm=e bariqui=dur γajar köndejü modun oγtaluγsan=iyar γajar=un ejen irejü todqarlabai süm=e bariγsan=iyar Činggis-qaγan=u köbegün bolju töröbei kemen maxa=galayin gdorm=a orkiju čilege edegebei qaγan ekilen Mongγol ulus bügüdeger nom=tur orobai olan qubilγan=i üjügülbei Rču-qoton=tur Gamala-Sila neretü suburγan bosγabai Saskiy=a-bandida=dur
132a
ᠨᠥᠬᠥᠳ ᠪᠣᠯᠵᠤ ᠢᠷᠡᠬᠦᠢ ᠲᠦᠷ ᠫᠠᠭᠰᠪᠠ ᠯᠠᠮ᠎ᠠ ᠨᠠᠢᠮᠠᠨ ᠨᠠᠰᠤᠲᠠᠢ ᠳᠠᠭᠠᠵᠤ ᠢᠷᠡᠪᠡ ᠪᠠᠰᠠ ᠭᠠᠷᠮ᠎ᠠ ᠪᠠᠭᠰᠢ ᠢᠷᠡᠵᠦᠬᠦᠢ ᠪᠠᠰᠠ ᠵᠠᠷᠢᠮ ᠨᠢᠭᠡᠨ ᠲᠡᠦᠬᠡᠨ ᠲᠦᠷ ᠢᠨᠤ ᠰᠠᠰᠬᠢᠶ ᠠ ᠪᠠᠨᠳᠢᠳᠠ ᠶᠢᠨ ᠢᠯᠡᠭᠡᠭᠰᠡᠨ ᠴᠢᠳᠬᠤᠮᠠᠯ ᠪᠤᠷᠬᠠᠨ ᠢ ᠡᠨᠡ ᠠᠯᠲᠠᠨ ᠪᠤᠶᠤ ᠶᠠᠭᠤᠨ ᠬᠡᠮᠡᠵᠦ ᠬᠠᠤᠷᠠᠢ ᠪᠠᠷ ᠦᠷᠦᠭᠰᠡᠨ ᠢᠶᠡᠷ ᠡᠷᠲᠡᠨ ᠦ ᠪᠤᠶᠠᠨ ᠪᠠᠭᠤᠷᠠᠵᠤ ᠭᠤᠷᠪᠠᠨ ᠬᠣᠨᠣᠭ ᠴᠢᠯᠡᠭᠡᠷᠬᠡᠨ ᠬᠠᠭᠠᠨ ᠣᠷᠣ ᠰᠠᠭᠤᠭᠰᠠᠨ ᠠᠴᠠ ᠠᠷᠪᠠᠨ ᠭᠤᠲᠠᠭᠠᠷ ᠣᠨ ᠪᠣᠯᠵᠤ ᠦᠬᠡᠷ ᠵᠢᠯ᠎ᠡ ᠲᠠᠪᠢᠨ ᠲᠠᠪᠤᠨ ᠨᠠᠰᠤᠨ ᠲᠤᠷ ᠢᠶᠠᠨ ᠦᠳᠦᠬᠦ ᠬᠤᠯᠠᠨ᠎ᠠ ᠲᠩᠷᠢ ᠪᠣᠯᠪᠠ ᠥᠭᠡᠳᠡᠢ ᠬᠠᠭᠠᠨ ᠬᠣᠨᠢᠨ ᠵᠢᠯᠲᠦ ᠠᠵᠤᠬᠤ ᠭᠦᠶᠦᠭ ᠬᠠᠭᠠᠨ ᠠᠨᠤ ᠵᠢᠷᠭᠤᠭᠠᠨ ᠣᠨ ᠪᠣᠯᠵᠤ ᠮᠣᠷᠢᠨ ᠵᠢᠯ ᠳᠦᠷ ᠥᠷᠮᠥᠭᠡᠲᠦ ᠳᠡ ᠳᠥᠴᠢᠨ ᠬᠣᠶᠠᠷ ᠨᠠᠰᠤᠨ᠎ᠠ ᠶᠡᠬᠡ ᠣᠷᠣ ᠰᠠᠭᠤᠪᠠ ᠨᠥᠭᠥᠭᠡ ᠣᠨ ᠬᠣᠨᠢᠨ ᠵᠢᠯ᠎ᠡ ᠳᠥᠴᠢᠨ ᠭᠤᠷᠪᠠᠨ ᠨᠠᠰᠤᠨ ᠲᠤᠷ ᠢᠶᠠᠨ ᠰᠡᠮᠰᠢᠭᠢᠳᠡ ᠲᠦᠷ ᠲᠩᠷᠢ ᠪᠣᠯᠪᠠ ᠭᠦᠶᠦᠭ ᠬᠠᠭᠠᠨ ᠦᠬᠡᠷ ᠵᠢᠯ ᠲᠦ ᠠᠵᠤᠬᠤ ᠲᠡᠭᠦᠨ ᠦ ᠬᠣᠶᠢᠨᠠ ᠲᠠᠪᠳᠠᠭᠠᠷ ᠣᠨ ᠪᠣᠯᠤᠭᠰᠠᠨ ᠲᠤᠷ ᠪᠣᠭᠳᠠ ᠴᠢᠩᠭᠢᠰ ᠬᠠᠭᠠᠨ ᠤ ᠣᠳᠬᠠᠨ ᠠᠨᠤ ᠲᠣᠯᠤᠢ ᠡᠵᠡᠨ ᠲᠡᠭᠦᠨ ᠦ ᠬᠥᠪᠡᠭᠦᠨ ᠮᠥᠩᠬᠡ ᠬᠠᠭᠠᠨ ᠳᠥᠴᠢᠨ ᠲᠠᠪᠤᠨ ᠨᠠᠰᠤᠨ ᠲᠤᠷ ᠢᠶᠠᠨ ᠭᠠᠬᠠᠢ ᠵᠢᠯ᠎ᠡ ᠬᠡᠷᠦᠯᠡᠨ ᠦ ᠬᠥᠳᠡᠭᠡ ᠠᠷᠠᠯᠠ ᠳᠥᠷᠪᠡᠨ ᠰᠠᠷᠠᠶᠢᠨ ᠭᠤᠷᠪᠠᠨ ᠰᠢᠨᠡᠳᠡ ᠶᠡᠬᠡ ᠣᠷᠣ ᠰᠠᠭᠤᠪᠠ ᠪᠯᠠᠮ᠎ᠠ ᠢᠨᠤ ᠰᠣᠳᠨᠠᠮ ᠵᠠᠮᠰᠠᠨ ᠨᠡᠷᠡᠲᠦ ᠪᠤᠢ ᠶᠢᠰᠦᠨ ᠣᠨ ᠪᠣᠯᠵᠤ ᠦᠷ᠎ᠡ ᠦᠭᠡᠢ ᠲᠠᠪᠢᠨ ᠳᠥᠷᠪᠡᠨ ᠨᠠᠰᠤᠨ ᠲᠤᠷ ᠢᠶᠠᠨ
nököd bolju ireküi=tür Pagsba-lam=a naiman nasutai daγaju irebe basa Garm=a baγsi irejüküi basa jarim (nigen) teüken=tür inu Saskiy=a-bandida=yin ilegegsen čidqumal burqan=i ene altan buyu yaγun kemejü qaurai=bar ürügsen=iyer erten=ü buyan baγuraju γurban qonoγ čilegerken qaγan oro saγuγsan=ača arban γutaγar on bolju üker jil=e tabin tabun nasun=tur=iyan Üdükü-Qulan=a tngri bolba Ögedei qaγan qonin jiltü ajuqu # Güyüg-qaγan anu jirγuγan on bolju morin jil=dür Örmögetü=de döčin qoyar nasun=a yeke oro saγuba nögöge on qonin jil=e döčin γurban nasun=tur=iyan Semsigide=tür tngri bolba Güyüg-qaγan üker jil=tü ajuqu # tegün=ü qoyina tabdaγar on boluγsan=tur boγda Činggis-qaγan=u odqan anu Tolui-ejen tegün=ü köbegün Möngke-qaγan döčin tabun nasun=tur=iyan γaqai jil=e Kerülen=ü Ködege-arala dörben sarayin γurban sinede yeke oro saγuba blam=a inu Sodnam-Jamsan neretü bui yisün on bolju ür=e ügei tabin dörben nasun=tur=iyan
132b
ᠬᠣᠨᠢᠨ ᠵᠢᠯ᠎ᠡ ᠴᠢᠩ ᠵᠡᠩᠭᠦ ᠨᠡᠷᠡᠲᠦ ᠬᠣᠲᠠ ᠲᠤᠷ ᠲᠩᠷᠢ ᠪᠣᠯᠪᠠ ᠮᠥᠩᠬᠡ ᠬᠠᠭᠠᠨ ᠲᠠᠤᠯᠠᠢ ᠵᠢᠯᠲᠦ ᠠᠵᠤᠬᠤ ᠲᠡᠭᠦᠨ ᠦ ᠬᠣᠶᠢᠨᠠ ᠵᠢᠷᠭᠤᠳᠤᠭᠠᠷ ᠣᠨ ᠪᠣᠯᠵᠤ ᠮᠡᠴᠢᠨ ᠵᠢᠯ᠎ᠡ ᠲᠣᠯᠤᠢ ᠡᠵᠡᠨ ᠦ ᠬᠡᠷᠡᠶᠢᠳ ᠦᠨ ᠣᠩ ᠬᠠᠭᠠᠨ ᠤ ᠳᠡᠭᠦᠦ ᠵᠠᠬᠠ ᠭᠠᠮᠪᠤ ᠶᠢᠨ ᠥᠬᠢᠨ ᠡᠴᠡ ᠲᠥᠷᠥᠭᠰᠡᠨ ᠰᠣᠳᠤ ᠬᠤᠪᠢᠯᠠᠢ ᠰᠡᠴᠡᠨ ᠬᠠᠭᠠᠨ ᠳᠥᠴᠢᠨ ᠲᠠᠪᠤᠨ ᠨᠠᠰᠤᠨ ᠲᠤᠷ ᠢᠶᠠᠨ ᠬᠦᠷᠳᠦ ᠠᠩᠳᠤ ᠳᠠ ᠶᠡᠬᠡ ᠣᠷᠣ ᠰᠠᠭᠤᠪᠠ ᠲᠡᠷᠡ ᠬᠤᠪᠢᠯᠠᠢ ᠰᠡᠴᠡᠨ ᠬᠠᠭᠠᠨ ᠲᠤᠷ ᠳᠥᠷᠪᠡᠨ ᠠᠶᠢᠮᠠᠭ ᠴᠢᠷᠢᠭ ᠲᠡᠭᠦᠰᠦᠭᠰᠡᠨ ᠪᠤᠶᠤ ᠶᠠᠩ ᠨᠡᠷᠡᠲᠦ ᠤᠯᠤᠰ ᠪᠠ ᠮᠢᠬᠠᠰ ᠤᠯᠤᠰ ᠬᠢᠭᠡᠳ ᠢ ᠲᠣᠶᠢᠨ ᠲᠤᠷ ᠢᠶᠠᠨ ᠣᠷᠣᠭᠤᠯᠪᠠᠢ ᠬᠢᠲᠠᠳ ᠤᠨ ᠵᠢᠷᠭᠤᠭᠠᠨ ᠮᠤᠵᠢ ᠮᠠᠨᠵᠢ ᠶᠢᠨ ᠤᠯᠤᠰ ᠢ ᠲᠣᠶᠢᠨ ᠲᠤᠷ ᠢᠶᠠᠨ ᠣᠷᠣᠭᠤᠯᠪᠠᠢ ᠡᠨᠡᠳᠬᠡᠭ ᠦᠨ ᠳᠣᠷᠣᠨᠠ ᠬᠢᠲᠠᠳ ᠤᠨ ᠡᠮᠦᠨᠡ ᠳᠡᠬᠢ ᠬᠠᠨᠵᠣᠤ ᠨᠡᠷᠡᠲᠦ ᠶᠡᠬᠡ ᠪᠠᠯᠭᠠᠰᠤᠨ ᠡᠨᠡ ᠭᠠᠵᠠᠷ ᠳᠡᠭᠡᠷᠡ ᠲᠡᠶᠢᠮᠦ ᠶᠡᠬᠡ ᠪᠠᠯᠭᠠᠰᠤᠨ ᠦᠭᠡᠢ ᠪᠥᠯᠦᠭᠡ ᠲᠡᠭᠦᠨ ᠢ ᠲᠣᠶᠢᠨ ᠲᠤᠷ ᠢᠶᠠᠨ ᠣᠷᠣᠭᠤᠯᠪᠠᠢ ᠪᠤᠷᠬᠠᠨ ᠤ ᠱᠠᠰᠢᠨ ᠨᠣᠮ ᠤᠳ ᠢ ᠨᠠᠷᠠᠨ ᠮᠡᠲᠦ ᠮᠠᠨᠳᠤᠭᠤᠯᠤᠨ ᠳᠡᠯᠭᠡᠷᠡᠭᠦᠯᠪᠡᠢ ᠲᠡᠷᠡ ᠬᠠᠭᠠᠨ ᠤ ᠴᠠᠮᠪᠤᠢ ᠨᠡᠷᠡᠲᠦ ᠬᠠᠲᠤᠨ ᠢᠨᠤ ᠭᠤᠷᠪᠠᠨ ᠡᠷᠳᠡᠨᠢ ᠶᠢ ᠪᠢᠰᠢᠷᠡᠭᠴᠢ ᠪᠥᠯᠦᠭᠡ ᠲᠡᠷᠡ ᠬᠠᠭᠠᠨ ᠠᠨᠤ ᠨᠣᠮ ᠪᠠ ᠶᠢᠷᠲᠢᠨᠴᠦ ᠶᠢᠨ ᠦᠶᠢᠯᠡᠰ ᠢ ᠴᠠᠮᠪᠤᠢ ᠬᠠᠲᠤᠨ ᠯᠤᠭ᠎ᠠ ᠵᠥᠪᠰᠢᠶᠡᠵᠦ ᠦᠶᠢᠯᠡᠳᠬᠦᠨ ᠪᠥᠯᠦᠭᠡ ᠲᠡᠨᠳᠡᠴᠡ ᠲᠡᠷᠡ ᠬᠠᠭᠠᠨ ᠠᠨᠤ ᠭᠤᠴᠢᠨ ᠨᠠᠰᠤᠨ ᠳᠠᠭᠠᠨ ᠫᠠᠭᠰᠪᠠ ᠯᠠᠮ ᠠ ᠶᠢ
qonin jil=e Čing-Jenggü neretü qota=tur tngri bolba Möngke-qaγan taulai jiltü ajuqu # tegün=ü qoyina jirγuduγar on bolju mečin jil=e Tolui ejen=ü Kereyid=ün Ong-qaγan=u degüü Jaqa-Gambu=yin ökin=eče törögsen sodu Qubilai-Sečen-qaγan döčin tabun nasun=tur=iyan Kürdü-$angdu=da yeke oro saγuba tere Qubilai-Sečen-qaγan=tur dörben ayimaγ čirig tegüsügsen buyu Yang neretü ulus ba Miqas ulus kiged=i toyin=tur=iyan oroγulbai Kitad=un jirγuγan muji Manji=yin ulus=i toyin=tur=iyan oroγulbai Enedkeg=ün dorona Kitad=un emüne deki Qanjou neretü yeke balγasun ene γajar degere teyimü yeke balγasun ügei bölüge tegün=i toyin=tur=iyan oroγulbai burqan=u šasin nom=ud=i naran metü manduγulun delgeregülbei tere qaγan=u Čambui neretü qatun inu γurban erdeni=yi bisiregči bölüge tere qaγan anu nom ba yirtinčü=yin üyiles=i Čambui-qatun=luγ=a jöbsiyejü üyiledkün bölüge tendeče tere qaγan anu γučin nasun=daγan Pagsba-lam=a=yi
133a
ᠵᠠᠯᠠᠵᠤ ᠫᠠᠭᠰᠪᠠ ᠪᠯᠠᠮ᠎ᠠ ᠠᠷᠪᠠᠨ ᠶᠢᠰᠦᠨ ᠨᠠᠰᠤᠲᠤ ᠪᠥᠭᠡᠲᠡᠯᠡ ᠰᠢᠷᠡᠭᠡᠨ᠎ᠡ ᠭᠠᠷᠭᠠᠵᠤ ᠬᠦᠷᠢᠨ ᠴᠠᠨᠳᠠᠨ ᠨᠡᠷᠡᠲᠦ ᠬᠣᠲᠠ ᠶᠢᠨ ᠪᠠᠭᠠᠨᠠ ᠶᠢ ᠴᠠᠭᠠᠨ ᠴᠢᠯᠠᠭᠤᠨ ᠢᠶᠠᠷ ᠬᠢᠵᠦ ᠭᠤᠷᠪᠠᠨ ᠥᠩᠭᠡ ᠤᠯᠤᠰ ᠢ ᠨᠣᠮ ᠲᠤᠷ ᠣᠷᠣᠭᠤᠯᠪᠠᠢ ᠬᠤᠪᠢᠯᠠᠢ ᠰᠡᠴᠡᠨ ᠬᠠᠭᠠᠨ ᠫᠠᠭᠰᠪᠠ ᠪᠯᠠᠮ ᠠ ᠲᠤᠷ ᠠᠯᠲᠠᠨ ᠬᠢᠭᠡᠳ ᠰᠤᠪᠤᠳ ᠤᠨ ᠬᠡᠷᠱᠡ ᠬᠢᠷᠰᠠᠨ ᠳᠡᠪᠡᠯ ᠡᠷᠳᠡᠨᠢ ᠪᠡᠷ ᠬᠢᠯᠭᠡᠭᠰᠡᠨ ᠣᠷᠬᠢᠮᠵᠢ ᠡᠷᠳᠡᠨᠢ ᠮᠠᠯᠠᠭ᠎ᠠ ᠠᠯᠲᠠᠨ ᠰᠢᠭᠦᠷ ᠠᠯᠲᠠᠨ ᠰᠢᠷᠡᠭᠡᠨ ᠲᠡᠷᠢᠭᠦᠲᠡᠨ ᠡᠳ ᠲᠠᠸᠠᠷ ᠮᠣᠷᠢᠨ ᠲᠡᠮᠡᠭᠡᠨ ᠢ ᠡᠷᠭᠦᠪᠡᠢ ᠫᠠᠭᠰᠪᠠ ᠯᠠᠮ᠎ᠠ ᠲᠡᠨᠳᠡᠴᠡ ᠬᠡᠮᠦᠰ ᠭᠠᠮᠪᠤ ᠣᠷᠣᠨ ᠲᠤᠷ ᠥᠭᠡᠳᠡ ᠪᠣᠯᠵᠤ ᠤᠪᠠᠳᠢᠨᠢ ᠠᠯᠳᠠᠷᠰᠢᠭᠰᠠᠨ ᠠᠯᠳᠠᠷ ᠤᠨ ᠭᠡᠭᠡᠨ ᠡᠴᠡ ᠲᠣᠪᠴᠢᠯᠠᠨ ᠳᠣᠯᠣᠭᠠᠨ ᠨᠥᠬᠥᠳ ᠰᠡᠯᠲᠡ ᠶᠢᠨ ᠱᠠᠭᠰᠠᠪᠠᠳ ᠦᠨᠡᠬᠡᠷ ᠠᠪᠴᠤ ᠬᠠᠷᠢᠨ ᠥᠭᠡᠳᠡ ᠪᠣᠯᠵᠤ ᠢᠷᠡᠪᠡᠢ ᠬᠠᠭᠠᠨ ᠪᠠᠷ ᠸᠴᠢᠷ ᠲᠤ ᠬᠥᠯᠭᠡᠨ ᠦ ᠨᠣᠮ ᠤᠨ ᠷᠠᠰᠢᠶᠠᠨ ᠤ ᠬᠤᠷᠢᠮ ᠢ ᠭᠤᠷᠪᠠᠨ ᠳᠠ ᠡᠯᠳᠡᠬᠦᠢ ᠠᠩᠬᠠᠨ ᠤ ᠦᠶ ᠡ ᠲᠦᠷ ᠲᠥᠪᠡᠳ ᠦᠨ ᠭᠤᠷᠪᠠᠨ ᠲᠦᠮᠡᠨ ᠦ ᠤᠷᠴᠢᠨ ᠢ ᠡᠷᠭᠦᠪᠡᠢ ᠬᠣᠶᠠᠳᠤᠭᠠᠷ ᠦᠶ ᠡ ᠲᠦᠷ ᠬᠢᠲᠠᠳ ᠤᠨ ᠤᠷᠴᠢᠨ ᠢ ᠮᠣᠨ ᠬᠢᠭᠡᠳ ᠣᠢ ᠳᠤᠷ ᠲᠥᠪᠡᠳ ᠦᠨ ᠠᠷᠪᠠᠨ ᠤᠷᠴᠢᠨ ᠢ ᠡᠷᠭᠦᠪᠡᠢ ᠭᠤᠲᠠᠭᠠᠷ ᠣᠨ ᠠᠴᠢᠳᠠᠰᠠᠳᠤᠷᠤ ᠬᠠᠭᠠᠨ ᠤ ᠱᠠᠷᠢᠯ ᠤᠨ ᠬᠤᠪᠢ ᠶᠢᠨ ᠰᠠᠶᠢᠪᠠᠷ ᠣᠳᠤᠭᠰᠠᠨ ᠤ ᠠᠷᠪᠢᠴᠢᠬᠤᠢ ᠱᠠᠷᠢᠯ ᠨᠤᠭᠤᠳ ᠢ ᠡᠷᠭᠦᠪᠡᠢ ᠫᠠᠭᠰᠪᠠ ᠯᠠᠮ ᠠ ᠲᠤᠷ ᠪᠠᠨᠳᠢᠳᠠ ᠫᠠᠭᠰᠪᠠ ᠳᠢᠰᠠᠷᠢ ᠬᠡᠮᠡᠬᠦ ᠴᠣᠯᠠ ᠡᠷᠭᠦᠪᠡᠢ
jalaju Pagsba-blam=a arban yisün nasutu bögetele siregen=e γarγaju Kürin-Čandan neretü qota=yin baγana=yi čaγan čilaγun=iyar kijü γurban öngge ulus=i nom=tur oroγulbai Qubilai-Sečen-qaγan Pagsba-blam=a=tur altan kiged subud=un kerše <kirsan> debel erdeni=ber kilgegsen orkimji erdeni malaγ=a altan sigür altan siregen terigüten ed tavar morin temegen=i ergübei Pagsba-lam=a tendeče Kemüs-Gambu oron=tur ögede bolju ubadini aldarsiγsan aldar=un gegen=eče tobčilan doloγan nököd selte=yin šaγsabad üneker abču qarin ögede bolju irebei qaγan=bar včir=tu kölgen=ü nom=un rasiyan=u qurim=i γurban=da eldeküi angqan=u üy=e=tür Töbed=ün γurban tümen=ü určin=i ergübei qoyaduγar üy=e=tür Kitad=un určin=i mon kiged oi=dur Töbed=ün arban určin=i ergübei γutaγar on Ačidasaduru-qaγan=u šaril=un qubi=yin sayibar oduγsan=u arbičiqui šaril=nuγud=i ergübei Pagsba-lam=a=tur bandida Pagsba disari kemekü čola ergübei
133b
ᠳᠠᠶᠢᠳᠤ ᠳᠠ ᠡᠪᠦᠯᠵᠢᠵᠦ ᠠᠩᠳᠤ ᠳᠠ ᠵᠤᠰᠠᠵᠤ ᠰᠢᠬᠠᠮᠤᠨᠢ ᠶᠢᠨ ᠱᠠᠵᠢᠨ ᠢ ᠨᠠᠷᠠᠨ ᠮᠡᠲᠦ ᠭᠡᠶᠢᠭᠦᠯᠪᠡᠢ ᠨᠢᠭᠡᠨ ᠦᠶ ᠡ ᠲᠦᠷ ᠭᠠᠷᠮ᠎ᠠ ᠪᠠᠭᠰᠢ ᠠᠨᠤ ᠤᠰᠤᠨ᠎ᠠ ᠰᠢᠩᠭᠢᠬᠦᠢ ᠣᠭᠲᠠᠷᠭᠤᠢ ᠲᠤᠷ ᠨᠢᠰᠬᠦᠢ ᠴᠢᠯᠠᠭᠤᠨ ᠠᠳᠬᠤᠬᠤᠢ ᠲᠡᠷᠢᠭᠦᠲᠡᠨ ᠣᠯᠠᠨ ᠷᠢᠳᠢ ᠬᠤᠪᠢᠯᠭᠠᠨ ᠢ ᠦᠵᠦᠭᠦᠯᠦᠭᠰᠡᠨ ᠲᠦᠷ ᠰᠡᠴᠡᠨ ᠬᠠᠭᠠᠨ ᠪᠠᠷ ᠪᠢᠳᠠᠨ ᠤ ᠯᠠᠮ᠎ᠠ ᠳᠢᠰᠠᠷᠢ ᠬᠤᠲᠤᠭ ᠲᠤ ᠠᠨᠤ ᠬᠤᠪᠢᠯᠭᠠᠨ ᠮᠥᠨ ᠪᠥᠭᠡᠰᠦ ᠪᠡᠷ ᠷᠢᠳᠢ ᠬᠤᠪᠢᠯᠭᠠᠨ ᠬᠢᠭᠡᠳ ᠣᠨᠣᠯ ᠠᠨᠤ ᠡᠨᠡ ᠬᠠᠯᠲᠠᠷ ᠶᠦᠭᠡᠵᠡᠷᠢ ᠢᠯᠡᠭᠦ ᠠᠵᠤᠬᠤ ᠬᠡᠮᠡᠨ ᠵᠠᠷᠯᠢᠭ ᠪᠣᠯᠤᠭᠰᠠᠨ ᠢ ᠰᠡᠴᠡᠨ ᠬᠠᠭᠠᠨ ᠤ ᠬᠠᠲᠤᠨ ᠰᠣᠨᠣᠰᠴᠤ ᠫᠠᠭᠰᠪᠠ ᠯᠠᠮ ᠠ ᠲᠤᠷ ᠤᠴᠠᠷ ᠰᠢᠯᠲᠠᠭᠠᠨ ᠢ ᠥᠴᠢᠵᠦ ᠭᠠᠷᠮ ᠠ ᠪᠠᠭᠰᠢ ᠶᠢ ᠡᠷᠬᠢᠨ ᠪᠣᠯᠭᠠᠪᠠᠰᠤ ᠰᠠᠰᠬᠢᠶ ᠠ ᠶᠢᠨ ᠢᠵᠠᠭᠤᠷ ᠦᠨᠳᠦᠰᠦᠨ᠎ᠡ ᠭᠡᠮ ᠲᠦ ᠪᠣᠯᠬᠤ ᠶᠢᠨ ᠲᠤᠯᠠ ᠷᠢᠳᠢ ᠬᠤᠪᠢᠯᠭᠠᠨ ᠢ ᠦᠵᠦᠭᠦᠯᠦᠨ ᠰᠣᠶᠣᠷᠬ᠎ᠠ ᠬᠡᠮᠡᠭᠰᠡᠨ ᠲᠦᠷ ᠬᠠᠭᠠᠨ ᠲᠦᠰᠢᠮᠡᠳ ᠡᠬᠢᠯᠡᠨ ᠪᠦᠭᠦᠳᠡ ᠶᠢᠨ ᠳᠤᠮᠳᠠ ᠫᠠᠭᠰᠪᠠ ᠯᠠᠮ᠎ᠠ ᠢᠯᠳᠦᠨ ᠢᠶᠡᠷ ᠥᠪᠡᠷᠦᠨ ᠲᠡᠷᠢᠭᠦᠨ ᠬᠢᠭᠡᠳ ᠭᠠᠷ ᠬᠥᠯ ᠢ ᠲᠠᠪᠤᠨ ᠥᠪᠡᠷᠡ ᠣᠭᠲᠠᠯᠵᠤ ᠲᠠᠪᠤᠨ ᠢᠵᠠᠭᠤᠷ ᠲᠤ ᠪᠤᠷᠬᠠᠨ ᠪᠣᠯᠭᠠᠨ ᠠᠳᠢᠰᠯᠠᠵᠤ ᠦᠵᠦᠭᠦᠯᠦᠭᠰᠡᠨ ᠲᠡᠷᠢᠭᠦᠲᠡᠨ ᠣᠯᠠᠨ ᠬᠤᠪᠢᠯᠭᠠᠨ ᠢ ᠨᠢᠳᠦᠨ ᠦ ᠬᠤᠷᠢᠮ ᠪᠣᠯᠭᠠᠨ ᠦᠵᠦᠭᠦᠯᠪᠡᠢ ᠲᠡᠷᠡ ᠬᠤᠪᠢᠯᠠᠢ ᠰᠡᠴᠡᠨ ᠬᠠᠭᠠᠨ ᠠᠨᠤ ᠪᠤᠷᠰᠠᠩ ᠬᠤᠸᠠᠷᠠᠭ ᠤᠳ ᠢ ᠠᠯᠪᠠᠨ ᠠᠴᠠ ᠭᠠᠷᠭᠠᠭᠠᠳ ᠬᠣᠶᠠᠷ ᠶᠣᠰᠤᠨ ᠢ ᠲᠡᠭᠰᠢ ᠵᠣᠬᠢᠶᠠᠵᠤ ᠴᠢᠩᠭᠢᠰ ᠬᠠᠭᠠᠨ ᠤ
Dayidu=da ebüljijü $angdu=da jusaju Sikamuni=yin šajin=i naran metü geyigülbei # nigen üy=e=tür Garm=a baγsi anu usun=a singgiküi oγtarγui=tur nisküi čilaγun adququi terigüten olan ridi qubilγan=i üjügülügsen=tür Sečen-qaγan=bar bidan=u lam=a disari qutuγ=tu anu qubilγan mön bögesü=ber ridi qubilγan kiged onol anu ene qaltar Yügejeri ilegü ajuqu kemen jarliγ boluγsan=i Sečen-qaγan=u qatun sonosču Pagsba-lam=a=tur učar siltaγan=i öčijü Garm=a-baγsi=yi erkin bolγabasu Saskiy=a=yin ijaγur ündüsün=e gem=tü bolqu=yin tula ridi qubilγan=i üjügülün soyorq=a kemegsen=tür qaγan tüsimed ekilen bügüde=yin dumda Pagsba-lam=a ildün=iyer öberün terigün kiged γar köl=i tabun öbere oγtalju tabun ijaγur=tu burqan bolγan adislaju üjügülügsen terigüten olan qubilγan=i nidün=ü qurim bolγan üjügülbei tere Qubilai-Sečen-qaγan anu bursang quvaraγ=ud=i alban=ača γarγaγad qoyar yosun=i tegsi jokiyaju Činggis-qaγan=u
134a
ᠶᠡᠬᠡ ᠲᠥᠷᠥ ᠶᠢ ᠪᠠᠲᠤᠳᠬᠠᠨ ᠪᠠᠷᠢᠭᠰᠠᠨ ᠢᠶᠠᠷ ᠴᠢᠭᠢᠳᠡᠨ ᠡ ᠰᠡᠴᠡᠨ ᠬᠠᠭᠠᠨ ᠬᠡᠮᠡᠨ ᠣᠯᠠᠨ᠎ᠠ ᠠᠯᠳᠠᠷᠰᠢᠪᠠᠢ ᠭᠤᠴᠢᠨ ᠲᠠᠪᠤᠨ ᠣᠨ ᠪᠣᠯᠵᠤ ᠮᠣᠷᠢᠨ ᠵᠢᠯ᠎ᠡ ᠬᠤᠪᠢ ᠰᠠᠷᠠᠶᠢᠨ ᠬᠣᠷᠢᠨ ᠬᠣᠶᠠᠷ᠎ᠠ ᠨᠠᠶᠠᠨ ᠨᠢᠭᠡᠨ ᠨᠠᠰᠤᠨ ᠲᠤᠷ ᠢᠶᠠᠨ ᠳᠠᠶᠢᠳᠤ ᠳᠠ ᠲᠩᠷᠢ ᠪᠣᠯᠪᠠ ᠰᠡᠴᠡᠨ ᠬᠠᠭᠠᠨ ᠮᠣᠭᠠᠢ ᠵᠢᠯᠲᠦ ᠠᠵᠤᠬᠤ ᠲᠡᠭᠦᠨ ᠦ ᠬᠣᠶᠢᠨᠠ ᠮᠥᠨ ᠮᠣᠷᠢᠨ ᠵᠢᠯ ᠲᠦᠷ ᠥᠯᠵᠡᠢ ᠲᠦ ᠬᠠᠭᠠᠨ ᠭᠤᠴᠢᠨ ᠨᠠᠰᠤᠨ ᠲᠤᠷ ᠢᠶᠠᠨ ᠳᠥᠷᠪᠡᠨ ᠰᠠᠷᠠᠶᠢᠨ ᠠᠷᠪᠠᠨ ᠰᠢᠨᠡᠳᠡ ᠰᠢᠭᠢᠷ ᠨᠠᠭᠤᠷ᠎ᠠ ᠶᠡᠬᠡ ᠣᠷᠣ ᠰᠠᠭᠤᠪᠠ ᠪᠯᠠᠮ᠎ᠠ ᠠᠨᠤ ᠳᠠᠷᠮ ᠠ ᠪᠠᠯᠠ ᠪᠤᠶᠤ ᠠᠷᠪᠠᠨ ᠳᠥᠷᠪᠡᠨ ᠣᠨ ᠪᠣᠯᠵᠤ ᠳᠥᠴᠢᠨ ᠳᠥᠷᠪᠡᠨ ᠨᠠᠰᠤᠨ ᠲᠤᠷ ᠢᠶᠠᠨ ᠬᠣᠨᠢᠨ ᠵᠢᠯ᠎ᠡ ᠬᠤᠪᠢ ᠰᠠᠷᠠᠶᠢᠨ ᠨᠠᠢᠮᠠᠨ ᠰᠢᠨᠡᠳᠡ ᠳᠠᠶᠢᠳᠤ ᠳᠠ ᠲᠩᠷᠢ ᠪᠣᠯᠪᠠ ᠥᠯᠵᠡᠢ ᠲᠦ ᠬᠠᠭᠠᠨ ᠦᠬᠡᠷ ᠵᠢᠯ ᠲᠦ ᠠᠵᠤᠬᠤ ᠲᠡᠭᠦᠨ ᠦ ᠬᠣᠶᠢᠨᠠ ᠮᠥᠨ ᠣᠨ ᠬᠣᠨᠢᠨ ᠵᠢᠯ᠎ᠡ ᠥᠯᠵᠡᠢ ᠲᠦ ᠬᠠᠭᠠᠨ ᠤ ᠳᠡᠭᠦ ᠬᠦᠯᠦᠭ ᠬᠠᠭᠠᠨ ᠬᠣᠷᠢᠨ ᠳᠣᠯᠣᠭᠠᠨ ᠨᠠᠰᠤᠨ ᠲᠤᠷ ᠢᠶᠠᠨ ᠶᠡᠬᠡ ᠣᠷᠣ ᠰᠠᠭᠤᠪᠠ ᠪᠯᠠᠮ᠎ᠠ ᠠᠨᠤ ᠴᠣᠰᠭᠢ ᠣᠳᠰᠡᠷ ᠪᠤᠶᠤ ᠲᠠᠪᠳᠠᠭᠠᠷ ᠣᠨ ᠪᠣᠯᠵᠤ ᠭᠠᠬᠠᠢ ᠵᠢᠯ᠎ᠡ ᠳᠠᠶᠢᠳᠤ ᠳᠠ ᠲᠩᠷᠢ ᠪᠣᠯᠪᠠ ᠬᠦᠯᠦᠭ ᠬᠠᠭᠠᠨ ᠮᠣᠭᠠᠢ ᠵᠢᠯᠲᠦ ᠠᠵᠤᠬᠤ ᠡᠨᠡ ᠬᠠᠭᠠᠨ ᠱᠠᠰᠢᠨ ᠲᠤᠷ ᠲᠤᠰᠠ ᠶᠡᠬᠡ ᠬᠢᠪᠡ ᠭᠡᠬᠦ ᠲᠡᠭᠦᠨ ᠦ ᠬᠣᠶᠢᠨᠠ ᠭᠠᠬᠠᠢ ᠵᠢᠯ᠎ᠡ ᠪᠤᠶᠠᠨ ᠲᠤ ᠬᠠᠭᠠᠨ ᠭᠤᠴᠢᠨ ᠳᠣᠯᠣᠭᠠᠨ ᠨᠠᠰᠤᠨ ᠲᠤᠷ ᠢᠶᠠᠨ ᠶᠡᠬᠡ ᠣᠷᠣ ᠰᠠᠭᠤᠪᠠ ᠯᠠᠮ᠎ᠠ ᠠᠨᠤ
yeke törö=yi batudqan bariγsan=iyar Čigiden=e-Sečen-qaγan kemen olan=a aldarsibai γučin tabun on bolju morin jil=e qubi sarayin qorin qoyar=a nayan nigen nasun=tur=iyan Dayidu=da tngri bolba Sečen-qaγan moγai jiltü ajuqu # tegün=ü qoyina mön morin jil=tür Öljei=tü-qaγan γučin nasun=tur=iyan dörben sarayin arban sinede Sigir-naγur=a yeke oro saγuba blam=a anu Dxarm=a-Bala buyu arban dörben on bolju döčin dörben nasun=tur=iyan qonin jil=e qubi sarayin naiman sinede Dayidu=da tngri bolba Öljei=tü-qaγan üker jil=tü ajuqu # tegün=ü qoyina mön on qonin jil=e Öljei=tü-qaγan=u degü Külüg-qaγan qorin doloγan nasun=tur=iyan yeke oro saγuba blam=a anu Čosgi-Odser buyu tabdaγar on bolju γaqai jil=e Dayidu=da tngri bolba Külüg-qaγan moγai jiltü ajuqu ene qaγan šasin=tur tusa yeke kibe gekü # tegün=ü qoyina γaqai jil=e Buyan=tu-qaγan γučin doloγan nasun=tur=iyan yeke oro saγuba lam=a anu
134b
ᠳᠣᠨᠶᠣᠳ ᠪᠠ ᠬᠡᠮᠡᠬᠦ ᠪᠤᠶᠤ ᠠᠷᠪᠠᠨ ᠣᠨ ᠪᠣᠯᠵᠤ ᠮᠡᠴᠢᠨ ᠵᠢᠯ ᠲᠦᠷ ᠳᠥᠴᠢᠨ ᠳᠣᠯᠣᠭᠠᠨ ᠨᠠᠰᠤᠨ ᠲᠤᠷ ᠢᠶᠠᠨ ᠳᠠᠶᠢᠳᠤ ᠳᠠ ᠲᠩᠷᠢ ᠪᠣᠯᠪᠠ ᠪᠤᠶᠠᠨ ᠲᠤ ᠬᠠᠭᠠᠨ ᠲᠠᠬᠢᠶ᠎ᠠ ᠵᠢᠯ ᠲᠦ ᠠᠵᠤᠬᠤ ᠲᠡᠭᠦᠨ ᠦ ᠬᠣᠶᠢᠨᠠ ᠮᠥᠨ ᠣᠨ ᠭᠡᠭᠡᠨ ᠬᠠᠭᠠᠨ ᠮᠣᠷᠢᠨ ᠵᠢᠯ ᠳᠦᠷ ᠠᠷᠪᠠᠨ ᠨᠠᠢᠮᠠᠨ ᠨᠠᠰᠤᠨ ᠲᠤᠷ ᠢᠶᠠᠨ ᠳᠠᠶᠢᠳᠤ ᠳᠠ ᠶᠡᠬᠡ ᠣᠷᠣ ᠰᠠᠭᠤᠪᠠ ᠯᠠᠮ᠎ᠠ ᠠᠨᠤ ᠰᠣᠳᠨᠠᠮ ᠷᠵᠠᠮᠰᠠᠨ ᠪᠤᠶᠤ ᠳᠥᠷᠪᠡᠨ ᠣᠨ ᠪᠣᠯᠵᠤ ᠬᠣᠷᠢᠨ ᠨᠢᠭᠡᠨ ᠨᠠᠰᠤᠨ ᠲᠤᠷ ᠢᠶᠠᠨ ᠭᠠᠬᠠᠢ ᠵᠢᠯ᠎ᠡ ᠠᠩᠳᠤ ᠳᠠ ᠡᠮᠦᠨᠡ ᠲᠦ ᠮᠣᠷᠢᠨ ᠡᠪᠴᠢᠭᠦᠨ᠎ᠡ ᠲᠩᠷᠢ ᠪᠣᠯᠪᠠ ᠭᠡᠭᠡᠨ ᠬᠠᠭᠠᠨ ᠬᠤᠯᠤᠭᠠᠨ᠎ᠠ ᠵᠢᠯ ᠲᠦ ᠠᠵᠤᠬᠤ ᠲᠡᠭᠦᠨ ᠦ ᠬᠣᠶᠢᠨᠠ ᠶᠢᠰᠦᠨ ᠲᠡᠮᠦᠷ ᠬᠠᠭᠠᠨ ᠭᠠᠬᠠᠢ ᠵᠢᠯ ᠲᠦᠷ ᠭᠤᠴᠢᠨ ᠨᠠᠰᠤᠨ ᠲᠤᠷ ᠢᠶᠠᠨ ᠬᠥᠳᠡᠭᠡ ᠠᠷᠠᠯᠠ ᠶᠡᠬᠡ ᠣᠷᠣ ᠰᠠᠭᠤᠪᠠ ᠯᠠᠮ᠎ᠠ ᠠᠨᠤ ᠶᠡᠬᠡ ᠪᠠᠮ ᠰᠣᠳᠨᠠᠮ ᠪᠤᠶᠤ ᠵᠠᠷᠢᠮ ᠲᠡᠦᠬᠡᠨ ᠲᠦᠷ ᠠᠷᠢᠪᠠᠬ ᠠ ᠬᠠᠭᠠᠨ ᠭᠡᠬᠦ ᠵᠢᠷᠭᠤᠭᠠᠨ ᠣᠨ ᠪᠣᠯᠵᠤ ᠭᠤᠴᠢᠨ ᠵᠢᠷᠭᠤᠭᠠᠨ ᠨᠠᠰᠤᠨ ᠲᠤᠷ ᠢᠶᠠᠨ ᠯᠤᠤ ᠵᠢᠯ᠎ᠡ ᠨᠠᠢᠮᠠᠨ ᠰᠠᠷᠠᠶᠢᠨ ᠵᠢᠷᠭᠤᠭᠠᠨ ᠰᠢᠨᠡᠳᠡ ᠠᠩᠳᠤ ᠳᠠ ᠲᠩᠷᠢ ᠪᠣᠯᠪᠠ ᠶᠢᠰᠦᠨ ᠲᠡᠮᠦᠷ ᠬᠠᠭᠠᠨ ᠮᠣᠭᠠᠢ ᠵᠢᠯ ᠲᠦ ᠠᠵᠤᠬᠤ ᠮᠥᠨ ᠲᠡᠷᠡ ᠵᠢᠯ ᠲᠦᠷ ᠷᠠᠵᠠᠪᠠᠭ ᠬᠠᠭᠠᠨ ᠳᠥᠴᠢᠨ ᠬᠣᠨᠣᠭ ᠰᠠᠭᠤᠭᠠᠳ ᠬᠠᠯᠢᠪᠠᠢ ᠪᠠᠰᠠ ᠭᠦᠱᠡᠯᠡ ᠬᠠᠭᠠᠨ ᠨᠢᠭᠡᠨ ᠰᠠᠷᠠ ᠰᠠᠭᠤᠭᠠᠳ ᠶᠡᠭᠦᠳᠬᠡᠭᠰᠡᠨ ᠲᠦᠷ ᠪᠠᠰᠠ ᠮᠥᠨ ᠲᠡᠷᠡ ᠣᠨ ᠳᠤᠷ ᠵᠠᠶᠠᠭᠠ ᠲᠤ ᠬᠠᠭᠠᠨ ᠭᠤᠴᠢᠨ ᠲᠠᠪᠤᠨ ᠨᠠᠰᠤᠨ ᠲᠤᠷ ᠢᠶᠠᠨ ᠯᠤᠤ ᠵᠢᠯ᠎ᠡ
Donyod-Ba kemekü buyu arban on bolju mečin jil=tür döčin doloγan nasun=tur=iyan Dayidu=da tngri bolba Buyan=tu-qaγan takiy=a jil=tü ajuqu # tegün=ü qoyina mön on Gegen-qaγan morin jil=dür arban naiman nasun=tur=iyan Dayidu=da yeke oro saγuba lam=a anu Sodnam-Rjamsan buyu dörben on bolju qorin nigen nasun=tur=iyan γaqai jil=e $angdu=da Emüne=tü-Morin-Ebčigün=e tngri bolba Gegen-qaγan quluγan=a jil=tü ajuqu # tegün=ü qoyina Yisün-Temür-qaγan γaqai jil=tür γučin nasun=tur=iyan Ködege-arala yeke oro saγuba lam=a anu yeke Bam-Sodnam buyu jarim teüken=tür Aribaq=a-qaγan gekü jirγuγan on bolju γučin jirγuγan nasun=tur=iyan luu jil=e naiman sarayin jirγuγan sinede $angdu=da tngri bolba Yisün-Temür-qaγan moγai jil=tü ajuqu ~ mön tere jil=tür Rajabaγ-qaγan döčin qonoγ saγuγad qalibai ~ basa Güšele-qaγan nigen sara saγuγad yegüdkegsen=tür ~ basa mön tere on=dur Jayaγa=tu-qaγan γučin tabun nasun=tur=iyan luu jil=e
135a
ᠨᠠᠢᠮᠠᠨ ᠰᠠᠷᠠᠶᠢᠨ ᠠᠷᠪᠠᠨ ᠬᠣᠶᠠᠷ᠎ᠠ ᠶᠡᠬᠡ ᠣᠷᠣ ᠰᠠᠭᠤᠪᠠᠢ ᠯᠠᠮ᠎ᠠ ᠠᠨᠤ ᠷᠢᠨᠴᠢᠨ ᠳᠢᠨᠠᠠ ᠪᠤᠶᠤ ᠲᠡᠭᠦᠨ ᠦ ᠬᠣᠶᠢᠨᠠ ᠮᠣᠭᠠᠢ ᠵᠢᠯ ᠲᠦᠷ ᠬᠤᠲᠤᠭ ᠲᠤ ᠬᠠᠭᠠᠨ ᠪᠠᠷᠠᠭᠤᠨ ᠡᠲᠡᠭᠡᠳ ᠠᠯᠳᠠᠷ ᠲᠡᠭᠦᠰᠴᠦ ᠢᠷᠡᠵᠦ ᠬᠤᠪᠢ ᠰᠠᠷᠠᠶᠢᠨ ᠠᠷᠪᠠᠨ ᠶᠢᠰᠦᠨ᠎ᠡ ᠭᠤᠴᠢᠨ ᠨᠠᠰᠤᠨ ᠲᠤᠷ ᠢᠶᠠᠨ ᠶᠡᠬᠡ ᠪᠤᠤ ᠲᠠᠮᠠᠭ᠎ᠠ ᠠᠯᠲᠡᠮᠦᠷ ᠴᠢᠩ ᠰᠠᠩ ᠢ ᠠᠯᠠᠭᠤᠯᠵᠤ ᠡᠰᠡᠷᠭᠦᠴᠢᠨ ᠢᠨᠤ ᠤᠭᠲᠤᠭᠤᠯᠤᠨ ᠢᠯᠠᠵᠤ ᠥᠴᠢᠵᠦ ᠭᠦᠱᠡᠯᠡ ᠬᠤᠲᠤᠭ ᠲᠤ ᠬᠠᠭᠠᠨ ᠴᠡᠴᠡᠭ ᠨᠠᠭᠤᠷ᠎ᠠ ᠳᠥᠷᠪᠡᠨ ᠰᠠᠷᠠᠶᠢᠨ ᠭᠤᠷᠪᠠᠨ ᠰᠢᠨᠡᠳᠡ ᠶᠡᠬᠡ ᠣᠷᠣ ᠰᠠᠭᠤᠪᠠ ᠯᠠᠮ᠎ᠠ ᠠᠨᠤ ᠨᠠᠮᠪᠠᠢ ᠷᠵᠠᠮᠰᠠᠨ ᠪᠤᠶᠤ ᠳᠥᠷᠪᠡᠨ ᠰᠠᠷᠠ ᠰᠠᠭᠤᠭᠠᠳ ᠮᠥᠨ ᠣᠨ ᠨᠠᠢᠮᠠᠨ ᠰᠠᠷᠠᠶᠢᠨ ᠵᠢᠷᠭᠤᠭᠠᠨ ᠰᠢᠨᠡᠳᠡ ᠲᠩᠷᠢ ᠪᠣᠯᠪᠠ ᠲᠡᠭᠦᠨ ᠦ ᠬᠣᠶᠢᠨᠠ ᠮᠥᠨ ᠰᠠᠷᠠᠶᠢᠨ ᠠᠷᠪᠠᠨ᠎ᠠ ᠵᠠᠶᠠᠭᠠᠲᠤ ᠬᠠᠭᠠᠨ ᠶᠡᠬᠡ ᠣᠷᠣ ᠰᠠᠭᠤᠪᠠ ᠯᠠᠮ᠎ᠠ ᠠᠨᠤ ᠵᠢᠰᠶᠢ ᠷᠢᠨᠴᠢᠨ ᠪᠤᠢ ᠳᠥᠷᠪᠡᠨ ᠣᠨ ᠪᠣᠯᠵᠤ ᠮᠡᠴᠢᠨ ᠵᠢᠯ᠎ᠡ ᠭᠤᠴᠢᠨ ᠲᠠᠪᠤᠨ ᠨᠠᠰᠤᠨ ᠲᠤᠷ ᠢᠶᠠᠨ ᠳᠠᠶᠢᠳᠤᠳᠠ ᠲᠩᠷᠢ ᠪᠣᠯᠪᠠ ᠮᠥᠨ ᠲᠡᠷᠡ ᠮᠡᠴᠢᠨ ᠵᠢᠯ᠎ᠡ ᠢᠷᠴᠡᠮᠡᠯ ᠡᠷᠳᠡᠨᠢ ᠴᠣᠭᠲᠤ ᠬᠠᠭᠠᠨ ᠠᠷᠪᠠᠨ ᠰᠠᠷᠠᠶᠢᠨ ᠰᠢᠨᠡᠶᠢᠨ ᠲᠠᠪᠤᠨ᠎ᠠ ᠶᠡᠬᠡ ᠣᠷᠣ ᠰᠠᠭᠤᠪᠠ ᠯᠠᠮ᠎ᠠ ᠠᠨᠤ ᠰᠠᠩᠵᠠᠢ ᠪᠠᠯ ᠬᠡᠮᠡᠬᠦ ᠮᠥᠨ ᠰᠠᠷᠠᠶᠢᠨ ᠬᠣᠷᠢᠨ ᠲᠠᠪᠤᠨ᠎ᠠ ᠮᠡᠴᠢᠨ ᠵᠢᠯᠳᠦ ᠳᠠᠶᠢᠳᠤ ᠳᠠ ᠲᠩᠷᠢ ᠪᠣᠯᠪᠠ ᠲᠡᠭᠦᠨ ᠦ ᠬᠣᠶᠢᠨᠠ ᠮᠥᠨ ᠣᠨ ᠮᠡᠴᠢᠨ ᠵᠢᠯ᠎ᠡ ᠳᠠᠶᠢᠳᠤ ᠳᠠ ᠲᠣᠭᠣᠨ ᠲᠡᠮᠦᠷ ᠤᠬᠠᠭᠠᠲᠤ ᠬᠠᠭᠠᠨ ᠶᠡᠬᠡ ᠣᠷᠣ ᠰᠠᠭᠤᠪᠠ ᠯᠠᠮ᠎ᠠ
naiman sarayin arban qoyar=a yeke oro saγubai lam=a anu Rinčin-Dinaxa buyu # tegün=ü qoyina moγai jil=tür Qutuγ=tu-qaγan baraγun eteged aldar tegüsčü irejü qubi sarayin arban yisün=e γučin nasun=tur=iyan yeke buu tamaγ=a Altemür-čing-sang=i alaγulju esergüčin inu uγtuγulun ilaju öčijü Güšele-Qutuγ=tu-qaγan Čečeg-naγur=a dörben sarayin γurban sinede yeke oro saγuba lam=a anu Nambai-Rjamsan buyu dörben sara saγuγad mön on naiman sarayin jirγuγan sinede tngri bolba # tegün=ü qoyina mön sarayin arban=a Jayaγatu-qaγan yeke oro saγuba lam=a anu Jisyi-Rinčin bui dörben on bolju mečin jil=e γučin tabun nasun=tur=iyan Dayiduda tngri bolba # mön tere mečin jil=e Irčemel-Erdeni-Čoγtu-qaγan arban sarayin sineyin tabun=a yeke oro saγuba lam=a anu Sangjai-Bal kemekü mön sarayin qorin tabun=a mečin jildü Dayidu=da tngri bolba # tegün=ü qoyina mön on mečin jil=e Dayidu=da Toγon-Temür-Uqaγatu-qaγan yeke oro saγuba lam=a
135b
ᠠᠨᠤ ᠪᠤᠶᠠᠨ ᠤ ᠯᠤᠤ ᠨᠡᠷᠡᠲᠦ ᠪᠥᠯᠦᠭᠡ ᠲᠡᠷᠡ ᠬᠠᠭᠠᠨ ᠴᠢᠩᠭᠢᠰ ᠬᠠᠭᠠᠨ ᠤ ᠪᠠᠶᠢᠭᠤᠯᠤᠭᠰᠠᠨ ᠶᠡᠬᠡ ᠲᠥᠷᠥ ᠶᠢ ᠠᠯᠳᠠᠪᠠ ᠴᠢᠩᠭᠢᠰ ᠬᠠᠭᠠᠨ ᠠᠴᠠ ᠲᠣᠭᠣᠨ ᠲᠡᠮᠦᠷ ᠬᠠᠭᠠᠨ ᠬᠦᠷᠲᠡᠯᠡ ᠰᠠᠰᠬᠢᠶ ᠠ ᠶᠢᠨ ᠯᠠᠮ ᠠ ᠨᠠᠷ ᠢ ᠲᠠᠬᠢᠪᠠᠢ ᠤᠬᠠᠭᠠᠲᠤ ᠬᠠᠭᠠᠨ ᠠᠨᠤ ᠲᠢᠳᠰᠢ ᠢᠪᠰᠦᠳ ᠯᠤ ᠯᠠᠮ ᠠ ᠶᠢᠨ ᠵᠠᠷᠯᠢᠭ ᠲᠤᠷ ᠡᠰᠡ ᠣᠷᠣᠵᠤ ᠫᠠᠭᠰᠪᠠ ᠯᠠᠮ ᠠ ᠶᠢᠨ ᠲᠠᠩᠭᠠᠷᠢᠭ ᠠᠴᠠ ᠳᠠᠪᠠᠵᠤ ᠬᠤᠪᠢᠯᠠᠢ ᠰᠡᠴᠡᠨ ᠬᠠᠭᠠᠨ ᠤ ᠪᠠᠷᠢᠭᠰᠠᠨ ᠳᠠᠶᠢᠳᠤ ᠬᠠᠷᠰᠢ ᠶᠢ ᠠᠯᠳᠠᠭᠰᠠᠨ ᠶᠣᠰᠤᠨ ᠠᠨᠤ ᠡᠶᠢᠨ ᠪᠤᠶᠤ ᠲᠡᠷᠡ ᠤᠬᠠᠭᠠᠲᠤ ᠬᠠᠭᠠᠨ ᠤ ᠴᠠᠭ ᠲᠤᠷ ᠵᠦᠷᠴᠢᠳ ᠡᠪᠦᠭᠡᠨ ᠦ ᠵᠣᠶᠤ ᠨᠡᠷᠡᠲᠦ ᠬᠥᠪᠡᠭᠦᠨ ᠢ ᠲᠥᠷᠥᠬᠦᠢ ᠲᠦᠷ ᠭᠡᠷ ᠡᠴᠡ ᠰᠣᠯᠣᠩᠭ᠎ᠠ ᠲᠠᠲᠠᠪᠠ ᠲᠡᠷᠡ ᠪᠡᠯᠭᠡ ᠶᠢ ᠯᠠᠭᠠᠨ ᠢᠪᠠᠬᠤ ᠬᠣᠶᠠᠷ ᠮᠡᠳᠡᠵᠦ ᠡᠨᠡ ᠬᠡᠭᠦᠬᠡᠨ ᠬᠠᠭᠠᠨ ᠳᠤ ᠮᠠᠨ ᠤ ᠰᠠᠶᠢᠨᠴᠢ ᠲᠤᠰᠠᠲᠤ ᠪᠤᠢ ᠵ᠎ᠠ ᠮᠠᠭᠤᠴᠢ ᠬᠣᠣᠷ ᠲᠤ ᠪᠤᠢ ᠵ᠎ᠠ ᠡᠭᠦᠨ ᠢ ᠥᠴᠦᠬᠡᠨ ᠡᠴᠡ ᠦᠭᠡᠢ ᠪᠣᠯᠭᠠᠭᠲᠤᠨ ᠭᠡᠵᠦ ᠬᠠᠭᠠᠨ ᠲᠤᠷ ᠥᠴᠢᠪᠡᠢ ᠬᠠᠭᠠᠨ ᠲᠡᠷᠡ ᠬᠣᠶᠠᠷ ᠤᠨ ᠦᠭᠡᠨ ᠲᠦᠷ ᠡᠰᠡ ᠣᠷᠣᠵᠤ ᠲᠡᠷᠡ ᠬᠡᠭᠦᠬᠡᠨ ᠢ ᠡᠰᠡ ᠠᠯᠠᠪᠠ ᠯᠠᠭᠠᠨ ᠢᠪᠠᠬᠤ ᠬᠣᠶᠠᠷ ᠥᠭᠦᠯᠡᠷᠦᠨ ᠲᠠ ᠡᠭᠦᠨ ᠢ ᠡᠰᠡ ᠠᠯᠠᠪᠠ ᠡᠭᠦᠨᠢ ᠬᠣᠶᠢᠨᠠ ᠲᠡᠷᠢᠭᠦ ᠪᠡᠨ ᠪᠦᠦ ᠬᠡᠮᠵᠡᠯᠦᠭᠲᠦᠨ ᠭᠡᠵᠦ ᠡᠨᠡ ᠦᠭᠡ ᠬᠡᠯᠡᠪᠡ ᠲᠡᠷᠡ ᠬᠡᠭᠦᠬᠡᠨ ᠢ ᠥᠰᠦᠭᠰᠡᠨ ᠬᠣᠶᠢᠨᠠ ᠵᠡᠭᠦᠨ ᠮᠤᠵᠢ ᠶᠢᠨ ᠤᠯᠤᠰ ᠢᠶᠠᠨ ᠳᠠᠷᠤᠭᠠᠯᠠᠭᠤᠯᠪᠠ ᠪᠠᠷᠠᠭᠤᠨ ᠮᠤᠵᠢ ᠶᠢᠨ ᠤᠯᠤᠰ ᠢ ᠲᠣᠭᠲᠠᠬ᠎ᠠ ᠬᠠᠷᠠᠴᠠᠩ ᠬᠣᠶᠠᠷ ᠮᠡᠳᠡᠬᠦ ᠪᠥᠯᠦᠭᠡ ᠲᠡᠭᠦᠨ ᠦ ᠬᠣᠶᠢᠨᠠ ᠵᠦᠬᠡ ᠪᠤᠬ᠎ᠠ ᠠᠬ᠎ᠠ ᠳᠡᠭᠦ ᠬᠣᠶᠠᠷ
anu Buyan=u-Luu neretü bölüge (tere qaγan) Činggis-qaγan=u bayiγuluγsan yeke törö=yi aldaba Činggis-qaγan=ača Toγon-Temür-qaγan kürtele Saskiy=a=yin lam=a=nar=i takibai Uqaγatu-qaγan anu Tidsi-Ibsüd-Lu-lam=a=yin jarliγ=tur ese oroju Pagsba-lam=a=yin tangγariγ=ača dabaju Qubilai-Sečen-qaγan=u bariγsan Dayidu qarsi=yi aldaγsan yosun anu eyin buyu tere Uqaγatu-qaγan=u čaγ=tur Jürčid ebügen=ü Joyu neretü köbegün=i töröküi=tür ger=eče solongγ=a tataba tere belge=yi Laγan Ibaqu qoyar medejü ene kegüken qaγan=du man=u sayinči tusatu bui j=a maγuči qoor=tu bui j=a egün=i öčüken=eče ügei bolγaγtun gejü qaγan=tur öčibei qaγan tere qoyar=un ügen=tür ese oroju tere kegüken=i ese alaba Laγan Ibaqu qoyar ögülerün ta egün=i ese alaba egüni qoyina terigü=ben büü kemjelügtün gejü ene üge kelebe tere kegüken=i ösügsen qoyina jegün muji=yin ulus=iyan daruγalaγulba baraγun muji=yin ulus=i Toγtaq=a Qaračang qoyar medekü bölüge tegün=ü qoyina Jüke Buq=a aq=a degü qoyar
136a
ᠲᠣᠭᠲᠠᠬ᠎ᠠ ᠬᠠᠷᠠᠴᠠᠩ ᠬᠣᠶᠠᠷ ᠢ ᠬᠠᠭᠠᠨ ᠲᠤᠷ ᠮᠠᠭᠤᠳᠬᠠᠵᠤ ᠡᠨᠡ ᠬᠣᠶᠠᠷ ᠳᠠᠷᠤᠭ᠎ᠠ ᠰᠠᠩ ᠢ ᠴᠢᠨᠤ ᠳᠠᠷᠤᠵᠤ ᠶᠡᠬᠡ ᠰᠠᠶᠢᠨ ᠢ ᠥᠪᠡᠷ ᠢᠶᠡᠨ ᠢᠳᠡᠵᠦ ᠥᠴᠦᠬᠡᠨ ᠮᠠᠭᠤᠢ ᠶᠢ ᠢᠨᠤ ᠬᠠᠭᠠᠨ ᠲᠤᠷ ᠠᠪᠴᠤ ᠢᠷᠡᠵᠦ ᠥᠭᠭᠥᠮ ᠭᠡᠵᠦ ᠡᠶᠢᠮᠦ ᠦᠭᠡ ᠠᠶᠢᠯᠠᠳᠬᠠᠪᠠ ᠡᠨᠡ ᠦᠭᠡ ᠲᠦᠷ ᠬᠠᠭᠠᠨ ᠮᠥᠨ ᠵᠦᠬᠡᠢ ᠶᠢ ᠲᠣᠭᠲᠠᠬ᠎ᠠ ᠬᠠᠷᠠᠴᠠᠩ ᠢ ᠠᠪᠴᠤ ᠢᠷᠡ ᠭᠡᠵᠦ ᠢᠯᠡᠭᠡᠪᠡ ᠵᠦᠬᠡ ᠡᠴᠢᠵᠦ ᠬᠦᠷᠦᠯ ᠦᠭᠡᠢ ᠵᠠᠭᠤᠷᠠ ᠠᠴᠠ ᠢᠷᠡᠵᠦ ᠡᠰᠡ ᠢᠷᠡᠪᠡ ᠭᠡᠵᠦ ᠬᠠᠭᠠᠨ ᠲᠤᠷ ᠮᠡᠳᠡᠭᠦᠯᠪᠡ ᠪᠠᠰᠠ ᠢᠯᠡᠭᠡᠪᠡ ᠮᠥᠨ ᠬᠦ ᠤᠷᠢᠳᠤ ᠦᠭᠡ ᠪᠡᠨ ᠬᠡᠯᠡᠵᠦ ᠢᠷᠡᠪᠡ ᠬᠠᠭᠠᠨ ᠠᠭᠤᠷᠯᠠᠵᠤ ᠲᠣᠭᠲᠠᠬ᠎ᠠ ᠬᠠᠷᠠᠴᠠᠩ ᠬᠣᠶᠠᠷ ᠢ ᠳᠠᠷᠤᠭ ᠠ ᠠᠴᠠ ᠭᠠᠷᠭᠠᠪᠠ ᠶᠡᠷᠦ ᠶᠡᠬᠡ ᠤᠯᠤᠰ ᠢ ᠵᠦᠬᠡ ᠪᠤᠬ᠎ᠠ ᠬᠣᠶᠠᠷ ᠢᠶᠠᠷ ᠮᠡᠳᠡᠭᠦᠯᠪᠡ ᠵᠦᠬᠡ ᠪᠤᠬ᠎ᠠ ᠬᠣᠶᠠᠷ ᠠᠯᠪᠠ ᠰᠠᠩ ᠢ ᠬᠤᠷᠢᠶᠠᠷ᠎ᠠ ᠡᠴᠢᠪᠡ ᠭᠤᠷᠪᠠᠨ ᠵᠢᠯ ᠪᠣᠯᠲᠠᠯᠠ ᠡᠰᠡ ᠢᠷᠡᠪᠡ ᠬᠠᠭᠠᠨ ᠵᠠᠷᠯᠢᠭ ᠪᠣᠯᠤᠷᠤᠨ ᠵᠦᠬᠡ ᠶᠢᠨ ᠬᠥᠯ ᠠᠰᠤᠷᠤ ᠬᠦᠨᠳᠦ ᠪᠣᠯᠪᠠ ᠵᠦᠬᠡ ᠢᠷᠡᠬᠦᠯᠡ ᠬᠠᠭᠠᠯᠭ᠎ᠠ ᠪᠦᠦ ᠨᠡᠭᠡᠵᠦ ᠥᠭ ᠭᠡᠵᠦ ᠬᠠᠭᠠᠯᠭᠠᠴᠢᠨ ᠲᠤᠷ ᠵᠠᠷᠯᠢᠭ ᠪᠣᠯᠪᠠ ᠲᠡᠭᠦᠨ ᠦ ᠬᠣᠶᠢᠨᠠ ᠬᠠᠭᠠᠨ ᠵᠡᠭᠦᠳᠦᠯᠡᠪᠡ ᠣᠯᠠᠨ ᠴᠢᠷᠢᠭ ᠲᠦ ᠳᠠᠶᠢᠰᠤᠨ ᠪᠣᠯᠵᠤ ᠬᠣᠲᠠ ᠶᠢ ᠮᠢᠨᠤ ᠳᠠᠪᠬᠤᠷᠯᠠᠨ ᠪᠠᠶᠢᠮ ᠠᠵᠤ ᠲᠡᠷᠡ ᠳᠠᠶᠢᠰᠤᠨ ᠠᠴᠠ ᠠᠶᠤᠵᠤ ᠬᠣᠲᠠ ᠳᠣᠲᠣᠷᠠ ᠲᠣᠭᠣᠷᠢᠵᠤ ᠭᠦᠶᠢᠵᠦ ᠶᠠᠪᠤᠨ ᠠᠲᠠᠯᠠ ᠭᠠᠷᠬᠤ ᠴᠥᠯᠥᠭᠡ ᠦᠯᠦ ᠣᠯᠣᠮ ᠠᠵᠤ ᠪᠠᠰᠠ ᠪᠠᠷᠠᠭᠤᠨ ᠬᠣᠶᠢᠰᠢ ᠭᠦᠶᠢᠵᠦ ᠶᠠᠪᠤᠲᠠᠯᠠ ᠨᠢᠭᠡᠨ
Toγtaq=a Qaračang qoyar=i qaγan=tur maγudqaju ene qoyar daruγ=a sang=i činu daruju yeke sayin=i öber=iyen idejü öčüken maγui=yi inu qaγan=tur abču irejü öggöm gejü eyimü üge ayiladqaba ene üge=tür qaγan mön Jükei=yi Toγtaq=a Qaračang=i abču ire gejü ilegebe Jüke ečijü kürül ügei jaγura=ača irejü ese irebe gejü qaγan=tur medegülbe basa ilegebe mön kü uridu üge=ben kelejü irebe qaγan aγurlaju Toγtaq=a Qaračang qoyar=i daruγ=a=ača γarγaba yerü yeke ulus=i Jüke Buq=a qoyar=iyar medegülbe Jüke Buq=a qoyar alba sang=i quriyar=a ečibe γurban jil boltala ese irebe qaγan jarliγ bolurun Jüke=yin köl asuru kündü bolba Jüke ireküle qaγalγ=a büü negejü ög gejü qaγalγačin=tur jarliγ bolba tegün=ü qoyina qaγan jegüdülebe olan čirig=tü dayisun bolju qota=yi minu dabqurlan bayim aju tere dayisun=ača ayuju qota dotora toγoriju güyijü yabun atala γarqu čölöge ülü olom aju basa baraγun qoyisi güyijü yabutala nigen
136b
ᠨᠦᠬᠡ ᠦᠵᠡᠭᠳᠡᠮ ᠠᠵᠤ ᠲᠡᠷᠡ ᠨᠦᠬᠡ ᠪᠡᠷ ᠬᠠᠨ ᠣᠷᠣᠨ ᠢᠶᠠᠨ ᠭᠡᠭᠡᠵᠦ ᠬᠠᠮᠤᠭ ᠤᠯᠤᠰ ᠢᠶᠠᠨ ᠣᠷᠬᠢᠵᠤ ᠭᠠᠷᠤᠮ ᠭᠡᠵᠦ ᠵᠡᠭᠦᠳᠦᠯᠡᠪᠡ ᠡᠨᠡ ᠵᠡᠭᠦᠳᠦᠨ ᠮᠢᠨᠤ ᠰᠠᠶᠢᠨ ᠪᠤᠶᠤ ᠮᠠᠭᠤ ᠪᠤᠶᠤ ᠭᠡᠵᠦ ᠬᠢᠲᠠᠳ ᠤᠨ ᠭᠡᠭᠡᠨ ᠰᠠᠨᠴᠢᠨ ᠲᠤ ᠲᠠᠶᠢᠯᠭᠠᠪᠠ ᠲᠡᠷᠡ ᠰᠠᠨᠴᠢᠨ ᠬᠠᠭᠠᠨ ᠤ ᠵᠡᠭᠦᠳᠦᠨ ᠢ ᠲᠠᠶᠢᠯᠤᠷᠤᠨ ᠬᠠᠭᠠᠨ ᠬᠠᠨ ᠣᠷᠣᠨ ᠢᠶᠠᠨ ᠠᠯᠳᠠᠬᠤ ᠢᠷᠤ᠎ᠠ ᠪᠤᠶᠤ ᠭᠡᠵᠦ ᠲᠠᠶᠢᠯᠪᠠ ᠲᠡᠭᠦᠨ ᠦ ᠬᠣᠶᠢᠨᠠ ᠮᠣᠩᠭᠣᠯ ᠤᠨ ᠲᠣᠭᠲᠠᠬ ᠠ ᠴᠢᠩᠰᠠᠩ ᠰᠠᠶᠢᠨ ᠠᠶᠠᠯᠭᠤ ᠪᠠᠷ ᠲᠠᠶᠢᠯᠪᠠ ᠭᠡᠬᠦ ᠲᠡᠷᠡ ᠵᠡᠭᠦᠳᠦᠨ ᠦ ᠪᠡᠯᠭᠡ ᠪᠡᠷ ᠪᠠᠷᠠᠭᠤᠨ ᠬᠣᠶᠢᠰᠢ ᠡᠴᠢᠵᠦ ᠦᠵᠡᠪᠡᠰᠦ ᠨᠦᠬᠡ ᠪᠤᠢ ᠠᠵᠤ ᠡᠨᠡ ᠵᠡᠭᠦᠳᠦᠨ ᠮᠢᠨᠤ ᠦᠨᠡᠨ ᠪᠤᠶᠤ ᠭᠡᠵᠦ ᠡᠮᠢᠶᠡᠪᠡᠢ ᠲᠡᠭᠦᠨ ᠦ ᠬᠣᠶᠢᠨᠠ ᠵᠦᠬᠡ ᠪᠤᠬ᠎ᠠ ᠬᠣᠶᠠᠷ ᠲᠦᠮᠡᠨ ᠬᠠᠰᠠᠭ ᠲᠤ ᠠᠯᠪᠠ ᠰᠠᠩ ᠲᠡᠭᠡᠵᠦ ᠠᠪᠴᠤ ᠢᠷᠡᠪᠡ ᠣᠯᠠᠩᠬᠢ ᠬᠠᠰᠠᠭ ᠲᠤ ᠢᠨᠤ ᠡᠳ ᠲᠡᠭᠡᠭᠰᠡᠨ ᠠᠵᠤ ᠭᠤᠷᠪᠠᠨ ᠮᠢᠩᠭᠠᠨ ᠬᠠᠰᠠᠭ ᠲᠤᠷ ᠢᠨᠤ ᠬᠤᠶᠠᠭ ᠳᠠᠨ ᠴᠢᠷᠢᠭ ᠦᠳ ᠢ ᠲᠡᠭᠡᠵᠦ ᠢᠷᠡᠪᠡ ᠬᠠᠭᠠᠯᠭ ᠠ ᠴᠢᠨ ᠬᠠᠭᠠᠯᠭ᠎ᠠ ᠡᠰᠡ ᠨᠡᠭᠡᠵᠦ ᠥᠭᠪᠡ ᠬᠠᠭᠠᠯᠭᠠᠴᠢᠨ ᠲᠤᠷ ᠡᠷᠳᠡᠨᠢ ᠡᠳ ᠲᠠᠪᠠᠷ ᠥᠭᠴᠦ ᠠᠪᠴᠤ ᠣᠷᠣᠭᠠᠳ ᠴᠢᠷᠢᠭ ᠦᠳ ᠢ ᠢᠯᠡᠳᠲᠡ ᠭᠠᠷᠭᠠᠵᠤ ᠬᠠᠭᠠᠨ ᠤ ᠠᠯᠲᠠᠨ ᠣᠷᠳᠣ ᠶᠢ ᠬᠦᠷᠢᠶᠡᠯᠡᠮ ᠭᠡᠲᠡᠯᠡ ᠬᠠᠭᠠᠨ ᠮᠡᠳᠡᠵᠦ ᠭᠤᠴᠢᠨ ᠲᠦᠮᠡᠨ ᠮᠣᠩᠭᠣᠯ ᠢᠶᠠᠨ ᠣᠷᠬᠢᠵᠤ ᠤᠷᠢᠳᠤ ᠦᠵᠡᠭᠰᠡᠨ ᠨᠦᠬᠡ ᠪᠡᠷ ᠬᠠᠲᠤᠳ ᠬᠥᠪᠡᠭᠦᠳ ᠢᠶᠡᠨ ᠠᠪᠤᠨ ᠣᠳ ᠤᠨ ᠪᠥᠯᠦᠭᠡ ᠠᠷᠪᠠᠨ ᠲᠦᠮᠡᠨ ᠮᠣᠩᠭᠣᠯ ᠢᠶᠠᠨ ᠠᠪᠴᠤ ᠭᠠᠷᠪᠠ ᠲᠡᠷᠡ ᠭᠠᠷᠬᠤᠢ ᠰᠦᠪᠡ ᠲᠦᠷ
nüke üjegdem aju tere nüke=ber qan oron=iyan gegejü qamuγ ulus=iyan orkiju γarum gejü jegüdülebe ene jegüdün minu sayin buyu maγu buyu gejü Kitad=un gegen sančin=tu tayilγaba tere sančin qaγan=u jegüdün=i tayilurun qaγan qan oron=iyan aldaqu iru=a buyu gejü tayilba tegün=ü qoyina Mongγol=un Toγtaq=a-čingsang sayin ayalγu=bar tayilba gekü tere jegüdün=ü belge=ber baraγun qoyisi ečijü üjebesü nüke bui aju ene jegüdün minu ünen buyu gejü emiyebei tegün=ü qoyina Jüke Buq=a qoyar tümen qasaγ=tu alba sang tegejü abču irebe olangki qasaγ=tu inu ed tegegsen aju γurban mingγan qasaγ=tur inu quyaγ=dan čirig=üd=i tegejü irebe qaγalγ=a=čin qaγalγ=a ese negejü ögbe qaγalγačin=tur erdeni ed tabar ögčü abču oroγad čirig=üd=i iledte γarγaju qaγan=u altan ordo=yi küriyelem getele qaγan medejü γučin tümen Mongγol=iyan orkiju uridu üjegsen nüke=ber qatud köbegüd=iyen abun od=un bölüge arban tümen Mongγol=iyan abču γarba tere γarqui sübe=tür
137a
ᠬᠠᠪᠤᠲᠤ ᠬᠠᠰᠠᠷ ᠤᠨ ᠦᠷᠡ ᠲᠣᠬᠣ ᠪᠠᠭᠠᠲᠤᠷ ᠤᠨ ᠬᠥᠪᠡᠭᠦᠨ ᠲᠣᠮᠣᠯᠬᠤ ᠪᠠᠭᠠᠲᠤᠷ ᠬᠥᠪᠡᠭᠦᠨ ᠢᠶᠡᠨ ᠬᠠᠴᠢ ᠬᠦᠯᠦᠭ ᠢ ᠭᠠᠷᠭᠠᠭᠠᠳ ᠵᠢᠷᠠᠨ ᠬᠢᠭᠢᠷᠢᠲᠡᠨ ᠨᠥᠬᠥᠳ ᠢᠶᠡᠨ ᠤᠳᠤᠷᠢᠳᠴᠤ ᠢᠷᠡᠭᠡᠳ ᠦᠭᠡ ᠥᠭᠦᠯᠡᠷ ᠦᠨ ᠨᠡᠷ ᠡ ᠪᠡᠨ ᠬᠤᠭᠠᠷᠠᠬᠠᠷ ᠶᠠᠰᠤ ᠪᠠᠨ ᠬᠤᠭᠤᠷᠠ ᠭᠡᠯᠡ ᠭᠡᠵᠦ ᠬᠢᠲᠠᠳ ᠤᠨ ᠨᠡᠬᠡᠭᠰᠡᠨ ᠴᠢᠷᠢᠭ ᠦᠳ ᠢ ᠤᠭᠲᠤᠨ ᠠᠯᠠᠯᠳᠤᠵᠤ ᠦᠬᠦᠪᠡ ᠬᠠᠭᠠᠨ ᠤ ᠦᠷᠡ ᠲᠦᠷ ᠬᠠᠰᠠᠷ ᠤᠨ ᠦᠷᠡ ᠨᠢᠭᠡᠨ ᠲᠤᠰᠠ ᠬᠦᠷᠭᠡᠪᠡ ᠭᠡᠬᠦ ᠲᠡᠷᠡ ᠪᠤᠶᠤ ᠮᠣᠯᠲᠣᠭᠴᠢᠨ ᠤ ᠰᠦᠪᠡ ᠪᠡᠷ ᠭᠠᠷᠴᠤ ᠪᠠᠷᠰ ᠬᠣᠲᠠ ᠪᠠᠷᠢᠵᠤ ᠰᠠᠭᠤᠪᠠ ᠬᠢᠲᠠᠳ ᠤᠨ ᠴᠢᠷᠢᠭ ᠦᠳ ᠬᠢᠷᠰᠠ ᠬᠣᠲᠠ ᠪᠠᠷᠢᠵᠤ ᠰᠠᠭᠤᠪᠠ ᠲᠡᠨᠳᠡ ᠤᠬᠠᠭᠠᠲᠤ ᠬᠠᠭᠠᠨ ᠤ ᠬᠥᠪᠡᠭᠦᠨ ᠪᠢᠯᠢᠭ ᠲᠦ ᠵᠠᠳᠠᠯᠠᠵᠤ ᠶᠡᠬᠡ ᠰᠢᠭᠤᠷᠭᠠᠨ ᠪᠣᠷᠣᠭᠤᠨ ᠣᠷᠣᠭᠤᠯᠵᠤ ᠬᠢᠲᠠᠳ ᠤᠨ ᠴᠢᠷᠢᠭ ᠦᠨ ᠡᠷᠡ ᠠᠭᠲᠠᠳ ᠢ ᠪᠡᠳᠡᠷᠡᠲᠡᠯᠡ ᠦᠬᠦᠭᠦᠯᠪᠡ ᠲᠡᠭᠦᠨ ᠡᠴᠡ ᠦᠯᠡᠭᠰᠡᠨ ᠴᠢᠷᠢᠭ ᠦᠳ ᠬᠠᠷᠢᠵᠤ ᠢᠷᠡᠬᠦᠢ ᠲᠦᠷ ᠮᠣᠩᠭᠣᠯᠤᠨ ᠴᠢᠷᠢᠭ ᠨᠡᠬᠡᠵᠦ ᠬᠡᠷᠡᠮ ᠬᠦᠷᠲᠡᠯᠡ ᠴᠠᠪᠴᠢᠪᠠ ᠭᠡᠬᠦ ᠲᠡᠭᠦᠨ ᠡᠴᠡ ᠲᠠᠷᠬᠠᠵᠤ ᠳᠤᠲᠠᠭᠠᠭᠰᠠᠨ ᠴᠢᠷᠢᠭ ᠢᠨᠤ ᠵᠠᠭᠤᠨ ᠵᠢᠪᠡ ᠪᠡᠨ ᠲᠦᠯᠡᠵᠦ ᠵᠤᠭᠤᠬᠠᠨ ᠲᠤᠷ ᠢᠶᠠᠨ ᠬᠡᠪᠲᠡᠵᠦ ᠦᠬᠦᠪᠡ ᠭᠡᠬᠦ ᠬᠢᠲᠠᠳ ᠬᠢᠷᠠᠳᠤ ᠭᠠᠷᠪᠠ ᠬᠢᠷᠰᠠ ᠶᠢᠨ ᠰᠡᠭᠦᠯ ᠵᠠᠯᠠᠭᠠ ᠪᠣᠯᠪᠠ ᠭᠡᠬᠦ ᠲᠡᠷᠡ ᠪᠤᠶᠤ ᠡᠯᠳᠡᠪ ᠵᠦᠶᠢᠯ ᠡᠷᠳᠡᠨᠢᠰ ᠢᠶᠡᠷ ᠰᠢᠯᠤᠭᠤᠬᠠᠨ ᠰᠠᠶᠢᠬᠠᠨ ᠢᠶᠠᠷ ᠪᠦᠲᠦᠭᠰᠡᠨ ᠳᠠᠶᠢᠳᠤ ᠮᠢᠨᠤ ᠡᠷᠳᠡᠨᠢ ᠶᠢᠨ ᠬᠠᠳ ᠤᠨ ᠰᠠᠭᠤᠭᠰᠠᠨ ᠵᠤᠰᠠᠯᠠᠩ ᠠᠩᠳᠤ ᠶᠢᠨ ᠰᠢᠷᠠ ᠲᠠᠯᠠ ᠮᠢᠨᠤ ᠰᠡᠷᠢᠭᠦᠬᠡᠨ ᠰᠠᠶᠢᠬᠠᠨ
Qabutu-Qasar=un üre Toqo-baγatur=un köbegün Tomolqu-baγatur köbegün=iyen Qači-Külüg=i γarγaγad jiran kigiriten nököd=iyen uduridču ireged üge ögüler=ün ner=e=ben quγaraqar yasu=ban quγura gele gejü Kitad=un nekegsen čirig=üd=i uγtun alalduju ükübe qaγan=u üre=tür Qasar=un üre nigen tusa kürgebe gekü tere buyu # moltoγčin=u sübe=ber γarču Bars-qota bariju saγuba Kitad=un čirig=üd Kirsa-qota bariju saγuba tende Uqaγatu-qaγan=u köbegün Bilig=tü jadalaju yeke siγurγan boroγun oroγulju Kitad=un čirig=ün ere aγtad=i bederetele ükügülbe tegün=eče ülegsen čirig=üd qariju ireküi=tür Mongγolun čirig nekejü kerem kürtele čabčiba gekü tegün=eče tarqaju dutaγaγsan čirig inu jaγun jibe=ben tülejü juγuqan=tur=iyan kebtejü ükübe gekü Kitad Kiradu γarba kirsa=yin segül jalaγa bolba gekü tere buyu eldeb jüyil erdenis=iyer siluγuqan sayiqan=iyar bütügsen Dayidu minu erdeni=yin qad=un saγuγsan jusalang $angdu=yin sira tala minu serigüken sayiqan
137b
ᠬᠡᠶᠢᠪᠦᠩ ᠠᠩ ᠲᠤ ᠮᠢᠨᠤ ᠤᠯᠠᠭᠠᠨ ᠬᠠᠯᠵᠢᠨ ᠲᠠᠤᠯᠠᠢ ᠵᠢᠯ᠎ᠡ ᠠᠯᠳᠠᠭᠰᠠᠨ ᠬᠠᠶᠢᠷᠠᠨ ᠳᠠᠶᠢᠳᠤ ᠮᠢᠨᠤ ᠥᠷᠯᠥᠭᠡ ᠮᠠᠨᠠᠭᠠᠷ ᠥᠨᠳᠥᠷ ᠳᠡᠭᠡᠷᠡ ᠭᠠᠷᠪᠠᠰᠤ ᠰᠠᠶᠢᠬᠠᠨ ᠤᠨᠢᠶᠠᠷ ᠴᠢᠨᠤ ᠤᠬᠠᠭᠠᠲᠤ ᠬᠠᠭᠠᠨ ᠮᠢᠨᠤ ᠡᠮᠦᠨᠡ ᠯᠠᠭᠠᠨ ᠢᠪᠠᠬᠤ ᠬᠣᠶᠠᠷ ᠬᠢᠵᠦ ᠪᠥᠯᠦᠭᠡ ᠤᠬᠠᠵᠤ ᠮᠡᠳᠡᠵᠦ ᠲᠠᠯᠪᠢᠵᠤ ᠢᠯᠡᠭᠡᠪᠡᠢ ᠬᠠᠶᠢᠷᠠᠨ ᠳᠠᠶᠢᠳᠤ ᠶᠢ ᠤᠬᠠᠭᠠᠨ ᠦᠭᠡᠢ ᠲᠥᠷᠥᠭᠰᠡᠨ ᠨᠣᠶᠠᠳ ᠤᠯᠤᠰ ᠢᠶᠠᠨ ᠬᠦ ᠬᠠᠷᠠᠵᠤ ᠡᠰᠡ ᠦᠵᠡᠯᠴᠡᠪᠡᠢ ᠣᠬᠢᠯᠠᠵᠤ ᠬᠣᠴᠣᠷᠪᠠᠢ ᠪᠢ ᠨᠤᠲᠤᠭ ᠲᠤ ᠬᠣᠴᠣᠷᠤᠭᠰᠠᠨ ᠤᠯᠠᠭᠠᠨ ᠪᠢᠷᠠᠭᠤᠨ ᠲᠤ ᠠᠳᠠᠯᠢ ᠪᠣᠯᠪᠠᠢ ᠪᠢ ᠡᠯᠳᠡᠪ ᠵᠦᠶᠢᠯ ᠢᠶᠡᠷ ᠪᠦᠲᠦᠭᠰᠡᠨ ᠨᠠᠢᠮᠠᠨ ᠲᠠᠯᠠᠲᠤ ᠴᠠᠭᠠᠨ ᠰᠤᠪᠤᠷᠭᠠᠨ ᠮᠢᠨᠤ ᠶᠡᠬᠡ ᠤᠯᠤᠰ ᠤᠨ ᠨᠡᠷ᠎ᠡ ᠲᠥᠷᠥ ᠶᠢ ᠠᠪᠤᠨ ᠰᠠᠭᠤᠭᠰᠠᠨ ᠶᠢᠰᠦᠨ ᠡᠷᠳᠡᠨᠢᠰ ᠢᠶᠡᠷ ᠪᠦᠲᠦᠭᠰᠡᠨ ᠳᠠᠶᠢᠳᠤ ᠬᠣᠲᠠ ᠮᠢᠨᠤ ᠳᠥᠴᠢᠨ ᠲᠦᠮᠡᠨ ᠮᠣᠩᠭᠣᠯ ᠤᠯᠤᠰ ᠢᠶᠠᠨ ᠨᠡᠷ᠎ᠡ ᠲᠥᠷᠥ ᠶᠢ ᠠᠪᠤᠨ ᠰᠠᠭᠤᠭᠰᠠᠨ ᠳᠥᠷᠪᠡᠨ ᠬᠠᠭᠠᠯᠭᠠᠲᠤ ᠳᠥᠷᠪᠡᠯᠵᠢᠨ ᠶᠡᠬᠡ ᠳᠠᠶᠢᠳᠤ ᠬᠣᠲᠠ ᠮᠢᠨᠤ ᠱᠠᠰᠢᠨ ᠨᠣᠮ ᠢ ᠳᠡᠯᠭᠡᠷᠡᠭᠦᠯᠦᠨ ᠶᠠᠪᠤᠲᠠᠯᠠ ᠲᠡᠮᠦᠷ ᠱᠠᠲᠤ ᠬᠤᠭᠤᠷᠠᠵᠤ ᠬᠠᠶᠢᠷᠠᠨ ᠲᠠᠶᠢᠲᠤ ᠬᠣᠲᠠ ᠮᠢᠨᠤ ᠨᠡᠷ᠎ᠡ ᠲᠥᠷᠥ ᠮᠢᠨᠤ ᠬᠠᠭᠠᠨᠠᠬᠢ ᠶᠠᠭᠠᠨᠠᠬᠢ ᠮᠣᠩᠭᠣᠯ ᠤᠯᠤᠰ ᠢᠶᠠᠨ ᠬᠠᠷᠠᠭᠤᠯ ᠤᠨ ᠭᠠᠶᠢᠬᠠᠯᠤᠭᠴᠢ ᠬᠠᠶᠢᠷᠠᠨ ᠲᠠᠶᠢᠲᠤ ᠮᠢᠨᠤ ᠡᠪᠦᠯᠦᠨ ᠡᠪᠦᠯᠵᠡᠬᠦ ᠦᠭᠡᠢ ᠪᠠᠯᠭᠠᠰᠤᠨ ᠮᠢᠨᠤ ᠵᠤᠨ ᠤ ᠵᠤᠰᠠᠯᠠᠩ ᠬᠡᠶᠢᠪᠦᠩ ᠠᠩ ᠲᠤ ᠮᠢᠨᠤ ᠰᠠᠶᠢᠬᠠᠨ ᠰᠢᠷᠠ ᠲᠠᠯᠠ ᠮᠢᠨᠤ ᠯᠠᠭᠠᠨ ᠢᠪᠠᠬᠤ ᠬᠣᠶᠠᠷ ᠤᠨ ᠦᠭᠡᠨ ᠲᠦᠷ
Keyibüng $ang=tu minu ulaγan qaljin taulai jil=e aldaγsan qayiran Dayidu minu örlöge manaγar öndör degere γarbasu sayiqan uniyar činu Uqaγatu-qaγan minu emüne Laγan Ibaqu qoyar kijü bölüge uqaju medejü talbiju ilegebei qayiran Dayidu=yi uqaγan ügei törögsen noyad ulus=iyan (kü) qaraju ese üjelčebei okilaju qočorbai bi nutuγ=tu qočoruγsan ulaγan biraγun=tu adali bolbai bi eldeb jüyil=iyer bütügsen naiman talatu čaγan suburγan minu yeke ulus=un ner=e törö=yi abun saγuγsan yisün erdenis=iyer bütügsen Dayidu qota minu döčin tümen Mongγol ulus=iyan ner=e törö=yi abun saγuγsan dörben qaγalγatu dörbeljin yeke Dayidu qota minu šasin nom=i delgeregülün yabutala temür šatu quγuraju qayiran tayitu qota minu ner=e törö minu qaγanaki yaγanaki Mongγol ulus=iyan qaraγul=un γayiqaluγči qayiran tayitu minu ebülün ebüljekü ügei balγasun minu jun=u jusalang Keyibüng $ang=tu minu sayiqan sira tala minu Laγan Ibaqu qoyar=un ügen=tür
138a
ᠡᠰᠡ ᠣᠷᠣᠭᠰᠠᠨ ᠬᠣᠷᠣᠨ ᠮᠢᠨᠤ ᠬᠤᠲᠤᠭ ᠲᠠᠨ ᠪᠠᠶᠢᠭᠤᠯᠪᠠᠢ ᠬᠤᠯᠤᠰᠤᠨ ᠣᠷᠳᠣ ᠶᠢ ᠬᠤᠪᠢᠯᠭᠠᠨ ᠰᠡᠴᠡᠨ ᠬᠠᠭᠠᠨ ᠵᠤᠰᠠᠨᠠᠮ ᠪᠥᠯᠦᠭᠡ ᠬᠡᠶᠢᠪᠦᠩ ᠠᠩ ᠲᠤ ᠶᠢ ᠬᠤᠮᠢᠵᠤ ᠠᠪᠲᠠᠪᠠᠢ ᠬᠢᠲᠠᠳ ᠤᠯᠤᠰ ᠲᠤᠷ ᠬᠤᠷᠢᠴᠠᠬᠤ ᠮᠠᠭᠤ ᠨᠡᠷᠡ ᠶᠢ ᠤᠬᠠᠭᠠᠲᠤ ᠬᠠᠭᠠᠨ ᠲᠤᠷ ᠲᠠᠯᠪᠢᠪᠠᠢ ᠬᠠᠮᠤᠭ ᠢᠶᠠᠷ ᠪᠠᠶᠢᠭᠤᠯᠪᠠᠢ ᠬᠠᠨ ᠳᠠᠶᠢᠳᠤ ᠶᠢ ᠬᠠᠷᠰᠢᠯᠠᠨ ᠠᠪᠤᠯᠴᠠᠮ ᠪᠥᠯᠦᠭᠡ ᠬᠠᠶᠢᠷᠠᠨ ᠳᠠᠶᠢᠳᠤ ᠭᠢ ᠬᠠᠮᠤᠵᠤ ᠠᠪᠲᠠᠪᠠᠢ ᠬᠢᠲᠠᠳ ᠤᠯᠤᠰ ᠲᠤᠷ ᠬᠠᠷᠰᠢᠯᠠᠬᠤ ᠮᠠᠭᠤ ᠨᠡᠷ ᠡ ᠶᠢ ᠤᠬᠠᠭᠠᠲᠤ ᠬᠠᠭᠠᠨ ᠲᠤᠷ ᠲᠠᠯᠪᠢᠪᠠᠢ ᠡᠯᠳᠡᠪ ᠦᠳ ᠢᠶᠡᠷ ᠪᠠᠶᠢᠭᠤᠯᠪᠠᠢ ᠡᠷᠳᠡᠨᠢ ᠳᠠᠶᠢᠳᠤ ᠶᠢ ᠡᠷᠬᠢᠯᠡᠨ ᠵᠤᠰᠠᠮ ᠪᠥᠯᠦᠭᠡ ᠬᠡᠶᠢᠪᠦᠩ ᠠᠩᠳᠤ ᠶᠢ ᠡᠨᠳᠡᠵᠦ ᠠᠪᠲᠠᠪᠠᠢ ᠬᠢᠲᠠᠳ ᠤᠯᠤᠰ ᠲᠤᠷ ᠡᠷᠭᠢᠬᠦ ᠮᠠᠭᠤ ᠨᠡᠷᠡ ᠶᠢ ᠤᠬᠠᠭᠠᠲᠤ ᠬᠠᠭᠠᠨ ᠲᠤᠷ ᠲᠠᠯᠪᠢᠪᠠᠢ ᠬᠠᠨ ᠡᠵᠡᠨ ᠦ ᠵᠥᠭᠡᠭᠰᠡᠨ ᠶᠡᠬᠡ ᠨᠡᠷᠡ ᠲᠥᠷᠥ ᠶᠢ ᠭᠠᠶᠢᠬᠠᠮᠰᠢᠭ ᠰᠡᠴᠡᠨ ᠬᠠᠭᠠᠨ ᠤ ᠪᠠᠷᠢᠭᠰᠠᠨ ᠬᠠᠶᠢᠷᠠᠨ ᠳᠠᠶᠢᠳᠤ ᠶᠢ ᠬᠠᠮᠤᠭ ᠤᠯᠤᠰ ᠰᠢᠲᠦᠭᠡᠨ ᠲᠤᠯᠭ᠎ᠠ ᠡᠷᠳᠡᠨᠢ ᠲᠦ ᠬᠣᠲᠠ ᠶᠢ ᠬᠠᠮᠤᠵᠤ ᠠᠪᠲᠠᠪᠠᠢ ᠬᠢᠲᠠᠳ ᠤᠯᠤᠰ ᠲᠤᠷ ᠬᠠᠶᠢᠷᠠᠨ ᠳᠠᠶᠢᠳᠤ ᠶᠢ ᠬᠠᠨ ᠲᠩᠷᠢ ᠶᠢᠨ ᠬᠥᠪᠡᠭᠦᠨ ᠴᠢᠩᠭᠢᠰ ᠬᠠᠭᠠᠨ ᠤ ᠠᠯᠲᠠᠨ ᠤᠷᠤᠭ ᠬᠠᠮᠤᠭ ᠪᠤᠷᠬᠠᠨ ᠤ ᠬᠤᠪᠢᠯᠭᠠᠨ ᠰᠡᠴᠡᠨ ᠬᠠᠭᠠᠨ ᠤ ᠠᠯᠲᠠᠨ ᠬᠠᠷᠰᠢ ᠶᠢ ᠬᠠᠮᠤᠭ ᠪᠣᠳᠢᠰᠤᠩ ᠨᠠᠷ ᠤᠨ ᠬᠤᠪᠢᠯᠭᠠᠨ ᠤᠬᠠᠭᠠᠲᠤ ᠬᠠᠭᠠᠨ ᠬᠠᠨ ᠲᠩᠷᠢ ᠶᠢᠨ ᠵᠠᠶᠠᠭᠠ ᠪᠠᠷ ᠠᠯᠳᠠᠪᠠᠢ ᠬᠠᠶᠢᠷᠠᠨ ᠳᠠᠶᠢᠳᠤ ᠶᠢ ᠬᠠᠨ ᠡᠵᠡᠨ ᠦ ᠬᠠᠰᠪᠤᠤ ᠲᠠᠮᠠᠭ᠎ᠠ ᠬᠠᠨᠴᠤᠯᠠᠵᠤ
ese oroγsan qoron minu # qutuγ=tan bayiγulbai qulusun ordo=yi Qubilγan-Sečen-qaγan jusanam bölüge Keyibüng $ang=tu=yi qumiju abtabai Kitad ulus=tur quričaqu maγu nere=yi Uqaγatu-qaγan=tur talbibai # qamuγ=iyar bayiγulbai qan Dayidu=yi qarsilan abulčam bölüge qayiran Dayidu=gi qamuju abtabai Kitad ulus=tur qarsilaqu maγu ner=e=yi Uqaγatu-qaγan=tur talbibai # eldeb=üd=iyer bayiγulbai erdeni Dayidu=yi erkilen jusam bölüge Keyibüng $angdu=yi endejü abtabai Kitad ulus=tur ergikü maγu nere=yi Uqaγatu-qaγan=tur talbibai # qan ejen=ü jögegsen yeke nere törö=yi γayiqamsiγ Sečen-qaγan=u bariγsan qayiran Dayidu=yi qamuγ ulus sitügen tulγ=a erdeni=tü qota=yi qamuju abtabai Kitad ulus=tur qayiran Dayidu=yi # qan tngri=yin köbegün Činggis-qaγan=u altan uruγ qamuγ burqan=u Qubilγan-Sečen-qaγan=u altan qarsi=yi qamuγ bodisung=nar=un Qubilγan-Uqaγatu-qaγan qan tngri=yin jayaγa=bar aldabai qayiran Dayidu=yi # qan ejen=ü qasbuu tamaγ=a qančulaju
138b
ᠭᠠᠷᠪᠠᠢ ᠬᠠᠮᠤᠭ ᠳᠠᠶᠢᠰᠤᠨ ᠤ ᠳᠣᠲᠣᠷᠠ ᠠᠴᠠ ᠬᠠᠳᠬᠤᠯᠳᠤᠵᠤ ᠭᠠᠷᠭᠠᠪᠠᠢ ᠪᠤᠬ ᠠ ᠲᠡᠮᠦᠷ ᠴᠢᠩᠰᠠᠩ ᠪᠤᠯᠬ᠎ᠠ ᠳᠠᠶᠢᠰᠤᠨ ᠳᠣᠲᠣᠷᠠ ᠠᠴᠠ ᠬᠠᠨ ᠡᠵᠡᠨ ᠦ ᠤᠷᠤᠭ ᠲᠤᠷ ᠬᠠᠨ ᠣᠷᠣᠨ ᠪᠣᠯᠲᠤᠭᠠᠢ ᠲᠦᠮᠡᠨ ᠦᠶ ᠡ ᠲᠦᠷ ᠭᠡᠨᠡᠳᠲᠡᠵᠦ ᠠᠯᠳᠠᠪᠠᠢ ᠬᠠᠶᠢᠷᠠᠨ ᠳᠠᠶᠢᠳᠤ ᠶᠢ ᠭᠡᠷ ᠲᠡᠴᠡ ᠭᠠᠷᠬᠤᠢ ᠲᠤᠷ ᠡᠷᠳᠡᠨᠢ ᠱᠠᠰᠢᠨ ᠨᠣᠮ ᠬᠣᠴᠣᠷᠪᠠᠢ ᠲᠡᠷᠡ ᠴᠠᠭ ᠳᠤᠷ ᠭᠡᠭᠡᠨ ᠪᠢᠯᠢᠭ ᠲᠦ ᠪᠣᠳᠢᠰᠤᠩ ᠨᠠᠷ ᠢᠯᠭᠠᠲᠤᠭᠠᠢ ᠬᠣᠶᠢᠲᠤ ᠴᠠᠭ ᠲᠤ ᠬᠡᠷᠦᠵᠦ ᠢᠷᠡᠵᠦ ᠲᠣᠭᠲᠣᠲᠤᠭᠠᠢ ᠴᠢᠩᠭᠢᠰ ᠬᠠᠭᠠᠨ ᠤ ᠠᠯᠲᠠᠨ ᠤᠷᠤᠭ ᠲᠤᠷ ᠲᠡᠭᠦᠨ ᠦ ᠬᠣᠶᠢᠨᠠ ᠬᠣᠷᠢᠨ ᠶᠢᠰᠦᠨ ᠨᠠᠰᠤᠨ ᠲᠤᠷ ᠢᠶᠠᠨ ᠳᠥᠷᠪᠡᠨ ᠣᠨ ᠪᠣᠯᠵᠤ ᠨᠣᠬᠠᠢ ᠵᠢᠯ ᠲᠦᠷ ᠢᠩ ᠴᠠᠩᠪᠤᠤ ᠨᠡᠷᠡᠲᠦ ᠬᠣᠲᠠᠨ ᠲᠤᠷ ᠲᠩᠷᠢ ᠪᠣᠯᠪᠠ ᠣᠯᠠᠨ ᠮᠣᠩᠭᠣᠯ ᠤᠨ ᠲᠥᠷᠥ ᠶᠢ ᠲᠠᠶᠢᠮᠢᠩ ᠬᠠᠭᠠᠨ ᠲᠤᠷ ᠠᠪᠲᠠᠵᠤ ᠲᠡᠭᠦᠨ ᠡᠴᠡ ᠬᠣᠶᠢᠨᠠ ᠨᠣᠮ ᠱᠠᠰᠢᠨ ᠴᠥᠯᠥᠶᠢᠳᠡᠭᠰᠡᠨ ᠪᠥᠯᠦᠭᠡ ᠬᠤᠪᠢᠯᠠᠢ ᠰᠡᠴᠡᠨ ᠬᠠᠭᠠᠨ ᠳᠠᠶᠢᠳᠤ ᠲᠤ ᠰᠠᠭᠤᠭᠰᠠᠨ ᠠᠴᠠ ᠢᠨᠠᠭᠰᠢ ᠤᠬᠠᠭᠠᠲᠤ ᠬᠠᠭᠠᠨ ᠬᠦᠷᠲᠡᠯᠡ ᠨᠢᠭᠡᠨ ᠵᠠᠭᠤᠨ ᠵᠢᠯ ᠳᠡᠭᠡᠷᠡ ᠲᠠᠪᠤᠨ ᠣᠨ ᠵᠢᠷᠭᠤᠭᠠᠨ ᠰᠠᠷᠠ ᠰᠠᠭᠤᠭᠠᠳ ᠳᠠᠶᠢᠳᠤ ᠶᠢᠨ ᠬᠣᠲᠠ ᠶᠢ ᠠᠯᠳᠠᠪᠠᠢ ᠭᠡᠬᠦ ᠲᠡᠷᠡ ᠲᠥᠷᠥ ᠠᠪᠲᠠᠬᠤᠢ ᠲᠤᠷ ᠤᠬᠠᠭᠠᠲᠤ ᠬᠠᠭᠠᠨ ᠢ ᠬᠣᠩᠭᠢᠷᠠᠳ ᠬᠠᠲᠤᠨ ᠭᠤᠷᠪᠠᠨ ᠰᠠᠷᠠᠲᠠᠢ ᠬᠥᠯ ᠬᠦᠨᠳᠦ ᠠᠭᠰᠠᠨ ᠠᠵᠤ ᠲᠡᠷᠡ ᠬᠠᠲᠤᠨ ᠪᠤᠲᠤᠩ ᠳᠣᠲᠣᠷᠠ ᠣᠷᠣᠵᠤ ᠬᠣᠴᠣᠷᠪᠠ ᠲᠡᠷᠡ ᠪᠤᠲᠤᠩ ᠢ ᠬᠢᠲᠠᠳ ᠭᠠᠩ ᠭᠡᠬᠦ ᠮᠣᠩᠭᠣᠯ ᠪᠤᠲᠤᠩ ᠭᠡᠬᠦ
γarbai qamuγ dayisun=u dotora=ača qadqulduju γarγabai Buq=a-Temür-čingsang bulq=a (dayisun) dotora=ača qan ejen=ü uruγ=tur qan oron boltuγai tümen üy=e=tür # genedtejü aldabai qayiran Dayidu=yi ger=teče γarqui=tur erdeni šasin nom qočorbai tere čaγ=dur gegen bilig=tü bodisung=nar ilγatuγai qoyitu čaγ=tu kerüjü irejü toγtotuγai Činggis-qaγan=u altan uruγ=tur # tegün=ü qoyina qorin yisün nasun=tur=iyan dörben on bolju noqai jil=tür Ing-Čangbuu neretü qotan=tur tngri bolba olan Mongγol=un törö=yi Tayiming-qaγan=tur abtaju tegün=eče qoyina nom šasin čölöyidegsen bölüge Qubilai-Sečen-qaγan Dayidu=tu saγuγsan=ača inaγsi Uqaγatu-qaγan kürtele nigen jaγun jil degere tabun on jirγuγan sara saγuγad Dayidu=yin qota=yi aldabai gekü # tere törö abtaqui=tur Uqaγatu-qaγan=i Qonggirad qatun γurban saratai köl kündü aγsan aju tere qatun butung dotora oroju qočorba tere butung=i Kitad γang gekü Mongγol butung gekü
139a
ᠲᠡᠷᠡ ᠬᠠᠲᠤᠨ ᠢ ᠬᠢᠲᠠᠳ ᠤᠨ ᠵᠦᠦ ᠬᠤᠩᠬᠤ ᠠ ᠬᠠᠭᠠᠨ ᠠᠪᠴᠤ ᠬᠠᠨ ᠣᠷᠣᠨ ᠲᠤᠷ ᠰᠠᠭᠤᠪᠠ ᠲᠡᠷᠡ ᠬᠠᠲᠤᠨ ᠰᠡᠳᠬᠢᠷᠦᠨ ᠳᠣᠯᠣᠭᠠᠨ ᠰᠠᠷᠠ ᠪᠠᠷᠠᠵᠤ ᠦᠵᠡᠭᠳᠡᠪᠡᠰᠦ ᠳᠠᠶᠢᠰᠤᠨ ᠤ ᠬᠥᠪᠡᠭᠦᠨ ᠭᠡᠵᠦ ᠲᠡᠪᠴᠢᠬᠦ ᠠᠷᠪᠠᠨ ᠰᠠᠷᠠ ᠪᠣᠯᠵᠤ ᠦᠵᠡᠭᠳᠡᠪᠡᠰᠦ ᠥᠪᠡᠷ ᠦᠨ ᠬᠥᠪᠡᠭᠦᠨ ᠭᠡᠵᠦ ᠮᠠᠭᠤ ᠦᠯᠦ ᠬᠢᠬᠦ ᠭᠡᠵᠦ ᠲᠩᠷᠢ ᠡᠴᠢᠭᠡ ᠮᠠᠨᠤ ᠥᠷᠥᠰᠢᠶᠡᠵᠦ ᠭᠤᠷᠪᠠᠨ ᠰᠠᠷᠠ ᠨᠡᠮᠡᠵᠦ ᠠᠷᠪᠠᠨ ᠰᠠᠷᠠ ᠪᠣᠯᠭᠠᠵᠤ ᠥᠷᠥᠰᠢᠶᠡᠨ ᠰᠣᠶᠣᠷᠬ᠎ᠠ ᠭᠡᠵᠦ ᠵᠠᠯᠪᠠᠷᠢᠨ ᠶᠠᠪᠤᠪᠠᠢ ᠲᠩᠷᠢ ᠥᠷᠥᠰᠢᠶᠡᠵᠦ ᠠᠷᠪᠠᠨ ᠭᠤᠷᠪᠠᠨ ᠰᠠᠷᠠ ᠪᠣᠯᠵᠤ ᠨᠤᠭᠤᠨ ᠬᠡᠭᠦᠬᠡᠨ ᠦᠵᠡᠭᠳᠡᠪᠡ ᠵᠦᠦ ᠬᠤᠩᠭᠤᠤ ᠬᠠᠭᠠᠨ ᠢ ᠬᠢᠲᠠᠳ ᠬᠠᠲᠤᠨ ᠠᠴᠠ ᠨᠢᠭᠡᠨ ᠨᠤᠭᠤᠨ ᠬᠡᠭᠦᠬᠡᠨ ᠲᠥᠷᠥᠪᠡ ᠬᠤᠩᠭᠤᠤ ᠬᠠᠭᠠᠨ ᠤ ᠵᠡᠭᠦᠳᠦᠨ ᠲᠦᠷ ᠬᠣᠶᠠᠷ ᠯᠤᠤ ᠬᠡᠷᠡᠯᠳᠦᠬᠦᠢ ᠦᠵᠡᠪᠡᠰᠦ ᠪᠠᠷᠠᠭᠤᠨ ᠯᠤᠤ ᠶᠢ ᠵᠡᠭᠦᠨ ᠯᠤᠤ ᠳᠡᠶᠢᠯᠡᠨ ᠪᠠᠶᠢᠬᠤᠢ ᠦᠵᠡᠨ ᠵᠡᠭᠦᠳᠦᠯᠡᠪᠡ ᠡᠨᠡ ᠵᠡᠭᠦᠳᠦᠨ ᠮᠢᠨᠤ ᠰᠠᠶᠢᠨ ᠪᠤᠶᠤ ᠮᠠᠭᠤ ᠪᠤᠶᠤ ᠭᠡᠵᠦ ᠢᠷᠤᠴᠢᠨ ᠲᠤ ᠦᠵᠦᠭᠦᠯᠪᠡ ᠲᠡᠷᠡ ᠬᠣᠶᠠᠷ ᠯᠤᠤ ᠪᠤᠰᠤ ᠬᠣᠶᠠᠷ ᠬᠡᠭᠦᠬᠡᠨ ᠴᠢᠨᠤ ᠪᠤᠢ ᠪᠠᠷᠠᠭᠤᠨ ᠯᠤᠤ ᠭᠡᠭᠴᠢ ᠬᠢᠲᠠᠳ ᠬᠠᠲᠤᠨ ᠤ ᠬᠡᠭᠦᠬᠡᠨ ᠪᠤᠢ ᠵᠡᠭᠦᠨ ᠯᠤᠤ ᠭᠡᠭᠴᠢ ᠮᠣᠩᠭᠣᠯ ᠬᠠᠲᠤᠨ ᠤ ᠬᠥᠪᠡᠭᠦᠨ ᠪᠤᠢ ᠴᠢᠨ ᠤ ᠬᠠᠨ ᠣᠷᠣᠨ ᠲᠤ ᠰᠠᠭᠤᠬᠤ ᠵᠠᠶᠠᠭᠠᠲᠤ ᠪᠤᠶᠤ ᠢᠷᠤᠴᠢᠨ ᠢ ᠲᠡᠷᠡ ᠦᠭᠡᠨ ᠲᠦᠷ ᠬᠤᠩᠭᠤᠤ ᠬᠠᠭᠠᠨ ᠢᠯᠭᠠᠯ ᠦᠭᠡᠢ ᠮᠥᠨ ᠦᠷᠡ ᠪᠣᠯᠪᠠᠴᠢ ᠡᠬᠡ ᠢᠨᠤ ᠳᠠᠶᠢᠰᠤᠨ ᠤ ᠬᠠᠲᠤᠨ ᠪᠥᠯᠦᠭᠡ ᠡᠭᠦᠨ ᠡᠴᠡ ᠲᠥᠷᠥᠭᠰᠡᠨ
tere qatun=i Kitad=un Jüü-Qungqu=a-qaγan abču qan oron=tur saγuba tere qatun sedkirün doloγan sara baraju üjegdebesü dayisun=u köbegün gejü tebčikü arban sara bolju üjegdebesü öber=ün köbegün gejü maγu ülü kikü gejü tngri ečige manu örösiyejü γurban sara nemejü arban sara bolγaju örösiyen soyorq=a gejü jalbarin yabubai tngri örösiyejü arban γurban sara bolju nuγun kegüken üjegdebe Jüü-Qungγuu-qaγan=i Kitad qatun=ača nigen nuγun kegüken töröbe Qungγuu-qaγan=u jegüdün=tür qoyar luu kereldüküi üjebesü baraγun luu=yi jegün luu deyilen bayiqui üjen jegüdülebe ene jegüdün minu sayin buyu maγu buyu gejü iručin=tu üjügülbe tere qoyar luu busu qoyar kegüken činu bui baraγun luu gegči Kitad qatun=u kegüken bui jegün luu gegči Mongγol qatun=u köbegün bui čin=u qan oron=tu saγuqu jayaγatu buyu iručin=i tere ügen=tür Qungγuu-qaγan ilγal ügei mön üre bolbači eke inu dayisun=u qatun bölüge egün=eče törögsen
139b
ᠬᠥᠪᠡᠭᠦᠨ ᠮᠢᠨᠤ ᠬᠠᠨ ᠣᠷᠣ ᠰᠠᠭᠤᠪᠠᠰᠤ ᠮᠠᠭᠤ ᠪᠠᠶᠢᠨᠠᠮ ᠭᠡᠵᠦ ᠬᠠᠭᠠᠨ ᠤ ᠣᠷᠳᠣ ᠠᠴᠠ ᠭᠠᠷᠭᠠᠵᠤ ᠬᠡᠷᠡᠮ ᠦᠨ ᠭᠠᠳᠠᠨᠠ ᠬᠥᠬᠡ ᠬᠣᠲᠠ ᠪᠠᠷᠢᠵᠤ ᠲᠡᠨᠳᠡ ᠰᠠᠭᠤᠯᠭᠠᠪᠠ ᠲᠡᠭᠦᠨ ᠦ ᠬᠣᠶᠢᠨᠠ ᠬᠤᠩᠭᠤᠤ ᠬᠠᠭᠠᠨ ᠶᠡᠬᠡ ᠣᠷᠣ ᠰᠠᠭᠤᠵᠤ ᠭᠤᠴᠢᠨ ᠨᠢᠭᠡᠨ ᠣᠨ ᠪᠣᠯᠵᠤ ᠦᠭᠡᠢ ᠪᠣᠯᠪᠠ ᠲᠡᠭᠦᠨ ᠦ ᠬᠥᠪᠡᠭᠦᠨ ᠵᠠᠬᠤᠶ ᠠ ᠬᠠᠭᠠᠨ ᠬᠠᠨ ᠣᠷᠣᠨ ᠲᠤᠷ ᠰᠠᠭᠤᠵᠤ ᠳᠥᠷᠪᠡᠨ ᠣᠨ ᠪᠣᠯᠤᠭᠰᠠᠨ ᠤ ᠬᠣᠶᠢᠨᠠ ᠬᠣᠩᠭᠢᠷᠠᠳ ᠬᠠᠲᠤᠨ ᠤ ᠬᠥᠪᠡᠭᠦᠨ ᠶᠤᠩᠯᠣ ᠬᠠᠭᠠᠨ ᠥᠪᠡᠷᠦᠨ ᠴᠥᠭᠡᠨ ᠨᠥᠬᠥᠳ ᠥᠯᠭᠡᠶᠢᠨ ᠵᠢᠷᠭᠤᠭᠠᠨ ᠮᠢᠩᠭᠠᠨ ᠮᠣᠩᠭᠣᠯ ᠤᠯᠤᠰ ᠤᠰᠤᠨ ᠤ ᠭᠤᠷᠪᠠᠨ ᠲᠦᠮᠡᠨ ᠵᠦᠷᠴᠢᠳ ᠤᠯᠤᠰ ᠬᠠᠷᠠ ᠬᠡᠷᠡᠮ ᠦᠨ ᠤᠯᠤᠰ ᠢ ᠠᠪᠤᠨ ᠴᠢᠷᠢᠭ ᠵᠠᠰᠠᠵᠤ ᠬᠦᠷᠦᠭᠡᠳ ᠬᠢᠲᠠᠳ ᠤᠨ ᠬᠤᠩᠭᠤᠤ ᠬᠠᠭᠠᠨ ᠤ ᠬᠥᠪᠡᠭᠦᠨ ᠵᠠᠬᠤᠶ ᠠ ᠬᠠᠭᠠᠨ ᠢ ᠪᠠᠷᠢᠵᠤ ᠬᠦᠵᠦᠭᠦᠨ ᠲᠦᠷ ᠢᠨᠤ ᠮᠥᠩᠭᠥᠨ ᠲᠠᠮᠠᠭ᠎ᠠ ᠳᠠᠷᠤᠵᠤ ᠦᠯᠳᠡᠵᠦ ᠣᠷᠬᠢᠪᠠ ᠮᠥᠨ ᠤᠬᠠᠭᠠᠲᠤ ᠬᠠᠭᠠᠨ ᠤ ᠬᠥᠪᠡᠭᠦᠨ ᠶᠤᠩᠯᠣ ᠬᠠᠭᠠᠨ ᠡᠵᠡᠯᠡᠨ ᠰᠠᠭᠤᠪᠠ ᠬᠢᠲᠠᠳ ᠤᠯᠤᠰ ᠶᠣᠰᠤᠲᠤ ᠬᠠᠭᠠᠨ ᠤ ᠮᠠᠨ ᠤ ᠦᠷᠡ ᠰᠠᠭᠤᠪᠠ ᠭᠡᠵᠦ ᠶᠤᠩᠯᠣ ᠲᠠᠶᠢᠮᠢᠩ ᠨᠡᠷᠡ ᠥᠷᠭᠥᠪᠡ ᠬᠦᠴᠦᠨ ᠢᠶᠡᠨ ᠥᠭᠪᠡ ᠭᠡᠵᠦ ᠥᠯᠭᠡᠶᠢᠨ ᠵᠢᠷᠭᠤᠭᠠᠨ ᠮᠢᠩᠭᠠᠨ ᠦᠴᠢᠶᠡᠳ ᠤᠯᠤᠰ ᠲᠤ ᠭᠤᠷᠪᠠᠨ ᠵᠠᠭᠤᠨ ᠲᠠᠶᠢᠲᠤ ᠰᠠᠩ ᠰᠣᠶᠣᠷᠬᠠᠪᠠ ᠵᠦᠷᠴᠢᠳ ᠤᠯᠤᠰ ᠲᠤ ᠵᠢᠷᠭᠤᠭᠠᠨ ᠵᠠᠭᠤᠨ ᠲᠠᠶᠢᠲᠤ ᠰᠠᠩ ᠰᠣᠶᠣᠷᠬᠠᠪᠠᠢ ᠭᠡᠬᠦ ᠮᠥᠨ ᠶᠤᠩᠯᠣ ᠬᠠᠭᠠᠨ ᠬᠣᠷᠢᠨ ᠬᠣᠶᠠᠷ ᠵᠢᠯ ᠪᠣᠯᠵᠤ ᠲᠩᠷᠢ
köbegün minu qan oro saγubasu maγu bayinam gejü qaγan=u ordo=ača γarγaju kerem=ün γadana köke qota bariju tende saγulγaba tegün=ü qoyina Qungγuu-qaγan yeke oro saγuju γučin nigen on bolju ügei bolba # tegün=ü köbegün Jaquy=a-qaγan qan oron=tur saγuju dörben on boluγsan=u qoyina Qonggirad qatun=u köbegün Yunglo-qaγan öberün čögen nököd ölgeyin jirγuγan mingγan Mongγol ulus usun=u γurban tümen Jürčid ulus qara kerem=ün ulus=i abun čirig jasaju kürüged Kitad=un Qungγuu-qaγan=u köbegün Jaquy=a-qaγan=i bariju küjügün=tür inu mönggön tamaγ=a daruju üldejü orkiba # Mön Uqaγatu-qaγan=u köbegün Yunglo-qaγan ejelen saγuba Kitad ulus yosutu qaγan=u man=u üre saγuba gejü Yunglo-Tayiming nere örgöbe küčün=iyen ögbe gejü ölgeyin jirγuγan mingγan Üčiyed ulus=tu γurban jaγun tayitu sang soyorqaba Jürčid ulus=tu jirγuγan jaγun tayitu sang soyorqabai gekü mön Yunglo-qaγan qorin qoyar jil bolju tngri
140a
ᠪᠣᠯᠪᠠ ᠮᠥᠨ ᠶᠤᠩᠯᠣ ᠬᠠᠭᠠᠨ ᠤ ᠦᠷᠡ ᠠᠷᠪᠠᠨ ᠨᠢᠭᠡᠨ ᠦᠶ᠎ᠡ ᠰᠠᠭᠤᠭᠰᠠᠨ ᠢᠨᠤ ᠬᠤᠩᠰᠢ ᠬᠠᠭᠠᠨ ᠨᠢᠭᠡᠨ ᠵᠢᠯ ᠰᠠᠭᠤᠪᠠ ᠰᠠᠨᠲᠠ ᠬᠠᠭᠠᠨ ᠠᠷᠪᠠᠨ ᠵᠢᠯ ᠰᠠᠭᠤᠪᠠ ᠵᠢᠩᠲᠤᠩ ᠬᠠᠭᠠᠨ ᠠᠷᠪᠠᠨ ᠳᠥᠷᠪᠡᠨ ᠵᠢᠯ ᠰᠠᠭᠤᠪᠠ ᠵᠢᠩᠲᠠᠢ ᠬᠠᠭᠠᠨ ᠠᠷᠪᠠᠨ ᠲᠠᠪᠤᠨ ᠵᠢᠯ ᠰᠠᠭᠤᠪᠠ ᠴᠢᠩᠬᠤ ᠠ ᠬᠠᠭᠠᠨ ᠬᠣᠷᠢᠨ ᠭᠤᠷᠪᠠᠨ ᠵᠢᠯ ᠰᠠᠭᠤᠪᠠ ᠬᠤᠨᠢᠩᠴᠢ ᠬᠠᠭᠠᠨ ᠠᠷᠪᠠᠨ ᠨᠠᠢᠮᠠᠨ ᠵᠢᠯ ᠰᠠᠭᠤᠪᠠ ᠵᠢᠩᠲᠠ ᠬᠠᠭᠠᠨ ᠠᠷᠪᠠᠨ ᠵᠢᠷᠭᠤᠭᠠᠨ ᠵᠢᠯ ᠰᠠᠭᠤᠪᠠ ᠵᠠᠲᠠᠩ ᠬᠠᠭᠠᠨ ᠳᠥᠴᠢᠨ ᠵᠢᠷᠭᠤᠭᠠᠨ ᠵᠢᠯ ᠰᠠᠭᠤᠪᠠ ᠯᠤᠩᠴᠢᠨ ᠬᠠᠭᠠᠨ ᠳᠥᠴᠢᠨ ᠵᠢᠷᠭᠤᠭᠠᠨ ᠵᠢᠯ ᠰᠠᠭᠤᠪᠠ ᠲᠢᠨᠰᠤᠨ ᠬᠠᠭᠠᠨ ᠨᠢᠭᠡᠨ ᠰᠠᠷᠠ ᠰᠠᠭᠤᠪᠠ ᠲᠠᠶᠢᠮᠢᠩ ᠴᠤᠤ ᠲᠢᠩ ᠲᠢᠨᠴᠢ ᠬᠠᠭᠠᠨ ᠨᠢᠭᠡᠨ ᠵᠢᠯ ᠰᠠᠭᠤᠪᠠ ᠬᠤᠩᠭᠤᠤ ᠬᠠᠭᠠᠨ ᠠᠴᠠ ᠢᠨᠠᠭᠰᠢ ᠳᠠ ᠲᠢᠨᠴᠢ ᠬᠠᠭᠠᠨ ᠬᠦᠷᠲᠡᠯᠡ ᠬᠣᠶᠠᠷ ᠵᠠᠭᠤᠨ ᠲᠠᠪᠢᠨ ᠳᠣᠯᠣᠭᠠᠨ ᠣᠨ ᠰᠠᠭᠤᠪᠠ ᠲᠣᠭᠣᠭᠠᠨ ᠲᠡᠮᠦᠷ ᠬᠠᠭᠠᠨ ᠤ ᠬᠥᠪᠡᠭᠦᠨ ᠪᠢᠯᠢᠭ ᠲᠦ ᠬᠠᠭᠠᠨ ᠮᠥᠨ ᠣᠨ ᠨᠣᠬᠠᠢ ᠵᠢᠯ ᠲᠦᠷ ᠢᠩ ᠴᠢᠩ ᠨᠡᠷᠡᠲᠦ ᠬᠣᠲᠠᠨ ᠲᠤᠷ ᠶᠡᠬᠡ ᠣᠷᠣ ᠰᠠᠭᠤᠪᠠ ᠶᠢᠰᠦᠨ ᠣᠨ ᠪᠣᠯᠵᠤ ᠮᠣᠷᠢᠨ ᠵᠢᠯ ᠲᠦᠷ ᠲᠩᠷᠢ ᠪᠣᠯᠪᠠ ᠤᠰᠬᠠᠯ ᠬᠠᠭᠠᠨ ᠮᠥᠨ ᠮᠣᠷᠢᠨ ᠵᠢᠯ ᠲᠦ ᠶᠡᠬᠡ ᠣᠷᠣ ᠰᠠᠭᠤᠪᠠ ᠠᠷᠪᠠᠨ ᠨᠢᠭᠡᠨ ᠣᠨ ᠪᠣᠯᠵᠤ ᠯᠤᠤ ᠵᠢᠯ᠎ᠡ ᠲᠩᠷᠢ ᠪᠣᠯᠪᠠ ᠲᠡᠭᠦᠨ ᠦ ᠬᠣᠶᠢᠨᠠ ᠮᠥᠨ ᠣᠨ ᠵᠣᠷᠢᠭ ᠲᠤ ᠬᠠᠭᠠᠨ ᠶᠡᠬᠡ ᠣᠷᠣ ᠰᠠᠭᠤᠪᠠ
bolba # mön Yunglo-qaγan=u üre arban nigen üy=e saγuγsan inu ~ Qungsi-qaγan nigen jil saγuba ~ Santa-qaγan arban jil saγuba ~ Jingtung-qaγan arban dörben jil saγuba ~ Jingtai-qaγan arban tabun jil saγuba ~ Čingqu=a-qaγan qorin γurban jil saγuba ~ Quningči-qaγan arban naiman jil saγuba ~ Jingta-qaγan arban jirγuγan jil saγuba ~ Jatang-qaγan döčin jirγuγan jil saγuba ~ Lungčin-qaγan döčin jirγuγan jil saγuba ~ Tinsun-qaγan nigen sara saγuba ~ Tayiming-Čuu-Ting-Tinči-qaγan nigen jil saγuba Qungγuu-qaγan=ača inaγsi=da Tinči-qaγan kürtele qoyar jaγun tabin doloγan on saγuba # Toγoγan-Temür-qaγan=u köbegün Bilig=tü-qaγan mön on noqai jil=tür Ing-Čing neretü qotan=tur yeke oro saγuba yisün on bolju morin jil=tür tngri bolba ~ Usqal-qaγan mön morin jil=tü yeke oro saγuba arban nigen on bolju luu jil=e tngri bolba ~ tegün=ü qoyina mön on Joriγ=tu-qaγan yeke oro saγuba
140b
ᠳᠥᠷᠪᠡᠨ ᠣᠨ ᠪᠣᠯᠵᠤ ᠬᠣᠨᠢᠨ ᠵᠢᠯ ᠳᠦᠷ ᠲᠩᠷᠢ ᠪᠣᠯᠪᠠ ᠡᠩᠬᠡ ᠬᠠᠭᠠᠨ ᠳᠥᠷᠪᠡᠨ ᠵᠢᠯ ᠶᠡᠬᠡ ᠣᠷᠣ ᠰᠠᠭᠤᠪᠠ ᠲᠡᠭᠦᠨ ᠦ ᠬᠣᠶᠢᠨᠠ ᠮᠥᠨ ᠨᠣᠬᠠᠢ ᠵᠢᠯ ᠲᠦᠷ ᠡᠯᠪᠡᠭ ᠬᠠᠭᠠᠨ ᠶᠡᠬᠡ ᠣᠷᠣ ᠰᠠᠭᠤᠪᠠ ᠡᠯᠪᠡᠭ ᠬᠠᠭᠠᠨ ᠠᠪᠠ ᠠᠪᠠᠯᠠᠵᠤ ᠠᠯᠠᠭᠰᠠᠨ ᠲᠠᠤᠯᠠᠢ ᠶᠢᠨ ᠴᠢᠰᠤ ᠴᠠᠰᠤᠨ ᠲᠤᠷ ᠲᠤᠰᠤᠭᠰᠠᠨ ᠢ ᠦᠵᠡᠵᠦ ᠴᠠᠰᠤ ᠮᠡᠲᠦ ᠴᠠᠭᠠᠨ ᠥᠩᠭᠡ ᠲᠦ ᠴᠢᠰᠤᠨ ᠮᠡᠲᠦ ᠤᠯᠠᠭᠠᠨ ᠬᠠᠴᠠᠷ ᠲᠤ ᠭᠣᠤ᠎ᠠ ᠡᠬᠡᠨᠡᠷ ᠪᠡᠢ ᠪᠣᠯᠪᠠᠤ ᠭᠡᠵᠦ ᠡᠯᠪᠡᠭ ᠬᠠᠭᠠᠨ ᠵᠠᠷᠯᠢᠭ ᠪᠣᠯᠪᠠ ᠣᠶᠢᠷᠠᠳᠳᠤᠨ ᠬᠤᠤᠬᠠᠢ ᠳᠠᠶᠤ ᠥᠭᠦᠯᠡᠷᠦᠨ ᠡᠨᠡ ᠮᠡᠲᠦ ᠥᠩᠭᠡ ᠲᠦ ᠡᠮ᠎ᠡ ᠪᠤᠢ ᠵ᠎ᠠ ᠬᠡᠮᠡᠪᠡ ᠲᠡᠷᠡ ᠬᠡᠨ ᠪᠤᠢ ᠭᠡᠵᠦ ᠠᠰᠠᠭᠪᠠ ᠦᠵᠡᠵᠦ ᠦᠯᠦ ᠪᠣᠯᠬᠤ ᠦᠵᠡᠶ᠎ᠡ ᠭᠡᠬᠦᠯᠡ ᠬᠡᠯᠡᠶ᠎ᠡ ᠴᠢᠨᠤ ᠬᠥᠪᠡᠭᠦᠨ ᠬᠠᠷᠠᠭᠤᠴᠤᠭ ᠳᠦᠭᠦᠷᠡᠩ ᠲᠡᠮᠦᠷ ᠬᠤᠩ ᠲᠠᠶᠢᠵᠢ ᠶᠢᠨ ᠥᠯᠵᠡᠢ ᠲᠦ ᠭᠣᠤ ᠠ ᠬᠤᠩ ᠪᠢᠭᠢᠵᠢ ᠠᠪᠠᠬᠠᠢ ᠪᠡᠷᠢ ᠴᠢᠨᠤ ᠡᠨᠡ ᠮᠡᠲᠦ ᠦᠵᠡᠰᠭᠦᠯᠡᠩ ᠲᠦ ᠪᠤᠢ ᠭᠡᠪᠡ ᠡᠯᠪᠡᠭ ᠨᠢᠭᠦᠯᠡᠰᠦᠭᠴᠢ ᠬᠠᠭᠠᠨ ᠪᠡᠷᠢ ᠶᠦᠭᠡᠨ ᠥᠩᠭᠡ ᠲᠦᠷ ᠬᠤᠷᠢᠴᠠᠵᠤ ᠣᠶᠢᠷᠠᠳ ᠤᠨ ᠬᠤᠤᠬᠠᠢ ᠳᠠᠶᠤ ᠲᠤ ᠵᠠᠷᠯᠢᠭ ᠪᠣᠯᠪᠠ ᠦᠵᠡᠳᠦᠢ ᠶᠢ ᠦᠵᠦᠭᠦᠯᠦᠭᠴᠢ ᠬᠣᠯᠠ ᠶᠢ ᠨᠡᠶᠢᠯᠡᠭᠦᠯᠦᠭᠴᠢ ᠬᠦᠰᠡᠭᠰᠡᠨ ᠢ ᠬᠠᠩᠭᠠᠭᠴᠢ ᠳᠠᠶᠤ ᠮᠢᠨᠤ ᠡᠴᠢ ᠭᠡᠪᠡ ᠬᠠᠭᠠᠨ ᠤ ᠵᠠᠷᠯᠢᠭ ᠢᠶᠠᠷ ᠡᠴᠢᠵᠦ ᠪᠢᠭᠢᠵᠢ ᠲᠦ ᠦᠭᠡ ᠬᠡᠯᠡᠷ ᠦᠨ ᠴᠢᠨᠤ ᠥᠩᠭᠡ ᠭᠡᠷᠡᠯ ᠢ ᠦᠵᠡᠶ᠎ᠡ ᠭᠡᠵᠦ ᠨᠠᠮᠠᠶᠢ ᠢᠯᠡᠭᠡᠪᠡ ᠪᠢᠭᠢᠵᠢ ᠠᠭᠤᠷᠯᠠᠵᠤ ᠥᠭᠦᠯᠡᠷᠦᠨ ᠲᠩᠷᠢ ᠭᠠᠵᠠᠷ ᠨᠡᠶᠢᠯᠡᠭᠴᠢ ᠪᠤᠶᠤ ᠳᠡᠭᠡᠳᠦ
dörben on bolju qonin jil=dür tngri bolba ~ Engke-qaγan dörben jil yeke oro saγuba # tegün=ü qoyina mön noqai jil=tür Elbeg-qaγan yeke oro saγuba Elbeg-qaγan aba abalaju alaγsan taulai=yin čisu časun=tur tusuγsan=i üjejü času metü čaγan öngge=tü čisun metü ulaγan qačar=tu γou=a ekener bei bolbau gejü Elbeg-qaγan jarliγ bolba Oyiraddun Quuqai-Dayu ögülerün ene metü öngge=tü em=e bui j=a kemebe tere ken bui gejü asaγba üjejü ülü bolqu üjey=e geküle keley=e činu köbegün Qaraγučuγ-Dügüreng-Temür-qung-tayiji=yin Öljei=tü-Γou=a-qung-bigiji (abaqai) beri činu ene metü üjesgüleng=tü bui gebe Elbeg-Nigülesügči-qaγan beri=yügen öngge=tür quričaju Oyirad=un Quuqai-Dayu=tu jarliγ bolba üjedüi=yi üjügülügči qola=yi neyilegülügči küsegsen=i qangγaγči Dayu minu eči gebe qaγan=u jarliγ=iyar ečijü bigiji=tü üge keler=ün činu öngge gerel=i üjey=e gejü namayi ilegebe bigiji aγurlaju ögülerün tngri γajar neyilegči buyu degedü
141a
ᠬᠠᠳ ᠪᠡᠷᠢ ᠶᠦᠭᠡᠨ ᠦᠵᠡᠭᠴᠢ ᠪᠤᠶᠤ ᠬᠥᠪᠡᠭᠦᠨ ᠴᠢᠨᠤ ᠳᠦᠭᠦᠷᠡᠩ ᠲᠡᠮᠦᠷ ᠬᠤᠩ ᠲᠠᠶᠢᠵᠢ ᠨᠥᠬᠥᠴᠡᠮᠦ ᠬᠠᠭᠠᠨ ᠬᠠᠷᠠ ᠪᠣᠯᠵᠠᠮᠤ ᠭᠡᠵᠦ ᠬᠡᠯᠡᠪᠡ ᠲᠡᠷᠡ ᠦᠭᠡᠨ ᠲᠦᠷ ᠬᠠᠭᠠᠨ ᠡᠰᠡ ᠪᠣᠯᠵᠤ ᠬᠥᠪᠡᠭᠦᠨ ᠢᠶᠡᠨ ᠬᠣᠷᠣᠭᠠᠳ ᠠᠯᠠᠭᠠᠳ ᠪᠡᠷᠢ ᠶᠦᠭᠡᠨ ᠠᠪᠤᠪᠠ ᠲᠡᠭᠦᠨ ᠦ ᠬᠣᠶᠢᠨᠠ ᠬᠤᠤᠬᠠᠢ ᠳᠠᠶᠤ ᠲᠠᠷᠠᠭ ᠭᠤᠶᠤᠷᠠ ᠢᠷᠡᠪᠡ ᠬᠠᠭᠠᠨ ᠦᠭᠡᠢ ᠭᠡᠵᠦ ᠭᠡᠷ ᠦᠨ ᠡᠮᠦᠨᠡ ᠰᠠᠭᠤᠲᠠᠯᠠ ᠬᠤᠩ ᠪᠢᠭᠢᠵᠢ ᠡᠯᠴᠢ ᠢᠯᠡᠭᠡᠵᠦ ᠬᠣᠷᠢᠮᠬᠣᠷᠣᠮ ᠢᠶᠠᠨ ᠬᠠᠭᠠᠨ ᠢ ᠬᠦᠯᠢᠶ᠎ᠡ ᠪᠡᠶᠡᠪᠡᠨ ᠤᠷᠢᠳ ᠭᠡᠷᠲᠡ ᠢᠷᠡ ᠭᠡᠬᠦᠳᠦ ᠳᠠᠶᠤ ᠢᠷᠡᠵᠦ ᠣᠷᠣᠭᠰᠠᠨ ᠬᠣᠶᠢᠨᠠ ᠪᠢᠭᠢᠵᠢ ᠠᠶᠠᠭ᠎ᠠ ᠪᠠᠷᠢᠵᠤ ᠦᠭᠡ ᠬᠡᠯᠡᠪᠡ ᠮᠠᠭᠤ ᠪᠡᠶ ᠡ ᠶᠢ ᠮᠢᠨᠤ ᠰᠠᠶᠢᠨ ᠪᠣᠯᠭᠠᠪᠠ ᠪᠠᠭ᠎ᠠ ᠪᠡᠶ ᠡ ᠶᠢ ᠮᠢᠨᠤ ᠶᠡᠬᠡ ᠪᠣᠯᠭᠠᠪᠠ ᠪᠢᠭᠢᠵᠢ ᠨᠡᠷᠡᠶᠢᠭᠢ ᠮᠢᠨᠤ ᠲᠠᠶᠢᠬᠤ ᠪᠣᠯᠭᠠᠪᠠ ᠴᠢ ᠭᠡᠵᠦ ᠨᠢᠭᠡᠨ ᠠᠮᠰᠠᠷᠲᠠᠢ ᠬᠣᠶᠠᠷ ᠬᠡᠪᠡᠯᠢᠲᠡᠢ ᠬᠦᠬᠡᠭᠦᠷᠲᠦ ᠨᠢᠭᠡᠨ ᠳᠦ ᠢᠨᠤ ᠠᠷᠠᠵᠠ ᠨᠢᠭᠡᠨ ᠲᠦ ᠢᠨᠤ ᠤᠰᠤᠨ ᠬᠢᠵᠦ ᠥᠪᠡᠷ ᠢᠶᠡᠨ ᠤᠰᠤᠨ ᠤᠤᠭᠤᠵᠤ ᠳᠠᠶᠤ ᠲᠤ ᠠᠷᠠᠵᠠ ᠥᠭᠴᠦ ᠰᠣᠭᠲᠠᠭᠠᠵᠤ ᠤᠨᠠᠭᠠᠪᠠ ᠲᠠᠶᠢᠵᠢ ᠶᠤᠭᠠᠨ ᠥᠰ ᠥᠰᠯᠡᠨ ᠳᠠᠯᠳᠠ ᠬᠥᠰᠢᠭᠡ ᠪᠡᠨ ᠲᠠᠲᠠᠵᠤ ᠣᠯᠪᠣᠭ ᠳᠡᠪᠢᠰᠭᠡᠷ ᠳᠡᠭᠡᠷᠡ ᠪᠡᠨ ᠳᠠᠶᠤ ᠶᠢ ᠬᠡᠪᠲᠡᠭᠦᠯᠵᠦ ᠨᠢᠭᠤᠷ ᠢᠶᠠᠨ ᠮᠠᠭᠠᠵᠢᠵᠤ ᠦᠰᠦ ᠪᠡᠨ ᠲᠠᠰᠤᠯᠵᠤ ᠬᠠᠭᠠᠨ ᠲᠤ ᠡᠯᠴᠢ ᠢᠯᠡᠭᠡᠪᠡ ᠬᠠᠭᠠᠨ ᠰᠣᠨᠣᠰᠤᠭᠠᠳ ᠢᠷᠡᠲᠡᠯᠡ ᠳᠠᠶᠤ ᠳᠤᠲᠠᠭᠠᠪᠠ ᠬᠠᠭᠠᠨ ᠬᠥᠭᠡᠵᠦ ᠠᠯᠠᠯᠳᠤᠨ ᠠᠲᠠᠯᠠ ᠬᠠᠭᠠᠨ ᠤ ᠰᠢᠭᠢᠵᠢ ᠬᠤᠷᠤᠭᠤᠨ ᠢᠨᠤ ᠲᠠᠰᠤ ᠬᠠᠷᠪᠤᠪᠠᠢ ᠬᠠᠭᠠᠨ ᠳᠠᠶᠤ ᠶᠢ ᠠᠯᠠᠵᠤ ᠵᠣᠨ ᠤ ᠠᠷᠠᠰᠤᠨ ᠢ ᠰᠥᠨᠢᠳ ᠦᠨ
qad beri=yügen üjegči buyu köbegün činu Dügüreng-Temür qung-tayiji nököčemü qaγan qara boljamu gejü kelebe tere ügen=tür qaγan ese bolju köbegün=iyen qoroγad (alaγad) beri=yügen abuba tegün=ü qoyina Quuqai-Dayu taraγ γuyura irebe qaγan ügei gejü ger=ün emüne saγutala qung-bigiji elči ilegejü qorim<qorom>=iyan qaγan=i küliy=e beyeben urid gerte ire geküdü Dayu irejü oroγsan qoyina bigiji ayaγ=a bariju üge kelebe maγu bey=e=yi minu sayin bolγaba baγ=a bey=e=yi minu yeke bolγaba bigiji nereyigi minu tayiqu bolγaba či gejü nigen amsartai qoyar kebelitei kükegürtü nigen=dü inu araja nigen=tü inu usun kijü öber=iyen usun uuγuju Dayu=tu araja ögčü soγtaγaju unaγaba tayiji=yuγan ös öslen dalda kösige=ben tataju olboγ debisger degere=ben Dayu=yi kebtegüljü niγur=iyan maγajiju üsü=ben tasulju qaγan=tu elči ilegebe qaγan sonosuγad iretele Dayu dutaγaba qaγan kögejü alaldun atala qaγan=u sigiji quruγun inu tasu qarbubai qaγan Dayu=yi alaju jon=u arasun=i Sönid=ün
141b
ᠵᠠᠰᠢᠨ ᠲᠠᠶᠢᠪᠤ ᠨᠡᠷᠡᠲᠦ ᠬᠦᠮᠦᠨ ᠢᠶᠡᠷ ᠰᠤᠷᠯᠠᠨ ᠠᠪᠴᠤ ᠢᠷᠡᠵᠦ ᠪᠢᠭᠢᠵᠢ ᠲᠦ ᠥᠭᠪᠡ ᠬᠠᠭᠠᠨ ᠤ ᠴᠢᠰᠤᠨ ᠳᠠᠶᠤ ᠬᠢᠶᠢᠨ ᠲᠣᠰᠤᠨ ᠢ ᠨᠡᠶᠢᠯᠡᠭᠦᠯᠵᠦ ᠳᠣᠯᠣᠭᠠᠭᠠᠳ ᠬᠥᠪᠡᠭᠦᠨ ᠢᠶᠡᠨ ᠠᠯᠠᠭᠴᠢ ᠬᠠᠭᠠᠨ ᠴᠢᠰᠤᠨ ᠥᠭᠯᠢᠭᠡ ᠲᠦ ᠪᠣᠯᠵᠤ ᠡᠵᠡᠨ ᠢᠶᠡᠨ ᠠᠮᠢᠨ ᠲᠤ ᠬᠣᠣᠷ ᠬᠦᠷᠭᠡᠭᠴᠢ ᠳᠠᠶᠤ ᠶᠢ ᠶᠢᠨ ᠲᠣᠰᠤᠨ ᠥᠨᠳᠳᠡᠷᠯᠡᠨ ᠨᠡᠶᠢᠯᠡᠭᠦᠯᠵᠦ ᠡᠮ᠎ᠡ ᠬᠦᠮᠦᠨ ᠦ ᠠᠪᠬᠤ ᠥᠰᠢᠶ᠎ᠡ ᠡᠨᠡ ᠪᠤᠶᠤ ᠬᠡᠵᠢᠶ᠎ᠡ ᠦᠬᠦᠪᠡᠰᠦ ᠶᠠᠭᠤᠨ ᠴᠢᠮᠠ ᠭᠡᠪᠡ ᠪᠢᠭᠢᠵᠢ ᠶᠢᠨ ᠬᠠᠭᠤᠷᠤᠭᠰᠠᠨ ᠢ ᠬᠠᠭᠠᠨ ᠮᠡᠳᠡᠨ ᠠᠲᠠᠯᠠ ᠪᠤᠷᠤᠭᠤ ᠪᠠᠨ ᠮᠡᠳᠡᠵᠦ ᠪᠢᠭᠢᠵᠢ ᠶᠢ ᠡᠰᠡ ᠭᠡᠮᠡᠯᠭᠡᠳ ᠳᠠᠶᠤ ᠶᠢ ᠶᠢᠨ ᠬᠥᠪᠡᠭᠦᠨ ᠪᠠᠲᠤᠯᠠ ᠴᠢᠩᠰᠠᠩ ᠦᠭᠡᠴᠢ ᠬᠠᠰᠠᠭ᠎ᠠ ᠬᠣᠶᠠᠷ ᠲᠤ ᠳᠥᠷᠪᠡᠨ ᠲᠦᠮᠡᠨ ᠢ ᠮᠡᠳᠡᠭᠦᠯᠪᠡ ᠬᠠᠨ ᠣᠷᠣ ᠰᠠᠭᠤᠵᠤ ᠵᠢᠷᠭᠤᠭᠠᠨ ᠣᠨ ᠪᠣᠯᠤᠭᠰᠠᠨ ᠤ ᠬᠣᠶᠢᠨᠠ ᠮᠣᠭᠠᠢ ᠵᠢᠯᠲᠦ ᠡᠯᠪᠡᠭ ᠬᠠᠭᠠᠨ ᠢ ᠣᠶᠢᠷᠠᠳ ᠤᠨ ᠪᠠᠲᠤᠯᠠ ᠴᠢᠩᠰᠠᠩ ᠦᠭᠡᠴᠢ ᠬᠠᠰᠠᠭ᠎ᠠ ᠬᠣᠶᠠᠷ ᠬᠣᠷᠣᠭᠣᠵᠤ ᠲᠩᠷᠢ ᠪᠣᠯᠪᠠ ᠪᠠᠲᠤᠯᠠ ᠴᠢᠩᠰᠠᠩ ᠦᠭᠡᠴᠢ ᠬᠠᠰᠠᠭ᠎ᠠ ᠬᠣᠶᠠᠷ ᠡᠬᠢᠯᠡᠨ ᠳᠥᠷᠪᠡᠨ ᠲᠦᠮᠡᠨ ᠣᠶᠢᠷᠠᠳ ᠢ ᠠᠪᠤᠨ ᠬᠠᠷᠢ ᠳᠠᠶᠢᠰᠤᠨ ᠪᠣᠯᠪᠠ ᠮᠣᠩᠭᠣᠯ ᠤᠨ ᠨᠢᠭᠡᠨ ᠲᠥᠷᠥ ᠣᠶᠢᠷᠠᠳ ᠲᠤ ᠠᠪᠲᠠᠪᠠ ᠭᠡᠬᠦ ᠲᠡᠷᠡ ᠪᠥᠯᠦᠭᠡ ᠲᠡᠭᠦᠨ ᠦ ᠬᠣᠶᠢᠨᠠ ᠲᠣᠭᠣᠭᠠᠨ ᠬᠠᠭᠠᠨ ᠮᠥᠨ ᠣᠨ ᠶᠡᠬᠡ ᠣᠷᠣ ᠰᠠᠭᠤᠪᠠ ᠳᠥᠷᠪᠡᠨ ᠣᠨ ᠪᠣᠯᠵᠤ ᠮᠣᠷᠢᠨ ᠵᠢᠯ᠎ᠡ ᠲᠩᠷᠢ ᠪᠣᠯᠪᠠ ᠲᠡᠭᠦᠨ ᠦ ᠤᠯᠤᠢ ᠲᠡᠮᠦᠷ ᠬᠠᠭᠠᠨ ᠶᠡᠬᠡ ᠣᠷᠣ ᠰᠠᠭᠤᠪᠠ ᠭᠤᠷᠪᠠᠨ ᠣᠨ ᠪᠣᠯᠵᠤ
Jasin-Tayibu neretü kümün=iyer surlan abču irejü bigiji=tü ögbe qaγan=u čisun Dayu=kiyin tosun=i neyilegüljü doloγaγad köbegün=iyen alaγči qaγan čisun öglige=tü bolju ejen=iyen amin=tu qoor kürgegči Dayu=yi=yin tosun öndderlen neyilegüljü em=e kümün=ü abqu ösiy=e ene buyu kejiy=e ükübesü yaγun čima gebe bigiji=yin qaγuruγsan=i qaγan meden atala buruγu=ban medejü bigiji=yi ese gemelged Dayu=yi=yin köbegün Batula-čingsang Ügeči-Qasaγ=a qoyar=tu dörben tümen=i medegülbe qan oro saγuju jirγuγan on boluγsan=u qoyina moγai jiltü Elbeg-qaγan=i Oyirad=un Batula-čingsang Ügeči-Qasaγ=a qoyar qoroγoju tngri bolba Batula-čingsang Ügeči-Qasaγ=a qoyar ekilen dörben tümen Oyirad=i abun qari dayisun bolba Mongγol=un nigen törö Oyirad=tu abtaba gekü tere bölüge # tegün=ü qoyina Toγoγan-qaγan mön on yeke oro saγuba dörben on bolju morin jil=e tngri bolba ~ tegün=ü Ului-Temür-qaγan yeke oro saγuba γurban on bolju
142a
ᠪᠠᠷᠰ ᠵᠢᠯ᠎ᠡ ᠲᠩᠷᠢ ᠪᠣᠯᠪᠠ ᠲᠡᠭᠦᠨ ᠦ ᠬᠣᠶᠢᠨᠠ ᠨᠥᠭᠥᠭᠡ ᠣᠨ ᠲᠠᠤᠯᠠᠢ ᠵᠢᠯ᠎ᠡ ᠳᠡᠯᠪᠡᠭ ᠬᠠᠭᠠᠨ ᠶᠡᠬᠡ ᠣᠷᠣ ᠰᠠᠭᠤᠪᠠ ᠲᠠᠪᠤᠨ ᠣᠨ ᠪᠣᠯᠵᠤ ᠬᠣᠨᠢᠨ ᠵᠢᠯ᠎ᠡ ᠲᠩᠷᠢ ᠪᠣᠯᠪᠠ ᠲᠡᠭᠦᠨ ᠦ ᠬᠣᠶᠢᠨᠠ ᠮᠥᠨ ᠬᠣᠨᠢᠨ ᠵᠢᠯ᠎ᠡ ᠣᠶᠢᠷᠠᠳᠠᠢ ᠬᠠᠭᠠᠨ ᠶᠡᠬᠡ ᠣᠷᠣ ᠰᠠᠭᠤᠪᠠ ᠨᠢᠭᠡᠳᠦᠭᠡᠷ ᠣᠨ ᠮᠣᠭᠠᠢ ᠵᠢᠯ᠎ᠡ ᠲᠩᠷᠢ ᠪᠣᠯᠪᠠ ᠲᠡᠭᠦᠨ ᠦ ᠬᠣᠶᠢᠨᠠ ᠮᠥᠨ ᠣᠨ ᠮᠣᠭᠠᠢ ᠵᠢᠯ᠎ᠡ ᠠᠳᠠᠢ ᠬᠠᠭᠠᠨ ᠶᠡᠬᠡ ᠣᠷᠣ ᠰᠠᠭᠤᠪᠠ ᠠᠳᠠᠢ ᠬᠠᠭᠠᠨ ᠤᠷᠢᠳᠤ ᠥᠰᠢᠶ ᠡ ᠪᠡᠷ ᠮᠣᠩᠭᠣᠯ ᠢᠶᠠᠨ ᠠᠪᠴᠤ ᠣᠶᠢᠷᠠᠳ ᠲᠤ ᠴᠢᠷᠢᠭ ᠮᠣᠷᠳᠠᠪᠠ ᠲᠡᠷᠡ ᠴᠢᠷᠢᠭ ᠦᠨ ᠬᠠᠷᠠᠭᠤᠯ ᠲᠤᠷ ᠣᠩᠯᠢᠭᠤᠳ ᠤᠨ ᠴᠠᠭᠠᠨ ᠲᠦᠮᠡᠨ ᠡᠰᠡᠬᠦᠢ ᠶᠢ ᠭᠠᠷᠭ᠎ᠠ ᠭᠡᠪᠡ ᠬᠠᠭᠠᠨ ᠵᠠᠷᠯᠢᠭ ᠪᠣᠯᠪᠠ ᠦᠷᠢᠶ᠎ᠡ ᠮᠣᠷᠢ ᠬᠤᠷᠳᠤᠨ ᠪᠣᠯᠪᠠᠰᠤ ᠬᠥᠭᠰᠢᠨ ᠮᠣᠷᠢᠨ ᠬᠣᠯᠠᠴᠢ ᠪᠤᠢ ᠭᠡᠵᠦ ᠰᠢᠭᠦᠰᠢᠲᠡᠢ ᠪᠠᠭᠠᠲᠤᠷ ᠣᠩ ᠭᠢ ᠭᠠᠷᠭᠠᠪᠠ ᠣᠶᠢᠷᠠᠳ ᠤᠨ ᠭᠤᠶᠢᠯᠢᠨᠴᠢ ᠪᠠᠭᠠᠲᠤᠷ ᠭᠠᠷᠪᠠ ᠲᠡᠷᠡ ᠬᠣᠶᠠᠷ ᠤᠷᠢᠳᠠ ᠠᠨᠳᠠ ᠠᠭᠰᠠᠨ ᠠᠵᠤᠬᠤ ᠮᠣᠩᠭᠣᠯ ᠣᠶᠢᠷᠠᠳ ᠪᠠᠶᠢᠯᠳᠤᠬᠤᠯᠠ ᠪᠢᠳᠠ ᠬᠣᠶᠠᠷ ᠭᠠᠷᠤᠮᠴᠠ ᠭᠡᠪᠡ ᠭᠤᠶᠢᠯᠢᠨᠴᠢ ᠥᠭᠦᠯᠡᠷᠦᠨ ᠮᠢᠨᠤ ᠬᠠᠷᠪᠤᠯᠭᠠᠨ ᠲᠤ ᠬᠤᠶᠠᠭ ᠡᠰᠡ ᠡᠮᠦᠰᠪᠡᠴᠢ ᠭᠠᠢ ᠦᠭᠡᠢ ᠭᠡᠵᠦ ᠬᠡᠯᠡᠬᠦᠢ ᠲᠦᠷ ᠰᠢᠭᠦᠰᠢᠲᠡᠢ ᠥᠭᠦᠯᠡᠷᠦᠨ ᠮᠢᠨᠤ ᠴᠠᠪᠴᠢᠯᠭᠠᠨ ᠲᠤ ᠳᠤᠭᠤᠯᠭ᠎ᠠ ᠡᠰᠡ ᠡᠮᠦᠰᠪᠡᠴᠢ ᠭᠠᠢ ᠦᠭᠡᠢ ᠭᠡᠵᠦ ᠬᠡᠯᠡᠯᠴᠡᠪᠡ ᠲᠡᠭᠦᠨ ᠦ ᠬᠣᠶᠢᠨᠠ ᠪᠠᠶᠢᠯᠳᠤᠬᠤᠢ ᠲᠤᠷ ᠮᠣᠩᠭᠣᠯ ᠤᠨ ᠰᠢᠭᠦᠰᠢᠲᠡᠢ ᠪᠠᠭᠠᠲᠤᠷ ᠭᠤᠷᠪᠠᠨ ᠳᠠᠪᠬᠤᠷ ᠬᠤᠶᠠᠭ ᠡᠮᠦᠰᠴᠦ ᠡᠯᠢᠭᠡᠨ ᠲᠡᠭᠡᠨ ᠬᠦᠷᠵᠡ
bars jil=e tngri bolba ~ tegün=ü qoyina nögöge on taulai jil=e Delbeg-qaγan yeke oro saγuba tabun on bolju qonin jil=e tngri bolba ~ tegün=ü qoyina mön qonin jil=e Oyiradai-qaγan yeke oro saγuba nigedüger on moγai jil=e tngri bolba # ~ tegün=ü qoyina mön on moγai jil=e Adai-qaγan yeke oro saγuba Adai-qaγan uridu ösiy=e=ber Mongγol=iyan abču Oyirad=tu čirig mordaba tere čirig=ün qaraγul=tur Ongliγud=un Čaγan-Tümen eseküi=yi γarγ=a gebe qaγan jarliγ bolba üriy=e mori qurdun bolbasu kögsin morin qolači bui gejü Sigüsitei-baγatur-ong=gi γarγaba Oyirad=un Γuyilinči-baγatur γarba tere qoyar urida anda aγsan ajuqu Mongγol Oyirad bayilduqula bida qoyar γarumča gebe Γuyilinči ögülerün minu qarbulγan=tu quyaγ ese emüsbeči γai ügei gejü keleküi=tür Sigüsitei ögülerün minu čabčilγan=tu duγulγ=a ese emüsbeči γai ügei gejü kelelčebe tegün=ü qoyina bayilduqui=tur Mongγol=un Sigüsitei-baγatur γurban dabqur quyaγ emüsčü eligen=tegen kürje
142b
ᠪᠦᠰᠡᠯᠡᠵᠦ ᠬᠣᠩᠭᠣᠷ ᠬᠠᠯᠵᠢᠨ ᠮᠣᠷᠢᠨ ᠤᠨᠤᠵᠤ ᠬᠣᠷᠯᠠᠳ ᠤᠨ ᠤᠯᠬᠤᠢ ᠮᠡᠷᠭᠡᠨ ᠲᠦ ᠬᠦᠷᠡᠩ ᠬᠠᠯᠵᠢᠨ ᠮᠣᠷᠢᠨ ᠤᠨᠤᠭᠤᠯᠵᠤ ᠪᠠᠭᠠᠲᠤᠷ ᠰᠢᠭᠦᠰᠢᠲᠡᠢ ᠬᠠᠷᠠᠭᠤᠯ ᠲᠤᠷ ᠭᠠᠷᠪᠠᠢ ᠣᠶᠢᠷᠠᠳ ᠤᠨ ᠭᠤᠶᠢᠯᠢᠨᠴᠢ ᠪᠠᠭᠠᠲᠤᠷ ᠳᠠᠪᠬᠤᠷ ᠳᠤᠭᠤᠯᠭ᠎ᠠ ᠡᠮᠦᠰᠴᠦ ᠬᠥᠬᠡ ᠬᠠᠯᠵᠢᠨ ᠮᠣᠷᠢᠨ ᠤᠨᠤᠵᠤ ᠬᠠᠷᠠᠭᠤᠯ ᠳᠤᠷ ᠪᠣᠷᠣ ᠨᠣᠬᠠᠢ ᠶᠢᠨ ᠵᠣᠨ ᠳᠡᠭᠡᠷᠡ ᠪᠠᠶᠢᠯᠳᠤᠪᠠ ᠭᠤᠶᠢᠯᠢᠨᠴᠢ ᠪᠠᠭᠠᠲᠤᠷ ᠰᠢᠭᠦᠰᠢᠲᠡᠢ ᠶᠢᠨ ᠡᠮᠡᠭᠡᠯ ᠦᠨ ᠤᠷᠢᠳᠤ ᠪᠦᠭᠦᠷᠭᠡ ᠳᠠᠪᠬᠤᠷ ᠬᠤᠶᠠᠭ ᠬᠦᠷᠵᠡᠲᠡᠢ ᠶᠢ ᠨᠡᠪᠲᠡ ᠬᠣᠶᠢᠲᠤ ᠪᠦᠭᠦᠷᠭᠡᠨ ᠳᠡᠭᠡᠷᠡ ᠰᠠᠭᠤᠲᠠᠯᠠ ᠬᠠᠷᠪᠤᠪᠠᠢ ᠲᠡᠨᠳᠡᠴᠡ ᠤᠯᠬᠤᠢ ᠮᠡᠷᠭᠡᠨ ᠭᠤᠶᠢᠯᠢᠨᠴᠢ ᠶᠢᠨ ᠮᠣᠷᠢᠨ ᠤ ᠬᠠᠷᠴᠠᠭᠠᠢ ᠶᠢ ᠬᠤᠭᠤ ᠬᠠᠷᠪᠤᠪᠠ ᠲᠡᠨᠳᠡᠴᠡ ᠰᠢᠭᠦᠰᠢᠲᠡᠢ ᠥᠭᠦᠯᠡᠷ ᠦᠨ ᠬᠣᠩᠭᠣᠷ ᠮᠣᠷᠢᠨ ᠤ ᠮᠢᠨᠤ ᠬᠣᠰᠢᠭᠤ ᠮᠡᠳᠡᠲᠦᠭᠡᠢ ᠬᠣᠲᠣᠭᠣᠷ ᠢᠯᠳᠦᠨ ᠢ ᠮᠢᠨᠤ ᠢᠷ ᠮᠡᠳᠡᠲᠦᠭᠡᠢ ᠭᠡᠵᠦ ᠲᠥᠷᠥ ᠲᠦ ᠲᠥᠷᠥᠭᠰᠡᠨ ᠢ ᠲᠠᠯᠠ ᠪᠦᠦ ᠬᠠᠷᠠ ᠭᠡᠯᠡ ᠭᠡᠵᠦ ᠨᠠᠢᠮᠠᠨ ᠲᠠᠯᠠᠲᠤ ᠳᠠᠪᠬᠤᠷ ᠳᠤᠭᠤᠯᠭ ᠠ ᠲᠤ ᠲᠣᠯᠣᠭᠠᠢ ᠶᠢ ᠬᠠᠭ᠎ᠠ ᠴᠠᠪᠴᠢᠪᠠ ᠲᠡᠷᠡ ᠶᠠᠪᠤᠳᠠᠯ ᠲᠤ ᠣᠶᠢᠷᠠᠳ ᠢ ᠳᠣᠪᠲᠣᠯᠵᠤ ᠳᠠᠶᠤ ᠶᠢᠨ ᠬᠥᠪᠡᠭᠦᠨ ᠪᠠᠲᠤᠯᠠ ᠴᠢᠩᠰᠠᠩ ᠶᠢ ᠠᠯᠠᠵᠤ ᠡᠮ ᠡ ᠶᠢ ᠨᠢ ᠬᠠᠭᠠᠨ ᠪᠡᠶ ᠡ ᠲᠡᠭᠡᠨ ᠠᠪᠤᠪᠠ ᠬᠥᠪᠡᠭᠦᠨ ᠢ ᠢᠨᠤ ᠲᠣᠭᠣᠨ ᠢ ᠠᠷᠤᠭᠲᠠᠢ ᠲᠠᠶᠢᠰᠢ ᠶᠢᠨ ᠬᠣᠨᠢ ᠠᠳᠤᠭᠤᠯᠠᠭᠤᠯᠪᠠ ᠣᠶᠢᠷᠠᠳ ᠤᠨ ᠨᠢᠭᠡᠨ ᠲᠥᠷᠥ ᠶᠢ ᠮᠣᠩᠭᠣᠯ ᠠᠪᠤᠪᠠ ᠭᠡᠬᠦ ᠲᠡᠷᠡ ᠪᠤᠢ ᠠᠳᠠᠢ ᠬᠠᠭᠠᠨ ᠲᠡᠭᠦᠨ ᠦ ᠬᠣᠶᠢᠨᠠ ᠥᠪᠡᠷ ᠵᠠᠭᠤᠷᠠᠪᠠᠨ ᠴᠢᠭᠤᠯᠭᠠᠨ ᠪᠣᠯᠪᠠ ᠲᠣᠭᠣᠨ ᠲᠠᠶᠢᠰᠢ
büselejü qongγor qaljin morin unuju Qorlad=un Ulqui-Mergen=tü küreng qaljin morin unuγulju baγatur Sigüsitei qaraγul=tur γarbai Oyirad=un Γuyilinči-baγatur dabqur duγulγ=a emüsčü köke qaljin morin unuju qaraγul=dur Boro-Noqai=yin jon degere bayilduba Γuyilinči-baγatur Sigüsitei=yin emegel=ün uridu bügürge dabqur quyaγ kürjetei=yi nebte qoyitu bügürgen degere saγutala qarbubai tendeče Ulqui-Mergen Γuyilinči=yin morin=u qarčaγai=yi quγu qarbuba tendeče Sigüsitei ögüler=ün qongγor morin=u minu qosiγu medetügei qotoγor ildün=i minu ir medetügei gejü törö=tü törögsen=i tala büü qara gele gejü naiman talatu dabqur duγulγ=a=tu toloγai=yi qaγ=a čabčiba tere yabudal=tu Oyirad=i dobtolju Dayu=yin köbegün Batula-čingsang=yi alaju em=e=yi ni qaγan bey=e=tegen abuba köbegün=i inu Toγon=i Aruγtai-tayisi=yin qoni aduγulaγulba Oyirad=un nigen törö=yi Mongγol abuba gekü tere bui # Adai-qaγan tegün=ü qoyina öber jaγuraban čiγulγan bolba Toγon-tayisi
143a
ᠬᠣᠨᠢᠨ ᠠᠳᠤᠯᠠᠵᠤ ᠶᠠᠪᠤᠲᠠᠯᠠ ᠴᠢᠭᠤᠯᠭᠠᠨ ᠠᠴᠠ ᠬᠠᠷᠢᠵᠤ ᠢᠷᠡᠬᠦ ᠬᠦᠮᠦᠨ ᠤᠴᠢᠷᠠᠪᠠ ᠲᠡᠷᠡ ᠴᠢᠭᠤᠯᠭᠠᠨ ᠠᠴᠠ ᠬᠠᠷᠢᠵᠤ ᠢᠷᠡᠬᠦ ᠬᠣᠶᠠᠷ ᠬᠦᠮᠦᠨ ᠡᠴᠡ ᠴᠢᠭᠤᠯᠭᠠᠨ ᠤ ᠬᠡᠭᠥᠷ ᠦᠭᠡ ᠶᠠᠭᠤᠨ ᠪᠤᠢ ᠭᠡᠵᠦ ᠲᠣᠭᠣᠨ ᠲᠠᠶᠢᠰᠢ ᠠᠰᠠᠭᠪᠠ ᠲᠡᠷᠡ ᠬᠦᠮᠦᠨ ᠥᠭᠦᠯᠡᠷᠦᠨ ᠴᠢᠮᠠᠢ ᠦᠭᠡᠢ ᠭᠡᠵᠦ ᠡᠰᠡ ᠬᠡᠯᠡᠯᠴᠡᠪᠡ ᠭᠡᠵᠦ ᠡᠯᠡᠭᠯᠡᠪᠡ ᠲᠡᠷᠡ ᠬᠦᠮᠦᠨ ᠢ ᠡᠴᠢᠭᠰᠡᠨ ᠬᠣᠶᠢᠨᠠ ᠲᠣᠭᠣᠨ ᠮᠠᠯᠠᠭ ᠠ ᠪᠠᠨ ᠠᠪᠴᠤ ᠲᠠᠨ ᠤ ᠠᠮᠠ ᠪᠤᠰᠤ ᠲᠩᠷᠢ ᠶᠢᠨ ᠵᠠᠷᠯᠢᠭ ᠪᠤᠢ ᠵ᠎ᠠ ᠭᠡᠵᠦ ᠲᠩᠷᠢ ᠲᠦᠷ ᠮᠥᠷᠭᠥᠪᠡ ᠠᠷᠤᠭᠲᠠᠢ ᠲᠠᠶᠢᠰᠢ ᠡᠮ ᠡ ᠲᠡᠭᠡᠨ ᠥᠭᠦᠯᠡᠷᠦᠨ ᠡᠨᠡ ᠲᠣᠭᠣᠨ ᠲᠠᠶᠢᠰᠢ ᠰᠠᠶᠢᠨ ᠬᠦᠮᠦᠨ ᠢ ᠦᠷᠡ ᠪᠠᠶᠢᠨᠠᠮ ᠡᠭᠦᠨ ᠦ ᠢᠯᠡᠳᠡ ᠦᠰᠦᠪᠡᠨ ᠰᠠᠮᠯᠠᠵᠤ ᠪᠡᠶᠡᠪᠡᠨ ᠮᠠᠭᠠᠵᠢᠬᠤᠢ ᠶᠢ ᠨᠢᠭᠤᠯᠲᠠᠢ ᠭᠡᠪᠡ ᠲᠡᠷᠡ ᠦᠭᠡᠨ ᠲᠦᠷ ᠲᠣᠭᠣᠨ ᠭᠠᠳᠠᠨᠠ ᠭᠠᠷᠤᠭᠠᠳ ᠲᠠᠨ ᠤ ᠠᠮᠠ ᠪᠤᠰᠤ ᠲᠩᠷᠢ ᠶᠢᠨ ᠵᠠᠷᠯᠢᠭ ᠪᠤᠢ ᠵ᠎ᠠ ᠭᠡᠵᠦ ᠲᠩᠷᠢ ᠲᠦᠷ ᠮᠥᠷᠭᠥᠪᠡ ᠲᠡᠭᠦᠨ ᠦ ᠬᠣᠶᠢᠨᠠ ᠤᠨᠤᠢ ᠠᠭ᠎ᠠ ᠲᠣᠭᠣᠨ ᠲᠠᠶᠢᠰᠢ ᠶᠢᠨ ᠦᠰᠦᠨ ᠢᠨᠤ ᠰᠠᠮᠯᠠᠵᠤ ᠰᠠᠭᠤᠬᠤᠢ ᠲᠤᠷ ᠠᠷᠤᠭᠲᠠᠢ ᠲᠠᠶᠢᠰᠢ ᠶᠢᠨ ᠳᠡᠭᠦ ᠢᠨᠤ ᠥᠭᠦᠯᠡᠷᠦᠨ ᠡᠨᠡ ᠲᠣᠭᠣᠨ ᠲᠠᠶᠢᠰᠢ ᠶᠡᠬᠡ ᠬᠦᠮᠦᠨ ᠦ ᠦᠷᠡ ᠭᠡᠯᠡ ᠦᠰᠦᠨ ᠢᠨᠤ ᠰᠠᠮᠯᠠᠬᠤᠢ ᠪᠠᠨ ᠪᠠᠶᠢᠵᠤ ᠭᠣᠣᠯ ᠢᠨᠤ ᠰᠠᠮᠯᠠ ᠡᠰᠡ ᠪᠥᠭᠡᠰᠦ ᠬᠥᠭᠡᠵᠦ ᠣᠷᠬᠢ ᠭᠡᠵᠦ ᠬᠡᠯᠡᠪᠡ ᠡᠨᠡ ᠦᠭᠡᠨ ᠳᠦᠷ ᠤᠨᠤᠢ ᠠᠭ᠎ᠠ ᠬᠣᠷᠢᠭᠯᠠᠵᠤ ᠡᠰᠡ ᠪᠣᠯᠪᠠ ᠳᠡᠭᠦ ᠢᠨᠤ ᠪᠠᠰᠠ ᠥᠭᠦᠯᠡᠷᠦᠨ ᠡᠨᠡ ᠦᠭᠡᠨ ᠲᠦ ᠬᠣᠷᠢᠭᠯᠠᠬᠤ ᠪᠣᠯᠤᠰᠠ ᠲᠡᠷᠢᠭᠦᠪᠡᠨ ᠪᠦᠦ ᠬᠡᠮᠵᠡᠯᠦᠭᠲᠦᠨ ᠭᠡᠪᠡ ᠲᠡᠷᠡ ᠦᠭᠡ ᠲᠦᠷ
qonin adulaju yabutala čiγulγan=ača qariju irekü kümün učiraba tere čiγulγan=ača qariju irekü qoyar kümün=eče čiγulγan=u kegör (üge) yaγun bui gejü Toγon-tayisi asaγba tere kümün ögülerün čimai ügei gejü ese kelelčebe gejü eleglebe tere kümün=i ečigsen qoyina Toγon malaγ=a=ban abču tan=u ama busu tngri=yin jarliγ bui j=a gejü tngri=tür mörgöbe Aruγtai-tayisi em=e=tegen ögülerün ene Toγon-tayisi sayin kümün=i üre bayinam egün=ü ilede üsüben samlaju beyeben maγajiqui=yi niγultai gebe tere ügen=tür Toγon γadana γaruγad tan=u ama busu tngri=yin jarliγ bui j=a gejü tngri=tür mörgöbe tegün=ü qoyina Unui-aγ=a Toγon-tayisi=yin üsün inu samlaju saγuqui=tur Aruγtai-tayisi=yin degü inu ögülerün ene Toγon-tayisi yeke kümün=ü üre gele üsün inu samlaqui=ban bayiju γool inu samla ese bögesü kögejü orki gejü kelebe ene ügen=dür Unui-aγ=a qoriγlaju ese bolba degü inu basa ögülerün ene ügen=tü qoriγlaqu bolusa terigüben büü kemjelügtün gebe tere üge=tür
143b
ᠮᠣᠩᠭᠣᠯ ᠤᠨ ᠬᠡᠭᠦᠬᠡᠨ ᠡᠬᠢᠷᠴᠦ ᠤᠶᠢᠯᠠᠮ ᠠᠳᠤᠭᠤᠨ ᠢᠶᠠᠨ ᠬᠠᠱᠬᠢᠷᠴᠤ ᠬᠤᠷᠢᠶᠠᠮ ᠨᠣᠬᠠᠢ ᠢᠨᠤ ᠤᠯᠢᠵᠤ ᠬᠤᠴᠠᠮ ᠡᠶᠢᠮᠦ ᠮᠠᠭᠤ ᠢᠷᠤ᠎ᠠ ᠢᠨᠤ ᠲᠣᠭᠣᠨ ᠲᠠᠶᠢᠰᠢ ᠮᠡᠳᠡᠵᠦ ᠲᠩᠷᠢ ᠲᠦᠷ ᠮᠥᠷᠭᠥᠪᠡ ᠲᠡᠭᠦᠨ ᠦ ᠬᠣᠶᠢᠨᠠ ᠲᠣᠭᠣᠨ ᠤ ᠡᠬᠡ ᠠᠳᠠᠢ ᠬᠠᠭᠠᠨ ᠲᠤ ᠥᠴᠢᠷᠦᠨ ᠨᠠᠮᠠᠢ ᠠᠰᠠᠷᠠᠵᠤ ᠬᠠᠲᠤᠨ ᠪᠣᠯᠭᠠᠪᠠ ᠴᠢ ᠬᠥᠪᠡᠭᠦᠨ ᠢ ᠮᠢᠨᠤ ᠲᠣᠭᠣᠨ ᠢ ᠬᠦᠮᠦᠨ ᠲᠦ ᠶᠠᠬᠢᠨ ᠵᠠᠷᠤᠭᠤᠯᠤᠨᠠᠮ ᠴᠢ ᠠᠯᠠᠵᠤ ᠣᠷᠬᠢ ᠦᠭᠡᠢ ᠪᠥᠭᠡᠰᠦ ᠦᠯᠳᠡᠵᠦ ᠣᠷᠬᠢᠶᠠᠰᠠᠢ ᠭᠡᠪᠡ ᠬᠠᠲᠤᠨ ᠤ ᠲᠡᠷᠡ ᠦᠭᠡᠨ ᠲᠦᠷ ᠬᠠᠭᠠᠨ ᠵᠥᠪᠰᠢᠶᠡᠵᠦ ᠲᠣᠭᠣᠨ ᠲᠠᠶᠢᠰᠢ ᠶᠢ ᠰᠢᠯᠠᠮᠤᠴᠢᠨ ᠰᠠᠶᠢᠮᠤᠴᠢᠨ ᠨᠡᠷᠡᠲᠦ ᠬᠣᠶᠠᠷ ᠡᠯᠴᠢ ᠪᠡᠷ ᠭᠠᠵᠠᠷ ᠲᠤᠷ ᠢᠨᠤ ᠬᠦᠷᠭᠡᠭᠦᠯᠪᠡ ᠲᠣᠭᠣᠨ ᠲᠠᠶᠢᠰᠢ ᠭᠢ ᠬᠦᠷᠦᠭᠰᠡᠨ ᠦ ᠬᠣᠶᠢᠨᠠ ᠣᠶᠢᠷᠠᠳ ᠥᠭᠡᠯᠡᠳ ᠪᠠᠭᠠᠲᠤᠳ ᠬᠣᠶᠢᠭ ᠡᠳᠡ ᠳᠥᠷᠪᠡᠨ ᠲᠦᠮᠡᠨ ᠴᠢᠭᠤᠯᠭᠠᠨ ᠪᠣᠯᠵᠤ ᠲᠣᠭᠣᠨ ᠲᠠᠶᠢᠰᠢ ᠰᠠ  ᠠᠴᠠ ᠦᠭᠡ ᠠᠰᠠᠭᠤᠷᠤᠨ ᠮᠣᠩᠭᠣᠯ ᠤᠨ ᠬᠠᠭᠠᠨ ᠲᠠᠶᠢᠰᠢ ᠡᠬᠢᠯᠡᠨ ᠶᠡᠬᠡ ᠤᠯᠤᠰ ᠤᠨ ᠵᠠᠩ ᠠᠭᠠᠯᠢ ᠶᠠᠮᠪᠠᠷ ᠪᠤᠢ ᠭᠡᠵᠦ ᠠᠰᠠᠭᠪᠠ ᠲᠣᠭᠣᠨ ᠲᠠᠶᠢᠰᠢ ᠬᠡᠯᠡᠷᠦᠨ ᠮᠣᠩᠭᠣᠯ ᠤᠨ ᠠᠷᠤᠭᠲᠠᠢ ᠲᠠᠶᠢᠰᠢ ᠥᠲᠡᠯᠵᠦ ᠠᠯᠢ ᠪᠠ ᠦᠶᠢᠯᠡ ᠤᠰᠬᠠᠯ ᠮᠡᠲᠦ ᠰᠠᠨᠠᠭᠳᠠᠮ ᠰᠠᠭᠠᠳᠠᠭ ᠢᠨᠤ ᠬᠤᠪᠢᠯᠵᠤ ᠰᠠᠨᠠᠭᠠᠨ ᠢᠨᠤ ᠡᠰᠡ ᠬᠤᠪᠢᠯᠵᠤ ᠲᠥᠷᠥ ᠮᠡᠳᠡᠬᠦᠢ ᠰᠠᠶᠢᠳ ᠢᠶᠠᠨ ᠭᠠᠳᠠᠨᠠ ᠰᠠᠭᠤᠯᠭᠠᠮ ᠵᠡᠪᠡ ᠶᠢᠨ ᠬᠤᠶᠠᠭᠯᠠᠬᠤ ᠮᠣᠷᠢᠨ ᠢᠶᠠᠨ ᠭᠡᠷ ᠳᠡᠭᠡᠷ᠎ᠡ ᠤᠨᠤᠮ ᠥᠴᠦᠬᠡᠨ ᠮᠡᠳᠡᠬᠦ ᠬᠦᠮᠦᠨ ᠢ ᠲᠥᠷᠥ ᠲᠦᠷ ᠶᠠᠪᠤᠭᠤᠯᠤᠮ ᠦᠷᠢᠶ᠎ᠡ ᠮᠣᠷᠢᠨ ᠢ
Mongγol=un kegüken ekirčü uyilam aduγun=iyan qaškirču quriyam noqai inu uliju qučam eyimü maγu iru=a inu Toγon-tayisi medejü tngri=tür mörgöbe tegün=ü qoyina Toγon=u eke Adai-qaγan=tu öčirün namai asaraju qatun bolγaba či köbegün=i minu Toγon=i kümün=tü yakin jaruγulunam či alaju orki ügei bögesü üldejü orkiyasai gebe qatun=u tere ügen=tür qaγan jöbsiyejü Toγon-tayisi=yi Silamučin Sayimučin neretü qoyar elči=ber γajar=tur inu kürgegülbe Toγon-tayisi=gi kürügsen=ü qoyina Oyirad Ögeled Baγatud Qoyiγ ede dörben tümen čiγulγan bolju Toγon-tayisi=sa <=ača> üge asaγurun Mongγol=un qaγan tayisi ekilen yeke ulus=un jang aγali yambar bui gejü asaγba Toγon-tayisi kelerün Mongγol=un Aruγtai-tayisi öteljü ali ba üyile usqal metü sanaγdam saγadaγ inu qubilju sanaγan inu ese qubilju törö medeküi sayid=iyan γadana saγulγam jebe=yin (quyaγlaqu) morin=iyan ger deger=e unum öčüken medekü kümün=i törö=tür yabuγulum üriy=e morin=i
144a
ᠵᠢᠪᠡᠯᠡᠮ ᠪᠣᠰᠭᠠᠬᠤᠯ ᠬᠦᠮᠦᠨ ᠢ ᠲᠥᠷᠥ ᠮᠡᠳᠡᠭᠦᠯᠦᠮ ᠪᠣᠷᠪᠢ ᠬᠡᠬᠦᠷ ᠲᠦ ᠰᠠᠷᠬᠤᠳ ᠬᠢᠮ ᠪᠤᠭᠤᠷᠠ ᠦᠭᠡᠢ ᠲᠡᠮᠡᠭᠡ ᠪᠤᠬ᠎ᠠ ᠦᠭᠡᠢ ᠦᠬᠡᠷ ᠠᠵᠠᠷᠭ᠎ᠠ ᠦᠭᠡᠢ ᠠᠳᠤᠭᠤ ᠬᠤᠴᠠ ᠦᠭᠡᠢ ᠬᠣᠨᠢᠨ ᠮᠡᠲᠦ ᠡᠨᠡ ᠦᠭᠡ ᠶᠢ ᠦᠯᠦ ᠢᠲᠡᠭᠡᠬᠦ ᠪᠣᠯᠤᠰᠠ ᠦᠭᠡᠴᠢ ᠬᠠᠱᠠᠬ᠎ᠠ ᠪᠣᠯᠭᠠᠲᠤᠭᠠᠢ ᠭᠡᠪᠡ ᠮᠣᠩᠭᠣᠯ ᠤᠨ ᠡᠯᠴᠢ ᠰᠢᠯᠠᠮᠠᠴᠢᠨ ᠰᠠᠶᠢᠮᠤᠴᠢᠨ ᠬᠣᠶᠠᠷ ᠠᠷᠭᠠᠪᠠᠷ ᠬᠠᠭᠤᠷᠴᠤ ᠰᠠᠶᠢᠨ ᠮᠣᠷᠢᠨ ᠪᠤᠯᠠᠭ᠎ᠠ ᠰᠢᠯᠦᠭᠦᠰᠦ ᠰᠠᠶᠢᠨ ᠡᠳ ᠲᠠᠸᠠᠷ ᠢ ᠲᠣᠭᠣᠨ ᠲᠠᠶᠢᠰᠢ ᠠᠳᠠᠢ ᠬᠠᠭᠠᠨ ᠲᠤ ᠬᠦᠷᠭᠡᠵᠦ ᠤᠯᠤᠰ ᠠᠴᠠ ᠵᠠᠬ᠎ᠠ ᠭᠡᠵᠦ ᠨᠡᠭᠦᠳᠡᠯᠡ ᠬᠦᠷᠴᠦ ᠢᠷᠡᠪᠡᠢ ᠬᠠᠭᠠᠨ ᠦᠵᠡᠵᠦ ᠵᠠᠷᠯᠢᠭ ᠪᠣᠯᠤᠷᠤᠨ ᠲᠣᠭᠣᠨ ᠲᠠᠶᠢᠰᠢ ᠶᠢ ᠭᠠᠵᠠᠷ ᠲᠤ ᠢᠨᠤ ᠬᠠᠷᠢᠭᠤᠯᠤᠭᠰᠠᠨ ᠠᠴᠢ ᠢᠨᠤ ᠡᠨᠡ ᠪᠤᠶᠤ ᠰᠢᠯᠠᠮᠠᠴᠢᠨ ᠰᠠᠶᠢᠮᠤᠴᠢᠨ ᠬᠣᠶᠠᠷ ᠣᠶᠢᠷᠠᠳ ᠰᠡᠵᠢᠭ ᠦᠭᠡᠢ ᠪᠠᠶᠢᠨᠠᠮ ᠬᠣᠯᠠ ᠠᠴᠠ ᠲᠣᠭᠣᠨ ᠲᠠᠶᠢᠰᠢ ᠴᠢᠯᠡᠵᠦ ᠠᠯᠪᠠᠢ ᠴᠢᠨᠤ ᠬᠦᠷᠭᠡᠪᠡ ᠭᠠᠭᠴᠠ ᠡᠳᠦᠷ ᠥᠨᠵᠢᠶᠡᠰᠡᠢ ᠭᠡᠵᠦ ᠠᠶᠢᠯᠠᠳᠬᠠᠪᠠᠢ ᠬᠠᠭᠠᠨ ᠵᠥᠪᠰᠢᠶᠡᠵᠦ ᠬᠠᠷᠢ ᠬᠦᠮᠦᠨ ᠢ ᠬᠦᠨᠳᠦᠯᠡᠶ᠎ᠡ ᠭᠡᠵᠦ ᠥᠨᠵᠢᠪᠡ ᠲᠣᠭᠣᠨ ᠲᠠᠶᠢᠰᠢ ᠶᠢᠨ ᠬᠣᠶᠢᠨᠠ ᠠᠴᠠ ᠳᠥᠷᠪᠡᠨ ᠲᠦᠮᠡᠨ ᠣᠶᠢᠷᠠᠳ ᠴᠢᠷᠢᠭ ᠢᠷᠡᠵᠦ ᠮᠣᠩᠭᠣᠯ ᠢ ᠳᠣᠪᠲᠣᠯᠵᠤ ᠠᠳᠠᠢ ᠬᠠᠭᠠᠨ ᠢ ᠲᠣᠭᠣᠨ ᠲᠠᠶᠢᠰᠢ ᠮᠥᠨ ᠳᠡᠭᠡᠷᠡ ᠪᠠᠷᠢᠪᠠ ᠲᠡᠨᠳᠡᠴᠡ ᠬᠠᠭᠠᠨ ᠵᠠᠷᠯᠢᠭ ᠪᠣᠯᠤᠷᠤᠨ ᠡᠬᠡ ᠶᠢ ᠴᠢᠨᠤ ᠬᠠᠲᠤᠨ ᠪᠣᠯᠭᠠᠯᠠ ᠪᠡᠶ ᠡ ᠶᠢ ᠴᠢᠨᠤ ᠡᠰᠡ ᠠᠯᠠᠯᠠ ᠭᠡᠪᠡ ᠲᠣᠭᠣᠨ ᠲᠠᠶᠢᠰᠢ ᠥᠭᠦᠯᠡᠷᠦᠨ ᠡᠬᠡ ᠮᠢᠨᠤ ᠡᠷᠡ ᠦᠭᠡᠢ ᠪᠢᠯᠦᠦ ᠪᠡᠶ᠎ᠡ
jibelem bosγaqul kümün=i törö medegülüm borbi kekür=tü sarqud kim buγura ügei temege buq=a ügei üker ajarγ=a ügei aduγu quča ügei qonin metü ene üge=yi ülü itegekü bolusa ügeči qašaq=a bolγatuγai gebe Mongγol=un elči Silamačin Sayimučin qoyar arγabar qaγurču sayin morin bulaγ=a silügüsü sayin ed tavar=i Toγon-tayisi Adai-qaγan=tu kürgejü ulus=ača jaq=a gejü negüdele kürčü irebei qaγan üjejü jarliγ bolurun Toγon-tayisi=yi γajar=tu inu qariγuluγsan ači inu ene buyu Silamačin Sayimučin qoyar Oyirad sejig ügei bayinam qola=ača Toγon-tayisi čilejü albai činu kürgebe γaγča edür önjiyesei gejü ayiladqabai qaγan jöbsiyejü qari kümün=i kündüley=e gejü önjibe Toγon-tayisi=yin qoyina=ača dörben tümen Oyirad čirig irejü Mongγol=i dobtolju Adai-qaγan=i Toγon-tayisi mön degere bariba tendeče qaγan jarliγ bolurun eke=yi činu qatun bolγala bey=e=yi činu ese alala gebe Toγon-tayisi ögülerün eke minu ere ügei bilüü bey=e
144b
ᠮᠢᠨᠤ ᠡᠴᠢᠭᠡ ᠦᠭᠡᠢ ᠪᠢᠯᠦᠦ ᠭᠡᠵᠦ ᠬᠠᠭᠠᠨ ᠢ ᠬᠣᠷᠣᠭᠣᠬᠤᠢ ᠲᠤᠷ ᠬᠠᠭᠠᠨ ᠵᠠᠷᠯᠢᠭ ᠪᠣᠯᠤᠷᠤᠨ ᠰᠢᠯᠠᠮᠠᠴᠢᠨ ᠰᠠᠶᠢᠮᠤᠴᠢᠨ ᠬᠣᠶᠠᠷ ᠤᠨ ᠦᠭᠡᠨ ᠲᠦᠷ ᠢᠲᠡᠭᠡᠵᠦ ᠨᠢᠭᠡᠨ ᠰᠤᠮᠤ ᠡᠰᠡ ᠬᠠᠷᠢᠭᠤᠯᠵᠤ ᠦᠬᠦᠪᠡᠰᠡᠢ ᠭᠡᠪᠡ ᠠᠳᠠᠢ ᠬᠠᠭᠠᠨ ᠶᠡᠬᠡ ᠣᠷᠣ ᠰᠠᠭᠤᠵᠤ ᠠᠷᠪᠠᠨ ᠳᠥᠷᠪᠡᠨ ᠣᠨ ᠪᠣᠯᠤᠭᠰᠠᠨ ᠤ ᠬᠣᠶᠢᠨᠠ ᠮᠣᠷᠢᠨ ᠵᠢᠯᠳᠦᠷ ᠣᠶᠢᠷᠠᠳ ᠤᠨ ᠲᠣᠭᠣᠨ ᠲᠠᠶᠢᠰᠢ ᠶᠢᠨ ᠭᠠᠷ ᠲᠤ ᠲᠩᠷᠢ ᠪᠣᠯᠪᠠ ᠮᠣᠩᠭᠣᠯ ᠤᠨ ᠨᠢᠭᠡᠨ ᠲᠥᠷᠥ ᠣᠶᠢᠷᠠᠳ ᠲᠤ ᠠᠪᠲᠠᠭᠰᠠᠨ ᠲᠡᠷᠡ ᠭᠡᠬᠦ ᠲᠡᠭᠦᠨ ᠦ ᠬᠣᠶᠢᠨᠠ ᠮᠥᠨ ᠮᠣᠷᠢᠨ ᠵᠢᠯ ᠲᠦᠷ ᠲᠠᠶᠢᠰᠤᠩ ᠬᠠᠭᠠᠨ ᠶᠡᠬᠡ ᠣᠷᠣ ᠰᠠᠭᠤᠪᠠ ᠬᠠᠭᠠᠨ ᠣᠷᠣ ᠰᠠᠭᠤᠭᠰᠠᠨ ᠤ ᠬᠣᠶᠢᠨᠠ ᠲᠠᠶᠢᠰᠤᠩ ᠬᠠᠭᠠᠨ ᠠᠪᠬᠡᠷᠴᠢᠨ ᠵᠣᠨᠣᠩ ᠬᠣᠶᠠᠭᠤᠯᠠ ᠮᠢᠩᠭᠠᠨ ᠢ ᠬᠠᠷᠠ ᠲᠤ ᠣᠶᠢᠷᠠᠳᠯᠠ ᠪᠣᠯᠴᠢᠪᠠ ᠣᠶᠢᠷᠠᠳ ᠮᠢᠩᠭᠠᠨ ᠢ ᠬᠠᠷᠠ ᠤᠷᠢᠳ ᠬᠦᠷᠴᠦ ᠪᠠᠭᠤᠪᠠ ᠬᠠᠭᠠᠨ ᠵᠣᠨᠣᠩ ᠯᠠ ᠣᠶᠢᠷᠠᠳ ᠤᠨ ᠡᠰᠡᠨ ᠲᠠᠶᠢᠰᠢ ᠠᠪᠳᠤᠷᠠ ᠰᠡᠴᠡᠨ ᠰᠠᠳᠤᠯᠠ ᠡᠬᠡᠲᠡᠢ ᠪᠠᠶᠢᠲᠠᠯᠠ ᠠᠯᠠᠭ ᠲᠡᠮᠦᠷ ᠬᠠᠲᠠᠨ ᠲᠡᠮᠦᠷ ᠠᠪᠠᠪᠤᠷᠬᠢ ᠳᠠᠶᠢᠲᠤᠩ ᠲᠣᠭᠣᠨ ᠬᠦᠮᠡᠴᠢ ᠯᠣᠪᠰᠢ ᠡᠳᠡ ᠲᠠᠶᠢᠰᠢ ᠨᠠᠷ ᠡᠬᠢᠯᠡᠨ ᠮᠢᠩᠭᠠᠨ ᠬᠦᠮᠦᠨ ᠳᠥᠯᠢᠨ ᠶᠠᠪᠤᠵᠤ ᠵᠠᠳᠠᠪᠠᠷᠢᠭᠠᠳ ᠬᠦᠶᠢᠲᠡᠨ ᠰᠠᠯᠬᠢᠨ ᠪᠣᠯᠭᠠᠵᠤ ᠢᠷᠡᠪᠡ ᠮᠣᠩᠭᠣᠯ ᠤᠨ ᠡᠷᠡ ᠠᠭᠲᠠᠳ ᠢ ᠮᠠᠰᠢ ᠳᠠᠭᠠᠷᠠᠭᠤᠯᠪᠠ ᠬᠠᠭᠠᠨ ᠵᠣᠨᠣᠩ ᠴᠢᠭᠤᠯᠭᠠᠨ ᠴᠢᠭᠤᠯᠵᠤ ᠣᠶᠢᠷᠠᠳ ᠲᠦᠮᠡᠨ ᠯᠦᠭᠡ ᠦᠭᠡ ᠨᠢᠭᠡᠳᠦᠶ᠎ᠡ ᠭᠡᠪᠡ ᠬᠠᠭᠠᠨ ᠢ ᠴᠢᠭᠤᠯᠭᠠᠨ ᠠᠴᠠ ᠠᠬᠤᠬᠠᠨ ᠢ ᠰᠠᠳᠠᠭᠴᠢᠨ ᠰᠡᠴᠡᠨ ᠬᠣᠵᠢᠳ ᠢᠷᠡᠵᠦ
minu ečige ügei bilüü gejü qaγan=i qoroγoqui=tur qaγan jarliγ bolurun Silamačin Sayimučin qoyar=un ügen=tür itegejü nigen sumu ese qariγulju ükübesei gebe Adai-qaγan yeke oro saγuju arban dörben on boluγsan=u qoyina morin jildür Oyirad=un Toγon-tayisi=yin γar=tu tngri bolba Mongγol=un nigen törö Oyirad=tu abtaγsan tere gekü # tegün=ü qoyina mön morin jil=tür Tayisung-qaγan yeke oro saγuba qaγan oro saγuγsan=u qoyina Tayisung-qaγan Abkerčin-jonong qoyaγula Mingγan=i-Qara=tu Oyiradla bolčiba Oyirad Mingγan=i-Qara urid kürčü baγuba qaγan jonong=la Oyirad=un Esen-tayisi Abdura-Sečen Sadula eketei bayitala Alaγ-Temür Qatan-Temür Ababurki-dayitung Toγon-Kümeči Lobsi ede tayisi=nar ekilen mingγan kümün dölin yabuju jadabariγad küyiten salkin bolγaju irebe Mongγol=un ere aγtad=i masi daγaraγulba qaγan jonong čiγulγan čiγulju Oyirad tümen=lüge üge nigedüy=e gebe qaγan=i čiγulγan=ača Aquqan=i Sadaγčin-Sečen qojid irejü
145a
ᠦᠭᠡ ᠠᠰᠠᠭᠪᠠ ᠣᠶᠢᠷᠠᠳ ᠤᠨ ᠢᠷᠡᠭᠰᠡᠨ ᠲᠠᠶᠢᠰᠢ ᠨᠠᠷ ᠬᠡᠨ ᠪᠤᠢ ᠭᠡᠪᠡ ᠲᠣᠭᠣᠯᠠᠵᠤ ᠥᠭᠪᠡ ᠰᠠᠳᠠᠭᠴᠢᠨ ᠰᠡᠴᠡᠨ ᠥᠭᠦᠯᠡᠷ ᠦᠨ ᠲᠩᠷᠢ ᠶᠢᠨ ᠥᠭᠬᠦ ᠡᠨᠡ ᠪᠤᠢ ᠵ᠎ᠠ ᠡᠳᠡᠨ ᠢ ᠬᠢᠳᠤᠵᠤ ᠣᠯᠠᠨ ᠴᠢᠷᠢᠭ ᠢ ᠢᠨᠤ ᠳᠣᠪᠲᠣᠯᠤᠶ᠎ᠠ ᠭᠡᠪᠡ ᠬᠠᠭᠠᠨ ᠵᠣᠨᠣᠩ ᠬᠣᠶᠠᠭᠤᠯᠠ ᠬᠣᠷᠢᠭᠯᠠᠵᠤ ᠳᠣᠩᠭᠣᠳᠤᠷ ᠤᠨ ᠪᠠᠶᠢᠯᠭᠠᠮ ᠭᠡᠭᠰᠡᠨ ᠬᠦᠮᠦᠨ ᠪᠠᠷᠠᠨ ᠳᠣᠩᠭᠣᠳᠤᠭᠴᠢ ᠪᠤᠶᠤ ᠭᠡᠪᠡ ᠰᠠᠳᠠᠭᠴᠢᠨ ᠰᠡᠴᠡᠨ ᠠᠭᠤᠷᠯᠠᠵᠤ ᠴᠠᠭᠠᠨ ᠮᠣᠷᠢᠨ ᠢᠶᠠᠨ ᠲᠣᠯᠣᠭᠠᠢ ᠳᠡᠯᠡᠳᠴᠦ ᠪᠠᠷᠠᠰᠠ ᠪᠠᠷᠠᠶ᠎ᠠ ᠲᠡᠭᠦ ᠭᠡᠰᠡ ᠲᠡᠭᠦᠶ᠎ᠡ ᠭᠡᠵᠦ ᠡᠴᠢᠪᠡ ᠬᠠᠷᠠᠭᠤᠴᠤᠭ ᠲᠠᠶᠢᠵᠢ ᠰᠠᠳᠠᠭᠴᠢᠨ ᠰᠡᠴᠡᠨ ᠦ ᠦᠭᠡ ᠶᠢ ᠵᠥᠪᠰᠢᠶᠡᠪᠡ ᠲᠠᠶᠢᠰᠤᠩ ᠬᠠᠭᠠᠨ ᠪᠠᠰᠠ ᠬᠣᠷᠢᠭᠯᠠᠵᠤ ᠦᠬᠦᠬᠦᠯᠡ ᠪᠦᠭᠦᠳᠡᠭᠡᠷ ᠦᠬᠦᠨᠡᠮ ᠵ᠎ᠠ ᠠᠭᠤᠯᠠ ᠪᠦᠭᠦᠳᠡᠭᠡᠷ ᠠᠨᠠᠮ ᠵ᠎ᠠ ᠭᠡᠵᠦ ᠵᠠᠷᠯᠢᠭ ᠪᠣᠯᠪᠠ ᠣᠶᠢᠷᠠᠳ ᠤᠨ ᠴᠢᠭᠤᠯᠠᠭᠴᠢᠨ ᠬᠠᠷᠢᠪᠠ ᠬᠠᠷᠢᠭᠰᠠᠨ ᠬᠣᠶᠢᠨᠠ ᠲᠠᠶᠢᠰᠤᠩ ᠬᠠᠭᠠᠨ ᠠᠴᠠ ᠤᠷᠢᠳᠠ ᠬᠤᠯᠠᠨ ᠬᠠᠷᠠᠬ᠎ᠠ ᠮᠣᠷᠢᠨ ᠢ ᠬᠤᠶᠠᠭ ᠲᠠᠲᠠᠭᠰᠠᠭᠠᠷ ᠠᠪᠤᠨ ᠪᠣᠰᠴᠤ ᠠᠪᠬᠡᠷᠴᠢᠨ ᠵᠢᠨᠣᠩ ᠲᠤ ᠣᠷᠣᠭᠰᠠᠨ ᠠᠯᠠᠭᠴᠤᠭᠤᠳ ᠤᠨ ᠴᠠᠭᠠᠨ ᠨᠡᠷᠡᠲᠦ ᠬᠦᠮᠦᠨ ᠢ ᠬᠠᠭᠠᠨ ᠠᠴᠠ ᠭᠡᠪᠡ ᠵᠢᠨᠣᠩ ᠡᠰᠡ ᠥᠭᠪᠡ ᠢᠨᠠᠭ ᠴᠠᠭᠠᠨ ᠬᠠᠳᠬᠤᠭᠠᠨ ᠦᠭᠡ ᠬᠡᠯᠡᠪᠡ ᠤᠬᠤᠨ᠎ᠠ ᠬᠡᠵᠢᠶ᠎ᠡ ᠣᠷᠣᠬᠤ ᠪᠤᠢ ᠭᠤᠷᠠ ᠶᠢᠨ ᠡᠪᠡᠷ ᠬᠡᠵᠢᠶ᠎ᠡ ᠤᠨᠠᠬᠤ ᠪᠤᠢ ᠭᠡᠵᠦ ᠬᠠᠭᠠᠨ ᠠᠴᠠ ᠵᠢᠨᠣᠩ ᠠᠰᠠᠭ ᠭᠡᠨᠡᠮ ᠭᠡᠪᠡ ᠬᠠᠭᠠᠨ ᠠᠭᠤᠷᠯᠠᠵᠤ ᠣᠷᠣᠭᠴᠢ ᠤᠬᠤᠨᠠ ᠲᠡᠨᠡᠭ ᠠᠰᠠᠭᠤᠭᠴᠢ ᠠᠪᠬᠡᠷᠴᠢᠨ ᠲᠡᠨᠡᠭ ᠭᠡᠪᠡ ᠡᠨᠡ ᠦᠭᠡ ᠰᠣᠨᠣᠰᠤᠭᠠᠳ ᠮᠢᠨᠤ
üge asaγba Oyirad=un iregsen tayisi=nar ken bui gebe toγolaju ögbe Sadaγčin-Sečen ögüler=ün tngri=yin ögkü ene bui j=a eden=i kiduju olan čirig=i inu dobtoluy=a gebe qaγan jonong qoyaγula qoriγlaju dongγodur=un bayilγam gegsen kümün baran dongγoduγči buyu gebe Sadaγčin-Sečen aγurlaju čaγan morin=iyan toloγai deledčü barasa baray=a tegü gese tegüy=e gejü ečibe Qaraγučuγ-tayiji Sadaγčin-Sečen=ü üge=yi jöbsiyebe Tayisung-qaγan basa qoriγlaju üküküle bügüdeger ükünem j=a aγula bügüdeger anam j=a gejü jarliγ bolba Oyirad=un čiγulaγčin qariba qariγsan qoyina Tayisung-qaγan=ača urida qulan qaraq=a morin=i quyaγ tataγsaγar abun bosču Abkerčin-jinong=tu oroγsan Alaγčuγud=un Čaγan neretü kümün=i qaγan ača gebe jinong ese ögbe Inaγ-Čaγan qadquγan üge kelebe uqun=a kejiy=e oroqu bui γura=yin eber kejiy=e unaqu bui gejü qaγan=ača jinong asaγ genem gebe qaγan aγurlaju oroγči uquna teneg asaγuγči Abkerčin teneg gebe ene üge sonosuγad minu
145b
ᠲᠡᠨᠡᠭ ᠢ ᠡᠰᠡ ᠮᠡᠳᠡᠭᠰᠡᠨ ᠪᠢᠰᠢ ᠭᠡᠵᠦ ᠵᠢᠨᠣᠩ ᠠᠭᠤᠷᠯᠠᠪᠠ ᠲᠡᠭᠦᠨ ᠦ ᠬᠣᠶᠢᠨᠠ ᠢᠨᠠᠭ ᠴᠠᠭᠠᠨ ᠢ ᠪᠤᠯᠢᠶᠠᠵᠤ ᠠᠪᠤᠪᠠ ᠠᠪᠬᠡᠷᠴᠢᠨ ᠵᠢᠨᠣᠩ ᠥᠭᠦᠯᠡᠷᠦᠨ ᠴᠢᠮᠠᠢ ᠠᠬ᠎ᠠ ᠭᠡᠵᠦ ᠦᠯᠦ ᠰᠠᠨᠠᠮ ᠪᠢ ᠬᠡᠮᠡᠭᠡᠳ ᠠᠮᠠ ᠠᠯᠳᠠᠵᠤ ᠬᠣᠶᠢᠨᠠ ᠣᠶᠢᠷᠠᠳ ᠲᠤ ᠤᠷᠪᠠᠬᠤᠢ ᠲᠤᠷ ᠬᠠᠷᠠᠭᠤᠴᠤᠭ ᠲᠠᠶᠢᠵᠢ ᠥᠭᠦᠯᠡᠷᠦᠨ ᠤᠷᠤᠭ ᠢ ᠬᠠᠭᠠᠭᠰᠠᠨ ᠡᠰᠡ ᠥᠭᠡᠳᠡᠯᠡᠵᠦ ᠤᠮᠠᠢ ᠶᠢ ᠬᠠᠭᠠᠭᠰᠠᠨ ᠥᠭᠡᠳᠡᠯᠡᠵᠦ ᠭᠡᠯᠡ ᠬᠠᠷᠢ ᠬᠠᠭᠠᠬᠤᠯᠠ ᠡᠰᠡ ᠥᠭᠡᠳᠡᠯᠡᠵᠦ ᠭᠡᠯᠡ ᠬᠠᠯᠠᠭᠤᠨ ᠢ ᠬᠠᠭᠠᠬᠤᠯᠠ ᠥᠭᠡᠳᠡᠯᠡᠵᠦ ᠭᠡᠯᠡ ᠳᠡᠭᠡᠳᠦ ᠬᠠᠨ ᠪᠣᠯᠤᠭᠰᠠᠨ ᠪᠡᠶ᠎ᠡ ᠳᠣᠷᠣᠳᠤ ᠪᠣᠯᠬᠤ ᠲᠡᠷᠢᠭᠦᠨ ᠪᠣᠯᠤᠭᠰᠠᠨ ᠪᠡᠶ᠎ᠡ ᠰᠡᠭᠦᠯ ᠠᠳᠠᠭ ᠪᠣᠯᠬᠤ ᠬᠡᠴᠡᠭᠦᠦ ᠪᠤᠢ ᠵ᠎ᠠ ᠭᠡᠵᠦ ᠬᠡᠯᠡᠲᠡᠯᠡ ᠡᠰᠡ ᠪᠣᠯᠵᠤ ᠠᠪᠬᠡᠷᠴᠢᠨ ᠵᠢᠨᠣᠩ ᠣᠷᠳᠣᠰᠢ ᠶᠢᠨ ᠬᠠᠲᠠᠨ ᠲᠡᠮᠦᠷ ᠶᠦᠩᠰᠢᠶᠡᠪᠦᠦ ᠶᠢᠨ ᠨᠡᠬᠡᠢ ᠲᠡᠮᠦᠷ ᠨᠡᠷᠡᠲᠦ ᠬᠣᠶᠠᠷ ᠬᠦᠮᠦᠨ ᠢ ᠣᠶᠢᠷᠠᠳ ᠲᠤ ᠡᠯᠴᠢ ᠢᠯᠡᠭᠡᠵᠦ ᠦᠭᠡ ᠬᠡᠯᠡᠷᠦᠨ ᠪᠢ ᠲᠠᠶᠢᠰᠤᠩ ᠬᠠᠭᠠᠨ ᠠᠬ ᠠ ᠠᠴᠠᠭᠠᠨ ᠥᠪᠡᠷᠡ ᠪᠣᠯᠪᠠ ᠳᠥᠷᠪᠡᠨ ᠲᠦᠮᠡᠨ ᠣᠶᠢᠷᠠᠳ ᠲᠠᠨ ᠯᠤᠭ᠎ᠠ ᠨᠢᠭᠡᠨ ᠪᠣᠯᠪᠠ ᠬᠠᠷᠠᠭᠤᠴᠤᠭ ᠲᠠᠶᠢᠵᠢ ᠭᠠᠭᠴᠠ ᠬᠣᠰᠢᠭᠤ ᠪᠢᠰᠢᠦ ᠰᠠᠳᠠᠭᠴᠢᠨ ᠰᠡᠴᠡᠨ ᠬᠣᠶᠠᠷ ᠢ ᠠᠯᠠᠶ᠎ᠠ ᠭᠡᠪᠡ ᠣᠶᠢᠷᠠᠳ ᠡᠰᠡ ᠪᠣᠯᠵᠤ ᠠᠪᠳᠤᠷᠠ ᠰᠡᠴᠡᠨ ᠠᠯᠠᠭᠠᠪᠠᠨ ᠠᠳᠬᠤᠨ ᠰᠠᠭᠤᠵᠤ ᠬᠡᠭᠦᠬᠡᠨ ᠬᠦᠮᠦᠨ ᠲᠡᠷᠡ ᠶᠠᠭᠤᠨ ᠮᠡᠳᠡᠮ ᠭᠡᠪᠡ ᠣᠶᠢᠷᠠᠳ ᠤᠨ ᠲᠠᠶᠢᠰᠢ ᠨᠠᠷ ᠨᠣᠶᠠᠳ ᠥᠭᠦᠯᠡᠷᠦᠨ ᠵᠢᠨᠣᠩ ᠡᠶ᠎ᠡ ᠨᠢᠭᠡᠳᠳᠦᠶ᠎ᠡ ᠭᠡᠬᠦ ᠪᠣᠯᠤᠰᠠ ᠵᠢᠨᠣᠩ ᠴᠢ ᠬᠠᠭᠠᠨ ᠪᠣᠯ ᠥᠪᠡᠷᠦᠨ ᠵᠣᠨᠣᠩ
teneg=i ese medegsen bisi gejü jinong aγurlaba tegün=ü qoyina Inaγ-Čaγan=i buliyaju abuba Abkerčin-jinong ögülerün čimai aq=a gejü ülü sanam bi kemeged ama aldaju qoyina Oyirad=tu urbaqui=tur Qaraγučuγ-tayiji ögülerün uruγ=i qaγaγsan ese ögedelejü umai=yi qaγaγsan ögedelejü gele qari qaγaqula ese ögedelejü gele qalaγun=i qaγaqula ögedelejü gele degedü qan boluγsan bey=e dorodu bolqu terigün boluγsan bey=e segül adaγ bolqu kečegüü bui j=a gejü keletele ese bolju Abkerčin-jinong Ordosi=yin Qatan-Temür Yüngsiyebüü=yin Nekei-Temür neretü qoyar kümün=i Oyirad=tu elči ilegejü üge kelerün bi Tayisung-qaγan aq=a=ačaγan öbere bolba dörben tümen Oyirad tan=luγ=a nigen bolba Qaraγučuγ-tayiji γaγča qosiγu bisiü Sadaγčin-Sečen qoyar=i alay=a gebe Oyirad ese bolju Abdura-Sečen alaγaban adqun saγuju kegüken kümün tere yaγun medem gebe Oyirad=un tayisi=nar noyad ögülerün jinong ey=e nigeddüy=e gekü bolusa jinong či qaγan bol öberün jonong
146a
ᠴᠣᠯᠠ ᠶᠤᠭᠠᠨ ᠮᠠᠨ ᠳᠤᠷ ᠥᠭ ᠡᠨᠡ ᠦᠭᠡᠨ ᠲᠦᠷ ᠪᠣᠯᠬᠤ ᠪᠣᠯᠤᠰᠠ ᠡᠶ᠎ᠡ ᠨᠢᠭᠡᠳᠪᠡᠰᠦ ᠨᠢᠭᠡᠳᠦᠶ᠎ᠡ ᠭᠡᠪᠡ ᠲᠡᠷᠡ ᠡᠯᠴᠢ ᠬᠠᠷᠢᠵᠤ ᠵᠢᠨᠣᠩ ᠲᠤᠷ ᠲᠠᠶᠢᠰᠢ ᠨᠠᠷ ᠨᠣᠶᠠᠳ ᠤᠨ ᠦᠭᠡ ᠶᠢ ᠪᠦᠷᠢᠳᠬᠡᠨ ᠬᠦᠷᠭᠡᠪᠡ ᠵᠢᠨᠣᠩ ᠵᠥᠪᠰᠢᠶᠡᠵᠦ ᠲᠠᠶᠢᠰᠤᠩ ᠬᠠᠭᠠᠨ ᠠᠬ ᠠ ᠡᠴᠡᠭᠡᠨ ᠬᠠᠷᠢ ᠪᠣᠯᠤᠨ ᠨᠡᠭᠦᠪᠡ ᠲᠡᠨᠳᠡᠴᠡ ᠵᠣᠨᠣᠩ ᠠᠬ ᠠ ᠳᠠᠭᠠᠨ ᠣᠶᠢᠷᠠᠳ ᠯᠤᠭ᠎ᠠ ᠴᠢᠷᠢᠭ ᠨᠢᠭᠡᠳᠦᠨ ᠮᠣᠷᠳᠠᠪᠠ ᠴᠢᠷᠢᠭ ᠭᠠᠯ ᠰᠢᠲᠠᠭᠠᠬᠤᠢ ᠲᠤᠷ ᠵᠣᠨᠣᠩ ᠵᠠᠷᠯᠢᠭ ᠪᠣᠯᠤᠷᠤᠨ ᠠᠬ᠎ᠠ ᠮᠢᠨᠤ ᠬᠠᠭᠠᠨ ᠠᠭᠤᠯᠢᠬᠠᠢ ᠪᠤᠢ ᠴᠢᠷᠢᠭ ᠦᠨ ᠬᠦᠮᠦᠨ ᠲᠣᠯᠣᠭᠠᠢ ᠶᠢᠨ ᠠᠷᠪᠠᠭᠠᠳ ᠭᠠᠯ ᠰᠢᠲᠠᠭᠠᠭᠲᠤᠨ ᠭᠡᠵᠦ ᠵᠠᠷᠯᠠᠵᠤ ᠰᠢᠲᠠᠭᠠᠯᠭᠠᠪᠠ ᠲᠡᠨᠳᠡᠴᠡ ᠲᠠᠶᠢᠰᠤᠩ ᠬᠠᠭᠠᠨ ᠤ ᠬᠠᠷᠠᠭᠤᠯᠴᠢᠨ ᠵᠣᠨᠣᠩ ᠣᠶᠢᠷᠠᠳ ᠤᠨ ᠴᠢᠷᠢᠭ ᠢ ᠮᠡᠳᠡᠵᠦ ᠬᠠᠭᠠᠨ ᠲᠤᠷ ᠦᠭᠡ ᠬᠡᠯᠡ ᠬᠦᠷᠭᠡᠪᠡ ᠬᠠᠭᠠᠨ ᠲᠡᠨᠳᠡᠴᠡ ᠥᠪᠡᠰᠦᠪᠡᠨ ᠦᠵᠡᠰᠦ ᠭᠡᠵᠦ ᠦᠵᠡᠭᠡᠳ ᠥᠭᠦᠯᠡᠷᠦᠨ ᠡᠶᠢᠮᠦ ᠭᠠᠯ ᠪᠣᠯᠤᠰᠠ ᠲᠩᠷᠢ ᠶᠢᠨ ᠣᠳᠤ ᠭᠠᠵᠠᠷ ᠲᠤ ᠪᠠᠭᠤᠵᠤ ᠠᠮᠤᠢ ᠶᠠᠬᠢᠨ ᠳᠠᠶᠢᠯᠠᠨ ᠴᠢᠳᠠᠬᠤ ᠬᠡᠮᠡᠨ ᠲᠠᠶᠢᠰᠤᠩ ᠬᠠᠭᠠᠨ ᠴᠥᠭᠡᠬᠡᠨ ᠨᠥᠬᠥᠳ ᠯᠦᠭᠡ ᠬᠡᠷᠦᠯᠡᠨ ᠲᠦ ᠪᠤᠷᠤᠭᠤᠳ ᠪᠠ ᠤᠷᠢᠳᠠ ᠴᠡᠪᠳᠡᠨ ᠢ ᠥᠬᠢᠨ ᠠᠯᠲᠠᠢ ᠬᠠᠲᠤᠨ ᠲᠠᠷᠠᠴᠢᠨ ᠢ ᠬᠠᠯᠴᠠᠭᠠᠢ ᠯᠤᠭ᠎ᠠ ᠬᠣᠪᠲᠠᠢ ᠭᠡᠵᠦ ᠬᠠᠯᠴᠠᠭᠠᠢ ᠶᠢ ᠠᠯᠠᠵᠤ ᠬᠠᠲᠤᠨ ᠢ ᠴᠢᠬᠢᠨ ᠬᠠᠪᠠᠷ ᠢ ᠬᠥᠨᠳᠡᠵᠦ ᠥᠭᠭᠥᠭᠰᠡᠨ ᠬᠠᠲᠤᠨ ᠶᠤᠭᠠᠨ ᠲᠥᠷᠬᠥᠮ ᠬᠣᠷᠯᠠᠳ ᠤᠨ ᠴᠡᠪᠳᠡᠨ ᠲᠦᠷ ᠵᠣᠷᠢᠨ ᠣᠳᠬᠤᠢ ᠲᠤᠷ ᠰᠠᠷᠲᠠᠭᠤᠯ ᠨᠤᠲᠤᠭ ᠤᠨ ᠬᠦᠴᠦᠭ ᠨᠡᠷᠡᠲᠦ ᠬᠦᠮᠦᠨ ᠠᠷᠭᠠᠪᠠᠷ
čola=yuγan man=dur ög ene ügen=tür bolqu bolusa ey=e nigedbesü nigedüy=e gebe tere elči qariju jinong=tur tayisi=nar noyad=un üge=yi büridken kürgebe jinong jöbsiyejü Tayisung-qaγan aq=a=ečegen qari bolun negübe tendeče jonong aq=a=daγan Oyirad=luγ=a čirig nigedün mordaba čirig γal sitaγaqui=tur jonong jarliγ bolurun aq=a minu qaγan aγuliqai bui čirig=ün kümün toloγai=yin arbaγad γal sitaγaγtun gejü jarlaju sitaγalγaba tendeče Tayisung-qaγan=u qaraγulčin jonong Oyirad=un čirig=i medejü qaγan=tur üge kele kürgebe qaγan tendeče öbesüben üjesü gejü üjeged ögülerün eyimü γal bolusa tngri=yin odu γajar=tu baγuju amui yakin dayilan čidaqu kemen Tayisung-qaγan čögeken nököd=lüge Kerülen=tü buruγud=ba urida Čebden=i ökin Altai-qatun Taračin=i Qalčaγai=luγ=a qobtai gejü Qalčaγai=yi alaju qatun=i čikin qabar=i köndejü öggögsen qatun=yuγan törköm Qorlad=un Čebden=tür jorin odqui=tur Sartaγul nutuγ=un Küčüg neretü kümün arγabar
146b
ᠮᠥᠩᠭᠥᠨ ᠲᠣᠭᠣᠭᠠ ᠶᠢ ᠣᠭᠲᠠᠯᠵᠤ ᠣᠷᠬᠢᠪᠠ ᠲᠣᠭᠣᠭᠠ ᠭᠡᠭᠡᠭᠰᠡᠨ ᠢ ᠬᠠᠭᠠᠨ ᠮᠡᠳᠡᠭᠡᠳ ᠢᠯᠡᠭᠡᠬᠦ ᠢᠲᠡᠭᠡᠯ ᠲᠦ ᠬᠦᠮᠦᠨ ᠬᠡᠨ ᠪᠣᠯᠪᠠ ᠭᠡᠵᠦ ᠵᠠᠷᠯᠢᠭ ᠪᠣᠯᠪᠠ ᠲᠡᠨᠳᠡᠴᠡ ᠬᠦᠴᠦᠭ ᠡᠴᠢᠰᠦ ᠭᠡᠵᠦ ᠬᠠᠭᠠᠨ ᠲᠤᠷ ᠮᠡᠳᠡᠭᠦᠯᠪᠡ ᠬᠠᠭᠠᠨ ᠤᠨᠤᠭᠰᠠᠨ ᠬᠠᠷᠠ ᠮᠣᠷᠢᠨ ᠢᠶᠠᠨ ᠪᠠᠭᠤᠨ ᠥᠭᠴᠦ ᠢᠯᠡᠭᠡᠪᠡ ᠮᠥᠩᠭᠥᠨ ᠲᠣᠭᠣᠭᠠ ᠶᠢ ᠠᠪᠤᠨ ᠬᠦᠴᠦᠭ ᠵᠣᠨᠣᠩ ᠲᠤ ᠤᠷᠪᠠᠪᠠ ᠬᠠᠭᠠᠨ ᠴᠡᠪᠳᠡᠨ ᠲᠦᠷ ᠬᠦᠷᠴᠦ ᠭᠠᠷᠤᠭᠰᠠᠨ ᠬᠠᠲᠤᠨ ᠳᠠᠭᠠᠨ ᠪᠠᠭᠤᠪᠠ ᠴᠡᠪᠳᠡᠨ ᠥᠭᠦᠯᠡᠷᠦᠨ ᠬᠠᠷᠠᠭᠤᠨᠠ ᠶᠢᠨ ᠠᠷᠤ ᠤᠷᠢᠳᠠ ᠬᠠᠯᠠᠭᠤᠨ ᠪᠢᠯᠡ ᠡᠳᠦᠭᠡ ᠶᠠᠬᠢᠨ ᠬᠦᠶᠢᠲᠡᠨ ᠪᠣᠯᠪᠠ ᠬᠠᠲᠤᠨ ᠢ ᠥᠪᠡᠷ ᠤᠷᠢᠳᠠ ᠬᠦᠶᠢᠲᠡᠨ ᠪᠢᠯᠡ ᠡᠳᠦᠭᠡ ᠶᠠᠬᠢᠨ ᠬᠠᠯᠠᠭᠤᠨ ᠪᠣᠯᠪᠠ ᠠᠯᠲᠠᠢ ᠬᠠᠨ ᠢ ᠠᠷᠤ ᠤᠷᠢᠳᠠ ᠬᠠᠯᠠᠭᠤᠨ ᠪᠢᠯᠡ ᠡᠳᠦᠭᠡ ᠶᠠᠬᠢᠨ ᠬᠦᠶᠢᠲᠡᠨ ᠪᠣᠯᠪᠠ ᠠᠯᠲᠠᠭᠠᠨᠠ ᠥᠬᠢᠨ ᠲᠦ ᠮᠢᠨᠤ ᠥᠪᠡᠷ ᠤᠷᠢᠳᠠ ᠬᠦᠶᠢᠲᠡᠨ ᠪᠢᠯᠡ ᠡᠳᠦᠭᠡ ᠶᠠᠬᠢᠨ ᠬᠠᠯᠠᠭᠤᠨ ᠪᠣᠯᠪᠠ ᠡᠪᠡᠰᠦᠨ ᠦᠭᠡᠢ ᠭᠡᠵᠦ ᠨᠡᠭᠦᠭᠰᠡᠨ ᠨᠤᠲᠤᠭ ᠲᠤ ᠪᠠᠭᠤᠳᠠᠭ ᠪᠤᠶᠤ ᠥᠩᠭᠡ ᠦᠭᠡᠢ ᠭᠡᠵᠦ ᠭᠡᠭᠡᠭᠰᠡᠨ ᠡᠮ ᠡ ᠶᠢ ᠠᠪᠤᠳᠠᠭ ᠪᠤᠶᠤ ᠲᠠᠶᠢᠰᠤᠩ ᠬᠠᠭᠠᠨ ᠭᠤᠷᠪᠠᠨ ᠬᠥᠪᠡᠭᠦᠨ ᠳᠡᠢ ᠠᠵᠤᠬᠤ ᠶᠡᠬᠡ ᠬᠥᠪᠡᠭᠦᠨ ᠢᠨᠤ ᠮᠥᠩᠬᠡᠯᠡᠢ ᠲᠠᠶᠢᠵᠢ ᠤᠷᠢᠳᠠ ᠥᠪᠡᠰᠦᠪᠡᠨ ᠲᠩᠷᠢ ᠪᠣᠯᠪᠠ ᠭᠡᠬᠦ ᠬᠠᠭᠠᠨ ᠢᠯᠢ ᠳᠠᠯᠢ ᠬᠣᠶᠠᠷ ᠬᠥᠪᠡᠭᠦᠨ ᠲᠡᠢ ᠬᠣᠷᠯᠠᠳ ᠶᠢᠨ ᠠᠭᠪᠣᠯᠠᠳ ᠪᠠᠭᠪᠣᠯᠠᠳ ᠬᠣᠶᠠᠷ ᠨᠥᠬᠥᠷ ᠲᠡᠢ ᠲᠠᠪᠤᠭᠤᠯᠠᠢ ᠪᠠᠷᠢᠵᠤ ᠣᠷᠴᠢᠨ ᠤ ᠴᠢᠭᠢᠷ ᠮᠡᠴᠢᠨ ᠵᠢᠯ ᠲᠦᠷ ᠲᠠᠶᠢᠰᠤᠩ ᠬᠠᠭᠠᠨ ᠬᠣᠷᠯᠠᠳ ᠶᠢᠨ ᠴᠡᠪᠳᠡᠨ ᠦ ᠭᠠᠷ ᠲᠤ ᠲᠩᠷᠢ ᠪᠣᠯᠪᠠ
mönggön toγoγa=yi oγtalju orkiba toγoγa gegegsen=i qaγan medeged ilegekü itegel=tü kümün ken bolba gejü jarliγ bolba tendeče Küčüg ečisü gejü qaγan=tur medegülbe qaγan unuγsan qara morin=iyan baγun ögčü ilegebe mönggön toγoγa=yi abun Küčüg jonong=tu urbaba qaγan Čebden=tür kürčü γaruγsan qatun=daγan baγuba Čebden ögülerün Qaraγuna=yin aru urida qalaγun bile edüge yakin küyiten bolba qatun=i öber urida küyiten bile edüge yakin qalaγun bolba Altai-Qan=i aru urida qalaγun bile edüge yakin küyiten bolba Altaγana ökin=tü minu öber urida küyiten bile edüge yakin qalaγun bolba ebesün ügei gejü negügsen nutuγ=tu baγudaγ buyu öngge ügei gejü gegegsen em=e=yi abudaγ buyu Tayisung-qaγan γurban köbegün=dei ajuqu yeke köbegün inu Möngkelei-tayiji urida öbesüben tngri bolba gekü qaγan Ili Dali qoyar köbegün=tei Qorlad=yin Aγbolad Baγbolad qoyar nökör=tei tabuγulai bariju Orčin=u-Čigir mečin jil=tür Tayisung-qaγan Qorlad=yin Čebden=ü γar=tu tngri bolba
147a
ᠬᠠᠨ ᠣᠷᠣ ᠰᠠᠭᠤᠵᠤ ᠠᠷᠪᠠᠨ ᠲᠠᠪᠤᠨ ᠣᠨ ᠪᠣᠯᠤᠭᠰᠠᠨ ᠠᠵᠤᠬᠤ ᠠᠭᠪᠣᠯᠠᠳ ᠪᠠᠭᠪᠣᠯᠠᠳ ᠬᠣᠶᠠᠷ ᠤᠨ ᠠᠬ᠎ᠠ ᠮᠡᠨᠳᠦ ᠥᠷᠯᠥᠭ ᠥᠪᠡᠷᠡ ᠠᠶᠢᠯ ᠲᠤ ᠬᠣᠨᠣᠭᠰᠠᠨ ᠠᠵᠤᠬᠤ ᠬᠤᠯᠠᠭᠠᠨᠠ ᠢ ᠬᠠᠷᠠᠭᠠᠨᠠ ᠢ ᠨᠡᠷᠡᠲᠦ ᠬᠣᠶᠠᠷ ᠮᠣᠷᠢᠨ ᠵᠥᠩᠯᠡᠵᠦ ᠭᠠᠵᠠᠷ ᠴᠠᠪᠴᠢᠯᠠᠨ ᠰᠠᠨᠠᠭᠠᠨ ᠠᠯᠳᠠᠨ ᠪᠠᠶᠢᠪᠠ ᠮᠣᠷᠢᠨ ᠢᠶᠠᠨ ᠰᠠᠨᠠᠭᠠᠨ ᠠᠯᠳᠠᠭᠰᠠᠨ ᠲᠤᠷ ᠮᠡᠨᠳᠦ ᠥᠷᠯᠥᠭ ᠥᠭᠦᠯᠡᠷᠦᠨ ᠬᠣᠣᠷ ᠲᠠᠨ ᠢ ᠶᠠᠪᠤᠬᠤᠢ ᠲᠤᠷ ᠡᠶᠢᠮᠦ ᠭᠡᠵᠦ ᠮᠡᠨᠳᠦ ᠥᠷᠯᠥᠭ ᠥᠷᠯᠥᠭᠡ ᠪᠣᠰᠣᠭᠠᠳ ᠬᠠᠭᠠᠨ ᠢ ᠲᠡᠮᠡᠴᠢᠪᠡ ᠬᠦᠷᠬᠦᠢ ᠶᠢᠨ ᠤᠷᠢᠳᠠ ᠬᠠᠭᠠᠨ ᠬᠣᠶᠠᠷ ᠳᠡᠭᠦᠲᠡᠢ ᠬᠣᠷᠣᠭᠣᠪᠠ ᠮᠡᠨᠳᠦ ᠥᠷᠯᠥᠭ ᠬᠠᠭᠠᠨ ᠢ ᠲᠡᠷᠢᠭᠦᠨ ᠲᠦᠷ ᠨᠢᠭᠡᠨ ᠳᠡᠭᠦᠪᠡᠨ ᠳᠡᠷᠡᠯᠡᠭᠦᠯᠪᠡ ᠬᠥᠯ ᠳᠦᠷ ᠢᠨᠤ ᠨᠢᠭᠡᠨ ᠳᠡᠭᠦᠪᠡᠨ ᠳᠡᠷᠡ ᠬᠢᠨ ᠣᠩᠭᠣᠯᠠᠪᠠ ᠲᠡᠭᠦᠨ ᠦ ᠬᠣᠶᠢᠨᠠ ᠮᠡᠨᠳᠦ ᠥᠷᠯᠥᠭ ᠡᠬᠢᠯᠡᠨ ᠨᠢᠭᠡᠨ ᠬᠡᠳᠦᠨ ᠨᠥᠬᠥᠳ ᠳᠡᠢ ᠴᠡᠪᠳᠡᠨ ᠢ ᠳᠣᠪᠲᠣᠯᠵᠤ ᠥᠰᠢᠶ ᠡ ᠪᠡᠨ ᠠᠪᠤᠪᠠ ᠲᠡᠭᠦᠨ ᠦ ᠬᠣᠶᠢᠨᠠ ᠣᠶᠢᠷᠠᠳ ᠥᠪᠡᠷ ᠵᠠᠭᠤᠷᠠᠪᠠᠨ ᠴᠢᠭᠤᠯᠵᠤ ᠬᠡᠯᠡᠯᠴᠡᠷ ᠦᠨ ᠥᠪᠡᠷᠦᠨ ᠲᠥᠷᠥᠯ ᠢᠶᠡᠨ ᠡᠰᠡ ᠰᠠᠨᠠᠭᠰᠠᠨ ᠬᠦᠮᠦᠨ ᠮᠠᠨ ᠤ ᠲᠥᠷᠥᠯ ᠢ ᠰᠠᠨᠠᠮᠤ ᠥᠪᠡᠷᠦᠨ ᠲᠥᠷᠥ ᠪᠡᠨ ᠡᠰᠡ ᠰᠠᠨᠠᠭᠰᠠᠨ ᠬᠦᠮᠦᠨ ᠦ ᠲᠥᠷᠥ ᠶᠢ ᠰᠠᠨᠠᠮᠤ ᠥᠪᠡᠷᠦᠨ ᠨᠡᠷ ᠡ ᠪᠡᠨ ᠡᠰᠡ ᠰᠠᠨᠠᠭᠰᠠᠨ ᠮᠠᠨ ᠤ ᠨᠡᠷᠡ ᠶᠢ ᠰᠠᠨᠠᠮᠤ ᠥᠪᠡᠷ ᠦᠨ ᠭᠠᠯ ᠲᠤ ᠤᠰᠤ ᠬᠢᠪᠡ ᠮᠠᠨᠤ ᠭᠠᠯ ᠲᠤ ᠲᠣᠰᠤ ᠬᠢᠪᠡ ᠡᠨᠡ ᠬᠡᠨ ᠲᠦ ᠰᠠᠶᠢᠨ ᠵᠣᠨᠣᠩ ᠪᠤᠢ ᠭᠡᠵᠦ ᠬᠣᠷᠣᠭᠠᠬᠤᠢ ᠶᠢᠨ ᠲᠤᠯᠠ ᠠᠷᠭ᠎ᠠ ᠬᠢᠵᠦ ᠲᠡᠨᠳᠡᠴᠡ ᠣᠶᠢᠷᠠᠳ ᠤᠨ ᠨᠣᠶᠠᠳ ᠰᠠᠶᠢᠳ ᠵᠣᠨᠣᠩ ᠲᠤᠷ ᠦᠭᠡ
~ qan oro saγuju arban tabun on boluγsan ajuqu Aγbolad Baγbolad qoyar=un aq=a Mendü-örlög öbere ayil=tu qonoγsan ajuqu qulaγana=i qaraγana=i neretü qoyar morin jönglejü γajar čabčilan sanaγan aldan bayiba morin=iyan sanaγan aldaγsan=tur Mendü-örlög ögülerün qoor=tan=i yabuqui=tur eyimü gejü Mendü-örlög örlöge bosoγad qaγan=i temečibe kürküi=yin urida qaγan qoyar degütei qoroγoba Mendü-örlög qaγan=i terigün=tür nigen degüben derelegülbe köl=dür inu nigen degüben dere kin ongγolaba # tegün=ü qoyina Mendü-örlög ekilen nigen kedün nököd=dei Čebden=i dobtolju ösiy=e=ben abuba tegün=ü qoyina Oyirad öber jaγuraban čiγulju kelelčer=ün öberün töröl=iyen ese sanaγsan kümün man=u töröl=i sanamu öberün törö=ben ese sanaγsan kümün=ü törö=yi sanamu öberün ner=e=ben ese sanaγsan man=u nere=yi sanamu öber=ün γal=tu usu kibe manu γal=tu tosu kibe ene ken=tü sayin jonong bui gejü qoroγaqui=yin tula arγ=a kijü tendeče Oyirad=un noyad sayid jonong=tur üge
147b
ᠠᠶᠢᠯᠠᠳᠬᠠᠷᠤᠨ ᠵᠣᠨᠣᠩ ᠬᠠᠭᠠᠨ ᠪᠣᠯᠤᠶ᠎ᠠ ᠭᠡᠵᠦ ᠪᠢᠳᠠᠨ ᠤ ᠡᠰᠡᠨ ᠲᠠᠶᠢᠰᠢ ᠲᠤ ᠥᠪᠡᠷᠦᠨ ᠵᠣᠨᠣᠩ ᠴᠣᠯᠠ ᠪᠠᠨ ᠰᠣᠶᠣᠷᠬᠠᠶ᠎ᠠ ᠭᠡᠵᠦ ᠬᠡᠯᠡᠯᠴᠡᠭᠰᠡᠨ ᠦᠭᠡ ᠮᠠᠨᠤ ᠦᠨᠡᠨ ᠪᠢᠰᠢᠦ ᠭᠡᠵᠦ ᠵᠣᠨᠣᠩ ᠲᠤᠷ ᠬᠠᠭᠠᠨ ᠴᠣᠯᠠ ᠥᠭᠭᠥᠷᠡ ᠥᠪᠡᠷᠦᠨ ᠴᠣᠯᠠ ᠪᠠᠨ ᠡᠰᠡᠨ ᠲᠠᠶᠢᠰᠢ ᠲᠤ ᠰᠣᠶᠣᠷᠬ᠎ᠠ ᠭᠡᠵᠦ ᠬᠤᠷᠢᠮ ᠪᠡᠯᠡᠳᠳᠦᠨ ᠵᠣᠨᠣᠩ ᠢ ᠵᠠᠯᠠᠪᠠ ᠣᠶᠢᠷᠠᠳ ᠭᠡᠷ ᠦᠨ ᠳᠣᠲᠣᠷᠠ ᠪᠠᠨ ᠭᠦᠨ ᠶᠡᠬᠡ ᠨᠦᠬᠡ ᠤᠬᠤᠵᠤ ᠨᠦᠬᠡᠨ ᠳᠡᠭᠡᠭᠦᠷ ᠲᠤᠯᠤᠭ ᠳᠡᠯᠭᠡᠵᠦ ᠵᠣᠨᠣᠩ ᠡᠬᠢᠯᠡᠨ ᠭᠤᠴᠢᠨ ᠭᠤᠷᠪᠠᠨ ᠥᠷᠪᠡᠯᠭᠡ ᠲᠡᠨ ᠳᠥᠴᠢᠨ ᠳᠥᠷᠪᠡᠨ ᠣᠲᠣᠭᠠᠲᠠᠨ ᠵᠢᠷᠠᠨ ᠨᠢᠭᠡᠨ ᠬᠡᠭᠡᠷᠢᠲᠡᠨ ᠢ ᠨᠢᠭᠡᠨ ᠡᠭᠦᠳᠡ ᠪᠡᠷ ᠣᠷᠣᠭᠤᠯᠵᠤ ᠬᠣᠶᠠᠷ ᠡᠭᠦᠳᠡ ᠪᠡᠷ ᠭᠠᠷᠭᠠᠵᠤ ᠮᠤᠬᠤᠷ ᠨᠦᠬᠡᠨ ᠢ ᠳᠦᠭᠦᠷᠲᠡᠯᠡ ᠬᠣᠷᠣᠭᠣᠪᠠ ᠨᠣᠶᠠᠳ ᠤᠨ ᠦᠬᠦᠯ ᠴᠢᠭᠤᠯᠭᠠᠨ ᠲᠤ ᠨᠣᠬᠠᠢ ᠶᠢᠨ ᠦᠬᠦᠯ ᠭᠠᠩᠪᠤᠲᠤᠩ ᠲᠤ ᠭᠡᠭᠴᠢ ᠦᠯᠢᠭᠡᠷ ᠲᠡᠭᠦᠨ ᠡᠴᠡ ᠪᠣᠯᠪᠠ ᠭᠡᠬᠦ ᠲᠡᠨᠳᠡᠴᠡ ᠬᠠᠷᠠᠭᠤᠴᠤᠭ ᠲᠠᠶᠢᠵᠢ ᠨᠥᠬᠥᠷ ᠲᠡᠭᠡᠨ ᠨᠠᠭᠠᠴᠤᠳᠤ ᠥᠭᠦᠯᠡᠷᠦᠨ ᠤᠷᠢᠳᠤ ᠭᠡᠷ ᠲᠦᠷ ᠣᠷᠣᠭᠰᠠᠨ ᠵᠣᠨᠣᠩ ᠡᠬᠢᠯᠡᠨ ᠶᠡᠬᠡ ᠪᠠᠭ᠎ᠠ ᠨᠣᠶᠠᠳ ᠶᠠᠭᠤ ᠬᠢᠨᠡᠮ ᠭᠡᠵᠦ ᠢᠯᠡᠭᠡᠪᠡ ᠨᠠᠭᠠᠴᠤ ᠡᠴᠡᠭᠡᠳ ᠦᠵᠡᠵᠦ ᠢᠷᠡᠭᠡᠳ ᠥᠭᠦᠯᠡᠷᠦᠨ ᠵᠣᠨᠣᠩ ᠡᠬᠢᠯᠡᠨ ᠪᠦᠭᠦᠳᠡ ᠶᠢ ᠡᠰᠡ ᠦᠵᠡᠪᠡ ᠪᠢ ᠭᠡᠷᠦᠨ ᠵᠡᠭᠦᠨ ᠢᠷᠭᠡᠪᠡᠷ ᠴᠢᠰᠤᠨ ᠤᠷᠤᠰᠤᠨ ᠠᠮᠤᠢ ᠬᠡᠮᠡᠨ ᠥᠴᠢᠪᠡ ᠲᠡᠨᠳᠡᠴᠡ ᠬᠠᠷᠠᠭᠤᠴᠤᠭ ᠲᠠᠶᠢᠵᠢ ᠥᠭᠦᠯᠡᠷᠦᠨ ᠬᠡᠪᠲᠡᠶ᠎ᠡ ᠦᠬᠦᠶ᠎ᠡ ᠭᠡᠵᠦ ᠢᠷᠡᠯᠡ ᠦᠬᠦᠶ᠎ᠡ ᠭᠡᠵᠦ ᠥᠭᠦᠯᠡᠭᠡᠳ ᠭᠠᠭᠴᠠ ᠨᠥᠬᠥᠷ ᠢᠶᠡᠨ ᠨᠠᠭᠠᠴᠤ ᠶᠢ ᠠᠪᠤᠨ ᠬᠠᠳᠠᠨ ᠲᠤ ᠬᠣᠷᠭᠣᠯᠠᠪᠠ ᠬᠠᠳᠠ ᠶᠢᠨ
ayiladqarun jonong qaγan boluy=a gejü bidan=u Esen-tayisi=tu öberün jonong čola=ban soyorqay=a gejü kelelčegsen üge manu ünen bisiü gejü jonong=tur qaγan čola öggöre öberün čola=ban Esen-tayisi=tu soyorq=a gejü qurim beleddün jonong=i jalaba Oyirad ger=ün dotora=ban gün yeke nüke uquju nüken degegür tuluγ delgejü jonong ekilen γučin γurban örbelge=ten döčin dörben otoγatan jiran nigen kegeriten=i nigen egüde=ber oroγulju qoyar egüde=ber γarγaju muqur nüken=i dügürtele qoroγoba noyad=un ükül čiγulγan=tu noqai=yin ükül γang(butung)=tu gegči üliger tegün=eče bolba gekü # tendeče Qaraγučuγ-tayiji nökör=tegen Naγačudu ögülerün uridu ger=tür oroγsan jonong ekilen yeke baγ=a noyad yaγu kinem gejü ilegebe Naγaču ečeged üjejü ireged ögülerün jonong ekilen bügüde=yi ese üjebe bi gerün jegün irgeber čisun urusun amui kemen öčibe tendeče Qaraγučuγ-tayiji ögülerün kebtey=e üküy=e gejü irele üküy=e gejü ögüleged γaγča nökör=iyen Naγaču=yi abun qadan=tu qorγolaba qada=yin
148a
ᠬᠠᠪᠴᠢᠭᠠᠢ ᠲᠤ ᠨᠢᠭᠡᠨ ᠵᠠᠮ ᠢᠶᠠᠷ ᠬᠣᠶᠠᠷ ᠳᠠᠪᠬᠤᠷ ᠬᠤᠶᠠᠭ ᠡᠮᠦᠰᠴᠦ ᠴᠢᠪᠤᠨ ᠢᠷᠡᠬᠦᠢ ᠲᠦᠷ ᠨᠠᠭᠠᠴᠤ ᠳᠠᠪᠬᠤᠷ ᠬᠤᠶᠠᠭ ᠨᠡᠪᠲᠡ ᠬᠠᠷᠪᠤᠭᠰᠠᠨ ᠲᠤᠷ ᠲᠡᠷᠡ ᠬᠦᠮᠦᠨ ᠬᠣᠶᠢᠲᠤ ᠨᠥᠬᠥᠷ ᠢᠶᠡᠨ ᠠᠪᠤᠨ ᠬᠣᠯᠠᠳᠴᠤ ᠤᠨᠠᠪᠠᠢ ᠪᠠᠰᠠ ᠭᠤᠷᠪᠠᠨ ᠳᠠᠪᠬᠤᠷ ᠬᠤᠶᠠᠭ ᠡᠮᠦᠰᠴᠦ ᠵᠢᠳᠠ ᠪᠠᠷᠢᠵᠤ ᠢᠷᠡᠬᠦᠢ ᠲᠦᠷ ᠨᠠᠭᠠᠴᠤ ᠬᠡᠯᠡᠪᠡ ᠪᠢ ᠦᠯᠦ ᠴᠢᠳᠠᠬᠤ ᠴᠢ ᠬᠠᠷᠪᠤ ᠭᠡᠪᠡ ᠬᠠᠷᠠᠭᠤᠴᠤᠭ ᠲᠠᠶᠢᠵᠢ ᠤᠬᠤᠨᠠᠨ ᠵᠣᠷᠣᠭᠠ ᠪᠠᠷ ᠭᠤᠷᠪᠠᠨ ᠳᠠᠪᠬᠤᠷ ᠬᠤᠶᠠᠭ ᠢ ᠨᠡᠪᠲᠡ ᠬᠠᠷᠪᠤᠨ ᠵᠣᠷᠣᠭᠠ ᠳᠠᠭᠤᠨ ᠭᠠᠷᠪᠠᠢ ᠲᠡᠷᠡ ᠬᠦᠮᠦᠨ ᠬᠣᠶᠢᠲᠤ ᠪᠠᠨ ᠠᠪᠤᠨ ᠬᠣᠯᠠᠳᠪᠠᠢ ᠨᠠᠭᠠᠴᠤ ᠥᠭᠦᠯᠡᠷᠦᠨ ᠠᠮᠢᠳᠤ ᠭᠠᠷᠪᠠᠴᠢ ᠶᠠᠪᠠᠭᠠᠨ ᠲᠤᠰᠠ ᠦᠭᠡᠢ ᠡᠨᠡ ᠣᠶᠢᠷᠠᠳ ᠠᠴᠠ ᠮᠣᠷᠢᠨ ᠬᠤᠯᠠᠭᠤᠶ᠎ᠠ ᠭᠡᠵᠦ ᠡᠴᠢᠪᠡ ᠡᠰᠡᠨ ᠲᠠᠶᠢᠰᠢ ᠰᠠᠯᠬᠢᠨ ᠳᠡᠭᠡᠳᠡᠬᠡᠨ ᠵᠠᠩᠴᠢ ᠪᠠᠷ ᠭᠠᠯ ᠢ ᠬᠠᠯᠬᠠᠯᠠᠵᠤ ᠰᠠᠭᠤᠬᠤᠢ ᠲᠤᠷ ᠬᠦᠷᠢᠶᠡᠯᠡᠵᠦ ᠤᠨᠲᠠᠭᠰᠠᠨ ᠬᠦᠮᠦᠨ ᠢ ᠠᠯᠬᠤᠵᠤ ᠣᠷᠣᠵᠤ ᠡᠰᠡᠨ ᠲᠠᠶᠢᠰᠢ ᠶᠢᠨ ᠳᠡᠷᠭᠡᠳᠡ ᠤᠶᠠᠭᠰᠠᠨ ᠡᠷᠡᠮᠡᠭ ᠰᠢᠷᠭᠤᠭᠴᠢᠨ ᠭᠡᠭᠦᠦ ᠬᠤᠷᠳᠤᠨ ᠬᠤᠯᠠ ᠠᠵᠠᠷᠭ᠎ᠠ ᠲᠠᠶᠢᠯᠬᠤᠢ ᠲᠤᠷ ᠲᠦᠭ ᠲᠦᠭ ᠴᠢᠮᠡᠭᠡ ᠭᠠᠷᠬᠤᠢ ᠲᠤᠷ ᠬᠠᠷᠠᠵᠤ ᠦᠵᠡᠪᠡᠰᠦ ᠬᠦᠮᠦᠨ ᠦᠭᠡᠢ ᠲᠠᠶᠢᠯᠤᠭᠠᠳ ᠨᠢᠭᠡᠨ ᠢ ᠤᠨᠤᠵᠤ ᠨᠢᠭᠡᠨ ᠮᠣᠷᠢᠨ ᠢ ᠬᠥᠲᠡᠯᠵᠦ ᠶᠠᠪᠤᠬᠤᠢ ᠲᠤᠷ ᠪᠠᠰᠠ ᠲᠦᠭ ᠲᠦᠭ ᠬᠢᠪᠡᠢ ᠬᠠᠷᠠᠵᠤ ᠦᠵᠡᠪᠡᠰᠦ ᠬᠦᠮᠦᠨ ᠦᠭᠡᠢ ᠥᠪᠡᠷᠦᠨ ᠵᠢᠷᠦᠬᠡᠨ ᠠᠶᠤᠵᠤ ᠲᠦᠭᠰᠢᠭᠰᠡᠨ ᠢ ᠮᠡᠳᠡᠪᠡᠢ ᠲᠡᠨᠳᠡᠴᠡ ᠴᠢᠷᠢᠭ ᠦᠨ ᠬᠦᠷᠢᠶᠡᠨ ᠦ ᠢᠷᠭᠡᠳ ᠴᠢ ᠬᠡᠨ ᠪᠤᠢ ᠭᠡᠵᠦ ᠠᠰᠠᠭᠪᠠᠢ ᠬᠠᠷᠢᠭᠤ
qabčiγai=tu nigen jam=iyar qoyar dabqur quyaγ emüsčü čibun ireküi=tür Naγaču dabqur quyaγ nebte qarbuγsan=tur tere kümün qoyitu nökör=iyen abun qoladču unabai basa γurban dabqur quyaγ emüsčü jida bariju ireküi=tür Naγaču kelebe bi ülü čidaqu či qarbu gebe Qaraγučuγ-tayiji uqunan joroγa=bar γurban dabqur quyaγ=i nebte qarbun joroγa daγun γarbai tere kümün qoyitu=ban abun qoladbai Naγaču ögülerün amidu γarbači yabaγan tusa ügei ene Oyirad=ača morin qulaγuy=a gejü ečibe Esen-tayisi salkin degedeken jangči=bar γal=i qalqalaju saγuqui=tur küriyelejü untaγsan kümün=i alquju oroju Esen-tayisi=yin dergede uyaγsan eremeg sirγuγčin gegüü qurdun qula ajarγ=a tayilqui=tur tüg tüg čimege γarqui=tur qaraju üjebesü kümün ügei tayiluγad nigen=i unuju nigen morin=i köteljü yabuqui=tur basa tüg tüg kibei qaraju üjebesü kümün ügei öberün jirüken ayuju tügsigsen=i medebei tendeče čirig=ün küriyen=ü irged či ken bui gejü asaγbai qariγu
148b
ᠬᠡᠯᠡᠷᠦᠨ ᠶᠠᠭᠤᠲᠠᠢ ᠰᠡᠷᠭᠡᠭ ᠬᠦᠮᠦᠨ ᠪᠤᠢ ᠴᠢ ᠮᠣᠩᠭᠣᠯ ᠤᠨ ᠬᠠᠷᠠᠭᠤᠴᠤᠭ ᠲᠠᠶᠢᠵᠢ ᠨᠠᠭᠠᠴᠤ ᠬᠣᠶᠠᠷ ᠪᠠᠶᠢᠨᠠᠮ ᠲᠡᠭᠦᠨᠢ ᠪᠠᠷᠢ ᠭᠡᠵᠦ ᠬᠡᠯᠡᠭᠡᠳ ᠬᠦᠷᠢᠶᠡᠨ ᠢ ᠬᠠᠷᠠᠶᠢᠯᠭᠠᠵᠤ ᠭᠠᠷᠤᠭᠠᠳ ᠬᠠᠷᠠᠭᠤᠴᠤᠭ ᠲᠠᠶᠢᠵᠢ ᠶᠢᠨ ᠳᠡᠷᠭᠡᠳᠡ ᠬᠦᠷᠦᠭᠡᠳ ᠳᠠᠭᠤᠳᠠᠪᠠᠰᠤ ᠳᠠᠭᠤᠨ ᠡᠰᠡ ᠭᠠᠷᠪᠠᠢ ᠪᠤᠷᠤᠭᠤᠳᠤᠭᠰᠠᠨ ᠠᠵᠤᠬᠤ ᠲᠡᠨᠳᠡᠴᠡ ᠬᠣᠶᠢᠲᠤ ᠳᠠᠭᠤᠳᠠᠭᠰᠠᠨ ᠲᠤᠷ ᠢᠷᠡᠪᠡᠢ ᠶᠠᠭᠤᠨ ᠲᠤ ᠪᠤᠷᠤᠭᠤᠳᠪᠠ ᠭᠡᠭᠰᠡᠨ ᠲᠦ ᠴᠢᠮᠠᠢ ᠣᠶᠢᠷᠠᠳ ᠪᠠᠷᠢᠵᠤ ᠢᠷᠡᠬᠦᠯᠡ ᠨᠠᠮᠠᠶᠢ ᠵᠠᠭᠠᠵᠤ ᠥᠭᠭᠥᠨᠡᠮ ᠪᠣᠯᠪᠤᠤ ᠭᠡᠵᠦ ᠵᠠᠶᠢᠯᠠᠭᠰᠠᠨ ᠪᠢᠯᠡ ᠭᠡᠵᠦ ᠬᠡᠯᠡᠭᠡᠳ ᠠᠪᠴᠤ ᠢᠷᠡᠭᠰᠡᠨ ᠮᠣᠷᠢᠨ ᠤᠨᠤᠨ ᠶᠠᠪᠤᠵᠤ ᠬᠣᠳᠣᠭᠣᠳᠤ ᠶᠢᠨ ᠬᠤᠯᠤᠰᠤᠨ ᠲᠤ ᠲᠣᠷᠭᠣᠪᠠᠷ ᠮᠣᠷᠢᠨ ᠢᠶᠠᠨ ᠠᠷᠭᠠᠮᠵᠢᠵᠤ ᠰᠠᠭᠤᠲᠠᠯᠠ ᠬᠢᠷᠰᠠᠨ ᠤ ᠮᠥᠷ ᠮᠥᠱᠬᠢᠵᠦ ᠶᠠᠪᠤᠬᠤ ᠬᠦᠮᠦᠨ ᠢ ᠦᠵᠡᠭᠡᠳ ᠪᠤᠷᠤᠭᠤᠳᠴᠤ ᠬᠦᠨᠡᠰᠦ ᠦᠭᠡᠢ ᠵᠠᠶᠢᠳᠠᠩ ᠶᠠᠪᠤᠲᠠᠯᠠ ᠬᠠᠷᠠᠭᠤᠴᠤᠭ ᠱᠣᠣ ᠪᠤᠭᠤ ᠶᠢ ᠬᠠᠷᠪᠤᠵᠤ ᠠᠯᠠᠪᠠᠢ ᠬᠠᠪᠢᠷᠭᠠᠶᠢᠨᠢ ᠡᠮᠡᠭᠡᠯ ᠬᠢᠵᠦ ᠮᠢᠬᠠᠨ ᠢ ᠬᠦᠨᠡᠰᠦ ᠬᠢᠵᠦ ᠳᠣᠮᠣᠭ ᠤᠨ ᠪᠠᠶᠠᠨ ᠬᠦᠮᠦᠨ ᠲᠦ ᠣᠷᠣᠪᠠ ᠪᠠᠶᠠᠨ ᠬᠦᠮᠦᠨ ᠦ ᠳᠡᠭᠦ ᠬᠡᠯᠡᠪᠡᠢ ᠡᠨᠡ ᠬᠦᠮᠦᠨ ᠨᠢᠳᠦᠨ ᠲᠡᠭᠡᠨ ᠭᠠᠯᠲᠠᠢ ᠨᠥᠬᠥᠷᠯᠡᠵᠦ ᠦᠯᠦ ᠪᠣᠯᠬᠤ ᠠᠯᠠ ᠭᠡᠪᠡ ᠬᠡᠨ ᠢ ᠬᠦᠮᠦᠨ ᠬᠡᠨᠳᠦ ᠦᠯᠦ ᠬᠠᠨᠢᠯᠠᠮ ᠭᠡᠵᠦ ᠡᠰᠡ ᠠᠯᠠᠪᠠ ᠲᠡᠭᠦᠨ ᠦ ᠬᠣᠶᠢᠨᠠ ᠨᠠᠭᠠᠴᠤ ᠲᠠᠶᠢᠵᠢ ᠲᠤ ᠬᠡᠯᠡᠪᠡᠢ ᠭᠠᠭᠴᠠᠭᠠᠷ ᠶᠠᠪᠤᠵᠤ ᠶᠠᠭᠤᠨ ᠪᠣᠯᠤᠮ ᠪᠢᠳᠠ ᠪᠢ ᠣᠶᠢᠷᠠᠳ ᠲᠤ ᠡᠴᠢᠵᠦ ᠬᠠᠲᠤᠨ ᠢ ᠴᠢᠨᠤ ᠠᠪᠴᠤ ᠢᠷᠡᠵᠦ ᠦᠵᠡᠰᠦ ᠨᠠᠮᠠᠶᠢ ᠢᠷᠡᠲᠡᠯᠡ ᠨᠣᠶᠠᠨ ᠢᠶᠠᠨ ᠪᠦᠦ
kelerün yaγutai sergeg kümün bui či Mongγol=un Qaraγučuγ-tayiji Naγaču qoyar bayinam tegüni bari gejü keleged küriyen=i qarayilγaju γaruγad Qaraγučuγ-tayiji=yin dergede kürüged daγudabasu daγun ese γarbai buruγuduγsan ajuqu tendeče qoyitu daγudaγsan=tur irebei yaγun=tu buruγudba gegsen=tü čimai Oyirad bariju ireküle namayi jaγaju öggönem bolbuu gejü jayilaγsan bile gejü keleged abču iregsen morin unun yabuju Qodoγodu=yin qulusun=tu torγobar morin=iyan arγamjiju saγutala kirsan=u mör möškijü yabuqu kümün=i üjeged buruγudču künesü ügei jayidang yabutala Qaraγučuγ šoo buγu=yi qarbuju alabai qabirγayini emegel kijü miqan=i künesü kijü domoγ=un bayan kümün=tü oroba bayan kümün=ü degü kelebei ene kümün nidün=tegen γaltai nökörlejü ülü bolqu ala gebe ken=i kümün kendü ülü qanilam gejü ese alaba tegün=ü qoyina Naγaču tayiji=tu kelebei γaγčaγar yabuju yaγun bolum bida bi Oyirad=tu ečijü qatun=i činu abču irejü üjesü namayi iretele noyan=iyan büü
149a
ᠮᠡᠳᠡᠭᠦᠯ ᠬᠦᠮᠦᠨ ᠢ ᠲᠦᠰᠢᠵᠦ ᠪᠦᠦ ᠪᠠᠢ ᠣᠯᠠᠨ ᠥᠷᠥᠭᠡᠰᠦ ᠲᠠᠰᠤ ᠪᠦᠦ ᠠᠯᠠ ᠭᠡᠵᠦ ᠡᠨᠡ ᠦᠭᠡ ᠬᠡᠯᠡᠭᠡᠳ ᠨᠠᠭᠠᠴᠤ ᠡᠰᠡᠨ ᠲᠠᠶᠢᠰᠢ ᠲᠤ ᠬᠠᠷᠠᠭᠤᠴᠤᠭ ᠢ ᠪᠢ ᠠᠯᠠᠪᠠ ᠭᠡᠵᠦ ᠭᠡᠵᠢᠭᠡ ᠶᠢ ᠢᠨᠤ ᠲᠡᠮᠳᠡᠭ ᠠᠪᠴᠤ ᠡᠴᠢᠪᠡ ᠬᠣᠶᠢᠨᠠ ᠪᠠᠶᠠᠨ ᠬᠦᠮᠦᠨ ᠥᠬᠢᠨ ᠢᠶᠡᠨ ᠬᠠᠷᠠᠭᠤᠴᠤᠭ ᠲᠤ ᠥᠭᠪᠡ ᠠᠪᠠ ᠲᠤᠷ ᠬᠣᠷᠢᠨ ᠵᠢᠭᠡᠷᠡ ᠭᠠᠷᠤᠭᠰᠠᠨ ᠲᠤᠷ ᠬᠠᠷᠠᠭᠤᠴᠤᠭ ᠬᠣᠶᠠᠷ ᠢ ᠭᠠᠷᠭᠠᠪᠠᠢ ᠪᠢᠰᠢ ᠢᠨᠤ ᠲᠠᠰᠤ ᠠᠯᠠᠪᠠᠢ ᠪᠠᠰᠠ ᠠᠪᠠ ᠳᠡᠭᠡᠷᠡ ᠲᠡᠷᠡ ᠪᠠᠶᠠᠨ ᠤ ᠳᠡᠭᠦ ᠠᠲᠠᠭᠠᠷᠬᠠᠵᠤ ᠲᠠᠰᠢᠭᠠᠷᠠᠪᠠ ᠭᠡᠵᠦ ᠬᠣᠷᠣᠭᠣᠪᠠ ᠨᠠᠭᠠᠴᠤ ᠶᠢ ᠬᠦᠷᠦᠭᠰᠡᠨ ᠬᠣᠶᠢᠨᠠ ᠡᠰᠡᠨ ᠲᠠᠶᠢᠰᠢ ᠲᠤ ᠡᠬᠡ ᠢᠨᠤ ᠠᠭ᠎ᠠ ᠬᠡᠯᠡᠪᠡ ᠨᠠᠭᠠᠴᠤ ᠢᠷᠡᠬᠦᠯᠡ ᠠᠯᠠᠬᠤ ᠪᠤᠶᠤ ᠴᠢ ᠭᠡᠪᠡ ᠨᠠᠭᠠᠴᠤ ᠢᠷᠡᠬᠦᠯᠡ ᠲᠡᠭᠦᠨᠢ ᠦᠵᠡᠬᠦᠯᠡ ᠮᠢᠬ ᠠ ᠶᠢ ᠢᠨᠤ ᠢᠳᠡᠵᠦ ᠴᠢᠰᠤᠨ ᠢ ᠢᠨᠤ ᠤᠭᠤᠬᠤ ᠭᠡᠪᠡ ᠡᠬᠡ ᠢᠨᠤ ᠥᠭᠦᠯᠡᠷᠦᠨ ᠬᠠᠷᠠᠭᠤᠴᠤᠭ ᠢ ᠬᠣᠷᠣᠬᠤᠯᠠ ᠠᠯᠠᠬᠤ ᠪᠤᠶᠤ ᠭᠡᠪᠡ ᠴᠢᠩᠭᠡᠬᠦᠯᠡ ᠦᠯᠦ ᠠᠯᠠᠬᠤ ᠭᠡᠭᠰᠡᠨ ᠲᠦᠷ ᠡᠬᠡ ᠢᠨᠤ ᠨᠠᠭᠠᠴᠤ ᠶᠢ ᠡᠰᠡᠨ ᠲᠠᠶᠢᠰᠢ ᠲᠤ ᠵᠣᠯᠭᠠᠭᠤᠯᠪᠠ ᠬᠡᠰᠢᠭ ᠲᠦ ᠬᠦᠮᠦᠨ ᠠᠮᠢᠳᠤ ᠭᠠᠷᠪᠠᠢ ᠬᠣᠶᠢᠨᠠ ᠡᠰᠡᠨ ᠲᠠᠶᠢᠰᠢ ᠲᠣᠮᠣᠭ ᠲᠤ ᠴᠢᠷᠢᠭ ᠮᠣᠷᠳᠠᠵᠤ ᠲᠡᠷᠡ ᠴᠢᠷᠢᠭ ᠲᠦ ᠨᠠᠭᠠᠴᠤ ᠶᠢ ᠡᠰᠡ ᠠᠪᠴᠤ ᠮᠣᠷᠳᠠᠪᠠ ᠨᠠᠭᠠᠴᠤ ᠬᠣᠶᠠᠷ ᠮᠣᠷᠢᠨ ᠢ ᠤᠨᠤᠵᠤ ᠴᠢᠷᠢᠭ ᠦᠨ ᠭᠠᠳᠠᠭᠤᠷ ᠶᠠᠪᠤᠪᠠ ᠲᠡᠨᠳᠡᠴᠡ ᠣᠶᠢᠷᠠᠳ ᠲᠣᠮᠣᠭ ᠢ ᠳᠣᠪᠲᠣᠯᠪᠠ ᠣᠶᠢᠷᠠᠳ ᠤᠨ ᠠᠭᠤᠯᠠᠭᠴᠢᠨ᠎ᠠ ᠨᠠᠭᠠᠴᠤ ᠳᠠᠭᠠᠨ ᠶᠠᠪᠤᠵᠤ ᠨᠢᠭᠡᠨ ᠰᠦᠷᠦᠭ ᠠᠳᠤᠭᠤ ᠣᠯᠵᠢᠯᠠᠵᠤ ᠡᠰᠡᠨ ᠲᠠᠶᠢᠰᠢ ᠲᠤ ᠥᠭᠪᠡ
medegül kümün=i tüsijü büü bai olan örögesü tasu büü ala gejü ene üge keleged Naγaču Esen-tayisi=tu Qaraγučuγ=i bi alaba gejü gejige=yi inu temdeg abču ečibe qoyina bayan kümün ökin=iyen Qaraγučuγ=tu ögbe aba=tur qorin jigere γaruγsan=tur Qaraγučuγ qoyar=i γarγabai bisi inu tasu alabai basa aba degere tere bayan=u degü ataγarqaju tasiγaraba gejü qoroγoba Naγaču=yi kürügsen qoyina Esen-tayisi=tu eke inu Aγ=a kelebe Naγaču ireküle alaqu buyu či gebe Naγaču ireküle tegüni üjeküle miq=a=yi inu idejü čisun=i inu uγuqu gebe eke inu ögülerün Qaraγučuγ=i qoroqula alaqu buyu gebe činggeküle ülü alaqu gegsen=tür eke inu Naγaču=yi Esen-tayisi=tu jolγaγulba kesig=tü kümün amidu γarbai qoyina Esen-tayisi Tomoγ=tu čirig mordaju tere čirig=tü Naγaču=yi ese abču mordaba Naγaču qoyar morin=i unuju čirig=ün γadaγur yabuba tendeče Oyirad Tomoγ=i dobtolba Oyirad=un aγulaγčin=a Naγaču daγan yabuju nigen sürüg aduγu oljilaju Esen-tayisi=tu ögbe
149b
ᠮᠥᠩᠭᠥᠨ ᠴᠠᠷᠠ ᠬᠡᠷᠡᠮ ᠦᠨ ᠳᠠᠬᠤ ᠬᠣᠶᠠᠷ ᠢ ᠨᠢᠭᠤᠵᠤ ᠡᠬᠡ ᠲᠦᠷ ᠢᠨᠤ ᠥᠭᠪᠡ ᠭᠡᠵᠦ ᠡᠰᠡᠨ ᠠᠭᠤᠷᠯᠠᠪᠠ ᠡᠬᠡ ᠢᠨᠤ ᠬᠡᠯᠡᠪᠡ ᠡᠬᠡᠯᠡᠷᠡᠨ ᠠᠲᠠᠭᠠᠲᠠᠢ ᠪᠤᠶᠤ ᠬᠠᠷᠠᠭᠤᠴᠤᠭ ᠢ ᠠᠯᠠᠵᠤ ᠡᠷᠡᠮᠡᠭ ᠰᠢᠷᠭᠠᠭᠴᠢᠨ ᠢ ᠴᠢᠨᠤ ᠠᠪᠴᠤ ᠢᠷᠡᠵᠦ ᠥᠭᠪᠡ ᠠᠳᠤᠭᠤ ᠣᠯᠵᠢᠯᠠᠭᠰᠠᠨ ᠢ ᠡᠰᠡᠨ ᠲᠠᠶᠢᠰᠢ ᠦᠵᠡᠵᠦ ᠬᠦᠮᠦᠨ ᠪᠢᠰᠢ ᠡᠯᠢᠶ᠎ᠡ ᠪᠠᠶᠢᠨᠠᠮ ᠭᠡᠪᠡ ᠨᠠᠭᠠᠴᠤ ᠶᠢᠨ ᠡᠯᠢᠶ᠎ᠡ ᠨᠡᠷᠡ ᠲᠡᠭᠦᠨ ᠡᠴᠡ ᠪᠣᠯᠪᠠ ᠡᠯᠢᠶ᠎ᠡ ᠨᠠᠭᠠᠴᠤ ᠲᠡᠨᠳᠡ ᠠᠪᠠᠢ ᠡᠰᠡᠨ ᠲᠠᠶᠢᠰᠢ ᠶᠢᠨ ᠥᠬᠢᠨ ᠬᠠᠷᠠᠭᠤᠴᠤᠭ ᠲᠠᠶᠢᠵᠢ ᠶᠢᠨ ᠪᠢᠭᠢᠵᠢ ᠰᠢᠯᠲᠠᠭᠠᠲᠠᠢ ᠪᠥᠯᠦᠭᠡ ᠣᠶᠢᠷᠠᠳ ᠤᠨ ᠤᠷᠪᠤᠢ ᠬᠣᠵᠢᠭᠢᠷ ᠠᠪᠤᠪᠠ ᠮᠣᠩᠭᠣᠯ ᠢ ᠣᠶᠢᠷᠠᠳ ᠠᠪᠤᠭᠰᠠᠨ ᠬᠣᠶᠢᠨᠠ ᠡᠰᠡᠨ ᠲᠠᠶᠢᠰᠢ ᠰᠢᠭᠦᠰᠢᠲᠡᠢ ᠨᠣᠶᠠᠨ ᠢ ᠤᠷᠢᠪᠠ ᠲᠡᠭᠦᠨ ᠲᠦᠷ ᠰᠢᠭᠦᠰᠢᠲᠡᠢ ᠭᠤᠴᠢᠨ ᠨᠥᠬᠥᠷ ᠲᠡᠢ ᠡᠴᠢᠪᠡ ᠠᠷᠪᠠᠨ ᠨᠥᠬᠥᠷ ᠲᠡᠢ ᠥᠷᠭᠥᠭᠡᠨ ᠲᠦ ᠣᠷᠪᠠ ᠡᠰᠡᠨ ᠲᠠᠶᠢᠰᠢ ᠬᠦᠮᠦᠨ ᠢᠯᠡᠭᠡᠵᠦ ᠰᠢᠭᠦᠰᠢᠲᠡᠢ ᠡᠴᠡ ᠭᠤᠶᠢᠯᠢᠨᠴᠢ ᠶᠢ ᠴᠠᠪᠴᠢᠭᠴᠢ ᠪᠣᠯᠠᠳ ᠢᠯᠳᠦᠪᠡᠨ ᠠᠴᠠ ᠭᠡᠪᠡ ᠰᠢᠭᠦᠰᠢᠲᠡᠢ ᠮᠠᠭᠤ ᠰᠡᠳᠬᠢᠬᠦᠢ ᠮᠡᠳᠡᠵᠦ ᠬᠤᠶᠢᠲᠤ ᠢᠯᠳᠦ ᠪᠡᠷ ᠬᠦᠮᠦᠨ ᠢ ᠲᠣᠯᠣᠭᠠᠢ ᠴᠠᠪᠴᠢᠲᠠᠯᠠ ᠣᠯᠬᠤᠢ ᠮᠡᠷᠭᠡᠨ ᠪᠠᠷᠢᠵᠤ ᠡᠰᠡ ᠴᠠᠪᠴᠢᠭᠤᠯᠪᠠ ᠰᠢᠭᠦᠰᠢᠲᠡᠢ ᠢᠯᠳᠦ ᠪᠡᠨ ᠥᠭᠪᠡ ᠲᠡᠷᠡ ᠬᠦᠮᠦᠨ ᠢᠯᠳᠦ ᠠᠪᠴᠤ ᠭᠤᠶᠢᠯᠢᠨᠴᠢ ᠶᠢ ᠴᠠᠪᠴᠢᠭᠴᠢ ᠢᠯᠳᠦ ᠮᠥᠨ ᠪᠤᠶᠤ ᠪᠢᠰᠢ ᠪᠤᠶᠤ ᠭᠡᠪᠡᠢ ᠰᠢᠭᠦᠰᠢᠲᠡᠢ ᠥᠭᠦᠯᠡᠷᠦᠨ ᠡᠳ ᠢᠨᠤ ᠮᠥᠨ ᠡᠵᠡᠨ ᠢᠨᠤ ᠪᠢᠰᠢ ᠭᠡᠪᠡᠢ ᠰᠢᠭᠦᠰᠢᠲᠡᠢ ᠣᠩ ᠶᠢ ᠡᠬᠢᠯᠡᠨ ᠣᠯᠬᠤᠢ ᠮᠡᠷᠭᠡᠨ ᠠᠷᠪᠠᠨ ᠨᠥᠬᠥᠷᠲᠡᠢ ᠶᠢ
mönggön čara kerem=ün daqu qoyar=i niγuju eke=tür inu ögbe gejü Esen aγurlaba eke inu kelebe ekeleren ataγatai buyu Qaraγučuγ=i alaju eremeg sirγaγčin=i činu abču irejü ögbe aduγu oljilaγsan=i Esen-tayisi üjejü kümün bisi eliy=e bayinam gebe Naγaču=yin eliy=e nere tegün=eče bolba eliy=e Naγaču tende abai Esen-tayisi=yin ökin Qaraγučuγ-tayiji=yin bigiji siltaγatai bölüge Oyirad=un Urbui-Qojigir abuba ~ Mongγol=i Oyirad abuγsan qoyina Esen-tayisi Sigüsitei-noyan=i uriba tegün=tür Sigüsitei γučin nökör=tei ečibe arban nökör=tei örgögen=tü orba Esen-tayisi kümün ilegejü Sigüsitei=eče Γuyilinči=yi čabčiγči bolad ildüben ača gebe Sigüsitei maγu sedkiküi medejü quyitu ildü=ber kümün=i toloγai čabčitala Olqui-Mergen bariju ese čabčiγulba Sigüsitei ildü=ben ögbe tere kümün ildü abču Γuyilinči=yi čabčiγči ildü mön buyu bisi buyu gebei Sigüsitei ögülerün ed inu mön ejen inu bisi gebei Sigüsitei-ong=yi ekilen Olqui-Mergen arban nökörtei=yi
150a
ᠠᠯᠠᠪᠠ ᠣᠶᠢᠷᠠᠳ ᠤᠨ ᠬᠦᠮᠦᠨ ᠰᠢᠪᠠᠭᠤᠨ ᠪᠠᠷᠢᠵᠤ ᠡᠨᠡ ᠶᠠᠮᠪᠠᠷ ᠰᠢᠪᠠᠭᠤᠨ ᠪᠤᠢ ᠭᠡᠵᠦ ᠪᠠᠶᠢᠲᠠᠯᠠ ᠨᠢᠴᠦᠭᠦᠨ ᠬᠡᠭᠦᠬᠡᠨ ᠢᠷᠡᠭᠡᠳ ᠠᠮᠠᠨ ᠢᠨᠤ ᠶᠡᠬᠡ ᠠᠯᠠᠭᠠᠨ ᠢᠨᠤ ᠠᠭᠤᠤ ᠮᠥᠷᠥᠨ ᠢᠨᠤ ᠳᠡᠷᠪᠡᠭᠡᠷ ᠰᠡᠭᠦᠯ ᠢᠨᠤ ᠰᠢᠪᠲᠤᠭᠤᠷ ᠡᠶᠢᠮᠦ ᠰᠢᠪᠠᠭᠤᠨ ᠢ ᠦᠲᠡᠭᠡ ᠶᠢᠨ ᠬᠦᠷᠢᠶᠡᠨ ᠲᠦ ᠣᠷᠣᠭᠤᠯᠵᠤ ᠣᠷᠤᠬᠢᠳᠠᠭ ᠪᠢᠯᠡ ᠡᠨᠡ ᠲᠠᠰ ᠤᠨ ᠵᠤᠯᠵᠠᠭᠠᠨ ᠬᠠᠴᠢᠷ ᠳᠠᠷᠪᠢᠳ ᠭᠡᠭᠴᠢ ᠪᠠᠶᠢᠨᠠᠮ ᠭᠡᠭᠰᠡᠨ ᠲᠦᠷ ᠲᠡᠷᠡ ᠬᠦᠮᠦᠨ ᠡᠴᠢᠭᠡᠳ ᠡᠰᠡᠨ ᠲᠠᠶᠢᠰᠢ ᠲᠤᠷ ᠬᠡᠯᠡᠪᠡᠢ ᠡᠨᠡ ᠰᠢᠪᠠᠭᠤᠨ ᠢ ᠪᠢᠳᠠ ᠡᠰᠡ ᠲᠠᠨᠢᠵᠤ ᠪᠢᠯᠡ ᠮᠣᠩᠭᠣᠯ ᠤᠨ ᠨᠢᠭᠡᠨ ᠪᠠᠭᠠᠨ ᠬᠡᠭᠦᠬᠡᠨ ᠲᠠᠨᠢᠪᠠᠢ ᠭᠡᠵᠦ ᠬᠡᠯᠡᠪᠡ ᠡᠰᠡᠨ ᠲᠠᠶᠢᠰᠢ ᠥᠭᠦᠯᠡᠷᠦᠨ ᠲᠡᠷᠡ ᠬᠡᠭᠦᠬᠡᠨ ᠠᠲᠠᠭᠲᠠᠢ ᠪᠠᠶᠢᠨᠠᠮ ᠠᠪᠴᠤ ᠢᠷᠡ ᠰᠢᠭᠦᠰᠢᠲᠡᠢ ᠪᠠᠭᠠᠲᠤᠷ ᠤᠨ ᠬᠡᠭᠦᠬᠡᠨ ᠢ ᠡᠷᠢᠵᠦ ᠡᠰᠡ ᠣᠯᠵᠤ ᠪᠢᠯᠡ ᠲᠡᠷᠡ ᠬᠠᠴᠢᠮᠠᠯ ᠤᠨ ᠦᠷᠡ ᠪᠠᠶᠢᠨᠠᠮ ᠥᠬᠢᠨ ᠪᠣᠯᠬᠤᠯᠠ ᠦᠰᠦᠨ ᠢᠨᠤ ᠰᠠᠮᠯᠠ ᠨᠤᠭᠤᠨ ᠪᠣᠯᠬᠤᠯᠠ ᠭᠣᠣᠯ ᠢᠨᠤ ᠰᠠᠮᠯᠠ ᠭᠡᠵᠦ ᠡᠯᠴᠢ ᠢᠯᠡᠭᠡᠪᠡᠢ ᠡᠯᠴᠢ ᠶᠢ ᠦᠵᠡᠭᠡᠳ ᠰᠣᠯᠣᠩᠭᠤᠳ ᠤᠨ ᠰᠠᠩᠭᠤᠯᠳᠠᠷᠢ ᠶᠢᠨ ᠡᠮ᠎ᠡ ᠬᠠᠷᠠᠭᠴᠢᠨ ᠲᠠᠶᠢᠪᠤᠴᠢᠨ ᠪᠣᠯᠣᠨᠠᠢ ᠶᠢ ᠪᠦᠦ ᠬᠥᠳᠡᠯ ᠭᠡᠵᠦ ᠲᠣᠭᠣᠭᠠ ᠪᠠᠷ ᠬᠥᠮᠥᠷᠢᠵᠦ ᠳᠡᠭᠡᠷᠡ ᠢᠨᠤ ᠠᠷᠭᠠᠯ ᠴᠢᠳᠬᠤᠪᠠᠢ ᠡᠨᠳᠡᠭᠦᠷᠡᠭᠦᠯᠵᠦ ᠥᠪᠡᠷᠦᠨ ᠬᠥᠪᠡᠭᠦᠨ ᠢᠶᠡᠨ ᠥᠭᠪᠡᠢ ᠨᠢᠭᠡᠨ ᠢᠨᠤ ᠪᠠᠭᠤᠵᠤ ᠠᠯᠠᠶ᠎ᠠ ᠭᠡᠵᠦ ᠨᠦᠴᠦᠭᠦᠯᠡᠵᠦ ᠬᠦᠵᠦᠭᠦᠨ ᠲᠦᠷ ᠢᠨᠤ ᠪᠣᠭᠣᠮᠢ ᠡᠮᠦᠰᠭᠡᠪᠡᠢ ᠨᠥᠬᠥᠷ ᠢᠨᠤ ᠲᠡᠷᠡ ᠡᠳᠦᠷ ᠦᠨ ᠬᠡᠭᠦᠬᠡᠨ ᠲᠠᠤᠯᠠᠢ ᠵᠣᠲᠠᠢ ᠨᠢᠳᠦᠨ ᠲᠡᠭᠡᠨ ᠭᠠᠯᠲᠠᠢ ᠪᠢᠯᠡ ᠡᠨᠡ ᠪᠢᠰᠢ ᠪᠦᠦ ᠠᠯᠠ ᠭᠡᠵᠦ ᠲᠠᠯᠪᠢᠪᠠᠢ ᠲᠡᠷᠡ ᠡᠯᠴᠢ ᠶᠢ
alaba Oyirad=un kümün sibaγun bariju ene yambar sibaγun bui gejü bayitala ničügün kegüken ireged aman inu yeke alaγan inu aγuu mörön inu derbeger segül inu sibtuγur eyimü sibaγun=i ütege=yin küriyen=tü oroγulju orukidaγ bile ene tas=un juljaγan qačir darbid gegči bayinam gegsen=tür tere kümün ečiged Esen-tayisi=tur kelebei ene sibaγun=i bida ese taniju bile Mongγol=un nigen baγan kegüken tanibai gejü kelebe Esen-tayisi ögülerün tere kegüken ataγtai bayinam abču ire Sigüsitei-baγatur=un kegüken=i erijü ese olju bile tere qačimal=un üre bayinam ökin bolqula üsün inu samla nuγun bolqula γool inu samla gejü elči ilegebei elči=yi üjeged Solongγud=un Sangγuldari=yin em=e Qaraγčin-tayibučin Bolonai=yi büü ködel gejü toγoγa=bar kömörijü degere inu arγal čidqubai endegüregüljü öberün köbegün=iyen ögbei nigen inu baγuju alay=a gejü nüčügülejü küjügün=tür inu boγomi emüsgebei nökör inu tere edür=ün kegüken taulai jotai nidün=tegen γaltai bile ene bisi büü ala gejü talbibai tere elči=yi
150b
ᠭᠠᠷᠤᠭᠰᠠᠨ ᠬᠣᠶᠢᠨᠠ ᠬᠠᠷᠠᠭᠴᠢᠨ ᠲᠠᠶᠢᠪᠤᠴᠢᠨ ᠬᠡᠭᠦᠬᠡᠨ ᠲᠦ ᠰᠤᠷᠭᠠᠯ ᠬᠡᠯᠡᠪᠡ ᠴᠢᠮᠠᠢ ᠪᠤᠷᠤᠭᠤᠯᠠᠭᠤᠯᠵᠤ ᠲᠠᠯᠪᠢᠶ᠎ᠠ ᠴᠢ ᠣᠶᠢᠷᠠᠳ ᠢ ᠶᠡᠬᠡᠴᠢ ᠵᠠᠨᠴᠢᠪᠠ ᠪᠠᠭ᠎ᠠ ᠴᠢ ᠵᠠᠨᠴᠢᠪᠠ ᠭᠡᠮ ᠡᠴᠢᠭᠡ ᠡᠬᠡ ᠨᠤᠲᠤᠭ ᠠᠶᠢᠮᠠᠭ ᠢᠶᠠᠨ ᠪᠠᠭ ᠠ ᠲᠤ ᠠᠪᠲᠠᠭᠰᠠᠨ ᠤ ᠲᠤᠯᠠ ᠦᠯᠦ ᠮᠡᠳᠡᠮ ᠭᠡᠵᠦ ᠶᠠᠪᠤᠤ ᠭᠡᠪᠡᠢ ᠲᠡᠭᠦᠨ ᠦ ᠬᠣᠶᠢᠨᠠ ᠣᠶᠢᠷᠠᠳ ᠤᠨ ᠢᠯᠠᠴᠤ ᠪᠠᠶᠠᠨ ᠲᠤ ᠲᠠᠯᠪᠢᠪᠠᠢ ᠡᠴᠢᠭᠡ ᠡᠬᠡ ᠶᠦᠭᠡᠨ ᠡᠰᠡ ᠮᠡᠳᠡᠪᠡ ᠴᠢ ᠮᠠᠨ ᠤ ᠣᠶᠢᠷᠠᠳ ᠤᠨ ᠦᠷᠡ ᠪᠠᠶᠢᠨᠠᠮ ᠭᠡᠵᠦ ᠬᠠᠶᠢᠷᠠᠯᠠᠨ ᠠᠪᠴᠤ ᠶᠠᠪᠤᠪᠠᠢ ᠬᠠᠷᠠᠭᠴᠢᠨ ᠡᠷᠡ ᠲᠡᠭᠡᠨ ᠬᠡᠯᠡᠪᠡᠢ ᠨᠣᠶᠠᠨ ᠢ ᠪᠢᠳᠠᠨ ᠤ ᠦᠷᠡ ᠪᠢᠯᠡ ᠠᠪᠴᠤ ᠮᠣᠩᠭᠣᠯ ᠤᠨ ᠭᠠᠵᠠᠷᠠ ᠡᠴᠢᠶᠡᠯᠡ ᠭᠡᠵᠦ ᠬᠡᠯᠡᠪᠡ ᠰᠠᠩᠬᠤᠯᠳᠠᠷᠢ ᠭᠠᠵᠠᠷ ᠬᠣᠯᠠ ᠭᠡᠵᠦ ᠡᠰᠡ ᠪᠣᠯᠪᠠ ᠴᠢ ᠰᠠᠭᠤ ᠬᠥᠪᠡᠭᠦᠨ ᠢᠶᠡᠨ ᠠᠪᠴᠤ ᠪᠢ ᠡᠴᠢᠨᠡᠮ ᠭᠡᠵᠦ ᠶᠡᠬᠡ ᠬᠥᠪᠡᠭᠦᠨ ᠢᠶᠡᠨ ᠮᠠᠭᠠᠰᠢ ᠢᠯᠡᠭᠡᠵᠦ ᠪᠣᠯᠣᠨᠠᠢ ᠶᠢ ᠬᠤᠯᠭᠠᠵᠤ ᠠᠪᠴᠤ ᠢᠷᠡᠭᠡᠳ ᠦᠨᠡᠪᠠᠯᠠᠳ ᠣᠩ ᠲᠤ ᠳᠡᠭᠦᠳᠦ ᠢᠨᠤ ᠬᠦᠷᠭᠡᠵᠦ ᠥᠭᠪᠡ ᠦᠨᠡᠪᠠᠯᠠᠳ ᠣᠩ ᠥᠭᠦᠯᠡᠷᠦᠨ ᠠᠬ ᠠ ᠶᠤᠭᠠᠨ ᠴᠢᠮᠠᠢ ᠦᠭᠡᠢ ᠲᠦ ᠶᠣᠰᠤᠨ ᠦᠭᠡᠢ ᠪᠢ ᠡᠵᠡᠯᠡᠵᠦ ᠪᠢᠯᠡ ᠶᠣᠰᠤᠲᠤ ᠠᠬ᠎ᠠ ᠮᠢᠨᠤ ᠴᠢ ᠡᠵᠡᠯᠡ ᠭᠡᠵᠦ ᠬᠠᠷᠠ ᠲᠤᠭ ᠢᠶᠠᠨ ᠡᠵᠡᠯᠡᠭᠦᠯᠪᠡᠢ ᠮᠣᠩᠭᠣᠯ ᠤᠨ ᠲᠥᠷᠥ ᠶᠢ ᠠᠪᠤᠭᠰᠠᠨ ᠤ ᠬᠣᠶᠢᠨᠠ ᠲᠣᠭᠣᠨ ᠲᠠᠶᠢᠰᠢ ᠶᠡᠬᠡ ᠳᠤᠷᠠᠨ ᠪᠠᠷᠢᠵᠤ ᠡᠵᠡᠨ ᠦ ᠨᠠᠢᠮᠠᠨ ᠴᠠᠭᠠᠨ ᠭᠡᠷ ᠲᠦ ᠮᠥᠷᠭᠥᠵᠦ ᠬᠠᠨ ᠣᠷᠣ ᠠᠪᠤᠶ᠎ᠠ ᠭᠡᠵᠦ ᠢᠷᠡᠭᠡᠳ ᠮᠥᠷᠭᠥᠵᠦ ᠬᠠᠨ ᠪᠣᠯᠪᠠᠢ ᠲᠣᠭᠣᠨ ᠲᠠᠶᠢᠰᠢ ᠡᠵᠡᠨ ᠦ ᠬᠡᠰᠢᠭ ᠲᠦ
γaruγsan qoyina Qaraγčin-tayibučin kegüken=tü surγal kelebe čimai buruγulaγulju talbiy=a či Oyirad=i yekeči jančiba baγ=a či jančiba gem ečige eke nutuγ ayimaγ=iyan baγ=a=tu abtaγsan=u tula ülü medem gejü yabuu gebei tegün=ü qoyina Oyirad=un Ilaču-Bayan=tu talbibai ečige eke=yügen ese medebe či man=u Oyirad=un üre bayinam gejü qayiralan abču yabubai Qaraγčin ere=tegen kelebei noyan=i bidan=u üre bile abču Mongγol=un γajara ečiyele gejü kelebe Sangquldari γajar qola gejü ese bolba či saγu köbegün=iyen abču bi ečinem gejü yeke köbegün=iyen maγasi ilegejü Bolonai=yi qulγaju abču ireged Ünebalad-ong=tu degüdü inu kürgejü ögbe Ünebalad-ong ögülerün aq=a=yuγan čimai ügei=tü yosun ügei bi ejelejü bile yosutu aq=a minu či ejele gejü qara tuγ=iyan ejelegülbei Mongγol=un törö=yi abuγsan=u qoyina Toγon-tayisi yeke duran bariju ejen=ü naiman čaγan ger=tü mörgöjü qan oro abuy=a gejü ireged mörgöjü qan bolbai Toγon-tayisi ejen=ü kesig=tü
151a
ᠰᠣᠭᠲᠠᠵᠤ ᠴᠢ ᠰᠣᠳᠤ ᠪᠣᠭᠳᠠ ᠪᠣᠯᠤᠰᠠ ᠪᠢ ᠰᠣᠳᠠᠢ ᠬᠠᠲᠤᠨ ᠤ ᠦᠷᠡ ᠭᠡᠵᠦ ᠶᠡᠬᠡ ᠠᠮᠠᠨ ᠬᠡᠯᠡᠵᠦ ᠡᠵᠡᠨ ᠦ ᠴᠣᠮᠴᠣᠭ ᠢ ᠬᠠᠱᠬᠢᠷ ᠤᠨ ᠳᠠᠭᠠᠷᠢᠯᠠᠵᠤ ᠳᠡᠯᠡᠳᠪᠡᠢ ᠲᠡᠨᠳᠡᠴᠡ ᠡᠷᠭᠢᠵᠦ ᠭᠠᠷᠤᠮ ᠭᠡᠲᠡᠯᠡ ᠲᠣᠭᠣᠨ ᠲᠠᠶᠢᠰᠢ ᠶᠢᠨ ᠬᠠᠪᠠᠷ ᠠᠮᠠᠨ ᠠᠴᠠ ᠴᠢᠰᠤᠨ ᠭᠠᠷᠴᠤ ᠮᠣᠷᠢᠨ ᠢᠶᠠᠨ ᠳᠡᠯ ᠲᠡᠪᠡᠷᠢᠵᠦ ᠪᠠᠶᠢᠵᠤ ᠡᠨᠡ ᠶᠠᠭᠤᠨ ᠪᠣᠯᠪᠠ ᠭᠡᠵᠦ ᠦᠵᠡᠪᠡᠰᠦ ᠡᠵᠡᠨ ᠦ ᠰᠠᠭᠠᠳᠠᠭ ᠤᠨ ᠨᠢᠳᠦᠨ ᠲᠦᠷ ᠳᠦᠷᠦᠭᠰᠡᠨ ᠬᠠᠴᠢᠷ ᠥᠳᠦ ᠲᠦ ᠭᠡᠶᠢᠪᠦᠷ ᠴᠢᠰᠤᠨ ᠪᠠᠭᠤᠯᠭᠠᠵᠤ ᠬᠥᠳᠡᠯ ᠦᠨ ᠪᠠᠶᠢᠬᠤᠢ ᠪᠦᠭᠦᠳᠡᠭᠡᠷ ᠦᠵᠡᠪᠡᠢ ᠲᠣᠭᠣᠨ ᠥᠭᠦᠯᠡᠷᠦᠨ ᠡᠷᠡ ᠪᠣᠭᠳᠠ ᠡᠷᠡᠪᠡᠨ ᠮᠡᠳᠡᠭᠦᠯᠪᠡ ᠡᠮ᠎ᠡ ᠰᠣᠳᠠᠢ ᠶᠢᠨ ᠬᠥᠪᠡᠭᠦᠨ ᠲᠣᠭᠣᠨ ᠪᠢ ᠦᠬᠦᠪᠡ ᠥᠷᠭᠥᠰᠦᠨ ᠮᠢᠨᠤ ᠠᠷᠢᠯᠵᠠᠮ ᠮᠣᠩᠭᠣᠯᠵᠢᠨ ᠤ ᠮᠥᠩᠬᠡ ᠪᠤᠢ ᠲᠡᠭᠦᠨ ᠢ ᠲᠡᠪᠴᠢ ᠭᠡᠵᠦ ᠬᠥᠪᠡᠭᠦᠨ ᠲᠡᠭᠡᠨ ᠡᠨᠡ ᠦᠭᠡ ᠬᠡᠯᠡᠵᠦ ᠥᠭᠪᠡ ᠡᠴᠢᠭᠡ ᠶᠢᠨ ᠦᠭᠡ ᠪᠡᠷ ᠮᠣᠩᠭᠣᠯᠵᠢᠨ ᠤ ᠮᠥᠩᠬᠡ ᠭᠢ ᠠᠯᠠᠪᠠ ᠮᠣᠩᠭᠣᠯ ᠤᠨ ᠨᠢᠭᠡᠨ ᠲᠥᠷᠥ ᠣᠶᠢᠷᠠᠳ ᠲᠤ ᠠᠪᠲᠠᠪᠠ ᠭᠡᠬᠦ ᠲᠡᠷᠡ ᠪᠥᠯᠦᠭᠡ ᠲᠡᠭᠦᠨ ᠦ ᠬᠣᠶᠢᠨᠠ ᠡᠰᠡᠨ ᠲᠠᠶᠢᠰᠢ ᠬᠠᠨ ᠰᠠᠭᠤᠵᠤ ᠣᠶᠢᠷᠠᠳ ᠮᠣᠩᠭᠣᠯ ᠬᠣᠶᠠᠷ ᠢ ᠠᠪᠴᠤ ᠤᠰᠤᠨ ᠤ ᠭᠤᠷᠪᠠᠨ ᠲᠦᠮᠡᠨ ᠵᠦᠷᠴᠢᠳ ᠢ ᠳᠣᠪᠲᠣᠯᠵᠤ ᠡᠶ ᠡ ᠲᠦᠷ ᠢᠶᠡᠨ ᠣᠷᠣᠭᠤᠯᠪᠠ ᠡᠰᠡᠨ ᠲᠠᠶᠢᠰᠢ ᠥᠭᠦᠯᠡᠷ ᠦᠨ ᠵᠦᠷᠴᠢᠳ ᠶᠢᠨ ᠨᠢᠭᠡᠨ ᠬᠣᠲᠠ ᠶᠢ ᠮᠣᠷᠢᠨ ᠤ ᠡᠪᠴᠢᠭᠦᠨ ᠲᠦᠷ ᠠᠳᠠᠯᠢ ᠬᠣᠰᠢᠭᠤᠨ ᠲᠤᠷ ᠪᠠᠷᠢᠭᠰᠠᠨ ᠤ ᠲᠤᠯᠠ ᠡᠰᠡ ᠠᠪᠤᠪᠠᠢ ᠨᠢᠭᠡᠨ ᠬᠣᠲᠠ ᠶᠢᠨ ᠤᠯᠤᠰ ᠥᠴᠢᠪᠡ ᠠᠪᠬᠤ
soγtaju či sodu boγda bolusa bi sodai qatun=u üre gejü yeke aman kelejü ejen=ü čomčoγ=i qaškir=un daγarilaju deledbei tendeče ergijü γarum getele Toγon-tayisi=yin qabar aman=ača čisun γarču morin=iyan del teberijü bayiju ene yaγun bolba gejü üjebesü ejen=ü saγadaγ=un nidün=tür dürügsen qačir ödü=tü geyibür čisun baγulγaju ködel=ün bayiqui bügüdeger üjebei Toγon ögülerün ere boγda ereben medegülbe em=e sodai=yin köbegün Toγon bi ükübe örgösün minu ariljam Mongγoljin=u Möngke bui tegün=i tebči gejü köbegün=tegen ene üge kelejü ögbe ečige=yin üge=ber Mongγoljin=u Möngke=gi alaba Mongγol=un nigen törö Oyirad=tu abtaba gekü tere bölüge # ~ tegün=ü qoyina Esen-tayisi qan saγuju Oyirad Mongγol qoyar=i abču Usun=u γurban tümen Jürčid=i dobtolju ey=e=tür=iyen oroγulba Esen-tayisi ögüler=ün Jürčid=yin nigen qota=yi morin=u ebčigün=tür adali qosiγun=tur bariγsan=u tula ese abubai nigen qota=yin ulus öčibe abqu
151b
ᠶᠣᠰᠤᠨ ᠦᠭᠡᠢ ᠭᠡᠵᠦ ᠲᠠᠰᠤ ᠬᠢᠳᠤᠵᠤ ᠨᠠᠭᠤᠷ ᠲᠤᠷ ᠣᠷᠬᠢᠪᠠ ᠴᠢᠰᠤ ᠪᠠᠷ ᠤᠷᠤᠰᠤᠭᠰᠠᠨ ᠤ ᠲᠤᠯᠠ ᠤᠯᠠᠭᠠᠨ ᠨᠠᠭᠤᠷ ᠭᠡᠬᠦ ᠵᠦᠷᠴᠢᠳ ᠲᠦ ᠠᠶᠠᠨ ᠮᠣᠷᠳᠠᠵᠤ ᠡᠴᠢᠬᠦ ᠵᠠᠭᠤᠷᠠ ᠶᠦᠩᠰᠢᠶᠡᠪᠦ ᠶᠢᠨ ᠡᠰᠡᠨ ᠰᠠᠮᠢ ᠲᠠᠶᠢᠮᠢᠩ ᠬᠠᠭᠠᠨ ᠢ ᠪᠠᠷᠢᠮ ᠭᠡᠵᠦ ᠵᠡᠭᠦᠳᠦᠯᠡᠪᠡ ᠭᠡᠵᠦ ᠡᠰᠡᠨ ᠰᠠᠮᠢ ᠡᠰᠡᠨ ᠲᠠᠶᠢᠰᠢ ᠲᠤ ᠮᠡᠳᠡᠭᠦᠯᠪᠡ ᠡᠰᠡᠨ ᠲᠠᠶᠢᠰᠢ ᠥᠭᠦᠯᠡᠷᠦᠨ ᠪᠠᠷᠢᠬᠤ ᠪᠣᠯᠲᠤᠭᠠᠢ ᠬᠡᠷᠪᠡ ᠪᠠᠷᠢᠬᠤᠯᠠ ᠴᠢᠮᠠᠳᠤᠷ ᠥᠭᠰᠦ ᠭᠡᠵᠦ ᠬᠡᠯᠡᠪᠡ ᠵᠦᠷᠴᠢᠳ ᠦᠨ ᠲᠥᠷᠥ ᠶᠢ ᠠᠪᠴᠤ ᠬᠠᠷᠢᠵᠤ ᠢᠷᠡᠲᠡᠯᠡ ᠬᠢᠲᠠᠳ ᠤᠨ ᠵᠢᠩᠲᠠᠢ ᠬᠠᠭᠠᠨ ᠴᠢᠷᠢᠭ ᠦᠳ ᠢᠶᠡᠨ ᠠᠪᠴᠤ ᠮᠣᠩᠭᠣᠯ ᠲᠤ ᠮᠣᠷᠳᠠᠵᠤ ᠢᠷᠡᠲᠡᠯᠡ ᠵᠠᠭᠤᠷᠠ ᠤᠴᠢᠷᠠᠯᠳᠤᠵᠤ ᠬᠢᠲᠠᠳ ᠭᠤᠤ ᠬᠦᠷᠢᠶ᠎ᠡ ᠤᠬᠤᠵᠤ ᠡᠰᠡ ᠬᠠᠯᠭᠠᠪᠠ ᠡᠰᠡᠨ ᠲᠠᠶᠢᠰᠢ ᠬᠠᠷᠢᠭᠴᠢ ᠪᠣᠯᠤᠭᠠᠳ ᠭᠡᠳᠡᠷᠭᠦ ᠬᠠᠷᠠᠭᠤᠯ ᠭᠠᠷᠭᠠᠪᠠ ᠬᠢᠲᠠᠳ ᠭᠤᠤ ᠠ ᠠᠴᠠ ᠭᠠᠷᠴᠤ ᠶᠠᠪᠤᠪᠠ ᠡᠰᠡᠨ ᠲᠠᠶᠢᠰᠢ ᠢᠷᠡᠭᠡᠳ ᠬᠢᠲᠠᠳ ᠤᠨ ᠴᠢᠷᠢᠭ ᠢ ᠳᠠᠷᠤᠪᠠ ᠭᠤᠷᠪᠠᠨ ᠵᠠᠭᠤᠨ ᠬᠦᠮᠦᠨ ᠡᠰᠡ ᠬᠥᠳᠡᠯᠪᠡ ᠲᠡᠭᠦᠨ ᠢ ᠲᠠᠰᠤ ᠴᠠᠪᠴᠢᠭᠠᠳ ᠨᠢᠭᠡᠨ ᠬᠦᠮᠦᠨ ᠢ ᠠᠮᠢᠳᠤ ᠪᠠᠷᠢᠵᠤ ᠲᠠ ᠶᠠᠭᠤᠨ ᠲᠤᠷ ᠡᠰᠡ ᠬᠥᠳᠡᠯᠪᠡ ᠭᠡᠵᠦ ᠠᠰᠠᠭᠪᠠ ᠲᠡᠷᠡ ᠬᠦᠮᠦᠨ ᠬᠠᠭᠠᠨ ᠢᠶᠠᠨ ᠭᠠᠵᠠᠷ ᠲᠤ ᠪᠤᠯᠠᠭᠰᠠᠨ ᠢ ᠵᠢᠭᠠᠵᠤ ᠥᠭᠪᠡ ᠬᠠᠭᠠᠨ ᠢ ᠨᠦᠬᠡᠨ ᠡᠴᠡ ᠠᠪᠤᠭᠠᠳ ᠴᠠᠪᠴᠢᠬᠤᠢ ᠲᠤᠷ ᠪᠡᠶ ᠡ ᠶᠢ ᠢᠨᠤ ᠡᠰᠡ ᠳᠠᠭᠠᠵᠤ ᠢᠯᠳᠦ ᠢᠨᠤ ᠬᠡᠰᠡᠭ ᠬᠡᠰᠡᠭ ᠬᠤᠭᠤᠷᠠᠵᠤ ᠤᠨᠠᠪᠠ ᠤᠰᠤᠨ ᠲᠤᠷ ᠣᠷᠬᠢᠪᠠᠰᠤ ᠡᠰᠡ ᠵᠢᠮᠵᠦ ᠬᠥᠪᠵᠦ ᠪᠠᠶᠢᠪᠠ ᠠᠯᠠᠵᠤ ᠶᠠᠳᠠᠭᠠᠳ
yosun ügei gejü tasu kiduju naγur=tur orkiba čisu=bar urusuγsan=u tula Ulaγan-naγur gekü Jürčid=tü ayan mordaju ečikü jaγura Yüngsiyebü=yin Esen-Sami Tayiming-qaγan=i barim gejü jegüdülebe gejü Esen-Sami Esen-tayisi=tu medegülbe Esen-tayisi ögülerün bariqu boltuγai kerbe bariqula čimadur ögsü gejü kelebe Jürčid=ün törö=yi abču qariju iretele Kitad=un Jingtai-qaγan čirig=üd=iyen abču Mongγol=tu mordaju iretele jaγura učiralduju Kitad γuu küriy=e uquju ese qalγaba Esen-tayisi qariγči boluγad gedergü qaraγul γarγaba Kitad γuu=a=ača γarču yabuba Esen-tayisi ireged Kitad=un čirig=i daruba γurban jaγun kümün ese ködelbe tegün=i tasu čabčiγad nigen kümün=i amidu bariju ta yaγun=tur ese ködelbe gejü asaγba tere kümün qaγan=iyan γajar=tu bulaγsan=i jiγaju ögbe qaγan=i nüken=eče abuγad čabčiqui=tur bey=e=yi inu ese daγaju ildü inu keseg keseg quγuraju unaba usun=tur orkibasu ese jimjü köbjü bayiba alaju yadaγad
152a
ᠵᠢᠩᠲᠠᠢ ᠬᠠᠭᠠᠨ ᠢ ᠵᠡᠭᠦᠳᠡᠨ ᠦ ᠪᠡᠯᠭᠡ ᠪᠡᠷ ᠡᠰᠡᠨ ᠰᠠᠮᠢ ᠲᠤ ᠥᠭᠪᠡ ᠡᠰᠡᠨ ᠲᠠᠶᠢᠰᠢ ᠬᠠᠷᠢᠵᠤ ᠢᠷᠡᠬᠦᠢ ᠲᠡᠭᠡᠨ ᠡᠨᠡ ᠣᠯᠵᠠ ᠲᠠᠶᠢᠮᠢᠩ ᠵᠢᠩᠲᠠᠢ ᠬᠠᠭᠠᠨ ᠢ ᠪᠠᠷᠢᠭᠰᠠᠨ ᠢ ᠪᠦᠦ ᠬᠡᠯᠡ ᠭᠡᠵᠦ ᠵᠠᠷᠯᠠᠪᠠ ᠬᠡᠨ ᠬᠦᠮᠦᠨ ᠬᠡᠯᠡᠬᠦᠯᠡ ᠠᠯᠠᠶ᠎ᠠ ᠭᠡᠪᠡ ᠡᠰᠡᠨ ᠲᠠᠶᠢᠰᠢ ᠭᠡᠷ ᠲᠡᠭᠡᠨ ᠢᠷᠡᠭᠰᠡᠨ ᠦ ᠬᠣᠶᠢᠨᠠ ᠲᠠᠶᠢᠰᠢ ᠶᠢᠨ ᠡᠬᠡ ᠢᠨᠤ ᠣᠯᠵᠠ ᠦᠭᠡᠢ ᠮᠡᠨᠳᠦᠯ᠎ᠡ ᠪᠠᠶᠢᠨᠠᠮ ᠭᠡᠵᠦ ᠬᠡᠯᠡᠪᠡ ᠴᠢ ᠶᠠᠭᠤᠨ ᠲᠤᠷ ᠨᠢᠭᠤᠨᠠᠮ ᠶᠡᠬᠡ ᠣᠯᠵᠠ ᠣᠯᠵᠢᠯᠠᠵᠤ ᠲᠠᠶᠢᠮᠢᠩ ᠵᠢᠩᠲᠠᠢ ᠬᠠᠭᠠᠨ ᠢ ᠪᠠᠷᠢᠪᠠ ᠭᠡᠵᠦ ᠰᠣᠨᠣᠰᠪᠠ ᠭᠡᠵᠦ ᠬᠡᠯᠡᠪᠡ ᠡᠨᠡ ᠦᠭᠡ ᠬᠡᠨ ᠬᠡᠯᠡᠪᠡ ᠡᠬᠡ ᠢᠨᠤ ᠥᠭᠦᠯᠡᠷᠦᠨ ᠮᠣᠩᠭᠣᠯ ᠤᠨ ᠶᠦᠩᠰᠢᠶᠡᠪᠦᠦ ᠶᠢᠨ ᠰᠣᠷᠰᠣᠨ ᠬᠡᠯᠡᠪᠡ ᠭᠡᠵᠦ ᠬᠥᠪᠡᠭᠦᠨ ᠲᠡᠭᠡᠨ ᠡᠰᠡᠨ ᠲᠦ ᠬᠡᠯᠡᠪᠡ ᠪᠦᠦ ᠬᠡᠯᠡᠶ᠎ᠡ ᠭᠡᠵᠦ ᠬᠡᠯᠡᠯᠴᠢᠵᠦ ᠪᠢᠯᠡ ᠴᠢ ᠶᠠᠭᠤᠨ ᠲᠤᠷ ᠬᠡᠯᠡᠪᠡ ᠭᠡᠵᠦ ᠰᠣᠷᠰᠣᠨ ᠢ ᠠᠯᠠᠵᠤ ᠪᠥᠭᠰᠡᠨ ᠴᠡᠭᠡᠵᠢ ᠬᠢᠵᠦ ᠪᠥᠭᠡᠲᠥᠷ ᠮᠣᠳᠤᠨ ᠲᠤᠷ ᠡᠯᠭᠦᠵᠦ ᠣᠷᠬᠢᠪᠠ ᠲᠡᠭᠦᠨ ᠦ ᠬᠣᠶᠢᠨᠠ ᠣᠶᠢᠷᠠᠳ ᠪᠠᠷᠠᠭᠤᠨ ᠭᠠᠷ ᠤᠨ ᠠᠯᠠᠭ ᠲᠡᠮᠦᠷ ᠴᠢᠩᠰᠠᠩ ᠵᠡᠭᠦᠨ ᠭᠠᠷ ᠤᠨ ᠬᠠᠲᠠᠨ ᠲᠡᠮᠦᠷ ᠬᠣᠶᠠᠷ ᠡᠰᠡᠨ ᠴᠢ ᠬᠠᠨ ᠰᠠᠭᠤᠪᠠ ᠲᠠᠶᠢᠰᠢ ᠴᠣᠯᠠ ᠪᠠᠨ ᠮᠠᠨᠳᠤ ᠠᠴᠠ ᠭᠡᠪᠡ ᠡᠨᠡ ᠦᠭᠡ ᠲᠦᠷ ᠲᠠᠶᠢᠰᠢ ᠴᠣᠯᠠ ᠪᠠᠨ ᠬᠥᠪᠡᠭᠦᠨ ᠲᠡᠭᠡᠨ ᠥᠭᠪᠡ ᠭᠡᠵᠦ ᠡᠰᠡ ᠪᠣᠯᠪᠠ ᠲᠡᠳᠡ ᠥᠭᠦᠯᠡᠷᠦᠨ ᠠᠯᠠᠭ ᠲᠡᠮᠦᠷ ᠦᠨ ᠪᠠᠭᠠᠲᠤᠷ ᠢᠶᠠᠷ ᠬᠠᠲᠠᠨ ᠲᠡᠮᠦᠷ ᠦᠨ ᠬᠠᠲᠠᠭᠤ ᠵᠣᠷᠢᠭ ᠢᠶᠠᠷ ᠠᠪᠳᠤᠷᠠᠨ ᠰᠡᠴᠡᠨ ᠦ ᠠᠷᠭ ᠠ ᠪᠠᠷ ᠣᠶᠢᠷᠠᠳ ᠮᠣᠩᠭᠣᠯ ᠬᠣᠶᠠᠷ ᠤᠨ ᠲᠥᠷᠥ ᠶᠢ ᠠᠪᠴᠤ ᠬᠠᠨ ᠰᠠᠭᠤᠪᠠᠢ ᠵ᠎ᠠ ᠴᠢ ᠭᠠᠭᠴᠠ ᠴᠢ ᠨᠤ
Jingtai-qaγan=i jegüden=ü belge=ber Esen-Sami=tu ögbe Esen-tayisi qariju ireküi=tegen ene olja Tayiming-Jingtai-qaγan=i bariγsan=i büü kele gejü jarlaba ken kümün keleküle alay=a gebe Esen-tayisi ger=tegen iregsen=ü qoyina tayisi=yin eke inu olja ügei mendül=e bayinam gejü kelebe či yaγun=tur niγunam yeke olja oljilaju Tayiming-Jingtai-qaγan=i bariba gejü sonosba gejü kelebe ene üge ken kelebe eke inu ögülerün Mongγol=un Yüngsiyebüü=yin Sorson kelebe gejü köbegün=tegen Esen=tü kelebe büü keley=e gejü kelelčijü bile či yaγun=tur kelebe gejü Sorson=i alaju bögsen čegeji kijü bögetör modun=tur elgüjü orkiba tegün=ü qoyina Oyirad baraγun γar=un Alaγ-Temür-čingsang jegün γar=un Qatan-Temür qoyar Esen či qan saγuba tayisi čola=ban mandu ača gebe ene üge=tür tayisi čola=ban köbegün=tegen ögbe gejü ese bolba tede ögülerün Alaγ-Temür=ün baγatur=iyar Qatan-Temür=ün qataγu joriγ=iyar Abduran-Sečen=ü arγ=a=bar Oyirad Mongγol qoyar=un törö=yi abču qan saγubai j=a či γaγča či=nu
152b
ᠬᠦᠴᠦᠨ ᠪᠢᠯᠦᠦ ᠭᠡᠵᠦ ᠲᠡᠳᠡ ᠴᠢᠷᠢᠭ ᠬᠤᠷᠠᠵᠤ ᠢᠷᠡᠵᠦ ᠳᠣᠪᠲᠣᠯᠪᠠ ᠡᠰᠡᠨ ᠳᠤᠲᠠᠭᠠᠵᠤ ᠭᠠᠷᠪᠠᠢ ᠡᠮ᠎ᠡ ᠬᠥᠪᠡᠭᠦᠨ ᠠᠳᠠᠯ ᠮᠠᠯ ᠢ ᠢᠨᠤ ᠠᠪᠤᠪᠠᠢ ᠲᠡᠭᠦᠨ ᠦ ᠬᠣᠶᠢᠨᠠ ᠡᠰᠡᠨ ᠲᠠᠶᠢᠰᠢ ᠭᠠᠭᠴᠠᠭᠠᠷ ᠲᠤᠷᠠᠵᠤ ᠶᠠᠪᠤᠬᠤᠢ ᠲᠤᠷ ᠰᠣᠷᠰᠣᠨ ᠤ ᠭᠡᠷ ᠳᠡ ᠢᠷᠡᠵᠦ ᠠᠶᠢᠷᠠᠭ ᠤᠭᠤᠭᠠᠳ ᠭᠠᠷᠴᠤ ᠡᠴᠢᠬᠦᠢ ᠲᠦᠷ ᠰᠣᠷᠰᠣᠨ ᠤ ᠡᠮ᠎ᠡ ᠦᠵᠡᠵᠦ ᠥᠭᠦᠯᠡᠷᠦᠨ ᠡᠨᠡ ᠬᠦᠮᠦᠨ ᠦ ᠶᠠᠪᠤᠳᠠᠯ ᠬᠣᠷᠣᠲᠤ ᠡᠰᠡᠨ ᠦ ᠶᠠᠪᠤᠬᠤᠢ ᠲᠤᠷ ᠠᠳᠠᠯᠢ ᠭᠡᠯᠳᠦᠩ ᠭᠤᠯᠳᠤᠩ ᠭᠡᠵᠦ ᠶᠠᠪᠤᠮᠤ ᠭᠡᠵᠦ ᠬᠡᠯᠡᠪᠡ ᠡᠬᠡ ᠶᠦᠭᠡᠨ ᠦᠭᠡᠨ ᠲᠦᠷ ᠲᠡᠷᠡ ᠶᠠᠭᠠᠬᠢᠵᠤ ᠡᠨᠡ ᠮᠡᠲᠦ ᠶᠠᠪᠤᠮ ᠭᠡᠵᠦ ᠬᠥᠪᠡᠭᠦᠨ ᠢᠨᠤ ᠬᠡᠯᠡᠪᠡ ᠡᠬᠡ ᠢᠨᠤ ᠥᠭᠦᠯᠡᠷᠦᠨ ᠡᠰᠡᠨ ᠲᠠᠶᠢᠰᠢ ᠥᠪᠡᠷ ᠵᠠᠭᠤᠷᠠ ᠪᠠᠨ ᠡᠶ᠎ᠡ ᠡᠪᠳᠡᠷᠡᠵᠦ ᠭᠡᠯᠡ ᠡᠨᠡ ᠮᠥᠨ ᠴᠤ ᠪᠤᠢ ᠵ᠎ᠠ ᠰᠠᠶᠢᠲᠤᠷ ᠦᠵᠡᠯᠲᠡᠢ ᠠᠭᠰᠠᠨ ᠠᠵᠤ ᠭᠡᠪᠡ ᠲᠡᠭᠦᠨ ᠦ ᠬᠣᠶᠢᠨᠠ ᠪᠠᠰᠠ ᠢᠷᠡᠪᠡ ᠡᠰᠡᠨ ᠢ ᠲᠠᠨᠢᠵᠤ ᠪᠠᠷᠢᠭᠠᠳ ᠰᠣᠷᠰᠣᠨ ᠤ ᠬᠥᠪᠡᠭᠦᠨ ᠪᠤᠭᠤᠨ ᠪᠠᠷᠢᠵᠤ ᠠᠯᠠᠪᠠ ᠪᠤᠭᠤᠨ ᠠᠬ᠎ᠠ ᠳᠡᠭᠦ ᠶᠢᠰᠦᠭᠦᠯᠡ ᠠᠭᠰᠠᠨ ᠠᠵᠤᠬᠤ ᠵᠢᠩᠲᠠᠢ ᠬᠠᠭᠠᠨ ᠲᠤ ᠮᠤᠯᠤ ᠶᠠᠭᠠᠲᠤ ᠨᠡᠷᠡᠲᠦ ᠡᠮ ᠡ ᠶᠢ ᠥᠭᠴᠦ ᠮᠤᠬᠤᠷ ᠰᠡᠭᠦᠰᠡ ᠨᠡᠷᠡ ᠥᠭᠴᠦ ᠶᠦᠩᠰᠢᠶᠡᠪᠦ ᠶᠢᠨ ᠡᠰᠡᠨ ᠰᠠᠮᠢ ᠵᠠᠷᠤᠵᠤ ᠶᠠᠪᠤᠪᠠ ᠲᠡᠷᠡ ᠤᠯᠤᠰ ᠲᠤᠷ ᠵᠤᠳ ᠲᠤᠷᠠᠬᠠᠨ ᠦᠭᠡᠢ ᠡᠪᠡᠴᠢᠨ ᠲᠠᠬᠤᠯ ᠦᠭᠡᠢ ᠪᠥᠭᠡᠲᠡᠯᠡ ᠵᠢᠩᠲᠠᠢ ᠬᠠᠭᠠᠨ ᠢ ᠵᠠᠷᠤᠭᠴᠢ ᠬᠦᠮᠦᠨ ᠵᠥᠪ ᠰᠢᠵᠢᠷ ᠦᠭᠡᠢ ᠪᠣᠯᠵᠤ ᠶᠠᠪᠤᠪᠠ ᠤᠨᠲᠠᠭᠰᠠᠨ ᠤ ᠬᠣᠶᠢᠨᠠ ᠪᠡᠶ ᠡ ᠡᠴᠡ ᠭᠡᠷᠡᠯ ᠭᠠᠷᠴᠤ ᠶᠠᠪᠤᠪᠠ ᠪᠢ ᠡᠨᠳᠡ ᠪᠠᠢ ᠭᠡᠵᠦ ᠪᠢᠴᠢᠭ ᠪᠢᠴᠢᠵᠦ
küčün bilüü gejü tede čirig quraju irejü dobtolba Esen dutaγaju γarbai em=e köbegün adal mal=i inu abubai tegün=ü qoyina Esen-tayisi γaγčaγar turaju yabuqui=tur Sorson=u ger=de irejü ayiraγ uγuγad γarču ečiküi=tür Sorson=u em=e üjejü ögülerün ene kümün=ü yabudal qorotu Esen=ü yabuqui=tur adali geldüng γuldung gejü yabumu gejü kelebe eke=yügen ügen=tür tere yaγakiju ene metü yabum gejü köbegün inu kelebe eke inu ögülerün Esen-tayisi öber jaγura=ban ey=e ebderejü gele ene mön ču bui j=a sayitur üjeltei aγsan aju gebe tegün=ü qoyina basa irebe Esen=i taniju bariγad Sorson=u köbegün Buγun bariju alaba Buγun aq=a degü yisügüle aγsan ajuqu Jingtai-qaγan=tu Mulu-Yaγatu neretü em=e=yi ögčü Muqur-Següse nere ögčü Yüngsiyebü=yin Esen-Sami jaruju yabuba tere ulus=tur jud turaqan ügei ebečin taqul ügei bögetele Jingtai-qaγan=i jaruγči kümün jöb sijir ügei bolju yabuba untaγsan=u qoyina bey=e=eče gerel γarču yabuba bi ende bai gejü bičig bičijü
153a
ᠬᠤᠳᠠᠯᠳᠤᠬᠤ ᠨᠡᠬᠡᠢ ᠶᠢᠨ ᠦᠰᠦᠨ ᠲᠦ ᠨᠢᠭᠤᠵᠤ ᠢᠯᠡᠭᠡᠪᠡ ᠲᠡᠷᠡ ᠪᠢᠴᠢᠭ ᠢ ᠬᠢᠲᠠᠳ ᠦᠵᠡᠭᠡᠳ ᠪᠢᠴᠢᠭ ᠪᠠᠷᠢᠪᠠ ᠵᠢᠩᠲᠠᠢ ᠬᠠᠭᠠᠨ ᠢ ᠲᠠ ᠵᠠᠷᠤᠵᠤ ᠶᠠᠪᠤᠨᠠᠮ ᠲᠠᠨ ᠳᠤᠷ ᠦᠯᠦ ᠵᠣᠬᠢᠬᠤ ᠮᠠᠨ ᠳᠤ ᠠᠴᠠ ᠭᠡᠪᠡ ᠥᠯᠭᠡ ᠶᠢᠨ ᠵᠢᠷᠭᠤᠭᠠᠨ ᠮᠢᠩᠭᠠᠨ ᠥᠴᠢᠶᠡᠳ ᠬᠦᠷᠭᠡᠵᠦ ᠥᠭᠭᠥᠭᠡᠳ ᠲᠠᠶᠢᠲᠤ ᠰᠠᠩ ᠠᠪᠤᠪᠠ ᠶᠤᠩᠯᠣ ᠬᠠᠭᠠᠨ ᠲᠤ ᠬᠦᠴᠦᠨ ᠢᠶᠡᠨ ᠥᠭᠴᠦ ᠭᠤᠷᠪᠠᠨ ᠵᠠᠭᠤᠨ ᠲᠠᠶᠢᠲᠤ ᠰᠠᠩ ᠵᠢᠩᠲᠠᠢ ᠬᠠᠭᠠᠨ ᠲᠤ ᠬᠦᠴᠦᠨ ᠢᠶᠡᠨ ᠥᠭᠴᠦ ᠭᠤᠷᠪᠠᠨ ᠵᠠᠭᠤᠨ ᠲᠠᠶᠢᠲᠤ ᠥᠯᠭᠡ ᠶᠢᠨ ᠵᠢᠷᠭᠤᠭᠠᠨ ᠵᠠᠭᠤᠨ ᠲᠠᠶᠢᠲᠤ ᠲᠡᠷᠡ ᠪᠤᠶᠤ ᠵᠠᠷᠢᠮ ᠤᠳ ᠵᠢᠩᠲᠠᠢ ᠬᠠᠭᠠᠨ ᠢ ᠮᠣᠩᠭᠣᠯ ᠬᠦᠷᠭᠡᠵᠦ ᠠᠷᠤ ᠪᠠᠷ ᠭᠤᠷᠪᠠᠨ ᠵᠠᠭᠤᠨ ᠲᠠᠶᠢᠲᠤ ᠭᠠᠷᠭᠠᠪᠠ ᠮᠣᠩᠭᠣᠯ ᠥᠪᠡᠷ ᠵᠠᠭᠤᠷᠠᠪᠠᠨ ᠡᠶ᠎ᠡ ᠡᠪᠳᠡᠷᠡᠭᠰᠡᠨ ᠦ ᠲᠤᠯᠠ ᠰᠠᠭᠠᠲᠠᠵᠤ ᠡᠰᠡ ᠠᠪᠤᠪᠠ ᠥᠯᠭᠡ ᠶᠢᠨ ᠵᠢᠷᠭᠤᠭᠠᠨ ᠮᠢᠩᠭᠠᠨ ᠥᠴᠢᠶᠡᠳ ᠤᠯᠤᠰ ᠠᠷᠤ ᠶᠢᠨ ᠭᠤᠷᠪᠠᠨ ᠵᠠᠭᠤᠨ ᠲᠠᠶᠢᠲᠤ ᠶᠢ ᠨᠡᠬᠡᠵᠦ ᠠᠪᠤᠪᠠᠢ ᠲᠡᠷᠡ ᠵᠢᠩᠲᠠᠢ ᠬᠠᠭᠠᠨ ᠢ ᠮᠣᠩᠭᠣᠯ ᠤᠨ ᠭᠠᠷ ᠠᠴᠠ ᠠᠪᠤᠭᠰᠠᠨ ᠮᠤᠯᠤ ᠶᠠᠭᠠᠲᠤ ᠨᠡᠷᠡᠲᠦ ᠡᠮ ᠡ ᠡᠴᠡ ᠲᠥᠷᠥᠭᠰᠡᠨ ᠬᠡᠭᠦᠬᠡᠨ ᠢ ᠮᠣᠩᠭᠣᠯ ᠠᠪᠴᠤ ᠬᠣᠴᠣᠷᠪᠠ ᠬᠡᠮᠡᠮᠦ ᠲᠡᠭᠦᠨ ᠦ ᠦᠷᠡ ᠠᠰᠤᠳ ᠤᠨ ᠳᠠᠯᠪᠠᠢ ᠲᠠᠪᠤᠨᠤᠩ ᠪᠥᠯᠦᠭᠡ ᠲᠡᠭᠦᠨ ᠦ ᠬᠣᠶᠢᠨᠠ ᠮᠠᠬᠠᠭᠦᠷᠬᠢ ᠬᠠᠭᠠᠨ ᠶᠡᠬᠡ ᠣᠷᠣ ᠰᠠᠭᠤᠪᠠ ᠨᠠᠢᠮᠠᠨ ᠵᠢᠯ ᠰᠠᠭᠤᠭᠠᠳ ᠲᠠᠬᠢᠶ᠎ᠠ ᠵᠢᠯ ᠲᠦᠷ ᠲᠩᠷᠢ ᠪᠣᠯᠪᠠ ᠮᠠᠬᠠᠭᠦᠷᠬᠢ ᠬᠠᠭᠠᠨ ᠦᠷᠡ ᠦᠭᠡᠢ ᠪᠤᠶᠤ ᠲᠠᠶᠢᠰᠤᠩ ᠬᠠᠭᠠᠨ ᠢ ᠬᠣᠷᠣᠬᠤᠳᠤ ᠮᠤᠤᠯᠠᠨ ᠲᠠᠶᠢᠵᠢ ᠶᠢ ᠴᠡᠪᠳᠡᠨ ᠥᠪᠡᠷ ᠦᠨ ᠵᠢᠭᠡ ᠭᠡᠵᠦ ᠡᠰᠡ ᠬᠣᠷᠣᠭᠣᠪᠠ
qudalduqu nekei=yin üsün=tü niγuju ilegebe tere bičig=i Kitad üjeged bičig bariba Jingtai-qaγan=i ta jaruju yabunam tan=dur ülü jokiqu man=du ača gebe ölge=yin jirγuγan mingγan Öčiyed kürgejü öggöged tayitu (sang) abuba Yunglo-qaγan=tu küčün=iyen ögčü γurban jaγun tayitu (sang) Jingtai-qaγan=tu küčün=iyen ögčü γurban jaγun tayitu ölge=yin jirγuγan jaγun tayitu tere buyu jarim=ud Jingtai-qaγan=i Mongγol kürgejü aru=bar γurban jaγun tayitu γarγaba Mongγol öber jaγuraban ey=e ebderegsen=ü tula saγataju ese abuba ölge=yin jirγuγan mingγan Öčiyed ulus aru=yin γurban jaγun tayitu=yi nekejü abubai tere Jingtai-qaγan=i Mongγol=un γar=ača abuγsan Mulu-Yaγatu neretü em=e=eče törögsen kegüken=i Mongγol abču qočorba kememü tegün=ü üre Asud=un Dalbai-tabunung bölüge # ~ tegün=ü qoyina Maqagürki-qaγan yeke oro saγuba naiman jil saγuγad takiy=a jil=tür tngri bolba Maqagürki-qaγan üre ügei buyu # Tayisung-qaγan=i qoroqudu Muulan-tayiji=yi Čebden öber=ün jige gejü ese qoroγoba #
153b
ᠲᠡᠭᠦᠨ ᠦ ᠬᠣᠶᠢᠨᠠ ᠴᠡᠪᠳᠡᠨ ᠡᠴᠡ ᠮᠤᠤᠯᠠᠨ ᠬᠠᠭᠠᠨ ᠢ ᠬᠡᠮᠴᠢᠭᠦᠳ ᠦᠨ ᠲᠠᠭᠠᠳᠠᠷ ᠲᠠᠶᠢᠪᠤ ᠬᠣᠷᠯᠠᠳ ᠶᠢᠨ ᠬᠤᠪᠴᠢᠷ ᠮᠤᠯᠠᠳᠠᠢ ᠲᠡᠷᠡ ᠬᠣᠶᠠᠷ ᠶᠡᠬᠡ ᠤᠯᠤᠰ ᠤᠨ ᠵᠠᠬ ᠠ ᠲᠤ ᠬᠦᠷᠭᠡᠵᠦ ᠬᠦᠮᠦᠨ ᠲᠦᠷ ᠥᠭᠪᠡ ᠲᠡᠷᠡ ᠬᠦᠮᠦᠨ ᠮᠠᠬᠤᠯᠢᠬᠠᠢ ᠣᠩ ᠲᠤ ᠬᠦᠷᠭᠡᠪᠡ ᠣᠩᠨᠢᠭᠤᠳ ᠤᠨ ᠰᠠᠶᠢᠳ ᠮᠠᠬᠤᠯᠢᠬᠠᠢ ᠣᠩ ᠢ ᠶᠡᠬᠡ ᠤᠯᠤᠰ ᠤᠨ ᠲᠥᠷᠥ ᠳᠡᠭᠡᠳᠡᠪᠡ ᠴᠢ ᠬᠠᠨ ᠣᠷᠣ ᠰᠠᠭᠤ ᠭᠡᠪᠡ ᠮᠠᠬᠤᠯᠢᠬᠠᠢ ᠣᠩ ᠬᠡᠯᠡᠷᠦᠨ ᠬᠠᠨ ᠡᠵᠡᠨ ᠦ ᠮᠢᠨᠤ ᠦᠷᠡ ᠦᠭᠡᠢ ᠪᠢᠰᠢ ᠡᠨᠡ ᠪᠡᠶ᠎ᠡ ᠬᠣᠶᠢᠲᠤ ᠦᠷᠡ ᠲᠦ ᠦᠯᠦ ᠵᠣᠬᠢᠮ ᠭᠡᠵᠦ ᠡᠰᠡ ᠪᠣᠯᠵᠤ ᠮᠠᠬᠤᠯᠢᠬᠠᠢ ᠣᠩ ᠮᠤᠤᠯᠠᠨ ᠬᠠᠭᠠᠨ ᠲᠤ ᠬᠦᠶᠢᠰᠦᠲᠦ ᠭᠣᠤ᠎ᠠ ᠮᠣᠷᠢᠨ ᠢᠶᠠᠨ ᠤᠨᠤᠬᠤᠢ ᠤᠨᠤᠭᠤᠯᠵᠤ ᠠᠯᠲᠠᠨ ᠸᠴᠢᠷ ᠢᠶᠠᠨ ᠬᠠᠳᠬᠤᠯᠵᠤ ᠳᠣᠯᠣᠭᠠᠨ ᠨᠠᠰᠤᠲᠠᠢ ᠶᠢ ᠲᠠᠬᠢᠶ᠎ᠠ ᠵᠢᠯ ᠶᠡᠬᠡ ᠬᠠᠨ ᠣᠷᠣ ᠰᠠᠭᠤᠯᠭᠠᠪᠠ ᠲᠡᠭᠦᠨ ᠦ ᠬᠣᠶᠢᠨᠠ ᠣᠷᠳᠣᠰᠢ ᠶᠢᠨ ᠮᠥᠩᠬᠡ ᠬᠠᠳᠠ ᠪᠤᠬ᠎ᠠ ᠬᠣᠶᠠᠷ ᠬᠠᠳᠬᠤᠭᠠᠳ ᠦᠭᠡ ᠬᠡᠯᠡᠵᠦ ᠮᠠᠬᠤᠯᠢᠬᠠᠢ ᠣᠩ ᠴᠢᠮᠠᠢ ᠶᠢ ᠰᠠᠮᠠᠨᠳᠠᠢ ᠬᠠᠲᠤᠨ ᠳᠠᠭᠠᠨ ᠲᠡᠯᠢᠵᠦ ᠮᠠᠭᠤ ᠰᠡᠳᠬᠢᠨᠡᠮ ᠭᠡᠵᠦ ᠬᠡᠯᠡᠪᠡ ᠲᠡᠭᠦᠨ ᠦ ᠤᠷᠢᠳᠠ ᠪᠢᠳᠠ ᠴᠢᠷᠢᠭ ᠮᠣᠷᠳᠠᠶ᠎ᠠ ᠭᠡᠵᠦ ᠴᠢᠷᠢᠭ ᠮᠣᠷᠳᠠᠪᠠ ᠮᠤᠤᠯᠠᠨ ᠬᠠᠭᠠᠨ ᠴᠢᠷᠢᠭ ᠦᠨ ᠬᠦᠮᠦᠨ ᠢ ᠦᠵᠡᠭᠡᠳ ᠮᠠᠬᠤᠯᠢᠬᠠᠢ ᠣᠩ ᠲᠤ ᠬᠡᠯᠡ ᠬᠦᠷᠭᠡᠪᠡ ᠮᠠᠬᠤᠯᠢᠬᠠᠢ ᠣᠩ ᠡᠰᠡ ᠢᠲᠡᠭᠡᠵᠦ ᠴᠢᠷᠢᠭ ᠦᠨ ᠲᠣᠭᠣᠰᠤᠨ ᠢ ᠦᠵᠡᠵᠦ ᠮᠡᠳᠡᠪᠡᠢ ᠮᠠᠬᠤᠯᠢᠬᠠᠢ ᠣᠩ ᠴᠢᠷᠢᠭ ᠢᠶᠡᠨ ᠬᠤᠷᠢᠶᠠᠵᠤ ᠲᠩᠷᠢ ᠲᠦ ᠰᠠᠴᠤᠯᠢ ᠰᠠᠴᠤᠵᠤ ᠥᠴᠢᠷᠦᠨ ᠳᠡᠭᠡᠷᠡ
~ tegün=ü qoyina Čebden=eče Muulan-qaγan=i Kemčigüd=ün Taγadar-tayibu Qorlad=yin Qubčir-Muladai tere qoyar yeke ulus=un jaq=a=tu kürgejü kümün=tür ögbe tere kümün Maquliqai-ong=tu kürgebe Ongniγud=un sayid Maquliqai-ong=i yeke ulus=un törö degedebe či qan oro saγu gebe Maquliqai-ong kelerün qan ejen=ü minu üre ügei bisi ene bey=e qoyitu üre=tü ülü jokim gejü ese bolju Maquliqai-ong Muulan-qaγan=tu küyisütü γou=a morin=iyan unuqui unuγulju altan včir=iyan qadqulju doloγan nasutai=yi takiy=a jil yeke qan oro saγulγaba # tegün=ü qoyina Ordosi=yin Möngke Qada-Buq=a qoyar qadquγad üge kelejü Maquliqai-ong čimai=yi Samandai-qatun=daγan telijü maγu sedkinem gejü kelebe tegün=ü urida bida čirig morday=a gejü čirig mordaba Muulan-qaγan čirig=ün kümün=i üjeged Maquliqai-ong=tu kele kürgebe Maquliqai-ong ese itegejü čirig=ün toγosun=i üjejü medebei Maquliqai-ong čirig=iyen quriyaju tngri=tü sačuli sačuju öčirün degere
154a
ᠮᠥᠩᠬᠡ ᠲᠩᠷᠢ ᠴᠢ ᠮᠡᠳᠡ ᠳᠡᠳ ᠢ ᠪᠣᠯᠤᠰᠠ ᠰᠣᠳᠤ ᠪᠣᠭᠳᠠ ᠴᠢ ᠮᠡᠳᠡ ᠦᠷᠡ ᠲᠦ ᠴᠢᠨᠤ ᠪᠢ ᠰᠠᠶᠢᠨ ᠬᠢᠯᠡ ᠦᠷᠡ ᠴᠢᠨᠤ ᠨᠠᠳᠤᠷ ᠮᠠᠭᠤ ᠰᠡᠳᠬᠢᠪᠡ ᠭᠡᠵᠦ ᠲᠩᠷᠢ ᠲᠦᠷ ᠮᠥᠷᠭᠥᠪᠡ ᠮᠠᠬᠤᠯᠢᠬᠠᠢ ᠣᠩ ᠭᠤᠷᠪᠠᠨ ᠵᠠᠭᠤᠨ ᠴᠢᠷᠢᠭ ᠲᠡᠢ ᠨᠢᠭᠤᠪᠠ ᠥᠪᠡᠷᠦᠨ ᠮᠣᠩᠭᠣᠯ ᠵᠠᠷᠭᠤᠴᠢ ᠨᠡᠷᠡᠲᠦ ᠳᠡᠭᠦ ᠪᠡᠨ ᠡᠬᠢᠯᠡᠨ ᠭᠤᠷᠪᠠᠨ ᠳᠡᠭᠦᠨᠡᠷ ᠢ ᠪᠠᠶᠢᠯᠳᠤᠭᠤᠯᠤᠨ ᠮᠤᠤᠯᠠᠨ ᠬᠠᠭᠠᠨ ᠢ ᠪᠠᠷᠢᠵᠤ ᠨᠣᠬᠠᠢ ᠵᠢᠯᠳᠦᠷ ᠮᠠᠬᠤᠯᠢᠬᠠᠢ ᠣᠩ ᠶᠢᠨ ᠭᠠᠷ ᠲᠤᠷ ᠲᠩᠷᠢ ᠪᠣᠯᠪᠠ ᠪᠣᠷᠪᠣᠭ ᠶᠢᠨ ᠪᠠᠶᠠᠨ ᠥᠷᠮᠡᠭᠡᠷ ᠢ ᠠᠮᠢᠳᠤ ᠪᠠᠷᠢᠪᠠ ᠪᠦᠭᠦᠳᠡ ᠠᠯᠠᠶ᠎ᠠ ᠭᠡᠪᠡ ᠮᠤᠤᠯᠠᠨ ᠬᠠᠭᠠᠨ ᠢ ᠡᠮᠦᠨᠡ ᠬᠣᠰᠢᠭᠤ ᠣᠳᠤᠭᠴᠢ ᠡᠨᠡ ᠪᠢᠯᠡ ᠬᠠᠭᠠᠨ ᠢᠶᠠᠨ ᠡᠮᠦᠨᠡ ᠬᠣᠰᠢᠭᠤ ᠣᠳᠤᠭᠰᠠᠨ ᠰᠠᠶᠢᠨ ᠬᠦᠮᠦᠨ ᠮᠠᠨᠤ ᠡᠮᠦᠨᠡ ᠬᠣᠰᠢᠭᠤ ᠦᠯᠦ ᠣᠳᠤᠬᠤ ᠪᠤᠶᠤ ᠭᠡᠵᠦ ᠡᠰᠡ ᠠᠯᠠᠪᠠ ᠲᠠᠯᠪᠢᠭᠰᠠᠨ ᠤ ᠬᠣᠶᠢᠨᠠ ᠥᠷᠮᠡᠭᠡᠷ ᠰᠢᠷᠠ ᠡᠰᠢᠲᠦ ᠬᠢᠲᠤᠭᠠᠪᠠᠷ ᠬᠠᠭᠠᠨ ᠢ ᠬᠡᠭᠦᠷ ᠦᠨ ᠭᠠᠳᠠᠭᠤᠷ ᠭᠠᠵᠠᠷ ᠢ ᠬᠡᠮᠵᠢᠨ ᠵᠢᠷᠤᠵᠤ ᠣᠩᠭᠣᠯᠠᠪᠠ ᠮᠤᠤᠯᠠᠨ ᠬᠠᠭᠠᠨ ᠢ ᠮᠥᠩᠬᠥᠯᠳᠡᠢ ᠬᠠᠲᠤᠨ ᠭᠠᠰᠢᠭᠤᠳᠠᠨ ᠤᠶᠢᠯᠠᠪᠠ ᠬᠠᠶᠢᠷᠠᠨ ᠶᠡᠬᠡ ᠲᠥᠷᠥ ᠶᠢ ᠮᠢᠨᠤ ᠡᠪᠳᠡᠷᠡᠭᠦᠯᠦᠭᠰᠡᠨ ᠬᠠᠮᠤᠭ ᠤᠨ ᠡᠵᠡᠨ ᠬᠠᠭᠠᠨ ᠠᠴᠠ ᠮᠢᠨᠤ ᠬᠠᠭᠠᠴᠠᠭᠤᠯᠤᠭᠰᠠᠨ ᠮᠥᠩᠬᠡ ᠬᠠᠳᠠ ᠪᠤᠬ᠎ᠠ ᠬᠣᠶᠠᠷ ᠪᠦᠲᠦᠭᠰᠡᠨ ᠶᠡᠬᠡ ᠲᠥᠷᠥ ᠶᠢ ᠮᠢᠨᠤ ᠪᠦᠷᠡᠯᠭᠡᠭᠰᠡᠨ ᠪᠦᠭᠦᠳᠡ ᠶᠢᠨ ᠡᠵᠡᠨ ᠬᠠᠭᠠᠨ ᠠᠴᠠ ᠮᠢᠨᠤ ᠬᠠᠭᠠᠴᠠᠭᠤᠯᠤᠭᠰᠠᠨ ᠮᠥᠩᠬᠡ ᠬᠠᠳᠠ ᠪᠤᠬ᠎ᠠ ᠬᠣᠶᠠᠷ ᠮᠤᠤᠯᠠᠨ ᠬᠠᠭᠠᠨ ᠦᠷᠡ ᠦᠭᠡᠢ
möngke tngri či mede ded=i bolusa sodu boγda či mede üre=tü činu bi sayin kile üre činu nadur maγu sedkibe gejü tngri=tür mörgöbe Maquliqai-ong γurban jaγun čirig=tei niγuba öberün Mongγol Jarγuči neretü degü=ben ekilen γurban degüner=i bayilduγulun Muulan-qaγan=i bariju noqai jildür Maquliqai-ong=yin γar=tur tngri bolba # Borboγ=yin Bayan-Örmeger=i amidu bariba bügüde alay=a gebe Muulan-qaγan=i emüne qosiγu oduγči ene bile qaγan=iyan emüne qosiγu oduγsan sayin kümün manu emüne qosiγu ülü oduqu buyu gejü ese alaba talbiγsan=u qoyina Örmeger sira esitü kituγabar qaγan=i kegür=ün γadaγur γajar=i kemjin jiruju ongγolaba Muulan-qaγan=i Möngköldei-qatun γasiγudan uyilaba qayiran yeke törö=yi minu ebderegülügsen qamuγ=un ejen qaγan=ača minu qaγačaγuluγsan Möngke Qada-Buq=a qoyar bütügsen yeke törö=yi minu bürelgegsen bügüde=yin ejen qaγan=ača minu qaγačaγuluγsan Möngke Qada-Buq=a qoyar Muulan-qaγan üre ügei
154b
ᠪᠤᠶᠤ ᠲᠠᠶᠢᠰᠤᠩ ᠬᠠᠭᠠᠨ ᠠᠭᠪᠠᠷᠴᠢᠨ ᠵᠣᠨᠣᠩ ᠬᠣᠶᠠᠷ ᠢ ᠣᠶᠢᠷᠠᠳ ᠴᠡᠪᠳᠡᠨ ᠬᠣᠶᠠᠷ ᠲᠤ ᠲᠥᠷᠥ ᠠᠪᠲᠠᠭᠰᠠᠨ ᠲᠤᠷ ᠥᠪᠡᠷᠡ ᠡᠬᠡ ᠲᠦ ᠮᠠᠨᠳᠤᠭᠤᠯᠢ ᠨᠡᠷᠡᠲᠦ ᠳᠡᠭᠦᠦ ᠢᠨᠤ ᠵᠢᠰᠤᠳ ᠶᠢᠨ ᠵᠣᠨ ᠲᠤ ᠨᠤᠲᠤᠭᠯᠠᠵᠤ ᠭᠠᠷᠤᠭᠰᠠᠨ ᠠᠵᠤ ᠲᠡᠭᠦᠨ ᠦ ᠬᠣᠶᠢᠨᠠ ᠮᠠᠨᠳᠤᠭᠤᠯ ᠢ ᠬᠠᠭᠠᠨ ᠬᠠᠰᠠᠷᠠᠨᠳᠠᠢ ᠶᠢᠨ ᠵᠣᠨ ᠲᠤᠷ ᠬᠣᠨᠢᠨ ᠵᠢᠯ ᠲᠦᠷ ᠶᠡᠬᠡ ᠣᠷᠣ ᠰᠠᠭᠤᠪᠠ ᠮᠠᠨᠳᠤᠭᠤᠯ ᠢ ᠬᠠᠭᠠᠨ ᠬᠣᠶᠠᠷ ᠬᠠᠲᠤᠨ ᠲᠠᠢ ᠪᠥᠯᠦᠭᠡ ᠨᠢᠭᠡᠨ ᠢᠨᠤ ᠮᠠᠨᠳᠤᠬᠠᠢ ᠪᠤᠶᠤ ᠨᠥᠭᠥᠭᠡ ᠢᠨᠤ ᠶᠡᠬᠡ ᠬᠠᠪᠠᠷ ᠲᠤ ᠵᠥᠩᠬᠡᠨ ᠪᠤᠶᠤ ᠮᠠᠨᠳᠤᠬᠠᠢ ᠬᠠᠲᠤᠨ ᠤ ᠡᠴᠢᠭᠡ ᠢᠨᠤ ᠲᠦᠮᠡᠳ ᠦᠨ ᠡᠩᠭᠦᠳ ᠣᠲᠣᠭ ᠤᠨ ᠴᠣᠷᠣᠰᠪᠶᠢ ᠲᠡᠮᠦᠷ ᠴᠢᠩᠰᠠᠩ ᠪᠤᠶᠤ ᠶᠡᠬᠡ ᠬᠠᠪᠠᠷ ᠲᠤ ᠵᠥᠩᠬᠡᠨ ᠦ ᠡᠴᠢᠭᠡ ᠢᠨᠤ ᠤᠶᠢᠭᠤᠳ ᠤᠨ ᠪᠡᠭᠡᠷᠰᠡᠨ ᠲᠠᠶᠢᠰᠢ ᠪᠤᠶᠤ ᠶᠡᠬᠡ ᠬᠠᠪᠠᠷ ᠲᠤ ᠵᠥᠩᠬᠡᠨ ᠯᠦᠭᠡ ᠬᠠᠭᠠᠨ ᠴᠢᠯᠡᠭᠡᠨ ᠲᠡᠭᠡᠨ ᠲᠦᠳᠡᠵᠦ ᠳᠡᠷᠡ ᠨᠢᠭᠡᠳᠳᠦᠭᠰᠡᠨ ᠦᠭᠡᠢ ᠭᠡᠬᠦ ᠮᠠᠨᠳᠤᠭᠤᠯ ᠢ ᠬᠠᠭᠠᠨ ᠬᠠᠨ ᠣᠷᠣ ᠲᠠᠪᠤᠨ ᠵᠢᠯ ᠰᠠᠭᠤᠵᠤ ᠭᠠᠬᠠᠢ ᠵᠢᠯ ᠲᠦᠷ ᠲᠩᠷᠢ ᠪᠣᠯᠪᠠ ᠮᠠᠨᠳᠤᠭᠤᠯᠢ ᠬᠠᠭᠠᠨ ᠤ ᠬᠡᠭᠦᠷᠢ ᠮᠠᠭᠤ ᠥᠨᠳᠥᠷ ᠲᠦ ᠣᠩᠭᠣᠯᠠᠪᠠ ᠬᠣᠷᠴᠢᠨ ᠤᠪᠠᠭᠠᠲᠤᠷ ᠰᠢᠭᠦᠰᠢᠲᠡᠢ ᠶᠢᠨ ᠬᠥᠪᠡᠭᠦᠨ ᠦᠨᠡᠪᠠᠯᠠᠳ ᠣᠩ ᠮᠣᠩᠭᠣᠯ ᠤᠨ ᠲᠥᠷᠥ ᠣᠶᠢᠷᠠᠳ ᠲᠤ ᠠᠪᠲᠠᠭᠰᠠᠨ ᠲᠤ ᠣᠨᠣᠨ ᠲᠤ ᠤᠭᠲᠤᠭᠯᠠᠵᠤ ᠨᠤᠲᠤᠭᠯᠠᠵᠤ ᠭᠠᠷᠪᠠᠢ ᠬᠣᠶᠢᠨᠠ ᠮᠤᠤᠯᠠᠨ ᠬᠠᠭᠠᠨ ᠤ ᠥᠰ ᠥᠰᠯᠡᠨ ᠰᠢᠷᠬᠤᠯ ᠮᠣᠷᠢᠨ ᠢᠶᠠᠨ ᠤᠨᠤᠵᠤ ᠮᠠᠬᠤᠯᠢᠬᠠᠢ ᠣᠩ ᠲᠤ ᠴᠡᠷᠢᠭ ᠮᠣᠷᠢᠯᠠᠪᠠ ᠦᠨᠡᠪᠠᠯᠠᠳ ᠣᠩ ᠢ
buyu # Tayisung-qaγan Aγbarčin-jonong qoyar=i Oyirad Čebden qoyar=tu törö abtaγsan=tur öbere eke=tü Manduγuli neretü degüü inu Jisud=yin jon=tu nutuγlaju γaruγsan aju tegün=ü qoyina Manduγul=i-qaγan Qasarandai=yin jon=tur qonin jil=tür yeke oro saγuba Manduγul=i-qaγan qoyar qatun=tai bölüge nigen inu Manduqai buyu nögöge inu Yeke-Qabar=tu-Jöngken buyu Manduqai-qatun=u ečige inu Tümed=ün Enggüd otoγ=un Čorosbyi-Temür-čingsang buyu Yeke-Qabar=tu-Jöngken=ü ečige inu Uyiγud=un Begersen-tayisi buyu Yeke-Qabar=tu-Jöngken=lüge qaγan čilegen=tegen tüdejü dere nigeddügsen ügei gekü Manduγul=i-qaγan qan oro tabun jil saγuju γaqai jil=tür tngri bolba Manduγuli-qaγan=u kegüri Maγu-öndör=tü ongγolaba # Qorčin=ubaγatur Sigüsitei=yin köbegün Ünebalad-ong Mongγol=un törö Oyirad=tu abtaγsan=tu Onon=tu uγtuγlaju <nutuγlaju> γarbai qoyina Muulan-qaγan=u ös öslen sirqul morin=iyan unuju Maquliqai-ong=tu čerig morilaba Ünebalad-ong=i
155a
ᠴᠡᠷᠢᠭ ᠮᠣᠷᠳᠠᠭᠰᠠᠨ ᠢ ᠮᠠᠬᠤᠯᠢᠬᠠᠢ ᠣᠩ ᠰᠡᠷᠡᠵᠦ ᠳᠤᠲᠠᠭᠠᠵᠤ ᠭᠠᠷᠪᠠᠢ ᠲᠡᠨᠳᠡᠴᠡ ᠦᠨᠡᠪᠠᠯᠠᠳ ᠣᠩ ᠥᠭᠦᠯᠡᠷᠦᠨ ᠶᠢᠰᠦᠬᠡᠢ ᠪᠠᠭᠠᠲᠤᠷ ᠡᠴᠢᠭᠡ ᠮᠠᠨ ᠤ ᠨᠢᠭᠡᠨ ᠪᠥᠯᠦᠭᠡ ᠡᠬᠡ ᠮᠠᠨᠤ ᠬᠣᠶᠢᠨᠠ ᠪᠠᠶᠠᠨ ᠮᠥᠩᠬᠡ ᠪᠣᠯᠬᠤ ᠵᠣᠨᠣᠩ ᠬᠠᠭᠠᠨ ᠭᠠᠬᠠᠢ ᠵᠢᠯ ᠲᠦᠷ ᠶᠡᠬᠡ ᠣᠷᠣ ᠳᠥᠷᠪᠡᠨ ᠵᠢᠯ ᠰᠠᠭᠤᠭᠰᠠᠨ ᠲᠤᠷ ᠮᠠᠨᠳᠤᠭᠤᠯᠢ ᠬᠠᠭᠠᠨ ᠪᠣᠯᠬᠤ ᠲᠤᠷ ᠵᠣᠨᠣᠩ ᠬᠣᠶᠠᠷ ᠵᠢᠷᠭᠤᠭᠠᠨ ᠲᠦᠮᠡᠨ ᠢ ᠲᠣᠪᠴᠢᠯᠠᠨ ᠶᠠᠪᠤᠨ ᠠᠲᠠᠯᠠ ᠲᠡᠭᠦᠨ ᠦ ᠬᠣᠶᠢᠨᠠ ᠮᠠᠨᠳᠤᠭᠤᠯᠢ ᠬᠠᠭᠠᠨ ᠲᠤᠷ ᠣᠯᠬᠢᠶ᠎ᠠ ᠦᠭᠡᠲᠦ ᠬᠣᠩᠬᠤᠯᠢ ᠦᠭᠡ ᠬᠡᠯᠡᠷᠦᠨ ᠳᠡᠭᠦ ᠴᠢᠨᠤ ᠪᠣᠯᠬᠤ ᠵᠣᠨᠣᠩ ᠶᠡᠬᠡ ᠬᠠᠪᠠᠷ ᠲᠤ ᠵᠥᠩᠬᠡᠨ ᠢ ᠴᠢᠨ ᠤ ᠠᠪᠤᠶ᠎ᠠ ᠭᠡᠨᠡᠮ ᠲᠡᠷᠡ ᠦᠭᠡᠨ ᠲᠦᠷ ᠮᠠᠨᠳᠤᠭᠤᠯᠢ ᠬᠠᠭᠠᠨ ᠡᠰᠡ ᠦᠨᠡᠮᠰᠢᠵᠦ ᠪᠣᠯᠬᠤ ᠵᠣᠨᠣᠩ ᠳᠡᠭᠦ ᠲᠡᠭᠡᠨ ᠬᠣᠩᠬᠤᠯᠢ ᠶᠢᠨ ᠬᠡᠯᠡᠭᠰᠡᠨ ᠦᠭᠡ ᠪᠣᠱᠤᠭᠠᠯᠳᠤᠬᠤᠢᠲᠣᠬᠢᠶᠠᠯᠳᠤᠭᠤᠯᠬᠤᠢ ᠶᠢᠨ ᠲᠤᠯᠠᠳᠠ ᠡᠯᠴᠢ ᠢᠯᠡᠭᠡᠶ᠎ᠡ ᠭᠡᠵᠦ ᠵᠠᠷᠯᠢᠭ ᠪᠣᠯᠪᠠ ᠬᠣᠩᠬᠤᠯᠢ ᠬᠠᠭᠠᠨ ᠲᠤᠷ ᠣᠯᠬᠢᠨ ᠥᠭᠦᠯᠡᠷᠦᠨ ᠪᠠᠰᠠ ᠪᠣᠯᠬᠤ ᠵᠣᠨᠣᠩ ᠲᠤ ᠦᠭᠡ ᠬᠡᠯᠡᠷᠦᠨ ᠬᠠᠭᠠᠨ ᠠᠬ᠎ᠠ ᠴᠢᠨᠤ ᠴᠢᠮᠠᠢ ᠶᠢ ᠪᠡᠶᠡᠨ ᠲᠡᠭᠡᠨ ᠠᠳᠠᠯᠢ ᠲᠡᠩ ᠪᠣᠯᠤᠮ ᠭᠡᠵᠦ ᠴᠢᠮᠠᠳᠤᠷ ᠮᠠᠭᠤᠢ ᠰᠡᠳᠬᠢᠬᠦ ᠪᠠᠶᠢᠨᠠᠮ ᠭᠡᠵᠦ ᠦᠭᠡ ᠠᠶᠢᠯᠠᠳᠬᠠᠪᠠ ᠡᠨᠡ ᠦᠭᠡ ᠶᠢ ᠮᠢᠨᠤ ᠬᠤᠳᠠᠯ ᠭᠡᠵᠦ ᠰᠠᠨᠠᠬᠤ ᠪᠣᠯᠤᠰᠠ ᠴᠢᠮᠠᠳᠤᠷ ᠲᠤᠷᠰᠢᠭᠤᠯ ᠡᠯᠴᠢ ᠢᠯᠡᠭᠡᠬᠦ ᠪᠤᠢ ᠲᠡᠨᠳᠡ ᠮᠡᠳᠡᠭᠡᠷᠡᠢ ᠭᠡᠪᠡ ᠲᠡᠭᠦᠨ ᠦ ᠬᠣᠶᠢᠨᠠ ᠮᠠᠨᠳᠤᠭᠤᠯᠢ ᠬᠠᠭᠠᠨ ᠦᠭᠡ ᠣᠯᠤᠯᠴᠠᠬᠤᠢ ᠶᠢᠨ ᠲᠤᠯᠠᠳᠠ ᠬᠣᠶᠠᠷ ᠡᠯᠴᠢ ᠢᠯᠡᠭᠡᠭᠰᠡᠨ ᠠᠵᠤᠬᠤ ᠲᠡᠷᠡ
čerig mordaγsan=i Maquliqai-ong serejü dutaγaju γarbai tendeče Ünebalad-ong ögülerün Yisükei-baγatur ečige man=u nigen bölüge eke manu qoyina Bayan-Möngke-Bolqu-jonong qaγan γaqai jil=tür yeke oro dörben jil saγuγsan=tur Manduγuli-qaγan Bolqu=tur-jonong qoyar jirγuγan tümen=i tobčilan yabun atala tegün=ü qoyina Manduγuli-qaγan=tur olkiy=a ügetü Qongquli üge kelerün degü činu Bolqu-jonong Yeke-Qabar=tu-Jöngken=i čin=u abuy=a genem tere ügen=tür Manduγuli-qaγan ese ünemsijü Bolqu-jonong degü=tegen Qongquli=yin kelegsen üge bošuγalduqui(tokiyalduγulqui)=yin tulada elči ilegey=e gejü jarliγ bolba Qongquli-qaγan=tur olkin ögülerün basa Bolqu-jonong=tu üge kelerün qaγan aq=a činu čimai=yi beyen=tegen adali teng bolum gejü čimadur maγui sedkikü bayinam gejü üge ayiladqaba ene üge=yi minu qudal gejü sanaqu bolusa čimadur tursiγul elči ilegekü bui tende medegerei gebe tegün=ü qoyina Manduγuli-qaγan üge olulčaqui=yin tulada qoyar elči ilegegsen ajuqu tere
155b
ᠡᠯᠴᠢ ᠶᠢ ᠵᠣᠨᠣᠩ ᠦᠵᠡᠭᠡᠳ ᠤᠷᠢᠳᠠ ᠬᠢ ᠬᠠᠳᠬᠤᠭᠠᠨ ᠦᠭᠡ ᠶᠢ ᠦᠨᠡᠮᠰᠢᠨ ᠰᠠᠭᠤᠵᠤ ᠮᠠᠭᠤᠢ ᠰᠡᠳᠬᠢᠬᠦ ᠦᠨᠡᠨ ᠪᠠᠶᠢᠨᠠᠮ ᠭᠡᠵᠦ ᠪᠤᠷᠤᠭᠤ ᠵᠥᠪᠯᠡᠪᠡ ᠬᠠᠭᠠᠨ ᠤ ᠲᠡᠷᠡ ᠡᠯᠴᠢ ᠲᠦᠷ ᠵᠣᠨᠣᠩ ᠰᠠᠶᠢᠨ ᠦᠭᠡ ᠪᠡᠨ ᠡᠰᠡ ᠥᠭᠦᠯᠡᠭᠰᠡᠨ ᠠᠵᠤ ᠲᠡᠷᠡ ᠬᠣᠶᠠᠷ ᠡᠯᠴᠢ ᠬᠠᠭᠠᠨ ᠲᠤᠷ ᠬᠦᠷᠴᠦ ᠵᠣᠨᠣᠩ ᠳᠡᠭᠦ ᠴᠢᠨ ᠤ ᠰᠠᠶᠢᠨ ᠦᠭᠡ ᠡᠰᠡ ᠥᠭᠪᠡ ᠭᠡᠵᠦ ᠬᠠᠭᠠᠨ ᠲᠤᠷ ᠦᠭᠡ ᠠᠶᠢᠯᠠᠳᠬᠠᠪᠠ ᠬᠠᠭᠠᠨ ᠰᠠᠨᠠᠷᠤᠨ ᠡᠭᠦᠪᠡᠷ ᠪᠣᠯᠤᠰᠠ ᠨᠠᠳᠤᠷ ᠮᠠᠭᠤ ᠰᠡᠳᠬᠢᠬᠦ ᠦᠨᠡᠨ ᠠᠵᠤ ᠪᠡᠶ᠎ᠡ ᠡᠷᠡᠭᠦᠯ ᠪᠤᠰᠤ ᠪᠢᠯᠡ ᠪᠢ ᠦᠷᠡ ᠦᠭᠡᠢ ᠪᠤᠶᠤ ᠨᠠᠮᠠᠶᠢ ᠦᠭᠡᠢ ᠪᠣᠯᠤᠭᠰᠠᠨ ᠬᠣᠶᠢᠨᠠ ᠬᠠᠲᠤᠨ ᠪᠡᠷᠢᠭᠡᠳ ᠬᠠᠮᠤᠭ ᠤᠯᠤᠰ ᠡᠭᠦᠨᠡᠢ ᠪᠢᠯᠡ ᠥᠨᠥᠭᠡ ᠡᠴᠡ ᠬᠡᠲᠦ ᠰᠠᠨᠠᠬᠤᠨ ᠢ ᠮᠠᠭᠤ ᠪᠠᠶᠢᠨᠠᠮ ᠭᠡᠵᠦ ᠠᠭᠤᠷᠯᠠᠭᠠᠳ ᠬᠠᠭᠠᠨ ᠴᠣᠩᠯᠠᠮ ᠭᠡᠲᠡᠯᠡ ᠵᠣᠨᠣᠩ ᠰᠡᠷᠡᠵᠦ ᠭᠠᠷᠴᠤ ᠪᠤᠭᠤᠷᠤᠯ ᠭᠦᠨᠵᠢ ᠡᠭᠡᠴᠢ ᠲᠡᠭᠡᠨ ᠬᠦᠷᠪᠡ ᠭᠦᠨᠵᠢ ᠪᠡᠭᠡᠷᠰᠡᠨ ᠡᠴᠡ ᠨᠢᠭᠤᠵᠤ ᠨᠡᠮᠡᠬᠦ ᠴᠣᠶᠠᠩ ᠪᠠᠭᠪᠠᠢ ᠬᠣᠶᠠᠷ ᠬᠥᠪᠡᠭᠦᠨ ᠲᠡᠭᠡᠨ ᠪᠡᠭᠡᠷᠰᠡᠨ ᠢ ᠬᠠᠭᠤᠷᠠᠵᠤ ᠦᠭᠡ ᠠᠪᠤᠶ᠎ᠠ ᠭᠡᠵᠦ ᠬᠡᠯᠡᠪᠡ ᠪᠡᠭᠡᠷᠰᠡᠨ ᠲᠠᠶᠢᠰᠢ ᠭᠢ ᠬᠠᠭᠤᠷᠴᠤ ᠦᠭᠡ ᠠᠰᠠᠭᠪᠠ ᠲᠡᠳᠡᠨ ᠢ ᠮᠢᠨᠤ ᠨᠢᠭᠡᠨ ᠵᠠᠬ᠎ᠠ ᠬᠥᠪᠡᠭᠦᠨ ᠢᠷᠡᠬᠦᠯᠡ ᠲᠠᠶᠢᠰᠢ ᠲᠤ ᠲᠦᠰᠢᠭᠦᠯᠬᠦ ᠠᠵᠢᠶᠠᠮ ᠵ᠎ᠠ ᠪᠢ ᠭᠡᠪᠡ ᠪᠡᠭᠡᠷᠰᠡᠨ ᠥᠭᠦᠯᠡᠷᠦᠨ ᠲᠡᠳᠡᠨ ᠢ ᠵᠠᠬ᠎ᠠ ᠴᠠᠬ᠎ᠠ ᠦᠵᠡᠬᠦᠯᠡ ᠮᠢᠬ᠎ᠠ ᠴᠢᠰᠤᠨ ᠢᠳᠡᠬᠦ ᠤᠭᠤᠬᠤ ᠠᠵᠢᠶᠠᠮ ᠵ᠎ᠠ ᠪᠢ ᠭᠡᠵᠦ ᠥᠪᠡᠰᠦᠪᠡᠨ ᠰᠢᠷᠪᠶᠢᠯᠭᠡᠵᠦ ᠬᠠᠪᠠᠷ ᠤᠨ ᠦᠵᠦᠭᠦᠷ ᠢ ᠰᠢᠷᠯᠠᠭᠤᠯᠵᠤ ᠵᠠᠨᠤᠨ ᠰᠠᠭᠤᠪᠠᠢ ᠪᠡᠭᠡᠷᠰᠡᠨ ᠲᠠᠶᠢᠰᠢ
elči=yi jonong üjeged urida=ki qadquγan üge=yi ünemsin saγuju maγui sedkikü ünen bayinam gejü buruγu jöblebe qaγan=u tere elči=tür jonong sayin üge=ben ese ögülegsen aju tere qoyar elči qaγan=tur kürčü jonong degü čin=u sayin üge ese ögbe gejü qaγan=tur üge ayiladqaba qaγan sanarun egüber bolusa nadur maγu sedkikü ünen aju bey=e eregül busu bile bi üre ügei buyu namayi ügei boluγsan qoyina qatun beriged qamuγ ulus egünei bile önöge=eče ketü san<a>qun=i maγu bayinam gejü aγurlaγad qaγan čonglam getele jonong serejü γarču Buγurul-günji egeči=tegen kürbe günji Begersen=eče niγuju Nemekü-Čoyang Baγbai qoyar köbegün=tegen Begersen=i qaγuraju üge abuy=a gejü kelebe Begersen-tayisi=gi qaγurču üge asaγba teden=i minu nigen jaq=a (köbegün) ireküle tayisi=tu tüsigülkü ajiyam j=a bi gebe Begersen ögülerün teden=i jaq=a (čaq=a) üjeküle miq=a čisun idekü uγuqu ajiyam j=a bi gejü öbesüben sirbyilgejü qabar=un üjügür=i sirlaγulju janun saγubai Begersen-tayisi
156a
ᠠᠪᠠ ᠮᠣᠷᠳᠠᠪᠠ ᠨᠡᠮᠡᠬᠦ ᠴᠣᠶᠠᠩ ᠪᠠᠭᠪᠠᠢ ᠬᠣᠶᠠᠭᠤᠯᠠ ᠡᠰᠡ ᠮᠣᠷᠳᠠᠪᠠ ᠬᠣᠶᠢᠨᠠ ᠵᠣᠨᠣᠩ ᠢ ᠭᠠᠷᠭᠠᠵᠤ ᠢᠯᠡᠭᠡᠪᠡ ᠪᠡᠭᠡᠷᠰᠡᠨ ᠲᠠᠶᠢᠰᠢ ᠠᠪᠠ ᠳᠡᠭᠡᠷᠡ ᠡᠴᠡ ᠮᠡᠳᠡᠭᠡᠳ ᠬᠦᠮᠦᠨ ᠢ ᠢᠯᠡᠭᠡᠵᠦ ᠭᠦᠨᠵᠢ ᠡᠴᠡ ᠠᠰᠠᠭᠤᠷᠤᠨ ᠴᠢᠳᠦᠷ ᠲᠦ ᠰᠢᠷᠬᠤᠯ ᠮᠣᠷᠢ ᠠᠯᠢ ᠭᠡᠵᠦ ᠠᠰᠠᠭᠪᠠ ᠭᠦᠨᠵᠢ ᠵᠠᠷᠯᠢᠭ ᠪᠣᠯᠤᠷᠤᠨ ᠡᠯᠢᠭᠡᠨ ᠲᠦ ᠴᠢᠨᠤ ᠥᠰ ᠪᠢᠯᠦᠦ ᠠᠮᠠᠷᠠᠭ ᠤᠷᠤᠭ ᠲᠤ ᠴᠢᠨᠤ ᠠᠳᠬᠠᠭ ᠪᠢᠯᠦᠦ ᠴᠢᠳᠦᠷ ᠲᠦ ᠰᠢᠷᠬᠤᠯ ᠮᠣᠷᠢ ᠭᠠᠵᠠᠷ ᠲᠤᠷ ᠢᠶᠠᠨ ᠬᠠᠷᠢᠪᠠ ᠭᠡᠪᠡ ᠪᠡᠭᠡᠷᠰᠡᠨ ᠠᠪᠠ ᠠᠴᠠ ᠪᠠᠭᠤᠭᠰᠠᠨ ᠬᠣᠶᠢᠨᠠ ᠭᠦᠨᠵᠢ ᠬᠣᠶᠠᠷ ᠬᠡᠭᠦᠬᠡᠨ ᠢᠶᠡᠨ ᠭᠠᠷᠭᠠᠵᠤ ᠵᠠᠷᠯᠢᠭ ᠪᠣᠯᠪᠠ ᠡᠨᠡ ᠪᠡᠶ᠎ᠡ ᠤᠷᠢᠳ ᠦᠬᠦᠵᠦ ᠦᠯᠦ ᠦᠵᠡᠮ ᠵ᠎ᠠ ᠪᠢ ᠬᠣᠶᠢᠲᠤ ᠦᠷᠡ ᠶᠢ ᠲᠠᠨ ᠢ ᠭᠢᠨᠵᠢᠯᠡᠬᠦᠢ ᠢᠷᠭᠡᠨ ᠦᠵᠡᠬᠦᠴᠶᠢᠯᠡ ᠭᠡᠪᠡ ᠪᠣᠯᠬᠤ ᠵᠣᠨᠣᠩ ᠬᠤᠲᠠᠭ ᠠ ᠲᠤ ᠳᠡᠷᠡᠰᠦᠲᠡᠢ ᠨᠡᠷᠡᠲᠦ ᠭᠠᠵᠠᠷᠠ ᠰᠠᠭᠤᠬᠤᠢ ᠲᠤᠷ ᠰᠢᠬᠢᠷ ᠲᠠᠶᠢᠬᠤ ᠠᠴᠠ ᠳᠠᠶᠠᠨ ᠬᠠᠭᠠᠨ ᠢ ᠲᠥᠷᠥᠪᠡᠢ ᠳᠠᠶᠠᠨ ᠬᠠᠭᠠᠨ ᠢ ᠪᠠᠯᠭᠠᠴᠢᠨ ᠢ ᠪᠠᠬᠠᠢ ᠨᠡᠷᠡᠲᠦ ᠬᠦᠮᠦᠨ ᠲᠦᠷ ᠥᠭᠪᠡ ᠲᠡᠭᠦᠨ ᠦ ᠬᠣᠶᠢᠨᠠ ᠤᠶᠢᠭᠤᠳ ᠤᠨ ᠰᠮᠠᠯ ᠲᠠᠶᠢᠰᠢ ᠳᠣᠪᠲᠣᠯᠵᠤ ᠰᠢᠬᠢᠷ ᠲᠠᠶᠢᠬᠤ ᠶᠢ ᠠᠪᠤᠭᠠᠳ ᠮᠥᠨ ᠰᠮᠠᠯ ᠲᠠᠶᠢᠰᠢ ᠠᠰᠠᠷᠠᠪᠠᠢ ᠪᠣᠯᠬᠤ ᠵᠣᠨᠣᠩ ᠪᠣᠷᠪᠣᠭ ᠤᠨ ᠬᠠᠵᠠᠭᠠᠷ ᠪᠤᠯᠤᠳᠠᠢ ᠬᠣᠶᠠᠭᠤᠯᠠ ᠳᠤᠲᠠᠭᠠᠵᠤ ᠶᠠᠪᠤᠲᠠᠯᠠ ᠶᠦᠩᠰᠢᠶᠡᠪᠦᠢ ᠶᠢᠨ ᠥᠭᠡᠯᠡᠨ ᠡᠬᠡ ᠲᠡᠴᠡ ᠲᠡᠮᠦᠵᠢᠨ ᠬᠠᠰᠠᠷ ᠬᠠᠴᠤᠭ ᠤᠨ ᠥᠴᠢᠭᠢᠨ ᠪᠢᠳᠠ ᠨᠢᠭᠡᠨ ᠬᠡᠪᠡᠯᠢᠲᠡᠢ ᠪᠥᠯᠦᠭᠡ ᠨᠥᠭᠥᠭᠡ ᠰᠤᠴᠢᠭᠢᠨ ᠡᠬᠡ ᠲᠡᠴᠡ ᠪᠡᠭᠲᠡᠷ ᠪᠡᠯᠭᠡᠲᠡᠢ ᠬᠣᠶᠠᠷ ᠪᠥᠯᠦᠭᠡ ᠪᠡᠭᠲᠡᠷ ᠢ ᠪᠣᠭᠳᠠ ᠡᠵᠡᠨ
aba mordaba Nemekü-Čoyang Baγbai qoyaγula ese mordaba qoyina jonong=i γarγaju ilegebe Begersen-tayisi aba degere=eče medeged kümün=i ilegejü günji=eče asaγurun čidür=tü sirqul mori ali gejü asaγba günji jarliγ bolurun eligen=tü činu ös bilüü amaraγ uruγ=tu činu adqaγ bilüü čidür=tü sirqul mori γajar=tur=iyan qariba gebe Begersen aba=ača baγuγsan qoyina günji qoyar kegüken=iyen γarγaju jarliγ bolba ene bey=e urid üküjü ülü üjem j=a bi qoyitu üre=yi tan=i ginjileküi irgen üjeküčyile gebe Bolqu-jonong Qutaγ=a=tu-Deresütei neretü γajara saγuqui=tur Sikir-tayiqu=ača Dayan-qaγan=i töröbei Dayan-qaγan=i Balγačin=i Baqai neretü kümün=tür ögbe tegün=ü qoyina Uyiγud=un Smal-tayisi dobtolju Sikir-tayiqu=yi abuγad mön Smal-tayisi asarabai Bolqu-jonong Borboγ=un qajaγar Buludai qoyaγula dutaγaju yabutala Yüngsiyebüi=yin Ögelen eke=teče Temüjin Qasar Qačuγ=un Öčigin bida nigen kebelitei bölüge nögöge Sučigin eke=teče Begter Belgetei qoyar bölüge Begter=i Boγda-Ejen
156b
ᠡᠬᠢᠯᠡᠵᠦ ᠮᠠᠨ ᠤ ᠡᠪᠦᠭᠡ ᠬᠠᠰᠠᠷ ᠢ ᠳᠠᠭᠠᠭᠤᠯᠵᠤ ᠠᠯᠠᠯᠤᠭ᠎ᠠ ᠲᠡᠭᠦᠨ ᠦ ᠥᠰᠢᠶ ᠡ ᠪᠡᠷ ᠡᠳᠦᠭᠡ ᠮᠤᠤᠯᠠᠨ ᠬᠠᠭᠠᠨ ᠢ ᠬᠣᠷᠣᠭᠣᠪᠠ ᠬᠠᠭᠠᠨ ᠤ ᠮᠠᠨ ᠤ ᠦᠷᠡ ᠦᠭᠡᠢ ᠪᠣᠯᠪᠠᠴᠢ ᠬᠠᠰᠠᠷ ᠤᠨ ᠦᠷᠡ ᠪᠢ ᠨᠡᠬᠡᠰᠦ ᠭᠡᠵᠦ ᠤᠯᠤᠬᠤᠢ ᠶᠢᠨ ᠬᠡᠷᠢᠶ ᠡᠬᠡᠭᠡᠷ ᠡ ᠡᠴᠡ ᠨᠡᠬᠡᠭᠡᠳ ᠭᠦᠶᠢᠴᠡᠵᠦ ᠮᠠᠬᠤᠯᠢᠬᠠᠢ ᠣᠩ ᠳᠡᠭᠦ ᠨᠡᠷ ᠬᠡᠭᠦᠬᠡᠳ ᠳᠡᠢ ᠢ ᠳᠣᠯᠣᠭᠤᠯᠠ ᠶᠢ ᠠᠯᠠᠪᠠᠢ ᠤᠷᠢᠳᠠ ᠮᠤᠤᠯᠠᠨ ᠬᠠᠭᠠᠨ ᠢ ᠬᠣᠷᠣᠭᠣᠬᠤᠳᠤ ᠠᠪᠲᠠᠭᠰᠠᠨ ᠠᠯᠲᠠᠨ ᠰᠠᠭᠤᠯᠭᠠᠭᠰᠠᠨ ᠪᠣᠯᠠᠳ ᠳᠤᠭᠤᠯᠭ ᠠ ᠶᠢ ᠠᠪᠤᠪᠠᠢ ᠮᠣᠩᠭᠣᠯ ᠵᠠᠷᠭᠤᠴᠢ ᠡᠬᠢᠯᠡᠨ ᠳᠣᠯᠣᠭᠤᠯᠠ ᠶᠢᠨ ᠲᠣᠯᠣᠭᠠᠢ ᠣᠭᠲᠠᠯᠵᠤ ᠣᠷᠬᠢᠭᠰᠠᠨ ᠤ ᠲᠤᠯᠠ ᠲᠡᠷᠡ ᠭᠠᠵᠠᠷ ᠢ ᠳᠣᠯᠣᠭᠠᠳ ᠤᠨ ᠲᠣᠯᠣᠭᠠᠢ ᠨᠡᠷᠡᠲᠦ ᠪᠣᠯᠪᠠ ᠮᠠᠬᠤᠯᠢᠬᠠᠢ ᠣᠩ ᠭᠣᠤ᠎ᠠ ᠮᠣᠷᠢᠨ ᠢᠶᠠᠨ ᠤᠨᠤᠵᠤ ᠬᠤᠪᠠᠬᠠᠢ ᠲᠠᠷᠪᠠᠭᠠᠨ ᠳᠠᠬᠤ ᠪᠠᠨ ᠡᠮᠦᠰᠴᠦ ᠬᠦᠩᠭᠦᠢ ᠵᠠᠪᠠᠭᠠᠨ ᠲᠤ ᠠᠯᠳᠠᠭᠠᠨᠠᠪᠠᠷ ᠴᠠᠴᠢᠷ ᠪᠠᠷᠢᠵᠤ ᠨᠡᠬᠡᠢ ᠶᠢ ᠬᠦᠨᠡᠰᠦᠯᠡᠵᠦ ᠬᠠᠲᠠᠵᠤ ᠬᠡᠪᠲᠡᠵᠦ ᠬᠣᠶᠢᠨᠠ ᠢᠷᠡᠪᠡ ᠬᠦ ᠬᠠᠰᠠᠷ ᠤᠨ ᠦᠷᠡ ᠬᠠᠭᠠᠨ ᠤ ᠦᠷᠡ ᠲᠦᠷ ᠨᠢᠭᠡᠨ ᠲᠤᠰᠠ ᠬᠦᠷᠭᠡᠪᠡ ᠭᠡᠬᠦ ᠲᠡᠷᠡ ᠪᠥᠯᠦᠭᠡ ᠬᠠᠷᠠᠭᠤᠴᠤᠭ ᠲᠠᠶᠢᠵᠢ ᠶᠢᠨ ᠣᠶᠢᠷᠠᠳ ᠲᠤ ᠠᠪᠲᠠᠭᠰᠠᠨ ᠪᠢᠭᠡᠵᠢ ᠦᠵᠡᠭᠳᠡᠪᠡ ᠲᠡᠨᠳᠡᠴᠡ ᠡᠰᠡᠨ ᠲᠠᠶᠢᠰᠢ ᠥᠭᠦᠯᠡᠷᠦᠨ ᠥᠬᠢᠨ ᠪᠣᠯᠤᠰᠠ ᠦᠰᠦᠨ ᠢᠨᠤ ᠰᠠᠮᠯᠠ ᠨᠤᠭᠤᠨ ᠪᠣᠯᠤᠰᠠ ᠭᠣᠣᠯ ᠢᠨᠤ ᠰᠠᠮᠯᠠ ᠭᠡᠵᠦ ᠡᠪᠡᠪᠦᠷᠬᠢ ᠲᠠᠶᠢᠳᠤᠩ ᠨᠢᠭᠡᠨ ᠬᠦᠮᠦᠨ ᠲᠦᠷ ᠬᠡᠯᠡᠵᠦ ᠢᠯᠡᠭᠡᠪᠡ ᠪᠢᠭᠡᠵᠢ ᠮᠡᠳᠡᠭᠡᠳ ᠬᠡᠭᠦᠬᠡᠨ ᠢ ᠵᠠᠭᠠᠭ ᠨᠢ ᠬᠣᠶᠢᠨᠠᠭᠰᠢ ᠳᠠ ᠲᠠᠲᠠᠵᠤ ᠥᠬᠢᠨ ᠮᠡᠲᠦ ᠰᠢᠭᠡᠯᠭᠡᠪᠡᠢ ᠲᠡᠷᠡ ᠬᠦᠮᠦᠨ ᠦᠵᠡᠭᠡᠳ
ekilejü man=u ebüge Qasar=i daγaγulju alaluγ=a tegün=ü ösiy=e=ber edüge Muulan-qaγan=i qoroγoba qaγan=u man=u üre ügei bolbači Qasar=un üre bi nekesü gejü Uluqui=yin keriy=e<keger=e>=eče nekeged güyičejü Maquliqai-ong degü=ner kegüked=dei=i doloγula=yi alabai urida Muulan-qaγan=i qoroγoqudu abtaγsan altan saγulγaγsan bolad duγulγ=a=yi abubai Mongγol Jarγuči ekilen doloγula=yin toloγai oγtalju orkiγsan=u tula tere γajar=i Doloγad=un-toloγai neretü bolba Maquliqai-ong γou=a morin=iyan unuju qubaqai tarbaγan daqu=ban emüsčü Künggüi-Jabaγan=tu aldaγanabar čačir bariju nekei=yi künesülejü qataju kebtejü qoyina irebe kü Qasar=un üre qaγan=u üre=tür nigen tusa kürgebe gekü tere bölüge # Qaraγučuγ-tayiji=yin Oyirad=tu abtaγsan bigeji üjegdebe tendeče Esen-tayisi ögülerün ökin bolusa üsün inu samla nuγun bolusa γool inu samla gejü Ebebürki-tayidung nigen kümün=tür kelejü ilegebe bigeji medeged kegüken=i jaγaγ=ni qoyinaγsi=da tataju ökin metü sigelgebei tere kümün üjeged
157a
ᠥᠬᠢᠨ ᠪᠠᠶᠢᠨᠠᠮ ᠭᠡᠵᠦ ᠡᠰᠡᠨ ᠲᠠᠶᠢᠰᠢ ᠲᠤ ᠬᠡᠯᠡᠪᠡ ᠲᠡᠷᠡ ᠬᠦᠮᠦᠨ ᠢ ᠬᠠᠷᠢᠭᠰᠠᠨ ᠬᠣᠶᠢᠨᠠ ᠪᠢᠭᠢᠵᠢ ᠬᠡᠭᠦᠬᠡᠨ ᠢᠶᠡᠨ ᠨᠢᠭᠤᠵᠤ ᠭᠡᠷ ᠳᠡ ᠶᠠᠪᠤᠭᠴᠢ ᠴᠠᠬᠠᠷ ᠤᠨ ᠬᠤᠯᠠᠪᠠᠳ ᠣᠲᠣᠭ ᠤᠨ ᠤᠳᠠᠢ ᠡᠮᠡᠭᠡᠨ ᠢ ᠬᠡᠭᠦᠬᠡᠨ ᠢ ᠡᠨᠳᠡᠭᠦᠷᠡᠭᠦᠯᠵᠦ ᠥᠯᠡᠭᠡᠶᠢᠳᠪᠡ ᠲᠡᠷᠡ ᠬᠦᠮᠦᠨ ᠪᠠᠰᠠ ᠢᠷᠡᠵᠦ ᠥᠯᠭᠡᠢ ᠲᠠᠶᠢᠯᠵᠤ ᠦᠵᠡᠵᠦ ᠥᠬᠢᠨ ᠢ ᠯᠠᠪᠲᠠ ᠮᠡᠳᠡᠭᠡᠳ ᠥᠬᠢᠨ ᠪᠠᠶᠢᠨᠠᠮ ᠭᠡᠵᠦ ᠡᠰᠡᠨ ᠲᠠᠶᠢᠰᠢ ᠲᠤ ᠬᠡᠯᠡᠪᠡ ᠲᠡᠭᠦᠨ ᠦ ᠬᠣᠶᠢᠨᠠ ᠣᠶᠢᠷᠠᠳ ᠤᠨ ᠥᠭᠡᠳᠡᠢ ᠪᠠᠭᠠᠲᠤᠷ ᠥᠪᠡᠷᠦᠨ ᠨᠣᠶᠠᠨ ᠲᠠᠭᠠᠨ ᠠᠭᠤᠷᠯᠠᠵᠤ ᠬᠡᠯᠡᠷᠦᠨ ᠪᠢ ᠠᠷᠪᠠᠨ ᠭᠤᠷᠪᠠᠨ ᠦᠶ᠎ᠡ ᠬᠣᠰᠢᠭᠤᠯᠠᠪᠠ ᠢᠩᠬᠢᠵᠦ ᠬᠦᠴᠦᠪᠡᠨ ᠥᠭᠲᠡᠯᠡ ᠡᠰᠡ ᠬᠠᠶᠢᠷᠠᠯᠠᠪᠠ ᠭᠡᠭᠰᠡᠨ ᠲᠦᠷ ᠠᠨᠳᠠ ᠢᠨᠤ ᠡᠯᠢᠶ ᠡ ᠨᠠᠭᠠᠴᠤ ᠬᠡᠯᠡᠷᠦᠨ ᠴᠢ ᠪᠣᠯᠤᠶ᠎ᠠ ᠭᠡᠬᠦ ᠪᠣᠯᠤᠰᠠ ᠬᠠᠷᠠᠭᠤᠴᠤᠭ ᠲᠠᠶᠢᠵᠢ ᠶᠢᠨ ᠪᠢᠭᠢᠵᠢ ᠡᠴᠡ ᠨᠤᠭᠤᠨ ᠬᠡᠭᠦᠬᠡᠨ ᠲᠥᠷᠥᠭᠰᠡᠨ ᠪᠤᠢ ᠴᠢ ᠲᠡᠭᠦᠨ ᠢ ᠮᠣᠩᠭᠣᠯ ᠲᠤᠷ ᠬᠦᠷᠭᠡ ᠵᠢᠷᠭᠤᠭᠠᠨ ᠲᠦᠮᠡᠨ ᠮᠣᠩᠭᠣᠯ ᠤᠨ ᠵᠠᠯᠠᠭ᠎ᠠ ᠪᠣᠯᠬᠤ ᠪᠤᠢ ᠭᠡᠪᠡ ᠥᠭᠡᠳᠡᠢ ᠪᠠᠭᠠᠲᠤᠷ ᠤᠨ ᠡᠭᠡᠴᠢ ᠶᠢ ᠲᠠᠲᠠᠷ ᠤᠨ ᠲᠣᠬᠢ ᠪᠠᠭᠠᠲᠤᠷ ᠠᠪᠤᠭᠰᠠᠨ ᠠᠵᠤ ᠲᠡᠷᠡ ᠰᠢᠯᠲᠠᠭᠠᠪᠠᠷ ᠲᠣᠬᠢ ᠪᠠᠭᠠᠲᠤᠷ ᠬᠡᠭᠦᠬᠡᠨ ᠢ ᠭᠠᠷᠭᠠᠵᠤ ᠥᠭᠪᠡ ᠣᠶᠢᠷᠠᠳ ᠤᠨ ᠣᠢ ᠮᠣᠳᠤᠨ ᠤ ᠬᠥᠪᠡᠭᠦᠨ ᠥᠭᠡᠳᠡᠢ ᠲᠠᠶᠢᠪᠤ ᠬᠣᠩᠭᠢᠷᠠᠳ ᠤᠨ ᠡᠰᠡᠯᠡᠢ ᠲᠠᠶᠢᠪᠤ ᠬᠠᠷᠠᠴᠢᠨ ᠤ ᠪᠤᠯᠤᠢ ᠲᠠᠶᠢᠰᠢ ᠰᠠᠷᠲᠠᠭᠤᠯ ᠤᠨ ᠪᠠᠶᠠᠨᠳᠠᠢ ᠠᠭᠯᠤᠬᠤ ᠡᠳᠡ ᠳᠥᠷᠪᠡᠭᠦᠯᠡ ᠬᠡᠭᠦᠬᠡᠨ ᠢ ᠠᠪᠴᠤ ᠶᠠᠪᠤᠲᠠᠯᠠ ᠣᠶᠢᠷᠠᠳ ᠤᠨ ᠨᠡᠬᠡᠭᠦᠯᠴᠢᠨ ᠡᠰᠡ ᠭᠦᠶᠢᠴᠡᠭᠰᠡᠨ ᠲᠦᠷ ᠠᠪᠠᠪᠤᠷᠬᠢ ᠰᠠᠶᠢᠨ ᠬᠠᠯᠲᠠᠷ ᠮᠣᠷᠢᠨ ᠢᠶᠠᠨ
ökin bayinam gejü Esen-tayisi=tu kelebe tere kümün=i qariγsan qoyina bigiji kegüken=iyen niγuju ger=de yabuγči Čaqar=un Qulabad otoγ=un Udai emegen=i kegüken=i endegüregüljü ölegeyidbe tere kümün basa irejü ölgei tayilju üjejü ökin=i labta medeged ökin bayinam gejü Esen-tayisi=tu kelebe tegün=ü qoyina Oyirad=un Ögedei baγatur öberün noyan=taγan aγurlaju kelerün bi arban γurban üy=e qosiγulaba ingkijü küčüben ögtele ese qayiralaba gegsen=tür anda inu Eliy=e-Naγaču kelerün či boluy=a gekü bolusa Qaraγučuγ-tayiji=yin bigiji=eče nuγun kegüken törögsen bui či tegün=i Mongγol=tur kürge jirγuγan tümen Mongγol=un jalaγ=a bolqu bui gebe Ögedei baγatur=un egeči=yi Tatar=un Toki-baγatur abuγsan aju tere siltaγabar Toki-baγatur kegüken=i γarγaju ögbe Oyirad=un oi modun=u köbegün Ögedei tayibu Qonggirad=un Eselei-tayibu Qaračin=u Bului-tayisi Sartaγul=un Bayandai-Aγluqu ede dörbegüle kegüken=i abču yabutala Oyirad=un nekegülčin ese güyičegsen=tür Ababurki sayin qaltar morin=iyan
157b
ᠪᠠᠭᠤᠵᠤ ᠡᠯᠢᠶ ᠡ ᠨᠠᠭᠠᠴᠤ ᠲᠤᠷ ᠥᠭᠪᠡ ᠣᠶᠢᠷᠠᠳ ᠤᠨ ᠨᠣᠶᠠᠳ ᠬᠡᠯᠡᠷᠦᠨ ᠴᠢ ᠡᠨᠡ ᠬᠡᠭᠦᠬᠡᠨ ᠢ ᠭᠦᠶᠢᠴᠡᠵᠦ ᠠᠪᠴᠤ ᠢᠷᠡ ᠠᠶᠢᠯ ᠬᠦᠮᠦᠨ ᠠᠵᠢᠷᠭ ᠠ ᠲᠤ ᠠᠳᠤᠭᠤ ᠮᠡᠳᠡᠭᠦᠯᠰᠦ ᠭᠡᠵᠦ ᠨᠡᠬᠡᠭᠦᠯᠪᠡ ᠲᠡᠨᠳᠡᠴᠡ ᠡᠯᠢᠶ ᠡ ᠨᠠᠭᠠᠴᠤ ᠶᠢ ᠭᠦᠶᠢᠴᠡᠬᠦᠢ ᠲᠦᠷ ᠬᠡᠭᠦᠬᠡᠨ ᠢ ᠣᠷᠬᠢᠨ ᠶᠠᠪᠤᠪᠠ ᠲᠡᠭᠦᠨ ᠢ ᠬᠣᠶᠢᠨᠠ ᠡᠯᠢᠶ ᠡ ᠨᠠᠭᠠᠴᠤ ᠬᠡᠭᠦᠬᠡᠨ ᠢ ᠬᠥᠪᠴᠢᠷ ᠡᠴᠡ ᠨᠤᠮᠤᠨ ᠤ ᠭᠢᠴᠢᠷ ᠢᠶᠡᠷ ᠥᠯᠭᠥᠨ ᠠᠪᠴᠤ ᠭᠦᠶᠢᠴᠡᠵᠦ ᠬᠡᠯᠡᠷᠦᠨ ᠲᠠ ᠡᠨᠡ ᠬᠡᠭᠦᠬᠡᠨ ᠢ ᠣᠷᠬᠢᠵᠤ ᠶᠠᠭᠤᠨ ᠤ ᠲᠤᠯᠠ ᠡᠴᠢᠬᠦ ᠬᠡᠷᠡᠭ ᠪᠤᠢ ᠡᠨᠡ ᠦᠭᠡ ᠬᠡᠯᠡᠭᠡᠳ ᠥᠭᠴᠦ ᠡᠰᠡᠷᠭᠦ ᠲᠡᠰᠡᠷᠭᠦ ᠬᠠᠷᠪᠤᠯᠠᠯᠳᠤᠵᠤ ᠮᠥᠨ ᠲᠡᠷᠡ ᠳᠡᠭᠡᠷᠡ ᠰᠤᠮᠤᠨ ᠢᠶᠠᠨ ᠠᠪᠤᠯ ᠦᠭᠡᠢ ᠪᠠᠶᠢᠪᠠ ᠲᠡᠨᠳᠡᠴᠡ ᠬᠣᠶᠢᠲᠤ ᠨᠥᠬᠥᠳ ᠢᠨᠤ ᠢᠷᠡᠪᠡ ᠡᠯᠢᠶ ᠡ ᠨᠠᠭᠠᠴᠤ ᠬᠡᠯᠡᠷᠦᠨ ᠬᠠᠳᠬᠤᠯᠳᠤᠭᠰᠠᠨ ᠰᠤᠮᠤᠨ ᠢ ᠦᠵᠡᠵᠦ ᠢᠲᠡᠭᠡᠵᠦ ᠬᠠᠷᠢᠪᠠ ᠲᠡᠳᠦᠢ ᠲᠡᠨᠳᠡᠴᠡ ᠲᠡᠷᠡ ᠳᠥᠷᠪᠡᠭᠦᠯᠡ ᠬᠡᠭᠦᠬᠡᠨ ᠢ ᠠᠪᠴᠤ ᠢᠷᠡᠭᠡᠳ ᠤᠷᠢᠶᠠᠩᠬᠠᠨ ᠤ ᠬᠤᠲᠤᠭ ᠲᠤ ᠰᠢᠭᠦᠰᠢ ᠶᠢᠨ ᠳᠡᠷᠭᠡᠳᠡ ᠶᠠᠪᠤᠪᠠ ᠥᠰᠦᠭᠰᠡᠨ ᠦ ᠬᠣᠶᠢᠨᠠ ᠬᠤᠲᠤᠭ ᠲᠤ ᠰᠢᠭᠦᠰᠢ ᠰᠢᠬᠢᠷ ᠨᠡᠷᠡᠲᠦ ᠥᠬᠢᠨ ᠢᠶᠡᠨ ᠪᠣᠯᠬᠤ ᠵᠣᠨᠣᠩ ᠲᠤ ᠥᠭᠪᠡ ᠲᠡᠭᠦᠨ ᠦ ᠵᠠᠬᠠᠢ ᠶᠢᠨ ᠤᠯᠤᠰ ᠲᠤ ᠬᠦᠷᠴᠦ ᠵᠣᠨᠣᠩ ᠬᠡᠭᠡᠷᠡ ᠪᠠᠶᠢᠵᠤ ᠪᠤᠯᠤᠳᠠᠢ ᠶᠢᠨ ᠦᠭᠡ ᠭᠢ ᠠᠪ ᠭᠡᠵᠦ ᠢᠯᠡᠭᠡᠪᠡ ᠪᠤᠯᠤᠳᠠᠢ ᠶᠢᠨ ᠡᠭᠡᠴᠢ ᠠᠨᠤ ᠵᠣᠯᠭᠠᠵᠤ ᠳᠡᠭᠦ ᠪᠡᠨ ᠪᠠᠷᠢᠵᠤ ᠡᠰᠡ ᠢᠯᠡᠭᠡᠪᠡ ᠵᠣᠨᠣᠩ ᠤᠨᠳᠠᠭᠠᠰᠴᠤ ᠬᠦᠯᠢᠴᠡᠨ ᠶᠠᠳᠠᠭᠠᠳ ᠠᠶᠢᠯ ᠲᠤ ᠪᠠᠭᠤᠵᠤ ᠠᠶᠢᠷᠠᠭ ᠤᠤᠬᠤᠢ ᠲᠤᠷ ᠨᠢᠭᠡᠨ ᠪᠡᠶ ᠡ ᠲᠦ ᠥᠬᠢᠨ ᠵᠣᠨᠣᠩ ᠤᠨ ᠤᠨᠤᠭᠰᠠᠨ
baγuju Eliy=e-Naγaču=tur ögbe Oyirad=un noyad kelerün či ene kegüken=i güyičejü abču ire ayil kümün ajirγ=a=tu aduγu medegülsü gejü nekegülbe tendeče Eliy=e-Naγaču=yi güyičeküi=tür kegüken=i orkin yabuba tegün=i qoyina Eliy=e-Naγaču kegüken=i köbčir=eče numun=u gičir=iyer ölgön abču güyičejü kelerün ta ene kegüken=i orkiju yaγun=u tula ečikü kereg bui ene üge keleged ögčü esergü tesergü qarbulalduju mön tere degere sumun=iyan abul ügei bayiba tendeče qoyitu nököd inu irebe Eliy=e-Naγaču kelerün qadqulduγsan sumun=i üjejü itegejü qariba tedüi tendeče tere dörbegüle kegüken=i abču ireged Uriyangqan=u Qutuγ=tu-Sigüsi=yin dergede yabuba ösügsen=ü qoyina Qutuγ=tu-Sigüsi Sikir neretü ökin=iyen Bolqu-jonong=tu ögbe tegün=ü jaqai=yin ulus=tu kürčü jonong kegere bayiju Buludai=yin üge=gi ab gejü ilegebe Buludai=yin egeči anu jolγaju degü=ben bariju ese ilegebe jonong undaγasču küličen yadaγad ayil=tu baγuju ayiraγ uuqui=tur nigen bey=e=tü ökin jonong=un unuγsan
158a
ᠴᠠᠭᠠᠨ ᠰᠢᠷᠬᠤᠯ ᠮᠣᠷᠢᠨ ᠥᠮᠥᠰᠦᠭᠰᠡᠨ ᠬᠡᠷᠡᠮ ᠦᠨ ᠳᠣᠲᠣᠷ ᠳᠠᠢ ᠮᠠᠩᠯᠤᠭ ᠳᠡᠭᠡᠯ ᠠᠯᠲᠠᠨ ᠪᠦᠰᠡ ᠲᠡᠷᠡ ᠪᠦᠭᠦᠳᠡ ᠶᠢ ᠠᠳᠠᠭᠯᠠᠵᠤ ᠰᠠᠭᠤᠪᠠ ᠵᠣᠨᠣᠩ ᠶᠢ ᠮᠣᠷᠳᠠᠵᠤ ᠡᠴᠢᠭᠰᠡᠨ ᠦ ᠬᠣᠶᠢᠨᠠ ᠲᠡᠷᠡ ᠥᠬᠢᠨ ᠤᠰᠤᠨ ᠤ ᠳᠡᠷᠭᠡᠳᠡ ᠣᠯᠠᠨ ᠬᠦᠮᠦᠨ ᠪᠠᠶᠢᠬᠤᠢ ᠶᠢ ᠦᠵᠡᠭᠡᠳ ᠡᠴᠢᠵᠦ ᠬᠡᠯᠡᠪᠡ ᠲᠡᠶᠢᠮᠦ ᠠᠳᠠᠭᠲᠠᠢ ᠨᠢᠭᠡᠨ ᠬᠦᠮᠦᠨ ᠡᠴᠢᠪᠡ ᠭᠡᠪᠡ ᠶᠦᠩᠰᠢᠶᠡᠪᠦᠶᠢᠨ ᠲᠠᠪᠤᠨ ᠣᠲᠣᠭ ᠤᠨ ᠬᠡᠷᠢᠶ᠎ᠡ ᠴᠠᠭᠠᠨ ᠬᠣᠶᠠᠷ ᠲᠡᠮᠦᠷ ᠮᠥᠩᠬᠡ ᠬᠠᠷᠠ ᠪᠠᠳᠠᠢ ᠡᠳᠡ ᠪᠦᠭᠦᠳᠡᠭᠡᠷ ᠭᠦᠶᠢᠴᠡᠵᠦ ᠵᠣᠨᠣᠩ ᠠᠴᠠ ᠶᠠᠭᠤᠴᠢ ᠬᠦᠮᠦᠨ ᠪᠤᠢ ᠭᠡᠪᠡ ᠵᠢᠭᠤᠯᠴᠢᠨ ᠭᠡᠪᠡ ᠠᠯᠲᠠᠨ ᠪᠦᠰᠡᠪᠡᠨ ᠠᠴᠠ ᠭᠡᠪᠡ ᠡᠰᠡ ᠥᠭᠪᠡ ᠶᠦᠩᠰᠢᠶᠡᠪᠦ ᠶᠢᠨ ᠬᠠᠲᠤᠨ ᠬᠦᠮᠦᠨ ᠪᠠᠶᠠᠨ ᠮᠥᠩᠬᠡ ᠪᠣᠯᠬᠤ ᠵᠣᠨᠣᠩ ᠢ ᠴᠢᠯᠪᠤᠷᠳᠠᠵᠤ ᠪᠠᠷᠢᠭᠠᠳ ᠬᠣᠷᠣᠭᠠᠵᠤ ᠪᠠᠷᠰ ᠵᠢᠯ᠎ᠡ ᠲᠩᠷᠢ ᠪᠣᠯᠪᠠ ᠶᠦᠩᠰᠢᠶᠡᠪᠦᠶᠢᠨ ᠨᠢᠭᠡᠨ ᠭᠡᠮ ᠲᠡᠷᠡ ᠪᠥᠯᠦᠭᠡ ᠳᠠᠶᠠᠨ ᠬᠠᠭᠠᠨ ᠢ ᠮᠠᠭᠤᠬᠠᠢ ᠲᠡᠵᠢᠶᠡᠬᠦᠢ ᠲᠦᠷ ᠲᠠᠩᠭᠤᠳ ᠤᠨ ᠲᠦᠯᠡᠭᠡᠷᠢ ᠶᠢᠨ ᠳᠣᠯᠣᠭᠠᠨ ᠬᠥᠪᠡᠭᠦᠨ ᠲᠡᠮᠦᠷ ᠬᠠᠳᠠᠭ ᠢᠷᠡᠵᠦ ᠪᠠᠬᠠᠢ ᠲᠤᠷ ᠬᠡᠯᠡᠷᠦᠨ ᠡᠨᠡ ᠬᠥᠪᠡᠭᠦᠨ ᠢ ᠰᠠᠶᠢᠨ ᠬᠦᠮᠦᠨ ᠳᠦᠷ ᠥᠭ ᠡᠰᠡ ᠪᠥᠭᠡᠰᠦ ᠨᠠᠳᠠ ᠠᠴᠠ ᠭᠡᠵᠦ ᠭᠤᠶᠢᠵᠤ ᠡᠰᠡ ᠥᠭᠳᠡᠪᠡ ᠲᠡᠭᠦᠨ ᠢ ᠬᠣᠶᠢᠨᠠ ᠲᠡᠮᠦᠷ ᠬᠠᠳᠠᠭ᠎ᠠ ᠠᠬ᠎ᠠ ᠳᠡᠭᠦ ᠳᠣᠯᠣᠭᠤᠯᠠ ᠰᠠᠶᠢᠨ ᠤᠯᠠᠭᠠᠨ ᠮᠣᠷᠢᠨ ᠢᠶᠠᠨ ᠤᠨᠤᠵᠤ ᠡᠴᠢᠭᠡᠳ ᠪᠤᠯᠢᠶᠠᠵᠤ ᠠᠪᠴᠤ ᠢᠷᠡᠪᠡᠢ ᠳᠠᠶᠠᠨ ᠬᠠᠭᠠᠨ ᠪᠡᠲᠡᠭᠢ ᠡᠪᠡᠳᠴᠢᠨ ᠪᠣᠯᠤᠭᠰᠠᠨ ᠠᠵᠤᠬᠤ ᠲᠡᠷᠡ ᠡᠪᠡᠳᠴᠢᠨ ᠢ ᠲᠡᠮᠦᠷ ᠬᠠᠳᠠᠭ ᠤᠨ ᠡᠮ᠎ᠡ ᠢᠨᠤ ᠶᠢᠰᠦᠨ ᠲᠣᠮᠢ ᠴᠠᠭᠠᠨ ᠲᠡᠮᠡᠭᠡᠨ ᠦ ᠰᠦᠨ ᠢᠶᠡᠷ ᠭᠤᠷᠪᠠᠨ
čaγan sirqul morin ömösügsen kerem=ün dotor=dai mangluγ degel altan büse tere bügüde=yi adaγlaju saγuba jonong=yi mordaju ečigsen=ü qoyina tere ökin usun=u dergede olan kümün bayiqui=yi üjeged ečijü kelebe teyimü adaγtai nigen kümün ečibe gebe Yüngsiyebüyin tabun otoγ=un Keriy=e Čaγan qoyar Temür-Möngke Qara-Badai ede bügüdeger güyičejü jonong=ača yaγuči kümün bui gebe jiγulčin gebe altan büseben ača gebe ese ögbe Yüngsiyebü=yin qatun kümün Bayan-Möngke-Bolqu-jonong=i čilburdaju bariγad qoroγaju bars jil=e tngri bolba Yüngsiyebüyin nigen gem tere bölüge # Dayan-qaγan=i maγuqai tejiyeküi=tür Tangγud=un Tülegeri=yin doloγan köbegün Temür-Qadaγ irejü Baqai=tur kelerün ene köbegün=i sayin kümün<=dür> ög ese bögesü nada ača gejü γuyiju ese ögdebe tegün=i qoyina Temür-Qadaγ=a aq=a degü doloγula sayin ulaγan morin=iyan unuju ečiged buliyaju abču irebei Dayan-qaγan betegi ebedčin boluγsan ajuqu tere ebedčin=i Temür-Qadaγ=un em=e inu yisün tomi čaγan temegen=ü sün=iyer γurban
158b
ᠮᠥᠩᠭᠥᠨ ᠠᠶᠠᠭ᠎ᠠ ᠴᠣᠭᠣᠷᠠᠲᠠᠯᠠ ᠢᠯᠢᠨ ᠡᠮᠯᠡᠪᠡ ᠲᠡᠷᠡ ᠡᠮᠯᠡᠭᠰᠡᠨ ᠲᠦᠷ ᠵᠠᠮᠠᠭ ᠮᠡᠲᠦ ᠳᠣᠯᠣᠭᠠᠨ ᠬᠡᠰᠡᠭ ᠡᠪᠡᠴᠢᠨ ᠤᠨᠠᠵᠤ ᠰᠠᠶᠢᠨ ᠪᠣᠯᠪᠠᠢ ᠳᠠᠶᠠᠨ ᠬᠠᠭᠠᠨ ᠢ ᠨᠢᠭᠡᠨ ᠵᠣᠪᠠᠭᠰᠠᠨ ᠲᠡᠷᠡ ᠪᠤᠢ ᠲᠡᠭᠦᠨ ᠢ ᠬᠣᠶᠢᠨᠠ ᠳᠠᠶᠠᠨ ᠬᠠᠭᠠᠨ ᠢ ᠲᠠᠩᠭᠤᠳ ᠤᠨ ᠲᠡᠮᠦᠷ ᠬᠠᠳᠠᠭ ᠰᠠᠶᠢᠨ ᠬᠠᠲᠤᠨ ᠤ ᠭᠠᠷ ᠲᠤᠷ ᠬᠦᠷᠭᠡᠪᠡᠢ ᠮᠠᠨᠳᠤᠬᠠᠢ ᠰᠠᠶᠢᠨ ᠬᠠᠲᠤᠨ ᠡᠷᠲᠡᠨ ᠦ ᠥᠰᠢᠶ ᠡ ᠶᠢ ᠳᠤᠷᠠᠳᠴᠤ ᠴᠢᠷᠢᠭ ᠮᠣᠷᠳᠠᠷᠤᠨ ᠶᠠᠪᠠᠭᠠᠨ ᠴᠢᠷᠢᠭ ᠦᠬᠡᠷ ᠲᠦ ᠴᠢᠷᠢᠭ ᠶᠠᠪᠤᠭᠤᠯᠵᠤ ᠭᠤᠷᠪᠠᠨ ᠬᠣᠨᠣᠭᠰᠠᠨ ᠤ ᠬᠣᠶᠢᠨᠠ ᠮᠣᠷᠢ ᠲᠤ ᠴᠢᠷᠢᠭ ᠢ ᠠᠪᠴᠤ ᠮᠣᠷᠳᠠᠪᠠ ᠰᠠᠶᠢᠨ ᠮᠠᠨᠳᠤᠬᠠᠢ ᠬᠠᠲᠤᠨ ᠢᠨᠤ ᠰᠠᠶᠢᠪᠠᠷ ᠢᠶᠠᠷ ᠰᠠᠭᠠᠳᠠᠭᠯᠠᠵᠤ ᠰᠠᠨᠳᠠᠷᠠᠭᠰᠠᠨ ᠤᠯᠤᠰ ᠢᠶᠠᠨ ᠬᠤᠷᠢᠶᠠᠵᠤ ᠰᠠᠶᠢᠨ ᠳᠠᠶᠠᠨ ᠬᠠᠭᠠᠨ ᠢ ᠦᠬᠡᠭᠯᠡᠵᠦ ᠮᠣᠷᠳᠠᠪᠠᠢ ᠬᠡᠰᠢᠭ ᠲᠡᠨ ᠦ ᠠᠯᠠᠶᠢᠳᠤᠩ ᠢᠶᠠᠷ ᠭᠠᠵᠢᠷᠴᠢᠯᠠᠭᠤᠯᠵᠤ ᠳᠥᠷᠪᠡᠨ ᠲᠦᠮᠡᠨ ᠣᠶᠢᠷᠠᠳ ᠢ ᠳᠣᠪᠲᠣᠯᠬᠤᠢ ᠲᠤᠷ ᠰᠠᠶᠢᠨ ᠬᠠᠲᠤᠨ ᠤ ᠮᠠᠯᠠᠭ᠎ᠠ ᠢᠨᠤ ᠤᠨᠠᠵᠤ ᠬᠦᠵᠦᠭᠦᠨ ᠲᠦᠷ ᠡᠭᠡᠯᠳᠦᠷᠴᠦ ᠶᠠᠪᠤᠬᠤᠢ ᠲᠤᠷ ᠣᠶᠢᠷᠠᠳ ᠤᠨ ᠬᠦᠮᠦᠨ ᠦᠵᠡᠭᠡᠳ ᠬᠠᠲᠤᠨ ᠤ ᠮᠠᠯᠠᠭ᠎ᠠ ᠦᠭᠡᠢ ᠠᠯᠢ ᠭᠡᠵᠦ ᠥᠪᠡᠷ ᠦᠨ ᠮᠠᠯᠠᠭ ᠠ ᠪᠠᠨ ᠬᠠᠲᠤᠨ ᠲᠤᠷ ᠥᠭᠪᠡᠢ ᠬᠠᠲᠤᠨ ᠠᠪᠤᠭᠠᠳ ᠬᠤᠷᠤᠶᠢᠯᠠᠵᠤ ᠳᠠᠪᠰᠢᠭᠤᠷᠯᠠᠵᠤ ᠳᠥᠷᠪᠡᠨ ᠲᠦᠮᠡᠨ ᠣᠶᠢᠷᠠᠳ ᠢ ᠳᠣᠪᠲᠣᠯᠪᠠᠢ ᠲᠠᠰ ᠪᠤᠷᠲᠤ ᠳᠡᠭᠡᠷᠡ ᠳᠣᠪᠲᠣᠯᠵᠤ ᠳᠡᠭᠡᠳᠦᠨ᠎ᠡ ᠳᠡᠭᠡᠷᠡ ᠪᠠᠶᠢᠷᠢᠯᠠᠯᠳᠤᠵᠤ ᠲᠡᠩᠭᠡᠯᠦᠯ ᠦᠭᠡᠢ ᠲᠠᠰ ᠶᠢᠨ ᠲᠠᠯᠠᠭ᠎ᠠ ᠠᠪᠴᠤ ᠳᠡᠭᠵᠢᠭᠦᠯᠪᠡᠢ ᠵᠢᠷᠭᠤᠭᠠᠨ ᠲᠦᠮᠡᠨ ᠤᠯᠤᠰ ᠢᠶᠠᠷ ᠣᠶᠢᠷᠠᠳ ᠤᠨ
mönggön ayaγ=a čoγoratala ilin emlebe tere emlegsen=tür jamaγ metü doloγan keseg ebečin unaju sayin bolbai Dayan-qaγan=i nigen jobaγsan tere bui tegün=i qoyina Dayan-qaγan=i Tangγud=un Temür-Qadaγ Sayin-qatun=u γar=tur kürgebei Manduqai-Sayin-qatun erten=ü ösiy=e=yi duradču čirig mordarun yabaγan čirig üker=tü čirig yabuγulju γurban qonoγsan=u qoyina mori=tu čirig=i abču mordaba sayin Manduqai-qatun inu sayibar=iyar saγadaγlaju sandaraγsan ulus=iyan quriyaju sayin Dayan-qaγan=i ükeglejü mordabai kesig=ten=ü Alayidung=iyar γajirčilaγulju dörben tümen Oyirad=i dobtolqui=tur Sayin-qatun=u malaγ=a inu unaju küjügün=tür egeldürčü yabuqui=tur Oyirad=un kümün üjeged qatun=u malaγ=a ügei ali gejü öber=ün malaγ=a=ban qatun=tur ögbei qatun abuγad quruyilaju dabsiγurlaju dörben tümen Oyirad=i dobtolbai Tas-Burtu degere dobtolju Degedün=e degere bayirilalduju tenggelül ügei tas=yin talaγ=a abču degjigülbei jirγuγan tümen ulus=iyar Oyirad=un
159a
ᠨᠢᠭᠡᠨ ᠲᠥᠷᠥ ᠭᠢ ᠡᠨᠳᠡᠭᠦᠯᠪᠡᠢ ᠲᠡᠭᠦᠨ ᠦ ᠬᠣᠶᠢᠨᠠ ᠰᠠᠶᠢᠨ ᠬᠠᠲᠤᠨ ᠢ ᠬᠣᠷᠴᠢᠨ ᠦᠨᠡᠪᠠᠯᠠᠳ ᠠᠨᠤ ᠭᠠᠯ ᠢ ᠴᠢᠨᠤ ᠴᠠᠬᠢᠵᠤ ᠨᠤᠲᠤᠭ ᠢ ᠴᠢᠨᠤ ᠵᠢᠭᠠᠵᠤ ᠥᠭᠰᠦ ᠭᠡᠪᠡ ᠰᠠᠶᠢᠨ ᠬᠠᠲᠤᠨ ᠵᠠᠷᠯᠢᠭ ᠪᠣᠯᠤᠷᠤᠨ ᠬᠠᠭᠠᠨ ᠤ ᠮᠢᠨᠤ ᠥᠪᠢ ᠬᠠᠰᠠᠷ ᠤᠨ ᠦᠷᠡ ᠴᠢ ᠢᠳᠡᠬᠦ ᠪᠢᠯᠦᠦ ᠴᠢᠨᠤ ᠥᠪᠢ ᠪᠢᠳᠠ ᠢᠳᠡᠬᠦ ᠪᠢᠯᠦᠦ ᠥᠷᠭᠥᠵᠦ ᠦᠯᠦ ᠪᠣᠯᠬᠤ ᠡᠭᠦᠳᠡᠲᠡᠢ ᠠᠯᠬᠤᠵᠤ ᠦᠯᠦ ᠭᠠᠷᠬᠤ ᠪᠣᠰᠣᠭᠤᠲᠠᠢ ᠪᠢᠯᠡ ᠬᠠᠭᠠᠨ ᠢ ᠮᠢᠨᠤ ᠦᠷᠡ ᠪᠠᠶᠢᠲᠠᠯᠠ ᠴᠢᠮᠠᠳᠠ ᠦᠯᠦ ᠡᠴᠢᠮ ᠭᠡᠪᠡ ᠲᠡᠭᠦᠨ ᠦ ᠬᠣᠶᠢᠨᠠ ᠠᠯᠠᠭᠴᠤᠭᠤᠳ ᠤᠨ ᠰᠠᠲᠠᠢ ᠳᠣᠭᠣᠯᠠᠩ ᠠᠴᠠ ᠦᠭᠡ ᠠᠰᠠᠭᠤᠷᠤᠨ ᠡᠨᠡ ᠣᠩ ᠶᠢᠨ ᠦᠭᠡ ᠵᠥᠪ ᠪᠤᠶᠤ ᠪᠤᠷᠤᠭᠤ ᠪᠤᠶᠤ ᠭᠡᠵᠦ ᠠᠰᠠᠭᠪᠠ ᠰᠠᠲᠠᠢ ᠳᠣᠭᠣᠯᠠᠩ ᠵᠥᠪ ᠪᠠᠶᠢᠨᠠᠮ ᠡᠴᠢ ᠭᠡᠪᠡ ᠲᠡᠭᠦᠨ ᠦ ᠬᠣᠶᠢᠨᠠ ᠬᠣᠷᠬᠤᠨ ᠶᠢᠨ ᠮᠡᠨᠳᠦ ᠥᠷᠯᠥᠭ ᠶᠢᠨ ᠵᠠᠭᠠᠨ ᠠᠭ ᠠ ᠠᠴᠠ ᠮᠥᠨ ᠤᠷᠢᠳᠤ ᠦᠭᠡ ᠠᠰᠠᠭᠪᠠ ᠵᠢᠭᠠᠨ ᠠᠭ᠎ᠠ ᠥᠭᠦᠯᠡᠷᠦᠨ ᠬᠠᠰᠠᠷ ᠤᠨ ᠦᠷᠡ ᠲᠦ ᠡᠴᠢᠬᠦᠯᠡ ᠬᠠᠷᠠ ᠮᠥᠷ ᠤᠳᠤᠷᠢᠳᠴᠤ ᠬᠠᠮᠤᠭ ᠤᠯᠤᠰ ᠡᠴᠡᠭᠡᠨ ᠬᠠᠭᠠᠴᠠᠵᠤ ᠬᠠᠲᠤᠨ ᠨᠡᠷ ᠡ ᠪᠡᠨ ᠠᠯᠳᠠᠶᠤ ᠬᠠᠭᠠᠨ ᠢ ᠦᠷᠡ ᠲᠦ ᠡᠴᠢᠬᠦᠯᠡ ᠬᠠᠨ ᠲᠩᠷᠢ ᠲᠦᠷ ᠢᠪᠡᠭᠡᠭᠳᠡᠶᠦ ᠬᠠᠮᠤᠭ ᠤᠯᠤᠰ ᠢᠶᠠᠨ ᠡᠵᠡᠯᠡᠵᠦ ᠬᠠᠲᠤᠨ ᠨᠡᠷ᠎ᠡ ᠠᠯᠳᠠᠷᠰᠢᠶᠤ ᠴᠠᠭᠠᠳᠤ ᠬᠦᠮᠦᠨ ᠡᠴᠢᠬᠦᠯᠡ ᠴᠠᠭᠠᠨ ᠮᠥᠷ ᠲᠠᠲᠠᠵᠤ ᠴᠠᠬᠠᠷ ᠲᠦᠮᠡᠨ ᠢ ᠡᠵᠡᠯᠡᠶᠦ ᠴᠠᠭᠯᠠᠰᠢ ᠦᠭᠡᠢ ᠨᠡᠷ᠎ᠡ ᠠᠯᠳᠠᠷᠰᠢᠶᠤ ᠵᠢᠭᠠᠨ ᠠᠭ᠎ᠠ ᠡᠨᠡ ᠦᠭᠡ ᠠᠶᠢᠯᠠᠳᠬᠠᠪᠠ ᠰᠠᠶᠢᠨ ᠬᠠᠲᠤᠨ ᠠᠭ ᠠ ᠶᠢᠨ
nigen törö=gi endegülbei # tegün=ü qoyina Sayin-qatun=i Qorčin Ünebalad anu γal=i činu čakiju nutuγ=i činu jiγaju ögsü gebe Sayin-qatun jarliγ bolurun qaγan=u minu öbi Qasar=un üre či idekü bilüü činu öbi bida idekü bilüü örgöjü ülü bolqu egüdetei alquju ülü γarqu bosoγutai bile qaγan=i minu üre bayitala čimada ülü ečim gebe tegün=ü qoyina Alaγčuγud=un Satai-Doγolang=ača üge asaγurun ene ong=yin üge jöb buyu buruγu buyu gejü asaγba Satai-Doγolang jöb bayinam eči gebe tegün=ü qoyina Qorqun=yin Mendü-örlög=yin Jaγan-aγ=a=ača mön uridu üge asaγba Jiγan-aγ=a ögülerün Qasar=un üre=tü ečiküle qara mör uduridču qamuγ ulus=ečegen qaγačaju qatun ner=e=ben aldayu qaγan=i üre=tü ečiküle qan tngri=tür ibegegdeyü qamuγ ulus=iyan ejelejü qatun ner=e aldarsiyu čaγadu kümün ečiküle čaγan mör tataju Čaqar tümen=i ejeleyü čaγlasi ügei ner=e aldarsiyu Jiγan-aγ=a ene üge ayiladqaba Sayin-qatun aγ=a=yin
159b
ᠦᠭᠡ ᠭᠢ ᠵᠥᠪᠰᠢᠶᠡᠵᠦ ᠰᠠᠲᠠᠢ ᠳᠣᠭᠣᠯᠠᠩ ᠶᠢᠨ ᠦᠭᠡ ᠶᠢ ᠪᠤᠷᠤᠭᠤ ᠭᠡᠵᠦ ᠬᠠᠯᠠᠭᠤᠨ ᠴᠠᠢ ᠲᠡᠷᠢᠭᠦᠨ ᠤᠷᠤᠭᠤ ᠠᠰᠭᠠᠪᠠᠢ ᠬᠠᠭᠠᠨ ᠢ ᠮᠢᠨᠤ ᠦᠷᠡ ᠥᠴᠦᠭᠦᠬᠡᠨ ᠭᠡᠵᠦ ᠬᠠᠮᠤᠭ ᠤᠯᠤᠰ ᠢ ᠡᠵᠡᠨ ᠦᠭᠡᠢ ᠭᠡᠵᠦ ᠬᠠᠲᠤᠨ ᠪᠡᠶ ᠡ ᠶᠢ ᠮᠢᠨᠤ ᠪᠡᠯᠪᠢᠰᠦᠨ ᠭᠡᠵᠦ ᠬᠠᠰᠠᠷ ᠠᠪᠠᠬᠠᠢ ᠶᠢᠨ ᠦᠷᠡ ᠲᠥᠷᠢᠪᠡ ᠭᠡᠵᠦ ᠰᠠᠶᠢᠨ ᠮᠠᠨᠳᠤᠬᠠᠢ ᠬᠠᠲᠤᠨ ᠡᠨᠡ ᠦᠭᠡ ᠵᠠᠷᠯᠢᠭ ᠪᠣᠯᠵᠤ ᠳᠠᠶᠤᠨ ᠬᠠᠭᠠᠨ ᠢ ᠭᠤᠷᠪᠠᠨ ᠳᠠᠪᠬᠤᠷ ᠤᠯᠠᠲᠤ ᠭᠤᠲᠤᠯ ᠡᠮᠦᠰᠭᠡᠵᠦ ᠠᠯᠠᠭᠴᠤᠭᠤᠳ ᠤᠨ ᠦᠨᠡᠭᠡᠦᠨᠢᠶ ᠡ ᠶᠢᠨ ᠠᠯᠠᠭ ᠯᠣᠩᠬᠣᠲᠤ ᠠᠷᠠᠬᠢ ᠠᠪᠴᠤ ᠭᠡᠷ ᠦᠨ ᠨᠣᠶᠠᠳ ᠤᠨ ᠮᠡᠩᠭᠡᠨ ᠢᠷᠠᠭᠤ ᠪᠠᠷ ᠰᠣᠳᠲᠤ ᠬᠠᠲᠤᠨ ᠲᠤ ᠰᠠᠴᠤᠯᠢ ᠰᠠᠴᠤᠭᠤᠯᠵᠤ ᠵᠠᠷᠭᠤ ᠪᠠᠨ ᠵᠠᠭᠠᠪᠠᠢ ᠬᠠᠷᠠ ᠮᠣᠷᠢᠨ ᠤ ᠵᠢᠰᠦᠨ ᠦᠯᠦ ᠲᠠᠨᠢᠭᠳᠠᠬᠤ ᠭᠠᠵᠠᠷᠠ ᠪᠡᠷᠢᠯᠡᠮ ᠪᠢᠯᠡ ᠬᠠᠭᠠᠨ ᠤ ᠴᠢᠨᠤ ᠦᠷᠡ ᠠᠷᠢᠳᠪᠠ ᠭᠡᠵᠦ ᠬᠠᠳᠠᠷ ᠠᠪᠠᠬᠠᠢ ᠶᠢᠨ ᠦᠷᠡ ᠠᠪᠤᠶ᠎ᠠ ᠭᠡᠬᠦᠳᠦ ᠬᠠᠭ ᠬᠠᠨ ᠣᠷᠳᠣᠨ ᠤ ᠳᠡᠷᠭᠡᠳᠡ ᠢᠷᠡᠪᠡᠢ ᠠᠯᠠᠭ ᠮᠣᠷᠢᠨ ᠤ ᠵᠢᠰᠦᠨ ᠦᠯᠦ ᠲᠠᠨᠢᠭᠳᠠᠬᠤ ᠭᠠᠵᠠᠷᠠ ᠪᠡᠷᠢᠯᠡᠮ ᠪᠢᠯᠡ ᠠᠴᠢ ᠦᠷᠡ ᠴᠢᠨᠤ ᠥᠴᠦᠬᠡᠨ ᠭᠡᠵᠦ ᠠᠯᠤᠰᠤᠨ ᠠᠪᠠᠬᠠᠢ ᠶᠢᠨ ᠦᠷᠡ ᠠᠪᠤᠶ᠎ᠠ ᠭᠡᠬᠦᠳᠦ ᠠᠶᠢᠬᠤ ᠠᠮᠢᠨ ᠢᠶᠠᠨ ᠣᠷᠬᠢᠵᠤ ᠠᠯᠲᠠᠨ ᠣᠷᠳᠣᠨ ᠤ ᠳᠡᠷᠭᠡᠳᠡ ᠢᠷᠡᠪᠡᠢ ᠪᠢ ᠠᠶᠢᠬᠤ ᠠᠮᠢᠨ ᠮᠢᠨᠤ ᠠᠯᠳᠠᠷᠠᠪᠠ ᠢᠴᠡᠬᠦ ᠨᠢᠭᠤᠷ ᠮᠢᠨᠤ ᠡᠪᠳᠡᠷᠡᠪᠡ ᠥᠷᠭᠡᠨ ᠶᠡᠬᠡ ᠡᠭᠦᠳᠡᠢ ᠴᠢᠨᠤ ᠬᠥᠩᠭᠡᠨ ᠭᠡᠵᠦ ᠥᠨᠳᠥᠷ ᠶᠡᠬᠡ ᠪᠣᠰᠣᠭ ᠠ ᠭᠢ ᠴᠢᠨᠤ ᠨᠠᠷᠢᠨ ᠭᠡᠵᠦ ᠦᠨᠡᠪᠠᠯᠠᠳ ᠣᠩ ᠲᠤ ᠡᠴᠢᠬᠦᠯᠡ ᠤᠷᠭ᠎ᠠ ᠴᠢᠨᠤ ᠤᠷᠲᠤ
üge=gi jöbsiyejü Satai-Doγolang=yin üge=yi buruγu gejü qalaγun čai terigün uruγu asγabai qaγan=i minu üre öčügüken gejü qamuγ ulus=i ejen ügei gejü qatun bey=e=yi minu belbisün gejü Qasar abaqai=yin üre töribe gejü sayin Manduqai-qatun ene üge jarliγ bolju Dayun-qaγan=i γurban dabqur ulatu γutul emüsgejü Alaγčuγud=un ünege<üniy=e>=yin alaγ longqotu araki abču ger=ün noyad=un Menggen-Iraγu=bar sodtu qatun=tu sačuli sačuγulju jarγu=ban jaγabai qara morin=u jisün ülü taniγdaqu γajara berilem bile qaγan=u činu üre aridba gejü Qadar abaqai=yin üre abuy=a geküdü qaγ <qan> ordon=u dergede irebei alaγ morin=u jisün ülü taniγdaqu γajara berilem bile ači üre činu öčüken gejü alusun abaqai=yin üre abuy=a geküdü ayiqu amin=iyan orkiju altan ordon=u dergede irebei bi ayiqu amin minu aldaraba ičekü niγur minu ebderebe örgen yeke egüdei činu könggen gejü öndör yeke bosoγ=a=gi činu narin gejü Ünebalad-ong=tu ečiküle urγ=a činu urtu
160a
ᠬᠤᠪᠢ ᠴᠢᠨᠤ ᠠᠭᠤᠤ ᠪᠤᠢ ᠨᠠᠮᠠᠶᠢ ᠤᠷᠭᠠᠯᠠᠵᠤ ᠠᠪ ᠴᠢᠨᠤ ᠦᠷᠡ ᠶᠢ ᠥᠴᠦᠬᠡᠨ ᠭᠡᠵᠦ ᠪᠠᠰᠤᠵᠤ ᠠᠪᠬᠤᠯᠠ ᠦᠨᠡᠪᠠᠯᠠᠳ ᠣᠩ ᠢ ᠤᠷᠭᠠᠯᠠᠵᠤ ᠠᠪ ᠭᠡᠪᠡ ᠬᠠᠷᠢ ᠪᠦᠷᠢᠭᠰᠡᠨ ᠬᠠᠨ ᠬᠥᠪᠡᠭᠦᠨ ᠲᠥᠷᠥᠵᠦ ᠬᠠᠨ ᠬᠥᠪᠡᠭᠦᠨ ᠴᠢᠨᠤ ᠬᠠᠯᠢᠪᠠ ᠭᠡᠵᠦ ᠬᠠᠷᠠ ᠪᠡᠶ ᠡ ᠪᠡᠨ ᠮᠡᠳᠡᠵᠦ ᠡᠴᠢᠪᠡᠰᠦ ᠬᠠᠨ ᠬᠠ ᠭᠤᠶ ᠠ ᠪᠠᠨ ᠬᠠᠨᠵᠠᠯᠭᠠᠰᠤ ᠡᠷᠡ ᠪᠣᠭᠳᠠ ᠡᠵᠡᠨ ᠮᠢᠨᠤ ᠬᠥᠪᠡᠭᠦᠨ ᠲᠥᠷᠥᠵᠦ ᠪᠥᠯᠦᠭᠡ ᠡᠵᠡᠨ ᠬᠥᠪᠡᠭᠦᠨ ᠢ ᠴᠢᠨᠤ ᠠᠯᠳᠠᠪᠠ ᠭᠡᠵᠦ ᠡᠮ᠎ᠡ ᠬᠥᠪᠡᠭᠦᠨ ᠪᠡᠶᠡᠪᠡᠨ ᠮᠡᠳᠡᠵᠦ ᠡᠴᠢᠪᠡᠰᠦ ᠡᠰᠢ ᠬᠠᠲᠤᠨ ᠴᠢᠨᠤ ᠡᠮᠦᠨᠡ ᠡᠪᠳᠡᠭᠦᠯᠰᠦ ᠪᠢ ᠭᠡᠪᠡᠢ ᠡᠨᠡ ᠦᠨᠡᠨ ᠦᠭᠡᠰ ᠢᠶᠡᠷ ᠡᠰᠢ ᠬᠠᠲᠤᠨ ᠤ ᠡᠮᠦᠨᠡ ᠥᠴᠢᠭ ᠥᠴᠢᠪᠡᠢ ᠲᠡᠭᠦᠨ ᠦ ᠬᠣᠶᠢᠨᠠ ᠮᠥᠨ ᠡᠰᠢ ᠬᠠᠲᠤᠨ ᠠᠴᠠ ᠬᠤᠲᠤᠭ ᠭᠤᠶᠤᠵᠤ ᠵᠠᠯᠪᠠᠷᠢᠷᠤᠨ ᠡᠨᠡ ᠦᠭᠡ ᠶᠢ ᠮᠢᠨᠤ ᠵᠥᠪᠰᠢᠶᠡᠬᠦ ᠪᠣᠯᠤᠰᠠ ᠡᠰᠢ ᠬᠠᠲᠤᠨ ᠡᠬᠡ ᠮᠢᠨᠤ ᠳᠣᠲᠣᠭᠠᠳᠤ ᠡᠩᠬᠡᠷ ᠲᠦ ᠮᠢᠨᠤ ᠳᠣᠯᠣᠭᠠᠨ ᠬᠥᠪᠡᠭᠦᠨ ᠲᠥᠷᠥᠭᠦᠯ ᠭᠠᠳᠠᠭᠠᠳᠤ ᠡᠩᠬᠡᠷ ᠲᠦ ᠮᠢᠨᠤ ᠭᠠᠭᠴᠠ ᠥᠬᠢᠨ ᠲᠥᠷᠥᠭᠦᠯ ᠭᠡᠵᠦ ᠮᠢᠨᠤ ᠡᠨᠡ ᠦᠭᠡ ᠪᠡᠷ ᠳᠣᠯᠣᠭᠠᠨ ᠨᠤᠭᠤᠨ ᠵᠠᠶᠠᠭᠠᠪᠠᠰᠤ ᠳᠣᠯᠣᠭᠤᠯᠠ ᠪᠦᠷᠢ ᠶᠢ ᠪᠣᠯᠠᠳ ᠨᠡᠷ᠎ᠡ ᠥᠭᠭᠥᠶ᠎ᠡ ᠭᠡᠵᠦ ᠵᠠᠯᠪᠠᠷᠢᠵᠤ ᠬᠠᠷᠢᠪᠠᠢ ᠬᠠᠲᠤᠨ ᠤ ᠲᠡᠷᠡ ᠵᠠᠷᠯᠢᠭ ᠢ ᠰᠣᠨᠣᠰᠤᠭᠠᠳ ᠦᠨᠡᠪᠠᠯᠠᠳ ᠣᠩ ᠤᠷᠢᠳᠤ ᠦᠭᠡ ᠪᠡᠨ ᠪᠠᠶᠢᠪᠠᠢ ᠳᠠᠶᠠᠨ ᠬᠠᠭᠠᠨ ᠢ ᠬᠤᠯᠤᠭᠤᠷᠤᠨ ᠭᠣᠣᠯ ᠲᠤ ᠳᠣᠯᠣᠭᠠᠨ ᠨᠠᠰᠤᠨ ᠲᠤ ᠤᠨᠠᠭᠰᠠᠨ ᠲᠤ ᠰᠢᠩᠬᠤᠵᠤ ᠠᠪᠤᠭᠰᠠᠨ
qubi činu aγuu bui # namayi urγalaju ab činu üre=yi öčüken gejü basuju abqula Ünebalad-ong=i urγalaju ab gebe qari bürigsen qan köbegün töröjü qan köbegün činu qaliba gejü qara bey=e=ben medejü ečibesü qan <qa> γuy=a=ban qanjalγasu ere Boγda-Ejen minu köbegün töröjü bölüge ejen köbegün=i činu aldaba gejü em=e köbegün beyeben medejü ečibesü Esi-qatun činu emüne ebdegülsü bi gebei ene ünen üges=iyer Esi-qatun=u emüne öčig öčibei tegün=ü qoyina mön Esi-qatun=ača qutuγ γuyuju jalbarirun ene üge=yi minu jöbsiyekü bolusa Esi-qatun eke minu dotoγadu engker=tü minu doloγan köbegün törögül γadaγadu engker=tü minu γaγča ökin törögül gejü minu ene üge=ber doloγan nuγun jayaγabasu doloγula büri=yi Bolad ner=e öggöy=e gejü jalbariju qaribai qatun=u tere jarliγ=i sonosuγad Ünebalad-ong uridu üge=ben bayibai # Dayan-qaγan=i Quluγurun-γool=tu doloγan nasun=tu unaγsan=tu singquju abuγsan
160b
ᠲᠠᠩᠭᠤᠳ ᠶᠢᠨ ᠠᠶᠢᠨ ᠲᠡᠮᠦᠷ ᠨᠡᠷᠡᠲᠦ ᠬᠦᠮᠦᠨ ᠠᠪᠤᠭᠰᠠᠨ ᠪᠤᠢ ᠲᠡᠭᠦᠨ ᠦ ᠬᠣᠶᠢᠨᠠ ᠪᠠᠲᠤ ᠮᠥᠩᠬᠡ ᠳᠠᠶᠠᠨ ᠬᠠᠭᠠᠨ ᠢ ᠳᠣᠯᠣᠭᠠᠨ ᠨᠠᠰᠤᠨ ᠲᠤᠷ ᠢᠨᠤ ᠮᠠᠨᠳᠤᠬᠠᠢ ᠰᠠᠶᠢᠨ ᠬᠠᠲᠤᠨ ᠪᠡᠶᠡᠪᠡᠨ ᠵᠠᠯᠭᠠᠭᠤᠯᠵᠤ ᠮᠥᠨ ᠣᠨ ᠭᠠᠬᠠᠢ ᠵᠢᠯ ᠲᠦᠷ ᠬᠠᠨ ᠣᠷᠣ ᠰᠠᠭᠤᠯᠭᠠᠪᠠᠢ ᠲᠡᠷᠡ ᠬᠤᠲᠤᠭ ᠭᠤᠶᠤᠭᠰᠠᠨ ᠬᠦᠴᠦᠪᠡᠷ ᠮᠠᠨᠳᠤᠬᠠᠢ ᠬᠠᠲᠤᠨ ᠠᠴᠠ ᠳᠣᠯᠣᠭᠠᠨ ᠨᠤᠭᠤᠨ ᠭᠠᠭᠴᠠ ᠥᠬᠢᠨ ᠲᠥᠷᠥᠪᠡᠢ ᠲᠥᠷᠥ ᠪᠣᠯᠠᠳ ᠤᠯᠤᠰ ᠪᠣᠯᠠᠳ ᠬᠣᠶᠠᠷ ᠳᠡᠭᠦᠰ ᠪᠥᠯᠦᠭᠡ ᠠᠷᠰᠤ ᠪᠣᠯᠠᠳ ᠪᠠᠷᠰᠤ ᠪᠣᠯᠠᠳ ᠬᠣᠶᠠᠷ ᠳᠡᠭᠦᠰ ᠪᠥᠯᠦᠭᠡ ᠲᠡᠭᠦᠨ ᠦ ᠬᠣᠶᠢᠨᠠ ᠰᠠᠶᠢᠨ ᠬᠠᠲᠤᠨ ᠠᠴᠠ ᠸᠴᠢᠷ ᠪᠣᠯᠠᠳ ᠠᠯᠴᠤ ᠪᠣᠯᠠᠳ ᠬᠣᠶᠠᠷ ᠢ ᠬᠥᠯ ᠬᠦᠨᠳᠦ ᠪᠣᠯᠵᠤ ᠶᠢᠰᠦᠨ ᠰᠠᠷᠠᠲᠠᠢ ᠲᠤᠷ ᠣᠶᠢᠷᠠᠳ ᠳᠣᠪᠲᠣᠯᠪᠠ ᠲᠡᠭᠦᠨ ᠲᠦᠷ ᠰᠠᠶᠢᠨ ᠬᠠᠲᠤᠨ ᠮᠣᠷᠢᠨ ᠠᠴᠠ ᠰᠢᠯᠵᠢᠭᠰᠡᠨ ᠲᠦᠷ ᠮᠢᠷᠠᠭᠠᠨ ᠢ ᠰᠠᠶᠢᠨ ᠬᠣᠩᠭᠣᠷ ᠮᠣᠷᠢᠨ ᠲᠤ ᠪᠠᠷᠠᠭᠤᠳ ᠣᠲᠣᠭ ᠤᠨ ᠰᠠᠶᠢᠨ ᠰᠠᠶᠢᠬᠠᠨ ᠪᠥᠬᠡᠯᠵᠦ ᠪᠠᠯᠭᠠᠴᠢᠨ ᠢ ᠪᠠᠶᠠᠨ ᠪᠥᠬᠡ ᠠᠰᠤᠳ ᠤᠨ ᠪᠠᠲᠤ ᠪᠣᠯᠠᠳ ᠪᠥᠬᠡ ᠲᠡᠷᠡ ᠬᠣᠶᠠᠷ ᠰᠠᠶᠢᠨ ᠬᠠᠲᠤᠨ ᠢ ᠥᠷᠭᠥᠵᠦ ᠮᠣᠷᠳᠠᠭᠤᠯᠤᠭᠠᠳ ᠳᠤᠲᠠᠭᠠᠵᠤ ᠭᠠᠷᠪᠠᠢ ᠨᠢᠭᠡᠨ ᠰᠠᠷᠠ ᠪᠣᠯᠤᠭᠠᠳ ᠸᠴᠢᠷ ᠪᠣᠯᠠᠳ ᠠᠯᠴᠤ ᠪᠣᠯᠠᠳ ᠬᠣᠶᠠᠷ ᠳᠡᠭᠦᠰ ᠦᠵᠡᠭᠳᠡᠪᠡᠢ ᠲᠡᠳᠡᠨ ᠦ ᠬᠣᠶᠢᠨᠠ ᠠᠯ ᠪᠣᠭᠣᠷᠠ ᠦᠵᠡᠭᠳᠡᠪᠡᠢ ᠲᠡᠭᠦᠪᠡᠷ ᠲᠡᠷᠡ ᠳᠣᠯᠣᠭᠤᠯᠠ ᠪᠦᠷᠢ ᠲᠦ ᠪᠣᠯᠠᠳ ᠨᠡᠷᠡ ᠥᠭᠪᠡᠢ ᠤᠷᠢᠶᠠᠩᠬᠠᠨ ᠤ ᠬᠤᠲᠤᠭ ᠲᠤ ᠰᠢᠭᠦᠰᠢ ᠶᠢᠨ ᠠᠴᠢ ᠥᠬᠢᠨ
Tangγud=yin Ayin-Temür neretü kümün abuγsan bui # ~ tegün=ü qoyina Batu-Möngke-Dayan-qaγan=i doloγan nasun=tur inu Manduqai-Sayin-qatun beyeben jalγaγulju mön on γaqai jil=tür qan oro saγulγabai tere qutuγ γuyuγsan küčüber Manduqai-qatun=ača doloγan nuγun γaγča ökin töröbei Törö-Bolad Ulus-Bolad qoyar degüs bölüge Arsu-Bolad Barsu-Bolad qoyar degüs bölüge tegün=ü qoyina Sayin-qatun=ača Včir-Bolad Alču-Bolad qoyar=i köl kündü bolju yisün saratai=tur Oyirad dobtolba tegün=tür Sayin-qatun morin=ača siljigsen=tür miraγan=i sayin qongγor morin=tu Baraγud otoγ=un Sayin-Sayiqan bökeljü Balγačin=i Bayan-Böke Asud=un Batu-Bolad-Böke tere qoyar Sayin-qatun=i örgöjü mordaγuluγad dutaγaju γarbai nigen sara boluγad Včir-Bolad Alču-Bolad qoyar degüs üjegdebei teden=ü qoyina Al-Boγora üjegdebei tegüber tere doloγula büri=tü Bolad nere ögbei Uriyangqan=u Qutuγ=tu-Sigüsi=yin ači ökin
161a
ᠰᠠᠮᠤᠷ ᠲᠠᠶᠢᠬᠤ ᠠᠴᠠ ᠭᠢᠷᠠᠰᠠᠨᠵᠠ ᠭᠡᠷ ᠪᠣᠯᠠᠳ ᠬᠣᠶᠠᠷ ᠦᠵᠡᠭᠳᠡᠪᠡ ᠭᠡᠬᠦ ᠵᠠᠷᠢᠮ ᠲᠡᠦᠬᠡᠨ ᠲᠦᠷ ᠤᠷᠤᠳ ᠲᠠᠶᠢᠵᠢ ᠵᠠᠯᠠᠶᠢᠷ ᠲᠠᠶᠢᠵᠢ ᠬᠡᠮᠡᠭᠰᠡᠨ ᠨᠢᠭᠡᠨ ᠦ ᠨᠡᠷᠡ ᠪᠤᠢ ᠨᠥᠭᠥᠭᠡ ᠭᠦᠰᠢ ᠬᠠᠲᠤᠨ ᠠᠴᠠ ᠭᠡᠷᠡᠲᠦ ᠴᠢᠩ ᠲᠠᠶᠢᠵᠢ ᠬᠣᠶᠠᠷ ᠦᠵᠡᠭᠳᠡᠪᠡ ᠭᠡᠬᠦ ᠳᠠᠶᠠᠨ ᠬᠠᠭᠠᠨ ᠤ ᠠᠷᠪᠠᠨ ᠨᠢᠭᠡᠨ ᠬᠥᠪᠡᠭᠦᠨ ᠬᠡᠮᠡᠭᠰᠡᠨ ᠲᠡᠷᠡ ᠪᠤᠶᠤ ᠲᠡᠭᠦᠨ ᠦ ᠬᠣᠶᠢᠨᠠ ᠤᠷᠤᠭᠰᠢ ᠨᠡᠭᠦᠵᠦ ᠴᠠᠭᠠᠨ ᠭᠡᠷ ᠲᠡᠢ ᠲᠦ ᠨᠤᠲᠤᠭᠯᠠᠪᠠᠢ ᠡᠷᠬᠦᠳ ᠡᠴᠡ ᠬᠠᠷᠠᠭᠤᠯ ᠭᠠᠷᠭᠠᠪᠠᠢ ᠬᠢᠲᠠᠳ ᠤᠨ ᠴᠢᠷᠢᠭ ᠠᠶᠢᠰᠤᠬᠤᠢ ᠦᠵᠡᠵᠦ ᠬᠠᠭᠠᠨ ᠲᠤᠷ ᠬᠡᠯᠡ ᠬᠦᠷᠭᠡᠪᠡᠢ ᠪᠠᠰᠠ ᠡᠷᠬᠡᠭᠦᠳ ᠦᠨ ᠬᠦᠳᠦᠩ ᠪᠣᠪᠣᠱ ᠬᠣᠶᠠᠷ ᠢ ᠬᠠᠷᠠᠭᠤᠯ ᠭᠠᠷᠭᠠᠪᠠᠢ ᠬᠥᠬᠡ ᠬᠣᠲᠠ ᠠᠴᠠ ᠴᠢᠷᠢᠭ ᠵᠣᠷᠢᠵᠤ ᠭᠠᠷᠬᠤᠢ ᠦᠵᠡᠪᠡᠢ ᠬᠦᠳᠦᠩ ᠪᠣᠪᠣᠱ ᠬᠠᠭᠠᠨ ᠢ ᠲᠡᠮᠡᠴᠡᠵᠦ ᠢᠷᠡᠭᠡᠳ ᠨᠢᠭᠡᠨ ᠢᠨᠤ ᠭᠡᠷ ᠦᠨ ᠬᠣᠶᠢᠨᠠ ᠠᠴᠠ ᠰᠡᠷᠢᠭᠦᠯᠪᠡᠢ ᠨᠢᠭᠡᠨ ᠢᠨᠤ ᠤᠶᠠᠭᠰᠠᠨ ᠮᠣᠷᠢ ᠲᠠᠶᠢᠯᠵᠤ ᠠᠪᠴᠢ ᠢᠷᠡᠭᠡᠳ ᠬᠠᠭᠠᠨ ᠬᠠᠲᠤᠨ ᠬᠣᠶᠠᠷ ᠢ ᠤᠨᠤᠭᠤᠯᠵᠤ ᠮᠠ ᠶᠢᠨ ᠲᠠᠯᠠ ᠪᠠᠷ ᠳᠤᠲᠠᠭᠠᠵᠤ ᠭᠠᠷᠪᠠᠢ ᠴᠠᠭᠠᠴᠠᠩ ᠬᠠᠲᠤᠨ ᠪᠡᠷᠢ ᠢᠨᠤ ᠬᠡᠷᠡᠮ ᠦᠨ ᠤᠭᠵᠤᠷᠳᠠᠢ ᠳᠤᠲᠠᠭᠠᠵᠤ ᠭᠠᠷᠪᠠᠢ ᠲᠡᠷᠡ ᠴᠠᠭᠠᠴᠠᠩ ᠬᠠᠢ ᠪᠢᠭᠢᠵᠢ ᠠᠪᠠᠬᠠᠢ ᠵᠠᠭᠤᠨ ᠨᠠᠰᠤᠲᠤ ᠲᠠᠶᠢᠬᠤ ᠭᠡᠬᠦ ᠲᠡᠭᠦᠨ ᠦ ᠬᠣᠶᠢᠨᠠ ᠬᠡᠷᠦᠯᠡᠨ ᠲᠦ ᠨᠤᠲᠤᠭᠯᠠᠪᠠᠢ ᠳᠠᠶᠠᠨ ᠬᠠᠭᠠᠨ ᠮᠣᠩᠭᠣᠯᠵᠢᠨ ᠲᠤ ᠴᠢᠷᠢᠭ ᠮᠣᠷᠳᠠᠵᠤ ᠳᠥᠯᠢᠨ ᠶᠠᠪᠤᠵᠤ ᠲᠦᠷᠭᠡᠨ ᠢ ᠭᠣᠣᠯ ᠤᠨ ᠣᠯᠣᠮ ᠳᠡᠭᠡᠷᠡ ᠬᠣᠨᠣᠪᠠ ᠮᠣᠩᠭᠣᠯᠵᠢᠨ ᠮᠡᠳᠡᠭᠡᠳ ᠴᠡᠷᠢᠭ ᠮᠣᠷᠳᠠᠵᠤ ᠢᠷᠡᠭᠡᠳ
Samur-tayiqu=ača Girasanja Ger-Bolad qoyar üjegdebe gekü jarim teüken=tür Urud-tayiji Jalayir-tayiji kemegsen nigen=ü nere bui nögöge Güsi-qatun=ača Geretü Čing-tayiji qoyar üjegdebe gekü Dayan-qaγan=u arban nigen köbegün kemegsen tere buyu # tegün=ü qoyina uruγsi negüjü čaγan ger=tei=tü nutuγlabai erküd=eče qaraγul γarγabai Kitad=un čirig ayisuqui üjejü qaγan=tur kele kürgebei basa Erkegüd=ün Küdüng Boboš qoyar=i qaraγul γarγabai Köke qota=ača čirig joriju γarqui üjebei Küdüng Boboš qaγan=i temečejü ireged nigen inu ger=ün qoyina=ača serigülbei nigen inu uyaγsan mori tayilju abči ireged qaγan qatun qoyar=i unuγulju Ma=yin tala=bar dutaγaju γarbai Čaγačang-qatun beri inu kerem=ün uγjurdai dutaγaju γarbai tere Čaγačang-Qai-bigiji (abaqai) jaγun nasutu tayiqu gekü tegün=ü qoyina Kerülen=tü nutuγlabai ~ Dayan-qaγan Mongγoljin=tu čirig mordaju dölin yabuju Türgen=i-γool=un olom degere qonoba Mongγoljin medeged čerig mordaju ireged
161b
ᠲᠦᠷᠭᠡᠨ ᠦ ᠭᠣᠣᠯ ᠲᠤ ᠵᠣᠯᠭᠣᠯᠳᠤᠵᠤ ᠮᠣᠩᠭᠣᠯᠵᠢᠨ ᠤ ᠲᠠᠯᠠᠳ ᠶᠢᠨ ᠪᠠᠭᠠᠲᠤᠷ ᠦᠭᠦᠷᠡᠬᠡᠢ ᠪᠠᠷᠠᠭᠤᠨ ᠵᠡᠭᠦᠨ ᠡᠲᠡᠭᠡᠳ ᠡᠴᠡ ᠬᠠᠯᠵᠢᠨ ᠪᠦᠷᠡᠭᠡ ᠲᠠᠲᠠᠭᠠᠳ ᠳᠣᠪᠲᠣᠯᠪᠠᠢ ᠬᠠᠭᠠᠨ ᠢ ᠴᠢᠷᠢᠭ ᠦᠷᠭᠦᠪᠡᠢ ᠲᠡᠷᠡ ᠦᠷᠭᠦᠭᠰᠡᠨ ᠲᠦᠷ ᠲᠦᠷᠭᠡᠨ ᠢ ᠭᠣᠣᠯ ᠤᠨ ᠬᠠᠭᠠᠨ ᠢ ᠤᠨᠤᠭᠰᠠᠨ ᠪᠠᠭᠠᠷᠢᠨ ᠤ ᠬᠦᠶᠢᠰᠦᠲᠦ ᠬᠣᠬᠤᠤ ᠮᠣᠷᠢᠨ ᠰᠢᠪᠠᠷᠳᠠᠵᠤ ᠤᠨᠠᠬᠤᠢ ᠲᠤᠷ ᠳᠤᠭᠤᠯᠭᠠᠨ ᠤ ᠣᠷᠣᠢ ᠢᠨᠤ ᠭᠠᠵᠠᠷᠠ ᠰᠢᠭᠢᠳᠴᠦ ᠪᠣᠰᠤᠨ ᠡᠰᠡ ᠴᠢᠳᠠᠪᠠᠢ ᠪᠡᠰᠦᠳ ᠦᠨ ᠲᠤᠭᠠᠨ ᠰᠠᠶᠢᠨ ᠬᠣᠬᠤᠤ ᠬᠠᠯᠴᠵᠢᠨ ᠮᠣᠷᠢᠨ ᠰᠢᠪᠠᠷᠳᠠᠵᠤ ᠤᠨᠠᠪᠠ ᠭᠡᠵᠦ ᠪᠡᠰᠦᠳ ᠦᠨ ᠴᠠᠬᠠᠨ ᠮᠠᠭᠤ ᠴᠢᠷᠠᠢ ᠶᠢ ᠳᠠᠭᠤᠳᠠᠵᠤ ᠪᠠᠭᠤ ᠭᠡᠵᠦ ᠬᠡᠯᠡᠭᠡᠳ ᠬᠣᠶᠠᠭᠤᠯᠠ ᠵᠡᠷᠭᠡ ᠪᠠᠭᠤᠵᠤ ᠬᠠᠭᠠᠨ ᠤ ᠳᠤᠭᠤᠯᠭᠠᠨ ᠤ ᠣᠷᠣᠢ ᠶᠢ ᠰᠤᠭᠤ ᠲᠠᠲᠠᠨ ᠮᠣᠷᠳᠠᠭᠤᠯᠪᠠ ᠬᠠᠭᠠᠨ ᠢ ᠮᠣᠷᠳᠠᠭᠤᠯᠤᠭᠰᠠᠨ ᠪᠡᠰᠦᠳ ᠦᠨ ᠲᠤᠭᠠᠨ ᠮᠠᠭᠤ ᠴᠢᠷᠠᠢ ᠬᠣᠶᠠᠷ ᠬᠣᠷᠯᠠᠳ ᠶᠢᠨ ᠬᠠᠷᠠ ᠲᠥᠷᠥ ᠲᠦ ᠡᠳᠡ ᠲᠤᠰᠠᠯᠠᠪᠠᠢ ᠳᠠᠶᠠᠨ ᠬᠠᠭᠠᠨ ᠮᠣᠷᠢᠯᠠᠭᠠᠳ ᠮᠣᠩᠭᠣᠯᠵᠢᠨ ᠢ ᠴᠢᠷᠢᠭ ᠢ ᠳᠠᠷᠤᠪᠠᠢ ᠳᠠᠶᠠᠨ ᠬᠠᠭᠠᠨ ᠲᠦᠷᠭᠡᠨ ᠦ ᠭᠣᠣᠯ ᠤᠨ ᠡᠬᠢᠨ ᠲᠦ ᠪᠠᠭᠤᠵᠤ ᠬᠣᠵᠢᠮ ᠴᠢᠷᠢᠭ ᠢᠶᠡᠨ ᠬᠦᠯᠢᠶᠡᠪᠡᠢ ᠳᠠᠶᠠᠨ ᠬᠠᠭᠠᠨ ᠬᠡᠰᠢᠭ ᠲᠡᠨ ᠦ ᠤᠶᠠᠭᠲᠠᠢ ᠡᠴᠢᠭᠡ ᠶᠢᠨ ᠲᠣᠭᠣᠭᠠ ᠪᠠᠷ ᠮᠠᠬ᠎ᠠ ᠴᠢᠨᠠᠵᠤ ᠪᠤᠴᠠᠯᠲᠠᠯᠠ ᠮᠠᠬ ᠠ ᠶᠢ ᠮᠢᠨᠤ ᠬᠥᠰᠡᠷᠡ ᠠᠰᠭᠠᠭᠠᠳ ᠲᠣᠭᠣᠭᠠᠨ ᠢᠶᠠᠨ ᠠᠪᠤᠪᠠ ᠬᠣᠶᠢᠲᠤ ᠴᠢᠷᠢᠭ ᠶᠢᠨ ᠲᠣᠭᠣᠭᠠ ᠠ ᠭᠢ ᠬᠡᠷᠦᠭᠡᠳ ᠭᠠᠷᠴᠤ ᠢᠷᠡᠪᠡ ᠲᠡᠭᠦᠨ ᠦ ᠬᠣᠶᠢᠨᠠ ᠤᠶᠢᠭᠤᠳ ᠤᠨ ᠢᠰᠮᠠᠯ ᠲᠤ ᠴᠢᠷᠢᠭ
Türgen=ü-γool=tu jolγolduju Mongγoljin=u talad=yin baγatur Ügürekei baraγun jegün eteged=eče qaljin bürege tataγad dobtolbai qaγan=i čirig ürgübei tere ürgügsen=tür Türgen=i-γool=un qaγan=i unuγsan Baγarin=u küyisütü qoquu morin sibardaju unaqui=tur duγulγan=u oroi inu γajara sigidčü bosun ese čidabai Besüd=ün Tuγan sayin qoquu qalčjin morin sibardaju unaba gejü Besüd=ün Čaqan-Maγu-Čirai=yi daγudaju baγu gejü keleged qoyaγula jerge baγuju qaγan=u duγulγan=u oroi=yi suγu tatan mordaγulba qaγan=i mordaγuluγsan Besüd=ün Tuγan Maγu-Čirai qoyar Qorlad=yin Qara-Törö=tü ede tusalabai Dayan-qaγan morilaγad Mongγoljin=i čirig=i darubai Dayan-qaγan Türgen=ü-γool=un ekin=tü baγuju qojim čirig=iyen küliyebei Dayan-qaγan kesig=ten=ü Uyaγtai ečige=yin toγoγa=bar maq=a činaju bučaltala maq=a=yi minu kösere asγaγad toγoγan=iyan abuba qoyitu čirig=yin toγoγa=a=gi kerüged γarču irebe tegün=ü qoyina Uyiγud=un Ismal=tu čirig
162a
ᠮᠣᠷᠳᠠᠭᠤᠯᠪᠠ ᠬᠣᠷᠬᠤᠨ ᠢ ᠲᠣᠭᠣᠴᠢ ᠰᠢᠭᠦᠰᠢ ᠬᠠᠭᠤᠴᠢᠳ ᠤᠨ ᠡᠰᠡᠨ ᠲᠦᠭᠡᠯ ᠴᠠᠭᠠᠨ ᠠᠮᠠᠨ ᠴᠦᠪᠦᠨ ᠪᠠᠳᠤᠷ ᠮᠢᠩᠭᠠᠲᠤ ᠠᠷᠯᠠᠳ ᠤᠨ ᠮᠤᠤᠯᠠᠨ ᠬᠡᠰᠢᠭ ᠲᠡᠨ ᠦ ᠪᠡᠷᠴᠢ ᠨᠠᠭᠠᠬᠤ ᠯᠠᠪᠤᠭ ᠰᠢᠭᠡᠴᠢᠨ ᠲᠠᠲᠠᠷ ᠢ ᠶᠢᠨ ᠲᠠᠷᠭᠤᠨ ᠬᠠᠷᠠ ᠰᠢᠷᠠ ᠪᠠᠲᠤᠯᠠᠳ ᠬᠡᠮᠴᠦᠭᠦᠳ ᠦᠨ ᠬᠣᠷᠢ ᠪᠠᠶᠠᠰᠬᠤ ᠬᠣᠷᠯᠠᠳ ᠤᠨ ᠪᠠᠪᠠᠬᠠᠢ ᠥᠷᠯᠥᠭ ᠳᠡᠷᠡᠴᠢᠨ ᠦ ᠪᠠᠰᠤᠬᠠᠢ ᠬᠣᠨᠢ ᠬᠠᠪᠲᠠᠭᠠᠢ ᠪᠣᠷᠪᠠᠭ ᠤᠨ ᠮᠥᠩᠬᠡ ᠪᠡᠯᠭᠦ ᠲᠦᠴᠢᠭᠡᠨ ᠪᠡᠬᠢ ᠥᠭᠡᠳᠡᠢ ᠠᠬ᠎ᠠ ᠲᠡᠮᠦᠷ ᠶᠢᠨ ᠡᠭᠦᠰᠡ ᠮᠢᠩᠭᠠᠲᠤ ᠰᠠᠷᠠᠭᠤᠳ ᠤᠨ ᠡᠰᠡᠨᠳᠡᠢ ᠡᠳᠡ ᠪᠦᠭᠦᠳᠡ ᠰᠠᠶᠢᠳ ᠢ ᠡᠬᠢᠯᠡᠵᠦ ᠴᠢᠷᠢᠭ ᠢᠯᠡᠭᠡᠪᠡ ᠲᠡᠳᠡ ᠴᠢᠷᠢᠭ ᠦᠳ ᠢᠰᠮᠠᠯ ᠶᠢᠨ ᠭᠡᠷᠦᠨ ᠡᠷᠦᠬᠡ ᠵᠠᠰᠠᠭᠴᠢ ᠠᠯᠠᠭ ᠨᠡᠷᠡᠲᠦ ᠡᠬᠡᠨᠡᠷ ᠲᠡᠳᠡᠨ ᠢ ᠴᠢᠷᠢᠭ ᠦᠨ ᠲᠥᠪᠡᠷᠡᠭᠡ ᠭᠢ ᠰᠣᠨᠣᠰᠤᠭᠠᠳ ᠢᠰᠮᠠᠯ ᠲᠤᠷ ᠥᠭᠦᠯᠡᠪᠡ ᠭᠠᠵᠠᠷ ᠬᠥᠳᠡᠯᠦᠮᠦᠢ ᠶᠠᠭᠤᠨ ᠪᠣᠯᠪᠠ ᠭᠡᠵᠦ ᠬᠡᠯᠡᠪᠡ ᠲᠡᠷᠡ ᠡᠮ᠎ᠡ ᠰᠠᠶᠢᠨ ᠬᠠᠯᠲᠠᠷ ᠮᠣᠷᠢᠨ ᠢ ᠲᠠᠶᠵᠢᠯᠤᠭᠠᠳ ᠢᠰᠮᠠᠯ ᠲᠠᠶᠢᠰᠢ ᠲᠤ ᠤᠨᠤᠭᠤᠯᠪᠠᠢ ᠢᠰᠮᠠᠯ ᠮᠣᠷᠢᠨ ᠢᠶᠠᠨ ᠤᠨᠤᠭᠠᠳ ᠲᠡᠷᠡ ᠴᠢᠮᠡᠭᠡ ᠶᠢ ᠪᠣᠯᠭᠠᠷᠠ ᠡᠴᠢᠪᠡᠢ ᠬᠣᠷᠬᠤᠨ ᠢ ᠲᠣᠭᠣᠴᠢ ᠰᠢᠭᠦᠰᠢ ᠲᠦᠷ ᠵᠣᠯᠭᠠᠪᠠ ᠲᠣᠭᠣᠴᠢ ᠰᠢᠭᠦᠰᠢ ᠢᠰᠮᠠᠯ ᠲᠠᠶᠢᠰᠢ ᠶᠢ ᠲᠠᠨᠢᠭᠠᠳ ᠬᠠᠷᠪᠤᠵᠤ ᠠᠯᠠᠪᠠ ᠲᠣᠭᠣᠴᠢ ᠰᠢᠭᠦᠰᠢ ᠢᠰᠮᠠᠯ ᠶᠢᠨ ᠬᠤᠯᠠᠷᠠᠢ ᠨᠡᠷᠡᠲᠦ ᠠᠭ ᠠ ᠭᠢ ᠢᠨᠤ ᠲᠣᠭᠣᠴᠢ ᠰᠢᠭᠦᠰᠢ ᠠᠪᠤᠪᠠᠢ ᠬᠤᠶᠠᠭ ᠢ ᠬᠠᠭᠤᠴᠢᠳ ᠤᠨ ᠪᠠᠳᠤᠷ ᠮᠢᠩᠭᠠᠲᠤ ᠠᠪᠤᠪᠠ ᠰᠢᠬᠢᠷ ᠲᠠᠶᠢᠬᠤ ᠶᠢ ᠮᠣᠷᠳᠠ ᠭᠡᠪᠡ ᠤᠶᠢᠯᠠᠵᠤ ᠡᠰᠡ ᠪᠣᠯᠪᠠ ᠲᠣᠭᠣᠴᠢ ᠰᠢᠭᠦᠰᠢ ᠠᠭᠤᠷᠯᠠᠵᠤ ᠡᠷᠡ ᠴᠢᠨᠤ ᠵᠣᠨᠣᠩ ᠮᠠᠭᠤ ᠪᠢᠯᠦᠦ ᠬᠥᠪᠡᠭᠦᠨ
mordaγulba Qorqun=i Toγoči-Sigüsi Qaγučid=un Esen-Tügel Čaγan-Aman Čübün Badur Mingγatu Arlad=un Muulan Kesig=ten=ü Berči Naγaqu Labuγ-Sigečin Tatar=i=yin Tarγun-Qara Sira-Batulad Kemčügüd=ün Qori-Bayasqu Qorlad=un Babaqai-örlög Derečin=ü Basuqai Qoni-Qabtaγai Borbaγ=un Möngke-Belgü Tüčigen Beki-Ögedei aq=a Temür=yin-$egüse Mingγatu Saraγud=un Esendei ede bügüde sayid=i ekilejü čirig ilegebe tede čirig=üd Ismal=yin gerün erüke jasaγči Alaγ neretü ekener teden=i čirig=ün töberege=gi sonosuγad Ismal=tur ögülebe γajar ködelümüi yaγun bolba gejü kelebe tere em=e sayin qaltar morin=i tayjiluγad Ismal-tayisi=tu unuγulbai Ismal morin=iyan unuγad tere čimege=yi bolγara ečibei Qorqun=i Toγoči-Sigüsi=tür jolγaba Toγoči-Sigüsi Ismal-tayisi=yi taniγad qarbuju alaba Toγoči-Sigüsi Ismal=yin Qularai neretü aγ=a=gi inu Toγoči-Sigüsi abubai Quyaγ=i Qaγučid=un Badur=Mingγatu abuba Sikir-tayiqu=yi morda gebe uyilaju ese bolba Toγoči-Sigüsi aγurlaju ere činu jonong maγu bilüü köbegün
162b
ᠴᠢᠨᠤ ᠬᠠᠭᠠᠨ ᠮᠠᠭᠤ ᠪᠤᠶᠤ ᠤᠯᠤᠰ ᠴᠢᠨ ᠤ ᠴᠠᠬᠠᠷ ᠮᠠᠭᠤ ᠪᠢᠯᠦᠦ ᠴᠢ ᠶᠠᠭᠤᠨ ᠭᠡᠵᠦ ᠪᠤᠰᠤ ᠬᠦᠮᠦᠨ ᠦ ᠲᠤᠯᠠᠳᠠ ᠤᠶᠢᠯᠠᠬᠤ ᠪᠤᠢ ᠭᠡᠵᠦ ᠢᠯᠳᠦ ᠲᠡᠮᠲᠦᠯᠵᠦ ᠮᠣᠷᠢᠨ ᠳᠤ ᠥᠷᠭᠥᠵᠦ ᠮᠣᠷᠳᠠᠭᠤᠯᠤᠭᠠᠳ ᠠᠪᠴᠤ ᠢᠷᠡᠪᠡ ᠰᠢᠬᠢᠷ ᠲᠠᠶᠢᠬᠤ ᠠᠴᠠ ᠲᠥᠷᠥᠭᠰᠡᠨ ᠪᠠᠪᠤᠳᠠᠢ ᠪᠣᠷᠬᠠᠢ ᠬᠣᠶᠠᠷ ᠢ ᠠᠪᠴᠤ ᠢᠷᠡᠯᠴᠡᠪᠡᠢ ᠳᠠᠶᠤᠨ ᠬᠠᠭᠠᠨ ᠡᠬᠡ ᠲᠡᠭᠡᠨ ᠰᠢᠬᠡᠷ ᠲᠠᠶᠢᠬᠤ ᠲᠤ ᠵᠣᠯᠭᠠᠬᠤᠢ ᠲᠤᠷ ᠲᠣᠭᠣᠴᠢ ᠰᠢᠭᠦᠰᠢ ᠬᠡᠯᠡᠪᠡ ᠠᠲᠠᠭᠠᠲᠠᠢ ᠶᠢ ᠴᠢᠨᠤ ᠠᠯᠠᠪᠠᠢ ᠥᠰᠢᠶ ᠡ ᠲᠦ ᠶᠢ ᠴᠢᠨᠤ ᠣᠷᠣᠭᠤᠯᠪᠠ ᠪᠢ ᠭᠡᠪᠡ ᠬᠣᠶᠢᠨᠠ ᠰᠢᠬᠢᠷ ᠲᠠᠶᠢᠬᠤ ᠰᠢᠷᠠ ᠮᠥᠷᠡᠨ ᠦ ᠰᠡᠷᠮᠡᠭᠡᠷ ᠳᠡᠭᠡᠷᠡ ᠬᠠᠯᠢᠪᠠ ᠤᠶᠢᠭᠤᠳ ᠤᠨ ᠪᠡᠭᠡᠷᠰᠡᠨ ᠲᠠᠶᠢᠰᠢ ᠬᠤᠷᠢᠮ ᠤᠨ ᠢᠳᠡᠭᠡᠨ ᠴᠢᠨᠠᠵᠤ ᠰᠠᠭᠤᠬᠤᠢ ᠲᠤᠷ ᠭᠠᠳᠠᠷ ᠮᠠᠨ ᠤ ᠮᠢᠬᠠᠨ ᠤ ᠲᠣᠰᠤᠲᠤ ᠰᠢᠯᠦᠦ ᠭᠢ ᠪᠡᠭᠡᠷᠰᠡᠨ ᠬᠦᠷᠭᠡᠵᠦ ᠤᠤᠬᠤᠢ ᠲᠤᠷ ᠠᠨᠳᠠᠨ ᠢ ᠮᠣᠩᠭᠣᠯᠵᠢᠨ ᠢ ᠲᠥᠪᠰᠢᠨ ᠦ ᠬᠥᠪᠡᠭᠦᠨ ᠰᠠᠶᠢᠨ ᠲᠥᠯᠥᠭᠡᠬᠡᠨ ᠤᠨᠳᠠᠭᠠᠰᠴᠤ ᠪᠡᠭᠡᠷᠰᠡᠨ ᠡᠴᠡ ᠰᠢᠯᠦ ᠭᠢ ᠠᠴᠠ ᠭᠡᠪᠡ ᠪᠡᠭᠡᠷᠰᠡᠨ ᠬᠦᠷᠭᠡᠭᠰᠡᠨ ᠰᠢᠯᠦᠦ ᠪᠡᠨ ᠪᠤᠰᠤ ᠠᠶᠠᠭᠠᠨ ᠲᠤ ᠬᠢᠵᠦ ᠥᠭᠪᠡ ᠬᠠᠯᠠᠭᠤᠨ ᠰᠢᠯᠦᠦ ᠶᠢ ᠡᠰᠡ ᠮᠡᠳᠡᠭᠡᠳ ᠣᠭᠣᠴᠢᠭᠰᠠᠨ ᠲᠤᠷ ᠠᠮᠠᠨ ᠢᠨᠤ ᠬᠠᠯᠠᠪᠠᠢ ᠲᠦᠯᠦᠭᠡᠬᠡᠨ ᠰᠠᠨᠠᠷᠤᠨ ᠡᠨᠡ ᠬᠠᠯᠠᠭᠤᠨ ᠰᠢᠯᠦᠦ ᠶᠢ ᠵᠠᠯᠭᠢᠮ ᠭᠡᠪᠡ ᠵᠢᠷᠦᠬᠡᠨ ᠮᠢᠨᠤ ᠲᠦᠯᠡᠬᠦ ᠭᠠᠷᠭᠠᠮ ᠭᠡᠪᠡ ᠢᠴᠡᠭᠦᠷᠢ ᠮᠡᠲᠦ ᠭᠡᠵᠦ ᠠᠮᠠᠨᠳᠠᠭᠠᠨ ᠣᠭᠣᠴᠢᠭᠰᠠᠭᠠᠷ ᠬᠥᠷᠭᠡᠪᠡ ᠲᠠᠩᠯᠠᠢ ᠶᠢᠨ ᠠᠷᠠᠰᠤᠨ ᠬᠠᠭᠤᠷᠠᠴᠤ ᠤᠨᠠᠪᠠᠢ ᠲᠦᠯᠦᠭᠡᠬᠡᠨ ᠬᠡᠯᠡᠷᠦᠨ ᠡᠨᠡ ᠥᠰᠢᠶ ᠡ ᠶᠢ
činu qaγan maγu buyu ulus čin=u Čaqar maγu bilüü či yaγun gejü busu kümün=ü tulada uyilaqu bui gejü ildü temtüljü morin=du örgöjü mordaγuluγad abču irebe Sikir-tayiqu=ača törögsen Babudai Borqai qoyar=i abču irelčebei Dayun-qaγan eke=tegen Siker-tayiqu=tu jolγaqui=tur Toγoči-Sigüsi kelebe ataγatai=yi činu alabai ösiy=e=tü=yi činu oroγulba bi gebe qoyina Sikir-tayiqu Sira-mören=ü sermeger degere qaliba # ~ Uyiγud=un Begersen-tayisi qurim=un idegen činaju saγuqui=tur γadar man=u <miqan=u> tosutu silüü=gi Begersen kürgejü uuqui=tur andan=i Mongγoljin=i Töbsin=ü köbegün Sayin-Tölögeken undaγasču Begersen=eče silü=gi ača gebe Begersen kürgegsen silüü=ben busu ayaγan=tu kijü ögbe qalaγun silüü=yi ese medeged oγočiγsan=tur aman inu qalabai Tülügeken sanarun ene qalaγun silüü=yi jalgim gebe jirüken minu tülekü γarγam gebe ičegüri metü gejü amandaγan oγočiγsaγar körgebe tanglai=yin arasun qaγuraču unabai Tülügeken kelerün ene ösiy=e=yi
163a
ᠦᠬᠦᠲᠡᠯᠡ ᠦᠯᠦ ᠮᠠᠷᠲᠠᠬᠤ ᠨᠢᠭᠡᠨ ᠴᠠᠭ ᠲᠤᠷ ᠰᠠᠨᠠᠮ ᠵ᠎ᠠ ᠪᠢ ᠭᠡᠪᠡ ᠲᠡᠷᠡ ᠥᠰᠢᠶ ᠡ ᠶᠢ ᠰᠠᠨᠠᠵᠤ ᠶᠠᠪᠤᠲᠠᠯᠠ ᠲᠡᠭᠦᠨ ᠦ ᠬᠣᠶᠢᠨᠠ ᠳᠠᠶᠤᠨ ᠬᠠᠭᠠᠨ ᠴᠠᠬᠠᠷ ᠲᠦᠮᠡᠳ ᠬᠣᠶᠠᠷ ᠢ ᠠᠪᠴᠤ ᠪᠡᠭᠡᠷᠰᠡᠨ ᠲᠦ ᠮᠣᠷᠳᠠᠵᠤ ᠶᠠᠪᠤᠨ ᠴᠢᠭᠤᠯᠭᠠᠯᠠᠪᠠ ᠮᠣᠩᠭᠣᠯᠵᠢᠨ ᠤ ᠵᠠᠩᠭᠢ ᠲᠡᠮᠦᠷ ᠠᠭᠯᠠᠬᠤ ᠶᠢ ᠲᠤᠷᠰᠢ ᠭᠡᠪᠡ ᠵᠠᠩᠭᠢ ᠲᠡᠮᠦᠷ ᠠᠭᠯᠠᠬᠤ ᠪᠡᠭᠡᠷᠰᠡᠨ ᠦ ᠭᠡᠷ ᠳᠡ ᠨᠢᠭᠡᠨ ᠨᠢᠳᠦ ᠪᠡᠨ ᠠᠨᠢᠵᠤ ᠣᠷᠣᠪᠠ ᠵᠠᠩᠭᠢ ᠲᠡᠮᠦᠷ ᠠᠭᠯᠠᠬᠤ ᠶᠠᠭᠠᠬᠢᠪᠠ ᠭᠡᠵᠦ ᠠᠰᠠᠭᠪᠠ ᠬᠠᠢ ᠡᠨᠡ ᠮᠠᠭᠤ ᠪᠡᠶ᠎ᠡ ᠮᠢᠨᠤ ᠡᠩᠬᠡ ᠶᠠᠪᠤᠲᠠᠯᠠ ᠳᠠᠶᠢᠰᠤᠨ ᠪᠣᠯᠪᠠ ᠡᠷᠡᠭᠦᠯ ᠶᠠᠪᠤᠲᠠᠯᠠ ᠡᠪᠡᠳᠴᠢᠨ ᠪᠣᠯᠪᠠ ᠭᠡᠵᠦ ᠵᠠᠩᠭᠢ ᠲᠡᠮᠦᠷ ᠠᠭᠯᠠᠬᠤ ᠥᠭᠦᠯᠡᠪᠡᠢ ᠪᠡᠭᠡᠷᠰᠡᠨ ᠲᠠᠶᠢᠰᠢ ᠵᠠᠩᠭᠢ ᠲᠡᠮᠦᠷ ᠠᠭᠯᠠᠬᠤ ᠲᠤᠷ ᠮᠥᠩᠭᠥᠨ ᠴᠠᠷᠠᠨ ᠲᠤ ᠠᠷᠠᠬᠢ ᠬᠢᠵᠦ ᠥᠭᠪᠡ ᠵᠠᠩᠭᠢ ᠲᠡᠮᠦᠷ ᠠᠷᠠᠬᠢ ᠤᠤᠭᠤᠨ ᠰᠠᠭᠤᠵᠤ ᠬᠡᠯᠡᠪᠡ ᠤᠤᠭᠤᠬᠤᠢ ᠶᠢᠨ ᠮᠢᠨᠤ ᠭᠡᠷᠢᠶᠡᠰ ᠭᠡᠵᠦ ᠮᠥᠩᠭᠥᠨ ᠴᠠᠷᠠ ᠥᠪᠥᠷᠯᠡᠵᠦ ᠭᠠᠷᠪᠠᠢ ᠵᠠᠩᠭᠢ ᠲᠡᠮᠦᠷ ᠢ ᠭᠠᠷᠤᠭᠰᠠᠨ ᠬᠣᠶᠢᠨᠠ ᠪᠡᠭᠡᠷᠰᠡᠨ ᠲᠠᠶᠢᠰᠢ ᠵᠠᠩᠭᠢ ᠲᠡᠮᠦᠷ ᠬᠡᠰᠡᠭ ᠪᠤᠰᠠᠭ ᠶᠠᠮᠪᠠᠷ ᠦᠭᠡ ᠬᠡᠯᠡᠪᠡ ᠭᠡᠵᠦ ᠲᠥᠯᠭᠡ ᠦᠵᠡᠪᠡ ᠬᠠᠷᠠ ᠦᠬᠡᠷ ᠦᠨ ᠡᠪᠡᠷ ᠦᠨ ᠦᠵᠦᠭᠦᠷ ᠲᠦᠷ ᠭᠠᠷᠪᠠᠢ ᠲᠥᠯᠭᠡ ᠮᠢᠨᠤ ᠮᠠᠭᠤ ᠭᠡᠵᠦ ᠴᠢᠷᠢᠭ ᠬᠤᠷᠢᠶᠠᠪᠠ ᠨᠠᠭᠠᠳᠤ ᠴᠢᠷᠢᠭ ᠦᠨ ᠲᠣᠭᠣᠰᠤᠨ ᠦᠵᠡᠭᠡᠳ ᠶᠠᠭᠤ ᠪᠣᠯᠪᠠ ᠭᠡᠵᠦ ᠨᠡᠮᠡᠬᠦ ᠴᠣᠶᠠᠩ ᠬᠥᠪᠡᠭᠦᠨ ᠡᠴᠡᠭᠡᠨ ᠠᠰᠠᠭᠪᠠ ᠨᠡᠮᠡᠬᠦ ᠴᠣᠶᠠᠩ ᠬᠡᠯᠡᠪᠡ ᠣᠯᠠᠨ ᠠᠭᠲᠠ ᠶᠢᠨ ᠴᠢᠨᠤ ᠲᠣᠭᠣᠰᠤᠨ ᠪᠤᠢ ᠵ᠎ᠠ ᠭᠡᠪᠡ ᠳᠠᠶᠠᠨ ᠬᠠᠭᠠᠨ ᠬᠦᠷᠦᠭᠡᠳ
ükütele ülü martaqu nigen čaγ=tur sanam j=a bi gebe tere ösiy=e=yi sanaju yabutala tegün=ü qoyina Dayun-qaγan Čaqar Tümed qoyar=i abču Begersen=tü mordaju yabun čiγulγalaba Mongγoljin=u janggi Temür-Aγlaqu=yi tursi gebe janggi Temür-Aγlaqu Begersen=ü ger=de nigen nidü=ben aniju oroba janggi Temür-Aγlaqu yaγakiba gejü asaγba qai ene maγu bey=e minu engke yabutala dayisun bolba eregül yabutala ebedčin bolba gejü janggi Temür-Aγlaqu ögülebei Begersen-tayisi janggi Temür-Aγlaqu=tur mönggön čaran=tu araki kijü ögbe janggi Temür araki uuγun saγuju kelebe uuγuqui=yin minu geriyes gejü mönggön čara öbörlejü γarbai janggi Temür=i γaruγsan qoyina Begersen-tayisi janggi Temür keseg busaγ yambar üge kelebe gejü tölge üjebe qara üker=ün eber=ün üjügür=tür γarbai tölge minu maγu gejü čirig quriyaba naγadu čirig=ün toγosun üjeged yaγu bolba gejü Nemekü-Čoyang köbegün=ečegen asaγba Nemekü-Čoyang kelebe olan aγta=yin činu toγosun bui j=a gebe Dayan-qaγan kürüged
163b
ᠳᠣᠪᠲᠣᠯᠪᠠᠢ ᠪᠡᠭᠡᠷᠰᠡᠨ ᠳᠤᠲᠠᠭᠠᠪᠠᠢ ᠦᠵᠡᠵᠦ ᠬᠥᠭᠡᠪᠡ ᠭᠦᠶᠢᠴᠡᠵᠦ ᠢᠷᠡᠬᠦᠢ ᠲᠦᠷ ᠡᠮᠦᠰᠦᠭᠰᠡᠨ ᠳᠤᠭᠤᠯᠭᠠᠪᠠᠨ ᠠᠪᠴᠤ ᠬᠥᠲᠡᠴᠢ ᠲᠡᠭᠡᠨ ᠡᠮᠦᠰᠭᠡᠵᠦ ᠡᠨᠳᠡᠭᠦᠷᠡᠭᠦᠯᠵᠦ ᠳᠤᠲᠠᠭᠠᠪᠠᠢ ᠲᠦᠮᠡᠳ ᠦᠨ ᠲᠥᠪᠰᠢᠨ ᠦ ᠬᠥᠪᠡᠭᠦᠨ ᠰᠠᠶᠢᠨ ᠲᠥᠯᠥᠭᠡᠬᠡᠨ ᠢ ᠬᠢᠲᠠᠳ ᠶᠢᠨ ᠬᠥᠪᠡᠭᠦᠨ ᠦᠨᠦᠭᠦᠴᠢ ᠵᠠᠬᠤᠢ ᠬᠤᠷᠠᠭᠠᠴᠢ ᠬᠣᠶᠠᠭᠤᠯᠠ ᠳᠤᠭᠤᠯᠭᠠᠲᠤ ᠬᠦᠮᠦᠨ ᠢ ᠪᠡᠭᠡᠷᠰᠡᠨ ᠪᠤᠢ ᠭᠡᠵᠦ ᠬᠠᠭᠠᠪᠠ ᠪᠡᠭᠡᠷᠰᠡᠨ ᠪᠢᠰᠢ ᠬᠥᠲᠡᠴᠢ ᠢᠨᠤ ᠠᠵᠤᠬᠤ ᠨᠣᠶᠠᠨ ᠴᠢᠨᠤ ᠠᠯᠢ ᠭᠡᠵᠦ ᠠᠰᠠᠭᠪᠠ ᠲᠡᠷᠡ ᠶᠠᠪᠤᠨᠠᠮ ᠭᠡᠵᠦ ᠵᠠᠭᠠᠵᠤ ᠥᠭᠪᠡ ᠪᠡᠭᠡᠷᠰᠡᠨ ᠢ ᠭᠦᠶᠢᠴᠡᠵᠦ ᠪᠠᠷᠢᠭᠠᠳ ᠭᠢᠯᠴᠡᠷ ᠶᠢᠨ ᠲᠥᠬᠥᠮ ᠲᠦ ᠠᠯᠠᠪᠠ ᠠᠯᠠᠭᠰᠠᠨ ᠲᠡᠷᠡ ᠭᠠᠵᠠᠷ ᠲᠤ ᠳᠠᠪᠤᠰᠤ ᠤᠷᠭᠤᠪᠠ ᠭᠡᠬᠦ ᠪᠡᠭᠡᠷᠰᠡᠨ ᠬᠥᠪᠡᠭᠦᠨ ᠨᠡᠮᠡᠬᠦ ᠴᠣᠶᠠᠩ ᠭᠠᠰᠢᠭᠤᠳᠠᠨ ᠬᠡᠯᠡᠪᠡ ᠲᠥᠷᠥᠭᠰᠡᠨ ᠢᠶᠡᠨ ᠲᠥᠩᠬᠢᠮ ᠪᠢᠯᠡ ᠤᠷᠭᠤᠭᠰᠠᠨ ᠢᠶᠠᠨ ᠤᠬᠤᠮ ᠪᠢᠯᠡ ᠭᠠᠷᠤᠭᠰᠠᠨ ᠢᠶᠠᠨ ᠬᠠᠵᠠᠮ ᠪᠢᠯᠡ ᠬᠠᠷᠠ ᠲᠡᠷᠢᠭᠦᠪᠡᠨ ᠬᠡᠪᠲᠡᠪᠡᠢ ᠴᠢ ᠭᠡᠵᠦ ᠬᠡᠯᠡᠪᠡᠢ ᠢᠪᠠᠷᠠ ᠶᠢᠨ ᠳᠡᠭᠦ ᠤᠷᠢᠶᠠᠩᠬᠠᠨ ᠤ ᠪᠠᠶᠠᠨ ᠲᠣᠭᠲᠣ ᠶᠢᠨ ᠡᠮᠯᠢᠭ ᠬᠤᠯᠠ ᠠᠵᠠᠷᠭᠠᠨ ᠲᠠᠨ ᠢ ᠬᠤᠯᠠᠭᠠᠢ ᠬᠢᠵᠦ ᠶᠠᠯᠠ ᠶᠢ ᠢᠨᠤ ᠡᠰᠡ ᠥᠭᠪᠡ ᠶᠠᠯᠠ ᠡᠰᠡ ᠥᠭᠪᠡ ᠭᠡᠵᠦ ᠠᠳᠤᠭᠤ ᠬᠥᠭᠡᠵᠦ ᠢᠷᠡᠲᠡᠯᠡ ᠢᠪᠠᠷᠠ ᠶᠢᠨ ᠳᠡᠭᠦ ᠨᠡᠬᠡᠵᠦ ᠢᠷᠡᠵᠦ ᠬᠠᠳᠬᠤᠯᠳᠤᠵᠤ ᠠᠯᠠᠭᠳᠠᠪᠠ ᠲᠡᠭᠦᠨ ᠡᠴᠡ ᠤᠯᠠᠮ ᠶᠠᠯᠠ ᠪᠣᠯᠪᠠ ᠲᠡᠷᠡ ᠶᠠᠯᠠ ᠭᠢ ᠵᠠᠰᠠ ᠭᠡᠵᠦ ᠳᠠᠶᠤᠨ ᠬᠠᠭᠠᠨ ᠲᠤ ᠪᠠᠷᠠᠭᠤᠨ ᠭᠤᠷᠪᠠᠨ ᠲᠦᠮᠡᠨ ᠡᠴᠡ ᠮᠣᠩᠭᠣᠯᠵᠢᠨ ᠢ ᠥᠯᠵᠡᠢ ᠶᠢᠨ ᠬᠥᠪᠡᠭᠦᠨ ᠣᠩᠭᠣᠷᠤᠬᠤᠢ
dobtolbai Begersen dutaγabai üjejü kögebe güyičejü ireküi=tür emüsügsen duγulγaban abču köteči=tegen emüsgejü endegüregüljü dutaγabai Tümed=ün Töbsin=ü köbegün Sayin-Tölögeken=i Kitad=yin köbegün Ünügüči-Jaqui-Quraγači qoyaγula duγulγatu kümün=i Begersen bui gejü qaγaba Begersen bisi köteči inu ajuqu noyan činu ali gejü asaγba tere yabunam gejü jaγaju ögbe Begersen=i güyičejü bariγad Gilčer=yin-tököm=tü alaba alaγsan tere γajar=tu dabusu urγuba gekü # Begersen köbegün Nemekü-Čoyang γasiγudan kelebe törögsen=iyen töngkim bile urγuγsan=iyan uqum bile γaruγsan=iyan qajam bile qara terigüben kebtebei či gejü kelebei Ibara=yin degü Uriyangqan=u Bayan-Toγto=yin emlig qula ajarγan tan=i qulaγai kijü yala=yi inu ese ögbe yala ese ögbe gejü aduγu kögejü iretele Ibara=yin degü nekejü irejü qadqulduju alaγdaba tegün=eče ulam yala bolba tere yala=gi jasa gejü Dayun-qaγan=tu Baraγun-Γurban-Tümen=eče Mongγoljin=i Öljei=yin köbegün Ongγoruqui
164a
ᠣᠷᠳᠣᠰᠢ ᠶᠢᠨ ᠬᠠᠯᠢᠭᠤᠴᠢᠨ ᠢ ᠤᠳᠠᠭᠠᠴᠢ ᠱᠠᠪᠢ ᠬᠣᠶᠠᠭᠤᠯᠠ ᠴᠠᠭᠠᠨ ᠭᠡᠷ ᠳᠡ ᠲᠠᠪᠢᠭ ᠲᠠᠯᠪᠢᠵᠤ ᠠᠮᠢᠨ ᠢᠶᠠᠨ ᠭᠤᠶᠤᠷᠠ ᠭᠡᠵᠦ ᠲᠥᠷᠥ ᠪᠡᠨ ᠵᠠᠰᠠ ᠭᠡᠵᠦ ᠡᠯᠴᠢ ᠢᠷᠡᠪᠡ ᠳᠠᠶᠤᠨ ᠬᠠᠭᠠᠨ ᠡᠰᠡ ᠮᠣᠷᠳᠠᠵᠤ ᠤᠯᠤᠰ ᠪᠠᠶᠢᠬᠤ ᠠᠪᠠᠬᠠᠢ ᠬᠥᠪᠡᠭᠦᠨ ᠢᠶᠡᠨ ᠬᠣᠷᠯᠠᠳ ᠤᠨ ᠪᠠᠪᠠᠬᠠᠢ ᠥᠷᠯᠥᠭᠡ ᠢ ᠳᠠᠭᠠᠭᠤᠯᠵᠤ ᠢᠯᠡᠭᠡᠪᠡᠢ ᠨᠢᠭᠡᠨ ᠡᠯᠴᠢ ᠶᠢ ᠣᠩᠭᠣᠷᠤᠬᠤᠢ ᠶᠢ ᠰᠠᠭᠤᠯᠭᠠᠪᠠ ᠨᠥᠭᠥᠭᠡ ᠡᠯᠴᠢ ᠶᠢ ᠤᠳᠠᠭᠠᠴᠢ ᠱᠠᠪᠢ ᠴᠢᠭᠤᠯᠭᠠᠴᠢᠨ᠎ᠠ ᠬᠠᠷᠢᠪᠠᠢ ᠲᠡᠨᠳᠡᠴᠡ ᠠᠪᠠᠬᠠᠢ ᠴᠠᠭᠠᠨ ᠭᠡᠷᠲᠡ ᠬᠦᠷᠦᠭᠡᠳ ᠳᠠᠬᠢᠨ ᠮᠥᠷᠭᠥᠪᠡ ᠠᠪᠠᠬᠠᠶᠢᠯᠠ ᠡᠴᠢᠭᠰᠡᠨ ᠨᠥᠬᠥᠳ ᠢᠨᠤ ᠤᠶᠢᠭᠤᠳ ᠤᠨ ᠬᠦᠮᠦᠨ ᠳᠦᠷ ᠨᠢᠭᠡᠨ ᠮᠣᠷᠢᠨ ᠤ ᠥᠷᠢ ᠠᠭᠰᠠᠨ ᠠᠵᠤ ᠲᠡᠷᠡ ᠥᠷᠢᠪᠡᠨ ᠠᠪᠤᠮ ᠭᠡᠵᠦ ᠡᠴᠢᠭᠡᠳ ᠬᠡᠷᠡᠯᠳᠦᠵᠦ ᠵᠠᠨᠴᠢᠭᠤᠯᠪᠠ ᠠᠪᠠᠬᠠᠢ ᠮᠢᠨᠤ ᠨᠥᠬᠥᠳ ᠢ ᠶᠠᠭᠤᠨ ᠤ ᠲᠤᠯᠠᠳᠠ ᠵᠠᠨᠴᠢᠪᠠ ᠭᠡᠵᠦ ᠠᠭᠤᠷᠯᠠᠵᠤ ᠡᠴᠢᠭᠡᠳ ᠲᠡᠷᠡ ᠬᠦᠮᠦᠨ ᠢ ᠴᠠᠪᠴᠢᠪᠠ ᠤᠶᠢᠭᠤᠳ ᠤᠨ ᠢᠪᠠᠷᠠᠢ ᠲᠠᠶᠢᠰᠢ ᠣᠷᠳᠣᠰᠤᠨ ᠯᠡᠭᠦᠰᠢ ᠠᠭᠯᠠᠬᠤ ᠬᠣᠶᠠᠭᠤᠯᠠ ᠢᠷᠡᠵᠦ ᠦᠵᠡᠭᠡᠳ ᠠᠭᠤᠷᠯᠠᠵᠤ ᠳᠣᠩᠭᠣᠳᠤᠷᠤᠨ ᠲᠥᠷᠥ ᠶᠢ ᠪᠢᠳᠠᠨ ᠤ ᠵᠠᠰᠠᠶ᠎ᠠ ᠭᠡᠵᠢ ᠢᠷᠡᠵᠡᠮ ᠵ᠎ᠠ ᠲᠡᠷᠢᠭᠦᠨ ᠢ ᠪᠢᠳᠠᠨ ᠢ ᠵᠠᠰᠠᠶ᠎ᠠ ᠭᠡᠵᠢ ᠢᠷᠡᠵᠦ ᠪᠢᠯᠡᠦ ᠥᠨᠥᠭᠡ ᠡᠴᠡ ᠵᠠᠰᠠᠭᠯᠠᠬᠤ ᠡᠶᠢᠮᠦ ᠬᠦᠮᠦᠨ ᠡᠭᠦᠨ ᠦ ᠬᠣᠶᠢᠨᠠ ᠬᠡᠨ ᠢ ᠢᠯᠭᠠᠮ ᠭᠡᠵᠦ ᠴᠢᠷᠢᠭ ᠢᠷᠡᠵᠦ ᠠᠯᠠᠯᠳᠤᠬᠤᠢ ᠲᠤᠷ ᠪᠠᠭᠠᠲᠤᠷ ᠬᠦᠷᠢᠰᠦᠨ ᠰᠠᠶᠢᠨ ᠪᠤᠭᠤᠷᠤᠯ ᠮᠣᠷᠢᠨ ᠢᠶᠠᠨ ᠠᠪᠠᠬᠠᠢ ᠲᠤᠷ ᠪᠠᠭᠤᠵᠤ ᠥᠭᠴᠦ ᠤᠨᠤᠭᠤᠯᠤᠭᠠᠳ ᠳᠤᠲᠠᠭᠠᠯᠭᠠᠪᠠ ᠭᠡᠷ ᠶᠢᠨ ᠨᠣᠶᠠᠳ ᠬᠡᠯᠡᠪᠡ
Ordosi=yin Qaliγučin=i Udaγači-šabi qoyaγula čaγan ger=de tabiγ talbiju amin=iyan γuyura gejü törö=ben jasa gejü elči irebe Dayun-qaγan ese mordaju Ulus-Bayiqu-Abaqai köbegün=iyen Qorlad=un Babaqai-örlöge=i daγaγulju ilegebei nigen elči=yi Ongγoruqui=yi saγulγaba nögöge elči=yi Udaγači-šabi čiγulγačin=a qaribai tendeče Abaqai čaγan gerte kürüged dakin mörgöbe Abaqayila ečigsen nököd inu Uyiγud=un kümün=dür nigen morin=u öri aγsan aju tere öriben abum gejü ečiged kereldüjü jančiγulba Abaqai minu nököd=i yaγun=u tulada jančiba gejü aγurlaju ečiged tere kümün=i čabčiba Uyiγud=un Ibarai-tayisi Ordosun Legüsi-Aγlaqu qoyaγula irejü üjeged aγurlaju dongγodurun törö=yi bidan=u jasay=a geji irejem j=a terigün=i bidan=i jasay=a geji irejü bileü önöge=eče jasaγlaqu eyimü kümün egün=ü qoyina ken=i ilγam gejü čirig irejü alalduqui=tur baγatur Kürisün sayin buγurul morin=iyan Abaqai=tur baγuju ögčü unuγuluγad dutaγalγaba ger=yin noyad kelebe
164b
ᠴᠢᠨ ᠤ ᠳᠡᠭᠡᠷᠡ ᠪᠢᠳᠠ ᠦᠬᠦᠶ᠎ᠡ ᠭᠡᠵᠦ ᠡᠰᠡ ᠳᠤᠲᠠᠭᠠᠯᠭᠠᠪᠠ ᠢ ᠠᠪᠠᠬᠠᠢ ᠢ ᠴᠠᠭᠠᠨ ᠭᠡᠷ ᠳᠡ ᠬᠣᠷᠭᠣᠳᠠᠭᠤᠯᠤᠭᠠᠳ ᠠᠯᠠᠯᠳᠤᠪᠠᠢ ᠭᠡᠷᠢ ᠶᠢᠨ ᠨᠣᠶᠠᠳ ᠢ ᠳᠠᠷᠤᠭᠠᠳ ᠠᠪᠠᠬᠠᠢ ᠶᠢ ᠪᠤᠯᠢᠶᠠᠵᠤ ᠠᠪᠴᠤ ᠬᠣᠷᠣᠭᠣᠪᠠᠢ ᠮᠣᠩᠭᠣᠯᠵᠢᠨ ᠢ ᠬᠣᠱᠣᠢ ᠲᠠᠪᠤᠨᠤᠩ ᠤᠨ ᠳᠣᠭᠣᠯᠠᠩ ᠭᠦᠨᠵᠢ ᠡᠭᠡᠴᠢ ᠢᠨᠤ ᠰᠣᠨᠣᠰᠴᠤ ᠢᠷᠡᠲᠡᠯᠡ ᠤᠷᠢᠳ ᠬᠣᠷᠣᠭᠣᠪᠠᠢ ᠭᠦᠨᠵᠢ ᠪᠦᠭᠦᠳᠡ ᠮᠣᠩᠭᠣᠯᠵᠢᠨ ᠤ ᠭᠡᠷ ᠢ ᠪᠥᠬᠥᠶᠢᠯᠭᠡᠵᠦ ᠪᠡᠯᠪᠢᠰᠦᠷᠡᠭᠦᠯᠪᠡᠢ ᠠᠪᠠᠬᠠᠢ ᠭᠢ ᠬᠣᠷᠣᠭᠣᠪᠠ ᠭᠡᠵᠦ ᠬᠠᠭᠠᠨ ᠰᠣᠨᠣᠰᠴᠤ ᠴᠢᠷᠢᠭ ᠢᠶᠡᠨ ᠬᠤᠷᠢᠶᠠᠵᠤ ᠢᠷᠡᠪᠡᠢ ᠪᠦᠭᠦᠳᠡ ᠲᠦᠰᠢᠮᠡᠳ ᠠᠪᠴᠤ ᠰᠠᠭᠤᠭᠰᠠᠨ ᠣᠩᠭᠣᠷᠤᠬᠤᠢ ᠶᠢ ᠠᠯᠠᠶ᠎ᠠ ᠭᠡᠵᠦ ᠠᠶᠢᠯᠠᠳᠬᠠᠪᠠᠢ ᠬᠠᠭᠠᠨ ᠲᠡᠷᠡ ᠬᠦᠮᠦᠨ ᠢ ᠬᠣᠶᠢᠨᠠ ᠪᠠᠨ ᠰᠠᠭᠤᠯᠭᠠᠵᠤ ᠵᠠᠷᠯᠢᠭ ᠪᠣᠯᠪᠠ ᠮᠢᠨᠤ ᠬᠥᠪᠡᠭᠦᠨ ᠢ ᠠᠪᠠᠬᠠᠢ ᠶᠢ ᠠᠯᠠᠪᠠᠢ ᠵ᠎ᠠ ᠮᠢᠨᠤ ᠥᠷᠯᠥᠭ ᠪᠠᠪᠠᠬᠠᠢ ᠭᠢ ᠠᠯᠠᠪᠠᠢ ᠵ᠎ᠠ ᠲᠠᠨ ᠤ ᠶᠠᠭᠤ ᠭᠢ ᠠᠯᠠᠪᠠ ᠭᠡᠵᠦ ᠵᠠᠷᠯᠢᠭ ᠪᠣᠯᠤᠭᠠᠳ ᠲᠩᠷᠢ ᠲᠦᠷ ᠵᠠᠷᠭᠤ ᠪᠠᠨ ᠵᠠᠭᠠᠪᠠᠢ ᠠᠰᠬᠠᠷᠠᠵᠤ ᠬᠣᠴᠣᠷᠬᠤ ᠴᠢᠰᠤᠨ ᠢ ᠠᠬᠢᠷᠠᠴᠤ ᠬᠡᠪᠲᠡᠬᠦ ᠶᠠᠰᠤᠨ ᠢ ᠳᠡᠭᠡᠷᠡ ᠲᠩᠷᠢ ᠡᠵᠡᠨ ᠴᠢ ᠮᠡᠳᠡ ᠳᠡᠳ ᠢ ᠪᠣᠯᠤᠰᠠ ᠡᠵᠡᠨ ᠪᠣᠭᠳᠠ ᠡᠴᠢᠭᠡ ᠮᠢᠨᠤ ᠴᠢ ᠮᠡᠳᠡ ᠭᠡᠪᠡ ᠪᠠᠷᠰᠤ ᠪᠣᠯᠠᠳ ᠵᠣᠨᠣᠩ ᠳᠣᠭᠣᠯᠠᠩ ᠭᠦᠨᠵᠢ ᠡᠭᠡᠴᠢ ᠲᠡᠭᠡᠨ ᠠᠭᠰᠠᠨ ᠠᠵᠤ ᠲᠡᠷᠡ ᠮᠠᠭᠤ ᠦᠶᠢᠯᠡ ᠰᠡᠵᠢᠭᠯᠡᠵᠦ ᠰᠠᠭᠤᠨ ᠠᠲᠠᠯᠠ ᠳᠠᠶᠤᠨ ᠬᠠᠭᠠᠨ ᠢ ᠴᠢᠷᠢᠭ ᠮᠣᠷᠳᠠᠭᠰᠠᠨ ᠢ ᠪᠠᠷᠠᠭᠤᠨ ᠲᠦᠮᠡᠨ ᠰᠣᠨᠣᠰᠴᠤ ᠤᠶᠢᠭᠤᠳ ᠤᠨ ᠢᠪᠠᠷᠠᠢ ᠲᠠᠶᠢᠰᠢ ᠣᠷᠳᠣᠰᠢ ᠶᠢᠨ ᠯᠡᠭᠦᠰᠢ ᠠᠭᠯᠠᠬᠤ
čin=u degere bida üküy=e gejü ese dutaγalγaba=i Abaqai=i čaγan ger=de qorγodaγuluγad alaldubai geri=yin noyad=i daruγad Abaqai=yi buliyaju abču qoroγobai Mongγoljin=i Qošoi-tabunung=un Doγolang-günji egeči inu sonosču iretele urid qoroγobai günji bügüde Mongγoljin=u ger=i bököyilgejü belbisüregülbei Abaqai=gi qoroγoba gejü qaγan sonosču čirig=iyen quriyaju irebei bügüde tüsimed abču saγuγsan Ongγoruqui=yi alay=a gejü ayiladqabai qaγan tere kümün=i qoyina=ban saγulγaju jarliγ bolba minu köbegün=i Abaqai=yi alabai j=a minu örlög Babaqai=gi alabai j=a tan=u yaγu=gi alaba gejü jarliγ boluγad tngri=tür jarγu=ban jaγabai asqaraju qočorqu čisun=i akiraču kebtekü yasun=i degere tngri ejen či mede ded=i bolusa Ejen-Boγda ečige minu či mede gebe Barsu-Bolad-jonong Doγolang-günji egeči=tegen aγsan aju tere maγu üyile sejiglejü saγun atala Dayun-qaγan=i čirig mordaγsan=i Baraγun-Tümen sonosču Uyiγud=un Ibarai tayisi Ordosi=yin Legüsi-Aγlaqu
165a
ᠲᠦᠮᠡᠳ ᠦᠨ ᠰᠠᠶᠢᠨ ᠬᠣᠱᠣᠢ ᠪᠠᠮᠪᠠᠬᠠᠢ ᠰᠢᠭᠦᠰᠢ ᠡᠳᠦᠭᠦᠯᠡ ᠬᠡᠯᠡᠯᠴᠡᠪᠡᠢ ᠱᠣᠩᠬᠣᠷ ᠰᠢᠪᠠᠭᠤᠨ ᠢ ᠭᠠᠷ ᠲᠤᠷ ᠵᠠᠰᠠᠨ ᠪᠠᠷᠢᠪᠠᠰᠤ ᠮᠥᠨ ᠡᠵᠡᠨ ᠲᠦᠷ ᠢᠶᠡᠨ ᠳᠣᠪᠲᠣᠯᠤᠮ ᠭᠡᠮ ᠡᠨᠡ ᠬᠡᠨ ᠲᠦᠷ ᠰᠠᠶᠢᠲᠤ ᠭᠡᠵᠦ ᠮᠣᠩᠭᠣᠯᠵᠢᠨ ᠪᠠᠰᠠ ᠮᠠᠭᠤ ᠰᠡᠳᠬᠢᠶ᠎ᠡ ᠭᠡᠬᠦᠳᠦ ᠳᠣᠭᠣᠯᠠᠩ ᠭᠦᠨᠵᠢ ᠡᠭᠡᠴᠢ ᠢᠨᠤ ᠪᠠᠷᠰᠤ ᠪᠣᠯᠠᠳ ᠵᠣᠨᠣᠩ ᠶᠢ ᠣᠷᠳᠣᠰᠢ ᠶᠢᠨ ᠬᠥᠪᠡᠭᠦᠳ ᠦᠨ ᠲᠡᠮᠦᠷ ᠲᠠᠶᠢᠰᠢ ᠪᠣᠷᠪᠣᠭ ᠶᠢᠨ ᠡᠯᠴᠢᠭᠡ ᠥᠷᠯᠥᠭ ᠲᠠᠯᠠᠳ ᠳᠢ ᠶᠢᠨ ᠠᠯᠭᠠᠴᠢ ᠣᠩᠬᠣᠷ ᠶᠢᠨ ᠲᠣᠭᠲᠣ ᠪᠠᠶᠢᠬᠤ ᠲᠣᠪᠣᠭ ᠲᠦᠴᠢᠶᠡᠨ ᠪᠠᠯᠭᠠᠴᠢᠨ ᠢ ᠡᠰᠡᠨ ᠥᠷᠯᠥᠭ ᠬᠣᠷᠢᠭᠤᠳ ᠤᠨ ᠲᠣᠪᠣᠬᠤ ᠡᠳᠡ ᠳᠣᠯᠣᠭᠠᠨ ᠬᠦᠮᠦᠨ ᠢᠶᠡᠷ ᠬᠦᠷᠭᠡᠭᠦᠯᠪᠡᠢ ᠲᠡᠷᠡ ᠶᠠᠪᠤᠳᠠᠯᠤᠨ ᠵᠠᠭᠤᠷᠠ ᠥᠯᠥᠭᠡᠢ ᠳᠡᠢ ᠬᠡᠭᠦᠬᠡᠨ ᠢ ᠬᠦᠨᠡᠰᠦ ᠪᠠᠷᠠᠭᠰᠠᠨ ᠤ ᠲᠤᠯᠠ ᠬᠥᠮᠡᠯ ᠢ ᠲᠡᠭᠦᠵᠦ ᠲᠡᠵᠢᠶᠡᠪᠡᠢ ᠲᠡᠭᠦᠨ ᠦ ᠰᠢᠯᠲᠠᠭᠠᠪᠠᠷ ᠨᠡᠷᠡ ᠢᠨᠤ ᠬᠥᠮᠡᠯ ᠢ ᠨᠡᠷᠢᠳᠪᠡᠢ ᠲᠡᠭᠦᠨ ᠢ ᠮᠡᠷᠭᠡᠨ ᠬᠠᠷᠠ ᠵᠣᠨᠣᠩ ᠬᠡᠮᠡᠬᠦ ᠪᠤᠢ ᠬᠥᠪᠡᠭᠦᠨ ᠢᠶᠡᠨ ᠠᠪᠠᠬᠠᠢ ᠶᠢ ᠬᠣᠷᠣᠭᠣᠭᠰᠠᠨ ᠤ ᠲᠤᠯᠠ ᠳᠠᠶᠠᠨ ᠬᠠᠭᠠᠨ ᠴᠢᠷᠢᠭ ᠮᠣᠷᠳᠠᠪᠠ ᠪᠠᠷᠠᠭᠤᠨ ᠲᠦᠮᠡᠨ ᠰᠣᠨᠣᠰᠤᠭᠠᠳ ᠤᠭᠲᠤᠨ ᠴᠢᠷᠢᠭ ᠮᠣᠷᠳᠠᠵᠤ ᠳᠠᠯᠠᠨ ᠲᠡᠷᠢᠭᠦᠨ ᠳᠦᠷ ᠵᠣᠯᠭᠠᠯᠳᠤᠪᠠ ᠠᠯᠭᠠᠴᠤᠭᠤᠳ ᠤᠨ ᠴᠠᠭᠠᠨ ᠵᠠᠭᠠᠷᠢᠨ ᠦᠵᠦᠮᠦᠴᠢᠨ ᠢ ᠠᠯᠳᠦᠩᠭᠡ ᠪᠠᠭᠰᠢ ᠬᠣᠶᠠᠭᠤᠯᠠ ᠢᠷᠤ᠎ᠠ ᠦᠵᠡᠵᠦ ᠬᠠᠭᠠᠨ ᠲᠤ ᠠᠶᠢᠯᠠᠳᠬᠠᠪᠠ ᠢᠪᠠᠷᠠ ᠶᠢᠨ ᠠᠮᠢᠨ ᠢ ᠭᠠᠯ ᠪᠤᠢ ᠭᠠᠯ ᠲᠤᠷ ᠤᠰᠤᠨ ᠬᠢᠪᠡᠰᠦ ᠰᠠᠶᠢᠨ ᠪᠤᠶᠤ ᠭᠡᠪᠡ ᠭᠠᠯ ᠲᠦᠯᠡᠵᠦ ᠮᠥᠩᠭᠥᠨ ᠠᠶᠠᠭ ᠠ ᠲᠤ ᠤᠰᠤᠨ ᠢ ᠭᠠᠯ ᠲᠤ
Tümed=ün Sayin-Qošoi Bambaqai Sigüsi edügüle kelelčebei šongqor sibaγun=i γar=tur jasan baribasu mön ejen=tür=iyen dobtolum gem ene ken=tür sayitu gejü Mongγoljin basa maγu sedkiy=e geküdü Doγolang-günji egeči inu Barsu-Bolad-jonong=yi Ordosi=yin köbegüd=ün Temür-tayisi Borboγ=yin Elčige-örlög Talad=di=yin Alγači $ongqor=yin Toγto-Bayiqu Toboγ-Tüčiyen Balγačin=i Esen-örlög Qoriγud=un Toboqu ede doloγan kümün=iyer kürgegülbei tere yabudalun jaγura ölögei=dei kegüken=i künesü baraγsan=u tula kömel=i tegüjü tejiyebei tegün=ü siltaγabar nere inu Kömel=i neridbei tegün=i Mergen-Qara-jonong kemekü bui köbegün=iyen Abaqai=yi qoroγoγsan=u tula Dayan-qaγan čirig mordaba Baraγun-Tümen sonosuγad uγtun čirig mordaju Dalan-Terigün=dür jolγalduba Alγačuγud=un Čaγan-Jaγarin Üjümüčin=i Aldüngge-baγsi qoyaγula iru=a üjejü qaγan=tu ayiladqaba Ibara=yin amin=i γal bui γal=tur usun kibesü sayin buyu gebe γal tülejü mönggön ayaγ=a=tu usun=i γal=tu
165b
ᠬᠢᠪᠡᠢ ᠣᠩᠨᠢᠭᠤᠳ ᠤᠨ ᠲᠥᠯᠡᠭᠡᠳᠡᠢ ᠰᠢᠩᠴᠢ ᠬᠡᠯᠡᠪᠡ ᠪᠣᠷᠵᠢᠭᠢᠨ ᠲᠥᠷᠥᠯᠲᠡᠢ ᠳᠥᠷᠪᠡᠯᠵᠢᠨ ᠤᠯᠠᠭᠠᠨ ᠬᠦᠮᠦᠨ ᠭᠠᠷᠴᠤ ᠬᠦᠮᠦᠨ ᠡᠴᠡ ᠬᠠᠷᠢᠯ ᠪᠣᠯᠤᠭᠰᠠᠨ ᠬᠠᠷᠠ ᠬᠦᠮᠦᠨ ᠪᠠᠷᠰ ᠵᠢᠯᠣᠭ ᠠ ᠳᠠᠢ ᠳᠥᠷᠪᠡᠯᠵᠢᠨ ᠬᠦᠮᠦᠨ ᠢᠷᠡᠭᠦᠯ ᠲᠦᠷ ᠭᠠᠷᠪᠠᠰᠤ ᠳᠠᠷᠤᠬᠤ ᠭᠡᠪᠡ ᠬᠣᠷᠴᠢᠨ ᠤ ᠤᠷᠳᠠᠭᠴᠠᠬᠠᠢ ᠨᠣᠶᠠᠨ ᠬᠥᠪᠡᠭᠦᠨ ᠢᠶᠡᠨ ᠪᠤᠷᠠᠬᠠᠢ ᠶᠢ ᠴᠠᠭᠠᠨ ᠬᠤᠯᠠ ᠮᠣᠷᠢ ᠲᠠᠢ ᠳᠠᠭᠠᠭᠤᠯᠵᠤ ᠢᠷᠡᠪᠡ ᠴᠠᠭ ᠢ ᠮᠡᠳᠡᠭᠴᠢ ᠲᠠᠪᠤᠨ ᠢ ᠴᠡᠭᠡᠴᠡ ᠤᠯᠤᠰ ᠢ ᠮᠡᠳᠡᠭᠴᠢ ᠮᠠᠭᠤ ᠮᠢᠩᠭᠠᠨ ᠢ ᠤᠯᠤᠮ ᠪᠠᠷᠠᠨ ᠬᠡᠯᠡᠲᠦ ᠲᠠᠲᠠᠭᠠᠯᠵᠢᠨ ᠤ ᠪᠠᠭᠠᠰᠤᠬᠠᠢ ᠣᠯᠠᠨ ᠬᠡᠯᠡᠲᠦ ᠬᠡᠷᠡᠶᠢᠳ ᠦᠨ ᠤᠯᠳᠤ ᠰᠠᠶᠢᠨ ᠬᠡᠯᠡᠲᠦ ᠠᠯᠲᠠᠵᠢᠨ ᠢ ᠰᠠᠶᠢᠮᠠᠬ᠎ᠠ ᠬᠡᠯᠡᠪᠡ ᠴᠠᠭ ᠡᠳᠦᠢ ᠦᠳᠡ ᠪᠣᠯᠲᠤᠭᠠᠢ ᠪᠣᠷᠪᠣᠭ ᠶᠢᠨ ᠪᠠᠶᠠᠨ ᠥᠷᠮᠡᠭᠡᠷ ᠳᠠᠶᠤᠨ ᠬᠠᠭᠠᠨ ᠢ ᠲᠤᠭ ᠢ ᠨᠢᠭᠤᠯᠭᠠᠵᠤ ᠤᠷᠢᠶᠠᠩᠬᠠᠨ ᠤ ᠲᠤᠭ ᠢ ᠬᠠᠭᠤᠷᠴᠤ ᠬᠠᠳᠬᠤᠪᠠᠢ ᠤᠷᠳᠠᠬᠤᠬᠠᠢ ᠨᠣᠶᠠᠨ ᠤ ᠬᠥᠪᠡᠭᠦᠨ ᠪᠤᠷᠬᠠᠢ ᠲᠠᠪᠤᠨ ᠢ ᠴᠡᠭᠡᠴᠡ ᠰᠠᠶᠢᠮᠠᠬ ᠠ ᠶᠢᠨ ᠬᠥᠪᠡᠭᠦᠨ ᠪᠠᠷᠳᠤᠩ ᠡᠨᠡ ᠭᠤᠷᠪᠠᠭᠤᠯᠠ ᠦᠬᠦᠪᠡ ᠪᠤᠷᠬᠠᠢ ᠣᠩ ᠪᠠᠭᠠᠰᠤᠨ ᠲᠠᠪᠤᠨᠤᠩ ᠴᠡᠭᠡᠴᠡ ᠨᠤᠮ ᠤᠨ ᠭᠤᠷᠪᠠᠨ ᠬᠦᠮᠦᠨ ᠰᠢᠩᠰᠢᠨ ᠲᠦᠷ ᠣᠷᠣᠭᠰᠠᠨ ᠭᠡᠬᠦ ᠪᠠᠷᠠᠭᠤᠨ ᠲᠦᠮᠡᠨ ᠨᠤᠮ ᠤᠨ ᠲᠦᠯᠬᠢᠭᠦᠷ ᠪᠠᠶᠢᠷᠢ ᠬᠢᠵᠦ ᠢᠷᠡᠪᠡᠢ ᠲᠡᠭᠦᠨ ᠲᠦᠷ ᠳᠠᠶᠤᠨ ᠬᠠᠭᠠᠨ ᠡᠶᠢᠮᠦ ᠪᠠᠶᠢᠷᠢ ᠭᠢ ᠴᠢ ᠮᠡᠳᠡᠵᠡᠮ ᠵ᠎ᠠ ᠭᠡᠵᠦ ᠬᠠᠷᠠ ᠴᠢᠷᠢᠭ ᠦᠨ ᠣᠶᠢᠷᠠᠳ ᠤᠨ ᠡᠭᠦᠰᠡ ᠡᠴᠡ ᠠᠰᠠᠭᠪᠠᠢ ᠡᠭᠦᠰᠡ ᠬᠡᠯᠡᠪᠡᠢ ᠡᠶᠢᠮᠦ ᠨᠤᠮᠤᠨ ᠲᠦᠯᠬᠢᠭᠦᠷ ᠲᠦ ᠪᠤᠬ᠎ᠠ ᠰᠡᠴᠢᠭᠦᠷ ᠰᠠᠶᠢᠨ ᠪᠢᠯᠡ ᠭᠡᠵᠦ
kibei Ongniγud=un Tölegedei-singči kelebe Borjigin töröltei dörbeljin ulaγan kümün γarču kümün=eče qaril boluγsan qara kümün bars jiloγ=a=dai dörbeljin kümün iregül=tür γarbasu daruqu gebe Qorčin=u Urdaγčaqai-noyan köbegün=iyen Buraqai=yi čaγan qula mori=tai daγaγulju irebe čaγ=i medegči Tabun=i Čegeče ulus=i medegči Maγu-Mingγan=i Ulum baran keletü Tataγaljin=u Baγasuqai olan keletü Kereyid=ün Uldu sayin keletü Altajin=i Sayimaq=a kelebe čaγ edüi üde boltuγai Borboγ=yin Bayan-Örmeger Dayun-qaγan=i tuγ=i niγulγaju Uriyangqan=u tuγ=i qaγurču qadqubai Urdaquqai-noyan=u köbegün Burqai Tabun=i Čegeče Sayimaq=a=yin köbegün Bardung ene γurbaγula ükübe Burqai-ong Baγasun-tabunung Čegeče num=un γurban kümün singsin=tür oroγsan gekü Baraγun-Tümen num=un tülkigür bayiri kijü irebei tegün=tür Dayun-qaγan eyimü bayiri=gi či medejem j=a gejü qara čirig=ün Oyirad=un $egüse=eče asaγbai $egüse kelebei eyimü numun tülkigür=tü buq=a sečigür sayin bile gejü
166a
ᠵᠢᠷᠠᠨ ᠨᠢᠭᠡᠨ ᠪᠤᠬ᠎ᠠ ᠰᠡᠴᠢᠭᠦᠷ ᠪᠠᠶᠢᠷᠢ ᠬᠢᠪᠡᠢ ᠪᠠᠷᠠᠭᠤᠨ ᠲᠦᠮᠡᠨ ᠬᠠᠭᠠᠨ ᠤ ᠲᠤᠭ ᠡᠨᠡ ᠭᠡᠵᠦ ᠤᠷᠢᠶᠠᠩᠬᠠᠨ ᠤ ᠲᠤᠭ ᠢ ᠲᠤᠰᠠᠯᠵᠤ ᠬᠠᠳᠬᠤᠯᠳᠤᠪᠠᠢ ᠤᠷᠳᠠᠬᠤᠬᠠᠢ ᠣᠩ ᠪᠤᠷᠬᠠᠢ ᠬᠥᠪᠡᠭᠦᠨ ᠲᠡᠭᠡᠨ ᠤᠷᠢᠶᠠᠩᠬᠠᠨ ᠤ ᠪᠠᠶᠠᠬᠠᠢ ᠪᠠᠭᠠᠲᠤᠷ ᠬᠣᠷᠴᠢᠨ ᠤ ᠲᠦᠮᠡᠨ ᠢ ᠲᠠᠪᠤᠨ ᠢ ᠰᠠᠶᠢᠨ ᠴᠡᠭᠡᠴᠡ ᠪᠠᠭᠠᠲᠤᠷ ᠲᠠᠪᠤᠨ ᠣᠲᠣᠭ ᠬᠠᠯᠬ ᠠ ᠶᠢᠨ ᠨᠣᠶᠠᠳ ᠤᠷᠤᠭ ᠤᠨ ᠪᠠᠭᠠᠰᠤᠨ ᠲᠠᠪᠤᠨᠤᠩ ᠲᠠᠪᠤᠭᠤᠯᠠ ᠬᠣᠰᠢᠭᠤ ᠤᠳᠤᠷᠢᠳᠪᠠᠢ ᠲᠡᠳᠦᠢ ᠤᠷᠢᠶᠠᠩᠬᠠᠨ ᠳᠤᠲᠠᠭᠠᠪᠠᠢ ᠲᠦᠮᠡᠳ ᠦᠨ ᠴᠢᠷᠢᠭ ᠬᠥᠭᠡᠨ ᠶᠠᠪᠤᠬᠤᠢ ᠲᠤᠷ ᠲᠡᠨᠳᠡᠴᠡ ᠬᠠᠭᠠᠨ ᠤ ᠬᠠᠷᠠ ᠲᠤᠭ ᠢ ᠢᠯᠡ ᠭᠠᠷᠭᠠᠵᠤ ᠪᠠᠷᠢᠭᠠᠳ ᠲᠠᠰᠤᠯᠵᠤ ᠤᠷᠤᠭᠠᠳ ᠲᠦᠮᠡᠳ ᠢ ᠳᠠᠷᠤᠪᠠᠢ ᠪᠠᠷᠠᠭᠤᠨ ᠲᠦᠮᠡᠨ ᠢ ᠣᠯᠠᠩᠬᠢ ᠴᠢᠷᠢᠭ ᠦᠳ ᠬᠠᠭᠠᠨ ᠤ ᠬᠠᠷᠠ ᠲᠤᠭ ᠢ ᠥᠪᠡᠷᠦᠨ ᠲᠤᠭ ᠢᠶᠠᠨ ᠭᠡᠵᠦ ᠡᠨᠳᠡᠭᠦᠷᠡᠨ ᠣᠷᠣᠵᠤ ᠢᠷᠡᠭᠡᠳ ᠬᠢᠳᠤᠭᠳᠠᠪᠠᠢ ᠲᠡᠷᠡ ᠠᠯᠠᠭᠳᠠᠬᠤᠢ ᠠᠴᠠ ᠢᠪᠠᠷᠠᠢ ᠲᠠᠶᠢᠰᠢ ᠳᠤᠲᠠᠭᠠᠵᠤ ᠭᠠᠷᠪᠠᠢ ᠳᠠᠶᠤᠨ ᠬᠠᠭᠠᠨ ᠪᠠᠷᠠᠭᠤᠨ ᠭᠤᠷᠪᠠᠨ ᠲᠦᠮᠡᠨ ᠦ ᠲᠥᠷᠥ ᠠᠪᠴᠤ ᠥᠪᠡᠷᠦᠨ ᠡᠷᠬᠡ ᠲᠦᠷ ᠢᠶᠡᠨ ᠣᠷᠣᠭᠤᠯᠪᠠᠢ ᠭᠡᠬᠦ ᠴᠡᠭᠡᠴᠡ ᠪᠠᠭᠠᠲᠤᠷ ᠪᠠᠰᠠ ᠡᠷᠭᠢᠵᠦ ᠣᠷᠣᠶ᠎ᠠ ᠭᠡᠵᠦ ᠳᠤᠭᠤᠯᠭ᠎ᠠ ᠮᠥᠯᠲᠥᠵᠦ ᠲᠣᠯᠣᠭᠠᠢ ᠨᠢᠴᠦᠭᠡᠨ ᠣᠷᠣᠪᠠᠢ ᠲᠡᠷᠡ ᠣᠷᠣᠬᠤᠢ ᠳᠠᠭᠠᠨ ᠴᠡᠭᠡᠴᠡ ᠬᠡᠯᠡᠪᠡᠢ ᠡᠨᠡ ᠮᠡᠲᠦ ᠰᠠᠶᠢᠨ ᠲᠥᠷᠥ ᠡᠳᠦᠷ ᠪᠦᠷᠢ ᠦᠯᠦ ᠤᠴᠠᠷᠠᠮ ᠭᠡᠵᠦ ᠬᠦᠷᠴᠦ ᠴᠠᠪᠴᠢᠯᠠᠯᠳᠤᠪᠠᠢ ᠴᠠᠪᠴᠢᠯᠠᠯᠳᠤᠬᠤᠢ ᠲᠤᠷ ᠴᠡᠭᠡᠴᠡ ᠶᠢᠨ ᠲᠣᠯᠣᠭᠠᠢ ᠬᠠᠭ᠎ᠠ ᠴᠠᠪᠴᠢᠵᠤ ᠴᠡᠭᠡᠴᠡ ᠮᠣᠷᠢᠨ ᠠᠴᠠ ᠤᠨᠠᠪᠠᠢ ᠬᠡᠪᠲᠡᠭᠡ ᠥᠨᠳᠡᠶᠢᠵᠦ ᠴᠠᠭᠠᠳᠤ ᠬᠦᠮᠦᠨ ᠢ
jiran nigen buq=a sečigür bayiri kibei Baraγun-Tümen qaγan=u tuγ ene gejü Uriyangqan=u tuγ=i tusalju qadquldubai Urdaquqai-ong Burqai köbegün=tegen Uriyangqan=u Bayaqai-baγatur Qorčin=u tümen=i Tabun=i Sayin-Čegeče-baγatur tabun otoγ Qalq=a=yin noyad uruγ=un Baγasun-tabunung tabuγula qosiγu uduridbai tedüi Uriyangqan dutaγabai Tümed=ün čirig kögen yabuqui=tur tendeče qaγan=u qara tuγ=i ile γarγaju bariγad tasulju uruγad Tümed=i darubai Baraγun-Tümen=i olangki čirig=üd qaγan=u qara tuγ=i öberün tuγ=iyan gejü endegüren oroju ireged kiduγdabai tere alaγdaqui=ača Ibarai-tayisi dutaγaju γarbai Dayun-qaγan Baraγun-Γurban-Tümen=ü törö abču öberün erke=tür=iyen oroγulbai gekü Čegeče-baγatur basa ergijü oroy=a gejü duγulγ=a möltöjü toloγai ničügen orobai tere oroqui=daγan Čegeče kelebei ene metü sayin törö edür büri ülü učaram gejü kürčü čabčilaldubai čabčilalduqui=tur Čegeče=yin toloγai qaγ=a čabčiju Čegeče morin=ača unabai kebtege öndeyijü čaγadu kümün=i
166b
ᠲᠡᠮᠦᠷ ᠳᠥᠷᠥᠭᠡᠲᠦ ᠬᠥᠯ ᠢ ᠨᠢᠭᠡ ᠮᠥᠰᠦᠨ ᠲᠠᠰᠤ ᠴᠠᠪᠴᠢᠪᠠ ᠬᠥᠲᠡᠯ ᠲᠡᠭᠡᠨ ᠬᠦᠷᠴᠦ ᠲᠥᠷᠥ ᠲᠥᠭᠥᠷᠢᠭ ᠬᠡᠨ ᠲᠦ ᠪᠤᠢ ᠭᠡᠵᠦ ᠠᠰᠠᠭᠪᠠ ᠬᠥᠲᠡᠴᠢᠨ ᠢ ᠲᠥᠭᠥᠷᠢᠭ ᠮᠠᠨᠳᠤ ᠪᠤᠢ ᠭᠡᠪᠡ ᠴᠡᠭᠡᠴᠡ ᠪᠢ ᠴᠠᠭ ᠲᠤᠷ ᠢᠯᠠᠭᠳᠠᠪᠠᠢ ᠭᠡᠵᠦ ᠬᠡᠯᠡᠭᠡᠳ ᠦᠬᠦᠪᠡᠢ ᠲᠡᠭᠦᠨ ᠦ ᠬᠣᠶᠢᠨᠠ ᠳᠠᠶᠤᠨ ᠬᠠᠭᠠᠨ ᠪᠠᠷᠠᠭᠤᠨ ᠭᠤᠷᠪᠠᠨ ᠲᠦᠮᠡᠨ ᠦ ᠪᠠᠶᠢᠷᠢ ᠲᠤ ᠲᠤᠰᠠᠯᠠᠭᠰᠠᠳ ᠢ ᠴᠥᠮ ᠳᠠᠷᠬᠠᠯᠠᠪᠠ ᠴᠡᠭᠡᠴᠡ ᠶᠢᠨ ᠦᠷᠡ ᠨᠣᠶᠠᠨ ᠦᠭᠡᠢ ᠪᠣᠯᠲᠤᠭᠠᠢ ᠭᠡᠵᠦ ᠳᠠᠷᠬᠠᠯᠠᠪᠠ ᠣᠶᠢᠷᠠᠳ ᠤᠨ ᠡᠭᠦᠰᠡ ᠠᠭᠯᠠᠬᠤ ᠶᠢᠨ ᠦᠷᠡ ᠳᠣᠯᠣᠭᠠᠨ ᠦᠶ᠎ᠡ ᠪᠣᠯᠲᠠᠯᠠ ᠠᠯᠪᠠ ᠦᠭᠡᠢ ᠪᠣᠯᠲᠤᠭᠠᠢ ᠭᠡᠵᠦ ᠳᠠᠷᠬᠠᠯᠠᠪᠠᠢ ᠪᠠᠭᠠᠰᠤᠨ ᠲᠠᠪᠤᠨᠤᠩ ᠲᠤ ᠰᠠᠶᠢᠨ ᠮᠠᠨᠳᠤᠬᠠᠢ ᠬᠠᠲᠤᠨ ᠠᠴᠠ ᠲᠥᠷᠥᠭᠰᠡᠨ ᠥᠬᠢᠨ ᠢᠶᠡᠨ ᠥᠭᠪᠡ ᠲᠡᠭᠦᠨ ᠦ ᠬᠣᠶᠢᠨᠠ ᠪᠠᠷᠠᠭᠤᠨ ᠲᠦᠮᠡᠨ ᠥᠪᠡᠷ ᠵᠠᠭᠤᠷᠠᠪᠠᠨ ᠳᠠᠶᠢᠲᠤᠵᠤ ᠣᠷᠳᠣᠰᠢ ᠶᠢᠨ ᠠᠭᠯᠠᠬᠤ ᠯᠡᠭᠦᠰᠢ ᠢᠪᠠᠷᠠᠢ ᠶᠢ ᠠᠯᠠᠪᠠᠢ ᠯᠡᠭᠦᠰᠢ ᠭᠢ ᠡᠷᠬᠡᠭᠦᠳ ᠦᠨ ᠬᠡᠯᠡᠭᠡᠢ ᠪᠠᠷᠢᠵᠤ ᠠᠯᠠᠪᠠᠢ ᠯᠡᠭᠦᠦᠰᠢ ᠭᠢ ᠬᠡᠯᠡᠭᠡᠢ ᠳᠠᠶᠤᠨ ᠬᠠᠭᠠᠨ ᠲᠤ ᠠᠶᠢᠯᠠᠳᠬᠠᠪᠠᠢ ᠥᠰᠢᠶᠡᠲᠦ ᠶᠢ ᠴᠢᠨᠤ ᠥᠷᠥᠯᠡᠪᠡ ᠪᠢ ᠠᠲᠠᠭ ᠠ ᠲᠤ ᠭᠢ ᠴᠢᠨᠤ ᠠᠯᠠᠪᠠ ᠪᠢ ᠭᠡᠵᠦ ᠦᠭᠡ ᠳᠤᠷᠠᠳᠪᠠ ᠬᠣᠶᠢᠨᠠ ᠬᠡᠯᠡᠭᠡᠢ ᠶᠢ ᠳᠠᠶᠤᠨ ᠬᠠᠭᠠᠨ ᠳᠠᠷᠬᠠᠯᠠᠪᠠ ᠬᠣᠶᠢᠨᠠ ᠮᠣᠩᠭᠣᠯᠵᠢᠨ ᠢ ᠬᠣᠱᠣᠢ ᠲᠠᠪᠤᠨᠤᠩ ᠲᠡᠮᠦᠷᠭᠡᠨ ᠬᠣᠶᠠᠷ ᠣᠷᠣᠵᠤ ᠥᠭᠪᠡ ᠬᠣᠷᠴᠢᠨ ᠤ ᠤᠷᠳᠠᠬᠤᠬᠠᠢ ᠣᠩ ᠪᠠᠷᠠᠭᠤᠨ ᠭᠤᠷᠪᠠᠨ ᠲᠦᠮᠡᠨ ᠢ ᠬᠤᠪᠢᠶᠠᠵᠤ ᠠᠪᠤᠶ᠎ᠠ ᠭᠡᠵᠦ ᠬᠡᠯᠡᠪᠡ ᠵᠠᠨᠤᠭᠰᠠᠨ ᠢᠶᠠᠨ ᠵᠠᠭᠤᠴᠢᠯᠠᠤᠯᠪᠠᠢ ᠥᠰᠢᠶ ᠡ ᠲᠦ ᠬᠦᠮᠦᠨ ᠢ
temür dörögetü köl=i nige mösün tasu čabčiba kötel=tegen kürčü törö tögörig ken=tü bui gejü asaγba kötečin=i tögörig mandu bui gebe Čegeče bi čaγ=tur ilaγdabai gejü keleged ükübei tegün=ü qoyina Dayun-qaγan Baraγun-Γurban-Tümen=ü bayiri=tu tusalaγsad=i čöm darqalaba Čegeče=yin üre noyan ügei boltuγai gejü darqalaba Oyirad=un $egüse-Aγlaqu=yin üre doloγan üy=e boltala alba ügei boltuγai gejü darqalabai Baγasun-tabunung=tu Sayin-Manduqai-qatun=ača törögsen ökin=iyen ögbe # ~ tegün=ü qoyina Baraγun-Tümen öber jaγuraban dayituju Ordosi=yin Aγlaqu-Legüsi Ibarai=yi alabai Legüsi=gi Erkegüd=ün Kelegei bariju alabai Legüüsi=gi Kelegei Dayun-qaγan=tu ayiladqabai ösiyetü=yi činu örölebe bi ataγ=a=tu=gi činu alaba bi gejü üge duradba qoyina Kelegei=yi Dayun-qaγan darqalaba qoyina Mongγoljin=i Qošoi-tabunung Temürgen qoyar oroju ögbe Qorčin=u Urdaquqai-ong Baraγun-Γurban-Tümen=i qubiyaju abuy=a gejü kelebe januγsan=iyan jaγučilaulbai ösiy=e=tü kümün=i
167a
ᠡᠭᠦᠳᠡ ᠪᠦᠷᠢ ᠵᠠᠷᠤᠶ᠎ᠠ ᠥᠰᠲᠦ ᠬᠦᠮᠦᠨ ᠢ ᠴᠤᠭ ᠲᠠᠯᠪᠢᠪᠠᠰᠤ ᠬᠣᠶᠢᠲᠤ ᠦᠷᠡ ᠶᠢ ᠮᠠᠨᠤ ᠵᠣᠪᠠᠭᠠᠨᠠᠮ ᠳᠣᠯᠣᠭᠠᠨ ᠣᠲᠣᠭ ᠬᠠᠷᠠᠴᠢᠨ ᠢ ᠳᠦᠩ ᠶᠡᠬᠡ ᠶᠦᠩᠰᠢᠶᠡᠪᠦᠢ ᠭᠢ ᠮᠠᠨ ᠤ ᠳᠣᠯᠣᠭᠠᠨ ᠣᠲᠣᠭ ᠬᠠᠷᠠᠴᠢᠨ ᠲᠤᠷ ᠨᠡᠶᠢᠯᠡᠭᠦᠯ ᠨᠠᠢᠮᠠᠨ ᠣᠲᠣᠭ ᠣᠷᠳᠣᠰ ᠭᠣᠣᠯ ᠪᠢᠯᠡ ᠨᠠᠢᠮᠠᠨ ᠣᠲᠣᠭ ᠴᠠᠬᠠᠷ ᠲᠤ ᠨᠡᠶᠢᠯᠡᠭᠦᠯ ᠠᠷᠪᠠᠨ ᠬᠣᠶᠠᠷ ᠲᠦᠮᠡᠳ ᠢ ᠠᠷᠪᠠᠨ ᠬᠣᠶᠠᠷ ᠬᠠᠯᠬᠠᠳᠤ ᠨᠡᠶᠢᠯᠡᠭᠦᠯ ᠭᠡᠪᠡ ᠣᠩ ᠶᠢᠨ ᠲᠡᠷᠡ ᠦᠭᠡᠨ ᠲᠦᠷ ᠳᠠᠶᠤᠨ ᠬᠠᠭᠠᠨ ᠡᠰᠡ ᠪᠣᠯᠵᠤ ᠪᠠᠷᠰᠤ ᠪᠣᠯᠠᠳ ᠵᠣᠨᠣᠩ ᠬᠥᠪᠡᠭᠦᠨ ᠢᠶᠡᠨ ᠪᠠᠷᠠᠭᠤᠨ ᠭᠤᠷᠪᠠᠨ ᠲᠦᠮᠡᠨ ᠲᠦᠷ ᠰᠠᠭᠤᠯᠭᠠᠪᠠ ᠤᠷᠳᠠᠬᠤᠬᠠᠢ ᠣᠩ ᠬᠣᠶᠢᠲᠤ ᠦᠷᠡ ᠵᠣᠪᠠᠵᠤ ᠦᠬᠦᠪᠡ ᠭᠡᠵᠦ ᠮᠣᠷᠢᠨ ᠢᠶᠠᠨ ᠲᠣᠯᠣᠭᠠᠢ ᠶᠢ ᠳᠡᠯᠡᠳᠪᠡᠢ ᠲᠡᠷᠡ ᠶᠠᠪᠤᠳᠠᠯ ᠲᠤᠷ ᠬᠣᠷᠴᠢᠨ ᠤ ᠤᠷᠳᠠᠬᠤᠢ ᠣᠩ ᠲᠤᠷ ᠣᠷᠳᠣᠰᠢ ᠶᠢᠨ ᠲᠠᠶᠢᠯᠠᠳᠠᠷ ᠬᠣᠨᠣᠭ ᠡᠰᠡ ᠥᠭᠪᠡ ᠭᠡᠵᠦ ᠲᠠᠶᠢᠯᠠᠳᠠᠷ ᠢ ᠰᠢᠯᠡᠪᠡ ᠠᠯᠠᠪᠠ ᠭᠡᠬᠦ ᠬᠣᠩᠬᠤᠯᠢ ᠭᠢ ᠬᠣᠪ ᠬᠡᠯᠡᠪᠡ ᠭᠡᠵᠦ ᠬᠣᠰᠢᠭᠤ ᠶᠢ ᠢᠨᠤ ᠣᠭᠲᠠᠯᠵᠤ ᠠᠯᠠᠪᠠ ᠭᠡᠬᠦ ᠡᠨᠡ ᠦᠭᠡ ᠪᠦᠭᠦᠳᠡ ᠲᠦᠷ ᠰᠣᠨᠣᠰᠳᠠᠭᠰᠠᠨ ᠪᠤᠢ ᠵ᠎ᠠ ᠳᠠᠶᠤᠨ ᠬᠠᠭᠠᠨ ᠭᠤᠴᠢᠨ ᠳᠣᠯᠣᠭᠠᠨ ᠵᠢᠯ ᠬᠠᠨ ᠣᠷᠣ ᠰᠠᠭᠤᠵᠤ ᠳᠥᠴᠢᠨ ᠳᠥᠷᠪᠡᠨ ᠨᠠᠰᠤᠨ ᠲᠤᠷ ᠢᠶᠠᠨ ᠲᠩᠷᠢ ᠪᠣᠯᠪᠠ ᠳᠠᠶᠤᠨ ᠬᠠᠭᠠᠨ ᠤ ᠶᠡᠬᠡ ᠬᠥᠪᠡᠭᠦᠨ ᠲᠥᠷᠥ ᠪᠣᠯᠠᠳ ᠬᠠᠨ ᠣᠷᠣᠨ ᠰᠠᠭᠤᠭ᠎ᠠ ᠡᠳᠦᠢ ᠦᠷᠡ ᠦᠭᠡᠢ ᠲᠩᠷᠢ ᠪᠣᠯᠪᠠ ᠳᠡᠭᠦ ᠢᠨᠤ ᠤᠯᠤᠰ ᠪᠣᠯᠠᠳ ᠬᠠᠨ ᠣᠷᠣᠨ ᠰᠠᠭᠤᠭ᠎ᠠ ᠡᠳᠦᠢ ᠢᠪᠠᠷᠠᠢ ᠲᠠᠶᠢᠰᠢ ᠶᠢᠨ ᠭᠠᠷ ᠲᠤᠷ
egüde büri jaruy=a östü kümün=i čuγ talbibasu qoyitu üre=yi manu jobaγanam doloγan otoγ Qaračin=i düng yeke Yüngsiyebüi=gi man=u doloγan otoγ Qaračin=tur neyilegül naiman otoγ Ordos γool bile naiman otoγ Čaqar=tu neyilegül arban qoyar Tümed=i arban qoyar Qalqadu neyilegül gebe ong=yin tere ügen=tür Dayun-qaγan ese bolju Barsu-Bolad-jonong köbegün=iyen Baraγun-Γurban-Tümen=tür saγulγaba Urdaquqai-ong qoyitu üre jobaju ükübe gejü morin=iyan toloγai=yi deledbei tere yabudal=tur Qorčin=u Urdaqui-ong=tur Ordosi=yin Tayiladar qonoγ ese ögbe gejü Tayiladar=i silebe (alaba) gekü Qongquli=gi qob kelebe gejü qosiγu=yi inu oγtalju alaba gekü ene üge bügüde=tür sonosdaγsan bui j=a Dayun-qaγan γučin doloγan jil qan oro saγuju döčin dörben nasun=tur=iyan tngri bolba # Dayun-qaγan=u yeke köbegün Törö-Bolad qan oron saγuγ=a edüi üre ügei tngri bolba degü inu Ulus-Bolad qan oron saγuγ=a edüi Ibarai-tayisi=yin γar=tur
167b
ᠲᠩᠷᠢ ᠪᠣᠯᠪᠠ ᠲᠡᠭᠦᠨ ᠦ ᠬᠣᠶᠢᠨᠠ ᠪᠣᠳᠢ ᠠᠯᠠᠭ ᠢ ᠪᠠᠭ᠎ᠠ ᠭᠡᠵᠦ ᠠᠪᠠᠭ᠎ᠠ ᠢᠨᠤ ᠶᠡᠬᠡ ᠣᠷᠣ ᠰᠠᠭᠤᠪᠠ ᠲᠡᠭᠦᠨ ᠦ ᠬᠣᠶᠢᠨᠠ ᠪᠣᠳᠢ ᠠᠯᠠᠭ ᠬᠠᠭᠠᠨ ᠵᠡᠭᠦᠨ ᠭᠤᠷᠪᠠᠨ ᠲᠦᠮᠡᠨ ᠢᠶᠡᠨ ᠠᠪᠴᠤ ᠨᠠᠢᠮᠠᠨ ᠴᠠᠭᠠᠨ ᠭᠡᠷᠲᠡ ᠮᠥᠷᠭᠥᠵᠦ ᠬᠠᠭᠠᠨ ᠰᠠᠭᠤᠶ᠎ᠠ ᠭᠡᠵᠦ ᠡᠴᠢᠭᠡᠳ ᠪᠠᠷᠰᠤ ᠪᠣᠯᠠᠳ ᠵᠣᠨᠣᠩ ᠲᠤᠷ ᠦᠭᠡ ᠬᠡᠯᠡᠪᠡᠢ ᠴᠢ ᠨᠠᠮᠠᠶᠢ ᠶᠢ ᠪᠠᠭ᠎ᠠ ᠭᠡᠵᠦ ᠬᠠᠭᠠᠨ ᠰᠠᠭᠤᠭᠰᠠᠨ ᠮᠥᠨ ᠪᠣᠯᠪᠠᠴᠤ ᠬᠠᠭᠠᠨ ᠰᠠᠭᠤᠬᠤ ᠶᠣᠰᠤᠨ ᠦᠭᠡᠢ ᠪᠤᠢ ᠶᠢᠨ ᠲᠤᠯᠠ ᠵ᠎ᠠ ᠡᠳᠦᠭᠡ ᠴᠢ ᠨᠠᠳᠠ ᠮᠥᠷᠭᠥ ᠶᠣᠰᠤᠲᠤ ᠡᠵᠡᠨ ᠮᠥᠨ ᠦ ᠲᠤᠯᠠ ᠡᠰᠡ ᠮᠥᠷᠭᠥᠪᠡᠰᠦ ᠳᠠᠶᠢᠰᠤᠯᠳᠤᠨᠠᠮ ᠪᠢ ᠭᠡᠵᠦ ᠰᠢᠷᠦᠭᠦᠨ ᠦᠭᠡ ᠪᠡᠷ ᠳᠣᠩᠭᠣᠳᠪᠠᠢ ᠡᠨᠡ ᠦᠭᠡᠨ ᠲᠦᠷ ᠪᠠᠷᠰᠤ ᠪᠣᠯᠠᠳ ᠵᠣᠨᠣᠩ ᠬᠠᠭᠠᠨ ᠵᠥᠪ ᠭᠡᠵᠦ ᠰᠠᠨᠠᠭᠠᠳ ᠮᠥᠷᠭᠥᠪᠡ ᠪᠢ ᠭᠡᠵᠦ ᠦᠭᠡ ᠬᠡᠯᠡᠪᠡᠢ ᠡᠨᠡ ᠦᠭᠡ ᠪᠡᠷ ᠪᠣᠯᠤᠰᠠ ᠪᠠᠰᠠᠴᠤ ᠵᠥᠪ ᠪᠠᠶᠢᠨᠠᠮ ᠭᠡᠵᠦ ᠨᠠᠢᠮᠠᠨ ᠴᠠᠭᠠᠨ ᠭᠡᠷᠲᠡ ᠪᠣᠳᠢ ᠠᠯᠠᠭ ᠢ ᠮᠥᠷᠭᠥᠭᠦᠯᠦᠭᠡᠳ ᠬᠠᠭᠠᠨ ᠶᠡᠬᠡ ᠣᠷᠣ ᠰᠠᠭᠤᠯᠭᠠᠪᠠᠢ ᠲᠡᠭᠦᠨ ᠦ ᠬᠣᠶᠢᠨᠠ ᠬᠠᠷᠢᠵᠤ ᠢᠷᠡᠬᠦᠢ ᠲᠦᠷ ᠪᠣᠳᠢ ᠠᠯᠠᠭ ᠬᠠᠭᠠᠨ ᠲᠤᠷ ᠬᠣᠷᠴᠢᠨ ᠲᠦᠮᠡᠨ ᠦ ᠪᠠᠭᠠᠲᠤᠷ ᠮᠣᠯᠣᠴᠢ ᠪᠣᠭᠣᠰ ᠬᠤᠯᠭᠠᠴᠢ ᠭᠡᠭᠦᠲᠡᠢ ᠢᠷᠡᠵᠦ ᠦᠭᠡ ᠠᠶᠢᠯᠠᠳᠬᠠᠪᠠ ᠡᠨᠡ ᠪᠠᠷᠠᠭᠤᠨ ᠲᠦᠮᠡᠨ ᠦ ᠵᠠᠬ ᠠ ᠠᠴᠠ ᠳᠣᠪᠲᠣᠯᠵᠤ ᠬᠠᠷᠢᠶ᠎ᠠ ᠭᠡᠪᠡ ᠲᠡᠷᠡ ᠦᠭᠡᠨ ᠲᠦᠷ ᠪᠣᠳᠢ ᠠᠯᠠᠭ ᠬᠠᠭᠠᠨ ᠡᠰᠡ ᠪᠣᠯᠪᠠ ᠮᠣᠯᠣᠴᠢ ᠪᠠᠭᠠᠲᠤᠷ ᠠᠭᠤᠷᠯᠠᠭᠠᠳ
tngri bolba ~ tegün=ü qoyina Bodi-Alaγ=i baγ=a gejü abaγ=a inu yeke oro saγuba # tegün=ü qoyina Bodi-Alaγ qaγan Jegün-Γurban-Tümen=iyen abču naiman čaγan gerte mörgöjü qaγan saγuy=a gejü ečiged Barsu-Bolad-jonong=tur üge kelebei či namayi=yi baγ=a gejü qaγan saγuγsan mön bolbaču qaγan saγuqu yosun ügei bui=yin tula j=a edüge či nada mörgö yosutu ejen mön=ü tula ese mörgöbesü dayisuldunam bi gejü sirügün üge=ber dongγodbai ene ügen=tür Barsu-Bolad-jonong-qaγan jöb gejü sanaγad mörgöbe bi gejü üge kelebei ene üge=ber bolusa basaču jöb bayinam gejü naiman čaγan gerte Bodi-Alaγ=i mörgögülüged qaγan yeke oro saγulγabai # tegün=ü qoyina qariju ireküi=tür Bodi-Alaγ qaγan=tur Qorčin tümen=ü baγatur Moloči boγos qulγači gegütei irejü üge ayiladqaba ene Baraγun-Tümen=ü jaq=a=ača dobtolju qariy=a gebe tere ügen=tür Bodi-Alaγ qaγan ese bolba Moloči-baγatur aγurlaγad
168a
ᠪᠣᠭᠣᠰ ᠭᠡᠭᠦᠦ ᠤᠨᠤᠭᠰᠠᠨ ᠠᠴᠠ ᠬᠣᠭᠣᠰᠤᠨ ᠶᠠᠭᠠᠬᠢᠵᠤ ᠬᠠᠷᠢᠶ᠎ᠠ ᠭᠡᠵᠦ ᠦᠭᠡ ᠬᠡᠯᠡᠵᠦᠬᠦᠢ ᠲᠠᠶᠢᠰᠤᠩ ᠬᠠᠭᠠᠨ ᠤ ᠥᠰᠢᠶᠡᠭᠢ ᠰᠢᠭᠦᠰᠢᠲᠡ ᠶᠢᠨ ᠬᠥᠪᠡᠭᠦᠨ ᠪᠣᠯᠣᠨᠠᠢ ᠣᠩ ᠨᠡᠬᠡᠵᠦ ᠢᠷᠡᠨ ᠪᠤᠭᠤᠷᠤᠯ ᠲᠤᠷ ᠴᠡᠪᠳᠡᠨ ᠢ ᠬᠥᠪᠡᠭᠦᠨ ᠮᠣᠯᠣᠴᠢ ᠠᠯᠴᠤᠭᠤᠳᠠᠢ ᠠᠯᠤᠷᠢ ᠡᠳᠡ ᠭᠤᠷᠪᠠᠭᠤᠯᠠ ᠰᠢᠪᠡᠭᠡᠯᠡᠵᠦ ᠡᠰᠡ ᠠᠪᠴᠤ ᠬᠠᠷᠢᠪᠠ ᠬᠣᠶᠢᠨᠠ ᠬᠦᠷᠢᠶᠡᠨ ᠲᠦᠷ ᠪᠠᠰᠠ ᠰᠢᠪᠡᠭᠡᠯᠡᠵᠦ ᠡᠰᠡ ᠠᠪᠲᠠᠪᠠ ᠲᠡᠭᠦᠨ ᠦ ᠬᠣᠶᠢᠨᠠ ᠬᠦᠯᠢᠶ᠎ᠡ ᠮᠣᠳᠤᠨ ᠢ ᠣᠭᠲᠠᠯᠵᠤ ᠨᠡᠭᠦᠨ ᠶᠠᠳᠠᠵᠤ ᠥᠷᠭᠡᠨ ᠡ ᠬᠢ ᠨᠤᠲᠤᠭᠯᠠᠮ ᠭᠡᠵᠦ ᠢᠷᠡᠲᠡᠯᠡ ᠣᠨᠣᠨ ᠤ ᠰᠠᠭᠠᠴᠠᠭᠠᠨ ᠲᠤ ᠶᠢᠨ ᠶᠡᠬᠡ ᠠᠷᠠᠯ ᠲᠤᠷ ᠤᠴᠢᠷᠠᠪᠠ ᠪᠡᠳᠡᠷ ᠶᠢᠨ ᠬᠣᠰᠢᠭᠤᠨ ᠳᠡᠭᠡᠷᠡ ᠶᠡᠬᠡ ᠪᠠᠶᠢᠷᠢ ᠬᠢᠪᠡ ᠡᠰᠡᠪᠦᠷᠢ ᠶᠢᠨ ᠬᠥᠪᠡᠭᠦᠨ ᠡᠪᠦᠴᠡᠢ ᠪᠠᠭᠠᠲᠤᠷ ᠪᠣᠷᠣ ᠭᠠᠵᠠᠷ ᠬᠥᠳᠡᠯᠦᠮ ᠵ᠎ᠠ ᠪᠣᠷᠣᠭᠠᠰᠠᠨ ᠡᠪᠡᠴᠡᠢ ᠪᠢ ᠦᠯᠦ ᠬᠥᠳᠡᠯᠦᠮ ᠭᠡᠵᠦ ᠪᠠᠭᠤᠵᠤ ᠨᠢᠳᠦᠪᠡᠨ ᠬᠠᠷᠪᠤᠭᠤᠯᠵᠤ ᠤᠨᠠᠭᠰᠠᠨ ᠲᠤᠷ ᠬᠦᠮᠦᠨ ᠭᠡᠳᠡᠰᠦᠨ ᠢ ᠢᠨᠤ ᠬᠠᠭᠠᠯᠤᠮ ᠭᠡᠲᠡᠯᠡ ᠪᠦᠰᠡᠨ ᠲᠦᠷ ᠤᠶᠠᠭᠰᠠᠨ ᠮᠣᠷᠢᠨ ᠢᠨᠤ ᠲᠠᠲᠠᠪᠠᠢ ᠡᠪᠡᠴᠡᠢ ᠪᠣᠰᠣᠭᠠᠳ ᠲᠡᠷᠡ ᠬᠦᠮᠦᠨ ᠢ ᠪᠡᠶ᠎ᠡ ᠮᠣᠷᠢᠨ ᠬᠣᠶᠠᠷ ᠢ ᠰᠤᠮᠤᠨ᠎ᠠ ᠬᠠᠷᠪᠤᠵᠤ ᠭᠠᠷᠪᠠᠢ ᠲᠦᠯᠦᠭᠦᠬᠡᠨ ᠦ ᠬᠥᠪᠡᠭᠦᠨ ᠮᠡᠨᠳᠦᠢ ᠳᠠᠷᠬᠠᠨ ᠤᠭᠲᠤᠵᠤ ᠰᠠᠶᠢᠨ ᠰᠠᠭᠠᠷᠠᠯ ᠮᠣᠷᠢᠨ ᠢᠶᠠᠨ ᠬᠥᠯ ᠢ ᠬᠤᠭᠤ ᠬᠠᠷᠪᠤᠭᠤᠯᠪᠠ ᠮᠣᠷᠢᠨ ᠢᠨᠤ ᠭᠤᠷᠪᠠᠨ ᠬᠥᠯ ᠢᠶᠡᠷ ᠶᠡᠬᠡ ᠮᠣᠳᠤᠨ ᠬᠠᠷᠠᠶᠢᠵᠤ ᠭᠠᠷᠪᠠ ᠤᠷᠳᠠᠬᠤᠬᠠᠢ ᠶᠢᠨ ᠬᠥᠪᠡᠭᠦᠨ ᠤᠶᠠᠩᠭᠤ ᠪᠠᠭᠠᠲᠤᠷ ᠮᠡᠨᠳᠦᠢ ᠳᠠᠷᠬᠠᠨ ᠲᠤᠷ
boγos gegüü unuγsan=ača qoγosun yaγakiju qariy=a gejü üge kelejüküi # ~ Tayisung-qaγan=u ösiyegi Sigüsite=yin köbegün Bolonai-ong nekejü iren Buγurul=tur-Čebden=i köbegün Moloči Alčuγudai Aluri ede γurbaγula sibegelejü ese abču qariba qoyina küriyen=tür basa sibegelejü ese abtaba tegün=ü qoyina küliy=e modun=i oγtalju negü<n> yadaju Örgen=e=ki nutuγlam gejü iretele Onon=u Saγačaγan=tu=yin yeke aral=tur učiraba Beder=yin-qosiγun degere yeke bayiri kibe Esebüri=yin köbegün Ebüčei-baγatur boro γajar ködelüm j=a boroγasan Ebečei bi ülü ködelüm gejü baγuju nidüben qarbuγulju unaγsan=tur kümün gedesün=i inu qaγalum getele büsen=tür uyaγsan morin inu tatabai Ebečei bosoγad tere kümün=i bey=e morin qoyar=i sumun=a qarbuju γarbai Tülügüken=ü köbegün Mendüi-darqan uγtuju sayin saγaral morin=iyan köl=i quγu qarbuγulba morin inu γurban köl=iyer yeke modun qarayiju γarba Urdaquqai=yin köbegün Uyangγu-baγatur Mendüi-darqan=tur
168b
ᠰᠠᠬᠠᠯ ᠲᠤ ᠰᠢᠷᠬᠤᠯ ᠮᠣᠷᠢᠨ ᠢᠶᠠᠨ ᠣᠷᠣᠭᠤᠯᠵᠤ ᠥᠭᠴᠦ ᠭᠠᠷᠭᠠᠪᠠᠢ ᠬᠣᠷᠴᠢᠨ ᠲᠠᠲᠠᠭᠠᠯᠵᠢᠨ ᠪᠠᠢᠶᠤ ᠬᠡᠷᠡᠶᠢᠳ ᠦᠨ ᠪᠤᠯᠠᠢ ᠬᠣᠶᠠᠷ ᠬᠦᠷᠡ ᠳᠡᠭᠦ ᠬᠦᠷᠭᠡᠨ ᠠᠬ᠎ᠠ ᠬᠣᠶᠠᠷ ᠪᠥᠯᠦᠭᠡ ᠪᠠᠭᠠᠷᠠᠩᠭᠤᠳ ᠤᠨ ᠳᠡᠭᠦᠯᠡᠢ ᠬᠣᠬᠤᠯᠠᠢ ᠬᠣᠶᠠᠷ ᠦᠶᠡᠭᠡᠯᠢᠳ ᠪᠥᠯᠦᠭᠡ ᠲᠡᠳᠡ ᠳᠥᠷᠪᠡᠭᠦᠯᠡ ᠬᠣᠰᠢᠭᠤᠯᠠᠵᠤ ᠦᠬᠦᠪᠡᠢ ᠲᠡᠭᠦᠨ ᠲᠦᠷ ᠡᠰᠡ ᠠᠪᠲᠠᠪᠠ ᠬᠣᠶᠢᠨᠠ ᠮᠡᠨᠳᠦᠢ ᠳᠠᠷᠬᠠᠨ ᠡᠬᠢᠯᠡᠨ ᠮᠣᠷᠳᠠᠵᠤ ᠬᠠᠷᠠ ᠶᠢᠨ ᠭᠣᠷᠣᠬᠠᠨ ᠤ ᠵᠢᠳᠠ ᠴᠢᠯᠠᠭᠤᠨ ᠳᠡᠭᠡᠷᠡ ᠰᠢᠪᠡᠭᠡᠯᠡᠵᠦ ᠪᠠᠶᠢᠷᠢ ᠬᠢᠪᠡ ᠰᠣᠯᠣᠩᠭᠤᠳ ᠤᠨ ᠬᠠᠷᠭᠠᠴᠢᠨ ᠲᠠᠶᠢᠪᠤᠴᠢᠨ ᠤ ᠦᠷᠡ ᠰᠠᠭᠠᠳᠠᠶᠢᠨ ᠬᠥᠪᠡᠭᠦᠨ ᠰᠠᠶᠢᠨ ᠲᠠᠮᠠᠭ ᠠ ᠲᠤ ᠠᠯᠲᠠᠵᠢᠨ ᠤ ᠰᠠᠶᠢᠨ ᠬᠣᠬᠣᠳᠠᠢ ᠬᠣᠶᠠᠷ ᠬᠣᠰᠢᠭᠤᠯᠠᠵᠤ ᠦᠭᠦᠳᠲᠡᠢ ᠪᠠᠭᠠᠲᠤᠷ ᠠᠬ ᠠ ᠳᠠᠭᠠᠨ ᠬᠥᠬᠥᠯᠳᠡᠢ ᠪᠠᠭᠠᠲᠤᠷ ᠲᠤ ᠬᠡᠯᠡᠪᠡ ᠬᠣᠶᠠᠭᠤᠯᠠ ᠭᠠᠷᠤᠶ᠎ᠠ ᠭᠡᠪᠡ ᠬᠣᠷᠢᠨ ᠬᠦᠮᠦᠨ ᠲᠦ ᠳᠡᠶᠢᠯᠳᠡᠮ ᠵ᠎ᠠ ᠪᠢ ᠬᠣᠶᠠᠷ ᠬᠦᠮᠦᠨ ᠲᠦᠷ ᠦᠯᠦ ᠳᠡᠶᠢᠯᠳᠡᠬᠦ ᠴᠢ ᠪᠠᠶᠢᠭ᠎ᠠ ᠪᠢ ᠭᠠᠷᠰᠤ ᠭᠡᠪᠡ ᠲᠠᠮᠠᠭᠠᠲᠤ ᠢ ᠰᠤᠮᠤᠨ ᠬᠠᠷᠪᠤᠪᠠᠢ ᠰᠠᠶᠢᠨ ᠬᠣᠬᠤᠳᠠᠢ ᠨᠣᠴᠣᠯᠠᠯᠳᠤᠵᠤ ᠶᠠᠪᠤᠲᠠᠯᠠ ᠲᠠᠮᠠᠭ ᠠ ᠲᠤ ᠪᠣᠰᠣᠭᠠᠳ ᠬᠥᠬᠥᠯᠳᠡᠢ ᠶᠢᠨ ᠪᠣᠷᠪᠢ ᠲᠠᠰᠤ ᠴᠠᠪᠴᠢᠵᠤ ᠠᠯᠠᠪᠠᠢ ᠲᠡᠭᠦᠨ ᠳᠦᠷ ᠡᠰᠡ ᠠᠪᠴᠤ ᠶᠢᠰᠦᠨ ᠵᠠᠭᠤᠨ ᠠᠳᠤᠭᠤ ᠢᠨᠤ ᠠᠪᠴᠤ ᠬᠠᠷᠢᠵᠤ ᠢᠷᠡᠪᠡᠢ ᠵᠤᠲᠠᠭᠰᠠᠨ ᠲᠤᠷ ᠮᠡᠨᠳᠦᠢ ᠳᠠᠷᠬᠠᠨ ᠮᠣᠷᠳᠠᠵᠤ ᠥᠷᠭᠥᠷᠭᠡᠨ ᠡ ᠭᠣᠣᠯ ᠳᠡᠭᠡᠷᠡ ᠣᠷᠣᠭᠤᠯᠵᠤ ᠠᠯᠤᠤᠷᠢ ᠪᠠᠭᠠᠲᠤᠷ ᠢ ᠪᠤᠷᠬᠠᠶᠢᠨ ᠬᠥᠪᠡᠭᠦᠨ ᠠᠷᠰᠠᠬᠤ ᠪᠤᠶᠢᠮ ᠠ ᠣᠩ
saqal=tu sirqul morin=iyan oroγulju ögčü γarγabai Qorčin Tataγaljin-Baiyu Kereyid=ün Bulai qoyar küre degü kürgen aq=a qoyar bölüge Baγarangγud=un Degülei Qoqulai qoyar üyegelid bölüge tede dörbegüle qosiγulaju ükübei tegün=tür ese abtaba qoyina Mendüi-darqan ekilen mordaju Qara=yin-γoroqan=u jida čilaγun degere sibegelejü bayiri kibe Solongγud=un Qarγačin-tayibučin=u üre Saγadayin köbegün Sayin-Tamaγ=a=tu Altajin=u Sayin-Qoqodai qoyar qosiγulaju Ügüdtei-baγatur aq=a=daγan Kököldei-baγatur=tu kelebe qoyaγula γaruy=a gebe qorin kümün=tü deyildem j=a bi qoyar kümün=tür ülü deyildekü či bayiγ=a bi γarsu gebe Tamaγatu=i sumun qarbubai Sayin-Qoqudai nočolalduju yabutala Tamaγ=a=tu bosoγad Kököldei=yin borbi tasu čabčiju alabai tegün=dür ese abču yisün jaγun aduγu inu abču qariju irebei jutaγsan=tur Mendüi-darqan mordaju Örgörgen=e-γool degere oroγulju Aluuri-baγatur=i Burqayin köbegün Arsaqu-Buyim=a-ong
169a
ᠰᠢᠯᠢᠵᠦ ᠠᠯᠠᠪᠠ ᠠᠯᠴᠤᠤᠳᠠᠢ ᠭᠢ ᠠᠳᠤᠭᠤᠨ᠎ᠠ ᠬᠣᠯᠪᠠᠵᠤ ᠶᠠᠪᠤᠬᠤᠢ ᠲᠤᠷ ᠠᠯᠴᠤᠤᠳᠠᠢ ᠬᠡᠯᠡᠪᠡ ᠠᠯᠴᠤᠤᠳᠠᠢ ᠶᠢᠨ ᠥᠲᠥᠯᠦᠭᠰᠡᠨ ᠬᠣᠷᠣᠨ ᠠᠯᠠᠭᠴᠤᠭᠤᠳ ᠤᠨ ᠲᠠᠷᠬᠠᠭᠰᠠᠨ ᠬᠣᠷᠣᠨ ᠭᠡᠪᠡ ᠠᠯᠴᠤᠭᠤᠳᠠᠢ ᠶᠢ ᠰᠦᠬᠡ ᠪᠡᠷ ᠴᠣᠬᠢᠵᠤ ᠠᠯᠠᠪᠠ ᠮᠣᠯᠣᠴᠢ ᠢ ᠮᠣᠷᠢᠨ᠎ᠠ ᠬᠣᠯᠪᠠᠨ ᠢᠷᠡᠵᠦ ᠰᠠᠷᠬᠢᠭ ᠤᠨ ᠲᠥᠬᠥᠮ ᠳᠡᠭᠡᠷᠡ ᠪᠣᠳᠢ ᠠᠯᠠᠭ ᠬᠠᠭᠠᠨ ᠲᠤᠷ ᠮᠡᠨᠳᠦᠢ ᠣᠩ ᠬᠦᠷᠭᠡᠵᠦ ᠥᠭᠴᠦ ᠠᠯᠠᠭᠤᠯᠪᠠ ᠮᠡᠨᠳᠦᠢ ᠣᠩ ᠶᠢ ᠳᠠᠷᠬᠠᠯᠠᠪᠠ ᠬᠠᠰᠠᠷ ᠤᠨ ᠦᠷᠡ ᠬᠠᠭᠠᠨ ᠤ ᠦᠷᠡ ᠲᠦᠷ ᠨᠢᠭᠡᠨ ᠲᠤᠰᠠ ᠬᠦᠷᠭᠡᠪᠡ ᠭᠡᠬᠦ ᠲᠡᠷᠡ ᠪᠤᠶᠤ ᠪᠣᠳᠢ ᠠᠯᠠᠭ ᠬᠠᠭᠠᠨ ᠬᠣᠷᠢᠨ ᠳᠥᠷᠪᠡᠨ ᠵᠢᠯ ᠬᠠᠨ ᠣᠷᠣ ᠰᠠᠭᠤᠵᠤ ᠬᠣᠨᠢᠨ ᠵᠢᠯ ᠦᠨ ᠳᠣᠯᠣᠭᠠᠨ ᠰᠠᠷᠠᠶᠢᠨ ᠠᠷᠪᠠᠨ᠎ᠠ ᠵᠣᠳᠣᠯᠣᠩ ᠥᠨᠳᠥᠷ ᠲᠦ ᠲᠩᠷᠢ ᠪᠣᠯᠪᠠ ᠲᠡᠭᠦᠨ ᠦ ᠬᠣᠶᠢᠨᠠ ᠭᠠᠬᠠᠢ ᠵᠢᠯ ᠲᠦᠷ ᠳᠠᠷᠠᠶᠢᠰᠤᠨ ᠭᠦᠳᠡᠩ ᠬᠠᠭᠠᠨ ᠶᠡᠬᠡ ᠣᠷᠣ ᠰᠠᠭᠤᠪᠠ ᠲᠡᠷᠡ ᠬᠠᠭᠠᠨ ᠤ ᠦᠶ ᠡ ᠲᠦᠷ ᠲᠥᠷᠥ ᠲᠥᠪᠰᠢᠳᠴᠦ ᠲᠥᠷᠥᠭᠰᠡᠨ ᠨᠢᠭᠡᠳᠴᠦ ᠵᠢᠷᠭᠤᠭᠠᠨ ᠶᠡᠬᠡ ᠤᠯᠤᠰ ᠢᠶᠠᠨ ᠡᠩᠬᠡ ᠵᠢᠨ ᠵᠢᠷᠭᠠᠭᠤᠯᠪᠠᠢ ᠭᠦᠳᠡᠩ ᠬᠠᠭᠠᠨ ᠤ ᠬᠥᠪᠡᠭᠦᠨ ᠬᠥᠬᠡᠴᠦᠳᠡᠢ ᠲᠠᠶᠢᠵᠢ ᠳᠤᠷᠠᠯ ᠨᠣᠶᠠᠨ ᠵᠣᠷᠢᠭ ᠲᠤ ᠲᠠᠶᠢᠵᠢ ᠪᠦᠭᠦᠦ ᠲᠠᠶᠢᠵᠢ ᠪᠤᠶᠤ ᠠᠷᠪᠠᠨ ᠶᠢᠰᠦᠨ ᠵᠢᠯ ᠬᠠᠨ ᠣᠷᠣ ᠰᠠᠭᠤᠵᠤ ᠭᠤᠴᠢᠨ ᠨᠠᠢᠮᠠᠨ ᠨᠠᠰᠤᠨ ᠲᠤᠷ ᠢᠶᠠᠨ ᠮᠣᠭᠠᠢ ᠵᠢᠯ᠎ᠡ ᠲᠩᠷᠢ ᠪᠣᠯᠪᠠ ᠲᠡᠷᠡ ᠬᠠᠭᠠᠨ ᠤ ᠦᠶ ᠡ ᠲᠦᠷ ᠪᠠᠷᠰᠤ ᠪᠣᠯᠠᠳ ᠵᠣᠨᠣᠨ ᠶᠢᠨ
silijü alaba Alčuudai=gi aduγun=a qolbaju yabuqui=tur Alčuudai kelebe Alčuudai=yin ötölügsen qoron Alaγčuγud=un tarqaγsan qoron gebe Alčuγudai=yi süke=ber čokiju alaba Moloči=i morin=a qolban irejü Sarkiγ=un-tököm degere Bodi-Alaγ-qaγan=tur Mendüi-ong kürgejü ögčü alaγulba Mendüi-ong=yi darqalaba Qasar=un üre qaγan=u üre=tür nigen tusa kürgebe gekü tere buyu Bodi-Alaγ-qaγan qorin dörben jil qan oro saγuju qonin jil=ün doloγan sarayin arban=a Jodolong-öndör=tü tngri bolba # tegün=ü qoyina γaqai jil=tür Darayisun-Güdeng-qaγan yeke oro saγuba # tere qaγan=u üy=e=tür törö töbsidčü törögsen nigedčü jirγuγan yeke ulus=iyan engke=jin jirγaγulbai Güdeng-qaγan=u köbegün Kökečüdei-tayiji Dural-noyan Joriγ=tu-tayiji Bügüü-tayiji buyu arban yisün jil qan oro saγuju γučin naiman nasun=tur=iyan moγai jil=e tngri bolba # tere qaγan=u üy=e=tür Barsu-Bolad-jonon=yin
169b
ᠬᠥᠪᠡᠭᠦᠨ ᠭᠡᠭᠡᠨ ᠠᠯᠲᠠᠨ ᠬᠠᠭᠠᠨ ᠡᠵᠡᠨ ᠪᠣᠭᠳᠠ ᠡᠴᠢᠭᠡ ᠶᠢᠨ ᠮᠠᠨ ᠤ ᠵᠣᠪᠠᠨ ᠵᠥᠭᠡᠵᠦ ᠵᠥᠩᠬᠢᠯᠡᠨ ᠬᠤᠷᠢᠶᠠᠭᠰᠠᠨ ᠲᠠᠪᠤᠨ ᠥᠩᠭᠡ ᠳᠥᠷᠪᠡᠨ ᠬᠠᠷᠢ ᠶᠡᠬᠡ ᠤᠯᠤᠰ ᠥᠭᠡᠳᠡᠢ ᠬᠠᠭᠠᠨ ᠬᠦᠯᠦᠭ ᠬᠠᠭᠠᠨ ᠮᠥᠩᠬᠡ ᠬᠠᠭᠠᠨ ᠤ ᠦᠶ ᠡ ᠲᠦᠷ ᠣᠯᠤᠭᠰᠠᠨ ᠱᠠᠵᠢᠨ ᠤ ᠡᠬᠢᠨ ᠬᠤᠪᠢᠯᠭᠠᠨ ᠰᠡᠴᠡᠨ ᠬᠠᠭᠠᠨ ᠤ ᠪᠠᠶᠢᠭᠤᠯᠤᠭᠰᠠᠨ ᠡᠩᠬᠡ ᠲᠥᠷᠥ ᠡᠷᠳᠡᠨᠢ ᠱᠠᠰᠢᠨ ᠨᠣᠮ ᠪᠠᠲᠤᠯᠠᠨ ᠪᠠᠷᠢᠭᠰᠠᠨ ᠣᠷᠳᠣ ᠬᠠᠷᠰᠢ ᠬᠣᠲᠠ ᠪᠠᠯᠭᠠᠰᠤᠨ ᠵᠠᠶᠠᠭᠠᠨ ᠤ ᠬᠦᠴᠦᠨ᠎ᠡ ᠠᠯᠳᠠᠪᠠᠢ ᠲᠡᠭᠦᠨ ᠦ ᠬᠣᠶᠢᠨᠠ ᠡᠯᠪᠡᠭ ᠬᠠᠭᠠᠨ ᠠᠳᠠᠢ ᠬᠠᠭᠠᠨ ᠲᠠᠶᠢᠰᠤᠨ ᠬᠠᠭᠠᠨ ᠢ ᠬᠥᠭᠡᠵᠦ ᠠᠭᠪᠠᠷᠴᠢᠨ ᠵᠢᠨᠣᠩ ᠶᠢ ᠠᠷᠭ ᠠ ᠪᠠᠷ ᠬᠣᠷᠣᠭᠣᠪᠠ ᠭᠡᠵᠦ ᠡᠷᠲᠡᠨ ᠦ ᠲᠡᠳᠡ ᠥᠰᠢᠶ ᠡ ᠲᠡᠨ ᠬᠢᠲᠠᠳ ᠣᠶᠢᠷᠠᠳ ᠢ ᠳᠠᠶᠢᠯᠠᠨ ᠶᠠᠪᠤᠪᠠ ᠲᠡᠷᠡ ᠰᠠᠶᠢᠨ ᠠᠯᠲᠠᠨ ᠬᠠᠭᠠᠨ ᠬᠠᠲᠠᠭᠤᠵᠢᠨ ᠶᠠᠪᠤᠵᠤ ᠲᠠᠩᠭᠤᠳ ᠲᠥᠪᠡᠳ ᠦᠨ ᠢᠨᠠᠳᠤ ᠬᠢᠵᠠᠭᠠᠷ ᠳᠠᠬᠢ ᠮᠳᠣᠸᠠ ᠤᠯᠤᠰ ᠰᠢᠷᠠᠢᠭᠤᠷ ᠤᠯᠤᠰ ᠢ ᠡᠷᠬᠡ ᠲᠦᠷ ᠢᠶᠡᠨ ᠣᠷᠣᠭᠤᠯᠵᠤ ᠠᠷᠢᠭ ᠰᠠᠩᠭᠠᠷ ᠴᠠᠰᠬᠢᠪ ᠣᠭᠯᠣᠪᠣᠮ ᠴᠣᠣᠷᠴᠠ ᠢᠰᠳᠠᠭᠷᠢᠩ ᠰᠡᠷᠡᠩ ᠳᠠᠷ ᠡᠳᠡ ᠭᠤᠷᠪᠠᠨ ᠪᠠᠭᠠᠲᠤᠷ ᠢ ᠪᠠᠷᠢᠵᠤ ᠠᠯᠪᠠ ᠢᠨᠤ ᠠᠪᠤᠪᠠ ᠣᠶᠢᠷᠠᠳ ᠢ ᠳᠣᠪᠲᠣᠯᠵᠤ ᠵᠠᠯᠠᠮᠠᠨ ᠲᠥᠷᠥ ᠭᠢ ᠠᠯᠠᠵᠤ ᠵᠢᠭᠡᠬᠡᠨ ᠠᠬ ᠠ ᠶᠢ ᠡᠬᠢᠯᠡᠨ ᠨᠢᠭᠡᠨ ᠪᠥᠯᠥᠭ ᠤᠯᠤᠰ ᠢ ᠣᠷᠣᠭᠤᠯᠪᠠ ᠬᠢᠲᠠᠳ ᠤᠯᠤᠰ ᠢ ᠳᠣᠪᠲᠣᠯᠵᠤ ᠬᠣᠲᠠ ᠪᠠᠯᠭᠠᠰᠤᠨ ᠢ ᠡᠪᠳᠡᠨ ᠶᠠᠪᠤᠬᠤᠢ ᠲᠤᠷ ᠬᠢᠲᠠᠳ ᠤᠨ ᠲᠠᠶᠢᠮᠢᠩ ᠬᠠᠭᠠᠨ ᠡᠮᠢᠶᠡᠵᠦ ᠠᠯᠪᠠ ᠲᠠᠲᠠᠯᠭ᠎ᠠ ᠥᠭᠭᠥᠭᠡᠳ ᠠᠯᠲᠠᠨ ᠬᠠᠭᠠᠨ ᠲᠤᠷ ᠰᠦᠢ ᠸᠠᠩ
köbegün Gegen-Altan-qaγan Ejen-Boγda ečige=yin man=u joban jögejü jöngkilen quriyaγsan tabun öngge dörben qari yeke ulus Ögedei qaγan Külüg-qaγan Möngke-qaγan=u üy=e=tür oluγsan šajin=u ekin Qubilγan-Sečen-qaγan=u bayiγuluγsan engke törö erdeni šasin nom batulan bariγsan ordo qarsi qota balγasun jayaγan=u küčün=e aldabai tegün=ü qoyina Elbeg-qaγan Adai-qaγan Tayisun-qaγan=i kögejü Aγbarčin-jinong=yi arγ=a=bar qoroγoba gejü erten=ü tede ösiy=e=ten Kitad Oyirad=i dayilan yabuba tere Sayin-Altan-qaγan qataγujin yabuju Tangγud Töbed=ün inadu kijaγar daki Mdova ulus Siraiγur ulus=i erke=tür=iyen oroγulju Ariγ-Sanggar-Časkib Oγlobom-Čoorča Isdaγring-Sereng-Dar ede γurban baγatur=i bariju alba inu abuba Oyirad=i dobtolju Jalaman-Törö=gi alaju Jigeken aq=a=yi ekilen nigen bölög ulus=i oroγulba Kitad ulus=i dobtolju qota balγasun=i ebden yabuqui=tur Kitad=un Tayiming-qaγan emiyejü alba tatalγ=a öggöged Altan-qaγan=tur süi-vang
170a
ᠴᠣᠯᠠ ᠥᠷᠭᠥᠪᠡ ᠲᠡᠭᠦᠨ ᠦ ᠬᠣᠶᠢᠨᠠ ᠵᠠᠰᠠᠭ ᠲᠤ ᠲᠦᠮᠡᠨ ᠬᠠᠭᠠᠨ ᠶᠡᠬᠡ ᠣᠷᠣ ᠰᠠᠭᠤᠪᠠ ᠡᠷᠳᠡᠨᠢ ᠱᠠᠰᠢᠨ ᠨᠣᠮ ᠢ ᠦᠶᠢᠯᠡᠳᠴᠦ ᠡᠷᠲᠡᠨ ᠦ ᠥᠰᠲᠡᠨ ᠬᠢᠲᠠᠳ ᠤᠯᠤᠰ ᠢ ᠳᠠᠶᠢᠯᠠᠵᠤ ᠶᠠᠪᠤᠪᠠᠢ ᠬᠢᠲᠠᠳ ᠤᠯᠤᠰ ᠲᠤᠷ ᠠᠶᠠᠯᠠᠵᠤ ᠴᠡᠷᠢᠭ ᠤᠴᠠᠷᠠᠭᠰᠠᠨ ᠲᠤᠷ ᠬᠦᠴᠦᠨ ᠢᠶᠡᠨ ᠥᠭᠪᠡᠢ ᠭᠡᠵᠦ ᠨᠠᠯᠠᠩᠬᠢ ᠶᠢ ᠳᠠᠷᠬᠠᠯᠠᠪᠠ ᠮᠥᠨ ᠲᠡᠷᠡ ᠵᠠᠰᠠᠭ ᠲᠤ ᠲᠦᠮᠡᠨ ᠰᠠᠶᠢᠨ ᠭᠡᠭᠡᠨ ᠠᠯᠲᠠᠨ ᠬᠠᠭᠠᠨ ᠠᠨᠤ ᠲᠡᠮᠦᠷ ᠬᠣᠨᠢᠨ ᠵᠢᠯ ᠲᠦᠷ ᠭᠡᠨᠡᠳᠲᠡ ᠨᠣᠮ ᠤᠨ ᠰᠡᠳᠬᠢᠯ ᠲᠥᠷᠥᠭᠡᠳ ᠮᠵᠤᠸᠠ ᠳᠠᠬᠢ ᠰᠳᠡᠭ ᠯᠠᠮ᠎ᠠ ᠢᠷᠡᠭᠰᠡᠨ ᠲᠦᠷ ᠠᠨᠤ ᠬᠠᠭᠠᠨ ᠲᠡᠭᠦᠨ ᠡᠴᠡ ᠠᠰᠠᠭᠪᠠᠰᠤ ᠲᠡᠷᠡ ᠪᠡᠷ ᠬᠠᠮᠤᠭ ᠢ ᠮᠡᠳᠡᠭᠴᠢ ᠪᠰᠣᠸᠠᠳ ᠨᠠᠮᠰ ᠷᠭᠢᠨ ᠮᠵᠣᠸᠠ ᠶᠢᠨ ᠪᠡᠶ᠎ᠡ ᠵᠠᠷᠯᠢᠭ ᠰᠡᠳᠬᠢᠯ ᠲᠡᠷᠢᠭᠦᠲᠡᠨ ᠢ ᠨᠠᠷᠢᠨ᠎ᠠ ᠬᠠᠭᠠᠨ ᠲᠤᠷ ᠠᠶᠢᠯᠠᠳᠬᠠᠭᠰᠠᠨ ᠲᠤᠷ ᠬᠠᠭᠠᠨ ᠪᠠᠷ ᠬᠠᠷᠢᠯ ᠦᠭᠡᠢ ᠰᠦᠰᠦᠭ ᠠᠨᠤ ᠵᠤᠨ ᠳᠠᠬᠢ ᠨᠠᠭᠤᠷ ᠮᠡᠲᠦ ᠳᠡᠪᠦᠷᠡᠭᠡᠳ ᠤᠮᠠᠷᠠ ᠵᠦᠭ ᠳᠡᠬᠢ ᠶᠡᠬᠡ ᠭᠠᠵᠠᠷ ᠥᠭᠡᠳᠡ ᠪᠣᠯᠬᠤ ᠬᠡᠷᠡᠭ ᠬᠡᠮᠡᠨ ᠠᠶᠢᠯᠠᠳᠬᠠᠭᠴᠢᠨ ᠳᠠᠶᠤᠨ ᠬᠢᠶ ᠠ ᠲᠤᠷ ᠠᠯᠲᠠᠨ ᠪᠢᠴᠢᠭ ᠶᠡᠬᠡ ᠪᠠᠷᠢᠯᠭ᠎ᠠ ᠡᠷᠭᠦᠨ ᠵᠠᠯᠠᠷ᠎ᠠ ᠢᠯᠡᠭᠡᠪᠡᠢ ᠬᠦᠷᠴᠦ ᠠᠶᠢᠯᠠᠳᠬᠠᠭᠰᠠᠨ ᠲᠤᠷ ᠬᠤᠲᠤᠭ ᠲᠤ ᠬᠣᠮᠰᠢᠮ ᠪᠣᠳᠢᠰᠤᠩ ᠶᠢᠨ ᠬᠤᠪᠢᠯᠭᠠᠨ ᠲᠠᠮᠵᠢᠳ ᠮᠴᠶᠡᠪᠠ ᠪᠰᠣᠸᠠᠳ ᠨᠠᠮᠰ ᠷᠭᠢᠨ ᠮᠵᠣᠸᠠ ᠬᠡᠮᠡᠬᠦ ᠬᠤᠲᠤᠭ ᠲᠤ ᠳᠠᠯᠠᠢ ᠯᠠᠮ᠎ᠠ ᠡᠬᠢᠯᠡᠨ ᠪᠠᠰᠠ ᠬᠤᠲᠤᠭ ᠲᠤ ᠸᠴᠢᠷ ᠪᠠᠨᠢ ᠶᠢᠨ ᠬᠤᠪᠢᠯᠭᠠᠨ ᠵᠠᠮᠳᠣᠣ ᠷᠵᠢᠷᠤᠩ ᠬᠤᠲᠤᠭ ᠲᠤ ᠲᠡᠷᠢᠭᠦᠲᠡᠨ ᠣᠯᠠᠨ ᠮᠡᠷᠭᠡᠳ ᠬᠤᠸᠠᠷᠠᠭ ᠤᠳ
čola örgöbe # tegün=ü qoyina Jasaγ=tu-Tümen-qaγan yeke oro saγuba erdeni šasin nom=i üyiledčü erten=ü östen Kitad ulus=i dayilaju yabubai Kitad ulus=tur ayalaju čerig učaraγsan=tur küčün=iyen ögbei gejü Nalangki=yi darqalaba # mön tere Jasaγ=tu-Tümen-Sayin-Gegen-Altan-qaγan anu temür qonin jil=tür genedte nom=un sedkil töröged Mjuva-Daki-Sdeg-lam=a iregsen=tür anu qaγan tegün=eče asaγbasu tere=ber qamuγ=i medegči Bsovad-Nams-Rgin-Mjova=yin bey=e jarliγ sedkil terigüten=i narin=a qaγan=tur ayiladqaγsan=tur qaγan=bar qaril ügei süsüg anu jun daki naγur metü debüreged umara jüg=deki yeke γajar ögede bolqu kereg kemen ayiladqaγčin Dayun-kiy=a=tur altan bičig yeke barilγ=a ergün jalar=a ilegebei kürčü ayiladqaγsan=tur qutuγ=tu Qomsim bodisung=yin qubilγan Tamjid-Mčyeba-Bsovad-Nams-Rgin-Mjova kemekü qutuγ=tu Dalai-lam=a ekilen basa qutuγ=tu Včir-bani=yin qubilγan Jamdoo-Rjirung qutuγ=tu terigüten olan merged quvaraγ=ud
170b
ᠥᠭᠡᠳᠡ ᠪᠣᠯᠵᠤ ᠢᠷᠡᠬᠦᠢ ᠲᠦᠷ ᠳᠠᠯᠠᠢ ᠯᠠᠮ ᠠ ᠶᠢ ᠬᠥᠬᠡ ᠨᠠᠭᠤᠷ ᠲᠤᠷ ᠪᠣᠯᠵᠢᠵᠤ ᠤᠭᠲᠤᠨ ᠤᠴᠠᠷᠠᠭᠠᠳ ᠠᠯᠢᠨ ᠢ ᠪᠥᠭᠡᠰᠦ ᠨᠠᠷᠢᠨ᠎ᠠ ᠵᠠᠷᠯᠢᠭ ᠪᠣᠯᠵᠤ ᠶᠡᠬᠡᠳᠡ ᠲᠠᠬᠢᠯ ᠤᠨ ᠯᠠᠮ᠎ᠠ ᠭᠳᠦᠯᠪᠠ ᠴᠣᠰ ᠷᠴᠢ ᠪᠴᠣᠸᠠᠨ ᠭᠷᠣᠰ ᠪᠰᠠᠩ ᠪᠣᠸᠠ ᠶᠢ ᠶᠠᠪᠤᠭᠤᠯᠪᠠ ᠮᠣᠩᠭᠣᠯ ᠤᠨ ᠠᠷᠪᠠᠨ ᠨᠢᠭᠡᠨ ᠰᠠᠷᠠᠶᠢᠨ ᠬᠣᠷᠢᠨ ᠵᠢᠷᠭᠤᠭᠠᠨ ᠲᠤᠷ ᠭᠪᠷᠠᠰ ᠪᠤᠩ ᠠᠴᠠ ᠢᠨᠠᠭᠰᠢ ᠥᠭᠡᠳᠡ ᠪᠣᠯᠪᠠᠢ ᠤᠯᠠᠮ ᠢᠨᠠᠭᠰᠢ ᠶᠠᠪᠤᠭᠰᠠᠨ ᠲᠤᠷ ᠴᠠᠭᠠᠨ ᠪᠦᠷᠢᠶᠡᠨ ᠦ ᠳᠦᠷᠢᠲᠦ ᠬᠠᠳᠠᠶᠢᠨ ᠬᠠᠪᠢᠷᠭᠠᠶᠢᠨ ᠰᠠᠩ ᠠᠴᠠ ᠳᠤᠩ ᠪᠦᠷᠢᠶ ᠡ ᠶᠢ ᠠᠪᠤᠪᠠᠢ ᠲᠡᠭᠦᠨ ᠡᠴᠡ ᠢᠨᠠᠭᠰᠢ ᠥᠭᠡᠳᠡ ᠪᠣᠯᠬᠤᠢ ᠲᠤᠷ ᠮᠥᠰᠦᠨ ᠠᠭᠤᠯᠠ ᠶᠢᠨ ᠡᠵᠡᠨ ᠬᠣᠶᠠᠷ ᠵᠠᠭᠤᠨ ᠮᠣᠷᠢᠲᠠᠨ ᠢᠷᠡᠵᠦ ᠮᠥᠷᠭᠥᠭᠡᠳ ᠴᠣᠭᠣᠵᠢ ᠲᠤᠷ ᠬᠣᠶᠠᠷ ᠠᠪᠳᠠᠷᠠᠶᠢᠨ ᠳᠡᠭᠡᠷᠡ ᠲᠦᠯᠬᠢᠭᠦᠷ ᠲᠠᠯᠪᠢᠵᠤ ᠲᠡᠭᠦᠨ ᠦ ᠳᠡᠭᠡᠷᠡ ᠴᠠᠭᠠᠨ ᠬᠶᠢᠪ ᠲᠠᠯᠪᠢᠵᠤ ᠡᠷᠭᠦᠭᠡᠳ ᠬᠣᠮᠰᠢᠮ ᠪᠣᠳᠢᠰᠤᠩ ᠶᠢᠨ ᠠᠪᠢᠰᠢᠭ ᠰᠣᠨᠣᠰᠪᠠ ᠴᠣᠸᠠ ᠶᠢᠨ ᠡᠬᠢᠨ ᠦ ᠤᠯᠤᠰ ᠭᠤᠷᠪᠠᠨ ᠮᠢᠩᠭᠠᠨ ᠯᠠᠩ ᠠᠯᠲᠠᠨ ᠲᠡᠷᠢᠭᠦᠲᠡᠨ ᠢ ᠡᠷᠭᠦᠵᠦ ᠮᠢᠩᠭᠠᠨ ᠢᠯᠡᠭᠦ ᠬᠦᠮᠦᠨ ᠲᠣᠶᠢᠨ ᠪᠣᠯᠬᠤᠢ ᠲᠤᠷ ᠰᠠᠭᠤᠭᠰᠠᠨ ᠴᠢᠯᠠᠭᠤᠨ ᠲᠦᠰᠢᠯᠭᠡ ᠲᠦᠷ ᠳᠥᠷᠪᠡᠨ ᠭᠠᠷ ᠲᠤ ᠬᠣᠮᠰᠢᠮ ᠪᠣᠳᠢᠰᠤᠩ ᠶᠢᠨ ᠪᠡᠶ᠎ᠡ ᠥᠪᠡᠰᠦᠪᠡᠨ ᠪᠦᠲᠦᠪᠡᠢ ᠲᠡᠨᠳᠡᠴᠡ ᠢᠨᠠᠭᠰᠢ ᠥᠭᠡᠳᠡ ᠪᠣᠯᠬᠤᠢ ᠲᠤᠷ ᠮᠣᠩᠭᠣᠯ ᠤᠨ ᠲᠩᠷᠢ ᠴᠢᠳᠬᠦᠷ ᠠᠨᠤ ᠮᠣᠷᠢ ᠲᠡᠮᠡᠭᠡᠨ ᠮᠢᠨ ᠲᠣᠯᠣᠭᠠᠢ ᠲᠠᠨ ᠤ ᠨᠣᠮ ᠤᠨ ᠰᠠᠬᠢᠭᠤᠯᠰᠤᠨ ᠪᠶᠢᠭ ᠷᠵᠠ ᠬᠥᠲᠡᠯᠵᠦ ᠢᠷᠡᠭᠡᠳ ᠲᠠᠩᠭᠠᠷᠢᠭ ᠲᠤᠷ ᠣᠷᠣᠭᠤᠯᠪᠠᠢ ᠲᠡᠭᠦᠨ ᠡᠴᠡ ᠢᠨᠠᠭᠰᠢ ᠥᠭᠡᠳᠡ ᠪᠣᠯᠬᠤᠢ ᠲᠤᠷ ᠣᠷᠳᠣᠰ ᠤᠨ ᠰᠡᠴᠡᠨ ᠬᠤᠩ ᠲᠠᠶᠢᠵᠢ
ögede bolju ireküi=tür Dalai-lam=a=yi Köke-naγur=tur boljiju uγtun učaraγad alin=i bögesü narin=a jarliγ bolju yekede takil=un lam=a Gdülba-Čos-Rči-Bčovan-Gros-Bsang-Bova=yi yabuγulba # Mongγol=un arban nigen sarayin qorin jirγuγan=tur Gbras-Bung=ača inaγsi ögede bolbai ulam inaγsi yabuγsan=tur čaγan büriyen=ü düritü qadayin qabirγayin sang=ača dung büriy=e=yi abubai tegün=eče inaγsi ögede bolqui=tur Mösün-aγula=yin ejen qoyar jaγun moritan irejü mörgöged čoγoji=tur (qoyar) abdarayin degere tülkigür talbiju tegün=ü degere čaγan kyib talbiju ergüged Qomsim bodisung=yin abisig sonosba Čova=yin ekin=ü ulus γurban mingγan lang altan terigüten=i ergüjü mingγan ilegü kümün toyin bolqui=tur saγuγsan čilaγun tüsilge=tür dörben γar=tu Qomsim bodisung(=yin) bey=e öbesüben bütübei # tendeče inaγsi ögede bolqui=tur Mongγol=un tngri čidkür anu mori temegen min toloγai=tan=u nom=un sakiγulsun Byig-Rja köteljü ireged tangγariγ=tur oroγulbai tegün=eče inaγsi ögede bolqui=tur Ordos=un Sečen-qung-tayiji
171a
ᠲᠦᠮᠡᠳ ᠦᠨ ᠳᠠᠶᠠᠨ ᠨᠣᠶᠠᠨ ᠡᠬᠢᠯᠡᠨ ᠭᠤᠷᠪᠠᠨ ᠮᠢᠩᠭᠠᠨ ᠮᠣᠷᠢᠲᠠᠨ ᠠᠯᠲᠠᠨ ᠮᠥᠩᠭᠥ ᠲᠣᠷᠭ᠎ᠠ ᠲᠡᠷᠢᠭᠦᠲᠡᠨ ᠢ ᠪᠠᠷᠢᠵᠤ ᠮᠥᠷᠭᠥᠪᠡᠢ ᠰᠡᠴᠡᠨ ᠬᠤᠩ ᠲᠠᠶᠢᠵᠢ ᠳᠥᠷᠪᠡᠨ ᠭᠠᠷ ᠲᠤ ᠬᠣᠮᠰᠢᠮ ᠪᠣᠳᠢᠰᠤᠩ ᠤᠨ ᠠᠪᠢᠰᠢᠭ ᠢ ᠦᠵᠡᠪᠡᠢ ᠭᠡᠭᠡᠨ ᠬᠠᠭᠠᠨ ᠥᠪᠡᠷᠢᠶᠡᠨ ᠬᠢᠵᠠᠭᠠᠷ ᠳᠠᠬᠢ ᠬᠠᠷᠠᠩᠭᠤᠢ ᠶᠢ ᠭᠡᠶᠢᠭᠦᠯᠬᠦ ᠶᠢᠨ ᠲᠤᠯᠠ ᠪᠡᠯᠡᠭ ᠲᠦᠷ ᠴᠠᠭᠠᠨ ᠳᠡᠭᠡᠯ ᠡᠮᠦᠰᠴᠦ ᠲᠦᠮᠡᠨ ᠲᠣᠭᠠᠲᠠᠨ ᠳᠠᠭᠠᠭᠤᠯᠢ ᠬᠢᠭᠡᠳ ᠥᠪᠡᠷ ᠦᠨ ᠨᠥᠬᠥᠳ ᠪᠦᠭᠦᠳᠡᠭᠡᠷ ᠪᠯᠠᠮ ᠠ ᠲᠤᠷ ᠪᠠᠶᠠᠰᠬᠤᠯᠠᠩ ᠤᠨ ᠬᠤᠷᠢᠮ ᠮᠥᠷᠭᠥᠬᠦᠶᠢᠨ ᠪᠡᠯᠡᠭ ᠵᠠᠭᠤᠨ ᠲᠠᠪᠤᠨ ᠯᠠᠩ ᠢᠶᠠᠷ ᠡᠭᠦᠳᠦᠭᠰᠡᠨ ᠮᠥᠩᠭᠥᠨ ᠮᠠᠨᠳᠠᠯᠢ ᠨᠢᠭᠡᠨ ᠶᠡᠬᠡ ᠠᠯᠲᠠᠨ ᠠᠶᠠᠭᠠᠨ ᠢ ᠡᠷᠳᠡᠨᠢᠰ ᠢᠶᠡᠷ ᠳᠦᠭᠦᠷᠭᠡᠵᠦ ᠬᠣᠷᠢᠭᠠᠳ ᠪᠦᠬᠦᠯᠢ ᠴᠠᠭᠠᠨ ᠰᠢᠷᠠ ᠤᠯᠠᠭᠠᠨ ᠨᠣᠭᠣᠭᠠᠨ ᠲᠣᠷᠭᠠᠨ ᠠᠷᠪᠠᠨ ᠴᠠᠭᠠᠨ ᠮᠣᠷᠢ ᠡᠮᠡᠭᠡᠯ ᠲᠡᠢ ᠵᠠᠭᠤᠨ ᠮᠣᠷᠢ ᠠᠯᠲᠠᠨ ᠮᠥᠩᠭᠥᠨ ᠬᠢᠶᠪ ᠪᠦᠰ ᠲᠡᠷᠢᠭᠦᠲᠡᠨ ᠡᠷᠭᠦᠵᠦ ᠮᠥᠷᠭᠥᠪᠡᠢ ᠭᠦᠰᠢ ᠪᠠᠭᠰᠢ ᠬᠡᠯᠡᠮᠦᠷᠯᠡᠵᠦ ᠰᠡᠴᠡᠨ ᠬᠤᠩ ᠲᠠᠶᠢᠵᠢ ᠳᠡᠭᠡᠭᠰᠢ ᠠᠶᠢᠯᠠᠳᠬᠠᠪᠠ ᠲᠩᠷᠢ ᠶᠢᠨ ᠡᠷᠬᠡ ᠬᠦᠴᠦᠨ ᠢᠶᠡᠷ ᠮᠣᠩᠭᠣᠯ ᠲᠥᠪᠡᠳ ᠬᠢᠲᠠᠳ ᠢ ᠡᠷᠬᠡᠳᠦᠷ ᠢᠶᠡᠨ ᠣᠷᠣᠭᠤᠯᠵᠤ ᠰᠡᠴᠡᠨ ᠬᠠᠭᠠᠨ ᠫᠠᠭᠰᠪᠠ ᠯᠠᠮ ᠠ ᠶᠢᠨ ᠠᠴᠢ ᠪᠠᠷ ᠱᠠᠵᠢᠨ ᠢ ᠳᠡᠯᠭᠡᠷᠡᠭᠦᠯᠵᠦ ᠠᠮᠤ ᠬᠣᠶᠢᠨᠠ ᠲᠣᠭᠣᠨ ᠲᠡᠮᠦᠷ ᠡᠴᠡ ᠢᠨᠠᠭᠰᠢ ᠱᠠᠵᠢᠨ ᠲᠠᠰᠤᠷᠠᠵᠤ ᠣᠨᠴᠠ ᠬᠢᠯᠢᠨᠴᠡ ᠪᠡᠷ ᠶᠠᠪᠤᠵᠤ ᠪᠥᠯᠦᠭᠡ ᠡᠳᠦᠭᠡ ᠨᠠᠷᠠᠨ ᠰᠠᠷᠠᠨ ᠮᠡᠲᠦ ᠯᠠᠮ᠎ᠠ ᠬᠠᠭᠠᠨ ᠬᠣᠶᠠᠷ ᠤᠨ ᠤᠴᠢᠷᠠᠭᠰᠠᠨ ᠤ ᠠᠴᠢ ᠪᠠᠷ ᠬᠠᠮᠤᠭ ᠢᠶᠠᠷ ᠠᠷᠪᠠᠨ ᠪᠤᠶᠠᠨ ᠤ ᠶᠣᠰᠤᠭᠠᠷ ᠶᠠᠪᠤᠲᠤᠭᠠᠢ ᠬᠡᠮᠡᠨ
Tümed=ün Dayan-noyan ekilen γurban mingγan moritan altan mönggö torγ=a terigüten=i bariju mörgöbei Sečen-qung-tayiji dörben γar=tu Qomsim bodisung=un abisig=i üjebei Gegen-qaγan öberiyen kijaγar daki qarangγui=yi geyigülkü=yin tula beleg=tür čaγan degel emüsčü tümen toγatan daγaγuli kiged öber=ün nököd bügüdeger blam=a=tur bayasqulang=un qurim mörgöküyin beleg jaγun tabun lang=iyar egüdügsen mönggön mandali nigen yeke altan ayaγan=i erdenis=iyer dügürgejü qoriγad büküli čaγan sira ulaγan noγoγan torγan arban čaγan mori emegel=tei jaγun mori altan mönggön kiyb büs terigüten ergüjü mörgöbei Güsi-baγsi kelemürlejü Sečen-qung-tayiji degegsi ayiladqaba tngri=yin erke küčün(=iyer) Mongγol Töbed Kitad=i erkedür=iyen oroγulju Sečen-qaγan Pagsba-lam=a=yin ači=bar šajin=i delgeregüljü amu qoyina Toγon-Temür=eče inaγsi šajin tasuraju onča kilinče=ber yabuju bölüge edüge naran saran metü lam=a qaγan qoyar=un učiraγsan=u ači=bar qamuγ=iyar arban buyan=u yosuγar yabutuγai kemen
171b
ᠴᠠᠭᠠᠵᠢᠯᠠᠵᠤ ᠵᠠᠷᠯᠠᠪᠠᠢ ᠯᠠᠮ᠎ᠠ ᠨᠠᠷᠢᠨ᠎ᠠ ᠵᠠᠷᠯᠢᠭ ᠪᠣᠯᠵᠤ ᠪᠠᠶᠢᠬᠤᠢ ᠴᠠᠭ ᠲᠤᠷ ᠬᠠᠭᠠᠨ ᠲᠦᠷ ᠵᠠᠭᠤᠷᠠ ᠮᠡᠳᠡᠭᠡ ᠦᠭᠡᠢ ᠪᠣᠯᠵᠤ ᠲᠡᠨᠳᠡᠴᠡ ᠲᠡᠯᠦᠷᠡᠭᠡᠳ ᠡᠷᠲᠡ ᠫᠠᠭᠰᠪᠠ ᠯᠠᠮ᠎ᠠ ᠰᠦᠮ᠎ᠡ ᠪᠠᠷᠢᠬᠤᠢ ᠴᠠᠭ ᠲᠤᠷ ᠪᠢ ᠰᠡᠴᠡᠨ ᠬᠠᠭᠠᠨ ᠪᠣᠯᠤᠭᠠᠳ ᠴᠢ ᠫᠠᠭᠰᠪᠠ ᠯᠠᠮ᠎ᠠ ᠪᠣᠯᠤᠭᠰᠠᠨ ᠲᠤᠷ ᠴᠢ ᠰᠦᠮ ᠡ ᠶᠢ ᠠᠮᠢᠯᠠᠪᠠ ᠲᠡᠭᠦᠨ ᠦ ᠬᠣᠶᠢᠰᠢ ᠪᠢ ᠡᠳᠦᠭᠡ ᠪᠣᠯᠲᠠᠯᠠ ᠬᠠᠮᠢᠭᠠᠰᠢ ᠲᠥᠭᠡᠷᠢᠵᠦ ᠶᠠᠪᠤᠭᠰᠠᠨ ᠪᠤᠢ ᠬᠡᠮᠡᠨ ᠠᠶᠢᠯᠠᠳᠬᠠᠭᠰᠠᠨ ᠲᠤᠷ ᠯᠠᠮ᠎ᠠ ᠵᠠᠷᠯᠢᠭ ᠪᠣᠯᠵᠤ ᠪᠡᠶ ᠡ ᠶᠢᠨ ᠰᠠᠬᠢᠭᠤᠯᠰᠤᠨ ᠲᠤᠷ ᠲᠠᠪᠤᠨ ᠢᠵᠠᠭᠤᠷ ᠲᠠᠨ ᠢ ᠪᠡᠯᠭᠡ ᠪᠡᠷ ᠲᠠᠪᠤᠨ ᠥᠩᠭᠡ ᠬᠢᠶᠪ ᠢᠶᠡᠷ ᠸᠴᠢᠷ ᠵᠠᠩᠭᠢᠶ᠎ᠠ ᠵᠠᠩᠭᠢᠳᠴᠤ ᠲᠠᠮᠠᠭᠠᠯᠠᠵᠤ ᠡᠷᠳᠡᠨᠢᠰ ᠦᠨ ᠠᠶᠠᠭᠠᠨ ᠢ ᠡᠯᠳᠡᠪ ᠦᠷᠡᠰ ᠢᠶᠡᠷ ᠳᠦᠭᠦᠷᠭᠡᠵᠦ ᠬᠠᠭᠠᠨ ᠲᠤᠷ ᠰᠣᠶᠣᠷᠬᠠᠪᠠᠢ ᠰᠣᠳᠨᠠᠮ ᠷᠭᠠ ᠮᠴᠣᠸᠠ ᠳᠠᠯᠠᠢ ᠯᠠᠮ ᠠ ᠶᠢ ᠸᠴᠢᠷᠠ ᠳᠠᠷᠠ ᠴᠣᠯᠠ ᠡᠷᠭᠦᠪᠡᠢ ᠭᠡᠭᠡᠨ ᠬᠠᠭᠠᠨ ᠲᠤᠷ ᠨᠣᠮ ᠤᠨ ᠬᠠᠭᠠᠨ ᠶᠡᠬᠡ ᠡᠰᠷᠤᠠ ᠲᠩᠷᠢ ᠬᠡᠮᠡᠨ ᠴᠣᠯᠠ ᠥᠭᠪᠡ ᠱᠠᠰᠢᠨ ᠤ ᠡᠬᠢᠨ ᠲᠦᠮᠡᠨ ᠵᠠᠰᠠᠭ ᠲᠤ ᠬᠠᠭᠠᠨ ᠬᠠᠯᠬ ᠠ ᠶᠢᠨ ᠸᠴᠢᠷ ᠰᠠᠶᠢᠨ ᠬᠠᠭᠠᠨ ᠡᠳᠡ ᠪᠤᠶᠤ ᠭᠡᠭᠡᠨ ᠬᠠᠭᠠᠨ ᠤ ᠬᠥᠪᠡᠭᠦᠨ ᠰᠡᠩᠭᠡ ᠳᠦᠭᠦᠷᠡᠩ ᠬᠠᠭᠠᠨ ᠲᠡᠭᠦᠨ ᠦ ᠬᠥᠪᠡᠭᠦᠨ ᠰᠦᠮᠡᠷ ᠲᠠᠶᠢᠵᠢ ᠠᠴᠠ ᠶᠣᠨᠳᠠᠨ ᠷᠢᠮᠴᠣᠸᠠ ᠶᠢᠨ ᠬᠤᠪᠢᠯᠤᠭᠰᠠᠨ ᠡᠶᠢᠮᠦ ᠪᠤᠶᠤ ᠡᠴᠢᠭᠡ ᠢᠨᠤ ᠰᠦᠮᠡᠷ ᠲᠠᠶᠢᠵᠢ ᠡᠬᠡ ᠠᠨᠤ ᠬᠠᠰᠠᠷ ᠤᠨ ᠦᠷᠡ ᠳᠠᠶᠤᠨ ᠦᠶᠢᠵᠡᠩ ᠨᠣᠶᠠᠨ ᠤ ᠥᠬᠢᠨ ᠪᠢᠷᠢᠭᠠᠨ ᠵᠤᠯᠠ ᠶᠢᠨ ᠬᠡᠪᠡᠯᠢ ᠲᠦ ᠣᠷᠣᠭᠠᠳ ᠵᠢᠷᠭᠤᠭᠠᠨ ᠦᠰᠦᠭ ᠦᠨ ᠳᠠᠭᠤᠨ ᠳᠣᠲᠣᠷ ᠠ ᠠᠴᠠ
čaγajilaju jarlabai # lam=a narin=a jarliγ bolju bayiqui čaγ=tur qaγan tür jaγura medege ügei bolju tendeče telüreged erte Pagsba-lam=a süm=e bariqui čaγ=tur bi Sečen-qaγan boluγad či Pagsba-lam=a boluγsan=tur či süm=e=yi amilaba tegün=ü qoyisi bi edüge boltala qamiγasi tögerijü yabuγsan bui kemen ayiladqaγsan=tur lam=a jarliγ bolju bey=e=yin sakiγulsun=tur tabun ijaγur=tan=i belge=ber tabun öngge kiyb=iyer včir janggiy=a janggidču tamaγalaju erdenis=ün ayaγan=i eldeb üres=iyer dügürgejü qaγan=tur soyorqabai # Sodnam-Rga-Mčova dalai lam=a=yi včira-dara čola ergübei Gegen-qaγan=tur nom=un-qaγan-yeke-Esrua-tngri kemen čola ögbe šasin=u ekin Tümen-Jasaγ=tu-qaγan Qalq=a=yin Včir-Sayin-qaγan ede buyu Gegen-qaγan=u köbegün Sengge-Dügüreng-qaγan tegün=ü köbegün Sümer-tayiji=ača Yondan-Rimčova=yin qubiluγsan eyimü buyu ečige inu Sümer-tayiji eke anu Qasar=un üre Dayun-Üyijeng-noyan=u ökin Biriγan-Jula=yin kebeli=tü oroγad jirγuγan üsüg=ün daγun dotor=a=ača
172a
ᠢᠯᠡᠲᠡ ᠰᠣᠨᠣᠰᠳᠤᠭᠠᠳ ᠭᠡᠷ ᠡᠴᠡ ᠰᠣᠯᠣᠩᠭ᠎ᠠ ᠲᠠᠲᠠᠭᠠᠳ ᠡᠯᠳᠡᠪ ᠴᠡᠴᠡᠭ ᠦᠨ ᠬᠤᠷ᠎ᠠ ᠪᠠ ᠣᠯᠠᠨ ᠪᠡᠯᠭᠡᠰ ᠪᠣᠯᠵᠤᠬᠤᠢ ᠠᠷᠪᠠᠨ ᠰᠠᠷᠠ ᠪᠣᠯᠤᠭᠠᠳ ᠰᠢᠷᠤᠢ ᠦᠬᠡᠷ ᠵᠢᠯ ᠳᠠᠯᠠᠢ ᠯᠠᠮ᠎ᠠ ᠬᠤᠪᠢᠯᠵᠤ ᠲᠥᠷᠥᠪᠡᠢ ᠲᠡᠮᠦᠷ ᠲᠠᠤᠯᠠᠢ ᠵᠢᠯ ᠲᠦᠮᠡᠳ ᠦᠨ ᠬᠠᠭᠠᠨ ᠵᠣᠯᠭᠠᠷ᠎ᠠ ᠢᠷᠡᠪᠡ ᠵᠠᠭᠤᠭᠠᠳ ᠴᠠᠭᠠᠵᠠᠩ ᠴᠠᠢ ᠥᠭᠴᠦ ᠤᠮᠳᠠᠨ ᠢ ᠬᠠᠩᠭᠠᠪᠠ ᠮᠣᠩᠭᠣᠯ ᠵᠢᠷᠭᠤᠭᠠᠨ ᠶᠡᠬᠡ ᠤᠯᠤᠰ ᠡᠷᠭᠦᠴᠡ ᠲᠡᠷᠢᠭᠦᠲᠡᠨ ᠶᠡᠬᠡ ᠡᠳᠡ ᠠᠭᠤᠷᠠᠰᠤᠨ ᠴᠠᠭᠯᠠᠰᠢ ᠦᠭᠡᠢ ᠡᠷᠭᠦᠵᠦᠬᠦᠢ ᠮᠣᠩᠭᠣᠯ ᠲᠤᠷ ᠵᠣᠩᠬᠠᠪᠠ ᠶᠢᠨ ᠱᠠᠵᠢᠨ ᠢ ᠨᠠᠷᠠᠨ ᠮᠡᠲᠦ ᠭᠡᠶᠢᠭᠦᠯᠪᠡᠢ ᠲᠡᠨᠳᠡᠴᠡ ᠤᠮᠠᠷᠠ ᠵᠦᠭ ᠦᠨ ᠰᠢᠷᠠ ᠮᠠᠯᠠᠭᠠᠲᠠᠨ ᠢ ᠨᠣᠶᠠᠨ ᠲᠡᠷᠢᠭᠦᠲᠡᠨ ᠲᠠᠬᠢᠯ ᠤᠨ ᠰᠠᠷᠠ ᠪᠠᠷᠠᠰᠪᠤᠩ ᠭᠤᠷᠪᠠᠨ ᠡᠬᠢᠯᠡᠨ ᠣᠯᠠᠨ ᠬᠡᠶᠢᠳ ᠦᠨ ᠡᠯᠴᠢᠰ ᠢᠷᠡᠵᠦ ᠵᠠᠯᠠᠭᠰᠠᠨ ᠲᠤᠷ ᠮᠥᠩᠬᠡ ᠭᠠᠵᠠᠷᠠ ᠥᠭᠡᠳᠡ ᠪᠣᠯᠪᠠᠢ ᠭᠡᠭᠡᠨ ᠬᠠᠭᠠᠨ ᠠᠨᠤ ᠡᠷᠬᠡᠲᠦ ᠵᠤᠤ ᠰᠢᠬᠠᠮᠤᠨᠢ ᠪᠤᠷᠬᠠᠨ ᠤ ᠪᠡᠶ᠎ᠡ ᠡᠷᠳᠡᠨᠢ ᠠᠯᠲᠠᠨ ᠮᠥᠩᠭᠥᠨ ᠢᠶᠡᠷ ᠪᠠᠶᠢᠭᠤᠯᠪᠠᠢ ᠲᠠᠰᠤᠷᠠᠭᠰᠠᠨ ᠱᠠᠰᠢᠨ ᠢ ᠵᠠᠯᠠᠵᠤ ᠡᠪᠳᠡᠷᠡᠭᠰᠡᠨ ᠲᠥᠷᠥ ᠶᠢ ᠵᠠᠰᠠᠵᠤ ᠲᠠᠪᠤᠨ ᠥᠩᠭᠡ ᠳᠥᠷᠪᠡᠨ ᠬᠠᠷᠢ ᠤᠯᠤᠰ ᠢ ᠡᠷᠲᠡᠨ ᠦ ᠰᠡᠴᠡᠨ ᠬᠠᠭᠠᠨ ᠮᠡᠲᠦ ᠠᠯᠳᠠᠷᠰᠢᠭᠤᠯᠪᠠᠢ ᠪᠠᠰᠠ ᠲᠡᠭᠦᠨ ᠦ ᠬᠣᠶᠢᠨᠠ ᠪᠤᠶᠠᠨ ᠰᠡᠴᠡᠨ ᠬᠠᠭᠠᠨ ᠡᠷᠳᠡᠨᠢ ᠱᠠᠰᠢᠨ ᠨᠣᠮ ᠤᠳ ᠢ ᠳᠡᠯᠭᠡᠷᠡᠭᠦᠯᠵᠦ ᠡᠷᠲᠡᠨ ᠦ ᠲᠠᠶᠢᠰᠤᠩ ᠬᠠᠭᠠᠨ ᠤ ᠠᠯᠳᠠᠭᠰᠠᠨ ᠲᠠᠮᠠᠭ᠎ᠠ ᠠᠪᠴᠤ ᠡᠩᠬᠡ ᠶᠡᠬᠡ ᠲᠥᠷᠥ ᠶᠢ ᠤᠯᠠᠮ ᠪᠠᠶᠢᠭᠤᠯᠵᠤ ᠡᠩ ᠶᠡᠬᠡ ᠤᠯᠤᠰ ᠢᠷᠭᠡᠨ᠎ᠡ ᠠᠮᠤᠷᠯᠢᠭᠤᠯᠪᠠᠢ ᠪᠤᠶᠠᠨ ᠰᠡᠴᠡᠨ ᠬᠠᠭᠠᠨ ᠤ
ilete sonosduγad ger=eče solongγ=a tataγad eldeb čečeg=ün qur=a ba olan belges boljuqui arban sara boluγad sirui üker jil Dalai-lam=a qubilju töröbei temür taulai jil Tümed=ün qaγan jolγar=a irebe jaγuγad čaγajang čai ögčü umdan=i qangγaba Mongγol jirγuγan yeke ulus ergüče terigüten yeke ede aγurasun čaγlasi ügei ergüjüküi # Mongγol=tur Jongkaba=yin šajin=i naran metü geyigülbei tendeče umara jüg=ün sira malaγatan=i noyan terigüten takil=un sara Barasbung γurban (...) ekilen olan keyid=ün elčis irejü jalaγsan=tur möngke γajara ögede bolbai # Gegen-qaγan anu erketü Juu-Sikamuni-burqan=u bey=e erdeni altan mönggön=iyer bayiγulbai tasuraγsan šasin=i jalaju ebderegsen törö=yi jasaju tabun öngge dörben qari ulus=i erten=ü Sečen-qaγan metü aldarsiγulbai # basa tegün=ü qoyina Buyan-Sečen-qaγan erdeni šasin nom=ud=i delgeregüljü erten=ü Tayisung-qaγan=u aldaγsan tamaγ=a abču engke yeke törö=yi ulam bayiγulju eng yeke ulus irgen=e amurliγulbai # Buyan-Sečen-qaγan=u
172b
ᠬᠥᠪᠡᠭᠦᠨ ᠮᠠᠩᠭᠤᠰ ᠲᠠᠶᠢᠵᠢ ᠬᠠᠨ ᠣᠷᠣᠨ ᠰᠠᠭᠤᠭᠠᠳᠤᠢ ᠨᠥᠬᠴᠢᠪᠡᠢ ᠲᠡᠷᠡ ᠮᠠᠩᠭᠤᠰ ᠲᠠᠶᠢᠵᠢ ᠶᠢᠨ ᠬᠥᠪᠡᠭᠦᠨ ᠯᠢᠨᠳᠠᠨ ᠬᠤᠲᠤᠭ ᠲᠤ ᠬᠠᠭᠠᠨ ᠪᠤᠶᠤ ᠯᠢᠩᠳᠠᠨ ᠬᠤᠲᠤᠭ ᠲᠤ ᠬᠠᠭᠠᠨ ᠲᠡᠭᠦᠨᠢ ᠨᠡᠷᠡᠶᠢᠳᠳᠦᠭᠰᠡᠨ ᠨᠡᠷ᠎ᠡ ᠠᠨᠤ ᠰᠥᠳᠦ ᠴᠢᠩᠭᠢᠰ ᠲᠠᠶᠢᠮᠢᠩ ᠰᠡᠴᠡᠨ ᠵᠦᠭ ᠦᠳ ᠢ ᠳᠠᠶᠢᠨ ᠪᠥᠭᠡᠳ ᠢᠯᠠᠭᠤᠭᠴᠢ ᠲᠠᠶᠢᠰᠤᠩ ᠲᠩᠷᠢ ᠶᠢᠨ ᠲᠩᠷᠢ ᠳᠡᠯᠡᠬᠡᠢ ᠳᠠᠬᠢᠨ ᠤ ᠬᠣᠷᠮᠤᠰᠲᠠ ᠠᠯᠲᠠᠨ ᠬᠦᠷᠳᠦᠨ ᠢ ᠣᠷᠴᠢᠭᠤᠯᠤᠭᠴᠢ ᠨᠣᠮ ᠤᠨ ᠬᠠᠭᠠᠨ ᠬᠡᠮᠡᠬᠦ ᠪᠣᠯᠵᠤ ᠰᠠᠶᠢᠨ ᠵᠠᠷᠯᠢᠭ ᠨᠣᠮ ᠤᠳ ᠢ ᠮᠣᠩᠭᠣᠯᠴᠢᠯᠠᠨ ᠣᠷᠴᠢᠭᠤᠯᠵᠤ ᠮᠠᠰᠢ ᠶᠡᠬᠡ ᠲᠡ ᠳᠡᠯᠭᠡᠷᠡᠭᠦᠯᠦᠭᠰᠡᠨ ᠠᠵᠤᠬᠤ ᠯᠢᠨᠳᠠᠨ ᠬᠤᠲᠤᠭ ᠲᠤ ᠬᠠᠭᠠᠨ ᠤ ᠬᠥᠪᠡᠭᠦᠨ ᠡᠵᠡᠢ ᠬᠣᠩᠭᠣᠷ ᠲᠡᠭᠦᠨ ᠦ ᠬᠥᠪᠡᠭᠦᠨ ᠠᠪᠤᠨᠠᠢ ᠸᠠᠩ ᠪᠥᠯᠦᠭᠡ ᠲᠡᠷᠡ ᠠᠪᠤᠨᠠᠢ ᠸᠠᠩ ᠠᠨᠤ ᠦᠷᠴᠢᠳ ᠦᠨ ᠵᠦᠷᠴᠢᠳ ᠦᠨ ᠪᠠᠷᠰ ᠰᠡᠴᠡᠨ ᠬᠠᠭᠠᠨ ᠤ ᠥᠬᠢᠨ ᠭᠦᠷᠦᠨ ᠢ ᠭᠦᠩᠵᠢ ᠶᠢ ᠠᠪᠤᠭᠰᠠᠨ ᠪᠤᠢ ᠠᠪᠤᠨᠠᠢ ᠸᠠᠩ ᠭᠢ ᠶᠢᠨ ᠬᠠᠲᠤᠨ ᠭᠦᠩᠵᠢ ᠡᠴᠡ ᠲᠥᠷᠥᠭᠰᠡᠨ ᠪᠤᠷᠨᠢ ᠸᠠᠩ ᠯᠣᠪᠰᠠᠩ ᠲᠠᠶᠢᠵᠢ ᠡᠨᠡ ᠬᠣᠶᠠᠷ ᠪᠤᠶᠤ ᠨᠠᠮᠤᠸᠠ ᠭᠦᠷᠦ ᠡᠨᠡᠳᠬᠡᠭ ᠦᠨ ᠡᠩ ᠲᠡᠷᠢᠭᠦᠨ ᠮᠠᠬ ᠠ ᠰᠠᠮᠠᠳᠢ ᠬᠠᠭᠠᠨ ᠤ ᠠᠯᠲᠠᠨ ᠢᠵᠠᠭᠤᠷ ᠠᠴᠠ ᠦᠨᠳᠦᠰᠦᠯᠡᠵᠦ ᠣᠯᠠᠨ ᠦᠶ᠎ᠡ ᠪᠣᠯᠤᠭᠰᠠᠨ ᠤ ᠬᠣᠶᠢᠨᠠ ᠲᠥᠪᠡᠳ ᠦᠨ ᠬᠦᠵᠦᠭᠦᠨ ᠰᠠᠨᠳᠠᠯᠢ ᠲᠤ ᠬᠠᠭᠠᠨ ᠲᠥᠷᠥᠪᠡ ᠲᠡᠭᠦᠨ ᠦ ᠬᠣᠶᠢᠨᠠ ᠲᠩᠷᠢ ᠶᠢᠨ ᠬᠥᠪᠡᠭᠦᠨ ᠪᠥᠷᠲᠡ ᠴᠢᠨᠣ᠎ᠠ
köbegün Mangγus-tayiji qan oron saγuγadui nökčibei # tere Mangγus-tayiji=yin köbegün Lindan-qutuγ=tu-qaγan buyu Lingdan-qutuγ=tu-qaγan tegüni nereyiddügsen ner=e anu ~ södü Činggis-Tayiming-Sečen jüg=üd=i dayin böged ilaγuγči Tayisung tngri=yin tngri delekei dakin=u Qormusta altan kürdün=i orčiγuluγči nom=un qaγan kemekü bolju sayin jarliγ nom=ud=i mongγolčilan orčiγulju masi yeke=te delgeregülügsen ajuqu Lindan-qutuγ=tu-qaγan=u köbegün Ejei-Qongγor tegün=ü köbegün Abunai-vang bölüge tere Abunai-vang anu Ürčid=ün <Jürčid=ün> Bars-Sečen-qaγan=u ökin Gürün=i-güngji=yi abuγsan bui Abunai-vang=gi=yin qatun Güngji=eče törögsen Burni-vang Lobsang-tayiji ene qoyar buyu # namuva gürü Enedkeg=ün eng terigün Maq=a-Samadi-qaγan=u altan ijaγur=ača ündüsülejü olan üy=e boluγsan=u qoyina Töbed=ün Küjügün-Sandali=tu-qaγan töröbe tegün=ü qoyina tngri=yin köbegün Börte-Čino=a
173a
ᠲᠥᠷᠥᠪᠡ ᠲᠡᠭᠦᠨ ᠦ ᠬᠣᠶᠢᠨᠠ ᠳᠣᠪᠤ ᠮᠡᠷᠭᠡᠨ ᠢ ᠲᠥᠷᠥᠪᠡ ᠳᠣᠪᠤ ᠮᠡᠷᠭᠡᠨ ᠢ ᠥᠩᠭᠡᠷᠡᠭᠰᠡᠨ ᠬᠣᠶᠢᠨᠠ ᠠᠯᠤᠩ ᠭᠣᠤ᠎ᠠ ᠡᠷᠡ ᠦᠭᠡᠢ ᠶᠠᠪᠤᠵᠤ ᠪᠣᠳᠣᠨᠴᠠᠷ ᠢ ᠲᠥᠷᠥᠪᠡ ᠤᠷᠲᠤ ᠨᠠᠰᠤᠲᠤ ᠲᠩᠷᠢ ᠶᠢᠨ ᠬᠥᠪᠡᠭᠦᠨ ᠪᠣᠳᠣᠨᠴᠠᠷ ᠡᠬᠡ ᠠᠯᠤᠩ ᠭᠣᠤ ᠠ ᠲᠤᠷ ᠤᠷᠲᠤ ᠨᠠᠰᠤᠲᠤ ᠲᠩᠷᠢ ᠬᠤᠪᠢᠯᠭᠠᠨ ᠢᠶᠠᠷ ᠥᠭᠡᠳᠡ ᠪᠣᠯᠤᠨ ᠢᠷᠡᠭᠡᠳ ᠠᠯᠤᠩ ᠭᠣᠤ ᠠ ᠯᠤᠭ᠎ᠠ ᠲᠠᠴᠢᠶᠠᠬᠤᠢ ᠰᠡᠳᠬᠢᠯ ᠲᠥᠷᠥᠵᠦ ᠴᠠᠭᠠᠨ ᠳᠤᠰᠤᠯ ᠨᠡᠶᠢᠯᠡᠭᠰᠡᠨ ᠲᠦᠷ ᠬᠢᠭᠤᠳ ᠶᠠᠰᠤᠲᠠᠢ ᠪᠣᠷᠵᠢᠭᠢᠨ ᠣᠮᠣᠭ ᠲᠠᠢ ᠪᠣᠳᠠᠨᠴᠠᠷ ᠢ ᠲᠥᠷᠥᠪᠡ ᠪᠣᠳᠠᠨᠴᠠᠷ ᠤᠨ ᠬᠥᠪᠡᠭᠦᠨ ᠬᠠᠪᠢᠴᠢ ᠪᠠᠭᠠᠲᠤᠷ ᠲᠡᠭᠦᠨ ᠦ ᠬᠥᠪᠡᠭᠦᠨ ᠪᠡᠭᠢᠷ ᠪᠠᠭᠠᠲᠤᠷ ᠲᠡᠭᠦᠨ ᠦ ᠬᠥᠪᠡᠭᠦᠨ ᠮᠠᠬ ᠠ ᠲᠣᠳᠤᠨ ᠲᠡᠭᠦᠨ ᠦ ᠬᠥᠪᠡᠭᠦᠨ ᠬᠠᠴᠢ ᠬᠦᠯᠦᠭ ᠲᠡᠭᠦᠨ ᠦ ᠬᠥᠪᠡᠭᠦᠨ ᠪᠠᠷᠰ ᠣᠩᠬᠣᠷ ᠳᠣᠭᠰᠢᠨ ᠲᠡᠭᠦᠨ ᠦ ᠬᠥᠪᠡᠭᠦᠨ ᠲᠤᠮᠪᠢᠨᠠᠢ ᠰᠡᠴᠡᠨ ᠲᠡᠭᠦᠨ ᠦ ᠬᠥᠪᠡᠭᠦᠨ ᠬᠠᠪᠤᠯ ᠬᠠᠭᠠᠨ ᠲᠡᠭᠦᠨ ᠦ ᠬᠥᠪᠡᠭᠦᠨ ᠪᠠᠷᠳᠠᠮ ᠪᠠᠭᠠᠲᠤᠷ ᠲᠡᠭᠦᠨ ᠦ ᠬᠥᠪᠡᠭᠦᠨ ᠶᠢᠰᠦᠬᠡᠢ ᠪᠠᠭᠠᠲᠤᠷ ᠲᠡᠭᠦᠨ ᠦ ᠬᠥᠪᠡᠭᠦᠨ ᠥᠭᠡᠯᠡᠨ ᠡᠬᠡ ᠲᠡᠴᠡ ᠲᠥᠷᠥᠭᠰᠡᠨ ᠪᠣᠭᠳᠠ ᠴᠢᠩᠭᠢᠰ ᠬᠠᠭᠠᠨ ᠪᠥᠯᠦᠭᠡ ᠲᠡᠭᠦᠨ ᠦ ᠬᠥᠪᠡᠭᠦᠨ ᠵᠥᠴᠢ ᠴᠠᠭᠠᠳᠠᠢ ᠥᠭᠡᠳᠡᠢ ᠲᠣᠯᠤᠢ ᠬᠡᠮᠡᠬᠦ ᠳᠥᠷᠪᠡᠨ ᠬᠥᠪᠡᠭᠦᠨ ᠪᠤᠶᠤ ᠪᠣᠭᠳᠠ ᠡᠵᠡᠨ ᠦ ᠵᠥᠴᠢ ᠶᠢᠨ ᠦᠷᠡ ᠳᠣᠮᠣᠭ ᠲᠤ ᠪᠤᠢ ᠴᠠᠭᠠᠳᠠᠢ ᠶᠢᠨ ᠦᠷᠡ ᠣᠷᠣᠰᠤᠨ ᠴᠠᠭᠠᠨ ᠬᠠᠭᠠᠨ ᠪᠤᠢ ᠲᠡᠷᠡ ᠴᠠᠭᠠᠳᠠᠢ ᠬᠠᠭᠠᠨ ᠡᠴᠢᠭᠡ ᠲᠡᠭᠡᠨ ᠮᠠᠭᠤᠢ ᠰᠡᠳᠬᠢᠶ᠎ᠡ
töröbe tegün=ü qoyina Dobu-Mergen=i töröbe Dobu-Mergen=i önggeregsen qoyina Alung-Γou=a ere ügei yabuju Bodončar=i töröbe urtu nasutu tngri=yin köbegün Bodončar eke Alung-Γou=a=tur urtu nasutu tngri qubilγan=iyar ögede bolun ireged Alung-Γou=a=luγ=a tačiyaqui sedkil töröjü čaγan dusul neyilegsen=tür Kiγud yasutai Borjigin omoγ=tai Bodančar=i töröbe Bodančar=un köbegün Qabiči-baγatur tegün=ü köbegün Begir-baγatur tegün=ü köbegün Maq=a-Todun tegün=ü köbegün Qači-Külüg tegün=ü köbegün Bars-$ongqor-Doγsin tegün=ü köbegün Tumbinai-Sečen tegün=ü köbegün Qabul-qaγan tegün=ü köbegün Bardam-baγatur tegün=ü köbegün Yisükei-baγatur tegün=ü köbegün Ögelen eke=teče törögsen boγda Činggis-qaγan bölüge tegün=ü köbegün Jöči , Čaγadai Ögedei , Tolui kemekü dörben köbegün buyu Boγda-Ejen=ü Jöči=yin üre domoγ=tu bui Čaγadai=yin üre Orosun Čaγan-qaγan bui tere Čaγadai qaγan ečige=tegen maγui sedkiy=e
173b
ᠭᠡᠵᠦ ᠢᠷᠡᠬᠦᠢ ᠲᠦᠷ ᠸᠴᠢᠷ ᠰᠡᠴᠡᠨ ᠤᠭᠲᠤᠨ ᠡᠴᠢᠵᠦ ᠬᠣᠣᠷ᠎ᠠ ᠥᠭᠴᠦ ᠤᠴᠢᠷ ᠰᠡᠴᠡᠨ ᠬᠣᠶᠠᠭᠤᠯᠠ ᠦᠬᠦᠪᠡ ᠭᠡᠬᠦ ᠥᠭᠡᠳᠡᠢ ᠲᠦᠷ ᠦᠷ᠎ᠡ ᠦᠭᠡᠢ ᠲᠣᠯᠤᠢ ᠶᠢᠨ ᠦᠷᠡ ᠮᠣᠩᠭᠣᠯ ᠤᠨ ᠬᠠᠳ ᠪᠤᠢ ᠬᠠᠰᠠᠷ ᠤᠨ ᠦᠷᠡ ᠰᠢᠷᠠ ᠬᠠᠨ ᠡᠬᠢᠯᠡᠨ ᠬᠣᠷᠴᠢᠨ ᠤ ᠠᠶᠢᠮᠠᠭ ᠨᠣᠶᠠᠳ ᠪᠣᠯᠤᠭᠠᠳ ᠡᠳᠦᠭᠡ ᠶᠢ ᠬᠣᠷᠴᠢᠨ ᠤ ᠪᠠᠷᠠᠭᠤᠨ ᠭᠠᠷ ᠤᠨ ᠲᠦᠰᠢᠶ ᠡ ᠲᠦ ᠴᠢᠨ ᠸᠠᠩ ᠲᠠᠨ ᠲᠠᠪᠤᠨ ᠬᠣᠰᠢᠭᠤ ᠵᠡᠭᠦᠨ ᠭᠠᠷ ᠤᠨ ᠵᠣᠷᠢᠭ ᠲᠤ ᠴᠢᠨ ᠸᠠᠩ ᠲᠠᠨ ᠲᠠᠪᠤᠨ ᠬᠣᠰᠢᠭᠤ ᠡᠳᠡ ᠪᠦᠭᠦᠳᠡ ᠠᠷᠪᠠᠨ ᠬᠣᠰᠢᠭᠤ ᠪᠤᠢ ᠪᠠᠰᠠ ᠠᠷᠤ ᠬᠣᠷᠴᠢᠨ ᠨᠢᠭᠡ ᠭᠤᠷᠪᠠᠨ ᠤᠷᠠᠳ ᠳᠥᠷᠪᠡᠨ ᠬᠡᠦᠬᠡᠳ ᠮᠤᠤ ᠮᠢᠩᠭᠠᠨ ᠡᠳᠡ ᠠᠷᠪᠠᠨ ᠵᠢᠷᠭᠤᠭᠠᠨ ᠬᠣᠰᠢᠭᠤ ᠬᠠᠰᠠᠷ ᠤᠨ ᠦᠷᠡ ᠪᠤᠶᠤ ᠪᠠᠰᠠ ᠪᠣᠭᠳᠠ ᠲᠠᠶᠢᠰᠤᠩ ᠡᠵᠡᠨ ᠢ ᠲᠦᠰᠢᠵᠦ ᠳᠠᠭᠠᠵᠤ ᠣᠷᠣᠭᠰᠠᠨ ᠬᠣᠷᠴᠢᠨ ᠤ ᠵᠡᠷᠭᠡ ᠶᠢᠨ ᠤᠯᠤᠰ ᠨᠣᠶᠠᠳ ᠳᠣᠲᠣᠷᠠ ᠪᠠᠰᠠ ᠪᠤᠢ ᠪᠤᠶᠤ ᠪᠡᠯᠭᠡᠲᠡᠢ ᠶᠢᠨ ᠦᠷᠡ ᠵᠠᠰᠠᠭ ᠲᠤ ᠬᠠᠭᠠᠨ ᠡᠬᠢᠯᠡᠨ ᠲᠦᠮᠡᠨ ᠢ ᠨᠣᠶᠠᠳ ᠪᠣᠯᠤᠭᠠᠳ ᠬᠣᠶᠠᠷ ᠠᠪᠠᠭ᠎ᠠ ᠠᠪᠠᠭᠠᠷ ᠡᠳᠡ ᠳᠥᠷᠪᠡᠨ ᠬᠣᠰᠢᠭᠤ ᠪᠤᠶᠤ ᠬᠠᠴᠢᠭᠤ ᠶᠢᠨ ᠦᠷᠡ ᠠᠯᠴᠢᠳᠠᠢ ᠲᠦᠯᠦᠭᠡᠨ ᠨᠣᠶᠠᠨ ᠨᠥᠭᠥᠭᠡ ᠬᠦᠷᠢᠶᠡᠨ ᠡᠬᠢᠯᠡᠨ ᠬᠠᠷᠠ ᠴᠢᠷᠢᠭ ᠬᠣᠶᠠᠷ ᠣᠩᠨᠢᠭᠤᠳ ᠤᠨ ᠸᠠᠩ ᠨᠣᠶᠠᠳ ᠡᠳᠡ ᠪᠤᠶᠤ ᠲᠡᠷᠡ ᠳᠣᠲᠣᠷᠠ ᠰᠡᠷᠭᠡᠭ ᠬᠣᠰᠢᠭᠤᠴᠢ ᠳᠣᠷᠭᠢ ᠠᠮᠪᠠᠨ ᠲᠠᠨ ᠲᠡᠳᠡ ᠬᠠᠴᠢᠭᠤ ᠶᠢᠨ ᠦᠷᠡ ᠪᠤᠶᠤ ᠣᠴᠢᠭᠤ ᠶᠢᠨ ᠦᠷ᠎ᠡ
gejü ireküi=tür Včir-Sečen uγtun ečijü qoor=a ögčü Učir-Sečen qoyaγula ükübe gekü Ögedei=tür ür=e ügei Tolui=yin üre Mongγol=un qad bui Qasar=un üre Sira-qan ekilen Qorčin=u ayimaγ noyad boluγad edüge=yi Qorčin=u baraγun γar=un Tüsiy=e=tü-čin-vang=tan tabun qosiγu jegün γar=un Joriγ=tu-čin-vang=tan tabun qosiγu ede bügüde arban qosiγu bui basa aru Qorčin nige Γurban-Urad Dörben-Keüked , Muu-Mingγan ede (arban) jirγuγan qosiγu Qasar=un üre buyu basa Boγda-Tayisung-Ejen=i tüsijü daγaju oroγsan Qorčin=u jerge=yin ulus noyad dotora basa bui buyu # Belgetei=yin üre Jasaγ=tu-qaγan ekilen Tümen=i noyad boluγad Qoyar-Abaγ=a Abaγar ede dörben qosiγu buyu Qačiγu=yin üre Alčidai Tülügen-noyan nögöge küriyen ekilen , Qara-Čirig , Qoyar-Ongniγud=un vang noyad ede buyu tere dotora Sergeg-qosiγuči Dorgi-amban=tan tede Qačiγu=yin üre buyu Očiγu=yin ür=e
174a
ᠬᠡᠭᠡᠳᠡᠢ ᠪᠤᠶᠤ ᠲᠡᠭᠦᠨ ᠦ ᠦᠷᠡ ᠡᠳᠦᠭᠡ ᠬᠡᠨ ᠢ ᠪᠡᠷ ᠮᠡᠳᠡᠬᠦ ᠦᠭᠡᠢ ᠵᠠᠷᠢᠮ ᠨᠢᠭᠡᠨ ᠲᠡᠦᠬᠡᠨ ᠲᠦᠷ ᠬᠦᠷᠯᠦᠳ ᠦᠨ ᠨᠣᠶᠠᠨ ᠪᠤᠢ ᠬᠡᠮᠡᠯᠦᠭᠡ ᠶᠢᠰᠦᠨ ᠥᠷᠯᠥᠭ ᠦᠨ ᠦᠷᠡ ᠢᠨᠤ ᠵᠠᠯᠠᠶᠢᠷ ᠤᠨ ᠮᠤᠬᠤᠯᠢᠳᠠᠢ ᠶᠢᠨ ᠦᠷ᠎ᠡ ᠣᠷᠳᠣᠰ ᠲᠤ ᠪᠤᠢ ᠠᠷᠯᠠᠳ ᠤᠨ ᠪᠣᠭᠣᠷᠴᠢ ᠶᠢᠨ ᠦᠷᠡ ᠪᠤᠷᠬᠠᠢ ᠣᠩ ᠪᠤᠢ ᠵᠦᠷᠬᠡᠨ ᠦ ᠪᠣᠷᠣᠬᠤᠯ ᠤᠨ ᠦᠷ᠎ᠡ ᠴᠢᠳᠠᠭᠤᠳ ᠤᠨ ᠲᠠᠪᠤᠨᠠᠩ ᠤᠳ ᠤᠩᠰᠢᠨ ᠲᠤ ᠪᠤᠢ ᠰᠦᠯᠳᠦᠰ ᠲᠡᠢ ᠶᠢᠨ ᠲᠣᠷᠭᠠᠨ ᠰᠢᠷᠠ ᠶᠢᠨ ᠦᠷᠡ ᠤᠶᠢᠭᠤᠳ ᠲᠤ ᠪᠤᠢ ᠤᠷᠢᠶᠠᠩᠬᠠᠨ ᠢ ᠵᠡᠯᠮ ᠡ ᠶᠢᠨ ᠦᠷ᠎ᠡ ᠤᠷᠢᠶᠠᠩᠬᠠᠨ ᠢ ᠨᠣᠶᠠᠳ ᠪᠤᠢ ᠵᠡᠯᠮ ᠡ ᠢ ᠳᠡᠭᠦ ᠰᠦᠪᠡᠭᠡᠳᠡᠢ ᠪᠠᠭᠠᠲᠤᠷ ᠪᠣᠭᠳᠠ ᠴᠢᠩᠭᠢᠰ ᠦᠨ ᠦᠷ ᠡ ᠲᠦᠷ ᠬᠦᠴᠦᠨ ᠥᠭᠴᠦ ᠰᠠᠶᠢᠨ ᠶᠠᠪᠤᠪᠠ ᠵᠦᠷᠴᠢᠳ ᠦᠨ ᠴᠤᠤ ᠮᠡᠷᠭᠡᠨ ᠦ ᠦᠷᠡ ᠮᠥᠨ ᠵᠦᠷᠴᠢᠳ ᠦᠨ ᠨᠣᠶᠠᠳ ᠪᠤᠢ ᠲᠠᠲᠠᠷ ᠤᠨ ᠰᠢᠬᠢ ᠬᠤᠲᠤᠭ ᠤᠨ ᠦᠷᠡ ᠮᠥᠨ ᠲᠠᠲᠠᠷ ᠲᠤ ᠲᠡᠭᠦᠨ ᠦ ᠬᠥᠪᠡᠭᠦᠨ ᠰᠢᠪᠠᠭ ᠲᠡᠮᠦᠷ ᠲᠣᠭᠣᠨ ᠲᠡᠮᠦᠷ ᠬᠣᠶᠠᠷ ᠪᠤᠢ ᠲᠡᠭᠦᠨ ᠦ ᠦᠷ᠎ᠡ ᠬᠡᠭᠡᠳᠡᠢ ᠪᠤᠢ ᠪᠡᠰᠦᠳ ᠦᠨ ᠵᠡᠪᠡ ᠶᠢᠨ ᠦᠷ᠎ᠡ ᠪᠣᠭᠳᠠ ᠶᠢᠨ ᠬᠤᠭᠤᠷ ᠬᠠᠳᠠᠭᠠᠯᠵᠤ ᠶᠠᠪᠤᠭᠰᠠᠨ ᠣᠷᠳᠣᠰ ᠲᠦᠮᠡᠨ ᠲᠦ ᠪᠤᠢ ᠭᠦᠱᠡᠷᠳᠡᠢ ᠬᠤᠭᠤᠷᠴᠢ ᠨᠡᠷᠡᠲᠦ ᠪᠤᠶᠤ ᠣᠶᠢᠷᠠᠳ ᠤᠨ ᠬᠠᠷᠠ ᠬᠢᠶᠷᠤ ᠶᠢᠨ ᠦᠷᠡ ᠢᠨᠤ ᠮᠥᠨ ᠣᠶᠢᠷᠠᠳ ᠲᠤ ᠪᠤᠢ ᠪᠥᠯᠦᠭᠡ ᠲᠡᠨᠳᠡᠴᠡ ᠳᠠᠶᠠᠨ ᠬᠠᠭᠠᠨ ᠤ ᠠᠷᠪᠠᠨ ᠨᠢᠭᠡᠨ ᠬᠥᠪᠡᠭᠦᠨ ᠦ ᠦᠷ᠎ᠡ ᠠᠨᠤ
Kegedei buyu tegün=ü üre edüge ken=i=ber medekü ügei jarim nigen teüken=tür Kürlüd=ün noyan bui kemelüge yisün örlög=ün üre inu Jalayir=un Muqulidai=yin ür=e Ordos=tu bui Arlad=un Boγorči=yin üre Burqai-ong bui Jürken=ü Boroqul=un ür=e Čidaγud=un tabunang=ud Ungsin=tu bui Süldüs=tei=yin Torγan-Sira=yin üre Uyiγud=tu bui Uriyangqan=i Jelm=e=yin ür=e Uriyangqan=i noyad bui Jelm=e=i degü Sübegedei-baγatur boγda Činggis=ün ür=e=tür küčün ögčü sayin yabuba Jürčid=ün Čuu-Mergen=ü üre mön Jürčid=ün noyad bui Tatar=un Siki-Qutuγ=un üre mön Tatar=tu tegün=ü köbegün Sibaγ-Temür Toγon-Temür qoyar bui tegün=ü ür=e Kegedei bui Besüd=ün Jebe=yin ür=e Boγda=yin quγur qadaγalju yabuγsan Ordos tümen=tü bui Güšerdei-quγurči neretü buyu Oyirad=un Qara-Kiyru=yin üre inu mön Oyirad=tu bui bölüge # tendeče Dayan-qaγan=u arban nigen köbegün=ü ür=e anu
174b
ᠲᠥᠷᠥ ᠪᠣᠯᠠᠳ ᠤᠨ ᠬᠥᠪᠡᠭᠦᠨ ᠢᠨᠤ ᠪᠣᠳᠢ ᠠᠯᠠᠭ ᠬᠠᠭᠠᠨ ᠬᠦᠬᠦᠴᠢᠳᠡᠢ ᠨᠣᠶᠠᠨ ᠵᠠᠰᠠᠭ ᠲᠤ ᠬᠠᠭᠠᠨ ᠲᠡᠭᠦᠨ ᠦ ᠦᠷ᠎ᠡ ᠢᠨᠤ ᠡᠳᠦᠭᠡ ᠴᠠᠬᠠᠷ ᠤᠨ ᠨᠣᠶᠠᠳ ᠪᠤᠶᠤ ᠤᠯᠤᠰ ᠪᠣᠯᠠᠳ ᠲᠤᠷ ᠦᠷ᠎ᠡ ᠦᠭᠡᠢ ᠪᠠᠷᠰᠤ ᠪᠣᠯᠠᠳ ᠤᠨ ᠬᠥᠪᠡᠭᠦᠨ ᠮᠡᠷᠭᠡᠨ ᠬᠠᠷᠠ ᠵᠢᠨᠣᠩ ᠬᠦᠨᠳᠦᠯᠡᠨ ᠬᠠᠭᠠᠨ ᠠᠯᠲᠠᠨ ᠬᠠᠭᠠᠨ ᠯᠠᠪᠤᠭ ᠨᠣᠶᠠᠨ ᠨᠠᠷᠢᠨ ᠨᠣᠶᠠᠨ ᠪᠣᠴᠢᠳᠠᠷᠠ ᠬᠣᠵᠢᠭᠢᠷ ᠲᠠᠶᠢᠵᠢ ᠡᠳᠡ ᠳᠣᠯᠣᠭᠠᠨ ᠤ ᠦᠷᠡ ᠢᠨᠤ ᠪᠣᠱᠣᠭ ᠲᠤ ᠵᠢᠨᠣᠩ ᠬᠠᠭᠠᠨ ᠪᠤᠶᠤ ᠲᠡᠭᠦᠨ ᠦ ᠬᠥᠪᠡᠭᠦᠨ ᠬᠠᠷᠬᠤᠴᠤᠭ ᠲᠠᠶᠢᠵᠢ ᠪᠤᠶᠤ ᠠᠷᠰᠤ ᠪᠣᠯᠠᠳ ᠤᠨ ᠬᠥᠪᠡᠭᠦᠨ ᠣᠨᠣᠨ ᠪᠤᠵᠢᠭᠢᠷ ᠬᠣᠶᠠᠷ ᠣᠨᠣᠨ ᠤ ᠬᠥᠪᠡᠭᠦᠨ ᠰᠡᠩᠭᠡ ᠪᠣᠷᠣᠭᠴᠢᠨ ᠪᠤᠶᠤ ᠪᠤᠵᠢᠭᠢᠷ ᠶᠢᠨ ᠬᠥᠪᠡᠭᠦᠨ ᠳᠠᠷᠳᠠᠢ ᠶᠢᠨ ᠨᠣᠶᠠᠨ ᠪᠤᠢ ᠡᠳᠡᠨ ᠦ ᠦᠷ᠎ᠡ ᠳᠣᠯᠣᠭᠠᠨ ᠲᠦᠮᠡᠳ ᠲᠦ ᠣᠷᠳᠣᠰ ᠤᠨ ᠨᠣᠶᠠᠳ ᠪᠤᠶᠤ ᠠᠯᠴᠤ ᠪᠣᠯᠠᠳ ᠤᠨ ᠬᠥᠪᠡᠭᠦᠨ ᠬᠠᠯᠬ᠎ᠠ ᠬᠤᠷᠠᠭᠴᠢ ᠲᠠᠶᠢᠵᠢ ᠲᠡᠭᠦᠨ ᠦ ᠬᠥᠪᠡᠭᠦᠨ ᠲᠤᠮᠪᠢᠨᠠᠢ ᠲᠠᠶᠢᠵᠢ ᠨᠣᠭᠣᠭᠠᠨ ᠪᠠᠭᠤᠷᠢᠳ ᠤᠨ ᠨᠣᠶᠠᠳ ᠠᠨᠤ ᠠᠯᠴᠤ ᠪᠣᠯᠠᠳ ᠤᠨ ᠦᠷᠡ ᠪᠥᠯᠦᠭᠡ ᠸᠴᠢᠷ ᠪᠣᠯᠠᠳ ᠤᠨ ᠬᠥᠪᠡᠭᠦᠨ ᠬᠡᠰᠢᠭ ᠲᠡᠨ ᠢ ᠳᠠᠷᠢ ᠲᠠᠶᠢᠵᠢ ᠲᠠᠪᠤᠨ ᠣᠲᠣᠭ ᠬᠠᠯᠬ ᠠ ᠶᠢᠨ ᠲᠠᠶᠢᠵᠢ ᠠᠯᠪᠤᠷ ᠠ ᠶᠢᠨ ᠬᠥᠪᠡᠭᠦᠨ ᠠᠵᠤ ᠰᠢᠷᠠ ᠬᠣᠶᠠᠷ ᠲᠡᠭᠦᠨ ᠦ ᠦᠷ᠎ᠡ ᠴᠠᠭᠠᠨ ᠲᠠᠲᠠᠷ ᠤᠨ ᠨᠣᠶᠠᠳ ᠪᠤᠶᠤ ᠴᠢᠩ ᠲᠠᠶᠢᠵᠢ ᠶᠢᠨ ᠬᠥᠪᠡᠭᠦᠨ ᠲᠤᠩᠰᠢ ᠴᠢᠩᠯᠢ ᠬᠣᠶᠠᠷ
Törö-Bolad=un köbegün inu Bodi-Alaγ-qaγan Küküčidei-noyan Jasaγ=tu-qaγan tegün=ü ür=e inu edüge Čaqar=un noyad buyu Ulus-Bolad=tur ür=e ügei Barsu-Bolad=un köbegün Mergen-Qara-jinong Kündülen-qaγan , Altan-qaγan , Labuγ-noyan Narin-noyan Bočidara Qojigir-tayiji ede doloγan=u üre inu Bošoγ=tu-jinong-qaγan buyu tegün=ü köbegün Qarqučuγ-tayiji buyu Arsu-Bolad=un köbegün Onon Bujigir qoyar Onon=u köbegün Sengge Boroγčin buyu Bujigir=yin köbegün Dardai=yin noyan bui eden=ü ür=e doloγan tümed=tü Ordos=un noyad buyu Alču-Bolad=un köbegün Qalq=a Quraγči-tayiji , tegün=ü köbegün Tumbinai-tayiji , Noγoγan-Baγurid=un noyad anu Alču-Bolad=un üre bölüge Včir-Bolad=un köbegün Kesig=ten=i Dari-tayiji tabun otoγ Qalq=a=yin tayiji Albur=a=yin köbegün Aju Sira qoyar tegün=ü ür=e Čaγan-Tatar=un noyad buyu Čing-tayiji=yin köbegün Tungsi Čingli qoyar
175a
ᠲᠡᠭᠦᠨ ᠦ ᠦᠷ᠎ᠡ ᠬᠠᠷᠠ ᠲᠠᠲᠠᠷ ᠤᠨ ᠨᠣᠶᠠᠳ ᠪᠤᠢ ᠭᠡᠷ ᠡ ᠲᠦ ᠦᠷ᠎ᠡ ᠦᠭᠡᠢ ᠤᠷᠤᠳ ᠲᠠᠶᠢᠵᠢ ᠶᠢᠨ ᠦᠷᠡ ᠤᠷᠠᠳ ᠤᠨ ᠯᠤᠩ ᠨᠣᠶᠠᠨ ᠪᠤᠶᠤ ᠵᠠᠯᠠᠶᠢᠷ ᠲᠠᠶᠢᠵᠢ ᠶᠢᠨ ᠦᠷ᠎ᠡ ᠳᠣᠯᠣᠭᠠᠨ ᠬᠣᠰᠢᠭᠤ ᠬᠠᠯᠬ ᠠ ᠶᠢᠨ ᠨᠣᠶᠠᠳ ᠪᠥᠯᠦᠭᠡ ᠪᠠᠰᠠ ᠬᠣᠶᠢᠨᠠ ᠰᠠᠯᠵᠤ ᠤᠯᠤᠰ ᠤᠯᠤᠰ ᠢ ᠡᠵᠡᠯᠡᠭᠰᠡᠨ ᠠᠨᠤ ᠮᠡᠷᠭᠡᠨ ᠬᠠᠷᠠ ᠵᠢᠨᠣᠩ ᠣᠷᠳᠣᠰ ᠲᠤ ᠠᠯᠲᠠᠨ ᠬᠠᠭᠠᠨ ᠲᠦᠮᠡᠳ ᠲᠦ ᠬᠦᠨᠳᠦᠯᠡᠨ ᠬᠠᠭᠠᠨ ᠬᠠᠷᠠᠴᠢᠨ ᠲᠤ ᠯᠠᠪᠤᠭ ᠨᠣᠶᠠᠨ ᠦᠭᠦᠰᠢᠨ ᠲᠦ ᠨᠠᠷᠢᠨ ᠨᠣᠶᠠᠨ ᠴᠠᠭᠠᠨ ᠲᠠᠲᠠᠷ ᠲᠤ ᠪᠣᠳᠢᠳᠠᠷ᠎ᠠ ᠶᠦᠩᠰᠢᠶᠡᠪᠦ ᠲᠦ ᠳᠠᠶᠠᠨ ᠬᠠᠭᠠᠨ ᠤ ᠦᠷᠡ ᠠᠨᠤ ᠡᠳᠦᠭᠡ ᠡᠨᠡ ᠲᠠᠪᠢᠨ ᠵᠠᠰᠠᠭ ᠤᠨ ᠳᠣᠲᠣᠷᠠ ᠬᠣᠶᠠᠷ ᠪᠠᠭᠠᠷᠢᠨ ᠬᠣᠶᠠᠷ ᠵᠠᠷᠤᠭᠤᠳ ᠣᠳᠬᠠᠨ ᠨᠠᠢᠮᠠᠨ ᠬᠡᠰᠢᠭᠲᠡᠨ ᠬᠣᠶᠠᠷ ᠦᠵᠦᠮᠦᠴᠢᠨ ᠬᠣᠶᠠᠷ ᠬᠤᠤᠴᠢᠳ ᠬᠣᠶᠠᠷ ᠰᠥᠨᠢᠳ ᠵᠡᠭᠦᠨ ᠲᠦᠮᠡᠳ ᠬᠥᠬᠡ ᠬᠣᠲᠠ ᠶᠢᠨ ᠲᠦᠮᠡᠳ ᠵᠢᠷᠭᠤᠭᠠᠨ ᠣᠷᠳᠣᠰ ᠡᠳᠡ ᠬᠣᠷᠢᠨ ᠨᠢᠭᠡᠨ ᠬᠣᠰᠢᠭᠤ ᠳᠠᠶᠠᠨ ᠬᠠᠭᠠᠨ ᠤ ᠦᠷ᠎ᠡ ᠪᠤᠶᠤ ᠪᠠᠰᠠ ᠪᠠᠷ ᠲᠠᠶᠢᠰᠤᠩ ᠪᠣᠭᠳᠠ ᠡᠵᠡᠨ ᠢ ᠳᠠᠭᠠᠵᠤ ᠲᠦᠰᠢᠵᠦ ᠣᠷᠣᠭᠰᠠᠨ ᠳᠠᠶᠠᠨ ᠬᠠᠭᠠᠨ ᠤ ᠦᠷᠡ ᠳᠣᠲᠣᠷᠠ ᠪᠠᠰᠠ ᠤᠷᠤᠳ ᠵᠠᠷᠤᠭᠤᠨ ᠬᠠᠷᠠᠴᠢᠨ ᠬᠡᠰᠢᠭᠲᠡᠨ ᠴᠠᠬᠠᠷ ᠡᠳᠡ ᠵᠡᠷᠭᠡ ᠶᠢᠨ ᠤᠯᠤᠰ ᠶᠡᠷᠦ ᠣᠯᠠᠨ ᠪᠤᠢ ᠳᠣᠯᠣᠭᠠᠨ ᠬᠣᠰᠢᠭᠤ ᠬᠠᠯᠬ᠎ᠠ ᠬᠠᠭᠠᠨ ᠨᠣᠶᠠᠳ ᠴᠥᠮ ᠪᠦᠭᠦᠳᠡ ᠳᠠᠶᠠᠨ ᠬᠠᠭᠠᠨ ᠤ ᠦᠷ᠎ᠡ
tegün=ü ür=e Qara-Tatar=un noyad bui ger=e=tü ür=e ügei Urud-tayiji=yin üre Urad=un Lung-noyan buyu Jalayir-tayiji=yin ür=e doloγan qosiγu Qalq=a=yin noyad bölüge # basa qoyina salju ulus ulus=i ejelegsen anu Mergen-Qara-jinong Ordos=tu Altan-qaγan Tümed=tü Kündülen-qaγan Qaračin=tu Labuγ-noyan Ügüsin=tü Narin-noyan Čaγan-Tatar=tu Bodidar=a Yüngsiyebü=tü # Dayan-qaγan=u üre anu edüge ene tabin jasaγ=un dotora Qoyar-Baγarin Qoyar-Jaruγud Odqan Naiman , Kesigten , Qoyar-Üjümüčin , Qoyar-Quučid , Qoyar-Sönid Jegün-Tümed , Köke-qota=yin Tümed Jirγuγan-Ordos ede qorin nigen qosiγu Dayan-qaγan=u ür=e buyu basa=bar Tayisung-Boγda-Ejen=i daγaju tüsijü oroγsan Dayan-qaγan=u üre dotora basa Urud , Jaruγun , Qaračin , Kesigten , Čaqar ede jerge=yin ulus yerü olan bui doloγan qosiγu Qalq=a qaγan noyad čöm bügüde Dayan-qaγan=u ür=e
175b
ᠪᠤᠶᠤ ᠪᠠᠰᠠ ᠨᠢᠭᠡᠨ ᠲᠡᠦᠬᠡᠨ ᠲᠦᠷ ᠪᠠᠷᠰᠤ ᠪᠣᠯᠣᠳ ᠤᠨ ᠬᠥᠪᠡᠭᠦᠨ ᠬᠦᠨᠳᠦᠯᠡᠨ ᠬᠠᠭᠠᠨ ᠪᠤᠶᠤ ᠬᠦᠨᠳᠦᠯᠡᠨ ᠬᠠᠭᠠᠨ ᠤ ᠬᠥᠪᠡᠭᠦᠨ ᠪᠠᠶᠢᠬᠤᠳᠠᠢ ᠬᠠᠭᠠᠨ ᠳᠠᠶᠢᠴᠢᠩ ᠰᠠᠷᠢ ᠪᠢᠩᠲᠦ ᠣᠳᠬᠣᠨ ᠴᠦᠭᠦᠷ ᠦᠴᠡᠳ ᠪᠤᠶᠤ ᠪᠠᠶᠢᠬᠤᠳᠠᠢ ᠬᠠᠭᠠᠨ ᠤ ᠬᠥᠪᠡᠭᠦᠨ ᠬᠠᠭᠠᠨ ᠠᠬᠠᠢ ᠴᠣᠰᠬᠢᠪ ᠲᠡᠭᠦᠨ ᠦ ᠬᠥᠪᠡᠭᠦᠨ ᠯᠠᠰᠬᠢᠪ ᠲᠡᠭᠦᠨ ᠦ ᠬᠥᠪᠡᠭᠦᠨ ᠨᠣᠷᠪᠣ ᠬᠣᠷᠣᠮᠰᠢ ᠨᠣᠷᠪᠣ ᠶᠢᠨ ᠬᠥᠪᠡᠭᠦᠨ ᠪᠠᠷᠠᠩ ᠬᠣᠶᠠᠳᠤᠭᠠᠷ ᠳᠠᠶᠢᠴᠢᠩ ᠲᠤ ᠦᠷ᠎ᠡ ᠦᠭᠡᠢ ᠭᠤᠲᠠᠭᠠᠷ ᠰᠠᠷᠠᠢ ᠶᠢᠨ ᠬᠥᠪᠡᠭᠦᠨ ᠠᠪᠠᠢ ᠡᠨᠡ ᠠᠪᠠᠢ ᠨᠣᠶᠠᠨ ᠤ ᠰᠤᠪᠤᠷᠭᠠᠨ ᠬᠡᠭᠦᠷ ᠢᠮᠠᠳᠤ ᠪᠤᠢ ᠲᠡᠭᠦᠨ ᠦ ᠬᠥᠪᠡᠭᠦᠨ ᠴᠣᠭᠲᠤ ᠳᠠᠢ ᠳᠠᠷᠬᠠᠨ ᠪᠤᠷᠬᠠᠲᠤ ᠴᠣᠭᠲᠤ ᠶᠢᠨ ᠬᠥᠪᠡᠭᠦᠨ ᠵᠣᠯᠪᠢᠨ ᠲᠡᠭᠦᠨ ᠦ ᠬᠥᠪᠡᠭᠦᠨ ᠪᠦᠷᠡ ᠵᠠᠮᠶᠠᠨ ᠬᠦᠨᠡᠳᠦᠩ ᠳᠠᠢ ᠳᠠᠷᠬᠠᠨ ᠪᠤᠷᠬᠠᠲᠤ ᠶᠢᠨ ᠬᠥᠪᠡᠭᠦᠨ ᠪᠠᠨᠴᠤᠨ ᠲᠡᠭᠦᠨ ᠦ ᠬᠥᠪᠡᠭᠦᠨ ᠪᠠᠳᠮᠠᠰᠤᠩ ᠳᠥᠲᠦᠭᠡᠷ ᠪᠢᠩᠲᠦ ᠦᠷ᠎ᠡ ᠦᠭᠡᠢ ᠲᠠᠪᠳᠠᠭᠠᠷ ᠣᠳᠬᠣᠨ ᠴᠦᠭᠦᠷ ᠦᠨ ᠬᠥᠪᠡᠭᠦᠨ ᠪᠤᠶᠠᠨ ᠠᠬᠠᠢ ᠲᠡᠭᠦᠨ ᠦ ᠬᠥᠪᠡᠭᠦᠨ ᠪᠢᠷᠠᠰᠢ ᠲᠡᠭᠦᠨ ᠦ ᠬᠥᠪᠡᠭᠦᠨ ᠳᠣᠷᠵᠢ ᠲᠡᠭᠦᠨ ᠦ ᠬᠥᠪᠡᠭᠦᠨ ᠪᠢᠯᠢᠭ ᠵᠢᠷᠭᠤᠳᠤᠭᠠᠷ ᠦᠴᠡᠳ ᠦᠷ᠎ᠡ ᠦᠭᠡᠢ ᠪᠤᠶᠤ ᠲᠡᠭᠦᠨ ᠦ ᠠᠪᠠᠬᠠᠢ ᠶᠢ ᠵᠠᠩᠳᠠᠨ ᠲᠤ ᠥᠭᠪᠡ ᠬᠠᠭᠠᠨ ᠠᠴᠠ ᠡᠬᠢᠯᠡᠨ ᠴᠥᠮ ᠪᠦᠭᠦᠳᠡ ᠬᠢᠭᠤᠳ ᠶᠠᠰᠤᠲᠠᠢ ᠪᠣᠷᠵᠢᠭᠢᠨ ᠣᠮᠣᠭ ᠲᠠᠢ ᠰᠢᠷᠰᠦᠳ ᠠᠰᠤᠳ ᠬᠠᠷᠠᠴᠢᠨ ᠬᠠᠭᠤᠴᠢᠨ ᠬᠠᠷᠠᠴᠢᠨ ᠰᠠᠶᠢᠳ ᠲᠦᠰᠢᠮᠡᠳ ᠬᠠᠮᠤᠭ ᠬᠠᠭᠤᠴᠢᠨ
buyu # basa nigen teüken=tür Barsu-Bolod=un köbegün Kündülen-qaγan buyu Kündülen-qaγan=u köbegün Bayiqudai-qaγan Dayičing , Sari , Bingtü , Odqon-Čügür , Üčed buyu Bayiqudai-qaγan=u köbegün qaγan Aqai-Čoskib tegün=ü köbegün Laskib tegün=ü köbegün Norbo-Qoromsi Norbo=yin köbegün Barang qoyaduγar Dayičing=tu ür=e ügei γutaγar Sarai=yin köbegün Abai ene Abai-noyan=u suburγan kegür Imadu bui tegün=ü köbegün Čoγtu Dai-darqan-Burqatu Čoγtu=yin köbegün Jolbin tegün=ü köbegün Büre , Jamyan Künedüng Dai-darqan-Burqatu=yin köbegün Bančun , tegün=ü köbegün Badmasung dötüger Bingtü ür=e ügei tabdaγar Odqon-Čügür=ün köbegün Buyan-Aqai , tegün=ü köbegün Birasi tegün=ü köbegün Dorji , tegün=ü köbegün Bilig jirγuduγar Üčed ür=e ügei buyu tegün=ü abaqai=yi Jangdan=tu ögbe qaγan=ača ekilen čöm bügüde Kiγud yasutai Borjigin omoγ=tai Sirsüd Asud Qaračin Qaγučin-Qaračin , sayid tüsimed qamuγ Qaγučin
176a
ᠤᠯᠤᠰ ᠪᠣᠷᠣᠨᠤᠳ ᠬᠠᠷᠠᠴᠢᠨ ᠪᠤᠰᠤ ᠤᠯᠤᠰ ᠠᠴᠠ ᠣᠷᠣᠵᠤ ᠢᠷᠡᠭᠰᠡᠨ ᠮᠣᠩᠭᠣᠯ ᠬᠢᠲᠠᠳ ᠢ ᠬᠠᠷᠭᠤᠳ ᠬᠠᠷᠠᠴᠢᠨ ᠭᠡᠵᠦ ᠨᠡᠷᠡᠯᠡᠳᠡᠭ ᠪᠤᠶᠤ ᠲᠤᠯᠭᠤᠷ ᠴᠠᠭᠠᠷ ᠬᠠᠷᠠᠴᠢᠨ ᠬᠣᠶᠠᠷ ᠤᠯᠤᠰ ᠵᠣᠬᠢᠰ ᠦᠭᠡᠢ ᠪᠥᠯᠦᠭᠡ ᠲᠡᠭᠦᠨ ᠦ ᠬᠣᠶᠢᠨᠠ ᠬᠠᠷᠠᠴᠢᠨ ᠤ ᠯᠠᠰᠬᠢᠪ ᠪᠤᠶᠠᠨ ᠴᠣᠭᠲᠤ ᠪᠤᠷᠬᠠᠲᠤ ᠲᠠᠨ ᠲᠥᠷᠥ ᠶᠢᠨ ᠡᠩᠬᠡ ᠴᠠᠭ ᠲᠤᠷ ᠮᠠᠨᠵᠤ ᠶᠢᠨ ᠲᠠᠶᠢᠰᠤᠩ ᠪᠣᠭᠳᠠ ᠲᠤ ᠣᠯᠴᠢᠳᠠᠢ ᠨᠡᠷᠡᠲᠦ ᠬᠦᠮᠦᠨ ᠢ ᠵᠠᠷᠤᠵᠤ ᠮᠠᠨᠵᠤ ᠬᠠᠷᠠᠴᠢᠨ ᠪᠢᠳᠠ ᠬᠣᠶᠠᠷ ᠤᠯᠤᠰ ᠨᠢᠭᠡᠨ ᠡᠶ ᠡ ᠪᠡᠷ ᠶᠠᠪᠤᠵᠤ ᠲᠥᠷᠥ ᠵᠠᠰᠠᠭ ᠨᠢᠭᠡᠳᠦᠶ᠎ᠡ ᠭᠡᠵᠦ ᠢᠯᠡᠭᠡᠭᠰᠡᠨ ᠢ ᠴᠠᠬᠠᠷ ᠰᠣᠨᠣᠰᠤᠭᠠᠳ ᠬᠠᠷᠠᠴᠢᠨ ᠮᠠᠨᠵᠤ ᠯᠤᠭ᠎ᠠ ᠨᠡᠶᠢᠯᠡᠬᠦᠯᠡ ᠡᠷᠬᠡᠪᠡᠰᠢ ᠶᠡᠬᠡ ᠭᠡᠮ ᠪᠣᠯᠬᠤ ᠪᠠᠶᠢᠨᠠᠮ ᠭᠡᠳ ᠡᠭᠦᠨ ᠡᠴᠡ ᠤᠯᠠᠮ ᠮᠠᠭᠤ ᠪᠣᠯᠵᠤ ᠴᠠᠬᠠᠷ ᠬᠠᠷᠠᠴᠢᠨ ᠲᠡᠶᠢᠨ ᠪᠣᠯᠵᠤ ᠤᠷᠤᠯᠳᠤᠭᠰᠠᠨ ᠠᠭᠰᠠᠨ ᠠᠵᠤ ᠲᠡᠭᠦᠨ ᠦ ᠬᠣᠶᠢᠨᠠ ᠬᠠᠷᠠᠴᠢᠨ ᠠᠴᠠ ᠪᠠᠰᠠ ᠣᠮᠢ ᠰᠡᠴᠡᠨ ᠢ ᠲᠠᠶᠢᠰᠤᠩ ᠪᠣᠭᠳᠠ ᠲᠤ ᠵᠠᠷᠤᠪᠠ ᠪᠣᠭᠳᠠ ᠲᠥᠳᠡᠢ ᠨᠡᠷᠡᠲᠦ ᠬᠦᠮᠦᠨ ᠢ ᠣᠮᠢ ᠰᠡᠴᠡᠨ ᠯᠤᠭ᠎ᠠ ᠬᠠᠮᠲᠤ ᠬᠠᠷᠠᠴᠢᠨ ᠲᠤ ᠵᠠᠷᠤᠵᠤ ᠮᠠᠨᠵᠤ ᠬᠠᠷᠠᠴᠢᠨ ᠪᠢᠳᠠ ᠬᠣᠶᠠᠷ ᠤᠯᠤᠰ ᠲᠥᠷᠥ ᠵᠠᠰᠠᠭ ᠨᠢᠭᠡᠳᠦᠶ᠎ᠡ ᠲᠠ ᠨᠢᠭᠡᠨ ᠰᠠᠶᠢᠨ ᠬᠦᠮᠦᠨ ᠢ ᠭᠠᠷᠭᠠᠵᠤ ᠲᠥᠳᠡᠢ ᠯᠤᠭ᠎ᠠ ᠬᠠᠮᠲᠤ ᠢᠯᠡᠭᠡ ᠭᠡᠵᠦ ᠵᠠᠷᠯᠢᠭ ᠪᠣᠯᠤᠭᠰᠠᠨ ᠲᠤᠷ ᠬᠠᠷᠠᠴᠢᠨ ᠠᠴᠠ ᠤᠪᠠᠯᠢ ᠰᠡᠴᠡᠨ ᠢ ᠵᠠᠷᠤᠵᠤ ᠪᠥᠯᠦᠭᠡ ᠪᠣᠭᠳᠠ ᠬᠥᠪᠡᠭᠡᠲᠦ ᠬᠥᠬᠡ ᠶᠢᠨ ᠬᠣᠰᠢᠭᠤᠨ ᠢ ᠡᠵᠡᠨ ᠫᠢᠶᠠᠩᠬᠤ ᠬᠢᠴᠠ ᠪᠡᠶᠢᠯᠡ ᠰᠡᠴᠡᠨ ᠪᠠᠭᠰᠢ
ulus Boronud-Qaračin busu ulus=ača oroju iregsen Mongγol Kitad=i Qarγud-Qaračin gejü nereledeg buyu Tulγur-Čaγar Qaračin qoyar ulus jokis ügei bölüge # tegün=ü qoyina Qaračin=u Laskib Buyan-Čoγtu , Burqatu=tan törö=yin engke čaγ=tur Manju=yin Tayisung-Boγda=tu Olčidai neretü kümün=i jaruju Manju Qaračin bida qoyar ulus nigen ey=e=ber yabuju törö jasaγ nigedüy=e gejü ilegegsen=i Čaqar sonosuγad Qaračin Manju=luγ=a neyileküle erkebesi yeke gem bolqu bayinam ged egün=eče ulam maγu bolju Čaqar Qaračin teyin bolju urulduγsan aγsan aju tegün=ü qoyina Qaračin=ača basa Omi-Sečen=i Tayisung-Boγda=tu jaruba Boγda-Tödei neretü kümün=i Omi-Sečen=luγ=a qamtu Qaračin=tu jaruju Manju Qaračin bida qoyar ulus törö jasaγ nigedüy=e ta nigen sayin kümün=i γarγaju Tödei=luγ=a qamtu ilege gejü jarliγ boluγsan=tur Qaračin=ača Ubali-Sečen=i jaruju bölüge Boγda-Köbegetü-Köke=yin qosiγun=i ejen Piyangqu-kiča beyile Sečen-baγsi
176b
ᠠᠰᠢ ᠳᠠᠷᠬᠠᠨ ᠨᠣᠮᠲᠤ ᠵᠠᠷᠭᠤᠴᠢ ᠲᠠᠨ ᠢ ᠵᠠᠷᠤᠵᠤ ᠤᠪᠠᠯᠢ ᠰᠡᠴᠡᠨ ᠯᠤᠭ᠎ᠠ ᠲᠩᠷᠢ ᠲᠦ ᠴᠠᠭᠠᠨ ᠮᠣᠷᠢ ᠭᠠᠵᠠᠷ ᠲᠤ ᠬᠠᠷᠠ ᠦᠬᠡᠷ ᠠᠯᠠᠨ ᠲᠠᠬᠢᠵᠤ ᠬᠣᠶᠠᠷ ᠤᠯᠤᠰ ᠡᠶ ᠡ ᠪᠡᠷ ᠶᠠᠪᠤᠬᠤ ᠶᠢᠨ ᠲᠤᠯᠠ ᠠᠮᠠᠨ ᠠᠯᠳᠠᠪᠠ ᠡᠶᠢᠮᠦ ᠶᠢᠨ ᠲᠤᠯᠠ ᠬᠠᠷᠠᠴᠢᠨ ᠤ ᠨᠣᠶᠠᠳ ᠤᠯᠤᠰ ᠢᠶᠠᠨ ᠠᠪᠴᠤ ᠳᠠᠶᠢᠴᠢᠩ ᠤᠯᠤᠰ ᠲᠤ ᠣᠷᠣᠪᠠ ᠠᠮᠠᠨ ᠠᠯᠳᠠᠭᠰᠠᠨ ᠪᠢᠴᠢᠭ ᠦᠨ ᠦᠭᠡ ᠮᠠᠨᠵᠤ ᠬᠠᠷᠠᠴᠢᠨ ᠪᠢᠳᠠ ᠬᠣᠶᠠᠷ ᠤᠯᠤᠰ ᠨᠢᠭᠡᠨ ᠡᠶ ᠡ ᠪᠡᠷ ᠶᠠᠪᠤᠬᠤ ᠶᠢᠨ ᠲᠤᠯᠠᠳᠠ ᠲᠩᠷᠢ ᠲᠦᠷ ᠴᠠᠭᠠᠨ ᠮᠣᠷᠢ ᠭᠠᠵᠠᠷ ᠲᠤᠷ ᠬᠠᠷᠠ ᠦᠬᠡᠷ ᠠᠯᠠᠵᠤ ᠨᠢᠭᠡᠨ ᠠᠶᠠᠭᠠᠨ ᠲᠤᠷ ᠠᠷᠠᠬᠢ ᠬᠢᠵᠦ ᠲᠠᠬᠢᠨ ᠮᠥᠷᠭᠥᠭᠡᠳ ᠲᠥᠷᠥ ᠶᠣᠰᠤᠨ ᠢᠶᠠᠨ ᠨᠢᠭᠡᠳᠬᠡᠨ ᠦᠶᠢᠯᠡᠳᠪᠡᠢ ᠡᠷᠲᠡᠨ ᠦ ᠬᠠᠳ ᠢᠵᠠᠭᠤᠷ ᠦᠨᠳᠦᠰᠦᠨ ᠡᠨᠡᠳᠬᠡᠭ ᠲᠥᠪᠡᠳ ᠡᠴᠡ ᠢᠨᠠᠭᠰᠢ ᠮᠣᠩᠭᠣᠯ ᠤᠨ ᠬᠠᠳ ᠡᠩ ᠲᠡᠷᠢᠭᠦᠨ ᠪᠣᠭᠳᠠ ᠴᠢᠩᠭᠢᠰ ᠬᠠᠭᠠᠨ ᠠᠴᠢ ᠢᠨᠤ ᠬᠤᠪᠢᠯᠠᠢ ᠰᠡᠴᠡᠨ ᠬᠠᠭᠠᠨ ᠠᠴᠠ ᠰᠠᠯᠤᠭᠰᠠᠨ ᠳᠠᠶᠠᠨ ᠬᠠᠭᠠᠨ ᠲᠡᠭᠦᠨ ᠡᠴᠡ ᠯᠢᠨᠳᠠᠨ ᠬᠤᠲᠤᠭ ᠲᠤ ᠬᠦᠷᠲᠡᠯᠡ ᠬᠤᠷᠢᠶᠠᠨ ᠥᠭᠦᠯᠡᠭᠰᠡᠨ ᠠᠯᠲᠠᠨ ᠲᠣᠪᠴᠢ ᠬᠡᠮᠡᠭᠳᠡᠬᠦ ᠱᠠᠱᠲᠢᠷ ᠲᠡᠭᠦᠰᠪᠡ ᠠᠶ᠎ᠠ ᠭᠠᠶᠢᠬᠠᠮᠰᠢᠭ ᠲᠤ ᠬᠤᠪᠢᠯᠭᠠᠨ ᠪᠣᠭᠳᠠᠰ ᠬᠠᠳ ᠤᠨ ᠢᠵᠠᠭᠤᠷ ᠦᠨᠳᠦᠰᠦᠨ ᠡᠳᠦᠢ ᠲᠡᠳᠦᠢ
Asi-darqan Nomtu-Jarγuči=tan=i jaruju Ubali-Sečen=luγ=a tngri=tü čaγan mori γajar=tu qara üker alan takiju qoyar ulus ey=e=ber yabuqu=yin tula aman aldaba eyimü=yin tula Qaračin=u noyad ulus=iyan abču Dayičing ulus=tu oroba aman aldaγsan bičig=ün üge Manju Qaračin bida qoyar ulus nigen ey=e=ber yabuqu=yin tulada tngri=tür čaγan mori γajar=tur qara üker alaju nigen ayaγan=tur araki kijü takin mörgöged törö yosun=iyan nigedken üyiledbei # erten=ü qad ijaγur ündüsün Enedkeg Töbed=eče inaγsi Mongγol=un qad eng terigün boγda Činggis-qaγan ači inu Qubilai-Sečen-qaγan=ača saluγsan Dayan-qaγan tegün=eče Lindan-qutuγ=tu kürtele quriyan ögülegsen Altan Tobči kemegdekü šaštir tegüsbe # # ay=a γayiqamsiγ=tu qubilγan boγdas qad=un ijaγur ündüsün edüi tedüi
177a
ᠲᠡᠦᠬᠡᠨ ᠡᠴᠡ ᠠᠶᠠᠭ ᠬᠠ ᠲᠠᠬᠢᠮᠯᠢᠭ ᠱᠠᠰᠢᠨ᠎ᠠ ᠳᠳᠠᠷ᠎ᠠ ᠪᠯᠣᠸᠠ ᠪᠰᠠᠩ ᠪᠰᠳᠠᠨ ᠭᠵᠢᠨ ᠬᠡᠮᠡᠭᠳᠡᠬᠦ ᠭᠦᠦᠰᠢ ᠪᠡᠷ ᠠᠭᠤᠢ ᠶᠡᠬᠡ ᠤᠯᠤᠰ ᠵᠠᠯᠭᠠᠨ ᠦᠵᠡᠲᠦᠭᠡᠢ ᠬᠡᠮᠡᠨ ᠬᠢᠴᠢᠶᠡᠨ ᠪᠢᠴᠢᠭᠦᠯᠦᠭᠰᠡᠨ ᠲᠡᠭᠦᠪᠡᠷ ᠠᠮᠢᠲᠠᠨ ᠪᠦᠬᠦᠨ ᠴᠠᠭᠠᠨ ᠪᠤᠶᠠᠨ ᠢᠶᠠᠷ ᠡᠵᠡᠯᠡᠨ ᠠᠮᠢᠨ ᠨᠠᠰᠤᠨ ᠤᠷᠲᠤ ᠪᠣᠯᠤᠭᠠᠳ ᠠᠮᠤᠭᠤᠯᠠᠩ ᠵᠢᠷᠭᠠᠯᠠᠩ ᠲᠠᠨ ᠪᠣᠯᠲᠤᠭᠠᠢ ᠡᠷᠬᠡᠲᠦ ᠲᠩᠷᠢ ᠡᠴᠡ ᠡᠰᠢᠲᠦ ᠬᠠᠳ ᠤᠨ ᠰᠠᠬᠢᠭᠤᠯᠰᠤᠨ ᠪᠠᠷ ᠰᠠᠶᠢᠲᠤᠷ ᠲᠡᠳᠬᠦᠨ ᠢᠪᠡᠭᠡᠵᠦ ᠡᠪᠡᠳᠴᠢᠨ ᠠᠳᠠ ᠲᠣᠳᠬᠠᠷ ᠴᠠᠭ ᠪᠤᠰᠤ ᠶᠢᠨ ᠦᠬᠦᠯ ᠤᠰᠠᠳ ᠤᠨ ᠠᠮᠤᠷᠯᠢᠵᠤ ᠡᠳ ᠲᠠᠸᠠᠷ ᠳᠡᠯᠭᠡᠷᠡᠨ ᠦᠷ᠎ᠡ ᠲᠠᠷᠤᠠᠨ ᠲᠠᠷᠢᠶᠠᠨ ᠠᠷᠪᠢᠳ ᠤᠨ ᠨᠠᠰᠤᠨ ᠪᠤᠶᠠᠨ ᠨᠡᠮᠡᠵᠦ ᠡᠩᠬᠡ ᠡᠰᠡᠨ ᠠᠮᠤᠷ ᠵᠢᠷᠭᠠᠯᠠᠩ ᠥᠰᠬᠡ ᠬᠤᠷ᠎ᠠ ᠮᠡᠲᠦ ᠥᠯᠵᠡᠢ ᠬᠤᠲᠤᠭ ᠣᠷᠣᠰᠢᠲᠤᠭᠠᠢ ᠮᠠ ᠭᠠ ᠯᠠ
teüken=eče ayaγ qa takimlig šasin=a ddar=a Blova-Bsang-Bsdan-Gjin kemegdekü güüsi=ber aγui yeke ulus jalγan üjetügei kemen kičiyen bičigülügsen tegüber amitan bükün čaγan buyan=iyar ejelen amin nasun urtu boluγad amuγulang jirγalang=tan boltuγai # erketü tngri=eče esitü qad=un sakiγulsun=bar sayitur tedkün ibegejü ebedčin ada todqar čaγ busu=yin ükül usad=un amurliju ed tavar delgeren ür=e taruan <tariyan> arbid=un nasun buyan nemejü engke esen amur jirγalang öske qur=a metü öljei qutuγ orosituγai # ma gxa la