Historical corpus of the Mongolian language

Chronicle of Tugultur Toboev

Reconstruction, not a copy of the monument: the Mongolian-script text is generated automatically from the transcription in modern Unicode spelling. The orthography of pre-classical documents differed; consult the facsimile and the edition.
Back to the text
1
ᠬᠣᠷᠢ ᠬᠢᠭᠡᠳ ᠠᠭᠤᠶᠢᠨ ᠪᠤᠷᠢᠶᠠᠳ ᠨᠠᠷ ᠤᠨ ᠤᠷᠢᠳᠠ ᠳᠠᠭᠠᠨ ᠪᠣᠯᠤᠭᠰᠠᠨ ᠠᠨᠤ
qori kiged aγuyin buriyad-nar-un urida daγan boluγsan anu:
2
ᠶᠡᠬᠡ ᠳᠡᠭᠡᠳᠦ ᠳᠠᠶᠢᠴᠢᠩ ᠤᠯᠤᠰ ᠤᠨ ᠪᠣᠭᠳᠠ ᠬᠠᠭᠠᠨ ᠤ ᠮᠡᠳᠡᠯ ᠦᠨ ᠮᠣᠩᠭᠤᠯ ᠤᠯᠤᠰ ᠠᠴᠠ ᠰᠠᠯᠠᠵᠤ
yeke degedü dayičing ulus-un boγda qaγan-u medel-ün mongγul ulus-ača salaju:
3
ᠣᠷᠤᠰ ᠣᠷᠤᠨ ᠢ ᠥᠪᠡᠷ ᠤᠨ ᠮᠣᠲᠣᠷ ᠲᠠᠭᠠᠨ ᠪᠠᠷᠢᠭᠴᠢ ᠶᠡᠬᠡ ᠳᠡᠭᠡᠳᠦ ᠡᠵᠡᠨ ᠬᠠᠭᠠᠨ ᠤ ᠮᠡᠳᠡᠯ ᠳᠦ ᠣᠷᠤᠭᠰᠠᠨ ᠠᠮᠤᠢ
orus orun-i öber-un motor-taγan / bariγči yeke degedü ejen qaγan-u medel-dü oruγsan amui:
4
ᠢᠯᠡᠷᠬᠡᠶᠢᠯᠡᠪᠡᠰᠦ ᠮᠣᠩᠭᠤᠯ ᠤᠨ ᠬᠣᠶᠠᠷ ᠲᠦᠮᠡᠳ ᠦᠨ ᠪᠠᠷᠭᠤ ᠪᠠᠭᠠᠲᠤᠷ ᠳᠠᠶᠢᠴᠢᠩ ᠨᠣᠶᠠᠨ ᠤ ᠭᠤᠷᠪᠠᠨ ᠬᠥᠪᠡᠭᠦᠳ ᠡᠴᠡ ᠣᠳᠬᠠᠨ ᠠᠨᠤ ᠬᠣᠷᠢᠳᠠᠢ ᠮᠡᠷᠭᠡᠨ ᠲᠡᠭᠦᠨ ᠦ ᠨᠢᠭᠡᠳᠦᠭᠡᠷ ᠭᠡᠷᠭᠡᠢ ᠪᠠᠷᠭᠤᠵᠢᠩ ᠭᠣᠤ ᠠ ᠠᠴᠠ ᠲᠥᠷᠦᠭᠰᠡᠨ ᠠᠯᠤᠩ ᠭᠣᠤ᠎ᠠ ᠬᠡᠮᠡᠬᠦ ᠭᠠᠭᠴᠠ ᠥᠬᠢᠨ
ilerkeyilebesü mongγul-un qoyar tümed-ün barγu baγatur dayičing noyan-u / γurban köbegüd-eče odqan anu qoridai mergen tegün-ü nigedüger gergei barγujing γou-a-ača törügsen alung γou-a kemekü γaγča ökin:
5
ᠬᠣᠶᠠᠳᠤᠭᠠᠷ ᠰᠢᠷᠠᠯᠳᠠᠢ ᠬᠡᠮᠡᠬᠦ ᠭᠡᠷᠭᠡᠢ ᠡᠴᠡ ᠭᠠᠯᠵᠤᠳ ᠬᠤᠸᠠᠠᠢ ᠬᠦᠪᠳᠦᠳ ᠭᠤᠴᠢᠳ ᠱᠠᠷᠠᠶᠢᠳ ᠬᠡᠮᠡᠬᠦ ᠲᠠᠪᠤᠨ ᠬᠥᠪᠡᠭᠦᠳ ᠭᠤᠷᠪᠠᠳᠤᠭᠠᠷ ᠨᠠᠬᠠᠳᠠᠢ ᠨᠠᠭᠠᠲᠠᠢ ᠬᠡᠮᠡᠬᠦ ᠭᠡᠷᠭᠡᠢ ᠡᠴᠡ ᠬᠠᠷᠠᠭᠠᠨ᠎ᠠ ᠬᠤᠳᠠᠢ ᠪᠣᠳᠤᠩᠭᠤᠳ ᠬᠠᠯᠪᠢᠨ ᠴᠠᠭᠠᠨ ᠪᠠᠲᠤᠨᠠᠢ ᠬᠡᠮᠡᠬᠦ ᠵᠢᠷᠭᠤᠭᠠᠨ ᠬᠥᠪᠡᠭᠦᠳ ᠯᠦᠭᠡ ᠠᠷᠪᠠᠨ ᠨᠢᠭᠡᠨ ᠬᠥᠪᠡᠭᠦᠳ ᠲᠥᠷᠦᠭᠰᠡᠨ ᠢᠨᠤ ᠦᠷᠵᠢᠭᠰᠡᠭᠡᠷ ᠠᠷᠪᠠᠨ ᠨᠢᠭᠡᠨ ᠣᠪᠤᠭ ᠲᠠᠨ ᠪᠣᠯᠵᠤ
/ qoyaduγar siraldai kemekü gergei-eče γaljud quvacai kübdüd γučid šarayid kemekü tabun köbegüd γurbaduγar naqadai (вар. В: naγatai) kemekü gergei-eče // qaraγan-a qudai bodungγud qalbin čaγan batunai kemekü jirγuγan köbegüd-lüge arban nigen köbegüd törügsen inu ürjigseger // arban nigen obuγ-tan bolju:
6
ᠡᠴᠢᠭᠡ ᠶᠢᠨ ᠢᠨᠤ ᠨᠡᠷ᠎ᠡ ᠬᠣᠷᠢᠳᠠᠢ ᠮᠥᠨ ᠦ ᠲᠤᠯᠠ ᠲᠡᠭᠦᠪᠡᠷ ᠠᠳᠠᠯᠢᠳᠬᠠᠨ ᠶᠡᠷᠦ ᠨᠡᠷ᠎ᠡ ᠢᠨᠤ ᠬᠣᠷᠢ ᠬᠡᠮᠡᠨ ᠨᠡᠷᠡᠶᠢᠳᠡᠪᠡᠢ ᠡᠨᠡ ᠰᠡᠭᠦᠯ ᠦᠨ ᠨᠠᠭᠠᠲᠠᠢ ᠬᠡᠮᠡᠬᠦ ᠭᠡᠷᠭᠡᠢ ᠡᠴᠡ ᠨᠠᠶᠮᠠᠨ ᠬᠥᠪᠡᠭᠦᠳ ᠲᠥᠷᠦᠭᠰᠡᠨ ᠪᠣᠯᠪᠠᠴᠤ ᠬᠣᠶᠠᠷ ᠠᠨᠤ ᠦᠴᠦᠬᠡᠨ ᠦᠶ ᠡ ᠳᠡᠭᠡᠨ ᠨᠥᠭᠴᠢᠭᠰᠡᠨ ᠲᠤᠯᠠ ᠨᠡᠷ᠎ᠡ ᠢᠨᠤ ᠦᠯᠦ ᠮᠡᠳᠡᠭᠳᠡᠪᠡᠢ ᠲᠡᠭᠦᠨᠴᠡ ᠬᠣᠶᠢᠨᠠ ᠣᠯᠠᠨ ᠦᠶ᠎ᠡ ᠪᠣᠯᠤᠭᠰᠠᠨ ᠲᠡᠳᠦᠢ ᠳᠦᠷ ᠮᠣᠩᠭᠤᠯ ᠤᠨ ᠠᠯᠲᠠᠨ ᠬᠠᠭᠠᠨ ᠪᠡᠷ
ečige-yin inu ner-e qoridai mön-ü tula tegüber adalidqan yerü ner-e inu qori kemen nereyidebei // ene segül-ün naγatai kemekü gergei-eče nayman köbegüd törügsen bolbaču qoyar anu üčüken üy-e-degen nögčigsen tula ner-e / inu ülü medegdebei tegünče qoyina olan üy-e boluγsan tedüi-dür mongγul-un altan qaγan ber.
7
ᠪᠠᠷᠠᠭᠤᠨ ᠴᠠᠰᠤᠲᠤ ᠲᠦᠪᠡᠳ ᠣᠷᠤᠨ ᠠᠴᠠ ᠬᠠᠮᠤᠭ ᠢ ᠮᠡᠳᠡᠭᠴᠢ ᠰᠣᠳᠨᠠᠮ ᠵᠢᠮᠤ ᠳᠠᠯᠠᠢ ᠪᠯᠠᠮ ᠠ ᠶᠢ ᠠᠷᠪᠠᠳᠤᠭᠠᠷ ᠷᠠᠪᠵᠤᠩ ᠤᠨ ᠠᠷᠪᠠᠨ ᠬᠣᠶᠠᠳᠤᠭᠠᠷ ᠰᠢᠷᠤᠢ ᠪᠠᠷᠠᠰ ᠵᠢᠯ ᠳᠦᠷ ᠮᠣᠩᠭᠤᠯ ᠤᠨ ᠭᠠᠵᠠᠷ᠎ᠠ ᠵᠠᠯᠠᠬᠤ ᠦᠶ ᠡ ᠳᠦ ᠳᠠᠯᠠᠢ ᠪᠯᠠᠮ᠎ᠠ ᠪᠡᠷ ᠤᠯᠠᠭᠠᠨ ᠮᠦᠷᠦᠨ ᠢ ᠥᠭᠥᠥᠳᠡ ᠤᠷᠰᠬᠠᠵᠤ ᠪᠠ
baraγun časutu tübed / orun-ača qamuγ-i medegči sodnam jimcu dalai blam-a-yi arbaduγar rabjung-un arban qoyaduγar sirui baras jil-dür / (c. 6) mongγul-un γajar-a jalaqu üy-e-dü dalai blam-a ber ulaγan mürün-i ögööde / ursqaju ba:
8
ᠮᠣᠩᠭᠤᠯ ᠭᠠᠵᠠᠷ ᠲᠠᠬᠢ ᠲᠩᠷᠢ ᠯᠤᠤᠰ ᠰᠢᠮᠨᠤᠰ ᠣᠩᠭᠤᠳ ᠢ ᠲᠡᠮᠡᠭᠡᠨ ᠮᠣᠷᠢᠨ ᠬᠣᠨᠢ ᠦᠬᠡᠷ ᠮᠢᠭᠤᠢ ᠬᠠᠷᠠᠴᠠᠭᠠᠢ ᠴᠢᠨᠤ᠎ᠠ ᠲᠣᠯᠤᠭᠠᠢ ᠲᠠᠨ ᠳᠦᠷᠢ ᠪᠡᠷ ᠬᠤᠷᠢᠶᠠᠵᠤ ᠨᠣᠮᠤᠭᠠᠳᠬᠠᠬᠤ ᠪᠠ
mongγul γajar taki tngri luus simnus ongγud-i temegen morin qoni üker miγui qaračaγai činu-a toluγai- / tan düri ber quriyaju nomuγadqaqu ba:
9
ᠳᠠᠯᠠᠢ ᠪᠯᠠᠮ ᠠ ᠶᠢᠨ ᠭᠡᠭᠡᠨ ᠪᠡᠷ ᠵᠠᠷᠢᠮ ᠬᠦᠮᠦᠨ᠎ᠡ ᠬᠣᠩᠰᠢᠮ ᠪᠣᠳᠢᠰᠠᠳᠤ᠎ᠠ ᠶᠢᠨ ᠳᠦᠷᠢ ᠪᠡᠷ ᠦᠵᠡᠭᠳᠡᠬᠦ ᠬᠢᠭᠡᠳ ᠬᠦᠯᠡᠭᠯᠡᠭᠰᠡᠨ ᠮᠣᠷᠢᠨ ᠤ ᠬᠡᠰᠬᠢᠭᠰᠡᠨ ᠴᠢᠯᠤᠭᠤᠨ᠎ᠠ ᠵᠢᠷᠭᠤᠭᠠᠨ ᠦᠰᠦᠭ ᠦᠳ ᠬᠤᠪᠢᠯ ᠤᠨ ᠭᠠᠷᠠᠬᠤ ᠲᠡᠷᠢᠭᠦᠲᠡᠨ ᠷᠢᠳᠢ ᠬᠤᠪᠢᠯᠭᠠᠨ ᠦᠵᠡᠭᠦᠯᠵᠦ ᠮᠣᠩᠭᠤᠯ ᠤᠨ ᠬᠠᠭᠠᠨ ᠨᠣᠶᠠᠳ ᠲᠡᠷᠢᠭᠦᠲᠡᠨ ᠬᠠᠮᠤᠭ ᠬᠦᠮᠦᠨ ᠢ ᠰᠦᠰᠦᠭ ᠲᠦᠷ ᠵᠣᠬᠢᠶᠠᠨ ᠪᠤᠷᠬᠠᠨ ᠤ ᠱᠢᠱᠢᠨ ᠢ ᠳᠡᠯᠭᠡᠷᠡᠭᠦᠯᠡᠨ ᠠᠷᠪᠠᠨ ᠪᠤᠶᠠᠨ ᠲᠤ ᠨᠣᠮ ᠤᠨ ᠴᠠᠭᠠᠵᠠ ᠡᠰᠬᠡᠨ ᠪᠠᠶᠢᠭᠤᠯᠠᠬᠤ ᠲᠡᠷᠡ ᠦᠶ᠎ᠡ ᠲᠤᠬᠠᠢ ᠠᠴᠠ ᠬᠣᠶᠢᠨᠠ ᠪᠠᠷᠭᠤ ᠮᠣᠩᠭᠤᠯ ᠤᠨ ᠭᠠᠵᠠᠷ᠎ᠠ ᠰᠣᠯᠤᠩᠭᠤᠳ ᠤᠨ ᠪᠦᠦᠪᠡᠢ ᠪᠠᠭᠠᠲᠤᠷ ᠪᠡᠶᠢᠯᠡ ᠬᠠᠭᠠᠨ ᠤ ᠬᠥᠪᠡᠭᠦᠨ ᠳᠠᠢ ᠬᠤᠩ ᠲᠠᠶᠢᠵᠢ ᠳᠤᠷ ᠪᠠᠯᠵᠢᠨ ᠬᠠᠲᠤᠨ ᠬᠡᠮᠡᠬᠦ ᠪᠡᠷᠢ ᠪᠠᠭᠤᠯᠭᠠᠬᠤᠢ ᠳᠤᠷ ᠡᠨᠡ ᠬᠣᠷᠢ ᠶᠢᠨ ᠠᠷᠪᠠᠨ ᠨᠢᠭᠡᠨ ᠣᠮᠤᠭ ᠤᠨ ᠤᠯᠤᠰ ᠢ ᠢᠨᠵᠢ ᠥᠭᠭᠦᠯᠡᠪᠡᠢ
dalai blam-a-yin gegen ber jarim kümün-e qongsim bodisadu-a yin düri ber üjegdekü / kiged küleglegsen morin-u keskigsen čiluγun-a jirγuγan üsüg-üd qubil-un γaraqu terigüten ridi qubilγan üjegüljü mongγul-un / qaγan noyad terigüten qamuγ kümün-i süsüg-tür jokiyan burqan-u šišin-i delgeregülen arban buyan-tu nom-un čaγaja / esken bayiγulaqu tere üy-e tuqai-ača qoyina barγu mongγul-un γajar-a solungγud-un büübei baγatur beyile qaγan-u köbegün / dai qung tayiji-dur baljin qatun kemekü beri baγulγaqui-dur ene qori-yin arban nigen omuγ-un ulus-i inji öggülcebei:
10
ᠲᠡᠭᠦᠨᠴᠡ ᠬᠣᠶᠢᠰᠢ ᠳᠤ ᠳᠠᠢ ᠬᠤᠩ ᠲᠠᠶᠢᠵᠢ ᠶᠢᠨ ᠠᠯᠪᠠᠲᠤ ᠪᠣᠯᠵᠤᠬᠤᠢ
/ tegünče qoyisi-du dai qung tayiji-yin albatu boljuqui:
11
ᠡᠨᠡ ᠪᠦᠦᠪᠡᠢ ᠪᠠᠭᠠᠲᠤᠷ ᠬᠠᠭᠠᠨ ᠪᠤᠰᠤ ᠪᠡᠶᠢᠯᠡ ᠨᠣᠶᠠᠨ ᠪᠠᠶᠢᠲᠠᠯᠠ ᠪᠤᠯᠠᠭ ᠬᠠᠭᠠᠷᠠᠭᠰᠠᠨ ᠳᠣᠲᠤᠷ ᠠᠴᠠ ᠫᠦ ᠦᠰᠦᠭ ᠲᠡᠢ ᠴᠡᠰ ᠪᠤᠤ ᠣᠯᠤᠭᠠᠳ ᠲᠡᠭᠦᠨ᠎ᠡ ᠬᠡᠦᠬᠡᠨ ᠬᠤᠲᠤᠭ ᠲᠤ ᠪᠯᠠᠮ ᠠ ᠳᠤ ᠠᠶᠢᠯᠠᠳᠬᠠᠭᠰᠠᠨ᠎ᠠ ᠴᠢ ᠬᠠᠭᠠᠨ ᠪᠣᠯᠬᠤ ᠶᠢᠨ ᠲᠡᠮᠳᠡᠭ ᠪᠤᠢ ᠬᠡᠮᠡᠨ ᠠᠶᠢᠯᠠᠳᠤᠭᠰᠠᠨ ᠠᠴᠠ ᠤᠯᠠᠮᠵᠢᠯᠠᠨ ᠪᠦᠪᠡᠢ ᠪᠠᠭᠠᠲᠤᠷ ᠪᠡᠶᠢᠯᠡ ᠬᠠᠭᠠᠨ ᠬᠡᠮᠡᠨ ᠨᠡᠷᠴᠢᠵᠦ ᠠᠯᠳᠠᠷᠰᠢᠭᠰᠠᠨ ᠠᠵᠤᠬᠤ ᠬᠡᠮᠡᠯᠳᠡᠬᠦ ᠴᠦ ᠦᠭᠡ ᠪᠤᠢ ᠲᠡᠶᠢᠨ ᠪᠠᠶᠢᠲᠠᠯᠠ ᠪᠦᠪᠡᠢ ᠪᠠᠭᠠᠲᠤᠷ ᠪᠡᠶᠢᠯᠡ ᠬᠠᠭᠠᠨ ᠨᠠᠰᠤᠵᠢᠵᠤ ᠦᠲᠦᠯᠡᠬᠦ ᠦᠶ ᠡ ᠳᠦ ᠳᠠᠢ ᠬᠤᠩ ᠲᠠᠶᠢᠵᠢ ᠶᠢᠨ ᠡᠬᠡ ᠬᠠᠲᠤᠨ ᠬᠠᠯᠢᠪᠠᠢ ᠪᠠᠰᠠ ᠨᠢᠭᠡᠨ ᠵᠠᠯᠠᠭᠤ ᠬᠠᠲᠤᠨ ᠠᠪᠤᠭᠰᠠᠨ᠎ᠠ ᠪᠠᠯᠵᠢᠨ ᠬᠠᠲᠤᠨ ᠪᠡᠷᠢ ᠯᠦᠭᠡ ᠡᠶ᠎ᠡ ᠦᠭᠡᠢ ᠪᠣᠯᠵᠤ ᠦᠯᠦ ᠵᠣ ᠬᠢᠯᠳᠤᠭᠰᠠᠨ ᠨᠢᠭᠡᠨ ᠤᠴᠢᠷ᠎ᠠ
ene büübei baγatur qaγan busu beyile noyan bayitala bulaγ qaγaraγsan / dotur-ača pü üsüg-tei čes buu oluγad tegün-e keüken qutuγ-tu blam-a-du ayiladqaγsan-a či qaγan bolqu-yin / temdeg bui kemen ayiladuγsan-ača ulamjilan bübei baγatur beyile qaγan kemen nerčijü aldarsiγsan ajuqu kemeldekü-čü / üge bui teyin bayitala bübei baγatur beyile qaγan nasujiju ütülekü üy-e-dü dai qung tayiji-yin eke qatun / qalibai basa nigen jalaγu qatun abuγsan-a baljin qatun beri-lüge ey-e ügei bolju ülü jo kilduγsan nigen učir-a:
12
ᠪᠠᠯᠵᠢᠨ ᠬᠠᠲᠤᠨ ᠪᠡᠷᠢ ᠢᠨᠤ ᠵᠢᠳᠬᠦᠮᠵᠢᠯᠡᠨ ᠲᠡᠭᠦᠨ ᠦ ᠳᠤᠷᠠᠨ ᠢ ᠬᠠᠷᠢᠭᠤᠯ ᠤᠨ ᠶᠠᠳᠠᠵᠤ ᠳᠠᠢ ᠬᠤᠩ ᠲᠠᠶᠢᠵᠢ ᠪᠡᠷ ᠪᠠᠯᠵᠢᠨ ᠬᠠᠲᠤᠨ ᠬᠢᠭᠡᠳ ᠬᠣᠷᠢ ᠠᠷᠪᠠᠨ ᠨᠢᠭᠡᠨ ᠣᠮᠤᠭ ᠲᠠᠨ ᠤᠯᠤᠰ ᠢᠶᠠᠨ ᠠᠪᠴᠤ ᠥᠷᠦᠨᠡ ᠤᠮᠠᠷᠠ ᠶᠢᠨ ᠵᠠᠪᠰᠠᠷ ᠤᠨ ᠵᠦᠭ ᠲᠦᠷ ᠣᠷᠤᠰ ᠢᠶᠠᠷ ᠣᠨ ᠲᠤᠬᠠᠢ ᠳᠤ ᠪᠣᠰᠬᠤᠯ ᠢᠶᠠᠷ ᠨᠡᠭᠦᠵᠦ ᠦᠷᠭᠦᠨ᠎ᠡ ᠮᠥᠷᠦᠨ ᠢ ᠭᠠᠲᠤᠯᠠᠵᠤ ᠦᠯᠢᠷᠡᠩᠭᠡ ᠭᠣᠤᠯ ᠳᠤ ᠬᠥᠷᠦᠭᠡᠳ ᠲᠡᠭᠦᠨ᠎ᠡ ᠣᠷᠤᠭᠰᠠᠨ ᠬᠣᠷᠢᠬᠣᠨ᠎ᠠ ᠤᠷᠢᠳᠠ ᠮᠡᠳᠡᠭᠳᠡᠭᠡ ᠦᠭᠡᠢ ᠴᠠᠭ ᠲᠤ ᠴᠢᠯᠤᠭᠤ
/ baljin qatun beri inu jidkümjilen tegün-ü duran-i qariγul-un yadaju dai qung tayiji ber baljin qatun kiged qori / arban nigen omuγ-tan ulus-iyan abču örüne umara-yin jabsar-un jüg-tür orus-iyar 1594 on tuqai-du bosqul- (c. 7) / iyar negüjü ürgün-e mörün-i γatulaju ülirengge γoul-du körüged tegün-e oruγsan qoriqon-a urida medegdege ügei čaγ-tu čiluγu /
13
ᠬᠡᠷᠫᠢᠢᠡ ᠪᠡᠷ ᠭᠡᠷ ᠬᠣᠲᠠ ᠪᠣᠰᠬᠠᠭᠰᠠᠨ ᠠᠨᠤ ᠬᠠᠭᠤᠴᠢᠷᠴᠤ ᠪᠠᠶᠢᠭᠰᠠᠨ ᠢ ᠵᠠᠰᠠᠪᠠᠷᠢᠯᠠᠵᠤ ᠪᠠᠶᠢᠷᠠᠯᠠᠭᠰᠠᠨ ᠠᠵᠤᠭᠤ ᠲᠡᠷᠡ ᠭᠠᠵᠠᠷ ᠠᠨᠤ ᠬᠤᠸᠠᠩᠳᠠᠢ ᠬᠡᠮᠡᠨ ᠨᠡᠷᠱᠢᠵᠤ ᠬᠣᠶᠢᠨᠠ ᠨᠢᠭᠡᠨ ᠴᠠᠭ ᠲᠤ ᠣᠷᠤᠰ ᠤᠯᠤᠰ ᠢᠷᠡᠵᠦ ᠪᠠᠶᠢᠷᠠᠯᠠᠭᠠᠳ ᠤᠷᠢᠳᠠ ᠭᠡᠷ ᠬᠣᠲᠠ ᠪᠣᠰᠬᠠᠭᠰᠠᠨ ᠠᠨᠤ ᠡᠪᠳᠡᠷᠡᠵᠦ ᠪᠠᠶᠢᠭᠰᠠᠨ ᠬᠡᠷᠫᠢᠢᠡ ᠪᠡᠷ ᠡᠷᠬᠣᠪ ᠰᠦᠮ᠎ᠡ ᠪᠣᠰᠬᠠᠵᠤ ᠡᠳᠦᠭᠡ ᠬᠦᠷᠲᠡᠯᠡ ᠪᠠᠶᠢᠭᠰᠠᠭᠠᠷ ᠠᠵᠤᠭᠤ
kerpiice-ber ger qota bosqaγsan anu qaγučirču bayiγsan-i jasabarilaju bayiralaγsan ajuγu tere γajar anu quvangdai kemen neršiju qoyina / nigen čaγ-tu orus ulus irejü bayiralaγad urida ger qota bosqaγsan anu ebderejü bayiγsan kerpiice-ber cerkob süm-e bosqaju / edüge kürtele bayiγsaγar ajuγu:
14
ᠢᠯᠢᠷᠬᠡᠶᠢᠯᠡᠪᠡᠰᠦ ᠳᠠᠢ ᠬᠤᠩ ᠬᠡᠮᠡᠬᠦ ᠶᠢᠨ ᠬᠤᠩ ᠢ ᠤᠷᠢᠳᠠ ᠳᠠᠢ ᠶᠢ ᠬᠣᠶᠢᠨᠠ ᠣᠷᠤᠭᠤᠯᠠᠨ ᠨᠡᠷᠡᠯᠡᠭᠰᠡᠨ ᠢᠶᠡᠷ ᠬᠤᠸᠠᠩᠳᠠᠢ ᠬᠡᠮᠡᠨ ᠨᠡᠷᠡᠵᠢᠭᠰᠡᠨ ᠠᠵᠤᠭᠤ ᠲᠡᠨᠳᠡᠴᠡ ᠡᠴᠢᠭᠡ ᠪᠠᠶᠢᠯᠠ ᠬᠠᠭᠠᠨ ᠤ ᠢᠯᠴᠢ ᠨᠢᠬᠡᠭᠦᠯ ᠢᠷᠡᠭᠰᠡᠨ᠎ᠡ ᠪᠣᠷᠤᠭᠤᠳᠠᠨ ᠳᠤᠲᠠᠭᠠᠵᠤ ᠨᠡᠬᠦᠭᠡᠳ ᠣᠨᠣᠨ ᠮᠥᠷᠦᠨ ᠦ ᠤᠷᠢᠳᠠ ᠬᠣᠶᠢᠲᠤ ᠡᠲᠡᠭᠡᠳ ᠬᠦᠬᠦᠯᠪᠢ ᠬᠡᠮᠡᠬᠦ ᠬᠥᠪᠴᠢ ᠶᠢᠨ ᠡᠪᠡᠷ ᠠᠷᠤ ᠪᠠᠷ ᠠᠭᠤ ᠭᠣᠤᠯ ᠠᠴᠠ ᠠᠯᠤᠰᠲᠠᠨ ᠨᠤᠲᠤᠭᠯᠠᠨ ᠭᠤᠷᠪᠠᠨ ᠵᠢᠯ ᠲᠡᠳᠦᠢ ᠪᠠᠶᠢᠲᠠᠯᠠ ᠪᠠᠭᠠᠲᠤᠷ ᠪᠦᠦᠪᠡᠢ ᠪᠠᠶᠢᠯᠠ ᠬᠠᠭᠠᠨ᠎ᠠ
ilirkeyilebesü dai qung kemekü-yin qung-i urida dai-yi qoyina oruγulan nerelegsen-iyer quvangdai kemen / nerejigsen ajuγu tendeče ečige bayila qaγan-u ilči nikegül iregsen-e boruγudan dutaγaju neküged onon mörün-ü urida qoyitu eteged / kükülbi kemekü köbči-yin eber aru bar aγu γoul-ača alustan nutuγlan γurban jil tedüi bayitala baγatur büübei bayila qaγan-a /
15
ᠵᠠᠯᠠᠭᠤ ᠬᠠᠲᠤᠨ ᠤ ᠠᠶᠢᠯᠠᠳᠬᠠᠭᠰᠠᠨ ᠠᠴᠠ ᠤᠯᠠᠮᠵᠢᠯᠠᠨ ᠬᠢᠯᠢᠩᠯᠡᠵᠦ ᠴᠡᠷᠡᠭ ᠦᠳ ᠢ ᠢᠯᠡᠭᠡᠭᠰᠡᠨ᠎ᠡ ᠲᠡᠳᠡ ᠴᠡᠷᠡᠭ ᠦᠳ ᠢᠨᠤ ᠬᠥᠷᠦᠭᠡᠳ ᠬᠠᠭᠠᠨ ᠤ ᠵᠠᠷᠯᠢᠭᠴᠢᠯᠠᠨ ᠪᠠᠯᠵᠢᠨ ᠬᠠᠲᠤᠨ ᠪᠡᠷᠢ ᠶᠢ ᠢᠨᠤ ᠬᠣᠷᠤᠭᠠᠵᠤ ᠬᠡᠭᠦᠷ ᠢ ᠢᠨᠤ ᠨᠢᠭᠡᠨ ᠨᠠᠭᠤᠷ ᠤᠨ ᠡᠮᠦᠨᠡᠬᠢ ᠲᠣᠯᠤᠭᠠᠢ ᠳᠤᠷ ᠤᠭᠤᠷᠤᠭᠰᠠᠨ ᠢᠶᠠᠷ ᠲᠡᠭᠦᠨ ᠢᠶᠡᠷ ᠲᠡᠷᠡ ᠨᠠᠭᠤᠷ ᠪᠠᠯᠵᠢᠨᠠ ᠬᠡᠮᠡᠨ ᠨᠡᠷᠡᠵᠢᠵᠦ ᠲᠡᠷᠡ ᠡᠳᠦᠭᠡ ᠲᠤᠷ᠎ᠠ ᠭᠣᠤᠯ ᠤᠨ ᠡᠬᠢᠨ ᠳᠦ ᠪᠤᠢ ᠠᠮᠤᠢ
jalaγu qatun-u ayiladqaγsan-ača ulamjilan kilinglejü čereg-üd-i ilegegsen-e tede čereg-üd inu körüged qaγan-u jarliγčilan / baljin qatun beri-yi inu qoruγaju kegür-i inu nigen naγur-un emüneki toluγai-dur uγuruγsan-iyar tegün-iyer tere naγur / baljina kemen nerejijü tere edüge tur-a γoul-un ekin-dü bui amui:
16
ᠡᠮᠡᠭᠡᠯ ᠢ ᠢᠨᠤ ᠠᠳᠠᠭᠤᠨ ᠴᠢᠯᠤᠭᠤᠨ ᠬᠡᠮᠡᠬᠦ ᠠᠭᠤᠯᠠᠨ᠎ᠠ ᠤᠭᠤᠷᠤᠭᠰᠠᠨ ᠭᠠᠵᠠᠷ ᠢᠨᠤ ᠠᠯᠲᠠᠨ ᠡᠮᠡᠭᠡᠯ ᠬᠡᠮᠡᠨ ᠡᠳᠦᠭᠡ ᠪᠡᠷ ᠨᠡᠷᠡᠶᠢᠳᠡᠭᠳᠡᠵᠦ ᠪᠤᠢ ᠲᠡᠳᠡ ᠴᠡᠷᠡᠭ ᠦᠳ ᠪᠡᠷ ᠳᠠᠶᠢᠨ ᠨᠡᠷᠡᠶᠢᠳᠡᠭᠳᠡᠵᠦ ᠪᠤᠢ ᠲᠡᠳᠡ ᠴᠡᠷᠡᠭ ᠦᠳ ᠪᠡᠷ ᠳᠠᠶᠢᠨ ᠦᠶᠢᠯᠡᠳᠦᠭᠡᠳ ᠳᠠᠢ ᠬᠤᠩ ᠲᠠᠶᠢᠵᠢ ᠯᠤᠭ᠎ᠠ ᠬᠣᠷᠢ ᠠᠷᠪᠠᠨ ᠨᠢᠭᠡᠨ ᠣᠮᠤᠭ ᠤᠨ ᠵᠠᠷᠢᠮ ᠠᠨᠤ ᠣᠢ ᠰᠢᠭᠤᠢ ᠬᠠᠳᠠ ᠠᠭᠤᠯᠠ ᠪᠠᠷ ᠳᠤᠲᠠᠭᠠᠨ ᠣᠳᠵᠤ ᠵᠠᠷᠢᠮ ᠣᠯᠠᠩᠬᠢ ᠤᠯᠤᠰ ᠲᠠᠢ ᠪᠠᠷ ᠪᠠᠷᠭᠤ ᠮᠣᠩᠭᠤᠯ ᠤᠨ ᠭᠠᠵᠠᠷ᠎ᠠ ᠠᠪᠤᠭᠠᠴᠢᠭᠰᠠᠨ
emegel-i inu adaγun čiluγun kemekü aγulan-a uγuruγsan γajar / inu altan emegel kemen edüge ber nereyidegdejü bui tede čereg-üd ber dayin nereyidegdejü bui tede čereg-üd ber dayin üyiledüged dai qung tayiji-luγ-a qori arban nigen / omuγ-un jarim anu oi siγui qada aγula bar dutaγan odju jarim olangki ulus-tai bar barγu mongγul-un γajar-a abuγačiγsan /
17
ᠠᠨᠤ ᠲᠡᠨᠳᠡᠪᠡᠨ ᠴᠦ ᠳᠣᠷᠤᠮᠵᠢᠯᠠᠭᠳᠠᠬᠤ ᠲᠡᠷᠢᠭᠦᠲᠡᠨ ᠦᠯᠦ ᠵᠣᠬᠢᠯᠳᠤᠬᠤ ᠶᠢᠨ ᠰᠢᠯᠲᠠᠭᠠᠨ ᠢᠶᠠᠷ ᠵᠠᠷᠢᠮ ᠠᠨᠤ ᠪᠣᠰᠬᠤᠯ ᠢᠶᠠᠷ ᠣᠷᠣᠰ ᠢᠶᠠᠷ ᠨᠡᠭᠦᠵᠦ ᠣᠨ ᠲᠤᠬᠠᠢ ᠳᠤ ᠪᠤᠷᠤᠭᠤᠳᠤᠨ ᠨᠡᠭᠦᠵᠦ ᠤᠷᠢᠳᠠᠬᠢ ᠬᠦᠬᠦᠯᠪᠢ ᠶᠢᠨ ᠬᠦᠪᠰᠢ ᠶᠢᠨ ᠡᠪᠡᠷ ᠠᠷᠤ ᠪᠠᠷ ᠨᠤᠲᠤᠭᠯᠠᠨ ᠤᠷᠢᠳᠠ ᠨᠡᠭᠦᠵᠦ ᠢᠷᠡᠭᠰᠡᠨ ᠤᠯᠤᠰ ᠠᠴᠠ ᠲᠠᠰᠤᠷᠵᠤ ᠭᠡᠭᠡᠭᠳᠡᠭᠰᠡᠨ ᠤᠯᠤᠰ ᠯᠤᠭ᠎ᠠ ᠨᠡᠶᠢᠯᠡᠵᠦ ᠪᠠᠶᠢᠨ ᠠᠲᠠᠯᠠ ᠤᠷᠢᠳᠠ ᠶᠢᠨ ᠲᠡᠷᠡ ᠭᠠᠵᠠᠷ᠎ᠠ ᠪᠠᠶᠢᠭᠰᠠᠨ
anu tendeben-čü dorumjilaγdaqu terigüten ülü jokilduqu-yin siltaγan-iyar jarim anu bosqul-iyar oros [iyar negüjü] (c. 7) 1607 on tuqai-du buruγudun negüjü uridaki kükülbi-yin kübsi-yin eber aru bar nutuγlan urida negüjü / iregsen ulus-ača tasurju gegegdegsen ulus-luγ-a neyilejü bayin atala urida-yin tere γajar-a bayiγsan /
18
ᠬᠠᠮᠨᠢᠭᠠᠨ ᠤᠯᠢᠡᠠᠳ ᠣᠮᠤᠭ ᠤᠨ ᠤᠯᠤᠰ ᠤᠨ ᠠᠯᠠᠬᠤ ᠬᠤᠯᠠᠭᠠᠶᠢᠯᠠᠬᠤ ᠳᠡᠭᠡᠷᠮᠡᠳᠡᠬᠦ ᠲᠡᠷᠢᠭᠦᠲᠡᠨ ᠰᠢᠯᠲᠠᠭᠠᠨ ᠢᠶᠠᠷ ᠠᠶᠤᠵᠤ ᠲᠡᠨᠳᠡᠨᠴᠡ ᠨᠡᠭᠦᠳᠡᠯ ᠢᠶᠡᠷ ᠵᠠᠷᠢᠮ ᠠᠨᠤ ᠭᠡᠳᠦᠷᠭᠡ ᠪᠤᠠᠵᠤ ᠵᠠᠷᠢᠮ ᠠᠨᠤ ᠣᠨᠣᠨ ᠮᠦᠷᠦᠨ ᠢ ᠭᠠᠲᠤᠯᠠᠵᠤ ᠵᠠᠷᠢᠮ ᠣᠯᠠᠩᠬᠢ ᠠᠨᠤ ᠬᠢᠯᠤᠭᠤ ᠦᠳᠡ ᠠᠨᠠ᠎ᠠ ᠲᠦᠩᠨᠦ ᠭᠣᠤᠯ ᠤᠳ ᠬᠢᠭᠡᠳ ᠶᠠᠷᠤᠤᠨᠠ ᠨᠠᠭᠤᠷ ᠴᠢᠳᠠᠷ᠎ᠠ ᠨᠡᠭᠦᠦᠭᠡᠳ ᠵᠠᠷᠢᠮ ᠠᠨᠤ ᠳᠣᠷᠤᠨᠠ ᠵᠦᠭ ᠲᠦᠷ ᠨᠡᠭᠦᠨ ᠰᠢᠯᠬᠡ ᠭᠣᠤᠯ ᠤᠨ ᠬᠣᠶᠢᠲᠤ
qamniγan uliead omuγ-un ulus-un alaqu qulaγayilaqu degermedekü terigüten siltaγan-iyar ayuju tendenče negüdel- / iyer jarim anu gedürge bucaju jarim anu onon mürün-i γatulaju jarim olangki anu kiluγu üde ana-a / tüngnü γoul-ud kiged yaruuna naγur čidar-a negüüged jarim anu doruna jüg-tür negün silke γoul-un qoyitu /
19
ᠡᠲᠡᠭᠡᠳ ᠦᠨ ᠨᠢᠷᠴᠢᠤ ᠭᠣᠤᠯ ᠤᠨ ᠪᠠᠷᠤᠩ ᠵᠡᠭᠦᠨ ᠡᠲᠡᠭᠡᠳ ᠢᠶᠡᠷ ᠪᠠ ᠠᠷᠢᠳᠠ ᠬᠡᠮᠡᠬᠦ ᠭᠠᠵᠠᠷ ᠢᠶᠠᠷ ᠨᠤᠲᠤᠭᠯᠠᠨ ᠪᠠᠶᠢᠲᠠᠯᠠ ᠤᠷᠢᠳᠠ ᠲᠡᠷᠡ ᠰᠢᠳᠠᠷ ᠢᠶᠠᠷ ᠪᠠᠶᠢᠳᠠᠭ ᠬᠠᠮᠨᠢᠭᠠᠳ ᠯᠤᠭ᠎ᠠ ᠨᠡᠶᠢᠯᠡᠵ ᠭᠥᠷᠦᠭᠡᠰᠦᠨ ᠠᠪᠠᠯᠠᠳᠤᠭ ᠪᠥᠭᠡᠳ ᠲᠡᠷᠡ ᠬᠣᠷᠢ ᠶᠢᠨ ᠤᠯᠤᠰ ᠥᠪᠡᠷ᠎ᠡ ᠵᠠᠭᠤᠷ᠎ᠠ ᠡᠪ ᠦᠭᠡᠢ ᠪᠣᠯᠵᠤ ᠵᠠᠷᠢᠮ ᠠᠨᠤ ᠵᠠᠷᠢᠮ ᠢᠶᠠᠷ ᠬᠦᠴᠢᠷᠵᠦ ᠬᠠᠮᠨᠢᠭᠠᠳ ᠲᠤᠷ ᠡᠯᠳᠡᠪ ᠬᠤᠳᠠᠯ ᠬᠣᠪ ᠮᠠᠭᠤ ᠦᠭᠦᠯᠡᠭᠰᠡᠨ ᠢᠶᠡᠷ ᠨᠢᠭᠡᠨ ᠠᠪᠠᠯᠠᠬᠤᠢ ᠳᠤᠷ ᠣᠯᠠᠨ
eteged-ün nirčiu γoul-un barung jegün eteged-iyer ba arida kemekü γajar-iyar nutuγlan bayitala urida tere sidar- / iyar bayidaγ qamniγad-luγ-a neyilej görügesün abaladuγ böged tere qori-yin ulus öber-e jaγur-a eb ügei bolju / jarim anu jarim-iyar küčirjü qamniγad-tur eldeb qudal qob maγu ügülegsen-iyer nigen abalaqui-dur olan /
20
ᠭᠥᠷᠦᠭᠡᠰᠦᠨ ᠠᠪᠠ ᠳᠤ ᠣᠷᠤᠭᠰᠠᠨ ᠢ ᠬᠠᠮᠨᠢᠭᠠᠳ ᠠᠴᠠ ᠤᠷᠢᠳᠠ ᠬᠣᠷᠢ ᠶᠢᠨ ᠤᠯᠤᠰ ᠣᠯᠠᠨ ᠭᠥᠷᠦᠭᠡᠰᠦᠳ ᠢ ᠬᠠᠷᠪᠤᠵᠤ ᠠᠯᠠᠭᠰᠠᠨ ᠲᠡᠷᠢᠭᠦᠲᠡᠨ ᠪᠤᠰᠤ ᠴᠤ ᠣᠯᠠᠨ ᠤᠴᠢᠷ ᠤᠳ ᠤᠨ ᠦᠯᠦ ᠪᠣᠯᠬᠤ ᠰᠢᠯᠲᠠᠭᠠᠨ ᠢᠶᠠᠷ ᠬᠠᠮᠨᠢᠭᠠᠳ ᠠᠲᠠᠭᠠᠷᠬᠠᠨ ᠦᠰᠢᠶᠡᠯᠡᠭᠡᠳ ᠴᠡᠷᠡᠭᠯᠡᠵᠦ ᠲᠡᠳᠡ ᠬᠣᠷᠢ ᠶᠢᠨ ᠠᠷᠪᠠᠨ ᠨᠢᠭᠡᠨ ᠣᠮᠤᠭ ᠤᠨ ᠤᠯᠤᠰ ᠠᠴᠠ ᠦᠮᠡᠬᠡᠢ ᠪᠠᠭᠠᠲᠤᠷ ᠬᠡᠮᠡᠬᠦ ᠲᠡᠷᠢᠭᠦᠲᠡᠨ ᠰᠠᠶᠢᠨ ᠰᠠᠶᠢᠨ ᠢ ᠠᠨᠤ ᠰᠣᠮᠤ ᠪᠠᠷ ᠬᠠᠷᠪᠤᠨ ᠠᠯᠠᠵᠤ ᠬᠡᠳᠦᠦᠷ ᠢ ᠢᠨᠤ ᠬᠣᠶᠠᠷ
görügesün aba-du oruγsan-i qamniγad-ača urida qori-yin ulus olan görügesüd-i qarbuju alaγsan terigüten / busu-ču olan učir-ud-un ülü bolqu siltaγan-iyar qamniγad ataγarqan üsiyeleged čereglejü tede qori-yin arban / nigen omuγ-un ulus-ača ümekei baγatur kemekü terigüten sayin sayin-i anu somu-bar qarbun alaju kedüür-i inu qoyar /
21
ᠵᠢᠯᠭ ᠠ ᠳᠤ ᠤᠭᠤᠷᠠᠭᠰᠠᠨ ᠢᠶᠠᠷ ᠲᠡᠳᠡ ᠬᠡᠭᠦᠦᠷ ᠦᠳ ᠤᠶᠤᠵᠤ ᠦᠨᠦᠷ ᠲᠡᠢ ᠪᠣᠯᠤᠭᠰᠠᠨ ᠳᠤ ᠲᠡᠷᠡ ᠬᠣᠶᠠᠷ ᠵᠢᠯᠭ ᠠ ᠶᠢ ᠦᠮᠡᠬᠡᠢ ᠬᠡᠮᠡᠨ ᠨᠡᠷᠡᠶᠢᠳᠡᠭᠰᠡᠨ ᠡᠳᠦᠭᠡ ᠨᠢᠷᠴᠢᠤ ᠭᠢᠢᠨ ᠵᠡᠭᠦᠨ ᠡᠲᠡᠭᠡᠳ ᠲᠦ ᠪᠤᠢ ᠠᠮᠤᠢ
jilγ-a-du uγuraγsan-iyar [tede kegüür-üd] uyuju ünür-tei boluγsan-du tere qoyar jilγ-a-yi ümekei kemen nereyideγsen / (c. 9) edüge nirčiu-giin jegün eteged-tü bui amui:
22
ᠲᠡᠷᠡ ᠰᠢᠲᠠᠭᠠᠨ ᠠᠴᠠ ᠲᠡᠨᠳᠡ ᠪᠠᠶᠢᠷᠠᠯᠠᠭᠰᠠᠨ ᠬᠣᠷᠢ ᠠᠷᠪᠠᠨ ᠨᠢᠭᠡᠨ ᠣᠮᠤᠭ ᠤᠨ ᠤᠯᠤᠰ ᠪᠡᠷ ᠬᠠᠮᠨᠢᠭᠠᠳ ᠠᠴᠠ ᠶᠡᠬᠡᠳᠡ ᠠᠶᠤᠵᠤ ᠲᠡᠰᠬᠡᠨ ᠲᠡᠨᠳᠡᠴᠡ ᠨᠡᠭᠦᠨ ᠶᠠᠪᠤᠭᠰᠠᠭᠠᠷ ᠳᠡᠭᠡᠳᠦ ᠦᠳᠡ ᠶᠢᠨ ᠣᠬᠤᠤᠷᠤᠭ ᠤᠨ ᠬᠢᠯᠤᠭᠤ ᠦᠳᠡ ᠠᠨᠠ᠎ᠠ ᠲᠦᠭᠨᠦ ᠭᠣᠤᠯ ᠤᠳ ᠪᠠ
tere sitaγan-ača tende bayiralaγsan qori arban nigen omuγ-un ulus / ber qamniγad-ača yekede ayuju tesken tendeče negün yabuγsaγar degedü üde-yin okuurug-un kiluγu üde ana-a tügnü / γoul-ud ba:
23
ᠶᠠᠷᠤᠤᠨᠠ ᠨᠠᠭᠤᠷ ᠲᠡᠷᠡ ᠰᠢᠳᠠᠷ ᠤᠷᠢᠳᠠ ᠨᠡᠭᠦᠦᠵᠦ ᠣᠳᠤᠭᠰᠠᠳ ᠯᠤᠭ᠎ᠠ ᠠᠶᠢᠯᠠᠨ ᠨᠤᠲᠤᠭᠯᠠᠨ ᠨᠡᠭᠦᠦᠵᠦ ᠪᠠᠶᠢᠲᠠᠯᠠ ᠮᠣᠩᠭᠤᠯ ᠭᠠᠵᠠᠷ ᠠᠴᠠ ᠨᠡᠬᠡᠭᠦᠯ ᠴᠡᠷᠡᠭ ᠢᠷᠡᠪᠡ ᠬᠡᠮᠡᠨ ᠰᠣᠨᠤᠰᠴᠤ ᠠᠶᠤᠭᠤᠨ ᠲᠡᠨᠳᠡᠨᠴᠡ ᠲᠡᠰᠬᠢᠨ ᠨᠡᠭᠦᠦᠭᠡᠳ ᠢᠲᠠᠨᠠ ᠬᠤᠳᠤᠷᠤ ᠭᠣᠤᠯ ᠪᠠ
yaruuna naγur tere sidar urida negüüjü oduγsad-luγ-a ayilan nutuγlan negüüjü bayitala mongγul / γajar-ača nekegül čereg irebe kemen sonusču ayuγun tendenče teskin negüüged itanca quduru γoul ba:
24
ᠲᠡᠨᠳᠡᠨᠴᠡ ᠨᠡᠭᠦᠦᠵᠦ ᠪᠠᠶᠢᠭᠠᠯ ᠮᠦᠷᠦᠨ ᠦ ᠬᠥᠪᠡᠭᠡ ᠪᠡᠷ ᠪᠠ
tendenče / negüüjü bayiγal mürün-ü köbege-ber ba:
25
ᠣᠶᠢᠬᠠᠨ ᠬᠡᠮᠡᠬᠦ ᠣᠯᠲᠢᠷᠤᠭ ᠢᠶᠠᠷ ᠨᠤᠲᠤᠭᠯᠠᠵᠤ ᠪᠠᠶᠢᠷᠠᠯᠠᠪᠠᠢ ᠲᠡᠷᠡ ᠰᠢᠳᠠᠷ ᠪᠠᠶᠢᠭᠠᠯ ᠮᠦᠷᠦᠨ ᠦ ᠤᠷᠢᠳᠠ ᠬᠣᠶᠢᠲᠤ ᠡᠲᠡᠭᠡᠳ ᠢᠶᠡᠷ ᠤᠷᠢᠳᠠ ᠶᠢᠨ ᠪᠠᠶᠢᠳᠠᠭ ᠪᠤᠷᠢᠶᠠᠳ ᠬᠡᠮᠡᠬᠦ ᠪᠤᠢ ᠲᠤᠯᠠ ᠲᠡᠳᠡᠨ ᠢ ᠳᠠᠭᠤᠷᠢᠶᠠᠵᠤ ᠣᠷᠣᠰ ᠤᠯᠤᠰ ᠤᠨ ᠨᠡᠷᠡᠶᠢᠳᠡᠭᠰᠡᠨ ᠢᠶᠡᠷ ᠬᠣᠷᠢ ᠶᠢᠨ ᠠᠷᠪᠠᠨ ᠨᠢᠭᠡᠨ ᠣᠮᠤᠭ ᠤᠨ ᠪᠤᠷᠢᠶᠠᠳ ᠬᠡᠮᠡᠨ ᠨᠡᠷᠴᠢᠪᠡᠢ ᠲᠡᠷᠡ ᠭᠠᠵᠠᠷ ᠤᠳ ᠢᠶᠠᠷ ᠡᠳᠦᠢ ᠲᠡᠳᠦᠢ ᠵᠢᠯ ᠳᠦ ᠪᠠᠶᠢᠷᠠᠯᠠᠨ ᠨᠢᠭᠡᠨ ᠪᠠᠶᠠᠨ ᠬᠦᠮᠦᠨ ᠦ ᠪᠢᠴᠢᠬᠠᠨ ᠬᠥᠪᠡᠭᠦᠨ ᠭᠡᠷ ᠡᠴᠡ ᠬᠥᠳᠦᠭᠡ ᠨᠠᠭᠠᠳᠵᠤ ᠶᠠᠪᠤᠲᠠᠯᠠ ᠪᠦᠷᠭᠦᠳ ᠰᠢᠪᠠᠭᠤᠨ ᠰᠢᠳᠦᠷᠡᠨ ᠰᠠᠪᠠᠷᠳᠠᠵᠤ ᠠᠪᠤᠭᠠᠴᠢᠭᠠᠳ ᠢᠳᠡᠭᠰᠡᠨ᠎ᠡ ᠪᠦᠭᠦᠳᠡᠭᠡᠷ ᠠᠪᠠᠯᠠᠵᠤ ᠬᠣᠶᠠᠷ ᠪᠦᠷᠭᠦᠳ ᠡᠴᠡ ᠨᠢᠭᠡ ᠶᠢ ᠬᠠᠷᠪᠤᠵᠤ ᠠᠯᠠᠭᠠᠳ ᠨᠢᠭᠡ ᠶᠢ ᠱᠠᠷᠬᠠᠲᠠᠭᠤᠯᠵᠤ ᠨᠢᠢᠰᠬᠡᠭᠰᠡᠨ ᠢᠶᠡᠷ ᠬᠣᠶᠢᠨᠠᠭᠱᠢᠳᠠ ᠦᠷ᠎ᠡ ᠬᠡᠦᠭᠡᠳ ᠢ ᠮᠢᠨᠤ ᠢᠳᠡᠬᠦ ᠪᠤᠢ ᠬᠡᠮᠡᠨ ᠠᠶᠤᠭᠠᠳ ᠲᠡᠨᠳᠡᠨᠴᠡ ᠭᠡᠳᠦᠷᠭᠡ ᠪᠤᠠᠨ ᠨᠡᠭᠦᠦᠵᠦ ᠢᠲᠠᠨᠠ ᠶᠢᠨ ᠭᠣᠤᠯ ᠳᠤ ᠪᠠ
oyiqan kemekü oltiruγ-iyar nutuγlaju bayiralabai tere sidar bayiγal mürün-ü / urida qoyitu eteged-iyer urida-yin bayidaγ buriyad kemekü bui tula teden-i daγuriyaju oros ulus-un nereyidegsen-/ iyer qori-yin arban nigen omuγ-un buriyad kemen nerčibei tere γajar-ud-iyar edüi tedüi jil-dü bayiralan nigen / bayan kümün-ü bičiqan köbegün ger-eče ködüge naγadju yabutala bürgüd sibaγun sidüren sabardaju abuγačiγad idegsen-e bügüdeger / abalaju qoyar bürgüd-eče nige-yi qarbuju alaγad nige-yi šarqataγulju niiskegsen-iyer qoyinaγšida ür-e keüged-i / minu idekü bui kemen ayuγad tendenče gedürge bucan negüüjü itanca-yin γoul-du ba:
26
ᠲᠡᠨᠳᠡᠨᠴᠡ ᠬᠠᠭᠠᠰ ᠥᠬᠡᠨ ᠢᠨᠤ ᠦᠳᠡ ᠬᠦᠷᠪᠢ ᠠᠨᠠ᠎ᠠ ᠬᠤᠳᠠᠨ ᠲᠦᠭᠨᠦ ᠬᠢᠯᠤᠭᠤ ᠭᠣᠤᠯ ᠤᠳ ᠢᠶᠠᠷ ᠪᠠ
tendenče qaγas cöken inu üde / kürbi ana-a qudan tügnü kiluγu γoul-ud-iyar ba:
27
ᠲᠡᠷᠡ ᠰᠢᠳᠠᠷᠢᠶᠠᠷ ᠨᠡᠭᠦᠦᠵᠦ ᠪᠠᠶᠢᠷᠠᠯᠠᠪᠠᠢ ᠡᠭᠦᠨ ᠡᠴᠡ ᠤᠷᠢᠭᠴᠢᠬᠢ ᠶᠢ ᠤᠷᠢᠳᠠ ᠤᠷᠢᠳᠠ ᠶᠢᠨ ᠦᠶ ᠡ ᠶᠢᠨ ᠤᠯᠤᠰ ᠨᠠᠷ ᠤᠨ ᠠᠮᠠᠨ ᠦᠭᠡ ᠶᠢᠨ ᠳᠠᠮᠵᠢᠵᠤ ᠶᠠᠪᠤᠭᠰᠠᠨ ᠬᠡᠯᠡᠯᠴᠡᠭᠡ ᠰᠣᠨᠣᠰᠤᠭᠰᠠᠨ ᠠᠴᠠ ᠪᠢᠴᠢᠪᠡᠢ
tere sidariyar negüüjü bayiralabai egün-eče uriγčiki-yi urida / urida-yin üy-e-yin ulus-nar-un aman üge-yin damjiju yabuγsan kelelčege sonosuγsan-ača bičibei:
28
ᠲᠡᠶᠢᠨ ᠪᠠᠶᠢᠲᠠᠯᠠ ᠶᠡᠬᠡ ᠳᠡᠭᠡᠳᠦ ᠰᠠ ᠠ ᠷᠢ ᠠᠯᠢᠭᠡᠢ ᠮᠢᠬᠠᠶᠢᠯᠠᠪᠢᠰᠢ ᠴᠠᠭᠠᠨ ᠬᠠᠭᠠᠨ ᠤ ᠬᠠᠶᠢᠷ ᠠ ᠲᠤ ᠲᠦᠰᠢᠵᠦ ᠨᠢᠷᠴᠢᠤ ᠭᠢᠢᠨ ᠣᠬᠷᠤᠭ ᠲᠤ ᠬᠠᠵᠢᠵᠤ ᠠᠯᠪᠠᠲᠤ ᠪᠣᠯᠤᠭᠠᠳ ᠣᠷᠣᠰ ᠢᠶᠠᠷ ᠣᠨ ᠠᠴᠠ ᠡᠬᠢᠯᠡᠨ ᠴᠢᠳᠠᠯ ᠲᠠᠢ ᠤᠯᠤᠰ ᠢᠶᠠᠨ ᠲᠣᠭᠠᠯᠠᠵᠤ ᠨᠢᠭᠡ ᠵᠠᠭᠤᠨ ᠵᠢᠷᠠᠨ ᠰᠠᠭᠠᠳᠠᠭ ᠬᠡᠮᠡᠨ ᠲᠣᠯᠤᠭᠠᠢ ᠶᠢᠨ ᠮᠥᠩᠭᠦ ᠠᠯᠪᠠ ᠡᠷᠬᠦᠦ ᠪᠣᠯᠵᠤ ᠠᠮᠤᠷᠵᠢᠨ ᠰᠠᠭᠤᠭᠰᠠᠨ ᠪᠥᠯᠦᠭᠡ
/ teyin bayitala yeke degedü sa-a-ri aliγcei miqayilabisi čaγan qaγan-u qayir-a-tu tüsijü nirčiu-giin / okrug-tu qajiju albatu boluγad oros-iyar 1648 on-ača ekilen čidal-tai ulus-iyan toγalaju nige / (c. 10) jaγun (вар. В, С: 160) jiran saγadaγ kemen toluγai-yin 20-20 mönggü alba erküü bolju amurjin saγuγsan bölüge:
29
ᠲᠡᠶᠢᠨ ᠪᠠᠶᠢᠲᠠᠯᠠ ᠲᠡᠷᠡ ᠱᠢᠳᠠᠷ ᠪᠠᠶᠢᠳᠠᠭ ᠣᠷᠣᠰ ᠤᠯᠤᠰ ᠨᠠᠷ ᠪᠡᠷ ᠡᠵᠡᠯᠡᠵᠦ ᠪᠠᠶᠢᠭᠰᠠᠨ ᠭᠠᠵᠠᠷ ᠢ ᠠᠨᠤ ᠪᠣᠯᠢᠵᠤ ᠠᠪᠬᠤ ᠬᠢᠭᠡᠳ ᠲᠠᠷᠢᠶ᠎ᠠ ᠡᠪᠦᠰᠦ ᠪᠡᠨ ᠬᠤᠷᠢᠶ᠎ᠠ ᠦᠭᠡᠢ ᠪᠠᠶᠢᠯᠭᠠᠵᠤ ᠪᠤᠷᠢᠶᠠᠳ ᠨᠠᠷ ᠤᠨ ᠮᠠᠯ ᠣᠷᠤᠭᠰᠠᠨ ᠢ ᠪᠠᠷᠢᠵᠤ ᠬᠠᠭᠠᠠᠲᠠᠯᠠ ᠳᠣᠷᠲᠤᠯᠠ ᠳᠤᠷᠠᠲᠠᠯᠠ ᠬᠠᠭᠠᠬᠤ ᠪᠠ
teyin bayitala tere šidar / bayidaγ oros ulus-nar ber ejelejü bayiγsan γajar-i anu boliju abqu kiged tariy-a ebüsü ben quriy-a ügei bayilγaju / buriyad-nar-un mal oruγsan-i bariju qaγacatala dortula (вар. В: duratala) qaγaqu ba:
30
ᠵᠠᠷᠢᠮ ᠤᠳ ᠤᠨ ᠭᠡᠷᠭᠡᠢ ᠦᠷ ᠡ ᠨᠡᠷ ᠢ ᠴᠦ ᠠᠪᠤᠭᠠᠴᠢᠵᠤ ᠪᠠᠷᠢᠬᠤ ᠪᠠ
jarim-ud-un gergei ür-e-ner-i-čü abuγačiju / bariqu ba:
31
ᠵᠠᠷᠢᠮ ᠤᠳ ᠢ ᠤᠰᠤᠨ᠎ᠠ ᠬᠠᠶᠠᠵᠤ ᠣᠷᠬᠢᠬᠤ ᠪᠠ
jarim-ud-i usun-a qayaju orkiqu ba.
32
ᠢᠷᠡᠬᠦ ᠵᠢᠯ ᠦᠨ ᠠᠯᠪᠠ ᠲᠥᠯᠦᠲᠤᠯᠠ ᠢᠨᠤ ᠢᠲᠠᠨᠠ ᠶᠢᠨ ᠣᠰᠲᠣᠷᠣᠭ ᠲᠤ ᠬᠥᠪᠡᠭᠦᠳ ᠢ ᠢᠨᠤ ᠠᠮᠠᠯᠠᠳ ᠲᠤ ᠪᠠᠷᠢᠵᠤ ᠪᠠᠶᠢᠬᠤ ᠲᠡᠷᠢᠭᠦᠲᠡᠨ ᠦᠯᠦ ᠵᠣᠬᠢᠬᠤ ᠶᠢᠨ ᠰᠢᠯᠲᠠᠭᠠᠨ ᠢᠶᠠᠷ ᠶᠡᠬᠡᠳᠡ ᠵᠣᠪᠠᠵᠤ ᠮᠠᠯ ᠵᠥᠭᠡᠷᠢ ᠪᠡᠷ ᠶᠠᠳᠠᠬᠤ ᠪᠣᠯᠤᠭᠰᠠᠨ ᠣᠴᠢᠷ ᠢᠶᠠᠷ ᠬᠣᠷᠢ ᠶᠢᠨ ᠵᠠᠶᠢᠰᠠᠩ ᠬᠠᠯᠵᠤᠳ ᠣᠲᠤᠭ ᠤᠨ ᠪᠠᠲᠠᠨ ᠲᠤᠷᠠᠬᠢ ᠶᠢᠨ ᠲᠡᠷᠢᠭᠦᠯᠡᠨ ᠠᠷᠪᠠᠨ ᠨᠢᠭᠡᠨ ᠣᠮᠤᠭ ᠤᠳ ᠠᠴᠠ ᠣᠮᠤᠭ ᠤᠨ ᠨᠢᠵᠢᠭᠡᠳ ᠬᠦᠮᠦᠨ ᠢ ᠮᠣᠰᠬᠸᠠ ᠬᠣᠲᠠᠨ᠎ᠠ ᠢᠯᠡᠭᠡᠵᠦ ᠶᠡᠬᠡ ᠳᠡᠭᠡᠳᠦ ᠡᠵᠡᠨ ᠢᠮᠫᠡᠷᠠᠲᠤᠷ ᠨᠢᠭᠡ ᠳᠦᠭᠡᠷ ᠫᠢᠲᠠᠷ ᠬᠠᠭᠠᠨ᠎ᠠ ᠭᠤᠶᠤᠭᠰᠠᠨ ᠳᠤᠷ ᠶᠡᠬᠡᠳᠡ ᠬᠠᠶᠢᠷᠠᠯᠠᠵᠤ ᠣᠨ ᠤ ᠮᠠᠷᠲᠠᠶᠢᠨ ᠳᠤᠭᠠᠷ ᠡᠳᠦᠷ᠎ᠡ ᠬᠠᠷᠠᠮᠣᠲᠠ ᠵᠠᠷᠯᠢᠭ ᠪᠠᠭᠤᠯᠭᠠᠨ ᠥᠭᠴᠦ ᠳᠡᠭᠡᠷ᠎ᠡ ᠢᠯᠡᠷᠬᠡᠶᠢᠯᠡᠭᠰᠡᠨ ᠣᠷᠣᠰ ᠤᠯᠤᠰ ᠤᠨ ᠪᠤᠯᠢᠮᠲᠠᠷᠠᠭᠰᠠᠨ ᠮᠠᠭᠤ ᠪᠠᠶᠢᠳᠠᠯ ᠢ ᠠᠨᠤ ᠴᠢᠩᠭᠠᠯᠠᠨ ᠬᠣᠷᠢᠵᠤ ᠪᠠ
irekü jil-ün alba tölütula inu itanca-yin ostoroγ-tu / köbegüd-i inu amalad-tu bariju bayiqu terigüten ülü jokiqu-yin siltaγan-iyar yekede jobaju mal jögeri ber yadaqu / boluγsan očir-iyar qori-yin jayisang [qaljud otuγ-un] (отсутствует вар. А, В) batan turaki-yin terigülen arban nigen omuγ-ud-ača omuγ-un / nijiged kümün-i moskva qotan-a ilegejü yeke degedü ejen imperatur nige-düger pitar qaγan-a γuyuγsan-dur yekede / qayiralaju 1703 on-u martayin 22 duγar edür-e karamota jarliγ baγulγan ögčü deger-e ilerkeyilegsen oros ulus-un / bulimtaraγsan maγu bayidal-i anu čingγalan qoriju ba:
33
ᠬᠣᠷᠢ ᠶᠢᠨ ᠪᠤᠷᠢᠶᠠᠳ ᠪᠡᠷ ᠰᠡᠯᠡᠩᠭᠡ ᠦᠳᠡ ᠠᠨᠠ᠎ᠠ ᠬᠤᠳᠠᠨ ᠲᠦᠩᠨᠦ ᠬᠦᠷᠪᠢ ᠬᠢᠯᠤᠭᠤ ᠭᠣᠤᠯ ᠤᠳ ᠬᠢᠭᠡᠳ ᠲᠡᠭᠦᠨ ᠡᠴᠡ ᠭᠠᠳᠠᠨ᠎ᠠ ᠮᠣᠩᠭᠤᠯ ᠤᠨ ᠬᠢᠯᠡ ᠬᠦᠷᠲᠡᠯᠡ ᠡᠵᠡᠨ ᠦᠭᠡᠢ ᠪᠠᠶᠢᠭᠰᠠᠨ ᠭᠠᠵᠠᠷ ᠤᠳ ᠢ ᠡᠵᠡᠯᠬᠦ ᠪᠠ
qori-yin buriyad ber selengge üde ana-a qudan tüngnü kürbi / kiluγu γoul-ud kiged tegün-eče γadan-a mongγul-un kile kürtele ejen ügei bayiγsan γajar-ud-i ejelkü ba:
34
ᠢᠲᠠᠨᠠ ᠶᠢᠨ ᠣᠰᠲᠣᠷᠣᠭ ᠲᠤ ᠬᠠᠮᠵᠢᠶ ᠠ ᠲᠠᠢ ᠪᠠᠶᠢᠭᠰᠠᠨ ᠢ ᠶᠠᠷᠤᠤᠨᠠ ᠶᠢᠨ ᠣᠰᠲᠣᠷᠣᠭ ᠲᠤ ᠬᠠᠮᠵᠢᠵᠤ ᠨᠢᠷᠴᠢᠤ ᠭᠢᠢᠨ ᠮᠡᠳᠡᠯ ᠳᠦ ᠪᠠᠶᠢᠬᠤ ᠲᠡᠭᠦᠨ ᠡᠴᠡ ᠬᠣᠶᠢᠰᠢ ᠬᠣᠷᠢ ᠶᠢᠨ ᠪᠤᠷᠢᠶᠠᠳ ᠨᠠᠷ ᠠᠩ ᠠᠩᠨᠠᠬᠤ ᠮᠠᠯ ᠦᠰᠬᠡᠬᠦ ᠲᠡᠷᠢᠭᠦᠲᠡᠨ ᠢᠶᠡᠷ ᠠᠮᠤᠷᠵᠢᠨ ᠵᠢᠷᠭᠠᠵᠤ ᠮᠠᠯ ᠢᠶᠠᠷ ᠪᠠᠶᠠᠵᠢᠭᠠᠳ ᠥᠨᠦᠷ ᠣᠯᠠᠨ ᠪᠣᠯᠤᠨ ᠦᠰᠦᠭᠰᠡᠨ ᠪᠥᠯᠦᠭᠡ
/ itanca-yin ostoroγ-tu qamjiy-a-tai bayiγsan-i yaruuna-yin ostoroγ-tu qamjiju nirčiu-giin medel-dü bayiqu / (c. 11) tegün-eče qoyisi qori-yin buriyad-nar ang angnaqu mal üskekü terigüten-iyer amurjin jirγaju mal-iyar bayajiγad / önür olan bolun üsügsen bölüge:
35
ᠡᠭᠦᠨᠴᠡ ᠬᠣᠶᠢᠰᠢ ᠬᠢᠯᠡ ᠶᠢᠨ ᠲᠡᠮᠳᠡᠭ ᠲᠠᠯᠪᠢᠬᠤᠢ ᠬᠦᠷᠲᠡᠯᠡ ᠮᠣᠩᠭᠤᠯ ᠭᠠᠵᠠᠷ ᠠᠴᠠ ᠦᠶ᠎ᠡ ᠦᠶ᠎ᠡ ᠪᠯᠠᠮ ᠠ ᠨᠠᠷ ᠬᠢᠭᠡᠳ ᠬᠠᠷ᠎ᠠ ᠠᠷᠠᠳ ᠢᠷᠡᠵᠦ ᠬᠣᠷᠢ ᠶᠢᠨ ᠪᠤᠷᠢᠶᠠᠳ ᠲᠤ ᠬᠠᠮᠲᠤᠷᠠᠨ ᠬᠠᠮᠵᠢᠭᠰᠠᠨ ᠢᠶᠠᠷ ᠨᠡᠮᠡᠵᠦ ᠤᠯᠠᠮ ᠣᠯᠠᠨ ᠪᠣᠯᠤᠭᠰᠠᠨ ᠪᠥᠯᠦᠭᠡ
egünče qoyisi kile-yin temdeg talbiqui kürtele mongγul γajar-ača üy-e üy-e / blam-a-nar kiged qar-a arad irejü qori-yin buriyad-tu qamturan qamjiγsan-iyar nemejü ulam olan boluγsan bölüge:
36
ᠡᠨᠡ ᠦᠶ ᠡ ᠳᠦ ᠮᠣᠩᠭᠤᠯ ᠭᠠᠵᠠᠷ ᠠᠴᠠ ᠬᠠᠪᠠᠩᠰᠢ ᠬᠦᠨᠳᠦ ᠶᠢᠨ ᠬᠡᠮᠡᠬᠦ ᠨᠢᠭᠡᠨ ᠢᠷᠡᠯᠡᠭᠡᠳ ᠬᠣᠷᠢ ᠶᠢᠨ ᠣᠲᠤᠭ ᠤᠳ ᠯᠤᠭ᠎ᠠ ᠨᠢᠢᠯᠡᠵᠦ ᠪᠠᠶᠢᠭᠠᠯ ᠴᠢᠳᠠᠷ ᠪᠠᠶᠢᠷᠠᠯᠠᠵᠤ ᠪᠠᠶᠢᠲᠠᠯᠠ ᠠᠨᠤ ᠣᠨ ᠳᠤ ᠰᠲᠣᠣᠯᠨᠢᠭ ᠪᠠ ᠫᠣᠯᠬᠣᠪᠨᠢᠭ ᠪᠢᠣᠲᠤᠷ ᠰᠠ ᠠ ᠪᠢᠰᠢ ᠰᠬᠷᠢᠫᠢᠢᠢᠨ ᠪᠡᠷ ᠭᠠᠵᠠᠷ ᠦᠵᠡᠵᠦ ᠨᠢᠲᠤᠭ ᠤᠳ ᠢ ᠰᠢᠩᠵᠢᠬᠦ ᠶᠢᠨ ᠲᠤᠯᠠ ᠮᠣᠷᠢᠯᠤᠭᠰᠠᠨ ᠳᠤᠷ ᠲᠡᠷᠡ ᠬᠠᠪᠠᠩᠰᠢ ᠪᠡᠷ ᠳᠡᠷᠭᠡᠳᠡ ᠢᠨᠤ ᠶᠠᠪᠤᠯᠠᠵᠤ ᠭᠠᠵᠠᠷᠴᠢᠯᠠᠵᠤ ᠪᠠ
/ ene üy-e-dü mongγul γajar-ača qabangsi kündü-yin kemekü nigen irelceged qori-yin otuγ-ud-luγ-a niilejü bayiγal / čidar bayiralaju bayitala anu 1705 on-du stoolniγ ba polqobniγ biotur sa-a-bisi skripiicin ber γajar üjejü nituγ-ud-i / singjikü-yin tula moriluγsan-dur tere qabangsi ber dergede inu yabulcaju γajarčilaju ba:
37
ᠡᠯᠳᠡᠪ ᠲᠤᠰᠠ ᠶᠠᠪᠤᠬᠤ ᠵᠠᠮ ᠳᠤ ᠠᠨᠤ ᠦᠵᠡᠭᠦᠯᠦᠭᠰᠡᠨ ᠦ ᠠᠴᠢ ᠳᠤᠷ ᠪᠣᠶᠡᠸᠣᠳᠠ ᠭᠣᠯᠣᠸᠢᠨ ᠤ ᠬᠦᠷᠭᠡᠯᠲᠡ ᠪᠡᠷ ᠶᠡᠬᠡ ᠳᠡᠭᠡᠳᠦ ᠶᠢᠨ ᠬᠠᠶᠢᠷᠠᠯᠤᠭᠰᠠᠨ ᠬᠷᠠᠮᠣᠲᠠ ᠪᠠᠷ ᠠᠯᠪᠠᠨ ᠠᠴᠠ ᠪᠠ
eldeb tusa yabuqu jam-du / anu üjegülügsen-ü ači-dur boyevoda γolovin-u kürgelte ber yeke degedü-yin qayiraluγsan kramota bar alban-ača ba:
38
ᠪᠤᠰᠤ ᠴᠤ ᠫᠣᠪᠢᠨᠣᠰᠲᠢ ᠨᠤᠳ ᠠᠴᠠ ᠬᠦᠩᠭᠡᠯᠡᠭᠳᠡᠭᠰᠡᠨ ᠠᠵᠤᠭᠤ ᠡᠨᠡ ᠬᠠᠪᠠᠩᠰᠢ ᠶᠢᠨ ᠬᠥᠪᠡᠭᠦᠳ ᠬᠢᠭᠡᠳ ᠲᠡᠳᠡ ᠡᠴᠡ ᠦᠷᠡᠵᠢᠭᠰᠡᠨ ᠣᠯᠠᠨ ᠪᠣᠯᠪᠠᠴᠤ ᠦᠴᠦᠬᠡᠨ ᠢᠯᠡᠷᠬᠡᠶᠢᠯᠡᠪᠡᠰᠦ
/ busu-ču pobinosti-nud-ača künggelegdegsen ajuγu ene qabangsi-yin köbegüd kiged tede-eče ürejigsen olan bolbaču üčüken / ilerkeyilebesü:
39
ᠬᠠᠪᠠᠩᠰᠢ ᠶᠢᠨ ᠬᠥᠪᠡᠭᠦᠨ ᠬᠢᠲᠠᠨ ᠲᠡᠷᠡ ᠪᠡᠷ ᠵᠡᠭᠦᠨ ᠬᠤᠸᠠᠠᠢ ᠶᠢᠨ ᠣᠲᠤᠭ ᠤᠨ ᠵᠠᠶᠢᠰᠠᠩ ᠪᠠᠶᠢᠭᠰᠠᠨ
qabangsi-yin köbegün kitan tere ber jegün quvacai-yin otuγ-un jayisang bayiγsan:
40
ᠬᠢᠲᠠᠨ ᠤ ᠬᠥᠪᠡᠭᠦᠨ ᠳᠡᠬᠢ ᠵᠠᠶᠢᠰᠠᠩ ᠲᠡᠭᠦᠨ ᠦ ᠬᠥᠪᠡᠭᠦᠨ ᠬᠠᠲᠤᠨ ᠵᠠᠶᠢᠰᠠᠩ
kitan-u köbegün-deki / jayisang: tegün-ü köbegün qatun jayisang:
41
ᠲᠡᠭᠦᠨ ᠦ ᠬᠥᠪᠡᠭᠦᠨ ᠮᠥᠩᠬᠡ ᠲᠡᠭᠦᠨ ᠦ ᠬᠥᠪᠡᠭᠦᠨ ᠲᠣᠪᠠ
tegün-ü köbegün möngke: tegün-ü köbegün toba:
42
ᠲᠣᠪᠠ ᠶᠢᠨ ᠬᠥᠪᠡᠭᠦᠨ ᠲᠡᠭᠦᠯᠳᠦᠷ ᠲᠡᠷᠡ ᠪᠡᠷ ᠠᠩᠬᠠ ᠳᠤᠷ ᠣᠨ ᠳᠤ ᠠᠭᠤᠶᠢᠨ ᠭᠠᠯᠠᠪᠨᠤᠢ ᠵᠠᠶᠢᠰᠠᠩ ᠤ ᠪᠢᠴᠢᠭᠡᠴᠢ ᠣᠨ ᠠᠴᠠ ᠠᠭᠤᠶᠢᠨ ᠮᠢᠢᠷᠰᠬᠤᠢ ᠢᠵᠡᠪᠠ ᠳᠤ ᠪᠢᠴᠢᠭᠡᠴᠢ ᠪᠠᠶᠢᠭᠰᠠᠨ ᠣᠨ ᠠᠴᠠ ᠵᠡᠭᠦᠨ ᠬᠤᠸᠠᠠᠢ ᠣᠲᠤᠭ ᠤᠨ ᠵᠠᠶᠢᠰᠠᠩ ᠪᠣᠯᠤᠭᠰᠠᠨ ᠣᠨ ᠳᠤ ᠭᠠᠯᠠᠪᠨᠤᠢ ᠵᠠᠶᠢᠰᠠᠩ ᠪᠣᠯᠤᠭᠰᠠᠨ ᠣᠨ ᠳᠤ ᠠᠭᠤᠶᠢᠨ ᠢᠨᠣᠷᠣᠳᠨᠤᠢ ᠦᠫᠷᠠᠸᠠᠶᠢᠨ ᠪᠢᠢᠪᠤᠷᠨᠤᠢ
toba-yin köbegün tegüldür / tere ber angqa-dur 1814 on-du aγuyin γalabnui jayisang-u bičigeči 1816 on-ača aγuyin miirsqui ijeba-du bičigeči bayiγsan / 1819 on-ača jegün quvacai otuγ-un jayisang boluγsan 1823 on-du γalabnui jayisang boluγsan 1830 on-du aγuyin inorodnui / üpravayin biiburnui:
43
ᠣᠨ ᠳᠤ ᠭᠣᠯᠤᠸᠠ ᠪᠠᠶᠢᠲᠠᠯᠠ ᠠᠭᠤᠶᠢᠨ ᠰᠢᠲᠢᠫᠨᠤᠢ ᠳᠦᠮᠡᠶᠢᠨ ᠪᠠᠲᠤᠯᠠᠭ ᠳᠠᠬᠤ ᠴᠠᠭ ᠲᠤ ᠫᠷᠢᠳᠰᠢᠳᠠᠲᠢᠯ ᠪᠣᠯᠤᠭᠰᠠᠨ
1839 on-du γoluva bayitala aγuyin sitipnui dümeyin batulaγ daqu čaγ-tu pridsidatil boluγsan:
44
ᠣᠨ ᠳᠤ ᠳᠤᠭᠠᠷ ᠲᠠᠶᠢᠱᠠ ᠳᠤ ᠪᠠᠲᠤᠯᠤᠭᠳᠠᠭᠰᠠᠨ ᠣᠨ ᠠᠴᠠ ᠡᠬᠢᠯᠡᠨ ᠢᠮᠫᠡᠷᠠᠲᠤᠷ ᠤᠨ ᠪᠣᠣᠯᠢᠨᠤᠢ ᠶᠡᠬᠣᠨᠣᠮᠢᠰᠢᠢᠰᠬᠤᠢ ᠥᠪᠰᠢᠢᠰᠲᠸᠠ ᠶᠢᠨ ᠬᠣᠷᠷᠢᠰᠫᠣᠳᠢᠨᠲᠠ ᠪᠣᠯᠪᠠᠢ
1842 on-du / 2 duγar tayiša-du batuluγdaγsan 1848 on-ača ekilen imperatur-un boolinui yekonomisiisqui öbsiistva-yin qorrispodinta / (c. 12) bolbai:
45
ᠣᠨ ᠳᠤ ᠰᠯᠤᠵᠢᠪᠠ ᠳᠤᠷ ᠵᠢᠳᠬᠦᠮᠵᠢ ᠲᠡᠢ ᠶᠢᠨ ᠲᠢᠯᠠ ᠶᠡᠬᠡ ᠳᠡᠭᠡᠳᠦ ᠡᠴᠡ ᠴᠠᠭᠠᠨ ᠮᠥᠩᠭᠦᠨ ᠬᠣᠣᠷᠲᠢᠭᠨᠠᠭᠠᠷᠠᠳ ᠬᠠᠶᠢᠯᠤᠭᠳᠠᠭᠰᠠᠨ
1849 on-du slujiba-dur jidkümji-tei-yin tila yeke degedü-eče čaγan mönggün qoortiγnaγarad qayiluγdaγsan:
46
ᠣᠨ ᠳᠤ ᠡᠷᠬᠢᠨ ᠵᠢᠳᠬᠦᠮᠵᠢ ᠲᠡᠢ ᠪᠡᠷ ᠰᠯᠤᠵᠢᠪᠠ ᠬᠢᠭᠰᠡᠨ ᠦ ᠲᠤᠯᠠ ᠪᠠ
/ 1854 on-du erkin jidkümji-tei-ber slujiba kigsen-ü tula ba:
47
ᠲᠠᠷᠢᠶᠠᠯᠠᠩ ᠤᠨ ᠦᠶᠢᠯᠡᠳᠪᠤᠷᠢ ᠳᠦ ᠵᠢᠳᠬᠦᠮᠵᠢ ᠶᠢᠨ ᠲᠤᠯᠠ ᠶᠡᠬᠡ ᠳᠡᠭᠡᠳᠦ ᠡᠴᠡ ᠠ ᠨ ᠠ ᠶᠢᠨ ᠯᠢᠢᠨᠲᠠ ᠲᠠᠢ ᠴᠠᠭᠠᠨ ᠮᠥᠩᠭᠦᠨ ᠮᠢᠳᠠ ᠠ ᠯᠢ ᠨᠠᠭᠠᠷᠠᠳ ᠬᠠᠶᠢᠷᠯᠤᠭᠳᠠᠪᠠᠢ
tariyalang-un üyiledburi-dü jidkümji-yin tula yeke degedü- / eče a-n-a-yin liinta-tai čaγan mönggün mida-a-li naγarad qayirluγdabai:
48
ᠣᠨ ᠳᠤ ᠶᠡᠬᠡ ᠳᠡᠭᠡᠳᠦ ᠡᠴᠡ ᠠᠩᠬᠠᠨ ᠬᠠᠯᠠᠰ ᠤᠨ ᠬᠣᠯᠯᠢᠰᠬᠤᠢ ᠷᠢᠭᠢᠰᠲᠠᠷᠠᠲᠤᠷ ᠬᠡᠷᠭᠡᠮ ᠬᠠᠶᠢᠷᠯᠤᠭᠳᠠᠪᠠ
1857 on-du yeke degedü-eče angqan / qalas-un qollisqui rigistaratur kergem qayirluγdaba:
49
ᠴᠢᠯᠤᠭᠤᠨ ᠨᠡᠭᠦᠦᠷᠰᠦ ᠬᠦᠷᠭᠡᠭᠰᠡᠨ ᠦ ᠲᠤᠯᠠ ᠲᠡᠳᠡ ᠭᠡᠭᠡᠨ ᠲᠤᠶ ᠠ ᠳᠤ ᠨᠣᠶᠠᠨ ᠵᠡᠭᠦᠨ ᠰᠢᠪᠢᠷᠢ ᠶᠢᠨ ᠭᠢᠨᠢᠷᠠᠯ ᠭᠦᠪᠢᠷᠨᠠᠲᠤᠷᠤᠨ ᠪᠠᠶᠠᠰᠬᠤᠯᠠᠩ ᠢ ᠣᠨ ᠤ ᠳᠢᠬᠠᠪᠷᠢ ᠶᠢᠨ  ᠳᠦ ᠰᠲᠠᠪ ᠤᠨ ᠨᠠᠰᠢᠯᠨᠢᠭ ᠢᠶᠠᠷ ᠰᠣᠨᠤᠰᠬᠠᠭᠳᠠᠭᠰᠠᠨ ᠣᠨ ᠤ ᠭᠢᠨᠪᠠᠷᠢ ᠶᠢᠨ  ᠳᠤ ᠠᠭᠤᠶᠢᠨ ᠣᠲᠤᠭ ᠤᠳ ᠤᠨ ᠭᠠᠯᠠᠪᠨᠤᠢ ᠲᠠᠶᠢᠱᠠ ᠳᠤ ᠪᠠᠲᠤᠯᠤᠭᠳᠠᠭᠰᠠᠨ ᠣᠨ ᠤ ᠨᠣᠶᠠᠪᠷᠢ ᠶᠢᠨ ᠡᠳᠦᠷᠡ ᠭᠠᠷᠠᠮᠣᠲᠠ ᠪᠠᠷ ᠰᠯᠤᠵᠢᠪᠠ ᠰᠠᠶᠢᠨ ᠬᠢᠭᠰᠡᠨ ᠦ ᠲᠤᠯᠠ ᠶᠡᠬᠡ ᠳᠡᠭᠡᠳᠦ ᠡᠴᠡ ᠰᠲᠠᠨᠢᠰᠯᠠᠪᠠ ᠶᠢᠨ  ᠳᠤᠭᠠᠷ ᠰᠲᠡᠶᠢᠫᠡᠢ ᠶᠢᠨ ᠣᠣᠷᠳᠡᠨ ᠤ ᠬᠠᠸᠠᠯᠡᠶᠢᠷ ᠪᠣᠯᠭᠠᠳᠠᠵᠤ ᠣᠣᠷᠳᠢᠨ ᠲᠡᠮᠳᠡᠭ ᠬᠠᠶᠢᠷ᠎ᠠ ᠬᠦᠷᠲᠡᠭᠰᠡᠨ ᠡᠪᠦᠰᠦ ᠬᠠᠳᠠᠭᠠᠯᠠᠯᠭ᠎ᠠ ᠪᠠᠷᠢᠭᠤᠯᠬᠤ ᠶᠢᠨ ᠲᠤᠯᠠ ᠫᠷᠣᠶᠣᠭᠲᠤ ᠵᠣᠬᠢᠶᠠᠭᠰᠠᠨ ᠤ ᠲᠤᠯᠠ ᠣᠨ ᠤ ᠮᠠᠷᠲᠠᠶᠢᠨ ᠡᠳᠦᠷ᠎ᠡ ᠢᠮᠫᠡᠷᠠᠲᠤᠷ ᠤᠨ ᠪᠣᠯᠨᠤᠢ ᠶᠡᠬᠣᠨᠣᠮᠢᠰᠢᠢᠰᠬᠤᠢ ᠥᠪᠰᠢᠢᠰᠲᠠᠸᠠ ᠶᠢᠨ ᠰᠣᠪᠢᠢᠳ ᠤᠨ ᠪᠠᠢᠰᠬᠤᠯᠠᠩ ᠣᠨ᠎ᠠ ᠦᠨᠢ ᠡᠭᠦᠦᠷᠢᠳᠠ ᠵᠢᠳᠬᠦᠮᠵᠢ ᠲᠡᠢ ᠬᠡᠷᠡᠭ ᠳᠠᠭᠠᠭᠰᠠᠨ ᠤ ᠲᠤᠯᠠ
čiluγun negüürsü kürgegsen-ü tula tede gegen tuy-a-du noyan jegün / sibiri-yin giniral gübirnaturun bayasqulang-i 1858 on-u diqabri-yin 29-dü stab-un nasilniγ-iyar sonusqaγdaγsan / 1859 on-u ginbari-yin 10-du aγuyin otuγ-ud-un γalabnui tayiša-du batuluγdaγsan 1858 on-u noyabri-yin 22 / edüre γaramota bar slujiba sayin kigsen-ü tula yeke degedü-eče stanislaba-yin 3-duγar steyipei-yin oorden-u qavaleyir / bolγadaju oordin temdeg qayir-a kürtegsen ebüsü qadaγalalγ-a bariγulqu-yin tula proyoγtu jokiyaγsan-u tula 1859 on-u / martayin 29 edür-e imperatur-un bolnui yekonomisiisqui öbsiistava-yin sobiid-un baisqulang 1860 on-a üni / egüürida jidkümji-tei kereg daγaγsan-u tula:
50
ᠶᠡᠬᠡ ᠳᠡᠭᠡᠳᠦ ᠶᠢᠨ ᠵᠠᠷᠯᠢᠭ ᠢᠶᠠᠷ ᠲᠥᠭᠦᠷᠢᠭ ᠮᠥᠩᠭᠦ ᠬᠠᠶᠢᠷ᠎ᠠ ᠬᠦᠷᠲᠡᠪᠡᠢ ᠲᠡᠭᠦᠨᠴᠡ ᠭᠠᠳᠠᠨ᠎ᠠ ᠠᠯᠪᠠ ᠫᠣᠪᠢᠨᠣᠰᠲᠢ ᠪᠣᠯᠤᠨ ᠪᠤᠰᠤ ᠴᠤ ᠡᠯᠳᠡᠪ ᠬᠠᠤᠯᠢ ᠶᠢᠨ ᠬᠡᠷᠡᠭ ᠦᠳ ᠢ ᠲᠠᠰᠤᠯᠳᠠᠭᠤᠯᠤᠯ ᠦᠭᠡᠢ ᠪᠠᠶᠢᠳᠠᠭ ᠠᠴᠠ ᠳᠡᠭᠡᠳᠦ ᠠᠬᠠᠮᠠᠳ ᠠᠴᠠ ᠵᠢᠯ ᠪᠣᠯᠭᠤᠨᠠ ᠪᠠᠶᠠᠰᠬᠤᠯᠠᠩ ᠠᠪᠴᠤ ᠪᠠᠶᠢᠳᠠᠭ
yeke degedü-yin jarliγ-iyar 200 tögürig mönggü qayir-a kürtebei tegünče / γadan-a alba pobinosti bolun busu-ču eldeb qauli-yin kereg-üd-i tasuldaγulul ügei bayidaγ-ača degedü aqamad / ača jil bolγuna bayasqulang abču bayidaγ:
51
ᠲᠡᠶᠢᠨ ᠪᠠᠶᠢᠲᠠᠯᠠ ᠮᠠᠨᠵᠤ ᠶᠢᠨ ᠡᠩᠬᠡ ᠠᠮᠤᠭᠤᠯᠠᠩ ᠬᠠᠭᠠᠨ ᠣᠷᠣᠰ ᠤᠨ ᠶᠡᠬᠡ ᠳᠡᠭᠡᠳᠦ ᠡᠵᠡᠨ ᠢᠮᠫᠡᠷᠠᠲᠤᠷ  ᠳᠤᠭᠠᠷ ᠫᠡᠶᠢᠲᠡᠷ ᠤᠨ ᠦᠶ ᠡ ᠳᠦ ᠣᠨ᠎ᠠ ᠨᠣᠶᠠᠨ ᠲᠠᠶᠢᠨᠤᠢ ᠰᠣᠪᠢᠢᠳᠨᠢᠭ ᠡᠯᠳᠡᠪ ᠣᠯᠠ ᠶᠢᠨ ᠬᠠᠸᠠᠯᠢᠢᠷ ᠢᠯᠯᠢᠷᠢᠰᠬᠢ ᠭᠠᠷᠠᠪ ᠰᠠ ᠠ ᠪᠤ ᠸᠠᠯᠠᠳᠢᠰᠯᠠᠸᠢᠰᠢ ᠪᠡᠷ ᠬᠢᠲᠠᠳ ᠤᠨ ᠲᠦᠰᠢᠮᠡᠳ ᠢᠶᠡᠷ ᠬᠢᠶᠠᠭᠲᠤ ᠠᠴᠠ ᠣᠷᠭᠦᠨ᠎ᠡ ᠭᠣᠤᠯ ᠤᠨ ᠡᠬᠢᠨ ᠲᠡᠨᠳᠡᠨᠴᠡ ᠬᠤᠩ ᠲᠠᠶᠢᠵᠢ ᠶᠢᠨ ᠭᠠᠵᠠᠷ ᠬᠦᠷᠲᠡᠯᠡ ᠣᠷᠣᠰ ᠬᠢᠲᠠᠳ ᠤᠨ ᠭᠠᠵᠠᠷ ᠬᠤᠪᠢᠶᠠᠵᠤ
teyin bayitala manju-yin engke amuγulang qaγan oros-un yeke degedü ejen imperatur 2-duγar peyiter-un üy-e-dü / 1727 on-a noyan tayinui sobiidniγ eldeb cola-yin qavaliir illiriski γarab sa-a-bu valadislavisi ber kitad-un / (c. 13) tüsimed-iyer kiyaγtu-ača orgün-e γoul-un ekin tendenče qung tayiji-yin γajar kürtele oros kitad-un γajar qubiyaju /
52
ᠵᠠᠬ ᠠ ᠶᠢᠨ ᠲᠡᠮᠳᠡᠭ ᠲᠠᠯᠪᠢᠬᠤᠢ ᠳᠤᠷ ᠬᠣᠷᠢ ᠶᠢᠨ ᠵᠠᠶᠢᠰᠠᠩ ᠱᠢᠳᠤ ᠪᠣᠯᠲᠢᠷᠤᠭ ᠤᠨ ᠪᠤᠰᠤ ᠢᠲᠡᠭᠡᠯ ᠲᠡᠢ ᠠᠯᠪᠠᠲᠤ ᠨᠠᠷ ᠢᠶᠠᠷ ᠤᠯᠠᠭ᠎ᠠ ᠬᠢᠭᠡᠳ ᠶᠠᠮᠪᠠᠷ ᠬᠡᠷᠡᠭ ᠲᠤ ᠲᠤᠰᠠᠯᠠᠨ ᠵᠢᠳᠬᠦᠭᠰᠡᠨ ᠦ ᠲᠤᠯᠠ ᠡᠵᠡᠨ ᠢᠮᠫᠡᠷᠠᠲᠤᠷ  ᠳᠤᠭᠠᠷ ᠫᠢᠲᠡᠷ ᠬᠠᠭᠠᠨ ᠠᠴᠠ ᠣᠨ ᠤ ᠡᠶᠤᠨᠢ ᠶᠢᠨ  ᠦ ᠡᠳᠦᠷᠡ ᠪᠠᠲᠤᠯᠤᠭᠰᠠᠨ ᠫᠠᠲᠢᠨᠲᠠ ᠪᠠᠷ ᠲᠡᠷᠡ ᠵᠠᠶᠢᠰᠠᠩ ᠱᠢᠳᠤ ᠪᠡᠷ ᠲᠠᠶᠢᠱᠠ ᠪᠣᠯᠭᠠᠭᠳᠠᠭᠠᠳ ᠲᠡᠷᠡ ᠱᠢᠳᠤ ᠲᠠᠶᠢᠱᠠ ᠭᠢᠢᠨ ᠠᠬ᠎ᠠ ᠳᠡᠭᠦᠦ ᠪᠠ
jaq-a-yin temdeg talbiqui-dur qori-yin jayisang šidu boltiruγ-un busu itegel-tei albatu-nar-iyar ulaγ-a kiged / yambar kereg-tu tusalan jidkügsen-ü tula ejen imperatur 2-duγar piter qaγan-ača 1729 on-u eyuni-yin 4-ü / edüre batuluγsan patinta bar tere jayisang šidu ber tayiša bolγaγdaγad tere šidu tayiša-giin aq-a degüü ba:
53
ᠦᠷ ᠡ ᠨᠡᠷ ᠢᠨᠤ ᠰᠠᠩ ᠳᠤ ᠠᠯᠪᠠ ᠲᠣᠯᠦᠬᠦ ᠦᠭᠡᠢ ᠪᠠ
/ ür-e-ner inu sang-du alba tolükü ügei ba:
54
ᠲᠡᠷᠡ ᠲᠠᠶᠱᠠ ᠱᠢᠳᠤ ᠬᠢᠭᠡᠳ ᠵᠠᠯᠭᠠᠮᠵᠢᠯᠠᠭᠰᠠᠨ ᠦᠷ ᠡ ᠨᠡᠷ ᠲᠡᠢ ᠪᠡᠷ ᠵᠢᠯ ᠪᠦᠷᠢ ᠶᠢᠨ ᠬᠢᠶᠠᠭᠲᠤ ᠶᠢᠨ ᠣᠯᠵᠠ ᠠᠴᠠ ᠬᠣᠷᠢᠨ ᠲᠥᠭᠦᠷᠢᠭ ᠫᠢᠢᠩᠯᠦ ᠠᠪᠴᠤ ᠪᠠᠶᠢᠬᠤ ᠪᠠᠷ ᠬᠠᠶᠢᠷᠠᠯᠠᠭᠳᠠᠪᠠᠢ ᠲᠡᠭᠦᠨ ᠡᠴᠡ ᠡᠬᠢᠯᠡᠨ ᠬᠣᠷᠢ ᠶᠢᠨ ᠪᠤᠷᠢᠶᠠᠳ ᠳᠣᠲᠤᠷ᠎ᠠ ᠲᠠᠶᠢᠱᠠ ᠬᠡᠮᠡᠬᠦ ᠨᠣᠶᠠᠳ ᠲᠡᠷᠢᠭᠦᠦᠯᠡᠵᠦ ᠪᠠᠶᠢᠬᠤ ᠪᠣᠯᠵᠤᠬᠤᠢ
tere tayša šidu kiged jalγamjilaγsan ür-e-ner-tei ber jil büri- / yin kiyaγtu-yin olja-ača qorin tögürig piinglü abču bayiqu bar qayiralaγdabai tegün-eče ekilen qori-yin buriyad dotur-a / tayiša kemekü noyad terigüülejü bayiqu boljuqui:
55
ᠡᠨᠡ ᠲᠠᠶᠢᠱᠠ ᠨᠠᠷ ᠢ ᠢᠯᠢᠷᠬᠡᠶᠢᠯᠡᠪᠡᠰᠦ ᠠᠩᠬ ᠠ ᠤ ᠭᠠᠯᠠᠪᠠᠨᠤᠢ ᠲᠠᠶᠢᠱᠠ ᠭᠠᠯᠵᠤᠳ ᠣᠲᠤᠭ ᠤᠨ ᠱᠢᠳᠤ ᠪᠣᠯᠲᠠᠷᠤᠭ ᠤᠨ ᠲᠡᠭᠦᠨ ᠦ ᠬᠥᠪᠡᠭᠦᠨ ᠷᠢᠨᠴᠢᠨ
ene tayiša-nar-i ilirkeyilebesü angq-a-u γalabanui tayiša γaljud otuγ-un / šidu boltaruγ-un tegün-ü köbegün rinčin:
56
ᠲᠡᠭᠦᠨ ᠦ ᠬᠥᠪᠡᠭᠦᠨ ᠳᠠᠮᠪᠠ ᠳᠦᠭᠡᠷ ᠲᠡᠭᠦᠨ ᠦ ᠡᠷᠭᠦᠮᠡᠯ ᠬᠥᠪᠡᠭᠦᠨ ᠵᠢᠭᠵᠢᠳ ᠲᠡᠭᠦᠨ ᠦ ᠬᠥᠪᠡᠭᠦᠨ ᠲᠠᠷᠪᠠ
tegün-ü köbegün damba düger tegün-ü ergümel köbegün jigjid tegün-ü köbegün tarba:
57
ᠲᠡᠭᠦᠨ ᠦ ᠲᠤᠰᠢᠶᠠᠯ ᠠᠴᠠ ᠬᠣᠷᠢᠭᠳᠤᠬᠤ ᠳᠤ ᠬᠤᠸᠠᠠᠢ ᠣᠲᠤᠭ ᠤᠨ ᠰᠢᠦᠯᠦᠩᠭᠡ ᠪᠠᠳᠮ᠎ᠠ ᠸᠠᠴᠢᠷ ᠤᠨ ᠭᠠᠯᠠᠪᠨᠤᠢ ᠲᠠᠶᠢᠱᠠ ᠪᠣᠯᠤᠭᠠᠳ ᠡᠳᠦᠭᠡ ᠪᠠᠶᠢᠨᠠᠮ
tegün-ü / tusiyal-ača qoriγduqu-du quvacai otuγ-un siülüngge badm-a vačir-un γalabnui tayiša boluγad edüge bayinam:
58
ᠳᠡᠳ ᠪᠠ ᠠᠬᠠᠯᠠᠭᠴᠢ ᠴᠤ ᠦᠶ᠎ᠡ ᠦᠶ᠎ᠡ ᠪᠣᠯᠤᠯᠠᠵᠤ ᠪᠠᠶᠢᠭᠰᠠᠨ ᠲᠠᠶᠢᠱᠠ ᠨᠠᠷ ᠮᠥᠨ ᠭᠠᠯᠵᠤᠳ ᠣᠲᠤᠭ ᠤᠨ ᠭᠠᠯᠰᠠᠩ ᠮᠠᠷᠳᠠᠢ ᠶᠢᠨ
ded ba aqalaγči-ču / üy-e üy-e bolulcaju bayiγsan tayiša-nar mön γaljud otuγ-un γalsang mardai-yin:
59
ᠲᠡᠭᠦᠨ ᠦ ᠬᠥᠪᠡᠭᠦᠨ ᠳᠡᠮᠪᠢᠯ ᠲᠡᠭᠦᠨ ᠦ ᠬᠥᠪᠡᠭᠦᠨ ᠨᠢᠬᠤᠯᠠᠢ ᠡᠨᠡ ᠰᠡᠭᠦᠯᠰᠢ ᠶᠢᠨ ᠢᠨᠤ ᠬᠣᠷᠢ ᠶᠢᠨ ᠰᠲᠢᠫᠨᠤᠢ ᠳᠦᠮᠡᠶᠢᠨ ᠰᠠᠩ ᠤᠨ ᠮᠥᠩᠭᠦ ᠠᠪᠴᠤ ᠳᠦᠮ ᠡ ᠶᠢ ᠱᠢᠲᠠᠭᠠᠭᠰᠠᠨ ᠭᠡᠮ ᠦᠨ ᠲᠤᠯᠠ ᠣᠷᠣᠰ ᠣᠷᠤᠨ᠎ᠠ ᠵᠠᠷᠤᠭᠳᠠᠪᠠᠢ
tegün-ü köbegün dembil tegün-ü köbegün niqulai ene / segülsi-yin inu qori-yin stipnui dümeyin sang-un mönggü abču düm-e-yi šitaγaγsan gem-ün tula oros orun-a jaruγdabai:
60
ᠳᠢᠳ ᠲᠠᠶᠢᠱᠠ ᠨᠠᠷ ᠬᠠᠷᠭᠠᠨ᠎ᠠ ᠣᠲᠤᠭ ᠤᠨ ᠣᠯᠪᠤᠷᠢ ᠳᠠᠱᠢᠶ ᠶᠢᠨ ᠲᠡᠭᠦᠨ ᠦ ᠬᠥᠪᠡᠭᠦᠨ ᠳᠣᠷᠵᠢ ᠵᠢᠪ
did tayiša-/nar qarγan-a otuγ-un olburi dašiy-yin tegün-ü köbegün dorji jib:
61
ᠲᠡᠭᠦᠨ ᠦ ᠬᠥᠪᠡᠭᠦᠨ ᠫᠠᠪᠢᠯ ᠲᠡᠭᠦᠨ ᠦ ᠬᠥᠪᠡᠭᠦᠨ ᠪᠠᠳᠮ᠎ᠠ ᠲᠡᠭᠦᠨ ᠦ ᠬᠥᠪᠡᠭᠦᠨ ᠪᠠᠲᠤ ᠲᠤᠰᠢᠶᠠᠯ ᠠᠴᠠ ᠬᠣᠷᠢᠭᠳᠠᠪᠠᠢ ᠳᠢᠳ ᠲᠠᠶᠢᠱᠠ ᠬᠠᠷᠭᠠᠨ᠎ᠠ ᠣᠲᠤᠭ ᠤᠨ ᠶᠦᠮᠰᠦᠷᠦᠨ ᠸᠠᠩᠱᠢᠭ ᠤᠨ
tegün-ü köbegün pabil tegün-ü köbegün badm-a tegün-ü köbegün batu tusiyal-/ača qoriγdabai did tayiša qarγan-a otuγ-un yümsürün vangšiγ-un:
62
ᠲᠡᠭᠦᠨ ᠦ ᠬᠥᠪᠡᠭᠦᠨ ᠡᠪᠡᠭ ᠲᠡᠭᠦᠨ ᠦ ᠬᠥᠪᠡᠭᠦᠨ ᠡᠳᠡᠨ ᠦᠷ᠎ᠡ ᠦᠭᠡᠢ ᠬᠠᠯᠢᠭᠰᠠᠨ ᠠᠵᠤᠭᠤ ᠳᠡᠭᠡᠷᠡᠬᠢ ᠭᠠᠯᠠᠪᠨᠤᠢ ᠲᠠᠶᠢᠱᠠ ᠷᠢᠨᠴᠢᠨ ᠤ ᠦᠶ ᠡ ᠳᠦ ᠵᠢᠳᠬᠦᠮᠵᠢ ᠲᠡᠢ ᠰᠠᠶᠢᠨ ᠪᠠᠶᠢᠭᠰᠠᠨ ᠤ ᠲᠤᠯᠠ ᠭᠠᠯᠠᠪᠨᠤᠢ ᠲᠠᠶᠢᠱᠠ ᠷᠢᠨᠴᠢᠨ ᠤ ᠨᠠᠳᠪᠣᠷᠨᠤᠢ ᠰᠣᠪᠢᠢᠳᠨᠢᠭ ᠳᠢᠳ ᠲᠠᠶᠢᠱᠠ ᠨᠠᠷ ᠭᠠᠯᠠᠩ ᠮᠠᠷᠳᠠᠢ ᠶᠢᠨ ᠫᠠᠪᠢᠯ ᠳᠣᠷᠵᠢ ᠵᠢᠪ ᠤᠨ ᠡᠪᠡᠭ ᠶᠦᠮᠦᠷᠡᠨ ᠦ ᠬᠣᠯᠯᠢᠱᠬᠤᠢ ᠠᠰᠱᠢᠰᠤᠷ
tegün-ü köbegün cebeg tegün-ü köbegün ceden ür-e ügei qaliγsan [ajuγu] (вар.: В, С) / (с. 14) degereki γalabnui tayiša rinčin-u üy-e-dü jidkümji-tei sayin bayiγsan-u tula γalabnui tayiša rinčin-u nadbornui / sobiidniγ did tayiša-nar γalcang mardai-yin pabil dorji jib-un cebeg yümcüren-ü qollišqui asšisur:
63
ᠭᠠᠯᠵᠤᠳ ᠣᠲᠤᠭ ᠤᠨ ᠵᠠᠶᠢᠰᠠᠩ ᠤᠳ ᠠᠷᠰᠤᠯᠠᠨ ᠮᠠᠷᠳᠠᠢ ᠶᠢᠨ ᠳᠠᠨᠵᠢᠨ ᠪᠤᠮᠠᠯᠠᠢ ᠫᠣᠮᠢᠢᠯᠠᠢ ᠶᠢᠨ ᠬᠤᠸᠠᠠᠢ ᠣᠲᠤᠭ ᠤᠨ ᠵᠠᠶᠢᠰᠠᠩ ᠵᠠᠨᠳᠠᠨ ᠸᠠᠰᠢᠯᠢ ᠶᠢᠨ
γaljud otuγ-un / jayisang-ud arsulan mardai-yin danjin bumalai- (вар. В: pomiilai) yin quvacai otuγ-un jayisang jandan vasili-yin:
64
ᠬᠦᠪᠳᠦᠳ ᠣᠲᠤᠭ ᠤᠨ ᠵᠠᠶᠢᠰᠠᠩ ᠳᠡᠯᠭᠡᠷ ᠰᠢᠣᠨᠣᠬᠠᠨ ᠤ
kübdüd otuγ-un jayisang / delger sionoqan-u:
65
ᠭᠤᠴᠢᠳ ᠣᠲᠤᠭ ᠤᠨ ᠵᠠᠶᠢᠰᠠᠩ ᠡᠳᠡᠨ ᠮᠠᠨᠵᠤ ᠶᠢᠨ
γučid otuγ-un jayisang ceden manju-yin:
66
ᠰᠠᠷᠢᠶᠢᠳ ᠣᠲᠤᠭ ᠤᠨ ᠵᠠᠶᠢᠰᠠᠩ ᠶᠦᠮ ᠵᠢᠪ ᠢᠸᠠᠨ ᠤ ᠬᠠᠷᠭᠠᠨ᠎ᠠ ᠣᠲᠤᠭ ᠤᠨ ᠵᠠᠶᠢᠰᠠᠩ ᠪᠠᠳᠮ᠎ᠠ ᠡᠷᠡᠨ ᠭᠣᠨᠪᠤ ᠶᠢᠨ ᠬᠤᠳᠠᠢ ᠣᠲᠤᠭ ᠤᠨ ᠰᠢᠤᠯᠡᠩᠭᠡ ᠭᠠᠯᠵᠤᠳ ᠮᠤᠩᠬᠡ ᠶᠢᠨ
sariyid otuγ-un jayisang yüm jib ivan-u qarγan-a / otuγ-un jayisang badm-a ceren γonbu-yin qudai otuγ-un siulengge γaljud mungke-yin:
67
ᠪᠣᠳᠤᠩᠭᠤᠳ ᠣᠲᠤᠭ ᠤᠨ ᠵᠠᠶᠢᠰᠠᠩ ᠳᠠᠨᠵᠢᠨ ᠳᠣᠷᠵᠢ ᠶᠢᠨ ᠬᠠᠯᠪᠢᠨ ᠣᠲᠤᠭ ᠤᠨ ᠵᠠᠶᠢᠰᠠᠩ ᠡᠷᠭᠦᠳᠡᠭ ᠡᠪᠦᠭᠡᠨ ᠦ
bodungγud otuγ-un jayisang / danjin dorji-yin qalbin otuγ-un jayisang ergüdeg ebügen-ü:
68
ᠴᠠᠭᠠᠨ ᠣᠲᠤᠭ ᠤᠨ ᠵᠠᠶᠢᠰᠠᠩ ᠮᠣᠬᠤᠤ ᠤᠨᠠᠭᠠᠨ ᠤ
čaγan otuγ-un jayisang moquu unaγan-u:
69
ᠪᠠᠲᠤᠨᠠᠢ ᠣᠲᠤᠭ ᠤᠨ ᠰᠢᠤᠯᠢᠩᠭᠡ ᠭᠠᠯᠰᠢ ᠣᠮᠤᠭ ᠲᠤ ᠶᠢᠨ ᠪᠡᠷ ᠲᠢᠲᠢᠯᠢᠷᠨᠤᠢ ᠰᠣᠪᠢᠢᠳᠨᠢᠭ ᠬᠡᠷᠭᠡᠮ ᠬᠦᠷᠲᠡᠭᠰᠡᠨ ᠠᠵᠢᠭᠤ
batunai / otuγ-un siulingge γalsi omuγ-tu-yin ber titilirnui sobiidniγ kergem kürtegsen ajiγu:
70
ᠡᠭᠦᠨᠴᠡ ᠭᠠᠳᠠᠨ᠎ᠠ ᠣᠮᠤᠭ ᠣᠮᠤᠭ ᠳᠣᠲᠤᠷᠠ ᠵᠠᠶᠢᠰᠠᠩᠤᠳ ᠪᠠ
egünče γadan-a omuγ omuγ dotura / jayisangud ba:
71
ᠣᠮᠤᠭ ᠤᠨ ᠨᠢᠵᠢᠭᠡᠳ ᠰᠢᠤᠯᠢᠩᠭᠡ ᠪᠠ
omuγ-un nijiged siulingge ba:
72
ᠵᠠᠰᠠᠭᠤᠯ ᠬᠡᠮᠡᠬᠦ ᠨᠡᠷᠡᠮᠵᠢ ᠲᠡᠢ ᠰᠠᠶᠢᠳ ᠢᠶᠠᠷ ᠵᠠᠬᠢᠷᠤᠭᠳᠠᠵᠤ ᠪᠠᠶᠢᠳᠠᠭ ᠪᠥᠯᠦᠭᠡ
jasaγul kemekü neremji-tei sayid-iyar jakiruγdaju bayidaγ bölüge:
73
ᠪᠠᠰᠠ ᠣᠨ᠎ᠠ ᠶᠡᠬᠡ ᠳᠡᠭᠡᠳᠦ ᠶᠢᠨ ᠪᠠᠲᠤᠯᠤᠭᠰᠠᠨ ᠢᠶᠠᠷ ᠬᠣᠷᠢ ᠶᠢᠨ ᠠᠷᠪᠠᠨ ᠨᠢᠭᠡᠨ ᠣᠮᠤᠭ ᠤᠨ ᠪᠤᠷᠢᠶᠠᠳ ᠲᠤ ᠠᠷᠪᠠᠨ ᠨᠢᠭᠡᠨ ᠲᠤᠭ ᠬᠠᠶᠢᠷᠠᠯᠤᠭᠳᠠᠭᠰᠠᠨ ᠪᠤᠢ
basa 1727 on-a yeke degedü-yin batuluγsan-iyar qori-yin arban nigen omuγ-un buriyad-tu arban nigen tuγ qayiraluγdaγsan / bui:
74
ᠪᠠᠰᠠ ᠲᠡᠭᠦᠨᠴᠡ ᠬᠣᠶᠢᠨ᠎ᠠ ᠣᠨ᠎ᠠ ᠶᠡᠬᠡ ᠳᠡᠭᠡᠳᠦ ᠡᠵᠡᠨ ᠢᠮᠫᠡᠷᠠᠲᠣᠷ ᠨᠢᠬᠤᠯᠠᠢ ᠬᠠᠭᠠᠨ ᠠᠴᠠ ᠭᠠᠷᠠᠮᠣᠲᠢ ᠲᠠᠢ ᠠᠷᠪᠠᠨ ᠳᠥᠷᠪᠡᠨ ᠲᠤᠭ ᠬᠠᠶᠢᠷᠠᠯᠠᠭᠳᠠᠭᠠᠳ ᠭᠠᠷᠠᠮᠣᠲᠢ ᠳᠣᠲᠤᠷ᠎ᠠ ᠬᠣᠷᠢ ᠶᠢᠨ ᠪᠤᠷᠢᠶᠠᠳ ᠨᠠᠷ ᠢ ᠡᠰᠡ ᠵᠢᠭᠰᠠᠭᠠᠭᠳᠠᠭᠰᠠᠨ ᠴᠡᠷᠡᠭ ᠬᠡᠮᠡᠨ ᠨᠡᠷᠡᠶᠢᠳᠪᠡᠢ
basa tegünče qoyin-a 1837 on-a yeke degedü ejen imperator niqulai qaγan-ača γaramoti-tai arban dörben tuγ / qayiralaγdaγad γaramoti dotur-a qori-yin buriyad-nar-i ese jiγsaγaγdaγsan čereg kemen nereyidbei:
75
ᠶᠡᠬᠡ ᠳᠡᠭᠡᠳᠦ ᠡᠵᠡᠨ ᠢᠮᠫᠡᠷᠠᠲᠠᠷᠢᠢᠠ ᠳᠤᠭᠠᠷ ᠬᠠᠲᠠᠷᠢᠢᠨᠠ ᠣᠯᠢᠭᠰᠢᠶᠡᠪᠨᠠ ᠶᠢᠨ ᠦᠶ᠎ᠡ ᠣᠨ ᠳᠤ ᠬᠣᠷᠢ ᠶᠢᠨ ᠪᠤᠷᠢᠶᠠᠳ ᠤᠨ ᠬᠥᠳᠦᠯᠮᠦᠷᠰᠢ ᠳᠦᠰᠢ ᠶᠢᠨ ᠵᠡᠰ ᠢᠶᠡᠷ ᠲᠦ ᠠᠯᠪᠠ ᠡᠷᠭᠦᠬᠦ ᠪᠣᠯᠪᠠ
yeke degedü ejen / imperatariica 2 duγar qatariina oliγsiyebna-yin üy-e 1763 on-du qori-yin buriyad-un ködülmürsi düsi-yin jes-iyer / (c. 15) 3-3 tü alba ergükü bolba:
76
ᠪᠠᠰᠠ ᠣᠨ ᠲᠤᠬᠠᠢ ᠳᠤ ᠵᠤᠳ ᠲᠤᠷᠠᠩᠬ᠎ᠠ ᠪᠣᠯᠵᠤ ᠬᠣᠷᠢ ᠪᠤᠷᠢᠶᠠᠳ ᠤᠨ ᠮᠠᠯ ᠤᠳ ᠭᠠᠷᠵᠠᠯᠠᠵᠤ ᠦᠭᠡᠭᠦᠦᠷᠭᠡᠳ ᠵᠠᠷᠢᠮ ᠤᠳ ᠠᠨᠤ ᠦᠯᠳᠡᠭᠰᠡᠨ ᠠᠮᠢᠳᠤ ᠮᠠᠯ ᠢᠶᠠᠨ ᠬᠠᠨᠠᠵᠤ ᠴᠢᠰᠤᠨ ᠢ ᠢᠳᠡᠨ ᠲᠡᠵᠢᠶᠡᠯ ᠪᠣᠯᠭᠠᠵᠤ ᠶᠡᠬᠡᠳᠡ ᠵᠣᠪᠠᠬᠤ ᠶᠢᠨ ᠦᠶ᠎ᠡ ᠣᠨ᠎ᠠ ᠶᠡᠬᠡ ᠳᠡᠭᠡᠳᠦ ᠡᠵᠡᠨ ᠢᠮᠫᠡᠷᠠᠲᠠᠷᠢᠢᠠ  ᠳᠤᠭᠠᠷ ᠶᠢ ᠬᠠᠲᠠᠷᠢᠢᠨᠠ ᠬᠠᠲᠤᠨ ᠬᠠᠭᠠᠨ ᠪᠡᠷ ᠬᠠᠶᠢᠷᠠᠯᠠᠵᠤ ᠰᠠᠩ ᠠᠴᠠ ᠬᠥᠷᠦᠩᠭᠡ ᠬᠢᠭᠡᠳ
basa 1790 on tuqai-du jud turangq-a bolju qori buriyad-un mal-ud γarjalaju / ügegüürged jarim-ud anu üldegsen amidu mal-iyan qanaju čisun-i iden tejiyel bolγaju yekede jobaqu-yin üy-e / 1792 on-a yeke degedü ejen imperatariica 2-duγar yi qatariina qatun qaγan ber qayiralaju sang-ača körüngge kiged /
77
ᠠᠨᠵᠤᠰᠤ ᠰᠢᠢᠷᠫᠢ ᠬᠤᠳᠠᠯᠳᠠᠭ᠎ᠠ ᠦᠭᠡᠢ ᠥᠭᠴᠦ ᠴᠢᠳᠠᠯ ᠲᠠᠢ ᠤᠯᠤᠰ ᠢ ᠢᠯᠭᠠᠮᠵᠢᠯᠠᠨ ᠲᠠᠷᠢᠶᠠᠯᠠᠩ ᠲᠠᠷᠢᠭᠤᠯᠵᠤ ᠦᠷᠡᠵᠢᠭᠦᠯᠦᠭᠰᠡᠨ ᠢᠶᠡᠷ ᠪᠤᠷᠢᠶᠠᠳ ᠨᠠᠷ ᠴᠢᠳᠬᠤᠯᠠᠩ ᠪᠣᠯᠵᠤ ᠲᠡᠭᠦᠨᠴᠡ ᠬᠣᠶᠢᠰᠢ ᠴᠢᠳᠠᠯ ᠲᠠᠢ ᠤᠯᠤᠰ ᠲᠠᠷᠢᠶ᠎ᠠ ᠦᠶᠢᠯᠡᠳᠬᠦ ᠪᠣᠯᠵᠤ ᠮᠠᠯ ᠦᠰᠬᠡᠵᠦ ᠮᠠᠯ ᠢᠶᠠᠷ ᠤᠯᠠᠮ ᠤᠯᠠᠮ ᠪᠠᠶᠠᠵᠢᠵᠤ ᠬᠢᠭᠡᠳ ᠥᠰᠴᠦ ᠲᠡᠭᠦᠨ ᠳᠡᠭᠡᠷᠡ ᠪᠤᠰᠤ ᠮᠡᠳᠡᠯ ᠡᠴᠡ ᠬᠣᠷᠢ ᠳᠤ ᠬᠠᠮᠵᠢᠵᠤ ᠣᠯᠠᠨ ᠪᠣᠯᠤᠭᠠᠳ ᠣᠨ᠎ᠠ ᠪᠦᠭᠦᠳᠡᠶᠢᠨ ᠷᠢᠪᠢᠢᠵᠠ ᠲᠣᠭ᠎ᠠ ᠠᠪᠬᠤᠢ ᠳᠤᠷ
anjusu siirpi qudaldaγ-a ügei ögčü čidal-tai ulus-i ilγamjilan tariyalang tariγulju ürejigülügsen-iyer buriyad-nar / čidqulang bolju tegünče qoyisi čidal-tai ulus tariy-a üyiledkü bolju mal üskejü mal-iyar ulam ulam bayajiju / kiged ösčü tegün degere busu medel-eče qori-du qamjiju olan boluγad 1795 on-a bügüdeyin ribiija toγ-a abqui-dur /
78
ᠠᠷᠪᠠᠨ ᠳᠣᠯᠤᠭᠠᠨ ᠮᠢᠩᠭ᠎ᠠ ᠭᠤᠷᠪᠠᠨ ᠵᠠᠭᠤᠨ ᠳᠥᠴᠢᠨ ᠲᠠᠪᠤᠨ ᠡᠷ᠎ᠡ ᠳᠦᠦᠰᠢ ᠪᠣᠯᠪᠠᠢ
arban doluγan mingγ-a γurban jaγun döčin tabun er-e düüsi bolbai:
79
ᠬᠣᠷᠢ ᠪᠤᠷᠢᠶᠠᠳ ᠨᠠᠷ ᠤᠨ ᠡᠳᠦᠦ ᠲᠡᠳᠦᠦ ᠪᠡᠷ ᠥᠪᠡᠷᠦᠨ ᠳᠤᠷᠠ ᠪᠠᠷ ᠬᠡᠷᠢᠶᠡᠰᠡᠯᠡᠵᠦ ᠬᠷᠢᠰᠲᠣᠣᠰ ᠤᠨ ᠰᠢᠰᠢᠨ᠎ᠠ ᠣᠷᠤᠭᠰᠠᠨ ᠤᠯᠤᠰ ᠢ ᠴᠤᠭᠯᠠᠭᠤᠯᠵᠤ ᠬᠢᠯᠤᠭᠤ ᠶᠢᠨ ᠲᠣᠳᠬᠠᠲᠤ ᠬᠡᠮᠡᠬᠦ ᠭᠠᠵᠠᠷ᠎ᠠ ᠢᠯᠢᠶᠡᠨᠢ ᠪᠣᠯᠭᠠᠵᠤ ᠳᠦᠦᠰᠢ ᠳᠣᠲᠤᠷᠠ ᠨᠢᠭᠡ ᠰᠲᠠᠷᠱᠢᠨᠠ ᠲᠠᠢ ᠪᠠᠲᠤᠯᠠᠭᠤᠯᠠᠵᠤ ᠣᠨ᠎ᠠ ᠢᠯᠭᠠᠮᠵᠢᠯᠠᠵᠤ ᠪᠠᠶᠢᠯᠭᠠᠭᠰᠠᠨ ᠠᠨᠤ ᠣᠨ ᠳᠤ ᠥᠪᠡᠷᠦᠨ ᠳᠤᠷᠠᠪᠠᠷ ᠬᠣᠷᠢ ᠶᠢᠨ ᠮᠡᠳᠡᠯ ᠡᠴᠡ ᠰᠠᠯᠠᠵᠤ ᠬᠣᠨᠢᠯᠢ ᠶᠢᠨ ᠪᠣᠯᠤᠰᠨᠤᠢ ᠫᠷᠠᠪᠯᠢᠶᠡᠨᠢ ᠳᠤ ᠬᠠᠮᠵᠢᠭᠳᠠᠪᠠᠢ
qori buriyad-nar-un edüü tedüü ber öberün dura-bar keriyeselejü qristoos-un sisin-a oruγsan ulus-i čuγlaγulju / kiluγu-yin todqatu kemekü γajar-a ciliyeni bolγaju 160 düüsi dotura nige staršina-tai batulaγulaju 1795 on-a ilγamjilaju / bayilγaγsan anu 1826 on-du öberün durabar qori-yin medel-eče salaju qonili-yin bolusnui prabliyeni-du qamjiγdabai:
80
ᠲᠡᠨᠳᠡᠨᠴᠡ ᠬᠣᠷᠢ ᠶᠢᠨ ᠪᠤᠷᠢᠶᠠᠳ ᠦᠰᠴᠦ ᠤᠯᠠᠮ ᠣᠯᠠᠨ ᠪᠣᠯᠤᠭᠠᠳ ᠵᠠᠷᠢᠮ ᠠᠨᠤ ᠤᠯᠠᠮ ᠨᠡᠭᠦᠦᠭᠰᠡᠭᠡᠷ ᠨᠢᠷᠴᠢᠤ ᠭᠢᠢᠨ ᠣᠬᠷᠤᠭ ᠤᠨ ᠢᠩᠭᠢᠳᠡᠢ ᠮᠦᠷᠦᠨ ᠬᠢᠭᠡᠳ ᠰᠢᠲᠢ ᠦᠯᠦᠩᠭᠡ ᠲᠤᠷᠠ ᠬᠢᠭᠡᠳ ᠠᠭᠤ ᠭᠣᠤᠯ ᠢᠶᠠᠷ ᠪᠠ
tendenče qori-yin buriyad üsčü ulam olan boluγad jarim anu ulam negüügseger nirčiu-giin okrug-un inggidei mürün / kiged siti ülüngge tura kiged aγu γoul-iyar ba:
81
ᠲᠡᠷᠡ ᠰᠢᠳᠠᠷ ᠤᠨ ᠪᠤᠰᠤ ᠭᠠᠵᠠᠷ ᠤᠳ ᠢᠶᠠᠷ ᠨᠡᠭᠦᠦᠵᠦ ᠨᠤᠲᠤᠭᠯᠠᠨ ᠪᠠᠶᠢᠲᠠᠯᠠ ᠣᠨ ᠲᠤᠬᠠᠢ ᠳᠤ ᠥᠨᠳᠦᠷᠯᠡᠭᠴᠢ ᠶᠢᠨ ᠵᠠᠷᠯᠢᠭ ᠢᠶᠠᠷ ᠨᠣᠶᠠᠨ ᠳᠢᠰᠲᠡᠪᠢᠲᠡᠯᠨᠤᠢ ᠰᠲᠠᠲᠰᠬᠤᠢ ᠰᠣᠪᠢᠢᠳᠨᠢᠭ ᠯᠠᠪᠠ ᠮᠣᠷᠢᠯᠠᠵᠤ ᠢᠷᠢᠭᠡᠳ
tere sidar-un busu γajar-ud-iyar negüüjü nutuγlan bayitala / 1796 on tuqai-du öndürlegči-yin jarliγ-iyar noyan distebitelnui statsqui sobiidniγ laba morilaju iriged:
82
ᠣᠷᠣᠰ ᠣᠷᠤᠨ ᠠᠴᠠ ᠪᠠᠶᠢᠭᠠᠯ ᠤᠨ ᠡᠮᠦᠨᠡ ᠵᠦᠭ ᠲᠦ ᠰᠢᠨᠡ ᠨᠤᠲᠤᠭᠯᠠᠭᠤᠯᠬᠤ ᠫᠣᠱᠢᠯᠱᠢᠭ ᠤᠳ ᠲᠤ ᠭᠠᠵᠠᠷ ᠬᠡᠷᠡᠭᠯᠡᠭᠰᠡᠨ᠎ᠡ ᠢᠩᠭᠢᠳᠡᠢ ᠮᠦᠷᠦᠨ ᠬᠢᠭᠡᠳ
oros / orun-ača bayiγal-un emüne jüg-tü sine nutuγlaγulqu pošilšiγ-ud-tu γajar kereglegsen-e inggidei mürün kiged:
83
ᠦᠯᠦᠩᠭᠡ ᠲᠤᠷᠠ ᠭᠣᠤᠯ ᠤᠳ ᠠᠴᠠ ᠲᠦᠮ᠎ᠡ ᠮᠢᠩᠭᠠᠨ ᠳᠢᠰᠲᠡᠶᠢᠨᠠ ᠭᠠᠵᠠᠷ ᠥᠭᠲᠦᠵᠦ
ülüngge / (c. 16) tura γoul-ud-ača 1 tüm-e 5 mingγan disteyina γajar ögtüjü:
84
ᠲᠡᠭᠦᠨ ᠦ ᠬᠣᠵᠢᠮ ᠲᠡᠷᠡ ᠭᠠᠵᠠᠷ ᠤᠳ ᠲᠤ ᠫᠣᠰᠢᠢᠯᠰᠢᠭ ᠤᠳ ᠢᠷᠢᠵᠦ ᠰᠢᠯᠢᠢᠨᠢ ᠪᠣᠯᠬᠤᠢ ᠳᠤᠷ ᠲᠡᠷᠡ ᠭᠠᠵᠠᠷ᠎ᠠ ᠨᠡᠭᠦᠦᠵᠦ ᠪᠠᠶᠢᠭᠰᠠᠨ ᠬᠣᠷᠢ ᠶᠢᠨ ᠪᠤᠷᠢᠶᠠᠳ ᠤᠨ ᠣᠯᠠᠩᠬᠢ ᠠᠨᠤ ᠠᠭᠤ ᠭᠣᠤᠯ ᠬᠢᠭᠡᠳ ᠣᠨᠣᠩ ᠮᠦᠷᠦᠨ ᠦ ᠬᠥᠪᠡᠭᠡ ᠪᠡᠷ ᠪᠠ
tegün-ü qojim tere γajar-ud-tu posiilsiγ-ud / irijü siliini bolqui-dur tere γajar-a negüüjü bayiγsan qori-yin buriyad-un olangki anu aγu γoul kiged onong / mürün-ü köbege ber ba:
85
ᠲᠡᠷᠡ ᠰᠢᠳᠠᠷ ᠤᠨ ᠪᠤᠰᠤ ᠴᠤ ᠭᠠᠵᠠᠷ ᠤᠳ ᠢᠶᠠᠷ ᠨᠡᠭᠦᠦᠵᠦ ᠣᠳᠤᠭᠠᠳ ᠲᠡᠷᠡ ᠭᠠᠵᠠᠷ᠎ᠠ ᠤᠷᠢᠳᠠᠶᠢᠨ ᠪᠠᠶᠢᠭᠰᠠᠨ ᠵᠣᠨ ᠵᠤᠭ᠎ᠠ ᠨᠢᠢᠯᠡᠨ ᠨᠤᠲᠤᠭᠯᠠᠬᠤ ᠪᠣᠯᠤᠭᠰᠠᠨ ᠢᠶᠠᠷ
tere sidar-un busu-ču γajar-ud-iyar negüüjü oduγad tere γajar-a uridayin bayiγsan jon-/ juγ-a niilen nutuγlaqu boluγsan-iyar:
86
ᠬᠣᠷᠢ ᠶᠢᠨ ᠪᠤᠷᠢᠶᠠᠳ ᠨᠠᠷ ᠬᠣᠶᠠᠷ ᠠᠩᠭᠢ ᠪᠣᠯᠵᠤ ᠳᠡᠭᠡᠳᠦ ᠦᠳᠡ ᠶᠢᠨ ᠪᠠ
qori-yin buriyad-nar qoyar anggi bolju degedü üde-yin ba:
87
ᠨᠢᠷᠴᠢᠤ ᠭᠢᠢᠨ ᠬᠣᠶᠠᠷ ᠣᠬᠷᠤᠭ ᠲᠤ ᠨᠡᠭᠦᠵᠦ ᠪᠠᠶᠢᠭᠰᠠᠨ ᠪᠣᠯᠪᠠᠴᠤ ᠭᠠᠭᠴᠠ ᠬᠤ ᠬᠣᠷᠢ ᠶᠢᠨ ᠮᠡᠳᠡᠯ ᠳᠦ ᠪᠠᠶᠢᠭᠰᠠᠨ ᠠᠵᠤᠭᠤ
nirčiu-giin / qoyar okrug-tu negüjü bayiγsan bolbaču γaγča-qu qori-yin medel-dü bayiγsan ajuγu:
88
ᠦᠶ᠎ᠡ ᠦᠶ᠎ᠡ ᠪᠣᠳᠤᠭ᠎ᠠ ᠲᠠᠬᠤᠯ ᠪᠣᠯᠵᠤ ᠣᠯᠠᠩᠬᠢ ᠤᠯᠤᠰ ᠠᠨᠤ ᠲᠡᠷᠡ ᠡᠪᠡᠳᠴᠢᠨ ᠢᠶᠡᠷ ᠵᠣᠪᠠᠬᠤ ᠬᠢᠭᠡᠳ
üy-e üy-e boduγ-a taqul / bolju olangki ulus anu tere ebedčin-iyer jobaqu kiged:
89
ᠲᠡᠷᠡ ᠡᠪᠡᠳᠴᠢᠨ ᠢᠶᠡᠷ ᠵᠠᠯᠠᠭᠤ ᠬᠦᠮᠦᠨ ᠨᠦᠭᠦᠳ ᠭᠠᠭᠰᠠᠯᠠᠨ ᠦᠬᠦᠵᠦ ᠪᠠᠶᠢᠳᠠᠭ ᠪᠥᠭᠡᠳ ᠣᠨ ᠲᠤᠬᠠᠢ ᠳᠤ
tere ebedčin-iyer jalaγu kümün-nügüd γaγsalan üküjü bayidaγ / böged 1808 on tuqai-du:
90
ᠶᠡᠬᠡ ᠳᠡᠭᠡᠳᠦ ᠡᠵᠡᠨ ᠢᠮᠫᠡᠷᠠᠲᠣᠷ  ᠳᠦᠭᠡᠷ ᠠᠯᠢᠭᠰᠠᠨᠳᠠᠷ᠎ᠠ ᠬᠠᠭᠠᠨ ᠬᠠᠶᠢᠷᠠᠯᠠᠨ ᠠᠶᠢᠯᠠᠳᠵᠤ ᠴᠡᠴᠡᠭ ᠲᠠᠷᠢᠬᠤ ᠰᠤᠷᠭᠠᠯ ᠦᠶᠢᠯᠡᠳᠬᠡᠭᠦᠯᠵᠦ ᠬᠣᠷᠢ ᠶᠢᠨ ᠪᠤᠷᠢᠶᠠᠳ ᠳᠣᠲᠤᠷ᠎ᠠ ᠠᠷᠪᠠᠨ ᠶᠢᠰᠦᠨ ᠴᠡᠴᠡᠭ ᠦᠨ ᠦᠰᠨᠢᠭ ᠦᠳ ᠢ ᠪᠠᠲᠤᠯᠤᠭᠳᠠᠨ ᠬᠣᠵᠢᠮ ᠠᠨᠤ ᠲᠡᠳᠡ ᠤᠰᠢᠩ ᠦᠳ ᠲᠦ ᠵᠣᠨ ᠠᠴᠠ ᠵᠢᠯᠠᠪ ᠶᠢᠯᠠᠪ ᠮᠥᠩᠭᠦᠨ ᠠᠯᠪᠠ ᠦᠭᠡᠢ ᠪᠣᠯᠭᠠᠵᠤ ᠴᠡᠴᠡᠭ ᠲᠠᠷᠢᠳᠠᠭ ᠵᠢᠷᠤᠮ ᠭᠠᠷᠤᠭᠰᠠᠭᠠᠷ ᠳᠡᠭᠡᠷᠬᠢ ᠪᠣᠳᠤᠭ᠎ᠠ ᠲᠠᠬᠤᠯ ᠵᠣᠭᠰᠤᠵᠤ ᠦᠭᠡᠢ ᠪᠣᠯᠤᠨ
yeke degedü ejen imperator 1-düger aliγsandar-a qaγan qayiralan ayiladju čečeg tariqu / surγal üyiledkegüljü qori-yin buriyad dotur-a arban yisün čečeg-ün üsniγ-üd-i batuluγdan qojim anu tede / using-üd-tü jon-ača jilab // yilab mönggün alba ügei bolγaju čečeg taridaγ jirum γaruγsaγar degerki boduγ-a taqul joγsuju / ügei bolun:
91
ᠪᠠᠰᠠ ᠰᠢᠰᠢᠨ ᠳᠡᠯᠭᠡᠷᠡᠵᠦ ᠡᠮ ᠦᠨ ᠨᠣᠮ ᠤᠨ ᠰᠤᠷᠭᠤᠯᠢ ᠰᠤᠷᠠᠯᠴᠠᠭᠰᠠᠨ ᠪᠯᠠᠮ ᠠ ᠨᠠᠷ ᠡᠪᠡᠳᠴᠢᠨ ᠢ ᠡᠮᠨᠡᠬᠦ ᠪᠠ
basa sisin delgerejü em-ün nom-un surγuli suralčaγsan blam-a-nar ebedčin-i emnekü ba:
92
ᠨᠣᠮ ᠢ ᠤᠩᠱᠢᠵᠤ ᠪᠣᠯᠤᠭᠰᠠᠭᠠᠷ ᠬᠦᠮᠦᠨ ᠨᠦᠭᠦᠳ ᠦᠨ ᠡᠯᠳᠡᠪ ᠡᠪᠡᠳᠴᠢᠨ ᠢᠶᠡᠷ ᠡᠪᠡᠳᠬᠦ ᠬᠢᠭᠡᠳ ᠴᠠᠭ ᠪᠤᠰᠤ ᠦᠬᠦᠯ ᠦᠨ ᠠᠶᠤᠯ ᠠᠴᠠ ᠠᠷᠴᠢᠯᠠᠭᠳᠠᠵᠤ ᠡᠳᠦᠭᠡ ᠬᠦᠷᠲᠡᠯᠡ ᠠᠮᠤᠷᠵᠢᠭᠠᠳ ᠤᠯᠠᠮ ᠦᠰᠴᠦ ᠣᠯᠠᠨ ᠪᠣᠯᠤᠭᠰᠠᠨ ᠢᠶᠠᠷ ᠣᠨ ᠤ ᠷᠢᠪᠢᠢᠵᠠ ᠲᠣᠭᠣᠯᠠᠭᠴᠢ ᠳᠤᠷ ᠬᠣᠷᠢᠨ ᠮᠢᠩᠭ᠎ᠠ ᠨᠠᠶᠮᠠᠨ ᠵᠠᠭᠤᠨ ᠨᠢᠭᠡ ᠡᠷ᠎ᠡ ᠳᠦᠦᠱᠢ ᠪᠣᠯᠪᠠᠢ
nom-i ungšiju / boluγsaγar kümün nügüd-ün eldeb ebedčin-iyer ebedkü kiged čaγ busu ükül-ün ayul-ača arčilaγdaju edüge kürtele amurjiγad / ulam üsčü olan boluγsan-iyar 1811 on-u ribiija toγolaγči-dur qorin mingγ-a nayman jaγun nige er-e düüši bolbai:
93
ᠡᠭᠦᠨ ᠡᠴᠡ ᠤᠷᠢᠭᠰᠢᠳᠠ ᠬᠣᠷᠢ ᠶᠢᠨ ᠪᠤᠷᠢᠶᠠᠳ ᠳᠣᠲᠤᠷᠠ ᠪᠤᠷᠬᠠᠨ ᠤ ᠰᠢᠰᠢᠨ ᠪᠣᠯᠤᠭᠰᠠᠨ ᠭᠦᠶᠢᠡᠳ ᠳᠡᠯᠭᠡᠷᠡᠭᠰᠡᠨ ᠦᠭᠡᠢ ᠶᠢᠨ ᠰᠢᠯᠲᠠᠭᠠᠨ ᠠᠴᠠ ᠨᠣᠮ ᠪᠢᠴᠢᠭ ᠮᠡᠳᠡᠬᠦ ᠤᠯᠤᠰ ᠪᠠᠭ᠎ᠠ ᠵᠡᠷᠭᠡ ᠪᠠᠶᠢᠪᠠᠴᠤ ᠣᠯᠠᠩᠬᠢ ᠠᠨᠤ ᠮᠡᠳᠡᠬᠦ ᠦᠭᠡᠢ ᠪᠥᠭᠡᠳ ᠣᠯᠠᠨ ᠬᠢ ᠠᠨᠤ ᠭᠠᠭᠴᠠ ᠬᠤ ᠪᠥᠭᠡ ᠡ ᠭᠢᠢᠨ ᠮᠥᠷᠭᠦᠯ ᠢ ᠢᠲᠢᠭᠡᠮᠵᠢᠯᠡᠵᠦ ᠱᠢᠲᠦᠳᠦᠭ ᠠᠭᠰᠠᠨ ᠠᠵᠤᠭᠤ ᠡᠭᠦᠨ ᠡᠴᠡ ᠳᠣᠭᠣᠭᠴᠢᠳᠠ ᠪᠥᠭᠡ ᠡ ᠨᠡᠷ ᠦᠨ ᠮᠥᠷᠭᠦᠯ ᠢ ᠦᠶᠢᠯᠡᠳᠬᠦ ᠳᠡᠭᠡᠨ ᠲᠦᠬᠢᠶᠡᠷᠡᠬᠦ ᠵᠢᠷᠤᠮ ᠬᠢᠭᠡᠳ ᠬᠡᠷᠡᠭ ᠲᠡᠢ ᠵᠡᠪᠰᠡᠭ ᠦᠳ ᠲᠡᠢ ᠶᠢ ᠦᠭᠦᠯᠡᠭᠰᠡᠨ ᠵᠦᠶᠢᠯ ᠢᠶᠡᠷ ᠢᠯᠢᠷᠬᠡᠶᠢᠯᠡᠯᠭᠡ ᠶᠢ ᠡᠭᠦᠨ᠎ᠡ ᠡᠰᠡ ᠪᠢᠴᠢᠭᠳᠡᠪᠡᠢ
egün-eče uriγsida qori-yin buriyad dotura burqan-u sisin boluγsan güyiced delgeregsen ügei-yin siltaγan-ača nom / bičig medekü ulus baγ-a jerge bayibaču olangki anu medekü ügei böged olan-ki anu γaγča qu böge-e-giin mörgül-i / (c. 17) itigemjilejü šitüdüg aγsan ajuγu [egün-eče doγoγčida böge-e-ner-ün mörgül-i üyiledkü-degen tükiyerekü jirum kiged / kereg-tei jebseg-üd-tei-yi ügülegsen 10 jüyil-iyer ilirkeyilelge-yi egün-e ese bičigdebei:
94
ᠦᠵᠡᠬᠦ ᠶᠢ ᠬᠦᠰᠡᠭᠴᠢᠨ ᠪᠤᠰᠤ ᠪᠢᠴᠢᠭ ᠡᠴᠡ ᠦᠵᠡᠵᠦ ᠮᠡᠳᠡᠭᠳᠡᠬᠦᠢ ᠪᠥᠭᠡ ᠨᠡᠷ ᠦᠨ ᠮᠥᠷᠭᠦᠯ ᠢ ᠢᠯᠢᠷᠬᠡᠶᠢᠯᠡᠪᠡᠰᠦ
üjekü-yi küsegčin / busu bičig-eče üjejü medegdeküi:] (имеется только в вар. А) [böge-ner-ün mörgül-i ilirkeyilebesü:
95
 ᠳᠦᠷ ᠠᠩᠡᠠᠨ ᠪᠥᠭᠡ ᠪᠣᠯᠬᠤ ᠰᠤᠷᠭᠠᠯ ᠠᠨᠤ ᠤᠷᠢᠳᠠ ᠶᠢᠨ ᠪᠥᠭᠡ ᠬᠦᠮᠦᠨ ᠯᠦᠭᠡ ᠬᠠᠮᠲᠤᠷᠠᠨ ᠪᠥᠭᠡᠯᠡᠵᠦ ᠪᠠᠶᠢᠵᠤ ᠰᠢᠨᠠᠷ ᠬᠢᠯᠭᠡᠭᠦᠯᠬᠦ ᠲᠡᠷᠡ ᠢᠨᠤ ᠬᠣᠨᠢ ᠠᠯᠠᠵᠤ ᠤᠷᠲᠤ ᠮᠣᠳᠤᠨ ᠤ ᠦᠵᠡᠭᠦᠷᠡ ᠪᠦᠭᠡ ᠪᠡᠷ ᠬᠠᠳᠬᠤᠭᠠᠳ ᠲᠡᠭᠦᠨ᠎ᠡ ᠳᠡᠭᠡᠭᠴᠢ ᠬᠠᠨᠳᠤᠭᠤᠯᠵᠤ ᠭᠠᠵᠠᠷ ᠲᠤ ᠬᠠᠳᠬᠤᠭᠠᠳ ᠪᠥᠭᠡᠯᠡᠵᠦ ᠭᠣᠭᠣᠭᠠᠳ ᠳᠡᠷᠭᠡᠳᠡ ᠢᠨᠤ ᠣᠯᠠᠨ ᠮᠣᠳᠤ ᠬᠠᠳᠬᠤᠵᠤ ᠲᠡᠭᠦᠨ ᠦ ᠮᠦᠱᠢᠷ ᠲᠤ ᠰᠣᠯᠣᠩᠭ᠎ᠠ ᠴᠢᠩᠳᠠᠭ᠎ᠠ ᠲᠡᠷᠢᠭᠦᠲᠡᠨ ᠦ ᠠᠷᠠᠰᠤ ᠬᠢᠭᠡᠳ ᠪᠦᠰ ᠲᠣᠷᠭᠤᠨ ᠤ ᠡᠯᠳᠡᠪ ᠵᠦᠶᠢᠯ ᠦᠷᠲᠡᠰᠦ ᠣᠯᠠᠨ ᠢ ᠤᠶᠠᠬᠤ ᠪᠠ
1-dür: angean böge bolqu surγal anu urida-yin böge kümün-lüge / qamturan bögelejü bayiju sinar kilgegülkü tere inu qoni alaju urtu modun-u üjegüre bügce ber qadquγad tegün-e degegči / qanduγulju γajar-tu qadquγad bögelejü γoγoγad dergede inu olan modu qadquju tegün-ü müšir-tu solongγ-a čingdaγ-a / terigüten-ü arasu kiged büs torγun-u eldeb jüyil ürtesü olan-i uyaqu ba:
96
ᠡᠬᠡ ᠮᠣᠳᠤᠨ ᠨᠡᠷᠡᠲᠦ ᠶᠡᠬᠡ ᠮᠣᠳᠤ ᠭᠡᠰᠢᠭᠦᠰᠦ ᠮᠦᠴᠢᠷ ᠲᠡᠢ ᠵᠣᠭᠣᠭᠠᠳ ᠪᠥᠭᠡ ᠨᠡᠷ ᠢᠳᠤᠭᠠᠨ ᠪᠥᠭᠡᠯᠡᠵᠦ ᠪᠠᠶᠢᠵᠢ ᠲᠡᠭᠦᠨ᠎ᠡ ᠠᠪᠢᠷᠠᠬᠤ ᠪᠠ
eke modun neretü yeke modu gesigüsü / müčir-tei joγoγad böge-ner iduγan bögelejü bayiji tegün-e abiraqu ba:
97
ᠲᠡᠷᠡ ᠭᠠᠵᠠᠷᠠ ᠬᠠᠳᠬᠤᠭᠰᠠᠨ ᠱᠢᠨᠠᠷ ᠤᠨ ᠣᠯᠠᠨ ᠮᠣᠳᠤᠳ ᠢ ᠬᠥᠪᠡᠭᠦᠳ
tere γajara qadquγsan šinar-un olan / modud-i 9 köbegüd:
98
ᠥᠬᠢᠳ ᠲᠡᠭᠦᠨᠴᠡ ᠳᠣᠭᠣᠭᠴᠢ ᠴᠤ ᠬᠥᠪᠡᠭᠦᠳ ᠥᠬᠢᠳ ᠯᠦᠭᠡ ᠰᠡᠯᠭᠦᠨ ᠲᠣᠭᠣᠷᠢᠵᠤ ᠠᠳᠠᠭ ᠠᠨᠤ ᠬᠣᠨᠤᠭ
9 ökid tegünče doγoγči ču köbegüd ökid-lüge selgün toγoriju adaγ anu 3 qonuγ:
99
ᠳᠤᠮᠳᠠ ᠬᠣᠨᠤᠭ ᠡᠷᠬᠢᠮ ᠢᠨᠤ ᠬᠣᠨᠤᠭ ᠳᠣᠲᠤᠷᠠ ᠪᠥᠭᠡᠯᠡᠬᠦ ᠪᠤᠢ
/ dumda 5-7 qonuγ: erkim inu 9 qonuγ dotura bögelekü bui:
100
ᠲᠡᠷᠡ ᠵᠠᠭᠤᠷᠠ ᠡᠳᠦᠷ ᠪᠦᠷᠢ ᠬᠥᠳᠦᠭᠡ ᠠᠶᠢᠯ ᠤᠳ ᠢ ᠮᠣᠷᠢ ᠪᠡᠷ ᠵᠠᠶᠢᠵᠤ ᠶᠠᠪᠤᠵᠤ ᠪᠥᠭᠡᠯᠡᠬᠦ ᠪᠤᠢ
tere jaγura edür büri ködüge ayil-ud-i mori / ber jayiju yabuju bögelekü bui:
101
ᠡᠨᠡ ᠦᠶ᠎ᠡ ᠠᠶᠢᠯ ᠪᠦᠷᠢ ᠪᠦᠰ ᠢᠶᠡᠷ ᠬᠢᠭᠰᠡᠨ ᠮᠣᠭᠠᠢ ᠪᠠ ᠰᠣᠯᠤᠩᠭ᠎ᠠ ᠬᠦᠷᠦᠨ᠎ᠡ ᠦᠶᠡᠨ ᠦ ᠠᠷᠠᠰᠤ ᠪᠡᠯᠡᠳᠬᠡᠵᠦ ᠪᠠᠶᠢᠵᠤ ᠡᠷᠭᠦᠳᠡᠭ ᠪᠤᠢ
ene üy-e ayil büri büs-iyer kigsen moγai ba solungγ-a kürün-e üyen-ü arasu / beledkejü bayiju ergüdeg bui:
102
ᠡᠨᠡ ᠪᠣᠯᠪᠠᠰᠤ ᠪᠥᠭᠡ ᠪᠣᠯᠬᠤ ᠰᠤᠷᠭᠤᠯᠢ ᠠᠨᠤ ᠮᠡᠲᠦ ᠪᠥᠭᠡᠳ
ene bolbasu böge bolqu surγuli anu metü böged:
103
ᠡᠷᠡ ᠬᠦᠮᠦᠨ ᠪᠥᠭᠡᠰᠦ ᠪᠥᠭᠡ
ere kümün bögesü böge:
104
ᠡᠬᠡᠨᠡᠷ ᠪᠥᠭᠡᠰᠦ ᠢᠳᠤᠭᠠᠨ ᠬᠡᠮᠡᠨ ᠨᠡᠷᠡᠯᠡᠮᠤᠢ
ekener bögesü / (c. 18) iduγan kemen nerelemui:
105
ᠳᠤᠭᠠᠷ ᠪᠥᠭᠡᠯᠡᠬᠦ ᠳᠡᠭᠡᠨ ᠪᠠᠷᠢᠬᠤ ᠵᠡᠮᠡᠭ ᠠᠨᠤ ᠮᠣᠷᠢᠨ ᠤ ᠲᠣᠯᠤᠭᠠᠢ ᠶᠢᠨ ᠳᠦᠷᠡᠰᠦ ᠲᠡᠢ ᠮᠣᠳᠤᠨ᠎ᠠ ᠬᠣᠩᠬ᠎ᠠ ᠪᠥᠭᠡᠳ ᠡᠯᠳᠡᠪ ᠲᠡᠮᠦᠷ ᠪᠠ
2 duγar bögelekü-degen bariqu jemceg anu morin-u toluγai-yin düresü-tei 2 modun-a qongq-a / böged eldeb temür ba:
106
ᠨᠣᠮᠤ ᠰᠣᠮᠤ ᠪᠠ ᠳᠥᠷᠤᠭᠡ
nomu somu ba: döruge:
107
ᠮᠡᠨᠡᠬᠡᠢ ᠮᠣᠭᠠᠢ ᠶᠢᠨ ᠳᠦᠷᠰᠦ ᠤᠶᠠᠭᠠᠳ ᠭᠠᠷ ᠲᠠᠭᠠᠨ ᠪᠠᠷᠢᠨ ᠲᠤᠯᠠᠬᠤ ᠪᠤᠢ
menekei moγai-yin dürsü uyaγad γar-taγan barin tulaqu bui:
108
ᠲᠡᠷᠡ ᠢᠨᠤ ᠰᠣᠷᠪᠢ ᠬᠡᠮᠡᠭᠳᠡᠶᠦ
/ tere inu sorbi kemegdeyü:
109
ᠬᠣᠨᠢ ᠶᠠᠮᠠᠭᠠᠨ ᠤ ᠠᠷᠠᠰᠤ ᠪᠠᠷ ᠮᠠᠲᠠᠮᠠᠯ ᠮᠣᠳᠤᠨ᠎ᠠ ᠪᠦᠷᠢᠭᠰᠡᠨ ᠬᠠᠰ ᠬᠠᠭᠠᠰ ᠬᠡᠩᠭᠡᠷᠭᠡ ᠮᠡᠲᠦ ᠶᠢ ᠠᠳᠠᠭ ᠠᠨᠤ ᠭᠤᠷᠪᠠ
qoni yamaγan-u arasu bar matamal modun-a bürigsen qas (вар. с: qaγas) kenggerge metü-yi adaγ anu γurba:
110
ᠳᠤᠮᠳᠠ ᠠᠨᠤ ᠡᠷᠬᠢᠮ  ᠶᠢ ᠬᠢᠵᠦ ᠪᠥᠭᠡ
/ dumda anu 5-7: erkim 9-yi kijü böge:
111
ᠨᠢᠳᠤᠭᠠᠨ ᠨᠠᠷ ᠪᠠ ᠨᠥᠬᠦᠳ ᠠᠨᠤ ᠪᠠᠷᠢᠵᠤ ᠮᠣᠳᠤ ᠪᠠᠷ ᠣᠬᠢᠨ ᠳᠠᠭᠤᠨ ᠭᠠᠷᠭᠠᠬᠤ ᠪᠤᠢ
niduγan-nar ba nöküd anu bariju modu-bar cokin daγun γarγaqu / bui:
112
ᠡᠨᠡ ᠢᠨᠤ ᠬᠡᠡ ᠬᠡᠮᠡᠭᠳᠡᠶᠤ
ene inu kece kemegdeyu:
113
ᠳᠤᠭᠠᠷ ᠡᠮᠦᠰᠬᠦ ᠬᠤᠪᠴᠠᠳ ᠠᠨᠤ ᠭᠥᠷᠤᠭᠡᠰᠦᠨ ᠦ ᠠᠷᠠᠰᠤᠨ ᠳᠣᠲᠤᠷ ᠲᠠᠢ ᠡᠪᠦᠷ ᠲᠡᠢ ᠲᠡᠮᠦᠷ ᠮᠠᠯᠠᠭᠠᠢ ᠳᠤ ᠮᠣᠭᠠᠢ ᠶᠢᠨ ᠳᠦᠷᠰᠦ ᠲᠡᠷᠢᠭᠦᠲᠡᠨ ᠢ ᠤᠶᠠᠵᠤ ᠲᠡᠷᠢᠭᠦᠨ᠎ᠡ ᠡᠮᠦᠰᠬᠦ ᠪᠤᠢ
3 duγar emüskü qubčad anu görugesün-ü arasun dotur-tai ebür-tei temür malaγai-du / moγai-yin dürsü terigüten-i uyaju terigün-e emüskü bui:
114
ᠡᠨᠡ ᠠᠨᠤ ᠮᠠᠶᠢᠬᠠᠪᠴᠢ ᠬᠡᠮᠡᠭᠳᠡᠶᠤ
ene anu mayiqabči kemegdeyu:
115
ᠭᠥᠷᠦᠭᠡᠰᠦᠨ ᠤ ᠠᠷᠠᠰᠤᠨ ᠳᠡᠪᠡᠯ ᠳᠦ ᠲᠡᠮᠦᠷ ᠢᠶᠡᠷ ᠬᠢᠭᠰᠡᠨ ᠵᠢᠳᠠ ᠭᠣᠬ᠎ᠠ ᠳᠥᠷᠦᠭᠡ ᠪᠠ ᠡᠯᠳᠡᠪ ᠶᠠᠭᠤᠮ᠎ᠠ ᠬᠢᠭᠡᠳ
görügesün-u arasun debel-dü / temür-iyer kigsen jida γoq-a dörüge ba eldeb yaγum-a kiged:
116
ᠪᠥᠰ ᠢᠶᠡᠷ ᠣᠶᠤᠵᠤ ᠬᠢᠭᠰᠡᠨ ᠮᠡᠨᠡᠬᠡᠢ ᠶᠢᠨ ᠮᠣᠭᠠᠢ ᠶᠢᠨ ᠳᠦᠷᠰᠦ ᠪᠠ
bös-iyer oyuju kigsen menekei-yin moγai-yin dürsü ba:
117
ᠰᠣᠯᠤᠩᠭ᠎ᠠ ᠦᠶᠡᠨ ᠬᠡᠷᠮᠡᠨ ᠦ ᠠᠷᠠᠰᠤ ᠲᠡᠷᠢᠭᠦᠲᠡᠨ ᠢ ᠣᠯᠠᠨ ᠣᠯᠠᠨ ᠢᠶᠠᠷ ᠣᠶᠤᠵᠤ ᠪᠡᠶ ᠡ ᠳᠡᠭᠡᠨ ᠡᠮᠦᠰᠶᠤ
/ solungγ-a üyen kermen-ü arasu terigüten-i olan olan-iyar oyuju bey-e-degen emüsyu:
118
ᠡᠨᠡ ᠢᠨᠤ ᠠᠮᠢᠲᠠᠢ ᠣᠷᠭᠤᠢ ᠬᠡᠮᠡᠭᠳᠡᠶᠤ
ene inu amitai orγui / kemegdeyu:
119
ᠳᠦᠭᠡᠷ ᠵᠡᠭᠦᠦᠬᠦ ᠵᠡᠮᠡᠭ ᠢᠨᠤ
1 düger jegüükü jemceg inu:
120
ᠵᠡᠰ ᠲᠡᠮᠦᠷ ᠢᠶᠡᠷ ᠬᠢᠭᠰᠡᠨ ᠰᠢᠪᠤᠭᠤᠨ ᠲᠡᠷᠢᠭᠦᠲᠡᠨ ᠦ ᠳᠦᠷᠰᠦ ᠲᠡᠢ ᠪᠠ
jes temür-iyer kigsen sibuγun terigüten-ü dürsü-tei ba:
121
ᠳᠦᠬᠦᠷᠢᠭ ᠬᠠᠩᠳᠠᠭᠠᠢ ᠮᠣᠨᠰᠣᠭᠣᠷ ᠭᠣᠨᠵᠣᠭᠣᠷ ᠡᠳᠡᠨ ᠳᠦ ᠡᠯᠳᠡᠪ ᠪᠥᠰ ᠲᠣᠷᠭᠤᠨ ᠤ ᠦᠷᠲᠦᠰᠦ ᠤᠶᠠᠵᠤ ᠣᠭᠣᠰᠤᠷᠯᠠᠨ ᠬᠦᠵᠦᠭᠦᠨ᠎ᠡ ᠵᠡᠭᠦᠵᠦ
dükürig qangdaγai / monsoγor γonjoγor eden-dü eldeb bös torγun-u ürtüsü uyaju oγosurlan küjügün-e jegüjü:
122
ᠡᠨᠡ ᠢᠨᠤ ᠰᠠᠬᠢᠭᠤᠯᠰᠤᠨ ᠬᠡᠮᠡᠭᠳᠡᠶᠢ
ene inu sakiγulsun / kemegdeyi:
123
ᠳᠤᠭᠠᠷ ᠦᠵᠡᠮᠡᠷᠯᠡᠬᠦ ᠢᠨᠤ ᠡᠪᠡᠳᠦᠭᠰᠡᠨ ᠬᠦᠮᠦᠨ ᠬᠢᠭᠡᠳ ᠡᠯᠡᠭᠦᠷ ᠴᠦ ᠬᠦᠮᠦᠨ᠎ᠡ ᠴᠢᠮᠠᠢ ᠶᠢ ᠲᠡᠶᠢᠮᠦ ᠨᠡᠷ ᠡ ᠲᠦ ᠣᠩᠭᠣᠨ ᠡᠪᠡᠳᠬᠡᠵᠦ ᠪᠠ ᠦᠬᠦᠭᠦᠯᠬᠦ ᠶᠢ ᠵᠠᠪᠳᠠᠵᠤ ᠪᠠᠶᠢᠨᠠ ᠲᠡᠭᠦᠨᠢ ᠬᠦᠩᠳᠦᠯᠡᠬᠦ ᠭᠤᠶᠤᠬᠤ ᠶᠢᠨ ᠲᠤᠰ ᠲᠡᠶᠢᠮᠦ ᠬᠡᠷᠡᠭ ᠬᠢᠭᠡᠷᠡᠢ
5 duγar üjemerlekü inu ebedügsen kümün kiged elegür-čü kümün-e čimai-yi teyimü ner-e-tü ongγon ebedkejü ba / ükügülkü-yi jabdaju bayina tegüni küngdülekü γuyuqu-yin tus teyimü kereg kigerei:
124
ᠲᠡᠶᠢᠮᠦ ᠴᠢᠳᠬᠦᠷ ᠬᠣᠤᠷᠯᠠᠵᠤ ᠪᠠᠶᠢᠨᠠ ᠲᠡᠭᠦᠨᠢ ᠬᠥᠭᠡᠬᠦ ᠦᠯᠳᠡᠬᠦ ᠲᠡᠶᠢᠮᠦ ᠦᠶᠢᠯᠡᠳᠪᠦᠷᠢ ᠬᠢᠯᠭᠡᠭᠦᠯ
teyimü čidkür qourlaju bayina tegüni / (c. 19) kögekü üldekü teyimü üyiledbüri kilgegül:
125
ᠲᠡᠶᠢᠮᠦ ᠡᠳ ᠲᠠᠸᠠᠷ ᠭᠠᠢ ᠲᠠᠢ ᠪᠠᠶᠢᠨᠠ
teyimü ed tavar γai-tai bayina:
126
ᠲᠡᠭᠦᠨᠢ ᠭᠠᠷᠭᠠᠭᠤᠯ ᠬᠡᠮᠡᠨ ᠬᠡᠯᠡᠬᠦ ᠠᠮᠤᠢ
tegüni γarγaγul kemen kelekü amui:
127
ᠡᠨᠡ ᠦᠵᠡᠮᠡᠷᠯᠡᠬᠦ ᠳᠡᠭᠡᠨ ᠵᠠᠷᠢᠮ ᠳᠠᠭᠠᠨ ᠤᠬᠠᠭᠠᠨ ᠢᠶᠠᠷ ᠮᠡᠳᠡᠨᠡᠮ ᠬᠡᠮᠡᠬᠦ ᠪᠠ
ene / üjemerlekü-degen jarim-daγan uqaγan-iyar medenem kemekü ba:
128
ᠵᠠᠷᠢᠮ ᠳᠠᠭᠠᠨ ᠬᠣᠨᠢᠨ ᠤ ᠳᠠᠯᠤ ᠶᠢᠨ ᠶᠠᠰᠤᠨ ᠢ ᠭᠠᠯ ᠳᠤ ᠱᠢᠲᠠᠭᠠᠵᠤ ᠲᠡᠭᠦᠨ ᠦ ᠬᠠᠭᠠᠷᠠᠭᠰᠠᠨ ᠭᠠᠩ ᠢᠶᠠᠷ ᠰᠢᠩᠵᠢᠵᠦ ᠮᠡᠳᠡᠨᠡᠮ ᠬᠡᠮᠡᠬᠦ ᠪᠠ
jarim-daγan qonin-u dalu-yin yasun-i γal-du šitaγaju / tegün-ü qaγaraγsan γang-iyar singjijü medenem kemekü ba:
129
ᠵᠠᠷᠢᠮ ᠳᠠᠭᠠᠨ ᠣᠩᠭᠣᠳ ᠢ ᠤᠷᠢᠵᠤ ᠢᠷᠢᠭᠦᠯᠡᠭᠡᠳ ᠳᠣᠲᠤᠷᠠ ᠪᠠᠨ ᠣᠷᠤᠭᠤᠯᠪᠠ ᠬᠡᠮᠡᠨ ᠲᠡᠷᠡ ᠣᠩᠭᠣᠨ ᠤ ᠨᠡᠷᠡ ᠪᠡᠷ ᠪᠥᠭᠡᠯᠡᠵᠦ ᠪᠠᠶᠢᠵᠤ ᠦᠵᠡᠮᠡᠷᠯᠡᠨ ᠬᠡᠮᠡᠬᠦ ᠪᠤᠢ
jarim-daγan ongγod-i uriju irigüleged dotura ban oruγulba / kemen tere ongγon-u nere-ber bögelejü bayiju üjemerlen kemekü bui:
130
ᠳᠤᠭᠠᠷ ᠦᠶᠢᠯᠡᠳᠬᠦ ᠦᠶᠢᠯᠡᠳᠪᠡᠷᠢ ᠢᠨᠤ
6 duγar üyiledkü üyiledberi inu:
131
ᠲᠡᠶᠢᠨ ᠦᠵᠡᠮᠡᠷᠯᠡᠨ ᠬᠡᠮᠡᠭᠰᠡᠨ᠎ᠡ ᠵᠠᠷᠢᠮ ᠬᠦᠮᠦᠨ ᠢᠲᠢᠭᠡᠨ ᠠᠶᠤᠵᠤ ᠪᠥᠭᠡ ᠢᠳᠤᠭᠠᠨ ᠢ ᠭᠡᠷ ᠲᠡᠭᠡᠨ ᠤᠷᠢᠵᠤ ᠪᠥᠭᠡᠯᠡᠬᠦᠢ ᠳᠦᠷ ᠵᠠᠷᠢᠮ ᠳᠠᠭᠠᠨ ᠬᠣᠨᠢ ᠶᠠᠮᠠᠭ᠎ᠠ ᠠᠳᠤᠭᠤᠰᠤ ᠴᠤ ᠠᠯᠠᠵᠤ ᠤᠷᠲᠤ ᠮᠣᠳᠤᠨ᠎ᠠ ᠪᠦᠭᠡ ᠪᠡᠷ ᠢᠨᠤ ᠬᠠᠳᠬᠤᠵᠤ ᠳᠡᠭᠡᠭᠴᠢ ᠬᠠᠨᠳᠤᠭᠤᠯᠵᠤ ᠭᠠᠵᠠᠷ ᠲᠤᠷ ᠬᠠᠳᠬᠤᠭᠠᠳ ᠪᠥᠭᠡᠯᠡᠬᠦ ᠪᠠ
teyin / üjemerlen kemegsen-e jarim kümün itigen ayuju böge iduγan-i ger-tegen uriju bögeleküi-dür jarim-daγan qoni yamaγ-a / aduγusu-ču alaju urtu modun-a bügce ber inu qadquju degegči qanduγulju γajar-tur qadquγad bögelekü ba:
132
ᠵᠠᠷᠢᠮ ᠳᠠᠭᠠᠨ ᠬᠣᠨᠢ ᠬᠣᠨᠢ ᠶᠠᠮᠠᠭ᠎ᠠ ᠠᠳᠠᠭᠤᠰᠤ ᠠᠯᠠᠵᠤ ᠮᠢᠬ ᠠ ᠶᠢ ᠠᠨᠤ ᠪᠣᠯᠭᠤᠭᠠᠳ ᠣᠩᠭᠣᠨ ᠤ ᠳᠦᠷᠰᠦ ᠶᠢ ᠪᠥᠰ ᠲᠣᠷᠭᠠᠨ᠎ᠠ ᠵᠢᠷᠤᠵᠤ ᠪᠠ
jarim / daγan qoni qoni yamaγ-a adaγusu alaju miq-a-yi anu bolγuγad ongγon-u dürsü-yi bös torγan-a jiruju ba:
133
ᠵᠡᠰ ᠭᠤᠤᠯᠢ ᠪᠡᠷ ᠳᠠᠷᠬᠠᠯᠠᠵᠤ ᠪᠠ
jes γuuli / ber darqalaju ba:
134
ᠡᠴᠢᠭᠡᠢ ᠬᠢᠭᠡᠳ ᠬᠣᠨᠢᠨ ᠤ ᠠᠷᠠᠰᠤ ᠪᠠᠷ ᠪᠤᠶᠤ ᠮᠣᠳᠤᠪᠠᠷ ᠴᠤ ᠳᠠᠷᠬᠠᠯᠠᠵᠤ ᠪᠦᠲᠦᠭᠡᠭᠡᠳ
ečigei kiged qonin-u arasu bar buyu modubar-ču darqalaju bütügeged:
135
ᠲᠡᠭᠦᠨ᠎ᠡ ᠲᠠᠬᠢᠯ ᠡᠷᠭᠦᠵᠦ ᠪᠠ
tegün-e takil ergüjü ba:
136
ᠮᠥᠷᠭᠦᠭᠦᠯᠵᠦ ᠪᠠᠶᠢᠵᠤ ᠪᠥᠭᠡᠯᠡᠬᠦ ᠪᠠ
/ mörgügüljü bayiju bögelekü ba:
137
ᠵᠠᠷᠢᠮ ᠳᠠᠭᠠᠨ ᠣᠯᠠᠨ ᠮᠣᠳᠤ ᠭᠠᠵᠠᠷ ᠲᠤ ᠬᠠᠳᠬᠤᠭᠠᠳ ᠲᠡᠭᠦᠨ᠎ᠡ ᠰᠣᠯᠤᠩᠭ᠎ᠠ ᠬᠡᠷᠮᠡᠨ ᠰᠢᠨᠳᠠᠭᠠᠨ ᠭᠥᠷᠦᠭᠡᠰᠦᠨ ᠦ ᠠᠷᠢᠰᠤ ᠪᠠ
jarim-daγan olan modu γajar-tu qadquγad tegün-e solungγ-a kermen sindaγan görügesün-ü arisu / ba:
138
ᠪᠥᠰ ᠤᠶᠠᠵᠤ ᠪᠠᠶᠢᠵᠤ ᠪᠥᠭᠡᠯᠡᠬᠦ ᠪᠤᠢ
bös uyaju bayiju bögelekü bui:
139
ᠪᠠᠰᠠ ᠵᠠᠷᠢᠮ ᠳᠠᠭᠠᠨ ᠴᠢᠳᠬᠦᠷ ᠦᠯᠳᠦᠬᠦ ᠬᠡᠮᠡᠨ ᠬᠠᠷᠠ ᠦᠬᠡᠷ ᠠᠮᠢᠳᠤᠢ ᠪᠡᠷ ᠪᠠᠷᠢᠭᠤᠯᠵᠤ ᠪᠠᠶᠢᠵᠤ ᠴᠢᠳᠬᠦᠷ ᠦᠨ ᠳᠦᠷᠰᠦ ᠶᠢ ᠬᠢᠵᠦ ᠪᠥᠭᠡᠯᠡᠭᠡᠳ
basa jarim-daγan čidkür üldükü kemen qara üker amidui ber bariγulju bayiju čidkür- / ün dürsü-yi kijü bögeleged:
140
ᠲᠡᠭᠦᠨ᠎ᠡ ᠨᠥᠬᠦᠨ᠎ᠡ ᠪᠤᠯᠠᠬᠤ ᠪᠤᠢ
tegün-e nökün-e bulaqu bui:
141
ᠪᠤᠯᠠᠬᠤ ᠪᠤᠢ ᠭᠠᠢ ᠲᠠᠢ ᠡᠳ ᠲᠠᠸᠠᠷ ᠢ ᠠᠨᠤ ᠬᠥᠳᠦᠭᠡ ᠳᠦ ᠭᠠᠷᠭᠠᠭᠤᠯᠤᠭᠠᠳ ᠠᠪᠬᠤ ᠪᠤᠢ
bulaqu bui: γai-tai ed tavar-i anu ködüge-dü γarγaγuluγad abqu / bui:
142
ᠲᠡᠶᠢᠨ ᠭᠠᠵᠠᠷ ᠪᠦᠷᠢ ᠶᠢᠨ ᠪᠥᠭᠡ ᠨᠡᠷ ᠦᠨ ᠦᠶᠢᠯᠡᠳᠬᠦ ᠦᠶᠢᠯᠡᠳᠪᠡᠷᠢ ᠣᠯᠠᠩᠬᠢᠨ ᠠᠨᠤ ᠠᠳᠠᠯᠢ ᠪᠣᠯᠪᠠᠴᠤ ᠪᠠᠰᠠ ᠵᠠᠷᠢᠮ ᠠᠨᠤ ᠲᠤᠰ ᠲᠤᠰᠤᠭᠠᠷ ᠠᠮᠤᠢ
teyin γajar büri-yin böge-ner-ün üyiledkü üyiledberi olangkin anu adali bolbaču basa jarim anu tus tusuγar amui:
143
ᠳᠤᠭᠠᠷ ᠣᠩᠭᠣᠳ ᠬᠡᠮᠡᠬᠦ ᠢᠨᠤ
/ 7 duγar ongγod kemekü inu:
144
ᠤᠷᠢᠳᠠ ᠠᠨᠤ ᠨᠥᠭᠴᠢᠭᠰᠡᠨ ᠪᠥᠭᠡ ᠨᠢᠳᠤᠭᠠᠨ ᠪᠠ
urida anu nögčigsen böge niduγan ba:
145
ᠪᠤᠰᠤᠴᠤ ᠨᠥᠭᠴᠢᠭᠰᠡᠨ ᠬᠦᠮᠦᠨ ᠦ ᠰᠥᠨᠡᠰᠦᠨ ᠣᠩᠭᠣᠨ ᠪᠣᠯᠤᠭᠠᠳ ᠬᠦᠮᠦᠨ᠎ᠡ ᠡᠪᠡᠳᠴᠢᠨ ᠬᠢᠭᠡᠳ ᠦᠬᠦᠯ ᠪᠣᠯᠭᠠᠳᠠᠭ ᠵᠠᠷᠢᠮ ᠨᠥᠭᠴᠢᠭᠰᠡᠨ ᠬᠦᠮᠦᠨ ᠦ ᠰᠦᠨᠡᠰᠦᠨ ᠴᠢᠳᠬᠦᠷ ᠪᠣᠯᠤᠭᠠᠳ ᠬᠦᠮᠦᠨ᠎ᠡ ᠬᠣᠤᠷᠯᠠᠳᠠᠭ ᠬᠡᠮᠡᠨ ᠦᠵᠡᠮᠡᠷᠯᠡᠳᠡᠭ ᠠᠮᠤᠢ
busuču nögčigsen kümün-ü sönesün / ongγon boluγad kümün-e ebedčin kiged ükül bolγadaγ jarim nögčigsen kümün-ü sünesün čidkür boluγad kümün-e qourladaγ (c. 20) kemen üjemerledeg amui:
146
 ᠳᠤᠭᠠᠷ ᠦᠵᠢᠯ ᠲᠠᠭᠠᠯᠠᠯ ᠠᠨᠤ
8-duγar üjil taγalal anu:
147
ᠵᠠᠷᠢᠮ ᠣᠯᠠᠩᠬᠢᠨ ᠪᠥᠭᠡ ᠢᠳᠤᠭᠠᠨ ᠠᠨᠤ ᠪᠤᠷᠬᠠᠨ᠎ᠠ ᠮᠥᠷᠭᠦᠬᠦ ᠪᠠ ᠪᠤᠶᠠᠨ ᠲᠠᠢ ᠶᠠᠭᠠᠮᠠ ᠦᠶᠢᠯᠡᠳᠪᠡᠰᠦ ᠲᠤᠰᠠ ᠦᠭᠡᠢ
jarim olangkin böge iduγan anu burqan-a mörgükü ba… ? / buyan-tai yaγama üyiledbesü tusa ügei:
148
ᠨᠢᠭᠤᠯ ᠦᠶᠢᠯᠡᠳᠪᠡᠴᠦ ᠭᠡᠮ ᠦᠭᠡᠢ
niγul üyiledbečü gem ügei:
149
ᠬᠦᠮᠦᠨ ᠡᠪᠡᠳᠪᠡᠰᠦ ᠪᠠ ᠦᠬᠦᠪᠡᠰᠦ ᠣᠩᠭᠣᠳ ᠰᠢᠳᠬᠦᠷ ᠡᠪᠡᠳᠬᠡᠮᠦᠢ
kümün ebedbesü ba: ükübesü ongγod sidkür / ebedkemüi:
150
ᠦᠬᠦᠭᠦᠪᠡᠮᠦᠢ ᠬᠡᠮᠡᠨ ᠲᠠᠭᠠᠯᠠᠮᠤᠢ ᠠᠶ᠎ᠠ ᠵᠠᠩ ᠠᠨᠤ ᠠᠲᠠᠭᠠᠷᠬᠠᠬᠤ ᠦᠰᠡᠯᠡᠬᠦ ᠰᠡᠳᠬᠢᠯ ᠲᠡᠢ
ükügübemüi kemen taγalamui: ay-a jang anu ataγarqaqu üselekü sedkil-tei:
151
ᠠᠷᠬᠢ ᠲᠠᠮᠠᠬᠢᠨ᠎ᠠ ᠬᠤᠷᠢᠠᠯ ᠲᠠᠢ ᠪᠤᠢ
arki tamakin-a qurical-tai / bui:
152
ᠵᠠᠷᠢᠮ ᠪᠥᠭᠡ ᠢᠳᠤᠭᠠᠨ ᠠᠨᠤ
jarim böge iduγan anu:
153
ᠨᠣᠮ ᠰᠣᠨᠤᠰᠵᠤ ᠪᠤᠷᠬᠠᠨ᠎ᠠ ᠮᠥᠷᠭᠦᠬᠦ ᠪᠠ
nom sonusju burqan-a mörgükü ba:
154
ᠪᠠᠭ᠎ᠠ ᠵᠡᠷᠭᠡ ᠪᠤᠶᠠᠨ ᠴᠤ ᠦᠶᠢᠯᠡᠳᠬᠦ ᠡᠳᠦᠢ ᠲᠡᠳᠦᠢ ᠪᠤᠢ ᠠᠮᠤᠢ
baγ-a jerge buyan-ču üyiledkü edüi tedüi bui amui:
155
 ᠳᠦᠭᠡᠷ ᠪᠥᠭᠡ ᠢᠳᠤᠭᠤᠨ ᠤ ᠭᠠᠷᠤᠭᠰᠠᠨ ᠤᠭ ᠠᠨᠤ ᠪᠥᠭᠡ ᠨᠡᠷ ᠦᠨ ᠮᠥᠷᠭᠦᠯ ᠢᠨᠤ ᠪᠤᠰᠤ ᠰᠠᠰᠢᠨ ᠯᠤᠭ᠎ᠠ ᠠᠳᠠᠯᠢ ᠨᠣᠮ ᠪᠢᠴᠢᠭ ᠬᠢᠭᠡᠳ
9-düger böge iduγun-u γaruγsan uγ anu böge-ner-ün mörgül / inu busu sasin-luγ-a adali nom bičig kiged :
156
ᠰᠤᠷᠭᠠᠯ ᠦᠭᠡᠢ ᠭᠠᠭᠴᠠᠬᠦ ᠳᠠᠮ ᠳᠠᠮ ᠠᠮᠠᠨ ᠦᠭᠡᠪᠡᠷ ᠳᠠᠮᠵᠢᠵᠤ ᠬᠡᠯᠡᠯᠴᠡᠳᠡᠭ ᠰᠢᠯᠲᠠᠭᠠᠨ ᠠᠴᠠ ᠠᠯᠢ ᠴᠠᠭ ᠲᠤ ᠶᠠᠭᠠᠬᠢᠵᠦ ᠡᠭᠦᠰᠬᠡᠨ ᠭᠠᠷᠤᠭᠰᠠᠨ ᠠᠨᠤ ᠦᠯᠦ ᠮᠡᠳᠡᠭᠳᠡᠬᠦ ᠠᠮᠤᠢ
surγal ügei γaγčakü dam dam aman ügeber damjiju kelelčedeg / siltaγan-ača ali čaγ-tu yaγakijü egüsken γaruγsan anu ülü medegdekü amui:
157
ᠵᠠᠷᠢᠮ ᠪᠥᠭᠡ ᠨᠡᠷ ᠪᠠ ᠵᠠᠷᠢᠮ ᠪᠥᠭᠡ ᠭᠢᠢᠨ ᠮᠥᠷᠭᠦᠯ ᠱᠢᠲᠤᠳᠡᠭ ᠤᠯᠤᠰ ᠤᠨ ᠲᠠᠭᠠᠯᠠᠯ ᠳᠤᠷ ᠡᠷᠲᠡ ᠦᠨᠢ ᠴᠠᠭ ᠲᠤ ᠪᠤᠷᠢᠶᠠᠳ ᠤᠯᠤᠰ ᠨᠠᠷ ᠪᠡᠷ ᠪᠤᠷᠬᠠᠨ ᠤ ᠰᠠᠰᠢᠨ ᠦᠭᠡᠢ ᠪᠠᠶᠢᠬᠤ ᠴᠠᠭ ᠲᠤ ᠮᠡᠬᠡᠴᠢ ᠬᠦᠮᠦᠨ ᠪᠡᠷ ᠬᠦᠮᠦᠨ᠎ᠡ ᠬᠦᠨᠳᠦᠯᠡᠭᠳᠡᠬᠦ ᠪᠠ
jarim böge-ner ba: jarim böge-giin / mörgül šitudeg ulus-un taγalal-dur erte üni čaγ-tu buriyad ulus-nar ber burqan-u sasin ügei bayiqu čaγ-tu mekeči kümün ber kümün-e kündülegdekü ba:
158
ᠬᠦᠮᠦᠨ ᠢ ᠠᠶᠤᠯᠭᠠᠬᠤ ᠪᠠ ᠣᠯᠵᠠ ᠣᠯᠬᠤ ᠶᠢᠨ ᠠᠷᠭ᠎ᠠ ᠡᠭᠦᠰᠬᠡᠵᠦ ᠪᠠ
kümün-i ayulγaqu ba: / olja olqu-yin arγ-a egüskejü ba:
159
ᠭᠠᠷᠭᠠᠭᠰᠠᠨ ᠵᠢᠷᠤᠮ ᠠᠮᠤᠢ ᠬᠡᠮᠡᠯᠳᠦᠮᠦᠢ
γarγaγsan jirum amui kemeldümüi:
160
 ᠳᠤᠭᠠᠷ ᠲᠤᠰᠠ ᠲᠠᠢ ᠪᠠ ᠦᠭᠡᠢ ᠢᠨᠤ
10-duγar tusa-tai ba ügei inu:
161
ᠪᠥᠭᠡ ᠢᠳᠤᠭᠠᠨ ᠤ ᠲᠠᠭᠠᠯᠠᠯ ᠠᠨᠤ ᠬᠦᠮᠦᠨ ᠡᠪᠡᠳᠬᠦ ᠵᠣᠪᠠᠬᠤ ᠠᠨᠤ ᠣᠩᠭᠣᠳ ᠴᠢᠳᠬᠦᠷ ᠡᠪᠡᠳᠬᠦᠮᠦᠢ
böge / iduγan-u taγalal anu kümün ebedkü jobaqu anu ongγod čidkür ebedkümüi:
162
ᠦᠬᠦᠭᠦᠯᠡᠮᠤᠢ ᠦᠬᠦᠬᠦ ᠶᠢ ᠢᠨᠤ ᠣᠩᠭᠣᠳ ᠴᠢᠳᠬᠦᠷ ᠦᠬᠦᠭᠦᠯᠡᠮᠦᠢ ᠬᠡᠮᠡᠨ ᠪᠥᠭᠡᠯᠡᠬᠦ ᠡᠴᠡ ᠪᠤᠰᠤ ᠬᠣᠶᠢᠲᠤ ᠨᠠᠰᠤ ᠤ ᠲᠤᠰᠠ ᠦᠯᠦ ᠮᠡᠳᠡᠬᠦ ᠪᠠ
ükügülemui: ükükü-yi inu ongγod / čidkür ükügülemüi kemen bögelekü-eče busu qoyitu nasu-u tusa ülü medekü ba:
163
ᠦᠯᠦ ᠦᠶᠢᠯᠡᠳᠬᠦ ᠪᠤᠢ ᠠᠮᠢᠲᠠᠨ ᠤ ᠲᠤᠰᠠ ᠴᠤ ᠦᠯᠦ ᠰᠡᠳᠬᠢᠭᠡᠳ
ülü üyiledkü bui: amitan-u tusa-/ ču ülü sedkiged:
164
ᠭᠠᠭᠴᠠ ᠡᠨᠡ ᠨᠠᠰᠤᠨ ᠤ ᠲᠤᠰ ᠪᠥᠭᠡᠯᠡᠬᠦ ᠡᠴᠡ ᠭᠠᠳᠨ᠎ᠠ ᠬᠠᠷᠢᠨ ᠠᠲᠠᠭᠠᠷᠬᠠᠬᠤ ᠦᠰᠡᠯᠡᠬᠦ ᠰᠡᠳᠬᠢᠯ ᠲᠡᠢ ᠪᠥᠭᠡᠳ
γaγča ene nasun-u tus bögelekü-eče γadn-a qarin ataγarqaqu üselekü sedkil-tei böged:
165
ᠪᠤᠷᠬᠠᠨ ᠤ ᠰᠠᠰᠢᠨ ᠯᠤᠭ᠎ᠠ ᠵᠢᠴᠢᠭᠦᠯᠡᠪᠡᠰᠦ ᠨᠣᠮ ᠤᠨ ᠶᠣᠰᠤᠨ ᠪᠣᠯᠪᠠᠰᠤ
/ (c. 21) burqan-u sasin-luγ-a jičigülebesü nom-un yosun bolbasu:
166
ᠬᠦᠮᠦᠨ ᠦ ᠡᠪᠡᠳᠬᠦ ᠵᠣᠪᠤᠬᠤ ᠠᠨᠤ
kümün-ü ebedkü jobuqu anu:
167
ᠤᠷᠢᠳᠠ ᠶᠢᠨ ᠨᠢᠭᠦᠯ ᠲᠤ ᠦᠶᠡᠯᠡᠴᠡ ᠪᠣᠯᠤᠮᠤᠢ
urida-yin nigül-tu üyeleče / bolumui:
168
ᠦᠬᠦᠬᠦ ᠴᠦ ᠲᠡᠭᠦᠨᠴᠢᠯᠡᠨ ᠪᠥᠭᠡᠳ ᠲᠥᠷᠦᠭᠰᠡᠨ ᠦ ᠡᠴᠦᠰ ᠡᠷᠬᠡ ᠦᠭᠡᠢ ᠦᠬᠦᠮᠦᠢ
ükükü-čü tegünčilen böged: törügsen-ü ečüs erke ügei ükümüi:
169
ᠡᠨᠡ ᠨᠠᠰᠤᠨ ᠤ ᠲᠤᠰᠠ ᠶᠢ ᠬᠡᠷᠡᠭᠯᠡᠯ ᠦᠭᠡᠢ ᠬᠣᠶᠢᠲᠤ ᠶᠢᠨ ᠲᠤᠰᠠ ᠶᠢ ᠤᠶᠢᠯᠡᠳ ᠥᠪᠡᠷᠦᠨ ᠲᠤᠰᠠ ᠶᠢ ᠡᠷᠬᠢᠯᠡᠯ ᠦᠭᠡᠢ
ene nasun-u tusa-yi kereglel ügei / qoyitu-yin tusa-yi uyiled öberün tusa-yi erkilel ügei:
170
ᠪᠤᠰᠤ ᠠᠮᠢᠲᠠᠨ ᠤ ᠲᠤᠰᠠ ᠶᠢ ᠡᠷᠬᠢᠯᠡᠭᠳᠡᠬᠦᠢ
busu amitan-u tusa-yi erkilegdeküi:
171
ᠬᠡᠮᠡᠨ ᠨᠣᠮᠯᠠᠭᠰᠠᠨ ᠶᠣᠰᠤᠭᠠᠷ ᠪᠣᠯᠪᠠᠰᠤ ᠪᠥᠭᠡ ᠢᠳᠤᠭᠠᠨ ᠤ ᠮᠥᠷᠭᠦᠯ ᠢᠨᠤ ᠰᠠᠰᠢᠨ ᠬᠡᠮᠡᠨ ᠲᠣᠭᠠᠯᠠᠭᠳᠠᠬᠤᠶ᠎ᠠ ᠪᠡᠷᠬᠡ ᠮᠡᠲᠦ ᠪᠥᠯᠦᠭᠡ ᠣᠷᠣᠰ ᠬᠢᠭᠡᠳ ᠬᠢᠲᠠᠳ ᠤᠨ ᠭᠠᠵᠠᠷ ᠬᠤᠪᠢᠶᠠᠯᠳᠠᠵᠤ ᠣᠨ᠎ᠠ ᠵᠢᠬ ᠠ ᠶᠢᠨ ᠲᠡᠮᠳᠡᠭ ᠲᠠᠯᠪᠢᠬᠤ ᠠᠴᠠ ᠤᠷᠢᠭᠰᠢᠳᠠ ᠮᠣᠩᠭᠤᠯ ᠤᠨ ᠭᠠᠵᠠᠷ ᠠᠴᠠ ᠢᠷᠢᠵᠦ ᠬᠠᠮᠵᠢᠭᠳᠤᠭᠰᠠᠨ ᠡᠳᠦᠢ ᠲᠡᠳᠦᠢ
kemen nomlaγsan / yosuγar bolbasu böge iduγan-u mörgül inu sasin kemen toγalaγdaquy-a berke metü bölüge:] oros kiged kitad-un γajar qubiyaldaju 1727 on-a jiq-a-yin temdeg talbiqu-ača uriγsida mongγul-un γajar-ača / irijü qamjiγduγsan edüi tedüi:
172
ᠪᠯᠠᠮ ᠠ ᠨᠠᠷ ᠠᠴᠠ ᠪᠠ ᠰᠡᠯᠡᠩᠭᠡ ᠶᠢᠨ ᠣᠲᠤᠭ ᠤᠳ ᠤᠨ ᠪᠯᠠᠮ ᠠ ᠨᠠᠷ ᠢᠶᠠᠷ ᠵᠢᠭᠠᠯᠭᠠᠵᠤ ᠪᠤᠳᠳᠾᠠ ᠠ ᠶᠢᠨ ᠰᠢᠰᠢᠨ ᠳᠡᠯᠭᠡᠷᠡᠰᠡᠨ ᠢ ᠢᠯᠡᠷᠬᠡᠶᠢᠯᠡᠪᠡᠰᠦ ᠰᠡᠯᠡᠩᠭᠡ ᠶᠢᠨ ᠣᠲᠤᠭ ᠤᠨ ᠵᠢᠮᠪᠠ ᠠᠬᠠᠯᠳᠠᠢ ᠶᠢᠨ ᠪᠡᠷ ᠣᠨ᠎ᠠ ᠮᠣᠩᠭᠤᠯ ᠤᠨ ᠣᠷᠤᠨ᠎ᠠ ᠪᠣᠭᠳᠠ ᠵᠢᠪᠵᠤᠨ ᠳᠠᠮᠪᠠ ᠬᠤᠲᠤᠭ ᠲᠤ ᠶᠢᠨ ᠬᠦᠷᠢᠶᠡᠨ᠎ᠡ ᠣᠳᠴᠤ ᠨᠣᠮ ᠤᠨ ᠰᠤᠷᠭᠤᠯᠢ ᠳᠤ ᠣᠷᠤᠭᠰᠠᠨ ᠠᠵᠤᠭᠤ
blam-a-nar-ača ba: selengge-yin otuγ-ud-un blam-a-nar iyar jiγalγaju buddha-a-yin / sisin delgeresen-i ilerkeyilebesü selengge-yin otuγ-un jimba aqaldai-yin ber 1721 on-a mongγul-un orun-a boγda / jibjun damba qutuγ-tu-yin küriyen-e odču nom-un surγuli-du oruγsan ajuγu:
173
ᠪᠠᠰᠠ ᠮᠥᠨ ᠰᠡᠯᠡᠩᠭᠡ ᠶᠢᠨ ᠣᠩᠭᠣᠯ ᠣᠪᠤᠭ ᠤᠨ ᠳᠠᠮᠪᠠ ᠳᠠᠷᠵᠠ ᠠ ᠭᠢᠢᠨ ᠪᠡᠷ ᠣᠨ᠎ᠠ ᠲᠦᠪᠡᠳ ᠣᠷᠤᠨ᠎ᠠ ᠣᠳᠴᠤ ᠪᠣᠭᠳᠠ ᠳᠠᠯᠠᠢ ᠪᠯᠠᠮ ᠠ ᠶᠢᠨ ᠳᠡᠷᠭᠡᠳᠡ ᠯᠾᠠᠰᠠ ᠵᠤᠤ ᠭᠢᠢᠨ ᠬᠦᠷᠢᠶᠡᠨ ᠨᠣᠮ ᠤᠨ ᠰᠤᠷᠭᠤᠯᠢ ᠳᠤ ᠪᠣᠯᠪᠠᠰᠤᠷᠠᠨ ᠰᠤᠷᠠᠵᠤ ᠪᠯᠠᠮ᠎ᠠ ᠪᠣᠯᠤᠭᠠᠳ ᠭᠡᠳᠦᠷᠭᠡ ᠪᠤᠰᠠᠵᠤ ᠣᠨ᠎ᠠ ᠢᠷᠡᠵᠦ ᠰᠢᠰᠢᠨ ᠳᠡᠯᠭᠡᠷᠡᠭᠦᠯᠪᠡᠢ
basa mön selengge-yin congγol / obuγ-un damba darja-a-giin ber 1734 on-a tübed orun-a odču boγda dalai blam-a-yin dergede lhasa juu-giin küriyen / nom-un surγuli-du bolbasuran suraju blam-a boluγad gedürge busaju 1741 on-a irejü sisin delgeregülbei:
174
ᠡᠭᠦᠨ ᠡᠴᠡ ᠪᠠᠭ᠎ᠠ ᠤᠷᠢᠳᠠ ᠲᠤᠬᠠᠢ ᠪᠠᠷ ᠮᠣᠩᠭᠤᠯ ᠭᠠᠵᠠᠷ ᠠᠴᠠ ᠲᠦᠪᠡᠳ ᠮᠣᠩᠭᠤᠯ ᠪᠯᠠᠮ ᠠ ᠨᠠᠷ ᠰᠡᠯᠡᠩᠭᠡ ᠶᠢᠨ ᠪᠠ
egün-eče / baγ-a urida tuqai bar mongγul γajar-ača tübed mongγul 150 blam-a-nar selengge-yin ba:
175
ᠬᠣᠷᠢ ᠶᠢᠨ ᠣᠪᠤᠭ ᠤᠳ ᠲᠤ ᠢᠷᠢᠨ ᠨᠢᠢᠯᠡᠭᠡᠳ
qori-yin obuγ-ud-tu / irin niileged:
176
ᠶᠡᠬᠡ ᠳᠡᠭᠡᠳᠦ ᠡᠵᠡᠨ ᠦ ᠠᠨᠵᠢᠷᠤᠯᠲᠠ ᠳᠤ ᠲᠡᠳᠡ ᠪᠯᠠᠮ ᠠ ᠨᠠᠷ ᠤᠨ ᠨᠡᠷ ᠡ ᠶᠢᠨ ᠰᠫᠢᠢᠰᠬᠡ ᠬᠠᠪᠰᠤᠷᠭᠠᠨ ᠬᠦᠷᠭᠡᠭᠰᠡᠨ ᠢᠶᠡᠷ ᠣᠨ᠎ᠠ ᠲᠡᠳᠡ ᠪᠯᠠᠮ᠎ᠠ ᠪᠦᠭᠦᠳᠡ ᠶᠢ ᠬᠣᠮᠫᠢᠯᠡᠳ ᠪᠣᠯᠭᠠᠵᠤ ᠠᠯᠪᠠ ᠲᠠᠲᠠᠪᠤᠷᠢ ᠠᠴᠠ ᠰᠤᠯᠠᠯᠠᠭᠠᠳ ᠲᠡᠳᠡᠨ ᠳᠣᠲᠤᠷ ᠠ ᠠᠴᠠ ᠲᠠᠩᠭᠤᠳ ᠣᠪᠤᠭ ᠤᠨ ᠣᠷᠵᠢ ᠠᠭᠸᠠᠩ ᠨᠦᠨᠦᠭ ᠢᠨᠤ ᠰᠡᠯᠡᠩᠭᠡ ᠶᠢᠨ ᠪᠠ
yeke degedü ejen-ü anjirulta-du tede blam-a-nar-un ner-e-yin spiiske qabsurγan kürgegsen-iyer / 1741 on-a tede blam-a bügüde-yi qompiled bolγaju alba tataburi-ača sulalaγad teden dotur-a-ača / tangγud obuγ-un corji aγvang nüncüγ inu selengge-yin ba:
177
ᠬᠣᠷᠢ ᠶᠢᠨ ᠪᠯᠠᠮ ᠠ ᠨᠠᠷ ᠤᠨ ᠠᠬᠠᠯᠠᠭᠴᠢ ᠪᠯᠠᠮ᠎ᠠ ᠪᠣᠯᠭᠠᠭᠳᠠᠪᠠᠢ
qori-yin blam-a-nar-un aqalaγči blam-a / (c. 22) bolγaγdabai:
178
ᠡᠳᠡ ᠪᠯᠠᠮ ᠠ ᠨᠠᠷ ᠵᠡᠷᠭᠡ ᠪᠡᠷ ᠰᠡᠯᠡᠩᠭᠡ ᠶᠢᠨ ᠪᠠ ᠬᠣᠷᠢ ᠶᠢᠨ ᠣᠪᠤᠭ ᠤᠳ ᠲᠤᠷ ᠨᠣᠮ ᠤᠨ ᠰᠤᠷᠭᠠᠯ ᠳᠡᠯᠭᠡᠷᠡᠭᠦᠯᠡᠵᠦ ᠪᠤᠳᠳᠾᠠ ᠠ ᠶᠢᠨ ᠰᠢᠰᠢᠨ᠎ᠡ ᠣᠷᠤᠭᠤᠯᠵᠤ ᠲᠡᠭᠦᠨ ᠡᠴᠡ ᠤᠯᠠᠮᠵᠢᠯᠠᠨ ᠪᠯᠠᠮ᠎ᠠ ᠬᠤᠸᠠᠷᠠᠭ ᠴᠤ ᠣᠯᠠᠨ ᠪᠣᠯᠵᠤ ᠰᠡᠯᠡᠩᠭᠡ ᠶᠢᠨ ᠣᠪᠤᠭ ᠤᠳ ᠳᠣᠲᠤᠷ᠎ᠠ ᠳᠠᠴᠠᠩ ᠴᠤ ᠳᠡᠯᠭᠡᠷᠡᠭᠦᠯᠡᠭᠳᠡᠪᠡᠢ ᠳᠠᠷᠵᠠ᠎ᠠ ᠵᠠᠶ ᠠ ᠭᠢᠢᠨ ᠪᠡᠷ ᠣᠨ᠎ᠠ ᠰᠢᠷᠡᠭᠡᠲᠦ ᠪᠯᠠᠮ ᠠ ᠳᠤ ᠪᠠᠲᠤᠯᠤᠭᠳᠠᠪᠠᠢ ᠲᠡᠭᠦᠨ ᠡᠴᠡ ᠬᠣᠶᠢᠨ᠎ᠠ ᠠᠬᠠᠯᠠᠭᠴᠢ ᠣᠷᠵᠢ ᠪᠯᠠᠮ᠎ᠠ
ede blam-a-nar jerge ber selengge-yin ba qori-yin obuγ-ud-tur nom-un surγal delgeregülejü / buddha-a-yin sisin-e oruγulju tegün-eče ulamjilan blam-a quvaraγ-ču olan bolju selengge-yin obuγ-ud dotur-a dačang-/ču delgeregülegdebei darja-a jay-a-giin ber 1752 on-a siregetü blam-a-du batuluγdabai tegün-eče qoyin-a aqalaγči corji blam-a /
179
ᠫᠦᠨᠤᠭ ᠤᠨ ᠬᠡᠲᠦᠷᠡᠭᠰᠡᠨ᠎ᠡ ᠲᠡᠭᠦᠨ ᠦ ᠲᠤᠯᠠ ᠣᠨ᠎ᠠ ᠠᠬᠠᠯᠠᠭᠴᠢ ᠰᠢᠷᠡᠭᠡᠲᠦ ᠪᠣᠯᠭᠠᠨ ᠪᠠᠲᠤᠯᠠᠭᠳᠠᠭᠠᠳ ᠣᠨ᠎ᠠ ᠠᠬᠠᠯᠠᠭᠴᠢ ᠪᠯᠠᠮ᠎ᠠ ᠪᠠᠨᠳᠢᠳᠠ ᠬᠠᠮᠪᠤᠸᠠ ᠪᠠᠲᠤᠯᠠᠭᠳᠠᠭᠰᠠᠨ ᠠᠵᠤᠭᠤ ᠲᠡᠭᠦᠨ ᠡᠴᠡ ᠬᠣᠶᠢᠨᠠ ᠶᠡᠬᠡ ᠳᠡᠭᠡᠳᠦ ᠶᠢᠨ ᠵᠠᠷᠯᠢᠭ ᠢᠶᠠᠷ ᠰᠢᠨᠡ ᠲᠣᠭᠲᠤᠭᠠᠯ ᠪᠦᠲᠦᠭᠡᠬᠦ ᠰᠣᠪᠢᠢᠳ ᠪᠣᠯᠬᠤᠢ ᠳᠤᠷ ᠮᠣᠰᠬᠤᠸᠠ ᠬᠣᠲᠤᠨ᠎ᠠ ᠳᠢᠫᠤᠲᠠᠳ ᠪᠣᠯᠵᠤ ᠢᠯᠡᠭᠡᠭᠳᠡᠭᠡᠳ ᠶᠡᠬᠡ ᠳᠡᠭᠡᠳᠦ ᠡᠵᠡᠨ ᠢᠮᠫᠡᠷᠠᠲᠠᠷᠰᠠ ᠬᠠᠲᠠᠷᠢᠨᠠ ᠬᠠᠲᠤᠨ ᠬᠠᠭᠠᠨ᠎ᠠ ᠪᠠᠷᠠᠭᠠᠯᠬᠠᠨ
püncuγ-un ketüregsen-e tegün-ü tula 1757 on-a aqalaγči siregetü bolγan batulaγdaγad 1764 (вар. В: 1754) on-a aqalaγči blam-a / bandida qambuva batulaγdaγsan ajuγu tegün-eče qoyina yeke degedü-yin jarliγ-iyar sine toγtuγal bütügekü sobiid / bolqui-dur mosquva qotun-a diputad bolju ilegegdeged yeke degedü ejen imperatarsa qatarina qatun qaγan-a baraγalqan /
180
ᠳᠢᠫᠤᠲᠠᠳ ᠲᠤ ᠪᠠᠲᠤᠯᠠᠭᠳᠠᠵᠤ ᠲᠦ ᠬᠡᠰᠢᠭ ᠬᠠᠶᠢᠷᠠᠯᠠᠭᠳᠠᠵᠤ ᠪᠤᠠᠵᠤ ᠢᠷᠢᠭᠡᠳ ᠬᠣᠶᠢᠨᠠ ᠨᠠᠰᠤᠨ ᠬᠡᠲᠦᠷᠡᠭᠰᠡᠨ᠎ᠡ ᠲᠡᠭᠦᠨ ᠦ ᠲᠤᠯᠠ ᠠᠴᠢ ᠠᠨᠤ ᠣᠷᠵᠢ ᠰᠣᠳᠨᠠᠮ ᠫᠢᠯ ᠬᠡᠲᠦᠷᠬᠡᠢ ᠶᠢᠨ ᠪᠡᠷ ᠣᠨ᠎ᠠ ᠳᠢᠫᠤᠲᠠᠳ ᠪᠣᠯᠭᠠᠨ ᠪᠠᠲᠤᠯᠤᠭᠳᠠᠭᠠᠳ
diputad-tu batulaγdaju 50 tü kesig qayiralaγdaju bucaju iriged qoyina nasun ketüregsen-e tegün-ü tula ači anu / corji sodnam pil ketürkei-yin ber 1777 on-a diputad bolγan batuluγdaγad:
181
ᠣᠨ᠎ᠠ ᠠᠬᠠᠯᠠᠭᠴᠢ ᠪᠯᠠᠮ᠎ᠠ ᠪᠠᠨᠳᠢᠳᠠ ᠬᠠᠩᠪᠤᠸᠠ ᠳᠤ ᠪᠠᠲᠤᠯᠠᠭᠳᠠᠪᠠᠢ
1778 on-a aqalaγči blam-a / bandida qangbuva-du batulaγdabai:
182
ᠪᠠᠰᠠ ᠳᠡᠭᠡᠷ ᠡ ᠬᠢ ᠪᠯᠠᠮ᠎ᠠ ᠵᠢᠮᠪᠠ ᠠᠬᠠᠯᠳᠠᠢ ᠶᠢᠨ ᠪᠡᠷ ᠣᠨ᠎ᠠ ᠰᠣᠳᠨᠢᠭ ᠳᠠ᠎ᠠ ᠪᠯᠠᠮ ᠠ ᠳᠤ ᠪᠠᠲᠤᠯᠠᠭᠳᠠᠭᠠᠳ
basa deger-e-ki blam-a jimba aqaldai-yin ber 1755 on-a sodniγ da-a blam-a-du / batulaγdaγad:
183
ᠪᠠᠰᠠ ᠲᠡᠭᠦᠨ ᠡᠴᠡ ᠬᠣᠶᠢᠨᠠ ᠣᠨ᠎ᠠ ᠰᠡᠯᠡᠩᠭᠡ ᠶᠢᠨ ᠵᠡᠭᠦᠨ ᠭᠠᠷ ᠤᠨ ᠲᠠᠪᠤᠨ ᠳᠠᠴᠠᠩ ᠤᠳ ᠤᠨ ᠡᠷᠳᠡᠨᠢ ᠪᠠᠨᠳᠢᠳᠠ ᠰᠢᠷᠡᠭᠡ ᠲᠦ ᠰᠣᠳᠨᠢᠭ ᠳᠠ᠎ᠠ ᠪᠯᠠᠮ᠎ᠠ ᠪᠣᠯᠭᠠᠨ ᠪᠠᠲᠤᠯᠠᠭᠳᠠᠭᠰᠠᠨ ᠠᠴᠠ ᠬᠣᠶᠢᠨᠠ ᠣᠨ᠎ᠠ ᠮᠥᠨ ᠳᠠᠴᠠᠩ ᠤᠳ ᠤᠨ ᠪᠠᠨᠳᠢᠳᠠ ᠬᠠᠮᠪᠤᠸᠠ ᠪᠣᠯᠭᠠᠨ ᠪᠠᠲᠤᠯᠠᠭᠳᠠᠵᠤᠬᠤᠢ ᠲᠡᠷᠡ ᠠᠬᠠᠯᠳᠠᠢ ᠶᠢᠨ ᠬᠡᠲᠦᠷᠡᠭᠰᠡᠨ ᠬᠣᠶᠢᠨᠠ ᠠᠴᠢ ᠠᠨᠤ ᠣᠷᠵᠢ ᠳᠠᠨᠵᠠᠨ ᠳᠠᠮᠰᠤᠭ ᠢᠰᠢ ᠵᠢᠮᠰᠤ ᠶᠢᠨ ᠪᠡᠷ ᠣᠨ ᠳᠤ ᠮᠥᠨ ᠲᠠᠪᠤᠨ ᠳᠠᠴᠠᠩ ᠤᠨ ᠪᠠᠨᠳᠢᠳᠠ ᠬᠠᠨᠪᠤᠸᠠ ᠪᠣᠯᠭᠠᠨ ᠪᠠᠲᠤᠯᠠᠭᠳᠠᠪᠠᠢ
basa tegün-eče qoyina 1776 on-a selengge-yin jegün γar-un tabun dačang-ud-un erdeni bandida sirege-/ tü sodniγ da-a blam-a bolγan batulaγdaγsan-ača qoyina 1783 on-a mön dačang-ud-un bandida qambuva bolγan batulaγdajuqui / tere aqaldai-yin ketüregsen qoyina ači anu corji danjan damsuγ isi jimsu-yin ber 1797 on-du mön tabun dačang-un / (c. 23) bandida qanbuva bolγan batulaγdabai:
184
ᠲᠡᠭᠦᠨᠴᠡ ᠬᠣᠶᠢᠨᠠ ᠲᠡᠭᠦᠨ ᠦ ᠳᠡᠭᠦᠦ ᠣᠷᠵᠢ ᠬᠠ ᠠ ᠸᠠᠩ ᠢᠰᠢ ᠵᠢᠮᠰᠤ ᠶᠢᠨ ᠪᠡᠷ ᠮᠥᠨ ᠲᠠᠪᠤᠨ ᠳᠠᠴᠠᠩ ᠤᠨ ᠪᠠᠨᠳᠢᠳᠠ ᠬᠠᠨᠪᠤᠸᠠ ᠶᠢᠨ ᠲᠤᠰᠢᠶᠠᠯ ᠢ ᠣᠨ ᠠᠴᠠ ᠡᠭᠦᠰᠬᠡᠨ ᠳᠠᠭᠠᠭᠠᠳ ᠪᠠᠰᠠ ᠠᠬᠠᠯᠠᠭᠴᠢ ᠪᠯᠠᠮ᠎ᠠ ᠪᠠᠨᠳᠢᠳᠠ ᠬᠠᠨᠪᠤᠸᠠ ᠬᠡᠲᠦᠷᠬᠡᠢ ᠶᠢᠨ ᠬᠡᠲᠦᠷᠡᠭᠰᠡᠨ ᠬᠣᠶᠢᠨᠠ ᠳᠡᠭᠦᠦ ᠢᠨᠤ ᠣᠷᠵᠢ ᠳᠠᠴᠠᠩ ᠣᠶᠢᠸᠠᠩ ᠳᠣᠷᠵᠢ ᠢᠰᠢ ᠵᠢᠮᠰᠤ ᠶᠢᠨ ᠪᠡᠷ ᠣᠨ᠎ᠠ ᠪᠦᠭᠦᠳᠡ ᠵᠡᠭᠦᠨ ᠰᠢᠪᠢᠷᠢ ᠶᠢᠨ ᠱᠠᠷ ᠠ ᠶᠢᠨ ᠰᠢᠰᠢᠨ
tegünče qoyina tegün-ü degüü corji ka-a-vang isi jimsu-yin ber mön tabun dačang-un / bandida qanbuva-yin tusiyal-i 1801 on-ača egüsken daγaγad basa aqalaγči blam-a bandida qanbuva ketürkei-yin ketüregsen / qoyina degüü inu corji dačang coyivang dorji isi jimsu-yin ber 1838 on-a bügüde jegün sibiri-yin šar-a-yin sisin /
185
ᠲᠠᠨᠤ ᠠᠬᠠᠯᠠᠭᠴᠢ ᠪᠯᠠᠮ᠎ᠠ ᠪᠠᠨᠳᠢᠳᠠ ᠬᠠᠨᠪᠤᠸᠠ ᠪᠣᠯᠭᠠᠨ ᠪᠠᠲᠤᠯᠠᠭᠳᠠᠭᠠᠳ ᠪᠠᠰᠠ ᠶᠡᠬᠡ ᠳᠡᠭᠡᠳᠦ ᠡᠵᠡᠨ ᠢᠮᠫᠡᠷᠠᠲᠤᠷ ᠨᠢᠬᠤᠯᠠᠢ ᠬᠠᠭᠠᠨ ᠪᠡᠷ ᠣᠨ᠎ᠠ ᠪᠠᠰᠠ ᠳᠠᠬᠢᠨ ᠪᠠᠲᠤᠯᠠᠭᠳᠠᠨ ᠳᠢᠫᠤᠯᠣᠮ ᠬᠦᠷᠲᠡᠪᠡᠢ ᠡᠨᠡ ᠬᠠᠨᠪᠤᠸᠠ ᠢᠰᠢ ᠵᠢᠮᠰᠤ ᠶᠢᠨ ᠪᠡᠷ ᠣᠨ᠎ᠠ ᠨᠠᠰᠤᠨ ᠠᠴᠠ ᠬᠡᠲᠤᠷᠡᠭᠰᠡᠨ ᠡᠴᠡ ᠡᠬᠢᠯᠡᠨ ᠪᠠᠨᠳᠢᠳᠠ ᠬᠠᠨᠪᠤᠸᠠ ᠶᠢᠨ ᠲᠤᠰᠢᠶᠠᠯ ᠢ ᠬᠥᠯ ᠦᠨ ᠨᠠᠭᠤᠷ ᠤᠨ ᠳᠠᠴᠠᠩ ᠤᠨ ᠰᠢᠷᠡᠭᠡᠲᠦ ᠭᠡᠯᠦᠸᠠᠩ ᠣᠸᠰ ᠬᠢᠶ ᠷᠭᠢᠶᠠᠮᠯᠠᠨ ᠴᠣᠶᠢᠷᠤᠪ ᠸᠠᠩᠰᠢᠭ ᠤᠨ ᠪᠡᠷ ᠡᠳᠦᠭᠡ
tanu aqalaγči blam-a bandida qanbuva bolγan batulaγdaγad basa yeke degedü ejen imperatur niqulai qaγan ber 1855 on-a / basa dakin batulaγdan dipulom kürtebei ene qanbuva isi jimsu-yin ber 1859 on-a nasun-ača keturegsen-eče ekilen bandida / qanbuva-yin tusiyal-i köl-ün naγur-un dačang-un siregetü gelüvang covs kiy rgiyamlcan čoyirub vangsig-un ber edüge /
186
ᠬᠦᠷᠲᠡᠯᠡ ᠳᠠᠭᠠᠵᠤ ᠪᠠᠶᠢᠨ ᠠᠵᠢᠭᠤ ᠡᠨᠡ ᠲᠤᠰᠢᠶᠠᠯ ᠳᠠᠭᠠᠵᠤ ᠪᠠᠶᠢᠬᠤ ᠶᠢᠨ ᠲᠤᠰ ᠥᠨᠳᠦᠷᠯᠡᠭᠴᠢ ᠡᠵᠡᠨ ᠡᠴᠡ ᠣᠨ᠎ᠠ ᠳᠢᠬᠠᠪᠷᠢ ᠶᠢᠨ ᠡᠳᠦᠷ᠎ᠡ ᠪᠠᠭᠤᠭᠰᠠᠨ ᠵᠠᠷᠯᠢᠭ ᠴᠤ ᠪᠤᠢ ᠠᠵᠤᠭᠤ
kürtele daγaju bayin ajiγu ene tusiyal daγaju bayiqu-yin tus öndürlegči ejen-eče 1860 on-a diqabri-yin 22 / edür-e baγuγsan jarliγ-ču bui ajuγu:
187
ᠲᠡᠨᠳᠡᠴᠡ ᠠᠨᠠ᠎ᠠ ᠦᠳᠡ ᠬᠤᠳᠠᠨ ᠲᠦᠭᠨᠦ ᠭᠣᠤᠯ ᠤᠳ ᠢᠶᠠᠷ ᠪᠠ
[tendeče ana-a üde qudan tügnü γoul-ud-iyar ba:
188
ᠲᠡᠷᠡ ᠴᠢᠳᠠᠷ᠎ᠠ ᠨᠡᠭᠦᠦᠳᠡᠭ ᠵᠣᠨ ᠠᠩᠬᠠᠨ ᠡᠭᠦᠰᠬᠡᠨ ᠪᠤᠷᠬᠠᠨ ᠤ ᠰᠢᠰᠢᠨ᠎ᠠ ᠣᠷᠤᠵᠤ ᠪᠯᠠᠮ ᠠ ᠨᠠᠷ ᠬᠤᠸᠠᠷᠠᠭ ᠤᠳ ᠲᠠᠢ ᠪᠣᠯᠵᠤ ᠨᠣᠮ ᠤᠨ ᠰᠤᠷᠭᠤᠯᠢ ᠦᠶᠢᠯᠡᠳᠬᠦ ᠪᠣᠯᠤᠭᠠᠳ
tere čidar-a negüüdeg / jon angqan egüsken burqan-u sisin-a oruju blam-a-nar quvaraγ-ud-tai bolju nom-un surγuli üyiledkü boluγad:
189
ᠲᠦᠭᠨᠦ ᠶᠢᠨ ᠵᠠᠩᠭᠢᠨᠠ ᠬᠡᠮᠡᠬᠦ ᠭᠣᠷᠢᠬᠣᠨ᠎ᠠ ᠮᠣᠳᠤᠨ ᠳᠠᠴᠠᠩ ᠪᠠᠷᠢᠵᠤ ᠬᠡᠡᠭ ᠬᠤᠷᠠᠯ ᠮᠥᠷᠭᠦᠯ ᠲᠡᠢ ᠪᠠᠶᠢᠲᠠᠯᠠ ᠬᠣᠵᠢᠮ ᠠᠨᠤ ᠭᠠᠷᠤᠨ ᠣᠨ ᠳᠤ ᠲᠡᠷᠡ ᠳᠠᠴᠠᠩ ᠢᠶᠠᠷ ᠤᠯᠠᠷᠢᠵᠤ ᠲᠦᠭᠨᠦ ᠶᠢᠨ ᠭᠠᠯᠲᠠᠢ ᠶᠢᠨ ᠭᠣᠷᠢᠬᠣᠨ᠎ᠠ ᠪᠠᠷᠢᠪᠡᠢ
/ tügnü-yin janggina kemekü γoriqon-a 2 modun dačang bariju 2 keceg qural mörgül-tei bayitala qojim anu 1750 γarun / on-du tere 2 dačang-iyar ulariju tügnü-yin γaltai-yin γoriqon-a baribei:
190
ᠬᠡᠵᠢᠩᠭᠡ ᠶᠢᠨ ᠱᠢᠯᠰᠠ ᠠ ᠢ ᠠᠭᠤᠯᠠ ᠶᠢᠨ ᠡᠪᠡᠷ ᠲᠦ ᠣᠨ᠎ᠠ ᠳᠠᠢᠰᠶ ᠯᠾᠦᠩᠪᠦᠯᠢᠩ ᠬᠡᠮᠡᠭᠳᠡᠬᠦ ᠳᠠᠴᠠᠩ ᠮᠣᠳᠤ ᠪᠠᠷ ᠪᠠᠷᠢᠭᠰᠠᠨ ᠠᠨᠤ ᠭᠠᠯ ᠤᠨ ᠠᠶᠤᠯ ᠳᠤ ᠬᠠᠶᠢᠯᠠᠭᠰᠠᠨ ᠤ ᠲᠤᠯᠠ ᠬᠤᠳᠠᠨ ᠤ ᠮᠥᠩᠭᠦᠳ ᠦᠨ ᠠᠳᠠᠭ ᠲᠤ ᠣᠨ᠎ᠠ ᠪᠠᠷᠢᠪᠡᠢ
kejingge-yin šilsa-a-i aγula-yin / (c. 24) eber-tü 1773 on-a daisy lhüngbüling kemegdekü dačang modu-bar bariγsan anu γal-un ayul-du qayilaγsan-u tula / qudan-u mönggüd-ün adaγ-tu 1775 on-a baribei:
191
ᠲᠡᠭᠦᠨ ᠦ ᠬᠠᠭᠤᠴᠢᠷᠠᠬᠤ ᠳᠤ ᠬᠡᠵᠢᠩᠭᠡ ᠬᠣᠷᠢᠬᠣᠨ᠎ᠠ ᠣᠨ ᠳᠤ ᠤᠯᠠᠷᠢᠵᠤ ᠳᠠᠴᠠᠩ ᠪᠠᠷᠢᠪᠠᠢ
tegün-ü qaγučiraqu-du kejingge qoriqon-a 1855 on-du ulariju / dačang baribai:
192
ᠠᠨᠠ᠎ᠠ ᠭᠣᠤᠯ ᠳᠤ ᠣᠨ᠎ᠠ ᠭᠠᠳᠠᠨ ᠰᠠᠳᠳᠤᠪᠯᠢᠩ ᠬᠡᠮᠡᠭᠳᠡᠬᠦ ᠳᠠᠴᠠᠩ ᠮᠣᠳᠤ ᠪᠠᠷ ᠪᠠᠷᠢᠭᠰᠠᠨ ᠠᠨᠤ ᠭᠠᠯ ᠤᠨ ᠠᠶᠤᠯ ᠳᠤ ᠬᠠᠶᠢᠯᠤᠭᠰᠠᠨ ᠤ ᠬᠣᠵᠢᠮ ᠠᠨᠤ ᠣᠨ᠎ᠠ ᠴᠢᠯᠤᠭᠤᠨ ᠳᠠᠴᠠᠩ ᠪᠠᠷᠢᠪᠠᠢ
ana-a γoul-du 1795 on-a γadan saddubling kemegdekü dačang modu-bar bariγsan anu γal-un ayul-du / qayiluγsan-u qojim anu 1808 on-a čiluγun dačang baribai:
193
ᠬᠣᠷᠢ ᠶᠢᠨ ᠵᠣᠨ ᠳᠣᠲᠤᠷᠠ ᠠᠩᠬᠠᠨ ᠠᠴᠠ ᠢᠨᠠᠭᠰᠢ ᠳᠠ ᠠᠬᠠᠯᠠᠭᠴᠢ ᠪᠯᠠᠮ ᠠ ᠨᠠᠷ ᠪᠣᠯᠤᠭᠰᠠᠨ ᠢ ᠢᠯᠡᠷᠬᠡᠶᠢᠯᠡᠪᠡᠰᠦ
qori-yin jon dotura angqan-ača inaγsi-da aqalaγči / blam-a-nar boluγsan-i ilerkeyilebesü:
194
ᠳᠠᠷᠬᠠᠨ ᠨᠠᠩᠰᠤ ᠯᠤᠪᠠᠩ ᠨᠠᠮᠵᠢᠯ ᠬᠡᠮᠡᠭᠴᠢ ᠣᠨ᠎ᠠ ᠬᠣᠷᠢ ᠶᠢᠨ ᠪᠯᠠᠮ ᠠ ᠨᠠᠷ ᠤᠨ ᠠᠬᠠᠯᠠᠭᠴᠢ ᠪᠯᠠᠮ᠎ᠠ ᠪᠣᠯᠭᠠᠨ ᠪᠠᠲᠤᠯᠤᠭᠳᠠᠪᠠᠢ
darqan nangsu lubcang namjil kemegči 1775 on-a qori-yin blam-a-nar-un aqalaγči / blam-a bolγan batuluγdabai:
195
ᠲᠡᠭᠦᠨᠴᠡ ᠬᠣᠶᠢᠨᠠ ᠶᠦᠮᠰᠦᠩ ᠭᠡᠯᠦᠸᠠᠩ ᠯᠤᠪᠠᠩ ᠳᠠᠭᠪᠤ ᠬᠡᠮᠡᠭᠴᠢ ᠣᠨ᠎ᠠ ᠮᠥᠨ ᠠᠬᠠᠯᠠᠭᠴᠢ ᠪᠯᠠᠮ᠎ᠠ ᠪᠣᠯᠭᠠᠨ ᠪᠠᠲᠤᠯᠠᠭᠳᠠᠪᠠᠢ
tegünče qoyina yümsüng gelüvang lubcang daγbu kemegči 1764 on-a mön aqalaγči blam-a bolγan / batulaγdabai:
196
ᠲᠡᠭᠦᠨᠴᠡ ᠬᠣᠶᠢᠨᠠ ᠯᠤᠪᠠᠩ ᠰᠢᠷᠠᠪ ᠬᠡᠮᠡᠭᠴᠢ ᠣᠨ᠎ᠠ ᠮᠥᠨ ᠠᠬᠠᠯᠠᠭᠴᠢ ᠪᠯᠠᠮ᠎ᠠ ᠪᠣᠯᠭᠠᠨ ᠪᠠᠲᠤᠯᠠᠭᠳᠠᠪᠠᠢ
tegünče qoyina lubcang sirab kemegči 1783 on-a mön aqalaγči blam-a bolγan batulaγdabai:
197
ᠲᠡᠭᠦᠨ ᠡᠴᠡ ᠬᠣᠶᠢᠨᠠ ᠯᠤᠪᠠᠩ ᠲᠣᠶᠢᠩᠳᠤᠯ ᠬᠡᠮᠡᠭᠴᠢ ᠣᠨ᠎ᠠ ᠪᠦᠭᠦᠳᠡᠶᠢᠨ ᠠᠬᠠᠯᠠᠭᠴᠢ ᠪᠯᠠᠮ᠎ᠠ ᠪᠠᠨᠳᠢᠳᠠ ᠬᠠᠮᠪᠤᠸᠠ ᠶᠢᠨ ᠲᠤᠰᠠᠯᠠᠭᠴᠢ ᠬᠢᠭᠡᠳ ᠬᠣᠷᠢ ᠶᠢᠨ ᠪᠯᠠᠮ ᠠ ᠨᠠᠷ ᠤᠨ ᠠᠬᠠᠯᠠᠭᠴᠢ ᠪᠯᠠᠮ᠎ᠠ ᠪᠣᠯᠭᠠᠨ ᠪᠠᠲᠤᠯᠠᠭᠳᠠᠪᠠᠢ ᠲᠡᠨᠳᠡᠴᠡ ᠣᠨ ᠳᠤ ᠲᠦᠩᠨᠦ ᠣᠤᠯ ᠳᠤ ᠳᠠᠱᠢ ᠴᠣᠶᠢᠩᠬᠣᠷᠯᠢᠩ ᠬᠡᠮᠡᠭᠳᠡᠬᠦ ᠳᠠᠴᠠᠩ ᠣᠨ᠎ᠠ ᠬᠤᠳᠤᠨ ᠤ ᠠᠩ ᠣᠨ᠎ᠠ ᠬᠤᠳᠤᠨ ᠤ ᠣᠤᠯ ᠳᠤ ᠳᠠᠱᠢ ᠯᠾᠦᠨᠳᠦᠪᠯᠢᠩ ᠬᠡᠮᠡᠭᠳᠡᠬᠦ ᠳᠠᠴᠠᠩ ᠣᠨ᠎ᠠ ᠠᠨᠠ᠎ᠠ ᠭᠣᠤᠯ ᠳᠤ ᠭᠠᠨᠳᠠᠨ ᠱᠠᠳᠳᠤᠪᠯᠢᠩ ᠬᠡᠮᠡᠭᠳᠡᠬᠦ ᠳᠠᠴᠠᠩ ᠮᠣᠳᠤ ᠪᠠᠷ ᠪᠠᠷᠢᠵᠤ ᠲᠡᠳᠡᠨ᠎ᠡ ᠪᠯᠠᠮ ᠠ ᠨᠠᠷ ᠢ ᠪᠠᠷᠢᠭᠤᠯᠵᠤ ᠨᠣᠮ ᠤᠩᠰᠢᠬᠤ ᠮᠥᠷᠭᠦᠯ ᠦᠶᠢᠯᠡᠳᠬᠦ ᠪᠣᠯᠤᠵᠤᠬᠤᠢ ᠬᠣᠵᠢᠮ ᠠᠨᠤ ᠣᠨ ᠲᠤᠬᠠᠢ ᠳᠤ ᠠᠨᠠ ᠠ ᠭᠢᠢᠨ ᠳᠠᠴᠠᠩ ᠰᠢᠨᠡᠯᠡᠵᠦ ᠴᠢᠯᠠᠭᠤ ᠪᠠᠷ ᠪᠦᠲᠦᠭᠡᠭᠳᠡᠪᠡᠢ ᠲᠡᠨᠳᠡᠴᠡ ᠪᠠᠶᠢᠭᠠᠯ ᠤᠨ ᠤᠷᠢᠳᠠ ᠪᠡᠶ ᠡ ᠶᠢᠨ ᠪᠤᠷᠢᠶᠠᠳ ᠳᠣᠲᠤᠷᠠ ᠪᠠᠶᠢᠬᠤ ᠬᠡᠮᠡᠨ ᠤᠷᠢᠳᠠ ᠠᠨᠤ ᠥᠨᠳᠦᠷᠯᠡᠭᠴᠢ ᠡᠴᠡ ᠪᠠᠲᠤᠯᠤᠭᠰᠠᠨ ᠬᠣᠮᠫᠢᠯᠡᠳ ᠪᠯᠠᠮ ᠠ ᠨᠠᠷ ᠰᠡᠯᠡᠩᠭᠡ ᠶᠢᠨ ᠪᠤᠷᠢᠶᠠᠳ ᠳᠣᠲᠤᠷᠠ ᠪᠠᠶᠢᠳᠠᠭ ᠠᠴᠠ ᠪᠠᠶᠢᠭᠠᠯ ᠤᠨ ᠡᠮᠦᠨᠡᠬᠢ ᠪᠤᠷᠢᠶᠠᠳ ᠰᠢᠰᠢᠨ ᠲᠠᠨᠤ ᠭᠯᠠᠪᠨᠤᠢ ᠪᠯᠠᠮ᠎ᠠ ᠪᠠᠨᠳᠢᠳᠠ ᠬᠠᠮᠪᠤᠸᠠ ᠶᠢᠨ ᠵᠦᠪᠰᠢᠶᠡᠯ ᠢᠶᠡᠷ ᠣᠨ ᠲᠤᠬᠠᠢ ᠳᠤ ᠬᠣᠮᠫᠢᠯᠡᠳ ᠪᠯᠠᠮ ᠠ ᠨᠠᠷ ᠬᠣᠷᠢ ᠳᠤ ᠪᠠᠶᠢᠭᠤᠯᠠᠭᠳᠠᠵᠤᠬᠤᠢ
tegün-eče qoyina / lubcang toyingdul kemegči 1818 on-a bügüdeyin aqalaγči blam-a bandida qambuva-yin tusalaγči kiged qori-yin blam-a-nar-un / aqalaγči blam-a bolγan batulaγdabai] (вар. В: tendeče 1786 on-du tüngnü oul-du daši čoyingqorling kemegdekü dačang: 1763 on-a qudun-u ang: 1763 on-a qudun-u oul-du / daši lhündübling kemegdekü dačang: 1795 on-a ana-a γoul-du γandan šaddubling kemegdekü dačang modu-/ bar bariju: teden-e blam-a-nar-i bariγulju nom ungsiqu mörgül üyiledkü bolujuqui: qojim anu: / 1806 on tuqai-du ana-a-giin dačang sinelejü čilaγu-bar bütügegdebei: /) tendeče bayiγal-un urida bey-e-yin buriyad dotura bayiqu kemen urida anu öndürlegči-eče / batuluγsan 150 qompiled blam-a-nar selengge-yin buriyad dotura bayidaγ-ača bayiγal-un emüneki buriyad sisin tanu γlabnui / (c. 25) blam-a bandida qambuva-yin jübsiyel-iyer 1806 on tuqai-du 14 qompiled blam-a-nar qori-du bayiγulaγdajuqui:
198
ᠡᠭᠦᠨ ᠡᠴᠡ ᠤᠷᠢᠭᠱᠢᠳᠠ ᠬᠢᠭᠡᠳ ᠡᠨᠡ ᠦᠶ ᠡ ᠳᠦ ᠴᠦ ᠬᠣᠷᠢ ᠶᠢᠨ ᠪᠤᠷᠢᠶᠠᠳ ᠨᠠᠷ ᠥᠷᠭᠦᠯᠵᠢᠳᠠ ᠰᠣᠮᠤ ᠨᠣᠮᠤ ᠰᠠᠭᠠᠳᠠᠭ ᠡᠷᠬᠢᠯᠡᠵᠦ
egün-eče / uriγšida kiged ene üy-e-dü-čü qori-yin buriyad-nar örgüljida somu nomu saγadaγ erkilejü:
199
ᠨᠠᠰᠤ ᠭᠦᠶᠢᠡᠭᠰᠡᠨ ᠡᠴᠡ ᠳᠡᠭᠡᠭᠴᠢᠬᠢ ᠡᠷ᠎ᠡ ᠤᠯᠤᠰ ᠪᠦᠭᠦᠳᠡ ᠳᠦ ᠭᠦᠶᠢᠡᠳ ᠪᠦᠲᠦᠭᠡᠯᠭᠡᠵᠦ ᠪᠡᠯᠡᠳᠬᠡᠭᠦᠯᠦᠭᠡᠳ ᠪᠠᠭ᠎ᠠ ᠨᠠᠰᠤᠨ ᠠᠴᠠ ᠠᠨᠤ ᠬᠠᠷᠪᠤᠯᠭ᠎ᠠ ᠬᠢᠭᠡᠳ ᠨᠠᠮᠨᠠᠯᠭᠠ ᠶᠢᠨ ᠰᠤᠷᠭᠤᠯᠢ ᠬᠢᠯᠭᠡᠭᠦᠯᠡᠵᠦ
13-14 nasu / güyicegsen-eče degegčiki er-e ulus bügüde-dü güyiced bütügelgejü beledkegülüged baγ-a nasun-ača anu qarbulγ-a kiged / namnalγa-yin // surγuli kilgegülejü:
200
ᠡᠪᠦᠯ ᠬᠠᠪᠤᠷ ᠤᠨ ᠴᠠᠭ ᠤᠳ ᠲᠤ ᠬᠡᠵᠡᠶ ᠡ ᠳᠦ ᠣᠯᠠᠨ ᠢᠶᠠᠷ ᠴᠢᠭᠤᠯᠠᠵᠤ ᠭᠥᠷᠦᠭᠡᠰᠦᠨ ᠬᠢᠭᠡᠳ ᠴᠢᠨᠤ᠎ᠠ ᠠᠪᠠᠯᠠᠳᠠᠭ ᠪᠥᠯᠦᠭᠡ
ebül qabur-un čaγ-ud-tu kejey-e-dü olan-iyar čiγulaju görügesün kiged činu-a abaladaγ / bölüge:
201
ᠲᠡᠷᠡ ᠬᠡᠮᠡᠪᠡᠰᠤ ᠠᠩᠬᠠᠨ ᠳᠠᠭᠠᠨ ᠬᠢᠲᠠᠳ ᠣᠷᠣᠰ ᠤᠨ ᠬᠣᠭᠣᠷ ᠳᠤᠮᠳᠠᠬᠢ ᠬᠢᠯᠡᠶᠢᠨ ᠲᠡᠮᠳᠡᠭ ᠲᠠᠯᠪᠢᠬᠤᠢ ᠲᠤᠬᠠᠢ ᠳᠤ ᠡᠲᠡᠭᠡᠳ ᠦᠨ ᠤᠯᠤᠰ ᠣᠯᠠᠨ ᠢᠶᠠᠷ ᠬᠠᠪᠰᠤᠷᠠᠨ ᠥᠪᠡᠷ ᠵᠠᠭᠤᠷ᠎ᠠ ᠮᠠᠯ ᠳᠡᠭᠡᠷᠡᠮᠳᠡᠨ ᠪᠤᠯᠢᠶᠠᠯᠠᠳᠠᠭ ᠠᠩᠬᠠᠨ ᠰᠢᠯᠲᠠᠭᠠᠨ ᠢᠶᠠᠷ ᠠᠶᠤᠵᠤ ᠠᠩᠬᠠᠨ ᠳᠠᠭᠠᠨ ᠬᠠᠷᠪᠤᠯᠭ᠎ᠠ ᠨᠠᠮᠨᠠᠯᠭ ᠠ ᠶᠢᠨ ᠰᠤᠷᠭᠤᠯᠢ ᠦᠯᠦ ᠤᠮᠠᠷᠲᠠᠭᠤᠯᠬᠤ ᠬᠢᠭᠡᠳ
tere kemebesu angqan-daγan kitad oros-un qoγor dumdaki kileyin temdeg talbiqui tuqai-du 2 eteged-ün ulus / olan-iyar qabsuran öber jaγur-a mal degeremden buliyalcadaγ angqan siltaγan-iyar ayuju angqan-daγan qarbulγ-a namnalγ-a-/ yin surγuli ülü umartaγulqu kiged:
202
ᠡᠰᠡ ᠰᠤᠷᠠᠭᠰᠠᠳ ᠤᠨ ᠰᠤᠷᠭᠠᠬᠤ ᠶᠢᠨ ᠠᠷᠭ᠎ᠠ ᠳᠡᠭᠡᠷ᠎ᠡ ᠪᠣᠳᠤᠮᠵᠢᠯᠠᠵᠤ ᠵᠢᠷᠤᠮ ᠪᠣᠯᠤᠭᠰᠠᠨ ᠠᠵᠤᠭᠤ
ese suraγsad-un surγaqu-yin arγ-a deger-e bodumjilaju jirum boluγsan ajuγu:
203
ᠡᠨᠡ ᠨᠣᠮᠤ ᠰᠣᠮᠤ ᠪᠡᠯᠡᠳᠬᠡᠬᠦ ᠬᠢᠭᠡᠳ ᠭᠥᠷᠦᠭᠡᠰᠦ ᠴᠢᠨᠤ᠎ᠠ ᠠᠪᠠᠯᠠᠬᠤ ᠪᠠ
/ ene nomu somu beledkekü kiged görügesü činu-a abalaqu ba:
204
ᠬᠠᠷᠪᠤᠯᠭ᠎ᠠ ᠰᠤᠷᠬᠤ ᠵᠢᠷᠤᠮ ᠣᠨ ᠠᠴᠠ ᠬᠣᠶᠢᠰᠢ ᠰᠤᠯᠠᠳᠠᠭᠰᠠᠭᠠᠷ ᠤᠯᠠᠮ ᠵᠣᠭᠰᠤᠵᠤ ᠡᠳᠦᠭᠡ ᠵᠠᠷᠢᠮ ᠭᠠᠵᠠᠷ ᠤᠳ ᠲᠤ ᠪᠠᠭ᠎ᠠ ᠰᠠᠭ᠎ᠠ ᠲᠡᠳᠦᠢ ᠪᠤᠢ ᠠᠵᠤᠭᠤ
qarbulγ-a surqu jirum 1816 on-ača qoyisi suladaγsaγar / ulam joγsuju edüge jarim γajar-ud-tu baγ-a saγ-a tedüi bui ajuγu:
205
ᠲᠡᠨᠳᠡᠴᠡ ᠨᠣᠶᠠᠨ ᠡᠷᠬᠦᠦᠨ ᠦᠨ ᠭᠠᠷᠵᠢᠳᠠᠩᠰᠬᠤᠢ ᠭᠤᠪᠡᠷᠨᠠᠲᠣᠷ ᠤᠨ ᠵᠠᠬᠢᠷᠤᠯᠲᠠ ᠪᠠᠷ ᠬᠣᠷᠢ ᠶᠢᠨ ᠪᠤᠷᠢᠶᠠᠳ ᠨᠠᠷ ᠳᠦᠰᠢ ᠪᠦᠷᠢ ᠲᠠᠷᠢᠶ᠎ᠠ ᠦᠶᠢᠯᠡᠳᠬᠦ ᠬᠢᠭᠡᠳ ᠮᠠᠩᠭᠠᠵᠢ ᠳᠤ ᠲᠠᠷᠢᠶ᠎ᠠ ᠲᠠᠯᠪᠢᠬᠤ ᠪᠣᠯᠤᠭᠠᠳ ᠣᠨ ᠠᠴᠠ ᠡᠭᠦᠰᠬᠡᠨ ᠮᠠᠩᠭᠠᠵᠢ ᠳᠤ ᠭᠠᠷᠢᠠ ᠶᠢᠨ ᠲᠠᠷᠢᠶ᠎ᠠ ᠲᠠᠯᠪᠢᠬᠤ ᠪᠣᠯᠵᠤᠬᠤᠢ
tendeče noyan erküün-ün γarjidangsqui / gubernator-un jakirulta-bar qori-yin buriyad-nar düsi büri tariy-a üyiledkü kiged mangγaji-du tariy-a talbiqu boluγad / 1813 on-ača egüsken mangγaji-du γarica-yin tariy-a talbiqu boljuqui:
206
ᠲᠡᠨᠳᠡᠴᠡ ᠣᠨᠣᠨ ᠭᠣᠤᠯ ᠪᠠ
tendeče onon γoul ba:
207
ᠬᠢᠯᠤᠭᠤ ᠭᠣᠤᠯ ᠴᠠᠭᠴᠠ ᠶᠠᠷᠤᠤᠨᠠ ᠨᠠᠭᠤᠷ ᠴᠢᠳᠠᠷ ᠤᠨ ᠤᠯᠤᠰ ᠲᠠᠷᠢᠶ᠎ᠠ ᠤᠷᠭᠤᠭᠤᠯᠵᠤ ᠶᠠᠳᠠᠭᠠᠳ ᠪᠠ
kiluγu γoul čaγča / yaruuna naγur čidar-un ulus tariy-a urγuγulju yadaγad ba:
208
ᠮᠠᠩᠭᠠᠵᠢ ᠳᠤ ᠵᠢᠯ ᠪᠦᠷᠢ ᠲᠠᠯᠪᠢᠬᠤ ᠭᠠᠷᠢᠨᠠ ᠶᠢᠨ ᠲᠠᠷᠢᠶ᠎ᠠ ᠬᠤᠳᠠᠯᠳᠤᠵᠤ ᠠᠪᠴᠤ ᠭᠠᠷᠤᠵᠠ ᠳᠤ ᠣᠷᠤᠭᠰᠠᠨ ᠢᠶᠠᠨ ᠢᠯᠡᠷᠬᠡᠶᠢᠯᠡᠵᠦ ᠭᠤᠶᠢᠯᠭ᠎ᠠ ᠬᠦᠷᠭᠡᠭᠰᠡᠨ ᠢᠨᠤ ᠨᠣᠶᠠᠳ ᠮᠢᠨᠢᠰᠲᠡᠷ ᠦᠳ ᠦᠨ ᠬᠣᠮᠢᠲᠡᠳ ᠢᠶᠡᠷ ᠵᠥᠪᠰᠢᠶᠡᠨ ᠰᠢᠳᠬᠡᠭᠳᠡᠵᠦ ᠣᠨ ᠠᠴᠠ ᠡᠭᠦᠰᠬᠡᠨ ᠮᠠᠩᠭᠠᠵᠢ ᠳᠤ ᠲᠠᠷᠢᠶ᠎ᠠ ᠲᠠᠯᠪᠢᠬᠤ ᠠᠨᠤ ᠵᠣᠭᠰᠤᠭᠠᠭᠳᠠᠵᠤᠬᠤᠢ ᠲᠡᠨᠳᠡᠴᠡ ᠣᠨ᠎ᠠ ᠪᠦᠭᠦᠳᠡ ᠶᠢᠨ ᠷᠢᠪᠢᠢᠵᠠ ᠪᠣᠯᠬᠤᠢ ᠳᠤᠷ ᠬᠣᠷᠢ ᠶᠢᠨ ᠵᠣᠨ ᠤᠷᠢᠳᠠᠶᠢᠨ ᠠᠴᠠ ᠥᠰᠴᠦ ᠬᠣᠷᠢᠨ ᠨᠢᠭᠡᠨ ᠮᠢᠩᠭ᠎ᠠ ᠳᠥᠷᠪᠡᠨ ᠵᠠᠭᠤᠨ ᠭᠤᠴᠢᠨ ᠨᠠᠶᠮᠠᠨ ᠡᠷ᠎ᠡ ᠳᠦᠦᠰᠢ ᠪᠣᠯᠪᠠᠢ
mangγaji-du jil büri talbiqu γarinca-yin tariy-a qudalduju / abču γaruja-du oruγsan-iyan ilerkeyilejü γuyilγ-a kürgegsen inu noyad minister-üd-ün qomited-iyer jöbsiyen / sidkegdejü 1817 on-ača egüsken mangγaji-du tariy-a talbiqu anu joγsuγaγdajuqui / (c. 26) tendeče 1826 on-a bügüde-yin ribiija bolqui-dur qori-yin jon uridayin-ača ösčü qorin nigen mingγ-a dörben / jaγun γučin nayman er-e düüsi bolbai:
209
ᠳᠡᠭᠡᠳᠦ ᠦᠳᠡᠶᠢᠨ ᠵᠢᠮᠰᠬᠤᠢ ᠢᠰᠫᠠᠷᠠᠪᠨᠢᠭ ᠤᠨ ᠵᠠᠬᠢᠷᠤᠯᠲᠠ ᠪᠠᠷ ᠣᠨ ᠠᠴᠠ ᠡᠭᠦᠰᠬᠡᠨ ᠮᠢᠢᠷᠰᠬᠤᠢ ᠢᠵᠠᠪᠠ ᠭᠠᠵᠠᠷ ᠪᠦᠷᠢ ᠪᠣᠯᠭᠠᠭᠳᠠᠵᠤ ᠪᠠᠶᠢᠭᠠᠳ ᠨᠣᠶᠠᠨ ᠵᠡᠭᠦᠨ ᠰᠢᠪᠢᠢᠷᠢ ᠶᠢᠨ ᠭᠢᠨᠢᠷᠠᠯ ᠭᠦᠪᠡᠷᠨᠠᠲᠣᠷ ᠤᠨ ᠣᠨ ᠤ ᠵᠠᠬᠢᠷᠤᠯᠲᠠ ᠪᠠᠷ ᠠᠨᠤ ᠵᠣᠭᠰᠤᠭᠠᠭᠳᠠᠵᠤ ᠮᠢᠢᠷᠰᠬᠤᠢ ᠢᠵᠠᠪᠠ ᠪᠣᠯᠪᠠᠢ
degedü üdeyin jimsqui isparabniγ-un jakirulta-bar 1816 on-ača egüsken / 12 miirsqui ijaba γajar büri bolγaγdaju bayiγad noyan jegün sibiiri-yin giniral gübernator-un 1820 on-u jakirulta-/bar 7 anu joγsuγaγdaju 5 miirsqui ijaba bolbai:
210
ᠬᠣᠷᠢ ᠶᠢᠨ ᠭᠠᠯᠠᠪᠨᠤᠢ ᠲᠠᠶᠢᠱᠠ ᠭᠠᠯᠠᠩ ᠮᠠᠷᠳᠠᠢ ᠶᠢᠨ ᠪᠡᠷ ᠣᠨ᠎ᠠ ᠬᠠᠯᠢᠵᠤ ᠬᠥᠪᠡᠭᠦᠨ ᠢᠨᠤ ᠳᠡᠮᠪᠢᠯ ᠭᠠᠯᠰᠠᠩ ᠤ ᠪᠡᠷ ᠣᠨ᠎ᠠ ᠭᠠᠯᠠᠪᠨᠤᠢ ᠲᠠᠶᠢᠱᠠ ᠪᠣᠯᠤᠭᠰᠠᠨ ᠠᠴᠠ ᠡᠭᠦᠰᠬᠡᠨ ᠵᠢᠳᠬᠦᠮᠵᠢ ᠲᠡᠢ ᠶᠢᠨ ᠲᠤᠯᠠ ᠣᠨ᠎ᠠ ᠮᠥᠩᠭᠦᠨ ᠢᠯᠳᠤ ᠰᠡᠯᠡᠮ᠎ᠡ ᠬᠠᠶᠢᠷ᠎ᠠ ᠬᠦᠷᠲᠡᠭᠡᠳ ᠲᠢᠲᠡᠯᠢᠷᠨᠤᠢ ᠰᠣᠪᠢᠢᠳᠨᠢᠭ ᠬᠡᠷᠭᠡᠮ ᠬᠦᠷᠲᠡᠪᠡᠢ
qori-yin γalabnui tayiša γalcang mardai-yin ber 1814 on-a / qaliju köbegün inu dembil γalsang-u ber 1815 on-a γalabnui tayiša boluγsan-ača egüsken jidkümji-tei-yin tula / 1817 on-a mönggün ildu (вар. В: selem-e) qayir-a kürteged titelirnui sobiidniγ kergem kürtebei:
211
ᠲᠡᠨᠳᠡᠴᠡ ᠬᠠᠲᠠᠭᠤ ᠱᠢᠷᠦᠭᠦᠨ ᠠᠭᠠᠰᠢ ᠲᠠᠢ ᠪᠠ
tendeče qataγu širügün aγasi-tai ba:
212
ᠠᠭᠤᠷ ᠬᠢᠯᠯᠢᠩ ᠢᠨᠤ ᠶᠡᠬᠡ ᠪᠣᠯᠤᠭᠰᠠᠨ ᠬᠢᠭᠡᠳ
aγur killing inu yeke boluγsan kiged:
213
ᠭᠡᠮ ᠦᠭᠡᠢ ᠪᠠᠶᠢᠲᠠᠯᠠ ᠣᠮᠤᠭ ᠤᠨ ᠰᠠᠶᠢᠳ ᠨᠠᠷ
gem ügei bayitala omuγ-un sayid-nar:
214
ᠪᠠ ᠠᠯᠪᠠᠲᠤ ᠨᠠᠷ ᠢ ᠣᠬᠢᠬᠤ ᠠᠨᠤ ᠣᠯᠠᠨ ᠪᠠ
ba albatu-nar-i cokiqu anu olan ba:
215
ᠪᠤᠰᠤᠳ ᠤᠨ ᠰᠠᠶᠢᠨ ᠡᠳ ᠲᠠᠸᠠᠷ ᠢ ᠠᠶᠤᠯᠭᠠᠵᠤ ᠠᠪᠬᠤ ᠵᠠᠩ ᠲᠠᠢ ᠪᠣᠯᠬᠤ ᠪᠠ
busud-un / sayin ed tavar-i ayulγaju abqu jang-tai bolqu ba:
216
ᠣᠯᠠᠨ ᠠᠴᠠ ᠳᠤᠷᠠᠪᠠᠷ ᠲᠠᠲᠠᠷᠢ ᠲᠠᠲᠠᠪᠤᠷᠢ ᠲᠠᠲᠠᠵᠤ ᠡᠳᠯᠡᠬᠦ ᠲᠡᠷᠢᠭᠦᠲᠡᠨ᠎ᠡ ᠲᠡᠰᠡᠵᠦ ᠶᠠᠳᠠᠭᠠᠳ
olan-ača durabar tatari (вар. В: tataburi) tataju edlekü terigüten-e tesejü / yadaγad:
217
ᠬᠣᠷᠢ ᠶᠢᠨ ᠣᠯᠠᠩᠬᠢ ᠤᠯᠤᠰ ᠭᠣᠮᠤᠳᠠᠯ ᠲᠠᠢ ᠪᠣᠯᠵᠤ ᠣᠨ ᠠᠴᠠ ᠡᠭᠦᠰᠬᠡᠨ
qori-yin olangki ulus γomudal-tai bolju 1818 on-ača egüsken:
218
ᠨᠣᠶᠠᠨ ᠳᠡᠭᠡᠳᠦ ᠦᠳᠡ ᠶᠢᠨ ᠵᠢᠮᠰᠬᠤᠢ ᠰᠫᠷᠠᠪᠨᠢᠭ ᠲᠤᠪ ᠠ
noyan degedü üde-yin jimsqui sprabniγ-/ tub a:
219
ᠨᠣᠶᠠᠨ ᠡᠷᠬᠦᠦᠨ ᠦᠨ ᠭᠠᠷᠠᠵᠢᠳᠠᠩᠰᠬᠤᠢ ᠭᠦᠪᠢᠷᠨᠠᠲᠤᠷ ᠲᠤ ᠭᠤᠶᠢᠯᠭ᠎ᠠ ᠬᠦᠷᠭᠡᠭᠡᠳ ᠲᠠᠶᠢᠱᠠ ᠭᠠᠯᠠᠩ ᠤ ᠣᠯᠵᠠᠯᠠᠵᠤ ᠠᠪᠤᠭᠰᠠᠨ ᠡᠳ ᠲᠠᠸᠠᠷ ᠬᠢᠭᠡᠳ ᠮᠥᠩᠭᠦᠨ ᠢ ᠪᠤᠠᠭᠠᠯᠭᠠᠨ ᠲᠥᠯᠦᠭᠦᠯᠵᠦ ᠠᠪᠴᠤᠬᠤᠢ
noyan erküün-ün γarajidangsqui gübirnatur-tu γuyilγ-a kürgeged tayiša γalcang-u oljalaju abuγsan ed tavar / kiged mönggün-i bucaγalγan tölügüljü abčuqui:
220
ᠡᠨᠡ ᠲᠠᠶᠢᠱᠠ ᠭᠠᠯᠠᠩ ᠤ ᠪᠡᠷ ᠡᠷᠬᠦᠦᠨ ᠦᠨ ᠬᠠᠷᠠᠵᠢᠳᠠᠩᠰᠬᠤᠢ ᠭᠦᠪᠢᠷᠨᠠᠲᠤᠷ ᠤᠨ ᠰᠢᠢᠳᠬᠡᠪᠦᠷᠢ ᠪᠡᠷ ᠣᠨ ᠠᠴᠠ ᠡᠭᠦᠰᠬᠡᠨ ᠲᠠᠶᠢᠰᠠ ᠠᠴᠠ ᠵᠣᠭᠰᠤᠭᠠᠭᠳᠠᠭᠠᠳ ᠵᠣᠭᠰᠤᠭᠠᠳ ᠵᠢᠰᠢ ᠪᠠᠰᠠ ᠥᠨᠳᠦᠷᠯᠡᠭᠴᠢ ᠶᠢᠨ ᠵᠠᠷᠯᠢᠭ ᠢᠶᠠᠷ ᠣᠨ ᠠᠴᠠ ᠡᠭᠦᠰᠬᠡᠨ ᠳᠠᠬᠢᠨ ᠲᠠᠢᠱᠠ ᠪᠣᠯᠵᠤᠬᠤᠢ
ene tayiša γalcang-u ber erküün-ün qarajidangsqui gübirnatur-un siidkebüri-ber / (c. 27) 1818 on-ača egüsken tayisa-ača joγsuγaγdaγad (вар.: В: joγsuγad) jisi basa öndürlegči-yin jarliγ-iyar 1819 on-ača egüsken dakin / taiša boljuqui:
221
ᠡᠭᠦᠨᠴᠡ ᠤᠯᠠᠮᠵᠢᠯᠠᠨ ᠬᠣᠷᠢ ᠶᠢᠨ ᠵᠣᠨ ᠡᠪ ᠲᠠᠰᠤᠷᠵᠤ ᠬᠣᠶᠠᠷ ᠠᠩᠭᠢ ᠪᠣᠯᠤᠨ ᠦᠮᠦᠭᠯᠡᠯᠳᠡᠨ ᠠᠳᠠᠭ ᠠᠨᠤ ᠡᠴᠢᠭᠡ ᠬᠥᠪᠡᠭᠦᠨ ᠬᠣᠶᠠᠷ ᠪᠠᠠ ᠬ᠎ᠠ ᠳᠡᠭᠦᠦ ᠴᠦ ᠬᠣᠶᠠᠷ ᠠᠩᠭᠢ ᠰᠠᠨᠠᠯ ᠲᠠᠢ ᠪᠣᠯᠵᠤᠬᠤᠢ
egünče ulamjilan qori-yin jon eb tasurju qoyar anggi bolun ümüglelden adaγ anu ečige köbegün qoyar / baa q-a degüü-čü qoyar anggi sanal-tai boljuqui:
222
ᠡᠶᠢᠮᠦ ᠰᠢᠯᠲᠠᠭᠠᠨ ᠢᠶᠠᠷ ᠡᠰᠦᠷᠭᠡ ᠲᠡᠰᠦᠷᠭᠡ ᠭᠣᠮᠤᠳᠤᠯᠠᠵᠤ ᠠᠬᠠᠮᠠᠳ ᠲᠤᠷ ᠭᠤᠶᠢᠯᠭ᠎ᠠ ᠬᠦᠷᠭᠡᠯᠡᠬᠦ ᠲᠡᠷᠢᠭᠦᠲᠡᠨ ᠬᠡᠯᠡᠨ ᠠᠮᠠᠨ ᠵᠠᠷᠠᠭᠤ ᠵᠠᠷᠢᠭ᠎ᠠ ᠵᠠᠷᠬᠤ ᠶᠡᠬᠡᠳᠡ ᠳᠡᠯᠭᠡᠷᠡᠨ ᠵᠣᠪᠠᠬᠤ ᠶᠢᠨ ᠦᠶ ᠡ ᠳᠦ ᠥᠨᠳᠦᠷᠯᠡᠭᠴᠢ ᠡᠵᠡᠨ ᠦ ᠲᠠᠭᠠᠯᠠᠯ ᠢᠶᠠᠷ ᠨᠣᠶᠠᠨ ᠰᠢᠪᠢᠢᠷᠢ ᠶᠢᠨ ᠭᠡᠨᠡᠷᠠᠯ ᠭᠦᠪᠢᠷᠨᠠᠲᠤᠷ ᠲᠠᠶᠢᠨᠢ ᠰᠣᠪᠢᠢᠳᠨᠢᠭ ᠰᠫᠡᠷᠠᠩᠰᠬᠢ ᠣᠨ ᠤ ᠰᠡᠭᠦᠯ ᠢᠶᠡᠷ ᠳᠡᠭᠡᠳᠦ ᠦᠳᠡᠶᠢᠨ ᠭᠣᠤᠷᠤᠳ ᠲᠤ ᠮᠣᠷᠢᠯᠠᠵᠤ ᠢᠷᠢᠭᠡᠳ ᠲᠡᠷᠡ ᠭᠣᠤᠷᠤᠳ ᠲᠤ ᠬᠣᠮᠢᠢᠮᠠ ᠬᠣᠮᠮᠢᠰᠠᠨ᠎ᠠ ᠬᠣᠮᠮᠢᠰᠢ ᠪᠠᠲᠤᠯᠠᠵᠤ ᠪᠠᠶᠢᠯᠭᠠᠨ ᠬᠣᠷᠢ ᠶᠢᠨ ᠵᠣᠨ ᠤ ᠭᠣᠮᠤᠳᠠᠯ ᠨᠡᠬᠡᠪᠡᠷᠢ ᠶᠢ ᠮᠦᠰᠬᠢᠭᠦᠯ ᠦᠨ ᠲᠣᠳᠤᠷᠬᠤᠯᠠᠵᠤ ᠬᠣᠭᠣᠷᠤᠮᠳᠠ ᠬᠡᠯᠡᠨ ᠠᠮᠠᠨ ᠵᠠᠷᠤᠭ᠎ᠠ ᠤᠳᠠᠷᠢᠳᠴᠤ ᠬᠤᠳᠬᠤᠭᠰᠠᠨ ᠵᠠᠶᠢᠰᠠᠩ ᠤᠳ ᠨᠠᠮᠵᠢᠯ ᠮᠣᠬᠤᠤ ᠭᠢᠢᠨ
eyimü siltaγan-iyar esürge tesürge γomudulcaju aqamad-tur / γuyilγ-a kürgelcekü terigüten kelen aman jaraγu (вар. В: jariγ-a jarqu) yekede delgeren jobaqu-yin üy-e-dü öndürlegči ejen-ü taγalal-iyar noyan / sibiiri-yin general gübirnatur tayini sobiidniγ sperangski 1819 on-u segül-iyer degedü üdeyin γourud-tu morilaju / iriged tere γourud-tu qomiimca (вар. В: qommisan-a; вар. С: qommisi) batulaju bayilγan qori-yin jon-u γomudal nekeberi-yi müskigül-ün todurqulaju qoγorumda / kelen aman [jaruγ-a] (вар. В, С) udaridču qudquγsan jayisang-ud namjil moquu-giin:
223
ᠳᠠᠯᠠᠢ ᠳᠣᠭᠪᠠ ᠶᠢᠨ ᠬᠠᠨᠲᠣᠣᠷᠠ ᠶᠢᠨ ᠳᠢᠫᠤᠲᠠᠳ ᠸᠠᠩᠫᠢᠯ ᠠᠷᠰᠤᠯᠠᠨ ᠤ ᠭᠤᠷᠪᠠᠨ ᠢ ᠲᠡᠷᠡ ᠲᠤᠰᠢᠶᠠᠯ ᠤᠳ ᠠᠴᠠ ᠢ ᠰᠠᠯᠭᠠᠨ ᠪᠣᠯᠢᠭᠤᠯᠤᠭᠠᠳ ᠠᠯᠪᠠᠲᠤ ᠨᠠᠷ ᠮᠠᠨᠲᠠᠷᠢᠩ ᠮᠠᠨᠲᠠᠷᠢᠩ ᠮᠠᠩᠨᠠᠢ ᠶᠢ ᠮᠠᠩᠬᠠᠴᠢ ᠶᠢᠨ ᠡᠩᠫᠢᠯ ᠳᠠᠷᠵᠠ ᠶᠢᠨ ᠬᠣᠶᠠᠷ ᠢ ᠴᠢᠳᠦᠷᠯᠡᠵᠦ ᠲᠦᠷᠮ ᠡ ᠳᠦ ᠬᠡᠮᠵᠢᠶ ᠡ ᠲᠡᠢ ᠪᠡᠷ ᠬᠠᠭᠠᠨ ᠰᠢᠳᠬᠡᠵᠦ ᠬᠡᠡᠭᠡᠯᠭᠡ ᠦᠵᠡᠭᠦᠯᠡᠭᠡᠳ
dalai doγba-yin qantoora-yin diputad / vangpil arsulan-u γurban-i tere tusiyal-ud-ača-i salγan boliγuluγad albatu-nar mantaring (вар. В, С: mantaring mangnai-yi) mangqači-yin cengpil darja-yin / qoyar-i čidürlejü türm-e-dü kemjiy-e-tei ber qaγan sidkejü kecegelge üjegüleged:
224
ᠬᠣᠷᠢ ᠶᠢᠨ ᠲᠠᠶᠢᠱᠠ ᠨᠠᠷ ᠰᠠᠶᠢᠳ ᠨᠠᠷ ᠤᠨ ᠬᠣᠶᠢᠨᠠᠭᠰᠢᠳᠠ ᠶᠠᠪᠤᠬᠤ ᠶᠢᠨ ᠲᠤᠬᠠᠢ ᠳᠤ ᠵᠢᠭᠠᠪᠠᠷᠢᠯᠠᠨ ᠣᠨ ᠳᠤ ᠢᠩᠰᠲᠦᠷᠦᠭᠡ ᠪᠠᠭᠤᠯᠭᠠᠨ ᠥᠭᠴᠦ ᠠᠮᠤᠷᠯᠢᠭᠤᠯᠤᠭᠰᠠᠨ ᠪᠥᠯᠦᠭᠡ
qori-yin tayiša-nar sayid-nar-un / qoyinaγsida yabuqu-yin tuqai-du jiγabarilan 1820 on-du ingstürügce baγulγan ögčü amurliγuluγsan bölüge:
225
ᠪᠠᠰᠠ ᠳᠡᠭᠡᠳᠦ ᠦᠳᠡ ᠶᠢᠨ ᠵᠢᠮᠰᠬᠤᠢ ᠰᠦᠳ ᠦᠨ ᠢᠰᠫᠠᠷᠠᠪᠨᠢᠭ ᠭᠢᠳᠡᠩᠱᠲᠣᠷᠣᠮ ᠬᠢᠭᠡᠳ ᠵᠠᠰᠡᠳᠠᠲᠢᠯ ᠨᠠᠷ ᠷᠡᠱᠢᠢᠲᠨᠢᠬᠣᠪ ᠪᠠ
basa degedü / üde-yin jimsqui süd-ün isparabniγ gidengštorom kiged jasedatil-nar rešiitnikob ba:
226
ᠰᠠ᠎ᠠ ᠭᠠᠷᠠᠪ ᠲᠡᠳᠡ ᠪᠡᠷ ᠬᠣᠷᠢ ᠶᠢᠨ ᠵᠣᠨ ᠳᠣᠲᠤᠷ᠎ᠠ ᠬᠠᠰᠢᠯᠭ᠎ᠠ ᠦᠶᠢᠯᠡᠳᠴᠦ
sa-a γarab tede ber qori-yin / jon dotur-a qasilγ-a üyiledčü:
227
ᠶᠡᠬᠡ ᠣᠯᠵᠠ ᠠᠪᠴᠤ ᠪᠠᠶᠢᠭᠰᠠᠨ ᠠᠨᠤ ᠡᠨᠡ ᠦᠶ ᠡ ᠳᠦ ᠮᠦᠰᠬᠢᠪᠡᠷᠢ ᠪᠡᠷ ᠲᠣᠳᠤᠷᠠᠵᠤ ᠲᠡᠳᠡᠨ ᠦ ᠪᠡᠶ ᠡ ᠨᠦᠳᠢ ᠲᠤᠰᠢᠶᠠᠯ ᠠᠴᠠ ᠢ ᠭᠠᠷᠭᠠᠵᠤ ᠣᠷᠣᠰ ᠲᠡᠭᠡᠱᠢ ᠶᠠᠪᠤᠭᠤᠯᠤᠭᠠᠳ ᠵᠥᠭᠡᠷᠢ ᠶᠢ ᠬᠤᠳᠠᠯᠳᠠᠵᠤ ᠣᠯᠵᠠᠯᠤᠭᠰᠠᠨ ᠮᠥᠩᠭᠦ ᠶᠢ ᠬᠣᠵᠢᠮ ᠵᠣᠨ ᠳᠤ ᠲᠥᠯᠦᠭᠦᠯᠦᠭᠳᠡᠭᠰᠡᠨ ᠪᠥᠯᠦᠭᠡ
yeke olja abču bayiγsan anu ene üy-e-dü müskiberi ber toduraju teden-ü bey-e-/ (c. 28) nüdi tusiyal-ača-i γarγaju oros tegeši yabuγuluγad jögeri-yi qudaldaju oljaluγsan [mönggü-yi qojim / jon-du tölügülügdegsen] (вар. В, С) bölüge:
228
ᠲᠡᠨᠳᠡᠴᠡ ᠬᠣᠷᠢ ᠶᠢᠨ ᠭᠠᠯᠠᠪᠨᠤᠢ ᠲᠠᠶᠢᠱᠠ ᠳᠡᠩᠪᠢᠯ ᠭᠠᠯᠠᠩ ᠤᠨ ᠣᠨ᠎ᠠ ᠬᠠᠯᠢᠵᠤ
tendeče qori-yin γalabnui tayiša dengbil γalcang-un 1822 on-a qaliju:
229
 ᠳᠦᠭᠡᠷ ᠲᠠᠶᠢᠱᠠ ᠵᠢᠭᠵᠢᠳ ᠳᠠᠮᠪᠠᠳᠤᠭᠠᠷ ᠤᠨ ᠪᠡᠷ ᠣᠨ᠎ᠠ ᠭᠠᠯᠠᠪᠨᠤᠢ ᠲᠠᠶᠢᠱᠠ ᠪᠣᠯᠵᠤᠬᠤᠢ
4-düger / tayiša jigjid dambaduγar-un ber 1824 on-a γalabnui tayiša boljuqui:
230
ᠲᠡᠨᠳᠡᠴᠡ ᠣᠨ᠎ᠠ ᠵᠡᠭᠦᠨ ᠰᠢᠪᠢᠢᠷᠢ ᠶᠢᠨ ᠪᠤᠰᠤ ᠲᠥᠷᠦᠯᠲᠡᠨ ᠦ ᠷᠢᠪᠢᠢᠵᠡ ᠲᠣᠭᠠᠯᠠᠯᠭᠠᠨ ᠪᠣᠯᠬᠤᠢ ᠳᠤᠷ ᠬᠣᠷᠢ ᠶᠢᠨ ᠪᠤᠷᠢᠶᠠᠳ ᠨᠠᠷ ᠤᠨ ᠤᠷᠢᠳᠠᠶᠢᠨ ᠠᠴᠠ ᠥᠰᠴᠦ ᠬᠣᠷᠢᠨ ᠭᠤᠷᠪᠠᠨ ᠮᠢᠩᠭ᠎ᠠ ᠶᠢᠰᠦᠨ ᠵᠠᠭᠤᠨ ᠲᠠᠪᠢᠨ ᠳᠥᠷᠪᠡᠨ ᠡᠷ᠎ᠡ ᠳᠦᠦᠰᠢ ᠪᠣᠯᠪᠠᠢ
tendeče 1823 on-a jegün sibiiri-yin busu / törülten-ü ribiije toγalalγan bolqui-dur qori-yin buriyad-nar-un uridayin-ača ösčü qorin γurban mingγ-a yisün jaγun / tabin dörben er-e düüsi bolbai:
231
ᠬᠣᠷᠢ ᠪᠤᠷᠢᠶᠠᠳ ᠤᠨ ᠡᠵᠡᠯᠡᠵᠦ ᠪᠠᠶᠢᠭᠰᠠᠨ ᠭᠠᠵᠠᠷ ᠠᠨᠤ
qori buriyad-un ejelejü bayiγsan γajar anu:
232
ᠣᠮᠤᠭ ᠣᠮᠤᠭ ᠪᠦᠷᠢ ᠢᠯᠭᠠᠮᠵᠢᠯᠠᠭᠰᠠᠨ ᠬᠤᠪᠢᠶᠠᠷᠢ ᠦᠭᠡᠢ ᠰᠢᠯᠲᠠᠭᠠᠨ ᠠᠴᠠ ᠡᠷᠲᠡ ᠶᠢᠨ ᠳᠤᠷᠠᠪᠠᠷ ᠨᠡᠭᠦᠵᠦ ᠪᠠᠶᠢᠷᠵᠢᠭᠰᠠᠨ ᠬᠠᠷᠠᠭᠠᠨ᠎ᠠ ᠬᠢᠭᠡᠳ ᠬᠤᠸᠠᠠᠢ ᠪᠠ
omuγ omuγ büri ilγamjilaγsan qubiyari ügei / siltaγan-ača erte-yin durabar negüjü bayirjiγsan qaraγan-a kiged quvacai ba:
233
ᠬᠦᠪᠳᠦᠳ ᠣᠮᠤᠭ ᠤᠨ ᠤᠯᠤᠰ ᠠᠩᠭᠢ ᠪᠠᠶᠢᠷᠵᠢᠭᠠᠳ ᠬᠣᠭᠣᠷᠳᠢᠮᠳᠠ ᠪᠠᠨ ᠬᠣᠯᠠ ᠠᠭᠤᠵᠢᠮ ᠰᠢᠯᠲᠠᠭᠠᠨ ᠠᠴᠠ ᠬᠡᠷᠡᠭ ᠢᠶᠡᠨᠪᠦᠲᠦᠭᠡᠬᠦᠢ ᠳᠦᠷ ᠲᠦᠪᠡᠭ ᠲᠡᠢ ᠲᠤᠯᠠ
kübdüd omuγ-un ulus 2-2 anggi / bayirjiγad qoγordimda-ban qola aγujim siltaγan-ača kereg-iyenbütügeküi-dür tübeg-tei tula:
234
ᠠᠨᠠ ᠠ ᠠᠴᠠ ᠪᠠᠷᠠᠭᠤᠨ ᠡᠲᠡᠭᠡᠳ ᠲᠦ ᠪᠠᠶᠢᠷᠵᠢᠭᠰᠠᠨ ᠪᠠᠷᠤᠩ ᠬᠠᠷᠠᠭᠠᠨ᠎ᠠ ᠬᠢᠭᠡᠳ ᠬᠤᠸᠠᠠᠢ ᠪᠠ
ana-a-ača baraγun / eteged-tü bayirjiγsan barung qaraγan-a kiged quvacai ba:
235
ᠬᠦᠪᠳᠦᠳ ᠬᠡᠮᠡᠨ ᠠᠨᠠ ᠠ ᠠᠴᠠ ᠵᠡᠭᠦᠨ ᠡᠲᠡᠭᠡᠳ ᠲᠦ ᠪᠠᠶᠢᠷᠵᠢᠭᠰᠠᠨ ᠨᠢ ᠵᠡᠭᠦᠨ ᠬᠠᠷᠠᠭᠠᠨ᠎ᠠ ᠬᠤᠸᠠᠠᠢ ᠬᠦᠪᠳᠦᠳ ᠬᠡᠮᠡᠨ ᠷᠢᠪᠢᠢᠵᠡ ᠶᠢ ᠰᠢᠯᠭᠠᠵᠤ ᠪᠢᠴᠢᠭᠳᠡᠭᠰᠡᠨ ᠡᠴᠡ ᠡᠭᠦᠰᠬᠡᠨ ᠳᠡᠭᠡᠷᠡᠬᠢ ᠭᠤᠷᠪᠠᠨ ᠣᠮᠤᠭ ᠤᠳ ᠪᠠᠷᠤᠩ ᠵᠡᠭᠦᠨ ᠢᠶᠡᠷ ᠰᠠᠯᠭᠠᠵᠤ ᠵᠢᠷᠭᠤᠭᠠᠨ ᠣᠮᠤᠭ ᠪᠣᠯᠵᠤ ᠤᠷᠢᠳᠠ ᠶᠢᠨ ᠠᠷᠪᠠᠨ ᠨᠢᠭᠡᠨ ᠳᠡᠭᠷᠡᠡ ᠭᠤᠷᠪᠠᠨ ᠣᠮᠤᠭ ᠨᠡᠮᠡᠭᠰᠡᠨ ᠢᠶᠡᠷ ᠬᠣᠷᠢ ᠶᠢᠨ ᠠᠷᠪᠠᠨ ᠳᠥᠷᠪᠡᠨ ᠣᠮᠤᠭ ᠲᠠᠨ ᠪᠣᠯᠵᠤᠬᠤᠢ
kübdüd kemen: ana-a-ača jegün eteged-tü bayirjiγsan-ni / jegün qaraγan-a quvacai kübdüd kemen ribiije-yi silγaju bičigdegsen-eče egüsken degereki γurban omuγ-ud barung jegün-iyer / salγaju jirγuγan omuγ bolju urida-yin arban nigen degree γurban omuγ nemegsen-iyer qori-yin arban dörben omuγ-tan / boljuqui:
236
ᠲᠡᠳᠡ ᠶᠡᠬᠡ ᠳᠡᠭᠡᠳᠦᠡᠵᠡᠨ ᠢᠮᠫᠡᠷᠠᠲᠤᠷ  ᠳᠦᠭᠡᠷ ᠠᠯᠢᠭᠰᠠᠨᠳᠠᠷ ᠬᠠᠭᠠᠨ ᠪᠡᠷ ᠣᠨ ᠤ ᠡᠶᠦᠯᠢ ᠶᠢᠨ  ᠤᠨ ᠡᠳᠦᠷ᠎ᠡ ᠰᠢᠪᠢᠷᠢ ᠳᠦᠷ ᠰᠠᠭᠤᠭᠴᠢ ᠪᠤᠰᠤ ᠲᠥᠷᠦᠯᠲᠡᠨ ᠢ ᠵᠠᠬᠢᠷᠤᠬᠤ ᠲᠣᠭᠲᠠᠭᠠᠯ ᠰᠢᠨᠡ ᠪᠡᠷ ᠪᠠᠲᠤᠯᠠᠨ ᠪᠠᠭᠤᠯᠭᠠᠭᠠᠳ
tede yeke degedüejen imperatur 1-düger aliγsandar qaγan ber 1822 on-u eyüli-yin 22-un edür-e / sibiri-dür saγuγči busu törülten-i jakiruqu toγtaγal sine-ber batulan baγulγaγad:
237
ᠲᠡᠷᠡ ᠲᠣᠭᠲᠤᠭᠠᠯ ᠤᠨ ᠶᠣᠰᠤᠭᠠᠷ ᠣᠨ ᠠᠴᠠ ᠡᠭᠦᠰᠬᠡᠨ ᠤᠷᠢᠳᠠ ᠶᠢᠨ ᠪᠠᠶᠢᠭᠰᠠᠨ ᠬᠣᠷᠢ ᠶᠢᠨ ᠬᠠᠨᠲᠣᠣᠷ᠎ᠠ ᠲᠠᠪᠤᠨ ᠮᠢᠢᠷᠰᠬᠡ ᠢᠢᠵᠠᠪᠠ ᠵᠣᠭᠰᠤᠭᠠᠭᠳᠠᠵᠤ
tere toγtuγal-un yosuγar / (c. 29) 1827 on-ača egüsken urida-yin bayiγsan qori-yin qantoor-a tabun miirske iijaba joγsuγaγdaju:
238
ᠬᠣᠷᠢ ᠶᠢᠨ ᠰᠲᠢᠫᠨᠤᠢ ᠳᠦᠮ᠎ᠡ ᠬᠢᠭᠡᠳ ᠣᠮᠤᠭ ᠤᠨ ᠨᠢᠵᠢᠭᠡᠳ ᠢᠶᠡᠷ ᠢᠨᠣᠷᠣᠳᠨᠤᠢ ᠦᠫᠷᠠᠸᠠ ᠨᠠᠷ ᠪᠠ
qori-yin stipnui / düm-e kiged 14 [omuγ-un] (вар. В, С) nijiged-iyer 14 inorodnui üprava-nar ba:
239
ᠷᠣᠳᠤᠪᠤᠢ ᠤᠫᠷᠠᠪᠯᠢᠢᠨᠢ ᠨᠡᠷ ᠪᠣᠯᠪᠠᠢ
108 rodubui uprabliini-ner bolbai:
240
ᠮᠥᠨ ᠲᠣᠭᠲᠤᠭᠠᠯ ᠤᠨ ᠶᠣᠰᠤᠭᠠᠷ ᠤᠷᠢᠳᠠ ᠠᠨᠤ ᠣᠮᠤᠭ ᠤᠳ ᠳᠣᠲᠤᠷ᠎ᠠ ᠵᠠᠶᠢᠰᠠᠩ ᠰᠢᠤᠯᠢᠩᠭᠡ ᠵᠠᠰᠠᠭᠤᠯ ᠨᠡᠷᠡᠮᠵᠢ ᠪᠡᠷ ᠵᠠᠬᠢᠷᠤᠭᠳᠠᠵᠤ ᠪᠠᠶᠢᠭᠰᠠᠨ ᠠᠨᠤ ᠪᠤᠰᠤ ᠲᠥᠷᠦᠯᠲᠡᠨ ᠢ ᠵᠠᠬᠢᠷᠤᠬᠤ ᠠᠴᠠ ᠵᠣᠭᠰᠤᠵᠤ ᠭᠠᠭᠴᠠ ᠬᠦ ᠪᠤᠰᠤ ᠲᠥᠷᠦᠯ ᠲᠠᠨ ᠳᠣᠲᠤᠷ᠎ᠠ ᠬᠦᠨᠳᠦ ᠲᠦ ᠨᠡᠷᠡᠮᠵᠢ ᠪᠠᠶᠢᠬᠤ ᠪᠣᠯᠤᠭᠠᠳ ᠳᠦᠮ᠎ᠡ ᠳᠣᠲᠤᠷ᠎ᠠ ᠭᠠᠯᠠᠪᠨᠤᠢ ᠷᠣᠳᠤᠨᠠᠰᠢᠯᠨᠢᠭ ᠲᠠᠶᠢᠱᠠ ᠬᠢᠭᠡᠳ ᠵᠠᠰᠠᠳᠠᠲᠢᠯ ᠨᠠᠷ ᠢᠨᠣᠷᠣᠳᠨᠤᠢ ᠦᠫᠷᠠᠸᠠᠨᠠᠷ ᠳᠣᠲᠤᠷ᠎ᠠ ᠭᠣᠯᠤᠸᠠ ᠪᠢᠢᠪᠤᠷᠨᠤᠢ ᠨᠠᠷ ᠷᠣᠳᠪᠤᠢ ᠦᠫᠷᠠᠪᠯᠢᠢᠨᠢ ᠨᠡᠷ ᠳᠣᠲᠤᠷ᠎ᠠ ᠰᠲᠠᠷᠤᠰᠲᠠ ᠫᠣᠮᠣᠱᠨᠢᠭ ᠤᠳ ᠨᠡᠷ᠎ᠡ ᠲᠦ ᠪᠠᠶᠢᠬᠤ ᠪᠣᠯᠵᠤᠬᠤᠢ
mön / toγtuγal-un yosuγar urida anu omuγ-ud dotur-a jayisang siulingge jasaγul neremji ber jakiruγdaju bayiγsan anu busu / törülten-i jakiruqu-ača joγsuju γaγča kü busu törül-tan dotur-a kündü-tü neremji bayiqu boluγad düm-e / dotur-a γalabnui rodunasilniγ tayiša kiged jasadatil-nar inorodnui üpravanar dotur-a γoluva biiburnui-nar rodbui / üprabliini-ner dotur-a starusta pomošnig-ud ner-e [tü] (вар. В) bayiqu boljuqui:
241
ᠪᠠᠰᠠ ᠬᠣᠷᠢ ᠶᠢᠨ ᠪᠤᠷᠢᠶᠠᠳ ᠨᠠᠷ ᠤᠯᠠᠮ ᠤᠯᠠᠮ ᠰᠠᠰᠢᠨ ᠲᠤ ᠣᠷᠤᠵᠤ ᠲᠦᠪᠡᠳ ᠮᠣᠩᠭᠤᠯ ᠨᠣᠮ ᠪᠢᠴᠢᠭ ᠰᠤᠷᠤᠯᠠᠬᠤ ᠪᠠ
basa qori-yin buriyad-nar ulam ulam / sasin-tu oruju tübed mongγul nom bičig surulcaqu ba:
242
ᠨᠣᠮ ᠤᠩᠰᠢᠭᠤᠯᠬᠤ ᠪᠠ ᠮᠥᠷᠭᠦᠯ ᠦᠶᠢᠯᠡᠳᠬᠦ ᠪᠠ
nom ungsiγulqu ba: mörgül üyiledkü ba:
243
ᠨᠢᠭᠦᠯ ᠡᠳᠡᠷᠯᠡᠬᠦ ᠪᠤᠶᠠᠨ ᠦᠶᠢᠯᠡᠳᠬᠦ ᠤᠯᠤᠰ ᠤᠯᠠᠮ ᠣᠯᠠᠨ ᠪᠣᠯᠵᠤ ᠳᠡᠭᠡᠳᠦ ᠦᠳᠡᠶᠢᠨ ᠡᠭᠡᠲᠦ ᠬᠣᠷᠢᠬᠣᠨ᠎ᠠ ᠳᠠᠮᠱᠤᠢ ᠷᠠᠪᠵᠢᠢᠯᠢᠩ ᠬᠡᠮᠡᠬᠦ
nigül cederlekü: buyan / üyiledkü ulus ulam olan bolju degedü üdeyin egetü qoriqon-a damšui rabjiiling kemekü:
244
ᠰᠢᠰᠠᠨ ᠠ ᠶᠢᠨ ᠭᠣᠷᠢᠬᠣᠨ᠎ᠠ ᠭᠠᠨᠳᠠᠨ ᠴᠣᠶᠢᠩᠫᠠᠯᠠᠯᠢᠩ ᠬᠡᠮᠡᠬᠦ
sisan-a-yin γoriqon-a γandan čoyingpalaling kemekü:
245
ᠬᠢᠯᠭᠤ ᠶᠢᠨ ᠬᠣᠬᠢᠤᠷᠲᠠᠢ ᠭᠣᠷᠢᠬᠣᠨ᠎ᠠ ᠰᠦᠩᠷᠠᠪ ᠱᠢᠢᠷᠠᠪᠯᠢᠩ ᠬᠡᠮᠡᠬᠦ
kilγu-yin qokiurtai γoriqon-a süngrab šiirabling kemekü:
246
ᠴᠢᠯᠠᠭᠤᠲᠠᠢ ᠭᠣᠷᠢᠬᠣᠨ᠎ᠠ ᠭᠠᠨᠳᠠᠨ ᠳᠠᠷᠵᠢᠢᠯᠢᠩ ᠬᠡᠮᠡᠬᠦ ᠲᠠᠪᠤᠨ ᠮᠣᠳᠤᠨ ᠳᠠᠴᠠᠩ
čilaγutai / γoriqon-a γandan darjiiling kemekü tabun modun dačang:
247
ᠨᠣᠶᠠᠨ ᠡᠷᠬᠦᠦᠨ ᠦᠨ ᠭᠠᠷᠵᠢᠳᠠᠩᠰᠬᠤᠢ ᠭᠦᠪᠡᠷᠨᠠᠲᠣᠷ ᠤᠨ ᠣᠨ ᠤ ᠮᠠᠢ ᠶᠢᠨ  ᠤ ᠡᠳᠦᠷ᠎ᠡ ᠪᠠᠲᠤᠯᠠᠭᠰᠠᠨ ᠠᠴᠠ ᠬᠣᠶᠢᠱᠢ ᠪᠦᠲᠦᠭᠡᠵᠦ ᠬᠤᠷᠠᠯ ᠨᠣᠮ ᠤᠩᠱᠢᠵᠤ ᠮᠥᠷᠭᠦᠯ ᠦᠶᠢᠯᠡᠳᠬᠦ
noyan erküün-ün γarjidangsqui gübernator-un 1832 on-u mai-yin / 15-u edür-e batulaγsan-ača qoyiši bütügejü qural nom ungšiju mörgül üyiledkü:
248
ᠨᠣᠮ ᠤᠨ ᠰᠤᠷᠭᠤᠯᠢ ᠬᠢᠬᠦ ᠪᠣᠯᠵᠤᠬᠤᠢ
nom-un surγuli kikü boljuqui:
249
ᠲᠡᠨᠳᠡᠴᠡ ᠶᠡᠬᠡ ᠳᠡᠭᠡᠳᠦ ᠡᠵᠡᠨ ᠨᠢᠬᠤᠯᠠᠢ ᠫᠠᠪᠤᠯᠤᠪᠢᠱᠢ ᠬᠠᠭᠠᠨ ᠪᠡᠷ ᠣᠨ ᠤ ᠡᠶᠤᠨᠢ ᠶᠢᠨ  ᠦ ᠡᠳᠦᠷ᠎ᠡ ᠵᠡᠭᠦᠨ ᠰᠢᠪᠢᠢᠷᠢ ᠶᠢᠨ ᠪᠤᠰᠤ ᠲᠥᠷᠦᠯ ᠲᠡᠨ ᠦ ᠠᠯᠪᠠ ᠰᠢᠨᠡᠯᠡᠬᠦ ᠶᠢᠨ ᠫᠣᠯᠣᠵᠢᠢᠨᠢ ᠪᠠᠲᠤᠯᠠᠭᠠᠳ
/ tendeče yeke degedü ejen niqulai pabulubiši qaγan ber 1827 on-u eyuni-yin 21-ü edür-e jegün sibiiri-yin busu / (c. 30) törül-ten-ü alba sinelekü-yin polojiini batulaγad:
250
ᠲᠡᠭᠦᠨ ᠦ ᠶᠣᠰᠤᠭᠠᠷ ᠣᠨ᠎ᠠ ᠠᠯᠪᠠ ᠵᠣᠬᠢᠶᠠᠬᠤᠢ ᠬᠣᠮᠮᠢᠠ ᠢᠷᠡᠵᠦ ᠰᠢᠨᠡ ᠪᠡᠷ ᠷᠢᠪᠢᠢᠵᠢ ᠪᠣᠯᠬᠤᠢ ᠳᠤᠷ ᠬᠣᠷᠢ ᠶᠢᠨ ᠵᠣᠨ ᠤᠷᠢᠳᠠ ᠠᠴᠠ ᠥᠰᠴᠦ ᠡᠷᠡ ᠳᠦᠦᠱᠢ ᠪᠣᠯᠵᠤ ᠲᠡᠭᠦᠨ ᠳᠣᠲᠤᠷ ᠠᠴᠠ ᠨᠠᠰᠤᠨ ᠠᠴᠠ ᠳᠡᠭᠡᠭᠴᠢ
tegün-ü yosuγar 1831 on-a alba jokiyaqui qommica irejü sine-/ ber ribiiji bolqui-dur qori-yin jon urida-ača ösčü 25067 ere düüši bolju tegün dotur-ača 18 nasun-ača / degegči:
251
ᠨᠠᠰᠤᠨ ᠠᠴᠠ ᠳᠣᠭᠣᠭᠴᠢ ᠬᠦᠳᠦᠯᠮᠦᠷᠱᠢ ᠳᠦᠦᠱᠢ ᠶᠢᠨ ᠴᠠᠭᠠᠰᠤ ᠪᠠᠷ ᠲᠦ ᠶᠠᠰᠠᠭ ᠠᠯᠪᠠ ᠵᠣᠬᠢᠶᠠᠭᠠᠳ ᠲᠡᠷᠡ ᠶᠣᠰᠤᠭᠠᠷ ᠡᠳᠦᠭᠡ ᠬᠦᠷᠲᠡᠯᠡ ᠲᠥᠯᠦᠵᠦ ᠪᠠᠶᠢᠮᠤᠢ
50 nasun-ača doγoγči küdülmürši 12070 düüši-yin čaγasu-bar 6-6 tü yasaγ alba jokiyaγad tere / yosuγar edüge kürtele tölüjü bayimui:
252
ᠲᠡᠨᠳᠡᠴᠡ ᠣᠨ᠎ᠠ ᠬᠣᠷᠢ ᠶᠢᠨ ᠭᠠᠯᠠᠪᠨᠤᠢ ᠲᠠᠶᠢᠱᠠ ᠵᠢᠭᠵᠢᠳ ᠳᠠᠮᠪᠠᠳᠤᠭᠠᠷ ᠤᠨ ᠪᠡᠷ ᠬᠠᠯᠢᠵᠤ ᠤᠷᠢᠳᠠ ᠶᠢᠨ ᠲᠠᠶᠢᠱᠠ ᠭᠠᠯᠠᠩ ᠤ ᠬᠥᠪᠡᠭᠦᠨ ᠷᠢᠨᠴᠢᠨ ᠳᠣᠷᠵᠢ ᠳᠡᠩᠫᠢᠯ ᠦᠨ ᠲᠡᠭᠦᠨᠢ ᠵᠠᠷᠢᠮ ᠤᠯᠤᠰ ᠭᠠᠯᠠᠪᠨᠤᠢ ᠲᠠᠶᠢᠱᠠ ᠳᠤ ᠰᠤᠩᠭᠠᠭᠠᠳ
tendeče 1835 on-a qori-yin γalabnui tayiša jigjid dambaduγar-un ber qaliju / urida-yin tayiša γalcang-u köbegün rinčin dorji dengpil-ün tegüni jarim ulus γalabnui tayiša-du sungγaγad:
253
ᠵᠠᠷᠢᠮ ᠤᠯᠤᠰ ᠠᠨᠤ ᠳᠤᠷᠠ ᠦᠭᠡᠢ ᠰᠢᠯᠲᠠᠭᠠᠨ ᠠᠴᠠ ᠬᠣᠷᠢ ᠶᠢᠨ ᠰᠠᠶᠢᠳ ᠨᠠᠷ ᠵᠣᠨ ᠪᠡᠷ ᠬᠣᠶᠠᠷ ᠠᠩᠭᠢ ᠰᠠᠨᠠᠯ ᠲᠠᠢ ᠪᠣᠯᠵᠤ ᠡᠪ ᠦᠭᠡᠢ ᠪᠣᠯᠠᠯᠠᠵᠤ ᠪᠠᠶᠢᠲᠠᠯᠠ
jarim / ulus anu: dura ügei siltaγan-ača qori-yin sayid-nar jon ber qoyar anggi sanal-tai bolju eb ügei bolalcaju / bayitala:
254
ᠳᠡᠭᠡᠷᠡᠬᠢ ᠷᠢᠨᠴᠢᠨ ᠳᠣᠷᠵᠢ ᠳᠡᠩᠫᠢᠯ ᠦᠨ ᠪᠡᠷ ᠣᠨ᠎ᠠ ᠭᠠᠯᠠᠪᠨᠤᠢ ᠲᠠᠶᠢᠰᠠ ᠪᠣᠯᠤᠨ ᠪᠠᠲᠤᠯᠠᠭᠳᠠᠪᠠᠢ
degereki rinčin dorji dengpil-ün ber 1838 on-a γalabnui tayisa bolun batulaγdabai:
255
ᠲᠡᠷᠡ ᠲᠡᠨᠳᠡᠴᠡ ᠲᠠᠶᠢᠰᠠ ᠳᠡᠮᠪᠢᠯ ᠦᠨ ᠪᠡᠷ ᠠᠪᠤᠷᠢ ᠵᠠᠩ ᠠᠨᠤ ᠰᠢᠷᠦᠭᠦᠨ ᠪᠠ
tere (вар. В, С: tendeče tayisa) dembil-ün ber aburi / jang anu sirügün ba:
256
ᠣᠯᠵᠠ ᠠᠪᠤᠯᠭ ᠠ ᠳᠤᠷ ᠳᠤᠷᠠᠲᠠᠢ ᠪᠠ
olja abulγ-a-dur duratai ba:
257
ᠠᠬᠠᠮᠠᠳ ᠤᠨ ᠵᠥᠪᠰᠢᠶᠡᠯ ᠦᠭᠡᠢ ᠲᠠᠲᠠᠪᠤᠷᠢ ᠬᠤᠷᠢᠶᠠᠳᠠᠭ
aqamad-un jöbsiyel ügei tataburi quriyadaγ:
258
ᠰᠢᠯᠲᠠᠭᠠᠨ ᠠᠴᠠ ᠦᠯᠦ ᠵᠣᠬᠢᠯᠳᠤᠨ ᠬᠣᠷᠢ ᠶᠢᠨ ᠵᠠᠷᠢᠮ ᠤᠯᠤᠰ ᠨᠠᠷ ᠭᠣᠮᠤᠳᠠᠯ ᠲᠠᠢ ᠪᠣᠯᠵᠤ ᠠᠬᠠᠮᠠᠳ ᠲᠤ ᠭᠤᠶᠢᠯᠭ᠎ᠠ ᠬᠦᠷᠭᠡᠭᠦᠯᠵᠦ ᠬᠣᠷᠢ ᠶᠢᠨ ᠵᠣᠨ ᠳᠣᠲᠤᠷᠠ ᠵᠠᠷᠠᠭᠤ ᠬᠡᠯᠡᠨ ᠠᠮᠠᠨ ᠳᠡᠯᠭᠡᠷᠡᠨ ᠵᠣᠪᠠᠨᠢᠪᠠᠴᠤ ᠶᠠᠮᠪᠠᠷᠪᠠ ᠬᠠᠩᠭᠠᠯᠲᠠ ᠡᠰᠡ ᠪᠣᠯᠵᠤᠬᠤᠢ
siltaγan-ača / ülü jokildun qori-yin jarim ulus-nar γomudal-tai bolju aqamad-tu γuyilγ-a kürgegüljü qori-yin jon dotura jaraγu kelen / aman delgeren jobanibaču yambarba qangγalta ese boljuqui:
259
ᠲᠡᠨᠳᠡᠴᠡ ᠮᠣᠨ ᠲᠠᠶᠢᠰᠠ ᠳᠡᠩᠪᠢᠯ ᠦᠨ ᠪᠡᠷ ᠰᠠᠨᠬᠫᠢᠲᠡᠷᠪᠦᠦᠷᠭᠡ ᠬᠣᠲᠤᠨ᠎ᠠ ᠮᠣᠷᠢᠯᠠᠭᠠᠳ
tendeče mon tayisa dengbil-ün ber sankpiterbüürge qotun-a / morilaγad:
260
ᠶᠡᠬᠡ ᠳᠡᠭᠡᠳᠦ ᠡᠵᠡᠨ ᠢᠮᠫᠡᠷᠠᠲᠤᠷ ᠨᠢᠬᠤᠯᠠᠢ ᠫᠠᠪᠯᠣᠪᠢᠰᠢ ᠬᠠᠭᠠᠨ᠎ᠠ ᠪᠠᠷᠠᠭᠠᠯᠬᠠᠨ ᠣᠨ᠎ᠠ ᠭᠡᠭᠡᠨ ᠤᠭᠢᠶᠠᠯ ᠳᠤ ᠬᠦᠷᠲᠡᠵᠦ ᠬᠡᠷᠡᠰᠡᠯᠡᠭᠡᠳ ᠨᠢᠬᠤᠯᠠᠢ ᠬᠡᠮᠡᠨ ᠨᠡᠷᠡᠶᠢᠳᠡᠭᠳᠡᠵᠦ ᠵᠠᠰᠠᠭᠤᠯ ᠬᠡᠷᠭᠡᠮ ᠬᠦᠷᠲᠡᠭᠡᠳ ᠪᠤᠰᠠᠵᠤ ᠢᠷᠡᠪᠡᠢ
yeke degedü ejen imperatur niqulai pablobisi qaγan-a baraγalqan 1842 on-a gegen ugiyal-du kürtejü / kereseleged niqulai kemen nereyidegdejü jasaγul kergem kürteged busaju irebei:
261
ᠲᠡᠨᠳᠡᠴᠡ ᠣᠨ ᠤ ᠳᠢᠬᠠᠪᠷᠢ ᠶᠢᠨ  ᠤ ᠰᠦᠨᠢ ᠬᠣᠷᠢ ᠶᠢᠨ ᠰᠲᠡᠫᠨᠤᠢ ᠳᠦᠮ᠎ᠡ ᠪᠡᠷ ᠭᠠᠯ ᠢᠶᠠᠷ ᠰᠢᠲᠠᠭᠠᠳ
tendeče 1849 on-u diqabri-yin 26-u / süni qori-yin stepnui düm-e ber γal-iyar sitaγad:
262
ᠲᠡᠭᠦᠨ ᠲᠤᠰ ᠳᠡᠭᠡᠷᠡᠬᠢ ᠲᠠᠶᠢᠰᠠ ᠳᠡᠩᠫᠢᠯ ᠦᠨ ᠨᠥᠬᠦᠰ ᠲᠡᠢ ᠰᠡᠵᠢᠭᠯᠡᠭᠳᠡᠵᠦ ᠨᠣᠶᠠᠨ ᠡᠷᠬᠦᠦᠨ ᠦᠨ ᠭᠠᠷᠵᠢᠳᠠᠩᠰᠬᠤᠢ ᠭᠦᠪᠢᠷᠨᠠᠲᠤᠷ ᠤᠨ ᠵᠠᠬᠢᠷᠤᠯᠲᠠ ᠪᠠᠷ ᠨᠣᠶᠠᠨ ᠡᠷᠬᠦᠦᠨ ᠦᠨ ᠥᠬᠦᠷᠦᠭ ᠦᠨ ᠫᠣᠰᠢᠯᠢᠡᠨᠢ ᠨᠡᠷ ᠦᠨ ᠰᠮᠣᠲᠷᠢᠲᠡᠯ ᠵᠠᠶᠢᠴᠢᠬᠣᠪ ᠤᠨ ᠮᠦᠰᠬᠢᠯᠭᠡ ᠦᠶᠢᠯᠡᠳᠬᠦᠢ ᠳᠦᠷ ᠲᠠᠶᠢᠰᠠ ᠳᠡᠮᠫᠢᠯ ᠦᠨ ᠪᠠ
tegün tus degereki tayisa dengpil-ün nöküs-tei sejiglegdejü / noyan erküün-ün γarjidangsqui gübirnatur-un jakirulta-bar noyan erküün-ün ökürüg-ün posilieni-ner-ün smotritel jayičikob-/un müskilge üyiledküi-dür tayisa dempil-ün ba:
263
ᠬᠡᠷᠡᠰᠡᠯᠡᠭᠰᠡᠨ ᠫᠡᠲᠡᠷ ᠮᠢᠯᠢᠨᠲᠢᠪ ᠨᠢᠬᠤᠯᠠᠢ ᠣᠣᠯᠬᠤ ᠶᠢᠨ ᠰᠲᠢᠫᠠᠨ ᠰᠣᠣᠪᠣᠯᠢᠪ ᠲᠡᠳᠡ ᠪᠡᠷ ᠬᠣᠷᠢ ᠶᠢᠨ ᠰᠲᠡᠫᠨᠤᠢ ᠳᠦᠮᠡᠶᠢᠨ ᠳᠣᠲᠤᠷ᠎ᠠ ᠬᠤᠷᠢᠶᠠᠭᠰᠠᠨ ᠠᠯᠪᠠ ᠲᠠᠲᠠᠷᠢ ᠶᠢᠨ ᠠᠭᠠᠨ ᠢᠶᠠᠷ ᠲᠦ ᠮᠦ ᠫᠦᠯ ᠡᠯᠳᠡᠪ ᠨᠡᠬᠡᠪᠡᠷᠢ ᠶᠢᠨ ᠲᠦ ᠮᠦ ᠫᠦᠯ ᠢ ᠬᠤᠯᠠᠭᠠᠶᠢᠯᠠᠵᠤ ᠬᠤᠪᠢᠶᠠᠵᠤ ᠠᠪᠤᠭᠠᠳ
kereselegsen peter milintib niqulai oolqu-yin stipan soobolib tede / ber qori-yin stepnui dümeyin dotur-a quriyaγsan alba tatari-yin caγan-iyar 11636 tü 43 mü 1 pül eldeb / nekeberi-yin 233 tü 51 mü 1 pül-i qulaγayilaju qubiyaju abuγad:
264
ᠳᠦᠮ ᠡ ᠶᠢ ᠭᠠᠯ ᠢᠶᠠᠷ ᠰᠢᠲᠠᠭᠠᠭᠰᠠᠨ ᠠᠨᠤ ᠲᠣᠳᠤᠷᠬᠠᠢ ᠪᠣᠯᠵᠤ
düm-e-yi γal-iyar sitaγaγsan anu todurqai / bolju:
265
ᠬᠣᠵᠢᠮ ᠠᠨᠤ ᠭᠢᠨᠡᠷᠠᠯ ᠨᠤᠳ ᠦᠳᠢᠲᠤᠤᠷ ᠤᠨ ᠰᠢᠢᠳᠬᠡᠪᠡᠷᠢ ᠪᠡᠷ ᠲᠠᠶᠢᠰᠠ ᠳᠢᠮᠪᠢᠯ ᠤᠨ ᠢᠨᠤ ᠷᠣᠰ ᠣᠷᠤᠨ ᠤ ᠬᠦᠳᠦᠯᠮᠦᠷᠢ ᠳᠦ ᠵᠠᠷᠤᠭᠳᠠᠭᠠᠳ ᠨᠥᠬᠦᠳ ᠢᠨᠤ ᠵᠠᠪᠠᠶᠢᠬᠠᠯᠰᠬᠢ ᠪᠠᠶᠢᠭᠠᠯ ᠴᠢᠨᠠᠳᠤᠬᠢ ᠣᠬᠷᠤᠤᠵᠢᠨᠤᠢ ᠰᠦᠳ ᠦᠨ ᠰᠢᠢᠳᠬᠡᠪᠡᠷᠢ ᠪᠡᠷ ᠨᠢᠷᠴᠢᠤ ᠭᠢᠢᠨ ᠵᠠᠪᠤᠳ ᠤᠨ ᠬᠦᠳᠦᠯᠮᠦᠷᠢ ᠳᠦ ᠵᠠᠷᠤᠭᠳᠠᠪᠠᠢ
qojim anu gineral-nud üdituur-un siidkeberi-ber tayisa dimbil-un inu ros orun-u küdülmüri-dü jaruγdaγad / nöküd inu jabayiqalski bayiγal činaduki okruujinui süd-ün siidkeberi-ber nirčiu-giin jabud-un küdülmüri-dü jaruγdabai:
266
ᠤᠷᠢᠳᠠᠶᠢᠨ ᠨᠥᠭᠴᠢᠭᠰᠡᠨ ᠲᠠᠶᠢᠱᠠ ᠵᠢᠭᠵᠢᠳ ᠳᠠᠮᠪᠠ ᠳᠤᠭᠠᠷ ᠤᠨ ᠬᠥᠪᠡᠭᠦᠨ ᠵᠠᠰᠠᠳᠠᠲᠢᠯ ᠲᠠᠷᠪᠠ ᠵᠢᠭᠵᠢᠳ ᠤᠨ ᠪᠡᠷ ᠣᠨ ᠳᠤ ᠭᠠᠯᠠᠪᠨᠤᠢ ᠲᠠᠶᠢᠱᠠ ᠪᠣᠯᠵᠤᠬᠤᠢ
/ uridayin nögčigsen tayiša jigjid damba duγar-un köbegün jasadatil tarba jigjid-un ber 1851 on-du γalabnui tayiša / boljuqui:
267
ᠡᠨᠡ ᠲᠠᠶᠢᠱᠠ ᠵᠢᠭᠵᠢᠳ ᠤᠨ ᠵᠢᠳᠬᠦᠮᠵᠢᠲᠡᠢ ᠶᠢᠨ ᠲᠤᠯᠠ ᠤᠷᠢᠳᠠ ᠵᠠᠰᠠᠳᠠᠲᠢᠯ ᠪᠠᠶᠢᠬᠤ ᠳᠠᠭᠠᠨ ᠣᠨ ᠳᠤ ᠮᠥᠩᠭᠦᠨ ᠮᠢᠳᠠᠯ
ene tayiša jigjid-un jidkümjitei-yin tula urida jasadatil bayiqu-daγan 1850 on-du mönggün midal:
268
ᠲᠠᠶᠢᠱᠠ ᠪᠣᠯᠤᠭᠰᠠᠨ ᠬᠣᠶᠢᠨᠠ ᠣᠨ ᠳᠤ ᠬᠦᠨᠳᠦ ᠲᠦ ᠬᠠᠪᠲᠠᠨ ᠬᠠᠶᠢᠷᠠ ᠬᠦᠷᠲᠡᠭᠡᠳ ᠣᠨ᠎ᠠ ᠬᠣᠯᠯᠢᠴᠡᠰᠬᠤᠢ ᠷᠢᠭᠢᠰᠲᠠᠷᠠᠲᠤᠷ ᠬᠡᠷᠭᠡᠮ ᠬᠦᠷᠲᠡᠪᠡᠢ
tayiša / boluγsan qoyina 1852 on-du kündü-tü qabtan qayira kürteged 1857 on-a qolličesqui rigistaratur kergem kürtebei:
269
ᠡᠨᠡ ᠲᠠᠶᠢᠱᠠ ᠵᠢᠭᠵᠢᠳ ᠤᠨ ᠪᠡᠷ ᠷᠣᠰ ᠮᠣᠩᠭᠤᠯ ᠨᠣᠮ ᠪᠢᠴᠢᠭ ᠮᠡᠳᠡᠬᠦ ᠡᠷᠳᠡᠮ ᠲᠡᠢ ᠰᠠᠶᠢᠨ ᠠᠭᠠᠴᠢ ᠲᠠᠢ ᠮᠡᠳᠡᠯ ᠦᠨ ᠵᠣᠨ ᠠᠨᠤ ᠠᠮᠤᠷᠵᠢᠨ ᠠᠲᠠᠯᠠ ᠡᠳᠦᠦ ᠲᠡᠳᠦᠦ ᠤᠯᠤᠰ ᠨᠠᠷ ᠲᠠᠶᠢᠱᠠ ᠵᠢᠭᠵᠢᠳ ᠤᠨ ᠳᠤᠷ ᠭᠣᠮᠤᠳᠠᠯ ᠲᠠᠢ ᠪᠣᠯᠵᠤ ᠡᠯᠳᠡᠪ ᠤᠴᠢᠷ ᠢᠯᠡᠷᠬᠡᠶᠢᠯᠡᠨ ᠨᠣᠶᠠᠨ ᠵᠠᠪᠠᠶᠢᠬᠠᠯᠰᠬᠢ ᠣᠪᠯᠤᠰᠲᠢ ᠶᠢᠨ ᠴᠡᠷᠢᠭ ᠦᠨ ᠭᠦᠪᠡᠷᠨᠠᠲᠤᠷ ᠲᠤ ᠭᠤᠶᠢᠯᠭ᠎ᠠ ᠬᠦᠷᠭᠡᠭᠰᠡᠨ ᠠᠨᠤ ᠮᠦᠰᠬᠢᠪᠡᠷᠢ ᠪᠣᠯᠤᠭᠠᠳ
/ ene tayiša jigjid-un ber ros mongγul nom bičig medekü erdem-tei sayin aγači-tai medel-ün jon anu amurjin / atala edüü tedüü ulus-nar tayiša jigjid-un-dur γomudal-tai bolju eldeb učir ilerkeyilen noyan jabayiqalski oblusti-yin / čerig-ün gübernatur-tu γuyilγ-a kürgegsen anu müskiberi boluγad:
270
ᠵᠣᠬᠢᠰ ᠦᠭᠡᠢ ᠳᠦ ᠠᠳᠠᠭᠯᠠᠭᠳᠠᠵᠤ ᠨᠣᠶᠠᠨ ᠰᠢᠪᠢᠢᠷᠢ ᠶᠢᠨ ᠭᠢᠨᠡᠷᠠᠯ ᠭᠤᠪᠡᠷᠨᠠᠲᠣᠷ ᠤᠨ ᠵᠠᠬᠢᠷᠤᠯᠲᠠ ᠪᠠᠷ ᠳᠠᠭᠠᠭᠰᠠᠨ ᠬᠡᠷᠡᠭ ᠡᠴᠡ ᠣᠨ ᠳᠤ ᠬᠣᠷᠢᠭᠳᠤᠪᠠᠢ
jokis ügei-dü adaγlaγdaju noyan sibiiri-yin gineral / gubernator-un jakirulta-bar daγaγsan kereg-eče 1857 on-du qoriγdubai:
271
ᠲᠡᠨᠳᠡᠴᠡ ᠬᠣᠷᠢ ᠰᠲᠢᠫᠨᠤᠢ ᠳᠦᠮ ᠡ ᠶᠢᠨ ᠵᠠᠰᠠᠳᠠᠲᠢᠯ ᠬᠤᠸᠠᠠᠢ ᠣᠲᠤᠭ ᠤᠨ ᠰᠢᠦᠯᠢᠩᠭᠡ ᠪᠠᠳᠮ᠎ᠠ ᠸᠴᠢᠷᠤᠨ ᠪᠡᠷ ᠬᠣᠷᠢ ᠶᠢᠨ ᠵᠣᠨ ᠤ ᠰᠤᠩᠭᠠᠯᠲᠠ ᠪᠠᠷ ᠵᠡᠭᠦᠨ ᠰᠢᠪᠢᠢᠷᠢ ᠶᠢᠨ ᠭᠢᠨᠡᠷᠠᠯ ᠭᠤᠪᠡᠷᠨᠠᠲᠣᠷ ᠤᠨ ᠪᠠᠲᠤᠯᠠᠯᠭ᠎ᠠ ᠣᠨ᠎ᠠ ᠭᠠᠯᠠᠪᠨᠤᠢ ᠲᠠᠶᠢᠱᠠ ᠪᠣᠯᠤᠭᠠᠳ ᠬᠣᠷᠢ ᠶᠢᠨ ᠵᠣᠨ ᠠᠮᠤᠷᠵᠢᠨ ᠡᠳᠦᠭᠡ ᠬᠦᠷᠲᠡᠯᠡ ᠪᠠᠶᠢᠨᠠᠮ
tendeče qori stipnui düm-e-yin jasadatil / (c. 32) quvacai otuγ-un siülingge badm-a včirun ber qori-yin jon-u sungγalta-bar jegün sibiiri-yin gineral gubernator-un batulalγ-a / 1857 on-a γalabnui tayiša boluγad qori-yin jon amurjin edüge kürtele bayinam:
272
ᠲᠠᠶᠢᠱᠠ ᠸᠴᠢᠷ ᠤᠨ ᠲᠥᠷᠦᠯᠬᠢ ᠰᠠᠶᠢᠨ ᠰᠠᠨᠠᠭ ᠠ ᠲᠠᠢ ᠲᠤᠯᠠ ᠣᠨ᠎ᠠ ᠮᠥᠩᠭᠦᠨ ᠮᠢᠳᠠᠯ
tayiša včir-un törülki sayin / sanaγ-a-tai tula 1858 on-a mönggün midal:
273
ᠣᠨ᠎ᠠ ᠠᠯᠲᠠᠨ ᠮᠢᠳᠠᠯ ᠬᠣᠤᠷᠲᠢᠭ
1859 on-a altan midal qourtiγ:
274
ᠣᠨ᠎ᠠ ᠠᠯᠲᠠᠨ ᠮᠢᠳᠠᠯ ᠬᠠᠶᠢᠷ᠎ᠠ ᠬᠦᠷᠲᠡᠭᠡᠳ
1861 on-a altan midal qayir-a / kürteged:
275
ᠣᠨ᠎ᠠ ᠬᠣᠯᠯᠢᠰᠬᠤᠢ ᠷᠢᠭᠢᠰᠲᠠᠷᠠᠲᠤᠷ ᠬᠡᠷᠭᠡᠮ ᠬᠦᠷᠲᠡᠪᠡᠢ
1863 on-a qollisqui rigistaratur kergem kürtebei:
276
ᠬᠣᠷᠢ ᠶᠢᠨ ᠵᠣᠨ ᠤᠯᠠᠮ ᠥᠰᠴᠦ ᠠᠭᠤᠶᠢᠨ ᠪᠤᠷᠢᠶᠠᠳ ᠠᠴᠠ ᠲᠤᠰᠤᠭᠠᠷ ᠣᠨ ᠤ ᠷᠢᠪᠢᠢᠵᠡ ᠪᠡᠷ ᠠᠷᠪᠠᠨ ᠨᠠᠶᠮᠠᠨ ᠮᠢᠩᠭ᠎ᠠ
/ qori-yin jon ulam ösčü aγuyin buriyad-ača tusuγar 1850 on-u ribiije-ber arban nayman mingγ-a:
277
ᠨᠠᠶᠮᠠᠨ ᠵᠠᠭᠤᠨ ᠠᠷᠪᠠᠨ ᠡᠷ᠎ᠡ ᠳᠦᠦᠰᠢ ᠣᠨ ᠤ ᠷᠢᠪᠢᠢᠵᠡ ᠪᠡᠷ ᠠᠷᠪᠠᠨ ᠶᠢᠰᠦᠨ ᠮᠢᠩᠭ᠎ᠠ ᠨᠠᠶᠮᠠᠨ ᠵᠠᠭᠤᠨ ᠭᠤᠴᠢᠨ ᠡᠷ᠎ᠡ ᠳᠦᠦᠰᠢ ᠪᠣᠯᠪᠠᠢ
nayman / jaγun arban er-e düüsi 1858 on-u ribiije-ber arban yisün mingγ-a nayman jaγun γučin er-e düüsi bolbai:
278
ᠲᠡᠨᠳᠡᠴᠡ ᠠᠭᠤᠶᠢᠨ ᠪᠤᠷᠢᠶᠠᠳ ᠬᠡᠮᠡᠪᠡᠰᠦ ᠠᠩᠬᠠᠨ ᠳᠠᠭᠠᠨ ᠬᠣᠷᠢ ᠶᠢᠨ ᠪᠤᠷᠢᠶᠠᠳ ᠠᠴᠠ ᠲᠠᠰᠤᠷᠠᠭᠰᠠᠨ ᠪᠤᠢ
/ tendeče aγuyin buriyad kemebesü angqan daγan qori-yin buriyad-ača tasuraγsan bui:
279
ᠢᠯᠡᠷᠬᠡᠶᠢᠯᠡᠪᠡᠰᠦ ᠳᠡᠭᠡᠷ᠎ᠡ ᠢᠯᠡᠷᠬᠡᠶᠢᠯᠡᠭᠳᠡᠭᠰᠡᠨ ᠣᠨ᠎ᠠ ᠬᠢᠲᠠᠳ ᠮᠣᠩᠭᠤᠯ ᠪᠠ
/ ilerkeyilebesü deger-e ilerkeyilegdegsen 1727 on-a kitad mongγul ba:
280
ᠷᠣᠰ ᠤᠨ ᠭᠠᠵᠠᠷ ᠬᠤᠪᠢᠶᠠᠯᠳᠠᠵᠤ ᠬᠢᠯᠡᠶᠢᠨ ᠲᠡᠮᠳᠡᠭ ᠲᠠᠯᠪᠢᠭᠰᠠᠨ ᠤ ᠰᠡᠭᠦᠯ ᠢᠶᠡᠷ ᠨᠡᠭᠦᠭᠰᠡᠭᠡᠷ ᠨᠢᠷᠴᠢᠤ ᠭᠢᠢᠨ ᠥᠬᠦᠷᠦᠭ ᠦᠨ ᠡᠩᠢᠳᠡᠢ ᠰᠢᠲᠢ ᠭᠣᠤᠯ ᠤᠳ ᠪᠠ ᠲᠡᠨᠳᠡ ᠡᠴᠡ ᠵᠠᠷᠢᠮ ᠠᠨᠤ ᠤᠯᠠᠮ ᠨᠡᠭᠦᠭᠰᠡᠭᠡᠷ ᠦᠯᠦᠩᠭᠡ ᠲᠤᠷ᠎ᠠ ᠭᠣᠷᠢᠬᠣᠨ ᠬᠢᠭᠡᠳ
ros-un γajar qubiyaldaju kileyin temdeg talbiγsan-u / segül-iyer negügseger nirčiu-giin ökürüg-ün engidei siti γoul-ud ba tende-eče jarim anu ulam negügseger ülüngge / tur-a γoriqon kiged:
281
ᠪᠤᠰᠤ ᠴᠤ ᠲᠡᠷᠡ ᠱᠢᠳᠠᠷ ᠨᠡᠭᠦᠵᠦ ᠤᠯᠠᠮ ᠳᠠᠮᠵᠢᠯᠠᠭᠰᠠᠭᠠᠷ ᠵᠠᠷᠢᠮ ᠠᠨᠤ ᠳᠡᠭᠡᠷ᠎ᠡ ᠢᠯᠡᠷᠬᠡᠶᠢᠯᠡᠭᠳᠡᠭᠰᠡᠨ ᠣᠨ ᠤ ᠮᠠᠷᠲᠠᠶᠢᠨ ᠡᠳᠦᠷ ᠦᠨ ᠭᠠᠷᠮᠣᠲᠠᠢ ᠶᠢᠨ ᠶᠣᠰᠤᠭᠠᠷ ᠡᠵᠡᠨ ᠦᠭᠡᠢ ᠪᠠᠶᠢᠭᠰᠠᠨ ᠠᠭᠤ ᠭᠣᠤᠯ ᠬᠢᠭᠡᠳ ᠣᠨᠣᠩ ᠮᠦᠷᠦᠨ ᠦ ᠬᠥᠪᠡᠭᠡ ᠪᠡᠷ ᠪᠠ
busu-ču tere šidar negüjü ulam damjilaγsaγar jarim anu deger-e ilerkeyilegdegsen 1703 on-u / martayin 22 edür-ün γarmotai-yin yosuγar ejen ügei bayiγsan aγu γoul kiged onong mürün-ü köbege-ber ba:
282
ᠲᠡᠷᠡ ᠱᠢᠳᠠᠷ ᠤᠨ ᠭᠣᠤᠯ ᠭᠣᠷᠢᠬᠣᠳ ᠢᠶᠠᠷ ᠨᠡᠭᠦᠵᠦ ᠪᠠᠶᠢᠷᠵᠢᠪᠠᠢ
tere šidar-un γoul γoriqod-iyar negüjü bayirjibai:
283
ᠡᠨᠡ ᠦᠶ ᠡ ᠳᠦ ᠬᠠᠷᠠᠭᠠᠨ᠎ᠠ ᠬᠢᠭᠡᠳ ᠬᠤᠸᠠᠠᠢ ᠪᠠ ᠭᠠᠯᠵᠤᠤᠳ ᠬᠢᠭᠡᠳ ᠴᠠᠭᠠᠨ ᠪᠠ ᠱᠠᠷᠠᠶᠢᠳ ᠬᠢᠭᠡᠳ ᠬᠦᠪᠳᠦᠳ ᠪᠣᠳᠤᠩᠭᠤᠳ ᠯᠤᠭ᠎ᠠ ᠠᠭᠤᠶᠢᠨ ᠳᠣᠯᠤᠭᠠᠨ ᠣᠲᠤᠭ ᠬᠡᠮᠡᠨ ᠠᠯᠳᠠᠷᠰᠢᠭᠰᠠᠨ
ene üy-e-dü qaraγan-a kiged quvacai ba γaljuud kiged čaγan ba šarayid / kiged kübdüd bodungγud luγ-a aγuyin doluγan otuγ kemen aldarsiγsan:
284
ᠣᠲᠤᠭ ᠣᠲᠤᠭ ᠲᠠᠭᠠᠨ ᠵᠠᠶᠢᠰᠠᠩ ᠤᠳ ᠪᠠ
otuγ otuγ taγan jayisang-ud ba:
285
ᠵᠠᠷᠢᠮ ᠣᠲᠤᠭ ᠤᠳ ᠲᠤ ᠰᠢᠦᠯᠢᠩᠭᠡ ᠵᠠᠰᠠᠭᠤᠯ ᠬᠡᠮᠡᠬᠦ ᠰᠠᠶᠢᠳ ᠢᠶᠠᠷ ᠵᠠᠬᠢᠷᠤᠯᠭ ᠠ ᠲᠠᠢ ᠪᠠᠶᠢᠭᠰᠠᠨ ᠪᠣᠯᠪᠠᠴᠤ ᠬᠣᠷᠢ ᠶᠢᠨ ᠪᠤᠷᠢᠶᠠᠳ ᠯᠤᠭ᠎ᠠ ᠬᠠᠮᠲᠤ ᠬᠣᠷᠢ ᠶᠢᠨ ᠲᠠᠶᠢᠱᠠ ᠨᠠᠷ ᠲᠤ ᠮᠡᠳᠡᠯ ᠲᠡᠢ ᠪᠠᠶᠢᠵᠤᠬᠤᠢ
jarim otuγ-ud-tu siülingge jasaγul kemekü sayid-iyar jakirulγ-a-tai bayiγsan bolbaču qori-yin buriyad-luγ-a qamtu qori-yin tayiša-/ (c. 33) nar-tu medel-tei bayijuqui:
286
ᠲᠡᠨᠳᠡᠴᠡ ᠥᠱᠴᠦ ᠤᠯᠠᠮ ᠣᠯᠠᠨ ᠪᠣᠯᠬᠤᠢ ᠳᠤᠷ ᠪᠠ
tendeče öščü ulam olan bolqui-dur ba:
287
ᠬᠣᠷᠢ ᠶᠢᠨ ᠲᠠᠶᠢᠱᠠ ᠠᠴᠠ ᠬᠣᠯᠠ ᠨᠡᠭᠦᠳᠡᠭ ᠰᠢᠯᠲᠠᠭᠠᠨ ᠢᠶᠠᠷ
qori-yin tayiša-ača qola negüdeg / siltaγan-iyar:
288
ᠣᠨ ᠲᠤᠬᠠᠢ ᠠᠴᠠ ᠡᠬᠢᠯᠡᠨ ᠬᠣᠷᠢ ᠶᠢᠨ ᠲᠠᠶᠢᠱᠠ ᠨᠠᠷ ᠤᠨ ᠪᠠᠲᠤᠯᠭ ᠠ ᠪᠠᠷ ᠠᠭᠤᠶᠢᠨ ᠭᠠᠯᠠᠪᠨᠤᠢ ᠵᠠᠶᠢᠰᠠᠩ ᠤᠳ ᠬᠡᠮᠡᠨ ᠨᠡᠷᠡᠶᠢᠳᠡᠭᠳᠡᠨ ᠲᠡᠷᠢᠭᠦᠯᠡᠨ ᠵᠠᠬᠢᠷᠤᠵᠤ ᠪᠠᠶᠢᠬᠤ ᠪᠣᠯᠵᠢᠬᠤᠢ
1780 on tuqai-ača ekilen qori-yin tayiša-nar-un batulγ-a-bar aγuyin γalabnui jayisang-ud kemen nereyidegden / terigülen jakiruju bayiqu boljiqui:
289
ᠲᠡᠷᠢᠭᠦᠰᠢ ᠶᠢᠨ ᠭᠠᠯᠠᠪᠨᠤᠢ ᠵᠠᠶᠢᠰᠠᠩ ᠤᠳ ᠠᠨᠤ ᠬᠤᠸᠠᠠᠢ ᠣᠲᠤᠭ ᠤᠨ ᠵᠠᠶᠢᠰᠠᠩ ᠬᠣᠰᠢᠭᠤᠢ ᠪᠠᠶᠠᠨᠲᠤ ᠶᠢᠨ ᠱᠠᠷᠠᠶᠢᠳ ᠣᠲᠤᠭ ᠤᠨ ᠵᠠᠶᠢᠰᠠᠩ ᠪᠠᠷᠢᠮᠠᠳ ᠮᠥᠩᠬᠡ ᠭᠢᠢᠨ ᠪᠣᠯᠤᠭᠠᠳ ᠲᠡᠳᠡᠨ ᠦ ᠡᠪᠦᠭᠡᠨ ᠪᠣᠯᠬᠤᠢ ᠳᠤᠷ ᠣᠨ ᠲᠤᠬᠠᠢ ᠳᠤ ᠭᠠᠯᠵᠤᠳ ᠣᠲᠤᠭ ᠤᠨ ᠵᠠᠰᠠᠭᠤᠯ ᠵᠠᠭᠠᠨ ᠷᠡᠨᠡ ᠶᠢᠨ ᠬᠦᠪᠳᠦᠳ ᠣᠲᠤᠭ ᠤᠨ ᠵᠠᠶᠢᠰᠠᠩ ᠨᠠᠰᠢᠨ ᠰᠠᠨᠵᠢᠨ ᠤ ᠬᠠᠷᠠᠭᠠᠨ᠎ᠠ ᠣᠲᠤᠭ ᠤᠨ ᠵᠠᠶᠢᠰᠠᠩ ᠳᠣᠩ ᠠᠮᠠᠨᠠᠶᠢᠨ
terigüsi-yin γalabnui jayisang-ud anu quvacai otuγ-un jayisang qosiγui bayantu-yin / šarayid otuγ-un jayisang barimad möngke-giin boluγad teden-ü ebügen bolqui-dur 1788 on tuqai-du γaljud otuγ-un / jasaγul jaγan rence-yin kübdüd otuγ-un jayisang nasin sanjin-u qaraγan-a otuγ-un jayisang dong amancayin:
290
ᠬᠤᠸᠠᠠᠢ ᠣᠲᠤᠭ ᠤᠨ ᠵᠠᠶᠢᠰᠠᠩ ᠮᠣᠷᠬᠤ ᠵᠠᠨᠳᠠᠭ ᠤᠨ
quvacai / otuγ-un jayisang morqu jandaγ-un:
291
ᠱᠠᠷᠠᠶᠢᠳ ᠣᠲᠤᠭ ᠤᠨ ᠰᠢᠤᠯᠢᠩᠭᠡ ᠨᠠᠰᠤᠲᠤ ᠷᠢᠳᠬᠡ ᠶᠢᠨ
šarayid otuγ-un siulingge nasutu ridke-yin:
292
ᠯᠦᠭᠡ ᠲᠠᠪᠤᠨ ᠭᠠᠯᠠᠪᠨᠤᠢ ᠪᠣᠯᠵᠤᠬᠤᠢ
lüge tabun γalabnui boljuqui:
293
ᠡᠭᠦᠨ ᠡᠴᠡ ᠤᠷᠢᠭᠴᠢᠳᠠ ᠪᠠ ᠡᠨᠡ ᠴᠦ ᠦᠶ ᠡ ᠳᠦ ᠠᠭᠤᠶᠢᠨ ᠪᠤᠷᠢᠶᠠᠳ ᠳᠣᠲᠤᠷᠠ ᠲᠦᠪᠡᠳ ᠨᠣᠮ ᠮᠡᠳᠡᠬᠦ ᠬᠦᠮᠦᠨ ᠦᠭᠡᠢ ᠪᠥᠭᠡᠳ
/ egün-eče uriγčida ba: ene-čü üy-e-dü aγuyin buriyad dotura tübed nom medekü kümün ügei böged:
294
ᠮᠣᠩᠭᠤᠯ ᠨᠣᠮ ᠪᠠᠭ᠎ᠠ ᠮᠡᠳᠡᠬᠦ ᠬᠦᠮᠦᠨ ᠡᠳᠦᠢ ᠲᠡᠳᠦᠢ ᠥᠬᠡᠨ ᠪᠠᠶᠢᠪᠠᠴᠤ ᠪᠢᠴᠢᠭ ᠳᠠᠭᠤᠳᠠᠬᠤ ᠪᠠ ᠪᠠᠭ᠎ᠠ ᠵᠡᠷᠭᠡ ᠪᠢᠴᠢᠬᠦ ᠡᠴᠡ ᠪᠤᠰᠤ ᠨᠣᠮ ᠤᠨ ᠤᠳᠬ᠎ᠠ ᠮᠡᠳᠡᠬᠦ ᠪᠠ ᠮᠥᠷᠭᠦᠯ ᠦᠶᠢᠯᠡᠳᠬᠦ ᠪᠠ ᠨᠢᠭᠦᠯ ᠴᠡᠳᠡᠷᠯᠡᠬᠦ ᠪᠠ ᠪᠤᠶᠠᠨ ᠦᠶᠢᠯᠡᠳᠬᠦ ᠬᠦᠮᠦᠨ ᠦᠭᠡᠢ ᠪᠦᠭᠦᠳᠡ ᠪᠥᠭᠡ ᠡ ᠭᠢᠢᠨ ᠮᠥᠷᠭᠦᠯ ᠢ ᠰᠢᠲᠦᠳᠡᠭ ᠠᠭᠰᠠᠨ ᠠᠵᠤᠭᠤ
mongγul / nom baγ-a medekü kümün edüi tedüi cöken bayibaču [bičig] (вар. В) daγudaqu ba baγ-a jerge bičikü-eče busu nom-un udq-a / medekü ba mörgül üyiledkü ba nigül čederlekü ba buyan üyiledkü kümün ügei bügüde böge-e-giin mörgül-i sitüdeg / aγsan ajuγu:
295
ᠡᠨᠡ ᠦᠶ ᠡ ᠳᠦ ᠳᠡᠭᠡᠷ ᠡ ᠬᠢ ᠭᠠᠯᠠᠪᠨᠤᠢ ᠵᠠᠰᠠᠭᠤᠯ ᠷᠡᠨᠡ ᠶᠢᠨ ᠪᠡᠷ ᠬᠠᠮᠨᠢᠭᠠᠨ ᠣᠲᠤᠭ ᠤᠨ ᠪᠯᠠᠮ ᠠ ᠨᠠᠷ ᠠᠴᠠ ᠵᠢᠭᠠᠯᠭᠠᠬᠤ ᠨᠣᠮ ᠤᠨ ᠤᠳᠬ᠎ᠠ ᠰᠣᠨᠤᠰᠴᠤ ᠰᠦᠰᠦᠭ ᠲᠡᠢ ᠪᠣᠯᠤᠨ ᠱᠢᠱᠢᠨ ᠳᠦ ᠣᠷᠤᠵᠤ ᠤᠷᠢᠳᠤ ᠰᠢᠲᠦᠵᠦ ᠪᠠᠶᠢᠭᠰᠠᠨ ᠣᠩᠭᠤᠳ ᠢᠶᠠᠨ ᠤᠭᠤᠷᠠᠭᠤᠨ ᠠᠭᠤ ᠳᠤ ᠳᠠᠴᠠᠩ ᠪᠠᠷᠢᠬᠤ ᠶᠢ ᠳᠤᠷᠯᠠᠵᠤ ᠨᠥᠬᠦᠳ ᠢᠶᠡᠨ ᠳᠤᠷᠯᠠᠭᠤᠯ ᠤᠨ ᠶᠠᠳᠠᠵᠤ ᠪᠠᠶᠢᠬᠤ ᠶᠢᠨ ᠵᠠᠪᠰᠠᠷ᠎ᠠ ᠨᠣᠶᠠᠨ ᠬᠣᠷᠢ ᠶᠢᠨ ᠭᠠᠯᠠᠪᠨᠤᠢ ᠲᠠᠶᠢᠱᠠ ᠳᠠᠮᠪᠠᠳᠤᠭᠠᠷ ᠷᠢᠨᠴᠢᠨ ᠤ ᠳᠤᠷ ᠭᠠᠯᠠᠪᠨᠤᠢ ᠵᠠᠰᠠᠭᠤᠯ ᠷᠢᠨᠡ ᠶᠢᠨ ᠪᠡᠷ ᠠᠭᠤ ᠳᠤᠷ ᠳᠠᠴᠠᠩ ᠪᠠᠷᠢᠭᠠᠳ ᠥᠪᠡᠷ᠎ᠡ ᠲᠠᠶᠢᠰᠠ ᠪᠣᠯᠬᠤ ᠠᠷᠭ᠎ᠠ ᠡᠭᠦᠰᠬᠡᠵᠦ ᠪᠠᠶᠢᠬᠤ ᠠᠵᠤᠬᠤ ᠬᠡᠮᠡᠨ ᠪᠤᠰᠤ ᠬᠦᠮᠦᠨ ᠬᠣᠪᠯᠤᠨ ᠮᠡᠳᠡᠭᠦᠯᠦᠭᠰᠡᠨ ᠢ ᠲᠠᠶᠢᠱᠠ ᠷᠢᠨᠴᠢᠨ ᠤ ᠢᠲᠢᠭᠡᠮᠵᠢᠯᠡᠵᠦ ᠬᠢᠯᠢᠩᠯᠡᠵᠦ
ene üy-e-dü deger-e-ki γalabnui jasaγul rence-yin ber qamniγan 15 otuγ-un blam-a-nar-ača jiγalγaqu / nom-un udq-a sonusču süsüg-tei bolun šišin-dü oruju uridu sitüjü bayiγsan ongγud-iyan uγuraγun? aγu-du / dačang bariqu-yi durlaju nöküd-iyen durlaγul-un yadaju bayiqu-yin jabsar-a noyan qori-yin γalabnui tayiša dambaduγar / (c. 34) rinčin-u-dur γalabnui jasaγul rince-yin ber aγu-dur dačang bariγad öber-e tayisa bolqu arγ-a egüskejü bayiqu ajuqu kemen / busu kümün qoblun medegülügsen-i tayiša rinčin-u itigemjilejü kilinglejü:
296
ᠭᠠᠯᠠᠪᠨᠤᠢ ᠵᠠᠰᠠᠭᠤᠯ ᠷᠢᠨᠡ ᠶᠢᠨ ᠳᠤᠷ ᠵᠣᠷᠢᠤᠲᠠ ᠶᠢ ᠲᠠᠯᠪᠢᠨ ᠳᠠᠭᠤᠳᠠᠭᠰᠠᠨ᠎ᠠ ᠲᠡᠷᠡ ᠭᠠᠯᠠᠪᠨᠤᠢ ᠵᠠᠰᠠᠭᠤᠯ ᠷᠢᠨᠡ ᠶᠢᠨ ᠠᠨᠤ ᠵᠤᠭᠳᠠᠵᠤ ᠣᠯᠳᠤᠯ ᠦᠭᠡᠢ ᠪᠠᠶᠢᠭᠰᠠᠭᠠᠷ
γalabnui jasaγul rince-yin-dur joriuta-yi talbin / daγudaγsan-a tere γalabnui jasaγul rince-yin anu jugdaju oldul ügei bayiγsaγar:
297
ᠡᠪᠡᠳᠴᠢᠨ ᠪᠣᠯᠵᠤ ᠣᠨ ᠲᠤᠬᠠᠢ ᠳᠤ ᠨᠥᠭᠴᠢᠪᠡᠢ
ebedčin bolju 1798 on tuqai-du / nögčibei:
298
ᠲᠡᠨᠳᠡᠴᠡ ᠬᠣᠷᠢ ᠶᠢᠨ ᠭᠠᠯᠠᠪᠨᠤᠢ ᠲᠠᠶᠢᠱᠠ ᠷᠢᠨᠴᠢᠨ ᠤ ᠵᠠᠬᠢᠷᠤᠯᠭ ᠠ ᠪᠠᠷ ᠠᠭᠤ ᠣᠨᠣᠨ ᠤ ᠪᠤᠷᠢᠶᠠᠳ ᠨᠠᠷ ᠲᠤ ᠭᠠᠯᠠᠪᠨᠤᠢ ᠪᠠᠶᠢᠵᠤ ᠲᠡᠳᠡᠨ ᠢ ᠲᠠᠷᠢᠶᠠᠯᠠᠩ ᠤᠨ ᠦᠶᠢᠯᠡᠳᠪᠡᠷᠢ ᠳᠦ ᠰᠤᠷᠭᠠᠬᠤ ᠶᠢᠨ ᠲᠤᠯᠠ ᠴᠠᠭᠠᠨ ᠣᠲᠤᠭ ᠤᠨ ᠵᠠᠶᠢᠰᠠᠩ ᠲᠡᠲᠢᠯᠶᠠᠷᠨᠤᠢ ᠰᠣᠪᠢᠢᠲᠨᠢᠭ ᠮᠣᠬᠤᠤ ᠤᠨᠠᠭᠠᠨ ᠤ ᠪᠡᠷ ᠣᠨ ᠳᠤ ᠲᠦᠭᠨᠦ ᠭᠣᠤᠯ ᠠᠴᠠ ᠣᠯᠠᠨ ᠨᠥᠬᠦᠳ ᠲᠡᠢ ᠨᠡᠭᠦᠵᠦ ᠠᠭᠤ ᠭᠣᠤᠯ ᠳᠤ ᠢᠷᠢᠭᠡᠳ
tendeče qori-yin γalabnui tayiša rinčin-u jakirulγ-a-bar aγu onon-u buriyad-nar-tu γalabnui bayiju teden-i tariyalang-un / üyiledberi-dü surγaqu-yin tula čaγan otuγ-un jayisang tetilyarnui sobiitniγ moquu unaγan-u ber 1803 on-du tügnü / γoul-ača olan nöküd-tei negüjü aγu γoul-du iriged:
299
ᠤᠷᠢᠳᠠᠶᠢᠨ ᠪᠠᠶᠢᠭᠰᠠᠨ ᠭᠠᠯᠠᠪᠨᠤᠢ ᠨᠠᠷ ᠯᠤᠭ᠎ᠠ ᠠᠭᠠᠯᠠᠨ ᠲᠡᠷᠢᠭᠦᠯᠡᠵᠦ ᠠᠵᠤᠭᠤ
uridayin [bayiγsan] (вар. В) γalabnui-nar-luγ-a aγalan terigülejü ajuγu:
300
ᠣᠨ ᠲᠤᠬᠠᠢ ᠳᠤ ᠥᠨᠳᠦᠷᠯᠡᠭᠴᠢ ᠶᠢᠨ ᠵᠠᠷᠯᠢᠭ ᠢᠶᠠᠷ ᠨᠣᠶᠠᠨ ᠰᠲᠠᠲᠰᠬᠤᠢ ᠰᠣᠪᠢᠳᠨᠢᠭ ᠯᠢᠪᠠ ᠯᠢᠪᠠ ᠮᠣᠷᠢᠯᠠᠵᠤ ᠢᠷᠢᠭᠡᠳ
/ 1802 on tuqai-du öndürlegči-yin jarliγ-iyar noyan statsqui sobidniγ liba (вар. В, С liba) morilaju iriged:
301
ᠢᠩᠭᠢᠳᠡᠢ ᠰᠢᠲᠢ ᠭᠣᠤᠯ ᠤᠳ ᠪᠠ
inggidei / siti γoul-ud ba:
302
ᠦᠯᠦᠩᠭᠡ ᠲᠤᠷᠠ ᠭᠣᠤᠯ ᠢ ᠪᠠᠶᠢᠭᠠᠯ ᠤᠨ ᠡᠮᠦᠨᠡ ᠨᠢᠲᠤᠭᠯᠠᠬᠤ ᠫᠣᠱᠢᠯᠱᠢᠭ ᠤᠳ ᠲᠤ ᠦᠭᠲᠦᠭᠡᠳ ᠲᠡᠭᠦᠨ ᠡᠴᠡ ᠬᠣᠶᠢᠨᠠᠭᠰᠢᠳᠠ ᠲᠡᠷᠡ ᠭᠠᠵᠠᠷ᠎ᠠ ᠪᠠᠶᠢᠭᠰᠠᠨ ᠬᠣᠷᠢ ᠶᠢᠨ ᠪᠤᠷᠢᠶᠠᠳ ᠤᠨ ᠣᠯᠠᠩᠬᠢ ᠠᠨᠤ ᠠᠭᠤ ᠣᠨᠣᠩ ᠭᠣᠤᠯ ᠤᠳ ᠬᠢᠭᠡᠳ
ülüngge tura γoul-i bayiγal-un emüne nituγlaqu pošilšiγ-ud-tu ügtüged tegün-eče qoyinaγsida / tere γajar-a bayiγsan qori-yin buriyad-un olangki anu aγu onong γoul-ud kiged:
303
ᠲᠡᠷᠡ ᠱᠢᠳᠠᠷ ᠤᠨ ᠡᠯᠳᠡᠪ ᠭᠣᠷᠢᠬᠣᠳ ᠢᠶᠠᠷ ᠨᠡᠭᠦᠵᠦ ᠢᠷᠢᠨ ᠨᠢᠢᠯᠡᠪᠡᠢ
tere šidar-un eldeb γoriqod- / iyar negüjü irin niilebei:
304
ᠲᠡᠳᠡᠨ ᠢᠶᠡᠷ ᠬᠠᠯᠪᠢᠨ ᠬᠢᠭᠡᠳ ᠬᠤᠳᠠᠢ ᠣᠲᠤᠭ ᠤᠨ ᠥᠬᠡᠨ ᠨᠡᠭᠦᠦᠵᠦ ᠢᠷᠢᠯᠡᠭᠡᠳ
teden-iyer qalbin kiged: qudai otuγ-un cöken negüüjü irilceged:
305
ᠲᠡᠷᠢᠭᠦᠱᠢ ᠶᠢᠨ ᠣᠲᠤᠭ ᠯᠤᠭ᠎ᠠ ᠣᠲᠤᠭ ᠪᠣᠯᠵᠤ ᠬᠣᠷᠢ ᠶᠢᠨ ᠵᠣᠨ ᠪᠡᠷ ᠠᠩᠭᠢ ᠪᠣᠯᠵᠤ ᠳᠡᠭᠡᠳᠦ ᠦᠳᠡ ᠶᠢᠨ ᠪᠠ
terigüši-yin 7 otuγ / luγ-a 9 otuγ bolju qori-yin jon ber 2 anggi bolju degedü üde-yin ba:
306
ᠨᠢᠷᠴᠢᠤ ᠶᠢᠨ ᠥᠬᠷᠦᠭ ᠲᠦ ᠨᠡᠭᠦᠦᠵᠦ ᠪᠠᠶᠢᠷᠵᠢᠪᠠᠢ
nirčiu-yin 2 ökrüg-tü negüüjü / bayirjibai:
307
ᠡᠨᠡ ᠦᠶ ᠡ ᠳᠦ ᠠᠭᠤᠶᠢᠨ ᠪᠤᠷᠢᠶᠠᠳ ᠠᠴᠠ ᠦᠯᠡᠮᠵᠢ ᠡᠷᠡ ᠳᠦᠱᠢ ᠪᠣᠯᠵᠤᠬᠤᠢ
ene üy-e-dü aγuyin buriyad 6000 ača ülemji ere düši boljuqui:
308
ᠲᠡᠨᠳᠡᠴᠡ ᠣᠨ᠎ᠠ ᠬᠣᠷᠢ ᠶᠢᠨ ᠭᠠᠯᠠᠪᠨᠤᠢ ᠲᠠᠶᠢᠱᠠ ᠭᠠᠯᠰᠠᠩ ᠮᠠᠷᠳᠠᠢ ᠶᠢᠨ ᠨᠥᠬᠦᠰᠲᠡᠢ ᠠᠭᠤ ᠭᠠᠵᠠᠷ᠎ᠠ ᠮᠣᠷᠢᠯᠠᠵᠤ ᠢᠷᠢᠭᠰᠡᠨ ᠢᠯᠳᠠᠷ᠎ᠠ
/ (c. 35) tendeče 1811 on-a qori-yin γalabnui tayiša γalsang mardai-yin nöküstei aγu γajar-a morilaju irigsen / ildar-a:
309
ᠠᠭᠤ ᠳᠤ ᠴᠢᠯᠠᠭᠤᠨ ᠳᠠᠴᠠᠩ ᠪᠣᠰᠬᠠᠬᠤ ᠶᠢ ᠵᠢᠳᠬᠦᠬᠦᠯᠵᠦ ᠵᠠᠶᠢᠰᠠᠩ ᠲᠢᠲᠢᠯᠢᠷᠨᠤᠢ ᠰᠣᠪᠢᠢᠲᠨᠢᠭ ᠤᠨᠠᠭᠠᠨ ᠤ ᠪᠤᠰᠤ ᠰᠠᠶᠢᠳ ᠨᠠᠷ ᠲᠠᠢ ᠯᠤᠭ᠎ᠠ ᠵᠦᠪᠯᠡᠯᠳᠦᠨ ᠳᠠᠴᠠᠩ ᠪᠣᠰᠬᠠᠬᠤ ᠭᠠᠵᠠᠷ ᠠᠨᠤ ᠡᠨᠡ ᠪᠣᠯᠲᠤᠭᠠᠢ ᠬᠡᠮᠡᠨ ᠮᠣᠳᠤᠨ᠎ᠠ ᠬᠠᠳᠠᠭ ᠤᠶᠠᠵᠤ ᠭᠠᠵᠠᠷ ᠲᠤ ᠬᠠᠳᠬᠠᠭᠠᠳ ᠵᠢᠭᠠᠭᠰᠠᠨ ᠢᠶᠠᠷ ᠲᠡᠷᠡ ᠭᠠᠵᠠᠷ ᠳᠡᠭᠡᠷ᠎ᠡ ᠠᠨᠤ ᠲᠡᠷᠡ ᠵᠢᠯ ᠳᠡᠭᠡᠨ ᠳᠠᠴᠠᠩ ᠤᠨ ᠰᠠᠭᠤᠷᠢ ᠶᠡᠨᠳᠡᠷ ᠳᠡᠯᠡᠳᠳᠡᠨ ᠡᠭᠦᠰᠬᠡᠪᠡᠢ
aγu-du čilaγun dačang bosqaqu-yi jidküqüljü jayisang titilirnui sobiitniγ unaγan-u busu sayid-nar-tai-/ luγ-a jübleldün dačang bosqaqu γajar anu ene boltuγai kemen modun-a qadaγ uyaju γajar-tu qadqaγad jiγaγsan-iyar / tere γajar deger-e anu tere jil-degen dačang-un saγuri yender deledden egüskebei:
310
ᠡᠨᠡ ᠦᠶ ᠡᠳᠦ ᠭᠠᠯᠠᠪᠨᠤᠢ ᠵᠠᠶᠢᠰᠠᠩ
ene üy-edü γalabnui jayisang:
311
ᠲᠢᠲᠢᠯᠢᠷᠨᠤᠢ ᠰᠣᠪᠢᠢᠲᠨᠢᠭ ᠤᠨᠠᠭᠠᠨ ᠤ ᠭᠤᠶᠢᠯᠭ ᠠ ᠪᠠᠷ ᠲᠡᠭᠦᠨ ᠦ ᠲᠠᠯᠠ ᠬᠥᠪᠡᠭᠦᠨ ᠢᠨᠤ ᠨᠠᠮᠵᠢᠯ ᠮᠣᠬᠤᠤ ᠶᠢᠨ ᠭᠠᠯᠠᠪᠨᠤᠢ ᠵᠠᠶᠢᠰᠠᠩ ᠪᠣᠯᠵᠤᠬᠤᠢ
/ titilirnui sobiitniγ unaγan-u γuyilγ-a-bar tegün-ü tala köbegün inu namjil moquu-yin γalabnui jayisang boljuqui:
312
ᠲᠡᠷᠡ ᠦᠶ ᠡ ᠳᠦ ᠠᠭᠤᠶᠢᠨ ᠪᠤᠷᠢᠶᠠᠳ ᠳᠣᠲᠤᠷ᠎ᠠ ᠡᠷ᠎ᠡ ᠬᠦᠮᠦᠨ ᠡᠴᠡ ᠴᠣᠶᠢᠳᠤᠷ ᠫᠦᠩᠰᠦᠭ ᠦᠨ ᠬᠡᠮᠡᠬᠦ ᠨᠢᠭᠡᠨ ᠬᠤᠸᠠᠷᠠᠭ
tere / üy-e-dü aγuyin buriyad dotur-a er-e kümün-eče čoyidur püngsüg-ün kemekü nigen quvaraγ:
313
ᠡᠬᠡᠨᠡᠷ ᠡᠴᠡ ᠳᠣᠷᠵᠢᠮᠠ ᠠᠯᠪᠢᠢᠬᠠᠨ ᠤ ᠬᠡᠮᠡᠬᠦ ᠨᠢᠭᠡᠨ ᠱᠢᠮᠠᠭᠠᠨᠠ ᠪᠤᠢ ᠠᠴᠠ ᠪᠤᠰᠤ ᠪᠯᠠᠮ᠎ᠠ ᠬᠤᠸᠠᠷᠠᠭ ᠶᠡᠷᠦ ᠦᠭᠡᠢ ᠪᠥᠭᠡᠳ
ekener-eče dorjima / albiiqan-u kemekü nigen šimaγanca bui ača busu blam-a quvaraγ yerü ügei böged:
314
ᠪᠦᠭᠡᠳᠡᠭᠡᠷ ᠪᠥᠭᠡ ᠡ ᠭᠢᠢᠨ ᠮᠥᠷᠭᠦᠯ ᠢ ᠱᠢᠲᠦᠳᠦᠭ ᠠᠵᠤᠭᠤ
bügedeger böge-e-giin mörgül-i / šitüdüg ajuγu:
315
ᠲᠡᠨᠳᠡᠴᠡ ᠳᠡᠭᠡᠳᠦ ᠦᠳᠡᠶᠢᠨ ᠣᠬᠷᠤᠭ ᠤᠨ ᠲᠦᠭᠨᠦ ᠶᠢᠨ ᠳᠠᠴᠠᠩ ᠠᠴᠠ ᠭᠡᠯᠦᠩ ᠵᠢᠮᠰᠤ ᠪᠠᠭ ᠠ ᠶᠢᠨ ᠭᠡᠦᠯ ᠸᠠᠩᠳᠠᠨ ᠵᠣᠳᠪᠠ ᠶᠢᠨ ᠨᠥᠬᠦᠰ ᠲᠡᠢ ᠵᠠᠯᠠᠵᠤ ᠣᠨ ᠳᠤ ᠣᠯᠠᠨ ᠬᠥᠪᠡᠭᠦᠨ ᠲᠡᠢ ᠬᠦᠮᠦᠨ ᠡᠴᠡ ᠨᠢᠵᠢᠭᠡᠳ ᠬᠥᠪᠡᠭᠦᠨ ᠢ ᠴᠤᠭᠯᠠᠭᠤᠯᠵᠤ ᠬᠤᠸᠠᠷᠠᠭ ᠪᠣᠯᠭᠠᠭᠠᠳ
tendeče degedü üdeyin okrug-un tügnü-yin dačang-ača gelüng jimsu baγ-a-yin gecül vangdan jodba-yin / nöküs-tei jalaju 1811 on-du olan köbegün-tei kümün-eče nijiged köbegün-i čuγlaγulju quvaraγ bolγaγad:
316
ᠨᠣᠮ ᠤᠨ ᠰᠤᠷᠭᠤᠯᠢ ᠡᠬᠢᠯᠡᠨ ᠰᠤᠷᠭᠠᠪᠠᠢ
nom-un / surγuli ekilen surγabai:
317
ᠡᠨᠡ ᠦᠶ ᠡ ᠳᠦ ᠬᠣᠷᠢ ᠶᠢᠨ ᠭᠠᠯᠠᠪᠨᠤᠢ ᠲᠠᠶᠢᠱᠠ ᠮᠠᠷᠳᠠᠢ ᠶᠢᠨ ᠪᠡᠷ ᠥᠪᠡᠷ ᠦᠨ ᠵᠥᠭᠡᠷᠢ ᠪᠡᠷ ᠲᠦᠪᠡᠳ ᠶᠦᠮ ᠵᠠᠯᠠᠵᠤ ᠢᠯᠡᠭᠡᠭᠡᠳ ᠳᠠᠴᠠᠩ ᠪᠦᠲᠦᠲᠡᠯᠡ
ene üy-e-dü qori-yin γalabnui tayiša mardai-yin ber öber-ün jögeri-ber tübed yüm jalaju / ilegeged dačang bütütele:
318
ᠤᠩᠰᠢᠭᠤᠯᠠᠵᠢ ᠮᠥᠷᠭᠦᠵᠦ ᠪᠠᠶᠢᠭᠠᠳ ᠳᠠᠴᠠᠩ ᠪᠦᠲᠦᠬᠦ ᠳᠦ ᠳᠠᠴᠠᠩ ᠳᠤ ᠵᠠᠯᠠᠲᠤᠭᠠᠢ ᠬᠡᠮᠡᠨ ᠪᠢᠴᠢᠯᠡᠪᠡᠢ
ungsiγulaji mörgüjü bayiγad: dačang bütükü-dü dačang-du jalatuγai kemen bičilcebei:
319
ᠪᠠᠰᠠ ᠳᠠᠰᠠᠩ ᠤᠨ ᠬᠡᠷᠡᠭᠯᠡᠯ ᠳᠤᠷ ᠨᠢᠭᠡ ᠵᠠᠭᠤᠨ ᠫᠦᠳ ᠲᠡᠮᠦᠷ ᠡᠷᠭᠦᠪᠡᠢ
basa / dasang-un kereglel-dur nige jaγun püd temür ergübei:
320
ᠲᠡᠨᠳᠡᠴᠡ ᠰᠦᠰᠦᠭ ᠲᠡᠨ᠎ᠡ ᠪᠠᠳᠠᠷ ᠢᠶᠠᠷ ᠡᠷᠭᠦᠡ ᠶᠢ ᠬᠤᠷᠢᠶᠠᠨ ᠪᠠᠶᠠᠨ ᠴᠢᠳᠠᠯ ᠲᠠᠨ ᠤ ᠵᠢᠳᠬᠦᠮᠵᠢ ᠪᠡᠷ ᠬᠠᠮᠰᠠᠭᠤᠯ ᠳᠠᠴᠠᠩ ᠢᠶᠠᠨ ᠪᠣᠰᠬᠠᠭᠰᠠᠭᠠᠷ ᠣᠨ ᠳᠤ ᠳᠠᠭᠤᠰᠬᠠᠨ ᠲᠡᠭᠦᠰᠬᠡᠭᠡᠳ
tendeče süsüg-ten-e badar-iyar ergüce-yi quriyan bayan / čidal-tan-u jidkümji-ber qamsaγul dačang-iyan bosqaγsaγar 1816 on-du daγusqan tegüskeged:
321
ᠰᠡᠯᠡᠩᠭᠡ ᠶᠢᠨ ᠳᠠᠴᠠᠩ ᠤᠨ ᠲᠤᠩᠭᠠᠯᠠᠭ ᠰᠢᠷᠡᠭᠡᠲᠦ ᠷᠢᠨᠴᠢᠨ ᠬᠡᠮᠡᠬᠦ ᠪᠯᠠᠮ ᠠ ᠶᠢ ᠵᠠᠯᠠᠵᠤ ᠷᠠᠪᠨᠠᠢ ᠪᠦᠲᠦᠭᠡᠨ ᠳᠠᠴᠠᠩ ᠤᠨ ᠨᠡᠷ ᠡ ᠶᠢ ᠳᠢᠴᠢᠨ ᠯᠾᠦᠩᠳᠦᠪᠯᠢᠩ ᠬᠡᠮᠡᠨ ᠨᠡᠷᠡᠶᠢᠳᠪᠡᠢ
selengge-yin dačang-un / tungγalaγ siregetü rinčin kemekü blam-a-yi jalaju rabnai bütügen dačang-un ner-e-yi dičin lhüngdübling kemen nereyidbei:
322
ᠲᠡᠷᠡ ᠷᠠᠪᠨᠠᠢ ᠶᠢᠨ ᠦᠶ ᠡ ᠳᠦ ᠠᠭᠤᠶᠢᠨ ᠢᠳᠠᠯ ᠲᠠᠨ ᠪᠠᠶᠠᠨ ᠠᠨᠤ  ᠠᠴᠠ ᠦᠯᠡᠮᠵᠢ ᠤᠯᠤᠰ ᠭᠡᠷ ᠢᠶᠡᠷ ᠪᠠᠭᠤᠭᠠᠳ ᠪᠯᠠᠮ ᠠ ᠨᠠᠷ ᠬᠤᠷᠠᠯ ᠬᠤᠷᠠᠵᠤ ᠮᠥᠷᠭᠦᠯ ᠦᠶᠢᠯᠡᠳᠬᠦ ᠪᠠ
/ (c. 36) tere rabnai-yin üy-e-dü aγuyin cidal-tan bayan anu 60-ača ülemji ulus ger-iyer baγuγad 130 blam-a-nar qural / quraju mörgül üyiledkü ba:
323
ᠬᠣᠷᠢ ᠶᠢᠨ ᠭᠠᠯᠠᠪᠨᠤᠢ ᠲᠠᠶᠢᠱᠠ ᠳᠡᠩᠪᠢᠯ ᠭᠠᠯᠠᠩ ᠤ
qori-yin γalabnui tayiša dengbil γalcang-u:
324
 ᠳᠤᠭᠠᠷ ᠲᠠᠶᠢᠱᠠ ᠪᠠᠳᠮ᠎ᠠ ᠫᠠᠪᠡᠯ ᠤᠨ  ᠳᠦᠭᠡᠷ ᠲᠠᠶᠢᠱᠠ ᠵᠢᠭᠵᠢᠳ ᠳᠠᠮᠪᠠᠳᠤᠭᠠᠷ ᠤᠨ ᠣᠯᠠᠨ ᠰᠠᠶᠢᠳ ᠨᠠᠷ ᠨᠥᠬᠦᠳ ᠯᠦᠭᠡ ᠮᠣᠷᠢᠯᠠᠵᠤ ᠢᠷᠢᠭᠡᠳ
2-duγar tayiša badm-a pabel-un 4-düger / tayiša jigjid dambaduγar-un olan sayid-nar nöküd-lüge morilaju iriged:
325
ᠲᠡᠭᠦᠨᠴᠡ ᠭᠠᠳᠠᠨ᠎ᠠ  ᠠᠴᠠ ᠦᠯᠡᠮᠵᠢ ᠤᠯᠤᠰ ᠨᠠᠷ ᠴᠢᠭᠤᠯᠵᠤ ᠡᠳᠦᠷ ᠪᠠᠶᠠᠰᠬᠤᠯᠠᠩ ᠤᠨ ᠬᠤᠷᠢᠮ ᠪᠣᠯᠪᠠᠢ
tegünče γadan-a 3000-ača ülemji ulus- / nar čiγulju 2 edür bayasqulang-un qurim bolbai:
326
ᠲᠡᠷᠢᠭᠦᠱᠢ ᠬᠤᠷᠢᠮ ᠤᠨ ᠰᠦᠨᠢ ᠢᠨᠤ ᠭᠠᠯᠠᠪᠨᠤᠢ ᠲᠠᠶᠢᠱᠠ ᠭᠠᠯᠠᠩ ᠤ ᠨᠥᠬᠦᠰ ᠲᠡᠢ ᠮᠣᠷᠢᠨ ᠢᠶᠠᠷ ᠮᠣᠷᠢᠯᠤᠨ ᠭᠡᠷ ᠪᠦᠷᠢ ᠬᠡᠰᠦᠨ ᠶᠠᠪᠤᠵᠤ ᠦᠵᠡᠭᠰᠡᠨ ᠬᠦᠮᠦᠨ ᠪᠦᠭᠦᠳᠡ ᠶᠢ ᠲᠠᠰᠤᠭᠤᠷ ᠢᠶᠠᠷ ᠣᠬᠢᠭᠠᠳ
terigüši qurim-un süni inu γalabnui tayiša γalcang-u nöküs-tei / morin-iyar morilun ger büri kesün yabuju üjegsen kümün bügüde-yi tasuγur-iyar cokiγad:
327
ᠲᠡᠭᠦᠨᠡᠴᠡ ᠠᠶᠤᠵᠤ ᠨᠠᠶᠢᠷ ᠲᠤ ᠪᠠᠶᠢᠭᠰᠠᠨ ᠤᠯᠤᠰ ᠪᠣᠰᠣᠨᠢᠨ ᠳᠤᠲᠠᠭᠠᠵᠤ ᠬᠡᠭᠡᠷ᠎ᠡ ᠬᠠᠳᠠ ᠵᠢᠯᠭ᠎ᠠ ᠣᠢ ᠰᠢᠭᠤᠢ ᠪᠠᠷ ᠬᠣᠨᠤᠵᠤᠬᠤᠢ
tegüneče ayuju nayir-tu / bayiγsan ulus bosonin dutaγaju keger-e qada jilγ-a oi siγui-bar qonujuqui:
328
ᠬᠣᠷᠢ ᠶᠢᠨ ᠭᠠᠯᠠᠪᠨᠤᠢ ᠲᠠᠶᠢᠱᠠ ᠮᠠᠷᠳᠠᠢ ᠶᠢᠨ ᠪᠡᠷ ᠣᠨ᠎ᠠ ᠬᠠᠯᠢᠵᠤ ᠬᠥᠪᠡᠭᠦᠨ ᠠᠨᠤ ᠳᠡᠩᠪᠢᠯ ᠭᠠᠯᠠᠩ ᠤ ᠪᠡᠷ ᠣᠨ᠎ᠠ ᠭᠠᠯᠠᠪᠨᠤᠢ ᠲᠠᠶᠢᠱᠠ ᠪᠣᠯᠤᠭᠰᠠᠨ ᠠᠵᠤᠭᠤ
qori-yin γalabnui tayiša mardai-yin ber / 1814 on-a qaliju köbegün anu dengbil γalcang-u ber 1815 on-a γalabnui tayiša boluγsan ajuγu:
329
ᠲᠡᠨᠳᠡᠨᠴᠡ ᠣᠨ ᠤ ᠷᠢᠪᠢᠢᠵᠢ ᠪᠡᠷ ᠠᠭᠤᠶᠢᠨ ᠪᠤᠷᠢᠶᠠᠳ ᠨᠠᠷ ᠳᠣᠯᠤᠭᠠᠨ ᠮᠢᠩᠭ᠎ᠠ ᠨᠠᠶᠮᠠᠨ ᠵᠠᠭᠤᠨ ᠡᠷ᠎ᠡ ᠳᠦᠦᠰᠢ ᠪᠣᠯᠪᠠᠢ
tendenče 1816 on-u / ribiiji-ber aγuyin buriyad-nar doluγan mingγ-a nayman jaγun er-e düüsi bolbai:
330
ᠪᠠᠰᠠ ᠣᠨ᠎ᠠ ᠳᠡᠭᠡᠳᠦ ᠦᠳᠡ ᠶᠢᠨ ᠵᠢᠮᠰᠬᠤᠢ ᠰᠫᠠᠷᠠᠪᠨᠢᠭ ᠤᠨ ᠵᠠᠬᠢᠷᠤᠯᠲᠠ ᠪᠠᠷ ᠠᠭᠤ ᠳᠤ ᠬᠠᠷᠭᠤᠢ ᠲᠤ ᠶᠢᠨ ᠪᠠ
basa 1816 on-a degedü üde-yin / jimsqui sparabniγ-un jakirulta-bar aγu-du qarγui-tu-yin ba:
331
ᠰᠠᠷᠢᠲᠠᠢ ᠶᠢᠨ ᠪᠠ ᠲᠠᠪᠲᠠᠨᠠᠢ ᠶᠢᠨ ᠮᠢᠢᠷᠰᠬᠤᠢ ᠢᠵᠠᠪᠠ ᠪᠣᠯᠤᠭᠠᠳ
saritai-yin ba: tabtanai-yin 3 miirsqui ijaba / boluγad:
332
ᠬᠣᠵᠢᠮ ᠣᠨ ᠳᠤ ᠨᠣᠶᠠᠨ ᠰᠢᠪᠢᠢᠷᠢ ᠶᠢᠨ ᠭᠢᠨᠡᠷᠠᠯ ᠭᠦᠪᠡᠷᠨᠠᠲᠤᠷ ᠤᠨ ᠵᠠᠬᠢᠷᠤᠯᠲᠠ ᠪᠠᠷ ᠰᠠᠷᠢᠲᠠᠢ ᠶᠢᠨ ᠪᠠ
qojim 1820 on-du noyan sibiiri-yin gineral gübernatur-un jakirulta-bar saritai-yin ba:
333
ᠲᠠᠪᠲᠠᠨᠠᠢ ᠶᠢᠨ ᠮᠢᠢᠷᠰᠬᠤᠢ ᠢᠵᠠᠪᠠ ᠨᠠᠷ ᠠᠨᠤ ᠵᠣᠭᠰᠤᠭᠠᠭᠳᠠᠵᠤ ᠭᠠᠭᠴᠠ ᠬᠠᠷᠠᠭᠤᠢ ᠲᠤ ᠶᠢᠨ ᠮᠢᠢᠷᠰᠬᠤᠢ ᠢᠵᠠᠪᠠ ᠪᠣᠯᠵᠤᠬᠤᠢ
tabtanai-yin / miirsqui ijaba-nar anu joγsuγaγdaju γaγča qaraγui-tu-yin miirsqui ijaba boljuqui:
334
ᠣᠨ ᠳᠤ ᠬᠣᠷᠢ ᠶᠢᠨ ᠭᠠᠯᠠᠪᠨᠤᠢ ᠲᠠᠶᠢᠱᠠ ᠭᠠᠯᠠᠩ ᠤ ᠠᠭᠤ ᠭᠣᠤᠯ ᠳᠤ ᠮᠣᠷᠢᠯᠠᠵᠤ ᠢᠷᠢᠭᠡᠳ ᠪᠠᠶᠢᠬᠤ ᠦᠶ ᠡ ᠳᠡᠭᠡᠨ ᠬᠦᠪᠳᠦᠳ ᠣᠲᠤᠭ ᠤᠨ ᠴᠡᠴᠡᠭ ᠲᠦ ᠨᠢᠯᠪᠡᠩ ᠦ ᠳᠦᠷ ᠰᠠᠶᠢᠨ ᠵᠢᠷᠣᠭ᠎ᠠ ᠮᠣᠷᠢ ᠪᠤᠢ ᠬᠡᠮᠡᠨ ᠰᠣᠨᠤᠰᠴᠤ ᠲᠡᠷᠡ ᠮᠣᠷᠢ ᠪᠡᠨ ᠨᠠᠳᠤᠷ ᠥᠭᠲᠦᠭᠡᠢ ᠬᠡᠮᠡᠨ ᠬᠦᠮᠦᠨ ᠢ ᠢᠯᠡᠭᠡᠵᠦ ᠵᠠᠬᠢᠭᠰᠠᠨ᠎ᠠ ᠨᠢᠯᠪᠡᠩ ᠦ ᠪᠡᠷ ᠵᠦᠪᠰᠢᠶᠡᠯ ᠦᠭᠡᠢ ᠲᠡᠷᠡ ᠮᠢᠷᠢᠪᠠᠨ ᠤᠨᠤᠭᠠᠳ ᠪᠤᠷᠤᠭᠤᠳᠠᠨ ᠬᠣᠯᠠᠳᠠᠵᠤ ᠬᠢᠯᠡ ᠭᠣᠤᠯ ᠠᠴᠠ ᠴᠢᠨᠠᠭᠰᠢ ᠪᠠᠶᠢᠷᠯᠠᠭᠰᠠᠨ ᠢ ᠪᠡᠳᠡᠷᠡᠭᠦᠯᠡᠵᠦ ᠣᠯᠤᠭᠠᠳ
1816 on-du qori-yin / γalabnui tayiša γalcang-u aγu γoul-du morilaju iriged bayiqu üy-e-degen kübdüd otuγ-un čečeg-tü nilbeng-ü- / dür sayin jiroγ-a mori bui kemen sonusču tere mori ben nadur ögtügei kemen kümün-i ilegejü jakiγsan-a nilbeng-ü ber / jübsiyel ügei tere miriban unuγad buruγudan qoladaju kile γoul-ača činaγsi bayirlaγsan-i bederegülejü oluγad:
335
ᠨᠢᠯᠪᠡᠩ ᠦ ᠶᠢ ᠬᠣᠯᠣᠣᠳᠠ ᠮᠣᠳᠤᠨ᠎ᠠ ᠬᠦᠯ ᠢᠶᠡᠷ ᠢᠨᠤ ᠬᠠᠪᠱᠢᠵᠤ ᠳᠣᠯᠤᠭᠠᠨ ᠬᠣᠨᠤᠭ ᠲᠤ ᠪᠠᠶᠢᠯᠭᠠᠭᠠᠳ ᠯᠣᠣᠵᠠ ᠪᠠᠷ ᠶᠡᠬᠡᠳᠡ ᠣᠬᠢᠵᠤ ᠬᠡᠰᠡᠭᠡᠨ ᠲᠡᠷᠡ ᠵᠢᠷᠣᠭ᠎ᠠ ᠮᠣᠷᠢ ᠶᠢ ᠠᠪᠴᠤᠬᠤᠢ ᠲᠡᠷᠡ ᠦᠶ ᠡ ᠳᠦ ᠳᠡᠭᠡᠳᠦ ᠦᠳᠡ ᠶᠢᠨ ᠵᠢᠮᠰᠬᠤᠢ ᠰᠦᠳ ᠦᠨ ᠵᠠᠰᠡᠳᠠᠲᠢᠯ ᠷᠡᠰᠢᠢᠲᠨᠢᠬᠣᠪ ᠪᠡᠷ ᠠᠭᠤᠶᠢᠨ ᠮᠠᠩᠭᠠᠵᠢ ᠦᠵᠡᠬᠦ ᠶᠢᠨ ᠲᠤᠯᠠ ᠮᠣᠷᠢᠯᠠᠭᠰᠠᠨ᠎ᠠ ᠭᠠᠯᠠᠪᠨᠤᠢ ᠲᠠᠶᠢᠱᠠ ᠭᠠᠯᠠᠩ ᠤ ᠪᠡᠷ ᠳᠡᠭᠡᠷᠡᠬᠢ ᠨᠢᠯᠪᠡᠩ ᠦ ᠠᠳᠠᠭᠤᠨ ᠠᠴᠠ ᠰᠤᠩᠭᠠᠭᠤᠯᠵᠤ ᠮᠣᠷᠢ ᠥᠭᠭᠦᠬᠦᠯᠦᠭᠡᠳ ᠲᠡᠭᠦᠨ ᠳᠡᠭᠷᠡᠡ ᠠᠭᠤᠶᠢᠨ ᠵᠣᠨ ᠠᠴᠠ ᠲᠦ ᠣᠯᠵᠠ ᠥᠭᠴᠦ ᠮᠣᠷᠢᠯᠠᠭᠤᠯᠪᠠᠢ
/ (c. 37) nilbeng-ü-yi qolooda modun-a kül-iyer inu qabšiju doluγan qonuγ-tu bayilγaγad looja-bar yekede cokiju kesegen tere / jiroγ-a mori-yi abčuqui tere üy-e-dü degedü üde-yin jimsqui süd-ün jasedatil resiitnikob ber aγuyin 21 mangγaji / üjekü-yin tula morilaγsan-a γalabnui tayiša γalcang-u ber degereki nilbeng-ü adaγun-ača sungγaγulju 4 mori öggüqülüged / tegün degree aγuyin jon-ača 4000 tü olja ögčü morilaγulbai:
336
ᠮᠥᠨ ᠵᠠᠰᠡᠳᠠᠲᠢᠯ ᠷᠡᠰᠢᠢᠲᠨᠢᠬᠣᠪ ᠲᠡᠷᠡ ᠵᠢᠯ ᠦᠨ ᠡᠪᠦᠯ ᠮᠥᠨ ᠮᠠᠩᠭᠠᠵᠢ ᠦᠵᠡᠬᠦ ᠶᠢᠨ ᠬᠡᠷᠡᠭ ᠢᠶᠡᠷ ᠠᠭᠤ ᠳᠤ ᠮᠣᠷᠢᠯᠠᠭᠠᠳ ᠲᠦ ᠮᠦ ᠬᠣᠨᠢᠨ ᠤ ᠠᠷᠢᠰᠤᠨ ᠳᠡᠭᠡᠯ ᠣᠯᠵᠠ ᠠᠪᠤᠭᠠᠳ ᠪᠤᠰᠠᠵᠤ ᠮᠣᠷᠢᠯᠠᠪᠠᠢ
mön jasedatil resiitnikob tere jil-ün [ebül] (вар. В) mön / mangγaji üjekü-yin kereg-iyer aγu-du morilaγad 2000 tü [mü] (вар. В) 4 qonin-u arisun degel olja abuγad busaju / morilabai:
337
ᠮᠥᠨ ᠣᠨ᠎ᠠ ᠭᠠᠯᠠᠪᠨᠤᠢ ᠲᠠᠶᠢᠱᠠ ᠭᠠᠯᠠᠩ ᠤ ᠠᠭᠤ ᠳᠤ ᠮᠣᠷᠢᠯᠠᠭᠠᠳ ᠵᠠᠶᠢᠰᠠᠩ ᠮᠣᠷᠬᠤᠤ ᠵᠠᠨᠳᠠᠭ ᠤᠨ ᠵᠠᠨᠳᠠᠭ ᠤᠨ ᠴᠠᠨᠳᠠᠭ ᠤᠨ ᠳᠤ ᠴᠠᠭᠠᠨ ᠪᠠ ᠠᠯᠲᠠᠨ ᠮᠥᠩᠭᠦᠨ ᠪᠤᠢ ᠶᠢ ᠰᠠᠨᠤᠰᠴᠤ ᠴᠠᠭᠠᠨ ᠣᠲᠤᠭ ᠤᠨ ᠠᠷᠰᠤᠯᠠᠨ ᠮᠥᠩᠬᠡ ᠶᠢᠨ ᠲᠡᠭᠦᠨ᠎ᠡ ᠶᠡᠬᠡ ᠲᠠᠰᠢᠭᠤᠷ ᠥᠭᠴᠦ ᠵᠠᠶᠢᠰᠠᠩ ᠵᠠᠨᠳᠠᠭ ᠤᠨ ᠠᠴᠠ ᠴᠠᠭᠠᠨ ᠪᠠ ᠠᠯᠲᠠᠨ ᠮᠥᠩᠭᠦ ᠶᠡᠬᠡ ᠪᠡᠷ ᠠᠪᠴᠤ ᠢᠷᠢᠲᠦᠭᠡᠢ
mön on-a γalabnui tayiša γalcang-u aγu-du morilaγad jayisang morquu jandaγ-un- (вар. В, С: jandaγ-un; вар. А: čandaγ-un) du čaγan ba altan / mönggün bui-yi sanusču čaγan otuγ-un arsulan möngke-yin tegün-e yeke tasiγur ögčü jayisang jandaγ-un-ača čaγan ba / altan mönggü yeke-ber abču iritügei:
338
ᠬᠡᠷᠪᠡ ᠦᠯᠦ ᠥᠭᠪᠡᠰᠦ ᠠᠨᠤ ᠡᠨᠡ ᠲᠠᠰᠢᠭᠤᠷ ᠢᠶᠠᠷ ᠣᠬᠢᠭᠠᠳ ᠪᠡᠶ ᠡ ᠶᠢ ᠠᠨᠤ ᠲᠤᠰᠢᠶᠠᠲᠤᠭᠠᠢ ᠬᠡᠮᠡᠨ ᠬᠠᠲᠠᠭᠤᠲᠠ ᠵᠠᠬᠢᠷᠤᠨ ᠶᠠᠪᠤᠭᠤᠯᠤᠭᠰᠠᠨ᠎ᠠ ᠵᠠᠶᠢᠰᠠᠩ ᠵᠠᠨᠳᠠᠭ ᠠᠨᠤ ᠠᠶᠢᠵᠤ ᠴᠠᠭᠠᠨ ᠤ ᠲᠦ
kerbe ülü ögbesü anu ene tasiγur-iyar cokiγad bey-e-yi anu tusiyatuγai / kemen qataγuta jakirun yabuγuluγsan-a jayisang jandaγ anu ayiju čaγan-u 60 tü:
339
ᠠᠯᠲᠠᠨ ᠬᠣᠷᠢᠨ ᠲᠥᠭᠦᠷᠢᠭ ᠥᠭᠴᠤᠬᠦᠢ
altan qorin tögürig ögčuküi:
340
ᠲᠡᠭᠦᠨ ᠢᠯᠡᠨ ᠬᠦᠪᠳᠦᠳ ᠣᠲᠤᠭ ᠤᠨ ᠪᠣᠷᠳᠢᠢᠨᠠ ᠮᠣᠨᠴᠤᠬᠢ ᠶᠢᠨ ᠳᠤᠷ ᠵᠠᠶᠢᠰᠠᠩ ᠳᠠᠯᠠᠢ ᠳᠣᠭᠪᠠ ᠶᠢᠨ ᠲᠡᠭᠦᠨᠢ ᠶᠠᠪᠤᠭᠤᠯᠵᠤ ᠴᠠᠭᠠᠨ ᠢᠶᠠᠷ ᠲᠦ ᠳᠡᠭᠡᠷᠡᠬᠢ ᠴᠡᠴᠡᠭᠲᠦ ᠨᠢᠯᠪᠡᠩ ᠦ ᠳᠦᠷ ᠵᠠᠶᠢᠰᠠᠩ ᠴᠢᠮᠤᠩ ᠳᠦᠨᠦᠨ ᠦ ᠶᠢ ᠶᠠᠪᠤᠭᠤᠯᠵᠤ ᠴᠠᠭᠠᠨ ᠢᠶᠠᠷ ᠲᠦ ᠬᠠᠷᠠᠭᠠᠨ᠎ᠠ ᠣᠲᠤᠭ ᠤᠨ ᠡᠠᠳᠠ᠎ᠠ ᠳᠠᠪᠠᠩ ᠤ ᠳᠤᠷ ᠥᠪᠡᠷᠦᠨ ᠮᠣᠷᠢᠯᠤᠵᠤ ᠴᠠᠭᠠᠨ ᠢᠶᠠᠷ ᠲᠦ ᠠᠪᠴᠤᠬᠤᠢ
tegün / cilen kübdüd otuγ-un bordiina mončuki-yin-dur jayisang dalai doγba-yin tegüni yabuγulju čaγan-iyar 150 tü degereki / čečegtü nilbeng-ü-dür jayisang čimung dünün-ü-yi yabuγulju čaγan-iyar 150 tü qaraγan-a otuγ-un eada-a dabang-u-dur / öberün moriluju čaγan-iyar 200 tü abčuqui:
341
ᠡᠳᠡ ᠠᠨᠤ ᠮᠣᠨᠢᠲ ᠮᠥᠩᠭᠦᠨ ᠪᠤᠢ
ede anu monit mönggün bui:
342
ᠬᠣᠵᠢᠮ ᠣᠨ᠎ᠠ ᠬᠣᠷᠢ ᠶᠢᠨ ᠵᠣᠨ ᠪᠡᠷ ᠲᠠᠶᠢᠱᠠ ᠭᠠᠯᠠᠩ ᠤ ᠳᠤᠷ ᠭᠣᠮᠤᠳᠠᠯ ᠲᠠᠢ ᠪᠣᠯᠵᠤ ᠠᠬᠠᠮᠠᠳ ᠲᠤ ᠭᠤᠶᠢᠯᠭ᠎ᠠ ᠬᠦᠷᠭᠡᠯᠡᠬᠦᠢ ᠳᠤᠷ
qojim 1818 on-a qori-yin jon ber / (c. 38) tayiša γalcang-u-dur γomudal-tai bolju aqamad-tu γuyilγ-a kürgelceküi-dur:
343
ᠨᠡᠬᠡᠪᠡᠷᠢ ᠪᠣᠯᠵᠤ ᠲᠠᠶᠢᠱᠠ ᠭᠠᠯᠠᠩ ᠵᠥᠭᠡᠷᠢ ᠶᠢ ᠣᠣᠫᠢᠰᠯᠠᠭᠰᠠᠨ ᠠᠴᠠ ᠡᠩᠨᠡᠭᠢᠢᠯᠵᠦ ᠮᠠᠭᠤ ᠡᠳ ᠲᠠᠸᠠᠷ ᠢᠶᠠᠷ ᠪᠤᠠᠭᠠᠵᠤ ᠠᠪᠤᠭᠰᠠᠨ ᠪᠣᠯᠠᠢ
nekeberi bolju tayiša γalcang jögeri- /yi oopislaγsan-ača cengnegiiljü maγu ed tavar-iyar bucaγaju abuγsan bolai:
344
ᠲᠡᠨᠳᠡᠨᠴᠡ ᠠᠭᠤᠶᠢᠨ ᠪᠤᠷᠢᠶᠠᠳ ᠪᠡᠷ ᠲᠠᠷᠢᠶ᠎ᠠ ᠤᠷᠭᠠᠭᠤᠯᠵᠤ ᠶᠠᠳᠠᠭᠰᠠᠨ ᠬᠢᠭᠡᠳ
tendenče aγuyin buriyad ber tariy-a / urγaγulju yadaγsan kiged:
345
ᠮᠠᠭᠠᠵᠢ ᠳᠤ ᠲᠠᠯᠪᠢᠬᠤ ᠵᠢᠯ ᠪᠦᠷᠢ ᠶᠢᠨ ᠭᠠᠷᠤᠵᠠ ᠶᠢᠨ ᠲᠠᠷᠢᠶ ᠠ ᠶᠢ ᠬᠤᠳᠠᠯᠳᠤᠵᠤ ᠠᠪᠴᠤ ᠭᠠᠷᠤᠵᠠ ᠶᠢᠨ ᠣᠷᠤᠭᠰᠠᠨ᠎ᠠ ᠢᠯᠡᠷᠬᠡᠶᠢᠯᠡᠨ ᠳᠡᠭᠡᠳᠦ ᠦᠳᠡ ᠶᠢᠨ ᠵᠢᠮᠰᠬᠤᠢ ᠢᠰᠫᠠᠷᠠᠪᠨᠢᠭ ᠢᠶᠠᠷ ᠳᠠᠮᠵᠢᠭᠤᠯᠠᠨ ᠨᠣᠶᠠᠨ ᠡᠷᠬᠦᠦᠨ ᠦᠨ ᠭᠠᠷᠵᠢᠳᠠᠩᠰᠬᠤᠢ ᠭᠦᠪᠡᠷᠨᠠᠲᠤᠷ ᠲᠤᠷ ᠲᠦ ᠮᠥᠩᠭᠦ ᠭᠠᠷᠤᠵᠠ ᠲᠠᠢ ᠪᠠᠷ ᠭᠤᠶᠢᠯᠭ᠎ᠠ ᠬᠦᠷᠭᠡᠭᠰᠡᠨ ᠢᠨᠤ ᠨᠣᠶᠠᠨ ᠮᠢᠨᠢᠰᠲᠡᠷ ᠤᠳ ᠤᠨ ᠬᠣᠮᠢᠲᠡᠳ ᠢᠶᠡᠷ ᠰᠢᠢᠳᠬᠡᠭᠳᠡᠵᠦ ᠣᠨ ᠠᠴᠠ ᠡᠭᠦᠰᠬᠡᠨ ᠮᠠᠭᠠᠵᠢ ᠳᠤ ᠲᠠᠷᠢᠶ᠎ᠠ ᠲᠠᠯᠪᠢᠬᠤ ᠠᠨᠤ ᠵᠣᠭᠰᠤᠭᠠᠭᠳᠠᠵᠤᠬᠤᠢ
magaji-du talbiqu jil büri-yin γaruja-yin tariy-a-yi qudalduju abču γaruja-yin oruγsan-a / ilerkeyilen degedü üde-yin jimsqui isparabniγ-iyar damjiγulan noyan erküün-ün γarjidangsqui gübernatur-tur 6600 tü / mönggü γaruja-tai-bar γuyilγ-a kürgegsen inu noyan minister-ud-un qomited-iyer siidkegdejü 1817 on-ača egüsken / magaji-du tariy-a talbiqu anu joγsuγaγdajuqui:
346
ᠮᠥᠨ ᠣᠨ᠎ᠠ ᠠᠭᠤᠶᠢᠨ ᠭᠠᠯᠠᠪᠨᠤᠢ ᠵᠠᠶᠢᠰᠠᠩ ᠨᠠᠮᠵᠢᠯ ᠮᠣᠬᠤᠤ ᠶᠢᠨ ᠪᠡᠷ ᠠᠯᠲᠠᠨ ᠮᠢᠳᠠᠯ ᠬᠠᠶᠢᠷ ᠠ ᠳᠤ ᠬᠦᠷᠲᠡᠬᠦ ᠴᠠᠭ ᠲᠤ ᠲᠡᠷᠡ ᠮᠢᠳᠠᠯ ᠢ ᠬᠦᠷᠲᠡᠬᠦ ᠬᠢᠭᠡᠳ
mön 1817 on-a aγuyin γalabnui jayisang namjil moquu-yin ber / altan midal qayir-a-du kürtekü čaγ-tu tere midal-i kürtekü kiged:
347
ᠮᠠᠭᠠᠵᠢ ᠦᠵᠡᠬᠦ ᠶᠢᠨ ᠬᠡᠷᠡᠭ ᠢᠶᠡᠷ ᠳᠡᠭᠡᠳᠦ ᠦᠳᠡᠶᠢᠨ ᠵᠢᠮᠰᠬᠤᠢ ᠢᠰᠫᠠᠷᠠᠪᠨᠢᠭ ᠭᠢᠳᠡᠩᠰᠲᠣᠷᠣᠮ ᠪᠡᠷ ᠠᠭᠤ ᠳᠤ ᠮᠣᠷᠢᠯᠠᠭᠰᠠᠨ᠎ᠠ ᠲᠦ ᠮᠥᠩᠭᠦ ᠬᠢᠭᠡᠳ
magaji üjekü-yin kereg-iyer degedü üdeyin / jimsqui isparabniγ gidengstorom ber aγu-du morilaγsan-a 4000 tü mönggü kiged:
348
ᠫᠦᠳ ᠲᠠᠯᠬ᠎ᠠ ᠪᠡᠯᠡᠭᠯᠡᠨ ᠪᠤᠠᠭᠠᠵᠤ ᠮᠣᠷᠢᠯᠠᠭᠤᠯᠪᠠᠢ
6000 püd talq-a beleglen bucaγaju / morilaγulbai:
349
ᠮᠥᠨ ᠣᠨ᠎ᠠ ᠰᠡᠭᠦᠯ ᠢᠶᠠᠷ ᠬᠣᠷᠢ ᠶᠢᠨ ᠭᠠᠯᠠᠪᠨᠤᠢ ᠲᠠᠶᠢᠱᠠ ᠭᠠᠯᠠᠩ ᠤ ᠪᠡᠷ ᠠᠭᠤ ᠳᠤ ᠮᠣᠷᠢᠯᠠᠭᠠᠳ ᠨᠤᠲᠤᠭ ᠤᠨ ᠰᠠᠶᠢᠳ ᠨᠠᠷ ᠬᠢᠭᠡᠳ ᠵᠣᠨ ᠳᠤ ᠰᠣᠨᠤᠰᠬᠠᠯ ᠦᠭᠡᠢ ᠪᠠ ᠵᠥᠪᠱᠢᠶᠡᠯ ᠦᠭᠡᠢ ᠪᠡᠷ ᠠᠭᠤᠶᠢᠨ ᠭᠠᠯᠠᠪᠨᠤᠢ ᠵᠠᠶᠢᠰᠠᠩ ᠨᠣᠮᠵᠢᠯ ᠮᠣᠬᠤᠤ ᠶᠢᠨ ᠲᠡᠭᠦᠨᠢ ᠠᠭᠤᠶᠢᠨ ᠭᠠᠯᠠᠪᠨᠤᠢ ᠲᠠᠶᠢᠱᠠ ᠪᠣᠯᠭᠠᠬᠤ ᠪᠢᠢᠪᠤᠷ ᠪᠦᠲᠦᠭᠡᠨ
mön 1817 on-a segül-iyar qori-yin γalabnui tayiša γalcang-u ber aγu-du morilaγad nutuγ-un sayid-/nar kiged jon-du sonusqal ügei ba jöbšiyel ügei ber aγuyin γalabnui jayisang nomjil moquu-yin tegüni aγuyin / [γalabnui] (вар. В) tayiša bolγaqu biibur bütügen:
350
ᠲᠡᠭᠦᠨ᠎ᠡ ᠰᠠᠶᠢᠳ ᠵᠣᠨ ᠤ ᠭᠠᠷ ᠬᠠᠭᠤᠷᠮᠠᠭ ᠢᠶᠠᠷ ᠲᠠᠯᠪᠢᠨ ᠠᠪᠴᠤ ᠡᠷᠬᠦᠦᠨ ᠦᠨ ᠭᠣᠶᠷᠤᠳ ᠲᠤ ᠮᠣᠷᠢᠯᠠᠵᠤ
tegün-e sayid jon-u γar qaγurmaγ-iyar talbin abču erküün-ün γoyrud-tu / morilaju:
351
ᠨᠣᠶᠠᠨ ᠡᠷᠬᠦᠦᠨ ᠦᠨ ᠭᠠᠷᠵᠢᠳᠠᠩᠰᠬᠤᠢ ᠭᠦᠪᠢᠷᠨᠠᠲᠤᠷ ᠲᠤ ᠬᠦᠷᠭᠡᠭᠰᠡᠨ ᠢᠶᠡᠷ ᠵᠠᠶᠢᠰᠠᠩ ᠮᠣᠬᠤᠤ ᠶᠢᠨ ᠪᠡᠷ ᠠᠭᠤᠶᠢᠨ ᠲᠠᠶᠢᠱᠠ ᠪᠣᠯᠭᠠᠨ ᠳᠤᠭᠠᠷ ᠣᠨ᠎ᠠ ᠪᠠᠲᠤᠯᠠᠭᠳᠠᠪᠠᠢ
noyan erküün-ün γarjidangsqui gübirnatur-tu kürgegsen-iyer jayisang moquu-yin ber aγuyin tayiša bolγan 1818 / (c. 39) duγar on-a batulaγdabai:
352
ᠲᠡᠨᠳᠡᠨᠴᠡ ᠬᠣᠷᠢ ᠶᠢᠨ ᠭᠠᠯᠠᠪᠨᠤᠢ ᠲᠠᠶᠢᠱᠠ ᠭᠠᠯᠠᠩ ᠤ ᠳᠤᠷ ᠣᠯᠠᠨ ᠵᠦᠶᠢᠯ ᠭᠣᠮᠤᠳᠠᠯ ᠲᠠᠢ ᠪᠣᠯᠵᠤ ᠮᠥᠨ ᠣᠨ᠎ᠠ ᠳᠡᠭᠡᠳᠦ ᠦᠳᠡ ᠶᠢᠨ ᠵᠢᠮᠰᠬᠤᠢ ᠰᠫᠠᠷᠠᠪᠨᠢᠭ ᠲᠤ ᠪᠠ
tendenče qori-yin γalabnui tayiša γalcang-u-dur olan jüyil γomudal-tai bolju mön 1818 on-a degedü üde-yin jimsqui sparabniγ-tu ba:
353
ᠨᠣᠶᠠᠨ ᠡᠷᠬᠦᠦᠨ ᠤᠨ ᠭᠠᠷᠵᠢᠳᠠᠩᠰᠬᠤᠢ ᠭᠦᠪᠡᠷᠨᠠᠲᠤᠷ ᠲᠤᠷ ᠭᠤᠶᠢᠯᠭ᠎ᠠ ᠪᠠᠷᠢᠬᠤ ᠦᠶ ᠡ ᠳᠦ ᠠᠭᠤᠶᠢᠨ ᠵᠠᠷᠢᠮ ᠰᠠᠶᠢᠳ ᠵᠣᠨ ᠪᠡᠷ ᠠᠭᠶᠤᠶᠢᠨ ᠲᠠᠶᠢᠱᠠ ᠮᠣᠬᠤᠤ ᠭᠢᠢᠨ ᠬᠠᠭᠤᠷᠮᠠᠭ ᠪᠢᠢᠪᠤᠷ ᠢᠶᠠᠷ ᠪᠠᠲᠤᠯᠠᠭᠳᠠᠭᠰᠠᠨ ᠬᠢᠭᠡᠳ
noyan erküün-un γarjidangsqui gübernatur-tur γuyilγ-a bariqu üy-e-dü / aγuyin jarim sayid jon ber aγyuyin tayiša moquu-giin qaγurmaγ biibur-iyar batulaγdaγsan kiged:
354
ᠲᠠᠶᠢᠱᠠ ᠮᠣᠬᠤᠤ ᠭᠢᠢᠨ ᠪᠡᠷ ᠤᠷᠢᠳᠠᠶᠢᠨ ᠵᠣᠨ ᠠᠴᠠ ᠲᠠᠲᠠᠪᠤᠷᠢ ᠠᠪᠤᠭᠰᠠᠨ ᠣᠴᠢᠷ ᠤᠳ ᠢ ᠬᠦᠷᠭᠡᠯᠡᠭᠰᠡᠨ ᠢᠶᠡᠷ ᠡᠷᠬᠦᠦᠨ ᠦᠨ ᠭᠦᠪᠢᠷᠨᠰᠬᠤᠢ ᠫᠠᠷᠠᠪᠢᠲᠢᠯᠰᠲᠠᠸᠠ ᠶᠢᠨ ᠵᠠᠬᠢᠷᠤᠯᠭ ᠠ ᠪᠠᠷ ᠠᠭᠤᠶᠢᠨ ᠲᠠᠶᠢᠱᠠ ᠠᠴᠠ ᠵᠣᠭᠰᠤᠭᠠᠭᠳᠠᠭᠠᠳ ᠬᠣᠷᠢ ᠶᠢᠨ ᠬᠠᠨᠲᠣᠣᠷᠢ ᠶᠢᠨ ᠳᠢᠫᠤᠲᠠᠳ ᠨᠠᠷ ᠳᠡᠯᠡᠭ ᠭᠠᠨᠫᠤᠯ ᠤᠨ ᠪᠤᠶᠠᠨ ᠲᠤ ᠳᠠᠶᠢᠳᠬᠠᠢ ᠳᠠᠶᠢᠪᠠᠬᠠᠢ ᠶᠢᠨ ᠪᠡᠷ ᠠᠭᠤ ᠳᠤ ᠢᠷᠢᠵᠦ ᠵᠠᠶᠢᠰᠠᠩ ᠮᠣᠬᠤᠤ ᠭᠢᠢᠨ ᠯᠤᠭ᠎ᠠ ᠲᠣᠣᠠᠭᠤᠯᠬᠤᠢ ᠳᠤᠷ ᠲᠦ ᠵᠣᠨ ᠳᠤ ᠲᠥᠯᠦᠬᠦ ᠪᠣᠯᠵᠤ ᠫᠣᠳᠫᠢᠰᠬ᠎ᠠ ᠪᠠᠲᠤᠯᠠᠪᠠᠢ
tayiša moquu-giin ber: uridayin jon-ača tataburi abuγsan očir-ud-i kürgelcegsen-iyer erküün-ün gübirnsqui parabitilstava-yin jakirulγ-a-bar / aγuyin tayiša-ača joγsuγaγdaγad qori-yin qantoori-yin diputad-nar deleg γanpul-un buyan-tu dayidqai-(вар. В dayibaqai) yin ber aγu-du / irijü jayisang moquu-giin-luγ-a toocaγulqui-dur 16500 (вар. А: 1650) tü jon-du tölükü bolju podpisq-a batulabai:
355
ᠡᠨᠡ ᠮᠥᠩᠭᠦᠨ ᠦ ᠵᠠᠷᠢᠮ ᠢ ᠬᠣᠵᠢᠮ ᠠᠨᠤ ᠵᠣᠨ ᠳᠤᠷ ᠲᠥᠯᠦᠵᠦ
ene mönggün-ü / jarim-i qojim anu jon-dur tölüjü:
356
ᠵᠠᠷᠢᠮ ᠢ ᠵᠣᠨ ᠠᠨᠤ ᠠᠪᠤᠯ ᠦᠭᠡᠢ ᠴᠦ ᠣᠷᠬᠢᠭᠰᠠᠨ ᠠᠵᠤᠭᠤ ᠡᠨᠡ ᠦᠶ ᠡ ᠡᠴᠡ ᠡᠭᠦᠰᠬᠡᠨ ᠬᠣᠷᠢ ᠶᠢᠨ ᠵᠣᠨ ᠳᠣᠲᠤᠷᠠ ᠵᠠᠷᠤᠭᠤ ᠬᠡᠯᠡ ᠠᠮᠠᠨ ᠳᠡᠯᠭᠡᠷᠡᠵᠦ ᠵᠣᠪᠤᠭᠰᠠᠨ ᠠᠴᠠ ᠬᠣᠵᠢᠮ ᠣᠨ᠎ᠠ ᠠᠮᠤᠷᠵᠢᠭᠰᠠᠨ ᠠᠨᠤ ᠳᠡᠭᠡᠷᠡᠬᠢ ᠬᠣᠷᠢ ᠶᠢᠨ ᠵᠣᠨ ᠤ ᠲᠠᠭᠤᠵᠢ ᠳᠤᠷ ᠲᠣᠳᠤᠷᠬᠠᠢ ᠪᠤᠢ
jarim-i jon anu abul ügei-čü orkiγsan ajuγu ene üy-e-eče egüsken qori-yin / jon dotura jaruγu kele aman delgerejü jobuγsan-ača qojim 1820 on-a amurjiγsan anu degereki qori-yin jon-u taγuji-/ dur todurqai bui:
357
ᠣᠨ ᠠᠴᠠ ᠡᠬᠢᠯᠡᠨ ᠳᠡᠭᠡᠷᠡᠬᠢ ᠵᠠᠶᠢᠰᠠᠩ ᠮᠣᠬᠤᠤ ᠭᠢᠢᠨ ᠭᠠᠯᠠᠪᠨᠤᠢ ᠠᠴᠠ ᠵᠣᠭᠰᠤᠭᠠᠭᠳᠠᠵᠤ ᠬᠦᠪᠳᠦᠳ ᠣᠲᠤᠭ ᠤᠨ ᠵᠠᠶᠢᠰᠠᠩ ᠰᠡᠮᠦᠩ ᠨᠠᠴᠢᠨ ᠤ ᠬᠤᠸᠠᠠᠢ ᠣᠲᠤᠭ ᠤᠨ ᠵᠠᠶᠢᠰᠠᠩ ᠲᠤᠳᠬᠤᠯᠠᠢ ᠵᠢᠷᠠᠨᠲᠠᠢ ᠶᠢᠨ ᠭᠠᠯᠠᠪᠨᠤᠢ ᠵᠠᠶᠢᠰᠠᠩ ᠪᠣᠯᠤᠭᠠᠳ
1818 on-ača ekilen degereki jayisang moquu-giin γalabnui-ača joγsuγaγdaju kübdüd otuγ-un / jayisang semüng način-u quvacai otuγ-un jayisang tudqulai jirantai-yin 2 γalabnui jayisang boluγad:
358
ᠡᠭᠦᠨᠴᠡ ᠡᠬᠢᠯᠡᠨ ᠠ ᠵᠣᠨ ᠳᠣᠲᠤᠷᠠ ᠵᠠᠷᠤᠭᠤ ᠬᠡᠯᠡ ᠠᠮᠠᠨ ᠳᠡᠯᠭᠡᠷᠡᠵᠦ ᠵᠣᠪᠤᠭᠰᠠᠨ ᠠᠴᠠ ᠬᠣᠵᠢᠮ ᠣᠨ᠎ᠠ ᠠᠮᠤᠷᠵᠢᠭᠰᠠᠨ ᠠᠨᠤ ᠳᠡᠭᠡᠷᠡᠬᠢ ᠬᠣᠷᠢ ᠶᠢᠨ ᠵᠣᠨ ᠤ ᠲᠠᠭᠤᠵᠢ ᠳᠤᠷ ᠲᠣᠳᠤᠷᠬᠠᠢ ᠪᠤᠢ
egünče ekilen / a/ jon dotura jaruγu kele aman delgerejü jobuγsan-ača qojim 1820 on-a amurjiγsan anu degereki qori-yin jon-u taγuji-/ dur todurqai bui:
359
ᠣᠨ ᠠᠴᠠ ᠡᠬᠢᠯᠡᠨ ᠳᠡᠭᠡᠷᠡᠬᠢ ᠵᠠᠶᠢᠰᠠᠩ ᠮᠣᠬᠤᠤ ᠭᠢᠢᠨ ᠭᠠᠯᠠᠪᠨᠤᠢ ᠠᠴᠠ ᠵᠣᠭᠰᠤᠭᠠᠭᠳᠠᠵᠤ ᠬᠦᠪᠳᠦᠳ ᠣᠲᠤᠭ ᠤᠨ ᠵᠠᠶᠢᠰᠠᠩ ᠰᠡᠮᠦᠩ ᠨᠠᠴᠢᠨ ᠤ ᠬᠤᠸᠠᠠᠢ ᠣᠲᠤᠭ ᠤᠨ ᠵᠠᠶᠢᠰᠠᠩ ᠲᠤᠳᠬᠤᠯᠠᠢ ᠵᠢᠷᠠᠨᠲᠠᠢ ᠶᠢᠨ ᠭᠠᠯᠠᠪᠨᠤᠢ ᠵᠠᠶᠢᠰᠠᠩ ᠪᠣᠯᠤᠭᠠᠳ
1818 on-ača ekilen degereki jayisang moquu-giin γalabnui-ača joγsuγaγdaju kübdüd otuγ-un / jayisang semüng način-u quvacai otuγ-un jayisang tudqulai jirantai-yin 2 γalabnui jayisang boluγad:
360
ᠡᠭᠦᠨᠴᠡ ᠡᠬᠢᠯᠡᠨ ᠠᠭᠤᠶᠢᠨ ᠪᠤᠷᠢᠶᠠᠳ ᠨᠠᠷ ᠠᠮᠤᠷᠵᠢᠨ ᠵᠣᠷᠭᠠᠵᠢᠬᠤᠢ
egünče ekilen / aγuyin buriyad-nar amurjin jorγajiqui:
361
ᠮᠥᠨ ᠣᠨ ᠤ ᠷᠢᠪᠢᠢᠵᠢ ᠪᠡᠷ ᠠᠭᠤᠶᠢᠨ ᠪᠤᠷᠢᠶᠠᠳ ᠨᠠᠷ ᠤᠷᠢᠳᠠᠶᠢᠨ ᠠᠴᠠ ᠥᠰᠴᠦ ᠳᠣᠯᠤᠭᠠᠨ ᠮᠢᠩᠭ᠎ᠠ ᠨᠠᠶᠮᠠᠨ ᠵᠠᠭᠤᠨ ᠭᠤᠴᠢᠨ ᠡᠷ᠎ᠡ ᠳᠦᠦᠱᠢ ᠪᠣᠯᠪᠠᠢ
mön 1823 on-u ribiiji-ber / (c. 40) aγuyin buriyad-nar uridayin-ača ösčü doluγan mingγ-a nayman jaγun γučin er-e düüši bolbai:
362
ᠶᠡᠬᠡ ᠳᠡᠭᠡᠳᠦ ᠡᠵᠢᠨ ᠢᠮᠫᠡᠷᠠᠲᠤᠷ ᠢᠯᠠᠭᠰᠠᠨᠳᠠᠷ ᠫᠠᠪᠤᠯᠤᠪᠢᠱᠢ ᠬᠠᠭᠠᠨ ᠪᠡᠷ ᠣᠨ ᠤ ᠡᠶᠢᠯᠢ ᠶᠢᠨ  ᠤᠨ ᠡᠳᠦᠷ᠎ᠡ ᠰᠢᠪᠢᠢᠷᠢ ᠶᠢᠨ ᠪᠤᠰᠤ ᠲᠥᠷᠦᠯᠲᠡᠨ ᠢ ᠵᠠᠬᠢᠷᠤᠬᠤ ᠲᠣᠭᠲᠤᠭᠠᠯ ᠰᠢᠨᠡ ᠪᠡᠷ ᠪᠠᠲᠤᠯᠠᠭᠠᠳ
yeke degedü ejin / imperatur ilaγsandar pabulubiši qaγan ber 1822 on-u eyili-yin 22-un edür-e sibiiri-yin busu törülten-i jakiruqu toγtuγal / sine-ber batulaγad:
363
ᠲᠡᠭᠦᠨ ᠦ ᠶᠣᠰᠤᠭᠠᠷ ᠪᠤᠰᠤ ᠲᠥᠷᠦᠯ ᠲᠡᠨ ᠦ ᠰᠲᠡᠫᠨᠤᠢ ᠦᠫᠷᠠᠪᠯᠢᠢᠨᠢ ᠨᠡᠷ ᠢ ᠰᠢᠨ ᠡ ᠪᠡᠷ ᠲᠣᠭᠲᠠᠭᠠᠬᠤᠢ ᠳᠤᠷ
tegün-ü yosuγar busu törül-ten-ü stepnui üprabliini-ner-i sin-e-ber toγtaγaqui-dur:
364
ᠡᠷᠬᠦᠦᠨ ᠦᠨ ᠭᠦᠪᠡᠷᠨᠰᠬᠤᠢ ᠰᠣᠪᠢᠢᠳ ᠤᠨ ᠣᠨ ᠤ ᠠᠫᠷᠢᠯᠢ ᠶᠢᠨ  ᠤ ᠡᠳᠦᠷ᠎ᠡ ᠵᠢᠷᠤᠨᠠᠯ ᠲᠣᠭᠲᠤᠭᠠᠭᠰᠠᠨ ᠢ ᠨᠣᠶᠠᠨ ᠵᠡᠭᠦᠨ ᠰᠢᠪᠢᠷᠢ ᠶᠢᠨ ᠭᠢᠨᠡᠷᠠᠯ ᠭᠦᠪᠡᠷᠨᠠᠲᠤᠷ ᠤᠨ ᠪᠠᠲᠤᠯᠠᠭᠰᠠᠨ ᠢᠶᠠᠷ ᠣᠨ ᠠᠴᠠ ᠡᠭᠦᠰᠬᠡᠨ ᠠᠭᠤᠶᠢᠨ ᠭᠠᠯᠠᠪᠨᠤᠢ ᠢᠨᠣᠷᠣᠳᠨᠤᠢ ᠦᠫᠷᠠᠪᠠ ᠬᠢᠭᠡᠳ ᠷᠣᠳᠤᠪᠤᠢ ᠦᠫᠷᠠᠪᠯᠢᠨᠢ ᠨᠡᠷ ᠪᠣᠯᠤᠭᠠᠳ
/ erküün-ün gübernsqui sobiid-un 1824 on-u aprili-yin 28-u edür-e jirunal toγtuγaγsan-i noyan jegün sibiri-yin / gineral gübernatur-un batulaγsan-iyar 1824 on-ača egüsken aγuyin γalabnui inorodnui üpraba kiged 37 rodubui üprablini-/ ner boluγad:
365
ᠭᠠᠯᠠᠪᠨᠤᠢ ᠵᠠᠶᠢᠰᠠᠩ ᠲᠡᠭᠦᠯᠳᠡᠷ ᠲᠣᠪᠠ ᠶᠢᠨ ᠢᠨᠣᠷᠣᠳᠨᠤᠢ ᠦᠫᠷᠠᠪᠠ ᠳᠤ ᠭᠣᠯᠤᠸᠠ ᠲᠤᠰᠢᠶᠠᠯᠢ ᠳᠠᠭᠠᠵᠤ ᠪᠠᠶᠢᠪᠠᠢ
γalabnui jayisang tegülder toba-yin inorodnui üpraba-du γoluva tusiyali daγaju bayibai:
366
ᠵᠡᠭᠦᠨ ᠰᠢᠪᠢᠢᠷᠢ ᠶᠢᠨ ᠪᠤᠰᠤᠲᠥᠷᠥᠯᠲᠡᠨ ᠢ ᠵᠠᠬᠢᠷᠬᠤ ᠲᠣᠭᠲᠤᠭᠠᠯ ᠤᠨ ᠳᠤᠭᠠᠷ ᠫᠠᠷᠠᠭᠷᠠᠪ ᠤᠨ ᠬᠦᠴᠦᠪᠡᠷ ᠡᠷᠬᠦᠦᠨ ᠦᠨ ᠭᠣᠤᠷᠤᠳ ᠲᠤ ᠭᠦᠪᠢᠷᠨᠰᠬᠤᠢ ᠬᠣᠮᠢᠲᠡᠳ ᠪᠣᠯᠵᠤ ᠬᠥᠳᠦᠭᠡᠨ ᠦ ᠬᠠᠤᠯᠢ ᠪᠦᠲᠦᠭᠡᠬᠦᠢ ᠳᠦᠷ ᠣᠨ ᠤ ᠰᠡᠭᠦᠯ
jegün / sibiiri-yin busutörölten-i jakirqu toγtuγal-un 68 duγar paraγrab-un küčüber erküün-ün γourud-tu gübirnsqui qomited / bolju ködügen-ü qauli bütügeküi-dür 1823 on-u segül:
367
ᠣᠨ ᠤ ᠡᠬᠢᠨ ᠦ ᠦᠶ ᠡ ᠪᠡᠷ ᠮᠥᠨ ᠭᠠᠯᠠᠪᠨᠤᠢ ᠵᠠᠶᠢᠰᠠᠩ ᠲᠣᠪᠠ ᠶᠢᠨ ᠰᠢᠷᠠᠶᠢᠳ ᠣᠲᠤᠭ ᠤᠨ ᠵᠠᠶᠢᠰᠠᠩ ᠬᠣᠪᠢᠲᠤ ᠪᠠᠷᠠᠮᠢᠳ ᠤᠨ ᠳᠢᠫᠤᠲᠠᠳ ᠪᠣᠯᠵᠤ ᠲᠡᠷᠡ ᠬᠣᠮᠢᠲᠢᠢᠳ ᠲᠤ ᠪᠠᠶᠢᠯᠠᠪᠠᠢ
1824 on-u ekin-ü üy-e-ber mön γalabnui jayisang / toba-yin sirayid otuγ-un jayisang qobitu baramid-un diputad bolju tere qomitiid-tu bayilcabai:
368
ᠡᠨᠡ ᠦᠶ ᠡ ᠡᠴᠡ ᠡᠬᠢᠯᠡᠨ ᠠᠭᠤᠶᠢᠨ ᠪᠤᠷᠢᠶᠠᠳ ᠨᠠᠷ
ene üy-e-eče ekilen / aγuyin buriyad-nar:
369
ᠬᠣᠷᠢ ᠶᠢᠨ ᠰᠲᠡᠫᠨᠤᠢ ᠳᠦᠮᠡ ᠡᠴᠡ ᠬᠣᠯᠠ ᠶᠢᠨ ᠲᠤᠯᠠ
qori-yin stepnui düme-eče qola-yin tula:
370
ᠡᠯᠳᠡᠪ ᠭᠠᠰᠠᠯᠠᠩ ᠲᠠᠢ ᠰᠢᠯᠲᠠᠭᠠᠨ ᠢᠶᠠᠷ ᠳᠡᠭᠡᠳᠦ ᠦᠳᠡᠶᠢᠨ ᠣᠬᠷᠤᠭ ᠠᠴᠠ ᠪᠠ
eldeb γasalang-tai siltaγan-iyar: degedü üdeyin / okrug-ača ba:
371
ᠬᠣᠷᠢ ᠶᠢᠨ ᠰᠲᠡᠫᠨᠤᠢ ᠳᠦᠮᠡᠶᠢᠨ ᠮᠡᠳᠡᠯ ᠡᠴᠡ ᠰᠠᠯᠵᠤ ᠨᠢᠷᠴᠢᠤ ᠶᠢᠨ ᠣᠬᠷᠤᠭ ᠲᠤ ᠬᠠᠮᠵᠢᠬᠤ ᠶᠢ ᠡᠳᠦᠢ ᠲᠡᠳᠦᠢ ᠤᠯᠤᠰ ᠳᠤᠷᠠᠯᠠᠪᠠᠴᠤ ᠠᠭᠤᠶᠢᠨ ᠣᠯᠠᠩᠬᠢ ᠰᠠᠶᠢᠳ ᠵᠣᠨ ᠬᠢᠭᠡᠳ ᠬᠣᠷᠢ ᠶᠢᠨ ᠲᠠᠶᠢᠱᠠ ᠨᠠᠷ ᠤᠨ ᠳᠤᠷᠠᠨ ᠦᠭᠡᠢ ᠰᠢᠯᠲᠠᠭᠠᠨ ᠠᠴᠠ ᠪᠣᠯᠤᠭᠰᠠᠨ ᠦᠭᠡᠢ ᠪᠥᠭᠡᠳ
qori-yin stepnui dümeyin medel-eče salju nirčiu-yin okrug-tu qamjiqu-yi edüi tedüi / ulus duralabaču aγuyin olangki sayid jon kiged qori-yin tayiša-nar-un duran ügei siltaγan-ača boluγsan ügei böged:
372
ᠡᠷᠬᠦᠦᠨ ᠦᠨ ᠭᠦᠪᠢᠷᠨᠰᠬᠤᠢ ᠬᠣᠮᠢᠲᠢᠢᠳ ᠤᠨ ᠣᠨ ᠤ ᠠᠫᠷᠢᠯᠢ ᠶᠢᠨ ᠡᠳᠦᠷ᠎ᠡ ᠲᠣᠭᠲᠤᠭᠠᠭᠰᠠᠨ ᠵᠢᠷᠤᠨᠠᠯ ᠢ ᠨᠣᠶᠠᠨ ᠵᠡᠭᠦᠨ ᠰᠢᠪᠢᠢᠷᠢ ᠶᠢᠨ ᠭᠢᠨᠡᠷᠠᠯ ᠭᠦᠪᠢᠷᠨᠠᠲᠤᠷ ᠤᠨ ᠪᠠᠲᠤᠯᠠᠭᠰᠠᠨ ᠢᠶᠠᠷ ᠫᠣᠯᠢᠢᠠ ᠶᠢᠨ ᠪᠠ
/ erküün-ün gübirnsqui qomitiid-un 1824 on-u aprili-yin 28 edür-e toγtuγaγsan jirunal-i noyan jegün sibiiri-yin / gineral gübirnatur-un batulaγsan-iyar poliica-yin ba:
373
ᠮᠦᠱᠬᠢᠯᠭᠡ ᠶᠢᠨ ᠪᠠ ᠰᠢᠭᠦᠪᠦᠷᠢ ᠶᠢᠨ ᠬᠡᠷᠡᠭ ᠦᠳ ᠠᠨᠤ ᠨᠢᠷᠴᠢᠤ ᠠ ᠭᠢᠢᠨ ᠠᠬᠠᠮᠠᠳ ᠤᠨ ᠮᠡᠳᠡᠯ ᠳᠦ ᠣᠷᠤᠭᠠᠳ ᠬᠣᠵᠢᠢᠰᠲᠸᠠ ᠶᠢᠨ ᠬᠡᠷᠡᠭ ᠠᠨᠤ ᠬᠣᠷᠢ ᠶᠢᠨ ᠳᠦᠮᠡᠶᠢᠨ ᠮᠡᠳᠡᠯ ᠳᠦ ᠪᠠᠶᠢᠭᠰᠠᠭᠠᠷ ᠠᠭᠰᠠᠨ ᠠᠵᠤᠭᠤ
müškilge-yin ba: sigübüri-yin kereg-üd anu nirčiu-a-giin / (c. 41) aqamad-un medel-dü oruγad qojiistva-yin kereg anu qori-yin dümeyin medel-dü bayiγsaγar aγsan ajuγu:
374
ᠲᠡᠨᠳᠡᠨᠴᠡ ᠭᠣᠯᠤᠪᠠ ᠵᠠᠶᠢᠰᠠᠩ ᠲᠣᠪᠠ ᠶᠢᠨ ᠦᠯᠪᠡᠷ ᠪᠣᠯᠵᠤ ᠭᠤᠶᠤᠭᠰᠠᠨ ᠢᠶᠠᠷ ᠣᠨ ᠠᠴᠠ ᠡᠬᠢᠯᠡᠨ ᠪᠣᠳᠣᠩᠭᠤᠳ ᠣᠲᠤᠭ ᠤᠨ ᠵᠠᠶᠢᠰᠠᠩ ᠵᠠᠩᠭᠢᠶ᠎ᠠ ᠳᠠᠨᠵᠢᠨ ᠤ ᠭᠣᠯᠤᠪᠠ ᠪᠣᠯᠪᠠᠢ
tendenče / γoluba jayisang toba-yin ülber bolju γuyuγsan-iyar 1826 on-ača ekilen bodongγud otuγ-un jayisang janggiy-a danjin-u / γoluba bolbai:
375
ᠲᠡᠨᠳᠡᠨᠴᠡ ᠰᠢᠪᠢᠢᠷᠢ ᠶᠢᠨ ᠪᠤᠰᠤ ᠲᠥᠷᠦᠯᠲᠡᠨ ᠦ ᠠᠯᠪᠠ ᠰᠢᠨᠡ ᠪᠡᠷ ᠵᠣᠬᠢᠶᠠᠭᠴᠢ ᠬᠣᠮᠢᠢᠠ ᠢᠷᠢᠵᠦ ᠣᠨ ᠤ ᠷᠢᠪᠢᠢᠵᠢ ᠪᠣᠯᠬᠤᠢ ᠳᠤᠷ ᠠᠭᠤᠶᠢᠨ ᠪᠤᠰᠤ ᠲᠥᠷᠦᠯᠲᠡᠨ ᠤᠷᠢᠳᠠ ᠶᠢᠨ ᠠᠴᠠ ᠥᠰᠴᠦ ᠨᠠᠶᠮᠠᠨ ᠮᠢᠩᠭ᠎ᠠ ᠳᠣᠯᠤᠭᠠᠨ ᠵᠠᠭᠤᠨ ᠵᠠᠷᠠᠨ ᠳᠣᠯᠤᠭᠠᠨ ᠡᠷ᠎ᠡ ᠳᠦᠦᠰᠢ ᠲᠡᠳᠡᠨ ᠳᠣᠲᠤᠷ᠎ᠠ ᠲᠦᠪᠬᠢᠨᠡᠭᠰᠡᠨ ᠳᠦᠦᠰᠢ ᠠᠴᠠ ᠬᠦᠷᠲᠡᠯᠡ ᠨᠠᠰᠤᠲᠤ ᠬᠦᠳᠦᠯᠮᠦᠷᠴᠢ ᠳᠦᠦᠰᠢ ᠪᠣᠯᠵᠤ ᠲᠦ ᠠᠯᠪᠠ ᠵᠣᠬᠢᠶᠠᠭᠳᠠᠵᠤᠬᠤᠢ
/ tendenče sibiiri-yin busu törülten-ü alba sine-ber jokiyaγči qomiica irijü 1831 on-u ribiiji / bolqui-dur aγuyin busu törülten urida-yin-ača ösčü nayman mingγ-a doluγan jaγun jaran doluγan (вар. В: 8797) er-e düüsi teden / dotur-a tübkinegsen 64 düüsi 18 ača 60 kürtele nasutu küdülmürči 4054 düüsi bolju 6-6 tü alba jokiyaγdajuqui:
376
ᠲᠡᠨᠳᠡᠴᠡ ᠠᠭᠤᠶᠢᠨ ᠮᠡᠳᠡᠯ ᠦᠨ ᠣᠯᠠᠩᠬᠢ ᠵᠣᠨ ᠠᠨᠤ ᠪᠤᠷᠬᠠᠨ ᠤ ᠰᠠᠰᠢᠨ᠎ᠠ ᠤᠯᠠᠮ ᠪᠠᠭ᠎ᠠ ᠵᠡᠷᠭᠡ ᠣᠷᠤᠵᠤ ᠣᠨᠣᠩ ᠦᠭᠡᠯ ᠠᠭᠤ ᠰᠢᠳᠠᠷ ᠤᠨ ᠵᠠᠶᠢᠰᠠᠩ ᠤᠳ ᠬᠤᠶᠠᠭ ᠯᠤᠪᠠ ᠶᠢᠨ ᠲᠡᠭᠦᠯᠳᠡᠷ ᠲᠣᠪᠠ ᠶᠢᠨ ᠪᠡᠷ ᠪᠤᠰᠤ ᠣᠲᠤᠭ ᠤᠨ ᠰᠠᠶᠢᠳ ᠨᠠᠷ ᠬᠢᠭᠡᠳ ᠵᠣᠨ ᠯᠤᠭ᠎ᠠ ᠵᠦᠪᠯᠡᠯᠳᠡᠵᠦ ᠡᠨᠡ ᠭᠠᠵᠠᠷ᠎ᠠ ᠪᠤᠷᠬᠠᠨ ᠤ ᠰᠠᠰᠢᠨ ᠳᠡᠯᠭᠡᠷᠡᠭᠦᠯᠬᠦ ᠴᠢᠳᠠᠯ ᠲᠠᠢ ᠪᠯᠠᠮ᠎ᠠ ᠵᠠᠯᠠᠷᠠᠭᠤᠯᠬᠤ ᠶᠢᠨ ᠲᠤᠰ
/ tendeče aγuyin medel-ün olangki jon anu burqan-u sasin-a ulam baγ-a jerge oruju onong cügel aγu sidar-un / jayisang-ud quyaγ luba-yin tegülder toba-yin ber busu otuγ-un sayid-nar kiged jon-luγ-a jübleldejü ene γajar-a burqan-u sasin / delgeregülkü čidal-tai blam-a jalaraγulqu-yin tus:
377
ᠪᠠᠶᠢᠭᠠᠯ ᠡᠮᠦᠨᠡᠬᠢ ᠰᠢᠭᠡᠮᠦᠨᠢ ᠶᠢᠨ ᠰᠠᠰᠢᠨ ᠲᠠᠨ ᠤ ᠭᠠᠯᠠᠪᠨᠤᠢ ᠪᠯᠠᠮ᠎ᠠ ᠪᠠᠨᠳᠢᠳᠠ ᠮᠬᠠᠨᠪᠤᠸᠠ ᠳᠤ ᠭᠤᠶᠤᠭᠰᠠᠨ᠎ᠠ
bayiγal emüneki sigemüni-yin sasin-tan-u γalabnui blam-a bandida mkanbuva-du / γuyuγsan-a:
378
ᠪᠠᠨᠳᠢᠳᠠ ᠮᠬᠠᠨᠪᠤᠸᠠ ᠶᠢᠨ ᠵᠠᠷᠯᠢᠭ ᠢᠶᠠᠷ ᠬᠤᠳᠤᠨ ᠤ ᠳᠠᠴᠠᠩ ᠤᠨ ᠰᠢᠩᠽᠣᠳᠪᠠ ᠯᠤᠪᠠᠩ ᠯᠾᠦᠩᠳᠦᠪ ᠳᠠᠩᠳᠠᠷ ᠤᠨ ᠵᠠᠯᠠᠷᠠᠨ ᠢᠷᠢᠵᠦ ᠨᠣᠮ ᠤᠨ ᠰᠤᠷᠭᠠᠭᠤᠯᠢ ᠬᠢᠭᠡᠳ
bandida mkanbuva-yin jarliγ-iyar qudun-u dačang-un singzodba lubcang lhüngdüb dangdar-un jalaran irijü / nom-un surγaγuli kiged:
379
ᠪᠤᠷᠬᠠᠨ ᠤ ᠰᠠᠰᠢᠨ ᠤᠯᠠᠮ ᠳᠡᠯᠭᠡᠷᠡᠭᠦᠯᠵᠦ ᠣᠨᠣᠩ ᠮᠦᠷᠦᠨ ᠦ ᠬᠥᠪᠡᠭᠡ ᠦᠭᠡᠯ ᠭᠣᠷᠢᠬᠣᠨ ᠤ ᠠᠳᠠᠭ ᠲᠤ ᠣᠨ ᠠᠴᠠ ᠡᠭᠦᠰᠬᠡᠨ ᠳᠠᠴᠠᠩ ᠪᠣᠰᠬᠠᠵᠤ ᠣᠨ᠎ᠠ ᠳᠠᠭᠤᠰᠠᠨ ᠣᠷᠰᠢᠭᠤᠯᠵᠤ ᠳᠠᠴᠠᠩ ᠤᠨ ᠨᠡᠷ ᠡ ᠶᠢ ᠳᠠᠰᠢ ᠴᠣᠶᠢᠩᠪᠯᠯᠢᠩ ᠬᠡᠮᠡᠨ ᠨᠡᠷᠡᠶᠢᠳᠪᠡᠢ
burqan-u sasin ulam delgeregüljü onong mürün-ü köbege cügel γoriqon-u adaγ-tu 1831 on-ača / egüsken dačang bosqaju 1834 on-a daγusan orsiγulju dačang-un ner-e-yi dasi čoyingblling kemen nereyidbei:
380
ᠡᠨᠡ ᠳᠠᠴᠠᠩ ᠪᠦᠲᠦᠭᠡᠬᠦ ᠶᠢᠨ ᠲᠤᠰ ᠨᠣᠶᠠᠨ ᠡᠷᠬᠦᠦᠨ ᠦᠨ ᠭᠠᠷᠵᠢᠳᠠᠩᠰᠬᠤᠢ ᠭᠦᠪᠡᠷᠨᠠᠲᠤᠷ ᠪᠡᠷ ᠣᠨ ᠤ ᠮᠠᠶ ᠶᠢᠨ  ᠤ ᠡᠳᠦᠷ ᠪᠠᠲᠤᠯᠠᠭᠰᠠᠨ ᠠᠵᠤᠭᠤ
ene dačang / bütügekü-yin tus noyan erküün-ün γarjidangsqui gübernatur ber 1831 on-u may-yin 15-u edür batulaγsan ajuγu:
381
ᠡᠨᠡ ᠳᠠᠴᠠᠩ ᠤᠨ ᠷᠠᠪᠨᠠᠢ ᠣᠷᠱᠢᠭᠤᠯᠬᠤ ᠦᠶ ᠡ ᠳᠦ ᠬᠣᠶᠠᠷ ᠵᠠᠭᠤᠨ ᠠᠴᠠ ᠦᠯᠡᠮᠵᠢ ᠪᠯᠠᠮ ᠠ ᠨᠠᠷ ᠨᠣᠮ ᠤᠩᠰᠢᠵᠤ ᠲᠤᠬᠠᠢ ᠤᠯᠤᠰ ᠨᠠᠷ ᠴᠢᠭᠤᠯᠠᠵᠤ ᠮᠥᠷᠭᠦᠯ ᠦᠶᠢᠯᠡᠳᠴᠦ
(c. 42) ene dačang-un rabnai oršiγulqu üy-e-dü qoyar jaγun-ača ülemji blam-a-nar nom ungsiju 3000 tuqai ulus-nar / čiγulaju mörgül üyiledčü:
382
ᠣᠯᠠᠨ ᠬᠣᠨᠤᠭ ᠳᠣᠲᠤᠷᠠ ᠪᠠᠶᠠᠰᠬᠤᠯᠠᠩ ᠤᠨ ᠨᠠᠶᠢᠷ ᠪᠣᠯᠪᠠᠢ
olan qonuγ dotura bayasqulang-un nayir bolbai:
383
ᠡᠨᠡ ᠳᠠᠰᠢ ᠴᠣᠶᠢᠩᠪᠯᠯᠢᠩ ᠳᠠᠴᠠᠩ ᠤᠨ ᠰᠢᠷᠡᠭᠡᠲᠦ ᠯᠤᠪᠠᠩ ᠯᠳᠦᠩᠳᠦᠪ ᠪᠡᠷ ᠨᠣᠮ ᠤᠨ ᠰᠤᠷᠭᠤᠯᠢ ᠳᠤ ᠪᠣᠯᠪᠠᠰᠤᠷᠠᠨ ᠰᠤᠳᠤᠯᠤᠭᠰᠠᠨ
ene dasi čoyingblling dačang-un siregetü / lubcang ldüngdüb ber nom-un surγuli-du bolbasuran suduluγsan:
384
ᠠᠷᠢᠭᠤᠨ ᠰᠢᠭᠰᠢᠪᠠᠳ ᠲᠠᠢ ᠱᠠᠰᠢᠨ ᠠᠮᠢᠲᠠᠨ ᠤ ᠲᠤᠰᠠ ᠳᠤ ᠬᠢᠴᠢᠶᠡᠩᠭᠦᠢ ᠲᠡᠢ ᠡᠨᠡ ᠪᠯᠠᠮ᠎ᠠ ᠪᠡᠷ ᠱᠠᠰᠢᠨ ᠠᠮᠢᠲᠠᠨ ᠤ ᠲᠤᠰᠠ ᠳᠤ ᠵᠢᠳᠬᠦᠮᠵᠢ ᠲᠡᠢ ᠶᠢᠨ ᠲᠤᠯᠠ ᠶᠡᠬᠡ ᠳᠡᠭᠡᠳᠦ ᠡᠴᠡ ᠣᠨ᠎ᠠ ᠬᠦᠵᠦᠭᠦᠨ ᠦ ᠠᠯᠲᠠᠨ ᠮᠢᠳᠠᠯ ᠣᠨ᠎ᠠ ᠬᠠᠷᠮᠠᠩ ᠤ ᠠᠯᠲᠠᠨ ᠮᠢᠳᠠᠯ ᠬᠠᠶᠡᠷ᠎ᠠ ᠬᠦᠷᠲᠡᠭᠡᠳ
ariγun siγsibad-tai: šasin amitan-u tusa-du / kičiyenggüi-tei ene blam-a ber šasin amitan-u tusa-du jidkümji-tei-yin tula yeke degedü-eče 1832 on-a küjügün-ü / altan midal 1842 on-a qarmang-u altan midal ?qayer-a kürteged:
385
ᠢᠮᠫᠡᠷᠠᠲᠤᠷ ᠤᠨ ᠪᠣᠯᠨᠤᠢ ᠶᠡᠬᠣᠨᠣᠮᠢᠰᠬᠤᠢ ᠥᠪᠰᠢᠢᠰᠲᠸᠠ ᠶᠢᠨ ᠰᠢᠯᠢᠶᠡᠨ ᠪᠣᠯᠭᠠᠭᠳᠠᠪᠠᠢ
imperatur-un bolnui yekonomisqui öbsiistva-yin / siliyen bolγaγdabai:
386
ᠡᠨᠡ ᠪᠯᠠᠮ᠎ᠠ ᠬᠡᠮᠡᠪᠡᠰᠦ ᠳᠡᠭᠡᠷᠡᠬᠢ ᠬᠣᠷᠢ ᠶᠢᠨ ᠲᠦᠦᠬᠡ ᠳᠣᠲᠤᠷ᠎ᠠ ᠢᠯᠡᠷᠬᠡᠶᠢᠯᠡᠭᠰᠡᠨ ᠭᠠᠯᠵᠤᠳ ᠣᠲᠤᠭ ᠤᠨ ᠵᠠᠶᠢᠰᠠᠩ ᠪᠠᠲᠠᠨ ᠲᠤᠷᠠᠬᠢ ᠶᠢᠨ ᠡᠴᠡ ᠢᠨᠠᠭᠰᠢ ᠲᠠᠪᠤᠳᠤᠭᠠᠷ ᠦᠶ ᠡ ᠶᠢᠨ ᠦᠷᠡᠵᠢᠭᠰᠡᠨ ᠤᠭ ᠲᠠᠢ ᠠᠵᠤᠭᠤ
ene blam-a kemebesü degereki qori-yin tüüke dotur-a ilerkeyilegsen γaljud otuγ-un jayisang batan / turaki-yin-eče inaγsi tabuduγar üy-e-yin ürejigsen uγ-tai ajuγu:
387
ᠡᠨᠡ ᠪᠯᠠᠮ ᠠ ᠶᠢᠨ ᠠᠴᠢ ᠪᠡᠷ ᠡᠨᠡ ᠳᠠᠴᠠᠩ ᠤᠨ ᠨᠣᠮ ᠤᠨ ᠰᠤᠷᠭᠠᠭᠤᠯᠢ ᠠᠨᠤ ᠦᠯᠡᠮᠵᠢ ᠳᠡᠯᠭᠡᠷᠡᠨ
ene blam-a-yin ači ber ene dačang-un / nom-un surγaγuli anu ülemji delgeren:
388
ᠲᠡᠭᠦᠪᠡᠷ ᠤᠯᠠᠮᠵᠢᠯᠠᠨ ᠰᠢᠰᠢᠨ ᠦᠯᠡᠮᠵᠢ ᠳᠡᠯᠭᠡᠷᠡᠪᠡᠢ
tegüber ulamjilan sisin ülemji delgerebei:
389
ᠮᠥᠨ ᠳᠠᠴᠠᠩ᠎ᠠ ᠡᠨᠡ ᠭᠠᠵᠠᠷ᠎ᠠ ᠤᠷᠢᠳᠠ ᠦᠭᠡᠢ ᠮᠠ ᠸᠸᠣᠨ ᠰᠤᠷᠭᠤᠯᠢ ᠣᠨ ᠠᠴᠠ ᠡᠭᠦᠰᠬᠡᠨ ᠪᠣᠯᠤᠭᠠᠳ ᠲᠡᠭᠦᠨ᠎ᠡ ᠰᠡᠯᠡᠩᠭᠡ ᠶᠢᠨ ᠪᠠ ᠬᠣᠷᠢ ᠶᠢᠨ ᠪᠠ ᠪᠠᠷᠭᠤᠵᠢᠩ ᠤ ᠪᠠ ᠠᠭᠤᠶᠢᠨ ᠪᠠ ᠬᠠᠮᠨᠢᠭᠠᠳ ᠤᠨ ᠳᠠᠴᠠᠩ ᠤᠳ ᠠᠴᠠ ᠰᠠᠶᠢᠨ ᠰᠠᠶᠢᠨ ᠪᠯᠠᠮ ᠠ ᠨᠠᠷ ᠣᠯᠠᠨ ᠢᠶᠠᠷ ᠴᠢᠭᠤᠯᠵᠤ ᠰᠤᠷᠤᠯᠠᠬᠤ ᠬᠢᠭᠡᠳ ᠰᠢᠰᠢᠨ ᠠᠮᠢᠲᠠᠨ ᠤ ᠲᠤᠰᠠ ᠤᠯᠠᠮ ᠳᠡᠭᠡᠭᠴᠢ ᠠᠷᠪᠢᠳᠤᠭᠰᠠᠭᠠᠷ ᠪᠤᠢ ᠡᠨᠡ ᠬᠡᠮᠡᠪᠡᠰᠦ ᠡᠷᠲᠡ ᠴᠠᠭ ᠲᠤ ᠪᠣᠭᠳᠠ ᠪᠠᠨᠴᠢᠨ ᠪᠢᠤᠸᠠᠩ ᠯᠠᠰ ᠷᠨᠠᠮ ᠷᠭᠢᠯ ᠤᠨ ᠭᠡᠭᠡᠨ ᠲᠡᠨ ᠪᠡᠷ ᠨᠣᠮᠴᠢ ᠣᠸᠠᠰ ᠷᠴᠢ ᠳᠬᠢ ᠰᠯᠣᠸᠠᠩ ᠣᠯᠭᠷᠢᠮᠰ ᠳᠤᠷ ᠢᠰᠢ ᠦᠵᠡᠭᠦᠯᠦᠭᠰᠡᠨ ᠯᠦᠭᠡ ᠨᠢᠢᠯᠡᠬᠦ ᠮᠡᠲᠦ ᠠᠵᠤᠭᠤ
mön dačang-a ene γajar-a urida / ügei mca vvon? Surγuli 1845 on-ača egüsken boluγad tegün-e selengge-yin ba qori-yin ba barγujing-u ba aγuyin / ba qamniγad-un dačang-ud-ača sayin sayin blam-a-nar olan-iyar čiγulju surulcaqu kiged sisin amitan-u tusa ulam / degegči arbiduγsaγar bui ene kemebesü erte čaγ-tu boγda bančin biuvang las rnam rgil-un gegen-ten ber nomči covas / rči dki slovang colgrims-dur isi üjegülügsen-lüge niilekü metü ajuγu:
390
ᠢᠰᠢ ᠢᠨᠤ ᠪᠤᠷᠢᠶᠠᠳ ᠤᠯᠤᠰ ᠬᠣᠶᠢᠨᠠ ᠨᠢᠭᠡᠨ ᠦᠶ ᠡ ᠳᠦᠷ ᠦᠭᠡᠯ ᠬᠡᠮᠡᠬᠦ ᠭᠠᠵᠠᠷ᠎ᠠ ᠬᠢᠢᠳ ᠪᠣᠰᠬᠠᠮᠤᠢ
isi inu buriyad ulus qoyina nigen / üy-e-dür cügel kemekü γajar-a kiid bosqamui:
391
ᠬᠢᠢᠳ ᠤᠨ ᠨᠡᠷ ᠡ ᠶᠢ ᠳᠠᠰᠢ ᠴᠣᠶᠢᠩᠪᠯᠯᠢᠩ ᠰᠠᠬᠢᠭᠤᠯᠰᠤᠨ ᠠᠨᠤ ᠣᠸᠠᠰ ᠷᠭᠶᠠᠯ ᠪᠣᠯᠤᠮᠤᠢ
kiid-un ner-e-yi dasi čoyingblling sakiγulsun anu covas rgyal / bolumui:
392
ᠡᠨᠡ ᠬᠢᠢᠳ ᠪᠡᠷ ᠪᠤᠷᠬᠠᠨ ᠤ ᠰᠠᠰᠢᠨ ᠤ ᠭᠣᠤᠯ ᠪᠣᠯᠵᠤ ᠠᠮᠢᠲᠠᠨ ᠤ ᠲᠤᠰᠠ ᠠᠬᠤᠢ ᠶᠡᠬᠡᠳᠡ ᠳᠡᠯᠭᠡᠷᠡᠮᠦᠢ ᠬᠡᠮᠡᠭᠰᠡᠨ ᠠᠮᠤᠢ
ene kiid ber burqan-u sasin-u γoul bolju amitan-u tusa aqui yekede delgeremüi kemegsen amui:
393
ᠲᠡᠨᠳᠡᠨᠴᠡ ᠠᠭᠤᠶᠢᠨ ᠪᠤᠷᠢᠶᠠᠳ ᠨᠠᠷ ᠪᠡᠷ ᠠᠭᠤᠶᠢᠨ ᠭᠠᠯᠠᠪᠨᠤᠢ ᠢᠨᠣᠷᠣᠳᠨᠤᠢ ᠦᠫᠷᠠᠪᠠ ᠠᠴᠠ ᠭᠠᠳᠠᠨ᠎ᠠ ᠳᠡᠭᠡᠳᠦ ᠦᠳᠡ ᠶᠢᠨ ᠣᠬᠷᠤᠭ ᠤᠨ ᠮᠡᠳᠡᠯ ᠦᠨ ᠬᠣᠷᠢ ᠶᠢᠨ ᠣᠨᠣᠷᠣᠳᠨᠤᠢ ᠦᠫᠷᠠᠪᠠ ᠨᠠᠷ ᠲᠤ ᠮᠡᠳᠡᠯ ᠲᠡᠢ ᠪᠠᠶᠢᠳᠠᠭ ᠪᠥᠭᠡᠳ
tendenče / (c. 43) aγuyin buriyad-nar ber aγuyin γalabnui inorodnui üpraba-ača γadan-a degedü üde-yin okrug-un medel-ün qori-yin / onorodnui üpraba-nar-tu medel-tei bayidaγ böged:
394
ᠬᠣᠯᠠᠶᠢᠨ ᠰᠢᠯᠲᠠᠭᠠᠨ ᠠᠴᠠ ᠭᠠᠰᠠᠯᠠᠩ ᠲᠠᠢ ᠤᠴᠢᠷ ᠢ ᠢᠯᠡᠷᠬᠡᠶᠢᠯᠡᠨ
qolayin siltaγan-ača γasalang-tai učir-i ilerkeyilen:
395
ᠨᠣᠶᠠᠨ ᠡᠷᠬᠦᠦᠨ ᠦᠨ ᠭᠠᠷᠵᠢᠳᠠᠩᠰᠬᠤᠢ ᠭᠦᠪᠢᠷᠨᠠᠲᠤᠷ ᠲᠤ ᠭᠤᠶᠢᠯᠭ᠎ᠠ ᠬᠦᠷᠭᠡᠭᠰᠡᠨ ᠠᠨᠤ
/ noyan erküün-ün γarjidangsqui gübirnatur-tu γuyilγ-a kürgegsen anu:
396
ᠳᠡᠭᠡᠳᠦ ᠦᠳᠡᠶᠢᠨ ᠣᠬᠷᠤᠵᠢᠨᠤᠢ ᠰᠣᠪᠢᠢᠳ ᠳᠣᠲᠤᠷ᠎ᠠ ᠣᠨ᠎ᠠ ᠠᠪᠭᠦᠰᠲᠠᠶᠢᠨ  ᠤ ᠡᠳᠦᠷ᠎ᠡ ᠲᠣᠭᠠᠲᠤ ᠪᠠᠷ ᠲᠣᠭᠲᠤᠭᠠᠭᠰᠠᠨ ᠵᠢᠷᠤᠨᠠᠯ ᠢ ᠨᠣᠶᠠᠨ ᠡᠷᠬᠦᠦᠨ ᠦᠨ ᠭᠠᠷᠵᠢᠳᠠᠩᠰᠬᠤᠢ ᠭᠦᠪᠢᠷᠨᠠᠲᠤᠷ ᠤᠨ ᠪᠠᠲᠤᠯᠠᠭᠰᠠᠨ ᠢᠶᠠᠷ ᠣᠨ ᠠᠴᠠ ᠡᠭᠦᠰᠬᠡᠨ ᠳᠡᠭᠡᠳᠦ ᠦᠳᠡ ᠶᠢᠨ ᠣᠬᠷᠤᠭ ᠤᠨ ᠬᠣᠷᠢ ᠶᠢᠨ ᠮᠡᠳᠡᠯ ᠦᠨ ᠢᠨᠣᠷᠣᠳᠨᠤᠢ ᠦᠫᠷᠠᠸᠠ ᠨᠠᠷ ᠤᠨ ᠮᠡᠳᠡᠯ ᠳᠦ ᠡᠴᠡ ᠰᠠᠯᠠᠵᠤ ᠭᠠᠭᠴᠠ ᠠᠭᠤᠶᠢᠨ ᠢᠨᠣᠷᠣᠳᠨᠤᠢ ᠦᠫᠷᠠᠪᠠ ᠶᠢᠨ ᠮᠡᠳᠡᠯ ᠳᠦ ᠪᠠᠶᠢᠬᠤ ᠪᠣᠯᠵᠤᠬᠤᠢ
degedü üdeyin okrujinui sobiid dotur-a 1835 on-a / abgüstayin 15-u edür-e 139 toγatu-bar toγtuγaγsan jirunal-i noyan erküün-ün γarjidangsqui gübirnatur-un batulaγsan-/iyar 1832 on-ača egüsken degedü üde-yin okrug-un qori-yin medel-ün inorodnui üprava-nar-un medel-dü-eče / salaju γaγča aγuyin inorodnui üpraba-yin medel-dü bayiqu boljuqui:
397
ᠲᠡᠨᠳᠡᠨᠴᠡ ᠠᠭᠤᠶᠢᠨ ᠪᠤᠰᠤᠲᠥᠷᠦᠯᠲᠡᠨ ᠪᠡᠷ ᠬᠣᠷᠢ ᠰᠲᠡᠫᠨᠤᠢ ᠳᠦᠮᠡ ᠪᠠ
tendenče aγuyin busutörülten ber qori stepnui / düme ba:
398
ᠬᠣᠷᠢ ᠶᠢᠨ ᠪᠤᠰᠤ ᠵᠣᠨ ᠠᠴᠠ ᠬᠣᠯᠠ ᠨᠢᠷᠴᠢᠤ ᠭᠢᠢᠨ ᠣᠬᠷᠤᠭ ᠳᠣᠲᠤᠷ᠎ᠠ ᠨᠡᠭᠦᠳᠡᠭ ᠲᠤᠯᠠ ᠦᠯᠡᠮᠵᠢ ᠭᠠᠰᠠᠯᠠᠩ ᠲᠠᠢ ᠣᠴᠢᠷ ᠢ ᠢᠯᠡᠷᠬᠡᠶᠢᠯᠡᠵᠦ ᠣᠨ᠎ᠠ ᠨᠣᠶᠠᠨ ᠵᠡᠭᠦᠨ ᠰᠢᠪᠢᠷᠢ ᠶᠢᠨ ᠭᠢᠨᠡᠷᠠᠯ ᠭᠦᠪᠢᠷᠨᠠᠲᠤᠷ ᠢᠶᠠᠷ ᠪᠠᠲᠤᠯᠠᠭᠰᠠᠨ ᠢᠶᠠᠷ ᠨᠠᠶᠢᠮᠠᠨ ᠮᠢᠩᠭ᠎ᠠ ᠨᠠᠶᠢᠮᠠᠨ ᠵᠠᠭᠤᠨ ᠬᠣᠶᠠᠷ ᠡᠷ᠎ᠡ ᠳᠦᠦᠰᠢ ᠡᠬᠡᠨᠡᠷ ᠪᠦᠯᠡᠨᠡᠷ ᠲᠡᠶ᠎ᠡ ᠳᠡᠭᠡᠳᠦ ᠦᠳᠡ ᠶᠢᠨ ᠣᠬᠷᠤᠭ ᠠᠴᠠ ᠪᠠ
qori-yin busu jon-ača qola nirčiu-giin okrug dotur-a negüdeg tula ülemji γasalang-tai očir-i / ilerkeyilejü 1835 on-a noyan jegün sibiri-yin gineral gübirnatur-iyar batulaγsan-iyar nayiman mingγ-a nayiman jaγun qoyar er-e düüsi / ekener bülener-tey-e degedü üde-yin okrug-ača ba:
399
ᠬᠣᠷᠢ ᠶᠢᠨ ᠰᠲᠡᠫᠨᠤᠢ ᠳᠦᠮᠡ ᠶᠢᠨ ᠮᠡᠳᠡᠯ ᠡᠴᠡ ᠰᠠᠯᠠᠵᠤ ᠨᠢᠷᠴᠢᠤ ᠭᠢᠢᠨ ᠣᠬᠷᠤᠭ ᠲᠤ ᠪᠠ ᠠᠭᠤᠶᠢᠨ ᠭᠠᠯᠠᠪᠨᠤᠢ ᠢᠨᠣᠷᠣᠳᠨᠤᠢ ᠦᠫᠷᠠᠪᠠ ᠶᠢᠨ ᠮᠡᠳᠡᠯ ᠳᠦ ᠬᠠᠮᠵᠢᠪᠠᠢ
qori-yin stepnui düme-yin medel-eče salaju nirčiu-giin / okrug-tu ba aγuyin γalabnui inorodnui üpraba-yin medel-dü qamjibai:
400
ᠲᠡᠨᠳᠡᠨᠴᠡ ᠭᠣᠯᠤᠪᠠ ᠵᠠᠶᠢᠰᠠᠩ ᠳᠠᠨᠴᠢᠨ ᠤ ᠭᠤᠶᠤᠭᠰᠠᠨ ᠢᠶᠠᠷ ᠵᠠᠶᠢᠰᠠᠩ ᠲᠣᠪᠠ ᠶᠢᠨ ᠪᠡᠷ ᠨᠣᠶᠠᠨ ᠡᠷᠬᠦᠦᠨ ᠦᠨ ᠭᠠᠷᠵᠢᠳᠠᠩᠰᠬᠤᠢ ᠭᠦᠪᠡᠷᠨᠠᠲᠤᠷ ᠤᠨ ᠪᠠᠲᠤᠯᠠᠭᠰᠠᠨ ᠢ ᠡᠷᠬᠦᠦᠨ ᠦᠨ ᠭᠦᠪᠢᠢᠷᠨᠰᠬᠤᠢ ᠫᠷᠠᠪᠯᠢᠨᠢ ᠶᠢᠨ ᠣᠨ ᠤ ᠭᠢᠨᠠᠪᠠᠷᠢ ᠶᠢᠨ  ᠦ ᠡᠳᠦᠷ᠎ᠡ ᠲᠣᠭᠠᠲᠤ ᠳᠠᠷᠤᠮᠠᠷ ᠴᠠᠭᠠᠵᠠ ᠪᠠᠷ ᠭᠣᠯᠤᠪᠠ ᠪᠣᠯᠵᠤᠬᠤᠢ
/ (c. 44) tendenče γoluba jayisang dančin-u γuyuγsan-iyar jayisang toba-yin ber noyan erküün-ün γarjidangsqui gübernatur-un / batulaγsan-i erküün-ün gübiirnsqui prablini-yin 1839 on-u ginabari-yin 21-ü edür-e 83 toγatu darumar čaγaja-bar / γoluba boljuqui:
401
ᠲᠡᠨᠳᠡᠨᠴᠡ ᠠᠭᠤᠶᠢᠨ ᠮᠡᠳᠡᠯ ᠦᠨ ᠪᠤᠷᠢᠶᠠᠳ ᠨᠠᠷ ᠣᠯᠠᠨ ᠪᠣᠯᠤᠭᠠᠳ
tendenče aγuyin medel-ün buriyad-nar olan boluγad:
402
ᠭᠠᠭᠴᠠ ᠢᠨᠣᠷᠣᠳᠨᠤᠢ ᠦᠫᠷᠠᠸᠠ ᠶᠢᠨ ᠮᠡᠳᠡᠯ ᠳᠦ ᠪᠠᠶᠢᠬᠤ ᠳᠠᠭᠠᠨ ᠦᠯᠡᠮᠵᠤ ᠬᠥᠨᠳᠦ ᠪᠣᠯᠤᠭᠰᠠᠨ᠎ᠠ ᠲᠡᠷ᠎ᠡ ᠤᠴᠢᠷ ᠢ ᠢᠯᠡᠷᠬᠡᠶᠢᠯᠡᠨ ᠣᠨ᠎ᠠ ᠨᠣᠶᠠᠨ ᠨᠢᠷᠴᠢᠤ ᠭᠢᠢᠨ ᠣᠬᠷᠤᠵᠢᠨᠤᠢ ᠨᠠᠰᠢᠯᠨᠢᠭ ᠢᠶᠠᠷ ᠳᠠᠮᠵᠢᠭᠤᠯᠵᠤ ᠨᠣᠶᠠᠨ ᠡᠷᠬᠦᠦᠨ ᠦᠨ ᠭᠠᠷᠵᠢᠳᠠᠩᠰᠬᠤᠢ ᠭᠦᠪᠡᠷᠨᠠᠲᠤᠷ ᠲᠤᠷ ᠵᠣᠨ ᠤ ᠫᠷᠢᠭᠣᠪᠣᠣᠷ ᠰᠲᠡᠫᠨᠤᠢ ᠳᠦᠮ᠎ᠡ ᠪᠠ
γaγča inorodnui üprava-yin medel-dü bayiqu-/ daγan ülemju köndü boluγsan-a ter-e učir-i ilerkeyilen 1838 on-a noyan nirčiu-giin okrujinui nasilniγ-iyar / damjiγulju noyan erküün-ün γarjidangsqui gübernatur-tur jon-u priγoboor 1 stepnui düm-e ba:
403
ᠢᠨᠣᠷᠣᠳᠨᠤᠢ ᠦᠫᠷᠠᠪᠠ ᠰᠢᠨᠡ ᠪᠡᠷ ᠪᠠᠲᠤᠯᠠᠵᠤ ᠥᠭᠬᠦ ᠶᠢ ᠬᠦᠷᠭᠡᠭᠰᠡᠨ ᠢᠶᠡᠷ ᠡᠷᠬᠦᠦᠨ ᠦᠨ ᠭᠦᠪᠡᠷᠨᠰᠬᠤᠢ ᠰᠣᠪᠢᠢᠳ ᠳᠣᠲᠤᠷ᠎ᠠ ᠵᠦᠪᠰᠢᠶᠡᠨ ᠣᠨ᠎ᠠ ᠮᠠᠷᠲᠠ ᠶᠢᠨ ᠡᠳᠦᠷ᠎ᠡ ᠲᠣᠭᠠᠲᠤ ᠪᠠᠷ ᠵᠢᠷᠤᠨᠠᠯ ᠲᠣᠭᠲᠤᠭᠠᠭᠰᠠᠨ ᠢ ᠨᠣᠶᠠᠨ ᠵᠡᠭᠦᠨ ᠰᠢᠪᠢᠷᠢ ᠶᠢᠨ ᠭᠢᠨᠡᠷᠠᠯ ᠭᠦᠪᠡᠷᠨᠠᠲᠤᠷ ᠤᠨ ᠪᠠᠲᠤᠯᠠᠭᠰᠠᠨ ᠶᠣᠰᠤᠭᠠᠷ ᠠᠭᠤᠶᠢᠨ ᠰᠲᠡᠫᠨᠤᠢ ᠳᠦᠮᠡ ᠬᠢᠭᠡᠳ ᠢᠨᠣᠷᠣᠳᠨᠤᠢ ᠦᠫᠷᠠᠪᠠ ᠨᠠᠷ ᠨᠡᠷᠡᠯᠡᠪᠡᠰᠦ
6 inorodnui üpraba / sine ber batulaju ögkü-yi kürgegsen-iyer erküün-ün gübernsqui sobiid dotur-a jübsiyen 1839 on-a marta-yin 2 / edür-e 21 toγatu-bar jirunal toγtuγaγsan-i noyan jegün sibiri-yin gineral gübernatur-un batulaγsan yosuγar aγuyin stepnui / düme kiged 6 inorodnui üpraba-nar nerelebesü:
404
 ᠳᠦᠭᠡᠷ ᠦᠭᠡᠯ ᠦᠨ  ᠳᠦᠭᠡᠷ ᠪᠡᠷᠬᠡᠦᠭᠡᠯ ᠦᠨ
1-düger cügel-ün: 2-düger berkecügel-ün:
405
ᠮᠣᠭᠠᠶᠢᠲᠤᠶᠢᠨ ᠠᠳᠠᠭ ᠤᠨ ᠴᠢᠯᠠᠭᠤᠲᠠᠢ ᠶᠢᠨ
3 moγayituyin adaγ-un: / 4 čilaγutai-yin:
406
ᠬᠢᠯᠡᠶᠢᠨ ᠲᠤᠲᠬᠤᠯᠲᠤᠶᠢᠨ ᠢᠨᠣᠷᠣᠳᠨᠤᠢ ᠦᠫᠷᠠᠪᠠ ᠨᠠᠷ ᠪᠣᠯᠵᠤᠬᠤᠢ
5 kileyin: 6 tutqultuyin inorodnui üpraba-nar boljuqui:
407
ᠪᠠᠰᠠ ᠲᠡᠭᠦᠨᠡᠴᠡ ᠬᠣᠶᠢᠨᠠ ᠡᠷᠬᠦᠦᠨ ᠦᠨ ᠭᠦᠪᠡᠷᠨᠰᠬᠤᠢ ᠰᠣᠪᠢᠢᠳ ᠤᠨ ᠣᠨ ᠤ ᠨᠣᠶᠠᠪᠷᠢ ᠶᠢᠨ  ᠤ ᠡᠳᠦᠷ᠎ᠡ ᠲᠣᠭᠠᠲᠤ ᠪᠠᠷ ᠵᠢᠷᠤᠨᠠᠯ ᠲᠣᠭᠲᠤᠭᠠᠭᠰᠠᠨ ᠢ ᠨᠣᠶᠠᠨ ᠰᠢᠪᠢᠢᠷᠢ ᠶᠢᠨ ᠭᠠᠯᠠᠪᠨᠤᠢ ᠦᠫᠷᠠᠪᠯᠢᠢᠨᠢ ᠶᠢᠨ ᠰᠣᠪᠢᠢᠳ ᠳᠣᠲᠤᠷ᠎ᠠ ᠶᠠᠮᠤᠯᠠᠭᠴᠢ ᠶᠢᠨ ᠪᠠᠲᠤᠯᠠᠭᠰᠠᠨ ᠢᠶᠠᠷ ᠲᠦᠦᠷᠭᠡ ᠶᠢᠨ ᠢᠨᠣᠷᠣᠳᠨᠤᠢ ᠦᠫᠷᠠᠸᠠ ᠪᠣᠯᠪᠠᠢ
basa tegüneče qoyina erküün-ün / gübernsqui sobiid-un 1846 on-u noyabri-yin 7-u edür-e 56 toγatu-bar jirunal toγtuγaγsan-i noyan sibiiri-yin / γalabnui üprabliini-yin sobiid dotur-a yamulaγči-yin batulaγsan-iyar tüürge-yin inorodnui üprava bolbai:
408
ᠡᠨᠡ ᠰᠲᠡᠫᠨᠤᠢ ᠳᠦᠮ᠎ᠡ ᠪᠣᠯᠬᠤᠢ ᠳᠤᠷ ᠨᠣᠶᠠᠨ ᠨᠢᠷᠴᠢᠤ ᠭᠢᠢᠨ ᠣᠬᠷᠤᠭ ᠤᠨ ᠨᠠᠰᠢᠯᠨᠢᠭ ᠤᠨ ᠣᠨ ᠤ ᠡᠶᠤᠯᠢ ᠶᠢᠨ  ᠤ ᠡᠳᠦᠷ᠎ᠡ ᠲᠣᠭᠠᠨ ᠤ ᠵᠠᠬᠢᠷᠤᠯᠲᠠ ᠪᠠᠷ ᠭᠣᠯᠤᠪᠠ ᠵᠠᠶᠢᠰᠠᠩ ᠲᠣᠪᠠ ᠶᠢᠨ ᠪᠡᠷ ᠪᠷᠢᠳᠰᠢᠳᠠᠲᠢᠯ ᠪᠣᠯᠤᠭᠠᠳ
ene stepnui / düm-e bolqui-dur noyan nirčiu-giin okrug-un nasilniγ-un 1839 on-u eyuli-yin 16-u edür-e 120 toγan-u jakirulta-bar γoluba / jayisang toba-yin ber bridsidatil boluγad:
409
ᠵᠠᠰᠡᠳᠠᠲᠢᠯ ᠨᠠᠷ ᠪᠠ ᠢᠨᠣᠷᠣᠳᠨᠤᠢ ᠦᠫᠷᠠᠪᠠ ᠨᠠᠷ ᠲᠤ ᠨᠢᠵᠢᠭᠡᠳ ᠭᠣᠯᠤᠪᠠ ᠸᠢᠪᠤᠷᠨᠠᠷ ᠨᠠᠷ ᠪᠣᠯᠪᠠᠢ
6 jasedatil-nar ba: inorodnui üpraba-nar-tu nijiged γoluba / 2-2 viburnar-nar bolbai:
410
ᠲᠡᠨᠳᠡᠨᠴᠡ ᠠᠭᠤᠶᠢᠨ ᠵᠣᠨ ᠤ ᠰᠤᠩᠭᠤᠯᠲᠠ ᠪᠠᠷ ᠨᠣᠶᠠᠨ ᠵᠡᠭᠦᠨ ᠰᠢᠪᠢᠷᠢ ᠶᠢᠨ ᠭᠢᠨᠡᠷᠠᠯ ᠭᠦᠪᠢᠷᠨᠠᠲᠤᠷ ᠤᠨ ᠪᠠᠲᠤᠯᠠᠭᠰᠠᠨ ᠢ ᠡᠷᠬᠦᠦᠨ ᠦᠨ ᠭᠠᠷᠵᠢᠳᠠᠩᠰᠬᠤᠢ ᠭᠦᠪᠢᠷᠨᠠᠲᠤᠷ ᠤᠨ ᠰᠢᠨᠲᠡᠪᠷᠢ ᠶᠢᠨ  ᠦ ᠡᠳᠦᠷ᠎ᠡ ᠲᠣᠭᠠᠨ ᠤ ᠵᠠᠬᠢᠷᠤᠯᠲᠠ ᠪᠠᠷ ᠰᠣᠨᠤᠰᠬᠠᠭᠰᠠᠨ ᠢᠶᠠᠷ ᠣᠨ᠎ᠠ ᠵᠠᠶᠢᠰᠠᠩ ᠵᠠᠩᠭᠢᠶ᠎ᠠ ᠳᠠᠨᠴᠢᠨ ᠤ ᠪᠡᠷ ᠭᠠᠯᠠᠪᠨᠤᠢ ᠲᠠᠶᠢᠰᠠ ᠫᠷᠢᠳᠰᠢᠳᠠᠲᠢᠯ ᠪᠠᠶᠢᠭᠰᠠᠨ ᠵᠠᠶᠢᠰᠠᠩ ᠲᠣᠪᠠ ᠶᠢᠨ ᠪᠡᠷ ᠳᠤᠭᠠᠷ ᠲᠠᠶᠢᠱᠠ ᠬᠢᠭᠡᠳ
tendenče aγuyin jon-u sungγulta-bar noyan jegün sibiri-yin gineral gübirnatur-un batulaγsan-i / (c. 45) erküün-ün γarjidangsqui gübirnatur-un sintebri-yin 9-ü edür-e 3717 toγan-u jakirulta-bar sonusqaγsan-iyar 1842 on-a / jayisang janggiy-a dančin-u ber γalabnui tayisa pridsidatil bayiγsan jayisang toba-yin ber 2 duγar tayiša kiged:
411
ᠭᠠᠯᠠᠪᠨᠤᠢ ᠲᠠᠶᠢᠰᠠ ᠭᠢᠢᠨ ᠵᠠᠪ ᠦᠭᠡᠢ ᠴᠠᠭ ᠲᠤ ᠲᠡᠷᠡ ᠲᠤᠰᠢᠶᠠᠯ ᠢ ᠳᠠᠭᠠᠯᠠᠬᠤ ᠪᠣᠯᠪᠠᠢ
γalabnui / tayisa-giin jab ügei čaγ-tu tere tusiyal-i daγalcaqu bolbai:
412
ᠲᠡᠨᠳᠡᠨᠴᠡ ᠶᠡᠬᠡ ᠳᠡᠭᠡᠳᠦ ᠡᠵᠡᠨ ᠢᠮᠫᠡᠷᠠᠲᠤᠷ ᠨᠢᠬᠤᠯᠠᠢ ᠫᠠᠪᠯᠣᠪᠢᠰᠢ ᠬᠠᠭᠠᠨ ᠪᠡᠷ ᠣᠨ᠎ᠠ ᠨᠣᠶᠠᠪᠷᠢ ᠶᠢᠨ  ᠦ ᠡᠳᠦᠷ᠎ᠡ ᠥᠪᠡᠷᠦᠨ ᠮᠣᠲᠣᠷ ᠲᠠᠯᠪᠢᠯᠭ ᠠ ᠲᠠᠢ ᠭᠠᠷᠠᠮᠣᠲᠢ ᠲᠠᠢ ᠶᠢᠰᠦᠨ ᠲᠤᠭ ᠬᠠᠶᠢᠷ᠎ᠠ ᠬᠦᠷᠲᠡᠭᠡᠪᠡᠢ
tendenče yeke degedü ejen imperatur niqulai pablobisi qaγan ber / 1842 on-a noyabri-yin 21-ü edür-e öberün motor talbilγ-a-tai γaramoti-tai yisün tuγ qayir-a kürtegebei:
413
ᠶᠡᠬᠡ ᠳᠡᠭᠡᠳᠦ ᠶᠢᠨ ᠪᠠᠲᠤᠯᠠᠵᠤ ᠬᠠᠶᠢᠷᠠᠯᠠᠭᠰᠠᠨ ᠢ ᠨᠣᠶᠠᠨ ᠨᠢᠷᠴᠢᠤ ᠭᠢᠢᠨ ᠣᠬᠷᠤᠵᠢᠨᠤᠢ ᠨᠠᠰᠢᠯᠨᠢᠭ ᠤᠨ ᠣᠨ᠎ᠠ ᠰᠢᠩᠲᠡᠪᠷᠢ ᠶᠢᠨ  ᠦ ᠡᠳᠦᠷ᠎ᠡ ᠲᠣᠭᠠᠲᠤ ᠵᠠᠬᠢᠷᠤᠯᠲᠠ ᠲᠠᠢ ᠪᠠᠷ ᠬᠠᠪᠰᠤᠷᠭᠠᠭᠰᠠᠨ ᠢᠶᠠᠷ ᠭᠠᠯᠠᠪᠨᠤᠢ ᠲᠠᠶᠢᠰᠠ ᠳᠠᠨᠴᠢᠨ ᠤ
yeke degedü-yin batulaju / qayiralaγsan-i noyan nirčiu-giin okrujinui nasilniγ-un 1849 on-a singtebri-yin 9-ü edür-e 2132 toγatu jakirulta-tai-bar / qabsurγaγsan-iyar γalabnui tayisa dančin-u:
414
 ᠳᠤᠭᠠᠷ ᠲᠠᠶᠢᠰᠠ ᠲᠣᠪᠠ ᠶᠢᠨ ᠵᠠᠰᠡᠳᠠᠲᠢᠯ ᠪᠤᠶᠠᠨ ᠤ ᠳᠤᠷ ᠨᠢᠵᠢᠭᠡᠳ ᠮᠥᠩᠭᠦᠨ ᠬᠣᠣᠷᠲᠢᠭ ᠬᠠᠶᠢᠷ᠎ᠠ ᠬᠦᠷᠲᠡᠭᠡᠪᠡᠢ
2-duγar tayisa toba-yin jasedatil buyan-u-dur nijiged mönggün qoortiγ qayir-a / kürtegebei:
415
ᠣᠨ ᠤ ᠪᠦᠭᠦᠳᠡ ᠶᠢᠨ ᠷᠢᠪᠢᠢᠵᠢ ᠪᠡᠷ ᠲᠣᠭᠠᠯᠠᠬᠤᠢ ᠳᠤᠷ ᠠᠭᠤᠶᠢᠨ ᠪᠤᠷᠢᠶᠠᠳ ᠨᠠᠷ ᠤᠷᠢᠳᠠᠶᠢᠨ ᠠᠴᠠ ᠤᠯᠠᠮ ᠥᠰᠴᠦ ᠠᠷᠪᠠᠨ ᠬᠣᠶᠠᠷ ᠮᠢᠩᠭ᠎ᠠ ᠭᠤᠷᠪᠠᠨ ᠵᠠᠭᠤᠨ ᠨᠠᠶᠠᠨ ᠳᠥᠷᠪᠡᠨ ᠡᠷ᠎ᠡ ᠳᠦᠦᠰᠢ ᠪᠣᠯᠪᠠᠢ
1858 on-u bügüde-yin ribiiji-ber toγalaqui-dur aγuyin buriyad-nar uridayin-ača ulam ösčü arban / qoyar mingγ-a γurban jaγun nayan dörben (вар. В: 12324) er-e düüsi bolbai:
416
ᠠᠭᠤᠶᠢᠨ ᠣᠲᠤᠭ ᠤᠳ ᠤᠨ ᠭᠠᠯᠠᠪᠨᠤᠢ ᠲᠠᠶᠢᠱᠠ ᠵᠠᠩᠭᠢᠶ᠎ᠠ ᠳᠠᠨᠴᠢᠨ ᠤ ᠪᠡᠷ ᠪᠡᠶ᠎ᠡ ᠴᠢᠯᠡᠭᠡ ᠲᠡᠢ ᠪᠠ
aγuyin otuγ-ud-un γalabnui tayiša janggiy-a dančin-u / ber bey-e čilege-tei ba:
417
ᠡᠪᠦᠭᠡᠨ ᠨᠠᠰᠤᠲᠠᠢ ᠪᠣᠯᠪᠠ ᠬᠡᠮᠡᠨ ᠭᠤᠶᠤᠭᠰᠠᠨ ᠠᠨᠤ ᠵᠥᠪᠰᠢᠶᠡᠭᠳᠡᠨ ᠳᠠᠭᠠᠭᠠᠭᠰᠠᠨ ᠲᠤᠰᠢᠶᠠᠯ ᠠᠴᠠ ᠲᠠᠯᠪᠢᠭᠳᠠᠵᠤ ᠲᠡᠭᠦᠨ ᠦ ᠲᠤᠯᠠ ᠵᠡᠭᠦᠨ ᠵᠦᠭ ᠦᠨ ᠰᠢᠪᠢᠢᠷᠢ ᠶᠢᠨ ᠭᠢᠨᠡᠷᠠᠯ ᠭᠦᠪᠡᠷᠨᠠᠲᠤᠷ ᠤᠨ ᠣᠨ ᠤ ᠳᠢᠬᠠᠪᠷᠢ ᠶᠢᠨ ᠡᠳᠦᠷ᠎ᠡ ᠪᠠᠲᠤᠯᠠᠯᠭ ᠠ ᠪᠠᠷ ᠳᠤᠭᠠᠷ ᠲᠠᠶᠢᠰᠠ ᠬᠣᠯᠯᠢᠢᠰᠬᠤᠢ ᠷᠢᠭᠢᠰᠲᠠᠷᠠᠲᠤᠷ ᠪᠠ
ebügen nasutai bolba kemen γuyuγsan anu jöbsiyegden daγaγaγsan tusiyal-ača talbiγdaju / tegün-ü tula jegün jüg-ün sibiiri-yin gineral gübernatur-un 1858 on-u diqabri-yin 1 edür-e batulalγ-a-bar / 2 duγar tayisa qolliisqui rigistaratur ba:
418
ᠬᠠᠸᠠᠯᠢᠢᠷ ᠲᠡᠭᠦᠯᠳᠦᠷ ᠲᠣᠪᠠ ᠶᠢᠨ ᠪᠡᠷ ᠬᠠᠯᠠᠪᠨᠤᠢ ᠲᠠᠶᠢᠰᠠ ᠪᠣᠯᠤᠭᠰᠠᠨ ᠪᠥᠭᠡᠳ
kavaliir tegüldür toba-yin ber kalabnui tayisa boluγsan böged:
419
ᠲᠡᠭᠦᠨ ᠦ ᠲᠤᠯᠠ ᠨᠣᠶᠠᠨ ᠵᠠᠪᠠᠶᠢᠬᠠᠯᠰᠬᠢ ᠣᠪᠯᠠᠰᠲᠢ ᠶᠢᠨ ᠴᠡᠷᠢᠭ ᠦᠨ ᠭᠦᠪᠢᠷᠨᠠᠲᠤᠷ ᠤᠨ ᠣᠨ ᠤ ᠫᠢᠪᠷᠠᠯᠢ ᠶᠢᠨ  ᠤ ᠡᠳᠦᠷ᠎ᠡ ᠲᠣᠭᠠᠨ ᠤ ᠪᠠᠲᠤᠯᠠᠯᠭ ᠠ ᠪᠠᠷ ᠠᠭᠤᠶᠢᠨ ᠰᠲᠡᠫᠨᠤᠢ ᠳᠦᠮ ᠡ ᠶᠢᠨ ᠵᠠᠰᠡᠳᠠᠲᠢᠯ ᠪᠣᠷᠣᠩᠰᠢᠤ ᠪᠣᠷᠳᠢᠢᠨᠠ ᠶᠢᠨ ᠪᠡᠷ ᠳᠤᠭᠠᠷ ᠲᠠᠶᠢᠰᠠ ᠪᠣᠯᠵᠤᠬᠤᠢ
tegün-ü / tula noyan jabayiqalski oblasti-yin čerig-ün gübirnatur-un 1859 on-u pibrali-yin 3-u edür-e / (c. 46) 378 toγan-u batulalγ-a-bar aγuyin stepnui düm-e-yin jasedatil [borongsiu] (вар. А: отсутствует) bordiina-yin ber 2 duγar / tayisa boljuqui:
420
ᠶᠡᠬᠡ ᠳᠡᠭᠡᠳᠦ ᠶᠢᠨ ᠣᠨ ᠤ ᠳᠢᠬᠠᠪᠷᠢ ᠶᠢᠨ  ᠤᠨ ᠡᠳᠦᠷ᠎ᠡ ᠪᠠᠲᠤᠯᠠᠭᠰᠠᠨ ᠤ ᠬᠦᠴᠦᠪᠡᠷ ᠳᠠᠭᠠᠭᠰᠠᠨ ᠲᠤᠰᠢᠶᠠᠯ ᠳᠠᠭᠠᠨ ᠵᠢᠳᠬᠦᠮᠵᠢ ᠲᠡᠢ ᠶᠢᠨ ᠲᠤᠯᠠ ᠠᠭᠤᠶᠢᠨ ᠣᠲᠤᠭ ᠤᠳ ᠤᠨ  ᠳᠤᠭᠠᠷ ᠲᠠᠶᠢᠱᠠ ᠪᠣᠷᠣᠩᠰᠢᠤ ᠪᠣᠷᠳᠢᠢᠨᠤ ᠬᠢᠭᠡᠳ ᠲᠠᠶᠢᠱᠠ ᠬᠠᠨᠳᠢᠳᠠᠲ ᠳᠣᠷᠵᠢ ᠤᠪᠠᠱᠢ ᠶᠢᠨ  ᠲᠤᠷ ᠬᠦᠵᠢᠭᠦᠨ ᠦ ᠮᠥᠩᠭᠦᠨ ᠮᠢᠳᠠᠯ
yeke degedü-yin 1860 on-u diqabri-yin 22-un edür-e batulaγsan-u küčüber daγaγsan tusiyal-/ daγan jidkümji-tei-yin tula aγuyin otuγ-ud-un 2-duγar tayiša borongsiu bordiinu kiged tayiša qandidat dorji / ubaši-yin 2-tur küjigün-ü mönggün midal:
421
ᠠᠭᠤᠶᠢᠨ ᠰᠲᠡᠫᠨᠤᠢ ᠳᠦᠮ ᠡ ᠶᠢᠨ ᠵᠠᠰᠡᠳᠠᠲᠢᠯ ᠪᠠᠳᠮ᠎ᠠ ᠰᠢᠨᠲᠤᠤ ᠭᠢᠢᠨ
aγuyin stepnui düm-e-yin jasedatil badm-a sintuu-giin:
422
ᠦᠭᠡᠯ ᠦᠨ ᠢᠨᠣᠷᠣᠳᠨᠤᠢ ᠤᠫᠷᠠᠪᠠ ᠶᠢᠨ ᠭᠣᠯᠤᠪᠠ ᠪᠠᠶᠠᠷ ᠬᠥᠯᠦᠩ ᠦᠨ ᠴᠢᠯᠠᠭᠤᠲᠠᠢ ᠶᠢᠨ ᠢᠨᠣᠷᠣᠳᠨᠤᠢ ᠦᠫᠷᠠᠸᠠ ᠶᠢᠨ ᠭᠣᠯᠤᠪᠠ ᠶᠦᠮᠰᠦᠩ ᠡᠮᠦᠩ ᠦ
cügel-/ün inorodnui upraba-yin γoluba bayar kölüng-ün čilaγutai-yin inorodnui üprava-yin γoluba yümsüng cemüng-ü:
423
ᠬᠢᠯᠡᠶᠢᠨ ᠢᠨᠣᠷᠣᠳᠨᠤᠢ ᠦᠫᠷᠠᠸᠠ ᠶᠢᠨ ᠭᠣᠯᠤᠪᠠ ᠭᠢᠯᠡᠪ ᠲᠠᠮᠳᠠ ᠠ ᠭᠢᠢᠨ
/ kileyin inorodnui üprava-yin γoluba gileb tamda-a-giin:
424
ᠲᠦᠦᠷᠭᠡ ᠶᠢᠨ ᠢᠨᠣᠷᠣᠳᠨᠤᠢ ᠦᠫᠷᠠᠸᠠᠶᠢᠨ ᠭᠣᠯᠤᠪᠠ ᠵᠣᠳᠠᠪᠠ ᠮᠣᠷᠴᠢᠭᠢᠨ ᠤ ᠲᠠᠪᠤᠨ ᠳᠤᠷ ᠬᠦᠵᠦᠭᠦᠨ ᠦ ᠮᠥᠩᠭᠦᠨ ᠮᠢᠳᠠᠯ ᠬᠦᠷᠲᠡᠭᠡᠪᠡᠢ
tüürge-yin inorodnui üpravayin γoluba jodaba morčigin-u / tabun-dur küjügün-ü mönggün midal kürtegebei:
425
ᠬᠣᠷᠢ ᠬᠢᠭᠡᠳ ᠠᠭᠤᠶᠢᠨ ᠪᠤᠷᠢᠶᠠᠳ ᠨᠠᠷ ᠪᠡᠷ ᠠᠩᠬᠠᠨ ᠳᠠᠭᠠᠨ ᠶᠠᠮᠪᠠᠷ ᠰᠢᠯᠲᠠᠭᠠᠨ ᠢᠶᠠᠷ ᠬᠡᠷᠬᠢᠵᠦ ᠪᠣᠯᠤᠭᠰᠠᠨ ᠬᠢᠭᠡᠳ
qori kiged: aγuyin buriyad-nar ber angqan-daγan yambar siltaγan-iyar / kerkijü boluγsan kiged:
426
ᠵᠠᠪᠰᠠᠷ ᠲᠤ ᠬᠠᠮᠢᠭ᠎ᠠ ᠨᠢᠲᠤᠭᠯᠠᠵᠤ ᠶᠠᠮᠪᠠᠷ ᠮᠡᠲᠦ ᠠᠵᠢ ᠶᠠᠪᠤᠭᠰᠠᠨ ᠪᠠ
jabsar-tu qamiγ-a nituγlaju yambar metü aji yabuγsan ba:
427
ᠢᠯᠠᠭᠤᠭᠰᠠᠨ ᠤ ᠰᠠᠰᠢᠨ ᠬᠡᠷᠬᠢᠵᠦ ᠭᠠᠷᠤᠭᠰᠠᠨ ᠳᠡᠯᠭᠡᠷᠡᠭᠰᠡᠨ ᠪᠠ
ilaγuγsan-u sasin kerkijü / γaruγsan delgeregsen ba:
428
ᠡᠦᠰ ᠲᠦᠷ ᠶᠠᠮᠪᠠᠷ ᠮᠡᠲᠦ ᠪᠣᠯᠵᠤ ᠪᠠᠶᠢᠭᠰᠠᠨ ᠲᠡᠷᠡᠭᠦᠲᠡᠨ ᠬᠤᠷᠢᠶᠠᠩᠭᠤᠢ ᠲᠡᠭᠦᠬᠡ
ecüs-tür yambar metü bolju bayiγsan teregüten quriyangγui tegüke:
429
ᠡᠭᠦᠨᠢ ᠡᠳᠦᠭᠡ ᠪᠠᠶᠢᠭᠴᠢ ᠬᠦᠮᠦᠨ ᠪᠡᠷ ᠮᠡᠳᠡᠬᠦ ᠪᠠ
egüni edüge bayiγči / kümün ber medekü ba:
430
ᠢᠷᠡᠭᠡ ᠡᠳᠦᠢ ᠬᠣᠶᠢᠲᠤ ᠦᠶ ᠡ ᠶᠢᠨ ᠬᠦᠮᠦᠨ ᠨᠦᠭᠦᠳ ᠦᠯᠦ ᠤᠮᠠᠷᠲᠠᠬᠤ ᠶᠢᠨ ᠲᠤᠰᠠ ᠲᠠᠢ ᠪᠣᠯᠬᠤ ᠪᠣᠯᠪᠠᠤ ᠬᠡᠮᠡᠨ ᠠᠭᠤᠶᠢᠨ ᠪᠤᠷᠢᠶᠠᠳ ᠨᠠᠷ ᠤᠨ ᠠᠬᠠᠯᠠᠭᠴᠢ ᠲᠠᠶᠢᠰᠠ ᠬᠣᠯᠯᠢᠰᠬᠤᠢ ᠷᠡᠭᠢᠰᠲᠠᠷᠠᠲᠤᠷ ᠬᠢᠭᠡᠳ
irege edüi qoyitu üy-e-yin kümün-nügüd ülü umartaqu-yin tusa-tai bolqu bolbau kemen / aγuyin buriyad-nar-un aqalaγči tayisa qollisqui registaratur kiged:
431
ᠬᠠᠸᠠᠯᠢᠢᠷ ᠲᠡᠭᠦᠯᠳᠡᠷ ᠲᠣᠪᠠ ᠶᠢᠨ ᠪᠤᠰᠤ ᠨᠡᠷ ᠡ ᠪᠡᠷ ᠮᠭᠦᠸᠠᠨᠪᠤᠸᠠᠰᠬᠢᠨᠪᠰ ᠬᠡᠮᠡᠭᠳᠡᠬᠦ ᠪᠡᠷ ᠬᠣᠷᠢ ᠶᠢᠨ ᠪᠤᠷᠢᠶᠠᠳ ᠨᠠᠷ ᠤᠨ ᠪᠯᠠᠮ᠎ᠠ ᠰᠠᠨᠸᠠᠷ ᠲᠠᠨ ᠤ ᠠᠬᠠᠯᠠᠭᠴᠢ ᠣᠸᠠᠷᠵᠢ ᠡᠷᠡᠩ ᠦ ᠪᠡᠷ ᠣᠨ ᠤ ᠲᠣᠭᠣᠷᠪᠢᠭᠰᠠᠨ ᠪᠢᠴᠢᠭ ᠬᠢᠭᠡᠳ
kavaliir tegülder toba-yin: busu ner-e-ber / mgüvanbuvaskinbs kemegdekü ber qori-yin buriyad-nar-un blam-a sanvar-tan-u aqalaγči covarji cereng-ü ber 1843 on-u / (c. 47) toγorbiγsan bičig kiged:
432
ᠬᠣᠷᠢ ᠶᠢᠨ ᠡᠮᠱᠢ ᠪᠠᠭᠰᠢ ᠸᠠᠩᠰᠢᠭ ᠰᠠ ᠠ ᠬᠢ ᠶᠢᠨ ᠪᠡᠷ ᠣᠨ ᠤ ᠲᠣᠭᠣᠷᠪᠢᠭᠰᠠᠨ ᠪᠢᠴᠢᠭ ᠦᠳ ᠢ ᠭᠣᠤᠯ ᠪᠣᠯᠭᠠᠵᠤ
qori-yin emši baγsi vangsig sa-a-ki-yin ber 1845 on-u toγorbiγsan bičig-üd-i / γoul bolγaju:
433
ᠤᠷᠢᠳᠠ ᠦᠶ ᠡ ᠶᠢᠨ ᠵᠠᠷᠢᠮ ᠬᠦᠮᠦᠨ ᠪᠡᠷ ᠪᠢᠴᠢᠭᠰᠡᠨ ᠡᠬᠢᠷᠰᠢᠬᠢᠷ ᠪᠢᠴᠢᠭ ᠯᠦᠭᠡ ᠰᠢᠭᠦᠨ ᠲᠣᠬᠢᠶᠣᠯᠳᠠᠭᠤᠯᠵᠤ ᠳᠤᠲᠠᠭᠤᠤ ᠶᠢ ᠠᠨᠤ
urida üy-e-yin jarim kümün ber bičigsen ekirsikir bičig-lüge sigün tokiyoldaγulju dutaγuu-yi / anu:
434
ᠬᠣᠷᠢ ᠶᠢᠨ ᠬᠢᠭᠡᠳ ᠠᠭᠤᠶᠢᠨ ᠰᠲᠢᠫᠨᠤᠢ ᠳᠦᠮ ᠡ ᠨᠡᠷ ᠦᠨ ᠬᠡᠷᠡᠭ ᠦᠳ ᠡᠴᠡ ᠲᠡᠭᠦᠨ ᠠᠪᠴᠤ ᠪᠠᠰᠠ ᠣᠷᠣᠰ ᠢᠶᠠᠷ ᠣᠨ ᠠᠴᠠ ᠢᠨᠠᠭᠰᠢ ᠥᠪᠡᠷ ᠢᠶᠡᠨ ᠰᠣᠨᠤᠰᠤᠭᠰᠠᠨ ᠦᠵᠡᠭᠰᠡᠨ ᠯᠦᠭᠡ ᠨᠢᠢᠯᠡᠭᠦᠯᠡᠨ ᠭᠦᠶᠢᠭᠡᠵᠦ
qori-yin kiged: aγuyin stipnui düm-e-ner-ün kereg-üd-eče tegün abču basa oros-iyar 1815 on-ača / inaγsi öber-iyen sonusuγsan üjegsen-lüge niilegülen güyigejü:
435
ᠠᠷᠪᠠᠨ ᠳᠦᠷᠪᠡᠳᠦᠭᠡᠷ ᠷᠠᠪᠵᠤᠩ ᠤᠨ ᠳᠣᠲᠤᠷᠬᠢ ᠳᠣᠭᠰᠢᠨ ᠬᠡᠮᠡᠭ ᠳᠡᠬᠦ ᠲᠡᠮᠦᠷ ᠪᠢᠴᠢᠨ ᠵᠢᠯ ᠡᠴᠡ ᠡᠭᠦᠰᠬᠡᠨ ᠲᠣᠭᠣᠷᠪᠢᠭᠰᠠᠨ ᠪᠣᠯᠪᠠᠴᠤ ᠳᠠᠭᠤᠰᠬᠠᠬᠤ ᠰᠡᠭᠦᠯ ᠢ ᠢᠨᠤ
arban dürbedüger rabjung-un doturki doγsin kemeg-/dekü temür bičin jil-eče egüsken toγorbiγsan bolbaču daγusqaqu segül-i inu:
436
ᠪᠠ ᠪᠤᠷᠢᠨ ᠦ ᠪᠤᠷᠬᠠᠨ ᠪᠠᠭᠰᠢ ᠶᠢᠨ ᠯᠦᠮᠪᠢᠨᠢ ᠶᠢᠨ ᠴᠡᠴᠡᠭᠯᠢᠭ ᠲᠦᠷ ᠪᠡᠶ᠎ᠡ ᠮᠠᠨᠳᠤᠯᠠᠭᠰᠠᠨ ᠠᠴᠠ ᠳᠤᠭᠠᠷ ᠤᠨ ᠣᠨ ᠤ ᠤᠰᠤᠨ ᠡᠮ᠎ᠡ ᠭᠠᠬᠠᠢ ᠵᠢᠯ ᠦᠨ ᠮᠣᠳᠤᠨ ᠪᠠᠷᠠᠰ ᠰᠠᠷ ᠠ ᠶᠢᠨ ᠠᠷᠪᠠ ᠳᠤᠭᠠᠷ ᠡᠷ᠎ᠡ ᠰᠢᠷᠤᠢ ᠮᠣᠷᠢᠨ ᠡᠳᠦᠷ᠎ᠡ
ba burin-ü burqan baγsi-yin lümbini-yin / čečeglig-tür bey-e mandulagsan-ača 2823 duγar-un on-u usun em-e γaqai jil-ün modun baras sar-a-yin arba-/duγar er-e sirui morin edür-e:
437
ᠣᠷᠣᠰ ᠢᠶᠠᠷ ᠣᠨ ᠤ ᠫᠢᠪᠷᠠᠯᠢ ᠰᠠᠷ ᠠ ᠶᠢᠨ ᠠᠷᠪᠠᠨ ᠵᠢᠷᠭᠤᠳᠤᠭᠠᠷ ᠡᠳᠦᠷ᠎ᠡ ᠳᠠᠭᠤᠰᠤᠨ ᠪᠢᠴᠢᠵᠦ ᠰᠢᠭᠦᠬᠦᠢ ᠯᠦᠭᠡ ᠰᠡᠯᠲᠡ ᠶᠢ ᠲᠡᠭᠦᠰᠬᠡᠪᠡᠢ
oros-iyar 1863 on-u pibrali sar-a-yin arban jirγuduγar edür-e daγusun bičijü / sigüküi-lüge selte-yi tegüskebei:
438
ᠳᠤᠲᠠᠭᠰᠠᠨ ᠬᠢᠭᠡᠳ ᠦᠯᠡᠮᠵᠢ ᠪᠣᠯᠤᠭᠰᠠᠨ ᠪᠠ
dutaγsan kiged ülemji boluγsan ba:
439
ᠡᠨᠳᠡᠭᠦᠷᠡᠭᠰᠡᠨ ᠲᠡᠷᠢᠭᠦᠲᠡᠨ ᠭᠤᠷᠪᠠᠨ ᠢ ᠠᠯᠢ ᠮᠡᠳᠡᠬᠦ ᠬᠦᠮᠦᠨ ᠪᠣᠯᠤᠨ ᠮᠡᠷᠭᠡᠳ ᠪᠡᠷ ᠰᠢᠭᠦᠨ ᠵᠠᠰᠠᠪᠠᠷᠢᠯᠠᠬᠤ ᠶᠢ ᠦᠴᠢᠨ ᠠᠶᠢᠯᠠᠳᠬᠠᠮᠤᠢ
endegüregsen terigüten γurban-i ali medekü / [kümün bolun] (вар. В) merged ber sigün jasabarilaqu-yi üčin ayiladqamui: